ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠨᠢᠭᠡ> Хан мунын сүүрс < дээд > – Мөнх зохиоов ᠂ Дэд бодь – Гуравдугаар бүлэг <1> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠨᠢᠭᠡ> Хан мунын сүүрс < дээд > – Мөнх зохиоов ᠂ Дэд бодь – Гуравдугаар бүлэг <1>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠨᠢᠭᠡ> Хан мунын сүүрс < дээд > – Мөнх зохиоов ᠂ Дэд бодь – Гуравдугаар бүлэг <1>

ᠠᠩᠭᠢᠯᠠᠯ:ᠲᠤᠭᠤᠵᠢ ᠷᠣᠮᠠᠨ
2024-09-27

445

ᠳᠡᠳ᠋ ᠪᠣᠲᠢ – ᠭᠤᠷᠪᠠᠳᠤᠭᠠᠷ ᠪᠦᠯᠦᠭ <ᠨᠢᠭᠡ>


              ᠨᠢᠭᠡ  

       ᠸᠠᠩ ᠰᠣᠬᠣᠷ ᠭᠡᠭᠴᠢ ᠦᠨᠡᠬᠡᠷ ᠰᠠᠭᠠᠭ ᠤ᠋ᠨ ᠬᠠᠯᠢᠰᠤ ᠶ᠋ᠢ ᠲᠡᠰᠢᠵᠦ ᠲᠣᠰᠣ ᠰᠢᠷᠭᠠᠭᠠᠵᠤ᠂ ᠵᠠᠪᠰᠠᠷ ᠵᠠᠢ ᠶ᠋ᠢ ᠠᠯᠳᠠᠯ ᠦᠭᠡᠢ ᠵᠠᠪᠰᠢᠨ ᠰᠢᠷᠭᠤᠳᠠᠭ ᠵᠠᠯᠢᠬᠠᠢ ᠶ᠋ᠢᠨ ᠨᠢᠭᠡ ᠪᠢᠯᠡ᠃ ᠲᠡᠷᠡ ᠪᠡᠷ ᠪᠠᠷᠠᠭᠤᠨ ᠬᠦᠩ ᠦ᠋ᠨ ᠬᠢᠨ ᠦ᠌ ᠳᠣᠲᠣᠷ᠎ᠠ ᠪᠠᠨ ᠬᠢᠮᠤᠷᠠᠯᠳᠤᠭᠰᠠᠨ ᠵᠠᠪᠰᠠᠷ ᠲᠦ ᠡᠪᠲᠡᠢᠬᠡᠨ ᠰᠢᠷᠭᠤᠵᠤ ᠡᠷᠬᠡᠲᠡᠢ ᠰᠦᠷᠲᠡᠢ ᠬᠦᠩ ᠨᠣᠶᠠᠨ ᠤ᠋ ᠲᠠᠯ᠎ᠠ ᠳ᠋ᠤ᠌ ᠭᠠᠷᠴᠤ ᠲᠠᠭᠠᠷᠠᠭᠰᠠᠨ ᠬᠥᠮᠦᠨ ᠳ᠋ᠦ᠍ ᠳᠠᠬᠤ ᠬᠦᠷᠭᠡᠪᠡ ᠭᠡᠭᠴᠢ ᠪᠡᠷ ᠰᠢᠷᠠᠪᠳᠣᠷᠵᠢ ᠬᠦᠩ ᠨᠣᠶᠠᠨ ᠤ᠋ ᠲᠤᠰᠠᠯᠠᠮᠵᠢ ᠭᠤᠶᠤᠭᠰᠠᠨ ᠳ᠋ᠤ᠌ ᠬᠠᠷ᠎ᠠ ᠴᠡᠷᠢᠭ ᠢ᠋ᠶ᠋ᠡᠨ ᠬᠠᠷᠠᠮ ᠦᠭᠡᠢ ᠭᠠᠷᠭᠠᠵᠤ ᠲᠤᠰᠠᠯᠠᠭᠰᠠᠨ ᠭᠡᠨ᠎ᠡ᠃ ᠡᠨᠡ ᠨᠢ ᠪᠠᠷᠠᠭᠤᠨ ᠲᠤᠰᠠᠯᠠᠭᠴᠢ ᠮᠢᠩᠭᠠᠨᠪᠤᠤ ᠶ᠋ᠢᠨ ᠬᠡᠯᠡᠭᠰᠡᠨ ᠮᠡᠲᠦ᠄《 ᠬᠠᠷᠢᠭᠤ ᠪᠠᠢᠪᠠᠯ ᠪᠢᠷᠠᠭᠤ ᠭᠡᠳᠡᠭ ᠢ᠋ᠶ᠋ᠡᠷ ᠸᠠᠩ ᠰᠣᠬᠣᠷ ᠤᠷᠢᠳ ᠢ᠋ᠶ᠋ᠠᠷ ᠲᠤᠰᠠ ᠬᠦᠷᠭᠡᠴᠢᠬᠡᠭᠡᠳ ᠠᠷᠤ ᠠ᠋ᠴᠠ ᠴᠢᠨᠢ ᠠᠰᠢᠭ ᠥᠩᠭᠡᠢᠬᠦ ᠶᠠᠳᠠᠬᠤ ᠦᠭᠡᠢ ᠠ᠋᠁ 》 ᠭᠡᠰᠡᠨ ᠢ᠋ ᠰᠠᠨᠠᠯᠲᠠᠢ! ᠥᠨᠥᠳᠥᠷ᠂ ᠲᠡᠭᠦᠨ ᠦ᠌ ᠬᠡᠯᠡᠭᠰᠡᠨ ᠡᠴᠡ ᠬᠢᠯᠭᠠᠰᠤᠨ ᠲᠡᠳᠦᠢ ᠵᠥᠷᠢᠭᠰᠡᠨ ᠦᠭᠡᠢ᠃  
       ᠸᠠᠩ ᠰᠣᠬᠣᠷ ᠰᠢᠷᠠᠪᠳᠣᠷᠵᠢ ᠬᠦᠩ ᠨᠣᠶᠠᠨ ᠤ᠋ ᠦᠬᠦᠵᠦ ᠰᠡᠬᠡᠬᠦ ᠶ᠋ᠢᠨ ᠳᠠᠪᠠᠭᠠᠨ ᠳᠡᠭᠡᠷ᠎ᠡ ᠬᠠᠷ᠎ᠠ ᠴᠡᠷᠢᠭ ᠭᠠᠷᠭᠠᠵᠤ ᠲᠤᠰᠠᠯᠠᠭᠰᠠᠨ ᠤ᠋ ᠪᠠᠨ ᠬᠠᠷᠢᠭᠤ ᠳ᠋ᠤ᠌ ᠳᠡᠪᠰᠡᠭ ᠦ᠋ᠨ ᠠᠭᠤᠯᠠᠨ ᠤ᠋ ᠨᠤᠲᠤᠭ ᠪᠡᠯᠴᠢᠭᠡᠷ ᠡᠴᠡ ᠬᠡᠰᠢᠭ ᠬᠦᠷᠲᠡᠭᠰᠡᠨ ᠳ᠋ᠡᠭᠡᠨ ᠪᠠᠶᠠᠷᠯᠠᠭᠰᠠᠨ ᠢ᠋ ᠬᠡᠯᠡᠬᠦ ᠶᠠᠭᠤᠨ⁈ 
       ᠨᠠᠢᠷ ᠠ᠋ᠴᠠ ᠪᠤᠴᠠᠮᠠᠭᠴᠠ ᠬᠤᠷᠤᠭᠤᠪᠴᠢᠨ ᠴᠢᠷᠠᠢᠲᠤ ᠪᠠᠨ ᠭᠦᠶᠦᠯᠭᠡᠨ ᠭᠠᠵᠠᠷ ᠨᠤᠲᠤᠭ ᠳᠡᠭᠡᠰᠦᠯᠡᠬᠦ ᠭᠠᠷᠳᠠᠮ ᠢ᠋ ᠬᠣᠰᠢᠭᠤ ᠶᠠᠮᠤᠨ ᠢ᠋ᠶ᠋ᠠᠷ ᠬᠢᠯᠭᠡᠵᠦ ᠠᠪᠤᠭᠠᠳ ᠵᠠᠰᠠᠭ ᠲᠠᠮᠠᠭ᠎ᠠ ᠳᠠᠷᠤᠭᠤᠯᠤᠨ ᠬᠦᠩ ᠨᠣᠶᠠᠨ᠂ ᠵᠠᠬᠢᠷᠤᠭᠴᠢ ᠶ᠋ᠢᠨ ᠭᠠᠷ ᠤ᠋ᠨ ᠦᠰᠦᠭ ᠢ᠋ ᠵᠢᠷᠤᠭᠤᠯᠪᠠ᠃   
       ᠳᠡᠪᠰᠡᠭ ᠦ᠋ᠨ ᠠᠭᠤᠯᠠ ᠭᠡᠵᠦ ᠳᠥᠷᠪᠡᠨ ᠲᠠᠯ᠎ᠠ ᠪᠠᠷ ᠢ᠋ᠶ᠋ᠠᠨ ᠥᠨᠳᠥᠷ ᠠᠭᠤᠯᠠ ᠲᠤᠯᠤᠭᠠᠳ ᠤ᠋ᠨ ᠬᠠᠯᠬᠠᠪᠴᠢ ᠲᠠᠢ᠂ ᠤᠰᠤ ᠴᠢᠭᠢᠭ ᠲᠡᠩᠴᠡᠭᠦᠬᠡᠨ᠂ ᠤᠴᠢᠷ ᠲᠠᠢ ᠰᠠᠢᠬᠠᠨ ᠭᠠᠵᠠᠷ ᠶᠤᠮᠰᠠᠨ᠃ ᠳᠡᠪᠰᠡᠭ ᠦ᠋ᠨ ᠦᠵᠦᠭᠦᠷ ᠪᠠᠷᠢᠵᠤ ᠬᠣᠶᠠᠷ ᠭᠣᠣᠯ ᠤ᠋ᠨ ᠠᠭᠤᠯᠵᠠᠭᠤᠷ ᠲᠤ《ᠥᠯᠵᠡᠢ ᠪᠠᠶᠠᠰᠬᠤᠯᠠᠩᠲᠤ ᠰᠦᠮ᠎ᠡ》 ᠭᠡᠭᠴᠢ ᠰᠦᠮ᠎ᠡ ᠪᠠᠢᠷᠢᠯᠠᠵᠤ ᠯᠠᠮᠠ ᠬᠤᠸᠠᠷᠠᠭ ᠲᠠᠪᠢᠭᠠᠳ᠂ ᠱᠠᠪᠷᠤᠩ ᠨᠢᠭᠡ᠂ ᠤᠮᠵᠠᠳ᠂ ᠭᠡᠪᠬᠦᠢ ᠬᠣᠶᠠᠷ᠃ ᠯᠠᠮᠠ ᠨᠠᠷ ᠨᠢ ᠨᠣᠮ ᠤᠩᠰᠢᠨ ᠰᠦᠵᠢᠭ ᠪᠢᠰᠢᠯᠭᠠᠵᠤ ᠬᠡᠪ ᠢ᠋ᠶ᠋ᠡᠨ ᠰᠠᠬᠢᠨ ᠣᠨᠳᠣᠷᠣᠳᠠᠭ᠃ 
       ᠵᠡᠭᠦᠨ ᠭᠣᠣᠯ ᠳ᠋ᠤᠨᠢ ᠳᠠᠸᠠᠨᠢᠮ᠎ᠠ ᠲᠠᠢᠵᠢ ᠶ᠋ᠢᠨ ᠬᠢ ᠭᠡᠳᠡᠭ ᠪᠠᠶᠠᠨ ᠠᠢᠯ ᠰᠠᠭᠤᠵᠤ᠂ ᠭᠣᠣᠯ ᠳ᠋ᠤᠨᠢ ᠰᠡᠷᠡᠩᠫᠣᠩᠰᠣᠭ ᠤ᠋ᠨ ᠬᠢ ᠭᠡᠵᠦ ᠵᠢᠷᠠ ᠳᠠᠯᠠᠭᠠᠳ ᠢᠮᠠᠭ᠎ᠠ᠂ ᠬᠡᠳᠦᠨ ᠰᠠᠭᠠᠯᠢ ᠶ᠋ᠢᠨ ᠦᠨᠢᠶ᠎ᠡ᠂ ᠤᠨᠤᠭᠠᠷᠢ ᠶ᠋ᠢᠨ ᠬᠣᠶᠷ ᠮᠣᠷᠢ ᠲᠠᠢ ᠲᠠᠭᠠᠷᠠᠤᠬᠠᠨ ᠠᠮᠢᠳᠤᠷᠠᠯ ᠲᠠᠢ ᠣᠯᠠᠨ ᠬᠡᠦᠬᠡᠳ ᠲᠡᠢ ᠠᠢᠯ ᠰᠠᠭᠤᠳᠠᠭ ᠭᠡᠨ᠎ᠡ᠃ 
       ᠡᠷᠲᠡ ᠳᠡᠭᠡᠳᠦ ᠡᠴᠡ ᠪᠡᠨ ᠠᠪᠤᠭᠠᠳ ᠤᠷᠠᠳ ᠬᠠᠩᠭᠠᠢ ᠨᠤᠲᠤᠭ ᠲᠠᠭᠠᠨ ᠡᠴᠢᠭᠡ ᠲᠩᠷᠢ᠂ ᠡᠬᠡ ᠳᠡᠯᠡᠬᠡᠢ᠂ ᠬᠠᠨ ᠮᠤᠨᠠ᠂ ᠠᠭᠤᠯᠠ ᠬᠠᠢᠷᠬᠠᠨ ᠤ᠋ ᠰᠠᠬᠢᠭᠤᠰᠤ᠂ ᠣᠪᠣᠭ᠎ᠠ ᠰᠠᠪᠳᠠᠭ ᠢ᠋ᠶ᠋ᠠᠨ ᠰᠦᠵᠢᠭᠯᠡᠨ ᠳᠠᠬᠢᠵᠤ᠂ ᠰᠦᠮ᠎ᠡ ᠬᠡᠢᠳ ᠲᠡᠭᠡᠨ ᠰᠢᠳᠦᠨ ᠮᠥᠷᠭᠥᠳᠡᠭ ᠡᠴᠡ ᠬᠡᠳᠦᠨ ᠤᠩᠭᠠᠰᠤ ᠬᠢᠯᠭᠠᠰᠤᠨ ᠤ᠋ ᠪᠠᠨ ᠠᠰᠢᠭ ᠰᠢᠮ᠎ᠡ ᠶ᠋ᠢ ᠲᠦᠰᠢᠨ ᠢᠳᠡᠬᠦ ᠳ᠋ᠡᠭᠡᠨ ᠵᠥᠪ ᠡᠮᠦᠰᠬᠦ ᠳ᠋ᠡᠭᠡᠨ ᠴᠦ᠍ ᠪᠡᠯᠡᠨ ᠤᠨᠳᠤᠷᠤᠭᠰᠠᠭᠠᠷ ᠢᠷᠡᠵᠡᠢ᠃ ᠡᠭᠦᠨ ᠢ᠋ᠶ᠋ᠡᠨ ᠲᠡᠳᠡ ᠡᠩ ᠦᠭᠡᠢ ᠶᠡᠬᠡ ᠵᠢᠷᠭᠠᠯ ᠭᠡᠵᠦ ᠰᠠᠨᠠᠳᠠᠭ ᠨᠢ ᠳᠡᠭᠡᠷ᠎ᠡ ᠪᠡᠨ ᠮᠥᠯᠵᠢᠯ ᠦᠭᠡᠢ ᠳᠡᠷᠭᠡᠳᠡ ᠪᠡᠨ ᠳᠠᠢᠰᠤᠨ ᠦᠭᠡᠢ ᠶ᠋ᠢᠨ ᠤᠴᠢᠷ᠃ ᠬᠡᠵᠢᠶ᠎ᠡ ᠡᠴᠡ ᠴᠦ᠍ ᠶᠦᠮ ᠪᠤᠤ ᠮᠡᠳᠡ᠂ ᠤᠷᠠᠳ ᠨᠤᠲᠤᠭ ᠲᠤ ᠣᠭᠣᠲᠣᠷ ᠬᠤᠪᠴᠠᠰᠤ ᠲᠠᠢ ᠬᠡᠰᠦᠭᠦᠯ ᠬᠥᠮᠦᠨ ᠦ᠌ ᠪᠠᠷ᠎ᠠ ᠣᠯᠠᠰᠢᠷᠠᠵᠤ᠂ ᠤᠯᠠᠭᠠᠨ ᠬᠠᠲᠤᠨ ᠤ᠋ ᠰᠠᠪᠠ ᠲᠣᠬᠣᠢ ᠪᠠᠷ ᠰᠢᠪᠡᠷ ᠪᠠᠢᠰᠢᠩ ᠲᠠᠢ ᠣᠲᠣᠭ ᠲᠣᠰᠬᠣᠨ ᠪᠣᠢ ᠪᠣᠯᠪᠠ᠃ ᠢᠩᠭᠢᠵᠦ ᠪᠥᠭᠡᠮᠨᠡᠷᠡᠵᠦ ᠰᠠᠭᠤᠳᠠᠭ ᠬᠥᠮᠦᠰ ᠭᠠᠵᠠᠷ ᠨᠤᠲᠤᠭ ᠬᠠᠭᠠᠯᠵᠤ᠂ ᠪᠡᠯᠴᠢᠭᠡᠷ ᠤᠰᠤ ᠡᠪᠳᠡᠳᠡᠭ ᠡᠯᠳᠡᠪ ᠦ᠋ᠨ ᠵᠠᠩ ᠠᠷᠠᠨᠰᠢᠨ ᠲᠠᠢ ᠨᠢ ᠰᠣᠨᠢᠨ᠃ ᠡᠨᠳᠡᠬᠢ ᠮᠣᠩᠭᠣᠯᠴᠤᠳ ᠡᠢᠮᠦ ᠬᠥᠮᠦᠰ ᠲᠡᠢ ᠪᠠᠢᠨ ᠪᠠᠢᠨ ᠪᠡᠯᠴᠢᠭᠡᠷ ᠤᠰᠤᠨ ᠤ᠋ ᠮᠥᠷᠭᠥᠯᠳᠦᠭᠡᠨ ᠪᠣᠯᠤᠭᠰᠠᠨ ᠠ᠋ᠴᠠ ᠠᠷᠭ᠎ᠠ  ᠪᠤᠰᠤ ᠠᠭᠤᠯᠠ ᠬᠠᠪᠢᠳᠠᠵᠤ ᠰᠠᠭᠤᠬᠤ ᠪᠣᠯᠪᠠ᠃ ᠰᠡᠭᠦᠯ ᠳ᠋ᠦ᠍ᠨᠢ ᠬᠠᠷ᠎ᠠ ᠴᠡᠷᠢᠭ ᠡᠭᠦᠰᠴᠦ᠂ ᠳᠡᠭᠡᠷᠡᠮ ᠲᠣᠨᠣᠭ᠎ᠠ ᠪᠣᠰᠤᠭᠰᠠᠨ ᠠ᠋ᠴᠠ ᠪᠣᠯᠵᠤ ᠳᠣᠲᠣᠭᠰᠢ ᠪᠠᠨ ᠠᠭᠤᠯᠠᠨ ᠳ᠋ᠤ᠌ ᠰᠠᠭᠤᠷᠢᠰᠢᠭᠰᠠᠨ ᠨᠢ ᠡᠨᠡ ᠠᠵᠤᠭᠤ᠃   
       ᠢᠩᠭᠢᠭᠡᠳ ᠴᠢᠬᠢᠨ ᠳ᠋ᠦ᠍ ᠴᠡᠭᠡᠷ ᠦᠭᠡᠢ᠂ ᠰᠡᠳᠬᠢᠯ ᠳ᠋ᠦ᠍ ᠭᠬᠢᠷ ᠦᠭᠡᠢ ᠠᠮᠤᠭᠤᠯᠠᠩ ᠬᠡᠳᠦᠨ ᠵᠢᠯ ᠰᠠᠭᠤᠷᠢᠰᠢᠭᠰᠠᠨ ᠢ᠋ ᠬᠡᠯᠡᠬᠦ ᠦᠭᠡᠢ᠃ ᠭᠡᠨᠡᠳᠲᠡ ᠨᠢᠭᠡᠨ ᠡᠳᠦᠷ ᠰᠡᠷᠡᠩᠫᠣᠩᠰᠣᠭ ᠤ᠋ᠨ ᠡᠭᠦᠳᠡᠨ ᠳᠡᠭᠡᠷ᠎ᠡ ᠬᠣᠰᠢᠭᠤ ᠶᠠᠮᠤᠨ ᠤ᠋ ᠲᠠᠬᠠᠷ ᠢᠷᠡᠵᠦ᠄《ᠵᠠ᠂ ᠥᠨᠥᠳᠥᠷ ᠡᠴᠡ ᠲᠠ ᠡᠨᠳᠡ ᠡᠴᠡ ᠱᠠᠯᠠᠪ ᠵᠠᠢᠯᠠᠵᠤ ᠣᠲᠣᠷᠯᠠᠭᠠᠷᠠᠢ! ᠳᠡᠪᠰᠡᠭ ᠦ᠋ᠨ ᠠᠭᠤᠯᠠ ᠶ᠋ᠢ ᠬᠣᠰᠢᠭᠤ ᠶᠠᠮᠤᠨ ᠤ᠋ ᠵᠠᠷᠯᠢᠭ ᠢ᠋ᠶ᠋ᠠᠷ ᠸᠠᠩ ᠵᠠᠩᠭᠤᠢᠳᠠ ᠳ᠋ᠤ᠌ ᠳᠡᠭᠡᠰᠦᠯᠡᠵᠦ ᠥᠭᠭᠦᠭᠰᠡᠨ᠁ ᠬᠣᠶᠠᠷ ᠳᠣᠯᠣᠭ᠎ᠠ ᠬᠣᠨᠣᠭ ᠲᠤ ᠨᠡᠭᠦᠬᠦ ᠦᠭᠡᠢ ᠪᠣᠯ ᠸᠠᠩ ᠵᠠᠩᠭᠤᠢᠳᠠ᠂ ᠬᠠᠷ᠎ᠠ ᠴᠡᠷᠢᠭ ᠦ᠋ᠨ ᠴᠦᠯᠪᠡᠯ ᠳ᠋ᠦ᠍ ᠥᠷᠲᠥᠬᠦ ᠪᠡᠨ ᠥᠪᠡᠰᠦᠪᠡᠨ ᠮᠡᠳᠡᠭᠡᠷᠡᠢ! ᠸᠠᠩ ᠵᠠᠩᠭᠤᠢᠳᠠ ᠶ᠋ᠢᠨ ᠥᠷᠥᠭᠡᠰᠦᠨ ᠨᠢᠳᠦ ᠨᠢ ᠰᠣᠬᠣᠷ ᠭᠡᠬᠦ ᠳ᠋ᠦ᠍ ᠲᠡᠭᠦᠨ ᠦ᠌ ᠳᠣᠣᠷᠠᠬᠢ ᠬᠠᠷ᠎ᠠ ᠴᠡᠷᠢᠭ ᠦ᠋ᠳ ᠨᠢ ᠬᠠᠷᠠᠭ᠎ᠠ ᠲᠠᠢ ᠪᠣᠯᠪᠠᠴᠤ ᠰᠤᠮᠤ ᠨᠢ ᠨᠢᠳᠦ ᠦᠭᠡᠢ ᠰᠢᠦ ᠳᠡ!》 ᠭᠡᠰᠡᠨ ᠦᠭᠡ ᠬᠡᠯᠡᠴᠢᠬᠡᠭᠡᠳ ᠠᠳᠠᠭ ᠨᠢ ᠮᠣᠷᠢᠨ ᠠ᠋ᠴᠠ ᠪᠠᠨ ᠴᠤ᠌ ᠪᠠᠭᠤᠭᠰᠠᠨ ᠦᠭᠡᠢ ᠱᠣᠩ ᠢ᠋ ᠨᠢ ᠬᠣᠭᠣᠰᠣᠨ ᠡᠷᠭᠢᠵᠦ ᠶᠠᠪᠤᠭᠠᠳ ᠠᠷᠢᠯᠪᠠ᠃  
       ᠶᠠᠮᠤᠨ ᠤ᠋ ᠲᠠᠬᠠᠷ ᠤ᠋ᠨ《᠁ ᠡᠨᠳᠡ ᠡᠴᠡ ᠱᠠᠯᠠᠪ ᠵᠠᠢᠯᠠᠵᠤ ᠣᠲᠣᠷᠯᠠᠭᠠᠷᠠᠢ᠁》 ᠭᠡᠰᠡᠨ ᠦᠭᠡ ᠲᠡᠭᠦᠨ ᠦ᠌ ᠲᠣᠯᠣᠭᠠᠢ ᠤᠷᠤᠭᠤ ᠨᠢ ᠮᠠᠨᠴᠤᠷᠭᠠᠳᠠᠭᠰᠠᠨ ᠮᠡᠲᠦ ᠪᠣᠯᠵᠤ ᠲᠠᠷᠢᠬᠢ ᠨᠢ ᠳᠦᠩᠭᠢᠨᠡᠨ ᠨᠢᠳᠦ ᠨᠢ ᠬᠠᠷᠠᠯᠠᠵᠤ ᠣᠷᠣᠨ ᠳ᠋ᠠᠭᠠᠨ ᠳᠠᠭᠤ ᠦᠭᠡᠢ ᠬᠡᠰᠡᠭ ᠮᠡᠯᠡᠷᠡᠨ ᠵᠣᠭᠰᠣᠪᠠ᠃  ᠮᠣᠷᠢᠨ ᠤ᠋ ᠲᠤᠭᠤᠷᠠᠢ ᠠ᠋ᠴᠠ ᠪᠣᠰᠤᠭᠰᠠᠨ ᠲᠣᠭᠣᠰᠣᠨ ᠳᠤᠮᠳᠠ ᠪᠦᠷᠦᠯᠵᠡᠨ ᠬᠠᠷᠠᠭᠳᠠᠬᠤ ᠲᠠᠬᠠᠷ ᠤ᠋ᠨ ᠬᠣᠢᠨ᠎ᠠ ᠠ᠋ᠴᠠ ᠰᠡᠷᠡᠩᠫᠣᠩᠰᠣᠭ᠄
       — ᠴᠢᠭᠢᠶᠡᠲᠦᠷᠦᠦ! ᠮᠠᠭᠤ ᠴᠢᠮᠡᠭᠡ ᠵᠥᠭᠡᠭᠡᠵᠦ ᠢᠷᠡᠭᠰᠡᠨ ᠮᠣᠳᠣᠨ ᠬᠤᠳᠠᠷᠭᠠᠲᠤ ᠠ᠋! ᠴᠠᠭᠠᠳᠤ ᠮᠠᠨᠠᠭᠤᠯ ᠬᠦᠩ ᠨᠣᠶᠠᠨ ᠳ᠋ᠠᠭᠠᠨ ᠣᠴᠢᠵᠤ ᠬᠡᠯᠡ! ᠪᠢ ᠡᠨᠳᠡ ᠡᠴᠡ ᠨᠡᠭᠦᠬᠦ ᠦᠭᠡᠢ ᠠ᠋! ᠶᠠᠭᠠᠬᠢᠳᠠᠭ ᠶᠤᠮ⁈᠁ ᠭᠡᠵᠦ ᠭᠡᠨᠡᠳᠲᠡ ᠠᠷᠬᠢᠷᠠᠨ ᠬᠠᠰᠬᠢᠷᠤᠭᠰᠠᠨ ᠳ᠋ᠤ᠌ ᠬᠡᠦᠬᠡᠳ ᠨᠢ《ᠠᠪᠤ ᠶᠠᠭᠠᠬᠢᠭ᠎ᠠ ᠪᠣᠢ?》 ᠭᠡᠵᠦ ᠭᠦᠶᠦᠯᠳᠦᠨ ᠭᠠᠷᠴᠤ ᠢᠷᠡᠭᠡᠳ ᠬᠠᠴᠢᠷᠬᠠᠯᠲᠠᠢ ᠨᠢᠳᠦ ᠪᠡᠷ ᠡᠴᠢᠭᠡ ᠪᠡᠨ ᠪᠦᠯᠲᠡᠩ ᠪᠦᠯᠲᠡᠩ ᠰᠢᠷᠳᠡᠵᠦ ᠵᠣᠭᠰᠣᠵᠠᠭᠠᠨ᠎ᠠ᠃ 
       — ᠪᠣᠯᠢ! ᠲᠠ ᠮᠢᠨᠢ᠂ ᠶᠠᠭᠤ ᠬᠢᠨ᠎ᠡ ᠪᠣᠢ? ᠶᠠᠭᠠᠬᠢᠯ᠎ᠠ ᠭᠡᠵᠦ ᠬᠦᠩ ᠨᠣᠶᠠᠨ ᠢ᠋ᠶ᠋ᠠᠨ ᠬᠠᠷᠢᠶᠠᠪᠠ? ᠨᠢᠭᠦᠯ᠂ ᠨᠢᠭᠦᠯ! ᠭᠡᠵᠦ ᠡᠬᠡᠨᠡᠷ ᠮᠢᠳᠤᠭ ᠨᠢ ᠡᠷ᠎ᠡ ᠶ᠋ᠢᠨ ᠢ᠋ᠶ᠋ᠡᠨ ᠪᠠᠷᠤᠭᠠᠷ ᠴᠢᠷᠠᠢ ᠶ᠋ᠢ ᠴᠢᠷᠠᠢᠳᠠᠵᠤ ᠠᠷᠭᠠᠳᠠᠭᠰᠠᠨ ᠳ᠋ᠤ᠌ ᠰᠡᠷᠡᠩᠫᠣᠩᠰᠣᠭ ᠤᠯᠠᠮ ᠤᠴᠠᠭᠠᠷᠳᠠᠵᠤ᠄ 
       — ᠡᠴᠢᠭᠡ ᠶ᠋ᠢᠨ ᠴᠢᠨᠢ ᠨᠢᠭᠦᠯ! ᠲᠡᠷᠡ ᠮᠠᠨᠠᠭᠤᠯ ᠵᠠᠰᠠᠭ ᠬᠦᠩ ᠡᠴᠢᠭᠡ ᠴᠢᠨᠢ ᠡᠮ᠎ᠡ ᠶ᠋ᠢᠨ ᠪᠥᠭᠰᠡᠨ ᠳ᠋ᠦ᠍ ᠲᠣᠯᠣᠭᠠᠢ ᠪᠠᠨ ᠰᠢᠭᠠᠴᠢᠬᠠᠭᠠᠳ ᠡᠷᠭᠢᠭᠦᠳᠡᠵᠦ᠂ ᠭᠠᠵᠠᠷ ᠨᠤᠲᠤᠭ᠂ ᠪᠡᠯᠴᠢᠭᠡᠷ ᠤᠰᠤ ᠪᠠᠨ ᠳᠡᠭᠡᠰᠦᠯᠡᠨ ᠬᠤᠳᠠᠯᠳᠤᠵᠤ᠂ ᠴᠢᠮᠠᠶ᠋ᠢ ᠣᠷᠣᠬᠤ ᠭᠡᠷ ᠣᠭᠣᠴᠢᠬᠤ ᠠᠶᠠᠭ᠎ᠠ ᠦᠭᠡᠢ ᠪᠣᠯᠭᠠᠴᠢᠬᠠᠭᠰᠠᠨ ᠪᠠᠢᠬᠤ ᠳ᠋ᠤ᠌ ᠴᠢ ᠪᠠᠰᠠ《ᠨᠢᠭᠦᠯ᠂ ᠨᠢᠭᠦᠯ》 ᠭᠡᠨ᠎ᠡ? ᠮᠠᠨᠠᠭᠤᠯ ᠬᠦᠩ ᠨᠣᠶᠠᠨ ᠢ᠋ ᠥᠮᠥᠭᠡᠷᠡᠳᠡᠭ ᠨᠢ ᠶᠠᠭᠤ ᠪᠣᠢ? ᠭᠡᠵᠦ ᠰᠠᠮᠠᠭᠠᠨ ᠳ᠋ᠠᠭᠠᠨ ᠠᠭᠰᠤᠷᠪᠠ᠃  
       — ᠫᠥᠬᠥ! ᠨᠣᠬᠠᠢ ᠳᠣᠯᠢᠶᠠ! ᠲᠠ ᠨᠠᠳᠠ ᠳ᠋ᠠᠭᠠᠨ ᠡᠴᠢᠭᠡ ᠣᠷᠬᠢᠬᠤ ᠳ᠋ᠠᠭᠠᠨ ᠰᠠᠢᠨ᠃ ᠴᠢᠳᠠᠯ ᠪᠠᠢᠪᠠᠯ ᠴᠠᠭᠠᠳᠤ ᠬᠦᠩ ᠨᠣᠶᠠᠨ ᠳ᠋ᠠᠭᠠᠨ ᠣᠴᠢᠵᠤ ᠣᠮᠣᠭᠳᠠ! ᠠᠳᠠᠭ ᠨᠢ ᠰᠠᠶᠢ ᠶ᠋ᠢᠨ ᠲᠠᠬᠠᠷ ᠤ᠋ᠨ ᠥᠭᠡᠳᠡ ᠡᠴᠡ ᠣᠮᠣᠭᠳᠠᠬᠤ ᠪᠠᠨ ᠶᠠᠭᠠᠬᠢᠯ᠎ᠠ⁈ ᠬᠡᠵᠢᠶ᠎ᠡ ᠶᠠᠪᠤᠭᠠᠳ ᠪᠠᠷ᠎ᠠ ᠲᠠᠰᠤᠷᠠᠭᠰᠠᠨ ᠬᠣᠢᠨ᠎ᠠ ᠪᠠᠷᠰ ᠤ᠋ᠨ ᠠᠭᠤᠷ ᠭᠠᠷᠭᠠᠭᠠᠳ ᠶᠠᠮᠠᠷ ᠲᠤᠰᠠ ᠲᠠᠢ ᠪᠣᠢ! ᠲᠠᠨ ᠤ᠋ ᠲᠡᠷᠡ ᠣᠭᠵᠣᠮ ᠠᠷᠭᠢᠶ᠎ᠠ ᠵᠠᠩ ᠢ᠋ ᠪᠢ ᠶᠠᠮᠠᠷ ᠮᠡᠳᠡᠬᠦ ᠦᠭᠡᠢ ᠴᠦ᠍ ᠪᠢᠰᠢ᠃ ᠬᠡᠷᠡᠭ ᠦᠭᠡᠢ ᠭᠠᠵᠠᠷ ᠬᠡᠢ ᠬᠣᠭᠣᠰᠣᠨ ᠳᠠᠩᠭᠢᠨᠠᠭᠠᠳ ᠪᠡᠶ᠎ᠡ ᠪᠡᠨ ᠵᠣᠪᠠᠭᠠᠬᠤ ᠶ᠋ᠢᠨ ᠨᠡᠮᠡᠷᠢ ᠁  
       — ᠴᠢ ᠲᠡᠷᠡ ᠬᠥᠨᠳᠡᠯᠡᠨ ᠢ᠋ᠶ᠋ᠡᠨ ᠬᠠᠪᠴᠢ! ᠡᠮ᠎ᠡ ᠬᠥᠮᠦᠨ ᠪᠠᠢᠵᠤ ᠪᠠᠢᠭᠠᠳ ᠡᠷᠡᠰ ᠦ᠋ᠨ ᠤᠴᠢᠷ ᠲᠤ ᠴᠣᠪ ᠴᠣᠪ ᠭᠡᠵᠦ ᠬᠣᠰᠢᠭᠤ ᠲᠥᠷᠥᠳᠡᠭ ᠲᠡᠭᠡᠨ᠃ 
       — ᠫᠥᠬᠥ! ᠨᠣᠬᠠᠢ ᠳᠣᠯᠢᠶᠠᠵᠤ ᠦᠬᠦ ᠴᠠᠭᠠᠰᠢ ᠪᠠᠨ! ᠲᠠ ᠡᠷ᠎ᠡ ᠬᠥᠮᠦᠨ ᠭᠡᠵᠦ ᠡᠭᠰᠡᠢᠭᠡᠳ ᠬᠡᠢ ᠬᠣᠭᠣᠰᠣᠨ ᠣᠭᠳᠣᠭᠣᠨᠠᠵᠤ ᠵᠠᠰᠠᠭ ᠶᠠᠮᠤᠨ ᠤ᠋ ᠴᠠᠭᠠᠨ᠎ᠠ ᠭᠠᠷᠤᠨ᠎ᠠ ᠤᠤ? ᠴᠠᠭᠠᠳᠤ ᠡᠴᠢᠭᠡ ᠨᠦ᠍ᠭᠦᠳ ᠢ᠋ᠶ᠋ᠡᠨ ᠦᠵᠡᠭᠰᠡᠭᠡᠷ ᠭᠠᠯ ᠦᠵᠡᠭᠰᠡᠨ ᠬᠥᠲᠥᠰᠦ ᠰᠢᠭ ᠣᠮᠣᠢᠭᠠᠳ ᠠᠲᠤᠷᠢᠯᠳᠤᠳᠠᠭ ᠢ᠋ᠶ᠋ᠠᠨ ᠮᠠᠷᠲᠠᠪᠠ ᠤᠤ? ᠲᠡᠭᠡᠬᠦ ᠶ᠋ᠢᠨ ᠣᠷᠣᠨ ᠳ᠋ᠤ᠌ ᠪᠥᠭᠰᠡ ᠪᠡᠨ ᠬᠠᠪᠴᠢᠭᠠᠳ ᠳᠤᠭᠤᠢ ᠪᠠᠢᠭᠰᠠᠨ ᠨᠢ ᠳᠡᠭᠡᠷ᠎ᠡ᠁ 
       — ᠦᠭᠡᠢ ᠠ᠋᠂ ᠶᠡᠷᠦ ᠨᠢ ᠡᠳᠡᠨᠥᠰ ᠳᠠᠩᠴᠤ ᠬᠥᠮᠦᠨ ᠮᠠᠭᠤᠴᠢᠯᠠᠵᠤ ᠪᠠᠢᠨ᠎ᠠ ᠭᠡᠵᠦ ᠰᠠᠮᠠᠭᠠᠨ ᠳ᠋ᠠᠭᠠᠨ ᠬᠡᠯᠡᠭᠳᠡᠵᠦ ᠮᠤᠬᠤᠭᠰᠨ ᠰᠡᠷᠡᠩᠫᠣᠩᠰᠣᠭ ᠥᠭᠡᠳᠡ ᠡᠴᠡ ᠨᠢ ᠥᠭᠡᠷ᠎ᠡ ᠣᠯᠢᠭᠲᠠᠢ ᠦᠭᠡ ᠣᠯᠵᠤ ᠬᠡᠯᠡᠭᠰᠡᠨ ᠦᠭᠡᠢ ᠭᠡᠷ ᠲᠡᠭᠡᠨ ᠰᠢᠷᠭᠤᠵᠤ ᠤᠳᠠᠲᠠᠯ᠎ᠠ ᠲᠠᠮᠠᠬᠢᠯᠠᠵᠤ ᠰᠠᠭᠤᠪᠠ᠃ 
       ᠮᠠᠷᠭᠠᠲᠤᠷ ᠨᠢ ᠰᠡᠷᠡᠩᠫᠣᠩᠰᠣᠭ ᠡᠷᠲᠡ ᠪᠣᠰᠴᠤ ᠮᠣᠷᠢ ᠪᠠᠨ ᠡᠮᠡᠭᠡᠯᠯᠡᠵᠦ ᠤᠨᠤᠭᠠᠳ ᠳᠡᠪᠰᠡᠭ ᠦ᠋ᠨ ᠵᠡᠭᠦᠨ ᠭᠣᠣᠯ ᠤ᠋ᠨ ᠳᠠᠸᠠᠨᠢᠮ᠎ᠠ ᠭᠤᠸᠠᠢ ᠶ᠋ᠢᠨ ᠬᠢ ᠵᠣᠷᠢᠨ ᠳᠣᠪᠲᠣᠯᠭᠠᠪᠠ᠃ ᠬᠣᠰᠢᠭᠤ ᠶᠠᠮᠤᠨ ᠠ᠋ᠴᠠ ᠳᠠᠸᠠᠨᠢᠮ᠎ᠠ ᠭᠤᠸᠠᠢ ᠶ᠋ᠢᠨ ᠬᠢ ᠶ᠋ᠢ ᠬᠠᠮᠢᠭᠠᠰᠢ ᠪᠠᠨ ᠨᠡᠭᠦ! ᠭᠡᠰᠡᠨ ᠪᠣᠯ? ᠴᠣᠬᠣᠮ ᠨᠡᠭᠦᠬᠦ ᠨᠢ ᠤᠤ? ᠪᠠᠢᠬᠤ ᠨᠢ ᠤᠤ? ᠲᠡᠳᠡ ᠭᠤᠸᠠᠢ ᠲᠠᠢ ᠵᠥᠪᠳᠡᠵᠦ ᠦᠵᠡᠶ᠎ᠡ ᠭᠡᠵᠦ ᠪᠣᠳᠣᠵᠤ ᠬᠦᠷᠪᠡ᠃ 
       ᠳᠠᠸᠠᠨᠢᠮ᠎ᠠ ᠭᠤᠸᠠᠢ ᠶ᠋ᠢᠨ ᠱᠣᠩ ᠳᠡᠭᠡᠷ᠎ᠡ ᠬᠡᠳᠦ ᠬᠡᠳᠦᠨ ᠡᠮᠡᠭᠡᠯᠲᠡᠢ ᠮᠣᠷᠢ ᠤᠶᠠᠭᠠᠲᠠᠢ ᠬᠠᠷᠠᠭᠳᠠᠵᠤ᠂ ᠭᠡᠷ ᠦ᠋ᠨ ᠬᠢᠨᠢ ᠨᠠᠭᠠᠭᠤᠷ ᠴᠠᠭᠠᠭᠤᠷ ᠬᠥᠮᠦᠨ ᠬᠠᠷ᠎ᠠ ᠬᠣᠯᠬᠢᠵᠤ ᠶᠠᠮᠠᠷ ᠨᠢᠭᠡ ᠨᠠᠢᠷ ᠬᠤᠷᠢᠮ ᠪᠣᠯᠵᠤ ᠪᠠᠢᠭ᠎ᠠ ᠰᠢᠭ᠋ ᠪᠠᠢᠪᠠ᠃ 
       ᠰᠡᠷᠡᠩᠫᠣᠩᠰᠣᠭ ᠮᠣᠷᠢᠨ ᠠ᠋ᠴᠠ ᠪᠠᠨ ᠪᠠᠭᠤᠵᠤ ᠡᠨᠳᠡ ᠴᠤᠭᠯᠠᠷᠠᠭᠰᠠᠨ ᠲᠠᠨᠢᠬᠤ ᠲᠠᠨᠢᠬᠤ ᠦᠭᠡᠢ ᠬᠥᠮᠦᠰ ᠲᠡᠢ《ᠰᠠᠢᠨ ᠤᠤ᠂ ᠮᠡᠨᠳᠦ ᠤᠤ?》 ᠪᠠᠨ ᠠᠰᠠᠭᠤᠯᠴᠠᠵᠤ ᠭᠡᠷ ᠲᠦ᠍ ᠣᠷᠣᠨ ᠳᠠᠸᠠᠨᠢᠮ᠎ᠠ ᠭᠤᠸᠠᠢ ᠲᠠᠢ ᠬᠥᠬᠦᠦᠷ ᠰᠣᠯᠢᠯᠴᠠᠨ ᠮᠡᠨᠳᠦᠯᠡᠭᠡᠳ ᠠᠶᠠᠭᠠᠯᠠᠭᠰᠠᠨ ᠴᠠᠢ ᠶ᠋ᠢ ᠲᠣᠰᠴᠤ ᠠᠪᠤᠪᠠ᠃ 
       — ᠰᠡᠷᠡᠩᠫᠣᠩᠰᠣᠭ ᠳᠣᠷᠢᠭᠤᠨ ᠰᠠᠨᠠᠭ᠎ᠠ ᠪᠠᠷ ᠬᠦᠷᠦᠭᠡᠳ ᠢᠷᠡᠭᠰᠡᠨ ᠰᠠᠢᠨ ᠪᠣᠯᠤᠯ᠎ᠠ! ᠵᠠᠯᠠᠭᠤ ᠬᠥᠮᠦᠨ ᠢᠷᠡᠪᠡᠯ ᠬᠦᠴᠦ ᠨᠡᠮᠡᠨ᠎ᠡ ᠭᠡᠳᠡᠭ ᠶᠦᠮ ᠳᠡ! ᠵᠠ᠂ ᠲᠡᠭᠡᠭᠡᠳ ᠮᠠᠯ ᠬᠤᠢ ᠵᠠᠰᠠᠵᠤ᠂ ᠭᠠᠯ ᠲᠣᠭᠣᠭᠠᠨ ᠳᠡᠭᠡᠷ᠎ᠡ ᠬᠠᠮᠵᠢᠭᠠᠳ ᠠᠯᠢ ᠳᠠ ᠬᠥᠭᠡᠷᠦᠬᠦᠢ! ᠭᠡᠵᠦ ᠳᠠᠸᠠᠨᠢᠮ᠎ᠠ ᠭᠤᠸᠠᠢ ᠬᠥᠷᠰᠢ ᠠᠢᠯ ᠤ᠋ᠨ ᠢ᠋ᠶ᠋ᠠᠨ ᠡᠨᠡ ᠵᠠᠯᠠᠭᠤ ᠳ᠋ᠤ᠌ ᠳᠣᠲᠣᠨᠣᠰᠢᠨ ᠠᠵᠢ ᠬᠢᠳᠡᠯ ᠲᠣᠬᠢᠷᠠᠭᠤᠯᠪᠠ᠃ 
       — ᠵᠠ᠂ ᠶᠠᠭᠠᠬᠢᠬᠤ ᠪᠣᠢ᠂  ᠪᠣᠯᠤᠯ ᠦᠭᠡᠢ ᠳᠡ! ᠭᠡᠵᠦ ᠰᠡᠷᠡᠩᠫᠣᠩᠰᠣᠭ ᠳᠠᠸᠠᠨᠢᠮ᠎ᠠ ᠳ᠋ᠤ᠌ ᠲᠠᠯ᠎ᠠ ᠬᠠᠷᠠᠵᠤ ᠳᠤᠤᠭᠠᠷᠤᠭᠰᠠᠨ ᠴᠤ᠌ ᠲᠡᠭᠦᠨ ᠦ᠌ ᠴᠢᠷᠠᠢ ᠳ᠋ᠤ᠌《ᠬᠠᠮᠢᠭ᠎ᠠ ᠠ᠋ᠴᠠ? ᠶᠠᠮᠠᠷ ᠬᠦᠨᠳᠦᠲᠦ ᠵᠣᠴᠢᠨ ᠮᠣᠷᠢᠯᠠᠵᠤ ᠪᠠᠭᠤᠬᠤ ᠭᠡᠵᠦ ᠪᠠᠢᠭ᠎ᠠ ᠪᠣᠢ?》 ᠭᠡᠰᠡᠨ ᠢ᠋ ᠨᠢ ᠳᠠᠸᠠᠨᠢᠮ᠎ᠠ ᠪᠠᠷᠤᠭᠯᠠᠵᠤ᠄  
       — ᠬᠠᠩᠬᠠᠳᠠᠢ ᠶ᠋ᠢᠨ ᠬᠠᠷ᠎ᠠ ᠴᠡᠷᠢᠭ ᠦ᠋ᠨ ᠶᠡᠬᠡ ᠨᠣᠶᠠᠨ ᠸᠠᠩ ᠵᠠᠩᠭᠤᠢᠳᠠ᠂ ᠬᠣᠰᠢᠭᠤ ᠶᠠᠮᠤᠨ ᠤ᠋ ᠷᠠᠰᠢ ᠵᠠᠬᠢᠷᠤᠭᠴᠢ ᠨᠠᠷ ᠮᠠᠨ ᠤ᠋ ᠳ᠋ᠤ᠌ ᠮᠣᠷᠢᠯᠠᠵᠤ ᠰᠠᠭᠠᠲᠠᠬᠤ ᠪᠠᠷ ᠪᠠᠢᠨ᠎ᠠ᠁ ᠭᠡᠰᠡᠨ ᠳ᠋ᠦ᠍ ᠰᠡᠷᠡᠩᠫᠣᠩᠰᠣᠭ ᠲᠡᠭᠦᠨ ᠦ᠌ ᠦᠭᠡ ᠶ᠋ᠢ ᠲᠠᠰᠤᠯᠵᠤ᠄ 
       — ᠥᠨᠥᠬᠢ ᠨᠡᠷ᠎ᠡ ᠴᠤᠤ ᠭᠠᠷᠤᠭᠠᠳ ᠪᠠᠢᠳᠠᠭ ᠸᠠᠩ ᠰᠣᠬᠣᠷ ᠤᠤ? ᠭᠡᠵᠦ ᠠᠰᠠᠭᠤᠪᠠ᠃ 
       — ᠬᠥᠶᠢ! ᠴᠢ ᠴᠢᠨᠢ ᠶᠠᠮᠠᠷ ᠢᠷᠣ᠎ᠠ ᠶ᠋ᠢᠨ ᠠᠮᠢᠲᠠᠨ ᠪᠣᠢ? ᠰᠠᠨᠠᠭ᠎ᠠ ᠠᠮᠠᠷᠠᠴᠢᠬᠠᠭᠰᠠᠨ ᠦᠭᠡ ᠬᠡᠯᠡᠵᠦ ᠪᠠᠢᠳᠠᠭ᠃ ᠲᠡᠭᠡᠵᠦ ᠬᠡᠯᠡᠳᠡᠭ ᠦᠭᠡᠢ ᠶᠦᠮ ᠰᠢᠦ! ᠬᠥᠮᠦᠨ ᠬᠠᠷ᠎ᠠ ᠰᠣᠨᠣᠰᠴᠢᠬᠠᠪᠠᠯ⁈᠁ ᠭᠡᠳ ᠬᠠᠵᠠᠭᠤ ᠬᠠᠪᠢᠷᠭ᠎ᠠ ᠶ᠋ᠢᠨ ᠡᠨᠡ ᠲᠡᠷᠡ ᠬᠥᠮᠦᠨ ᠢ᠋ ᠬᠢᠯᠠᠪᠬᠢᠵᠤ᠂ ᠶᠠᠭᠤᠨ ᠨᠢᠭᠡ ᠡᠴᠡ ᠠᠶᠤᠭᠰᠠᠨ ᠶᠤᠮ ᠰᠢᠭ᠋ ᠴᠢᠷᠠᠢ ᠨᠢ ᠬᠣᠷᠣᠮᠬᠠᠨ ᠵᠠᠭᠤᠷ᠎ᠠ ᠬᠤᠵᠢᠢᠵᠤ ᠠᠪᠤᠭᠠᠳ ᠬᠡᠪ ᠲᠡᠭᠡᠨ ᠣᠷᠣᠪᠠ᠃ 
       — ᠰᠣᠬᠣᠷ ᠶᠤᠮ ᠴᠢᠨᠢ᠂ ᠰᠣᠬᠣᠷ ᠭᠡᠬᠦ ᠳ᠋ᠦ᠍ ᠶᠠᠭᠠᠬᠢᠳᠠᠭ ᠶᠤᠮ?  
       — ᠵᠠ᠂ ᠪᠢᠲᠡᠭᠡᠢ ᠮᠢᠨᠦ ᠡᠨᠳᠡ ᠳᠤᠷ᠎ᠠ ᠪᠠᠷ ᠢ᠋ᠶ᠋ᠠᠨ ᠳᠣᠩᠭᠣᠰᠤᠭᠠᠳ ᠪᠠᠢ! ᠴᠠᠭᠠᠳᠤ ᠸᠠᠩ ᠵᠠᠩᠭᠤᠢᠳᠠ ᠶ᠋ᠢᠨ ᠴᠢᠬᠢᠨ ᠳ᠋ᠦ᠍ ᠣᠷᠣᠪᠠᠯ ᠬᠡᠷᠡᠭ ᠪᠢᠰᠢᠳᠡᠨ᠎ᠡ ᠰᠢᠦ! ᠭᠡᠵᠦ ᠳᠠᠸᠠᠨᠢᠮ᠎ᠠ ᠴᠢᠷᠠᠢ ᠨᠢ ᠪᠠᠷᠤᠢᠵᠤ ᠠᠭᠤᠷᠯᠠᠬᠤ ᠲᠥᠯᠥᠪᠲᠡᠢ ᠰᠡᠷᠡᠩᠫᠣᠩᠰᠣᠭ ᠢ᠋ ᠵᠢᠮᠡᠯᠡᠵᠦ ᠬᠡᠯᠡᠪᠡᠯ ᠲᠡᠷᠡ ᠪᠡᠷ ᠴᠠᠭᠠᠨ᠎ᠠ ᠤᠬᠠᠭᠠᠨ ᠢ᠋ ᠣᠢᠯᠠᠭᠠᠵᠤ ᠶᠠᠭᠤ ᠨᠢᠭᠡ ᠶᠠᠭᠤᠮ᠎ᠠ ᠨᠥᠬᠥᠵᠦ ᠬᠡᠯᠡᠬᠦ ᠭᠡᠰᠡᠨ ᠢ᠋ᠶ᠋ᠡᠨ ᠪᠣᠯᠢᠭᠠᠳ᠄ 
       — ᠵᠠᠰᠠᠬᠤ ᠬᠣᠨᠢ ᠴᠢᠨᠢ ᠬᠠᠮᠢᠭ᠎ᠠ ᠪᠣᠢ? ᠭᠡᠳ ᠭᠠᠷᠴᠤ ᠳᠠᠸᠠᠨᠢᠮ᠎ᠠ ᠶ᠋ᠢᠨ ᠵᠢᠭᠠᠵᠤ ᠥᠭᠭᠦᠭᠰᠡᠨ ᠬᠠᠷ᠎ᠠ ᠲᠣᠯᠣᠭᠠᠢ ᠲᠠᠢ ᠪᠦᠳᠦᠭᠦᠨ ᠢᠷᠭᠡ ᠶ᠋ᠢ ᠰᠢᠭᠢᠷᠡᠳᠡᠵᠦ ᠲᠡᠷᠡ ᠳᠣᠣᠷ᠎ᠠ ᠨᠢ ᠡᠳ᠋ ᠪᠤᠲᠠ ᠬᠢᠵᠦ ᠤᠭᠤᠴᠠ ᠰᠢᠭᠦᠰᠦ ᠪᠣᠷᠣᠯᠠᠭᠤᠯᠬᠤ ᠶᠣᠰᠣᠭᠠᠷ ᠲᠥᠪᠬᠢᠨᠡᠭᠦᠯᠵᠦ ᠣᠷᠬᠢᠪᠠ᠃ ᠴᠠᠭᠠᠨ᠎ᠠ ᠨᠢ ᠪᠦᠰᠡᠭᠦᠢᠴᠦᠦᠯ ᠭᠡᠳᠡᠰᠦ ᠳᠣᠲᠣᠷ ᠴᠡᠪᠡᠷᠯᠡᠵᠦ᠂ ᠰᠠᠭᠠᠭ ᠤ᠋ᠨ ᠭᠤᠯᠢᠷ᠂ ᠰᠣᠩᠭᠢᠨ᠎ᠠ ᠵᠡᠷᠭᠡ ᠪᠡᠷ ᠠᠮᠲᠠᠯᠠᠭᠰᠠᠨ ᠴᠢᠰᠤ ᠴᠢᠳᠬᠤᠵᠤ ᠶᠠᠭᠠᠷᠠᠨ᠎ᠠ᠁  
       ᠭᠣᠣᠯ ᠤ᠋ᠨ ᠬᠥᠪᠡᠭᠡᠨ ᠳ᠋ᠡᠬᠢ ᠪᠠᠭᠯᠠᠭᠠᠷ ᠪᠦᠳᠦᠭᠦᠨ ᠪᠤᠷᠭᠠᠰᠤᠨ ᠤ᠋ ᠰᠡᠭᠦᠳᠡᠷ ᠲᠦ᠍ ᠤᠶᠠᠭᠠᠲᠠᠢ ᠵᠢᠷᠦᠬᠡ ᠴᠠᠭᠠᠨ ᠨᠣᠬᠠᠢ ᠬᠥᠪ ᠬᠥᠪ ᠬᠣᠷᠭᠣᠭᠣᠬᠤ ᠳᠠᠭᠤᠨ ᠳ᠋ᠤ᠌ ᠮᠣᠷᠢᠲᠠᠢ ᠬᠥᠮᠦᠨ ᠬᠣᠰᠢᠭᠤ ᠳᠤᠭᠤᠢᠯᠠᠵᠤ ᠠᠢᠰᠤᠢ! ᠶᠠᠮᠤᠨ ᠤ᠋ ᠲᠠᠬᠠᠷ ᠱᠣᠩ ᠳᠡᠭᠡᠷ᠎ᠡ ᠪᠠᠭᠤᠵᠤ᠄ 
       — ᠳᠠᠸᠠᠨᠢᠮ᠎ᠠ ᠭᠤᠸᠠᠢ ᠠ᠋! ᠵᠣᠴᠢᠨ ᠴᠢᠨᠢ ᠢᠷᠡᠯ᠎ᠡ ᠰᠢᠦ!《ᠤᠭᠲᠤᠯᠭ᠎ᠠ ᠶ᠋ᠢᠨ ᠰᠢᠷᠡᠭᠡ᠂ ᠢᠰᠡᠭᠡᠢ ᠰᠢᠷᠢᠳᠡᠭ ᠢᠶᠡᠨ ᠳᠡᠪᠢᠰᠴᠦ ᠪᠠᠵᠠᠭ᠎ᠠ!》ᠭᠡᠰᠡᠨ ᠷᠠᠰᠢ ᠵᠠᠬᠢᠷᠤᠭᠴᠢ ᠶᠢᠨ ᠵᠠᠬᠢᠶ᠎ᠠ ᠶᠢ ᠤᠯᠠᠮᠵᠢᠯᠠᠪᠠ᠃
       ᠱᠤᠩ ᠠᠴᠠ ᠵᠠᠢᠰᠬᠠᠨ ᠭᠠᠵᠠᠷ ᠲᠤ ᠰᠢᠷᠡᠭᠡ ᠵᠠᠰᠠᠵᠤ ᠳᠡᠭᠡᠷ᠎ᠡ ᠨᠢ ᠪᠣᠣᠪᠣ ᠪᠣᠭᠣᠷᠰᠣᠭ᠂ ᠴᠢᠪᠠᠭ᠎ᠠ ᠰᠢᠬᠢᠷ ᠡᠨᠡ ᠲᠡᠷᠡ ᠠᠮᠲᠠᠲᠠᠨ ᠢ᠋ ᠥᠷᠥᠵᠦ᠂ ᠪᠣᠳᠣᠩ ᠲᠠᠢ ᠠᠷᠢᠬᠢᠨ ᠠ᠋ᠴᠠ ᠮᠥᠩᠭᠥᠨ ᠴᠥᠭᠦᠴᠡᠨ ᠳ᠋ᠦ᠍ ᠮᠡᠯᠮᠡᠯᠵᠡᠭᠦᠯᠦᠨ ᠪᠠᠵᠠᠭᠠᠪᠠ᠃ ᠤᠭᠲᠤᠯᠭ᠎ᠠ ᠶ᠋ᠢᠨ ᠰᠢᠷᠡᠭᠡᠨ ᠡᠴᠡ ᠭᠣᠣᠯ ᠭᠡᠷ ᠦ᠋ᠨ ᠡᠭᠦᠳᠡ ᠬᠦᠷᠲᠡᠯ᠎ᠡ ᠶᠢᠰᠦᠨ ᠰᠤᠮᠤᠨ ᠰᠢᠷᠢᠳᠡᠭ ᠠᠯᠳᠠᠯᠠᠨ ᠳᠡᠪᠢᠰᠴᠦ᠂ ᠬᠦᠨᠳᠦᠲᠡᠢ ᠵᠣᠴᠢᠨ ᠢ᠋ᠶ᠋ᠠᠨ ᠬᠥᠯ ᠳ᠋ᠦ᠍ᠨᠢ ᠰᠢᠷᠣᠢ ᠬᠦᠷᠭᠡᠯ ᠦᠭᠡᠢ ᠬᠣᠢᠮᠣᠷ ᠲᠠᠭᠠᠨ ᠵᠠᠯᠠᠬᠤ ᠭᠡᠰᠡᠨ ᠳᠠᠸᠠᠨᠢᠮ᠎ᠠ ᠶ᠋ᠢᠨ ᠨᠠᠷᠢᠨ ᠪᠠᠢᠷᠢᠯᠠᠭᠤᠯᠤᠯ ᠡᠨᠡ ᠪᠤᠶᠤ᠃ 
       ᠳᠠᠸᠠᠨᠢᠮ᠎ᠠ ᠶ᠋ᠢᠨ ᠬᠠᠶᠠᠭᠠᠨ ᠳ᠋ᠤ᠌ ᠬᠥᠮᠦᠨ ᠬᠠᠷ᠎ᠠ ᠱᠤᠤᠭᠢᠯᠳᠤᠨ ᠬᠡᠦᠬᠡᠨ ᠮᠣᠷᠳᠠᠭᠤᠯᠵᠤ᠂ ᠪᠡᠷᠢ ᠪᠠᠭᠤᠯᠭᠠᠬᠤ ᠭᠡᠵᠦ ᠪᠠᠢᠭ᠎ᠠ ᠰᠢᠭ᠋ ᠳᠡᠪᠵᠢᠶᠡᠷᠡᠨ᠎ᠡ᠃ ᠤᠭᠲᠤᠯᠭ᠎ᠠ ᠶ᠋ᠢᠨ ᠰᠢᠷᠡᠭᠡ᠂ ᠤᠷᠲᠤ ᠰᠢᠷᠢᠳᠡᠭ ᠢ᠋ ᠲᠣᠭᠣᠷᠢᠭᠠᠳ ᠬᠡᠦᠬᠡᠳ ᠰᠢᠤᠬᠠᠳ᠂ ᠬᠥᠭᠰᠢᠳ ᠨᠠᠰᠤᠲᠠᠳ ᠬᠦᠷᠲᠡᠯ᠎ᠡ ᠬᠥᠭᠰᠡᠵᠦ ᠬᠥᠭᠡᠷᠴᠡᠭᠡᠨ᠎ᠡ᠃ 
       ᠶᠠᠮᠤᠨ ᠤ᠋ ᠷᠠᠰᠢ ᠵᠠᠬᠢᠷᠤᠭᠴᠢ ᠲᠦᠷᠦᠭᠦᠯᠡᠵᠦ ᠬᠡᠳᠦᠨ ᠮᠣᠷᠢᠲᠠᠨ ᠱᠣᠩ ᠳᠡᠭᠡᠷ᠎ᠡ ᠪᠠᠭᠤᠭᠠᠳ ᠭᠡᠷ ᠦ᠋ᠨ ᠡᠵᠡᠨ ᠲᠡᠢ ᠮᠡᠨᠳᠦ ᠮᠡᠳᠡᠨ᠂ ᠤᠭᠲᠤᠯᠭ᠎ᠠ ᠳ᠋ᠤ᠌ ᠪᠠᠵᠠᠭᠠᠭᠰᠠᠨ ᠶᠠᠭᠤᠮᠠᠰ ᠢ᠋ ᠨᠢᠳᠦ ᠬᠠᠶᠠᠭᠰᠠᠨ ᠢ᠋ᠶ᠋ᠠᠨ ᠰᠠᠨᠠᠭᠠᠨ ᠳ᠋ᠤᠨᠢ ᠵᠣᠬᠢᠴᠠᠭᠰᠠᠨ ᠪᠣᠯᠤᠯᠲᠠᠢ ᠳᠠᠸᠠᠨᠢᠮ᠎ᠠ ᠳ᠋ᠤ᠌ ᠬᠠᠨᠳᠤᠵᠤ᠄ 
       — ᠵᠠ᠂ ᠶᠠᠭᠠᠬᠢᠬᠤ ᠪᠣᠢ! ᠵᠡᠭᠡᠭᠡᠭᠰᠡᠨ ᠪᠡᠯᠡᠳᠬᠡᠭᠰᠡᠨ ᠪᠠᠢᠨ᠎ᠠ! ᠭᠡᠵᠦ ᠮᠠᠭᠲᠠᠨ ᠡᠷᠡᠬᠡᠢ ᠭᠣᠵᠣᠢᠯᠭᠠᠨ᠎ᠠ᠃  
       — ᠵᠠ᠂ ᠭᠢᠯᠠᠢᠯ᠎ᠠ! ᠭᠡᠵᠦ ᠳᠠᠸᠠᠨᠢᠮ᠎ᠠ ᠳᠤᠤᠭᠠᠷᠤᠭᠠᠳ ᠳᠣᠲᠣᠷ᠎ᠠ ᠪᠠᠨ《ᠶᠠᠮᠤᠨ ᠤ᠋ ᠷᠠᠰᠢ ᠵᠠᠬᠢᠷᠤᠭᠴᠢ ᠶ᠋ᠢᠨ ᠰᠠᠨᠠᠭᠠᠨ ᠳ᠋ᠤ᠌ ᠲᠠᠭᠠᠯᠠᠭᠳᠠᠭᠰᠠᠨ ᠪᠣᠯ ᠴᠤ᠌ ᠶᠠᠭᠠᠮᠠᠢ! ᠷᠠᠰᠢ ᠵᠠᠬᠢᠷᠤᠭᠴᠢ ᠭᠡᠭᠴᠢ ᠶᠠᠭᠤᠮ᠎ᠠ ᠦᠵᠡᠵᠦ ᠨᠢᠳᠦ ᠲᠠᠢᠯᠤᠭᠰᠠᠨ ᠳᠣᠬᠢ ᠲᠣᠯᠣᠭᠠᠢ! ᠶᠣᠰᠣᠲᠠᠢ ᠯᠠ ᠥᠨᠳᠡᠭᠡᠨ ᠡᠴᠡ ᠦ ᠡᠷᠢᠵᠦ ᠥᠭᠡᠬᠦᠨ ᠡᠴᠡ ᠰᠢᠷᠪᠥᠰᠥ ᠡᠷᠢᠳᠡᠭ ᠬᠥᠮᠦᠨ ᠦ᠌ ᠨᠢᠭᠡ ᠳᠡ! ᠳᠠᠸᠠᠨᠢᠮ᠎ᠠ ᠶ᠋ᠢᠨ ᠲᠠᠷ ᠲᠡᠩᠬᠡᠭᠡ ᠮᠥᠨ ᠡᠳᠦᠢᠬᠡᠨ! ᠬᠢᠷᠢ ᠳ᠋ᠡᠭᠡᠨ ᠵᠢᠳᠬᠦᠭᠰᠡᠨ ᠢ᠋ ᠮᠢᠨᠢ ᠣᠢᠯᠠᠭᠠᠭᠰᠠᠨ ᠨᠢ ᠪᠤᠷᠬᠠᠨ ᠲᠩᠷᠢ ᠥᠷᠥᠰᠢᠶᠡᠵᠡᠢ!》 ᠭᠡᠵᠦ ᠪᠣᠳᠣᠭᠰᠠᠨ ᠳᠠᠸᠠᠨᠢᠮ᠎ᠠ ᠶ᠋ᠢᠨ ᠰᠡᠳᠬᠢᠯ ᠬᠠᠩᠭᠠᠯᠤᠭᠤᠨ ᠪᠠᠢᠪᠠ᠃ 
       ᠬᠣᠶᠠᠷ ᠭᠠᠩᠰᠠ ᠲᠠᠮᠠᠬᠢᠯᠠᠬᠤ ᠬᠢᠷᠢ ᠪᠣᠯᠬᠤ ᠳ᠋ᠤ᠌ ᠨᠣᠬᠠᠢ ᠬᠣᠷᠭᠣᠭᠣᠯ᠎ᠠ᠁ 
       — ᠵᠠ᠂ ᠣᠳᠣ ᠢᠷᠡᠯ᠎ᠡ! ᠭᠡᠵᠦ ᠬᠥᠮᠦᠰ ᠢ᠋ ᠱᠤᠤᠭᠢᠯᠳᠤᠬᠤ ᠳ᠋ᠤ᠌ ᠷᠠᠰᠢ ᠵᠠᠬᠢᠷᠤᠭᠴᠢ᠂ ᠳᠠᠸᠠᠨᠢᠮ᠎ᠠ ᠲᠦᠷᠦᠭᠦᠳᠡᠨ ᠬᠥᠮᠦᠰ ᠬᠠᠨᠴᠤᠢ ᠪᠠᠨ ᠰᠡᠭᠰᠦᠷᠦᠨ ᠵᠠᠭᠠᠮ᠎ᠠ ᠵᠠᠬ᠎ᠠ ᠪᠠᠨ ᠵᠠᠰᠠᠵᠤ ᠵᠣᠴᠢᠨ ᠤᠭᠲᠤᠬᠤ ᠪᠠᠷ ᠪᠡᠯᠡᠳᠬᠡᠪᠡ᠃ 
       ᠨᠣᠬᠠᠢ ᠰᠦᠷᠡᠬᠡᠢ ᠬᠣᠷᠭᠣᠭᠣᠭᠰᠠᠨ ᠲᠡᠷᠡ ᠵᠦᠭ ᠲᠦ᠍ ᠰᠢᠷᠳᠡᠪᠡᠯ᠂ ᠬᠣᠰᠢᠭᠤ ᠳᠤᠭᠤᠢᠯᠠᠨ ᠭᠡᠰᠡᠷ ᠰᠦᠮ᠎ᠡ ᠶ᠋ᠢᠨ ᠣᠷᠣᠢ ᠲᠠᠢ᠂ ᠬᠠᠵᠠᠭᠤ ᠲᠠᠯ᠎ᠠ ᠳ᠋ᠠᠭᠠᠨ ᠵᠢᠵᠢᠭ ᠳᠥᠷᠪᠡᠯᠵᠢᠨ ᠴᠣᠩᠬᠣᠪᠴᠢ ᠲᠠᠢ᠂ ᠥᠨᠴᠥᠭ ᠰᠡᠵᠢᠭᠦᠷ ᠲᠦ᠍ ᠨᠢ ᠡᠯᠳᠡᠪ ᠥᠩᠭᠡ ᠶ᠋ᠢᠨ ᠲᠣᠷᠭᠠᠨ ᠰᠠᠭᠰᠠᠭ ᠲᠠᠢ ᠰᠡᠦᠬᠡ ᠳᠠᠮᠨᠠᠭᠰᠠᠨ ᠬᠥᠮᠦᠰ ᠪᠥᠭᠡᠮᠨᠡᠷᠡᠵᠦ ᠠᠢᠰᠤᠢ᠃ ᠬᠣᠶᠠᠷ ᠨᠠᠢ᠍ᠮᠠ ᠠᠷᠪᠠᠨ ᠵᠢᠷᠭᠤᠭᠠᠨ ᠬᠠᠷ᠎ᠠ ᠴᠡᠷᠢᠭ ᠡᠭᠡᠯᠵᠢ ᠵᠢᠰᠢᠶ᠎ᠠ ᠪᠠᠷ ᠰᠡᠦᠬᠡ ᠳᠠᠮᠨᠠᠵᠤ ᠱᠣᠭᠰᠢᠨ᠎ᠠ᠃ ᠬᠠᠯᠪᠠᠭᠠᠨᠠᠭᠰᠠᠨ ᠬᠠᠷ᠎ᠠ ᠲᠣᠷᠭᠠᠨ ᠥᠮᠦᠳᠦᠨ ᠦ᠌ ᠰᠢᠷᠬᠤᠨᠠᠭ ᠢ᠋ ᠪᠣᠭᠣᠵᠤ ᠰᠡᠦᠬᠡ ᠳᠠᠮᠨᠠᠨ ᠵᠢᠷᠪᠢᠯᠵᠡᠲᠡᠯ᠎ᠡ ᠵᠢᠷᠣᠭᠠᠯᠠᠬᠤ ᠠᠷᠪᠠᠨ ᠵᠢᠷᠭᠤᠭᠠᠨ ᠬᠥᠯ ᠦ᠋ᠨ ᠠᠢᠵᠠᠮ ᠵᠢᠷᠤᠮ ᠲᠠᠢ ᠠᠯᠬᠤᠭᠠᠨ ᠳ᠋ᠤ᠌ ᠰᠦᠮ᠎ᠡ ᠶ᠋ᠢᠨ ᠣᠷᠣᠢ ᠲᠠᠢ ᠰᠡᠦᠬᠡ ᠨᠠᠬᠢᠯᠵᠠᠬᠤ ᠳ᠋ᠤ᠌᠂ ᠳᠡᠭᠡᠷ᠎ᠡ ᠨᠢ ᠬᠠᠵᠠᠭᠤᠯᠠᠨ ᠬᠡᠪᠲᠡᠭᠰᠡᠨ ᠨᠣᠶᠠᠨᠲᠠᠨ ᠤ᠋ ᠬᠠᠪᠤ ᠵᠢᠷᠭᠠᠯ ᠢ᠋ ᠥᠭᠦᠯᠡᠬᠦ ᠶᠠᠭᠤᠨ⁈     
       ᠰᠡᠦᠬᠡᠲᠡᠳ ᠤᠭᠲᠤᠯᠭ᠎ᠠ ᠶ᠋ᠢᠨ ᠰᠢᠷᠡᠭᠡᠨ ᠦ᠌ ᠳᠡᠷᠭᠡᠳᠡ ᠬᠦᠷᠴᠦ ᠢᠷᠡᠭᠡᠳ ᠵᠣᠭᠰᠣᠪᠠ᠃ ᠲᠡᠭᠡᠲᠡᠯ᠎ᠡ ᠰᠡᠦᠬᠡ ᠤᠳᠤᠷᠢᠳᠤᠭᠰᠠᠨ ᠠᠬᠠᠯᠠᠭᠴᠢ ᠬᠥᠮᠦᠨ ᠨᠢ ᠪᠣᠯᠤᠯᠲᠠᠢ ᠤᠷᠲᠤ ᠨᠠᠷᠢᠨ ᠬᠦᠵᠦᠭᠦᠦ ᠲᠡᠢ ᠨᠢᠭᠡ ᠬᠠᠷ᠎ᠠ ᠴᠡᠷᠢᠭ᠄  
       — ᠸᠠᠩ ᠵᠠᠩᠭᠤᠢᠳᠠ ᠮᠣᠷᠢᠯᠠᠨ ᠰᠠᠭᠠᠳᠠᠯᠤᠭ᠎ᠠ! ᠭᠡᠵᠦ ᠤᠶᠠᠩᠭᠠᠯᠠᠭᠤᠯᠤᠨ ᠳᠠᠭᠤᠳᠠᠭᠰᠠᠨ ᠳ᠋ᠤ᠌ ᠬᠡᠳᠦᠨ ᠬᠠᠷ᠎ᠠ ᠴᠡᠷᠢᠭ ᠥᠭᠭᠦᠭᠰᠡᠨ ᠳᠣᠬᠢᠶ᠎ᠠ ᠪᠠᠷ ᠪᠤᠵᠢᠭᠢᠨᠠᠯᠳᠤᠵᠤ ᠬᠣᠶᠠᠷ ᠨᠢ ᠰᠡᠦᠬᠡᠨ ᠦ᠌ ᠡᠭᠦᠳᠡᠨ ᠳ᠋ᠦ᠍ ᠢᠰᠡᠭᠡᠢ ᠳᠡᠪᠢᠰᠴᠦ ᠨᠥᠭᠦᠭᠡ ᠬᠣᠶᠠᠷ ᠨᠢ ᠰᠡᠦᠬᠡᠨ ᠦ᠌ ᠣᠷᠬᠢᠭᠤᠯ ᠢ᠋ ᠬᠥᠨᠳᠡᠢᠬᠡᠨ ᠢᠷᠡᠵᠦ᠄《 ᠸᠠᠩ ᠯᠣᠣᠶᠧ ᠠ᠋! ᠲᠠ ᠠᠶᠠᠷᠬᠠᠨ ᠮᠣᠷᠢᠯᠠ!》 ᠭᠡᠵᠦ ᠲᠡᠭᠦᠨ ᠢ᠋ ᠬᠣᠶᠠᠷ ᠰᠤᠭᠤᠨ ᠠ᠋ᠴᠠ ᠨᠢ ᠡᠷᠭᠦᠨ ᠳᠣᠯᠳᠣᠭᠣᠨᠠᠨ᠎ᠠ᠃  
       ᠰᠡᠦᠬᠡᠨ ᠡᠴᠡ ᠨᠡᠭᠡᠷᠡᠨ ᠰᠣᠷᠲᠣᠭᠣᠲᠠᠢ ᠡᠷ᠎ᠡ ᠪᠠᠭᠤᠵᠤ ᠢᠷᠡᠯ᠎ᠡ᠃ ᠲᠡᠷᠡ ᠪᠡᠷ ᠫᠠᠯᠠᠭᠠᠷ ᠥᠷᠭᠡᠨ ᠴᠢᠷᠠᠢ᠂ ᠤᠷᠤᠭᠤᠯ ᠬᠠᠯᠵᠠᠨ ᠪᠥᠭᠡᠳ ᠨᠢᠭᠡ ᠨᠢᠳᠦ ᠨᠢ ᠰᠣᠬᠣᠷ᠂ ᠡᠷᠡᠦ ᠳᠣᠣᠭᠤᠷ ᠢ᠋ᠶ᠋ᠠᠨ ᠰᠢᠩᠭᠡᠪᠲᠦᠷ ᠰᠢᠷ᠎ᠠ ᠰᠠᠬᠠᠯ ᠲᠠᠢ᠂ ᠬᠠᠯᠵᠠᠷᠠᠭᠰᠠᠨ ᠱᠠᠯᠳᠠᠩ ᠳᠤᠬᠤᠨ ᠳᠡᠭᠡᠷ᠎ᠡ ᠪᠡᠨ ᠬᠥᠮᠥᠷᠢᠭᠰᠡᠨ ᠬᠠᠷ᠎ᠠ ᠲᠣᠭᠣᠷᠴᠣᠭ ᠤ᠋ᠨ ᠳᠣᠲᠣᠷ᠎ᠠ ᠠ᠋ᠴᠠ ᠭᠠᠬᠠᠢ ᠶ᠋ᠢᠨ ᠰᠡᠭᠦᠯ ᠰᠢᠭ ᠭᠣᠳᠣᠩ ᠭᠡᠵᠢᠭᠡ ᠤᠨᠵᠢᠭᠤᠯᠵᠤ᠂ ᠵᠣᠭᠣᠰᠤᠨ ᠬᠡ ᠲᠡᠢ ᠰᠢᠷᠭᠠᠯ ᠴᠠᠭᠠᠨ ᠬᠠᠨᠲᠠᠭᠠᠰᠤ ᠡᠮᠦᠰᠴᠦ᠂ ᠴᠡᠷᠢᠭ ᠦᠮᠦᠳᠦᠨ ᠦ᠌ ᠪᠡᠨ ᠵᠥᠪ ᠲᠠᠰᠢᠶᠠᠨ ᠳ᠋ᠤ᠌ ᠪᠠᠶᠠᠨᠽᠢ ᠵᠡᠭᠦᠵᠦ᠂ ᠵᠡᠭᠦᠨ ᠭᠠᠷ ᠲᠠᠭᠠᠨ ᠬᠠᠷ᠎ᠠ ᠬᠢᠯᠭᠠᠰᠤᠨ ᠶᠢᠩᠱᠤᠸᠠᠰᠠ ᠰᠠᠵᠢᠯᠠᠨ ᠪᠠᠭᠤᠵᠤ ᠷᠠᠰᠢ ᠵᠠᠬᠢᠷᠤᠭᠴᠢ᠂ ᠳᠠᠸᠠᠨᠢᠮ᠎ᠠ ᠶ᠋ᠢᠨ ᠳᠡᠭᠡᠵᠢᠯᠡᠭᠰᠡᠨ ᠮᠥᠩᠭᠥᠨ ᠴᠥᠭᠥᠴᠡ ᠲᠡᠢ ᠠᠷᠢᠬᠢ ᠶ᠋ᠢ ᠲᠣᠰᠴᠤ ᠠᠪᠤᠨ ᠲᠩᠷᠢ ᠥᠭᠡᠳᠡ ᠰᠢᠷᠳᠡᠨ ᠬᠡᠨ ᠳ᠋ᠦ᠍ ᠴᠦ᠍ ᠰᠣᠨᠣᠰᠳᠠᠮ᠎ᠠ ᠦᠭᠡᠢ ᠠᠮᠠᠨ ᠳ᠋ᠠᠭᠠᠨ ᠨᠢᠭᠡ ᠶᠠᠭᠤᠮ᠎ᠠ ᠪᠤᠪᠠᠲᠤᠨᠠᠨ ᠳᠦᠳᠦᠨᠡᠵᠦ ᠥᠨᠥᠬᠢ ᠴᠥᠭᠥᠴᠡ ᠲᠡᠢ ᠠᠷᠢᠬᠢ ᠶ᠋ᠢ ᠬᠡᠢ ᠣᠭᠲᠠᠷᠭᠤᠢ ᠵᠦᠭ ᠰᠠᠴᠤᠪᠠ᠃ ᠳᠠᠷᠠᠭ᠎ᠠ ᠴᠥᠭᠥᠴᠡ ᠲᠡᠢ ᠠᠷᠢᠬᠢ ᠶ᠋ᠢ ᠪᠠᠷᠠᠭᠤᠨ ᠭᠠᠷ ᠤ᠋ᠨ ᠳᠠᠭᠠᠯᠲᠠ ᠳ᠋ᠠᠭᠠᠨ ᠥᠭᠬᠦ ᠳ᠋ᠦ᠍ ᠭᠤᠪᠴᠢᠢᠭᠰᠠᠨ ᠬᠤᠷᠤᠭᠤᠪᠴᠢᠨ ᠴᠢᠷᠠᠢ ᠲᠠᠢ ᠡᠷ᠎ᠡ ᠴᠥᠭᠥᠴᠡ ᠶ᠋ᠢ ᠲᠣᠰᠴᠤ ᠠᠪᠤᠭᠠᠳ ᠬᠣᠭᠣᠰᠣᠯᠠᠵᠤ ᠣᠷᠬᠢᠪᠠ᠃ ᠭᠤᠷᠪᠠᠳᠠᠬᠢ ᠴᠥᠭᠥᠴᠡ ᠲᠡᠢ ᠠᠷᠢᠬᠢ ᠶ᠋ᠢ ᠵᠡᠭᠦᠨ ᠭᠠᠷ ᠤ᠋ᠨ ᠳᠠᠭᠠᠯᠲᠠ ᠳ᠋ᠠᠭᠠᠨ ᠳᠠᠮᠵᠢᠭᠤᠯᠤᠭᠰᠠᠨ ᠳ᠋ᠤ᠌ ᠰᠡᠷᠪᠡᠢᠭᠰᠡᠨ ᠰᠠᠬᠠᠯ ᠲᠠᠢ ᠶᠠᠷᠭᠠᠴᠢᠨ ᠰᠢᠭ᠋ ᠲᠣᠭᠰᠢᠨ ᠪᠠᠢᠷᠢ ᠶ᠋ᠢᠨ ᠡᠷ᠎ᠡ ᠴᠥᠭᠥᠴᠡ ᠲᠡᠢ ᠠᠷᠢᠬᠢ ᠶ᠋ᠢ ᠲᠣᠰᠴᠤ ᠠᠷᠠᠢ ᠡᠰᠡ ᠴᠥᠭᠥᠴᠡ ᠲᠡᠢ ᠨᠢ ᠵᠠᠯᠭᠢᠴᠢᠬᠠᠭᠰᠠᠨ ᠦᠭᠡᠢ ᠬᠥᠨᠲᠥᠷᠴᠦ ᠣᠷᠬᠢᠪᠠ᠃   
       ᠤᠭᠲᠤᠯᠭ᠎ᠠ ᠶ᠋ᠢᠨ ᠭᠤᠷᠪᠠᠨ ᠭᠡᠮ ᠠᠷᠢᠬᠢ ᠶ᠋ᠢ ᠸᠠᠩ ᠵᠠᠩᠭᠤᠢᠳᠠ ᠡᠢᠨ ᠬᠦ᠌ ᠰᠣᠷᠲᠣᠭᠣᠲᠠᠢ ᠠᠪᠴᠢᠬᠠᠭᠠᠳ ᠰᠤᠪᠤᠭᠤᠯᠤᠨ ᠳᠡᠪᠢᠰᠦᠭᠰᠡᠨ ᠴᠠᠭᠠᠨ ᠢᠰᠡᠭᠡᠢ ᠳᠡᠭᠡᠭᠦᠷ ᠳᠥᠷᠪᠡᠯᠵᠢᠯᠡᠨ ᠠᠯᠬᠤᠬᠤ ᠳ᠋ᠠᠭᠠᠨ《ᠨᠡᠭᠡᠷᠡᠨ ᠰᠠᠢᠬᠠᠨ ᠨᠤᠲᠤᠭ ᠠ᠋! ᠡᠨᠳᠡ ᠵᠤᠰᠠᠯᠠᠩ ᠪᠠᠢᠭᠤᠯᠵᠤ ᠪᠣᠯᠬᠤ ᠶᠤᠮ ᠪᠠᠢᠨ᠎ᠠ》 ᠭᠡᠵᠦ ᠷᠠᠰᠢ ᠵᠠᠬᠢᠷᠤᠭᠴᠢ ᠳ᠋ᠤ᠌ ᠦᠭᠡ ᠰᠣᠨᠣᠰᠬᠠᠭᠰᠠᠨ ᠳ᠋ᠤ᠌《ᠲᠡᠢᠮᠦ ᠠ᠋᠂ ᠲᠡᠢᠮᠦ!》 ᠭᠡᠵᠦ ᠷᠠᠰᠢ ᠵᠠᠬᠢᠷᠤᠭᠴᠢ ᠮᠡᠬᠦᠯᠵᠡᠨ᠎ᠡ᠃  
       ᠸᠠᠩ ᠰᠣᠬᠣᠷ ᠤ᠋ᠨ ᠲᠡᠵᠢᠭᠡᠭᠰᠡᠨ ᠬᠠᠷ᠎ᠠ ᠴᠡᠷᠢᠭ ᠦ᠋ᠳ ᠤᠯᠠᠭᠠᠨ ᠬᠠᠲᠤᠨ ᠤ᠋ ᠵᠠᠬ᠎ᠠ᠂ ᠬᠠᠲᠤᠨ ᠲᠣᠬᠣᠢ᠂ ᠬᠠᠩᠬᠠᠳᠠᠢ ᠶ᠋ᠢᠨ ᠵᠣ ᠶ᠋ᠢ ᠡᠵᠡᠯᠡᠵᠦ ᠥᠮᠴᠢᠷᠬᠡᠭᠰᠡᠨ ᠢ᠋ ᠥᠭᠦᠯᠡᠬᠦ ᠦᠭᠡᠢ᠃ ᠤᠯᠠᠭᠠᠨ ᠬᠠᠲᠤᠨ ᠤ᠋ ᠤᠰᠤ ᠶ᠋ᠢ ᠡᠢᠰᠢ ᠲᠠᠢᠰᠢ ᠰᠤᠪᠠᠭ ᠮᠠᠯᠲᠠᠵᠤ ᠠᠰᠢᠭᠯᠠᠨ ᠪᠦᠬᠦᠢ ᠪᠣᠷᠣᠲᠣᠬᠣᠢ ᠶ᠋ᠢᠨ ᠣᠷᠣᠨ ᠤ᠋ ᠰᠢᠮᠡᠯᠢᠭ ᠭᠠᠵᠠᠷ ᠤ᠋ᠨ ᠠᠮᠤ ᠲᠣᠰᠣᠨ ᠤ᠋ ᠰᠢᠮ᠎ᠡ ᠶ᠋ᠢ ᠭᠠᠭᠴᠠᠭᠠᠷ ᠡᠵᠡᠷᠬᠡᠭᠴᠢ ᠪᠣᠯᠵᠤ᠂ ᠬᠠᠶᠠᠭᠠᠨ ᠠ᠋ᠴᠠ ᠨᠢ ᠬᠠᠳᠤᠷᠬᠤ ᠶᠠᠭᠤᠮ᠎ᠠ ᠦᠭᠡᠢ᠂ ᠬᠠᠵᠠᠭᠤ ᠠ᠋ᠴᠠ ᠨᠢ ᠬᠠᠯᠳᠠᠬᠤ ᠳᠠᠢᠰᠤᠨ ᠦᠭᠡᠢ ᠬᠥᠨᠳᠡᠯᠡᠨ ᠠᠯᠬᠤᠵᠤ᠂ ᠶᠣᠰᠣᠲᠠᠢ ᠥᠭᠡᠬᠦ ᠪᠡᠷ ᠨᠤᠯᠮᠤᠵᠤ ᠦᠮᠡᠬᠡᠢ ᠪᠡᠷ ᠭᠡᠭᠡᠷᠡᠭᠦᠯᠪᠡ ᠭᠡᠭᠴᠢ ᠪᠣᠯᠪᠠ᠃ ᠲᠡᠷᠡ ᠪᠡᠷ ᠤᠯᠠᠭᠠᠨ ᠬᠠᠲᠤᠨ ᠤ᠋ ᠨᠠᠭᠠᠨ᠎ᠠ ᠴᠠᠭᠠᠨᠠᠬᠢ ᠤᠷᠠᠳ ᠣᠷᠳᠣᠰ ᠭᠡᠰᠡᠨ ᠦᠭᠡᠢ ᠪᠠᠶᠠᠳ ᠨᠣᠶᠠᠳ᠂ ᠬᠦᠩ ᠢᠵᠠᠭᠤᠷᠲᠠᠳ ᠤ᠋ᠨ ᠳᠤᠷᠠᠰᠢᠯ ᠤ᠋ᠨ ᠤᠷᠤᠭᠤᠯ ᠢ᠋ ᠳᠤᠰᠤᠯᠠᠵᠤ ᠤᠰᠤᠨ ᠵᠢᠷᠣᠭ᠎ᠠ ᠪᠣᠯᠭᠠᠵᠤ ᠴᠢᠳᠠᠳᠠᠭ ᠨᠢ ᠰᠢᠯᠢ ᠶ᠋ᠢ ᠨᠢ ᠮᠠᠭᠠᠵᠢᠵᠤ ᠪᠠᠢᠭᠠᠳ ᠰᠢᠮ᠎ᠡ ᠶ᠋ᠢ ᠨᠢ ᠰᠣᠷᠣᠬᠤ ᠭᠡᠳᠡᠭ ᠪᠣᠯ᠂ ᠬᠠᠷᠢᠨ ᠬᠠᠷᠠᠴᠤ ᠴᠠᠭᠠᠴᠢ ᠨᠤᠭᠤᠳ ᠤ᠋ᠨ ᠬᠢᠨᠢ ᠴᠢᠮᠥᠭᠡ ᠶ᠋ᠢ ᠨᠢ ᠲᠡᠰᠢᠮᠡᠷ ᠬᠢᠬᠠᠨ ᠮᠥᠯᠵᠢᠵᠦ᠂ ᠭᠠᠢᠯᠢ ᠭᠤᠪᠴᠢᠭᠤᠷ ᠢ᠋ᠶ᠋ᠠᠷ ᠭᠠᠴᠢᠳᠠᠭ ᠨᠢ ᠲᠡᠭᠦᠨ ᠦ᠌ ᠴᠣᠷ ᠤ᠋ᠨ ᠭᠠᠭᠴᠠ ᠬᠠᠬᠢᠷ ᠵᠣᠷ ᠮᠥᠨ᠃  
       ᠮᠤᠨᠠ ᠠᠭᠤᠯᠠᠨ ᠳ᠋ᠤ᠌ ᠠᠭᠤᠳᠠᠯᠤᠭᠠᠳ ᠪᠠᠷᠠᠰᠢ ᠦᠭᠡᠢ ᠮᠣᠯᠣᠷ ᠡᠷᠳᠡᠨᠢ ᠪᠠᠢᠨ᠎ᠠ ᠭᠡᠳᠡᠭ ᠢ᠋ ᠠᠯᠢ ᠤᠵᠠᠭᠤᠷ ᠠ᠋ᠴᠠ ᠪᠣᠳᠣᠯ ᠳ᠋ᠠᠭᠠᠨ ᠮᠠᠨᠠᠵᠤ ᠪᠠᠢᠭᠰᠠᠨ ᠸᠠᠩ ᠰᠣᠬᠣᠷ ᠳᠣᠲᠣᠷ᠎ᠠ ᠪᠠᠨ《ᠳᠡᠪᠰᠡᠭ ᠦ᠋ᠨ ᠠᠭᠤᠯᠠᠨ ᠤ᠋ ᠬᠣᠩᠬᠣᠷ ᠢ᠋ ᠡᠵᠡᠯᠡᠵᠦ ᠵᠤᠰᠠᠯᠠᠩ ᠤ᠋ᠨ ᠨᠡᠷ᠎ᠡ ᠵᠢᠭᠠᠵᠤ ᠬᠠᠷ᠎ᠠ ᠲᠠᠮᠠᠬᠢ ᠲᠠᠷᠢᠵᠤ᠂ ᠬᠠᠳᠠ ᠴᠢᠯᠠᠭᠤ ᠠ᠋ᠴᠠ ᠨᠢ ᠠᠯᠲᠠ ᠲᠤᠩᠭᠠᠵᠤ ᠴᠦᠩᠬᠦ ᠪᠡᠨ ᠮᠥᠩᠭᠥ ᠪᠡᠷ ᠳᠦᠭᠦᠷᠭᠡᠬᠦ ᠶ᠋ᠢ ᠬᠡᠨ ᠪᠠᠢᠭ ᠭᠡᠬᠦ ᠪᠣᠢ⁈》 ᠭᠡᠵᠦ ᠪᠣᠳᠣᠭᠰᠠᠨ ᠳ᠋ᠠᠭᠠᠨ ᠤᠷᠮᠠᠰᠢᠵᠤ ᠬᠠᠷ᠎ᠠ ᠴᠡᠷᠢᠭ ᠢ᠋ᠶ᠋ᠡᠨ ᠲᠣᠮᠢᠯᠠᠵᠤ ᠳ᠋ᠠᠭᠳᠠᠨ ᠳᠠ ᠯᠠᠮᠠ ᠶ᠋ᠢ ᠠᠯᠠᠨ᠂ ᠡᠯᠳᠡᠩᠭᠡ ᠶ᠋ᠢᠨ ᠣᠮᠣᠭ ᠰᠦᠷ ᠢ᠋ ᠳᠠᠷᠤᠭᠰᠠᠨ ᠤ᠋ ᠬᠠᠷᠢᠭᠤ ᠳ᠋ᠤ᠌ ᠰᠢᠷᠠᠪᠳᠣᠷᠵᠢ ᠬᠦᠩ ᠨᠣᠶᠠᠨ ᠤ᠋ ᠨᠠᠳᠠ ᠬᠠᠢᠷᠠᠯᠠᠭᠰᠠᠨ ᠬᠡᠰᠢᠭ ᠪᠤᠶᠤ᠃ ᠠ᠂ ᠰᠠᠢᠬᠠᠨ ᠨᠤᠲᠤᠭ ᠶᠤᠮ ᠠ᠋! ᠭᠡᠵᠦ ᠡᠷᠬᠡ ᠦᠭᠡᠢ ᠲᠠᠩᠨᠠᠢ ᠪᠠᠨ ᠲᠠᠭᠰᠢᠨ᠎ᠠ᠃ 
       ᠸᠠᠩ ᠵᠠᠩᠭᠤᠢᠳᠠ ᠭᠡᠷ ᠲᠦ᠍ ᠰᠠᠭᠠᠲᠠᠨ ᠠᠶᠠᠭᠠᠯᠠᠭᠰᠠᠨ ᠴᠠᠢ ᠠ᠋ᠴᠠ ᠣᠭᠣᠴᠢᠪᠠ ᠤᠤ᠂ ᠦᠭᠡᠢ ᠤᠤ᠂ ᠬᠣᠢᠮᠣᠷ ᠬᠠᠵᠠᠭᠤᠯᠠᠨ ᠬᠠᠷ᠎ᠠ ᠲᠠᠮᠠᠬᠢ ᠱᠠᠵᠢᠭᠢᠨᠠᠭᠤᠯᠵᠤ ᠡᠬᠢᠯᠡᠪᠡ᠃ ᠨᠥᠭᠦᠭᠡ ᠲᠠᠯ᠎ᠠ ᠳ᠋ᠤᠨᠢ ᠷᠠᠰᠢ ᠵᠠᠬᠢᠷᠤᠭᠴᠢ ᠬᠡᠩᠰᠢᠭᠦᠦ ᠣᠷᠭᠢᠭᠤᠯᠵᠤ ᠲᠠᠮᠠᠬᠢᠯᠠᠨ᠎ᠠ᠃ ᠬᠠᠵᠠᠭᠤ ᠠ᠋ᠴᠠ ᠨᠢ ᠬᠠᠷᠠᠵᠤ ᠵᠣᠭᠰᠣᠭᠰᠠᠨ ᠳᠠᠸᠠᠨᠢᠮ᠎ᠠ ᠬᠣᠷᠣᠬᠠᠢ ᠨᠢ ᠬᠥᠳᠡᠯᠵᠦ ᠰᠢᠯᠦᠰᠦ ᠪᠡᠨ ᠭᠦᠳ ᠭᠦᠳ ᠵᠠᠯᠭᠢᠨ《ᠦᠨᠡᠬᠡᠷ ᠲᠣᠰᠣᠯᠢᠭ ᠬᠡᠩᠰᠢᠭᠦᠦ ᠲᠡᠢ ᠣᠬᠢ ᠲᠠᠮᠠᠬᠢ ᠪᠠᠢᠨ᠎ᠠ ᠳᠠ! ᠮᠠᠨᠤᠰ ᠰᠢᠭ᠋ ᠲᠣᠭᠣᠭ᠎ᠠ ᠬᠤᠰᠤᠮᠳᠠᠭᠰᠠᠨ ᠰᠢᠭᠠᠷᠤ ᠲᠠᠮᠠᠬᠢ ᠤᠭᠤᠭᠢᠭᠤᠯᠳᠠᠭ ᠢ᠋ ᠪᠣᠳᠣᠪᠠᠯ ᠵᠢᠩᠬᠢᠨᠢ ᠬᠠᠷ᠎ᠠ ᠲᠠᠮᠠᠬᠢ ᠭᠡᠵᠦ ᠡᠨᠡ ᠳᠡ!》 ᠭᠡᠵᠦ ᠳᠣᠲᠣᠷ᠎ᠠ ᠪᠠᠨ ᠰᠢᠪᠡᠨᠡᠨ ᠨᠥᠭᠦᠭᠡ ᠬᠣᠶᠠᠷ ᠤ᠋ᠨ ᠬᠠᠷ᠎ᠠ ᠲᠠᠮᠠᠬᠢᠨ ᠳ᠋ᠤ᠌ ᠬᠣᠪᠳᠣᠭ ᠨᠢ ᠬᠥᠳᠡᠯᠵᠦ《ᠡᠨᠡ ᠨᠠᠰᠤᠨ ᠳ᠋ᠠᠭᠠᠨ ᠲᠡᠷᠡ ᠶᠠᠭᠤᠮᠠᠨ ᠳ᠋ᠤ᠌ ᠨᠢᠭᠡ ᠮᠠᠩᠰᠢᠭᠤᠷᠠᠲᠠᠯ᠎ᠠ ᠰᠣᠭᠲᠣᠪᠠᠯ ᠠ᠋᠁》 ᠭᠡᠵᠦ ᠪᠣᠳᠣᠪᠠ᠃ 
       ᠳᠠᠸᠠᠨᠢᠮ᠎ᠠ ᠶ᠋ᠢᠨ ᠰᠢᠯᠦᠰᠦ ᠪᠡᠨ ᠵᠠᠯᠭᠢᠭᠠᠳ ᠰᠢᠨᠤᠭ ᠬᠠᠷᠠᠭᠰᠠᠨ ᠬᠠᠷᠠᠴᠠ ᠶ᠋ᠢ ᠠᠵᠢᠭᠯᠠᠭᠰᠠᠨ ᠸᠠᠩ ᠵᠠᠩᠭᠤᠢᠳᠠ ᠨᠢᠭᠡ ᠵᠢᠵᠢᠭ ᠪᠣᠭᠣᠳᠠᠯ ᠲᠠᠢ ᠬᠠᠷ᠎ᠠ ᠲᠠᠮᠠᠬᠢ ᠰᠢᠳᠡᠵᠦ ᠥᠭᠭᠦᠭᠰᠡᠨ ᠢ᠋ ᠳᠠᠸᠠᠨᠢᠮ᠎ᠠ ᠭᠠᠵᠠᠷ ᠤᠨᠠᠭᠠᠯ ᠦᠭᠡᠢ ᠲᠣᠰᠴᠤ ᠠᠪᠤᠭᠠᠳ ᠬᠠᠮᠠᠷ ᠲᠠᠭᠠᠨ ᠣᠢᠷᠠᠲᠤᠭᠤᠯᠤᠨ ᠦᠨᠦᠷᠲᠦᠭᠰᠡᠨ ᠢ᠋ᠶ᠋ᠡᠨ《ᠠᠶ᠎ᠠ᠂ ᠶᠠᠮᠠᠷ ᠰᠠᠢᠬᠠᠨ ᠡᠳ᠋ ᠪᠣᠢ!》 ᠭᠡᠵᠦ ᠡᠷᠬᠡ ᠦᠭᠡᠢ ᠥᠭᠦᠯᠡᠨ ᠡᠪᠦᠷᠲᠦᠯᠡᠬᠦ ᠳ᠋ᠡᠭᠡᠨ ᠡᠪᠦᠳᠦᠭ ᠨᠢ ᠨᠤᠭᠤᠷᠠᠭᠠᠳ ᠤᠨᠠᠴᠢᠬᠠᠮᠠᠷ ᠰᠠᠨᠠᠭᠳᠠᠭᠰᠠᠨ ᠢ᠋ ᠶᠠᠭᠠᠬᠢᠨ᠎ᠠ᠃ 
       ᠤᠷᠢᠳ ᠢ᠋ᠶ᠋ᠠᠷ ᠴᠢᠳᠬᠤᠭᠰᠠᠨ ᠭᠡᠳᠡᠰᠦ ᠳᠣᠲᠣᠷ ᠭᠠᠷᠭᠠᠵᠤ᠂ ᠳᠠᠷᠠᠭ᠎ᠠ ᠪᠠᠷ ᠨᠢ ᠤᠭᠤᠴᠠ ᠰᠢᠭᠦᠰᠦ ᠲᠠᠪᠠᠭᠯᠠᠵᠤ ᠲᠠᠯᠪᠢᠨ ᠶᠣᠰᠣᠲᠠᠢ ᠯᠠ ᠬᠤᠨᠳᠠᠭ᠎ᠠ ᠰᠡᠯᠭᠦᠯ ᠦᠭᠡᠢ ᠠᠷᠢᠬᠢ ᠤᠤᠭᠤᠵᠤ᠂ ᠬᠢᠲᠤᠭ᠎ᠠ ᠲᠠᠯᠪᠢᠯ ᠦᠭᠡᠢ ᠮᠢᠬ᠎ᠠ ᠢᠳᠡᠨ᠎ᠡ ᠭᠡᠭᠴᠢ ᠪᠣᠯᠵᠤ ᠨᠠᠷᠭᠢᠵᠠᠭᠠᠪᠠ᠃ 
       ᠷᠠᠰᠢ ᠵᠠᠬᠢᠷᠤᠭᠴᠢ ᠲᠠᠷᠭᠤᠨ ᠬᠣᠨᠢᠨ ᠤ᠋ ᠰᠡᠭᠦᠯ ᠵᠦᠰᠦᠵᠦ ᠠᠯᠠᠭᠠᠨ ᠳᠡᠭᠡᠷ᠎ᠡ ᠪᠡᠨ ᠳᠡᠯᠭᠡᠵᠦ ᠸᠠᠩ ᠵᠠᠩᠭᠤᠢᠳᠠ ᠳ᠋ᠤ᠌ ᠥᠭᠭᠦᠭᠡᠳ᠄  
       — ᠸᠠᠩ ᠵᠠᠩᠭᠤᠢᠳᠠ ᠰᠡᠭᠦᠯ ᠨᠢᠭᠡ ᠰᠣᠷᠣᠴᠢᠬ᠎ᠠ! ᠭᠡᠪᠡ᠃  
       — ᠠᠶ᠎ᠠ᠂ ᠲᠠᠷᠭᠤᠨ ᠪᠠᠢᠨ᠎ᠠ᠂ ᠪᠠᠢᠶ᠎ᠠ ᠪᠠᠢᠶ᠎ᠠ! ᠭᠡᠵᠦ ᠲᠣᠯᠣᠭᠠᠢ ᠪᠠᠨ ᠰᠡᠵᠢᠨ᠎ᠡ᠃ 
       — ᠬᠠᠮᠢᠶ᠎ᠠ ᠦᠭᠡᠢ ᠠ᠋! ᠨᠢᠳᠦ ᠪᠡᠨ ᠠᠨᠢᠵᠤ ᠪᠠᠢᠭᠠᠳ ᠨᠢᠭᠡ ᠯᠡ ᠰᠣᠷᠣᠴᠢᠬ᠎ᠠ! ᠬᠣᠨᠢᠨ ᠤ᠋ ᠲᠠᠷᠭᠤᠨ ᠤᠭᠤᠴᠠᠨ ᠳ᠋ᠤ᠌ ᠰᠠᠭᠤᠵᠤ ᠬᠣᠶᠠᠷ ᠵᠦᠰᠦᠮ ᠰᠡᠭᠦᠯ ᠰᠣᠷᠣᠬᠤ ᠦᠭᠡᠢ ᠪᠣᠯ ᠬᠣᠪᠳᠣᠭ ᠲᠠᠢᠯᠬᠤ ᠦᠭᠡᠢ! ᠭᠡᠳ ᠷᠠᠰᠢ ᠵᠠᠬᠢᠷᠤᠭᠴᠢ ᠸᠠᠩ ᠵᠠᠩᠭᠤᠢᠳᠠ ᠶ᠋ᠢ ᠱᠠᠯᠠᠪᠠᠯ ᠲᠡᠷᠡ ᠬᠢᠲᠠᠳ ᠠᠷᠭ᠎ᠠ ᠦᠭᠡᠢ ᠲᠣᠰᠴᠤ ᠠᠪᠤᠭᠠᠳ ᠰᠣᠷᠣᠬᠤ ᠭᠡᠳ ᠰᠣᠷᠣᠵᠤ ᠴᠢᠳᠠᠳᠠᠭ ᠦᠭᠡᠢ ᠬᠣᠶᠠᠷ ᠵᠠᠪᠠᠵᠢ ᠪᠠᠷ ᠢ᠋ᠶ᠋ᠠᠨ ᠲᠣᠰᠣ ᠭᠣᠭᠣᠵᠢᠲᠠᠯ᠎ᠠ ᠱᠠᠯᠴᠢᠭᠢᠨᠠᠭᠤᠯᠤᠨ ᠵᠠᠵᠢᠯᠵᠤ ᠢᠳᠡᠪᠡ᠃ 
       ᠷᠠᠰᠢ ᠵᠠᠬᠢᠷᠤᠭᠴᠢ ᠪᠠᠰᠠ ᠨᠢᠭᠡ ᠵᠦᠰᠦᠮ ᠰᠡᠭᠦᠯ ᠵᠦᠰᠦᠵᠦ ᠰᠢᠷᠡᠭᠡᠨ ᠳᠡᠭᠡᠷ᠎ᠡ ᠵᠢᠵᠢᠭ ᠫᠢᠯᠠ ᠲᠠᠢ ᠰᠢᠷ᠎ᠠ ᠲᠣᠰᠣᠨ ᠳ᠋ᠤ᠌ ᠪᠥᠮᠪᠥᠷᠢᠭᠦᠯᠵᠦ ᠠᠪᠤᠭᠠᠳ ᠥᠪᠡᠰᠦᠪᠡᠨ ᠱᠣᠷᠳ᠋ ᠬᠢᠲᠡᠯ᠎ᠡ ᠰᠢᠯᠤᠭᠤᠬᠠᠨ ᠰᠣᠷᠣᠵᠤ ᠣᠷᠬᠢᠪᠠ᠃  
       ᠲᠠᠷᠭᠤᠨ ᠬᠣᠨᠢᠨ ᠤ᠋ ᠰᠡᠭᠦᠯ ᠵᠠᠵᠢᠯᠵᠤ ᠢᠳᠡᠭᠡᠳ ᠠᠮᠲᠠ ᠶ᠋ᠢ ᠨᠢ ᠣᠯᠤᠭᠰᠠᠨ ᠸᠠᠩ ᠵᠠᠩᠭᠤᠢᠳᠠ《ᠨᠠᠭᠠᠰᠢ ᠪᠠᠨ ᠣᠳᠣ ᠨᠢᠭᠡ ᠵᠦᠰᠦᠮ ᠰᠡᠭᠦᠯ ᠥᠭᠭᠦᠭᠡᠴᠢ》 ᠭᠡᠬᠦ ᠳ᠋ᠦ᠍ ᠷᠠᠰᠢ ᠵᠠᠬᠢᠷᠤᠭᠴᠢ ᠵᠦᠰᠦᠵᠦ ᠥᠭᠪᠡᠯ ᠸᠠᠩ ᠵᠠᠩᠭᠤᠢᠳᠠ ᠵᠠᠵᠢᠯᠬᠤ ᠲᠠᠢ ᠰᠣᠷᠣᠬᠤ ᠲᠠᠢ ᠵᠠᠯᠭᠢᠵᠤ ᠣᠷᠣᠭᠤᠯᠤᠭᠠᠳ᠄ 
       — ᠡᠨᠡ ᠬᠣᠨᠢᠨ ᠤ᠋ ᠮᠢᠬ᠎ᠠ ᠨᠡᠭᠡᠷᠡᠨ ᠠᠮᠲᠠᠲᠠᠢ ᠶᠤᠮ ᠠ᠋! ᠭᠡᠵᠦ ᠲᠠᠮᠰᠢᠶᠠᠯᠠᠭᠰᠠᠨ ᠳ᠋ᠤ᠌ ᠷᠠᠰᠢ ᠵᠠᠬᠢᠷᠤᠭᠴᠢ᠄ 
       — ᠲᠡᠢᠮᠦ ᠰᠢᠦ! ᠡᠨᠡ ᠠᠭᠤᠯᠠ ᠶ᠋ᠢᠨ ᠪᠡᠯᠴᠢᠭᠡᠷ ᠳᠠᠭᠠᠭᠰᠠᠨ ᠮᠠᠯ ᠤ᠋ᠨ ᠮᠢᠬ᠎ᠠ ᠠᠮᠲᠠᠲᠠᠢ ᠮᠥᠷᠲᠡᠭᠡᠨ ᠰᠢᠮᠡᠲᠡᠢ᠃ ᠭᠣᠣᠯ ᠤ᠋ᠨ ᠴᠠᠭᠠᠨᠠᠬᠢ ᠢᠷᠭᠡᠴᠤᠳ ᠮᠠᠨ ᠤ᠋ ᠠᠭᠤᠯᠠᠨ ᠤ᠋ ᠮᠠᠯ ᠤ᠋ᠨ ᠮᠢᠬ᠎ᠠ ᠶ᠋ᠢ ᠢᠳᠡᠮᠡᠭᠴᠡ ᠪᠡᠨ ᠭᠣᠳᠣᠭᠣᠨᠠᠳᠠᠭ ᠶᠠᠭᠤᠮ᠎ᠠ ᠨᠢ ᠭᠣᠳᠣᠭᠣᠨᠠᠵᠤ᠂ ᠨᠣᠢᠲᠠᠩᠨᠠᠳᠠᠭ ᠭᠠᠵᠠᠷ ᠨᠢ ᠨᠣᠢᠲᠠᠩᠨᠠᠳᠠᠭ ᠰᠢᠦ! ᠭᠡᠰᠡᠨ ᠳ᠋ᠦ᠍ ᠰᠢᠷᠡᠭᠡ ᠰᠢᠪᠠᠯᠴᠠᠵᠤ ᠰᠠᠭᠤᠭᠰᠠᠨ ᠬᠥᠮᠦᠰ ᠪᠦᠭᠦᠳᠡᠭᠡᠷ ᠬᠠ ᠬᠠ ᠬᠠ᠁ ᠭᠡᠵᠦ ᠢᠨᠢᠶᠡᠯᠴᠡᠨ᠎ᠡ᠃  
       — ᠵᠠᠬᠢᠷᠤᠭᠴᠢ ᠭᠤᠸᠠᠢ ᠠ᠋᠂ ᠮᠠᠨ ᠤ᠋ ᠴᠡᠷᠢᠭ ᠦ᠋ᠨ ᠬᠤᠸᠠᠷᠠᠨ ᠪᠣᠯᠤᠨ ᠬᠣᠰᠢᠭᠤ ᠶᠠᠮᠤᠨ ᠤ᠋ ᠬᠡᠯᠡᠯᠴᠡᠵᠦ ᠲᠣᠭᠲᠠᠭᠰᠠᠨ ᠭᠡᠷ᠎ᠡ ᠶᠣᠰᠣᠭᠠᠷ ᠡᠨᠡ ᠳᠡᠪᠰᠡᠭ ᠦ᠋ᠨ ᠠᠭᠤᠯᠠᠨ ᠤ᠋ ᠳᠡᠨᠵᠢᠷᠬᠡᠭ ᠭᠠᠵᠠᠷ ᠢ᠋ᠶ᠋ᠠᠷ ᠬᠠᠷ᠎ᠠ ᠲᠠᠮᠠᠬᠢ ᠲᠠᠷᠢᠨ᠎ᠠ᠂ ᠰᠦᠮ᠎ᠡ ᠶ᠋ᠢᠨ ᠠᠷᠤᠬᠠᠨ ᠳᠡᠨᠵᠢ ᠳᠡᠭᠡᠷ᠎ᠡ ᠵᠤᠰᠠᠯᠠᠩ ᠪᠠᠢᠭᠤᠯᠤᠨ᠎ᠠ ᠳᠠ! 
       — ᠲᠡᠭᠡ᠂ ᠲᠡᠭᠡ! ᠴᠠᠭᠠᠨ ᠴᠠᠭᠠᠰᠤ᠂ ᠬᠠᠷ᠎ᠠ ᠪᠡᠬᠡ᠂ ᠤᠯᠠᠭᠠᠨ ᠲᠠᠮᠠᠭ᠎ᠠ ᠭᠤᠷᠪᠠ ᠶ᠋ᠢᠨ ᠨᠤᠬᠤᠴᠠᠲᠠᠢ ᠬᠠᠲᠠᠭᠤ ᠭᠡᠷ᠎ᠡ ᠶ᠋ᠢ ᠬᠡᠨ ᠲᠡᠷᠰᠯᠡᠵᠦ ᠴᠢᠳᠠᠬᠤ ᠪᠣᠢ? ᠭᠡᠵᠦ ᠷᠠᠰᠢ ᠵᠠᠬᠢᠷᠤᠭᠴᠢ ᠵᠥᠪᠰᠢᠶᠡᠷᠡᠭᠰᠡᠨ ᠳ᠋ᠦ᠍ ᠸᠠᠩ ᠵᠠᠩᠭᠤᠢᠳᠠ᠄ 
       — ᠶᠠᠭ ᠳᠠ! ᠭᠡᠵᠦ ᠲᠣᠯᠣᠭᠠᠢ ᠪᠠᠨ ᠲᠣᠬᠢᠨ᠎ᠠ᠃  
       — ᠵᠠᠰᠠᠭ ᠬᠦᠩ ᠨᠣᠶᠠᠨ ᠤ᠋ ᠵᠠᠷᠯᠢᠭ ᠲᠠᠢ᠂ ᠬᠣᠰᠢᠭᠤ ᠶᠠᠮᠤᠨ ᠤ᠋ ᠲᠠᠮᠠᠭ᠎ᠠ ᠲᠠᠢ ᠪᠢᠴᠢᠭ ᠬᠣᠶᠠᠷ ᠠ᠋ᠴᠠ ᠴᠠᠭᠠᠰᠢ ᠬᠠᠲᠠᠭᠤ ᠶᠠᠭᠤᠮ᠎ᠠ ᠶᠠᠭᠤ ᠪᠠᠢᠳᠠᠭ ᠢ᠋ ᠪᠢ ᠯᠡ ᠯᠠᠪ ᠮᠡᠳᠡᠬᠦ ᠦᠭᠡᠢ ᠪᠠᠢᠨ᠎ᠠ ᠭᠡᠬᠦ ᠳ᠋ᠦ᠍ ᠸᠠᠩ ᠵᠠᠩᠭᠤᠢᠳᠠ᠄  
       — ᠡᠨᠡ ᠠᠢᠯ ᠤ᠋ᠨ ᠬᠢᠨ ᠦ᠌ ᠭᠤᠶᠤᠴᠢᠯᠠᠭᠰᠠᠨ ᠶᠣᠰᠣᠭᠠᠷ ᠴᠠᠭᠠᠰᠢ ᠪᠠᠨ ᠨᠡᠭᠦᠬᠦ ᠬᠡᠷᠡᠭ ᠦᠭᠡᠢ᠂ ᠡᠨᠳᠡ ᠪᠡᠨ ᠰᠠᠭᠤᠵᠤ ᠪᠠᠢᠭ ᠯᠠ ᠳᠠ! ᠪᠢ ᠳᠠᠸᠠᠨᠢᠮ᠎ᠠ ᠶ᠋ᠢ ᠭᠣᠮᠣᠳᠠᠭᠠᠬᠤ ᠦᠭᠡᠢ ᠠ᠋! ᠬᠠᠷ᠎ᠠ ᠲᠠᠮᠠᠬᠢ ᠪᠠᠷ ᠪᠦᠷᠢᠨ ᠬᠠᠩᠭᠠᠵᠤ ᠴᠢᠳᠠᠨ᠎ᠠ ᠭᠡᠰᠡᠨ ᠳ᠋ᠦ᠍ ᠳᠠᠸᠠᠨᠢᠮ᠎ᠠ ᠪᠠᠶᠠᠷᠯᠠᠵᠤ᠄ 
       — ᠸᠠᠩ ᠵᠠᠩᠭᠤᠢᠳᠠ ᠳ᠋ᠤ᠌ ᠪᠢ ᠨᠢᠭᠡ ᠮᠣᠩᠭᠣᠯ ᠶᠣᠰᠣ ᠪᠠᠷ ᠢ᠋ᠶ᠋ᠠᠨ ᠠᠷᠢᠬᠢ ᠬᠡᠮᠨᠡᠶ᠎ᠡ! ᠭᠡᠳ《ᠪᠠᠩᠵᠢᠨ ᠳ᠋ᠠᠭᠠᠨ ᠬᠢᠭᠡᠳ ᠥᠭᠭᠦᠭᠰᠡᠨ ᠪᠠᠷᠵᠠ ᠯᠠ ᠶᠤᠮ ᠠ᠋! ᠳᠠᠩᠵᠢᠶᠠᠳ ᠠ᠋ ᠬᠦ᠂ ᠪᠠᠶᠠᠷ ᠢ᠋ᠶ᠋ᠠᠷ ᠢᠷᠡᠭᠰᠡᠨ ᠸᠠᠩ ᠵᠠᠩᠭᠤᠢᠳᠠ ᠲᠠᠨ ᠳ᠋ᠤ᠌ ᠪᠠᠷᠠᠭᠤᠨ ᠭᠠᠷ ᠢ᠋ᠶ᠋ᠠᠷ ᠢ᠋ᠶ᠋ᠠᠨ ᠪᠠᠷᠢᠵᠤ ᠪᠠᠢᠨ᠎ᠠ ᠬᠦ! ᠵᠦᠩᠰᠨᠨ ᠳ᠋ᠡᠭᠡᠨ ᠬᠢᠭᠡᠳ ᠥᠭᠭᠦᠭᠰᠡᠨ ᠵᠦᠷᠵᠢ ᠯᠡ ᠶᠦᠮ  ᠳᠡ ᠠ᠋ ᠬᠦ  ᠳᠠᠩᠵᠢᠶᠠᠳ ᠠ᠋᠁!》 ᠭᠡᠵᠦ ᠪᠤᠷᠤᠭᠤ ᠰᠣᠯᠣᠭᠠᠢ ᠬᠣᠭᠣᠯᠠᠢ ᠪᠠᠷ ᠳᠠᠭᠤᠯᠠᠵᠤ ᠪᠠᠶᠠᠷᠯᠠᠭᠰᠠᠨ ᠬᠡᠷᠢᠶ᠎ᠡ ᠪᠠᠷᠬᠢᠷᠠᠭ᠎ᠠ ᠭᠡᠭᠴᠢ ᠪᠣᠯᠵᠤ ᠬᠣᠶᠠᠷ ᠠᠯᠠᠭ᠎ᠠ ᠪᠠᠨ ᠳᠡᠯᠭᠡᠨ ᠨᠠᠬᠢᠯᠵᠠᠭᠤᠯᠤᠨ᠎ᠠ᠃ 
       ᠸᠠᠩ ᠵᠠᠩᠭᠤᠢᠳᠠ ᠳᠠᠸᠠᠨᠢᠮ᠎ᠠ ᠶ᠋ᠢᠨ ᠱᠠᠯᠠᠯᠭ᠎ᠠ ᠪᠠᠷ ᠭᠤᠷᠪᠠᠨ ᠭᠡᠮ ᠠᠷᠢᠬᠢ ᠤᠤᠭᠤᠵᠤ᠄
       — ᠡᠳᠡᠨ ᠦ᠌ ᠬᠢ ᠡᠴᠡ ᠪᠤᠰᠤᠳ ᠠᠢᠯ ᠡᠷᠦᠬᠡ᠂ ᠣᠲᠣᠷ ᠤ᠋ᠨ ᠠᠢᠯ ᠤ᠋ᠳ ᠢ᠋ ᠮᠢᠨᠦ ᠳᠡᠭᠡᠰᠦᠯᠡᠵᠦ ᠠᠪᠤᠭᠰᠠᠨ ᠭᠠᠵᠠᠷ ᠠ᠋ᠴᠠ ᠬᠣᠯᠠᠬᠠᠨ ᠨᠡᠭᠦᠯᠭᠡᠬᠦ ᠬᠡᠷᠡᠭᠲᠡᠢ᠃ ᠮᠡᠳᠡᠪᠡ ᠤᠤ? ᠷᠠ᠊ ᠵᠠᠬᠢᠷᠤᠭᠴᠢ ᠭᠤᠸᠠᠢ ᠠ᠋! ᠭᠡᠵᠦ ᠪᠦᠭᠦᠳᠡ ᠳ᠋ᠦ᠍ ᠵᠠᠷᠯᠠᠵᠤ ᠪᠠᠢᠭ᠎ᠠ ᠰᠢᠭ᠋ ᠳᠡᠭᠡᠷ᠎ᠡ ᠳᠡᠭᠡᠷ᠎ᠡ ᠳᠠᠭᠤᠨ ᠢ᠋ᠶ᠋ᠠᠷ ᠬᠡᠯᠡᠭᠰᠡᠨ ᠢ᠋ ᠰᠡᠷᠡᠩᠫᠣᠩᠰᠣᠭ ᠭᠠᠳᠠᠨ᠎ᠠ ᠠ᠋ᠴᠠ ᠣᠯᠵᠤ ᠰᠣᠨᠣᠰᠤᠭᠠᠳ ᠪᠥᠭᠰᠡᠨ ᠡᠴᠡ ᠨᠢ ᠥᠷᠭᠡᠰᠦ ᠬᠠᠳᠬᠤᠭᠰᠠᠨ ᠰᠢᠭ᠋ ᠰᠠᠭᠤᠵᠤ ᠲᠣᠭᠲᠠᠬᠤ ᠦᠭᠡᠢ ᠪᠣᠰᠴᠤ ᠮᠣᠷᠢ ᠪᠠᠨ ᠬᠥᠲᠥᠯᠦᠭᠡᠳ ᠴᠠᠭᠠᠰᠢ ᠬᠡᠯᠲᠦᠷᠢᠪᠡ᠁ 
      《ᠶᠠᠮᠤᠨ ᠤ᠋ ᠵᠠᠷᠯᠢᠭ ᠭᠡᠳᠡᠭ ᠴᠢᠨᠢ ᠶᠠᠳᠠᠭᠤ ᠬᠥᠮᠦᠨ ᠳ᠋ᠡᠭᠡᠨ ᠶᠠᠭᠠᠬᠢᠬᠤ ᠶ᠋ᠢᠨ ᠠᠷᠭ᠎ᠠ ᠦᠭᠡᠢ ᠬᠠᠲᠠᠭᠤ ᠵᠠᠷᠯᠢᠭ ᠪᠠᠢᠨ᠎ᠠ᠃ ᠪᠠᠶᠠᠨ ᠬᠥᠮᠦᠨ ᠦ᠌ ᠡᠳ᠋ ᠠᠭᠤᠷᠠᠰᠤᠨ ᠳ᠋ᠤ᠌ ᠰᠢᠪᠠᠷᠳᠠᠭᠠᠳ ᠪᠠᠢᠳᠠᠭ ᠶᠠᠪᠤᠭᠤᠷᠢ ᠦᠭᠡᠢ ᠢᠷᠣ᠎ᠠ ᠶ᠋ᠢᠨ ᠵᠠᠷᠯᠢᠭ ᠪᠠᠢᠨ᠎ᠠ!》 ᠭᠡᠵᠦ ᠰᠡᠷᠡᠩᠫᠣᠩᠰᠣᠭ ᠳᠣᠲᠣᠷ᠎ᠠ ᠪᠠᠨ ᠨᠢᠭᠡ ᠶᠠᠭᠤᠮ᠎ᠠ ᠪᠢᠰᠢᠯᠭᠠᠵᠤ ᠲᠡᠨᠳᠡ ᠡᠴᠡ ᠪᠡᠨ ᠴᠠᠭᠠᠰᠢ ᠨᠡᠭᠦᠵᠦ ᠶᠠᠪᠤᠯ᠎ᠠ᠃ 
       ᠡᠢᠨ ᠬᠦ᠌ ᠳᠡᠪᠰᠡᠭ ᠦ᠋ᠨ ᠠᠭᠤᠯᠠᠨ ᠤ᠋《ᠥᠯᠵᠡᠢ ᠪᠠᠶᠠᠰᠬᠤᠯᠠᠩᠲᠤ ᠰᠦᠮ᠎ᠡ》 ᠶ᠋ᠢᠨ ᠠᠷᠤ ᠳ᠋ᠠᠬᠢ ᠵᠡᠭᠦᠨ ᠪᠠᠷᠠᠭᠤᠨ ᠭᠣᠣᠯ ᠤ᠋ᠨ ᠬᠣᠶᠠᠷ ᠠᠢᠯ ᠨᠢᠭᠡ ᠨᠢ ᠥᠪ ᠬᠣᠭᠰᠢᠯ ᠳ᠋ᠠᠭᠠᠨ ᠪᠠᠷᠳᠠᠵᠤ᠂ ᠥᠭᠳᠡᠭ ᠡᠷᠭᠦᠳᠡᠭ ᠢ᠋ᠶ᠋ᠡᠷ ᠢ᠋ᠶ᠋ᠡᠨ ᠮᠢᠯᠢᠶᠠᠵᠤ ᠴᠢᠳᠠᠭᠠᠳ ᠥᠭᠡᠬᠦ ᠨᠤᠯᠮᠤᠨ ᠦᠮᠡᠬᠡᠢ ᠪᠡᠷ ᠭᠡᠭᠡᠷᠡᠭᠦᠯᠦᠭᠰᠡᠭᠡᠷ ᠨᠤᠲᠤᠭ ᠳᠡᠭᠡᠷ᠎ᠡ ᠪᠡᠨ ᠦᠯᠡᠳᠡᠵᠦ ᠰᠠᠭᠤᠪᠠ᠃ ᠨᠥᠭᠦᠭᠡ ᠨᠢ ᠦᠭᠡᠢ ᠬᠣᠭᠣᠰᠣᠨ ᠳ᠋ᠠᠭᠠᠨ ᠭᠣᠮᠣᠳᠠᠵᠤ᠂ ᠲᠣᠭ᠎ᠠ ᠲᠠᠢ ᠬᠡᠳᠦᠨ ᠮᠠᠯ ᠢ᠋ᠶ᠋ᠠᠨ ᠭᠡᠯᠢᠭᠡᠳ ᠥᠯᠮᠡᠢ ᠪᠡᠨ ᠱᠠᠭᠠᠢᠵᠤ ᠦᠭᠡ ᠳᠠᠭᠤᠨ ᠦᠭᠡᠢ ᠨᠤᠲᠤᠭ ᠪᠡᠯᠴᠢᠭᠡᠷ ᠰᠢᠯᠵᠢᠬᠦ ᠡᠴᠡ ᠥᠭᠡᠷ᠎ᠡ ᠶᠠᠮᠠᠷ ᠴᠤ᠌ ᠠᠷᠭᠠᠴᠠᠭᠠᠯ ᠪᠠᠢᠭᠰᠠᠨ ᠦᠭᠡᠢ᠃ 
       ᠰᠡᠷᠡᠩᠫᠣᠩᠰᠣᠭ ᠵᠡᠷᠭᠡ ᠶ᠋ᠢᠨ ᠬᠡᠳᠦᠨ ᠠᠢᠯ ᠸᠠᠩ ᠰᠣᠬᠣᠷ᠂ ᠶᠠᠮᠤᠨ ᠤ᠋ ᠬᠠᠲᠠᠭᠤ ᠰᠢᠬᠠᠮᠳᠠᠯᠭ᠎ᠠ ᠪᠠᠷ ᠳᠡᠪᠰᠡᠭ ᠦ᠋ᠨ ᠠᠭᠤᠯᠠᠨ ᠠ᠋ᠴᠠ ᠴᠠᠭᠠᠰᠢ ᠨᠡᠭᠦᠵᠡᠢ᠃  

         ᠦᠰᠦᠭ ᠠᠮᠢᠯᠠᠭᠤᠯᠤᠭᠴᠢ᠄  ᠳᠠᠪᠰᠢᠯᠲᠦ