ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ-ᠬᠣᠶᠠᠳᠤᠭᠠᠷ ᠪᠦᠯᠦᠭ ᠪᠣᠳᠢ ᠰᠡᠳᠬᠢᠯ ᠦ᠋ᠨ ᠬᠦᠴᠦ Сорхугтани бэх хатан-Бямбын Сарантуяа
— ᠣᠴᠢᠵᠤ ᠣᠴᠢᠵᠤ ᠵᠠᠬ᠎ᠠ ᠬᠠᠮᠪᠤ ᠠ᠋ᠴᠠ ᠡᠰᠢ ᠦᠵᠡᠭᠦᠯᠦᠭᠴᠢ ᠬᠠᠲᠤᠨ ᠲᠥᠷᠥᠭᠡᠳ ᠪᠠᠢᠬᠤ ᠳ᠋ᠠᠭᠠᠨ ᠴᠤ᠌ ᠶᠠᠭᠠᠬᠢᠬᠤ ᠪᠣᠢ ᠳᠠ ᠭᠡᠰᠡᠨ ᠶᠠᠷᠢᠶ᠎ᠠ ᠨᠢᠭᠡᠨ ᠬᠠᠲᠤᠨ ᠤ᠋ ᠦᠷᠭᠦᠭᠡᠨ ᠳ᠋ᠦ᠍ ᠥᠷᠨᠢᠵᠦ ᠪᠠᠢᠪᠠ᠃ ᠦᠷᠭᠦᠭᠡᠨ᠎ᠡ ᠥᠭᠡᠳᠡᠢ ᠶ᠋ᠢᠨ ᠬᠠᠲᠤᠳ ᠮᠦᠬᠡ᠂ ᠲᠦᠷᠭᠡᠨ᠎ᠡ᠂ ᠴᠠᠭᠠᠲᠠᠢ ᠶ᠋ᠢᠨ ᠬᠠᠲᠤᠨ ᠬᠤᠳᠤᠭᠠᠢ ᠪᠣᠯᠤᠨ ᠥᠭᠡᠷ᠎ᠡ ᠬᠣᠶᠠᠷ ᠬᠠᠲᠤᠨ ᠪᠠᠢᠬᠤ ᠠᠭᠠᠳ ᠲᠦᠷᠭᠡᠨ᠎ᠡ ᠬᠠᠲᠤᠨ᠄
— ᠪᠤᠷᠬᠠᠨ ᠬᠦᠷᠲᠡᠯ᠎ᠡ ᠰᠢᠪᠡᠷ ᠱᠠᠯᠪᠠᠭ ᠤ᠋ᠨ ᠳᠤᠮᠳᠠ ᠠ᠋ᠴᠠ ᠮᠡᠨᠳᠦᠯᠡᠵᠦ ᠪᠣᠯᠳᠠᠭ ᠬᠡ ᠪᠢᠵᠡ ᠳᠡ ᠬᠡᠮᠡᠬᠦ ᠬᠠᠷᠢᠭᠤ ᠶ᠋ᠢ ᠰᠣᠨᠣᠰᠤᠭᠰᠠᠨ ᠮᠦᠬᠡ ᠬᠠᠲᠤᠨ ᠠᠭᠤᠷᠰᠠᠬᠤ ᠳ᠋ᠠᠭᠠᠨ᠄
— ᠬᠡᠷᠪᠡ ᠪᠤᠷᠬᠠᠨ ᠰᠢᠪᠠᠷ ᠤ᠋ᠨ ᠳᠣᠲᠣᠷ᠎ᠠ ᠠ᠋ᠴᠠ ᠮᠡᠨᠳᠦᠯᠡᠳᠡᠭ ᠪᠠᠢᠭᠰᠠᠨ ᠪᠣᠯ ᠰᠥᠩ ᠤᠯᠤᠰ ᠠ᠋ᠴᠠ ᠠᠪᠴᠤ ᠢᠷᠡᠭᠰᠡᠨ ᠰᠢᠪᠠᠷᠴᠢᠨ ᠠ᠋ᠴᠠ ᠬᠡᠳᠦ ᠬᠡᠳᠦᠨ ᠪᠤᠷᠬᠠᠨ ᠲᠥᠷᠥᠬᠦ ᠪᠠᠢᠯ᠎ᠠ᠃ ᠨᠡᠷ᠎ᠡ ᠪᠡᠨ ᠴᠦ᠍ ᠬᠡᠯᠡᠵᠦ ᠴᠢᠳᠠᠬᠤ ᠦᠭᠡᠢ ᠶᠠᠭᠤᠮ᠎ᠠ ᠨᠤᠭᠤᠳ ᠪᠠᠢᠵᠤ ᠯᠠ ᠪᠠᠢᠨ᠎ᠠ ᠳ᠋ᠠᠭ ᠭᠡᠮᠡᠨ ᠴᠢᠬᠤᠯᠳᠠᠨ ᠥᠭᠦᠯᠡᠯ᠎ᠡ᠃ ᠮᠦᠬᠡ ᠬᠠᠲᠤᠨ ᠰᠠᠶᠢ ᠶ᠋ᠢᠨ ᠪᠣᠯᠵᠤ ᠥᠩᠭᠡᠷᠡᠭᠰᠡᠨ ᠦᠢᠯᠡ ᠶᠠᠪᠤᠳᠠᠯ ᠳ᠋ᠤ᠌ ᠶᠡᠬᠡ ᠯᠡ ᠳᠤᠷᠠᠮᠵᠢᠬᠠᠨ ᠪᠠᠢᠭ᠎ᠠ ᠪᠠᠨ ᠨᠢᠭᠤᠵᠤ ᠴᠢᠳᠠᠬᠤ ᠦᠭᠡᠢ ᠪᠠᠢᠭ᠎ᠠ ᠨᠢ ᠨᠢᠭᠤᠷ ᠳᠡᠭᠡᠷ᠎ᠡ ᠨᠢ ᠪᠢᠴᠢᠭᠡᠰᠦᠲᠡᠢ ᠬᠠᠷᠠᠭᠳᠠᠨ᠎ᠠ᠃ ᠴᠠᠭᠠᠲᠠᠢ ᠶ᠋ᠢᠨ ᠬᠠᠲᠤᠨ ᠬᠣᠳᠣᠭᠠᠢ ᠶᠠᠷᠢᠶᠠᠨ ᠳ᠋ᠤ᠌ ᠣᠷᠣᠯᠴᠠᠵᠤ᠄
—ᠰᠤᠷᠬᠠᠭᠲᠠᠨᠢ ᠰᠤᠳᠤᠷ ᠨᠣᠮ ᠳ᠋ᠤ᠌ ᠳᠤᠷᠠᠲᠠᠢ᠂ ᠰᠤᠤ ᠪᠢᠯᠢᠭ ᠲᠡᠭᠦᠰ ᠨᠢᠭᠡᠨ ᠭᠡᠳᠡᠭ ᠢ᠋ ᠣᠯᠠᠨ ᠬᠥᠮᠦᠨ ᠮᠡᠳᠡᠳᠡᠭ ᠰᠢᠦ ᠳᠡ᠃ ᠲᠡᠷᠡ ᠡᠰᠢ ᠦᠵᠡᠭᠦᠯᠦᠭᠴᠢ ᠪᠠᠢᠬᠤ ᠨᠢ ᠨᠢᠳᠦ ᠪᠡᠨ ᠣᠯᠤᠭᠰᠠᠨ ᠬᠡᠷᠡᠭ ᠪᠤᠰᠤ ᠤᠤ ᠭᠡᠵᠦ ᠬᠡᠯᠡᠭᠰᠡᠨ ᠢ᠋ᠶ᠋ᠡᠨ ᠬᠡᠵᠢᠶᠡᠨ ᠡᠴᠡ ᠪᠡᠨ ᠬᠣᠣᠷ ᠰᠢᠷ᠎ᠠ ᠲᠠᠢ ᠬᠠᠲᠤᠳ ᠠᠮᠠᠨ ᠳᠡᠭᠡᠷ᠎ᠡ ᠪᠡᠨ ᠣᠷᠣᠵᠤ ᠢᠷᠡᠭᠰᠡᠨ ᠦᠭᠡ ᠪᠡᠨ ᠰᠢᠭᠦᠨ ᠳᠤᠩᠭᠠᠯ ᠦᠭᠡᠢ ᠳᠡᠮᠡᠢ ᠬᠡᠯᠡᠭᠰᠡᠨ ᠳ᠋ᠡᠭᠡᠨ ᠭᠡᠮᠰᠢᠩᠭᠦᠢ ᠳᠣᠷᠣᠭᠰᠢ ᠬᠠᠷᠠᠯ᠎ᠠ᠃
ᠲᠦᠷᠭᠡᠨ᠎ᠡ ᠬᠠᠲᠤᠨ ᠪᠣᠳᠣᠯ ᠪᠣᠯᠤᠨ ᠰᠠᠭᠤᠭᠰᠠᠨ ᠢ᠋ᠶ᠋ᠠᠨ᠄
—ᠬᠥᠭᠡᠷᠦᠬᠦᠢ ᠳᠡ᠂ ᠭᠠᠵᠠᠷ ᠳᠡᠭᠡᠷ᠎ᠡ ᠭᠠᠭᠴᠠᠭᠠᠷ ᠢ᠋ᠶ᠋ᠠᠨ ᠰᠢᠬᠠᠭᠤ ᠠᠮᠢᠲᠠᠨ᠃ ᠪᠢ ᠬᠤᠪᠢ ᠳ᠋ᠠᠭᠠᠨ ᠦᠷᠦ ᠡᠪᠡᠳᠴᠦ ᠰᠠᠭᠤᠳᠠᠭ ᠶᠤᠮ᠃ ᠲᠡᠷᠡ ᠴᠦ᠍ ᠪᠠᠰᠠ ᠡᠯᠳᠡᠪ ᠶᠠᠭᠤᠮ᠎ᠠ ᠪᠣᠳᠣᠯ ᠦᠭᠡᠢ ᠬᠡᠯᠡᠭᠰᠡᠨ ᠦᠭᠡᠨ ᠳ᠋ᠡᠭᠡᠨ ᠬᠣᠲᠤᠭᠠᠢ ᠶ᠋ᠢᠨ ᠠᠳᠠᠯᠢ ᠮᠦᠬᠡ ᠬᠠᠲᠤᠨ ᠠ᠋ᠴᠠ ᠰᠠᠨᠠᠭ᠎ᠠ ᠨᠢ ᠵᠣᠪᠠᠰᠭᠢᠵᠤ᠂ ᠳᠠᠭᠠᠷᠢᠨ ᠳᠡᠭᠡᠷ᠎ᠡ ᠳᠠᠪᠤᠰᠤ ᠨᠡᠮᠡᠭᠡᠳ ᠶᠠᠭᠤ ᠬᠢᠬᠦ ᠪᠣᠢ ᠭᠡᠰᠡᠨ ᠪᠠᠢᠷᠢ ᠲᠠᠢ ᠦᠭᠡ ᠪᠡᠨ ᠦᠷᠭᠦᠯᠵᠢᠯᠡᠭᠦᠯᠦᠨ᠄
— ᠭᠡᠬᠦ ᠳ᠋ᠡᠭᠡᠨ ᠵᠠᠬ᠎ᠠ ᠬᠠᠮᠪᠤ ᠪᠣᠯ ᠾᠷᠢᠰᠲ᠋ᠣᠰ ᠤ᠋ᠨ ᠱᠠᠰᠢᠨᠲᠠᠨ᠂ ᠶᠠᠭᠠᠬᠢᠪᠠᠴᠤ ᠲᠡᠭᠦᠨ ᠦ᠌ ᠥᠬᠢᠨ ᠪᠤᠷᠬᠠᠨ ᠤ᠋ ᠱᠠᠰᠢᠨ ᠤ᠋ ᠡᠰᠢ ᠦᠵᠡᠭᠦᠯᠦᠭᠴᠢ ᠪᠠᠢᠮᠠᠷ ᠦᠭᠡᠢ ᠰᠠᠨᠠᠭᠳᠠᠨ᠎ᠠ ᠭᠡᠵᠦ ᠬᠡᠯᠡᠭᠰᠡᠨ ᠦᠭᠡ ᠪᠡᠨ ᠪᠤᠯᠵᠠᠭᠠᠷᠠᠭᠤᠯᠤᠯᠠ᠃ ᠮᠦᠬᠡ ᠬᠠᠲᠤᠨ ᠪᠤᠰᠤᠳ ᠬᠠᠲᠤᠳ ᠤ᠋ᠨ ᠶᠠᠷᠢᠶ᠎ᠠ ᠶ᠋ᠢ ᠰᠣᠨᠣᠰᠤᠩᠭᠠᠨ ᠥᠪᠡᠷ ᠲᠤᠨᠢ ᠲᠡᠳᠦᠢᠯᠡᠨ ᠲᠠᠭᠠᠲᠠᠢ ᠪᠠᠷ ᠬᠠᠨᠳᠤᠵᠤ᠂ ᠨᠢᠭᠡᠨ ᠴᠣᠯ ᠮᠡᠲᠦ ᠰᠠᠨᠠᠭ᠎ᠠ ᠡᠪᠯᠡᠬᠦ ᠦᠭᠡᠢ ᠪᠠᠢᠭ᠎ᠠ ᠳ᠋ᠤ᠌ ᠳᠣᠲᠣᠷ᠎ᠠ ᠪᠠᠨ ᠪᠤᠬᠢᠨᠢᠳᠤᠪᠠᠴᠤ᠂ ᠪᠡᠶ᠎ᠡ ᠪᠡᠨ ᠪᠠᠷᠢᠵᠤ ᠪᠣᠳᠣᠯ ᠪᠣᠯᠤᠨ ᠰᠠᠭᠤᠭᠰᠠᠨ ᠢ᠋ᠶ᠋ᠠᠨ ᠨᠢᠭᠡᠨ ᠵᠦᠢᠯ ᠰᠠᠨᠠᠭᠠᠨ ᠳ᠋ᠤᠨᠢ ᠣᠷᠣᠪᠠ ᠪᠣᠯᠤᠯᠲᠠᠢ᠄
— ᠰᠤᠷᠬᠠᠭᠲᠠᠨᠢ ᠦᠨᠡᠬᠡᠷ ᠡᠰᠢ ᠦᠵᠡᠭᠦᠯᠦᠭᠴᠢ ᠬᠠᠲᠤᠨ ᠮᠥᠨ ᠪᠢᠰᠢ ᠶ᠋ᠢ ᠪᠢᠳᠡ ᠮᠡᠳᠡᠬᠦ ᠳ᠋ᠦ᠍ ᠠᠮᠠᠷᠬᠠᠨ ᠪᠤᠰᠤ ᠤᠤ ᠭᠡᠮᠡᠨ ᠵᠠᠭᠤᠩᠬᠢᠳᠠᠭᠤᠬᠠᠨ ᠥᠭᠦᠯᠡᠪᠡ᠃
ᠬᠣᠳᠤᠭᠠᠢ ᠮᠦᠬᠡ ᠬᠠᠲᠤᠨ ᠤ᠋ ᠥᠭᠡᠳᠡ ᠡᠴᠡ ᠬᠠᠷᠠᠨ ᠠᠮᠠ ᠪᠠᠨ ᠠᠩᠭᠠᠢᠭᠰᠠᠨ ᠬᠡᠪ ᠢ᠋ᠶ᠋ᠡᠷ᠄
— ᠶᠠᠭᠠᠬᠢᠵᠤ ᠮᠡᠳᠡᠬᠦ ᠭᠡᠵᠦ ᠭᠡᠮᠡᠨ ᠭᠠᠢᠬᠠᠰᠢᠷᠠᠯᠠ᠃
ᠮᠦᠬᠡ ᠨᠢᠳᠦ ᠪᠡᠨ ᠣᠨᠢᠢᠯᠭᠠᠨ ᠪᠣᠳᠣᠯᠬᠢᠯᠠᠬᠤ ᠳ᠋ᠤ᠌ ᠵᠣᠪᠬᠢᠨ ᠳᠣᠣᠷᠠᠬᠢ ᠭᠦᠨ ᠦᠷᠴᠢᠯᠡᠭᠡᠰᠦ ᠢᠯᠡ ᠭᠠᠷᠴᠤ ᠢᠷᠡᠨ᠎ᠡ᠃
— ᠲᠤᠷᠰᠢᠵᠤ ᠦᠵᠡᠶ᠎ᠡ᠃ ᠲᠡᠷᠡ ᠦᠨᠡᠬᠡᠷ ᠡᠰᠢ ᠦᠵᠡᠭᠦᠯᠦᠭᠴᠢ ᠶᠦᠮ ᠪᠣᠯ ᠪᠢᠳᠡᠨ ᠳ᠋ᠦ᠍ ᠬᠠᠷᠠᠭᠤᠯᠤᠭ ᠭᠡᠰᠡᠨ ᠢ᠋ᠶ᠋ᠡᠷ ᠪᠤᠰᠤᠳ ᠬᠠᠲᠤᠳ ᠠᠲᠠᠭᠠᠷᠬᠠᠩᠭᠤᠢ ᠶᠠᠷᠢᠶ᠎ᠠ ᠴᠠᠭᠠᠰᠢᠯᠠᠨ ᠦᠷᠭᠦᠯᠵᠢᠯᠡᠯ᠎ᠡ᠃
ᠮᠦᠬᠡ ᠬᠠᠲᠤᠨ ᠪᠣᠯ ᠰᠤᠷᠬᠠᠭᠲᠠᠨᠢ ᠶ᠋ᠢᠨ ᠭᠡᠷ ᠪᠦᠯᠢ ᠳ᠋ᠦ᠍ ᠡᠷᠲᠡᠨ ᠦ᠌ ᠥᠰᠢᠶ᠎ᠡ ᠲᠡᠢ ᠨᠢᠭᠡᠨ ᠪᠠᠢᠪᠠ᠃ ᠲᠡᠭᠦᠨ ᠦ᠌ ᠡᠴᠢᠭᠡ ᠵᠠᠬ᠎ᠠ ᠬᠠᠮᠪᠤ᠂ ᠸᠠᠩ ᠬᠠᠨ ᠠᠬ᠎ᠠ ᠪᠣᠯᠤᠨ ᠠᠬ᠎ᠠ ᠳᠡᠭᠦᠦ ᠨᠠᠷ ᠲᠠᠢ ᠪᠠᠨ ᠨᠡᠢᠯᠡᠵᠦ ᠳᠠᠢᠳᠤᠵᠤ ᠶᠠᠪᠤᠬᠤ ᠳ᠋ᠠᠭᠠᠨ ᠮᠦᠬᠡ ᠶ᠋ᠢᠨ ᠭᠡᠷ ᠪᠦᠯᠢ ᠶ᠋ᠢᠨ ᠲᠤᠯᠭ᠎ᠠ ᠶ᠋ᠢ ᠰᠠᠮᠤᠷᠴᠤ᠂ ᠲᠤᠭᠤᠷᠭ᠎ᠠ ᠶ᠋ᠢ ᠨᠤᠷᠠᠭᠠᠭᠰᠠᠨ ᠢ᠋ ᠲᠡᠷᠡ ᠢᠮᠠᠭᠲᠠ ᠰᠠᠨᠠᠵᠤ ᠶᠠᠪᠤᠳᠠᠭ ᠪᠢᠯᠡ᠃
ᠡᠢᠨ ᠬᠦ᠌ ᠬᠠᠲᠤᠳ ᠤ᠋ᠨ ᠦᠷᠭᠦᠭᠡᠨ᠎ᠡ ᠡᠮ᠎ᠡ ᠬᠥᠮᠦᠨ ᠦ᠌ ᠠᠲᠠᠭ᠎ᠠ ᠬᠣᠷᠣᠰᠤᠯ ᠪᠢᠲᠡᠭᠦᠦ ᠬᠤᠷᠴᠠᠯᠠᠵᠤ ᠪᠠᠢᠬᠤ ᠳ᠋ᠤ᠌ ᠲᠤᠯᠤᠢ ᠶ᠋ᠢᠨ ᠭᠡᠷ ᠳᠠᠭᠤ ᠱᠣᠣ ᠲᠠᠢ ᠪᠠᠢᠯ᠎ᠠ᠃ ᠬᠦᠦ ᠮᠥᠩᠬᠡ ᠨᠢ ᠡᠵᠢ ᠡᠴᠡ ᠪᠡᠨ᠄
— ᠡᠵᠢ ᠠ᠋᠂ ᠡᠰᠢ ᠦᠵᠡᠭᠦᠯᠦᠭᠴᠢ ᠬᠠᠲᠤᠨ ᠭᠡᠵᠦ ᠶᠠᠭᠤ ᠰᠠᠨ ᠪᠢᠯᠡ? ᠭᠡᠵᠦ ᠠᠰᠠᠭᠤᠬᠤ ᠳ᠋ᠤ᠌ ᠲᠤᠯᠤᠢ ᠡᠴᠢᠭᠡ ᠨᠢ ᠶᠠᠷᠢᠶᠠᠨ ᠳ᠋ᠤ᠌ ᠣᠷᠣᠯᠴᠠᠵᠤ᠄
— ᠬᠦᠦ ᠮᠢᠨᠢ ᠪᠤᠷᠬᠠᠨ ᠤ᠋ ᠡᠯᠴᠢ ᠭᠡᠰᠡᠨ ᠦᠭᠡ᠃ ᠲᠡᠢᠮᠦ ᠡᠴᠡ ᠴᠢ ᠡᠵᠢ ᠪᠡᠨ ᠪᠤᠷᠬᠠᠨ ᠤ᠋ ᠡᠯᠴᠢ ᠭᠡᠵᠦ ᠬᠦᠯᠢᠶᠡᠵᠦ ᠠᠪ᠃ ᠲᠤᠯᠤᠢ ᠢᠯᠡᠳᠲᠡ ᠬᠠᠲᠤᠨ ᠢ᠋ᠶ᠋ᠠᠷ ᠢ᠋ᠶ᠋ᠠᠨ ᠪᠠᠬᠠᠷᠬᠠᠵᠤ ᠪᠠᠰᠠ ᠭᠠᠢᠬᠠᠨ ᠪᠣᠢ ᠨᠢ ᠳᠠᠭᠤᠨ ᠤ᠋ ᠬᠢᠨᠢ ᠥᠩᠭᠡᠨ ᠡᠴᠡ ᠮᠡᠳᠡᠭᠳᠡᠪᠡᠴᠦ ᠡᠷ᠎ᠡ ᠬᠥᠮᠦᠨ ᠦ᠌ ᠶᠣᠰᠣ ᠪᠠᠷ ᠲᠡᠭᠦᠨ ᠢ᠋ᠶ᠋ᠡᠨ ᠳᠣᠲᠣᠷ᠎ᠠ ᠪᠠᠨ ᠨᠢᠭᠤᠨ᠂ ᠭᠠᠳᠠᠨ᠎ᠠ ᠪᠠᠨ ᠮᠡᠳᠡᠭᠳᠡᠬᠦ ᠦᠭᠡᠢ ᠴᠢᠷᠠᠢ ᠭᠠᠷᠭᠠᠨ᠎ᠠ᠃ ᠨᠥᠬᠥᠷ ᠢ᠋ᠶ᠋ᠡᠨ ᠬᠦᠦ ᠲᠡᠢ ᠪᠡᠨ ᠶᠠᠷᠢᠯᠴᠠᠬᠤ ᠶ᠋ᠢ ᠰᠣᠨᠣᠰᠴᠤ ᠰᠠᠭᠤᠭᠰᠠᠨ ᠬᠠᠲᠤᠨ᠄
— ᠬᠡᠷᠡᠢᠳ ᠠᠢᠮᠠᠭ ᠬᠡᠵᠢᠶᠡᠨ ᠡᠴᠡ ᠪᠡᠨ ᠢᠰᠦ᠋ᠰ ᠱᠠᠰᠢᠨ ᠲᠠᠢ᠂ ᠬᠠᠷᠢᠨ ᠨᠠᠳᠠ ᠳ᠋ᠤ᠌ ᠡᠨᠡ ᠠᠢᠯ ᠳ᠋ᠤ᠌ ᠢᠷᠡᠬᠦ ᠵᠠᠮ ᠠ᠋ᠴᠠ ᠡᠬᠢᠯᠡᠨ ᠵᠡᠭᠦᠳᠦᠯᠡᠭᠳᠡᠭᠰᠡᠨ ᠲᠡᠷᠡ ᠠᠯᠲᠠᠨ ᠰᠢᠮᠠᠭᠤᠯ ᠨᠤᠭᠤᠳ ᠶᠠᠮᠠᠷ ᠤᠴᠢᠷ ᠲᠠᠢ ᠪᠠᠢᠭᠰᠠᠨ ᠲᠠᠭᠠᠮᠠᠭ ᠲᠠᠢᠯᠤᠭᠳᠠᠵᠤ ᠪᠠᠢᠭ᠎ᠠ ᠨᠢ ᠰᠠᠢᠨ ᠬᠡᠷᠡᠭ ᠴᠤ᠂ ᠡᠴᠢᠭᠡ ᠡᠪᠦᠭᠡ ᠶ᠋ᠢᠨ ᠰᠦᠰᠦᠭ ᠪᠢᠰᠢᠷᠡᠯ ᠡᠨᠡ ᠠᠢᠯ ᠤ᠋ᠨ ᠪᠣᠱᠣᠭ᠎ᠠ ᠪᠠᠷ ᠠᠯᠬᠤᠭᠠᠳ ᠥᠭᠡᠷᠡᠴᠢᠯᠡᠭᠳᠡᠬᠦ ᠤᠴᠢᠷ ᠲᠠᠢ ᠶ᠋ᠢ ᠮᠡᠳᠡᠭᠡᠳ ᠭᠠᠢᠬᠠᠵᠤ ᠯᠠ ᠰᠠᠭᠤᠨ᠎ᠠ ᠭᠡᠯᠡ᠃ ᠲᠤᠯᠤᠢ ᠬᠠᠲᠤᠨ ᠤ᠋ ᠪᠠᠨ ᠪᠣᠳᠣᠯ ᠪᠣᠯᠤᠨ ᠰᠠᠭᠤᠬᠤ ᠶ᠋ᠢ ᠬᠠᠷᠠᠭᠠᠳ᠄
— ᠮᠥᠩᠬᠡ ᠲᠩᠷᠢ ᠪᠦᠭᠦᠳᠡ ᠶ᠋ᠢ ᠬᠠᠷᠠᠵᠤ ᠪᠣᠯᠭᠣᠭᠠᠳᠠᠭ ᠪᠢᠯᠡ᠃ ᠪᠤᠷᠬᠠᠨ ᠪᠣᠯ ᠨᠢᠭᠡ ᠯᠡ ᠠᠷᠢᠭᠤᠨ ᠬᠦᠴᠦ᠃ ᠬᠠᠷᠢᠨ ᠲᠡᠭᠦᠨ ᠳ᠋ᠦ᠍ ᠬᠦᠷᠬᠦ ᠵᠠᠮ ᠨᠢ ᠯᠡ ᠥᠭᠡᠷ᠎ᠡ ᠥᠭᠡᠷ᠎ᠡ ᠪᠠᠢᠬᠤ᠃ ᠲᠡᠢᠮᠦ ᠡᠴᠡ ᠴᠢᠨᠦ ᠬᠤᠪᠢ ᠳ᠋ᠤ᠌ ᠲᠡᠭᠦᠨ ᠳ᠋ᠦ᠍ ᠬᠦᠷᠬᠦ ᠵᠠᠮ ᠴᠢᠨᠢ ᠯᠡ ᠥᠭᠡᠷᠡᠴᠢᠯᠡᠭᠳᠡᠭᠰᠡᠨ ᠭᠡᠳ ᠪᠣᠳᠣᠪᠠᠯ ᠪᠣᠯᠬᠤ ᠪᠤᠰᠤ ᠦᠦ ᠭᠡᠮᠡᠨ ᠡᠶᠡᠷᠡᠭᠦᠯᠪᠡ᠃ ᠰᠤᠷᠬᠠᠭᠲᠠᠨᠢ ᠨᠥᠬᠥᠷ ᠦ᠋ᠨ ᠢ᠋ᠶ᠋ᠡᠨ ᠦᠭᠡ ᠶ᠋ᠢᠨ ᠦᠨᠡᠨ ᠢ᠋ ᠳᠣᠲᠣᠷ᠎ᠠ ᠪᠠᠨ ᠴᠡᠨᠡᠵᠦ᠄
— ᠨᠡᠭᠡᠷᠡᠨ ᠯᠡ ᠪᠤᠷᠬᠠᠨ ᠳ᠋ᠤ᠌ ᠬᠦᠷᠬᠦ ᠵᠠᠮ ᠮᠢᠨᠢ ᠡᠢᠮᠦ ᠪᠠᠢᠬᠤ ᠬᠤᠪᠢ ᠲᠠᠢ ᠪᠠᠢᠬᠤ ᠠᠬᠤᠯ᠎ᠠ ᠵᠠᠶᠠᠭ᠎ᠠ ᠲᠥᠭᠡᠷᠭᠡ ᠪᠡᠨ ᠳᠠᠭᠠᠬᠤ ᠤᠴᠢᠷ ᠲᠠᠢ ᠪᠢᠯᠡ ᠭᠡᠮᠡᠨ ᠪᠣᠳᠣᠪᠠ᠃ ᠲᠡᠷᠭᠡᠯ ᠰᠠᠷ᠎ᠠ ᠲᠠᠢ ᠲᠣᠭᠲᠠᠭᠤᠨ ᠰᠥᠨᠢ ᠶ᠋ᠢᠨ ᠣᠳᠣᠳ ᠠᠨᠢᠪᠴᠢᠵᠤ᠂ ᠲᠠᠯ᠎ᠠ ᠶ᠋ᠢᠨ ᠰᠠᠯᠬᠢ ᠵᠥᠭᠡᠯᠡᠨ ᠢᠯᠪᠢᠭᠰᠡᠨ ᠡᠨᠡ ᠦᠳᠡᠰᠢ ᠰᠤᠷᠬᠠᠭᠲᠠᠨᠢ ᠤᠨᠲᠠᠬᠤ ᠶ᠋ᠢᠨ ᠡᠮᠦᠨ᠎ᠡ ᠰᠤᠳᠤᠷ ᠤ᠋ᠨ ᠬᠠᠭᠤᠳᠠᠰᠤ ᠡᠷᠭᠢᠭᠦᠯᠦᠨ ᠬᠡᠰᠡᠭ ᠰᠠᠭᠤᠳᠠᠭ ᠵᠠᠩᠰᠢᠯ ᠶᠣᠰᠣᠭᠠᠷ ᠨᠣᠮ ᠤ᠋ᠨ ᠥᠷᠭᠥᠭᠡ ᠤᠷᠤᠭᠤ ᠪᠠᠨ ᠶᠠᠪᠤᠯ᠎ᠠ᠃ ᠰᠠᠷ᠎ᠠ ᠲᠠᠢ ᠰᠥᠨᠢ ᠣᠷᠴᠢᠨ ᠦᠶ᠎ᠡ ᠶᠠᠭᠤᠮᠠᠰ ᠲᠣᠳᠣᠬᠠᠨ ᠬᠠᠷᠠᠭᠳᠠᠬᠤ ᠨᠢ ᠡᠳᠦᠷ ᠰᠢᠭ ᠯᠡ ᠢᠯᠡᠬᠡᠨ ᠪᠠᠢᠨ᠎ᠠ᠃ ᠨᠣᠮ ᠤ᠋ᠨ ᠦᠷᠭᠦᠭᠡᠨ ᠦ᠌ ᠡᠭᠦᠳᠡ ᠪᠡᠷ ᠣᠷᠣᠳᠠᠭ ᠤ᠋ᠨ ᠳᠠᠪᠠᠭᠠᠨ ᠳᠡᠭᠡᠷ᠎ᠡ ᠠᠷᠤ ᠠ᠋ᠴᠠ ᠨᠢ ᠨᠢᠭᠡ ᠬᠥᠮᠦᠨ ᠳᠠᠭᠤᠳᠠᠬᠤ ᠰᠢᠭ᠋ ᠪᠣᠯᠤᠯ᠎ᠠ᠃
ᠡᠷᠭᠢᠨ ᠬᠠᠷᠠᠪᠠᠯ ᠬᠠᠲᠤᠨᠲᠠᠨ ᠭᠡᠭᠥ ᠡᠮᠩᠳᠡᠢ ᠬᠥᠮᠦᠨ ᠦ ᠳᠠᠭᠤᠨ ᠶ᠋ᠢᠠᠷ ᠬᠡᠨ ᠪᠣᠯᠬᠤ ᠶ᠋ᠢ ᠨᠢ ᠲᠠᠨᠢᠬᠰᠠᠨ ᠦᠭᠡᠢ ᠡᠷᠭᠢᠨ ᠬᠠᠷᠠᠪᠠᠯ ᠥᠬᠡᠳᠡᠢ ᠶ᠋ᠢᠨ ᠬᠠᠳᠤᠨ ᠲᠥᠷᠭᠡᠨᠠ ᠶ᠋ᠢᠨ ᠰᠢᠪᠡᠭᠴᠢᠨ ᠠᠮᠤ ᠵᠤᠭᠰᠥᠵᠤ ᠪᠠᠶ᠋ᠢᠯ᠎ᠠ᠃ ᠲᠡᠷᠡ ᠬᠣᠶᠠᠷ ᠬᠠᠨᠴᠤᠢ ᠪᠠᠨ ᠨᠡᠶ᠋ᠢᠯᠡᠭᠥᠯᠥᠨ ᠭᠠᠷ ᠰᠢᠷᠭᠤᠭᠤᠯᠤᠭᠰᠠᠨ ᠬᠠᠷᠠᠭᠳᠠᠨ᠎ᠠ᠃ ᠰᠤᠷᠬᠠᠭᠳᠡᠨᠢ ᠶ᠋ᠢᠨ ᠠᠷᠤ ᠠ᠋ᠴᠠ ᠭᠥᠶᠥᠭᠥ ᠪᠡᠷ ᠶ᠋ᠢᠡᠨ ᠢᠷᠡᠭᠰᠡᠨ ᠨᠢ ᠢᠯᠡᠳᠲᠡ᠃
ᠠᠮᠠ ᠬᠠᠮᠠᠷ ᠠ᠋ᠴᠠ ᠪᠠᠨ ᠠᠭᠤᠷ ᠰᠠᠪᠰᠠᠭᠤᠯᠤᠭᠰᠠᠨ ᠠᠮᠤ᠂ ᠤᠶ᠋ᠢᠷᠡᠳᠤᠨ ᠢᠷᠡᠭᠰᠡᠨ ᠶ᠋ᠢᠡᠨ ᠲᠥᠭᠳᠠᠷᠠᠨ ᠪᠠᠶ᠋ᠢᠵᠤ᠄
— ᠲᠦᠷᠭᠡᠨ᠎ᠡ ᠬᠠᠳᠤᠠ ᠦᠭᠡ ᠲᠠᠮᠵᠢᠭᠤᠯᠤᠯᠡ᠂ ᠲᠠᠨ ᠊ᠢ ᠮᠡᠳᠡᠭᠡ ᠲᠡᠢ ᠪᠠᠶ᠋ᠢᠬᠤ ᠶ᠋ᠢ ᠰᠠᠨᠠᠭᠤᠯᠵᠤ ᠪᠠᠶ᠋ᠢᠨ᠎ᠠ᠂ ᠥᠨᠤᠳᠤᠷ ᠦ᠋ᠨ ᠶᠠᠪᠤᠳᠠᠯ ᠳᠤ ᠥᠰᠢᠶᠡᠷᠬᠡᠭᠰᠡᠨ ᠬᠠᠳᠤᠠ ᠲᠠᠨ ᠳᠤ ᠬᠤᠷᠣᠰᠴᠤ ᠴᠣᠬᠣᠮ ᠡᠰᠢ ᠬᠠᠳᠤᠨ ᠮᠥᠨ ᠪᠢᠰᠢ ᠶ᠋ᠢ ᠲᠤᠷᠰᠢᠨ ᠥᠵᠡᠭᠥ ᠪᠡᠷ ᠲᠥᠯᠤᠪᠯᠡᠨ᠂ ᠥᠰᠢᠶ᠎ᠡ ᠡᠪᠤᠷᠯᠡᠵᠤ ᠪᠠᠶ᠋ᠢᠨ᠎ᠠ ᠭᠡᠵᠦ ᠲᠣᠭᠣᠯᠭᠠ ᠬᠡᠮᠡᠯ᠎ᠡ ᠭᠡᠵᠦ ᠬᠡᠯᠡᠭᠡᠳ ᠮᠡᠭᠥᠶ᠋ᠢᠨ ᠶᠣᠰᠣᠯᠠᠭᠰᠠᠨ ᠶ᠋ᠢᠠᠨ ᠭᠦᠶᠦᠨ ᠣᠳᠪᠠ᠃
ᠰᠤᠷᠬᠠᠭᠳᠡᠨᠢ ᠡᠨᠡ ᠦᠭᠡ ᠶ᠋ᠢ ᠰᠣᠨᠤᠰᠤᠭᠠᠳ《ᠲᠠᠯ᠎ᠠ ᠨᠤᠲᠤᠭ ᠦ᠋ᠨ ᠡᠯᠢᠭᠡᠨ ᠳᠡᠭᠡᠷ᠎ᠡ ᠲᠠᠶ᠋ᠢᠳᠤᠵᠤ ᠪᠠᠢᠯᠳᠤᠬᠤ ᠶ᠋ᠢᠨ ᠬᠠᠵᠠᠭᠤ ᠪᠠᠷ ᠤᠳᠠᠵᠤ ᠲᠥᠳᠡᠭᠥ ᠦᠭᠡᠢ ᠬᠠᠳᠠ᠂ ᠮᠥᠷᠭᠥᠭᠥ ᠬᠤᠷᠤᠨ ᠰᠠᠨᠠᠭ᠎ᠠ ᠮᠥᠨ ᠴᠤ᠌ ᠪᠠᠷᠠᠭᠳᠠᠬᠤ ᠦᠭᠡᠢ ᠶᠤᠮ ᠳ᠋ᠠ》 ᠬᠡᠮᠡᠨ ᠪᠤᠳᠤᠯᠭᠠᠰᠢᠷᠡᠵᠤ᠂ ᠨᠣᠮ ᠤᠨ ᠥᠷᠭᠥᠭᠡ ᠣᠷᠣᠭᠤ ᠪᠠᠨ ᠣᠷᠣᠯ᠎ᠠ᠃
ᠴᠢᠩᠭᠢᠰ ᠬᠠᠭᠠᠨ ᠤ ᠭᠤᠷᠪᠠᠳᠤᠭᠠᠷ ᠬᠦᠦ ᠥᠭᠡᠳᠡᠢ ᠶ᠋ᠢᠨ ᠬᠠᠳᠤᠨ ᠲᠥᠷᠭᠡᠨᠠ ᠪᠣᠯ ᠤᠷᠢᠳᠤ ᠨᠠᠢ᠍ᠮᠠᠨ ᠡᠠᠶ᠋ᠢᠮᠠᠬ ᠲᠤ ᠲᠥᠷᠥᠵᠦ ᠥᠰᠤᠭ᠌ᠰᠠᠨ᠂ ᠳᠠᠷᠠᠭ᠎ᠠ ᠨᠢ ᠮᠡᠷᠭᠡᠳ ᠦ᠋ᠨ ᠬᠠᠨ ᠤ ᠡᠬᠡᠨᠡᠷ ᠪᠣᠯᠤᠭᠰᠠᠨ ᠬᠣᠶ᠋ᠢᠨ᠎ᠠ ᠨᠢ ᠴᠢᠩᠭᠢᠰ ᠬᠠᠭᠠᠨ ᠮᠠᠷᠭᠢᠳ ᠠᠠᠶ᠋ᠢᠮᠠᠬ ᠊ᠢ᠂ ᠲᠠᠷᠣᠵᠤ ᠥᠪᠡᠷ ᠦ᠋ᠨ ᠬᠦᠦ ᠥᠭᠡᠳᠡᠢ ᠳᠤ ᠪᠠᠭ᠎ᠠ ᠬᠠᠳᠤᠨ ᠪᠣᠯᠭᠠᠨ ᠠᠪᠴᠤ ᠥᠭᠭᠦᠭᠰᠡᠨ ᠲᠡᠤᠬᠡ ᠲᠡᠢ ᠪᠢᠯᠡ᠃
ᠡᠨᠡ ᠡᠮᠩᠳᠡᠢ ᠶᠡᠬᠡ ᠬᠠᠭᠠᠨ ᠤ ᠰᠥᠷ ᠭᠥᠴᠤᠨ ᠲᠤᠤᠷ᠎ᠡ᠂ ᠪᠤᠶᠠᠨ ᠬᠡᠰᠢᠭ ᠊ᠢ ᠨᠢ ᠭᠥᠷᠳᠡᠨ ᠠᠮᠢᠳᠤᠷᠠᠬᠤ ᠪᠤᠯᠤᠭᠰᠠᠨ ᠬᠡᠳᠦᠢ ᠴᠦ᠍ ᠥᠨᠥᠴᠢᠷᠡᠯ ᠬᠠᠭᠠᠴᠡᠯ ᠵᠣᠪᠠᠯᠠᠩ ᠊ᠢ ᠥᠪᠡᠷ ᠦ᠋ᠨ ᠪᠡᠶ᠎ᠡ ᠪᠡᠷ ᠥᠵᠡᠭᠰᠡᠨ ᠤ ᠳᠡᠭᠡᠷ᠎ᠡ᠂ ᠰᠤᠷᠬᠠᠭᠳᠡᠨᠢ ᠲᠡᠢ ᠪᠠᠷᠤᠭ ᠵᠡᠷᠭᠡ ᠰᠢᠬᠠᠭᠤ ᠡᠨᠡ ᠠᠶ᠋ᠢᠯ ᠦ᠋ᠨ ᠪᠡᠷᠢ ᠪᠣᠯᠤᠨ ᠢᠷᠡᠭᠰᠡᠨ ᠤᠴᠢᠷ ᠳᠣᠲᠣᠨᠣ ᠬᠠᠷᠢᠯᠴᠠᠭ᠎ᠠ ᠲᠠᠢ ᠪᠠᠶ᠋ᠢᠳᠠᠭ ᠪᠠᠶ᠋ᠢᠯ᠎ᠠ᠃
ᠰᠠᠶᠢᠬᠠᠨ ᠤᠩᠰᠢᠵᠤ ᠪᠠᠶ᠋ᠢᠭᠠᠳ ᠣᠷᠭᠢᠬᠰᠠᠨ ᠰᠤᠳᠤᠷ ᠰᠢᠷᠡᠭᠡᠨ ᠳᠡᠭᠡᠷ᠎ᠡ ᠨᠢ ᠢᠯᠡ ᠬᠠᠷᠠᠭᠳᠠᠨ᠎ᠠ᠃ ᠤᠨ ᠤᠳᠠᠭᠠᠨ ᠵᠢᠯ ᠬᠠᠳᠠᠭᠠᠯᠠᠭᠰᠠᠭᠠᠷ ᠪᠠᠷᠢᠨᠲᠠᠭ ᠨᠢ ᠭᠠᠩᠳᠡᠵᠤ ᠡᠯᠩᠳᠡᠭᠰᠡᠨ ᠰᠤᠳᠤᠷ ᠊ᠢ ᠨᠡᠭᠡᠭᠡᠨ ᠤᠩᠰᠢᠵᠤ ᠡᠭᠢᠯᠠᠯᠡ᠃
ᠰᠤᠷᠬᠠᠭᠲᠠᠨᠢ ᠡᠨᠡ ᠠᠶ᠋ᠢᠯ ᠦ᠋ᠨ ᠪᠡᠷᠢ ᠪᠣᠯᠤᠨ ᠣᠷᠣᠵᠤ ᠢᠷᠡᠭᠰᠡᠨ ᠦ ᠳᠠᠷᠠᠭᠠᠬᠢ ᠵᠤᠨ ᠪᠣᠯᠤᠭᠰᠠᠨ ᠬᠡᠷᠡᠭ᠃ ᠰᠢᠨᠡᠬᠡᠨ ᠪᠠᠷᠢᠬᠰᠠᠨ ᠢᠰᠡᠭᠡᠢ ᠭᠡᠷ ᠦ᠋ᠨ ᠳᠣᠲᠣᠷ᠎ᠠ ᠠ᠋ᠴᠠ ᠭᠤᠷᠪᠠᠨ ᠡᠳᠦᠷ᠂ ᠭᠤᠷᠪᠠᠨ ᠰᠥᠨᠢ ᠤᠬᠢᠯᠠᠨ ᠬᠠᠢᠯᠠᠬᠤ ᠳᠠᠭᠤ ᠬᠠᠲᠠᠬᠤ ᠳ᠋ᠤ᠌᠄
— ᠡᠨᠡ ᠡᠮ᠎ᠡ ᠶ᠋ᠢ ᠲᠣᠨᠢᠯᠭᠠᠵᠤ ᠤᠷᠭᠢᠶ᠎ᠠ᠂ ᠴᠢᠬᠢ ᠠᠮᠤᠷ ᠵᠠᠶᠠᠭ᠎ᠠ ᠦᠵᠡᠯ ᠦᠭᠡᠢ ᠭᠤᠷᠪᠠ ᠬᠣᠨᠣᠯ᠎ᠠ᠃ ᠶᠠᠭᠠᠬᠢᠭᠰᠠᠨ ᠳᠠᠭᠤᠰᠳᠠᠭ ᠦᠭᠡᠢ ᠨᠢᠯᠪᠤᠰᠤ ᠳᠤᠨᠳᠠᠷᠠᠳᠠᠭ ᠦᠭᠡᠢ ᠵᠣᠪᠠᠯᠠᠩ ᠪᠠᠢᠳᠠᠭ ᠪᠢᠯᠡ ᠭᠡᠬᠦ ᠶᠠᠷᠢᠶᠠᠨ ᠤ᠋ ᠬᠠᠷᠢᠭᠤ ᠳ᠋ᠤ᠌᠄
— ᠬᠦᠯᠢᠶᠡᠵᠦ ᠪᠠᠢ᠂ ᠲᠡᠷᠡ ᠥᠪᠡᠷ ᠦ᠋ᠨ ᠠᠪᠠᠯᠢ ᠨᠥᠬᠥᠷ ᠦ᠋ᠨ ᠠᠷᠤ ᠠ᠋ᠴᠠ ᠢᠩᠭᠢᠵᠦ ᠭᠠᠰᠢᠭᠤᠳᠠᠵᠤ ᠪᠠᠢᠭ᠎ᠠ ᠨᠢ ᠡᠷ᠎ᠡ ᠨᠥᠬᠥᠷ ᠲᠡᠭᠡᠨ ᠦᠨᠡᠨᠴᠢ ᠪᠠᠢᠭᠰᠠᠨ ᠤ᠋ ᠰᠢᠨᠵᠢ ᠪᠣᠯᠬᠣᠷ ᠲᠡᠭᠦᠨ ᠢ᠋ ᠲᠣᠨᠢᠯᠭᠠᠵᠤ ᠪᠣᠯᠬᠤ ᠦᠭᠡᠢ᠂ ᠡᠮ᠎ᠡ ᠬᠥᠮᠦᠨ ᠴᠠᠭᠠᠨ ᠵᠡᠭᠡᠷ᠎ᠡ ᠬᠣᠶᠠᠷ ᠨᠤᠲᠤᠭ ᠦᠭᠡᠢ ᠭᠡᠳᠡᠭ ᠦ᠋ᠨ ᠦᠯᠢᠭᠡᠷ ᠢ᠋ᠶ᠋ᠡᠷ ᠬᠦᠦ ᠶ᠋ᠢᠨ ᠮᠢᠨᠢ ᠡᠬᠡᠨᠡᠷ ᠪᠣᠯᠵᠤ᠂ ᠡᠨᠳᠡ ᠳᠠᠰᠤᠭᠰᠠᠨ ᠬᠣᠢᠨ᠎ᠠ ᠪᠠᠨ ᠬᠦᠦ ᠳ᠋ᠦ᠍ ᠪᠠᠰᠠ ᠡᠢᠮᠦ ᠦᠨᠡᠨᠴᠢ ᠪᠣᠯᠬᠤ ᠪᠤᠰᠤ ᠤᠤ᠂ ᠲᠡᠭᠦᠨ ᠦ᠌ ᠰᠡᠳᠬᠢᠯ ᠢ᠋ ᠲᠠᠢᠪᠤᠰᠢᠷᠠᠲᠠᠯᠠ ᠬᠦᠯᠢᠶᠡ ᠭᠡᠮᠡᠨ ᠶᠡᠬᠡ ᠡᠵᠡᠨ ᠴᠢᠩᠭᠢᠰ ᠬᠠᠭᠠᠨ ᠠᠢᠯᠠᠳᠤᠭᠰᠠᠨ ᠪᠢᠯᠡ᠃ ᠬᠠᠭᠠᠨ ᠤ᠋ ᠡᠨᠡ ᠦᠭᠡ ᠶ᠋ᠢ ᠰᠣᠨᠣᠰᠤᠭᠠᠳ ᠬᠥᠮᠦᠰ ᠲᠦᠷᠭᠡᠨ᠎ᠡ ᠶ᠋ᠢ ᠲᠠᠢᠪᠤᠰᠢᠷᠠᠬᠤ ᠶ᠋ᠢ ᠬᠦᠯᠢᠶᠡᠨ ᠣᠷᠬᠢᠭᠰᠠᠨ᠃
— ᠬᠥᠭᠡᠷᠦᠬᠦᠢ ᠡᠢᠮᠦ ᠯᠡ ᠶᠡᠬᠡ ᠬᠠᠢᠷᠠᠲᠠᠢ ᠪᠠᠢᠭᠰᠠᠨ ᠶᠤᠮ ᠪᠠᠢᠬᠤ ᠳᠠ᠂ ᠲᠡᠢᠮᠦ ᠪᠣᠯ ᠤᠳᠠᠬᠤ ᠦᠭᠡᠢ ᠥᠪᠡᠷ ᠢ᠋ ᠪᠡᠨ ᠶᠡᠭᠦᠳᠬᠡᠵᠦ ᠡᠷ᠎ᠡ ᠨᠥᠬᠥᠷ ᠦ᠋ᠨ ᠢ᠋ᠶ᠋ᠡᠨ ᠬᠣᠢᠨ᠎ᠠ ᠠ᠋ᠴᠠ ᠣᠳᠬᠤ ᠪᠢᠵᠡ᠃
— ᠠᠩᠵᠠᠭᠠᠷᠠᠨ ᠬᠠᠷᠠᠵᠤ ᠪᠠᠢᠬᠤ ᠦᠭᠡᠢ ᠪᠣᠯ ᠠᠮᠢ ᠦᠭᠡᠢ ᠪᠣᠯᠤᠭᠰᠠᠨ ᠤ᠋ ᠳᠠᠷᠠᠭ᠎ᠠ ᠨᠢ ᠣᠯᠬᠤ ᠪᠣᠢ ᠭᠡᠬᠦ ᠶᠠᠷᠢᠶ᠎ᠠ ᠲᠡᠭᠦᠨ ᠦ᠌ ᠭᠡᠷ ᠦ᠋ᠨ ᠬᠠᠵᠠᠭᠤ ᠪᠠᠷ ᠥᠩᠭᠡᠷᠡᠭᠰᠡᠨ ᠬᠥᠮᠦᠰ ᠦ᠋ᠨ ᠠᠮᠠᠨ ᠠ᠋ᠴᠠ ᠭᠠᠷᠴᠤ ᠪᠠᠢᠯ᠎ᠠ᠃ ᠬᠡᠳᠦ ᠬᠣᠨᠣᠭ ᠤ᠋ᠨ ᠣᠢ ᠭᠠᠰᠢᠭᠤ ᠪᠠᠨ ᠲᠠᠢᠯᠤᠭᠰᠠᠨ ᠤ᠋ ᠳᠠᠷᠠᠭ᠎ᠠ ᠲᠦᠷᠭᠡᠨ᠎ᠡ ᠥᠪᠡᠷ ᠦ᠋ᠨ ᠰᠢᠨ᠎ᠡ ᠡᠷ᠎ᠡ ᠨᠥᠬᠥᠷ ᠥᠭᠡᠳᠡᠢ ᠶ᠋ᠢ ᠳᠠᠭᠤᠳᠠᠭᠤᠯᠪᠠ᠃ ᠲᠡᠭᠡᠭᠡᠳ ᠲᠦᠷᠭᠡᠨ᠎ᠡ᠄
— ᠡᠮ᠎ᠡ ᠬᠥᠮᠦᠨ ᠦ᠌ ᠵᠠᠶᠠᠭ᠎ᠠ ᠡᠢᠮᠦ ᠠᠪᠠᠰᠤ ᠪᠢ ᠶᠠᠭᠠᠬᠢᠬᠤ ᠪᠢᠯᠡ᠂ ᠲᠩᠷᠢ ᠳ᠋ᠦ᠍ ᠬᠠᠯᠢᠭᠰᠠᠨ ᠨᠥᠬᠥᠷ ᠦ᠋ᠨ ᠠᠷᠤ ᠠ᠋ᠴᠠ ᠣᠳᠬᠤ ᠬᠦᠰᠡᠯ ᠪᠠᠢᠪᠠᠴᠤ ᠤᠲᠠᠰᠤᠨ ᠴᠢᠨᠡᠭᠡ ᠤᠯᠠᠭᠠᠨ ᠠᠮᠢ ᠮᠢᠨᠢ ᠲᠠᠰᠤᠷᠠᠬᠤ ᠦᠭᠡᠢ ᠪᠠᠢᠬᠤ ᠲᠤᠯᠠ ᠡᠳ᠋ᠯᠡᠬᠦ ᠲᠠᠪᠢᠯᠠᠩ ᠳᠠᠭᠤᠰᠤᠭ᠎ᠠ ᠦᠭᠡᠢ ᠶ᠋ᠢᠨ ᠬᠡᠷᠡᠭ ᠪᠢᠵᠡ᠃ ᠮᠥᠷᠥ ᠶ᠋ᠢ ᠴᠢᠨᠢ ᠲᠦᠰᠢᠵᠦ᠂ ᠵᠠᠮ ᠢ᠋ ᠴᠢᠨᠢ ᠢᠷᠥᠭᠡᠵᠦ ᠶᠠᠪᠤᠶ᠎ᠠ ᠳᠠ ᠭᠡᠵᠦ ᠥᠭᠡᠳᠡᠢ ᠳ᠋ᠦ᠍ ᠬᠡᠯᠡᠭᠰᠡᠨ ᠭᠡᠳᠡᠭ᠃
ᠡᠨᠡ ᠶᠠᠷᠢᠶ᠎ᠠ ᠥᠭᠡᠳᠡᠢ᠂ ᠲᠦᠷᠭᠡᠨ᠎ᠡ ᠬᠣᠶᠠᠷ ᠤ᠋ᠨ ᠬᠣᠭᠣᠷᠣᠨᠳᠣ ᠪᠣᠯᠤᠭᠰᠠᠨ ᠴᠤ ᠬᠠᠲᠤᠨ ᠢ᠋ᠶ᠋ᠠᠨ ᠳᠠᠭᠠᠨ ᠬᠦᠷᠭᠡᠭᠳᠡᠵᠦ ᠢᠷᠡᠭᠰᠡᠨ ᠰᠢᠪᠡᠭᠴᠢᠨ ᠠᠮᠤ ᠶ᠋ᠢᠨ ᠠᠮᠠᠨ ᠠ᠋ᠴᠠ ᠰᠤᠷᠬᠠᠭᠲᠠᠨᠢ ᠶ᠋ᠢᠨ ᠴᠢᠬᠢᠨ ᠳ᠋ᠦ᠍ ᠢᠷᠡᠭᠰᠡᠨ ᠪᠠᠢᠪᠠ᠃
ᠰᠥᠨᠢ ᠳᠤᠮᠳᠠ ᠨᠥᠬᠥᠷ ᠦ᠋ᠨ ᠬᠢᠨᠢ ᠪᠡᠶ᠎ᠡ ᠴᠢᠯᠡᠭᠡᠷᠬᠡᠪᠡ ᠪᠣᠯᠤᠯᠲᠠᠢ ᠠᠮᠠ ᠨᠢ ᠬᠠᠭᠤᠷᠠᠢ ᠬᠠᠲᠠᠵᠤ᠂ ᠬᠠᠯᠠᠭᠤᠷᠠᠨ ᠳᠡᠮᠡᠢᠷᠡᠵᠦ ᠡᠬᠢᠯᠡᠯ᠎ᠡ᠃
ᠲᠤᠯᠤᠢ ᠡᠵᠡᠨᠲᠡᠨ ᠡᠪᠡᠳᠦᠭᠰᠡᠨ ᠪᠣᠯᠬᠤ ᠶ᠋ᠢ ᠮᠡᠳᠡᠭᠰᠡᠨ ᠰᠤᠷᠬᠠᠭᠲᠠᠨᠢ ᠰᠠᠨᠳᠤᠷᠤᠨ᠂ ᠣᠲᠠᠴᠢ ᠲᠠᠭᠤᠲᠠᠯ᠎ᠠ᠃
ᠪᠦᠬᠦ ᠪᠡᠶ᠎ᠡ ᠨᠢ ᠬᠠᠯᠠᠭᠤ ᠲᠡᠰᠬᠦᠢᠶᠡ ᠪᠡᠷᠬᠡ ᠴᠡᠴᠡᠷᠡᠵᠦ ᠪᠠᠢᠭ᠎ᠠ ᠨᠥᠬᠥᠷ ᠢ᠋ᠶ᠋ᠡᠨ ᠬᠡᠷᠬᠢᠬᠦ ᠤᠴᠢᠷ ᠢ᠋ᠶ᠋ᠠᠨ ᠣᠯᠬᠤ ᠦᠭᠡᠢ ᠬᠦᠢᠲᠡᠨ ᠵᠢᠩ ᠳᠤᠬᠤᠨ ᠳᠡᠭᠡᠷ᠎ᠡ ᠨᠢ ᠲᠠᠯᠪᠢᠵᠤ ᠪᠠᠢᠬᠤ ᠵᠠᠭᠤᠷ᠎ᠠ ᠣᠲᠠᠴᠢ ᠴᠤ
ᠢᠷᠡᠯ᠎ᠡ᠃
ᠬᠣᠢᠮᠣᠷ ᠤ᠋ᠨ ᠣᠷᠣᠨ ᠳᠡᠭᠡᠷ᠎ᠡ ᠬᠠᠯᠠᠭᠤᠷᠠᠨ ᠪᠠᠢᠭ᠎ᠠ ᠲᠤᠯᠤᠢ ᠶ᠋ᠢᠨ ᠳᠡᠷᠭᠡᠳᠡ ᠣᠴᠢᠭᠰᠠᠨ ᠣᠲᠠᠴᠢ ᠰᠤᠳᠠᠰᠤ ᠶ᠋ᠢ ᠨᠢ ᠤᠳᠠᠭᠠᠨ ᠪᠠᠷᠢᠵᠤ ᠦᠵᠡᠭᠡᠳ᠂
— ᠶᠠᠭᠤ ᠨᠢ ᠡᠪᠡᠳᠦᠭᠰᠡᠨ ᠨᠢ ᠮᠡᠳᠡᠭᠳᠡᠬᠦ ᠦᠭᠡᠢ ᠬᠠᠯᠠᠭᠤᠨ ᠲᠠᠢ ᠪᠠᠢᠨ᠎ᠠ᠂ ᠶᠠᠮᠠᠷ ᠴᠤ᠌ ᠭᠡᠰᠡᠨ ᠬᠠᠯᠠᠭᠤᠨ ᠢ᠋ ᠨᠢ ᠪᠠᠭᠤᠷᠠᠭᠤᠯᠬᠤ ᠳᠠᠩ ᠤᠤᠭᠤᠯᠭᠠᠵᠤ ᠲᠠᠢᠪᠤᠰᠢᠷᠠᠭᠤᠯᠤᠶᠠ ᠭᠡᠳ ᠭᠠᠷᠴᠤ ᠣᠳᠤᠭᠰᠠᠨ ᠢ᠋ᠶ᠋ᠠᠨ ᠲᠦᠳᠡ ᠤᠳᠠᠯ ᠦᠭᠡᠢ ᠡᠷᠭᠢᠨ ᠢᠷᠡᠵᠦ᠂ ᠳᠠᠩ ᠪᠤᠴᠠᠯᠭᠠᠨ ᠣᠷᠣᠨ ᠳ᠋ᠤᠨᠢ ᠬᠡᠪᠲᠡᠭᠦᠯᠪᠡ᠃ ᠲᠤᠯᠤᠢ ᠡᠵᠡᠨ ᠤᠳᠠᠯ ᠦᠭᠡᠢ ᠬᠠᠯᠠᠭᠤᠨ ᠨᠢ ᠪᠠᠭᠤᠬᠤ ᠶᠠᠩᠵᠤ ᠲᠠᠢ ᠪᠣᠯᠤᠭᠰᠠᠨ ᠴᠤ ᠬᠠᠮᠤᠭ ᠪᠡᠶ᠎ᠡ ᠨᠢ ᠳᠠᠭᠵᠢᠨ ᠴᠡᠴᠡᠷᠡᠬᠦ ᠨᠢ ᠨᠠᠮᠳᠠᠭᠰᠠᠨ ᠦᠭᠡᠢ᠃
ᠡᠪᠡᠳᠴᠢᠨ ᠳ᠋ᠡᠭᠡᠨ ᠰᠢᠨᠠᠯᠤᠭᠰᠠᠨ ᠲᠤᠯᠤᠢ᠄
— ᠭᠠᠯ ᠥᠷᠳᠡ᠂ ᠭᠠᠯ ᠥᠷᠲᠡᠭᠡᠴᠢ᠂ ᠬᠦᠢᠲᠡᠨ ᠪᠠᠢᠨ᠎ᠠ ᠭᠡᠵᠦ ᠥᠪᠡᠷ ᠦ᠋ᠨ ᠡᠷᠬᠡ ᠦᠭᠡᠢ ᠬᠠᠰᠬᠢᠷᠤᠨ᠎ᠠ᠃
ᠣᠲᠠᠴᠢ ᠰᠤᠷᠬᠠᠭᠲᠠᠨᠢ ᠬᠣᠶᠠᠷ ᠶᠠᠭᠠᠬᠢᠬᠤ ᠪᠠᠨ ᠮᠡᠳᠡᠬᠦ ᠦᠭᠡᠢ ᠨᠠᠭᠠᠨ᠎ᠠ ᠴᠠᠭᠠᠨ᠎ᠠ ᠨᠢ ᠭᠠᠷᠤᠨ ᠡᠪᠡᠳᠴᠢᠨ ᠳ᠋ᠡᠭᠡᠨ ᠳᠡᠮᠡᠢᠷᠡᠵᠦ ᠪᠠᠢᠭ᠎ᠠ ᠲᠤᠯᠤᠢ ᠶ᠋ᠢ ᠠᠰᠠᠷᠠᠭᠰᠠᠭᠠᠷ ᠨᠢᠭᠡ ᠮᠡᠳᠡᠬᠦ ᠳ᠋ᠦ᠍ ᠦᠷ ᠴᠠᠢᠭᠰᠠᠨ ᠪᠠᠢᠯ᠎ᠠ᠃
ᠦᠷ ᠳᠥᠩᠭᠡᠵᠢ ᠬᠠᠶᠠᠭᠠᠷᠠᠨ ᠭᠡᠭᠡ ᠲᠡᠮᠳᠡᠭᠷᠡᠵᠦ ᠪᠠᠢᠬᠤ ᠦᠶ᠎ᠡ ᠳ᠋ᠦ᠍ ᠲᠤᠯᠤᠢ ᠡᠵᠡᠨ ᠦ᠌ ᠪᠡᠶ᠎ᠡ ᠠᠷᠠᠢ ᠲᠡᠩᠬᠡᠷᠡᠵᠦ ᠣᠷᠣᠨ ᠠ᠋ᠴᠠ ᠪᠠᠨ ᠥᠨᠳᠡᠢᠨ᠂ ᠬᠠᠯᠠᠭᠤᠨ ᠴᠠᠢ ᠣᠭᠣᠴᠢᠯᠠᠬᠤ ᠲᠠᠢ ᠪᠠᠨ ᠪᠣᠯᠬᠤ ᠳ᠋ᠤ᠌ ᠰᠠᠶᠢ ᠠᠷᠠᠢᠬᠢᠨ ᠳᠣᠲᠣᠷ᠎ᠠ ᠨᠢ ᠠᠭᠤᠵᠢᠷᠠᠯ᠎ᠠ᠃ ᠥᠷᠯᠥᠭᠡ ᠬᠠᠭᠠᠨ ᠤ᠋ ᠶᠡᠬᠡ ᠭᠡᠷ ᠡᠴᠡ ᠬᠥᠮᠦᠨ ᠢᠷᠡᠵᠦ᠂ ᠮᠥᠨ ᠬᠠᠭᠠᠨ ᠤ᠋ ᠪᠡᠶ᠎ᠡ ᠴᠢᠯᠡᠭᠡᠷᠬᠡᠨ ᠰᠥᠨᠢᠵᠢᠨ ᠤᠨᠲᠠᠵᠤ ᠴᠢᠳᠠᠬᠤ ᠦᠭᠡᠢ ᠬᠠᠯᠠᠭᠤᠷᠠᠨ ᠳᠡᠮᠡᠢᠷᠡᠵᠦ ᠪᠠᠢᠨ᠎ᠠ ᠭᠡᠰᠡᠨ ᠬᠡᠯᠡ ᠳᠣᠭᠣᠯᠭᠠᠪᠠ᠃ ᠬᠣᠶᠠᠷ ᠭᠠᠵᠠᠷ ᠵᠡᠷᠭᠡ ᠵᠡᠷᠭᠡ ᠡᠴᠢᠭᠡ ᠬᠦᠦ ᠬᠣᠶᠠᠷ ᠴᠣᠬᠣᠮ ᠶᠠᠭᠤᠨ ᠤ᠋ ᠤᠴᠢᠷ ᠢᠩᠭᠢᠵᠦ ᠬᠠᠷᠢᠶᠠᠯ ᠵᠢᠳᠬᠠ ᠲᠤᠰᠤᠭᠰᠠᠨ ᠮᠡᠲᠦ ᠭᠡᠨᠡᠳᠲᠡ ᠠᠯᠵᠢᠶᠠᠪᠠ ᠭᠡᠰᠡᠨ ᠠᠰᠠᠭᠤᠯᠲᠠ ᠬᠥᠮᠦᠨ ᠪᠦᠷᠢ ᠶ᠋ᠢᠨ ᠲᠣᠯᠣᠭᠠᠢ ᠳ᠋ᠤ᠌ ᠪᠠᠭᠤᠵᠤ ᠪᠠᠢᠯ᠎ᠠ᠃
ᠲᠤᠯᠤᠢ ᠶ᠋ᠢᠨ ᠪᠡᠶ᠎ᠡ ᠦᠷ ᠴᠦᠷ ᠢ᠋ᠶ᠋ᠡᠷ ᠠᠷᠠᠢ ᠳᠡᠭᠡᠷᠡᠳᠡᠭᠰᠡᠨ ᠪᠣᠯᠪᠠᠴᠤ ᠦᠳᠡ ᠳᠤᠮᠳᠠ ᠳᠠᠬᠢᠨ ᠬᠠᠯᠠᠭᠤᠷᠠᠵᠤ᠂ ᠶᠠᠮᠠᠷ ᠴᠤ ᠡᠮ ᠳᠠᠩ ᠥᠭᠭᠥᠭᠰᠡᠨ ᠴᠤ ᠲᠤᠰᠠ ᠶ᠋ᠢ ᠣᠯᠤᠭᠰᠠᠨ ᠦᠭᠡᠢ᠃
ᠢᠩᠭᠢᠵᠦ ᠪᠦᠲᠦᠨ ᠰᠥᠨᠢ ᠬᠠᠭᠠᠰ ᠡᠳᠦᠷ ᠡᠪᠡᠳᠦᠭᠰᠡᠨ ᠡᠴᠢᠭᠡ ᠬᠦᠦ ᠬᠣᠶᠠᠷ ᠢ᠋ ᠬᠠᠷᠠᠨ ᠭᠠᠢᠬᠠᠰᠢ ᠲᠠᠰᠤᠷᠠᠭᠠᠳ ᠪᠠᠢᠭᠰᠠᠨ ᠬᠥᠮᠦᠰ ᠳ᠋ᠦ᠍ ᠡᠴᠦᠰ ᠦ᠋ᠨ ᠭᠠᠭᠴᠠ ᠨᠠᠢᠳᠠᠪᠤᠷᠢ ᠪᠠᠢᠭᠰᠠᠨ ᠨᠢ ᠪᠥᠬᠡ ᠢᠳᠤᠭᠠᠨ ᠳᠠᠭᠤᠳᠠᠨ ᠲᠩᠷᠢ ᠲᠡᠢ ᠶᠠᠷᠢᠭᠤᠯᠤᠨ ᠬᠠᠷᠢᠭᠤ ᠶ᠋ᠢ ᠠᠰᠠᠭᠤᠬᠤ ᠪᠠᠢᠯ᠎ᠠ᠃ ᠦᠳᠡ ᠡᠴᠡ ᠪᠥᠬᠡ ᠨᠠᠷ ᠪᠤᠷᠬᠠᠨ ᠬᠠᠯᠳᠤᠨ ᠠᠭᠤᠯᠠ ᠶ᠋ᠢᠨ ᠣᠢᠷᠠᠯᠴᠠᠭᠠᠬᠢ ᠲᠠᠬᠢᠯᠭ᠎ᠠ ᠶᠣᠰᠣ ᠪᠠᠨ ᠦᠢᠯᠡᠳᠦᠯ᠎ᠡ᠃
— ᠮᠥᠩᠬᠡ ᠬᠥᠬᠡ ᠲᠩᠷᠢ ᠡᠴᠡ ᠠᠰᠠᠭᠤᠶ᠎ᠠ
ᠮᠥᠷᠡᠨ ᠭᠣᠣᠯ ᠠᠭᠤᠯᠠ ᠤᠰᠤᠨ ᠠ᠋ᠴᠠ ᠠᠰᠠᠭᠤᠶ᠎ᠠ
ᠬᠠᠭᠠᠨ ᠡᠵᠡᠨ ᠦ᠌ ᠪᠡᠶ᠎ᠡ ᠶ᠋ᠢ ᠴᠢᠯᠡᠭᠡᠵᠦ
ᠬᠠᠢᠷᠠᠲᠠᠢ ᠬᠦᠦ ᠶ᠋ᠢ ᠨᠢ ᠬᠥᠲᠥᠯᠦᠭᠰᠡᠨ ᠦ᠌ ᠤᠴᠢᠷ ᠶᠠᠭᠤ ᠪᠣᠢ? ᠭᠡᠮᠡᠨ ᠰᠦᠷᠯᠢᠭ ᠳᠠᠭᠤ ᠪᠠᠷ ᠲᠩᠷᠢ᠂ ᠭᠠᠵᠠᠷ᠂ ᠠᠭᠤᠯᠠ᠂ ᠤᠰᠤ ᠶ᠋ᠢ ᠳᠣᠷᠭᠢᠲᠠᠯ᠎ᠠ ᠴᠠᠩ ᠬᠡᠩᠭᠡᠷᠭᠡ ᠪᠡᠨ ᠳᠡᠯᠡᠳᠴᠦ ᠡᠬᠢᠯᠡᠪᠡ᠃ ᠡᠨᠡ ᠴᠢᠮᠡᠭᠡᠨ ᠡᠴᠡ ᠬᠣᠯᠠ ᠦᠭᠡᠢ ᠥᠭᠡᠯᠦᠨ ᠡᠬᠡ᠂ ᠪᠥᠷᠲᠡ ᠬᠠᠲᠤᠨ ᠪᠣᠯᠤᠨ ᠶᠡᠬᠡ ᠬᠠᠭᠠᠨ ᠤ᠋ ᠬᠥᠪᠡᠭᠦᠳ ᠬᠠᠲᠤᠳ ᠴᠤᠭᠯᠠᠵᠠᠢ᠃ ᠲᠡᠰᠭᠦᠶ᠋ᠢᠶᠡ ᠪᠡᠷᠬᠡ ᠠᠮᠠ ᠨᠢ ᠴᠠᠩᠭᠠᠵᠤ᠂ ᠳᠠᠭᠵᠢᠨ ᠴᠡᠴᠡᠷᠡᠵᠦ᠂ ᠬᠠᠯᠠᠭᠤᠨ ᠳ᠋ᠠᠭᠠᠨ ᠳᠡᠮᠡᠢᠷᠡᠨ ᠰᠢᠲᠠᠬᠤ ᠨᠥᠬᠥᠷ ᠢ᠋ᠶ᠋ᠡᠨ ᠬᠠᠷᠠᠭᠰᠠᠭᠠᠷ ᠲᠤᠢᠯᠳᠠᠵᠤ ᠶᠠᠳᠠᠷᠠᠭᠰᠠᠨ ᠰᠤᠷᠬᠠᠭᠲᠠᠨᠢ ᠲᠡᠳᠡᠨ ᠦ᠌ ᠳᠤᠮᠳᠠ ᠵᠣᠭᠰᠣᠨ᠎ᠠ᠃ ᠬᠡᠳᠦᠨ ᠴᠠᠭ ᠴᠠᠮᠨᠠᠨ ᠪᠠᠭᠤᠵᠤ ᠪᠥᠭᠡᠯᠡᠭᠰᠡᠨ ᠦ᠌ ᠳᠠᠷᠠᠭ᠎ᠠ ᠣᠩᠭᠣ ᠲᠩᠷᠢ ᠮᠣᠷᠢᠯᠠᠨ ᠪᠠᠭᠤᠵᠤ ᠰᠠᠭᠠᠳᠠᠭᠠᠳ ᠪᠤᠴᠠᠯ᠎ᠠ᠃
— ᠬᠠᠭᠠᠨ ᠤ᠋ ᠪᠡᠶ᠎ᠡ ᠶ᠋ᠢᠨ ᠴᠢᠯᠡᠭᠡ ᠶ᠋ᠢ ᠢᠯᠠᠷᠢᠰᠢᠭᠤᠯᠬᠤ ᠳ᠋ᠤ᠌ ᠬᠠᠯᠠᠭᠤᠨ ᠠᠮᠢ ᠲᠠᠰᠤᠯᠬᠤ ᠬᠡᠷᠡᠭᠲᠡᠢ᠂ ᠠᠷᠢᠭᠤᠨ ᠡᠵᠡᠨ ᠦ᠌ ᠪᠡᠶ᠎ᠡ ᠶ᠋ᠢ ᠡᠳᠡᠭᠡᠬᠦ ᠳ᠋ᠦ᠍᠂ ᠠᠮᠢᠰᠬᠤᠯ ᠨᠡᠢᠯᠡᠨ ᠪᠣᠢ ᠠᠯᠲᠠᠨ ᠤᠷᠤᠭ ᠠ᠋ᠴᠠ ᠥᠭᠯᠢᠭᠡ ᠥᠭ ᠭᠡᠰᠡᠨ ᠬᠠᠴᠢᠨ ᠵᠢᠭᠲᠡᠢ ᠬᠠᠷᠢᠭᠤ ᠰᠣᠨᠣᠰᠳᠠᠵᠤ᠂ ᠬᠥᠮᠦᠨ ᠪᠦᠬᠦᠨ ᠤᠭ ᠦᠭᠡᠨ ᠦ᠌ ᠤᠳᠬ᠎ᠠ ᠶ᠋ᠢ ᠤᠬᠠᠨ ᠪᠣᠳᠣᠵᠤ᠂ ᠠᠯᠲᠠᠨ ᠤᠷᠤᠭ ᠤ᠋ᠨ ᠨᠡᠢᠯᠡᠭᠰᠡᠨ ᠡᠷ᠎ᠡ ᠬᠥᠮᠦᠨ ᠢ᠋ ᠬᠡᠨ ᠪᠣᠯᠬᠤ ᠶ᠋ᠢ ᠳᠠᠭᠠᠬᠤ ᠭᠡᠵᠦ ᠣᠷᠣᠯᠳᠣᠨ᠎ᠠ᠃ ᠬᠠᠷᠢᠨ ᠡᠨᠡ ᠦᠭᠡ ᠶ᠋ᠢᠨ ᠤᠴᠢᠷ ᠢ᠋ ᠳᠠᠢᠯᠠᠭᠰᠠᠨ ᠪᠥᠬᠡ《ᠬᠠᠯᠠᠭᠤᠨ ᠠᠮᠢᠰᠬᠤᠯ ᠨᠡᠢᠯᠡᠭᠰᠡᠨ》 ᠭᠡᠳᠡᠭ ᠨᠢ ᠴᠣᠬᠣᠮ ᠣᠳᠣ ᠬᠠᠭᠠᠨ ᠲᠠᠢ ᠵᠡᠷᠭᠡᠴᠡᠨ ᠬᠠᠯᠠᠭᠤᠨ ᠳ᠋ᠠᠭᠠᠨ ᠰᠢᠲᠠᠵᠤ᠂ ᠠᠮᠢᠰᠬᠤᠯ ᠢ᠋ᠶ᠋ᠠᠨ ᠲᠠᠯᠪᠢᠬᠤ ᠭᠡᠵᠦ ᠪᠠᠢᠭ᠎ᠠ ᠲᠤᠯᠤᠢ ᠶ᠋ᠢᠨ ᠲᠤᠬᠠᠢ ᠥᠭᠦᠯᠡᠵᠦ ᠪᠣᠢ ᠶ᠋ᠢ ᠬᠡᠯᠡᠪᠡ᠃
ᠰᠤᠷᠬᠠᠭᠲᠠᠨᠢ ᠪᠤᠷᠬᠠᠨ ᠬᠠᠯᠳᠤᠨ ᠤ᠋ ᠵᠦᠭ ᠬᠠᠷᠠᠭᠠᠳ ᠰᠥᠬᠥᠷᠡᠨ ᠤᠨᠠᠯ᠎ᠠ᠃ ᠶᠠᠭᠠᠬᠢᠭᠰᠠᠨ ᠳᠠᠭᠤᠰᠳᠠᠭ ᠦᠭᠡᠢ ᠶᠡᠬᠡ ᠣᠢ ᠭᠠᠰᠢᠭᠤ᠂ ᠶᠠᠭᠠᠬᠢᠭᠰᠠᠨ ᠳᠠᠭᠤᠰᠳᠠᠭ ᠦᠭᠡᠢ ᠬᠠᠭᠠᠴᠠᠯ ᠬᠠᠷᠠᠭᠤᠰᠤᠯ ᠪᠢᠯᠡ᠃ ᠶᠡᠬᠡ ᠬᠠᠭᠠᠨ ᠤ᠋ ᠲᠥᠯᠥᠭᠡ ᠠᠮᠢ ᠪᠠᠨ ᠡᠷᠭᠦᠬᠦ ᠪᠡᠷ ᠡᠷ᠎ᠡ ᠨᠥᠬᠥᠷ ᠨᠢ ᠲᠥᠷᠥᠵᠦ᠂ ᠬᠠᠯᠠᠭᠤᠨ ᠬᠠᠢᠷ᠎ᠠ ᠪᠠᠨ ᠥᠭᠭᠦᠭᠰᠡᠨ ᠬᠠᠲᠤᠨ ᠮᠢᠨᠦ ᠡᠪᠦᠷ ᠡᠴᠡ ᠴᠤ᠌ ᠪᠠᠰᠠ ᠲᠠᠰᠤᠷᠠᠨ ᠠᠯᠳᠠᠭᠤᠷᠠᠬᠤ ᠤᠴᠢᠷ ᠲᠠᠢ ᠪᠠᠶ᠋ᠢᠭᠰᠠᠨ ᠶᠤᠮ ᠭᠡᠵᠦ ᠊ᠤᠤ ᠭᠡᠬᠦ ᠬᠠᠯᠬᠠᠯᠠᠯ ᠴᠡᠭᠡᠵᠢᠨ ᠳᠣᠲᠣᠷ᠎ᠠ ᠨᠢ ᠰᠢᠲᠠᠵᠤ ᠪᠠᠶ᠋ᠢᠯ᠎ᠠ᠃
ᠰᠤᠷᠬᠠᠭᠲᠠᠨᠢ ᠪᠤᠷᠬᠠᠨ ᠬᠠᠯᠳᠤᠨ ᠥᠭᠡᠳᠡ ᠰᠥᠬᠥᠷᠡᠨ ᠰᠠᠭᠤᠭᠰᠠᠨ ᠬᠡᠪ ᠵᠢᠡᠷ᠄
— ᠠᠪᠤᠷᠠᠯᠲᠤ ᠲᠩᠷᠢ᠂ ᠠᠰᠤᠷᠢ ᠮᠠᠨᠳᠤᠬᠤ ᠨᠠᠷᠠᠨ᠂ ᠮᠥᠩᠬᠡᠲᠦ ᠨᠣᠭᠣᠭᠠᠨ ᠭᠠᠵᠠᠷ ᠰᠢᠷᠣᠢ᠂ ᠲᠤᠩᠭᠠᠯᠠᠭ ᠠᠷᠢᠭᠤᠨ ᠤᠰᠤᠨ ᠮᠢᠨᠢ ᠰᠣᠨᠣᠰ᠃ ᠬᠠᠯᠬᠠᠯᠠᠬᠤ ᠶ᠋ᠢ ᠮᠢᠨᠢ ᠰᠣᠨᠣᠰ᠃ ᠬᠠᠷᠠᠭᠤᠰᠤᠯ ᠊ᠢ ᠮᠢᠨᠢ ᠰᠣᠨᠣᠰ᠃ ᠬᠠᠭᠠᠨ ᠡᠵᠡᠨ ᠦᠭᠡᠢ ᠪᠣᠯᠪᠠᠰᠤ ᠬᠠᠮᠤᠭ ᠮᠣᠩᠭᠣᠯ ᠡᠵᠡᠭᠦᠢ ᠪᠣᠯᠤᠮᠤ᠃ ᠡᠷ᠎ᠡ ᠨᠥᠬᠥᠷ ᠮᠢᠨᠢ ᠦᠭᠡᠢ ᠪᠣᠯᠪᠠᠰᠤ ᠡᠷᠬᠡᠪᠰᠢ ᠪᠢ ᠭᠠᠭᠴᠠᠭᠠᠷ ᠵᠢᠠᠨ ᠪᠡᠯᠪᠡᠰᠦᠨ ᠦᠯᠡᠳᠠᠮᠤ᠃ ᠬᠡᠷᠬᠢᠬᠦ ᠶ᠋ᠢ ᠲᠩᠷᠢ ᠲᠠᠨ ᠳ᠋ᠤ᠌ ᠳᠠᠭᠠᠳᠬᠠᠶ᠎ᠠ ᠬᠡᠮᠡᠭᠡᠳ ᠴᠤᠷᠬᠢᠷᠠᠯᠠ᠃ ᠣᠩᠭᠣ ᠳᠠᠬᠢᠯᠭ᠎ᠠ ᠵᠢᠨ ᠶᠣᠰᠣᠯᠠᠯ ᠳᠠᠭᠤᠰᠴᠤ ᠬᠥᠮᠦᠰ ᠦᠷᠭᠦᠭᠡᠨ ᠳ᠋ᠡᠭᠡᠨ ᠡᠷᠭᠢᠨ ᠢᠷᠡᠬᠦ ᠦᠶ᠎ᠡ ᠳ᠋ᠤ᠌ ᠬᠠᠭᠠᠨ ᠡᠵᠡᠨ ᠊ᠦ ᠪᠡᠶ᠎ᠡ ᠴᠤ᠌᠂ ᠲᠤᠯᠤᠢ ᠨᠣᠶᠠᠨ ᠊ᠤ ᠪᠡᠶ᠎ᠡ ᠴᠤ᠌ ᠣᠪᠣᠭ᠎ᠠ ᠳᠡᠭᠡᠷᠡᠳᠡᠭᠰᠡᠨ ᠪᠠᠶ᠋ᠢᠯ᠎ᠠ᠃
ᠬᠣᠶᠠᠷ ᠡᠵᠡᠨ ᠊ᠦ ᠪᠡᠶ᠎ᠡ ᠳᠡᠭᠡᠷᠡᠳᠡᠭᠰᠡᠨ ᠪᠣᠯᠬᠣᠷ ᠳᠠᠬᠢᠯᠭ᠎ᠠ ᠵᠢᠨ ᠦᠶ᠎ᠡ ᠪᠠᠷ ᠶᠠᠷᠢᠭᠳᠠᠭᠰᠠᠨ ᠶᠠᠷᠢᠶ᠎ᠠ ᠴᠤ᠌ ᠵᠠᠮᠬᠠᠷᠠᠯ᠎ᠠ᠃
ᠬᠠᠷᠢᠨ ᠪᠦᠷᠦᠢ ᠪᠣᠯᠵᠤ ᠪᠠᠶ᠋ᠢᠬᠤ ᠳ᠋ᠤ᠌ ᠰᠤᠷᠬᠠᠭᠲᠠᠨᠢ ᠬᠠᠲᠤᠨ ᠊ᠢ ᠴᠢᠩᠭᠢᠰ ᠬᠠᠭᠠᠨ ᠳᠠᠭᠤᠳᠠᠭᠤᠯᠵᠤ ᠪᠠᠶ᠋ᠢᠨ᠎ᠠ ᠭᠡᠰᠡᠨ ᠬᠡᠯᠡ ᠢᠷᠡᠪᠡ᠃ ᠥᠨᠥᠴᠢᠷᠡᠯ ᠬᠠᠭᠠᠴᠠᠯ ᠨᠢᠳᠦᠨ ᠊ᠦ ᠬᠢᠨᠢ ᠡᠮᠦᠨ᠎ᠡ ᠬᠠᠷᠠᠭᠤᠯᠵᠤ᠂ ᠲᠡᠭᠦᠨ ᠊ᠢ ᠳᠠᠭᠠᠷᠢᠨ ᠦᠩᠭᠡᠷᠡᠬᠦ ᠭᠡᠵᠦ ᠪᠠᠶ᠋ᠢᠭᠰᠠᠨ ᠡᠷᠯᠢᠭ ᠊ᠦᠨ ᠡᠯᠴᠢ ᠬᠠᠵᠠᠭᠤ ᠪᠠᠷ ᠨᠢ ᠦᠩᠭᠡᠷᠡᠵᠡᠢ᠃ ᠪᠤᠷᠬᠠᠨ ᠊ᠤ ᠠᠪᠤᠷᠠᠯ ᠵᠢᠠᠷ ᠡᠷ᠎ᠡ ᠨᠥᠬᠥᠷ ᠨᠢ ᠴᠦ᠍ ᠲᠡᠷᠡ᠂ ᠬᠠᠭᠠᠨ ᠡᠴᠢᠭᠡ ᠨᠢ ᠴᠦ᠍ ᠲᠡᠷᠡ ᠡᠰᠡᠨ ᠮᠡᠨᠳᠦ ᠦᠯᠡᠳᠡᠯ᠎ᠡ᠃ ᠰᠠᠶᠢ ᠨᠢᠭᠡ ᠲᠠᠶ᠋ᠢᠪᠤᠰᠢᠷᠠᠭᠰᠠᠨ ᠬᠠᠲᠤᠨ ᠊ᠤ ᠤᠬᠠᠭᠠᠨ ᠰᠠᠨᠠᠭᠠᠨ ᠳ᠋ᠤ᠌ ᠪᠥᠬᠡ ᠵᠢᠨ ᠬᠡᠯᠡᠭᠰᠡᠨ ᠦᠭᠡ ᠬᠤᠤᠬᠢᠨ ᠰᠣᠨᠣᠰᠳᠠᠭᠰᠠᠭᠠᠷ ᠯᠡ ᠪᠠᠶ᠋ᠢᠬᠤ ᠰᠢᠭ᠋᠃ ᠶᠠᠮᠠᠷ ᠤᠴᠢᠷ ᠲᠠᠢ ᠶᠤᠮ ᠪᠣᠯ᠂ ᠲᠡᠭᠦᠨ ᠊ᠦ ᠦᠭᠡ ᠶ᠋ᠢ ᠲᠩᠷᠢ ᠰᠣᠨᠣᠰᠤᠨ ᠪᠣᠯᠭᠣᠭᠠᠪᠠ ᠊ᠤᠤ᠂ ᠴᠢᠩᠭᠢᠰ ᠬᠠᠭᠠᠨ ᠊ᠤ ᠤᠷᠲᠤ ᠥᠷᠭᠥᠭᠡ ᠤᠷᠤᠭᠤ ᠠᠯᠬᠤᠨ ᠶᠠᠪᠤᠬᠤ ᠳ᠋ᠠᠭᠠᠨ ᠰᠤᠷᠬᠠᠭᠲᠠᠨᠢ ᠡᠶ᠋ᠢᠨ ᠪᠣᠳᠣᠯᠭᠠᠰᠢᠷᠠᠭᠰᠠᠭᠠᠷ ᠶᠠᠪᠤᠯ᠎ᠠ᠃
— ᠬᠠᠭᠠᠨ ᠡᠵᠡᠨ ᠦᠭᠡᠢ ᠪᠣᠯᠪᠠᠯ ᠬᠠᠮᠤᠭ ᠮᠣᠩᠭᠣᠯ ᠡᠵᠡᠭᠦᠢ ᠪᠣᠯᠤᠨ᠎ᠠ᠃
ᠲᠤᠯᠤᠢ ᠡᠵᠡᠨ ᠦᠭᠡᠢ ᠪᠣᠯᠪᠠᠯ ᠭᠠᠭᠴᠠ ᠪᠡᠶ᠎ᠡ ᠪᠡᠯᠪᠡᠰᠦᠨ ᠦᠯᠡᠳᠡᠨ᠎ᠡ ᠭᠡᠵᠦ ᠴᠤᠷᠬᠢᠷᠠᠭᠰᠠᠨ ᠦᠭᠡ ᠶ᠋ᠢ ᠴᠢᠨᠢ ᠰᠣᠨᠣᠰᠤᠯ᠎ᠠ᠃ ᠬᠠᠭᠠᠨ ᠬᠥᠮᠦᠨ ᠊ᠦ ᠬᠤᠪᠢ ᠳ᠋ᠤ᠌ ᠪᠠᠶᠠᠷᠯᠠᠬᠤ ᠰᠢᠭ᠋ ᠪᠣᠯᠤᠭᠰᠠᠨ ᠴᠤ᠌ ᠡᠴᠢᠭᠡ ᠬᠥᠮᠦᠨ ᠊ᠦ ᠬᠤᠪᠢ ᠳ᠋ᠤ᠌ ᠭᠠᠶ᠋ᠢᠬᠠᠰᠢ ᠲᠠᠰᠤᠷᠠᠯ᠎ᠠ᠃ ᠡᠷ᠎ᠡ ᠪᠡᠨ ᠦᠭᠡᠢ ᠪᠣᠯᠭᠠᠬᠤ ᠶ᠋ᠢ ᠬᠦᠰᠡᠬᠦ ᠡᠮ᠎ᠡ ᠬᠥᠮᠦᠨ ᠭᠡᠵᠦ ᠬᠡᠨ ᠰᠠᠨ ᠪᠢᠯᠡ᠃ ᠰᠤᠷᠬᠠᠭᠲᠠᠨᠢ ᠬᠠᠭᠠᠨ ᠊ᠤ ᠡᠮᠦᠨ᠎ᠡ ᠰᠥᠬᠥᠷᠡᠨ ᠰᠠᠭᠤᠭᠠᠳ᠄
— ᠡᠷ᠎ᠡ ᠨᠥᠬᠥᠷ ᠲᠡᠭᠡᠨ ᠪᠢ ᠦᠨᠡᠨᠴᠢ ᠪᠢᠯᠡ᠂ ᠡᠷᠬᠡ ᠬᠣᠩᠭᠣᠷ ᠬᠦᠦ ᠳ᠋ᠡᠭᠡᠨ ᠬᠠᠢᠷᠠᠲᠠᠢ ᠪᠢᠯᠡ᠂ ᠭᠡᠪᠡᠴᠦ ᠭᠣᠣᠯ ᠬᠠᠷᠠᠯᠠᠭᠤᠯᠤᠨ ᠢᠷᠡᠭᠰᠡᠨ ᠡᠨᠡ ᠮᠡᠳᠡᠭᠡ ᠶ᠋ᠢ ᠰᠣᠨᠣᠰᠤᠭᠠᠳ ᠠᠯᠢ ᠶ᠋ᠢ ᠨᠢ ᠰᠣᠩᠭᠣᠬᠤ ᠪᠣᠢ ᠭᠡᠵᠦ ᠠᠬᠢᠨ ᠠᠬᠢᠨ ᠠᠰᠠᠭᠤᠬᠤ ᠰᠢᠭ᠋ ᠪᠣᠯᠬᠤ ᠳ᠋ᠤ᠌ ᠥᠪᠡᠷ ᠦ᠋ᠨ ᠳᠣᠲᠣᠷ᠎ᠠ ᠠ᠋ᠴᠠ ᠦᠨᠡᠨ ᠢ᠋ ᠬᠠᠢᠭᠰᠠᠨ ᠮᠢᠨᠢ ᠲᠡᠷᠡ ᠪᠢᠯᠡ᠃ ᠡᠮ᠎ᠡ ᠬᠥᠮᠦᠨ ᠦ᠌ ᠬᠤᠪᠢ ᠪᠠᠷ ᠲᠦᠰᠢᠵᠦ ᠲᠤᠯᠬᠤ ᠨᠥᠬᠥᠷ ᠮᠢᠨᠢ ᠨᠠᠳᠠ ᠳ᠋ᠤ᠌ ᠴᠢᠬᠤᠯᠠ ᠴᠤ ᠡᠵᠡᠨᠲᠦ ᠤᠯᠤᠰ ᠤ᠋ᠨ ᠬᠤᠪᠢ ᠳ᠋ᠤ᠌ ᠵᠠᠰᠠᠵᠤ ᠵᠠᠯᠠᠬᠤ ᠬᠠᠭᠠᠨ ᠬᠡᠷᠡᠭ ᠲᠡᠢ ᠲᠤᠯᠠ ᠥᠪᠡᠷ ᠦ᠋ᠨ ᠬᠦᠰᠡᠯ ᠢ᠋ ᠲᠡᠪᠴᠢᠨ ᠡᠨᠡ ᠦᠭᠡ ᠶ᠋ᠢ ᠬᠡᠯᠡᠭᠰᠡᠨ ᠶᠦᠮ ᠭᠡᠮᠡᠨ ᠡᠷᠡᠰᠬᠡᠨ ᠬᠡᠯᠡᠬᠦ ᠤᠬᠠᠭᠠᠨᠲᠤ ᠪᠡᠷᠢ ᠶ᠋ᠢᠨ ᠢ᠋ᠶ᠋ᠡᠨ ᠦᠭᠡ ᠶ᠋ᠢ ᠰᠣᠨᠣᠰᠤᠭᠠᠳ ᠴᠢᠩᠭᠢᠰ ᠬᠠᠭᠠᠨ᠄
— ᠥᠪᠡᠷ ᠦ᠋ᠨ ᠬᠦᠰᠡᠯ ᠢ᠋ ᠲᠡᠪᠴᠢᠨ ᠪᠠᠢᠵᠤ᠂ ᠡᠨᠡ ᠦᠨᠡᠨ ᠢ᠋ ᠬᠡᠯᠡᠭᠰᠡᠨ ᠭᠡᠪᠡ ᠤᠤ᠂ ᠪᠡᠷᠢ ᠮᠢᠨᠢ ᠲᠡᠷᠡ ᠨᠢᠭᠡᠨ ᠡᠳᠦᠷ ᠪᠢ ᠴᠢᠮ᠎ᠠ ᠶ᠋ᠢ ᠪᠤᠷᠤᠭᠤ ᠲᠠᠨᠢᠭ᠎ᠠ ᠦᠭᠡᠢ ᠪᠣᠯᠬᠤ ᠪᠠᠨ ᠣᠯᠠᠨ ᠵᠦᠢᠯ ᠳᠡᠭᠡᠷ᠎ᠡ ᠬᠠᠷᠠᠯ᠎ᠠ᠃ ᠡᠪᠦᠷ ᠡᠴᠡ ᠮᠢᠨᠢ ᠲᠠᠰᠤᠷᠠᠵᠤ ᠠᠯᠠᠭᠠᠨ ᠳᠡᠭᠡᠷ᠎ᠡ ᠦᠰᠦᠭᠡ ᠦᠭᠡᠢ ᠴᠦ᠍ ᠴᠢ ᠮᠢᠨᠦ ᠥᠬᠢᠨ ᠦᠷ᠎ᠡ ᠡᠴᠡ ᠥᠭᠡᠷ᠎ᠡ ᠴᠦ᠍ ᠦᠭᠡᠢ ᠪᠡᠷᠢ ᠶᠦᠮ᠃ ᠡᠭᠦᠨ ᠡᠴᠡ ᠬᠣᠢᠰᠢ ᠥᠪᠡᠷ ᠦ᠋ᠨ ᠠᠮᠢᠳᠤᠷᠠᠯ᠂ ᠡᠷ᠎ᠡ ᠨᠥᠬᠥᠷ᠂ ᠦᠷ᠎ᠡ ᠬᠡᠦᠬᠡᠳ ᠲᠡᠭᠡᠨ ᠡᠨᠡ ᠮᠡᠲᠦ ᠤᠬᠠᠭᠠᠨ ᠤ᠋ ᠦᠨᠡᠨ ᠢ᠋ ᠢᠯᠡᠳᠲᠡ ᠲᠠᠨᠢᠭᠤᠯᠵᠤ ᠶᠠᠪᠤᠭᠠᠷᠠᠢ ᠭᠡᠮᠡᠨ ᠵᠠᠬᠢᠯ᠎ᠠ᠃
ᠰᠤᠷᠬᠠᠭᠲᠠᠨᠢ ᠬᠠᠭᠠᠨ ᠡᠵᠡᠨ ᠦ᠌ ᠬᠠᠢᠷ᠎ᠠ ᠬᠡᠰᠢᠭ ᠮᠡᠲᠦ ᠰᠠᠢᠬᠠᠨ ᠦᠭᠡ ᠶ᠋ᠢ ᠰᠣᠨᠣᠰᠤᠨ᠂ ᠰᠡᠳᠬᠢᠯ ᠳᠠᠯᠪᠢᠷᠠᠬᠤ ᠳ᠋ᠤ᠌᠄
— ᠡᠩᠭᠡᠰᠬᠡ ᠣ ᠲᠠᠯᠪᠢᠬᠤ ᠠ᠋ᠴᠠ ᠡᠷᠳᠡᠮ ᠣᠶᠤᠨ ᠢ᠋ ᠢᠯᠡᠭᠦᠦ ᠳ᠋ᠦ᠍ ᠦᠵᠡᠳᠡᠭ ᠴᠢᠮ᠎ᠠ ᠳ᠋ᠤ᠌ ᠪᠢ ᠨᠢᠭᠡ ᠵᠦᠢᠯ ᠥᠭᠭᠦᠶ᠎ᠡ ᠭᠡᠳ ᠪᠢᠷ ᠶᠠᠨᠲᠠᠢ ᠭᠠᠷᠭᠠᠨ ᠢᠷᠡᠵᠦ ᠪᠠᠷᠢᠯ᠎ᠠ᠃
— ᠴᠠᠩ ᠴᠦᠨ ᠪᠣᠮᠪᠣ ᠶ᠋ᠢᠨ ᠬᠡᠷᠡᠭᠯᠡᠵᠦ ᠪᠠᠢᠭᠰᠠᠨ ᠪᠢᠷ ᠶᠠᠨᠲᠠᠢ ᠲᠤᠯᠠ ᠡᠭᠦᠪᠡᠷ ᠶᠡᠬᠡ ᠶ᠋ᠢ ᠪᠢᠴᠢᠵᠦ ᠣᠯᠠᠨ ᠢ᠋ ᠰᠡᠢᠷᠡᠭᠦᠯᠵᠦ ᠦᠯᠡᠳᠡᠭᠡᠭᠡᠷᠡᠢ᠃ ᠪᠢ ᠬᠡᠳᠦᠢᠪᠡᠷ ᠲᠡᠷᠡ ᠬᠥᠮᠦᠨ ᠲᠡᠢ ᠠᠭᠤᠯᠵᠠᠵᠤ ᠦᠭᠡ ᠰᠣᠯᠢᠵᠤ ᠪᠠᠢᠭᠰᠠᠨ ᠤᠳᠠᠭ᠎ᠠ ᠦᠭᠡᠢ ᠪᠣᠯᠪᠠᠴᠤ ᠬᠡᠵᠢᠶ᠎ᠡ ᠨᠢᠭᠡᠨ ᠡᠳᠦᠷ ᠠᠭᠤᠯᠵᠠᠨ ᠤᠴᠠᠷᠠᠵᠤ ᠬᠣᠷᠸ᠎ᠠ ᠶ᠋ᠢᠨ ᠶᠠᠪᠤᠳᠠᠯ ᠢ᠋ ᠲᠣᠯᠢᠳᠠᠬᠤ ᠪᠣᠯᠤᠨ᠎ᠠ ᠭᠡᠵᠦ ᠪᠣᠳᠣᠳᠠᠭ ᠶᠤᠮ ᠭᠡᠯᠡ᠃
ᠦᠵᠡᠲᠡᠯ᠎ᠡ ᠡᠷᠲᠡᠨ ᠦ᠌ ᠮᠡᠲᠦ ᠬᠠᠷᠠᠭᠳᠠᠬᠤ ᠡᠨᠡ ᠪᠢᠷ ᠶᠠᠨᠲᠠᠢ ᠲᠤᠩ ᠬᠣᠪᠣᠷ ᠴᠠᠮᠢᠨ ᠡᠳ᠋ ᠠᠵᠢ᠃ ᠴᠠᠩ ᠴᠦᠨ ᠪᠣᠮᠪᠣ ᠭᠡᠬᠦ ᠲᠡᠷᠡ ᠪᠢᠴᠢᠭ ᠦ᠋ᠨ ᠶᠡᠬᠡ ᠬᠥᠮᠦᠨ ᠲᠠᠯ᠎ᠠ ᠨᠤᠲᠤᠭ ᠲᠤ ᠤᠷᠢᠳ ᠡᠮᠦᠨ᠎ᠡ ᠢᠷᠡᠵᠦ ᠪᠠᠢᠭ᠎ᠠ ᠦᠭᠡᠢ ᠴᠦ᠍ ᠴᠢᠩᠭᠢᠰ ᠬᠠᠭᠠᠨ ᠤ᠋ ᠰᠤᠤ ᠠᠯᠳᠠᠷ ᠢ᠋ ᠮᠠᠭᠲᠠᠵᠤ᠂ ᠤᠬᠠᠭᠠᠨ ᠪᠢᠯᠢᠭ ᠢ᠋ ᠨᠢ ᠦᠨᠡᠯᠡᠨ᠂ ᠡᠮᠦᠨᠡᠲᠦ ᠰᠥᠩ ᠤᠯᠤᠰ ᠤ᠋ᠨ ᠪᠣᠮᠪᠣ ᠶ᠋ᠢᠨ ᠱᠠᠰᠢᠨ ᠤ᠋ ᠯᠠᠮᠠ ᠲᠡᠷᠡ ᠪᠡᠷ ᠥᠪᠡᠷ ᠦ᠋ᠨ ᠪᠢᠷ ᠶᠠᠨᠲᠠᠢ ᠶ᠋ᠢ ᠴᠢᠩᠭᠢᠰ ᠬᠠᠭᠠᠨ ᠳ᠋ᠤ᠌ ᠪᠡᠯᠡᠭ ᠪᠣᠯᠭᠠᠨ ᠢᠯᠡᠭᠡᠭᠰᠡᠨ ᠠᠵᠢ᠃ ᠴᠢᠩᠭᠢᠰ ᠬᠠᠭᠠᠨ ᠰᠤᠷᠬᠠᠭᠲᠠᠨᠢ ᠪᠡᠷᠢ ᠳ᠋ᠡᠭᠡᠨ᠄
— ᠡᠷ᠎ᠡ ᠬᠥᠮᠦᠨ ᠠᠭᠤᠯᠠ ᠮᠡᠲᠦ ᠨᠥᠮᠥᠷᠢ ᠲᠡᠢ ᠴᠤ ᠡᠮᠲᠡᠷᠡᠵᠦ ᠨᠤᠷᠠᠬᠤ ᠨᠢ ᠠᠮᠠᠷᠬᠠᠨ ᠪᠠᠢᠳᠠᠭ ᠲᠤᠯᠠ ᠭᠣᠯᠣᠮᠲᠠ ᠵᠠᠯᠭᠠᠬᠤ ᠬᠦᠦ ᠶ᠋ᠢ ᠮᠢᠨᠢ ᠡᠷᠭᠦᠵᠦ᠂ ᠠᠴᠢ ᠨᠠᠷ ᠢ᠋ ᠮᠢᠨᠢ ᠭᠠᠷ ᠢ᠋ ᠨᠢ ᠭᠠᠨᠵᠤᠭᠠᠨ ᠳ᠋ᠤ᠌᠂ ᠬᠥᠯ ᠢ᠋ ᠨᠢ ᠳᠥᠷᠦᠭᠡᠨ ᠳ᠋ᠦ᠍ ᠬᠦᠷᠲᠡᠯ᠎ᠡ ᠠᠰᠠᠷᠠᠵᠤ ᠬᠠᠮᠠᠭᠠᠯᠠᠨ ᠰᠠᠭᠤᠭᠠᠷᠠᠢ᠃ ᠲᠤᠯᠤᠢ ᠨᠥᠬᠥᠷ ᠴᠢᠨᠢ ᠠᠶᠠᠨ ᠲᠡᠢᠨ ᠳ᠋ᠦ᠍ ᠮᠣᠷᠳᠠᠨ᠂ ᠲᠤᠯᠭᠤᠷ ᠲᠥᠷᠥ ᠮᠢᠨᠢ ᠡᠵᠡᠭᠦᠢ ᠪᠠᠢᠬᠤ ᠠᠪᠠᠰᠤ ᠬᠠᠲᠤᠨ ᠤᠬᠠᠭᠠᠨ ᠢ᠋ᠶ᠋ᠠᠷ ᠢ᠋ᠶ᠋ᠠᠨ ᠲᠥᠷᠥ ᠶ᠋ᠢ ᠵᠠᠯᠠᠵᠤ᠂ ᠭᠣᠯᠣᠮᠲᠠ ᠶᠠᠭᠤ ᠶ᠋ᠢ ᠮᠢᠨᠢ ᠬᠠᠮᠠᠭᠠᠯᠠᠵᠤ ᠪᠠᠢᠭᠲᠤᠨ ᠬᠡᠮᠡᠭᠡᠳ ᠴᠠᠩ ᠴᠦᠨ ᠪᠣᠮᠪᠣ ᠶ᠋ᠢᠨ ᠢᠯᠡᠭᠡᠭᠰᠡᠨ ᠪᠢᠷ ᠶᠠᠨᠲᠠᠢ ᠶ᠋ᠢ ᠠᠯᠠᠭᠠᠨ ᠳᠡᠭᠡᠷ᠎ᠡ ᠨᠢ ᠵᠥᠭᠡᠯᠡᠨ ᠲᠠᠯᠪᠢᠬᠤ ᠳ᠋ᠤ᠌ ᠵᠡᠭᠦᠳᠦᠨ ᠳ᠋ᠡᠭᠡᠨ ᠠᠯᠲᠠᠨ ᠬᠠᠢᠷᠴᠠᠭ ᠣᠯᠬᠤ ᠳ᠋ᠠᠭᠠᠨ ᠰᠣᠨᠢᠭᠤᠴᠢᠷᠬᠠᠨ ᠬᠠᠷᠠᠵᠤ ᠪᠠᠢᠭᠰᠠᠨ ᠬᠡᠦᠬᠡᠳ ᠨᠠᠰᠤ ᠰᠢᠭ᠋ ᠢ᠋ᠶ᠋ᠡᠨ ᠰᠣᠨᠢᠷᠬᠠᠨ ᠰᠢᠷᠲᠡᠨ ᠪᠣᠢ ᠰᠤᠷᠬᠠᠭᠲᠠᠨᠢ ᠳ᠋ᠤ᠌ ᠬᠠᠭᠠᠨ ᠤ᠋ ᠡᠨᠡ ᠦᠭᠡ ᠬᠡᠴᠢᠨᠡᠭᠡᠨ ᠰᠠᠢᠬᠠᠨ ᠰᠣᠨᠣᠰᠳᠠᠨ᠎ᠠ ᠪᠣᠢ᠃ ᠶᠠᠭ ᠯᠠ ᠲᠩᠷᠢ ᠳ᠋ᠦ᠍ ᠪᠠᠢᠭ᠎ᠠ ᠡᠵᠢ ᠠᠪᠤ ᠲᠠᠢ ᠪᠠᠨ ᠠᠭᠤᠯᠵᠠᠭᠰᠠᠨ ᠮᠡᠲᠦ᠂ ᠲᠡᠳᠡ ᠯᠠ ᠲᠡᠭᠦᠨ ᠳ᠋ᠦ᠍ ᠬᠡᠯᠡᠵᠦ ᠪᠣᠯᠬᠤ ᠢᠷᠦᠭᠡᠯ ᠦ᠋ᠨ ᠰᠠᠢᠬᠠᠨ ᠦᠭᠡᠰ ᠪᠠᠢᠯ᠎ᠠ᠃ ᠡᠯᠢᠭᠡ ᠵᠢᠷᠦᠬᠡ ᠶ᠋ᠢ ᠨᠢ ᠥᠮᠥᠷᠡᠭᠦᠯᠦᠨ ᠰᠣᠨᠣᠰᠳᠠᠬᠤ ᠡᠨᠡ ᠰᠠᠢᠬᠠᠨ ᠦᠭᠡᠰ ᠰᠤᠷᠬᠠᠭᠲᠠᠨᠢ ᠶ᠋ᠢᠨ ᠰᠡᠳᠬᠢᠯ ᠦ᠋ᠨ ᠤᠲᠠᠰᠤ ᠶ᠋ᠢ ᠨᠢᠭᠡ ᠨᠢᠭᠡ ᠪᠡᠷ ᠨᠢ ᠲᠣᠭᠰᠢᠨ ᠪᠠᠢᠬᠤ ᠰᠢᠭ᠋ ᠵᠥᠭᠡᠯᠡᠨ ᠬᠦᠪᠦᠷᠡᠵᠦ ᠪᠠᠢᠯ᠎ᠠ᠃
ᠬᠠᠭᠠᠨ ᠤ᠋ ᠦᠷᠭᠦᠭᠡᠨ ᠡᠴᠡ ᠭᠠᠷᠴᠤ ᠶᠠᠪᠤᠭᠠᠳ ᠥᠭᠡᠳᠡᠢ ᠶ᠋ᠢᠨ ᠬᠠᠲᠤᠨ ᠮᠥᠬᠡ ᠶ᠋ᠢᠨ ᠭᠡᠷ ᠦ᠋ᠨ ᠬᠠᠵᠠᠭᠤ ᠪᠠᠷ ᠥᠩᠭᠡᠷᠡᠬᠦ ᠳ᠋ᠡᠭᠡᠨ ᠰᠤᠷᠬᠠᠭᠲᠠᠨᠢ ᠭᠡᠨᠡᠳᠲᠡ ᠲᠦᠷᠭᠡᠨ᠎ᠡ ᠬᠠᠲᠤᠨ ᠰᠢᠪᠡᠭᠴᠢᠨ ᠠᠮᠤ ᠪᠠᠷ ᠤᠷᠢᠳ ᠰᠥᠨᠢ ᠲᠡᠭᠦᠨ ᠳ᠋ᠦ᠍ ᠬᠡᠯᠡ ᠬᠦᠷᠭᠡᠭᠦᠯᠦᠭᠰᠡᠨ ᠢ᠋ ᠰᠠᠨᠠᠪᠠ᠃ ᠮᠥᠬᠡ ᠶᠢᠨ ᠦᠷᠭᠦᠭᠡᠨ ᠦ᠌ ᠭᠠᠳᠠᠨ᠎ᠠ ᠴᠢᠭᠲᠠᠭ᠎ᠠ ᠬᠠᠳᠬᠤᠵᠠᠢ᠃ ᠤᠴᠢᠷ ᠶᠠᠪᠤᠳᠠᠯ ᠢ᠋ ᠳᠠᠭᠠᠵᠤ ᠮᠡᠳᠡᠭᠡ ᠦᠭᠡᠢ ᠲᠤᠯᠠ ᠬᠡᠪᠲᠡᠭᠦᠯ ᠡᠴᠡ ᠶᠠᠭᠤ ᠪᠣᠯᠤᠭᠰᠠᠨ ᠢ᠋ ᠯᠠᠪᠯᠠᠬᠤ ᠳ᠋ᠤ᠌᠄
—ᠮᠥᠬᠡ ᠬᠠᠲᠤᠨᠲᠠᠨ ᠪᠡᠶ᠎ᠡ ᠴᠢᠯᠡᠭᠡᠷᠬᠡᠭᠰᠡᠨ ᠲᠤᠯᠠ ᠬᠥᠮᠦᠨ ᠣᠷᠣᠭᠤᠯᠬᠤ ᠶ᠋ᠢ ᠬᠣᠷᠢᠭᠯᠠᠪᠠ ᠬᠡᠮᠡᠯ᠎ᠡ᠃ ᠦᠷᠭᠦᠭᠡᠨ ᠳ᠋ᠡᠭᠡᠨ ᠣᠷᠣᠵᠤ ᠢᠷᠡᠪᠡᠯ ᠠᠰᠢᠳᠠ ᠲᠡᠮᠦᠷ ᠲᠣᠭᠣᠭᠠᠴᠢ ᠬᠠᠲᠤᠨ ᠤ᠋ ᠣᠷᠣᠢ ᠶ᠋ᠢᠨ ᠬᠣᠭᠣᠯᠠ ᠶ᠋ᠢ ᠪᠡᠯᠡᠳᠬᠡᠭᠰᠡᠨ ᠢ᠋ᠶ᠋ᠡᠨ ᠠᠪᠴᠢᠷᠠᠨ ᠪᠠᠷᠢᠯ᠎ᠠ᠃ ᠰᠤᠷᠬᠠᠭᠲᠠᠨᠢ ᠶ᠋ᠢᠨ ᠬᠤᠪᠢ ᠳ᠋ᠤ᠌ ᠬᠣᠷᠸ᠎ᠠ ᠳᠡᠭᠡᠷ᠎ᠡ ᠦᠯᠡᠳᠡᠭᠰᠡᠨ ᠬᠠᠮᠤᠭ ᠤ᠋ᠨ ᠳᠣᠲᠣᠨᠣ ᠬᠥᠮᠦᠨ ᠨᠢ ᠠᠰᠢᠳᠠ ᠲᠡᠮᠦᠷ ᠮᠡᠲᠦ ᠰᠠᠨᠠᠭᠳᠠᠬᠤ ᠪᠣᠯᠵᠠᠢ᠃ ᠥᠰᠬᠦ ᠨᠠᠰᠤᠨ ᠠ᠋ᠴᠠ ᠴᠠᠭ ᠦᠷᠭᠦᠯᠵᠢ ᠳᠡᠷᠭᠡᠳᠡ ᠨᠢ ᠪᠠᠢᠵᠤ᠂ ᠪᠠᠯᠴᠢᠷ ᠠᠬᠤᠢ ᠨᠠᠰᠤᠨ ᠳ᠋ᠠᠭᠠᠨ ᠬᠠᠮᠲᠤ ᠲᠣᠭᠯᠠᠨ᠂ ᠪᠦᠳᠦᠷᠢᠵᠦ ᠤᠨᠠᠬᠤ ᠳ᠋ᠤᠨᠢ ᠳᠥᠰᠢᠨ ᠪᠤᠰᠬᠠᠵᠤ᠂ ᠤᠬᠢᠯᠠᠵᠤ ᠰᠠᠭᠤᠬᠤ ᠳ᠋ᠤᠨᠢ ᠨᠢᠯᠪᠤᠰᠤ ᠶ᠋ᠢ ᠨᠢ ᠠᠷᠴᠢᠵᠤ ᠶᠠᠪᠤᠭᠰᠠᠨ ᠡᠨᠡ ᠡᠷᠬᠢᠮ ᠬᠥᠮᠦᠨ ᠢ᠋ ᠵᠠᠬ᠎ᠠ ᠬᠠᠮᠪᠤ ᠠᠪᠤ ᠨᠢ ᠲᠤᠯᠤᠢ ᠶ᠋ᠢᠨ ᠡᠬᠡᠨᠡᠷ ᠪᠣᠯᠬᠤ ᠳ᠋ᠤ᠌ ᠬᠠᠮᠲᠤ ᠥᠭᠭᠦᠭᠰᠡᠨ ᠪᠢᠯᠡ᠃ ᠠᠰᠢᠳᠠ ᠲᠡᠮᠦᠷ ᠦ᠋ᠨ ᠭᠡᠷ ᠪᠦᠯᠢ ᠲᠡᠢᠨ ᠰᠠᠮᠠᠭᠤᠨ ᠤ᠋ ᠬᠥᠯ ᠳ᠋ᠦ᠍ ᠦᠭᠡᠢ ᠪᠣᠯᠵᠤ᠂ ᠲᠡᠷᠡ ᠬᠣᠶᠠᠷ ᠬᠣᠷᠸ᠎ᠠ ᠳᠡᠭᠡᠷ᠎ᠡ ᠡᠵᠡᠨ᠂ ᠵᠠᠷᠤᠴᠠ ᠪᠣᠯᠪᠠᠴᠤ ᠪᠡᠶ᠎ᠡ ᠪᠡᠨ ᠲᠦᠰᠢᠬᠦ ᠡᠴᠡ ᠥᠭᠡᠷ᠎ᠡ ᠠᠷᠭ᠎ᠠ ᠦᠭᠡᠢ ᠬᠥᠮᠦᠰ ᠪᠣᠯᠤᠭᠰᠠᠨ᠂ ᠬᠠᠷᠢᠨ ᠣᠳᠣ ᠬᠠᠢᠷᠠᠲᠠᠢ ᠨᠥᠬᠥᠷ ᠲᠤᠯᠤᠢ᠂ ᠪᠣᠭᠣᠷᠴᠤ᠂ ᠠᠰᠢᠳᠠ ᠲᠡᠮᠦᠷ ᠬᠣᠶᠠᠷ ᠲᠠᠢ ᠡᠩ ᠵᠡᠷᠭᠡᠴᠡᠨ ᠪᠠᠰᠠ ᠨᠢᠭᠡᠨ ᠬᠥᠮᠦᠨ ᠬᠣᠷᠸ᠎ᠠ ᠳᠡᠭᠡᠷᠡᠬᠢ ᠲᠦᠰᠢᠭ ᠲᠤᠯᠭᠠᠭᠤᠷ ᠨᠢ ᠪᠣᠯᠵᠤ᠂ ᠵᠢᠷᠦᠬᠡ ᠰᠡᠳᠬᠢᠯ ᠳ᠋ᠦ᠍ᠨᠢ ᠣᠢᠷᠠᠲᠤᠨ ᠢᠷᠡᠭᠰᠡᠨ ᠨᠢ ᠶᠡᠬᠡ ᠡᠵᠡᠨ ᠴᠢᠩᠭᠢᠰ ᠬᠠᠭᠠᠨ ᠪᠠᠢᠯ᠎ᠠ᠃ ᠬᠡᠳᠦᠬᠡᠨ ᠬᠣᠷᠣᠮ ᠤ᠋ᠨ ᠡᠮᠦᠨ᠎ᠡ ᠰᠣᠨᠣᠰᠤᠭᠰᠠᠨ ᠬᠠᠭᠠᠨ ᠤ᠋ ᠬᠡᠯᠡᠭᠰᠡᠨ ᠦᠭᠡᠰ ᠣᠳᠣ ᠬᠢᠷᠢ ᠴᠢᠬᠢᠨ ᠳ᠋ᠦ᠍ᠨᠢ ᠰᠣᠨᠣᠰᠤᠭᠳᠠᠨ ᠪᠠᠢᠬᠤ ᠰᠢᠭ᠋ ᠰᠠᠨᠠᠭᠳᠠᠨ᠎ᠠ᠃
— ᠮᠥᠬᠡ ᠬᠠᠲᠤᠨ ᠪᠡᠶ᠎ᠡ ᠴᠢᠯᠡᠭᠡᠷᠬᠡᠭᠰᠡᠨ ᠭᠡᠨ᠎ᠡ᠂ ᠡᠪᠡᠳᠴᠢᠨ ᠬᠠᠯᠳᠠᠪᠤᠷᠢᠲᠠᠢ ᠲᠤᠯᠠ ᠬᠥᠮᠦᠨ ᠣᠷᠣᠭᠤᠯᠬᠤ ᠶ᠋ᠢ ᠴᠡᠭᠡᠷᠯᠡᠨ ᠣᠯᠣᠰᠣ ᠲᠠᠲᠠᠵᠠᠢ ᠭᠡᠰᠡᠨ ᠠᠰᠢᠳᠠ ᠲᠡᠮᠦᠷ ᠦ᠋ᠨ ᠦᠭᠡ ᠶ᠋ᠢ ᠰᠣᠨᠣᠰᠤᠭᠰᠠᠨ ᠰᠤᠷᠬᠠᠭᠲᠠᠨᠢ ᠭᠠᠢᠬᠠᠯ᠎ᠠ᠃
— ᠬᠠᠯᠳᠠᠪᠤᠷᠢᠲᠠᠢ ᠭᠡᠨ᠎ᠡ?
— ᠪᠡᠶ᠎ᠡ ᠪᠡᠷ ᠨᠢ ᠤᠯᠠᠭᠠᠨ ᠡᠷᠢᠶᠡᠨ ᠶᠠᠭᠤᠮ᠎ᠠ ᠳᠤᠭᠤᠷᠠᠵᠤ ᠲᠡᠰᠬᠦᠶ᠋ᠢᠶᠡ ᠪᠡᠷᠬᠡ ᠵᠠᠭᠠᠲᠤᠨᠠᠨ ᠪᠠᠢᠭ᠎ᠠ ᠲᠤᠯᠠ ᠬᠠᠯᠳᠠᠪᠤᠷᠢᠲᠠᠢ ᠪᠠᠢᠵᠤ ᠮᠠᠭᠠᠳ ᠭᠡᠵᠦ ᠣᠲᠠᠴᠢ ᠠᠢᠯᠠᠳᠤᠭᠰᠠᠨ ᠪᠠᠢᠨ᠎ᠠ᠃
ᠰᠡᠭᠦᠯ ᠦ᠋ᠨ ᠭᠠᠭᠴᠠ ᠨᠢᠭᠡᠬᠡᠨ ᠬᠣᠨᠣᠭ ᠤ᠋ᠨ ᠳᠣᠲᠣᠷ᠎ᠠ ᠬᠠᠭᠠᠨ ᠤ᠋ ᠣᠷᠳᠣᠨ ᠳ᠋ᠤ᠌ ᠭᠡᠨᠡᠳᠲᠡ ᠡᠪᠡᠳᠴᠢᠨ ᠲᠣᠰᠴᠤ ᠭᠡᠨᠡᠳᠲᠡ ᠵᠦᠭᠡᠷ ᠪᠣᠯᠤᠭᠠᠳ ᠪᠠᠢᠭ᠎ᠠ ᠶ᠋ᠢᠨ ᠴᠠᠭᠠᠳᠤ ᠰᠢᠯᠲᠠᠭᠠᠨ ᠢ᠋ ᠬᠡᠨ ᠴᠦ᠍ ᠦᠯᠦ ᠳᠠᠭᠠᠪᠤᠷᠢᠯᠠᠨᠠ᠃ ᠭᠠᠢᠬᠠᠰᠢ ᠲᠥᠷᠥᠭᠦᠯᠦᠭᠰᠡᠨ ᠬᠡᠳᠦᠨ ᠡᠳᠦᠷ ᠠᠷᠤ ᠳ᠋ᠤ᠌ ᠦᠯᠡᠳᠡᠵᠦ᠂ ᠮᠦᠬᠡ ᠬᠠᠲᠤᠨ ᠴᠤ᠌ ᠪᠡᠶ᠎ᠡ ᠨᠢ ᠢᠯᠠᠷᠢᠰᠢᠵᠤ᠂ ᠬᠡᠪ ᠲᠡᠭᠡᠨ ᠣᠷᠣᠭᠰᠠᠨ ᠪᠠᠢᠪᠠ᠃
ᠣᠷᠳᠣᠨ ᠤ᠋ ᠬᠢᠨ ᠦ᠌ ᠳᠠᠮ ᠶᠠᠷᠢᠶ᠎ᠠ ᠶ᠋ᠢ ᠰᠣᠨᠣᠰᠴᠤ᠂ ᠬᠣᠪ ᠵᠢᠪ ᠲᠠᠷᠬᠠᠭᠠᠵᠤ ᠶᠠᠪᠤᠳᠠᠭ ᠰᠢᠪᠡᠭᠴᠢᠨ ᠬᠡᠦᠬᠡᠨ ᠨᠤᠭᠦᠳ᠄
— ᠮᠥᠬᠡ ᠬᠠᠲᠤᠨ ᠬᠠᠷᠢᠶᠠᠯ ᠵᠢᠳᠬᠠ ᠬᠢᠵᠦ ᠬᠡᠨ ᠨᠢᠭᠡᠨ ᠢ᠋ ᠬᠣᠣᠷᠯᠠᠬᠤ ᠭᠡᠵᠦ ᠪᠠᠢᠭᠠᠳ ᠬᠣᠣᠷ ᠲᠠᠭᠠᠨ ᠥᠪᠡᠷ ᠢ᠋ᠶ᠋ᠡᠨ ᠬᠣᠣᠷᠳᠠᠵᠤ ᠡᠪᠡᠳᠦᠭᠰᠡᠨ ᠭᠡᠮᠡᠨ ᠴᠤᠤ ᠲᠠᠷᠬᠠᠭᠰᠠᠨ ᠪᠠᠢᠯ᠎ᠠ᠃
ᠬᠠᠷᠢᠨ ᠡᠨᠡ ᠶᠠᠷᠢᠶᠠᠨ ᠤ᠋ ᠤᠴᠢᠷ ᠲᠤ ᠬᠣᠵᠢᠮ ᠤ᠋ᠨ ᠡᠳᠦᠷ ᠥᠭᠡᠳᠡᠢ ᠡᠴᠡ ᠬᠠᠲᠤᠨ ᠲᠦᠷᠭᠡᠨ᠎ᠡ ᠲᠡᠢ ᠶᠠᠷᠢᠯᠴᠠᠵᠤ ᠰᠠᠭᠤᠬᠤ ᠳ᠋ᠤ᠌ ᠲᠠᠢᠯᠤᠭᠳᠠᠬᠤ ᠰᠢᠭ᠋ ᠪᠣᠯᠵᠠᠢ᠃
ᠲᠡᠷᠡ ᠨᠢᠭᠡᠨ ᠡᠳᠦᠷ ᠮᠥᠬᠡ ᠬᠠᠲᠤᠨ ᠥᠪᠡᠷ ᠦ᠋ᠨ ᠪᠥᠬᠡ ᠵᠠᠢᠷᠠᠩ ᠢ᠋ ᠰᠠᠮ ᠳᠠᠭᠤᠳᠠᠨ ᠬᠡᠯᠡᠯᠴᠡᠵᠦ ᠪᠠᠢᠭᠠᠳ ᠰᠤᠷᠬᠠᠭᠲᠠᠨᠢ ᠶ᠋ᠢᠨ ᠨᠥᠬᠥᠷ ᠲᠤᠯᠤᠢ ᠶ᠋ᠢᠨ ᠪᠡᠶ᠎ᠡ ᠳ᠋ᠦ᠍ ᠰᠢᠪᠰᠢᠯᠭᠡ ᠢᠯᠡᠬᠡᠨ ᠬᠡᠷᠬᠢᠬᠦ ᠶ᠋ᠢ ᠬᠠᠷᠠᠶ᠎ᠠ ᠭᠡᠰᠡᠨ ᠡᠴᠡ ᠡᠭᠦᠳᠦᠯ ᠲᠡᠢ ᠠᠵᠢ᠃
ᠲᠤᠯᠤᠢ ᠨᠣᠶᠠᠨ ᠲᠡᠭᠡᠲᠡᠯ᠎ᠡ ᠪᠡᠨ ᠬᠠᠯᠠᠭᠤᠷᠠᠵᠤ ᠡᠪᠡᠳᠴᠢᠨ ᠳ᠋ᠡᠭᠡᠨ ᠰᠢᠨᠠᠯᠤᠨ ᠡᠭᠡᠷᠡᠵᠦ ᠪᠠᠢᠬᠤ ᠳ᠋ᠤ᠌ ᠡᠴᠢᠭᠡ ᠬᠠᠭᠠᠨ ᠡᠪᠡᠳᠦᠭᠰᠡᠨ ᠨᠢ ᠵᠦᠩ ᠪᠡᠯᠭᠡ ᠶ᠋ᠢᠨ ᠬᠦᠴᠦ ᠪᠡᠷ ᠭᠣᠯᠣᠮᠲᠠ ᠵᠠᠯᠭᠠᠬᠤ ᠬᠦᠦ ᠪᠡᠨ ᠠᠪᠤᠷᠠᠬᠤ ᠭᠡᠰᠡᠨ ᠪᠠᠢᠵᠤ ᠪᠣᠯᠬᠤ ᠶᠤᠮ᠃
ᠬᠠᠭᠠᠨ ᠤ᠋ ᠬᠦᠴᠦ᠂ ᠪᠣᠳᠢ ᠰᠡᠳᠬᠢᠯ ᠲᠤᠯᠤᠢ ᠶ᠋ᠢ ᠠᠪᠤᠷᠠᠭᠰᠠᠨ ᠶᠤᠮ ᠪᠣᠯᠪᠠ ᠤᠤ᠂ ᠳᠠᠷᠠᠭᠠᠬᠠᠨ ᠨᠢ ᠮᠦᠬᠡ ᠬᠠᠲᠤᠨ ᠬᠠᠮᠤᠭ ᠪᠡᠶ᠎ᠡ ᠨᠢ ᠬᠠᠪᠤᠳᠤᠨ ᠤᠯᠠᠢᠵᠤ ᠵᠠᠭᠠᠲᠤᠨᠠᠨ᠂ ᠬᠥᠯ ᠬᠣᠷᠢᠭ᠎ᠠ ᠲᠣᠭᠲᠠᠭᠠᠵᠤ ᠪᠠᠢᠭᠰᠠᠨ ᠨᠢ ᠠᠳᠬᠠᠭ ᠰᠠᠨᠠᠭ᠎ᠠ ᠨᠢ ᠬᠠᠷ᠎ᠠ ᠲᠣᠯᠣᠭᠠᠢ ᠳ᠋ᠤᠨᠢ ᠪᠠᠭᠤᠭᠰᠠᠨ ᠬᠡᠷᠡᠭ ᠭᠡᠵᠦ ᠲᠡᠷᠡ ᠲᠠᠭᠠᠮᠠᠭᠯᠠᠵᠤ ᠪᠣᠢ ᠪᠠᠨ ᠬᠡᠯᠡᠵᠡᠢ᠃ ᠶᠠᠮᠠᠷ ᠲᠠᠢ ᠴᠤ ᠭᠡᠰᠡᠨ ᠤᠴᠢᠷ ᠪᠢᠲᠡᠭᠦᠯᠢᠭ ᠡᠳᠦᠷ ᠦ᠋ᠳ ᠠᠷᠤ ᠳ᠋ᠤ᠌ ᠦᠯᠡᠳᠡᠪᠡ᠃
ᠨᠢᠭᠡ ᠬᠠᠭᠠᠨ ᠤ᠋ ᠬᠠᠲᠤᠳ ᠡᠪ ᠲᠡᠢ ᠪᠠᠢᠬᠤ ᠨᠢ ᠬᠣᠪᠣᠷ᠃ ᠲᠠᠯ᠎ᠠ ᠨᠤᠲᠤᠭ ᠲᠤ᠌᠂ ᠨᠢᠭᠡ ᠡᠷ᠎ᠡ ᠶ᠋ᠢᠨ ᠰᠡᠳᠬᠢᠯ ᠵᠡᠷᠭᠡ ᠬᠠᠷᠠᠨ ᠬᠦᠯᠢᠶᠡᠵᠦ ᠪᠠᠢᠳᠠᠭ ᠬᠠᠲᠤᠳ ᠪᠡᠶ᠎ᠡ ᠪᠡᠶ᠎ᠡ ᠳ᠋ᠡᠭᠡᠨ ᠰᠠᠢᠨ ᠦᠭᠡᠢ ᠪᠠᠢᠬᠤ ᠨᠢ ᠣᠯᠠᠨᠲᠠ ᠤᠴᠢᠷ ᠰᠤᠷᠬᠠᠭᠲᠠᠨᠢ ᠡᠨᠡ ᠶᠠᠷᠢᠶᠠᠨ ᠳ᠋ᠤ᠌ ᠨᠢᠭᠡ ᠶᠡᠬᠡ ᠠᠴᠢ ᠬᠣᠯᠪᠣᠭᠳᠠᠯ ᠥᠭᠭᠦᠭᠰᠡᠨ ᠦᠭᠡᠢ ᠲᠡᠭᠡᠰᠬᠢᠭᠡᠳ ᠣᠷᠬᠢᠭᠰᠠᠨ ᠪᠢᠯᠡ᠃
ᠳᠠᠷᠤᠢ ᠬᠡᠳᠦᠨ ᠵᠢᠯ ᠥᠩᠭᠡᠷᠡᠵᠦ ᠰᠤᠷᠬᠠᠭᠲᠠᠨᠢ ᠲᠤᠯᠤᠢ ᠡᠵᠡᠨ ᠳ᠋ᠦ᠍ ᠭᠤᠷᠪᠠᠳᠠᠬᠢ ᠬᠦᠦ ᠶ᠋ᠢ ᠲᠥᠷᠥᠭᠦᠯᠵᠦ ᠦᠭᠭᠦᠭᠰᠡᠨ ᠪᠠᠶᠠᠷᠲᠤ ᠡᠳᠦᠷ ᠨᠢᠭᠡᠨ ᠶᠡᠬᠡ ᠨᠡᠭᠦᠳᠡᠯ ᠠᠭᠤᠷᠠᠭ ᠲᠤ᠌ ᠣᠢᠷᠠᠲᠤᠨ ᠪᠠᠢᠯ᠎ᠠ᠃ ᠳᠥᠩᠭᠡᠵᠦ ᠲᠥᠷᠥᠭᠰᠡᠨ ᠨᠤᠭᠤᠨ ᠦᠷ᠎ᠡ ᠪᠡᠨ ᠬᠠᠷᠠᠭᠠᠳ 《ᠭᠤᠷᠪᠠᠨ ᠬᠦᠦ ᠶ᠋ᠢᠨ ᠡᠴᠢᠭᠡ ᠪᠣᠯᠪᠠ᠂ ᠪᠢ》 ᠭᠡᠮᠡᠨ ᠪᠡᠶᠡᠰᠦᠨ ᠪᠠᠢᠭᠰᠠᠨ ᠲᠤᠯᠤᠢ ᠨᠣᠶᠠᠨ ᠲᠣᠭᠣᠨᠣ ᠪᠠᠷ ᠲᠤᠰᠬᠤ ᠨᠠᠷᠠᠨ ᠵᠦᠭ ᠬᠦᠦ ᠪᠡᠨ ᠬᠠᠷᠠᠭᠤᠯᠤᠨ᠂ ᠬᠦᠦ ᠳ᠋ᠡᠭᠡᠨ ᠬᠦᠯᠡᠬᠦ ᠭᠡᠵᠦ ᠨᠡᠷ᠎ᠡ ᠬᠠᠢᠷᠠᠯᠠᠨ ᠪᠠᠢᠬᠤ ᠠᠬᠤᠢ ᠳ᠋ᠤ᠌ ᠲᠡᠳᠡᠨ ᠦ᠌ ᠤᠷᠲᠤ ᠦᠷᠭᠦᠭᠡᠨ ᠦ᠌ ᠭᠠᠳᠠᠭ᠎ᠠ ᠶᠡᠬᠡ ᠨᠡᠭᠦᠳᠡᠯ ᠬᠦᠷᠴᠦ ᠢᠷᠡᠯ᠎ᠡ᠃ ᠡᠨᠡ ᠪᠣᠯ ᠵᠦᠷᠴᠢᠳ ᠦ᠋ᠨ ᠬᠢᠨ ᠢᠷᠡᠭᠰᠡᠨ ᠬᠡᠷᠡᠭ ᠪᠠᠢᠪᠠ᠃ ᠵᠦᠷᠴᠢᠲᠠᠢ ᠭᠡᠬᠦ ᠡᠨᠡ ᠰᠤᠷᠬᠠᠭᠲᠠᠨᠢ ᠳ᠋ᠤ᠌ ᠠᠢᠳᠠᠰ ᠲᠥᠷᠥᠭᠦᠯᠦᠨ᠂ ᠨᠢᠷᠤᠭᠤ ᠥᠭᠡᠳᠡ ᠨᠢ ᠬᠦᠢᠲᠡ ᠳᠠᠭᠠᠭᠠᠬᠤ ᠮᠡᠲᠦ ᠪᠣᠯᠪᠠ᠃ ᠭᠠᠵᠠᠷ ᠳᠡᠯᠡᠬᠡᠢ ᠶ᠋ᠢ ᠲᠡᠷᠡ ᠠᠶ᠎ᠠ ᠪᠠᠷ ᠭᠠᠩᠬᠤᠭᠤᠯᠵᠤ ᠣᠷᠬᠢᠭᠰᠠᠨ ᠲᠡᠷᠡ ᠬᠥᠮᠦᠨ ᠢ᠋ ᠰᠤᠷᠬᠠᠭᠲᠠᠨᠢ ᠬᠡᠷᠬᠢᠨ ᠰᠠᠢᠬᠠᠨ ᠢ᠋ᠶ᠋ᠠᠷ ᠬᠦᠯᠢᠶᠡᠵᠦ ᠠᠪᠬᠤ ᠪᠢᠯᠡ᠃ ᠡᠴᠢᠭᠡ ᠶ᠋ᠢ ᠨᠢ ᠠᠯᠠᠵᠤ᠂ ᠡᠭᠡᠴᠢ ᠶ᠋ᠢ ᠨᠢ ᠠᠪᠤᠭᠰᠠᠨ ᠬᠥᠮᠦᠨ ᠢ᠋ ᠲᠡᠷᠡ ᠠᠬᠢᠨ ᠬᠠᠷᠠᠬᠤ ᠭᠡᠵᠦ ᠪᠠᠢᠨ᠎ᠠ᠃ ᠬᠡᠴᠢᠨᠡᠭᠡᠨ ᠰᠡᠳᠬᠢᠯ ᠳ᠋ᠡᠭᠡᠨ ᠪᠡᠳᠭᠡᠷᠡᠨ ᠰᠠᠨᠠᠵᠤ ᠪᠠᠢᠭᠰᠠᠨ ᠴᠤ ᠵᠦᠷᠴᠢᠳᠠᠢ ᠶ᠋ᠢ ᠳᠠᠭᠠᠨ ᠦᠭᠡ ᠳᠠᠭᠤ ᠦᠭᠡᠢ ᠣᠳᠤᠭᠰᠠᠨ ᠢᠪᠠᠭ᠎ᠠ ᠳ᠋ᠤ᠌ ᠲᠡᠷᠡ ᠬᠡᠷᠬᠢᠨ ᠬᠠᠨᠳᠤᠬᠤ ᠪᠠᠨ ᠮᠡᠳᠡᠬᠦ ᠦᠭᠡᠢ ᠪᠠᠢᠯ᠎ᠠ᠃ ᠳᠥᠩᠭᠡᠵᠦ ᠲᠥᠷᠥᠭᠰᠡᠨ ᠨᠢᠯᠬ᠎ᠠ ᠪᠡᠶ᠎ᠡ ᠲᠡᠢ ᠲᠤᠯᠠ ᠰᠤᠷᠬᠠᠭᠲᠠᠨᠢ ᠭᠠᠳᠠᠭ᠎ᠠ ᠭᠠᠷᠴᠤ ᠡᠭᠡᠴᠢ ᠪᠡᠨ ᠲᠣᠰᠣᠨ ᠠᠪᠴᠤ ᠴᠢᠳᠠᠭᠰᠠᠨ ᠦᠭᠡᠢ᠃ ᠶᠡᠬᠡ ᠨᠡᠭᠦᠳᠡᠯ ᠢᠷᠡᠵᠦ ᠬᠥᠮᠦᠰ ᠭᠠᠳᠠᠭ᠎ᠠ ᠭᠠᠩᠭᠠᠷ ᠭᠤᠩᠭᠠᠷ ᠶᠠᠷᠢᠯᠴᠠᠭᠰᠠᠨ ᠤ᠋ ᠳᠠᠷᠠᠭ᠎ᠠ᠂ ᠠᠷᠪᠠᠨ ᠨᠢᠭᠡ ᠬᠣᠶᠠᠷ ᠨᠠᠰᠤᠨ ᠤ᠋᠂ ᠴᠢᠴᠠᠤᠬᠠᠨ ᠬᠣᠶᠠᠷ ᠥᠬᠢᠨ ᠳᠠᠭᠠᠭᠤᠯᠤᠨ ᠣᠷᠣᠵᠤ ᠢᠷᠡᠭᠰᠡᠨ ᠡᠭᠡᠴᠢ ᠪᠡᠨ ᠲᠡᠷᠡ ᠬᠠᠷᠠᠯ᠎ᠠ᠃ ᠢᠪᠠᠭ᠎ᠠ ᠵᠢᠭᠠᠬᠠᠨ ᠨᠠᠮᠪᠠ ᠰᠠᠭᠤᠭᠰᠠᠨ ᠠ᠋ᠴᠠ ᠥᠭᠡᠷ᠎ᠡ ᠥᠭᠡᠷᠡᠴᠢᠯᠡᠭᠳᠡᠭᠰᠡᠨ ᠵᠦᠢᠯ ᠦᠭᠡᠢ ᠴᠢᠷᠠᠢ ᠵᠢᠰᠦ ᠨᠢ ᠰᠠᠢᠬᠠᠨ ᠢ᠋ᠶ᠋ᠠᠷ ᠢ᠋ᠶ᠋ᠠᠨ ᠬᠠᠷᠠᠭᠳᠠᠨ᠎ᠠ᠃ ᠪᠦᠰᠡ ᠪᠡᠨ ᠶᠠᠯᠢᠮ ᠦᠭᠡᠢ ᠳᠡᠭᠡᠭᠰᠢ ᠪᠦᠰᠡᠯᠡᠭᠰᠡᠨ ᠪᠠᠢᠭ᠎ᠠ ᠶ᠋ᠢ ᠬᠠᠷᠠᠪᠠᠯ ᠬᠡᠪᠡᠯᠢ ᠳ᠋ᠡᠭᠡᠨ ᠳᠠᠬᠢᠨ ᠨᠢᠭᠡ ᠬᠡᠦᠬᠡᠳ ᠲᠡᠭᠡᠭᠡᠵᠦ ᠶᠠᠪᠤᠭ᠎ᠠ ᠪᠣᠯᠤᠯᠲᠠᠢ᠃ ᠨᠢᠳᠦᠨ ᠦ᠌ ᠬᠢᠨ ᠳᠣᠣᠭᠤᠷ ᠵᠢᠭᠠᠬᠠᠨ ᠰᠡᠯᠬᠡᠭ ᠰᠠᠭᠤᠵᠤ᠂ ᠳᠣᠣᠷᠠᠲᠤ ᠵᠣᠪᠬᠢ ᠨᠢ ᠬᠥᠬᠡᠷᠡᠭᠰᠡᠨ ᠡᠴᠡ ᠥᠭᠡᠷ᠎ᠡ ᠥᠭᠡᠷᠡᠴᠢᠯᠡᠭᠳᠡᠭᠰᠡᠨ ᠵᠦᠢᠯ ᠦᠭᠡᠢ ᠮᠡᠲᠦ ᠬᠠᠷᠠᠭᠳᠠᠬᠤ ᠨᠢ ᠣᠯᠠᠨ ᠬᠣᠨᠣᠭ ᠤ᠋ᠨ ᠨᠡᠭᠦᠳᠡᠯ ᠳ᠋ᠦ᠍ ᠶᠠᠳᠠᠷᠠᠭᠰᠠᠨ ᠤ᠋ ᠰᠢᠨᠵᠢ ᠪᠣᠯᠤᠯᠲᠠᠢ᠂ ᠬᠠᠵᠠᠭᠤ ᠳ᠋ᠤᠨᠢ ᠵᠡᠷᠭᠡᠴᠡᠨ ᠵᠣᠭᠰᠣᠬᠤ ᠬᠣᠶᠠᠷ ᠥᠬᠢᠨ ᠲᠡᠳᠡᠨ ᠦ᠌ ᠪᠠᠭ᠎ᠠ ᠨᠠᠰᠤ ᠶ᠋ᠢ ᠥᠪᠡᠷ ᠦ᠋ᠨ ᠡᠷᠬᠡ ᠦᠭᠡᠢ ᠰᠠᠨᠠᠭᠳᠠᠭᠤᠯᠤᠨ᠎ᠠ᠃ ᠥᠭᠡᠳᠡ ᠡᠴᠡ ᠴᠣᠯᠭᠢᠭᠤᠨ ᠬᠠᠷᠠᠬᠤ ᠥᠬᠢᠳ ᠦ᠋ᠨ ᠨᠢᠳᠦ《ᠪᠢᠳᠡᠨ ᠦ᠌ ᠨᠠᠭᠠᠴᠤ ᠡᠭᠡᠴᠢ ᠡᠢᠮᠦ ᠬᠥᠮᠦᠨ ᠪᠠᠢᠳᠠᠭ ᠶᠤᠮ ᠤᠤ》 ᠭᠡᠰᠡᠨ ᠶᠠᠩᠵᠤ ᠲᠠᠢ ᠰᠣᠨᠢᠭᠤᠴᠢᠬᠠᠨ ᠠᠵᠢ᠃
ᠬᠠᠯᠠᠭᠤᠨ ᠡᠯᠢᠭᠡᠳᠡᠨ ᠦ᠌ ᠰᠠᠨᠠᠭᠰᠠᠨ ᠰᠡᠳᠬᠢᠯ ᠢ᠋ ᠶᠠᠭᠠᠬᠢᠯᠲᠠᠢ ᠪᠢᠯᠡ᠃ ᠰᠤᠷᠬᠠᠭᠲᠠᠨᠢ ᠡᠭᠡᠴᠢ ᠪᠡᠨ ᠢᠨᠢᠶᠡᠮᠰᠦᠭᠯᠡᠨ ᠲᠣᠰᠤᠯ᠎ᠠ᠃
ᠤᠳᠠᠭᠠᠨ ᠠᠭᠤᠯᠵᠠᠭ᠎ᠠ ᠦᠭᠡᠢ ᠡᠭᠡᠴᠢ ᠳᠡᠭᠦᠦ ᠬᠣᠶᠠᠷ ᠲᠤ ᠶᠠᠷᠢᠬᠤ ᠵᠦᠢᠯ ᠶᠡᠬᠡ ᠪᠠᠢᠭᠰᠠᠨ ᠴᠤ ᠬᠠᠮᠢᠭ᠎ᠠ ᠠ᠋ᠴᠠ᠂ ᠶᠠᠭᠤᠨ ᠠ᠋ᠴᠠ ᠡᠬᠢᠯᠡᠬᠦ ᠪᠡᠨ ᠮᠡᠳᠡᠬᠦ ᠦᠭᠡᠢ ᠪᠡᠶᠡᠰ ᠢ᠋ᠶ᠋ᠡᠨ ᠬᠠᠷᠠᠵᠤ ᠬᠡᠰᠡᠭ ᠰᠠᠭᠤᠯ᠎ᠠ᠃ ᠡᠭᠡᠴᠢ ᠨᠢ ᠨᠢᠭᠤᠷ ᠬᠠᠭᠠᠷᠠᠵᠤ᠂ ᠥᠪᠡᠷ ᠦ᠋ᠨ ᠰᠠᠢᠬᠠᠨ ᠠᠮᠢᠳᠤᠷᠠᠵᠤ ᠪᠠᠢᠭ᠎ᠠ ᠵᠦᠷᠴᠢᠳᠠᠢ ᠡᠭᠡᠴᠢ ᠶ᠋ᠢ ᠨᠢ ᠬᠡᠷᠬᠢᠨ ᠬᠠᠢᠷᠠᠯᠠᠨ ᠤᠷᠢᠳᠤ ᠶ᠋ᠢᠨ ᠶᠠᠪᠤᠳᠠᠯ ᠢ᠋ ᠮᠠᠷᠲᠠᠩᠨᠠᠭᠤᠯᠤᠭᠰᠠᠨ ᠬᠢᠭᠡᠳ ᠲᠩᠷᠢ ᠶ᠋ᠢᠨ ᠣᠷᠣᠨ ᠳ᠋ᠤ᠌ ᠪᠠᠢᠭ᠎ᠠ ᠡᠴᠢᠭᠡ ᠡᠬᠡ᠂ ᠠᠬ᠎ᠠ ᠳᠡᠭᠦᠦ ᠨᠠᠷ ᠢ᠋ᠶ᠋ᠠᠨ ᠳᠤᠷᠠᠰᠤᠨ ᠰᠠᠨᠠᠵᠤ ᠶᠠᠪᠤᠳᠠᠭ ᠢ᠋ᠶ᠋ᠠᠨ ᠬᠡᠯᠡᠬᠦ ᠳ᠋ᠡᠭᠡᠨ ᠡᠭᠡᠴᠢ ᠶ᠋ᠢᠨ ᠬᠢᠨᠢ ᠬᠣᠭᠣᠯᠠᠢ ᠵᠠᠩᠭᠢᠷᠠᠪᠠ᠃
ᠰᠡᠳᠬᠢᠯ ᠡᠮᠲᠡᠷᠡᠨ ᠬᠠᠢᠷᠠᠲᠠᠢ ᠠᠪᠤ ᠡᠵᠢ ᠪᠡᠨ ᠰᠠᠨᠠᠭᠠᠯᠵᠠᠭᠰᠠᠨ ᠰᠣᠷᠬᠠᠭᠲᠠᠨᠢ᠂
— ᠲᠠᠨ ᠳ᠋ᠤ᠌ ᠡᠴᠢᠭᠡ ᠶ᠋ᠢ ᠪᠡᠨ ᠠᠯᠠᠭᠰᠠᠨ ᠬᠥᠮᠦᠨ ᠦ᠌ ᠡᠪᠦᠷ ᠲᠤ ᠬᠡᠪᠲᠡᠬᠦ ᠬᠡᠴᠡᠭᠦᠦ ᠪᠠᠢᠳᠠᠭ ᠤᠤ ᠭᠡᠵᠦ ᠨᠢᠭᠡ ᠮᠡᠳᠡᠭᠦᠨᠡ ᠠᠰᠠᠭᠤᠵᠤ ᠣᠷᠬᠢᠪᠠ᠃
ᠡᠨᠡ ᠰᠠᠨᠠᠭᠠᠨ ᠳ᠋ᠤ᠌ ᠦᠭᠡᠢ ᠠᠰᠠᠭᠤᠯᠲᠠ ᠢᠪᠠᠭ᠎ᠠ ᠶ᠋ᠢᠨ ᠨᠢᠷᠤᠭᠤᠨ ᠳᠤᠮᠳᠠᠭᠤᠷ ᠬᠦᠴᠦᠲᠡᠢ ᠴᠣᠬᠢᠭᠠᠳ ᠠᠪᠬᠤ ᠰᠢᠭ᠋ ᠪᠣᠯᠤᠭᠰᠠᠨ ᠳ᠋ᠤ᠌ ᠬᠠᠮᠤᠭ ᠪᠡᠶ᠎ᠡ ᠨᠢ ᠰᠤᠯᠠᠷᠠᠨ ᠬᠡᠷᠬᠢᠨ ᠶᠠᠭᠤ ᠶ᠋ᠢ ᠬᠡᠯᠡᠵᠦ ᠥᠭᠦᠯᠡᠬᠦ ᠪᠡᠨ ᠮᠡᠳᠡᠬᠦ ᠦᠭᠡᠢ ᠰᠠᠯᠭᠠᠨᠠᠭᠤᠯᠪᠠ᠃
ᠡᠨᠡ ᠵᠠᠭᠤᠷ᠎ᠠ ᠳᠥᠩᠭᠡᠵᠦ ᠨᠢᠷᠠᠢᠯᠠᠭᠰᠠᠨ ᠰᠤᠷᠬᠠᠭᠲᠠᠨᠢ ᠳ᠋ᠦ᠍ ᠮᠡᠨᠳᠦ ᠮᠡᠳᠡᠬᠦ ᠪᠡᠷ ᠵᠥᠷᠴᠢᠳᠡᠢ ᠣᠷᠣᠵᠤ ᠢᠷᠡᠯ᠎ᠡ
ᠬᠡᠵᠢᠶᠡᠨ ᠦ᠌ ᠲᠣᠮᠣ ᠴᠠᠭᠠᠨ ᠰᠢᠲᠦ ᠪᠡᠨ ᠢᠯᠡ ᠭᠠᠷᠭᠠᠨ ᠲᠠᠩᠳᠠ ᠢᠨᠢᠶᠡᠵᠦ ᠶᠠᠪᠣᠳᠠᠠᠨ ᠡᠨᠡ ᠲᠠᠯ᠎ᠠ ᠶ᠋ᠢᠨ ᠮᠣᠩᠭᠣᠯ ᠡᠷ᠎ᠡ ᠶ᠋ᠢᠨ ᠴᠢᠷᠠᠢ ᠳ᠋ᠤ᠌ ᠲᠡᠷᠲᠡᠭᠡ ᠡᠴᠡ ᠬᠦᠪᠦᠷᠡᠭᠰᠡᠨ ᠭᠡᠮᠰᠢᠯ ᠦ᠋ᠨ ᠥᠴᠦᠬᠡᠨ ᠰᠡᠭᠦᠳᠡᠷ ᠪᠠᠷᠠᠭᠠᠨᠲᠤᠨ ᠪᠠᠢᠭᠰᠠᠨ ᠬᠡᠳᠦᠢ ᠴᠤ ᠨᠢᠭᠡᠨ ᠭᠡᠷ ᠪᠦᠯᠢ ᠶ᠋ᠢᠨ ᠬᠠᠯᠠᠭᠤᠨ ᠭᠡᠰᠢᠭᠦᠨ ᠲᠡᠢ ᠪᠡᠨ ᠠᠭᠤᠯᠵᠠᠭᠰᠠᠨ ᠪᠣᠢ ᠮᠡᠲᠦ ᠪᠠᠶᠠᠷ ᠤ᠋ᠨ ᠴᠣᠭ ᠳᠠᠪᠬᠤᠷ ᠬᠡᠷᠡᠯᠳᠦᠵᠦ ᠪᠠᠢᠯ᠎ᠠ᠃
ᠨᠡᠭᠡᠷᠡᠨ ᠯᠡ ᠴᠠᠭ ᠬᠤᠭᠤᠴᠠᠭ᠎ᠠ ᠤᠰᠤᠨ ᠤ᠋ ᠤᠷᠤᠰᠬᠠᠯ ᠰᠢᠭ᠋ ᠪᠦᠭᠦᠳᠡ ᠶ᠋ᠢ ᠮᠠᠷᠲᠠᠩᠨᠠᠭᠤᠯᠳᠠᠭ ᠶᠤᠮ ᠤᠤ ᠭᠡᠵᠦ ᠪᠣᠳᠣᠬᠤ ᠶ᠋ᠢ ᠬᠦᠰᠡᠭᠰᠡᠨ ᠴᠤ᠂ ᠵᠦᠷᠴᠢᠳᠠᠢ ᠶ᠋ᠢ ᠬᠠᠷᠠᠵᠤ ᠪᠣᠢ ᠰᠣᠷᠬᠠᠭᠲᠠᠨᠢ ᠳ᠋ᠦ᠍ ᠴᠡᠭᠡᠵᠢᠨ ᠳᠣᠲᠣᠷᠠᠬᠢ ᠡᠮᠵᠡᠭᠬᠡᠨ ᠬᠥᠨᠳᠡᠭᠦᠷ ᠡᠴᠡ ᠨᠢ ᠶᠠᠮᠠᠷᠬᠠᠨ ᠨᠢᠭᠡᠨ ᠬᠦᠴᠦᠲᠡᠢ ᠵᠦᠢᠯ ᠨᠢᠳᠤᠷᠤᠨ ᠠᠪᠬᠤ ᠰᠢᠭ᠋ ᠪᠣᠯᠵᠤ ᠶᠣᠭᠬᠢᠯᠠ᠃
ᠵᠦᠷᠴᠢᠳᠠᠢ ᠰᠤᠷᠬᠠᠭᠲᠠᠨᠢ ᠳ᠋ᠤ᠌ ᠬᠦᠨᠳᠦᠳᠬᠡᠯ ᠢᠯᠡᠷᠬᠡᠢᠯᠡᠭᠡᠳ᠄
— ᠡᠰᠡᠨ ᠮᠡᠨᠳᠦ ᠠᠮᠤᠷᠵᠢᠵᠤ ᠳᠠᠬᠢᠨ ᠨᠢᠭᠡ ᠬᠦᠦ ᠲᠤᠯᠤᠢ ᠨᠣᠶᠠᠨ ᠳ᠋ᠤ᠌ ᠲᠥᠷᠥᠭᠦᠯᠦᠨ ᠥᠭᠭᠦᠭᠰᠡᠨ ᠳ᠋ᠦ᠍ ᠪᠠᠶᠠᠷ ᠬᠦᠷᠭᠡᠶ᠎ᠡ᠂ ᠰᠢᠨ᠎ᠡ ᠪᠡᠷ ᠲᠥᠷᠥᠭᠰᠡᠨ ᠬᠦᠦ ᠴᠢᠨᠢ ᠬᠠᠭᠠᠨ ᠡᠪᠦᠭᠡ ᠶ᠋ᠢᠨ ᠢ᠋ᠶ᠋ᠡᠨ ᠰᠤᠤ ᠠᠯᠳᠠᠷ ᠢ᠋ ᠲᠩᠷᠢ᠂ ᠭᠠᠵᠠᠷ ᠲᠤ ᠮᠥᠩᠭᠡᠯᠡᠬᠦ ᠪᠣᠯᠲᠤᠭᠠᠢ ᠭᠡᠮᠡᠨ ᠢᠷᠦᠭᠡᠭᠡᠳ ᠬᠤᠷᠠᠭᠠᠨ ᠤ᠋ ᠠᠷᠠᠰᠤ ᠪᠠᠷ ᠰᠢᠨᠡᠬᠡᠨ ᠬᠢᠭᠰᠡᠨ ᠪᠠᠷᠢᠪᠴᠢ ᠶ᠋ᠢ ᠭᠠᠷ ᠰᠤᠩᠭᠠᠨ ᠥᠭᠭᠦᠯ᠎ᠡ᠃
ᠡᠨᠡ ᠨᠢ ᠵᠥᠷᠴᠢᠳᠡᠢ ᠶ᠋ᠢᠨ ᠬᠤᠪᠢ ᠳ᠋ᠤ᠌ ᠬᠠᠲᠤᠨ ᠳ᠋ᠤ᠌ ᠢᠯᠡᠷᠬᠡᠢᠯᠡᠵᠦ ᠪᠣᠢ ᠬᠦᠨᠳᠦᠳᠬᠡᠯ ᠪᠠᠢᠯ᠎ᠠ᠃ ᠭᠡᠪᠡᠴᠦ ᠣᠷᠣᠨ ᠳᠡᠭᠡᠷ᠎ᠡ ᠪᠡᠨ ᠥᠨᠳᠡᠢᠨ ᠰᠠᠭᠤᠭᠰᠠᠨ ᠰᠤᠷᠬᠠᠭᠲᠠᠨᠢ ᠴᠢᠮᠡᠭᠡ ᠦᠭᠡᠢᠬᠡᠨ ᠳᠣᠷᠣᠭᠰᠢ ᠬᠠᠷᠠᠯ᠎ᠠ᠃ ᠲᠡᠷᠡ ᠶᠠᠮᠠᠷ ᠨᠢᠭᠡᠨ ᠬᠠᠷᠢᠭᠤ ᠡᠰᠡ ᠥᠭᠦᠯᠡᠪᠡ᠃ ᠵᠥᠷᠴᠢᠳᠠᠢ ᠶ᠋ᠢᠨ ᠥᠭᠡᠳᠡ ᠡᠴᠡ ᠨᠢ ᠪᠠᠷᠢᠭᠰᠠᠨ ᠪᠠᠷᠢᠪᠴᠢ ᠶ᠋ᠢ ᠨᠢ ᠴᠤ ᠠᠪᠤᠭᠰᠠᠨ ᠦᠭᠡᠢ᠃ ᠰᠤᠷᠬᠠᠭᠲᠠᠨᠢ ᠶ᠋ᠢᠨ ᠡᠨᠡ ᠪᠠᠢᠳᠠᠯ ᠢ᠋ ᠠᠵᠢᠭᠯᠠᠵᠤ ᠪᠠᠢᠭᠰᠠᠨ ᠵᠥᠷᠴᠢᠳᠡᠢ ᠬᠤᠷᠠᠭᠠᠨ ᠠᠷᠠᠰᠤᠨ ᠪᠠᠷᠢᠪᠴᠢ ᠶ᠋ᠢ ᠬᠦᠦ ᠶ᠋ᠢᠨ ᠬᠠᠵᠠᠭᠤ ᠳ᠋ᠤ᠌ ᠲᠠᠯᠪᠢᠭᠠᠳ᠄
— ᠡᠭᠡᠴᠢ ᠶ᠋ᠢᠨ ᠴᠢᠨᠢ ᠰᠡᠳᠬᠢᠯ ᠭᠡᠭᠡᠯᠵᠡᠭᠡᠳ ᠪᠠᠢᠬᠤ ᠪᠠᠷ ᠤᠳᠠᠵᠤ ᠴᠢᠳᠠᠭᠰᠠᠨ ᠦᠭᠡᠢ ᠨᠡᠭᠦᠨ ᠢᠷᠡᠯ᠎ᠡ᠃ ᠠᠮᠤᠷ ᠮᠡᠨᠳᠦ ᠶ᠋ᠢ ᠴᠢᠨᠢ ᠮᠡᠳᠡᠬᠦ ᠭᠡᠵᠦ ᠣᠷᠣᠵᠤ ᠢᠷᠡᠭᠰᠡᠨ ᠶᠦᠮ᠃ ᠪᠡᠶ᠎ᠡ ᠲᠠᠨᠢ ᠴᠢᠯᠡᠭᠡᠷᠬᠡᠦ ᠪᠠᠢᠬᠤ ᠲᠤᠯᠠ ᠪᠢ ᠢᠩᠭᠢᠭᠡᠳ ᠭᠠᠷᠤᠶ᠎ᠠ ᠳᠠ ᠬᠡᠮᠡᠭᠡᠳ ᠥᠨᠳᠡᠢᠨ ᠪᠣᠰᠤᠯ᠎ᠠ᠃ ᠰᠤᠷᠬᠠᠭᠲᠠᠨᠢ ᠦᠭᠡ ᠬᠡᠯᠡᠭᠰᠡᠨ ᠦᠭᠡᠢ᠂ ᠡᠭᠡᠴᠢ ᠢᠪᠠᠭ᠎ᠠ ᠪᠣᠯᠤᠨ ᠥᠬᠢᠳ ᠨᠢ ᠬᠡᠷᠬᠢᠬᠦ ᠪᠡᠨ ᠮᠡᠳᠡᠬᠦ ᠦᠭᠡᠢ ᠲᠡᠳᠡᠨ ᠢ᠋ ᠠᠵᠢᠭᠯᠠᠨ᠎ᠠ᠃ ᠶᠡᠬᠡ ᠬᠠᠭᠠᠨ ᠤ᠋ ᠵᠠᠷᠯᠢᠭ ᠢ᠋ ᠵᠦᠷᠴᠢᠳᠠᠢ ᠬᠡᠷᠬᠢᠨ ᠵᠥᠷᠢᠴᠡᠬᠦ ᠪᠢᠯᠡ᠃ ᠨᠢᠭᠡᠨ ᠴᠠᠭ ᠲᠤ ᠡᠵᠡᠨ ᠬᠠᠭᠠᠨ ᠳ᠋ᠠᠭᠠᠨ ᠦᠨᠡᠨᠴᠢ ᠶᠠᠪᠤᠭᠰᠠᠨ ᠤ᠋ ᠪᠠᠨ ᠲᠥᠯᠥᠭᠡ ᠨᠢᠭᠡ ᠨᠠᠰᠤ ᠪᠠᠷ ᠢ᠋ᠶ᠋ᠠᠨ ᠡᠯᠢᠭᠡ ᠪᠡᠨ ᠬᠠᠷᠠᠯᠠᠭᠤᠯᠵᠤ ᠶᠠᠪᠤᠭ᠎ᠠ ᠬᠥᠭᠡᠷᠦᠬᠦᠢ ᠡᠷ᠎ᠡ ᠲᠠᠢᠪᠤᠰᠢᠷᠠᠯ ᠢ᠋ ᠣᠯᠬᠤ ᠪᠣᠯᠤᠭ᠎ᠠ ᠦᠭᠡᠢ ᠠᠵᠢ᠃ ᠥᠪᠡᠷ ᠦ᠋ᠨ ᠭᠠᠷ ᠢ᠋ᠶ᠋ᠠᠷ ᠬᠥᠨᠥᠭᠡᠭᠰᠡᠨ ᠬᠥᠮᠦᠨ ᠦ᠌ ᠪᠡᠨ ᠥᠬᠢᠨ ᠲᠡᠢ ᠬᠠᠯᠠᠭᠤᠨ ᠠᠮᠢᠰᠬᠤᠯ ᠢ᠋ᠶ᠋ᠠᠨ ᠵᠠᠩᠭᠢᠳᠤᠭᠰᠠᠨ ᠨᠢ ᠲᠡᠭᠦᠨ ᠦ᠌ ᠬᠦᠵᠦᠭᠦᠨ ᠡᠴᠡ ᠥᠨᠥ ᠬᠦᠷᠲᠡᠯ᠎ᠡ ᠵᠡᠭᠦᠭᠰᠡᠨ ᠪᠤᠯᠤ ᠬᠠᠷ᠎ᠠ ᠴᠢᠯᠠᠭᠤ ᠪᠣᠯᠵᠤ᠂ ᠡᠳᠦᠭᠡ ᠴᠦ᠍ ᠤᠯᠠᠮ ᠪᠦᠷ ᠳᠣᠭᠣᠭᠰᠢ ᠲᠡᠳᠡᠨ ᠪᠠᠢᠬᠤ ᠰᠢᠭ᠋ ᠠ᠋᠃ ᠤᠭ ᠨᠢ ᠴᠠᠭ ᠬᠤᠭᠤᠴᠠᠭ᠎ᠠ ᠤᠰᠤᠨ ᠤ᠋ ᠤᠷᠤᠰᠬᠠᠯ ᠰᠢᠭ᠋ ᠤᠬᠢᠶᠠᠵᠤ ᠪᠣᠯᠳᠠᠭ ᠰᠠᠨ᠃
ᠲᠡᠳᠡᠨ ᠢ ᠭᠠᠷᠤᠭᠰᠠᠨ ᠤ᠋ ᠳᠠᠷᠠᠭ᠎ᠠ ᠰᠤᠷᠬᠠᠭᠲᠠᠨᠢ ᠭᠦᠨ ᠪᠣᠳᠣᠯ ᠳ᠋ᠤ᠌ ᠠᠪᠲᠠᠯ᠎ᠠ᠃ ᠦᠨᠡᠭᠡᠴᠢᠯᠡᠨ ᠪᠣᠢ ᠬᠦᠦ ᠶ᠋ᠢᠨ ᠬᠢᠨᠢ ᠬᠠᠵᠠᠭᠤ ᠳ᠋ᠤ᠌ ᠵᠢᠵᠢᠭᠬᠡᠨ ᠪᠠᠷᠢᠪᠴᠢ ᠬᠠᠷᠠᠭᠳᠠᠨ᠎ᠠ᠃ ᠲᠡᠷᠲᠡᠭᠡ ᠳ᠋ᠦ᠍ ᠦᠯᠡᠳᠡᠭᠰᠡᠨ ᠬᠦᠨᠳᠦᠬᠡᠨ ᠡᠳᠦᠷ ᠦ᠋ᠳ ᠦ᠋ᠨ ᠳᠤᠷᠠᠰᠤᠮᠵᠢ᠂ ᠵᠢᠷᠦᠬᠡ ᠰᠡᠳᠬᠢᠯ ᠦ᠋ᠨ ᠬᠢᠨᠢ ᠡᠮᠵᠡᠭᠬᠡᠨ ᠭᠠᠵᠠᠷ ᠢ᠋ ᠭᠦᠨᠳᠡᠨ᠂ ᠤᠯᠠᠮ ᠪᠦᠷ ᠯᠠᠪᠰᠢᠷᠠᠭᠤᠯᠤᠨ ᠴᠢᠩᠭᠠᠭᠠᠬᠤ ᠭᠤᠨᠢᠭᠲᠠᠢ ᠮᠡᠳᠡᠷᠡᠮᠵᠢ ᠲᠥᠷᠥᠵᠦ ᠲᠩᠷᠢ ᠪᠣᠯᠤᠭᠰᠠᠨ ᠠᠪᠤ ᠡᠵᠢ ᠨᠢ ᠨᠢᠳᠦᠨ ᠦ᠌ ᠬᠢᠨᠢ ᠡᠮᠦᠨ᠎ᠡ ᠲᠣᠳᠣᠷᠠᠨ ᠬᠠᠷᠠᠭᠳᠠᠬᠤ ᠰᠢᠭ᠋᠃
ᠬᠥᠭᠡᠷᠦᠬᠦᠢ ᠡᠴᠢᠭᠡ ᠨᠢ ᠵᠦᠷᠴᠢᠲᠡᠢ ᠶ᠋ᠢᠨ ᠭᠠᠷ ᠲᠤ᠌ ᠬᠡᠷᠬᠢᠨ ᠠᠮᠢ ᠪᠠᠨ ᠠᠯᠳᠠᠵᠤ ᠪᠠᠢᠭᠰᠠᠨ ᠢ᠋ ᠲᠥᠰᠦᠭᠡᠯᠡᠨ ᠪᠣᠳᠣᠬᠤᠢ ᠳ᠋ᠤ᠌ ᠭᠣᠣᠯ ᠵᠤᠷᠠᠨ ᠢᠷᠡᠬᠦ ᠭᠠᠰᠠᠯᠠᠩ ᠶᠠᠭᠤᠲᠠᠢ ᠠᠶᠤᠮᠰᠢᠭ ᠲᠠᠢ ᠪᠣᠢ᠃ ᠬᠠᠵᠠᠭᠤ ᠳ᠋ᠠᠭᠠᠨ ᠦᠨᠡᠭᠡᠴᠢᠯᠡᠨ ᠤᠨᠲᠠᠵᠤ ᠪᠠᠢᠭ᠎ᠠ ᠬᠦᠦ ᠪᠡᠨ ᠬᠠᠷᠠᠪᠠᠯ ᠲᠡᠷᠡ ᠲᠩᠷᠢ ᠶ᠋ᠢᠨ ᠡᠯᠴᠢ ᠠᠶᠠᠲᠠᠢ ᠲᠠᠢᠪᠤᠩ ᠨᠣᠢᠷᠰᠤᠨᠠ᠃ ᠠᠮᠤᠭᠤᠯᠠᠩ ᠨᠣᠢᠷᠰᠤᠬᠤ ᠠ᠋ᠴᠠ ᠴᠤ᠌ ᠥᠭᠡᠷ᠎ᠡ ᠶᠠᠭᠠᠬᠢᠬᠤ ᠪᠢᠯᠡ᠃ ᠡᠪᠦᠭᠡ ᠡᠴᠢᠭᠡ ᠶ᠋ᠢ ᠪᠡᠨ ᠠᠯᠠᠭᠰᠠᠨ ᠬᠥᠮᠦᠨ ᠢ᠋ ᠲᠡᠷᠡ ᠮᠡᠳᠡᠬᠦ ᠦᠭᠡᠢ᠂ ᠲᠡᠭᠦᠨ ᠢ᠋ ᠲᠥᠷᠥᠬᠦ ᠡᠴᠡ ᠡᠮᠦᠨ᠎ᠡ ᠡᠨᠡ ᠭᠠᠵᠠᠷ ᠰᠢᠷᠣᠢ ᠳᠡᠭᠡᠷ᠎ᠡ ᠶᠠᠭᠤ ᠪᠣᠯᠵᠤ ᠪᠠᠢᠭᠰᠠᠨ ᠢ᠋ ᠮᠡᠳᠡᠬᠦ ᠦᠭᠡᠢ᠂ ᠮᠡᠳᠡᠬᠦ ᠦᠭᠡᠢ ᠪᠠᠢᠬᠤ ᠴᠤ᠌ ᠶᠠᠭᠠᠬᠢᠬᠤ ᠪᠢᠯᠡ᠂ ᠡᠬᠡ ᠦᠷ᠎ᠡ ᠶ᠋ᠢᠨ ᠦᠯᠦ ᠦᠵᠡᠭᠳᠡᠬᠦ ᠬᠣᠯᠪᠣᠭ᠎ᠠ ᠪᠠᠷ ᠬᠣᠯᠪᠣᠭᠳᠠᠨ ᠬᠦᠦ ᠪᠡᠨ ᠲᠣᠰᠣᠳᠠᠨ ᠲᠥᠷᠥᠭᠰᠡᠨ ᠴᠤ᠌ ᠬᠥᠮᠦᠨ ᠦ᠌ ᠦᠷ᠎ᠡ ᠡᠬᠡ ᠶ᠋ᠢᠨ ᠢ᠋ᠶ᠋ᠡᠨ ᠰᠡᠳᠬᠢᠯ ᠢ᠋ ᠮᠡᠳᠡᠳᠡᠭ ᠪᠢᠯᠡ ᠤᠤ᠂ ᠬᠥᠮᠦᠨ ᠭᠡᠳᠡᠭ ᠵᠠᠷᠢᠮ ᠨᠢᠭᠡ ᠵᠦᠢᠯ ᠢ᠋ ᠮᠡᠳᠡᠬᠦ ᠦᠭᠡᠢ ᠥᠩᠭᠡᠷᠡᠬᠦ ᠨᠢ ᠳᠡᠭᠡᠷ᠎ᠡ ᠴᠤ᠌ ᠶᠤᠮ ᠰᠢᠭ᠋ ᠰᠠᠨᠠᠭᠳᠠᠨ᠎ᠠ᠃ ᠰᠤᠷᠬᠠᠭᠲᠠᠨᠢ ᠬᠡᠰᠡᠭ ᠵᠠᠭᠤᠷ᠎ᠠ ᠶᠠᠭᠤ ᠴᠤ᠌ ᠪᠣᠳᠣᠬᠤ ᠦᠭᠡᠢ ᠪᠠᠢᠵᠤ ᠥᠪᠡᠷ ᠢ᠋ ᠪᠡᠨ ᠲᠠᠢᠪᠤᠰᠢᠷᠠᠭᠤᠯᠬᠤ ᠶ᠋ᠢ ᠬᠢᠴᠢᠶᠡᠯ᠎ᠡ᠃ ᠠᠮᠢᠰᠬᠤᠭ᠎ᠠ ᠪᠠᠨ ᠨᠢᠭᠡ ᠭᠦᠨᠵᠡᠭᠡᠢ ᠠᠪᠤᠭᠠᠳ ᠰᠠᠭᠤᠵᠤ ᠦᠵᠡᠯ᠎ᠡ᠃ ᠭᠡᠪᠡᠴᠦ ᠪᠣᠳᠣᠯ ᠭᠡᠳᠡᠭ ᠵᠢᠯᠣᠭᠣ ᠦᠭᠡᠢ ᠠᠷᠤ ᠠᠷᠤ ᠠ᠋ᠴᠠ ᠪᠠᠨ ᠬᠦᠪᠦᠷᠡᠬᠦ ᠶᠡᠬᠡ ᠪᠣᠳᠣᠯ ᠤ᠋ᠨ ᠳᠤᠮᠳᠠᠭᠤᠷ《ᠵᠦᠷᠴᠢᠲᠡᠢ ᠶᠠᠭᠠᠬᠢᠬᠤ ᠭᠡᠵᠦ ᠣᠷᠣᠵᠤ ᠢᠷᠡᠪᠡ ᠳᠠ᠂ ᠨᠠᠳᠠ ᠲᠠᠢ ᠮᠡᠨᠳᠦ ᠮᠡᠳᠡᠬᠦ ᠪᠡᠷ ᠣᠷᠣᠵᠤ ᠢᠷᠡᠭᠡ ᠦᠭᠡᠢ ᠪᠠᠢᠭᠰᠠᠨ ᠪᠣᠯ ᠪᠢ ᠲᠡᠭᠦᠨ ᠳ᠋ᠦ᠍ ᠭᠣᠮᠣᠳᠠᠬᠤ ᠦᠭᠡᠢ ᠪᠠᠢᠯ᠎ᠠ》 ᠭᠡᠵᠦ ᠪᠣᠳᠣᠭᠳᠠᠨ᠎ᠠ᠃
ᠣᠷᠣᠢ ᠨᠠᠷᠠ ᠬᠡᠪᠡᠢᠭᠰᠡᠨ ᠦᠶ᠎ᠡ ᠳ᠋ᠦ᠍ ᠦᠷᠭᠦᠭᠡᠨ ᠦ᠌ ᠭᠠᠳᠠᠭ᠎ᠠ ᠣᠯᠠᠨ ᠬᠥᠮᠦᠨ ᠦ᠌ ᠳᠠᠭᠤ ᠴᠢᠮᠡᠭᠡ ᠭᠠᠷᠴᠤ᠂ ᠬᠠᠭᠠᠨ ᠤ᠋ ᠬᠡᠪᠲᠡᠭᠦᠯ ᠦ᠋ᠳ ᠥᠷᠭᠥᠭᠡ ᠶ᠋ᠢ ᠬᠦᠷᠢᠶᠡᠯᠡᠨ ᠠᠪᠴᠤ ᠪᠠᠢᠷᠢ ᠪᠠᠨ ᠡᠵᠡᠯᠡᠵᠦ ᠪᠠᠢᠭ᠎ᠠ ᠨᠢ ᠰᠣᠨᠣᠰᠲᠠᠯ᠎ᠠ᠃ ᠦᠷᠭᠦᠭᠡᠨ ᠦ᠌ ᠭᠠᠳᠠᠨ᠎ᠠ ᠠ᠋ᠴᠠ ᠡᠢᠮᠦ ᠳᠠᠭᠤ ᠴᠢᠮᠡᠭᠡ ᠰᠣᠨᠣᠰᠳᠠᠬᠤ ᠨᠢ ᠬᠠᠭᠠᠨ᠂ ᠬᠠᠲᠤᠳ ᠵᠠᠯᠠᠷᠠᠨ ᠢᠷᠡᠵᠦ ᠪᠠᠢᠭ᠎ᠠ ᠶ᠋ᠢ ᠢᠯᠡᠳᠬᠡᠳᠡᠭ ᠪᠢᠯᠡ᠃ ᠬᠠᠭᠠᠨ ᠤ᠋ ᠬᠠᠲᠤᠳ ᠣᠯᠠᠨ ᠳᠠᠭᠠᠭᠤᠯ ᠲᠠᠢ ᠶᠠᠪᠤᠬᠤ ᠨᠢ ᠪᠣᠢ᠃ ᠲᠡᠳᠡᠨ ᠦ᠌ ᠳᠠᠭᠠᠭᠤᠯ ᠤ᠋ᠳ ᠬᠠᠭᠠᠨᠲᠤ ᠤᠯᠤᠰ ᠤ᠋ᠨ ᠳᠣᠲᠣᠷ᠎ᠠ ᠪᠣᠯᠵᠤ ᠪᠠᠢᠭ᠎ᠠ ᠠᠯᠢᠪᠠ ᠬᠡᠷᠡᠭ ᠪᠦᠬᠦᠨ ᠢ᠋ ᠥᠪᠡᠷ ᠦ᠋ᠨ ᠡᠵᠡᠳ ᠲᠡᠭᠡᠨ ᠳᠠᠮᠵᠢᠭᠤᠯᠬᠤ ᠡᠭᠦᠷᠭᠡ ᠪᠦᠬᠦᠢ ᠨᠢᠳᠦ ᠴᠢᠬᠢ ᠨᠢ ᠪᠣᠯᠤᠭᠰᠠᠨ ᠬᠥᠮᠦᠰ ᠪᠥᠯᠥᠭᠡ᠃ ᠴᠢᠩᠭᠢᠰ ᠬᠠᠭᠠᠨ ᠤ᠋ ᠪᠤᠰᠤᠳ ᠬᠠᠲᠤᠳ ᠢ᠋ ᠪᠣᠳᠣᠪᠠᠯ ᠪᠥᠷᠲᠡ ᠬᠠᠲᠤᠨ ᠦᠨᠡᠨᠴᠢ ᠴᠥᠭᠡᠨ ᠳᠠᠭᠠᠭᠤᠯ ᠲᠠᠢ ᠶᠠᠪᠤᠳᠠᠭ᠂ ᠭᠡᠷ ᠦ᠋ᠨ ᠢᠰᠡᠭᠡᠢ ᠡᠭᠦᠳᠡ ᠶ᠋ᠢ ᠠᠯᠭᠤᠷ ᠢ᠋ᠶ᠋ᠠᠷ ᠨᠡᠭᠡᠭᠡᠬᠦ ᠳ᠋ᠦ᠍ ᠥᠨᠳᠥᠷ ᠪᠣᠭᠲᠣ ᠮᠠᠯᠠᠭᠠᠢ᠂ ᠠᠯᠲᠠᠨ ᠲᠣᠪᠴᠢ᠂ ᠱᠠ ᠲᠠᠢ ᠡᠮᠵᠢᠶᠡᠷᠢ ᠲᠡᠢ ᠤᠤᠵᠢ ᠡᠮᠦᠰᠦᠭᠰᠡᠨ ᠪᠥᠷᠲᠡ ᠬᠠᠲᠤᠨ ᠣᠷᠣᠵᠤ ᠢᠷᠡᠯ᠎ᠡ᠃ ᠬᠠᠲᠤᠨ ᠢ᠋ ᠣᠷᠣᠵᠤ ᠢᠷᠡᠬᠦ ᠳ᠋ᠦ᠍ ᠦᠷᠭᠦᠭᠡᠨ ᠳ᠋ᠦ᠍ ᠪᠠᠢᠭᠰᠠᠨ ᠵᠠᠷᠤᠴᠠ ᠰᠢᠪᠡᠭᠴᠢᠳ ᠪᠦᠭᠦᠳᠡ ᠳᠣᠷᠣᠭᠰᠢ ᠰᠥᠬᠥᠷᠡᠨ ᠰᠠᠭᠤᠵᠠᠢ᠃
ᠰᠤᠷᠬᠠᠭᠲᠠᠨᠢ ᠪᠣᠰᠤᠨ ᠬᠠᠲᠤᠨ ᠡᠬᠡ ᠶ᠋ᠢᠨ ᠥᠭᠡᠳᠡ ᠡᠴᠡ ᠣᠴᠢᠨ ᠭᠦᠨ ᠬᠦᠨᠳᠦᠳᠬᠡᠯ ᠦᠵᠡᠭᠦᠯᠦᠨ ᠠᠮᠤᠷ ᠮᠡᠨᠳᠦ ᠶ᠋ᠢ ᠨᠢ ᠮᠡᠳᠡᠭᠰᠡᠨ ᠦ᠌ ᠳᠠᠷᠠᠭ᠎ᠠ ᠬᠠᠲᠤᠨ ᠳᠡᠭᠡᠭᠰᠢ ᠰᠠᠭᠤᠯ᠎ᠠ᠃ ᠲᠡᠷᠡ ᠭᠠᠷ ᠢ᠋ᠶ᠋ᠠᠷ ᠢ᠋ᠶ᠋ᠠᠨ ᠲᠣᠬᠢᠬᠤ ᠳ᠋ᠤ᠌ ᠬᠣᠶᠠᠷ ᠰᠢᠪᠡᠭᠴᠢᠨ ᠮᠥᠩᠭᠥᠨ ᠪᠦᠰᠡᠯᠡᠭᠦᠷᠲᠦ ᠠᠯᠲᠠᠨ ᠰᠢᠷᠠᠮᠠᠯ ᠬᠡ ᠪᠦᠬᠦᠢ ᠳᠣᠮᠪᠣ ᠲᠠᠢ ᠴᠠᠢ᠂ ᠠᠩ ᠤ᠋ᠨ ᠠᠷᠠᠰᠤ᠂ ᠮᠥᠩᠭᠥᠨ ᠪᠦᠰᠡ ᠵᠡᠷᠭᠡ ᠶ᠋ᠢ ᠴᠡᠷᠡᠨ ᠳᠡᠭᠡᠷ᠎ᠡ ᠲᠠᠯᠪᠢᠨ ᠣᠢᠷᠠᠳᠴᠤ ᠢᠷᠡᠯ᠎ᠡ᠃ ᠬᠠᠲᠤᠨ ᠡᠬᠡ ᠲᠡᠳᠡᠨ ᠢ᠋ ᠰᠢᠷᠡᠭᠡᠨ ᠳᠡᠭᠡᠷ᠎ᠡ ᠲᠠᠯᠪᠢᠭᠤᠯᠤᠭᠠᠳ᠂
— ᠡᠮᠡᠭᠡ ᠡᠵᠢ ᠨᠢ ᠠᠴᠢ ᠬᠦᠦ ᠳ᠋ᠡᠭᠡᠨ ᠠᠵᠠ ᠲᠠᠢ ᠶᠠᠪᠤᠭ ᠭᠡᠵᠦ ᠠᠩ ᠤ᠋ᠨ ᠣᠯᠵᠠ᠂ ᠲᠩᠷᠢ ᠳ᠋ᠦ᠍ ᠲᠡᠳᠬᠦᠭᠳᠡᠭᠰᠡᠨ ᠬᠡᠢ ᠮᠣᠷᠢ ᠲᠠᠢ ᠪᠠᠢᠭ ᠭᠡᠵᠦ ᠮᠥᠩᠭᠥᠨ ᠪᠦᠰᠡ ᠠᠪᠴᠤ ᠢᠷᠡᠯ᠎ᠡ᠃ ᠬᠠᠷᠢᠨ ᠪᠢ ᠪᠡᠷᠢ ᠳ᠋ᠡᠭᠡᠨ ᠪᠡᠶ᠎ᠡ ᠲᠡᠩᠬᠡᠭᠡ ᠨᠢ ᠰᠠᠢᠵᠢᠷᠠᠭ ᠭᠡᠵᠦ ᠥᠪᠡᠷ ᠦ᠋ᠨ ᠭᠠᠷ ᠢ᠋ᠶ᠋ᠠᠷ ᠴᠠᠢ ᠴᠢᠨᠠᠵᠤ ᠢᠷᠡᠯ᠎ᠡ ᠭᠡᠪᠡ᠃ᠬᠠᠭᠠᠨ ᠤ᠋ ᠶᠡᠬᠡ ᠬᠠᠲᠤᠨ ᠥᠪᠡᠷ ᠦ᠋ᠨ ᠭᠠᠷ ᠢ᠋ᠶ᠋ᠠᠷ ᠴᠠᠢ ᠴᠢᠨᠠᠨ ᠪᠡᠷᠢ ᠳ᠋ᠡᠭᠡᠨ ᠣᠷᠣᠭᠤᠯᠵᠤ ᠢᠷᠡᠨ᠎ᠡ ᠭᠡᠳᠡᠭ ᠬᠡᠴᠢᠨᠡᠭᠡᠨ ᠲᠣᠮᠣ ᠬᠦᠨᠳᠦᠳᠬᠡᠯ ᠪᠢᠯᠡ᠃ ᠰᠣᠷᠬᠠᠭᠲᠠᠨᠢ ᠥᠪᠡᠷ ᠦ᠋ᠨ ᠡᠷᠬᠡ ᠦᠭᠡᠢ ᠲᠩᠷᠢ ᠶ᠋ᠢᠨ ᠣᠷᠣᠨ ᠳ᠋ᠤ᠌ ᠪᠠᠢᠭ᠎ᠠ ᠡᠵᠢ ᠪᠡᠨ ᠪᠣᠳᠣᠪᠠ᠃ ᠡᠨᠡ ᠭᠠᠵᠠᠷ ᠲᠡᠭᠦᠨ ᠳ᠋ᠦ᠍ ᠭᠣᠣᠯ ᠬᠠᠷᠠᠯᠠᠭᠤᠯᠤᠭᠰᠠᠨ ᠳᠤᠷᠠᠰᠤᠮᠵᠢ᠂ ᠰᠡᠳᠬᠢᠯ ᠳᠣᠩᠰᠣᠯᠭᠠᠭᠰᠠᠨ ᠪᠠᠶᠠᠷ ᠤ᠋ᠨ ᠠᠯᠢ ᠠᠯᠢᠨ ᠢ᠋ ᠨᠢ ᠠᠪᠴᠢᠷᠠᠳᠠᠭ ᠪᠢᠯᠡ᠃ ᠥᠪᠡᠷ ᠦ᠋ᠨ ᠪᠡᠷᠢ ᠪᠣᠯᠵᠤ ᠡᠭᠦᠳᠡ ᠪᠡᠷ ᠨᠢ ᠣᠷᠣᠵᠤ ᠢᠷᠡᠭᠰᠡᠨ ᠴᠠᠭ ᠠ᠋ᠴᠠ ᠪᠥᠷᠲᠡ ᠬᠠᠲᠤᠨ ᠰᠤᠷᠬᠠᠭᠲᠠᠨᠢ ᠶ᠋ᠢ ᠣᠨᠴᠠᠯᠠᠨ ᠠᠩᠬᠠᠷᠴᠤ ᠪᠠᠢᠭᠰᠠᠨ ᠤᠳᠠᠭ᠎ᠠ ᠪᠠᠷᠤᠭ ᠦᠭᠡᠢ᠃ ᠡᠨᠡ ᠨᠢ ᠥᠭᠡᠯᠦᠨ ᠡᠬᠡ ᠶ᠋ᠢᠨ ᠬᠠᠢᠷ᠎ᠠ ᠬᠠᠯᠠᠮᠵᠢᠨ ᠳ᠋ᠤ᠌ ᠪᠦᠷᠢᠨ ᠪᠠᠭᠲᠠᠭᠰᠠᠨ ᠨᠢᠭᠡᠨ ᠲᠤᠯᠠ ᠰᠤᠷᠬᠠᠭᠲᠠᠨᠢ ᠲᠠᠢ ᠠᠳᠠᠯᠢ ᠡᠨᠡ ᠬᠥᠮᠦᠨ ᠦ᠌ ᠪᠡᠷᠢ ᠰᠢᠭ᠋ ᠯᠡ ᠥᠪᠡᠷ ᠢ᠋ ᠪᠡᠨ ᠲᠥᠰᠥᠭᠡᠯᠡᠳᠡᠭ ᠪᠠᠢᠭᠰᠠᠨ ᠲᠠᠢ ᠴᠤ᠌ ᠬᠣᠯᠪᠣᠭ᠎ᠠ ᠲᠠᠢ ᠪᠠᠢᠵᠤ ᠮᠠᠭᠠᠳ ᠪᠢᠯᠡ᠃ ᠨᠢᠳᠦᠨ ᠳ᠋ᠦ᠍ᠨᠢ ᠨᠢᠯᠪᠤᠰᠤ ᠴᠢᠢᠯᠭᠡᠨᠡᠨ ᠢᠷᠡᠭᠰᠡᠨ ᠪᠡᠷᠢ ᠪᠡᠨ ᠬᠠᠷᠠᠭᠰᠠᠨ ᠪᠥᠷᠲᠡ ᠬᠠᠲᠤᠨ ᠪᠣᠰᠤᠨ ᠣᠴᠢᠵᠤ᠂ ᠲᠣᠯᠣᠭᠠᠢ ᠶ᠋ᠢ ᠨᠢ ᠡᠩᠭᠡᠷ ᠲᠡᠭᠡᠨ ᠨᠠᠭᠠᠵᠤ ᠦᠰᠦ ᠶ᠋ᠢ ᠨᠢ ᠢᠯᠪᠢᠯᠡ᠃ ᠰᠠᠭᠠᠯᠢ ᠰᠦᠨ ᠦ᠌ ᠦᠨᠦᠷ ᠨᠡᠪᠲᠡ ᠰᠢᠩᠭᠡᠵᠦ ᠲᠠᠷᠠᠢᠭᠰᠠᠨ ᠳᠡᠪᠡᠯ ᠦ᠋ᠨ ᠬᠠᠲᠠᠭᠤ ᠡᠩᠭᠡᠷ ᠪᠢᠰᠢ᠂ ᠬᠠᠲᠤᠨ ᠬᠥᠮᠦᠨ ᠦ᠌ ᠡᠷᠬᠢᠮᠰᠦᠭ ᠲᠣᠷᠭᠠᠨ ᠤᠤᠵᠢᠨ ᠤ᠋ ᠬᠡ ᠰᠢᠯᠪᠢ᠂ ᠠᠯᠲᠠᠨ ᠲᠣᠪᠴᠢ ᠲᠠᠢ ᠡᠨᠡ ᠡᠩᠭᠡᠷ ᠲᠡᠭᠦᠨ ᠳ᠋ᠦ᠍ ᠡᠬᠢᠯᠡᠭᠡᠳ ᠬᠠᠷᠢ ᠬᠣᠯᠠ ᠶ᠋ᠢᠨ ᠮᠡᠲᠦ ᠰᠠᠨᠠᠭᠳᠠᠵᠤ ᠪᠠᠢᠭᠰᠠᠨ ᠢ᠋ᠶ᠋ᠠᠨ ᠣᠳᠣ ᠪᠣᠯ ᠡᠯᠢᠭᠡᠮᠰᠡᠨ ᠰᠠᠨᠠᠭᠰᠠᠨ ᠰᠡᠳᠬᠢᠯ ᠳ᠋ᠦ᠍ᠨᠢ ᠳᠣᠲᠣᠨᠣ ᠰᠠᠨᠠᠭᠳᠠᠵᠤ ᠡᠬᠢᠯᠡᠯ᠎ᠡ᠃ ᠪᠥᠷᠲᠡ ᠪᠡᠷᠢ ᠶ᠋ᠢᠨ ᠢ᠋ᠶ᠋ᠡᠨ ᠦᠰᠦ ᠶ᠋ᠢ ᠦᠨᠦᠷᠯᠡᠭᠡᠳ᠂
—ᠥᠬᠢᠨ ᠮᠢᠨᠢ ᠴᠠᠢ ᠪᠠᠨ ᠬᠠᠯᠠᠭᠤᠨ ᠤᠤᠭᠤ᠃ ᠲᠡᠢᠨ ᠳᠠᠵᠢᠨ ᠤ᠋ ᠬᠥᠯ ᠦᠢᠮᠡᠭᠡᠨ ᠢ᠋ᠶ᠋ᠡᠷ ᠴᠢᠮᠠᠢ᠍ᠢ ᠬᠡᠷᠬᠢᠨ ᠡᠰᠡᠨ ᠮᠡᠨᠳᠦ ᠠᠮᠤᠷᠵᠢᠵᠤ ᠪᠠᠢᠭ᠎ᠠ ᠶ᠋ᠢ ᠴᠤ᠌ ᠠᠩᠵᠠᠭᠠᠷᠠᠬᠤ ᠦᠭᠡᠢ ᠰᠢᠬᠠᠮ ᠶᠠᠪᠤᠯ᠎ᠠ᠃ ᠡᠨᠡ ᠤᠳᠠᠭ᠎ᠠ ᠳ᠋ᠤ᠌ ᠪᠢ ᠥᠪᠡᠷ ᠦ᠋ᠨ ᠭᠠᠷ ᠢ᠋ᠶ᠋ᠠᠷ ᠥᠬᠢᠨ ᠳ᠋ᠡᠭᠡᠨ ᠴᠠᠢ ᠪᠠᠷᠢᠶ᠎ᠠ ᠭᠡᠵᠦ ᠵᠣᠷᠢᠭᠰᠠᠨ ᠶᠤᠮ ᠭᠡᠳ ᠰᠤᠷᠬᠠᠭᠲᠠᠨᠢ ᠶ᠋ᠢᠨ ᠬᠠᠵᠠᠭᠤ ᠪᠠᠷ ᠦᠨᠡᠭᠡᠴᠢᠯᠡᠨ ᠨᠣᠢᠷᠰᠤᠵᠤ ᠪᠠᠢᠭ᠎ᠠ ᠠᠴᠢ ᠬᠦᠦ ᠪᠡᠨ ᠠᠪᠴᠤ᠂ ᠳᠤᠬᠤᠨ ᠳᠡᠭᠡᠷ᠎ᠡ ᠨᠢ ᠦᠨᠦᠷᠯᠡᠭᠡᠳ᠂
— ᠡᠷ᠎ᠡ ᠬᠥᠮᠦᠨ᠃ ᠡᠴᠢᠭᠡ ᠲᠡᠢ ᠪᠡᠨ ᠠᠳᠠᠯᠢᠬᠠᠨ ᠴᠤ ᠶᠤᠮ ᠰᠢᠭ᠋ ᠭᠡᠵᠦ ᠬᠡᠯᠡᠭᠡᠳ᠂ ᠢᠨᠢᠶᠡᠪᠬᠢᠯᠡᠨ ᠬᠠᠷᠠᠬᠤ ᠳ᠋ᠤᠨᠢ ᠬᠥᠯᠡᠬᠦ ᠨᠡᠭᠡᠷᠡᠨ ᠯᠡ ᠡᠴᠢᠭᠡ ᠰᠢᠭ ᠢ᠋ᠶ᠋ᠡᠨ ᠲᠠᠯ᠎ᠠ ᠨᠤᠲᠤᠭ ᠤ᠋ᠨ ᠬᠢᠨ ᠳ᠋ᠦ᠍ ᠪᠠᠢᠬᠤ ᠦᠭᠡᠢ ᠬᠥᠩᠬᠥᠷ ᠨᠢᠳᠦ᠂ ᠥᠨᠳᠥᠷᠳᠡᠭᠦᠦ ᠬᠠᠮᠠᠷ ᠲᠠᠢ ᠪᠣᠷᠣᠪᠲᠤᠷ ᠴᠢᠷᠠᠢ ᠲᠠᠢ ᠬᠦᠦ ᠪᠠᠢᠯ᠎ᠠ᠃ ᠪᠥᠷᠲᠡ ᠶ᠋ᠢᠨ ᠬᠡᠯᠡᠳᠡᠭ ᠢ᠋ᠶ᠋ᠡᠷ ᠲᠡᠷᠡ ᠦᠨᠡᠬᠡᠷ ᠡᠴᠢᠭᠡ ᠲᠡᠢ ᠪᠡᠨ ᠠᠳᠠᠯᠢᠬᠠᠨ ᠲᠥᠷᠬᠦ ᠲᠡᠢ ᠪᠠᠢᠵᠤ ᠪᠣᠯᠬᠤ ᠮᠡᠲᠦ ᠰᠠᠨᠠᠭᠳᠠᠨ᠎ᠠ᠃
— ᠡᠭᠡᠴᠢ ᠴᠢᠨᠢ ᠨᠡᠭᠦᠵᠦ ᠢᠷᠡᠭᠰᠡᠨ ᠨᠢ ᠰᠠᠢᠨ ᠬᠡᠷᠡᠭ ᠪᠣᠯᠵᠤ ᠳᠠ᠂ ᠣᠯᠠᠨ ᠵᠢᠯ ᠬᠣᠯᠠ ᠶᠠᠪᠤᠯ᠎ᠠ ᠳᠠ ᠭᠡᠬᠦ ᠳ᠋ᠦ᠍ ᠰᠤᠷᠬᠠᠭᠲᠠᠨᠢ ᠡᠭᠡᠴᠢ ᠶ᠋ᠢᠨ ᠢ᠋ᠶ᠋ᠡᠨ ᠲᠤᠬᠠᠢ ᠪᠣᠳᠣᠬᠤ ᠲᠠᠢ ᠬᠠᠮᠲᠤ ᠲᠦᠷᠦᠭᠦᠨ ᠦᠷᠭᠦᠭᠡᠨ ᠳ᠋ᠦ᠍ ᠣᠷᠣᠵᠤ ᠢᠷᠡᠭᠰᠡᠨ ᠵᠥᠷᠴᠢᠳᠡᠢ ᠶ᠋ᠢᠨ ᠲᠤᠬᠠᠢ ᠪᠣᠳᠣᠯ ᠬᠠᠷᠪᠤᠨ ᠣᠷᠣᠵᠤ ᠢᠷᠡᠪᠡ᠃ ᠰᠡᠳᠬᠢᠯ ᠳᠣᠲᠣᠷᠠᠬᠢ ᠳᠠᠭ᠎ᠠ ᠦᠭᠡᠢ ᠳᠤᠷᠠᠰᠤᠮᠵᠢ ᠰᠡᠷᠭᠦᠭᠰᠡᠨ ᠲᠡᠷᠡ ᠪᠡᠷ《ᠬᠣᠯᠠ ᠶᠠᠪᠤᠭᠰᠠᠨ ᠨᠢ ᠳᠡᠭᠡᠷ᠎ᠡ ᠴᠦ᠍ ᠪᠠᠢᠭᠰᠠᠨ ᠪᠠᠢᠵᠤ ᠪᠣᠯᠬᠤ ᠶᠤᠮ》 ᠭᠡᠵᠦ ᠨᠢᠭᠡ ᠮᠡᠳᠡᠭᠦᠨᠡ ᠳᠣᠲᠣᠷ᠎ᠠ ᠪᠠᠨ ᠪᠣᠳᠣᠭᠰᠠᠨ ᠢ᠋ᠶ᠋ᠠᠨ ᠬᠡᠯᠡᠴᠢᠬᠡᠪᠡ᠃ ᠲᠡᠭᠦᠨ ᠦ᠌ ᠬᠡᠯᠡᠭᠰᠡᠨ ᠦᠭᠡᠨ ᠡᠴᠡ ᠪᠡᠷᠢ ᠨᠢ ᠵᠥᠷᠴᠢᠳᠡᠢ ᠶ᠋ᠢ ᠣᠳᠣ ᠪᠣᠯᠲᠠᠯ᠎ᠠ ᠠᠭᠤᠴᠢᠯᠠᠵᠤ ᠴᠢᠳᠠᠬᠤ ᠦᠭᠡᠢ ᠪᠠᠢᠭ᠎ᠠ ᠶ᠋ᠢ ᠬᠠᠲᠤᠨ ᠡᠬᠡ ᠮᠡᠳᠡᠯ᠎ᠡ᠃ ᠪᠥᠷᠲᠡ ᠬᠠᠲᠤᠨ ᠰᠠᠨᠠᠭ᠎ᠠ ᠠᠯᠳᠠᠭᠠᠳ ᠬᠡᠰᠡᠭ ᠴᠢᠮᠡᠭᠡ ᠦᠭᠡᠢ ᠰᠠᠭᠤᠯ᠎ᠠ᠃ ᠰᠤᠷᠬᠠᠭᠲᠠᠨᠢ ᠬᠠᠲᠤᠨ ᠡᠬᠡ ᠶ᠋ᠢᠨ ᠡᠨᠡ ᠨᠠᠮ ᠭᠦᠮ ᠪᠠᠢᠳᠠᠯ ᠳᠤᠮᠳᠠ《ᠪᠢ ᠳᠡᠮᠡᠢ ᠴᠤ ᠶᠠᠭᠤᠮ᠎ᠠ ᠬᠡᠯᠡᠴᠢᠬᠡᠪᠡ ᠤᠤ ᠳᠠ》 ᠭᠡᠵᠦ ᠪᠣᠳᠣᠪᠠ᠃ ᠬᠠᠲᠤᠨ ᠡᠬᠡ ᠦᠷᠭᠦᠭᠡᠨ ᠳ᠋ᠦ᠍ ᠪᠠᠢᠭ᠎ᠠ ᠵᠠᠷᠤᠴᠠ ᠰᠢᠪᠡᠭᠴᠢᠳ ᠢ᠋ ᠭᠠᠷᠬᠤ ᠶ᠋ᠢ ᠲᠣᠬᠢᠬᠤ ᠲᠡᠳᠦᠢ ᠳ᠋ᠦ᠍ ᠲᠡᠳᠡ ᠵᠡᠷᠭᠡ ᠪᠣᠰᠴᠤ᠂ ᠬᠠᠲᠤᠨ ᠡᠬᠡ ᠳ᠋ᠦ᠍ ᠬᠦᠨᠳᠦᠳᠬᠡᠯ ᠢᠯᠡᠷᠬᠡᠢᠯᠡᠭᠡᠳ ᠬᠣᠢᠰᠢ ᠤᠬᠤᠷᠢᠭᠰᠠᠭᠠᠷ ᠭᠠᠷᠴᠤ ᠶᠠᠪᠤᠯ᠎ᠠ᠃ ᠬᠠᠲᠤᠨ ᠴᠢᠮᠡᠭᠡ ᠦᠭᠡᠢ ᠬᠡᠰᠡᠭ ᠰᠠᠭᠤᠯ᠎ᠠ᠃ᠳᠥᠩᠭᠡᠵᠦ ᠲᠥᠷᠥᠭᠰᠡᠨ ᠬᠡᠦᠬᠡᠳ ᠦ᠋ᠨ ᠬᠠᠶᠠ ᠦᠨᠡᠭᠡᠴᠢᠯᠡᠨ ᠥᠮᠥᠯᠵᠡᠬᠦ ᠡᠴᠡ ᠥᠭᠡᠷ᠎ᠡ ᠴᠢᠮᠡᠭᠡ ᠠᠨᠢᠷ ᠦᠭᠡᠢ ᠃ ᠥᠷᠭᠥᠭᠡ ᠨᠠᠮ ᠭᠦᠮ᠃ ᠬᠠᠲᠤᠨ ᠡᠬᠡ ᠭᠦᠨᠵᠡᠭᠡᠢ ᠪᠡᠷ ᠰᠠᠨᠠᠭ᠎ᠠ ᠠᠯᠳᠠᠭᠠᠳ᠂
— ᠰᠠᠶᠢ ᠬᠤᠷᠠᠯᠲᠠᠢ ᠳᠡᠭᠡᠷ᠎ᠡ ᠡᠵᠡᠨ ᠬᠠᠭᠠᠨ ᠶᠢᠰᠦᠢ ᠬᠠᠲᠤᠨ ᠤ᠋ ᠬᠡᠯᠡᠭᠰᠡᠨ ᠢ᠋ ᠰᠠᠨᠠᠨ᠂ ᠬᠠᠭᠠᠨ ᠰᠢᠷᠡᠭᠡᠨ ᠳ᠋ᠦ᠍ ᠰᠠᠭᠤᠬᠤ ᠳᠠᠷᠠᠭ᠎ᠠ ᠶ᠋ᠢᠨ ᠬᠥᠮᠦᠨ ᠬᠡᠨ ᠪᠠᠢᠬᠤ ᠶ᠋ᠢ ᠰᠣᠩᠭᠣᠨ ᠬᠡᠯᠡᠯᠴᠡᠬᠦ ᠦᠶ᠎ᠡ ᠪᠡᠷ ᠬᠡᠮᠡᠭᠰᠡᠨ ᠢ᠋ᠶ᠋ᠡᠨ ᠴᠢᠮᠡᠭᠡ ᠦᠭᠡᠢ ᠪᠣᠯᠪᠠ᠃
ᠪᠥᠷᠲᠡ ᠡᠨᠡ ᠦᠭᠡ ᠶ᠋ᠢ ᠬᠡᠯᠡᠬᠦ ᠳ᠋ᠡᠭᠡᠨ ᠬᠣᠭᠣᠯᠠᠢ ᠨᠢ ᠵᠠᠩᠭᠢᠷᠠᠵᠤ᠄
— ᠵᠥᠴᠢ᠂ ᠴᠠᠭᠠᠲᠠᠢ ᠬᠣᠶᠠᠷ ᠶᠣᠰᠣ ᠦᠭᠡᠢ ᠦᠭᠡ ᠶ᠋ᠢ ᠬᠡᠯᠡᠯᠴᠡᠨ ᠬᠠᠭᠠᠨ ᠡᠴᠢᠭᠡ ᠶ᠋ᠢᠨ ᠢ᠋ᠶ᠋ᠡᠨ ᠰᠡᠳᠬᠢᠯ ᠢ᠋ ᠲᠠᠪᠠ ᠦᠭᠡᠢᠳᠡᠭᠦᠯᠵᠦ᠂ ᠬᠠᠲᠤᠨ ᠡᠬᠡ ᠮᠢᠨᠦ ᠵᠢᠷᠦᠬᠡ ᠶ᠋ᠢ ᠰᠢᠷᠬᠠᠯᠠᠭᠤᠯᠤᠯᠠ᠃ ᠢᠩᠭᠢᠵᠦ ᠬᠡᠯᠡᠭᠡᠳ ᠬᠠᠲᠤᠨ ᠡᠬᠡ ᠥᠪᠡᠷ ᠢ᠋ ᠪᠡᠨ ᠲᠠᠢᠪᠤᠰᠢᠷᠠᠭᠤᠯᠬᠤ ᠪᠠᠷ ᠬᠦᠴᠦᠯᠡᠵᠦ ᠪᠣᠢ ᠨᠢ ᠢᠯᠡᠳᠲᠡ᠂ ᠠᠮᠢᠰᠬᠤᠯ ᠢ᠋ᠶ᠋ᠠᠨ ᠵᠥᠭᠡᠯᠡᠨ ᠭᠠᠷᠭᠠᠬᠤ ᠲᠡᠳᠦᠢ ᠳ᠋ᠦ᠍ ᠨᠢᠳᠦᠨ ᠳ᠋ᠦ᠍ᠨᠢ ᠨᠢᠯᠪᠤᠰᠤ ᠬᠤᠷᠠᠭᠰᠠᠨ ᠬᠠᠷᠠᠭᠳᠠᠬᠤ ᠳ᠋ᠤ᠌ ᠰᠤᠷᠬᠠᠭᠲᠠᠨᠢ ᠰᠠᠶᠢᠬᠠᠨ ᠬᠡᠷᠡᠭ ᠦᠭᠡᠢ ᠦᠭᠡ ᠬᠡᠯᠡᠭᠰᠡᠨ ᠳ᠋ᠡᠭᠡᠨ ᠭᠡᠮᠰᠢᠵᠦ ᠰᠠᠭᠤᠭᠰᠠᠨ ᠪᠣᠯ ᠪᠥᠷᠲᠡ ᠬᠠᠲᠤᠨ ᠡᠬᠡ ᠥᠭᠡᠷ᠎ᠡ ᠵᠦᠢᠯ ᠦ᠋ᠨ ᠲᠤᠬᠠᠢ ᠰᠠᠨᠠᠭᠠᠰᠢᠷᠠᠨ ᠪᠠᠢᠭ᠎ᠠ ᠶ᠋ᠢ ᠣᠢᠯᠠᠭᠠᠯ᠎ᠠ᠃ ᠶᠠᠭᠠᠬᠢᠬᠤ ᠪᠠᠨ ᠮᠡᠳᠡᠬᠦ ᠦᠭᠡᠢ ᠳᠠᠬᠢᠨ ᠶᠠᠮᠠᠷ ᠨᠢᠭᠡᠨ ᠦᠭᠡ ᠬᠡᠯᠡᠬᠦ ᠡᠴᠡ ᠪᠣᠯᠭᠣᠮᠵᠢᠯᠠᠨᠠ᠃ ᠦᠷᠭᠦᠭᠡᠨ ᠳ᠋ᠦ᠍ ᠨᠠᠮ ᠭᠦᠮ᠃ ᠭᠡᠨᠡᠳᠲᠡ ᠬᠦᠦ ᠨᠢ ᠰᠡᠷᠡᠵᠦ ᠥᠮᠥᠯᠵᠡᠨ ᠤᠬᠢᠯᠠᠯ᠎ᠠ᠃ ᠪᠢᠴᠢᠬᠠᠨ ᠬᠦᠦ ᠶ᠋ᠢᠨ ᠤᠬᠢᠯᠠᠬᠤ ᠴᠢᠮᠡᠭᠡᠨ ᠢ᠋ᠶ᠋ᠡᠷ ᠪᠥᠷᠲᠡ ᠬᠠᠲᠤᠨ ᠡᠬᠡ ᠶ᠋ᠢᠨ ᠰᠢᠨᠠᠯᠤᠭᠰᠠᠨ ᠴᠢᠷᠠᠢ ᠳ᠋ᠤ᠌ ᠠᠯᠭᠤᠷ ᠢ᠋ᠶ᠋ᠠᠷ ᠢᠨᠢᠶᠡᠮᠰᠦᠭᠯᠡᠯ ᠲᠣᠳᠣᠷᠠᠨ ᠬᠦᠦ ᠶ᠋ᠢ ᠬᠠᠷᠠᠭᠠᠳ᠂
— ᠴᠢᠩᠭ᠎ᠠ ᠳᠠᠭᠤ ᠲᠠᠢ ᠬᠦᠦ ᠪᠠᠢᠨ᠎ᠠ᠃ ᠬᠡᠦᠬᠡᠳ ᠪᠠᠭ᠎ᠠ ᠠ᠋ᠴᠠ ᠪᠠᠨ ᠯᠠ ᠮᠡᠳᠡᠭᠳᠡᠳᠡᠭ ᠶᠦᠮ ᠰᠣᠨᠢᠨ ᠶᠤᠮ ᠰᠢᠦ᠃ ᠵᠥᠴᠢ᠂ ᠴᠠᠭᠠᠲᠠᠢ ᠬᠣᠶᠠᠷ ᠲᠡᠷᠰᠬᠡᠨ ᠥᠰᠦᠭᠰᠡᠨ ᠪᠣᠯᠣᠭᠠᠳ ᠴᠤ ᠲᠡᠷᠡ ᠤᠤ᠂ ᠮᠠᠭᠤᠳᠠᠵᠤ ᠮᠠᠷᠭᠤᠯᠳᠤᠬᠤ ᠨᠢ ᠶᠡᠬᠡ ᠪᠠᠢᠭᠰᠠᠨ᠃ ᠲᠣᠮᠣ ᠪᠣᠯᠤᠭᠰᠠᠨ ᠴᠤ ᠬᠡᠪ ᠢ᠋ᠶ᠋ᠡᠷ ᠢ᠋ᠶ᠋ᠡᠨ ᠰᠢᠦ ᠭᠡᠳ ᠤᠬᠢᠯᠠᠵᠤ ᠪᠠᠢᠭ᠎ᠠ ᠬᠦᠦ ᠶ᠋ᠢ ᠳᠡᠭᠡᠭᠰᠢ ᠡᠷᠭᠦᠨ ᠲᠡᠪᠡᠷᠢᠬᠦ ᠵᠠᠭᠤᠷ᠎ᠠ ᠴᠢᠷᠠᠢ ᠳ᠋ᠤᠨᠢ ᠢᠨᠢᠶᠡᠮᠰᠦᠭᠯᠡᠯ ᠤᠯᠠᠮ ᠲᠣᠳᠣᠷᠠᠨ ᠬᠦᠦ ᠶ᠋ᠢ ᠥᠬᠥᠭᠡᠷᠳᠡᠨ
ᠳᠤᠬᠤᠨ ᠳᠡᠭᠡᠷ᠎ᠡ ᠨᠢ ᠦᠨᠦᠰᠦᠭᠡᠳ᠄
— ᠬᠠᠷᠢᠨ ᠥᠭᠡᠳᠡᠢ᠂ ᠲᠤᠯᠤᠢ ᠬᠣᠶᠠᠷ ᠬᠣᠭᠣᠷᠣᠨᠳᠣ ᠪᠠᠨ ᠪᠠᠭ᠎ᠠ ᠠ᠋ᠴᠠ ᠪᠠᠨ ᠯᠠ ᠡᠪᠲᠡᠢ ᠲᠣᠭᠯᠠᠳᠠᠭ᠃ ᠥᠭᠡᠳᠡᠢ ᠳᠡᠭᠦᠦ ᠪᠡᠨ ᠲᠠᠩᠳᠠ ᠬᠠᠮᠠᠭᠠᠯᠠᠳᠠᠭ ᠪᠠᠢᠭᠰᠠᠨ ᠶᠤᠮ᠃ ᠨᠢᠭᠡ ᠤᠳᠠᠭ᠎ᠠ ᠲᠤᠯᠤᠢ ᠨᠣᠬᠠᠢ ᠳ᠋ᠤ᠌ ᠬᠠᠵᠠᠭᠤᠯᠬᠤ ᠳ᠋ᠤ᠌ ᠥᠭᠡᠳᠡᠢ ᠳᠡᠭᠦᠦ ᠪᠡᠨ ᠥᠮᠥᠭᠯᠡᠨ ᠨᠥᠭᠦᠭᠡ ᠨᠣᠬᠠᠢ ᠶ᠋ᠢ ᠴᠢᠯᠠᠭᠤ ᠪᠠᠷ ᠨᠦᠳᠦᠵᠦ ᠠᠯᠠᠬᠤ ᠶ᠋ᠢᠨ ᠳᠠᠪᠠᠭᠠᠨ ᠳᠡᠭᠡᠷ᠎ᠡ ᠵᠥᠴᠢ ᠠᠬ᠎ᠠ ᠨᠢ ᠵᠠᠩᠨᠠᠵᠤ ᠪᠣᠯᠢᠭᠤᠯᠤᠭᠰᠠᠨ᠃
ᠪᠥᠷᠲᠡ ᠶ᠋ᠢᠨ ᠰᠡᠳᠬᠢᠯ ᠳ᠋ᠦ᠍ ᠬᠤᠷᠠᠭᠰᠠᠨ ᠭᠤᠨᠢᠭ ᠠᠯᠭᠤᠷ ᠢ᠋ᠶ᠋ᠠᠷ ᠵᠠᠮᠬᠠᠷᠠᠨ ᠪᠠᠢᠬᠤ ᠰᠢᠭ᠋ ᠠᠩᠵᠠᠭᠠᠷᠠᠭᠳᠠᠨ᠎ᠠ᠃ ᠬᠠᠲᠤᠨ ᠴᠠᠭᠠᠰᠢ ᠦᠷᠭᠦᠯᠵᠢᠯᠡᠭᠦᠯᠦᠨ᠂
— ᠬᠠᠷᠢᠨ ᠥᠭᠡᠳᠡᠢ ᠶ᠋ᠢᠨ ᠬᠦᠦ ᠭᠦᠶᠦᠭ᠂ ᠲᠠᠨ ᠤ᠋ ᠮᠥᠩᠬᠡ ᠬᠣᠶᠠᠷ ᠢ᠋ ᠠᠵᠢᠬᠤ ᠳ᠋ᠤ᠌ ᠲᠡᠷᠡ ᠬᠣᠶᠠᠷ ᠤ᠋ᠨ ᠪᠠᠭ᠎ᠠ ᠨᠠᠰᠤ ᠥᠪᠡᠷ ᠦ᠋ᠨ ᠡᠷᠬᠡ ᠦᠭᠡᠢ ᠰᠠᠨᠠᠭᠳᠠᠳᠠᠭ᠃ ᠦᠷᠭᠦᠯᠵᠢ ᠯᠡ ᠬᠠᠮᠲᠤ ᠲᠣᠭᠯᠠᠵᠤ ᠪᠠᠢᠭ᠎ᠠ ᠬᠠᠷᠠᠭᠳᠠᠬᠤ ᠶᠤᠮ᠃ ᠬᠥᠶᠦᠭ ᠶᠡᠬᠡ ᠬᠥᠳᠡᠯᠭᠡᠭᠡᠨ ᠲᠡᠢ ᠬᠡᠦᠬᠡᠳ᠂ ᠲᠣᠮᠣ ᠪᠣᠯᠤᠭᠠᠳ ᠪᠠᠭᠠᠲᠤᠷ ᠡᠷ᠎ᠡ ᠪᠣᠯᠬᠤ ᠪᠠᠢᠬᠤ ᠠ᠋᠃ ᠲᠠᠨ ᠤ᠋ ᠲᠣᠮᠣ ᠬᠦᠦ ᠮᠥᠩᠬᠡ ᠭᠦᠶᠦᠭ ᠢ᠋ ᠳᠠᠭᠠᠵᠤ ᠲᠣᠭᠯᠠᠳᠠᠭ ᠴᠤ ᠬᠠᠶᠠ ᠵᠥᠷᠢᠭᠦᠳᠯᠡᠨ ᠥᠪᠡᠷ ᠦ᠋ᠨ ᠬᠢ ᠪᠡᠷ ᠪᠠᠢᠭ᠎ᠠ ᠶ᠋ᠢ ᠨᠢ ᠬᠠᠷᠠᠪᠠᠯ ᠲᠣᠮᠣ ᠪᠣᠯᠤᠭᠠᠳ ᠥᠪᠡᠷ ᠦ᠋ᠨ ᠭᠡᠰᠡᠨ ᠪᠣᠳᠣᠯ ᠲᠠᠢ ᠬᠥᠮᠦᠨ ᠪᠣᠯᠬᠤ ᠪᠠᠢᠬᠤ ᠭᠡᠵᠦ ᠪᠢ ᠪᠣᠳᠣᠳᠠᠭ ᠶᠤᠮ᠃ ᠬᠠᠷᠢᠨ ᠬᠥᠶᠦᠭ᠂ ᠵᠥᠴᠢ ᠶ᠋ᠢᠨ ᠬᠦᠦ ᠪᠠᠲᠤ ᠲᠠᠢ ᠳᠠᠭᠠᠷᠠᠮᠵᠢ ᠦᠭᠡᠢ᠂ ᠡᠨᠡ ᠬᠣᠶᠠᠷ ᠨᠢᠭᠡ ᠯᠡ ᠡᠪ ᠵᠦᠢ ᠪᠡᠨ ᠣᠯᠬᠤ ᠦᠭᠡᠢ ᠬᠠᠷᠠᠭᠳᠠᠬᠤ ᠶᠤᠮ ᠭᠡᠬᠦ ᠳ᠋ᠦ᠍ ᠪᠥᠷᠲᠡ ᠬᠠᠲᠤᠨ ᠤ᠋ ᠦᠭᠡ ᠶ᠋ᠢ ᠠᠩᠬᠠᠷᠤᠨ ᠰᠣᠨᠣᠰᠴᠤ ᠰᠠᠭᠤᠭᠰᠠᠨ ᠰᠤᠷᠬᠠᠭᠲᠠᠨᠢ᠄
— ᠪᠢ ᠴᠤ᠌ ᠭᠡᠰᠡᠨ ᠬᠦᠦ ᠪᠡᠨ ᠥᠪᠡᠷ ᠦ᠋ᠨ ᠭᠡᠰᠡᠨ ᠪᠣᠳᠣᠯ ᠲᠠᠢ ᠬᠥᠮᠦᠨ ᠪᠣᠯᠬᠤ ᠪᠣᠯᠪᠠ ᠤᠤ ᠭᠡᠵᠦ ᠪᠣᠳᠣᠵᠤ ᠶᠠᠪᠤᠳᠠᠭ ᠶᠤᠮ᠃ᠬᠠᠲᠤᠨ ᠡᠬᠡ ᠡᠭᠦᠨ ᠢ᠋ ᠠᠩᠵᠠᠭᠠᠷᠠᠵᠠᠢ᠃
ᠰᠡᠭᠦᠯ ᠦ᠋ᠨ ᠦᠶ᠎ᠡ ᠳ᠋ᠦ᠍ ᠬᠡᠦᠬᠡᠳ ᠦ᠋ᠳ ᠲᠡᠭᠡᠨ ᠪᠢᠴᠢᠭ ᠵᠢᠭᠠᠯᠭᠠᠵᠤ ᠨᠣᠮ ᠡᠷᠳᠡᠮ ᠳ᠋ᠦ᠍ ᠰᠢᠮᠳᠠᠭᠤᠯᠬᠤ ᠬᠦᠰᠡᠯ ᠲᠡᠢ ᠪᠣᠯᠤᠭᠠᠳ ᠪᠠᠢᠨ᠎ᠠ᠃ ᠪᠢᠷ ᠶᠠᠨᠲᠠᠢ ᠪᠠᠷᠢᠵᠤ ᠬᠢᠴᠢᠶᠡᠨ ᠰᠠᠭᠤᠬᠤᠢ ᠳ᠋ᠤ᠌ ᠰᠡᠳᠬᠢᠯ ᠴᠡᠭᠴᠡᠷᠡᠵᠦ᠂ ᠰᠡᠯᠡᠮ᠎ᠡ ᠪᠠᠷᠢᠵᠤ ᠳᠠᠢᠳᠤᠵᠤ ᠰᠤᠷᠬᠤᠢ ᠳ᠋ᠤ᠌ ᠪᠡᠶ᠎ᠡ ᠴᠡᠭᠴᠡᠷᠡᠵᠦ᠂ ᠰᠤᠳᠤᠷ ᠤᠩᠰᠢᠵᠤ ᠡᠷᠳᠡᠮ ᠰᠤᠷᠬᠤᠢ ᠳ᠋ᠤ᠌ ᠤᠬᠠᠭᠠᠨ ᠴᠡᠭᠴᠡᠷᠡᠬᠦ ᠪᠣᠯᠪᠠ ᠤᠤ᠃
ᠪᠡᠶ᠎ᠡ᠂ ᠬᠡᠯᠡ᠂ ᠰᠡᠳᠬᠢᠯ ᠭᠤᠷᠪᠠ ᠴᠡᠭᠴᠡᠷᠡᠭᠰᠡᠨ ᠬᠥᠮᠦᠨ ᠬᠠᠭᠠᠨᠲᠤ ᠲᠥᠷᠥ ᠳ᠋ᠦ᠍ ᠬᠡᠷᠡᠭ ᠲᠡᠢ ᠪᠣᠯᠪᠠ ᠤᠤ ᠭᠡᠵᠦ ᠰᠡᠳᠬᠢᠬᠦ ᠶᠦᠮ᠃
— ᠴᠢᠨᠦ ᠬᠡᠯᠡᠳᠡᠭ ᠦᠨᠡᠨ᠂ ᠳᠠᠩᠴᠤ ᠶᠸᠯᠢᠤᠢ ᠴᠦᠼᠡᠢ ᠬᠠᠭᠠᠨ ᠡᠵᠡᠨ ᠢ᠋ ᠳᠠᠭᠠᠨ ᠮᠠᠷᠭᠠᠰᠢ ᠰᠠᠷᠲᠠᠭᠤᠯ ᠳ᠋ᠤ᠌ ᠳᠠᠢᠳᠤᠬᠤ ᠪᠠᠷ ᠶᠠᠪᠤᠬᠤ ᠭᠡᠵᠦ ᠪᠠᠢᠳᠠᠭ᠃
ᠬᠠᠷᠢᠨ ᠪᠢ ᠲᠡᠭᠦᠨ ᠳ᠋ᠦ᠍ ᠬᠡᠯᠡᠵᠦ ᠡᠷᠳᠡᠮ ᠨᠣᠮ ᠳ᠋ᠤ᠌ ᠨᠡᠪᠲᠡᠷᠡᠭᠰᠡᠨ ᠪᠠᠭᠰᠢ ᠶ᠋ᠢ ᠤᠷᠲᠤ ᠭᠠᠵᠠᠷ ᠠ᠋ᠴᠠ ᠵᠠᠯᠠᠨ ᠢᠷᠡᠭᠦᠯᠦᠭᠡᠴᠢ ᠭᠡᠵᠦ ᠵᠠᠬᠢᠶ᠎ᠠ᠃
ᠪᠡᠶ᠎ᠡ ᠶ᠋ᠢᠨ ᠡᠷᠳᠡᠮ ᠦ᠋ᠨ ᠬᠤᠪᠢ ᠳ᠋ᠤ᠌ ᠬᠡᠷᠬᠢᠪᠡᠯ ᠳᠡᠭᠡᠷ᠎ᠡ ᠪᠤᠢ ᠭᠡᠮᠡᠭᠰᠡᠨ ᠲᠡᠷᠡ ᠪᠡᠷ ᠦᠷᠭᠦᠯᠵᠢᠯᠡᠭᠦᠯᠦᠨ᠂
—ᠥᠭᠡᠯᠦᠨ ᠡᠬᠡ᠂ ᠠᠴᠢ ᠨᠠᠷ ᠢ᠋ᠶ᠋ᠠᠨ ᠰᠠᠨᠠᠭᠠᠳ ᠪᠠᠢᠨ᠎ᠠ᠂ ᠠᠭᠤᠯᠵᠠᠬᠤ ᠰᠠᠨ ᠭᠡᠵᠦ ᠬᠡᠯᠡᠭᠦᠯᠦᠭᠰᠡᠨ ᠪᠠᠢᠭᠰᠠᠨ᠃ᠬᠠᠰᠠᠷ ᠬᠡᠵᠢᠶᠡᠨ ᠡᠴᠡ ᠴᠡᠷᠢᠭ ᠦ᠋ᠨ ᠡᠷᠳᠡᠮ ᠳ᠋ᠦ᠍ ᠭᠠᠷᠮᠠᠭᠠᠢ ᠲᠤᠯᠠ ᠲᠡᠭᠦᠪᠡᠷ ᠵᠢᠭᠠᠯᠭᠠᠵᠤ ᠪᠣᠯᠤᠨ᠎ᠠ᠃ ᠪᠢ ᠬᠡᠳᠦ ᠬᠣᠨᠣᠭ ᠠ᠋ᠴᠠ ᠥᠭᠡᠯᠦᠨ ᠡᠬᠡ ᠳᠦ ᠪᠠᠷᠠᠯᠬᠠᠨ᠎ᠠ᠃ ᠲᠡᠭᠡᠬᠦ ᠳ᠋ᠡᠭᠡᠨ ᠲᠣᠮᠣ ᠬᠦᠦ ᠶ᠋ᠢ ᠴᠢᠨᠢ ᠠᠪᠤᠭᠠᠳ ᠶᠠᠪᠤᠶ᠎ᠠ᠃
ᠴᠢ ᠪᠡᠶ᠎ᠡ ᠪᠡᠨ ᠲᠡᠩᠬᠡᠷᠡᠭᠦᠯᠦᠭᠡᠳ ᠬᠦᠦ ᠪᠡᠨ ᠡᠷᠭᠢᠬᠦ ᠳ᠋ᠡᠭᠡᠨ ᠥᠭᠡᠯᠦᠨ ᠡᠬᠡ ᠳ᠋ᠦ᠍ ᠪᠠᠷᠠᠯᠬᠠᠨ᠎ᠠ ᠪᠢᠵᠡ ᠭᠡᠵᠦ ᠬᠡᠯᠡᠯ᠎ᠡ᠃ ᠬᠠᠲᠤᠨ ᠡᠬᠡ ᠭᠠᠷᠬᠤ ᠪᠠᠷ ᠥᠨᠳᠡᠢᠬᠦ ᠳ᠋ᠦ᠍ ᠰᠤᠷᠬᠠᠭᠲᠠᠨᠢ ᠲᠡᠭᠦᠨ ᠢ᠋ ᠦᠳᠡᠵᠦ ᠥᠭᠭᠥ ᠪᠡᠷ ᠳᠠᠭᠠᠨ ᠪᠣᠰᠤᠯ᠎ᠠ᠃ ᠬᠠᠲᠤᠨ ᠡᠬᠡ᠄
— ᠭᠠᠳᠠᠭ᠎ᠠ ᠪᠦᠷᠦᠩᠬᠦᠢ ᠪᠣᠯᠤᠭᠰᠠᠨ ᠪᠠᠢᠨ᠎ᠠ᠃ ᠨᠢᠯᠬ᠎ᠠ ᠪᠡᠶ᠎ᠡ ᠲᠡᠢ ᠴᠢ ᠨᠠᠮᠠᠶ᠋ᠢ ᠭᠠᠷᠭᠠᠵᠤ ᠥᠭᠭᠦᠭᠰᠡᠨ ᠦ᠌ ᠬᠡᠷᠡᠭ ᠦᠭᠡᠢ᠂ ᠣᠳᠣ ᠠᠮᠠᠷᠠ ᠭᠡᠵᠦ ᠬᠡᠯᠡᠭᠡᠳ ᠢᠰᠡᠭᠡᠢ ᠡᠭᠦᠳᠡ ᠶ᠋ᠢ ᠠᠯᠭᠤᠷ ᠰᠡᠬᠦᠨ ᠭᠠᠷᠬᠤ ᠳ᠋ᠤ᠌ ᠭᠡᠷ ᠲᠣᠭᠣᠷᠢᠨ ᠵᠣᠭᠰᠣᠭᠰᠠᠨ ᠬᠥᠮᠦᠰ ᠬᠡᠪᠲᠡᠭᠦᠯ ᠦ᠋ᠳ ᠳᠠᠷᠤᠢ ᠴᠤᠭᠯᠠᠷᠠᠨ ᠬᠠᠲᠤᠨ ᠳ᠋ᠤ᠌ ᠪᠠᠷ᠎ᠠ ᠪᠣᠯᠤᠨ ᠴᠠᠭᠠᠰᠢ ᠶᠠᠪᠤᠯ᠎ᠠ᠃ ᠪᠥᠷᠲᠡ ᠬᠠᠲᠤᠨ ᠢ᠋ ᠭᠠᠷᠴᠤ ᠶᠠᠪᠤᠭᠰᠠᠨ ᠤ᠋ ᠳᠠᠷᠠᠭ᠎ᠠ ᠰᠤᠷᠬᠠᠭᠲᠠᠨᠢ ᠶᠡᠬᠡ ᠶ᠋ᠢ ᠪᠣᠳᠣᠯ᠎ᠠ᠃
ᠶᠠᠭᠠᠬᠢᠭᠠᠳ ᠬᠠᠲᠤᠨ ᠡᠬᠡ ᠥᠪᠡᠷ ᠲᠦ᠋ᠨᠢ ᠡᠨᠡ ᠪᠦᠬᠦᠨ ᠢ᠋ ᠶᠠᠷᠢᠪᠠ᠃
ᠵᠢᠷᠦᠬᠡ ᠰᠡᠳᠬᠢᠯ ᠦ᠋ᠨ ᠢ᠋ᠶ᠋ᠡᠨ ᠡᠮᠵᠡᠭ ᠬᠥᠨᠳᠡᠭᠦᠷ ᠲᠦ᠍ ᠪᠠᠢᠭ᠎ᠠ ᠲᠡᠷᠡ ᠵᠦᠢᠯ ᠢ᠋ ᠡᠨᠡ ᠣᠯᠠᠨ ᠪᠡᠷᠢ ᠡᠴᠡ ᠣᠨᠴᠠᠯᠠᠨ ᠥᠪᠡᠷ ᠲᠤᠨᠢ ᠶᠠᠷᠢᠬᠤ ᠪᠣᠯᠤᠭᠰᠠᠨ ᠤ᠋ ᠤᠴᠢᠷ ᠶᠠᠭᠤ ᠪᠣᠢ᠃
《ᠪᠥᠷᠲᠡ ᠬᠠᠲᠤᠨ ᠣᠷᠣᠵᠤ ᠢᠷᠡᠬᠦ ᠳ᠋ᠦ᠍ ᠮᠢᠨᠦ ᠵᠣᠪᠠᠯᠠᠩ ᠠ᠋ᠴᠠ ᠬᠤᠪᠢᠶᠠᠯᠴᠠᠬᠤ ᠨᠢ ᠭᠡᠵᠦ ᠪᠣᠳᠣᠵᠤ ᠪᠠᠢᠲᠠᠯ᠎ᠠ ᠥᠪᠡᠷ ᠦ᠋ᠨ ᠢ᠋ᠶ᠋ᠡᠨ ᠰᠡᠳᠬᠢᠯ ᠢ᠋ᠶ᠋ᠡᠨ ᠠᠭᠤᠳᠠᠯᠤᠭᠠᠳ ᠶᠠᠪᠤᠯ᠎ᠠ᠃ ᠵᠣᠪᠠᠯᠠᠩ ᠬᠥᠮᠦᠨ ᠢ᠋ ᠢᠯᠭᠠᠳᠠᠭ ᠦᠭᠡᠢ ᠪᠢᠯᠡ᠃ ᠬᠠᠲᠤᠨ ᠡᠬᠡ ᠮᠠᠭᠠᠳ ᠦᠭᠡᠢ ᠨᠠᠳᠠ ᠠ᠋ᠴᠠ ᠶᠡᠬᠡ ᠶ᠋ᠢ ᠲᠤᠭᠤᠯᠤᠭᠰᠠᠨ ᠪᠢᠵᠡ᠃ ᠲᠡᠷᠡ ᠢᠩᠭᠢᠵᠦ ᠣᠷᠣᠵᠤ ᠢᠷᠡᠭᠰᠡᠨ ᠨᠢ ᠥᠪᠡᠷ ᠦ᠋ᠨ ᠵᠣᠪᠠᠯᠠᠩ ᠢ᠋ᠶ᠋ᠠᠨ ᠮᠢᠨᠦ ᠡᠮᠦᠨ᠎ᠡ ᠳᠡᠯᠭᠡᠭᠡᠳ ᠭᠠᠷᠬᠤ ᠭᠡᠰᠡᠨ ᠬᠡᠷᠡᠭ ᠪᠢᠰᠢ᠂ ᠬᠠᠷᠢᠨ ᠮᠢᠨᠦ ᠵᠣᠪᠠᠯᠠᠩ ᠠ᠋ᠴᠠ ᠬᠤᠭᠤᠰᠯᠠᠭᠠᠳ ᠶᠠᠪᠤᠬᠤ ᠰᠢᠭ᠋ ᠪᠣᠯᠤᠯ᠎ᠠ》 ᠭᠡᠵᠦ ᠪᠣᠳᠣᠭᠳᠠᠬᠤ ᠳ᠋ᠤ᠌ ᠰᠡᠳᠬᠢᠯ ᠨᠢ ᠠᠭᠤᠵᠢᠷᠠᠬᠤ ᠰᠢᠭ᠋ ᠰᠠᠨᠠᠭᠳᠠᠯ᠎ᠠ᠃ ᠭᠠᠳᠠᠨ᠎ᠠ ᠠ᠋ᠴᠠ ᠰᠤᠷᠬᠠᠭᠲᠠᠨᠢ ᠶ᠋ᠢᠨ ᠳᠠᠭᠠᠭᠤᠯ ᠠᠵᠢᠨ ᠣᠷᠣᠵᠤ ᠢᠷᠡᠪᠡ᠃ ᠵᠢᠵᠢᠭᠪᠲᠦᠷ ᠪᠡᠶ᠎ᠡ ᠲᠡᠢ᠂ ᠭᠠᠪ ᠱᠠᠪ ᠬᠢᠭᠰᠡᠨ ᠬᠥᠳᠡᠯᠭᠡᠭᠡᠨ ᠲᠡᠢ᠂ ᠦᠰᠦ ᠪᠡᠨ ᠬᠣᠶᠠᠷ ᠰᠠᠯᠠᠭ᠎ᠠ ᠰᠦᠯᠵᠢᠨ ᠤᠨᠵᠢᠭᠤᠯᠤᠭᠰᠠᠨ᠂ ᠨᠢᠭᠤᠴᠠ ᠳᠠᠪᠬᠤᠷ᠎ᠠ ᠲᠠᠢ᠂ ᠣᠨᠢᠭᠠᠷ ᠪᠣᠷᠣ ᠨᠢᠳᠦ ᠲᠡᠢ ᠡᠨᠡ ᠡᠮᠡᠭᠲᠡᠢ᠂ ᠵᠠᠬ᠎ᠠ ᠬᠠᠮᠪᠤ ᠡᠴᠢᠭᠡ ᠨᠢ ᠰᠤᠷᠬᠠᠭᠲᠠᠨᠢ ᠶ᠋ᠢ ᠴᠢᠩᠭᠢᠰ ᠬᠠᠭᠠᠨ ᠳ᠋ᠤ᠌ ᠥᠭᠬᠦ ᠳ᠋ᠦ᠍ ᠢᠨᠵᠢᠨ ᠳ᠋ᠦ᠍ ᠢᠷᠡᠭᠰᠡᠨ ᠪᠢᠯᠡ᠃ ᠬᠠᠲᠤᠨ ᠤ᠋ ᠳᠠᠭᠠᠭᠤᠯ ᠬᠥᠮᠦᠨ ᠪᠣᠯ ᠠᠬ᠎ᠠ ᠳᠡᠭᠦᠦ᠂ ᠲᠥᠷᠥᠯ ᠰᠠᠳᠤᠨ ᠪᠠᠢᠬᠤ ᠦᠭᠡᠢ᠂ ᠥᠪᠡᠷ ᠦ᠋ᠨ ᠠᠮᠢᠳᠤᠷᠠᠯ ᠢ᠋ ᠵᠣᠬᠢᠶᠠᠬᠤ ᠦᠭᠡᠢ᠂ ᠵᠥᠪᠬᠡᠨ ᠡᠵᠡᠨ ᠳ᠋ᠡᠭᠡᠨ ᠦᠨᠡᠨᠴᠢ ᠪᠡᠷ ᠵᠢᠳᠬᠦᠬᠦ ᠨᠢᠳᠦ ᠴᠢᠬᠢ ᠨᠢ ᠪᠠᠢᠬᠤ ᠶᠣᠰᠣᠲᠠᠢ᠃ ᠭᠠᠳᠠᠨ᠎ᠠ ᠠ᠋ᠴᠠ ᠣᠷᠣᠵᠤ ᠢᠷᠡᠭᠰᠡᠨ ᠠᠵᠢᠨ ᠢ᠋ ᠬᠠᠷᠠᠭᠰᠠᠨ ᠰᠤᠷᠬᠠᠭᠲᠠᠨᠢ᠄
— ᠴᠢ ᠬᠠᠮᠢᠭ᠎ᠠ ᠪᠠᠢᠵᠤ ᠪᠠᠢᠭᠠᠳ ᠢᠷᠡᠪᠡ?
— ᠬᠠᠲᠤᠨᠲᠠᠨ
ᠲᠠᠨ ᠳ᠋ᠤ᠌ ᠪᠠᠷᠠᠯᠬᠠᠭᠰᠠᠨ ᠪᠣᠯᠬᠣᠷ ᠪᠢ ᠭᠠᠳᠠᠭ᠎ᠠ ᠵᠣᠭᠰᠣᠵᠤ ᠪᠠᠢᠭᠠᠳ ᠶᠠᠪᠤᠬᠤ ᠪᠠᠷ ᠨᠢ ᠣᠷᠣᠵᠤ ᠢᠷᠡᠯ᠎ᠡ᠃
— ᠭᠠᠳᠠᠭᠤᠷ ᠶᠠᠭᠤ ᠪᠣᠯᠵᠤ ᠪᠠᠢᠨ᠎ᠠ?
— ᠮᠠᠷᠭᠠᠰᠢ ᠠᠶᠠᠨ ᠲᠡᠢᠨ ᠳ᠋ᠦ᠍ ᠮᠣᠷᠳᠠᠬᠤ ᠬᠥᠮᠦᠰ ᠪᠡᠯᠡᠳᠬᠡᠯ ᠢ᠋ᠶ᠋ᠡᠨ ᠪᠠᠵᠠᠭᠠᠭᠠᠳ ᠰᠥᠨᠢ ᠤᠨᠲᠠᠬᠤ ᠦᠭᠡᠢ ᠶᠦᠮ ᠰᠢᠬ ᠪᠠᠢᠨ᠎ᠠ ᠳᠠ᠃ ᠬᠠᠮᠢᠭ᠎ᠠ ᠰᠠᠢ ᠦᠭᠡᠢ ᠬᠥᠮᠦᠰ ᠬᠥᠯᠬᠢᠨ᠂ ᠬᠥᠯ ᠬᠥᠳᠡᠯᠭᠡᠭᠡᠨ ᠪᠣᠯᠵᠤ ᠪᠠᠢᠨ᠎ᠠ᠃
— ᠠᠵᠢᠨ᠂ ᠴᠢ ᠣᠳᠣ ᠶᠠᠪᠤᠵᠤ ᠪᠣᠯᠤᠨ᠎ᠠ᠃ ᠮᠠᠷᠭᠠᠰᠢ ᠶᠠᠪᠤᠬᠤ ᠲᠤᠯᠤᠢ ᠡᠵᠡᠨ ᠦ᠌ ᠭᠡᠷ ᠲᠡᠷᠭᠡ᠂ ᠠᠴᠢᠶ᠎ᠠ ᠪᠠᠷᠠᠭ᠎ᠠ ᠶ᠋ᠢ ᠪᠡᠯᠡᠳᠬᠡᠵᠦ ᠪᠠᠢᠭ᠎ᠠ ᠬᠥᠮᠦᠰ ᠢ᠋ ᠰᠢᠯᠭᠠᠭᠠᠳ᠂ ᠡᠵᠡᠨ ᠦ᠌ ᠪᠡᠨ ᠵᠠᠮ ᠤ᠋ᠨ ᠬᠦᠨᠡᠰᠦ ᠰᠡᠯᠲᠡ ᠶ᠋ᠢ ᠪᠡᠯᠡᠳᠬᠡᠵᠦ ᠬᠣᠨᠣ ᠭᠡᠵᠦ ᠬᠡᠯᠡᠯ᠎ᠡ᠃
ᠮᠣᠩᠭᠣᠯ ᠤ᠋ᠨ ᠲᠠᠯ᠎ᠠ ᠳ᠋ᠤ᠌ ᠰᠥᠨᠢ ᠳᠦᠯᠢ ᠪᠣᠯᠵᠠᠢ᠃ ᠰᠥᠨᠢ ᠶ᠋ᠢᠨ ᠲᠩᠷᠢ ᠳ᠋ᠦ᠍ ᠠᠨᠢᠪᠴᠢᠬᠤ ᠣᠳᠣᠳ ᠤ᠋ᠨ ᠠᠳᠠᠯᠢ ᠭᠠᠵᠠᠷ ᠲᠤ ᠪᠠᠭᠤᠷᠢ ᠪᠠᠨ ᠵᠠᠰᠠᠭᠰᠠᠨ ᠠᠢᠯ ᠪᠦᠬᠦᠨ ᠦ᠌ ᠲᠤᠯᠭᠠᠨ ᠳ᠋ᠤ᠌ ᠭᠠᠯ ᠪᠠᠳᠮᠠᠯᠠᠨ ᠠᠰᠠᠨ᠎ᠠ᠃ ᠶᠡᠬᠡ ᠴᠢᠮᠡᠭᠡᠨ ᠦ᠌ ᠡᠮᠦᠨᠡᠬᠢ ᠨᠠᠮ ᠭᠦᠮ ᠢ᠋ ᠰᠠᠨᠠᠭᠳᠠᠭᠤᠯᠤᠮ᠎ᠠ᠂ ᠡᠩᠬᠡ ᠠᠮᠤᠭᠤᠯᠠᠩ ᠤ᠋ᠨ ᠳᠤᠮᠳᠠᠭᠤᠷ ᠲᠦᠷᠢᠨ ᠪᠣᠢ ᠲᠦᠭᠰᠢᠭᠦᠷᠢ᠂ ᠲᠤᠯᠭᠠᠨ ᠳ᠋ᠤ᠌ ᠠᠰᠠᠭᠰᠠᠨ ᠭᠠᠯ ᠰᠢᠭ᠋ ᠬᠥᠮᠦᠨ ᠪᠦᠬᠦᠨ ᠦ᠌ ᠵᠢᠷᠦᠬᠡᠨ ᠳ᠋ᠦ᠍ ᠠᠰᠠᠨ᠎ᠠ᠃ ᠡᠢᠮᠦ ᠯᠡ ᠰᠥᠨᠢ ᠬᠠᠭᠠᠳ ᠬᠠᠲᠤᠳ ᠠ᠋ᠴᠠ ᠡᠬᠢᠯᠡᠭᠡᠳ ᠬᠠᠷᠠᠴᠤ ᠠᠷᠠᠳ ᠤ᠋ᠳ ᠴᠤ᠌ ᠨᠣᠢᠷ ᠬᠤᠯᠵᠢᠨ ᠦᠷ ᠴᠠᠢᠯᠭᠠᠳᠠᠭ᠃ ᠠᠢᠯ ᠭᠡᠷ᠂ ᠡᠷᠦᠬᠡ ᠪᠦᠯᠢ ᠪᠦᠬᠦᠨ ᠨᠢᠭᠡᠨ ᠬᠥᠮᠦᠨ ᠢ᠋ᠶ᠋ᠡᠨ ᠲᠡᠢᠨ ᠳ᠋ᠦ᠍ ᠦᠳᠡᠵᠦ᠂ ᠬᠡᠵᠢᠶ᠎ᠡ ᠢᠷᠡᠬᠦ ᠶ᠋ᠢ ᠨᠢ ᠮᠡᠳᠡᠬᠦ ᠦᠭᠡᠢ᠂ ᠬᠠᠢᠷᠠᠲᠠᠢ ᠳᠣᠲᠣᠨᠣ ᠬᠥᠮᠦᠰ ᠡᠴᠡ ᠪᠡᠨ ᠣᠯᠠᠨ ᠵᠢᠯ ᠢ᠋ᠶ᠋ᠡᠷ ᠬᠠᠭᠠᠴᠠᠨ ᠰᠠᠯᠬᠤ ᠭᠡᠵᠦ ᠪᠣᠢ ᠶ᠋ᠢ ᠮᠡᠳᠡᠷᠡᠨ ᠪᠠᠢᠭ᠎ᠠ ᠡᠨᠡ ᠨᠠᠮ ᠭᠦᠮ ᠰᠥᠨᠢ ᠪᠡᠷ ᠪᠦᠭᠦᠳᠡ ᠯᠡ ᠠᠶᠠᠨ ᠵᠠᠮ ᠤ᠋ᠨ ᠬᠣᠭᠣᠯᠠ ᠬᠦᠨᠡᠰᠦ᠂ ᠠᠴᠢᠯᠭ᠎ᠠ ᠣᠨᠣᠯᠭ᠎ᠠ ᠪᠠᠨ ᠵᠡᠬᠡᠨ ᠪᠠᠢᠨ᠎ᠠ᠃ ᠰᠣᠷᠬᠠᠭᠲᠠᠨᠢ ᠬᠦᠦ ᠪᠡᠨ ᠲᠡᠪᠡᠷᠢᠨ ᠪᠣᠳᠣᠯ ᠳ᠋ᠤ᠌ ᠠᠪᠲᠠᠨ ᠰᠠᠭᠤᠬᠤ ᠳ᠋ᠤ᠌ ᠭᠠᠳᠠᠨ᠎ᠠ ᠠ᠋ᠴᠠ ᠲᠤᠯᠤᠢ ᠣᠷᠣᠵᠤ ᠢᠷᠡᠯ᠎ᠡ᠃ ᠵᠥᠭᠡᠯᠡᠨ ᠨᠢᠳᠦ᠂ ᠤᠭᠠᠯᠵᠠᠨ ᠬᠠᠮᠠᠷ᠂ ᠥᠳᠬᠡᠨ ᠬᠥᠮᠥᠰᠬᠡ᠂ ᠰᠢᠩᠭᠡᠨ ᠰᠠᠬᠠᠯ ᠲᠠᠢ ᠲᠡᠷᠡ ᠡᠷ᠎ᠡ ᠲᠡᠢᠨ ᠳᠠᠵᠢᠨ ᠤ᠋ ᠲᠤᠬᠠᠢ ᠰᠡᠳᠬᠢᠯ ᠵᠣᠪᠠᠨᠢᠭᠰᠠᠨ ᠰᠢᠨᠵᠢ ᠦᠭᠡᠢ ᠲᠣᠮᠣ ᠴᠠᠭᠠᠨ ᠰᠢᠲᠦ ᠪᠡᠨ ᠢᠷᠠᠯᠵᠠᠭᠤᠯᠤᠨ ᠢᠨᠢᠶᠡᠵᠦ ᠬᠠᠷᠠᠭᠳᠠᠨ᠎ᠠ᠃
— ᠡᠵᠢ ᠮᠢᠨᠢ ᠮᠣᠷᠢᠯᠠᠨ ᠢᠷᠡᠭᠰᠡᠨ ᠭᠡᠨ᠎ᠡ ᠠ᠋ ᠭᠡᠭᠰᠡᠭᠡᠷ ᠭᠠᠳᠠᠨ᠎ᠠ ᠠ᠋ᠴᠠ ᠣᠷᠣᠵᠤ ᠢᠷᠡᠭᠰᠡᠨ ᠲᠤᠯᠤᠢ ᠬᠠᠲᠤᠨ ᠤ᠋ ᠪᠠᠨ ᠰᠡᠳᠬᠢᠯ ᠰᠠᠨᠠᠭ᠎ᠠ ᠰᠠᠢᠨ ᠦᠭᠡᠢ ᠪᠠᠢᠭ᠎ᠠ ᠶ᠋ᠢ ᠠᠩᠵᠠᠭᠠᠷᠠᠯ᠎ᠠ᠃
— ᠶᠠᠭᠤ ᠪᠣᠯᠤᠭ᠎ᠠ ᠪᠣᠢ᠂ ᠰᠡᠳᠬᠢᠯ ᠰᠠᠨᠠᠭ᠎ᠠ ᠴᠢᠨᠢ ᠲᠠᠪᠠ ᠦᠭᠡᠢ ᠬᠠᠷᠠᠭᠳᠠᠨ᠎ᠠ᠂ ᠡᠭᠡᠴᠢ ᠶ᠋ᠢ ᠪᠡᠨ ᠪᠣᠳᠣᠭᠠᠳ ᠢᠩᠭᠢᠪᠡ ᠤᠤ᠂ ᠠᠯᠢ ᠡᠰᠡᠪᠡᠯ ᠬᠠᠲᠤᠨ ᠡᠬᠡ ᠴᠢᠮ᠎ᠠ ᠳ᠋ᠤ᠌ ᠭᠡᠳ ᠦᠭᠡ ᠪᠡᠨ ᠲᠡᠭᠦᠰᠬᠡᠯ ᠦᠭᠡᠢ ᠬᠠᠲᠤᠨ ᠠ᠋ᠴᠠ ᠪᠠᠨ ᠠᠰᠠᠭᠤᠭᠰᠠᠨ ᠶᠠᠩᠵᠤ ᠪᠠᠷ ᠬᠠᠷᠠᠯ᠎ᠠ᠃ ᠰᠤᠷᠬᠠᠭᠲᠠᠨᠢ ᠬᠦᠪᠦᠷᠡᠭᠰᠡᠨ ᠪᠣᠳᠣᠯ ᠠ᠋ᠴᠠ ᠪᠠᠨ ᠰᠠᠯᠵᠤ᠂ ᠨᠥᠬᠥᠷ ᠢ᠋ᠶ᠋ᠡᠨ ᠬᠠᠷᠠᠨ ᠨᠠᠢᠷᠰᠠᠭ ᠰᠠᠢᠬᠠᠨ ᠢ᠋ᠶ᠋ᠠᠷ ᠢᠨᠢᠶᠡᠮᠰᠦᠭᠯᠡᠭᠡᠳ᠄
ᠨᠣᠢᠷ ᠬᠤᠯᠵᠢᠭᠠᠳ ᠤᠨᠲᠠᠵᠤ ᠴᠢᠳᠠᠬᠤ ᠦᠭᠡᠢ ᠨᠢ᠃ ᠲᠠᠨ ᠢ᠋ ᠮᠠᠷᠭᠠᠰᠢ ᠮᠣᠷᠳᠠᠭᠤᠯᠬᠤ ᠳ᠋ᠤ᠌ ᠰᠠᠨᠠᠭ᠎ᠠ ᠵᠣᠪᠠᠨᠢᠨ ᠰᠠᠭᠤᠨ᠎ᠠ ᠭᠡᠪᠡ᠃
ᠶᠠᠭᠤᠨ ᠳ᠋ᠤᠨᠢ ᠰᠠᠨᠠᠭ᠎ᠠ ᠵᠣᠪᠠᠬᠤ ᠪᠢᠯᠡ ᠬᠠᠲᠤᠨ ᠮᠢᠨᠢ᠃ ᠪᠢ ᠶᠠᠮᠠᠷ ᠠᠩᠬ᠎ᠠ ᠤᠳᠠᠭ᠎ᠠ ᠪᠠᠨ ᠲᠡᠢᠨ ᠳ᠋ᠦ᠍ ᠶᠠᠪᠤᠬᠤ ᠭᠡᠵᠦ ᠪᠠᠢᠭ᠎ᠠ ᠪᠢᠰᠢ ᠭᠡᠵᠦ ᠬᠡᠯᠡᠩᠭᠡᠨ ᠬᠦᠦ ᠶ᠋ᠢᠨ ᠢ᠋ᠶ᠋ᠡᠨ ᠳᠤᠬᠤᠨ ᠳᠡᠭᠡᠷ᠎ᠡ ᠨᠢ ᠦᠨᠦᠰᠦᠭᠡᠳ᠂
ᠡᠨᠡ ᠠᠮᠢᠲᠠᠨ ᠢ᠋ ᠶᠡᠬᠡ ᠰᠠᠨᠠᠬᠤ ᠪᠠᠢᠬᠤ ᠳᠠ᠂ ᠡᠵᠢ ᠬᠦᠦ ᠶ᠋ᠢ ᠮᠢᠨᠢ ᠬᠠᠷᠠᠭᠠᠳ ᠬᠡᠨ ᠲᠡᠢ ᠠᠳᠠᠯᠢᠬᠠᠨ ᠪᠠᠢᠨ᠎ᠠ ᠭᠡᠵᠦ ᠪᠠᠢᠨ᠎ᠠ ᠭᠡᠮᠡᠨ ᠠᠰᠠᠭᠤᠪᠠ᠃
ᠲᠠᠨ ᠲᠠᠢ ᠯᠠ ᠠᠳᠠᠯᠢᠬᠠᠨ ᠶᠤᠮ ᠭᠡᠵᠦ ᠪᠠᠢᠨ᠎ᠠ᠃ ᠪᠢ ᠲᠠᠨ ᠢ᠋ ᠶᠠᠪᠤᠭᠰᠠᠨ ᠤ᠋ ᠳᠠᠷᠠᠭ᠎ᠠ ᠮᠥᠩᠬᠡ ᠶ᠋ᠢ ᠥᠭᠡᠯᠦᠨ ᠡᠬᠡ ᠶ᠋ᠢᠨ ᠳ᠋ᠦ᠍ ᠬᠦᠷᠭᠡᠵᠦ ᠥᠭᠭᠦᠶ᠎ᠡ ᠭᠡᠵᠦ ᠬᠠᠲᠤᠨ ᠡᠬᠡ ᠲᠡᠢ ᠶᠠᠷᠢᠯ᠎ᠠ᠃ ᠠᠴᠢ ᠭᠤᠴᠢ ᠪᠠᠨ ᠰᠠᠨᠠᠭᠠᠳ ᠪᠠᠢᠭ᠎ᠠ ᠰᠤᠷᠠᠭ ᠲᠠᠢ᠃
ᠲᠡᠭᠡ ᠳᠡ᠃ ᠨᠠᠮᠠᠶ᠋ᠢ ᠶᠠᠪᠤᠬᠤ ᠪᠠᠷ ᠥᠭᠡᠯᠦᠨ ᠡᠬᠡ ᠳ᠋ᠦ᠍ ᠬᠦᠷᠭᠡᠭᠦᠯ᠃ ᠡᠮᠡᠭᠡ ᠡᠬᠡ ᠮᠢᠨᠢ ᠮᠢᠨᠦ ᠬᠦᠦ ᠶ᠋ᠢ ᠬᠠᠷᠠᠬᠤ ᠰᠠᠨ ᠭᠡᠵᠦ ᠬᠦᠰᠡᠵᠦ ᠪᠠᠢᠭ᠎ᠠ ᠪᠢᠵᠡ᠃
ᠲᠤᠯᠤᠢ ᠶ᠋ᠢᠨ ᠦᠷᠭᠦᠭᠡᠨ ᠳ᠋ᠦ᠍ ᠡᠢᠮᠦ ᠶᠠᠷᠢᠶ᠎ᠠ ᠪᠣᠯᠵᠤ ᠪᠠᠢᠬᠤ ᠳ᠋ᠤ᠌ ᠶᠡᠬᠡ ᠠᠭᠤᠷᠠᠭ ᠲᠤ᠌ ᠰᠥᠨᠢ ᠳᠦᠯᠢ ᠪᠣᠯᠤᠭᠰᠠᠨ ᠬᠡᠳᠦᠢ ᠴᠦ᠍ ᠶᠡᠬᠡ ᠠᠵᠢᠯ ᠦᠷᠭᠦᠯᠵᠢᠯᠡᠵᠦ ᠪᠠᠢᠯ᠎ᠠ᠃ ᠬᠠᠮᠢᠭ᠎ᠠ ᠰᠠᠢ ᠦᠭᠡᠢ ᠬᠥᠯᠬᠢᠬᠦ ᠬᠥᠮᠦᠰ ᠮᠠᠷᠭᠠᠰᠢ ᠭᠠᠷᠬᠤ ᠠᠶᠠᠨ ᠵᠠᠮ ᠤ᠋ᠨ ᠪᠡᠯᠡᠳᠬᠡᠯ ᠢ᠋ᠶ᠋ᠡᠨ ᠪᠠᠵᠠᠭᠠᠵᠤ᠂ ᠰᠥᠨᠢ ᠳᠦᠯᠢ ᠪᠣᠯᠤᠭᠰᠠᠨ ᠬᠡᠳᠦᠢ ᠴᠦ᠍ ᠡᠨᠳᠡ ᠲᠡᠨᠳᠡ ᠲᠦᠳᠡᠭ ᠭᠠᠯ ᠠᠰᠠᠭᠠᠭᠰᠠᠨ ᠲᠤᠯᠠ ᠡᠳᠦᠷ ᠰᠢᠭ ᠭᠡᠷᠡᠯ ᠲᠡᠢ᠃ ᠲᠤᠯᠤᠢ ᠬᠠᠲᠤᠨ ᠢ᠋ᠶ᠋ᠠᠨ ᠤᠨᠲᠠᠬᠤ ᠦᠭᠡᠢ ᠪᠣᠳᠣᠯ ᠪᠣᠯᠤᠨ ᠪᠠᠢᠭ᠎ᠠ ᠶ᠋ᠢ ᠠᠩᠵᠠᠭᠠᠷᠠᠭᠠᠳ᠂
— ᠴᠢ ᠮᠢᠨᠢ ᠤᠨᠲᠠᠵᠤ ᠠᠮᠠᠷᠠ᠂ ᠨᠢᠯᠬ᠎ᠠ ᠪᠡᠶ᠎ᠡ ᠲᠡᠢ ᠬᠥᠮᠦᠨ ᠨᠣᠢᠷ ᠦᠭᠡᠢ ᠬᠣᠨᠣᠪᠠᠯ ᠮᠠᠷᠭᠠᠰᠢ ᠶᠠᠳᠠᠷᠠᠨ᠎ᠠ᠃
— ᠪᠢ ᠤᠨᠲᠠᠵᠤ ᠪᠠᠢᠨ᠎ᠠ᠂ ᠬᠠᠷᠢᠨ ᠮᠠᠷᠭᠠᠰᠢ ᠵᠠᠮ ᠳ᠋ᠤ᠌ ᠶᠠᠪᠤᠬᠤ ᠪᠠᠷ ᠢ᠋ᠶ᠋ᠠᠨ ᠲᠠ ᠤᠨᠲᠠᠵᠤ ᠠᠮᠠᠷᠠ᠃
— ᠤᠨᠲᠠᠵᠤ ᠪᠠᠢᠨ᠎ᠠ ᠭᠡᠨ᠎ᠡ ᠰᠢᠦ᠃ ᠤᠨᠲᠠᠵᠤ ᠪᠠᠢᠭ᠎ᠠ ᠬᠥᠮᠦᠨ ᠶᠠᠷᠢᠳᠠᠭ ᠪᠣᠯᠤᠭ᠎ᠠ ᠤᠤ? ᠭᠡᠳ ᠲᠤᠯᠤᠢ ᠰᠤᠷᠬᠠᠭᠲᠠᠨᠢ ᠶ᠋ᠢᠨ ᠦᠰᠦ ᠶ᠋ᠢ ᠢᠯᠢᠭᠡᠳ᠄
—ᠡᠯᠳᠡᠪ ᠵᠦᠢᠯ ᠪᠣᠳᠣᠵᠤ ᠡᠭᠡᠴᠢ ᠶ᠋ᠢ ᠪᠡᠨ ᠭᠣᠮᠣᠳᠠᠭᠠᠬᠤ ᠬᠡᠷᠡᠭ ᠦᠭᠡᠢ ᠪᠣᠯᠪᠠ ᠤᠤ᠂ ᠥᠪᠡᠷ ᠢ᠋ ᠨᠢ ᠵᠣᠷᠢᠨ ᠢᠷᠡᠭᠰᠡᠨ ᠬᠠᠷ᠎ᠠ ᠡᠯᠢᠭᠡᠳᠡᠨ ᠢ ᠴᠤ᠌ ᠲᠣᠰᠣᠨ ᠠᠪᠬᠤ ᠶᠣᠰᠣᠨ ᠪᠣᠢ᠃ ᠴᠢᠮᠠᠢ᠍ᠢ ᠵᠣᠷᠢᠨ ᠵᠢᠳᠬᠦᠵᠦ ᠢᠷᠡᠭᠰᠡᠨ ᠭᠠᠭᠴᠠ ᠡᠭᠡᠴᠢ ᠴᠢᠨᠢ ᠰᠢᠦ ᠳᠡ ᠭᠡᠵᠦ ᠬᠡᠯᠡᠭᠡᠳ ᠬᠠᠲᠤᠨ ᠢ᠋ᠶ᠋ᠠᠨ ᠡᠩᠬᠦᠷᠡᠢᠯᠡᠨ ᠦᠨᠦᠰᠦᠯ᠎ᠡ᠃
ᠥᠷᠯᠥᠭᠡ ᠪᠣᠯᠵᠤ ᠨᠠᠷᠠ ᠮᠠᠨᠳᠤᠵᠠᠢ᠃ ᠠᠭᠤᠷᠠᠭ ᠤ᠋ᠨ ᠣᠢᠷ᠎ᠠ ᠣᠷᠴᠢᠮ ᠢ᠋ᠶ᠋ᠠᠷ ᠣᠯᠠᠨ ᠬᠥᠮᠦᠨ ᠴᠤᠭᠯᠠᠵᠤ᠂ ᠶᠡᠬᠡ ᠴᠡᠷᠢᠭ ᠪᠠᠢᠷᠢ ᠪᠠᠨ ᠡᠵᠡᠯᠡᠵᠡᠢ᠃ ᠡᠩᠨᠡᠨ ᠵᠣᠭᠰᠣᠬᠤ ᠴᠡᠷᠢᠭ ᠦ᠋ᠳ ᠦ᠋ᠨ ᠲᠡᠭᠦᠰᠬᠡᠯ ᠬᠠᠷᠠᠭᠳᠠᠬᠤ ᠦᠭᠡᠢ᠃ ᠲᠡᠷᠭᠡ ᠲᠡᠷᠭᠡ ᠪᠡᠷ ᠠᠴᠢᠶ᠎ᠠ ᠪᠠᠷᠠᠭ᠎ᠠ ᠴᠢᠬᠢᠭᠰᠡᠨ᠂ ᠲᠡᠮᠡᠭᠡᠨ ᠵᠢᠩ ᠦ᠋ᠨ ᠤᠷᠲᠤ ᠴᠤᠪᠤᠭ᠎ᠠ ᠵᠠᠬ᠎ᠠ ᠨᠢ ᠬᠠᠷᠠᠭᠳᠠᠬᠤ ᠦᠭᠡᠢ ᠦᠷᠭᠦᠯᠵᠢᠯᠡᠨ᠎ᠡ᠃ ᠤᠳᠠᠯ ᠦᠭᠡᠢ ᠶᠡᠬᠡ ᠴᠡᠷᠢᠭ ᠬᠥᠳᠡᠯᠦᠯ᠎ᠡ᠃ ᠠᠯᠭᠤᠷ ᠢ᠋ᠶ᠋ᠠᠷ ᠠᠯᠤᠰᠯᠠᠬᠤ ᠡᠨᠡ ᠶᠡᠬᠡ ᠨᠡᠭᠦᠳᠡᠯ ᠢ᠋ ᠬᠣᠯᠠ ᠠ᠋ᠴᠠ ᠬᠠᠷᠠᠬᠤ ᠳ᠋ᠤ᠌ ᠨᠢᠭᠡᠨ ᠶᠡᠬᠡ ᠬᠣᠲᠠ᠂ ᠨᠢᠭᠡᠨ ᠶᠡᠬᠡ ᠭᠠᠵᠠᠷ ᠲᠠᠰᠤᠷᠠᠨ ᠶᠠᠪᠤᠵᠤ ᠪᠠᠢᠭ᠎ᠠ ᠮᠡᠲᠦ᠃ ᠲᠠᠯ᠎ᠠ ᠶ᠋ᠢᠨ ᠡᠯᠢᠭᠡᠨ ᠳᠡᠭᠡᠷ᠎ᠡ ᠡᠴᠡ ᠲᠠᠰᠤᠷᠠᠨ ᠶᠠᠪᠤᠵᠤ ᠪᠠᠢᠭ᠎ᠠ ᠡᠨᠡ ᠶᠡᠬᠡ ᠨᠡᠭᠦᠳᠡᠯ ᠡᠯᠢᠭᠡ ᠨᠢᠭᠡᠲᠡᠨ ᠦ᠌ ᠬᠠᠭᠠᠴᠠᠯ ᠮᠡᠲᠦ ᠡᠮᠲᠡᠷᠡᠨ ᠠᠯᠤᠰᠯᠠᠵᠤ ᠪᠠᠢᠯ᠎ᠠ᠃ ᠬᠠᠢᠷᠠᠲᠠᠢ ᠬᠥᠮᠦᠰ ᠲᠡᠢ ᠪᠡᠨ ᠬᠡᠳᠦᠨ ᠵᠢᠯ ᠢ᠋ᠶ᠋ᠡᠷ ᠠᠭᠤᠯᠵᠠᠬᠤ ᠦᠭᠡᠢ ᠶᠠᠪᠤᠬᠤ ᠡᠨᠡ ᠰᠠᠯᠤᠯᠲᠠ ᠭᠤᠨᠢᠭ ᠲᠠᠢ ᠠᠪᠠᠴᠤ᠂ ᠡᠵᠡᠨᠲᠦ ᠤᠯᠤᠰ ᠤ᠋ᠨ ᠣᠷᠣᠰᠢᠨ ᠲᠣᠭᠲᠠᠨᠢᠬᠤ ᠦᠨᠳᠦᠰᠦ ᠥᠨᠥᠬᠡᠨ ᠳ᠋ᠡᠭᠡᠨ ᠡᠭᠦᠨ ᠡᠴᠡ ᠥᠭᠡᠷ᠎ᠡ ᠦᠭᠡᠢ᠃ ᠥᠷᠢᠰᠴᠦ ᠳᠠᠢᠳᠤᠬᠤ ᠦᠭᠡᠢ ᠯᠡ ᠪᠣᠯ ᠬᠡᠵᠢᠶ᠎ᠡ ᠨᠢᠭᠡᠨ ᠴᠠᠭ ᠲᠤ᠌ ᠪᠤᠰᠤᠳ ᠲᠤ᠌ ᠡᠵᠡᠯᠡᠭᠳᠡᠬᠦ ᠭᠤᠨᠢᠭᠲᠤ ᠲᠠᠪᠢᠯᠠᠩ ᠬᠦᠯᠢᠶᠡᠵᠦ ᠪᠠᠢᠳᠠᠭ ᠡᠨᠡ ᠴᠠᠭ ᠲᠤ᠌ ᠲᠡᠳᠡ ᠡᠬᠡ ᠨᠤᠲᠤᠭ᠂ ᠡᠵᠢ ᠠᠪᠤ᠂ ᠠᠮᠠᠷᠠᠭ ᠬᠠᠨᠢ᠂ ᠠᠯᠠᠭ ᠦᠷ᠎ᠡ ᠪᠡᠨ ᠣᠷᠬᠢᠬᠤ ᠦᠭᠡᠢ ᠭᠡᠳ ᠶᠠᠭᠠᠬᠢᠬᠤ ᠪᠢᠯᠡ᠃ ᠬᠡᠳᠦᠨ ᠵᠢᠯ ᠦ᠋ᠨ ᠠᠮᠤᠷ ᠠᠮᠤᠭᠤᠯᠠᠩ᠂ ᠳᠠᠬᠢᠨ ᠬᠡᠳᠦᠨ ᠵᠢᠯ ᠦ᠋ᠨ ᠬᠦᠯᠢᠶᠡᠯᠲᠡ ᠪᠡᠷ ᠰᠣᠯᠢᠭᠳᠠᠯ᠎ᠠ᠃ ᠲᠡᠳᠡᠨ ᠦ᠌ ᠢᠩᠭᠢᠵᠦ ᠶᠠᠪᠤᠬᠤ ᠨᠢ ᠥᠪᠡᠷᠰᠡᠳ ᠡᠴᠡ ᠨᠢ ᠰᠢᠯᠲᠠᠭᠠᠯᠠᠭᠰᠠᠨ ᠬᠡᠷᠡᠭ ᠪᠤᠰᠤ᠃ ᠴᠢᠩᠭᠢᠰ ᠬᠠᠭᠠᠨ ᠤ᠋ ᠡᠯᠴᠢ ᠪᠣᠯᠬᠤ ᠳᠥᠷᠪᠡᠨ ᠵᠠᠭᠤᠨ ᠲᠠᠪᠢᠨ ᠬᠥᠮᠦᠨ᠂ ᠲᠠᠪᠤᠨ ᠵᠠᠭᠤᠨ ᠲᠡᠮᠡᠭᠡ ᠠᠴᠢᠶ᠎ᠠ ᠶ᠋ᠢ ᠬᠣᠷᠧᠽᠮ ᠦ᠋ᠨ ᠸᠠᠩᠲᠤ ᠤᠯᠤᠰ ᠤ᠋ᠨ ᠬᠢᠯᠢ ᠶ᠋ᠢᠨ ᠨᠤᠲᠤᠭ ᠣᠲ᠋ᠷᠠᠷ ᠬᠣᠲᠠ ᠳ᠋ᠤ᠌ ᠣᠷᠣᠵᠤ ᠢᠷᠡᠬᠦ ᠳ᠋ᠦ᠍ᠨᠢ ᠲᠣᠰᠣᠨ ᠠᠯᠠᠵᠤ᠂ ᠠᠴᠢᠶ᠎ᠠ ᠪᠠᠷᠠᠭ᠎ᠠ ᠶ᠋ᠢ ᠨᠢ ᠳᠡᠭᠡᠷᠡᠮᠳᠡᠨ ᠪᠤᠯᠢᠶᠠᠵᠤ᠂ ᠳᠣᠷᠣᠮᠵᠢᠯᠠᠭᠰᠠᠨ ᠡᠮᠭᠡᠨᠢᠯᠲᠦ ᠬᠡᠷᠡᠭ ᠭᠠᠷᠤᠭᠰᠠᠨ ᠪᠠᠢᠯ᠎ᠠ᠃ ᠡᠨᠡ ᠠᠶᠤᠮᠰᠢᠭᠲᠤ ᠬᠡᠷᠡᠭ ᠶᠠᠪᠤᠳᠠᠯ ᠢ᠋ ᠺᠠᠢᠷ ᠬᠠᠨ ᠪᠤᠶᠤ ᠢᠨᠡᠯᠴᠦᠺ ᠦ᠋ᠨ ᠭᠦᠢᠴᠡᠳᠬᠡᠭᠰᠡᠨ ᠪᠣᠯᠬᠤ ᠶ᠋ᠢ ᠮᠡᠳᠡᠭᠰᠡᠨ ᠴᠢᠩᠭᠢᠰ ᠬᠠᠭᠠᠨ ᠢᠲᠡᠭᠡᠯ ᠡᠪᠳᠡᠭᠰᠡᠨ ᠡᠨᠡ ᠤᠯᠤᠰ ᠲᠤ᠌ ᠲᠡᠢᠨ ᠵᠠᠷᠯᠠᠬᠤ ᠰᠢᠯᠲᠠᠭᠠᠨ ᠡᠨᠳᠡ ᠡᠴᠡ ᠲᠠᠯᠪᠢᠭᠳᠠᠭᠰᠠᠨ ᠪᠠᠢᠯ᠎ᠠ᠃
ᠰᠡᠳᠬᠢᠯ ᠳ᠋ᠦ᠍ ᠪᠠᠶᠠᠷ ᠭᠡᠢᠭᠰᠡᠨ ᠡᠳᠦᠷ ᠦ᠋ᠳ ᠬᠥᠮᠦᠨ ᠦ᠌ ᠠᠮᠢᠳᠤᠷᠠᠯ ᠳ᠋ᠤ᠌ ᠲᠡᠢᠮᠦ ᠴᠦ᠍ ᠣᠯᠠᠨ ᠲᠣᠬᠢᠶᠠᠯᠳᠤᠳᠠᠭ ᠦᠭᠡᠢ ᠪᠢᠯᠡ᠃
ᠬᠠᠷᠢᠨ ᠲᠡᠷᠡ ᠴᠠᠭ ᠬᠤᠭᠤᠴᠠᠭ᠎ᠠ ᠯᠠ ᠥᠪᠡᠷ ᠦ᠋ᠨ ᠠᠮᠢᠳᠤᠷᠠᠯ ᠳ᠋ᠤ᠌ ᠲᠣᠬᠢᠶᠠᠬᠤ ᠪᠦᠷᠢ ᠳ᠋ᠦ᠍ ᠬᠠᠢᠷᠠᠯᠠᠨ ᠥᠩᠭᠡᠷᠡᠭᠦᠯᠬᠦ ᠤᠴᠢᠷᠲᠠᠢ ᠪᠣᠯᠪᠠ ᠤᠤ᠃ ᠨᠢᠭᠡᠨᠲᠡ ᠡᠴᠢᠭᠡ ᠡᠬᠡ ᠨᠢ ᠥᠭᠡᠳᠡ ᠪᠣᠯᠤᠨ ᠥᠨᠥᠴᠢᠷᠡᠯ ᠦ᠋ᠨ ᠵᠣᠪᠠᠯᠠᠩ ᠭᠠᠲᠤᠯᠵᠤ ᠶᠠᠪᠤᠭᠰᠠᠨ ᠰᠣᠷᠬᠠᠭᠳᠡᠨᠢ ᠣᠳᠣ ᠡᠭᠡᠴᠢ ᠲᠡᠢ ᠪᠡᠨ ᠣᠢᠷ᠎ᠠ ᠠᠮᠢᠳᠤᠷᠠᠬᠤ ᠪᠣᠯᠤᠯ᠎ᠠ᠃
ᠬᠡᠳᠦᠢᠪᠡᠷ ᠠᠩᠬ᠎ᠠ ᠠᠭᠤᠯᠵᠠᠬᠤ ᠳ᠋ᠠᠭᠠᠨ ᠬᠠᠲᠠᠭᠤ ᠦᠭᠡ ᠬᠡᠯᠡᠨ᠂ ᠡᠯᠢᠭᠡ ᠶ᠋ᠢ ᠨᠢ ᠡᠮᠲᠡᠯᠦᠭᠰᠡᠨ ᠴᠤ᠌ ᠡᠨᠡ ᠨᠢ ᠲᠡᠭᠦᠨ ᠡᠴᠡ ᠠᠰᠠᠭᠤᠬᠤ ᠶᠣᠰᠣᠲᠠᠢ ᠦᠭᠡ ᠪᠠᠢᠭᠰᠠᠨ ᠭᠡᠵᠦ ᠲᠡᠷᠡ ᠪᠣᠳᠣᠨ᠎ᠠ᠃ ᠬᠠᠷᠢᠨ ᠢᠪᠠᠭ᠎ᠠ ᠡᠭᠡᠴᠢ ᠨᠢ ᠬᠥᠮᠦᠨ ᠦ᠌ ᠶᠣᠰᠣ ᠪᠠᠷ ᠣᠷᠳᠣᠨ ᠤ᠋ ᠲᠣᠭᠣᠭᠠᠴᠢ ᠰᠢᠪᠡᠭᠴᠢᠳ ᠦ᠋ᠨ ᠭᠠᠷ ᠢ᠋ ᠴᠤ᠌ ᠬᠦᠷᠭᠡᠯ ᠦᠭᠡᠢ ᠨᠢᠯᠬ᠎ᠠ ᠪᠡᠶ᠎ᠡ ᠲᠡᠢ ᠳᠡᠭᠦᠦ ᠳ᠋ᠡᠭᠡᠨ ᠬᠣᠭᠣᠯᠠ ᠤᠮᠳᠠ ᠪᠡᠯᠡᠳᠬᠡᠨ ᠥᠭᠭᠦᠨ᠎ᠡ᠃
ᠢᠪᠠᠭ᠎ᠠ ᠶ᠋ᠢᠨ ᠰᠡᠳᠬᠢᠯ ᠳ᠋ᠦ᠍ ᠳᠡᠭᠦᠦ ᠶ᠋ᠢᠨ ᠬᠢᠨᠢ ᠬᠡᠯᠡᠭᠰᠡᠨ ᠦᠭᠡ ᠬᠡᠴᠡᠭᠦᠬᠡᠨ ᠰᠣᠨᠣᠰᠤᠭᠳᠠᠭᠰᠠᠨ ᠴᠤ᠌ ᠡᠳᠦᠷ ᠬᠣᠨᠣᠭ ᠨᠢᠭᠡ ᠨᠢᠭᠡ ᠪᠡᠷ ᠥᠩᠭᠡᠷᠡᠨ ᠪᠠᠢᠬᠤᠢ ᠳ᠋ᠤ᠌ ᠲᠡᠷᠡ ᠬᠠᠲᠠᠭᠤ ᠦᠭᠡ ᠰᠡᠳᠬᠢᠯ ᠳᠣᠲᠣᠷ᠎ᠠ ᠨᠢ ᠤᠬᠢᠶᠠᠭᠳᠠᠭᠰᠠᠭᠠᠷ ᠪᠠᠢᠯ᠎ᠠ᠃ ᠢᠪᠠᠭ᠎ᠠ ᠨᠠᠭᠠᠰᠢ ᠨᠡᠭᠦᠨ ᠶᠠᠪᠤᠬᠤ ᠳ᠋ᠠᠭᠠᠨ ᠤᠳᠠᠭᠠᠨ ᠠᠭᠤᠯᠵᠠᠭ᠎ᠠ ᠦᠭᠡᠢ ᠳᠡᠭᠦᠦ ᠲᠡᠢ ᠪᠡᠨ ᠠᠭᠤᠯᠵᠠᠬᠤ ᠪᠠᠷ ᠶᠠᠭᠠᠷᠠᠨ ᠳᠣᠭᠳᠣᠯᠵᠤ᠂ ᠪᠠᠰᠠ ᠨᠥᠭᠥᠭᠡᠲᠡᠭᠡᠭᠦᠷ ᠰᠡᠳᠬᠢᠯ ᠳ᠋ᠦ᠍ᠨᠢ ᠦᠯᠡᠳᠡᠭᠰᠡᠨ ᠲᠡᠷᠡ ᠨᠢᠭᠡᠨ ᠦᠢᠯᠡ ᠶᠠᠪᠤᠳᠠᠯ ᠴᠡᠭᠡᠵᠢᠨ ᠳᠣᠲᠣᠷᠠᠬᠢ ᠬᠥᠨᠳᠡᠭᠦᠷ ᠢ᠋ ᠨᠢ ᠰᠡᠷᠡᠭᠡᠵᠦ ᠰᠡᠮᠡᠯᠬᠦ ᠳ᠋ᠦ᠍ ᠭᠠᠵᠠᠷ ᠳᠡᠭᠡᠷᠡᠬᠢ ᠭᠠᠭᠴᠠ ᠳᠡᠭᠦᠦ ᠲᠡᠢ ᠪᠡᠨ ᠠᠭᠤᠯᠵᠠᠬᠤ ᠦᠭᠡᠢ ᠬᠠᠮᠢᠭ᠎ᠠ ᠣᠴᠢᠬᠤ ᠬᠡ ᠪᠣᠢ ᠭᠡᠮᠡᠨ ᠥᠪᠡᠷ ᠢ᠋ ᠪᠡᠨ ᠬᠠᠲᠠᠮᠵᠢᠯᠠᠨ ᠪᠠᠢᠭᠰᠠᠨ ᠪᠢᠯᠡ᠃
ᠵᠤᠯᠠᠢ ᠵᠤᠯᠠᠢ ᠪᠠᠨ ᠭᠢᠰᠬᠢᠨ ᠲᠥᠷᠥᠭᠰᠡᠨ ᠳᠡᠭᠦᠦ ᠲᠡᠢ ᠨᠢ ᠬᠠᠮᠲᠤ ᠥᠩᠭᠡᠷᠡᠵᠦ ᠣᠳᠤᠭᠰᠠᠨ ᠠᠮᠢᠳᠤᠷᠠᠯ᠂ ᠬᠠᠮᠲᠤ ᠠᠮᠢᠳᠤᠷᠠᠵᠤ ᠪᠠᠢᠭᠰᠠᠨ ᠡᠷ᠎ᠡ ᠨᠥᠬᠥᠷ ᠨᠢ ᠪᠣᠯᠬᠤ ᠶᠡᠬᠡ ᠬᠠᠭᠠᠨ᠂ ᠲᠡᠭᠦᠨ ᠦ᠌ ᠬᠠᠲᠤᠳ᠂ ᠬᠥᠪᠡᠭᠦᠳ᠂ ᠨᠠᠰᠤ ᠥᠨᠳᠥᠷ ᠪᠣᠯᠤᠭᠰᠠᠨ ᠥᠭᠡᠯᠦᠨ ᠡᠬᠡ ᠭᠡᠳ ᠣᠯᠠᠨ ᠬᠥᠮᠦᠨ ᠲᠡᠢ ᠬᠡᠷᠬᠢᠨ ᠶᠠᠭᠤ ᠶ᠋ᠢ ᠬᠡᠯᠡᠵᠦ ᠠᠭᠤᠯᠵᠠᠬᠤ ᠪᠢᠯᠡ ᠭᠡᠰᠡᠨ ᠰᠠᠨᠠᠭ᠎ᠠ ᠵᠣᠪᠠᠭᠠᠭᠰᠠᠨ ᠠᠰᠠᠭᠤᠯᠲᠠ ᠨᠤᠭᠤᠳ ᠰᠡᠳᠬᠢᠯ ᠵᠢᠷᠦᠬᠡ ᠶ᠋ᠢ ᠨᠢ ᠬᠡᠮᠡᠯᠢᠨ᠂ ᠥᠩᠭᠡᠷᠡᠵᠦ ᠣᠳᠤᠭᠰᠠᠨ ᠡᠳᠦᠷ ᠦ᠋ᠳ ᠦ᠋ᠨ ᠮᠠᠨᠠᠨ ᠪᠤᠳᠠᠩ ᠤᠷᠤᠭᠤ ᠵᠤᠯᠭᠠᠭᠠᠨ ᠪᠠᠢᠭᠰᠠᠨ ᠰᠠᠨ᠃
ᠲᠡᠷᠡ ᠵᠣᠪᠠᠨᠢᠯ ᠤ᠋ᠨ ᠪᠡᠶᠡᠯᠡᠯ ᠢ᠋ ᠳᠡᠭᠦᠦ ᠲᠡᠢ ᠪᠡᠨ ᠠᠭᠤᠯᠵᠠᠭᠰᠠᠨ ᠲᠡᠷᠡ ᠡᠳᠦᠷ ᠳᠠᠬᠢᠨ ᠮᠡᠳᠡᠷᠡᠭᠰᠡᠨ ᠪᠢᠯᠡ᠃ ᠬᠠᠷᠢᠨ ᠪᠤᠰᠤᠳ ᠬᠥᠮᠦᠰ ᠦ᠋ᠨ ᠬᠤᠪᠢ ᠳᠤ ᠰᠤᠷᠬᠠᠭᠲᠠᠨᠢ ᠰᠢᠭ᠋ ᠡᠴᠢᠭᠡ ᠡᠬᠡ ᠪᠡᠨ ᠠᠯᠳᠠᠭᠰᠠᠨ ᠶᠡᠬᠡ ᠭᠤᠨᠢᠭ ᠢ᠋ ᠲᠡᠭᠡᠭᠡᠵᠦ ᠶᠠᠪᠤᠭ᠎ᠠ ᠦᠭᠡᠢ ᠪᠣᠯᠬᠣᠷ ᠴᠠᠭ ᠬᠤᠭᠤᠴᠠᠭ᠎ᠠ ᠭᠡᠳᠡᠭ ᠤᠰᠤᠨ ᠤ᠋ ᠤᠷᠤᠰᠬᠠᠯ ᠰᠢᠭ᠋ ᠪᠦᠭᠦᠳᠡ ᠶ᠋ᠢᠨ ᠰᠡᠳᠬᠢᠯ ᠢ᠋ ᠤᠬᠢᠶᠠᠳᠠᠭ ᠵᠢᠮ᠎ᠡ ᠪᠡᠷ ᠢᠪᠠᠭ᠎ᠠ ᠶ᠋ᠢ ᠡᠷᠲᠡᠨ ᠦ᠌ ᠠᠬᠠᠨ ᠳᠡᠭᠦᠦ ᠲᠡᠢ ᠪᠡᠨ ᠠᠭᠤᠯᠵᠠᠵᠤ ᠪᠣᠢ ᠮᠡᠲᠦ ᠪᠡᠷ ᠳᠣᠲᠣᠨᠣ ᠬᠦᠯᠢᠶᠡᠨ ᠠᠪᠤᠭᠰᠠᠨ ᠶᠤᠮ᠃ ᠶᠡᠬᠡ ᠬᠠᠭᠠᠨ ᠲᠠᠢ ᠯᠠ ᠬᠠᠷᠢᠨ ᠲᠡᠷᠡ ᠠᠭᠤᠯᠵᠠᠭᠰᠠᠨ ᠦᠭᠡᠢ᠂ ᠬᠠᠭᠠᠨ ᠤ᠋ ᠬᠠᠲᠤᠨ ᠪᠣᠯᠤᠨ ᠠᠮᠢᠳᠤᠷᠠᠵᠤ᠂ ᠢᠳᠡᠭᠡᠨ ᠦ᠌ ᠳᠡᠭᠡᠳᠦ ᠶ᠋ᠢ ᠢᠳᠡᠵᠦ᠂ ᠲᠣᠷᠭᠠᠨ ᠤ᠋ ᠰᠠᠢᠬᠠᠨ ᠢ᠋ ᠡᠮᠦᠰᠬᠦ ᠬᠤᠪᠢ ᠳᠤᠲᠠᠭᠰᠠᠨ ᠴᠤ᠌ ᠳᠡᠷᠭᠡᠳᠡ ᠨᠢ ᠦᠷᠭᠦᠯᠵᠢ ᠥᠷᠢ ᠲᠥᠯᠥᠭᠡᠰᠦ ᠲᠥᠯᠥᠵᠦ ᠪᠣᠢ ᠮᠡᠲᠦ ᠬᠠᠮᠲᠤ ᠪᠠᠢᠵᠤ᠂ ᠬᠠᠵᠠᠢᠬᠤ ᠳ᠋ᠤᠨᠢ ᠲᠦᠰᠢᠭ ᠪᠣᠯᠵᠤ᠂ ᠬᠠᠯᠲᠤᠷᠢᠬᠤ ᠳ᠋ᠤᠨᠢ ᠥᠮᠥᠭ ᠪᠣᠯᠤᠭᠰᠠᠨ ᠡᠷ᠎ᠡ ᠨᠥᠬᠥᠷ ᠨᠢ ᠪᠠᠢᠨ᠎ᠠ᠃ ᠥᠪᠡᠷ ᠦ᠋ᠨ ᠭᠡᠷ ᠲᠦ᠍ ᠥᠩᠭᠡᠷᠡᠭᠦᠯᠦᠭᠰᠡᠨ ᠪᠠᠭ᠎ᠠ ᠨᠠᠰᠤᠨ ᠤ᠋ ᠬᠢᠨᠢ ᠳᠣᠲᠣᠨᠣ ᠡᠳᠦᠷ ᠦ᠋ᠳ ᠢ᠋ ᠰᠠᠨᠠᠭᠤᠯᠳᠠᠭ ᠬᠠᠢᠷᠠᠲᠠᠢ ᠬᠣᠶᠠᠷ ᠥᠬᠢᠨ ᠨᠢ ᠪᠠᠢᠨ᠎ᠠ᠃ ᠡᠴᠢᠭᠡ ᠡᠬᠡ ᠶ᠋ᠢᠨ ᠪᠤᠶᠠᠨ ᠳ᠋ᠤ᠌ ᠢᠷᠡᠭᠰᠡᠨ ᠢᠨᠵᠢ᠂ ᠬᠥᠮᠦᠰ᠂ ᠡᠷ᠎ᠡ ᠨᠥᠬᠥᠷ ᠦ᠋ᠨ ᠣᠷᠤᠭᠤᠳ ᠠᠢᠮᠠᠭ ᠪᠠᠢᠨ᠎ᠠ᠃ ᠲᠡᠷᠡ ᠶᠠᠭᠤ ᠪᠠᠷ ᠳᠤᠲᠠᠬᠤ ᠪᠢᠯᠡ᠃ ᠲᠥᠷᠥᠭᠰᠡᠨ ᠳᠡᠭᠦᠦ ᠲᠡᠢ ᠪᠡᠨ ᠲᠠᠩᠳᠠ ᠬᠠᠮᠲᠤ ᠪᠠᠢᠵᠤ ᠴᠢᠳᠠᠬᠤ ᠦᠭᠡᠢ᠂ ᠡᠷ᠎ᠡ ᠨᠥᠬᠥᠷ ᠦ᠋ᠨ ᠵᠠᠮ ᠢ᠋ ᠳᠠᠭᠠᠨ ᠠᠮᠢᠳᠤᠷᠠᠬᠤ ᠪᠦᠰᠡᠭᠦᠢ ᠬᠥᠮᠦᠨ ᠡᠨᠡ ᠪᠠᠭᠠᠬᠠᠨ ᠴᠤ᠌ ᠭᠡᠰᠡᠨ ᠵᠢᠷᠭᠠᠯ ᠲᠠᠢ ᠴᠠᠭ ᠬᠤᠭᠤᠴᠠᠭ᠎ᠠ ᠶ᠋ᠢ ᠥᠪᠡᠷ ᠦ᠋ᠨ ᠬᠦᠰᠡᠭᠰᠡᠨ ᠢ᠋ᠶ᠋ᠡᠷ ᠡᠳ᠋ᠯᠡᠬᠦ ᠭᠡᠰᠡᠨ ᠢ᠋ᠶ᠋ᠡᠨ ᠳᠡᠭᠦᠦ ᠪᠡᠨ ᠡᠢᠨ ᠠᠰᠠᠷᠠᠵᠤ᠂ ᠬᠠᠢᠷᠠᠯᠠᠨ ᠪᠠᠢᠯ᠎ᠠ᠃ ᠰᠤᠷᠬᠠᠭᠲᠠᠨᠢ ᠶ᠋ᠢᠨ ᠬᠤᠪᠢ ᠳ᠋ᠤ᠌ ᠴᠤ᠌ ᠲᠠᠯ᠎ᠠ ᠶ᠋ᠢᠨ ᠡᠯᠢᠭᠡᠨ ᠳᠡᠭᠡᠷ᠎ᠡ ᠥᠨᠥᠴᠢᠷᠡᠨ ᠦᠯᠡᠳᠡᠭᠰᠡᠨ ᠮᠡᠲᠦ ᠰᠠᠨᠠᠭᠳᠠᠵᠤ ᠪᠠᠢᠭᠰᠠᠨ ᠲᠡᠷᠡ ᠨᠢᠭᠡᠨ ᠡᠳᠦᠷ ᠦ᠋ᠨ ᠭᠤᠨᠢᠭᠲᠤ ᠦᠢᠯᠡ ᠵᠠᠮᠬᠠᠷᠠᠨ ᠣᠳᠴᠤ᠂ ᠰᠡᠳᠬᠢᠯ ᠵᠢᠷᠦᠬᠡᠨ ᠳ᠋ᠦ᠍ᠨᠢ ᠶᠠᠮᠠᠷᠬᠠᠨ ᠨᠢᠭᠡᠨ ᠬᠥᠭᠵᠢᠮ ᠥᠪᠡᠷ ᠦ᠋ᠨ ᠤᠲᠠᠰᠤ ᠪᠠᠨ ᠲᠡᠳᠡᠨ᠂ ᠪᠠᠶᠠᠰᠬᠠᠨ ᠪᠠᠢᠬᠤ ᠰᠢᠭ᠋ ᠯᠡ ᠵᠢᠷᠭᠠᠯ ᠲᠠᠢ ᠪᠠᠢᠯ᠎ᠠ᠃
ᠠᠯᠤᠰ ᠠ᠋ᠴᠠ ᠬᠡᠳᠦᠨ ᠭᠡᠷ ᠬᠠᠷᠠᠭᠳᠠᠨ᠎ᠠ᠃ ᠬᠦᠷᠢᠶ᠎ᠡ ᠡᠭᠦᠰᠬᠡᠨ ᠪᠠᠭᠤᠭᠰᠠᠨ ᠭᠡᠷ ᠦ᠋ᠳ ᠦ᠋ᠨ ᠳᠤᠮᠳᠠ ᠨᠢᠭᠡ ᠴᠠᠭᠠᠨ ᠢᠰᠡᠭᠡᠢ ᠭᠡᠷ᠂ ᠬᠠᠷᠢᠨ ᠲᠡᠭᠦᠨ ᠢ᠋ ᠲᠣᠭᠣᠷᠢᠨ ᠬᠡᠳᠦᠨ ᠪᠣᠷᠣ ᠭᠡᠷ ᠪᠠᠭᠤᠵᠠᠢ᠃ ᠭᠡᠷ ᠳᠡᠭᠡᠷ᠎ᠡ ᠬᠠᠲᠠᠭᠠᠬᠤ ᠪᠠᠷ ᠵᠦᠰᠦᠵᠦ ᠲᠠᠯᠪᠢᠭᠰᠠᠨ ᠠᠭᠠᠷᠤᠤᠯ ᠬᠤᠷᠤᠳ ᠬᠠᠷᠠᠭᠳᠠᠨ᠎ᠠ᠃ ᠬᠣᠯᠠ ᠦᠭᠡᠢᠬᠡᠨ ᠵᠠᠯᠠᠨ ᠳᠡᠭᠡᠷ᠎ᠡ ᠡᠴᠡ ᠭᠡᠭᠦᠦ ᠰᠠᠭᠠᠵᠤ ᠪᠠᠢᠭ᠎ᠠ ᠪᠣᠯᠤᠯᠲᠠᠢ ᠬᠥᠮᠦᠰ ᠦ᠋ᠨ ᠶᠠᠷᠢᠯᠴᠠᠬᠤ ᠨᠢ ᠰᠣᠨᠣᠰᠳᠠᠨ᠎ᠠ᠃ ᠭᠡᠷ ᠦ᠋ᠳ ᠦ᠋ᠨ ᠵᠠᠬ᠎ᠠ ᠳ᠋ᠤ᠌ ᠪᠠᠢᠬᠤ ᠵᠢᠵᠢᠭ ᠪᠣᠷᠣ ᠭᠡᠷ ᠢ᠋ ᠲᠣᠭᠣᠷᠢᠨ ᠬᠡᠪᠲᠡᠭᠦᠯ ᠦ᠋ᠳ ᠪᠠᠢᠷᠢ ᠪᠠᠨ ᠡᠵᠡᠯᠡᠨ ᠵᠣᠭᠰᠣᠵᠠᠢ᠃ ᠡᠨᠡ ᠪᠣᠯ ᠥᠭᠡᠯᠦᠨ ᠡᠬᠡ ᠶ᠋ᠢᠨ ᠭᠡᠷ ᠪᠠᠢᠯ᠎ᠠ᠃ ᠥᠭᠡᠯᠦᠨ ᠡᠬᠡ ᠲᠠᠯ᠎ᠠ ᠨᠤᠲᠤᠭ ᠤ᠋ᠨ ᠡᠵᠡᠨ ᠬᠠᠭᠠᠨ ᠤ᠋ ᠡᠬᠡ ᠬᠡᠳᠦᠢ ᠴᠦ᠍ ᠢᠳᠡᠭᠡᠰᠢᠵᠦ ᠳᠠᠰᠤᠭᠰᠠᠨ ᠡᠭᠡᠯ ᠪᠣᠷᠭᠢᠯ ᠠᠮᠢᠳᠤᠷᠠᠯ ᠢ᠋ᠶ᠋ᠠᠨ ᠢᠯᠡᠭᠦᠦ ᠳ᠋ᠦ᠍ ᠦᠵᠡᠳᠡᠭ ᠨᠢ ᠢᠯᠡᠳᠲᠡ ᠬᠠᠷᠠᠭᠳᠠᠨ᠎ᠠ᠃ ᠲᠡᠳᠡᠭᠡᠷ ᠭᠡᠷ ᠦ᠋ᠳ ᠦ᠋ᠨ ᠳᠤᠮᠳᠠ ᠴᠠᠭᠠᠨ ᠢᠰᠡᠭᠡᠢ ᠪᠡᠷ ᠪᠦᠷᠢᠭᠰᠡᠨ ᠨᠢᠭᠡᠨ ᠶᠡᠬᠡ ᠭᠡᠷ ᠪᠠᠢᠬᠤ ᠨᠢ ᠥᠭᠡᠯᠦᠨ ᠡᠬᠡ ᠶ᠋ᠢᠨ ᠬᠦᠦ᠂ ᠴᠢᠩᠭᠢᠰ ᠬᠠᠭᠠᠨ ᠤ᠋ ᠳᠡᠭᠦᠦ ᠬᠠᠰᠠᠷ ᠤ᠋ᠨ ᠥᠷᠭᠥᠭᠡ ᠪᠠᠢᠪᠠ᠃ ᠨᠢᠭᠡᠨ ᠴᠠᠭ ᠲᠤ᠌ ᠳᠠᠪ ᠲᠩᠷᠢ ᠪᠥᠬᠡ᠂ ᠴᠢᠩᠭᠢᠰ ᠬᠠᠭᠠᠨ ᠢ᠋ ᠳᠡᠭᠦᠦ ᠬᠠᠰᠠᠷ ᠲᠠᠢ ᠨᠢ ᠡᠪᠳᠡᠷᠡᠯᠴᠡᠬᠦᠯᠵᠦ᠂ ᠠᠬ᠎ᠠ ᠳᠡᠭᠦᠦ ᠬᠣᠶᠠᠷ ᠤ᠋ᠨ ᠳᠤᠮᠳᠠ ᠶᠠᠰᠤ ᠬᠠᠶᠠᠭᠰᠠᠨ ᠠ᠋ᠴᠠ ᠬᠣᠢᠰᠢ ᠥᠭᠡᠯᠦᠨ ᠡᠬᠡ ᠬᠦᠦ ᠪᠡᠨ ᠠᠪᠤᠨ ᠡᠨᠳᠡ ᠨᠡᠭᠦᠨ ᠢᠷᠡᠵᠡᠢ᠃
— ᠠᠴᠢ ᠭᠤᠴᠢ ᠮᠢᠨᠢ ᠥᠰᠴᠦ ᠲᠣᠮᠣ ᠪᠣᠯᠵᠤ ᠪᠠᠢᠭ᠎ᠠ ᠶ᠋ᠢ ᠪᠠᠬᠠᠳᠤᠨ ᠬᠠᠷᠠᠵᠤ ᠪᠠᠢᠨ᠎ᠠ᠂ ᠨᠠᠰᠤ ᠥᠨᠳᠥᠷ ᠨᠠᠳᠠ ᠳ᠋ᠤ᠌ ᠡᠭᠦᠨ ᠡᠴᠡ ᠥᠭᠡᠷ᠎ᠡ ᠪᠠᠶᠠᠷ ᠶᠠᠭᠤ ᠪᠠᠢᠬᠤ ᠪᠢᠯᠡ ᠭᠡᠬᠦ ᠨᠠᠮᠤᠭᠤᠬᠠᠨ ᠶᠠᠷᠢᠶ᠎ᠠ ᠭᠡᠷ ᠳᠣᠲᠣᠷ᠎ᠠ ᠠ᠋ᠴᠠ ᠰᠣᠨᠣᠰᠤᠭᠳᠠᠨ᠎ᠠ᠃
ᠭᠡᠷ ᠲᠦ᠍ ᠰᠤᠷᠬᠠᠭᠲᠠᠨᠢ ᠬᠠᠲᠤᠨ᠂ ᠥᠭᠡᠯᠦᠨ ᠡᠬᠡ᠂ ᠮᠥᠩᠬᠡ ᠭᠤᠷᠪᠠ ᠪᠠᠢᠯ᠎ᠠ᠃ ᠥᠭᠡᠯᠦᠨ ᠡᠬᠡ ᠶ᠋ᠢᠨ ᠪᠡᠶ᠎ᠡ ᠲᠡᠩᠬᠡᠭᠡ ᠴᠢᠯᠡᠭᠡᠷᠬᠡᠦ᠂ ᠣᠷᠣᠨ ᠠ᠋ᠴᠠ ᠪᠠᠨ ᠠᠷᠠᠢ ᠶᠠᠳᠠᠨ ᠥᠨᠳᠡᠢᠭᠰᠡᠨ ᠪᠣᠯᠤᠯᠲᠠᠢ᠂ ᠲᠡᠷᠡ ᠪᠡᠷ ᠰᠤᠷᠬᠠᠭᠲᠠᠨᠢ ᠳ᠋ᠤ᠌ ᠬᠠᠨᠳᠤᠨ᠂
— ᠬᠠᠭᠠᠨ ᠡᠵᠡᠨ ᠡᠴᠡ ᠰᠤᠷᠠᠭ ᠠᠯᠠᠭ᠎ᠠ ᠤᠤ ᠭᠡᠵᠦ ᠭᠣᠷᠢᠳᠠᠯᠭ᠎ᠠ ᠲᠡᠭᠡᠭᠡᠭᠰᠡᠨ ᠨᠢᠳᠦ ᠪᠡᠷ ᠬᠠᠷᠠᠨ ᠠᠰᠠᠭᠤᠯ᠎ᠠ᠃ ᠰᠤᠷᠬᠠᠭᠲᠠᠨᠢ ᠬᠠᠭᠠᠨ ᠡᠵᠡᠨ ᠢ᠋ ᠠᠶᠠᠨ ᠲᠡᠢᠨ ᠳ᠋ᠦ᠍ ᠶᠠᠪᠤᠭᠰᠠᠨ ᠠ᠋ᠴᠠ ᠬᠣᠢᠰᠢ ᠲᠠᠯ᠎ᠠ ᠨᠤᠲᠤᠭ ᠲᠤ᠌ ᠬᠡᠭᠡᠷ᠎ᠡ ᠶ᠋ᠢᠨ ᠰᠠᠯᠬᠢ ᠲᠠᠢ ᠬᠠᠮᠲᠤ ᠢᠷᠡᠵᠦ ᠪᠤᠴᠠᠳᠠᠭ ᠦᠨᠡᠨ ᠬᠤᠳᠠᠯ ᠨᠢ ᠮᠡᠳᠡᠭᠳᠡᠬᠦ ᠦᠭᠡᠢ ᠡᠯᠳᠡᠪ ᠴᠤᠤ ᠶᠠᠷᠢᠶ᠎ᠠ ᠶ᠋ᠢ ᠣᠯᠠᠨᠲᠠ ᠰᠣᠨᠣᠰᠴᠤ ᠪᠠᠢᠭᠰᠠᠨ ᠴᠤ᠌ ᠡᠬᠡ ᠶ᠋ᠢᠨ ᠰᠡᠳᠬᠢᠯ ᠢ᠋ ᠦᠢᠮᠡᠭᠦᠯᠦᠭᠡᠳ ᠶᠠᠭᠤ ᠬᠢᠬᠦ ᠪᠢᠯᠡ ᠭᠡᠵᠦ ᠪᠤᠳᠤᠭᠳᠠᠨ᠂
— ᠬᠠᠭᠠᠨ ᠡᠵᠡᠨ ᠰᠠᠢᠨ ᠶᠠᠪᠤᠭ᠎ᠠ ᠭᠡᠰᠡᠨ᠂ ᠰᠠᠶᠢᠬᠠᠨ ᠡᠯᠴᠢ ᠢᠷᠡᠵᠦ ᠮᠡᠳᠡᠭᠡ ᠳᠣᠭᠣᠯᠭᠠᠭᠰᠠᠨ ᠭᠡᠪᠡ᠃
ᠥᠭᠡᠯᠦᠨ ᠡᠬᠡ ᠶ᠋ᠢᠨ ᠴᠢᠷᠠᠢ ᠳ᠋ᠤ᠌ ᠪᠠᠶᠠᠷ ᠲᠣᠳᠣᠷᠠᠭᠠᠳ ᠢᠷᠡᠯ᠎ᠡ᠃ ᠬᠦᠦ ᠨᠢ ᠨᠢᠭᠡᠨᠲᠡ ᠴᠠᠭ ᠢ᠋ ᠡᠵᠡᠯᠡᠭᠰᠡᠨ ᠶᠡᠬᠡ ᠬᠠᠭᠠᠨ ᠪᠣᠯᠵᠤ᠂ ᠠᠯᠳᠠᠷ ᠰᠤᠤ ᠪᠠᠨ ᠮᠠᠨᠳᠤᠭᠤᠯᠤᠨ ᠶᠠᠪᠤᠭ᠎ᠠ ᠬᠡᠳᠦᠢ ᠴᠦ᠍ ᠦᠷ᠎ᠡ ᠪᠡᠨ ᠬᠦᠯᠢᠶᠡᠭᠰᠡᠨ ᠡᠬᠡ ᠶ᠋ᠢᠨ ᠰᠡᠳᠬᠢᠯ ᠳ᠋ᠦ᠍ ᠬᠡᠦᠬᠡᠳ ᠨᠢ ᠬᠠᠭᠠᠨ ᠡᠵᠡᠨ᠂ ᠬᠠᠷᠠᠴᠤ ᠠᠷᠠᠳ ᠠᠯᠢ ᠨᠢ ᠪᠠᠢᠬᠤ ᠨᠢ ᠬᠠᠮᠢᠶ᠎ᠠ ᠦᠭᠡᠢ᠃ ᠡᠰᠡᠨ ᠮᠡᠨᠳᠦ ᠡᠷᠭᠢᠨ ᠠᠭᠤᠯᠵᠠᠬᠤ ᠨᠢ ᠯᠡ ᠴᠢᠬᠤᠯᠠ ᠪᠠᠢᠳᠠᠭ ᠬᠣᠢᠨ᠎ᠠ ᠳᠠ᠃ ᠨᠢᠭᠡ ᠬᠡᠰᠡᠭ ᠬᠦᠴᠦᠲᠡᠢ ᠬᠠᠨᠢᠶᠠᠯᠭᠠᠭᠠᠳ᠂ ᠠᠷᠠᠢ ᠭᠠᠢᠭᠤᠢ ᠪᠣᠯᠬᠤ ᠳ᠋ᠤ᠌ ᠥᠭᠡᠯᠦᠨ ᠡᠬᠡ ᠮᠥᠩᠬᠡ ᠬᠦᠦ ᠶ᠋ᠢ ᠭᠠᠷᠴᠤ ᠲᠣᠭᠯᠠ ᠭᠡᠵᠦ ᠶᠠᠪᠤᠭᠤᠯᠤᠩᠭᠠᠨ ᠴᠢᠷᠠᠢ ᠳ᠋ᠤ᠌ ᠲᠣᠳᠣᠷᠠᠭᠰᠠᠨ ᠪᠠᠶᠠᠷ ᠪᠠᠶᠠᠰᠤᠯ ᠠᠯᠭᠤᠷ ᠢ᠋ᠶ᠋ᠠᠷ ᠵᠠᠮᠬᠠᠷᠠᠵᠤ᠂
— ᠪᠢ ᠬᠦᠦ ᠲᠡᠢ ᠪᠡᠨ ᠮᠡᠨᠳᠦ ᠠᠭᠤᠯᠵᠠᠵᠤ ᠴᠢᠳᠠᠬᠤ ᠡᠰᠡᠬᠦ ᠳ᠋ᠡᠭᠡᠨ ᠡᠷᠡᠭᠡᠯᠵᠡᠬᠦ ᠪᠣᠯᠤᠯ᠎ᠠ ᠭᠡᠪᠡ᠃
ᠡᠨᠡ ᠦᠶ᠎ᠡ ᠳ᠋ᠦ᠍ ᠭᠠᠳᠠᠨ᠎ᠠ ᠠ᠋ᠴᠠ ᠬᠠᠲᠠᠭᠠᠨ ᠣᠷᠣᠵᠤ ᠢᠷᠡᠯ᠎ᠡ᠃ ᠬᠠᠭᠠᠨ ᠡᠵᠡᠨ ᠲᠡᠢ ᠨᠠᠰᠤ ᠴᠢᠴᠠᠤ ᠰᠢᠬᠠᠮ ᠡᠨᠡ ᠡᠮᠡᠭᠲᠡᠢ ᠥᠭᠡᠯᠦᠨ ᠡᠬᠡ ᠶ᠋ᠢ ᠠᠰᠠᠷᠠᠵᠤ ᠪᠠᠢᠯ᠎ᠠ᠃ ᠦᠰᠦ ᠪᠡᠨ ᠰᠠᠯᠠᠭᠠᠯᠠᠨ ᠰᠦᠯᠵᠢᠵᠦ ᠳᠡᠪᠡᠯ ᠢ᠋ᠶ᠋ᠡᠨ ᠰᠤᠷ ᠢ᠋ᠶ᠋ᠠᠷ ᠪᠦᠰᠡᠯᠡᠭᠰᠡᠨ ᠡᠭᠡᠯ ᠳᠠᠷᠤᠤᠬᠠᠨ ᠡᠨᠡ ᠬᠥᠮᠦᠨ ᠨᠠᠰᠤ ᠨᠡᠯᠢᠶᠡᠳ ᠠᠬᠢᠵᠠᠢ᠃ ᠬᠠᠲᠠᠭᠠᠨ ᠪᠣᠯ ᠴᠢᠩᠭᠢᠰ ᠬᠠᠭᠠᠨ ᠢ᠋ ᠪᠠᠭ᠎ᠠ ᠪᠠᠯᠴᠢᠷ ᠪᠠᠢᠬᠤ ᠳ᠋ᠤᠨᠢ ᠠᠮᠢ ᠶ᠋ᠢ ᠨᠢ ᠠᠪᠤᠷᠠᠵᠤ ᠪᠠᠢᠭᠰᠠᠨ ᠨᠢᠭᠡᠨ᠃ ᠲᠠᠷᠭᠤᠲᠠᠢ ᠲᠡᠷᠢᠭᠦᠲᠡᠢ ᠬᠥᠮᠦᠰ ᠲᠡᠮᠦᠵᠢᠨ ᠢ᠋ ᠡᠷᠢᠨ ᠲᠡᠳᠡᠨ ᠦ᠌ ᠳ᠋ᠦ᠍ ᠢᠷᠡᠬᠦ ᠳ᠋ᠦ᠍ ᠬᠠᠯᠠᠭᠤᠨ ᠤᠩᠭᠠᠰᠤ ᠨᠣᠣᠰᠣᠨ ᠳᠤᠮᠳᠠ ᠬᠠᠮᠲᠤ ᠨᠢᠭᠤᠭᠳᠠᠵᠤ ᠪᠠᠢᠵᠠᠢ᠃ ᠴᠢᠩᠭᠢᠰ ᠬᠠᠭᠠᠨ ᠬᠣᠵᠢᠮ ᠬᠠᠲᠠᠭᠠᠨ ᠢ᠋ ᠬᠠᠲᠤᠨ ᠢ᠋ᠶ᠋ᠠᠨ ᠪᠣᠯᠭᠠᠬᠤ ᠶ᠋ᠢ ᠬᠦᠰᠡᠭᠰᠡᠨ ᠴᠦ᠍ ᠲᠡᠷᠡ ᠥᠪᠡᠷ ᠦ᠋ᠨ ᠳᠣᠣᠷᠠᠲᠤ ᠭᠠᠷᠤᠯ ᠢ᠋ ᠳᠤᠷᠠᠳᠤᠭᠠᠳ ᠬᠠᠭᠠᠨ ᠡᠵᠡᠨ ᠳ᠋ᠦ᠍ ᠦᠨᠡᠨᠴᠢ ᠶᠠᠪᠤᠬᠤ ᠪᠠᠨ ᠬᠡᠯᠡᠵᠦ᠂ ᠲᠠᠲ᠋ᠠᠷ ᠤ᠋ᠨ ᠶᠢᠰᠦᠢ᠂ ᠶᠢᠰᠦᠬᠡᠨ ᠬᠣᠶᠠᠷ ᠢ᠋ ᠬᠠᠭᠠᠨ ᠳ᠋ᠤ᠌ ᠲᠠᠨᠢᠯᠴᠠᠭᠤᠯᠤᠨ᠂ ᠥᠪᠡᠷ ᠢ᠋ᠶ᠋ᠡᠨ ᠥᠭᠡᠯᠦᠨ ᠡᠬᠡ ᠲᠡᠢ ᠬᠠᠮᠲᠤ ᠠᠮᠢᠳᠤᠷᠠᠬᠤ ᠪᠣᠯᠤᠭᠰᠠᠨ ᠪᠠᠢᠯ᠎ᠠ᠃ ᠲᠡᠷᠡ ᠬᠣᠢᠮᠣᠷ ᠤ᠋ᠨ ᠠᠪᠳᠠᠷ᠎ᠠ ᠳᠣᠲᠣᠷ᠎ᠠ ᠠ᠋ᠴᠠ ᠸᠠᠳᠠᠩ ᠲᠠᠢ ᠵᠦᠢᠯ ᠭᠠᠷᠭᠠᠨ ᠢᠷᠡᠵᠦ᠂ ᠥᠭᠡᠯᠦᠨ ᠡᠬᠡ ᠶ᠋ᠢᠨ ᠡᠮᠦᠨ᠎ᠡ ᠵᠠᠳᠠᠯᠤᠨ ᠲᠠᠯᠪᠢᠭᠠᠳ᠄
— ᠰᠤᠷᠬᠠᠭᠲᠠᠨᠢ ᠪᠡᠷᠢ ᠶ᠋ᠢ ᠢᠷᠡᠬᠦ ᠦᠶ᠎ᠡ ᠳ᠋ᠦ᠍ ᠥᠭᠭᠦᠭᠡᠷᠡᠢ ᠭᠡᠰᠡᠨ ᠵᠦᠢᠯ ᠲᠠᠨᠢ ᠡᠨᠡ ᠪᠠᠢᠨ᠎ᠠ ᠭᠡᠵᠦ ᠬᠡᠯᠡᠯ᠎ᠡ᠃ ᠨᠠᠨᠳᠢᠩᠨᠠᠨ ᠪᠣᠭᠣᠭᠰᠠᠨ ᠸᠠᠳᠠᠩ ᠳᠣᠲᠣᠷ᠎ᠠ ᠵᠢᠵᠢᠭᠬᠡᠨ ᠬᠡᠦᠬᠡᠳ ᠦ᠋ᠨ ᠬᠤᠪᠴᠠᠰᠤ ᠬᠠᠷᠠᠭᠳᠠᠨ᠎ᠠ᠃ ᠸᠠᠳᠠᠩ ᠢ᠋ ᠵᠠᠳᠠᠯᠬᠤ ᠦᠶ᠎ᠡ ᠳ᠋ᠦ᠍ ᠡᠬᠡᠭᠦᠨ ᠦᠨᠦᠷ ᠭᠠᠷᠬᠤ ᠨᠢ ᠤᠳᠠᠭᠠᠨ ᠬᠠᠳᠠᠭᠠᠯᠠᠭᠰᠠᠨ ᠪᠣᠯᠤᠯᠲᠠᠢ᠃ ᠡᠩᠭᠡᠷ ᠨᠢ ᠬᠠᠯᠲᠠᠷᠲᠤᠭᠰᠠᠨ ᠪᠠᠷᠢᠪᠴᠢ᠂ ᠬᠤᠷᠠᠭᠠᠨ ᠤ᠋ ᠠᠷᠠᠰᠤᠨ ᠮᠠᠯᠠᠭᠠᠢ᠂ ᠢᠰᠡᠭᠡᠢ ᠦᠨᠡᠭᠡ᠂ ᠬᠡᠦᠬᠡᠳ ᠦ᠋ᠨ ᠥᠷᠥᠭᠡᠰᠦᠨ ᠪᠣᠢᠲᠣᠭ ᠭᠠᠷᠴᠤ ᠢᠷᠡᠯ᠎ᠡ᠃ ᠥᠭᠡᠯᠦᠨ ᠡᠬᠡ ᠪᠣᠢᠲᠣᠭ ᠢ᠋ ᠭᠠᠷ ᠲᠠᠭᠠᠨ ᠠᠪᠬᠤ ᠳ᠋ᠤ᠌ ᠬᠣᠩᠬᠣᠨ ᠤ᠋ ᠳᠠᠭᠤ ᠵᠢᠩᠭᠢᠨᠡᠨ ᠣᠷᠴᠢᠨ ᠤ᠋ ᠠᠨᠢᠷ ᠦᠭᠡᠢ ᠶ᠋ᠢ ᠡᠪᠳᠡᠪᠡ᠃ ᠲᠡᠭᠦᠨ ᠦ᠌ ᠴᠢᠷᠠᠢ ᠳ᠋ᠤ᠌ ᠢᠨᠢᠶᠡᠮᠰᠦᠭᠯᠡᠯ ᠲᠣᠳᠣᠷᠠᠵᠤ᠄
— ᠪᠥᠷᠲᠡ ᠶ᠋ᠢ ᠵᠥᠴᠢ ᠬᠦᠦ ᠪᠡᠨ ᠲᠥᠷᠥᠭᠦᠯᠦᠭᠰᠡᠨ ᠲᠡᠷᠡ ᠡᠳᠦᠷ ᠪᠢ ᠡᠨᠡ ᠪᠣᠢᠲᠣᠭ ᠢ᠋ ᠠᠴᠢ ᠬᠦᠦ ᠳ᠋ᠡᠭᠡᠨ ᠣᠶᠣᠵᠤ ᠥᠭᠴᠦ ᠪᠠᠢᠵᠤ ᠪᠢᠯᠡ᠃ ᠥᠭᠡᠯᠦᠨ ᠡᠬᠡ ᠬᠣᠩᠬᠣ ᠲᠠᠢ ᠪᠣᠢᠲᠣᠭ ᠢ᠋ ᠬᠠᠷᠠᠵᠤ᠂ ᠵᠥᠴᠢ ᠶ᠋ᠢ ᠠᠩᠬ᠎ᠠ ᠲᠥᠷᠥᠵᠦ ᠪᠠᠢᠭᠰᠠᠨ ᠲᠡᠷᠡ ᠴᠠᠭ ᠢ᠋ ᠳᠤᠷᠠᠰᠪᠠ ᠪᠣᠯᠤᠯᠲᠠᠢ᠃
— ᠵᠥᠴᠢ ᠮᠢᠨᠦ ᠤᠤᠭᠠᠨ ᠠᠴᠢ ᠬᠦᠦ᠃ ᠨᠠᠳᠠ ᠳ᠋ᠤ᠌ ᠡᠮᠡᠭᠡ ᠡᠬᠡ ᠪᠣᠯᠬᠤ ᠶ᠋ᠢᠨ ᠵᠣᠪᠠᠯᠠᠩ ᠬᠢᠭᠡᠳ ᠵᠢᠷᠭᠠᠯ ᠢ᠋ ᠠᠮᠰᠠᠭᠤᠯᠤᠨ ᠠᠯᠠᠭᠠᠨ ᠳᠡᠭᠡᠷ᠎ᠡ ᠮᠢᠨᠢ ᠢᠷᠡᠭᠰᠡᠨ ᠦᠷ᠎ᠡ ᠭᠡᠵᠦ ᠬᠡᠯᠡᠯ᠎ᠡ᠃ ᠰᠤᠷᠬᠠᠭᠲᠠᠨᠢ《ᠢᠩᠭᠢᠵᠦ ᠥᠭᠡᠯᠦᠨ ᠡᠬᠡ ᠠᠴᠢ ᠬᠦᠦ ᠳ᠋ᠡᠭᠡᠨ ᠬᠣᠩᠬᠣ ᠲᠠᠢ ᠪᠣᠢᠲᠣᠭ ᠤᠷᠠᠯᠠᠨ ᠥᠭᠭᠦᠭᠰᠡᠨ ᠨᠢ ᠥᠪᠡᠷ ᠦ᠋ᠨ ᠠᠴᠢ ᠭᠡᠵᠦ ᠬᠦᠯᠢᠶᠡᠨ ᠠᠪᠤᠭᠰᠠᠨ ᠬᠡᠷᠡᠭ ᠪᠠᠢᠭᠰᠠᠨ ᠪᠢᠵᠡ》 ᠭᠡᠮᠡᠨ ᠪᠣᠳᠣᠪᠠ᠃
— ᠪᠢ ᠵᠥᠴᠢ ᠶ᠋ᠢ ᠬᠠᠭᠠᠨ ᠡᠴᠢᠭᠡ ᠶ᠋ᠢ ᠪᠡᠨ ᠳᠠᠭᠠᠨ ᠰᠠᠷᠲᠠᠭᠤᠯ ᠳ᠋ᠤ᠌ ᠣᠳᠤᠭᠰᠠᠨ ᠲᠡᠷᠡ ᠡᠳᠦᠷ ᠥᠷᠥᠭᠡᠰᠦᠨ ᠪᠣᠢᠲᠣᠭ ᠢ᠋ ᠨᠢ ᠥᠭᠴᠦ ᠶᠠᠪᠤᠭᠤᠯᠤᠭᠰᠠᠨ ᠶᠤᠮ᠃ ᠡᠬᠡ ᠨᠤᠲᠤᠭ᠂ ᠡᠴᠢᠭᠡ ᠡᠬᠡ ᠪᠡᠨ ᠰᠠᠨᠠᠬᠤ ᠳ᠋ᠠᠭᠠᠨ ᠦᠨᠦᠷᠯᠡᠨ ᠳᠤᠷᠠᠰᠴᠤ ᠶᠠᠪᠤᠭᠠᠷᠠᠢ ᠭᠡᠪᠡ᠃ ᠬᠠᠷᠢᠨ ᠡᠭᠦᠨ ᠢ᠋ ᠭᠡᠵᠦ ᠬᠡᠯᠡᠭᠡᠳ ᠥᠷᠥᠭᠡᠰᠦᠨ ᠪᠣᠢᠲᠣᠭ ᠢ᠋ ᠬᠠᠷᠠᠬᠤ ᠵᠠᠭᠤᠷ᠎ᠠ᠄
— ᠵᠥᠴᠢ ᠬᠦᠦ ᠪᠡᠨ ᠠᠯᠤᠰ ᠤ᠋ᠨ ᠵᠠᠮ ᠳ᠋ᠤ᠌ ᠶᠠᠪᠤᠬᠤ ᠳ᠋ᠤᠨᠢ ᠳᠤᠷᠠᠰᠴᠤ ᠪᠠᠢᠶ᠎ᠠ ᠭᠡᠵᠦ ᠠᠪᠴᠤ ᠦᠯᠡᠳᠡᠭᠰᠡᠨ ᠶᠦᠮ᠃ ᠥᠭᠡᠯᠦᠨ ᠡᠬᠡ ᠭᠠᠯ ᠨᠢ ᠬᠠᠷᠢᠵᠤ ᠶᠠᠪᠤᠭ᠎ᠠ ᠨᠢᠳᠦ ᠪᠡᠷ ᠢ᠋ᠶ᠋ᠡᠨ ᠥᠷᠥᠭᠡᠰᠦᠨ ᠪᠣᠢᠲᠣᠭ ᠢ᠋ ᠬᠠᠷᠠᠨ᠂ ᠴᠠᠭ ᠤ᠋ᠨ ᠰᠠᠭᠠᠯᠲᠠᠨ ᠳ᠋ᠤ᠌ ᠮᠣᠢᠨᠣᠢᠭᠰᠠᠨ ᠦᠷᠴᠢᠭᠢᠷ ᠭᠠᠷ ᠢ᠋ᠶ᠋ᠠᠷ ᠢ᠋ᠶ᠋ᠠᠨ ᠡᠩᠬᠦᠷᠡᠢᠯᠡᠨ ᠢᠯᠢᠭᠡᠳ᠄
— ᠪᠢ ᠬᠦᠦ ᠪᠡᠨ ᠬᠦᠯᠢᠶᠡᠵᠦ ᠴᠢᠳᠠᠬᠤ ᠦᠭᠡᠢ ᠨᠢ ᠪᠣᠯᠤᠯᠲᠠᠢ᠃ ᠠᠴᠢ ᠬᠦᠦ ᠶ᠋ᠢᠨ ᠮᠢᠨᠢ ᠨᠢᠯᠬ᠎ᠠ ᠶ᠋ᠢᠨ ᠦᠨᠦᠷ ᠰᠢᠩᠭᠡᠭᠰᠡᠨ ᠡᠨᠡ ᠪᠣᠢᠲᠣᠭ ᠢ᠋ ᠵᠥᠴᠢ ᠳ᠋ᠦ᠍ ᠥᠭᠭᠦᠭᠡᠷᠡᠢ᠃ ᠡᠮᠡᠭᠡ ᠡᠬᠡ ᠨᠢ ᠬᠦᠦ ᠪᠡᠨ ᠬᠦᠯᠢᠶᠡᠵᠦ ᠴᠢᠳᠠᠯ ᠦᠭᠡᠢ ᠶᠠᠪᠤᠯ᠎ᠠ ᠴᠤ᠌ ᠡᠯᠢᠭᠡ ᠵᠢᠷᠦᠬᠡᠨ ᠳᠣᠲᠣᠷ᠎ᠠ ᠪᠠᠨ ᠬᠠᠢᠷᠠᠯᠠᠭᠰᠠᠭᠠᠷ ᠪᠠᠢᠭᠰᠠᠨ ᠢ᠋ ᠬᠡᠯᠡᠭᠡᠷᠡᠢ ᠭᠡᠵᠦ ᠬᠡᠯᠡᠭᠡᠳ ᠰᠤᠷᠬᠠᠭᠲᠠᠨᠢ ᠳ᠋ᠤ᠌ ᠪᠠᠷᠢᠯ᠎ᠠ᠃ ᠰᠤᠷᠬᠠᠭᠲᠠᠨᠢ ᠥᠭᠡᠯᠦᠨ ᠡᠬᠡ ᠶ᠋ᠢᠨ ᠥᠭᠡᠳᠡ ᠡᠴᠡ ᠭᠠᠷ ᠰᠤᠩᠭᠠᠨ ᠠᠪᠬᠤ ᠠᠪᠠᠰᠤ ᠲᠡᠭᠦᠨ ᠢ᠋ ᠬᠦᠦ ᠪᠡᠨ ᠬᠦᠯᠢᠶᠡᠵᠦ ᠴᠢᠳᠠᠬᠤ ᠦᠭᠡᠢ ᠭᠡᠳᠡᠭ ᠢ᠋ ᠨᠢ ᠪᠠᠲᠤᠯᠠᠭᠰᠠᠨ ᠬᠡᠷᠡᠭ ᠪᠣᠯᠬᠤ᠂ ᠠᠪᠬᠤ ᠦᠭᠡᠢ ᠪᠠᠢᠪᠠᠯ ᠭᠣᠮᠣᠳᠠᠭᠠᠭᠰᠠᠨ ᠬᠡᠷᠡᠭ ᠪᠣᠯᠬᠤ ᠲᠤᠯᠠ ᠬᠡᠰᠡᠭ ᠲᠡᠭᠡᠨᠡᠭᠡᠯᠵᠡᠨ ᠪᠠᠢᠭᠠᠳ ᠪᠣᠢᠲᠣᠭ ᠢ᠋ ᠠᠪᠤᠯ᠎ᠠ᠃ ᠭᠠᠷ ᠲᠤᠨᠢ ᠪᠠᠢᠬᠤ ᠵᠢᠵᠢᠭᠬᠡᠨ ᠪᠣᠢᠲᠣᠭ ᠤ᠋ᠨ ᠬᠣᠩᠬᠣ ᠵᠢᠩᠭᠢᠨᠡᠨ᠎ᠡ ᠥᠭᠡᠯᠦᠨ ᠡᠬᠡ᠄
— ᠵᠥᠴᠢ ᠪᠣᠯ ᠲᠩᠷᠢ ᠡᠴᠡ ᠪᠢᠳᠡᠨ ᠳ᠋ᠦ᠍ ᠢᠯᠡᠭᠡᠭᠰᠡᠨ ᠬᠦᠦ᠂ ᠬᠦᠨᠳᠦ ᠬᠦᠴᠢᠷ ᠦᠶ᠎ᠡ ᠳ᠋ᠦ᠍ ᠲᠡᠷᠡ ᠪᠢᠳᠡᠨ ᠳ᠋ᠦ᠍ ᠢᠷᠡᠭᠰᠡᠨ᠂ ᠵᠥᠴᠢ ᠮᠡᠨᠳᠦᠯᠡᠵᠦ᠂ ᠲᠦᠳᠡ ᠤᠳᠠᠯ ᠦᠭᠡᠢ ᠡᠵᠡᠨ ᠬᠠᠭᠠᠨ ᠬᠦᠴᠦ ᠶ᠋ᠢ ᠣᠯᠵᠤ ᠬᠠᠮᠤᠭ ᠤᠯᠤᠰ ᠢ᠋ ᠬᠤᠷᠢᠶᠠᠭᠰᠠᠨ᠃
ᠥᠭᠡᠯᠦᠨ ᠡᠬᠡ ᠲᠡᠷᠲᠡᠭᠡᠬᠢ ᠳᠤᠷᠠᠰᠤᠮᠵᠢ ᠪᠠᠨ ᠰᠠᠨᠠᠬᠤ ᠲᠣᠰᠤᠮ ᠴᠠᠭᠠᠰᠢ ᠶᠠᠷᠢᠬᠤ ᠶᠠᠷᠢᠶ᠎ᠠ ᠨᠢ ᠴᠥᠭᠡᠷᠡᠨ ᠪᠠᠢᠯ᠎ᠠ᠃《ᠨᠠᠰᠤ ᠥᠨᠳᠥᠷ ᠪᠣᠯᠤᠭᠰᠠᠨ ᠥᠭᠡᠯᠦᠨ ᠡᠬᠡ ᠮᠢᠨᠢ ᠬᠥᠪᠡᠭᠦᠳ ᠢ᠋ᠶ᠋ᠡᠨ ᠬᠦᠯᠢᠶᠡᠵᠦ ᠴᠢᠳᠠᠬᠤ ᠦᠭᠡᠢ ᠪᠣᠯᠤᠯ᠎ᠠ ᠭᠡᠳᠡᠭ ᠢ᠋ᠶ᠋ᠡᠨ ᠮᠡᠳᠡᠭᠡ ᠶᠦᠮ ᠪᠣᠯᠪᠠ ᠤᠤ᠂ ᠶᠠᠮᠠᠷ ᠴᠤ᠌ ᠲᠡᠷᠡ ᠮᠥᠩᠬᠡ ᠲᠩᠷᠢ ᠶ᠋ᠢᠨ ᠵᠣᠴᠢᠨ ᠪᠣᠯᠤᠨ ᠭᠡᠷ ᠲᠦ᠋ᠨᠢ ᠢᠷᠡᠭᠰᠡᠨ ᠵᠥᠴᠢ ᠶ᠋ᠢ ᠥᠪᠡᠷ ᠦ᠋ᠨ ᠦᠷ᠎ᠡ ᠭᠡᠮᠡᠨ ᠲᠣᠰᠣᠨ ᠠᠪᠤᠭᠰᠠᠨ ᠠᠵᠢ᠃ ᠡᠬᠡ ᠶ᠋ᠢᠨ ᠡᠨᠡ ᠠᠭᠤᠤ ᠠᠭᠤᠳᠠᠮ ᠰᠡᠳᠬᠢᠯ ᠬᠠᠭᠠᠨ ᠬᠦᠦ ᠳ᠋ᠦ᠍ᠨᠢ ᠰᠢᠩᠭᠡᠭᠰᠡᠨ ᠪᠢᠵᠡ》 ᠭᠡᠮᠡᠨ ᠰᠤᠷᠬᠠᠭᠲᠠᠨᠢ ᠪᠣᠳᠣᠬᠤ ᠵᠠᠭᠤᠷ᠎ᠠ ᠥᠭᠡᠯᠦᠨ ᠡᠬᠡ ᠣᠢᠷᠠᠳᠬᠤ ᠶ᠋ᠢ ᠬᠦᠰᠡᠯ᠎ᠡ᠃ ᠲᠡᠷᠡ ᠬᠠᠲᠤᠨ ᠤ᠋ ᠳᠤᠬᠤᠨ ᠳᠡᠭᠡᠷ᠎ᠡ ᠨᠢ ᠦᠨᠦᠰᠦᠭᠡᠳ᠂
— ᠥᠬᠢᠨ ᠮᠢᠨᠢ ᠬᠣᠷᠸ᠎ᠠ ᠶ᠋ᠢᠨ ᠡᠯᠢᠭᠡᠨ ᠳᠡᠭᠡᠷ᠎ᠡ ᠴᠢ ᠪᠢᠳᠡ ᠬᠣᠶᠠᠷ ᠬᠡᠵᠢᠶ᠎ᠡ ᠳᠠᠬᠢᠨ ᠤᠴᠠᠷᠠᠬᠤ ᠶ᠋ᠢ ᠮᠡᠳᠡᠬᠦ ᠦᠭᠡᠢ ᠴᠤ ᠡᠷᠭᠢᠵᠦ ᠲᠥᠷᠥᠯ ᠣᠯᠤᠨ ᠦᠷ᠎ᠡ ᠬᠡᠦᠬᠡᠳ ᠢ᠋ᠶ᠋ᠡᠨ ᠵᠣᠷᠢᠨ ᠢᠷᠡᠬᠦ ᠪᠣᠯᠤᠮᠵᠢ ᠪᠠᠢᠳᠠᠭ ᠪᠣᠯ ᠴᠢᠮᠠᠶ᠋ᠢ ᠯᠠ ᠵᠣᠷᠢᠨ᠎ᠠ ᠭᠡᠵᠦ ᠪᠣᠳᠣᠭᠳᠠᠨ᠎ᠠ ᠭᠡᠯᠡ᠃
ᠰᠤᠷᠬᠠᠭᠲᠠᠨᠢ ᠡᠨᠡ ᠦᠭᠡ ᠶ᠋ᠢ ᠰᠣᠨᠣᠰᠤᠭᠠᠳ ᠨᠢᠳᠦᠨ ᠡᠴᠡ ᠨᠢ ᠠᠰᠬᠠᠷᠠᠭᠰᠠᠨ ᠨᠢᠯᠪᠤᠰᠤ ᠬᠠᠴᠠᠷ ᠢ᠋ ᠨᠢ ᠳᠠᠭᠠᠨ ᠤᠷᠤᠰᠪᠠ᠃ ᠡᠨᠡ ᠠᠢᠯ ᠤ᠋ᠨ ᠬᠠᠭᠠᠯᠭ᠎ᠠ ᠪᠠᠷ ᠠᠯᠬᠤᠨ ᠣᠷᠣᠵᠤ ᠢᠷᠡᠭᠰᠡᠨ ᠴᠠᠭ ᠠ᠋ᠴᠠ ᠬᠣᠢᠰᠢ ᠭᠠᠷ ᠳᠡᠯᠭᠡᠨ ᠤᠭᠲᠤᠵᠤ᠂ ᠬᠣᠰᠢᠭᠤ ᠳᠡᠪᠢᠰᠦᠨ ᠥᠮᠥᠭᠯᠡᠵᠦ ᠢᠷᠡᠭᠰᠡᠨ ᠨᠢᠭᠡᠨ ᠶᠡᠬᠡ ᠬᠠᠢᠷ᠎ᠠ ᠡᠨᠡᠷᠢᠯ ᠲᠡᠭᠦᠨ ᠡᠴᠡ ᠡᠭᠦᠷᠢᠳᠡ ᠶᠠᠪᠤᠬᠤ ᠭᠡᠵᠦ ᠪᠠᠢᠭ᠎ᠠ ᠮᠡᠲᠦ ᠬᠡᠴᠡᠭᠦᠦ ᠮᠡᠳᠡᠷᠡᠮᠵᠢ ᠲᠥᠷᠥᠯ᠎ᠡ᠃ ᠬᠥᠮᠦᠨ ᠢ᠋ ᠬᠠᠮᠢᠭ᠎ᠠ ᠨᠢᠭᠡ ᠲᠠᠢᠰᠢ ᠪᠠᠨ ᠶᠠᠪᠤᠭᠤᠯᠬᠤ ᠦᠭᠡᠢ ᠭᠡᠰᠡᠨ ᠳ᠋ᠡᠭᠡᠨ ᠭᠠᠷ ᠠ᠋ᠴᠠ ᠨᠢ ᠴᠢᠩᠭ᠎ᠠ ᠭᠡᠭᠴᠢ ᠶ᠋ᠢᠨ ᠵᠠᠭᠤᠷᠠᠨ ᠪᠠᠢᠳᠠᠭ ᠤ᠋ᠨ ᠠᠳᠠᠯᠢ ᠪᠠᠷ ᠰᠤᠷᠬᠠᠭᠲᠠᠨᠢ ᠥᠭᠡᠯᠦᠨ ᠡᠬᠡ ᠶ᠋ᠢᠨ ᠭᠠᠷ ᠢ᠋ ᠴᠢᠩᠭ᠎ᠠ ᠠᠳᠬᠤᠭᠰᠠᠨ ᠪᠠᠢᠯ᠎ᠠ᠃ ᠥᠭᠡᠯᠦᠨ ᠡᠬᠡ ᠶ᠋ᠢᠨ ᠭᠠᠷ ᠬᠠᠲᠤᠨ ᠤ᠋ ᠴᠢᠩᠭ᠎ᠠ ᠠᠳᠬᠤᠯᠲᠠ ᠳ᠋ᠤ᠌ ᠪᠠᠭ᠎ᠠ ᠵᠡᠷᠭᠡ ᠡᠪᠡᠳᠪᠡ ᠪᠣᠯᠤᠯᠲᠠᠢ᠂ ᠭᠠᠷ ᠢ᠋ᠶ᠋ᠠᠨ ᠵᠢᠭᠠᠬᠠᠨ ᠲᠠᠲᠠᠰᠬᠢᠬᠤ ᠳ᠋ᠤ᠌ ᠲᠡᠷᠡ ᠭᠠᠷ ᠢ᠋ ᠨᠢ ᠲᠠᠯᠪᠢᠯ᠎ᠠ᠃ ᠰᠤᠷᠬᠠᠭᠲᠠᠨᠢ᠂
— ᠡᠬᠡ ᠮᠢᠨᠢ ᠲᠠᠨ ᠤ᠋ ᠰᠡᠳᠬᠢᠯ ᠢ᠋ ᠠᠯᠠᠭᠠᠨ ᠳᠡᠭᠡᠷ᠎ᠡ ᠪᠡᠨ ᠲᠠᠯᠪᠢᠭᠰᠠᠨ ᠮᠡᠲᠦ ᠬᠠᠷᠠᠵᠤ ᠪᠠᠢᠨ᠎ᠠ᠂ ᠣᠳᠣ ᠪᠢ ᠲᠠᠯ᠎ᠠ ᠶ᠋ᠢᠨ ᠬᠥᠮᠦᠨ ᠦ᠌ ᠰᠡᠳᠬᠢᠯ ᠢ᠋ ᠠᠯᠠᠭᠠᠨ ᠳᠡᠭᠡᠷ᠎ᠡ ᠪᠡᠨ ᠲᠠᠯᠪᠢᠭᠰᠠᠨ ᠮᠡᠲᠦ ᠬᠠᠷᠠᠵᠤ ᠰᠤᠷᠤᠭᠰᠠᠨ ᠭᠡᠯᠡ᠃ ᠥᠭᠡᠯᠦᠨ ᠡᠬᠡ ᠰᠤᠷᠬᠠᠭᠲᠠᠨᠢ ᠶ᠋ᠢᠨ ᠶᠠᠭᠤ ᠶᠠᠷᠢᠵᠤ ᠪᠣᠢ ᠶ᠋ᠢ ᠰᠠᠢᠨ ᠮᠡᠳᠡᠨ᠎ᠡ᠃ ᠲᠡᠷᠡ ᠪᠡᠷ ᠰᠤᠷᠬᠠᠭᠲᠠᠨᠢ ᠳ᠋ᠤ᠌ ᠬᠠᠨᠳᠤᠨ᠄
— ᠲᠡᠷᠡ ᠨᠢᠭᠡᠨ ᠰᠥᠨᠢ ᠲᠩᠷᠢ ᠡᠴᠡ ᠣᠢᠷᠠᠲᠤᠨ ᠢᠷᠡᠭᠰᠡᠨ ᠣᠳᠣᠳ ᠲᠡᠷᠡ ᠵᠡᠭᠦᠳᠦᠨ ᠦ᠌ ᠲᠠᠢᠯᠤᠯ ᠪᠣᠯ ᠴᠢᠨᠦ ᠬᠥᠪᠡᠭᠦᠳ ᠶᠦᠮ ᠰᠢᠦ ᠭᠡᠵᠦ ᠬᠡᠯᠡᠯ᠎ᠡ᠃
ᠲᠡᠳᠡᠨ ᠦ᠌ ᠰᠡᠳᠬᠢᠯ ᠵᠢᠷᠦᠬᠡᠨ ᠳ᠋ᠦ᠍ ᠪᠣᠢ ᠪᠦᠬᠦᠨ ᠢ᠋ᠶ᠋ᠡᠨ ᠠᠭᠤᠳᠠᠯᠤᠨ ᠶᠠᠷᠢᠯᠴᠠᠵᠤ ᠪᠠᠢᠬᠤ ᠳ᠋ᠤ᠌ ᠭᠠᠳᠠᠨ᠎ᠠ ᠠ᠋ᠴᠠ ᠨᠠᠮᠬᠠᠪᠲᠤᠷ ᠨᠢᠷᠤᠭᠤ ᠲᠠᠢ᠂ ᠥᠷᠭᠡᠨ ᠨᠢᠭᠤᠷ ᠲᠣᠮᠣ ᠰᠢᠨ᠎ᠠ ᠲᠠᠢ᠂ ᠮᠢᠬᠠᠯᠢᠭᠳᠠᠭᠤ ᠪᠣᠷᠣ ᠬᠥᠮᠦᠨ ᠣᠷᠣᠵᠤ ᠢᠷᠡᠯ᠎ᠡ᠃ ᠡᠨᠡ ᠬᠥᠮᠦᠨ ᠪᠣᠯ ᠴᠢᠩᠭᠢᠰ ᠬᠠᠭᠠᠨ ᠤ᠋ ᠳᠡᠭᠦᠦ ᠬᠠᠰᠠᠷ ᠪᠥᠯᠥᠭᠡ᠃ ᠲᠡᠷᠡ ᠡᠳᠦᠭᠡ ᠡᠬᠡᠨᠡᠷ ᠠᠪᠴᠤ ᠦᠷ᠎ᠡ ᠬᠡᠦᠬᠡᠳ ᠲᠡᠢ ᠪᠣᠯᠤᠨ ᠥᠭᠡᠯᠦᠨ ᠡᠬᠡ ᠲᠡᠢ ᠨᠢᠭᠡ ᠳᠣᠣᠷ᠎ᠠ ᠠᠮᠢᠳᠤᠷᠠᠵᠤ ᠪᠠᠢᠯ᠎ᠠ᠃ ᠭᠠᠳᠠᠨ᠎ᠠ ᠠ᠋ᠴᠠ ᠣᠷᠣᠵᠤ ᠢᠷᠡᠭᠰᠡᠨ ᠬᠠᠰᠠᠷ ᠬᠣᠶᠠᠷ ᠡᠮᠡᠭᠲᠡᠢ ᠶᠠᠷᠢᠯᠴᠠᠵᠤ ᠪᠠᠢᠭ᠎ᠠ ᠶ᠋ᠢ ᠬᠠᠷᠠᠭᠠᠳ ᠬᠣᠭᠣᠯᠠᠢ ᠪᠠᠨ ᠵᠠᠰᠠᠬᠤ ᠳ᠋ᠤ᠌ ᠲᠡᠳᠡᠨ ᠦ᠌ ᠶᠠᠷᠢᠶ᠎ᠠ ᠰᠠᠶᠢ ᠲᠠᠰᠤᠷᠠᠵᠤ ᠰᠤᠷᠬᠠᠭᠲᠠᠨᠢ ᠬᠠᠰᠠᠷ ᠢ᠋ ᠲᠣᠰᠣᠨ ᠠᠪᠴᠤ ᠮᠡᠨᠳᠦᠯᠡᠯ᠎ᠡ᠃
— ᠮᠥᠩᠬᠡ ᠬᠦᠦ ᠴᠢᠨᠢ ᠡᠨᠡ ᠵᠤᠨᠵᠢᠨ ᠴᠡᠷᠢᠭ ᠦ᠋ᠨ ᠡᠷᠳᠡᠮ ᠳ᠋ᠦ᠍ ᠰᠢᠮᠳᠠᠵᠤ᠂ ᠰᠡᠯᠡᠮ᠎ᠡ ᠵᠢᠳᠠ ᠲᠠᠢ ᠨᠣᠴᠣᠯᠳᠤᠯᠠ ᠳᠠ ᠭᠡᠬᠦ ᠳ᠋ᠦ᠍᠂ ᠰᠤᠷᠬᠠᠭᠲᠠᠨᠢ
— ᠬᠦᠦ ᠮᠢᠨᠢ ᠴᠡᠷᠢᠭ ᠦ᠋ᠨ ᠡᠷᠳᠡᠮ ᠳ᠋ᠦ᠍ ᠰᠤᠷᠭᠠᠨ᠎ᠠ ᠭᠡᠰᠡᠨ ᠴᠢᠨᠢ ᠬᠥᠷ ᠪᠠᠶᠠᠷ ᠪᠣᠯᠤᠭᠠᠳ ᠯᠠ ᠶᠠᠪᠤᠭᠰᠠᠨ᠂ ᠵᠤᠨ ᠤ᠋ ᠬᠡᠳᠦᠨ ᠰᠠᠷ᠎ᠠ ᠭᠡᠷ ᠢ᠋ᠶ᠋ᠡᠨ ᠰᠠᠨᠠᠬᠤ ᠪᠣᠯᠪᠠ ᠤᠤ ᠭᠡᠰᠡᠨ ᠭᠠᠢᠭᠤᠢ ᠪᠠᠢᠨ᠎ᠠ ᠭᠡᠪᠡ᠃
— ᠬᠠᠭᠠᠨ ᠤ᠋ ᠠᠴᠢ ᠨᠠᠷ ᠠ᠋ᠴᠠ ᠨᠠᠮᠠᠶ᠋ᠢ ᠵᠣᠷᠢᠵᠤ ᠢᠷᠡᠵᠦ ᠪᠠᠢᠭ᠎ᠠ ᠬᠥᠮᠦᠨ ᠡᠨᠡ ᠰᠢᠦ ᠳᠡ᠃ ᠳᠠᠷᠠᠭ᠎ᠠ ᠵᠤᠨ ᠠᠬᠢᠨ ᠢᠷᠡᠬᠦ ᠪᠢᠵᠡ ᠭᠡᠮᠡᠨ ᠬᠠᠪᠤᠲᠤ ᠬᠠᠰᠠᠷ ᠥᠭᠦᠯᠡᠯ᠎ᠡ᠃ ᠲᠡᠷᠡ ᠬᠠᠭᠠᠨ ᠡᠵᠡᠨ ᠡᠴᠡ ᠰᠤᠷᠠᠭ ᠪᠠᠢᠭ᠎ᠠ ᠡᠰᠡᠬᠦ ᠪᠣᠯᠤᠨ ᠠᠭᠤᠷᠠᠭ ᠣᠷᠴᠢᠮ ᠤ᠋ᠨ ᠰᠣᠨᠢᠨ ᠰᠠᠢᠬᠠᠨ ᠤ᠋ ᠲᠤᠬᠠᠢ ᠬᠠᠭᠤᠴᠢᠯᠠᠨ ᠶᠠᠷᠢᠬᠤ ᠵᠠᠭᠤᠷ᠎ᠠ ᠨᠢᠭᠡ ᠰᠠᠨᠠᠭ᠎ᠠ ᠠᠯᠳᠠᠭᠠᠳ᠂
— ᠬᠠᠭᠠᠨ ᠡᠵᠡᠨ ᠶᠡᠬᠡ ᠴᠡᠷᠢᠭ ᠢ᠋ᠶ᠋ᠡᠨ ᠠᠪᠤᠨ ᠲᠤᠯᠤᠯᠳᠤᠭᠠᠨ ᠳ᠋ᠤ᠌ ᠮᠣᠷᠳᠠᠬᠤ ᠪᠦᠷᠢ ᠶ᠋ᠢ ᠪᠢ ᠬᠣᠯᠠ ᠠ᠋ᠴᠠ ᠬᠠᠷᠠᠵᠤ ᠵᠣᠭᠰᠣᠳᠠᠭ ᠶᠤᠮ᠂ ᠡᠨᠡ ᠤᠳᠠᠭ᠎ᠠ ᠤᠷᠢᠳ ᠤᠷᠢᠳ ᠠ᠋ᠴᠠ ᠶᠡᠬᠡ ᠬᠥᠮᠦᠨ᠂ ᠮᠠᠯ᠂ ᠠᠴᠢᠶ᠎ᠠ ᠪᠠᠷᠠᠭ᠎ᠠ ᠲᠠᠢ ᠮᠣᠷᠳᠠᠵᠤ ᠪᠠᠢᠭ᠎ᠠ ᠬᠠᠷᠠᠭᠳᠠᠭᠰᠠᠨ
ᠲᠡᠷᠡ ᠡᠨᠡ ᠪᠦᠬᠦᠨ ᠢ᠋ ᠶᠠᠷᠢᠵᠤ ᠪᠠᠢᠬᠤ ᠳ᠋ᠤ᠌ ᠨᠢᠳᠦᠨ ᠳ᠋ᠦ᠍ᠨᠢ ᠭᠠᠯ ᠭᠡᠷᠡᠯᠲᠦᠨ ᠢᠷᠡᠭᠡᠳ ᠲᠦᠳᠡᠭᠡᠨᠡ ᠪᠥᠬᠥᠬᠦ ᠰᠢᠭ᠌ ᠰᠠᠨᠠᠭᠳᠠᠨ᠎ᠠ᠃
ᠬᠠᠰᠠᠷ ᠢ᠋ ᠬᠠᠷᠠᠵᠤ ᠰᠠᠭᠤᠭᠰᠠᠨ ᠰᠤᠷᠬᠠᠭᠲᠠᠨᠢ《ᠨᠢᠭᠡᠨ ᠴᠠᠭ ᠤ᠋ᠨ ᠡᠷᠡᠯᠬᠡᠭ ᠵᠠᠩᠵᠤᠨ ᠡᠨᠡ ᠬᠥᠮᠦᠨ ᠥᠨᠥ ᠬᠠᠭᠠᠨ ᠠᠬ᠎ᠠ ᠲᠠᠢ ᠪᠠᠨ ᠬᠠᠪᠰᠤᠷᠴᠤ ᠲᠡᠢᠨ ᠳᠣᠯᠣᠭᠠᠨ ᠳ᠋ᠤ᠌ ᠲᠠᠪᠰᠢᠨ ᠣᠷᠣᠵᠤ ᠴᠢᠳᠠᠬᠤ ᠦᠭᠡᠢ ᠬᠣᠯᠠ ᠠ᠋ᠴᠠ ᠬᠠᠷᠠᠵᠤ ᠵᠣᠭᠰᠣᠬᠤ ᠨᠢ ᠬᠡᠴᠢᠨᠡᠭᠡᠨ ᠭᠤᠨᠢᠭ ᠲᠠᠢ ᠪᠠᠢᠳᠠᠭ ᠪᠣᠯ》 ᠭᠡᠵᠦ ᠪᠣᠳᠣᠪᠠ᠃
ᠬᠣᠷᠣᠨ ᠬᠡᠯᠡ ᠭᠡᠳᠡᠭ ᠬᠠᠮᠢᠭ᠎ᠠ ᠰᠠᠢ ᠦᠭᠡᠢ ᠰᠢᠷᠭᠤᠯᠠᠵᠤ᠂ ᠡᠷ᠎ᠡ ᠡᠮ᠎ᠡ᠂ᠡᠬᠡ ᠡᠴᠢᠭᠡ᠂ᠠᠬ᠎ᠠ ᠳᠡᠭᠦᠦ᠂ ᠠᠨᠳᠠ ᠨᠠᠢᠵᠠ ᠨᠤᠭᠤᠳ ᠢ᠋ ᠬᠠᠭᠠᠴᠠᠭᠤᠯᠤᠨ ᠰᠠᠯᠭᠠᠵᠤ ᠴᠢᠳᠠᠳᠠᠭ ᠬᠦᠨᠦᠭᠡᠯ ᠲᠡᠢ ᠵᠦᠢᠯ ᠪᠠᠢᠳᠠᠭ᠃ ᠲᠡᠷᠡ ᠨᠢᠭᠡᠨ ᠡᠳᠦᠷ ᠳᠠᠪ ᠲᠩᠷᠢ ᠲᠡᠳᠡᠨ ᠦ᠌ ᠳᠤᠮᠳᠠ ᠶᠠᠰᠤ ᠬᠠᠶᠠᠭ᠎ᠠ ᠦᠭᠡᠢ ᠪᠣᠯ ᠲᠠᠯ᠎ᠠ ᠶ᠋ᠢᠨ ᠳᠠᠢᠴᠢᠨ ᠡᠨᠡ ᠡᠷ᠎ᠡ ᠥᠨᠥᠳᠥᠷ ᠬᠠᠭᠠᠨ ᠡᠵᠡᠨ ᠦ᠌ ᠬᠠᠮᠲᠤ ᠠᠯᠳᠠᠷ ᠰᠤᠤ ᠪᠠᠨ ᠡᠷᠭᠦᠵᠦ ᠶᠠᠪᠤᠭ᠎ᠠ᠃
ᠬᠠᠰᠠᠷ ᠤ᠋ᠨ ᠪᠠᠢᠷᠢ ᠶ᠋ᠢ ᠬᠠᠷᠠᠪᠠᠯ ᠲᠡᠷᠡ ᠥᠨᠥ ᠬᠦᠷᠲᠡᠯ᠎ᠡ ᠬᠠᠭᠠᠨ ᠡᠵᠡᠨ ᠠᠯᠲᠠᠨ ᠤᠷᠤᠭ ᠤ᠋ᠨ ᠬᠢᠨ ᠡᠴᠡ ᠥᠪᠡᠷ ᠢ᠋ ᠨᠢ ᠭᠡᠰᠡᠨ ᠰᠡᠳᠬᠢᠯ ᠢ᠋ ᠬᠦᠯᠢᠶᠡᠵᠦ ᠰᠠᠭᠤᠳᠠᠭ ᠨᠢ ᠠᠩᠵᠠᠭᠠᠷᠠᠭᠳᠠᠨ᠎ᠠ᠃
ᠮᠣᠩᠭᠣᠯ ᠤ᠋ᠨ ᠲᠠᠯ᠎ᠠ ᠦᠷᠭᠦᠯᠵᠢᠯᠡᠬᠦ ᠨᠠᠮᠤᠷ ᠤ᠋ᠨ ᠰᠢᠷᠭᠠᠯ ᠡᠳᠦᠷ ᠦ᠋ᠳ ᠨᠢᠭᠡ ᠨᠢᠭᠡ ᠪᠡᠷ ᠠᠯᠤᠰᠷᠠᠨ ᠪᠤᠴᠠᠬᠤ ᠰᠢᠪᠠᠭᠤᠳ ᠤ᠋ᠨ ᠳᠠᠭᠤ ᠲᠠᠰᠤᠷᠠᠭ᠎ᠠ ᠦᠭᠡᠢ ᠪᠠᠢᠬᠤ ᠳ᠋ᠤ᠌ ᠬᠦᠢᠲᠡᠨ ᠴᠠᠭ ᠤ᠋ᠨ ᠳᠣᠬᠢᠶ᠎ᠠ ᠡᠳᠦᠷ ᠡᠳᠦᠷ ᠢ᠋ᠶ᠋ᠡᠷ ᠢᠷᠡᠵᠦ ᠪᠠᠢᠬᠤ ᠨᠢ ᠭᠤᠨᠢᠭ ᠲᠠᠢ᠃
ᠳᠡᠯᠭᠡᠷ ᠵᠤᠨ ᠤ᠋ ᠵᠢᠷᠭᠠᠯ ᠲᠠᠢ ᠡᠳᠦᠷ ᠦ᠋ᠳ ᠢ᠋ ᠰᠡᠳᠬᠢᠯ ᠳᠣᠲᠣᠷᠠᠬᠢ ᠪᠠᠶᠠᠷ ᠪᠠᠶᠠᠰᠤᠯ ᠲᠠᠢ ᠬᠠᠮᠲᠤ ᠠᠪᠴᠤ ᠶᠠᠪᠤᠵᠤ ᠪᠠᠢᠭ᠎ᠠ ᠶᠤᠮ ᠰᠢᠭ᠋ ᠬᠥᠩᠭᠡᠨ ᠭᠤᠨᠢᠭ ᠬᠥᠮᠦᠨ ᠪᠦᠷᠢ ᠶ᠋ᠢᠨ ᠰᠡᠳᠬᠢᠯ ᠳ᠋ᠦ᠍ ᠲᠥᠷᠥᠨ᠎ᠡ᠃ ᠳᠤᠬᠤᠨ ᠤ᠋ ᠬᠥᠯᠥᠰᠥ ᠬᠠᠷ᠎ᠠ ᠠᠶᠠᠨ ᠳ᠋ᠠᠭᠠᠨ ᠴᠢᠳᠬᠤᠵᠤ᠂ ᠤᠳᠠᠭᠠᠨ ᠡᠪᠡᠳᠦᠭᠰᠡᠨ ᠡᠴᠡ ᠲᠠᠮᠢᠷ ᠨᠢ ᠲᠠᠰᠤᠷᠠᠭᠰᠠᠨ ᠪᠦᠰᠡᠭᠦᠢ ᠬᠥᠮᠦᠨ ᠦ᠌ ᠶᠣᠣᠯᠠᠬᠤ ᠳᠠᠭᠤ ᠣᠷᠴᠢᠨ ᠤ᠋ ᠠᠨᠢᠷ ᠦᠭᠡᠢ ᠶ᠋ᠢ ᠡᠪᠳᠡᠨ᠎ᠡ᠃ ᠭᠡᠷ ᠳᠣᠲᠣᠷ᠎ᠠ ᠪᠠᠢᠭ᠎ᠠ ᠬᠥᠮᠦᠰ ᠠᠷᠭ᠎ᠠ ᠪᠠᠨ ᠪᠠᠷᠠᠵᠠᠢ᠃
— ᠬᠡᠦᠬᠡᠳ ᠨᠢ ᠬᠦᠢ ᠪᠡᠨ ᠣᠷᠢᠶᠠᠭᠰᠠᠨ ᠠ᠋ᠴᠠ ᠲᠥᠷᠥᠵᠦ ᠴᠢᠳᠠᠬᠤ ᠦᠭᠡᠢ ᠪᠠᠢᠨ᠎ᠠ ᠭᠡᠬᠦ ᠪᠠᠷᠢᠶᠠᠴᠢ ᠡᠮᠡᠭᠡᠨ ᠦ᠌ ᠳᠠᠭᠤ ᠭᠡᠷ ᠡᠴᠡ ᠰᠣᠨᠣᠰᠤᠭᠳᠠᠨ᠎ᠠ᠃
— ᠶᠠᠮᠠᠷ ᠨᠢᠭᠡᠨ ᠠᠷᠭ᠎ᠠ ᠴᠠᠷᠭ᠎ᠠ ᠪᠣᠳᠣᠭᠠᠴᠢ ᠳᠠ᠂ ᠠᠯᠢ ᠨᠢᠭᠡ ᠶ᠋ᠢ ᠨᠢ ᠠᠮᠢᠳᠤ ᠦᠯᠡᠳᠡᠭᠡᠬᠦ ᠡᠴᠡ ᠥᠭᠡᠷ᠎ᠡ ᠠᠷᠭ᠎ᠠ ᠠᠯᠠᠭ᠎ᠠ᠃
ᠮᠥᠩᠬᠡ ᠬᠥᠬᠡ ᠲᠩᠷᠢ ᠮᠢᠨᠢ᠂ ᠭᠡᠮ ᠨᠢᠭᠦᠯ ᠢ᠋ ᠮᠢᠨᠢ ᠥᠷᠥᠰᠢᠶᠡᠨ ᠬᠡᠯᠲᠦᠷᠢᠭᠦᠯᠵᠦ ᠬᠠᠢᠷᠠᠯᠠ ᠭᠡᠰᠡᠨ ᠡᠷ᠎ᠡ ᠬᠥᠮᠦᠨ ᠦ᠌ ᠰᠠᠨᠳᠤᠷᠤᠩᠭᠤᠢ ᠳᠠᠭᠤ ᠳᠠᠪᠬᠤᠷ ᠰᠣᠨᠣᠰᠳᠠᠨ᠎ᠠ᠃ ᠡᠨᠡ ᠪᠣᠯ ᠵᠦᠷᠴᠢᠲᠡᠢ ᠶ᠋ᠢᠨ ᠭᠡᠷ ᠠᠭᠠᠳ ᠡᠬᠡᠨᠡᠷ ᠢᠪᠠᠭ᠎ᠠ ᠨᠢ ᠲᠥᠷᠥᠬᠦ ᠭᠡᠵᠦ ᠬᠣᠶᠠᠷ ᠡᠳᠦᠷ᠂ ᠬᠣᠶᠠᠷ ᠰᠥᠨᠢ ᠲᠣᠩᠰᠢᠭᠰᠠᠨ ᠨᠢ ᠲᠡᠷᠡ ᠪᠠᠢᠯ᠎ᠠ᠃ ᠡᠬᠡ ᠶ᠋ᠢᠨ ᠢ᠋ᠶ᠋ᠡᠨ ᠭᠡᠳᠡᠰᠦᠨ ᠳ᠋ᠦ᠍ ᠢᠩᠭᠢᠵᠦ ᠤᠳᠠᠭᠠᠨ ᠳᠤᠩᠰᠢᠵᠤ ᠪᠠᠢᠭ᠎ᠠ᠂ ᠤᠳᠠᠬᠤ ᠦᠭᠡᠢ ᠲᠥᠷᠥᠬᠦ ᠬᠡᠦᠬᠡᠳ ᠢ᠋ ᠬᠣᠶᠠᠷ ᠭᠠᠷᠳᠠᠨ ᠠᠪᠬᠤ ᠪᠠᠷ ᠬᠦᠯᠢᠶᠡᠵᠦ ᠪᠣᠢ ᠬᠥᠮᠦᠰ ᠠᠷᠭ᠎ᠠ ᠲᠠᠰᠤᠷᠠᠭᠠᠳ ᠪᠠᠢᠯ᠎ᠠ᠃ ᠪᠥᠬᠡ ᠢᠳᠤᠭᠠᠨ᠂ ᠡᠮᠴᠢ ᠳᠣᠮᠴᠢ᠂ ᠠᠯᠢ ᠠᠯᠢᠨ ᠨᠢ ᠪᠠᠢᠭᠠᠳ ᠲᠤᠰᠠ ᠶ᠋ᠢ ᠡᠰᠡ ᠦᠵᠡᠭᠦᠯᠦᠨ᠎ᠡ᠃ ᠡᠨᠡ ᠡᠪᠡᠳᠦᠯᠲᠡ ᠶ᠋ᠢ ᠲᠡᠰᠴᠦ᠂ ᠨᠢᠷᠠᠢᠯᠠᠬᠤ ᠭᠡᠵᠦ ᠪᠠᠢᠭ᠎ᠠ ᠡᠬᠡ᠂ ᠡᠬᠡ ᠶ᠋ᠢᠨ ᠢ᠋ᠶ᠋ᠡᠨ ᠠᠮᠢ ᠶ᠋ᠢ ᠴᠤ ᠲᠠᠰᠤᠯᠤᠨ ᠪᠤᠴᠠᠵᠤ ᠣᠳᠴᠤ ᠮᠠᠭᠠᠳ᠂ ᠬᠣᠷᠸ᠎ᠠ ᠳ᠋ᠤ᠌ ᠮᠡᠨᠳᠦᠯᠡᠭᠡ ᠦᠭᠡᠢ ᠦᠷ᠎ᠡ ᠡᠬᠡ ᠬᠣᠶᠠᠷ ᠢ᠋ ᠬᠡᠷᠬᠢᠨ ᠬᠣᠶᠠᠷ ᠶᠠᠰᠤ ᠰᠠᠯᠭᠠᠬᠤ ᠪᠢᠯᠡ᠃
ᠠᠮᠢ ᠲᠡᠮᠡᠴᠡᠨ ᠲᠠᠷᠴᠢᠯᠠᠬᠤ ᠢᠪᠠᠭ᠎ᠠ ᠶ᠋ᠢ ᠬᠠᠷᠠᠨ ᠬᠡᠷᠬᠢᠬᠦ ᠪᠡᠨ ᠮᠡᠳᠡᠬᠦ ᠦᠭᠡᠢ ᠰᠠᠭᠤᠬᠤ ᠵᠦᠷᠴᠢᠲᠡᠢ᠂ ᠰᠤᠷᠬᠠᠭᠲᠠᠨᠢ ᠬᠣᠶᠠᠷ ᠡᠨᠡ ᠤᠳᠠᠭ᠎ᠠ ᠳ᠋ᠤ᠌ ᠯᠠ ᠭᠠᠭᠴᠠᠬᠠᠨ ᠤᠳᠠᠭ᠎ᠠ᠂ ᠨᠢᠭᠡᠨ ᠵᠦᠢᠯ ᠦ᠋ᠨ ᠲᠥᠯᠥᠭᠡ ᠠᠳᠠᠯᠢᠬᠠᠨ ᠵᠠᠯᠪᠠᠷᠢᠵᠤ ᠪᠠᠢᠯ᠎ᠠ᠃ ᠡᠨᠡ ᠬᠣᠷᠸ᠎ᠠ ᠳᠡᠭᠡᠷ᠎ᠡ ᠬᠠᠮᠤᠭ ᠠ᠋ᠴᠠ ᠬᠠᠢᠷᠠᠲᠠᠢ᠂ ᠲᠦᠰᠢᠬᠦ ᠭᠠᠭᠴᠠᠬᠠᠨ ᠬᠥᠮᠦᠨ ᠢᠪᠠᠭ᠎ᠠ ᠶ᠋ᠢ ᠯᠡ ᠮᠢᠨᠢ ᠡᠰᠡᠨ ᠮᠡᠨᠳᠦ ᠦᠯᠡᠳᠡᠭᠡᠵᠦ ᠥᠭᠭᠦᠭᠡᠴᠢ ᠭᠡᠮᠡᠨ ᠮᠥᠩᠬᠡ ᠲᠩᠷᠢ ᠡᠴᠡ ᠲᠡᠳᠡ ᠭᠤᠶᠤᠨ ᠪᠠᠢᠯ᠎ᠠ᠃ ᠥᠩᠭᠡᠷᠡᠵᠦ ᠪᠠᠢᠭ᠎ᠠ ᠬᠣᠷᠣᠮ ᠮᠥᠴᠡ ᠪᠦᠬᠦᠨ ᠬᠦᠨᠳᠦ ᠡᠴᠡ ᠬᠦᠨᠳᠦ ᠠᠢᠳᠠᠰ ᠲᠠᠢ᠂ ᠠᠭᠱᠨᠨ ᠬᠣᠷᠣᠮ᠂ ᠴᠠᠭ ᠬᠤᠭᠤᠴᠠᠭ᠎ᠠ ᠥᠩᠭᠡᠷᠡᠭᠰᠡᠭᠡᠷ᠂ ᠠᠰᠢᠭᠦᠢ ᠨᠢᠭᠡ ᠤᠳᠠᠲᠠᠯ᠎ᠠ ᠲᠣᠩᠰᠢᠭᠰᠠᠨ ᠲᠦᠭᠰᠢᠭᠦᠷᠢ ᠠᠷᠢᠯᠭᠠᠵᠤ᠂ ᠰᠢᠨ᠎ᠡ ᠬᠥᠮᠦᠨ ᠮᠡᠨᠳᠦᠯᠡᠯ᠎ᠡ᠃
— ᠬᠦᠦ ᠪᠠᠢᠨ᠎ᠠ ᠭᠡᠬᠦ ᠪᠠᠷᠢᠶᠠᠴᠢ ᠡᠮᠡᠭᠡᠨ ᠦ᠌ ᠳᠠᠭᠤ ᠰᠠᠶᠢᠬᠠᠨ ᠮᠡᠨᠳᠦᠯᠡᠭᠰᠡᠨ ᠨᠢᠯᠬ᠎ᠠ ᠬᠡᠦᠬᠡᠳ ᠦ᠋ᠨ ᠳᠠᠭᠤ ᠲᠠᠢ ᠬᠣᠯᠢᠯᠳᠤᠨ ᠰᠣᠨᠣᠰᠳᠠᠬᠤ ᠲᠡᠷᠡ ᠴᠠᠭ ᠲᠤ ᠡᠨᠡ ᠬᠣᠶᠠᠷ ᠬᠥᠮᠦᠨ ᠠᠳᠠᠯᠢᠬᠠᠨ ᠪᠠᠶᠠᠷᠯᠠᠵᠤ᠂ ᠮᠥᠩᠬᠡ ᠲᠩᠷᠢ ᠳ᠋ᠦ᠍ ᠠᠳᠠᠯᠢᠬᠠᠨ ᠲᠠᠯᠠᠷᠬᠠᠭᠰᠠᠨ ᠪᠢᠯᠡ᠃ ᠭᠡᠪᠡᠴᠦ ᠡᠬᠡ ᠶ᠋ᠢᠨ ᠪᠡᠶ᠎ᠡ ᠲᠡᠩᠬᠡᠷᠡᠭᠰᠡᠨ ᠦᠭᠡᠢ᠂ ᠦᠵᠡᠲᠡᠯ᠎ᠡ ᠳᠣᠷᠣᠢᠲᠠᠭᠰᠠᠭᠠᠷ ᠪᠠᠢᠯ᠎ᠠ᠃ ᠲᠥᠷᠥᠭᠰᠡᠨ ᠬᠦᠦ ᠢᠯᠡᠳᠲᠡ ᠰᠠᠢᠵᠢᠷᠠᠨ ᠪᠠᠢᠬᠤ ᠳ᠋ᠤ᠌ ᠲᠥᠷᠥᠭᠦᠯᠦᠭᠰᠡᠨ ᠡᠬᠡ ᠶ᠋ᠢᠨ ᠪᠡᠶ᠎ᠡ ᠴᠠᠭᠠᠰᠢᠯᠠᠨ ᠪᠠᠢᠭᠰᠠᠨ ᠡᠨᠡ ᠦᠶ᠎ᠡ ᠳ᠋ᠦ᠍ ᠬᠡᠨ ᠬᠡᠨ ᠨᠢ ᠬᠡᠷᠬᠢᠬᠦ ᠪᠡᠨ ᠮᠡᠳᠡᠬᠦ ᠦᠭᠡᠢ ᠪᠠᠢᠭᠰᠠᠭᠠᠷ ᠢᠪᠠᠭ᠎ᠠ ᠶ᠋ᠢᠨ ᠪᠡᠶ᠎ᠡ ᠲᠡᠩᠬᠡᠭᠡ ᠤᠯᠠᠮ ᠳᠣᠷᠣᠳᠠᠪᠠ᠃ ᠨᠡᠭᠦᠵᠦ ᠢᠷᠡᠬᠦ ᠳ᠋ᠦ᠍ᠨᠢ ᠠᠭᠤᠯᠵᠠᠭᠰᠠᠨ ᠴᠠᠭ ᠠ᠋ᠴᠠ ᠬᠣᠢᠰᠢ ᠰᠤᠷᠬᠠᠭᠲᠠᠨᠢ ᠵᠦᠷᠴᠢᠲᠡᠢ ᠲᠡᠢ ᠦᠭᠡ ᠰᠣᠯᠢᠭ᠎ᠠ ᠦᠭᠡᠢ ᠪᠢᠯᠡ᠃ ᠬᠠᠷᠢᠨ ᠣᠳᠣ ᠪᠣᠯ ᠲᠡᠳᠡᠨ ᠳ᠋ᠦ᠍ ᠢᠩᠭᠢᠵᠦ ᠦᠰ ᠰᠠᠨᠠᠭᠠᠯᠵᠠᠬᠤ ᠴᠠᠭ ᠪᠠᠢᠭᠰᠠᠨ ᠦᠭᠡᠢ᠃ ᠰᠡᠳᠬᠢᠯ ᠳᠣᠩᠰᠣᠯᠭᠠᠭᠰᠠᠨ ᠴᠠᠭ ᠮᠥᠴᠡ ᠨᠦ᠍ᠭᠦᠳ ᠢᠪᠠᠭ᠎ᠠ ᠶ᠋ᠢᠨ ᠬᠠᠯᠠᠭᠤᠨ ᠠᠮᠢᠨ ᠠ᠋ᠴᠠ ᠵᠠᠭᠤᠷᠠᠭᠰᠠᠭᠠᠷ ᠯᠠ ᠪᠠᠢᠯ᠎ᠠ᠃ ᠦᠬᠦᠯ ᠠᠮᠢᠳᠤᠷᠠᠯ ᠬᠣᠶᠠᠷ ᠡᠭᠡᠯᠵᠢᠯᠡᠨ ᠪᠤᠯᠢᠶᠠᠴᠠᠯᠳᠤᠵᠤ ᠪᠠᠢᠭ᠎ᠠ ᠢᠪᠠᠭ᠎ᠠ ᠶ᠋ᠢ ᠬᠡᠷᠬᠢᠨ ᠠᠪᠤᠷᠠᠬᠤ ᠪᠢᠯᠡ ᠭᠡᠮᠡᠨ ᠮᠡᠳᠡᠳᠡᠭ ᠴᠢᠳᠠᠳᠠᠭ ᠪᠦᠬᠦᠨ ᠢ᠋ᠶ᠋ᠡᠨ ᠳᠠᠭᠤᠳᠠᠵᠤ᠂ ᠲᠤᠰᠠ ᠶ᠋ᠢ ᠡᠰᠡ ᠣᠯᠬᠤ ᠳ᠋ᠤ᠌ ᠠᠷᠭ᠎ᠠ ᠲᠠᠰᠤᠷᠠᠭᠰᠠᠨ ᠰᠤᠷᠬᠠᠭᠲᠠᠨᠢ ᠨᠣᠮ ᠤ᠋ᠨ ᠦᠷᠭᠦᠭᠡᠨ ᠳ᠋ᠡᠭᠡᠨ ᠣᠷᠣᠵᠤ᠂ ᠡᠷᠲᠡᠨ ᠦ᠌ ᠲᠣᠮ ᠰᠢᠪᠰᠢᠯᠭᠡᠲᠦ ᠰᠤᠳᠤᠷ ᠤ᠋ᠳ ᠠ᠋ᠴᠠ ᠡᠭᠡᠴᠢ ᠳ᠋ᠦ᠍ᠨᠢ ᠬᠡᠷᠡᠭ ᠪᠣᠯᠬᠤ ᠵᠦᠢᠯᠡᠰ ᠢ᠋ ᠬᠠᠢᠨ ᠪᠠᠢᠬᠤ ᠳ᠋ᠤ᠌ ᠵᠦᠷᠴᠢᠲᠡᠢ ᠡᠬᠡᠨᠡᠷ ᠦ᠋ᠨ ᠢ᠋ᠶ᠋ᠡᠨ ᠬᠠᠯᠠᠭᠤᠨ ᠭᠠᠷ ᠢ᠋ ᠠᠳᠬᠤᠭᠰᠠᠨ ᠬᠡᠪ ᠢ᠋ᠶ᠋ᠡᠷ ᠤᠳᠠᠬᠤ ᠦᠭᠡᠢ ᠳᠠᠭᠠᠭᠤᠯᠤᠨ ᠶᠠᠪᠤᠬᠤ ᠭᠡᠵᠦ ᠪᠠᠢᠭ᠎ᠠ ᠮᠥᠩᠬᠡ ᠪᠤᠰᠤ ᠶ᠋ᠢᠨ ᠡᠯᠴᠢ ᠲᠡᠢ ᠲᠡᠮᠡᠴᠡᠯᠳᠦᠭᠰᠡᠭᠡᠷ ᠪᠠᠢᠯ᠎ᠠ᠃ ᠦᠬᠦᠯ ᠠᠮᠢᠳᠤᠷᠠᠯ ᠬᠣᠶᠠᠷ ᠬᠣᠶᠠᠭᠤᠯᠠ ᠪᠤᠯᠢᠶᠠᠴᠠᠯᠳᠤᠨ᠂ ᠬᠡᠨ ᠨᠢ ᠳᠡᠢᠯᠬᠦ ᠪᠡᠨ ᠦᠵᠡᠵᠦ ᠪᠠᠢᠬᠤ ᠰᠢᠭ᠋ ᠰᠡᠳᠬᠢᠯ ᠲᠦᠭᠰᠢᠭᠰᠡᠨ ᠡᠳᠦᠷ ᠦ᠋ᠳ ᠦᠷᠭᠦᠯᠵᠢᠯᠡᠨ᠎ᠡ᠃
ᠵᠦᠷᠴᠢᠳᠠᠢ ᠰᠤᠷᠬᠠᠭᠲᠠᠨᠢ ᠬᠣᠶᠠᠭᠤᠯᠠ ᠨᠢᠭᠡᠨ ᠵᠣᠷᠢᠯᠭ᠎ᠠ ᠲᠠᠢ ᠬᠥᠮᠦᠰ ᠪᠣᠯᠵᠠᠢ᠃ ᠪᠣᠯᠵᠤ ᠥᠩᠭᠡᠷᠡᠭᠦᠯᠦᠭᠰᠡᠨ ᠡᠳᠦᠷ ᠦ᠋ᠳ ᠦ᠋ᠨ ᠥᠳᠬᠡᠨ ᠮᠠᠨᠠᠨ ᠬᠠᠶᠠᠭᠠᠨ ᠠ᠋ᠴᠠ ᠪᠠᠨ ᠵᠠᠮᠬᠠᠷᠠᠨ ᠠᠷᠢᠯᠵᠤ ᠪᠠᠢᠬᠤ ᠰᠢᠭ᠋᠃ ᠭᠡᠪᠡᠴᠦ ᠲᠡᠳᠡᠨ ᠦ᠌ ᠬᠠᠢᠷᠠᠲᠠᠢ ᠬᠥᠮᠦᠨ ᠢᠪᠠᠭ᠎ᠠ ᠶ᠋ᠢ ᠮᠥᠩᠬᠡ ᠪᠤᠰᠤ ᠶ᠋ᠢᠨ ᠡᠯᠴᠢ ᠳᠠᠭᠤᠳᠠᠭᠰᠠᠨ ᠬᠡᠪ ᠢ᠋ᠶ᠋ᠡᠷ᠃ ᠬᠡᠳᠦ ᠬᠣᠨᠣᠭ ᠤ᠋ᠨ ᠡᠪᠡᠳᠦᠯᠲᠡ ᠶ᠋ᠢ ᠰᠢᠲᠦ ᠵᠠᠭᠤᠨ ᠲᠡᠪᠴᠢᠵᠦ᠂ ᠤᠬᠠᠭᠠᠨ ᠲᠠᠢ ᠤᠬᠠᠭᠠᠨ ᠦᠭᠡᠢ ᠶ᠋ᠢᠨ ᠬᠣᠭᠣᠷᠣᠨᠳᠣ ᠨᠢᠷᠠᠢᠯᠠᠨ ᠵᠦᠷᠴᠢᠲᠡᠢ ᠳ᠋ᠦ᠍ ᠬᠦᠦ ᠲᠥᠷᠥᠭᠦᠯᠵᠦ ᠥᠭᠭᠦᠭᠰᠡᠨ ᠴᠤ ᠢᠪᠠᠭ᠎ᠠ ᠶ᠋ᠢᠨ ᠪᠡᠶ᠎ᠡ ᠲᠡᠩᠬᠡᠭᠡ ᠡᠳᠦᠷ ᠡᠳᠦᠷ ᠢ᠋ᠶ᠋ᠡᠷ ᠳᠣᠷᠣᠳᠠᠭᠰᠠᠭᠠᠷ ᠪᠠᠢᠯ᠎ᠠ᠃ ᠬᠣᠯᠠ ᠣᠢᠷ᠎ᠠ ᠠ᠋ᠴᠠ ᠡᠮᠴᠢ ᠳᠣᠮᠴᠢ ᠭᠡᠰᠡᠨ ᠪᠦᠬᠦᠨ ᠢ᠋ ᠵᠠᠯᠠᠨ ᠢᠷᠡᠭᠰᠡᠨ ᠴᠦ᠍ ᠲᠤᠰᠠ ᠶ᠋ᠢ ᠡᠰᠡ ᠣᠯᠤᠭᠰᠠᠭᠠᠷ
ᠠᠮᠢᠳᠤᠷᠠᠯ ᠤ᠋ᠨ ᠲᠥᠯᠥᠭᠡ᠂ ᠳᠥᠩᠭᠡᠵᠦ ᠲᠥᠷᠥᠭᠰᠡᠨ ᠬᠦᠦ ᠶ᠋ᠢᠨ ᠢ᠋ᠶ᠋ᠡᠨ ᠲᠥᠯᠥᠭᠡ ᠦᠬᠦᠯ ᠲᠡᠢ ᠬᠠᠯᠠᠭᠤᠨ ᠠᠮᠢᠰᠬᠤᠯ ᠢ᠋ᠶ᠋ᠠᠷ ᠢ᠋ᠶ᠋ᠠᠨ ᠲᠡᠮᠡᠴᠡᠨ ᠪᠠᠢᠭᠰᠠᠨ ᠢᠪᠠᠭ᠎ᠠ ᠬᠠᠮᠤᠭ ᠲᠡᠩᠬᠡᠭᠡ ᠪᠡᠨ ᠪᠠᠷᠠᠵᠠᠢ᠃ ᠲᠡᠭᠦᠨ ᠦ᠌ ᠨᠢᠭᠡ ᠭᠠᠷ ᠠ᠋ᠴᠠ ᠵᠦᠷᠴᠢᠲᠡᠢ᠂ ᠨᠥᠭᠦᠭᠡ ᠭᠠᠷ ᠠ᠋ᠴᠠ ᠨᠢ ᠰᠣᠷᠬᠠᠭᠲᠠᠨᠢ ᠴᠢᠩᠭ᠎ᠠ ᠠᠳᠬᠤᠨ ᠰᠠᠭᠤᠭᠰᠠᠨ ᠪᠠᠢᠯ᠎ᠠ᠃
ᠦᠳᠡ ᠳᠤᠮᠳᠠ ᠢᠪᠠᠭ᠎ᠠ ᠤᠬᠠᠭᠠᠨ ᠣᠷᠣᠪᠠ᠃ ᠬᠣᠶᠠᠷ ᠭᠠᠷ ᠠ᠋ᠴᠠ ᠠᠳᠬᠤᠨ ᠰᠠᠭᠤᠭᠰᠠᠨ ᠲᠡᠳᠡᠨ ᠢ᠋ ᠡᠭᠡᠯᠵᠢᠯᠡᠨ ᠬᠠᠷᠠᠭᠠᠳ ᠶᠠᠮᠠᠷ ᠨᠢᠭᠡᠨ ᠦᠭᠡ ᠬᠡᠯᠡᠬᠦ ᠭᠡᠰᠡᠨ ᠪᠣᠯᠪᠠᠴᠤ ᠴᠢᠳᠠᠭᠰᠠᠨ ᠦᠭᠡᠢ ᠪᠣᠯᠤᠯᠲᠠᠢ᠂ ᠬᠣᠶᠠᠷ ᠭᠠᠷ ᠢ᠋ᠶ᠋ᠠᠨ ᠬᠣᠭᠣᠷᠣᠨᠳᠣ ᠨᠢ ᠬᠦᠴᠦᠯᠡᠨ ᠣᠢᠷᠠᠲᠤᠭᠤᠯᠵᠤ ᠰᠤᠷᠬᠠᠭᠲᠠᠨᠢ᠂ ᠵᠦᠷᠴᠢᠳᠠᠢ ᠬᠣᠶᠠᠷ ᠤ᠋ᠨ ᠭᠠᠷ ᠢ᠋ ᠨᠡᠢᠯᠡᠭᠦᠯᠦᠭᠡᠳ ᠨᠢᠭᠡ ᠢᠨᠢᠶᠡᠪᠬᠢᠯᠡᠬᠦ ᠰᠢᠭ ᠪᠣᠯᠤᠭᠠᠳ ᠲᠦᠳᠡᠭᠡᠨᠡ ᠨᠢᠳᠦ ᠠᠨᠢᠯ᠎ᠠ᠃ ᠰᠤᠷᠬᠠᠭᠲᠠᠨᠢ ᠵᠦᠷᠴᠢᠲᠡᠢ ᠬᠣᠶᠠᠷ ᠨᠡᠢᠯᠡᠭᠰᠡᠨ ᠭᠠᠷ ᠢ᠋ᠶ᠋ᠠᠨ ᠴᠤ ᠰᠠᠯᠭᠠᠨ ᠠᠪᠬᠤ ᠤᠬᠠᠭᠠᠨ ᠪᠠᠢᠭᠰᠠᠨ ᠦᠭᠡᠢ᠃ ᠬᠡᠢ ᠳᠡᠮᠡᠢ ᠯᠡ ᠨᠡᠷ᠎ᠡ ᠶ᠋ᠢ ᠨᠢ ᠳᠠᠭᠤᠳᠠᠨ ᠬᠠᠰᠬᠢᠷᠤᠯ᠎ᠠ᠃ ᠢᠪᠠᠭ᠎ᠠ ᠠᠬᠢᠨ ᠨᠢᠳᠦ ᠪᠡᠨ ᠨᠡᠭᠡᠭᠡᠭᠰᠡᠨ ᠦᠭᠡᠢ᠃ ᠲᠣᠮᠣ ᠠᠯᠠᠭ ᠨᠢᠳᠦᠨ ᠦ᠌ ᠬᠢᠨᠢ ᠳᠡᠭᠡᠭᠦᠷ ᠬᠠᠷᠠᠯᠠᠨ ᠰᠡᠭᠦᠳᠡᠷᠲᠦᠬᠦ ᠤᠷᠲᠤ ᠰᠣᠷᠮᠤᠤᠰᠤ ᠶ᠋ᠢ ᠳᠠᠭᠠᠨ ᠭᠠᠭᠴᠠᠬᠠᠨ ᠳᠤᠰᠤᠯ ᠨᠢᠯᠪᠤᠰᠤ ᠲᠠᠰᠤᠷᠠᠨ ᠤᠨᠠᠵᠤ ᠰᠠᠨᠴᠢᠭ ᠤᠷᠤᠭᠤ ᠨᠢ ᠪᠥᠮᠪᠥᠷᠢᠨ ᠪᠠᠢᠬᠤᠢ ᠳ᠋ᠤ᠌ ᠲᠡᠷᠡ ᠬᠠᠯᠠᠭᠤᠨ ᠠᠮᠢᠰᠬᠤᠯ ᠢ᠋ᠶ᠋ᠠᠨ ᠬᠤᠷᠢᠶᠠᠵᠤ ᠪᠠᠢᠯ᠎ᠠ᠃
ᠮᠥᠩᠬᠡ ᠬᠥᠬᠡ ᠲᠩᠷᠢ ᠠᠪᠤᠷᠠᠯ ᠥᠷᠥᠰᠢᠶᠡᠯ ᠢ᠋ᠶ᠋ᠡᠨ ᠬᠠᠷᠠᠮ ᠦᠭᠡᠢ ᠬᠠᠢᠷᠠᠯᠠᠳᠠᠭ ᠴᠤ ᠡᠨᠡ ᠤᠳᠠᠭ᠎ᠠ ᠲᠡᠳᠡᠨ ᠦ᠌ ᠬᠦᠰᠡᠯᠲᠡ ᠶ᠋ᠢ ᠰᠣᠨᠣᠰᠤᠭᠰᠠᠨ ᠦᠭᠡᠢ᠃ ᠰᠤᠷᠬᠠᠭᠲᠠᠨᠢ ᠲᠠᠯ᠎ᠠ ᠶ᠋ᠢᠨ ᠡᠯᠢᠭᠡᠨ ᠳᠡᠭᠡᠷ᠎ᠡ ᠤᠷᠢ ᠭᠠᠭᠴᠠᠭᠠᠷ ᠢ᠋ᠶ᠋ᠠᠨ ᠦᠯᠡᠳᠡᠵᠦ᠂ ᠵᠦᠷᠴᠢᠳᠠᠢ ᠬᠣᠶᠠᠷ ᠥᠬᠢᠨ᠂ ᠳᠥᠩᠭᠡᠵᠦ ᠨᠢᠷᠠᠢᠯᠠᠭᠰᠠᠨ ᠪᠢᠴᠢᠬᠠᠨ ᠬᠦᠦ ᠶ᠋ᠢᠨ ᠬᠠᠮᠲᠤ ᠥᠨᠥᠴᠢᠷᠡᠨ ᠦᠯᠡᠳᠡᠵᠡᠢ᠃ ᠬᠡᠴᠢᠨᠡᠭᠡᠨ ᠶᠡᠬᠡ ᠣᠢ ᠭᠠᠰᠢᠭᠤ ᠪᠣᠢ᠂ ᠡᠬᠡ ᠶ᠋ᠢᠨ ᠢ᠋ᠶ᠋ᠡᠨ ᠠᠮᠢ ᠶ᠋ᠢ ᠲᠠᠰᠤᠯᠤᠨ ᠲᠥᠷᠥᠭᠰᠡᠨ ᠲᠡᠷᠡ ᠪᠢᠴᠢᠬᠠᠨ ᠠᠮᠢᠲᠠᠨ ᠴᠠᠭᠠᠰᠢ ᠬᠡᠷᠬᠢᠨ ᠠᠮᠢᠳᠤᠷᠠᠬᠤ ᠪᠢᠯᠡ᠃ ᠳᠠᠩ ᠲᠤᠩ ᠲᠠᠢ ᠪᠠᠢᠭᠰᠠᠨ ᠡᠳᠦᠷ ᠬᠣᠨᠣᠭ ᠤ᠋ᠳ ᠤ᠋ᠨ ᠳᠤᠮᠳᠠ ᠢᠪᠠᠭ᠎ᠠ ᠶ᠋ᠢ ᠬᠥᠳᠡᠭᠡᠯᠡᠭᠦᠯᠬᠦ ᠠᠵᠢᠯ ᠢ᠋ ᠳᠠᠭᠤᠰᠬᠠᠯ᠎ᠠ᠃ ᠭᠠᠵᠠᠷ ᠳᠡᠭᠡᠷᠡᠬᠢ ᠭᠠᠭᠴᠠ ᠳᠡᠭᠦᠦ ᠪᠡᠨ ᠵᠣᠷᠢᠨ ᠠᠭᠤᠯᠵᠠᠬᠤ ᠶ᠋ᠢᠨ ᠬᠦᠰᠡᠯᠡᠩ ᠪᠣᠯᠵᠤ ᠢᠷᠡᠭᠰᠡᠨ ᠢᠪᠠᠭ᠎ᠠ ᠶᠠᠭᠤᠨ ᠤ᠋ ᠲᠥᠯᠥᠭᠡ ᠶᠠᠭᠠᠷᠠᠭᠰᠠᠨ ᠶᠤᠮ ᠪᠣᠯ᠂ ᠠᠮᠢ ᠲᠡᠮᠡᠴᠡᠭᠦᠯᠦᠨ ᠠᠪᠴᠤ ᠶᠠᠪᠤᠬᠤ ᠡᠴᠦᠰ ᠦ᠋ᠨ ᠠᠮᠢᠰᠬᠤᠯ ᠢ᠋ᠶ᠋ᠠᠨ ᠳᠡᠭᠦᠦ ᠶ᠋ᠢᠨ ᠢ᠋ᠶ᠋ᠡᠨ ᠭᠠᠷ ᠳᠡᠭᠡᠷ᠎ᠡ ᠲᠠᠰᠤᠳᠠᠬᠤ ᠭᠡᠵᠦ ᠲᠡᠷᠡ ᠢᠩᠭᠢᠵᠦ ᠲᠡᠮᠡᠴᠡᠵᠦ ᠢᠷᠡᠭᠰᠡᠨ ᠭᠡᠵᠦ ᠤᠤ᠃
ᠢᠪᠠᠭ᠎ᠠ ᠶᠢ ᠬᠥᠳᠡᠭᠡᠯᠡᠭᠦᠯᠦᠭᠰᠡᠨ ᠡᠴᠡ ᠬᠡᠳᠦᠨ ᠬᠣᠨᠣᠭ ᠥᠩᠭᠡᠷᠡᠵᠡᠢ᠃ ᠵᠡᠭᠡᠷ᠎ᠡ ᠰᠢᠭ ᠪᠦᠯᠲᠡᠯᠵᠡᠨ ᠪᠠᠢᠭ᠎ᠠ ᠬᠣᠶᠠᠷ ᠥᠬᠢᠨ᠂ ᠳᠥᠩᠭᠡᠵᠦ ᠲᠥᠷᠥᠭᠰᠡᠨ ᠥᠨᠥᠴᠢᠨ ᠬᠦᠦ ᠪᠡᠨ ᠲᠡᠪᠡᠷᠢᠭᠰᠡᠭᠡᠷ ᠵᠦᠷᠴᠢᠲᠡᠢ ᠰᠤᠷᠬᠠᠭᠲᠠᠨᠢ ᠶ᠋ᠢᠨ ᠦᠷᠭᠦᠭᠡᠨ ᠳ᠋ᠦ᠍ ᠣᠷᠣᠵᠤ ᠢᠷᠡᠯ᠎ᠡ᠃
— ᠨᠢᠭᠡᠨ ᠬᠠᠯᠠᠭᠤᠨ ᠠᠮᠢ ᠶ᠋ᠢ ᠲᠠᠰᠤᠯᠵᠤ᠂ ᠨᠥᠭᠦᠭᠡ ᠠᠮᠢ ᠶ᠋ᠢ ᠣᠯᠤᠨ᠎ᠠ ᠭᠡᠵᠦ ᠰᠠᠨᠠᠭᠰᠠᠨ ᠦᠭᠡᠢ᠂ ᠬᠥᠭᠡᠷᠦᠬᠦᠢ ᠢᠪᠠᠭ᠎ᠠ ᠮᠢᠨᠢ᠂ ᠪᠢ ᠡᠭᠡᠴᠢ ᠳ᠋ᠦ᠍ ᠴᠢᠨᠢ ᠬᠠᠢᠷᠠᠲᠠᠢ ᠪᠠᠢᠭᠰᠠᠨ ᠶᠤᠮ ᠰᠢᠦ ᠳᠡ᠂ ᠮᠥᠩᠬᠡ ᠲᠩᠷᠢ ᠨᠠᠮᠠᠶ᠋ᠢ ᠪᠠᠰᠠ ᠴᠡᠭᠡᠷᠯᠡᠭᠦᠯᠦᠯᠡ᠃ ᠲᠩᠷᠢ ᠮᠢᠨᠦ ᠨᠢᠭᠦᠯ ᠢ᠋ ᠠᠭᠤᠴᠢᠯᠠᠵᠤ ᠡᠰᠡ ᠴᠢᠳᠠᠪᠠ᠃ ᠮᠥᠩᠬᠡ ᠲᠩᠷᠢ ᠶ᠋ᠢᠨ ᠭᠡᠰᠬᠡᠯ ᠢ᠋ ᠪᠢ ᠥᠪᠡᠷ ᠢ᠋ᠶ᠋ᠡᠨ ᠡᠭᠦᠷᠴᠦ ᠭᠠᠷᠬᠤ ᠶᠣᠰᠣᠲᠠᠢ᠃ ᠲᠡᠢᠮᠦ ᠡᠴᠡ ᠬᠡᠦᠬᠡᠳ ᠦ᠋ᠳ ᠢ᠋ᠶ᠋ᠡᠨ ᠠᠪᠤᠨ ᠪᠤᠴᠠᠬᠤ ᠪᠠᠷ ᠰᠢᠢᠳᠦᠯ᠎ᠡ ᠭᠡᠵᠦ ᠬᠡᠯᠡᠭᠡᠳ ᠬᠠᠴᠠᠷ ᠢ᠋ ᠨᠢ ᠳᠠᠭᠠᠨ ᠤᠷᠤᠰᠬᠤ ᠨᠢᠯᠪᠤᠰᠤ ᠪᠠᠨ ᠴᠤ᠌ ᠠᠷᠴᠢᠬᠤ ᠰᠥᠬᠥᠭᠡ ᠦᠭᠡᠢ ᠬᠠᠲᠤᠨ ᠤ᠋ ᠡᠮᠦᠨ᠎ᠡ ᠰᠠᠭᠤᠬᠤ ᠬᠥᠭᠡᠷᠦᠬᠦᠢᠯᠡᠯᠲᠡᠢ ᠡᠷ᠎ᠡ ᠶ᠋ᠢ ᠰᠤᠷᠬᠠᠭᠲᠠᠨᠢ ᠬᠠᠷᠠᠵᠤ᠂ ᠰᠡᠳᠬᠢᠯ ᠳ᠋ᠡᠭᠡᠨ ᠦᠷᠦ ᠡᠪᠡᠳᠴᠦ ᠪᠠᠢᠯ᠎ᠠ᠃
ᠣᠯᠠᠨ ᠵᠢᠯ ᠦ᠋ᠨ ᠡᠮᠦᠨ᠎ᠡ ᠪᠦᠬᠦᠨ ᠡᠴᠡ ᠬᠦᠴᠦᠷᠬᠡᠭ ᠶᠠᠪᠤᠭᠰᠠᠨ ᠡᠨᠡ ᠡᠷ᠎ᠡ ᠶ᠋ᠢ ᠴᠠᠭ ᠬᠤᠭᠤᠴᠠᠭᠠᠨ ᠤ᠋ ᠰᠢᠭᠤᠷᠭᠠᠨ ᠬᠠᠢᠷ᠎ᠠ ᠨᠠᠢᠷ ᠦᠭᠡᠢ ᠬᠠᠴᠠᠷ ᠳᠤᠮᠳᠠᠭᠤᠷ ᠨᠢ ᠣᠷᠢᠶᠠᠯᠭᠠᠭᠰᠠᠨ ᠮᠡᠲᠦ ᠨᠢᠭᠤᠷ ᠲᠤᠨᠢ ᠭᠦᠨ ᠦᠷᠴᠢᠯᠡᠭᠡᠰᠦ ᠨᠦ᠍ᠭᠦᠳ ᠲᠣᠳᠣᠷᠠᠵᠤ᠂ ᠲᠡᠷᠡ ᠴᠠᠭ ᠤ᠋ᠨ ᠡᠷ᠎ᠡ ᠵᠣᠷᠢᠭ ᠨᠢ ᠮᠣᠬᠣᠭᠰᠠᠨ ᠬᠠᠷᠠᠭᠳᠠᠨ᠎ᠠ᠃ ᠡᠴᠢᠭᠡ ᠶ᠋ᠢ ᠨᠢ ᠳᠠᠷᠤᠵᠤ᠂ ᠡᠭᠡᠴᠢ ᠶ᠋ᠢ ᠨᠢ ᠠᠪᠤᠭᠰᠠᠨ ᠤᠷᠢᠳᠤ ᠶ᠋ᠢᠨ ᠵᠦᠷᠴᠢᠲᠡᠢ ᠲᠠᠨᠢᠭᠳᠠᠬᠤ ᠪᠠᠷ ᠦᠭᠡᠢ ᠥᠭᠡᠷᠡᠴᠢᠯᠡᠭᠳᠡᠭᠰᠡᠨ ᠢ᠋ ᠰᠤᠷᠬᠠᠭᠲᠠᠨᠢ ᠰᠠᠶᠢ ᠣᠯᠵᠤ ᠬᠠᠷᠠᠯ᠎ᠠ᠃ ᠵᠦᠷᠴᠢᠲᠡᠢ ᠦᠷᠭᠦᠯᠵᠢᠯᠡᠭᠦᠯᠦᠨ᠄
— ᠤᠷᠢᠳ ᠰᠥᠨᠢ ᠶᠡᠬᠡ ᠤᠷᠲᠤ ᠰᠥᠨᠢ ᠪᠠᠢᠯ᠎ᠠ᠃ ᠪᠢ ᠥᠪᠡᠷ ᠦ᠋ᠨ ᠪᠣᠯᠤᠨ ᠥᠷᠥᠭᠡᠯ ᠪᠤᠰᠤᠳ ᠤ᠋ᠨ ᠠᠮᠢᠳᠤᠷᠠᠯ ᠢ᠋ ᠡᠷᠭᠢᠴᠡᠭᠦᠯᠦᠨ ᠪᠣᠳᠣᠵᠤ ᠬᠣᠨᠣᠯ᠎ᠠ᠃ ᠡᠬᠡ ᠶ᠋ᠢᠨ ᠢ᠋ᠶ᠋ᠡᠨ ᠠᠮᠢᠨ ᠤ᠋ ᠦᠨ᠎ᠡ ᠲᠡᠢ ᠠᠮᠢ ᠥᠭᠡᠳᠡᠰᠦ ᠮᠢᠨᠢ᠂ ᠬᠠᠯᠠᠭᠤᠨ ᠰᠦ ᠭᠣᠷᠢᠳᠠᠨ ᠠᠮᠠ ᠨᠢ ᠠᠩᠭᠠᠯᠵᠠᠬᠤ ᠶ᠋ᠢ ᠪᠢ ᠶᠠᠭᠠᠬᠢᠯᠲᠠᠢ᠃ ᠵᠦᠷᠴᠢᠲᠡᠢ ᠨᠡᠬᠡᠢ ᠥᠯᠥᠭᠡᠢ ᠲᠡᠢ ᠬᠦᠦ ᠪᠡᠨ ᠬᠠᠷᠠᠨ ᠬᠡᠰᠡᠭ ᠰᠠᠭᠤᠬᠤ ᠵᠠᠭᠤᠷ᠎ᠠ ᠳ᠋ᠤ᠌ ᠨᠢᠳᠦᠨ ᠳ᠋ᠦ᠍ᠨᠢ ᠴᠢᠭᠢᠭ ᠲᠡᠳᠡᠨ ᠢᠷᠡᠭᠡᠳ ᠲᠡᠷᠡ ᠳᠣᠣᠷ᠎ᠠ ᠪᠠᠨ ᠵᠠᠮᠬᠠᠷᠠᠨ ᠪᠠᠢᠬᠤ ᠰᠢᠭ᠋ ᠪᠣᠯᠤᠨ᠎ᠠ᠃
—ᠭᠡᠪᠡᠴᠦ ᠡᠨᠡ ᠪᠣᠯ ᠮᠢᠨᠦ ᠬᠦᠦ᠃ ᠠᠮᠢᠳᠤᠷᠠᠯ ᠤ᠋ᠨ ᠮᠢᠨᠢ ᠦᠷᠭᠦᠯᠵᠢᠯᠡᠯ ᠨᠢᠭᠡᠨ ᠴᠠᠭ ᠲᠤ ᠲᠩᠷᠢ ᠪᠣᠯᠤᠭᠰᠠᠨ ᠡᠪᠦᠭᠡ ᠡᠴᠢᠭᠡ ᠶ᠋ᠢᠨ ᠬᠢᠨᠢ ᠨᠡᠷ᠎ᠡ ᠶ᠋ᠢ ᠬᠠᠢᠷᠠᠯᠠᠨ ᠪᠢ ᠬᠦᠦ ᠳ᠋ᠡᠭᠡᠨ ᠵᠠᠬ᠎ᠠ ᠬᠠᠮᠪᠤ ᠨᠡᠷ᠎ᠡ ᠥᠭᠭᠦᠯ᠎ᠡ᠃ ᠬᠠᠲᠤᠨ ᠮᠢᠨᠢ ᠪᠢ ᠨᠠᠰᠤᠨ ᠲᠤᠷᠰᠢᠳᠠ ᠪᠠᠨ ᠡᠨᠡ ᠬᠥᠮᠦᠨ ᠦ᠌ ᠲᠥᠯᠥᠭᠡ ᠠᠮᠢᠳᠤᠷᠠᠬᠤ ᠪᠣᠯᠤᠨ᠎ᠠ ᠭᠡᠵᠦ ᠬᠡᠯᠡᠪᠡ᠃
ᠡᠨᠡ ᠯᠡ ᠦᠶ᠎ᠡ ᠳ᠋ᠦ᠍ ᠰᠤᠷᠬᠠᠭᠲᠠᠨᠢ ᠶ᠋ᠢᠨ ᠨᠢᠳᠦᠨ ᠡᠴᠡ ᠨᠢᠯᠪᠤᠰᠤᠨ ᠬᠡᠯᠬᠢᠶ᠎ᠡ ᠴᠤᠪᠤᠷᠠᠨ ᠬᠠᠴᠠᠷ ᠳᠡᠭᠡᠭᠦᠷ ᠨᠢ ᠥᠪᠡᠷ ᠦ᠋ᠨ ᠮᠠᠲᠠᠯ ᠦᠭᠡᠢ ᠤᠷᠤᠰᠤᠨ ᠪᠠᠢᠭ᠎ᠠ ᠶ᠋ᠢ ᠲᠡᠷᠡ ᠥᠪᠡᠷ ᠢ᠋ᠶ᠋ᠡᠨ ᠴᠦ᠍ ᠠᠩᠵᠠᠭᠠᠷᠠᠭᠰᠠᠨ ᠦᠭᠡᠢ᠂ ᠮᠠᠭᠠᠳ ᠦᠭᠡᠢ ᠡᠨᠡ ᠯᠡ ᠠᠭᠱᠨ ᠳ᠋ᠤ᠌ ᠰᠤᠷᠬᠠᠭᠲᠠᠨᠢ ᠵᠦᠷᠴᠢᠲᠡᠢ ᠶ᠋ᠢ ᠰᠡᠳᠬᠢᠯ ᠵᠢᠷᠦᠬᠡᠨ ᠦ᠌ ᠪᠡᠨ ᠭᠦᠨ ᠡᠴᠡ ᠠᠭᠤᠴᠢᠯᠠᠨ ᠥᠷᠥᠰᠢᠶᠡᠭᠰᠡᠨ ᠪᠢᠵᠡ᠃ ᠰᠤᠷᠬᠠᠭᠲᠠᠨᠢ ᠰᠠᠶᠢᠬᠠᠨ ᠲᠥᠷᠥᠭᠰᠡᠨ ᠬᠦᠦ ᠶ᠋ᠢ ᠵᠦᠷᠴᠢᠲᠡᠢ ᠶ᠋ᠢᠨ ᠭᠠᠷ ᠠ᠋ᠴᠠ ᠠᠪᠤᠨ ᠡᠪᠦᠷ ᠳᠡᠭᠡᠷ᠎ᠡ ᠪᠡᠨ ᠲᠠᠯᠪᠢᠭᠠᠳ᠄
— ᠮᠥᠩᠬᠡ ᠲᠩᠷᠢ ᠪᠦᠭᠦᠳᠡ ᠶ᠋ᠢ ᠪᠣᠯᠭᠣᠭᠠᠨ ᠬᠠᠷᠠᠳᠠᠭ ᠲᠤᠯᠠ ᠮᠠᠭᠠᠳ ᠨᠠᠮᠠᠶ᠋ᠢ ᠥᠷᠥᠰᠢᠶᠡᠬᠦ ᠪᠢᠵᠡ᠂ ᠨᠢᠭᠡ ᠠᠮᠢ ᠶ᠋ᠢ ᠲᠠᠰᠤᠯᠤᠨ ᠣᠲᠣᠭᠤᠯᠤᠭᠰᠠᠨ ᠴᠤ ᠨᠥᠭᠦᠭᠡ ᠠᠮᠢ ᠶ᠋ᠢ ᠠᠪᠤᠷᠠᠨ ᠦᠯᠡᠳᠡᠬᠦ ᠵᠦᠷᠴᠢᠲᠡᠢ ᠴᠢᠮᠠᠶ᠋ᠢ ᠪᠢ ᠶᠠᠭᠠᠬᠢᠯᠲᠠᠢ ᠭᠡᠵᠦ ᠬᠡᠯᠡᠭᠡᠳ ᠬᠦᠦ ᠶ᠋ᠢ ᠡᠴᠢᠭᠡ ᠶ᠋ᠢᠨ ᠬᠢᠨᠢ ᠭᠠᠷ ᠲᠤ ᠥᠭᠭᠦᠭᠡᠳ ᠪᠣᠰᠴᠤ ᠠᠪᠳᠠᠷ᠎ᠠ ᠳᠣᠲᠣᠷ᠎ᠠ ᠠ᠋ᠴᠠ ᠵᠦᠷᠴᠢᠲᠡᠢ ᠠᠩᠬ᠎ᠠ ᠨᠡᠭᠦᠨ ᠢᠷᠡᠵᠦ ᠪᠠᠢᠬᠤ ᠳ᠋ᠠᠭᠠᠨ ᠥᠭᠴᠦ ᠪᠠᠢᠭᠰᠠᠨ ᠬᠤᠷᠠᠭᠠᠨ ᠳᠡᠪᠡᠯ ᠢ᠋ ᠭᠠᠷᠭᠠᠨ ᠢᠷᠡᠵᠦ᠂ ᠠᠷᠠᠰᠤᠨ ᠳᠣᠲᠣᠷ ᠢ᠋ ᠨᠢ ᠭᠠᠳᠠᠭᠰᠢ ᠬᠠᠷᠠᠭᠤᠯᠤᠭᠠᠳ ᠲᠡᠭᠦᠨ ᠳ᠋ᠦ᠍ ᠪᠠᠷᠢᠯ᠎ᠠ᠃ ᠰᠤᠷᠬᠠᠭᠳᠠᠨᠢ᠄
— ᠡᠩᠭᠡᠷ ᠵᠥᠪ ᠡᠨᠡ ᠳᠡᠪᠡᠯ ᠢ᠋ ᠡᠷᠭᠢᠭᠦᠯᠦᠨ ᠪᠤᠷᠤᠭᠤ ᠡᠩᠭᠡᠷ ᠲᠡᠢ ᠪᠣᠯᠭᠠᠯ᠎ᠠ᠃ ᠡᠷᠬᠡ ᠲᠠᠩᠬᠢᠯ ᠵᠠᠬ᠎ᠠ ᠬᠠᠮᠪᠤ ᠬᠦᠦ ᠪᠡᠨ ᠬᠠᠢᠷᠠᠯᠠᠨ ᠥᠰᠬᠡᠭᠡᠷᠡᠢ ᠭᠡᠬᠦ ᠳ᠋ᠦ᠍ ᠵᠦᠷᠴᠢᠲᠡᠢ ᠶ᠋ᠢᠨ ᠴᠡᠭᠡᠵᠢᠨ ᠳ᠋ᠦ᠍ ᠭᠠᠰᠢᠭᠤᠨ ᠠ᠋ᠴᠠ ᠭᠠᠰᠢᠭᠤᠨ ᠵᠦᠢᠯ ᠤᠷᠤᠰᠤᠨ ᠪᠠᠢᠬᠤ ᠰᠢᠭ᠋ ᠪᠣᠯᠵᠤ᠄
— ᠬᠠᠭᠠᠨ ᠡᠵᠡᠨ ᠳ᠋ᠦ᠍ ᠦᠨᠡᠨᠴᠢ ᠪᠠᠢᠬᠤ ᠨᠢ ᠬᠠᠷᠠᠴᠤ ᠪᠣᠭᠣᠯ ᠤ᠋ᠨ ᠡᠭᠦᠷᠭᠡ ᠭᠡᠯᠡ ᠴᠦ᠍ ᠡᠨᠡ ᠴᠠᠭ ᠠ᠋ᠴᠠ ᠬᠣᠢᠰᠢ ᠥᠪᠡᠷ ᠦ᠋ᠨ ᠵᠠᠮ ᠢ᠋ ᠬᠥᠭᠡᠭᠡᠨ᠂ ᠦᠷ᠎ᠡ ᠬᠡᠦᠬᠡᠳ ᠦ᠋ᠨ ᠢ᠋ᠶ᠋ᠡᠨ ᠲᠥᠯᠥᠭᠡ ᠡᠭᠡᠯ ᠠᠷᠠᠳ ᠪᠣᠯᠤᠨ ᠠᠮᠢᠳᠤᠷᠠᠬᠤ ᠬᠦᠰᠡᠯ ᠲᠡᠢ ᠪᠠᠢᠭ᠎ᠠ ᠶ᠋ᠢ ᠮᠢᠨᠢ ᠬᠠᠭᠠᠨ ᠡᠵᠡᠨ ᠳ᠋ᠦ᠍ ᠤᠯᠠᠮᠵᠢᠯᠠᠨ ᠥᠭᠭᠦᠭᠡᠷᠡᠢ ᠬᠡᠮᠡᠭᠡᠳ ᠵᠠᠬ᠎ᠠ ᠬᠠᠮᠪᠤ ᠬᠦᠦ ᠪᠡᠨ ᠲᠡᠪᠡᠷᠢᠵᠦ ᠬᠣᠶᠠᠷ ᠥᠬᠢᠨ ᠢ᠋ᠶ᠋ᠡᠨ ᠳᠠᠭᠠᠭᠤᠯᠤᠭᠰᠠᠭᠠᠷ ᠭᠠᠷᠴᠤ ᠣᠳᠤᠯ᠎ᠠ᠃ ᠳᠠᠩᠴᠤ ᠶᠡᠬᠡ ᠦᠨ᠎ᠡ ᠪᠡᠷ ᠪᠡᠶ᠎ᠡ ᠪᠡᠶ᠎ᠡ ᠪᠡᠨ ᠣᠢᠯᠠᠭᠠᠯᠴᠠᠨ ᠪᠣᠢ ᠡᠨᠡ ᠬᠣᠶᠠᠷ ᠬᠥᠮᠦᠨ ᠡᠭᠡᠷᠡᠮ᠎ᠡ ᠲᠠᠯ᠎ᠠ ᠶ᠋ᠢᠨ ᠡᠯᠢᠭᠡᠨ ᠳᠡᠭᠡᠷ᠎ᠡ ᠡᠷᠭᠢᠵᠦ ᠳᠠᠬᠢᠨ ᠠᠭᠤᠯᠵᠠᠬᠤ ᠪᠣᠯᠪᠠ ᠤᠤ᠃ ᠲᠡᠷᠡ ᠦᠶ᠎ᠡ ᠳ᠋ᠦ᠍ ᠲᠡᠳᠡ ᠡᠯᠢᠭᠡ ᠨᠢᠭᠡᠲᠡᠨ ᠢ᠋ᠶ᠋ᠡᠨ ᠰᠠᠨᠠᠭᠰᠠᠨ ᠰᠡᠳᠬᠢᠯ ᠢ᠋ᠶ᠋ᠡᠷ ᠪᠠᠶᠠᠷᠲᠠᠢ ᠠᠭᠤᠯᠵᠠᠬᠤ ᠰᠠᠢᠬᠠᠨ ᠴᠠᠭ ᠢᠷᠡᠬᠦ ᠪᠣᠯᠪᠠ ᠤᠤ᠃
ᠬᠦᠢᠲᠡᠨ ᠡᠪᠦᠯ ᠦ᠋ᠨ ᠡᠷᠴᠢ᠂ ᠠᠭᠠᠭᠢᠮ᠎ᠠ ᠵᠤᠨ ᠤ᠋ ᠬᠠᠯᠠᠭᠤᠨ ᠲᠠᠢ ᠡᠭᠡᠯᠵᠢᠯᠡᠨ ᠪᠠᠢᠳᠠᠭ ᠲᠠᠯ᠎ᠠ ᠨᠤᠲᠤᠭ ᠲᠤ ᠬᠥᠮᠦᠨ ᠦ᠌ ᠰᠡᠳᠬᠢᠯ ᠴᠤ ᠵᠤᠨ ᠴᠠᠭ ᠰᠢᠭ᠋ ᠳᠡᠯᠭᠡᠷᠡᠬᠦ ᠨᠢ ᠣᠯᠠᠨ ᠬᠣᠢᠨ᠎ᠠ ᠳᠠ᠃ ᠰᠡᠳᠬᠢᠯ ᠬᠠᠷᠠᠯᠠᠭᠤᠯᠤᠭᠰᠠᠨ ᠬᠦᠨᠳᠦ ᠡᠳᠦᠷ ᠦ᠋ᠳ ᠨᠢᠭᠡ ᠨᠢᠭᠡ ᠪᠡᠷ ᠢ᠋ᠶ᠋ᠡᠨ ᠠᠯᠤᠰᠷᠠᠨ ᠬᠣᠯᠠᠳᠴᠤ ᠪᠠᠢᠬᠤ ᠳ᠋ᠤ᠌ ᠳᠠᠬᠢᠨ ᠨᠢᠭᠡ ᠡᠮᠭᠡᠨᠢᠯᠲᠦ ᠮᠡᠳᠡᠭᠡ ᠠᠭᠤᠷᠠᠭ ᠲᠤ ᠢᠷᠡᠵᠦ ᠠᠯᠲᠠᠨ ᠤᠷᠤᠭ ᠤ᠋ᠨ ᠬᠢᠨ ᠦ᠌ ᠵᠢᠷᠦᠬᠡ ᠰᠡᠳᠬᠢᠯ ᠢ᠋ ᠰᠢᠷᠬᠠᠯᠠᠭᠤᠯᠤᠯᠠ᠃ ᠬᠥᠮᠦᠨ ᠦ᠌ ᠠᠮᠢᠳᠤᠷᠠᠯ ᠳ᠋ᠤ᠌ ᠡᠳ᠋ᠯᠡᠵᠦ ᠳᠠᠭᠤᠰᠬᠤ ᠦᠭᠡᠢ ᠵᠢᠷᠭᠠᠯ᠂ ᠲᠤᠭᠤᠯᠵᠤ ᠪᠠᠷᠠᠬᠤ ᠦᠭᠡᠢ ᠵᠣᠪᠠᠯᠠᠩ ᠤ᠋ᠨ ᠠᠯᠢ ᠠᠯᠢ ᠨᠢ ᠲᠣᠬᠢᠶᠠᠯᠳᠤᠬᠤ ᠦᠶ᠎ᠡ ᠪᠣᠢ᠃ ᠭᠣᠣᠯ ᠬᠠᠷᠠᠯᠠᠭᠤᠯᠤᠭᠰᠠᠨ ᠡᠨᠡ ᠮᠡᠳᠡᠭᠡ ᠰᠤᠷᠬᠠᠭᠳᠠᠨᠢ ᠶ᠋ᠢᠨ ᠰᠡᠳᠬᠢᠯ ᠳᠣᠲᠣᠷ᠎ᠠ ᠦᠯᠡᠳᠡᠭᠰᠡᠨ ᠪᠠᠭᠠᠬᠠᠨ ᠭᠠᠯ ᠢ᠋ ᠦᠯᠢᠶᠡᠨ ᠤᠨᠲᠠᠷᠠᠭᠠᠬᠤ ᠰᠢᠭ᠋ ᠪᠣᠯᠪᠠ᠃ ᠡᠮᠦᠨ᠎ᠡ ᠨᠢ ᠰᠥᠬᠥᠷᠡᠨ ᠰᠠᠭᠤᠭᠰᠠᠨ ᠡᠯᠴᠢ᠄《ᠬᠠᠰᠠᠷ ᠨᠣᠶᠠᠨ ᠬᠡᠯᠡ ᠬᠦᠷᠭᠡᠭᠦᠯᠦᠯ᠎ᠡ᠂ ᠥᠭᠡᠯᠦᠨ ᠡᠬᠡ ᠮᠥᠩᠬᠡ ᠲᠩᠷᠢ ᠳ᠋ᠡᠭᠡᠨ ᠣᠳᠪᠠ》 ᠭᠡᠵᠦ ᠬᠡᠯᠡᠯ᠎ᠡ᠃ ᠡᠭᠡᠴᠢ ᠪᠡᠨ ᠠᠯᠳᠠᠭᠠᠳ ᠤᠳᠠᠭ᠎ᠠ ᠦᠭᠡᠢ ᠪᠠᠢᠭ᠎ᠠ ᠰᠤᠷᠬᠠᠭᠲᠠᠨᠢ᠂ ᠳᠠᠬᠢᠨ ᠥᠭᠡᠯᠦᠨ ᠡᠬᠡ ᠶ᠋ᠢ ᠡᠭᠦᠷᠢᠳᠡ ᠠᠯᠳᠠᠵᠠᠢ᠃ ᠲᠡᠭᠦᠨ ᠳ᠋ᠦ᠍ ᠬᠣᠷᠸ᠎ᠠ ᠳᠡᠭᠡᠷ᠎ᠡ ᠲᠦᠰᠢᠵᠦ ᠲᠤᠯᠵᠤ ᠪᠠᠢᠭᠰᠠᠨ ᠬᠣᠶᠠᠷ ᠪᠠᠭᠠᠨ᠎ᠠ ᠨᠢ ᠵᠡᠷᠭᠡ ᠨᠤᠷᠠᠨ ᠤᠨᠠᠵᠤ ᠪᠣᠢ ᠮᠡᠲᠦ ᠰᠠᠨᠠᠭᠳᠠᠨ᠎ᠠ᠃ ᠠᠷᠢᠭᠤᠨ ᠬᠡᠪᠡᠯᠢ ᠡᠴᠡ ᠨᠢ ᠲᠠᠰᠤᠷᠠᠨ ᠤᠨᠠᠭ᠎ᠠ ᠦᠭᠡᠢ ᠴᠤ ᠠᠴᠢᠲᠤ ᠡᠬᠡ ᠶ᠋ᠢᠨ ᠦᠯᠢᠭᠡᠷ ᠢ᠋ ᠥᠪᠡᠷ ᠦ᠋ᠨ ᠪᠡᠷᠢ ᠳ᠋ᠡᠭᠡᠨ ᠦᠵᠡᠭᠦᠯᠦᠭᠰᠡᠨ ᠡᠨᠡ ᠡᠮᠡᠭᠡᠨ ᠪᠤᠭᠤᠷᠤᠯ᠂ ᠰᠤᠷᠬᠠᠭᠲᠠᠨᠢ ᠶ᠋ᠢᠨ ᠬᠤᠪᠢ ᠳ᠋ᠤ᠌ ᠡᠬᠡ ᠡᠴᠡ ᠨᠢ ᠥᠭᠡᠷ᠎ᠡ ᠴᠤ ᠦᠭᠡᠢ ᠬᠥᠮᠦᠨ ᠪᠠᠢᠯ᠎ᠠ᠃ ᠬᠠᠮᠤᠭ ᠤ᠋ᠨ ᠰᠡᠭᠦᠯ ᠳ᠋ᠦ᠍ ᠠᠭᠤᠯᠵᠠᠬᠤ ᠳ᠋ᠠᠭᠠᠨ ᠣᠯᠢᠭᠲᠠᠢ ᠰᠠᠢᠨ ᠦᠭᠡ ᠬᠡᠯᠡᠵᠦ ᠴᠢᠳᠠᠯ ᠦᠭᠡᠢ ᠶᠠᠪᠤᠭᠤᠯᠤᠭᠰᠠᠨ ᠳ᠋ᠠᠭᠠᠨ ᠬᠠᠷᠠᠮᠰᠠᠨ᠎ᠠ᠃《ᠬᠣᠷᠸ᠎ᠠ ᠶ᠋ᠢᠨ ᠡᠯᠢᠭᠡᠨ ᠳᠡᠭᠡᠷ᠎ᠡ ᠴᠢ ᠪᠢᠳᠡ ᠬᠣᠶᠠᠷ ᠬᠡᠵᠢᠶ᠎ᠡ ᠳᠠᠬᠢᠨ ᠤᠴᠠᠷᠠᠬᠤ ᠶ᠋ᠢ ᠮᠡᠳᠡᠬᠦ ᠦᠭᠡᠢ ᠴᠤ ᠡᠷᠭᠢᠵᠦ ᠲᠥᠷᠥᠯ ᠣᠯᠤᠨ ᠦᠷ᠎ᠡ ᠬᠡᠦᠬᠡᠳ ᠢ᠋ᠶ᠋ᠡᠨ ᠵᠣᠷᠢᠨ ᠢᠷᠡᠬᠦ ᠪᠣᠯᠤᠮᠵᠢ ᠪᠠᠢᠳᠠᠭ ᠪᠣᠯ ᠴᠢᠮᠠᠶ᠋ᠢ ᠯᠠ ᠵᠣᠷᠢᠨ᠎ᠠ ᠭᠡᠵᠦ ᠪᠣᠳᠣᠭᠳᠠᠨ᠎ᠠ》 ᠭᠡᠰᠡᠨ ᠦᠭᠡ ᠨᠢ ᠴᠢᠬᠢᠨ ᠳ᠋ᠦ᠍ᠨᠢ ᠣᠳᠣ ᠴᠤ ᠰᠣᠨᠣᠰᠤᠭᠳᠠᠭᠰᠠᠭᠠᠷ᠃ ᠭᠦᠶᠦᠵᠦ ᠣᠴᠢᠭᠠᠳ ᠰᠠᠢᠬᠠᠨ ᠦᠭᠡ ᠶ᠋ᠢ ᠰᠡᠳᠬᠢᠯ ᠢ᠋ ᠨᠢ ᠳᠡᠪᠲᠦᠲᠡᠯ᠎ᠡ ᠬᠡᠯᠡᠵᠦ ᠪᠣᠯᠬᠤ ᠴᠤ ᠥᠭᠡᠯᠦᠨ ᠬᠠᠲᠤᠨ ᠮᠥᠩᠬᠡ ᠠᠮᠤᠭᠤᠯᠠᠩ ᠤ᠋ᠨ ᠳᠦᠷᠢ ᠶ᠋ᠢ ᠬᠡᠳᠦᠢᠨ ᠣᠯᠵᠤ᠂ ᠲᠡᠭᠦᠨ ᠢ᠋ ᠶᠠᠭᠤ ᠴᠤ ᠭᠡᠵᠦ ᠬᠡᠯᠡᠭᠰᠡᠨ ᠴᠦ᠍ ᠪᠣᠰᠤᠨ ᠢᠷᠡᠬᠦ ᠶ᠋ᠢ ᠪᠦᠦ ᠬᠡᠯᠡ᠂ ᠰᠣᠨᠣᠰᠬᠤ ᠦᠭᠡᠢ ᠮᠥᠩᠬᠡ ᠨᠣᠢᠷ ᠲᠤ ᠠᠪᠲᠠᠭᠰᠠᠨ ᠪᠠᠢᠯ᠎ᠠ᠃
ᠴᠡᠭᠡᠵᠢᠨ ᠳᠡᠭᠡᠷ᠎ᠡ ᠨᠢ ᠥᠩᠭᠡᠷᠡᠵᠦ ᠣᠳᠤᠭᠰᠠᠨ ᠳ᠋ᠤ᠌ ᠭᠠᠰᠠᠯᠬᠤ ᠬᠠᠷᠠᠭᠤᠰᠤᠯ ᠴᠣᠪᠬᠣᠴᠢᠨ ᠪᠠᠢᠪᠠᠴᠤ ᠣᠳᠣ ᠬᠡᠷᠬᠢᠬᠦ ᠪᠢᠯᠡ᠃ ᠥᠭᠡᠯᠦᠨ ᠡᠬᠡ ᠰᠤᠷᠬᠠᠭᠲᠠᠨᠢ ᠲᠠᠢ ᠠᠩᠬ᠎ᠠ ᠠᠭᠤᠯᠵᠠᠵᠤ ᠪᠠᠢᠬᠤ ᠳ᠋ᠠᠭᠠᠨ ᠪᠠᠬᠠᠳᠤᠨ ᠬᠠᠷᠠᠭᠤᠯᠵᠤ ᠪᠠᠢᠭᠰᠠᠨ ᠲᠠᠯ᠎ᠠ ᠨᠤᠲᠤᠭ᠂ ᠬᠠᠷ᠎ᠠ ᠪᠠᠭ᠎ᠠ ᠠ᠋ᠴᠠ ᠪᠠᠨ ᠢᠳᠡᠭᠡᠰᠢᠨ ᠳᠠᠰᠤᠭᠰᠠᠨ᠂ ᠬᠠᠨ ᠬᠥᠪᠡᠭᠦᠳ ᠢ᠋ᠶ᠋ᠡᠨ ᠲᠡᠵᠢᠭᠡᠨ ᠥᠰᠬᠡᠭᠰᠡᠨ᠂ ᠮᠣᠩᠭᠣᠯ ᠬᠥᠮᠦᠨ ᠦ᠌ ᠴᠠᠢᠯᠭᠠᠨ ᠰᠡᠳᠬᠢᠯ ᠰᠢᠭ ᠡᠬᠡ ᠨᠤᠲᠤᠭ ᠤ᠋ᠨ ᠢ᠋ᠶ᠋ᠠᠨ ᠬᠥᠷᠥᠰᠥᠨ ᠳ᠋ᠦ᠍ ᠮᠥᠩᠬᠡ ᠨᠣᠢᠷᠰᠤᠬᠤ ᠪᠠᠷ ᠰᠢᠢᠳᠴᠡᠢ᠃ ᠡᠷᠭᠢᠨ ᠪᠣᠳᠣᠬᠤ ᠳ᠋ᠤ᠌ ᠡᠨᠡ ᠡᠮᠡᠭᠲᠡᠢ ᠵᠢᠷᠭᠠᠯ ᠦᠵᠡᠭᠡ ᠦᠭᠡᠢ ᠮᠡᠲᠦ᠃ ᠪᠠᠭ᠎ᠠ ᠨᠠᠰᠤ᠂ ᠡᠴᠢᠭᠡ ᠶ᠋ᠢᠨ ᠭᠡᠷ ᠢ᠋ ᠡᠰᠡ ᠲᠣᠭᠠᠴᠠᠪᠠᠯ ᠡᠷ᠎ᠡ ᠨᠥᠬᠥᠷ ᠦ᠋ᠨ ᠵᠠᠮ ᠮᠥᠷ ᠢ᠋ ᠳᠠᠭᠠᠨ᠂ ᠡᠮ᠎ᠡ ᠬᠥᠮᠦᠨ ᠦ᠌ ᠬᠤᠪᠢ ᠲᠠᠪᠢᠯᠠᠩ ᠢ᠋ ᠡᠳ᠋ᠯᠡᠭᠰᠡᠨ ᠡᠴᠡ ᠬᠣᠢᠰᠢ᠂ ᠵᠠᠯᠠᠭᠤ ᠨᠠᠰᠤᠨ ᠳ᠋ᠠᠭᠠᠨ ᠪᠡᠯᠪᠡᠰᠦᠷᠡᠵᠦ᠂ ᠥᠨᠥᠴᠢᠨ ᠣᠯᠠᠨ ᠬᠡᠦᠬᠡᠳ ᠢ᠋ᠶ᠋ᠡᠨ ᠥᠰᠬᠡᠬᠦ ᠭᠡᠵᠦ ᠳᠡᠪᠡᠯ ᠢ᠋ᠶ᠋ᠡᠨ ᠴᠢᠩᠭ᠎ᠠ ᠪᠦᠰᠡᠯᠡᠨ ᠲᠡᠮᠡᠴᠡᠵᠦ᠂ ᠪᠠᠭᠤᠷᠢᠨ ᠳᠡᠭᠡᠷ᠎ᠡ ᠨᠢ ᠬᠠᠷᠠᠯᠠᠭᠤᠯᠤᠨ ᠦᠯᠡᠳᠡᠭᠡᠭᠰᠡᠨ ᠠᠬᠠᠨ ᠳᠡᠭᠦᠦᠰ ᠲᠡᠭᠡᠨ ᠭᠣᠮᠣᠳᠠᠵᠤ᠂ ᠦᠬᠦᠬᠦ ᠰᠡᠬᠡᠬᠦ ᠨᠢ ᠲᠣᠳᠣᠷᠬᠠᠢ ᠦᠭᠡᠢ᠂ ᠲᠣᠮᠣ ᠬᠦᠦ ᠶ᠋ᠢᠨ ᠢ᠋ᠶ᠋ᠡᠨ ᠠᠶᠠᠨ ᠲᠡᠢᠨ ᠦ᠌ ᠬᠥᠯ ᠳ᠋ᠦ᠍ ᠡᠯᠢᠭᠡ ᠪᠡᠨ ᠡᠮᠲᠡᠯᠵᠦ᠂ ᠰᠠᠶᠢ ᠨᠢᠭᠡ ᠠᠮᠤᠷ ᠲᠠᠢᠪᠤᠩ ᠢ᠋ ᠣᠯᠤᠭᠰᠠᠨ ᠴᠤ ᠬᠠᠯᠠᠭᠤᠨ ᠠᠮᠢᠰᠬᠤᠯ ᠢ᠋ᠶ᠋ᠠᠨ ᠬᠤᠷᠢᠶᠠᠬᠤ ᠮᠥᠴᠡ ᠶ᠋ᠢ ᠬᠦᠷᠲᠡᠯ᠎ᠡ ᠡᠨᠡ ᠶᠡᠬᠡ ᠬᠦᠯᠢᠶᠡᠯᠲᠡ ᠡᠴᠡ ᠠᠩᠭᠢᠵᠢᠷᠠᠵᠤ ᠴᠢᠳᠠᠭ᠎ᠠ ᠦᠭᠡᠢ ᠶᠦᠮ᠃ ᠬᠦᠯᠢᠶᠡᠯᠲᠡ ᠭᠡᠳᠡᠭ ᠨᠢᠭᠡᠨ ᠴᠠᠭ ᠲᠤ ᠠᠭᠤᠯᠵᠠᠬᠤ ᠶ᠋ᠢᠨ ᠪᠠᠶᠠᠷ ᠢ᠋ᠶ᠋ᠠᠷ ᠳᠠᠭᠤᠰᠳᠠᠭ ᠴᠤ ᠥᠭᠡᠯᠦᠨ ᠡᠬᠡ ᠡᠨᠡ ᠪᠠᠶᠠᠷᠲᠤ ᠴᠠᠭ ᠢ᠋ ᠦᠵᠡᠵᠦ ᠴᠢᠳᠠᠭᠰᠠᠨ ᠦᠭᠡᠢ᠃
᠅
ᠶᠡᠬᠡ ᠬᠠᠭᠠᠨ ᠤ᠋ ᠴᠡᠷᠢᠭ ᠦ᠋ᠳ ᠠᠮᠤᠷᠳᠠᠷᠢᠶᠠ᠂ ᠰᠢᠷᠳᠠᠷᠢᠶᠠ ᠮᠥᠷᠡᠨ ᠦ᠌ ᠰᠠᠪᠠ ᠭᠠᠵᠠᠷ ᠲᠤ ᠪᠠᠢᠬᠤ ᠥᠷᠭᠧᠨ᠋ᠴᠢ᠂ ᠰᠠᠮᠠᠷᠺᠠᠨᠳ᠋᠂ ᠥᠷᠭᠡᠨᠴᠢ ᠬᠣᠲᠠ ᠨᠤᠭᠤᠳ ᠢ᠋ ᠡᠵᠡᠯᠡᠨ ᠠᠪᠴᠠᠢ᠃ ᠲᠡᠳᠡᠨ ᠦ᠌ ᠡᠮᠦᠨ᠎ᠡ ᠡᠷᠳᠡᠮ ᠦ᠋ᠨ ᠬᠣᠲᠠ ᠭᠡᠵᠦ ᠨᠡᠷᠡᠯᠡᠭᠳᠡᠬᠦ ᠪᠣᠬᠠᠷᠠ ᠬᠣᠲᠠ ᠡᠵᠡᠯᠡᠭᠳᠡᠭᠡ ᠦᠭᠡᠢ ᠦᠯᠡᠳᠡᠭᠰᠡᠨ ᠪᠠᠢᠪᠠ᠃ ᠬᠠᠭᠠᠨ ᠡᠵᠡᠨ ᠶᠠᠪᠤᠭᠤᠯ ᠤᠨ ᠦᠷᠭᠦᠭᠡᠨ ᠳ᠋ᠡᠭᠡᠨ ᠪᠣᠳᠣᠯ ᠪᠣᠯᠤᠨ ᠰᠠᠭᠤᠨ᠎ᠠ᠃ ᠲᠡᠭᠦᠨ ᠦ᠌ ᠬᠠᠮᠲᠤ ᠬᠤᠯᠠᠨ ᠬᠠᠲᠤᠨ᠂ ᠵᠡᠪᠡ᠂ ᠰᠦᠪᠡᠭᠡᠳᠡᠢ᠂ ᠲᠤᠭᠴᠢ᠂ ᠰᠢᠭᠢᠬᠤᠲᠤᠭ᠂ ᠪᠠᠭᠤᠷᠴᠢ ᠂ ᠮᠤᠬᠤᠯᠠᠢ ᠨᠠᠷ ᠪᠠᠢᠨ᠎ᠠ᠃ ᠲᠡᠳᠡ ᠬᠠᠭᠠᠨ ᠡᠵᠡᠨ ᠦ᠌ ᠬᠠᠷᠢᠭᠤ ᠰᠢᠢᠳᠪᠦᠷᠢ ᠶ᠋ᠢ ᠬᠦᠯᠢᠶᠡᠭᠰᠡᠨ ᠠᠶ᠎ᠠ ᠲᠠᠢ ᠴᠢᠮᠡᠭᠡ ᠦᠭᠡᠢ ᠰᠠᠭᠤᠬᠤ ᠠᠵᠢ᠃ ᠴᠢᠩᠭᠢᠰ ᠬᠠᠭᠠᠨ ᠬᠡᠰᠡᠭ ᠪᠣᠳᠣᠯ ᠪᠣᠯᠤᠨ ᠰᠠᠭᠤᠭᠰᠠᠨ ᠢ᠋ᠶ᠋ᠠᠨ᠄
— ᠲᠠᠯ᠎ᠠ ᠨᠤᠲᠤᠭ ᠰᠢᠭ᠋ ᠢᠯᠡᠬᠡᠨ ᠬᠠᠷᠠᠭᠳᠠᠬᠤ ᠦᠭᠡᠢ᠂ ᠬᠠᠨ᠎ᠠ ᠬᠡᠷᠡᠮ ᠦ᠋ᠨ ᠴᠠᠭᠠᠨ᠎ᠠ ᠨᠢᠭᠤᠭᠳᠠᠨ ᠠᠮᠢᠳᠤᠷᠠᠬᠤ ᠪᠤᠬᠠᠷ ᠢ᠋ ᠡᠵᠡᠯᠡᠬᠦ ᠬᠣᠶᠠᠷ ᠯᠠ ᠠᠷᠭ᠎ᠠ ᠵᠠᠮ ᠪᠢᠳᠡᠨ ᠳ᠋ᠦ᠍ ᠪᠠᠢᠭ᠎ᠠ ᠶᠤᠮ ᠪᠢᠰᠢ ᠪᠢᠵᠡ ᠳᠡ ᠭᠡᠮᠡᠨ ᠲᠡᠳᠡᠨ ᠤᠷᠤᠭᠤ ᠬᠠᠷᠠᠬᠤ ᠳ᠋ᠤ᠌ ᠰᠦᠪᠡᠭᠡᠳᠡᠢ᠄
— ᠲᠡᠢᠮᠦ ᠠ᠋ ᠬᠠᠭᠠᠨᠲᠠᠨ ᠮᠢᠨᠢ᠂ ᠠᠷᠪᠠᠨ ᠬᠣᠶᠠᠷ ᠳᠠ ᠮᠸᠨ ᠬᠠᠭᠠᠯᠭ᠎ᠠ ᠪᠦᠬᠦᠢ ᠪᠤᠬᠠᠷ ᠬᠣᠲᠠ ᠶ᠋ᠢᠨ ᠵᠡᠭᠦᠨ ᠲᠠᠯ᠎ᠠ ᠶ᠋ᠢᠨ ᠬᠠᠭᠠᠯᠭ᠎ᠠ ᠪᠠᠷ ᠳᠠᠭᠠᠷᠢᠨ ᠣᠷᠣᠬᠤ ᠪᠣᠯᠤᠮᠵᠢ ᠲᠠᠢ ᠴᠤ ᠲᠡᠳᠡ ᠪᠢᠳᠡᠨ ᠢ᠋ ᠢᠷᠡᠬᠦ ᠶ᠋ᠢ ᠤᠷᠢᠳ ᠠ᠋ᠴᠠ ᠮᠡᠳᠡᠨ᠂ ᠴᠡᠷᠢᠭ ᠦ᠋ᠨ ᠬᠦᠴᠦ ᠪᠡᠨ ᠡᠨᠳᠡ ᠲᠥᠪᠯᠡᠷᠡᠭᠦᠯᠦᠨ᠎ᠡ᠃ ᠬᠠᠷᠢᠨ ᠪᠠᠷᠠᠭᠤᠨ ᠬᠠᠭᠠᠯᠭ᠎ᠠ ᠪᠠᠷ ᠣᠷᠣᠬᠤ ᠶ᠋ᠢᠨ ᠲᠤᠯᠠ ᠺᠢᠢᠽᠢᠯᠺᠦᠮ ᠬᠡᠮᠡᠬᠦ ᠦᠬᠦᠯ ᠦ᠋ᠨ ᠴᠦᠯ ᠢ᠋ ᠲᠤᠭᠤᠯᠬᠤ ᠬᠡᠷᠡᠭᠲᠡᠢ ᠪᠣᠯᠤᠨ᠎ᠠ᠃ ᠲᠡᠨᠳᠡ ᠬᠥᠮᠦᠨ ᠮᠠᠯ ᠣᠯᠠᠨ ᠢ᠋ ᠠᠯᠳᠠᠵᠤ ᠪᠠᠢᠵᠤ ᠡᠨᠡ ᠬᠠᠭᠠᠯᠭᠠᠨ ᠳ᠋ᠤ᠌ ᠲᠤᠯᠵᠤ ᠣᠴᠢᠨ᠎ᠠ ᠭᠡᠯᠡ᠃ ᠴᠢᠩᠭᠢᠰ ᠬᠠᠭᠠᠨ ᠬᠡᠰᠡᠭ ᠪᠣᠳᠣᠯ ᠪᠣᠯᠤᠨ ᠰᠠᠭᠤᠯ᠎ᠠ᠃
— ᠦᠬᠦᠯ ᠦ᠋ᠨ ᠴᠦᠯ ᠭᠡᠨ᠎ᠡ᠂ ᠪᠢᠳᠡ ᠦᠬᠦᠯ ᠠᠮᠢᠳᠤᠷᠠᠯ ᠤ᠋ᠨ ᠳᠤᠮᠳᠠᠭᠤᠷ ᠲᠡᠷᠡ ᠴᠦᠯ ᠡᠴᠡ ᠤᠷᠲᠤ ᠵᠠᠮ ᠢ᠋ ᠲᠤᠭᠤᠯᠵᠤ ᠢᠷᠡᠭᠰᠡᠨ ᠪᠤᠰᠤ ᠤᠤ᠂ ᠬᠥᠮᠦᠨ ᠮᠠᠯ ᠢ᠋ᠶ᠋ᠠᠨ ᠬᠡᠰᠡᠭ ᠠᠮᠠᠷᠠᠭᠠᠵᠤ ᠲᠡᠩᠬᠡᠭᠡ ᠠᠪᠬᠠᠭᠤᠯᠤᠭᠠᠳ ᠪᠢᠳᠡ ᠦᠬᠦᠯ ᠦ᠋ᠨ ᠴᠦᠯ ᠢ᠋ ᠲᠤᠭᠤᠯᠬᠤ ᠪᠣᠯᠤᠨ᠎ᠠ ᠭᠡᠮᠡᠨ ᠡᠷᠡᠰ ᠰᠢᠢᠳᠮᠡᠭᠡᠢ ᠬᠡᠯᠡᠯ᠎ᠡ᠃ ᠴᠢᠩᠭᠢᠰ ᠬᠠᠭᠠᠨ ᠤ᠋ ᠶᠡᠬᠡ ᠴᠡᠷᠢᠭ ᠠᠷᠪᠠᠲᠤ᠂ ᠵᠠᠭᠤᠲᠤ᠂ ᠮᠢᠩᠭᠠᠲᠤ ᠪᠠᠷ ᠵᠣᠬᠢᠶᠠᠨ ᠪᠠᠢᠭᠤᠯᠤᠭᠳᠠᠵᠤ᠂ ᠪᠦᠬᠦᠯᠢ ᠪᠦᠲᠦᠨ ᠡᠮᠨᠡᠯᠭᠡ ᠶ᠋ᠢᠨ ᠬᠣᠷᠢᠶ᠎ᠠ᠂ ᠣᠨᠢᠰᠣᠨ ᠬᠥᠳᠡᠯᠭᠡᠭᠦᠷ ᠵᠣᠬᠢᠶᠠᠨ ᠪᠦᠲᠦᠭᠡᠬᠦ ᠲᠤᠰᠬᠠᠢ ᠠᠩᠭᠢ ᠲᠠᠢ ᠪᠠᠷ ᠡᠨᠡ ᠲᠡᠢᠨ ᠳ᠋ᠦ᠍ ᠣᠷᠣᠭᠰᠠᠨ ᠪᠠᠢᠪᠠ᠃
ᠡᠷᠳᠡᠮ ᠦ᠋ᠨ ᠬᠣᠲᠠ ᠭᠡᠭᠳᠡᠬᠦ ᠠᠷᠪᠠᠨ ᠬᠣᠶᠠᠷ ᠳᠠ ᠮᠸᠠ ᠬᠠᠭᠠᠯᠭ᠎ᠠ ᠲᠠᠢ ᠳᠠᠪᠬᠤᠷ ᠴᠠᠢᠵᠠ ᠪᠦᠬᠦᠢ ᠪᠤᠬᠠᠷ ᠬᠣᠲᠠ ᠶ᠋ᠢᠨ ᠢᠷᠭᠡᠳ ᠴᠢᠩᠭᠢᠰ ᠬᠠᠭᠠᠨ ᠤ᠋ ᠶᠡᠬᠡ ᠴᠡᠷᠢᠭ ᠢᠷᠡᠵᠦ ᠶᠠᠪᠤᠭ᠎ᠠ ᠶ᠋ᠢ ᠮᠡᠳᠡᠭᠡᠳ ᠲᠡᠳᠡᠨ ᠦ᠌ ᠲᠠᠭᠠᠮᠠᠭᠯᠠᠭᠰᠠᠨ ᠵᠡᠭᠦᠨ ᠬᠠᠭᠠᠯᠭ᠎ᠠ ᠪᠠᠷ ᠢᠷᠡᠨ᠎ᠡ ᠭᠡᠵᠦ ᠲᠥᠯᠥᠪᠯᠡᠨ᠂ ᠳᠡ ᠮᠸᠠ ᠬᠠᠭᠠᠯᠭ᠎ᠠ ᠪᠠᠨ ᠪᠡᠬᠢᠯᠡᠨ᠂ ᠴᠡᠷᠢᠭ ᠦ᠋ᠨ ᠬᠦᠴᠦ ᠪᠡᠨ ᠲᠥᠪᠯᠡᠷᠡᠭᠦᠯᠦᠨ ᠪᠠᠢᠯ᠎ᠠ᠃ ᠬᠠᠷᠢᠨ ᠴᠢᠩᠭᠢᠰ ᠬᠠᠭᠠᠨ ᠤ᠋ ᠲᠠᠯ᠎ᠠ ᠨᠤᠲᠤᠭ ᠤ᠋ᠨ ᠮᠣᠩᠭᠣᠯ ᠴᠡᠷᠢᠭ ᠦ᠋ᠳ ᠺᠢᠢᠽᠢᠯᠭᠦᠮ ᠭᠡᠬᠦ ᠦᠬᠦᠯ ᠦ᠋ᠨ ᠴᠦᠯ ᠢ᠋ ᠬᠣᠢᠭᠤᠷ ᠨᠢ ᠳᠤᠭᠤᠯᠤᠭᠠᠳ ᠬᠣᠲᠠ ᠶ᠋ᠢᠨ ᠪᠠᠷᠠᠭᠤᠨ ᠬᠠᠭᠠᠯᠭ᠎ᠠ ᠪᠠᠷ ᠵᠦᠭᠡᠷ ᠯᠡ ᠰᠢᠬᠠᠮ ᠶᠠᠪᠤᠵᠤ ᠣᠷᠣᠯ᠎ᠠ᠃ ᠡᠨᠡ ᠬᠣᠲᠠ ᠶ᠋ᠢ ᠡᠵᠡᠯᠡᠨ ᠠᠪᠬᠤ ᠨᠢ ᠲᠤᠩ ᠬᠢᠯᠪᠠᠷ ᠢ᠋ᠶ᠋ᠠᠷ ᠰᠢᠢᠳᠦᠭᠳᠡᠯ᠎ᠡ᠃ ᠴᠠᠭᠠᠰᠢ ᠮᠦᠬᠠᠮᠸᠳ᠋᠂ ᠵᠸᠯᠠᠯ ᠠᠳ᠋ ᠳ᠋ᠢᠨ ᠬᠣᠶᠠᠷ ᠢ᠋ ᠬᠥᠭᠡᠭᠡᠨ ᠣᠴᠢᠨ ᠴᠡᠷᠢᠭ ᠦ᠋ᠳ ᠢ᠋ ᠨᠢ ᠰᠥᠨᠥᠭᠡᠬᠦ ᠳ᠋ᠦ᠍ ᠮᠦᠬᠠᠮᠸᠳ᠋᠂ ᠵᠸᠯᠡᠯ ᠠᠳ᠋ ᠳ᠋ᠢᠨ ᠬᠣᠶᠠᠷ ᠠᠮᠢ ᠬᠣᠷᠭᠤᠭᠠᠨ ᠳᠤᠲᠠᠭᠠᠵᠤ᠂ ᠮᠦᠬᠠᠮᠸᠳ᠋᠂ ᠱᠠᠭ ᠬᠠᠽᠠᠷ ᠤ᠋ᠨ ᠲᠠᠩᠭᠢᠰ ᠤ᠋ᠨ ᠠᠷᠠᠯ ᠳᠡᠭᠡᠷ᠎ᠡ ᠣᠴᠢᠵᠤ ᠲᠡᠨᠳᠡ ᠪᠡᠨ ᠲᠩᠷᠢ ᠳ᠋ᠦ᠍ ᠣᠳᠴᠠᠢ᠃ ᠲᠦᠳᠡ ᠤᠳᠠᠯ ᠦᠭᠡᠢ ᠲᠡᠳᠡᠨ ᠦ᠌ ᠠᠷᠤ ᠠ᠋ᠴᠠ ᠨᠡᠬᠡᠨ ᠳᠠᠭᠠᠭᠰᠠᠨ ᠮᠣᠩᠭᠣᠯ ᠤ᠋ᠨ ᠴᠡᠷᠢᠭ ᠦ᠋ᠳ ᠭᠦᠢᠴᠡᠨ ᠢᠷᠡᠬᠦ ᠳ᠋ᠦ᠍ ᠵᠸᠯᠡᠯ ᠳ᠋ᠢᠨ ᠢᠨᠳ᠋ ᠮᠥᠷᠡᠨ ᠢ᠋ ᠰᠡᠯᠢᠨ ᠲᠤᠭᠤᠯᠵᠤ ᠵᠢᠭᠤᠲᠠᠪᠠ᠃ ᠵᠸᠯᠡᠯ ᠠᠳ᠋ ᠳ᠋ᠢᠨ ᠰᠡᠯᠢᠵᠦ ᠪᠠᠢᠬᠤ ᠳ᠋ᠠᠭᠠᠨ ᠴᠤ ᠡᠷᠭᠢᠨ ᠮᠣᠩᠭᠣᠯᠴᠤᠳ ᠤᠷᠤᠭᠤ ᠬᠠᠷᠪᠤᠵᠤ ᠪᠠᠢᠬᠤ ᠶ᠋ᠢ ᠴᠢᠩᠭᠢᠰ ᠬᠠᠭᠠᠨ ᠬᠠᠷᠠᠭᠠᠳ ᠶᠡᠬᠡᠳᠡ ᠪᠠᠬᠠᠷᠬᠠᠨ ᠴᠡᠷᠢᠭ ᠦ᠋ᠳ ᠢ᠋ᠶ᠋ᠡᠨ ᠨᠡᠬᠡᠨ ᠬᠥᠭᠡᠭᠡᠬᠦ ᠶ᠋ᠢ ᠵᠣᠭᠰᠣᠭᠠᠨ ᠵᠠᠷᠯᠢᠭᠳᠠᠵᠤ᠄ 《ᠨᠥᠬᠥᠷᠯᠡᠬᠦ ᠪᠣᠯ ᠵᠠᠮᠤᠬ᠎ᠠ ᠠᠨᠳᠠ ᠮᠡᠲᠦ ᠨᠥᠬᠥᠷᠯᠡᠭᠲᠦᠨ᠂ ᠥᠰᠬᠡᠬᠦ ᠪᠣᠯ ᠵᠸᠯᠡᠯ ᠠᠳ᠋ ᠳ᠋ᠢᠨ ᠰᠢᠭ ᠬᠥᠪᠡᠭᠦᠨ ᠥᠰᠬᠡᠭᠲᠦᠨ》 ᠬᠡᠮᠡᠪᠡ᠃
ᠡᠷᠭᠢᠨ ᠲᠣᠭᠣᠷᠢᠨ ᠬᠠᠲᠠᠵᠤ ᠪᠠᠢᠳᠠᠭ ᠶᠡᠬᠡ ᠱᠤᠤᠭᠢᠶᠠᠨ᠂ ᠪᠠᠶᠠᠷ ᠬᠥᠷ ᠦᠨᠳᠦᠰᠦᠨ ᠳ᠋ᠡᠭᠡᠨ ᠦᠭᠡᠢ ᠪᠣᠯᠵᠠᠢ᠃ ᠬᠠᠮᠢᠭ᠎ᠠ ᠨᠢᠭᠡ ᠲᠣᠭᠣᠨᠣ ᠪᠠᠷ ᠨᠢ ᠤᠲᠤᠭ᠎ᠠ ᠰᠤᠭᠤᠨᠠᠭᠯᠠᠬᠤ ᠬᠠᠲᠤᠳ ᠤ᠋ᠨ ᠦᠷᠭᠦᠭᠡᠨ ᠳ᠋ᠦ᠍ ᠬᠥᠮᠦᠰ ᠠᠪᠢᠷ ᠠᠪᠢᠷ ᠶᠠᠷᠢᠯᠴᠠᠬᠤ ᠶ᠋ᠢ ᠡᠰᠡ ᠲᠣᠭᠠᠴᠠᠪᠠᠯ ᠡᠯ ᠬᠣᠯ ᠮᠡᠲᠦ᠃ ᠰᠤᠷᠬᠠᠭᠲᠠᠨᠢ ᠣᠷᠣᠢ ᠪᠦᠷᠢ ᠨᠣᠮ ᠤ᠋ᠨ ᠦᠷᠭᠦᠭᠡᠨ ᠳ᠋ᠡᠭᠡᠨ ᠰᠤᠳᠤᠷ ᠱᠠᠭᠠᠢᠨ ᠰᠠᠭᠤᠨ᠎ᠠ᠃ ᠰᠥᠨᠢ ᠣᠷᠣᠢ ᠶ᠋ᠢᠨ ᠴᠠᠭ ᠢ᠋ᠶ᠋ᠠᠷ ᠣᠷᠳᠣᠨ ᠳ᠋ᠤ᠌ ᠬᠥᠮᠦᠨ ᠢᠷᠡᠭᠰᠡᠨ ᠢ᠋ ᠮᠡᠳᠡᠭᠳᠡᠨ ᠣᠷᠳᠣᠨ ᠤ᠋ ᠪᠢᠴᠢᠭᠡᠴᠢ ᠲᠦᠰᠢᠮᠡᠯ ᠨᠣᠮ ᠤ᠋ᠨ ᠦᠷᠭᠦᠭᠡᠨ ᠳ᠋ᠦ᠍ ᠣᠷᠣᠵᠤ ᠢᠷᠡᠬᠦ ᠳ᠋ᠦ᠍ ᠰᠤᠷᠬᠠᠭᠲᠠᠨᠢ ᠬᠠᠲᠤᠨ᠂ ᠬᠦᠦ ᠮᠥᠩᠬᠡ ᠶ᠋ᠢᠨ ᠬᠠᠮᠲᠤ ᠭᠡᠨᠡᠳᠲᠡ ᠶ᠋ᠢᠨ ᠵᠣᠴᠢᠨ ᠢ᠋ ᠲᠣᠰᠣᠨ ᠠᠪᠬᠤ ᠪᠠᠷ ᠭᠠᠳᠠᠭᠰᠢ ᠭᠠᠷᠤᠯ᠎ᠠ᠃
ᠠᠶᠠᠨ ᠵᠠᠮ ᠤ᠋ᠨ ᠲᠣᠭᠣᠰᠣ ᠮᠥᠷᠦᠨ ᠳ᠋ᠦ᠍ᠨᠢ ᠪᠠᠭᠤᠭᠰᠠᠨ᠂ ᠥᠨᠳᠥᠷ ᠨᠠᠰᠤᠲᠠᠢ ᠨᠢᠭᠡᠨ ᠬᠥᠮᠦᠨ ᠢᠷᠡᠭᠰᠡᠨ ᠬᠠᠷᠠᠭᠳᠠᠨ᠎ᠠ᠃ ᠬᠠᠷᠠᠪᠠᠰᠤ ᠵᠠᠮ ᠤ᠋ᠨ ᠤᠷᠲᠤ ᠳ᠋ᠤ᠌ ᠬᠤᠪᠴᠠᠰᠤ ᠨᠢ ᠭᠠᠩᠳᠠᠵᠤ᠂ ᠨᠢᠭᠤᠷᠤᠨ ᠳ᠋ᠤᠨᠢ ᠭᠦᠨ ᠦᠷᠴᠢᠯᠡᠭᠡᠰᠦ ᠰᠠᠭᠤᠵᠤ ᠴᠠᠭ ᠤ᠋ᠨ ᠠᠶᠠᠰ ᠢ᠋ᠶ᠋ᠠᠷ ᠪᠤᠭᠤᠷᠤᠯ ᠰᠠᠭᠤᠭᠰᠠᠨ ᠦᠰᠦ ᠨᠢ ᠰᠥᠨᠢ ᠶ᠋ᠢᠨ ᠰᠠᠷᠠᠨ ᠳ᠋ᠤ᠌ ᠶᠡᠭᠡᠯᠳᠦᠨ ᠡᠪ ᠦᠭᠡᠢ ᠬᠠᠷᠠᠭᠳᠠᠬᠤ ᠠᠵᠢ᠃ ᠲᠡᠷᠡ ᠬᠥᠮᠦᠨ ᠤᠷᠲᠤ ᠰᠠᠬᠠᠯ ᠢ᠋ᠶ᠋ᠠᠨ ᠰᠢᠪᠲᠤᠷᠤᠩᠭᠠᠨ ᠬᠠᠲᠤᠨ ᠤ᠋ ᠠᠮᠤᠷ ᠠᠮᠤᠭᠤᠯᠠᠩ ᠢ᠋ ᠡᠷᠢᠨ ᠮᠡᠨᠳᠦᠴᠢᠯᠡᠯ᠎ᠡ᠃ ᠡᠨᠡ ᠬᠥᠮᠦᠨ ᠪᠣᠯ ᠪᠥᠷᠲᠡ ᠬᠠᠲᠤᠨ ᠤ᠋ ᠶᠸᠯᠢᠤᠢ ᠴᠦᠼᠡᠢ ᠳ᠋ᠦ᠍ ᠬᠡᠯᠡᠵᠦ ᠠᠪᠴᠢᠷᠠᠭᠤᠯᠤᠭᠰᠠᠨ ᠺᠦᠩᠽᠢ ᠶ᠋ᠢᠨ ᠰᠤᠷᠲᠠᠯ ᠤ᠋ᠨ ᠪᠠᠭᠰᠢ ᠳ᠋ᠣᠣ ᠶᠢᠦ ᠪᠠᠢᠪᠠ᠃ ᠬᠠᠲᠤᠨ ᠡᠮᠦᠨ᠎ᠡ ᠡᠴᠡ ᠨᠢ ᠲᠣᠰᠣᠨ ᠣᠴᠢᠵᠤ᠂ ᠪᠠᠭᠰᠢᠲᠠᠨ ᠢ᠋ ᠳᠣᠲᠣᠭᠰᠢ ᠣᠷᠣᠬᠤ ᠶ᠋ᠢ ᠤᠷᠢᠵᠤ᠂ ᠦᠷᠭᠦᠭᠡᠨ ᠳ᠋ᠦ᠍ ᠣᠷᠣᠭᠤᠯᠬᠤ ᠳ᠋ᠤ᠌ ᠰᠤᠳᠤᠷ ᠤ᠋ᠨ ᠦᠷᠭᠦᠭᠡᠨ ᠳ᠋ᠦ᠍ ᠣᠷᠣᠵᠤ ᠢᠷᠡᠭᠰᠡᠨ ᠳ᠋ᠣᠣ ᠶᠢᠦ ᠡᠷᠭᠢᠨ ᠲᠣᠭᠣᠷᠢᠨ ᠢ᠋ᠶ᠋ᠠᠨ ᠰᠠᠢᠲᠤᠷ ᠠᠵᠢᠭᠯᠠᠨ ᠬᠠᠷᠠᠭᠠᠳ ᠰᠡᠳᠬᠢᠯ ᠳᠦᠭᠦᠷᠡᠩ ᠢᠨᠢᠶᠡᠵᠦ ᠪᠠᠢᠭ᠎ᠠ ᠨᠢ ᠬᠠᠷᠠᠭᠳᠠᠨ᠎ᠠ᠃ ᠲᠡᠷᠡ ᠨᠣᠮ ᠤ᠋ᠨ ᠬᠥᠮᠦᠨ ᠡᠴᠡ ᠪᠡᠨ ᠢᠯᠡᠭᠦᠦ ᠲᠡᠢ ᠪᠢᠯᠢᠭ ᠲᠠᠩᠬᠠᠢ ᠨᠢᠭᠡᠨ ᠪᠠᠢᠯ᠎ᠠ᠃
— ᠲᠠᠯ᠎ᠠ ᠨᠤᠲᠤᠭ ᠲᠤ ᠲᠡᠢᠨ ᠳᠣᠯᠣᠭᠠᠨ ᠤ᠋ ᠣᠯᠵᠠ ᠣᠮᠣᠭ ᠢ᠋ ᠴᠤᠭᠯᠠᠭᠤᠯᠤᠭᠰᠠᠨ ᠵᠡᠷᠯᠢᠭ ᠦ᠋ᠳ ᠠᠮᠢᠳᠤᠷᠠᠳᠠᠭ ᠭᠡᠵᠦ ᠡᠮᠦᠨᠡᠲᠦ ᠤᠯᠤᠰ ᠲᠤ ᠶᠠᠷᠢᠳᠠᠭ ᠬᠤᠳᠠᠯ ᠪᠣᠯᠬᠤ ᠶ᠋ᠢ ᠬᠠᠷᠠᠪᠠ ᠪᠢ ᠭᠡᠵᠦ ᠬᠡᠯᠡᠭᠡᠳ ᠳᠠᠬᠢᠨ ᠢᠨᠢᠶᠡᠬᠦ ᠨᠢ ᠰᠣᠨᠣᠰᠳᠠᠨ᠎ᠠ᠃ ᠡᠷᠭᠢᠨ ᠲᠣᠭᠣᠷᠢᠨ ᠬᠤᠷᠢᠶᠠᠭᠰᠠᠨ ᠨᠣᠮ ᠰᠤᠳᠤᠷ᠂ ᠬᠠᠲᠤᠨ ᠬᠥᠮᠦᠨ ᠦ᠌ ᠭᠠᠷ ᠢ᠋ᠶ᠋ᠠᠷ ᠪᠢᠴᠢᠭᠳᠡᠭᠰᠡᠨ ᠰᠢᠯᠦᠭ ᠦ᠋ᠨ ᠮᠥᠷ ᠦ᠋ᠳ ᠵᠡᠷᠭᠡ ᠨᠢ ᠲᠡᠭᠦᠨ ᠢ᠋ ᠢᠩᠭᠢᠵᠦ ᠬᠡᠯᠡᠬᠦ ᠳ᠋ᠦ᠍ ᠬᠦᠷᠭᠡᠭᠰᠡᠨ ᠪᠢᠵᠡ᠃ ᠰᠤᠷᠬᠠᠭᠲᠠᠨᠢ᠂
— ᠠᠶᠠᠨ ᠵᠠᠮ ᠲᠠᠨᠢ ᠥᠯᠵᠡᠢ ᠲᠡᠢ ᠪᠠᠢᠵᠤ᠂ ᠠᠯᠵᠢᠶᠠᠯ ᠦᠭᠡᠢ ᠰᠠᠢᠨ ᠮᠣᠷᠢᠯᠠᠵᠤ ᠢᠷᠡᠪᠡ ᠤᠤ ᠬᠡᠮᠡᠭᠡᠳ ᠬᠦᠦ ᠮᠥᠩᠬᠡ ᠳ᠋ᠡᠭᠡᠨ ᠬᠠᠨᠳᠤᠨ᠄
— ᠡᠪᠦᠭᠡᠨ ᠪᠠᠭᠰᠢ ᠳ᠋ᠠᠭᠠᠨ ᠮᠡᠨᠳᠦ ᠮᠡᠳᠡᠭᠡᠷᠡᠢ᠂ ᠬᠦᠦ ᠮᠢᠨᠢ ᠭᠡᠬᠦ ᠳ᠋ᠦ᠍ ᠮᠥᠩᠬᠡ᠂ ᠳ᠋ᠣᠣ ᠶᠢᠦ ᠪᠠᠭᠰᠢ ᠶ᠋ᠢᠨ ᠡᠮᠦᠨ᠎ᠡ ᠣᠴᠢᠵᠤ᠄
— ᠠᠮᠤᠭᠤᠯᠠᠩ ᠰᠠᠢᠨ ᠮᠣᠷᠢᠯᠠᠨ ᠢᠷᠡᠪᠡ ᠤᠤ ᠭᠡᠵᠦ ᠠᠰᠠᠭᠤᠲᠠᠯ᠎ᠠ ᠪᠠᠭᠰᠢᠲᠠᠨ ᠥᠬᠥᠭᠡᠷᠳᠡᠨ ᠪᠣᠢ ᠨᠢ ᠢᠯᠡᠳᠲᠡ᠃
— ᠰᠠᠢᠨ ᠶᠠᠪᠤᠵᠤ ᠢᠷᠡᠯ᠎ᠡ᠃
ᠬᠠᠲᠤᠨ ᠬᠠᠭᠠᠨ ᠤ᠋ ᠶᠠᠪᠤᠭᠤᠯᠤᠭᠰᠠᠨ ᠦᠷᠡᠰ ᠦᠨᠡᠬᠡᠷ ᠦ᠋ᠨ ᠬᠦᠴᠦᠷᠬᠡᠭ᠂ ᠲᠠᠯ᠎ᠠ ᠨᠤᠲᠤᠭ ᠤ᠋ᠨ ᠪᠠᠭᠠᠲᠤᠷ ᠤ᠋ᠳ ᠠᠵᠢ᠃
ᠬᠠᠷᠢᠨ ᠲᠠᠯ᠎ᠠ ᠨᠤᠲᠤᠭ ᠲᠤ ᠳᠣᠮᠣᠭ ᠪᠣᠯᠤᠭᠰᠠᠨ ᠶᠡᠬᠡ ᠬᠠᠭᠠᠨ ᠤ᠋ ᠣᠷᠳᠣᠨ ᠳ᠋ᠤ᠌ ᠢᠷᠡᠬᠦ ᠵᠠᠮ ᠳ᠋ᠠᠭᠠᠨ
ᠲᠥᠰᠦᠭᠡᠯᠡᠨ ᠪᠠᠢᠭᠰᠠᠨ ᠪᠣᠳᠣᠯ ᠮᠢᠨᠢ ᠭᠠᠵᠠᠷ ᠲᠩᠷᠢ ᠰᠢᠭ᠌ ᠵᠥᠷᠢᠶ᠎ᠡ ᠲᠡᠢ ᠪᠠᠢᠭ᠎ᠠ ᠶ᠋ᠢ ᠬᠠᠷᠠᠭᠠᠳ ᠭᠠᠢᠬᠠᠬᠤ ᠪᠠᠬᠠᠷᠬᠠᠬᠤ ᠬᠣᠶᠠᠷ ᠵᠡᠷᠭᠡᠴᠡᠬᠦ ᠰᠢᠭ᠌ ᠪᠣᠯᠤᠯ᠎ᠠ᠃ ᠤᠷᠲᠤ ᠰᠠᠬᠠᠯ ᠢ᠋ᠶ᠋ᠠᠨ ᠢᠯᠢᠨ ᠡᠷᠭᠢᠨ ᠲᠣᠭᠣᠷᠢᠨ ᠢ᠋ ᠠᠵᠢᠭᠯᠠᠨ ᠪᠣᠢ ᠳ᠋ᠣᠣ ᠶᠢᠤ ᠳᠠᠬᠢᠨ ᠴᠢᠩᠭ᠎ᠠ ᠪᠠᠷ ᠢᠨᠢᠶᠡᠵᠦ᠄
ᠪᠢ ᠲᠠᠯ᠎ᠠ ᠨᠤᠲᠤᠭ ᠤ᠋ᠨ ᠬᠦᠴᠦᠷᠬᠡᠭ ᠬᠠᠭᠠᠨ ᠤ᠋ ᠠᠴᠢ ᠬᠦᠦ ᠳ᠋ᠦ᠍ ᠪᠢᠴᠢᠭ ᠦᠰᠦᠭ ᠵᠢᠭᠠᠬᠤ ᠪᠠᠷ ᠬᠣᠯᠠ ᠠ᠋ᠴᠠ ᠢᠷᠡᠬᠦ ᠳ᠋ᠡᠭᠡᠨ ᠠᠯᠲᠠ ᠡᠷᠳᠡᠨᠢᠰ ᠲᠦ᠍ ᠤᠮᠪᠠᠭᠰᠠᠨ᠂ ᠡᠷᠬᠢᠮᠰᠦᠭ ᠳᠡᠭᠡᠳᠦᠰ ᠲᠡᠢ ᠠᠭᠤᠯᠵᠠᠨ᠎ᠠ ᠭᠡᠵᠦ ᠪᠣᠳᠣᠵᠤ ᠶᠠᠪᠤᠲᠠᠯ᠎ᠠ ᠭᠡᠳ ᠦᠭᠡ ᠪᠡᠨ ᠳᠠᠭᠤᠰᠬᠠᠯ ᠦᠭᠡᠢ ᠮᠥᠩᠬᠡ ᠶ᠋ᠢ ᠬᠠᠷᠠᠯ᠎ᠠ᠃ ᠮᠥᠩᠬᠡ ᠵᠢᠷ ᠦ᠋ᠨ ᠠᠢᠯ ᠤᠨ ᠬᠡᠦᠬᠡᠳ ᠰᠢᠭ᠌ ᠲᠥᠯᠥᠪ ᠳᠠᠷᠤᠤ ᠬᠤᠪᠴᠠᠰᠤᠯᠠᠵᠠᠢ᠃
ᠳ᠋ᠣᠣ ᠶᠢᠦ ᠶᠠᠷᠢᠶ᠎ᠠ ᠪᠠᠨ ᠦᠷᠭᠦᠯᠵᠢᠯᠡᠭᠦᠯᠦᠨ᠄
— ᠮᠠᠨ ᠤ᠋ ᠳᠣᠲᠣᠷ᠎ᠠ ᠭᠠᠵᠠᠷ ᠪᠣᠯ ᠬᠠᠭᠠᠨ ᠤ᠋ ᠬᠠᠲᠤᠨ᠂ ᠬᠠᠭᠠᠨ ᠤ᠋ ᠬᠥᠪᠡᠭᠦᠳ ᠠᠯᠲᠠ ᠡᠷᠳᠡᠨᠢᠰ ᠢ᠋ᠶ᠋ᠡᠷ ᠪᠡᠶ᠎ᠡ ᠪᠡᠨ ᠴᠢᠮᠡᠵᠦ᠂ ᠠᠯᠢ ᠥᠩᠭᠡ ᠲᠡᠢ
ᠪᠦᠬᠦᠨ ᠢ᠋ ᠡᠳ᠋ᠯᠡᠨ᠂ ᠬᠣᠷᠭᠣᠢ ᠲᠣᠷᠭᠠᠨ ᠳ᠋ᠤ᠌ ᠤᠮᠪᠠᠨ ᠪᠠᠢᠳᠠᠭ᠃
ᠡᠨᠳᠡᠬᠢ ᠶ᠋ᠢᠨ ᠪᠦᠬᠦ ᠵᠦᠢᠯ ᠥᠭᠡᠷ᠎ᠡ ᠶᠦᠮ᠃ ᠰᠤᠷᠬᠠᠭᠲᠠᠨᠢ ᠡᠪᠦᠭᠡᠨ ᠦ᠌ ᠶᠠᠷᠢᠬᠤ ᠵᠠᠭᠤᠷ᠎ᠠ ᠳ᠋ᠤ᠌ ᠬᠦᠦ ᠪᠡᠨ ᠬᠠᠷᠠᠨ᠄
— ᠶᠡᠬᠡ ᠬᠠᠭᠠᠨ ᠤ᠋ ᠰᠦᠷ ᠬᠦᠴᠦᠨ ᠳᠣᠣᠷ᠎ᠠ ᠡᠳ᠋ᠯᠡᠵᠦ ᠬᠡᠷᠡᠭᠯᠡᠬᠦ ᠪᠦᠬᠦᠨ ᠪᠠᠢᠭ᠎ᠠ ᠴᠤ ᠲᠠᠯ᠎ᠠ ᠨᠤᠲᠤᠭ ᠤ᠋ᠨ ᠮᠣᠩᠭᠣᠯᠴᠤᠳ ᠬᠡᠦᠬᠡᠳ ᠲᠦ᠍ ᠪᠠᠭ᠎ᠠ ᠠ᠋ᠴᠠ ᠨᠢ ᠦᠨ᠎ᠡ ᠲᠡᠢ ᠶᠠᠭᠤᠮ᠎ᠠ ᠡᠳ᠋ᠯᠡᠭᠦᠯᠬᠦ ᠶ᠋ᠢ ᠴᠡᠭᠡᠷᠯᠡᠳᠡᠭ ᠶᠦᠮ᠃ ᠡᠨᠡ ᠨᠢ ᠠᠯᠢᠪᠠ ᠬᠥᠮᠦᠨ ᠳ᠋ᠦ᠍ ᠬᠣᠷᠸ᠎ᠠ ᠳ᠋ᠤ᠌ ᠮᠡᠨᠳᠦᠯᠡᠭᠰᠡᠨ ᠴᠠᠭ ᠠ᠋ᠴᠠ ᠪᠠᠨ ᠨᠠᠰᠤᠨ ᠡᠴᠦᠰ ᠪᠣᠯᠲᠠᠯ᠎ᠠ ᠡᠳ᠋ᠯᠡᠵᠦ ᠬᠡᠷᠡᠭᠯᠡᠬᠦ ᠵᠦᠢᠯ ᠨᠢ ᠲᠣᠭ᠎ᠠ ᠲᠠᠢ ᠪᠠᠢᠳᠠᠭ ᠭᠡᠵᠦ ᠦᠵᠡᠳᠡᠭ ᠲᠡᠢ ᠬᠣᠯᠪᠣᠭ᠎ᠠ ᠲᠠᠢ᠃ ᠪᠠᠭ᠎ᠠ ᠠ᠋ᠴᠠ ᠨᠢ ᠦᠨ᠎ᠡ ᠲᠡᠢ ᠲᠠᠩᠰᠤᠭ ᠶᠠᠭᠤᠮ᠎ᠠ ᠬᠡᠷᠡᠭᠯᠡᠭᠦᠯᠪᠡᠯ ᠡᠳ᠋ᠯᠡᠬᠦ ᠵᠦᠢᠯ ᠦ᠋ᠨ ᠲᠣᠭ᠎ᠠ ᠳᠠᠭᠤᠰᠤᠨ᠎ᠠ ᠭᠡᠬᠦ ᠳ᠋ᠦ᠍ ᠳ᠋ᠣᠣ ᠶᠢᠦ ᠤᠷᠲᠤ ᠰᠠᠬᠠᠯ ᠢ᠋ᠶ᠋ᠠᠨ ᠳᠠᠬᠢᠨ ᠨᠢᠭᠡ ᠢᠮᠡᠷᠴᠦ᠄
ᠲᠣᠭ᠎ᠠ ᠭᠡᠨ᠎ᠡ᠂ ᠨᠡᠭᠡᠷᠡᠨ ᠯᠡ ᠬᠥᠮᠦᠨ ᠳ᠋ᠦ᠍ ᠴᠦ᠍ ᠭᠡᠰᠡᠨ ᠠᠮᠢᠰᠬᠤᠯ ᠠᠪᠬᠤ ᠠ᠋ᠴᠠ ᠡᠬᠢᠯᠡᠭᠡᠳ ᠬᠤᠷᠢᠶᠠᠬᠤ ᠬᠦᠷᠲᠡᠯ᠎ᠡ ᠴᠦ᠍ ᠪᠠᠰᠠ ᠨᠢᠭᠡᠨ ᠲᠣᠭ᠎ᠠ ᠪᠠᠢᠳᠠᠭ ᠪᠢᠵᠡ ᠭᠡᠮᠡᠨ ᠬᠡᠯᠡᠭᠡᠳ ᠶᠠᠭᠤ ᠴᠤ ᠪᠣᠯᠤᠭ᠎ᠠ ᠦᠭᠡᠢ ᠪᠠᠢᠬᠤ ᠳ᠋ᠤ᠌ ᠳᠠᠬᠢᠨ ᠢᠨᠢᠶᠡᠯ᠎ᠡ᠃ ᠬᠠᠭᠠᠨ ᠡᠵᠡᠨ ᠠᠶᠠᠨ ᠲᠡᠢᠨ ᠳ᠋ᠦ᠍ ᠶᠠᠪᠤᠭᠰᠠᠨ ᠬᠡᠳᠦᠨ ᠵᠢᠯ ᠦ᠋ᠨ ᠲᠤᠷᠰᠢᠳᠠ ᠬᠠᠭᠠᠴᠠᠯ ᠬᠠᠷᠠᠭᠤᠰᠤᠯ ᠳ᠋ᠤ᠌ ᠪᠦᠷᠢᠨ᠎ᠡ ᠠᠪᠲᠠᠵᠤ ᠣᠯᠢᠭ ᠲᠠᠢ ᠰᠠᠢᠨ ᠢᠨᠢᠶᠡᠵᠦ ᠴᠦ᠍ ᠦᠵᠡᠭᠡ ᠦᠭᠡᠢ ᠰᠢᠬᠠᠮ ᠪᠠᠢᠭᠰᠠᠨ ᠰᠤᠷᠬᠠᠭᠲᠠᠨᠢ ᠶ᠋ᠢᠨ ᠡᠮᠦᠨ᠎ᠡ ᠭᠠᠷᠴᠤ ᠢᠷᠡᠭᠰᠡᠨ ᠡᠨᠡ ᠬᠥᠮᠦᠨ ᠲᠡᠭᠦᠨ ᠦ᠌ ᠵᠢᠷᠦᠬᠡ ᠰᠡᠳᠬᠢᠯ ᠦ᠋ᠨ ᠰᠢᠷᠬ᠎ᠠ ᠶ᠋ᠢ ᠬᠡᠷᠬᠢᠨ ᠮᠡᠳᠡᠬᠦ ᠪᠢᠯᠡ᠃ ᠰᠤᠷᠬᠠᠭᠲᠠᠨᠢ ᠬᠠᠲᠤᠨ ᠢᠨᠢᠶᠡᠮᠰᠦᠭᠯᠡᠨ᠄
— ᠪᠠᠭᠰᠢᠲᠠᠨ ᠲᠠᠨ ᠢ᠋ ᠮᠢᠨᠦ ᠤᠷᠢᠯᠭ᠎ᠠ ᠪᠠᠷ ᠬᠦᠷᠦᠯᠴᠡᠨ ᠢᠷᠡᠬᠦ ᠡᠰᠡᠬᠦ ᠶ᠋ᠢ ᠡᠷᠡᠭᠡᠯᠵᠡᠨ ᠰᠠᠭᠤᠯ᠎ᠠ᠃ ᠶᠠᠮᠠᠷ ᠲᠠᠢ ᠴᠤ ᠲᠠ ᠢᠷᠡᠭᠰᠡᠨ ᠪᠣᠯᠬᠣᠷ ᠲᠠᠯ᠎ᠠ ᠨᠤᠲᠤᠭ ᠤ᠋ᠨ ᠳᠡᠨᠵᠢ ᠳᠡᠭᠡᠷ᠎ᠡ ᠬᠠᠭᠠᠨ ᠡᠵᠡᠭᠦᠢ ᠪᠠᠢᠭ᠎ᠠ ᠴᠤ᠌ ᠬᠠᠮᠤᠭ ᠰᠡᠳᠬᠢᠯ ᠮᠢᠨᠢ ᠳᠦᠭᠦᠷᠬᠦ ᠰᠢᠭ ᠪᠣᠯᠵᠤ ᠪᠠᠢᠨ᠎ᠠ ᠭᠡᠪᠡ᠃ ᠳ᠋ᠣᠣ ᠶᠢᠦ ᠪᠠᠭᠰᠢ᠄
— ᠡᠨᠳᠡ ᠬᠡᠰᠡᠭ ᠲᠡᠭᠡᠨ ᠰᠠᠭᠠᠲᠠᠬᠤ ᠰᠠᠨᠠᠭ᠎ᠠ ᠲᠠᠢ ᠲᠤᠯᠠ ᠰᠠᠨᠠᠭ᠎ᠠ ᠠᠮᠤᠷ ᠪᠠᠢᠵᠤ ᠪᠣᠯᠤᠨ᠎ᠠ ᠭᠡᠵᠦ ᠬᠡᠯᠡᠭᠡᠳ ᠰᠠᠬᠠᠯ ᠢ᠋ᠶ᠋ᠠᠨ ᠰᠢᠪᠲᠤᠷᠤᠨ ᠪᠠᠢᠬᠤ ᠨᠢ ᠣᠷᠴᠢᠨ ᠲᠣᠭᠣᠷᠢᠨ ᠢ᠋ᠶ᠋ᠠᠨ ᠠᠵᠢᠭᠯᠠᠨ ᠥᠪᠡᠷ ᠦ᠋ᠨ ᠳ᠋ᠦᠩᠨᠡᠯᠲᠡ ᠪᠡᠨ ᠥᠭᠴᠦ ᠪᠠᠢᠬᠤ ᠰᠢᠭ᠋ ᠬᠠᠷᠠᠭᠳᠠᠨ᠎ᠠ᠃ ᠴᠢᠩᠭᠢᠰ ᠬᠠᠭᠠᠨ ᠣᠳᠴᠢᠬᠢᠨ ᠨᠣᠶᠠᠨ ᠤ᠋ ᠬᠠᠮᠲᠤ ᠪᠠᠷ ᠲᠠᠯ᠎ᠠ ᠨᠤᠲᠤᠭ ᠢ᠋ᠶ᠋ᠠᠨ ᠵᠠᠬᠢᠷᠤᠨ᠂ ᠲᠥᠷᠥ ᠶ᠋ᠢᠨ ᠵᠠᠷᠢᠮ ᠬᠡᠷᠡᠭ ᠢ᠋ ᠰᠢᠢᠳᠴᠦ ᠪᠠᠢᠬᠤ ᠳᠠᠪᠬᠤᠷ ᠡᠷᠬᠡ ᠶ᠋ᠢ ᠤᠳᠬᠤᠨ ᠬᠦᠦ ᠶ᠋ᠢᠨ ᠡᠬᠡᠨᠡᠷ ᠦ᠋ᠨ ᠬᠤᠪᠢ ᠪᠠᠷ ᠰᠤᠷᠬᠠᠭᠲᠠᠨᠢ ᠳ᠋ᠤ᠌ ᠥᠭᠭᠦᠭᠰᠡᠨ ᠪᠠᠢᠯ᠎ᠠ᠃ ᠲᠡᠷᠡ ᠮᠠᠷᠭᠠᠰᠢ ᠥᠷᠯᠥᠭᠡᠨ ᠡᠴᠡ ᠨᠢ ᠡᠬᠢᠯᠡᠭᠡᠳ ᠲᠣᠮᠣ ᠬᠦᠦ ᠮᠥᠩᠬᠡ ᠶ᠋ᠢ ᠳ᠋ᠣᠣ ᠶᠢᠦ ᠪᠠᠭᠰᠢ ᠳ᠋ᠤ᠌ ᠱᠠᠪᠢ ᠣᠷᠣᠭᠤᠯᠵᠤ ᠡᠷᠲᠡᠨ ᠦ᠌ ᠶᠡᠬᠡ ᠮᠡᠷᠭᠡᠳ ᠦ᠋ᠨ ᠪᠢᠴᠢᠵᠦ ᠲᠡᠮᠳᠡᠭᠯᠡᠵᠦ ᠦᠯᠡᠳᠡᠭᠡᠭᠰᠡᠨ ᠰᠤᠳᠤᠷ ᠨᠣᠮ᠂ ᠱᠠᠰᠢᠨ ᠰᠢᠲᠦᠯᠭᠡ᠂ ᠬᠣᠷᠸ᠎ᠠ ᠶᠢᠷᠲᠢᠨᠴᠦ ᠬᠢᠭᠡᠳ ᠬᠥᠮᠦᠨ ᠦ᠌ ᠠᠮᠢᠳᠤᠷᠠᠯ ᠤ᠋ᠨ ᠵᠢᠮ᠎ᠡ ᠶᠣᠰᠣᠨ ᠤ᠋ ᠲᠤᠬᠠᠢ ᠬᠢᠴᠢᠶᠡᠯ ᠵᠢᠭᠠᠯᠭᠠᠳᠠᠭ ᠪᠣᠯᠤᠯ᠎ᠠ᠃ ᠣᠷᠣᠢ ᠪᠦᠷᠢ ᠶᠠᠷᠢᠶ᠎ᠠ ᠨᠡᠢᠯᠡᠨ ᠰᠠᠭᠤᠬᠤ ᠨᠢᠭᠡᠨ ᠬᠥᠮᠦᠨ ᠬᠠᠲᠤᠨ ᠤ᠋ ᠠᠮᠢᠳᠤᠷᠠᠯ ᠳ᠋ᠤ᠌ ᠣᠷᠣᠵᠤ ᠢᠷᠡᠭᠰᠡᠨ ᠲᠡᠷᠡ ᠨᠢᠭᠡᠨ ᠴᠠᠭ ᠮᠥᠴᠡ ᠪᠣᠯ ᠰᠤᠷᠬᠠᠭᠲᠠᠨᠢ ᠶ᠋ᠢᠨ ᠰᠡᠳᠬᠢᠯ ᠵᠢᠷᠦᠬᠡᠨ ᠳ᠋ᠦ᠍ ᠳᠠᠬᠢᠨ ᠨᠢᠭᠡ ᠭᠠᠯ ᠠᠰᠠᠭᠠᠭᠰᠠᠨ ᠰᠠᠢᠬᠠᠨ ᠦᠢᠯᠡ ᠶᠠᠪᠤᠳᠠᠯ ᠪᠠᠢᠯ᠎ᠠ᠃
ᠳᠣᠯᠣᠭᠠᠨ ᠵᠢᠯ ᠦᠷᠭᠦᠯᠵᠢᠯᠡᠭᠰᠡᠨ ᠴᠢᠩᠭᠢᠰ ᠬᠠᠭᠠᠨ ᠤ᠋ ᠬᠣᠷᠧᠽᠮ ᠢ᠋ ᠳᠠᠢᠯᠠᠭᠰᠠᠨ ᠠᠶᠠᠨ ᠲᠡᠢᠨ ᠰᠠᠶᠢ ᠨᠢᠭᠡ ᠳᠠᠭᠤᠰᠴᠤ ᠲᠡᠷᠡ ᠡᠬᠡ ᠨᠤᠲᠤᠭ ᠲᠠᠭᠠᠨ ᠢᠷᠡᠵᠦ ᠶᠠᠪᠤᠭ᠎ᠠ ᠰᠠᠢᠬᠠᠨ ᠮᠡᠳᠡᠭᠡ ᠲᠠᠯ᠎ᠠ ᠨᠤᠲᠤᠭ ᠢ᠋ᠶ᠋ᠠᠷ ᠭᠠᠯᠲᠤ ᠰᠢᠪᠠᠭᠤ ᠰᠢᠭ᠋ ᠬᠤᠷᠳᠤᠯᠠᠨ ᠢᠷᠡᠯ᠎ᠡ᠃ ᠡᠨᠡ ᠴᠠᠭ ᠲᠤᠷ ᠲᠤᠯᠤᠢ ᠡᠵᠡᠨ ᠦ᠌ ᠲᠣᠮᠣ ᠬᠦᠦ ᠮᠥᠩᠬᠡ ᠠᠷᠪᠠᠨ ᠨᠠᠢ᠍ᠮᠠᠨ ᠨᠠᠰᠤ ᠬᠦᠷᠴᠦ᠂ ᠤᠳᠠᠭᠠᠬᠢ ᠬᠦᠦ ᠬᠤᠪᠢᠯᠠᠢ ᠠᠷᠪᠠᠨ ᠨᠠᠰᠤ ᠲᠠᠢ᠂ ᠳᠡᠭᠦᠦ ᠬᠥᠯᠡᠬᠦ ᠨᠠᠢ᠍ᠮᠠᠨ ᠨᠠᠰᠤᠲᠠᠢ ᠪᠣᠯᠤᠭᠰᠠᠨ ᠪᠠᠢᠯ᠎ᠠ᠃ ᠮᠥᠩᠬᠡ ᠬᠦᠦ ᠳ᠋ᠣᠣ ᠶᠢᠦ ᠪᠠᠭᠰᠢ ᠪᠠᠨ ᠦᠳᠡᠵᠦ ᠮᠣᠷᠳᠠᠭᠤᠯᠤᠭᠠᠳ᠂ ᠳᠠᠷᠤᠢ ᠬᠣᠶᠠᠷ ᠵᠢᠯ ᠦ᠋ᠨ ᠨᠢᠭᠤᠷ ᠢ᠋ ᠦᠵᠡᠵᠦ᠂ ᠣᠳᠣ ᠥᠪᠡᠷ ᠢ᠋ᠶ᠋ᠡᠨ ᠰᠤᠳᠤᠷ ᠨᠣᠮ ᠤ᠋ᠨ ᠮᠥᠷ ᠦ᠋ᠳ ᠢ᠋ᠶ᠋ᠡᠷ ᠠᠶᠠᠯᠠᠨ ᠬᠣᠷᠸ᠎ᠠ ᠶ᠋ᠢᠨ ᠶᠠᠪᠤᠳᠠᠯ ᠢ᠋ ᠪᠢᠰᠢᠯᠭᠠᠬᠤ ᠪᠣᠯᠤᠭᠰᠠᠨ ᠪᠠᠢᠨ᠎ᠠ᠃ ᠮᠥᠩᠬᠡ ᠡᠬᠡ ᠶ᠋ᠢᠨ ᠢ᠋ᠶ᠋ᠡᠨ ᠨᠣᠮ ᠤ᠋ᠨ ᠦᠷᠭᠦᠭᠡᠨ ᠳ᠋ᠦ᠍ ᠪᠤᠷᠬᠠᠨ ᠪᠠᠭᠰᠢ ᠶ᠋ᠢᠨ ᠰᠤᠷᠭᠠᠯ ᠠ᠋ᠴᠠ ᠰᠢᠮᠡᠳᠦᠨ ᠤᠩᠰᠢᠵᠤ ᠪᠠᠢᠬᠤ ᠵᠠᠭᠤᠷ᠎ᠠ ᠳᠡᠭᠦᠦ ᠬᠤᠪᠢᠯᠠᠢ᠂ ᠬᠦᠯᠡᠬᠦ ᠨᠠᠷ ᠨᠢ ᠣᠢᠷᠠᠯᠴᠠᠭ᠎ᠠ ᠠᠭᠤᠯᠠ ᠶ᠋ᠢᠨ ᠡᠩᠭᠡᠷ ᠲᠦ᠍ ᠠᠰᠢᠳᠠ ᠲᠡᠮᠦᠷ ᠦ᠋ᠨ ᠬᠠᠮᠲᠤ ᠠᠩ ᠬᠢᠵᠦ ᠪᠠᠢᠯ᠎ᠠ᠃
—ᠣᠨᠣᠴᠢᠬᠠᠯᠠ ᠭᠡᠬᠦ ᠬᠡᠦᠬᠡᠳ ᠦ᠋ᠳ ᠦ᠋ᠨ ᠴᠠᠩᠭᠢᠨᠠᠭᠰᠠᠨ ᠳᠠᠭᠤ᠂ ᠣᠷᠴᠢᠨ ᠤ᠋ ᠪᠠᠶᠠᠷ ᠬᠥᠷ ᠢ᠋ ᠡᠪᠳᠡᠵᠦ᠂ ᠠᠰᠢᠳᠠ ᠲᠡᠮᠦᠷ ᠬᠥᠪᠡᠭᠦᠳ ᠦ᠋ᠨ ᠬᠠᠷᠪᠤᠭᠰᠠᠨ ᠠᠩ ᠲᠠᠢᠰᠢ ᠠᠮᠢᠰᠬᠤᠭᠠᠳᠠᠨ ᠭᠦᠶᠦᠨ᠎ᠡ᠃ ᠠᠩᠬ᠎ᠠ ᠰᠤᠷᠬᠠᠭᠲᠠᠨᠢ ᠲᠠᠢ ᠬᠠᠮᠲᠤ ᠴᠢᠩᠭᠢᠰ ᠬᠠᠭᠠᠨ ᠳ᠋ᠤ᠌ ᠢᠷᠡᠵᠦ ᠪᠠᠢᠭᠰᠠᠨ ᠡᠨᠡ ᠡᠷ᠎ᠡ ᠶ᠋ᠢᠨ ᠰᠢᠨ᠎ᠠ ᠶ᠋ᠢᠨ ᠦᠰᠦ ᠨᠢ ᠪᠤᠭᠤᠷᠤᠯ ᠰᠠᠭᠤᠵᠤ᠂ ᠦᠷᠭᠦᠯᠵᠢ ᠵᠣᠭᠰᠣᠭ᠎ᠠ ᠠᠵᠢᠯ ᠬᠢᠳᠡᠭ ᠡᠴᠡ ᠨᠢᠭᠡ ᠬᠥᠯ ᠨᠢ ᠡᠪᠦᠳᠦᠭ ᠢ᠋ᠶ᠋ᠡᠷ ᠢ᠋ᠶ᠋ᠡᠨ ᠨᠤᠭᠤᠷᠠᠬᠤ ᠪᠠᠨ ᠪᠠᠢᠵᠠᠢ᠃ ᠬᠠᠷᠪᠤᠭᠰᠠᠨ ᠠᠩ ᠤ᠋ᠨ ᠵᠦᠭ ᠬᠠᠵᠠᠭᠠᠨᠠᠨ ᠭᠦᠶᠦᠵᠦ ᠣᠴᠢᠭᠠᠳ ᠳᠡᠭᠡᠭᠰᠢ ᠡᠷᠭᠦᠬᠦ ᠶ᠋ᠢ ᠬᠠᠷᠠᠪᠠᠯ ᠭᠠᠷ ᠲᠠᠭᠠᠨ ᠲᠠᠷᠪᠠᠭ᠎ᠠ ᠪᠠᠷᠢᠭᠰᠠᠨ ᠪᠠᠢᠯ᠎ᠠ᠃ ᠬᠥᠯᠡᠬᠦ ᠶᠡᠬᠡᠳᠡ ᠪᠡᠶᠡᠰᠦᠨ ᠳᠣᠣᠷ᠎ᠠ ᠪᠠᠨ ᠳᠡᠪᠬᠡᠴᠡᠵᠦ᠄
— ᠠᠬ᠎ᠠ ᠠ᠋᠂ ᠤᠨᠤᠴᠢᠬᠠᠭᠰᠠᠨ ᠪᠠᠢᠨ᠎ᠠ᠃ ᠮᠠᠨ ᠤ᠋ ᠠᠬ᠎ᠠ ᠣᠨᠣᠴᠢᠬᠠᠯᠠ ᠭᠡᠵᠦ ᠠᠰᠢᠳᠠ ᠲᠡᠮᠦᠷ ᠦ᠋ᠨ ᠵᠦᠭ ᠭᠦᠶᠦᠭᠡ ᠪᠡᠷ ᠢ᠋ᠶ᠋ᠡᠨ ᠣᠴᠢᠯ᠎ᠠ᠃ ᠠᠷᠤ ᠠ᠋ᠴᠠ ᠨᠢ ᠬᠤᠪᠢᠯᠠᠢ ᠭᠦᠶᠦᠨ ᠣᠴᠢᠵᠤ ᠥᠪᠡᠷ ᠦ᠋ᠨ ᠠᠩᠨᠠᠭᠰᠠᠨ ᠠᠩᠬᠠᠨ ᠤ᠋ ᠠᠩ ᠢ᠋ᠶ᠋ᠠᠨ ᠬᠠᠷᠠᠭᠠᠳ ᠪᠠᠶᠠᠷᠯᠠᠵᠤ᠂ ᠡᠴᠢᠭᠡ ᠨᠢ ᠴᠦ᠍ ᠲᠡᠷᠡ᠂ ᠡᠪᠦᠭᠡ ᠡᠴᠢᠭᠡ ᠨᠢ ᠴᠦ᠍ ᠲᠡᠷᠡ ᠠᠶᠠᠨ ᠲᠡᠢᠨ ᠳ᠋ᠦ᠍ ᠶᠠᠪᠤᠭᠠᠳ ᠡᠵᠡᠭᠦᠢ ᠲᠤᠯᠠ ᠡᠵᠢ ᠳ᠋ᠡᠭᠡᠨ ᠬᠡᠯᠡᠵᠦ ᠪᠠᠶᠠᠷᠯᠠᠭᠤᠯᠬᠤ ᠪᠠᠷ ᠣᠷᠳᠣᠨ ᠤ᠋ ᠵᠦᠭ ᠡᠷᠭᠢᠯ᠎ᠡ᠃ ᠤᠭ ᠤ᠋ᠨ ᠰᠡᠷᠭᠦᠯᠡᠩ ᠣᠪᠰᠣᠭ᠎ᠠ ᠲᠠᠢ᠂ ᠲᠠᠩᠳᠠ ᠯᠠ ᠡᠢᠰᠢ ᠲᠠᠢᠰᠢ ᠬᠠᠷᠠᠨ ᠵᠦᠭ ᠦᠭᠡᠢᠳᠡᠵᠦ ᠶᠠᠪᠤᠳᠠᠭ ᠬᠥᠯᠡᠬᠦ᠄
— ᠲᠡᠷᠡ ᠶᠡᠬᠡ ᠲᠣᠭᠣᠰᠣ ᠶ᠋ᠢ ᠬᠠᠷ᠎ᠠ ᠳᠠ ᠭᠡᠵᠦ ᠬᠤᠷᠤᠭᠤ ᠪᠠᠷ ᠢ᠋ᠶ᠋ᠠᠨ ᠵᠢᠭᠠᠭᠰᠠᠨ ᠵᠦᠭ ᠲᠦ᠍ ᠬᠠᠷᠠᠭ᠎ᠠ ᠪᠡᠯᠴᠢᠭᠡᠪᠡᠯ ᠮᠣᠷᠢᠲᠠᠨ ᠴᠡᠷᠢᠭ ᠦ᠋ᠳ ᠲᠣᠭᠣᠰᠣ ᠲᠠᠲᠠᠭᠤᠯᠤᠨ ᠨᠠᠭᠠᠰᠢᠯᠠᠬᠤ ᠠᠭᠠᠳ ᠠᠷᠤ ᠠ᠋ᠴᠠ ᠨᠢ ᠨᠡᠭᠦᠳᠡᠯ ᠦ᠋ᠨ ᠤᠷᠲᠤ ᠴᠤᠪᠤᠭ᠎ᠠ ᠨᠠᠷᠠᠨ ᠤ᠋ ᠭᠢᠯᠪᠠᠭᠠᠨ ᠳ᠋ᠤ᠌ ᠲᠠᠯ᠎ᠠ ᠳ᠋ᠤ᠌ ᠲᠠᠲᠠᠭᠰᠠᠨ ᠵᠡᠷᠭᠡᠯᠭᠡ ᠰᠢᠭ ᠲᠤᠨᠤᠷᠠᠨ ᠬᠠᠷᠠᠭᠳᠠᠯ᠎ᠠ᠃
— ᠬᠠᠭᠠᠨ ᠡᠪᠦᠭᠡ ᠢᠷᠡᠵᠦ ᠪᠠᠢᠨ᠎ᠠ ᠬᠠᠭᠠᠨ ᠡᠪᠦᠭᠡ ᠢᠷᠡᠵᠦ ᠪᠠᠢᠨ᠎ᠠ ᠭᠡᠵᠦ ᠪᠡᠶᠡᠰᠦᠨ ᠬᠠᠰᠬᠢᠷᠤᠭᠠᠳ ᠬᠡᠦᠬᠡᠳ ᠦ᠋ᠳ ᠶᠡᠬᠡ ᠨᠡᠭᠦᠳᠡᠯ ᠢ᠋ ᠲᠣᠰᠣᠨ ᠭᠦᠶᠦᠯ᠎ᠡ᠃ ᠲᠡᠷᠡᠬᠡᠨ ᠵᠠᠭᠤᠷ᠎ᠠ ᠠᠷᠤ ᠠ᠋ᠴᠠ ᠨᠢ ᠳᠠᠭᠤᠳᠠᠭᠰᠠᠨ ᠠᠰᠢᠳᠠ ᠲᠡᠮᠦᠷ ᠦ᠋ᠨ ᠳᠠᠭᠤᠨ ᠢ᠋ᠶ᠋ᠠᠷ ᠬᠤᠪᠢᠯᠠᠢ ᠳᠡᠭᠦᠦ ᠶ᠋ᠢᠨ ᠢ᠋ᠶ᠋ᠡᠨ ᠭᠠᠷ ᠠ᠋ᠴᠠ ᠲᠡᠳᠡᠨ ᠵᠣᠭᠰᠣᠭᠠᠭᠠᠳ᠄
— ᠬᠠᠭᠠᠨ ᠡᠪᠦᠭᠡ ᠪᠢᠳᠡᠨ ᠢ᠋ ᠲᠠᠨᠢᠬᠤ ᠦᠭᠡᠢ ᠰᠢᠦ ᠳᠡ ᠭᠡᠵᠦ ᠬᠡᠯᠡᠯ᠎ᠡ᠃ ᠬᠤᠪᠢᠯᠠᠢ ᠦᠷᠭᠦᠯᠵᠢᠯᠡᠭᠦᠯᠦᠨ ᠳᠡᠭᠦᠦ ᠶ᠋ᠢᠨ ᠢ᠋ᠶ᠋ᠡᠨ ᠭᠠᠷ ᠠ᠋ᠴᠠ ᠪᠠᠷᠢᠭᠰᠠᠨ ᠬᠡᠪ ᠢ᠋ᠶ᠋ᠡᠷ᠄
— ᠬᠠᠭᠠᠨ ᠡᠪᠦᠭᠡ ᠶ᠋ᠢ ᠠᠶᠠᠨ ᠲᠡᠢᠨ ᠳ᠋ᠦ᠍ ᠶᠠᠪᠤᠬᠤ ᠳ᠋ᠤ᠌ ᠪᠢ ᠬᠣᠶᠠᠷ ᠨᠠᠰᠤᠲᠠᠢ᠂ ᠬᠠᠷᠢᠨ ᠳᠡᠭᠦᠦ ᠮᠢᠨᠢ ᠴᠢ ᠥᠯᠥᠭᠡᠢ ᠳᠡᠭᠡᠨ ᠪᠠᠢᠭᠰᠠᠨ ᠶᠤᠮ ᠴᠢᠨᠢ ᠪᠢᠳᠡᠨ ᠢ᠋ ᠬᠡᠷᠬᠢᠨ ᠲᠠᠨᠢᠬᠤ ᠪᠢᠯᠡ ᠳᠠ᠃
ᠬᠣᠶᠠᠷ ᠬᠦᠦ ᠤᠷᠮ᠎ᠠ ᠦᠭᠡᠢᠬᠡᠨ ᠠᠰᠢᠳᠠ ᠲᠡᠮᠦᠷ ᠦ᠋ᠨ ᠵᠦᠭ ᠪᠤᠴᠠᠵᠤ ᠢᠷᠡᠯ᠎ᠡ᠃ ᠬᠥᠪᠡᠭᠦᠳ ᠪᠤᠴᠠᠵᠤ ᠣᠴᠢᠨ ᠣᠷᠳᠣᠨ ᠳ᠋ᠤ᠌ ᠬᠡᠯᠡ ᠳᠣᠭᠣᠯᠭᠠᠬᠤ ᠶ᠋ᠢᠨ ᠣᠷᠣᠨ ᠳ᠋ᠤ᠌ ᠢᠷᠡᠵᠦ ᠶᠠᠪᠤᠭ᠎ᠠ ᠶᠡᠬᠡ ᠴᠤᠪᠤᠭ᠎ᠠ ᠶ᠋ᠢ ᠬᠦᠯᠢᠶᠡᠭᠰᠡᠨ ᠨᠢ ᠢᠯᠡᠭᠦᠦ ᠣᠢᠷ᠎ᠠ ᠪᠠᠢᠭᠰᠠᠨ ᠲᠤᠯᠠ ᠲᠡᠨᠳᠡ ᠪᠡᠨ ᠬᠦᠯᠢᠶᠡᠬᠦ ᠪᠡᠷ ᠰᠢᠢᠳᠦᠯ᠎ᠡ᠃ ᠣᠷᠳᠣᠨ ᠳ᠋ᠤ᠌ ᠬᠡᠯᠡ ᠬᠦᠷᠭᠡᠬᠦ ᠪᠡᠷ
ᠲᠦᠷᠦᠭᠦᠯᠡᠵᠦ ᠳᠠᠪᠬᠢᠭᠰᠠᠨ ᠮᠣᠷᠢᠲᠤ ᠴᠡᠷᠢᠭ ᠦ᠋ᠳ ᠲᠡᠳᠡᠨ ᠦ᠌ ᠬᠠᠵᠠᠭᠤ ᠪᠠᠷ ᠲᠣᠭᠣᠰᠣ ᠲᠠᠲᠠᠭᠤᠯᠤᠨ ᠥᠩᠭᠡᠷᠡᠭᠰᠡᠨ ᠦ᠌ ᠳᠠᠷᠠᠭ᠎ᠠ᠂ ᠲᠠᠯ᠎ᠠ ᠶ᠋ᠢᠨ ᠳᠤᠮᠳᠠ ᠵᠡᠷᠭᠡᠯᠭᠡ ᠰᠢᠭ ᠠᠨᠢᠪᠠᠯᠵᠠᠨ ᠪᠠᠢᠭᠰᠠᠨ ᠶᠡᠬᠡ ᠨᠡᠭᠦᠳᠡᠯ ᠲᠦᠳᠡ ᠤᠳᠠᠯ ᠦᠭᠡᠢ ᠣᠢᠷᠠᠲᠤᠨ ᠢᠷᠡᠯ᠎ᠡ᠃ ᠨᠡᠭᠦᠳᠡᠯ ᠦ᠋ᠨ ᠴᠤᠪᠤᠭ᠎ᠠ ᠠᠶᠠᠨ ᠤ᠋ ᠲᠣᠭᠣᠰᠣᠨ ᠳ᠋ᠤ᠌ ᠳᠠᠷᠤᠭᠳᠠᠵᠠᠢ᠃ ᠲᠣᠯᠣᠭᠠᠢ ᠬᠡᠰᠡᠭ ᠶᠠᠪᠤᠵᠤ ᠥᠩᠭᠡᠷᠡᠭᠰᠡᠨ ᠦ᠌ ᠳᠠᠷᠠᠭ᠎ᠠ ᠥᠨᠳᠥᠷ ᠰᠦᠷᠯᠢᠭ ᠠᠯᠬᠤᠭ᠎ᠠ ᠲᠠᠢ ᠪᠣᠷᠣ ᠮᠣᠷᠢ ᠤᠨᠤᠭᠰᠠᠨ᠂ ᠴᠠᠭᠠᠨ ᠳᠡᠪᠡᠯ᠂ ᠠᠩ ᠤ᠋ᠨ ᠠᠷᠠᠰᠤᠨ ᠮᠠᠯᠠᠭᠠᠢ ᠲᠠᠢ ᠨᠡᠯᠢᠶᠡᠳ ᠪᠤᠭᠤᠷᠤᠯ ᠰᠠᠭᠤᠭᠰᠠᠨ ᠦᠰᠦ ᠪᠡᠨ ᠴᠢᠩᠭ᠎ᠠ ᠰᠦᠯᠵᠢᠵᠦ ᠰᠤᠷ ᠢ᠋ᠶ᠋ᠠᠷ ᠪᠣᠭᠣᠭᠰᠠᠨ ᠬᠥᠮᠦᠨ ᠶᠠᠪᠤᠵᠤ ᠥᠩᠭᠡᠷᠡᠬᠦ ᠵᠠᠭᠤᠷ᠎ᠠ᠂ ᠵᠠᠮ ᠳᠡᠭᠡᠷ᠎ᠡ ᠵᠣᠭᠰᠣᠵᠤ ᠪᠠᠢᠭ᠎ᠠ ᠨᠢᠭᠡ ᠲᠣᠮᠣ ᠬᠥᠮᠦᠨ᠂ ᠬᠣᠶᠠᠷ ᠬᠡᠦᠬᠡᠳ ᠢ᠋ ᠬᠠᠷᠠᠵᠤ ᠮᠣᠷᠢᠨ ᠤ᠋ ᠪᠠᠨ ᠠᠮᠠ ᠶ᠋ᠢ ᠡᠷᠭᠢᠭᠦᠯᠦᠨ ᠠᠢᠰᠤᠢ᠃ ᠲᠡᠭᠦᠨ ᠦ᠌ ᠠᠷᠤ ᠠ᠋ᠴᠠ ᠬᠡᠰᠡᠭ ᠮᠣᠷᠢᠲᠠᠨ ᠳ᠋ᠠᠭᠠᠨ ᠢᠷᠡᠯ᠎ᠡ᠃
ᠬᠥᠪᠡᠭᠦᠳ ᠦ᠋ᠨ ᠵᠢᠷᠦᠬᠡ ᠴᠡᠭᠡᠵᠢᠨ ᠳᠣᠲᠣᠷ᠎ᠠ ᠪᠠᠨ ᠪᠠᠭᠲᠠᠬᠤ ᠦᠭᠡᠢ ᠴᠣᠪᠬᠣᠴᠢᠨᠠ᠃ ᠡᠨᠡ ᠯᠠᠪ ᠡᠪᠦᠭᠡ ᠡᠴᠢᠭᠡ ᠨᠢ ᠮᠥᠨ ᠭᠡᠵᠦ ᠲᠡᠳᠡ ᠪᠠᠲᠤ ᠢᠲᠡᠭᠡᠵᠦ ᠪᠠᠢᠯ᠎ᠠ᠃ ᠨᠥᠭᠦᠭᠡ ᠰᠦᠷᠯᠢᠭ ᠬᠥᠮᠦᠨ ᠬᠠᠵᠠᠭᠤ ᠳ᠋ᠤᠨᠢ ᠢᠷᠡᠵᠦ ᠮᠣᠷᠢᠨ ᠠ᠋ᠴᠠ ᠪᠠᠨ ᠪᠠᠭᠤᠭᠠᠳ ᠠᠰᠢᠳᠠ ᠲᠡᠮᠦᠷ ᠢ᠋ ᠲᠠᠨᠢᠪᠠ ᠪᠣᠯᠤᠯᠲᠠᠢ᠂ ᠠᠰᠢᠳᠠ ᠲᠡᠮᠦᠷ ᠴᠦ᠍ ᠬᠠᠭᠠᠨ ᠡᠵᠡᠨ ᠦ᠌ ᠢᠷᠡᠬᠦ ᠪᠠᠷ᠎ᠠ ᠪᠠᠷ ᠡᠮᠦᠨ᠎ᠡ ᠳᠣᠭᠣᠭᠰᠢ ᠰᠥᠭᠥᠳᠦᠨ ᠰᠠᠭᠤᠵᠠᠢ᠃ ᠠᠰᠢᠳᠠ ᠲᠡᠮᠦᠷ᠄
— ᠬᠠᠭᠠᠨ ᠡᠵᠡᠨ ᠠᠶᠠᠨ ᠵᠠᠮ ᠳ᠋ᠠᠭᠠᠨ ᠠᠯᠵᠢᠶᠠᠯ ᠦᠭᠡᠢ ᠰᠠᠢᠨ ᠶᠠᠪᠤᠵᠤ ᠢᠷᠡᠪᠡ ᠦᠦ?
— ᠰᠠᠢᠨ ᠶᠠᠪᠤᠵᠤ ᠢᠷᠡᠯ᠎ᠡ᠃ ᠪᠢ ᠪᠤᠷᠤᠭᠤ ᠲᠠᠨᠢᠭ᠎ᠠ ᠦᠭᠡᠢ ᠪᠣᠯᠤᠯᠲᠠᠢ᠂ ᠵᠡᠷᠭᠡᠴᠡᠨ ᠵᠣᠭᠰᠣᠬᠤ ᠢᠵᠢᠯᠢ ᠬᠣᠶᠠᠷ ᠬᠥᠪᠡᠭᠦᠳ ᠢ᠋ ᠬᠠᠷᠠᠭᠠᠳ᠂ ᠮᠢᠨᠦ ᠠᠴᠢ ᠦᠷᠡᠰ ᠮᠥᠨ ᠪᠣᠯᠬᠤ ᠶ᠋ᠢ ᠵᠦᠩ ᠰᠤᠪᠢᠨ ᠮᠢᠨᠢ ᠨᠠᠳᠠ ᠳ᠋ᠤ᠌ ᠬᠡᠯᠡᠭᠰᠡᠨ ᠶᠦᠮ ᠭᠡᠵᠦ ᠬᠡᠯᠡᠭᠡᠳ ᠬᠥᠪᠡᠭᠦᠨ ᠢ᠋ ᠬᠠᠷᠠᠯ᠎ᠠ᠃ ᠬᠥᠪᠡᠭᠦᠳ ᠬᠠᠭᠠᠨ ᠡᠵᠡᠨ ᠮᠥᠨ ᠪᠣᠯᠬᠤ ᠶ᠋ᠢ ᠮᠡᠳᠡᠭᠡᠳ ᠲᠡᠭᠦᠨ ᠳ᠋ᠦ᠍ ᠬᠦᠨᠳᠦᠳᠬᠡᠯ ᠦᠵᠡᠭᠦᠯᠦᠯ᠎ᠡ᠃ ᠠᠰᠢᠳᠠ ᠲᠡᠮᠦᠷ᠄
— ᠲᠠᠨ ᠤ᠋ ᠠᠴᠢ ᠬᠤᠪᠢᠯᠠᠢ᠂ ᠳᠡᠭᠦᠦ ᠬᠥᠯᠡᠬᠦ ᠶ᠋ᠢᠨ ᠬᠠᠮᠲᠤ ᠵᠣᠭᠰᠣᠵᠤ ᠪᠠᠢᠨ᠎ᠠ᠃
— ᠶᠡᠬᠡ ᠲᠣᠮᠣ ᠡᠷᠡᠰ ᠪᠣᠯᠵᠠᠢ᠃ ᠬᠠᠷᠢᠵᠤ ᠢᠷᠡᠬᠦ ᠵᠠᠮ ᠳ᠋ᠠᠭᠠᠨ ᠠᠩ ᠬᠢᠵᠦ ᠶᠠᠪᠤᠭ᠎ᠠ ᠠᠴᠢ ᠨᠠᠷ ᠢ᠋ᠶ᠋ᠠᠨ ᠬᠠᠷᠠᠨ᠎ᠠ ᠭᠡᠳᠡᠭ ᠰᠠᠢᠨ ᠤ᠋ ᠪᠡᠯᠭᠡ ᠪᠢᠰᠢ ᠤᠤ ᠭᠡᠳ ᠠᠰᠢᠳᠠ ᠲᠡᠮᠦᠷ ᠦ᠋ᠨ ᠠᠷᠤ ᠳ᠋ᠠᠭᠠᠨ ᠨᠢᠭᠤᠭᠰᠠᠨ ᠲᠠᠷᠪᠠᠭ᠎ᠠ ᠶ᠋ᠢ ᠬᠤᠷᠤᠭᠤ ᠪᠠᠷ ᠢ᠋ᠶ᠋ᠠᠨ ᠵᠢᠭᠠᠵᠤ᠄
— ᠡᠭᠦᠨ ᠢ᠋ ᠲᠡᠭᠡᠭᠡᠳ ᠬᠡᠨ ᠴᠢᠨᠢ ᠨᠡᠮᠨᠡᠪᠡ ᠳᠠ ᠭᠡᠵᠦ ᠠᠰᠠᠭᠤᠪᠠ᠃ ᠠᠰᠢᠳᠠ ᠲᠡᠮᠦᠷ᠄
— ᠲᠠᠨ ᠤ᠋ ᠠᠴᠢ ᠬᠤᠪᠢᠯᠠᠢ ᠬᠠᠷᠪᠤᠭᠰᠠᠨ ᠪᠢᠯᠡ ᠭᠡᠬᠦ ᠳ᠋ᠦ᠍᠂
— ᠮᠢᠨᠦ ᠠᠴᠢ ᠠᠩ ᠤ᠋ᠨ ᠣᠯᠵᠠ ᠪᠠᠷ ᠡᠪᠦᠭᠡ ᠡᠴᠢᠭᠡ ᠪᠡᠨ ᠤᠭᠲᠤᠵᠤ ᠪᠠᠢᠭ᠎ᠠ ᠶᠤᠮ ᠪᠢᠵᠡ ᠳᠡ᠃ ᠬᠤᠪᠢ ᠲᠠᠢ ᠬᠥᠮᠦᠨ ᠨᠡᠭᠦᠳᠡᠯ ᠲᠣᠰᠴᠤ᠂ ᠬᠤᠷ᠎ᠠ ᠲᠠᠢ ᠡᠭᠦᠯᠡ ᠵᠤᠨ ᠢ᠋ ᠪᠠᠶᠠᠰᠬᠠᠳᠠᠭ ᠭᠡᠵᠦ ᠡᠪᠦᠭᠡ ᠡᠴᠢᠭᠡ ᠨᠢ ᠠᠴᠢ ᠬᠦᠦ ᠶ᠋ᠢᠨ ᠢ᠋ᠶ᠋ᠡᠨ ᠡᠷᠡᠬᠡᠢ ᠬᠤᠷᠤᠭᠤ ᠶ᠋ᠢ ᠠᠩ ᠤ᠋ᠨ ᠣᠯᠵᠠ ᠪᠠᠷ ᠨᠢ ᠮᠢᠯᠢᠶᠠᠵᠤ ᠥᠭᠭᠦᠰᠦ ᠭᠡᠳ ᠰᠠᠶᠢᠬᠠᠨ ᠨᠠᠮᠨᠠᠭᠰᠠᠨ ᠲᠠᠷᠪᠠᠭᠠᠨ ᠤ᠋ ᠭᠡᠳᠡᠰᠦᠨ ᠦ᠌ ᠥᠭᠡᠬᠦ ᠶ᠋ᠢ ᠠᠰᠢᠳᠠ ᠲᠡᠮᠦᠷ ᠢ᠋ᠶ᠋ᠡᠷ ᠵᠦᠰᠦᠭᠦᠯᠦᠨ ᠠᠪᠴᠤ ᠢᠷᠡᠭᠦᠯᠦᠭᠡᠳ ᠬᠣᠶᠠᠷ ᠬᠦᠦ ᠶ᠋ᠢᠨ ᠡᠷᠡᠬᠡᠢ ᠶ᠋ᠢ ᠨᠢ ᠳᠤᠰᠤᠯᠠᠨ ᠮᠢᠯᠢᠶᠠᠵᠤ ᠥᠭᠭᠦᠯ᠎ᠡ᠃
ᠲᠤᠯᠤᠢ ᠶ᠋ᠢᠨ ᠬᠥᠪᠡᠭᠦᠳ ᠠᠵᠠ ᠲᠠᠢ ᠪᠥᠯᠥᠭᠡ᠂ ᠤᠴᠢᠷ ᠨᠢ ᠣᠯᠠᠨ ᠵᠢᠯ ᠦ᠋ᠨ ᠠᠶᠠᠨ ᠲᠡᠢᠨ ᠦ᠌ ᠳᠤᠮᠳᠠ ᠠᠭᠤᠯᠵᠠᠬᠤ ᠦᠭᠡᠢ ᠰᠢᠬᠠᠮ ᠶᠠᠪᠤᠭᠰᠠᠨ ᠦᠷ᠎ᠡ᠂ ᠠᠴᠢ ᠨᠠᠷ ᠤ᠋ᠨ ᠬᠢᠨᠢ ᠳᠤᠮᠳᠠ ᠠ᠋ᠴᠠ ᠲᠤᠯᠤᠢ ᠶ᠋ᠢᠨ ᠭᠤᠷᠪᠠᠨ ᠬᠦᠦ ᠠᠩ ᠤ᠋ᠨ ᠣᠯᠵᠠ ᠪᠠᠨ ᠡᠪᠦᠭᠡ ᠡᠴᠢᠭᠡ ᠲᠡᠢ ᠪᠡᠨ ᠬᠤᠪᠢᠶᠠᠯᠴᠠᠭᠰᠠᠨ ᠪᠠᠢᠪᠠ᠃
ᠶᠡᠬᠡ ᠨᠡᠭᠦᠳᠡᠯ ᠦ᠋ᠨ ᠴᠣᠪᠣᠭᠠᠨ ᠤ᠋ ᠲᠡᠭᠦᠰᠬᠡᠯ ᠵᠡᠷᠭᠡᠴᠡᠨ ᠢᠷᠡᠬᠦ ᠠᠬᠤᠢ ᠳ᠋ᠤ᠌ ᠲᠤᠯᠤᠢ ᠨᠣᠶᠠᠨ ᠬᠠᠭᠠᠨ ᠡᠴᠢᠭᠡ ᠶ᠋ᠢᠨ ᠢ᠋ᠶ᠋ᠡᠨ ᠪᠠᠢᠭ᠎ᠠ ᠵᠦᠭ ᠲᠦ᠍ ᠬᠦᠷᠴᠦ ᠢᠷᠡᠯ᠎ᠡ᠃ ᠲᠡᠷᠡ ᠰᠢᠭᠤᠳ ᠯᠠ ᠬᠥᠪᠡᠭᠦᠳ ᠢ᠋ᠶ᠋ᠡᠨ ᠲᠠᠨᠢᠪᠠ᠃ ᠬᠡᠴᠢᠨᠡᠭᠡᠨ ᠲᠣᠮᠣ ᠡᠷᠡᠰ ᠪᠣᠯᠤᠭᠰᠠᠨ ᠢ᠋ ᠬᠠᠷᠠᠨ ᠬᠡᠷᠬᠢᠬᠦ ᠤᠬᠠᠭᠠᠨ ᠢ᠋ᠶ᠋ᠠᠨ ᠣᠯᠬᠤ ᠦᠭᠡᠢ ᠬᠣᠶᠠᠷ ᠬᠦᠦ ᠪᠡᠨ ᠡᠭᠡᠯᠵᠢᠯᠡᠨ ᠦᠨᠦᠰᠴᠦ᠂ ᠪᠠᠭ᠎ᠠ ᠬᠦᠦ ᠬᠥᠯᠡᠬᠦ ᠶ᠋ᠢ ᠳᠡᠭᠡᠭᠰᠢ ᠡᠷᠭᠦᠨ ᠲᠡᠪᠡᠷᠢᠪᠡ᠃ ᠡᠪᠦᠭᠡ ᠡᠴᠢᠭᠡ ᠶ᠋ᠢ ᠪᠡᠨ ᠪᠣᠯᠤᠨ ᠥᠪᠡᠷ ᠦ᠋ᠨ ᠡᠴᠢᠭᠡ ᠶ᠋ᠢᠨ ᠢ᠋ᠶ᠋ᠡᠨ ᠵᠢᠰᠦ ᠴᠢᠷᠠᠢ ᠶ᠋ᠢ ᠳᠠᠮ ᠲᠣᠮ ᠮᠡᠳᠡᠬᠦ ᠬᠤᠪᠢᠯᠠᠢ ᠲᠡᠳᠡᠨ ᠢ᠋ ᠠᠵᠢᠭᠯᠠᠨ ᠵᠣᠭᠰᠣᠨ᠎ᠠ᠃
ᠡᠪᠦᠭᠡ ᠡᠴᠢᠭᠡ ᠨᠢ ᠣᠯᠠᠨ ᠵᠢᠯ ᠦ᠋ᠨ ᠠᠶᠠᠨ ᠲᠡᠢᠨ᠂ ᠨᠠᠷᠠ ᠰᠠᠯᠬᠢᠨ ᠳ᠋ᠤ᠌ ᠭᠦᠨ ᠦᠷᠴᠢᠯᠡᠭᠡᠰᠦ ᠰᠠᠭᠤᠵᠤ᠂ ᠦᠰᠦ ᠨᠢ ᠪᠤᠭᠤᠷᠤᠯ ᠪᠣᠯᠤᠭᠰᠠᠨ ᠪᠠᠢᠯ᠎ᠠ᠃ ᠬᠠᠷᠢᠨ ᠡᠴᠢᠭᠡ ᠨᠢ ᠳᠥᠴᠢ ᠡᠷᠭᠢᠮ᠎ᠡ ᠨᠠᠰᠤᠨ ᠤ᠋ ᠬᠦᠳᠡᠷ ᠴᠢᠭᠢᠷᠠᠭ ᠡᠷ᠎ᠡ ᠳᠡᠭᠦᠦ ᠶ᠋ᠢ ᠨᠢ ᠡᠯᠢᠭᠡᠨ ᠳ᠋ᠡᠭᠡᠨ ᠴᠢᠩᠭ᠎ᠠ ᠲᠡᠪᠡᠷᠢᠨ ᠬᠤᠪᠢᠯᠠᠢ ᠶ᠋ᠢᠨ ᠬᠦᠵᠦᠭᠦᠦ ᠪᠡᠷ ᠳᠠᠪᠬᠤᠷ ᠲᠡᠪᠡᠷᠢᠵᠡᠢ᠃ ᠡᠢᠮᠦ ᠰᠠᠢᠬᠠᠨ ᠪᠠᠶᠠᠷ ᠭᠡᠵᠦ ᠪᠠᠢᠬᠤ ᠤᠤ᠂ ᠲᠠᠯ᠎ᠠ ᠨᠤᠲᠤᠭ ᠢ᠋ᠶ᠋ᠠᠷ ᠳᠣᠮᠣᠭ ᠪᠣᠯᠤᠨ ᠶᠠᠷᠢᠭᠳᠠᠬᠤ ᠡᠨᠡ ᠬᠣᠶᠠᠷ ᠬᠥᠮᠦᠨ ᠲᠡᠢ ᠢᠩᠭᠢᠵᠦ ᠨᠢᠭᠡᠨ ᠳᠣᠣᠷ᠎ᠠ ᠠᠭᠤᠯᠵᠠᠵᠤ᠂ ᠲᠡᠷᠡ ᠴᠤ ᠪᠦᠦ ᠬᠡᠯᠡ ᠠᠩᠬᠠᠨ ᠤ᠋ ᠠᠩ ᠢ᠋ᠶ᠋ᠠᠨ ᠮᠢᠯᠢᠶᠠᠯᠭᠠᠵᠤ᠂ ᠡᠪᠦᠭᠡ ᠡᠴᠢᠭᠡ ᠡᠴᠡ ᠪᠡᠨ ᠮᠠᠭᠲᠠᠭᠠᠯ ᠬᠦᠷᠲᠡᠵᠦ᠂ ᠣᠯᠠᠨ ᠵᠢᠯ ᠡᠪᠦᠷ ᠳᠡᠭᠡᠷ᠎ᠡ ᠨᠢ ᠡᠷᠬᠡᠯᠡᠬᠦ ᠰᠠᠨ ᠭᠡᠵᠦ ᠬᠦᠰᠡᠵᠦ ᠥᠰᠦᠭᠰᠡᠨ ᠬᠠᠢᠷᠠᠲᠠᠢ ᠠᠪᠤ ᠨᠢ ᠲᠡᠭᠦᠨ ᠢ᠋ ᠲᠡᠪᠡᠷᠢᠨ ᠵᠣᠭᠰᠣᠨ᠎ᠠ᠃ ᠠᠵᠠ ᠵᠢᠷᠭᠠᠯ ᠭᠡᠵᠦ ᠡᠭᠦᠨ ᠢ᠋ ᠯᠡ ᠬᠡᠯᠡᠳᠡᠭ ᠪᠣᠯᠪᠠ ᠤᠤ᠂ ᠠᠯᠢᠪᠠ ᠬᠦᠰᠡᠯ ᠪᠦᠬᠦᠨ ᠲᠠᠩᠳᠠ ᠳᠡᠷᠭᠡᠳᠡ ᠪᠠᠢᠳᠠᠭ ᠪᠣᠯ ᠵᠢᠷᠭᠠᠯ ᠤ᠋ᠨ ᠠᠮᠲᠠ ᠶ᠋ᠢ ᠮᠡᠳᠡᠷᠡᠬᠦ ᠦᠭᠡᠢ ᠪᠠᠢᠬᠤ ᠰᠠᠨ᠃ ᠬᠠᠷᠢᠨ ᠣᠯᠠᠨ ᠵᠢᠯ ᠦ᠋ᠨ ᠬᠦᠰᠡᠯ ᠮᠥᠷᠥᠭᠡᠳᠦᠯ ᠢᠩᠭᠢᠵᠦ ᠪᠡᠶᠡᠯᠡᠭᠰᠡᠨ ᠨᠢ ᠵᠢᠷᠭᠠᠯ ᠤ᠋ᠨ ᠠᠮᠲᠠ ᠶ᠋ᠢ ᠤᠯᠠᠮ ᠪᠦᠷ ᠨᠡᠮᠡᠬᠦ ᠠᠵᠢ᠃
※
ᠠᠢᠯ ᠭᠡᠷ ᠲᠦ᠍ ᠲᠡᠷᠡ ᠡᠵᠡᠨ ᠬᠥᠮᠦᠨ ᠨᠢ ᠦᠭᠡᠢ ᠪᠣᠯ ᠬᠠᠩᠬᠠᠢ ᠣᠷᠬᠢᠨ ᠬᠦᠢᠲᠡ ᠳᠠᠭᠠᠭᠠᠳᠠᠭ ᠤ᠋ᠨ ᠠᠳᠠᠯᠢ ᠪᠠᠷ᠂ ᠤᠯᠤᠰ ᠭᠡᠷ ᠲᠦ᠍ ᠲᠡᠷᠡ ᠡᠵᠡᠨ ᠬᠠᠭᠠᠨ ᠨᠢ ᠦᠭᠡᠢ ᠪᠣᠯ ᠬᠠᠩᠬᠠᠢ ᠬᠦᠢᠲᠡᠨ ᠪᠠᠢᠳᠠᠭ ᠠᠵᠤᠭᠤ᠃ ᠳᠣᠯᠣᠭᠠᠨ ᠵᠢᠯ ᠦ᠋ᠨ ᠬᠦᠯᠢᠶᠡᠯᠲᠡ᠂ ᠳᠣᠯᠣᠭᠠᠨ ᠵᠢᠯ ᠦ᠋ᠨ ᠳᠣᠭᠳᠣᠯᠤᠯ᠂ ᠳᠣᠯᠣᠭᠠᠨ ᠵᠢᠯ ᠦ᠋ᠨ ᠡᠰᠡᠨ ᠮᠡᠨᠳᠦ ᠡᠰᠡᠬᠦ ᠨᠢ ᠦᠯᠦ ᠮᠡᠳᠡᠭᠳᠡᠬᠦ ᠳᠠᠭᠠᠪᠤᠷᠢ ᠴᠢᠮᠡᠭᠡ ᠠᠷᠢᠯᠵᠤ᠂ ᠰᠤᠷᠬᠠᠭᠲᠠᠨᠢ ᠡᠷ᠎ᠡ ᠨᠥᠬᠥᠷ ᠦ᠋ᠨ ᠬᠠᠮᠲᠤ ᠰᠡᠳᠬᠢᠯ ᠠᠮᠤᠷ ᠰᠠᠭᠤᠬᠤ ᠴᠠᠭ ᠨᠢᠭᠡᠨᠲᠡ ᠢᠷᠡᠯ᠎ᠡ᠃ ᠠᠶᠠᠨ ᠲᠡᠢᠨ ᠡᠴᠡ ᠢᠷᠡᠵᠦ᠂ ᠲᠥᠷᠥᠯᠬᠢ ᠨᠤᠲᠤᠭ ᠤ᠋ᠨ ᠢ᠋ᠶ᠋ᠠᠨ ᠡᠯᠢᠭᠡᠨ ᠳᠡᠭᠡᠷ᠎ᠡ ᠮᠣᠷᠢᠨ ᠠ᠋ᠴᠠ ᠪᠠᠨ ᠪᠠᠭᠤᠨ ᠪᠠᠢᠭ᠎ᠠ ᠡᠷ᠎ᠡ ᠨᠥᠬᠥᠷ ᠢ᠋ᠶ᠋ᠡᠨ ᠲᠣᠰᠣᠨ ᠵᠣᠭᠰᠣᠬᠤ ᠰᠤᠷᠬᠠᠭᠲᠠᠨᠢ ᠳᠣᠯᠣᠭᠠᠨ ᠵᠢᠯ ᠦ᠋ᠨ ᠪᠠᠶᠠᠷ᠂ ᠭᠤᠨᠢᠭ ᠡᠭᠡᠯᠵᠢᠯᠡᠭᠰᠡᠨ ᠲᠡᠦᠬᠡ ᠶ᠋ᠢᠨ ᠴᠣᠬᠣᠮ ᠠᠯᠢ ᠶ᠋ᠢ ᠨᠢ ᠬᠡᠯᠡᠵᠦ ᠤᠭᠲᠤᠬᠤ ᠪᠠᠨ ᠮᠡᠳᠡᠬᠦ ᠦᠭᠡᠢ ᠪᠠᠢᠬᠤ ᠰᠢᠭ᠋ ᠬᠠᠷᠠᠭᠳᠠᠨ᠎ᠠ᠃ ᠳᠣᠯᠣᠭᠠᠨ ᠵᠢᠯ ᠳ᠋ᠦ᠍ ᠣᠯᠠᠨ ᠵᠦᠢᠯ ᠥᠭᠡᠷᠡᠴᠢᠯᠡᠭᠳᠡᠵᠦ᠂ ᠬᠥᠪᠡᠭᠦᠳ ᠨᠢ ᠥᠰᠴᠦ ᠲᠣᠮᠣ ᠪᠣᠯᠤᠨ ᠡᠷᠳᠡᠮ ᠨᠣᠮ ᠳ᠋ᠤ᠌ ᠰᠢᠮᠳᠠᠬᠤ ᠪᠣᠯᠤᠭᠰᠠᠨ ᠰᠠᠢᠬᠠᠨ ᠮᠡᠳᠡᠭᠡ᠂ ᠬᠠᠢᠷᠠᠲᠠᠢ ᠥᠭᠡᠯᠦᠨ ᠡᠬᠡ ᠲᠩᠷᠢ ᠳ᠋ᠦ᠍ ᠬᠠᠯᠢᠵᠤ᠂ ᠲᠠᠯ᠎ᠠ ᠨᠤᠲᠤᠭ ᠤ᠋ᠨ ᠢ᠋ᠶ᠋ᠠᠨ ᠬᠥᠷᠥᠰᠥ ᠰᠢᠷᠣᠢ ᠳ᠋ᠤ᠌ ᠡᠭᠦᠷᠢᠳᠡ ᠨᠣᠢᠷᠰᠤᠭᠰᠠᠨ ᠭᠤᠨᠢᠭᠲᠤ ᠮᠡᠳᠡᠭᠡ᠂ ᠬᠡᠭᠡᠷ᠎ᠡ ᠶ᠋ᠢᠨ ᠰᠠᠯᠬᠢ ᠰᠢᠭ᠋ ᠬᠡᠢᠰᠦᠨ ᠢᠷᠡᠵᠦ ᠪᠠᠢᠭᠰᠠᠨ ᠴᠤᠤ ᠶᠠᠷᠢᠶᠠᠨ ᠤ᠋ ᠠᠯᠢ ᠶ᠋ᠢ ᠨᠢ ᠬᠡᠯᠡᠵᠦ ᠪᠠᠷᠠᠬᠤ ᠪᠢᠯᠡ᠃
— ᠠᠮᠤᠭᠤᠯᠠᠩ ᠰᠠᠭᠤᠵᠤ ᠪᠠᠢᠪᠠ ᠤᠤ ᠭᠡᠬᠦ ᠡᠷ᠎ᠡ ᠨᠥᠬᠥᠷ ᠦ᠋ᠨ ᠲᠠᠨᠢᠯ ᠳᠠᠭᠤ ᠰᠣᠨᠣᠰᠳᠠᠨ᠎ᠠ᠃ ᠡᠨᠡ ᠣᠷᠳᠣᠨ ᠳ᠋ᠤ᠌᠂ ᠡᠨᠡ ᠳᠠᠭᠤ ᠶ᠋ᠢ ᠰᠣᠨᠣᠰᠤᠭ᠎ᠠ ᠦᠭᠡᠢ ᠬᠡᠴᠢᠨᠡᠭᠡᠨ ᠤᠳᠠᠭ᠎ᠠ ᠪᠣᠢ᠃ ᠡᠨᠡ ᠤᠳᠠᠭ᠎ᠠ ᠲᠤᠯᠤᠢ ᠶ᠋ᠢ ᠤᠭᠲᠤᠬᠤ ᠣᠯᠠᠨ ᠬᠥᠮᠦᠨ ᠪᠣᠢ᠃
ᠡᠳᠦᠭᠡ ᠡᠷ᠎ᠡ ᠶ᠋ᠢᠨ ᠴᠡᠭᠡᠯ ᠳ᠋ᠦ᠍ ᠬᠦᠷᠴᠦ ᠪᠣᠢ ᠲᠣᠮᠣ ᠬᠦᠦ ᠮᠥᠩᠬᠡ ᠳᠤᠮᠳᠠ ᠬᠦᠦ ᠬᠤᠪᠢᠯᠠᠢ᠂ ᠪᠠᠭ᠎ᠠ ᠬᠦᠦ ᠬᠦᠯᠡᠬᠦ ᠲᠡᠳᠡ ᠴᠥᠮ ᠳᠣᠯᠣᠭᠠᠨ ᠵᠢᠯ ᠡᠵᠡᠭᠦᠢ ᠪᠠᠢᠭᠰᠠᠨ ᠠᠪᠤ ᠲᠠᠢ ᠪᠠᠨ ᠠᠭᠤᠯᠵᠠᠵᠤ ᠪᠠᠢᠨ᠎ᠠ᠃
ᠠᠪᠤ ᠶ᠋ᠢᠨ ᠢ᠋ᠶ᠋ᠡᠨ ᠢᠷᠡᠬᠦ ᠵᠠᠮ ᠳ᠋ᠤ᠌ ᠲᠣᠰᠣᠨ ᠢᠷᠡᠭᠰᠡᠨ ᠬᠣᠶᠠᠷ ᠬᠦᠦ ᠨᠢ ᠡᠴᠢᠭᠡ ᠲᠡᠢ ᠪᠡᠨ ᠬᠠᠮᠲᠤ ᠲᠡᠢᠨ ᠡᠴᠡ ᠢᠷᠡᠭᠰᠡᠨ ᠮᠡᠲᠦ ᠪᠠᠶᠠᠷ ᠪᠠᠬᠠᠳᠤᠯ ᠲᠠᠢ ᠬᠠᠷᠠᠭᠳᠠᠨ᠎ᠠ᠃
ᠬᠥᠮᠦᠨ ᠦ᠌ ᠠᠮᠢᠳᠤᠷᠠᠯ ᠣᠬᠣᠷᠬᠠᠨ᠂ ᠨᠢᠭᠡᠨ ᠵᠢᠷᠠᠨ ᠤ᠋ ᠯᠠ ᠨᠠᠰᠤ ᠲᠠᠢ ᠪᠠᠢᠬᠤ ᠠᠬᠤᠯ᠎ᠠ ᠲᠡᠭᠦᠨ ᠦ᠌ ᠳᠣᠯᠣᠭᠠᠨ ᠵᠢᠯ ᠳ᠋ᠦ᠍ᠨᠢ ᠬᠠᠷᠢ ᠬᠣᠯᠠ ᠪᠠᠢᠵᠠᠭᠠᠭᠰᠠᠨ ᠬᠥᠮᠦᠰ ᠠᠭᠤᠯᠵᠠᠬᠤ ᠬᠠᠯᠠᠭᠤᠨ
ᠠᠮᠢᠰᠬᠤᠯ ᠨᠢᠭᠡᠲᠡᠨ ᠦ᠌ ᠪᠠᠶᠠᠷ ᠢ᠋ ᠥᠭᠦᠯᠡᠵᠦ ᠶᠠᠭᠠᠬᠢᠨ ᠪᠠᠷᠠᠬᠤ ᠪᠢᠯᠡ᠃
ᠴᠢᠩᠭᠢᠰ ᠬᠠᠭᠠᠨ ᠬᠣᠷᠧᠽᠮ ᠢ᠋ ᠳᠠᠢᠳᠤᠵᠤ ᠶᠠᠪᠤᠬᠤ ᠳ᠋ᠠᠭᠠᠨ ᠥᠭᠡᠯᠦᠨ ᠡᠬᠡ ᠶ᠋ᠢ ᠪᠡᠨ ᠲᠩᠷᠢ ᠳ᠋ᠦ᠍ ᠬᠠᠯᠢᠭᠰᠠᠨ ᠮᠡᠳᠡᠭᠡ ᠶ᠋ᠢ ᠰᠣᠨᠣᠰᠤᠭᠠᠳ ᠬᠠᠯᠠᠭᠯᠠᠨ ᠭᠠᠰᠢᠭᠤᠳᠠᠵᠤ᠂ ᠲᠣᠯᠣᠭᠠᠢ ᠶ᠋ᠢ ᠨᠢ ᠲᠦᠰᠢᠵᠦ ᠴᠢᠳᠠᠭ᠎ᠠ ᠦᠭᠡᠢ ᠳ᠋ᠡᠭᠡᠨ ᠡᠨᠡᠯᠦᠨ ᠰᠢᠨᠠᠯᠵᠤ ᠪᠠᠢᠵᠠᠢ᠃
ᠬᠠᠭᠠᠨ ᠡᠵᠡᠨ ᠢᠷᠡᠭᠰᠡᠨ ᠳᠠᠷᠤᠢ ᠳ᠋ᠠᠭᠠᠨ ᠡᠬᠡ ᠶ᠋ᠢ ᠪᠡᠨ ᠣᠩᠭᠣᠯᠠᠭᠰᠠᠨ ᠭᠠᠵᠠᠷ ᠲᠤ ᠣᠴᠢᠬᠤ ᠪᠠᠷ ᠶᠠᠪᠤᠯ᠎ᠠ᠃ ᠮᠣᠷᠢᠨ ᠤ᠋ ᠬᠢᠨᠢ ᠳᠥᠷᠦᠭᠡᠨ ᠳ᠋ᠦ᠍ᠨᠢ ᠰᠦ ᠳᠤᠰᠤᠭᠠᠨ ᠂ ᠥᠷᠥᠭᠡᠰᠦᠨ ᠬᠠᠴᠠᠷ ᠢ᠋ ᠨᠢ ᠥᠨᠣᠰᠳ ᠦᠳᠡᠭᠰᠡᠨ ᠡᠵᠢ ᠨᠢ ᠨᠥᠭᠦᠭᠡ ᠬᠠᠴᠠᠷ ᠢ᠋ ᠨᠢ ᠦᠨᠦᠰᠬᠦ ᠪᠡᠷ ᠤᠭᠲᠤᠭᠰᠠᠨ ᠦᠭᠡᠢ᠃ ᠶᠡᠬᠡ ᠲᠠᠯ᠎ᠠ ᠶ᠋ᠢᠨ ᠡᠯᠢᠭᠡᠨ ᠳ᠋ᠦ᠍ ᠴᠠᠢᠯᠭᠠᠨ ᠵᠠᠩ ᠲᠠᠢ ᠮᠣᠩᠭᠣᠯ ᠬᠥᠮᠦᠨ ᠦ᠌ ᠰᠡᠳᠬᠢᠯ ᠰᠢᠭ ᠴᠡᠯᠡᠢᠬᠦ ᠠᠭᠤᠳᠠᠮ ᠲᠠᠯ᠎ᠠ ᠳ᠋ᠠᠭᠠᠨ ᠡᠭᠦᠷᠢᠳᠡ ᠨᠣᠢᠷᠰᠤᠵᠠᠢ᠃
ᠡᠬᠡ ᠶ᠋ᠢ ᠪᠡᠨ ᠡᠷᠭᠢᠵᠦ ᠠᠭᠤᠯᠵᠠᠬᠤ ᠦᠭᠡᠢ ᠪᠣᠯᠤᠭᠰᠠᠨ ᠲᠡᠷᠡ
ᠴᠠᠭ ᠲᠤ ᠯᠠ ᠬᠡᠴᠢᠨᠡᠭᠡᠨ ᠶᠡᠬᠡ ᠵᠣᠪᠠᠭᠠᠵᠤ ᠶᠠᠪᠤᠭᠰᠠᠨ ᠢ᠋ᠶ᠋ᠠᠨ ᠰᠠᠶᠢ ᠣᠢᠯᠠᠭᠠᠬᠤ ᠨᠢ ᠬᠣᠷᠸ᠎ᠠ ᠶ᠋ᠢᠨ ᠬᠥᠮᠦᠨ ᠦ᠌ ᠵᠢᠮ᠎ᠡ ᠠᠵᠤᠭᠤ᠃
《ᠬᠠᠲᠤᠨ ᠡᠬᠡ ᠮᠢᠨᠢ᠂ ᠲᠡᠢᠨ ᠦ᠌ ᠤᠲᠤᠭᠠᠨ ᠳ᠋ᠤ᠌ ᠲᠥᠷᠥᠭᠰᠡᠨ ᠬᠦᠦ ᠶ᠋ᠢᠨ ᠢ᠋ᠶ᠋ᠡᠨ ᠭᠠᠪᠢᠶ᠎ᠠ ᠢᠯᠠᠯᠲᠠ ᠶ᠋ᠢᠨ ᠰᠦᠷ ᠢ᠋ ᠲᠤᠭᠤᠯᠵᠤ ᠰᠣᠨᠣᠰᠤᠭᠰᠠᠨ ᠠ᠋ᠴᠠ ᠬᠠᠷᠠᠵᠤ ᠠᠮᠵᠢᠯ ᠦᠭᠡᠢ ᠲᠩᠷᠢ ᠳ᠋ᠡᠭᠡᠨ ᠪᠤᠴᠠᠵᠠᠢ᠃ ᠡᠬᠡ ᠶ᠋ᠢᠨ ᠢ᠋ᠶ᠋ᠡᠨ ᠠᠷᠤ ᠠ᠋ᠴᠠ ᠬᠠᠯᠠᠭᠯᠠᠨ ᠰᠠᠭᠤᠨ᠎ᠠ ᠪᠢ᠃
ᠡᠷᠭᠢᠭᠡᠳ ᠪᠣᠳᠣᠬᠤ ᠳ᠋ᠤ᠌ ᠲᠠᠨ ᠢ᠋ ᠪᠡᠨ ᠬᠦᠦ ᠨᠢ ᠵᠢᠷᠭᠠᠭᠠᠪᠠᠤ ᠭᠡᠰᠡᠨ ᠭᠣᠬ᠎ᠠ ᠳᠡᠭᠡᠭᠡ ᠰᠢᠭ ᠠᠰᠠᠭᠤᠯᠲᠠ ᠭᠣᠣᠯ ᠢ᠋ ᠮᠢᠨᠢ ᠵᠤᠷᠠᠵᠤ ᠪᠠᠢᠨ᠎ᠠ》 ᠭᠡᠮᠡᠨ ᠬᠠᠯᠠᠭᠯᠠᠨ ᠰᠠᠭᠤᠭᠰᠠᠨ ᠶᠡᠬᠡ ᠡᠵᠡᠨ ᠴᠢᠩᠭᠢᠰ ᠬᠠᠭᠠᠨ ᠲᠡᠷᠡ ᠨᠢᠭᠡᠨ ᠡᠳᠦᠷ ᠲᠩᠷᠢ ᠳ᠋ᠦ᠍ ᠣᠳᠤᠭᠰᠠᠨ ᠶᠢᠰᠦᠭᠡᠢ ᠪᠠᠭᠠᠲᠤᠷ ᠡᠴᠢᠭᠡ ᠶ᠋ᠢᠨ ᠢ᠋ᠶ᠋ᠡᠨ ᠬᠠᠯᠠᠭᠤᠨ ᠨᠥᠮᠥᠷᠢ ᠳ᠋ᠦ᠍ ᠣᠴᠢᠭᠰᠠᠨ ᠡᠬᠡ ᠶ᠋ᠢᠨ ᠢ᠋ᠶ᠋ᠡᠨ ᠠᠷᠤ ᠠ᠋ᠴᠠ ᠵᠠᠯᠪᠠᠷᠢᠨ᠂ ᠲᠩᠷᠢ ᠪᠤᠷᠬᠠᠨ ᠳ᠋ᠠᠭᠠᠨ ᠮᠥᠷᠭᠥᠭᠡᠳ ᠪᠤᠴᠠᠭᠠᠳ ᠢᠷᠡᠯ᠎ᠡ᠃
ᠲᠡᠷᠡ ᠰᠥᠨᠢ ᠳ᠋ᠡᠭᠡᠨ ᠶᠡᠬᠡ ᠬᠠᠭᠠᠨ ᠤᠨᠲᠠᠵᠤ ᠴᠢᠳᠠᠭᠰᠠᠨ ᠦᠭᠡᠢ ᠨᠣᠢᠷ ᠨᠢ ᠬᠤᠯᠵᠢᠵᠤ ᠬᠣᠨᠣᠯ᠎ᠠ ᠃ ᠡᠬᠡ ᠨᠢ ᠡᠴᠢᠭᠡ ᠡᠪᠦᠭᠡᠳ ᠦ᠋ᠨ ᠠᠷᠤ ᠠ᠋ᠴᠠ ᠲᠩᠷᠢ ᠳ᠋ᠦ᠍ ᠣᠳᠴᠠᠢ᠃
ᠬᠠᠷ᠎ᠠ ᠪᠠᠭ᠎ᠠ ᠠ᠋ᠴᠠ ᠨᠢ ᠬᠠᠳᠠ ᠰᠠᠭᠤᠯᠭᠠᠨ᠂ ᠬᠠᠭᠠᠨ ᠤ᠋ ᠵᠡᠷᠭᠡ ᠳ᠋ᠦ᠍ ᠬᠦᠷᠭᠡᠭᠰᠡᠨ ᠬᠦᠦ ᠶ᠋ᠢᠨ ᠢ᠋ᠶ᠋ᠡᠨ ᠭᠠᠷ ᠳᠡᠭᠡᠷ᠎ᠡ ᠪᠢᠰᠢ᠂ ᠠᠯᠤᠰ ᠲᠤ ᠶᠠᠪᠤᠭ᠎ᠠ ᠰᠤᠷᠠᠭ ᠴᠢᠮᠡᠭᠡ ᠶ᠋ᠢ ᠨᠢ ᠠᠮᠠᠳᠠᠨ ᠠᠮᠠᠳᠠᠨ ᠬᠦᠯᠢᠶᠡᠭᠰᠡᠭᠡᠷ ᠮᠥᠩᠬᠡ ᠲᠩᠷᠢ ᠳ᠋ᠦ᠍ ᠣᠳᠴᠠᠢ᠃
— ᠡᠷ᠎ᠡ ᠨᠥᠬᠥᠷ ᠨᠢ ᠡᠰᠡᠨ ᠮᠡᠨᠳᠦ ᠡᠷᠭᠢᠵᠦ ᠢᠷᠡᠴᠢᠬᠡᠭᠡᠳ ᠪᠠᠢᠬᠤ ᠳ᠋ᠤ᠌ ᠰᠤᠳᠤᠷ ᠱᠠᠭᠠᠢᠨ ᠰᠠᠭᠤᠳᠠᠭ ᠬᠠᠲᠤᠨ ᠪᠠᠢᠳᠠᠭ ᠠ᠋ ᠭᠡᠬᠦ ᠨᠥᠬᠥᠷ ᠦ᠋ᠨ ᠢ᠋ᠶ᠋ᠡᠨ ᠦᠭᠡ ᠶ᠋ᠢ ᠰᠣᠨᠣᠰᠤᠭᠠᠳ ᠡᠮᠦᠨ᠎ᠡ ᠪᠡᠨ ᠳᠡᠯᠭᠡᠨ ᠪᠠᠢᠭᠰᠠᠨ ᠬᠠᠷᠢ ᠬᠡᠯᠡ ᠳᠡᠭᠡᠷᠡᠬᠢ ᠰᠤᠳᠤᠷ ᠢ᠋ᠶ᠋ᠠᠨ ᠬᠠᠭᠠᠯ᠎ᠠ᠃ ᠲᠤᠯᠤᠢ ᠡᠨᠡ ᠤᠳᠠᠭ᠎ᠠ ᠳ᠋ᠤ᠌ ᠲᠣᠭᠯᠠᠭ᠎ᠠ ᠦᠭᠡᠢ ᠨᠢ ᠨᠤᠬᠤᠴᠠᠲᠠᠢ ᠠᠰᠠᠭᠤᠵᠤ ᠪᠠᠢᠭ᠎ᠠ ᠪᠠᠢᠷᠢ ᠪᠠᠢᠳᠠᠯ᠂ ᠳᠠᠭᠤᠨ ᠤ᠋ ᠥᠩᠭᠡᠨ ᠡᠴᠡ ᠬᠠᠷᠠᠪᠠᠯ ᠢᠯᠡᠳᠲᠡ ᠪᠠᠢᠯ᠎ᠠ᠃
— ᠲᠠᠨ ᠢ᠋ ᠬᠠᠭᠠᠨ ᠠᠪᠤ ᠲᠠᠨᠢ ᠳᠠᠭᠤᠳᠠᠭᠤᠯᠤᠭᠰᠠᠨ ᠪᠣᠯᠬᠣᠷ ᠡᠵᠡᠭᠦᠢ ᠳ᠋ᠦ᠍ ᠲᠠᠨᠢ ᠡᠨᠡ ᠰᠤᠳᠤᠷ ᠢ᠋ ᠨᠢᠭᠡ ᠬᠠᠷᠠᠶ᠎ᠠ ᠭᠡᠵᠦ ᠪᠣᠳᠣᠭᠠᠳ ᠰᠠᠭᠤᠵᠤ ᠪᠠᠢᠯ᠎ᠠ᠃
ᠲᠤᠯᠤᠢ ᠬᠠᠲᠤᠨ ᠤ᠋ ᠪᠠᠨ ᠦᠭᠡ ᠶ᠋ᠢ ᠰᠣᠨᠣᠰᠤᠭᠠᠳ᠄
— ᠴᠠᠭ ᠣᠷᠣᠢ ᠪᠣᠯᠤᠭᠰᠠᠨ ᠪᠠᠢᠨ᠎ᠠ᠂ ᠦᠷᠭᠦᠭᠡᠨ ᠳ᠋ᠡᠭᠡᠨ ᠣᠷᠣᠵᠤ ᠠᠮᠠᠷᠠᠵᠠᠭᠠᠶᠠ ᠭᠡᠵᠦ ᠬᠡᠯᠡᠬᠦ ᠳ᠋ᠦ᠍ ᠰᠤᠷᠬᠠᠭᠲᠠᠨᠢ ᠰᠤᠳᠤᠷ ᠢ᠋ᠶ᠋ᠠᠨ ᠬᠤᠷᠢᠶᠠᠵᠤ᠂ ᠲᠡᠳᠡ ᠬᠠᠮᠲᠤ ᠳ᠋ᠠᠭᠠᠨ ᠭᠠᠷᠪᠠ᠃
ᠵᠠᠮ ᠵᠠᠭᠤᠷ᠎ᠠ ᠳ᠋ᠤ᠌ ᠲᠤᠯᠤᠢ ᠰᠤᠷᠬᠠᠭᠲᠠᠨᠢ ᠶ᠋ᠢᠨ ᠮᠥᠷᠦᠨ ᠳᠡᠭᠡᠭᠦᠷ ᠨᠢ ᠲᠡᠪᠡᠷᠢᠨ ᠬᠦᠵᠦᠭᠦᠦ ᠶ᠋ᠢ ᠨᠢ ᠦᠨᠦᠰᠦᠯ᠎ᠡ᠃ ᠰᠤᠷᠬᠠᠭᠲᠠᠨᠢ ᠳ᠋ᠤ᠌ ᠶᠠᠮᠠᠷ ᠴᠤ ᠦᠶ᠎ᠡ ᠳ᠋ᠦ᠍ ᠨᠥᠬᠥᠷ ᠦ᠋ᠨ ᠬᠢᠨᠢ ᠡᠩᠬᠦᠷᠡᠢᠯᠡᠯ ᠴᠤ ᠰᠢᠨᠡᠬᠡᠨ ᠵᠦᠢᠯ ᠮᠡᠲᠦ ᠰᠣᠷᠭᠣᠭ ᠰᠠᠨᠠᠭᠳᠠᠳᠠᠭ ᠪᠢᠯᠡ᠃ ᠤᠴᠢᠷ ᠨᠢ ᠡᠨᠡ ᠬᠣᠶᠠᠷ ᠬᠥᠮᠦᠨ ᠡᠷ᠎ᠡ ᠡᠮ᠎ᠡ ᠪᠣᠯᠵᠤ ᠨᠢᠭᠡᠨ ᠭᠡᠷ ᠲᠦ᠍ ᠠᠮᠢᠳᠤᠷᠠᠬᠤ ᠪᠣᠯᠤᠭᠰᠠᠨ ᠠ᠋ᠴᠠ ᠬᠣᠢᠰᠢ ᠡᠳᠦᠭᠡ ᠭᠤᠷᠪᠠᠨ ᠬᠦᠦ ᠶ᠋ᠢᠨ ᠡᠵᠢ ᠠᠪᠤ ᠪᠣᠯᠤᠭᠰᠠᠨ ᠴᠤ᠂ ᠡᠨᠡ ᠣᠯᠠᠨ ᠵᠢᠯ ᠥᠩᠭᠡᠷᠡᠵᠦ
ᠣᠳᠤᠭᠰᠠᠨ ᠴᠤ ᠲᠡᠳᠡᠨ ᠦ᠌ ᠪᠡᠶ᠎ᠡ ᠪᠡᠶ᠎ᠡ ᠪᠡᠨ ᠭᠡᠬᠦ ᠬᠠᠢᠷ᠎ᠠ ᠦᠷᠭᠦᠯᠵᠢ ᠬᠠᠯᠠᠭᠤᠨ ᠢ᠋ᠶ᠋ᠠᠷ ᠢ᠋ᠶ᠋ᠠᠨ ᠪᠠᠢᠭᠰᠠᠨ ᠭᠡᠵᠦ ᠬᠡᠯᠡᠵᠦ ᠪᠣᠯᠤᠨ᠎ᠠ᠃ ᠡᠨᠡ ᠪᠣᠯ ᠨᠢᠭᠡ ᠲᠠᠯ᠎ᠠ ᠪᠠᠷ ᠮᠣᠩᠭᠣᠯ ᠤ᠋ᠨ ᠶᠡᠬᠡ ᠲᠠᠯ᠎ᠠ ᠳ᠋ᠤ᠌ ᠲᠡᠢᠨ ᠳᠠᠵᠢᠨ ᠤ᠋ ᠲᠣᠭᠣᠰᠣ ᠦᠷᠭᠦᠯᠵᠢ ᠪᠣᠰᠤᠭᠰᠠᠭᠠᠷ ᠪᠠᠢᠭᠰᠠᠨ ᠲᠠᠢ ᠬᠣᠯᠪᠣᠭ᠎ᠠ ᠲᠠᠢ᠂ ᠡᠨᠡ ᠲᠣᠭᠣᠰᠣ ᠴᠠᠭᠠᠰᠢᠯᠠᠭᠰᠠᠭᠠᠷ ᠪᠦᠬᠦ ᠳᠡᠯᠡᠬᠡᠢ ᠶ᠋ᠢ ᠠᠯᠭᠤᠷ ᠠᠯᠭᠤᠷ ᠢ᠋ᠶ᠋ᠠᠷ ᠪᠦᠷᠬᠦᠨ ᠪᠠᠢᠯ᠎ᠠ᠃
ᠡᠷ᠎ᠡ ᠡᠮ᠎ᠡ ᠬᠣᠶᠠᠷ ᠦᠷᠭᠦᠯᠵᠢ ᠬᠠᠮᠲᠤ ᠪᠠᠢᠵᠤ ᠬᠡᠮᠡᠨ᠎ᠡ ᠬᠠᠢᠷ᠎ᠠ ᠰᠡᠳᠬᠢᠯ ᠨᠢ ᠪᠠᠲᠤ ᠪᠥᠬᠡ ᠣᠷᠣᠰᠢᠳᠠᠭ ᠪᠤᠰᠤ᠂ ᠬᠣᠯᠠ ᠶ᠋ᠢᠨ ᠭᠠᠵᠠᠷ ᠠ᠋ᠴᠠ ᠪᠡᠶ᠎ᠡ ᠪᠡᠶ᠎ᠡ ᠪᠡᠨ ᠰᠠᠨᠠᠭᠠᠯᠵᠠᠬᠤ ᠰᠡᠳᠬᠢᠯ ᠢ᠋ᠶ᠋ᠡᠷ ᠠᠮᠢᠳᠤᠷᠠᠯ ᠤ᠋ᠨ ᠢ᠋ᠶ᠋ᠠᠨ ᠶᠡᠬᠡᠩᠬᠢ ᠡᠳᠦᠷ ᠦ᠋ᠳ ᠢ᠋ ᠦᠳᠡᠵᠦ ᠪᠠᠢᠵᠤ ᠬᠡᠮᠡᠨ᠎ᠡ ᠵᠢᠷᠦᠬᠡᠨ ᠳ᠋ᠡᠬᠢ ᠬᠠᠢᠷ᠎ᠠ ᠵᠠᠯᠠᠭᠤ ᠶ᠋ᠢᠨ ᠰᠢᠭ ᠪᠤᠯᠭᠢᠯᠠᠮᠠ ᠪᠠᠢᠳᠠᠭ ᠴᠤ ᠶᠤᠮ ᠤᠤ᠂ ᠬᠠᠢᠷ᠎ᠠ ᠭᠡᠳᠡᠭ ᠵᠢᠷᠦᠬᠡᠨ ᠳ᠋ᠦ᠍ ᠪᠠᠢᠵᠤ ᠬᠠᠶᠠ ᠬᠠᠶᠠ ᠪᠢᠯᠬᠠᠨ ᠪᠠᠢᠬᠤ ᠨᠢ ᠠᠵᠠ ᠵᠢᠷᠭᠠᠯ ᠪᠤᠰᠤ ᠭᠡᠵᠦ ᠤᠤ᠃ ᠪᠤᠰᠤᠳ ᠠᠬ᠎ᠠ ᠨᠠᠷ ᠨᠢ ᠬᠡᠳᠦᠢᠨ ᠦ᠌ ᠬᠣᠶᠠᠷ ᠠ᠋ᠴᠠ ᠭᠤᠷᠪᠠᠨ ᠬᠠᠲᠤᠳ᠂ ᠲᠠᠲᠠᠪᠤᠷᠢ ᠡᠮ᠎ᠡ ᠠᠪᠴᠤ᠂ ᠰᠡᠳᠬᠢᠯ ᠢ᠋ᠶ᠋ᠡᠨ ᠬᠡᠳᠦ ᠬᠡᠳᠦ ᠬᠤᠪᠢᠶᠠᠨ ᠪᠠᠢᠭ᠎ᠠ ᠴᠤ᠌ ᠲᠤᠯᠤᠢ ᠬᠠᠲᠤᠨ ᠠ᠋ᠴᠠ ᠪᠠᠨ ᠥᠭᠡᠷ᠎ᠡ ᠡᠬᠡᠨᠡᠷ ᠠᠪᠤᠭ᠎ᠠ ᠦᠭᠡᠢ ᠡᠴᠡ ᠡᠨᠡ ᠬᠥᠮᠦᠨ ᠦ᠌ ᠰᠤᠷᠬᠠᠭᠲᠠᠨᠢ ᠶ᠋ᠢ ᠭᠡᠰᠡᠨ ᠬᠠᠢᠷ᠎ᠠ ᠬᠡᠴᠢᠨᠡᠭᠡᠨ ᠠᠭᠤᠳᠠᠮ ᠪᠣᠯᠬᠤ ᠶ᠋ᠢ ᠬᠠᠷᠠᠵᠤ ᠪᠣᠯᠤᠨ᠎ᠠ᠃ ᠲᠡᠭᠦᠨ ᠦ᠌ ᠣᠯᠠᠨ ᠡᠬᠡᠨᠡᠷ ᠠᠪᠤᠭ᠎ᠠ ᠦᠭᠡᠢ ᠪᠠᠰᠠ ᠨᠢᠭᠡ ᠰᠢᠯᠲᠠᠭᠠᠨ ᠨᠢ ᠥᠭᠡᠯᠦᠨ ᠡᠬᠡ ᠡᠴᠡ ᠡᠭᠦᠳᠦᠯ ᠲᠡᠢ᠃ ᠲᠠᠯ᠎ᠠ ᠨᠤᠲᠤᠭ ᠤ᠋ᠨ ᠮᠣᠩᠭᠣᠯ ᠠᠢᠯ ᠤ᠋ᠨ ᠶᠣᠰᠣᠭᠠᠷ ᠭᠣᠯᠣᠮᠲᠠ ᠵᠠᠯᠭᠠᠬᠤ ᠣᠳᠬᠣᠨ ᠬᠦᠦ ᠳ᠋ᠦ᠍ ᠲᠣᠭᠠᠴᠠᠭᠳᠠᠬᠤ ᠲᠤᠯᠤᠢ ᠳ᠋ᠤ᠌ ᠲᠡᠷᠡ ᠪᠠᠭ᠎ᠠ ᠠ᠋ᠴᠠ ᠨᠢ ᠬᠡᠯᠡᠵᠦ ᠰᠤᠷᠭᠠᠭᠰᠠᠭᠠᠷ ᠢᠷᠡᠭᠰᠡᠨ ᠵᠦᠢᠯ ᠪᠣᠢ᠃
ᠶᠡᠬᠡ ᠮᠣᠩᠭᠣᠯ ᠤ᠋ᠨ ᠡᠵᠡᠨ ᠬᠠᠭᠠᠨ ᠤ᠋ ᠭᠣᠯᠣᠮᠲᠠ ᠵᠠᠯᠭᠠᠬᠤ ᠬᠦᠦ ᠶ᠋ᠢᠨ ᠬᠤᠪᠢ ᠪᠠᠷ ᠣᠯᠠᠨ ᠡᠬᠡᠨᠡᠷ ᠠᠪᠴᠤ᠂ ᠲᠡᠳᠡ ᠨᠢ ᠣᠯᠠᠨ ᠬᠡᠦᠬᠡᠳ ᠲᠥᠷᠥᠭᠦᠯᠪᠡᠰᠦ ᠭᠣᠯᠣᠮᠲᠠ ᠪᠤᠯᠢᠶᠠᠴᠠᠯᠳᠤᠭᠰᠠᠨ ᠲᠡᠮᠡᠴᠡᠯ ᠢᠷᠡᠬᠦ ᠪᠣᠢ ᠭᠡᠳᠡᠭ ᠡᠴᠡ ᠥᠭᠡᠯᠦᠨ ᠡᠬᠡ ᠪᠣᠯᠭᠣᠮᠵᠢᠯᠠᠵᠤ ᠪᠠᠢᠭᠰᠠᠨ ᠴᠤ᠌ ᠪᠠᠢᠵᠤ ᠮᠠᠭᠠᠳ ᠦᠭᠡᠢ ᠶᠦᠮ᠃ ᠲᠤᠯᠤᠢ ᠬᠠᠲᠤᠨ ᠤ᠋
ᠪᠠᠨ ᠬᠠᠴᠠᠷ ᠢ᠋ ᠢᠯᠢᠵᠦ ᠣᠳᠣ ᠴᠤ᠌ ᠪᠠᠭ᠎ᠠ ᠵᠠᠯᠠᠭᠤ ᠶ᠋ᠢᠨ ᠬᠢ ᠰᠢᠭ ᠢ᠋ᠶ᠋ᠡᠷ ᠬᠣᠶᠠᠷ ᠬᠠᠴᠠᠷ ᠤ᠋ᠨ ᠬᠣᠩᠬᠣᠷᠬᠠᠢ ᠶ᠋ᠢ ᠬᠤᠷᠤᠭᠤ ᠪᠠᠷ ᠢ᠋ᠶ᠋ᠠᠨ ᠳᠠᠷᠤᠭᠠᠳ ᠶᠠᠮᠠᠷ ᠨᠢᠭᠡᠨ ᠵᠦᠢᠯ ᠢ᠋ ᠬᠡᠯᠡᠬᠦ ᠭᠡᠵᠦ ᠪᠠᠢᠭᠰᠠᠨ ᠢ᠋ᠶ᠋ᠠᠨ ᠪᠣᠯᠢᠪᠠ ᠪᠣᠯᠤᠯᠲᠠᠢ ᠢᠨᠢᠶᠡᠮᠰᠦᠭᠯᠡᠨ ᠤᠷᠤᠭᠤᠯ ᠢ᠋ ᠨᠢ ᠵᠥᠭᠡᠯᠡᠨ ᠦᠨᠦᠰᠦᠯ᠎ᠡ᠃ ᠡᠬᠡᠨᠡᠷ ᠦ᠋ᠨ ᠬᠢᠨᠢ ᠤᠷᠤᠭᠤᠯ ᠢᠮᠠᠭᠲᠠ ᠬᠠᠯᠠᠭᠤᠨ ᠰᠡᠳᠬᠢᠯ ᠦ᠋ᠨ ᠢᠯᠡᠷᠬᠡᠢᠯᠡᠯ ᠰᠢᠭ ᠪᠦᠯᠢᠶᠡᠨ ᠳᠤᠯᠠᠭᠠᠨ ᠪᠠᠢᠳᠠᠭ ᠢ᠋ ᠲᠡᠷᠡ ᠡᠨᠡ ᠦᠶ᠎ᠡ ᠳ᠋ᠦ᠍ ᠮᠡᠳᠡᠷᠡᠵᠦ ᠪᠠᠢᠯ᠎ᠠ᠃ ᠡᠨᠡ ᠮᠡᠲᠦ ᠵᠢᠷᠭᠠᠯ ᠤᠳᠠᠭᠠᠨ ᠦᠷᠭᠦᠯᠵᠢᠯᠡᠳᠡᠭ ᠪᠣᠯ ᠡᠭᠡᠷᠡᠮ᠎ᠡ ᠲᠠᠯ᠎ᠠ ᠶ᠋ᠢᠨ ᠳᠤᠮᠳᠠᠬᠢ ᠡᠨᠡ ᠮᠣᠩᠭᠣᠯ ᠠᠢᠯ ᠦᠷᠭᠦᠯᠵᠢ ᠠᠮᠤᠷ ᠲᠠᠢᠪᠤᠩ ᠪᠠᠢᠬᠤ ᠰᠠᠨ᠃
ᠠᠭᠠᠭᠢᠮ᠎ᠠ ᠬᠠᠯᠠᠭᠤᠨ᠂ ᠬᠦᠢᠲᠡᠨ ᠡᠪᠦᠯ ᠲᠡᠢ ᠡᠭᠡᠯᠵᠢᠯᠡᠨ ᠪᠠᠢᠳᠠᠭ ᠲᠠᠯ᠎ᠠ ᠨᠤᠲᠤᠭ ᠲᠤ᠌ ᠠᠮᠤᠷ ᠲᠠᠢᠪᠤᠩ ᠠᠮᠢᠳᠤᠷᠠᠯ ᠳᠤᠮᠳᠠᠭᠤᠷ ᠬᠦᠨᠳᠦᠬᠡᠨ ᠡᠳᠦᠷ ᠦ᠋ᠳ ᠴᠦ᠍ ᠠᠢᠯᠴᠢᠯᠠᠨ ᠢᠷᠡᠳᠡᠭ ᠠᠵᠢ᠃ ᠤᠳᠠᠲᠠᠯ᠎ᠠ ᠦᠷᠭᠦᠯᠵᠢᠯᠡᠭᠰᠡᠨ ᠬᠦᠯᠢᠶᠡᠯᠲᠡ ᠶ᠋ᠢᠨ ᠳᠠᠷᠠᠭ᠎ᠠ ᠢᠷᠡᠭᠰᠡᠨ ᠰᠡᠳᠬᠢᠯ ᠠᠮᠤᠭᠤᠯᠠᠩ ᠴᠠᠭ ᠦᠭᠡᠢ ᠪᠣᠯᠵᠤ᠂ ᠬᠠᠭᠠᠨ ᠡᠵᠡᠨ ᠬᠠᠮᠢᠭ᠎ᠠ ᠨᠢᠭᠡ ᠲᠠᠢᠰᠢ ᠳᠠᠬᠢᠨ ᠠᠶᠠᠨ ᠲᠡᠢᠨ ᠳ᠋ᠦ᠍ ᠮᠣᠷᠳᠠᠬᠤ ᠭᠡᠵᠦ ᠪᠣᠢ ᠪᠣᠯᠤᠯᠲᠠᠢ᠂ ᠠᠯᠲᠠᠨ ᠤᠷᠤᠭ ᠤ᠋ᠨ ᠬᠢᠨ᠂ ᠥᠷᠯᠥᠭ ᠵᠠᠩᠵᠤᠳ ᠬᠡᠯᠡᠯᠴᠡᠨ ᠪᠠᠢᠭᠰᠠᠨ ᠲᠡᠷᠡ ᠦᠶ᠎ᠡ ᠳ᠋ᠦ᠍ ᠴᠢᠩᠭᠢᠰ ᠬᠠᠭᠠᠨ ᠴᠡᠷᠢᠭ ᠦ᠋ᠨ ᠬᠦᠴᠦ ᠪᠡᠨ ᠵᠤᠵᠠᠭᠠᠳᠬᠠᠬᠤ ᠪᠠᠷ ᠵᠥᠴᠢ ᠶ᠋ᠢ ᠳᠠᠭᠤᠳᠠᠭᠤᠯᠤᠭᠰᠠᠨ ᠪᠠᠢᠯ᠎ᠠ᠃ ᠣᠯᠠᠨ ᠤᠳᠠᠭ᠎ᠠ ᠡᠯᠴᠢ ᠢᠯᠡᠭᠡᠭᠰᠡᠨ ᠪᠣᠯᠪᠠᠴᠤ ᠲᠡᠷᠡ ᠢᠷᠡᠬᠦ ᠦᠭᠡᠢ ᠠᠯᠭᠤᠷᠯᠠᠨ ᠪᠠᠢᠪᠠ᠃ ᠡᠨᠡ ᠦᠶ᠎ᠡ ᠳ᠋ᠦ᠍ ᠬᠠᠭᠠᠨ ᠡᠵᠡᠨ ᠤᠷᠢᠳ ᠤᠷᠢᠳ ᠠ᠋ᠴᠠ ᠪᠠᠨ ᠢᠯᠡᠭᠦᠦ ᠰᠡᠳᠬᠢᠯ ᠦ᠋ᠨ ᠬᠢᠮᠤᠷᠠᠯ ᠳ᠋ᠤ᠌ ᠣᠷᠣᠭᠰᠠᠨ ᠪᠠᠢᠬᠤ ᠰᠢᠭ᠋ ᠰᠠᠨᠠᠭᠳᠠᠨ᠎ᠠ᠃ ᠳᠠᠭᠠᠪᠤᠷᠢ ᠴᠢᠮᠡᠭᠡ ᠮᠡᠲᠦ ᠡᠳᠦᠷ ᠦ᠋ᠳ ᠠᠷᠤ ᠠᠷᠤ ᠠ᠋ᠴᠠ ᠪᠠᠨ ᠥᠩᠭᠡᠷᠡᠵᠦ᠂ ᠬᠡᠵᠢᠶ᠎ᠡ ᠮᠥᠳᠳᠥ ᠦᠭᠡᠢ ᠳᠡᠯᠡᠳᠬᠦ ᠭᠡᠵᠦ ᠪᠠᠢᠭ᠎ᠠ ᠳᠣᠯᠣᠭᠠᠨ ᠤ᠋ ᠶᠡᠬᠡ ᠬᠠᠷᠠᠩᠭ᠎ᠠ ᠵᠥᠪᠬᠡᠨ ᠬᠠᠭᠠᠨ ᠤ᠋ ᠰᠢᠢᠳᠪᠦᠷᠢ ᠶ᠋ᠢ ᠯᠡ ᠬᠦᠯᠢᠶᠡᠨ ᠪᠠᠢᠬᠤ ᠰᠢᠭ᠋ ᠬᠦᠨᠳᠦ ᠡᠳᠦᠷ ᠦ᠋ᠳ ᠦ᠋ᠨ ᠳᠤᠮᠳᠠᠭᠤᠷ ᠲᠤᠯᠤᠢ ᠦᠷᠭᠦᠭᠡᠨ ᠳ᠋ᠡᠭᠡᠨ ᠣᠷᠣᠵᠤ ᠢᠷᠡᠯ᠎ᠡ᠃
— ᠠᠬᠢᠭᠠᠳ ᠯᠠ ᠳᠣᠯᠣᠭᠠᠨ ᠳ᠋ᠤ᠌ ᠮᠣᠷᠳᠠᠬᠤ ᠬᠡᠷᠡᠭ ᠭᠠᠷᠬᠤ ᠨᠢ ᠪᠠᠢᠨ᠎ᠠ᠃ ᠰᠡᠳᠬᠢᠯ ᠡᠮᠵᠡᠭᠯᠡᠭᠦᠯᠦᠭᠰᠡᠨ ᠡᠨᠡ ᠤᠳᠠᠭ᠎ᠠ ᠶ᠋ᠢᠨ ᠠᠶᠠᠨ ᠵᠠᠮ ᠬᠠᠷᠢ ᠶ᠋ᠢᠨ ᠳᠠᠢᠰᠤᠨ ᠢ᠋ ᠪᠢᠰᠢ᠂ ᠬᠠᠢᠷᠠᠲᠠᠢ ᠠᠬ᠎ᠠ ᠶ᠋ᠢ ᠪᠡᠨ ᠵᠣᠷᠢᠨ ᠣᠴᠢᠬᠤ ᠪᠣᠯᠤᠭᠠᠳ ᠪᠠᠢᠭ᠎ᠠ ᠨᠢ ᠭᠤᠨᠢᠭᠲᠠᠢ ᠰᠠᠨᠠᠭᠳᠠᠨ᠎ᠠ ᠭᠡᠵᠦ ᠬᠡᠯᠡᠪᠡ᠃
ᠴᠢᠩᠭᠢᠰ ᠬᠠᠭᠠᠨ ᠲᠠᠩᠭᠤᠳ ᠢ᠋ ᠳᠠᠢᠳᠤᠬᠤ ᠪᠠᠷ ᠵᠥᠴᠢ ᠶ᠋ᠢ ᠣᠯᠠᠨ ᠤᠳᠠᠭ᠎ᠠ ᠳᠠᠭᠤᠳᠠᠭᠤᠯᠤᠭᠰᠠᠨ ᠪᠣᠯᠪᠠᠴᠤ ᠲᠡᠷᠡ ᠢᠷᠡᠭᠡ ᠦᠭᠡᠢ ᠪᠢᠯᠡ᠃ ᠥᠪᠡᠷ ᠦ᠋ᠨ ᠤᠯᠤᠰ ᠢ᠋ᠶ᠋ᠠᠨ ᠪᠠᠢᠭᠤᠯᠵᠤ ᠲᠡᠨᠳᠡ ᠪᠡᠨ ᠲᠥᠪᠬᠢᠨᠡᠬᠦ ᠬᠦᠰᠡᠯ ᠲᠡᠢ ᠪᠠᠢᠭᠰᠠᠨ ᠲᠤᠯᠠ ᠬᠠᠭᠠᠨ ᠠᠪᠤ ᠶ᠋ᠢᠨ ᠢ᠋ᠶ᠋ᠡᠨ ᠳᠠᠭᠤᠳᠠᠭᠰᠠᠨ ᠳᠠᠷᠤᠢ ᠳ᠋ᠤ᠌ ᠢᠷᠡᠬᠦ ᠦᠭᠡᠢ ᠪᠠᠢᠭᠰᠠᠭᠠᠷ ᠬᠡᠰᠡᠭ ᠬᠤᠭᠤᠴᠠᠭ᠎ᠠ ᠥᠩᠭᠡᠷᠡᠭᠡᠵᠡᠢ᠃ ᠡᠨᠡ ᠬᠤᠭᠤᠴᠠᠭᠠᠨ ᠳ᠋ᠤ᠌ ᠲᠠᠯ᠎ᠠ ᠨᠤᠲᠤᠭ ᠲᠤ ᠰᠠᠢᠨ ᠮᠡᠳᠡᠭᠡ ᠲᠡᠢ ᠵᠡᠷᠭᠡᠴᠡᠨ ᠰᠠᠭᠠᠷ ᠮᠡᠳᠡᠭᠡ ᠴᠤ ᠬᠤᠷᠳᠤᠯᠠᠨ ᠨᠢᠰᠦᠯᠳᠦᠵᠦ ᠪᠠᠢᠭᠰᠠᠨ ᠴᠠᠭ《ᠵᠥᠴᠢ ᠡᠴᠢᠭᠡ ᠡᠴᠡ ᠪᠡᠨ ᠤᠷᠪᠠᠵᠠᠢ᠂ ᠲᠡᠷᠡ ᠥᠪᠡᠷ ᠦ᠋ᠨ ᠤᠯᠤᠰ ᠢ᠋ ᠪᠠᠢᠭᠤᠯᠤᠨ ᠬᠠᠭᠠᠨ ᠡᠵᠡᠨ ᠦ᠌ ᠦᠭᠡ ᠶ᠋ᠢ ᠡᠰᠡ ᠠᠪᠤᠨ᠂ ᠳᠠᠭᠤᠳᠠᠭᠤᠯᠤᠭᠰᠠᠨ ᠳᠣᠣᠷ᠎ᠠ ᠢᠷᠡᠭᠰᠡᠨ ᠦᠭᠡᠢ》ᠭᠡᠰᠡᠨ ᠶᠠᠷᠢᠶ᠎ᠠ ᠴᠠᠭᠠᠰᠢᠯᠠᠨ ᠬᠦᠪᠦᠷᠡᠨ᠎ᠡ᠃ ᠲᠤᠯᠤᠢ ᠰᠡᠳᠬᠢᠯ ᠰᠢᠨᠠᠯᠤᠩᠭᠤᠢ ᠪᠠᠢᠭ᠎ᠠ ᠨᠢ ᠢᠯᠡᠳᠲᠡ᠂
— ᠬᠠᠭᠠᠨ ᠠᠪᠤ ᠵᠥᠴᠢ ᠠᠬ᠎ᠠ ᠶ᠋ᠢᠨ ᠡᠰᠡᠷᠭᠦ ᠮᠣᠷᠳᠠᠬᠤ ᠪᠣᠳᠣᠯ ᠲᠠᠢ ᠪᠠᠢᠨ᠎ᠠ᠃ ᠴᠠᠭᠠᠲᠠᠢ ᠠᠬ᠎ᠠ ᠳᠡᠷᠭᠡᠳᠡ ᠨᠢ ᠰᠢᠪᠠᠳᠠᠭᠤᠯᠵᠤ ᠪᠠᠢᠭ᠎ᠠ ᠪᠣᠯᠬᠣᠷ ᠲᠤᠩ ᠤᠳᠠᠬᠤ ᠦᠭᠡᠢ ᠵᠠᠮ ᠳ᠋ᠤ᠌ ᠭᠠᠷᠬᠤ ᠶᠤᠮ ᠰᠢᠭ᠋ ᠪᠠᠢᠨ᠎ᠠ᠃ ᠨᠥᠬᠥᠷ ᠦ᠋ᠨ ᠢ᠋ᠶ᠋ᠡᠨ ᠰᠡᠳᠬᠢᠯ ᠦ᠋ᠨ ᠭᠤᠨᠢᠭ ᠲᠡᠭᠡᠭᠡᠨ ᠥᠭᠦᠯᠡᠵᠦ ᠪᠠᠢᠭ᠎ᠠ ᠡᠨᠡ ᠶᠠᠷᠢᠶ᠎ᠠ ᠶ᠋ᠢ ᠰᠣᠨᠣᠰᠴᠤ ᠰᠠᠭᠤᠭᠰᠠᠨ ᠰᠤᠷᠬᠠᠭᠲᠠᠨᠢ᠄
— ᠬᠡᠯᠡᠭᠰᠡᠨ ᠦᠭᠡ᠂ ᠬᠠᠷᠪᠤᠭᠰᠠᠨ ᠰᠤᠮᠤ ᠬᠣᠶᠠᠷ ᠢ᠋ ᠪᠤᠴᠠᠭᠠᠵᠤ ᠪᠣᠯᠳᠠᠭ ᠦᠭᠡᠢ ᠭᠡᠳᠡᠭᠴᠢᠯᠡᠨ ᠲᠡᠷᠡ ᠨᠢᠭᠡᠨ ᠡᠳᠦᠷ ᠵᠥᠴᠢ ᠠᠬ᠎ᠠ᠂ ᠴᠠᠭᠠᠲᠠᠢ ᠬᠣᠶᠠᠷ ᠤ᠋ᠨ ᠳᠤᠮᠳᠠ ᠭᠠᠷᠤᠭᠰᠠᠨ ᠮᠠᠷᠭᠤᠭᠠᠨ ᠤᠳᠠᠲᠠᠯ᠎ᠠ ᠦᠷᠭᠦᠯᠵᠢᠯᠡᠵᠦ ᠪᠠᠢᠭ᠎ᠠ ᠨᠢ ᠶᠠᠭᠤᠲᠠᠢ ᠠᠶᠤᠯ ᠲᠠᠢ᠃ ᠥᠪᠡᠷ ᠦ᠋ᠨ ᠲᠣᠮᠣ ᠬᠦᠦ ᠶ᠋ᠢᠨ ᠡᠰᠡᠷᠭᠦ ᠮᠣᠷᠳᠠᠬᠤ ᠭᠡᠵᠦ ᠪᠠᠢᠭ᠎ᠠ ᠬᠠᠭᠠᠨ ᠡᠵᠡᠨ ᠢ᠋ ᠵᠣᠭᠰᠣᠭᠠᠬᠤ ᠬᠡᠷᠡᠭ ᠲᠡᠢ᠃
ᠲᠤᠯᠤᠢ ᠬᠠᠲᠤᠨ ᠤ᠋ ᠪᠠᠨ ᠦᠭᠡ ᠶ᠋ᠢ ᠳᠠᠮᠵᠢᠨ ᠪᠣᠢ ᠬᠡᠳᠦᠢ ᠴᠤ᠄
— ᠬᠠᠭᠠᠨ ᠠᠪᠤ ᠨᠢᠭᠡᠨᠲᠡ ᠰᠢᠢᠳᠦᠭᠰᠡᠨ ᠪᠣᠯ ᠢᠳᠬᠠᠬᠤ ᠠᠷᠭ᠎ᠠ ᠦᠭᠡᠢ᠂ ᠪᠢᠳᠡᠨ ᠦ᠌ ᠦᠭᠡ ᠶ᠋ᠢ ᠠᠪᠬᠤ ᠦᠭᠡᠢ ᠰᠢᠦ ᠳᠡ ᠭᠡᠬᠦ ᠳ᠋ᠦ᠍ ᠰᠤᠷᠬᠠᠭᠲᠠᠨᠢ ᠨᠢᠭᠡᠨ ᠮᠡᠷᠭᠡᠨ ᠰᠠᠨᠠᠭ᠎ᠠ ᠣᠯᠪᠠ ᠪᠣᠯᠤᠯᠲᠠᠢ᠄
— ᠲᠡᠭᠡᠪᠡᠯ ᠢᠳᠬᠠᠵᠤ ᠴᠢᠳᠠᠬᠤ ᠬᠥᠮᠦᠨ ᠢ᠋ᠶ᠋ᠡᠷ ᠦᠭᠡ ᠳᠠᠢᠯᠭᠠᠨ ᠬᠡᠯᠡᠭᠦᠯᠦᠶᠡ᠂ ᠬᠠᠭᠠᠨ ᠠᠪᠤ ᠳ᠋ᠤ᠌ ᠤᠬᠠᠭᠠᠨ ᠪᠢᠯᠢᠭ ᠢ᠋ ᠨᠢ ᠬᠦᠨᠳᠦᠯᠡᠨ᠂ ᠬᠡᠯᠡᠭᠰᠡᠨ ᠦᠭᠡ ᠶ᠋ᠢ ᠨᠢ ᠲᠤᠩᠭᠠᠨ ᠪᠣᠳᠣᠳᠠᠭ ᠨᠢᠭᠡ ᠯᠡ ᠬᠥᠮᠦᠨ ᠪᠣᠢ᠂ ᠶᠢᠰᠦᠢ ᠬᠠᠲᠤᠨ ᠢ᠋ᠶ᠋ᠠᠷ ᠡᠨᠡ ᠦᠭᠡ ᠶ᠋ᠢ ᠬᠡᠯᠡᠭᠦᠯᠵᠦ᠂ ᠵᠥᠴᠢ ᠠᠬ᠎ᠠ ᠶ᠋ᠢ ᠳᠠᠢᠯᠠᠷ᠎ᠠ ᠮᠣᠷᠳᠠᠬᠤ ᠶ᠋ᠢ ᠪᠣᠯᠢᠭᠤᠯᠵᠤ ᠪᠣᠯᠤᠨ᠎ᠠ ᠬᠡᠮᠡᠭᠰᠡᠨ ᠬᠠᠲᠤᠨ ᠤ᠋ ᠪᠠᠨ ᠦᠭᠡ ᠶ᠋ᠢ ᠲᠤᠯᠤᠢ ᠳᠠᠮᠵᠢᠯᠠ᠃
ᠬᠠᠭᠠᠨ ᠡᠵᠡᠨ ᠣᠯᠠᠨ ᠤᠳᠠᠭ᠎ᠠ ᠳ᠋ᠤ᠌ ᠤᠬᠠᠭᠠᠨ ᠪᠢᠯᠢᠭ ᠢ᠋ ᠨᠢ ᠣᠨᠴᠠᠯᠠᠨ ᠮᠡᠳᠡᠷᠡᠵᠦ᠂ ᠬᠡᠯᠡᠭᠰᠡᠨ ᠦᠭᠡ ᠶ᠋ᠢ ᠨᠢ ᠵᠥᠷᠢᠭᠡᠳ ᠪᠠᠢᠳᠠᠭ ᠦᠭᠡᠢ ᠶᠢᠰᠦᠢ ᠬᠠᠲᠤᠨ ᠤ᠋ ᠦᠷᠭᠦᠭᠡᠨ ᠳ᠋ᠦ᠍ ᠰᠤᠷᠬᠠᠭᠲᠠᠨᠢ᠂ ᠲᠤᠯᠤᠢ ᠬᠣᠶᠠᠷ ᠶᠠᠪᠤᠵᠤ ᠣᠷᠣᠯ᠎ᠠ᠃ ᠲᠡᠳᠡ ᠬᠠᠭᠠᠨ ᠡᠵᠡᠨ ᠬᠦᠦ ᠪᠡᠨ ᠳᠠᠢᠳᠤᠵᠤ ᠪᠣᠯᠬᠤ ᠦᠭᠡᠢ ᠭᠡᠳᠡᠭ ᠢ᠋ ᠶᠢᠰᠦᠢ ᠬᠠᠲᠤᠨ ᠢ᠋ᠶ᠋ᠠᠷ ᠬᠡᠯᠡᠭᠦᠯᠵᠦ᠂ ᠴᠢᠩᠭᠢᠰ ᠬᠠᠭᠠᠨ ᠤ᠋ ᠲᠤᠩ ᠤᠳᠠᠬᠤ ᠦᠭᠡᠢ ᠳᠡᠯᠡᠳᠬᠦ ᠭᠡᠵᠦ ᠪᠠᠢᠭᠰᠠᠨ ᠳᠣᠯᠣᠭᠠᠨ ᠤ᠋ ᠬᠠᠷᠠᠩᠭ᠎ᠠ ᠶ᠋ᠢ ᠲᠦᠷ ᠴᠦ᠍ ᠠᠲᠤᠭᠠᠢ ᠵᠣᠭᠰᠣᠭᠠᠨ ᠪᠠᠢᠯ᠎ᠠ᠃ ᠬᠠᠭᠠᠨ ᠡᠵᠡᠨ ᠴᠦ᠍᠂ ᠬᠠᠷᠠᠴᠤ ᠪᠣᠭᠣᠯ ᠴᠤ ᠪᠠᠢ ᠬᠥᠮᠦᠨ ᠪᠦᠷ ᠥᠪᠡᠷ ᠦ᠋ᠨ ᠭᠠᠷᠭᠠᠭᠰᠠᠨ ᠰᠢᠢᠳᠪᠦᠷᠢ ᠶ᠋ᠢ ᠬᠡᠵᠢᠶ᠎ᠡ ᠬᠣᠢᠨ᠎ᠠ ᠠᠯᠳᠠᠭ᠎ᠠ ᠤᠨᠤᠭ᠎ᠠ ᠲᠠᠢ ᠶ᠋ᠢ ᠨᠢ ᠣᠯᠵᠤ ᠬᠠᠷᠠᠵᠤ ᠪᠣᠯᠤᠨ᠎ᠠ᠃ ᠴᠢᠩᠭᠢᠰ ᠬᠠᠭᠠᠨ ᠶᠢᠰᠦᠢ ᠬᠠᠲᠤᠨ ᠤ᠋ ᠦᠭᠡ ᠶ᠋ᠢ ᠠᠪᠴᠠᠢ᠃ ᠥᠪᠡᠷ ᠦ᠋ᠨ ᠬᠦᠦ ᠪᠡᠨ ᠳᠠᠢᠳᠤᠨ᠎ᠠ ᠭᠡᠳᠡᠭ ᠬᠠᠭᠠᠨ ᠬᠥᠮᠦᠨ ᠦ᠌ ᠬᠤᠪᠢ ᠳ᠋ᠤ᠌ ᠪᠠᠢᠵᠤ ᠪᠣᠯᠬᠤ ᠰᠢᠢᠳᠪᠦᠷᠢ ᠴᠦ᠍᠂ ᠥᠷᠥᠰᠢᠶᠡᠨ ᠨᠢᠭᠦᠯᠡᠰᠬᠦ ᠰᠡᠳᠬᠢᠯ ᠳ᠋ᠡᠭᠡᠨ ᠬᠡᠰᠡᠭ ᠵᠠᠭᠤᠷ᠎ᠠ ᠬᠦᠯᠢᠶᠡᠬᠦ ᠰᠢᠢᠳᠪᠦᠷᠢ ᠳ᠋ᠦ᠍ ᠬᠦᠷᠦᠭᠡᠳ ᠪᠠᠢᠭᠰᠠᠨ ᠲᠡᠷᠡ ᠨᠢᠭᠡᠨ ᠡᠳᠦᠷ ᠵᠥᠴᠢ ᠶ᠋ᠢᠨ ᠤᠯᠤᠰ ᠠ᠋ᠴᠠ ᠢᠷᠡᠭᠰᠡᠨ ᠮᠡᠳᠡᠭᠡ ᠬᠠᠭᠠᠨ ᠡᠵᠡᠨ ᠦ᠌ ᠵᠢᠷᠦᠬᠡᠨ ᠳᠤᠮᠳᠠᠭᠤᠷ ᠢᠷᠲᠦ ᠰᠡᠯᠡᠮ᠎ᠡ ᠪᠡᠷ ᠬᠤᠪᠢᠶᠠᠨ ᠥᠩᠭᠡᠷᠡᠬᠦ ᠰᠢᠭ ᠶᠡᠬᠡ ᠣᠢ ᠶ᠋ᠢ ᠠᠪᠴᠤ ᠢᠷᠡᠪᠡ᠃
— ᠮᠥᠩᠬᠡ ᠲᠩᠷᠢ ᠨᠠᠮᠠᠶ᠋ᠢ ᠭᠡᠰᠬᠡᠯᠡ᠃ ᠬᠦᠦ ᠶ᠋ᠢᠨ ᠢ᠋ᠶ᠋ᠡᠨ ᠥᠭᠡᠳᠡ ᠡᠴᠡ ᠴᠡᠷᠢᠭᠯᠡᠨ ᠮᠣᠷᠳᠠᠬᠤ ᠭᠡᠵᠦ ᠪᠠᠢᠭᠰᠠᠨ ᠡᠴᠢᠭᠡ
ᠨᠠᠮᠠᠶ᠋ᠢ ᠰᠢᠳᠬᠡᠵᠡᠢ᠃ ᠶᠢᠰᠦᠢ ᠬᠠᠲᠤᠨ ᠤ᠋ ᠦᠭᠡ ᠦᠨᠡᠨ ᠪᠠᠢᠪᠠ᠃ ᠥᠷᠥᠰᠢᠶᠡᠨ ᠨᠢᠭᠦᠯᠡᠰᠬᠦ ᠰᠡᠳᠬᠢᠯ ᠢ᠋ᠶ᠋ᠡᠨ ᠪᠢ ᠭᠡᠭᠡᠭᠰᠡᠨ ᠪᠠᠢᠵᠠᠢ᠃ ᠮᠢᠨᠦ ᠬᠦᠦ᠂ ᠲᠥᠷᠥᠭᠰᠡᠨ ᠬᠦᠦ ᠮᠢᠨᠢ ᠥᠪᠡᠷ ᠢ᠋ ᠨᠢ ᠳᠠᠷᠤᠬᠤ ᠪᠠᠷ ᠢᠷᠡᠬᠦ ᠡᠴᠢᠭᠡ ᠶ᠋ᠢᠨ ᠢ᠋ᠶ᠋ᠡᠨ ᠠᠶᠤᠮᠰᠢᠭᠲᠤ ᠨᠢᠳᠦ ᠶ᠋ᠢ ᠬᠠᠷᠠᠬᠤ ᠦᠭᠡᠢ ᠭᠡᠰᠡᠨ ᠳ᠋ᠡᠭᠡᠨ ᠨᠠᠳᠠ ᠠ᠋ᠴᠠ ᠤᠷᠢᠳ ᠮᠥᠩᠬᠡ ᠲᠩᠷᠢ ᠳ᠋ᠦ᠍ ᠣᠳᠴᠠᠢ ᠬᠡᠮᠡᠪᠡ᠃
ᠲᠥᠷᠥᠭᠰᠡᠨ ᠭᠡᠷ ᠲᠡᠭᠡᠨ ᠭᠠᠳᠠᠨ᠎ᠠ ᠶ᠋ᠢᠨ ᠬᠥᠮᠦᠨ ᠰᠢᠭ ᠪᠠᠢᠬᠤ ᠤᠳᠠᠭ᠎ᠠ ᠣᠯᠠᠨ ᠪᠠᠢᠭᠰᠠᠨ ᠬᠦᠦ ᠶ᠋ᠢᠨ ᠢ᠋ᠶ᠋ᠡᠨ ᠠᠷᠤ ᠠ᠋ᠴᠠ ᠬᠠᠭᠠᠨ ᠭᠠᠰᠢᠭᠤᠳᠠᠵᠤ ᠰᠠᠭᠤᠪᠠ᠃ ᠬᠥᠮᠦᠨ ᠳ᠋ᠦ᠍ ᠦᠷ᠎ᠡ ᠬᠡᠦᠬᠡᠳ ᠨᠢ ᠬᠡᠴᠢᠨᠡᠭᠡᠨ ᠡᠷᠬᠢᠮ ᠪᠢᠯᠡ᠃ ᠠᠪᠤ ᠭᠡᠮᠡᠨ ᠳᠠᠭᠤᠳᠠᠭᠤᠯᠬᠤ ᠡᠷᠬᠢᠮ ᠠᠯᠳᠠᠷ ᠢ᠋ ᠠᠩᠬᠠᠯᠠᠨ ᠠᠪᠴᠢᠷᠠᠭᠰᠠᠨ ᠦᠷ᠎ᠡ ᠨᠢ ᠡᠴᠢᠭᠡ ᠡᠴᠡ ᠪᠡᠨ ᠲᠥᠷᠥᠭᠦᠯᠦᠨ ᠲᠩᠷᠢ ᠳ᠋ᠦ᠍ ᠣᠳᠴᠠᠢ᠃ ᠣᠯᠠᠨ ᠵᠢᠯ ᠦ᠋ᠨ ᠠᠶᠠᠨ ᠲᠡᠢᠨ ᠦ᠌ ᠳᠤᠮᠳᠠᠭᠤᠷ ᠤᠯᠤᠰ ᠭᠦᠷᠦᠨ ᠢ᠋ᠶ᠋ᠡᠨ ᠲᠡᠯᠡᠬᠦ ᠶᠡᠬᠡ ᠠᠵᠢᠯ ᠢ᠋ ᠳᠠᠭᠠᠳᠬᠠᠨ᠂ ᠬᠦᠦ ᠪᠡᠨ ᠦᠯᠡᠳᠡᠭᠡᠵᠦ ᠮᠣᠷᠳᠠᠭᠰᠠᠨ ᠲᠡᠷᠡ ᠴᠠᠭ ᠠ᠋ᠴᠠ ᠬᠣᠢᠰᠢ ᠡᠯᠳᠡᠪ ᠶᠠᠷᠢᠶ᠎ᠠ ᠴᠤᠤ ᠲᠠᠰᠤᠷᠠᠬᠤ ᠦᠭᠡᠢ ᠪᠠᠢᠭᠰᠠᠭᠠᠷ ᠨᠢᠭᠡ ᠯᠡ ᠮᠡᠳᠡᠭᠦᠨᠡ ᠠᠬᠢᠨ ᠠᠭᠤᠯᠵᠠᠬᠤ ᠦᠭᠡᠢ ᠪᠡᠷ ᠬᠠᠢᠷᠠᠲᠤ ᠬᠦᠦ ᠪᠡᠨ ᠲᠩᠷᠢ ᠳ᠋ᠦ᠍ ᠢᠯᠡᠭᠡᠭᠰᠡᠨ ᠢ᠋ᠶ᠋ᠡᠨ ᠲᠡᠷᠡ ᠢᠩᠭᠢᠵᠦ ᠮᠡᠳᠡᠯ᠎ᠡ᠃ ᠥᠭᠡᠯᠦᠨ ᠡᠬᠡ ᠶ᠋ᠢᠨ ᠠᠷᠤ ᠠ᠋ᠴᠠ ᠬᠠᠯᠬᠠᠯᠠᠨ ᠭᠠᠰᠢᠭᠤᠳᠠᠭᠠᠳ ᠤᠳᠠᠭ᠎ᠠ ᠦᠭᠡᠢ ᠪᠠᠢᠭᠰᠠᠨ ᠬᠠᠭᠠᠨ ᠡᠵᠡᠨ ᠪᠠᠰᠠ ᠨᠢᠭᠡᠨ ᠬᠠᠭᠠᠴᠠᠯ ᠤ᠋ᠨ ᠨᠢᠯᠪᠤᠰᠤ ᠶ᠋ᠢ ᠰᠡᠳᠬᠢᠯ ᠵᠢᠷᠦᠬᠡᠨ ᠳ᠋ᠡᠭᠡᠨ ᠶᠡᠭᠦᠯᠡᠨ ᠰᠠᠭᠤᠨ᠎ᠠ᠃
ᠣᠯᠠᠨ ᠤᠳᠠᠭ᠎ᠠ ᠶ᠋ᠢᠨ ᠳᠣᠯᠣᠭᠠᠨ ᠳ᠋ᠤ᠌ ᠣᠷᠣᠯᠴᠠᠵᠤ ᠣᠨᠴᠠᠭᠠᠢ ᠭᠠᠪᠢᠶ᠎ᠠ ᠪᠠᠢᠭᠤᠯᠤᠭᠰᠠᠨ᠂ ᠦᠷᠭᠦᠯᠵᠢ ᠬᠣᠯᠠ ᠶ᠋ᠢ ᠬᠠᠷᠠᠵᠤ᠂ ᠲᠠᠩᠳᠠ ᠦᠨᠡᠨ ᠢ᠋ ᠬᠠᠢᠳᠠᠭ ᠨᠢᠭᠡᠨ ᠶᠡᠬᠡ ᠬᠥᠮᠦᠨ ᠠᠯᠲᠠᠨ ᠤᠷᠤᠭ ᠤ᠋ᠨ ᠬᠢᠨ ᠡᠴᠡ ᠬᠠᠭᠠᠴᠠᠨ ᠣᠳᠴᠠᠢ᠃ ᠡᠨᠡ ᠡᠮᠭᠡᠨᠢᠯᠲᠦ ᠮᠡᠳᠡᠭᠡ ᠲᠤᠯᠤᠢ ᠶ᠋ᠢᠨ ᠭᠡᠷ ᠪᠦᠯᠢ ᠳ᠋ᠦ᠍ ᠴᠦ᠍ ᠬᠦᠨᠳᠦ ᠪᠡᠷ ᠲᠤᠰᠤᠭᠰᠠᠨ ᠪᠠᠢᠯ᠎ᠠ᠃ ᠤᠴᠢᠷ ᠨᠢ ᠲᠤᠯᠤᠢ ᠡᠵᠡᠨ ᠵᠥᠴᠢ ᠠᠬ᠎ᠠ ᠲᠠᠢ ᠪᠠᠨ ᠣᠢᠷ᠎ᠠ ᠥᠰᠦᠭᠰᠡᠨ ᠨᠢᠭᠡᠨ ᠪᠥᠭᠡᠲᠡᠯ᠎ᠡ ᠲᠡᠭᠦᠨ ᠦ᠌ ᠬᠠᠯᠠᠭᠤᠨ ᠠᠮᠢᠰᠬᠤᠯ ᠢ᠋ᠶ᠋ᠠᠨ ᠲᠠᠰᠤᠯᠤᠨ ᠪᠠᠢᠬᠤ ᠮᠥᠴᠡ ᠳ᠋ᠦ᠍ ᠳᠡᠷᠭᠡᠳᠡ ᠨᠢ ᠪᠠᠢᠵᠤ ᠴᠢᠳᠠᠭᠰᠠᠨ ᠦᠭᠡᠢ᠃ ᠲᠣᠮᠣ ᠠᠬ᠎ᠠ ᠶ᠋ᠢᠨ ᠬᠤᠪᠢ ᠪᠠᠷ ᠪᠢᠴᠢᠬᠠᠨ ᠳᠡᠭᠦᠦ ᠳ᠋ᠡᠭᠡᠨ ᠨᠡᠩ ᠶᠡᠬᠡ ᠠᠩᠬᠠᠷᠤᠯ ᠬᠠᠯᠠᠮᠵᠢ ᠲᠠᠯᠪᠢᠨ ᠥᠰᠬᠡᠭᠰᠡᠨ ᠶᠡᠬᠡ ᠠᠴᠢ ᠵᠥᠴᠢ ᠶ᠋ᠢᠨ ᠬᠢ ᠪᠠᠢᠭᠰᠠᠨ ᠭᠡᠳᠡᠭ ᠢ᠋ ᠲᠤᠯᠤᠢ ᠰᠠᠢᠨ ᠮᠡᠳᠡᠨ᠎ᠡ᠃
ᠬᠡᠳᠦᠨ ᠬᠣᠨᠣᠭ ᠤ᠋ᠨ ᠭᠠᠰᠢᠭᠤᠳᠠᠯᠲᠤ ᠡᠳᠦᠷ ᠦ᠋ᠳ ᠦᠷᠭᠦᠯᠵᠢᠯᠡᠯ᠎ᠡ᠃
— ᠣᠯᠠᠨ ᠬᠣᠨᠣᠭ ᠤ᠋ᠨ ᠤᠷᠲᠤ ᠳ᠋ᠤ᠌ ᠠᠭᠤᠯᠵᠠᠬᠤ ᠰᠠᠨ ᠭᠡᠵᠦ ᠬᠦᠯᠢᠶᠡᠵᠦ ᠪᠠᠢᠭᠰᠠᠨ ᠠᠬ᠎ᠠ ᠮᠢᠨᠢ ᠲᠩᠷᠢ ᠳ᠋ᠦ᠍ ᠣᠳᠴᠠᠢ᠃ ᠨᠠᠳᠠ ᠳ᠋ᠤ᠌ ᠣᠳᠣ ᠰᠡᠳᠬᠢᠯ ᠢ᠋ᠶ᠋ᠡᠨ ᠣᠩᠭᠣᠢᠲᠠᠯ᠎ᠠ ᠠᠭᠤᠵᠢᠷᠠᠨ ᠠᠰᠬᠠᠬᠤ᠂ ᠨᠠᠮᠠᠶ᠋ᠢ ᠲᠦᠰᠢᠨ ᠠᠪᠬᠤ ᠬᠡᠨ ᠪᠠᠢᠭ᠎ᠠ ᠰᠠᠨ ᠪᠢᠯᠡ ᠭᠡᠬᠦ ᠲᠤᠯᠤᠢ ᠡᠵᠡᠨ ᠦ᠌ ᠬᠠᠯᠬᠠᠯᠠᠨ ᠪᠣᠢ ᠦᠷᠭᠦᠭᠡᠨ ᠡᠴᠡ ᠬᠣᠯᠠ ᠦᠭᠡᠢ ᠬᠠᠭᠠᠨ ᠡᠵᠡᠨ ᠤᠷᠲᠤ ᠦᠷᠭᠦᠭᠡᠨ ᠳ᠋ᠡᠭᠡᠨ ᠬᠣᠷᠸ᠎ᠠ ᠶ᠋ᠢᠨ ᠶᠠᠪᠤᠳᠠᠯ᠂ ᠦᠨᠡᠨ ᠬᠤᠳᠠᠯ ᠤ᠋ᠨ ᠳᠤᠮᠳᠠ ᠠᠯᠳᠠᠵᠤ ᠤᠨᠤᠵᠤ ᠶᠠᠪᠤᠭᠰᠠᠨ ᠴᠠᠭ ᠬᠤᠭᠤᠴᠠᠭ᠎ᠠ᠂ ᠠᠬᠢᠨ ᠠᠭᠤᠯᠵᠠᠬᠤ ᠦᠭᠡᠢ ᠬᠦᠦ ᠪᠡᠨ ᠪᠣᠳᠣᠨ ᠰᠡᠳᠬᠢᠯ ᠨᠢ ᠪᠡᠲᠡᠭᠢᠷᠡᠵᠦ ᠰᠠᠭᠤᠯ᠎ᠠ᠃
ᠪᠣᠯᠵᠤ ᠥᠩᠭᠡᠷᠡᠭᠰᠡᠨ ᠡᠳᠦᠷ ᠦ᠋ᠳ ᠦ᠋ᠨ ᠲᠡᠷᠲᠡᠭᠡ ᠤᠷᠤᠭᠤ ᠪᠣᠳᠣᠯ ᠤᠬᠠᠭᠠᠨ ᠢ᠋ᠶ᠋ᠠᠨ ᠪᠡᠯᠴᠢᠭᠡᠨ ᠪᠠᠢᠬᠤ ᠦᠶ᠎ᠡ ᠳ᠋ᠦ᠍ ᠰᠠᠢᠬᠠᠨ ᠳᠤᠷᠠᠰᠤᠮᠵᠢ ᠳᠤᠮᠳᠠ ᠠ᠋ᠴᠠ ᠰᠠᠯᠤᠨ ᠢᠷᠡᠬᠦ ᠬᠡᠴᠡᠭᠦᠦ ᠪᠠᠢᠳᠠᠭ᠃ ᠰᠣᠷᠬᠠᠭᠳᠠᠨᠢ ᠵᠥᠴᠢ ᠲᠡᠢ ᠬᠠᠮᠤᠭ ᠤ᠋ᠨ ᠰᠡᠭᠦᠯ ᠳ᠋ᠦ᠍ ᠠᠭᠤᠯᠵᠠᠭᠰᠠᠨ ᠲᠡᠷᠡ ᠨᠢᠭᠡᠨ ᠡᠳᠦᠷ ᠢ᠋ ᠳᠤᠷᠠᠰᠤᠨ ᠪᠠᠢᠯ᠎ᠠ᠃ ᠵᠤᠨ ᠤ᠋ ᠳᠡᠯᠭᠡᠷ ᠴᠠᠭ ᠲᠤ ᠰᠡᠬᠦᠭᠡ ᠲᠡᠢ ᠡᠭᠦᠳᠡ ᠪᠡᠷ ᠬᠠᠮᠢᠭ᠎ᠠ ᠨᠢᠭᠡ ᠪᠡᠯᠴᠢᠬᠦ ᠠᠳᠤᠭᠤ ᠮᠠᠯ᠂ ᠬᠡᠦᠬᠡᠳ ᠦ᠋ᠳ ᠦ᠋ᠨ ᠲᠣᠭᠯᠠᠨ ᠭᠦᠶᠦᠯᠳᠦᠵᠦ ᠪᠠᠢᠭ᠎ᠠ ᠬᠠᠷᠠᠭᠳᠠᠨ᠎ᠠ᠃ ᠨᠢᠭᠡᠨ ᠬᠥᠮᠦᠨ ᠭᠠᠳᠠᠨ᠎ᠠ ᠠ᠋ᠴᠠ ᠣᠷᠣᠵᠤ ᠢᠷᠡᠯ᠎ᠡ᠃ ᠥᠨᠳᠥᠷ ᠨᠢᠷᠤᠭᠤ᠂ ᠶᠠᠩᠬᠢᠭᠠᠷ ᠲᠣᠮᠣ ᠴᠡᠭᠡᠵᠢ ᠲᠡᠢ ᠡᠨᠡ ᠡᠷ᠎ᠡ ᠶ᠋ᠢᠨ ᠬᠠᠷᠠᠴᠠ ᠭᠦᠨ ᠲᠣᠭᠲᠠᠭᠤᠨ ᠪᠠᠢᠯ᠎ᠠ᠃
ᠰᠤᠷᠬᠠᠭᠲᠠᠨᠢ ᠪᠡᠬᠢ ᠬᠠᠲᠤᠨ ᠰᠢᠨᠡᠬᠡᠨ ᠬᠢᠯᠭᠡᠭᠰᠡᠨ ᠪᠣᠯᠤᠯᠲᠠᠢ ᠪᠣᠷᠣ ᠰᠢᠷ᠎ᠠ ᠥᠩᠭᠡ ᠶ᠋ᠢᠨ ᠳᠡᠪᠡᠯ ᠡᠮᠦᠰᠴᠦ ᠬᠥᠬᠥᠯ ᠦᠰᠦ ᠪᠡᠨ ᠰᠤᠷ ᠢ᠋ᠶ᠋ᠠᠷ ᠤᠶᠠᠵᠠᠢ᠃ ᠭᠡᠷ ᠲᠦ᠍ ᠪᠠᠢᠭ᠎ᠠ ᠬᠥᠮᠦᠰ ᠬᠥᠯ ᠪᠣᠯᠤᠨ ᠤᠭᠲᠤᠵᠤ ᠳᠡᠭᠡᠭᠰᠢ ᠰᠠᠭᠤᠯᠭᠠᠨ ᠢᠳᠡᠭᠡ ᠤᠮᠳᠠᠭ᠎ᠠ ᠳᠡᠯᠭᠡᠨ ᠪᠠᠷᠢᠭᠰᠠᠨ ᠤ᠋ ᠳᠠᠷᠠᠭ᠎ᠠ᠄
— ᠳᠡᠭᠦᠦ ᠮᠢᠨᠢ ᠠᠯᠤᠰ ᠠ᠋ᠴᠠ ᠠᠶᠠᠨ ᠲᠡᠢᠨ ᠦ᠌ ᠴᠢᠮᠡᠭᠡ ᠰᠣᠨᠣᠰᠤᠭᠳᠠᠬᠤ ᠪᠣᠯᠤᠯ᠎ᠠ᠃ ᠬᠠᠭᠠᠨ ᠠᠪᠤ ᠶ᠋ᠢᠨ ᠪᠠᠢᠳᠠᠯ ᠢ᠋ ᠬᠠᠷᠠᠪᠠᠯ ᠬᠡᠵᠢᠶ᠎ᠡ ᠤᠳᠠᠬᠤ ᠦᠭᠡᠢ ᠮᠣᠷᠳᠠᠬᠤ ᠭᠡᠵᠦ ᠪᠠᠢᠭ᠎ᠠ ᠮᠡᠲᠦ ᠰᠠᠨᠠᠭᠳᠠᠨ᠎ᠠ ᠭᠡᠵᠦ ᠶᠠᠷᠢᠶ᠎ᠠ ᠪᠠᠨ ᠡᠬᠢᠯᠡᠭᠦᠯᠦᠯ᠎ᠡ᠃ ᠡᠨᠡ ᠪᠣᠯ ᠬᠠᠭᠠᠨ ᠡᠵᠡᠨ ᠥᠪᠡᠷ ᠦ᠋ᠨ ᠣᠷᠣ ᠵᠠᠯᠭᠠᠮᠵᠢᠯᠠᠭᠴᠢ ᠪᠠᠨ ᠰᠣᠩᠭᠣᠨ᠂ ᠢᠷᠡᠭᠡᠳᠦᠢ ᠶ᠋ᠢᠨ ᠬᠠᠭᠠᠨ ᠢ᠋ᠶ᠋ᠠᠷ ᠥᠭᠡᠳᠡᠢ ᠶ᠋ᠢᠨ ᠨᠡᠷ᠎ᠡ ᠶ᠋ᠢ ᠬᠡᠯᠡᠭᠰᠡᠨ ᠡᠴᠡ ᠬᠡᠳᠦᠨ ᠬᠣᠨᠣᠭ ᠤ᠋ᠨ ᠳᠠᠷᠠᠭ᠎ᠠ ᠵᠥᠴᠢ ᠲᠤᠯᠤᠢ ᠶ᠋ᠢᠨ ᠦᠷᠭᠦᠭᠡᠨ ᠳ᠋ᠦ᠍ ᠮᠣᠷᠢᠯᠠᠭᠰᠠᠨ ᠬᠡᠷᠡᠭ ᠪᠠᠢᠯ᠎ᠠ᠃ ᠰᠤᠷᠬᠠᠭᠲᠠᠨᠢ ᠶ᠋ᠢᠨ ᠪᠣᠳᠣᠯ ᠬᠦᠪᠦᠷᠡᠭᠰᠡᠭᠡᠷ
ᠲᠤᠯᠤᠢ ᠵᠥᠴᠢ ᠠᠬ᠎ᠠ ᠶ᠋ᠢᠨ ᠢ᠋ᠶ᠋ᠡᠨ ᠶᠠᠷᠢᠶ᠎ᠠ ᠶ᠋ᠢ ᠠᠩᠬᠠᠷᠤᠯ ᠲᠠᠢ ᠰᠣᠨᠣᠰᠤᠨ᠎ᠠ᠃ ᠲᠡᠷᠡ ᠪᠡᠷ᠄
— ᠠᠮᠤᠷ ᠰᠠᠭᠤᠬᠤ ᠴᠠᠭ ᠬᠠᠭᠠᠨ ᠳ᠋ᠤ᠌ ᠴᠤ ᠲᠡᠷᠡ᠂ ᠪᠢᠳᠡᠨ ᠳ᠋ᠦ᠍ ᠴᠤ ᠲᠡᠷᠡ ᠪᠠᠢᠬᠤ ᠦᠭᠡᠢ ᠲᠤᠯᠠ ᠠᠬ᠎ᠠ ᠶ᠋ᠢᠨ ᠦᠭᠡ ᠶ᠋ᠢ ᠠᠩᠬᠠᠷᠤᠨ ᠰᠣᠨᠣᠰᠴᠤ ᠬᠠᠭᠠᠨ ᠤ᠋ ᠠᠮᠠᠨ ᠠ᠋ᠴᠠ ᠰᠢᠢᠳᠪᠦᠷᠢ ᠭᠠᠷᠭᠠᠬᠤ ᠬᠦᠷᠲᠡᠯ᠎ᠡ ᠪᠡᠯᠡᠳᠬᠡᠯ ᠲᠡᠢ ᠪᠠᠢᠶ᠎ᠠ ᠬᠡᠮᠡᠯ᠎ᠡ᠃ ᠵᠥᠴᠢ ᠳᠡᠭᠦᠦ ᠪᠡᠨ ᠬᠠᠷᠠᠨ ᠶᠠᠮᠠᠷ ᠨᠢᠭᠡᠨ ᠴᠢᠬᠤᠯᠠ ᠵᠦᠢᠯ ᠬᠡᠯᠡᠬᠦ ᠭᠡᠵᠦ ᠪᠠᠢᠭ᠎ᠠ ᠮᠡᠲᠦ ᠴᠢᠷᠠᠢ ᠪᠠᠨ ᠲᠥᠪ ᠪᠣᠯᠭᠠᠨ᠄
— ᠬᠠᠭᠠᠨ ᠠᠪᠤ ᠵᠠᠯᠭᠠᠬᠤ ᠬᠦᠦ ᠪᠡᠨ ᠰᠣᠩᠭᠣᠯ᠎ᠠ᠂ ᠪᠢᠳᠡ ᠪᠦᠭᠦᠳᠡ ᠡᠨᠡ ᠰᠢᠢᠳᠪᠦᠷᠢ ᠶ᠋ᠢ ᠵᠥᠪᠰᠢᠶᠡᠷᠡᠨ ᠤᠭᠲᠤᠯ᠎ᠠ ᠬᠡᠮᠡᠭᠡᠳ ᠭᠦᠨ ᠪᠣᠳᠣᠯ ᠳ᠋ᠤ᠌ ᠠᠪᠲᠠᠬᠤ ᠳ᠋ᠤ᠌ ᠲᠤᠯᠤᠢ ᠴᠤ᠂ ᠰᠤᠷᠬᠠᠭᠲᠠᠨᠢ ᠴᠤ ᠲᠡᠷᠡ ᠲᠡᠭᠦᠨ ᠦ᠌ ᠶᠠᠭᠤ ᠬᠡᠯᠡᠬᠦ ᠭᠡᠵᠦ ᠪᠣᠢ ᠶ᠋ᠢ ᠲᠠᠭᠠᠪᠤᠷᠢᠯᠠᠬᠤ ᠭᠡᠵᠦ ᠣᠷᠣᠯᠳᠣᠨ᠎ᠠ᠃ ᠵᠥᠴᠢ ᠦᠷᠭᠦᠯᠵᠢᠯᠡᠭᠦᠯᠦᠨ᠄
— ᠮᠥᠩᠬᠡ ᠲᠩᠷᠢ ᠢᠩᠭᠢᠵᠦ ᠲᠠᠭᠠᠯᠠᠭᠰᠠᠨ ᠬᠡᠷᠡᠭ᠂ ᠡᠵᠡᠨᠲᠦ ᠭᠦᠷᠦᠨ ᠬᠠᠮᠢᠭ᠎ᠠ ᠬᠦᠷᠲᠡᠯ᠎ᠡ ᠲᠡᠯᠡᠬᠦ ᠶ᠋ᠢ ᠪᠢᠳᠡ ᠮᠡᠳᠡᠬᠦ ᠦᠭᠡᠢ ᠬᠡᠴᠢᠨᠡᠭᠡᠨ ᠠᠯᠤᠰ ᠲᠤ ᠲᠡᠯᠡᠭᠰᠡᠨ ᠴᠤ᠂ ᠬᠢᠷᠢ ᠤᠳᠠᠭᠠᠨ ᠣᠷᠣᠰᠢᠬᠤ ᠶ᠋ᠢ ᠪᠠᠰᠠ ᠮᠡᠳᠡᠬᠦ ᠦᠭᠡᠢ ᠲᠤᠯᠠ ᠳᠡᠭᠦᠦ ᠮᠢᠨᠢ ᠮᠥᠩᠬᠡᠳᠡ ᠮᠠᠨᠳᠤᠬᠤ ᠭᠠᠯ ᠭᠣᠯᠣᠮᠲᠠ ᠪᠠᠨ ᠡᠵᠡᠨ ᠦ᠌ ᠶᠣᠰᠣ ᠪᠠᠷ ᠬᠠᠷᠠᠵᠤ ᠬᠠᠮᠠᠭᠠᠯᠠᠵᠤ ᠶᠠᠪᠤᠭᠠᠷᠠᠢ᠃ ᠡᠨᠡ ᠪᠣᠯ ᠴᠢ ᠪᠢᠳᠡᠨ ᠦ᠌ ᠭᠣᠯᠣᠮᠲᠠ ᠲᠤᠯᠠ ᠡᠵᠡᠨᠲᠦ ᠤᠯᠤᠰ ᠠ᠋ᠴᠠ ᠥᠭᠡᠷ᠎ᠡ ᠴᠤ ᠦᠭᠡᠢ ᠵᠦᠢᠯ ᠶᠦᠮ ᠭᠡᠵᠦ ᠬᠡᠯᠡᠭᠡᠳ ᠰᠤᠷᠬᠠᠭᠲᠠᠨᠢ ᠳ᠋ᠤ᠌ ᠬᠠᠨᠳᠤᠨ᠄
— ᠪᠡᠷᠢ ᠮᠢᠨᠢ᠂ ᠡᠮ᠎ᠡ ᠬᠥᠮᠦᠨ ᠦ᠌ ᠤᠬᠠᠭᠠᠨ ᠭᠡᠷ ᠳᠣᠲᠣᠷ᠎ᠠ ᠪᠠᠨ ᠳᠠᠭᠤᠰᠳᠠᠭ ᠦᠭᠡᠢ ᠭᠡᠳᠡᠭ ᠲᠦ᠍ ᠴᠢᠮᠠᠶ᠋ᠢ ᠬᠠᠷᠠᠭᠰᠠᠨ ᠴᠠᠭ ᠠ᠋ᠴᠠ ᠢᠲᠡᠭᠡᠬᠦ ᠪᠣᠯᠤᠭᠰᠠᠨ᠃ ᠣᠳᠣᠬᠠᠨ ᠳᠡᠭᠦᠦ ᠶ᠋ᠢᠨ ᠬᠠᠲᠤᠨ ᠤ᠋ ᠬᠤᠪᠢ ᠳ᠋ᠤ᠌ ᠭᠠᠯ ᠭᠣᠯᠣᠮᠲᠠ ᠶ᠋ᠢ ᠮᠢᠨᠢ ᠰᠠᠬᠢᠨ ᠰᠠᠭᠤᠭᠠᠷᠠᠢ ᠬᠡᠮᠡᠭᠰᠡᠨ ᠠᠪᠠᠢ᠃
ᠵᠥᠴᠢ ᠲᠤᠯᠤᠢ ᠶ᠋ᠢᠨ ᠭᠡᠷ ᠲᠦ᠍ ᠡᠨᠡ ᠮᠡᠲᠦ ᠵᠦᠢᠯ ᠢ᠋ ᠶᠠᠷᠢᠨ ᠤᠳᠠᠭᠠᠨ ᠰᠠᠭᠤᠵᠤ ᠪᠠᠢᠭᠠᠳ ᠭᠠᠷᠤᠭᠰᠠᠨ ᠪᠢᠯᠡ᠃《ᠲᠡᠭᠦᠨ ᠦ᠌ ᠭᠡᠨᠡᠳᠲᠡ ᠣᠷᠣᠵᠤ ᠢᠷᠡᠭᠰᠡᠨ ᠬᠢᠭᠡᠳ ᠠᠬᠢᠨ ᠠᠭᠤᠯᠵᠠᠬᠤ ᠦᠭᠡᠢ ᠮᠡᠲᠦ ᠵᠠᠬᠢᠵᠤ ᠬᠡᠯᠡᠭᠰᠡᠨ ᠦᠭᠡᠰ ᠨᠢ ᠡᠬᠡ ᠨᠤᠲᠤᠭ ᠲᠠᠭᠠᠨ ᠡᠷᠭᠢᠨ ᠬᠥᠯ ᠲᠠᠯᠪᠢᠬᠤ ᠦᠭᠡᠢ ᠶ᠋ᠢ ᠮᠡᠳᠡᠭᠰᠡᠨ ᠬᠥᠮᠦᠨ ᠦ᠌ ᠦᠭᠡ ᠪᠠᠢᠵᠠᠢ》 ᠭᠡᠵᠦ ᠰᠤᠷᠬᠠᠭᠲᠠᠨᠢ ᠪᠣᠳᠣᠵᠤ ᠰᠠᠭᠤᠯ᠎ᠠ᠃ ᠭᠠᠰᠢᠭᠤᠳᠠᠯᠲᠤ ᠡᠳᠦᠷ ᠦ᠋ᠳ ᠭᠠᠭᠴᠠ ᠨᠢᠭᠡ ᠪᠡᠷ ᠠᠯᠤᠰᠷᠠᠨ ᠤᠲᠤᠭᠰᠠᠭᠠᠷ ᠠᠮᠤᠷ ᠲᠠᠢᠪᠤᠩ ᠪᠠᠢᠬᠤ ᠴᠠᠭ ᠦᠭᠡᠢ ᠮᠣᠩᠭᠣᠯ ᠤ᠋ᠨ ᠲᠠᠯ᠎ᠠ ᠨᠤᠲᠤᠭ ᠲᠤ ᠠᠬᠢᠭᠠᠳ ᠬᠡᠵᠢᠶ᠎ᠡ ᠠᠶᠠᠨ ᠲᠡᠢᠨ ᠦ᠌ ᠬᠠᠷᠠᠩᠭ᠎ᠠ ᠳᠡᠯᠡᠳᠬᠦ ᠶ᠋ᠢ ᠬᠡᠨ ᠴᠦ᠍ ᠤᠷᠢᠳ ᠠ᠋ᠴᠠ ᠲᠠᠭᠠᠪᠤᠷᠢᠯᠠᠨ ᠮᠡᠳᠡᠬᠦ ᠠᠷᠭ᠎ᠠ ᠦᠭᠡᠢ ᠮᠡᠲᠦ᠃ ᠬᠠᠭᠠᠨ ᠡᠵᠡᠨ ᠥᠪᠡᠷ ᠢ᠋ᠶ᠋ᠡᠨ ᠢᠲᠡᠭᠡᠯ ᠡᠪᠳᠡᠭᠰᠡᠨ ᠬᠥᠮᠦᠰ ᠢ᠋ ᠯᠡ ᠳᠠᠢᠯᠠᠷ᠎ᠠ ᠮᠣᠷᠳᠠᠳᠠᠭ ᠪᠠᠢᠭᠰᠠᠨ ᠲᠤᠯᠠ ᠡᠩᠬᠡ ᠲᠤᠩᠬ᠎ᠠ ᠠᠮᠢᠳᠤᠷᠠᠯ ᠢᠲᠡᠭᠡᠯ ᠳᠡᠭᠡᠷ᠎ᠡ ᠣᠷᠣᠰᠢᠨ ᠪᠠᠢᠭᠰᠠᠨ ᠴᠠᠭ ᠪᠢᠯᠡ᠃
— ᠨᠢᠭᠡᠨ ᠴᠠᠭ ᠲᠤ ᠨᠠᠮᠠᠶ᠋ᠢ ᠬᠦᠴᠦ ᠬᠦᠷᠬᠦ ᠦᠭᠡᠢ ᠶᠦᠮ ᠪᠣᠯ ᠬᠠᠭᠠᠨ ᠪᠠᠢᠵᠤ ᠶᠠᠭᠠᠬᠢᠬᠤ ᠶᠤᠮ ᠪᠣᠢ ᠭᠡᠵᠦ ᠠᠮᠠ ᠠᠰᠠᠭᠤᠵᠤ ᠪᠠᠢᠭᠰᠠᠨ ᠲᠠᠩᠭᠤᠳ ᠤ᠋ᠨ ᠬᠠᠭᠠᠨ ᠢ᠋ ᠥᠷᠥᠰᠢᠶᠡᠨ ᠲᠠᠢᠪᠤᠩ ᠰᠠᠭᠤᠬᠤ ᠬᠦᠰᠡᠯ ᠠᠯᠠᠭ᠎ᠠ ᠲᠤᠯᠠ ᠶᠡᠬᠡ ᠴᠡᠷᠢᠭ ᠢ᠋ᠶ᠋ᠡᠨ ᠮᠣᠷᠳᠠᠭᠤᠯᠵᠤ ᠲᠡᠢᠨ ᠦ᠌ ᠬᠡᠩᠭᠡᠷᠭᠡ ᠪᠡᠨ ᠳᠡᠯᠡᠳᠴᠦ ᠪᠠᠢᠨ᠎ᠠ ᠭᠡᠰᠡᠨ ᠬᠠᠭᠠᠨ ᠤ᠋ ᠰᠦᠷᠯᠢᠭ ᠳᠠᠭᠤ ᠶᠡᠬᠡ ᠴᠡᠷᠢᠭ ᠦ᠋ᠨ ᠡᠮᠦᠨ᠎ᠡ ᠰᠣᠨᠣᠰᠤᠭᠳᠠᠭᠰᠠᠨ ᠲᠡᠷᠡ ᠡᠳᠦᠷ ᠶᠡᠬᠡ ᠠᠭᠤᠷᠠᠭ ᠣᠷᠳᠣᠨ ᠳᠠᠬᠢᠨ ᠡᠯᠦᠢ ᠬᠤᠯᠤᠢ ᠪᠣᠯᠬᠤ ᠶ᠋ᠢ ᠰᠠᠨᠠᠭᠤᠯᠤᠭᠰᠠᠨ ᠬᠡᠷᠡᠭ ᠪᠠᠢᠯ᠎ᠠ᠃
— ᠡᠵᠢ ᠠ᠋᠂ ᠬᠠᠭᠠᠨ ᠡᠪᠦᠭᠡ ᠬᠡᠵᠢᠶ᠎ᠡ ᠡᠷᠭᠢᠨ ᠢᠷᠡᠬᠦ ᠪᠣᠢ ᠭᠡᠬᠦ ᠬᠦᠦ ᠶ᠋ᠢᠨ ᠢ᠋ᠶ᠋ᠡᠨ ᠦᠭᠡᠨ ᠳ᠋ᠦ᠍ ᠬᠠᠷᠢᠭᠤ ᠡᠰᠡ ᠬᠡᠯᠡᠵᠦ ᠴᠢᠳᠠᠬᠤ ᠰᠤᠷᠬᠠᠭᠲᠠᠨᠢ᠄
— ᠮᠡᠳᠡᠬᠦ ᠦᠭᠡᠢ ᠶᠦᠮ ᠳᠡ᠃ ᠲᠤᠩ ᠤᠳᠠᠬᠤ ᠦᠭᠡᠢ ᠢᠷᠡᠨ᠎ᠡ ᠭᠡᠵᠦ ᠬᠦᠯᠢᠶᠡᠬᠦ ᠡᠴᠡ ᠥᠭᠡᠷ᠎ᠡ ᠬᠡᠯᠡᠬᠦ ᠦᠭᠡ ᠶᠠᠭᠤ ᠪᠢᠯᠡ ᠬᠡᠮᠡᠭᠡᠳ ᠰᠠᠨᠠᠭ᠎ᠠ ᠠᠯᠳᠠᠪᠠ᠃ ᠬᠠᠭᠠᠨ ᠡᠵᠡᠨ ᠢ᠋ ᠲᠡᠢᠨ ᠳ᠋ᠦ᠍ ᠶᠠᠪᠤᠬᠤ ᠶ᠋ᠢᠨ ᠡᠮᠦᠨ᠎ᠡ ᠡᠴᠢᠭᠡ ᠶ᠋ᠢᠨ ᠵᠠᠷᠯᠢᠭ ᠢ᠋ᠶ᠋ᠠᠷ ᠲᠤᠯᠤᠢ ᠡᠵᠡᠨ ᠲᠠᠩᠭᠤᠳ ᠤ᠋ᠨ ᠵᠦᠭ ᠥᠪᠡᠷ ᠦ᠋ᠨ ᠴᠡᠷᠢᠭ ᠢ᠋ᠶ᠋ᠡᠨ ᠠᠪᠤᠨ ᠲᠦᠷᠦᠭᠦᠯᠡᠵᠦ ᠶᠠᠪᠤᠭᠰᠠᠨ ᠪᠣᠯᠬᠣᠷ ᠰᠣᠷᠬᠠᠭᠲᠠᠨᠢ ᠡᠨᠡ ᠤᠳᠠᠭ᠎ᠠ ᠳ᠋ᠤ᠌ ᠶᠡᠬᠡ ᠬᠠᠭᠠᠨ ᠡᠵᠡᠨ ᠢ᠋ ᠭᠠᠷᠭᠠᠨ ᠥᠭᠴᠦ ᠪᠠᠢᠭ᠎ᠠ ᠨᠢ ᠡᠨᠡ᠃ ᠬᠠᠭᠠᠨ ᠲᠠᠩᠭᠤᠳ ᠢ᠋ ᠮᠣᠷᠳᠠᠬᠤ ᠶ᠋ᠢᠨ ᠡᠮᠦᠨᠡᠬᠢ ᠡᠳᠦᠷ ᠰᠤᠷᠬᠠᠭᠲᠠᠨᠢ ᠶ᠋ᠢ ᠬᠡᠦᠬᠡᠳ ᠦ᠋ᠳ ᠲᠡᠢ ᠨᠢ ᠳᠠᠭᠤᠳᠠᠭᠤᠯᠤᠭᠰᠠᠨ ᠪᠠᠢᠯ᠎ᠠ᠃ ᠲᠡᠷᠡ ᠥᠪᠡᠷ ᠦ᠋ᠨ ᠠᠴᠢ ᠨᠠᠷ ᠢ᠋ ᠨᠣᠮ ᠡᠷᠳᠡᠮ ᠳ᠋ᠦ᠍ ᠰᠢᠮᠳᠠᠨ ᠪᠣᠢ ᠶ᠋ᠢ ᠢᠯᠡᠳᠲᠡ ᠰᠠᠢᠰᠢᠶᠠᠭᠠᠳ᠄
— ᠮᠣᠷᠢᠨ ᠠ᠋ᠴᠠ ᠪᠠᠨ ᠪᠠᠭᠤᠵᠤ ᠠᠮᠤᠭᠤᠯᠠᠩ ᠰᠠᠭᠤᠵᠤ ᠠᠮᠵᠢᠭ᠎ᠠ ᠦᠭᠡᠢ ᠡᠪᠦᠭᠡ ᠡᠴᠢᠭᠡ ᠨᠢ ᠤᠬᠠᠭᠠᠨᠲᠤ ᠪᠡᠷᠢ ᠶ᠋ᠢᠨ ᠠᠴᠢ ᠪᠠᠷ ᠠᠴᠢ ᠬᠥᠪᠡᠭᠦᠳ ᠢ᠋ᠶ᠋ᠡᠨ ᠡᠷᠳᠡᠮ ᠨᠣᠮ ᠳ᠋ᠤ᠌ ᠰᠢᠮᠳᠠᠨ ᠪᠣᠢ ᠶ᠋ᠢ ᠬᠠᠷᠠᠭᠠᠳ ᠶᠡᠬᠡᠳᠡ ᠪᠡᠶᠡᠰᠦᠨ ᠪᠠᠢᠨ᠎ᠠ ᠭᠡᠮᠡᠨ ᠪᠤᠭᠤᠷᠤᠯ ᠲᠡᠷᠢᠭᠦᠨ ᠢ᠋ᠶ᠋ᠡᠨ ᠡᠷᠭᠦᠨ ᠪᠠᠶᠠᠷᠲᠠᠢ ᠪᠠᠷ ᠬᠡᠯᠡᠪᠡ᠃ ᠲᠡᠷᠡ ᠨᠠᠰᠤ ᠳᠡᠭᠡᠷ᠎ᠡ ᠭᠠᠷᠤᠭᠰᠠᠨ ᠴᠤ ᠰᠦᠷᠯᠢᠭ ᠬᠡᠪ ᠢ᠋ᠶ᠋ᠡᠷ᠃
— ᠮᠣᠷᠢᠨ ᠠ᠋ᠴᠠ ᠪᠠᠨ ᠪᠠᠭᠤᠯ ᠦᠭᠡᠢ ᠤᠯᠤᠰ ᠢ᠋ ᠡᠵᠡᠯᠡᠬᠦ ᠭᠡᠳᠡᠭ ᠨᠢ ᠮᠣᠩᠭᠣᠯᠴᠤᠳ ᠪᠢᠳᠡᠨ ᠦ᠌ ᠨᠡᠭᠦᠳᠡᠯᠴᠢᠨ ᠵᠠᠩ ᠤ᠋ᠨ ᠬᠢ ᠪᠢᠵᠡ᠃ ᠮᠣᠷᠢᠨ ᠠ᠋ᠴᠠ ᠪᠠᠭᠤᠭᠠᠳ ᠤᠯᠤᠰ ᠢ᠋ ᠵᠠᠰᠠᠬᠤ ᠭᠡᠳᠡᠭ ᠨᠢ ᠡᠷᠳᠡᠮ ᠲᠡᠢ ᠤᠯᠤᠰ ᠤ᠋ᠨ ᠬᠡᠷᠡᠭ ᠪᠢᠵᠡ᠃ ᠬᠠᠷᠢᠨ ᠮᠢᠨᠦ ᠠᠴᠢ ᠦᠷᠡᠰ ᠮᠢᠨᠢ ᠡᠨᠡ ᠮᠡᠲᠦ ᠡᠷᠳᠡᠮ ᠤᠬᠠᠭᠠᠨ ᠳ᠋ᠤ᠌ ᠰᠢᠮᠳᠠᠨ ᠤᠯᠤᠰ ᠢ᠋ ᠵᠠᠰᠠᠬᠤ ᠶᠡᠬᠡ ᠤᠬᠠᠭᠠᠨ ᠢ᠋ ᠰᠤᠷᠤᠯᠴᠠᠨ ᠡᠪᠦᠭᠡᠳ ᠦ᠋ᠨ ᠬᠤᠷᠢᠶᠠᠭᠰᠠᠨ ᠤᠯᠤᠰ ᠢ᠋ ᠥᠪᠡᠷ ᠦ᠋ᠨ ᠭᠠᠷ ᠢ᠋ᠶ᠋ᠠᠷ ᠵᠠᠰᠠᠬᠤ ᠴᠠᠭ ᠢᠷᠡᠨ᠎ᠡ ᠭᠡᠵᠦ ᠢᠲᠡᠭᠡᠵᠦ ᠰᠠᠭᠤᠨ᠎ᠠ᠃ ᠥᠬᠢᠨ ᠮᠢᠨᠢ᠃ ᠣᠳᠣ ᠴᠢ ᠮᠢᠨᠦ ᠥᠬᠢᠨ ᠡᠴᠡ ᠥᠭᠡᠷ᠎ᠡ ᠴᠤ᠌ ᠦᠭᠡᠢ ᠪᠣᠯᠵᠠᠢ᠃ ᠪᠢ ᠲᠤᠯᠤᠢ ᠲᠠ ᠬᠣᠶᠠᠷ ᠲᠤ ᠤᠨᠤᠨ ᠬᠡᠷᠦᠯᠦᠨ ᠦ᠌ ᠰᠠᠪᠠ ᠭᠠᠵᠠᠷ᠂ ᠥᠰᠴᠦ ᠲᠥᠷᠥᠭᠰᠡᠨ ᠨᠤᠲᠤᠭ ᠢ᠋ᠶ᠋ᠠᠨ ᠦᠯᠡᠳᠡᠭᠡᠭᠰᠡᠨ ᠪᠣᠯᠬᠣᠷ ᠰᠠᠨᠠᠭ᠎ᠠ ᠠᠮᠤᠷ ᠰᠠᠭᠤᠵᠤ ᠪᠣᠯᠬᠤ ᠪᠣᠯᠤᠯ᠎ᠠ᠃ ᠲᠩᠷᠢ ᠪᠣᠯᠤᠭᠰᠠᠨ ᠡᠵᠢ ᠠᠪᠤ ᠲᠠᠢ ᠴᠢᠨᠢ ᠠᠭᠤᠯᠵᠠᠭᠠᠳ ᠬᠡᠯᠡᠬᠦ ᠦᠭᠡ ᠲᠡᠢ ᠪᠣᠯᠵᠤ ᠪᠣᠢ ᠬᠡᠷᠡᠭ᠃ ᠲᠠᠯ᠎ᠠ ᠨᠤᠲᠤᠭ ᠤ᠋ᠨ ᠡᠯᠢᠭᠡᠨ ᠳᠡᠭᠡᠷ᠎ᠡ ᠤᠷᠭᠤᠭᠰᠠᠨ ᠴᠢᠯᠠᠭᠤ ᠴᠤ ᠪᠠᠢ ᠨᠢᠭᠡᠨ ᠴᠠᠭ ᠲᠤ ᠪᠤᠲᠠᠷᠠᠨ ᠤᠨᠠᠳᠠᠭ ᠵᠢᠮ᠎ᠡ ᠲᠡᠢ ᠪᠢᠯᠡ᠃ ᠡᠨᠡ ᠦᠭᠡ ᠶ᠋ᠢ ᠪᠢ ᠴᠢᠮ᠎ᠠ ᠳ᠋ᠤ᠌ ᠬᠡᠯᠡᠵᠦ ᠪᠠᠢᠭᠰᠠᠨ ᠢ᠋ᠶ᠋ᠠᠨ ᠰᠠᠨᠠᠵᠤ ᠪᠠᠢᠨ᠎ᠠ ᠭᠡᠳ ᠶᠠᠷᠢᠶ᠎ᠠ ᠪᠠᠨ ᠦᠷᠭᠦᠯᠵᠢᠯᠡᠭᠦᠯᠬᠦ ᠭᠡᠲᠡᠯ᠎ᠡ ᠰᠤᠷᠬᠠᠭᠲᠠᠨᠢ᠄
— ᠲᠡᠷᠡ ᠦᠶ᠎ᠡ ᠳ᠋ᠦ᠍ ᠲᠠ ᠥᠪᠡᠷ ᠲᠡᠭᠡᠨ ᠴᠤ ᠪᠠᠰᠠ ᠡᠨᠡ ᠦᠭᠡ ᠶ᠋ᠢ ᠬᠡᠯᠡᠵᠦ ᠪᠠᠢᠭᠰᠠᠨ ᠭᠡᠵᠦ ᠪᠢ ᠪᠣᠳᠣᠨ᠎ᠠ ᠬᠡᠮᠡᠯ᠎ᠡ᠃ ᠬᠠᠭᠠᠨ ᠡᠵᠡᠨ᠄
— ᠮᠢᠨᠦ ᠪᠣᠳᠣᠯ ᠢ᠋ ᠴᠢ ᠮᠡᠳᠡᠵᠡᠢ᠃ ᠨᠡᠭᠡᠷᠡᠨ ᠯᠡ ᠡᠨᠡ ᠣᠯᠠᠨ ᠵᠢᠯ ᠳ᠋ᠦ᠍ ᠡᠪᠯᠡᠭᠰᠡᠨ ᠪᠡᠶ᠎ᠡ ᠳ᠋ᠦ᠍ ᠴᠢᠨᠢ ᠬᠦᠦ ᠮᠢᠨᠢ ᠪᠠᠭᠲᠠᠵᠤ᠂ ᠢᠪᠢᠯᠦᠭᠰᠡᠨ ᠬᠥᠬᠥᠨ ᠳ᠋ᠦ᠍ ᠴᠢᠨᠢ ᠠᠴᠢ ᠨᠠᠷ ᠮᠢᠨᠢ ᠴᠠᠳᠴᠤ᠂ ᠴᠢ ᠮᠢᠨᠦ ᠰᠡᠳᠬᠢᠯ ᠳᠣᠲᠣᠷ᠎ᠠ ᠪᠦᠷᠢᠨ᠎ᠡ ᠪᠠᠭᠲᠠᠵᠠᠢ᠃ ᠰᠤᠷᠬᠠᠭᠲᠠᠨᠢ ᠬᠠᠭᠠᠨ ᠡᠵᠡᠨ ᠦ᠌ ᠵᠦᠭ ᠬᠦᠨᠳᠦᠳᠬᠡᠯ ᠲᠡᠢ ᠪᠡᠷ ᠬᠠᠷᠠᠵᠤ ᠰᠠᠭᠤᠯ᠎ᠠ᠃
— ᠲᠩᠷᠢ ᠶ᠋ᠢᠨ ᠳᠣᠣᠷ᠎ᠠ ᠭᠠᠵᠠᠷ ᠤ᠋ᠨ ᠳᠡᠭᠡᠷ᠎ᠡ ᠪᠢ ᠬᠠᠭᠠᠨ ᠡᠵᠡᠨ ᠢ᠋ ᠪᠣᠯᠤᠨ ᠲᠠᠨ ᠤ᠋ ᠡᠬᠡ ᠥᠭᠡᠯᠦᠨ ᠦ᠌ ᠠᠴᠢ ᠪᠠᠷ ᠠᠮᠢᠳᠤᠷᠠᠯ ᠤ᠋ᠨ ᠦᠨᠡᠨ ᠢ᠋ ᠲᠠᠨᠢᠭᠰᠠᠨ ᠪᠢᠯᠡ᠃ ᠲᠠᠯ᠎ᠠ ᠨᠤᠲᠤᠭ ᠤ᠋ᠨ ᠬᠥᠮᠦᠨ ᠦ᠌ ᠰᠡᠳᠬᠢᠯ ᠢ᠋ ᠠᠯᠠᠭᠠᠨ ᠳᠡᠭᠡᠷ᠎ᠡ ᠪᠡᠨ ᠲᠠᠯᠪᠢᠭᠰᠠᠨ ᠮᠡᠲᠦ ᠬᠠᠷᠠᠵᠤ ᠰᠤᠷᠤᠭᠰᠠᠨ᠃ ᠲᠠᠨ ᠤ᠋ ᠰᠡᠳᠬᠢᠯ ᠢ᠋ ᠪᠢ ᠡᠨᠡ ᠤᠳᠠᠭ᠎ᠠ ᠳ᠋ᠤ᠌ ᠮᠥᠨ ᠬᠠᠷᠠᠵᠤ ᠪᠠᠢᠨ᠎ᠠ ᠭᠡᠬᠦ ᠳ᠋ᠦ᠍ ᠬᠠᠭᠠᠨ ᠰᠤᠷᠬᠠᠭᠲᠠᠨᠢ ᠶ᠋ᠢ ᠬᠠᠷᠠᠵᠤ ᠰᠠᠭᠤᠭᠰᠠᠨ ᠢ᠋ᠶ᠋ᠠᠨ《ᠡᠬᠡ ᠮᠢᠨᠢ ᠡᠨᠡ ᠦᠭᠡ ᠶ᠋ᠢ ᠨᠠᠳᠠ ᠳ᠋ᠤ᠌ ᠵᠣᠪᠠᠵᠤ ᠶᠠᠪᠤᠬᠤ ᠴᠠᠭ ᠲᠤ ᠮᠢᠨᠢ ᠨᠢᠭᠡ ᠤᠳᠠᠭ᠎ᠠ ᠬᠡᠯᠡᠵᠦ ᠪᠢᠯᠡ᠂ ᠪᠠᠷᠤᠭ ᠲᠠᠢ ᠬᠥᠮᠦᠨ ᠳ᠋ᠦ᠍ ᠬᠡᠯᠡᠳᠡᠭ ᠦᠭᠡᠢ ᠰᠡᠳᠬᠢᠯ ᠳᠣᠲᠣᠷᠠᠬᠢ ᠦᠭᠡ ᠶ᠋ᠢ ᠰᠤᠷᠬᠠᠭᠲᠠᠨᠢ ᠳ᠋ᠤ᠌ ᠬᠡᠯᠡᠵᠡᠢ᠃ ᠥᠭᠡᠯᠦᠨ ᠡᠬᠡ ᠮᠢᠨᠢ ᠪᠡᠷᠢ ᠳ᠋ᠦ᠍ ᠳᠣᠲᠣᠨᠣ ᠬᠠᠨᠳᠤᠳᠠᠭ ᠪᠠᠢᠭᠰᠠᠨ ᠨᠢ ᠤᠴᠢᠷ ᠲᠠᠢ ᠪᠢᠵᠡ》 ᠭᠡᠵᠦ ᠪᠣᠳᠣᠨ᠂
— ᠡᠬᠡ ᠶ᠋ᠢᠨ ᠮᠢᠨᠢ ᠬᠡᠯᠡᠳᠡᠭ ᠦᠭᠡ ᠶ᠋ᠢ ᠴᠢ ᠬᠡᠯᠡᠯ᠎ᠡ᠃ ᠡᠵᠢ ᠮᠢᠨᠢ ᠴᠢᠮ᠎ᠠ ᠳ᠋ᠤ᠌ ᠬᠡᠵᠢᠶᠡᠨ ᠡᠴᠡ ᠰᠠᠢᠨ ᠪᠠᠢᠭᠰᠠᠨ ᠨᠢ ᠤᠴᠢᠷ ᠲᠠᠢ ᠪᠢᠵᠡ ᠭᠡᠪᠡ᠃
ᠠᠬᠢᠭᠠᠳ ᠯᠠ ᠠᠶᠠᠨ ᠲᠡᠢᠨ ᠦ᠌ ᠬᠦᠯᠢᠶᠡᠯᠲᠡ ᠦᠷᠭᠦᠯᠵᠢᠯᠡᠵᠦ᠂ ᠬᠡᠴᠢᠨᠡᠭᠡᠨ ᠴᠠᠭ ᠬᠤᠭᠤᠴᠠᠭᠠᠨ ᠤ᠋ ᠳᠠᠷᠠᠭ᠎ᠠ ᠠᠭᠤᠯᠵᠠᠬᠤ ᠶ᠋ᠢ ᠡᠰᠡ ᠮᠡᠳᠡᠬᠦ ᠳᠣᠲᠣᠨᠣ ᠬᠥᠮᠦᠰ ᠢ᠋ᠶ᠋ᠡᠨ ᠦᠳᠡᠵᠦ ᠮᠣᠷᠳᠠᠭᠤᠯᠤᠯ᠎ᠠ᠃ ᠳᠠᠭᠠᠪᠤᠷᠢ ᠴᠢᠮᠡᠭᠡ ᠬᠦᠯᠢᠶᠡᠯᠲᠡ ᠦᠷᠭᠦᠯᠵᠢᠯᠡᠭᠰᠡᠨ ᠡᠳᠦᠷ ᠬᠣᠨᠣᠭ ᠤ᠋ᠳ ᠢ᠋ ᠥᠩᠭᠡᠷᠡᠭᠡᠬᠦ ᠪᠣᠯᠬᠤ ᠨᠢ᠃ ᠬᠠᠭᠠᠨ ᠤ᠋ ᠶᠡᠬᠡ ᠴᠡᠷᠢᠭ ᠲᠡᠷᠲᠡᠭᠡ ᠠᠭᠤᠯᠠ ᠶ᠋ᠢᠨ ᠡᠩᠭᠡᠷ ᠳᠠᠪᠠᠨ ᠲᠣᠭᠣᠰᠣ ᠨᠢ ᠬᠠᠷᠠᠭᠳᠠᠬᠤ ᠦᠭᠡᠢ ᠠᠯᠠᠭ᠎ᠠ ᠪᠣᠯᠬᠤ ᠬᠦᠷᠲᠡᠯ᠎ᠡ ᠰᠤᠷᠬᠠᠭᠲᠠᠨᠢ ᠬᠥᠪᠡᠭᠦᠳ ᠦ᠋ᠨ ᠢ᠋ᠶ᠋ᠡᠨ ᠬᠠᠮᠲᠤ ᠦᠳᠡᠵᠦ ᠵᠣᠭᠰᠣᠯ᠎ᠠ᠃
ᠮᠣᠩᠭᠣᠯ ᠤ᠋ᠨ ᠲᠠᠯ᠎ᠠ ᠳ᠋ᠤ᠌ ᠬᠦᠯᠢᠶᠡᠯᠲᠡ ᠪᠡᠷ ᠦᠷᠭᠦᠯᠵᠢᠯᠡᠬᠦ ᠡᠳᠦᠷ ᠬᠣᠨᠣᠭ ᠤ᠋ᠳ ᠤᠷᠤᠰᠤᠨ᠎ᠠ᠃ ᠤᠷᠢᠳᠤ ᠨᠢᠭᠡᠨ ᠴᠠᠭ ᠲᠤ ᠥᠭᠡᠯᠦᠨ ᠡᠬᠡ ᠶ᠋ᠢᠨ ᠠᠴᠢ ᠪᠠᠷ ᠪᠣᠰᠤᠭᠰᠠᠨ ᠨᠣᠮ ᠤ᠋ᠨ ᠦᠷᠭᠦᠭᠡᠨ ᠳ᠋ᠦ᠍ ᠰᠤᠷᠬᠠᠭᠲᠠᠨᠢ ᠭᠠᠭᠴᠠᠭᠠᠷ ᠢ᠋ᠶ᠋ᠠᠨ ᠨᠣᠮ ᠱᠠᠭᠠᠢᠨ ᠰᠠᠭᠤᠳᠠᠭ ᠪᠠᠢᠭᠰᠠᠨ ᠪᠣᠯ ᠣᠳᠣ ᠬᠥᠪᠡᠭᠦᠳ ᠦ᠋ᠨ ᠢ᠋ᠶ᠋ᠡᠨ ᠬᠠᠮᠲᠤ ᠨᠣᠮ ᠡᠷᠳᠡᠮ ᠳ᠋ᠦ᠍ ᠰᠢᠮᠳᠠᠨ ᠰᠠᠭᠤᠬᠤ ᠪᠣᠯᠵᠠᠢ᠃ ᠢᠩᠭᠢᠵᠦ ᠨᠢᠭᠡᠨ ᠳᠣᠣᠷ᠎ᠠ ᠡᠬᠡ᠂ ᠬᠥᠪᠡᠭᠦᠳ ᠨᠣᠮ ᠦᠵᠡᠨ ᠰᠠᠭᠤᠬᠤ ᠳ᠋ᠤ᠌ ᠡᠨᠡ ᠥᠷᠭᠥᠭᠡ ᠳᠡᠩᠳᠡᠭᠦᠦ ᠵᠢᠵᠢᠭ ᠮᠡᠲᠦ ᠰᠠᠨᠠᠭᠳᠠᠨ᠎ᠠ᠃ ᠲᠦᠳᠡ ᠤᠳᠠᠯ ᠦᠭᠡᠢ ᠤᠢᠭᠤᠷ ᠠ᠋ᠴᠠ ᠲᠣᠯᠣᠴᠣ ᠬᠡᠮᠡᠬᠦ ᠪᠠᠭᠰᠢ ᠶ᠋ᠢ ᠵᠠᠯᠠᠨ ᠠᠪᠴᠤ ᠢᠷᠡᠵᠦ ᠬᠥᠪᠡᠭᠦᠳ ᠲᠡᠭᠡᠨ ᠴᠢᠩᠭᠢᠰ ᠬᠠᠭᠠᠨ ᠤ᠋ ᠵᠠᠷᠯᠢᠭ ᠢ᠋ᠶ᠋ᠠᠷ ᠰᠠᠶᠢᠬᠠᠨ ᠵᠣᠬᠢᠶᠠᠭᠳᠠᠭᠰᠠᠨ ᠪᠣᠰᠤᠭ᠎ᠠ ᠪᠢᠴᠢᠭ ᠢ᠋ ᠵᠢᠭᠠᠯᠭᠠᠯᠠ᠃
ᠡᠨᠡ ᠪᠢᠴᠢᠭ ᠢ᠋ᠶ᠋ᠡᠷ ᠢᠷᠡᠭᠡᠳᠦᠢ ᠶ᠋ᠢᠨ ᠪᠦᠬᠦ ᠰᠤᠳᠤᠷ ᠨᠣᠮ ᠪᠢᠴᠢᠭᠳᠡᠬᠦ ᠲᠤᠯᠠ ᠨᠡᠩ ᠲᠡᠷᠢᠭᠦᠨ ᠬᠢᠬᠦ ᠠᠵᠢᠯ ᠨᠢ ᠪᠠᠢᠭᠰᠠᠨ ᠪᠤᠶᠤ᠃ ᠬᠠᠷᠢᠨ ᠬᠠᠭᠠᠨ ᠤ᠋ ᠳᠣᠲᠣᠨᠣ ᠶ᠋ᠢᠨ ᠬᠥᠮᠦᠨ ᠪᠢᠴᠢᠭ ᠦ᠋ᠨ ᠶᠡᠬᠡ ᠪᠠᠭᠰᠢ ᠶᠸᠯᠢᠦᠢ ᠴᠦᠼᠡᠢ ᠶ᠋ᠢ ᠶᠡᠬᠡ ᠠᠭᠤᠷᠠᠭ ᠲᠤ ᠰᠠᠭᠠᠲᠠᠬᠤ ᠦᠶ᠎ᠡ ᠪᠡᠷ ᠰᠤᠷᠬᠠᠭᠲᠠᠨᠢ ᠬᠥᠪᠡᠭᠦᠳ ᠦ᠋ᠨ ᠢ᠋ᠶ᠋ᠡᠨ ᠬᠠᠮᠲᠤ ᠪᠠᠷ ᠺᠦᠩᠽᠢ ᠪᠣᠮᠪᠣ ᠶ᠋ᠢᠨ ᠰᠤᠷᠲᠠᠯ ᠢ᠋ ᠶᠡᠬᠡᠳᠡ ᠠᠩᠬᠠᠷᠤᠨ ᠰᠣᠨᠣᠰᠳᠠᠭ ᠪᠠᠢᠭᠰᠠᠨ ᠨᠢ ᠬᠣᠷᠸ᠎ᠠ ᠶ᠋ᠢᠨ ᠶᠠᠪᠤᠳᠠᠯ ᠢ᠋ ᠡᠴᠦᠰ ᠲᠡᠭᠦᠰᠬᠡᠯ ᠦᠭᠡᠢ ᠦᠷᠭᠦᠯᠵᠢᠯᠡᠬᠦ ᠨᠢᠭᠡᠨ ᠴᠤᠯᠤ ᠭᠡᠮᠡᠨ ᠣᠢᠯᠠᠭᠠᠬᠤ᠂ ᠬᠥᠮᠦᠨ ᠦ᠌ ᠠᠮᠢᠳᠤᠷᠠᠯ᠂ ᠬᠣᠢᠲᠤ ᠤᠷᠢᠳᠤ ᠲᠥᠷᠥᠯ᠂ ᠬᠢᠭᠰᠡᠨ ᠦᠢᠯᠡ ᠶ᠋ᠢᠨ ᠦᠷ᠎ᠡ ᠦᠨᠳᠦᠰᠦ ᠭᠡᠵᠦ ᠶᠠᠭᠤ ᠪᠣᠯᠬᠤ ᠲᠠᠯ᠎ᠠ ᠪᠠᠷ ᠭᠦᠨᠵᠡᠭᠡᠢ ᠮᠡᠳᠡᠯᠭᠡ ᠶ᠋ᠢ ᠣᠯᠵᠤ ᠠᠪᠤᠭᠰᠠᠨ ᠪᠠᠢᠪᠠ᠃ ᠡᠬᠡ ᠶ᠋ᠢ ᠪᠡᠨ ᠳᠠᠭᠠᠨ ᠪᠠᠭ᠎ᠠ ᠠ᠋ᠴᠠ ᠨᠣᠮ ᠡᠷᠳᠡᠮ ᠳ᠋ᠦ᠍ ᠰᠢᠮᠳᠠᠨ ᠰᠠᠭᠤᠭᠰᠠᠨ ᠬᠥᠪᠡᠭᠦᠳ ᠡᠴᠡ ᠨᠢ ᠲᠣᠮᠣ ᠬᠦᠦ ᠮᠥᠩᠬᠡ ᠬᠥᠮᠦᠨ ᠦ᠌ ᠶᠠᠪᠤᠳᠠᠯ ᠲᠠᠢ ᠰᠠᠯᠤᠰᠢ ᠦᠭᠡᠢ ᠬᠣᠯᠪᠣᠭ᠎ᠠ ᠲᠠᠢ ᠲᠩᠷᠢ ᠡᠷᠬᠡᠰ ᠦ᠋ᠨ ᠠᠮᠢᠳᠤᠷᠠᠯ ᠢ᠋ ᠠᠩᠬᠠᠷᠤᠨ ᠰᠣᠨᠢᠷᠬᠠᠵᠤ᠂ ᠰᠥᠨᠢ ᠪᠦᠷᠢ ᠣᠳᠣᠳ ᠢ᠋ ᠠᠵᠢᠭᠯᠠᠨ ᠵᠣᠭᠰᠣᠳᠠᠭ ᠪᠣᠯᠤᠭᠠᠳ ᠪᠠᠢᠪᠠ᠃
ᠰᠤᠷᠬᠠᠭᠲᠠᠨᠢ ᠨᠢᠭᠡᠨ ᠰᠥᠨᠢ ᠣᠳᠣᠳ ᠢ᠋ ᠠᠵᠢᠭᠯᠠᠨ ᠵᠣᠭᠰᠣᠬᠤ ᠬᠦᠦ ᠶ᠋ᠢᠨ ᠢ᠋ᠶ᠋ᠡᠨ ᠳᠡᠷᠭᠡᠳᠡ ᠣᠴᠢᠭᠠᠳ᠄
— ᠬᠦᠦ ᠮᠢᠨᠢ ᠰᠥᠨᠢ ᠣᠷᠣᠢ ᠪᠣᠯᠵᠤ ᠣᠳᠣᠳ ᠤ᠋ᠨ ᠶᠠᠪᠤᠳᠠᠯ ᠢ᠋ ᠲᠦᠷ ᠬᠣᠢᠰᠢ ᠣᠷᠬᠢᠵᠤ᠂ ᠦᠷᠭᠦᠭᠡᠨ ᠳ᠋ᠡᠭᠡᠨ ᠠᠮᠠᠷᠠᠬᠤ ᠪᠣᠯᠵᠠᠢ ᠭᠡᠵᠦ ᠰᠠᠨᠠᠭᠤᠯᠲᠠᠯᠠ᠂ ᠮᠥᠩᠬᠡ᠄
— ᠡᠵᠢ ᠠ᠋᠂ ᠲᠩᠷᠢ ᠶᠠᠷᠢᠳᠠᠭ ᠤᠤ ᠭᠡᠵᠦ ᠠᠰᠠᠭᠤᠯ᠎ᠠ᠃ ᠡᠨᠡ ᠬᠠᠴᠢᠨ ᠠᠰᠠᠭᠤᠯᠲᠠ ᠳ᠋ᠤ᠌ ᠭᠠᠢᠬᠠᠭᠰᠠᠨ ᠰᠤᠷᠬᠠᠭᠲᠠᠨᠢ᠄
— ᠶᠠᠭᠠᠬᠢᠭᠠᠳ ᠲᠩᠷᠢ ᠶ᠋ᠢ ᠶᠠᠷᠢᠳᠠᠭ ᠭᠡᠵᠦ ᠪᠣᠳᠣᠪᠠ ᠭᠡᠬᠦ ᠳ᠋ᠦ᠍᠄
— ᠬᠠᠭᠠᠨ ᠡᠪᠦᠭᠡ ᠬᠣᠷᠧᠽᠮ ᠢ᠋ ᠳᠠᠢᠳᠤᠬᠤ ᠪᠠᠷ ᠶᠠᠪᠤᠬᠤ ᠶ᠋ᠢᠨ ᠡᠮᠦᠨ᠎ᠡ ᠪᠤᠷᠬᠠᠨ ᠬᠠᠯᠳᠤᠨ ᠳ᠋ᠤ᠌ ᠭᠠᠷᠴᠤ ᠭᠤᠷᠪᠠᠨ ᠡᠳᠦᠷ ᠭᠤᠷᠪᠠᠨ ᠰᠥᠨᠢ ᠲᠩᠷᠢ ᠲᠡᠢ ᠶᠠᠷᠢᠭᠰᠠᠨ ᠭᠡᠳᠡᠭ᠃ ᠲᠡᠭᠦᠨ ᠢ᠋ ᠰᠠᠨᠠᠭᠠᠳ ᠪᠢ ᠮᠥᠩᠬᠡ ᠲᠩᠷᠢ ᠲᠡᠢ ᠶᠠᠷᠢᠯᠴᠠᠬᠤ ᠶ᠋ᠢ ᠬᠦᠰᠡᠵᠦ ᠵᠣᠭᠰᠣᠭᠰᠠᠨ ᠶᠤᠮ᠃ ᠭᠡᠪᠡᠴᠦ ᠨᠠᠳᠠ ᠳ᠋ᠤ᠌ ᠲᠡᠭᠦᠨ ᠦ᠌ ᠳᠠᠭᠤ ᠰᠣᠨᠣᠰᠳᠠᠬᠤ ᠦᠭᠡᠢ ᠪᠠᠢᠨ᠎ᠠ ᠬᠡᠮᠡᠪᠡᠰᠦ ᠰᠤᠷᠬᠠᠭᠲᠠᠨᠢ ᠬᠦᠦ ᠶ᠋ᠢᠨ ᠢ᠋ᠶ᠋ᠡᠨ ᠲᠣᠯᠣᠭᠠᠢ ᠶ᠋ᠢ ᠢᠯᠢᠵᠦ᠄
— ᠬᠠᠭᠠᠨ ᠡᠪᠦᠭᠡ ᠴᠢᠨᠢ ᠮᠥᠩᠬᠡ ᠲᠩᠷᠢ ᠲᠡᠢ ᠲᠡᠢᠨ ᠶᠠᠷᠢᠯᠴᠠᠨ ᠪᠠᠢᠭᠰᠠᠨ ᠨᠢ ᠣᠶᠤᠨ ᠰᠠᠨᠠᠭᠠᠨ ᠤ᠋ ᠬᠢᠨᠢ ᠬᠤᠪᠢ ᠳ᠋ᠤ᠌ ᠶᠠᠷᠢᠵᠤ ᠪᠠᠢᠭᠰᠠᠨ ᠬᠡᠷᠡᠭ᠂ ᠡᠨᠡ ᠪᠣᠯ ᠬᠥᠮᠦᠨ ᠦ᠌ ᠬᠡᠯᠡ ᠪᠡᠷ ᠶᠠᠷᠢᠵᠤ ᠪᠠᠢᠭ᠎ᠠ ᠠ᠋ᠴᠠ ᠥᠭᠡᠷ᠎ᠡ ᠵᠦᠢᠯ ᠶᠦᠮ᠃ ᠴᠢ ᠪᠢᠳᠡ ᠬᠣᠶᠠᠷ ᠶᠠᠷᠢᠯᠴᠠᠵᠤ ᠪᠠᠢᠨ᠎ᠠ᠂ ᠵᠠᠷᠢᠮ ᠦᠶ᠎ᠡ ᠳ᠋ᠦ᠍ ᠦᠭᠡ ᠶᠠᠷᠢᠬᠤ ᠦᠭᠡᠢ ᠬᠢᠷᠢᠨ᠎ᠡ ᠪᠡᠶ᠎ᠡ ᠪᠡᠶ᠎ᠡ ᠪᠡᠨ ᠣᠢᠯᠠᠭᠠᠳᠠᠭ᠃ ᠠᠮᠢᠲᠠᠳ ᠬᠦᠷᠲᠡᠯ᠎ᠡ ᠥᠪᠡᠷ ᠦ᠋ᠨ ᠵᠦᠩ ᠰᠤᠪᠢᠨ ᠢ᠋ᠶ᠋ᠠᠷ ᠬᠣᠭᠣᠷᠣᠨᠳᠣ ᠪᠠᠨ ᠶᠠᠷᠢᠯᠴᠠᠵᠤ ᠪᠠᠢᠳᠠᠭ᠃ ᠲᠡᠢᠮᠦ ᠡᠴᠡ ᠲᠩᠷᠢ ᠲᠡᠢ ᠶᠠᠷᠢᠬᠤ ᠨᠢ ᠬᠥᠮᠦᠨ ᠦ᠌ ᠬᠡᠯᠡ ᠪᠡᠷ ᠶᠠᠷᠢᠬᠤ ᠠ᠋ᠴᠠ ᠥᠭᠡᠷ᠎ᠡ ᠵᠦᠢᠯ ᠶᠦᠮ᠃ ᠬᠠᠭᠠᠨ ᠡᠪᠦᠭᠡ ᠴᠢᠨᠢ ᠴᠦ᠍ ᠡᠨᠡ ᠨᠠᠮ ᠭᠦᠮ ᠳᠤᠮᠳᠠ ᠲᠩᠷᠢ ᠲᠡᠢ ᠶᠠᠷᠢᠯᠴᠠᠵᠤ ᠪᠠᠢᠭᠰᠠᠨ ᠬᠡᠷᠡᠭ ᠭᠡᠪᠡ᠃
— ᠲᠡᠭᠡᠪᠡᠯ ᠲᠠ ᠲᠩᠷᠢ ᠲᠡᠢ ᠶᠠᠷᠢᠳᠠᠭ ᠤᠤ? ᠭᠡᠮᠡᠨ ᠮᠥᠩᠬᠡ ᠠᠰᠠᠭᠤᠯ᠎ᠠ᠃
— ᠪᠢ ᠣᠷᠣᠢ ᠪᠣᠯᠭᠠᠨ ᠲᠩᠷᠢ ᠳ᠋ᠦ᠍ ᠪᠠᠢᠭ᠎ᠠ ᠠᠪᠤ ᠲᠠᠢ ᠪᠠᠨ ᠶᠠᠷᠢᠳᠠᠭ᠃ ᠮᠥᠩᠬᠡ ᠡᠬᠡ ᠶ᠋ᠢ ᠪᠡᠨ ᠭᠠᠢᠬᠠᠨ ᠬᠠᠷᠠᠬᠤ ᠵᠠᠭᠤᠷ᠎ᠠ ᠰᠤᠷᠬᠠᠭᠲᠠᠨᠢ ᠦᠷᠭᠦᠯᠵᠢᠯᠡᠭᠦᠯᠦᠨ᠂
— ᠲᠩᠷᠢ ᠳ᠋ᠦ᠍ ᠪᠠᠢᠭ᠎ᠠ ᠵᠠᠬ᠎ᠠ ᠬᠠᠮᠪᠤ ᠡᠪᠦᠭᠡ ᠲᠡᠢ ᠴᠢᠨᠢ ᠪᠢ ᠣᠷᠣᠢ ᠪᠦᠷᠢ ᠶᠠᠭ ᠢᠩᠭᠢᠵᠦ ᠵᠣᠭᠰᠣᠭᠠᠳ ᠶᠠᠷᠢᠳᠠᠭ ᠶᠤᠮ᠃ ᠮᠥᠩᠬᠡ ᠳᠡᠭᠡᠭᠰᠢ ᠲᠩᠷᠢ ᠥᠭᠡᠳᠡ ᠬᠠᠷᠠᠨ ᠵᠣᠭᠰᠣᠭᠠᠳ᠄
— ᠮᠥᠩᠬᠡ ᠬᠥᠬᠡ ᠲᠩᠷᠢ ᠭᠡᠳᠡᠭ ᠬᠢᠷᠢᠨ᠎ᠡ ᠰᠥᠨᠢ ᠪᠣᠯᠬᠤ ᠪᠠᠷ ᠣᠳᠣ ᠠ᠋ᠴᠠ ᠥᠭᠡᠷ᠎ᠡ ᠵᠦᠢᠯ ᠬᠠᠷᠠᠭᠳᠠᠬᠤ ᠦᠭᠡᠢ ᠶᠦᠮ ᠪᠢᠯᠡ᠃
— ᠦᠷ᠎ᠡ ᠮᠢᠨᠢ ᠳᠡ᠂ ᠣᠳᠣ ᠴᠤ ᠭᠡᠰᠡᠨ ᠥᠪᠡᠷ ᠥᠪᠡᠷ ᠦ᠋ᠨ ᠬᠤᠪᠢ ᠲᠠᠪᠢᠯᠠᠩ ᠲᠠᠢ ᠪᠠᠢᠳᠠᠭ ᠪᠢᠵᠡ᠂ ᠴᠢᠨᠦ ᠡᠴᠢᠭᠡ ᠶ᠋ᠢᠨ ᠲᠥᠷᠥᠭᠰᠡᠨ ᠲᠡᠷᠡ ᠰᠥᠨᠢ ᠥᠭᠡᠯᠦᠨ ᠡᠬᠡ ᠲᠩᠷᠢ ᠡᠴᠡ ᠳᠥᠷᠪᠡᠨ ᠣᠳᠣ ᠣᠢᠷᠠᠲᠤᠨ ᠢᠷᠡᠬᠦ ᠶ᠋ᠢ ᠬᠠᠷᠠᠵᠤ ᠪᠠᠢᠭᠰᠠᠨ ᠭᠡᠰᠡᠨ᠃ ᠲᠡᠷᠡ ᠪᠣᠯ ᠲᠩᠷᠢ ᠶ᠋ᠢᠨ ᠢᠯᠡᠭᠡᠭᠰᠡᠨ ᠪᠠᠰᠠ ᠨᠢᠭᠡᠨ ᠬᠡᠯᠡ ᠭᠡᠵᠦ ᠡᠵᠢ ᠨᠢ ᠪᠣᠳᠣᠨ᠎ᠠ᠃
— ᠡᠵᠢ ᠮᠢᠨᠢ᠂ ᠶᠸᠯᠢᠦᠢ ᠴᠦᠼᠡᠢ ᠲᠩᠷᠢ ᠳ᠋ᠦ᠍ ᠬᠠᠷᠪᠤᠨ ᠪᠣᠢ ᠣᠳᠣ ᠪᠣᠯ ᠨᠢᠭᠡᠨ ᠶᠡᠬᠡ ᠭᠠᠷᠠᠭ ᠶᠤᠮ ᠭᠡᠵᠦ ᠬᠡᠯᠡᠵᠦ ᠪᠠᠢᠭᠰᠠᠨ᠃ ᠪᠢᠳᠡ ᠴᠤ᠌ ᠮᠥᠨ ᠨᠢᠭᠡᠨ ᠴᠠᠭ ᠲᠤ ᠡᠨᠡ ᠣᠳᠣ ᠰᠢᠭ᠋ ᠬᠠᠷᠪᠤᠨ ᠣᠳᠬᠤ ᠡᠳᠦᠷ ᠢᠷᠡᠨ᠎ᠡ ᠭᠡᠬᠦ ᠡᠴᠡ ᠡᠴᠢᠭᠡ ᠡᠪᠦᠭᠡ ᠶ᠋ᠢᠨ ᠴᠤᠭᠯᠠᠭᠤᠯᠤᠭᠰᠠᠨ ᠶᠡᠬᠡ ᠮᠣᠩᠭᠣᠯ ᠤᠯᠤᠰ ᠤ᠋ᠨ ᠢ᠋ᠶ᠋ᠠᠨ ᠲᠥᠯᠥᠭᠡ ᠵᠣᠪᠠᠨᠢᠬᠤ ᠰᠢᠭ᠋ ᠪᠣᠯᠬᠤ ᠶᠤᠮ ᠭᠡᠪᠡ᠃ ᠨᠠᠰᠤᠨ ᠠ᠋ᠴᠠ ᠪᠠᠨ ᠬᠡᠷᠰᠡᠦ ᠬᠦᠦ ᠶ᠋ᠢᠨ ᠢ᠋ᠶ᠋ᠡᠨ ᠦᠭᠡ ᠶ᠋ᠢ ᠰᠣᠨᠣᠰᠤᠭᠠᠳ ᠰᠤᠷᠬᠠᠭᠲᠠᠨᠢ᠄
— ᠲᠠᠯ᠎ᠠ ᠨᠤᠲᠤᠭ ᠤ᠋ᠨ ᠡᠯᠢᠭᠡᠨ ᠳᠡᠭᠡᠷ᠎ᠡ ᠤᠷᠭᠤᠭᠰᠠᠨ ᠴᠢᠯᠠᠭᠤ ᠴᠤ ᠪᠠᠢ ᠨᠢᠭᠡᠨ ᠴᠠᠭ ᠲᠤ ᠪᠤᠲᠠᠷᠠᠨ ᠤᠨᠠᠳᠠᠭ ᠵᠢᠮ᠎ᠡ ᠲᠡᠢ ᠭᠡᠵᠦ ᠬᠠᠭᠠᠨ ᠡᠪᠦᠭᠡ ᠶ᠋ᠢᠨ ᠢ᠋ᠶ᠋ᠡᠨ ᠬᠡᠯᠡᠵᠦ ᠪᠠᠢᠭᠰᠠᠨ ᠢ᠋ ᠰᠠᠨᠠᠵᠤ ᠪᠠᠢᠨ᠎ᠠ ᠤᠤ᠂ ᠴᠠᠭ ᠨᠢ ᠢᠷᠡᠬᠦ ᠪᠡᠷ ᠪᠦᠭᠦᠳᠡ ᠵᠠᠮᠬᠠᠷᠠᠨ ᠣᠳᠤᠨ᠎ᠠ᠃ ᠬᠠᠷᠢᠨ ᠥᠪᠡᠷ ᠦ᠋ᠨ ᠪᠣᠢ ᠴᠠᠭ ᠬᠤᠭᠤᠴᠠᠭᠠᠨ ᠳ᠋ᠠᠭᠠᠨ ᠡᠵᠡᠨ ᠪᠠᠢᠵᠤ ᠬᠡᠮᠡᠨ᠎ᠡ᠃ ᠬᠣᠵᠢᠮ ᠤ᠋ᠨ ᠬᠥᠮᠦᠰ ᠦ᠋ᠨ ᠳᠤᠮᠳᠠ ᠰᠠᠢᠨ ᠨᠡᠷ᠎ᠡ ᠪᠡᠷ ᠦᠯᠡᠳᠡᠬᠦ ᠲᠤᠯᠠ ᠲᠩᠷᠢ ᠶ᠋ᠢᠨ ᠶᠠᠪᠤᠳᠠᠯ ᠠ᠋ᠴᠠ ᠢᠯᠡᠭᠦᠦ ᠲᠡᠢ ᠥᠪᠡᠷ ᠦ᠋ᠨ ᠶᠠᠪᠤᠳᠠᠯ ᠢ᠋ ᠠᠵᠢᠭᠯᠠᠨ ᠰᠤᠷ ᠭᠡᠵᠦ ᠬᠡᠯᠡᠯ᠎ᠡ᠃
ᠮᠥᠩᠬᠡ ᠬᠦᠦ ᠡᠬᠡ ᠶ᠋ᠢᠨ ᠢ᠋ᠶ᠋ᠡᠨ ᠬᠠᠮᠲᠤ ᠭᠦᠨ ᠰᠥᠨᠢ ᠶ᠋ᠢᠨ ᠣᠳᠣᠲᠤ ᠲᠩᠷᠢ ᠶ᠋ᠢ ᠬᠠᠷᠠᠨ ᠵᠣᠭᠰᠣᠵᠤ ᠪᠠᠢᠬᠤ ᠦᠶᠡᠰ ᠲᠦ᠍ ᠨᠢᠭᠡᠨ ᠲᠣᠳᠣ ᠣᠳᠣ ᠬᠠᠷᠪᠤᠨ ᠣᠳᠴᠤ ᠪᠣᠢ ᠦᠵᠡᠭᠳᠡᠭᠰᠡᠨ ᠨᠢ ᠬᠣᠶᠠᠷ ᠬᠥᠮᠦᠨ ᠦ᠌ ᠵᠢᠷᠦᠬᠡᠨ ᠳ᠋ᠦ᠍ ᠶᠣᠭᠬᠢᠭᠰᠠᠨ ᠨᠢᠭᠡᠨ ᠮᠡᠳᠡᠷᠡᠮᠵᠢ ᠶ᠋ᠢ ᠵᠡᠷᠭᠡ ᠠᠪᠴᠢᠷᠠᠪᠠ᠃ ᠡᠨᠡ ᠪᠣᠯ ᠲᠠᠩᠭᠤᠳ ᠤᠯᠤᠰ ᠢ᠋ ᠳᠠᠢᠳᠤᠬᠤ ᠪᠠᠷ ᠶᠠᠪᠤᠭᠠᠳ ᠲᠦᠷᠢᠮᠡᠬᠡᠢ ᠪᠠᠯᠭᠠᠰᠤ ᠳ᠋ᠠᠬᠢ ᠴᠡᠷᠢᠭ ᠦ᠋ᠨ ᠬᠡᠭᠡᠷ᠎ᠡ ᠶ᠋ᠢᠨ ᠬᠤᠸᠠᠷᠠᠨ ᠳ᠋ᠠᠭᠠᠨ ᠡᠴᠦᠰ ᠦ᠋ᠨ ᠠᠮᠢᠰᠬᠤᠯ ᠢ᠋ᠶ᠋ᠠᠨ ᠬᠤᠷᠢᠶᠠᠵᠤ ᠪᠠᠢᠭᠰᠠᠨ ᠶᠡᠬᠡ ᠡᠵᠡᠨ ᠰᠤᠤᠲᠤ ᠪᠣᠭᠳᠠ ᠴᠢᠩᠭᠢᠰ ᠬᠠᠭᠠᠨ ᠤ᠋ ᠣᠳᠣ ᠪᠠᠢᠭᠰᠠᠨ ᠭᠡᠳᠡᠭ ᠢ᠋ ᠡᠬᠡ ᠬᠦᠦ ᠬᠣᠶᠠᠷ ᠲᠡᠷᠡᠬᠡᠨ ᠦᠶ᠎ᠡ ᠳ᠋ᠦ᠍ ᠮᠡᠳᠡᠭᠰᠡᠨ ᠦᠭᠡᠢ᠃ ᠳᠠᠷᠠᠭ᠎ᠠ ᠨᠢᠭᠡᠨ ᠡᠳᠦᠷ《ᠶᠡᠬᠡ ᠬᠠᠭᠠᠨ ᠮᠥᠩᠬᠡ ᠲᠩᠷᠢ ᠳ᠋ᠡᠭᠡᠨ ᠣᠳᠴᠠᠢ》 ᠭᠡᠰᠡᠨ ᠭᠠᠰᠢᠭᠤᠳᠠᠯᠲᠤ ᠮᠡᠳᠡᠭᠡ ᠠᠭᠤᠷᠠᠭ ᠣᠷᠳᠣᠨ ᠳ᠋ᠤ᠌ ᠢᠷᠡᠬᠦ ᠳ᠋ᠦ᠍ ᠡᠨᠡ ᠡᠬᠡ ᠬᠦᠦ ᠬᠣᠶᠠᠷ ᠤ᠋ᠨ ᠵᠢᠷᠦᠬᠡ ᠲᠡᠷᠡ ᠨᠢᠭᠡᠨ ᠰᠥᠨᠢ ᠶ᠋ᠢᠨ ᠬᠢ ᠰᠢᠭ ᠳᠠᠬᠢᠨ ᠶᠣᠭᠬᠢᠭᠰᠠᠨ ᠨᠢ ᠵᠦᠩ ᠰᠤᠪᠢᠨ ᠤ᠋ ᠮᠡᠳᠡᠷᠡᠮᠵᠢ ᠶ᠋ᠢ ᠲᠩᠷᠢ ᠲᠡᠳᠡᠨ ᠳ᠋ᠦ᠍ ᠤᠷᠢᠳᠴᠢᠯᠠᠨ ᠢᠯᠡᠭᠡᠵᠦ ᠪᠠᠢᠭᠰᠠᠨ ᠬᠡᠷᠡᠭ ᠪᠠᠢᠵᠠᠢ᠃ ᠶᠡᠬᠡ ᠮᠣᠩᠭᠣᠯ ᠤᠯᠤᠰ ᠤ᠋ᠨ ᠡᠵᠡᠨ ᠬᠠᠭᠠᠨ ᠲᠩᠷᠢ ᠳ᠋ᠦ᠍ ᠬᠠᠯᠢᠭᠰᠠᠨ ᠭᠡᠬᠦ ᠡᠨᠡ ᠲᠦᠭᠰᠢᠭᠦᠷᠢᠲᠦ ᠮᠡᠳᠡᠭᠡ ᠶ᠋ᠢ ᠰᠣᠨᠣᠰᠤᠭᠰᠠᠨ ᠳᠠᠷᠤᠢ ᠳ᠋ᠤ᠌ ᠠᠭᠤᠷᠠᠭ ᠣᠷᠳᠣᠨ ᠤ᠋ ᠳᠡᠭᠡᠷ᠎ᠡ ᠮᠠᠨᠳᠤᠨ ᠪᠠᠢᠳᠠᠭ ᠨᠠᠷᠠ᠂ ᠠᠭᠠᠳᠠᠷ ᠤ᠋ᠨ ᠡᠭᠦᠯᠡᠨ ᠦ᠌ ᠴᠠᠭᠠᠭᠤᠷ ᠱᠤᠮᠪᠠᠨ ᠣᠷᠣᠬᠤ ᠰᠢᠭ᠋ ᠶᠡᠬᠡ ᠣᠢ ᠶ᠋ᠢ ᠠᠪᠴᠢᠷᠠᠯ᠎ᠠ᠃ ᠨᠢᠭᠡ ᠪᠣᠯᠬᠣᠷ ᠳᠠᠭᠠᠷ᠎ᠠ ᠣᠷᠣᠨ ᠳᠤᠭᠤᠯᠭᠠᠪᠤᠷᠢᠲᠠᠢ ᠪᠠᠢᠬᠤ ᠪᠠᠨ ᠠᠮᠠᠯᠠᠨ᠂ ᠨᠥᠭᠦᠭᠡ ᠪᠣᠯᠬᠣᠷ ᠬᠡᠯᠡᠭᠰᠡᠨ ᠦᠭᠡᠨ ᠡᠴᠡ ᠪᠡᠨ ᠪᠤᠴᠠᠨ ᠰᠢᠷᠪᠠᠯᠵᠠᠵᠤ᠂ ᠬᠤᠷᠽᠸᠮ ᠢ᠋ ᠳᠠᠭᠠᠷᠢᠬᠤ ᠶ᠋ᠢᠨ ᠡᠮᠦᠨ᠎ᠡ ᠴᠡᠷᠢᠭ ᠦ᠋ᠨ ᠬᠦᠴᠦ ᠶᠠᠪᠤᠭᠤᠯ ᠭᠡᠬᠦ ᠳ᠋ᠦ᠍《ᠬᠦᠴᠦ ᠬᠦᠷᠬᠦ ᠦᠭᠡᠢ ᠪᠣᠯ ᠬᠠᠭᠠᠨ ᠶᠠᠭᠤᠨ ᠳ᠋ᠤ᠌ ᠪᠣᠯᠤᠭᠰᠠᠨ ᠪᠣᠢ》 ᠭᠡᠵᠦ ᠬᠡᠯᠡᠭᠡᠳ ᠠᠮᠠ ᠶ᠋ᠢ ᠨᠢ ᠠᠰᠠᠭᠤᠵᠤ ᠪᠠᠢᠭᠰᠠᠨ ᠲᠠᠩᠭᠤᠳ ᠤ᠋ᠨ ᠪᠤᠷᠬᠠᠨ ᠬᠠᠭᠠᠨ ᠢ᠋ ᠴᠢᠩᠭᠢᠰ ᠬᠠᠭᠠᠨ ᠰᠡᠳᠬᠢᠯ ᠵᠢᠷᠦᠬᠡᠨ ᠳ᠋ᠡᠬᠢ ᠨᠢᠭᠡᠨ ᠬᠦᠨᠳᠦᠳᠬᠡᠯᠲᠦ ᠨᠡᠷ᠎ᠡ ᠡᠴᠡ ᠡᠭᠦᠳᠦᠨ ᠣᠯᠠᠨ ᠤᠳᠠᠭ᠎ᠠ ᠠᠭᠤᠴᠢᠯᠠᠨ ᠭᠡᠯᠳᠦᠷᠢᠭᠦᠯᠵᠦ ᠪᠠᠢᠭᠰᠠᠨ ᠭᠡᠳᠡᠭ᠃ ᠬᠠᠭᠠᠨ ᠡᠵᠡᠨ ᠲᠩᠷᠢ ᠪᠣᠯᠬᠤ ᠶ᠋ᠢᠨ ᠢ᠋ᠶ᠋ᠡᠨ ᠡᠮᠦᠨ᠎ᠡ《ᠲᠠᠩᠭᠤᠳ ᠤᠯᠤᠰ ᠮᠥᠬᠥᠭᠡ ᠦᠭᠡᠢ ᠶ᠋ᠢ ᠥᠷᠯᠥᠭᠡ ᠪᠣᠯᠭᠠᠨ ᠰᠠᠨᠠᠵᠤ ᠶᠠᠪᠤ᠂ ᠪᠤᠷᠬᠠᠨ ᠬᠠᠯᠳᠤᠨ ᠢ᠋ ᠮᠢᠨᠢ ᠰᠠᠨᠠᠭᠳᠠᠭᠤᠯᠬᠤ ᠨᠡᠷ᠎ᠡ ᠲᠡᠢ ᠲᠠᠩᠭᠤᠳ ᠤ᠋ᠨ ᠪᠤᠷᠬᠠᠨ ᠬᠠᠭᠠᠨ ᠢ᠋ ᠪᠢ ᠵᠠᠭᠤᠨᠲᠠ ᠠᠭᠤᠴᠢᠯᠠᠯ᠎ᠠ᠃ ᠲᠡᠭᠦᠨ ᠦ᠌ ᠨᠡᠷ᠎ᠡ ᠶ᠋ᠢ ᠰᠣᠯᠢ》 ᠭᠡᠵᠦ ᠬᠠᠭᠠᠨ ᠬᠥᠪᠡᠭᠦᠳ᠂ ᠥᠷᠯᠥᠭ ᠵᠠᠩᠵᠤᠳ ᠲᠠᠭᠠᠨ ᠵᠠᠬᠢᠨ ᠬᠡᠯᠡᠭᠰᠡᠨ ᠪᠠᠢᠪᠠ᠃ ᠬᠠᠭᠠᠨ ᠤ᠋ ᠠᠯᠲᠠᠨ ᠱᠠᠷᠢᠯ ᠢ᠋ ᠡᠬᠡ ᠨᠤᠲᠤᠭ ᠤ᠋ᠨ ᠬᠢᠨᠢ ᠬᠥᠷᠥᠰᠥᠨ ᠳ᠋ᠦ᠍ ᠮᠥᠩᠬᠡᠳᠡ ᠨᠣᠢᠷᠰᠤᠭᠤᠯᠬᠤ ᠪᠠᠷ ᠬᠥᠳᠡᠯᠦᠭᠰᠡᠨ ᠦ᠌ ᠳᠠᠷᠠᠭ᠎ᠠ ᠴᠢᠩᠭᠢᠰ ᠬᠠᠭᠠᠨ ᠤ᠋ ᠶᠡᠬᠡ ᠴᠡᠷᠢᠭ ᠦ᠋ᠳ ᠲᠠᠩᠭᠤᠳ ᠤ᠋ᠨ ᠪᠤᠷᠬᠠᠨ ᠬᠠᠭᠠᠨ ᠢ᠋ ᠪᠠᠷᠢᠪᠴᠢᠯᠠᠨ ᠠᠪᠴᠤ ᠢᠷᠡᠵᠦ᠂ ᠨᠡᠷ᠎ᠡ ᠶ᠋ᠢ ᠨᠢ ᠰᠣᠯᠢᠨ᠂ ᠠᠮᠢ ᠶ᠋ᠢ ᠨᠢ ᠲᠠᠰᠤᠯᠵᠠᠢ᠃
ᠶᠡᠬᠡ ᠣᠢ ᠭᠠᠰᠢᠭᠤ ᠲᠡᠭᠡᠭᠡᠭᠰᠡᠨ ᠬᠦᠨᠳᠦᠬᠡᠨ ᠡᠳᠦᠷ ᠬᠣᠨᠣᠭ ᠤ᠋ᠳ ᠮᠣᠩᠭᠣᠯ ᠤ᠋ᠨ ᠲᠠᠯ᠎ᠠ ᠨᠤᠲᠤᠭ ᠲᠤ ᠦᠷᠭᠦᠯᠵᠢᠯᠡᠵᠦ ᠪᠠᠢᠯ᠎ᠠ᠃ ᠬᠠᠭᠠᠨ ᠡᠵᠡᠨ ᠮᠥᠩᠬᠡ ᠲᠩᠷᠢ ᠶ᠋ᠢᠨ ᠣᠷᠣᠨ᠎ᠠ ᠵᠠᠯᠠᠷᠠᠭᠰᠠᠨ ᠮᠡᠳᠡᠭᠡ ᠶ᠋ᠢ ᠲᠡᠷᠡ ᠳᠣᠣᠷ᠎ᠠ ᠨᠢ ᠲᠠᠯ᠎ᠠ ᠨᠤᠲᠤᠭ ᠲᠤ ᠳᠣᠭᠣᠯᠭᠠᠭᠰᠠᠨ ᠦᠭᠡᠢ᠂ ᠲᠩᠷᠢ ᠶ᠋ᠢᠨ ᠬᠠᠶᠠᠭᠠᠨ ᠠ᠋ᠴᠠ ᠨᠠᠭᠠᠰᠢᠯᠠᠨ ᠪᠠᠢᠭ᠎ᠠ ᠶᠡᠬᠡ ᠨᠡᠭᠦᠳᠡᠯ᠂ ᠤᠷᠲᠤ ᠥᠷᠭᠥᠭᠡ ᠠᠯᠤᠰ ᠠ᠋ᠴᠠ ᠰᠦᠷ ᠪᠠᠷ᠎ᠠ ᠲᠠᠢ ᠬᠠᠷᠠᠭᠳᠠᠨ᠎ᠠ᠃ ᠬᠠᠭᠠᠨ ᠡᠵᠡᠨ ᠲᠡᠢᠨ ᠳᠣᠯᠣᠭᠠᠨ ᠳ᠋ᠤ᠌ ᠢᠯᠠᠯᠲᠠ ᠪᠠᠢᠭᠤᠯᠤᠭᠠᠳ ᠢᠷᠡᠬᠦ ᠳ᠋ᠦ᠍ ᠶᠡᠬᠡ ᠲᠠᠯ᠎ᠠ ᠶ᠋ᠢᠨ ᠳᠤᠮᠳᠠᠬᠢ ᠵᠡᠷᠭᠡᠯᠭᠡᠨ ᠳᠣᠲᠣᠷ᠎ᠠ ᠠ᠋ᠴᠠ ᠭᠠᠷᠴᠤ ᠢᠷᠡᠳᠡᠭ ᠡᠨᠡ ᠶᠡᠬᠡ ᠨᠡᠭᠦᠳᠡᠯ ᠪᠦᠭᠦᠳᠡ ᠶ᠋ᠢᠨ ᠰᠡᠳᠬᠢᠯ ᠳ᠋ᠦ᠍ ᠪᠠᠶᠠᠷ ᠠᠪᠴᠤ ᠢᠷᠡᠳᠡᠭ ᠪᠢᠯᠡ᠃ ᠶᠡᠬᠡ ᠨᠡᠭᠦᠳᠡᠯ ᠤᠯᠠᠮ ᠪᠦᠷ ᠣᠢᠷᠠᠲᠤᠭᠰᠠᠭᠠᠷ᠃ ᠣᠢᠷᠠᠳᠬᠤ ᠳᠣᠳᠣᠮ ᠬᠥᠮᠦᠰ ᠦ᠋ᠨ ᠴᠢᠷᠠᠢ ᠠ᠋ᠴᠠ ᠪᠠᠶᠠᠷ ᠪᠠᠶᠠᠰᠬᠤᠯᠠᠩ ᠣᠯᠵᠤ ᠬᠠᠷᠠᠬᠤ ᠨᠢ ᠶᠡᠬᠡᠰᠦᠨ᠂ ᠬᠠᠭᠠᠴᠠᠭᠰᠠᠨ ᠰᠡᠳᠬᠢᠯ᠂ ᠬᠠᠯᠠᠭᠤᠨ ᠡᠯᠢᠭᠡᠳᠡᠨ ᠨᠦ᠍ᠭᠦᠳ ᠠᠭᠤᠯᠵᠠᠬᠤ ᠪᠠᠶᠠᠷᠲᠤ ᠮᠥᠴᠡ ᠢᠷᠡᠳᠡᠭ ᠪᠢᠯᠡ᠃ ᠡᠨᠡ ᠤᠳᠠᠭ᠎ᠠ ᠳ᠋ᠤ᠌ ᠴᠡᠷᠢᠭ ᠦ᠋ᠳ ᠦ᠋ᠨ ᠴᠢᠷᠠᠢ ᠪᠠᠷᠤᠭᠠᠷ ᠬᠠᠷᠠᠭᠳᠠᠨ᠎ᠠ᠃ ᠲᠡᠳᠡ ᠬᠣᠭᠣᠷᠣᠨᠳᠣ ᠪᠠᠨ ᠦᠭᠡ ᠡᠰᠡ ᠶᠠᠷᠢᠨ᠎ᠠ᠃
ᠬᠠᠭᠠᠨ ᠡᠵᠡᠨ ᠦ᠌ ᠨᠡᠭᠦᠳᠡᠯ ᠦ᠋ᠨ ᠥᠷᠭᠥᠭᠡ ᠪᠦᠬᠦᠢ ᠭᠡᠷ ᠲᠡᠷᠭᠡᠨ ᠳᠣᠲᠣᠷ᠎ᠠ ᠪᠦᠭᠦᠳᠡ ᠶ᠋ᠢᠨ ᠡᠵᠡᠨ ᠶᠡᠬᠡ ᠬᠠᠭᠠᠨ ᠡᠭᠦᠷᠢᠳᠡ ᠶ᠋ᠢᠨ ᠨᠣᠢᠷ ᠢ᠋ᠶ᠋ᠠᠷ ᠨᠣᠢᠷᠰᠤᠨ ᠢᠷᠡᠭᠰᠡᠨ ᠢ᠋ ᠲᠡᠳᠡ ᠶᠠᠭᠠᠬᠢᠨ ᠮᠡᠳᠡᠬᠦ ᠪᠢᠯᠡ᠃ ᠡᠨᠡ ᠦᠢᠯᠡ ᠶᠠᠪᠤᠳᠠᠯ ᠢ᠋ ᠠᠯᠲᠠᠨ ᠤᠷᠤᠭ ᠤ᠋ᠨ ᠬᠢᠨ ᠦ ᠰᠣᠨᠣᠷ ᠠ᠋ᠴᠠ ᠪᠤᠰᠤᠳ ᠲᠤ ᠶᠡᠬᠡᠳᠡ ᠨᠢᠭᠤᠴᠠᠯᠠᠭᠰᠠᠨ ᠪᠠᠢᠯ᠎ᠠ᠃ ᠶᠡᠬᠡ ᠴᠡᠷᠢᠭ ᠲᠩᠷᠢ ᠪᠣᠯᠤᠭᠰᠠᠨ ᠬᠠᠭᠠᠨ ᠤ᠋ ᠪᠠᠨ ᠠᠯᠲᠠᠨ ᠱᠠᠷᠢᠯ ᠢ᠋ ᠲᠥᠷᠥᠯᠬᠢ ᠨᠤᠲᠤᠭ ᠲᠤᠨᠢ ᠠᠪᠴᠢᠷᠠᠨ᠂ ᠭᠤᠷᠪᠠᠨ ᠡᠳᠦᠷ ᠭᠤᠷᠪᠠᠨ ᠰᠥᠨᠢ ᠶᠡᠬᠡ ᠬᠦᠨᠳᠦᠳᠬᠡᠯ ᠢ᠋ ᠦᠵᠡᠭᠦᠯᠦᠨ ᠵᠠᠯᠠᠵᠤ ᠪᠠᠢᠯᠭᠠᠭᠠᠳ᠂ ᠲᠥᠷᠥᠵᠦ ᠥᠰᠦᠭᠰᠡᠨ ᠨᠤᠲᠤᠭ ᠤᠰᠤᠨ ᠳ᠋ᠤᠨᠢ ᠰᠢᠩᠭᠡᠬᠡᠨ ᠣᠩᠭᠣᠯᠠᠭᠠᠳ᠂ ᠶᠡᠬᠡ ᠬᠠᠭᠠᠨ ᠢ᠋ᠶ᠋ᠠᠨ ᠡ ᠭᠦᠷᠢᠳᠡ ᠶ᠋ᠢᠨ ᠠᠮᠤᠭᠤᠯᠠᠩ ᠢ᠋ᠶ᠋ᠠᠷ ᠨᠣᠢᠷᠰᠤᠭᠤᠯᠵᠤ᠂ ᠭᠠᠵᠠᠷ ᠰᠢᠷᠣᠢ ᠳ᠋ᠠᠭᠠᠨ ᠮᠥᠩᠬᠡᠳᠡ ᠰᠢᠩᠭᠡᠭᠡᠬᠦ ᠳ᠋ᠦ᠍ ᠬᠡᠨ ᠴᠦ᠍ ᠰᠠᠭᠠᠳ ᠦᠯᠦ ᠪᠣᠯᠤᠭ ᠬᠡᠮᠡᠬᠦ ᠶ᠋ᠢᠨ ᠤᠴᠢᠷ ᠡᠨᠡ ᠦᠢᠯᠡ ᠶᠠᠪᠤᠳᠠᠯ ᠤ᠋ᠨ ᠴᠢᠮᠡᠭᠡ ᠬᠢᠭᠡᠳ ᠭᠠᠵᠠᠷ ᠣᠷᠣᠨ ᠢ᠋ ᠨᠢᠭᠤᠴᠠᠯᠠᠯᠠ᠃ ᠲᠤᠬᠠᠢ ᠶ᠋ᠢᠨ ᠦᠶ᠎ᠡ ᠳ᠋ᠦ᠍ ᠬᠠᠭᠠᠨ ᠡᠵᠡᠨ ᠦ᠌ ᠮᠥᠩᠬᠡ ᠨᠣᠢᠷᠰᠤᠨ ᠪᠣᠢ ᠭᠠᠵᠠᠷ ᠢ᠋ ᠬᠡᠳᠦᠬᠡᠨ ᠬᠥᠮᠦᠨ ᠯᠡ ᠮᠡᠳᠡᠵᠦ ᠪᠠᠢᠯ᠎ᠠ᠃
ᠲᠠᠯ᠎ᠠ ᠨᠤᠲᠤᠭ ᠤ᠋ᠨ ᠡᠯᠢᠭᠡᠨ ᠳᠡᠭᠡᠷ᠎ᠡ ᠤᠷᠭᠤᠭᠰᠠᠨ ᠬᠠᠳᠠ ᠴᠢᠯᠠᠭᠤ ᠬᠦᠷᠲᠡᠯ᠎ᠡ ᠬᠡᠵᠢᠶ᠎ᠡ ᠨᠢᠭᠡᠨ ᠡᠳᠦᠷ ᠪᠤᠲᠠᠷᠠᠨ ᠤᠨᠠᠳᠠᠭ ᠵᠢᠮ᠎ᠡ ᠶ᠋ᠢ ᠥᠪᠡᠷ ᠦ᠋ᠨ ᠪᠡᠶ᠎ᠡ ᠪᠡᠷ ᠬᠠᠷᠠᠭᠤᠯᠤᠭᠠᠳ ᠲᠩᠷᠢ ᠳ᠋ᠦ᠍ ᠬᠠᠯᠢᠭᠰᠠᠨ ᠡᠴᠢᠭᠡ ᠶ᠋ᠢ ᠪᠡᠨ ᠮᠥᠩᠬᠡ ᠨᠣᠢᠷᠰᠤᠭᠤᠯᠤᠭᠠᠳ ᠢᠷᠡᠭᠰᠡᠨ ᠲᠤᠯᠤᠢ ᠡᠵᠡᠨ ᠰᠤᠷᠬᠠᠭᠲᠠᠨᠢ ᠬᠠᠲᠤᠨ ᠬᠡᠦᠬᠡᠳ ᠦ᠋ᠳ ᠦ᠋ᠨ ᠬᠠᠮᠲᠤ ᠲᠣᠰᠣᠨ ᠵᠣᠭᠰᠣᠨ᠎ᠠ᠃ ᠬᠡᠷᠬᠢᠬᠦ ᠪᠢᠯᠡ᠃ ᠠᠶᠠᠨ ᠲᠡᠢᠨ ᠦ᠌ ᠣᠯᠵᠠ ᠣᠮᠣᠭ ᠪᠠᠶᠠᠷᠲᠤ ᠮᠡᠳᠡᠭᠡ ᠶ᠋ᠢ ᠪᠠᠢᠩᠭᠤ ᠲᠡᠭᠡᠭᠡᠨ ᠠᠪᠴᠢᠷᠠᠵᠤ ᠬᠥᠪᠡᠭᠦᠳ ᠢ᠋ᠶ᠋ᠡᠨ ᠳᠡᠭᠡᠭᠰᠢ ᠡᠷᠭᠦᠨ ᠦᠨᠦᠰᠴᠦ᠂ ᠬᠠᠲᠤᠨ ᠢ᠋ᠶ᠋ᠠᠨ ᠬᠠᠢᠷ᠎ᠠ ᠶ᠋ᠢᠨ ᠨᠢᠳᠦ ᠪᠡᠷ ᠬᠠᠷᠠᠳᠠᠭ ᠡᠷ᠎ᠡ ᠨᠥᠬᠥᠷ ᠢ᠋ᠶ᠋ᠡᠨ ᠬᠡᠷᠬᠢᠨ ᠤᠭᠲᠤᠬᠤ ᠪᠢᠯᠡ᠃
ᠲᠡᠳᠡᠨ ᠦ᠌ ᠬᠡᠨ ᠨᠢ ᠴᠦ᠍ ᠬᠣᠭᠣᠷᠣᠨᠳᠣ ᠪᠠᠨ ᠦᠭᠡ ᠳᠤᠤᠭᠠᠷᠤᠭᠰᠠᠨ ᠦᠭᠡᠢ᠃ ᠵᠠᠷᠢᠮ ᠦᠶ᠎ᠡ ᠳ᠋ᠦ᠍ ᠶᠠᠮᠠᠷ ᠴᠤ ᠦᠭᠡ ᠶᠠᠷᠢᠶ᠎ᠠ ᠬᠡᠷᠡᠭ ᠦᠭᠡᠢ᠂ ᠪᠡᠶ᠎ᠡ ᠶ᠋ᠢᠨ ᠬᠥᠳᠡᠯᠭᠡᠭᠡᠨ᠂ ᠬᠠᠷᠠᠴᠠ᠂ ᠦᠭᠡ ᠶᠠᠷᠢᠶᠠᠨ ᠠ᠋ᠴᠠ ᠴᠤ᠌ ᠢᠯᠡᠭᠦᠦ ᠦᠨᠡᠨ ᠢ᠋ ᠣᠢᠯᠠᠭᠠᠭᠤᠯᠳᠠᠭ ᠵᠢᠮ᠎ᠡ ᠪᠡᠷ ᠲᠡᠳᠡ ᠲᠤᠯᠤᠢ ᠶ᠋ᠢ ᠤᠭᠲᠤᠯ᠎ᠠ᠃ ᠲᠡᠳᠡ ᠳᠣᠣᠷ᠎ᠠ ᠪᠦᠷᠢᠨ᠎ᠡ ᠭᠦᠨ ᠪᠣᠳᠣᠯ ᠳ᠋ᠤ᠌ ᠠᠪᠲᠠᠭᠰᠠᠨ ᠪᠠᠢᠯ᠎ᠠ᠃ ᠰᠤᠷᠬᠠᠭᠲᠠᠨᠢ ᠡᠨᠡ ᠬᠡᠳᠦᠨ ᠡᠳᠦᠷ ᠲᠦ᠍ ᠪᠣᠳᠣᠭ᠎ᠠ ᠦᠭᠡᠢ ᠶᠡᠬᠡ ᠶ᠋ᠢ ᠪᠣᠳᠣᠵᠠᠢ᠃ ᠮᠡᠳᠡᠭᠡ ᠣᠷᠣᠭᠰᠠᠨ ᠴᠠᠭ ᠠ᠋ᠴᠠ ᠨᠢ ᠬᠠᠢᠷᠠᠯᠠᠨ ᠥᠰᠬᠡᠭᠰᠡᠨ ᠬᠠᠢᠷᠠᠲᠠᠢ ᠠᠪᠤ ᠡᠵᠢ ᠨᠢ ᠨᠢᠭᠡᠨᠲᠡ ᠦᠭᠡᠢ ᠪᠣᠯᠵᠤ᠂ ᠲᠡᠳᠡᠨ ᠢ᠋ ᠬᠥᠨᠥᠭᠡᠭᠰᠡᠨ ᠬᠥᠮᠦᠨ ᠦ᠌ ᠡᠬᠡᠨᠡᠷ ᠪᠣᠯᠤᠨ ᠣᠳᠤᠭᠰᠠᠨ ᠡᠭᠡᠴᠢ ᠢᠪᠠᠭ᠎ᠠ ᠨᠢ ᠠᠯᠤᠰ ᠬᠣᠯᠠ ᠶ᠋ᠢᠨ ᠣᠷᠣᠭᠤᠳ ᠠᠢᠮᠠᠭ ᠠ᠋ᠴᠠ ᠪᠠᠨ ᠭᠠᠵᠠᠷ ᠳᠡᠭᠡᠷᠡᠬᠢ ᠭᠠᠭᠴᠠ ᠳᠡᠭᠦᠦ ᠪᠡᠨ ᠵᠣᠷᠢᠨ ᠢᠷᠡᠭᠡᠳ᠂ ᠡᠪᠦᠷ ᠳᠡᠭᠡᠷ᠎ᠡ ᠨᠢ ᠡᠴᠦᠰ ᠦ᠋ᠨ ᠠᠮᠢᠰᠬᠤᠯ ᠢ᠋ᠶ᠋ᠠᠨ ᠬᠤᠷᠢᠶᠠᠵᠤ᠂ ᠡᠬᠡ ᠶ᠋ᠢᠨ ᠢ᠋ᠶ᠋ᠡᠨ ᠠᠮᠢᠨ ᠤ᠋ ᠦᠨ᠎ᠡ ᠲᠡᠢ ᠳ᠋ᠦᠢ ᠶ᠋ᠢᠨ ᠭᠠᠵᠠᠷ ᠳᠡᠭᠡᠷ᠎ᠡ ᠤᠨᠠᠭᠰᠠᠨ ᠪᠢᠴᠢᠬᠠᠨ ᠬᠦᠦ ᠪᠡᠨ ᠵᠠᠬ᠎ᠠ ᠬᠠᠮᠪᠤ ᠭᠡᠮᠡᠨ ᠨᠡᠷᠡᠯᠡᠭᠡᠳ ᠡᠪᠦᠷᠲᠦᠯᠡᠵᠦ ᠣᠳᠤᠭᠰᠠᠨ ᠵᠦᠷᠴᠢᠲᠡᠢ᠂ ᠲᠠᠯ᠎ᠠ ᠨᠤᠲᠤᠭ ᠤ᠋ᠨ ᠬᠥᠮᠦᠨ ᠦ᠌ ᠰᠡᠳᠬᠢᠯ ᠢ᠋ ᠠᠯᠠᠭᠠᠨ ᠳᠡᠭᠡᠷ᠎ᠡ ᠪᠡᠨ ᠲᠠᠯᠪᠢᠭᠰᠠᠨ ᠮᠡᠲᠦ ᠬᠠᠷᠠᠭᠤᠯᠵᠤ ᠰᠤᠷᠭᠠᠭᠰᠠᠨ ᠥᠭᠡᠯᠦᠨ ᠡᠬᠡ᠂ ᠲᠡᠭᠦᠨ ᠦ᠌ ᠤᠬᠠᠭᠠᠯᠢᠭ ᠪᠣᠷᠣ ᠨᠢᠳᠦ ᠪᠡᠷ ᠢ᠋ᠶ᠋ᠡᠨ ᠰᠢᠷᠳᠡᠬᠦ ᠬᠠᠢᠷ᠎ᠠ ᠶ᠋ᠢᠨ ᠬᠠᠷᠠᠴᠠ ᠠᠯᠢ ᠠᠯᠢ ᠨᠢ ᠥᠨᠥ ᠠᠯᠠᠭ᠎ᠠ ᠠ᠋᠃ ᠬᠠᠭᠠᠨ ᠠᠪᠤ ᠶ᠋ᠢᠨ ᠢ᠋ᠶ᠋ᠡᠨ ᠥᠰᠢᠶ᠎ᠡ ᠠᠪᠤᠯᠲᠠ ᠠ᠋ᠴᠠ ᠥᠷᠢᠰᠦᠨ᠂ ᠳᠣᠲᠣᠷ᠎ᠠ ᠬᠠᠷᠠᠯᠠᠭᠤᠯᠤᠨ ᠢᠷᠡᠬᠦ ᠵᠠᠨᠤᠯᠲᠤ ᠨᠢᠳᠦ ᠶ᠋ᠢ ᠬᠠᠷᠠᠬᠤ ᠦᠭᠡᠢ ᠭᠡᠰᠡᠨ ᠳ᠋ᠡᠭᠡᠨ ᠮᠥᠩᠬᠡ ᠲᠩᠷᠢ ᠳ᠋ᠡᠭᠡᠨ ᠲᠦᠷᠦᠭᠦᠯᠡᠵᠦ ᠣᠳᠤᠭᠰᠠᠨ ᠵᠥᠴᠢ᠂ ᠲᠠᠯ᠎ᠠ ᠨᠤᠲᠤᠭ ᠤ᠋ᠨ ᠡᠯᠢᠭᠡᠨ ᠳᠡᠭᠡᠷ᠎ᠡ ᠤᠷᠭᠤᠭᠰᠠᠨ ᠴᠢᠯᠠᠭᠤ ᠴᠤ ᠴᠠᠭ ᠨᠢ ᠢᠷᠡᠬᠦ ᠪᠡᠷ ᠪᠤᠲᠠᠷᠠᠨ ᠤᠨᠠᠳᠠᠭ ᠣᠷᠴᠢᠯᠠᠩ ᠤ᠋ᠨ ᠵᠢᠮ᠎ᠡ ᠶ᠋ᠢ ᠥᠪᠡᠷ ᠦ᠋ᠨ ᠪᠡᠶ᠎ᠡ ᠪᠡᠷ ᠦᠵᠡᠭᠦᠯᠦᠭᠡᠳ ᠬᠠᠢᠷᠠᠲᠤ ᠬᠦᠦ ᠶ᠋ᠢᠨ ᠢ᠋ᠶ᠋ᠡᠨ ᠠᠷᠤ ᠠ᠋ᠴᠠ ᠮᠥᠩᠬᠡ ᠲᠩᠷᠢ ᠳ᠋ᠡᠭᠡᠨ ᠣᠳᠤᠭᠰᠠᠨ ᠬᠠᠭᠠᠨ ᠡᠵᠡᠨ᠂ ᠲᠡᠳᠡᠨ ᠦ᠌ ᠠᠯᠢ ᠠᠯᠢ ᠨᠢ ᠣᠳᠣ ᠠᠯᠠᠭ᠎ᠠ ᠭᠡᠰᠡᠨ ᠪᠣᠳᠣᠯ ᠲᠥᠷᠥᠨ ᠢᠷᠡᠬᠦᠢ ᠳ᠋ᠦ᠍ ᠬᠥᠯ ᠨᠢ ᠥᠪᠡᠷ ᠦ᠋ᠨ ᠡᠷᠬᠡ ᠦᠭᠡᠢ ᠭᠠᠩᠬᠤᠨ ᠭᠤᠢᠪᠢᠬᠤ ᠰᠢᠭ᠋ ᠪᠣᠯᠪᠠ᠃ᠵᠥᠪᠬᠡᠨ ᠰᠤᠷᠬᠠᠭᠲᠠᠨᠢ ᠴᠤ ᠪᠢᠰᠢ᠂ ᠶᠡᠬᠡ ᠮᠣᠩᠭᠣᠯ ᠤᠯᠤᠰ ᠲᠡᠷᠡ ᠠᠶ᠎ᠠ ᠪᠠᠷ ᠢ᠋ᠶ᠋ᠠᠨ ᠭᠠᠩᠬᠤᠨ ᠪᠣᠢ ᠶ᠋ᠢ ᠡᠨᠡ ᠦᠶ᠎ᠡ ᠳ᠋ᠦ᠍ ᠲᠡᠷᠡ ᠣᠢᠯᠠᠭᠠᠵᠤ ᠪᠠᠢᠯ᠎ᠠ᠃ ᠠᠰᠤᠷᠤ ᠮᠠᠨᠳᠤᠬᠤ ᠨᠠᠷᠠᠨ ᠡᠳᠦᠷ ᠬᠣᠨᠣᠭ ᠢ᠋ ᠲᠣᠭᠠᠯᠠᠨ ᠠᠯᠤᠰᠷᠠᠬᠤ ᠪᠦᠷᠢ ᠳ᠋ᠦ᠍ ᠬᠠᠢᠷᠠᠲᠠᠢ ᠳᠣᠲᠣᠨᠣ ᠬᠥᠮᠦᠰ ᠨᠢ ᠴᠤᠪᠤᠷᠠᠨ ᠣᠳᠴᠤ ᠪᠠᠢᠭ᠎ᠠ ᠶ᠋ᠢ ᠬᠠᠷᠠᠨ ᠪᠣᠳᠣᠯ ᠪᠣᠯᠤᠨ ᠵᠣᠭᠰᠣᠬᠤ ᠳ᠋ᠤ᠌ ᠠᠯᠤᠰ ᠲᠡᠷᠲᠡᠭᠡ ᠠᠭᠠᠳᠠᠷ ᠤ᠋ᠨ ᠡᠭᠦᠯᠡᠰ ᠰᠢᠭ ᠪᠠᠷᠠᠭᠠᠨᠲᠤᠨ ᠪᠣᠢ ᠬᠦᠨᠳᠦᠬᠡᠨ ᠴᠠᠭ ᠮᠣᠩᠭᠣᠯ ᠤ᠋ᠨ ᠲᠥᠷᠥ ᠳ᠋ᠦ᠍ ᠢᠷᠡᠵᠦ ᠪᠣᠢ ᠶ᠋ᠢ ᠲᠡᠷᠡ ᠪᠡᠷ ᠵᠦᠩ ᠰᠤᠪᠢᠨ ᠢ᠋ᠶ᠋ᠠᠷ ᠢ᠋ᠶ᠋ᠠᠨ ᠮᠡᠳᠡᠷᠡᠵᠦ ᠪᠠᠢᠯ᠎ᠠ᠃
ᠤᠷᠢᠳ ᠬᠣᠵᠢᠳ ᠦᠵᠡᠭᠳᠡᠵᠦ ᠬᠠᠷᠠᠭᠳᠠᠭ᠎ᠠ ᠦᠭᠡᠢ ᠭᠠᠢᠬᠠᠮᠰᠢᠭᠲᠤ ᠤᠷᠲᠤ ᠬᠠᠷᠰᠢ ᠡᠴᠦᠰ ᠲᠡᠭᠦᠰᠬᠡᠯ ᠦᠭᠡᠢ ᠮᠡᠲᠦ ᠵᠢᠷᠭᠠᠯ ᠤ᠋ᠨ ᠣᠷᠣᠨ ᠯᠠ ᠭᠡᠵᠦ ᠡᠨᠡ ᠪᠠᠢᠳᠠᠭ ᠪᠠᠢᠬᠤ ᠳᠠ ᠭᠡᠵᠦ ᠳᠠᠭᠤ ᠠᠯᠳᠠᠮᠠᠷ ᠨᠢᠭᠡᠨ ᠰᠠᠢᠬᠠᠨ ᠣᠷᠳᠣᠨ ᠳ᠋ᠤ᠌ ᠪᠤᠷᠬᠠᠳ ᠴᠢᠭᠤᠯᠤᠨ ᠪᠠᠢᠬᠤ ᠳ᠋ᠤ᠌ ᠲᠡᠳᠡᠨ ᠦ᠌ ᠳᠤᠮᠳᠠ ᠪᠠᠳᠮ᠎ᠠ ᠴᠡᠴᠡᠭ ᠦ᠋ᠨ ᠳᠡᠯᠪᠢᠭᠡᠨ ᠳᠡᠭᠡᠷ᠎ᠡ ᠪᠠᠲᠤ ᠰᠠᠭᠤᠭᠰᠠᠨ ᠴᠠᠪ ᠴᠠᠭᠠᠨ ᠳᠡᠪᠡᠯ ᠲᠡᠢ ᠴᠠᠭᠠᠨ ᠨᠥᠮᠥᠷᠭᠡ᠂ ᠴᠠᠭᠠᠨ ᠭᠤᠲᠤᠯ ᠲᠠᠢ ᠨᠢᠭᠡᠨ ᠬᠥᠮᠦᠨ ᠢᠨᠢᠶᠡᠳᠦ ᠠᠯᠲᠠᠨ ᠬᠠᠵᠠᠭᠤ ᠳ᠋ᠠᠭᠠᠨ ᠪᠣᠢ ᠴᠡᠴᠡᠭ ᠦ᠋ᠨ ᠳᠡᠯᠪᠢᠭᠡᠨ ᠳᠡᠭᠡᠷ᠎ᠡ ᠰᠠᠭᠤᠭᠰᠠᠨ ᠬᠣᠶᠠᠷ ᠬᠥᠮᠦᠨ ᠲᠡᠢ ᠡᠩᠭᠦᠨ ᠶᠠᠷᠢᠶ᠎ᠠ ᠥᠷᠨᠢᠭᠦᠯᠦᠨ ᠡᠮᠦᠨ᠎ᠡ ᠪᠡᠨ ᠠᠯᠲᠠᠨ ᠬᠠᠢᠷᠴᠠᠭ ᠳᠡᠯᠭᠡᠨ᠂ ᠲᠡᠭᠦᠨ ᠦ᠌ ᠳᠣᠲᠣᠷ᠎ᠠ ᠡᠴᠡ ᠳᠥᠷᠪᠡᠨ ᠰᠢᠮᠠᠭᠤᠯ ᠨᠢᠰᠦᠯᠳᠡᠨ ᠪᠠᠢᠬᠤ ᠶ᠋ᠢ ᠬᠠᠷᠠᠪᠠᠯ ᠡᠵᠡᠨ ᠬᠠᠭᠠᠨ᠂ ᠡᠵᠢ ᠠᠪᠤ ᠬᠣᠶᠠᠷ ᠲᠠᠢ ᠨᠢ ᠵᠡᠷᠭᠡᠴᠡᠨ ᠰᠠᠭᠤᠭᠰᠠᠨ ᠢ᠋ ᠰᠠᠶᠢ ᠣᠯᠵᠤ ᠬᠠᠷᠠᠯ᠎ᠠ᠃ ᠰᠤᠷᠬᠠᠭᠲᠠᠨᠢ ᠲᠡᠳᠡᠨ ᠦ᠌ ᠵᠦᠭ ᠭᠦᠶᠦᠭᠡ ᠪᠡᠷ ᠢ᠋ᠶ᠋ᠡᠨ ᠣᠴᠢᠶ᠎ᠠ ᠭᠡᠵᠦ ᠰᠢᠢᠳᠦᠭᠡᠳ ᠭᠦᠶᠦᠬᠦ ᠭᠡᠲᠡᠯ᠎ᠡ ᠬᠥᠯ ᠨᠢ ᠠᠭᠠᠷ ᠲᠤ ᠳᠡᠭᠦᠯᠢᠵᠦ ᠨᠢᠰᠬᠦ ᠮᠡᠲᠦ ᠪᠣᠯᠤᠭᠠᠳ ᠳᠡᠷᠭᠡᠳᠡ ᠨᠢ ᠬᠦᠷᠴᠦ ᠣᠴᠢᠪᠠ᠃
ᠠᠪᠤ ᠶ᠋ᠢᠨ ᠢ᠋ᠶ᠋ᠡᠨ ᠬᠠᠨᠴᠤᠢ ᠠ᠋ᠴᠠ ᠲᠡᠳᠡᠨ ᠳᠠᠭᠤᠳᠠᠲᠠᠯ᠎ᠠ ᠲᠡᠷᠡ ᠬᠠᠷᠠᠭᠰᠠᠨ ᠦᠭᠡᠢ᠂
— ᠠᠪᠤ ᠠ᠋᠃ ᠠᠪᠤ ᠮᠢᠨᠢ
ᠲᠡᠳᠡ ᠲᠡᠭᠦᠨ ᠢ᠋ ᠬᠠᠷᠠᠬᠤ ᠦᠭᠡᠢ ᠪᠠᠢᠭ᠎ᠠ ᠪᠣᠯᠤᠳᠡᠢ᠂ ᠳᠠᠬᠢᠨ ᠴᠢᠩᠭ᠎ᠠ ᠪᠠᠷ ᠬᠠᠰᠬᠢᠷᠤᠨ᠄
—ᠠᠪᠤ ᠠ᠋ ᠡᠵᠢ ᠠ᠋ ᠭᠡᠵᠦ ᠳᠠᠭᠤᠳᠠᠭᠠᠳ ᠰᠤᠷᠬᠠᠭᠲᠠᠨᠢ ᠨᠣᠢᠷ ᠠ᠋ᠴᠠ ᠪᠠᠨ ᠰᠡᠷᠡᠯ᠎ᠡ᠃ ᠭᠠᠳᠠᠭ᠎ᠠ ᠦᠷ ᠴᠠᠢᠵᠤ ᠪᠠᠢᠭ᠎ᠠ ᠪᠣᠯᠤᠯᠲᠠᠢ᠂ ᠡᠨᠡ ᠰᠠᠢᠬᠠᠨ ᠵᠡᠭᠦᠳᠦ ᠶ᠋ᠢ ᠦᠷᠭᠦᠯᠵᠢᠯᠡᠭᠦᠯᠦᠨ ᠦᠵᠡᠶ᠎ᠡ ᠭᠡᠮᠡᠨ ᠳᠠᠬᠢᠨ ᠤᠨᠲᠠᠬᠤ ᠭᠡᠰᠡᠨ ᠪᠣᠯᠪᠠᠴᠤ ᠨᠣᠢᠷ ᠨᠢ ᠬᠦᠷᠦᠭᠰᠡᠨ ᠦᠭᠡᠢ᠃
ᠲᠡᠷᠡ ᠨᠢᠭᠡᠨ ᠡᠳᠦᠷ ᠮᠣᠷᠳᠠᠬᠤ ᠳ᠋ᠠᠭᠠᠨ ᠶᠡᠬᠡ ᠬᠠᠭᠠᠨ᠄
— ᠲᠩᠷᠢ ᠳ᠋ᠦ᠍ ᠰᠠᠭᠤᠭ᠎ᠠ ᠡᠵᠢ ᠠᠪᠤ ᠬᠣᠶᠠᠷ ᠲᠠᠢ ᠴᠢᠨᠢ ᠠᠭᠤᠯᠵᠠᠭᠠᠳ ᠬᠡᠯᠡᠬᠦ ᠦᠭᠡ ᠲᠡᠢ ᠪᠣᠯᠤᠯ᠎ᠠ ᠭᠡᠮᠡᠨ ᠬᠡᠯᠡᠵᠦ ᠪᠠᠢᠭᠰᠠᠨ ᠢ᠋ ᠡᠷᠭᠢᠨ ᠰᠠᠨᠠᠯ᠎ᠠ᠃《ᠲᠡᠳᠡ ᠠᠭᠤᠯᠵᠠᠵᠠᠢ᠃ ᠨᠢᠭᠡᠨ ᠴᠠᠭ ᠲᠤ ᠨᠥᠬᠥᠷ᠂ ᠨᠢᠭᠡᠨ ᠴᠠᠭ ᠲᠤ ᠳᠠᠢᠰᠤᠨ ᠶᠠᠪᠤᠭᠰᠠᠭᠠᠷ ᠮᠥᠩᠬᠡ ᠲᠩᠷᠢ ᠳ᠋ᠡᠭᠡᠨ ᠭᠠᠷᠤᠭᠰᠠᠨ ᠬᠣᠢᠨ᠎ᠠ ᠳᠠᠬᠢᠨ ᠡᠪᠯᠡᠵᠡᠢ》 ᠭᠡᠬᠦ ᠪᠣᠳᠣᠯ ᠲᠥᠷᠥᠵᠦ ᠪᠠᠢᠯ᠎ᠠ᠃ ᠲᠡᠳᠡ ᠣᠳᠣ ᠰᠤᠷᠬᠠᠭᠲᠠᠨᠢ ᠶ᠋ᠢᠨ ᠬᠠᠵᠠᠭᠤ ᠳ᠋ᠤ᠌ ᠠᠯᠢ ᠠᠯᠢ ᠨᠢ ᠦᠭᠡᠢ ᠴᠤ᠂ ᠰᠡᠷᠡᠭᠦᠨ ᠠᠬᠤᠢ ᠳ᠋ᠠᠭᠠᠨ ᠲᠡᠷᠡ ᠬᠡᠵᠢᠶ᠎ᠡ ᠴᠦ᠍ ᠲᠡᠳᠡᠨ ᠲᠡᠢ ᠠᠭᠤᠯᠵᠠᠬᠤ ᠦᠭᠡᠢ ᠴᠤ᠂ ᠮᠥᠩᠬᠡ ᠲᠩᠷᠢ ᠳ᠋ᠡᠭᠡᠨ ᠵᠢᠷᠭᠠᠨ ᠴᠡᠩᠭᠡᠵᠦ ᠪᠣᠢ ᠭᠡᠳᠡᠭ ᠲᠦ᠍ ᠢᠲᠡᠭᠡᠯ᠎ᠡ᠃ ᠬᠠᠷᠢᠨ ᠡᠨᠡ ᠰᠠᠢᠬᠠᠨ ᠵᠡᠭᠦᠳᠦ ᠶ᠋ᠢ ᠪᠦᠲᠦᠨ ᠡᠳᠦᠷ ᠦ᠋ᠨ ᠲᠤᠷᠰᠢ ᠳᠡᠭᠡᠬᠡᠨ ᠶᠠᠪᠤᠭᠰᠠᠨ ᠬᠠᠲᠤᠨ ᠢ᠋ᠶ᠋ᠠᠨ ᠢᠩᠭᠢᠵᠦ ᠵᠢᠷᠭᠠᠯᠲᠠᠢ ᠪᠠᠢᠬᠤ ᠶ᠋ᠢ ᠠᠵᠢᠭᠯᠠᠨ ᠭᠠᠢᠬᠠᠬᠤ ᠨᠥᠬᠥᠷ ᠨᠢ᠄
— ᠡᠴᠢᠭᠡ ᠬᠠᠭᠠᠨ ᠮᠢᠨᠢ ᠲᠩᠷᠢ ᠳ᠋ᠦ᠍ ᠬᠠᠯᠢᠭᠰᠠᠨ ᠪᠠᠢᠲᠠᠯ᠎ᠠ ᠴᠢ ᠶᠠᠭᠤᠨ ᠳ᠋ᠤ᠌ ᠢᠨᠢᠶᠡᠨ ᠪᠡᠶᠡᠰᠴᠦ ᠶᠠᠪᠤᠬᠤ ᠭᠡᠮᠡᠨ ᠲᠣᠳᠣᠷᠠᠭᠤᠯᠬᠤ ᠳ᠋ᠤ᠌ ᠰᠤᠷᠬᠠᠭᠲᠠᠨᠢ ᠤᠷᠢᠳ ᠰᠥᠨᠢ ᠶ᠋ᠢᠨ ᠵᠡᠭᠦᠳᠦᠨ ᠳ᠋ᠡᠭᠡᠨ ᠦᠵᠡᠭᠰᠡᠨ ᠪᠦᠬᠦᠨ ᠢ᠋ᠶ᠋ᠡᠨ ᠨᠥᠬᠥᠷ ᠲᠡᠭᠡᠨ ᠶᠠᠷᠢᠵᠤ ᠥᠭᠴᠦ᠂ ᠲᠩᠷᠢ ᠶ᠋ᠢᠨ ᠣᠷᠣᠨ ᠤ᠋ ᠭᠠᠢᠬᠠᠮᠰᠢᠭᠲᠤ ᠣᠷᠳᠣᠨ᠂ ᠪᠤᠷᠬᠠᠳ ᠬᠤᠷᠠᠨ ᠴᠢᠭᠤᠯᠤᠭᠰᠠᠨ ᠦᠵᠡᠰᠬᠦᠯᠡᠩᠲᠦ ᠬᠠᠷᠰᠢ ᠶ᠋ᠢ ᠨᠢᠳᠦᠨ ᠳ᠋ᠦ᠍ ᠬᠠᠷᠠᠭᠳᠠᠲᠠᠯᠠ ᠬᠦᠦᠷᠨᠢᠭᠰᠡᠨ ᠳ᠋ᠦ᠍ ᠲᠤᠯᠤᠢ ᠬᠡᠰᠡᠭ ᠪᠣᠳᠣᠯᠬᠢᠯᠠᠨ ᠰᠠᠭᠤᠯ᠎ᠠ᠃
— ᠬᠠᠲᠤᠨ ᠴᠢᠨᠦ ᠵᠡᠭᠦᠳᠦᠨ ᠳ᠋ᠡᠭᠡᠨ ᠦᠵᠡᠭᠰᠡᠨ ᠨᠢ ᠦᠨᠡᠨ ᠪᠢᠵᠡ᠂ ᠲᠩᠷᠢ ᠶ᠋ᠢᠨ ᠣᠷᠣᠨ ᠤ᠋ ᠲᠡᠷᠡ ᠭᠠᠢᠬᠠᠮᠰᠢᠭᠲᠤ ᠬᠠᠷᠰᠢ ᠶ᠋ᠢ ᠭᠠᠵᠠᠷ ᠲᠤ ᠪᠠᠢᠭᠤᠯᠵᠤ ᠶᠠᠭᠠᠬᠢᠭᠠᠳ ᠪᠣᠯᠬᠤ ᠦᠭᠡᠢ ᠭᠡᠵᠦ᠃ ᠬᠠᠲᠤᠨ ᠮᠢᠨᠢ ᠴᠢ ᠰᠠᠨᠠᠭᠠᠴᠢᠯᠠᠨ ᠲᠡᠭᠦᠨ ᠯᠦ᠍ᠭᠡ ᠠᠳᠠᠯᠢ ᠬᠠᠷᠰᠢ ᠪᠤᠰᠬ᠎ᠠ᠃ ᠡᠴᠢᠭᠡ ᠪᠡᠨ ᠳᠤᠷᠠᠰᠬᠤ ᠳᠤᠷᠠᠰᠬᠠᠯ ᠮᠢᠨᠢ ᠲᠡᠷᠡ ᠪᠣᠯᠤᠭ ᠭᠡᠵᠦ ᠬᠡᠯᠡᠭᠰᠡᠨ ᠡᠴᠡ ᠬᠣᠢᠰᠢ ᠨᠢᠭᠡ ᠶᠡᠬᠡ ᠤᠳᠠᠯ ᠦᠭᠡᠢ ᠶᠡᠬᠡ ᠠᠭᠤᠷᠠᠭ ᠣᠷᠳᠣᠨ ᠤ᠋ ᠬᠠᠵᠠᠭᠤ ᠳ᠋ᠤ᠌ ᠦᠯᠢᠭᠡᠷ ᠦ᠋ᠨ ᠮᠡᠲᠦ ᠭᠣᠶᠣᠮᠰᠣᠭ ᠤᠷᠠᠨ ᠬᠢᠴᠡ ᠲᠡᠢ ᠴᠢᠩᠭᠢᠰ ᠬᠠᠭᠠᠨ ᠤ᠋ ᠣᠩᠭᠣᠨ ᠰᠢᠲᠦᠭᠡᠨ ᠦ᠌ ᠥᠷᠭᠥᠭᠡ ᠪᠣᠰᠤᠯ᠎ᠠ᠃
ᠦᠰᠦᠭ ᠠᠮᠢᠯᠠᠭᠤᠯᠤᠭᠴᠢ᠄ ᠲᠣᠭᠲᠠᠭᠤᠨᠪᠠᠶᠠᠷ᠂ ᠨᠠᠷᠠᠨ᠂ ᠭᠡᠷᠡᠯ᠂ ᠪᠠᠶᠠᠨᠴᠡᠴᠡᠭ᠂ ᠨᠠᠷᠠᠨᠲᠤᠶᠠᠭ᠎ᠠ᠂ ᠤᠷᠠᠨᠴᠢᠮᠡᠭ᠂ ᠸᠠᠩ᠂ ᠪᠠᠳᠮ᠎ᠠ᠂ ᠡ᠊᠂ ᠭᠤᠸ᠎ᠠ᠂ ᠣᠶᠤᠨᠴᠢᠮᠡᠭ᠂ ᠪᠠᠶᠠᠷᠴᠡᠴᠡᠭ᠂ ᠱᠠᠭᠰᠠᠯ᠂ ᠪᠠᠶᠠᠨᠰᠡᠷᠡᠩ
ᠬᠢᠨᠠᠭᠴᠢ᠄ ᠣᠳᠬᠠᠨᠰᠣ᠎ᠠ᠂ ᠱᠠᠭᠰᠠᠯ᠂ ᠰᠡᠬᠡᠭᠡᠷᠡᠯ᠂ ᠭᠠᠷᠮ᠎ᠠ᠂ ᠨᠠᠷᠠᠨ᠂ ᠤᠷᠠᠨᠴᠢᠮᠡᠭ᠂ ᠪᠠᠶᠠᠨᠴᠡᠴᠡᠭ
