ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠳᠥᠷᠪᠡ> Хан мунын сүүрс < дээд > – Мөнх зохиоов ᠂ Дэд бодь – Гуравдугаар бүлэг <4> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠳᠥᠷᠪᠡ> Хан мунын сүүрс < дээд > – Мөнх зохиоов ᠂ Дэд бодь – Гуравдугаар бүлэг <4>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠳᠥᠷᠪᠡ> Хан мунын сүүрс < дээд > – Мөнх зохиоов ᠂ Дэд бодь – Гуравдугаар бүлэг <4>

ᠠᠩᠭᠢᠯᠠᠯ:ᠲᠤᠭᠤᠵᠢ ᠷᠣᠮᠠᠨ
2024-10-11

307

ᠳᠡᠳ᠋ ᠪᠣᠲᠢ – ᠭᠤᠷᠪᠠᠳᠤᠭᠠᠷ ᠪᠦᠯᠦᠭ <ᠳᠥᠷᠪᠡ>


              ᠳᠥᠷᠪᠡ  

       ᠮᠥᠯᠬᠥᠭᠡ ᠬᠥᠭᠰᠢᠨ ᠭᠢᠴᠢᠢ ᠤᠶᠠᠷᠠᠯᠲᠠᠢᠬᠠᠨ ᠤᠯᠢᠪᠠ᠃ ᠬᠥᠭᠰᠢᠨ ᠭᠢᠴᠢᠢ ᠲᠡᠷᠡ ᠵᠢᠯ ᠬᠥᠨᠳᠡᠯᠡᠨ ᠬᠥᠬᠡ ᠲᠡᠮᠦᠷ ᠡᠭᠦᠷᠦᠭᠰᠡᠨ ᠵᠠᠨᠠᠭ ᠲᠤ ᠡᠮᠦᠨ᠎ᠡ ᠬᠣᠶᠠᠷ ᠰᠢᠭᠢᠷ᠎ᠡ ᠪᠡᠨ ᠲᠠᠰᠤ ᠫᠤᠤᠳᠠᠭᠤᠯᠤᠭᠰᠠᠨ ᠠ᠋ᠴᠠ ᠮᠥᠯᠬᠥᠭᠡ ᠪᠣᠯᠵᠤ ᠮᠡᠷᠭᠡᠨ ᠴᠠᠭᠠᠨ ᠯᠠᠮᠠᠬᠠᠢ ᠶ᠋ᠢᠨ ᠬᠠᠳᠠᠨ ᠬᠣᠩᠭᠢᠯ ᠠ᠋ᠴᠠ ᠳᠡᠮᠡᠢ ᠬᠣᠯᠠᠳᠴᠤ ᠴᠢᠳᠠᠬᠤ ᠦᠭᠡᠢ᠃ ᠬᠠᠳᠠᠨ ᠬᠣᠩᠭᠢᠯ ᠤ᠋ᠨ ᠢ᠋ᠶ᠋ᠠᠨ ᠳᠡᠪᠬᠡᠷᠭᠡ ᠶ᠋ᠢ ᠯᠡ ᠰᠠᠬᠢᠳᠠᠭ ᠪᠣᠯᠪᠠ᠃ 
       ᠮᠡᠷᠭᠡᠨ ᠴᠠᠭᠠᠨ ᠯᠠᠮᠠᠬᠠᠢ《ᠶᠠᠭᠤ ᠪᠣᠯᠴᠢᠬᠠᠪᠠ?》 ᠭᠡᠵᠦ ᠬᠣᠩᠭᠢᠯ ᠠ᠋ᠴᠠ ᠪᠠᠨ ᠭᠠᠷᠤᠭᠰᠠᠨ ᠳ᠋ᠤ᠌ ᠮᠥᠯᠬᠥᠭᠡ ᠬᠥᠭᠰᠢᠨ ᠭᠢᠴᠢᠢ ᠲᠡᠭᠦᠨ ᠦ᠌ ᠬᠥᠯ ᠳᠣᠣᠷ᠎ᠠ ᠮᠥᠯᠬᠥᠵᠦ ᠢᠷᠡᠭᠡᠳ ᠲᠩᠷᠢ ᠬᠠᠨᠳᠤᠨ ᠰᠥᠭᠡᠩᠭᠢᠲᠦᠨ ᠤᠯᠢᠭᠰᠠᠨ ᠳ᠋ᠤ᠌《ᠳᠣᠣᠷ᠎ᠠ ᠴᠠᠭᠠᠨ ᠳᠠᠪᠠᠭ᠎ᠠ ᠳᠡᠭᠡᠷ᠎ᠡ ᠵᠠᠭᠤᠷᠮᠠᠭ ᠦᠬᠦᠭᠰᠡᠨ ᠬᠥᠮᠦᠨ ᠪᠠᠢᠨ᠎ᠠ᠁》 ᠭᠡᠵᠦ ᠬᠡᠯᠡᠬᠦ ᠰᠢᠭ ᠪᠣᠯᠤᠭᠰᠠᠨ ᠢ᠋ ᠮᠡᠷᠭᠡᠨ ᠴᠠᠭᠠᠨ ᠯᠠᠮᠠᠬᠠᠢ ᠣᠢᠯᠠᠭᠠᠵᠤ《ᠠ ᠳᠠ᠂ ᠰᠢᠷᠠᠪᠳᠣᠷᠵᠢ ᠬᠦᠩ ᠨᠣᠶᠠᠨ ᠤ᠋ ᠣᠷᠣᠨ ᠳ᠋ᠤ᠌ ᠵᠣᠯᠢᠭ ᠲᠤ<ᠮᠣᠷᠳᠠᠭᠰᠠᠨ> ᠬᠥᠮᠦᠨ ᠪᠠᠢᠨ᠎ᠠ᠃ ᠪᠢᠲᠡᠭᠡᠢ ᠴᠣᠴᠢᠭ᠎ᠠ!》 ᠭᠡᠰᠡᠨ ᠳ᠋ᠦ᠍ ᠮᠥᠯᠬᠥᠭᠡ ᠬᠥᠭᠰᠢᠨ ᠭᠢᠴᠢᠢ ᠳᠠᠬᠢᠨᠲᠠ ᠰᠥᠭᠡᠩᠭᠢᠲᠦᠨ ᠤᠯᠢᠪᠠᠯ ᠴᠠᠭᠠᠨ᠎ᠠ ᠠ᠋ᠴᠠ《ᠵᠠ᠂ ᠮᠡᠳᠡᠯ᠎ᠡ᠁》 ᠭᠡᠰᠡᠨ ᠰᠢᠭ ᠴᠢᠨᠣ᠎ᠠ ᠬᠠᠷᠢᠭᠤ ᠤᠯᠢᠨ᠎ᠠ᠃  
        ᠁  
       ᠮᠥᠯᠬᠥᠭᠡ ᠬᠥᠭᠰᠢᠨ ᠭᠢᠴᠢᠢ ᠲᠡᠷᠡ ᠬᠥᠮᠦᠨ ᠢ᠋ ᠦᠨᠦᠷᠯᠡᠵᠦ ᠦᠨᠦᠷᠯᠡᠵᠦ ᠬᠠᠮᠠᠷ ᠢ᠋ᠶ᠋ᠠᠨ ᠰᠢᠨᠲᠠᠢᠯᠭᠠᠨ ᠲᠩᠷᠢ ᠥᠭᠡᠳᠡ ᠬᠠᠨᠳᠤᠨ ᠣᠯᠢᠪᠠ᠃《ᠡᠨᠡ ᠬᠥᠮᠦᠨ ᠰᠣᠭᠲᠣᠵᠠᠢ᠃ ᠦᠬᠦᠬᠦ ᠬᠥᠮᠦᠨ ᠪᠢᠰᠢ ᠠ᠋! ᠬᠥᠯᠴᠥᠭᠦᠦ ᠪᠡᠷ ᠢ᠋ᠶ᠋ᠡᠨ ᠪᠡᠶ᠎ᠡ ᠨᠢ ᠪᠠᠯᠠᠷᠠᠵᠤ ᠤᠨᠲᠠᠵᠠᠢ》 ᠭᠡᠰᠡᠨ ᠰᠠᠨᠠᠭ᠎ᠠ ᠲᠠᠢ ᠪᠠᠢᠯ᠎ᠠ᠃  
       ᠮᠡᠷᠭᠡᠨ ᠴᠠᠭᠠᠨ ᠯᠠᠮᠠᠬᠠᠢ ᠲᠡᠷᠡ ᠰᠣᠭᠲᠣᠭᠤ ᠶ᠋ᠢ ᠬᠣᠩᠭᠢᠯ ᠤ᠋ᠨ ᠢ᠋ᠶ᠋ᠠᠨ ᠨᠥᠮᠥᠷᠢ ᠳ᠋ᠦ᠍ ᠬᠡᠪᠲᠡᠭᠦᠯᠦᠭᠡᠳ ᠴᠠᠭᠠᠳᠤ ᠬᠠᠳᠠᠨ ᠤ᠋ ᠵᠠᠪᠰᠠᠷ ᠲᠤ ᠬᠠᠪᠴᠢᠭᠤᠯᠤᠭᠠᠰᠤᠲᠠᠢ ᠶᠠᠩᠵᠤ ᠪᠣᠯᠭᠠᠨ ᠤ᠋ ᠡᠮ ᠦ᠋ᠨ ᠪᠣᠭᠣᠳᠠᠯ ᠢ᠋ᠶ᠋ᠠᠨ ᠠᠭᠤᠳᠠᠯᠵᠤ ᠡᠮ ᠡᠷᠢᠵᠦ ᠪᠠᠢᠭ᠎ᠠ ᠪᠣᠯᠤᠯᠲᠠᠢ ᠨᠢᠭᠡ ᠶᠠᠭᠤᠮ᠎ᠠ ᠣᠷᠣᠯᠳᠣᠨ᠎ᠠ᠃ 
       ᠲᠡᠷᠡ ᠬᠦ᠌ ᠨᠢᠭᠡ ᠵᠦᠢᠯ ᠦ᠋ᠨ ᠤᠯᠠᠪᠤᠷ ᠰᠢᠷᠠᠩᠭᠤᠢ ᠥᠩᠭᠡ ᠲᠡᠢ ᠨᠤᠨᠲᠠᠭ ᠡᠮ ᠢ᠋ ᠡᠷᠢᠵᠦ ᠭᠠᠷᠭᠠᠭᠠᠳ ᠣᠭᠣᠴᠢ ᠤᠰᠤᠨ ᠳ᠋ᠤ᠌ ᠵᠢᠭᠤᠷᠠᠵᠤ ᠨᠢᠭᠡ ᠣᠭᠣᠴᠢᠭᠰᠠᠨ ᠢ᠋ᠶ᠋ᠠᠨ ᠲᠡᠷᠡ ᠰᠣᠭᠲᠣᠭᠤ ᠶ᠋ᠢᠨ ᠨᠢᠭᠤᠷ ᠥᠭᠡᠳᠡ ᠫᠦᠳ ᠬᠢᠲᠡᠯ᠎ᠡ ᠦᠯᠢᠶᠡᠭᠡᠳ《 ᠡᠷᠯᠢᠭ ᠦ᠋ᠨ ᠡᠯᠴᠢ ᠴᠢᠮᠠᠶ᠋ᠢ ᠠᠪᠠᠴᠢᠬᠤ ᠦᠭᠡᠢ᠂ ᠪᠣᠰ ᠠ᠋ ᠪᠣᠰ! ᠴᠠᠭᠠᠳᠤ ᠡᠳᠦᠷ ᠬᠦᠩ ᠨᠣᠶᠠᠨ ᠰᠢᠷᠠᠪᠳᠣᠷᠵᠢ ᠶ᠋ᠢ ᠣᠭᠣᠰᠣᠷᠯᠠᠵᠤ ᠠᠪᠤᠭᠠᠳ ᠶᠠᠪᠤᠭᠰᠠᠨ᠃ ᠴᠢᠮ᠎ᠠ ᠳ᠋ᠤ᠌ ᠳᠠᠯᠵᠢ ᠦᠭᠡᠢ》 ᠭᠡᠵᠦ ᠳᠦᠳᠦᠨᠡᠨ᠎ᠡ᠃  
       ᠭᠣᠩᠴᠣᠭᠷᠠᠬᠤ᠎ᠠ ᠦᠬᠦᠭᠰᠡᠨ ᠦᠭᠡᠢ᠂ ᠠᠷᠢᠬᠢ ᠨᠣᠢᠷ ᠬᠣᠶᠠᠷ ᠠ᠋ᠴᠠ ᠪᠠᠨ ᠰᠡᠷᠭᠦᠬᠦ ᠳ᠋ᠦ᠍ ᠨᠢᠭᠡᠨ ᠬᠠᠳᠠᠨ ᠤ᠋ ᠳᠡᠭᠲᠡᠷ ᠦ᠋ᠨ ᠬᠣᠩᠭᠢᠯ ᠳ᠋ᠤ᠌ ᠬᠡᠪᠲᠡᠵᠦ ᠪᠠᠢᠪᠠ᠃ ᠡᠮᠦᠨ᠎ᠡ ᠡᠴᠡ ᠨᠢ ᠨᠢᠭᠡᠨ ᠴᠠᠭᠠᠨ ᠰᠠᠬᠠᠯᠲᠤ ᠡᠪᠦᠭᠡᠨ ᠯᠠᠮᠠᠬᠠᠢ ᠢᠨᠢᠶᠡᠮᠰᠦᠭᠯᠡᠨ ᠪᠠᠢᠭ᠎ᠠ ᠶ᠋ᠢ ᠦᠵᠡᠭᠡᠳ᠄《 ᠪᠢ ᠴᠢᠨᠢ ᠨᠡᠭᠡᠷᠡᠨ ᠰᠠᠬᠢᠭᠤᠰᠤ ᠶ᠋ᠢᠨ ᠣᠷᠣᠨ ᠳ᠋ᠤ᠌ ᠢᠷᠡᠴᠢᠬᠡᠭᠰᠡᠨ ᠴᠦ᠍ ᠶᠦᠮ ᠤᠤ ᠳᠠ⁈》 ᠭᠡᠵᠦ ᠪᠣᠳᠣᠨ ᠨᠢᠳᠦ ᠨᠢ ᠨᠡᠭᠡᠭᠡᠵᠦ ᠠᠨᠢᠵᠤ ᠪᠠᠢᠭ᠎ᠠ ᠨᠢ ᠦᠯᠦ ᠮᠡᠳᠡᠭᠳᠡᠮ᠎ᠡ ᠬᠠᠪᠢᠷᠭᠠᠨ ᠰᠠᠷᠠᠨ ᠠᠨᠢᠰᠬ᠎ᠠ᠂ ᠤᠷᠲᠤ ᠴᠠᠭᠠᠨ ᠬᠥᠮᠥᠰᠬᠡ᠂ ᠡᠪᠦᠳᠦᠭ ᠰᠢᠭᠦᠷᠡᠮ᠎ᠡ ᠴᠠᠭᠠᠨ ᠰᠠᠬᠠᠯ᠂ ᠮᠢᠷᠠᠯᠵᠠᠭᠰᠠᠨ ᠴᠠᠭᠠᠨ ᠰᠢᠲᠦ ᠲᠡᠢ ᠡᠪᠦᠭᠡᠨ ᠢ᠋ ᠨᠠᠷᠢᠨ ᠠᠵᠢᠪᠠ᠃ ᠲᠡᠭᠡᠭᠡᠳ《 ᠪᠢ ᠶᠠᠭᠠᠬᠢᠭᠠᠳ ᠡᠢᠮᠦ ᠭᠠᠵᠠᠷ᠁ ᠪᠠᠢᠵᠠ ᠠ᠋᠂ ᠡᠨᠡ ᠴᠢᠨᠢ ᠬᠠᠮᠢᠭ᠎ᠠ ᠪᠣᠢ⁈》 ᠭᠡᠵᠦ ᠭᠠᠢᠬᠠᠨ ᠡᠨᠡ ᠲᠡᠷᠡ ᠶ᠋ᠢ ᠬᠠᠷᠠᠪᠠᠯ ᠬᠣᠩᠭᠢᠯ ᠳ᠋ᠤ᠌ ᠥᠨᠳᠥᠷ ᠴᠡᠭᠡᠯ ᠦ᠋ᠨ ᠡᠭᠦᠯᠡᠨ ᠤᠭᠠᠯᠵᠠ ᠬᠤᠨᠢᠶᠠᠷᠠᠨ ᠪᠠᠭᠤᠵᠤ ᠴᠠᠭᠠᠨ ᠡᠪᠦᠭᠡᠨ ᠦ᠌ ᠪᠡᠶ᠎ᠡ ᠶ᠋ᠢ ᠣᠷᠢᠶᠠᠨ ᠠᠭᠱᠠᠨ᠎ᠠ ᠵᠠᠮᠬᠠᠷᠠᠪᠠ᠃ ᠬᠣᠩᠭᠢᠯ ᠤ᠋ᠨ ᠠᠮᠠᠨ ᠠ᠋ᠴᠠ ᠱᠠᠲᠤᠯᠠᠭᠰᠠᠨ ᠴᠢᠯᠠᠭᠤᠨ ᠳᠡᠭᠲᠡᠷ ᠦ᠋ᠨ ᠳᠣᠣᠷ᠎ᠠ ᠬᠡᠳᠦ ᠬᠡᠳᠦᠨ ᠳᠡᠯᠲᠦ ᠴᠢᠨᠣ᠎ᠠ ᠱᠣᠩᠨᠣᠢᠵᠤ ᠳᠣᠮᠣᠭ ᠲᠤ ᠭᠠᠷᠳᠠᠭ ᠲᠩᠷᠢ ᠶ᠋ᠢᠨ ᠨᠣᠬᠠᠢ ᠰᠢᠭ᠋ ᠰᠣᠨᠢᠬᠠᠨ ᠬᠠᠷᠠᠭᠳᠠᠬᠤ ᠨᠢ ᠵᠢᠭᠲᠡᠢ᠃ ᠬᠠᠳᠠᠨ ᠬᠣᠩᠭᠢᠯ ᠳᠣᠲᠣᠷᠠᠬᠢ ᠡᠳ᠋ᠯᠡᠬᠦᠨ ᠬᠡᠷᠡᠭᠰᠡᠯ ᠭᠡᠵᠦ ᠰᠣᠨᠢᠷᠬᠠᠯᠲᠠᠢ ᠶᠠᠭᠤᠮ᠎ᠠ ᠠᠯᠠᠭ᠎ᠠ᠃ ᠡᠩ ᠦ᠋ᠨ ᠣᠲᠣᠷ ᠨᠡᠭᠦᠳᠡᠯ ᠦ᠋ᠨ ᠠᠢᠯ ᠤ᠋ᠨ ᠰᠠᠭᠤᠯᠠᠭ᠎ᠠ ᠰᠠᠪᠠ᠂ ᠬᠡᠦᠳᠡᠢ ᠰᠢᠭᠤᠳᠠᠢ᠂ ᠲᠤᠯᠤᠮ ᠮᠠᠩᠬᠠᠭ ᠠ᠋ᠴᠠ ᠴᠠᠭᠠᠰᠢ ᠶᠠᠭᠤᠮ᠎ᠠ ᠦᠭᠡᠢ᠃ ᠵᠢᠵᠢᠭ ᠵᠢᠵᠢᠭ ᠪᠣᠭᠣᠳᠠᠯ ᠲᠠᠢ ᠶᠠᠭᠤᠮᠠᠰ ᠨᠢ ᠭᠠᠵᠠᠷ ᠰᠠᠢ ᠦᠭᠡᠢ ᠵᠠᠢ ᠡᠵᠡᠯᠡᠵᠡᠢ᠃ ᠬᠠᠨᠠᠨ ᠳ᠋ᠤᠨᠢ ᠮᠤᠨᠠ ᠬᠠᠨ ᠤ᠋ ᠬᠥᠷᠥᠭ ᠢ᠋ ᠲᠠᠬᠢᠬᠰᠠᠨ ᠢ᠋ ᠬᠠᠷᠠᠭᠠᠳ《ᠡᠨᠡ ᠴᠠᠭᠠᠨ ᠡᠪᠦᠭᠡᠨ ᠪᠣᠯ ᠬᠥᠮᠦᠰ ᠦ᠋ᠨ ᠬᠡᠯᠡᠳᠡᠭ ᠰᠢᠳᠢ ᠣᠷᠣᠰᠢᠭᠰᠠᠨ ᠮᠡᠷᠭᠡᠨ ᠴᠠᠭᠠᠨ ᠯᠠᠮᠠᠬᠠᠢ ᠭᠡᠳᠡᠭ ᠨᠢ ᠮᠥᠨ ᠶᠦᠮ ᠪᠠᠢᠨ᠎ᠠ》 ᠭᠡᠵᠦ ᠲᠡᠭᠦᠨ ᠢ᠋ ᠯᠠᠪ ᠲᠠᠨᠢᠭᠠᠳ ᠪᠣᠰᠴᠤ ᠲᠡᠭᠦᠨ ᠦ᠌ ᠡᠪᠦᠳᠦᠭ ᠲᠦ᠍ ᠰᠦᠵᠢᠭᠯᠡᠨ ᠮᠥᠷᠭᠥᠬᠦ ᠭᠡᠬᠦ ᠳ᠋ᠦ᠍ ᠮᠡᠷᠭᠡᠨ ᠴᠠᠭᠠᠨ ᠯᠠᠮᠠᠬᠠᠢ᠄ 
       — ᠪᠠᠢᠵᠠ! ᠴᠢ ᠮᠤᠨᠠ ᠬᠠᠨ ᠤ᠋ ᠬᠥᠷᠥᠭ ᠲᠦ᠍ ᠨᠢᠭᠡ ᠲᠠᠬᠢᠯ ᠡᠷᠭᠦᠴᠢᠬᠡᠭᠡᠳ ᠮᠥᠷᠭᠥ! ᠭᠡᠰᠡᠨ ᠳ᠋ᠦ᠍ ᠭᠣᠩᠴᠣᠭᠷᠠᠬᠤ᠎ᠠ ᠵᠢᠭᠠᠭᠰᠠᠨ ᠢ᠋ᠶ᠋ᠠᠷ ᠨᠢ ᠭᠦᠢᠴᠡᠳᠬᠡᠪᠡ᠃ 
       — ᠵᠠ᠂《 ᠬᠦᠩ ᠨᠣᠶᠠᠨ》 ᠭᠤᠸᠠᠢ ᠠ᠋! ᠲᠠ ᠡᠭᠦᠨ ᠢ᠋ ᠤᠤᠭᠤᠴᠢᠬ᠎ᠠ! ᠴᠣᠴᠢᠭ᠎ᠠ ᠪᠡᠷᠲᠡᠭ ᠢ᠋ ᠴᠢᠨᠢ ᠭᠠᠷᠭᠠᠵᠤ᠂ ᠪᠡᠶ᠎ᠡ ᠰᠡᠳᠬᠢᠯ ᠢ᠋ ᠴᠢᠨᠢ ᠲᠡᠭᠰᠢᠯᠡᠬᠦ ᠶᠦᠮ ᠠ᠋! ᠭᠡᠳ ᠲᠡᠷᠡ ᠴᠠᠭᠠᠨ ᠡᠪᠦᠭᠡᠨ ᠯᠠᠮᠠᠬᠠᠢ ᠲᠡᠭᠦᠨ ᠢ᠋ ᠱᠣᠭᠯᠠᠨ ᠢᠨᠢᠶᠡᠭᠡᠳ ᠨᠢᠭᠡ ᠪᠣᠭᠣᠳᠠᠯ ᠡᠮ ᠥᠭᠪᠡ᠃ 
       ᠤᠤᠯ ᠨᠢ ᠭᠣᠩᠴᠣᠭᠷᠠᠬᠤ᠎ᠠ ᠬᠢᠷ᠎ᠠ ᠳᠡᠭᠡᠷ᠎ᠡ ᠭᠠᠷᠤᠭᠠᠳ ᠭᠡᠨᠡᠳᠲᠡ ᠬᠠᠷᠢᠨ ᠪᠡᠶ᠎ᠡ ᠨᠢ ᠪᠠᠯᠠᠷᠠᠨ ᠰᠤᠯᠳᠠᠢᠭᠰᠠᠨ ᠳ᠋ᠤ᠌ ᠮᠣᠷᠢᠨ ᠠ᠋ᠴᠠ ᠪᠠᠨ ᠪᠠᠭᠤᠵᠤ ᠤᠨᠲᠠᠪᠠ᠃ ᠡᠨᠡ ᠦᠶ᠎ᠡ ᠳ᠋ᠦ᠍ ᠮᠡᠷᠭᠡᠨ ᠴᠠᠭᠠᠨ ᠯᠠᠮᠠᠬᠠᠢ ᠶ᠋ᠢᠨ ᠬᠠᠳᠠᠨ ᠬᠣᠩᠭᠢᠯ ᠤ᠋ᠨ ᠬᠡᠳᠦᠨ ᠴᠢᠨᠣ᠎ᠠ ᠭᠣᠩᠴᠣᠭᠷᠠᠬᠤ᠎ᠠ ᠶ᠋ᠢ ᠠᠮᠢ ᠶ᠋ᠢ ᠨᠢ ᠠᠪᠤᠷᠠᠭᠰᠠᠨ ᠪᠠᠢᠪᠠ᠃ 
       ᠵᠣᠯᠢᠭ ᠲᠤ ᠶᠠᠪᠤᠭᠰᠠᠨ ᠭᠣᠩᠴᠣᠭᠷᠠᠬᠤ᠎ᠠ ᠦᠬᠦᠬᠦ ᠲᠠᠪᠢᠯᠠᠩ ᠦᠭᠡᠢ ᠪᠠᠢᠵᠠᠢ᠃ ᠲᠡᠨᠳᠡ ᠡᠴᠡ ᠮᠡᠷᠭᠡᠨ ᠴᠠᠭᠠᠨ ᠯᠠᠮᠠᠬᠠᠢ ᠶ᠋ᠢᠨ ᠠᠳᠢᠰ ᠬᠦᠷᠲᠡᠵᠦ《ᠬᠦᠦ ᠮᠢᠨᠢ! ᠴᠢ ᠣᠳᠣ ᠵᠣᠯᠢᠭ ᠲᠤ ᠭᠠᠷᠤᠭᠰᠠᠨ ᠬᠥᠮᠦᠨ ᠪᠣᠯᠬᠣᠷ ᠨᠤᠲᠤᠭ ᠰᠠᠨᠠᠵᠤ ᠪᠤᠴᠠᠨ᠎ᠠ ᠭᠡᠵᠦ ᠪᠠᠢᠬᠤ ᠦᠭᠡᠢ᠂ ᠨᠢᠭᠡ ᠪᠣᠯ ᠴᠢ ᠬᠣᠯᠠ ᠶᠠᠪᠤ ᠠ᠋! ᠨᠢᠭᠡ ᠪᠣᠯ ᠡᠨᠡ ᠠᠭᠤᠯᠠᠨ ᠳ᠋ᠤ᠌ ᠬᠣᠷᠭᠣᠳᠠ! ᠬᠦᠩ ᠨᠣᠶᠠᠨ ᠤ᠋<ᠬᠡᠰᠢᠭ> ᠬᠦᠷᠲᠡᠭᠰᠡᠨ ᠬᠥᠮᠦᠨ ᠤᠷᠲᠤ ᠨᠠᠰᠤᠯᠠᠬᠤ ᠶᠤᠮ》 ᠭᠡᠰᠡᠨ ᠳ᠋ᠦ᠍ ᠭᠣᠩᠴᠣᠭᠷᠠᠬᠤ᠎ᠠ ᠠᠮᠢᠳᠤ ᠶᠠᠪᠤᠵᠤ ᠠᠯᠲᠠᠨ ᠠᠶᠠᠭᠠᠨ ᠠ᠋ᠴᠠ ᠤᠰᠤ ᠤᠤᠭᠤᠬᠤ ᠬᠤᠪᠢ ᠲᠠᠢ ᠪᠣᠯᠤᠭᠰᠠᠨ ᠳ᠋ᠠᠭᠠᠨ ᠴᠠᠭᠯᠠᠰᠢ ᠦᠭᠡᠢ ᠪᠠᠶᠠᠷᠯᠠᠨ᠎ᠠ᠃  
       ᠭᠣᠩᠴᠣᠭᠷᠡᠬᠤ᠎ᠠ᠂ ᠮᠡᠷᠭᠡᠨ ᠴᠠᠭᠠᠨ ᠯᠠᠮᠠᠬᠠᠢ ᠠ᠋ᠴᠠ ᠠᠳᠢᠰ ᠬᠦᠷᠲᠡᠵᠦ ᠲᠡᠷᠡ ᠬᠦ᠌ ᠬᠠᠳᠠᠨ ᠳᠡᠭᠲᠡᠷ ᠲᠡᠢ ᠬᠣᠩᠭᠢᠯ ᠠ᠋ᠴᠠ ᠭᠠᠷᠴᠤ ᠶᠠᠪᠤᠭᠠᠳ《ᠣᠳᠣ ᠪᠢ ᠴᠢᠨᠢ ᠭᠠᠬᠠᠢ ᠶᠠᠪᠠᠭᠠᠨ ᠪᠣᠯᠴᠢᠬᠠᠭᠠᠳ ᠡᠨᠡ ᠪᠠᠷᠵᠠᠭᠠᠷ ᠬᠠᠳᠠ ᠲᠠᠢ ᠠᠭᠤᠯᠠᠨ ᠳ᠋ᠤ᠌ ᠶᠠᠭᠠᠬᠢᠵᠤ ᠠᠮᠢᠳᠤᠷᠠᠬᠤ ᠪᠢᠯᠡ⁈ ᠶᠠᠪᠤᠶ᠎ᠠ᠂ ᠡᠨᠡ ᠪᠠᠷᠲᠠᠭᠠᠲᠤ ᠠᠭᠤᠯᠠᠨ ᠠ᠋ᠴᠠ ᠭᠠᠷᠴᠤ ᠠᠳᠤᠭᠤᠨ ᠤ᠋ ᠪᠠᠷ᠎ᠠ ᠬᠠᠷᠠᠪᠠᠯ ᠲᠡᠭᠡᠭᠡᠳ ᠯᠡ ᠵᠢᠭᠦᠷ ᠤᠷᠭᠤᠯ᠎ᠠ ᠭᠡᠰᠡᠨ ᠦᠭᠡ᠃ ᠵᠠ ᠪᠠᠢᠵᠠ᠂ ᠲᠡᠭᠡᠭᠡᠳ ᠬᠠᠩᠭᠢ ᠰᠢᠨᠳᠠᠰᠤ ᠲᠠᠢ ᠶ᠋ᠢ ᠶᠡᠭᠦᠯᠡᠵᠦ ᠤᠨᠤᠭᠠᠳ ᠶᠠᠪᠤᠪᠠᠯ ᠨᠢᠭᠡ ᠤᠴᠢᠷ ᠨᠢ ᠣᠯᠳᠠᠬᠤ ᠪᠠᠢᠬ᠎ᠠ》 ᠭᠡᠳ ᠵᠣᠷᠢᠭᠰᠠᠨ ᠵᠣᠷᠢᠯᠭ᠎ᠠ ᠦᠭᠡᠢ ᠴᠢᠭᠯᠡᠭᠰᠡᠨ ᠴᠢᠭᠯᠡᠯ ᠴᠦ᠍ ᠦᠭᠡᠢ ᠡᠩᠬᠦᠯ ᠳᠤᠩᠬᠤᠯ ᠠᠭᠤᠯᠠᠨ ᠵᠥᠷᠢᠭ ᠢ᠋ᠶ᠋ᠡᠷ ᠬᠢᠷ᠎ᠠ ᠳᠠᠪᠠᠵᠤ ᠡᠩ ᠥᠷᠭᠡᠨ ᠮᠤᠨᠠ ᠠᠭᠤᠯᠠ ᠶ᠋ᠢ ᠲᠤᠭᠤᠯᠵᠤ ᠭᠠᠷᠬᠤ ᠪᠠᠷ ᠵᠢᠳᠬᠦᠨ᠎ᠡ᠃ ᠪᠠᠷᠲᠠᠭ᠎ᠠ ᠶᠡᠬᠡᠲᠡᠢ ᠬᠠᠳᠠᠨ ᠠ᠋ᠴᠠ ᠬᠠᠶᠠ ᠴᠢᠯᠠᠭᠤ ᠬᠠᠳᠠ ᠪᠥᠮᠪᠥᠷᠢᠵᠦ ᠤᠨᠠᠨ᠎ᠠ᠃ ᠬᠠᠷᠠᠬᠤᠯ᠎ᠠ ᠬᠥᠬᠡ ᠢᠮᠠᠭ᠎ᠠ ᠲᠠᠪᠤ ᠭᠤᠷᠪᠠ᠂ ᠲᠠᠪᠤ ᠭᠤᠷᠪᠠ ᠪᠠᠷ ᠬᠠᠳᠠ ᠳᠠᠮᠵᠢᠨ ᠪᠡᠯᠴᠢᠬᠦ ᠬᠠᠷᠠᠭᠳᠠᠨ᠎ᠠ᠃ ᠵᠦᠯᠭᠡ ᠨᠠᠮᠤᠭ ᠭᠠᠵᠠᠷ ᠢ᠋ᠶ᠋ᠠᠷ ᠭᠤᠷ᠎ᠠ ᠵᠦᠷ ᠦ᠋ᠳ ᠲᠠᠢᠪᠤᠩ ᠪᠡᠯᠴᠢᠭᠰᠡᠨ ᠢ᠋ᠶ᠋ᠡᠨ ᠲᠡᠭᠦᠨ ᠦ᠌ ᠪᠠᠷ᠎ᠠ ᠪᠠᠷ ᠦᠷᠭᠦᠵᠦ ᠫᠢᠳ ᠫᠢᠳ ᠳᠣᠷᠭᠢᠨ᠎ᠠ᠃ ᠲᠡᠳᠡᠭᠡᠷ ᠭᠥᠷᠥᠭᠡᠰᠦ ᠨᠦ᠍ᠭᠦᠳ《ᠡᠨᠡ ᠶᠠᠭᠤᠨ ᠤ᠋ ᠠᠴᠠ ᠬᠥᠯ ᠲᠡᠢ ᠠᠮᠢᠲᠠᠨ ᠪᠣᠯᠴᠢᠬᠠᠪᠠ⁈》 ᠭᠡᠰᠡᠨ ᠰᠢᠭ ᠭᠠᠢᠬᠠᠯᠳᠤᠨ᠎ᠠ᠃ ᠮᠣᠳᠣᠨ ᠤ᠋ ᠮᠥᠴᠢᠷ ᠰᠦᠯᠵᠢᠵᠦ ᠨᠢᠰᠦᠭᠰᠡᠨ ᠳᠠᠯᠠᠨ ᠬᠡᠯᠡᠲᠦ ᠰᠢᠪᠠᠭᠤ ᠨᠤᠭᠤᠳ ᠵᠢᠷ ᠵᠣᠷ ᠵᠢᠷᠵᠢᠬᠢᠨᠡᠨ ᠱᠤᠯᠤᠭᠠᠨᠠᠯᠳᠤᠬᠤ ᠨᠢ ᠪᠠᠢᠭᠠᠯᠢ ᠶ᠋ᠢᠨ ᠪᠠᠶᠠᠨ ᠲᠠᠩᠰᠤᠭ ᠢ᠋ ᠱᠠᠭᠰᠢᠵᠤ ᠪᠠᠢᠭ᠎ᠠ ᠰᠢᠭ᠋ ᠠᠵᠢ᠃ ᠭᠣᠣᠯ ᠤ᠋ᠨ ᠪᠤᠷᠭᠠᠰᠤᠨ ᠤ᠋ ᠨᠠᠢᠯᠵᠠᠭᠤᠷ ᠲᠤ ᠨᠡᠷ᠎ᠡ ᠥᠭᠴᠦ ᠴᠢᠳᠠᠬᠤ ᠦᠭᠡᠢ ᠤᠯᠠᠭᠠᠨ ᠬᠦᠵᠦᠭᠦᠦ᠂ ᠨᠣᠭᠣᠭᠠᠨ ᠳᠠᠯᠠᠪᠴᠢ᠂ ᠴᠠᠭᠠᠨ ᠡᠯᠢᠭᠡ ᠲᠡᠢ ᠢᠵᠢᠯᠢᠬᠡᠨ ᠰᠢᠪᠠᠭᠤᠬᠠᠢ ᠥᠳᠥ ᠰᠥᠳᠥ ᠪᠡᠨ ᠳᠢᠭᠯᠡᠨ ᠳᠡᠪᠳᠡᠷᠢᠵᠦ ᠬᠣᠭᠣᠷᠣᠨᠳᠣ ᠪᠠᠨ ᠨᠢᠭᠡ ᠯᠡ ᠣᠯᠠᠨ ᠶᠠᠭᠤᠮ᠎ᠠ ᠶᠠᠷᠢᠯᠴᠠᠵᠤ ᠬᠥᠭᠡᠷᠦᠨ ᠳᠡᠭᠡᠷ᠎ᠡ ᠳᠣᠣᠷ᠎ᠠ ᠪᠠᠨ ᠭᠠᠷᠴᠤ ᠰᠦᠷᠡᠬᠡᠢ ᠠᠮᠠᠷᠠᠭᠯᠠᠭᠰᠠᠨ ᠢ᠋ᠶ᠋ᠠᠨ ᠭᠣᠩᠴᠣᠭᠷᠠᠬᠤ᠎ᠠ ᠶ᠋ᠢ ᠬᠠᠷᠠᠭᠠᠳ《ᠠᠮᠠᠷᠠᠭ ᠬᠣᠩᠭᠣᠷ ᠪᠠᠢᠳᠠᠭ ᠤᠤ ᠴᠢᠮ᠎ᠠ ᠳ᠋ᠤ᠌? ᠲᠡᠭᠦᠨ ᠢ᠋ᠶ᠋ᠡᠨ ᠰᠠᠨᠠᠵᠤ ᠪᠠᠢᠨ᠎ᠠ ᠤᠤ? ᠭᠠᠭᠴᠠ ᠪᠡᠶ᠎ᠡ ᠭᠣᠵᠣᠩ ᠲᠣᠯᠣᠭᠠᠢᠯᠠᠭᠠᠳ ᠡᠨᠡ ᠬᠠᠷ᠎ᠠ ᠠᠭᠤᠯᠠᠨ ᠳ᠋ᠤ᠌ ᠵᠠᠮ ᠴᠦ᠍ ᠦᠭᠡᠢ ᠵᠣᠷᠢᠯᠭ᠎ᠠ ᠴᠦ᠍ ᠦᠭᠡᠢ ᠶᠠᠭᠤ ᠬᠢᠬᠦ ᠪᠡᠷ ᠶᠠᠪᠤᠭ᠎ᠠ ᠠᠮᠢᠲᠠᠨ ᠪᠣᠢ?》 ᠭᠡᠰᠡᠨ ᠰᠢᠭ ᠪᠠᠬᠠᠨ ᠣᠯᠠᠨ ᠶᠠᠭᠤᠮ᠎ᠠ ᠱᠤᠯᠤᠭᠠᠨᠠᠨ᠎ᠠ᠃ ᠭᠣᠩᠴᠣᠭᠷᠠᠬᠤ᠎ᠠ ᠲᠡᠷᠡ ᠬᠣᠶᠠᠷ ᠠᠯᠠᠭ ᠰᠢᠪᠠᠭᠤᠨ ᠤ᠋ ᠶᠠᠭᠤ ᠱᠤᠯᠤᠭᠠᠨᠠᠬᠤ ᠶ᠋ᠢ ᠣᠢᠯᠠᠭᠠᠭᠰᠠᠨ ᠦᠭᠡᠢ ᠴᠦ᠍ ᠥᠪᠡᠷ ᠢ᠋ ᠨᠢ ᠭᠠᠭᠴᠠ ᠮᠣᠳᠣ ᠭᠠᠯ ᠪᠣᠯᠳᠠᠭ ᠦᠭᠡᠢ᠂ ᠭᠠᠭᠴᠠ ᠬᠥᠮᠦᠨ ᠠᠢᠯ ᠪᠣᠯᠳᠠᠭ ᠦᠭᠡᠢ ᠭᠡᠵᠦ ᠱᠣᠣᠯᠠᠭᠰᠠᠨ ᠰᠢᠭ᠋ ᠰᠠᠨᠠᠭᠳᠠᠪᠠ᠃ ᠲᠡᠷᠡ ᠪᠡᠷ ᠤᠯᠠᠭᠠᠨ ᠬᠦᠵᠦᠭᠦᠲᠦ ᠠᠮᠠᠷᠠᠭ ᠬᠣᠶᠠᠷ ᠠᠯᠠᠭ ᠰᠢᠪᠠᠭᠤᠨ ᠤ᠋ ᠢᠨᠠᠭᠯᠠᠬᠤ ᠶ᠋ᠢ ᠬᠠᠷᠠᠭᠠᠳ ᠠᠲᠠᠭ᠎ᠠ ᠬᠥᠳᠡᠯᠵᠦ《ᠬᠠᠴᠢᠨ ᠱᠣᠣᠯᠠᠭᠳᠠᠯ᠎ᠠ》 ᠭᠡᠵᠦ ᠪᠡᠶ᠎ᠡ ᠳ᠋ᠡᠭᠡᠨ ᠮᠠᠭᠤ ᠰᠡᠵᠢᠭ ᠲᠥᠷᠥᠨ ᠢᠴᠢᠩᠭᠦᠷᠡᠬᠦ ᠳ᠋ᠡᠭᠡᠨ《ᠴᠢᠭᠢᠶᠡᠲᠦᠷᠦᠦ! ᠲᠠ ᠬᠣᠶᠠᠭᠤᠯᠠ ᠪᠠᠨ ᠶᠠᠭᠠᠬᠢᠵᠤ ᠬᠠᠯᠠᠭᠤᠷᠠᠨ ᠢᠨᠠᠭᠯᠠᠬᠤ ᠨᠢ ᠨᠠᠳᠠ ᠶᠠᠮᠠᠷ ᠰᠠᠪᠠᠭ᠎ᠠ ᠲᠠᠢ ᠶᠤᠮ᠃ ᠨᠠᠮᠠᠶ᠋ᠢ ᠱᠣᠣᠯᠠᠳᠠᠭ ᠨᠢ ᠶᠠᠭᠠᠬᠢᠪᠠ⁈》 ᠭᠡᠳ ᠪᠤᠷᠭᠠᠰᠤᠨ ᠤ᠋ ᠬᠠᠭᠤᠷᠠᠢ ᠮᠥᠴᠢᠷ ᠬᠤᠭᠤᠯᠵᠤ《ᠭᠦᠦᠰᠢ!》 ᠭᠡᠵᠦ ᠰᠢᠪᠠᠭᠤ ᠶ᠋ᠢ ᠦᠷᠭᠦᠭᠡᠨ ᠰᠢᠲᠠᠪᠠᠯ ᠤᠯᠠᠭᠠᠨ ᠬᠦᠵᠦᠭᠦᠦ ᠲᠡᠢ ᠬᠣᠶᠠᠷ ᠠᠯᠠᠭ ᠰᠢᠪᠠᠭᠤ ᠫᠦᠷᠳ᠌ᠬᠢᠨ ᠨᠢᠰᠪᠡ᠃《ᠠᠮᠠᠷᠠᠭ ᠴᠢᠨᠢ ᠬᠠᠮᠢᠭ᠎ᠠ ᠪᠠᠢᠬᠤ ᠶ᠋ᠢ ᠬᠡᠯᠡᠵᠦ ᠥᠭᠭᠦᠶ᠎ᠡ ᠭᠡᠰᠡᠨ ᠴᠢᠨᠢ ᠪᠢᠳᠡᠨᠦᠰ ᠢ᠋ ᠬᠣᠣᠷᠯᠠᠬᠤ ᠰᠠᠨᠠᠭ᠎ᠠ ᠲᠠᠢ᠃ ᠭᠣᠩᠴᠣᠭᠷᠠᠬᠤ᠎ᠠ ᠴᠢ ᠭᠣᠩ ᠪᠡᠶ᠎ᠡ ᠭᠣᠵᠣᠩ ᠲᠣᠯᠣᠭᠠᠢ ᠳ᠋ᠠᠭᠠᠨ ᠬᠣᠬᠢ ᠨᠢ ᠠ᠋》 ᠭᠡᠵᠦ ᠵᠢᠷ ᠵᠣᠷ᠂ ᠵᠢᠷ ᠵᠣᠷ ᠭᠡᠵᠦ ᠱᠤᠯᠤᠭᠠᠨᠠᠭᠰᠠᠭᠠᠷ ᠣᠳᠪᠠ᠃ 
       ᠤᠯᠠᠭᠠᠨ ᠬᠦᠵᠦᠭᠦᠦ ᠲᠡᠢ ᠬᠣᠶᠠᠷ ᠠᠯᠠᠭ ᠰᠢᠪᠠᠭᠤ ᠭᠣᠩᠴᠣᠭᠷᠠᠬᠤ᠎ᠠ ᠶ᠋ᠢ ᠱᠣᠣᠯᠠᠩᠬᠠᠨ ᠨᠢᠰᠦᠭᠰᠡᠨ ᠪᠣᠯᠪᠠᠴᠤ ᠳᠡᠮᠡᠢ ᠬᠣᠯᠠᠳᠤᠭ᠎ᠠ ᠦᠭᠡᠢ᠃ ᠲᠡᠷᠲᠡᠭᠡ ᠭᠣᠣᠯ ᠤ᠋ᠨ ᠴᠠᠭᠠᠨ᠎ᠠ ᠪᠢᠲᠡᠭᠦᠦ ᠣᠢ ᠳᠣᠲᠣᠷ᠎ᠠ ᠣᠷᠣᠭᠠᠳ《ᠵᠢᠷ ᠵᠣᠷ᠂ ᠵᠢᠷ ᠵᠣᠷ᠁》 ᠭᠡᠳ ᠴᠢᠨᠡᠭᠡ ᠪᠡᠷ ᠢ᠋ᠶ᠋ᠡᠨ ᠵᠢᠷᠭᠢᠬᠦ ᠨᠢ《ᠨᠠᠭᠠᠰᠢ ᠪᠠᠨ᠂ ᠨᠠᠭᠠᠰᠢ ᠪᠢᠳᠡᠨ ᠢ᠋ ᠳᠠᠭᠠᠭᠠᠳ ᠢᠷ᠎ᠡ!》 ᠭᠡᠵᠦ ᠲᠡᠭᠦᠨ ᠢ᠋ ᠳᠠᠭᠤᠳᠠᠬᠤ ᠰᠢᠭ᠋ ᠪᠠᠢᠯ᠎ᠠ᠃ 
       ᠭᠣᠩᠴᠣᠭᠷᠠᠬᠤ᠎ᠠ ᠤᠯᠠᠭᠠᠨ ᠬᠦᠵᠦᠭᠦᠦ ᠲᠡᠢ ᠠᠯᠠᠭ ᠰᠢᠪᠠᠭᠤᠨ ᠳ᠋ᠤ᠌ ᠠᠲᠠᠭᠠᠷᠬᠠᠬᠤ ᠳ᠋ᠠᠭᠠᠨ ᠠᠮᠠᠷᠠᠭ ᠬᠣᠩᠭᠣᠷ ᠨᠣᠮᠢᠨ ᠢ᠋ᠶ᠋ᠠᠨ ᠡᠷᠬᠡ ᠦᠭᠡᠢ ᠰᠠᠨᠠᠭᠠᠯᠵᠠᠪᠠ᠁ 
       ᠴᠡᠴᠡᠭ ᠬᠠᠲᠤᠨ ᠠ᠋ᠴᠠ ᠬᠣᠢᠰᠢ ᠨᠣᠮᠢᠨ ᠨᠣᠶᠠᠨ ᠰᠠᠩ ᠳ᠋ᠤ᠌ ᠲᠣᠯᠣᠭᠠᠢ ᠥᠨᠳᠡᠢᠵᠦ ᠴᠢᠳᠠᠭᠰᠠᠨ ᠦᠭᠡᠢ᠃ ᠲᠠᠯᠢᠢᠭᠴᠢ ᠴᠡᠴᠡᠭ ᠬᠠᠲᠤᠨ ᠤ᠋ ᠬᠤᠷᠤᠭᠤᠨ ᠳ᠋ᠠᠬᠢ ᠠᠯᠲᠠᠨ ᠪᠦᠯᠡᠵᠡᠭ ᠢ᠋ ᠬᠤᠯᠠᠭᠠᠢᠯᠠᠵᠤ᠂ ᠭᠣᠩᠴᠣᠭᠷᠠᠬᠤ᠎ᠠ ᠶ᠋ᠢ ᠤᠷᠤᠭᠤ ᠲᠠᠲᠠᠵᠤ ᠳᠤᠲᠠᠭᠠᠭᠠᠳ ᠬᠣᠰᠢᠭᠤ ᠶᠠᠮᠤᠨ᠂ ᠨᠣᠶᠠᠨ ᠰᠠᠩ ᠢ᠋ ᠪᠤᠵᠠᠷᠲᠤᠭᠤᠯᠪᠠ᠂ ᠬᠦᠩ ᠨᠣᠶᠠᠨ ᠤ᠋ ᠨᠡᠷ᠎ᠡ ᠲᠥᠷᠥ ᠳ᠋ᠦ᠍ ᠬᠦ ᠲᠦᠷᠬᠢᠯ᠎ᠡ ᠭᠡᠵᠦ ᠶᠠᠮᠤᠨ ᠤ᠋ ᠬᠢᠨ ᠲᠡᠭᠦᠨ ᠳ᠋ᠦ᠍ ᠡᠯᠳᠡᠪ ᠲᠠᠮᠤ ᠦᠵᠡᠭᠦᠯᠦᠨ ᠭᠠᠯᠵᠠᠭᠤ ᠰᠣᠯᠢᠶᠠᠲᠠᠢ ᠪᠣᠯᠭᠠᠪᠠ᠃ ᠲᠡᠭᠡᠭᠡᠳ ᠬᠥᠮᠦᠨ ᠬᠠᠷ᠎ᠠ ᠴᠦ᠍ ᠲᠠᠨᠢᠳᠠᠭ ᠦᠭᠡᠢ ᠰᠣᠯᠢᠶ᠎ᠠ ᠪᠠᠯᠠᠢ ᠶᠠᠷᠢᠨ ᠱᠠᠯᠳᠠᠩ ᠨᠢᠴᠦᠭᠦᠨ ᠭᠦᠶᠦᠳᠡᠭ ᠪᠣᠯᠤᠭᠠᠳ᠁ ᠭᠣᠩᠴᠣᠭᠷᠠᠬᠤ᠎ᠠ ᠶ᠋ᠢ ᠴᠦ᠍ ᠪᠡᠶ᠎ᠡ ᠳ᠋ᠡᠭᠡᠨ ᠬᠠᠪᠢᠳᠠᠭᠤᠯᠬᠤ ᠦᠭᠡᠢ《᠁ ᠴᠢ ᠬᠥᠮᠦᠨ ᠪᠢᠰᠢ! ᠵᠠᠬᠢᠷᠤᠭᠴᠢ ᠴᠢ ᠪᠢᠲᠡᠭᠡᠢ ᠨᠠᠮᠠᠶ᠋ᠢ ᠮᠠᠭᠤᠴᠢᠯᠠᠬᠤ ᠭᠡᠳ ᠪᠠᠢ! ᠮᠠᠢ᠂ ᠶᠤᠸᠠᠮᠪᠤᠤ ᠠᠪᠤᠨ᠎ᠠ ᠤᠤ?》 ᠭᠡᠳ ᠬᠣᠶᠠᠷ ᠬᠥᠬᠥ ᠪᠡᠨ ᠭᠠᠷᠭᠠᠳᠠᠭ ᠵᠣᠵᠢᠭ ᠠᠷᠠᠨᠰᠢ ᠲᠠᠢ ᠪᠣᠯᠪᠠ᠃ ᠲᠡᠭᠡᠭᠰᠡᠭᠡᠷ ᠪᠠᠢᠭᠠᠳ ᠭᠡᠨᠡᠳᠲᠡ ᠨᠢᠭᠡ ᠰᠥᠨᠢ ᠪᠠᠷ᠎ᠠ ᠰᠤᠷᠠᠭ ᠦᠭᠡᠢ ᠪᠣᠯᠵᠠᠢ᠃ ᠤᠯᠠᠭᠠᠨ ᠬᠠᠲᠤᠨ ᠳ᠋ᠤ᠌ ᠬᠠᠷᠠᠢᠴᠢᠬᠠᠭᠰᠠᠨ ᠴᠦ᠍ ᠶᠤᠮ ᠤᠤ ᠭᠡᠵᠦ ᠭᠣᠩᠴᠣᠭᠷᠠᠬᠤ᠎ᠠ ᠠᠳᠤᠭᠤᠨ ᠳ᠋ᠠᠭᠠᠨ ᠶᠠᠪᠤᠬᠤ ᠲᠠᠰᠢᠷᠠᠮ ᠳ᠋ᠤ᠌ ᠤᠯᠠᠭᠠᠨ ᠬᠠᠲᠤᠨ ᠤ᠋ ᠬᠥᠪᠡᠭᠡ ᠪᠡᠷ ᠤᠷᠤᠰᠬᠠᠯ ᠳᠠᠭᠠᠵᠤ ᠡᠷᠢᠭᠰᠡᠨ ᠴᠦ᠍᠁ ᠶᠠᠭᠤᠮ᠎ᠠ ᠠᠯᠠᠭ᠎ᠠ᠃ ᠣᠢᠷ᠎ᠠ ᠣᠷᠴᠢᠨ ᠤ᠋ ᠲᠥᠷᠥᠯ ᠲᠥᠷᠥᠭᠰᠡᠳ ᠲᠤᠨᠢ ᠰᠤᠷᠠᠭ ᠲᠠᠯᠪᠢᠭᠰᠠᠨ ᠴᠦ᠍ ᠮᠡᠳᠡᠬᠦ ᠬᠥᠮᠦᠨ ᠦᠭᠡᠢ ᠪᠠᠢᠯ᠎ᠠ᠃ ᠮᠣᠩᠭᠣᠯ ᠠᠢᠯ ᠳ᠋ᠤ᠌ ᠬᠤᠷᠠᠭ᠎ᠠ ᠲᠤᠭᠤᠯ ᠠᠯᠳᠠᠵᠤ ᠭᠡᠭᠡᠭᠳᠡᠬᠦ ᠳ᠋ᠦ᠍ ᠬᠦᠷᠲᠡᠯ᠎ᠡ ᠡᠷᠢᠯ ᠲᠠᠯᠪᠢᠳᠠᠭ ᠪᠠᠢᠲᠠᠯ᠎ᠠ ᠨᠣᠮᠢᠨ ᠢ᠋ ᠦᠷᠦ ᠡᠪᠡᠳᠦᠭᠰᠡᠨ ᠠᠮᠢᠲᠠᠨ ᠴᠥᠭᠡᠬᠡᠨ ᠪᠠᠢᠪᠠ᠃ ᠦᠬᠡᠷ ᠬᠣᠨᠢᠨ ᠤ᠋ ᠵᠠᠷᠤᠳᠠᠰᠤ ᠬᠠᠷᠠᠴᠤ ᠨᠠᠷ《ᠬᠥᠭᠡᠷᠦᠬᠦᠢ ᠳᠡ᠂ ᠬᠠᠢᠷᠠᠨ ᠥᠬᠢᠨ ᠶᠦᠮ ᠠ᠋! ᠤᠯᠠᠭᠠᠨ ᠬᠠᠲᠤᠨ ᠳ᠋ᠤ᠌ ᠬᠠᠷᠠᠢᠴᠢᠬᠠᠯ᠎ᠠ ᠪᠣᠢ᠃ ᠡᠰᠡᠪᠡᠰᠦ ᠭᠦᠵᠡᠭᠡᠨ ᠠᠯᠴᠢᠭᠤᠷᠲᠤ ᠬᠠᠷ᠎ᠠ ᠴᠡᠷᠢᠭ ᠦ᠋ᠳ ᠡᠮᠦᠰᠬᠡᠯ ᠵᠡᠭᠦᠪᠴᠢ ᠦᠭᠡᠢ ᠡᠮ᠎ᠡ ᠪᠡᠯᠬᠡᠭᠦᠰᠦᠲᠡᠨ ᠢ᠋ ᠨᠢᠭᠡ ᠨᠢ ᠪᠤᠵᠠᠷᠯᠠᠭᠠᠳ ᠦᠭᠡᠢ ᠬᠢᠴᠢᠬᠡᠭᠰᠡᠨ ᠪᠠᠢᠬ᠎ᠠ!》 ᠭᠡᠵᠦ ᠲᠣᠭ᠎ᠠ ᠲᠠᠢ ᠬᠡᠳᠦᠬᠡᠨ ᠬᠥᠮᠦᠨ ᠲᠡᠭᠦᠨ ᠢ᠋ ᠪᠦᠯᠢᠶᠡᠨ ᠠᠮᠢᠰᠬᠤᠯ ᠲᠠᠢ ᠦᠭᠡ ᠪᠡᠷ ᠡᠨᠡᠷᠢᠭᠡᠳ ᠬᠡᠷᠡᠭ ᠥᠩᠭᠡᠷᠡᠪᠡ᠃ ᠨᠣᠶᠠᠨ ᠰᠠᠩ ᠠ᠋ᠴᠠ ᠲᠡᠭᠦᠨ ᠦ᠌ ᠨᠡᠷ᠎ᠡ ᠬᠤᠰᠤᠭᠳᠠᠵᠤ ᠴᠢᠮᠡᠭᠡ ᠠᠯᠳᠠᠷᠠᠪᠠ᠁  
       ᠁ ᠬᠡᠪᠲᠡᠷᠢ ᠶ᠋ᠢᠨ ᠬᠣᠨᠢ ᠮᠠᠯ ᠬᠡᠪᠢᠯᠭᠡ ᠪᠡᠨ ᠪᠦᠪᠡᠢᠯᠡᠵᠦ ᠬᠥᠮᠦᠨ ᠠᠮᠢᠲᠠᠨ ᠤ᠋ ᠬᠥᠯ ᠬᠤᠷᠢᠶᠠᠭᠳᠠᠨ ᠳᠣᠯᠣᠭᠠᠨ ᠪᠤᠷᠬᠠᠨ ᠳᠡᠭᠡᠷ᠎ᠡ ᠳᠡᠭᠳᠡᠴᠢᠬᠡᠭᠰᠡᠨ ᠦ᠌ ᠳᠠᠷᠠᠭ᠎ᠠ ᠪᠠᠷᠠᠭᠠᠨ ᠤ᠋ ᠬᠠᠰᠠᠭ ᠲᠡᠷᠭᠡᠨ ᠦ᠌ ᠠᠷᠠᠯ ᠳᠣᠣᠭᠤᠷ ᠪᠤᠶᠤ ᠬᠤᠰᠠᠷᠠᠩ ᠬᠦᠷᠡᠭᠴᠢ ᠦᠨᠢᠶ᠎ᠡ ᠪᠡᠨ ᠨᠥᠮᠥᠷᠢᠳᠡᠵᠦ ᠡᠯᠪᠡᠭ ᠳᠡᠪᠡᠯ ᠢ᠋ᠶ᠋ᠡᠷ ᠢ᠋ᠶ᠋ᠡᠨ ᠴᠢᠮ᠎ᠠ ᠪᠠᠨ ᠬᠤᠴᠢᠭᠠᠳ ᠡᠯᠢᠭᠡᠨ ᠳ᠋ᠡᠭᠡᠨ ᠲᠡᠪᠡᠷᠢᠵᠦ ᠥᠬᠥᠭᠡᠷᠳᠡᠳᠡᠭ ᠪᠠᠢᠯ᠎ᠠ ᠳᠠ᠁ ᠪᠢ ᠶᠠᠭᠠᠬᠢᠭᠰᠠᠨ ᠵᠠᠶᠠᠭ᠎ᠠ ᠨᠢᠮᠭᠡᠨ ᠬᠥᠮᠦᠨ ᠪᠣᠢ⁈ ᠡᠬᠡ ᠡᠴᠢᠭᠡ ᠶ᠋ᠢᠨ ᠪᠤᠶᠠᠨᠲᠤ ᠴᠢᠷᠠᠢ ᠶ᠋ᠢ ᠬᠠᠷᠠᠵᠤ ᠡᠨᠡᠷᠢᠯ ᠬᠠᠢᠷ᠎ᠠ ᠶ᠋ᠢ ᠬᠦᠷᠲᠡᠬᠦ ᠬᠤᠪᠢ ᠵᠠᠶᠠᠭ᠎ᠠ ᠴᠦ᠍ ᠦᠭᠡᠢ ᠥᠨᠥᠴᠢᠷᠡᠵᠦ᠂ ᠬᠠᠷᠠᠬᠠᠨ ᠪᠠᠭ᠎ᠠ ᠠ᠋ᠴᠠ ᠪᠠᠨ ᠪᠠᠶᠠᠨ ᠠᠢᠯ ᠤ᠋ᠨ ᠬᠤᠷᠠᠭ᠎ᠠ ᠲᠤᠭᠤᠯ ᠪᠤᠴᠠᠭᠠᠵᠤ᠂ ᠠᠢᠯ ᠤ᠋ᠨ ᠲᠣᠭᠣᠭ᠎ᠠ ᠬᠠᠷᠠᠵᠤ ᠠᠶᠠᠭᠠᠨ ᠤ᠋ ᠰᠢᠪᠬᠠᠷᠤᠤ ᠴᠥᠮᠥᠵᠦ ᠥᠰᠬᠦ ᠳ᠋ᠡᠭᠡᠨ᠂ ᠡᠷ᠎ᠡ ᠥᠰᠴᠦ ᠢᠰᠡᠭᠡᠢ ᠰᠤᠨᠳᠠᠭ ᠭᠡᠳᠡᠭ ᠢ᠋ᠶ᠋ᠡᠷ ᠡᠷ᠎ᠡ ᠶ᠋ᠢᠨ ᠵᠡᠷᠭᠡ ᠳ᠋ᠦ᠍ ᠳᠥᠩᠭᠡᠵᠦ ᠬᠦᠷᠦᠭᠡᠳ ᠨᠣᠶᠠᠨ ᠰᠠᠩ ᠤ᠋ᠨ ᠠᠳᠤᠭᠤᠴᠢᠨ ᠪᠣᠯᠤᠯ᠎ᠠ ᠴᠦ᠍ ᠭᠡᠰᠡᠨ ᠵᠠᠶᠠᠭᠠᠨ ᠤ᠋ ᠠᠮᠠᠷᠠᠭ ᠮᠢᠨᠢ ᠰᠣᠯᠢᠶ᠎ᠠ ᠪᠠᠯᠠᠢ ᠲᠣᠰᠴᠤ ᠠᠯᠠᠭ᠎ᠠ ᠪᠣᠯᠴᠢᠬᠠᠳᠠᠭ᠃ ᠲᠡᠭᠡᠭᠡᠳ ᠡᠭᠦᠨ ᠢ᠋ᠶ᠋ᠡᠷ ᠵᠣᠭᠰᠣᠬᠤ ᠦᠭᠡᠢ ᠠᠮᠢᠲᠠᠨ ᠪᠦᠭᠦᠳᠡ ᠳ᠋ᠦ᠍ ᠠᠳᠠ ᠪᠣᠯᠵᠤ ᠬᠦᠩ ᠨᠣᠶᠠᠨ ᠰᠢᠷᠠᠪᠳᠣᠷᠵᠢ ᠶ᠋ᠢᠨ ᠵᠣᠯᠢᠭ ᠲᠤ ᠭᠠᠷᠪᠠ᠃ ᠵᠣᠯᠢᠭ ᠲᠤ ᠶᠠᠪᠤᠬᠤ ᠬᠥᠮᠦᠨ ᠢ᠋ ᠭᠦᠷᠲᠡᠮᠴᠢ ᠲᠣᠮ ᠰᠢᠪᠰᠢᠯᠭᠡ ᠶ᠋ᠢᠨ ᠲᠠᠷᠨᠢ ᠤᠩᠰᠢᠵᠤ ᠡᠨᠡ ᠶᠢᠷᠲᠢᠨᠴᠦ ᠡᠴᠡ ᠬᠥᠭᠡᠭᠡᠳᠡᠭ ᠪᠣᠯᠬᠣᠷ ᠴᠠᠭᠠᠨ᠎ᠠ ᠠ᠋ᠴᠠ ᠪᠠᠨ ᠠᠮᠢᠳᠤ ᠭᠠᠷᠬᠤ ᠶ᠋ᠢᠨ ᠰᠤᠪᠢᠨ ᠪᠠᠢᠳᠠᠭ ᠦᠭᠡᠢ ᠪᠠᠢᠵᠠᠢ᠃ ᠲᠡᠢᠨ ᠬᠦ᠌ ᠨᠡᠷ᠎ᠡ ᠰᠦᠨᠡᠰᠦ ᠶ᠋ᠢ ᠮᠢᠨᠢ ᠨᠡᠷᠡᠲᠦ ᠶᠢᠷᠲᠢᠨᠴᠦ ᠡᠴᠡ ᠭᠠᠷᠭᠠᠵᠤ᠂ ᠡᠷᠯᠢᠭ ᠦ᠋ᠨ ᠭᠠᠷ ᠲᠤ ᠲᠤᠰᠢᠶᠠᠴᠢᠬᠠᠭᠰᠠᠨ ᠶᠤᠮ ᠴᠢᠨᠢ ᠦᠬᠦᠬᠦ ᠡᠴᠡ ᠥᠭᠡᠷ᠎ᠡ ᠶᠠᠭᠠᠬᠢᠬᠤ ᠪᠣᠢ⁈ 
      《ᠪᠤᠷᠬᠠᠨ ᠲᠩᠷᠢ ᠶᠠᠭᠠᠬᠢᠬᠤ ᠳ᠋ᠠᠭᠠᠨ ᠪᠣᠭᠣᠯ ᠨᠠᠮᠠᠶ᠋ᠢ ᠢᠩᠭᠢᠵᠦ ᠪᠤᠷᠤᠭᠤ ᠦᠵᠡᠳᠡᠭ ᠶᠦᠮ ᠪᠣᠢ⁈》 ᠭᠡᠰᠡᠨ ᠪᠣᠳᠣᠯ ᠢᠮᠠᠭᠲᠠ ᠲᠡᠭᠦᠨ ᠦ᠌ ᠲᠠᠷᠢᠬᠢᠨ ᠳ᠋ᠤ᠌ ᠡᠷᠭᠢᠯᠳᠦᠵᠦ ᠪᠠᠢᠯ᠎ᠠ᠃ ᠲᠡᠭᠡᠬᠦ ᠳ᠋ᠦ᠍ ᠬᠠᠮᠢᠭ᠎ᠠ ᠨᠢᠭᠡ ᠬᠠᠳᠠᠨ ᠤ᠋ ᠴᠤᠤᠷᠠᠢ ᠱᠤᠤᠭᠢᠬᠤ ᠰᠢᠭ᠋ ᠴᠢᠮᠡᠭᠡ ᠭᠠᠷᠴᠤ《ᠪᠤᠷᠬᠠᠨ ᠲᠩᠷᠢ ᠴᠢᠮᠠᠶ᠋ᠢ ᠪᠤᠷᠤᠭᠤ ᠦᠵᠡᠭᠡ ᠦᠭᠡᠢ᠃ ᠢᠩᠭᠢᠵᠦ ᠪᠣᠳᠣᠭᠰᠠᠭᠠᠷ ᠠᠭᠤᠯᠠ ᠤᠰᠤᠨ ᠤ᠋ ᠨᠠᠪᠳᠠᠭ ᠰᠠᠪᠳᠠᠭ ᠭᠣᠮᠣᠳᠠᠨ᠎ᠠ ᠰᠢᠦ᠂ ᠨᠢᠭᠦᠯ ᠠ᠋! ᠴᠢᠮᠠᠶ᠋ᠢ ᠡᠷᠯᠢᠭ ᠦ᠋ᠨ ᠲᠡᠨᠳᠡ ᠡᠴᠡ ᠬᠥᠲᠥᠯᠵᠦ ᠠᠪᠴᠢᠷᠠᠨ ᠡᠨᠡ ᠠᠭᠤᠯᠠᠨ ᠳ᠋ᠤ᠌ ᠲᠠᠯᠪᠢᠯ᠎ᠠ᠁ ᠡᠨᠡ ᠲᠠᠩᠰᠤᠭ ᠰᠠᠢᠬᠠᠨ ᠠᠭᠤᠯᠠ ᠶ᠋ᠢᠨ ᠪᠤᠶᠠᠨ ᠢ᠋ ᠡᠳ᠋ᠯᠡᠭᠡᠳ ᠪᠠᠷᠠᠨ᠎ᠠ ᠤᠤ ᠳᠠ⁈ ᠬᠠᠨ ᠮᠤᠨᠠ ᠶ᠋ᠢᠨ ᠰᠠᠬᠢᠭᠤᠰᠤ ᠴᠢᠮᠠᠶ᠋ᠢ ᠥᠷᠥᠰᠢᠶᠡᠵᠡᠢ᠃ ᠡᠨᠡ ᠮᠤᠨᠠ ᠠᠭᠤᠯᠠ ᠴᠢᠮ᠎ᠠ ᠳ᠋ᠤ᠌ ᠬᠦᠰᠡᠬᠦ ᠬᠡᠷᠡᠭᠰᠡᠬᠦ ᠵᠦᠢᠯ ᠢ᠋ ᠴᠢᠨᠢ ᠬᠠᠩᠭᠠᠵᠤ᠂ ᠳᠡᠭᠡᠷ᠎ᠡ ᠡᠴᠡ ᠴᠢᠨᠢ ᠳᠠᠷᠤᠯᠠᠯ ᠦᠭᠡᠢ ᠳᠡᠷᠭᠡᠳᠡ ᠡᠴᠡ ᠴᠢᠨᠢ ᠭᠠᠴᠢᠯᠠᠯ ᠦᠭᠡᠢ ᠵᠢᠷᠭᠠᠯᠠᠩ ᠲᠠᠢ ᠠᠮᠢᠳᠤᠷᠠᠭᠤᠯᠤᠨ᠎ᠠ ᠳᠠ ᠬᠥᠭᠡᠷᠦᠬᠦᠢ!》 ᠭᠡᠵᠦ ᠨᠢᠭᠡ ᠦᠯᠦ ᠲᠠᠨᠢᠬᠤ ᠬᠥᠮᠦᠨ ᠦ᠌ ᠳᠠᠭᠤ ᠲᠡᠭᠦᠨ ᠢ᠋ ᠪᠤᠳᠤᠩᠭᠤᠢ ᠲᠥᠭᠡᠷᠢᠯ ᠡᠴᠡ ᠳᠠᠭᠤᠳᠠᠨ ᠰᠡᠷᠡᠭᠡᠪᠡ᠃ 
      ᠲᠡᠷᠡ ᠪᠡᠷ ᠤᠯᠠᠭᠠᠨ ᠬᠦᠵᠦᠭᠦᠲᠦ ᠠᠯᠠᠭ ᠰᠢᠪᠠᠭᠤ ᠵᠢᠷᠭᠢᠭᠰᠡᠨ ᠲᠡᠷᠲᠡᠭᠡ ᠣᠢ ᠳ᠋ᠤ᠌ ᠬᠦᠷᠴᠦ ᠣᠴᠢᠪᠠᠯ ᠥᠨᠥ ᠬᠣᠶᠠᠷ ᠰᠢᠪᠠᠭᠤ《ᠨᠠᠭᠠᠰᠢ ᠪᠠᠨ᠂ ᠨᠠᠭᠠᠰᠢ ᠪᠠᠨ ᠢᠷ᠎ᠡ! ᠠᠮᠠᠷᠠᠭ ᠴᠢᠨᠢ ᠡᠨᠳᠡ ᠪᠣᠢ᠁》 ᠭᠡᠬᠦ ᠰᠢᠭ ᠵᠢᠷᠭᠢᠭᠡᠳ ᠴᠠᠭᠠᠰᠢ ᠪᠠᠨ ᠨᠢᠰᠪᠡ᠃ ᠡᠢᠨ ᠬᠦ᠌ ᠭᠣᠩᠴᠣᠭᠷᠠᠬᠤ᠎ᠠ ᠤᠯᠠᠭᠠᠨ ᠬᠦᠵᠦᠭᠦᠲᠦ ᠠᠯᠠᠭ ᠰᠢᠪᠠᠭᠤᠨ ᠳ᠋ᠤ᠌ ᠰᠦᠨᠡᠰᠦ ᠪᠡᠨ ᠬᠥᠲᠥᠯᠦᠭᠦᠯᠦᠭᠰᠡᠨ ᠰᠢᠭ ᠰᠢᠪᠠᠭᠤ ᠬᠠᠮᠢᠭᠠᠰᠢ ᠪᠠᠨ ᠨᠢᠰᠪᠡᠯ ᠲᠠᠢᠰᠢ ᠪᠠᠨ ᠳᠠᠭᠠᠵᠤ ᠶᠠᠪᠤᠭᠰᠠᠭᠠᠷ ᠨᠢᠭᠡᠨ ᠥᠨᠳᠥᠷ ᠤᠯᠠᠭᠠᠨ ᠬᠠᠳᠠᠨ ᠠ᠋ᠴᠠ ᠤᠷᠤᠰᠤᠭᠰᠠᠨ ᠴᠢᠳᠬᠤᠯᠠᠩ ᠤ᠋ᠨ ᠳᠡᠷᠭᠡᠳᠡ ᠬᠦᠷᠴᠦ ᠣᠴᠢᠪᠠ᠃ ᠲᠡᠷᠡ ᠴᠢᠳᠬᠤᠯᠠᠩ ᠤ᠋ᠨ ᠳᠣᠣᠷ᠎ᠠ ᠨᠣᠮᠢᠨ ᠴᠡᠩᠬᠡᠷ ᠴᠣᠩᠬᠢᠶᠠᠯ ᠤ᠋ᠨ ᠭᠦᠨ ᠤᠰᠤ ᠲᠤᠨᠤᠷᠠᠵᠤ ᠬᠠᠷᠠᠭᠳᠠᠬᠤ ᠨᠢ ᠶᠠᠭᠠᠬᠢᠭᠰᠠᠨ ᠰᠠᠢᠬᠠᠨ ᠭᠡᠭᠴᠢ ᠪᠣᠢ! ᠲᠡᠷᠡ ᠡᠨᠡ ᠬᠦ᠌ ᠲᠠᠩᠰᠤᠭ ᠪᠠᠢᠭᠠᠯᠢ ᠶ᠋ᠢᠨ ᠰᠠᠢᠬᠠᠨ ᠳ᠋ᠤ᠌ ᠰᠣᠭᠲᠣᠭᠤᠷᠠᠵᠤ ᠰᠡᠳᠬᠢᠯ ᠬᠥᠭᠰᠡᠨ᠎ᠡ᠃ 
       ᠤᠯᠠᠭᠠᠨ ᠬᠦᠵᠦᠭᠦᠲᠦ ᠬᠣᠶᠠᠷ ᠠᠯᠠᠭ ᠰᠢᠪᠠᠭᠤ ᠤᠯᠠᠮ ᠱᠠᠭᠰᠢᠷᠠᠨ ᠬᠥᠭᠡᠷᠬᠦ ᠰᠢᠭ ᠵᠢᠷᠭᠢᠨ ᠱᠤᠯᠤᠭᠠᠨᠠᠵᠤ《ᠵᠠ᠂ ᠡᠨᠡ ᠳ᠋ᠧᠪᠠᠵᠠᠨ ᠰᠢᠭ᠋ ᠰᠠᠢᠬᠠᠨ ᠣᠷᠣᠨ ᠳ᠋ᠤ᠌ ᠠᠮᠢᠳᠤᠷᠠᠬᠤ ᠭᠡᠭᠴᠢ ᠶᠠᠭᠤᠲᠠᠢ ᠭᠣᠶᠣ! ᠡᠨᠡ ᠴᠣᠩᠬᠢᠶᠠᠯ ᠳ᠋ᠤ᠌ ᠤᠭ ᠨᠢ ᠦᠳᠡ ᠪᠣᠯᠭᠠᠨ ᠳ᠋ᠤ᠌ ᠨᠢᠭᠡ ᠪᠦᠰᠡᠭᠦᠢ ᠢᠷᠡᠵᠦ ᠤᠬᠢᠶᠠᠨ ᠨᠠᠷᠠᠨ ᠳ᠋ᠤ᠌ ᠪᠡᠶ᠎ᠡ ᠪᠡᠨ ᠡᠭᠡᠭᠡᠳᠡᠭ ᠰᠠᠨ᠃ ᠴᠢ ᠴᠠᠭᠠᠨ᠎ᠠ ᠪᠠᠨ ᠬᠤᠪᠢ ᠲᠠᠪᠢᠯᠠᠩ ᠲᠠᠢ ᠪᠣᠯ ᠲᠡᠷᠡ ᠭᠣᠶᠣ ᠪᠦᠰᠡᠭᠦᠢ ᠶ᠋ᠢ ᠢᠵᠢᠯᠢ ᠪᠡᠨ ᠪᠣᠯᠭᠠᠵᠤ ᠢᠨᠠᠭᠯᠠ!》 ᠭᠡᠵᠦ ᠣᠯᠠᠨ ᠲᠠᠪᠤᠨ ᠶᠠᠭᠤᠮ᠎ᠠ ᠵᠠᠬᠢᠭᠰᠠᠨ ᠢ᠋ ᠠᠩᠬ᠎ᠠ ᠭᠣᠩᠴᠣᠭᠷᠠᠬᠤ᠎ᠠ ᠨᠢᠭᠡ ᠴᠦ᠍ ᠣᠢᠯᠠᠭᠠᠭᠰᠠᠨ ᠦᠭᠡᠢ᠃  
       ᠠᠭᠤᠯᠠ ᠬᠠᠳᠠ᠂ ᠤᠰᠤ ᠬᠦᠷᠬᠢᠷ᠎ᠡ᠂ ᠪᠤᠭᠤ ᠰᠤᠭᠤ ᠵᠡᠷᠭᠡ ᠠᠮᠢᠳᠤ ᠵᠢᠷᠤᠭ ᠤ᠋ᠨ ᠶᠢᠷᠲᠢᠨᠴᠦ ᠳ᠋ᠦ᠍ ᠰᠣᠭᠲᠣᠭᠤᠷᠠᠭᠰᠠᠨ ᠭᠣᠩᠴᠣᠭᠷᠠᠬᠤ᠎ᠠ ᠤᠯᠠᠭᠠᠨ ᠬᠦᠵᠦᠭᠦᠲᠦ ᠬᠣᠶᠠᠷ ᠠᠯᠠᠭ ᠰᠢᠪᠠᠭᠤ ᠶ᠋ᠢ ᠠᠯᠢ ᠬᠡᠳᠦᠢᠨ ᠮᠠᠷᠲᠠᠵᠤ ᠣᠷᠬᠢᠪᠠ᠃ ᠤᠯᠠᠭᠠᠨ ᠬᠦᠵᠦᠭᠦᠲᠦ ᠬᠣᠶᠠᠷ ᠠᠯᠠᠭ ᠰᠢᠪᠠᠭᠤ ᠲᠡᠭᠦᠨ ᠳ᠋ᠦ᠍ ᠨᠢᠭᠡ ᠣᠯᠠᠨ ᠶᠠᠭᠤᠮ᠎ᠠ ᠱᠤᠯᠤᠭᠠᠨᠠᠨ ᠶᠠᠷᠢᠵᠤ ᠶᠠᠷᠢᠭᠠᠳ《ᠵᠠ᠂ ᠪᠢᠳᠡ ᠬᠣᠶᠠᠷ ᠶᠠᠪᠤᠯ᠎ᠠ᠁》 ᠭᠡᠳ ᠨᠢᠰᠴᠦ ᠣᠳᠤᠭᠰᠠᠨ ᠢ᠋ ᠴᠦ᠍ ᠮᠡᠳᠡᠭᠰᠡᠨ ᠦᠭᠡᠢ᠃ 
       ᠭᠣᠩᠴᠣᠭᠷᠠᠬᠤ᠎ᠠ ᠳᠡᠮᠡᠢ ᠯᠡ ᠰᠢᠪᠠᠭᠤ ᠵᠢᠷᠭᠢᠬᠦ ᠶ᠋ᠢ ᠰᠣᠨᠢᠷᠬᠠᠵᠤ ᠭᠦᠶᠦᠭᠡᠳ ᠶᠡᠬᠡᠳᠡ ᠶᠠᠳᠠᠷᠠᠭᠰᠠᠨ ᠢ᠋ᠶ᠋ᠠᠨ ᠨᠠᠷᠠᠨ ᠳ᠋ᠤ᠌ ᠬᠠᠯᠠᠭᠰᠠᠨ ᠬᠠᠳᠠᠨ ᠳᠡᠭᠡᠷ᠎ᠡ ᠨᠢᠷᠤᠭᠤ ᠲᠡᠨᠢᠢᠨ ᠬᠡᠪᠲᠡᠪᠡ᠃ ᠳᠣᠣᠷ᠎ᠠ ᠠ᠋ᠴᠠ ᠨᠢ ᠬᠠᠯᠠᠭᠤᠨ ᠬᠠᠨᠵᠤ ᠰᠢᠭ᠋ ᠬᠠᠯᠠᠭᠠᠵᠤ᠂ ᠳᠡᠭᠡᠷ᠎ᠡ ᠡᠴᠡ ᠨᠢ ᠰᠢᠷᠠᠬᠤ ᠨᠠᠷᠠᠨ ᠤ᠋ ᠲᠥᠭᠡᠨᠡᠯ ᠲᠡᠭᠦᠨ ᠢ᠋ ᠤᠳᠠᠯ ᠦᠭᠡᠢ ᠨᠣᠢᠷ ᠤ᠋ᠨ ᠳᠠᠯᠠᠯᠭ᠎ᠠ ᠠᠪᠤᠭᠤᠯᠪᠠ᠁ 
       ᠨᠢᠭᠡ ᠡᠳᠦᠷ ᠭᠣᠩᠴᠣᠭᠷᠠᠬᠤ᠎ᠠ ᠠᠳᠤᠭᠤ ᠪᠠᠨ ᠪᠤᠴᠠᠭᠠᠴᠢᠬᠠᠭᠠᠳ ᠤᠯᠠᠭᠠᠨ ᠬᠠᠲᠤᠨ ᠤ᠋ ᠬᠥᠪᠡᠭᠡ ᠪᠡᠷ ᠮᠣᠷᠢ ᠪᠠᠨ ᠬᠥᠲᠥᠯᠦᠨ ᠭᠡᠶᠦᠷᠡᠵᠦ ᠶᠠᠪᠤᠲᠠᠯ᠎ᠠ ᠨᠢᠭᠡ ᠬᠥᠮᠦᠨ ᠦ᠌ ᠬᠡᠭᠦᠷ ᠬᠠᠲᠤᠨ ᠤ᠋ ᠤᠰᠤᠨ ᠳ᠋ᠤ᠌ ᠬᠥᠪᠴᠦ ᠤᠷᠲᠤ ᠬᠠᠷ᠎ᠠ ᠭᠡᠵᠢᠭᠡ ᠨᠢ ᠵᠠᠳᠠᠷᠠᠨ ᠲᠡᠯᠡᠷᠡᠵᠦ ᠤᠷᠤᠰᠬᠠᠯ ᠤ᠋ᠨ ᠳᠡᠭᠡᠷ᠎ᠡ ᠡᠴᠡ ᠤᠰᠤᠨ ᠤ᠋ ᠳᠠᠪᠠᠯᠭᠠᠨ ᠳ᠋ᠤ᠌ ᠴᠣᠬᠢᠭᠤᠯᠤᠭᠰᠠᠭᠠᠷ ᠠᠢᠰᠤᠢ ᠬᠠᠷᠠᠭᠳᠠᠪᠠ᠃ ᠯᠠᠪ ᠨᠣᠮᠢᠨ! ᠭᠡᠳ《ᠨᠣᠮᠢᠨ ᠠ᠋! ᠨᠣᠮᠢᠨ ᠬᠠᠲᠤᠨ ᠳ᠋ᠤ᠌ ᠬᠠᠷᠠᠢᠴᠢᠬᠠᠯ᠎ᠠ! ᠬᠤᠷᠳᠤᠨ᠁ ᠴᠢ ᠪᠢᠲᠡᠭᠡᠢ ᠨᠠᠮᠠᠶ᠋ᠢ ᠬᠠᠶᠠᠴᠢᠬᠠᠭᠠᠳ ᠶᠠᠪᠤ!》 ᠭᠡᠳ ᠤᠯᠠᠭᠠᠨ ᠬᠠᠲᠤᠨ ᠳ᠋ᠤ᠌ ᠦᠰᠦᠷᠦᠨ ᠣᠷᠣᠵᠤ ᠲᠡᠷᠡ ᠬᠥᠮᠦᠨ ᠢ᠋ ᠲᠡᠪᠡᠷᠢᠨ ᠭᠠᠷᠭᠠᠪᠠᠯ ᠨᠡᠭᠡᠷᠡᠨ ᠨᠣᠮᠢᠨ ᠤ᠋ ᠬᠡᠭᠦᠷ ᠮᠥᠨ ᠪᠠᠢᠯ᠎ᠠ᠃ ᠭᠣᠩᠴᠣᠭᠷᠠᠬᠤ᠎ᠠ ᠨᠣᠮᠢᠨ ᠤ᠋ ᠬᠡᠭᠦᠷ ᠢ᠋ ᠲᠡᠪᠡᠷᠢᠨ《ᠨᠣᠮᠢᠨ ᠠ᠋! ᠰᠡᠷᠡᠭᠡᠴᠢ᠂ ᠪᠢ ᠭᠣᠩᠴᠣᠭ ᠪᠠᠢᠨ᠎ᠠ᠁》 ᠭᠡᠵᠦ ᠬᠡᠴᠢᠨᠡᠭᠡᠨ ᠳᠠᠭᠤᠳᠠᠪᠠᠴᠤ ᠰᠡᠷᠡᠭᠰᠡᠨ ᠦᠭᠡᠢ᠃ ᠭᠣᠩᠴᠣᠭᠷᠠᠬᠤ᠎ᠠ ᠨᠣᠮᠢᠨ ᠤ᠋ ᠬᠡᠭᠦᠷ ᠢ᠋ ᠲᠡᠪᠡᠷᠢᠨ ᠱᠣᠭᠰᠢᠷᠠᠲᠠᠯ᠎ᠠ ᠤᠬᠢᠯᠠᠪᠠ᠁  
       ᠤᠨᠲᠠᠭ᠎ᠠ ᠪᠠᠷ ᠢ᠋ᠶ᠋ᠠᠨ ᠤᠬᠢᠯᠠᠭᠰᠠᠨ ᠲᠡᠭᠦᠨ ᠦ᠌ ᠨᠢᠯᠪᠤᠰᠤ ᠵᠣᠪᠬᠢᠨ ᠤ᠋ ᠬᠢᠨᠢ ᠪᠤᠯᠤᠩ ᠳ᠋ᠤ᠌ ᠪᠤᠯᠠᠭ ᠰᠢᠭ᠋ ᠮᠡᠯᠮᠡᠷᠡᠨ ᠲᠤᠨᠤᠷᠠᠵᠤ ᠬᠣᠶᠠᠷ ᠰᠠᠨᠴᠢᠭ ᠤᠷᠤᠭᠤ ᠨᠢ ᠤᠷᠤᠰᠤᠨ᠎ᠠ᠃  
       ᠨᠢᠭᠡᠨ ᠲᠤᠩ ᠴᠠᠭᠠᠨ ᠡᠷᠪᠡᠬᠡᠢ ᠭᠣᠩᠴᠣᠭᠷᠠᠬᠤ᠎ᠠ ᠶ᠋ᠢᠨ ᠰᠣᠷᠮᠤᠤᠰᠤᠨ ᠳᠡᠭᠡᠷ᠎ᠡ ᠰᠠᠭᠤᠵᠤ ᠵᠣᠪᠬᠢᠨ ᠤ᠋ ᠪᠤᠯᠠᠭ ᠤ᠋ᠨ ᠤᠰᠤᠨ ᠠ᠋ᠴᠠ ᠤᠮᠳᠠᠯᠠᠬᠤ ᠭᠡᠰᠡᠨ ᠤᠤ? ᠡᠰᠡᠪᠡᠯ ᠨᠢᠯᠪᠤᠰᠤ ᠶ᠋ᠢ ᠨᠢ ᠠᠷᠴᠢᠬᠤ ᠭᠡᠰᠡᠨ ᠭᠡᠰᠡᠨ ᠤᠤ? ᠲᠣᠷᠭᠠᠨ ᠳᠠᠯᠠᠪᠴᠢ ᠪᠠᠨ ᠳᠡᠪᠳᠡᠷᠢᠵᠦ ᠲᠡᠭᠦᠨ ᠦ᠌ ᠨᠢᠳᠦ ᠶ᠋ᠢ ᠡᠷᠪᠡᠭᠡᠨᠡᠭᠦᠯᠦᠨ᠎ᠡ᠃  
       ᠨᠢᠳᠦ ᠨᠢ ᠪᠠᠯᠠᠷᠬᠠᠢᠲᠤᠵᠤ ᠨᠣᠮᠢᠨ ᠤ᠋ ᠵᠢᠰᠦ ᠴᠦ᠍ ᠲᠣᠳᠣ ᠬᠠᠷᠠᠭᠳᠠᠬᠤ ᠦᠭᠡᠢ ᠪᠣᠯᠪᠠ᠃ ᠭᠣᠩᠴᠣᠬᠷᠠᠬᠤ᠎ᠠ ᠨᠣᠮᠢᠨ ᠢ᠋ᠶ᠋ᠠᠨ ᠳᠠᠬᠢᠨᠲᠠ ᠨᠢᠭᠡ ᠰᠠᠢᠬᠠᠨ ᠬᠠᠷᠠᠵᠤ ᠦᠵᠡᠶ᠎ᠡ ᠭᠡᠳ ᠡᠷᠪᠡᠭᠡᠨᠡᠬᠦ ᠨᠢᠳᠦ ᠪᠡᠨ ᠨᠤᠬᠤᠯᠠᠪᠠᠯ ᠲᠤᠩ ᠴᠠᠭᠠᠨ ᠡᠷᠪᠡᠬᠡᠢ ᠦᠷᠭᠦᠨ ᠨᠢᠰᠪᠡ᠃  
       ᠭᠣᠩᠴᠤᠭᠷᠠᠬᠤ᠎ᠠ ᠨᠣᠢᠷ ᠠ᠋ᠴᠠ ᠪᠠᠨ ᠰᠡᠷᠡᠯ᠎ᠡ᠃ ᠨᠣᠮᠢᠨ ᠠᠯᠠᠭ᠎ᠠ᠃ ᠰᠠᠶᠢᠬᠠᠨ ᠡᠪᠦᠷ ᠳᠡᠭᠡᠷ᠎ᠡ ᠮᠢᠨᠢ᠁ ᠪᠤᠲᠠ ᠪᠡᠶ᠎ᠡ ᠪᠡᠷ ᠢ᠋ᠶ᠋ᠡᠨ ᠪᠠᠢᠭᠰᠠᠨ ᠰᠢᠳᠡ! ᠭᠡᠵᠦ ᠪᠣᠳᠣᠭᠰᠠᠨ ᠢ᠋ᠶ᠋ᠠᠨ《ᠶᠠᠮᠠᠷ ᠮᠠᠭᠤᠬᠠᠢ ᠵᠡᠭᠦᠳᠦ ᠪᠣᠢ? ᠨᠣᠮᠢᠨ ᠢ᠋ ᠤᠯᠠᠭᠠᠨ ᠬᠠᠲᠤᠨ ᠳ᠋ᠤ᠌ ᠬᠠᠷᠠᠢᠭᠠᠳ ᠦᠬᠦᠴᠢᠬᠡᠯ᠎ᠡ ᠭᠡᠳᠡᠭ ᠴᠢᠨᠢ᠁ ᠭᠡᠬᠦ ᠳ᠋ᠡᠭᠡᠨ ᠵᠡᠭᠦᠳᠦ ᠡᠰᠡᠷᠭᠦ ᠪᠠᠢᠳᠠᠭ ᠭᠡᠵᠦ ᠨᠠᠰᠤᠲᠠᠢᠴᠤᠤᠯ ᠬᠡᠯᠡᠳᠡᠭ ᠢ᠋ᠶ᠋ᠡᠷ ᠬᠥᠮᠦᠨ ᠦᠬᠦᠴᠢᠬᠡᠯ᠎ᠡ ᠭᠡᠵᠦ ᠵᠡᠭᠦᠳᠦᠯᠡᠪᠡᠯ ᠬᠠᠷᠢᠨ ᠦᠬᠦᠭᠡ ᠦᠭᠡᠢ ᠪᠠᠢᠳᠠᠭ ᠮᠥᠷᠲᠡᠭᠡᠨ ᠲᠡᠷᠡ ᠬᠥᠮᠦᠨ ᠨᠢ ᠤᠷᠲᠤ ᠨᠠᠰᠤᠯᠠᠳᠠᠭ ᠴᠦ᠍ ᠭᠡᠳᠡᠭ!》 ᠭᠡᠵᠦ ᠪᠡᠶ᠎ᠡ ᠪᠡᠨ ᠲᠠᠢᠳᠬᠤᠷᠠᠭᠤᠯᠤᠨ᠎ᠠ᠃ 
       ᠪᠡᠶ᠎ᠡ ᠶ᠋ᠢᠨ ᠴᠢᠯᠡᠭᠡ ᠲᠠᠢᠯᠬᠤ ᠭᠡᠵᠦ ᠭᠣᠩᠴᠣᠭᠷᠠᠬᠤ᠎ᠠ ᠡᠪᠰᠢᠶᠡᠯᠭᠡᠨ ᠰᠤᠨᠢᠶᠠᠵᠤ ᠠᠪᠤᠭᠠᠳ《ᠵᠠ᠂ ᠪᠠᠢᠵᠠ! ᠣᠳᠣ ᠬᠠᠮᠢᠭᠠᠰᠢ ᠪᠠᠨ ᠵᠦᠭᠯᠡᠳᠡᠭ ᠪᠢᠯᠡ?》 ᠭᠡᠵᠦ ᠪᠣᠳᠣᠲᠠᠯ᠎ᠠ ᠴᠠᠭᠠᠳᠤ ᠴᠣᠩᠬᠢᠶᠠᠯ ᠤ᠋ᠨ ᠤᠰᠤᠨ ᠳ᠋ᠤ᠌ ᠫᠦᠯᠦᠷᠡᠩ ᠭᠡᠬᠦ ᠳᠠᠭᠤ ᠭᠠᠷᠴᠤ ᠲᠡᠷᠡ ᠳᠠᠭᠤᠨ ᠢ᠋ᠶ᠋ᠠᠷ ᠴᠣᠩᠬᠢᠶᠠᠯ ᠤ᠋ᠨ ᠨᠣᠮᠢᠨ ᠴᠡᠩᠬᠡᠷ ᠤᠰᠤ ᠠᠷ ᠲᠡᠳᠡᠨ ᠦᠶᠡᠯᠵᠡᠨ᠎ᠡ᠃ ᠭᠦᠨ ᠤᠰᠤᠨ ᠳᠣᠲᠣᠷ᠎ᠠ ᠨᠢᠭᠡᠨ ᠬᠤᠸᠠ ᠴᠠᠭᠠᠨ ᠲᠣᠮᠣ ᠵᠢᠭᠠᠰᠤ ᠴᠦ᠍ ᠶᠤᠮ ᠤᠤ? ᠮᠡᠯᠡᠬᠡᠢ ᠴᠦ᠍ ᠶᠦᠮ ᠤᠤ ᠭᠡᠮᠡᠷ ᠨᠢᠭᠡ ᠠᠮᠢᠲᠠᠨ ᠱᠤᠮᠪᠠᠵᠤ ᠪᠠᠢᠨ᠎ᠠ᠃ ᠰᠤᠮᠤ ᠰᠢᠭ᠋ ᠰᠤᠮᠤᠳᠠᠭᠠᠳ ᠮᠤᠷᠤᠯᠵᠠᠬᠤ ᠨᠢ ᠵᠢᠭᠠᠰᠤ ᠰᠢᠭ᠋᠃ ᠳᠥᠷᠪᠡᠨ ᠮᠥᠴᠢᠯᠡᠭᠡᠳ ᠬᠣᠶᠠᠷ ᠲᠠᠬᠢᠮ ᠨᠢ ᠨᠤᠭᠤᠷᠠᠨ ᠲᠡᠢᠷᠬᠦ ᠨᠢ ᠮᠡᠯᠡᠬᠡᠢ ᠴᠦ᠍ ᠶᠦᠮ ᠰᠢᠭ ᠪᠠᠢᠪᠠ᠃《ᠡᠨᠡ ᠴᠣᠬᠣᠮ ᠶᠠᠭᠤ ᠪᠣᠯᠴᠢᠬᠠᠪᠠ?》 ᠭᠡᠵᠦ ᠬᠠᠴᠢᠷᠬᠠᠭᠰᠠᠨ ᠭᠣᠩᠴᠣᠭᠷᠠᠬᠤ᠎ᠠ ᠶᠡᠬᠡᠳᠡ ᠭᠡᠯᠮᠡᠵᠦ ᠰᠡᠩᠳᠡ ᠮᠡᠩᠳᠡ ᠮᠣᠳᠣᠨ ᠤ᠋ ᠳᠠᠯᠳᠠ ᠨᠢᠭᠤᠭᠳᠠᠵᠤ ᠴᠣᠬᠣᠮ ᠵᠢᠭᠠᠰᠤ ᠤᠤ ᠮᠡᠯᠡᠬᠡᠢ ᠤᠤ ᠭᠡᠳᠡᠭ ᠢ᠋ ᠳᠠᠬᠢᠨ ᠰᠣᠨᠢᠷᠬᠠᠨ ᠬᠠᠷᠠᠯ᠎ᠠ᠃ ᠤᠳᠠᠭᠰᠠᠨ ᠦᠭᠡᠢ ᠲᠡᠷᠡ ᠠᠮᠢᠲᠠᠨ ᠬᠠᠷᠠᠯᠠᠵᠤ ᠬᠠᠷᠠᠭᠳᠠᠨ ᠤᠰᠤ ᠴᠣᠭᠣᠯᠤᠨ ᠪᠤᠯᠲᠠᠢᠪᠠ᠃《ᠬᠥᠮᠦᠨ ᠵᠢᠭᠠᠰᠤ》 ᠭᠡᠵᠦ ᠭᠣᠩᠴᠣᠭᠷᠠᠬᠤ᠎ᠠ ᠳᠦᠳᠦᠨᠡᠭᠰᠡᠨ ᠢ᠋ᠶ᠋ᠡᠨ ᠬᠢᠷᠳ᠋ᠬᠢᠨ ᠠᠶᠤᠵᠤ《ᠶᠠᠮᠠᠷ ᠬᠠᠮᠢᠭᠠᠰᠢ ᠪᠠᠨ ᠬᠠᠴᠢᠨ ᠠᠮᠢᠲᠠᠨ ᠪᠣᠢ? ᠬᠥᠮᠦᠨ ᠲᠣᠯᠣᠭᠠᠢ ᠲᠠᠢ ᠵᠢᠭᠠᠰᠤ᠂ ᠡᠰᠡᠪᠡᠰᠦ ᠬᠥᠮᠦᠨ ᠲᠣᠯᠣᠭᠠᠢ ᠲᠠᠢ ᠯᠠᠭ ᠮᠡᠯᠡᠬᠡᠢ ᠤᠤ?》 ᠭᠡᠵᠦ ᠡᠯᠳᠡᠪ ᠢ᠋ ᠪᠣᠳᠣᠬᠤ ᠳ᠋ᠤ᠌ ᠥᠪᠴᠢ ᠪᠡᠶ᠎ᠡ ᠳ᠋ᠦ᠍ᠨᠢ ᠬᠥᠯᠥᠰᠥ ᠪᠠᠳᠬᠤᠪᠠ᠃ 
       ᠲᠡᠷᠡ ᠬᠥᠮᠦᠨ ᠲᠣᠯᠣᠭᠠᠢ ᠲᠠᠢ ᠰᠣᠨᠢᠨ ᠠᠮᠢᠲᠠᠨ ᠤᠰᠤᠨ ᠳᠣᠲᠣᠷ᠎ᠠ ᠨᠠᠭᠠᠰᠢ ᠴᠠᠭᠠᠰᠢ ᠬᠡᠳᠦᠨᠲᠡ ᠤᠮᠪᠠᠨ ᠴᠣᠯᠭᠢᠭᠰᠠᠨ ᠢ᠋ᠶ᠋ᠠᠨ ᠴᠣᠩᠬᠢᠶᠠᠯ ᠤ᠋ᠨ ᠬᠥᠪᠡᠭᠡ ᠳᠠᠭᠠᠤ ᠭᠦᠢᠬᠡᠨ ᠭᠠᠵᠠᠷ ᠤᠰᠤᠨ ᠠ᠋ᠴᠠ ᠨᠢᠭᠡᠮᠦᠰᠦᠨ ᠴᠣᠷᠣᠢᠨ ᠪᠣᠰᠪᠠ᠃ ᠤᠰᠤᠨ ᠠ᠋ᠴᠠ ᠪᠤᠯᠲᠠᠢᠭᠰᠠᠨ ᠠᠮᠢᠲᠠᠨ ᠪᠦᠬᠦᠨ ᠪᠡᠶ᠎ᠡ ᠲᠣᠯᠣᠭᠠᠢ ᠪᠠᠨ ᠰᠡᠭᠰᠦᠷᠳᠡᠭ ᠰᠢᠭ ᠢ᠋ᠶ᠋ᠡᠷ ᠲᠡᠷᠡ ᠰᠣᠨᠢᠨ ᠠᠮᠢᠲᠠᠨ ᠴᠦ᠍ ᠲᠣᠯᠣᠭᠠᠢ ᠪᠠᠨ ᠰᠡᠭᠰᠦᠷᠬᠦ ᠳ᠋ᠦ᠍ ᠨᠢᠷᠤᠭᠤ ᠶ᠋ᠢ ᠨᠢ ᠨᠠᠯᠠᠨ ᠤᠷᠤᠰᠤᠭᠰᠠᠨ ᠤᠷᠲᠤ ᠬᠠᠷ᠎ᠠ ᠭᠡᠵᠢᠭᠡ ᠨᠢ ᠤᠰᠤᠨ ᠰᠤᠪᠤᠳ ᠲᠥᠰᠦᠷᠭᠡᠨ ᠪᠤᠲᠠᠷᠠᠨ᠎ᠠ᠃ 
       ᠨᠢᠭᠡ ᠱᠠᠯᠳᠠᠩ ᠬᠥᠮᠦᠨ! ᠲᠡᠷᠡ ᠮᠥᠷᠲᠡᠭᠡᠨ ᠪᠦᠰᠡᠭᠦᠢ ᠬᠥᠮᠦᠨ᠃ 
       ᠭᠣᠩᠴᠣᠭᠷᠠᠬᠤ᠎ᠠ ᠨᠢᠳᠦ ᠪᠡᠨ ᠢᠲᠡᠭᠡᠬᠦ ᠦᠭᠡᠢ ᠨᠤᠬᠤᠯᠠᠵᠤ ᠨᠤᠬᠤᠯᠠᠵᠤ ᠳᠠᠬᠢᠨ ᠬᠠᠷᠠᠪᠠ᠃ ᠨᠢᠭᠤᠭᠳᠠᠭᠰᠠᠨ ᠮᠣᠳᠣᠨ ᠳᠣᠲᠣᠷ᠎ᠠ ᠠ᠋ᠴᠠ ᠪᠠᠨ ᠡᠷᠬᠡ ᠦᠭᠡᠢ ᠥᠨᠳᠡᠢᠨ ᠪᠣᠰᠴᠤ ᠲᠡᠷᠡ ᠱᠠᠯᠳᠠᠩ ᠪᠦᠰᠡᠭᠦᠢ ᠶ᠋ᠢ ᠨᠠᠷᠢᠨ ᠠᠵᠢᠭᠯᠠᠪᠠᠯ ᠨᠡᠭᠡᠷᠡᠨ ᠬᠥᠮᠦᠨ ᠪᠠᠢᠯ᠎ᠠ᠃ 
       ᠱᠠᠯᠳᠠᠩ ᠪᠦᠰᠡᠭᠦᠢ ᠪᠡᠶ᠎ᠡ ᠪᠡᠨ ᠤᠬᠢᠶᠠᠵᠤ ᠪᠠᠢᠨ᠎ᠠ᠃ ᠲᠠᠰᠤ ᠬᠠᠷ᠎ᠠ ᠤᠷᠲᠤ ᠭᠡᠵᠢᠭᠡ ᠨᠢ ᠡᠭᠡᠭᠡ ᠯᠡ ᠬᠦᠷᠡᠩ ᠤᠯᠠᠭᠠᠨ ᠬᠠᠳᠠᠨ ᠠ᠋ᠴᠠ ᠴᠢᠳᠬᠤᠭᠰᠠᠨ ᠴᠢᠳᠬᠤᠯᠠᠩ ᠰᠢᠭ᠋ ᠢ᠋ᠶ᠋ᠡᠷ ᠱᠠᠯᠳᠠᠩ ᠪᠦᠰᠡᠭᠦᠢ ᠶ᠋ᠢᠨ ᠬᠤᠸᠠ ᠴᠠᠭᠠᠨ ᠨᠢᠷᠤᠭᠤ ᠶ᠋ᠢ ᠨᠡᠢᠳᠡᠮ ᠪᠦᠷᠬᠦᠵᠦ ᠲᠠᠬᠢᠮ ᠳᠠᠪᠠᠲᠠᠯ᠎ᠠ ᠪᠠᠭᠤᠵᠠᠢ᠃ ᠲᠡᠷᠡ ᠪᠦᠰᠡᠭᠦᠢ ᠡᠨᠳᠡ ᠲᠡᠨᠳᠡᠬᠢ ᠨᠢᠭᠤᠴᠠᠭᠠᠢ ᠲᠣᠷᠭᠠᠨ ᠭᠠᠵᠠᠷ ᠢ᠋ᠶ᠋ᠠᠨ ᠬᠦᠴᠦᠲᠡᠢ ᠬᠦᠴᠦᠲᠡᠢ ᠱᠦᠷᠭᠦᠭᠡᠨ ᠵᠦᠯᠭᠦᠵᠦ ᠤᠰᠤ ᠴᠠᠷᠳᠠᠨ ᠤᠬᠢᠶᠠᠵᠤ ᠪᠠᠷᠠᠭᠠᠳ ᠮᠥᠨ ᠱᠠᠯᠳᠠᠩ ᠢ᠋ᠶ᠋ᠠᠷ ᠶᠠᠪᠤᠵᠤ ᠴᠠᠭᠠᠳᠤ ᠡᠩᠭᠡᠷ ᠦ᠋ᠨ ᠭᠥᠯᠢᠭᠡᠷ ᠬᠦᠷᠡᠩ ᠬᠠᠳᠠᠨ ᠳᠡᠭᠡᠷ᠎ᠡ ᠭᠠᠷᠴᠤ ᠣᠴᠣᠢᠨ ᠰᠠᠭᠤᠪᠠ᠃  
       ᠬᠣᠶᠠᠷ ᠬᠥᠯ ᠢ᠋ᠶ᠋ᠡᠨ ᠵᠠᠢᠳᠠᠩ ᠠᠯᠴᠠᠢᠴᠢᠬᠠᠭᠠᠳ ᠪᠥᠬᠥᠢᠵᠦ ᠶᠠᠭᠤ ᠨᠢᠭᠡ ᠪᠡᠨ ᠣᠷᠣᠯᠳᠣᠨ᠎ᠠ᠃ ᠲᠡᠭᠦᠨ ᠢ᠋ ᠪᠥᠬᠥᠢᠬᠦᠯᠡᠷ ᠤᠷᠲᠤ ᠭᠡᠵᠢᠭᠡ ᠨᠢ ᠶᠡᠭᠦᠷᠡᠨ ᠪᠠᠭᠤᠵᠤ ᠡᠮᠦᠨ᠎ᠡ ᠪᠡᠶ᠎ᠡ ᠶ᠋ᠢ ᠨᠢ ᠬᠠᠯᠬᠠᠯᠠᠵᠤ ᠶᠠᠭᠤ ᠴᠦ᠍ ᠣᠯᠵᠤ ᠬᠠᠷᠠᠭᠳᠠᠬᠤ ᠦᠭᠡᠢ ᠪᠠᠢᠪᠠ᠃  
       ᠭᠣᠩᠴᠣᠭᠷᠠᠬᠤ᠎ᠠ ᠲᠡᠷᠡ ᠱᠠᠯᠳᠠᠩ ᠪᠦᠰᠡᠭᠦᠢ ᠶ᠋ᠢ ᠬᠠᠷᠠᠭᠠᠳ ᠰᠢᠪᠡᠷ ᠪᠠᠯᠢᠩ ᠰᠢᠭ᠋ ᠬᠥᠳᠡᠯᠦᠯ ᠦᠭᠡᠢ ᠪᠦᠯᠲᠡᠢᠵᠦ ᠬᠣᠶᠠᠷ ᠨᠢᠳᠦ ᠨᠢ ᠤᠬᠤᠷᠬᠠᠢ ᠠ᠋ᠴᠠ ᠪᠦᠯᠲᠡᠷᠡᠮᠡᠷ ᠪᠣᠯᠵᠤ ᠪᠡᠶ᠎ᠡ ᠨᠢ ᠬᠠᠴᠢᠨ ᠪᠣᠯᠪᠠ᠃ ᠬᠡᠰᠡᠭ ᠤᠳᠠᠭᠠᠳ ᠱᠠᠯᠳᠠᠩ ᠪᠦᠰᠡᠭᠦᠢ ᠤᠷᠲᠤ ᠬᠠᠷ᠎ᠠ ᠭᠡᠵᠢᠭᠡ ᠪᠡᠨ ᠳᠢᠭᠯᠡᠨ ᠨᠢᠷᠤᠭᠤᠨ ᠤ᠋ ᠪᠠᠨ ᠠᠷᠤ ᠲᠠᠢᠰᠢ ᠬᠠᠶᠠᠭᠠᠳ ᠬᠣᠶᠠᠷ ᠬᠥᠬᠥ ᠪᠡᠨ ᠳᠣᠣᠷ᠎ᠠ ᠠ᠋ᠴᠠ ᠨᠢ ᠡᠪᠯᠢᠭᠬᠡᠨ ᠬᠤᠮᠢᠵᠤ ᠬᠥᠬᠥᠨ ᠦ᠌ ᠪᠡᠨ ᠴᠡᠴᠡᠭ ᠢ᠋ ᠬᠥᠨᠳᠡᠢᠬᠡᠨ ᠲᠡᠮᠲᠡᠷᠢᠵᠦ ᠴᠢᠮᠬᠢᠯᠡᠭᠡᠳ ᠳᠠᠬᠢᠨ ᠬᠣᠶᠠᠷ ᠠᠯᠠᠭ᠎ᠠ ᠪᠠᠷ ᠢ᠋ᠶ᠋ᠠᠨ ᠳᠠᠷᠤᠵᠤ ᠳᠡᠮᠲᠡᠢᠬᠡᠨ ᠥᠷᠥᠨ᠎ᠡ᠃ 
      《ᠪᠢ ᠴᠣᠬᠣᠮ ᠬᠠᠮᠢᠭ᠎ᠠ ᠢᠷᠡᠴᠢᠬᠡᠪᠡ? ᠥᠭᠡᠷ᠎ᠡ ᠶᠢᠷᠲᠢᠨᠴᠦ ᠳ᠋ᠦ᠍ ᠢᠷᠡᠴᠢᠬᠡᠯ᠎ᠡ ᠭᠡᠵᠦ ᠤᠤ?》 ᠭᠡᠵᠦ ᠪᠡᠶ᠎ᠡ ᠪᠡᠨ ᠢᠲᠡᠭᠡᠬᠦ ᠦᠭᠡᠢ ᠪᠣᠯᠪᠠᠴᠤ ᠪᠡᠶ᠎ᠡ ᠡᠴᠡ ᠪᠡᠨ ᠢᠩᠭᠢᠵᠦ ᠠᠰᠠᠭᠤᠪᠠ᠃ ᠵᠥᠪ ᠬᠠᠷᠢᠭᠤᠯᠲᠠ ᠣᠯᠵᠤ ᠴᠢᠳᠠᠭ᠎ᠠ ᠦᠭᠡᠢ᠃《ᠪᠢ ᠴᠣᠬᠣᠮ ᠦᠬᠦᠴᠢᠬᠡᠭᠰᠡᠨ ᠤᠤ? ᠠᠮᠢᠳᠤ ᠪᠠᠢᠭ᠎ᠠ ᠶᠤᠮ ᠤᠤ?》 ᠭᠡᠵᠦ ᠵᠠᠮᠤᠷ ① ᠤ᠋ᠨ ᠥᠷᠭᠡᠰᠦ ᠪᠡᠷ ᠬᠤᠷᠤᠭᠤ ᠪᠠᠨ ᠬᠠᠳᠬᠤᠵᠤ ᠦᠵᠡᠪᠡ᠃ ᠵᠢᠮ ᠬᠢᠨ ᠵᠢᠷᠦᠬᠡᠨ ᠳ᠋ᠦ᠍ ᠣᠷᠣᠲᠠᠯ᠎ᠠ ᠡᠪᠡᠳᠦᠨ ᠳᠣᠯᠢᠶᠠᠪᠤᠷ ᠬᠤᠷᠤᠭᠤᠨ ᠤ᠋ ᠥᠨᠳᠡᠭᠡᠨ ᠡᠴᠡ ᠨᠢ ᠤᠯᠠᠭᠠᠨ ᠴᠢᠰᠤ ᠮᠡᠯᠬᠢᠪᠡ᠃《ᠪᠢ ᠦᠬᠦᠭᠡ ᠦᠭᠡᠢ ᠪᠠᠢᠨ᠎ᠠ》 ᠭᠡᠵᠦ ᠴᠢᠰᠤ ᠪᠠᠨ ᠦᠵᠡᠵᠦ ᠮᠡᠳᠡᠭᠡᠳ ᠭᠣᠩᠴᠣᠭᠷᠠᠬᠤ᠎ᠠ ᠤᠷᠠᠨ ᠬᠡᠯᠡ ᠲᠡᠢ ᠤᠯᠠᠭᠠᠨ ᠬᠦᠵᠦᠭᠦᠲᠦ ᠠᠯᠠᠭ ᠰᠢᠪᠠᠭᠤᠨ ᠠ᠋ᠴᠠ ᠠᠰᠠᠭᠤᠶ᠎ᠠ《ᠴᠢ ᠨᠠᠮᠠᠶ᠋ᠢ ᠬᠠᠮᠢᠭ᠎ᠠ ᠶᠠᠮᠠᠷ ᠭᠠᠵᠠᠷ ᠳᠠᠭᠠᠭᠤᠯᠤᠭᠠᠳ ᠢᠷᠡᠴᠢᠬᠡᠪᠡ?》 ᠭᠡᠬᠦ ᠳ᠋ᠦ᠍ ᠰᠢᠭᠤᠢ ᠳᠣᠲᠣᠷ᠎ᠠ ᠱᠤᠯᠤᠭᠠᠨᠠᠭᠰᠠᠨ ᠣᠯᠠᠨ ᠰᠢᠪᠠᠭᠤ ᠳᠣᠲᠣᠷ᠎ᠠ ᠤᠯᠠᠭᠠᠨ ᠬᠦᠵᠦᠭᠦᠲᠦ ᠠᠯᠠᠭ ᠰᠢᠪᠠᠭᠤ ᠠᠯᠠᠭ᠎ᠠ ᠪᠠᠢᠪᠠ᠃ 
       ᠲᠡᠷᠡ ᠱᠠᠯᠳᠠᠩ ᠪᠦᠰᠡᠭᠦᠢ ᠬᠣᠶᠠᠷ ᠬᠥᠬᠥ ᠪᠡᠨ ᠳᠡᠮᠲᠡᠢᠬᠡᠨ ᠥᠷᠥᠵᠦ ᠥᠷᠥᠭᠡᠳ ᠲᠡᠷᠡ ᠭᠥᠯᠢᠭᠡᠷ ᠬᠠᠳᠠᠨ ᠳᠡᠭᠡᠷ᠎ᠡ ᠲᠩᠷᠢ ᠬᠠᠨᠳᠤᠨ ᠬᠡᠪᠲᠡᠪᠡ᠃  
       ᠭᠠᠩ ᠤ᠋ᠨ ᠲᠩᠷᠢ ᠶ᠋ᠢᠨ ᠶᠠᠪᠠᠭᠠᠨ ᠰᠢᠭᠤᠷᠭ᠎ᠠ ᠬᠠᠮᠠᠷ ᠬᠠᠳᠬᠤᠬᠤ ᠡᠪᠡᠰᠦ ᠦᠭᠡᠢ ᠮᠠᠩᠬ᠎ᠠ ᠶ᠋ᠢ ᠱᠦᠭᠦᠷᠳᠡᠵᠦ ᠲᠠᠯ᠎ᠠ ᠶ᠋ᠢᠨ ᠬᠠᠭᠤᠷᠠᠢ ᠬᠤᠳᠳᠤᠭ ᠲᠤ ᠲᠠᠭᠯᠠᠷᠠᠵᠤ ᠠᠪᠤᠭᠠᠳ ᠳᠠᠬᠢᠨ ᠰᠢᠷᠦᠭᠦᠰᠦᠨ ᠳᠣᠭᠰᠢᠷᠠᠵᠤ ᠭᠠᠭᠴᠠᠬᠠᠨ ᠪᠤᠲᠠ ᠲᠠᠢ ᠨᠠᠮᠬᠠᠨ ᠬᠥᠲᠥᠯ ᠦ᠋ᠨ ᠪᠤᠲᠠ ᠶ᠋ᠢ ᠦᠨᠳᠦᠰᠦ ᠪᠡᠷ ᠨᠢ ᠡᠷᠭᠢᠭᠦᠯᠴᠢᠬᠡᠮᠡᠷ ᠬᠠᠤᠭᠢᠵᠤ ᠵᠢᠯᠠᠭ᠎ᠠ ᠤᠷᠤᠭᠤᠳᠠᠨ ᠬᠤᠢᠰᠠᠭᠠᠨᠠᠨ᠎ᠠ᠃ ᠭᠠᠩ ᠤ᠋ᠨ ᠲᠩᠷᠢ ᠶ᠋ᠢᠨ ᠭᠠᠯᠵᠠᠭᠤ ᠲᠠᠢ ᠰᠠᠯᠬᠢ ᠨᠠᠮᠬᠠᠨ ᠬᠥᠲᠥᠯ ᠦ᠋ᠨ ᠳᠣᠣᠷᠠᠬᠢ ᠬᠠᠷᠠᠵᠠ ᠶ᠋ᠢᠨ ᠬᠠᠪᠬᠠᠭᠠᠰᠤ ᠶ᠋ᠢ ᠬᠠᠭᠤᠯᠴᠢᠬᠠᠮᠠᠷ ᠪᠣᠯᠬᠤ ᠴᠦ᠍ ᠰᠢᠭ᠋᠂ ᠬᠠᠷᠢᠨ ᠪᠠᠰᠠ ᠬᠠᠷᠠᠵᠠ ᠶ᠋ᠢᠨ ᠮᠡᠯᠲᠡᠯᠵᠡᠭᠰᠡᠨ ᠬᠥᠭᠡᠷᠦᠬᠦᠨ ᠠᠨᠢᠰᠬ᠎ᠠ ᠶ᠋ᠢ ᠶᠠᠮᠠᠷ ᠨᠢᠭᠡ ᠶᠠᠭᠤᠮ᠎ᠠ ᠪᠠᠷ ᠲᠠᠭᠯᠠᠴᠢᠬᠠᠮᠠᠷ ᠪᠣᠯᠬᠤ ᠨᠢ ᠰᠣᠨᠢᠨ ᠠ᠋! 
       ᠭᠡᠨᠡᠳᠲᠡ ᠲᠡᠷᠡ ᠱᠠᠯᠳᠠᠩ ᠪᠦᠰᠡᠭᠦᠢ ᠴᠢᠨᠡᠭᠡ ᠮᠡᠳᠡᠨ ᠬᠠᠰᠬᠢᠷᠤᠨ᠎ᠠ᠁ 
       — ᠭᠣᠩᠴᠣᠭᠷᠠᠬᠤ᠎ᠠ ᠠ᠋᠂ ᠴᠢ ᠠᠮᠢᠳᠤ ᠪᠠᠢᠪᠠᠯ ᠨᠠᠭᠠᠰᠢ ᠪᠠᠨ ᠢᠷ᠎ᠡ! ᠡᠨᠡ ᠬᠣᠷᠸ᠎ᠠ ᠳ᠋ᠤ᠌ ᠬᠤᠪᠢ ᠲᠠᠢ ᠲᠥᠷᠥᠭᠰᠡᠨ ᠬᠡᠦᠬᠡᠨ ᠪᠡᠶ᠎ᠡ ᠶ᠋ᠢ ᠮᠢᠨᠢ ᠴᠢᠮ᠎ᠠ ᠠ᠋ᠴᠠ ᠥᠭᠡᠷ᠎ᠡ ᠡᠷ᠎ᠡ ᠬᠥᠮᠦᠨ ᠡᠳ᠋ᠯᠡᠬᠦ ᠡᠷᠬᠡ ᠦᠭᠡᠢ᠃ ᠨᠠᠭᠠᠰᠢ ᠪᠠᠨ ᠢᠷ᠎ᠡ᠁ ᠲᠠᠮᠢᠷ ᠢ᠋ ᠴᠢᠨᠢ ᠲᠡᠩᠰᠡᠶ᠎ᠡ᠁ ᠭᠡᠵᠦ ᠬᠡᠯᠡᠬᠦ ᠰᠢᠭ ᠭᠣᠩᠴᠣᠭᠷᠠᠬᠤ᠎ᠠ ᠳ᠋ᠤ᠌ ᠰᠣᠨᠣᠰᠳᠠᠪᠠ᠃ 
       ᠱᠠᠯᠳᠠᠩ ᠪᠦᠰᠡᠭᠦᠢ ᠶ᠋ᠢᠨ ᠬᠠᠳᠠ ᠴᠤᠤᠷᠢᠶᠠᠲᠤᠲᠠᠯ᠎ᠠ ᠬᠠᠰᠬᠢᠷᠤᠭᠰᠠᠨ ᠳᠠᠭᠤᠨ ᠳ᠋ᠤ᠌ ᠣᠢ ᠶ᠋ᠢᠨ ᠰᠢᠪᠠᠭᠤᠳ ᠦᠷᠭᠦᠵᠦ ᠫᠦᠷ ᠫᠦᠷ ᠬᠢᠨ ᠮᠣᠳᠣᠨ ᠤ᠋ ᠮᠥᠴᠢᠷ ᠳᠠᠮᠵᠢᠨ ᠨᠢᠰᠦᠨ᠎ᠡ᠃  
       ᠲᠡᠷᠡ ᠱᠠᠯᠳᠠᠩ ᠪᠦᠰᠡᠭᠦᠢ ᠪᠡᠯᠬᠡᠭᠦᠰᠦ ᠪᠡᠷ ᠢ᠋ᠶ᠋ᠡᠨ ᠨᠠᠢᠭᠤᠨ ᠬᠣᠲᠣᠯᠵᠠᠬᠤ ᠳ᠋ᠤ᠌ ᠬᠣᠶᠠᠷ ᠬᠥᠬᠥ ᠨᠢ ᠴᠡᠴᠡᠷᠭᠡᠨᠡᠨ᠎ᠡ᠃ ᠡᠨᠡ ᠪᠦᠬᠦᠨ ᠢ᠋ ᠬᠠᠷᠠᠭᠰᠠᠨ ᠭᠣᠩᠴᠣᠭᠷᠠᠬᠤ᠎ᠠ ᠶ᠋ᠢᠨ ᠳᠣᠲᠣᠷ᠎ᠠ ᠦᠯᠦ ᠮᠡᠳᠡᠭ ᠨᠢᠭᠡ ᠵᠦᠢᠯ ᠦ᠋ᠨ ᠣᠢᠯ ᠡᠭᠦᠰᠴᠦ ᠲᠡᠪᠴᠢᠶᠡᠷᠢ ᠠᠯᠳᠠᠭᠤᠯᠤᠨ᠎ᠠ᠃《ᠡᠮ᠎ᠡ ᠪᠦᠬᠦᠨ ᠢᠩᠭᠢᠳᠡᠭ ᠴᠦ᠍ ᠪᠢᠯᠡ ᠤᠤ⁈》 ᠭᠡᠵᠦ ᠡᠷ᠎ᠡ ᠪᠤᠯᠴᠢᠩ ᠨᠢ ᠴᠢᠩᠭᠠᠷᠠᠭᠰᠠᠨ ᠳ᠋ᠠᠭᠠᠨ ᠵᠣᠷᠢᠭ ᠨᠢ ᠪᠦᠳᠦᠭᠦᠷᠡᠨ ᠲᠡᠷᠡ ᠱᠠᠯᠳᠠᠩ ᠪᠦᠰᠡᠭᠦᠢ ᠶ᠋ᠢᠨ ᠳᠡᠭᠡᠷ᠎ᠡ ᠮᠣᠷᠳᠠᠴᠢᠬᠠᠮᠠᠷ ᠲᠠᠴᠢᠶᠠᠯ ᠤ᠋ᠨ ᠭᠠᠯ ᠨᠢ ᠳᠦᠷᠡᠯᠵᠡᠨ᠎ᠡ᠃ 
       ᠲᠡᠷᠡ ᠱᠠᠯᠳᠠᠩ ᠪᠦᠰᠡᠭᠦᠢ ᠬᠡᠳᠦᠨᠲᠡ ᠭᠠᠯᠵᠠᠭᠤᠲᠠᠢ ᠬᠠᠰᠬᠢᠷᠤᠭᠠᠳ ᠪᠡᠶ᠎ᠡ ᠨᠢ ᠲᠠᠢᠪᠤᠰᠢᠷᠠᠨ ᠰᠤᠯᠠᠷᠠᠵᠤ᠂ ᠦᠬᠦᠭᠰᠡᠨ ᠰᠢᠭ ᠬᠥᠳᠡᠯᠦᠯ ᠦᠭᠡᠢ ᠰᠤᠯᠳᠠᠢᠨ ᠬᠡᠪᠲᠡᠨ᠎ᠡ᠃ 
       ᠭᠣᠩᠴᠣᠭᠷᠠᠬᠤ᠎ᠠ ᠲᠡᠷᠡ ᠱᠠᠯᠳᠠᠩ ᠪᠦᠰᠡᠭᠦᠢ ᠶ᠋ᠢᠨ ᠨᠠᠮ ᠤᠨᠲᠠᠭᠰᠠᠨ ᠢ᠋ ᠬᠠᠷᠠᠭᠠᠳ ᠳᠡᠷᠭᠡᠳᠡ ᠨᠢ ᠣᠴᠢᠬᠤ ᠶᠤᠮᠰᠠᠨ ᠭᠡᠳᠡᠭ ᠪᠣᠳᠣᠯ ᠢ᠋ᠶ᠋ᠠᠨ ᠬᠤᠷᠢᠶᠠᠵᠤ《ᠵᠠ᠂ ᠪᠣᠯᠢᠶ᠎ᠠ ᠳᠠ᠂ ᠡᠨᠡ ᠱᠠᠯᠳᠠᠩ ᠪᠦᠰᠡᠭᠦᠢ ᠴᠣᠬᠣᠮ ᠬᠥᠮᠦᠨ ᠤᠤ? ᠴᠢᠳᠬᠥᠷ ᠤᠤ? ᠠᠯᠢ ᠡᠰᠡᠪᠡᠰᠦ ᠪᠤᠷᠬᠠᠨ ᠤᠤ?》 ᠭᠡᠵᠦ ᠪᠣᠳᠣᠭᠠᠳ ᠡᠨᠳᠡ ᠡᠴᠡ ᠬᠤᠷᠳᠤᠨ ᠵᠠᠢᠯᠠᠵᠤ ᠶᠠᠪᠤᠶ᠎ᠠ᠃ ᠤᠯᠠᠭᠠᠨ ᠬᠦᠵᠦᠭᠦᠲᠦ ᠠᠯᠠᠭ ᠰᠢᠪᠠᠭᠤ ᠡᠩ ᠦ᠋ᠨ ᠰᠢᠪᠠᠭᠤ ᠪᠢᠰᠢ᠃ ᠴᠠᠭᠠᠨ᠎ᠠ ᠪᠠᠨ ᠨᠢᠭᠡ ᠯᠡ ᠣᠨᠳᠣᠣ ᠶᠤᠮ! ᠳᠡᠭᠡᠳᠦ ᠲᠩᠷᠢ ᠡᠰᠡᠬᠦᠯ᠎ᠡ ᠮᠤᠨᠠ ᠬᠠᠨ᠂ ᠮᠡᠷᠭᠡᠨ ᠴᠠᠭᠠᠨ ᠯᠠᠮᠠᠬᠠᠢ ᠨᠠᠮᠠᠶ᠋ᠢ ᠰᠢᠯᠭᠠᠵᠤ᠂ ᠡᠷ᠎ᠡ ᠰᠢᠨᠳᠠᠰᠤ᠂ ᠬᠥᠮᠦᠨ ᠮᠥᠰᠥ ᠶ᠋ᠢ ᠮᠢᠨᠢ ᠲᠡᠩᠰᠡᠵᠦ ᠪᠠᠢᠭ᠎ᠠ ᠴᠦ᠍ ᠶᠠᠳᠠᠬᠤ ᠦᠭᠡᠢ᠃ ᠪᠣᠯᠢᠶ᠎ᠠ᠂ ᠡᠨᠳᠡ ᠡᠴᠡ ᠬᠤᠷᠳᠤᠬᠠᠨ ᠵᠠᠢᠯᠠᠵᠤ ᠶᠠᠪᠤᠶ᠎ᠠ! ᠭᠡᠳ ᠪᠣᠰᠲᠠᠯ᠎ᠠ᠄  
       — ᠭᠣᠩᠴᠣᠭᠷᠠᠬᠤ᠎ᠠ ᠠ᠋᠂ ᠴᠢ ᠶᠠᠮᠠᠷ ᠴᠦ᠍ ᠨᠢᠭᠦᠯ ᠬᠢᠭᠡ ᠦᠭᠡᠢ ᠪᠣᠯᠪᠠᠴᠤ᠂ ᠡᠷ᠎ᠡ ᠬᠥᠮᠦᠨ ᠦ᠌ ᠰᠥᠰᠥ ᠵᠣᠷᠢᠭ ᠦᠭᠡᠢ ᠶᠦᠮ ᠪᠠᠢᠨ᠎ᠠ᠃ ᠲᠡᠷᠡ ᠱᠠᠯᠳᠠᠩ ᠪᠦᠰᠡᠭᠦᠢ ᠪᠣᠯ ᠴᠢᠨᠦ ᠬᠠᠢᠷᠠᠯᠠᠵᠤ ᠥᠩᠭᠡᠷᠡᠭᠰᠡᠨ ᠨᠣᠮᠢᠨ ᠴᠢᠨᠢ ᠮᠥᠨ! ᠴᠢ ᠲᠡᠷᠡ ᠱᠠᠯᠳᠠᠩ ᠪᠦᠰᠡᠭᠦᠢ ᠳᠡᠭᠡᠷ᠎ᠡ ᠣᠴᠢᠳᠠᠭ ᠶᠤᠮ ᠰᠢᠦ! ᠪᠤᠷᠬᠠᠨ ᠲᠩᠷᠢ ᠦᠨᠡᠬᠡᠷ ᠴᠢᠮᠠᠶ᠋ᠢ ᠢᠪᠡᠭᠡᠨ ᠬᠠᠢᠷᠠᠯᠠᠵᠤ ᠪᠠᠢᠭ᠎ᠠ᠁ ᠭᠡᠵᠦ ᠨᠢᠭᠡ ᠬᠥᠮᠦᠨ ᠲᠡᠭᠦᠨ ᠦ᠌ ᠴᠢᠬᠢᠨ ᠳ᠋ᠦ᠍ ᠰᠢᠪᠡᠨᠡᠬᠦ ᠰᠢᠭ ᠪᠣᠯᠤᠭᠰᠠᠨ ᠴᠦ᠍ ᠲᠡᠷᠡ ᠪᠣᠳᠣᠯ ᠳ᠋ᠠᠭᠠᠨ ᠠᠪᠤᠭᠰᠠᠨ ᠦᠭᠡᠢ᠃ 
       ᠰᠢᠷᠦᠭᠦᠨ ᠬᠠᠳᠠ ᠲᠠᠢ ᠡᠩᠭᠡᠷ ᠦ᠋ᠨ ᠪᠠᠷᠠᠭᠤᠨ ᠵᠢᠯᠠᠭᠠᠨ ᠳ᠋ᠤ᠌ ᠡᠯᠢᠶ᠎ᠡ ᠰᠢᠪᠠᠭᠤ ᠡᠷᠭᠢᠵᠦ ᠬᠠᠷ᠎ᠠ ᠬᠡᠷᠢᠶ᠎ᠡ ᠭᠤᠸᠠᠭᠯᠠᠬᠤ ᠳᠠᠭᠤᠨ ᠲᠡᠭᠦᠨ ᠢ᠋ ᠬᠥᠲᠥᠯᠵᠦ ᠲᠡᠷᠡ ᠵᠦᠭ ᠢ᠋ ᠵᠣᠷᠢᠪᠠ᠃ 
       ᠭᠣᠩᠴᠣᠭᠷᠠᠬᠤ᠎ᠠ ᠭᠡᠳᠡᠰᠦ ᠨᠢ ᠬᠣᠷᠴᠢᠭᠢᠨᠠᠬᠤᠯᠠᠷ ᠰᠠᠶᠢ ᠥᠯᠥᠰᠦᠭᠰᠡᠨ ᠢ᠋ᠶ᠋ᠡᠨ ᠮᠡᠳᠡᠵᠡᠢ᠃ 

– – – –
① ᠨᠢᠭᠡ ᠵᠦᠢᠯ ᠦ᠋ᠨ ᠰᠢᠷ᠎ᠠ ᠴᠡᠴᠡᠭ ᠳᠡᠯᠭᠡᠷᠡᠳᠡᠭ ᠥᠷᠭᠡᠰᠦᠲᠦ ᠪᠤᠲᠠᠯᠢᠭ ᠮᠣᠳᠣ᠃ 

            ᠦᠰᠦᠭ ᠠᠮᠢᠯᠠᠭᠤᠯᠤᠭᠴᠢ᠄  ᠭᠠᠷᠮ᠎ᠠ