ᠳᠡᠳ᠋ ᠪᠣᠲᠢ – ᠭᠤᠷᠪᠠᠳᠤᠭᠠᠷ ᠪᠦᠯᠦᠭ <ᠳᠣᠯᠣᠭᠠ>
ᠭᠣᠩᠴᠤᠭᠷᠠᠬᠤᠠ ᠨᠣᠭᠣᠭᠠᠨ ᠡᠷᠢᠶᠡᠨ ᠠᠪᠤᠷᠭᠤ ᠮᠣᠭᠠᠢ ᠶ᠋ᠢ ᠬᠠᠷᠠᠭᠠᠳ ᠰᠣᠴᠢᠵᠤ ᠠᠪᠤᠪᠠ᠃ ᠲᠡᠷᠡ ᠮᠣᠭᠠᠢ ᠭᠡᠭᠦᠦ ᠰᠠᠭᠠᠳᠠᠭ ᠠᠭᠠᠷᠤ ᠬᠥᠨᠥᠭ ᠰᠢᠭ ᠪᠦᠳᠦᠭᠦᠨ᠂ ᠬᠣᠶᠠᠷ ᠴᠢᠯᠥᠭᠡ ᠲᠡᠢ ᠤᠷᠭᠠ ᠶ᠋ᠢᠨ ᠬᠢᠷᠢ ᠤᠷᠲᠤ᠂ ᠲᠤᠭᠵᠠᠢᠬᠰᠠᠨ ᠮᠤᠬᠤᠷ ᠰᠡᠭᠦᠯ ᠲᠡᠢ ᠠᠵᠤᠭᠤ᠃ ᠰᠠᠢᠲᠤᠷ ᠯᠠᠪᠯᠠᠨ ᠬᠠᠷᠠᠶᠠ ᠭᠡᠪᠡᠴᠦ ᠳᠣᠲᠣᠷᠠ ᠨᠢ ᠰᠢᠷᠬᠡᠢᠨᠡ᠂ ᠨᠠᠰᠤᠨ ᠳ᠋ᠠᠭᠠᠨ ᠡᠢᠮᠦ ᠠᠪᠤᠷᠭᠤ ᠮᠣᠭᠠᠢ ᠣᠯᠵᠤ ᠦᠵᠡᠭᠰᠡᠨ ᠦᠭᠡᠢ ᠲᠤᠯᠠ ᠶᠠᠰᠤ ᠨᠢ ᠬᠠᠪᠲᠠᠯᠵᠠᠨᠠ᠃ ᠵᠢᠷᠦᠬᠡ ᠪᠡᠨ ᠪᠦᠳᠦᠭᠦᠷᠡᠭᠦᠯᠵᠦ ᠰᠠᠢᠲᠤᠷ ᠬᠠᠷᠠᠪᠠᠯ ᠠᠪᠤᠷᠭᠤ ᠮᠣᠭᠠᠢ ᠭᠡᠨᠡᠳᠲᠡ ᠶᠠᠮᠠᠷ ᠨᠢᠭᠡ ᠳᠠᠯᠳᠠ ᠶ᠋ᠢᠨ ᠶᠠᠭᠤᠮᠠ ᠰᠡᠷᠡᠵᠦ ᠮᠡᠳᠡᠭᠰᠡᠨ ᠰᠢᠭ ᠲᠡᠷᠢᠭᠦᠨ ᠡᠷᠭᠦᠨ ᠭᠤᠯᠪᠢᠯᠵᠠᠨ ᠬᠥᠳᠡᠯᠬᠦ ᠰᠢᠭ ᠪᠣᠯᠪᠠ᠃ ᠬᠠᠷᠠ ᠴᠠᠬᠢᠯᠭᠠᠨ ᠴᠠᠬᠢᠬᠤ ᠰᠢᠭ᠋ ᠭᠤᠯᠭᠤᠰ ᠭᠤᠯᠭᠤᠰ ᠴᠣᠷᠭᠢᠬᠤ ᠬᠣᠶᠠᠷ ᠰᠠᠯᠠᠭᠠᠲᠤ ᠬᠡᠯᠡ ᠨᠢ ᠵᠢᠪᠠᠷ ᠱᠤᠤᠭᠢᠬᠤ ᠰᠢᠭ᠋ ᠳᠠᠭᠤᠨ ᠭᠠᠷᠴᠤ ᠲᠣᠯᠣᠭᠠᠢ ᠳᠡᠭᠡᠷᠡ ᠨᠢ ᠮᠤᠬᠤᠢᠭᠰᠠᠨ ᠡᠪᠡᠷ ᠰᠢᠭ ᠮᠤᠬᠢᠷ ᠶᠠᠭᠤᠮᠠ ᠪᠠᠢᠬᠤ ᠨᠢ ᠠᠵᠢᠭᠯᠠᠭᠳᠠᠨᠠ᠃ ᠡᠨᠡ ᠠᠪᠤᠷᠭᠤ ᠮᠣᠭᠠᠢ ᠪᠠᠰᠠ ᠬᠣᠶᠠᠷ ᠡᠪᠡᠷ ᠲᠡᠢ ᠪᠠᠢᠬᠤ ᠨᠢ ᠠ᠋᠂ ᠮᠥᠨ ᠬᠠᠴᠢᠨ ᠶᠤᠮ ᠠ᠋! ᠭᠡᠵᠦ ᠭᠤᠩᠴᠤᠭᠷᠠᠬᠤᠠ ᠭᠠᠢᠬᠠᠬᠤ ᠶ᠋ᠢᠨ ᠶᠡᠬᠡ ᠪᠡᠷ ᠭᠠᠢᠬᠠᠵᠤ ᠡᠢᠮᠦ ᠠᠪᠤᠷᠭᠤ ᠮᠣᠭᠠᠢ ᠶ᠋ᠢ᠂ ᠲᠡᠷᠡ ᠮᠥᠷᠲᠡᠭᠡᠨ ᠡᠪᠡᠷ ᠲᠡᠢ ᠮᠣᠭᠠᠢ ᠶ᠋ᠢ ᠠᠩᠬᠠ ᠦᠵᠡᠵᠦ ᠪᠠᠢᠭᠠ ᠲᠤᠯᠠ ᠭᠠᠢᠬᠠᠨ ᠰᠣᠴᠢᠵᠤ ᠬᠠᠴᠢᠨ ᠶᠠᠭᠤᠮᠠ ᠪᠣᠳᠣᠭᠳᠠᠵᠤ᠂ ᠪᠣᠰᠤᠶᠠ ᠭᠡᠪᠡᠯ ᠬᠥᠯ ᠨᠢ ᠡᠪᠦᠳᠦᠭ ᠢ᠋ᠶ᠋ᠡᠷ ᠢ᠋ᠶ᠋ᠡᠨ ᠨᠤᠭᠤᠷᠠᠵᠤ ᠶᠠᠰᠤ ᠦᠭᠡᠢ ᠰᠢᠭ ᠬᠥᠳᠡᠯᠵᠦ ᠴᠢᠳᠠᠬᠤ ᠦᠭᠡᠢ ᠪᠣᠯᠪᠠ᠃
ᠴᠣᠩᠬᠢᠶᠠᠯ ᠤ᠋ᠨ ᠤᠰᠤᠨ ᠠ᠋ᠴᠠ ᠤᠤᠭᠤᠭᠠᠳ ᠭᠠᠷᠤᠭᠰᠠᠨ ᠢᠮᠠᠭᠠᠨ ᠭᠥᠷᠥᠭᠡᠰᠦ ᠴᠠᠭᠠᠳᠤ ᠬᠦᠷᠡᠩ ᠬᠠᠳᠠ ᠲᠠᠢ ᠡᠩᠭᠡᠷ ᠤᠷᠤᠭᠤ ᠴᠤᠪᠤᠵᠤ ᠪᠡᠯᠴᠢᠪᠡ᠃ ᠭᠡᠨᠡᠳᠲᠡ ᠢᠮᠠᠭᠠᠨ ᠭᠥᠷᠥᠭᠡᠰᠦ ᠨᠦ᠍ᠭᠦᠳ ᠲᠡᠷᠡ ᠠᠪᠤᠷᠭᠤ ᠮᠣᠭᠠᠢ ᠶ᠋ᠢ ᠣᠯᠵᠤ ᠬᠠᠷᠠᠭᠠᠳ ᠫᠢᠳ ᠫᠢᠳ ᠬᠢᠨ ᠲᠤᠷᠭᠢᠯᠠᠨ ᠡᠮᠦᠨᠡ ᠬᠣᠶᠠᠷ ᠬᠥᠯ ᠢ᠋ᠶ᠋ᠡᠷ ᠢ᠋ᠶ᠋ᠡᠨ ᠴᠠᠪᠴᠢᠯᠠᠨ ᠨᠢᠭᠡ ᠳᠣᠣᠷᠠ ᠪᠥᠭᠡᠮᠨᠡᠷᠡᠨ ᠳᠡᠪᠬᠡᠴᠡᠨᠡ᠃ ᠲᠡᠭᠡᠲᠡᠯᠡ ᠪᠠᠪᠠᠢᠭᠰᠠᠨ ᠡᠪᠡᠷ ᠲᠡᠢ ᠤᠬᠤᠨᠠᠨ ᠭᠥᠷᠥᠭᠡᠰᠦ ᠲᠡᠷᠡ ᠠᠪᠤᠷᠭᠤ ᠮᠣᠭᠠᠢ ᠤᠷᠤᠭᠤ ᠰᠢᠭᠤᠳ ᠴᠢᠭᠯᠡᠨ ᠭᠦᠶᠦᠪᠡ᠃
ᠡᠨᠡ ᠤᠬᠤᠨᠠᠨ ᠭᠥᠷᠥᠭᠡᠰᠦ ᠰᠦᠷᠦᠭ ᠢ᠋ᠶ᠋ᠡᠨ ᠬᠠᠮᠠᠭᠠᠯᠠᠬᠤ ᠭᠡᠵᠦ ᠲᠡᠷᠡ ᠠᠪᠤᠷᠭᠤ ᠮᠣᠭᠠᠢ ᠲᠠᠢ ᠦᠵᠡᠯᠴᠡᠬᠦ ᠨᠢ ᠤᠤ ᠳᠠ⁈ ᠬᠥᠭᠡᠷᠦᠬᠦᠢ ᠠᠮᠢᠲᠠᠨ ᠲᠡᠷᠡ ᠠᠪᠤᠷᠭᠤ ᠮᠣᠭᠠᠢ ᠶ᠋ᠢ ᠶᠠᠭᠠᠬᠢᠵᠤ ᠳᠡᠢᠯᠬᠦ ᠪᠣᠢ? ᠭᠡᠵᠦ ᠭᠤᠩᠴᠤᠭᠷᠠᠬᠤᠠ ᠲᠡᠷᠡ ᠬᠦ᠌ ᠬᠣᠷᠢ ᠭᠤᠴᠢᠭᠠᠳ ᠢᠮᠠᠭᠠᠨ ᠭᠥᠷᠦᠭᠡᠰᠦᠨ ᠦ᠌ ᠲᠤᠬᠠᠢ ᠰᠠᠨᠠᠵᠤ ᠰᠠᠭᠤᠲᠠᠯᠠ ᠰᠢᠪᠬᠤ᠂ ᠰᠢᠪᠬᠤ ᠭᠡᠬᠦ ᠵᠢᠪᠠᠷ ᠲᠠᠲᠠᠬᠤ ᠳᠠᠭᠤᠨ ᠱᠤᠤᠭᠢᠨᠠ᠃ ᠠᠪᠤᠷᠭᠤ ᠮᠣᠭᠠᠢ ᠲᠡᠷᠡ ᠢᠮᠠᠭᠠᠨ ᠭᠥᠷᠥᠭᠡᠰᠦ ᠵᠦᠭ ᠰᠠᠯᠠᠭᠠ ᠬᠠᠷᠠ ᠬᠡᠯᠡ ᠪᠡᠨ ᠭᠤᠯᠪᠢᠯᠵᠠᠭᠤᠯᠤᠨ ᠱᠤᠤᠭᠢᠭᠤᠯᠵᠤ ᠪᠠᠢᠯᠠ᠃ ᠬᠥᠭᠡᠷᠦᠬᠦᠢ ᠲᠡᠷᠡ ᠢᠮᠠᠭᠠᠨ ᠭᠥᠷᠥᠭᠡᠰᠦ ᠨᠦ᠍ᠭᠦᠳ ᠠᠪᠤᠷᠭᠤ ᠮᠣᠭᠠᠢ ᠶ᠋ᠢᠨ ᠰᠠᠯᠬᠢ ᠲᠠᠲᠠᠭᠤᠯᠤᠨ ᠰᠣᠷᠣᠬᠤ ᠬᠦᠴᠦᠨ ᠳ᠋ᠦ᠍ ᠲᠠᠲᠠᠭᠳᠠᠵᠤ ᠬᠠᠳᠠ ᠲᠠᠰᠢᠨ ᠵᠠᠢᠳᠠᠵᠤ ᠳᠤᠲᠠᠭᠠᠬᠤ ᠲᠡᠩᠬᠡᠭᠡ ᠦᠭᠡᠢ ᠪᠣᠯᠤᠭᠰᠠᠨ ᠢ᠋ ᠬᠡᠨ ᠶᠠᠭᠠᠬᠢᠵᠤ ᠮᠡᠳᠡᠬᠦ ᠪᠢᠯᠡ! ᠫᠢᠳ᠂ ᠫᠢᠳ ᠬᠢᠨ ᠲᠤᠷᠭᠢᠬᠤ ᠠ᠋ᠴᠠ ᠴᠠᠭᠠᠰᠢ ᠦᠭᠡᠢ᠃ ᠨᠥᠭᠦᠭᠡ ᠠᠪᠤᠷᠭᠤ ᠮᠣᠭᠠᠢ ᠶ᠋ᠢ ᠠᠰᠯᠠᠨ ᠴᠢᠭᠯᠡᠵᠦ ᠭᠦᠶᠦᠭᠡ ᠤᠬᠤᠨᠠᠨ ᠭᠥᠷᠥᠭᠡᠰᠦ ᠨᠢ ᠠᠪᠤᠷᠭᠤ ᠮᠣᠭᠠᠢ ᠲᠠᠢ ᠡᠷᠡᠭᠴᠢᠨ ᠡᠮᠡᠭᠴᠢᠨ ᠢ᠋ᠶ᠋ᠡᠨ ᠦᠵᠡᠯᠴᠡᠬᠦ ᠭᠡᠵᠦ ᠱᠣᠭᠰᠢᠭᠠ ᠪᠢᠰᠢ᠂ ᠬᠠᠷᠢᠨ ᠲᠡᠷᠡ ᠠᠪᠤᠷᠭᠤ ᠮᠣᠭᠠᠢ ᠳ᠋ᠤ᠌ ᠰᠣᠷᠣᠭᠳᠠᠵᠤ ᠥᠪᠡᠷ ᠦ᠋ᠨ ᠡᠷᠬᠡ ᠦᠭᠡᠢ ᠥᠭᠡᠳᠡ ᠡᠴᠡ ᠨᠢ ᠱᠣᠭᠰᠢᠵᠤ ᠪᠠᠢᠭᠠ ᠨᠢ ᠲᠡᠷᠡ ᠪᠠᠢᠵᠠᠢ᠃ ᠬᠠᠷᠠᠨ ᠪᠠᠢᠲᠠᠯᠠ ᠤᠬᠤᠨᠠᠨ ᠭᠥᠷᠥᠭᠡᠰᠦ ᠲᠡᠷᠡ ᠠᠪᠤᠷᠭᠤ ᠮᠣᠭᠠᠢ ᠶ᠋ᠢᠨ ᠬᠣᠩᠭᠢᠯ ᠰᠢᠭ᠋ ᠠᠩᠭᠠᠢᠭᠰᠠᠨ ᠠᠮᠠ ᠤᠷᠤᠭᠤ ᠨᠢ ᠲᠣᠯᠣᠭᠠᠢ ᠪᠠᠷ ᠢ᠋ᠶ᠋ᠠᠨ ᠰᠢᠷᠭᠤᠯᠠᠨ ᠣᠷᠣᠯᠠ᠃ ᠠᠪᠤᠷᠭᠤ ᠮᠣᠭᠠᠢ ᠶ᠋ᠢᠨ ᠪᠦᠬᠦ ᠪᠡᠶᠡ ᠨᠢ ᠠᠲᠤᠪᠠᠯᠵᠠᠨ ᠬᠣᠨᠢᠷᠠᠵᠤ ᠲᠡᠷᠡ ᠤᠬᠤᠨᠠᠨ ᠭᠥᠷᠥᠭᠡᠰᠦ ᠶ᠋ᠢ ᠪᠦᠬᠦᠯᠢ ᠪᠡᠷ ᠨᠢ ᠵᠠᠯᠭᠢᠬᠤ ᠭᠡᠵᠦ ᠢᠳᠡᠭ ᠢᠳᠡᠭ ᠢ᠋ᠶ᠋ᠡᠷ ᠡᠮᠬᠦᠨᠡ᠁
ᠴᠣᠩᠬᠢᠶᠠᠯ ᠤ᠋ᠨ ᠤᠰᠤᠨ ᠳ᠋ᠤ᠌ ᠣᠷᠣᠵᠤ ᠢᠷᠡᠭᠰᠡᠨ ᠢᠮᠠᠭᠠᠨ ᠭᠥᠷᠥᠭᠡᠰᠦ ᠨᠦ᠍ᠭᠦᠳ ᠪᠠᠢᠭᠰᠠᠨ ᠦᠭᠡᠢ ᠰᠠᠨ ᠪᠣᠯ ᠮᠢᠨᠦ ᠪᠡᠶᠡ ᠤᠬᠤᠨᠠᠨ ᠭᠥᠷᠥᠭᠡᠰᠦ ᠶ᠋ᠢᠨ ᠣᠷᠣᠨ ᠳ᠋ᠤ᠌ ᠰᠣᠷᠣᠭᠳᠠᠵᠤ ᠠᠪᠤᠷᠭᠤ ᠮᠣᠭᠠᠢ ᠶ᠋ᠢᠨ ᠨᠢᠭᠡ ᠴᠠᠭ ᠤ᠋ᠨ ᠬᠣᠭᠣᠯᠠ ᠪᠣᠯᠬᠤ ᠪᠠᠢᠵᠠᠢ ᠠ᠋! ᠭᠡᠵᠦ ᠪᠣᠳᠣᠬᠤ ᠠ᠋ᠴᠠ ᠮᠠᠩᠨᠠᠢ ᠳ᠋ᠤᠨᠢ ᠬᠦᠢᠲᠡᠨ ᠬᠥᠯᠥᠰᠥ ᠴᠢᠭᠢᠭᠯᠡᠨᠡ᠃
ᠯᠠᠮᠠ ᠭᠤᠷᠪᠠᠨ ᠡᠷᠳᠡᠨᠢ ᠮᠢᠨᠢ ᠠ᠋! ᠡᠷᠭᠢᠭᠦᠲᠦᠭᠰᠡᠨ ᠪᠢ ᠡᠯᠳᠡᠪ ᠦ᠋ᠨ ᠶᠠᠭᠤᠮᠠᠨ ᠳ᠋ᠤ᠌ ᠳᠤᠷᠠᠯᠠᠵᠤ ᠡᠷᠭᠢᠵᠦ ᠢᠷᠡᠭᠡᠳ ᠡᠨᠡ ᠪᠡᠶᠡ ᠪᠡᠨ ᠡᠷᠯᠢᠭ ᠲᠦ᠍ ᠥᠭᠴᠢᠬᠡᠬᠦ ᠰᠢᠬᠠᠯᠠ᠁ ᠶᠣ! ᠶᠣᠬᠣ! ᠭᠡᠵᠦ ᠲᠡᠷᠡ ᠠᠪᠤᠷᠭᠤ ᠮᠣᠭᠠᠢ ᠶ᠋ᠢᠨ ᠵᠦᠭ ᠨᠠᠮᠠᠨᠴᠢᠯᠠᠵᠤ《ᠥᠴᠦᠬᠡᠨ ᠠᠮᠢ ᠶ᠋ᠢ ᠮᠢᠨᠢ ᠥᠷᠥᠰᠢᠶᠡᠨ ᠬᠠᠢᠷᠠᠯᠠᠭᠰᠠᠨ ᠠᠴᠢ ᠲᠤᠰᠠ ᠶ᠋ᠢ ᠴᠢᠨᠢ ᠮᠠᠷᠲᠠᠬᠤ ᠦᠭᠡᠢ ᠠ᠋! ᠪᠢ ᠡᠨᠡ ᠠᠷᠢᠭᠤᠨ ᠳᠠᠷᠬᠠᠨ ᠭᠠᠵᠠᠷ ᠲᠤ ᠴᠢᠨᠢ ᠭᠬᠢᠷ ᠪᠤᠷᠲᠠᠭ ᠬᠦᠷᠭᠡᠯ ᠦᠭᠡᠢ᠂ ᠥᠴᠦᠬᠡᠨ ᠴᠦ᠍ ᠬᠣᠮᠣᠬᠠᠢ ᠰᠠᠨᠠᠭᠠ ᠲᠥᠷᠥᠬᠦ ᠦᠭᠡᠢ ᠪᠡᠷ ᠬᠤᠪᠢ ᠪᠠᠨ ᠬᠥᠭᠡᠭᠡᠵᠦ ᠬᠣᠯᠠ ᠶᠠᠪᠤᠶᠠ! ᠪᠤᠷᠬᠠᠨ ᠲᠩᠷᠢ ᠮᠢᠨᠢ᠁》 ᠭᠡᠵᠦ ᠬᠠᠪᠲᠠᠭᠠᠢ ᠭᠥᠯᠢᠭᠡᠷ ᠬᠠᠳᠠᠨ ᠤ᠋ ᠵᠦᠭ ᠲᠦᠰᠬᠢᠨ ᠮᠥᠷᠭᠥᠭᠡᠳ ᠪᠣᠰᠤᠶᠠ ᠭᠡᠲᠡᠯᠡ《ᠪᠢᠰᠢ᠂ ᠴᠢ ᠡᠨᠳᠡ ᠡᠴᠡ ᠪᠢᠲᠡᠭᠡᠢ ᠬᠣᠯᠠᠳ᠂ ᠥᠨᠥ ᠰᠥᠨᠢ ᠳ᠋ᠡᠭᠡᠨ ᠮᠥᠨ ᠲᠡᠷᠡ ᠬᠠᠳᠠᠨ ᠬᠣᠩᠭᠢᠯ ᠳ᠋ᠠᠭᠠᠨ ᠣᠴᠢᠵᠤ ᠬᠣᠨᠣᠭᠠᠷᠠᠢ》 ᠭᠡᠬᠦ ᠨᠢᠭᠡ ᠬᠥᠮᠦᠨ ᠦ᠌ ᠳᠠᠭᠤ ᠲᠡᠭᠦᠨ ᠦ᠌ ᠴᠢᠬᠢᠨ ᠳ᠋ᠦ᠍ ᠶᠠᠭᠠᠬᠢᠬᠤ ᠠᠷᠭᠠ ᠦᠭᠡᠢ ᠬᠡᠯᠡᠵᠦ ᠪᠠᠢᠯᠠ᠃
ᠭᠤᠩᠴᠤᠭᠷᠠᠬᠤᠠ ᠭᠠᠢᠬᠠᠬᠤ᠂ ᠰᠣᠴᠢᠬᠤ᠂ ᠠᠶᠤᠬᠤ ᠵᠡᠷᠭᠡᠴᠡᠭᠰᠡᠨ ᠭᠤᠷᠮᠤᠰᠤᠨ ᠡᠷᠢᠶᠡᠨ ᠪᠣᠳᠣᠯ ᠳ᠋ᠤ᠌ ᠠᠪᠲᠠᠵᠤ ᠲᠡᠷᠢᠭᠦᠨ ᠡᠷᠭᠦᠨ ᠬᠠᠷᠠᠬᠤᠯᠠ ᠠᠪᠤᠷᠭᠤ ᠮᠣᠭᠠᠢ ᠬᠡᠳᠦᠢᠨ ᠠᠯᠠᠭᠠ ᠪᠣᠯᠤᠭᠰᠠᠨ ᠪᠠᠢᠪᠠ᠃
ᠰᠠᠶᠢ ᠶ᠋ᠢᠨ ᠨᠣᠭᠣᠭᠠᠨ ᠡᠷᠢᠶᠡᠨ ᠮᠣᠭᠠᠢ ᠣᠷᠢᠶᠠᠯᠳᠠᠨ ᠬᠡᠪᠲᠡᠭᠰᠡᠨ ᠲᠡᠷᠡ ᠬᠠᠪᠲᠠᠭᠠᠢ ᠭᠥᠯᠢᠭᠡᠷ ᠬᠠᠳᠠᠨ ᠳᠡᠭᠡᠷᠡ ᠶᠠᠭᠤ ᠴᠦ᠍ ᠪᠣᠯᠤᠭᠠ ᠦᠭᠡᠢ ᠰᠢᠭ ᠪᠠᠢᠪᠠ᠃ ᠲᠡᠷᠲᠡᠭᠡ ᠬᠠᠳᠠᠨ ᠤ᠋ ᠢᠮᠠᠭᠠᠨ ᠭᠥᠷᠥᠭᠡᠰᠦ ᠨᠦ᠍ᠭᠦᠳ ᠴᠦ᠍ ᠬᠠᠳᠠ ᠠᠯᠠᠭᠯᠠᠨ ᠪᠡᠯᠴᠢᠨ ᠣᠳᠪᠠ᠃
— ᠵᠠ᠂ ᠶᠠᠪᠤᠶᠠ ᠪᠠᠢᠵᠠ! ᠡᠨᠡ ᠠᠪᠤᠷᠭᠤ ᠮᠣᠭᠠᠢ ᠶ᠋ᠢᠨ ᠬᠡᠳᠡᠷ ᠢ᠋ ᠬᠦᠷᠭᠡᠭᠰᠡᠭᠡᠷ ᠴᠦ᠍ ᠬᠡᠴᠡᠭᠦᠦ ᠶᠠᠭᠤᠮᠠ ᠪᠣᠯᠬᠤ ᠨᠢ ᠭᠡᠳ ᠭᠤᠩᠴᠤᠭᠷᠠᠬᠤᠠ ᠴᠠᠭᠠᠰᠢ ᠬᠥᠲᠥᠯ ᠥᠭᠰᠥᠨ ᠶᠠᠪᠤᠯᠠ᠃
ᠥᠷᠯᠥᠭᠡ ᠭᠤᠷᠠ ᠶ᠋ᠢᠨ ᠪᠣᠷᠴᠠ ᠢᠳᠡᠭᠰᠡᠨ ᠬᠥᠮᠦᠨ ᠦᠳᠡ ᠥᠩᠭᠡᠷᠡᠲᠡᠯᠡ ᠥᠯ ᠳᠠᠭᠠᠭᠠᠬᠤ ᠶᠣᠰᠣᠲᠠᠢ ᠶᠤᠮ ᠳᠠ᠃ ᠭᠡᠲᠡᠯᠡ ᠲᠡᠷᠡ ᠡᠷᠲᠡ ᠥᠯᠥᠰᠴᠦ ᠥᠷᠯᠥᠭᠡ ᠶ᠋ᠢᠨ ᠰᠢᠷᠠᠭᠠᠳ ᠦᠯᠡᠳᠡᠭᠰᠡᠨ ᠪᠣᠷᠴᠠ ᠠ᠋ᠴᠠ ᠪᠠᠨ ᠬᠠᠵᠠᠯᠠᠨ ᠵᠠᠵᠢᠯᠵᠤ ᠮᠠᠰᠢᠳᠠ ᠲᠠᠮᠰᠢᠶᠠᠯᠠᠨ ᠶᠠᠪᠤᠬᠤ ᠳ᠋ᠠᠭᠠᠨ ᠲᠡᠷᠡ ᠬᠦ᠌ ᠠᠪᠤᠷᠭᠤ ᠮᠣᠭᠠᠢ ᠶ᠋ᠢᠨ ᠤᠬᠤᠨᠠᠨ ᠭᠥᠷᠥᠭᠡᠰᠦ ᠶ᠋ᠢ ᠪᠦᠬᠦᠯᠢ ᠪᠡᠷ ᠨᠢ ᠵᠠᠯᠭᠢᠭᠰᠠᠨ ᠢ᠋ ᠦᠵᠡᠭᠡᠳ ᠭᠠᠢᠬᠠᠵᠤ ᠨᠢᠭᠡ ᠶᠠᠭᠤᠮᠠ ᠪᠣᠳᠣᠪᠠ᠃ ᠲᠡᠭᠦᠨ ᠢ᠋ ᠰᠠᠶᠢ ᠯᠠ ᠬᠥᠯ ᠤᠷᠭᠤᠵᠤ ᠬᠡᠯᠡ ᠳ᠋ᠦ᠍ ᠣᠷᠣᠭᠠ ᠪᠠᠯᠴᠢᠷ ᠪᠠᠭᠠ ᠪᠠᠢᠬᠤ ᠳ᠋ᠤᠨᠢ ᠡᠵᠢ ᠶ᠋ᠢᠨ ᠬᠢᠨᠢ ᠲᠡᠭᠦᠨ ᠳ᠋ᠦ᠍ ᠶᠠᠷᠢᠵᠤ ᠪᠠᠢᠭᠰᠠᠨ ᠠᠪᠤᠷᠭᠤ ᠮᠣᠭᠠᠢ ᠶ᠋ᠢᠨ ᠲᠤᠬᠠᠢ ᠳᠣᠮᠣᠭ ᠦᠯᠢᠭᠡᠷ ᠰᠠᠨᠠᠭᠠᠨ ᠳ᠋ᠤᠨᠢ ᠣᠷᠣᠪᠠ᠃
ᠡᠷᠲᠡ ᠤᠷᠢᠳᠤ ᠴᠠᠭ ᠲᠤ ᠭᠡᠨᠡ᠃ ᠥᠨᠳᠥᠷ ᠮᠤᠨᠠ ᠶ᠋ᠢᠨ ᠥᠪᠥᠢ᠂ ᠳᠠᠷᠬᠢᠶᠠ ᠭᠣᠣᠯ ᠤ᠋ᠨ ᠠᠮᠠᠨ ᠳ᠋ᠤ᠌《ᠭᠡᠷ ᠴᠢᠯᠠᠭᠤᠲᠤ》 ᠭᠡᠰᠡᠨ ᠨᠡᠷᠡ ᠲᠡᠢ ᠨᠢᠭᠡ ᠣᠪᠣᠭᠠ ᠲᠣᠮᠣ ᠲᠣᠮᠣ ᠴᠢᠯᠠᠭᠤᠳ ᠪᠠᠢᠵᠠᠢ᠃ ᠭᠡᠷ ᠦ᠋ᠨ ᠬᠡᠯᠪᠡᠷᠢᠲᠡᠢ ᠪᠣᠲᠤᠭᠤᠷ ᠪᠦᠳᠦᠭᠦᠨ ᠴᠢᠯᠠᠭᠤ ᠶ᠋ᠢ ᠲᠣᠭᠣᠷᠢᠭᠠᠳ ᠲᠦᠨᠲᠦᠭᠡ ᠪᠥᠨᠳᠦᠭᠡ ᠦᠬᠡᠷ ᠪᠦᠳᠦᠭᠦᠨ ᠬᠦᠷᠡᠩ ᠪᠣᠷᠴᠠ ᠴᠢᠯᠠᠭᠤᠳ ᠢ᠋ᠶ᠋ᠠᠷ ᠳᠠᠷᠭᠢᠯ ᠡᠭᠦᠰᠴᠦ ᠬᠥᠮᠦᠨ ᠬᠠᠷᠠ ᠶᠠᠪᠤᠬᠤ ᠳ᠋ᠤ᠌ ᠮᠠᠰᠢ ᠳᠥᠭᠥᠮ ᠦᠭᠡᠢ ᠪᠣᠯᠬᠣᠷ ᠡᠨᠡ《ᠭᠡᠷ ᠴᠢᠯᠠᠭᠤᠲᠤ》 ᠶ᠋ᠢᠨ ᠭᠠᠵᠠᠷ ᠢ᠋ ᠳᠡᠷᠬᠢᠶᠡ ᠶ᠋ᠢᠨ(ᠭᠣᠣᠯ ᠤ᠋ᠨ) ᠠᠮᠠ ᠭᠡᠳᠡᠭ᠃ ᠠᠯᠢ ᠶᠠᠰᠢᠨ ᠭᠠᠯᠪᠠ ᠶ᠋ᠢᠨ ᠤᠵᠠᠭᠤᠷ ᠲᠤ ᠡᠨᠡ ᠭᠠᠵᠠᠷ ᠲᠤ ᠡᠢᠨ ᠬᠦ᠌ ᠦᠬᠡᠷ ᠴᠢᠯᠠᠭᠤᠳ ᠪᠠᠢᠭᠠ ᠦᠭᠡᠢ ᠭᠡᠨᠡ᠃ ᠬᠠᠷᠢᠨ ᠡᠪᠡᠰᠦ ᠪᠡᠯᠴᠢᠭᠡᠷ ᠰᠠᠬᠤᠯᠢᠭ ᠤᠷᠭᠤᠭᠰᠠᠨ ᠡᠭᠡᠷᠡᠮᠡ ᠲᠠᠯᠠ ᠪᠠᠢᠭᠰᠠᠨ ᠭᠡᠨᠡ᠃ ᠡᠨᠡ ᠥᠩ ᠰᠢᠮᠡᠯᠢᠭ ᠪᠡᠯᠴᠢᠭᠡᠷ ᠲᠡᠢ ᠮᠤᠨᠠ ᠶ᠋ᠢᠨ ᠬᠥᠬᠡᠪᠦᠷ ᠲᠦ᠍ ᠮᠢᠩᠭᠠᠨ ᠴᠠᠭᠠᠨ ᠢᠮᠠᠭᠠ ᠨᠢ ᠠᠷᠭᠠᠯᠢ ᠤᠭᠠᠯᠵᠠ᠂ ᠵᠡᠭᠡᠷᠡ ᠶ᠋ᠢᠨ ᠰᠦᠷᠦᠭ ᠲᠡᠢ ᠬᠤᠳᠬᠤᠯᠳᠤᠵᠤ ᠦᠷᠡᠵᠢᠭᠰᠡᠨ ᠥᠨᠢᠷ ᠪᠠᠶᠠᠨ ᠠᠢᠯ ᠪᠠᠢᠭᠰᠠᠨ ᠭᠡᠨᠡ᠃ ᠡᠨᠡ ᠪᠠᠶᠠᠨ ᠠᠢᠯ ᠤ᠋ᠨ ᠰᠢᠨᠵᠢᠵᠦ ᠰᠠᠭᠤᠭᠰᠠᠨ ᠨᠤᠲᠤᠭ ᠭᠡᠭᠴᠢ ᠭᠠᠢᠬᠠᠯᠲᠠᠢ ᠰᠠᠢᠬᠠᠨ ᠭᠠᠵᠠᠷ ᠪᠠᠢᠵᠠᠢ᠃ ᠠᠷᠤ ᠨᠢᠷᠤᠭᠤ ᠪᠠᠷ ᠢ᠋ᠶ᠋ᠠᠨ ᠥᠨᠳᠥᠷ ᠮᠤᠨᠠ ᠶ᠋ᠢ ᠲᠦᠰᠢᠵᠦ ᠡᠮᠦᠨᠡᠭᠦᠷ ᠢ᠋ᠶ᠋ᠡᠨ ᠳᠥᠭᠥᠮ ᠦ᠋ᠨ ᠴᠡᠩᠬᠡᠷ ᠨᠠᠭᠤᠷ ᠲᠠᠢ᠂ ᠪᠠᠷᠠᠭᠤᠨ ᠰᠤᠭᠤᠨ ᠠ᠋ᠴᠠ ᠨᠢ ᠪᠠᠶᠠᠨᠪᠤᠯᠠᠭ ᠤ᠋ᠨ ᠤᠷᠤᠰᠬᠠᠯ ᠲᠠᠢ᠂ ᠵᠡᠭᠦᠨ ᠬᠥᠨᠳᠡᠢ ᠪᠡᠷ ᠢ᠋ᠶ᠋ᠡᠨ ᠵᠦᠯᠭᠡᠲᠦ ᠰᠠᠢᠬᠠᠨ ᠲᠠᠯᠠ ᠲᠠᠢ᠂ ᠣᠷᠣᠰᠢᠨ ᠰᠠᠭᠤᠬᠤ ᠳ᠋ᠤ᠌ ᠣᠲᠣᠷ ᠬᠠᠢᠳᠠᠭ ᠨᠡᠭᠦᠳᠡᠯ ᠦᠭᠡᠢ᠂ ᠡᠪᠦᠯᠵᠢᠬᠦ ᠳ᠋ᠦ᠍ ᠨᠥᠮᠥᠷᠢ ᠲᠡᠢ ᠳᠤᠯᠠᠭᠠᠨ᠂ ᠨᠠᠮᠤᠷᠵᠢᠬᠤ ᠳ᠋ᠠᠭᠠᠨ ᠰᠣᠢᠯᠭᠠ ᠲᠠᠢ ᠰᠡᠷᠢᠭᠦᠨ᠂ ᠵᠤᠰᠠᠭᠠᠯ ᠳ᠋ᠠᠭᠠᠨ ᠴᠢᠭᠢᠭᠯᠢᠭ ᠰᠡᠷᠮᠡᠭᠦᠨ᠂ ᠬᠠᠪᠤᠷᠵᠢᠶᠠᠨ ᠳ᠋ᠠᠭᠠᠨ ᠡᠭᠡᠪᠦᠷ ᠲᠡᠢ ᠡᠨᠡ ᠰᠠᠢᠬᠠᠨ ᠨᠤᠲᠤᠭ ᠲᠠᠭᠠᠨ ᠪᠤᠲᠠ ᠮᠠᠯ ᠨᠢ ᠪᠠᠷᠤᠭᠯᠠᠭᠰᠠᠨ ᠲᠣᠭᠠ ᠲᠠᠢ᠂ ᠪᠤᠭ ᠮᠠᠯ ᠨᠢ ᠪᠠᠷᠤᠭᠯᠠᠬᠤ ᠲᠣᠮᠵᠢᠶᠠ ᠦᠭᠡᠢ ᠪᠠᠶᠠᠨ ᠪᠠᠢᠵᠠᠢ ᠭᠡᠨᠡ᠃ ᠠᠳᠤᠭᠤ ᠪᠠᠨ ᠬᠡᠭᠡᠷᠲᠤ᠂ ᠬᠠᠯᠢᠭᠤᠲᠤ᠂ ᠴᠠᠭᠠᠨ ᠠᠵᠢᠷᠭᠠᠲᠤ᠂ ᠪᠣᠷᠣ ᠠᠵᠢᠷᠭᠠᠲᠤ᠂ ᠰᠢᠷᠭᠠ ᠠᠵᠢᠷᠭᠠᠲᠤ ᠭᠡᠮᠡᠨ ᠵᠢᠰᠦᠮ ᠢ᠋ᠶ᠋ᠡᠷ ᠨᠢ ᠰᠦᠷᠦᠭ ᠰᠢᠯᠭᠠᠵᠤ ᠠᠳᠤᠭᠤᠯᠠᠨ᠂ ᠦᠬᠡᠷ ᠢ᠋ᠶ᠋ᠡᠨ ᠭᠤᠨᠵᠢᠨ ᠳᠥᠨᠵᠢᠨ ᠦᠨᠢᠶᠡᠳ᠂ ᠡᠷᠡ ᠰᠤᠪᠠᠢ ᠭᠡᠵᠦ ᠠᠰ ᠠᠰ ᠲᠠᠭᠠᠨ ᠬᠠᠷᠢᠭᠤᠯᠳᠠᠭ ᠵᠠᠩᠰᠢᠯ ᠲᠠᠢ ᠪᠠᠢᠵᠠᠢ᠃ ᠬᠣᠵᠢᠮ ᠨᠢ ᠡᠨᠡ ᠮᠤᠨᠠ ᠠᠭᠤᠯᠠᠨᠠ ᠬᠥᠬᠡᠪᠦᠷ ᠲᠠᠯᠠ ᠪᠠᠷ ᠴᠠᠭᠠᠨ ᠮᠣᠷᠢᠲᠤ᠂ ᠰᠢᠷᠭᠠ ᠮᠣᠷᠢᠲᠤ᠂ ᠬᠠᠯᠢᠭᠤᠲᠤ ᠭᠡᠬᠦ ᠪᠤᠶᠤ ᠭᠤᠨᠵᠢᠨ ᠦᠨᠢᠶᠡ ᠶ᠋ᠢᠨ ᠪᠠᠢᠰᠢᠩ᠂ ᠰᠠᠭᠠᠯᠢᠴᠢᠨ ᠭᠡᠬᠦ ᠣᠲᠣᠷ ᠬᠠᠢᠳᠠᠭ ᠤ᠋ᠨ ᠭᠠᠵᠠᠷ ᠨᠡᠷᠡ ᠦᠯᠡᠳᠡᠵᠦ ᠠᠯᠳᠠᠷᠰᠢᠭᠰᠠᠨ ᠨᠢ ᠡᠭᠦᠨ ᠡᠴᠡ ᠪᠣᠯᠤᠭᠰᠠᠨ ᠭᠡᠨᠡ᠃ ᠬᠣᠨᠢᠳ ᠢ᠋ ᠨᠢ ᠨᠢᠭᠡ ᠲᠡᠢᠰᠢ ᠵᠣ ᠲᠠᠯᠠᠷᠬᠠᠤ ᠭᠠᠵᠠᠷ ᠢ᠋ᠶ᠋ᠠᠷ ᠬᠠᠷᠢᠭᠤᠯᠵᠤ᠂ ᠢᠮᠠᠭᠠᠳ ᠢ᠋ ᠨᠢ ᠨᠢᠭᠡ ᠲᠡᠢᠰᠢ᠂ ᠭᠣᠣᠯᠴᠠᠭᠤ ᠠᠭᠤᠯᠠ ᠬᠠᠳᠠᠨ ᠳ᠋ᠤ᠌ ᠬᠠᠷᠢᠭᠤᠯᠳᠠᠭ ᠪᠠᠢᠵᠠᠢ᠃ ᠡᠨᠡ ᠪᠠᠶᠠᠨ ᠤ᠋ ᠬᠠᠳᠠᠨ ᠴᠠᠭᠠᠨ ᠢᠮᠠᠭᠠᠳ ᠢ᠋ ᠨᠢ ᠨᠢᠭᠡ ᠶᠠᠪᠤᠭᠤᠯ ᠬᠥᠮᠦᠨ ᠬᠠᠷᠢᠭᠤᠯᠳᠠᠭ ᠪᠠᠢᠪᠠ᠃ ᠡᠨᠡ ᠬᠥᠮᠦᠨ ᠦ᠌ ᠲᠥᠯᠥᠪ ᠨᠢ ᠰᠠᠮᠵᠠ ᠰᠢᠭ᠋ ᠡᠴᠡᠩᠬᠡᠢ᠂ ᠬᠥᠯ ᠨᠢ ᠨᠠᠷᠢᠨ᠂ ᠠᠭᠤᠯᠠ ᠬᠠᠳᠠ ᠮᠠᠴᠤᠬᠤ ᠨᠢ ᠠᠢᠬᠤᠪᠲᠤᠷ ᠪᠣᠰᠢᠭᠣ ᠱᠠᠯᠠᠮᠠᠭᠠᠢ ᠪᠣᠯᠬᠣᠷ ᠬᠥᠮᠦᠰ ᠲᠡᠭᠦᠨ ᠢ᠋ ᠰᠠᠮᠵᠠᠨ ᠬᠥᠯᠲᠦ ᠭᠡᠵᠡᠭᠡᠳᠡᠭ᠃ ᠲᠡᠷᠡ ᠠᠵᠢᠯᠰᠠᠭ ᠮᠥᠷᠲᠡᠭᠡᠨ ᠮᠠᠯ ᠬᠤᠢ ᠳ᠋ᠤ᠌ ᠡᠪᠯᠢᠭ ᠲᠤᠯᠠ ᠡᠵᠡᠨ ᠨᠢ ᠲᠡᠭᠦᠨ ᠢ᠋《ᠠᠵᠢᠯ ᠬᠢᠳᠡᠯ ᠳ᠋ᠡᠭᠡᠨ ᠰᠠᠢᠨ᠂ ᠮᠠᠯ ᠬᠤᠢ ᠳ᠋ᠤ᠌ ᠡᠪᠯᠢᠭ ᠤᠬᠠᠭᠠᠯᠢᠭ ᠶᠤᠮ》 ᠭᠡᠵᠦ ᠦᠬᠦᠨ ᠢᠲᠡᠭᠡᠵᠦ ᠬᠠᠷᠢᠨ ᠲᠡᠭᠦᠨ ᠦ᠌ ᠳᠠᠯᠳᠠᠭᠤᠷᠬᠢ ᠬᠢᠳᠡᠯ ᠪᠠᠢᠳᠠᠯ ᠢ᠋ ᠨᠢ ᠶᠡᠷᠦ ᠮᠡᠳᠡᠳᠡᠭ ᠦᠭᠡᠢ ᠪᠠᠢᠵᠠᠢ᠃ ᠡᠵᠡᠨ ᠬᠥᠮᠦᠨ ᠦ᠌ ᠢᠲᠡᠭᠡᠯ ᠢ᠋ ᠣᠯᠤᠭᠰᠠᠨ ᠲᠡᠷᠡ ᠰᠡᠮᠵᠡᠨ ᠬᠥᠯᠲᠦ ᠮᠢᠩᠭᠠᠨ ᠴᠠᠭᠠᠨ ᠢᠮᠠᠭᠠᠨ ᠠ᠋ᠴᠠ ᠨᠢ ᠰᠦᠷᠦᠭ ᠰᠠᠯᠭᠠᠵᠤ ᠴᠠᠭᠠᠰᠢᠯᠠᠭᠤᠯᠳᠠᠭ ᠤᠪ ᠵᠠᠯᠢ ᠶ᠋ᠢ ᠬᠡᠨ ᠴᠦ᠍ ᠮᠡᠳᠡᠳᠡᠭ ᠦᠭᠡᠢ ᠭᠡᠬᠦ ᠳ᠋ᠦ᠍ ᠰᠡᠵᠢᠭ ᠠᠪᠤᠭᠰᠠᠨ ᠬᠥᠮᠦᠨ ᠪᠣᠯ ᠪᠠᠰᠠ ᠴᠦ᠍ ᠪᠠᠢᠵᠠᠢ᠃ ᠬᠣᠨᠢᠴᠢᠨ᠂ ᠠᠳᠤᠭᠤᠴᠢᠨ᠂ ᠲᠡᠮᠡᠭᠡᠴᠢᠨ᠂ ᠦᠬᠡᠷᠴᠢᠨ ᠵᠡᠷᠭᠡ ᠶ᠋ᠢᠨ ᠵᠠᠷᠤᠳᠠᠰᠤ ᠨᠤᠭᠤᠳ ᠨᠢ ᠰᠠᠮᠵᠠᠨ ᠬᠥᠯᠲᠦ ᠶ᠋ᠢ ᠲᠤᠩ ᠦᠵᠡᠨ ᠶᠠᠳᠠᠳᠠᠭ ᠭᠡᠨᠡ᠃ ᠲᠡᠭᠦᠨ ᠦ᠌ ᠡᠵᠡᠨ ᠦ᠌ ᠪᠡᠨ ᠡᠮᠦᠨᠡ ᠤᠬᠢᠶᠠᠳᠠᠰᠤ ᠣᠯᠵᠤ ᠳᠣᠯᠢᠶᠠᠭᠰᠠᠨ ᠬᠠᠪ ᠰᠢᠭ᠋ ᠰᠡᠭᠦᠯ ᠢ᠋ᠶ᠋ᠡᠨ ᠰᠢᠷᠪᠠᠵᠤ ᠡᠵᠡᠨ ᠦ᠌ ᠪᠡᠨ ᠳᠠᠯᠳᠠᠭᠤᠷ ᠰᠦᠷᠦᠭ ᠡᠴᠡ ᠨᠢ ᠰᠢᠭᠢᠷᠡᠳᠡᠳᠡᠭ ᠵᠠᠩ ᠢ᠋ ᠨᠢ ᠦᠵᠡᠨ ᠶᠠᠳᠠᠪᠠᠴᠤ ᠡᠵᠡᠨ ᠳ᠋ᠡᠭᠡᠨ ᠬᠣᠪ ᠵᠥᠭᠡᠭᠡᠵᠦ ᠴᠢᠳᠠᠳᠠᠭ ᠦᠭᠡᠢ ᠪᠠᠢᠵᠠᠢ᠃ ᠨᠢᠭᠡᠨ ᠡᠳᠦᠷ ᠬᠣᠨᠢᠨ ᠤ᠋ ᠪᠣᠷᠣ ᠬᠦᠦ ᠰᠠᠯᠠᠢ ᠠ᠋ᠴᠠ ᠪᠠᠨ ᠰᠠᠯᠤᠭᠠᠳᠤᠢ ᠲᠤᠭᠤᠯ ᠪᠠᠷᠰ ᠤ᠋ᠨ ᠰᠦᠷ ᠡᠴᠡ ᠠᠶᠤᠳᠠᠭ ᠦᠭᠡᠢ ᠭᠡᠭᠴᠢ ᠪᠡᠷ ᠲᠡᠷᠡ ᠰᠠᠮᠵᠠᠨ ᠬᠥᠯᠲᠦ ᠶ᠋ᠢᠨ ᠰᠦᠷᠦᠭ ᠰᠠᠯᠭᠠᠵᠤ ᠲᠠᠭᠤᠭᠰᠠᠨ ᠤᠴᠢᠷ ᠢ ᠡᠵᠡᠨ ᠳ᠋ᠡᠭᠡᠨ ᠬᠡᠯᠡᠵᠢ ᠭᠡᠨᠡ᠃ ᠡᠵᠡᠨ ᠪᠠᠶᠠᠨ ᠬᠣᠨᠢᠨ ᠤ᠋ ᠪᠣᠷᠣ ᠬᠦᠦ ᠶ᠋ᠢᠨ ᠦᠭᠡ ᠶ᠋ᠢ ᠶᠠᠭᠤᠮᠠ ᠪᠣᠯᠭᠠᠭᠰᠠᠨ ᠦᠭᠡᠢ ᠪᠣᠯᠪᠠᠴᠤ ᠪᠤᠰᠤᠳ ᠵᠠᠷᠤᠳᠠᠰᠤ ᠨᠤᠭᠤᠳ ᠠ᠋ᠴᠠ ᠤᠴᠢᠷ ᠶᠠᠪᠤᠳᠠᠯ ᠤ᠋ᠨ ᠦᠨᠡᠨ ᠢ᠋ ᠠᠰᠠᠭᠤᠵᠤ ᠯᠠᠪᠯᠠᠪᠠᠯ ᠨᠥᠭᠥᠭᠡᠳᠦᠭᠦᠯᠡ ᠨᠢ ᠡᠵᠡᠨ ᠪᠠᠶᠠᠨ ᠤ᠋ ᠪᠠᠨ ᠥᠭᠡᠳᠡ ᠡᠴᠡ ᠦᠭᠡᠢ ᠴᠦ᠍ ᠭᠡᠵᠦ ᠬᠡᠯᠡᠬᠦ ᠦᠭᠡᠢ᠂ ᠮᠥᠨ ᠴᠦ᠍ ᠭᠡᠵᠦ ᠬᠡᠯᠡᠬᠦ ᠦᠭᠡᠢ ᠬᠤᠯᠮᠠᠯᠵᠠᠵᠤ ᠪᠠᠢᠭᠠ ᠶ᠋ᠢ ᠦᠵᠡᠭᠡᠳ《ᠡᠭᠦᠨ ᠳᠣᠲᠣᠷᠠ ᠯᠠᠪ ᠨᠢᠭᠡ ᠤᠴᠢᠷ ᠪᠣᠢ》 ᠭᠡᠵᠦ ᠳᠣᠲᠣᠷᠠ ᠪᠠᠨ ᠪᠣᠳᠣᠵᠠᠢ᠃
ᠲᠡᠭᠡᠭᠡᠳ ᠲᠡᠷᠡ ᠲᠡᠷᠡ ᠪᠠᠶᠠᠨ ᠰᠠᠮᠵᠠᠨ ᠬᠥᠯᠲᠦ ᠶ᠋ᠢᠨ ᠦᠭᠡ ᠪᠡᠷ ᠣᠷᠣᠵᠤ ᠬᠣᠨᠢᠨ ᠤ᠋ ᠪᠣᠷᠣ ᠬᠦᠦ ᠶ᠋ᠢ ᠳᠡᠪᠡᠯ ᠢ᠋ ᠨᠢ ᠲᠠᠢᠯᠵᠤ ᠨᠢᠴᠦᠭᠦᠯᠡᠭᠡᠳ ᠨᠢᠪᠰᠢᠷᠡᠲᠡᠯᠡ ᠶᠠᠨᠴᠢᠵᠤ《ᠮᠠᠭᠤ ᠨᠣᠬᠠᠢ ᠢᠳᠡᠳᠡᠭ ᠦᠭᠡᠢ ᠵᠣᠪᠠᠯᠭᠠ ᠶ᠋ᠢ ᠬᠣᠬᠣᠢ᠂ ᠬᠡᠨ ᠴᠢᠮᠠᠶ᠋ᠢ ᠢᠩᠭᠢᠵᠦ ᠬᠤᠳᠠᠯ ᠬᠡᠯᠡᠵᠦ ᠬᠣᠪ ᠵᠥᠭᠡᠭᠡᠨ ᠭᠡᠮ ᠦᠭᠡᠢ ᠬᠥᠮᠦᠨ ᠳ᠋ᠦ᠍ ᠬᠡᠷᠡᠭ ᠨᠥᠮᠥᠷᠭᠡ ᠭᠡᠪᠡ? ᠭᠡᠳᠡᠰᠦ ᠴᠢᠨᠢ ᠴᠠᠢᠬᠤ ᠳ᠋ᠠᠭᠠᠨ ᠭᠡᠳᠡᠭᠡ ᠴᠢᠨᠢ ᠬᠦᠷᠪᠡ ᠤᠤ?》 ᠭᠡᠵᠦ ᠬᠣᠩᠭᠣ ᠶ᠋ᠢ ᠨᠢ ᠰᠢᠯᠪᠤᠷᠠᠲᠠᠯᠠ ᠶᠠᠨᠴᠢᠬᠰᠠᠨ ᠳ᠋ᠤ᠌ ᠲᠡᠷᠡ ᠬᠣᠨᠢᠨ ᠤ᠋ ᠪᠣᠷᠣ ᠬᠦᠦ《ᠶᠣ!》 ᠭᠡᠵᠦ ᠳᠤᠤᠭᠠᠷᠤᠭᠰᠠᠨ ᠦᠭᠡᠢ ᠭᠡᠨᠡ᠃《ᠶᠠᠭᠠᠬᠢᠵᠤ ᠶᠠᠨᠴᠢᠪᠠᠴᠤ ᠶᠣᠣᠯᠠᠳᠠᠭ ᠦᠭᠡᠢ ᠲᠡᠰᠬᠡᠢᠭᠡᠳ ᠪᠠᠢᠳᠠᠭ ᠶᠠᠮᠠᠷ ᠢᠷᠣᠠ ᠶ᠋ᠢᠨ ᠬᠦᠦ ᠪᠣᠢ? ᠦᠬᠦᠭᠰᠡᠨ ᠵᠣᠪᠠᠯᠭᠠ ᠶ᠋ᠢ ᠴᠠᠭᠠᠳᠤ ᠭᠣᠣ ᠳ᠋ᠤ᠌ ᠠᠪᠠᠴᠢᠵᠤ ᠨᠣᠬᠠᠢ ᠲᠡᠵᠢᠭᠡ!》 ᠭᠡᠬᠦᠯᠡᠷ ᠲᠡᠷᠡ ᠬᠣᠨᠢᠨ ᠤ᠋ ᠪᠣᠷᠣ ᠬᠦᠦ᠄《ᠪᠠᠢᠵᠠ! ᠥᠴᠦᠬᠡᠨ ᠪᠣᠭᠣᠯ ᠤ᠋ᠨ ᠢ᠋ᠶ᠋ᠠᠨ ᠦᠨᠡᠨ ᠦᠭᠡ ᠶ᠋ᠢ ᠢᠲᠡᠭᠡᠳᠡᠭ ᠦᠭᠡᠢ ᠬᠠᠷᠢᠨ ᠬᠣᠪᠴᠢ ᠦᠭᠡᠨ ᠳ᠋ᠦ᠍ ᠬᠠᠭᠤᠷᠲᠠᠵᠤ ᠡᠪᠦᠳᠦᠭ ᠳᠣᠣᠷᠠᠬᠢ ᠰᠢᠳᠤᠷᠭᠤ ᠪᠣᠭᠣᠯ ᠢ᠋ᠶ᠋ᠠᠨ ᠬᠢᠯᠢᠰᠳᠡᠭᠦᠯᠦᠭᠰᠡᠨ ᠳ᠋ᠡᠭᠡᠨ ᠲᠠ ᠭᠡᠮᠰᠢᠬᠦ ᠨᠢᠭᠡ ᠡᠳᠦᠷ ᠪᠣᠢ᠃ ᠭᠡᠮᠰᠢᠭᠦᠯᠡᠩ ᠦ᠋ᠨ ᠪᠥᠮᠪᠥᠷᠢᠵᠦ ᠣᠳᠤᠭᠰᠠᠨ ᠬᠦᠷᠳᠦᠨ ᠦ᠌ ᠬᠣᠢᠨᠠ ᠠ᠋ᠴᠠ ᠲᠠ ᠬᠡᠵᠢᠶᠡ ᠴᠦ᠍ ᠬᠥᠭᠡᠭᠡᠵᠦ ᠭᠦᠢᠴᠡᠬᠦ ᠦᠭᠡᠢ!》 ᠭᠡᠵᠢ ᠭᠡᠨᠡ᠃ ᠡᠵᠡᠨ ᠪᠠᠶᠠᠨ᠄《ᠬᠡᠲᠦᠷᠡᠭᠰᠡᠨ ᠮᠠᠭᠤ ᠴᠢᠴᠠᠭᠠ᠃ ᠠᠮᠠ ᠪᠠᠨ ᠣᠯᠵᠤ ᠲᠣᠩᠭᠣᠰ ᠴᠢ! ᠮᠠᠭᠤ ᠵᠣᠪᠠᠯᠭᠠ ᠶ᠋ᠢ ᠵᠡᠭᠦᠨ ᠭᠣᠣ ᠳ᠋ᠤ᠌ ᠠᠪᠠᠴᠢᠵᠤ ᠬᠠᠶᠠ᠂ ᠨᠣᠬᠠᠢ ᠲᠡᠵᠢᠭᠡ!》 ᠭᠡᠰᠡᠨ ᠳ᠋ᠦ᠍ ᠴᠠᠭᠠᠳᠤᠭᠤᠯᠠ ᠨᠢ ᠨᠢᠪᠰᠢᠷᠡᠲᠡᠯᠡ ᠶᠠᠨᠴᠢᠬᠳᠠᠭᠰᠠᠨ ᠬᠣᠨᠢᠨ ᠤ᠋ ᠪᠣᠷᠣ ᠬᠦᠦ ᠶ᠋ᠢ ᠭᠣᠣ ᠳ᠋ᠤ᠌ ᠠᠪᠠᠴᠢᠵᠤ ᠬᠠᠶᠠᠵᠠᠢ᠃ ᠬᠡᠳᠦᠨ ᠬᠣᠲᠠᠴᠢ ᠨᠣᠬᠠᠢ ᠬᠣᠨᠢᠨ ᠤ᠋ ᠪᠣᠷᠣ ᠬᠦᠦ ᠶ᠋ᠢᠨ ᠳᠤᠲᠠᠭᠤ ᠦᠬᠦᠭᠰᠡᠨ ᠬᠡᠭᠦᠷ ᠳᠡᠭᠡᠷᠡ ᠪᠠᠭᠯᠠᠷᠠᠭᠠᠳ ᠪᠠᠭᠤᠪᠠ᠃ ᠬᠠᠵᠠᠭᠤ ᠠ᠋ᠴᠠ ᠬᠠᠷᠠᠭᠰᠠᠨ ᠬᠥᠮᠦᠰ ᠨᠢᠳᠦ ᠨᠢ ᠬᠠᠯᠢᠷᠠᠭᠠᠳ ᠬᠠᠪᠢᠳᠠᠵᠤ ᠴᠢᠳᠠᠳᠠᠭ ᠦᠭᠡᠢ᠃《ᠣᠳᠣ ᠴᠦ᠍ ᠨᠣᠬᠠᠢ ᠳ᠋ᠤ᠌ ᠰᠡᠭᠴᠢᠭᠦᠯᠵᠤ ᠦᠢᠯᠡ ᠲᠠᠮᠤ ᠪᠠᠨ ᠦᠵᠡᠭᠰᠡᠨ!》 ᠭᠡᠵᠦ ᠦᠷᠦ ᠬᠠᠯᠠᠭᠤᠨ ᠨᠢᠭᠡ ᠨᠢ ᠴᠠᠭᠠᠰᠢ ᠪᠠᠨ ᠬᠠᠷᠠᠵᠤ ᠰᠡᠮᠡᠭᠡᠷᠬᠡᠨ ᠨᠢᠯᠪᠤᠰᠤ ᠤᠨᠠᠭᠠᠨᠠ᠃
ᠨᠠᠷᠠ ᠤᠨᠠᠵᠤ᠂ ᠪᠦᠷᠦᠢ ᠲᠠᠰᠤᠷᠠᠭᠰᠠᠨ ᠬᠣᠢᠨᠠ ᠬᠣᠨᠢᠨ ᠤ᠋ ᠡᠪᠦᠭᠡᠨ ᠲᠡᠷᠡ ᠬᠦᠦ ᠶ᠋ᠢᠨ ᠶᠠᠰᠤ ᠶ᠋ᠢ ᠲᠡᠭᠦᠵᠦ ᠨᠢᠳᠦᠨ ᠦ᠌ ᠳᠠᠯᠳᠠ ᠪᠤᠯᠠᠰᠢᠯᠠᠵᠤ ᠲᠠᠯᠪᠢᠶᠠ ᠳᠠ ᠬᠥᠭᠡᠷᠦᠬᠦᠢ ᠭᠡᠵᠦ ᠵᠡᠭᠦᠨ ᠭᠣᠣ ᠳᠣᠲᠣᠷᠠ ᠬᠦᠷᠦᠭᠡᠳ ᠣᠴᠢᠪᠠᠯ ᠬᠣᠨᠢᠨ ᠤ᠋ ᠪᠣᠷᠣ ᠬᠦᠦ ᠦᠬᠦᠭᠰᠡᠨ ᠦᠭᠡᠢ ᠡᠯᠢᠭᠡ ᠲᠦᠷᠦᠭᠦᠯᠡᠨ ᠬᠡᠪᠲᠡᠵᠦ ᠪᠠᠢᠵᠠᠢ᠃ ᠬᠣᠲᠠᠴᠢ ᠨᠣᠬᠠᠳ ᠴᠤ᠌ ᠲᠡᠭᠦᠨ ᠢ᠋ ᠰᠡᠭᠴᠢᠵᠦ ᠤᠷᠠᠭᠰᠠᠨ ᠦᠭᠡᠢ᠃ ᠬᠠᠷᠢᠨ ᠨᠤᠯᠭᠤ ᠰᠢᠯᠪᠤᠷᠠᠭᠰᠠᠨ ᠴᠢᠰᠤ ᠨᠥᠵᠢ ᠲᠡᠢ ᠬᠣᠩᠭᠣ ᠶ᠋ᠢ ᠨᠢ ᠳᠣᠯᠢᠶᠠᠵᠤ ᠭᠡᠮᠲᠦᠭᠰᠡᠨ ᠰᠢᠷᠬᠠ ᠰᠣᠷᠪᠢ ᠶ᠋ᠢ ᠨᠢ ᠠᠨᠢᠭᠤᠯᠤᠨ ᠬᠡᠭᠡᠷᠡ ᠶ᠋ᠢᠨ ᠠᠷᠢᠶᠠᠲᠠᠨ ᠠ᠋ᠴᠠ ᠬᠠᠮᠠᠭᠠᠯᠠᠵᠤ ᠬᠡᠳᠦᠨ ᠲᠠᠯᠠ ᠳ᠋ᠤᠨᠢ ᠰᠠᠬᠢᠵᠤ ᠪᠣᠢ᠃ ᠬᠣᠨᠢᠨ ᠤ᠋ ᠡᠪᠦᠭᠡᠨ ᠡᠨᠡ ᠬᠦ᠌ ᠦᠵᠡᠭᠳᠡᠯ ᠢ᠋ ᠬᠠᠷᠠᠭᠠᠳ ᠮᠠᠯ ᠭᠠᠢᠬᠠᠵᠤ《ᠠ᠂ ᠮᠣᠩᠭᠣᠯ ᠨᠤᠲᠤᠭ ᠤ᠋ᠨ ᠬᠣᠲᠠᠴᠢ ᠨᠣᠬᠠᠢ ᠲᠠᠩᠳᠠ ᠬᠥᠮᠦᠨ ᠦ᠌ ᠤᠬᠠᠭᠠᠨ ᠲᠠᠢ ᠪᠠᠢᠳᠠᠭ ᠭᠡᠳᠡᠭ ᠨᠢ ᠦᠨᠡᠨ ᠪᠠᠢᠨᠠ᠃ ᠬᠥᠭᠡᠷᠦᠬᠦᠢ᠂ ᠪᠤᠷᠬᠠᠨ ᠲᠩᠷᠢ ᠮᠢᠨᠢ!》 ᠭᠡᠳ ᠬᠣᠨᠢᠨ ᠤ᠋ ᠪᠣᠷᠣ ᠬᠦᠦ ᠶ᠋ᠢ ᠡᠭᠦᠷᠴᠦ ᠠᠪᠠᠴᠢᠨ ᠰᠤᠪᠢᠯᠠᠭᠰᠠᠨ ᠭᠡᠨᠡ᠃ ᠲᠡᠭᠦᠨ ᠦ᠌ ᠴᠠᠭᠠᠭᠤᠷ ᠡᠵᠡᠨ ᠪᠠᠶᠠᠨ ᠰᠠᠮᠵᠠᠨ ᠬᠥᠯᠲᠦ ᠶ᠋ᠢᠨ《ᠥᠷᠥᠰᠢᠶᠡᠯᠲᠦ ᠡᠵᠡᠨ ᠮᠢᠨᠢ᠂ ᠣᠳᠣ ᠲᠠ ᠲᠡᠷᠡ ᠠᠪᠤᠷᠭᠤ ᠮᠣᠭᠠᠢ ᠶ᠋ᠢ ᠤᠰᠠᠳᠬᠠᠬᠤ ᠦᠭᠡᠢ ᠪᠣᠯ ᠬᠣᠲᠠ ᠲᠠᠢ ᠰᠦᠷᠦᠭ ᠴᠢᠨᠢ ᠬᠣᠭᠣᠰᠣᠷᠠᠵᠤ ᠬᠣᠲᠠ ᠪᠠᠨ ᠬᠤᠷᠢᠶᠠᠬᠤ ᠳ᠋ᠤ᠌ ᠤᠳᠠᠬᠤ ᠦᠭᠡᠢ》 ᠭᠡᠰᠡᠨ ᠢ᠋ᠶ᠋ᠡᠷ ᠡᠵᠡᠨ ᠪᠠᠶᠠᠨ ᠬᠡᠳᠦᠨ ᠰᠠᠢᠨ ᠡᠷᠡ ᠣᠯᠵᠤ ᠰᠠᠭᠠᠳᠠᠭ ᠨᠤᠮᠤ ᠠᠠᠭᠰᠠᠨ ᠰᠠᠢᠨ ᠬᠦᠯᠦᠭ ᠤᠨᠤᠵᠤ ᠣᠴᠢᠭᠠᠳ ᠲᠡᠷᠡ ᠠᠪᠤᠷᠭᠤ ᠮᠣᠭᠠᠢ ᠶ᠋ᠢᠨ ᠶᠠᠭ ᠰᠠᠢᠬᠠᠨ ᠢᠮᠠᠭᠠ ᠰᠣᠷᠣᠵᠤ ᠪᠠᠢᠭᠰᠠᠨ ᠢ᠋ ᠳᠠᠯᠢᠮᠳᠠᠭᠤᠯᠤᠨ ᠬᠡᠳᠦᠨ ᠲᠠᠯᠠ ᠠ᠋ᠴᠠ ᠨᠢ ᠬᠠᠷᠪᠤᠵᠤ ᠰᠢᠷᠬᠠᠲᠤᠭᠤᠯᠤᠨ ᠬᠠᠷᠠᠰᠠᠯᠲᠠᠢ ᠮᠠᠭᠤᠬᠠᠢ ᠪᠠᠷ ᠠᠯᠠᠵᠤ ᠣᠷᠬᠢᠵᠠᠢ ᠭᠡᠨᠡ᠃ ᠭᠤᠷᠪᠠᠨ ᠡᠳᠦᠷ ᠦ᠋ᠨ ᠳᠠᠷᠠᠭᠠ ᠲᠡᠷᠡ ᠮᠣᠭᠠᠢ ᠶ᠋ᠢ ᠠᠯᠠᠭᠰᠠ ᠮᠥᠴᠡ ᠳ᠋ᠦ᠍ ᠮᠤᠨᠠ ᠶ᠋ᠢᠨ ᠰᠢᠷᠠ ᠣᠷᠣᠢ ᠶ᠋ᠢᠨ ᠬᠠᠳᠠ ᠶ᠋ᠢ ᠣᠷᠢᠶᠠᠭᠰᠠᠨ ᠡᠭᠦᠯᠡ ᠵᠢᠭᠤᠷᠠᠭᠰᠠᠨ ᠬᠠᠷᠠ ᠪᠡᠬᠡ ᠮᠡᠲᠦ ᠬᠠᠷᠠᠯᠠᠨ ᠨᠡᠲᠦᠢᠵᠦ ᠠᠶᠤᠩᠭᠠ ᠴᠠᠬᠢᠯᠠᠨ ᠠᠵᠢᠷᠭᠠᠨ ᠪᠣᠷᠣᠭᠠᠨ ᠴᠢᠳᠬᠤᠯᠠᠪᠠ ᠭᠡᠨᠡ᠃ ᠳᠡᠰ ᠦ᠋ᠨ ᠥᠨᠳᠡᠭᠡᠨ ᠴᠢᠨᠡᠭᠡᠨ ᠮᠥᠨᠳᠥᠷ ᠮᠠᠯ ᠢ᠋ ᠨᠢ ᠴᠣᠬᠢᠵᠤ ᠰᠢᠷᠠᠭᠳᠤᠭᠤᠯᠤᠨ ᠬᠥᠮᠦᠨ ᠠᠮᠢᠲᠠᠨ ᠣᠰᠤᠭᠤᠵᠤ᠂ ᠪᠠᠷᠠᠭᠤᠨ ᠬᠣᠢᠲᠤ ᠵᠢᠯᠠᠭᠠᠨ ᠠ᠋ᠴᠠ ᠳᠣᠭᠰᠢᠨ ᠦᠶᠡᠷ ᠭᠣᠣᠯ ᠳᠦᠭᠦᠷᠡᠩ ᠴᠠᠯᠭᠢᠵᠤ ᠲᠡᠷᠡ ᠢᠵᠠᠷᠠᠮᠠ ᠪᠠᠶᠠᠨ ᠠᠢᠯ ᠢ᠋ ᠦᠶᠡᠷ ᠲᠦ᠍ ᠵᠢᠪᠦᠭᠦᠯᠵᠡᠢ᠃ ᠠᠭᠤᠯᠠ ᠶ᠋ᠢᠨ ᠦᠶᠡᠷ ᠦ᠋ᠨ ᠤᠰᠤ ᠵᠠᠯᠭᠢᠯᠠᠨ ᠬᠠᠢᠷ ᠴᠢᠯᠠᠭᠤᠨ ᠳ᠋ᠤ᠌ ᠰᠠᠪᠠᠴᠢᠬᠳᠠᠬᠤ ᠳ᠋ᠠᠭᠠᠨ ᠰᠠᠨᠳᠤᠷᠤᠭᠰᠠᠨ ᠲᠡᠷᠡ ᠪᠠᠶᠠᠨ ᠬᠣᠨᠢᠨ ᠤ᠋ ᠪᠣᠷᠣ ᠬᠦᠦ ᠶ᠋ᠢᠨ《᠁ ᠬᠣᠪᠴᠢ ᠦᠭᠡᠨ ᠳ᠋ᠦ᠍ ᠬᠠᠭᠤᠷᠲᠠᠵᠤ ᠡᠪᠦᠳᠦᠭ ᠳᠣᠣᠷᠠᠬᠢ ᠰᠢᠳᠤᠷᠭᠤ ᠪᠣᠭᠣᠯ ᠢ᠋ᠶ᠋ᠠᠨ ᠬᠢᠯᠢᠰᠳᠡᠭᠦᠯᠦᠭᠰᠡᠨ ᠳ᠋ᠡᠭᠡᠨ ᠲᠠ ᠭᠡᠮᠰᠢᠬᠦ ᠨᠢᠭᠡ ᠡᠳᠦᠷ ᠪᠣᠢ᠁》 ᠭᠡᠰᠡᠨ ᠦᠭᠡ ᠶ᠋ᠢ ᠰᠠᠨᠠᠵᠤ《ᠬᠣᠨᠢᠨ ᠤ᠋ ᠪᠣᠷᠣ ᠬᠦᠦ ᠮᠢᠨᠢ ᠠ᠋! ᠴᠢ ᠲᠡᠢᠮᠦ ᠮᠡᠷᠭᠡᠨ ᠪᠠᠢᠭᠰᠠᠨ ᠪᠣᠯ ᠡᠵᠡᠨ ᠪᠠᠶᠠᠨ ᠢ᠋ᠶ᠋ᠠᠨ ᠨᠢᠭᠡ ᠠᠪᠤᠷᠠᠭᠠᠴᠢ ᠳᠠ! ᠴᠢᠮᠠᠶ᠋ᠢ ᠬᠢᠯᠢᠰᠳᠡᠭᠦᠯᠦᠭᠰᠡᠨ ᠢ᠋ ᠠᠭᠤᠴᠢᠯᠠᠵᠤ ᠦᠵᠡᠨᠡ ᠤᠤ! ᠲᠡᠭᠡᠪᠡᠯ ᠪᠢ ᠴᠢᠮᠠ ᠳ᠋ᠤ᠌ ᠲᠠᠪᠤᠨ ᠬᠣᠰᠢᠭᠤ ᠮᠠᠯ ᠤ᠋ᠨ ᠢ᠋ᠶ᠋ᠠᠨ ᠰᠦᠷᠦᠭ ᠦ᠋ᠨ ᠰᠣᠳᠣ ᠠ᠋ᠴᠠ ᠶᠢᠰᠦ ᠶᠢᠰᠦ ᠨᠠᠶᠠᠨ ᠨᠢᠭᠡᠨ ᠲᠣᠭᠠ ᠪᠠᠷ ᠱᠠᠩᠨᠠᠵᠤ᠂ ᠡᠭᠦᠷᠢᠳᠡ ᠪᠠᠶᠠᠨ ᠵᠢᠷᠭᠠᠯᠲᠠᠢ ᠠᠮᠢᠳᠤᠷᠠᠭᠤᠯᠤᠶᠠ᠁》 ᠭᠡᠵᠦ ᠲᠡᠷᠡ ᠪᠠᠶᠠᠨ《ᠵᠡᠭᠦᠨ ᠭᠣᠣ ᠳ᠋ᠤ᠌ ᠠᠪᠠᠴᠢᠵᠤ ᠬᠠᠶᠠ᠂ ᠮᠠᠭᠤ ᠵᠣᠪᠠᠯᠭᠠ ᠶ᠋ᠢ ᠨᠢ ᠨᠣᠬᠠᠢ ᠲᠡᠵᠢᠭᠡ!》 ᠭᠡᠵᠦ ᠳᠣᠷᠣᠮᠵᠢᠯᠠᠨ ᠬᠠᠷᠢᠶᠠᠭᠰᠠᠨ ᠬᠣᠨᠢᠨ ᠤ᠋ ᠪᠣᠷᠣ ᠬᠦᠦ ᠶ᠋ᠢᠨ ᠬᠡᠯᠡᠭᠰᠡᠨ ᠦᠭᠡ ᠶ᠋ᠢᠨ ᠬᠣᠢᠨᠠ ᠠ᠋ᠴᠠ ᠤᠬᠢᠯᠠᠩ ᠬᠠᠢᠯᠠᠩ ᠬᠠᠰᠬᠢᠷᠤᠨᠠ᠁ ᠠᠵᠢᠷᠭᠠᠨ ᠪᠣᠷᠣᠭᠠᠨ ᠰᠠᠭᠤᠯᠠᠭᠠ ᠰᠠᠪᠠ ᠪᠠᠷ ᠴᠢᠳᠬᠤᠯᠠᠨ᠂ ᠳᠣᠭᠰᠢᠨ ᠮᠥᠨᠳᠥᠷ ᠳᠡᠰ ᠨᠢᠰ ᠴᠣᠬᠢᠯᠠᠵᠤ᠂ ᠠᠶᠤᠩᠭᠠ ᠨᠢᠵᠢᠭᠢᠨᠡᠨ ᠴᠠᠬᠢᠯᠭᠠᠨ ᠴᠠᠬᠢᠯᠠᠨᠠ᠃ ᠲᠡᠷᠡ ᠴᠠᠬᠢᠯᠠᠭᠰᠠᠨ ᠠᠶᠤᠩᠭᠠ ᠴᠠᠬᠢᠯᠭᠠᠨ ᠤ᠋ ᠵᠤᠷᠪᠤᠰ ᠭᠡᠷᠡᠯ ᠳ᠋ᠦ᠍ ᠬᠣᠨᠢᠨ ᠤ᠋ ᠪᠣᠷᠣ ᠬᠦᠦ ᠬᠠᠳᠠᠭᠠᠨᠠᠨ ᠢᠨᠢᠶᠡᠵᠦ《᠁ ᠭᠡᠮᠰᠢᠭᠦᠯᠡᠩ ᠦ᠋ᠨ ᠪᠥᠮᠪᠥᠷᠢᠵᠦ ᠣᠳᠤᠭᠰᠠᠨ ᠬᠦᠷᠳᠦᠨ ᠦ᠌ ᠬᠣᠢᠨᠠ ᠠ᠋ᠴᠠ ᠲᠠ ᠬᠡᠵᠢᠶᠡᠳᠡ ᠬᠥᠭᠡᠭᠡᠵᠦ ᠭᠦᠢᠴᠡᠬᠦ ᠦᠭᠡᠢ᠃ ᠡᠵᠡᠨ ᠪᠠᠶᠠᠨ ᠮᠢᠨᠢ ᠲᠠ ᠬᠣᠪᠴᠢ ᠬᠣᠮᠣᠬᠠᠢ ᠬᠥᠮᠦᠨ ᠦ᠌ ᠨᠢᠯᠠᠭᠤᠨ ᠦᠭᠡᠨ ᠳ᠋ᠦ᠍ ᠱᠠᠩᠳᠠᠭᠤᠷᠠᠵᠤ ᠬᠠᠨ ᠮᠤᠨᠠ ᠬᠠᠢᠷᠬᠠᠨ ᠤ᠋ ᠯᠤᠤᠰ ᠤ᠋ᠨ ᠬᠦᠯᠦᠭ ᠦ᠋ᠨ ᠨᠢᠭᠡ ᠶ᠋ᠢ ᠬᠥᠨᠥᠭᠡᠭᠰᠡᠨ ᠪᠣᠯᠬᠣᠷ ᠠᠪᠤᠷᠠᠭᠳᠠᠰᠢ ᠦᠭᠡᠢ ᠶᠠᠯᠠ ᠳ᠋ᠤ᠌ ᠤᠨᠠᠵᠠᠢ᠃ ᠦᠨᠡᠨ ᠳ᠋ᠡᠭᠡᠨ ᠲᠡᠷᠡ ᠠᠪᠤᠷᠭᠤ ᠮᠣᠭᠠᠢ ᠴᠢᠮᠠᠶ᠋ᠢ ᠲᠡᠳᠬᠦᠵᠦ ᠪᠡᠯᠴᠢᠭᠡᠷ ᠤᠰᠤ ᠬᠤᠷᠠ ᠪᠣᠷᠣᠭᠠᠨ ᠢ᠋ ᠲᠡᠩᠴᠡᠭᠦᠯᠦᠨ᠂ ᠮᠠᠯ ᠰᠦᠷᠦᠭ ᠢ᠋ ᠴᠢᠨᠢ ᠥᠨᠢᠷ ᠥᠰᠬᠡᠨ ᠪᠠᠶᠠᠨ ᠴᠠᠳᠬᠤᠯᠠᠩ ᠠᠮᠢᠳᠤᠷᠠᠭᠤᠯᠤᠭᠰᠠᠭᠠᠷ ᠢᠷᠡᠭᠰᠡᠨ ᠶᠦᠮ᠃ ᠬᠡᠳᠦᠢᠪᠡᠷ ᠡᠳᠦᠷ ᠪᠦᠷᠢ ᠨᠢᠭᠡ ᠢᠮᠠᠭᠠ ᠶ᠋ᠢ ᠴᠢᠨᠢ ᠰᠣᠷᠣᠵᠤ ᠢᠳᠡᠳᠡᠭ ᠪᠣᠯᠪᠠᠴᠤ ᠨᠢᠭᠡ ᠶ᠋ᠢ ᠠᠷᠪᠠ ᠳᠠᠬᠢᠨ ᠢ᠋ᠶ᠋ᠠᠷ ᠪᠤᠴᠠᠭᠠᠵᠤ ᠥᠭᠳᠡᠭ ᠢ᠋ ᠲᠠ ᠮᠡᠳᠡᠭᠡ ᠦᠭᠡᠢ ᠤᠤ⁈ ᠮᠠᠯ ᠰᠦᠷᠦᠭ ᠴᠢᠨᠢ ᠳᠠᠶᠠᠩ ᠤ᠋ᠨ ᠪᠡᠯᠴᠢᠭᠡᠷ ᠢ᠋ ᠬᠠᠮᠢᠯᠵᠠᠲᠠᠯᠠ ᠥᠰᠬᠦ ᠪᠠᠢᠭᠰᠠᠨ᠂ ᠪᠠᠶᠠᠨ ᠲᠠᠩᠰᠤᠭ ᠠᠮᠢᠳᠤᠷᠠᠯ ᠴᠢᠨᠢ ᠳᠠᠯᠠᠢ ᠶ᠋ᠢᠨ ᠤᠰᠤ ᠮᠡᠲᠦ ᠴᠠᠯᠭᠢᠬᠤ ᠪᠠᠢᠭᠰᠠᠨ᠃ ᠭᠡᠲᠡᠯᠡ ᠲᠠ ᠵᠢᠷᠭᠠᠯ ᠢ᠋ᠶ᠋ᠠᠨ ᠳᠠᠭᠠᠭᠠᠬᠤ ᠦᠭᠡᠢ ᠵᠠᠶᠠᠭᠠ ᠨᠢᠮᠭᠡᠨ ᠪᠠᠢᠵᠢ ᠳᠠ! ᠣᠳᠣ ᠲᠡᠷᠡ ᠪᠠᠶᠠᠨ ᠳᠠᠯᠠᠢ ᠶ᠋ᠢᠨ ᠤᠰᠤ ᠴᠢᠨᠢ ᠴᠢᠮᠠᠶ᠋ᠢ ᠴᠠᠴᠠᠭᠠᠨ ᠦᠬᠦᠭᠦᠯᠬᠦ ᠪᠣᠯᠵᠠᠢ᠃ ᠬᠡᠭᠦᠷ ᠢ᠋ ᠴᠢᠨᠢ ᠭᠡᠷ ᠲᠥᠯᠥᠪᠲᠡᠢ ᠲᠣᠮᠣ ᠴᠢᠯᠠᠭᠤ ᠪᠠᠷ ᠳᠠᠷᠤᠵᠤ ᠲᠠᠯᠪᠢᠨᠠ᠃ ᠠᠳᠤᠭᠤ ᠮᠠᠯ ᠢ᠋ ᠴᠢᠨᠢ ᠦᠬᠡᠷ ᠪᠦᠳᠦᠭᠦᠨ ᠴᠢᠯᠠᠭᠤ ᠬᠤᠪᠢᠯᠭᠠᠵᠤ ᠴᠢᠮᠠᠶ᠋ᠢ ᠥᠨᠢᠳᠡ ᠰᠠᠬᠢᠭᠤᠯᠣᠨᠠ᠃ ᠲᠡᠭᠡᠭᠡᠳ ᠲᠠ ᠡᠨᠡ ᠣᠷᠴᠢᠯᠠᠩ ᠤ᠋ᠨ ᠲᠠᠪᠢᠯᠠᠩ ᠳ᠋ᠤ᠌ ᠥᠪᠡᠷ ᠦ᠋ᠨ ᠪᠡᠶᠡ ᠳ᠋ᠡᠭᠡᠨ ᠭᠣᠮᠣᠳᠠᠭᠠᠳ ᠴᠠᠭᠠᠳᠤ ᠣᠷᠴᠢᠯᠩ ᠳ᠋ᠠᠭᠠᠨ ᠣᠴᠢᠵᠤ ᠶᠠᠭᠤ ᠬᠢᠳᠡᠭ ᠪᠣᠯ ᠶᠠᠭᠤ ᠪᠠᠨ ᠬᠢᠬᠦ ᠪᠡᠷ ᠶᠠᠪᠤᠭᠠᠴᠢ!》 ᠭᠡᠵᠦ ᠬᠡᠯᠡᠭᠡᠳ ᠠᠯᠠᠭᠠ ᠪᠣᠯᠵᠢ ᠭᠡᠨᠡ᠃ ᠪᠣᠷᠣᠭᠠᠨ ᠴᠤ᠌ ᠠᠷᠢᠯᠪᠠ᠂ ᠡᠭᠦᠯᠡ ᠴᠦ᠍ ᠰᠠᠷᠨᠢᠯᠠ᠁ ᠤᠤᠯ ᠤ᠋ᠨ ᠪᠠᠶᠠᠨ ᠲᠠᠩᠰᠤᠭ ᠠᠢᠯ ᠤ᠋ᠨ ᠣᠷᠣᠮ ᠳ᠋ᠤ᠌ ᠭᠡᠷ ᠰᠢᠭ ᠲᠣᠮᠣ ᠴᠢᠯᠠᠭᠤᠳ ᠰᠡᠬᠦᠢᠵᠦ᠂ ᠲᠡᠷᠡ ᠲᠣᠮᠣ ᠭᠡᠷ ᠴᠢᠯᠠᠭᠤ ᠶ᠋ᠢ ᠲᠣᠭᠣᠷᠢᠭᠠᠳ ᠲᠦᠨᠲᠦᠭᠡ ᠪᠥᠨᠳᠦᠭᠡ ᠦᠬᠡᠷ ᠴᠢᠯᠠᠭᠤ ᠪᠣᠨᠲᠦᠢᠯᠴᠠᠨ᠂ ᠳᠠᠷᠭᠢᠯ ᠴᠠᠷᠭᠢᠯ ᠲᠠᠢ ᠭᠠᠵᠠᠷ ᠪᠣᠯᠵᠠᠢ᠃ ᠲᠡᠭᠦᠨ ᠡᠴᠡ ᠬᠣᠢᠰᠢ ᠲᠡᠷᠡ ᠬᠦ᠌ ᠭᠡᠷ ᠴᠢᠯᠠᠭᠤᠲᠤ ᠶ᠋ᠢᠨ ᠪᠠᠷᠠᠭᠤᠨ ᠬᠣᠢᠨᠠ ᠠ᠋ᠴᠠ ᠠᠪᠤᠷᠭᠤ ᠮᠣᠭᠠᠢ ᠶ᠋ᠢᠨ ᠠᠮᠠ ᠰᠢᠭ᠋ ᠠᠩᠭᠠᠢᠭᠰᠠᠨ ᠵᠢᠯᠠᠭᠠ ᠶ᠋ᠢᠨ ᠭᠣᠣᠯ ᠢ᠋ ᠳᠡᠷᠬᠢᠶᠡ ᠶ᠋ᠢᠨ ᠭᠣᠣᠯ ᠭᠡᠵᠦ ᠨᠡᠷᠡᠯᠡᠭᠰᠡᠨ ᠶᠦᠮ ᠠ᠋᠁ ᠮᠢᠨᠦ ᠬᠦᠦ ᠬᠣᠵᠢᠮ ᠥᠭᠡᠯᠡᠢ ᠪᠣᠯᠪᠠᠯ ᠮᠣᠭᠠᠢ ᠦᠵᠡᠪᠡᠯ ᠵᠠᠢᠯᠠᠵᠤ ᠶᠠᠪᠤ ᠠ᠋᠂ ᠶᠡᠷᠦ ᠪᠢᠲᠡᠭᠡᠢ ᠯᠡ ᠬᠥᠨᠥᠭᠡᠵᠦ ᠣᠷᠭᠢ! ᠭᠡᠰᠡᠨ ᠳᠣᠮᠣᠭ ᠢ᠋ ᠰᠠᠨᠠᠵᠤ ᠱᠠᠯᠠᠪ ᠶᠠᠪᠤᠵᠤ ᠣᠳᠤᠯᠠ᠁
ᠥᠨᠥᠬᠢ ᠤᠯᠠᠭᠠᠨ ᠬᠦᠵᠦᠭᠦᠲᠦ ᠠᠯᠠᠭ ᠰᠢᠪᠠᠭᠤ ᠪᠠᠰᠠ ᠯᠠ ᠲᠡᠭᠦᠨ ᠦ᠌ ᠵᠠᠮ ᠢ᠋ ᠲᠣᠰᠴᠤ᠄《ᠬᠤᠷᠳᠤᠨ ᠬᠠᠳᠠᠨ ᠬᠣᠩᠭᠢᠯ ᠳ᠋ᠤ᠌ ᠣᠴᠢ᠂ ᠨᠣᠮᠢᠨ ᠴᠢᠨᠢ ᠴᠢᠮᠠᠶ᠋ᠢ ᠬᠦᠯᠢᠶᠡᠵᠦ ᠪᠣᠢ!》 ᠭᠡᠵᠦ ᠭᠡᠵᠦ ᠬᠡᠯᠡᠬᠦ ᠰᠢᠭ ᠱᠤᠯᠤᠭᠠᠨᠠᠭᠰᠠᠨ ᠢ᠋ ᠲᠡᠷᠡ ᠶᠠᠭᠠᠬᠢᠵᠤ ᠣᠢᠯᠠᠭᠠᠬᠤ ᠪᠣᠢ⁈ ᠲᠡᠭᠡᠪᠡᠴᠦ ᠭᠣᠩᠴᠤᠭᠷᠠᠬᠤᠠ ᠲᠡᠷᠡ ᠤᠯᠠᠭᠠᠨ ᠬᠦᠵᠦᠭᠦᠲᠦ ᠠᠯᠠᠭ ᠰᠢᠪᠠᠭᠤ ᠳ᠋ᠤ᠌ ᠡᠷᠬᠡ ᠦᠭᠡᠢ ᠰᠦᠨᠡᠰᠦ ᠪᠡᠨ ᠬᠥᠲᠥᠯᠦᠭᠦᠯᠦᠭᠰᠡᠨ ᠰᠢᠭ ᠶᠠᠪᠤᠭᠠᠳ ᠯᠠ ᠪᠠᠢᠪᠠ᠁ ᠬᠡᠴᠢᠨᠡᠭᠡᠨ ᠤᠳᠠᠭᠠᠨ ᠶᠠᠪᠤᠭᠰᠠᠨ ᠢ᠋ ᠪᠦᠦ ᠮᠡᠳᠡ᠂ ᠶᠠᠪᠤᠭᠠᠳ ᠶᠠᠪᠤᠭᠠᠳ ᠬᠦᠷᠳᠡᠭ ᠦᠭᠡᠢ᠃ ᠨᠠᠷᠠ ᠰᠢᠩᠭᠡᠬᠦ ᠠᠯᠲᠠ ᠪᠠᠷ ᠠᠷᠠᠢ ᠬᠢᠵᠦ ᠲᠡᠷᠡ ᠬᠠᠳᠠᠨ ᠬᠣᠩᠭᠢᠯ ᠤ᠋ᠨ ᠣᠢᠷᠠᠬᠠᠨ ᠲᠤᠯᠵᠤ ᠣᠴᠢᠪᠠ᠃
ᠤᠯᠠᠭᠠᠨ ᠬᠦᠵᠦᠭᠦᠲᠦ ᠬᠣᠶᠠᠷ ᠠᠯᠠᠭ ᠰᠢᠪᠠᠭᠤ ᠬᠠᠳᠠᠨ ᠬᠣᠩᠭᠢᠯ ᠤ᠋ᠨ ᠬᠥᠩᠬᠥᠢᠭᠰᠡᠨ ᠰᠠᠷᠠᠪᠴᠢᠨ ᠳᠡᠭᠡᠷᠡ ᠰᠠᠭᠤᠵᠤ《ᠵᠠ᠂ ᠢᠷᠡ᠂ ᠢᠷᠡ! ᠨᠠᠭᠠᠰᠢ ᠪᠠᠨ ᠢᠷᠡ᠂ ᠡᠨᠳᠡ ᠪᠣᠢ᠂ ᠨᠣᠮᠢᠨ ᠴᠢᠨᠢ᠁》 ᠭᠡᠵᠦ ᠵᠢᠷ ᠵᠣᠷ᠂ ᠵᠢᠷ ᠵᠣᠷ ᠱᠤᠯᠤᠭᠠᠨᠠᠵᠤ ᠱᠤᠯᠤᠭᠠᠨᠠᠭᠠᠳ ᠫᠦᠷ ᠫᠦᠷ ᠨᠢᠰᠦᠨ ᠣᠳᠪᠠ᠃ ᠨᠢᠰᠦᠨ ᠨᠢᠰᠦᠭᠰᠡᠭᠡᠷ ᠭᠦᠨ ᠰᠢᠭᠤᠢ ᠳ᠋ᠤ᠌ ᠳᠠᠯᠳᠠᠷᠠᠪᠠ᠃
ᠭᠣᠩᠴᠤᠭᠷᠠᠬᠤᠠ ᠪᠦᠷᠢ ᠲᠠᠰᠤᠷᠠᠲᠠᠯᠠ ᠬᠠᠳᠠᠨ ᠬᠣᠩᠭᠢᠯ ᠤ᠋ᠨ ᠳᠣᠣᠷᠠᠬᠢ ᠬᠠᠪᠲᠠᠭᠠᠢ ᠴᠢᠯᠠᠭᠤᠨ ᠳᠡᠭᠡᠷᠡ ᠰᠠᠭᠤᠵᠤ ᠬᠣᠩᠭᠢᠯ ᠳ᠋ᠤ᠌ ᠣᠷᠣᠬᠤ ᠤᠤ ᠪᠣᠯᠢᠬᠤ ᠤᠤ ᠭᠡᠮᠡᠨ ᠲᠦᠳᠡᠭᠡᠯᠵᠡᠨᠡ᠂ ᠥᠴᠥᠭᠡᠳᠦᠷ ᠰᠥᠨᠢ ᠶ᠋ᠢᠨ ᠠᠢᠩᠭᠤᠷᠢ ᠲᠡᠭᠦᠨ ᠢ᠋ ᠶᠡᠬᠡ ᠣᠷᠣᠢ ᠪᠣᠯᠲᠠᠯᠠ ᠵᠣᠪᠠᠭᠠᠨ ᠰᠢᠨᠠᠯᠭᠠᠪᠠ᠃
ᠰᠠᠷᠠ ᠳᠡᠭᠡᠷᠡ ᠳᠡᠭᠳᠡᠵᠦ ᠲᠤᠨᠤᠮᠠᠯ ᠴᠠᠭᠠᠨ ᠭᠡᠭᠡ ᠨᠢ ᠠᠭᠤᠯᠠ ᠲᠠᠢᠭᠠ ᠶ᠋ᠢ ᠭᠡᠢᠭᠦᠯᠵᠦ ᠡᠯᠢᠭᠡᠨ ᠬᠦᠷᠡᠩ ᠬᠠᠳᠠᠨ ᠤ᠋ ᠡᠩᠭᠡᠷ ᠢ᠋ ᠰᠦᠯᠡᠪᠡ᠃
ᠭᠣᠩᠴᠤᠭᠷᠠᠬᠤᠠ ᠶ᠋ᠢᠨ ᠨᠢᠳᠦᠨ ᠳᠦ ᠥᠴᠥᠭᠡᠳᠦᠷ ᠦ᠋ᠨ ᠦᠵᠡᠭᠰᠡᠨ ᠱᠠᠯᠳᠠᠩ ᠪᠦᠰᠡᠭᠦᠢ ᠪᠠ ᠥᠨᠥᠳᠥᠷ ᠦ᠋ᠨ ᠬᠠᠷᠠᠭᠰᠠᠨ ᠠᠪᠤᠷᠭᠤ ᠨᠣᠭᠣᠭᠠᠨ ᠮᠣᠭᠠᠢ ᠶ᠋ᠢᠨ ᠲᠥᠷᠬᠦ ᠡᠭᠡᠯᠵᠢᠯᠡᠨ ᠲᠣᠳᠣᠷᠠᠵᠤ᠂ ᠡᠨᠡ ᠱᠠᠯᠳᠠᠩ ᠪᠦᠰᠡᠭᠦᠢ ᠴᠣᠬᠣᠮ ᠮᠣᠭᠠᠢ ᠶ᠋ᠢᠨ ᠪᠦᠷᠢᠯᠸᠠ ᠤᠤ ᠡᠰᠡᠬᠦᠯᠡ ᠠᠯᠮᠠᠰ ᠴᠢᠳᠬᠥᠷ᠂ ᠡᠮᠡ ᠰᠢᠮᠨᠤᠰ ᠤᠤ ᠭᠡᠵᠦ ᠪᠣᠳᠣᠬᠤ ᠠ᠋ᠴᠠ ᠳᠣᠲᠣᠷᠠ ᠨᠢ ᠠᠷᠪᠠᠯᠵᠠᠭᠠᠳ ᠪᠠᠢᠯᠠ᠃
ᠬᠡᠴᠢᠨᠡᠭᠡᠨ ᠤᠳᠠᠭᠠᠨ ᠲᠡᠨᠳᠡ ᠮᠡᠨᠡᠭᠷᠡᠨ ᠵᠣᠭᠰᠣᠭᠰᠠᠨ ᠢ᠋ ᠪᠦᠦ ᠮᠡᠳᠡ! ᠬᠠᠳᠠᠨ ᠬᠣᠩᠭᠢᠯ ᠤ᠋ᠨ ᠳᠡᠭᠲᠡᠷ᠂ ᠬᠠᠩᠭᠠᠢ ᠶᠡᠬᠡ ᠠᠭᠤᠯᠠ ᠲᠤᠯᠤᠭᠠᠳ ᠤ᠋ᠨ ᠳᠦᠩᠰᠦᠭᠡᠷ ᠪᠠᠷᠠ᠂ ᠬᠠᠭᠠᠨ ᠤ᠋ ᠲᠣᠯᠢ ᠰᠢᠭ᠋ ᠲᠤᠩᠭᠠᠯᠠᠭ ᠰᠠᠷᠠ ᠮᠡᠯᠲᠡᠢᠬᠦ ᠶ᠋ᠢ ᠮᠡᠯᠡᠷᠡᠨ ᠬᠠᠷᠠᠭᠰᠠᠭᠠᠷ ᠰᠣᠭᠲᠣᠭᠤ ᠬᠥᠮᠦᠨ ᠰᠢᠭ ᠪᠣᠯᠪᠠ᠃ ᠲᠡᠷᠲᠡᠭᠡ ᠰᠢᠭᠤᠢ ᠳᠣᠲᠣᠷᠠ ᠠ᠋ᠴᠠ《ᠰᠣᠭᠲᠣᠭᠤ᠂ ᠰᠣᠭᠲᠣᠭᠤ᠁》 ᠭᠡᠬᠦ ᠰᠣᠭᠲᠣᠭᠤ ᠰᠢᠪᠠᠭᠤ ᠳᠣᠩᠭᠣᠳᠬᠤ ᠳᠠᠭᠤ ᠲᠡᠭᠦᠨ ᠢ᠋ ᠱᠣᠣᠯᠠᠵᠤ ᠪᠠᠢᠭᠠ ᠰᠢᠭ᠋ ᠰᠣᠨᠣᠰᠳᠠᠨᠠ᠃ ᠡᠨᠡ ᠤᠯᠠᠭᠠᠨ ᠬᠦᠵᠦᠭᠦᠲᠦ ᠠᠯᠠᠭ ᠰᠢᠪᠠᠭᠤ ᠪᠠᠰᠠ ᠨᠠᠮᠠᠶ᠋ᠢ《ᠢᠴᠢᠬᠦ ᠦᠭᠡᠢ! ᠰᠣᠭᠲᠣᠭᠤ ᠡᠷᠡ᠂ ᠢᠴᠢᠬᠦ ᠦᠭᠡᠢ᠂ ᠢᠴᠢᠬᠦ ᠦᠭᠡᠢ ᠠ᠋! ᠰᠣᠭᠲᠣᠭᠤ ᠡᠷᠡ》 ᠭᠡᠵᠦ ᠱᠣᠣᠯᠠᠵᠤ ᠪᠠᠢᠨᠠ ᠤᠤ ᠳᠠ! ᠪᠢ ᠴᠢᠨᠢ ᠨᠡᠭᠡᠷᠡᠨ ᠬᠦᠩ ᠨᠣᠶᠠᠨ ᠤ᠋ ᠠᠮᠢᠨ ᠵᠣᠯᠢᠭ ᠲᠤ ᠭᠠᠷᠴᠤ ᠡᠨᠡ ᠭᠦᠨ ᠠᠭᠤᠯᠠᠨ ᠳ᠋ᠤ᠌ ᠰᠣᠭᠲᠣᠭᠤ ᠢᠷᠡᠭᠰᠡᠨ《ᠭᠡᠢᠴᠢᠨ》 ᠮᠥᠨ᠃ ᠡᠨᠡ ᠠᠭᠤᠯᠠ ᠶ᠋ᠢᠨ ᠤᠯᠠᠭᠠᠨ ᠬᠦᠵᠦᠭᠦᠲᠦ ᠠᠯᠠᠭ ᠰᠢᠪᠠᠭᠤ ᠮᠢᠨᠦ ᠰᠣᠭᠲᠣᠭᠤ ᠢᠷᠡᠭᠰᠡᠨ ᠢ᠋ ᠮᠡᠳᠡᠵᠦ ᠶᠠᠪᠤᠨ ᠰᠠᠭᠤᠨ ᠱᠣᠤᠯᠳᠠᠭ ᠨᠢ ᠨᠢᠭᠡ ᠤᠴᠢᠷᠲᠠᠢ ᠳᠠ᠃ ᠪᠢ ᠴᠢᠨᠢ ᠣᠳᠣ ᠬᠦᠷᠲᠡᠯᠡ ᠪᠡᠨ ᠰᠣᠭᠲᠣᠭᠤ ᠪᠠᠢᠭᠠ ᠤᠤ? ᠶᠠᠭᠤᠨ ᠳ᠋ᠤᠨᠢ ᠲᠡᠭᠡᠵᠦ ᠰᠤᠭᠲᠤᠭᠤᠷᠠᠠᠭᠳ ᠬᠠᠷᠠᠩᠭᠤᠢ ᠰᠥᠨᠢ ᠪᠡᠷ ᠬᠠᠳᠠᠨ ᠳᠡᠭᠡᠷᠡ ᠰᠢᠪᠠᠭᠤ ᠰᠢᠭ᠋ ᠱᠣᠪᠣᠢᠵᠤ ᠰᠠᠭᠤᠭᠠᠳ ᠮᠡᠯᠡᠷᠡᠵᠦ ᠪᠠᠢᠨᠠ ᠤᠤ⁈ ᠭᠡᠵᠦ ᠪᠡᠶᠡ ᠡᠴᠡ ᠪᠡᠨ ᠠᠰᠠᠭᠤᠵᠤ ᠦᠵᠡᠯᠡ᠃
ᠲᠡᠭᠡᠬᠦ ᠳ᠋ᠦ᠍《ᠡᠨᠡ ᠰᠠᠢᠬᠠᠨ ᠠᠭᠤᠯᠠᠨ ᠤ᠋ ᠦᠵᠡᠮᠵᠢ ᠳ᠋ᠦ᠍ ᠰᠣᠭᠲᠣᠭᠤᠷᠠᠭᠰᠠᠨ ᠪᠠᠢᠯᠭᠦᠢ! ᠠ᠂ ᠪᠢᠰᠢ! ᠱᠠᠯᠳᠠᠩ ᠪᠦᠰᠡᠭᠦᠢ ᠳ᠋ᠦ᠍ ᠰᠦᠨᠡᠰᠦ ᠨᠢ ᠰᠣᠭᠲᠣᠭᠤᠷᠠᠭᠰᠠᠨ ᠪᠠᠢᠬᠤ ᠴᠢᠷᠠᠢ! ᠵᠠ᠂ ᠮᠡᠳᠡᠬᠦ ᠦᠭᠡᠢ ᠳᠡ!》 ᠭᠡᠬᠦ ᠰᠢᠭ ᠬᠠᠷᠢᠭᠤᠯᠲᠠ ᠣᠯᠵᠤ ᠰᠣᠭᠲᠣᠭᠤ ᠰᠢᠪᠠᠭᠤᠨ ᠤ᠋ ᠲᠠᠰᠤᠷᠠᠭᠠ ᠦᠭᠡᠢ《ᠰᠣᠭᠲᠣᠭᠤ᠂ ᠰᠣᠭᠲᠣᠭᠤ》 ᠭᠡᠵᠦ ᠤᠶᠠᠩᠭᠠᠯᠠᠨ ᠳᠣᠩᠭᠣᠳᠬᠤ ᠶ᠋ᠢ ᠴᠢᠩᠨᠠᠭᠰᠠᠭᠠᠷ ᠡᠴᠦᠰ ᠲᠡᠭᠡᠨ ᠵᠣᠷᠢᠭ ᠣᠷᠣᠵᠤ᠂ ᠬᠠᠳᠠᠨ ᠬᠣᠩᠭᠢᠯ ᠤᠷᠤᠭᠤ ᠮᠠᠴᠤᠪᠠ᠃
ᠲᠡᠷᠡ ᠱᠠᠯᠳᠠᠩ ᠪᠦᠰᠡᠭᠦᠢ ᠥᠴᠥᠭᠡᠳᠦᠷ ᠰᠥᠨᠢ ᠬᠠᠳᠠᠨ ᠬᠣᠩᠭᠢᠯ ᠳ᠋ᠠᠭᠠᠨ ᠢᠷᠡᠬᠦ ᠳ᠋ᠦ᠍ ᠲᠡᠭᠦᠨ ᠦ᠌ ᠣᠷᠣᠨ ᠳᠡᠭᠡᠷᠡ ᠨᠢᠭᠡ ᠡᠷᠡ ᠠᠮᠤᠭᠤᠯᠠᠩ ᠤᠨᠲᠠᠵᠤ ᠪᠠᠢᠭᠰᠠᠨ ᠢ᠋ ᠬᠠᠷᠠᠭᠠᠳ ᠰᠢᠷᠠ ᠬᠣᠷᠭᠣᠢ ᠵᠣᠭᠣᠰᠤᠨ ᠬᠡ ᠲᠡᠢ ᠲᠡᠷᠯᠢᠭ ᠨᠥᠮᠥᠷᠦᠭᠰᠡᠨ ᠦ᠌ ᠳᠡᠭᠡᠷᠡ ᠪᠠᠰᠠ ᠱ᠌ᠢᠷᠦᠨ ᠵᠢᠩᠰᠡᠲᠦ ᠮᠠᠯᠠᠭᠠᠢ ᠲᠠᠢ ᠪᠣᠯᠬᠣᠷ ᠬᠦᠩ ᠨᠣᠶᠠᠨ ᠭᠡᠵᠦ ᠠᠨᠳᠠᠭᠤᠷᠠᠨ ᠠᠶᠤᠬᠤ ᠳ᠋ᠠᠭᠠᠨ ᠳᠤᠲᠠᠭᠠᠵᠤ ᠶᠠᠪᠤᠭᠠᠳ ᠠᠭᠠᠷᠤ ᠮᠣᠳᠣᠨ ᠤ᠋ ᠨᠥᠮᠥᠷᠢ ᠳ᠋ᠦ᠍ ᠦᠦᠷ ᠴᠠᠢᠯᠭᠠᠪᠠ᠃
ᠡᠨᠡ ᠴᠣᠬᠣᠮ ᠶᠠᠭᠤᠨ ᠤ᠋ ᠬᠥᠮᠦᠨ ᠪᠣᠯᠪᠠ? ᠭᠡᠵᠦ ᠲᠡᠭᠦᠨ ᠢ᠋ ᠳᠠᠯᠳᠠᠬᠠᠨ ᠭᠡᠲᠡᠵᠦ ᠭᠣᠩᠴᠤᠭ ᠮᠥᠨ ᠪᠠᠢᠨᠠ ᠭᠡᠰᠡᠨ ᠢ᠋ ᠲᠠᠨᠢᠵᠤ ᠨᠠᠷᠠ ᠤᠨᠠᠬᠤ ᠠ᠋ᠴᠠ ᠡᠮᠦᠨᠡ ᠬᠣᠩᠭᠢᠯ ᠳ᠋ᠠᠭᠠᠨ ᠢᠷᠡᠵᠦ ᠲᠡᠭᠦᠨ ᠦ᠌ ᠢᠷᠡᠬᠦ ᠶ᠋ᠢ ᠬᠦᠯᠢᠶᠡᠵᠦ ᠬᠡᠪᠲᠡᠯᠡ᠁
ᠭᠣᠩᠴᠤᠭᠷᠠᠬᠤᠠ ᠴᠣᠬᠣᠮ ᠬᠠᠮᠢᠭᠠ ᠠ᠋ᠴᠠ ᠲᠡᠢᠮᠦ ᠶᠡᠬᠡ ᠵᠣᠷᠢᠭ ᠣᠷᠣᠭᠰᠠᠨ ᠢ᠋ ᠪᠦᠦ ᠮᠡᠳᠡ ᠬᠡᠲᠡ ᠴᠠᠬᠢᠭᠤᠷ ᠬᠠᠪᠢᠷᠤᠨ ᠭᠠᠯ ᠠᠢᠯᠠᠭᠤᠯᠵᠤ ᠠᠭᠠᠷᠤ ᠮᠥᠴᠢᠷ ᠠᠰᠠᠭᠠᠨ ᠬᠠᠳᠠᠨ ᠬᠣᠩᠭᠢᠯ ᠤᠷᠤᠭᠤ ᠳᠥᠭᠥᠪᠡ᠃ ᠲᠡᠷᠡ ᠳᠣᠲᠣᠷᠠ ᠪᠠᠨ ᠬᠣᠩᠭᠢᠯ ᠳᠣᠲᠣᠷᠠ ᠠᠪᠤᠷᠭᠤ ᠮᠣᠭᠠᠢ ᠣᠷᠢᠶᠠᠯᠳᠤᠵᠤ ᠬᠡᠪᠲᠡᠭᠡ ᠤᠤ? ᠦᠭᠡᠢ ᠪᠣᠯ ᠱᠠᠯᠳᠠᠩ ᠪᠦᠰᠡᠭᠦᠢ ᠤᠤ? ᠪᠢᠰᠢ ᠬᠠᠷᠢᠨ ᠠᠶᠤᠮᠰᠢᠭᠲᠠᠢ ᠠᠯᠮᠠᠰ ᠤ᠋ᠨ ᠣᠷᠣᠩᠭᠠ ᠤᠤ? ᠭᠡᠵᠦ ᠵᠦᠢᠯ ᠢ᠋ᠶ᠋ᠡᠷ ᠵᠦᠢᠴᠢᠯᠡᠨ ᠪᠣᠳᠣᠵᠤ᠂ ᠠᠪᠤᠷᠭᠤ ᠮᠣᠭᠠᠢ ᠣᠷᠢᠶᠠᠯᠳᠤᠨ ᠬᠡᠪᠲᠡᠵᠦ ᠪᠠᠢᠪᠠᠯ ᠪᠤᠰᠢᠭᠤᠬᠠᠨ ᠳᠤᠲᠠᠭᠠᠬᠤ ᠠ᠋ᠴᠠ ᠳᠠ᠃ ᠬᠠᠷᠢᠨ ᠱᠠᠯᠳᠠᠩ ᠪᠦᠰᠡᠭᠦᠢ ᠪᠣᠯ ᠣᠢᠷᠠᠳᠴᠤ ᠦᠵᠡᠬᠦ ᠶᠤᠮᠰᠠᠨ᠃ ᠴᠣᠬᠣᠮ ᠶᠠᠭᠠᠬᠢᠳᠠᠭ ᠪᠣᠢ ᠳᠠ⁈ ᠠᠯᠮᠠᠰ ᠪᠣᠯ ᠠᠰᠠᠭᠠᠭᠰᠠᠨ ᠭᠠᠯ ᠤ᠋ᠨ ᠳᠥᠯᠥ ᠪᠡᠷ ᠴᠢᠳᠬᠥᠷ ᠢ᠋ ᠠᠶᠤᠯᠭᠠᠵᠤ᠂ ᠥᠪᠡᠷ ᠢ᠋ ᠨᠢ ᠥᠮᠥᠭᠯᠡᠬᠦ ᠪᠠᠲᠤᠲᠠᠢ ᠲᠦᠰᠢᠭ ᠪᠣᠯᠤᠨᠠ! ᠭᠡᠵᠦ ᠪᠡᠶᠡ ᠳ᠋ᠡᠭᠡᠨ ᠵᠣᠷᠢᠭ ᠣᠷᠣᠭᠤᠯᠤᠨ᠂ ᠬᠠᠳᠠᠨ ᠬᠣᠩᠭᠢᠯ ᠤ᠋ᠨ ᠰᠡᠵᠢᠭᠦᠷ ᠢ᠋ ᠳᠠᠪᠠᠵᠤ ᠱᠠᠭᠠᠢᠪᠠᠯ ᠥᠨᠥᠬᠢ ᠱᠠᠯᠳᠠᠩ ᠪᠦᠰᠡᠭᠦᠢ ᠲᠡᠷᠡ ᠬᠡᠪ ᠢ᠋ᠶ᠋ᠡᠷ ᠢ᠋ᠶ᠋ᠡᠨ ᠰᠤᠯᠳᠠᠢᠨ ᠬᠡᠪᠲᠡᠬᠦ ᠨᠢ ᠬᠠᠷᠠᠭᠳᠠᠪᠠ᠃ ᠲᠡᠷᠡ ᠱᠠᠯᠳᠠᠩ ᠪᠦᠰᠡᠭᠦᠢ ᠶ᠋ᠢᠨ ᠤᠷᠲᠤ ᠬᠠᠷᠠ ᠭᠡᠵᠢᠭᠡ ᠨᠢ ᠲᠠᠯᠠ ᠪᠡᠶᠡ ᠶ᠋ᠢ ᠨᠢ ᠬᠤᠴᠢᠵᠤ ᠰᠠᠯᠲᠠᠭᠠ ᠤᠷᠤᠭᠤ ᠨᠢ ᠰᠠᠳᠠᠷᠠᠨ ᠤᠷᠤᠰᠤᠭᠰᠠᠨ ᠪᠠᠢᠪᠠ᠃
ᠰᠠᠷᠠᠨ ᠤ᠋ ᠴᠡᠭᠡᠭᠬᠡᠨ ᠲᠤᠶᠠᠭᠠᠨ ᠳ᠋ᠤ᠌ ᠲᠡᠷᠡ ᠪᠦᠰᠡᠭᠦᠢ ᠶ᠋ᠢᠨ ᠴᠢᠷᠠᠢ ᠰᠠᠷᠠᠨ ᠳᠠᠭᠢᠨᠢ ᠭᠡᠮᠡᠷ ᠶᠠᠭᠠᠬᠢᠭᠰᠠᠨ ᠭᠣᠶᠣ ᠬᠠᠷᠠᠭᠳᠠᠬᠤ ᠨᠢ ᠪᠣᠢ᠂ ᠭᠣᠩᠴᠤᠭᠷᠠᠬᠤᠠ ᠲᠡᠷᠡ ᠱᠠᠯᠳᠠᠩ ᠪᠦᠰᠡᠭᠦᠢ ᠶ᠋ᠢᠨ ᠴᠢᠷᠠᠢᠯᠠᠭ ᠵᠢᠰᠦ᠂ ᠭᠠᠯᠪᠢᠷ ᠰᠠᠢᠬᠠᠨ ᠪᠡᠶᠡ ᠲᠥᠷᠬᠦ ᠶ᠋ᠢ ᠬᠠᠷᠠᠭᠠᠳ ᠮᠡᠯᠡᠷᠡᠵᠦ᠂ ᠶᠠᠮᠠᠷ ᠭᠣᠶᠣ ᠪᠦᠰᠡᠭᠦᠢ ᠡᠨᠡ ᠬᠣᠩᠭᠢᠯ ᠳ᠋ᠤ᠌ ᠭᠠᠭᠴᠠᠭᠠᠷ ᠢ᠋ᠶ᠋ᠠᠨ ᠶᠠᠭᠤ ᠭᠡᠵᠦ ᠱᠠᠯᠳᠠᠩ ᠬᠡᠪᠲᠡᠭᠡ ᠪᠣᠢ? ᠬᠡᠨ ᠢ᠋ ᠬᠦᠯᠢᠶᠡᠵᠦ ᠪᠠᠢᠭᠠ ᠶᠤᠮ? ᠡᠨᠡ ᠴᠢᠨᠢ ᠬᠥᠮᠦᠨ ᠪᠠᠢᠨᠠ᠃ ᠠᠪᠤᠷᠭᠤ ᠮᠣᠭᠠᠢ ᠴᠤ᠌ ᠪᠢᠰᠢ᠂ ᠠᠯᠮᠠᠰ ᠴᠤ᠌ ᠪᠢᠰᠢ ᠪᠠᠢᠨᠠ ᠭᠡᠵᠦ ᠪᠣᠳᠣᠬᠤ ᠳ᠋ᠤ᠌ ᠲᠡᠷᠡ ᠬᠦ᠌ ᠠᠢᠩᠭᠤᠷᠢᠲᠠᠢ ᠪᠣᠳᠣᠯ ᠢ᠋ᠶ᠋ᠠᠨ ᠦᠯᠳᠡᠵᠦ᠂ ᠲᠡᠷᠡ ᠭᠣᠶᠣ ᠪᠦᠰᠡᠭᠦᠢ ᠳᠡᠭᠡᠷᠡ ᠬᠠᠪᠢᠳᠠᠵᠤ ᠣᠴᠢᠬᠤ ᠭᠣᠷᠢ ᠬᠥᠳᠡᠯᠪᠡ᠃ ᠲᠡᠭᠡᠪᠡᠴᠦ ᠳᠠᠪ ᠬᠢᠨ ᠬᠦᠷᠦᠭᠡᠳ ᠣᠴᠢᠵᠤ ᠪᠣᠯᠬᠤ ᠦᠭᠡᠢ᠂ ᠲᠡᠭᠡᠪᠡᠯ ᠰᠣᠴᠢᠭᠠᠴᠢᠬᠠᠵᠤ ᠮᠠᠭᠠᠳ ᠦᠭᠡᠢ ᠭᠡᠳ《ᠲᠠ ᠶᠠᠭᠤᠨ ᠤ᠋ ᠬᠥᠮᠦᠨ? ᠬᠡᠨ ᠭᠡᠳᠡᠭ ᠪᠣᠢ?᠂ ᠡᠨᠳᠡ᠁》 ᠭᠡᠵᠦ ᠠᠰᠠᠭᠤᠶᠠ ᠭᠡᠵᠦ ᠵᠣᠷᠢᠭᠯᠠᠲᠠᠯᠠ ᠴᠠᠭᠠᠳᠤ ᠱᠠᠯᠳᠠᠩ ᠪᠦᠰᠡᠭᠦᠢ᠄
— ᠭᠣᠩᠴᠤᠭᠷᠠᠬᠤᠠ ᠠ᠋! ᠨᠠᠭᠠᠰᠢ ᠪᠠᠨ ᠬᠤᠷᠳᠤᠨ ᠢᠷᠡ! ᠪᠢ ᠪᠠᠢᠨᠠ ᠭᠡᠰᠡᠨ ᠳ᠋ᠦ᠍ ᠭᠣᠩᠴᠤᠭᠷᠠᠬᠤᠠ ᠰᠣᠴᠢᠵᠤ ᠠᠶᠤᠬᠤ ᠳ᠋ᠠᠭᠠᠨ ᠬᠠᠳᠠᠨ ᠳᠡᠭᠲᠡᠷ ᠡᠴᠡ ᠠᠷᠠᠢ ᠯᠠ ᠤᠨᠠᠴᠢᠬᠠᠭᠰᠠᠨ ᠦᠭᠡᠢ᠃
ᠡᠨᠡ ᠱᠠᠯᠳᠠᠩ ᠪᠦᠰᠡᠭᠦᠢ ᠶᠠᠭᠠᠬᠢᠭᠠᠳ ᠨᠠᠮᠠᠶ᠋ᠢ ᠲᠠᠨᠢᠳᠠᠭ ᠪᠢᠯᠡ? ᠪᠤᠷᠬᠠᠨ ᠤᠤ? ᠴᠢᠳᠬᠥᠷ ᠤᠤ? ᠭᠡᠵᠦ ᠭᠣᠩᠴᠤᠭᠷᠠᠬᠤᠠ ᠪᠠᠯᠠᠭ ᠠᠯᠳᠠᠭᠰᠠᠨ ᠢ᠋ ᠱᠠᠯᠳᠠᠩ ᠪᠦᠰᠡᠭᠦᠢ ᠬᠠᠷᠠᠭᠠᠳ᠄
— ᠨᠠᠮᠠᠶ᠋ᠢ ᠲᠠᠨᠢᠬᠤ ᠦᠭᠡᠢ ᠪᠠᠢᠨᠠ ᠤᠤ? ᠪᠢ ᠨᠣᠮᠢᠨ ᠪᠠᠢᠨᠠ ᠭᠡᠵᠡᠢ᠃
— ᠨᠣᠮᠢᠨ⁈
— ᠮᠥᠨ᠂ ᠪᠢ ᠨᠣᠮᠢᠨ ᠪᠠᠢᠨᠠ ᠭᠡᠳ ᠥᠨᠳᠡᠢᠨ ᠪᠣᠰᠪᠠ᠃
ᠨᠣᠮᠢᠨ⁈ ᠭᠡᠬᠦ ᠳ᠋ᠦ᠍ᠨᠢ ᠰᠡᠵᠢᠭ ᠲᠥᠷᠥᠨ᠂ ᠨᠣᠮᠢᠨ ᠤ᠋ ᠨᠢᠭᠤᠷ ᠴᠢᠷᠠᠢ ᠨᠢ ᠰᠢᠳᠡᠵᠦ ᠮᠠᠭᠤᠬᠠᠢ ᠰᠣᠷᠪᠢ ᠲᠣᠭᠲᠠᠭᠤᠨ ᠤᠤᠯ ᠵᠢᠰᠦ ᠲᠥᠷᠬᠦ ᠨᠢ ᠡᠪᠳᠡᠷᠡᠵᠦ᠂ ᠭᠠᠯᠵᠠᠭᠤ ᠰᠣᠯᠢᠶᠠᠲᠠᠢ ᠬᠥᠮᠦᠨ ᠪᠣᠯᠴᠢᠬᠠᠭᠰᠠᠨ ᠶᠤᠮ ᠴᠢᠨᠢ᠁ ᠶᠠᠭᠠᠬᠢᠭᠠᠳ ᠣᠳᠣ ᠰᠠᠷᠠ ᠳᠠᠭᠢᠨᠢ ᠰᠢᠭ᠋ ᠰᠠᠢᠬᠠᠨ ᠪᠣᠯᠴᠢᠬᠠᠭᠠᠳ ᠱᠠᠯᠳᠠᠩ ᠨᠢᠴᠦᠭᠦᠨ ᠬᠡᠪᠲᠡᠵᠦ ᠪᠠᠢᠳᠠᠭ ᠪᠢᠯᠡ? ᠪᠢᠰᠢ! ᠪᠢᠰᠢ ᠠ᠋ ᠭᠡᠬᠦ ᠳ᠋ᠦ᠍ ᠥᠪᠡᠷ ᠢ᠋ ᠨᠢ ᠨᠡᠷᠡ ᠪᠡᠷ ᠨᠢ ᠳᠠᠭᠤᠳᠠᠭᠰᠠᠨ ᠳᠠᠭᠤ ᠨᠢ ᠶᠠᠭ ᠨᠣᠮᠢᠨ ᠤ᠋ ᠳᠠᠭᠤ ᠮᠥᠨ ᠭᠡᠵᠦ ᠪᠡᠶᠡ ᠪᠡᠨ ᠢᠳᠡᠭᠡ ᠶᠠᠳᠠᠨ ᠡᠷᠡᠭᠡᠯᠵᠡᠵᠦ ᠪᠠᠢᠲᠠᠯᠠ ᠴᠠᠭᠠᠳᠤ ᠱᠠᠯᠳᠠᠩ ᠪᠦᠰᠡᠭᠦᠢ᠄
— ᠭᠣᠩᠴᠤᠭ ᠠ᠋! ᠴᠢ ᠦᠨᠡᠬᠡᠷ ᠨᠠᠮᠠᠶ᠋ᠢ ᠲᠠᠨᠢᠬᠤ ᠪᠠᠨ ᠪᠣᠯᠢᠭᠰᠠᠨ ᠤᠤ? ᠭᠡᠵᠦ ᠳᠠᠬᠢᠨ ᠠᠰᠠᠭᠤᠨᠠ᠃
ᠭᠣᠩᠴᠤᠭᠷᠠᠬᠤᠠ ᠶᠠᠭᠤ ᠬᠡᠯᠡᠬᠦ ᠪᠡᠨ ᠣᠯᠬᠤ ᠦᠭᠡᠢ ᠮᠡᠯᠡᠷᠡᠨᠡ᠃
— ᠴᠢ ᠦᠨᠡᠬᠡᠷ ᠨᠠᠮᠠᠶ᠋ᠢ ᠲᠠᠨᠢᠬᠤ ᠦᠭᠡᠢ ᠪᠠᠢᠨᠠ ᠤᠤ? ᠴᠢᠳᠬᠥᠷ ᠰᠢᠮᠨᠤᠰ ᠭᠡᠵᠦ ᠠᠶᠤᠵᠤ ᠪᠠᠢᠨᠠ ᠤᠤ? ᠭᠡᠳ ᠲᠡᠷᠡ ᠱᠠᠯᠳᠠᠩ ᠪᠦᠰᠡᠭᠦᠢ ᠶ᠋ᠢᠨ ᠴᠡᠭᠡᠵᠢᠨ ᠪᠡᠶᠡ ᠨᠢ ᠭᠦᠳᠦᠯᠵᠡᠨ ᠳᠡᠭᠡᠷᠡ ᠳᠡᠭᠡᠷᠡ ᠰᠦᠢᠯᠬᠢᠯᠡᠬᠦ ᠰᠢᠭ ᠪᠣᠯᠪᠠ᠃ ᠲᠡᠷᠡ ᠠᠭᠤᠯᠵᠠᠭᠠ ᠦᠭᠡᠢ ᠤᠳᠠᠭᠰᠠᠨ ᠭᠣᠩᠴᠤᠭᠷᠠᠬᠤᠠ ᠪᠠᠨ ᠱᠠᠯᠠᠪ ᠲᠡᠪᠡᠷᠢᠭᠡᠳ ᠠᠪᠴᠢᠬᠠᠶᠠ ᠭᠡᠵᠦ ᠰᠡᠳᠬᠢᠯ ᠨᠢ ᠳᠣᠭᠳᠣᠯᠪᠠᠴᠤ ᠲᠡᠪᠡᠷᠢᠬᠦ ᠭᠡᠳ ᠲᠡᠭᠦᠨ ᠢ᠋ ᠠᠶᠤᠯᠭᠠᠨ ᠰᠣᠴᠢᠭᠠᠬᠤ ᠠ᠋ᠴᠠ ᠡᠮᠢᠶᠡᠵᠦ ᠪᠡᠶᠡ ᠪᠡᠨ ᠪᠠᠷᠢᠵᠤ ᠪᠠᠢᠯᠠ᠃
ᠭᠣᠩᠴᠤᠭᠷᠠᠬᠤᠠ ᠮᠥᠨ ᠭᠥᠯᠢᠷᠡᠭᠰᠡᠨ ᠬᠡᠪ ᠢ᠋ᠶ᠋ᠡᠷ ᠪᠠᠢᠯᠠ᠃
— ᠭᠣᠩᠴᠤᠭ ᠠ᠋! ᠴᠢ ᠦᠵᠡ ᠡᠨᠡ ᠶᠠᠭᠤ ᠪᠣᠢ? ᠭᠡᠳ ᠲᠡᠷᠡ ᠱᠠᠯᠳᠠᠩ ᠪᠦᠰᠡᠭᠦᠢ ᠬᠦᠵᠦᠭᠦᠨ ᠳ᠋ᠡᠭᠡᠨ ᠵᠡᠭᠦᠭᠰᠡᠨ ᠭᠣᠶᠣ ᠬᠡᠦᠬᠡᠨ ᠦ᠌ ᠲᠣᠯᠣᠭᠠᠢ ᠶ᠋ᠢᠨ ᠰᠡᠢᠯᠦᠮᠡᠯᠲᠦ ᠮᠣᠭᠠᠢ ᠶ᠋ᠢᠨ ᠬᠥᠷᠥᠭ① ᠲᠡᠢ ᠣᠭ᠌ᠶᠤ ᠠᠮᠢᠨᠳᠠᠢ ᠪᠠᠨ ᠲᠡᠭᠦᠨ ᠳ᠋ᠦ᠍ ᠦᠵᠡᠭᠦᠯᠪᠡ᠃
— ᠨᠣᠮᠢᠨ ᠠ᠋!
— ᠭᠣᠩᠴᠤᠭ ᠠ᠋! ᠭᠡᠵᠦ ᠬᠣᠶᠠᠭᠤᠯᠠ ᠨᠢᠭᠡ ᠬᠥᠭ ᠦ᠋ᠨ ᠠᠶᠠᠰ ᠲᠤ ᠬᠠᠢᠯᠵᠤ ᠲᠡᠪᠡᠷᠢᠯᠳᠦᠭᠡᠳ ᠨᠢᠭᠡ ᠴᠣᠭᠴᠠ ᠪᠣᠯᠤᠨ ᠠᠭᠤᠰᠪᠠ᠃
ᠲᠡᠷᠲᠡᠭᠡ ᠬᠥᠪᠴᠢ ᠣᠢ ᠠ᠋ᠴᠠ《ᠰᠣᠭᠲᠣᠭᠤ᠂ ᠰᠣᠭᠲᠣᠭᠤ》 ᠭᠡᠬᠦ ᠰᠣᠭᠲᠣᠭᠤ ᠰᠢᠪᠠᠭᠤᠨ ᠤ᠋ ᠤᠶᠠᠩᠭᠠᠯᠢᠭ ᠳᠠᠭᠤ ᠴᠢᠬᠢᠨ ᠳ᠋ᠦ᠍ ᠴᠢᠮᠡᠭ ᠪᠣᠯᠤᠨ ᠠᠶᠠᠲᠠᠢᠬᠠᠨ ᠰᠣᠨᠣᠰᠳᠠᠵᠤ ᠪᠠᠢᠯᠠ᠃ ᠲᠡᠷᠡ ᠨᠢ《ᠣᠳᠣ ᠲᠠ ᠬᠣᠶᠠᠷ ᠡᠪ ᠡᠪ ᠢ᠋ᠶ᠋ᠡᠨ ᠣᠯᠤᠯᠴᠠᠵᠤ ᠠᠵᠠ ᠵᠢᠷᠭᠠᠯᠲᠠᠢ ᠠᠮᠢᠳᠤᠷᠠᠨᠠ ᠳᠠ!》 ᠭᠡᠵᠦ ᠬᠡᠯᠡᠭᠡᠳ ᠪᠠᠢᠬᠤ ᠰᠢᠭ᠋ ᠠᠵᠢ!
① ᠣᠭ᠌ᠶᠤ ᠴᠢᠯᠠᠭᠤ ᠪᠠᠷ ᠭᠣᠶᠣ ᠬᠡᠦᠬᠡᠨ ᠦ᠌ ᠲᠣᠯᠣᠭᠠᠢ ᠶ᠋ᠢ ᠰᠡᠢᠯᠵᠦ᠂ ᠤᠷᠲᠤ ᠭᠡᠵᠢᠭᠡ ᠨᠢ ᠣᠷᠢᠶᠠᠯᠳᠤᠭᠰᠠᠨ ᠮᠣᠭᠠᠢ ᠰᠢᠭ᠋ ᠲᠥᠯᠥᠪᠲᠡᠢ ᠠᠮᠢᠨᠳᠠᠢ᠃ ᠨᠣᠮᠢᠨ ᠮᠣᠭᠠᠢ ᠵᠢᠯ ᠲᠡᠢ ᠪᠣᠯᠬᠣᠷ ᠭᠣᠩᠴᠤᠭ ᠲᠡᠭᠦᠨ ᠳ᠋ᠦ᠍ ᠲᠤᠰᠬᠠᠢ ᠪᠡᠯᠡᠭᠯᠡᠭᠰᠡᠨ ᠦᠨᠡᠲᠦ ᠪᠡᠯᠡᠭ ᠪᠣᠯᠤᠨᠠ᠃
ᠦᠰᠦᠭ ᠠᠮᠢᠯᠠᠭᠤᠯᠤᠭᠴᠢ᠄ ᠪᠠᠭᠠᠲᠤᠷ