ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠬᠣᠶᠠᠳᠤᠭᠠᠷ ᠪᠦᠯᠦᠭ <ᠶᠢᠰᠦ> Хан мунын сүүрс < дээд > – Мөнх зохиоов ᠂ Дэд бодь – Хоёрдугаар бүлэг <9>
ᠰᠤᠪᠤᠷᠭ᠎ᠠ ᠶ᠋ᠢᠨ ᠰᠦᠮ᠎ᠡ ᠶ᠋ᠢᠨ ᠭᠦᠷᠲᠡᠮᠴᠢ ᠶ᠋ᠢ ᠵᠠᠯᠠᠵᠤ᠂ ᠪᠥᠬᠡ ᠣᠩᠭᠣᠳ ᠤ᠋ᠨ ᠭᠦᠷᠲᠡᠮ ᠪᠠᠭᠤᠯᠭᠠᠨ ᠬᠦᠩ ᠨᠣᠶᠠᠨ ᠤ᠋ ᠪᠡᠶ᠎ᠡ ᠰᠦᠨᠡᠰᠦ ᠳ᠋ᠦ᠍ ᠨᠠᠭᠠᠯᠳᠤᠭᠰᠠᠨ ᠠᠳᠠ ᠴᠢᠳᠬᠥᠷ ᠢ᠋ ᠲᠣᠨᠢᠯᠭᠠᠬᠤ ᠭᠡᠵᠦ ᠡᠯᠳᠡᠪ ᠭᠣᠷᠢᠮ ᠢ᠋ᠶ᠋ᠠᠷ ᠭᠦᠷᠢᠮᠳᠡᠭᠦᠯᠦᠭᠰᠡᠨ ᠴᠦ᠍ ᠲᠤᠰᠠ ᠪᠣᠯᠤᠭᠰᠠᠨ ᠦᠭᠡᠢ᠃ ᠭᠣᠩᠴᠣᠭᠷᠠᠬᠤ᠎ᠠ ᠶ᠋ᠢ ᠵᠣᠯᠢᠭ ᠲᠤ ᠵᠢᠭᠠᠭᠰᠠᠨ ᠤ᠋ ᠭᠤᠷᠪᠠᠳᠠᠬᠢ ᠡᠳᠦᠷ ᠬᠦᠩ ᠨᠣᠶᠠᠨ ᠲᠠᠭᠠᠯᠠᠯ ᠲᠡᠭᠦᠰᠪᠡ᠃
ᠲᠡᠷᠡ ᠤᠯᠠᠭᠠᠨ ᠬᠤᠯᠤᠭᠠᠨ᠎ᠠ ᠵᠢᠯ ᠦ᠋ᠨ ᠨᠠᠮᠤᠷ ᠪᠠᠢᠪᠠ᠃
ᠬᠣᠰᠢᠭᠤ ᠶᠠᠮᠤᠨ ᠤ᠋ ᠶᠡᠬᠡ ᠪᠠᠭ᠎ᠠ ᠨᠣᠶᠠᠳ ᠲᠦᠰᠢᠮᠡᠳ᠂ ᠬᠠᠷᠠᠴᠤ ᠴᠠᠭᠠᠴᠢ᠂ ᠠᠯᠪᠠᠲᠤ ᠨᠠᠷ ᠰᠤᠪᠤᠷᠭ᠎ᠠ ᠶ᠋ᠢᠨ ᠰᠦᠮ᠎ᠡ ᠶ᠋ᠢᠨ ᠭᠦᠷᠲᠡᠮᠴᠢ ᠯᠠᠮᠠᠬᠠᠢ ᠳ᠋ᠤ᠌ ᠰᠢᠲᠦᠵᠦ ᠭᠦᠷᠢᠮᠲᠦ ᠲᠠᠷᠨᠢ ᠳ᠋ᠤᠨᠢ ᠦᠬᠦᠨ ᠢᠲᠡᠭᠡᠭᠡᠳ《 ᠵᠠ᠂ ᠬᠦᠩ ᠨᠣᠶᠠᠨ ᠤ᠋ ᠣᠷᠣᠨ ᠳ᠋ᠤ᠌ ᠭᠣᠩᠴᠣᠭᠷᠠᠬᠤ᠎ᠠ ᠶ᠋ᠢ ᠵᠣᠯᠢᠭ ᠲᠤ ᠵᠢᠭᠠᠴᠢᠬᠠᠭᠰᠠᠨ ᠶᠤᠮ ᠴᠢᠨᠢ ᠣᠳᠣ ᠴᠦ᠍ ᠨᠢᠭᠡ ᠶᠠᠭᠤᠮ᠎ᠠ ᠪᠣᠯᠬᠤ ᠪᠠᠢᠬ᠎ᠠ ᠠ᠋᠃ ᠮᠠᠨ ᠤ᠋ ᠬᠦᠩ ᠨᠣᠶᠠᠨ ᠭᠦᠷᠲᠡᠮᠴᠢ ᠶ᠋ᠢᠨ ᠣᠩᠭᠣᠳ ᠤ᠋ᠨ ᠤᠪᠠᠳᠢᠰ ᠲᠤ ᠥᠨᠳᠡᠢᠬᠦ ᠪᠢᠵᠡ》 ᠭᠡᠵᠦ ᠭᠣᠷᠢᠳᠠᠵᠤ ᠪᠠᠢᠭᠰᠠᠨ ᠨᠢ ᠲᠠᠯᠠᠭᠠᠷᠳᠠᠵᠤ᠂ ᠪᠤᠷᠤᠭᠤ ᠪᠠᠷ ᠡᠷᠭᠢᠬᠦ ᠶ᠋ᠢ ᠬᠡᠨ ᠰᠠᠨᠠᠵᠤ ᠣᠯᠪᠠ⁈
ᠭᠠᠰᠢᠭᠤᠳᠠᠯ ᠪᠡᠯᠪᠡᠰᠦᠷᠡᠯ ᠦ᠋ᠨ ᠮᠠᠨᠠᠨ ᠬᠣᠰᠢᠭᠤ ᠶᠠᠮᠤᠨ ᠤ᠋ ᠤᠷᠲᠤ ᠶ᠋ᠢ ᠪᠦᠷᠬᠦᠵᠦ᠂ ᠬᠥᠮᠦᠨ ᠠᠮᠢᠲᠠᠨ ᠤ᠋ ᠳᠣᠲᠣᠷ᠎ᠠ ᠨᠢᠭᠡ ᠯᠡ ᠳᠦᠩᠰᠦᠭᠦᠷ ᠪᠣᠯᠪᠠ᠃
ᠲᠤᠰᠠᠯᠠᠭᠴᠢ ᠮᠢᠩᠭᠠᠨᠪᠤᠤ᠂ ᠱᠠᠭᠳᠠᠷᠰᠥ᠋ᠷᠦᠩ᠂ ᠷᠠᠰᠢ ᠵᠠᠬᠢᠷᠤᠭᠴᠢ ᠵᠡᠷᠭᠡ ᠨᠣᠶᠠᠳ ᠠ᠋ᠴᠠ ᠲᠦᠷᠦᠭᠦᠯᠡᠨ ᠪᠦᠰᠡ ᠪᠡᠨ ᠰᠤᠯᠠᠯᠠᠵᠤ᠂ ᠵᠠᠭᠠᠮ᠎ᠠ ᠶ᠋ᠢᠨ ᠲᠣᠪᠴᠢ ᠪᠠᠨ ᠮᠤᠯᠲᠤᠯᠤᠨ ᠬᠡᠲᠡ ᠬᠢᠲᠤᠭ᠎ᠠ᠂ ᠬᠥᠬᠦᠦᠷ ᠳᠠᠯᠢᠶᠠᠷ ᠤ᠋ᠨ ᠵᠢᠮᠰᠡᠭ ᠭᠣᠶᠣᠯᠠᠯ ᠢ᠋ᠶ᠋ᠠᠨ ᠠᠪᠴᠤ ᠪᠠᠭᠤᠯᠭᠠᠨ᠎ᠠ᠁ ᠬᠠᠲᠤᠳ ᠠᠪᠠᠬᠠᠢ ᠡᠮᠡᠰ ᠪᠡᠷᠢᠶᠡᠳ᠂ ᠢᠨᠵᠢ ᠰᠢᠪᠡᠭᠴᠢᠨ ᠪᠦᠷ ᠭᠣᠶᠣᠯᠠᠯ ᠵᠠᠰᠠᠯ ᠤ᠋ᠨ ᠵᠦᠢᠯ ᠢ᠋ ᠪᠣᠯᠢᠵᠤ ᠬᠥᠯ ᠴᠡᠭᠡᠷ ᠲᠡᠢ ᠪᠣᠯᠪᠠ᠃
ᠤᠷᠠᠳ ᠤ᠋ᠨ ᠪᠠᠷᠠᠭᠤᠨ ᠬᠦᠩ ᠦ᠋ᠨ ᠰᠢᠷᠠᠪᠳᠣᠷᠵᠢ ᠬᠦᠩ ᠨᠣᠶᠠᠨ ᠤ᠋ ᠲᠠᠭᠠᠯᠠᠯ ᠲᠡᠭᠦᠰᠦᠭᠰᠡᠨ ᠭᠠᠰᠢᠭᠤᠳᠠᠯ ᠤ᠋ᠨ ᠴᠢᠮᠡᠭᠡ ᠪᠠᠷᠠᠭᠤᠨ ᠬᠦᠩ ᠦ᠋ᠨ ᠬᠣᠰᠢᠭᠤ ᠳᠠᠶᠠᠭᠠᠷ ᠲᠠᠷᠬᠠᠵᠤ ᠤᠷᠠᠳ ᠤ᠋ᠳ ᠵᠠᠩᠰᠢᠯ ᠢ᠋ᠶ᠋ᠠᠷ ᠭᠤᠷᠪᠠᠨ ᠳᠣᠯᠣᠭ᠎ᠠ ᠬᠣᠷᠢᠨ ᠨᠢᠭᠡᠨ ᠡᠳᠦᠷ᠂ ᠳᠣᠯᠣᠭᠠᠨ ᠳᠣᠯᠣᠭ᠎ᠠ ᠳᠥᠴᠢ ᠶᠢᠰᠦᠨ ᠬᠣᠨᠣᠭ ᠳᠣᠲᠣᠷ᠎ᠠ ᠬᠣᠰᠢᠭᠤ ᠠᠯᠪᠠᠨ ᠤ᠋ ᠶᠠᠪᠤᠳᠠᠯ ᠢ᠋ ᠠᠯᠪᠠᠯᠠᠬᠤ ᠦᠭᠡᠢ ᠭᠠᠰᠢᠭᠤᠳᠠᠳᠠᠭ ᠪᠡᠯᠪᠡᠰᠦᠷᠡᠯ ᠦ᠋ᠨ ᠶᠣᠰᠣ ᠭᠦᠢᠴᠡᠳᠬᠡᠬᠦ ᠠᠯᠪᠠ ᠪᠠᠭᠤᠯᠭᠠᠪᠠ᠃
ᠪᠠᠭ᠎ᠠ ᠬᠠᠲᠤᠨ ᠡᠷ᠎ᠡ ᠨᠥᠬᠥᠷ ᠢ᠋ᠶ᠋ᠡᠨ ᠦᠬᠦᠭᠰᠡᠨ ᠳ᠋ᠦ᠍ ᠭᠠᠰᠢᠭᠤᠳᠠᠨ ᠭᠣᠮᠣᠳᠠᠵᠤ᠂ ᠡᠩᠭᠡᠷ ᠰᠤᠯᠠ ᠪᠡᠯᠪᠡᠰᠦᠷᠡᠯ ᠦ᠋ᠨ ᠬᠤᠪᠴᠠᠰᠤ ᠡᠮᠦᠰᠦᠨ ᠦᠰᠦ ᠭᠡᠵᠢᠭᠡ ᠪᠡᠨ ᠴᠦ᠍ ᠰᠠᠮᠨᠠᠭᠰᠠᠨ ᠦᠭᠡᠢ ᠤᠰᠤᠨ ᠨᠢᠳᠦᠯᠡᠵᠦ ᠤᠷᠤᠭᠤ ᠴᠢᠷᠠᠢᠯᠠᠭᠰᠠᠨ ᠢ᠋ ᠮᠠᠨᠤᠨᠪᠠᠳᠮ᠎ᠠ ᠬᠥᠭᠰᠢᠨ ᠬᠠᠷᠠᠭᠠᠳ᠄
— ᠵᠣᠷᠢᠭ ᠢ᠋ᠶ᠋ᠠᠨ ᠪᠡᠷᠢ! ᠬᠥᠯ ᠬᠦᠨᠳᠦ ᠬᠥᠮᠦᠨ ᠬᠡᠳᠦ ᠵᠣᠪᠠᠪᠠᠯ ᠬᠡᠪᠡᠯᠢ ᠳᠣᠲᠣᠷᠠᠬᠢ ᠨᠢᠯᠬ᠎ᠠ ᠶ᠋ᠢᠨ ᠡᠷᠡᠭᠦᠯ ᠮᠡᠨᠳᠦ ᠳ᠋ᠦ᠍ ᠮᠠᠭᠤ ᠳᠠ! ᠭᠡᠬᠦ ᠪᠤᠶᠤ《 ᠤᠰᠤᠨ ᠨᠢᠳᠦᠯᠡᠭᠡᠳ ᠤᠷᠤᠭᠤ ᠴᠢᠷᠠᠢᠯᠠᠪᠠᠯ ᠨᠢᠭᠡ ᠪᠦᠯᠦᠭ ᠪᠤᠷᠤᠭᠤ ᠰᠠᠨᠠᠭ᠎ᠠ ᠲᠠᠢ ᠬᠥᠮᠦᠨ ᠦ᠌ ᠲᠠᠪᠠ ᠨᠢ ᠬᠠᠨᠤᠨ᠎ᠠ ᠰᠢᠦ! ᠪᠢᠲᠡᠭᠡᠢ ᠲᠡᠭᠡ᠂ ᠬᠥᠮᠦᠨ ᠳ᠋ᠦ᠍ ᠮᠠᠭᠤ ᠪᠠᠨ ᠪᠢᠲᠡᠭᠡᠢ ᠦᠵᠡᠭᠦᠯ!》 ᠭᠡᠵᠦ ᠵᠣᠷᠢᠭᠵᠢᠭᠤᠯᠤᠨ ᠠᠷᠭᠠᠳᠠᠬᠤ ᠳ᠋ᠤ᠌ ᠪᠠᠭ᠎ᠠ ᠬᠠᠲᠤᠨ ᠡᠨᠡ ᠬᠦ᠌ ᠡᠨᠡᠷᠢᠯᠲᠦ ᠨᠠᠰᠤᠲᠠᠨ ᠤ᠋ ᠡᠩᠬᠦᠷᠡᠢᠯᠡᠭᠰᠡᠨ ᠦᠭᠡᠨ ᠳ᠋ᠦ᠍ ᠤᠯᠠᠮ ᠴᠦ᠍ ᠰᠡᠳᠬᠢᠯ ᠨᠢ ᠤᠶᠠᠷᠠᠨ ᠨᠢᠯᠪᠤᠰᠤ ᠨᠢ ᠬᠡᠯᠬᠢᠶ᠎ᠡ ᠨᠢ ᠲᠠᠰᠤᠷᠠᠭᠰᠠᠨ ᠰᠤᠪᠤᠳ ᠰᠢᠭ᠋ ᠥᠪᠡᠷ ᠦ᠋ᠨ ᠡᠷᠬᠡ ᠦᠭᠡᠢ ᠪᠥᠮᠪᠥᠷᠢᠵᠦ ᠪᠠᠢᠯ᠎ᠠ᠁
ᠪᠡᠯᠪᠡᠰᠦᠷᠡᠨ ᠬᠣᠴᠣᠷᠤᠭᠰᠠᠨ ᠪᠦᠰᠡᠭᠦᠢ ᠬᠥᠮᠦᠨ ᠦ᠌ ᠡᠮᠦᠨ᠎ᠡ᠂ ᠬᠣᠵᠢᠮ ᠤ᠋ᠨ ᠮᠠᠷᠭᠠᠲᠤᠷ ᠪᠠᠷᠠᠭᠤᠨ ᠬᠦᠩ ᠦ᠋ᠨ《 ᠡᠷᠬᠡ᠂ ᠲᠠᠮᠠᠭ᠎ᠠ》 ᠶ᠋ᠢᠨ ᠲᠤᠬᠠᠢ ᠶᠠᠭᠤ ᠪᠣᠯᠵᠤ᠂ ᠬᠡᠨ ᠬᠥᠮᠦᠨ ᠵᠠᠰᠠᠭ ᠪᠠᠷᠢᠳᠠᠭ ᠪᠢᠯᠡ? ᠬᠦᠦ ᠲᠥᠷᠥᠵᠦ ᠴᠢᠳᠠᠳᠠᠭ ᠪᠢᠯᠡ ᠤᠤ ᠳᠠ? ᠡᠯᠳᠡᠩᠭᠡ ᠮᠡᠲᠦ ᠶ᠋ᠢᠨ ᠬᠥᠮᠦᠰ ᠦᠰ ᠪᠣᠳᠣᠵᠤ ᠡᠮ᠎ᠡ ᠬᠥᠮᠦᠨ ᠦ᠌ ᠬᠢᠷᠢ ᠶ᠋ᠢ ᠦᠵᠡᠬᠦ ᠭᠡᠵᠦ ᠶᠠᠭᠠᠬᠢᠵᠤ ᠬᠤᠤᠪᠢᠯᠳᠤᠬᠤ ᠪᠣᠯ ᠠ᠋?᠁ ᠭᠡᠰᠡᠨ ᠣᠯᠣᠰᠣ ᠰᠢᠭ᠋ ᠰᠢᠷᠢᠯᠳᠦᠭᠰᠡᠨ ᠠᠰᠠᠭᠤᠳᠠᠯ ᠤ᠋ᠳ ᠣᠪᠣᠭᠠᠷᠠᠨ ᠲᠡᠷᠡ ᠪᠡᠷ ᠵᠣᠪᠠᠬᠤ ᠦᠭᠡᠢ ᠪᠠᠢᠬᠤ ᠶ᠋ᠢᠨ ᠠᠷᠭ᠎ᠠ ᠦᠭᠡᠢ ᠪᠠᠢᠯ᠎ᠠ᠃
ᠶᠠᠪᠤᠳᠠᠯ ᠤᠴᠢᠷ ᠭᠡᠭᠴᠢ ᠶᠠᠭ ᠲᠡᠭᠦᠨ ᠦ᠌ ᠰᠠᠨᠠᠭᠠᠰᠢᠷᠠᠨ ᠵᠣᠪᠠᠭᠰᠠᠨ ᠠ᠋ᠴᠠ ᠭᠠᠷᠤᠭᠰᠠᠨ ᠦᠭᠡᠢ᠃
ᠵᠡᠭᠦᠨ ᠲᠤᠰᠠᠯᠠᠭᠴᠢ ᠱᠠᠭᠳᠠᠷᠰᠦ᠋ᠷᠦᠩ ᠨᠠᠷ ᠬᠦᠩ ᠨᠣᠶᠠᠨ ᠤ᠋ ᠴᠢᠨᠳᠠᠷ ᠢ᠋ ᠲᠠᠯᠪᠢᠭᠰᠠᠨ ᠤᠷᠲᠤ ᠳ᠋ᠤ᠌ ᠲᠥᠪ ᠶᠡᠬᠡᠮᠰᠦᠭ ᠢ᠋ᠶ᠋ᠡᠷ ᠣᠷᠣᠵᠤ ᠣᠴᠢᠨ᠄
— ᠪᠠᠭ᠎ᠠ ᠬᠠᠲᠤᠨ ᠲᠠ᠂ ᠥᠨᠥᠳᠥᠷ ᠤᠷᠠᠳ ᠤ᠋ᠨ ᠪᠠᠷᠠᠭᠤᠨ ᠬᠦᠩ ᠦ᠋ᠨ ᠬᠣᠰᠢᠭᠤ ᠲᠠᠮᠠᠭ᠎ᠠ ᠶ᠋ᠢ ᠲᠤᠰᠢᠶᠠᠵᠤ ᠬᠤᠰᠢᠭᠤᠨ ᠤ᠋ ᠠᠯᠪᠠ ᠶ᠋ᠢᠨ ᠶᠠᠪᠤᠳᠠᠯ ᠢ᠋ ᠬᠣᠰᠢᠭᠤ ᠲᠤᠰᠠᠯᠠᠭᠴᠢ ᠪᠠ ᠵᠠᠬᠢᠷᠤᠭᠴᠢ ᠶ᠋ᠢᠨ ᠮᠠᠲᠠᠯ ᠳ᠋ᠤ᠌ ᠰᠢᠯᠵᠢᠭᠦᠯᠦᠨ᠎ᠡ ᠪᠢᠵᠡ᠃ ᠪᠠᠷᠠᠭᠤᠨ ᠬᠦᠩ ᠦ᠋ᠨ ᠳᠣᠲᠣᠭᠠᠳᠤᠬᠢ ᠠᠯᠢᠪᠠ ᠡᠮᠬᠢ ᠵᠢᠷᠤᠮ ᠢ᠋ ᠪᠢᠳᠡ ᠵᠦᠭᠰᠢᠷᠡᠭᠦᠯᠦᠨ᠎ᠡ᠃ ᠪᠠᠭ᠎ᠠ ᠬᠠᠲᠤᠨ ᠲᠠ ᠪᠡᠯᠪᠡᠰᠦᠷᠡᠯ ᠦ᠋ᠨ ᠬᠤᠭᠤᠴᠠᠭᠠᠨ ᠳ᠋ᠤ᠌ ᠪᠡᠶ᠎ᠡ ᠪᠡᠨ ᠰᠠᠢᠨ ᠬᠢᠴᠢᠶᠡᠵᠦ᠂ ᠬᠦᠩ ᠨᠣᠶᠠᠨ ᠤ᠋ ᠬᠣᠢᠲᠤᠬᠢ ᠤᠴᠢᠷ ᠢ᠋ ᠲᠣᠬᠢᠲᠠᠢ ᠲᠥᠪᠬᠢᠨᠡᠭᠦᠯᠬᠦ ᠶ᠋ᠢ ᠯᠡ ᠪᠣᠳᠣ! ᠶᠠᠷᠰᠢᠭ ᠲᠦᠪᠡᠭᠲᠡᠢ ᠬᠤᠰᠢᠭᠤᠨ ᠤ᠋ ᠠᠯᠪᠠ ᠳ᠋ᠤ᠌ ᠰᠡᠳᠬᠢᠯ ᠴᠢᠯᠡᠭᠡᠭᠰᠡᠨ ᠦ᠌ ᠬᠡᠷᠡᠭ ᠠᠯᠠᠭ᠎ᠠ! ᠭᠡᠵᠦ ᠶᠡᠬᠡᠳᠡ ᠡᠨᠡᠷᠢᠨ ᠲᠠᠢᠳᠬᠤᠷᠠᠭᠤᠯᠬᠤ ᠥᠩᠭᠡ ᠲᠡᠢ ᠬᠡᠯᠡᠪᠡ᠃
ᠪᠠᠭ᠎ᠠ ᠬᠠᠲᠤᠨ ᠡᠳᠡᠭᠡᠷ ᠤᠲᠤᠭ᠎ᠠ ᠵᠢᠩᠰᠡ ᠭᠢᠯᠠᠯᠵᠠᠭᠤᠯᠤᠨ ᠶᠠᠮᠪᠠ ᠰᠦᠷ ᠲᠠᠲᠠᠭᠰᠠᠨ ᠬᠥᠮᠦᠰ ᠢ᠋ ᠬᠠᠷᠠᠭᠠᠳ ᠡᠭᠳᠡᠭᠦᠦ ᠨᠢ ᠬᠦᠷᠴᠦ《 ᠬᠣᠰᠢᠭᠤ ᠬᠦᠩ ᠨᠣᠶᠠᠨ ᠤ᠋ ᠪᠡᠯᠪᠡᠰᠦᠷᠡᠯ ᠦ᠋ᠨ ᠶᠣᠰᠣ ᠶ᠋ᠢ ᠦᠲᠡᠭᠡᠷᠴᠦ ᠤᠲᠤᠭ᠎ᠠ ᠵᠢᠩᠰᠡ ᠵᠡᠭᠦᠵᠦ᠂ ᠡᠷᠬᠡ ᠲᠠᠮᠠᠭ᠎ᠠ ᠪᠤᠯᠢᠶᠠᠬᠤ ᠪᠣᠯᠵᠤ ᠤᠤ? ᠥᠨᠥᠴᠢᠨ ᠪᠡᠯᠪᠡᠰᠦᠨ ᠬᠥᠮᠦᠨ ᠢ᠋ ᠮᠠᠭᠤ ᠦᠵᠡᠳᠡᠭ ᠶᠠᠮᠠᠷ ᠳᠠᠮᠰᠢᠭ ᠤ᠋ᠳ ᠪᠣᠢ?》 ᠭᠡᠵᠦ ᠬᠣᠷᠣ ᠠᠭᠤᠷ ᠨᠢ ᠪᠤᠴᠠᠯᠤᠨ ᠣᠯᠠᠨ ᠬᠥᠮᠦᠰ ᠦ᠋ᠨ ᠡᠮᠦᠨ᠎ᠡ ᠵᠡᠭᠦᠨ ᠲᠤᠰᠠᠯᠠᠭᠴᠢ ᠱᠠᠭᠳᠠᠷᠰᠦ᠋ᠷᠦᠩ ᠦ᠋ᠨ ᠬᠠᠮᠠᠷ ᠢ᠋ ᠨᠢ ᠵᠢᠭᠠᠵᠤ᠄
— ᠲᠠ ᠨᠠᠷ ᠪᠣᠯ ᠪᠠᠷᠠᠭᠤᠨ ᠬᠣᠰᠢᠭᠤ ᠶᠠᠮᠤᠨ ᠤ᠋ ᠨᠢᠷᠤᠭᠤ ᠪᠣᠯᠬᠤ ᠨᠣᠶᠠᠳ ᠲᠦᠰᠢᠮᠡᠳ ᠪᠠᠢᠭ᠎ᠠ! ᠪᠠᠷᠠᠭᠤᠨ ᠬᠦᠩ ᠦ᠋ᠨ ᠤᠷᠠᠳ ᠤᠭᠰᠠᠭ᠎ᠠ ᠲᠠᠢ ᠬᠥᠮᠦᠨ ᠮᠥᠨ ᠪᠢᠵᠡ? ᠮᠣᠩᠭᠣᠯ ᠶᠣᠰᠣ ᠪᠡᠯᠭᠡ ᠪᠡᠨ ᠮᠡᠳᠡᠬᠦ ᠪᠡᠨ ᠪᠣᠯᠢᠭᠰᠠᠨ ᠤᠤ ᠲᠠ ᠨᠠᠷ? ᠬᠤᠷᠢᠮ ᠨᠠᠢᠷ᠂ ᠭᠠᠰᠢᠭᠤᠳᠠᠯ ᠪᠡᠯᠪᠡᠰᠦᠷᠡᠯ ᠭᠡᠰᠡᠨ ᠢ᠋ ᠢᠯᠭᠠᠬᠤ ᠲᠠᠷᠢᠬᠢ ᠦᠭᠡᠢ ᠪᠣᠯᠴᠢᠬᠠᠪᠠ ᠤᠤ? ᠲᠡᠷᠡ ᠰᠢᠷᠠᠪᠳᠣᠷᠵᠢ ᠡᠴᠢᠭᠡ ᠴᠢᠨᠢ ᠦᠬᠦᠭᠡᠳ ᠶᠠᠰᠤ ᠨᠢ ᠪᠠᠰᠠ ᠬᠦᠷᠦᠵᠦ ᠠᠮᠵᠢᠭᠠᠳᠤᠢ ᠪᠠᠢᠲᠠᠯ᠎ᠠ᠂ ᠲᠠ ᠨᠠᠷ ᠬᠠᠷᠢᠨ ᠥᠷᠥᠭᠡᠰᠦᠨ ᠪᠡᠯᠪᠡᠰᠦᠨ ᠪᠦᠰᠡᠭᠦᠢ ᠬᠥᠮᠦᠨ ᠢ᠋ ᠰᠢᠬᠠᠮᠳᠠᠭᠤᠯᠵᠤ ᠡᠷᠬᠡ ᠲᠡᠮᠡᠴᠡᠨ ᠲᠠᠮᠠᠭ᠎ᠠ ᠪᠤᠯᠢᠶᠠᠬᠤ ᠪᠠᠷ ᠭᠣᠷᠢᠳᠠᠭᠰᠠᠨ ᠴᠢᠨᠢ ᠰᠠᠢᠨ ᠨᠣᠬᠠᠢ ᠳ᠋ᠤ᠌ ᠴᠦ᠍ ᠬᠦᠷᠬᠦ ᠦᠭᠡᠢ! ᠶᠣᠰᠣᠲᠠᠢ ᠡᠨᠡᠷᠢᠯ ᠦᠭᠡᠢ ᠠᠮᠢᠲᠠᠳ᠂ ᠬᠥᠮᠦᠨ ᠦ᠌ ᠠᠷᠠᠰᠤ ᠨᠥᠮᠥᠷᠦᠭᠰᠡᠨ ᠴᠢᠨᠣ᠎ᠠ ᠭᠡᠵᠦ ᠬᠡᠯᠡᠬᠦ ᠳ᠋ᠦ᠍ ᠢᠯᠡᠭᠦᠳᠡᠬᠦ ᠦᠭᠡᠢ ᠠ᠋! ᠬᠦᠩ ᠨᠣᠶᠠᠨ ᠠᠮᠢᠳᠤ ᠰᠡᠷᠡᠭᠦᠨ ᠪᠠᠢᠬᠤ ᠳ᠋ᠠᠭᠠᠨ ᠲᠠ ᠨᠠᠷ ᠢ᠋ ᠠᠯᠢ ᠲᠠᠯ᠎ᠠ ᠪᠠᠷ ᠭᠣᠮᠣᠳᠠᠭᠠᠵᠤ ᠪᠠᠢᠪᠠ? ᠬᠥᠮᠦᠨ ᠨᠢ ᠦᠬᠦᠭᠡᠳ ᠨᠢᠭᠡ ᠬᠣᠨᠣᠵᠤ ᠵᠠᠪᠳᠤᠭᠠᠳᠤᠢ ᠪᠠᠷ ᠡᠷᠬᠡ ᠲᠠᠮᠠᠭ᠎ᠠ ᠶ᠋ᠢ ᠨᠢ ᠪᠤᠯᠢᠶᠠᠬᠤ ᠭᠡᠵᠦ ᠵᠢᠷᠤᠮ ᠦᠭᠡᠢ ᠶᠠᠪᠤᠳᠠᠯ ᠦᠢᠯᠡᠳᠬᠦ ᠴᠢᠨᠢ ᠬᠣᠰᠢᠭᠤ ᠨᠤᠲᠤᠭ ᠤ᠋ᠨ ᠣᠯᠠᠨ ᠤ᠋ ᠨᠢᠭᠤᠷ ᠢ᠋ ᠶᠠᠭᠠᠬᠢᠵᠤ ᠦᠵᠡᠬᠦ ᠶᠦᠮ? ᠭᠡᠮᠡᠨ ᠵᠠᠩᠨᠠᠵᠤ ᠭᠠᠷᠪᠠ᠃
ᠱᠠᠭᠳᠠᠷᠰᠦ᠋ᠷᠦᠩ ᠨᠠᠷ ᠲᠡᠭᠦᠨ ᠦ᠌ ᠡᠮᠦᠨ᠎ᠡ ᠡᠴᠡ ᠦᠭᠡ ᠣᠯᠵᠤ ᠬᠡᠯᠡᠭᠰᠡᠨ ᠦᠭᠡᠢ ᠱᠤᠪᠲᠤᠢᠨ ᠵᠣᠭᠰᠣᠨ᠎ᠠ᠃
— ᠮᠥᠨ ᠡᠨᠡ ᠶᠠᠩᠵᠤ ᠪᠠᠷ ᠬᠦᠩ ᠨᠣᠶᠠᠨ ᠤ᠋ ᠬᠠᠯᠢᠭᠰᠠᠨ ᠰᠦᠨᠡᠰᠦ ᠶ᠋ᠢ ᠶᠠᠭᠠᠬᠢᠵᠤ ᠬᠦᠷᠭᠡᠬᠦ ᠪᠢᠯᠡ? ᠰᠦᠨᠡᠰᠦ ᠨᠢ ᠶᠠᠪᠤ ᠶᠠᠳᠠᠭᠠᠳ ᠲᠠ ᠨᠠᠷ ᠢ᠋ ᠣᠷᠢᠶᠠᠨ ᠲᠠᠮᠤᠯᠠᠬᠤ ᠠ᠋ᠴᠠ ᠠᠶᠤᠬᠤ ᠦᠭᠡᠢ ᠪᠠᠢᠨ᠎ᠠ ᠤᠤ? ᠲᠠ ᠨᠠᠷ ᠰᠠᠢᠬᠠᠨ ᠰᠣᠨᠣᠰᠴᠤ ᠪᠠᠢ᠂ ᠪᠢ ᠬᠦᠩ ᠨᠣᠶᠠᠨ ᠤ᠋ ᠪᠡᠯᠪᠡᠰᠦᠨ ᠡᠬᠡᠨᠡᠷ ᠪᠣᠯᠤᠭᠰᠠᠨ ᠤ᠋ ᠬᠤᠪᠢ ᠳ᠋ᠤ᠌ ᠰᠢᠷᠠᠪᠳᠣᠷᠵᠢ ᠶ᠋ᠢᠨ ᠬᠡᠭᠦᠷ ᠢ᠋ ᠣᠷᠣᠰᠢᠭᠤᠯᠵᠤ᠂ ᠰᠦᠨᠡᠰᠦ ᠶ᠋ᠢ ᠨᠢ ᠬᠦᠷᠭᠡᠬᠦ ᠡᠴᠡ ᠡᠮᠦᠨ᠎ᠡ ᠬᠣᠰᠢᠭᠤ ᠶᠠᠮᠤᠨ ᠤ᠋ ᠲᠠᠮᠠᠭ᠎ᠠ ᠶ᠋ᠢ ᠲᠦᠷ ᠬᠠᠮᠢᠶᠠᠷᠴᠤ ᠪᠠᠷᠠᠭᠤᠨ ᠬᠦᠩ ᠦ᠋ᠨ ᠬᠡᠷᠡᠭ ᠢ᠋ ᠡᠷᠬᠢᠯᠡᠬᠦ ᠡᠷᠬᠡ ᠲᠡᠢ᠃ ᠲᠠ ᠨᠠᠷ ᠬᠡᠳᠦᠢᠪᠡᠷ ᠬᠦᠩ ᠨᠣᠶᠠᠨ ᠤ᠋ ᠳᠠᠭᠠᠯᠲᠠ ᠲᠦᠰᠢᠮᠡᠳ ᠨᠢ ᠪᠣᠯᠪᠠᠴᠤ ᠮᠢᠨᠦ ᠵᠠᠰᠠᠭ ᠶᠠᠪᠤᠭᠤᠯᠬᠤ ᠳ᠋ᠤ᠌ ᠭᠠᠷ ᠲᠥᠷᠥᠬᠦ ᠡᠷᠬᠡ ᠪᠠᠢᠬᠤ ᠦᠭᠡᠢ᠃ ᠵᠠᠰᠠᠭ ᠤ᠋ᠨ ᠡᠷᠬᠡ ᠲᠠᠮᠠᠭ᠎ᠠ ᠶ᠋ᠢ ᠵᠠᠯᠭᠠᠮᠵᠢᠯᠠᠬᠤ ᠤᠴᠢᠷ ᠢ᠋ ᠳᠡᠭᠡᠭᠰᠢ ᠪᠡᠨ ᠵᠠᠩᠵᠤᠨ ᠶᠠᠮᠤᠨ ᠲᠣᠭᠲᠠᠭᠠᠬᠤ ᠡᠷᠬᠡ ᠪᠠᠢᠬᠤ ᠠ᠋ᠴᠠ ᠪᠢᠰᠢ ᠲᠠ ᠨᠠᠷ ᠲᠤ ᠶᠠᠮᠠᠷ ᠴᠦ᠍ ᠬᠠᠮᠢᠶ᠎ᠠ ᠦᠭᠡᠢ᠃ ᠪᠡᠶ᠎ᠡ ᠪᠡᠨ ᠮᠡᠳᠡᠪᠡᠯ ᠬᠥᠮᠦᠨ᠂ ᠪᠡᠯᠴᠢᠭᠡᠷ ᠢ᠋ᠶ᠋ᠡᠨ ᠲᠠᠨᠢᠪᠠᠯ ᠮᠠᠯ ᠭᠡᠳᠡᠭ ᠶᠦᠮ᠃ ᠲᠠ ᠨᠠᠷ ᠬᠥᠨᠵᠢᠯᠡ ᠶ᠋ᠢᠨ ᠢ᠋ᠶ᠋ᠡᠨ ᠬᠢᠷᠢ ᠪᠡᠷ ᠬᠥᠯ ᠢ᠋ᠶ᠋ᠡᠨ ᠵᠢᠭᠢᠵᠦ ᠬᠢᠷᠢ ᠪᠠᠷᠤᠭᠲᠠᠢ ᠵᠠᠩᠨᠠ! ᠪᠢ ᠲᠠ ᠨᠠᠷ ᠰᠢᠭ᠋ ᠲᠡᠵᠢᠭᠡᠭᠰᠡᠨ ᠡᠵᠡᠨ ᠦ᠌ ᠪᠡᠨ ᠬᠣᠩᠭᠣ ᠶ᠋ᠢ ᠤᠷᠠᠬᠤ ᠨᠣᠬᠠᠢ ᠨᠤᠭᠤᠳ ᠢ᠋ ᠦᠵᠡᠬᠦ ᠳᠤᠷ᠎ᠠ ᠦᠭᠡᠢ᠂ ᠲᠣᠨᠢᠯ! ᠴᠠᠭᠠᠰᠢ ᠪᠠᠨ! ᠭᠡᠵᠦ ᠬᠠᠷᠢᠶᠠᠪᠠ᠃
ᠬᠥᠮᠦᠨ ᠪᠦᠭᠦᠳᠡ ᠬᠡᠯᠡ ᠠᠮᠠ ᠴᠡᠭᠡᠷ ᠲᠡᠢ᠂ ᠬᠢᠳᠡᠯ ᠪᠠᠷᠢᠳᠠᠯ ᠬᠣᠷᠢᠭ᠎ᠠ ᠲᠠᠢ ᠪᠡᠯᠪᠡᠰᠦᠷᠡᠯ ᠦ᠋ᠨ ᠬᠤᠭᠤᠴᠠᠭᠠᠨ ᠳ᠋ᠤ᠌ ᠪᠠᠢᠭ᠎ᠠ ᠪᠣᠯᠪᠠᠴᠤ ᠪᠠᠭ᠎ᠠ ᠬᠠᠲᠤᠨ ᠡᠳᠡᠭᠡᠷ ᠬᠥᠮᠦᠰ ᠦ᠋ᠨ ᠵᠢᠭᠰᠢᠭᠦᠷᠢᠲᠦ ᠤᠪ ᠶᠠᠪᠤᠭᠤᠯᠭ᠎ᠠ ᠶ᠋ᠢ ᠦᠵᠡᠨ ᠶᠠᠳᠠᠵᠤ ᠬᠣᠷᠣᠰᠬᠤ ᠳ᠋ᠠᠭᠠᠨ ᠪᠡᠶ᠎ᠡ ᠪᠡᠨ ᠪᠠᠷᠢᠵᠤ ᠴᠢᠳᠠᠬᠤ ᠦᠭᠡᠢ ᠲᠠᠯᠢᠢᠭᠴᠢ ᠪᠣᠯᠤᠭᠰᠠᠨ ᠬᠦᠩ ᠨᠣᠶᠠᠨ ᠤ᠋ ᠬᠡᠭᠦᠷ ᠶᠠᠰᠤ ᠶ᠋ᠢ ᠨᠢ ᠬᠠᠪᠲᠠᠯᠵᠠᠲᠠᠯᠠ ᠠᠭᠤᠷ ᠬᠦᠷᠴᠦ ᠵᠡᠭᠦᠨ ᠲᠤᠰᠠᠯᠠᠭᠴᠢ ᠱᠠᠭᠳᠠᠷᠰᠦ᠋ᠷᠦᠩ ᠨᠠᠷ ᠢ᠋ ᠴᠢᠩᠭ᠎ᠠ ᠵᠢᠮᠡᠯᠡᠨ ᠬᠠᠷᠢᠶᠠᠭᠰᠠᠨ ᠪᠢᠯᠡ᠃
ᠱᠠᠭᠳᠠᠷᠰᠦ᠋ᠷᠦᠩ ᠨᠠᠷ ᠪᠠᠭ᠎ᠠ ᠬᠠᠲᠤᠨ ᠤ᠋ ᠭᠠᠷ ᠠ᠋ᠴᠠ ᠲᠠᠮᠠᠭ᠎ᠠ ᠪᠤᠯᠢᠶᠠᠬᠤ ᠭᠡᠰᠡᠨ ᠭᠣᠷᠢᠳᠠᠯ ᠨᠢ ᠬᠣᠭᠣᠰᠣᠨ ᠪᠣᠯᠵᠤ ᠲᠠᠷᠢᠬᠢ ᠪᠠᠨ ᠡᠷᠭᠢᠲᠡᠯ᠎ᠡ ᠬᠠᠷᠢᠶᠠᠯᠭᠠᠵᠤ ᠲᠣᠮᠣᠭ᠎ᠠ ᠦᠭᠡᠢ ᠬᠡᠦᠬᠡᠳ ᠦ᠋ᠳ ᠡᠬᠡ ᠳ᠋ᠡᠭᠡᠨ ᠵᠠᠩᠨᠠᠭᠳᠠᠭᠰᠠᠨ ᠰᠢᠭ᠋ ᠮᠣᠯᠣᠢᠭᠠᠳ ᠮᠣᠯᠣᠢᠭᠠᠳ ᠭᠠᠷᠴᠤ ᠶᠠᠪᠤᠵᠠᠭᠠᠯ᠎ᠠ᠃
ᠪᠠᠭ᠎ᠠ ᠬᠠᠲᠤᠨ᠂ ᠱᠠᠭᠳᠠᠷᠰᠦ᠋ᠷᠦᠩ ᠨᠠᠷ ᠤ᠋ᠨ ᠡᠷᠬᠡ ᠲᠠᠮᠠᠭ᠎ᠠ ᠪᠤᠯᠢᠶᠠᠬᠤ ᠭᠡᠰᠡᠨ ᠵᠠᠯᠢ ᠮᠡᠬᠡ ᠶ᠋ᠢ ᠦᠵᠡᠵᠦ ᠶᠠᠳᠠᠨ ᠵᠠᠳᠠ ᠬᠠᠷᠢᠶᠠᠵᠤ ᠥᠩᠭᠡᠨ ᠳᠡᠭᠡᠷ᠎ᠡ ᠪᠡᠨ ᠢᠯᠠᠯᠲᠠ ᠣᠯᠤᠭᠰᠠᠨ ᠪᠣᠯᠪᠠᠴᠤ ᠦᠨᠡᠨ ᠳ᠋ᠡᠭᠡᠨ ᠮᠥᠷᠦᠨ ᠳᠡᠭᠡᠷᠡᠬᠢ ᠳᠠᠷᠤᠭᠠᠰᠤ ᠨᠢ ᠬᠢᠷᠢ ᠵᠡᠷᠭᠡ ᠶ᠋ᠢᠨ ᠬᠦᠨᠳᠦ ᠪᠠᠢᠭ᠎ᠠ ᠭᠡᠰᠡᠨ ᠢ᠋ ᠥᠪᠡᠰᠦᠪᠡᠨ ᠲᠠᠨᠢᠵᠤ ᠣᠯᠤᠯ᠎ᠠ᠁
ᠲᠡᠷᠡ ᠭᠠᠭᠴᠠᠭᠠᠷ ᠢ᠋ᠶ᠋ᠠᠨ ᠬᠦᠩ ᠨᠣᠶᠠᠨ ᠤ᠋ ᠴᠢᠨᠳᠠᠷ ᠲᠠᠯᠪᠢᠭᠰᠠᠨ ᠭᠡᠷ ᠲᠦ᠍ ᠣᠷᠣᠵᠤ ᠣᠴᠢᠨ ᠴᠢᠨᠳᠠᠷ ᠤ᠋ᠨ ᠡᠮᠦᠨ᠎ᠡ ᠮᠡᠬᠦᠢᠨ ᠵᠣᠭᠰᠣᠵᠤ ᠮᠡᠭᠰᠢᠭᠰᠡᠭᠡᠷ᠄《 ᠠᠭᠤᠴᠢᠯᠠᠭᠠᠷᠠᠢ᠂ ᠬᠦᠩ ᠨᠣᠶᠠᠨ ᠮᠢᠨᠢ᠂ ᠶᠠᠰᠤ ᠴᠢᠨᠢ ᠬᠦᠷᠦᠵᠦ ᠠᠮᠵᠢᠭᠠᠳᠤᠢ ᠪᠠᠢᠲᠠᠯ᠎ᠠ ᠮᠠᠲᠠᠯ ᠦᠭᠡᠢ ᠪᠠᠭ᠎ᠠ ᠬᠠᠲᠤᠨ ᠤ᠋ ᠪᠠᠨ ᠢᠩᠭᠢᠵᠦ ᠴᠣᠯᠭᠢᠨ ᠵᠠᠩᠨᠠᠭᠰᠠᠨ ᠢ᠋ ᠠᠭᠤᠴᠢᠯᠠᠭᠠᠷᠠᠢ! ᠪᠢ ᠯᠠᠪᠲᠠᠢ ᠬᠦᠦ ᠲᠥᠷᠥᠵᠦ᠂ ᠤᠷᠠᠳ ᠤ᠋ᠨ ᠪᠠᠷᠠᠭᠤᠨ ᠬᠦᠩ ᠦ᠋ᠨ ᠵᠠᠰᠠᠭ ᠢ᠋ ᠴᠢᠨᠢ ᠵᠠᠯᠭᠠᠮᠵᠢᠯᠠᠬᠤ ᠶᠡᠬᠡ ᠦᠢᠯᠡᠰ ᠢ᠋ ᠲᠠᠨᠢ ᠣᠰᠣᠯ ᠦᠭᠡᠢ ᠭᠦᠢᠴᠡᠳᠬᠡᠵᠦ ᠶᠠᠪᠤᠨ᠎ᠠ᠃ ᠠᠮᠤᠷ ᠲᠠᠢᠪᠤᠩ ᠨᠣᠢᠷᠰᠤᠭᠠᠷᠠᠢ᠁》 ᠭᠡᠵᠦ ᠰᠢᠪᠡᠨᠡᠨ᠂ ᠠᠰᠬᠠᠷᠠᠬᠤ ᠨᠢᠯᠪᠤᠰᠤ ᠪᠠᠨ ᠠᠷᠴᠢᠵᠤ ᠪᠠᠢᠪᠠ᠃
ᠤᠷᠠᠳ ᠤ᠋ᠨ ᠵᠠᠩᠰᠢᠯ ᠢ᠋ᠶ᠋ᠠᠷ ᠯᠠᠮᠠ ᠵᠠᠯᠠᠵᠤ ᠳᠣᠯᠣᠭᠠᠨ ᠡᠳᠦᠷ ᠨᠣᠮ ᠭᠦᠷᠢᠮ ᠤᠩᠰᠢᠭᠤᠯᠵᠤ᠂ ᠰᠦᠨᠡᠰᠦ ᠶ᠋ᠢ ᠨᠢ ᠬᠥᠲᠥᠯᠦᠨ ᠣᠷᠣᠰᠢᠭᠤᠯᠭ᠎ᠠ ᠶ᠋ᠢᠨ ᠶᠣᠰᠣᠯᠠᠯ ᠶᠠᠪᠤᠭᠤᠯᠤᠨ᠎ᠠ᠃ ᠪᠠᠷᠠᠭᠤᠨ ᠬᠦᠩ ᠦ᠋ᠨ ᠶᠡᠬᠡ ᠪᠠᠭ᠎ᠠ ᠲᠦᠰᠢᠮᠡᠯ ᠨᠣᠶᠠᠳ᠂ ᠬᠦᠩ ᠦ᠋ᠨ ᠰᠦᠮ᠎ᠡ᠂《 ᠱᠠᠵᠢᠨ ᠪᠠᠳᠠᠷᠠᠭᠤᠯᠤᠭᠴᠢ ᠰᠦᠮ᠎ᠡ》 ᠪᠣᠯᠤᠨ ᠲᠡᠭᠦᠨ ᠦ᠌ ᠬᠠᠷᠢᠶᠠᠲᠤ ᠬᠣᠷᠢᠨ ᠳᠥᠷᠪᠡᠨ ᠰᠦᠮ᠎ᠡ ᠶ᠋ᠢᠨ ᠯᠠᠮᠠ ᠬᠤᠸᠠᠷᠠᠭ᠂ ᠠᠷᠪᠠᠨ ᠬᠣᠶᠠᠷ ᠰᠤᠮᠤ ᠶ᠋ᠢᠨ ᠵᠠᠩᠭᠢ ᠵᠠᠯᠠᠨ ᠵᠢᠴᠢ ᠤᠷᠠᠳ ᠤ᠋ᠨ ᠳᠤᠮᠳᠠᠳᠤ ᠬᠦᠩ ᠦ᠋ᠨ ᠬᠣᠰᠢᠭᠤ᠂ ᠤᠷᠠᠳ ᠤ᠋ᠨ ᠵᠡᠭᠦᠨ ᠬᠦᠩ ᠦ᠋ᠨ ᠬᠣᠰᠢᠭᠤ᠂ ᠶᠡᠬᠡ ᠵᠣᠣ ᠶ᠋ᠢᠨ ᠴᠢᠭᠤᠯᠭᠠᠨ ᠤ᠋ ᠬᠠᠩᠭᠢᠨ᠂ ᠳᠡᠯᠡᠳ᠂ ᠵᠦᠩᠭᠠᠷ ᠵᠡᠷᠭᠡ ᠬᠣᠰᠢᠭᠤᠳ ᠤ᠋ᠨ ᠲᠥᠯᠥᠭᠡᠯᠡᠭᠴᠢ ᠣᠷᠣᠯᠴᠠᠵᠠᠢ᠃
ᠪᠠᠭ᠎ᠠ ᠬᠠᠲᠤᠨ᠂ ᠬᠦᠩ ᠨᠣᠶᠠᠨ ᠤ᠋ ᠴᠢᠨᠳᠠᠷ ᠢ᠋ ᠣᠷᠣᠰᠢᠭᠤᠯᠵᠤ᠂ ᠭᠤᠷᠪᠠᠨ ᠳᠣᠯᠣᠭ᠎ᠠ ᠬᠣᠨᠣᠭ ᠳᠡᠭᠡᠷ᠎ᠡ ᠪᠡᠨ ᠣᠩᠭᠣᠨ ᠡᠷᠭᠢᠵᠦ ᠬᠡᠩᠰᠢᠭᠦᠦ ᠰᠢᠲᠠᠭᠠᠵᠤ ᠥᠭᠪᠡ᠃
ᠡᠨᠡ ᠬᠦ᠌ ᠳᠣᠯᠣᠭᠠᠨ ᠳᠣᠯᠣᠭ᠎ᠠ ᠳᠥᠴᠢ ᠶᠢᠰᠦᠨ ᠬᠣᠨᠣᠭ ᠤ᠋ᠨ ᠪᠡᠯᠪᠡᠰᠦᠷᠡᠯ ᠦ᠋ᠨ ᠬᠤᠭᠤᠴᠠᠭᠠᠨ ᠳ᠋ᠤ᠌ ᠬᠣᠰᠢᠭᠤ ᠶᠠᠮᠤᠨ ᠢ᠋ ᠤᠢᠳᠬᠠᠷ ᠤ᠋ᠨ ᠮᠠᠨᠠᠨ ᠪᠦᠷᠬᠦᠵᠦ᠂ ᠬᠥᠮᠦᠰ ᠦ᠋ᠨ ᠴᠢᠷᠠᠢ ᠥᠩᠭᠡ ᠬᠤᠵᠢᠢᠨ ᠬᠥᠬᠡᠷᠡᠵᠦ᠂ ᠦᠰᠦ ᠰᠠᠬᠠᠯ ᠨᠢ ᠰᠡᠷᠪᠡᠢᠨ ᠴᠣᠭ ᠰᠦᠯᠳᠡ ᠪᠠᠭᠤᠷᠠᠭᠰᠠᠨ ᠢ᠋ ᠬᠠᠷᠠᠭᠠᠳ ᠪᠠᠭ᠎ᠠ ᠬᠠᠲᠤᠨ ᠥᠪᠡᠷ ᠦ᠋ᠨ ᠡᠷᠬᠡ ᠦᠭᠡᠢ ᠡᠮᠭᠡᠨᠢᠨ ᠵᠣᠪᠠᠪᠠ᠃
ᠡᠨᠡ ᠦᠶ᠎ᠡ ᠳ᠋ᠦ᠍ ᠪᠤᠷᠤᠭᠤ ᠰᠠᠨᠠᠭ᠎ᠠ ᠲᠠᠢ ᠬᠥᠮᠦᠰ ᠬᠤᠤᠪᠢᠯᠳᠤᠯᠭ᠎ᠠ ᠬᠢᠬᠦ ᠪᠡᠨ ᠶᠡᠷᠦ ᠵᠣᠭᠰᠣᠭ᠎ᠠ ᠦᠭᠡᠢ᠃ ᠪᠠᠭ᠎ᠠ ᠬᠠᠲᠤᠨ ᠤ᠋ ᠥᠩᠭᠡᠨ ᠳᠡᠭᠡᠷ᠎ᠡ ᠨᠢ ᠨᠢᠭᠡ ᠶᠠᠩᠵᠤ᠂ ᠠᠷᠤ ᠬᠣᠢᠨ᠎ᠠ ᠨᠢ ᠪᠠᠰᠠ ᠨᠢᠭᠡ ᠶᠠᠩᠵᠤ ᠪᠠᠷ ᠶᠠᠷᠢᠶ᠎ᠠ ᠬᠡᠯᠡᠯᠴᠡᠭᠡ ᠵᠣᠬᠢᠶᠠᠬᠤ ᠪᠠ ᠤᠪ ᠮᠡᠬᠡᠲᠦ ᠠᠵᠢᠯᠯᠠᠭ᠎ᠠ ᠬᠢᠬᠦ ᠪᠡᠷ ᠭᠣᠷᠢᠳᠠᠵᠤ ᠪᠠᠢᠭᠰᠠᠨ ᠢ᠋ ᠲᠡᠷᠡ ᠠᠵᠢᠭᠯᠠᠵᠤ ᠯᠠ ᠪᠠᠢᠪᠠ᠃
ᠬᠡᠰᠡᠭ ᠬᠥᠮᠦᠰ ᠰᠢᠷᠠᠪᠳᠣᠷᠵᠢ ᠬᠦᠩ ᠨᠣᠶᠠᠨ ᠲᠠᠯᠢᠢᠭᠴᠢ ᠪᠣᠯᠤᠭᠰᠠᠨ ᠲᠠᠰᠢᠷᠠᠮ ᠢ᠋ ᠵᠠᠪᠳᠤᠵᠤ᠂ ᠪᠠᠷᠠᠭᠤᠨ ᠬᠦᠩ ᠦ᠋ᠨ ᠬᠣᠰᠢᠭᠤ ᠲᠠᠮᠠᠭ᠎ᠠ᠂ ᠵᠠᠰᠠᠭ ᠤ᠋ᠨ ᠡᠷᠬᠡ ᠶ᠋ᠢ ᠪᠠᠷᠠᠭᠤᠨ ᠬᠦᠩ ᠦ᠋ᠨ ᠭᠠᠷᠤᠯ ᠲᠠᠢ ᠲᠠᠢᠵᠢ ᠢᠵᠠᠭᠤᠷᠲᠤ ᠤᠷᠠᠳ ᠬᠥᠮᠦᠨ ᠦ᠌ ᠭᠠᠷ ᠲᠤ ᠣᠷᠣᠭᠤᠯᠬᠤ ᠦᠭᠡᠢ ᠶᠦᠮ ᠪᠣᠯ ᠮᠠᠨ ᠤ᠋ ᠤᠷᠠᠳ ᠤ᠋ᠳ ᠤ᠋ᠨ ᠭᠤᠲᠤᠮᠰᠢᠭ! ᠶᠠᠭᠤ ᠭᠡᠵᠦ ᠮᠠᠨᠵᠤ ᠶ᠋ᠢᠨ ᠴᠢᠰᠤᠨ ᠰᠦᠯᠪᠡᠭᠡ ᠲᠡᠢ ᠪᠡᠯᠪᠡᠰᠦᠨ ᠪᠦᠰᠡᠭᠦᠢ ᠪᠡᠷ ᠵᠠᠰᠠᠭ ᠪᠠᠷᠢᠭᠤᠯᠬᠤ ᠪᠣᠢ? ᠲᠡᠭᠡᠪᠡᠯ ᠴᠦ᠍ ᠶᠣᠰᠣᠲᠠᠢ ᠭᠣᠣᠯ ᠤ᠋ᠨ ᠶᠣᠣᠷ ᠤ᠋ᠨ ᠬᠢᠲᠠᠳ ᠤ᠋ᠨ ᠬᠡᠯᠡᠳᠡᠭ ᠢ᠋ᠶ᠋ᠡᠷ ᠡᠮ᠎ᠡ ᠬᠥᠮᠦᠨ ᠡᠷᠬᠡ ᠠᠳᠬᠤᠪᠠᠯ ᠡᠯᠵᠢᠭᠡ ᠠᠨᠵᠢᠰᠤ ᠵᠢᠳᠬᠦᠨ᠎ᠡ ᠭᠡᠳᠡᠭ ᠪᠤᠬᠤᠷ ᠢ᠋ᠶ᠋ᠠᠨ ᠱᠠᠭᠠᠢᠭᠰᠠᠨ ᠶᠣᠷᠣ ᠶ᠋ᠢᠨ ᠮᠠᠭᠤᠬᠠᠢ ᠢᠨᠢᠶᠡᠳᠦᠮ ᠪᠣᠯᠤᠨ᠎ᠠ᠃ ᠤᠷᠠᠳ ᠤ᠋ᠨ ᠪᠠᠷᠠᠭᠤᠨ ᠬᠦᠩ ᠦ᠋ᠨ ᠬᠢᠨ ᠲᠠᠢᠵᠢ ᠢᠵᠠᠭᠤᠷᠲᠤ ᠰᠥᠳᠥ ᠭᠡᠭᠦᠨ ᠦ᠌ ᠤᠨᠠᠭ᠎ᠠ ᠪᠠᠷ ᠳᠤᠲᠠᠭ᠎ᠠ ᠦᠭᠡᠢ! ᠲᠡᠷᠡ ᠪᠡᠯᠪᠡᠰᠦᠨ ᠡᠮ᠎ᠡ ᠶ᠋ᠢᠨ ᠱᠣᠯᠳᠣᠩ ᠴᠢᠷᠠᠢ ᠬᠡᠴᠡᠭᠦᠦ ᠶᠠ! ᠬᠢᠴᠢᠶᠡᠮᠵᠢ ᠠᠯᠳᠠᠪᠠᠯ ᠪᠠᠷᠠᠭᠤᠨ ᠬᠦᠩ ᠵᠠᠰᠠᠭ ᠤ᠋ᠨ ᠡᠷᠬᠡ ᠲᠡᠷᠡ ᠪᠡᠯᠪᠡᠰᠦᠨ ᠡᠮ᠎ᠡ ᠶ᠋ᠢᠨ ᠭᠠᠷ ᠲᠤ ᠣᠷᠣᠵᠤ ᠤᠷᠠᠳ ᠮᠣᠩᠭᠣᠯᠴᠤᠳ ᠤᠨᠤᠬᠤ ᠮᠣᠷᠢ ᠦᠭᠡᠢ ᠪᠣᠯᠵᠤ ᠡᠷᠭᠢᠭᠦᠲᠦᠭᠰᠡᠨ ᠡᠯᠵᠢᠭᠡ ᠵᠠᠢᠳᠠᠯᠠᠭᠠᠳ ᠶᠣᠬᠢᠷᠠᠩ ᠶᠣᠬᠢᠷᠠᠩ ᠭᠡᠬᠦ ᠪᠣᠯᠤᠨ᠎ᠠ ᠳᠠ᠁ ᠭᠡᠰᠡᠨ ᠡᠯᠳᠡᠩᠭᠡ ᠶ᠋ᠢᠨ ᠥᠳᠥᠭᠡᠯᠭᠡ ᠳ᠋ᠦ᠍ ᠱᠠᠭᠳᠠᠷᠰᠦ᠋ᠷᠦᠩ᠂ ᠴᠢᠮᠡᠳ ᠵᠡᠷᠭᠡ ᠨᠣᠶᠠᠳ ᠲᠦᠰᠢᠮᠡᠳ ᠬᠥᠭ ᠪᠣᠯᠵᠤ ᠠᠷᠤ ᠬᠣᠢᠭᠤᠷ ᠡᠯᠳᠡᠪ ᠠᠷᠭ᠎ᠠ ᠠᠪᠴᠤ ᠬᠦᠩ ᠦ᠋ᠨ ᠲᠠᠮᠠᠭ᠎ᠠ ᠵᠠᠰᠠᠭ ᠤ᠋ᠨ ᠡᠷᠬᠡ ᠶ᠋ᠢ ᠰᠢᠷᠠᠪᠳᠣᠷᠵᠢ ᠬᠦᠩ ᠨᠣᠶᠠᠨ ᠤ᠋ ᠪᠡᠯᠪᠡᠰᠦᠨ ᠪᠦᠰᠡᠭᠦᠢ ᠡᠴᠡ ᠵᠠᠢᠯᠠᠭᠤᠯᠬᠤ ᠶ᠋ᠢ ᠤᠷᠤᠯᠳᠤᠵᠤ ᠪᠠᠢᠪᠠ᠃
ᠪᠠᠭ᠎ᠠ ᠬᠠᠲᠤᠨ ᠡᠨᠡ ᠬᠣᠭᠣᠷᠣᠨᠳᠣ ᠬᠣᠰᠢᠭᠤ ᠶᠠᠮᠤᠨ ᠤ᠋ ᠭᠠᠳᠠᠨ᠎ᠠ ᠳᠣᠲᠣᠭᠤᠷ ᠲᠡᠭᠦᠨ ᠢ᠋ ᠳᠠᠷᠤᠯᠠᠨ ᠮᠠᠭᠤᠴᠢᠯᠠᠭᠰᠠᠨ ᠶᠠᠩᠵᠤ ᠶᠠᠩᠵᠤ ᠶ᠋ᠢᠨ ᠶᠠᠪᠠᠭᠠᠨ ᠶᠠᠷᠢᠶ᠎ᠠ ᠱᠣᠭᠰᠢᠭᠰᠠᠨ ᠢ᠋ ᠣᠯᠵᠤ ᠰᠣᠨᠣᠰᠤᠭᠠᠳ ᠠᠭᠤᠷ ᠤᠴᠠᠭᠠᠷ ᠨᠢ ᠬᠦᠷᠴᠦ ᠳᠣᠲᠣᠷ᠎ᠠ ᠶ᠋ᠢᠨ ᠪᠤᠬᠢᠨᠢᠳᠤᠯ ᠢ᠋ᠶ᠋ᠠᠨ ᠲᠣᠭᠠᠴᠢᠬᠤ ᠬᠥᠮᠦᠨ ᠦᠭᠡᠢ ᠤᠬᠢᠯᠠᠩᠨᠠᠵᠤ ᠪᠠᠢᠭᠰᠠᠨ ᠳ᠋ᠤ᠌ ᠮᠠᠨᠤᠨᠪᠠᠳᠮ᠎ᠠ ᠬᠥᠭᠰᠢᠨ ᠣᠷᠣᠵᠤ ᠢᠷᠡᠭᠡᠳ᠄
— ᠪᠠᠭ᠎ᠠ ᠬᠠᠲᠤᠨ ᠮᠢᠨᠢ! ᠵᠣᠷᠢᠭ ᠢ᠋ᠶ᠋ᠠᠨ ᠬᠠᠲᠠᠭᠤᠵᠢᠭᠤᠯ᠂ ᠪᠢᠲᠡᠭᠡᠢ ᠤᠰᠤᠨ ᠨᠢᠳᠦᠯᠡᠭᠡᠳ ᠪᠠᠢ! ᠡᠨᠡᠷᠢᠯ ᠦᠭᠡᠢ ᠡᠨᠡ ᠬᠣᠷᠸ᠎ᠠ ᠳ᠋ᠤ᠌ ᠮᠠᠭᠤ ᠪᠠᠨ ᠮᠠᠭᠤᠴᠢᠯᠠᠵᠤ᠂ ᠨᠣᠮᠣᠬᠠᠨ ᠢ᠋ᠶ᠋ᠠᠨ ᠨᠣᠣᠯᠠᠳᠠᠭ ᠭᠡᠭᠴᠢ ᠡᠪ ᠡᠩ ᠦ᠋ᠨ ᠵᠢᠮ᠎ᠡ ᠶᠣᠰᠣ ᠶ᠋ᠢ ᠮᠡᠳᠡᠬᠦ ᠦᠭᠡᠢ ᠴᠦ᠍ ᠪᠢᠰᠢ ᠳᠡ! ᠴᠢ ᠤᠷᠤᠭᠤ ᠴᠢᠷᠠᠢᠯᠠᠭᠠᠳ ᠤᠰᠤᠨ ᠨᠢᠳᠦᠯᠡᠬᠦ ᠳ᠋ᠦ᠍ ᠲᠡᠳᠡ ᠣᠷᠪᠣᠢᠭᠠᠳ ᠪᠣᠰᠳᠠᠭ᠃ ᠴᠢ ᠰᠦᠪᠡᠭᠡ ᠲᠤᠯᠤᠭᠠᠳ ᠰᠦᠷ ᠮᠠᠨᠳᠤᠭᠤᠯᠬᠤ ᠳ᠋ᠤ᠌ ᠲᠡᠳᠡ ᠰᠥᠭᠥᠳᠴᠦ ᠮᠥᠷᠭᠥᠭᠡᠳ ᠰᠦᠢᠳ ᠪᠣᠯᠳᠠᠭ᠃ ᠲᠡᠷᠡ ᠲᠡᠷᠡ ᠶᠣᠣᠵᠠ ᠦᠭᠡᠢ ᠤᠷᠠᠭᠳᠠᠭᠰᠠᠨ ᠶᠠᠪᠠᠭᠠᠨ ᠶᠠᠷᠢᠶ᠎ᠠ ᠶ᠋ᠢ ᠪᠢᠲᠡᠭᠡᠢ ᠰᠣᠨᠣᠰ! ᠨᠣᠬᠠᠢ ᠬᠤᠴᠠᠬᠤ ᠪᠠᠷ ᠢ᠋ᠶ᠋ᠠᠨ ᠬᠤᠴᠠᠭ᠂ ᠲᠡᠮᠡᠭᠡ ᠶᠠᠪᠤᠬᠤ ᠪᠠᠷ ᠢ᠋ᠶ᠋ᠠᠨ ᠶᠠᠪᠤᠨ᠎ᠠ ᠭᠡᠰᠡᠨ ᠮᠣᠩᠭᠣᠯ ᠤ᠋ᠨ ᠰᠡᠴᠡᠨ ᠦᠭᠡ ᠶ᠋ᠢ ᠰᠠᠨᠠᠵᠤ ᠶᠠᠪᠤ! ᠭᠡᠵᠦ ᠵᠣᠷᠢᠭ ᠣᠷᠣᠭᠤᠯᠤᠨ ᠰᠠᠨᠠᠭᠤᠯᠬᠤ ᠳ᠋ᠤ᠌ ᠪᠠᠭ᠎ᠠ ᠬᠠᠲᠤᠨ ᠤ᠋ ᠪᠤᠯᠠᠩᠭᠢᠷᠲᠤᠭᠰᠠᠨ ᠤᠬᠠᠭᠠᠨ ᠳ᠋ᠤ᠌ ᠨᠠᠷᠠ ᠮᠠᠨᠳᠤᠭᠰᠠᠨ ᠰᠢᠭ᠋ ᠪᠣᠯᠵᠤ ᠪᠢᠯᠡ! ᠮᠠᠨᠤᠨᠪᠠᠳᠮ᠎ᠠ ᠬᠥᠭᠰᠢᠨ ᠪᠠᠰᠠ ᠬᠠᠲᠤᠨ ᠤ᠋ ᠴᠢᠷᠠᠢ ᠳ᠋ᠤ᠌ ᠦᠯᠦ ᠮᠡᠳᠡᠭ ᠢᠨᠢᠶᠡᠳᠦ ᠲᠣᠳᠣᠷᠠᠬᠤ ᠶ᠋ᠢ ᠬᠠᠷᠠᠭᠰᠠᠨ ᠢ᠋ᠶ᠋ᠠᠨ᠄
— ᠭᠡᠪᠡᠴᠦ ᠪᠠᠭ᠎ᠠ ᠬᠠᠲᠤᠨ ᠮᠢᠨᠢ ᠢᠩᠭᠢᠵᠦ ᠵᠥᠩᠳᠡᠭᠡᠨ ᠳᠣᠮᠪᠣᠢᠵᠤ ᠰᠠᠭᠤᠭᠠᠳ ᠪᠣᠯᠬᠤ ᠦᠭᠡᠢ ᠠ᠋! ᠭᠡᠯᠡ᠃ ᠪᠠᠭ᠎ᠠ ᠬᠠᠲᠤᠨ᠄
ᠲᠡᠭᠡᠭᠡᠳ ᠶᠠᠭᠠᠬᠢᠨᠠᠮ⁈ ᠡᠨᠡ ᠬᠦ᠌ ᠦᠬᠦᠵᠦ ᠲᠥᠷᠥᠬᠦ ᠶ᠋ᠢᠨ ᠬᠡᠴᠡᠭᠦᠦ ᠭᠠᠴᠢᠭ ᠴᠠᠭ ᠲᠤ ᠪᠢ᠁ ᠭᠡᠵᠦ ᠪᠡᠶ᠎ᠡ ᠪᠡᠨ ᠭᠣᠯᠣᠨ ᠬᠡᠯᠡᠬᠦ ᠳ᠋ᠦ᠍ ᠮᠠᠨᠤᠨᠪᠠᠳᠮ᠎ᠠ᠄
— ᠭᠤᠲᠤᠷᠠᠵᠤ ᠯᠠ ᠪᠣᠯᠬᠤ ᠦᠭᠡᠢ ᠠ᠋᠂ ᠪᠠᠭ᠎ᠠ ᠬᠠᠲᠤᠨ ᠮᠢᠨᠢ! ᠮᠠᠨᠳᠤᠬᠠᠢ ᠰᠡᠴᠡᠨ ᠬᠠᠲᠤᠨ ᠤ᠋ ᠵᠣᠷᠢᠭ ᠰᠠᠨᠠᠭ᠎ᠠ ᠶ᠋ᠢ ᠪᠣᠳᠣ! ᠵᠦᠭᠡᠷ ᠰᠠᠭᠤᠬᠤ ᠠ᠋ᠴᠠ ᠵᠦᠯᠭᠦᠵᠦ ᠰᠠᠭᠤ ᠭᠡᠳᠡᠭ ᠦᠭᠡᠢ ᠪᠢᠯᠡ ᠤᠤ? ᠭᠡᠵᠡᠢ᠃ ᠪᠠᠭ᠎ᠠ ᠬᠠᠲᠤᠨ ᠮᠠᠨᠤᠨᠪᠠᠳᠮ᠎ᠠ ᠶ᠋ᠢᠨ ᠢᠩᠭᠢᠵᠦ ᠬᠡᠯᠡᠬᠦ ᠶ᠋ᠢ ᠰᠣᠨᠣᠰᠤᠭᠠᠳ ᠶᠠᠮᠠᠷ ᠨᠢᠭᠡ ᠳᠠᠯᠳᠠ ᠤᠬᠠᠭᠠᠨ ᠤ᠋ ᠰᠦᠪᠡᠭᠴᠢ ᠶ᠋ᠢ ᠭᠣᠭᠴᠣᠭᠠᠯᠠᠭᠰᠠᠨ ᠰᠢᠭ᠋ ᠨᠢᠳᠦ ᠨᠢ ᠰᠡᠷᠭᠦᠵᠦ᠄
— ᠶᠠᠭ ᠳᠠ! ᠲᠠᠨ ᠤ᠋ ᠬᠡᠯᠡᠬᠦ ᠵᠥᠪ! ᠲᠠᠨ ᠤ᠋ ᠦᠵᠡᠬᠦ ᠪᠡᠷ ᠶᠠᠭᠠᠬᠢᠪᠠᠯ ᠳᠡᠭᠡᠷ᠎ᠡ ᠪᠣᠢ? ᠭᠡᠵᠦ ᠮᠠᠨᠤᠨᠪᠠᠳᠮ᠎ᠠ ᠬᠥᠭᠰᠢᠨ ᠦ᠌ ᠤᠬᠠᠭᠠᠨ ᠢ᠋ ᠪᠢᠰᠢᠷᠡᠳᠡᠭ ᠦ᠋ᠨ ᠤᠴᠢᠷ ᠲᠤ ᠭᠡᠳᠡᠷᠭᠦ ᠠᠰᠠᠭᠤᠵᠤ ᠡᠨᠡ《 ᠤᠷᠠᠨ ᠬᠣᠩᠰᠢᠶᠠᠷᠲᠤ ᠤᠬᠠᠭᠠᠨ ᠤ᠋ ᠤᠭᠤᠲᠠ》 ᠴᠣᠬᠣᠮ ᠶᠠᠭᠤ ᠭᠡᠵᠦ ᠠᠢᠯᠠᠳᠳᠠᠭ ᠪᠣᠯ ᠠ᠋? ᠡᠨᠡ ᠬᠥᠭᠰᠢᠨ ᠦ᠌ ᠲᠠᠷᠢᠬᠢᠨ ᠠ᠋ᠴᠠ ᠤᠷᠭᠤᠭᠰᠠᠨ ᠤᠬᠠᠭᠠᠨ ᠭᠠᠵᠠᠷᠳᠠᠬᠤ ᠶᠣᠰᠣ ᠦᠭᠡᠢ ᠬᠡᠴᠡᠭᠦᠦ ᠪᠠᠢᠳᠠᠭ ᠶᠤᠮ ᠠ᠋! ᠭᠡᠵᠦ ᠲᠡᠭᠦᠨ ᠢ᠋ ᠴᠢᠷᠠᠢᠳᠠᠪᠠᠯ᠄
— ᠳᠡᠭᠡᠭᠰᠢ ᠪᠡᠨ ᠶᠠᠪᠤᠵᠤ ᠵᠠᠷᠭᠤ ᠬᠥᠭᠡᠭᠡᠨ᠎ᠡ᠃ ᠪᠠᠭ᠎ᠠ ᠬᠠᠲᠤᠨ ᠲᠠ ᠥᠪᠡᠷ ᠢ᠋ᠶ᠋ᠡᠨ ᠮᠣᠩᠭᠣᠯ᠂ ᠬᠢᠲᠠᠳ᠂ ᠮᠠᠨᠵᠤ ᠪᠢᠴᠢᠭ ᠲᠡᠢ ᠬᠥᠮᠦᠨ ᠶᠠᠭᠤᠨ ᠠ᠋ᠴᠠ ᠠᠶᠤᠬᠤ ᠪᠣᠢ? ᠵᠠᠩᠵᠤᠨ ᠶᠠᠮᠤᠨ ᠳ᠋ᠤ᠌ ᠣᠴᠢ! ᠲᠡᠭᠡᠭᠡᠳ ᠪᠣᠯᠳᠠᠭ ᠦᠭᠡᠢ ᠪᠣᠯ ᠪᠡᠭᠡᠵᠢᠩ᠂ ᠨᠠᠨᠵᠢᠩ᠁ ᠭᠡᠳ ᠪᠠᠰᠠ ᠴᠠᠭᠠᠰᠢ ᠪᠠᠨ ᠶᠠᠪᠤᠵᠤ ᠪᠦᠳᠦᠭᠦᠨ ᠪᠦᠳᠦᠭᠦᠨ ᠲᠣᠯᠣᠭᠠᠢ ᠨᠤᠭᠤᠳ ᠢ᠋ ᠨᠢ ᠡᠷᠢᠨ᠎ᠡ ᠰᠢᠦ! ᠭᠡᠯᠡ᠃
— ᠳᠣᠯᠣᠭᠠᠨ ᠳᠣᠯᠣᠭ᠎ᠠ ᠳᠥᠴᠢ ᠶᠢᠰᠦᠨ ᠬᠣᠨᠣᠭ ᠤ᠋ᠨ ᠪᠡᠯᠪᠡᠰᠦᠷᠡᠯ ᠲᠡᠭᠦᠰᠬᠦ ᠴᠠᠭ ᠪᠠᠰᠠ ᠨᠡᠯᠢᠶᠡᠳ ᠵᠠᠢᠲᠠᠢ ᠪᠠᠢᠨ᠎ᠠ᠃ ᠪᠡᠯᠪᠡᠰᠦᠷᠡᠯ ᠦ᠋ᠨ ᠬᠤᠭᠤᠴᠠᠭᠠᠨ ᠳ᠋ᠤ᠌ ᠠᠯᠪᠠᠨ ᠶᠠᠪᠤᠳᠠᠯ᠁ ᠭᠡᠵᠦ ᠬᠡᠯᠡᠵᠦ ᠪᠠᠷᠠᠬᠤ ᠠ᠋ᠴᠠ ᠡᠮᠦᠨ᠎ᠡ ᠮᠠᠨᠤᠨᠪᠠᠳᠮ᠎ᠠ ᠵᠠᠪᠳᠤᠵᠤ᠄
— ᠪᠠᠭ᠎ᠠ ᠬᠠᠲᠤᠨ ᠠ᠋᠂ ᠡᠷᠲᠡᠨ ᠦ᠌ ᠦᠭᠡᠨ ᠳ᠋ᠦ᠍ ᠤᠨᠤᠭ᠎ᠠ ᠮᠠᠭᠤᠲᠠᠢ ᠨᠢ ᠤᠷᠢᠳ ᠢ᠋ᠶ᠋ᠠᠷ ᠮᠣᠷᠳᠠᠨ᠎ᠠ ᠭᠡᠳᠡᠭ ᠦᠭᠡ ᠪᠠᠢᠳᠠᠭ᠃ ᠪᠢᠳᠡ ᠴᠢᠨᠢ ᠥᠨᠥᠳᠥᠷ ᠪᠡᠯᠪᠡᠰᠦᠨ ᠥᠷᠥᠭᠡᠰᠦᠨ ᠬᠥᠮᠦᠨ᠁ ᠣᠷᠴᠢᠨ ᠲᠣᠭᠣᠷᠢᠨ᠂ ᠠᠯᠢᠪᠠ ᠶᠠᠭᠤᠮ᠎ᠠ ᠪᠦᠬᠦᠨ ᠪᠢᠳᠡᠨ ᠳ᠋ᠦ᠍ ᠠᠰᠢᠭ ᠦᠭᠡᠢᠳᠡᠬᠦ ᠠᠵᠠ ᠬᠡᠢ ᠮᠣᠷᠢ ᠮᠠᠭᠤᠲᠠᠢ ᠪᠠᠢᠭ᠎ᠠ ᠣᠨᠴᠠᠭᠠᠢ ᠴᠠᠭ ᠦᠶ᠎ᠡ ᠤᠴᠢᠷ ᠠ᠋ᠴᠠ ᠴᠠᠭ ᠢ᠋ ᠵᠠᠪᠳᠤᠵᠤ ᠠᠮᠵᠢᠭᠤᠯᠬᠤ ᠦᠭᠡᠢ ᠭᠣᠷᠢ ᠦᠭᠡᠢ ᠠ᠋! ᠶᠠᠭᠠᠬᠢᠭᠰᠠᠨ ᠴᠦ᠍ ᠤᠷᠢᠳ ᠢ᠋ᠶ᠋ᠠᠷ ᠠᠮᠵᠢᠭᠤᠯᠬᠤ ᠶ᠋ᠢ ᠰᠠᠨᠠ᠃ ᠴᠠᠭᠠᠨ᠎ᠠ ᠴᠢᠨᠢ ᠥᠩᠭᠡᠯᠵᠡᠬᠦ ᠮᠥᠷᠥᠢ ᠶ᠋ᠢᠨ ᠳᠠᠢᠰᠤᠩᠨᠠᠭᠴᠢ ᠪᠣᠯ ᠡᠯᠳᠡᠩᠭᠡ ᠭᠡᠭᠴᠢ ᠶ᠋ᠢ ᠪᠢᠲᠡᠭᠡᠢ ᠮᠠᠷᠲᠠᠭᠠᠷᠠᠢ! ᠱᠠᠭᠳᠠᠷᠰᠦ᠋ᠷᠦᠩ ᠨᠠᠷ ᠤ᠋ᠨ ᠠᠷᠤ ᠠ᠋ᠴᠠ ᠱᠣᠷᠣᠯᠠᠵᠤ ᠰᠠᠭᠤᠭᠰᠠᠨ ᠡᠯᠳᠡᠩᠭᠡ ᠶ᠋ᠢ ᠬᠡᠷᠰᠡᠦᠯᠡ! ᠡᠯᠳᠡᠩᠭᠡ ᠲᠡᠢ ᠤᠷᠤᠯᠳᠤᠭᠠᠨ ᠤ᠋ ᠰᠢᠪᠠᠭ᠎ᠠ ᠰᠤᠭᠤᠯᠵᠤ ᠵᠤᠤᠵᠠᠢ ᠬᠣᠯᠪᠣᠭᠠᠳ ᠪᠠᠭᠤᠭᠰᠠᠨ ᠴᠦ᠍ ᠲᠡᠭᠦᠨ ᠦ᠌ ᠡᠮᠡᠭᠡᠯ ᠦ᠋ᠨ ᠠᠷᠤ ᠪᠠᠷ ᠰᠠᠭᠤᠭᠳᠠᠬᠤ ᠶ᠋ᠢ ᠬᠢᠴᠢᠶᠡ᠃ ᠵᠠᠰᠠᠭ ᠤ᠋ᠨ ᠡᠷᠬᠡ ᠠᠪᠬᠤ ᠭᠡᠵᠦ ᠳ᠋ᠠᠭᠲᠠᠨ ᠳᠠ ᠯᠠᠮᠠ ᠡᠯᠳᠡᠩᠭᠡ ᠳ᠋ᠦ᠍ ᠬᠢᠭᠳᠡᠵᠦ ᠭᠠᠷ ᠤᠨᠵᠢᠢᠯᠭᠠᠨ ᠭᠠᠨᠵᠤᠭ᠎ᠠ ᠰᠤᠯᠠ ᠬᠣᠴᠣᠷᠤᠭᠰᠠᠨ ᠲᠡᠦᠬᠡ ᠮᠠᠨᠤᠰ ᠲᠤ ᠰᠤᠷᠭᠠᠮᠵᠢ ᠰᠢᠦ ᠳᠡ! ᠣᠳᠣ ᠪᠠᠷ ᠢ᠋ᠶ᠋ᠠᠨ ᠪᠡᠯᠡᠭ ᠰᠡᠯᠲᠡ ᠲᠥᠬᠥᠭᠡᠷᠴᠦ ᠬᠥᠳᠡᠯᠬᠦ ᠪᠡᠷ ᠪᠠᠵᠠᠭ᠎ᠠ! ᠭᠤᠷᠪᠠᠨ ᠳᠣᠯᠣᠭ᠎ᠠ ᠬᠣᠷᠢᠨ ᠨᠢᠭᠡ ᠬᠣᠨᠣᠭ ᠤ᠋ᠨ ᠪᠡᠯᠪᠡᠰᠦᠷᠡᠯ ᠦ᠋ᠨ ᠡᠳᠦᠷ ᠴᠢᠨᠢ ᠥᠩᠭᠡᠷᠡᠴᠢᠬᠡᠭᠰᠡᠨ ᠪᠢᠰᠢ ᠤᠤ! ᠰᠦᠮ᠎ᠡ ᠶ᠋ᠢᠨ ᠯᠠᠮᠠ ᠨᠠᠷ ᠢ᠋ᠶ᠋ᠠᠷ ᠪᠡᠯᠪᠡᠰᠦᠷᠡᠯ ᠴᠢᠯᠥᠭᠡᠯᠡᠬᠦ ᠴᠡᠭᠡᠷ ᠠᠯᠳᠠᠷᠠᠭᠠᠵᠤ ᠠᠢᠯᠠᠳᠬᠠᠭᠤᠯᠤᠭᠠᠳ ᠬᠥᠳᠡᠯᠬᠦ ᠶ᠋ᠢ ᠪᠤᠳᠤᠭᠲᠤᠨ! ᠭᠡᠪᠡ᠃
— ᠲᠠ ᠨᠠᠳᠠ ᠲᠠᠢ ᠶᠠᠪᠤᠯᠴᠠᠬᠤ ᠤᠤ?
— ᠵᠠᠰᠠᠭ ᠲᠥᠷᠥ ᠶ᠋ᠢᠨ ᠶᠠᠪᠤᠳᠠᠯ ᠳ᠋ᠤ᠌ ᠨᠠᠳᠠ ᠰᠢᠭ᠋ ᠰᠠᠮᠠᠭᠠᠨ ᠬᠥᠮᠦᠨ ᠶᠠᠪᠤᠵᠤ ᠪᠣᠯᠳᠠᠭ ᠴᠦ᠍ ᠶᠤᠮ ᠤᠤ ᠳᠠ?
— ᠪᠣᠯᠤᠯ ᠦᠭᠡᠢ ᠶᠠᠭᠠᠬᠢᠬᠤ ᠪᠣᠢ! ᠪᠢ ᠲᠠᠨ ᠢ᠋ ᠢᠲᠡᠭᠡᠵᠦ ᠪᠢᠰᠢᠷᠡᠳᠡᠭ ᠲᠡᠭᠡᠨ ᠯᠡ ᠨᠠᠢᠳᠠᠵᠤ ᠪᠠᠢᠨ᠎ᠠ ᠰᠢᠦ! ᠲᠠᠨ ᠤ᠋ ᠳᠣᠳᠣᠮᠳᠠᠯᠭ᠎ᠠ ᠪᠠᠷ ᠤᠬᠠᠭ᠎ᠠ ᠴᠤᠭᠤᠷᠠᠵᠤ ᠶᠠᠪᠤᠭ᠎ᠠ ᠭᠡᠳᠡᠭ ᠢ᠋ᠶ᠋ᠡᠨ ᠪᠢ ᠬᠡᠵᠢᠶᠡᠳᠡ ᠮᠠᠷᠲᠠᠬᠤ ᠦᠭᠡᠢ᠃
— ᠲᠡᠷᠡ ᠴᠦ᠍ ᠲᠡᠢᠮᠦ ᠪᠠᠢᠨ᠎ᠠ᠃ ᠪᠠᠭ᠎ᠠ ᠬᠠᠲᠤᠨ ᠬᠥᠯ ᠬᠦᠨᠳᠦ ᠪᠣᠯᠬᠣᠷ ᠪᠢ ᠠᠰᠠᠷᠠᠬᠤ ᠶ᠋ᠢᠨ ᠨᠥᠮᠥᠷᠢ ᠪᠡᠷ ᠶᠠᠪᠤᠯᠴᠠᠶᠠ ᠳᠠ! ᠪᠠᠭ᠎ᠠ ᠬᠠᠲᠤᠨ ᠨᠠᠮᠠᠶ᠋ᠢ ᠪᠠᠨ ᠴᠢᠮᠠᠯᠠᠬᠤ ᠦᠭᠡᠢ ᠢᠲᠡᠭᠡᠵᠦ ᠪᠠᠢᠭ᠎ᠠ ᠶᠤᠮ ᠴᠢᠨᠢ᠁ ᠭᠡᠳ ᠪᠠᠭ᠎ᠠ ᠬᠠᠲᠤᠨ ᠳ᠋ᠤ᠌ ᠡᠵᠢ ᠬᠥᠮᠦᠨ ᠦ᠌ ᠡᠨᠡᠷᠢᠩᠭᠦᠢ ᠢᠨᠢᠶᠡᠳᠦ ᠱᠠᠩᠨᠠᠪᠠ᠃
