ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠨᠠᠢ᠍ᠮᠠ> Хан мунын сүүрс < дээд > – Мөнх зохиоов ᠂ Дэд бодь – Гуравдугаар бүлэг <8> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠨᠠᠢ᠍ᠮᠠ> Хан мунын сүүрс < дээд > – Мөнх зохиоов ᠂ Дэд бодь – Гуравдугаар бүлэг <8>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠨᠠᠢ᠍ᠮᠠ> Хан мунын сүүрс < дээд > – Мөнх зохиоов ᠂ Дэд бодь – Гуравдугаар бүлэг <8>

ᠠᠩᠭᠢᠯᠠᠯ:ᠲᠤᠭᠤᠵᠢ ᠷᠣᠮᠠᠨ
2024-10-29

389

ᠳᠡᠳ᠋ ᠪᠣᠲᠢ – ᠭᠤᠷᠪᠠᠳᠤᠭᠠᠷ ᠪᠦᠯᠦᠭ <ᠨᠠᠢ᠍ᠮᠠ>


               ᠨᠠᠢ᠍ᠮᠠ   

       ᠭᠣᠩᠴᠣᠭᠷᠠᠬᠤ᠎ᠠ ᠶᠠᠮᠠᠷ ᠴᠤ᠌ ᠬᠣᠯᠢᠶ᠎ᠠ ᠦᠭᠡᠢ ᠴᠡᠪᠡᠷ ᠰᠣᠳᠣᠯᠢᠭ ᠡᠮ᠎ᠡ ᠬᠥᠮᠦᠨ ᠦ᠌ ᠦᠨᠦᠷ ᠲᠦ᠍ ᠰᠣᠭᠲᠣᠭᠤᠷᠠᠵᠤ᠂ ᠬᠠᠳᠠᠨ ᠬᠣᠩᠭᠢᠯ ᠥᠩᠭᠡᠢᠭᠰᠡᠨ ᠪᠥᠬᠡᠬᠡᠨ ᠰᠠᠷᠠᠨ ᠤ᠋ ᠭᠡᠷᠡᠯ ᠳ᠋ᠦ᠍ ᠲᠤᠨᠤᠷᠠᠵᠤ ᠬᠠᠷᠠᠭᠳᠠᠬᠤ ᠨᠣᠮᠢᠨ ᠤ᠋ ᠬᠥᠭᠡᠷᠦᠬᠦᠨ ᠨᠢᠳᠦ ᠬᠥᠮᠥᠰᠬᠡ᠂ ᠬᠠᠴᠠᠷ ᠤᠷᠤᠭᠤᠯ ᠠ᠋ᠴᠠ ᠠᠪᠤᠭᠠᠳ ᠬᠦᠵᠦᠭᠦᠦ ᠬᠦᠢᠰᠦ᠂ ᠬᠥᠬᠥ ᠪᠡᠯᠬᠡᠭᠦᠰᠦ ᠬᠦᠷᠲᠡᠯ᠎ᠡ ᠦᠨᠦᠰᠴᠦ᠂ ᠪᠡᠶ᠎ᠡ ᠪᠡᠷ ᠨᠢ ᠰᠢᠷᠭᠠᠯᠲᠤᠨ ᠬᠠᠯᠢᠭᠤᠷᠠᠭᠰᠠᠨ ᠤᠨᠠᠭᠠᠨ ᠦᠰᠦ ᠶ᠋ᠢ ᠢᠯᠪᠢᠵᠦ᠄ 
       — ᠨᠣᠮᠢᠨ ᠠ᠋᠂ ᠥᠨᠥ ᠨᠢᠭᠤᠷ ᠤ᠋ᠨ ᠴᠢᠨᠢ ᠰᠢᠲᠠᠭᠰᠠᠨ ᠰᠣᠷᠪᠢ ᠶᠠᠭᠠᠬᠢᠭᠠᠳ ᠰᠡᠪ ᠦᠭᠡᠢ ᠰᠠᠢᠬᠠᠨ ᠡᠳᠡᠭᠡᠷᠡᠵᠦ ᠤᠤᠯ ᠤ᠋ᠨ ᠢ᠋ᠶ᠋ᠠᠨ ᠲᠥᠷᠥᠯᠬᠢ ᠵᠢᠰᠦ ᠲᠥᠯᠥᠪ ᠡᠴᠡ ᠪᠡᠨ ᠤᠯᠠᠮ ᠴᠤ᠌ ᠭᠣᠶᠣ ᠪᠣᠯᠤᠭ᠎ᠠ ᠪᠣᠢ? ᠭᠡᠵᠦ ᠠᠰᠠᠭᠤᠪᠠ᠃ 
       — ᠲᠡᠢᠮᠦ ᠭᠡᠵᠦ ᠤᠤ? 
       — ᠲᠡᠢᠮᠦ ᠠ᠋! 
       — ᠴᠢ ᠨᠠᠮᠠᠶ᠋ᠢ ᠤᠳᠠᠭᠠᠨ ᠦᠵᠡᠭᠰᠡᠨ ᠦᠭᠡᠢ ᠪᠣᠯᠬᠣᠷ ᠴᠢᠮ᠎ᠠ ᠳ᠋ᠤ᠌ ᠰᠠᠢᠬᠠᠨ ᠬᠠᠷᠠᠭᠳᠠᠵᠤ ᠪᠣᠢ ᠯᠠ ᠦᠭᠡᠢ᠃ 
       — ᠲᠡᠷᠡ ᠴᠤ᠌ ᠲᠡᠢᠮᠦ ᠠ᠋᠂ ᠲᠡᠭᠡᠪᠡᠴᠦ᠁ ᠮᠢᠨᠦ ᠰᠡᠳᠬᠢᠯ ᠳ᠋ᠦ᠍ ᠠᠩᠬ᠎ᠠ ᠰᠡᠢᠯᠦᠭᠳᠡᠭᠰᠡᠨ ᠬᠡᠦᠬᠡᠨ ᠮᠥᠨ ᠭᠡᠵᠦ ᠢᠳᠡᠭᠡ ᠶᠠᠳᠠᠨ᠎ᠠ᠃ ᠴᠢᠷᠠᠢ ᠴᠢᠨᠢ ᠰᠢᠲᠠᠵᠤ ᠵᠢᠰᠦ ᠡᠪᠳᠡᠷᠡᠨ ᠰᠣᠷᠪᠢ ᠲᠣᠭᠲᠠᠭᠰᠠᠨ ᠲᠡᠷᠡ ᠨᠣᠮᠢᠨ ᠯᠠᠪ ᠪᠢᠰᠢ! ᠪᠢ ᠦᠨᠡᠬᠡᠷ ᠭᠠᠢᠬᠠᠨ᠎ᠠ᠃ ᠣᠭ᠌ᠶᠤ ᠠᠮᠢᠨᠳᠠᠢ ᠪᠠᠨ ᠵᠡᠭᠦᠭᠡ ᠦᠭᠡᠢ ᠪᠣᠯ ᠪᠢ ᠶᠠᠭᠠᠬᠢᠭᠰᠠᠨ ᠴᠤ᠌ ᠴᠢᠮ᠎ᠠ ᠶ᠋ᠢ ᠭᠡᠵᠦ ᠲᠠᠨᠢᠬᠤ ᠦᠭᠡᠢ᠃ 
       — ᠦᠨᠡᠬᠡᠷ ᠭᠣᠶᠣ ᠪᠣᠯᠴᠢᠬᠠᠵᠤ ᠤᠤ? 
       — ᠦᠨᠡᠬᠡᠷ ᠦᠨᠡᠭᠡᠷ! ᠲᠡᠭᠡᠪᠡᠴᠦ ᠡᠭᠦᠨ ᠦ᠌ ᠴᠠᠭᠠᠨ᠎ᠠ ᠨᠢ ᠣᠨᠢᠰᠣᠭ᠎ᠠ ᠪᠠᠢᠬᠤ ᠰᠢᠭ᠋ ᠰᠠᠨᠠᠭᠳᠠᠭᠠᠳ ᠪᠠᠢᠬᠤ ᠶᠤᠮ᠃ 
       — ᠁ 
       ᠨᠣᠮᠢᠨ ᠲᠡᠷᠲᠡᠭᠡ ᠣᠭᠲᠠᠷᠭᠤᠢ ᠶ᠋ᠢᠨ ᠲᠠᠩᠨᠠᠢ ᠳ᠋ᠤ᠌ ᠰᠦ ᠠᠰᠬᠠᠷᠠᠭᠤᠯᠤᠨ ᠬᠠᠨᠠᠷᠠᠭᠰᠠᠨ ᠰᠠᠷᠠᠨ ᠢ᠋ ᠰᠢᠷᠳᠡᠭᠡᠳ ᠨᠢᠳᠦᠨ ᠡᠴᠡ ᠨᠢ ᠨᠢᠯᠪᠤᠰᠤ ᠪᠥᠮᠪᠥᠷᠢᠯ᠎ᠡ᠁ 

       ᠤᠯᠠᠭᠠᠨ ᠬᠠᠲᠤᠨ ᠤ᠋ ᠪᠣᠭᠣᠳᠠᠭ ᠬᠠᠷᠠᠭᠰᠠᠨ ᠸᠠᠩ ᠰᠣᠬᠣᠷ ᠤ᠋ᠨ ᠬᠣᠶᠠᠷ ᠬᠠᠷ᠎ᠠ ᠴᠡᠷᠢᠭ ᠵᠢᠭᠠᠰᠤ ᠭᠥᠬᠢᠳᠡᠬᠦ ᠭᠡᠵᠦ ᠥᠭᠶᠥᠭᠡ ᠨᠠᠮᠢᠯᠵᠠᠭᠤᠯᠤᠨ《ᠴᠢ᠂ ᠪᠢ》 ᠭᠡᠵᠦ ᠭᠥᠬᠢ ᠪᠤᠯᠢᠶᠠᠯᠳᠤᠵᠤ ᠪᠠᠢᠲᠠᠯ᠎ᠠ ᠴᠠᠭᠠᠳᠤ ᠵᠠᠮ ᠢ᠋ᠶ᠋ᠠᠷ ᠨᠢᠭᠡ ᠤᠷᠠᠩᠬᠠᠢ ᠬᠤᠪᠴᠠᠰᠤ ᠲᠠᠢ ᠦᠰᠦ ᠭᠡᠵᠢᠭᠡ ᠨᠢ ᠰᠡᠭᠰᠡᠭᠡᠷ ᠪᠦᠰᠡᠭᠦᠢ ᠬᠠᠭᠵᠠᠷᠬᠠᠢ ᠮᠠᠬᠠᠢ ᠭᠤᠲᠤᠯ ᠴᠢᠷᠦᠭᠰᠡᠭᠡᠷ ᠪᠣᠭᠣᠳᠠᠭ ᠳᠠᠪᠠᠵᠤ ᠠᠢᠰᠤᠢ! ᠡᠩ ᠦ᠋ᠨ ᠴᠠᠭ ᠲᠤ ᠡᠮᠡᠰ ᠦ᠋ᠨ ᠪᠠᠷ᠎ᠠ ᠣᠯᠵᠤ ᠦᠵᠡᠳᠡᠭ ᠦᠭᠡᠢ ᠬᠠᠷ᠎ᠠ ᠴᠡᠷᠢᠭ ᠵᠢᠭᠠᠰᠤᠨ ᠤ᠋ ᠭᠥᠬᠢ ᠪᠡᠨ ᠪᠤᠯᠢᠶᠠᠯᠳᠤᠬᠤ ᠪᠠᠨ ᠪᠣᠯᠢᠵᠤ ᠰᠡᠭᠰᠡᠭᠡᠷ ᠭᠡᠵᠢᠭᠡ ᠲᠡᠢ ᠲᠡᠷᠡ ᠪᠦᠰᠡᠭᠦᠢ ᠶ᠋ᠢ ᠬᠠᠷᠠᠭᠠᠳ᠄
       — ᠢᠷ᠎ᠡ᠂ ᠢᠷ᠎ᠡ! ᠨᠠᠭᠠᠰᠢ ᠪᠠᠨ ᠢᠷ᠎ᠡ᠂ ᠮᠠᠢ! ᠵᠢᠭᠠᠰᠤ ᠥᠭᠭᠦᠶ᠎ᠡ ᠭᠡᠳ ᠬᠠᠲᠠᠩᠭᠢᠷ ᠲᠣᠯᠣᠭᠠᠢ ᠲᠠᠢ ᠴᠡᠷᠢᠭ ᠭᠥᠬᠢᠳᠡᠭᠰᠡᠨ ᠵᠢᠭᠠᠰᠤᠨ ᠠ᠋ᠴᠠ ᠪᠠᠨ ᠨᠢᠭᠡ ᠶ᠋ᠢ ᠳᠡᠭᠦᠵᠢᠯᠡᠨ ᠲᠡᠭᠦᠨ ᠵᠦᠭ ᠳᠠᠯᠠᠯᠪᠠ᠃ ᠲᠡᠷᠡ ᠰᠡᠭᠰᠡᠭᠡᠷ ᠭᠡᠵᠢᠭᠡ ᠲᠡᠢ ᠪᠦᠰᠡᠭᠦᠢ ᠵᠢᠭᠠᠰᠤ ᠱᠣᠬᠤᠭᠤᠷᠠᠬᠠᠭᠰᠠᠨ ᠳ᠋ᠠᠭᠠᠨ ᠵᠠᠮ ᠠ᠋ᠴᠠ ᠪᠠᠨ ᠭᠠᠷᠴᠤ ᠱᠠᠯᠴᠢᠭ ᠪᠠᠯᠴᠢᠭ ᠢ᠋ ᠴᠤ᠌ ᠬᠠᠢᠬᠤᠷᠤᠯ ᠦᠭᠡᠢ ᠦᠢᠮᠡᠵᠦ ᠲᠡᠷᠡ ᠬᠣᠶᠠᠷ ᠬᠠᠷ᠎ᠠ ᠴᠡᠷᠢᠭ ᠦ᠋ᠨ ᠬᠠᠵᠠᠭᠤ ᠳ᠋ᠤ᠌ ᠣᠴᠢᠪᠠ᠃ 
       ᠡᠪᠦᠭᠡᠵᠢᠶᠡᠷ ᠰᠢᠭ ᠨᠢ ᠡᠨᠡ ᠬᠦ᠌ ᠰᠢᠲᠠᠩᠬᠠᠢ ᠴᠢᠷᠠᠢ᠂ ᠥᠮᠥᠳᠥ ᠴᠤ᠌ ᠦᠭᠡᠢ ᠱᠠᠯᠳᠠᠩ᠂ ᠲᠡᠷᠯᠢᠭ ᠦ᠋ᠨ ᠣᠷᠣᠨᠴᠣᠭ ᠲᠡᠳᠦᠢ ᠬᠡᠳᠡᠷᠦᠭᠰᠡᠨ ᠰᠡᠭᠰᠡᠭᠡᠷ ᠮᠣᠩᠭᠣᠯ ᠪᠦᠰᠡᠭᠦᠢ ᠶ᠋ᠢ ᠬᠠᠷᠠᠭᠠᠳ《ᠡᠪᠡᠳᠴᠢᠲᠡᠢ ᠵᠣᠪᠠᠯᠠᠩᠲᠠᠢ ᠬᠥᠮᠦᠨ ᠢ᠋ ᠶᠠᠭᠠᠬᠢᠬᠤ ᠪᠣᠢ?》 ᠭᠡᠰᠡᠨ ᠰᠢᠭ ᠲᠡᠭᠦᠨ ᠢ᠋ ᠳᠡᠮᠡᠢ ᠤᠪᠠᠢᠨ ᠳ᠋ᠤ᠌ ᠰᠠᠨᠠᠭᠰᠠᠨ ᠦᠭᠡᠢ ᠬᠥᠰᠡᠷ ᠡᠴᠡ ᠵᠢᠭᠠᠰᠤᠨ ᠤ᠋ ᠭᠥᠬᠢ ᠪᠡᠨ ᠰᠢᠭᠦᠷᠡᠨ ᠰᠠᠭᠤᠭᠰᠠᠨ ᠣᠷᠣᠨ ᠠ᠋ᠴᠠ ᠪᠠᠨ ᠪᠣᠰᠴᠤ ᠲᠡᠳᠡᠨ ᠡᠴᠡ ᠵᠠᠢᠰᠬᠠᠨ ᠰᠢᠭ᠋ ᠣᠴᠣᠢᠵᠤ ᠰᠠᠭᠤᠭᠠᠳ ᠵᠢᠭᠠᠰᠤ ᠭᠥᠬᠢᠳᠡᠪᠡ᠃ ᠨᠥᠭᠦᠭᠡ ᠬᠠᠲᠠᠩᠭᠢᠷ ᠲᠣᠯᠣᠭᠠᠢ ᠲᠠᠢ ᠨᠢ ᠤᠬᠤᠨᠠᠨᠴᠢᠷ ᠡᠷ᠎ᠡ ᠶ᠋ᠢᠨ ᠨᠢᠭᠡ ᠪᠠᠢᠵᠠᠢ᠃ ᠤᠳᠠᠭᠠᠨ ᠡᠳᠦᠷ ᠵᠤᠵᠠᠭᠠᠨ ᠬᠣᠨᠣᠭ ᠴᠡᠷᠢᠭ ᠦ᠋ᠨ ᠬᠤᠸᠠᠷᠠᠨ ᠰᠠᠬᠢᠵᠤ ᠡᠮ᠎ᠡ ᠬᠥᠮᠦᠨ ᠦ᠌ ᠪᠠᠷ᠎ᠠ ᠣᠯᠵᠤ ᠦᠵᠡᠭᠡ ᠦᠭᠡᠢ ᠪᠣᠯᠬᠣᠷ《ᠮᠡᠭᠡᠵᠢ ᠭᠠᠬᠠᠢ ᠶ᠋ᠢ ᠬᠠᠷᠠᠬᠤ ᠳ᠋ᠤ᠌ ᠴᠤ᠌ ᠳᠠᠪᠬᠤᠷ᠎ᠠ ᠨᠢᠳᠦ ᠲᠡᠢ ᠰᠠᠨᠠᠭᠳᠠᠳᠠᠭ ᠶᠤᠮ ᠴᠢᠨᠢ ᠡᠨᠡ ᠴᠢᠨᠢ ᠶᠠᠭᠠᠬᠢᠯ᠎ᠠ ᠴᠤ᠌ ᠭᠡᠰᠡᠨ ᠬᠥᠮᠦᠨ ᠪᠢᠰᠢ ᠤᠤ ᠳᠠ》 ᠭᠡᠵᠦ ᠪᠣᠳᠣᠨ ᠰᠠᠶᠢᠬᠢ ᠭᠣᠷᠢ ᠨᠢ ᠭᠣᠳᠣᠭᠣᠨᠠᠨ᠄ 
       — ᠵᠠᠩ ᠭᠤᠸᠠᠢ ᠠ᠋᠂ ᠴᠢ ᠵᠢᠭᠠᠰᠤ ᠪᠠᠨ ᠭᠥᠬᠢᠳᠡᠳᠡᠭ ᠢ᠋ᠶ᠋ᠡᠨ ᠭᠥᠬᠢᠳᠡ᠂ ᠪᠢ ᠡᠨᠡ ᠡᠵᠡᠨ ᠦᠭᠡᠢ ᠡᠮ᠎ᠡ ᠶ᠋ᠢ ᠨᠢᠭᠡ ᠱᠣᠮᠤᠴᠢᠬᠠᠶ᠎ᠠ᠂ ᠶᠠᠭᠠᠬᠢᠳᠠᠭ ᠶᠤᠮ⁈ ᠭᠡᠪᠡ᠃ 
       — ᠴᠠᠭᠠᠳᠤᠬᠢ ᠴᠢᠨᠢ ᠲᠡᠢᠮᠦ ᠳᠦᠷᠰᠦ ᠮᠠᠭᠤᠲᠠᠢ! ᠬᠥᠮᠦᠨ ᠴᠤ᠌ ᠶᠤᠮ ᠤᠤ ᠴᠢᠳᠬᠥᠷ ᠴᠤ᠌ ᠶᠤᠮ ᠤᠤ ᠪᠦᠦ ᠮᠡᠳᠡ! 
       — ᠣ ᠳᠠ᠂ ᠶᠠᠭᠠᠬᠢᠬᠤ ᠪᠣᠢ!《ᠮᠠᠢ!》 ᠭᠡᠳ ᠬᠦᠷᠭᠡᠭᠡᠳ ᠢᠷᠡᠬᠦ ᠮᠢᠬ᠎ᠠ ᠶ᠋ᠢ ᠦᠨᠦᠷᠲᠦᠳᠡᠭ ᠦᠭᠡᠢ ᠮᠤᠤᠷ ᠬᠠᠮᠢᠭ᠎ᠠ ᠪᠠᠢᠯ᠎ᠠ? ᠭᠡᠳ ᠳᠡᠷᠭᠡᠳᠡ ᠨᠢ ᠬᠦᠷᠴᠦ ᠢᠷᠡᠭᠰᠡᠨ ᠲᠡᠷᠡ ᠰᠣᠯᠢᠶᠠᠲᠠᠢ ᠰᠡᠭᠰᠡᠭᠡᠷ ᠪᠦᠰᠡᠭᠦᠢ ᠶ᠋ᠢᠨ ᠣᠩᠭᠣᠢᠬᠤ ᠬᠠᠯᠲᠠᠷ ᠴᠠᠪᠢ ᠤᠷᠤᠭᠤ ᠨᠢᠳᠦ ᠭᠦᠶᠦᠯᠭᠡᠨ᠄ 
       — ᠮᠠᠢ᠂ ᠵᠢᠭᠠᠰᠤ ᠠᠪᠤᠨ᠎ᠠ ᠤᠤ ᠭᠡᠰᠡᠨ ᠲᠥᠯᠥᠪᠲᠡᠢ ᠨᠢᠭᠡ ᠶᠠᠭᠤᠮ᠎ᠠ ᠬᠡᠯᠡᠩᠭᠡᠨ ᠭᠠᠷ ᠳᠠᠬᠢ ᠵᠢᠭᠠᠰᠤ ᠪᠠᠨ ᠥᠭᠬᠦ ᠳ᠋ᠦ᠍᠄ 
       — ᠠᠯᠢ ᠨᠠᠭᠠᠰᠢ ᠪᠠᠨ ᠭᠡᠳ ᠲᠡᠷᠡ ᠰᠣᠯᠢᠶᠠᠲᠠᠢ ᠰᠡᠭᠰᠡᠭᠡᠷ ᠪᠦᠰᠡᠭᠦᠢ ᠬᠣᠶᠠᠷ ᠭᠠᠷ ᠢ᠋ᠶ᠋ᠠᠨ ᠪᠢᠲᠡᠭᠦᠯᠡᠨ ᠲᠤᠰᠪᠠ᠃ ᠲᠡᠭᠡᠬᠦ ᠳ᠋ᠦ᠍ ᠬᠠᠲᠠᠩᠭᠢᠷ ᠲᠣᠯᠣᠭᠠᠢᠲᠤ ᠥᠨᠥᠬᠢ ᠵᠢᠭᠠᠰᠤ ᠪᠠᠨ ᠬᠠᠷᠠᠮᠨᠠᠵᠤ᠄ 
       — ᠠ᠂ ᠴᠢ ᠦᠨᠡᠬᠡᠷ ᠵᠢᠭᠠᠰᠤᠨ ᠳ᠋ᠤ᠌ ᠳᠤᠷᠠᠲᠠᠢ ᠤᠤ? ᠭᠡᠬᠦ ᠳ᠋ᠦ᠍ ᠲᠡᠷᠡ ᠰᠣᠯᠢᠶᠠᠲᠠᠢ ᠰᠡᠭᠰᠡᠭᠡᠷ ᠪᠦᠰᠡᠭᠦᠢ ᠥᠨᠥᠬᠢ ᠶ᠋ᠢᠨ ᠬᠡᠯᠡᠭᠰᠡᠨ ᠦᠭᠡ ᠶ᠋ᠢ ᠣᠢᠯᠠᠭᠠᠭᠰᠠᠨ ᠦᠭᠡᠢ ᠪᠣᠯᠪᠠᠴᠤ《ᠠᠩ》 ᠭᠡᠵᠦ ᠲᠣᠯᠣᠭᠠᠢ ᠪᠠᠨ ᠳᠣᠬᠢᠪᠠ᠃ 
       — ᠦᠨᠡᠬᠡᠷ ᠵᠢᠭᠠᠰᠤᠨ ᠳ᠋ᠤ᠌ ᠳᠤᠷᠠᠲᠠᠢ ᠰᠠᠨ ᠪᠣᠯ ᠪᠢ ᠴᠢᠮ᠎ᠠ ᠳ᠋ᠤ᠌ ᠨᠢᠭᠡ ᠠᠮᠢᠳᠤ ᠵᠢᠭᠠᠰᠤ ᠥᠭᠭᠦᠶ᠎ᠡ! ᠭᠡᠳ ᠵᠡᠭᠦᠨ ᠭᠠᠷ ᠤ᠋ᠨ ᠢ᠋ᠶ᠋ᠠᠨ ᠡᠷᠡᠬᠡᠢ ᠪᠣᠯᠤᠨ ᠳᠣᠯᠢᠶᠠᠪᠤᠷ ᠬᠤᠷᠤᠭᠤ ᠪᠠᠷ ᠢ᠋ᠶ᠋ᠠᠨ ᠨᠢᠭᠡ ᠣᠩᠭᠣᠢᠮ᠎ᠠ ᠨᠦᠬᠡ ᠬᠡᠯᠪᠡᠷᠢ ᠲᠡᠢ ᠶᠠᠭᠤᠮ᠎ᠠ ᠪᠣᠯᠭᠠᠵᠤ ᠪᠠᠷᠠᠭᠤᠨ ᠭᠠᠷ ᠤ᠋ᠨ ᠢ᠋ᠶ᠋ᠠᠨ ᠳᠣᠯᠢᠶᠠᠪᠤᠷ ᠬᠤᠷᠤᠭᠤ ᠶ᠋ᠢ ᠭᠣᠵᠣᠵᠠᠭᠤᠯᠤᠨ ᠨᠥᠭᠦᠭᠡ ᠵᠡᠭᠦᠨ ᠭᠠᠷ ᠤ᠋ᠨ ᠨᠦᠬᠡ ᠬᠡᠯᠪᠡᠷᠢᠲᠡᠢ ᠶᠠᠭᠤᠮ᠎ᠠ ᠤᠷᠤᠭᠤ ᠪᠠᠨ ᠴᠢᠴᠢᠯᠡᠨ ᠰᠢᠷᠭᠤᠭᠤᠯᠬᠤ ᠱᠠᠯᠢᠭ ᠳᠦᠷᠰᠦᠯᠡᠯ ᠦᠵᠡᠭᠦᠯᠦᠨ᠎ᠡ᠃《ᠢᠩᠭᠢᠪᠡᠯ ᠪᠣᠯᠤᠨ᠎ᠠ ᠤᠤ》 ᠭᠡᠰᠡᠨ ᠳ᠋ᠦ᠍ ᠰᠣᠯᠢᠶᠠᠲᠠᠢ ᠰᠡᠭᠰᠡᠭᠡᠷ ᠡᠮ᠎ᠡ ᠶᠠᠭᠤ ᠶᠠᠭᠠᠬᠢᠬᠤ ᠭᠡᠰᠡᠨ ᠢ᠋ ᠤᠬᠠᠭᠠᠨ ᠲᠥᠬᠥᠭᠡ ᠶ᠋ᠢ ᠨᠢ ᠣᠯᠬᠤ ᠦᠭᠡᠢ《ᠪᠣᠯᠤᠨ᠎ᠠ᠂ ᠠᠪᠤᠨ᠎ᠠ》 ᠭᠡᠰᠡᠨ ᠰᠢᠭ ᠭᠠᠷ ᠢ᠋ᠶ᠋ᠠᠨ ᠰᠡᠷᠪᠡᠢᠨ ᠲᠣᠯᠣᠭᠠᠢ ᠪᠠᠨ ᠳᠣᠬᠢᠵᠤ᠄ 
       — ᠪᠢ ᠵᠢᠭᠠᠰᠤ ᠠᠪᠤᠶ᠎ᠠ! ᠪᠢ ᠵᠢᠭᠠᠰᠤ ᠨᠠᠭᠠᠳᠤᠶ᠎ᠠ! ᠵᠢᠭᠠᠰᠤ ᠭᠡᠵᠦ ᠮᠠᠰᠢ ᠬᠥᠭᠡᠷᠦᠬᠦᠨ ᠠᠮᠢᠲᠠᠨ ᠶᠤᠮ ᠭᠡᠵᠦ ᠭᠠᠷ ᠢ᠋ᠶ᠋ᠠᠨ ᠲᠤᠰᠬᠤ ᠳ᠋ᠤ᠌ ᠴᠠᠭᠠᠳᠤᠬᠢ ᠨᠢ ᠤᠴᠢᠷ ᠤᠬᠠᠭᠠᠨ ᠢ᠋ ᠨᠢ ᠣᠯᠤᠭᠰᠠᠨ ᠦᠭᠡᠢ᠂ ᠶᠠᠭᠤ ᠭᠡᠵᠦ ᠪᠣᠳᠣᠭᠰᠠᠨ ᠢ᠋ ᠪᠦᠦ ᠮᠡᠳᠡ᠂ ᠬᠤᠪᠴᠠᠰᠤ ᠬᠤᠨᠠᠷ ᠢ᠋ᠶ᠋ᠠᠨ ᠲᠠᠢᠯᠵᠤ ᠭᠡᠨᠡᠳᠲᠡ ᠲᠡᠷᠡ ᠰᠣᠯᠢᠶᠠᠲᠠᠢ ᠰᠡᠭᠰᠡᠭᠡᠷ ᠭᠡᠵᠢᠭᠡ ᠲᠡᠢ ᠪᠦᠰᠡᠭᠦᠢ ᠤᠷᠤᠭᠤ ᠨᠣᠴᠣᠨ ᠣᠷᠣᠵᠤ᠂ ᠬᠠᠷ᠎ᠠ ᠬᠦᠷᠮ᠎ᠡ ᠪᠡᠷ ᠢ᠋ᠶ᠋ᠡᠨ ᠲᠡᠷᠡ ᠪᠦᠰᠡᠭᠦᠢ ᠶ᠋ᠢᠨ ᠨᠢᠭᠤᠷ ᠢ᠋ ᠪᠦᠲᠡᠭᠡᠵᠦ ᠤᠯᠠᠭᠠᠨ ᠬᠠᠲᠤᠨ ᠤ᠋ ᠪᠣᠭᠣᠳᠠᠭ ᠤ᠋ᠨ ᠬᠠᠭᠤᠷᠤᠭᠰᠠᠨ ᠵᠠᠭᠠᠷᠠᠭ ᠳᠡᠭᠡᠷ᠎ᠡ ᠳᠠᠷᠤᠵᠤ ᠤᠨᠠᠪᠠ᠃ 
       ᠨᠢᠭᠡ ᠨᠢ ᠳᠡᠭᠡᠷ᠎ᠡ ᠨᠢ ᠮᠥᠯᠬᠥᠵᠦ᠂ ᠨᠢᠭᠡ ᠨᠢ ᠳᠣᠣᠷ᠎ᠠ ᠨᠢ ᠲᠡᠯᠴᠢᠯᠡᠨ ᠨᠢᠭᠡ ᠪᠥᠭᠡᠮ ᠪᠣᠯᠤᠨ ᠵᠢᠭᠤᠷᠠᠯᠳᠤᠭᠰᠠᠨ ᠬᠣᠶᠠᠷ ᠨᠣᠴᠣᠯᠳᠤᠨ ᠨᠣᠴᠣᠯᠳᠤᠭᠰᠠᠭᠠᠷ ᠪᠠᠢᠵᠤ ᠭᠡᠨᠡᠳᠲᠡ ᠬᠣᠶᠠᠭᠤᠯᠠ ᠤᠯᠠᠭᠠᠨ ᠬᠠᠲᠤᠨ ᠤ᠋ ᠤᠰᠤᠨ ᠳ᠋ᠤ᠌ ᠫᠥᠯᠥᠷᠡᠩ ᠬᠢᠵᠦ ᠣᠷᠣᠭᠠᠳ ᠪᠠᠷ᠎ᠠ ᠲᠠᠰᠤᠷᠠᠪᠠ᠁ 
       ᠤᠯᠠᠭᠠᠨ ᠵᠠᠭᠠᠷᠠᠭ ᠢ᠋ᠶ᠋ᠠᠷ ᠬᠤᠢᠯᠠᠷᠠᠨ ᠳᠠᠪᠠᠯᠭᠠᠯᠠᠭᠰᠠᠨ ᠬᠠᠲᠤᠨ ᠤ᠋ ᠤᠰᠤ ᠲᠡᠷᠡ ᠬᠣᠶᠠᠷ ᠢ᠋ ᠬᠠᠢᠷ᠎ᠠ ᠨᠠᠢᠷ ᠦᠭᠡᠢ ᠵᠠᠯᠭᠢᠪᠠ᠃ ᠫᠥᠯᠥᠷᠡᠩ ᠭᠡᠬᠦ ᠠᠵᠠ ᠮᠠᠭᠤᠲᠠᠢ ᠴᠢᠮᠡᠭᠡ ᠪᠡᠷ ᠳᠠᠬᠢᠵᠤ ᠪᠠᠷ᠎ᠠ ᠨᠢ ᠦᠵᠡᠭᠳᠡᠭᠰᠡᠨ ᠦᠭᠡᠢ ᠨᠥᠭᠦᠭᠡ ᠬᠣᠶᠠᠷ ᠤ᠋ᠨ ᠬᠣᠢᠨ᠎ᠠ ᠠ᠋ᠴᠠ ᠵᠠᠩ ᠭᠤᠸᠠᠢ ᠬᠠᠲᠠᠩᠭᠢᠷ ᠲᠣᠯᠣᠭᠠᠢᠲᠤ ᠶ᠋ᠢᠨ ᠨᠡᠷ᠎ᠡ ᠪᠡᠷ ᠨᠢ ᠬᠠᠰᠬᠢᠷᠤᠨ ᠪᠠᠷᠬᠢᠷᠠᠨ ᠬᠠᠲᠤᠨ ᠤ᠋ ᠬᠥᠪᠡᠭᠡ ᠳᠠᠭᠠᠵᠤ ᠬᠡᠰᠡᠭ ᠭᠦᠶᠦᠭᠡᠳ ᠰᠠᠨᠠᠭ᠎ᠠ ᠪᠠᠨ ᠬᠤᠷᠢᠶᠠᠪᠠ᠃ 
       — ᠬᠡᠷᠡᠭ ᠢ᠋ᠶ᠋ᠡᠨ ᠪᠠᠷᠠᠭᠰᠠᠨ ᠶᠠᠭᠤᠮᠠᠨ ᠳ᠋ᠤ᠌ ᠳᠤᠷᠠᠯᠠᠵᠤ ᠰᠣᠯᠢᠶ᠎ᠠ ᠪᠠᠯᠠᠢᠲᠠᠢ ᠡᠮ᠎ᠡ ᠳ᠋ᠦ᠍ ᠬᠠᠯᠳᠠᠪᠠ ᠭᠡᠳ ᠨᠢᠭᠡ ᠨᠠᠰᠤ ᠠᠷᠪᠠᠨ ᠭᠤᠷᠪᠠ ᠪᠠᠨ ᠳᠠᠭᠤᠰᠬᠠᠴᠢᠬᠠᠨ᠎ᠠ ᠭᠡᠵᠦ ᠳᠡ!  ᠲᠡᠷᠡ ᠰᠢᠲᠠᠩᠬᠠᠢ ᠴᠢᠷᠠᠢ ᠲᠠᠢ ᠰᠡᠭᠰᠡᠭᠡᠷ ᠡᠮ᠎ᠡ ᠴᠠᠭᠠᠨ᠎ᠠ ᠠ᠋ᠴᠠ ᠪᠠᠨ ᠣᠨᠳᠣᠣ ᠯᠠ ᠬᠠᠷᠠᠭᠳᠠᠭᠠᠳ ᠪᠠᠢᠭᠰᠠᠨ ᠶᠤᠮ! ᠭᠡᠵᠦ ᠥᠷᠥᠭᠡᠰᠦᠨ ᠨᠢᠭᠡ ᠶ᠋ᠢ ᠪᠡᠨ ᠤᠯᠠᠭᠠᠨ ᠬᠠᠲᠤᠨ ᠳ᠋ᠤ᠌ ᠠᠯᠳᠠᠭᠰᠠᠨ ᠳ᠋ᠠᠭᠠᠨ ᠤᠷᠮ᠎ᠠ ᠮᠠᠭᠤᠲᠠᠢ ᠭᠣᠩᠰᠣᠢᠨ᠎ᠠ᠃  
       ᠰᠣᠯᠢᠶᠠᠲᠠᠢ ᠪᠦᠰᠡᠭᠦᠢ ᠳ᠋ᠦ᠍ ᠤᠮᠠᠳᠠᠭ ᠢ᠋ᠶ᠋ᠠᠨ ᠪᠠᠵᠠᠭᠤᠯᠤᠭᠰᠠᠨ ᠬᠠᠲᠠᠩᠭᠢᠷ ᠲᠣᠯᠣᠭᠠᠢᠲᠤ ᠪᠤᠯᠠᠩᠭᠢᠷ ᠲᠠᠢ ᠤᠯᠠᠭᠠᠨ ᠬᠠᠲᠤᠨ ᠤ᠋ ᠤᠰᠤᠨ ᠳ᠋ᠤ᠌ ᠬᠡᠳᠦ ᠣᠭᠰᠢᠭᠠᠳ ᠰᠤᠯᠳᠠᠢᠪᠠ᠃  
       ᠰᠣᠯᠢᠶᠠᠲᠠᠢ ᠪᠦᠰᠡᠭᠦᠢ ᠤᠯᠠᠭᠠᠨ ᠬᠠᠲᠤᠨ ᠤ᠋ ᠤᠰᠤᠨ ᠳ᠋ᠤ᠌ ᠬᠡᠴᠢᠨᠡᠭᠡᠨ ᠤᠳᠠᠭᠠᠨ ᠵᠠᠢᠮᠤᠴᠢᠭᠤᠯᠤᠭᠰᠠᠨ ᠢ᠋ ᠪᠦᠦ ᠮᠡᠳᠡ᠂ ᠨᠢᠭᠡ ᠰᠡᠷᠡᠬᠦᠯ᠎ᠡ ᠴᠢᠬᠢᠷᠰᠦ ᠳᠡᠪᠢᠰᠦᠭᠰᠡᠨ ᠵᠢᠵᠢᠭᠬᠡᠨ ᠪᠦᠷᠭᠡ ᠭᠡᠷ ᠦ᠋ᠨ ᠬᠠᠨᠵᠤᠨ ᠳᠡᠭᠡᠷ᠎ᠡ ᠬᠡᠪᠲᠡᠵᠦ ᠪᠠᠢᠯ᠎ᠠ᠃ ᠤᠤᠯ ᠨᠢ ᠤᠯᠠᠭᠠᠨ ᠬᠠᠲᠤᠨ ᠤ᠋ ᠳᠣᠣᠷᠠᠲᠤ ᠤᠷᠤᠰᠬᠠᠯ ᠤ᠋ᠨ ᠨᠢᠭᠡᠨ ᠰᠠᠯᠴᠢᠨ ᠡᠪᠦᠭᠡᠨ ᠲᠡᠭᠦᠨ ᠢ᠋ ᠤᠯᠠᠭᠠᠨ ᠬᠠᠲᠤᠨ ᠤ᠋ ᠬᠥᠪᠡᠭᠡᠨ ᠳ᠋ᠦ᠍ ᠠᠮᠢ ᠲᠠᠢ ᠠᠮᠢ ᠦᠭᠡᠢ ᠪᠠᠢᠭ᠎ᠠ ᠶ᠋ᠢ ᠣᠯᠵᠤ ᠦᠵᠡᠭᠡᠳ ᠴᠠᠴᠠᠭᠰᠠᠨ ᠬᠥᠮᠦᠨ ᠢ᠋ ᠥᠭᠡᠳᠡ ᠲᠠᠲᠠᠬᠤ ᠬᠠᠭᠤᠴᠢᠨ ᠲᠤᠷᠰᠢᠯᠭ᠎ᠠ ᠪᠠᠷ ᠢ᠋ᠶ᠋ᠠᠨ ᠲᠡᠭᠦᠨ ᠢ᠋ ᠲᠡᠩᠬᠡᠷᠡᠭᠦᠯᠵᠡᠢ᠃ ᠲᠡᠭᠦᠨ ᠢ᠋ ᠰᠡᠷᠡᠭᠰᠡᠨ ᠬᠣᠢᠨ᠎ᠠ ᠰᠠᠯᠴᠢᠨ ᠡᠪᠦᠭᠡᠨ᠄ 
       — ᠠᠢ᠂ ᠬᠡᠦᠬᠡᠨ ᠠ᠋᠂ ᠴᠢ ᠶᠠᠭᠤ ᠶᠠᠭᠠᠬᠢᠯ᠎ᠠ ᠭᠡᠵᠦ ᠤᠯᠠᠭᠠᠨ ᠬᠠᠲᠤᠨ ᠳ᠋ᠤ᠌ ᠬᠠᠷᠠᠢᠵᠤ ᠠᠮᠢ ᠲᠠᠢ ᠪᠠᠨ ᠨᠠᠭᠠᠳᠤᠮ ᠬᠢᠪᠡ? ᠭᠡᠵᠦ ᠠᠰᠠᠭᠤᠪᠠᠯ ᠲᠡᠷᠡ ᠰᠣᠯᠢᠶᠠᠲᠠᠢ ᠪᠦᠰᠡᠭᠦᠢ《ᠮᠡᠳᠡᠬᠦ ᠦᠭᠡᠢ》 ᠭᠡᠵᠦ ᠲᠣᠯᠣᠭᠠᠢ ᠪᠠᠨ ᠰᠡᠭᠰᠦᠷᠦᠨ᠎ᠡ᠃ 
       — ᠬᠠᠮᠢᠭᠠᠬᠢ ᠨᠤᠲᠤᠭ ᠤ᠋ᠨ ᠬᠡᠨ ᠭᠡᠳᠡᠭ ᠨᠡᠷ᠎ᠡ ᠲᠡᠢ ᠶᠦᠮ? ᠭᠡᠪᠡᠯ ᠲᠡᠷᠡ ᠮᠥᠨ ᠰᠣᠯᠢᠶ᠎ᠠ ᠪᠠᠯᠠᠢ ᠪᠠᠷ ᠲᠣᠯᠣᠭᠠᠢ ᠪᠠᠨ ᠰᠠᠵᠢᠬᠤ ᠠ᠋ᠴᠠ ᠥᠭᠡᠷ᠎ᠡ ᠦᠭᠡ ᠦᠭᠡᠢ᠃ 
       — ᠵᠢᠭᠠᠯ ᠵᠢᠭᠤᠯ ᠶᠠᠭᠤᠮ᠎ᠠ ᠢᠳᠡᠨ᠎ᠡ ᠤᠤ? ᠭᠡᠬᠦ ᠳ᠋ᠦ᠍ ᠮᠥᠨ ᠯᠡ ᠲᠣᠯᠣᠭᠠᠢ ᠪᠠᠨ ᠰᠡᠭᠰᠦᠷᠦᠨ᠎ᠡ᠃ 
       ᠰᠠᠯᠴᠢᠨ ᠡᠪᠦᠭᠡᠨ ᠡᠨᠡ ᠰᠢᠲᠠᠩᠬᠠᠢ ᠴᠢᠷᠠᠢ ᠲᠠᠢ ᠪᠦᠰᠡᠭᠦᠢ ᠶ᠋ᠢ ᠦᠷᠦ ᠡᠪᠡᠳᠦᠨ᠂ ᠤᠰᠤᠨ ᠳ᠋ᠤ᠌ ᠤᠨᠠᠭᠰᠠᠨ ᠬᠥᠮᠦᠨ ᠳ᠋ᠦ᠍ ᠨᠢᠭᠡ ᠣᠭᠣᠴᠢ ᠬᠠᠷ᠎ᠠ ᠠᠷᠢᠬᠢ  ᠤᠤᠭᠤᠯᠭᠠᠵᠤ ᠲᠣᠲᠣᠷ᠎ᠠ ᠲᠠᠪᠤᠨ ᠴᠤᠯᠤ ᠶᠢ ᠨᠢ ᠪᠦᠯᠢᠶᠡᠰᠭᠡᠵᠦ ᠥᠭ᠍ᠭᠦᠶ᠎ᠡ ᠭᠡᠳ ᠣᠷᠣᠨ ᠤ ᠪᠠᠨ ᠴᠠᠭᠠᠭᠤᠷ ᠲᠠᠯᠪᠢᠭᠠᠰᠤᠲᠠᠢ ᠵᠢᠵᠢᠭ᠍ᠬᠡᠨ ᠪᠤᠲᠤᠩ ᠲᠣᠲᠣᠷ᠎ᠠ ᠠᠴᠠ ᠨᠢᠭᠡ ᠬᠡᠮ ᠠᠷᠢᠬᠢ ᠬᠤᠨᠳᠠᠭᠠᠯᠠᠪᠠᠯ ᠵᠢᠵᠢᠭᠬᠡᠨ ᠭᠡᠷ ᠲᠦ᠍ ᠬᠠᠩᠬᠤ ᠲᠠᠲᠠᠲᠠᠯ᠎ᠠ ᠠᠷᠢᠬᠢ ᠦᠨᠦᠷᠲᠦᠪᠡ᠃ ᠰᠠᠯᠴᠢᠨ ᠡᠪᠦᠭᠡᠨ ᠲᠡᠷᠡ ᠬᠤᠨᠳᠠᠭ᠎ᠠ ᠲᠠᠢ ᠠᠷᠢᠬᠢ ᠪᠠᠨ ᠠᠰᠬᠠᠭᠤᠵᠠᠢ ᠭᠡᠳ ᠮᠠᠰᠢ ᠬᠢᠴᠢᠶᠡᠵᠦ ᠲᠡᠭᠦᠨ ᠦ᠌ ᠬᠠᠵᠠᠭᠤ ᠳ᠋ᠤ᠌ ᠣᠴᠢᠭᠠᠳ᠄ 
       — ᠵᠠ᠂ ᠬᠡᠦᠬᠡᠨ ᠮᠢᠨᠢ ᠡᠭᠦᠨ ᠢ᠋ ᠤᠤᠭᠤᠴᠢᠬ᠎ᠠ! ᠵᠢᠬᠡᠭᠦᠴᠡᠭᠰᠡᠨ ᠬᠥᠮᠦᠨ ᠣᠭᠣᠴᠢ ᠠᠷᠢᠬᠢ ᠤᠤᠭᠤᠪᠠᠯ ᠳᠣᠲᠣᠷ᠎ᠠ ᠪᠦᠯᠢᠶᠡᠰᠳᠡᠭ ᠶᠦᠮ ᠭᠡᠵᠦ ᠵᠢᠵᠢᠭ ᠬᠠᠷ᠎ᠠ ᠱᠠᠭᠠᠵᠠᠩ ᠬᠤᠨᠳᠠᠭ᠎ᠠ ᠲᠠᠢ ᠠᠷᠢᠬᠢ ᠪᠠᠨ ᠤᠷᠤᠭᠤᠯ ᠳ᠋ᠤᠨᠢ ᠣᠢᠷᠠᠲᠤᠭᠤᠯᠤᠭᠰᠠᠨ ᠳ᠋ᠤ᠌ ᠲᠡᠷᠡ ᠰᠣᠯᠢᠶᠠᠲᠠᠢ ᠪᠦᠰᠡᠭᠦᠢ《ᠠ!》 ᠭᠡᠵᠦ ᠣᠷᠢᠯᠠᠵᠤ᠄ 
       — ᠮᠠᠭᠤ ᠬᠠᠲᠠᠩᠭᠢᠷ ᠲᠣᠯᠣᠭᠠᠢ ᠴᠢ ᠨᠠᠮᠠᠶ᠋ᠢ ᠶᠠᠭᠠᠬᠢᠬᠤ ᠰᠠᠨᠠᠭ᠎ᠠ ᠲᠠᠢ ᠶᠤᠮ? ᠨᠠᠳᠠ ᠳ᠋ᠤ᠌ ᠬᠣᠣᠷ ᠥᠭᠴᠦ ᠠᠯᠠᠬᠤ ᠨᠢ ᠤᠤ? ᠪᠢ ᠴᠢᠮᠠᠶ᠋ᠢ ᠶᠠᠭᠠᠬᠢᠪᠠ? ᠮᠢᠨᠦ ᠬᠣᠭᠣᠯᠠᠢ᠂ ᠬᠥᠬᠥ ᠳᠠᠯᠠᠩ ᠢ᠋ ᠪᠠᠵᠠᠭᠳᠠᠨ᠁ ᠪᠠᠰᠠ ᠨᠠᠮᠠᠶ᠋ᠢ ᠤᠯᠠᠭᠠᠨ ᠬᠠᠲᠤᠨ ᠳ᠋ᠤ᠌ ᠲᠦᠯᠬᠢᠳᠡᠭ ᠨᠢ ᠶᠠᠭᠤ ᠪᠣᠢ? ᠠ⁈ ᠪᠢ ᠶᠢᠰᠦᠨ ᠲᠥᠷᠥᠯ ᠦ᠋ᠨ ᠳᠡᠭᠡᠳᠦᠰ ᠲᠦ᠍ ᠴᠢᠨᠢ ᠥᠷᠢ ᠲᠡᠢ ᠤᠤ ᠦᠰ ᠲᠡᠢ ᠤᠤ? ᠴᠢ ᠯᠠᠪ ᠰᠢᠷᠠᠪ ᠨᠣᠶᠠᠨ ᠤ᠋ ᠠ᠂ ᠪᠠᠰᠠ ᠷᠠᠰᠢ ᠵᠠᠬᠢᠷᠤᠭᠴᠢ ᠶ᠋ᠢᠨ ᠨᠣᠬᠠᠢ ᠶ᠋ᠢᠨ ᠭᠤᠶ᠎ᠠ ᠨᠤᠭᠤᠳ ᠤ᠋ᠨ ᠨᠢᠭᠡ ᠪᠠᠢᠬ᠎ᠠ᠁ ᠬᠡᠩ᠂ ᠴᠢ ᠨᠠᠮᠠᠶ᠋ᠢ ᠤᠯᠠᠭᠠᠨ ᠬᠠᠲᠤᠨ ᠳ᠋ᠤ᠌ ᠲᠦᠯᠬᠢᠭᠡᠳ ᠴᠠᠴᠠᠭᠠᠵᠤ ᠠᠯᠠᠬᠤ ᠰᠠᠨᠠᠭ᠎ᠠ ᠲᠠᠢ ᠤᠤ? ᠭᠤᠨᠵᠢ ᠠ᠋᠂ ᠭᠤᠨᠵᠢ! ᠡᠨᠡ ᠡᠬᠡ ᠴᠢᠨᠢ ᠳᠡᠭᠡᠳᠦ ᠲᠥᠷᠥᠯ ᠦ᠋ᠨ ᠤᠰᠤᠴᠢ ᠠᠮᠢᠲᠠᠨ ᠠ᠋ᠴᠠ ᠤᠯᠠᠷᠢᠭᠰᠠᠨ ᠰᠦᠨᠡᠰᠦ ᠰᠢᠦ! ᠭᠡᠵᠦ ᠡᠷᠢᠶᠡᠨ ᠮᠡᠷᠢᠶᠡᠨ ᠬᠠᠰᠬᠢᠷᠤᠨ ᠵᠢᠵᠢᠭ ᠬᠠᠷ᠎ᠠ ᠬᠤᠨᠳᠠᠭ᠎ᠠ ᠲᠠᠢ ᠠᠷᠢᠬᠢ ᠶ᠋ᠢ ᠠᠯᠠᠭᠠᠳᠠᠵᠤ ᠤᠨᠠᠭᠠᠨ ᠳᠠᠪ ᠬᠢᠨ ᠪᠣᠰᠤᠭᠠᠳ ᠭᠠᠳᠠᠭᠰᠢ ᠭᠦᠶᠦᠪᠡ᠃ 
       ᠰᠠᠯᠴᠢᠨ ᠡᠪᠦᠭᠡᠨ ᠠᠷᠢᠬᠢ ᠬᠤᠨᠳᠠᠭᠠᠯᠠᠭᠰᠠᠨ ᠳ᠋ᠠᠭᠠᠨ ᠭᠡᠮᠰᠢᠵᠦ《ᠠ ᠢᠯᠡᠢ᠂ ᠪᠢ ᠶᠠᠭᠤ ᠭᠡᠵᠦ ᠡᠢᠮᠦ ᠡᠷᠭᠢᠭᠦᠲᠦᠭᠰᠡᠨ ᠠᠵᠢᠯ ᠦᠢᠯᠡᠳᠪᠡ?》 ᠭᠡᠵᠦ ᠪᠡᠶ᠎ᠡ ᠪᠡᠨ ᠵᠢᠮᠡᠯᠡᠨ ᠲᠡᠭᠦᠨ ᠦ᠌ ᠠᠷᠤ ᠠ᠋ᠴᠠ ᠰᠠᠨᠳᠤᠷᠤᠨ᠄ 
       — ᠬᠥᠶᠢ! ᠬᠡᠦᠬᠡ ᠠ᠋! ᠳᠠᠬᠢᠵᠤ ᠪᠢᠲᠡᠭᠡᠢ ᠯᠡ ᠤᠯᠠᠭᠠᠨ ᠬᠠᠲᠤᠨ ᠳ᠋ᠤ᠌ ᠬᠠᠷᠠᠢ! ᠮᠡᠳᠡᠪᠡ ᠤᠤ! ᠭᠡᠵᠦ ᠬᠣᠢᠨ᠎ᠠ ᠠ᠋ᠴᠠ ᠨᠢ ᠭᠦᠶᠦᠪᠡ᠃ 
       ᠦᠷᠭᠦᠭᠰᠡᠨ ᠰᠢᠷᠠᠭᠴᠢᠨ ᠰᠢᠭ᠋ ᠲᠡᠭ ᠭᠦᠶᠦᠵᠦ ᠣᠳᠤᠭᠰᠠᠨ ᠲᠡᠷᠡ ᠪᠦᠰᠡᠭᠦᠢ ᠶ᠋ᠢᠨ ᠬᠣᠢᠨ᠎ᠠ ᠠ᠋ᠴᠠ ᠡᠪᠦᠭᠡᠨ ᠶᠠᠭᠠᠬᠢᠵᠤ ᠭᠦᠢᠴᠡᠬᠦ ᠪᠢᠯᠡ⁈ ᠶᠠᠭᠤ ᠴᠤ᠌ ᠭᠡᠰᠡᠨ ᠲᠡᠷᠡ ᠪᠦᠰᠡᠭᠦᠢ ᠶ᠋ᠢᠨ ᠠᠷᠤ ᠠ᠋ᠴᠠ ᠬᠠᠷᠠᠵᠤ ᠵᠣᠭᠰᠣᠬᠤ ᠳ᠋ᠠᠭᠠᠨ《ᠳᠠᠬᠢᠵᠤ ᠪᠢᠲᠡᠭᠡᠢ ᠤᠯᠠᠭᠠᠨ ᠬᠠᠲᠤᠨ ᠳ᠋ᠤ᠌ ᠬᠠᠷᠠᠢ! ᠤᠰᠤ ᠭᠠᠯ ᠤ᠋ᠨ ᠠᠶᠤᠯ ᠭᠡᠭᠴᠢ ᠨᠢᠳᠦ ᠦᠭᠡᠢ ᠰᠢᠦ! ᠠᠢ᠂ ᠬᠥᠭᠡᠷᠦᠬᠦᠢ᠂ ᠶᠠᠮᠠᠷ ᠨᠢᠭᠡ ᠠᠵᠠ ᠪᠢᠰᠢᠳᠡᠭᠰᠡᠨ ᠠᠢᠯ ᠤ᠋ᠨ ᠠᠴᠢᠷ ᠶᠤᠮ ᠪᠣᠯ ᠠ᠋!》 ᠭᠡᠵᠦ ᠳᠣᠲᠣᠷ᠎ᠠ ᠪᠠᠨ ᠳᠠᠭᠠᠳᠬᠠᠨ ᠵᠠᠯᠪᠠᠷᠢᠵᠤ ᠵᠣᠭᠰᠣᠨ᠎ᠠ᠃ 
       ᠲᠡᠷᠡ ᠰᠣᠯᠢᠶᠠᠲᠠᠢ ᠪᠦᠰᠡᠭᠦᠢ ᠤᠯᠠᠭᠠᠨ ᠬᠠᠲᠤᠨ ᠤ᠋ ᠬᠥᠪᠡᠭᠡ ᠳᠠᠭᠠᠤ ᠭᠦᠶᠦᠨ ᠭᠦᠶᠦᠭᠰᠡᠭᠡᠷ ᠰᠠᠯᠴᠢᠨ ᠡᠪᠦᠭᠡᠨ ᠦ᠌《ᠳᠠᠬᠢᠵᠤ ᠪᠢᠲᠡᠭᠡᠢ ᠤᠯᠠᠭᠠᠨ ᠬᠠᠲᠤᠨ ᠳ᠋ᠤ᠌ ᠬᠠᠷᠠᠢ᠁》 ᠭᠡᠵᠦ ᠳᠠᠭᠠᠳᠬᠠᠨ ᠳᠦᠳᠦᠨᠡᠭᠰᠡᠨ ᠢ᠋ ᠳᠠᠯᠳᠠ ᠠ᠋ᠴᠠ ᠰᠣᠨᠣᠰᠤᠭᠰᠠᠨ ᠰᠢᠭ᠋ ᠬᠠᠲᠤᠨ ᠤ᠋ ᠬᠥᠪᠡᠭᠡ ᠪᠣᠭᠣᠳᠠᠭ ᠳᠡᠭᠡᠷ᠎ᠡ ᠡᠴᠡ ᠪᠠᠭᠤᠵᠤ ᠪᠢᠲᠡᠭᠦᠦ ᠵᠡᠭᠡᠰᠦ ᠬᠤᠯᠤᠰᠤᠨ ᠳ᠋ᠤ᠌ ᠣᠷᠣᠵᠤ ᠳᠠᠯᠳᠢᠷᠠᠪᠠ᠃ 
       ᠰᠠᠯᠴᠢᠨ ᠡᠪᠦᠭᠡᠨ ᠤᠷᠲᠤᠬᠠᠨ ᠨᠢᠭᠡ ᠠᠮᠢᠰᠬᠤᠵᠤ ᠰᠠᠨᠠᠭ᠎ᠠ ᠨᠢ ᠪᠠᠭ᠎ᠠ ᠲᠠᠢᠪᠤᠰᠢᠷᠠᠭᠰᠠᠨ ᠪᠣᠯᠤᠯᠲᠠᠢ ᠪᠢᠴᠢᠬᠠᠨ ᠪᠥᠷᠭᠡ ᠵᠦᠭ ᠢ᠋ᠶ᠋ᠡᠨ ᠬᠡᠯᠲᠦᠷᠢᠪᠡ᠃ 
        ᠁ 
       ᠵᠡᠭᠦᠨᠰᠢ ᠪᠡᠨ ᠪᠤᠭᠤᠲᠤ᠂ ᠰᠠᠭᠠᠯᠢᠴᠢᠨ᠂ ᠪᠠᠷᠠᠭᠤᠨᠰᠢ ᠪᠠᠨ ᠬᠠᠩᠬᠠᠲᠠᠢ ᠶ᠋ᠢᠨ ᠴᠠᠭᠠᠳᠤ ᠵᠠᠬ᠎ᠠ ᠤᠯᠠᠭᠠᠨᠪᠤᠬ᠎ᠠ ᠶ᠋ᠢᠨ ᠮᠠᠩᠬ᠎ᠠ᠂ ᠬᠣᠢᠰᠢ ᠪᠠᠨ ᠮᠢᠩᠭᠠᠨ ᠲᠠᠯ᠎ᠠ᠂ ᠰᠢᠨᠠᠭ᠎ᠠ ᠶ᠋ᠢᠨ ᠠᠭᠤᠯᠠ᠂ ᠡᠮᠦᠨᠡᠰᠢ ᠪᠡᠨ ᠤᠯᠠᠭᠠᠨ ᠬᠠᠲᠤᠨ ᠤ᠋ ᠬᠥᠪᠡᠭᠡ ᠳᠠᠭᠠᠤ ᠠᠢᠯ ᠤ᠋ᠨ ᠬᠠᠶᠠᠭ᠎ᠠ ᠪᠠᠷ ᠬᠠᠶᠠ ᠨᠢᠭᠡ ᠰᠠᠩᠭᠤᠢᠭᠰᠠᠨ ᠰᠡᠭᠰᠡᠭᠡᠷ ᠦᠰᠦ ᠲᠡᠢ᠂ ᠰᠢᠲᠠᠩᠬᠠᠢ ᠪᠠᠷᠵᠠᠭᠠᠷ ᠴᠢᠷᠠᠢ ᠲᠠᠢ ᠭᠤᠢᠷᠠᠨᠴᠢ ᠴᠤ᠌  ᠶᠤᠮ ᠤᠤ ᠡᠢᠮᠦ ᠨᠢᠭᠡ ᠶᠠᠪᠤᠭᠤᠯ ᠡᠮ᠎ᠡ ᠲᠠᠩᠳᠠ ᠲᠡᠨᠦᠭᠦᠴᠢᠯᠡᠵᠦ ᠶᠠᠪᠤᠳᠠᠭ ᠪᠣᠯᠪᠠ᠃ ᠵᠠᠷᠢᠮ ᠳ᠋ᠠᠭᠠᠨ ᠬᠥᠬᠥ ᠳᠠᠯᠠᠩ ᠢ᠋ᠶ᠋ᠠᠨ ᠰᠡᠷᠡᠢᠯᠭᠡᠵᠦ᠂ ᠵᠠᠷᠢᠮ ᠳ᠋ᠠᠭᠠᠨ ᠪᠥᠭᠰᠡ ᠪᠡᠯᠬᠡᠭᠦᠰᠦ ᠪᠡᠷ ᠢ᠋ᠶ᠋ᠡᠨ ᠱᠠᠯᠳᠠᠩ᠂ ᠵᠤᠨ ᠤ᠋ ᠢᠳᠡ ᠬᠠᠯᠠᠭᠤᠨ ᠳ᠋ᠤ᠌ ᠨᠡᠬᠡᠢ ᠡᠮᠦᠰᠴᠦ᠂ ᠡᠪᠦᠯ ᠦ᠋ᠨ ᠶᠢᠰᠦ ᠶ᠋ᠢᠨ ᠬᠦᠢᠲᠡᠨ ᠳ᠋ᠦ᠍ ᠴᠦ᠍ ᠬᠥᠯ ᠨᠢᠴᠦᠭᠦᠨ ᠭᠦᠶᠦᠵᠦ ᠶᠠᠪᠤᠭ᠎ᠠ ᠡᠨᠡ ᠪᠦᠰᠡᠭᠦᠢ ᠶ᠋ᠢ ᠡᠨᠡᠷᠢᠵᠦ ᠠᠪᠤᠭᠰᠠᠨ ᠬᠥᠮᠦᠨ ᠪᠠᠢᠭᠰᠠᠨ ᠦᠭᠡᠢ᠃ ᠪᠠᠷᠤᠭ ᠤ᠋ᠨ ᠬᠥᠮᠦᠰ ᠪᠠᠷ᠎ᠠ ᠶ᠋ᠢ ᠨᠢ ᠦᠵᠡᠮᠡᠭᠴᠡ ᠡᠭᠳᠡᠭᠦᠴᠡᠬᠦ ᠳ᠋ᠡᠭᠡᠨ ᠲᠡᠭᠦᠨ ᠡᠴᠡ ᠵᠠᠢᠯᠠᠵᠤ ᠶᠠᠪᠤᠨ᠎ᠠ᠃ ᠠᠢᠯ ᠤ᠋ᠨ ᠬᠠᠶᠠᠭᠠᠨ ᠳ᠋ᠤᠨᠢ ᠳᠥᠭᠥᠵᠦ ᠣᠴᠢᠪᠠᠯ《ᠬᠡᠦᠬᠡᠳ ᠰᠢᠤᠬᠠᠳ ᠠᠶᠤᠯᠭᠠᠯ᠎ᠠ᠁ ᠶᠠᠮᠠᠷ ᠬᠠᠮᠢᠭᠠᠰᠢ ᠪᠠᠨ ᠡᠮ᠎ᠡ ᠪᠣᠢ》 ᠭᠡᠵᠦ ᠲᠡᠭᠦᠨ ᠢ᠋ ᠬᠥᠭᠡᠭᠡᠵᠦ ᠲᠠᠭᠤᠨ᠎ᠠ᠃ ᠵᠠᠷᠢᠮ ᠪᠠᠶᠠᠨ ᠳᠡᠭᠡᠷᠡᠩᠭᠦᠢ ᠠᠢᠯ ᠨᠢ ᠲᠣᠭᠰᠢᠨ ᠨᠣᠬᠠᠢ ᠪᠠᠨ ᠲᠠᠯᠪᠢᠵᠤ ᠠᠶᠤᠯᠭᠠᠵᠤ ᠵᠠᠢᠯᠠᠭᠤᠯᠳᠠᠭ᠃ ᠲᠡᠭᠡᠬᠦ ᠳ᠋ᠦ᠍ ᠪᠠᠰᠠ ᠰᠣᠨᠢᠨ! ᠡᠨᠡ ᠰᠠᠩᠭᠤᠢᠭᠰᠠᠨ ᠰᠡᠭᠰᠡᠭᠡᠷ ᠦᠰᠦ ᠲᠡᠢ ᠡᠮ᠎ᠡ ᠶ᠋ᠢ ᠬᠥᠮᠦᠨ ᠬᠠᠷ᠎ᠠ ᠲᠣᠯᠣᠭᠠᠢᠲᠠᠨ ᠠᠳᠠ ᠦᠵᠡᠵᠦ ᠵᠢᠭᠰᠢᠳᠡᠭ ᠪᠣᠯᠪᠠᠴᠤ ᠶᠠᠮᠠᠷ ᠴᠤ᠌ ᠠᠢᠯ ᠤᠨ ᠳᠣᠭᠰᠢᠨ ᠨᠣᠬᠠᠳ ᠲᠡᠭᠦᠨ ᠢ᠋ ᠬᠣᠷᠭᠣᠭᠣᠵᠤ ᠵᠠᠭᠤᠳᠠᠭ ᠦᠭᠡᠢ ᠨᠢ ᠰᠣᠨᠢᠷᠬᠠᠯᠲᠠᠢ᠃ ᠰᠡᠭᠦᠯ ᠢ᠋ᠶ᠋ᠡᠨ ᠰᠢᠷᠪᠠᠭᠠᠳ ᠲᠡᠭᠦᠨ ᠦ᠌ ᠬᠠᠵᠠᠭᠤ ᠳ᠋ᠤ᠌ ᠨᠣᠪ ᠨᠣᠮᠣᠬᠠᠨ᠃ ᠲᠡᠷᠡ ᠰᠡᠭᠰᠡᠭᠡᠷ ᠭᠡᠵᠢᠭᠡ ᠲᠡᠢ ᠡᠮ᠎ᠡ ᠶ᠋ᠢᠨ ᠭᠠᠷ ᠠ᠋ᠴᠠ ᠶᠠᠮᠠᠷ ᠨᠢᠭᠡ ᠢᠳᠡᠮᠡᠷ ᠶᠠᠭᠤᠮ᠎ᠠ ᠭᠣᠷᠢᠳᠠᠬᠤ ᠰᠢᠭ᠋ ᠪᠠᠢᠳᠠᠭ ᠲᠤ《ᠨᠠᠳᠠ ᠶᠠᠭᠤ ᠴᠤ᠌ ᠦᠭᠡᠢ! ᠤᠨᠵᠢᠭᠢᠨᠠᠭᠰᠠᠨ ᠬᠣᠭᠣᠰᠣᠨ ᠬᠣᠶᠠᠷ ᠭᠠᠷ ᠠ᠋ᠴᠠ ᠥᠭᠡᠷ᠎ᠡ ᠶᠠᠭᠤ ᠴᠤ᠌ ᠦᠭᠡᠢ ᠠ᠋》 ᠭᠡᠬᠦ ᠳ᠋ᠦ᠍ ᠰᠡᠭᠦᠯ ᠢ᠋ᠶ᠋ᠡᠨ ᠰᠢᠷᠪᠠᠯᠵᠠᠭᠰᠠᠨ ᠨᠣᠬᠠᠳ ᠴᠤ᠌ ᠲᠡᠭᠦᠨ ᠦ᠌ ᠬᠡᠯᠡᠭᠰᠡᠨ ᠦᠭᠡ ᠶ᠋ᠢ ᠣᠢᠯᠠᠭᠠᠭᠰᠠᠨ ᠰᠢᠭ᠋ ᠴᠠᠭᠠᠰᠢ ᠪᠠᠨ ᠶᠠᠪᠤᠭᠠᠳ ᠥᠭᠭᠦᠨ᠎ᠡ᠃ 
       ᠶᠠᠭᠤ ᠴᠤ᠌ ᠦᠭᠡᠢ ᠭᠠᠷ ᠬᠣᠭᠣᠰᠣᠨ ᠭᠠᠨᠵᠤᠭ᠎ᠠ ᠳᠦᠭᠦᠷᠭᠡ ᠴᠦ᠍ ᠪᠠᠢᠬᠤ ᠦᠭᠡᠢ ᠰᠣᠯᠢᠶ᠎ᠠ ᠪᠠᠯᠠᠢ ᠲᠠᠢ ᠡᠨᠡ ᠰᠡᠭᠰᠡᠭᠡᠷ ᠡᠮ᠎ᠡ ᠥᠯᠥᠰᠴᠢᠬᠡᠬᠦ ᠪᠣᠢ᠂ ᠤᠮᠳᠠᠭᠠᠰᠴᠢᠬᠠᠬᠤ ᠪᠣᠢ᠂ ᠳᠠᠭᠠᠷᠠᠴᠢᠬᠠᠬᠤ ᠪᠣᠢ᠂ ᠪᠡᠭᠡᠷᠡᠴᠢᠬᠡᠬᠦ ᠪᠣᠢ᠂ ᠭᠤᠳᠤᠷᠠᠴᠢᠬᠠᠬᠤ ᠴᠤ᠌ ᠪᠣᠢ᠁ ᠭᠡᠰᠡᠨ ᠲᠠᠪᠤᠨ ᠵᠣᠪᠠᠯᠠᠩ ᠤ᠋ᠨ ᠠᠯᠢᠨ ᠢ᠋ ᠴᠦ᠍ ᠬᠠᠢᠬᠤᠷᠬᠤ ᠦᠭᠡᠢ ᠰᠠᠨᠠᠭ᠎ᠠ ᠠᠭᠤᠵᠢᠮ ᠰᠠᠪᠠᠵᠤ ᠶᠠᠪᠤᠬᠤ ᠳ᠋ᠠᠭᠠᠨ ᠬᠥᠷᠥᠰᠥᠲᠦ ᠳᠡᠯᠡᠬᠡᠢ ᠶ᠋ᠢᠨ ᠵᠤᠵᠠᠭᠠᠨ ᠳᠡᠪᠢᠰᠬᠡᠷ ᠲᠡᠢ ᠬᠥᠬᠡ ᠲᠩᠷᠢ ᠶ᠋ᠢᠨ ᠠᠭᠤᠵᠢᠮ ᠬᠥᠨᠵᠢᠯᠡ ᠲᠡᠢ ᠭᠠᠯᠪᠠ ᠳ᠋ᠤ᠌ ᠭᠠᠭᠴᠠᠬᠠᠨ ᠲᠡᠷᠡ ᠪᠠᠶᠠᠨ ᠭᠡᠰᠡᠨ ᠰᠢᠭ ᠡᠨᠡ ᠬᠣᠷᠸ᠎ᠠ ᠶ᠋ᠢᠨ ᠥᠷᠥᠭᠡᠰᠦᠨ ᠵᠢᠮ᠎ᠡ ᠶ᠋ᠢᠨ ᠰᠣᠯᠣᠭᠠᠢ ᠶᠣᠰᠣ ᠪᠠᠷ ᠣᠨᠳᠣᠷᠣᠵᠤ ᠶᠠᠪᠤᠨ᠎ᠠ᠁ 
       ᠬᠡᠢ ᠰᠣᠯᠢᠶᠠᠲᠠᠢ ᠬᠥᠮᠦᠨ ᠪᠣᠯᠬᠣᠷ ᠵᠣᠷᠢᠯᠭ᠎ᠠ ᠴᠤ᠌ ᠦᠭᠡᠢ ᠵᠢᠯᠣᠭᠣ ᠴᠤ᠌ ᠦᠭᠡᠢ ᠶᠠᠪᠤᠭᠰᠠᠭᠠᠷ ᠠᠪᠤ ᠶ᠋ᠢᠨ ᠬᠢᠨᠢ ᠲᠥᠷᠥᠯ ᠠᠪᠠᠭ᠎ᠠ ᠶ᠋ᠢᠨ ᠳ᠋ᠦ᠍ ᠪᠡᠨ ᠬᠦᠷᠦᠭᠡᠳ ᠣᠴᠢᠳᠠᠭ ᠶᠤᠮ ᠪᠠᠢᠨ᠎ᠠ᠃ ᠶᠡᠬᠡᠰ ᠪᠠᠭᠠᠴᠤᠤᠯ ᠦᠭᠡᠢ ᠠᠳᠠ ᠴᠢᠳᠬᠥᠷ ᠦᠵᠡᠭᠰᠡᠨ ᠰᠢᠭ ᠬᠦᠢᠲᠡᠨ ᠴᠢᠷᠠᠢᠯᠠᠵᠤ ᠪᠦᠭᠦᠳᠡᠭᠡᠷ ᠢ᠋ᠶ᠋ᠡᠨ ᠴᠢᠷᠠᠢ ᠪᠠᠷᠤᠭᠠᠷ ᠪᠠᠢᠯ᠎ᠠ!
       — ᠠᠪᠠᠭ᠎ᠠ ᠠ᠋᠂ ᠠᠪᠠᠭ᠎ᠠ ᠪᠡᠷᠭᠡᠨ ᠮᠢᠨᠢ᠂ ᠠᠴᠢ ᠥᠬᠢᠨ ᠢ᠋ᠶ᠋ᠡᠨ ᠡᠨᠡᠷᠢᠵᠦ ᠦᠵᠡᠨ᠎ᠡ ᠤᠤ ᠳᠠ⁈ ᠬᠣᠨᠢ ᠮᠠᠯ ᠢ᠋ ᠴᠢᠨᠢ ᠬᠥᠯᠥᠰᠥ ᠦᠭᠡᠢ ᠬᠠᠷᠢᠭᠤᠯᠵᠤ ᠥᠭᠭᠦᠶ᠎ᠡ᠂ ᠠᠷᠭᠠᠯ ᠲᠦᠯᠡᠭᠡ ᠶ᠋ᠢ ᠴᠢᠨᠢ ᠣᠷᠣᠢᠲᠠᠭᠤᠯᠵᠤ᠂ ᠠᠯᠢ ᠬᠠᠲᠠᠭᠤ ᠠᠵᠢᠯ ᠢ᠋ ᠴᠢᠨᠢ ᠬᠢᠵᠦ ᠥᠭᠭᠦᠶ᠎ᠡ! ᠬᠣᠷᠭᠣᠳᠠᠬᠤ ᠣᠷᠣᠨ ᠲᠠᠢ᠂ ᠬᠣᠳᠣᠭᠣᠳᠣ ᠳᠦᠭᠦᠷᠭᠡᠬᠦ ᠥᠯ ᠬᠣᠭᠣᠯᠠ ᠲᠠᠢ ᠯᠠ ᠪᠣᠯ ᠪᠣᠯᠴᠢᠬᠠᠨ᠎ᠠ᠁ ᠭᠡᠳ ᠤᠬᠢᠯᠠᠩ ᠠᠯᠲᠠᠨ ᠰᠥᠭᠥᠳᠴᠦ ᠮᠥᠷᠭᠥᠪᠡ᠃ 
       — ᠦᠭᠡᠢ᠂ ᠴᠢ ᠪᠣᠰ᠂ ᠪᠣᠰ! ᠶᠠᠭᠤᠨ ᠤ᠋ ᠡᠢᠮᠦ ᠳᠦᠷᠰᠦ ᠮᠠᠭᠤᠲᠠᠢ ᠡᠮ᠎ᠡ ᠪᠣᠢ? ᠭᠡᠵᠦ ᠠᠪᠠᠭ᠎ᠠ ᠨᠢ ᠬᠡᠯᠡᠬᠦ ᠳ᠋ᠦ᠍᠄ 
       — ᠬᠠᠶᠠᠭ᠎ᠠ ᠪᠤᠵᠠᠷᠯᠠᠴᠢᠬᠠᠬᠤ ᠶᠤᠮ ᠪᠠᠢᠨ᠎ᠠ᠃ ᠬᠤᠷᠳᠤᠨ ᠴᠠᠭᠠᠰᠢ ᠪᠠᠨ ᠲᠣᠨᠢᠯ! ᠲᠣᠨᠢᠯ! ᠭᠡᠵᠦ ᠠᠪᠠᠭ᠎ᠠ ᠪᠡᠷᠭᠡᠨ ᠨᠢ ᠠᠮᠠ ᠬᠠᠮᠠᠷ ᠢ᠋ᠶ᠋ᠠᠨ ᠳᠠᠷᠤᠨ ᠡᠭᠳᠡᠭᠦᠴᠡᠩᠭᠦᠢ ᠳᠤᠤᠭᠠᠷᠪᠠ᠃ 
       — ᠠᠪᠠᠭ᠎ᠠ ᠠ᠋᠂ ᠭᠤᠶᠤᠶ᠎ᠠ᠂ ᠬᠣᠨᠢ ᠶ᠋ᠢ ᠴᠢᠨᠢ ᠪᠢ ᠬᠠᠷᠢᠭᠤᠯᠵᠤ᠁ 
       — ᠵᠠ᠂ ᠪᠣᠯᠢ! ᠴᠢᠨᠦ ᠡᠨᠡ ᠮᠠᠭᠤᠬᠠᠢ ᠳᠦᠷᠰᠦ ᠡᠴᠡ ᠮᠠᠯ ᠦᠷᠭᠦᠵᠦ ᠬᠣᠲᠠ ᠪᠠᠨ ᠬᠠᠪᠢᠳᠠᠬᠤ ᠪᠠᠨ ᠪᠠᠢᠴᠢᠬᠠᠨ᠎ᠠ! ᠡᠷᠲᠡᠬᠡᠨ ᠴᠠᠭᠠᠰᠢ ᠶᠠᠪᠤᠵᠤ ᠠᠷᠢᠯ! 
       — ᠦᠭᠡᠢ ᠠ᠋᠂ ᠠᠪᠠᠭ᠎ᠠ ᠠ᠋᠂ ᠲᠠ ᠨᠠᠮᠠᠶ᠋ᠢ ᠲᠠᠨᠢᠬᠤ ᠦᠭᠡᠢ ᠪᠠᠢᠭ᠎ᠠ ᠤᠤ? ᠪᠢ ᠴᠢᠮᠡᠳ ᠦ᠋ᠨ ᠪᠠᠭ᠎ᠠ ᠥᠬᠢᠨ ᠨᠣᠮᠢᠨ ᠰᠢᠲᠠ᠁ 
       — ᠪᠢᠰᠢ! ᠨᠠᠳᠠ ᠡᠢᠮᠦ ᠠᠴᠢᠷ ᠪᠠᠢᠬᠤ ᠦᠭᠡᠢ᠃ ᠮᠢᠨᠦ ᠠᠴᠢ ᠥᠬᠢᠨ ᠨᠣᠶᠠᠨ ᠰᠠᠩ ᠤ᠋ᠨ ᠴᠡᠴᠡᠭ ᠬᠠᠲᠤᠨ ᠤ᠋ ᠢᠨᠵᠢ ᠶᠠᠪᠤᠭ᠎ᠠ ᠭᠡᠰᠡᠨ ᠰᠤᠷᠠᠭ ᠲᠠᠢ ᠠ᠋ᠴᠠ ᠪᠢᠰᠢ ᠡᠢᠮᠦ ᠳᠦᠷᠰᠦ ᠮᠠᠭᠤᠲᠠᠢ ᠶᠠᠭᠤᠮ᠎ᠠ ᠪᠢᠰᠢ! ᠭᠡᠵᠦ ᠬᠡᠯᠡᠲᠡᠯ᠎ᠡ ᠠᠪᠠᠭ᠎ᠠ ᠪᠡᠷᠭᠡᠨ ᠨᠢ ᠲᠡᠭᠦᠨ ᠢ᠋ ᠲᠦᠯᠬᠢᠵᠦ ᠭᠠᠷᠭᠠᠨ᠄ 
       — ᠲᠣᠨᠢᠯ᠂ ᠲᠣᠨᠢᠯ! ᠨᠢᠳᠦᠨ ᠳ᠋ᠦ᠍ ᠪᠦᠦ ᠦᠵᠡᠭᠳᠡ! ᠭᠡᠵᠦ ᠫᠠᠰ ᠬᠢᠲᠡᠯ᠎ᠡ ᠡᠭᠦᠳᠡ ᠪᠡᠨ ᠬᠠᠭᠠᠪᠠ᠃ 
       ᠰᠡᠭᠰᠡᠭᠡᠷ ᠦᠰᠦ ᠲᠡᠢ ᠲᠡᠷᠡ ᠡᠮ᠎ᠡ ᠠᠪᠠᠭ᠎ᠠ᠂ ᠠᠪᠠᠭ᠎ᠠ ᠪᠡᠷᠭᠡᠨ ᠳ᠋ᠡᠭᠡᠨ ᠬᠥᠭᠡᠭᠡᠭᠳᠡᠭᠰᠡᠨ ᠪᠣᠯᠪᠠᠴᠤ ᠠᠭᠤᠷᠯᠠᠭᠰᠠᠨ ᠥᠬᠡᠢ᠂ ᠭᠣᠮᠣᠳᠠᠭᠰᠠᠨ ᠴᠤ᠌ ᠦᠭᠡᠢ᠃ 《ᠬᠥᠮᠦᠨ ᠭᠡᠭᠴᠢ ᠰᠣᠨᠢᠨ ᠶᠤᠮ ᠠ᠋! ᠡᠳ᠋ ᠬᠣᠭᠰᠢᠯ ᠲᠠᠢ ᠪᠣᠯᠵᠤ ᠬᠥᠷᠥᠩᠭᠡᠵᠢᠭᠰᠡᠭᠡᠷ ᠨᠢᠳᠦ ᠨᠢ ᠥᠭᠡᠬᠦᠯᠡᠵᠦ ᠬᠥᠮᠦᠨ ᠲᠠᠨᠢᠬᠤ ᠪᠠᠨ ᠪᠣᠯᠢᠴᠢᠬᠠᠨ᠎ᠠ᠃ ᠮᠢᠨᠦ ᠡᠨᠡ ᠰᠢᠲᠠᠩᠬᠠᠢ ᠴᠢᠷᠠᠢ ᠰᠡᠭᠰᠡᠭᠡᠷ ᠦᠰᠦ ᠶ᠋ᠢ ᠦᠵᠡᠭᠡᠳ ᠠᠪᠠᠭ᠎ᠠ ᠮᠢᠨᠢ ᠠᠶᠤᠭᠰᠠᠨ ᠪᠠᠢᠯᠭᠦᠢ! ᠶᠠᠪᠤᠶ᠎ᠠ᠂ ᠶᠠᠪᠤᠶ᠎ᠠ! ᠲᠣᠨᠢᠯᠵᠤ ᠥᠭᠭᠦᠶ᠎ᠡ! ᠨᠢᠳᠦᠨ ᠳ᠋ᠦ᠍ᠨᠢ ᠳᠠᠬᠢᠨ ᠦᠵᠡᠭᠳᠡᠬᠦ ᠪᠡᠷ ᠦᠭᠡᠢ ᠲᠣᠨᠢᠯᠵᠤ ᠠᠷᠢᠯᠤᠶ᠎ᠠ! ᠠᠪᠤ ᠶ᠋ᠢᠨ ᠲᠥᠷᠥᠯ ᠠᠪᠠᠭ᠎ᠠ ᠮᠢᠨᠢ ᠬᠦᠷᠲᠡᠯ᠎ᠡ ᠨᠠᠮᠠᠶ᠋ᠢ ᠵᠢᠭᠰᠢᠵᠦ ᠪᠠᠢᠭ᠎ᠠ ᠶᠤᠮ ᠴᠢᠨᠢ ᠲᠠᠨᠢᠵᠤ ᠮᠡᠳᠡᠬᠦ ᠦᠭᠡᠢ ᠬᠥᠮᠦᠰ ᠦ᠋ᠨ ᠵᠢᠭᠰᠢᠬᠦ ᠨᠢ ᠴᠦ᠍ ᠲᠦᠮᠡᠨ ᠵᠥᠪ!》 ᠭᠡᠵᠦ ᠠᠪᠠᠭ᠎ᠠ ᠶ᠋ᠢᠨ ᠢ᠋ᠶ᠋ᠡᠨ ᠬᠠᠶᠠᠭᠠᠨ ᠳ᠋ᠤ᠌ ᠥᠨᠳᠥᠷ ᠳᠠᠭᠤᠨ ᠢ᠋ᠶ᠋ᠠᠷ ᠬᠠᠩᠭᠢᠨᠠᠲᠠᠯ᠎ᠠ ᠬᠠᠰᠬᠢᠷᠤᠭᠠᠳ ᠶᠠᠪᠤᠵᠤ ᠣᠳᠪᠠ᠃ 
       ᠮᠡᠳᠡᠷᠡᠯ ᠳ᠋ᠦ᠍ᠨᠢ ᠭᠡᠮ ᠠᠷᠬᠠᠭ ᠲᠠᠢ ᠪᠣᠯᠤᠭᠰᠠᠨ ᠨᠣᠮᠢᠨ ᠬᠡᠦᠬᠡᠨ ᠢᠴᠢᠵᠦ ᠠᠶᠤᠬᠤ ᠪᠠᠨ ᠴᠤ᠌ ᠮᠡᠳᠡᠳᠡᠭ ᠦᠭᠡᠢ ᠶ᠋ᠢᠨ ᠬᠤᠪᠢ ᠳ᠋ᠤ᠌᠂ ᠬᠠᠮᠢᠭ᠎ᠠ ᠭᠠᠵᠠᠷ ᠢ᠋ᠶ᠋ᠠᠷ ᠴᠤ᠌ ᠲᠡᠨᠦᠭᠦᠴᠢᠯᠡᠨ ᠬᠡᠰᠦᠵᠦ ᠣᠷᠣᠬᠤ ᠦᠭᠡᠢ ᠴᠤ᠌ ᠭᠡᠷ ᠦᠭᠡᠢ᠂ ᠱᠠᠬᠠᠢᠬᠤ ᠦᠭᠡᠢ ᠴᠤ᠌ ᠨᠦᠬᠡ ᠦᠭᠡᠢ᠂ ᠴᠣᠬᠣᠮ ᠶᠠᠭᠤ ᠡᠷᠢᠵᠦ ᠬᠠᠢᠵᠤ ᠶᠠᠪᠤᠭ᠎ᠠ ᠶᠤᠮ ᠪᠦᠦ ᠮᠡᠳᠡ᠂ ᠬᠥᠮᠦᠰ ᠲᠦ᠍ ᠠᠳᠠᠯᠠᠭᠳᠠᠨ ᠳᠣᠷᠣᠮᠵᠢᠯᠠᠭᠤᠯᠪᠠᠴᠤ ᠲᠡᠷᠡ ᠲᠡᠷᠡ ᠶ᠋ᠢ ᠶᠠᠭᠤᠮᠠᠨ ᠲᠡᠳᠦᠢ ᠦᠯᠦ ᠪᠣᠳᠣᠨ ᠡᠷᠡᠭᠦᠯ ᠨᠢᠭᠡ ᠡᠳᠦᠷ᠂ ᠡᠭᠡᠷᠡᠭ ᠨᠢᠭᠡ ᠡᠳᠦᠷ ᠢ᠋ᠶ᠋ᠡᠷ ᠰᠢᠷ᠎ᠠ ᠡᠳᠦᠷ ᠪᠣᠷᠣ ᠬᠣᠨᠣᠭ ᠢ᠋ ᠡᠯᠡᠭᠡᠨ᠎ᠡ᠃ 
       ᠠᠭᠤᠯᠠ ᠶ᠋ᠢᠨ ᠵᠡᠷᠯᠢᠭ ᠢᠯᠠᠮ᠎ᠠ᠂ ᠳᠣᠯᠣᠭᠠᠨ᠎ᠠ᠂ ᠦᠷᠡᠯ ᠢᠳᠡᠬᠦ ᠶᠤᠮᠰᠠᠨ ᠭᠡᠵᠦ ᠮᠠᠰᠢᠳᠠ ᠬᠥᠭᠰᠡᠨ ᠪᠠᠭ᠎ᠠ ᠳ᠋ᠠᠭᠠᠨ ᠠᠭᠤᠯᠠ ᠶ᠋ᠢᠨ ᠢᠯᠠᠮ᠎ᠠ ᠲᠡᠭᠦᠵᠦ ᠢᠳᠡᠭᠰᠡᠨ ᠢ᠋ᠶ᠋ᠡᠨ ᠰᠠᠨᠠᠵᠤ《 ᠪᠦᠭᠦᠳᠡ ᠠᠮᠢᠲᠠᠨ ᠨᠠᠮᠠᠶ᠋ᠢ ᠳᠣᠣᠷᠠᠰᠢᠶᠠᠳᠠᠭ ᠬᠣᠢᠨ᠎ᠠ ᠳᠠ᠂ ᠪᠢ ᠮᠥᠨ ᠠᠭᠤᠯᠠ ᠶ᠋ᠢᠨ ᠭᠦᠨ ᠳ᠋ᠦ᠍ ᠣᠷᠣᠶ᠎ᠠ! ᠬᠡᠨ ᠨᠠᠮᠠᠶ᠋ᠢ ᠮᠠᠭᠤᠰᠢᠶᠠᠵᠤ ᠳᠣᠷᠣᠮᠵᠢᠯᠠᠬᠤ ᠪᠣᠢ! ᠵᠠ᠂ ᠶᠠᠪᠤᠵᠤ ᠠᠭᠤᠯᠠᠨ ᠤ᠋ ᠢᠯᠠᠮ᠎ᠠ᠂ ᠴᠢᠪᠠᠭ᠎ᠠ᠂ ᠳᠣᠯᠣᠭᠠᠨ᠎ᠠ᠂ ᠦᠷᠢᠯ᠁ ᠲᠡᠭᠦᠵᠦ ᠢᠳᠡᠨ᠎ᠡ ᠬᠦ!》 ᠭᠡᠵᠦ ᠠᠷᠠᠭᠠᠨ ᠠ᠋ᠴᠠ ᠪᠠᠨ ᠬᠠᠷ᠎ᠠ ᠤᠰᠤ ᠴᠤᠪᠤᠭᠤᠯᠤᠭᠰᠠᠭᠠᠷ ᠮᠤᠨᠠ ᠠᠭᠤᠯᠠᠨ ᠳ᠋ᠤ᠌ ᠭᠠᠷᠪᠠ᠃ 

        ᠦᠰᠦᠭ ᠠᠮᠢᠯᠠᠭᠤᠯᠤᠭᠰᠠᠨ ᠨᠢ᠄ ᠲᠡᠭᠷᠢ ᠡᠵᠢ