ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠬᠣᠶᠠᠳᠤᠭᠠᠷ ᠪᠦᠯᠦᠭ <ᠨᠠᠢ᠍ᠮᠠ> Хан мунын сүүрс < дээд > – Мөнх зохиоов ᠂ Дэд бодь – Хоёрдугаар бүлэг <8>
ᠬᠣᠰᠢᠭᠤ ᠶᠠᠮᠤᠨ ᠤ᠋ ᠡᠭᠦᠳᠡᠨ ᠦ᠌ ᠬᠥᠲᠥᠴᠢ ᠶ᠋ᠢᠨ ᠳᠠᠮ ᠳᠠᠮ ᠢ᠋ᠶ᠋ᠠᠷ ᠤᠯᠠᠮᠵᠢᠯᠠᠭᠰᠠᠨ ᠴᠢᠮᠡᠭᠡ ᠬᠣᠰᠢᠭᠤ ᠵᠠᠬᠢᠷᠤᠭᠴᠢ ᠶ᠋ᠢᠨ ᠵᠢᠰᠢᠶ᠎ᠠ ᠡᠭᠦᠳᠡᠨ ᠳ᠋ᠦ᠍ ᠢᠷᠡᠵᠦ ᠥᠨᠥᠳᠥᠷ ᠬᠦᠩ ᠨᠣᠶᠠᠨ ᠲᠠᠢ ᠵᠣᠴᠢᠨ ᠠᠭᠤᠯᠵᠠᠵᠤ ᠪᠣᠯᠬᠤ ᠡᠰᠡᠬᠦ ᠵᠥᠪᠰᠢᠶᠡᠷᠡᠯ ᠢ᠋ ᠣᠯᠤᠭᠠᠳ ᠪᠤᠭᠤᠲᠤ ᠶ᠋ᠢᠨ ᠠᠲᠠᠷ ᠬᠠᠭᠠᠯᠪᠤᠷᠢᠯᠠᠬᠤ ᠰᠡᠷᠭᠡᠢᠯᠡᠨ ᠬᠠᠮᠠᠭᠠᠯᠠᠬᠤ ᠲᠣᠪᠴᠢᠶ᠎ᠠ ᠶ᠋ᠢᠨ ᠲᠣᠮᠢᠯᠠᠭᠰᠠᠨ ᠲᠠᠬᠠᠷ ᠢ ᠶᠠᠮᠤᠨ ᠤ᠋ ᠬᠦᠷᠢᠶ᠎ᠡ ᠪᠡᠷ ᠲᠠᠯᠪᠢᠵᠤ ᠣᠷᠣᠭᠤᠯᠪᠠ᠃
ᠲᠡᠷᠡ ᠢᠷᠡᠭᠰᠡᠨ ᠲᠠᠬᠠᠷ ᠬᠥᠰᠡᠷ ᠰᠥᠭᠥᠳᠴᠦ ᠲᠣᠯᠣᠭᠠᠢ ᠳᠡᠭᠡᠷ᠎ᠡ ᠪᠡᠨ ᠳᠤᠭᠲᠤᠢᠲᠤ ᠵᠠᠬᠢᠳᠠᠯ ᠡᠷᠭᠦᠨ ᠪᠠᠷᠢᠪᠠ᠃ ᠲᠡᠷᠡ ᠵᠠᠬᠢᠳᠠᠯ ᠳ᠋ᠤ᠌ ᠪᠢᠴᠢᠭᠰᠡᠨ ᠨᠢ
ᠤᠷᠠᠳ ᠤ᠋ᠨ ᠪᠠᠷᠠᠭᠤᠨ ᠬᠦᠩ ᠦ᠋ᠨ ᠬᠣᠰᠢᠭᠤ ᠶᠠᠮᠤᠨ ᠳ᠋ᠤ᠌ ᠄
ᠡᠳᠦᠭᠡ ᠠᠢᠯᠠᠳᠬᠠᠬᠤ ᠠᠨᠤ᠂ ᠲᠡᠷᠡ ᠵᠢᠯ ᠦ᠋ᠨ ᠶᠠᠮᠤᠨ ᠠ᠋ᠴᠠ ᠲᠠᠷᠬᠠᠭᠠᠨ ᠳᠠᠷᠤᠮᠠᠯᠯᠠᠭᠰᠠᠨ 《ᠣᠷᠭᠣᠳᠠᠭᠤᠯ ᠶᠠᠯᠠᠲᠠᠨ ᠢ᠋ ᠪᠠᠷᠢᠪᠴᠢᠯᠠᠬᠤ ᠵᠠᠷ ᠲᠤᠩᠬᠠᠭ》 ᠢ ᠡᠰᠢᠯᠡᠵᠦ᠂ ᠮᠠᠨ ᠤ᠋ ᠰᠡᠷᠭᠡᠢᠯᠡᠨ ᠬᠠᠮᠠᠭᠠᠯᠠᠬᠤ ᠴᠡᠷᠢᠭ ᠦ᠋ᠨ ᠲᠣᠪᠴᠢᠶ᠎ᠠ ᠠ᠋ᠴᠠ ᠴᠡᠷᠢᠭ ᠲᠣᠮᠢᠯᠠᠵᠤ ᠦᠯᠵᠡᠢᠰᠠᠩ ᠤ᠋ᠨ ᠭᠠᠵᠠᠷᠴᠢᠯᠠᠯ ᠢ᠋ᠶ᠋ᠠᠷ ᠭᠦᠨ ᠠᠭᠤᠯᠠᠨ ᠳ᠋ᠤ᠌ ᠤᠳᠠᠭᠠᠨ ᠵᠢᠯ ᠨᠢᠭᠤᠭᠳᠠᠭᠰᠠᠨ ᠣᠷᠭᠣᠳᠠᠭᠤᠯ ᠶᠠᠯᠠᠲᠠᠨ ᠠᠩᠴᠢᠨᠵᠠᠪ ᠢ ᠬᠠᠢᠵᠤ ᠶᠠᠪᠤᠨ ᠪᠠᠷᠢᠪᠴᠢᠯᠠᠬᠤ ᠭᠡᠳ ᠳᠡᠢᠯᠦᠭᠰᠡᠨ ᠦᠭᠡᠢ᠃ ᠲᠡᠭᠡᠪᠡᠴᠦ ᠲᠡᠷᠡ ᠶᠠᠯᠠᠲᠠᠨ ᠤ᠋ ᠡᠦᠲᠦ ᠬᠠᠮᠢᠭ᠎ᠠ ᠪᠠᠢᠬᠤ ᠶ᠋ᠢ ᠪᠠᠲᠤ ᠨᠤᠲᠠᠲᠠᠢ ᠮᠡᠳᠡᠭᠰᠡᠨ ᠢ᠋ᠶ᠋ᠡᠷ ᠢᠷᠡᠵᠦ ᠮᠡᠳᠡᠭᠡ ᠬᠦᠷᠭᠡᠵᠦ ᠪᠠᠢᠨ᠎ᠠ᠃
ᠡᠳᠦᠭᠡ ᠮᠡᠳᠡᠭᠳᠡᠬᠦ ᠢᠨᠤ᠂ ᠨᠢᠭᠡ ᠳ᠋ᠦ᠍ ᠲᠠᠨ ᠤ᠋ ᠬᠤᠰᠢᠭᠤᠨ ᠤ᠋ ᠠᠯᠪᠠᠲᠤ ᠴᠡᠷᠢᠭ ᠭᠠᠵᠠᠷᠴᠢ (ᠠᠭᠤᠯᠠ ᠬᠠᠳᠠᠨ ᠳ᠋ᠤ᠌ ᠰᠠᠢᠨ ᠶᠠᠪᠤᠳᠠᠭ) ᠴᠡᠷᠢᠭ ᠢ᠋ᠶ᠋ᠡᠨ ᠦᠳᠲᠡᠷ ᠲᠣᠮᠢᠯᠠᠵᠤ ᠢᠷᠡᠭᠦᠯᠦᠨ ᠣᠷᠭᠣᠳᠠᠭᠤᠯ ᠶᠠᠯᠠᠲᠠᠨ ᠢ᠋ᠶ᠋ᠠᠨ ᠪᠠᠷᠢᠪᠴᠢᠯᠠᠬᠤ ᠳ᠋ᠤ᠌ ᠲᠤᠰᠠᠯᠠᠯᠴᠠᠭᠲᠤᠨ ! ᠨᠥᠭᠥᠭᠡᠲᠡᠭᠡᠭᠦᠷ 《ᠵᠠᠷ ᠲᠤᠩᠬᠠᠭ》 ᠤ᠋ᠨ ᠶᠣᠰᠣᠭᠠᠷ ᠦᠯᠵᠡᠢᠰᠠᠩ ᠵᠢᠴᠢ ᠶᠠᠯᠠᠲᠠᠨ ᠢ᠋ ᠪᠠᠷᠢᠪᠴᠢᠯᠠᠬᠤ ᠳ᠋ᠤ᠌ ᠶᠠᠪᠤᠯᠴᠠᠭᠰᠠᠨ ᠮᠠᠨ ᠤ᠋ ᠰᠡᠷᠭᠡᠢᠯᠡᠨ ᠬᠠᠮᠠᠭᠠᠯᠠᠬᠤ ᠴᠡᠷᠢᠭ ᠲᠦ᠍ ᠱᠠᠩ ᠬᠦᠷᠲᠡᠭᠡᠬᠦ ᠲᠤᠬᠠᠢ ᠪᠣᠳᠣᠯᠬᠢᠯᠠᠬᠤ ᠶ᠋ᠢ ᠠᠳᠠ ᠣᠨᠴᠠᠭᠠᠢᠯᠠᠨ ᠮᠡᠳᠡᠭᠳᠡᠪᠡᠢ᠃
ᠡᠨᠡ ᠰᠠᠢᠨ ᠴᠢᠮᠡᠭᠡ ᠬᠦᠩ ᠨᠣᠶᠠᠨ ᠤ᠋ ᠴᠢᠬᠢ ᠶ᠋ᠢ ᠪᠠᠶᠠᠰᠬᠠᠵᠤ᠂ ᠡᠪᠡᠳᠴᠢᠨ ᠠᠷᠬᠠᠭ ᠨᠢ ᠡᠷᠡᠭᠦᠯᠵᠢᠬᠦ ᠴᠤ᠌ ᠮᠠᠭᠠᠳ ᠦᠭᠡᠢ ᠪᠤᠶᠤ᠃
ᠡᠭᠦᠨ ᠦ᠌ ᠲᠤᠯᠠ ᠬᠢᠴᠢᠶᠡᠩᠭᠦᠢᠯᠡᠨ ᠶᠣᠰᠣᠯᠠᠪᠠᠢ
ᠪᠤᠭᠤᠲᠤ ᠶ᠋ᠢᠨ ᠠᠲᠠᠷ ᠬᠠᠭᠠᠯᠪᠤᠷᠢᠯᠠᠬᠤ ᠲᠣᠪᠴᠢᠶ᠎ᠠ ᠠ᠋ᠴᠠ ( ᠲᠠᠮᠠᠭ᠎ᠠ )
ᠭᠡᠰᠡᠨ ᠵᠠᠬᠢᠳᠠᠯ ᠢ᠋ ᠬᠣᠰᠢᠭᠤ ᠵᠠᠬᠢᠷᠤᠭᠴᠢ ᠷᠠᠰᠢᠳᠠᠷᠵᠠ ᠲᠣᠰᠴᠤ ᠭᠦᠶᠦᠯᠭᠡᠨ ᠨᠢᠳᠦᠯᠡᠭᠡᠳ ᠬᠡᠪᠲᠡᠯᠭᠡᠨ ᠳ᠋ᠡᠭᠡᠨ ᠪᠠᠢᠭ᠎ᠠ ᠬᠦᠩ ᠨᠣᠶᠠᠨ ᠤ᠋ ᠳᠡᠷᠡ ᠶ᠋ᠢᠨ ᠬᠠᠵᠠᠭᠤ ᠳ᠋ᠤᠨᠢ ᠠᠪᠠᠴᠢᠨ ᠳᠠᠭᠤᠳᠠᠵᠤ ᠥᠭᠪᠡᠯ ᠠᠩᠴᠢᠨᠵᠠᠪ ᠭᠡᠰᠡᠨ ᠢ᠋ ᠰᠣᠨᠣᠰᠤᠩᠭᠤᠲᠠ ᠬᠦᠩ ᠨᠣᠶᠠᠨ ᠤ᠋ ᠴᠢᠷᠠᠢ ᠨᠢ ᠴᠢᠨᠦᠷᠡᠨ ᠬᠥᠬᠡᠷᠡᠵᠦ᠂ ᠠᠮᠢᠰᠬᠤᠭ᠎ᠠ ᠨᠢ ᠳᠡᠭᠡᠷᠡᠳᠪᠡ᠃
ᠬᠠᠵᠠᠭᠤ ᠬᠠᠪᠢᠷᠭ᠎ᠠ ᠶ᠋ᠢᠨ ᠬᠥᠮᠦᠰ ᠰᠠᠨᠳᠤᠷᠴᠤ ᠰᠤᠪᠢᠯᠠᠯᠲᠠ ᠶ᠋ᠢᠨ ᠡᠮᠴᠢ ᠯᠠᠮᠠᠬᠠᠢ ᠶ᠋ᠢ ᠳᠠᠭᠤᠳᠠᠵᠤ ᠠᠳᠠ ᠲᠡᠨᠳᠡ ᠨᠢ ᠳᠣᠮᠨᠣᠵᠤ ᠳᠡᠮᠨᠡᠭᠰᠡᠨ ᠡᠴᠡ ᠪᠠᠬᠠᠨ ᠨᠠᠮᠵᠢᠰᠬᠢᠪᠠ᠃
ᠨᠢᠭᠡ ᠬᠡᠰᠡᠭ ᠤᠳᠠᠭᠠᠳ ᠬᠦᠩ ᠨᠣᠶᠠᠨ ᠡᠭᠦᠳᠡ ᠤᠷᠤᠭᠤ 《ᠴᠠᠭᠠᠰᠢ ᠪᠠᠨ ! ᠴᠠᠭᠠᠰᠢ ᠪᠠᠨ ᠶᠠᠪᠤ ! 》 ᠭᠡᠰᠡᠨ ᠰᠢᠤᠬᠡᠨ ᠳᠣᠬᠢᠶ᠎ᠠ ᠵᠠᠩᠭᠠᠵᠤ᠄
— ᠴᠠᠭᠠᠰᠢ ᠪᠠᠨ ᠴᠠᠭᠠᠰᠢ ᠪᠠᠨ ᠁ ᠠᠯᠢ ᠶᠠᠰᠢᠨ ᠭᠠᠯᠪᠠ ᠶ᠋ᠢᠨ ᠶᠠᠭᠤᠮ᠎ᠠ ᠶ᠋ᠢ ᠁ ᠳ᠋ᠠᠭᠳᠠᠨ ᠳᠠ ᠯᠠᠮᠠ ᠁ ᠳ᠋ᠠᠭᠳᠠᠨ ᠁ ᠭᠡᠵᠦ ᠮᠠᠰᠢ ᠳᠣᠷᠣᠢ ᠳᠠᠭᠤ ᠪᠠᠷ ᠬᠡᠯᠡᠭᠰᠡᠨ ᠪᠣᠯᠪᠠᠴᠤ ᠭᠦᠨ ᠬᠣᠷᠣᠰᠤᠯᠲᠠᠢ ᠤᠳᠬ᠎ᠠ ᠨᠢᠭᠤᠭᠳᠠᠵᠤ ᠪᠠᠢᠯ᠎ᠠ᠃ ᠠᠭᠤᠷ ᠬᠢᠯᠢᠩ ᠨᠢ ᠪᠠᠭᠲᠠᠷᠠᠭᠰᠠᠨ ᠬᠦᠩ ᠨᠣᠶᠠᠨ ᠡᠢᠨᠬᠦ ᠬᠡᠳᠦᠬᠡᠨ ᠦᠭᠡ ᠴᠤᠪᠤᠭᠤᠯᠵᠤ ᠬᠡᠯᠡᠬᠦ ᠳ᠋ᠡᠭᠡᠨ ᠬᠡᠴᠢᠨᠡᠭᠡᠨ ᠬᠦᠨᠳᠦ ᠨᠦᠰᠡᠷ ᠶᠠᠭᠤᠮ᠎ᠠ ᠡᠷᠭᠦᠭᠰᠡᠨ ᠰᠢᠭ ᠰᠦᠢᠯᠡᠬᠢᠯᠡᠨ ᠠᠮᠢᠰᠬᠤᠭᠠᠳᠠᠵᠤ ᠬᠠᠯᠵᠠᠷᠠᠬᠤ ᠥᠷᠭᠡᠨ ᠮᠠᠩᠨᠠᠢ ᠪᠣᠯᠤᠨ ᠬᠠᠮᠠᠷ ᠤ᠋ᠨ ᠱᠣᠪᠣᠩ ᠳᠡᠭᠡᠷ᠎ᠡ ᠨᠢ ᠢᠨᠵᠠᠭᠠᠨ ᠤ᠋ ᠬᠣᠷᠭᠣᠯ ᠭᠡᠮᠡᠷ ᠪᠥᠮᠪᠦᠭᠡᠨ ᠬᠥᠯᠥᠰᠥ ᠴᠢᠬᠠᠷᠠᠨᠠ᠃
ᠲᠡᠭᠡᠭᠡᠳ ᠬᠦᠩ ᠨᠣᠶᠠᠨ ᠠᠯᠭᠤᠷ ᠨᠢᠳᠦ ᠪᠡᠨ ᠠᠨᠢᠨ ᠬᠣᠶᠠᠷ ᠭᠠᠷ ᠢ᠋ᠶ᠋ᠠᠨ ᠵᠢᠷᠦᠬᠡᠨ ᠲᠤᠰᠢᠶ᠎ᠠ ᠪᠠᠨ ᠳᠠᠷᠤᠯᠬᠢᠯᠠᠨᠠ ᠁
ᠨᠣᠶᠠᠳ ᠲᠦᠰᠢᠮᠡᠳ ᠦ᠋ᠨ ᠰᠢᠨᠠᠭᠠᠨ ᠳᠣᠣᠷ᠎ᠠ ᠠᠰᠢᠭ ᠳᠣᠩᠰᠢᠵᠤ ᠨᠡᠷ᠎ᠡ ᠬᠣᠨᠵᠢᠬᠤ ᠳ᠋ᠠᠭᠠᠨ ᠠᠷᠠᠰᠤ ᠪᠠᠨ ᠱᠠᠭᠠᠯᠵᠤ ᠮᠢᠬ᠎ᠠ ᠪᠠᠨ ᠲᠤᠶᠠᠴᠢᠬᠤ ᠠ᠋ᠴᠠ ᠣᠨᠳᠣᠣ ᠠᠷᠭ᠎ᠠ ᠪᠦᠬᠦᠨ ᠢ᠋ ᠰᠢᠩᠰᠢᠯᠡᠨ ᠭᠦᠶᠦᠳᠡᠭ ᠬᠥᠮᠦᠨ ᠦ᠌ ᠨᠢᠭᠡ ᠦᠯᠵᠡᠢᠰᠠᠩ ᠳ᠋ᠠᠭᠳᠠᠨ ᠳᠠ ᠯᠠᠮᠠ ᠶ᠋ᠢᠨ ᠲᠣᠯᠣᠭᠠᠢ ᠶ᠋ᠢ ᠣᠭᠲᠣᠯᠵᠤ ᠬᠦᠩ ᠨᠣᠶᠠᠨ ᠤ᠋ ᠡᠮᠦᠨ᠎ᠡ ᠪᠠᠷᠢᠭᠠᠳ ᠠᠯᠲᠠ ᠮᠥᠩᠭᠥᠨ ᠦ᠌ ᠬᠦᠨᠳᠦ ᠱᠠᠩ ᠭᠣᠷᠢᠳᠠᠭᠠᠳ ᠣᠯᠤᠭᠰᠠᠨ ᠦᠭᠡᠢ ᠬᠠᠷᠢᠨ ᠠᠯᠠᠭᠠᠳᠠᠭᠤᠷ ᠱᠠᠩ ᠬᠦᠷᠲᠡᠵᠦ ᠶᠠᠮᠤᠨ ᠤ᠋ ᠬᠦᠷᠢᠶ᠎ᠡ ᠡᠴᠡ ᠬᠥᠭᠡᠭᠡᠭᠳᠡᠭᠰᠡᠨ ᠳ᠋ᠡᠭᠡᠨ ᠬᠦᠩ ᠨᠣᠶᠠᠨ ᠢ᠋ ᠵᠠᠨᠤᠨ ᠬᠣᠷᠣᠰᠤᠭᠰᠠᠨ ᠬᠣᠷᠣᠨ ᠳ᠋ᠠᠭᠠᠨ ᠥᠮᠥᠳᠥᠨ ᠳ᠋ᠡᠭᠡᠨ ᠰᠢᠭᠡᠰᠦ ᠠᠯᠳᠠᠵᠤ ᠶᠠᠪᠤᠵᠠᠢ᠃ 《ᠵᠠ ᠪᠠᠢᠵᠠ᠂ ᠮᠠᠭᠤ ᠰᠢᠷᠠᠪᠳᠤᠷᠵᠢ ᠴᠢ ᠱᠠᠯᠢᠭ ᠵᠠᠪᠬᠠᠢ ᠠᠮᠢᠳᠤᠷᠠᠯ ᠳ᠋ᠤ᠌ ᠱᠠᠩᠳᠠᠭᠤᠷᠠᠵᠤ ᠡᠮᠡᠰ ᠦ᠋ᠨ ᠠᠯᠠᠨ ᠳ᠋ᠤ᠌ ᠲᠣᠯᠣᠭᠠᠢ ᠪᠠᠷ ᠢ᠋ᠶ᠋ᠠᠨ ᠮᠥᠷᠭᠥᠭᠰᠡᠭᠡᠷ ᠪᠠᠢᠵᠤ ᠰᠠᠢᠨ ᠮᠠᠭᠤ ᠬᠥᠮᠦᠨ ᠢ᠋ ᠲᠠᠨᠢᠳᠠᠭ ᠦᠭᠡᠢ ᠨᠣᠭᠣᠭᠠᠨ ᠤ᠋ ᠲᠠᠤᠯᠠᠢ ᠰᠢᠭ᠋ ᠨᠢᠳᠦ ᠴᠢᠨᠢ ᠬᠥᠬᠡᠷᠡᠴᠢᠬᠡᠵᠡᠢ᠃ <ᠨᠣᠮᠣᠬᠠᠨ ᠮᠣᠷᠢᠨ ᠤ᠋ ᠴᠢᠨᠢ ᠨᠣᠭᠲᠣ᠂ ᠳᠣᠭᠰᠢᠨ ᠮᠣᠷᠢᠨ ᠤ᠋ ᠴᠢᠨᠢ ᠴᠢᠳᠥᠷ> ᠪᠣᠯᠤᠶᠤ ᠭᠡᠵᠦ ᠡᠮᠦᠨ᠎ᠡ ᠡᠴᠡ ᠴᠢᠨᠢ ᠠᠯᠠᠭ ᠦᠭᠡᠢ ᠠᠮᠢᠳᠢᠵᠤ ① ᠶᠠᠪᠤᠭᠰᠠᠨ ᠤ᠋ ᠠᠴᠢ ᠬᠠᠷᠢᠭᠤ ᠶᠠᠭᠤ ᠪᠣᠢ? ᠠᠯᠠᠭᠠᠳᠠᠭᠤᠷ ᠠᠮᠰᠠᠵᠤ ᠠᠯᠪᠠ ᠪᠠᠨ ᠬᠠᠭᠤᠯᠤᠭᠤᠯᠤᠭᠰᠠᠨ ᠬᠣᠬᠢ ᠨᠢ ᠪᠣᠯᠵᠢ ᠠ᠋ ᠪᠢ! ᠡᠭᠦᠨ ᠢ᠋ ᠴᠢᠨᠢ ᠡᠷᠲᠡ ᠡᠴᠡ ᠮᠡᠳᠡᠭᠰᠡᠨ ᠪᠣᠯ ᠡᠴᠢᠭᠡ ᠳ᠋ᠡᠭᠡᠨ ᠪᠢ ᠡᠷ᠎ᠡ ᠡᠮ᠎ᠡ ᠶ᠋ᠢᠨ ᠬᠣᠭᠣᠷᠣᠨᠳᠣ ᠡᠯᠵᠢᠭᠡ ᠪᠣᠯᠵᠤ ᠵᠢᠷᠣᠭᠠᠯᠠᠪᠠ ! ᠬᠤᠷᠢᠮ ᠳᠡᠭᠡᠷ᠎ᠡ ᠪᠠᠭ᠎ᠠ ᠬᠠᠲᠤᠨ ᠢ᠋ ᠴᠢᠨᠢ ᠬᠤᠯᠠᠭᠠᠢ ᠠᠪᠠᠴᠢᠬᠤ ᠠᠯᠳᠠᠬᠤ ᠳ᠋ᠤ᠌ ᠬᠠᠮᠤᠭ ᠤ᠋ᠨ ᠠᠩᠬ᠎ᠠ ᠣᠯᠵᠤ ᠬᠠᠷᠠᠭᠰᠠᠨ ᠨᠢ ᠬᠡᠨ ᠪᠢᠯᠡ? ᠪᠠᠰᠠ ᠮᠠᠨᠴᠤᠷᠭ᠎ᠠ᠂ ᠬᠠᠢᠷᠠᠲᠠᠢ ᠴᠡᠴᠡᠭ ᠬᠠᠲᠤᠨ ᠤ᠋ ᠴᠢᠨᠢ ᠡᠪᠦᠷ ᠲᠦ᠍ ᠰᠢᠷᠭᠤᠵᠤ ᠁ ᠨᠣᠶᠠᠨ ᠲᠠᠨ ᠤ᠋ ᠤᠯᠠᠭᠠᠨ ᠨᠢᠭᠤᠷ ᠲᠤ ᠨᠣᠭᠣᠭᠠᠨ ᠤ᠋ ᠦᠨᠢᠶᠡᠨ ᠦ᠌ ᠨᠣᠢᠲᠠᠨ ᠪᠠᠭᠠᠰᠤ ᠪᠢᠯᠳᠠᠵᠤ ᠨᠡᠷ᠎ᠡ ᠲᠥᠷᠥ ᠶ᠋ᠢ ᠴᠢᠨᠢ ᠬᠤᠭᠤᠯᠤᠭᠰᠠᠨ ᠠᠭᠤᠴᠢᠯᠠᠰᠢ ᠦᠭᠡᠢ ᠶᠡᠬᠡ ᠶᠠᠯ᠎ᠠ ᠨᠢᠭᠦᠯ ᠬᠢᠵᠦ ᠶᠠᠪᠤᠭ᠎ᠠ ᠶ᠋ᠢ ᠬᠡᠨ ᠬᠠᠮᠤᠭ ᠠᠩᠬ᠎ᠠ ᠰᠡᠷᠡᠵᠦ ᠮᠡᠳᠡᠨ ᠲᠡᠭᠦᠨ ᠢ᠋ ᠪᠠᠷᠢᠵᠤ ᠠᠪᠤᠪᠠ ⁈ ᠬᠡᠩ᠂ ᠲᠠᠨ ᠤ᠋ ᠡᠪᠦᠳᠦᠭ ᠳᠣᠣᠷ᠎ᠠ ᠡᠢᠮᠦ ᠨᠢᠭᠡ ᠦᠯᠵᠡᠢᠰᠠᠩ ᠰᠢᠬ ᠰᠢᠳᠤᠷᠭᠤ ᠬᠥᠮᠦᠨ ᠦᠬᠦᠬᠦ ᠪᠡᠨ ᠮᠡᠳᠡᠬᠦ ᠦᠭᠡᠢ ᠵᠢᠳᠬᠦᠵᠦ ᠦᠨᠡᠨ ᠮᠥᠨ ᠢ᠋ ᠢᠯᠡᠷᠡᠭᠦᠯᠦᠭᠰᠡᠨ ᠦᠭᠡᠢ ᠪᠣᠯ ᠥᠨᠥᠳᠥᠷ ᠦ᠋ᠨ ᠬᠤᠪᠢ ᠳ᠋ᠤ᠌ ᠤᠴᠢᠷ ᠶᠠᠪᠤᠳᠠᠯ ᠶᠠᠮᠠᠷ ᠪᠣᠯᠤᠭ᠎ᠠ ᠶ᠋ᠢ ᠲᠥᠰᠦᠪᠯᠡᠵᠦ ᠮᠡᠳᠡᠬᠦᠶ᠎ᠡ ᠪᠡᠷᠬᠡ ! ᠠᠢ ᠳᠠ ! ᠪᠢ ᠡᠯᠳᠡᠩᠭᠡ ᠲᠤᠰᠠᠯᠠᠭᠴᠢ ᠶ᠋ᠢᠨ ᠡᠮᠦᠨ᠎ᠡ ᠡᠴᠡ ᠠᠮᠢᠳᠢᠠ᠋ᠰᠠᠨ ᠪᠣᠯ ᠡᠢᠮᠦ ᠲᠠᠵᠢᠶᠠᠨ ᠳ᠋ᠤ᠌ ᠠᠷᠠᠢ ᠬᠦᠷᠬᠦ ᠦᠭᠡᠢ ᠰᠠᠨ᠃ ᠡᠯᠳᠡᠩᠭᠡ ᠲᠤᠰᠠᠯᠠᠭᠴᠢ ᠶ᠋ᠢᠨ ᠬᠣᠯᠠ ᠶ᠋ᠢᠨ ᠪᠣᠳᠣᠯ ᠲᠠᠢ ᠬᠤᠯᠵᠢᠨ ᠠᠷᠭᠠᠨ ᠠ᠋ᠴᠠ ᠪᠠᠷᠤᠭ ᠤ᠋ᠨ ᠬᠥᠮᠦᠨ ᠮᠤᠯᠲᠤᠷᠠᠵᠤ ᠴᠢᠳᠠᠬᠤ ᠦᠭᠡᠢ᠃ ᠲᠡᠭᠡᠪᠡᠴᠦ ᠡᠯᠳᠡᠩᠭᠡ ᠲᠤᠰᠠᠯᠠᠭᠴᠢ <ᠬᠠᠷᠢᠭᠤ ᠪᠠᠢᠪᠠᠯ ᠪᠠᠷᠢᠭᠤ ᠲᠠᠢ᠂ ᠪᠢᠷᠠᠭᠤ ᠥᠭᠪᠡᠯ ᠲᠤᠭᠤᠯ ᠲᠠᠢ> ᠭᠡᠳᠡᠭ ᠢ᠋ᠶ᠋ᠡᠷ ᠳᠡᠭᠡᠷ᠎ᠡ ᠳᠣᠣᠷ᠎ᠠ ᠬᠥᠮᠦᠨ᠂ ᠬᠠᠷᠠᠴᠤ ᠠᠯᠪᠠᠲᠤ ᠵᠠᠷᠤᠴᠠ ᠪᠣᠭᠣᠯ ᠢ᠋ᠶ᠋ᠠᠨ ᠴᠤ᠌ <ᠡᠬᠡ ᠶ᠋ᠢ ᠨᠢ ᠡᠴᠡᠭᠡᠬᠦ ᠦᠭᠡᠢ᠂ ᠲᠤᠭᠤᠯ ᠢ᠋ ᠨᠢ ᠲᠤᠷᠠᠭᠠᠬᠤ ᠦᠭᠡᠢ> ᠪᠠᠢᠵᠤ ᠠᠯᠢᠨ ᠢ᠋ ᠨᠢ ᠭᠣᠮᠣᠳᠠᠭᠠᠬᠤ ᠠᠵᠢᠯ ᠶᠡᠷᠦ ᠬᠢᠳᠡᠭ ᠦᠭᠡᠢ᠃ ᠶᠠᠪᠤᠳᠠᠯ ᠤ᠋ᠨ ᠬᠣᠢᠲᠤ ᠮᠥᠷ ᠲᠦ᠍ ᠬᠦᠩ ᠨᠣᠶᠠᠨ ᠲᠠᠨ ᠤ᠋ ᠡᠷᠡᠬᠡᠢ ᠶ᠋ᠢᠨ ᠴᠢᠨᠡᠭᠡᠨ ᠡᠮ᠎ᠡ ᠶ᠋ᠢᠨ ᠤᠬᠠᠭᠠᠨ ᠴᠢᠨᠢ ᠡᠯᠳᠡᠩᠭᠡ ᠶ᠋ᠢᠨ ᠭᠠᠷ ᠲᠤ ᠬᠠᠲᠠᠵᠤ ᠬᠣᠷᠪᠣᠢᠨᠠ ᠪᠣᠢ᠃ ᠵᠠ ᠪᠣᠯᠵᠢ ᠠ᠋ ! ᠡᠷ᠎ᠡ ᠬᠥᠮᠦᠨ ᠭᠡᠮᠰᠢᠭᠦᠯᠡᠩ ᠦ᠋ᠨ ᠬᠣᠢᠨ᠎ᠠ ᠠ᠋ᠴᠠ ᠳᠡᠩᠰᠢᠳᠡᠭ ᠦᠭᠡᠢ᠃ ᠤᠨᠠᠭᠰᠠᠨ ᠭᠠᠵᠠᠷ ᠠ᠋ᠴᠠ ᠪᠠᠨ ᠰᠢᠷᠣᠢ ᠠᠳᠬᠤᠨ ᠪᠣᠰᠳᠠᠭ ᠨᠢ ᠡᠷ᠎ᠡ ᠬᠥᠮᠦᠨ ᠦ᠌ ᠡᠷᠡᠮᠡᠬᠡᠢ ᠠᠷᠠᠨᠰᠢᠨ ᠪᠤᠶᠤ᠃ ᠡᠪᠡᠳᠴᠢᠨ ᠦ᠌ ᠲᠤᠯᠤᠮ ᠡᠭᠦᠷᠦᠭᠰᠡᠨ ᠴᠢᠮᠠᠶ᠋ᠢ ᠪᠢ ᠶᠠᠭᠠᠬᠢᠵᠤ ᠭᠡᠬᠦ ᠶ᠋ᠢ ᠬᠠᠷᠠᠵᠤ ᠪᠠᠢ᠃ ᠠᠩᠴᠢᠨᠵᠠᠪ ᠢ᠋ ᠪᠠᠷᠢᠵᠤ ᠠᠪᠴᠢᠷᠠᠭᠠᠳ ᠡᠪᠦᠳᠦᠭ ᠳᠣᠣᠷ᠎ᠠ ᠴᠢᠨᠢ ᠰᠥᠭᠥᠳᠬᠡᠬᠦ ᠳ᠋ᠦ᠍ ᠲᠠᠨ ᠤ᠋ ᠳᠣᠲᠣᠷ᠎ᠠ ᠶᠠᠭᠤ ᠪᠣᠳᠣᠭᠳᠠᠳᠠᠭ ᠪᠣᠯ ᠠ᠋ ? ᠬᠠᠷᠢᠨ ᠴᠠᠭᠠᠨ᠎ᠠ ᠨᠢ ᠡᠪᠡᠷ ᠢ᠋ᠶ᠋ᠡᠨ ᠳᠠᠭᠠᠭᠠᠬᠤ ᠦᠭᠡᠢ ᠬᠠᠪᠤᠷ ᠤ᠋ᠨ ᠬᠥᠭᠰᠢᠨ ᠤᠬᠤᠨ᠎ᠠ ᠰᠦᠷᠦᠭ ᠢ᠋ᠶ᠋ᠡᠨ ᠬᠥᠭᠡᠭᠡᠵᠦ ᠭᠦᠢᠴᠡᠬᠦ ᠦᠭᠡᠢ ᠳ᠋ᠡᠭᠡᠨ ᠪᠣᠷᠪᠢ ᠲᠠᠮᠤᠯᠳᠤᠨ ᠭᠣᠢᠭᠣᠷᠴᠤ <ᠮᠠᠢ᠂ ᠮᠠᠢ ᠁ ᠨᠠᠮᠠᠶ᠋ᠢ ᠬᠦᠯᠢᠶᠡᠵᠦ ᠪᠠᠢ!> ᠭᠡᠬᠦ ᠰᠢᠭ ᠰᠥᠭᠡᠩᠭᠢ ᠪᠠᠷᠭᠢᠷᠠ ᠳᠠᠭᠤᠨ ᠢ᠋ᠶ᠋ᠠᠷ ᠮᠠᠢᠯᠠᠭᠰᠠᠨ ᠳᠦᠷᠢ ᠲᠡᠢ ᠬᠥᠭᠡᠷᠦᠬᠦᠢ ᠬᠣᠴᠣᠷᠤᠨ᠎ᠠ ᠳᠠ ! ᠡᠭᠦᠨ ᠦ᠌ ᠡᠰᠡᠷᠭᠦ ᠪᠠᠭ᠎ᠠ ᠬᠠᠲᠤᠨ ᠤ᠋ ᠪᠣᠳᠣᠯ ᠳ᠋ᠤ᠌ ᠮᠠᠨᠠᠭᠳᠠᠭᠰᠠᠨ ᠢᠨᠠᠭ ᠤ᠋ᠨ ᠭᠠᠯ ᠴᠣᠭᠰᠢᠨ ᠤᠭᠤᠭᠢᠬᠤ ᠶ᠋ᠢ ᠬᠠᠷᠠᠶ᠎ᠠ ᠪᠠᠢᠵᠠ ! 》 ᠭᠡᠵᠦ ᠬᠤᠷᠤᠰᠬᠠᠨᠠᠨ ᠪᠣᠳᠣᠵᠤ ᠪᠠᠷᠠᠭᠤᠨ ᠬᠣᠰᠢᠭᠤ ᠶᠠᠮᠤᠨ ᠠ᠋ᠴᠠ ᠬᠡᠯᠲᠦᠷᠢᠵᠦ ᠶᠠᠪᠤᠨ ᠪᠤᠭᠤᠲᠤ ᠤᠷᠤᠭᠤ ᠣᠷᠣᠵᠢ ᠪᠢᠯᠡ᠃
ᠦᠯᠵᠡᠢᠰᠠᠩ ᠬᠣᠰᠢᠭᠤ ᠶᠠᠮᠤᠨ ᠤ᠋ ᠰᠢᠳᠠᠷ ᠭᠣᠴᠢᠭ᠎ᠠ ᠶ᠋ᠢᠨ ᠠᠯᠪᠠ ᠠ᠋ᠴᠠ ᠪᠠᠨ ᠬᠥᠭᠡᠭᠡᠭᠳᠡᠭᠡᠳ ᠪᠤᠭᠤᠲᠤ ᠶ᠋ᠢᠨ ᠮᠤᠬᠤᠷ ᠭᠤᠳᠤᠮᠵᠢ ᠪᠠᠷ ᠲᠡᠨᠦᠵᠦ ᠴᠠᠭ ᠲᠥᠷᠥ ᠶ᠋ᠢᠨ ᠪᠠᠢᠳᠠᠯ ᠢ᠋ ᠠᠵᠢᠭᠯᠠᠨ ᠪᠡᠶ᠎ᠡ ᠳ᠋ᠦ᠍ᠨᠢ ᠠᠰᠢᠭᠲᠠᠢ ᠲᠣᠬᠢᠶᠠᠯ ᠢ᠋ ᠮᠠᠨᠠᠵᠤ ᠪᠠᠢᠯ᠎ᠠ᠃
ᠡᠨᠡ ᠦᠶ᠎ᠡ ᠳ᠋ᠦ᠍ ᠬᠦᠩ ᠨᠣᠶᠠᠨ ᠤ᠋ ᠬᠡᠢ ᠮᠣᠷᠢ ᠨᠢ ᠬᠡᠪᠲᠡᠵᠦ ᠵᠠᠶᠠᠭ᠎ᠠ ᠨᠢ ᠬᠠᠵᠠᠢᠭᠰᠠᠨ ᠪᠠᠢᠵᠠᠢ᠃ ᠥᠭᠶᠥᠭᠡ ᠰᠢᠩᠰᠢᠯᠡᠭᠰᠡᠨ ᠦᠨᠡᠭᠡ ᠰᠢᠭ ᠦᠯᠵᠡᠢᠰᠠᠩ ᠡᠭᠦᠨ ᠢ᠋ ᠶᠠᠭᠠᠬᠢᠵᠤ ᠠᠯᠳᠠᠵᠤ ᠶᠠᠪᠤᠭᠤᠯᠬᠤ ᠪᠢᠯᠡ !
ᠬᠠᠢᠷᠠᠲᠠᠢ ᠴᠡᠴᠡᠭ ᠬᠠᠲᠤᠨ ᠨᠢ ᠪᠡᠶ᠎ᠡ ᠪᠡᠨ ᠬᠣᠣᠷᠯᠠᠭᠰᠠᠨ ᠁ ᠳ᠋ᠠᠭᠳᠠᠨ ᠳᠠ ᠯᠠᠮᠠ ᠶ᠋ᠢᠨ ᠲᠣᠯᠣᠭᠠᠢ ᠠ᠋ᠴᠠ ᠠᠶᠤᠨ ᠰᠣᠴᠢᠵᠤ ᠡᠪᠡᠳᠴᠢᠯᠡᠭᠰᠡᠨ ᠡᠴᠡ ᠪᠠ ᠵᠠᠰᠠᠭ ᠲᠥᠷᠥ᠂ ᠬᠣᠰᠢᠭᠤ ᠶᠠᠮᠤᠨ ᠤ᠋ ᠶᠠᠷᠰᠢᠭ ᠲᠦᠪᠡᠭ ᠣᠯᠠᠨ ᠡᠭᠡᠳᠡᠷᠡᠭᠡᠨᠲᠦ ᠤᠷᠰᠢᠭ ᠠ᠋ᠴᠠ ᠪᠣᠯᠵᠤ ᠡᠪᠡᠳᠴᠢᠨ ᠨᠢ ᠤᠯᠠᠮ ᠬᠦᠨᠳᠦᠷᠡᠬᠦ ᠡᠴᠡ ᠪᠢᠰᠢ ᠢᠯᠠᠷᠢᠰᠢᠳᠡᠭ ᠦᠭᠡᠢ ᠶ᠋ᠢ ᠣᠯᠵᠤ ᠮᠡᠳᠡᠭᠰᠡᠨ ᠦᠯᠵᠡᠢᠰᠠᠩ ᠤ᠋ᠨ ᠳᠣᠲᠣᠷ᠎ᠠ ᠥᠰᠢᠯ ᠰᠢᠨᠤᠯ ᠨᠢ ᠣᠪᠣᠯᠵᠠᠵᠤ᠂ ᠬᠦᠩ ᠨᠣᠶᠠᠨ ᠤ᠋ ᠵᠠᠶᠠᠭ᠎ᠠ ᠨᠢ ᠬᠠᠵᠠᠢᠬᠤ ᠳ᠋ᠤ᠌ ᠬᠠᠵᠠᠭᠤ ᠠ᠋ᠴᠠ ᠨᠢ ᠨᠢᠳᠤᠷᠬᠤ ᠵᠣᠯ ᠵᠠᠪᠰᠢᠶᠠᠨ ᠪᠣᠯᠤᠯ᠎ᠠ ᠭᠡᠳ ᠪᠡᠶᠡᠰᠴᠦ ᠪᠠᠷᠤᠭ ᠬᠣᠰᠬᠢᠨᠠᠭ ᠨᠢ ᠬᠦᠷᠲᠡᠯ᠎ᠡ ᠢᠨᠢᠶᠡᠳᠦ ᠠᠯᠳᠠᠮᠠᠷ ᠪᠣᠯᠵᠠᠢ᠃ ᠡᠢᠨᠬᠦ ᠲᠡᠷᠡ ᠪᠤᠭᠤᠲᠤ ᠳ᠋ᠤ᠌ ᠰᠠᠭᠤᠭ᠎ᠠ ᠠᠲᠠᠷ ᠬᠠᠭᠠᠯᠪᠤᠷᠢᠯᠠᠬᠤ ᠲᠣᠪᠴᠢᠶ᠎ᠠ ᠶ᠋ᠢᠨ ᠰᠡᠷᠭᠡᠢᠯᠡᠨ ᠬᠠᠮᠠᠭᠠᠯᠠᠬᠤ ᠴᠡᠷᠢᠭ ᠲᠦ᠍ ᠣᠴᠢᠵᠤ ᠠᠩᠴᠢᠨᠵᠠᠪ ᠤ᠋ᠨ ᠲᠤᠬᠠᠢ ᠡᠨᠡ ᠲᠡᠷᠡ ᠠᠨᠢᠷ ᠵᠠᠩᠭᠢ ᠮᠡᠳᠡᠭᠦᠯᠦᠨ ᠰᠠᠢᠮᠰᠤᠷᠠᠭᠰᠠᠨ ᠪᠠᠢᠨ᠎ᠠ᠃ ᠡᠨᠡ ᠬᠦ ᠴᠢᠮᠡᠭᠡ ᠶ᠋ᠢ ᠸᠠᠩ ᠲᠣᠪᠴᠢᠶᠠᠨ ᠳᠠᠷᠤᠭ᠎ᠠ ᠰᠣᠨᠣᠰᠤᠭᠠᠳ ᠮᠠᠰᠢ ᠬᠦᠨᠳᠦᠳᠬᠡᠵᠦ ᠦᠵᠡᠪᠡ᠃ ᠠᠩᠴᠢᠨᠵᠠᠪ ᠢ᠋ ᠪᠠᠷᠢᠵᠤ ᠳᠡᠢᠯᠪᠡᠯ ᠪᠠᠷᠠᠭᠤᠨ ᠬᠦᠩ ᠦ᠋ᠨ ᠰᠢᠷᠠᠪᠳᠤᠷᠵᠢ ᠬᠦᠩ ᠨᠣᠶᠠᠨ ᠳ᠋ᠤ᠌ ᠲᠠᠯ᠎ᠠ ᠲᠠᠢ ᠪᠣᠯᠵᠤ ᠬᠦᠨᠳᠦ ᠱᠠᠩ ᠬᠦᠷᠲᠡᠨ᠎ᠡ ᠭᠡᠬᠦ ᠡᠴᠡ ᠬᠣᠣᠰ ᠬᠣᠣᠰ ᠢ᠋ᠶ᠋ᠠᠷ ᠵᠢᠷᠭᠢᠵᠦ ᠢᠷᠡᠬᠦ ᠪᠠᠶᠠᠷ ᠬᠠᠮᠢᠭ᠎ᠠ ᠠ᠋ᠴᠠ ᠢᠩᠭᠢᠵᠦ ᠣᠯᠳᠠᠬᠤ ᠪᠢᠯᠡ ᠭᠡᠵᠦ ᠴᠡᠷᠢᠭ ᠲᠣᠮᠢᠯᠠᠨ ᠦᠯᠵᠡᠢᠰᠠᠩ ᠢ᠋ᠶ᠋ᠠᠷ ᠭᠠᠵᠠᠷᠴᠢᠯᠠᠭᠤᠯᠤᠨ ᠣᠷᠭᠣᠳᠠᠭᠤᠯ ᠶᠠᠯᠠᠲᠠᠨ ᠢ᠋ ᠪᠠᠷᠢᠪᠴᠢᠯᠠᠬᠤ ᠪᠠᠷ ᠪᠣᠯᠪᠠ᠃ ᠴᠡᠷᠢᠭ ᠦ᠋ᠨ ᠰᠦᠷ ᠬᠦᠴᠦᠨ ᠦ᠌ ᠶᠡᠬᠡ ᠳᠠᠯᠠᠪᠴᠢ ᠶ᠋ᠢᠨ ᠨᠥᠮᠥᠷᠢ ᠳ᠋ᠦ᠍ ᠪᠠᠭᠲᠠᠭᠰᠠᠨ ᠦᠯᠵᠡᠢᠰᠠᠩ ᠨᠡᠷ᠎ᠡ ᠵᠢᠯ ᠢ᠋ᠶ᠋ᠡᠨ ᠮᠡᠳᠡᠬᠦ ᠦᠭᠡᠢ ᠪᠣᠯᠤᠮ᠎ᠠ ᠪᠠᠶᠠᠷᠯᠠᠭᠰᠠᠨ ᠢ᠋ ᠶᠠᠭᠤᠨ ᠥᠭᠦᠯᠡᠬᠦ᠃
ᠦᠯᠵᠡᠢᠰᠠᠩ᠂ ᠵᠠᠷ ᠵᠡᠪᠰᠡᠭ ᠰᠠᠭᠠᠳᠠᠭᠯᠠᠭᠰᠠᠨ ᠪᠦᠷᠢᠨ ᠲᠣᠨᠣᠭᠲᠤ ᠬᠡᠳᠦᠨ ᠬᠠᠷ᠎ᠠ ᠴᠡᠷᠢᠭ ᠳᠠᠭᠠᠭᠤᠯᠤᠨ ᠰᠦᠷ ᠮᠠᠨᠳᠤᠭᠤᠯᠵᠤ ᠰᠡᠭᠦᠳᠡᠷ ᠢ᠋ᠶ᠋ᠡᠨ ᠭᠢᠰᠬᠢᠭᠰᠡᠭᠡᠷ ᠮᠤᠨᠠ ᠠᠭᠤᠯᠠᠨ ᠳ᠋ᠤ᠌ ᠣᠷᠣᠪᠠ᠃
ᠭᠡᠲᠡᠯ᠎ᠡ ᠦᠳᠡ ᠭᠣᠣᠯ ᠤ᠋ᠨ ᠬᠠᠯᠠᠭᠤᠨ ᠳ᠋ᠤ᠌ ᠠᠩᠴᠢᠨᠵᠠᠪ ᠢ᠋ ᠲᠤᠭ ᠨᠣᠢᠷ ᠳᠡᠭᠡᠷ᠎ᠡ ᠨᠢ ᠳᠠᠷᠤᠵᠤ ᠠᠪᠠᠴᠢᠬᠤ ᠭᠡᠰᠡᠨ ᠨᠢ ᠬᠥᠭᠡᠰᠦᠷᠡᠭᠰᠡᠨ ᠶᠠᠪᠤᠳᠠᠯ ᠪᠣᠯᠵᠠᠢ᠃
ᠠᠩᠴᠢᠨᠵᠠᠪ ᠤ᠋ᠨ ᠰᠤᠷᠠᠭ ᠣᠢᠷᠠᠬᠠᠨ ᠮᠤᠨᠠ ᠠᠭᠤᠯᠠᠨ ᠳ᠋ᠤ᠌ ᠪᠠᠢᠨ᠎ᠠ ᠭᠡᠰᠡᠨ ᠴᠢᠮᠡᠭᠡ ᠨᠢ ᠬᠦᠩ ᠨᠣᠶᠠᠨ ᠳ᠋ᠤ᠌ ᠪᠠᠶᠠᠷ ᠪᠣᠯᠤᠭᠰᠠᠨ ᠪᠢᠰᠢ ᠬᠠᠷᠢᠨ ᠭᠤᠨᠢᠭ ᠪᠣᠯᠵᠠᠢ᠃ ᠣᠢ ᠤᠬᠠᠭᠠᠨ ᠠ᠋ᠴᠠ ᠮᠠᠷᠲᠠᠭᠳᠠᠬᠤ ᠳ᠋ᠠᠭᠠᠨ ᠰᠢᠬᠠᠭᠰᠠᠨ ᠤᠴᠢᠷ ᠢ᠋ ᠰᠡᠬᠦᠭᠰᠡᠨ ᠨᠢ ᠲᠣᠭᠲᠠᠭᠤᠨ ᠨᠠᠭᠤᠷ ᠲᠤ᠌ ᠴᠢᠯᠠᠭᠤ ᠬᠠᠶᠠᠭᠰᠠᠨ ᠰᠢᠭ᠋ ᠪᠣᠯᠪᠠ᠃ 《 ᠡᠴᠢᠭᠡ ᠪᠡᠨ ᠬᠢᠵᠦ ᠭᠠᠵᠠᠷ ᠨᠢᠳᠦᠯᠡᠵᠦ ᠶᠠᠪᠤᠭᠠᠳ ᠬᠠᠮᠢᠭ᠎ᠠ ᠠᠭᠤᠯᠠᠨ ᠳ᠋ᠤ᠌ ᠰᠢᠷᠭᠤᠵᠤ ᠬᠡᠪ ᠢ᠋ᠶ᠋ᠡᠨ ᠰᠠᠬᠢᠭᠰᠠᠨ ᠠᠮᠢᠲᠠᠨ ᠶᠠᠭᠠᠬᠢᠬᠤ ᠭᠡᠪᠡ⁈ ᠴᠢᠭᠢᠶᠡᠲᠦᠷᠦᠦ᠂ ᠤᠳᠤᠰᠬᠠ ᠶ᠋ᠢᠨ ᠲᠦᠷᠦᠭᠦᠦ ᠤᠷᠰᠢᠭ ᠤ᠋ᠨ ᠤᠭᠤᠲᠠ ᠦᠯᠵᠡᠢᠰᠠᠩ ᠁ ᠡᠦᠲᠦ ᠪᠠᠭ᠎ᠠ ᠬᠠᠲᠤᠨ ᠠᠩᠴᠢᠨᠵᠠᠪ ᠤ᠋ᠨ ᠰᠤᠷᠠᠭ ᠢ᠋ᠶ᠋ᠠᠷ ᠁ 》 ᠭᠡᠵᠦ ᠴᠠᠭᠠᠰᠢ ᠪᠠᠨ ᠪᠣᠳᠣᠬᠤ ᠵᠣᠷᠢᠭ ᠣᠷᠣᠭᠰᠠᠨ ᠦᠭᠡᠢ ᠳᠣᠲᠣᠷ᠎ᠠ ᠨᠢ ᠬᠡᠴᠡᠭᠦᠦ ᠰᠢᠨᠠᠯᠤᠯᠠ᠃
ᠬᠦᠩ ᠨᠣᠶᠠᠨ ᠤ᠋ ᠡᠪᠡᠳᠴᠢᠨ ᠬᠦᠨᠳᠦᠷᠡᠵᠦ ᠵᠢᠷᠦᠬᠡᠨ ᠳ᠋ᠦ᠍ᠨᠢ ᠬᠤᠯᠠᠭᠠᠢ ᠬᠡᠢ ᠰᠢᠷᠭᠤᠨ ᠰᠥᠨᠢᠵᠢᠨ ᠤᠨᠲᠠᠯᠭ᠎ᠠ ᠦᠭᠡᠢ ᠮᠠᠰᠢᠳᠠ ᠬᠠᠯᠠᠭᠤᠷᠠᠨ ᠰᠣᠯᠢᠶ᠎ᠠ ᠶᠠᠷᠢᠨ 《 ᠳ᠋ᠠᠭᠳᠠᠨ ᠳᠠ ᠯᠠᠮᠠ ᠁ ᠲᠡᠮᠦᠷ ᠭᠢᠨᠵᠢ ᠪᠡᠷ ᠨᠠᠮᠠᠶ᠋ᠢ ᠭᠢᠨᠵᠢᠯᠡᠶᠡ ᠁ ᠦᠯᠵᠡᠢᠰᠠᠩ ᠠ᠋ ᠁ 》 ᠭᠡᠵᠦ ᠪᠠᠢᠨ ᠪᠠᠢᠨ ᠪᠠᠷᠬᠢᠷᠠᠵᠤ ᠬᠠᠵᠠᠭᠤ ᠳ᠋ᠤᠨᠢ ᠰᠠᠬᠢᠭᠰᠠᠨ ᠬᠥᠮᠦᠰ ᠢ᠋ ᠬᠦᠷᠲᠡᠯ᠎ᠡ ᠰᠡᠵᠢᠭ ᠲᠥᠷᠥᠭᠦᠯᠦᠮ᠎ᠡ ᠠᠶᠤᠯᠭᠠᠨ᠎ᠠ᠃
ᠬᠦᠩ ᠨᠣᠶᠠᠨ ᠤ᠋ ᠡᠪᠡᠳᠴᠢᠨ ᠬᠦᠨᠳᠦᠷᠡᠵᠦ᠂ ᠰᠣᠯᠢᠶ᠎ᠠ ᠪᠠᠯᠠᠢ ᠶᠠᠷᠢᠳᠠᠭ ᠲᠤ᠌ ᠬᠣᠰᠢᠭᠤ ᠶᠠᠮᠤᠨ ᠤ᠋ ᠲᠦᠰᠢᠮᠡᠳ ᠨᠣᠶᠠᠳ ᠰᠠᠨᠳᠤᠷᠴᠤ ᠠᠷᠭ᠎ᠠ ᠪᠠᠨ ᠶᠠᠳᠠᠬᠤ ᠳ᠋ᠠᠭᠠᠨ ᠰᠤᠪᠤᠷᠭ᠎ᠠ ᠶ᠋ᠢᠨ ᠰᠦᠮ᠎ᠡ ᠶ᠋ᠢᠨ ᠭᠥᠷᠳᠡᠮᠴᠢ ᠶ᠋ᠢ ᠵᠠᠯᠠᠵᠤ ᠭᠥᠷᠳᠠᠮᠳᠠᠭᠥᠯᠬᠥ ᠪᠡᠷ ᠪᠣᠯᠪᠠ᠃
ᠷᠠᠰᠢ ᠵᠠᠬᠢᠷᠤᠭᠴᠢ ᠰᠤᠪᠤᠷᠭ᠎ᠠ ᠶ᠋ᠢᠨ ᠰᠦᠮ᠎ᠡ ᠶ᠋ᠢᠨ ᠭᠥᠷᠳᠡᠮᠴᠢ ᠯᠠᠮᠠᠬᠠᠢ ᠳ᠋ᠤ᠌ ᠪᠠᠷᠠᠳᠠᠵᠤ᠂ ᠲᠡᠭᠦᠨ ᠢ᠋ ᠶᠠᠮᠤᠨ ᠳ᠋ᠤ᠌ ᠵᠠᠯᠠᠵᠤ ᠠᠪᠠᠴᠢᠨ ᠬᠦᠩ ᠨᠣᠶᠠᠨ ᠤ᠋ ᠡᠪᠡᠳᠴᠢᠨ ᠠᠷᠬᠠᠭ ᠢ᠋ ᠠᠨᠠᠭᠠᠨ ᠭᠠᠢ ᠪᠠᠷᠴᠢᠳ ᠢ᠋ ᠠᠷᠢᠯᠭᠠᠨ ᠨᠠᠰᠤᠨ ᠬᠤᠲᠤᠭ ᠢ᠋ ᠨᠢ ᠪᠠᠲᠤᠳᠬᠠᠬᠤ ᠲᠤᠬᠠᠢ ᠰᠠᠨᠠᠭ᠎ᠠ ᠪᠠᠨ ᠰᠢᠭᠤᠳ ᠠᠢᠯᠠᠳᠬᠠᠭᠰᠠᠨ ᠳ᠋ᠤ᠌ ᠰᠤᠪᠤᠷᠭ᠎ᠠ ᠶ᠋ᠢᠨ ᠰᠦᠮ᠎ᠡ ᠶ᠋ᠢᠨ ᠭᠥᠷᠳᠡᠮᠴᠢ ᠯᠠᠮᠠ᠄
— ᠵᠠ ᠂ ᠴᠢ ᠶᠠᠪᠤ᠂ ᠶᠠᠪᠤ ! ᠴᠠᠭᠠᠰᠢ ᠶᠠᠮᠤᠨ ᠳ᠋ᠠᠭᠠᠨ ᠶᠠᠪᠤ ᠭᠡᠴᠢᠬᠡᠯᠡ᠃
— ᠦᠭᠡᠢ ᠠ᠋᠂ ᠭᠥᠷᠳᠡᠮᠴᠢ ᠭᠤᠸᠠᠢ ᠠ᠋᠂ ᠲᠠ ᠮᠢᠨᠦ ᠬᠡᠯᠡᠬᠦ ᠶ᠋ᠢ ᠰᠣᠨᠣᠰ ! ᠨᠠᠭᠠᠳᠤᠮ ᠪᠢᠰᠢ ᠰᠢᠦ᠃ ᠬᠦᠩ ᠨᠣᠶᠠᠨ ᠤ᠋ ᠯᠠᠭᠱᠠᠨ ᠪᠤᠯᠠᠩᠭᠢᠷᠲᠤᠵᠤ᠂ ᠠᠷᠬᠠᠭ ᠡᠪᠡᠳᠴᠢᠨ ᠪᠡᠶ᠎ᠡ ᠶ᠋ᠢ ᠨᠢ ᠰᠢᠨᠠᠯᠭᠠᠨ᠎ᠠ ᠤᠤ᠂ ᠡᠨᠳᠡ ᠵᠡᠳᠬᠡᠷ ᠰᠦᠨᠡᠰᠦ ᠶ᠋ᠢ ᠨᠢ ᠣᠷᠢᠶᠠᠵᠤ ᠪᠠᠢᠭ᠎ᠠ ᠤᠤ ⁈ ᠤᠬᠠᠭᠠᠨ ᠬᠥᠯ ᠨᠢ ᠣᠯᠳᠠᠬᠤ ᠦᠭᠡᠢ ᠯᠡ ᠣᠯᠠᠨ ᠠᠮᠢᠲᠠᠨ ᠳᠡᠮᠡᠢ ᠯᠡ ᠠᠷᠵᠠᠭᠠᠨᠠᠬᠤ ᠠ᠋ᠴᠠ ᠴᠠᠭᠠᠰᠢ ᠦᠭᠡᠢ᠃ ᠭᠥᠷᠳᠡᠮᠴᠢ ᠪᠠᠭᠰᠢ ᠶ᠋ᠢ ᠵᠠᠯᠠᠵᠤ ᠠᠳᠠ ᠵᠡᠳᠬᠡᠷ ᠢ᠋ ᠨᠢ ᠦᠯᠳᠡᠵᠦ ᠥᠭᠭᠥ ᠶ᠋ᠢ ᠥᠴᠦᠬᠡᠨ ᠬᠥᠮᠦᠨ ᠬᠣᠰᠢᠭᠤ ᠶᠠᠮᠤᠨ ᠤ᠋ ᠡᠮᠦᠨ᠎ᠡ ᠡᠴᠡ ᠁ ᠭᠡᠵᠦ ᠷᠠᠰᠢ ᠵᠠᠬᠢᠷᠤᠭᠴᠢ ᠶ᠋ᠢ ᠦᠭᠡ ᠪᠡᠨ ᠬᠡᠯᠡᠵᠦ ᠪᠠᠷᠠᠬᠤ ᠠ᠋ᠴᠠ ᠡᠮᠦᠨ᠎ᠡ ᠭᠥᠷᠳᠡᠮᠴᠢ᠄
— ᠮᠡᠳᠡᠨ᠎ᠡ ᠠ᠋᠂ ᠮᠡᠳᠡᠨ᠎ᠡ᠃ ᠬᠦᠩ ᠨᠣᠶᠠᠨ ᠤ᠋ ᠰᠦᠨᠡᠰᠦ ᠶ᠋ᠢ ᠳ᠋ᠠᠭᠳᠠᠨ ᠳᠠ ᠯᠠᠮᠠ ᠶ᠋ᠢᠨ ᠰᠦᠨᠡᠰᠦ ᠠᠶᠤᠯᠭᠠᠵᠤ ᠪᠠᠢᠨ᠎ᠠ ᠳᠠ ᠭᠡᠪᠡ᠃
— ᠶᠠᠭ ᠳᠠ᠂ ᠭᠥᠷᠳᠡᠮᠴᠢ ᠪᠠᠭᠰᠢ ᠮᠥᠨ ᠠᠢᠯᠠᠳᠬᠠᠵᠤ ᠪᠠᠢᠨ᠎ᠠ᠃ ᠮᠠᠨ ᠤ᠋ ᠬᠦᠩ ᠨᠣᠶᠠᠨ ᠵᠡᠭᠦᠳᠦ ᠪᠡᠷ ᠢ᠋ᠶ᠋ᠡᠨ ᠲᠠᠩᠳᠠ ᠳ᠋ᠠᠭᠳᠠᠨ ᠳᠠ ᠯᠠᠮᠠ ᠢᠷᠡᠯ᠎ᠡ ᠁ ᠳ᠋ᠠᠭᠳᠠᠨ ᠳᠠ ᠯᠠᠮᠠ ᠢᠷᠡᠯ᠎ᠡ ᠁ ᠭᠡᠵᠦ ᠬᠠᠷ᠎ᠠ ᠰᠣᠯᠢᠶ᠎ᠠ ᠶᠠᠭᠤᠮ᠎ᠠ ᠬᠠᠰᠬᠢᠷᠴᠤ ᠬᠥᠮᠦᠨ ᠬᠠᠷ᠎ᠠ ᠶ᠋ᠢ ᠠᠶᠤᠯᠭᠠᠳᠠᠭ ᠪᠣᠯᠤᠭᠰᠠᠨ᠃
—ᠲᠡᠭᠡᠨ᠎ᠡ ᠠ᠋᠂ ᠪᠢ ᠮᠡᠳᠡᠨ᠎ᠡ᠃ ᠴᠢ ᠶᠠᠪᠤ᠂ ᠴᠠᠭᠠᠰᠢ ᠪᠠᠨ ᠶᠠᠮᠤᠨ ᠳ᠋ᠠᠭᠠᠨ ᠶᠠᠪᠤᠵᠤ ᠪᠠᠢ᠃ ᠪᠢ ᠬᠣᠶᠠᠷ ᠬᠣᠨᠣᠭ ᠠ᠋ᠴᠠ ᠬᠦᠷᠦᠭᠡᠳ ᠣᠴᠢᠨ᠎ᠠ᠃
— ᠦᠭᠡᠢ ᠠ᠋᠂ ᠬᠣᠶᠠᠷ ᠬᠣᠨᠣᠭ ᠠ᠋ᠴᠠ ᠭᠡᠳᠡᠭ ᠴᠢᠨᠢ ᠁
— ᠴᠢ ᠪᠤᠰᠢᠭᠤᠬᠠᠨ ᠶᠠᠪᠤᠵᠤ ᠶᠠᠭᠤᠮ᠎ᠠ ᠬᠡᠦᠮ᠎ᠡ ᠪᠡᠨ ᠪᠡᠯᠡᠳᠬᠡᠵᠦ ᠲᠢᠭ ᠲᠠᠭ ᠪᠣᠯᠭ᠎ᠠ !
— ᠶᠠᠭᠤᠮ᠎ᠠ ᠪᠦᠷ ᠪᠡᠯᠡᠨ ᠠ᠋ ! ᠶᠠᠭᠤ ᠠᠪᠤᠪᠠᠯ ᠶᠠᠭᠤ ᠪᠡᠯᠡᠨ ᠰᠢᠳᠡ ! ᠬᠣᠰᠢᠭᠤ ᠶᠠᠮᠤᠨ ᠶᠠᠭᠤ ᠪᠠᠷ ᠳᠤᠲᠠᠬᠤ ᠪᠣᠢ?
— ᠬᠦᠩ ᠨᠣᠶᠠᠨ ᠤ᠋ ᠰᠦᠨᠡᠰᠦ ᠶ᠋ᠢ ᠳ᠋ᠠᠭᠳᠠᠨ ᠳᠠ ᠯᠠᠮᠠ ᠶ᠋ᠢᠨ ᠰᠦᠨᠡᠰᠦ ᠲᠡᠮᠦᠷ ᠭᠢᠨᠵᠢ ᠪᠡᠷ ᠣᠭᠣᠰᠣᠷᠯᠠᠭᠠᠳ 《 ᠬᠣᠶᠠᠭᠤᠯᠠ ᠡᠷᠯᠢᠭ ᠦ᠋ᠨ ᠭᠠᠵᠠᠷ ᠲᠤ᠌ ᠴᠣᠭ ᠣᠴᠢᠶ᠎ᠠ ᠯᠠ 》 ᠭᠡᠳ ᠨᠣᠣᠷᠠᠯᠳᠤᠭᠠᠳ ᠰᠠᠯᠳᠠᠭ ᠶᠠᠭᠤᠮ᠎ᠠ ᠪᠢᠰᠢ ᠪᠠᠢᠨ᠎ᠠ᠃ ᠲᠡᠢᠮᠦ ᠠᠮᠠᠷᠬᠠᠨ ᠭᠡᠵᠦ ᠰᠠᠨᠠᠪᠠ ᠤᠤ ᠳᠠ᠂ ᠵᠠᠬᠢᠷᠤᠭᠴᠢ ᠭᠤᠸᠠᠢ ! ᠬᠡᠩ ! ᠭᠡᠳ ᠭᠥᠷᠳᠡᠮᠴᠢ ᠭᠡᠳᠡᠷᠭᠦᠯᠡᠭᠡᠳ ᠳᠠᠷᠤᠢᠬᠠᠨ ᠬᠥᠳᠡᠯᠬᠦ ᠮᠠᠶᠢᠭ ᠦᠭᠡᠢ᠃
— ᠪᠢᠳᠡ ᠡᠦᠲᠦ ᠶᠠᠭᠤ ᠪᠠᠵᠠᠭᠠᠮᠠᠷ ᠪᠠᠢᠨ᠎ᠠ? ᠭᠥᠷᠳᠡᠮᠴᠢ ᠪᠠᠭᠰᠢ ᠲᠠ ᠁ ᠭᠡᠬᠦ ᠳ᠋ᠦ᠍ ᠭᠥᠷᠳᠡᠮᠴᠢ ᠯᠠᠮᠠᠬᠠᠢ᠄
— ᠬᠣᠰᠢᠭᠤ ᠶᠠᠮᠤᠨ ᠤ᠋ ᠬᠠᠷᠠᠴᠤ ᠠᠯᠪᠠᠲᠤ ᠠ᠋ᠴᠠ ᠬᠦᠩ ᠨᠣᠶᠠᠨ ᠲᠠᠢ ᠵᠢᠯ ᠡᠦᠲᠦ ᠬᠠᠷᠰᠢ ᠬᠥᠮᠦᠨ ᠰᠣᠩᠭᠣᠵᠤ ᠵᠣᠯᠢᠭ ᠲᠤ᠌ ᠭᠠᠷᠭᠠᠨ᠎ᠠ᠃ ᠵᠠ᠂ ᠮᠥᠨ ᠡᠭᠦᠨ ᠢ᠋ ᠯᠡ ᠪᠡᠯᠡᠨ ᠪᠣᠯᠭ᠎ᠠ ! ᠭᠡᠳ ᠳᠠᠬᠢᠵᠤ ᠦᠭᠡ ᠳᠤᠤᠭᠠᠷᠤᠭᠰᠠᠨ ᠦᠭᠡᠢ ᠨᠢᠳᠦ ᠪᠡᠨ ᠠᠨᠢᠨ ᠨᠢᠭᠡ ᠶᠠᠭᠤᠮ᠎ᠠ ᠣᠪᠣᠷ ᠲᠣᠪᠣᠷ ᠤᠩᠰᠢᠨ᠎ᠠ᠃
ᠷᠠᠰᠢ ᠵᠠᠬᠢᠷᠤᠭᠴᠢ ᠰᠤᠪᠤᠷᠭ᠎ᠠ ᠶ᠋ᠢᠨ ᠰᠦᠮ᠎ᠡ ᠡᠴᠡ ᠪᠤᠴᠠᠵᠤ ᠭᠥᠷᠳᠡᠮᠴᠢ ᠯᠠᠮᠠ ᠶ᠋ᠢᠨ ᠬᠡᠯᠡᠭᠰᠡᠨ ᠶᠣᠰᠣᠭᠠᠷ ᠵᠣᠯᠢᠭ ᠲᠤ᠌ ᠭᠠᠷᠭᠠᠬᠤ ᠲᠤᠬᠠᠢ ᠶᠠᠭᠤᠮ᠎ᠠ ᠪᠠᠵᠠᠭᠠᠵᠤ᠂ ᠬᠠᠷᠠᠴᠤᠰ ᠳᠣᠲᠣᠷ᠎ᠠ ᠠ᠋ᠴᠠ《ᠵᠣᠯᠢᠭ ᠤ᠋ᠨ ᠬᠥᠮᠦᠨ》 ᠢ ᠰᠢᠯᠢᠪᠡ᠃ ᠠᠷᠪᠠᠨ ᠬᠣᠶᠠᠷ ᠰᠤᠮᠤᠨ ᠤ᠋ ᠠᠯᠪᠠᠲᠤ ᠠ᠋ᠴᠠ ᠰᠢᠯᠢᠵᠦ ᠰᠢᠯᠢᠵᠦ ᠲᠣᠬᠢᠲᠠᠢ ᠣᠷᠣᠨᠴᠣᠭ ᠣᠯᠳᠠᠭᠰᠠᠨ ᠦᠭᠡᠢ ᠳ᠋ᠡᠭᠡᠨ ᠪᠠᠴᠢᠮᠳᠠᠵᠤ ᠬᠦᠩ ᠨᠣᠶᠠᠨ ᠠ᠋ᠴᠠ ᠣᠴᠢᠵᠤ ᠠᠰᠠᠭᠤᠵᠤ ᠦᠵᠡᠬᠦ ᠤᠤ? ᠪᠠᠢᠶ᠎ᠠ᠂ ᠬᠦᠩ ᠨᠣᠶᠠᠨ ᠪᠡᠶ᠎ᠡ ᠲᠠᠮᠢᠷ ᠮᠠᠭᠤ ᠁ ᠭᠡᠵᠦ ᠪᠣᠳᠣᠭᠠᠳ᠂ ᠲᠡᠷᠡ ᠵᠢᠯ ᠮᠠᠨᠴᠤᠷᠭ᠎ᠠ᠂ ᠴᠡᠴᠡᠭ ᠬᠠᠲᠤᠨ ᠤ᠋ ᠡᠢᠮᠦ ᠲᠡᠢᠮᠦ ᠪᠣᠯᠬᠤ ᠤᠴᠢᠷ ᠲᠤ᠌ ᠭᠤᠩᠴᠤᠭᠷᠠᠬᠤᠠ ᠪᠣᠯᠤᠨ ᠴᠡᠴᠡᠭ ᠬᠠᠲᠤᠨ ᠤ᠋ ᠢᠨᠵᠢ ᠬᠡᠦᠬᠡᠨ ᠨᠣᠮᠢᠨ ᠬᠣᠶᠠᠷ ᠳᠤᠮᠳᠠ ᠨᠢ ᠵᠢᠷᠣᠭᠠᠯᠠᠵᠤ᠂ ᠴᠡᠴᠡᠭ ᠬᠠᠲᠤᠨ ᠢ᠋ ᠳᠠᠯᠠᠢᠴᠢ ᠪᠣᠯᠤᠭᠰᠠᠨ ᠤ᠋ ᠳᠠᠷᠠᠭᠠᠬᠠᠨ ᠲᠡᠳᠡ ᠬᠣᠶᠠᠭᠤᠯᠠ ᠰᠥᠨᠢ ᠪᠡᠷ ᠪᠣᠯᠵᠣᠵᠤ ᠨᠣᠶᠠᠨ ᠰᠠᠩ ᠠ᠋ᠴᠠ ᠤᠷᠭᠤᠬᠤ ᠭᠡᠳ ᠰᠥᠨᠢ ᠶ᠋ᠢᠨ ᠮᠠᠨᠠᠭᠠᠨ ᠳ᠋ᠤ᠌ ᠪᠠᠷᠢᠭᠳᠠᠭᠰᠠᠨ ᠢ᠋ ᠰᠠᠨᠠᠵᠤ᠂ ᠭᠤᠩᠴᠤᠭᠷᠠᠬᠤᠠ ᠶ᠋ᠢ ᠭᠤᠴᠢ ᠪᠠᠨᠰᠠᠳᠠᠵᠤ ᠬᠠᠷ᠎ᠠ ᠭᠡᠷ ᠲᠦ᠍ ᠳᠠᠷᠤᠴᠢᠬᠠᠶᠠ ᠭᠡᠬᠦ ᠳ᠋ᠦ᠍ ᠬᠦᠩ ᠨᠣᠶᠠᠨ《ᠦᠬᠦᠳᠡᠭ ᠦᠭᠡᠢ ᠮᠠᠭᠤ ᠭᠤᠢᠷᠠᠨᠴᠢ ᠶ᠋ᠢ ᠬᠣᠬᠣᠢ᠂ ᠠᠳᠤᠭᠤᠨ ᠳ᠋ᠤ᠌ ᠰᠠᠢᠨ ᠡᠷ᠎ᠡ ᠪᠣᠯᠬᠣᠷ ᠴᠢᠮᠠᠶ᠋ᠢ ᠠᠭᠤᠴᠢᠯᠠᠵᠤ ᠤᠷᠭᠢᠶ᠎ᠠ ! 》 ᠭᠡᠳ ᠠᠭᠤᠷᠯᠠᠵᠤ ᠪᠠᠢᠭᠰᠠᠨ᠃ 《ᠵᠠ᠂ ᠡᠨᠡ ᠵᠣᠯᠢᠭ ᠤ᠋ᠨ ᠬᠥᠮᠦᠨ ᠪᠣᠯ ᠶᠠᠭ ᠭᠤᠩᠴᠤᠭᠷᠠᠬᠤᠠ ᠮᠥᠨ ᠳᠡ ! 》 ᠭᠡᠵᠦ ᠷᠠᠰᠢ ᠵᠠᠬᠢᠷᠤᠭᠴᠢ ᠭᠤᠶ᠎ᠠ ᠪᠠᠨ ᠠᠯᠠᠭᠠᠳᠠᠪᠠ᠃
ᠭᠤᠩᠴᠤᠭᠷᠠᠬᠤᠠ ᠯᠤᠤ ᠵᠢᠯ ᠲᠡᠢ᠂ ᠬᠦᠩ ᠨᠣᠶᠠᠨ ᠤ᠋ ᠵᠢᠯ ᠲᠡᠢ ᠬᠠᠪᠢᠷᠭ᠎ᠠ ᠬᠠᠷᠰᠢ ᠪᠣᠯᠬᠣᠷ ᠮᠥᠨ ᠲᠡᠭᠦᠨ ᠢ᠋ ᠵᠣᠯᠢᠭ ᠭᠠᠷᠭᠠᠬᠤ ᠪᠠᠷ ᠪᠣᠯᠪᠠ᠃
ᠡᠨᠡ ᠴᠢᠮᠡᠭᠡ ᠠᠯᠪᠠᠨ ᠶᠣᠰᠣᠭᠠᠷ ᠠᠳᠤᠭᠤᠴᠢ ᠭᠤᠩᠴᠤᠭᠷᠠᠬᠤᠠ ᠶ᠋ᠢᠨ ᠴᠢᠬᠢᠨ ᠳ᠋ᠦ᠍ ᠬᠦᠷᠬᠦᠯ᠎ᠡ ᠲᠡᠷᠡ ᠪᠡᠷ ᠥᠴᠦᠬᠡᠨ ᠴᠦ᠍ ᠰᠣᠴᠢᠨ ᠭᠡᠯᠮᠡᠭᠳᠡᠭᠰᠡᠨ ᠦᠭᠡᠢ᠃ ᠰᠡᠳᠬᠢᠯ ᠦ᠋ᠨ ᠬᠢᠨᠢ ᠠᠮᠠᠷᠠᠭ ᠨᠣᠮᠢᠨ ᠬᠡᠦᠬᠡᠨ ᠭᠡᠨᠡᠳᠲᠡ ᠠᠯᠠᠭ᠎ᠠ ᠪᠣᠯᠤᠭᠰᠠᠨ ᠠ᠋ᠴᠠ ᠬᠣᠢᠰᠢ ᠭᠤᠩᠴᠤᠭᠷᠠᠬᠤᠠ ᠦᠭᠡ ᠳᠠᠭᠤᠨ ᠦᠭᠡᠢ ᠪᠣᠯᠤᠨ ᠰᠦᠨᠡᠰᠦ ᠪᠡᠨ ᠭᠡᠭᠡᠭᠰᠡᠨ ᠶᠦ᠍ᠮ ᠰᠢᠭ ᠪᠣᠯᠵᠠᠢ᠃ ᠡᠨᠡ ᠬᠣᠷᠸ᠎ᠠ ᠳ᠋ᠤ᠌ ᠠᠯᠪᠠᠲᠤ ᠪᠣᠭᠣᠯ ᠬᠥᠮᠦᠨ ᠦ᠌ ᠬᠤᠪᠢ ᠵᠠᠶᠠᠭ᠎ᠠ ᠬᠠᠮᠢᠭᠠᠰᠢ ᠪᠠᠨ ᠬᠠᠵᠠᠢᠳᠠᠭ ᠢ᠋ ᠲᠡᠭᠷᠢ ᠮᠡᠳᠡᠭᠰᠡᠨ ᠬᠡᠷᠡᠭ ᠭᠡᠵᠦ ᠯᠡ ᠪᠣᠳᠣᠬᠤ ᠠ᠋ᠴᠠ ᠴᠠᠭᠠᠰᠢ ᠶᠠᠭᠤᠮ᠎ᠠ ᠦᠭᠡᠢ᠃
ᠴᠠᠭᠠᠳᠤ ᠭᠠᠯ ᠲᠣᠭᠣᠭᠠᠨ ᠤ᠋ ᠭᠡᠷ ᠦ᠋ᠨ ᠳᠡᠷᠭᠡᠳᠡᠬᠢ ᠴᠠᠪ ᠤ᠋ᠨ ᠥᠷᠥᠭᠡᠨ ᠳ᠋ᠦ᠍ ᠷᠠᠰᠢ ᠵᠠᠬᠢᠷᠤᠭᠴᠢ ᠬᠡᠳᠦᠭᠦᠯᠡ ᠰᠢᠷᠡᠭᠡ ᠪᠠᠵᠠᠭᠠᠵᠤ ᠠᠳᠤᠭᠤᠨ ᠤ᠋ ᠠᠯᠪᠠᠲᠤ ᠭᠤᠩᠴᠤᠭᠷᠠᠬᠤᠠ ᠶ᠋ᠢ 《 ᠮᠣᠷᠳᠠᠭᠤᠯᠬᠤ 》 ᠨᠠᠢᠷ ᠲᠤ᠌ ᠰᠠᠭᠤᠯᠴᠠᠬᠤ ᠪᠠᠷ ᠪᠤᠵᠢᠭᠢᠨᠠᠨ᠎ᠠ᠃
ᠰᠢᠷ᠎ᠠ ᠠᠭᠠᠷᠤ ᠪᠠᠷ ᠤᠷᠠᠯᠠᠵᠤ ᠰᠡᠢᠯᠦᠭᠰᠡᠨ ᠰᠤᠮᠤᠨ ᠰᠢᠷᠡᠭᠡᠨ ᠳᠡᠭᠡᠷ᠎ᠡ ᠬᠦᠩ ᠨᠣᠶᠠᠨ ᠤ᠋ ᠢᠳᠡᠬᠦ ᠳᠤᠷᠠᠲᠠᠢ ᠢᠳᠡᠭᠡᠨ ᠢ᠋ ᠡᠯᠪᠡᠭ ᠳᠡᠯᠪᠡᠭ ᠥᠷᠥᠵᠦ ᠰᠢᠭᠦᠰᠦ᠂ ᠮᠢᠬ᠎ᠠ ᠲᠣᠰᠣ᠂ ᠠᠭᠠᠷᠤᠤᠯ᠂ ᠬᠤᠷᠤᠳ ᠠᠯᠢᠨ ᠪᠣᠯᠭᠠᠨ ᠢ᠋ ᠪᠠᠭᠲᠠᠬᠤ ᠶ᠋ᠢᠨ ᠵᠠᠢ ᠪᠠᠷ ᠪᠠᠵᠠᠭᠠᠭᠰᠠᠨ ᠨᠢ ᠲᠠᠩᠰᠤᠭ ᠠᠵᠢ᠃
ᠬᠣᠶᠠᠷ ᠭᠣᠴᠢᠭ᠎ᠠ ᠭᠣᠣᠯ ᠭᠡᠷ ᠡᠴᠡ ᠭᠥᠷᠳᠡᠮᠴᠢ ᠶ᠋ᠢᠨ ᠲᠠᠷᠨᠢ ᠬᠦᠷᠲᠡᠭᠰᠡᠨ ᠬᠦᠩ ᠨᠣᠶᠠᠨ ᠤ᠋ ᠮᠠᠯᠠᠭᠠᠢ ᠭᠤᠲᠤᠯ᠂ ᠲᠡᠷᠯᠢᠭ ᠬᠤᠪᠴᠠᠰᠤ ᠡᠮᠦᠰᠬᠡᠯ ᠢ᠋ ᠠᠪᠴᠢᠷᠠᠨ ᠰᠢᠷᠡᠭᠡᠨ ᠦ᠌ ᠬᠣᠢᠮᠣᠷ ᠰᠠᠭᠤᠳᠠᠯ ᠳ᠋ᠤ᠌ ᠶᠣᠰᠣᠴᠢᠯᠠᠨ ᠲᠠᠯᠪᠢᠯ᠎ᠠ᠃
ᠬᠦᠩ ᠨᠣᠶᠠᠨ ᠤ᠋ ᠬᠤᠪᠴᠠᠯᠠᠯ ᠢ᠋ᠶ᠋ᠠᠷ ᠵᠠᠰᠠᠭᠰᠠᠨ ᠠᠳᠤᠭᠤᠴᠢᠨ ᠭᠤᠩᠴᠤᠭᠷᠠᠬᠤᠠ ᠶ᠋ᠢᠨ ᠴᠢᠷᠠᠢ ᠭᠠᠯ ᠪᠠᠳᠠᠷᠠᠭᠠ ᠰᠢᠭ᠋ ᠤᠯᠠᠮ ᠥᠭᠡᠳᠡ ᠬᠠᠷᠠᠭᠳᠠᠵᠤ ᠵᠣᠯᠢᠭ ᠲᠤ᠌ ᠭᠠᠷᠬᠤ ᠵᠣᠪᠠᠨᠢᠯᠲᠤ ᠪᠠᠢᠳᠠᠯ ᠡᠰᠡ ᠮᠡᠳᠡᠭᠳᠡᠨ᠎ᠡ ᠃
ᠵᠠᠷᠤᠳᠠᠰᠤ ᠨᠤᠭᠤᠳ《ᠬᠦᠩ ᠨᠣᠶᠠᠨ》 ᠳ᠋ᠠᠭᠠᠨ ᠴᠠᠢ ᠠᠶᠠᠭᠠᠯᠠᠵᠤ᠂ ᠰᠠᠪᠬ᠎ᠠ ᠬᠢᠲᠤᠭ᠎ᠠ ᠣᠢᠷᠠᠲᠤᠭᠤᠯᠵᠤ ᠥᠭᠭᠦᠨ᠎ᠡ᠃ ᠢᠨᠵᠢ ᠥᠬᠢᠳ ᠪᠡᠶ᠎ᠡ ᠮᠤᠰᠬᠢᠷᠠᠨ ᠴᠢᠷᠠᠢ ᠮᠢᠰᠢᠶᠡᠭᠰᠡᠭᠡᠷ ᠬᠣᠣᠰ ᠬᠣᠣᠰ ᠢ᠋ᠶ᠋ᠠᠷ ᠠᠷᠢᠬᠢ ᠬᠡᠮᠨᠡᠵᠦ ᠪᠠᠢᠨ᠎ᠠ᠃
ᠷᠠᠰᠢ ᠵᠠᠬᠢᠷᠤᠭᠴᠢ ᠴᠤ᠌ ᠬᠠᠶᠠ ᠬᠠᠶᠠ 《ᠬᠦᠩ ᠨᠣᠶᠠᠨ》 ᠳ᠋ᠠᠭᠠᠨ ᠠᠷᠢᠬᠢ ᠬᠡᠮᠨᠡᠵᠦ᠄
— ᠵᠠ᠂ ᠲᠠ ᠰᠠᠢᠨ ᠢᠳᠡᠵᠦ ᠤᠤᠭᠤ ! ᠰᠠᠢᠨ ᠵᠣᠭᠣᠭᠯᠠ ! ᠲᠡᠭᠡᠭᠡᠳ ᠵᠠᠮ ᠳᠠᠭᠠᠨ ᠰᠠᠭᠠᠳ ᠦᠭᠡᠢ ᠶᠠᠪᠤᠵᠤ ᠰᠠᠬᠢᠭᠤᠯᠰᠤᠨ ᠤ᠋ ᠣᠷᠣᠨ ᠳ᠋ᠤ᠌ ᠣᠴᠢᠵᠤ ᠬᠦᠩ ᠨᠣᠶᠠᠨ ᠤ᠋ ᠰᠠᠭᠤᠳᠠᠯ ᠳ᠋ᠠᠭᠠᠨ ᠵᠠᠯᠠᠷᠠᠲᠤᠭᠠᠢ ᠭᠡᠵᠦ ᠢᠷᠦᠭᠡᠯ ᠴᠦ᠍ ᠪᠢᠰᠢ ᠬᠠᠷᠢᠶᠠᠯ ᠴᠦ᠍ ᠪᠢᠰᠢ ᠶᠠᠭᠤᠮ᠎ᠠ ᠠᠢᠯᠠᠳᠬᠠᠬᠤ ᠳ᠋ᠤ᠌ ᠵᠠᠬᠢᠷᠤᠭᠴᠢ ᠶ᠋ᠢᠨ ᠬᠡᠮᠨᠡᠭᠰᠡᠨ ᠠᠷᠢᠬᠢ ᠭᠤᠩᠴᠤᠭᠷᠠᠬᠤᠠ ᠶ᠋ᠢᠨ ᠬᠣᠭᠣᠯᠠᠢ ᠶ᠋ᠢ ᠳᠠᠪᠠᠬᠤ ᠳ᠋ᠤ᠌ ᠵᠠᠩᠭᠢᠷᠠᠭ᠎ᠠ ᠲᠠᠢ ᠰᠠᠨᠠᠭᠳᠠᠨ᠎ᠠ᠃
ᠠᠯᠪᠠᠲᠤ ᠪᠣᠭᠣᠯ ᠢ᠋ᠶ᠋ᠠᠨ ᠠᠳᠤᠭᠤ ᠮᠠᠯ ᠰᠢᠭ᠋ ᠬᠠᠷᠠᠳᠠᠳᠠᠭ ᠵᠠᠬᠢᠷᠤᠭᠴᠢ ᠨᠣᠶᠠᠨ ᠤ᠋ ᠵᠠᠩ ᠠᠶᠠᠷᠠᠵᠤ《 ᠵᠠ᠂ ᠲᠠ ᠢᠳᠡ! ᠤᠤᠭᠤ! ᠵᠣᠭᠣᠭᠯᠠ! 》 ᠭᠡᠬᠦ ᠨᠢ ᠪᠡᠶ᠎ᠡ ᠳ᠋ᠦ᠍ᠨᠢ ᠵᠣᠬᠢᠴᠠᠮᠠ ᠦᠭᠡᠢ ᠬᠠᠷᠠᠭᠳᠠᠨ ᠭᠤᠩᠴᠤᠭᠷᠠᠬᠤᠠ ᠥᠪᠡᠷ ᠢ᠋ᠶ᠋ᠡᠨ ᠴᠦ᠍ ᠬᠥᠮᠦᠨ ᠦ᠌ ᠳᠡᠭᠡᠭᠦᠷ ᠬᠣᠢᠮᠣᠷ ᠰᠠᠭᠤᠳᠠᠯ ᠳ᠋ᠤ᠌ ᠰᠠᠭᠤᠵᠤ ᠦᠵᠡᠭᠡ ᠦᠭᠡᠢ ᠠᠯᠪᠠᠲᠤ ᠬᠥᠮᠦᠨ ᠪᠣᠯᠬᠣᠷ ᠰᠠᠭᠤᠳᠠᠯ ᠳᠣᠣᠷ᠎ᠠ ᠠ᠋ᠴᠠ ᠨᠢ ᠥᠷᠭᠡᠰᠦ ᠬᠠᠳᠬᠤᠭ᠎ᠠ ᠰᠢᠭ᠋ ᠬᠠᠴᠢᠨ ᠡᠪ ᠦᠭᠡᠢ᠃
ᠬᠣᠰᠢᠭᠤ ᠶᠠᠮᠤᠨ ᠤ᠋ ᠪᠠᠭ᠎ᠠ ᠬᠦᠷᠢᠶᠡᠨ ᠦ᠌ ᠡᠭᠦᠳᠡ ᠬᠠᠭᠠᠯᠭ᠎ᠠ ᠬᠥᠯ ᠴᠡᠭᠡᠷᠯᠡᠬᠦ ᠱᠣᠰᠢᠭ᠎ᠠ ᠡᠯᠭᠦᠵᠦ ᠬᠦᠩ ᠨᠣᠶᠠᠨ ᠤ᠋ ᠡᠪᠡᠳᠴᠢᠨ ᠠᠷᠬᠠᠭ ᠢ᠋ ᠠᠨᠠᠭᠠᠬᠤ ᠭᠡᠵᠦ ᠨᠣᠮ ᠭᠦᠷᠢᠮ ᠤᠩᠰᠢᠭ᠋ᠤᠯᠤᠨ ᠰᠢᠪᠰᠢᠯᠭᠡ ᠲᠠᠷᠨᠢ ᠬᠢᠵᠦ ᠬᠥᠮᠦᠨ ᠬᠠᠷ᠎ᠠ ᠶ᠋ᠢᠨ ᠬᠥᠯ ᠢ᠋ ᠬᠠᠭᠠᠪᠠ᠃
ᠬᠦᠩ ᠨᠣᠶᠠᠨ ᠤ᠋ ᠰᠠᠭᠤᠳᠠᠭ ᠭᠣᠣᠯ ᠭᠡᠷ ᠲᠦ᠍ ᠭᠥᠷᠳᠡᠮᠴᠢ ᠯᠠᠮᠠ ᠬᠦᠵᠢ ᠰᠠᠩ ᠤᠭᠤᠭᠢᠭᠤᠯᠬᠤ ᠠ᠋ᠴᠠ ᠥᠭᠡᠷ᠎ᠡ ᠶᠠᠮᠠᠷ ᠴᠦ᠍ ᠴᠢᠮᠡᠭᠡ ᠠᠨᠢᠷ ᠦᠭᠡᠢ!
ᠡᠨᠡᠬᠦ ᠰᠤᠪᠤᠷᠭ᠎ᠠ ᠶ᠋ᠢᠨ ᠰᠦᠮ᠎ᠡ ᠶ᠋ᠢᠨ ᠭᠥᠷᠳᠡᠮᠴᠢ ᠯᠠᠮᠠ ᠡᠩ ᠦ᠋ᠨ ᠴᠠᠭ ᠲᠤ᠌ ᠤᠷᠠᠩ ᠰᠡᠷᠡᠩ ᠬᠤᠪᠴᠠᠰᠤ ᠲᠠᠢ ᠤᠷᠤᠭᠤ ᠴᠢᠷᠠᠢ ᠲᠠᠢ ᠤᠨᠲᠠᠩᠬᠠᠢ ᠠᠪᠤᠷᠢ ᠲᠠᠢ ᠬᠥᠮᠦᠨ ᠪᠠᠢᠳᠠᠭ ᠪᠣᠯᠪᠠᠴᠤ ᠡᠩᠭᠡᠷ ᠡᠪᠴᠢᠭᠦᠨ ᠳ᠋ᠡᠭᠡᠨ ᠦᠬᠦᠭᠰᠡᠨ ᠬᠥᠮᠦᠨ ᠦ᠌ ᠭᠠᠪᠠᠯᠠ ᠶ᠋ᠢᠨ ᠵᠢᠮᠰᠡᠭ ᠲᠡᠢ ᠬᠥᠬᠡ ᠪᠠᠷᠠᠭᠠᠨ ᠲᠣᠷᠭᠠᠨ ᠴᠠᠮᠴᠠ ᠪᠠᠨ ᠡᠮᠦᠰᠴᠦ᠂ ᠲᠠᠪᠤᠨ ᠥᠩᠭᠡ ᠶ᠋ᠢᠨ ᠭᠬᠢᠪ ᠳᠤᠷᠳᠤᠩ ᠢ ᠪᠥᠰᠡᠨ ᠳ᠋ᠡᠭᠡᠨ ᠤᠶᠠᠵᠤ ᠴᠢᠮᠡᠭᠯᠡᠨ᠂ ᠬᠥᠮᠦᠨ ᠦ᠌ ᠭᠠᠪᠠᠯᠠ ᠶ᠋ᠢᠨ ᠵᠢᠮᠰᠡᠭᠲᠤ ᠨᠦᠰᠡᠷ ᠬᠦᠨᠳᠦ ᠲᠡᠮᠦᠷ ᠳᠤᠭᠤᠯᠠᠭ᠎ᠠ ᠡᠮᠦᠰᠴᠦ ᠵᠡᠭᠦᠭᠡᠳ ᠭᠠᠷ ᠲᠠᠭᠠᠨ ᠳᠠᠷᠤᠯᠭ᠎ᠠ ᠶ᠋ᠢᠨ ᠲᠠᠰᠢᠭᠤᠷ <ᠴᠢᠰᠤ ᠪᠢᠯᠳᠠᠭᠰᠠᠨ> ᠪᠠ ᠬᠢᠲᠤᠭ᠎ᠠ ᠰᠡᠯᠡᠮ᠎ᠡ ᠠᠳᠬᠤᠨ ᠬᠥᠮᠦᠰ ᠲᠦ᠍ ᠦᠯᠦ ᠣᠢᠯᠠᠭᠠᠭᠳᠠᠮᠠ ᠲᠠᠷᠨᠢ ᠭᠦᠷᠢᠮ ᠢ᠋ᠶ᠋ᠡᠨ ᠤᠩᠰᠢᠵᠤ ᠡᠬᠢᠯᠡᠬᠦ ᠳ᠋ᠦ᠍ ᠲᠡᠭᠦᠨ ᠦ᠌ ᠨᠢᠳᠦᠨ ᠳ᠋ᠦ᠍ᠨᠢ ᠶᠡᠷᠦ ᠪᠤᠰᠤ ᠶ᠋ᠢᠨ ᠭᠡᠷᠡᠯ ᠭᠢᠯᠪᠠᠭ᠎ᠠ ᠳᠤᠸᠠᠯᠠᠬᠤ ᠰᠢᠭ᠋ ᠰᠦᠷ ᠵᠢᠪᠬᠤᠭᠠᠲᠠᠢ ᠬᠠᠷᠠᠭᠳᠠᠨ᠎ᠠ᠃ ᠭᠡᠨᠡᠳᠲᠡ ᠭᠥᠷᠳᠡᠮᠴᠢ ᠶ᠋ᠢᠨ ᠣᠩᠭᠣᠳ ᠨᠢ ᠪᠠᠭᠤᠵᠤ ᠪᠡᠶ᠎ᠡ ᠬᠠᠳᠠ ᠨᠢ ᠴᠡᠴᠡᠷᠡᠨ ᠠᠮᠠᠨ ᠠ᠋ᠴᠠ ᠪᠠᠨ ᠭᠠᠯ ᠤ᠋ᠨ ᠰᠤᠷ ᠦᠯᠢᠶᠡᠬᠦ ᠰᠢᠭ ᠴᠢᠰᠤ ᠨᠥᠵᠢ ᠲᠡᠢ ᠰᠢᠯᠦᠰᠦ ᠰᠠᠪᠢᠷᠠᠭᠤᠯᠤᠨ ᠭᠠᠷ ᠳᠠᠬᠢ ᠲᠠᠰᠢᠭ᠋ᠤᠷ ᠪᠠ ᠰᠡᠯᠡᠮ᠎ᠡ ᠪᠡᠨ ᠬᠤᠷᠤᠢᠯᠳᠤᠭᠤᠯᠤᠨ ᠡᠷᠭᠢᠭᠦᠯᠬᠦ ᠨᠢ ᠡᠭᠡᠨᠡᠭᠲᠡ ᠤᠪᠠᠳᠢᠰᠯᠢᠭ᠋!
ᠲᠣᠮ ᠰᠢᠪᠰᠢᠯᠭᠡ ᠳᠠᠭᠤᠰᠴᠤ᠂ ᠵᠣᠯᠢᠭ ᠰᠤᠷ ᠬᠠᠶᠠᠬᠤ ᠪᠣᠯᠪᠠ᠃
ᠭᠥᠷᠳᠡᠮᠴᠢ ᠶ᠋ᠢᠨ ᠪᠠᠯᠪᠠᠬᠤ ᠳᠠᠷᠤᠯᠭ᠎ᠠ ᠶ᠋ᠢᠨ ᠲᠠᠰᠢᠭᠤᠷ ᠤ᠋ᠨ ᠳᠠᠭᠤᠨ ᠢ᠋ ᠳᠠᠭᠠᠯᠳᠤᠭᠠᠳ ᠲᠢᠷᠡᠩ᠂ ᠲᠢᠷᠡᠩ ᠭᠡᠬᠦ ᠭᠢᠨᠵᠢ ᠲᠡᠮᠦᠷ ᠦ᠋ᠨ ᠳᠠᠭᠤᠨ ᠳᠤᠭᠤᠯᠳᠠᠬᠤ ᠨᠢ ᠬᠥᠮᠦᠰ ᠢ ᠠᠢᠳᠠᠰ ᠲᠥᠷᠥᠭᠦᠯᠦᠨ᠎ᠡ᠃
ᠵᠣᠯᠢᠭ ᠲᠤ᠌ ᠭᠠᠷᠬᠤ ᠭᠤᠩᠴᠤᠭᠷᠠᠬᠤᠠ ᠶ᠋ᠢᠨ ᠪᠡᠶ᠎ᠡ ᠳ᠋ᠦ᠍ ᠬᠦᠩ ᠨᠣᠶᠠᠨ ᠲᠡᠷᠯᠢᠭ᠂ ᠬᠠᠨᠵᠢᠶᠠᠷ᠂ ᠤᠲᠤᠭ᠎ᠠ ᠵᠢᠩᠰᠡ ᠲᠡᠢ ᠮᠠᠯᠠᠭᠠᠢ᠂ ᠪᠤᠯᠢᠭᠠᠷᠢ ᠡᠭᠡᠳᠡᠨ ᠭᠤᠲᠤᠯ᠂ ᠮᠥᠩᠭᠥᠨ ᠬᠢᠲᠤᠭ᠎ᠠ᠂ ᠬᠡᠲᠡ ᠴᠠᠬᠢᠭᠤᠷ᠂ ᠬᠥᠬᠦᠦᠷ ᠳᠠᠯᠢᠩ ᠁ ᠵᠡᠷᠭᠡ ᠵᠠᠰᠠᠯ ᠢ᠋ ᠪᠦᠷᠢᠯᠳᠦᠭᠦᠯᠵᠦ ᠵᠢᠮᠰᠡᠭᠯᠡᠭᠡᠳ ᠪᠦᠷᠢᠨ ᠲᠣᠨᠣᠭᠲᠤ ᠮᠥᠩᠭᠥᠨ ᠡᠮᠡᠭᠡᠯ ᠬᠠᠵᠠᠭᠠᠷ ᠲᠠᠢ ᠡᠮᠨᠢᠭ ᠮᠣᠷᠢᠨ ᠳ᠋ᠤ᠌ ᠮᠣᠷᠳᠠᠭᠤᠯᠬᠤ ᠪᠠᠷ ᠪᠡᠯᠡᠳᠪᠡ᠃
ᠠᠳᠠ ᠠ᠋ᠴᠠ ᠰᠢᠪᠰᠢᠯᠭᠡ ᠶ᠋ᠢᠨ ᠲᠠᠷᠨᠢ ᠲᠠᠢ ᠨᠣᠮ ᠭᠦᠷᠢᠮ ᠦ᠋ᠨ ᠤᠩᠰᠢᠯᠭ᠎ᠠ ᠳᠤᠮᠳᠠ ᠶᠠᠪᠤᠵᠤ ᠡᠦᠲᠦᠨ ᠠᠭᠯᠠᠭ ᠭᠦᠨ ᠠᠭᠤᠯᠠᠨ ᠳ᠋ᠤ᠌ ᠣᠴᠢᠭᠠᠳ ᠡᠮᠨᠢᠭ ᠰᠣᠯᠢᠵᠤ ᠤᠨᠤᠭᠤᠯᠤᠨ ᠨᠣᠭᠲᠣ ᠴᠤᠯᠪᠤᠭᠤᠷ ᠴᠤ᠌ ᠦᠭᠡᠢ ᠲᠠᠯᠪᠢᠵᠤ ᠶᠠᠪᠤᠭᠤᠯᠳᠠᠭ ᠭᠡᠨ᠎ᠡ᠃ ᠢᠩᠭᠢᠵᠦ ᠵᠣᠯᠢᠭᠯᠠᠬᠤ ᠨᠢ ᠰᠣᠭᠲᠣᠭᠤ ᠪᠠᠷ ᠢ᠋ᠶ᠋ᠠᠨ ᠮᠣᠷᠢᠨ ᠠ᠋ᠴᠠ ᠬᠠᠶᠠᠭᠳᠠᠬᠤ ᠪᠤᠶᠤ ᠳᠥᠷᠦᠭᠡᠨ ᠳ᠋ᠡᠭᠡᠨ ᠴᠢᠷᠦᠭᠳᠡᠵᠦ ᠦᠬᠦᠬᠦ᠂ ᠡᠰᠡᠪᠡᠰᠦ ᠪᠣᠢᠳᠠ ᠵᠡᠯᠢᠭᠦᠳ ᠠᠭᠤᠯᠠᠨ ᠤ᠋ ᠲᠣᠭᠰᠢᠨ ᠠᠷᠢᠶᠠᠲᠠᠨ ᠤ᠋ ᠢᠳᠡᠰᠢ ᠪᠣᠯᠭᠠᠵᠤ ᠵᠣᠯᠢᠭᠯᠠᠨ ᠬᠠᠷ᠎ᠠ ᠪᠠᠷᠴᠢᠳ ᠢ ᠠᠷᠢᠯᠭᠠᠳᠠᠭ ᠤᠬᠠᠭᠠᠨ ᠲᠠᠢ᠃
ᠦᠯᠡᠮᠵᠢ ᠠᠷᠢᠬᠢ ᠤᠤᠭᠤᠵᠤ ᠪᠡᠶ᠎ᠡ ᠰᠡᠳᠬᠢᠯ ᠢ᠋ᠶ᠋ᠡᠨ ᠮᠢᠨᠴᠦᠭᠦᠷᠡᠭᠦᠯᠦᠭᠰᠡᠨ ᠭᠤᠩᠴᠤᠭᠷᠠᠬᠤᠠ ᠮᠣᠷᠢᠨ ᠤ᠋ ᠨᠢᠷᠤᠭᠤᠨ ᠳᠡᠭᠡᠷ᠎ᠡ ᠰᠠᠵᠢᠯᠠᠭᠤᠯᠬᠤ ᠳ᠋ᠠᠭᠠᠨ ᠣᠯᠠᠨ ᠣᠯᠠᠨ ᠶᠤᠤᠮᠠᠢ ᠶ᠋ᠢᠨ ᠭᠤᠯᠢᠷ ᠤ᠋ᠨ ᠪᠠᠯᠢᠩ ᠤ᠋ᠨ ᠳᠤᠮᠳᠠ ᠭᠠᠭᠴᠠ ᠥᠪᠡᠷ ᠦ᠋ᠨ ᠪᠡᠶ᠎ᠡ ᠨᠢ ᠠᠮᠢᠰᠬᠤᠭ᠎ᠠ ᠲᠠᠢ ᠮᠢᠬᠠᠨ ᠪᠠᠯᠢᠩ ᠭᠣᠵᠣᠢᠵᠤ ᠬᠠᠮᠢᠭ᠎ᠠ ᠣᠴᠢᠵᠤ ᠶᠠᠭᠤ ᠬᠢᠬᠦ ᠪᠡᠨ ᠴᠦ᠍ ᠦᠯᠦ ᠮᠡᠳᠡᠨ᠎ᠡ᠃ ᠷᠠᠰᠢ ᠵᠠᠬᠢᠷᠤᠭᠴᠢ 《ᠵᠠ᠂ ᠲᠠ ᠰᠠᠢᠨ ᠢᠳᠡᠵᠦ ᠤᠤᠭᠤ! ᠰᠠᠢᠨ ᠵᠣᠭᠣᠭᠯᠠ ᠠ᠋ ! ᠲᠡᠭᠡᠭᠡᠳ ᠵᠠᠮ ᠳ᠋ᠠᠭᠠᠨ ᠰᠠᠭᠠᠳ ᠦᠭᠡᠢ ᠶᠠᠪᠤᠵᠤ ᠰᠠᠬᠢᠭᠤᠯᠰᠤᠨ ᠤ᠋ ᠣᠷᠣᠨ ᠳ᠋ᠤ᠌ ᠣᠴᠢᠵᠤ ᠬᠦᠩ ᠨᠣᠶᠠᠨ ᠤ᠋ ᠰᠠᠭᠤᠳᠠᠯ ᠳ᠋ᠠᠭᠠᠨ ᠵᠠᠯᠠᠷᠠᠲᠤᠭᠠᠢ ! 》 ᠭᠡᠰᠡᠨ ᠨᠢ ᠲᠡᠭᠦᠨ ᠳ᠋ᠦ᠍ ᠵᠡᠭᠦᠳᠦ ᠴᠦ᠍ ᠶᠦᠮ ᠰᠢᠭ᠂ ᠬᠡᠦᠬᠡᠳ ᠦ᠋ᠨ ᠲᠣᠭᠯᠠᠭᠠᠮ ᠴᠦ᠍ ᠶᠤᠮ ᠰᠢᠭ᠋ ᠬᠠᠴᠢᠨ ᠶᠠᠭᠤᠮ᠎ᠠ ᠪᠣᠳᠣᠭᠳᠠᠭᠤᠯᠤᠨ᠎ᠠ᠃ ᠤᠬᠠᠭᠠᠨ ᠨᠢ ᠬᠥᠯᠴᠥᠬᠥᠷᠡᠮᠡᠭ ᠲᠡᠭᠡᠨ ᠳᠡᠢᠯᠲᠡᠭᠰᠡᠨ ᠭᠤᠩᠴᠤᠭᠷᠠᠬᠤᠠ ᠶ᠋ᠢᠨ ᠵᠣᠷᠢᠭ ᠪᠦᠳᠦᠭᠦᠷᠡᠵᠦ᠄
— ᠷᠠᠰᠢ ᠠ᠋᠂ ᠵᠠᠬᠢᠷᠤᠭᠴᠢ ᠭᠤᠸᠠᠢ ! ᠴᠢ ᠮᠢᠨᠦ ᠨᠣᠮᠢᠨ ᠢ᠋ ᠬᠠᠮᠢᠭᠠᠰᠢ ᠪᠠᠨ ᠴᠦᠯᠡᠵᠦ ᠶᠠᠪᠤᠭᠤᠯᠪᠠ ⁈ ᠠ ? ᠬᠤᠷᠳᠤᠨ ᠬᠡᠯᠡ! ᠪᠢ᠂ ᠪᠢ ᠁ ᠪᠢ ᠥᠨᠥᠳᠥᠷ ᠬᠦᠩ ᠨᠣᠶᠠᠨ ᠪᠣᠯᠴᠢᠬᠠᠯ᠎ᠠ ᠠ᠋ ! ᠪᠢ ᠨᠣᠮᠢᠨ ᠢ᠋ᠶ᠋ᠠᠨ ᠣᠯᠬᠤ ᠪᠠᠷ ᠶᠠᠪᠤᠨ᠎ᠠ ᠠ᠋ ! ᠭᠡᠵᠦ ᠬᠠᠰᠬᠢᠷᠬᠤ ᠳ᠋ᠤᠨᠢ ᠬᠠᠵᠠᠭᠤ ᠬᠠᠪᠢᠷᠭ᠎ᠠ ᠳ᠋ᠤᠨᠢ ᠳᠠᠭᠠᠯᠳᠤᠭᠰᠠᠨ ᠬᠥᠮᠦᠰ ᠶᠠᠭᠠᠬᠢᠬᠤ ᠶ᠋ᠢᠨ ᠴᠦ᠍ ᠠᠷᠭ᠎ᠠ ᠦᠭᠡᠢ᠃ ᠵᠣᠯᠢᠭ ᠲᠤ᠌ ᠭᠠᠷᠭᠠᠬᠤ ᠬᠥᠮᠦᠨ ᠲᠡᠢ ᠦᠭᠡ ᠳᠤᠤᠭᠠᠷᠴᠤ ᠪᠣᠯᠳᠠᠭ ᠦᠭᠡᠢ ᠭᠡᠨ᠎ᠡ ᠳᠡ ! ᠷᠠᠰᠢ ᠵᠠᠬᠢᠷᠤᠭᠴᠢ ᠴᠦ᠍ ᠭᠤᠩᠴᠤᠭᠷᠠᠬᠤᠠ ᠳ᠋ᠤ᠌ ᠠᠭᠠᠰᠢᠯᠠᠭᠳᠠᠵᠤ ᠨᠣᠪ ᠨᠣᠮᠣᠬᠠᠨ ᠶᠠᠪᠤᠨ᠎ᠠ᠃
ᠭᠥᠷᠳᠡᠮᠴᠢ ᠶ᠋ᠢᠨ ᠲᠠᠷᠨᠢᠳᠠᠭᠰᠠᠨ ᠭᠦᠷᠢᠮ ᠨᠣᠮ ᠣᠷᠣᠰᠢᠭᠰᠠᠨ ᠬᠦᠩ ᠨᠣᠶᠠᠨ ᠰᠢᠷᠠᠪᠳᠤᠷᠵᠢ ᠶ᠋ᠢᠨ ᠣᠷᠣᠨᠴᠣᠭ — ᠭᠤᠩᠴᠤᠭᠷᠠᠬᠤᠠ ᠰᠣᠭᠲᠣᠭᠤ ᠪᠠᠷ 《ᠬᠦᠩ ᠨᠣᠶᠠᠨ ᠤ᠋ ᠡᠮᠦᠨ᠎ᠡ ᠡᠴᠡ ᠵᠣᠯᠢᠭ ᠲᠤ᠌ ᠭᠠᠷᠴᠤ ᠦᠬᠦᠬᠦ ᠨᠢ ᠨᠢᠭᠡ ᠵᠦᠢᠯ ᠦ᠋ᠨ ᠠᠵᠠ᠂ ᠬᠤᠪᠢ ᠵᠠᠶᠠᠭ᠎ᠠ ᠮᠥᠨ ᠁ ᠴᠠᠭᠠᠳᠤ ᠣᠷᠴᠢᠯᠠᠩ ᠳ᠋ᠤ᠌ ᠬᠦᠷᠬᠦ ᠳ᠋ᠡᠭᠡᠨ ᠤᠲᠤᠭ᠎ᠠ ᠵᠢᠩᠰᠡ ᠲᠡᠢ ᠨᠣᠶᠠᠳ ᠬᠠᠳ ᠤ᠋ᠨ ᠡᠩᠨᠡᠭᠡᠨ ᠳ᠋ᠦ᠍ ᠣᠷᠣᠬᠤ ᠨᠢ ᠶᠠᠭᠤᠲᠠᠢ ᠵᠣᠯ ᠵᠠᠪᠰᠢᠶᠠᠨ ᠪᠢᠯᠡ 》 ᠭᠡᠵᠦ ᠪᠠᠰᠠ ᠪᠣᠳᠣᠨ ᠳᠤᠷᠠᠲᠠᠶ᠎ᠠ ᠦᠬᠦᠬᠦ ᠪᠡᠷ ᠮᠣᠷᠢᠨ ᠳ᠋ᠠᠭᠠᠨ ᠲᠠᠰᠢᠭᠤᠷ ᠥᠭᠭᠦᠭᠡᠳ ᠯᠡ ᠪᠠᠢᠪᠠ᠃ ᠶᠠᠮᠠᠷ ᠵᠡᠷᠯᠢᠭ ᠣᠷᠣᠣᠯᠠᠩ᠂ ᠡᠮᠨᠢᠭ ᠮᠣᠷᠢ ᠴᠦ᠍ ᠭᠡᠰᠡᠨ ᠭᠤᠩᠴᠤᠭᠷᠠᠬᠤᠠ ᠶ᠋ᠢᠨ ᠰᠠᠯᠲᠠᠭᠠᠨ ᠳ᠋ᠤ᠌ ᠣᠷᠣᠭᠰᠠᠭᠠᠷ ᠨᠣᠮᠣᠬᠠᠨ ᠱᠠᠷ ᠭᠡᠰᠡᠨ ᠦᠭᠡ᠃
ᠮᠤᠨᠠ ᠠᠭᠤᠯᠠ ᠶ᠋ᠢᠨ ᠠᠭᠯᠠᠭ ᠭᠦᠨ ᠣᠢ᠂ ᠪᠠᠷᠲᠠᠭᠠᠲᠤ ᠵᠠᠮ᠂ ᠮᠣᠳᠣ ᠰᠢᠷᠢᠩᠭᠢ ᠪᠡᠷ ᠬᠡᠴᠢᠨᠡᠭᠡᠨ ᠤᠳᠠᠭᠠᠨ ᠳᠣᠪᠲᠣᠯᠭᠠᠭᠰᠠᠨ ᠢ ᠪᠤᠤ ᠮᠡᠳᠡ᠂ ᠭᠤᠩᠴᠤᠭᠷᠠᠬᠤᠠ ᠰᠠᠯᠬᠢ ᠵᠢᠪᠠᠷ ᠲᠤ᠌ ᠭᠤᠶᠠᠳᠠᠭᠳᠠᠭᠰᠠᠭᠠᠷ ᠪᠠᠢᠵᠤ ᠱᠠᠯ ᠰᠣᠭᠲᠣᠪᠠ ᠁
— — — —
①ᠠᠮᠢ ᠪᠠᠨ ᠬᠠᠢᠷᠠᠯᠠᠯ ᠦᠭᠡᠢ ᠴᠢᠷᠮᠠᠢᠬᠤ
