ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠲᠠᠪᠤ> Хан мунын сүүрс < дээд > – Мөнх зохиоов ᠂ Дэд бодь – Гуравдугаар бөлөг <5> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠲᠠᠪᠤ> Хан мунын сүүрс < дээд > – Мөнх зохиоов ᠂ Дэд бодь – Гуравдугаар бөлөг <5>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠲᠠᠪᠤ> Хан мунын сүүрс < дээд > – Мөнх зохиоов ᠂ Дэд бодь – Гуравдугаар бөлөг <5>

ᠠᠩᠭᠢᠯᠠᠯ:ᠲᠤᠭᠤᠵᠢ ᠷᠣᠮᠠᠨ
2024-10-18

307

ᠳᠡᠳ᠋ ᠪᠣᠲᠢ – ᠭᠤᠷᠪᠠᠳᠤᠭᠠᠷ ᠪᠦᠯᠦᠭ <ᠲᠠᠪᠤ>


               ᠲᠠᠪᠤ  

       ᠭᠣᠩᠴᠣᠭᠷᠠᠬᠤ᠎ᠠ ᠲᠡᠷᠡ ᠬᠠᠳᠠ ᠲᠠᠢ ᠡᠩᠭᠡᠷ ᠦ᠋ᠨ ᠪᠠᠷᠠᠭᠤᠨ ᠵᠢᠯᠠᠭ᠎ᠠ ᠶ᠋ᠢ ᠥᠭᠡᠳᠡᠯᠡᠵᠦ ᠡᠯᠢᠶ᠎ᠡ ᠰᠢᠪᠠᠭᠤ ᠡᠷᠭᠢᠭᠰᠡᠨ ᠵᠦᠭ ᠢ᠋ ᠵᠣᠷᠢᠵᠤ ᠮᠠᠴᠤᠪᠠ᠃ 
       ᠡᠯᠢᠶ᠎ᠡ ᠡᠷᠭᠢᠵᠦ᠂ ᠬᠡᠷᠢᠶ᠎ᠡ ᠱᠠᠭᠠᠵᠠᠭᠠᠢ ᠴᠤᠭᠯᠠᠭᠰᠠᠨ ᠭᠠᠵᠠᠷ ᠤᠯᠠᠢ ᠭᠠᠷᠤᠭᠰᠠᠨ ᠪᠠᠢᠬᠤ ᠶᠣᠰᠣᠲᠠᠢ᠃ ᠬᠡᠳᠦᠢ ᠬᠠᠷ᠎ᠠ ᠬᠡᠷᠢᠶ᠎ᠡ ᠶ᠋ᠢ ᠠᠳᠠ ᠶ᠋ᠢᠨ ᠮᠠᠭᠤ ᠰᠢᠪᠠᠭᠤ᠂ ᠮᠠᠭᠤ ᠢᠷᠣ᠎ᠠ ᠭᠡᠵᠦ ᠬᠥᠮᠦᠰ ᠬᠡᠯᠡᠳᠡᠭ ᠪᠣᠯᠪᠠᠴᠤ ᠲᠡᠷᠡ ᠥᠯᠥᠰᠬᠦᠯᠡᠩ ᠦ᠋ᠨ ᠡᠷᠬᠡ ᠪᠡᠷ ᠥᠨᠥᠳᠥᠷ ᠵᠠᠪᠠᠯ ᠲᠡᠨᠳᠡ ᠣᠴᠢᠳᠠᠭ ᠠᠯᠪᠠ ᠲᠠᠢ ᠪᠣᠯᠪᠠ᠃  
       ᠨᠠᠯᠠᠤᠬᠠᠨ ᠰᠢᠷᠢᠩᠭᠢ ᠲᠡᠢ ᠡᠩᠭᠡᠷ ᠲᠦ᠍ ᠭᠤᠷ᠎ᠠ ᠦᠬᠦᠭᠰᠡᠨ ᠪᠠᠢᠪᠠ᠃ ᠭᠤᠷ᠎ᠠ ᠶ᠋ᠢᠨ ᠵᠣᠪᠠᠯᠭ᠎ᠠ ᠳᠡᠭᠡᠷ᠎ᠡ ᠣᠯᠠᠨ ᠬᠡᠷᠢᠶ᠎ᠡ ᠱᠠᠭᠠᠵᠠᠭᠠᠢ ᠴᠤᠭᠯᠠᠵᠤ ᠡᠨᠳᠡ ᠲᠡᠨᠳᠡ ᠡᠴᠡ ᠨᠢ ᠴᠥᠮᠥᠵᠦ ᠤᠷᠠᠵᠤ ᠲᠠᠰᠤᠳᠠᠮᠠᠷ ᠪᠤᠵᠢᠭᠢᠨᠠᠨ᠎ᠠ᠃ ᠬᠥᠮᠦᠨ ᠦ᠌ ᠪᠠᠷ᠎ᠠ ᠪᠠᠷ ᠬᠡᠷᠢᠶ᠎ᠡ ᠱᠠᠭᠠᠵᠠᠭᠠᠢ ᠨᠤᠭᠤᠳ ᠦᠷᠭᠦᠨ ᠨᠢᠰᠴᠦ ᠣᠢᠷ᠎ᠠ ᠬᠠᠪᠢ ᠶ᠋ᠢᠨ ᠮᠣᠳᠣᠨ ᠳᠡᠭᠡᠷ᠎ᠡ ᠰᠠᠭᠤᠭᠠᠳ ᠪᠠᠷ᠎ᠠ ᠬᠠᠷᠠᠨ᠎ᠠ᠃ 
       ᠬᠡᠷᠢᠶ᠎ᠡ ᠲᠣᠩᠰᠢᠭᠰᠠᠨ ᠭᠤᠷ᠎ᠠ ᠶ᠋ᠢᠨ ᠬᠣᠶᠠᠷ ᠨᠢᠳᠦᠨ ᠦ᠌ ᠤᠬᠤᠷᠬᠠᠢ ᠨᠢ ᠬᠣᠩᠬᠣᠢᠵᠤ᠂ ᠮᠢᠬᠠᠴᠢᠨ ᠰᠢᠪᠠᠭᠤᠳ ᠨᠢᠮᠭᠡᠨ ᠴᠠᠪᠢ ᠶ᠋ᠢ ᠨᠢ ᠰᠠᠨᠳᠠᠯᠠᠵᠤ ᠤᠷᠠᠭᠰᠠᠨ ᠠ᠋ᠴᠠ ᠤᠯᠠᠢ ᠠᠰᠬᠠᠭᠰᠠᠨ ᠲᠡᠳᠦᠢ ᠦᠭᠡᠢ ᠭᠡᠳᠡᠰᠦ ᠳᠣᠲᠣᠷ ᠨᠢ ᠭᠣᠭᠣᠵᠢᠵᠤ ᠰᠡᠪᠡᠰᠦ ᠪᠠᠭᠠᠰᠤ ᠨᠢ ᠬᠠᠳᠬᠤᠵᠠᠢ᠃ 
       ᠭᠣᠩᠴᠣᠭᠷᠠᠬᠤ᠎ᠠ ᠭᠤᠷ᠎ᠠ ᠶ᠋ᠢᠨ ᠡᠪᠴᠢᠭᠦᠦ ᠶ᠋ᠢ ᠢᠷᠡᠵᠦ ᠨᠢᠮᠭᠡᠨ ᠵᠠᠯᠪᠠᠢ ᠶ᠋ᠢ ᠨᠢ ᠴᠣᠭᠣᠯᠤᠨ ᠳᠣᠲᠣᠷ᠎ᠠ ᠴᠣᠷᠣᠢ ᠶ᠋ᠢ ᠨᠢ ᠬᠣᠨᠢ ᠵᠠᠰᠠᠳᠠᠭ ᠢ᠋ᠶ᠋ᠠᠨ ᠰᠢᠭ᠋ ᠡᠪᠲᠡᠢ ᠰᠠᠢᠬᠠᠨ ᠣᠭᠲᠣᠯᠵᠤ ᠨᠢᠭᠡ ᠲᠡᠢᠰᠢ ᠨᠢ ᠭᠠᠷᠭᠠᠪᠠ᠃ ᠥᠯᠥᠰᠬᠦ ᠳ᠋ᠡᠭᠡᠨ ᠭᠦᠵᠡᠭᠡᠨ ᠦ᠌ ᠬᠢᠨᠢ ᠰᠡᠪᠡᠰᠦ ᠲᠡᠢ ᠥᠩᠭᠥᠷ ᠢ᠋ ᠬᠠᠭᠤᠯᠵᠤ ᠬᠠᠶᠠᠴᠢᠬᠠᠭᠠᠳ ᠳᠣᠲᠣᠷ᠎ᠠ ᠲᠣᠷᠭᠠᠨ ᠬᠠᠯᠢᠰᠤ ᠶ᠋ᠢ ᠤᠷᠠᠵᠤ ᠲᠦᠭᠦᠬᠡᠢ ᠪᠡᠷ ᠨᠢ ᠢᠳᠡᠪᠡ᠃ ᠡᠯᠢᠭᠡᠨ ᠡᠴᠡ ᠨᠢ ᠪᠠᠰᠠ ᠨᠢᠭᠡ ᠡᠮᠬᠦ ᠢᠳᠡᠭᠰᠡᠨ ᠳ᠋ᠦ᠍ ᠥᠯᠪᠡᠷᠦᠭᠡᠳ ᠳᠣᠲᠣᠷ᠎ᠠ ᠨᠢ ᠬᠠᠷᠠᠯᠠᠵᠤ ᠪᠠᠢᠭᠰᠠᠨ ᠨᠢ ᠠᠷᠠᠢ ᠬᠢᠵᠦ ᠨᠠᠮᠳᠠᠪᠠ᠃ 
       ᠮᠣᠳᠣᠨ ᠤ᠋ ᠮᠥᠴᠢᠷ ᠢ᠋ ᠨᠠᠮᠢᠯᠵᠠᠲᠠᠯ᠎ᠠ ᠰᠠᠭᠤᠭᠰᠠᠨ ᠬᠡᠷᠢᠶ᠎ᠡ ᠱᠠᠭᠠᠵᠠᠭᠠᠢ ᠵᠠᠳᠠᠭᠠᠢ ᠤᠯᠠᠢ ᠬᠠᠷᠠᠭᠰᠠᠨ ᠢ᠋ᠶ᠋ᠠᠨ ᠭᠤᠸᠠᠳ ᠭᠤᠸᠠᠳ᠂ ᠱᠠᠭ ᠱᠠᠭ ᠭᠡᠵᠦ ᠬᠣᠭᠣᠷᠣᠨᠳᠣ ᠪᠠᠨ᠂ ᠬᠡᠷᠡᠯᠳᠦᠵᠦ ᠪᠠᠢᠬᠤ ᠮᠡᠲᠦ ᠤᠯᠠᠮ ᠴᠦ᠍ ᠬᠡᠴᠡᠭᠦᠦ ᠪᠤᠵᠢᠭᠢᠨᠠᠪᠠ᠃《ᠭᠣᠩᠴᠣᠭᠷᠠᠬᠤ᠎ᠠ ᠠ᠋᠂ ᠴᠢ ᠶᠠᠮᠠᠷ ᠬᠠᠮᠢᠭᠠᠰᠢ ᠪᠠᠨ ᠬᠠᠷᠠᠮᠴᠢ ᠪᠣᠢ? ᠭᠣᠯᠣᠳᠠᠭ ᠢ᠋ᠶ᠋ᠠᠨ ᠨᠠᠭᠠᠰᠢ ᠪᠠᠨ ᠬᠠᠶᠠ᠂ ᠪᠢᠳᠡ ᠪᠠᠰᠠ ᠬᠤᠪᠢᠶᠠᠯᠴᠠᠶ᠎ᠠ ᠪᠠᠢᠵᠠ!》 ᠭᠡᠬᠦ ᠰᠢᠭ ᠮᠣᠳᠣᠨ ᠤ᠋ ᠱᠠᠭᠠᠵᠠᠭᠠᠢ ᠨᠤᠭᠤᠳ ᠱᠠᠭ ᠱᠠᠭ ᠬᠢᠨ ᠳᠡᠭᠡᠭᠦᠷ ᠳᠣᠣᠭᠤᠷ ᠨᠢ ᠵᠥᠷᠢᠯᠳᠦᠨ ᠨᠢᠰᠦᠨ᠎ᠡ᠃ ᠮᠣᠳᠣᠨ ᠤ᠋ ᠥᠨᠳᠥᠷ ᠲᠦ᠍ ᠬᠡᠷᠰᠡᠦᠬᠡᠨ ᠠᠪᠤᠷᠢ ᠲᠠᠢ ᠪᠠᠷ᠎ᠠ ᠬᠠᠷᠠᠭᠰᠠᠨ ᠬᠠᠷ᠎ᠠ ᠬᠡᠷᠢᠶ᠎ᠡ ᠬᠠᠶᠠ ᠨᠢᠭᠡ ᠭᠤᠸᠠᠳ ᠭᠤᠸᠠᠳ ᠭᠡᠬᠦ ᠨᠢ《ᠴᠢ ᠬᠠᠮᠢᠭᠠᠬᠢ ᠭᠤᠢᠷᠠᠨᠴᠢ ᠪᠣᠢ? ᠮᠠᠨ ᠤ᠋ ᠠᠭᠤᠯᠠ ᠶ᠋ᠢᠨ ᠬᠡᠰᠢᠭ ᠲᠦ᠍ ᠬᠣᠰᠢᠭᠤ ᠲᠥᠷᠥᠭᠡᠳ ᠭᠠᠭᠴᠠᠭᠠᠷ ᠡᠵᠡᠷᠬᠡᠳᠡᠭ ᠨᠢ ᠶᠠᠭᠤ ᠪᠣᠢ⁈》 ᠭᠡᠵᠦ ᠭᠣᠩᠴᠣᠭᠷᠠᠬᠤ᠎ᠠ ᠶ᠋ᠢ ᠭᠠᠳᠠᠨᠠᠰᠢᠶᠠᠭᠰᠠᠨ ᠰᠢᠭ᠋ ᠵᠦᠬᠡᠨ᠎ᠡ᠃ 
       ᠨᠢᠭᠡ ᠬᠠᠷᠠᠪᠠᠯ ᠵᠡᠭᠦᠨ ᠪᠠᠷᠠᠭᠤᠨ ᠬᠠᠵᠠᠭᠤ ᠶ᠋ᠢᠨ ᠡᠩᠭᠡᠷ ᠲᠦ᠍ ᠬᠣᠰᠢᠶᠠᠳ ᠴᠢᠨᠣ᠎ᠠ ᠥᠪᠡᠷ ᠤᠷᠤᠭᠤ ᠨᠢ ᠥᠩᠭᠡᠯᠵᠡᠵᠦ ᠪᠠᠢᠪᠠ᠃ ᠭᠤᠷ᠎ᠠ ᠶ᠋ᠢᠨ ᠦᠬᠦᠭᠰᠡᠨ ᠵᠣᠪᠠᠯᠭ᠎ᠠ ᠳ᠋ᠤ᠌ ᠰᠠᠨᠠᠭᠠᠷᠬᠠᠵᠤ ᠪᠠᠢᠨ᠎ᠠ ᠤᠤ᠂ ᠭᠣᠩᠴᠣᠭᠷᠠᠬᠤ᠎ᠠ ᠮᠢᠨᠦ ᠠᠮᠢᠳᠤ ᠵᠣᠪᠠᠯᠭ᠎ᠠ ᠳ᠋ᠤ᠌ ᠭᠣᠷᠢᠳᠠᠵᠤ ᠪᠠᠢᠨ᠎ᠠ ᠤᠤ ᠭᠡᠰᠡᠨ ᠪᠣᠳᠣᠯ ᠣᠷᠣᠵᠤ ᠴᠢᠨᠣ᠎ᠠ ᠠ᠋ᠴᠠ ᠰᠢᠷᠬᠡᠢᠬᠦ ᠳ᠋ᠡᠭᠡᠨ ᠬᠤᠢᠬ᠎ᠠ ᠨᠢ ᠠᠷᠵᠠᠢᠬᠤ ᠰᠢᠭ᠋ ᠪᠣᠯᠪᠠ᠃ 
       ᠭᠣᠩᠴᠣᠭᠷᠠᠬᠤ᠎ᠠ ᠴᠢᠨᠣ᠎ᠠ᠂ ᠬᠡᠷᠢᠶ᠎ᠡ᠂ ᠱᠠᠭᠠᠵᠠᠭᠠᠢ ᠶ᠋ᠢ ᠬᠠᠷᠠᠭᠠᠳ《ᠪᠢ ᠴᠢᠨᠢ ᠦᠨᠡᠬᠡᠷ ᠬᠥᠮᠦᠨ ᠦ᠌ ᠪᠡᠯᠡᠳᠦᠭᠰᠡᠨ ᠪᠡᠯᠡᠨ ᠬᠣᠭᠣᠯᠠᠨ ᠳᠡᠭᠡᠷ᠎ᠡ ᠪᠠᠭᠤᠭᠰᠠᠨ ᠰᠢᠭ᠋ ᠪᠣᠯᠴᠢᠬᠠᠯ᠎ᠠ! ᠵᠠ᠂ ᠪᠠᠢᠵᠠ! ᠪᠤᠷᠬᠠᠨ ᠲᠩᠷᠢ ᠮᠢᠨᠢ!》 ᠭᠡᠳ ᠭᠤᠷ᠎ᠠ ᠶ᠋ᠢᠨ ᠭᠣᠣᠯ ᠤ᠋ᠨ ᠴᠣᠷᠣᠢ ᠶ᠋ᠢᠨ ᠮᠢᠬᠠᠨ ᠠ᠋ᠴᠠ ᠳᠥᠷᠪᠡᠨ ᠬᠡᠰᠡᠭ ᠣᠭᠲᠣᠯᠵᠤ ᠳᠥᠷᠪᠡᠨ ᠵᠦᠭ ᠦ᠋ᠨ ᠨᠠᠪᠳᠠᠭ ᠰᠠᠪᠳᠠᠭ ᠲᠤ ᠡᠷᠭᠦᠵᠦ《ᠬᠤᠷᠤᠢ ᠬᠤᠷᠤᠢ! ᠤᠸᠮ ᠠ ᠬᠣᠩ!》 ᠭᠡᠵᠦ ᠡᠷᠭᠦᠴᠡ ᠥᠭᠪᠡ᠃ ᠬᠠᠮᠤᠭ ᠰᠡᠭᠦᠯᠴᠢ ᠶ᠋ᠢᠨ ᠨᠢᠭᠡ ᠬᠡᠰᠡᠭ ᠡᠷᠭᠦᠭᠰᠡᠨ ᠮᠢᠬ᠎ᠠ ᠶ᠋ᠢ ᠬᠥᠰᠡᠷ ᠤᠨᠠᠬᠤ ᠠ᠋ᠴᠠ ᠡᠮᠦᠨ᠎ᠡ ᠥᠨᠳᠥᠷ ᠮᠣᠳᠣᠨ ᠳᠡᠭᠡᠷ᠎ᠡ ᠡᠴᠡ ᠪᠠᠷ᠎ᠠ ᠬᠠᠷᠠᠵᠤ ᠪᠠᠢᠭᠰᠠᠨ ᠬᠠᠷ᠎ᠠ ᠬᠡᠷᠢᠶ᠎ᠡ ᠱᠤᠩᠭᠤᠨ ᠨᠢᠰᠴᠦ ᠰᠢᠭᠦᠷᠡᠨ ᠥᠨᠳᠥᠷ ᠲᠦ᠍ ᠬᠠᠯᠢᠪᠠ᠃ 
       ᠭᠣᠩᠴᠣᠭᠷᠠᠬᠤ᠎ᠠ ᠲᠡᠷᠡ ᠬᠠᠷ᠎ᠠ ᠬᠡᠷᠢᠶᠡᠨ ᠦ᠌ ᠬᠣᠢᠨ᠎ᠠ ᠠ᠋ᠴᠠ ᠬᠠᠷᠠᠭᠠᠳ ᠭᠠᠢᠬᠠᠵᠤ᠄ 
       — ᠠ᠂ ᠪᠠᠰᠠ ᠬᠡᠴᠡᠭᠦᠦ ᠶᠦᠮ ᠠ᠋! ᠭᠠᠵᠠᠷ ᠳᠤᠰᠤᠭᠠᠬᠤ ᠦᠭᠡᠢ ᠴᠡᠪᠡᠷᠬᠡᠨ ᠰᠢᠭᠦᠷᠡᠳᠡᠭ ᠠᠢᠬᠤᠪᠲᠤᠷ ᠵᠣᠯᠢᠭ ᠪᠠᠢᠨ᠎ᠠ᠃ ᠲᠡᠭᠡᠬᠦ ᠳ᠋ᠡᠭᠡᠨ ᠡᠨᠡ ᠬᠡᠳᠦᠨ ᠴᠢᠨᠣ᠎ᠠ ᠳ᠋ᠤ᠌《ᠡᠨᠳᠡ ᠰᠡᠭ ᠤᠯᠠᠢ ᠭᠠᠷᠴᠠᠢ》 ᠭᠡᠵᠦ ᠠᠩᠬ᠎ᠠ ᠮᠡᠳᠡᠭᠡᠯᠡᠭᠰᠡᠨ ᠨᠢ ᠮᠥᠨ ᠴᠢ ᠯᠡ ᠪᠠᠢᠬᠤ ᠠ᠋! ᠴᠠᠪᠠᠰᠤ ᠭᠡᠵᠦ ᠮᠠᠭᠤ ᠰᠠᠨᠠᠭᠰᠠᠨ ᠢ᠋ᠶ᠋ᠠᠨ ᠬᠠᠷ᠎ᠠ ᠬᠡᠷᠢᠶ᠎ᠡ ᠳ᠋ᠦ᠍ ᠴᠢᠭᠯᠡᠭᠦᠯᠦᠨ ᠥᠪᠡᠷ ᠢ᠋ᠶ᠋ᠡᠨ ᠴᠦ᠍ ᠦᠯᠦ ᠰᠣᠨᠣᠰᠳᠠᠮ᠎ᠠ ᠨᠢᠭᠡ ᠶᠠᠭᠤᠮ᠎ᠠ  ᠳᠦᠳᠦᠨᠡᠭᠡᠳ ᠬᠣᠶᠠᠷ ᠬᠠᠵᠠᠭᠤ ᠶ᠋ᠢᠨ ᠡᠩᠭᠡᠷ ᠲᠦ᠍ ᠱᠣᠩᠨᠣᠢᠭᠰᠠᠨ ᠴᠢᠨᠣ᠎ᠠ ᠶ᠋ᠢ ᠡᠭᠡᠯᠵᠢᠯᠡᠨ ᠬᠠᠷᠠᠬᠤ ᠳ᠋ᠤ᠌ ᠥᠪᠡᠷ ᠲᠦ᠋ᠨᠢ ᠬᠣᠣᠷ ᠬᠦᠷᠭᠡᠮᠡᠷ ᠰᠠᠨᠠᠭᠳᠠᠭᠰᠠᠨ ᠦᠭᠡᠢ᠃ ᠶᠡᠷᠦ ᠨᠢ ᠲᠡᠷᠡ ᠨᠣᠶᠠᠨ ᠰᠠᠩ ᠤ᠋ᠨ ᠠᠳᠤᠭᠤ ᠮᠠᠨᠠᠵᠤ ᠬᠣᠨᠣᠬᠤ ᠳ᠋ᠠᠭᠠᠨ ᠬᠣᠯᠠ ᠠ᠋ᠴᠠ ᠴᠢᠨᠣ᠎ᠠ ᠣᠯᠢᠬᠤ ᠳᠠᠭᠤᠨ ᠢ᠋ ᠰᠣᠨᠣᠰᠤᠭᠰᠠᠨ ᠠ᠋ᠴᠠ ᠪᠢᠰᠢ ᠠᠳᠤᠭᠤᠨ ᠳ᠋ᠠᠭᠠᠨ ᠴᠢᠨᠣ᠎ᠠ ᠬᠠᠪᠢᠳᠠᠭᠤᠯᠵᠤ ᠦᠵᠡᠭᠡ ᠦᠭᠡᠢ᠃ ᠴᠢᠨᠣ᠎ᠠ ᠨᠤᠭᠤᠳ ᠴᠦ᠍ ᠲᠡᠭᠦᠨ ᠦ᠌ ᠠᠳᠤᠭᠤᠨ ᠠ᠋ᠴᠠ ᠶᠡᠷᠦ ᠬᠣᠷᠣᠭᠠᠭᠰᠠᠨ ᠦᠭᠡᠢ᠃  ᠢᠩᠭᠢᠬᠦᠯᠡᠷ ᠳᠥᠷᠪᠡᠨ ᠬᠥᠯ ᠲᠡᠢ ᠬᠡᠭᠡᠷ᠎ᠡ ᠶ᠋ᠢᠨ ᠴᠢᠨᠣ᠎ᠠ ᠠ᠋ᠴᠠ ᠲᠡᠷᠡ ᠠᠶᠤᠵᠤ ᠦᠵᠡᠭᠡ ᠦᠭᠡᠢ ᠬᠠᠷᠢᠨ ᠬᠣᠶᠠᠷ ᠬᠥᠯ ᠲᠡᠢ《ᠴᠢᠨᠣ᠎ᠠ》 ᠠ᠋ᠴᠠ ᠯᠠ ᠠᠶᠤᠵᠤ ᠰᠡᠷᠭᠡᠢᠯᠡᠵᠦ ᠶᠠᠪᠤᠭᠰᠠᠨ ᠰᠠᠨ᠃ ᠮᠡᠷᠭᠡᠨ ᠴᠠᠭᠠᠨ ᠯᠠᠮᠠᠬᠠᠢ ᠶ᠋ᠢᠨ ᠬᠠᠳᠠᠨ ᠬᠣᠩᠭᠢᠯ ᠤ᠋ᠨ ᠳᠡᠭᠲᠡᠷ ᠳᠣᠣᠷ᠎ᠠ ᠬᠠᠶᠠᠭ᠎ᠠ ᠰᠠᠬᠢᠭᠰᠠᠨ《ᠴᠢᠨᠣ᠎ᠠ》 ᠨᠤᠭᠤᠳ ᠲᠡᠭᠦᠨ ᠦ᠌ ᠨᠢᠳᠦᠨ ᠳ᠋ᠦ᠍ ᠶᠡᠬᠡ ᠨᠡᠭᠦᠳᠡᠯ ᠦ᠋ᠨ ᠮᠣᠩᠭᠣᠯ ᠤ᠋ᠨ ᠰᠦᠷ - ᠲᠩᠷᠢ ᠶ᠋ᠢᠨ ᠨᠣᠬᠠᠢ ᠰᠢᠭ᠋ ᠡᠭᠡᠯᠢᠲᠡᠢ ᠬᠠᠷᠠᠭᠳᠠᠭᠰᠠᠨ ᠢ᠋ ᠶᠠᠭᠠᠬᠢᠶ᠎ᠠ ᠳᠠ⁈ ᠢᠩᠭᠢᠵᠦ ᠪᠣᠳᠣᠬᠤ ᠲᠣᠰᠤᠮ ᠢ᠋ᠶ᠋ᠠᠨ ᠥᠪᠡᠷ ᠦ᠋ᠨ ᠣᠶᠤᠨ ᠤ᠋ ᠵᠣᠯᠢ ᠵᠣᠯᠪᠣᠭ᠎ᠠ ᠳ᠋ᠠᠭᠠᠨ ᠡᠷᠡᠮᠰᠢᠨ ᠵᠣᠷᠢᠭ ᠣᠷᠣᠵᠤ《ᠴᠢᠨᠣ᠎ᠠ ᠮᠣᠩᠭᠣᠯ ᠨᠤᠲᠤᠭ᠂ ᠮᠣᠩᠭᠣᠯ ᠬᠥᠮᠦᠨ ᠢ᠋ ᠬᠠᠮᠠᠭᠠᠯᠠᠳᠠᠭ ᠠ᠋ᠴᠠ ᠪᠢᠰᠢ ᠬᠥᠨᠥᠭᠡᠳᠡᠭ ᠦᠭᠡᠢ》 ᠭᠡᠵᠦ ᠠᠩᠬ᠎ᠠ ᠴᠢᠨᠣ᠎ᠠ ᠶ᠋ᠢ ᠬᠠᠷᠠᠩᠭᠠᠨ ᠰᠢᠷᠬᠡᠢᠭᠰᠡᠨ ᠠᠢᠩᠭᠤᠷᠢ ᠪᠠᠨ ᠣᠷᠣ ᠲᠠᠰᠤ ᠦᠯᠳᠡᠪᠡ᠃ 
       ᠭᠤᠷ᠎ᠠ ᠶ᠋ᠢᠨ ᠳᠣᠲᠣᠷ ᠲᠠᠪᠤᠨ ᠴᠤᠯᠤ ᠶ᠋ᠢ ᠠᠪᠴᠤ ᠨᠢᠭᠡ ᠲᠡᠢᠰᠢ ᠨᠢ ᠵᠠᠢᠯᠠᠭᠤᠯᠵᠤ ᠬᠠᠶᠠᠭᠰᠠᠨ ᠳ᠋ᠤ᠌ ᠥᠭᠶᠥᠭᠡ ᠰᠠᠬᠢᠭᠰᠠᠨ ᠬᠡᠷᠢᠶ᠎ᠡ ᠱᠠᠭᠠᠵᠠᠭᠠᠢ ᠳ᠋ᠤ᠌ ᠨᠢᠭᠡ ᠴᠠᠭ ᠤ᠋ᠨ ᠠᠮᠲᠠᠲᠤ ᠬᠣᠭᠣᠯᠠ ᠪᠣᠯᠵᠠᠢ᠃ 
       ᠲᠡᠷᠡ ᠭᠤᠷ᠎ᠠ ᠶ᠋ᠢ ᠡᠪᠲᠡᠢᠬᠡᠨ ᠭᠠᠵᠠᠷ ᠰᠢᠯᠵᠢᠭᠦᠯᠦᠨ ᠥᠪᠴᠢᠵᠦ ᠮᠢᠬ᠎ᠠ ᠶ᠋ᠢ ᠨᠢ ᠪᠣᠷᠴᠠᠯᠠᠨ ᠡᠪᠡᠷᠡᠭᠡᠵᠦ ᠠᠪᠬᠤ ᠶᠤᠮᠰᠠᠨ ᠭᠡᠳ ᠡᠷᠭᠦᠬᠦ ᠳ᠋ᠦ᠍ ᠮᠠᠰᠢ ᠬᠦᠨᠳᠦ ᠰᠠᠨᠠᠭᠳᠠᠨ ᠨᠢᠭᠡ ᠶᠠᠭᠤᠮᠠᠨ ᠳ᠋ᠤ᠌ ᠲᠣᠷᠤᠭᠠᠳ ᠰᠠᠯᠳᠠᠭ ᠶᠠᠭᠤᠮ᠎ᠠ ᠪᠢᠰᠢ᠃ ᠠᠷᠵᠠᠢᠭᠰᠠᠨ ᠲᠠᠪᠤᠨ ᠰᠠᠯᠠᠭ᠎ᠠ ᠲᠠᠢ ᠡᠪᠡᠷ ᠨᠢ ᠣᠷᠢᠶᠠᠩᠭᠤ ᠰᠢᠷᠢᠩᠭᠢ ᠳ᠋ᠦ᠍ ᠲᠡᠭᠡᠭᠯᠡᠵᠦ ᠪᠠᠢᠯᠭᠦᠢ ᠭᠡᠳ ᠬᠦᠵᠦᠭᠦᠦ ᠲᠣᠯᠣᠭᠠᠢ ᠶ᠋ᠢ ᠨᠢ ᠣᠷᠣᠯᠳᠣᠬᠤ ᠳ᠋ᠤ᠌ ᠲᠡᠷᠡ ᠭᠤᠷ᠎ᠠ ᠶ᠋ᠢᠨ ᠪᠠᠭᠠᠯᠵᠠᠭᠤᠷ ᠲᠤ ᠨᠠᠷᠢᠬᠠᠨ ᠲᠠᠮᠤᠭᠰᠠᠨ ᠰᠤᠷ ᠳᠡᠭᠡᠰᠦ ᠰᠢᠭᠢᠳᠴᠦ ᠪᠣᠭᠣᠮᠢᠯᠠᠭᠰᠠᠨ ᠪᠠᠢᠵᠠᠢ᠃  
       — ᠡᠨᠳᠡ ᠭᠦᠷᠦᠭᠡᠴᠢ ᠤᠷᠠᠬ᠎ᠠ ᠲᠠᠯᠪᠢᠭᠰᠠᠨ ᠶᠤᠮ ᠪᠠᠢᠨ᠎ᠠ᠃ ᠵᠢᠭᠲᠡᠢ ᠶᠦᠮ ᠠ᠋᠂ ᠡᠨᠡ ᠪᠣᠢᠳᠠ ᠭᠠᠵᠠᠷ ᠪᠠᠰᠠ ᠬᠦᠷᠦᠭᠡ ᠬᠢᠳᠡᠭ ᠬᠥᠮᠦᠨ ᠢᠷᠡᠳᠡᠭ  ᠪᠠᠢᠵᠢ ᠳᠠ! ᠭᠡᠳ ᠭᠤᠷ᠎ᠠ ᠶ᠋ᠢᠨ ᠬᠦᠵᠦᠭᠦᠦ ᠶ᠋ᠢ ᠪᠣᠭᠣᠮᠢᠯᠠᠭᠰᠠᠨ ᠨᠠᠷᠢᠬᠠᠨ ᠡᠷᠴᠢᠮᠲᠦ ᠰᠤᠷ ᠳᠡᠭᠡᠰᠦ ᠶ᠋ᠢ ᠠᠯᠳᠠᠷᠠᠭᠠᠨ ᠰᠢᠨᠵᠢᠪᠡᠯ ᠭᠤᠷ᠎ᠠ ᠶ᠋ᠢᠨ ᠰᠢᠯᠢᠨ ᠬᠦᠵᠦᠭᠦᠦ᠂ ᠵᠣ ᠬᠣᠨᠳᠣᠯᠠᠢ ᠶ᠋ᠢᠨ ᠲᠦᠭᠦᠬᠡᠢ ᠰᠢᠷᠢ ᠶ᠋ᠢ ᠪᠤᠷᠤᠭᠤ ᠡᠷᠴᠢᠮ ᠢ᠋ᠶ᠋ᠡᠷ ᠭᠤᠷᠮᠤᠰᠤᠯᠠᠨ ᠲᠠᠮᠤᠭᠰᠠᠨ ᠪᠣᠭᠣᠮᠢ ᠪᠠᠢᠯ᠎ᠠ᠃ ᠪᠣᠭᠣᠮᠢ ᠶ᠋ᠢᠨ ᠡᠷᠴᠢᠮ ᠳ᠋ᠦ᠍ ᠵᠠᠭᠤᠭᠳᠠᠭᠰᠠᠨ ᠭᠤᠷ᠎ᠠ ᠶ᠋ᠢᠨ ᠦᠰᠦ ᠨᠢ ᠬᠦᠷᠲᠡᠯ᠎ᠡ ᠠᠯᠠᠭᠯᠠᠵᠤ ᠬᠠᠷᠠᠭᠳᠠᠨ᠎ᠠ᠃ ᠲᠡᠷᠡ ᠠᠯᠲᠠ ᠤᠷᠲᠤ ᠪᠣᠭᠣᠮᠢ ᠶ᠋ᠢᠨ ᠡᠷᠴᠢᠮ ᠳᠤᠮᠳᠠ ᠪᠠᠨ ᠵᠠᠩᠭᠢᠷᠠᠭ᠎ᠠ ᠦᠭᠡᠢ ᠰᠢᠯᠤᠭᠤᠨ ᠲᠠᠮᠤᠭᠰᠠᠨ ᠪᠠ ᠪᠣᠭᠣᠮᠢ ᠶ᠋ᠢᠨ ᠭᠣᠭᠴᠣᠭ᠎ᠠ ᠦᠵᠦᠭᠦᠷ ᠦ᠋ᠨ  ᠵᠠᠩᠭᠢᠳᠤᠭ᠎ᠠ ᠶ᠋ᠢ ᠤᠷᠠᠯᠢᠭ ᠵᠠᠩᠭᠢᠳᠤᠭᠰᠠᠨ ᠨᠢ ᠨᠡᠭᠡᠷᠡᠨ ᠭᠠᠢᠬᠠᠯᠲᠠᠢ᠃ ᠬᠠᠰᠢᠷ ᠠᠳᠤᠭᠤᠴᠢ ᠶ᠋ᠢᠨ ᠤᠷᠠᠨ ᠭᠠᠷ ᠢ᠋ᠶ᠋ᠠᠷ ᠲᠠᠮᠤᠭᠳᠠᠭᠰᠠᠨ ᠪᠣᠯᠬᠤ ᠨᠢ ᠰᠡᠵᠢᠭᠯᠡᠰᠢ ᠦᠭᠡᠢ᠃ ᠲᠡᠷᠡ ᠰᠡᠷᠪᠡᠭᠡ ᠦᠭᠡᠢ ᠲᠣᠭᠣᠨᠣᠴᠢᠯᠠᠯ ᠵᠠᠩᠭᠢᠳᠤᠭ᠎ᠠ ᠪᠣᠯᠤᠨ ᠪᠤᠷᠤᠭᠤ ᠡᠷᠴᠢᠮ ᠢ᠋ᠶ᠋ᠡᠷ ᠲᠠᠮᠤᠭᠰᠠᠨ ᠪᠣᠭᠣᠮᠢ ᠨᠢ ᠶᠠᠭ ᠯᠠ ᠲᠡᠭᠦᠨ ᠦ᠌ ᠥᠪᠡᠷ ᠦ᠋ᠨ ᠬᠢᠨᠢ ᠡᠳ᠋ᠯᠡᠬᠦᠨ ᠰᠢᠭ ᠳᠣᠲᠣᠨᠣ ᠰᠠᠨᠠᠭᠳᠠᠬᠤ ᠶ᠋ᠢ ᠶᠠᠭᠠᠬᠢᠨ᠎ᠠ᠃ ᠲᠡᠭᠦᠨ ᠦ᠌ ᠨᠣᠶᠠᠨ ᠰᠠᠩ ᠤ᠋ᠨ ᠠᠳᠤᠭᠤ ᠤᠷᠭᠠᠯᠠᠳᠠᠭ ᠪᠤᠷᠤᠭᠤ ᠡᠷᠴᠢᠮ ᠲᠡᠢ ᠬᠤᠢᠪᠢ ᠶ᠋ᠢ ᠬᠥᠮᠦᠰ ᠱᠠᠭᠰᠢᠵᠤ ᠳᠠᠭᠤᠷᠢᠶᠠᠬᠤ ᠭᠡᠳ ᠴᠢᠳᠠᠳᠠᠭ ᠦᠭᠡᠢ ᠪᠢᠯᠡ᠃ ᠶᠠᠮᠠᠷ ᠨᠢᠭᠡ ᠨᠢ ᠮᠢᠨᠦ ᠤᠷᠭᠠᠨ ᠤ᠋ ᠬᠤᠢᠪᠢ ᠶ᠋ᠢ ᠬᠤᠯᠠᠭᠠᠢᠯᠠᠵᠤ ᠠᠪᠴᠢᠷᠠᠭᠠᠳ ᠡᠨᠳᠡ ᠤᠷᠠᠬ᠎ᠠ ᠲᠠᠯᠪᠢᠭᠰᠠᠨ ᠶᠤᠮ ᠪᠣᠯ ᠠ᠋? ᠭᠡᠵᠦ ᠪᠡᠶ᠎ᠡ ᠡᠴᠡ ᠪᠡᠨ ᠠᠰᠠᠭᠤᠬᠤ ᠳ᠋ᠤ᠌ ᠬᠠᠷᠢᠨ《ᠭᠤᠷ᠎ᠠ ᠶ᠋ᠢᠨ ᠰᠢᠷᠢ ᠪᠡᠷ ᠴᠢ ᠬᠡᠵᠢᠶ᠎ᠡ ᠤᠷᠭ᠎ᠠ ᠶ᠋ᠢᠨ ᠬᠤᠢᠪᠢ ᠲᠠᠮᠤᠵᠤ ᠪᠠᠢᠪᠠ?》 ᠭᠡᠰᠡᠨ ᠬᠠᠷᠢᠭᠤᠯᠲᠠ ᠣᠯᠤᠭᠠᠳ ᠲᠡᠷᠡ ᠥᠪᠡᠷ ᠢ᠋ᠶ᠋ᠡᠨ ᠴᠦ᠍ ᠤᠬᠠᠭᠠᠨ ᠬᠥᠯ ᠢ᠋ ᠨᠢ ᠣᠯᠬᠤ ᠦᠭᠡᠢ ᠪᠣᠯᠪᠠ᠃  
       ᠳᠤᠲᠠᠭᠤ ᠢᠳᠡᠭᠡᠯᠡᠭᠰᠡᠨ ᠪᠤᠬᠠᠨ ᠤ᠋ ᠰᠢᠷᠢ ᠶ᠋ᠢ ᠵᠢᠭᠳᠡᠬᠡᠨ ᠵᠦᠰᠦᠬᠦ ᠳ᠋ᠦ᠍ ᠰᠤᠷ ᠤ᠋ᠨ ᠦᠵᠦᠭᠦᠷ ᠡᠴᠡ ᠳᠠᠮ ᠥᠭᠴᠦ ᠴᠢᠳᠠᠳᠠᠭ ᠨᠣᠮᠢᠨ ᠨᠢ ᠲᠣᠳᠣᠷᠠᠵᠤ ᠪᠤᠷᠤᠭᠤ ᠡᠷᠴᠢᠮ ᠲᠡᠢ ᠤᠷᠭ᠎ᠠ ᠶ᠋ᠢᠨ ᠬᠤᠢᠪᠢ ᠲᠠᠮᠤᠳᠠᠭ ᠤᠷ᠎ᠠ ᠳᠠᠮ ᠢ᠋ ᠭᠠᠭᠴᠠ ᠨᠣᠮᠢᠨ ᠰᠠᠢᠨ ᠮᠡᠳᠡᠳᠡᠭ᠃ ᠲᠡᠭᠦᠨ ᠡᠴᠡ ᠥᠭᠡᠷ᠎ᠡ ᠬᠥᠮᠦᠨ ᠪᠠᠢᠵᠤ ᠪᠣᠯᠣᠰᠢ ᠦᠭᠡᠢ᠃ ᠡᠨᠡ ᠭᠦᠨ ᠠᠭᠤᠯᠠᠨ ᠳ᠋ᠤ᠌ ᠶᠠᠭᠠᠬᠢᠯ᠎ᠠ ᠭᠡᠵᠦ ᠨᠣᠮᠢᠨ ᠪᠠᠢᠬᠤ ᠪᠢᠯᠡ⁈ ᠪᠦᠰᠡᠭᠦᠢ ᠬᠥᠮᠦᠨ ᠡᠯᠳᠡᠪ ᠠᠷᠢᠶᠠᠲᠠᠨ ᠲᠠᠢ ᠡᠨᠡ ᠪᠣᠢᠳᠠ ᠭᠠᠵᠠᠷ ᠦᠨᠡᠬᠡᠷ ᠠᠮᠢᠳᠤᠷᠠᠵᠤ ᠴᠢᠳᠠᠬᠤ ᠦᠭᠡᠢ᠃ ᠪᠦᠰᠡᠭᠦᠢ ᠬᠥᠮᠦᠨ ᠪᠠᠢᠲᠤᠭᠠᠢ ᠡᠷ᠎ᠡ ᠳᠡᠭᠦᠵᠢᠯᠡᠭᠰᠡᠨ ᠥᠪᠡᠷ ᠦ᠋ᠨ ᠪᠡᠶ᠎ᠡ ᠨᠢ ᠬᠦᠷᠲᠡᠯ᠎ᠡ ᠵᠢᠷᠦᠬᠡ ᠪᠡᠨ ᠭᠠᠷ ᠲᠠᠭᠠᠨ ᠪᠠᠷᠢᠵᠤ ᠲᠦᠭ ᠲᠠᠭ ᠲᠠᠢ ᠶᠠᠪᠤᠨ ᠠᠲᠠᠯ᠎ᠠ ᠨᠣᠮᠣᠢ ᠪᠦᠰᠡᠭᠦᠢ ᠬᠥᠮᠦᠨ ᠨᠡᠩ ᠶᠠᠭᠠᠬᠢᠵᠤ ᠴᠢᠳᠠᠬᠤ ᠪᠣᠢ⁈ ᠲᠡᠭᠡᠬᠦ ᠳ᠋ᠡᠭᠡᠨ ᠤᠯᠠᠭᠠᠨ ᠬᠠᠳᠠᠨ ᠠ᠋ᠴᠠ ᠴᠢᠳᠬᠤᠭᠰᠠᠨ ᠴᠢᠳᠬᠤᠯᠠᠩ ᠤ᠋ᠨ ᠭᠦᠨ ᠴᠣᠩᠬᠢᠶᠠᠯ ᠤ᠋ᠨ ᠤᠰᠤᠨ ᠳ᠋ᠤ᠌ ᠱᠠᠯᠳᠠᠩ ᠪᠦᠰᠡᠭᠦᠢ ᠪᠡᠶ᠎ᠡ ᠪᠡᠨ ᠤᠬᠢᠶᠠᠵᠤ ᠠᠶᠤᠵᠤ ᠢᠴᠢᠬᠦ ᠪᠡᠨ ᠴᠦ᠍ ᠮᠡᠳᠡᠬᠦ ᠦᠭᠡᠢ ᠠᠨᠢᠷ ᠴᠦ᠍ ᠦᠭᠡᠢ ᠠᠯᠴᠠᠢᠨ ᠬᠡᠪᠲᠡᠳᠡᠭ ᠨᠢ ᠶᠠᠭᠠᠬᠢᠵᠤ ᠲᠠᠢᠯᠳᠠᠭ ᠣᠨᠢᠰᠣᠭ᠎ᠠ ᠪᠣᠢ⁈ ᠭᠣᠩᠴᠣᠭᠷᠠᠬᠤ᠎ᠠ ᠠ᠋᠁ ᠡᠨᠡ ᠬᠣᠷᠸ᠎ᠠ ᠳ᠋ᠤ᠌ ᠬᠤᠪᠢᠲᠠᠢ ᠲᠥᠷᠥᠭᠰᠡᠨ ᠬᠡᠦᠬᠡᠨ ᠪᠡᠶ᠎ᠡ ᠶ᠋ᠢ ᠴᠢᠮ᠎ᠠ ᠠ᠋ᠴᠠ ᠥᠭᠡᠷ᠎ᠡ ᠡᠷ᠎ᠡ ᠬᠥᠮᠦᠨ ᠡᠳ᠋ᠯᠡᠬᠦ ᠡᠷᠬᠡ ᠦᠭᠡᠢ ᠭᠡᠬᠦ ᠰᠢᠦ ᠪᠠᠷᠳᠠᠮ ᠬᠠᠰᠬᠢᠷᠤᠭᠰᠠᠨ ᠱᠠᠯᠳᠠᠩ ᠪᠦᠰᠡᠭᠦᠢ ᠶ᠋ᠢ ᠡᠮᠵᠡᠭᠯᠡᠨ ᠰᠠᠨᠠᠵᠤ᠂ ᠲᠡᠷᠡ ᠱᠠᠯᠳᠠᠩ ᠪᠦᠰᠡᠭᠦᠢ ᠠᠮᠠᠷᠠᠭ ᠨᠣᠮᠢᠨ ᠮᠢᠨᠢ ᠮᠥᠨ ᠴᠦ᠍ ᠶᠦᠮ ᠤᠤ ᠳᠠ⁈ ᠮᠥᠨ ᠭᠡᠬᠦ ᠳ᠋ᠦ᠍ ᠲᠡᠷᠡ ᠶᠠᠭᠤ ᠰᠠᠨᠠᠵᠤ᠂ ᠶᠠᠭᠠᠬᠢᠯ᠎ᠠ ᠭᠡᠵᠦ ᠡᠨᠡ ᠬᠠᠷ᠎ᠠ ᠠᠭᠤᠯᠠᠨ ᠳ᠋ᠤ᠌ ᠭᠠᠭᠴᠠᠭᠠᠷ ᠢ᠋ᠶ᠋ᠠᠨ ᠲᠡᠨᠦᠬᠦ ᠪᠢᠯᠡ?᠁ ᠭᠡᠬᠦ ᠮᠡᠲᠦ ᠶ᠋ᠢᠨ ᠠᠰᠠᠭᠤᠯᠲᠠ ᠳ᠋ᠤ᠌ ᠣᠨᠣᠪᠴᠢᠲᠠᠢ  ᠬᠠᠷᠢᠭᠤᠯᠲᠠ ᠥᠭᠴᠦ ᠴᠢᠳᠠᠬᠤ ᠦᠭᠡᠢ ᠳ᠋ᠡᠭᠡᠨ ᠲᠡᠷᠡ ᠱᠠᠯᠳᠠᠩ ᠪᠦᠰᠡᠭᠦᠢ ᠶ᠋ᠢ《ᠨᠣᠮᠢᠨ ᠪᠢᠰᠢ!》 ᠭᠡᠵᠦ ᠨᠣᠮᠢᠨ ᠢ᠋ ᠪᠣᠳᠣᠯ ᠠ᠋ᠴᠠ ᠪᠠᠨ ᠲᠦᠯᠬᠢᠵᠦ ᠵᠠᠢᠯᠠᠭᠤᠯᠤᠨ᠎ᠠ᠁ 
       ᠭᠣᠩᠴᠣᠭᠷᠠᠬᠤ᠎ᠠ ᠲᠡᠷᠡ ᠭᠤᠷ᠎ᠠ ᠶ᠋ᠢ ᠲᠦᠳᠡᠬᠡᠨ ᠥᠪᠴᠢᠵᠦ ᠮᠢᠬ᠎ᠠ ᠶ᠋ᠢ ᠨᠢ ᠪᠣᠷᠴᠠᠯᠠᠵᠤ ᠬᠠᠭᠤᠷᠠᠢ ᠮᠣᠳᠣᠨ ᠤ᠋ ᠮᠥᠴᠢᠷ ᠲᠦ᠍ ᠵᠡᠷᠭᠡᠯᠡᠨ ᠡᠯᠭᠦᠵᠦ ᠡᠪᠡᠷᠡᠭᠡᠪᠡ᠃ 
       — ᠪᠤᠷᠬᠠᠨ ᠲᠩᠷᠢ ᠶ᠋ᠢᠨ ᠢᠪᠡᠭᠡᠯ ᠢ᠋ᠶ᠋ᠡᠷ ᠣᠳᠣ ᠨᠢᠭᠡ ᠥᠯᠪᠡᠷᠬᠦ ᠡᠴᠡ ᠪᠡᠨ ᠥᠩᠭᠡᠷᠡᠯ᠎ᠡ ᠭᠡᠳ ᠲᠦᠳᠡᠭ ᠦ᠋ᠨ ᠰᠢᠷᠠᠭᠰᠠᠨ ᠭᠤᠷ᠎ᠠ ᠶ᠋ᠢᠨ ᠠᠯᠠᠭ ᠪᠣᠷᠴᠠ ᠶ᠋ᠢ ᠠᠮᠲᠠᠷᠬᠠᠨ ᠢᠳᠡᠬᠦ ᠳ᠋ᠦ᠍ ᠰᠡᠳᠬᠢᠯ ᠨᠢ ᠴᠠᠭᠠᠨ᠎ᠠ ᠪᠠᠨ ᠨᠢᠭᠡ ᠲᠡᠨᠢᠭᠦᠨ ᠪᠣᠯᠪᠠ᠃  
       ᠰᠢᠷᠠᠭᠰᠠᠨ ᠮᠢᠬᠠᠨ ᠤ᠋ ᠬᠡᠩᠰᠢᠭᠦᠦ ᠬᠢᠷᠪᠤᠰᠤ ᠶ᠋ᠢᠨ ᠦᠨᠦᠷ ᠢ᠋ᠶ᠋ᠡᠷ ᠪᠣᠯᠪᠠ ᠤᠤ᠂ ᠦᠭᠡᠢ ᠪᠣᠯ ᠬᠠᠮᠢᠭ᠎ᠠ ᠭᠠᠵᠠᠷ ᠠ᠋ᠴᠠ ᠨᠢᠭᠡ ᠠᠳᠠᠢᠷ ᠦᠨᠦᠷ ᠲᠡᠢ ᠠᠮᠢᠲᠠᠨ ᠢᠷᠡᠪᠡ ᠭᠡᠵᠦ ᠮᠠᠩᠭᠢᠰᠤ᠂ ᠰᠢᠯᠦᠭᠦᠰᠦ᠂ ᠰᠣᠬᠣᠷ ᠨᠣᠮᠣᠨ ᠮᠡᠲᠦ ᠶ᠋ᠢᠨ ᠠᠮᠢᠲᠠᠨ ᠪᠠᠢᠨ ᠪᠠᠢᠨ ᠭᠠᠵᠠᠷ ᠤ᠋ᠨ ᠬᠥᠷᠥᠰᠥ ᠦᠨᠦᠷᠯᠡᠨ ᠬᠠᠶᠠ ᠲᠩᠷᠢ ᠬᠠᠷᠠᠨ ᠠᠭᠠᠷ ᠰᠢᠩᠰᠢᠬᠦ ᠰᠢᠭ ᠡᠨᠡ ᠲᠡᠷᠡ ᠶ᠋ᠢ ᠰᠣᠨᠢᠭᠤᠴᠢᠯᠠᠨ ᠨᠠᠭᠠᠰᠢ ᠴᠠᠭᠠᠰᠢ ᠬᠣᠯᠬᠢᠵᠤ᠂ ᠭᠣᠩᠴᠣᠭᠷᠠᠬᠤ᠎ᠠ ᠶ᠋ᠢᠨ ᠡᠪᠦᠷ ᠳᠡᠭᠡᠷ᠎ᠡ ᠭᠠᠷᠬᠤ ᠨᠢ ᠯᠡ ᠳᠤᠲᠠᠵᠤ ᠪᠠᠢᠪᠠ᠃ ᠬᠥᠮᠦᠨ ᠬᠠᠷ᠎ᠠ ᠦᠭᠡᠢ ᠵᠡᠯᠢᠭᠦᠳ ᠠᠭᠤᠯᠠᠨ ᠳ᠋ᠤ᠌ ᠭᠠᠭᠴᠠᠭᠠᠷ ᠢ᠋ᠶ᠋ᠠᠨ ᠢᠩᠭᠢᠵᠦ ᠰᠢᠪᠠᠭᠤ ᠰᠢᠭ᠋ ᠱᠣᠪᠣᠢᠨ ᠰᠠᠭᠤᠭᠠᠳ ᠬᠡᠯᠡᠯᠴᠡᠬᠦ ᠬᠥᠮᠦᠨ ᠦᠭᠡᠢ ᠬᠢᠬᠦ ᠠᠵᠢ ᠦᠭᠡᠢ ᠴᠦ᠍ ᠥᠨᠥᠴᠢᠷᠡᠨ ᠤᠢᠳᠬᠤ ᠲᠥᠷᠥᠭᠳᠡᠯ ᠡᠰᠡ ᠲᠥᠷᠥᠭᠳᠡᠨ᠎ᠡ᠃ 
       ᠠᠭᠤᠯᠠ ᠶ᠋ᠢᠨ ᠰᠡᠭᠦᠳᠡᠷ ᠡᠷᠭᠢᠨ ᠵᠢᠯᠠᠭᠠᠨ ᠳ᠋ᠤ᠌ ᠰᠢᠷ᠎ᠠ ᠪᠦᠷᠦᠢ ᠪᠠᠭᠤᠵᠤ ᠤᠯᠠᠢ ᠡᠷᠭᠢᠭᠰᠡᠨ ᠬᠡᠷᠢᠶ᠎ᠡ ᠱᠠᠭᠠᠵᠠᠭᠠᠢ ᠨᠤᠭᠤᠳ ᠴᠦ᠍ ᠵᠦᠭ ᠵᠦᠭ ᠲᠡᠭᠡᠨ ᠨᠢᠰᠦᠨ ᠣᠳᠪᠠ᠃  
       ᠰᠢᠷ᠎ᠠ ᠪᠦᠷᠦᠢ ᠲᠠᠰᠤᠷᠠᠬᠤ ᠳᠥᠭᠥᠵᠦ ᠭᠣᠩᠴᠣᠭᠷᠠᠬᠤ᠎ᠠ ᠶ᠋ᠢᠨ ᠳᠣᠲᠣᠷ᠎ᠠ ᠲᠦᠩᠰᠦᠢᠵᠦ᠂ ᠠᠭᠤᠯᠠ ᠶ᠋ᠢᠨ ᠡᠩᠭᠡᠷ ᠬᠠᠵᠠᠭᠤ ᠶ᠋ᠢᠨ ᠮᠣᠳᠣᠳ ᠰᠦᠭᠯᠡᠢᠵᠦ᠂ ᠲᠦᠨᠲᠦᠭᠡ ᠪᠥᠨᠳᠦᠭᠡ ᠬᠠᠳᠠ ᠴᠢᠯᠠᠭᠤᠳ ᠲᠡᠭᠦᠨ ᠢ᠋ ᠮᠢᠷᠢᠶᠠᠭᠰᠠᠨ ᠵᠡᠷᠯᠢᠭ ᠠᠷᠢᠶᠠᠲᠠᠨ ᠰᠢᠭ᠋ ᠠᠢᠳᠠᠰ ᠲᠥᠷᠥᠭᠦᠯᠵᠦ ᠡᠬᠢᠯᠡᠪᠡ᠃ 
       ᠬᠠᠳᠠᠨ ᠤ᠋ ᠨᠥᠮᠥᠷᠢ ᠲᠦᠰᠢᠵᠦ ᠨᠢᠭᠡ ᠰᠥᠨᠢ ᠶᠠᠰᠤ ᠠᠮᠠᠷᠠᠭᠠᠨ ᠮᠠᠷᠭᠠᠲᠤᠷ ᠵᠠᠮ ᠢ᠋ᠶ᠋ᠠᠨ ᠡᠯᠭᠦᠶ᠎ᠡ ᠭᠡᠵᠦ ᠶᠠᠪᠤᠨ ᠬᠥᠩᠬᠥᠢᠭᠰᠡᠨ ᠰᠠᠷᠠᠪᠴᠢᠲᠤ ᠵᠠᠳᠠᠭᠠᠢ ᠬᠣᠩᠭᠢᠯ ᠤ᠋ᠨ ᠠᠮᠠᠨ ᠳ᠋ᠤ᠌ ᠬᠦᠷᠴᠦ ᠢᠷᠡᠪᠡ᠃ ᠵᠠ᠂ ᠡᠨᠳᠡ ᠯᠡ ᠨᠥᠮᠥᠷᠢᠳᠡᠵᠦ ᠨᠢᠳᠦ ᠠᠨᠢᠶ᠎ᠠ ᠪᠠᠢᠵᠠ! ᠭᠡᠵᠦ ᠪᠣᠳᠣᠪᠠᠴᠤ ᠴᠢᠨᠣ᠎ᠠ᠂ ᠢᠷᠪᠢᠰ᠂ ᠬᠥᠮᠦᠨ ᠬᠠᠷ᠎ᠠ ᠭᠥᠷᠥᠭᠡᠰᠦ ᠵᠡᠷᠭᠡ ᠲᠣᠭᠰᠢᠨ ᠠᠷᠢᠶᠠᠲᠠᠨ ᠤ᠋ ᠡᠭᠦᠷ ᠲᠦ᠍ ᠲᠠᠯᠪᠢᠭᠠᠳ ᠣᠷᠣᠴᠢᠬᠠᠬᠤ ᠶᠤᠮ ᠪᠢᠵᠡ ᠭᠡᠵᠦ ᠬᠡᠷᠰᠡᠦᠬᠡᠨ ᠬᠠᠳᠠᠨ ᠬᠣᠩᠭᠢᠯ ᠳ᠋ᠤ᠌ ᠳᠥᠭᠥᠪᠡᠯ ᠦᠨᠡᠰᠦ ᠤᠲᠤᠭ᠎ᠠ᠂ ᠬᠢᠷᠪᠤᠰᠤ ᠬᠡᠩᠰᠢᠭᠦᠦ ᠦᠨᠦᠷᠲᠦᠬᠦ ᠰᠢᠭ ᠰᠠᠨᠠᠭᠳᠠᠵᠤ《ᠡᠨᠳᠡ ᠭᠥᠷᠥᠭᠡᠴᠢᠨ ᠨᠦ᠍ᠭᠦᠳ ᠦ᠋ᠨ ᠬᠣᠨᠣᠭ ᠤ᠋ᠨ ᠭᠠᠵᠠᠷ ᠪᠠᠢᠵᠤ ᠶᠠᠳᠠᠬᠤ ᠦᠭᠡᠢ》 ᠭᠡᠵᠦ ᠪᠡᠶ᠎ᠡ ᠳ᠋ᠡᠭᠡᠨ ᠵᠣᠷᠢᠭ ᠥᠭᠴᠦ ᠬᠠᠳᠠ ᠮᠠᠴᠤᠨ ᠬᠥᠩᠬᠥᠢᠭᠰᠡᠨ ᠰᠠᠷᠠᠪᠴᠢᠲᠤ ᠬᠠᠳᠠᠨ ᠠᠭᠤᠢ ᠳ᠋ᠤ᠌ ᠣᠷᠣᠪᠠ᠃ 
       ᠬᠠᠳᠠᠨ ᠤ᠋ ᠨᠥᠮᠥᠷᠢ᠂ ᠨᠠᠷᠢᠨ ᠰᠠᠢᠷ᠂ ᠬᠤᠮᠠᠭ ᠲᠣᠭᠲᠠᠭᠰᠠᠨ ᠭᠠᠵᠠᠷ ᠢ᠋ᠶ᠋ᠠᠷ ᠬᠥᠯ ᠨᠢᠴᠦᠭᠦᠨ ᠬᠥᠮᠦᠨ ᠦ᠌ ᠨᠠᠭᠠᠰᠢ ᠴᠠᠭᠠᠰᠢ ᠬᠣᠯᠬᠢᠭᠰᠠᠨ ᠰᠢᠨ᠎ᠡ ᠬᠠᠭᠤᠴᠢᠨ ᠮᠥᠷ ᠳᠥᠩᠭᠡᠵᠦ ᠬᠠᠷᠠᠭᠳᠠᠵᠤ ᠪᠠᠢᠪᠠ᠃ ᠪᠠᠰᠠ ᠬᠠᠶᠠ ᠦᠨᠡᠭᠡ ᠴᠢᠨᠣ᠎ᠠ ᠶ᠋ᠢᠨ ᠰᠢᠩᠰᠢᠯᠡᠵᠦ ᠥᠩᠭᠡᠷᠡᠭᠰᠡᠨ ᠮᠥᠷ ᠴᠦ᠍ ᠬᠠᠷᠠᠭᠳᠠᠨ᠎ᠠ᠃  
       ᠵᠢᠭᠠᠬᠠᠨ ᠳᠣᠲᠣᠭᠰᠢ ᠪᠠᠨ ᠶᠠᠪᠤᠪᠠᠯ ᠪᠠᠷᠠᠭᠤᠨᠰᠢ ᠬᠠᠨ᠎ᠠ ᠳᠠᠭᠠᠤ ᠠᠶᠠᠳᠠᠭᠤᠬᠠᠨ ᠳᠡᠪᠬᠡᠷᠭᠡ ᠲᠡᠢ᠃ ᠲᠡᠷᠡ ᠳᠡᠪᠬᠡᠷᠭᠡ ᠳᠡᠭᠡᠷ᠎ᠡ ᠭᠤᠷ᠎ᠠ ᠵᠦᠷ ᠦ᠋ᠨ ᠠᠷᠠᠰᠤ᠂ ᠪᠤᠭᠤ ᠬᠠᠯᠢᠭᠤ᠂ ᠬᠥᠬᠡ ᠢᠮᠠᠭᠠᠨ ᠤ᠋ ᠠᠷᠠᠰᠤ ᠳᠡᠪᠢᠰᠦᠭᠰᠡᠨ ᠨᠢᠭᠡ ᠬᠥᠮᠦᠨ ᠤᠨᠲᠠᠵᠤ ᠪᠣᠯᠤᠮ᠎ᠠ ᠭᠠᠵᠠᠷ ᠬᠠᠷᠠᠭᠳᠠᠪᠠ᠃《ᠵᠠ᠂ ᠶᠠᠳᠠᠷᠠᠭᠰᠠᠨ ᠪᠠᠢᠯᠭᠦᠢ ᠳᠡ! ᠴᠢ ᠡᠨᠳᠡ ᠤᠨᠲᠠᠭᠠᠷᠠᠢ! ᠴᠢᠮ᠎ᠠ ᠳ᠋ᠤ᠌ ᠯᠠ ᠪᠠᠢᠵᠠᠭᠠᠭᠰᠠᠨ ᠣᠷᠣ ᠰᠢᠷᠢᠳᠡᠭ ᠶᠦᠮ ᠠ᠋!》 ᠭᠡᠵᠦ ᠨᠢᠭᠡ ᠬᠥᠮᠦᠨ ᠬᠡᠯᠡᠭᠡᠳ ᠠᠪᠬᠤ ᠰᠢᠭ᠋᠃ ᠰᠢᠷᠠᠭᠰᠠᠨ ᠭᠤᠷ᠎ᠠ ᠶ᠋ᠢᠨ ᠪᠣᠷᠴᠠ ᠢᠳᠡᠵᠦ ᠪᠤᠯᠠᠭ ᠤ᠋ᠨ ᠤᠰᠤ ᠤᠤᠭᠤᠵᠤ ᠭᠡᠳᠡᠰᠦ ᠭᠠᠷᠤᠭᠰᠠᠨ ᠠ᠋ᠴᠠ ᠣᠳᠣ ᠭᠠᠭᠴᠠ ᠬᠠᠪᠲᠠᠢᠬᠤ ᠯᠠ ᠳᠤᠲᠠᠵᠤ ᠪᠠᠢᠭ᠎ᠠ ᠲᠤᠯᠠ ᠳᠡᠷ᠎ᠡ ᠦᠵᠡᠭᠰᠡᠨ ᠬᠥᠮᠦᠨ ᠨᠣᠢᠷ ᠬᠦᠷᠪᠡ ᠭᠡᠭᠴᠢ ᠪᠡᠷ ᠭᠣᠩᠴᠣᠭᠷᠠᠬᠤ᠎ᠠ ᠣᠯᠠᠨ ᠲᠠᠪᠤᠨ ᠶᠠᠭᠤᠮ᠎ᠠ ᠪᠣᠳᠣᠬᠤ ᠶ᠋ᠢᠨ ᠴᠦ᠍ ᠵᠠᠪ ᠭᠠᠷᠤᠭᠰᠠᠨ ᠦᠭᠡᠢ᠂ ᠲᠡᠷᠡ ᠬᠠᠳᠠᠨ ᠳᠡᠪᠬᠡᠷᠭᠡ ᠳᠡᠭᠡᠷ᠎ᠡ ᠭᠠᠷᠴᠤ ᠤᠨᠲᠠᠮᠠᠷ ᠰᠠᠨᠠᠭᠳᠠᠯ᠎ᠠ᠁ 
       ᠭᠥᠷᠦᠭᠡᠰᠦᠨ ᠦ᠌ ᠰᠢᠪᠲᠦᠷ ᠰᠢᠩᠭᠡᠭ᠂ ᠲᠦᠭᠦᠬᠡᠢ ᠠᠷᠠᠰᠤᠨ ᠤ᠋ ᠬᠣᠷᠰᠢᠭᠰᠠᠨ ᠵᠤᠩᠭᠠᠭ ᠦᠨᠦᠷ ᠲᠦ᠍ ᠬᠣᠯᠢᠯᠳᠤᠭᠰᠠᠨ ᠡᠮ᠎ᠡ ᠬᠥᠮᠦᠨ ᠦ᠌ ᠰᠣᠳᠣᠨ ᠰᠠᠢᠬᠠᠨ ᠦᠨᠦᠷ ᠲᠡᠭᠦᠨ ᠦ᠌ ᠡᠷ᠎ᠡ ᠴᠡᠨᠡᠭ ᠢ᠋ ᠭᠣᠳᠣᠭᠣᠨᠠᠭᠤᠯᠵᠤ ᠥᠰᠥᠭᠡᠢ ᠰᠢᠭᠦᠷᠡᠭᠰᠡᠨ ᠠᠵᠢᠷᠭᠠᠨ ᠬᠤᠷ ᠳᠡᠯ ᠰᠢᠭ᠋ ᠤᠷᠲᠤ ᠬᠠᠷ᠎ᠠ ᠭᠡᠵᠢᠭᠡ ᠲᠡᠢ ᠱᠠᠯᠳᠠᠩ ᠪᠦᠰᠡᠭᠦᠢ ᠶ᠋ᠢ ᠳᠠᠬᠢᠨ ᠰᠠᠨᠠᠵᠤ ᠪᠡᠯᠬᠡᠭᠦᠰᠦ ᠪᠡᠷ ᠨᠢ ᠦᠬᠦᠨ ᠲᠡᠪᠡᠷᠢᠵᠦ ᠬᠤᠵᠢᠷᠰᠢᠭᠰᠠᠨ ᠪᠤᠤᠷ᠎ᠠ ᠰᠢᠭ᠋ ᠳᠠᠪᠤᠰᠤᠯᠢᠭ ᠲᠤᠯᠤᠮ ᠢ᠋ ᠰᠢᠨᠤᠭ ᠳᠣᠯᠢᠶᠠᠨ ᠭᠡᠨᠡᠳᠲᠡ ᠣᠷᠣᠭ᠎ᠠ ᠠᠵᠢᠷᠭ᠎ᠠ ᠰᠢᠭ᠋ ᠦᠦᠷᠰᠡᠨ ᠦᠦᠷᠰᠡᠨ ᠳᠣᠪᠲᠣᠯᠳᠠᠭ ᠲᠠᠢ ᠠᠳᠠᠯᠢᠬᠠᠨ ᠰᠠᠨᠠᠭᠳᠠᠪᠠ᠃ ᠲᠡᠭᠡᠭᠰᠡᠭᠡᠷ ᠪᠠᠢᠵᠤ ᠤᠨᠲᠠᠵᠤ ᠣᠷᠬᠢᠪᠠ᠃ 
       ᠲᠣᠭᠣᠭᠠᠨ ᠤ᠋ ᠬᠠᠲᠠᠭᠠᠭᠰᠠᠨ ᠥᠷᠥᠮ᠎ᠡ ᠰᠢᠭ ᠡᠮᠲᠡᠷᠬᠡᠢ ᠲᠠᠯ᠎ᠠ ᠰᠠᠷᠠ ᠥᠨᠳᠥᠷ ᠮᠤᠨᠠ ᠶ᠋ᠢᠨ ᠵᠤᠯᠠᠢ ᠳᠡᠭᠡᠭᠦᠷ ᠰᠦ ᠠᠰᠬᠠᠨ ᠬᠥᠭᠡᠷᠴᠦ ᠳᠡᠭᠡᠷ᠎ᠡ ᠳᠡᠭᠳᠡᠪᠡ᠃  
       ᠦᠷᠦᠮᠡᠨ ᠰᠠᠷᠠᠨ ᠤ᠋ ᠰᠦᠨ ᠴᠠᠭᠠᠨ ᠭᠡᠷᠡᠯ ᠬᠠᠳᠠᠨ ᠬᠣᠩᠭᠢᠯ ᠢ᠋ ᠴᠠᠢᠲᠠᠯ᠎ᠠ ᠰᠦᠯᠡᠵᠦ᠂ ᠬᠡᠦᠬᠡᠨ ᠰᠠᠷᠠᠨ ᠤ᠋ ᠨᠠᠮᠤᠭᠤᠬᠠᠨ ᠪᠦᠪᠡᠢᠯᠡᠯ ᠳ᠋ᠦ᠍ ᠭᠣᠩᠴᠣᠬᠷᠠᠬᠤ᠎ᠠ ᠵᠡᠭᠦᠳᠦ ᠪᠡᠨ ᠲᠠᠮᠰᠢᠶᠠᠯᠠᠨ ᠵᠢᠷᠭᠠᠨ ᠪᠠᠢᠯ᠎ᠠ᠁ 
        ᠁   
       ᠬᠡᠢ ᠬᠦᠰᠡᠯ ᠦ᠋ᠨ ᠢ᠋ᠶ᠋ᠡᠨ ᠶᠡᠬᠡ ᠴᠡᠩᠭᠡᠯ ᠳ᠋ᠦ᠍ ᠪᠡᠶ᠎ᠡ ᠶᠡᠭᠦᠷᠡᠭᠰᠡᠨ ᠱᠠᠯᠳᠠᠩ ᠪᠦᠰᠡᠭᠦᠢ ᠨᠠᠷᠠᠨ ᠤ᠋ ᠡᠭᠡᠭᠡᠯᠲᠡ ᠳ᠋ᠦ᠍ ᠰᠤᠪᠢᠯᠠᠯᠲᠠ ᠵᠣᠬᠢᠷᠠᠭᠰᠠᠨ ᠢ᠋ᠶ᠋ᠠᠨ ᠳᠤᠭᠵᠢᠷᠠᠪᠠ᠃ 
       ᠣᠯᠠᠩᠬᠢ ᠶ᠋ᠢ ᠨᠢ ᠨᠡᠷ᠎ᠡ ᠥᠭᠴᠦ ᠴᠦ᠍ ᠴᠢᠳᠠᠬᠤ ᠦᠭᠡᠢ ᠲᠣᠭ᠎ᠠ ᠲᠣᠮᠰᠢ ᠦᠭᠡᠢ ᠡᠪᠡᠰᠦ ᠤᠷᠭᠤᠮᠠᠯ᠂ ᠠᠮᠢᠲᠠᠨ ᠠᠷᠢᠶᠠᠲᠠᠨ ᠨᠤᠭᠤᠳ ᠤᠳᠠᠭᠠᠨ ᠣᠨ ᠵᠢᠯ ᠢ᠋ᠶ᠋ᠡᠷ ᠵᠣᠬᠢᠴᠠᠯ ᠢ᠋ᠶ᠋ᠠᠨ ᠣᠯᠵᠤ ᠵᠦᠢᠲᠡᠢ ᠣᠷᠣᠰᠢᠭᠰᠠᠭᠠᠷ ᠢᠷᠡᠭᠰᠡᠨ ᠭᠠᠩᠭᠠᠩ ᠪᠠᠢᠭᠠᠯᠢ ᠲᠠᠢ ᠠᠭᠤᠯᠠ ᠤᠰᠤᠨ ᠤ᠋ ᠡᠯᠢᠭᠡᠨ ᠳ᠋ᠦ᠍ ᠡᠩᠬᠦᠷᠡᠢᠯᠡᠭᠳᠡᠵᠦ᠂ ᠴᠡᠪᠡᠷ ᠠᠭᠠᠷ ᠠ᠋ᠴᠠ ᠴᠢᠯᠥᠭᠡᠲᠡᠢ ᠠᠮᠢᠰᠬᠤᠯᠯᠠᠭᠰᠠᠨ ᠱᠠᠯᠳᠠᠩ ᠪᠦᠰᠡᠭᠦᠢ ᠶ᠋ᠢᠨ ᠬᠤᠪᠢ ᠲᠠᠪᠢᠯᠠᠩ ᠭᠣᠩᠴᠣᠭᠷᠠᠬᠤ᠎ᠠ ᠳ᠋ᠤ᠌ ᠲᠠᠢᠯᠤᠭᠳᠠᠭᠰᠠᠨ ᠦᠭᠡᠢ ᠣᠨᠢᠰᠣᠭ᠎ᠠ ᠰᠢᠭ᠋ ᠪᠠᠢᠯ᠎ᠠ᠃ 
       ᠲᠡᠷᠡ ᠱᠠᠯᠳᠠᠩ ᠪᠦᠰᠡᠭᠦᠢ ᠶ᠋ᠢᠨ ᠳᠡᠰ ᠬᠠᠷ᠎ᠠ ᠭᠡᠵᠢᠭᠡ ᠨᠢ ᠭᠣᠣᠯ ᠢ᠋ᠶ᠋ᠠᠷ ᠢ᠋ᠶ᠋ᠠᠨ ᠬᠠᠭᠠᠷᠠᠨ ᠲᠠᠯ᠎ᠠ ᠨᠢᠭᠤᠷ᠂ ᠥᠷᠥᠭᠡᠰᠦᠨ ᠬᠥᠬᠥ ᠶ᠋ᠢ ᠨᠢ ᠬᠤᠴᠢᠵᠠᠢ᠃ ᠬᠠᠳᠠᠨ ᠤ᠋ ᠤᠯᠠᠭᠠᠨ ᠰᠢᠷᠭᠤᠯᠵᠢ ᠲᠡᠷᠡ ᠱᠠᠯᠳᠠᠩ ᠪᠦᠰᠡᠭᠦᠢ ᠶ᠋ᠢᠨ ᠲᠣᠷᠭᠠᠨ ᠪᠡᠶ᠎ᠡ ᠳᠡᠭᠡᠭᠦᠷ ᠨᠠᠭᠠᠰᠢ ᠴᠠᠭᠠᠰᠢ ᠵᠣᠷᠴᠢᠨ ᠳᠠᠪᠬᠢᠵᠤ ᠭᠠᠵᠠᠷ ᠤᠰᠤ᠂ ᠠᠭᠤᠷᠬᠠᠢ ᠨᠢᠭᠤᠭᠳᠠᠴᠠ ᠶ᠋ᠢ ᠨᠢ ᠬᠠᠢᠨ ᠰᠢᠨᠵᠢᠯᠡᠭᠡ ᠬᠢᠭᠡᠳ ᠮᠠᠰᠢ ᠶᠠᠭᠠᠷᠠᠤ! ᠬᠠᠳᠠᠨ ᠤ᠋ ᠤᠯᠠᠭᠠᠨ ᠰᠢᠷᠭᠤᠯᠵᠢ ᠰᠡᠷᠪᠡᠩ ᠦ᠋ᠨ ᠬᠣᠶᠠᠷ ᠲᠣᠯᠣᠭᠠᠢ ᠳᠡᠭᠡᠷ᠎ᠡ ᠡᠭᠡᠯᠵᠢ ᠪᠡᠷ ᠭᠠᠷᠴᠤ《ᠠᠶ᠎ᠠ᠂ ᠡᠨᠡ ᠳᠣᠪᠣᠷᠴᠠᠭ ᠳᠣᠲᠣᠷ᠎ᠠ ᠠᠭᠤᠳᠠᠯᠤᠭᠤᠰᠢᠲᠠᠢ ᠠᠭᠤᠷᠬᠠᠢ ᠶ᠋ᠢᠨ ᠪᠠᠶᠠᠯᠢᠭ ᠪᠤᠯᠠᠭᠳᠠᠵᠤ ᠪᠠᠢᠬᠤ ᠶᠠᠳᠠᠬᠤ ᠦᠭᠡᠢ᠂ ᠶᠣᠰᠣᠲᠠᠢ ᠡᠷᠳᠡᠨᠢ ᠶ᠋ᠢᠨ ᠬᠣᠶᠠᠷ ᠢᠬᠡᠷ᠎ᠡ ᠠᠭᠤᠯᠠ ᠪᠠᠢᠨ᠎ᠠ ᠳᠠ》 ᠭᠡᠵᠦ ᠬᠠᠰᠬᠢᠷᠤᠯᠳᠤᠨ᠎ᠠ᠃ ᠱᠠᠯᠳᠠᠩ ᠪᠦᠰᠡᠭᠦᠢ ᠶ᠋ᠢᠨ ᠬᠠᠷ᠎ᠠ ᠭᠡᠵᠢᠭᠡ ᠳᠡᠭᠡᠭᠦᠷ ᠴᠠᠭᠠᠰᠢ ᠮᠠᠴᠤᠬᠤ ᠭᠡᠰᠡᠨ ᠳ᠋ᠦ᠍ ᠬᠠᠯᠲᠤᠷᠢᠭᠠᠲᠠᠢ ᠪᠣᠯᠬᠣᠷ ᠭᠤᠯᠭᠤᠷᠢᠨ ᠣᠢᠴᠢᠵᠤ ᠨᠢᠭᠡ ᠬᠠᠷᠠᠬᠤᠯ᠎ᠠ ᠱᠠᠯᠳᠠᠩ ᠪᠦᠰᠡᠭᠦᠢ ᠶ᠋ᠢᠨ ᠬᠦᠢᠰᠦᠨ ᠳᠡᠭᠡᠷ᠎ᠡ ᠵᠣᠭᠰᠣᠵᠤ ᠪᠠᠢᠯ᠎ᠠ᠃ 《ᠡᠨᠡ ᠶᠠᠭᠤᠨ ᠤ᠋ ᠬᠠᠭᠤᠷᠠᠢ ᠬᠤᠳᠳᠤᠭ ᠪᠣᠯᠴᠢᠬᠠᠪᠠ?》 ᠭᠡᠳ ᠬᠤᠳᠳᠤᠭ ᠭᠡᠬᠦᠯᠡᠷ ᠭᠡᠨᠡᠳᠲᠡ ᠰᠠᠷᠬᠢᠨᠠᠭ ᠨᠢ ᠬᠠᠲᠠᠵᠤ ᠤᠰᠤ ᠤᠤᠭᠤᠶ᠎ᠠ ᠭᠡᠵᠦ ᠰᠦᠷᠡᠬᠡᠢ ᠬᠦᠰᠡᠨ᠎ᠡ᠃ ᠴᠢᠭᠢᠭ ᠦ᠋ᠨ ᠰᠡᠩᠭᠢᠨᠡᠭᠰᠡᠨ ᠦᠨᠦᠷ ᠲᠦ᠍ ᠰᠣᠷᠣᠭᠳᠠᠵᠤ ᠥᠨᠥᠬᠢ ᠬᠠᠭᠤᠷᠠᠢ ᠬᠤᠳᠳᠤᠭ ᠤ᠋ᠨ ᠳᠡᠨᠵᠢᠨ ᠳᠡᠭᠡᠭᠦᠷ ᠨᠠᠭᠠᠰᠢ ᠴᠠᠭᠠᠰᠢ ᠲᠡᠨᠦᠵᠦ ᠶᠠᠪᠤᠨ ᠪᠤᠲᠠ ᠪᠤᠷᠭᠠᠰᠤ ᠲᠠᠢ ᠰᠢᠭᠤᠢ ᠳᠣᠲᠣᠷ᠎ᠠ ᠣᠷᠣᠵᠤ ᠣᠴᠢᠪᠠ᠃ ᠵᠠᠬ᠎ᠠ ᠪᠠᠷ ᠢ᠋ᠶ᠋ᠠᠨ ᠰᠡᠢᠷᠡᠭ ᠪᠣᠯᠪᠠᠴᠤ ᠵᠠᠮ ᠦᠭᠡᠢ ᠪᠣᠯᠬᠣᠷ ᠬᠥᠯ ᠭᠠᠷ ᠨᠢ ᠮᠣᠳᠣ ᠰᠢᠷᠢᠩᠭᠢ ᠳ᠋ᠦ᠍ ᠲᠣᠷᠣᠯᠳᠤᠭᠠᠳ ᠵᠠᠮ ᠳᠥᠭᠥᠬᠦ ᠦᠭᠡᠢ᠃ ᠴᠢᠭᠢᠭ ᠦ᠋ᠨ ᠦᠨᠦᠷ ᠢ᠋ᠶ᠋ᠡᠷ ᠰᠢᠷᠭᠤᠯᠵᠢ ᠨᠤᠭᠤᠳ ᠤᠯᠠᠮ ᠴᠦ᠍ ᠤᠮᠳᠠᠭᠠᠰᠴᠤ ᠲᠡᠰᠬᠦ ᠠᠯᠳᠠᠷᠠᠨ᠎ᠠ᠃ ᠴᠢᠭᠢᠭ ᠬᠠᠩᠬᠤᠯᠤᠭᠰᠠᠨ ᠰᠡᠷᠮᠡᠭᠦᠨ ᠪᠤᠯᠠᠭ ᠤ᠋ᠨ ᠦᠨᠦᠷ ᠲᠠᠨᠢᠷ ᠤᠯᠠᠭᠠᠨ ᠰᠢᠷᠭᠤᠯᠵᠢ ᠶ᠋ᠢᠨ ᠰᠠᠮᠰᠠ ᠶ᠋ᠢ ᠨᠢ ᠰᠦᠷᠡᠬᠡᠢ ᠭᠣᠪᠣᠭᠣᠨᠠᠭᠤᠯᠵᠤ᠂ ᠤᠮᠳᠠᠭᠠᠰᠬᠤ ᠶ᠋ᠢᠨ ᠡᠷᠬᠡ ᠪᠡᠷ ᠪᠤᠲᠠ ᠪᠤᠷᠭᠠᠰᠤᠨ ᠤ᠋ ᠳᠤᠮᠳᠠᠭᠤᠷ ᠦᠬᠦᠨ ᠲᠡᠯᠴᠢᠯᠡᠨ ᠲᠡᠭᠦᠨ ᠲᠠᠢᠰᠢ ᠵᠢᠳᠬᠦᠯᠡᠨ᠎ᠡ᠃ ᠠᠮᠢ ᠲᠡᠮᠡᠴᠡᠨ ᠵᠢᠳᠬᠦᠭᠰᠡᠨ ᠦ᠌ ᠬᠠᠷᠢᠭᠤ ᠳ᠋ᠤ᠌ ᠪᠤᠲᠠ ᠪᠤᠷᠭᠠᠰᠤ ᠲᠠᠢ ᠰᠢᠭᠤᠢ ᠠ᠋ᠴᠠ ᠭᠠᠷᠴᠤ ᠭᠦᠨ ᠵᠢᠯᠠᠭ᠎ᠠ ᠶ᠋ᠢᠨ ᠡᠬᠢᠨ ᠳ᠋ᠦ᠍ ᠲᠤᠯᠤᠭᠠᠳ ᠠᠵᠢᠭᠯᠠᠪᠠᠯ᠄ ᠠᠶ᠎ᠠ ᠬᠣᠬᠣᠢ! ᠶᠢᠷᠲᠢᠨᠴᠦ ᠳ᠋ᠦ᠍ ᠡᠢᠮᠦ ᠰᠠᠢᠬᠠᠨ ᠭᠠᠩᠭᠠᠩ ᠪᠠᠢᠭᠠᠯᠢ ᠪᠠᠰᠠ ᠪᠠᠢᠳᠠᠭ ᠪᠠᠢᠵᠠᠢ᠃ ᠥᠨᠳᠥᠷ ᠬᠦᠷᠡᠩ ᠬᠠᠳᠠ ᠲᠠᠢ ᠡᠩᠭᠡᠷ ᠦ᠋ᠨ ᠬᠠᠪᠴᠢᠭ ᠠᠭᠤᠢ ᠠ᠋ᠴᠠ ᠰᠡᠷᠮᠡᠭᠦᠨ ᠲᠤᠩᠭᠠᠯᠠᠭ ᠪᠤᠯᠠᠭ ᠤ᠋ᠨ ᠬᠠᠯᠢᠶ᠎ᠠ ᠭᠢᠯᠲᠠᠭᠠᠨᠠᠨ ᠤᠷᠤᠰᠤᠨ᠎ᠠ᠃ ᠲᠡᠷᠡ ᠪᠤᠯᠠᠭ ᠤ᠋ᠨ ᠳᠣᠣᠷ᠎ᠠ ᠭᠦᠨ ᠴᠦᠩᠬᠦᠯ ᠡᠭᠦᠰᠴᠦ ᠬᠠᠪᠴᠢᠭ ᠠᠭᠤᠢ ᠶ᠋ᠢᠨ ᠠᠮᠠᠰᠠᠷ ᠨᠣᠢᠲᠠᠨ ᠴᠢᠭᠢᠭ ᠲᠦ᠍ ᠬᠠᠭᠠᠷᠢᠭᠳᠠᠭᠠᠳ ᠵᠠᠮᠠᠭ ᠰᠠᠯᠠᠢ ᠲᠠᠢ ᠨᠢᠯᠬ᠎ᠠ ᠡᠪᠡᠰᠦ ᠪᠠᠷᠵᠠᠢᠨ ᠨᠣᠭᠣᠭᠠᠷᠠᠨ᠎ᠠ᠃ ᠬᠠᠳᠠᠨ ᠤ᠋ ᠤᠯᠠᠭᠠᠨ ᠰᠢᠷᠭᠤᠯᠵᠢ ᠬᠠᠪᠴᠢᠭ ᠠᠭᠤᠢ ᠶ᠋ᠢᠨ ᠪᠤᠯᠠᠭ ᠤ᠋ᠨ ᠤᠰᠤᠨ ᠠ᠋ᠴᠠ ᠬᠡᠭᠡᠯ ᠭᠠᠷᠲᠠᠯ᠎ᠠ ᠤᠤᠭᠤᠵᠤ ᠭᠦᠨ ᠠᠮᠢᠰᠬᠤᠬᠤ ᠳ᠋ᠤ᠌ ᠨᠢᠳᠦ ᠨᠢ ᠣᠩᠭᠣᠢᠵᠤ ᠪᠤᠯᠴᠢᠩ ᠰᠢᠷᠪᠥᠰᠥ ᠨᠢ ᠴᠢᠩᠭᠠᠷᠠᠬᠤ ᠰᠢᠭ᠋ ᠪᠣᠯᠪᠠ᠃ ᠬᠠᠳᠠᠨ ᠤ᠋ ᠤᠯᠠᠭᠠᠨ ᠰᠢᠷᠭᠤᠯᠵᠢ《ᠥᠨᠥᠳᠥᠷ ᠪᠢ ᠨᠢᠭᠡ ᠷᠠᠰᠢᠶᠠᠨ ᠣᠯᠤᠭᠠᠳ ᠤᠤᠭᠤᠴᠢᠬᠠᠯ᠎ᠠ᠂ ᠬᠤᠷᠳᠤᠨ ᠶᠠᠪᠤᠵᠤ᠂ ᠬᠠᠨᠢ ᠬᠠᠮᠰᠠᠭᠠᠲᠠᠨ ᠳ᠋ᠠᠭᠠᠨ ᠴᠢᠮᠡᠭᠡ ᠥᠭᠭᠦᠶ᠎ᠡ! ᠡᠨᠡ ᠰᠠᠢᠬᠠᠨ ᠠᠭᠤᠯᠠ ᠲᠠᠢ ᠤᠰᠤ ᠲᠠᠢ ᠨᠤᠲᠤᠭ ᠲᠤ ᠠᠮᠢᠳᠤᠷᠠᠬᠤ ᠳ᠋ᠤ᠌ ᠥᠲᠡᠯᠥᠰᠢ ᠦᠭᠡᠢ ᠮᠥᠩᠬᠡᠷᠡᠬᠦ ᠶᠦᠮ ᠪᠠᠢᠨ᠎ᠠ᠁》 ᠭᠡᠵᠦ ᠬᠣᠯᠠ ᠶ᠋ᠢᠨ ᠰᠠᠢᠬᠠᠨ ᠶᠠᠭᠤᠮ᠎ᠠ ᠪᠣᠳᠣᠵᠤ ᠶᠠᠪᠤᠭᠰᠠᠭᠠᠷ ᠥᠨᠳᠥᠷ ᠰᠢᠭ ᠳᠡᠨᠵᠢᠨ ᠳᠡᠭᠡᠷ᠎ᠡ ᠭᠠᠷᠴᠤ᠄ 
       — ᠬᠥᠶᠢ! ᠲᠠᠨᠤᠰ ᠠ᠋᠂ ᠪᠤᠰᠢᠭᠤᠬᠠᠨ᠃ ᠡᠨᠳᠡ ᠷᠠᠰᠢᠶᠠᠨ ᠪᠠᠢᠨ᠎ᠠ ᠃ ᠢᠷᠡᠵᠦ ᠤᠤᠭᠤᠵᠠᠭ᠎ᠠ! ᠭᠡᠵᠦ ᠴᠢᠨᠡᠭᠡ ᠪᠡᠷ ᠢ᠋ᠶ᠋ᠡᠨ ᠬᠠᠰᠬᠢᠷᠤᠨ᠎ᠠ᠃ 
       ᠶᠠᠮᠠᠷ ᠴᠦ᠍ ᠠᠮᠢᠲᠠᠨ ᠭᠡᠳ ᠥᠪᠡᠷ ᠥᠪᠡᠷ ᠦ᠋ᠨ ᠰᠠᠨᠠᠭ᠎ᠠ ᠰᠡᠳᠬᠢᠯ ᠢ᠋ᠶ᠋ᠡᠨ ᠣᠢᠯᠠᠭᠠᠯᠴᠠᠬᠤ ᠬᠡᠯᠡ ᠳᠣᠬᠢᠶ᠎ᠠ ᠲᠠᠢ ᠪᠠᠢᠳᠠᠭ ᠬᠣᠢᠨ᠎ᠠ ᠲᠦᠳᠡᠯ ᠦᠭᠡᠢ ᠣᠯᠠᠨ ᠰᠢᠷᠭᠤᠯᠵᠢ ᠵᠦᠭ ᠵᠦᠭ ᠡᠴᠡ ᠡᠷᠪᠡᠭᠡᠨᠡᠵᠦ ᠠᠢᠰᠤᠢ᠃ ᠬᠠᠳᠠᠨ ᠤ᠋ ᠤᠯᠠᠭᠠᠨ ᠰᠢᠷᠭᠤᠯᠵᠢ ᠶ᠋ᠢᠨ ᠠᠢᠮᠠᠭ᠂ ᠮᠣᠳᠣᠨ ᠤ᠋ ᠲᠡᠮᠦᠷ ᠬᠦᠷᠡᠩ ᠰᠢᠷᠭᠤᠯᠵᠢ ᠶ᠋ᠢᠨ ᠠᠢᠮᠠᠭ᠂ ᠭᠠᠵᠠᠷ ᠤ᠋ᠨ ᠬᠠᠷ᠎ᠠ ᠰᠢᠷᠭᠤᠯᠵᠢ ᠶ᠋ᠢᠨ ᠠᠢᠮᠠᠭ ᠤ᠋ᠳ ᠴᠤᠪᠤᠯᠳᠤᠵᠤ ᠡᠨᠡ ᠭᠠᠩᠭᠠᠩ ᠰᠠᠢᠬᠠᠨ ᠠᠭᠤᠯᠠ ᠶ᠋ᠢ ᠴᠥᠯᠪᠡᠵᠦ ᠡᠬᠢᠯᠡᠪᠡ᠃ ᠭᠠᠵᠠᠷ ᠤ᠋ᠨ ᠬᠠᠷ᠎ᠠ ᠰᠢᠷᠭᠤᠯᠵᠢ ᠨᠤᠭᠤᠳ ᠰᠡᠷᠪᠡᠩ ᠦ᠋ᠨ ᠬᠣᠶᠠᠷ ᠲᠣᠯᠣᠭᠠᠢ ᠳᠡᠭᠡᠷ᠎ᠡ ᠴᠤᠭᠯᠠᠷᠠᠵᠤ《ᠡᠨᠡ ᠳᠣᠣᠷ᠎ᠠ ᠡᠷᠳᠡᠨᠢ ᠪᠤᠯᠠᠭᠳᠠᠵᠤ ᠪᠣᠢ 》ᠭᠡᠳ ᠵᠠᠷᠢᠮ ᠨᠢ ᠮᠣᠨᠴᠣᠭ ᠱᠣᠷᠣᠩ ᠣᠷᠣᠢ ᠳᠡᠭᠡᠷ᠎ᠡ ᠨᠢ ᠭᠠᠷᠤᠭᠠᠳ ᠬᠡᠳᠦᠨ ᠲᠠᠯ᠎ᠠ ᠠ᠋ᠴᠠ ᠨᠢ ᠮᠡᠷᠡᠨ᠎ᠡ᠃ ᠵᠠᠷᠢᠮ ᠨᠢ ᠳᠣᠪᠣᠴᠠᠭ ᠤ᠋ᠨ ᠬᠡᠳᠦᠨ ᠲᠠᠯ᠎ᠠ ᠠ᠋ᠴᠠ ᠨᠢ《ᠬᠦᠷᠵᠡ ᠵᠡᠭᠡᠲᠦᠦ》 ᠡᠷᠭᠢᠭᠦᠯᠦᠨ ᠮᠠᠯᠲᠠᠨ᠎ᠠ᠁  
       ᠮᠣᠳᠣᠨ ᠤ᠋ ᠲᠡᠮᠦᠷ ᠰᠢᠷᠭᠤᠯᠵᠢ ᠨᠤᠭᠤᠳ ᠪᠤᠲᠠ ᠪᠤᠷᠭᠠᠰᠤ ᠲᠠᠢ ᠰᠢᠭᠤᠢ ᠪᠠ ᠬᠠᠭᠤᠷᠠᠢ ᠬᠤᠳᠳᠤᠭ ᠤ᠋ᠨ ᠳᠡᠨᠵᠢᠨ ᠳᠡᠭᠡᠭᠦᠷ ᠬᠠᠢᠨ ᠰᠢᠨᠵᠢᠯᠡᠵᠦ ᠰᠢᠮ᠎ᠡ ᠬᠥᠭᠡᠭᠡᠴᠡᠯᠳᠦᠵᠡᠭᠡᠨ᠎ᠡ᠃  
       ᠬᠠᠳᠠᠨ ᠤ᠋ ᠤᠯᠠᠭᠠᠨ ᠰᠢᠷᠭᠤᠯᠵᠢ ᠨᠤᠭᠤᠳ ᠠᠢᠮᠠᠭ ᠲᠥᠷᠥᠯ ᠢ᠋ᠶ᠋ᠡᠷ ᠢ᠋ᠶ᠋ᠡᠨ ᠠᠯᠢ ᠰᠠᠢᠨ ᠭᠠᠵᠠᠷ ᠢ᠋ ᠨᠢ ᠣᠯᠵᠤ᠂ ᠬᠠᠪᠴᠢᠭ ᠠᠭᠤᠢ ᠠ᠋ᠴᠠ ᠣᠨᠳᠣᠷᠣᠭᠰᠠᠨ ᠷᠠᠰᠢᠶᠠᠨ ᠠ᠋ᠴᠠ ᠨᠢ ᠠᠮᠰᠠᠨ ᠲᠠᠮᠰᠢᠶᠠᠯᠠᠵᠤ᠂ ᠵᠠᠮᠠᠭᠲᠤ ᠨᠣᠭᠣᠭᠠᠨ ᠢᠷᠮᠡᠭ ᠢ᠋ᠶ᠋ᠡᠷ ᠨᠢ ᠵᠣᠷᠴᠢᠵᠤ ᠶᠠᠮᠠᠷ ᠨᠢᠭᠡᠨ ᠶᠠᠭᠤᠮ᠎ᠠ ᠣᠯᠵᠤ ᠮᠠᠷᠠᠮᠠᠷ ᠰᠠᠨᠠᠭᠳᠠᠬᠤ ᠳ᠋ᠠᠭᠠᠨ ᠪᠠᠰᠠ ᠴᠠᠭᠠᠰᠢ ᠰᠢᠨᠵᠢᠯᠡᠨ ᠬᠠᠢᠵᠤ ᠶᠠᠪᠤᠪᠠ᠃ ᠨᠢᠭᠡ ᠬᠡᠳᠦ ᠨᠢ ᠠᠭᠤᠢ ᠶ᠋ᠢᠨ ᠳᠣᠲᠣᠷᠠᠬᠢ ᠶ᠋ᠢ ᠥᠩᠭᠡᠢᠵᠦ ᠦᠵᠡᠴᠢᠬᠡᠭᠡᠳ ᠬᠡᠯᠡ ᠰᠢᠭ ᠪᠤᠯᠲᠠᠢᠭᠰᠠᠨ ᠱ᠌ᠢᠷᠦᠨ ᠤᠯᠠᠭᠠᠨ ᠴᠢᠯᠠᠭᠤ ᠶ᠋ᠢ ᠨᠢ ᠬᠡᠳᠦᠨ ᠲᠠᠯ᠎ᠠ ᠠ᠋ᠴᠠ ᠮᠡᠷᠡᠵᠦ ᠡᠬᠢᠯᠡᠪᠡ᠁ 
       ᠁ ᠱᠠᠯᠳᠠᠩ ᠪᠦᠰᠡᠭᠦᠢ ᠬᠠᠮᠢᠭ᠎ᠠ ᠨᠢᠭᠡ ᠭᠠᠵᠠᠷ ᠨᠢ ᠡᠷᠪᠡᠭᠡᠨᠡᠨ ᠵᠠᠭᠠᠲᠤᠨᠠᠬᠤᠯ᠎ᠠ ᠲᠡᠭᠦᠨ ᠳ᠋ᠦ᠍ ᠰᠣᠭᠲᠣᠭᠤᠷᠠᠨ ᠢᠷᠠᠭᠯᠠᠵᠤ᠂ ᠪᠡᠯᠬᠡᠭᠦᠰᠦ ᠪᠡᠷ ᠢ᠋ᠶ᠋ᠡᠨ ᠬᠣᠲᠣᠯᠵᠠᠬᠤ ᠳ᠋ᠤ᠌ ᠪᠠᠷᠢᠴᠠ ᠮᠠᠭᠤᠲᠠᠢ ᠪᠠᠢᠭᠰᠠᠨ ᠰᠢᠷᠭᠤᠯᠵᠢ ᠨᠤᠭᠤᠳ ᠠᠭᠤᠯᠠ ᠬᠠᠳᠠᠨ ᠳᠡᠭᠡᠷ᠎ᠡ ᠡᠴᠡ ᠬᠠᠯᠲᠤᠷᠢᠵᠤ ᠣᠢᠴᠢᠨ᠎ᠠ᠃ 
       ᠱᠠᠯᠳᠠᠩ ᠪᠦᠰᠡᠭᠦᠢ ᠨᠢᠭᠡ ᠬᠡᠰᠡᠭ ᠢᠷᠠᠭᠯᠠᠭᠠᠳ ᠬᠥᠪᠥᠩ ᠳᠡᠭᠡᠭᠦᠷ ᠬᠥᠪᠦᠯᠵᠡᠬᠦ ᠰᠢᠭ ᠲᠠᠰᠢᠭᠤᠷᠠᠭᠰᠠᠨ ᠢ᠋ᠶ᠋ᠠᠨ ᠭᠡᠨᠡᠳᠲᠡ ᠪᠦᠬᠦ ᠪᠡᠶ᠎ᠡ ᠨᠢ ᠵᠢᠮᠵᠢᠭᠢᠨᠡᠨ ᠡᠪᠡᠳᠪᠡ᠃ 
       ᠨᠢᠭᠡᠨ ᠡᠳᠦᠷ ᠬᠠᠮᠢᠭ᠎ᠠ ᠭᠠᠵᠠᠷ ᠠ᠋ᠴᠠ ᠣᠭᠣᠲᠣᠷ ᠣᠭᠣᠲᠣᠷ ᠬᠠᠷ᠎ᠠ ᠡᠮᠦᠰᠬᠡᠯ ᠲᠡᠢ᠂ ᠰᠢᠷᠬᠤᠨᠠᠭ ᠢ᠋ᠶ᠋ᠠᠨ ᠪᠣᠭᠣᠭᠰᠠᠨ ᠬᠥᠮᠦᠰ ᠴᠢᠭᠢᠭ ᠦ᠋ᠨ ᠰᠢᠷᠭᠤᠯᠵᠢ ᠰᠢᠭ᠋ ᠠᠭᠤᠯᠠ ᠪᠦᠷᠬᠦᠨ ᠪᠡᠯᠴᠢᠨ᠎ᠡ᠁ ᠵᠠᠷᠢᠮ ᠨᠢ ᠰᠦᠬᠡ ᠴᠠᠪᠴᠢᠭᠤᠷ ᠰᠦᠢᠷᠡᠵᠦ᠂ ᠵᠠᠷᠢᠮ ᠨᠢ ᠬᠦᠷᠵᠡ ᠵᠡᠭᠡᠲᠦᠦ ᠮᠥᠷᠥᠯᠡᠵᠦ᠂ ᠵᠠᠷᠢᠮ ᠨᠢ ᠬᠡᠦᠳᠡᠢ ᠰᠢᠭᠤᠳᠠᠢ ᠡᠭᠦᠷᠦᠨ ᠥᠨᠳᠥᠷ ᠮᠤᠨᠠ ᠶ᠋ᠢᠨ ᠬᠣᠷᠮᠣᠢ ᠠ᠋ᠴᠠ ᠵᠦᠯᠭᠡ ᠲᠡᠢ ᠨᠤᠭᠤ᠂ ᠮᠣᠳᠣ ᠲᠠᠢ ᠡᠩᠭᠡᠷ᠂ ᠬᠠᠳᠠ ᠲᠠᠢ ᠠᠭᠤᠯᠠ ᠤᠷᠤᠭᠤ ᠴᠡᠷᠢᠭᠯᠡᠨ ᠠᠢᠰᠤᠢ᠁ 
       ᠲᠡᠳᠡᠭᠡᠷ ᠰᠢᠷᠭᠤᠯᠵᠢ ᠰᠢᠭ᠋ ᠬᠠᠷ᠎ᠠ ᠴᠡᠷᠢᠭ ᠦ᠋ᠳ ᠮᠤᠨᠠ ᠠᠭᠤᠯᠠ ᠶ᠋ᠢᠨ ᠮᠣᠳᠣ ᠲᠦᠯᠡᠭᠡ ᠶ᠋ᠢ ᠣᠭᠲᠣᠯᠵᠤ ᠡᠭᠦᠷᠳᠡᠭ ᠨᠢ ᠡᠭᠦᠷᠴᠦ᠂ ᠴᠢᠷᠳᠡᠭ ᠨᠢ ᠴᠢᠷᠴᠦ ᠡᠯᠵᠢᠭᠡᠨ ᠬᠠᠰᠠᠭ ᠠᠴᠢᠶ᠎ᠠ ᠬᠥᠰᠬᠡ ᠪᠡᠷ ᠬᠡᠷᠡᠭᠴᠡᠭᠡᠲᠡᠢ ᠭᠠᠵᠠᠷ ᠤᠷᠤᠭᠤ ᠪᠠᠨ ᠮᠤᠨᠠ ᠶ᠋ᠢᠨ ᠬᠡᠰᠢᠭ ᠢ᠋ ᠵᠥᠭᠡᠭᠡᠵᠦ ᠶᠠᠭᠠᠷᠠᠯᠳᠤᠨ᠎ᠠ᠃ ᠵᠠᠷᠢᠮᠠᠳ ᠨᠢ ᠲᠡᠮᠦᠷ ᠴᠠᠷᠢᠯ᠂ ᠯᠠᠩᠲᠤᠤ ᠵᠡᠭᠡᠲᠦᠦ ᠪᠡᠷ ᠬᠠᠳᠠ ᠴᠢᠯᠠᠭᠤ ᠶ᠋ᠢ ᠨᠢ ᠬᠠᠭᠠᠯᠵᠤ ᠪᠠᠯᠪᠠᠴᠢᠨ᠎ᠠ᠃ ᠪᠠᠷᠵᠠᠢᠭᠰᠠᠨ ᠬᠠᠯᠢᠰᠤᠯᠢᠭ ᠬᠠᠳᠠᠨ ᠤ᠋ ᠭᠠᠳᠠᠷᠭᠤ ᠶ᠋ᠢ ᠨᠢ ᠬᠠᠭᠤᠯᠵᠤ ᠬᠠᠶᠠᠴᠢᠬᠠᠭᠠᠳ ᠳᠣᠲᠣᠷ᠎ᠠ ᠠ᠋ᠴᠠ ᠨᠢ ᠪᠢᠳᠤᠷᠢᠶᠠᠨ ᠬᠥᠬᠡ ᠪᠤᠶᠤ ᠨᠣᠭᠣᠭᠠᠪᠲᠣᠷ ᠭᠢᠯᠲᠠᠭᠠᠨᠠᠮ᠎ᠠ ᠡᠷᠳᠡᠨᠢ ᠶ᠋ᠢᠨ ᠴᠢᠯᠠᠭᠤ ᠬᠡᠰᠡᠭᠯᠡᠵᠦ ᠠᠪᠤᠭᠠᠳ ᠬᠡᠳᠦ ᠬᠡᠳᠦᠭᠦᠯᠡ ᠪᠡᠨ ᠳᠠᠮᠨᠠᠵᠤ ᠬᠢ ᠬᠢ ᠬᠠ ᠬᠠ ᠢᠨᠢᠶᠡᠯᠴᠡᠵᠡᠭᠡᠨ᠎ᠠ᠁ ᠲᠡᠭᠡᠭᠡᠳ ᠥᠨᠥᠬᠢ ᠨᠦ᠍ᠭᠦᠳ ᠨᠢ ᠠᠮᠲᠠᠰᠢᠭᠰᠠᠨ ᠬᠡᠷᠢᠶ᠎ᠡ ᠠᠷᠪᠠ ᠳᠠᠭᠢᠪᠠ ᠭᠡᠭᠴᠢ ᠪᠡᠷ ᠮᠤᠨᠠ ᠠᠭᠤᠯᠠ ᠶ᠋ᠢᠨ ᠡᠩᠭᠡᠷ ᠬᠠᠵᠠᠭᠤ᠂ ᠬᠥᠲᠥᠯ ᠳᠠᠪᠠᠭ᠎ᠠ᠂ ᠭᠠᠩᠭ᠎ᠠ ᠵᠢᠯᠠᠭ᠎ᠠ ᠪᠦᠭᠦᠳᠡ ᠶ᠋ᠢ ᠬᠢᠷᠭᠠᠨ ᠪᠠᠢᠴᠠᠭᠠᠵᠤ ᠰᠢᠷ᠎ᠠ ᠠᠯᠲᠠ᠂ ᠬᠠᠷ᠎ᠠ ᠨᠡᠭᠦᠷᠡᠰᠦ᠂ ᠵᠡᠰ ᠭᠠᠤᠯᠢ᠂ ᠲᠡᠮᠦᠷ ᠴᠠᠢᠷ᠂ ᠭᠢᠯᠲᠠᠭᠠᠨᠠᠭᠤᠷ᠁ ᠵᠡᠷᠭᠡ ᠡᠷᠳᠡᠨᠢᠰ ᠦ᠋ᠨ ᠪᠤᠯᠠᠭᠳᠠᠴᠠ ᠶ᠋ᠢ ᠮᠤᠨᠠ ᠠᠭᠤᠯᠠ ᠶ᠋ᠢᠨ ᠬᠡᠦᠬᠡᠨ ᠴᠠᠭᠠᠨ ᠪᠡᠶ᠎ᠡ ᠡᠴᠡ ᠨᠢ ᠰᠣᠴᠢᠭᠠᠨ ᠴᠥᠯᠪᠡᠵᠦ ᠡᠬᠢᠯᠡᠪᠡ᠃ ᠪᠠᠰᠠ ᠵᠠᠷᠢᠮᠠᠳ ᠨᠢ ᠪᠤᠭᠤ ᠰᠤᠭᠤ᠂ ᠭᠤᠷ᠎ᠠ ᠵᠦᠷ᠂ ᠢᠷᠪᠢᠰ ᠴᠢᠨᠣ᠎ᠠ᠂ ᠦᠨᠡᠭᠡ ᠬᠢᠷᠰᠠ᠂ ᠲᠠᠤᠯᠠᠢ ᠲᠠᠷᠪᠠᠭ᠎ᠠ᠂ ᠪᠤᠯᠠᠭ᠎ᠠ ᠬᠡᠷᠡᠮᠦ ᠶ᠋ᠢ ᠬᠦᠷᠲᠡᠯ᠎ᠡ ᠠᠩᠨᠠᠵᠤ᠂ ᠡᠮᠲᠦ ᠡᠪᠡᠰᠦ ᠤᠷᠭᠤᠮᠠᠯ ᠢ᠋ ᠨᠢ ᠦᠨᠳᠦᠰᠦ ᠪᠡᠷ ᠨᠢ ᠮᠠᠯᠲᠠᠵᠤ᠂ ᠴᠡᠩᠭᠡᠭ ᠲᠤᠩᠭᠠᠯᠠᠭ ᠪᠤᠯᠠᠭ ᠤ᠋ᠨ ᠤᠰᠤ ᠶ᠋ᠢ ᠨᠢ ᠬᠦᠷᠲᠡᠯ᠎ᠡ ᠰᠢᠪᠬᠠᠵᠤ ᠰᠢᠪᠠᠷ ᠪᠠᠯᠴᠢᠭ ᠪᠣᠯᠭᠠᠨ ᠪᠤᠷᠵᠠᠩᠲᠤᠭᠤᠯᠳᠠᠭ ᠨᠢ ᠵᠠᠨᠤᠯᠲᠠᠢ᠃  
       ᠰᠢᠷᠭᠤᠯᠵᠢ ᠭᠡᠳᠡᠭ ᠠᠮᠢᠲᠠᠨ ᠬᠡᠴᠡᠭᠦᠦ ᠶᠦᠮ ᠠ᠋! ᠰᠦᠷᠦᠭᠯᠡᠵᠦ ᠢᠷᠡᠭᠡᠳ ᠨᠢᠭᠡ ᠶᠠᠭᠤᠮ᠎ᠠ ᠤᠷᠤᠭᠤ ᠰᠢᠪᠠᠯᠴᠠᠭᠰᠠᠭᠠᠷ ᠳᠣᠣᠷ᠎ᠠ ᠨᠢ ᠤᠯᠠᠭᠠᠨ ᠴᠠᠭᠠᠨ ᠢ᠋ ᠨᠢ ᠢᠯᠭᠠᠷᠠᠭᠤᠯᠴᠢᠬᠠᠨ᠎ᠠ᠃ 
       ᠮᠤᠨᠠ ᠬᠠᠨ ᠤ᠋ ᠬᠡᠰᠢᠭ ᠢ᠋ ᠢᠩᠭᠢᠵᠦ ᠦᠷᠡᠬᠡᠵᠦ ᠰᠦᠢᠳᠬᠡᠯ᠎ᠡ᠁ 
       ᠥᠨᠳᠥᠷ ᠮᠤᠨᠠ ᠶ᠋ᠢᠨ ᠲᠣᠯᠣᠭᠠᠢ ᠣᠷᠣᠢ ᠠ᠋ᠴᠠ ᠪᠠᠨ ᠬᠠᠯᠵᠠᠷᠠᠵᠤ᠂ ᠬᠠᠷ᠎ᠠ ᠰᠢᠷᠭᠤᠯᠵᠢ ᠶ᠋ᠢᠨ ᠲᠠᠯᠬᠢᠳᠠᠯ ᠢ᠋ᠶ᠋ᠠᠷ ᠬᠠᠮᠠᠷ ᠬᠠᠳᠬᠤᠬᠤ ᠡᠪᠡᠰᠦ ᠦᠭᠡᠢ ᠪᠣᠯᠵᠤ᠂ ᠬᠠᠨᠳᠠᠭᠠᠢ ᠪᠤᠭᠤ᠂ ᠬᠠᠮᠤᠭ ᠠᠮᠢᠲᠠᠨ ᠭᠥᠷᠥᠭᠡᠰᠦ ᠨᠦ᠍ᠭᠦᠳ ᠭᠠᠵᠠᠷ ᠤ᠋ᠨ ᠠᠩ ᠰᠢᠷᠭᠤᠴᠢᠬᠠᠭᠰᠠᠨ ᠰᠢᠭ᠋ ᠣᠷᠣ ᠲᠠᠰᠤ ᠠᠯᠠᠭ᠎ᠠ ᠪᠣᠯᠵᠤ᠂ ᠵᠤᠷᠠᠮ᠎ᠠ ᠬᠤᠯᠤᠭᠠᠨ᠎ᠠ ᠠ᠋ᠴᠠ ᠥᠭᠡᠷ᠎ᠡ ᠠᠮᠢᠲᠠᠨ ᠤ᠋ ᠪᠠᠷ᠎ᠠ ᠦᠭᠡᠢ ᠪᠣᠯᠵᠠᠢ᠃ 
       ᠤᠯᠠᠭᠠᠨ ᠬᠦᠷᠡᠩ ᠬᠠᠳᠠᠨ ᠤ᠋ ᠴᠢᠳᠬᠤᠯᠠᠩ ᠤ᠋ᠨ ᠤᠰᠤ ᠲᠠᠲᠠᠷᠠᠵᠤ ᠴᠣᠩᠬᠢᠶᠠᠯ ᠤ᠋ᠨ ᠴᠡᠩᠬᠡᠷ ᠤᠰᠤ ᠴᠦ᠍ ᠰᠢᠷᠭᠢᠨ ᠬᠠᠲᠠᠪᠠ᠁  
       ᠱᠠᠯᠳᠠᠩ ᠪᠦᠰᠡᠭᠦᠢ ᠭᠡᠨᠡᠳᠲᠡ ᠬᠣᠭᠣᠯᠠᠢ ᠨᠢ ᠬᠠᠲᠠᠵᠤ ᠤᠮᠳᠠᠭᠠᠰᠬᠤ ᠳ᠋ᠠᠭᠠᠨ ᠪᠣᠰᠴᠤ ᠴᠣᠩᠬᠢᠶᠠᠯ ᠤ᠋ᠨ ᠤᠰᠤᠨ ᠠ᠋ᠴᠠ ᠨᠢᠭᠡ ᠣᠭᠣᠴᠢ ᠴᠦ᠍ ᠤᠤᠭᠤᠵᠤ ᠤᠲᠤᠭ᠎ᠠ ᠤᠭᠤᠭᠢᠭᠰᠠᠨ ᠬᠣᠭᠣᠯᠠᠢ ᠪᠠᠨ ᠨᠢᠭᠡ ᠨᠣᠷᠭᠠᠵᠤ ᠠᠪᠤᠶ᠎ᠠ ᠭᠡᠬᠦᠯᠡᠷ ᠳᠥᠷᠪᠡᠨ ᠮᠥᠴᠢ ᠨᠢ ᠬᠦᠯᠢᠶᠡᠰᠦᠲᠡᠢ᠂ ᠶᠠᠭᠠᠬᠢᠪᠠᠴᠤ ᠪᠣᠰᠴᠤ ᠳᠡᠢᠯᠬᠦ ᠦᠭᠡᠢ᠃ ᠪᠣᠰᠤᠶ᠎ᠠ ᠭᠡᠵᠦ ᠲᠡᠯᠴᠢᠯᠡᠬᠦ ᠲᠣᠰᠤᠮ ᠢ᠋ᠶ᠋ᠠᠨ ᠬᠥᠳᠡᠯᠵᠦ ᠡᠰᠡ ᠴᠢᠳᠠᠨ᠎ᠠ᠃ ᠪᠦᠬᠦ ᠪᠡᠶ᠎ᠡ ᠶ᠋ᠢ ᠨᠢ ᠬᠠᠪᠲᠠᠭᠠᠢ ᠬᠠᠳᠠᠨ ᠳᠡᠭᠡᠷ᠎ᠡ ᠬᠠᠲᠠᠴᠢᠬᠠᠭᠰᠠᠨ ᠮᠡᠲᠦ ᠪᠠᠢᠪᠠ᠃ ᠪᠠᠰᠠ ᠮᠢᠩᠭ᠎ᠠ ᠲᠦᠮᠡᠨ ᠵᠡᠭᠦᠦ ᠪᠡᠷ ᠰᠢᠪᠡᠬᠦ ᠰᠢᠭ ᠵᠢᠮᠵᠢᠭᠢᠨᠡᠨ ᠡᠪᠡᠳᠦᠨ᠎ᠡ᠃ ᠬᠠᠮᠢᠭ᠎ᠠ ᠨᠢᠭᠡ ᠨᠢᠭᠤᠴᠠᠭᠠᠢ ᠡᠮᠵᠡᠭ ᠭᠠᠵᠠᠷ ᠨᠢ ᠵᠥᠭᠡᠢ ᠬᠠᠳᠬᠤᠬᠤ ᠰᠢᠭ᠋ ᠵᠢᠷᠳ᠋ ᠬᠢᠨ《ᠶᠣ᠁》 ᠭᠡᠵᠦ ᠱᠠᠯᠳᠠᠩ ᠪᠦᠰᠡᠭᠦᠢ ᠰᠣᠴᠢᠨ ᠰᠡᠷᠡᠪᠡ᠃ 
       ᠪᠦᠬᠦ ᠪᠡᠶ᠎ᠡ ᠳᠡᠭᠡᠭᠦᠷ ᠨᠢ ᠰᠢᠷᠭᠤᠯᠵᠢ ᠪᠦᠷᠬᠦᠵᠦ ᠡᠭᠡᠭᠡ ᠯᠡ ᠲᠣᠣᠷ ᠤ᠋ᠨ ᠬᠠᠷ᠎ᠠ ᠬᠤᠪᠴᠠᠰᠤ ᠡᠮᠦᠰᠦᠭᠰᠡᠨ ᠮᠡᠲᠦ ᠡᠷᠢᠶᠡᠨ ᠴᠣᠬᠣᠷ ᠪᠡᠶ᠎ᠡ ᠪᠡᠨ ᠬᠠᠷᠠᠭᠠᠳ《ᠢᠯᠡᠢ ᠠ᠋! ᠪᠦᠦ ᠦᠵᠡᠭᠳᠡᠭᠡᠰᠡᠢ! ᠮᠠᠭᠤ ᠰᠠᠢᠨ ᠰᠢᠷᠭᠤᠯᠵᠢ ᠨᠤᠭᠤᠳ ᠢ᠋ ᠬᠣᠬᠣᠢ》 ᠭᠡᠳ ᠰᠢᠷᠭᠤᠯᠵᠢ ᠨᠤᠭᠤᠳ ᠢ᠋ ᠤᠨᠠᠭᠠᠬᠤ ᠭᠡᠳ ᠰᠡᠭᠰᠦᠷᠦᠭᠰᠡᠨ ᠳ᠋ᠦ᠍ ᠰᠢᠪᠦᠭᠡᠨ ᠬᠣᠰᠢᠭᠤ ᠪᠠᠨ ᠬᠡᠦᠬᠡᠨ ᠴᠠᠭᠠᠨ ᠪᠡᠶ᠎ᠡ ᠳ᠋ᠦ᠍ᠨᠢ ᠰᠢᠭᠢᠳᠬᠡᠭᠰᠡᠨ ᠰᠢᠷᠭᠤᠯᠵᠢ ᠨᠤᠭᠤᠳ ᠤᠨᠠᠳᠠᠭ ᠶᠠᠭᠤᠮ᠎ᠠ ᠪᠢᠰᠢ᠃ 
       — ᠬᠠᠮᠢᠭ᠎ᠠ ᠠ᠋ᠴᠠ ᠡᠢᠮᠦ ᠣᠯᠠᠨ ᠢᠷᠣ᠎ᠠ ᠶ᠋ᠢᠨ ᠰᠢᠷᠭᠤᠯᠵᠢ ᠪᠡᠶ᠎ᠡ ᠳᠡᠭᠡᠷ᠎ᠡ ᠰᠢᠪᠠᠴᠢᠬᠠᠪᠠ⁈ ᠭᠡᠵᠦ ᠥᠪᠡᠷ ᠢ᠋ᠶ᠋ᠡᠨ ᠥᠪᠡᠷ ᠡᠴᠡ ᠪᠡᠨ ᠠᠰᠠᠭᠤᠭᠰᠠᠨ ᠳ᠋ᠤ᠌᠂  
       — ᠰᠠᠶᠢᠬᠠᠨ ᠴᠢ ᠶᠠᠭᠤ ᠭᠡᠵᠦ ᠵᠡᠭᠦᠳᠦᠯᠡᠪᠡ? ᠭᠡᠵᠦ ᠬᠡᠢ ᠠᠭᠠᠷ ᠳᠡᠭᠡᠷ᠎ᠡ ᠡᠴᠡ ᠨᠢᠭᠡ ᠬᠥᠮᠦᠨ ᠢᠩᠭᠢᠵᠦ ᠠᠰᠠᠭᠤᠪᠠ᠃ 
       — ᠬᠠᠷ᠎ᠠ ᠰᠢᠷᠭᠤᠯᠵᠢ ᠶ᠋ᠢᠨ ᠰᠦᠷᠦᠭ ᠴᠦ᠍ ᠰᠢᠭ᠂ ᠬᠥᠮᠦᠨ ᠴᠦ᠍ ᠰᠢᠭ ᠶᠠᠭᠤᠮᠠᠰ ᠠᠷᠵᠠᠭᠠᠨᠠᠨ ᠮᠤᠨᠠ ᠠᠭᠤᠯᠠ ᠶ᠋ᠢ ᠪᠦᠷᠬᠦᠨ ᠴᠥᠯᠪᠡᠵᠦ ᠪᠣᠢ ᠭᠡᠵᠦ ᠵᠡᠭᠦᠳᠦᠯᠡᠭᠰᠡᠨ᠁ 
       — ᠶᠠᠭ ᠮᠥᠨ! ᠲᠤᠩ ᠮᠠᠭᠤ ᠢᠷᠣ᠎ᠠ ᠶ᠋ᠢᠨ ᠵᠡᠭᠦᠳᠦ ᠪᠤᠶᠤ! ᠬᠡᠳᠦᠨ ᠠᠷᠪᠠᠨ ᠵᠢᠯ ᠦ᠋ᠨ ᠳᠠᠷᠠᠭ᠎ᠠ ᠴᠢᠨᠦ ᠡᠨᠡ ᠵᠡᠭᠦᠳᠦ ᠴᠢᠨᠢ ᠮᠥᠨ ᠲᠡᠭᠡᠵᠦ ᠢᠷᠣ᠎ᠠ ᠶ᠋ᠢᠨ ᠮᠠᠭᠤ ᠶᠠᠭᠤᠮ᠎ᠠ ᠪᠣᠯᠵᠤ ᠭᠦᠢᠴᠡᠨ᠎ᠡ ᠠ᠋! ᠲᠡᠷᠡ ᠬᠠᠷ᠎ᠠ ᠰᠢᠷᠭᠤᠯᠵᠢ ᠨᠤᠭᠤᠳ ᠬᠡᠳᠦᠨ ᠰᠠᠶ᠎ᠠ ᠪᠤᠮ ᠢ᠋ᠶ᠋ᠠᠷ ᠦᠷᠡᠵᠢᠨ ᠪᠤᠵᠠᠭᠠᠢᠷᠠᠵᠤ ᠦᠶᠡᠷ ᠦ᠋ᠨ ᠪᠤᠷᠵᠠᠩ ᠲᠠᠢ ᠤᠰᠤ ᠰᠢᠭ᠋ ᠮᠤᠨᠠ ᠠᠭᠤᠯᠠ ᠶ᠋ᠢ ᠴᠢᠨᠢ ᠪᠦᠬᠦᠯᠢ ᠪᠡᠷ ᠵᠠᠯᠭᠢᠨ᠎ᠠ᠃ ᠲᠠᠯ᠎ᠠ ᠨᠢ ᠮᠠᠩᠬᠠᠷᠠᠵᠤ᠂ ᠤᠰᠤ ᠨᠢ ᠬᠠᠲᠠᠵᠤ᠂ ᠠᠭᠤᠯᠠ ᠨᠢ ᠬᠤᠪᠠᠬᠠᠢᠷᠠᠨ᠂ ᠡᠪᠡᠰᠦ ᠤᠷᠭᠤᠮᠠᠯ ᠨᠢ ᠦᠨᠳᠦᠰᠦ ᠪᠡᠷ ᠢ᠋ᠶ᠋ᠡᠨ ᠦᠵᠢᠷᠡᠵᠦ᠂ ᠬᠠᠳᠠ᠂ ᠴᠢᠯᠠᠭᠤ ᠨᠢ ᠬᠣᠯᠲᠣᠷᠠᠵᠤ ᠤᠨᠠᠭᠰᠠᠭᠠᠷ ᠪᠠᠢᠵᠤ ᠡᠯᠡᠰᠦᠨ ᠳᠣᠪᠣᠴᠠᠭ ᠪᠣᠯᠵᠤ ᠥᠨᠥᠴᠢᠷᠡᠨ᠎ᠡ᠃ ᠠᠶ᠎ᠠ ᠦᠭᠡᠢᠳᠡᠪᠡᠯ ᠨᠠᠷᠠᠨ ᠤ᠋ ᠣᠢᠯᠲᠠ ᠳ᠋ᠤ᠌ ᠭᠠᠵᠠᠷ ᠤ᠋ᠨ ᠬᠥᠷᠥᠰᠥᠨ ᠡᠴᠡ ᠭᠠᠯ ᠤᠭᠤᠭᠢᠵᠤ ᠬᠠᠷ᠎ᠠ ᠰᠢᠷᠭᠤᠯᠵᠢ ᠣᠷᠣᠩᠨᠠᠬᠤ ᠭᠠᠵᠠᠷ ᠦᠭᠡᠢ ᠪᠣᠯᠵᠤ ᠥᠪᠡᠷ ᠦ᠋ᠨ ᠮᠠᠭᠤ ᠳ᠋ᠠᠭᠠᠨ ᠰᠢᠳᠡᠵᠦ ᠦᠬᠦᠨ᠎ᠡ᠁ ᠬᠤᠷᠮᠤᠰᠲᠠ ᠲᠩᠷᠢ᠂ ᠬᠠᠨ ᠮᠤᠨᠠ ᠶ᠋ᠢᠨ ᠡᠵᠡᠨ ᠴᠦ᠍ ᠬᠠᠷᠠᠮᠰᠠᠭᠠᠳ ᠬᠣᠴᠣᠷᠤᠨ᠎ᠠ᠃ ᠳᠡᠮᠡᠢ ᠯᠡ ᠬᠣᠭᠣᠰᠣᠨ ᠰᠡᠭᠦᠷᠡᠰᠦ ᠠᠯᠳᠠᠨ᠎ᠠ᠃ ᠯᠤᠤᠰ ᠤ᠋ᠨ ᠬᠠᠭᠠᠨ ᠤ᠋ ᠪᠦᠷᠢᠯᠸ᠎ᠠ ᠴᠦ᠍ ᠤᠬᠢᠯᠠᠬᠤ ᠨᠢᠯᠪᠤᠰᠤ ᠦᠭᠡᠢ ᠡᠯᠡᠰᠦ ᠮᠠᠩᠬ᠎ᠠ ᠪᠠᠷ ᠪᠣᠷᠣᠭᠠᠯᠠᠵᠤ᠂ ᠡᠷᠭᠢᠭᠦᠦ ᠬᠠᠷ᠎ᠠ ᠲᠡᠷᠢᠭᠦᠲᠡᠨ᠂ ᠰᠢᠷᠭᠤᠯᠵᠢ ᠨᠤᠭᠤᠳ ᠢ᠋ ᠪᠤᠯᠠᠰᠢᠯᠠᠵᠤ ᠬᠠᠶᠠᠨ᠎ᠠ᠁ ᠡᠨᠡ ᠪᠣᠯ ᠪᠠᠢᠭᠠᠯᠢ ᠶ᠋ᠢᠨ ᠵᠢᠮ᠎ᠡ ᠶ᠋ᠢ ᠲᠡᠷᠰᠯᠡᠵᠦ ᠡᠷᠭᠢᠭᠦᠲᠦᠭᠰᠡᠨ ᠬᠥᠮᠦᠨ ᠲᠡᠷᠢᠭᠦᠲᠡᠨ ᠦ᠌ ᠵᠣᠷᠢᠭᠰᠠᠨ ᠴᠣᠷ ᠤ᠋ᠨ ᠭᠠᠭᠴᠠ ᠲᠡᠭᠦᠰᠬᠡᠯ ᠮᠥᠨ! ᠭᠡᠵᠦ ᠬᠡᠢ ᠠᠭᠠᠷ ᠤ᠋ᠨ ᠳᠣᠯᠭᠢᠶᠠᠨ ᠠ᠋ᠴᠠ ᠲᠤᠷᠭᠢᠭᠰᠠᠨ ᠡᠨᠡ ᠦᠭᠡ ᠶ᠋ᠢ ᠰᠣᠨᠣᠰᠤᠭᠠᠳ ᠱᠠᠯᠳᠠᠩ ᠪᠦᠰᠡᠭᠦᠢ ᠭᠡᠯᠮᠡᠵᠦ᠄ 
       — ᠣᠳᠣ ᠶᠠᠭᠠᠬᠢᠨ᠎ᠠ ᠪᠣᠢ? ᠭᠡᠰᠡᠨ ᠳ᠋ᠦ᠍᠂  
       — ᠴᠢᠨᠦ ᠣᠷᠴᠢᠯ ᠠᠮᠢᠳᠤᠷᠠᠯ ᠤ᠋ᠨ ᠬᠥᠭ ᠲᠦ᠍ ᠴᠢᠨᠢ ᠭᠠᠢᠭᠤᠢ ᠪᠠᠢᠬ᠎ᠠ! ᠬᠠᠷᠢᠨ ᠬᠤᠷᠳᠤᠨ ᠶᠠᠪᠤᠵᠤ ᠴᠣᠩᠬᠢᠶᠠᠯ ᠤ᠋ᠨ ᠴᠡᠩᠬᠡᠷ ᠤᠰᠤᠨ ᠳ᠋ᠠᠭᠠᠨ ᠤᠮᠪᠠᠵᠤ ᠪᠡᠶ᠎ᠡ ᠳᠡᠭᠡᠷᠡᠬᠢ ᠰᠢᠷᠭᠤᠯᠵᠢ ᠨᠤᠭᠤᠳ ᠢ᠋ᠶ᠋ᠠᠨ ᠦᠭᠡᠢ ᠬᠢᠵᠦ ᠣᠷᠭᠢ! ᠶᠠᠪᠤ᠂ ᠶᠠᠪᠤ! ᠪᠤᠰᠢᠭᠤᠬᠠᠨ᠁ ᠴᠢᠨᠦ ᠬᠡᠦᠬᠡᠨ ᠪᠡᠶ᠎ᠡ ᠶ᠋ᠢᠨ ᠴᠢᠨᠢ ᠴᠢᠰᠤ ᠰᠢᠮ᠎ᠡ ᠶ᠋ᠢ ᠰᠣᠷᠣᠵᠤ ᠪᠠᠷᠠᠬᠤ ᠨᠢ ᠠ᠋! ᠭᠡᠳ ᠲᠡᠷᠡ ᠪᠠᠷ᠎ᠠ ᠨᠢ ᠦᠵᠡᠭᠳᠡᠳᠡᠭ ᠦᠭᠡᠢ ᠠᠪᠤᠷᠭᠤ ᠲᠣᠮᠣ ᠬᠥᠮᠦᠨ ᠦ᠌ ᠳᠠᠭᠤ ᠠᠭᠤᠯᠠ ᠬᠠᠳᠠ ᠶ᠋ᠢ ᠴᠤᠤᠷᠢᠶᠠᠲᠤᠭᠤᠯᠤᠭᠰᠠᠭᠠᠷ ᠵᠠᠮᠬᠠᠷᠠᠨ᠎ᠠ᠃ 
       ᠫᠥᠯᠥᠷᠡᠩ! ᠭᠡᠲᠡᠯ᠎ᠡ ᠴᠣᠩᠬᠢᠶᠠᠯ ᠤ᠋ᠨ ᠴᠡᠩᠬᠡᠷ ᠤᠰᠤᠨ ᠳ᠋ᠤ᠌ ᠦᠰᠦᠷᠦᠨ ᠣᠷᠣᠪᠠᠯ ᠮᠠᠭᠤ ᠰᠠᠢᠨ ᠰᠢᠷᠭᠤᠯᠵᠢ ᠨᠤᠭᠤᠳ ᠤᠰᠤᠨ ᠤ᠋ ᠮᠡᠯᠮᠡᠢ ᠳᠡᠭᠡᠭᠦᠷ ᠬᠠᠷᠠᠯᠠᠲᠠᠯ᠎ᠠ ᠬᠥᠪᠴᠦ《ᠠᠶ᠎ᠠ᠂ ᠮᠥᠮᠥ ᠠ᠋! ᠪᠠᠢᠶ᠎ᠠ ᠳᠠ᠂ ᠳᠠᠬᠢᠵᠤ ᠴᠢᠨᠦ ᠪᠡᠶ᠎ᠡ ᠶ᠋ᠢ ᠴᠢᠨᠢ ᠣᠩᠭᠢᠯᠬᠤ ᠪᠠᠨ ᠪᠣᠯᠢᠶ᠎ᠠ!》 ᠭᠡᠵᠦ ᠤᠬᠢᠯᠠᠨ ᠬᠠᠢᠯᠠᠨ ᠪᠠᠢᠯ᠎ᠠ᠃ 

       ᠦᠰᠦᠭ ᠠᠮᠢᠯᠠᠭᠤᠯᠤᠭᠴᠢ᠄  ᠣᠳᠣᠨᠬᠤᠸᠠᠷ