ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠭᠤᠷᠪᠠ> Хан мунын сүүрс < дээд > – Мөнх зохиоов ᠂ Дэд бодь – Гуравдугаар бүлэг <3> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠭᠤᠷᠪᠠ> Хан мунын сүүрс < дээд > – Мөнх зохиоов ᠂ Дэд бодь – Гуравдугаар бүлэг <3>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠭᠤᠷᠪᠠ> Хан мунын сүүрс < дээд > – Мөнх зохиоов ᠂ Дэд бодь – Гуравдугаар бүлэг <3>

ᠠᠩᠭᠢᠯᠠᠯ:ᠲᠤᠭᠤᠵᠢ ᠷᠣᠮᠠᠨ
2024-10-08

328

ᠳᠡᠳ᠋ ᠪᠣᠲᠢ – ᠭᠤᠷᠪᠠᠳᠤᠭᠠᠷ ᠪᠦᠯᠦᠭ <ᠭᠤᠷᠪᠠ>


               ᠭᠤᠷᠪᠠ 

       ᠳᠠᠸᠠᠨᠢᠮ᠎ᠠ ᠥᠨᠥᠬᠢ ᠬᠡᠦᠬᠡᠳ ᠦ᠋ᠨ ᠥᠭᠭᠦᠭᠰᠡᠨ ᠥᠨᠥᠴᠢᠨ ᠴᠠᠭᠠᠨ ᠵᠣᠭᠣᠰ ᠢ᠋ ᠴᠢᠩᠭᠠᠬᠠᠨ ᠪᠠᠵᠠᠯᠠᠵᠤ ᠰᠦᠨᠡᠰᠦ ᠦᠭᠡᠢ ᠬᠥᠮᠦᠨ ᠰᠢᠭ ᠭᠡᠯᠳᠦᠷᠢᠭᠰᠡᠭᠡᠷ ᠬᠤᠷᠤᠭᠤᠪᠴᠢᠨ ᠴᠢᠷᠠᠢᠲᠤ ᠶ᠋ᠢᠨ ᠮᠣᠳᠣᠨ ᠲᠠᠭᠲᠤ ᠶ᠋ᠢᠨ ᠥᠭᠰᠥᠭᠦᠷ ᠱᠠᠲᠤ ᠪᠠᠷ ᠮᠥᠯᠬᠥᠨ ᠮᠠᠴᠤᠨ᠎ᠠ᠃ 
       ᠫᠤᠤ ᠪᠠᠨ ᠵᠢᠰᠢᠭᠦᠦ ᠡᠭᠡᠯᠳᠦᠷᠭᠡᠯᠡᠭᠰᠡᠨ ᠡᠭᠦᠳᠡᠨ ᠦ᠌ ᠮᠠᠨᠠᠭ᠎ᠠ ᠳᠠᠸᠠᠨᠢᠮ᠎ᠠ ᠶ᠋ᠢ ᠬᠠᠷᠠᠭᠠᠳ᠄ 
       — ᠮᠠᠭᠤ ᠭᠤᠢᠷᠠᠨᠴᠢ! ᠴᠠᠭᠠᠰᠢ ᠪᠠᠨ ᠲᠣᠨᠢᠯ᠂ ᠣᠳᠣ ᠴᠢᠮ᠎ᠠ ᠳ᠋ᠤ᠌ ᠱᠣᠷᠣ ᠳᠣᠯᠢᠶᠠᠯᠭᠠᠬᠤ ᠦᠭᠡᠢ ᠠ᠋! ᠭᠡᠵᠦ ᠮᠣᠳᠣᠨ ᠲᠠᠭᠲᠤᠨ ᠤ᠋ ᠳᠡᠭᠡᠷ᠎ᠡ ᠡᠴᠡ ᠬᠠᠬᠢᠷ ᠳᠤᠤᠭᠠᠷᠤᠭᠰᠠᠨ ᠳ᠋ᠤ᠌ ᠴᠠᠭᠠᠨ᠎ᠠ ᠠ᠋ᠴᠠ ᠨᠢᠭᠡ ᠬᠥᠮᠦᠨ᠄ 
       — ᠲᠡᠭᠦᠨ ᠢ᠋ ᠨᠠᠭᠠᠰᠢ ᠤᠷᠤᠭᠤᠯ! ᠴᠠᠭᠠᠨ ᠵᠣᠭᠣᠰᠤᠨ ᠤ᠋ ᠬᠦᠴᠦ ᠲᠡᠭᠦᠨ ᠢ᠋ ᠨᠠᠭᠠᠰᠢ ᠱᠣᠭᠰᠢᠭᠤᠯᠤᠭᠰᠠᠨ ᠪᠠᠢᠯᠬᠦᠢ! ᠭᠡᠵᠦ ᠴᠢᠩᠭ᠎ᠠ ᠳᠤᠤᠭᠠᠷᠤᠭᠰᠠᠨ ᠳ᠋ᠤ᠌ ᠥᠨᠥᠬᠢ ᠡᠭᠦᠳᠡᠨ ᠦ᠌ ᠮᠠᠨᠠᠭ᠎ᠠ᠄ 
       — ᠵᠠ! ᠭᠡᠵᠦ ᠮᠡᠬᠦᠯᠵᠡᠭᠡᠳ ᠳᠠᠸᠠᠨᠢᠮ᠎ᠠ ᠶ᠋ᠢ《ᠬᠤᠷᠳᠤᠯᠠᠭᠠᠴᠢ ᠳᠠ᠂ ᠨᠠᠭᠠᠰᠢ ᠪᠠᠨ! ᠵᠠᠩᠭᠤᠢᠳᠠ ᠴᠢᠮᠠᠶ᠋ᠢ ᠣᠷᠣ ᠭᠡᠵᠦ ᠪᠣᠢ》 ᠭᠡᠬᠦ ᠳ᠋ᠦ᠍ᠨᠢ ᠳᠠᠸᠠᠨᠢᠮ᠎ᠠ ᠰᠣᠴᠢᠵᠤ ᠠᠪᠤᠨ ᠥᠭᠰᠥᠬᠦᠢ ᠱᠠᠲᠤ ᠶ᠋ᠢ ᠲᠦᠷᠭᠡᠬᠡᠨ ᠮᠠᠴᠤᠨ᠎ᠠ᠃ 
       ᠬᠠᠷᠠᠬᠤᠯ᠎ᠠ ᠳᠠᠸᠠᠨᠢᠮ᠎ᠠ ᠶ᠋ᠢᠨ ᠳᠦᠷᠢ ᠦᠨᠡᠬᠡᠷ ᠬᠥᠭᠡᠷᠦᠬᠦᠢᠯᠡᠯᠲᠡᠢ᠃ ᠨᠢᠰᠦ ᠰᠢᠯᠦᠰᠦ ᠨᠢ ᠭᠣᠭᠣᠵᠢᠵᠤ᠂ ᠶᠠᠮᠠᠷ ᠨᠢᠭᠡ ᠱᠦᠯᠬᠦᠭᠡ ᠡᠪᠡᠳᠴᠢᠨ ᠳ᠋ᠦ᠍ ᠨᠡᠷᠪᠡᠭᠳᠡᠭᠰᠡᠨ ᠬᠥᠮᠦᠨ ᠰᠢᠭ ᠠᠷᠠᠰᠤ ᠶᠠᠰᠤ ᠪᠣᠯᠵᠤ ᠦᠷᠴᠢᠢᠨ ᠬᠣᠷᠴᠢᠢᠭᠰᠠᠨ ᠡᠪᠦᠭᠡᠨ ᠳᠦᠷᠢ ᠣᠷᠣᠵᠠᠢ᠃ 
       ᠬᠤᠷᠤᠭᠤᠪᠴᠢᠨ ᠴᠢᠷᠠᠢᠲᠤ ᠬᠡᠪᠲᠡᠯᠭᠡᠲᠦ ᠢᠰᠡᠷᠢ ᠳᠡᠭᠡᠷ᠎ᠡ ᠪᠡᠨ ᠬᠠᠷ᠎ᠠ ᠲᠠᠮᠠᠬᠢ ᠴᠣᠷᠭᠢᠵᠤ ᠬᠡᠪᠲᠡᠭᠰᠡᠨ ᠨᠢ ᠡᠲᠡᠭᠡᠳ ᠶᠠᠮᠪᠠ ᠲᠠᠢ ᠬᠠᠷᠠᠭᠳᠠᠵᠤ᠂ ᠲᠠᠸᠠᠨᠢᠮ᠎ᠠ ᠶ᠋ᠢᠨ ᠰᠢᠯᠦᠰᠦ ᠶ᠋ᠢ ᠬᠣᠭᠣᠰᠣᠨ ᠵᠠᠯᠭᠢᠭᠤᠯᠤᠨ《ᠶᠠᠮᠠᠷ ᠬᠥᠮᠦᠨ ᠨᠢ ᠡᠢᠮᠦ ᠬᠤᠪᠢ ᠵᠠᠶᠠᠭ᠎ᠠ ᠲᠠᠢ ᠲᠥᠷᠥᠳᠡᠭ ᠪᠣᠢ?  ᠳ᠋ᠸᠪᠠᠵᠠᠨ ᠤ᠋ ᠣᠷᠳᠣᠨ ᠳ᠋ᠤ᠌ ᠪᠠᠢᠬᠤ ᠰᠢᠭ᠋ ᠶᠦᠮ ᠠ᠋!》 ᠭᠡᠵᠦ ᠡᠷᠬᠡ ᠦᠭᠡᠢ ᠳᠦᠳᠦᠨᠡᠨ᠎ᠡ᠃ 
       ᠬᠤᠷᠤᠭᠤᠪᠴᠢᠨ ᠴᠢᠷᠠᠢᠲᠤ ᠵᠠᠩ ᠣᠪᠣᠭ ᠲᠠᠢ᠃ ᠸᠠᠩ ᠰᠣᠬᠣᠷ ᠤ᠋ᠨ ᠬᠤᠷᠤᠭᠤ ᠬᠢᠮᠤᠰᠤᠨ ᠤ᠋ ᠬᠢᠨᠢ ᠳᠣᠲᠣᠷ᠎ᠠ ᠬᠠᠮᠤᠭ ᠰᠢᠳᠤᠷᠭᠤ ᠶ᠋ᠢᠨ ᠬᠢᠨᠢ ᠨᠢᠭᠡ᠃ ᠸᠠᠩ ᠰᠣᠬᠣᠷ ᠤ᠋ᠨ ᠵᠤᠰᠠᠯᠠᠩ ᠳ᠋ᠠᠭᠠᠨ ᠡᠵᠡᠭᠦᠢ ᠳ᠋ᠦ᠍ ᠲᠡᠷᠡ ᠪᠡᠷ ᠪᠦᠬᠦᠢ ᠶᠠᠭᠤᠮᠠᠨ ᠤ᠋ ᠡᠵᠡᠨ ᠮᠡᠳᠡᠳᠡᠭ ᠡᠴᠡ ᠬᠥᠮᠦᠰ ᠵᠠᠩ ᠵᠠᠩᠭᠤᠢᠳᠠ ᠭᠡᠵᠦ ᠳᠠᠭᠤᠳᠠᠳᠠᠭ ᠠᠵᠢ᠃
       — ᠵᠠᠩ ᠵᠠᠩᠭᠤᠢᠳᠠ ᠠ᠋᠂ ᠨᠠᠳᠠ ᠴᠢᠮᠬᠢ ᠶᠠᠭᠤᠮ᠎ᠠ ᠬᠠᠢᠷᠠᠯᠠᠭᠠᠴᠢ ᠳᠠ᠂ ᠭᠡᠳ ᠤᠬᠢᠯᠠᠩᠨᠠᠬᠤ ᠴᠢᠷᠠᠢ ᠦᠵᠡᠭᠦᠯᠦᠨ ᠭᠤᠩᠰᠢᠬᠤ ᠳ᠋ᠤ᠌ ᠬᠤᠷᠤᠭᠤᠪᠴᠢᠨ ᠴᠢᠷᠠᠢᠲᠤ᠄ 
       — ᠮᠥᠩᠭᠥ ᠪᠠᠢᠨ᠎ᠠ ᠤᠤ? ᠭᠡᠵᠦ ᠠᠰᠠᠭᠤᠪᠠ᠃ 
       — ᠁ ᠡᠨᠡ᠁ ᠭᠡᠵᠦ ᠲᠠᠸᠠᠨᠢᠮ᠎ᠠ ᠭᠠᠷ ᠳᠠᠬᠢ ᠭᠠᠭᠴᠠᠬᠠᠨ ᠴᠠᠭᠠᠨ ᠵᠣᠭᠣᠰ ᠢ᠋ᠶ᠋ᠠᠨ《ᠮᠠᠢ ᠵᠠᠩᠭᠤᠢᠳᠠ ᠠ᠋》 ᠭᠡᠵᠦ ᠥᠭᠬᠦ ᠳ᠋ᠦ᠍ ᠬᠠᠵᠠᠭᠤ ᠠ᠋ᠴᠠ ᠲᠡᠭᠦᠨ ᠤ ᠰᠢᠳᠠᠷ ᠴᠡᠷᠢᠭ ᠴᠠᠭᠠᠨ ᠵᠣᠭᠣᠰ ᠢ᠋ ᠪᠤᠯᠢᠶᠠᠬᠤ ᠵᠠᠪᠳᠤᠭᠤ ᠱᠠᠯᠠᠪ ᠠᠪᠴᠤ᠂ ᠬᠤᠷᠤᠭᠤᠪᠴᠢᠨ ᠴᠢᠷᠠᠢᠲᠤ ᠳ᠋ᠠᠭᠠᠨ ᠠᠪᠠᠴᠢᠵᠤ ᠥᠭᠪᠡᠯ᠂
       — ᠡᠨᠡᠬᠡᠨ ᠭᠠᠭᠴᠠ ᠮᠥᠩᠭᠥ ᠤᠤ? ᠭᠡᠳ ᠬᠤᠷᠤᠭᠤᠪᠴᠢᠨ ᠴᠢᠷᠠᠢᠲᠤ ᠴᠠᠭᠠᠨ ᠵᠣᠭᠣᠰ ᠢ᠋ ᠰᠢᠲᠠᠪᠠ᠃ 
       ᠥᠨᠥᠴᠢᠨ ᠴᠠᠭᠠᠨ ᠵᠣᠭᠣᠰ ᠮᠣᠳᠣᠨ ᠱᠠᠯᠠᠨ ᠳᠡᠭᠡᠷ᠎ᠡ ᠬᠥᠯ ᠤᠷᠭᠤᠭᠰᠠᠨ ᠮᠡᠲᠦ ᠬᠦᠷᠳᠦᠯᠡᠨ ᠪᠥᠮᠪᠥᠷᠢᠨ᠎ᠡ᠃ ᠲᠠᠸᠠᠨᠢᠮ᠎ᠠ ᠲᠡᠷᠡ ᠪᠥᠮᠪᠥᠷᠢᠭᠰᠡᠨ ᠴᠠᠭᠠᠨ ᠵᠣᠭᠣᠰᠤᠨ ᠤ᠋ ᠬᠣᠢᠨ᠎ᠠ ᠠ᠋ᠴᠠ ᠥᠯᠥᠨ ᠨᠢᠳᠦ ᠪᠡᠷ ᠬᠡᠰᠡᠭ ᠮᠡᠯᠡᠷᠡᠭᠰᠡᠨ ᠢ᠋ᠶ᠋ᠡᠨ ᠴᠠᠭᠠᠨ ᠵᠣᠭᠣᠰ ᠢ᠋ ᠪᠠᠷᠢᠬᠤ ᠭᠡᠵᠦ ᠭᠡᠨᠡᠳᠲᠡ ᠮᠥᠯᠬᠥᠪᠡ᠃ ᠨᠥᠭᠦᠭᠡ ᠴᠠᠭᠠᠨ ᠵᠣᠭᠣᠰ ᠲᠡᠭᠦᠨ ᠢ᠋ᠶ᠋ᠡᠷ ᠲᠣᠭᠯᠠᠭᠠᠮ ᠬᠢᠭᠡ ᠰᠢᠭ ᠮᠣᠳᠣᠨ ᠱᠠᠯᠠ ᠳᠡᠭᠡᠭᠦᠷ ᠲᠡᠷᠴᠢᠭᠢᠨᠡᠨ ᠪᠥᠮᠪᠥᠷᠢᠭᠰᠡᠭᠡᠷ ᠡᠷᠭᠢᠵᠦ ᠬᠤᠷᠤᠭᠤᠪᠴᠢᠨ ᠴᠢᠷᠠᠢᠲᠤ ᠶ᠋ᠢᠨ ᠬᠥᠯ ᠳᠣᠣᠷ᠎ᠠ ᠬᠦᠷᠬᠦ ᠳ᠋ᠦ᠍ ᠲᠡᠷᠡ ᠪᠡᠷ ᠫᠠᠯᠳ᠋ ᠬᠢᠲᠠᠯ᠎ᠠ ᠭᠢᠰᠬᠢᠪᠡ᠃ 
      《ᠰᠣᠬᠣᠷ ᠵᠣᠭᠣᠰ ᠪᠠᠰᠠ ᠶᠠᠳᠠᠭᠤ ᠬᠥᠮᠦᠨ ᠢ᠋ ᠭᠣᠯᠣᠵᠤ᠂ ᠪᠠᠶᠠᠨ ᠬᠥᠮᠦᠨ ᠢ᠋ ᠡᠷᠢᠳᠡᠭ ᠪᠠᠢᠵᠠᠢ! ᠴᠢᠭᠢᠶᠡᠲᠦᠷᠦᠦ》 ᠭᠡᠵᠦ ᠳᠣᠲᠣᠷ᠎ᠠ ᠪᠠᠨ ᠬᠣᠷᠣᠰᠤᠨ ᠪᠣᠳᠣᠭᠰᠠᠨ ᠪᠣᠯᠪᠠᠴᠤ ᠬᠡᠯᠡᠵᠦ ᠴᠢᠳᠠᠭᠰᠠᠨ ᠦᠭᠡᠢ᠃ 
       — ᠵᠠᠩ ᠵᠠᠩᠭᠤᠢᠳᠠ ᠠ᠋᠂ ᠨᠠᠳᠠ ᠨᠢᠭᠡ ᠴᠢᠮᠬᠢ ᠶᠠᠭᠤᠮ᠎ᠠ ᠦᠨᠦᠷᠲᠦᠭᠦᠯᠦᠭᠡᠴᠢ ᠳᠡ! ᠦᠬᠦᠬᠦ ᠶᠦᠮ ᠪᠠᠢᠨ᠎ᠠ᠁ 
       — ᠭᠠᠭᠴᠠᠬᠠᠨ ᠰᠣᠬᠣᠷ ᠵᠣᠭᠣᠰ ᠢ᠋ᠶ᠋ᠠᠷ ᠢ᠋ᠶ᠋ᠠᠨ ᠦᠬᠦᠬᠦ ᠳᠥᠭᠥᠭᠰᠡᠨ ᠠᠮᠢ ᠪᠠᠨ ᠠᠪᠤᠷᠠᠬᠤ ᠰᠠᠨᠠᠭ᠎ᠠ ᠲᠠᠢ ᠭᠡᠵᠦ ᠤᠤ? 
       — ᠁ 
       — ᠬᠤᠷᠤᠭᠤᠨ ᠳ᠋ᠤ᠌ ᠡᠯᠭᠦᠭᠳᠡᠬᠦ ᠮᠥᠩᠭᠥ ᠥᠭᠬᠦ ᠲᠡᠢ ᠪᠠᠢᠨ᠎ᠠ ᠤᠤ ᠴᠢᠮ᠎ᠠ ᠳ᠋ᠤ᠌? ᠮᠥᠩᠭᠥ ᠲᠡᠢ ᠪᠣᠯ ᠨᠢᠭᠡ ᠴᠢᠮᠬᠢ᠂ ᠨᠢᠭᠡ ᠪᠣᠭᠣᠳᠠᠯ᠁ ᠰᠢᠭᠤᠳᠠᠢ ᠪᠠᠷ ᠴᠤ᠌ ᠥᠭᠬᠦ ᠶᠠᠭᠤᠮ᠎ᠠ ᠪᠠᠢᠨ᠎ᠠ ᠰᠢᠦ! 
       — ᠵᠠᠩᠭᠤᠢᠳᠠ ᠠ᠋᠂ ᠨᠠᠳᠠ ᠨᠢᠭᠡ ᠯᠡ ᠴᠢᠮᠬᠢ ᠶᠠᠭᠤᠮ᠎ᠠ ᠥᠭᠴᠦ᠂ ᠨᠢᠳᠦ ᠣᠩᠭᠣᠢᠯᠭᠠᠭᠠᠳ ᠠᠯᠢ! ᠪᠢ ᠲᠠᠨ ᠳ᠋ᠤ᠌ ᠣᠪᠣᠭ᠎ᠠ ᠲᠣᠪᠣᠭ᠎ᠠ ᠮᠥᠩᠭᠥ ᠪᠠᠢᠬᠤ ᠭᠠᠵᠠᠷ ᠢ᠋ ᠵᠢᠭᠠᠵᠤ ᠥᠭᠭᠦᠶ᠎ᠡ! ᠭᠡᠵᠦ ᠲᠠᠸᠠᠨᠢᠮ᠎ᠠ ᠰᠢᠩᠭᠡᠨ ᠨᠢᠰᠦ ᠪᠡᠨ ᠲᠠᠲᠠᠩᠭᠠᠨ ᠥᠴᠢᠪᠡ᠃ 
       — ᠶᠠᠭᠤ? ᠣᠪᠣᠭ᠎ᠠ ᠲᠣᠪᠣᠭ᠎ᠠ ᠮᠥᠩᠭᠥ ᠲᠡᠢ ᠭᠠᠵᠠᠷ⁈ ᠭᠡᠵᠦ ᠬᠤᠷᠤᠭᠤᠪᠴᠢᠨ ᠴᠢᠷᠠᠢᠲᠤ ᠭᠡᠪᠲᠡᠯᠭᠡᠲᠦ ᠢᠰᠡᠷᠢ ᠡᠴᠡ ᠪᠡᠨ ᠥᠨᠳᠡᠢᠪᠡ᠃ 
       — ᠲᠡᠢᠮᠦ ᠠ᠋᠂ ᠳᠠᠯᠠᠨ ᠠᠴᠢᠶ᠎ᠠ ᠮᠥᠩᠭᠥ ᠨᠢᠭᠤᠵᠤ ᠲᠠᠯᠪᠢᠭᠰᠠᠨ ᠭᠠᠵᠠᠷ ᠢ᠋ ᠪᠢ ᠮᠡᠳᠡᠨ᠎ᠡ᠃ 
       — ᠳᠠᠯᠠᠨ ᠠᠴᠢᠶ᠎ᠠ ᠮᠥᠩᠭᠥ ᠭᠡᠨ᠎ᠡ ᠤᠤ? ᠲᠣᠩᠭᠣᠰ ᠴᠢ! ᠲᠡᠭᠡᠭᠡᠳ ᠴᠢ᠁ 
       — ᠦᠨᠡᠬᠡᠷ! ᠬᠡᠵᠢᠶ᠎ᠡ ᠶᠦᠮ ᠪᠣᠯ ᠪᠦᠦ ᠮᠡᠳᠡ᠂ ᠶᠡᠬᠡ ᠡᠷᠲᠡ ᠦᠶ᠎ᠡ ᠳ᠋ᠦ᠍ ᠨᠢᠭᠡ ᠵᠠᠩᠵᠤᠨ ᠳᠠᠯᠠᠨ ᠠᠴᠢᠶ᠎ᠠ ᠠᠯᠲᠠ ᠮᠥᠩᠭᠥ ᠠᠴᠢᠵᠤ ᠠᠪᠴᠢᠷᠠᠨ ᠮᠤᠨᠠ ᠠᠭᠤᠯᠠᠨ ᠤ᠋ ᠴᠡᠩᠬᠡᠷ ᠴᠣᠩᠬᠢᠶᠠᠯ ᠳ᠋ᠤ᠌ ᠬᠠᠳᠠᠭᠠᠯᠠᠯ᠎ᠠ ᠭᠡᠳᠡᠭ᠃ ᠲᠡᠭᠡᠭᠡᠳ ᠬᠡᠨ ᠴᠤ᠌ ᠲᠡᠭᠦᠨ ᠢ᠋ ᠠᠪᠴᠤ ᠴᠢᠳᠠᠬᠤ ᠦᠭᠡᠢ ᠥᠨᠥ ᠪᠣᠯᠵᠠᠢ᠃ 
       — ᠲᠡᠭᠡᠭᠡᠳ ᠬᠠᠮᠢᠭ᠎ᠠ ᠬᠠᠳᠠᠭᠠᠯᠠᠵᠤ ᠲᠠᠯᠪᠢᠭᠰᠠᠨ ᠢ᠋ ᠴᠢ ᠮᠡᠳᠡᠬᠦ ᠤᠤ? 
       — ᠮᠡᠳᠡᠨ᠎ᠡ᠃ 
       — ᠯᠠᠪ ᠮᠡᠳᠡᠨ᠎ᠡ ᠤᠤ?  
       — ᠮᠡᠳᠡᠨ᠎ᠡ᠂ ᠮᠡᠳᠡᠨ᠎ᠡ᠃ ᠲᠠ ᠨᠠᠳᠠ ᠨᠢᠭᠡ ᠴᠢᠮᠬᠢ ᠶᠠᠭᠤᠮ᠎ᠠ ᠥᠭᠴᠢᠬᠡ ᠳᠡ᠂ ᠲᠡᠭᠡᠪᠡᠯ ᠪᠢ ᠲᠠᠨ ᠳ᠋ᠤ᠌ ᠵᠠᠮᠴᠢᠯᠠᠵᠤ ᠥᠭᠭᠦᠶ᠎ᠡ ᠭᠡᠰᠡᠨ ᠳ᠋ᠦ᠍ ᠮᠥᠩᠭᠥ ᠴᠠᠭᠠᠨ ᠨᠢᠳᠦ ᠤᠯᠠᠭᠠᠨ ᠭᠡᠳᠡᠭ ᠦᠭᠡ ᠦᠨᠡᠨ᠃ ᠵᠠᠩ ᠵᠠᠩᠭᠤᠢᠳᠠ ᠨᠢᠭᠡ ᠵᠢᠵᠢᠭ ᠪᠣᠭᠣᠳᠠᠯ ᠬᠠᠷ᠎ᠠ ᠲᠠᠮᠠᠬᠢ ᠰᠢᠲᠠᠵᠤ ᠥᠭᠭᠦᠭᠰᠡᠨ ᠳ᠋ᠦ᠍ ᠲᠠᠸᠠᠨᠢᠮ᠎ᠠ ᠶ᠋ᠢᠨ ᠨᠢᠳᠦ ᠨᠢ ᠰᠡᠷᠭᠦᠵᠦ ᠥᠭᠡᠷ᠎ᠡ ᠨᠢᠭᠡ ᠬᠥᠮᠦᠨ ᠪᠣᠯᠤᠭᠰᠠᠨ ᠰᠢᠭ᠋ ᠰᠡᠷᠪᠡᠯᠵᠡᠭᠡᠳ ᠢᠷᠡᠯ᠎ᠡ᠃ 
       ᠬᠠᠷ᠎ᠠ ᠲᠠᠮᠠᠬᠢᠨ ᠤ᠋ ᠰᠢᠷ᠎ᠠ ᠤᠲᠤᠭ᠎ᠠ ᠮᠠᠨᠠᠷᠠᠵᠤ᠂ ᠲᠠᠸᠠᠨᠢᠮ᠎ᠠ ᠶ᠋ᠢᠨ ᠲᠣᠯᠣᠭᠠᠢ ᠲᠦᠷᠦᠭᠦᠦ ᠶ᠋ᠢ ᠮᠠᠨᠠᠨ ᠴᠠᠭᠠᠨ ᠠᠯᠴᠢᠭᠤᠷ ᠰᠢᠭ᠋ ᠣᠷᠢᠶᠠᠯᠳᠤᠨ ᠬᠤᠢᠯᠠᠷᠠᠨ᠎ᠠ᠃  ᠲᠠᠸᠠᠨᠢᠮ᠎ᠠ ᠲᠡᠷᠡ ᠬᠡᠩᠰᠢᠭᠦᠦ ᠲᠡᠢ ᠪᠣᠷᠣ ᠤᠲᠤᠭᠠᠨ ᠳ᠋ᠤ᠌ ᠮᠠᠩᠰᠢᠭᠤᠷᠠᠨ ᠰᠣᠭᠲᠣᠵᠤ᠂ ᠡᠭᠦᠯᠡ ᠬᠥᠯᠭᠡᠯᠡᠨ ᠬᠡᠢ ᠳᠡᠭᠡᠷ᠎ᠡ ᠳᠡᠭᠳᠡᠭᠰᠡᠨ ᠮᠡᠲᠦ᠁  ᠴᠢᠳᠬᠤᠯᠠᠩ ᠲᠠᠢ ᠴᠡᠩᠬᠡᠷ ᠴᠣᠩᠬᠢᠶᠠᠯ ᠤ᠋ᠨ ᠠᠯᠲᠠ ᠶ᠋ᠢ ᠲᠡᠪᠡᠷᠢ ᠲᠡᠪᠡᠷᠢ ᠪᠡᠷ ᠣᠪᠣᠭᠠᠯᠠᠵᠤ ᠲᠠᠯᠪᠢᠭᠠᠳ ᠨᠢᠭᠡ ᠶᠤᠸᠠᠮᠪᠤᠤ᠂ ᠬᠣᠶᠠᠷ ᠶᠤᠸᠠᠮᠪᠤᠤ ᠁ ᠭᠡᠵᠦ ᠮᠥᠩᠭᠥ ᠲᠣᠭᠠᠯᠠᠨ ᠵᠢᠷᠭᠠᠵᠤ ᠪᠠᠢᠭ᠎ᠠ ᠰᠢᠭ᠋ ᠮᠠᠷᠰᠠᠢᠨ ᠢᠨᠢᠶᠡᠨ᠎ᠡ᠃ 
       ᠳᠡᠮᠡᠢ ᠬᠡᠳᠦ ᠬᠣᠨᠣᠭᠰᠠᠨ ᠦᠭᠡᠢ ᠬᠤᠷᠤᠭᠤᠪᠴᠢᠨ ᠴᠢᠷᠠᠢᠲᠤ ᠲᠠᠸᠠᠨᠢᠮ᠎ᠠ ᠪᠠᠷ ᠵᠠᠮᠴᠢᠯᠠᠭᠤᠯᠵᠤ ᠠᠭᠤᠯᠠᠨ ᠳ᠋ᠤ᠌ ᠮᠥᠩᠭᠥ ᠬᠠᠢᠬᠤ ᠪᠠᠷ ᠶᠠᠪᠤᠯ᠎ᠠ᠃ 
       ᠦᠳᠡ ᠬᠡᠯᠪᠡᠢᠬᠦ ᠳ᠋ᠦ᠍ ᠲᠠᠸᠠᠨᠢᠮ᠎ᠠ ᠶ᠋ᠢᠨ ᠳᠠᠭᠠᠭᠤᠯᠤᠭᠰᠠᠨ ᠬᠤᠷᠤᠭᠤᠪᠴᠢᠨ ᠴᠢᠷᠠᠢᠲᠤ ᠲᠦᠷᠦᠭᠦᠲᠠᠢ ᠳᠣᠯᠣᠭ᠎ᠠ ᠨᠠᠢ᠍ᠮᠠᠨ ᠬᠠᠷ᠎ᠠ ᠴᠡᠷᠢᠭ ᠠᠷᠠᠢ ᠭᠡᠵᠦ ᠥᠯᠥᠩᠲᠦ ᠶ᠋ᠢᠨ ᠪᠠᠷᠠᠭᠤᠨ ᠬᠢᠷ᠎ᠠ ᠳᠡᠭᠡᠷ᠎ᠡ ᠭᠠᠷᠴᠤ ᠣᠴᠢᠪᠠ᠃ 
       — ᠶᠠᠪᠤᠭᠠᠳ ᠶᠠᠪᠤᠭᠠᠳ ᠬᠦᠷᠳᠡᠭ ᠦᠭᠡᠢ ᠶᠠᠮᠠᠷ ᠭᠠᠵᠠᠷ ᠪᠣᠢ? ᠣᠳᠣ ᠣᠢᠷᠠᠳᠴᠤ ᠪᠠᠢᠨ᠎ᠠ ᠤᠤ? ᠭᠡᠵᠦ ᠬᠤᠷᠤᠭᠤᠪᠴᠢᠨ ᠴᠢᠷᠠᠢᠲᠤ ᠠᠰᠠᠭᠤᠪᠠᠯ ᠲᠠᠸᠠᠨᠢᠮ᠎ᠠ᠄ 
       — ᠲᠠ᠊ – ᠷᠡ! ᠬᠦᠷᠡᠩ ᠬᠠᠳᠠ ᠲᠠᠢ ᠪᠠᠷᠲᠠᠭᠠᠲᠤ ᠡᠩᠭᠡᠷ ᠢ᠋ ᠳᠠᠪᠠᠵᠤ ᠪᠠᠰᠠ ᠵᠢᠭᠠᠬᠠᠨ ᠴᠠᠭᠠᠰᠢ ᠶᠠᠪᠤᠪᠠᠯ ᠬᠦᠷᠴᠢᠬᠡᠨ᠎ᠡ ᠭᠡᠰᠡᠨ ᠳ᠋ᠦ᠍ ᠳᠠᠭᠠᠯᠳᠤᠭᠰᠠᠨ ᠬᠡᠳᠦᠨ ᠬᠠᠷ᠎ᠠ ᠴᠡᠷᠢᠭ ᠠᠮᠠ ᠨᠢ ᠢᠷᠪᠠᠢᠵᠤ《ᠲᠡᠷᠡ ᠪᠠᠷᠲᠠᠭᠠᠲᠤ ᠡᠩᠭᠡᠷ ᠢ᠋ ᠶᠠᠭᠠᠬᠢᠵᠤ ᠳᠠᠪᠠᠵᠤ ᠭᠠᠷᠤᠨ᠎ᠠ ᠪᠣᠢ⁈》 ᠭᠡᠵᠡᠭᠡᠨ᠎ᠡ᠃ ᠲᠠᠸᠠᠨᠢᠮ᠎ᠠ᠄ 
       — ᠬᠡᠴᠡᠭᠦᠦ ᠳᠡ! ᠵᠠᠩᠭᠤᠢᠳᠠ ᠠ᠋᠂ ᠨᠠᠳᠠ ᠥᠨᠥᠬᠢ ᠡᠴᠡ ᠪᠡᠨ ᠪᠠᠰᠠ ᠵᠢᠭᠠᠬᠠᠨ ᠥᠭᠭᠦᠨ᠎ᠡ ᠤᠤ? ᠲᠠᠮᠢᠷ ᠲᠡᠩᠬᠡᠭᠡ ᠮᠠᠭᠤᠳᠠᠵᠤ ᠪᠡᠶ᠎ᠡ ᠰᠤᠯᠳᠠᠢᠭᠠᠳ ᠪᠠᠢᠨ᠎ᠠ ᠭᠡᠵᠦ ᠲᠠᠮᠢᠷᠳᠠᠩᠭᠤᠢ ᠰᠤᠯᠠᠬᠠᠨ ᠳᠠᠭᠤᠨ ᠢ᠋ᠶ᠋ᠠᠷ ᠥᠴᠢᠬᠦ ᠳ᠋ᠦ᠍᠄ 
       — ᠮᠠᠢ! ᠭᠡᠵᠦ ᠬᠤᠷᠤᠭᠤᠪᠴᠢᠨ ᠴᠢᠷᠠᠢᠲᠤ ᠨᠢᠭᠡ ᠰᠣᠷᠣᠬᠤ ᠪᠠᠷ ᠬᠣᠨᠢᠨ ᠤ᠋ ᠬᠣᠷᠭᠣᠯ ᠰᠢᠭ᠋ ᠬᠠᠷ᠎ᠠ ᠷᠢᠯᠦ ᠭᠠᠷᠭᠠᠵᠤ ᠲᠠᠸᠠᠨᠢᠮ᠎ᠠ ᠳ᠋ᠤ᠌ ᠥᠭᠭᠦᠯ᠎ᠡ᠃ 
       ᠎᠎— ᠤᠤᠬᠠᠢ ᠳᠣᠷᠢᠭᠤᠨ ᠪᠣᠯᠤᠯ᠎ᠠ᠃ ᠡᠨᠡ ᠴᠤ᠌ ᠰᠠᠢᠨ ᠡᠳ᠋ ᠪᠠᠢᠨ᠎ᠠ ᠭᠡᠵᠦ ᠲᠠᠸᠠᠨᠢᠮ᠎ᠠ ᠬᠡᠯᠡᠭᠡᠳ ᠲᠦᠳᠡᠬᠡᠨ ᠤᠲᠤᠭ᠎ᠠ ᠮᠠᠨᠠᠷᠠᠭᠤᠯᠴᠢᠬᠠᠭᠠᠳ ᠴᠠᠭᠠᠰᠢ ᠬᠥᠳᠡᠯᠪᠡ᠃ 
       ᠴᠠᠭᠠᠳᠤ ᠬᠦᠷᠡᠩ ᠬᠠᠳᠠ ᠲᠠᠢ ᠪᠠᠷᠲᠠᠭᠠᠲᠤ ᠡᠩᠭᠡᠷ ᠢ᠋ ᠳᠠᠪᠠᠬᠤ ᠳ᠋ᠤ᠌ ᠲᠠᠸᠠᠨᠢᠮ᠎ᠠ ᠶ᠋ᠢᠨ ᠬᠥᠯ ᠳ᠋ᠦ᠍ᠨᠢ ᠵᠢᠭᠦᠷ ᠤᠷᠭᠤᠭᠰᠠᠨ ᠰᠢᠭ᠋ ᠰᠠᠯᠬᠢᠳᠠᠵᠤ ᠶᠠᠪᠤᠨ᠎ᠠ᠃ ᠨᠥᠭᠦᠭᠡ ᠬᠠᠷ᠎ᠠ ᠴᠡᠷᠢᠭ ᠦ᠋ᠳ ᠠᠭᠤᠯᠠ ᠬᠠᠳᠠᠨ ᠳ᠋ᠤ᠌ ᠮᠠᠭᠤ ᠪᠣᠯᠬᠣᠷ ᠪᠠᠭᠠᠴᠠᠭᠠᠨᠠᠭᠠᠳ ᠶᠠᠪᠤᠭᠤᠷᠢ ᠮᠠᠭᠤ ᠲᠠᠢ ᠪᠠᠢᠯ᠎ᠠ᠃ ᠶᠠᠭᠳᠠᠭᠰᠠᠨ ᠬᠣᠶᠠᠷ ᠨᠢ ᠥᠨᠳᠥᠷ ᠬᠠᠳᠠᠨ ᠳ᠋ᠤ᠌ ᠲᠣᠯᠣᠭᠠᠢ ᠨᠢ ᠡᠷᠭᠢᠯ᠎ᠡ ᠭᠡᠳ ᠵᠠᠮ ᠳ᠋ᠤ᠌ ᠬᠣᠴᠣᠷᠪᠠ᠃ ᠲᠠᠸᠠᠨᠢᠮ᠎ᠠ ᠬᠤᠷᠤᠭᠤᠪᠴᠢᠨ ᠴᠢᠷᠠᠢᠲᠤ ᠬᠡᠳᠦᠭᠦᠯᠡ ᠬᠤᠷᠳᠤᠯᠠᠨ ᠶᠠᠪᠤᠭᠰᠠᠭᠠᠷ ᠥᠨᠳᠥᠷ ᠬᠠᠳᠠᠨ ᠭᠠᠴᠠᠭᠠᠨ ᠠ᠋ᠴᠠ ᠬᠦᠷᠬᠢᠷᠡᠭᠰᠡᠨ ᠴᠢᠳᠬᠤᠯᠠᠩ ᠲᠠᠢ ᠴᠡᠩᠬᠡᠷ ᠴᠣᠩᠬᠢᠶᠠᠯ ᠤ᠋ᠨ ᠳᠡᠷᠭᠡᠳᠡ ᠬᠦᠷᠴᠦ ᠣᠴᠢᠪᠠ᠃ 
       ᠬᠤᠷᠤᠭᠤᠪᠴᠢᠨ ᠴᠢᠷᠠᠢᠲᠤ ᠳᠣᠲᠣᠷ᠎ᠠ ᠪᠠᠨ《ᠡᠢᠨ ᠬᠦ᠌ ᠰᠠᠢᠬᠠᠨ ᠭᠠᠵᠠᠷ ᠪᠠᠰᠠ ᠪᠠᠢᠳᠠᠭ ᠶᠤᠮ ᠪᠠᠢᠨ᠎ᠠ!》 ᠭᠡᠵᠦ ᠡᠢᠰᠢ ᠲᠠᠢᠰᠢ ᠰᠣᠨᠢᠭᠤᠴᠢᠯᠠᠨ ᠭᠠᠢᠬᠠᠨ᠎ᠠ᠁ 
       ᠵᠢᠷᠤᠭ ᠰᠢᠭ᠋ ᠰᠠᠢᠬᠠᠨ ᠠᠭᠠᠷᠤ ᠮᠣᠳᠣ ᠲᠠᠢ ᠬᠦᠷᠡᠩ ᠬᠠᠳᠠ ᠲᠠᠢ ᠥᠨᠳᠥᠷ ᠬᠠᠪᠴᠢᠯ ᠠ᠋ᠴᠠ ᠴᠢᠳᠬᠤᠯᠠᠩ ᠤᠰᠤ ᠤᠷᠤᠰᠴᠤ᠂ ᠳᠣᠣᠷ᠎ᠠ ᠪᠠᠨ ᠵᠠᠮᠤᠭ ᠨᠣᠭᠣᠭᠠᠨ ᠬᠥᠪᠡᠭᠡ ᠲᠡᠢ ᠴᠡᠩᠬᠡᠷ ᠴᠣᠩᠬᠢᠶᠠᠯ ᠤ᠋ᠨ ᠤᠰᠤᠨ ᠳ᠋ᠤᠨᠢ ᠵᠢᠭᠠᠰᠤ ᠵᠢᠷᠠᠭᠠᠬᠠᠢ ᠴᠣᠯᠭᠢᠨ ᠨᠠᠭᠠᠳᠴᠤ ᠦᠨᠡᠬᠡᠷ ᠬᠠᠷᠠᠭᠰᠠᠨ ᠪᠦᠬᠦᠨ ᠦ᠌ ᠴᠢᠯᠡᠭᠡ ᠶ᠋ᠢ ᠠᠯᠳᠠᠷᠠᠭᠠᠬᠤ ᠤᠷᠮ᠎ᠠ ᠶ᠋ᠢ ᠰᠡᠷᠭᠦᠭᠡᠮ᠎ᠡ ᠪᠠᠢᠯ᠎ᠠ᠃ 
       ᠬᠤᠷᠤᠭᠤᠪᠴᠢᠨ ᠴᠢᠷᠠᠢᠲᠤ ᠡᠨᠡ ᠬᠦ᠌ ᠭᠠᠩᠭᠠᠩ ᠪᠠᠢᠭᠠᠯᠢ ᠶ᠋ᠢᠨ ᠣᠷᠴᠢᠨ ᠲᠣᠭᠣᠷᠢᠨ ᠢ᠋ ᠠᠵᠢᠭᠯᠠᠵᠤ ᠶᠡᠬᠡᠳᠡ ᠰᠣᠭᠲᠣᠭᠤᠷᠠᠭᠰᠠᠨ ᠢ᠋ᠶ᠋ᠠᠨ《ᠸᠠᠩ ᠵᠠᠩᠭᠤᠢᠳᠠ ᠳ᠋ᠠᠭᠠᠨ ᠴᠢᠬᠢᠨ ᠳ᠋ᠦ᠍ᠨᠢ ᠴᠢᠮᠡᠭ ᠪᠣᠯᠭᠠᠵᠤ ᠬᠡᠯᠡᠪᠡᠯ ᠴᠤ᠌ ᠬᠦᠨᠳᠦ ᠱᠠᠩ ᠬᠦᠷᠲᠡᠨ᠎ᠡ ᠰᠢᠦ! ᠡᠨᠡ ᠭᠠᠵᠠᠷ ᠢᠷᠡᠵᠦ ᠰᠡᠳᠬᠢᠯ ᠰᠡᠷᠭᠦᠭᠡᠬᠦ ᠵᠤᠰᠠᠯᠠᠩ ᠪᠣᠯᠭᠠᠬᠤ ᠶᠤᠮ ᠪᠣᠯ ᠴᠤ᠌ ᠦᠨᠡᠬᠡᠷ ᠲᠠᠭᠠᠲᠠᠢ》 ᠭᠡᠵᠦ ᠪᠣᠳᠣᠭᠰᠠᠨ ᠢ᠋ᠶ᠋ᠠᠨ ᠡᠷᠬᠡ ᠦᠭᠡᠢ ᠢᠨᠢᠶᠡᠳᠦ ᠨᠢ ᠬᠦᠷᠴᠦ᠄ 
       — ᠬᠥᠶᠢ᠂ ᠳᠠᠸᠠ ᠠ᠋! ᠮᠠᠢ ᠣᠳᠣ ᠨᠢᠭᠡ ᠰᠤᠷᠣᠴᠢᠬ᠎ᠠ! ᠭᠡᠵᠦ ᠳᠣᠲᠣᠷ᠎ᠠ ᠬᠠᠷᠮᠠᠨ ᠠ᠋ᠴᠠ ᠪᠠᠨ ᠨᠢᠭᠡ ᠬᠣᠷᠭᠣᠯ ᠬᠢᠷᠢᠲᠡᠢ ᠶᠠᠭᠤᠮ᠎ᠠ ᠭᠠᠷᠭᠠᠵᠤ《ᠡᠭᠦᠨ ᠢ᠋ᠶ᠋ᠡᠨ ᠳᠡᠭᠡᠭᠰᠢᠯᠡᠭᠦᠯᠴᠢᠬᠡᠭᠡᠳ ᠥᠨᠥᠬᠢ ᠮᠥᠩᠭᠥ ᠳᠠᠯᠳᠠᠯᠠᠭᠰᠠᠨ ᠭᠠᠵᠠᠷ ᠢ᠋ᠶ᠋ᠠᠨ ᠵᠢᠭᠠᠭᠠᠳ ᠠᠯᠢ!》 ᠭᠡᠵᠦ ᠮᠠᠷᠰᠠᠢᠨ ᠢᠨᠢᠶᠡᠨ᠎ᠡ᠃ 
       ᠳᠠᠸᠠᠨᠢᠮ᠎ᠠ᠂ ᠬᠤᠷᠤᠭᠤᠪᠴᠢᠨ ᠴᠢᠷᠠᠢᠲᠤ ᠶᠢ ᠰᠣᠨᠢᠷᠬᠠᠨ ᠬᠠᠷᠠᠭᠰᠠᠨ ᠢᠶᠠᠨ᠄
       — ᠵᠠ᠂ ᠲᠡᠭᠡ ! ᠵᠠᠩᠭᠤᠢᠳᠠ ᠳ᠋ᠤ᠌ ᠭᠢᠯᠠᠢᠯ᠎ᠠ ᠭᠡᠵᠦ ᠥᠨᠥᠬᠢ ᠬᠠᠷ᠎ᠠ ᠲᠠᠮᠠᠬᠢ ᠶ᠋ᠢ ᠲᠣᠰᠴᠤ ᠠᠪᠤᠭᠠᠳ 《ᠡᠨᠡ ᠬᠠᠷᠠᠮᠴᠢ ᠰᠠᠮᠵᠠᠨ ᠤ᠋ ᠪᠤᠬᠤᠷ ᠠ᠋ᠴᠠ ᠴᠢᠪᠠᠭ᠎ᠠ ᠥᠪᠡᠷ ᠢ᠋ᠶ᠋ᠡᠨ ᠤᠨᠠᠬᠤ ᠭᠡᠭᠴᠢ ᠨᠠᠷᠠ ᠪᠠᠷᠠᠭᠤᠨᠲᠠᠢ ᠠ᠋ᠴᠠ ᠭᠠᠷᠤᠯ᠎ᠠ ᠭᠡᠰᠡᠨ ᠦᠭᠡ》 ᠭᠡᠵᠦ ᠳᠣᠲᠣᠷ᠎ᠠ ᠪᠠᠨ ᠰᠠᠨᠠᠭᠠᠳ ᠥᠨᠥᠬᠢ ᠬᠣᠷᠭᠣᠯ ᠬᠢᠷᠢᠲᠡᠢ ᠶᠠᠭᠤᠮ᠎ᠠ ᠶ᠋ᠢ ᠱᠠᠵᠢᠭᠢᠨᠠᠭᠤᠯᠤᠨ ᠰᠣᠷᠣᠬᠤ ᠳ᠋ᠤ᠌ ᠨᠢᠳᠦ ᠨᠢ ᠣᠩᠭᠣᠢᠵᠤ᠂ ᠨᠢᠭᠡ ᠡᠳᠦᠷ ᠦ᠋ᠨ ᠴᠢᠯᠡᠭᠡ ᠲᠠᠢᠯᠤᠭᠳᠠᠬᠤ ᠰᠢᠭ᠋ ᠲᠠᠪᠠᠲᠠᠢ ᠪᠣᠯᠪᠠ᠃ 
       — ᠵᠠ᠂ ᠥᠨᠥᠬᠢ ᠳᠠᠯᠠᠨ ᠠᠴᠢᠶ᠎ᠠ ᠮᠥᠩᠭᠥ ᠬᠠᠮᠢᠭ᠎ᠠ ᠪᠠᠢᠨ᠎ᠠ ᠪᠣᠢ ? 
       — ᠲᠡᠷᠡ ᠴᠣᠩᠬᠢᠶᠠᠯ ᠤ᠋ᠨ ᠪᠠᠷᠠᠭᠤᠨ ᠬᠣᠢᠲᠤ ᠳᠡᠭᠡᠷᠡᠬᠢ ᠰᠠᠷᠠᠪᠴᠢᠨ ᠬᠠᠳᠠᠨ ᠳᠡᠭᠡᠷ᠎ᠡ ᠭᠠᠷᠪᠠᠯ ᠣᠪᠣᠭ᠎ᠠ ᠲᠣᠪᠣᠭ᠎ᠠ ᠮᠥᠩᠭᠥ ᠪᠠᠢᠬᠤ ᠨᠢ ᠬᠠᠷᠠᠭᠳᠠᠳᠠᠭ ᠭᠡᠵᠦ ᠬᠥᠮᠦᠰ ᠬᠡᠯᠡᠯᠴᠡᠳᠡᠭ ᠶᠦᠮ ᠭᠡᠳ ᠬᠡᠳᠦᠭᠦᠯᠡ ᠴᠣᠩᠬᠢᠶᠠᠯ ᠤ᠋ᠨ ᠪᠠᠷᠠᠭᠤᠨ ᠬᠥᠪᠡᠭᠡ ᠪᠡᠷ ᠳᠡᠭᠡᠭᠰᠢ ᠮᠠᠴᠤᠵᠤ ᠲᠡᠷᠡ ᠰᠠᠷᠠᠪᠴᠢᠨ ᠬᠠᠳᠠ ᠶ᠋ᠢ ᠠᠪᠠᠷᠢᠨ᠎ᠠ᠃ 
       ᠲᠠᠸᠠᠨᠢᠮ᠎ᠠ᠂ ᠬᠤᠷᠤᠭᠤᠪᠴᠢᠨ ᠴᠢᠷᠠᠢᠲᠤ ᠪᠠ ᠲᠡᠭᠦᠨ ᠦ᠌ ᠰᠢᠳᠠᠷ ᠳᠠᠭᠠᠯᠲᠠ ᠲᠠᠢ ᠭᠤᠷᠪᠠᠭᠤᠯᠠ ᠲᠡᠷᠡ ᠰᠠᠷᠠᠪᠴᠢᠨ ᠬᠠᠳᠠᠨ ᠳᠡᠭᠡᠷ᠎ᠡ ᠭᠠᠷᠴᠤ ᠣᠴᠢᠪᠠ᠃ ᠳᠠᠭᠠᠯᠳᠤᠭᠰᠠᠨ ᠬᠠᠷ᠎ᠠ ᠴᠡᠷᠢᠭ ᠦ᠋ᠨ ᠨᠥᠭᠦᠭᠡ ᠭᠤᠷᠪᠠ ᠨᠢ ᠪᠠᠰᠠ ᠰᠠᠷᠠᠪᠴᠢᠨ ᠬᠠᠳᠠ ᠶ᠋ᠢ ᠮᠠᠴᠤᠵᠤ ᠴᠢᠳᠠᠭᠰᠠᠨ ᠦᠭᠡᠢ ᠳᠣᠣᠷ᠎ᠠ ᠬᠤᠴᠣᠷᠪᠠ᠃ 
       — ᠬᠠᠮᠢᠭ᠎ᠠ ᠪᠣᠢ ᠥᠨᠥ ᠮᠥᠩᠭᠥ ᠴᠢᠨᠢ ⁈ ᠭᠡᠵᠦ ᠬᠤᠷᠤᠭᠤᠪᠴᠢᠨ ᠴᠢᠷᠠᠢᠲᠤ ᠲᠠᠸᠠᠨᠢᠮ᠎ᠠ ᠶ᠋ᠢ ᠱᠠᠯᠠᠵᠤ ᠠᠰᠠᠭᠤᠪᠠᠯ ᠲᠠᠸᠠᠨᠢᠮ᠎ᠠ ᠳᠣᠲᠣᠷ᠎ᠠ ᠪᠠᠨ 《 ᠡᠨᠡ ᠮᠠᠭᠤ ᠮᠥᠩᠭᠥᠨ ᠦ᠌ ᠬᠣᠷᠣᠬᠠᠢ ᠴᠢᠮᠠᠶ᠋ᠢ! ᠪᠢ ᠭᠠᠭᠴᠠ ᠴᠢᠮ᠎ᠠ ᠲᠠᠢ ᠪᠠᠢᠭᠰᠠᠨ ᠪᠣᠯ <ᠲᠡᠷᠡ᠂  ᠲᠡ – ᠷᠡ ᠮᠥᠩᠭᠥ> ᠭᠡᠵᠦ ᠴᠣᠩᠬᠢᠶᠠᠯ ᠤ᠋ᠨ ᠭᠦᠨ ᠲᠠᠢᠰᠢ ᠱᠠᠭᠠᠢᠯᠭᠠᠴᠢᠬᠠᠭᠠᠳ ᠠᠷᠤ ᠠ᠋ᠴᠠ ᠨᠢ ᠨᠢᠭᠡ ᠱᠤᠳᠤᠷᠪᠠᠯ ᠭᠦᠨ ᠴᠣᠩᠬᠢᠶᠠᠯ ᠳ᠋ᠤ᠌ ᠨᠢᠭᠡ ᠨᠠᠰᠤ ᠠᠷᠪᠠᠨ ᠭᠤᠷᠪᠠ ᠶ᠋ᠢ ᠴᠢᠨᠢ ᠳᠠᠭᠤᠰᠬᠠᠭᠴᠢᠬᠠᠬᠤ ᠨᠢ ᠲᠡᠷᠡ! ᠴᠢᠭᠢᠶᠡᠲᠦᠷᠦᠦ》 ᠭᠡᠵᠦ ᠳᠣᠲᠣᠷ᠎ᠠ ᠪᠠᠨ ᠵᠠᠨᠤᠭᠠᠳ᠄ 
       — ᠵᠠᠩ ᠵᠠᠩᠭᠤᠢᠳᠠ ᠭᠤᠸᠠᠢ ᠠ᠋᠂ ᠲᠠ ᠲᠡᠷᠡ ᠭᠦᠨ ᠴᠣᠩᠬᠢᠶᠠᠯ ᠤ᠋ᠨ ᠬᠠᠳᠠ ᠲᠠᠢ ᠢᠷᠣᠭᠠᠷ ᠤᠷᠤᠭᠤ ᠰᠠᠢᠨ ᠬᠠᠷᠠ᠂ ᠣᠪᠣᠭ᠎ᠠ ᠲᠣᠪᠣᠭ᠎ᠠ ᠠᠯᠲᠠ ᠮᠥᠩᠭᠥ ᠣᠪᠣᠭᠠᠯᠠᠭᠠᠰᠤᠲᠠᠢ ᠬᠠᠷᠠᠭᠳᠠᠬᠤ ᠦᠭᠡᠢ ᠪᠠᠢᠨ᠎ᠠ ᠤᠤ ? ᠭᠡᠰᠡᠨ ᠳ᠋ᠦ᠍ ᠬᠤᠷᠤᠭᠤᠪᠴᠢᠨ ᠴᠢᠷᠠᠢᠲᠤ᠄ 
       — ᠬᠠᠮᠢᠭ᠎ᠠ ᠪᠣᠢ ? ᠶᠠᠭ ᠬᠠᠷᠠᠭᠳᠠᠬᠤ ᠦᠭᠡᠢ ᠰᠢᠲᠠ! ᠭᠡᠨ᠎ᠡ᠃ 
       — ᠲᠡᠷᠡ ᠬᠠᠳᠠᠨ ᠤ᠋ ᠢᠷᠣᠭᠠᠷ ᠢ᠋ ᠳᠠᠭᠠᠵᠤ ᠰᠢᠯᠤᠭᠤᠬᠠᠨ ᠬᠠᠷᠠ! 
       ᠬᠤᠷᠤᠭᠤᠪᠴᠢᠨ ᠴᠢᠷᠠᠢᠲᠤ ᠲᠠᠸᠠᠨᠢᠮ᠎ᠠ ᠶ᠋ᠢᠨ ᠵᠢᠭᠠᠭᠰᠠᠨ ᠵᠦᠭ ᠲᠦ᠍ ᠨᠢᠳᠦ ᠪᠡᠨ ᠴᠢᠯᠡᠲᠡᠯ᠎ᠡ ᠱᠠᠭᠠᠢᠭᠰᠠᠨ ᠴᠤ᠌ ᠶᠠᠭᠤᠮ᠎ᠠ ᠣᠯᠵᠤ ᠬᠠᠷᠠᠭᠰᠠᠨ ᠦᠭᠡᠢ ᠳ᠋ᠡᠭᠡᠨ ᠤᠴᠠᠭᠠᠷᠳᠠᠵᠤ᠄ 
       — ᠶᠠᠭᠤᠮ᠎ᠠ ᠬᠠᠷᠠᠭᠳᠠᠬᠤ ᠦᠭᠡᠢ ᠰᠢᠲᠠ᠂ ᠲᠠᠸᠠᠨᠢᠮ᠎ᠠ ᠴᠢ ᠨᠠᠳᠠ ᠪᠠᠷ ᠨᠠᠭᠠᠳᠤᠮ ᠬᠢᠭᠰᠡᠭᠡᠷ ᠰᠠᠢᠨ ᠢ᠋ᠶ᠋ᠠᠨ ᠣᠯᠵᠤ ᠦᠵᠡᠬᠦ ᠦᠭᠡᠢ ᠰᠢᠦ! ᠭᠡᠰᠡᠨ ᠳ᠋ᠦ᠍ ᠳᠠᠸᠠᠨᠢᠮ᠎ᠠ᠄
       — ᠲᠠᠨ ᠤ ᠨᠢᠳᠦ ᠴᠢᠨᠢ ᠰᠣᠬᠣᠷ ᠪᠢᠰᠢ ᠪᠢᠵᠡ⁈ ᠶᠠᠭᠠᠬᠢᠭᠠᠳ ᠪᠦᠯᠲᠡᠢᠵᠦ ᠪᠠᠢᠭᠠᠳ ᠶᠠᠭᠤᠮ᠎ᠠ ᠣᠯᠵᠤ ᠦᠵᠡᠳᠡᠭ ᠦᠭᠡᠢ ᠶᠤᠮ?  ᠭᠡᠵᠦ ᠨᠥᠭᠥᠭᠡ ᠬᠤᠷᠤᠭᠤᠪᠴᠢᠨ ᠴᠢᠷᠠᠢᠲᠤ ᠶᠢᠨ ᠰᠢᠲᠠᠷ᠎ ᠳᠠᠭᠠᠯᠲᠠ ᠵᠦᠭ 《ᠴᠢ ᠣᠯᠵᠤ ᠦᠵᠡᠪᠡ ᠤᠤ?》 ᠭᠡᠰᠡᠨ ᠳᠦ ᠨᠥᠭᠥᠭᠡ ᠡᠷ᠎ᠡ᠄
       — ᠴᠢᠯᠠᠭᠤ ᠴᠤ᠌ ᠶᠤᠮ ᠰᠢᠭ᠋᠂ ᠮᠥᠩᠭᠦ ᠴᠤ᠌ ᠶᠤᠮ ᠰᠢᠭ ᠣᠪᠣᠭ᠎ᠠ ᠲᠣᠪᠣᠢᠭ᠎ᠠ ᠶᠠᠭᠤᠮ᠎ᠠ ᠬᠠᠷᠠᠭᠳᠠᠬᠤ ᠨᠢ ᠴᠤ᠌ ᠬᠠᠷᠠᠭᠳᠠᠵᠠᠢ ᠭᠡᠨ᠎ᠡ ᠭᠡᠰᠡᠨ ᠳᠦ ᠬᠤᠷᠤᠭᠤᠪᠴᠢᠨ ᠴᠢᠷᠠᠢᠲᠤ ᠨᠥᠭᠥᠭᠡ ᠰᠢᠲᠠᠷ ᠳᠠᠭᠠᠯᠲᠠ ᠪᠠᠨ ᠬᠠᠷᠠᠵᠤ᠄
       — ᠦᠨᠡᠨ ᠤᠤ?  ᠭᠡᠪᠡ᠃
       — ᠦᠨᠡᠨ᠃ ᠣᠪᠣᠭ᠎ᠠ ᠲᠣᠪᠣᠭ᠎ᠠ ᠶᠠᠭᠤᠮ᠎ᠠ ᠪᠥᠷᠲᠥᠯᠵᠡᠵᠦ ᠬᠠᠷᠠᠭᠳᠠᠨ᠎ᠠ ᠭᠡᠵᠦ ᠶᠠᠭᠤ ᠴᠤ᠌ ᠣᠯᠵᠤ ᠦᠵᠡᠭᠰᠡᠨ ᠦᠭᠡᠢ ᠪᠡᠨ ᠮᠡᠳᠡᠬᠦ ᠦᠭᠡᠢ ᠬᠥᠮᠦᠨ ᠦ᠌ ᠠᠮᠠ ᠳᠠᠭᠠᠭᠤᠯᠵᠤ ᠭᠦᠨ ᠴᠣᠩᠬᠢᠶᠠᠯ ᠳᠣᠲᠣᠷ᠎ᠠ ᠣᠪᠣᠭ᠎ᠠ ᠲᠣᠪᠣᠭ᠎ᠠ ᠮᠥᠩᠭᠥ ᠪᠠᠢᠭ᠎ᠠ ᠶ᠋ᠢ ᠣᠯᠵᠤ ᠬᠠᠷᠠᠭᠰᠠᠨ ᠰᠠᠢᠨ ᠨᠢᠳᠦ ᠲᠡᠢ ᠪᠣᠯᠤᠨ ᠨᠡᠷᠡᠯᠬᠡᠵᠦ ᠡᠵᠡᠨ ᠢ᠋ᠶ᠋ᠡᠨ ᠱᠠᠯ ᠬᠤᠳᠠᠯ ᠲᠠᠯᠪᠢᠪᠠ᠃ 
       — ᠦ᠂ ᠲᠡᠭᠡᠪᠡᠯ ᠦᠨᠡᠬᠡᠷ ᠮᠥᠩᠭᠥ ᠪᠠᠢᠨ᠎ᠠ ᠭᠡᠰᠡᠨ ᠦᠭᠡ ᠤᠤ?  ᠦᠭᠡᠢ ᠪᠢ ᠶᠠᠭᠠᠬᠢᠭᠠᠳ ᠣᠯᠵᠤ ᠬᠠᠷᠠᠬᠤ ᠦᠭᠡᠢ ᠪᠠᠢᠨ᠎ᠠ⁈ 
       — ᠲᠠᠨ ᠤ᠋ ᠨᠢᠳᠦ ᠰᠡᠳᠬᠢᠯ ᠬᠣᠶᠠᠷ ᠲᠤ ᠲᠠᠩᠳᠠ ᠮᠥᠩᠭᠥ《ᠥᠬᠡᠭᠦᠯᠡᠴᠢᠭᠰᠡᠨ》 ᠪᠣᠯᠬᠣᠷ ᠪᠠᠷᠤᠭ ᠤ᠋ᠨ ᠪᠠᠭ᠎ᠠ ᠰᠠᠭ᠎ᠠ ᠮᠥᠩᠭᠥ ᠶ᠋ᠢ ᠴᠢᠮᠠᠯᠠᠭᠠᠳ ᠪᠠᠢᠳᠠᠭ ᠠ᠋ᠴᠠ ᠪᠣᠯᠤᠭᠰᠠᠨ ᠪᠠᠢᠬ᠎ᠠ ᠭᠡᠵᠦ ᠳᠠᠸᠠᠨᠢᠮ᠎ᠠ ᠬᠤᠷᠤᠭᠤᠪᠴᠢᠨ ᠴᠢᠷᠠᠢᠲᠤ ᠶᠢ ᠬᠠᠷᠢᠶᠠᠵᠤ ᠮᠠᠭᠲᠠᠬᠤ ᠨᠤᠬᠤᠴᠠᠲᠠᠢ ᠬᠡᠯᠡᠭᠰᠡᠨ ᠦᠭᠡ ᠶᠢ ᠬᠤᠷᠤᠭᠤᠪᠴᠢᠨ ᠴᠢᠷᠠᠢᠲᠤ ᠮᠠᠭᠲᠠᠭᠠᠯ ᠤᠨ ᠥᠷᠥᠭᠡᠰᠦᠨ ᠢᠶᠡᠷ ᠣᠢᠯᠠᠭᠠᠵᠤ ᠬᠠ ᠬᠠ ᠭᠡᠵᠦ ᠬᠠᠳᠠᠭᠠᠨᠠᠨ ᠢᠨᠢᠶᠡᠵᠦ᠄ 
       — ᠲᠡᠭᠡᠭᠡᠳ ᠡᠨᠡ ᠣᠪᠣᠭ᠎ᠠ ᠲᠣᠪᠣᠭ᠎ᠠ ᠮᠥᠩᠭᠥ ᠶ᠋ᠢ ᠴᠢ ᠶᠠᠭᠠᠬᠢᠭᠠᠳ ᠠᠪᠳᠠᠭ ᠦᠭᠡᠢ ᠪᠣᠢ? ᠦᠭᠡᠢ ᠬᠥᠮᠦᠰ ᠲᠡᠭᠡᠭᠡᠳ ᠡᠨᠡ ᠮᠥᠩᠭᠥ ᠶ᠋ᠢ ᠠᠪᠬᠤ ᠪᠠᠷ ᠭᠤᠷᠢᠯᠠᠳᠠᠭ ᠦᠭᠡᠢ ᠤᠤ? ᠭᠡᠯ᠎ᠡ᠃ 
       — ᠡᠨᠡ ᠴᠣᠩᠬᠢᠶᠠᠯ ᠳᠣᠲᠣᠷᠠᠬᠢ ᠣᠪᠣᠭ᠎ᠠ ᠲᠣᠪᠣᠭ᠎ᠠ ᠮᠥᠩᠭᠥ ᠶ᠋ᠢ ᠬᠡᠨ ᠠᠪᠤᠨ᠎ᠠ ᠭᠡᠪᠡᠯ ᠠᠪᠴᠢᠬᠠᠳᠠᠭ ᠶᠠᠭᠤᠮ᠎ᠠ ᠪᠢᠰᠢ᠃ ᠬᠥᠮᠦᠨ ᠦ᠌ ᠨᠢᠳᠦᠨ ᠳ᠋ᠦ᠍ ᠦᠵᠡᠭᠳᠡᠳᠡᠭ ᠦᠭᠡᠢ《ᠮᠥᠩᠭᠥᠨ ᠦ᠌ ᠰᠠᠬᠢᠭᠤᠯ》 ᠪᠠᠢᠳᠠᠭ ᠭᠡᠵᠦ ᠬᠠᠭᠤᠴᠢᠨ ᠤ᠋ ᠬᠥᠮᠦᠰ ᠬᠡᠯᠡᠯᠴᠡᠳᠡᠭ᠃ 
       — ᠬᠥᠮᠦᠨ ᠦ᠌ ᠨᠢᠳᠦᠨ ᠳ᠋ᠦ᠍ ᠦᠵᠡᠭᠳᠡᠳᠡᠭ ᠦᠭᠡᠢ《 ᠮᠥᠩᠭᠥᠨ ᠦ᠌ ᠰᠠᠬᠢᠭᠤᠯ》 ᠭᠡᠨ᠎ᠡ ᠠ᠋? ᠭᠡᠵᠦ ᠬᠤᠷᠤᠭᠤᠪᠴᠢᠨ ᠴᠢᠷᠠᠢᠲᠤ ᠪᠣᠯᠤᠨ ᠨᠥᠭᠦᠭᠡ ᠡᠷ᠎ᠡ ᠬᠣᠶᠠᠭᠤᠯᠠ ᠵᠡᠷᠭᠡ ᠪᠡᠷ ᠬᠠᠴᠢᠷᠬᠠᠨ ᠠᠰᠠᠭᠤᠨ᠎ᠠ᠃ 
       — ᠤᠤᠬᠠᠢ ᠳᠠ! ᠡᠷᠲᠡ ᠦᠶ᠎ᠡ ᠡᠴᠡ ᠠᠪᠤᠭᠠᠳ ᠮᠥᠩᠭᠥᠨ ᠳ᠋ᠦ᠍ ᠬᠣᠷᠣᠬᠠᠢᠲᠠᠢ ᠬᠥᠮᠦᠰ ᠡᠨᠡ ᠴᠣᠩᠬᠢᠶᠠᠯ ᠤ᠋ᠨ ᠳᠣᠲᠣᠷ᠎ᠠ ᠠ᠋ᠴᠠ ᠥᠨᠥ ᠮᠥᠩᠭᠥ ᠬᠤᠯᠠᠭᠠᠢᠯᠠᠬᠤ ᠪᠠᠷ ᠶᠠᠩᠵᠤ ᠶ᠋ᠢᠨ ᠠᠷᠭ᠎ᠠ ᠪᠠᠷ ᠣᠷᠣᠯᠳᠣᠭᠰᠠᠨ ᠪᠣᠯᠪᠠᠴᠤ ᠴᠢᠳᠠᠳᠠᠭ ᠦᠭᠡᠢ ᠭᠡᠨ᠎ᠡ᠃ ᠰᠡᠭᠦᠯ ᠳ᠋ᠦ᠍ᠨᠢ ᠬᠥᠮᠦᠰ ᠵᠤᠨ ᠤ᠋ ᠴᠠᠭ ᠰᠠᠶᠢᠬᠠᠨ ᠨᠢᠳᠦᠯᠡᠭᠰᠡᠨ ᠪᠦᠬᠦᠯᠢ ᠬᠣᠨᠢᠨ ᠤ᠋ ᠮᠢᠬ᠎ᠠ ᠶ᠋ᠢ ᠳᠡᠭᠡᠰᠦᠨ ᠳ᠋ᠦ᠍ ᠤᠶᠠᠵᠤ ᠭᠦᠨ ᠴᠣᠩᠬᠢᠶᠠᠯ ᠤ᠋ᠨ ᠤᠰᠤᠨ ᠳ᠋ᠤ᠌ ᠰᠤᠪᠤᠭᠤᠯᠵᠤ ᠣᠷᠣᠭᠤᠯᠤᠭᠠᠳ ᠣᠪᠣᠭ᠎ᠠ ᠲᠣᠪᠣᠭ᠎ᠠ ᠮᠥᠩᠭᠥᠨ ᠳ᠋ᠦ᠍ ᠣᠢᠷᠠᠲᠤᠭᠤᠯᠪᠠᠯ ᠲᠡᠷᠡ ᠪᠦᠬᠦᠯᠢ ᠬᠣᠨᠢᠨ ᠤ᠋ ᠮᠢᠬᠠᠨ ᠳ᠋ᠤ᠌ ᠠᠯᠲᠠ ᠮᠥᠩᠭᠥᠨ ᠶᠤᠸᠠᠮᠪᠤᠤ ᠨᠤᠭᠤᠳ ᠨᠢ ᠠᠷᠵᠠᠢᠲᠠᠯ᠎ᠠ ᠨᠠᠭᠠᠯᠳᠤᠴᠢᠬᠠᠳᠠᠭ ᠭᠡᠨ᠎ᠡ᠃ ᠲᠡᠭᠡᠬᠦᠯᠡᠷ ᠳᠡᠭᠡᠷᠡᠬᠢ ᠬᠥᠮᠦᠰ ᠥᠨᠥᠬᠢ ᠤᠷᠲᠤ ᠳᠡᠭᠡᠰᠦ ᠪᠡᠨ ᠠᠶᠠᠷᠬᠠᠨ ᠳᠡᠭᠡᠭᠰᠢ ᠲᠠᠲᠠᠵᠤ ᠴᠣᠩᠬᠢᠶᠠᠯ ᠤ᠋ᠨ ᠬᠠᠳᠠᠨ ᠤ᠋ ᠡᠷᠭᠢ ᠥᠭᠡᠳᠡ ᠠᠪᠴᠢᠷᠠᠳᠠᠭ᠃ ᠨᠣᠢᠲᠠᠨ ᠮᠢᠬᠠᠨ ᠳ᠋ᠤ᠌ ᠠᠷᠵᠠᠢᠲᠠᠯ᠎ᠠ ᠨᠠᠭᠠᠯᠳᠤᠭᠰᠠᠨ ᠮᠥᠩᠭᠥ ᠬᠥᠮᠦᠨ ᠦ᠌ ᠬᠣᠷᠣᠬᠠᠢ ᠶ᠋ᠢ ᠬᠥᠳᠡᠯᠭᠡᠬᠦ ᠭᠡᠭᠴᠢ ᠬᠡᠴᠡᠭᠦᠦ! ᠣᠳᠣ ᠯᠠ ᠪᠥᠭᠡᠮ ᠮᠥᠩᠭᠥ ᠡᠪᠦᠷᠯᠡᠬᠦ ᠨᠢ ᠠ᠋ ᠭᠡᠵᠦ ᠬᠥᠭᠰᠡᠬᠦ ᠶ᠋ᠢᠨ ᠲᠣᠯᠣᠭᠠᠢ ᠳᠡᠭᠡᠷ᠎ᠡ ᠬᠠᠮᠢᠭ᠎ᠠ ᠠ᠋ᠴᠠ ᠶᠤᠮ ᠪᠦᠦ ᠮᠡᠳᠡ《ᠮᠥᠩᠭᠥᠨ ᠳ᠋ᠦ᠍ ᠬᠤᠯᠠᠭᠠᠢ ᠣᠷᠣᠯ᠎ᠠ ᠠ᠋!》 ᠭᠡᠵᠦ ᠮᠠᠰᠢ ᠬᠣᠯᠠ ᠶᠤᠮ ᠰᠢᠭ᠋ ᠪᠢᠲᠡᠭᠦᠬᠡᠨ ᠬᠠᠰᠬᠢᠷᠬᠤ ᠳᠠᠭᠤᠨ ᠰᠣᠨᠣᠰᠳᠠᠳᠠᠭ ᠭᠡᠨ᠎ᠡ᠃ ᠡᠨᠡ ᠦᠶ᠎ᠡ ᠳ᠋ᠦ᠍ ᠴᠣᠩᠬᠢᠶᠠᠯ ᠤ᠋ᠨ ᠬᠠᠳᠠᠨ ᠤ᠋ ᠡᠷᠭᠢ ᠳᠠᠪᠠᠮ᠎ᠠ ᠪᠣᠯᠵᠤ ᠬᠥᠮᠦᠨ ᠦ᠌ ᠭᠠᠷ ᠲᠤ ᠪᠠᠷᠢᠭᠳᠠᠮ᠎ᠠ ᠪᠠᠢᠭᠰᠠᠨ ᠠᠯᠲᠠ ᠮᠥᠩᠭᠥ ᠨᠦ᠍ᠭᠦᠳ ᠨᠢ ᠨᠣᠢᠲᠠᠨ ᠮᠢᠬᠠᠨ ᠠ᠋ᠴᠠ ᠥᠪᠡᠷ ᠢ᠋ᠶ᠋ᠡᠨ ᠦᠳᠲᠡᠷ ᠰᠠᠯᠤᠨ ᠪᠤᠲᠠᠷᠠᠵᠤ ᠲᠠᠷᠠᠩ᠂ ᠲᠠᠷᠠᠩ! ᠭᠡᠵᠦ ᠠᠯᠲᠠ ᠮᠥᠩᠭᠥ ᠬᠠᠪᠢᠷᠤᠯᠳᠤᠭᠰᠠᠨ ᠳᠠᠭᠤᠨ ᠬᠣᠴᠣᠷᠭᠠᠭᠠᠳ ᠠᠯᠠᠭ᠎ᠠ ᠪᠣᠯᠴᠢᠬᠠᠳᠠᠭ᠃ ᠰᠢᠨᠤᠯ ᠳ᠋ᠠᠭᠠᠨ ᠮᠥᠬᠥᠳᠡᠭ ᠦᠭᠡᠢ ᠮᠥᠩᠭᠥᠨ ᠦ᠌ ᠬᠣᠷᠣᠬᠠᠢᠴᠤᠳ ᠡᠢᠨ ᠬᠦ᠌ ᠠᠷᠭ᠎ᠠ ᠪᠠᠷ ᠳᠠᠬᠢᠨ ᠳᠠᠪᠲᠠᠨ ᠦᠢᠯᠡᠳᠪᠡᠴᠦ ᠭᠣᠷᠢ ᠦᠭᠡᠢ᠃ ᠲᠡᠷᠡ ᠣᠪᠣᠭ᠎ᠠ ᠲᠣᠪᠣᠭ᠎ᠠ ᠮᠥᠩᠭᠥ ᠶ᠋ᠢ ᠬᠡᠨ ᠴᠤ᠌ ᠠᠪᠴᠤ ᠴᠢᠳᠠᠳᠠᠭ ᠦᠭᠡᠢ ᠭᠡᠨ᠎ᠡ ᠭᠡᠵᠦ ᠲᠠᠸᠠᠨᠢᠮ᠎ᠠ ᠶ᠋ᠢᠨ ᠳᠣᠮᠣᠭᠯᠠᠵᠤ ᠶᠠᠷᠢᠭᠰᠠᠨ ᠢ᠋ ᠪᠠᠬᠠᠳᠤᠨ ᠰᠣᠨᠣᠰᠤᠭᠰᠠᠨ ᠬᠤᠷᠤᠭᠤᠪᠴᠢᠨ ᠴᠢᠷᠠᠢᠲᠤ ᠰᠢᠯᠦᠰᠦ ᠪᠡᠨ ᠵᠠᠯᠭᠢᠵᠤ᠄ 
       — ᠠ ᠢᠯᠡᠢ! ᠲᠡᠷᠡ ᠪᠦᠬᠦᠯᠢ ᠬᠣᠨᠢᠨ ᠮᠢᠬᠠᠨ ᠤ᠋ ᠳᠣᠣᠷ᠎ᠠ ᠲᠣᠣᠷ ᠤᠶᠠᠳᠠᠭ ᠶᠤᠮ ᠰᠢᠦ! ᠲᠡᠭᠡᠪᠡᠯ ᠮᠢᠬᠠᠨ ᠳ᠋ᠤ᠌ ᠨᠠᠭᠠᠯᠳᠤᠭᠰᠠᠨ ᠠᠯᠲᠠ ᠮᠥᠩᠭᠥ ᠴᠣᠩᠬᠢᠶᠠᠯ ᠤ᠋ᠨ ᠢᠷᠣᠭᠠᠷ ᠤᠷᠤᠭᠤ ᠤᠨᠠᠵᠤ ᠲᠡᠢᠯᠬᠦ ᠦᠭᠡᠢ᠃ ᠪᠦᠭᠦᠳᠡ ᠶ᠋ᠢ ᠲᠣᠣᠷᠯᠠᠴᠢᠬᠠᠨ᠎ᠠ ᠰᠢᠦ ᠳᠡ! ᠭᠡᠵᠦ ᠬᠡᠯᠡᠪᠡ᠃
       — ᠠ ᠡᠨᠡ ᠠᠷᠭ᠎ᠠ ᠦᠨᠡᠬᠡᠷ ᠰᠠᠢᠨ! ᠭᠡᠵᠦ ᠬᠤᠷᠤᠭᠤᠪᠴᠢᠨ ᠴᠢᠷᠠᠢᠲᠤ ᠶ᠋ᠢᠨ ᠰᠢᠳᠠᠷ ᠳᠠᠭᠠᠯᠲᠠ ᠨᠢ ᠡᠷᠡᠬᠡᠢ ᠭᠣᠵᠣᠢᠯᠭᠠᠨ ᠮᠠᠭᠲᠠᠭᠰᠠᠨ ᠳ᠋ᠤ᠌ ᠲᠠᠸᠠᠨᠢᠮ᠎ᠠ᠄ 
       — ᠵᠠᠩ ᠵᠠᠩᠭᠤᠢᠳᠠ ᠶ᠋ᠢᠨ ᠤᠬᠠᠭᠠᠨ ᠭᠡᠵᠦ ᠠ᠋᠂ ᠲᠡᠷᠡ ᠲᠡᠷᠡ ᠤᠬᠠᠭᠠᠨ ᠢ᠋ ᠶᠠᠭᠠᠬᠢᠵᠤ ᠪᠣᠳᠣᠵᠤ ᠣᠯᠳᠠᠭ ᠶᠤᠮ ᠪᠦᠦ ᠮᠡᠳᠡ! ᠵᠣᠷᠢᠭ ᠲᠠᠢ ᠬᠥᠮᠦᠨ ᠵᠣᠭᠣᠰ ᠲᠠᠢ ᠭᠡᠳᠡᠭ ᠦᠨᠡᠨ ᠪᠠᠢᠵᠤ ᠰᠢᠦ! ᠭᠡᠪᠡ᠃  
       ᠬᠠᠵᠠᠭᠤᠳᠠᠬᠢ ᠬᠣᠶᠠᠷ ᠢ᠋ᠶ᠋ᠠᠷ ᠢ᠋ᠶ᠋ᠠᠨ ᠮᠠᠭᠲᠠᠭᠤᠯᠤᠭᠰᠠᠨ ᠬᠤᠷᠤᠭᠤᠪᠴᠢᠨ ᠴᠢᠷᠠᠢᠲᠤ ᠶ᠋ᠢᠨ ᠴᠢᠷᠠᠢ ᠳ᠋ᠤ᠌ ᠣᠮᠣᠭᠰᠢᠯ ᠤ᠋ᠨ ᠢᠨᠢᠶᠡᠳᠦ ᠲᠣᠳᠣᠷᠠᠵᠤ《ᠡᠨᠡ ᠴᠣᠩᠬᠢᠶᠠᠯ ᠤ᠋ᠨ ᠳᠣᠣᠷᠠᠬᠢ ᠳᠠᠯᠠᠨ ᠠᠴᠢᠶ᠎ᠠ ᠠᠯᠲᠠ ᠮᠥᠩᠭᠥ ᠴᠦ᠍ ᠮᠢᠨᠦ ᠭᠠᠷ ᠲᠤ ᠣᠷᠣᠴᠢᠬᠠᠯ᠎ᠠ》 ᠭᠡᠰᠡᠨ ᠪᠠᠬᠠᠳᠤᠯ ᠪᠢᠯᠬᠠᠭᠰᠠᠨ ᠦᠰᠦᠭ ᠦ᠋ᠳ ᠦᠰᠦᠷᠬᠢᠯᠡᠵᠦ ᠬᠠᠷᠠᠭᠳᠠᠬᠤ ᠰᠢᠤᠬᠠᠨ ᠪᠣᠯᠪᠠ᠃ 
       ᠭᠡᠨᠡᠳᠲᠡ ᠲᠡᠷᠲᠡᠭᠡ ᠬᠠᠳᠠᠨ ᠠᠴᠠ ᠴᠢᠨᠣ᠎ᠠ ᠣᠯᠢᠬᠤ ᠳᠠᠭᠤᠨ ᠰᠣᠨᠣᠰᠳᠠᠪᠠ᠃ 
       — ᠠ᠂ ᠡᠨᠳᠡ ᠴᠢᠨᠣ᠎ᠠ ᠪᠠᠢᠳᠠᠭ ᠤᠤ? ᠭᠡᠵᠦ ᠪᠠᠬᠠᠨ ᠠᠶᠤᠭᠰᠠᠨ ᠰᠢᠭ᠋ ᠳᠤᠤᠭᠠᠷᠤᠭᠰᠠᠨ ᠬᠤᠷᠤᠭᠤᠪᠴᠢᠨ ᠴᠢᠷᠠᠢᠲᠤ ᠶ᠋ᠢᠨ ᠴᠢᠷᠠᠢ ᠨᠢ ᠪᠠᠷᠤᠢᠪᠠ᠃
       — ᠪᠠᠢᠨ᠎ᠠ ᠰᠢᠦ! ᠥᠯᠥᠩᠲᠦ ᠶ᠋ᠢᠨ ᠠᠮᠠᠨ ᠳ᠋ᠤ᠌ ᠴᠢᠨᠣ᠎ᠠ ᠶ᠋ᠢᠨ ᠡᠭᠦᠷ ᠪᠠᠢᠳᠠᠭ᠃ ᠡᠨᠡ ᠴᠢᠨᠣ᠎ᠠ ᠴᠠᠭᠠᠳᠤᠭᠤᠯᠠ ᠳ᠋ᠠᠭᠠᠨ《ᠮᠥᠩᠭᠥᠨ ᠳ᠋ᠦ᠍ ᠬᠤᠯᠠᠭᠠᠢ ᠣᠷᠣᠯ᠎ᠠ》 ᠭᠡᠵᠦ ᠴᠢᠮᠡᠭᠡ ᠥᠭᠬᠦ ᠰᠢᠭ ᠰᠣᠨᠣᠰᠳᠠᠨ᠎ᠠ ᠳᠠ! ᠭᠡᠵᠦ ᠨᠥᠭᠦᠭᠡ ᠬᠣᠶᠠᠷ ᠢ᠋ ᠵᠣᠷᠢᠭᠤᠳᠠ ᠠᠶᠤᠯᠭᠠᠭᠰᠠᠨ ᠳ᠋ᠤ᠌ ᠬᠤᠷᠤᠭᠤᠪᠴᠢᠨ ᠴᠢᠷᠠᠢᠲᠤ᠄ 
       — ᠲᠡᠷᠡ ᠨᠢ ᠥᠨᠥᠬᠢ ᠨᠢᠳᠦᠨ ᠳ᠋ᠦ᠍ ᠦᠵᠡᠭᠳᠡᠳᠡᠭ ᠦᠭᠡᠢ《ᠮᠥᠩᠭᠥᠨ ᠦ᠌ ᠰᠠᠬᠢᠭᠤᠯ》 ᠭᠡᠰᠡᠨ ᠦᠭᠡ ᠤᠤ⁈ ᠭᠡᠪᠡ᠃ 
       — ᠮᠥᠨ ᠴᠦ᠍ ᠪᠠᠢᠵᠤ ᠮᠡᠳᠡᠨ᠎ᠡ ᠭᠡᠵᠦ ᠲᠠᠸᠠᠨᠢᠮ᠎ᠠ ᠰᠢᠳᠢᠴᠢᠯᠡᠨ ᠬᠡᠯᠡᠭᠰᠡᠨ ᠳ᠋ᠦ᠍ ᠨᠥᠭᠦᠭᠡ ᠰᠢᠳᠠᠷ ᠳᠠᠭᠠᠯᠲᠠ᠄  
       — ᠡᠨᠡ ᠴᠢᠨᠣ᠎ᠠ ᠶ᠋ᠢ ᠤᠨᠠᠭᠠᠴᠢᠬᠠᠶᠤ ᠵᠠᠩᠭᠤᠢᠳᠠ ᠠ᠋! ᠭᠡᠵᠦ ᠫᠤᠤ ᠪᠠᠨ ᠱᠠᠯᠠᠪ ᠵᠠᠮᠤᠭᠯᠠᠭᠰᠠᠨ ᠳ᠋ᠤ᠌ ᠲᠠᠸᠠᠨᠢᠮ᠎ᠠ ᠬᠤᠷᠤᠭᠤᠪᠴᠢᠨ ᠴᠢᠷᠠᠢᠲᠤ ᠠ᠋ᠴᠠ ᠵᠠᠪᠳᠤᠵᠤ᠄ 
       — ᠬᠥᠶᠢ᠂ ᠪᠢᠳᠡᠬᠢ ᠫᠤᠤᠳᠠ! ᠲᠡᠷᠡ ᠴᠢᠨᠢ ᠲᠩᠷᠢ ᠶ᠋ᠢᠨ ᠨᠣᠬᠠᠢ ᠰᠢᠦ! ᠨᠢᠭᠦᠯ ᠠ᠋᠂ ᠭᠡᠵᠦ ᠥᠨᠥᠬᠢ ᠰᠢᠳᠠᠷ ᠳᠠᠭᠠᠯᠲᠠ ᠶ᠋ᠢ ᠬᠣᠷᠢᠭᠰᠠᠨ ᠳ᠋ᠤ᠌ ᠲᠡᠷᠡ᠄
       — ᠡᠴᠢᠭᠡ ᠶ᠋ᠢᠨ ᠴᠢᠨᠢ ᠲᠩᠷᠢ ᠶ᠋ᠢᠨ ᠨᠣᠬᠠᠢ! ᠲᠡᠷᠡ ᠴᠢᠨᠢ ᠴᠢᠨᠣ᠎ᠠ ᠪᠢᠰᠢ ᠤᠤ! ᠭᠡᠯ᠎ᠡ᠃ 
       — ᠪᠠᠢᠭ᠂ ᠴᠠᠭᠠᠰᠢ! ᠲᠩᠷᠢ ᠶ᠋ᠢᠨ ᠨᠣᠬᠠᠢ ᠪᠢᠰᠢ ᠴᠤ᠌ ᠪᠣᠣᠬᠠᠢ ᠶ᠋ᠢ ᠫᠤᠤᠳᠠᠵᠤ ᠠᠭᠤᠷ ᠥᠰᠢᠶ᠎ᠡ ᠶ᠋ᠢ ᠨᠢ ᠬᠦᠷᠭᠡᠭᠰᠡᠭᠡᠷ ᠭᠡᠨᠡᠨ ᠰᠢᠦ! ᠠᠯᠢ ᠨᠢᠭᠡ ᠡᠳᠦᠷ ᠴᠢᠮ᠎ᠠ ᠠ᠋ᠴᠠ ᠥᠰᠢᠶ᠎ᠡ ᠠᠪᠤᠨ᠎ᠠ ᠳᠠ! 
       — ᠦᠭᠡᠢ ᠠ᠋! ᠴᠢ ᠰᠠᠶᠢ《ᠮᠥᠩᠭᠥᠨ ᠦ᠌ ᠰᠠᠬᠢᠭᠤᠯ》 ᠭᠡᠵᠦ ᠬᠡᠯᠡᠭᠰᠡᠨ ᠪᠢᠰᠢ ᠪᠢᠯᠡ ᠤᠤ? ᠲᠡᠢᠮᠦ ᠪᠣᠯ ᠲᠡᠷᠡ ᠴᠢᠨᠣ᠎ᠠ ᠶ᠋ᠢ ᠫᠤᠤ᠁ ᠫᠤᠤᠳᠠᠵᠤ ᠠᠯᠠᠬᠤ ᠦᠭᠡᠢ ᠶᠠᠭᠠᠬᠢᠬᠤ ᠪᠣᠢ? ᠭᠡᠵᠦ ᠲᠡᠷᠡ ᠡᠷ᠎ᠡ ᠮᠠᠰᠢ ᠠᠭᠤᠷᠲᠠᠢ ᠬᠡᠯᠡᠪᠡ᠃ 
       ᠬᠤᠷᠤᠭᠤᠪᠴᠢᠨ ᠴᠢᠷᠠᠢᠲᠤ ᠶ᠋ᠢᠨ ᠰᠢᠳᠠᠷ ᠳᠠᠭᠠᠯᠲᠠ ᠡᠨᠡ ᠡᠷ᠎ᠡ ᠫᠤᠤ ᠳ᠋ᠠᠭᠠᠨ ᠰᠠᠢᠨ᠂ ᠠᠷᠪᠠᠨ ᠰᠤᠮᠤᠨ ᠤ᠋ ᠨᠠᠢ᠍ᠮᠠ ᠨᠢ ᠬᠣᠭᠣᠰᠣᠨ ᠦᠭᠡᠢ ᠪᠠᠢᠳᠠᠭ ᠤᠴᠢᠷ ᠬᠤᠷᠤᠭᠤᠪᠴᠢᠨ ᠴᠢᠷᠠᠢᠲᠤ ᠲᠡᠭᠦᠨ ᠢ᠋ ᠪᠡᠶ᠎ᠡ ᠡᠴᠡ ᠪᠡᠨ ᠲᠥᠭᠡ ᠰᠠᠯᠭᠠᠳᠠᠭ ᠦᠭᠡᠢ ᠶᠦᠮ᠃ 
       — ᠨᠢᠭᠡ ᠯᠡ ᠰᠤᠮᠤᠨ ᠳ᠋ᠤ᠌ ᠡᠯᠭᠦᠴᠢᠬᠡᠬᠦ ᠤᠤ? ᠭᠡᠬᠦ ᠲᠡᠢ ᠵᠡᠷᠭᠡ ᠫᠠᠩ! ᠭᠡᠵᠦ ᠫᠤᠤ ᠳᠤᠤᠭᠠᠷᠪᠠ᠃ ᠥᠨᠥᠬᠢ ᠬᠠᠳᠠᠨ ᠳᠡᠭᠡᠷ᠎ᠡ ᠱᠣᠩᠨᠣᠢᠨ ᠲᠩᠷᠢ ᠬᠠᠨᠳᠤᠨ ᠤᠯᠢᠭᠰᠠᠨ ᠴᠢᠨᠣ᠎ᠠ ᠳᠣᠷᠣᠭᠰᠢ ᠪᠠᠨ ᠪᠥᠮᠪᠥᠷᠢᠪᠡ᠁ 
       — ᠵᠠ᠂ ᠪᠦᠦ ᠦᠵᠡᠭᠳᠡ ᠠ᠋! ᠣᠳᠣ ᠴᠤ᠌ ᠲᠩᠷᠢ ᠶ᠋ᠢᠨ ᠪᠤᠬᠤᠷ ᠲᠤ ᠭᠠᠯ ᠲᠠᠯᠪᠢᠴᠢᠬᠠᠭᠰᠠᠨ ᠠ᠋! ᠭᠡᠵᠦ ᠲᠠᠸᠠᠨᠢᠮ᠎ᠠ ᠨᠢᠳᠦ ᠪᠡᠨ ᠠᠨᠢᠨ ᠵᠠᠯᠪᠠᠷᠢᠭᠰᠠᠨ ᠳ᠋ᠤ᠌ ᠨᠥᠭᠦᠭᠡ ᠰᠢᠳᠠᠷ ᠳᠠᠭᠠᠯᠲᠠ ᠬᠠ᠂ ᠬᠠ᠂ ᠬᠠ᠁ ᠭᠡᠵᠦ ᠬᠠᠳᠠᠭᠠᠨᠠᠨ ᠢᠨᠢᠶᠡᠵᠦ《ᠨᠢᠭᠡ ᠯᠡ ᠰᠤᠮᠤᠨ ᠳ᠋ᠤ᠌ ᠥᠨᠥᠬᠢ (ᠮᠥᠩᠭᠥᠨ ᠦ᠌ ᠰᠠᠬᠢᠭᠤᠯ) ᠢ᠋ ᠲᠣᠩᠭᠣᠷᠠᠭᠤᠯᠴᠢᠬᠠᠯ᠎ᠠ!》 ᠭᠡᠵᠦ ᠬᠤᠷᠤᠭᠤᠪᠴᠢᠨ ᠴᠢᠷᠠᠢᠲᠤ ᠶ᠋ᠢ ᠰᠢᠷᠲᠡᠨ《ᠮᠢᠨᠦ ᠬᠠᠷᠠᠭ᠎ᠠ ᠶᠠᠮᠠᠷ ᠪᠠᠢᠨ᠎ᠠ?》 ᠭᠡᠰᠡᠨ ᠲᠥᠯᠥᠪᠲᠡᠢ ᠶᠡᠬᠡᠷᠬᠡ ᠳᠤᠤᠭᠠᠷᠪᠠ᠃ ᠬᠤᠷᠤᠭᠤᠪᠴᠢᠨ ᠴᠢᠷᠠᠢᠲᠤ᠄ 
       — ᠰᠠᠢᠨ ᠡᠷ᠎ᠡ᠂ ᠰᠠᠢᠨ ᠡᠷ᠎ᠡ! ᠭᠡᠵᠦ ᠡᠷᠡᠬᠡᠢ ᠭᠣᠵᠣᠢᠯᠭᠠᠨ ᠱᠠᠭᠰᠢᠭᠰᠠᠨ ᠳ᠋ᠤ᠌ ᠲᠠᠸᠠᠨᠢᠮ᠎ᠠ᠄ 
       — ᠴᠠᠭᠠᠳᠤᠬᠢ ᠪᠠᠨ ᠨᠢᠭᠡ ᠯᠡ ᠴᠠᠭᠠᠰᠢ ᠪᠠᠨ ᠬᠠᠨᠳᠤᠭᠤᠯᠴᠢᠬᠠᠭᠰᠠᠨ ᠴᠤ᠌ ᠪᠣᠯ ᠶᠠᠭᠠᠬᠢᠬᠤ ᠪᠣᠢ? ᠬᠠᠷᠢᠨ ᠳᠤᠲᠠᠭᠤ ᠵᠡᠮᠳᠡᠭ᠂ ᠰᠢᠷᠠᠭᠳᠤᠭᠤᠯᠤᠭᠰᠠᠨ ᠪᠣᠯ ᠴᠤ᠌ ᠭᠡᠨᠡᠨ ᠶᠦᠮ ᠠ᠋! ᠭᠡᠪᠡ᠃ 
       ᠭᠠᠰᠢᠭᠤᠨ ᠳᠠᠷᠢ ᠦᠨᠦᠷᠲᠦᠭᠦᠯᠦᠨ ᠭᠠᠯ ᠱᠤᠤᠭᠢᠭᠤᠯᠤᠭᠰᠠᠨ ᠰᠤᠮᠤ ᠲᠡᠷᠲᠡᠭᠡ ᠬᠠᠳᠠᠨ ᠤ᠋ ᠬᠠᠯᠬᠠᠪᠴᠢ ᠳ᠋ᠠᠬᠢ ᠨᠥᠭᠥᠭᠡᠳᠦᠭᠦᠯᠡ ᠳ᠋ᠡᠭᠡᠨ ᠴᠢᠮᠡᠭᠡ ᠥᠭᠭᠦᠭᠰᠡᠨ ᠴᠢᠨᠣ᠎ᠠ ᠶ᠋ᠢᠨ ᠡᠮᠦᠨ᠎ᠡ ᠬᠣᠶᠠᠷ ᠰᠢᠭᠢᠷ᠎ᠡ ᠶ᠋ᠢ ᠨᠢ ᠲᠠᠰᠤ ᠳᠠᠭᠠᠷᠢᠭᠰᠠᠨ ᠪᠠᠢᠵᠠᠢ᠃ 
       ᠬᠥᠮᠥᠨ ᠳᠦ  ᠪᠠᠢᠮ᠎ᠠ ᠦᠭᠡᠢ ᠰᠡᠷᠭᠡᠭ ᠤᠬᠠᠭᠠᠨ ᠲᠠᠢ ᠬᠠᠰᠢᠷ ᠴᠢᠨᠸ᠎ᠠ ᠲᠠᠬᠢᠭᠠᠳ ᠬᠠᠯᠳᠠᠵᠤ ᠮᠡᠳᠡᠬᠦ ᠠᠶᠤᠯ ᠠᠴᠠ ᠵᠠᠢᠯᠠᠬᠤ ᠶᠢ ᠪᠣᠳᠣᠨ ᠠᠮᠢᠨ ᠭᠣᠣᠯ ᠢᠶᠠᠨ ᠰᠦᠪᠡᠯᠡᠭᠦᠯᠦᠭ᠍ᠰᠡᠨ ᠰᠢᠭ ᠳᠣᠷᠣᠭ᠌ᠰᠢ ᠪᠥᠮᠪᠥᠷᠢᠭ᠍ᠰᠡᠨ ᠨᠢ ᠲᠡᠷᠡ ᠪᠠᠢᠵᠠᠢ᠃
       ᠪᠢᠲᠡᠭᠦᠦ ᠰᠢᠭᠤᠢ ᠳᠣᠲᠣᠷ᠎ᠠ ᠨᠢᠭᠤᠭᠳᠠᠭᠰᠠᠨ ᠬᠠᠰᠢᠷ ᠴᠢᠨᠣ᠎ᠠ ᠰᠢᠷᠠᠭᠳᠠᠭᠰᠠᠨ ᠰᠢᠭᠢᠷ᠎ᠡ ᠶ᠋ᠢᠨ ᠢ᠋ᠶ᠋ᠡᠨ ᠴᠢᠰᠤ ᠶ᠋ᠢ ᠳᠣᠯᠢᠶᠠᠪᠠᠯ ᠡᠬᠡᠭᠦᠨ ᠮᠠᠭᠤᠬᠠᠢ ᠳᠠᠷᠢ ᠠᠮᠲᠠᠯᠠᠭᠳᠠᠭᠰᠠᠨ ᠳ᠋ᠤ᠌ ᠬᠣᠷᠣᠰᠤᠯ ᠨᠢ ᠪᠤᠴᠠᠯᠵᠤ《ᠡᠲᠡᠭᠡᠳ ᠮᠠᠭᠤᠬᠠᠢ ᠭᠠᠰᠢᠭᠤᠨ ᠦᠨᠦᠷ ᠲᠡᠢ ᠭᠠᠨᠳᠠᠭᠤᠨ ᠳᠠᠭᠤ ᠲᠠᠢ ᠢᠷᠣ᠎ᠠ ᠶ᠋ᠢᠨ ᠶᠠᠭᠤᠮ᠎ᠠ ᠢᠷᠡᠴᠢᠬᠡᠵᠡᠢ! ᠲᠠ ᠨᠠᠷ ᠬᠡᠷᠰᠡᠦᠯᠡᠭᠡᠴᠢ! ᠪᠣᠯᠤᠮᠵᠢ ᠪᠠᠢᠪᠠᠯ ᠠᠴᠠ ᠬᠥᠯ ᠲᠡᠢ ᠠᠷᠵᠠᠭᠠᠷ ᠬᠠᠷ᠎ᠠ ᠲᠣᠯᠣᠭᠠᠢ ᠲᠠᠢ ᠬᠦᠢᠲᠡᠨ ᠠᠮᠢᠰᠬᠤᠯ ᠲᠠᠢ ᠠ᠋ᠴᠠ ᠨᠢ ᠪᠠᠭᠠᠯᠵᠠᠭᠤᠷᠳᠠᠵᠤ ᠬᠣᠭᠣᠯᠠ ᠪᠠᠵᠠᠭ᠎ᠠ!》 ᠭᠡᠵᠦ ᠲᠩᠷᠢ ᠬᠠᠨᠳᠤᠨ ᠬᠣᠷᠣᠰᠤᠯᠲᠠᠢ ᠣᠯᠢᠨ᠎ᠠ᠁ 
       ᠭᠣᠣᠯ ᠤ᠋ᠨ ᠰᠡᠭᠦᠳᠡᠷ ᠤᠨᠠᠬᠤ ᠳ᠋ᠤ᠌ ᠲᠠᠸᠠᠨᠢᠮ᠎ᠠ ᠬᠤᠷᠤᠭᠤᠪᠴᠢᠨ ᠴᠢᠷᠠᠢᠲᠤ ᠬᠡᠳᠦᠭᠦᠯᠡ ᠰᠠᠷᠠᠪᠴᠢᠨ ᠬᠠᠳᠠᠨ ᠤ᠋ ᠡᠩᠭᠡᠷ ᠡᠴᠡ ᠠᠶᠠᠷᠬᠠᠨ ᠪᠠᠭᠤᠵᠤ ᠣᠴᠢᠬᠤ ᠳ᠋ᠤ᠌ ᠨᠥᠭᠦᠭᠡ ᠬᠠᠳᠠ ᠳᠠᠪᠠᠵᠤ ᠴᠢᠳᠠᠭᠰᠠᠨ ᠦᠭᠡᠢ ᠬᠣᠴᠣᠷᠤᠭᠰᠠᠨ ᠭᠤᠷᠪᠠ ᠶ᠋ᠢᠨ ᠬᠣᠶᠠᠷ ᠨᠢ ᠴᠢᠨᠣ᠎ᠠ ᠳᠤ ᠰᠡᠭᠴᠢᠭᠦᠯᠵᠦ ᠨᠥᠭᠦᠭᠡ ᠨᠢ ᠮᠣᠳᠣᠨ ᠤ᠋ ᠣᠷᠣᠢ ᠳ᠋ᠤ᠌ ᠮᠠᠴᠤᠵᠤ ᠠᠮᠢ ᠭᠠᠷᠤᠭᠰᠠᠨ ᠪᠠᠢᠵᠠᠢ᠃ ᠠᠮᠢ ᠲᠠᠢ ᠦᠯᠡᠳᠡᠭᠰᠡᠨ ᠨᠥᠭᠦᠭᠡ ᠬᠠᠷ᠎ᠠ ᠴᠡᠷᠢᠭ ᠬᠠᠨᠢᠲᠠᠨ ᠢ᠋ᠶ᠋ᠠᠨ ᠦᠵᠡᠭᠰᠡᠨ ᠪᠣᠯᠪᠠᠴᠤ ᠠᠮᠠ ᠨᠢ ᠠᠩᠭᠠᠯᠵᠠᠭᠠᠳ ᠦᠭᠡ ᠬᠡᠯᠡᠵᠦ ᠭᠠᠷᠤᠭᠰᠠᠨ ᠦᠭᠡᠢ᠃ ᠫᠠᠭ ᠦᠮᠡᠬᠡᠢ ᠦᠨᠦᠷᠲᠦᠬᠦᠯᠡᠷ ᠥᠮᠥᠳᠦᠨ ᠳ᠋ᠡᠭᠡᠨ ᠥᠳᠬᠡᠨ ᠰᠢᠩᠭᠡᠨ ᠢ᠋ᠶ᠋ᠡᠨ ᠠᠯᠳᠠᠭᠰᠠᠨ ᠪᠠᠢᠯ᠎ᠠ᠃ 

       ᠦᠰᠦᠭ ᠠᠮᠢᠯᠠᠭᠤᠯᠤᠭᠴᠢ᠄ ᠲᠡᠭᠷᠢ ᠡᠵᠢ