ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠬᠣᠶᠠᠷ> Хан мунын сүүрс < дээд > – Мөнх зохиоов ᠂ Дэд бодь – Гуравдугаар бүлэг <2>
ᠳᠡᠳ᠋ ᠪᠣᠲᠢ – ᠭᠤᠷᠪᠠᠳᠤᠭᠠᠷ ᠪᠦᠯᠦᠭ <ᠬᠣᠶᠠᠷ>
ᠸᠠᠩ ᠰᠣᠬᠣᠷ ᠤ᠋ᠨ ᠬᠠᠷ᠎ᠠ ᠴᠡᠷᠢᠭ ᠦ᠋ᠳ ᠳᠡᠪᠰᠡᠭ ᠦ᠋ᠨ ᠠᠭᠤᠯᠠᠨ ᠳ᠋ᠤ᠌ ᠴᠥᠮᠥᠷᠡᠨ ᠣᠷᠣᠪᠠ᠃
ᠭᠦᠵᠡᠭᠡᠨ ᠴᠠᠭᠠᠨ ᠠᠯᠴᠢᠭᠤᠷ ᠢ᠋ᠶ᠋ᠠᠷ ᠲᠣᠯᠣᠭᠠᠢ ᠪᠠᠨ ᠶᠠᠩᠵᠤᠯᠠᠵᠤ ᠪᠣᠭᠣᠭᠰᠠᠨ (ᠵᠠᠷᠢᠮ ᠨᠢ ᠮᠠᠩᠨᠠᠢ ᠳᠡᠭᠡᠷ᠎ᠡ ᠪᠡᠨ ᠬᠠᠷᠢᠶᠠᠴᠠᠢ ᠶ᠋ᠢᠨ ᠵᠢᠭᠦᠷ ᠰᠢᠭ ᠬᠠᠢᠴᠢᠯᠠᠨ ᠣᠷᠢᠶᠠᠵᠤ᠂ ᠵᠠᠷᠢᠮ ᠨᠢ ᠳᠤᠬᠤᠨ ᠤ᠋ ᠪᠠᠨ ᠠᠷᠤ ᠲᠠᠢᠰᠢ ᠵᠠᠩᠭᠢᠳᠤᠭᠰᠠᠨ) ᠣᠭᠣᠲᠣᠷ ᠣᠭᠣᠲᠣᠷ ᠬᠠᠷ᠎ᠠ ᠬᠤᠪᠴᠠᠰᠤ ᠲᠠᠢ ᠰᠢᠷᠬᠤᠨᠠᠭ ᠢ᠋ᠶ᠋ᠠᠨ ᠵᠣᠮᠪᠣᠢᠲᠠᠯ᠎ᠠ ᠪᠣᠭᠣᠭᠰᠠᠨ ᠬᠠᠷ᠎ᠠ ᠴᠡᠷᠢᠭ ᠦ᠋ᠳ ᠴᠢᠭᠢᠭ ᠦ᠋ᠨ ᠲᠡᠮᠦᠷ ᠰᠢᠷᠭᠤᠯᠵᠢ ᠰᠢᠭ᠋ ᠳᠡᠪᠰᠡᠭ ᠦ᠋ᠨ ᠠᠭᠤᠯᠠᠨ ᠳ᠋ᠤ᠌ ᠰᠢᠷᠭᠤᠭᠰᠠᠨ ᠪᠣᠯᠬᠣᠷ ᠡᠨᠡ ᠬᠤᠪᠢᠲᠠᠢ ᠰᠠᠢᠬᠠᠨ ᠨᠤᠲᠤᠭ ᠶᠠᠮᠠᠷ ᠰᠠᠢᠨ ᠪᠠᠢᠬᠤ ᠪᠣᠢ ⁈ ᠬᠠᠷ᠎ᠠ ᠴᠡᠷᠢᠭ ᠦ᠋ᠳ ᠨᠤᠲᠤᠭ ᠪᠡᠯᠴᠢᠭᠡᠷ ᠡᠪᠳᠡᠵᠦ᠂ ᠮᠣᠳᠣ ᠴᠢᠯᠠᠭᠤ ᠣᠭᠲᠣᠯᠤᠨ ᠠᠭᠤᠷᠬᠠᠢ ᠶ᠋ᠢᠨ ᠨᠦᠬᠡ ᠮᠠᠯᠲᠠᠵᠤ ᠂ ᠰᠢᠮᠡᠯᠢᠭ ᠬᠠᠷ᠎ᠠ ᠬᠥᠷᠥᠰᠥᠨ ᠳ᠋ᠦ᠍ᠨᠢ ᠨᠣᠭᠣᠭ᠎ᠠ ᠲᠠᠷᠢᠶ᠎ᠠ ᠲᠠᠷᠢᠬᠤ ᠨᠡᠷ᠎ᠡ ᠪᠡᠷ ᠠᠮᠤ ᠴᠡᠴᠡᠭ ① ᠲᠠᠷᠢᠨ᠎ᠠ᠃
ᠬᠠᠷ᠎ᠠ ᠴᠡᠷᠢᠭ ᠦ᠋ᠳ ᠬᠢᠬᠦ ᠦᠭᠡᠢ ᠠᠵᠢ ᠦᠭᠡᠢ ᠠᠭᠤᠯᠠ ᠶ᠋ᠢᠨ ᠨᠣᠮᠣᠬᠠᠨ ᠭᠥᠷᠥᠭᠡᠰᠦ ᠶ᠋ᠢ ᠴᠦ᠍ ᠵᠦᠭᠡᠷ ᠪᠠᠢᠯᠭᠠᠬᠤ ᠦᠭᠡᠢ ᠬᠥᠨᠥᠭᠡᠵᠦ᠂ ᠪᠤᠶᠠᠨᠲᠤ ᠪᠢᠰᠢᠯᠭᠠᠯ ᠲᠠᠢ ᠰᠦᠮ᠎ᠡ ᠬᠡᠢᠳ ᠲᠦ᠍ ᠴᠦ᠍ ᠪᠤᠵᠠᠷ ᠲᠠᠷᠢᠳᠠᠭ ᠢ᠋ ᠶᠠᠭᠠᠬᠢᠯᠲᠠᠢ ᠪᠢᠯᠡ ! 《 ᠥᠯᠵᠡᠢ ᠪᠠᠶᠠᠰᠬᠤᠯᠠᠩᠲᠤ ᠰᠦᠮ᠎ᠡ 》 ᠶ᠋ᠢᠨ ᠳᠤᠭᠠᠩ ᠳᠣᠲᠣᠷ᠎ᠠ ᠬᠣᠨᠣᠨ᠎ᠠ ᠬᠡᠪᠲᠡᠨ᠎ᠡ ᠭᠡᠵᠦ ᠯᠠᠮᠠ ᠨᠠᠷ ᠲᠤᠨᠢ ᠠᠯᠪᠠ ᠲᠤᠯᠭᠠᠭᠰᠠᠨ ᠳ᠋ᠤ᠌᠂
— ᠲᠠ ᠨᠠᠷ ᠰᠦᠮ᠎ᠡ ᠬᠡᠢᠳ ᠦ᠋ᠨ ᠭᠠᠵᠠᠷ ᠪᠢᠲᠡᠭᠡᠢ ᠶᠣᠰᠣ ᠨᠣᠮ ᠦᠭᠡᠢ ᠠᠭᠠᠰᠢᠯᠠᠭᠠᠳ ᠪᠠᠢ᠃ ᠪᠤᠷᠬᠠᠨ ᠲᠡᠭᠷᠢ ᠪᠤᠷᠤᠭᠤ ᠦᠵᠡᠨ᠎ᠡ ᠰᠢᠦ᠂ ᠨᠢᠭᠦᠯ ᠶᠦᠮ ᠠ᠋ ᠭᠡᠵᠦ ᠤᠮᠵᠠᠳ ᠯᠠᠮᠠᠬᠠᠢ ᠶᠣᠰᠣᠴᠢᠯᠠᠨ ᠬᠡᠯᠡᠯ᠎ᠡ᠃
— ᠴᠠᠭᠠᠳᠤ ᠪᠤᠮ ᠰᠠᠩ ᠤ᠋ᠨ ᠮᠣᠳᠣᠨ ᠳᠡᠭᠡᠷ᠎ᠡ ᠬᠠᠶᠠ ᠳ᠋ᠠᠭᠠᠨ ᠠᠪᠤᠷᠭᠤ ᠮᠣᠭᠠᠢ ᠣᠷᠢᠶᠠᠯᠳᠤᠵᠤ ᠪᠠᠢᠳᠠᠭ ᠰᠢᠦ ! ᠠᠭᠤᠷ ᠢ᠋ ᠨᠢ ᠬᠦᠷᠭᠡᠪᠡᠯ ᠲᠠᠨᠤᠰ ᠢ᠋ ᠰᠤᠷᠤᠨ᠎ᠠ ᠳᠠ ! ᠭᠡᠵᠦ ᠭᠡᠪᠬᠦᠢ ᠯᠠᠮᠠᠬᠠᠢ ᠨᠢ ᠲᠡᠳᠡᠨᠦᠰ ᠢ᠋ ᠠᠶᠤᠯᠭᠠᠵᠤ ᠴᠦ᠍ ᠦᠵᠡᠯ᠎ᠡ᠂ ᠲᠤᠰᠠ ᠪᠣᠯᠤᠭᠰᠠᠨ ᠦᠭᠡᠢ᠃ ᠬᠠᠷ᠎ᠠ ᠴᠡᠷᠢᠭ ᠦ᠋ᠳ ᠰᠦᠵᠢᠭ ᠦ᠋ᠨ ᠮᠠᠨᠠᠨ ᠳ᠋ᠤ᠌ ᠲᠥᠭᠡᠷᠢᠭᠰᠡᠨ ᠯᠠᠮᠠᠬᠠᠢ ᠶ᠋ᠢᠨ ᠦᠭᠡ ᠶ᠋ᠢ ᠪᠥᠭᠰᠡᠨ ᠳ᠋ᠡᠭᠡᠨ ᠴᠦ᠍ ᠬᠠᠪᠴᠢᠭᠰᠠᠨ ᠦᠭᠡᠢ᠂ ᠯᠠᠮᠠ ᠨᠠᠷ ᠲᠤ᠌ ᠫᠤᠤ ᠵᠡᠪᠰᠡᠭ ᠲᠤᠯᠭᠠᠵᠤ ᠬᠡᠳᠦ ᠬᠡᠳᠦᠨ ᠳᠤᠭᠠᠩ ᠢ᠋ ᠵᠠᠢᠴᠢᠯᠠᠨ ᠡᠵᠡᠯᠡᠪᠡ᠃ ᠲᠡᠭᠡᠭᠡᠳ ᠥᠨᠥᠬᠢ ᠬᠠᠷ᠎ᠠ ᠴᠡᠷᠢᠭ ᠦ᠋ᠳ ᠰᠦᠮ᠎ᠡ ᠳᠣᠲᠣᠷ᠎ᠠ ᠣᠷᠣᠭᠠᠳ ᠪᠤᠷᠬᠠᠨ ᠭᠦᠩᠭᠠᠷᠠᠪᠠ ᠶ᠋ᠢᠨ ᠡᠮᠦᠨᠡᠬᠢ ᠡᠷᠭᠦᠴᠡ ᠲᠠᠬᠢᠯᠭ᠎ᠠ ᠶ᠋ᠢᠨ ᠮᠥᠰᠥᠨ ᠰᠢᠬᠢᠷ᠂ ᠪᠣᠣᠪᠣ᠂ ᠴᠢᠪᠠᠭ᠎ᠠ᠂ ᠦᠵᠦᠮ ᠵᠡᠷᠭᠡ ᠲᠠᠪᠤᠨ ᠠᠮᠲᠠᠲᠠᠨ ᠢ᠋ ᠪᠠᠭᠤᠯᠭᠠᠵᠤ ᠢᠳᠡᠨ ᠲᠠᠬᠢᠯ ᠴᠥᠭᠥᠴᠡ ᠲᠡᠢ ᠰᠢᠷ᠎ᠠ ᠲᠣᠰᠣ ᠶ᠋ᠢ ᠨᠢ ᠬᠦᠷᠲᠡᠯ᠎ᠡ ᠬᠤᠷᠤᠭᠤ ᠪᠠᠷ ᠢ᠋ᠶ᠋ᠠᠨ ᠤᠬᠤᠵᠤ ᠢᠳᠡᠪᠡ᠃
ᠰᠥᠨᠢ ᠣᠷᠣᠢ ᠳ᠋ᠠᠭᠠᠨ ᠳᠤᠭᠠᠩ ᠤ᠋ᠨ ᠳᠣᠲᠣᠷ᠎ᠠ ᠭᠠᠳᠠᠨ᠎ᠠ ᠦᠭᠡᠢ ᠥᠳᠬᠡᠨ ᠰᠢᠩᠭᠡᠨ ᠮᠥᠷ ᠭᠠᠷᠭᠠᠵᠤ᠂ ᠪᠠᠰᠠ ᠵᠠᠷᠢᠮ ᠨᠢ ᠪᠤᠮ ᠰᠠᠩ ᠤ᠋ᠨ ᠮᠣᠳᠣᠨ ᠤ᠋ ᠳᠣᠣᠷ᠎ᠠ ᠭᠠᠳᠠᠭᠠᠯᠠᠵᠤ ᠬᠬᠢᠷ ᠪᠤᠷᠲᠠᠭ ᠦᠭᠡᠢ ᠠᠷᠢᠭᠤᠨ ᠰᠠᠩ ᠤ᠋ᠨ ᠲᠠᠬᠢᠯᠭ᠎ᠠ ᠲᠠᠢ ᠪᠤᠮ ᠰᠠᠩ ᠤ᠋ᠨ ᠮᠣᠳᠣ ᠶ᠋ᠢ ᠪᠤᠵᠠᠷᠯᠠᠭᠰᠠᠨ ᠠ᠋ᠴᠠ ᠬᠠᠷ᠎ᠠ ᠴᠡᠷᠢᠭ ᠦ᠋ᠨ ᠬᠡᠳᠦ ᠬᠡᠳᠦ ᠨᠢ ᠠᠮᠠ ᠬᠠᠮᠠᠷ ᠨᠢ ᠮᠤᠷᠤᠢᠵᠤ᠂ ᠬᠥᠯ ᠭᠠᠷ ᠤ᠋ᠨ ᠬᠢᠨᠢ ᠰᠢᠷᠪᠥᠰᠥ ᠨᠢ ᠲᠠᠲᠠᠯᠳᠤᠨ ᠬᠥᠳᠡᠯᠵᠦ ᠴᠢᠳᠠᠬᠤ ᠦᠭᠡᠢ ᠬᠥᠰᠢᠭᠦᠨ ᠡᠪᠡᠳᠴᠢᠨ ᠲᠣᠰᠴᠤ᠂ ᠪᠠᠰᠠ ᠵᠠᠷᠢᠮ ᠨᠢ ᠬᠡᠯᠡ ᠲᠠᠩᠨᠠᠢ ᠨᠢ ᠬᠥᠰᠢᠵᠦ ᠦᠭᠡ ᠬᠡᠯᠡᠵᠦ ᠴᠦ᠍ ᠴᠢᠳᠠᠬᠤ ᠦᠭᠡᠢ ᠪᠣᠯᠪᠠ ᠭᠡᠨ᠎ᠡ᠃ ᠢᠩᠭᠢᠭᠰᠡᠨ ᠢ᠋ᠶ᠋ᠡᠷ ᠬᠠᠷ᠎ᠠ ᠴᠡᠷᠢᠭ ᠦ᠋ᠳ ᠰᠦᠨᠡᠰᠦ ᠪᠡᠨ ᠭᠠᠷᠲᠠᠯ᠎ᠠ ᠠᠶᠤᠵᠠᠭᠠᠨ ᠰᠦᠮ᠎ᠡ ᠶ᠋ᠢᠨ ᠪᠤᠷᠬᠠᠨ ᠳᠣᠭᠰᠢᠳ ᠲᠤᠨᠢ ᠬᠦᠵᠢ ᠵᠤᠯᠠ ᠠᠰᠠᠭᠠᠨ ᠯᠠᠮᠠ ᠬᠤᠸᠠᠷᠠᠭ ᠲᠤᠨᠢ ᠰᠥᠭᠥᠳᠴᠦ ᠮᠥᠷᠭᠥᠨ ᠠᠪᠤᠷᠠᠯ ᠭᠤᠶᠤᠵᠤ ᠰᠦᠵᠢᠭᠯᠡᠭᠡᠳ ᠰᠦᠮ᠎ᠡ ᠬᠡᠢᠳ ᠡᠴᠡ ᠵᠢᠯᠢᠢᠪᠡ᠃
ᠮᠣᠩᠭᠣᠯᠴᠤᠳ ᠬᠠᠷᠢᠨ ᠡᠨᠡ ᠪᠤᠮ ᠰᠠᠩ ᠤ᠋ᠨ ᠮᠣᠳᠣᠨ ᠳ᠋ᠤ᠌ ᠲᠠᠬᠢᠯᠭ᠎ᠠ ᠡᠷᠭᠦᠨ ᠬᠠᠳᠠᠭ ᠰᠠᠮᠪᠠᠢ ᠳᠡᠭᠡᠳᠦᠯᠡᠨ ᠳᠠᠬᠢᠵᠤ᠂ ᠬᠠᠶᠠ ᠠᠪᠤᠷᠭᠤ ᠮᠣᠭᠠᠢ ᠲᠣᠬᠢᠶᠠᠯᠳᠤᠪᠠᠯ ᠶᠡᠷᠦ ᠡᠴᠡ ᠬᠠᠷ᠎ᠠ ᠰᠠᠨᠠᠵᠤ ᠮᠠᠭᠤ ᠪᠣᠳᠣᠳᠠᠭ ᠦᠭᠡᠢ ᠬᠠᠷᠢᠨ 《ᠯᠤᠤᠰ ᠤ᠋ᠨ ᠡᠵᠡᠨ ᠪᠠᠭᠤᠵᠤ ᠢᠷᠡᠯ᠎ᠡ》 ᠭᠡᠵᠦ ᠪᠠᠶᠠᠷᠯᠠᠨ ᠰᠦ ᠰᠠᠭᠠᠯᠢ ᠪᠠᠷ ᠰᠠᠴᠤᠯᠢ ᠡᠷᠭᠦᠨ ᠠᠷᠭᠠᠳᠠᠳᠠᠭ ᠲᠤ᠌ ᠲᠡᠷᠡ ᠠᠪᠤᠷᠭᠤ ᠮᠣᠭᠠᠢ ᠶᠡᠷᠦ ᠡᠴᠡ ᠣᠢᠷ᠎ᠠ ᠬᠠᠪᠢ ᠶ᠋ᠢᠨ ᠬᠥᠮᠦᠨ ᠬᠠᠷ᠎ᠠ ᠳ᠋ᠤ᠌ ᠬᠣᠣᠷ ᠬᠥᠨᠥᠭᠡᠯ ᠤᠴᠠᠷᠠᠭᠤᠯᠳᠠᠭ ᠦᠭᠡᠢ ᠭᠡᠳᠡᠭ᠃
ᠬᠠᠷ᠎ᠠ ᠴᠡᠷᠢᠭ ᠦ᠋ᠳ ᠲᠦ᠍ ᠰᠠᠯᠠᠭ᠎ᠠ ᠮᠥᠴᠢᠷ ᠢ᠋ᠶ᠋ᠡᠨ ᠬᠤᠭᠤᠯᠤᠭᠤᠯᠵᠤ᠂ ᠪᠤᠵᠠᠷᠲᠤᠭᠤᠯᠤᠨ ᠲᠠᠮᠲᠤᠭᠯᠠᠭᠤᠯᠤᠭᠰᠠᠨ ᠠ᠋ᠴᠠ ᠪᠤᠮ ᠰᠠᠩ ᠤ᠋ᠨ ᠰᠢᠲᠦᠯᠭᠡ ᠲᠡᠢ ᠠᠪᠤᠷᠭᠤ ᠮᠣᠳᠣ ᠠᠭᠠᠵᠢᠮ ᠠᠭᠠᠵᠢᠮ ᠢ᠋ᠶ᠋ᠠᠷ ᠬᠤᠪᠠᠬᠠᠢᠷᠠᠵᠤ ᠦᠬᠦᠪᠡ᠃ ᠢᠩᠭᠢᠭᠰᠡᠨ ᠡᠴᠡ ᠡᠨᠡ ᠰᠦᠵᠢᠭ ᠲᠠᠬᠢᠯᠭ᠎ᠠ ᠲᠠᠢ ᠪᠤᠮ ᠰᠠᠩ ᠤ᠋ᠨ ᠮᠣᠳᠣ ᠶ᠋ᠢ ᠣᠷᠢᠶᠠᠨ ᠬᠡᠪᠲᠡᠳᠡᠭ ᠠᠪᠤᠷᠭᠤ ᠮᠣᠭᠠᠢ ᠴᠤ᠌ ᠬᠠᠷᠠᠭᠳᠠᠬᠤ ᠪᠠᠨ ᠪᠣᠯᠢᠭᠰᠠᠨ ᠭᠡᠨ᠎ᠡ᠃
ᠰᠦᠮ᠎ᠡ ᠬᠡᠢᠳ ᠪᠤᠵᠠᠷᠯᠠᠭᠰᠠᠨ ᠬᠠᠷ᠎ᠠ ᠴᠡᠷᠢᠭ ᠦ᠋ᠳ ᠡᠯᠳᠡᠪ ᠡᠪᠡᠳᠴᠢᠨ ᠬᠠᠭᠤᠴᠢᠨ ᠣᠯᠤᠯ᠎ᠠ ᠭᠡᠰᠡᠨ ᠶᠠᠪᠠᠭᠠᠨ ᠶᠠᠷᠢᠶ᠎ᠠ ᠶ᠋ᠢ ᠰᠠᠷᠠᠩᠫᠤᠩᠰᠤᠭ ᠰᠣᠨᠣᠰᠤᠭᠠᠳ 《ᠤᠤᠬᠠᠢ᠂ ᠤᠷᠰᠢᠭ ᠤ᠋ᠨ ᠲᠦᠷᠦᠭᠦᠦ ᠸᠠᠩ ᠰᠣᠬᠣᠷ ᠢ᠋᠂ ᠭᠠᠢ ᠳᠠᠭᠠᠷᠢᠵᠤ᠂ ᠨᠥᠭᠦᠭᠡ ᠨᠢᠭᠡ ᠨᠢᠳᠦ ᠨᠢ ᠰᠣᠬᠣᠷᠠᠭᠠᠰᠠᠢ ! ᠲᠡᠭᠡᠪᠡᠯ ᠶᠠᠭᠤᠲᠠᠢ ᠰᠠᠢᠨ ᠪᠢᠯᠡ ᠁ 》 ᠭᠡᠵᠦ ᠳᠣᠲᠣᠷ᠎ᠠ ᠪᠠᠨ ᠸᠠᠩ ᠰᠣᠬᠣᠷ ᠢ᠋ ᠵᠠᠨᠤᠵᠤ ᠪᠠᠢᠯ᠎ᠠ᠃
ᠳᠡᠪᠰᠡᠭ ᠦ᠋ᠨ ᠠᠭᠤᠯᠠ ᠬᠤᠪᠢᠷᠠᠵᠠᠢ᠃ ᠬᠣᠶᠠᠷ ᠭᠤᠷᠪᠠᠬᠠᠨ ᠵᠢᠯ ᠦ᠋ᠨ ᠳᠣᠲᠣᠷ᠎ᠠ ᠣᠨᠴᠠᠭᠠᠢ ᠬᠤᠪᠢᠷᠠᠯᠲᠠ ᠲᠠᠢ᠃ 《ᠥᠯᠵᠡᠢ ᠪᠠᠶᠠᠰᠬᠤᠯᠠᠩᠲᠤ ᠰᠦᠮ᠎ᠡ》 ᠶ᠋ᠢᠨ ᠠᠷᠤ ᠳᠡᠨᠵᠢᠨ ᠳᠡᠭᠡᠷ᠎ᠡ ᠬᠣᠶᠠᠷ ᠳᠠᠪᠬᠤᠷ ᠮᠣᠳᠣᠨ ᠲᠠᠭᠲᠤ ᠪᠣᠰᠴᠤ᠂ ᠸᠠᠩ ᠰᠣᠬᠣᠷ ᠤ᠋ᠨ ᠵᠤᠰᠠᠯᠠᠩ ᠤ᠋ᠨ ᠤᠷᠲᠤ ᠶ᠋ᠢ ᠤᠷᠠᠯᠠᠨ ᠵᠤᠭᠤᠭᠤᠵᠠᠢ᠃ ᠣᠢᠷ᠎ᠠ ᠬᠠᠪᠢ ᠶ᠋ᠢᠨ ᠵᠦᠯᠭᠡ ᠳᠡᠨᠵᠢ᠂ ᠵᠢᠯᠠᠭ᠎ᠠ ᠭᠣᠣᠯ ᠤ᠋ᠨ ᠡᠷᠭᠢ ᠳᠠᠭᠠᠤ ᠭᠠᠵᠠᠷ ᠢ᠋ᠶ᠋ᠠᠷ ᠴᠡᠴᠡᠭ ᠦ᠋ᠨ ᠳᠠᠪᠠᠯᠭ᠎ᠠ ᠨᠠᠢᠭᠤᠵᠤ ᠵᠤᠨ ᠳ᠋ᠠᠭᠠᠨ ᠬᠡᠦᠬᠡᠳ ᠦ᠋ᠨ ᠨᠢᠳᠤᠷᠭᠠᠨ ᠴᠢᠨᠡᠭᠡ ᠤᠯᠠᠭᠠᠨ᠂ ᠶᠠᠭᠠᠨ᠂ ᠪᠣᠷᠣ᠂ ᠴᠡᠩᠬᠡᠷ᠂ ᠬᠥᠬᠡᠪᠲᠦᠷ᠂ ᠴᠠᠭᠠᠨ ᠁ ᠶᠠᠩᠵᠤ ᠶ᠋ᠢᠨ ᠥᠩᠭᠡ ᠲᠡᠢ ᠠᠮᠤ ᠴᠡᠴᠡᠭ ᠭᠠᠵᠠᠷ ᠰᠠᠢ ᠦᠭᠡᠢ ᠵᠠᠳᠠᠷᠠᠨ ᠳᠡᠯᠭᠡᠷᠡᠵᠦ᠂ ᠦᠶ᠎ᠡ ᠦᠶ᠎ᠡ ᠦᠶᠡᠯᠡᠨ ᠵᠢᠪᠠᠷᠯᠠᠬᠤ ᠰᠠᠯᠬᠢᠨ᠎ᠠ ᠰᠠᠢᠬᠠᠨ ᠦᠨᠦᠷ ᠬᠠᠩᠬᠤᠯᠵᠤ ᠶᠣᠰᠣᠲᠠᠢ ᠯᠠ ᠭᠤᠸ᠎ᠠ ᠰᠠᠢᠬᠠᠨ ᠴᠡᠴᠡᠭ ᠦ᠋ᠨ ᠬᠦᠷᠢᠶᠡᠯᠡᠩ ᠰᠢᠭ ᠬᠥᠮᠦᠨ ᠠᠮᠢᠲᠠᠨ ᠢ᠋ ᠰᠣᠭᠲᠣᠭᠤᠷᠠᠭᠤᠯᠬᠤ ᠠᠵᠢ᠃
ᠸᠠᠩ ᠰᠣᠬᠣᠷ ᠵᠤᠨ ᠳ᠋ᠠᠭᠠᠨ ᠡᠨᠡ ᠳᠡᠪᠰᠡᠭ ᠦ᠋ᠨ ᠠᠭᠤᠯᠠᠨ ᠤ᠋ ᠵᠤᠰᠠᠯᠠᠩ ᠳ᠋ᠤ᠌ ᠢᠷᠡᠵᠦ ᠨᠢᠭᠡ ᠬᠡᠰᠡᠭ ᠰᠠᠭᠤᠵᠤ ᠴᠡᠪᠡᠷ ᠠᠭᠠᠷ ᠠᠮᠢᠰᠬᠤᠨ ᠲᠡᠩᠬᠡᠭᠡ ᠰᠡᠳᠬᠢᠯ ᠢ᠋ᠶ᠋ᠡᠨ ᠵᠠᠰᠠᠵᠤ᠂ ᠱᠥᠯᠥ ᠤᠰᠤ ᠤᠤᠭᠤᠵᠤ ᠲᠡᠩᠬᠡᠭᠡ ᠲᠠᠮᠢᠷ ᠢ᠋ᠶ᠋ᠠᠨ ᠴᠢᠩᠭᠠᠯᠠᠳᠠᠭ ᠪᠢᠯᠡ᠃
ᠨᠠᠮᠤᠷ ᠲᠠᠭᠠᠨ ᠠᠮᠤ ᠴᠡᠴᠡᠭ ᠦ᠋ᠨ ᠦᠷ᠎ᠡ ᠵᠢᠮᠢᠰ ᠢ᠋ ᠬᠤᠷᠢᠶᠠᠵᠤ ᠬᠠᠭᠰᠠᠭᠠᠨ ᠡᠪᠦᠯ ᠳ᠋ᠡᠭᠡᠨ ᠭᠣᠣᠯᠳᠠᠭᠤ ᠬᠠᠷ᠎ᠠ ᠲᠠᠮᠠᠬᠢ ᠪᠣᠯᠪᠠᠰᠤᠷᠠᠭᠤᠯᠳᠠᠭ ᠢ᠋ ᠶᠡᠷᠦ ᠶ᠋ᠢᠨ ᠬᠥᠮᠦᠰ ᠦᠯᠦ ᠮᠡᠳᠡᠨ᠎ᠡ᠃ ᠡᠨᠡ ᠠᠭᠤᠯᠠᠨ ᠭᠠᠵᠠᠷ ᠠᠮᠤ ᠴᠡᠴᠡᠭ ᠲᠠᠷᠢᠬᠤ ᠨᠢ ᠲᠥᠷᠥ ᠶ᠋ᠢᠨ ᠴᠠᠭᠠᠵᠠ ᠲᠠᠢ ᠪᠣᠯᠪᠠᠴᠤ ᠬᠦᠨᠳᠦ ᠭᠠᠢᠯᠢ ᠬᠠᠲᠠᠭᠤ ᠲᠠᠲᠠᠪᠤᠷᠢ ᠠ᠋ᠴᠠ ᠵᠠᠢᠯᠠᠵᠤ ᠮᠤᠨᠳᠠᠭ ᠣᠷᠣᠯᠭ᠎ᠠ ᠣᠯᠳᠠᠭ ᠤᠬᠠᠭᠠᠨ ᠢ᠋ ᠰᠤᠪᠢᠵᠤ ᠮᠡᠳᠡᠬᠦ ᠬᠥᠮᠦᠨ ᠬᠣᠪᠣᠷ ᠰᠠᠨᠵᠠᠢ᠃
ᠳᠠᠸᠠᠨᠢᠮ᠎ᠠ ᠤᠤᠯ ᠠ᠋ᠴᠠ ᠬᠠᠷ᠎ᠠ ᠲᠠᠮᠠᠬᠢᠨ ᠤ᠋ ᠬᠣᠷᠣᠬᠠᠢᠲᠠᠢ ᠲᠠᠢ ᠬᠥᠮᠦᠨ ᠲᠤᠯᠠ ᠮᠠᠯ ᠤ᠋ᠨ ᠪᠡᠯᠴᠢᠭᠡᠷ ᠲᠦ᠋ᠨᠢ ᠠᠮᠤ ᠴᠡᠴᠡᠭ ᠲᠠᠷᠢᠵᠤ ᠬᠠᠶᠠᠭᠠᠨ ᠳ᠋ᠤᠨᠢ ᠬᠠᠷ᠎ᠠ ᠲᠠᠮᠠᠬᠢ ᠬᠠᠭᠰᠠᠭᠠᠨ ᠪᠣᠯᠪᠠᠰᠤᠷᠠᠭᠤᠯᠤᠭᠰᠠᠨ ᠳ᠋ᠤ᠌ ᠲᠡᠭᠦᠨ ᠦ᠌ ᠭᠣᠷᠢ ᠰᠢᠨᠤᠯ ᠢ᠋ ᠨᠢ ᠨᠡᠩ ᠭᠣᠪᠣᠭᠣᠨᠠᠭᠤᠯᠵᠤ ᠣᠷᠬᠢᠪᠠ᠃
ᠪᠣᠭᠣᠳᠠᠯ ᠪᠣᠭᠣᠳᠠᠯ ᠬᠠᠷ᠎ᠠ ᠲᠠᠮᠠᠬᠢ ᠰᠢᠷᠠᠩᠭᠤᠢ ᠪᠣᠬᠢᠷ ᠤᠲᠤᠭ᠎ᠠ ᠪᠣᠯᠵᠤ ᠮᠠᠨᠠᠷᠠᠬᠤ ᠳ᠋ᠤ᠌ ᠪᠤᠭ ᠪᠤᠲᠠ ᠮᠠᠯ ᠤ᠋ᠨ ᠬᠢᠨᠢ ᠲᠣᠭ᠎ᠠ ᠲᠣᠯᠣᠭᠠᠢ ᠨᠢ ᠬᠣᠷᠣᠭᠳᠠᠵᠤ ᠯᠠ ᠪᠠᠢᠯ᠎ᠠ ᠁
— ᠴᠢ ᠲᠡᠷᠡ ᠶᠠᠭᠤᠮᠠᠨ ᠳ᠋ᠤ᠌ ᠰᠢᠨᠤᠭᠰᠠᠭᠠᠷ ᠪᠠᠢᠵᠤ ᠬᠣᠲᠠ ᠪᠠᠨ ᠬᠤᠷᠢᠶᠠᠬᠤ ᠨᠢ ᠠ᠋ ! ᠭᠡᠵᠦ ᠰᠠᠮᠠᠭᠠᠨ ᠨᠢ ᠤᠬᠢᠯᠠᠭ ᠳᠠᠭᠤᠯᠠᠭ ᠠᠯᠳᠠᠪᠠᠯ ᠳᠠᠸᠠᠨᠢᠮ᠎ᠠ᠄
— ᠡᠴᠢᠭᠡ ᠳ᠋ᠡᠭᠡᠨ ᠤᠬᠢᠯᠠᠭ ᠠᠯᠳᠠᠭᠠᠳ ᠪᠠᠢᠪᠠ ? ᠮᠠᠭᠤ ᠢᠷᠣ᠎ᠠ ! ᠳᠠᠸᠠᠨᠢᠮ᠎ᠠ ᠶ᠋ᠢᠨ ᠡᠳ᠋ ᠬᠥᠷᠥᠩᠭᠡ ᠶᠠᠮᠠᠷ ᠡᠨᠡᠭᠦᠬᠡᠨ ᠶᠠᠭᠤᠮᠠᠨ ᠳ᠋ᠤ᠌ ᠬᠣᠲᠣᠢᠴᠢᠬᠠᠬᠤ ᠶᠤᠮ ᠪᠢᠰᠢ ᠠ᠋ ! ᠰᠠᠨᠠᠭ᠎ᠠ ᠠᠮᠤᠷ ᠪᠠᠢ᠂ ᠬᠠᠨ ᠮᠤᠨᠠ ᠶ᠋ᠢᠨ ᠪᠤᠶᠠᠨ ᠢ᠋ ᠡᠳ᠋ᠯᠡᠭᠡᠳ ᠪᠠᠷᠠᠬᠤ ᠶᠠᠭᠤᠮ᠎ᠠ ᠮᠥᠨ ᠤᠤ ⁈ ᠭᠡᠵᠦ ᠰᠠᠮᠠᠭᠠᠨ ᠢ᠋ᠶ᠋ᠠᠨ ᠵᠠᠩᠨᠠᠵᠤ ᠪᠡᠶ᠎ᠡ ᠪᠡᠨ ᠲᠠᠢᠳᠬᠤᠷᠠᠭᠤᠯᠤᠨᠠ᠃
ᠬᠠᠷ᠎ᠠ ᠲᠠᠮᠠᠬᠢᠨ ᠤ᠋ ᠭᠠᠤᠯᠢᠨ ᠲᠣᠭᠣᠭ᠎ᠠ ᠫᠣᠷ ᠫᠣᠷ ᠪᠤᠴᠠᠯᠵᠤ ᠥᠳᠬᠡᠨ ᠰᠢᠷ᠎ᠠ ᠤᠲᠤᠭ᠎ᠠ ᠪᠤᠷᠭᠢᠬᠤ ᠳ᠋ᠤ᠌ ᠠᠯᠳᠠᠵᠤ ᠠᠰᠬᠠᠬᠤ ᠠ᠋ᠴᠠ ᠡᠮᠢᠶᠡᠨ ᠳᠠᠸᠠᠨᠢᠮ᠎ᠠ ᠨᠢᠭᠡ ᠯᠡ ᠠᠮᠢᠰᠬᠤᠭ᠎ᠠ ᠪᠠᠷ ᠳᠣᠲᠣᠭᠰᠢ ᠭᠦᠨ ᠰᠣᠷᠣᠵᠤ ᠣᠷᠣᠭᠤᠯᠤᠨ ᠳᠡᠭᠡᠷ᠎ᠡ ᠡᠴᠡ ᠨᠢ ᠨᠢᠭᠡ ᠣᠭᠣᠴᠢ ᠴᠠᠢ ᠳᠠᠷᠤᠭᠤᠯᠵᠤ《ᠠ —》 ᠭᠡᠳ ᠤᠷᠲᠤᠬᠠᠨ ᠠᠮᠢᠰᠬᠤᠭ᠎ᠠ ᠠᠪᠬᠤ ᠳ᠋ᠤ᠌ ᠲᠡᠭᠦᠨ ᠳᠣᠲᠣᠷ᠎ᠠ ᠨᠢ ᠣᠩᠭᠣᠢᠵᠤ᠂ ᠪᠣᠢ ᠪᠦᠬᠦᠢ ᠵᠣᠪᠠᠨᠢᠯ ᠭᠤᠲᠤᠷᠠᠯ᠂ ᠶᠠᠳᠠᠷᠠᠯ ᠴᠢᠯᠡᠭᠡ ᠨᠢ ᠲᠠᠢᠯᠤᠭᠳᠠᠬᠤ ᠰᠢᠭ᠋ ᠰᠠᠨᠠᠭᠳᠠᠨ᠎ᠠ᠃
ᠲᠠᠪᠤ ᠭᠤᠷᠪᠠ ᠬᠣᠨᠣᠭᠠᠳ ᠨᠢᠭᠡ ᠪᠣᠭᠣᠳᠠᠯ ᠬᠠᠷ᠎ᠠ ᠲᠠᠮᠠᠬᠢᠨ ᠳ᠋ᠤ᠌ ᠬᠡᠳᠦᠨ ᠠᠷᠪᠠᠨ ᠬᠣᠨᠢ ᠢᠮᠠᠭ᠎ᠠ ᠲᠣᠭᠠᠯᠠᠵᠤ ᠶᠠᠪᠤᠭᠤᠯᠬᠤ ᠨᠢ ᠬᠡᠦᠬᠡᠳ ᠪᠦᠰᠡᠭᠦᠢ ᠶ᠋ᠢᠨ ᠰᠠᠨᠠᠭᠠᠨ ᠵᠣᠪᠠᠯᠠᠩ ! ᠶᠠᠷᠰᠢᠭ ᠪᠠᠢᠨ᠎ᠠ ᠭᠡᠵᠦ ᠳᠠᠸᠠᠨᠢᠮ᠎ᠠ ᠸᠠᠩ ᠰᠣᠬᠣᠷ ᠤ᠋ᠨ ᠳᠣᠣᠷᠠᠬᠢ ᠬᠠᠷ᠎ᠠ ᠲᠠᠮᠠᠬᠢᠨ ᠤ᠋ ᠳᠠᠩᠵᠢᠶᠠᠳ ᠲᠠᠢ ᠨᠢ 《ᠳᠠᠩᠰᠠᠯᠠᠵᠤ ᠲᠠᠯᠪᠢᠭᠠᠳ ᠳᠠᠨᠵᠢᠯᠠᠵᠤ ᠥᠭᠬᠦ》 ᠭᠡᠷ᠎ᠡ ᠲᠣᠭᠲᠠᠵᠤ᠂ ᠰᠤᠯᠠ ᠰᠤᠯᠠ ᠪᠠᠷ ᠬᠡᠵᠢᠶ᠎ᠡ ᠴᠦ᠍ ᠪᠡᠯᠡᠨ ᠠᠪᠴᠤ ᠪᠣᠯᠬᠤ ᠬᠠᠷ᠎ᠠ ᠲᠠᠮᠠᠬᠢᠨ ᠤ᠋ ᠵᠢᠵᠢᠭ ᠪᠣᠭᠣᠳᠠᠯ ᠤ᠋ᠨ ᠲᠣᠭ᠎ᠠ ᠶ᠋ᠢ ᠴᠤᠪᠤᠷᠠᠭᠤᠯᠵᠤ ᠳᠠᠩᠰᠠᠯᠠᠭᠠᠳ᠂ ᠬᠤᠷᠤᠭᠤᠨ ᠤ᠋ ᠣᠷᠣᠮ ᠢ᠋ᠶ᠋ᠠᠨ ᠲᠠᠮᠠᠭᠠᠯᠠᠵᠤ ᠣᠷᠬᠢᠨ ᠵᠢᠯ ᠦ᠋ᠨ ᠨᠢᠭᠡ ᠬᠤᠷᠠᠮᠳᠤᠭᠰᠠᠨ ᠳᠠᠩᠰᠠᠨ ᠳ᠋ᠤ᠌ ᠪᠥᠭᠡᠮ ᠢ᠋ᠶ᠋ᠡᠷ ᠮᠠᠯ ᠳᠠᠨᠵᠢᠯᠠᠵᠤ ᠥᠭᠭᠥ ᠪᠡᠷ ᠳᠠᠯᠳᠠᠭᠤᠷ ᠪᠣᠯᠵᠣᠭᠰᠠᠨ ᠢ᠋ ᠳᠠᠸᠠᠨᠢᠮ᠎ᠠ ᠶ᠋ᠢᠨ ᠭᠡᠷ ᠦ᠋ᠨ ᠬᠢᠨ ᠬᠡᠨ ᠨᠢ ᠴᠦ᠍ ᠮᠡᠳᠡᠭᠰᠡᠨ ᠦᠭᠡᠢ ᠪᠠᠢᠯ᠎ᠠ᠃
ᠨᠢᠭᠡ ᠡᠳᠦᠷ ᠳᠠᠸᠠᠨᠢᠮ᠎ᠠ ᠶ᠋ᠢᠨ ᠳ᠋ᠦ᠍ ᠨᠤᠭᠤᠰᠤᠨ ᠬᠦᠵᠦᠭᠦᠦ ᠲᠡᠢ ᠭᠤᠪᠴᠢᠢᠭᠰᠠᠨ ᠬᠤᠷᠤᠭᠤᠪᠴᠢᠨ ᠴᠢᠷᠠᠢ ᠲᠠᠢ ᠳᠠᠩᠵᠢᠶᠠᠳ ᠠᠷᠪᠠᠭᠠᠳ ᠬᠠᠷ᠎ᠠ ᠴᠡᠷᠢᠭ ᠢ᠋ᠶ᠋ᠡᠷ ᠥᠮᠥᠭᠯᠡᠭᠦᠯᠦᠨ ᠪᠠᠭᠤᠪᠠ᠃
— ᠵᠠ᠂ ᠳᠠᠩᠰᠠᠯᠠᠭᠤᠯᠤᠭᠰᠠᠨ ᠬᠠᠷ᠎ᠠ ᠲᠠᠮᠠᠬᠢᠨ ᠤ᠋ ᠲᠣᠭ᠎ᠠ ᠪᠠᠷᠢᠮᠲᠠ ᠶ᠋ᠢ ᠳᠠᠭᠤᠳᠠᠵᠤ ᠳᠠᠨᠵᠢᠯᠠᠭᠤᠯᠬᠤ ᠡᠳ᠋ ᠬᠥᠷᠥᠩᠭᠡ ᠪᠡᠨ ᠲᠤᠭᠠᠴᠠᠵᠠᠭᠠᠶᠠ ! ᠭᠡᠵᠦ ᠰᠤᠸᠠᠮᠫᠠᠨ ᠲᠠᠴᠢᠭᠢᠨᠠᠭᠤᠯᠤᠨ 《ᠬᠠᠷ᠎ᠠ ᠪᠡᠴᠢᠨ ᠡᠳᠦᠷ ᠨᠢᠭᠡ ᠪᠣᠭᠣᠳᠠᠯ᠂ ᠰᠢᠷᠠᠭᠴᠢᠨ ᠮᠣᠭᠠᠢ ᠡᠳᠦᠷ ᠬᠣᠶᠠᠷ ᠪᠣᠭᠣᠳᠠᠯ᠂ ᠬᠥᠬᠡᠭᠴᠢᠨ ᠨᠣᠬᠠᠢ ᠡᠳᠦᠷ ᠭᠤᠷᠪᠠᠨ ᠪᠣᠭᠣᠳᠠᠯ ᠁ 》 ᠭᠡᠵᠦ ᠰᠤᠨᠵᠢᠷᠠᠭᠤᠯᠤᠨ ᠳᠠᠭᠤᠳᠠᠵᠤ᠄
— ᠡᠳᠡᠭᠡᠷ ᠢ᠋ ᠨᠤᠭᠤᠯᠵᠤ ᠪᠣᠳᠣᠪᠠᠯ᠂ ᠡᠦᠲᠦ ᠲᠠᠨ ᠤ᠋ ᠭᠡᠷ ᠦ᠋ᠨ ᠪᠤᠭ᠂ ᠪᠤᠲᠠ ᠮᠠᠯ ᠤ᠋ᠨ ᠪᠦᠬᠦ ᠲᠣᠭ᠎ᠠ ᠪᠠᠨ ᠪᠦᠷᠢᠳᠬᠡᠵᠦ ᠳᠡᠭᠡᠷ᠎ᠡ ᠨᠢ ᠭᠡᠷ ᠲᠡᠷᠭᠡ᠂ ᠤᠨᠤᠭᠠᠷᠢ ᠶ᠋ᠢᠨ ᠮᠣᠷᠢ᠂ ᠡᠳ᠌ᠯᠡᠯ ᠬᠡᠷᠡᠭᠰᠡᠯ᠂ ᠦᠨᠡᠲᠦ ᠵᠦᠢᠯᠡᠰ ᠢ᠋ ᠨᠡᠮᠡᠭᠡᠳ ᠡᠨᠡ ᠥᠷᠢ ᠲᠥᠯᠥᠭᠡᠰᠦ ᠶ᠋ᠢᠨ ᠳᠠᠩᠰᠠᠨ ᠤ᠋ ᠬᠠᠭᠤᠳᠠᠰᠤᠨ ᠳ᠋ᠤ᠌ ᠳᠠᠩᠰᠠᠯᠠᠭᠤᠯᠤᠭᠰᠠᠨ ᠬᠠᠷ᠎ᠠ ᠲᠠᠮᠠᠬᠢᠨ ᠤ᠋ ᠦᠨ᠎ᠡ ᠬᠠᠩᠰᠢ ᠶ᠋ᠢ ᠲᠡᠭᠰᠢᠯᠡᠵᠦ ᠴᠢᠳᠠᠬᠤ ᠦᠭᠡᠢ ᠶᠦᠮ ᠪᠠᠢᠨ᠎ᠠ ᠲᠠᠨ ᠤ᠋ ᠬᠢᠨ ᠁ ᠭᠡᠪᠡ᠃
ᠨᠤᠭᠤᠰᠤᠨ ᠬᠦᠵᠦᠭᠦᠦ ᠲᠡᠢ ᠬᠤᠷᠤᠭᠤᠪᠴᠢᠨ ᠴᠢᠷᠠᠢᠲᠤ ᠶ᠋ᠢᠨ ᠨᠢᠰᠠᠯᠤᠭᠰᠠᠨ ᠰᠤᠸᠠᠮᠫᠠᠨ ᠤ᠋ ᠡᠷᠢᠭᠡ ᠶ᠋ᠢᠨ ᠲᠠᠴᠢᠭᠢᠨᠠᠨ ᠪᠥᠮᠪᠥᠷᠢᠬᠦ ᠳᠠᠭᠤᠨ ᠪᠠ ᠳᠠᠩᠰᠠ ᠲᠣᠭᠠᠴᠢᠨ ᠳᠠᠭᠤᠳᠠᠭᠰᠠᠨ ᠬᠠᠬᠢᠷ ᠳᠠᠭᠤᠨ ᠡᠨᠡ ᠠᠢᠯ ᠤ᠋ᠨ ᠪᠠᠭᠤᠷᠢ ᠳᠡᠭᠡᠷ᠎ᠡ ᠭᠡᠭᠡᠨ ᠡᠳᠦᠷ ᠠᠶᠤᠩᠭ᠎ᠠ ᠨᠢᠷᠭᠡᠭᠰᠡᠨ ᠰᠢᠭ ᠬᠠᠲᠠᠭᠤ ᠬᠠᠷ᠎ᠠ ᠡᠳᠦᠷ ᠪᠣᠯᠪᠠ᠃ ᠢᠩᠭᠢᠭᠡᠳ ᠳᠠᠸᠠᠨᠢᠮ᠎ᠠ ᠶ᠋ᠢᠨ ᠬᠢ ᠨᠤᠲᠤᠭ ᠪᠠᠭᠤᠷᠢ᠂ ᠭᠡᠷ ᠲᠡᠷᠭᠡ ᠪᠡᠨ ᠶᠡᠭᠦᠯᠡᠵᠦ ᠥᠭᠭᠥ ᠦᠭᠡᠢ ᠪᠠᠢᠬᠤ ᠶ᠋ᠢᠨ ᠠᠷᠭ᠎ᠠ ᠦᠭᠡᠢ ᠪᠣᠯᠵᠠᠢ᠃ ᠬᠡᠦᠬᠡᠳ ᠪᠦᠰᠡᠭᠦᠢ ᠤᠬᠢᠯᠠᠯᠳᠤᠨ ᠵᠠᠭᠤᠷᠠᠯᠳᠤᠵᠤ ᠨᠤᠲᠤᠭ ᠪᠠᠭᠤᠷᠢ ᠳᠡᠭᠡᠷ᠎ᠡ ᠪᠡᠨ ᠳᠡᠪᠵᠢᠶᠡᠷᠡᠵᠡᠬᠡᠵᠤ ᠪᠠᠢᠯ᠎ᠠ᠃
— ᠠᠩᠬ᠎ᠠ 《ᠠᠳᠠ ᠠ᠋ᠴᠠ ᠪᠡᠯᠴᠢᠭᠡᠷ ᠨᠤᠲᠤᠭ ᠵᠠᠢᠯᠠᠵᠤ ᠥᠭ ! ᠨᠡᠭᠦᠭᠡᠷᠡᠢ ᠲᠠ ᠨᠠᠷ ! 》 ᠭᠡᠵᠦ ᠬᠣᠰᠢᠭᠤ ᠶᠠᠮᠤᠨ ᠤ᠋ ᠲᠠᠬᠠᠷ ᠢᠷᠡᠵᠦ ᠵᠠᠷᠯᠢᠭ ᠤᠯᠠᠮᠵᠢᠯᠠᠬᠤ ᠳ᠋ᠤ᠌ ᠪᠢᠳᠡ ᠬᠣᠯᠠᠬᠠᠨ ᠨᠡᠭᠦᠳᠡᠭ ᠦᠭᠡᠢ ᠶᠠᠭᠠᠬᠢᠭᠰᠠᠨ ᠪᠣᠢ? ᠷᠠᠰᠢ ᠵᠠᠬᠢᠷᠤᠭᠴᠢ ᠰᠠᠢᠨ ᠬᠥᠮᠦᠨ ᠶᠦᠮ ᠠ᠋ ! ᠸᠠᠩ ᠵᠠᠩᠭᠤᠢᠳᠠ ᠶᠠᠭᠠᠬᠢᠯ᠎ᠠ᠂ ᠡᠢᠯ᠎ᠡ ᠁ ᠭᠡᠵᠦ ᠴᠢ ᠲᠡᠳᠡᠨᠦᠰ ᠲᠦ᠍ ᠶᠠᠭᠤᠮ᠎ᠠ ᠪᠠᠨ ᠬᠦᠷᠭᠡᠵᠦ ᠵᠢᠰᠥᠷᠳᠡᠭᠡᠳ ᠶᠠᠭᠤ ᠪᠣᠯᠪᠠ ? ᠦᠭᠡᠢ ᠠ᠋᠂ ᠴᠢ ᠲᠡᠷᠡ ᠬᠠᠷ᠎ᠠ ᠲᠠᠮᠠᠬᠢᠨ ᠳ᠋ᠤ᠌ ᠰᠢᠨᠤᠭᠠᠳ ᠥᠪ ᠬᠥᠷᠥᠩᠭᠡ ᠪᠡᠨ ᠪᠠᠷᠠᠳᠠᠭ ᠨᠢ ᠶᠠᠭᠤ ᠪᠣᠢ? ᠭᠡᠵᠦ ᠳᠠᠸᠠᠨᠢᠮ᠎ᠠ ᠶ᠋ᠢᠨ ᠪᠦᠰᠡᠭᠦᠢ ᠤᠬᠢᠯᠠᠭ ᠠᠯᠲᠠᠨ ᠳᠠᠰᠤᠭᠰᠠᠨ ᠢᠳᠡᠭᠡᠰᠢᠭᠰᠡᠨ ᠨᠤᠲᠤᠭ ᠪᠠᠭᠤᠷᠢ ᠠ᠋ᠴᠠ ᠪᠠᠨ ᠰᠠᠯᠵᠤ ᠶᠠᠳᠠᠨ ᠪᠠᠢᠭ᠎ᠠ ᠳ᠋ᠤ᠌ ᠳᠠᠸᠠᠨᠢᠮ᠎ᠠ ᠶ᠋ᠢᠨ ᠬᠠᠷ᠎ᠠ ᠲᠡᠮᠡᠭᠡᠨ ᠦ᠌ ᠰᠢᠨᠤᠯ ᠨᠢ ᠬᠥᠳᠡᠯᠦᠭᠡᠳ ᠰᠢᠩᠭᠡᠨ ᠨᠢᠰᠦ ᠨᠢ ᠭᠣᠭᠣᠵᠢᠨ ᠵᠣᠭᠰᠣᠵᠤ ᠳᠡᠢᠯᠬᠦ ᠦᠭᠡᠢ ᠬᠠᠢᠪᠠᠭᠠᠨᠠᠨᠠ᠃ ᠲᠡᠷᠡ ᠮᠥᠯᠬᠥᠵᠦ ᠮᠠᠭᠠᠵᠢᠯᠠᠨ ᠬᠤᠷᠤᠭᠤᠪᠴᠢᠨ ᠴᠢᠷᠠᠢᠲᠤ ᠶ᠋ᠢᠨ ᠡᠪᠦᠳᠦᠭ ᠳᠣᠣᠷ᠎ᠠ ᠣᠴᠢᠵᠤ᠄
— ᠳᠠᠩᠵᠢᠶᠠᠳ ᠠ᠋᠂ ᠨᠠᠳᠠ ᠨᠢᠭᠡ ᠴᠢᠮᠬᠢ ᠶᠠᠭᠤᠮ᠎ᠠ ᠥᠭᠭᠦᠭᠡᠴᠢ ! ᠭᠤᠶᠤᠶ᠎ᠠ ᠳᠠ ! ᠭᠡᠵᠦ ᠨᠢᠰᠦ ᠰᠢᠯᠦᠰᠦ ᠪᠡᠨ ᠭᠣᠭᠣᠵᠢᠭᠤᠯᠤᠭᠰᠠᠭᠠᠷ ᠭᠤᠩᠰᠢᠬᠤ ᠳ᠋ᠤ᠌ ᠲᠡᠷᠡ ᠬᠤᠷᠤᠭᠤᠪᠴᠢᠨ ᠴᠢᠷᠠᠢᠲᠤ᠄
— ᠡᠦᠲᠦ ᠳᠠᠩᠰᠠᠯᠠᠵᠤ ᠪᠣᠯᠳᠠᠭ ᠴᠠᠭ ᠪᠢᠰᠢ ᠠ᠋ ! ᠨᠢᠭᠡ ᠴᠢᠮᠬᠢ ᠳ᠋ᠦ᠍ ᠴᠦ᠍ ᠬᠠᠢᠷ᠎ᠠ ᠨᠠᠢᠷ ᠦᠭᠡᠢ ᠦᠨ᠎ᠡ ᠬᠠᠶᠠᠨ᠎ᠠ ᠰᠢᠦ ! ᠡᠦᠲᠦ ᠴᠢᠮ᠎ᠠ ᠳ᠋ᠤ᠌ ᠦᠨ᠎ᠡ ᠥᠭᠴᠢᠬᠡᠬᠦ ᠲᠠᠷ ᠪᠠᠢᠨ᠎ᠠ ᠤᠤ ? ᠭᠡᠪᠡ᠃
— ᠦᠭᠡᠢ᠂ ᠳᠠᠩᠵᠢᠶᠠᠳ ᠴᠢ ᠤᠷᠢᠳ ᠢ᠋ᠶ᠋ᠠᠷ ᠠᠮᠢ ᠶ᠋ᠢ ᠮᠢᠨᠢ ᠠᠪᠤᠷᠠᠵᠤ ᠦᠵᠡ ᠠ᠋ ! ᠪᠢ ᠁ ᠪᠢ ᠦᠬᠦᠯ᠎ᠡ ᠁ ᠭᠡᠵᠦ ᠳᠠᠸᠠᠨᠢᠮ᠎ᠠ ᠭᠤᠯᠢᠷ ᠬᠥᠮᠦᠨ ᠰᠢᠭ ᠭᠤᠯᠵᠢᠭᠠᠨᠠᠨᠠ᠃
— ᠴᠢ ᠮᠠᠢᠮᠠᠢ ᠶ᠋ᠢᠨ ᠭᠣᠷᠢᠮ ᠢ᠋ ᠮᠡᠳᠡᠬᠦ ᠦᠭᠡᠢ ᠤᠤ? ᠮᠥᠩᠭᠥ ᠪᠠᠷᠠᠭ᠎ᠠ ᠵᠡᠭᠦᠨ ᠪᠠᠷᠠᠭᠤᠨ ᠭᠠᠷ ᠰᠢᠦ !
— ᠦᠭᠡᠢ᠂ ᠬᠡᠳᠦ ᠬᠣᠨᠣᠭ ᠠ᠋ᠴᠠ ᠴᠢᠮ᠎ᠠ ᠳ᠋ᠤ᠌ ᠥᠭᠭᠦᠨ᠎ᠡ ! ᠮᠣᠩᠭᠣᠯ ᠬᠥᠮᠦᠨ ᠬᠡᠵᠢᠶᠡᠳᠡ ᠦᠭᠡ ᠪᠡᠨ ᠮᠡᠯᠵᠢᠳᠡᠭ ᠦᠭᠡᠢ ᠁ ᠪᠢ ᠁
— ᠲᠡᠭᠡᠪᠡᠯ ᠴᠢ ᠬᠡᠳᠦ ᠬᠣᠨᠣᠭ ᠠ᠋ᠴᠠ ᠥᠭᠴᠡᠭᠡ ᠪᠡᠨ ᠠᠪᠤᠭᠠᠳ ᠢᠷ᠎ᠡ ! ᠴᠢᠨᠦ ᠠᠪᠬᠤ ᠭᠡᠰᠡᠨ ᠶᠠᠭᠤᠮ᠎ᠠ ᠨᠠᠳᠠ ᠬᠡᠵᠢᠶᠡᠳᠡ ᠪᠡᠯᠡᠬᠡᠨ ! ᠭᠡᠳ ᠬᠤᠷᠤᠭᠤᠪᠴᠢᠨ ᠴᠢᠷᠠᠢᠲᠤ ᠴᠢᠷᠠᠢ ᠪᠠᠨ ᠬᠤᠪᠢᠯᠭᠠᠪᠠ᠃
ᠳᠠᠸᠠᠨᠢᠮ᠎ᠠ ᠶ᠋ᠢᠨ ᠬᠢ ᠢᠩᠭᠢᠵᠦ ᠳᠣᠷᠣᠢᠲᠠᠨ ᠨᠤᠲᠤᠭ ᠪᠠᠭᠤᠷᠢ ᠪᠠᠨ ᠶᠠᠭᠤ ᠴᠤ᠌ ᠦᠭᠡᠢ ᠠᠯᠳᠠᠪᠠ ᠁
ᠰᠠᠷᠠᠩᠫᠤᠩᠰᠤᠭ ᠪᠦᠰᠡᠭᠦᠢ ᠬᠡᠦᠬᠡᠳ ᠲᠡᠢ ᠪᠡᠨ ᠭᠣᠣᠯ ᠤ᠋ᠨ ᠤᠰᠤᠨ ᠤ᠋ ᠬᠥᠪᠡᠭᠡᠨ ᠳ᠋ᠦ᠍ ᠲᠡᠭᠦᠭᠰᠡᠨ ᠬᠡᠳᠦᠨ ᠰᠤᠮᠠᠯ ᠵᠡᠷᠯᠢᠭ ᠭᠦᠢᠯᠡᠰᠦᠨ ᠦ᠌ ᠬᠠᠯᠢᠰᠤ ᠴᠡᠪᠡᠷᠯᠡᠨ ᠪᠦᠯᠢᠳᠡᠵᠦ ᠠᠲᠠᠯ᠎ᠠ ᠠᠷᠪᠠᠭᠠᠳ ᠬᠠᠷ᠎ᠠ ᠴᠡᠷᠢᠭ ᠢᠷᠡᠵᠦ 《ᠢᠮᠠᠭᠠᠨ ᠰᠦᠷᠦᠭ ᠢ᠋ ᠴᠢᠨᠢ ᠲᠠᠭᠤᠵᠤ ᠠᠪᠠᠴᠢᠨ᠎ᠠ 》 ᠭᠡᠵᠦ ᠰᠦᠷᠡᠬᠡᠢ ᠵᠠᠩᠨᠠᠵᠤ ᠭᠠᠷᠪᠠ᠃
— ᠨᠤᠲᠤᠭ ᠳᠡᠭᠡᠷ᠎ᠡ ᠪᠡᠨ ᠰᠠᠭᠤᠵᠤ ᠪᠣᠯᠬᠤ ᠦᠭᠡᠢ᠂ ᠲᠠᠨᠤᠰ ᠤ᠋ᠨ ᠵᠠᠷᠯᠢᠭ ᠢ᠋ᠶ᠋ᠠᠷ ᠵᠠᠢᠰᠬᠠᠨ ᠨᠡᠭᠦᠵᠦ ᠵᠥᠩᠳᠡᠭᠡᠨ ᠶᠠᠪᠤᠭᠰᠠᠨ ᠬᠥᠮᠦᠨ ᠢ᠋ ᠶᠠᠭᠠᠬᠢᠯ᠎ᠠ ᠭᠡᠵᠢ ⁈ ᠭᠡᠵᠦ ᠰᠠᠷᠠᠩᠫᠤᠩᠰᠤᠭ ᠭᠠᠢᠬᠠᠰᠢᠷᠠᠭᠰᠠᠨ ᠳ᠋ᠤ᠌ ᠬᠠᠷ᠎ᠠ ᠴᠡᠷᠢᠭ ᠦ᠋ᠨ ᠨᠢᠭᠡ ᠨᠢ᠄
— ᠴᠢ ᠪᠢᠳᠡᠬᠡᠢ ᠶᠠᠭᠤ ᠴᠤ᠌ ᠮᠡᠳᠡᠬᠦ ᠦᠭᠡᠢ ᠪᠡᠷ ᠣᠪᠯᠠᠭᠠᠳ ᠪᠠᠢ ! ᠭᠡᠵᠦ ᠵᠠᠩᠨᠠᠯᠠ᠃
— ᠦᠭᠡᠢ ᠠ᠋ ! ᠪᠢ ᠶᠠᠭᠤ ᠶᠠᠭᠠᠬᠢᠪᠠ ?
— ᠴᠢᠨᠦ ᠢᠮᠠᠭ᠎ᠠ ᠴᠢᠨᠢ ᠸᠠᠩ ᠵᠠᠩᠭᠤᠢᠳᠠ ᠶ᠋ᠢᠨ ᠠᠮᠤ ᠴᠡᠴᠡᠭ ᠦ᠋ᠨ ᠲᠠᠷᠢᠶᠠᠨ ᠳ᠋ᠤ᠌ ᠣᠷᠣᠵᠤ ᠰᠦᠢᠳᠬᠡᠭᠰᠡᠨ ᠢ᠋ ᠮᠡᠳᠡᠬᠦ ᠦᠭᠡᠢ ᠤᠤ ? ᠢᠮᠠᠭ᠎ᠠ ᠴᠢᠨᠢ ᠬᠠᠮᠢᠭ᠎ᠠ ᠪᠣᠢ? ᠭᠡᠰᠡᠨ ᠳ᠋ᠦ᠍ ᠰᠠᠷᠠᠩᠫᠤᠩᠰᠤᠭ ᠭᠡᠨᠡᠳᠲᠡ ᠤᠬᠠᠭᠠᠷᠠᠵᠤ ᠸᠠᠩ ᠰᠣᠬᠣᠷ ᠳᠡᠭᠡᠰᠦᠯᠡᠭᠰᠡᠨ ᠭᠠᠵᠠᠷ ᠢ᠋ᠶ᠋ᠠᠨ ᠳᠠᠪᠠᠵᠤ ᠮᠠᠯ ᠤ᠋ᠨ ᠪᠡᠯᠴᠢᠭᠡᠷ ᠦ᠋ᠨ ᠭᠠᠵᠠᠷ ᠡᠵᠡᠯᠡᠨ ᠲᠠᠷᠢᠭᠰᠠᠨ ᠠᠮᠤ ᠴᠡᠴᠡᠭ ᠦ᠋ᠨ ᠲᠠᠷᠢᠶᠠᠨ ᠳ᠋ᠤ᠌ ᠴᠠᠭᠠᠳᠤ ᠡᠳᠦᠷ ᠴᠡᠴᠡᠭ ᠦ᠋ᠨ ᠬᠣᠩᠭᠣᠷᠴᠤᠭ ᠠᠮᠲᠠᠯᠠᠵᠤ ᠬᠡᠳᠦᠨ ᠢᠮᠠᠭ᠎ᠠ ᠣᠷᠣᠭᠰᠠᠨ ᠢ᠋ ᠰᠠᠨᠠᠵᠤ ᠣᠯᠤᠭᠠᠳ 《ᠡᠦᠲᠦ ᠴᠦ᠍ ᠲᠡᠭᠷᠢ ᠶ᠋ᠢᠨ ᠪᠤᠬᠤᠷ ᠲᠤ᠌ ᠲᠦᠢᠮᠡᠷ ᠲᠠᠯᠪᠢᠴᠢᠬᠠᠵᠢ ᠠ᠋ ! ᠸᠠᠩ ᠰᠣᠬᠣᠷ ᠲᠠᠢ ᠵᠥᠷᠢᠭᠦᠳᠯᠡᠭᠰᠡᠭᠡᠷ ᠰᠠᠢᠨ ᠢ᠋ᠶ᠋ᠠᠨ ᠣᠯᠵᠤ ᠦᠵᠡᠬᠦ ᠦᠭᠡᠢ ᠶᠦᠮ》 ᠭᠡᠰᠡᠨ ᠢ᠋ ᠮᠡᠳᠡᠵᠦ᠄
— ᠲᠠ ᠨᠠᠷ ᠴᠢᠳᠠᠯ ᠴᠢᠨᠢ ᠪᠠᠢᠪᠠᠯ ᠰᠦᠷᠦᠭ ᠢ᠋ᠶ᠋ᠡᠷ ᠨᠢ ᠬᠥᠭᠡᠭᠡᠵᠦ ᠠᠪᠠᠴᠢ ! ᠮᠢᠨᠦ ᠢᠮᠠᠭ᠎ᠠ ᠲᠡᠷᠡ ᠬᠠᠳᠠᠨ ᠳ᠋ᠤ᠌ ᠪᠣᠢ ! ᠭᠡᠵᠦ ᠰᠢᠭᠤᠳᠤᠮᠠᠭᠠᠢ ᠳᠤᠤᠭᠠᠷᠪᠠ᠃
ᠬᠠᠷ᠎ᠠ ᠴᠡᠷᠢᠭ ᠦ᠋ᠳ ᠬᠠᠳᠠ ᠮᠠᠴᠤᠵᠤ ᠨᠢᠭᠡ ᠡᠳᠦᠷ ᠬᠥᠭᠡᠭᠡᠯᠴᠡᠭᠡᠳ ᠠᠷᠪᠠᠭᠠᠳ ᠢᠮᠠᠭ᠎ᠠ ᠬᠥᠭᠡᠭᠡᠵᠦ ᠶᠠᠪᠤᠬᠤ ᠳ᠋ᠤᠨᠢ ᠰᠠᠷᠠᠩᠫᠤᠩᠰᠤᠭ ᠠᠭᠤᠷ ᠨᠢ ᠬᠦᠷᠴᠦ᠄
— ᠪᠦᠭᠦᠳᠡ ᠶ᠋ᠢ ᠲᠠᠭᠤᠳᠠᠭ ᠦᠭᠡᠢ ᠶᠠᠭᠠᠬᠢᠪᠠ ? ᠮᠠᠭᠤ ᠰᠠᠢᠨ ᠴᠢᠰᠤ ᠨᠤᠭᠤᠳ ᠸᠠᠩ ᠰᠣᠬᠣᠷ ᠤ᠋ᠨ ᠴᠢᠨᠢ ᠨᠥᠭᠦᠭᠡ ᠨᠢᠳᠦ ᠨᠢ ᠴᠦ᠍ ᠡᠷᠲᠡ ᠣᠷᠣᠢ ᠦᠭᠡᠢ ᠰᠣᠬᠣᠷᠠᠬᠤ ᠪᠠᠢᠬ᠎ᠠ ! ᠦᠬᠦᠳᠡᠭ ᠦᠭᠡᠢ ᠮᠠᠭᠤ ᠸᠠᠩ ᠰᠣᠬᠣᠷ! ᠭᠡᠵᠦ ᠠᠷᠤ ᠬᠣᠢᠨ᠎ᠠ ᠠ᠋ᠴᠠ ᠨᠢ ᠬᠠᠷᠢᠶᠠᠯ ᠲᠠᠯᠪᠢᠪᠠ᠃
ᠮᠠᠷᠭᠠᠲᠤᠷ ᠨᠢ ᠬᠠᠷ᠎ᠠ ᠴᠡᠷᠢᠭ ᠦ᠋ᠳ ᠪᠠᠰᠠ ᠢᠷᠡᠵᠦ᠄
— ᠸᠠᠩ ᠵᠠᠩᠭᠤᠢᠳᠠ ᠲᠠᠨ ᠢ᠋ ᠪᠡᠶ᠎ᠡ ᠪᠡᠷ ᠢ᠋ᠶ᠋ᠡᠨ ᠬᠦᠷᠴᠦ ᠥᠴᠥᠭᠡᠳᠦᠷ ᠦ᠋ᠨ ᠢᠮᠠᠭ᠎ᠠ ᠪᠠᠨ ᠠᠪᠬᠤ ᠪᠠᠷ ᠣᠴᠢ ! ᠭᠡᠵᠦ ᠳᠠᠭᠤᠳᠠᠵᠤ ᠪᠠᠢᠨ᠎ᠠ ᠭᠡᠬᠦ ᠳ᠋ᠦ᠍ ᠰᠠᠷᠠᠩᠫᠤᠩᠰᠤᠭ ᠳᠣᠲᠣᠷ᠎ᠠ ᠪᠠᠨ᠂ ᠸᠠᠩ ᠰᠣᠬᠣᠷ ᠲᠠᠢ ᠪᠢ ᠨᠢᠭᠡ ᠶᠣᠰᠣ ᠬᠡᠯᠡᠯᠴᠡᠮᠡᠷ ᠪᠠᠢᠨ᠎ᠠ᠃ ᠶᠠᠭᠠᠬᠢᠳᠠᠭ ᠶᠤᠮ? ᠳᠡᠭᠡᠰᠦᠯᠡᠭᠰᠡᠨ ᠭᠠᠵᠠᠷ ᠠ᠋ᠴᠠ ᠪᠠᠨ ᠬᠡᠲᠦᠷᠡᠵᠦ ᠮᠠᠯ ᠤ᠋ᠨ ᠪᠡᠯᠴᠢᠭᠡᠷ ᠡᠵᠡᠯᠡᠭᠰᠡᠨ ᠢ ᠬᠡᠨ ᠬᠠᠷᠢᠭᠤᠴᠠᠬᠤ ᠪᠣᠢ? ᠭᠡᠵᠦ ᠣᠯᠠᠨ ᠲᠠᠪᠤᠨ ᠶᠠᠭᠤᠮ᠎ᠠ ᠡᠪᠯᠡᠭᠦᠯᠵᠦ ᠪᠣᠳᠣᠨ ᠸᠠᠩ ᠰᠣᠬᠣᠷ ᠤ᠋ᠨ ᠳ᠋ᠤ᠌ ᠲᠠᠯᠪᠢᠭᠠᠳ ᠪᠠᠭᠤᠯ᠎ᠠ᠃
ᠸᠠᠩ ᠰᠣᠬᠣᠷ ᠵᠤᠰᠠᠯᠠᠩ ᠳ᠋ᠠᠭᠠᠨ ᠨᠢᠭᠡ ᠰᠢᠷᠡᠭᠡ ᠵᠠᠭᠤᠰᠢ ᠲᠠᠢ ᠠᠷᠢᠬᠢ ᠪᠠᠵᠠᠭᠠᠵᠤ᠂ ᠰᠢᠷᠡᠭᠡᠨ ᠦ᠌ ᠪᠡᠨ ᠭᠣᠣᠯ ᠳ᠋ᠤ᠌ ᠥᠪᠡᠷ ᠢ᠋ᠶ᠋ᠡᠨ ᠬᠠᠯᠵᠠᠨ ᠮᠠᠩᠨᠠᠢ ᠪᠠᠨ ᠫᠢᠱ ᠫᠠᠱ ᠠᠯᠠᠭᠠᠳᠠᠨ ᠴᠢᠷᠠᠢ ᠳᠦᠭᠦᠷᠡᠩ ᠢᠨᠢᠶᠡᠳᠦ ᠬᠠᠯᠭᠢᠭᠤᠯᠤᠨ ᠪᠠᠢᠪᠠ᠃ ᠲᠡᠭᠦᠨ ᠢ ᠣᠷᠣᠵᠤ ᠣᠴᠢᠬᠤ ᠳ᠋ᠤ᠌ ᠸᠠᠩ ᠰᠣᠬᠣᠷ᠄
— ᠨᠠᠭᠠᠰᠢ ᠪᠠᠨ ᠰᠠᠭᠤ! ᠨᠠᠭᠠᠰᠢ ᠪᠠᠨ ᠰᠠᠭᠤ! ᠭᠡᠵᠦ ᠬᠠᠵᠠᠭᠤ ᠳ᠋ᠠᠭᠠᠨ ᠰᠠᠨᠳᠠᠯᠢ ᠵᠠᠢᠴᠢᠯᠠᠵᠤ 《ᠨᠡᠷ᠎ᠡ ᠣᠪᠣᠭ ᠴᠢᠨᠢ ᠬᠡᠨ ᠪᠢᠯᠡ?》 ᠭᠡᠪᠡ᠃
— ᠰᠠᠷᠠᠩᠫᠤᠩᠰᠤᠭ ᠭᠡᠳᠡᠭ᠃
— ᠠᠩ! ᠰᠡᠷᠡᠩ — ᠫᠣᠩᠰᠣᠭ! ᠭᠡᠵᠦ ᠸᠠᠩ ᠰᠣᠬᠣᠷ ᠲᠣᠯᠣᠭᠠᠢ ᠲᠣᠬᠢᠨ᠎ᠠ᠃
ᠬᠠᠷ᠎ᠠ ᠴᠡᠷᠢᠭ ᠦ᠋ᠨ ᠵᠠᠷᠤᠴᠠ ᠨᠤᠭᠤᠳ ᠸᠠᠩ ᠰᠣᠬᠣᠷ ᠤ᠋ᠨ ᠲᠣᠬᠢᠯᠲᠠ ᠪᠠᠷ ᠠᠷᠢᠬᠢ ᠬᠤᠨᠳᠠᠭᠠᠯᠠᠵᠤ᠂ ᠴᠠᠢ ᠤᠰᠤ ᠠᠶᠠᠭᠠᠯᠠᠨ᠎ᠠ᠃
— ᠴᠢᠨᠦ ᠢᠮᠠᠭᠠᠨ ᠰᠦᠷᠦᠭ ᠮᠢᠨᠦ ᠠᠮᠤ ᠴᠡᠴᠡᠭ ᠢ᠋ ᠲᠠᠰᠤᠳᠠᠵᠤ ᠭᠡᠨ᠎ᠡ ᠤᠤ? ᠦᠨᠡᠨ ᠤᠤ?
— ᠦᠭᠡᠢ ᠠ᠋! ᠬᠣᠰᠢᠭᠤ ᠶᠠᠮᠤᠨ ᠤ᠋ ᠭᠡᠷ᠎ᠡ ᠶᠣᠰᠣᠭᠠᠷ ᠳᠡᠭᠡᠰᠦᠯᠡᠭᠰᠡᠨ ᠭᠠᠵᠠᠷ ᠠ᠋ᠴᠠ ᠬᠡᠲᠦᠷᠡᠵᠦ ᠮᠠᠯ ᠤ᠋ᠨ ᠪᠡᠯᠴᠢᠭᠡᠷ ᠲᠦ᠍ ᠁ ᠭᠡᠵᠦ ᠦᠭᠡ ᠴᠤᠬᠤᠢᠮᠠᠭᠴᠠ ᠸᠠᠩ ᠰᠣᠬᠣᠷ ᠣᠢᠯᠠᠭᠠᠵᠤ᠄
— ᠠᠩ᠂ ᠲᠡᠢᠮᠦ ᠪᠠᠢᠨ᠎ᠠ᠃ ᠮᠠᠨ ᠤ᠋ ᠬᠢᠨ ᠵᠢᠭᠠᠬᠠᠨ ᠬᠡᠲᠦᠷᠡᠭᠦᠯᠵᠦ ᠪᠠᠢᠨ᠎ᠠ᠃ ᠵᠠ᠂ ᠶᠠᠭᠠᠬᠢᠬᠤ ᠪᠣᠢ ᠬᠠᠮᠢᠭ᠎ᠠ ᠦᠭᠡᠢ᠂ ᠬᠠᠮᠢᠶ᠎ᠠ ᠦᠭᠡᠢ! ᠲᠣᠷᠭᠠᠬᠤ ᠪᠠᠷ ᠬᠥᠭᠡᠭᠡᠵᠦ ᠢᠷᠡᠭᠰᠡᠨ ᠬᠡᠳᠦᠨ ᠢᠮᠠᠭ᠎ᠠ ᠪᠠᠨ ᠴᠢ ᠥᠪᠡᠰᠦᠪᠡᠨ ᠲᠠᠭᠤᠭᠠᠳ ᠶᠠᠪᠤ ᠠ᠋! ᠬᠣᠵᠢᠮ ᠪᠢᠲᠡᠭᠡᠢ ᠠᠮᠤ ᠴᠡᠴᠡᠭ ᠦ᠋ᠨ ᠲᠠᠷᠢᠶᠠᠨ ᠳ᠋ᠤ᠌ ᠢᠮᠠᠭ᠎ᠠ ᠪᠠᠨ ᠪᠡᠯᠴᠢᠭᠡ! ᠬᠢᠴᠢᠶᠡᠭᠡᠷᠡᠢ! ᠵᠠ᠂ ᠠᠷᠢᠬᠢ ᠤᠤᠭᠤᠶ᠎ᠠ! ᠭᠡᠵᠦ ᠬᠤᠨᠳᠠᠭ᠎ᠠ ᠲᠠᠢ ᠪᠠᠨ ᠡᠷᠭᠦᠭᠰᠡᠨ ᠳ᠋ᠦ᠍ ᠮᠣᠩᠭᠣᠯ ᠬᠥᠮᠦᠨ ᠠᠷᠢᠬᠢ ᠮᠢᠬ᠎ᠠ ᠬᠣᠶᠠᠷ ᠲᠤ᠌ ᠬᠡᠵᠢᠶ᠎ᠡ ᠴᠦ᠍ ᠤᠷᠭ᠎ᠠ ᠶ᠋ᠢᠨ ᠮᠣᠷᠢ ᠰᠢᠭ᠋ ᠱᠤᠩᠭᠤᠭᠠᠳ ᠣᠷᠣᠬᠤ ᠠ᠋ᠴᠠ ᠪᠢᠰᠢ ᠤᠷᠭᠤᠭ᠎ᠠ ᠬᠠᠳᠠ ᠰᠢᠭ᠋ ᠣᠷᠣᠨ ᠳ᠋ᠠᠭᠠᠨ ᠪᠠᠢᠳᠠᠭ ᠦᠭᠡᠢ ᠶᠦᠮ ᠠ᠋ ᠭᠡᠰᠡᠨ ᠲᠥᠯᠥᠪᠲᠡᠢ ᠬᠡᠯᠡᠪᠡ᠃
ᠸᠠᠩ ᠰᠣᠬᠣᠷ ᠶᠠᠭᠤᠨ ᠳ᠋ᠤ᠌ ᠢᠩᠭᠢᠵᠦ ᠲᠤᠰᠬᠠᠢ ᠰᠢᠷᠡᠭᠡ ᠵᠠᠰᠠᠵᠤ ᠵᠣᠴᠢᠯᠠᠭ᠎ᠠ ᠪᠣᠢ ⁈ ᠪᠢ ᠡᠨᠡ ᠬᠤᠨᠳᠠᠭ᠎ᠠ ᠲᠠᠢ ᠠᠷᠢᠬᠢ ᠶ᠋ᠢ ᠤᠤᠭᠤᠬᠤ ᠦᠭᠡᠢ ᠬᠥᠰᠡᠷ ᠠᠰᠬᠠᠴᠢᠬᠠᠪᠠᠯ ᠶᠠᠭᠠᠬᠢᠳᠠᠭ ᠶᠤᠮ ⁈ ᠤᠤᠭᠤᠬᠤ ᠤᠤ ᠪᠣᠯᠢᠬᠤ ᠤᠤ ? ᠭᠡᠵᠦ ᠲᠦᠳᠡᠭᠡᠯᠵᠡᠭᠰᠡᠨ ᠢ᠋ᠶ᠋ᠡᠨ 《ᠶᠠᠭᠤ ᠴᠦ᠍ ᠪᠣᠯᠤᠭ ᠸᠠᠩ ᠰᠣᠬᠣᠷ ᠨᠠᠳᠠ ᠨᠠᠢᠷ ᠲᠠᠯᠪᠢᠵᠤ ᠪᠠᠢᠭ᠎ᠠ ᠳ᠋ᠤ᠌ ᠪᠢ ᠨᠢᠭᠤᠷ ᠬᠠᠭᠠᠷᠠᠵᠤ ᠦᠯᠦ ᠪᠣᠯᠤᠨ᠎ᠠ᠃ ᠪᠢ ᠴᠢᠨᠢ ᠨᠢᠭᠡ ᠶᠠᠳᠠᠷᠠᠭᠤᠬᠠᠨ ᠮᠠᠯᠴᠢᠨ ᠬᠥᠮᠦᠨ᠂ ᠡᠨᠡ ᠸᠠᠩ ᠰᠣᠬᠣᠷ ᠴᠢᠨᠢ ᠮᠥᠩᠭᠥᠨ ᠦ᠌ ᠲᠤᠯᠤᠮ᠂ ᠴᠡᠷᠢᠭ ᠦ᠋ᠨ ᠶᠡᠬᠡ ᠨᠣᠶᠠᠨ ᠬᠥᠮᠦᠨ ᠰᠢᠳᠡ! ᠮᠣᠩᠭᠣᠯ ᠬᠥᠮᠦᠨ ᠭᠡᠭᠴᠢ ᠪᠣᠯᠭᠣᠭᠰᠠᠨ ᠢᠳᠡᠭᠡᠨ ᠡᠴᠡ ᠵᠠᠢᠯᠠᠳᠠᠭ ᠦᠭᠡᠢ᠃ ᠲᠡᠭᠡᠪᠡᠯ ᠪᠣᠯᠣᠰᠢ ᠦᠭᠡᠢ ᠶᠠᠭᠤᠮ᠎ᠠ ᠲᠠᠢ ᠤᠴᠠᠷᠠᠨ᠎ᠠ ᠭᠡᠵᠦ ᠬᠠᠭᠤᠴᠢᠨ ᠤ᠋ ᠬᠥᠮᠦᠰ ᠬᠡᠯᠡᠳᠡᠭ ᠶᠦᠮ᠃ ᠶᠠᠭᠤ ᠴᠤ᠌ ᠭᠡᠰᠡᠨ ᠠᠷᠢᠬᠢ ᠵᠠᠭᠤᠰᠢᠨ ᠠ᠋ᠴᠠ ᠨᠢ ᠤᠤᠭᠤᠵᠤ ᠢᠳᠡᠵᠦ ᠪᠠᠢᠭᠠᠳ ᠤᠴᠢᠷ ᠢ ᠨᠢ ᠣᠯᠤᠶ᠎ᠠ ᠭᠡᠵᠦ ᠰᠠᠨᠠᠨ ᠸᠠᠩ ᠰᠣᠬᠣᠷ ᠤ᠋ᠨ ᠬᠤᠨᠳᠠᠭᠠᠯᠠᠭᠰᠠᠨ ᠠᠷᠢᠬᠢ ᠶ᠋ᠢ ᠠᠪᠤᠮᠠᠭᠴᠠ ᠰᠢᠯᠤᠭᠤᠬᠠᠨ ᠬᠥᠨᠲᠥᠷᠪᠡ᠃ ᠠᠷᠢᠬᠢᠨ ᠤ᠋ ᠱᠠᠯᠠᠯᠭ᠎ᠠ ᠳᠠᠭᠠᠭᠠᠳᠠᠭ ᠦᠭᠡᠢ ᠠᠰᠪᠤᠷ ᠬᠥᠮᠦᠨ ᠦ᠌ ᠡᠮᠵᠡᠭ ᠪᠤᠶᠤ᠃ ᠨᠢᠭᠡ ᠶ᠋ᠢ ᠨᠢ ᠬᠥᠨᠲᠥᠷᠴᠢᠬᠡᠪᠡᠯ ᠳᠠᠷᠠᠭᠠᠬᠢ ᠶ᠋ᠢ ᠨᠢ ᠪᠠᠰᠠ ᠬᠥᠨᠲᠥᠷᠳᠡᠭ ᠨᠢ ᠠᠯᠪᠠ᠃ ᠬᠣᠶᠠᠷ᠂ ᠭᠤᠷᠪᠠ ᠁ ᠭᠡᠭᠰᠡᠭᠡᠷ ᠪᠠᠢᠭᠠᠳ ᠭᠤᠷᠪᠠᠨ ᠭᠤᠷᠪᠠ ᠶ᠋ᠢᠨ ᠶᠢᠰᠦᠨ ᠬᠤᠨᠳᠠᠭ᠎ᠠ ᠪᠣᠯᠪᠠ᠃ ᠠᠷᠢᠬᠢ ᠭᠡᠳᠡᠭ ᠶᠠᠭᠤᠮ᠎ᠠ ᠰᠣᠨᠢᠨ ! ᠠᠩᠬᠠᠨ ᠤ᠋ ᠬᠤᠨᠳᠠᠭ᠎ᠠ ᠶ᠋ᠢ ᠠᠮᠲᠠᠯᠠᠬᠤ ᠳ᠋ᠤ᠌ ᠬᠣᠭᠣᠯᠠᠢ ᠠᠮᠠ ᠳᠠᠷᠪᠢᠭᠢᠨᠠᠭᠠᠳ ᠭᠠᠯ ᠵᠠᠯᠭᠢᠭᠰᠠᠨ ᠰᠢᠭ᠋ ᠭᠠᠰᠢᠭᠤᠨ ᠨᠢ ᠠᠷᠭ᠎ᠠ ᠦᠭᠡᠢ᠃ ᠭᠤᠷᠪᠠᠨ ᠬᠤᠨᠳᠠᠭ᠎ᠠ ᠶ᠋ᠢᠨ ᠳᠠᠷᠠᠭ᠎ᠠ᠂ ᠭᠤᠯᠭᠤᠭᠰᠠᠨ ᠵᠢᠷᠣᠭ᠎ᠠ ᠪᠣᠯᠴᠢᠬᠠᠳᠠᠭ᠃ ᠡᠢᠨᠬᠦ ᠰᠠᠷᠠᠩᠫᠤᠩᠰᠤᠭ ᠭᠤᠯᠭᠤᠭᠰᠠᠨ ᠵᠢᠷᠣᠭ᠎ᠠ ᠵᠠᠮ ᠢ᠋ᠶ᠋ᠠᠷ ᠬᠥᠨᠲᠥᠷᠦᠭᠦᠯᠦᠭᠰᠡᠭᠡᠷ ᠪᠠᠢᠭᠠᠳ ᠵᠣᠷᠢᠭ ᠨᠢ ᠪᠦᠳᠦᠭᠦᠷᠡᠵᠦ᠂ ᠠᠮᠠ ᠨᠢ ᠴᠦ᠍ ᠬᠠᠯᠠᠰᠠᠯᠠ᠃
— ᠴᠢ ᠸᠠᠩ ᠰᠣᠬᠣᠷ ᠮᠥᠨ ᠤᠤ? ᠠ ⁈
— ᠴᠢ ᠶᠠᠮᠠᠷ ᠪᠤᠶᠠᠨᠲᠠᠢ ᠬᠥᠮᠦᠨ ᠪᠣᠢ! ᠰᠠᠢᠬᠠᠨ ᠬᠣᠶᠠᠷ ᠳᠠᠪᠬᠤᠷ᠎ᠠ ᠠᠯᠠᠭ ᠨᠢᠳᠦ ᠲᠡᠢ ᠶᠦᠮ ᠪᠠᠢᠨ᠎ᠠ᠃ ᠬᠠ ᠬᠠ ᠁ ᠭᠡᠵᠦ ᠸᠠᠩ ᠰᠣᠬᠣᠷ ᠬᠠᠭᠤᠷᠠᠢ ᠪᠠᠷ ᠢᠨᠢᠶᠡᠨ ᠨᠥᠭᠥᠭᠡᠳᠦᠭᠦᠯᠡ ᠳ᠋ᠡᠭᠡᠨ ᠨᠢᠳᠦ ᠵᠠᠷᠤᠵᠤ 《ᠠᠷᠢᠬᠢ ᠪᠠᠨ ᠤᠤᠭᠤ! 》 ᠭᠡᠵᠦ ᠬᠤᠨᠳᠠᠭ᠎ᠠ ᠡᠷᠭᠦᠬᠦ ᠪᠡᠨ ᠲᠠᠰᠤᠯᠳᠠᠭᠤᠯᠤᠭᠰᠠᠨ ᠦᠭᠡᠢ᠃
— ᠬᠡᠩ ᠴᠢ ᠮᠠᠭᠤ ᠰᠣᠬᠣᠷ ᠮᠠᠨ ᠤ᠋ ᠨᠤᠲᠤᠭ ᠪᠡᠯᠴᠢᠭᠡᠷ ᠢ᠋ ᠡᠵᠡᠯᠡᠨ ᠡᠪᠳᠡᠵᠦ᠂ ᠮᠠᠨᠤᠰ ᠢ᠋ ᠢᠩᠭᠢᠵᠦ ᠰᠢᠬᠠᠵᠤ ᠱᠤᠯᠤᠳᠠᠭ ᠨᠢ ᠶᠠᠭᠠᠬᠢᠭ᠎ᠠ ᠪᠣᠢ? ᠮᠠᠨᠤᠰ ᠡᠷᠲᠡ ᠣᠷᠣᠢ ᠦᠭᠡᠢ ᠴᠢᠮ᠎ᠠ ᠠ᠋ᠴᠠ ᠥᠰᠢᠶ᠎ᠡ ᠪᠡᠨ ᠠᠪᠤᠨ᠎ᠠ ᠁ ᠭᠡᠵᠦ ᠱᠠᠯᠴᠢᠭᠰᠠᠭᠠᠷ ᠪᠠᠢᠭᠠᠳ ᠰᠢᠷᠡᠭᠡ ᠳᠡᠷᠡᠯᠡᠨ ᠤᠨᠲᠠᠵᠤ ᠣᠷᠬᠢᠪᠠ᠃
ᠰᠠᠷᠠᠩᠫᠤᠩᠰᠤᠭ ᠱᠠᠯ ᠰᠣᠭᠲᠣᠵᠠᠢ᠃ ᠲᠡᠷᠡ ᠰᠣᠭᠲᠣᠭᠤ ᠪᠠᠷ ᠢ᠋ᠶ᠋ᠠᠨ ᠶᠠᠭᠤ ᠶᠠᠭᠤ ᠭᠡᠵᠦ ᠱᠠᠯᠴᠢᠭᠰᠠᠨ ᠢ᠋ᠶ᠋ᠠᠨ ᠲᠠᠭ ᠮᠡᠳᠡᠬᠦ ᠦᠭᠡᠢ ᠪᠣᠯᠵᠠᠢ᠃
ᠪᠦᠷᠦᠢ ᠪᠣᠯᠬᠤ ᠳ᠋ᠤ᠌ ᠰᠠᠷᠠᠩᠫᠤᠩᠰᠤᠭ ᠤ᠋ᠨ ᠠᠷᠢᠬᠢ ᠨᠢ ᠰᠡᠷᠭᠦᠬᠦ ᠰᠢᠭ ᠪᠣᠯᠵᠤ ᠬᠡᠳᠦᠨ ᠢᠮᠠᠭ᠎ᠠ ᠪᠠᠨ ᠬᠥᠭᠡᠭᠡᠵᠦ ᠭᠡᠷ ᠵᠦᠭ ᠢ᠋ᠶ᠋ᠡᠨ ᠭᠣᠢᠭᠣᠷᠤᠨᠠ᠃
ᠬᠣᠶᠠᠷ ᠳᠡᠭᠲᠡᠷᠲᠦ ᠮᠣᠳᠣᠨ ᠲᠠᠭᠲᠤ ᠳᠡᠭᠡᠷ᠎ᠡ ᠪᠡᠨ ᠰᠡᠷᠢᠭᠦᠴᠡᠵᠦ ᠰᠠᠭᠤᠭᠰᠠᠨ ᠸᠠᠩ ᠰᠣᠬᠣᠷ ᠰᠠᠷᠠᠩᠫᠤᠩᠰᠤᠭ ᠤ᠋ᠨ ᠭᠤᠰᠢᠯᠵᠠᠨ ᠶᠠᠪᠤᠬᠤ ᠶ᠋ᠢ ᠬᠠᠷᠠᠭᠠᠳ 《ᠲᠤᠭ᠂ ᠲᠤᠭ᠂ ᠲᠤᠭ》 ᠭᠡᠵᠦ ᠭᠤᠷᠪᠠᠨᠲᠠ ᠮᠣᠳᠣ ᠲᠣᠭᠰᠢᠭᠰᠠᠨ ᠳ᠋ᠤ᠌ ᠲᠡᠷᠡ ᠳᠣᠬᠢᠶ᠎ᠠ ᠳᠠᠭᠤᠨ ᠢ᠋ᠶ᠋ᠠᠷ ᠬᠣᠶᠠᠷ ᠴᠡᠷᠢᠭ ᠡᠮᠦᠨ᠎ᠡ ᠨᠢ ᠢᠷᠡᠵᠦ ᠨᠠᠪᠲᠠᠢᠨ ᠵᠣᠭᠰᠣᠪᠠ᠃ ᠸᠠᠩ ᠰᠣᠬᠣᠷ ᠬᠣᠶᠠᠷ ᠬᠤᠷᠤᠭᠤ ᠪᠠᠨ ᠭᠣᠵᠣᠢᠯᠭᠠᠵᠤ 《〈 ᠰᠣᠬᠣᠷ 〉 ᠭᠡᠵᠦ ᠬᠥᠮᠦᠨ ᠲᠠᠪᠠᠯᠠᠳᠠᠭ ᠵᠣᠯᠢᠭ ᠤ᠋ᠨ ᠬᠣᠶᠠᠷ ᠨᠢᠳᠦ ᠶ᠋ᠢ ᠨᠢ ᠤᠬᠤᠵᠤ ᠬᠠᠶᠠ! ᠠᠮᠢ ᠶ᠋ᠢ ᠨᠢ ᠪᠢᠲᠡᠭᠡᠢ ᠬᠥᠨᠥᠭᠡ! ᠵᠢᠩᠬᠢᠨᠢ ᠰᠣᠬᠣᠷ ᠤ᠋ᠨ ᠲᠠᠮᠤ ᠶ᠋ᠢ ᠪᠡᠶ᠎ᠡ ᠪᠡᠷ ᠢ᠋ᠶ᠋ᠡᠨ ᠡᠳ᠋ᠯᠡᠭ!》 ᠭᠡᠵᠦ ᠲᠤᠰᠢᠶᠠᠭᠰᠠᠨ ᠳ᠋ᠤ᠌ ᠲᠡᠷᠡ ᠬᠣᠶᠠᠷ ᠬᠠᠷ᠎ᠠ ᠴᠡᠷᠢᠭ ᠰᠠᠯᠬᠢ ᠮᠡᠲᠦ ᠬᠤᠷᠳᠤᠨ ᠬᠥᠳᠡᠯᠵᠦ ᠬᠠᠷᠠᠩᠭᠤᠢ ᠳ᠋ᠤ᠌ ᠠᠯᠠᠭ᠎ᠠ ᠪᠣᠯᠪᠠ᠃
ᠦᠳᠡᠰᠢ ᠶ᠋ᠢᠨ ᠰᠡᠷ ᠰᠡᠷ ᠰᠡᠷᠢᠭᠦᠨ ᠵᠢᠪᠠᠷ ᠠᠮᠤ ᠴᠡᠴᠡᠭ ᠦ᠋ᠨ ᠠᠩᠬᠢᠯᠤᠮ᠎ᠠ ᠦᠨᠦᠷ ᠢ᠋ ᠦᠶ᠎ᠡ ᠦᠶ᠎ᠡ ᠡᠨᠡ ᠬᠣᠶᠠᠷ ᠳᠡᠭᠲᠡᠷᠲᠦ ᠰᠡᠷᠢᠭᠦᠪᠴᠢ ᠮᠣᠳᠣᠨ ᠲᠠᠭᠲᠤ ᠳᠡᠭᠡᠷ᠎ᠡ ᠬᠦᠷᠭᠡᠵᠦ ᠢᠷᠡᠬᠦᠶ᠎ᠡ ᠸᠠᠩ ᠰᠣᠬᠣᠷ ᠤ᠋ᠨ ᠴᠢᠬᠢᠨ ᠳ᠋ᠦ᠍ ᠱᠠᠷ ᠱᠠᠷ ᠱᠠᠷᠴᠢᠭᠢᠨᠠᠬᠤ ᠮᠥᠩᠭᠥᠨ ᠵᠣᠭᠣᠰᠤᠨ ᠤ᠋ ᠲᠣᠭᠠᠯᠠᠭᠤᠷ ᠰᠢᠭ᠋ ᠰᠣᠨᠣᠰᠳᠠᠨ᠎ᠠ ᠁
ᠬᠠᠷᠠᠩᠭᠤᠢ ᠳ᠋ᠤ᠌ ᠭᠡᠨᠡᠳᠲᠡ ᠬᠣᠶᠠᠷ ᠪᠠᠷᠠᠭᠠᠨ ᠰᠡᠭᠦᠳᠡᠷ ᠰᠡᠭᠦᠳᠡᠭᠡᠨᠡᠵᠦ ᠢᠷᠡᠭᠡᠳ ᠰᠠᠷᠠᠩᠫᠤᠩᠰᠤᠭ ᠤ᠋ᠨ ᠨᠢᠳᠦ ᠶ᠋ᠢ ᠳᠠᠷᠤᠪᠠ ᠁ 《ᠠᠶ᠎ᠠ! 》ᠭᠡᠬᠦ ᠬᠡᠴᠡᠭᠦᠦ ᠮᠠᠭᠤᠬᠠᠢ ᠴᠢᠷᠠᠯᠠᠭᠰᠠᠨ ᠭᠠᠰᠢᠭᠤᠨ ᠳᠠᠭᠤᠨ ᠰᠥᠨᠢ ᠶ᠋ᠢᠨ ᠨᠠᠮ ᠵᠢᠮ ᠢ᠋ ᠡᠪᠳᠡᠵᠦ ᠲᠡᠭᠷᠢ ᠭᠠᠵᠠᠷ ᠤᠷᠪᠠᠬᠤ ᠰᠢᠭ᠋ ᠰᠠᠨᠠᠭᠳᠠᠨ ᠰᠠᠷᠠᠩᠫᠤᠩᠰᠤᠭ ᠶᠠᠭᠤ ᠴᠤ᠌ ᠣᠯᠵᠤ ᠦᠵᠡᠬᠦ ᠪᠡᠨ ᠪᠣᠯᠢᠪᠠ᠃
ᠸᠠᠩ ᠰᠣᠬᠣᠷ ᠤ᠋ᠨ ᠶᠠᠪᠤᠭᠤᠯᠤᠭᠰᠠᠨ ᠬᠣᠶᠠᠷ ᠬᠠᠷ᠎ᠠ ᠴᠡᠷᠢᠭ ᠰᠠᠷᠠᠩᠫᠤᠩᠰᠤᠭ ᠤ᠋ᠨ ᠵᠠᠮ ᠢ᠋ ᠲᠣᠰᠴᠤ ᠬᠣᠶᠠᠷ ᠨᠢᠳᠦ ᠶ᠋ᠢ ᠨᠢ ᠪᠦᠲᠡᠭᠡᠨ ᠳᠠᠷᠤᠵᠤ ᠲᠤᠰᠬᠠᠢ ᠬᠥᠮᠦᠨ ᠦ᠌ ᠨᠢᠳᠦ ᠶ᠋ᠢ ᠤᠬᠤᠷᠬᠠᠢ ᠪᠠᠷ ᠨᠢ ᠣᠬᠣᠳᠠᠭ ᠬᠠᠯᠪᠠᠭᠠᠨ ᠬᠡᠯᠪᠡᠷᠢᠲᠡᠢ ᠬᠢᠲᠤᠭ᠎ᠠ ᠪᠠᠷ ᠲᠡᠭᠦᠨ ᠦ᠌ ᠳᠠᠪᠬᠤᠷ᠎ᠠ ᠠᠯᠠᠭ ᠬᠣᠶᠠᠷ ᠨᠢᠳᠦ ᠶ᠋ᠢ ᠨᠢ ᠮᠠᠯᠲᠠᠵᠤ ᠬᠠᠶᠠᠪᠠ ᠁
᠁
ᠰᠠᠷᠠᠩᠫᠤᠩᠰᠤᠭ ᠣᠳᠬᠣᠨ ᠬᠦᠦ ᠪᠡᠷ ᠢ᠋ᠶ᠋ᠡᠨ ᠵᠠᠮᠴᠢᠯᠠᠭᠤᠯᠵᠤ ᠡᠩᠬᠦᠯ ᠳᠤᠩᠬᠤᠯ ᠠᠭᠤᠯᠠᠨ ᠵᠠᠮ ᠢ᠋ᠶ᠋ᠠᠷ ᠲᠡᠮᠲᠡᠴᠢᠵᠦ ᠶᠠᠪᠤᠭᠠᠳ 《ᠥᠯᠵᠡᠢ ᠪᠠᠶᠠᠰᠬᠤᠯᠠᠩᠲᠤ ᠰᠦᠮ᠎ᠡ》 ᠶ᠋ᠢᠨ ᠡᠭᠦᠳᠡᠨ ᠳᠡᠭᠡᠷ᠎ᠡ ᠬᠦᠷᠴᠦ᠂ ᠡᠪᠦᠷ ᠡᠴᠡ ᠪᠡᠨ ᠴᠡᠩᠬᠡᠷ ᠬᠠᠳᠠᠭ ᠭᠠᠷᠭᠠᠨ᠄
— ᠣᠳᠬᠣᠨ ᠠ᠋᠂ ᠮᠢᠨᠦ ᠬᠦᠦ ᠶᠠᠪᠤᠵᠤ ᠲᠡᠷᠡ ᠪᠤᠮ ᠰᠠᠩ ᠤ᠋ᠨ ᠮᠥᠴᠢᠷ ᠲᠦ᠍ ᠡᠨᠡ ᠬᠠᠳᠠᠭ ᠢ ᠤᠶᠠᠴᠢᠬ᠎ᠠ! ᠪᠤᠷᠬᠠᠨ ᠲᠡᠭᠷᠢ ᠥᠷᠥᠰᠢᠶᠡᠭ! ᠭᠡᠰᠡᠨ ᠳ᠋ᠦ᠍ ᠣᠳᠬᠣᠨ ᠬᠦᠦ᠄
— ᠲᠡᠷᠡ ᠮᠣᠳᠣ ᠬᠤᠪᠠᠬᠠᠢᠷᠠᠨ ᠬᠠᠲᠠᠴᠢᠬᠠᠵᠠᠢ! ᠭᠡᠪᠡ᠃
— ᠵᠠ᠂ ᠶᠠᠭᠠᠬᠢᠬᠤ ᠪᠣᠢ᠃ ᠬᠤᠪᠬᠠᠢ ᠮᠥᠴᠢᠷ ᠲᠦ᠋ᠨᠢ ᠴᠦ᠍ ᠬᠠᠳᠠᠭ ᠮᠢᠨᠳᠠᠭᠯᠠᠴᠢᠬᠠ ᠳᠠ᠂ ᠪᠤᠶᠠᠨ ᠪᠣᠯᠤᠭ ᠠ᠋᠂ ᠬᠦᠦ ᠮᠢᠨᠢ!
ᠤᠳᠬᠤᠨ ᠬᠦᠦ ᠡᠴᠢᠭᠡ ᠶ᠋ᠢᠨ ᠢ᠋ᠶ᠋ᠡᠨ ᠬᠦᠰᠡᠯ ᠢ᠋ᠶ᠋ᠡᠷ ᠲᠡᠷᠡ ᠮᠣᠳᠣᠨ ᠳ᠋ᠤ᠌ ᠬᠠᠳᠠᠭ ᠡᠯᠭᠦᠬᠦ ᠪᠡᠷ ᠶᠠᠪᠤᠬᠤ ᠳ᠋ᠠᠭᠠᠨ᠄
— ᠲᠠ ᠮᠥᠨ ᠡᠨᠡ ᠶᠡᠨᠳᠡᠷ ᠳᠡᠭᠡᠷ᠎ᠡ ᠬᠥᠳᠡᠯᠬᠦ ᠦᠭᠡᠢ ᠰᠠᠭᠤᠵᠤ ᠪᠠᠢ! ᠭᠡᠳ ᠭᠦᠶᠦᠨ ᠣᠳᠪᠠ᠃
ᠰᠦᠮ᠎ᠡ ᠶ᠋ᠢᠨ ᠳᠤᠭᠠᠩ ᠤ᠋ᠨ ᠬᠠᠲᠠᠭᠤ ᠱᠠᠯᠠᠨ ᠳᠡᠭᠡᠷ᠎ᠡ ᠲᠣᠱ ᠲᠣᠱ ᠬᠢᠨ ᠲᠠᠶᠠᠭ ᠲᠤᠶᠢᠯᠠᠬᠤ ᠳᠠᠭᠤᠨ ᠨᠠᠭᠠᠰᠢᠯᠠᠭᠰᠠᠨ ᠢ ᠰᠣᠨᠣᠰᠤᠭᠰᠠᠨ ᠰᠠᠷᠠᠩᠫᠤᠩᠰᠤᠭ ᠲᠡᠷᠡ ᠵᠦᠭ ᠲᠦ᠍ ᠡᠷᠬᠡ ᠦᠭᠡᠢ ᠬᠠᠷᠠᠵᠤ ᠦᠵᠡᠬᠦ ᠭᠡᠰᠡᠨ ᠢ᠋ᠶ᠋ᠡᠨ ᠶᠠᠭᠤ ᠴᠤ᠌ ᠦᠵᠡᠭᠳᠡᠬᠦ ᠦᠭᠡᠢ ᠪᠣᠯᠬᠣᠷ ᠴᠢᠮᠡᠭᠡ ᠦᠭᠡᠢ ᠳᠣᠷᠣᠭᠰᠢ ᠬᠠᠷᠠᠵᠤ ᠰᠠᠭᠤᠪᠠ᠃
ᠲᠣᠱ ᠲᠣᠱ ᠭᠡᠰᠡᠨ ᠲᠠᠶᠠᠭ ᠤ᠋ᠨ ᠠᠢᠵᠠᠮ ᠲᠠᠢ ᠬᠥᠯ ᠦ᠋ᠨ ᠴᠢᠮᠡᠭᠡ ᠲᠡᠭᠦᠨ ᠦ᠌ ᠬᠠᠵᠠᠭᠤ ᠳ᠋ᠤ᠌ ᠬᠦᠷᠴᠦ ᠢᠷᠡᠭᠡᠳ᠄
— ᠨᠠᠳᠠ ᠨᠢᠭᠡ ᠪᠠᠷᠢᠭᠤᠯ ᠴᠠᠢ ᠠᠪᠬᠤ ᠮᠥᠩᠭᠥ ᠬᠠᠢᠷᠠᠯᠠᠨ᠎ᠠ ᠤᠤ ? ᠭᠡᠰᠡᠨ ᠲᠠᠨᠢᠯ ᠳᠠᠭᠤ ᠶ᠋ᠢ ᠰᠣᠨᠣᠰᠤᠭᠰᠠᠨ ᠰᠠᠷᠠᠩᠫᠤᠩᠰᠤᠭ ᠲᠡᠷᠢᠭᠦᠨ ᠡᠷᠭᠦᠵᠦ᠄
— ᠲᠠ ᠴᠢᠨᠢ ᠳᠠᠸᠠᠨᠢᠮ᠎ᠠ ᠭᠤᠸᠠᠢ ᠪᠢᠰᠢ ᠤᠤ ? ᠭᠡᠪᠡ᠃
᠁
ᠳᠠᠸᠠᠨᠢᠮ᠎ᠠ ᠶᠠᠭᠤ ᠴᠤ᠌ ᠳᠤᠤᠭᠠᠷᠤᠭᠰᠠᠨ ᠦᠭᠡᠢ ᠴᠠᠭᠠᠰᠢ ᠡᠷᠭᠢᠨ ᠲᠣᠱ ᠲᠣᠱ ᠬᠢᠨ ᠲᠠᠶᠠᠭ ᠢ᠋ᠶ᠋ᠠᠨ ᠲᠤᠶᠢᠯᠠᠭᠰᠠᠭᠠᠷ ᠰᠦᠮ᠎ᠡ ᠶ᠋ᠢᠨ ᠬᠦᠷᠢᠶᠡᠨ ᠦ᠌ ᠥᠨᠴᠥᠭ ᠢ ᠳᠤᠭᠤᠢᠯᠠᠪᠠ᠃
— ᠳᠠᠸᠠᠨᠢᠮ᠎ᠠ ᠭᠤᠸᠠᠢ ᠠ᠋᠂ ᠮᠠᠢ ! ᠭᠡᠳ ᠡᠪᠦᠷ ᠢ᠋ᠶ᠋ᠡᠨ ᠲᠡᠮᠲᠡᠷᠬᠢᠯᠡᠵᠦ᠂ 《ᠬᠥᠭᠡᠷᠦᠬᠦᠢ ᠳᠡ᠂ ᠬᠠᠷ᠎ᠠ ᠲᠠᠮᠠᠬᠢᠨ ᠤ᠋ ᠴᠢᠳᠬᠥᠷ ᠪᠣᠯᠴᠢᠬᠠᠭᠠᠳ ᠬᠣᠲᠠ ᠪᠠᠨ ᠬᠤᠷᠢᠶᠠᠯᠭᠠᠵᠤ᠂ ᠥᠪ ᠢ᠋ᠶ᠋ᠡᠨ ᠬᠣᠭᠣᠰᠣᠯᠠᠯᠠ ᠭᠡᠰᠡᠨ ᠁ 》 ᠭᠡᠵᠦ ᠨᠢᠭᠡ ᠴᠠᠭᠠᠨ ᠵᠣᠭᠣᠰ ᠭᠠᠷᠭᠠᠨ ᠪᠠᠢᠭ᠎ᠠ ᠶ᠋ᠢ ᠤᠳᠬᠤᠨ ᠬᠦᠦ ᠨᠢ ᠣᠯᠵᠤ ᠦᠵᠡᠭᠡᠳ᠄
— ᠲᠠ ᠡᠭᠦᠨ ᠬᠡᠨ ᠳ᠋ᠦ᠍ ᠥᠭᠭᠦ ᠭᠡᠰᠡᠨ ᠶᠦᠮ? ᠭᠡᠵᠦ ᠠᠰᠠᠭᠤᠪᠠ᠃
— ᠳᠠᠸᠠᠨᠢᠮ᠎ᠠ ᠭᠤᠸᠠᠢ ᠳ᠋ᠤ᠌ ᠬᠥᠭᠡᠷᠦᠬᠦᠢ! ᠭᠤᠢᠷᠠᠨᠴᠢ ᠪᠣᠯᠴᠢᠬᠠᠭᠰᠠᠨ ᠪᠠᠢᠨ᠎ᠠ᠃ ᠡᠭᠦᠨ ᠢ᠋ ᠠᠪᠠᠴᠢᠵᠤ ᠥᠭ ! ᠰᠠᠶᠢᠬᠠᠨ ᠲᠡᠢᠰᠢ ᠶᠠᠪᠤᠭᠰᠠᠨ ᠭᠡᠵᠦ ᠵᠢᠭᠠᠪᠠ᠃
— ᠲᠡᠷᠡ ᠬᠠᠷ᠎ᠠ ᠲᠠᠮᠠᠬᠢᠨ ᠤ᠋ ᠴᠢᠳᠬᠥᠷ ᠲᠦ᠍ ᠬᠡᠴᠢᠨᠡᠭᠡᠨ ᠶᠠᠭᠤᠮ᠎ᠠ ᠥᠭᠭᠦᠯ᠎ᠡ ᠭᠡᠳ ᠸᠠᠩ ᠰᠣᠬᠣᠷ ᠤ᠋ᠨ ᠵᠣᠭᠣᠰᠤᠨ ᠤ᠋ ᠴᠦᠩᠬᠦᠨ ᠳ᠋ᠦ᠍ ᠪᠥᠮᠪᠥᠷᠢᠵᠦ ᠣᠷᠣᠨ᠎ᠠ ᠁
— ᠥᠭᠴᠢᠬᠡ ᠳᠡ᠂ ᠬᠦᠦ ᠮᠢᠨᠢ ! ᠨᠢᠭᠡ ᠳᠡᠪᠰᠡᠭ ᠦ᠋ᠨ ᠠᠭᠤᠯᠠᠨ ᠤ᠋ ᠡᠬᠢ ᠨᠢᠭᠡᠲᠡᠢ ᠪᠤᠯᠠᠭ ᠤ᠋ᠨ ᠤᠰᠤ ᠶ᠋ᠢ ᠤᠤᠭᠤᠵᠤ ᠥᠰᠦᠭᠰᠡᠨ ᠬᠥᠮᠦᠨ ᠶᠦᠮ ᠠ᠋ ! ᠲᠡᠷᠡ ᠭᠠᠴᠢᠭᠳᠠᠬᠤ ᠳ᠋ᠠᠭᠠᠨ ᠭᠤᠶᠤᠵᠤ ᠪᠠᠢᠭ᠎ᠠ ᠪᠠᠢᠯᠭᠦᠢ ᠳᠡ ! ᠭᠡᠰᠡᠨ ᠳ᠋ᠦ᠍ ᠣᠳᠬᠣᠨ ᠬᠦᠦ ᠡᠴᠢᠭᠡ ᠶ᠋ᠢᠨ ᠢ᠋ᠶ᠋ᠡᠨ ᠬᠡᠯᠡᠭᠰᠡᠨ ᠢ᠋ᠶ᠋ᠡᠷ ᠭᠦᠶᠦᠵᠦ ᠣᠴᠢᠭᠠᠳ ᠳᠠᠸᠠᠨᠢᠮ᠎ᠠ ᠳ᠋ᠤ᠌ ᠨᠢᠭᠡ ᠴᠠᠭᠠᠨ ᠵᠣᠭᠣᠰ ᠭᠠᠷᠳᠠᠭᠤᠯᠴᠢᠬᠠᠭᠠᠳ ᠪᠤᠴᠠᠭᠠᠳ ᠭᠦᠶᠦᠪᠡ᠃
ᠳᠠᠸᠠᠨᠢᠮ᠎ᠠ ᠬᠡᠦᠬᠡᠳ ᠦ᠋ᠨ ᠦᠭᠭᠦᠭᠰᠡᠨ ᠥᠨᠥᠴᠢᠨ ᠴᠠᠭᠠᠨ ᠵᠣᠭᠣᠰ ᠢ᠋ ᠮᠡᠯᠡᠷᠡᠨ ᠬᠠᠷᠠᠭᠠᠳ ᠳᠠᠭᠵᠢᠨ ᠴᠡᠴᠡᠷᠡᠪᠡ᠃ ᠭᠠᠷ ᠲᠤᠨᠢ ᠵᠣᠭᠣᠰ ᠲᠡᠮᠲᠡᠷᠢᠭᠳᠡᠭᠰᠡᠭᠡᠷ ᠬᠠᠷ᠎ᠠ ᠲᠠᠮᠠᠬᠢᠨ ᠤ᠋ ᠰᠢᠨᠤᠯ ᠨᠢ ᠬᠥᠳᠡᠯᠳᠡᠭ ᠡᠴᠡ ᠰᠦᠮ᠎ᠡ ᠡᠴᠡ ᠵᠠᠢᠳᠠᠵᠤ ᠬᠤᠷᠤᠭᠤᠪᠴᠢᠨ ᠴᠢᠷᠠᠢᠲᠤ ᠶ᠋ᠢᠨ ᠬᠣᠶᠠᠷ ᠳᠡᠭᠲᠡᠷᠲᠦ ᠮᠣᠳᠣᠨ ᠲᠠᠭᠲᠤ ᠶ᠋ᠢ ᠴᠢᠭᠯᠡᠭᠡᠳ ᠬᠡᠯᠲᠦᠷᠢᠪᠡ᠃
— ᠥᠭᠴᠢᠬᠡᠪᠡ ᠤᠤ ?
— ᠥᠭᠴᠢᠬᠡᠯ᠎ᠡ !
— ᠵᠠ᠂ ᠪᠣᠯᠵᠢ ᠳᠠ! ᠬᠥᠭᠡᠷᠦᠬᠦᠢ!
— ᠠᠪᠤ ᠠ᠋᠂ ᠳᠠᠸᠠᠨᠢᠮ᠎ᠠ ᠭᠤᠸᠠᠢ ᠪᠠᠰᠠ ᠸᠠᠩ ᠰᠣᠬᠣᠷ ᠤ᠋ᠨ ᠲᠠᠢᠰᠢ ᠬᠡᠯᠲᠦᠷᠢᠴᠢᠬᠡᠯᠡ᠃
— ᠠᠢ ᠳᠠ! ᠭᠡᠵᠦ ᠰᠡᠭᠦᠷᠡᠰᠦ ᠠᠯᠳᠠᠭᠠᠳ 《ᠬᠡᠦᠬᠡ ᠠ᠋᠂ ᠬᠣᠶᠠᠭᠤᠯᠠ ᠪᠠᠨ ᠰᠦᠮ᠎ᠡ ᠳ᠋ᠦ᠍ ᠣᠷᠣᠵᠤ ᠪᠤᠷᠬᠠᠨ ᠳ᠋ᠤ᠌ ᠵᠤᠯᠠ ᠲᠠᠬᠢᠯ ᠡᠷᠭᠦᠵᠦ ᠮᠥᠷᠭᠥᠶ᠎ᠡ!》 ᠭᠡᠳ ᠤᠳᠬᠤᠨ ᠬᠦᠦ ᠶ᠋ᠢᠨ ᠢ᠋ᠶ᠋ᠡᠨ ᠵᠠᠮᠴᠢᠯᠠᠯ ᠢ᠋ᠶ᠋ᠠᠷ《ᠥᠯᠵᠡᠢ ᠪᠠᠶᠠᠰᠬᠤᠯᠠᠩᠲᠤ ᠰᠦᠮ᠎ᠡ》 ᠶ᠋ᠢᠨ ᠬᠦᠷᠢᠶᠡᠨ ᠳ᠋ᠦ᠍ ᠣᠷᠣᠪᠠ ᠁
— — — —
① ᠬᠠᠷ᠎ᠠ ᠲᠠᠮᠠᠬᠢ ᠶᠢᠨ ᠴᠡᠴᠡᠭ
ᠦᠰᠦᠭ ᠠᠮᠢᠯᠠᠭᠤᠯᠤᠭᠴᠢ᠄ ᠴᠣᠯᠮᠣᠨᠲᠤᠶᠠᠭ᠎ᠠ
