ᠳᠡᠳ᠋ ᠪᠣᠲᠢ – ᠭᠤᠷᠪᠠᠳᠤᠭᠠᠷ ᠪᠦᠯᠦᠭ <ᠵᠢᠷᠭᠤᠭᠠ>
ᠭᠥᠯᠥᠭᠡ ᠭᠠᠰᠠᠯᠤᠮᠠ ᠭᠠᠰᠢᠭᠤᠨ ᠨᠠᠷᠠ ᠢᠯᠴᠢ ᠪᠡᠨ ᠬᠤᠷᠢᠶᠠᠵᠤ ᠪᠠᠷᠠᠭᠤᠨ ᠡᠩᠭᠡᠷ ᠦ᠋ᠨ ᠬᠠᠳᠠ ᠲᠠᠢ ᠱᠣᠷᠣᠩ ᠳᠡᠭᠡᠷᠡ ᠲᠣᠭᠲᠠᠵᠤ ᠶᠠᠳᠠᠨ ᠶᠠᠭᠠᠷᠠᠵᠤ《ᠪᠢ ᠣᠳᠣ ᠶᠠᠪᠤᠯᠠ》 ᠭᠡᠰᠡᠨ ᠰᠢᠭ ᠢᠨᠢᠶᠡᠮᠰᠦᠭᠯᠡᠬᠦ ᠮᠡᠲᠦ ᠬᠠᠷᠠᠭᠳᠠᠨᠠ᠃
ᠠᠭᠤᠯᠠᠨ ᠳ᠋ᠤ᠌ ᠨᠠᠷᠠ ᠡᠷᠲᠡ ᠰᠢᠩᠭᠡᠳᠡᠭ᠃ ᠠᠭᠤᠯᠠ ᠶ᠋ᠢᠨ ᠰᠡᠭᠦᠳᠡᠷ ᠡᠷᠭᠢᠬᠦ ᠳ᠋ᠦ᠍ ᠢᠰᠪᠡᠯᠵᠡᠭᠰᠡᠨ ᠪᠦᠰᠡᠭᠦᠢ ᠨᠠᠷᠠ᠂ ᠬᠠᠳᠠ ᠲᠠᠢ ᠱᠣᠷᠣᠩ ᠤ᠋ᠨ ᠴᠠᠭᠠᠭᠤᠷ ᠴᠢᠷᠠᠢ ᠪᠠᠨ ᠳᠠᠯᠳᠠᠯᠠᠨ ᠨᠢᠭᠤᠪᠠ᠃
ᠴᠣᠩᠬᠢᠶᠠᠯ ᠤ᠋ᠨ ᠤᠰᠤᠨ ᠠ᠋ᠴᠠ ᠰᠤᠭᠤᠷᠠᠨ ᠭᠠᠷᠴᠤ ᠨᠠᠷᠠᠨ ᠳ᠋ᠤ᠌ ᠪᠡᠶᠡ ᠪᠡᠨ ᠡᠭᠡᠭᠡᠵᠦ ᠬᠡᠪᠲᠡᠭᠰᠡᠨ ᠱᠠᠯᠳᠠᠩ ᠪᠦᠰᠡᠭᠦᠢ ᠨᠠᠷᠠ ᠤᠨᠠᠵᠤ ᠪᠦᠷᠦᠢ ᠲᠠᠰᠤᠷᠠᠬᠤ ᠠ᠋ᠴᠠ ᠵᠠᠪᠳᠤᠵᠤ ᠰᠢᠷᠢᠩᠭᠢ ᠲᠡᠢ ᠠᠷᠤ ᠡᠩᠭᠡᠷ ᠦ᠋ᠨ ᠲᠠᠤᠯᠠᠢ ᠶ᠋ᠢᠨ ᠵᠢᠮ ᠳᠡᠭᠡᠷᠡ ᠲᠠᠯᠪᠢᠭᠰᠠᠨ ᠤᠷᠠᠬᠠ ᠪᠠᠨ ᠡᠷᠭᠢᠵᠦ ᠦᠵᠡᠬᠦ ᠪᠡᠷ ᠬᠥᠳᠡᠯᠪᠡ᠃
ᠲᠡᠷᠲᠡᠭᠡ ᠬᠥᠬᠡᠷᠡᠬᠦ ᠠᠭᠤᠯᠠ ᠶ᠋ᠢᠨ ᠬᠢᠷᠠ ᠳᠠᠭᠠᠵᠤ ᠬᠠᠷᠠ ᠰᠢᠪᠠᠭᠤ᠂ ᠬᠡᠷᠢᠶᠡ ᠡᠷᠭᠢᠯᠳᠦᠬᠦ ᠶ᠋ᠢ ᠬᠠᠷᠠᠭᠠᠳ《ᠮᠢᠨᠦ ᠲᠠᠯᠪᠢᠭᠰᠠᠨ ᠤᠷᠠᠬᠠᠨ ᠳ᠋ᠤ᠌ ᠶᠠᠭᠤᠮᠠ ᠥᠷᠲᠥᠵᠦ ᠳᠡ》 ᠭᠡᠵᠦ ᠳᠦᠳᠦᠨᠡᠨ ᠬᠤᠷᠳᠤᠯᠠᠪᠠ᠃ ᠠᠭᠤᠯᠠ ᠬᠠᠳᠠᠨ ᠳ᠋ᠤ᠌ ᠴᠠᠭᠠᠷᠠᠭᠰᠠᠨ ᠪᠦᠰᠡᠭᠦᠢ ᠶ᠋ᠢᠨ ᠬᠥᠯ ᠳ᠋ᠦ᠍ ᠰᠢᠳᠢ ᠣᠷᠣᠰᠢᠭᠰᠠᠨ ᠰᠢᠭ᠋ ᠬᠤᠷᠳᠤᠯᠠᠭᠰᠠᠭᠠᠷ ᠬᠡᠳᠦᠨ ᠬᠥᠲᠥᠯ ᠳᠠᠪᠠᠬᠤ ᠳ᠋ᠤ᠌ ᠥᠭᠡᠳᠡ ᠡᠴᠡ ᠤᠲᠤᠭᠠ ᠦᠨᠦᠷᠲᠦᠵᠦ᠂ ᠰᠢᠷᠠᠭᠰᠠᠨ ᠮᠢᠬᠠ᠂ ᠬᠢᠷᠪᠤᠰᠤ ᠬᠡᠩᠰᠢᠭᠦᠦ ᠶ᠋ᠢᠨ ᠦᠨᠦᠷ ᠬᠠᠩᠬᠤᠯᠬᠤᠯᠠᠷ《ᠡᠨᠳᠡ ᠶᠠᠭᠤᠨ ᠤ᠋ ᠬᠥᠮᠦᠨ ᠢᠷᠡᠪᠡ?》 ᠭᠡᠵᠦ ᠰᠡᠵᠢᠭ ᠲᠥᠷᠥᠨ ᠪᠡᠶᠡ ᠪᠡᠨ ᠶᠠᠮᠠᠷ ᠨᠢᠭᠡ ᠬᠥᠮᠦᠨ ᠳ᠋ᠦ᠍ ᠦᠵᠡᠭᠳᠡᠭᠦᠵᠡᠢ ᠭᠡᠮᠡᠨ ᠦᠷᠭᠦᠯᠵᠢ ᠶᠠᠪᠤᠵᠤ ᠣᠴᠢᠳᠠᠭ ᠬᠠᠷᠭᠤᠢ ᠠ᠋ᠴᠠ ᠪᠠᠨ ᠵᠠᠢᠳᠠᠭᠤ ᠭᠠᠵᠠᠷ ᠢ᠋ᠶ᠋ᠠᠷ ᠪᠡᠶᠡ ᠳᠠᠯᠳᠠᠯᠠᠨ ᠨᠢᠭᠤᠭᠳᠠᠵᠤ ᠶᠠᠪᠤᠨ᠂ ᠬᠠᠳᠠ ᠲᠠᠢ ᠠᠭᠤᠯᠠ ᠶ᠋ᠢᠨ ᠴᠠᠭᠠᠭᠤᠷ ᠤᠨᠠᠬᠤ ᠨᠠᠷᠠ ᠲᠠᠢ ᠤᠷᠤᠯᠳᠤᠵᠤ ᠤᠷᠠᠬᠠ ᠲᠠᠯᠪᠢᠭᠰᠠᠨ ᠭᠠᠵᠠᠷ ᠢ᠋ᠶ᠋ᠠᠨ ᠳᠥᠭᠥᠪᠡ᠃
ᠲᠠᠪᠤ ᠭᠤᠷᠪᠠᠬᠠᠨ ᠤᠯᠠᠢ ᠶ᠋ᠢᠨ ᠱᠠᠭᠠᠵᠠᠭᠠᠢ ᠮᠣᠳᠣᠨ ᠤ᠋ ᠮᠥᠴᠢᠷ ᠲᠦ᠍ ᠱᠠᠭᠰᠢᠯᠴᠠᠨ᠄
— ᠤᠷᠠᠬᠠ ᠲᠠᠢ ᠭᠤᠷᠠ ᠴᠢᠨᠢ ᠪᠤᠰᠤᠳ ᠤ᠋ᠨ ᠣᠯᠵᠠ ᠪᠣᠯᠴᠢᠬᠠᠵᠠᠢ! ᠵᠢᠭᠠᠬᠠᠨ ᠡᠷᠲᠡ ᠢᠷᠡᠳᠡᠭ ᠦᠭᠡᠢ ᠨᠢ ᠶᠠᠭᠠᠬᠢᠭᠠ ᠪᠣᠢ?
— ᠰᠦᠷᠡᠬᠡᠢ ᠨᠢᠭᠡ ᠬᠠᠷᠠᠮᠴᠢ ᠡᠷᠡ ᠶᠦᠮ ᠠ᠋! ᠬᠠᠮᠢᠭᠠ ᠭᠠᠵᠠᠷ ᠠ᠋ᠴᠠ ᠲᠡᠨᠦᠵᠦ ᠶᠠᠪᠤᠭᠠ ᠶ᠋ᠢ ᠪᠦᠦ ᠮᠡᠳᠡ᠁ ᠭᠤᠷᠠ ᠶ᠋ᠢᠨ ᠮᠢᠬᠠ ᠠ᠋ᠴᠠ ᠪᠣᠷᠴᠠᠯᠠᠵᠤ᠂ ᠭᠠᠯ ᠳ᠋ᠤ᠌ ᠰᠢᠷᠠᠵᠤ ᠢᠳᠡᠴᠢᠬᠡᠭᠡᠳ ᠦᠯᠡᠳᠡᠪᠦᠷᠢ ᠶ᠋ᠢ ᠨᠢ ᠡᠭᠦᠷᠦᠭᠡᠳ ᠵᠡᠭᠦᠨ ᠡᠩᠭᠡᠷ ᠢ᠋ ᠳᠠᠪᠠᠵᠤ ᠶᠠᠪᠤᠭᠰᠠᠨ᠃ ᠬᠣᠯᠠᠳᠴᠤ ᠴᠢᠳᠠᠭᠠ ᠦᠭᠡᠢ ᠠ᠋᠂ ᠲᠡᠷᠡ ᠡᠷᠡ᠁ ᠭᠡᠵᠦ ᠪᠠᠰᠠ ᠨᠢᠭᠡ ᠨᠢ ᠱᠠᠭᠰᠢᠵᠤ ᠬᠡᠯᠡᠬᠦ ᠨᠢ ᠲᠡᠭᠦᠨ ᠳ᠋ᠦ᠍《ᠮᠤᠨᠠ ᠠᠭᠤᠯᠠ ᠶ᠋ᠢᠨ ᠬᠡᠰᠢᠭ ᠢ᠋ ᠴᠢ ᠪᠢᠳᠡᠨᠦᠰ ᠯᠡ ᠬᠦᠷᠲᠡᠬᠦ ᠡᠴᠡ ᠪᠢᠰᠢ ᠥᠭᠡᠷᠡ ᠵᠢᠰᠦ ᠪᠤᠷᠤᠭᠤ ᠡᠲᠡᠭᠡᠳ ᠢ᠋ ᠬᠠᠪᠢᠳᠠᠭᠤᠯᠵᠤ ᠪᠣᠯᠬᠤ ᠦᠭᠡᠢ》 ᠭᠡᠵᠦ ᠵᠠᠷᠭᠤᠯᠳᠤᠬᠤ ᠰᠢᠭ᠋ ᠪᠠᠢᠯᠠ᠃
ᠭᠦᠢᠴᠡᠳ ᠵᠠᠮᠬᠠᠷᠠᠭᠠᠳᠤᠢ ᠳᠤᠲᠠᠭᠤ ᠪᠤᠯᠠᠭᠰᠠᠨ ᠭᠠᠯ ᠤ᠋ᠨ ᠨᠤᠷᠮᠠᠨ ᠠ᠋ᠴᠠ ᠶᠠᠯᠢ ᠦᠭᠡᠢ ᠤᠲᠤᠭᠠ ᠮᠠᠨᠠᠷᠠᠵᠤ ᠴᠡᠪᠡᠷ ᠠᠭᠠᠷ ᠲᠠᠢ ᠠᠭᠤᠯᠠ ᠶ᠋ᠢᠨ ᠵᠢᠯᠠᠭᠠ ᠳ᠋ᠤ᠌ ᠨᠢᠭᠡᠨ ᠵᠤᠷᠪᠤᠰ ᠴᠡᠩᠬᠡᠷ ᠱᠤᠭᠤᠮ ᠦᠯᠦ ᠮᠡᠳᠡᠭ ᠳᠡᠭᠡᠭᠰᠢ ᠪᠡᠨ ᠰᠤᠭᠤᠨᠠᠭᠯᠠᠨᠠ᠁ ᠲᠡᠷᠡ ᠬᠦ᠌ ᠭᠠᠯ ᠤ᠋ᠨ ᠨᠣᠷᠮᠠ ᠶ᠋ᠢ ᠲᠣᠭᠣᠷᠢᠭᠠᠳ ᠬᠣᠶᠠᠷ ᠭᠠᠨᠢᠰᠤ ᠳᠠᠭᠠᠭᠤᠯᠤᠭᠰᠠᠨ ᠮᠠᠩᠭᠢᠰᠤ ᠬᠢᠷᠪᠤᠰᠤ ᠶ᠋ᠢᠨ ᠦᠨᠦᠷ ᠲᠦ᠍ ᠰᠣᠭᠲᠣᠭᠤᠷᠠᠨ ᠲᠡᠭᠦᠨ ᠦ᠌ ᠬᠦᠷᠴᠦ ᠣᠴᠢᠬᠤ ᠶ᠋ᠢ ᠴᠦ᠍ ᠦᠯᠦ ᠬᠠᠢᠬᠤᠷᠤᠨ ᠭᠠᠵᠠᠷ ᠰᠢᠩᠰᠢᠯᠡᠭᠰᠡᠭᠡᠷ ᠪᠠᠢᠪᠠ᠃ ᠪᠡᠶᠡ ᠪᠡᠷ ᠠᠷᠠᠢ ᠲᠣᠮᠣᠬᠠᠨ ᠰᠢᠭ᠋ ᠭᠠᠨᠢᠰᠤ ᠨᠢ ᠭᠡᠨᠡᠳᠲᠡ ᠱᠠᠯᠳᠠᠩ ᠪᠦᠰᠡᠭᠦᠢ ᠬᠠᠵᠠᠭᠤ ᠳ᠋ᠤᠨᠢ ᠬᠦᠷᠴᠦ ᠣᠴᠢᠭᠰᠠᠨ ᠢ᠋ ᠦᠵᠡᠭᠡᠳ ᠰᠣᠴᠢᠵᠤ ᠪᠤᠯᠲᠠᠰᠬᠢᠨ ᠰᠢᠷᠢᠩᠭᠢ ᠳ᠋ᠦ᠍ ᠦᠰᠦᠷᠦᠨ ᠣᠷᠣᠬᠤ ᠶ᠋ᠢ ᠳᠠᠭᠠᠯᠳᠤᠨ ᠨᠥᠭᠦᠭᠡ ᠬᠣᠶᠠᠷ ᠨᠢ ᠴᠦ᠍ ᠨᠢᠳᠦ ᠢᠷᠮᠡᠬᠦ ᠵᠠᠭᠤᠷᠠ ᠳᠠᠯᠳᠠᠷᠠᠪᠠ᠃
ᠡᠷᠡ ᠬᠦᠢᠰᠦᠲᠡᠨ ᠦ᠌ ᠡᠲᠡᠭᠡᠳ ᠰᠣᠨᠢᠬᠠᠨ ᠦᠨᠦᠷ ᠲᠡᠷᠡ ᠳᠤᠲᠠᠭᠤ ᠮᠠᠨᠠᠭᠳᠠᠭᠰᠠᠨ ᠭᠠᠯ ᠤ᠋ᠨ ᠨᠣᠷᠮᠠ ᠶ᠋ᠢᠨ ᠬᠠᠵᠠᠭᠤᠳᠠᠬᠢ ᠰᠠᠨᠳᠠᠯᠢ ᠴᠢᠯᠠᠭᠤᠨ ᠠ᠋ᠴᠠ ᠰᠡᠩᠬᠢ ᠲᠡᠳᠡᠨ ᠦᠨᠦᠷᠲᠦᠵᠦ ᠲᠡᠭᠦᠨ ᠦ᠌ ᠪᠡᠶᠡ ᠶ᠋ᠢ ᠡᠷᠪᠡᠭᠡᠨᠡᠭᠦᠯᠦᠯᠡ᠃ ᠡᠨᠡ ᠦᠨᠦᠷ ᠲᠡᠭᠦᠨ ᠳ᠋ᠦ᠍ ᠳᠠᠩᠴᠤ ᠳᠠᠰᠤᠯ ᠰᠠᠨᠠᠭᠳᠠᠵᠤ᠂ ᠬᠡᠵᠢᠶᠡ ᠴᠦ᠍ ᠪᠢᠯᠡ? ᠡᠨᠡ ᠦᠨᠦᠷ ᠲᠦ᠍ ᠰᠣᠭᠲᠣᠭᠤᠷᠠᠨ ᠠᠯᠢᠶᠠᠷᠬᠠᠵᠤ ᠪᠠᠢᠭᠰᠠᠨ ᠵᠡᠭᠦᠳᠦ ᠵᠡᠷᠭᠡᠯᠭᠡᠨ ᠰᠢᠭ ᠶᠠᠭᠤᠮᠠ ᠪᠣᠳᠣᠭᠳᠠᠨᠠ᠃《ᠭᠣᠩᠴᠣᠭᠷᠠᠬᠤᠠ ᠠ᠋!》 ᠭᠡᠰᠡᠨ ᠴᠠᠭᠠᠨ ᠵᠤᠷᠪᠤᠰ ᠭᠡᠷᠡᠯ ᠪᠦᠳᠡᠭᠢ ᠬᠠᠷᠠᠩᠭᠤᠢ ᠶ᠋ᠢ ᠵᠦᠰᠦᠵᠦ ᠲᠡᠭᠦᠨ ᠦ᠌ ᠲᠠᠷᠢᠬᠢᠨ ᠳ᠋ᠤ᠌ ᠬᠠᠷᠪᠤᠭᠰᠠᠨ ᠢ᠋ᠶ᠋ᠠᠨ ᠠᠭᠱᠠᠨᠠ ᠠᠷᠢᠯᠪᠠ᠃ ᠲᠠᠨᠢᠯ ᠳᠠᠰᠤᠯ ᠪᠢᠰᠢ ᠪᠣᠯᠪᠠᠴᠤ ᠢᠵᠢᠯᠢ ᠪᠤᠰᠤ ᠬᠦᠢᠰᠦᠲᠡᠨ ᠨᠢᠭᠡ ᠨᠢᠭᠡᠨ ᠦ᠌ ᠪᠡᠨ ᠦᠨᠦᠷ ᠲᠦ᠍ ᠠᠭᠤᠰᠴᠤ ᠪᠣᠳᠣᠯ ᠤ᠋ᠨ ᠵᠢᠯᠣᠭᠣ ᠠᠯᠳᠠᠭᠤᠯᠳᠠᠭ ᠨᠢ ᠦᠨᠡᠨ ᠭᠡᠪᠡᠯ᠂ ᠱᠠᠯᠳᠠᠩ ᠪᠦᠰᠡᠭᠦᠢ ᠶ᠋ᠢᠨ ᠮᠠᠬᠠᠪᠣᠳ ᠤ᠋ᠨ ᠬᠢᠨᠢ ᠮᠠᠨᠠᠭᠳᠠᠭᠰᠠᠨ ᠭᠠᠯ ᠭᠤᠷᠠ ᠶ᠋ᠢᠨ ᠮᠢᠬᠠ ᠰᠢᠷᠠᠵᠤ ᠥᠩᠭᠡᠷᠡᠭᠰᠡᠨ ᠲᠡᠷᠡ ᠤᠭᠤᠭᠢᠭᠠ ᠭᠠᠯ ᠤ᠋ᠨ ᠨᠣᠷᠮᠠ ᠰᠢᠭ᠋ ᠨᠠᠮᠤᠭᠤᠬᠠᠨ ᠤᠭᠤᠭᠢᠵᠤ ᠡᠬᠢᠯᠡᠪᠡ᠁ ᠲᠣᠰᠣ ᠳᠠᠭᠠᠭᠠᠭᠰᠠᠨ ᠠᠭᠠᠷᠤ᠂ ᠨᠠᠷᠠᠰᠤᠨ ᠤ᠋ ᠮᠥᠴᠢᠷ ᠬᠤᠭᠤᠯᠵᠤ ᠲᠡᠷᠡ ᠤᠭᠤᠭᠢᠬᠤ ᠭᠠᠯ ᠤ᠋ᠨ ᠨᠤᠷᠮᠠᠨ ᠳᠡᠭᠡᠷᠡ ᠵᠡᠷᠭᠡᠯᠡᠵᠦ ᠲᠠᠯᠪᠢᠬᠤ ᠳ᠋ᠤ᠌ ᠳᠦᠷᠳ᠋ᠬᠢᠨ ᠨᠣᠴᠣᠬᠤ ᠳ᠋ᠤ᠌ ᠪᠡᠯᠡᠬᠡᠨ ᠠᠵᠤᠭᠤ᠃
ᠡᠷᠡ ᠬᠥᠮᠦᠨ ᠦ᠌ ᠳᠠᠰᠤᠯ ᠠᠪᠴᠤ ᠰᠣᠨᠢᠬᠠᠨ ᠦᠨᠦᠷ ᠲᠦ᠍ ᠬᠥᠲᠥᠯᠦᠭᠳᠡᠨ ᠲᠡᠭᠦᠨ ᠦ᠌ ᠶᠠᠪᠤᠭᠰᠠᠨ ᠮᠥᠷ ᠢ᠋ᠶ᠋ᠡᠷ ᠮᠥᠷᠳᠡᠵᠦ ᠳᠡᠮᠡᠢ ᠬᠣᠯᠠᠳᠤᠭᠠ ᠦᠭᠡᠢ ᠲᠡᠷᠡ ᠡᠷᠡ ᠶ᠋ᠢᠨ ᠪᠠᠷᠠ ᠶ᠋ᠢ ᠣᠯᠵᠤ ᠬᠠᠷᠠᠬᠤ ᠭᠡᠵᠦ ᠶᠠᠭᠠᠷᠠᠭᠰᠠᠨ ᠱᠠᠯᠳᠠᠩ ᠪᠦᠰᠡᠭᠦᠢ ᠳ᠋ᠦ᠍ ᠵᠢᠭᠦᠷ ᠤᠷᠭᠤᠭᠰᠠᠨ ᠰᠢᠭ᠋ ᠬᠠᠳᠠ ᠴᠢᠯᠠᠭᠤ᠂ ᠮᠣᠳᠣ ᠰᠢᠷᠢᠩᠭᠢᠨ ᠳ᠋ᠦ᠍ ᠰᠠᠭᠠᠳ ᠦᠭᠡᠢ ᠶᠠᠪᠤᠵᠤ ᠪᠠᠢᠯᠠ᠃
ᠲᠡᠷᠡ ᠡᠷᠡ ᠶ᠋ᠢᠨ ᠦᠨᠦᠷ ᠰᠢᠩᠭᠡᠭᠰᠡᠨ ᠮᠥᠷ ᠲᠡᠭᠦᠨ ᠦ᠌ ᠬᠣᠨᠣᠳᠠᠭ ᠬᠠᠳᠠᠨ ᠬᠣᠩᠭᠢᠯ ᠤ᠋ᠨ ᠳᠣᠲᠣᠷᠠ ᠣᠷᠣᠪᠠ᠃
ᠪᠦᠷᠦᠢ ᠲᠠᠰᠤᠷᠠᠭᠰᠠᠨ ᠪᠣᠯᠬᠣᠷ ᠬᠣᠯᠠ ᠶ᠋ᠢᠨ ᠪᠠᠷᠠ ᠪᠦᠷᠦᠭ ᠪᠠᠷᠤᠭ᠃ ᠲᠡᠷᠡ ᠡᠷᠡ ᠬᠠᠳᠠᠨ ᠬᠣᠩᠭᠢᠯ ᠤ᠋ᠨ ᠠᠮᠠᠨ ᠳ᠋ᠤ᠌ ᠳᠣᠲᠣᠭᠰᠢ ᠪᠠᠨ ᠣᠷᠣ ᠶᠠᠳᠠᠨ ᠲᠦᠳᠡᠭᠡᠯᠵᠡᠵᠦ ᠪᠠᠢᠭᠠ ᠶ᠋ᠢ ᠱᠠᠯᠳᠠᠩ ᠪᠦᠰᠡᠭᠦᠢ ᠲᠣᠳᠣᠬᠠᠨ ᠬᠠᠷᠠᠵᠤ ᠪᠠᠢᠯᠠ᠃
ᠲᠠᠯᠠ ᠳᠤᠭᠤᠢ ᠰᠠᠷᠠᠨ ᠤ᠋ ᠲᠠᠢᠪᠤᠩ ᠴᠠᠭᠠᠨ ᠲᠤᠶᠠᠭᠠ ᠠᠭᠤᠯᠠ ᠶ᠋ᠢᠨ ᠬᠥᠨᠳᠡᠢ᠂ ᠭᠣᠣ ᠵᠢᠯᠠᠭᠠ᠂ ᠬᠠᠳᠠ ᠲᠠᠢ ᠡᠩᠭᠡᠷ᠂ ᠨᠠᠷᠠᠰᠤ ᠲᠠᠢ ᠬᠥᠲᠥᠯ ᠢ᠋ ᠨᠡᠢᠳᠡᠮ ᠰᠦᠯᠡᠵᠦ᠂ ᠬᠠᠷᠠᠮ ᠦᠭᠡᠢ ᠠᠰᠬᠠᠭᠰᠠᠨ ᠰᠦᠨ ᠴᠠᠭᠠᠨ ᠲᠤᠶᠠᠭᠠᠨ ᠳ᠋ᠤ᠌ ᠬᠠᠳᠠᠨ ᠬᠣᠩᠭᠢᠯ ᠤ᠋ᠨ ᠬᠥᠩᠬᠥᠢᠭᠰᠡᠨ ᠰᠠᠷᠠᠪᠴᠢᠨ ᠳᠣᠣᠷᠠ ᠪᠠᠳᠠᠷᠠᠩᠭᠤᠢ ᠵᠤᠯᠠ ᠠᠰᠠᠭᠠᠭᠰᠠᠨ ᠰᠢᠭ᠋ ᠲᠤᠩᠭᠠᠯᠠᠭ ᠪᠠᠢᠪᠠ᠃
ᠱᠠᠯᠳᠠᠩ ᠪᠦᠰᠡᠭᠦᠢ ᠬᠣᠩᠭᠢᠯ ᠤ᠋ᠨ ᠢ᠋ᠶ᠋ᠠᠨ ᠳᠡᠷᠭᠡᠳᠡ ᠰᠡᠮᠡᠬᠡᠷ ᠬᠦᠷᠴᠦ ᠴᠣᠬᠣᠮ ᠶᠠᠭᠤ ᠪᠣᠯᠤᠭᠠ ᠪᠣᠢ? ᠶᠠᠮᠠᠷ ᠬᠥᠮᠦᠨ ᠡᠨᠳᠡ ᠢᠷᠡᠪᠡ? ᠭᠡᠰᠡᠨ ᠢ᠋ ᠲᠣᠳᠣᠯᠠᠬᠤ ᠰᠠᠨ ᠭᠡᠰᠡᠨ ᠵᠣᠷᠢᠭ ᠢ᠋ ᠪᠠᠷᠢᠨ ᠳᠡᠪᠰᠡᠭ ᠦ᠋ᠨ ᠬᠠᠵᠠᠭᠤ ᠶ᠋ᠢᠨ ᠵᠢᠰᠢᠭᠦᠦ ᠥᠩᠭᠡᠢᠪᠴᠢ ᠪᠡᠷ ᠱᠠᠭᠠᠢᠪᠠᠯ᠂ ᠲᠡᠷᠡ ᠡᠷᠡ ᠲᠩᠷᠢ ᠬᠠᠨᠳᠤᠨ ᠲᠠᠢᠪᠤᠩ ᠤᠨᠲᠠᠵᠤ ᠠᠢᠵᠠᠮᠯᠢᠭ ᠬᠤᠷᠬᠢᠷᠠᠨᠠ᠃
— ᠶᠠᠮᠠᠷ ᠪᠤᠬᠠᠨ ᠵᠢᠷᠦᠬᠡ ᠲᠡᠢ ᠡᠷᠡ ᠪᠣᠢ? ᠡᠵᠡᠨ ᠦ᠌ ᠬᠢᠨᠢ ᠵᠥᠪᠰᠢᠶᠡᠷᠡᠯ ᠦᠭᠡᠢ ᠪᠡᠷ ᠡᠮᠡ ᠬᠥᠮᠦᠨ ᠦ᠌ ᠬᠡᠪᠲᠡᠷᠢ ᠶ᠋ᠢ ᠡᠵᠡᠷᠬᠡᠵᠦ ᠤᠨᠲᠠᠳᠠᠭ ᠨᠢ⁈ ᠴᠢ ᠴᠣᠬᠣᠮ ᠬᠡᠨ ᠪᠣᠯᠪᠠ? ᠭᠡᠵᠦ ᠪᠡᠶᠡ ᠡᠴᠡ ᠪᠡᠨ ᠰᠡᠮᠡᠬᠡᠷ ᠠᠰᠠᠭᠤᠵᠤ ᠯᠠᠪᠯᠠᠨ ᠬᠠᠷᠠᠬᠤᠯᠠ ᠲᠡᠷᠡ ᠡᠷᠡ ᠱ᠌ᠢᠷᠦᠨ ᠵᠢᠩᠰᠡ ᠲᠡᠢ ᠣᠲᠣᠭᠠᠲᠤ ᠮᠠᠯᠠᠭᠠᠢ ᠪᠠᠷ ᠢ᠋ᠶ᠋ᠠᠨ ᠬᠥᠮᠥᠰᠬᠡ ᠪᠡᠨ ᠳᠠᠪᠠᠭᠤᠯᠤᠨ ᠳᠠᠷᠤᠵᠤ ᠤᠨᠲᠠᠭᠰᠠᠨ ᠲᠤᠯᠠ ᠵᠢᠰᠦ ᠲᠥᠷᠬᠦ ᠨᠢ ᠲᠠᠨᠢᠭᠳᠠᠬᠤ ᠦᠭᠡᠢ ᠪᠠᠢᠯᠠ᠃ ᠰᠠᠷᠠᠨ ᠤ᠋ ᠰᠦᠨ ᠴᠠᠭᠠᠨ ᠲᠤᠶᠠᠭᠠᠨ ᠳ᠋ᠤ᠌ ᠵᠣᠭᠣᠰᠤᠨ ᠬᠡ ᠲᠡᠢ ᠰᠢᠷᠠ ᠬᠣᠷᠭᠣᠢ ᠲᠡᠷᠯᠢᠭ ᠨᠥᠮᠥᠷᠦᠭᠰᠡᠨ ᠢ᠋ ᠬᠠᠷᠠᠭᠠᠳ《ᠰᠢᠷᠠᠪ ᠨᠣᠶᠠᠨ᠂ ᠰᠢᠷᠠᠪ ᠨᠣᠶᠠᠨ᠁》 ᠭᠡᠵᠦ ᠬᠠᠰᠬᠢᠷᠤᠨ ᠭᠡᠨᠡᠳᠲᠡ ᠨᠢᠭᠡ ᠶᠠᠭᠤᠮᠠ ᠰᠠᠨᠠᠵᠤ ᠣᠯᠤᠨ ᠵᠢᠰᠢᠭᠦᠦ ᠥᠩᠭᠡᠢᠪᠴᠢ ᠶ᠋ᠢᠨ ᠠᠳᠠᠷᠠᠤ ᠲᠠᠢ ᠬᠠᠳᠠᠨ ᠠ᠋ᠴᠠ ᠰᠠᠨᠳᠤᠷᠤᠨ ᠪᠠᠭᠤᠪᠠ᠃
— ᠬᠢᠷᠢ ᠪᠡᠨ ᠮᠡᠳᠡᠳᠡᠭ ᠦᠭᠡᠢ ᠬᠡᠲᠦᠷᠡᠭᠰᠡᠨ ᠪᠠᠷᠠᠭᠠ ᠪᠠᠢᠨᠠ ᠬᠦ! ᠪᠡᠶᠡ ᠪᠡᠨ ᠶᠠᠭᠤ ᠭᠡᠵᠦ ᠪᠣᠳᠣᠪᠠ ᠴᠢ? ᠴᠡᠴᠡᠭ ᠬᠠᠲᠤᠨ ᠤ᠋ ᠨᠥᠮᠥᠷᠢ ᠳ᠋ᠦ᠍ ᠨᠠᠪᠲᠠᠭᠠᠨᠠᠳᠠᠭ ᠰᠢᠭ᠋ ᠢ᠋ᠶ᠋ᠡᠨ ᠭᠡᠵᠦ ᠰᠠᠨᠠᠪᠠ ᠤᠤ? ᠴᠢᠭᠢᠶᠡᠲᠦᠷᠦᠦ᠂ ᠮᠠᠭᠤ ᠵᠣᠯᠪᠢᠩ ᠢ᠋ ᠬᠣᠬᠣᠢ! ᠭᠡᠵᠦ ᠵᠠᠩᠳᠤᠷᠤᠭᠰᠠᠨ ᠤ᠋ ᠴᠠᠭᠠᠭᠤᠷ ᠰᠢᠷᠠᠪᠳᠣᠷᠵᠢ ᠬᠦᠩ ᠨᠣᠶᠠᠨ ᠤ᠋ ᠠᠭᠤᠷ ᠲᠠᠢ ᠴᠢᠷᠠᠢ ᠪᠠᠷᠤᠢᠵᠤ ᠰᠡᠷᠪᠡᠢᠭᠰᠡᠨ ᠬᠠᠷᠠ ᠰᠠᠬᠠᠯ ᠨᠢ ᠬᠦᠷᠲᠡᠯᠡ ᠰᠡᠷᠪᠡᠯᠵᠡᠬᠦ ᠰᠢᠭ ᠬᠠᠷᠠᠭᠳᠠᠨᠠ᠁《ᠳᠥᠭᠥᠰᠢ ᠪᠡᠨ ᠵᠠᠭᠤᠭᠰᠠᠨ ᠮᠠᠭᠤ ᠵᠣᠯᠪᠢᠩ ᠡᠮᠡ ᠶ᠋ᠢᠨ ᠵᠠᠳᠠᠭᠠᠢ ᠰᠣᠷᠪᠢ ᠶ᠋ᠢ ᠨᠢ ᠰᠡᠲᠡᠯᠵᠦ ᠣᠷᠭᠢ! ᠲᠡᠭᠦᠨ ᠢ᠋ ᠶᠠᠨᠴᠢ!》 ᠭᠡᠰᠡᠨ ᠳᠠᠭᠤᠨ ᠤ᠋ ᠳᠠᠭᠠᠤ ᠬᠣᠶᠠᠷ ᠵᠠᠨᠳᠠᠯᠴᠢᠨ ᠲᠡᠭᠦᠨ ᠦ᠌ ᠲᠠᠬᠢᠮ ᠢ᠋ ᠳᠠᠷᠤᠬᠤ ᠰᠢᠤᠬᠠᠨ ᠰᠠᠨᠠᠭᠳᠠᠬᠤ ᠳ᠋ᠤ᠌ ᠲᠡᠷᠡ ᠱᠠᠯᠳᠠᠩ ᠪᠦᠰᠡᠭᠦᠢ᠄
— ᠠᠶᠠ - ᠠᠮᠢ ᠶ᠋ᠢ ᠮᠢᠨᠢ ᠥᠷᠥᠰᠢᠶᠡ! ᠭᠡᠵᠦ ᠭᠡᠨᠡᠳᠲᠡ ᠴᠢᠬᠠᠷᠠᠭᠰᠠᠨ ᠳᠠᠭᠤ ᠪᠠᠷ ᠬᠠᠰᠬᠢᠷᠬᠤ ᠳ᠋ᠤ᠌ ᠲᠡᠷᠡ ᠳᠠᠭᠤ ᠰᠠᠷᠠ ᠲᠠᠢ ᠨᠠᠮᠤᠭᠤᠨ ᠰᠥᠨᠢ ᠶ᠋ᠢᠨ ᠭᠦᠨ ᠢ᠋ ᠡᠪᠳᠡᠵᠦ ᠠᠭᠤᠯᠠ ᠵᠢᠯᠠᠭᠠ ᠳᠠᠮᠵᠢᠭᠰᠠᠨ ᠬᠠᠳᠠᠨ ᠤ᠋ ᠴᠤᠤᠷᠠᠢ ᠪᠣᠯᠵᠤ ᠵᠠᠮᠬᠠᠷᠠᠪᠠ᠃ ᠴᠣᠴᠢᠮᠠᠭ ᠬᠠᠰᠬᠢᠷᠤᠭᠰᠠᠨ ᠡᠨᠡ ᠳᠠᠭᠤᠨ ᠳ᠋ᠤ᠌ ᠬᠠᠳᠠᠨ ᠤ᠋ ᠬᠥᠬᠡ ᠲᠠᠭᠲᠠᠭᠠ᠂ ᠰᠢᠭᠤᠢ ᠶ᠋ᠢᠨ ᠦᠷᠭᠡᠯᠡᠭᠰᠡᠨ ᠪᠣᠯᠵᠣᠮᠣᠷ ᠫᠦᠷ ᠫᠦᠷ᠂ ᠫᠢᠷ ᠫᠢᠷ ᠦᠷᠭᠦᠨ ᠨᠢᠰᠦᠨᠡ᠃
ᠡᠨᠡ ᠬᠦ᠌ ᠵᠢᠵᠢᠭᠢᠨᠠᠭᠰᠠᠨ ᠳᠠᠭᠤᠨ ᠳ᠋ᠤ᠌ ᠰᠣᠴᠢᠭᠰᠠᠨ ᠭᠣᠩᠴᠣᠭᠷᠠᠬᠤᠠ ᠳᠠᠪ ᠬᠢᠨ ᠥᠨᠳᠡᠢᠪᠡᠯ ᠬᠠᠵᠠᠭᠤ ᠬᠠᠪᠢᠷᠭᠠ ᠪᠠᠷ ᠶᠠᠭᠤ ᠴᠦ᠍ ᠬᠠᠷᠠᠭᠳᠠᠬᠤ ᠦᠭᠡᠢ᠃ ᠬᠠᠳᠠᠨ ᠬᠣᠩᠭᠢᠯ ᠢ᠋ ᠬᠥᠮᠥᠰᠬᠡᠯᠡᠵᠦ ᠬᠤᠴᠢᠭᠰᠠᠨ ᠰᠠᠷᠠᠨ ᠤ᠋ ᠭᠡᠷᠡᠯ ᠯᠡ ᠶᠠᠭᠤ ᠴᠦ᠍ ᠪᠣᠯᠤᠭᠠ ᠦᠭᠡᠢ ᠰᠢᠭ ᠶᠣᠯᠲᠠᠢᠨ《ᠤᠨᠲᠠᠬᠤ ᠪᠠᠷ ᠢ᠋ᠶ᠋ᠠᠨ ᠤᠨᠲᠠ ᠯᠠ ᠳᠠ! ᠡᠨᠡ ᠬᠣᠩᠭᠢᠯ ᠤ᠋ᠨ ᠡᠵᠡᠨ ᠬᠥᠮᠦᠨ ᠢᠷᠡᠵᠦ ᠪᠠᠢᠨᠠ᠂ ᠴᠢᠮᠠ ᠳ᠋ᠤ᠌ ᠬᠣᠣᠷ ᠬᠦᠷᠭᠡᠬᠦ ᠶᠠᠭᠤᠮᠠ ᠪᠢᠰᠢ ᠠ᠋!》 ᠭᠡᠬᠦ ᠰᠢᠭ ᠢ᠋ ᠲᠡᠷᠡ ᠶᠠᠭᠠᠬᠢᠵᠤ ᠣᠢᠯᠠᠭᠠᠬᠤ ᠪᠣᠢ⁈
ᠭᠡᠨᠡᠳᠲᠡ ᠶ᠋ᠢᠨ ᠳᠠᠭᠤᠨ ᠳ᠋ᠤ᠌ ᠰᠣᠴᠢᠵᠤ ᠰᠡᠷᠡᠭᠰᠡᠨ ᠭᠣᠩᠴᠣᠭᠷᠠᠬᠤᠠ ᠶ᠋ᠢᠨ ᠵᠢᠷᠦᠬᠡ ᠨᠢ ᠪᠤᠯᠭᠢᠯᠠᠨᠠ᠃ ᠬᠠᠷᠠᠩᠭᠤᠢ ᠰᠥᠨᠢ ᠶ᠋ᠢᠨ ᠬᠠᠳᠠᠨ ᠬᠣᠩᠭᠢᠯ ᠤ᠋ᠨ ᠬᠠᠮᠢᠭᠠ ᠨᠢᠭᠡ ᠵᠦᠭ ᠡᠴᠡ ᠶᠠᠮᠠᠷ ᠨᠢᠭᠡᠨ ᠠᠢᠩᠭᠤᠷᠢ ᠨᠥᠮᠥᠷᠦᠨ ᠪᠠᠭᠤᠵᠤ ᠲᠡᠭᠦᠨ ᠢ᠋ ᠵᠠᠯᠭᠢᠬᠤ ᠭᠡᠰᠡᠨ ᠰᠢᠭ ᠪᠡᠶᠡ ᠶ᠋ᠢ ᠨᠢ ᠳᠠᠭᠵᠢᠭᠤᠯᠪᠠ᠃ ᠴᠠᠭᠠᠳᠤ ᠬᠠᠳᠠ ᠲᠠᠢ ᠡᠩᠭᠡᠷ ᠲᠦ᠍ ᠮᠣᠳᠣ ᠱᠠᠷᠴᠢᠭᠢᠨᠠᠬᠤ ᠴᠢᠮᠡᠭᠡ ᠭᠠᠷᠴᠤ ᠲᠡᠭᠦᠨ ᠢ᠋ ᠤᠯᠠᠮ ᠠᠶᠤᠯᠭᠠᠪᠠ᠃ ᠵᠢᠷᠦᠬᠡᠨ ᠲᠤᠰᠢᠶᠠ ᠪᠠᠨ ᠨᠠᠮᠤᠭᠤᠬᠠᠨ ᠳᠠᠷᠤᠯᠬᠢᠯᠠᠵᠤ ᠲᠡᠷᠲᠡᠭᠡ ᠱᠠᠷᠴᠢᠭᠢᠨᠠᠬᠤ ᠴᠢᠮᠡᠭᠡ ᠶ᠋ᠢ ᠴᠢᠩᠨᠠᠪᠠᠯ ᠬᠥᠮᠦᠨ ᠦ᠌ ᠭᠦᠶᠦᠬᠦ ᠬᠥᠯ ᠦ᠋ᠨ ᠴᠢᠮᠡᠭᠡ ᠪᠣᠯᠵᠤ ᠬᠤᠪᠢᠷᠠᠭᠠᠳ ᠴᠠᠭᠠᠰᠢᠯᠠᠨᠠ᠃
《ᠡᠨᠡ ᠴᠣᠬᠣᠮ ᠶᠠᠭᠤ ᠪᠣᠯᠤᠭᠠ ᠪᠣᠢ? ᠡᠨᠡ ᠬᠣᠩᠭᠢᠯ ᠤ᠋ᠨ ᠡᠵᠡᠨ ᠨᠢ ᠢᠷᠡᠬᠦ ᠳ᠋ᠦ᠍ ᠪᠢ ᠲᠡᠭᠦᠨ ᠢ᠋ ᠠᠶᠤᠯᠭᠠᠴᠢᠬᠠᠪᠠ ᠤᠤ ᠳᠠ? ᠡᠨᠡ ᠬᠠᠷᠠ ᠠᠭᠤᠯᠠᠨ ᠳ᠋ᠤ᠌ ᠲᠠᠪᠢᠯᠠᠩ ᠮᠠᠭᠤᠲᠠᠢ ᠵᠣᠯᠢᠬᠯᠠᠭᠤᠯᠤᠭᠰᠠᠨ ᠨᠠᠳᠠ ᠠ᠋ᠴᠠ ᠥᠭᠡᠷᠡ ᠶᠠᠮᠠᠷ ᠴᠢᠰᠤᠨ ᠵᠢᠷᠦᠬᠡ ᠲᠡᠢ ᠬᠥᠮᠦᠨ ᠡᠨᠳᠡ ᠣᠷᠣᠩᠨᠠᠬᠤ ᠪᠣᠢ? ᠪᠢᠰᠢ ᠠ᠋᠂ ᠬᠥᠮᠦᠨ ᠴᠦ᠍ ᠯᠠᠪ ᠪᠢᠰᠢ᠃ ᠲᠡᠭᠡᠪᠡᠯ ᠴᠢᠨᠣᠠ ᠡᠰᠡᠬᠦᠯᠡ ᠴᠢᠳᠬᠥᠷ ᠨᠠᠮᠠᠶ᠋ᠢ ᠠᠶᠤᠯᠭᠠᠵᠤ ᠪᠠᠢᠭᠠ ᠨᠢ ᠡᠨᠡ ᠤᠤ⁈》 ᠭᠡᠵᠦ ᠣᠯᠠᠨ ᠰᠢᠷᠢᠯᠳᠦᠭᠰᠡᠨ ᠮᠠᠳᠠᠭ ᠲᠠᠢ ᠠᠰᠠᠭᠤᠯᠲᠠ ᠳ᠋ᠤ᠌ ᠣᠷᠢᠶᠠᠭᠳᠠᠵᠤ ᠣᠨᠣᠴᠢᠲᠠᠢ ᠬᠠᠷᠢᠭᠤᠯᠲᠠ ᠣᠯᠤᠭᠰᠠᠨ ᠦᠭᠡᠢ᠂ ᠠᠷᠴᠠ ᠮᠣᠳᠣᠨ ᠤ᠋ ᠰᠤᠪᠤᠷᠭᠠᠨ ᠣᠷᠣᠢ ᠳᠡᠭᠡᠭᠦᠷ ᠮᠡᠯᠲᠡᠯᠵᠡᠬᠦ ᠣᠳᠣᠳ ᠢ᠋ ᠬᠠᠷᠠᠨ ᠮᠡᠯᠡᠷᠡᠨᠡ᠃ ᠣᠳᠣᠳ ᠤ᠋ᠨ ᠵᠠᠷᠢᠮ ᠨᠢ ᠲᠡᠭᠦᠨ ᠢ᠋《ᠲᠠᠤᠯᠠᠢ ᠶ᠋ᠢᠨ ᠵᠢᠷᠦᠬᠡ ᠲᠡᠢ ᠮᠠᠭᠤ ᠡᠷᠡ ᠪᠠᠢᠨᠠ》 ᠭᠡᠵᠦ ᠱᠣᠣᠯᠠᠬᠤ ᠰᠢᠭ᠋᠂ ᠵᠠᠷᠢᠮ ᠨᠢ《ᠠ᠂ ᠮᠥᠨ ᠰᠠᠢᠨ ᠡᠷᠡ ᠠ᠋! ᠬᠠᠷᠠᠩᠭᠤᠢ ᠰᠥᠨᠢ ᠬᠠᠳᠠᠨ ᠬᠣᠩᠭᠢᠯ ᠳ᠋ᠤ᠌ ᠭᠠᠭᠴᠠᠭᠠᠷ ᠢ᠋ᠶ᠋ᠠᠨ ᠬᠡᠪᠲᠡᠳᠡᠭ ᠬᠡᠴᠡᠭᠦᠦ ᠶᠡᠬᠡ ᠵᠣᠷᠢᠭ ᠲᠠᠢ ᠡᠷᠡ ᠪᠠᠢᠨᠠ》 ᠭᠡᠵᠦ ᠮᠠᠭᠲᠠᠬᠤ ᠴᠦ᠍ ᠰᠢᠭ᠋! ᠪᠠᠰᠠ ᠵᠠᠷᠢᠮ ᠨᠢ ᠲᠡᠭᠦᠨ ᠢ᠋《ᠶᠠᠭᠤᠨ ᠠ᠋ᠴᠠ ᠠᠶᠤᠬᠤ ᠪᠣᠢ? ᠥᠭᠡᠷᠡ ᠠᠮᠢᠲᠠᠨ ᠶᠠᠭᠤᠮᠠᠰ ᠴᠢᠮᠠ ᠠ᠋ᠴᠠ ᠠᠶᠤᠨ ᠰᠦᠷᠳᠡᠬᠦ ᠡᠴᠡ ᠪᠢᠰᠢ ᠴᠢᠮᠠᠶ᠋ᠢ ᠠᠶᠤᠯᠭᠠᠬᠤ ᠠᠮᠢᠲᠠᠨ ᠡᠨᠳᠡ ᠠᠯᠠᠭᠠ》 ᠭᠡᠵᠦ ᠵᠣᠷᠢᠭᠵᠢᠭᠤᠯᠬᠤ ᠰᠢᠭ᠋ ᠠᠨᠢᠪᠠᠯᠵᠠᠨᠠ᠁ ᠲᠡᠷᠡ ᠵᠡᠭᠦᠨ ᠡᠮᠦᠨᠡ ᠬᠥᠲᠥᠯ ᠦ᠋ᠨ ᠣᠷᠣᠢ ᠳᠡᠭᠡᠷᠡ ᠭᠢᠯᠠᠯᠵᠠᠭᠰᠠᠨ ᠣᠳᠣᠳ ᠠ᠋ᠴᠠ ᠭᠡᠨᠡᠳᠲᠡ ᠬᠥᠬᠡ ᠨᠣᠭᠣᠭᠠᠨ ᠰᠤᠵᠠᠭᠠ ᠲᠠᠲᠠᠭᠰᠠᠨ ᠬᠦᠢᠲᠡᠨ ᠭᠡᠷᠡᠯ ᠰᠤᠪᠤᠷᠠᠬᠤ ᠰᠢᠭ᠋ ᠬᠠᠷᠠᠭᠳᠠᠬᠤ ᠳ᠋ᠤ᠌《ᠴᠢᠨᠣᠠ》 ᠭᠡᠰᠡᠨ ᠦᠭᠡ ᠲᠠᠷᠢᠬᠢᠨ ᠳ᠋ᠤ᠌ ᠬᠢᠯᠠᠰᠬᠢᠵᠦ ᠲᠡᠭᠦᠨ ᠢ᠋ ᠠᠶᠤᠯᠭᠠᠪᠠ᠃ ᠨᠣᠶᠠᠨ ᠰᠠᠩ ᠤ᠋ᠨ ᠠᠳᠤᠭᠤ ᠮᠠᠨᠠᠵᠤ ᠰᠥᠨᠢ ᠳ᠋ᠡᠭᠡᠨ ᠬᠥᠳᠡᠭᠡ ᠭᠠᠳᠠᠭᠠ ᠶᠠᠪᠤᠬᠤ ᠳ᠋ᠤ᠌ ᠴᠢᠨᠣᠠ ᠶ᠋ᠢᠨ ᠨᠢᠳᠦ ᠰᠠᠷᠠᠨ ᠤ᠋ ᠭᠡᠷᠡᠯ ᠪᠤᠶᠤ ᠶᠠᠮᠠᠷ ᠨᠢᠭᠡᠨ ᠵᠤᠷᠪᠤᠰ ᠭᠡᠷᠡᠯ ᠭᠡᠭᠡ ᠳ᠋ᠦ᠍ ᠣᠢᠭᠰᠠᠨ ᠭᠡᠷᠡᠯ ᠨᠢ ᠬᠥᠬᠡ ᠪᠤᠶᠤ ᠨᠣᠭᠣᠭᠠᠨ ᠰᠤᠵᠠᠭᠠ ᠲᠠᠲᠠᠵᠤ ᠬᠦᠢᠲᠡ ᠠᠰᠬᠠᠳᠠᠭ ᠢ᠋ ᠰᠠᠨᠠᠵᠤ᠂ ᠲᠡᠷᠡ ᠬᠦ᠌ ᠬᠥᠲᠥᠯ ᠦ᠋ᠨ ᠣᠷᠣᠢ ᠳᠡᠭᠡᠷᠡᠬᠢ ᠳᠥᠷᠪᠡᠨ ᠰᠤᠵᠠᠭᠠ ᠬᠥᠬᠡ ᠭᠡᠷᠡᠯ ᠨᠢ ᠬᠣᠶᠠᠷ ᠴᠢᠨᠣᠠ ᠱᠣᠩᠨᠣᠢᠵᠤ ᠪᠠᠢᠨᠠ ᠭᠡᠰᠡᠨ ᠢ᠋ ᠲᠡᠭᠦᠨ ᠳ᠋ᠦ᠍ ᠮᠡᠳᠡᠭᠡᠯᠡᠵᠦ ᠪᠠᠢᠪᠠ᠃ ᠲᠡᠷᠡ ᠵᠡᠭᠦᠨ ᠬᠥᠲᠥᠯ ᠳᠡᠭᠡᠷᠡ ᠨᠡᠭᠡᠷᠡᠨ ᠬᠣᠶᠠᠷ ᠴᠢᠨᠣᠠ ᠱᠣᠩᠨᠣᠢᠨ ᠬᠠᠷᠠᠭᠳᠠᠨᠠ᠃
《ᠥᠨᠥᠬᠢ ᠮᠡᠷᠭᠡᠨ ᠴᠠᠭᠠᠨ ᠯᠠᠮᠠᠬᠠᠢ ᠶ᠋ᠢᠨ ᠴᠢᠨᠣᠠ ᠨᠤᠭᠤᠳ ᠠ᠋ᠴᠠ ᠬᠠᠷᠠᠭᠳᠠᠭᠠ ᠤᠤ? ᠲᠡᠷᠡ ᠴᠦ᠍ ᠪᠣᠯ ᠶᠠᠭᠠᠬᠢᠬᠤ ᠪᠣᠢ! ᠬᠥᠮᠦᠨ ᠦ᠌ ᠮᠠᠲᠠᠯ ᠲᠠᠢ ᠲᠩᠷᠢ ᠶ᠋ᠢᠨ ᠨᠣᠬᠠᠢ ᠭᠡᠰᠡᠨ ᠦᠭᠡ᠃ ᠬᠠᠷᠠ ᠠᠭᠤᠯᠠ ᠶ᠋ᠢᠨ ᠬᠥᠳᠡᠭᠡᠯᠡᠢ ᠴᠦ᠍ ᠪᠣᠯ ᠬᠡᠴᠡᠭᠦᠦ ᠳᠡ᠁》 ᠭᠡᠵᠦ ᠪᠣᠳᠣᠬᠤ ᠠ᠋ᠴᠠ ᠠᠢᠳᠠᠰ ᠲᠥᠷᠥᠨᠡ᠃
ᠠᠭᠤᠯᠠᠨ ᠭᠠᠵᠠᠷ ᠤ᠋ᠨ ᠰᠥᠨᠢ ᠰᠡᠷᠢᠭᠦᠨ᠃ ᠴᠢᠭᠢᠭ ᠵᠠᠭᠤᠭᠰᠠᠨ ᠬᠠᠳᠠᠨ ᠤ᠋ ᠬᠣᠩᠭᠢᠯ ᠤ᠋ᠨ ᠬᠤᠯᠠᠭᠠᠢ ᠵᠢᠪᠠᠷ ᠠᠶᠤᠭᠰᠠᠨ ᠬᠥᠮᠦᠨ ᠢ᠋ ᠤᠯᠠᠮ ᠵᠢᠪᠡᠭᠦᠴᠡᠭᠦᠯᠦᠨᠡ᠃
ᠭᠡᠨᠡᠳᠲᠡ ᠣᠢ ᠶ᠋ᠢᠨ ᠮᠣᠳᠣᠨ ᠤ᠋ ᠨᠠᠪᠴᠢᠰ ᠱᠠᠵᠢᠭᠢᠨᠠᠨ ᠬᠢᠳ ᠬᠢᠳ᠂ ᠬᠠᠳ ᠬᠠᠳ ᠭᠡᠰᠡᠨ ᠡᠮᠡᠭᠲᠡᠢ ᠬᠥᠮᠦᠨ ᠦ᠌ ᠬᠠᠳᠠᠭᠠᠨᠠᠬᠤ ᠳᠠᠭᠤᠨ ᠴᠢᠬᠢ ᠬᠠᠳᠬᠤᠨ ᠳᠤᠭᠤᠯᠳᠠᠬᠤ ᠳ᠋ᠤ᠌ ᠭᠣᠩᠴᠣᠭᠷᠠᠬᠤᠠ ᠶ᠋ᠢᠨ ᠬᠤᠢᠬᠠ ᠨᠢ ᠠᠭᠵᠠᠢᠨ ᠪᠣᠰᠪᠠ᠃
ᠶᠠᠮᠠᠷ ᠪᠣᠯᠠᠢᠲᠠᠢ ᠭᠠᠵᠠᠷ ᠪᠣᠢ? ᠪᠢ ᠴᠢᠨᠢ ᠥᠨᠥᠬᠢ ᠠᠯᠮᠠᠰ ᠣᠷᠣᠩᠨᠠᠳᠠᠭ ᠬᠠᠳᠠᠨ ᠬᠣᠩᠭᠢᠯ ᠳ᠋ᠤᠨᠢ ᠣᠷᠣᠭᠠᠳ ᠢᠷᠡᠴᠢᠬᠡᠭᠰᠡᠨ ᠶᠦᠮ ᠪᠢᠰᠢ ᠪᠢᠵᠡ! ᠲᠡᠭᠡᠪᠡᠯ ᠴᠦ᠍ ᠳᠦᠭᠦᠷᠦᠭᠰᠡᠨ ᠰᠤᠤᠬᠠᠨ! ᠲᠡᠷᠡ ᠪᠡᠷ ᠪᠠᠭᠠ ᠳ᠋ᠠᠭᠠᠨ ᠨᠠᠰᠤᠲᠠᠢ ᠲᠣᠮᠣᠭᠠᠴᠤᠤᠯ ᠠ᠋ᠴᠠ ᠠᠯᠮᠠᠰ ᠤ᠋ᠨ ᠲᠤᠬᠠᠢ ᠶᠠᠩᠵᠤ ᠶ᠋ᠢᠨ ᠳᠣᠮᠣᠭ ᠰᠣᠨᠣᠰᠴᠤ ᠪᠠᠢᠭᠰᠠᠨ ᠢ᠋ᠶ᠋ᠠᠨ ᠪᠣᠳᠣᠬᠤ ᠠ᠋ᠴᠠ ᠵᠢᠷᠦᠬᠡᠰᠢᠶᠡᠨᠡ᠃ ᠡᠳᠦᠷ ᠢ᠋ᠶ᠋ᠡᠷ ᠴᠡᠩᠬᠡᠷ ᠴᠣᠩᠬᠢᠶᠠᠯ ᠤ᠋ᠨ ᠤᠰᠤᠨ ᠳ᠋ᠤ᠌ ᠤᠮᠪᠠᠵᠤ ᠪᠠᠢᠭᠠᠳ ᠬᠠᠪᠲᠠᠭᠠᠢ ᠭᠥᠯᠢᠭᠡᠷ ᠬᠠᠳᠠᠨ ᠳᠡᠭᠡᠷᠡ ᠠᠯᠴᠠᠢᠨ ᠬᠡᠪᠲᠡᠭᠰᠡᠨ ᠤᠷᠲᠤ ᠭᠡᠵᠢᠭᠡᠲᠦ ᠡᠮᠡ ᠬᠥᠮᠦᠨ ᠰᠠᠨᠠᠭᠠᠨ ᠳ᠋ᠤᠨᠢ ᠣᠷᠣᠵᠤ᠂ ᠥᠨᠥᠬᠢ ᠴᠢᠨᠢ ᠡᠨᠡ ᠮᠤᠨᠠ ᠠᠭᠤᠯᠠᠨ ᠤ᠋ ᠠᠯᠮᠠᠰ ᠪᠣᠯᠪᠠ ᠤᠤ? ᠨᠡᠭᠡᠷᠡᠨ ᠥᠨᠥᠬᠢ ᠠᠯᠮᠠᠰ ᠲᠣᠬᠢᠶᠠᠭᠰᠠᠨ ᠪᠣᠯ ᠳᠦᠭᠦᠷᠦᠭᠰᠡᠨ ᠬᠡᠷᠡᠭ! ᠠᠯᠮᠠᠰ ᠬᠣᠨᠢ᠂ ᠢᠮᠠᠭᠠᠨ ᠭᠥᠷᠥᠭᠡᠰᠦ ᠶ᠋ᠢ ᠪᠠᠷᠢᠵᠤ᠂ ᠬᠣᠨᠳᠣᠯᠠᠢ ᠳᠡᠭᠡᠷᠡ ᠨᠢ ᠵᠠᠢᠳᠠᠯᠠᠴᠢᠬᠠᠭᠠᠳ ᠴᠢᠰᠤ ᠶ᠋ᠢ ᠨᠢ ᠰᠣᠷᠣᠳᠠᠭ ᠭᠡᠰᠡᠨ᠃ ᠬᠠᠶᠠ ᠪᠠᠰᠠ ᠠᠳᠠ ᠰᠢᠭᠠᠭᠰᠠᠨ ᠠᠢᠯ ᠤ᠋ᠨ ᠢᠮᠠᠭᠠ ᠶ᠋ᠢ ᠵᠠᠢᠳᠠᠯᠠᠵᠤ ᠴᠢᠰᠤ ᠶ᠋ᠢ ᠨᠢ ᠰᠣᠷᠣᠵᠤ ᠢᠳᠡᠳᠡᠭ ᠴᠦ᠍ ᠭᠡᠰᠡᠨ᠃ ᠠᠯᠮᠠᠰ ᠤ᠋ᠨ ᠵᠠᠢᠳᠠᠯᠠᠭᠰᠠᠨ ᠢᠮᠠᠭᠠᠨ ᠤ᠋ ᠬᠣᠨᠳᠣᠯᠠᠢ ᠶ᠋ᠢᠨ ᠦᠰᠦ ᠰᠤᠷ ᠨᠢ ᠤᠨᠠᠵᠤ ᠬᠠᠯᠴᠠᠭᠠᠢᠷᠠᠳᠠᠭ ᠰᠠᠨ᠃ ᠪᠠᠷᠠᠭᠤᠨ ᠬᠦᠩ ᠦ᠋ᠨ ᠨᠣᠶᠠᠨ ᠰᠠᠩ ᠤ᠋ᠨ ᠠᠭᠤᠯᠠᠨ ᠤ᠋ ᠢᠮᠠᠭᠠᠨ ᠰᠦᠷᠦᠭ ᠲᠦ᠋ᠨᠢ ᠬᠠᠶᠠ ᠪᠠᠰᠠ ᠠᠯᠮᠠᠰ ᠵᠠᠢᠳᠠᠯᠠᠭᠠᠳ ᠬᠣᠨᠳᠣᠯᠠᠢ ᠨᠢ ᠬᠠᠯᠴᠠᠭᠠᠢᠷᠠᠭᠰᠠᠨ ᠢᠮᠠᠭᠠ ᠨᠢᠭᠡ ᠬᠣᠶᠠᠷ ᠪᠢᠰᠢ ᠬᠠᠷᠠᠭᠳᠠᠯᠠ ᠭᠡᠵᠦ ᠬᠥᠮᠦᠰ ᠰᠢᠪᠡᠷ ᠠᠪᠢᠷ ᠬᠡᠯᠡᠯᠴᠡᠳᠡᠭ ᠢ᠋ ᠴᠦ᠍ ᠲᠡᠷᠡ ᠰᠣᠨᠣᠰᠴᠤ ᠪᠠᠢᠭᠰᠠᠨ᠁ ᠲᠡᠭᠡᠭᠡᠳ ᠠᠯᠮᠠᠰ ᠬᠠᠳᠠᠨ ᠬᠣᠩᠭᠢᠯ ᠳ᠋ᠠᠭᠠᠨ ᠣᠷᠣᠵᠤ ᠢᠷᠡᠭᠡᠳ ᠥᠪᠡᠷ ᠢ᠋ ᠨᠢ ᠪᠠᠰᠠ ᠵᠠᠢᠳᠠᠯᠠᠪᠠᠯ ᠶᠠᠭᠠᠬᠢᠳᠠᠭ ᠪᠢᠯᠡ⁈ ᠭᠡᠵᠦ ᠪᠣᠳᠣᠬᠤ ᠳ᠋ᠤ᠌᠂ ᠲᠡᠷᠲᠡᠭᠡ ᠣᠢ ᠳᠣᠲᠣᠷᠠ ᠫᠢᠰ ᠫᠠᠰ ᠬᠢᠨ ᠶᠠᠮᠠᠷ ᠨᠢᠭᠡᠨ ᠵᠢᠭᠦᠷᠲᠡᠨ ᠳᠠᠯᠠᠪᠴᠢ ᠪᠠᠨ ᠬᠡᠢ ᠳᠡᠪᠢᠬᠦ ᠰᠢᠭ ᠳᠠᠭᠤᠨ ᠭᠠᠷᠴᠤ ᠪᠠᠰᠠ ᠬᠢᠳ ᠬᠢᠳ᠂ ᠬᠠᠳ ᠬᠠᠳ ᠭᠡᠵᠦ ᠬᠠᠳᠠᠭᠠᠨᠠᠨᠠ᠃ ᠠᠶᠤᠯᠭᠠᠭᠰᠠᠨ ᠳᠡᠭᠡᠷᠡ ᠨᠢ ᠠᠶᠤᠯᠭᠠᠭᠠᠳ ᠪᠠᠢᠳᠠᠭ ᠶᠠᠮᠠᠷ ᠬᠠᠮᠢᠭᠠᠰᠢ ᠪᠠᠨ ᠠᠯᠮᠠᠰ ᠪᠣᠢ⁈ ᠶᠠᠮᠠᠷ ᠰᠠᠨᠠᠭᠠ ᠲᠠᠢ ᠪᠣᠯ ᠨᠠᠭᠠᠰᠢ ᠢᠷᠡ! ᠦᠵᠡᠯᠴᠡᠵᠦ ᠪᠠᠢᠭᠠᠳ ᠮᠡᠳᠡᠶᠡ ᠪᠠᠢᠵᠤ ᠭᠡᠳ ᠭᠣᠩᠴᠣᠭᠷᠠᠬᠤᠠ ᠡᠷᠡ ᠵᠣᠷᠢᠭ ᠢ᠋ᠶ᠋ᠠᠨ ᠪᠠᠷᠢᠵᠤ᠂ ᠨᠢᠭᠡᠨᠲᠡ ᠠᠮᠢ ᠨᠠᠭᠠᠨᠠ ᠲᠠᠮᠤ ᠴᠠᠭᠠᠨᠠ ᠪᠣᠯᠤᠭᠰᠠᠨ ᠪᠣᠯ ᠦᠵᠡᠯᠴᠡᠵᠦ ᠪᠠᠢᠭᠠᠳ ᠮᠡᠳᠡᠶᠡ᠃ ᠡᠮᠡ ᠠᠯᠮᠠᠰ ᠪᠣᠯ ᠥᠭᠡᠳᠡ ᠡᠴᠡ ᠴᠢᠨᠢ ᠨᠣᠴᠣᠭᠠᠳ ᠢᠷᠡᠬᠦ ᠳ᠋ᠦ᠍ ᠤᠷᠲᠤ ᠤᠨᠵᠢᠭᠢᠨᠠᠭᠰᠠᠨ ᠬᠥᠬᠥ ᠪᠡᠨ ᠠᠪᠴᠤ ᠮᠥᠷᠥᠯᠡᠬᠦ ᠶ᠋ᠢ ᠨᠢ ᠬᠢᠴᠢᠶᠡᠪᠡᠯ ᠭᠠᠢᠭᠤᠢ ᠭᠡᠳᠡᠭ ᠶᠦᠮ᠃ ᠬᠥᠭᠰᠢᠳ ᠨᠠᠰᠤᠲᠠᠢᠴᠤᠤᠯ ᠤ᠋ᠨ ᠬᠠᠭᠤᠴᠢᠯᠠᠬᠤ ᠪᠠᠷ ᠠᠯᠮᠠᠰ ᠤ᠋ᠨ ᠬᠡᠳᠡᠷ ᠨᠢ ᠬᠥᠷᠥᠭᠰᠡᠭᠡᠷ ᠦᠰᠦ ᠭᠡᠵᠢᠭᠡ ᠪᠡᠨ ᠰᠡᠭᠰᠡᠢᠯᠭᠡᠵᠦ ᠥᠭᠡᠳᠡ ᠡᠴᠡ ᠴᠢᠨᠢ ᠤᠷᠲᠤ ᠱᠣᠷᠣ ᠮᠢᠬᠠᠴᠢᠨ ᠰᠢᠪᠠᠭᠤᠨ ᠤ᠋ ᠬᠢᠮᠤᠰᠤ ᠪᠠᠨ ᠬᠤᠷᠴᠠᠯᠠᠨ ᠰᠢᠯᠦᠰᠦ ᠠᠮᠠ ᠪᠠᠨ ᠰᠠᠪᠢᠷᠠᠭᠤᠯᠤᠨ᠂ ᠬᠣᠶᠠᠷ ᠨᠠᠪᠲᠠᠭᠠᠷ ᠬᠥᠬᠥ ᠪᠡᠨ ᠮᠥᠷᠦᠨ ᠳᠡᠭᠡᠷᠡ ᠪᠡᠨ ᠬᠠᠶᠠᠭᠠᠳ ᠳᠤᠬᠤ ᠤᠷᠤᠭᠤ ᠴᠢᠨᠢ ᠮᠢᠬᠠᠴᠢᠨ ᠰᠢᠪᠠᠭᠤᠨ ᠤ᠋ ᠬᠢᠮᠤᠰᠤ ᠲᠠᠢ ᠰᠠᠪᠠᠷ ᠢ᠋ᠶ᠋ᠠᠷ ᠢ᠋ᠶ᠋ᠠᠨ ᠨᠢᠭᠡ ᠯᠡ ᠠᠯᠠᠭᠠᠳᠠᠵᠤ ᠡᠯᠢᠭᠡ ᠲᠦᠷᠦᠭᠦᠯᠡᠨ ᠲᠣᠩᠭᠣᠷᠠᠭᠤᠯᠵᠤ ᠨᠠᠪᠲᠠᠰᠬᠢᠨ ᠨᠢᠷᠤᠭᠤᠨ ᠳᠡᠭᠡᠷᠡ ᠴᠢᠨᠢ ᠭᠠᠷᠤᠭᠠᠳ ᠵᠠᠢᠳᠠᠯᠠᠴᠢᠬᠠᠨᠠ᠃ ᠲᠡᠭᠡᠪᠡᠯ ᠶᠠᠭᠠᠬᠢᠬᠤ ᠴᠦ᠍ ᠠᠷᠭᠠ ᠦᠭᠡᠢ ᠪᠣᠯᠵᠤ ᠶᠠᠮᠠᠷ ᠰᠦᠷᠡᠬᠡᠢ ᠴᠢᠳᠠᠯ ᠲᠠᠢ ᠡᠷᠡ ᠪᠠᠢᠯᠠ ᠭᠡᠳ ᠲᠡᠷᠡ ᠠᠯᠮᠠᠰ ᠡᠮᠡ ᠶ᠋ᠢᠨ ᠠᠯᠠ ᠳᠣᠣᠷᠠ ᠰᠤᠯᠳᠠᠢᠵᠤ ᠴᠢᠰᠤ ᠪᠠᠨ ᠰᠣᠷᠣᠭᠤᠯᠵᠤ ᠭᠦᠢᠴᠡᠨᠡ᠃ ᠬᠠᠷᠢᠨ ᠲᠡᠭᠦᠨ ᠦ᠌ ᠤᠨᠵᠢᠭᠢᠨᠠᠭᠰᠠᠨ ᠨᠠᠪᠲᠠᠭᠠᠷ ᠬᠥᠬᠥ ᠶ᠋ᠢ ᠨᠢ ᠪᠠᠵᠠᠭᠳᠠᠵᠤ ᠮᠥᠷᠦᠨ ᠳᠡᠭᠡᠷᠡ ᠪᠡᠨ ᠮᠥᠷᠥᠯᠡᠬᠦ ᠶ᠋ᠢ ᠨᠢ ᠬᠢᠴᠢᠶᠡᠴᠢᠬᠡᠪᠡᠯ ᠲᠡᠷᠡ ᠠᠯᠮᠠᠰ《ᠪᠠᠢᠶᠠ ᠳᠠ᠂ ᠪᠠᠢᠶᠠ! ᠪᠢ ᠶᠠᠪᠤᠶᠠ᠂ ᠪᠢ ᠶᠠᠪᠤᠶᠠ᠁ ᠨᠠᠮᠠᠶ᠋ᠢ ᠢᠩᠭᠢᠵᠦ ᠲᠠᠮᠤᠯᠠᠬᠤ ᠪᠠᠨ ᠪᠠᠢᠭ!》 ᠭᠡᠳ ᠨᠣᠮᠣᠬᠠᠷᠠᠭᠠᠳ ᠳᠤᠲᠠᠭᠠᠴᠢᠬᠠᠳᠠᠭ ᠭᠡᠰᠡᠨ ᠢ᠋ ᠰᠠᠨᠠᠵᠤ᠂ ᠥᠪᠡᠷ ᠲᠡᠭᠡᠨ ᠵᠣᠷᠢᠭ ᠣᠷᠣᠭᠤᠯᠵᠤ ᠵᠢᠬᠡᠭᠦᠴᠡᠬᠦ ᠬᠠᠳᠠᠨ ᠤ᠋ ᠴᠢᠭᠢᠭ᠂ ᠬᠤᠯᠠᠭᠠᠢ ᠵᠢᠪᠠᠷ ᠳᠤ ᠳᠠᠭᠠᠷᠠᠳᠠᠰᠤ ᠬᠦᠷᠬᠦ ᠳ᠋ᠡᠭᠡᠨ ᠢᠮᠠᠭᠠᠨ ᠭᠥᠷᠦᠭᠡᠰᠦᠨ ᠦ᠌ ᠳᠤᠷᠠᠰᠬᠠ ᠶ᠋ᠢ ᠨᠥᠮᠥᠷᠴᠦ᠂ ᠠᠯᠮᠠᠰ᠂ ᠴᠢᠨᠣᠠ ᠶ᠋ᠢᠨ ᠠᠯᠢ ᠨᠢ ᠶᠠᠭᠠᠬᠢᠵᠤ ᠳᠠᠭᠠᠷᠢᠵᠤ ᠢᠷᠡᠳᠡᠭ ᠴᠦ᠍ ᠪᠢᠯᠡ ᠤᠤ ᠭᠡᠵᠦ ᠡᠮᠢᠶᠡᠯ ᠰᠣᠴᠢᠯ ᠪᠣᠯᠵᠤ᠂ ᠲᠤᠯᠭᠠᠷᠠᠵᠤ ᠮᠡᠳᠡᠬᠦ ᠪᠣᠯᠴᠢᠮᠠ ᠦᠭᠡᠢ ᠠᠶᠤᠯ ᠢ᠋ ᠠᠷᠭᠠᠴᠠᠬᠤ ᠪᠠᠷ ᠬᠠᠳᠠᠨ ᠤ᠋ ᠪᠤᠯᠤᠩ ᠳ᠋ᠤ᠌ ᠪᠣᠭᠵᠣᠢᠨᠠ᠃
ᠲᠠᠷ ᠦᠭᠡᠢ ᠮᠠᠭᠤ ᠰᠢᠳᠦᠯᠡᠩ ᠰᠢᠭ ᠠᠯᠮᠠᠰ ᠲᠤ ᠨᠤᠬᠤᠯᠠᠭᠳᠠᠬᠤ ᠮᠠᠭᠤᠬᠠᠢ ᠵᠣᠪᠠᠯᠭᠠ ᠪᠣᠯᠬᠤ ᠶᠤᠮ ᠤᠤ᠂ ᠡᠰᠡᠪᠡᠰᠦ ᠡᠮᠨᠢᠭ ᠠᠳᠤᠭᠤ ᠴᠢᠬᠢᠳᠡᠬᠦ ᠰᠠᠭᠰᠠᠭᠤ ᠡᠷᠡ ᠰᠢᠭ ᠠᠯᠮᠠᠰ ᠤ᠋ᠨ ᠤᠨᠵᠢᠢᠭᠰᠠᠨ ᠨᠠᠪᠲᠠᠭᠠᠷ ᠬᠥᠬᠥ ᠶ᠋ᠢ ᠪᠠᠵᠠᠭᠳᠠᠨ ᠠᠶᠤᠯᠭᠠᠵᠤ ᠲᠠᠭᠤᠬᠤ ᠶᠤᠮ ᠤᠤ ᠭᠡᠰᠡᠨ ᠠᠴᠠ ᠪᠣᠳᠣᠯ ᠳ᠋ᠤ᠌ ᠠᠪᠲᠠᠨ ᠬᠡᠰᠡᠭ ᠬᠦᠯᠢᠶᠡᠭᠰᠡᠨ ᠪᠣᠯᠪᠠᠴᠤ ᠬᠠᠳᠠᠨ ᠬᠣᠩᠭᠢᠯ ᠤ᠋ᠨ ᠣᠢᠷᠠ ᠬᠠᠪᠢ ᠪᠠᠷ ᠶᠠᠮᠠᠷ ᠴᠦ᠍ ᠴᠢᠮᠡᠭᠡ ᠠᠨᠢᠷ ᠦᠭᠡᠢ ᠪᠠᠢᠯᠠ᠃ ᠬᠡᠳᠦᠢ ᠲᠡᠢᠮᠦ ᠢᠯᠢᠮ ᠵᠢᠯᠢᠮ ᠴᠢᠮᠡᠭᠡ ᠠᠨᠢᠷ ᠬᠤᠷᠢᠶᠠᠭᠳᠠᠭᠰᠠᠨ ᠪᠠᠢᠳᠠᠯ ᠳ᠋ᠤ᠌ ᠭᠡᠨᠡᠳᠲᠡ ᠳᠠᠭᠠᠷᠢᠬᠤ ᠠᠶᠤᠯ ᠤ᠋ᠨ ᠬᠡᠴᠡᠭᠦᠦ ᠶ᠋ᠢ ᠮᠡᠳᠡᠳᠡᠭ ᠭᠣᠩᠴᠣᠭᠷᠠᠬᠤᠠ ᠶ᠋ᠢᠨ ᠠᠢᠳᠠᠰ ᠨᠢ ᠲᠠᠢᠯᠵᠤ ᠡᠷᠡ ᠵᠣᠷᠢᠭ ᠨᠢ ᠰᠢᠨᠲᠠᠷᠠᠬᠤ ᠰᠢᠤᠬᠠᠨ ᠪᠣᠯᠪᠠ᠃
— ᠠᠶᠤᠵᠤ ᠪᠠᠢᠪᠠᠯ ᠭᠠᠯ ᠨᠣᠴᠣᠭᠠ! ᠴᠢᠳᠬᠥᠷ ᠴᠦ᠍ ᠭᠡᠰᠡᠨ ᠴᠢᠨᠣᠠ ᠴᠦ᠍ ᠭᠡᠰᠡᠨ ᠲᠡᠷᠡ ᠭᠠᠯ ᠤ᠋ᠨ ᠰᠤᠷ ᠦᠵᠡᠭᠰᠡᠭᠡᠷ ᠴᠢᠮᠠᠶ᠋ᠢ ᠬᠠᠪᠢᠳᠠᠵᠤ ᠴᠢᠳᠠᠬᠤ ᠦᠭᠡᠢ! ᠭᠡᠵᠦ ᠬᠡᠨ ᠨᠢᠭᠡ ᠬᠥᠮᠦᠨ ᠲᠡᠭᠦᠨ ᠳ᠋ᠦ᠍ ᠰᠠᠨᠠᠭᠤᠯᠬᠤ ᠳ᠋ᠤ᠌ ᠭᠣᠩᠴᠣᠭᠷᠠᠬᠤᠠ ᠬᠠᠢᠩᠭᠤᠬᠠᠨ ᠨᠥᠮᠥᠷᠦᠭᠰᠡᠨ ᠢᠮᠠᠭᠠᠨ ᠭᠥᠷᠦᠭᠡᠰᠦᠨ ᠦ᠌ ᠲᠤᠷᠠᠰᠬᠠ ᠶ᠋ᠢ ᠬᠠᠭᠤᠯᠵᠤ《ᠤᠤᠬᠠᠢᠰ ᠳᠠ! ᠭᠠᠯ ᠨᠣᠴᠣᠭᠠᠶᠠ》 ᠭᠡᠳ ᠥᠨᠳᠡᠢᠵᠦ ᠮᠥᠴᠢᠷ ᠬᠤᠭᠤᠯᠤᠨ ᠵᠡᠷᠭᠡᠯᠡᠵᠦ ᠲᠠᠯᠪᠢᠭᠠᠳ ᠬᠡᠲᠡ ᠴᠠᠬᠢᠭᠤᠷ ᠬᠠᠪᠢᠷᠴᠤ ᠭᠠᠯ ᠤᠩᠭᠠᠰᠬᠠᠨ ᠲᠦᠳᠡᠭ ᠨᠣᠴᠣᠭᠠᠪᠠ᠃ ᠬᠠᠭᠤᠷᠠᠢ ᠮᠥᠴᠢᠷ ᠦ᠋ᠨ ᠫᠢᠰ ᠫᠠᠰ ᠬᠢᠨ ᠦᠷᠪᠢᠰᠦᠨ ᠨᠣᠴᠣᠬᠤ ᠲᠦᠳᠡᠭ ᠦ᠋ᠨ ᠭᠠᠯ ᠲᠡᠭᠦᠨ ᠳ᠋ᠦ᠍ ᠪᠠᠷᠠᠭᠳᠠᠰᠢ ᠦᠭᠡᠢ ᠵᠣᠷᠢᠭ ᠪᠠ ᠬᠦᠴᠦ ᠣᠷᠣᠭᠤᠯᠵᠤ᠂《ᠣᠳᠣ ᠴᠢᠨᠣᠠ ᠪᠠᠢᠲᠤᠭᠠᠢ᠂ ᠠᠯᠮᠠᠰ᠂ ᠴᠠᠭᠠᠰᠢ ᠪᠠᠨ ᠶᠠᠮᠠᠷ ᠴᠦ᠍ ᠰᠦᠷᠡᠬᠡᠢ ᠶᠠᠭᠤᠮᠠ ᠢᠷᠡᠯᠡ ᠭᠡᠳ ᠠᠶᠤᠬᠤ ᠶᠠᠭᠤᠮᠠ ᠪᠢᠰᠢ》 ᠭᠡᠵᠦ ᠵᠡᠭᠦᠨ ᠬᠥᠲᠥᠯ ᠦ᠋ᠨ ᠣᠷᠣᠢ ᠲᠡᠢᠰᠢ ᠨᠢᠳᠦ ᠬᠠᠶᠠᠪᠠᠯ ᠨᠥᠭᠦᠭᠡ ᠬᠥᠬᠡ ᠨᠣᠭᠣᠭᠠᠨ ᠰᠤᠵᠠᠭᠠ ᠲᠠᠲᠠᠭᠰᠠᠨ ᠭᠡᠷᠡᠯ ᠠᠯᠠᠭᠠ ᠪᠣᠯᠵᠤ《ᠬᠣᠶᠠᠷ ᠴᠢᠨᠣᠠ ᠶᠠᠪᠤᠴᠢᠬᠠᠯᠠ》 ᠭᠡᠰᠡᠨ ᠳᠣᠬᠢᠶᠠ ᠥᠭᠴᠦ ᠪᠠᠢᠪᠠ᠃
ᠭᠠᠯ ᠤ᠋ᠨ ᠳᠥᠯᠥ ᠳ᠋ᠦ᠍ ᠡᠭᠡᠭᠡᠭᠳᠡᠭᠰᠡᠨ ᠭᠣᠩᠴᠣᠭᠷᠠᠬᠤᠠ ᠶ᠋ᠢᠨ ᠠᠢᠳᠠᠰ ᠲᠠᠯᠪᠢᠭᠤᠷᠠᠵᠤ ᠨᠢᠳᠦ ᠨᠢ ᠠᠨᠢᠯᠳᠤᠨ ᠨᠣᠢᠷ ᠨᠢ ᠬᠦᠷᠪᠡ᠃
ᠬᠠᠳᠠᠨ ᠬᠣᠩᠭᠢᠯ ᠤ᠋ᠨ ᠡᠭᠡᠪᠦᠷ ᠲᠦ᠍ ᠨᠠᠷᠠ ᠡᠷᠲᠡ ᠲᠣᠰᠳᠠᠭ ᠢ᠋ᠶ᠋ᠠᠷ ᠨᠠᠷᠠᠨ ᠤ᠋ ᠢᠯᠴᠢ᠂ ᠭᠡᠷᠡᠯ ᠭᠡᠭᠡ ᠳ᠋ᠦ᠍ ᠡᠭᠡᠭᠡᠭᠳᠡᠵᠦ ᠬᠠᠯᠠᠬᠤ ᠳ᠋ᠠᠭᠠᠨ ᠲᠡᠷᠡ ᠨᠣᠢᠷ ᠠ᠋ᠴᠠ ᠪᠠᠨ ᠰᠡᠷᠡᠪᠡ᠃
ᠡᠨᠡ ᠬᠣᠩᠭᠢᠯ ᠳ᠋ᠤ᠌ ᠤᠷᠢᠳᠤ ᠰᠥᠨᠢ ᠶᠠᠭᠤ ᠴᠦ᠍ ᠪᠣᠯᠤᠭᠠ ᠦᠭᠡᠢ ᠰᠢᠭ ᠨᠠᠪ ᠨᠠᠮᠤᠭᠤᠬᠠᠨ᠂ ᠲᠦᠳᠡᠭ ᠦ᠋ᠨ ᠴᠣᠭ ᠨᠤᠷᠮᠠᠨ ᠳ᠋ᠠᠭᠠᠨ ᠪᠣᠭᠣᠭᠳᠠᠵᠤ ᠮᠠᠨᠠᠭᠳᠠᠭᠰᠠᠨ ᠣᠷᠣᠮ ᠠ᠋ᠴᠠ ᠥᠭᠡᠷᠡ ᠶᠠᠮᠠᠷ ᠴᠦ᠍ ᠬᠥᠮᠦᠨ ᠠᠶᠤᠯᠭᠠᠮᠠᠷ ᠰᠡᠵᠢᠭ ᠲᠡᠢ ᠶᠠᠭᠤᠮᠠ ᠠᠯᠠᠭᠠ᠃
ᠭᠣᠩᠴᠣᠭᠷᠠᠬᠤᠠ ᠪᠣᠰᠴᠤ ᠪᠠᠷᠠᠭᠤᠨ ᠰᠤᠵᠠᠭ ᠤ᠋ᠨ ᠪᠤᠯᠠᠭ ᠤ᠋ᠨ ᠤᠰᠤᠨ ᠠ᠋ᠴᠠ ᠪᠢᠲᠡᠭᠦᠯᠡᠨ ᠣᠭᠣᠴᠢᠵᠤ ᠨᠢᠭᠤᠷ ᠭᠠᠷ ᠢ᠋ᠶ᠋ᠠᠨ ᠤᠬᠢᠶᠠᠭᠠᠳ ᠬᠣᠩᠭᠢᠯ ᠤᠷᠤᠭᠤ ᠪᠠᠨ ᠪᠤᠴᠠᠵᠤ ᠶᠠᠪᠤᠬᠤ ᠳ᠋ᠤᠨᠢ ᠬᠠᠳᠠᠨ ᠬᠣᠩᠭᠢᠯ ᠤ᠋ᠨ ᠣᠢᠷᠠᠬᠠᠨ ᠬᠠᠪᠢ ᠳ᠋ᠤ᠌ ᠬᠥᠯ ᠨᠢᠴᠦᠭᠦᠨ ᠬᠥᠮᠦᠨ ᠦ᠌ ᠮᠥᠷ ᠣᠴᠣᠢᠵᠤ ᠰᠠᠭᠤᠭᠠᠳ ᠬᠥᠷᠥᠰᠥ ᠴᠣᠷᠭᠢᠨ ᠰᠢᠭᠡᠭᠰᠡᠨ ᠣᠷᠣᠮ ᠬᠠᠷᠠᠭᠳᠠᠪᠠ᠁
— ᠡᠨᠳᠡ ᠶᠠᠭᠤ ᠴᠦ᠍ ᠭᠡᠰᠡᠨ ᠨᠢᠭᠡ ᠶᠠᠭᠤᠮᠠ ᠪᠠᠢᠬᠤ ᠴᠢᠷᠠᠢ᠂ ᠵᠡᠷᠯᠢᠭ ᠬᠥᠮᠦᠨ ᠶᠦᠮ ᠤᠤ᠂ ᠠᠯᠮᠠᠰ ᠴᠦ᠍ ᠶᠤᠮ ᠤᠤ᠁ ᠭᠡᠵᠦ ᠳᠦᠳᠦᠨᠡᠭᠰᠡᠭᠡᠷ ᠮᠣᠳᠣᠨ ᠤ᠋ ᠬᠠᠭᠤᠷᠠᠢ ᠮᠥᠴᠢᠷ ᠬᠤᠭᠤᠯᠵᠤ ᠬᠠᠳᠠᠨ ᠬᠣᠩᠭᠢᠯ ᠳ᠋ᠠᠭᠠᠨ ᠪᠤᠴᠠᠪᠠ᠃
ᠮᠠᠨᠠᠭᠳᠠᠭᠰᠠᠨ ᠨᠣᠷᠮᠠ ᠶ᠋ᠢ ᠭᠣᠳᠯᠠᠨ ᠭᠠᠯ ᠦᠷᠪᠢᠰᠦᠭᠦᠯᠵᠦ ᠥᠴᠥᠭᠡᠳᠦᠷ ᠦ᠋ᠨ ᠴᠢᠭᠢᠭ ᠲᠡᠢ ᠭᠤᠷᠠ ᠶ᠋ᠢᠨ ᠪᠣᠷᠴᠠ ᠰᠢᠷᠠᠵᠤ ᠢᠳᠡᠴᠢᠬᠡᠭᠡᠳ《ᠵᠠ᠂ ᠵᠠᠮ ᠳ᠋ᠠᠭᠠᠨ ᠣᠷᠣᠶᠠ! ᠡᠨᠡ ᠪᠡᠯᠭᠡ ᠥᠬᠡᠢ ᠭᠠᠵᠠᠷ ᠠ᠋ᠴᠠ ᠰᠠᠯᠵᠤ ᠠᠮᠠᠷᠠᠶᠠ》 ᠭᠡᠳ ᠭᠤᠷᠠ ᠶ᠋ᠢᠨ ᠠᠯᠠᠭ ᠪᠣᠷᠴᠠ ᠶ᠋ᠢ ᠠᠮᠲᠠᠷᠬᠠᠵᠤ ᠢᠳᠡᠭᠰᠡᠨ ᠳ᠋ᠡᠭᠡᠨ ᠵᠣᠬᠢᠷᠠᠵᠤ《ᠡᠭᠡᠳ᠂ ᠡᠭᠡᠳ᠁》 ᠭᠡᠵᠦ ᠪᠡᠶᠡ ᠲᠠᠢᠪᠤᠰᠢᠷᠠᠨ ᠬᠡᠬᠡᠷᠡᠭᠦᠯᠵᠦ ᠪᠠᠢᠪᠠ᠃
ᠰᠤᠨᠤᠮᠠ ᠨᠢᠭᠡ ᠡᠳᠦᠷ ᠮᠠᠯᠬᠢᠭᠠᠳ ᠡᠨᠡ ᠡᠩ ᠥᠷᠭᠡᠨ ᠮᠤᠨᠠ ᠠᠭᠤᠯᠠ ᠶ᠋ᠢᠨ ᠬᠥᠪᠴᠢ ᠡᠴᠡ ᠭᠠᠷᠴᠤ ᠳᠡᠢᠯᠳᠡᠭ ᠴᠦ᠍ ᠪᠢᠯᠡ ᠤᠤ? ᠭᠡᠵᠦ ᠭᠣᠩᠴᠣᠭᠷᠠᠬᠤᠠ ᠡᠪᠡᠷᠡᠭᠰᠡᠨ ᠭᠤᠷᠠ ᠶ᠋ᠢᠨ ᠪᠣᠷᠴᠠ ᠪᠠᠨ ᠡᠪᠦᠷᠲᠦᠯᠡᠵᠦ ᠬᠠᠳᠠᠨ ᠬᠣᠩᠭᠢᠯ ᠠ᠋ᠴᠠ ᠪᠣᠰᠴᠤ ᠬᠥᠳᠡᠯᠪᠡ᠃
ᠨᠠᠷᠠ ᠳᠡᠭᠡᠷᠡ ᠬᠥᠭᠡᠷᠦᠯᠡ᠃ ᠪᠠᠭᠠ ᠦᠳᠡ ᠪᠣᠯᠤᠭᠰᠠᠨ ᠤ᠋ ᠲᠡᠮᠳᠡᠭ᠃ ᠮᠤᠨᠠ ᠠᠭᠤᠯᠠ ᠮᠥᠷᠥ ᠳᠠᠯᠤ᠂ ᠰᠢᠯᠢ ᠨᠢᠷᠤᠭᠤ ᠪᠠᠨ ᠲᠡᠨᠢᠢᠲᠡᠯᠡ ᠡᠭᠡᠭᠡᠯᠭᠡᠴᠢᠬᠡᠭᠡᠳ ᠰᠤᠨᠢᠶᠠᠵᠤ ᠵᠣᠭᠰᠣᠭᠠ ᠪᠥᠬᠡ ᠬᠥᠮᠦᠨ ᠰᠢᠭ ᠬᠠᠨᠠᠢᠨ ᠰᠦᠨᠳᠡᠷᠯᠡᠨᠡ᠃ ᠬᠤᠷᠴᠠ ᠨᠠᠷᠠᠨ ᠤ᠋ ᠢᠯᠴᠢᠨ ᠳ᠋ᠦ᠍ ᠨᠠᠷᠠᠰᠤ ᠮᠠᠢᠯᠠᠰᠤ᠂ ᠭᠦᠢᠯᠡᠰᠦᠨ ᠮᠣᠳᠣᠨ ᠤ᠋ ᠦᠶᠡ ᠠᠳᠠᠷᠠᠤ ᠠ᠋ᠴᠠ ᠲᠣᠰᠣ ᠴᠢᠬᠠᠷᠠᠵᠤ ᠳᠠᠪᠠᠷᠬᠠᠢ ᠶ᠋ᠢᠨ ᠰᠢᠭᠦᠰᠦ ᠳᠤᠰᠤᠯᠠᠨᠠ᠁
ᠭᠣᠩᠴᠣᠭᠷᠠᠬᠤᠠ ᠡᠭᠦᠷᠭᠡ ᠲᠡᠭᠦᠷᠭᠡ ᠪᠡᠨ ᠡᠭᠦᠷᠴᠦ ᠬᠣᠶᠠᠷ ᠬᠥᠲᠥᠯ ᠳᠠᠪᠠᠵᠤ ᠭᠤᠷᠪᠠᠨ ᠵᠢᠯᠠᠭᠠ ᠳᠤᠭᠤᠯᠤᠭᠠᠳ ᠲᠣᠭᠣᠭᠠ ᠬᠡᠯᠪᠡᠷᠢᠲᠡᠢ ᠪᠤᠯᠠᠭ ᠤ᠋ᠨ ᠬᠠᠵᠠᠭᠤ ᠳ᠋ᠤ᠌ ᠢᠷᠡᠵᠦ ᠬᠠᠯᠠᠭᠰᠠᠨ ᠨᠢᠭᠤᠷ ᠢ᠋ᠶ᠋ᠠᠨ ᠬᠦᠢᠲᠡᠨ ᠤᠰᠤ ᠪᠠᠷ ᠱᠠᠪᠰᠢᠵᠤ ᠬᠡᠳᠦᠨ ᠣᠭᠣᠴᠢ ᠤᠰᠤ ᠤᠤᠭᠤᠪᠠ᠃ ᠳᠣᠲᠣᠷᠠ ᠨᠢ ᠰᠡᠷᠢᠭᠦᠦ ᠲᠡᠳᠡᠨ ᠣᠩᠭᠣᠢᠬᠤ ᠰᠢᠭ᠋ ᠪᠣᠯᠪᠠ᠃ ᠲᠣᠭᠣᠭᠠᠨ ᠪᠤᠯᠠᠭ ᠤ᠋ᠨ ᠤᠰᠤ ᠥᠩᠭᠡᠢᠵᠦ ᠵᠢᠰᠦ ᠪᠡᠨ ᠲᠣᠯᠢᠳᠠᠪᠠᠯ ᠭᠥᠯᠢᠭᠡᠷ ᠮᠠᠩᠨᠠᠢ ᠶ᠋ᠢ ᠨᠢ ᠢᠪ ᠳᠠᠷᠤᠭᠰᠠᠨ ᠬᠦᠩ ᠨᠣᠶᠠᠨ ᠤ᠋ ᠱ᠌ᠢᠷᠦᠨ ᠵᠢᠩᠰᠡ ᠲᠡᠢ ᠤᠲᠤᠭᠠᠲᠤ ᠮᠠᠯᠠᠭᠠᠢ ᠨᠢ ᠫᠠᠯᠬᠢᠨ ᠤᠰᠤᠨ ᠳ᠋ᠤ᠌ ᠤᠨᠠᠵᠤ ᠲᠤᠩᠭᠠᠯᠠᠭ ᠲᠣᠯᠢ ᠰᠢᠭ᠋ ᠮᠡᠯᠲᠡᠭᠡᠨᠡᠭᠰᠡᠨ ᠤᠰᠤ ᠶ᠋ᠢ ᠠᠷᠲᠠᠭᠤᠯᠵᠤ ᠲᠣᠳᠣᠬᠠᠨ ᠬᠠᠷᠠᠭᠳᠠᠵᠤ ᠪᠠᠢᠭᠰᠠᠨ ᠥᠪᠡᠷ ᠦ᠋ᠨ ᠵᠢᠰᠦ ᠨᠢ ᠲᠡᠯᠡᠷᠡᠨ ᠪᠠᠯᠠᠷᠠᠪᠠ᠃ ᠲᠡᠷᠡ ᠲᠣᠭᠣᠭᠠᠨ ᠪᠤᠯᠠᠭ ᠢ᠋ ᠥᠩᠭᠡᠢᠵᠦ ᠵᠢᠰᠦ ᠪᠡᠨ ᠲᠣᠯᠢᠳᠠᠬᠤ ᠭᠡᠳ ᠣᠯᠵᠤ ᠬᠠᠷᠠᠭᠰᠠᠨ ᠦᠭᠡᠢ᠂ ᠵᠠᠮᠠᠭᠲᠤ ᠤᠰᠤᠨ ᠳ᠋ᠤ᠌ ᠰᠢᠨᠠᠭᠠᠨ ᠬᠣᠷᠣᠬᠠᠢ᠂ ᠬᠢᠯᠭᠠᠰᠤᠨ ᠬᠣᠷᠣᠬᠠᠢ᠂ ᠵᠢᠭᠠᠰᠤ ᠵᠢᠷᠠᠭᠠᠬᠠᠢ ᠨᠤᠭᠤᠳ ᠴᠢᠯᠥᠭᠡᠲᠡᠢ ᠨᠠᠭᠠᠳᠴᠤ᠂ ᠲᠡᠭᠦᠨ ᠦ᠌ ᠮᠠᠯᠠᠭᠠᠢ ᠨᠢ ᠤᠰᠤᠨ ᠳ᠋ᠤ᠌ ᠤᠨᠠᠬᠤᠯᠠᠷ ᠵᠢᠭᠠᠰᠤ ᠨᠤᠭᠤᠳ ᠦᠷᠭᠦᠵᠦ ᠬᠠᠮᠢᠭᠠᠰᠢ ᠪᠠᠨ ᠳᠠᠯᠳᠠᠯᠠᠬᠤ ᠪᠠᠨ ᠣᠯᠬᠤ ᠦᠭᠡᠢ ᠵᠠᠮᠠᠭ ᠰᠠᠮᠤᠴᠢᠨ ᠱᠤᠮᠪᠠᠯᠴᠠᠨᠠ᠃ ᠭᠠᠭᠴᠠ ᠰᠢᠨᠠᠭᠠᠨ ᠬᠣᠷᠣᠬᠠᠢ ᠰᠡᠭᠦᠯ ᠢ᠋ᠶ᠋ᠡᠨ ᠭᠤᠶᠠᠳᠠᠯᠠᠨ ᠲᠣᠯᠣᠭᠠᠢ ᠳ᠋ᠠᠭᠠᠨ ᠲᠠᠢᠯᠳᠠᠨ ᠤᠰᠤ ᠤᠮᠪᠠᠵᠤ ᠨᠠᠭᠠᠳᠬᠤ ᠶ᠋ᠢ ᠬᠠᠷᠠᠭᠠᠳ ᠥᠴᠥᠭᠡᠳᠦᠷ ᠦ᠋ᠨ ᠦᠳᠡ ᠶ᠋ᠢᠨ ᠬᠠᠯᠠᠭᠤᠨ ᠨᠠᠷᠠᠨ ᠳ᠋ᠤ᠌ ᠲᠡᠷᠡ ᠬᠦ᠌ ᠴᠢᠳᠬᠤᠯᠠᠩ ᠤ᠋ᠨ ᠴᠡᠩᠬᠡᠷ ᠴᠣᠩᠬᠢᠶᠠᠯ ᠳ᠋ᠤ᠌ ᠤᠰᠤ ᠤᠮᠪᠠᠵᠤ ᠪᠡᠶᠡ ᠤᠬᠢᠶᠠᠭᠠ ᠱᠠᠯᠳᠠᠩ ᠪᠦᠰᠡᠭᠦᠢ ᠶ᠋ᠢ ᠪᠣᠳᠣᠵᠤ ᠣᠯᠤᠭᠠᠳ《ᠥᠨᠥᠳᠥᠷ ᠪᠠᠰᠠ ᠲᠡᠷᠡ ᠴᠢᠳᠬᠤᠯᠠᠩ ᠳ᠋ᠤ᠌ ᠣᠴᠢᠵᠤ ᠱᠠᠯᠳᠠᠩ ᠪᠦᠰᠡᠭᠦᠢ ᠶ᠋ᠢ ᠬᠠᠷᠠᠬᠤ ᠶᠤᠮᠰᠠᠨ》 ᠭᠡᠰᠡᠨ ᠪᠣᠳᠣᠯ ᠳ᠋ᠤ᠌ ᠬᠥᠲᠥᠯᠦᠭᠳᠡᠨ ᠲᠣᠭᠣᠭᠠᠨ ᠪᠤᠯᠠᠭ ᠤ᠋ᠨ ᠤᠰᠤᠨ ᠳ᠋ᠤ᠌ ᠵᠠᠪᠢ ᠰᠢᠭ᠋ ᠬᠥᠪᠴᠦ ᠶᠠᠪᠤᠭᠠ ᠵᠢᠩᠰᠡ ᠲᠡᠢ ᠲᠣᠭᠣᠷᠴᠣᠭ ᠮᠠᠯᠠᠭᠠᠢ ᠪᠠᠨ ᠴᠦ᠍ ᠠᠪᠤᠯ ᠦᠭᠡᠢ ᠪᠤᠴᠠᠭᠠᠳ ᠭᠦᠶᠦᠪᠡ᠃
ᠥᠴᠥᠭᠡᠳᠦᠷ ᠦ᠋ᠨ ᠱᠠᠯᠳᠠᠩ ᠪᠦᠰᠡᠭᠦᠢ ᠬᠠᠷᠠᠭᠰᠠᠨ ᠭᠠᠵᠠᠷ ᠲᠠᠭᠠᠨ ᠬᠦᠷᠴᠦ ᠰᠡᠷᠪᠡᠭᠡᠷ ᠬᠠᠳᠠᠨ ᠤ᠋ ᠠᠷᠤ ᠳ᠋ᠤ᠌ ᠪᠡᠶᠡ ᠳᠠᠯᠳᠠᠯᠠᠨ ᠲᠡᠷᠡ ᠱᠠᠯᠳᠠᠩ ᠪᠦᠰᠡᠭᠦᠢ ᠶ᠋ᠢᠨ ᠬᠠᠰ ᠮᠠᠬᠠᠪᠣᠳ ᠢ᠋ ᠪᠠᠰᠠ ᠨᠢᠭᠡ ᠬᠠᠷᠠᠬᠤ ᠶᠤᠮᠰᠠᠨ᠂ ᠠᠳᠠᠭ ᠨᠢ ᠬᠣᠪᠳᠣᠭᠰᠢᠭᠰᠠᠨ ᠨᠢᠳᠦ ᠪᠡᠨ ᠴᠦ᠍ ᠬᠤᠵᠢᠷᠯᠠᠭᠠᠳ ᠭᠠᠷᠤᠶᠠ ᠭᠡᠳ ᠴᠡᠩᠬᠡᠷ ᠴᠣᠩᠬᠢᠶᠠᠯ᠂ ᠬᠠᠪᠲᠠᠭᠠᠢ ᠭᠥᠯᠢᠭᠡᠷ ᠬᠠᠳᠠ ᠤᠷᠤᠭᠤ ᠪᠠᠢᠨ ᠪᠠᠢᠨ ᠨᠢᠳᠦ ᠪᠡᠯᠴᠢᠭᠡᠪᠡᠴᠦ ᠥᠴᠥᠭᠡᠳᠦᠷ ᠦ᠋ᠨ ᠲᠡᠢᠨ ᠬᠦ᠌ ᠥᠪ ᠦᠨᠡᠨ ᠰᠠᠢᠬᠠᠨ ᠦᠵᠡᠭᠳᠡᠯ ᠠᠯᠠᠭᠠ᠃ ᠴᠡᠩᠬᠡᠷ ᠴᠣᠩᠬᠢᠶᠠᠯ ᠳᠡᠭᠡᠷᠡ ᠡᠴᠡ ᠴᠢᠳᠬᠤᠯᠠᠭᠰᠠᠨ ᠰᠤᠪᠤᠳ ᠤ᠋ᠨ ᠮᠥᠬᠥᠯᠢᠭ ᠢ᠋ ᠲᠣᠰᠴᠤ ᠲᠣᠪ ᠲᠣᠭᠲᠠᠭᠤᠬᠠᠨ ᠬᠡᠪ ᠢ᠋ᠶ᠋ᠡᠷ ᠢ᠋ᠶ᠋ᠡᠨ ᠪᠠᠢᠪᠠ᠃ ᠴᠠᠭᠠᠳᠤ ᠡᠩᠭᠡᠷ ᠦ᠋ᠨ ᠬᠠᠪᠲᠠᠭᠠᠢ ᠭᠥᠯᠢᠭᠡᠷ ᠬᠠᠳᠠ ᠴᠦ᠍ ᠬᠠᠯᠠᠭᠤᠨ ᠨᠠᠷᠠᠨ ᠤ᠋ ᠣᠢᠯᠲᠠ ᠳ᠋ᠤ᠌ ᠭᠢᠯᠲᠠᠭᠠᠨᠠᠵᠤ ᠬᠠᠷᠠᠭᠳᠠᠬᠤ ᠠ᠋ᠴᠠ ᠴᠠᠭᠠᠰᠢ ᠶᠠᠮᠠᠷ ᠴᠦ᠍ ᠬᠤᠪᠢᠷᠠᠯᠲᠠ ᠦᠭᠡᠢ ᠪᠠᠢᠪᠠ᠃
ᠲᠡᠭᠡᠲᠡᠯᠡ ᠴᠣᠩᠬᠢᠶᠠᠯ ᠤ᠋ᠨ ᠤᠰᠤ ᠴᠠᠯᠭᠢᠬᠤ ᠰᠢᠭ᠋ ᠳᠠᠭᠤᠨ ᠭᠠᠷᠬᠤᠯᠠᠷ ᠲᠡᠷᠡ ᠵᠦᠭ ᠲᠦ᠍ ᠭᠣᠩᠴᠣᠭᠷᠠᠬᠤᠠ ᠳᠠᠭᠠᠵᠤ ᠬᠠᠷᠠᠪᠠᠯ ᠥᠨᠥᠬᠢ ᠪᠢᠳᠤᠷᠢᠶᠠᠨ ᠴᠡᠩᠬᠡᠷ ᠬᠠᠷᠠᠭᠳᠠᠳᠠᠭ ᠴᠣᠩᠬᠢᠶᠠᠯ ᠤ᠋ᠨ ᠤᠰᠤ ᠨᠣᠪ ᠨᠣᠭᠣᠭᠠᠨ ᠪᠣᠯᠵᠤ ᠬᠤᠪᠢᠷᠠᠭᠠᠳ ᠤᠰᠤᠨ ᠤ᠋ ᠳᠡᠭᠡᠭᠦᠷ ᠠᠷ ᠲᠠᠲᠠᠨᠠ᠃ ᠤᠰᠤᠨ ᠳᠣᠲᠣᠷᠠ ᠨᠢ ᠭᠤᠯᠪᠢᠯᠵᠠᠭᠰᠠᠨ ᠨᠣᠭᠣᠭᠠᠨ ᠶᠠᠭᠤᠮᠠ ᠨᠠᠭᠠᠰᠢ ᠴᠠᠭᠠᠰᠢ ᠱᠤᠮᠪᠠᠬᠤ ᠰᠢᠭ᠋ ᠪᠦᠦᠷ ᠲᠦᠦᠷ ᠬᠠᠷᠠᠭᠳᠠᠨᠠ᠃
ᠨᠢᠭᠡ ᠬᠠᠷᠠᠬᠤᠯᠠ ᠨᠢᠭᠡ ᠪᠦᠳᠦᠭᠦᠨ ᠨᠣᠭᠣᠭᠠᠨ ᠡᠷᠢᠶᠡᠨ ᠮᠣᠭᠠᠢ ᠴᠠᠭᠠᠳᠤ ᠬᠠᠳᠠ ᠲᠠᠢ ᠡᠩᠭᠡᠷ ᠦ᠋ᠨ ᠬᠠᠪᠲᠠᠭᠠᠢ ᠭᠥᠯᠢᠭᠡᠷ ᠬᠠᠳᠠᠨ ᠳᠡᠭᠡᠷᠡ ᠤᠭᠠᠯᠵᠠᠯᠠᠨ ᠬᠡᠪᠲᠡᠬᠦ ᠶ᠋ᠢ ᠣᠯᠵᠤ ᠦᠵᠡᠭᠰᠡᠨ ᠭᠣᠩᠴᠣᠭᠷᠠᠬᠤᠠ ᠲᠡᠷᠡᠬᠡᠨ ᠠᠭᠱᠠᠨᠠ ᠪᠦᠬᠦ ᠪᠡᠶᠡ ᠡᠴᠡ ᠨᠢ ᠬᠥᠯᠥᠰᠥ ᠠᠰᠬᠠᠪᠠ᠃
ᠦᠰᠦᠭ ᠠᠮᠢᠯᠠᠭᠤᠯᠤᠭᠴᠢ᠄ ᠭᠠᠷᠮᠠ