ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠬᠣᠶᠠᠳᠤᠭᠠᠷ ᠪᠦᠯᠦᠭ < ᠳᠣᠯᠣᠭ᠎ᠠ> Хан мунын сүүрс < дээд > – Мөнх зохиоов ᠂ Дэд бодь – Хоёрдугаар бүлэг <7>
ᠳᠡᠳ᠋ ᠪᠣᠲᠢ – ᠬᠣᠶᠠᠳᠤᠭᠠᠷ ᠪᠦᠯᠦᠭ < ᠳᠣᠯᠣᠭ᠎ᠠ>
ᠪᠠᠷᠠᠭᠤᠨ ᠬᠦᠩ ᠦ᠋ᠨ ᠬᠢᠨ ᠳ᠋ᠡᠭᠡᠨ《ᠤᠷᠠᠨ ᠬᠣᠩᠰᠢᠶᠠᠷᠲᠤ ᠤᠬᠠᠭᠠᠨ ᠤ᠋ ᠤᠭᠤᠲᠠ》 ᠭᠡᠵᠦ ᠠᠯᠳᠠᠷᠰᠢᠭᠰᠠᠨ ᠮᠠᠨᠤᠪᠠᠳᠮ᠎ᠠ ᠬᠥᠭᠰᠢᠨ ᠮᠠᠨᠴᠤᠷᠭ᠎ᠠ ᠴᠡᠴᠡᠭ ᠬᠠᠲᠤᠨ ᠤ᠋ ᠤᠴᠢᠷ ᠯᠠᠪᠠᠷᠠᠵᠤ ᠤᠷᠰᠢᠭ ᠲᠠᠷᠢᠭᠠᠳ ᠤᠷᠠᠳ ᠤ᠋ᠨ ᠪᠠᠷᠠᠭᠤᠨ ᠬᠦᠩ ᠦ᠋ᠨ ᠬᠢᠨ ᠦ᠌ ᠨᠣᠶᠠᠳ ᠢᠵᠠᠭᠤᠷᠲᠠᠳ ᠳᠣᠲᠣᠷ᠎ᠠ ᠵᠠᠭᠤᠷ᠎ᠠ ᠪᠠᠨ ᠡᠪ ᠡᠪᠳᠡᠷᠡᠳᠡᠭ ᠪᠣᠯᠤᠭᠰᠠᠨ ᠢ᠋ ᠬᠡᠯᠡᠬᠦ ᠦᠭᠡᠢ᠂ ᠰᠢᠷᠠᠪᠳᠣᠷᠵᠢ ᠬᠦᠩ ᠨᠣᠶᠠᠨ ᠤ᠋ ᠵᠠᠰᠠᠭ ᠵᠠᠯᠭᠠᠮᠵᠢᠯᠠᠬᠤ ᠬᠦᠦ ᠲᠥᠷᠥᠬᠦ ᠤᠴᠢᠷ ᠲᠤ᠌ ᠴᠤ᠌ ᠲᠠᠢᠯᠤᠭᠳᠠᠰᠢ ᠦᠭᠡᠢ ᠪᠢᠲᠡᠭᠦᠦ ᠣᠨᠢᠰᠣᠭ᠎ᠠ ᠭᠣᠭᠴᠤᠭᠠᠷᠤᠭᠠᠳ ᠪᠠᠢᠳᠠᠭ ᠤ᠋ᠨ ᠠᠨᠢᠰᠤ ᠶ᠋ᠢ ᠰᠦᠪᠡᠯᠡᠵᠦ ᠨᠢᠭᠡ ᠶᠠᠭᠤᠮ᠎ᠠ ᠪᠢᠰᠢᠯᠭᠠᠵᠤ ᠪᠣᠳᠣᠵᠠᠢ᠃
ᠰᠢᠷᠠᠪᠳᠣᠷᠵᠢ ᠬᠦᠩ ᠨᠣᠶᠠᠨ ᠳ᠋ᠠᠭᠳᠠᠨ ᠳᠠ ᠯᠠᠮᠠ ᠶ᠋ᠢᠨ ᠲᠣᠯᠣᠭᠠᠢ ᠠ᠋ᠴᠠ ᠭᠡᠯᠮᠡᠭᠳᠡᠨ ᠴᠣᠴᠢᠵᠤ᠂ ᠮᠡᠳᠡᠷᠡᠯ ᠨᠢ ᠭᠡᠮᠲᠦᠭᠰᠡᠨ ᠡᠴᠡ ᠪᠡᠶ᠎ᠡ ᠯᠠᠭᠱᠠᠨ ᠨᠢ ᠪᠤᠯᠠᠩᠭᠢᠷᠲᠤᠨ ᠰᠥᠨᠢ ᠰᠥᠨᠢ ᠬᠠᠷ᠎ᠠ ᠳᠠᠷᠤᠵᠤ《ᠳ᠋ᠠᠭᠳᠠᠨ ᠳᠠ ᠯᠠᠮᠠ ᠨᠠᠮᠠᠶ᠋ᠢ ᠭᠢᠨᠵᠢᠯᠡᠬᠦ ᠪᠡᠷ ᠢᠷᠡᠯ᠎ᠡ᠁》 ᠭᠡᠵᠦ ᠪᠠᠢᠨ ᠪᠠᠢᠨ ᠬᠠᠰᠬᠢᠷᠤᠨ ᠬᠥᠮᠦᠨ ᠠᠮᠢᠲᠠᠨ ᠢ᠋ ᠠᠶᠤᠯᠭᠠᠳᠠᠭ ᠭᠡᠰᠡᠨ ᠨᠢ ᠬᠤᠳᠠᠯ ᠪᠢᠰᠢ ᠦᠨᠡᠨ! ᠲᠡᠭᠡᠵᠦ ᠪᠠᠢᠲᠠᠯ᠎ᠠ ᠴᠡᠴᠡᠭ ᠬᠠᠲᠤᠨ ᠪᠡᠶ᠎ᠡ ᠪᠡᠨ ᠬᠣᠣᠷᠯᠠᠭᠰᠠᠨ ᠲᠡᠷᠡ ᠪᠡᠷ ᠤᠯᠠᠮ ᠴᠤ᠌ ᠰᠦᠭ ᠰᠦᠯᠳᠡ ᠦᠭᠡᠢ ᠰᠦᠨᠡᠰᠦ ᠪᠡᠨ ᠭᠡᠭᠡᠭᠰᠡᠨ ᠬᠥᠮᠦᠨ ᠰᠢᠭ ᠪᠣᠯᠤᠭᠰᠠᠨ ᠨᠢ ᠨᠢᠭᠡ ᠪᠣᠳᠣᠪᠠᠯ ᠬᠥᠭᠡᠷᠦᠬᠦᠢ᠃ ᠡᠭᠦᠨ ᠦ᠌ ᠰᠢᠯᠲᠠᠭ ᠢ᠋ᠶ᠋ᠠᠷ ᠲᠥᠷᠬᠥᠮ ᠳ᠋ᠡᠭᠡᠨ ᠤᠳᠠᠭᠠᠨ ᠰᠠᠭᠤᠭᠰᠠᠨ ᠪᠠᠭ᠎ᠠ ᠬᠠᠲᠤᠨ ᠰᠡᠷᠭᠦᠮ᠎ᠡ ᠶ᠋ᠢ ᠰᠡᠦᠬᠡ ᠲᠡᠷᠭᠡ ᠪᠡᠷ ᠵᠠᠯᠠᠵᠤ ᠢᠷᠡᠭᠰᠡᠨ ᠪᠣᠯᠪᠠᠴᠤ ᠡᠷ᠎ᠡ ᠡᠮ᠎ᠡ ᠶ᠋ᠢᠨ ᠪᠠᠷᠢᠯᠳᠤᠯᠭ᠎ᠠ ᠳ᠋ᠤ᠌ ᠡᠶ᠎ᠡ ᠵᠣᠷ ᠨᠡᠢᠯᠡᠮᠵᠢ ᠦᠭᠡᠢ ᠨᠢ ᠦᠵᠡᠲᠡᠯ᠎ᠡ ᠢᠯᠡᠬᠡᠨ᠃ ᠪᠠᠭ᠎ᠠ ᠬᠠᠲᠤᠨ ᠮᠥᠨ ᠯᠡ ᠬᠡᠦᠬᠡᠨ ᠰᠤᠪᠠᠢ ᠪᠠᠷ ᠢ᠋ᠶ᠋ᠠᠨ ᠭᠤᠨᠠᠯᠵᠠᠵᠤ ᠶᠠᠪᠤᠭ᠎ᠠ ᠠᠪᠠᠴᠤ ᠰᠡᠳᠬᠢᠯ ᠰᠠᠨᠠᠭᠠᠨ ᠳ᠋ᠤᠨᠢ ᠠᠷᠴᠢᠭᠳᠠᠰᠢ ᠦᠭᠡᠢ ᠭᠬᠢᠷ ᠪᠤᠷᠲᠠᠭ ᠰᠠᠭᠤᠭᠰᠠᠨ ᠮᠡᠲᠦ ᠤᠷᠤᠭᠤ ᠴᠢᠷᠠᠢ ᠲᠠᠢ ᠪᠠᠢᠭ᠎ᠠ ᠶ᠋ᠢ ᠬᠠᠷᠠᠭᠠᠳ ᠮᠠᠨᠤᠪᠠᠳᠮ᠎ᠠ ᠬᠥᠭᠰᠢᠨ ᠦ᠌ ᠳᠣᠲᠣᠷ᠎ᠠ ᠤᠬᠠᠭ᠎ᠠ ᠬᠠᠷᠪᠤᠨ ᠣᠷᠣᠪᠠ ᠁
ᠬᠥᠬᠡᠭᠡ ᠰᠠᠷ᠎ᠠ ᠶ᠋ᠢᠨ ᠬᠣᠷᠢᠨ ᠭᠤᠷᠪᠠᠨ ᠳ᠋ᠠᠭᠠᠨ ᠤᠷᠠᠳᠴᠤᠳ ᠭᠠᠯ ᠳᠠᠬᠢᠳᠠᠭ᠃ ᠭᠠᠯ ᠲᠠᠬᠢᠯᠭ᠎ᠠ ᠶ᠋ᠢᠨ ᠡᠨᠡ ᠥᠯᠵᠡᠢᠲᠦ ᠡᠳᠦᠷ ᠮᠠᠨᠤᠪᠠᠳᠮ᠎ᠠ ᠬᠥᠭᠰᠢᠨ ᠡᠨᠡ ᠬᠦ᠌ ᠬᠥᠬᠡ ᠲᠣᠭᠣᠰᠬᠠᠨ ᠬᠦᠷᠢᠶ᠎ᠡ ᠲᠡᠢ ᠭᠦᠨ ᠳ᠋ᠦ᠍ ᠥᠯᠮᠡᠢ ᠬᠥᠨᠳᠡᠨ ᠬᠦᠩ ᠨᠣᠶᠠᠨᠲᠠᠨ ᠲᠠᠢ ᠪᠠᠷᠠᠳᠠᠬᠤ ᠪᠠᠷ ᠢᠷᠡᠵᠡᠢ᠃
ᠦᠳᠡ ᠬᠡᠯᠪᠡᠢᠵᠦ ᠪᠠᠢᠯ᠎ᠠ᠃
ᠬᠦᠩ ᠨᠣᠶᠠᠨ ᠤ᠋ ᠭᠣᠣᠯ ᠤᠷᠲᠤ ᠳ᠋ᠤ᠌ ᠯᠠᠮᠠ ᠭᠡᠪᠬᠦᠢ ᠴᠤᠭᠯᠠᠷᠠᠨ ᠬᠥᠮᠦᠨ ᠬᠠᠷ᠎ᠠ ᠬᠥᠭᠵᠢᠶᠡᠨᠲᠡᠢ ᠠᠵᠤᠭᠤ᠃
ᠭᠠᠯ ᠲᠠᠬᠢᠯᠭ᠎ᠠ ᠶ᠋ᠢᠨ ᠭᠣᠣᠯ ᠥᠷᠥᠭᠡᠨ ᠳ᠋ᠦ᠍ ᠠᠷᠴᠠ ᠬᠦᠵᠢ ᠶ᠋ᠢᠨ ᠦᠨᠦᠷ ᠰᠠᠩ ᠬᠢᠵᠦ᠂ ᠭᠠᠯ ᠤ᠋ᠨ ᠪᠤᠷᠬᠠᠨ ᠤ᠋ ᠡᠮᠦᠨ᠎ᠡ ᠲᠠᠬᠢᠯ ᠴᠥᠭᠥᠴᠡ ᠵᠢᠭᠳᠡᠷᠡᠨ ᠬᠦᠩ ᠨᠣᠶᠠᠨ ᠰᠢᠷᠠᠪᠳᠣᠷᠵᠢ ᠠᠬᠠᠢᠲᠠᠨ ᠬᠥᠮᠦᠨ ᠪᠦᠭᠦᠳᠡ ᠶ᠋ᠢᠨ ᠴᠢᠷᠠᠢ ᠥᠭᠡᠳᠡ ᠪᠠᠢᠪᠠ᠃
ᠤᠭᠠᠯᠵᠠᠨ ᠰᠡᠢᠯᠦᠮᠡᠯ ᠮᠣᠬᠢᠷᠠᠭᠤ ᠳᠥᠷᠪᠡᠨ ᠬᠥᠯ ᠲᠡᠢ᠂ ᠬᠦᠷᠡᠩ ᠽᠠᠨᠳᠠᠨ ᠰᠤᠮᠤᠨ ᠰᠢᠷᠡᠭᠡᠨ ᠳᠡᠭᠡᠷ᠎ᠡ ᠲᠠᠪᠠᠭ ᠲᠠᠢ ᠲᠠᠷᠭᠤᠨ ᠮᠢᠬ᠎ᠠ ᠰᠢᠭᠦᠰᠦ᠂ ᠪᠤᠳᠠᠭ᠎ᠠ ᠪᠣᠭᠣᠷᠰᠣᠭ᠂ ᠴᠢᠪᠠᠭ᠎ᠠ ᠰᠢᠬᠢᠷ᠂ ᠥᠷᠥᠮ᠎ᠡ ᠠᠭᠠᠷᠤᠤᠯ ᠥᠷᠥᠭᠳᠡᠵᠦ᠂ ᠡᠪᠴᠢᠭᠦᠦ ᠴᠠᠭᠠᠯᠠᠭᠰᠠᠨ ᠵᠦᠰᠦᠮ ᠮᠢᠬ᠎ᠠ᠂ ᠠᠪᠢᠰᠤ① ᠵᠡᠷᠭᠡ ᠢᠳᠡᠭᠡᠨ ᠢ᠋ ᠳᠠᠯᠠᠯᠠᠭ᠎ᠠ ᠶ᠋ᠢᠨ ᠰᠠᠭᠤᠯᠠᠭ᠎ᠠ ᠳ᠋ᠤ᠌ ᠬᠢᠵᠦ ᠪᠤᠷᠬᠠᠨ ᠭᠦᠩᠭᠠᠷᠠᠪᠠ ᠶ᠋ᠢᠨ ᠡᠮᠦᠨ᠎ᠡ ᠳᠡᠭᠡᠵᠢᠯᠡᠨ ᠲᠠᠯᠪᠢᠵᠠᠢ᠃
ᠡᠪᠴᠢᠭᠦᠨ ᠦ᠌ ᠵᠦᠰᠦᠮ ᠬᠡᠷᠰᠡᠩ᠂ ᠠᠪᠢᠰᠤ ᠰᠡᠭᠡᠷ ᠵᠡᠷᠭᠡ ᠭᠠᠯ ᠤ᠋ᠨ ᠬᠡᠰᠢᠭ ᠢ᠋ ᠠᠯᠲᠠᠨ ᠬᠡ ᠲᠡᠢ ᠮᠣᠳᠣᠨ ᠫᠢᠯᠠ ᠳ᠋ᠤ᠌ ᠨᠢᠮᠪᠠᠢ ᠲᠠᠪᠠᠭᠯᠠᠵᠤ᠂ ᠪᠠᠰᠠ ᠭᠠᠷ ᠵᠣᠭᠣᠰ᠂ ᠵᠠᠰᠠᠮᠠᠯ ᠠᠯᠲᠠᠨ ᠶᠤᠸᠠᠮᠪᠤᠤ᠂ ᠲᠠᠪᠤᠨ ᠥᠩᠭᠡ ᠶ᠋ᠢᠨ ᠪᠥᠰ ᠭᠬᠢᠪ᠂ ᠲᠣᠷᠭ᠎ᠠ ᠳᠤᠷᠳᠤᠩ ᠤ᠋ᠨ ᠥᠭᠡᠳᠡᠰᠦ ᠵᠡᠷᠭᠡ ᠪᠠ ᠰᠢᠬᠢᠷ ᠪᠤᠷᠠᠮ᠂ ᠴᠢᠪᠠᠭ᠎ᠠ ᠦᠵᠦᠮ᠂ ᠴᠠᠭᠠᠨ ᠢᠳᠡᠭᠡ᠂ ᠠᠷᠠᠵᠠ ᠬᠣᠣᠷᠠᠵᠠ ᠲᠤᠰᠤᠭᠠᠭᠰᠠᠨ ᠭᠠᠯ ᠳ᠋ᠤ᠌ ᠡᠷᠭᠦᠬᠦ ᠴᠠᠴᠤᠯᠭ᠎ᠠ ᠶ᠋ᠢᠨ ᠰᠠᠪᠠ ᠶ᠋ᠢ ᠠᠷᠴᠠ ᠰᠠᠩ᠂ ᠬᠦᠵᠢ ᠣᠳᠤᠯᠭ᠎ᠠ ᠪᠠᠷ ᠠᠷᠢᠭᠤᠳᠬᠠᠨ ᠴᠡᠩᠬᠡᠷ ᠬᠠᠳᠠᠭ ᠢ᠋ᠶ᠋ᠠᠷ ᠪᠦᠲᠡᠭᠡᠵᠡᠢ᠃
ᠲᠤᠯᠭᠠᠨ ᠤ᠋ ᠳᠥᠷᠪᠡᠨ ᠥᠨᠴᠥᠭ ᠲᠦ᠍ ᠮᠣᠳᠣᠨ ᠰᠢᠬᠢᠪᠦᠷ ᠲᠦ᠍ ᠭᠠᠯ ᠤ᠋ᠨ ᠪᠤᠳᠠᠭ᠎ᠠ ᠪᠠᠷ ᠬᠣᠩᠬᠣᠢᠯᠠᠨ ᠵᠠᠰᠠᠭᠰᠠᠨ ᠰᠢᠷ᠎ᠠ ᠲᠣᠰᠣ ᠶ᠋ᠢᠨ ᠵᠤᠯᠠ ᠠᠰᠠᠭᠠᠵᠤ᠂ ᠲᠤᠯᠭᠠᠨ ᠤ᠋ ᠬᠠᠮᠠᠷ ᠲᠤ᠌ ᠭᠠᠤᠯᠢᠨ ᠲᠠᠬᠢᠯ ᠠᠰᠠᠭᠠᠪᠠ᠃ ᠴᠡᠪᠡᠷᠬᠡᠨ ᠴᠠᠭᠠᠯᠠᠭᠰᠠᠨ ᠡᠪᠴᠢᠭᠦᠦ ᠪᠡᠨ ᠲᠠᠪᠤᠨ ᠠᠮᠲᠠᠲᠠᠨ᠂ ᠲᠠᠪᠤᠨ ᠥᠩᠭᠡ ᠶ᠋ᠢᠨ ᠭᠬᠢᠪ ᠲᠣᠷᠭ᠎ᠠ᠂ ᠰᠦ ᠴᠠᠭ᠎ᠠ᠂ ᠠᠷᠠᠵᠠ᠁ ᠵᠡᠷᠭᠡ ᠪᠠᠵᠠᠭᠠᠭᠰᠠᠨ ᠶᠠᠭᠤᠮᠠᠰ ᠢ᠋ᠶ᠋ᠠᠨ ᠲᠣᠮᠣ ᠮᠣᠳᠣᠨ ᠴᠠᠷ᠎ᠠ ᠳᠣᠲᠣᠷ᠎ᠠ ᠳᠥᠷᠪᠡᠨ ᠥᠨᠴᠥᠭ ᠲᠡᠭᠡᠨ ᠥᠯᠵᠡᠢ ᠦᠰᠦᠭ ᠤᠷᠠᠯᠠᠵᠤ ᠲᠡᠭ ᠳᠤᠮᠳᠠ ᠨᠢ《 ᠪᠤᠶᠠᠨ ᠬᠡᠰᠢᠭ》 ᠭᠡᠰᠡᠨ ᠭᠣᠷ ᠦᠰᠦᠭ ᠢ᠋ ᠬᠠᠢᠴᠢᠯᠠᠨ ᠶᠠᠩᠵᠤᠯᠠᠭᠰᠠᠨ ᠮᠣᠣᠲᠤᠤ ᠴᠠᠭᠠᠰᠤᠨ ᠳᠡᠭᠡᠷ᠎ᠡ ᠡᠮᠬᠢᠲᠡᠢ ᠲᠠᠯᠪᠢᠨ ᠳᠡᠭᠡᠷ᠎ᠡ ᠨᠢ ᠠᠷᠢᠬᠢ ᠲᠤᠰᠤᠭᠠᠨ ᠰᠢᠷ᠎ᠠ ᠲᠣᠰᠣ ᠮᠢᠯᠢᠶᠠᠵᠤ ᠠᠮᠢᠳᠤ ᠬᠣᠨᠢᠨ ᠤ᠋ ᠨᠣᠣᠰᠣ ᠪᠠᠷ ᠡᠭᠡᠷᠡᠭᠰᠡᠨ ᠤᠲᠠᠰᠤ ᠪᠠᠷ ᠡᠪᠴᠢᠭᠦᠨ ᠦ᠌ ᠬᠣᠶᠠᠷ ᠰᠦᠪᠡᠷᠭᠡ ᠶ᠋ᠢ ᠬᠣᠯᠪᠣᠨ ᠣᠷᠢᠶᠠᠵᠤ ᠡᠪᠴᠢᠭᠦᠨ ᠦ᠌ ᠪᠦᠳᠦᠷᠬᠡᠢ ᠶ᠋ᠢ ᠭᠤᠷᠪᠠᠨ ᠭᠤᠷᠪᠠ ᠶᠢᠰᠦ ᠣᠷᠢᠶᠠᠵᠤ ᠳᠥᠷᠪᠡᠨ ᠰᠢᠷᠬᠡᠭ ᠬᠢᠯᠭᠠᠨ᠎ᠠ ᠶ᠋ᠢᠨ ᠵᠢᠯᠠᠭ᠎ᠠ ᠶ᠋ᠢ ᠡᠪᠴᠢᠭᠦᠨ ᠦ᠌ ᠲᠣᠯᠣᠭᠠᠢ ᠥᠭᠡᠳᠡ ᠬᠠᠨᠳᠤᠭᠤᠯᠤᠨ ᠲᠠᠯᠪᠢᠪᠠ᠃
ᠬᠦᠩ ᠨᠣᠶᠠᠨ ᠰᠢᠷᠠᠪᠳᠣᠷᠵᠢ ᠬᠣᠶᠠᠷ ᠰᠢᠪᠡᠭᠴᠢᠨ ᠥᠬᠢᠨ ᠢ᠋ᠶ᠋ᠡᠷ ᠲᠦᠰᠢᠭᠦᠯᠵᠦ ᠪᠣᠰᠤᠨ ᠲᠤᠯᠭᠠᠨ ᠡᠮᠦᠨ᠎ᠡ ᠬᠦᠷᠴᠦ ᠢᠷᠡᠬᠦ ᠳ᠋ᠦ᠍ ᠴᠢᠷᠠᠢ ᠨᠢ ᠴᠣᠩᠬᠢᠢᠵᠤ᠂ ᠨᠢᠳᠦ ᠨᠢ ᠭᠡᠷᠡᠯ ᠮᠠᠭᠤᠲᠠᠢ ᠭᠢᠷᠡᠢᠵᠦ ᠠᠮᠢᠰᠬᠤᠭ᠎ᠠ ᠨᠢ ᠳᠡᠭᠡᠷᠡᠳᠡᠬᠦ ᠰᠢᠭ ᠬᠠᠷᠠᠭᠳᠠᠨ᠎ᠠ᠃
ᠰᠢᠷᠠᠪᠳᠣᠷᠵᠢ ᠬᠦᠩ ᠨᠣᠶᠠᠨ ᠲᠤᠯᠭᠠᠨ ᠤ᠋ ᠠᠮᠠᠨ ᠳ᠋ᠤ᠌ ᠳᠡᠪᠢᠰᠦᠭᠰᠡᠨ ᠳᠣᠣᠷ᠎ᠠ ᠪᠠᠨ ᠬᠣᠨᠢᠨ ᠤ᠋ ᠠᠷᠠᠰᠤ ᠲᠠᠢ ᠣᠯᠪᠣᠭ ᠰᠢᠷᠢᠳᠡᠭ ᠳᠡᠭᠡᠷ᠎ᠡ ᠰᠥᠭᠥᠳᠴᠦ ᠭᠠᠯ ᠤ᠋ᠨ ᠡᠪᠴᠢᠭᠦᠦ ᠪᠡᠨ ᠭᠠᠯ ᠤ᠋ᠨ ᠪᠤᠷᠬᠠᠨ ᠳ᠋ᠤ᠌ ᠡᠷᠭᠦᠬᠦ ᠪᠡᠷ ᠪᠡᠯᠡᠳᠬᠡᠪᠡ᠃ ᠴᠠᠭᠠᠨ᠎ᠠ ᠪᠠᠭ᠎ᠠ ᠬᠠᠲᠤᠨ᠂ ᠪᠠᠭ᠎ᠠ ᠲᠦᠰᠢᠮᠡᠳ᠂ ᠳᠠᠭᠠᠯᠲᠠ ᠵᠠᠷᠤᠴᠠ᠂ ᠢᠨᠵᠢ ᠡᠨᠡ ᠲᠡᠷᠡ ᠪᠦᠭᠦᠳᠡ ᠭᠠᠷ ᠲᠠᠭᠠᠨ ᠳᠠᠢᠯᠠᠯᠭ᠎ᠠ ᠶ᠋ᠢᠨ ᠶᠠᠭᠤᠮ᠎ᠠ ᠡᠷᠭᠦᠵᠦ ᠭᠠᠯ ᠤ᠋ᠨ ᠪᠤᠷᠬᠠᠨ ᠳ᠋ᠤ᠌ ᠮᠥᠷᠭᠥᠬᠦ ᠪᠡᠷ ᠪᠣᠯᠪᠠ᠃
ᠷᠠᠮ ᠰᠢᠳᠢ ᠰᠤᠯᠠᠷᠠᠨ
ᠷᠠᠮ ᠦᠰᠦᠭ ᠡᠴᠡ ᠪᠣᠯᠤᠭᠰᠠᠨ
ᠷᠠᠰᠢᠶᠠᠨᠲᠤ ᠬᠤᠮᠬ᠎ᠠ ᠪᠠᠷᠢᠭᠰᠠᠨ
ᠷᠠᠳᠨ᠎ᠠ ᠡᠷᠬᠡ ᠶ᠋ᠢ ᠲᠠᠲᠠᠭᠰᠠᠨ
ᠷᠠᠨᠴᠠ ᠭᠠᠯ ᠤ᠋ᠨ ᠬᠠᠨ ᠳ᠋ᠤᠷ ᠮᠥᠷᠭᠥᠮᠦ
ᠡᠰᠡᠷᠸ᠎ᠠ ᠲᠩᠷᠢ ᠡᠴᠡ ᠪᠣᠯᠤᠭᠰᠠᠨ
ᠡᠷᠲᠡᠨ ᠦ᠌ ᠪᠣᠭᠳᠠ ᠨᠠᠷ ᠤ᠋ᠨ ᠲᠠᠬᠢᠬᠰᠠᠨ
ᠡᠯᠳᠡᠪ ᠲᠡᠭᠦᠰ ᠴᠣᠭᠲᠤ ᠭᠠᠯ ᠤ᠋ᠨ ᠬᠠᠨ
ᠡᠷᠳᠡᠨᠢᠲᠦ ᠠᠷᠰᠢ ᠲᠩᠷᠢ
ᠬᠤᠷᠮᠤᠰᠲᠠ ᠲᠩᠷᠢ ᠡᠴᠡ ᠪᠣᠯᠤᠭᠰᠠᠨ
ᠬᠤᠲᠤᠭᠲᠠᠨ ᠬᠠᠳ ᠤ᠋ᠨ ᠲᠠᠬᠢᠬᠰᠠᠨ
ᠬᠤᠷᠴᠠ ᠲᠡᠭᠦᠰ ᠴᠣᠭᠲᠤ ᠭᠠᠯ ᠤ᠋ᠨ ᠬᠠᠨ
ᠬᠤᠪᠢᠯᠭᠠᠨ ᠠᠷᠰᠢ ᠲᠩᠷᠢ
ᠪᠢᠰᠢᠨᠦ ᠲᠩᠷᠢ ᠡᠴᠡ ᠪᠣᠯᠤᠭᠰᠠᠨ
ᠪᠢᠰᠢᠷᠡᠯᠲᠦ ᠠᠷᠠᠳ ᠤ᠋ᠨ ᠲᠠᠬᠢᠬᠰᠠᠨ
ᠪᠢᠯᠢᠭ ᠲᠡᠭᠦᠰ ᠴᠣᠭᠲᠤ ᠭᠠᠯ ᠤ᠋ᠨ ᠬᠠᠨ
ᠪᠢᠯᠳᠠᠷ ᠰᠠᠢᠲᠤ ᠠᠷᠰᠢ ᠲᠩᠷᠢ
ᠮᠡᠬᠢᠱᠦᠸᠠᠷᠢ ᠲᠩᠷᠢ ᠡᠴᠡ ᠪᠣᠯᠤᠭᠰᠠᠨ
ᠮᠠᠰᠢ ᠣᠯᠠᠨ ᠢᠷᠭᠡᠳ ᠲᠠᠬᠢᠬᠰᠠᠨ
ᠮᠠᠭᠠᠳ ᠲᠡᠭᠦᠰ ᠴᠣᠭᠲᠤ ᠭᠠᠯ ᠤ᠋ᠨ ᠬᠠᠨ
ᠡᠷᠳᠡᠮ ᠰᠠᠢᠲᠤ ᠠᠷᠰᠢ ᠲᠩᠷᠢ᠁
ᠬᠦᠨᠳᠦ ᠭᠠᠯ ᠤ᠋ᠨ ᠲᠩᠷᠢ ᠴᠢᠮ᠎ᠠ ᠳ᠋ᠤᠷ
ᠬᠦᠵᠢ ᠵᠤᠯᠠ ᠦᠷᠡᠰ ᠢ᠋ ᠡᠷᠭᠦᠨ
ᠬᠥᠬᠡ ᠬᠤᠪᠴᠠᠳ ᠢ᠋ᠶ᠋ᠠᠷ ᠲᠠᠬᠢᠮᠤ
ᠬᠦᠨᠳᠦ ᠨᠠᠰᠤᠨ ᠴᠣᠭ ᠢ᠋ ᠰᠣᠶᠣᠷᠬ᠎ᠠ᠁
ᠦᠦᠪᠡᠢ ᠂ ᠦᠦᠪᠡᠢ ᠬᠠᠮᠤᠭ ᠠ᠋ᠴᠠ ᠰᠠᠢᠨ
ᠦᠦᠪᠡᠢ᠂ ᠦᠦᠪᠡᠢ ᠶᠡᠬᠡ ᠲᠠᠬᠢᠯ ᠢ᠋
ᠦᠦᠪᠡᠢ᠂ ᠦᠦᠪᠡᠢ ᠰᠠᠢᠲᠤᠷ ᠬᠤᠪᠢᠯᠭᠠᠨ
ᠦᠦᠪᠡᠢ᠂ ᠦᠦᠪᠡᠢ ᠭᠠᠯ ᠳ᠋ᠤᠷ ᠡᠷᠭᠦᠮᠦ᠁
ᠭᠡᠮᠡᠨ ᠯᠠᠮᠠ ᠨᠠᠷ ᠭᠠᠯ ᠤ᠋ᠨ ᠢᠷᠦᠭᠡᠯ ᠢᠷᠥᠭᠡᠬᠦ ᠳ᠋ᠦ᠍ ᠬᠦᠩ ᠨᠣᠶᠠᠨ ᠶᠠᠩᠵᠤᠯᠠᠵᠤ ᠪᠡᠯᠡᠳᠬᠡᠭᠰᠡᠨ ᠭᠠᠯ ᠤ᠋ᠨ ᠡᠪᠴᠢᠭᠦᠦ ᠪᠡᠨ ᠡᠷᠭᠦᠨ ᠬᠤᠷᠤᠢ᠂ ᠬᠤᠷᠤᠢ᠂ ᠬᠤᠷᠤᠢ! ᠭᠡᠵᠦ ᠭᠤᠷᠪᠠᠨᠲᠠ ᠬᠤᠷᠤᠢᠯᠠᠨ ᠭᠠᠯ ᠳ᠋ᠤ᠌ ᠡᠷᠭᠦᠭᠰᠡᠨ ᠳ᠋ᠦ᠍ ᠳᠠᠭᠠᠯᠳᠤᠭᠰᠠᠨ ᠬᠥᠮᠦᠰ ᠴᠦ᠍ ᠬᠤᠷᠤᠢᠯᠳᠤᠨ ᠮᠠᠰᠢᠳᠠ ᠰᠦᠵᠢᠭᠯᠡᠨᠡ᠃
᠁
ᠠᠷᠰᠢ ᠭᠠᠯ ᠤ᠋ᠨ ᠲᠩᠷᠢ ᠡᠬᠢᠯᠡᠨ
ᠠᠪᠤᠷᠠᠭᠴᠢᠨ ᠡᠯ᠎ᠡ ᠪᠦᠭᠦᠳᠡ
ᠠᠮᠤᠷ ᠵᠢᠷᠭᠠᠯ ᠢ᠋ᠶ᠋ᠠᠷ ᠡᠬᠢᠯᠡᠨ
ᠠᠯᠢ ᠬᠠᠮᠤᠭ ᠰᠠᠢᠨ ᠢ᠋ ᠰᠣᠶᠣᠷᠬ᠎ᠠ
ᠠᠮᠢ ᠨᠠᠰᠤᠨ ᠤ᠋ ᠬᠡᠰᠢᠭ ᠢ᠋ ᠰᠣᠶᠣᠷᠬ᠎ᠠ
ᠠᠲᠠᠨ ᠮᠠᠯ ᠤ᠋ᠨ ᠬᠡᠰᠢᠭ ᠢ᠋ ᠰᠣᠶᠣᠷᠬ᠎ᠠ
ᠠᠮᠤᠷ ᠰᠠᠢᠨ ᠤ᠋ ᠬᠡᠰᠢᠭ ᠢ᠋ ᠰᠣᠶᠣᠷᠬ᠎ᠠ
ᠡᠷᠳᠡᠮ ᠨᠣᠮ ᠤ᠋ᠨ ᠬᠡᠰᠢᠭ ᠢ᠋ ᠰᠣᠶᠣᠷᠬ᠎ᠠ᠁
ᠬᠤᠲᠤᠭ ᠬᠡᠰᠢᠭ ᠡᠯ᠎ᠡ ᠪᠦᠭᠦᠳᠡ ᠶ᠋ᠢ
ᠬᠤᠷᠤᠢ ᠬᠤᠷᠤᠢ ᠬᠤᠲᠤᠭ ᠲᠡᠭᠦᠯᠳᠡᠷ
ᠬᠤᠷᠤᠢ ᠬᠤᠷᠤᠢ ᠬᠡᠰᠢᠭ ᠢᠷᠡᠭᠦᠯ
ᠬᠤᠷᠤᠢ ᠬᠤᠷᠤᠢ ᠬᠤᠲᠤᠭ ᠢᠷᠡᠭᠦᠯ
ᠬᠤᠷᠤᠢ ᠬᠤᠷᠤᠢ ᠪᠦᠷᠢᠨ ᠢᠷᠡᠭᠦᠯ
ᠬᠤᠷᠤᠢ ᠬᠤᠷᠤᠢ ᠲᠡᠭᠦᠰ ᠢᠷᠡᠭᠦᠯ
ᠬᠤᠷᠤᠢ ᠬᠤᠷᠤᠢ ᠬᠤᠷᠠᠨ ᠢᠷᠡᠭᠦᠯ
ᠬᠤᠷᠠᠨ ᠢᠷᠡᠭᠦᠯᠵᠦ ᠲᠣᠭᠲᠠᠭᠤᠯ᠁
ᠭᠡᠵᠦ ᠭᠠᠯ ᠲᠠᠬᠢᠯᠭ᠎ᠠ ᠶ᠋ᠢᠨ ᠢᠷᠦᠭᠡᠯ ᠤᠩᠰᠢᠭᠰᠠᠨ ᠳᠦᠩᠭᠦᠷ ᠳᠦᠩᠭᠦᠷ ᠳᠠᠭᠤᠨ ᠬᠦᠷᠢᠶᠡᠨ ᠦ᠌ ᠡᠭᠦᠳᠡ ᠬᠦᠷᠲᠡᠯ᠎ᠡ ᠳᠦᠩᠭᠢᠨᠡᠨ ᠰᠣᠨᠣᠰᠳᠠᠵᠤ ᠮᠠᠰᠢᠳᠠ ᠬᠥᠷ ᠬᠥᠭᠵᠢᠶᠡᠨᠲᠡᠢ᠃
ᠰᠢᠷᠠᠪᠳᠣᠷᠵᠢ ᠬᠦᠩ ᠨᠣᠶᠠᠨ ᠭᠠᠯ ᠤ᠋ᠨ ᠪᠤᠷᠬᠠᠨ ᠳ᠋ᠤ᠌ ᠡᠪᠴᠢᠭᠦᠦ ᠡᠷᠭᠦᠵᠦ᠂ ᠪᠤᠷᠬᠠᠨ ᠳ᠋ᠠᠭᠠᠨ ᠲᠠᠬᠢᠯ ᠵᠤᠯᠠ ᠡᠷᠭᠦᠵᠦ ᠬᠦᠵᠢ ᠠᠰᠠᠭᠠᠭᠠᠳ ᠰᠢᠷᠡᠭᠡᠨ ᠦ᠌ ᠬᠠᠵᠠᠭᠤ ᠳ᠋ᠤ᠌ ᠵᠠᠰᠠᠭᠰᠠᠨ ᠬᠡᠪᠲᠡᠷᠢ ᠳᠡᠭᠡᠷ᠎ᠡ ᠪᠡᠨ ᠬᠠᠵᠠᠭᠤᠯᠠᠰᠬᠢᠨ ᠬᠡᠪᠲᠡᠵᠦ᠂ ᠳᠡᠷᠡ ᠰᠢᠷᠡᠭᠡᠨ ᠳᠡᠭᠡᠷ᠎ᠡ ᠳᠡᠯᠭᠡᠭᠡᠰᠦᠲᠡᠢ ᠮᠣᠩᠭᠣᠯ ᠰᠤᠳᠤᠷ ᠤ᠋ᠨ ᠬᠠᠪᠲᠠᠰᠤ ᠶ᠋ᠢ ᠤᠷᠪᠠᠭᠤᠯᠤᠨ ᠤᠷᠤᠭᠤᠯ ᠨᠢ ᠵᠤᠮᠠᠭ ᠵᠤᠮᠠᠭ ᠬᠥᠳᠡᠯᠬᠦ ᠡᠴᠡ ᠴᠠᠭᠠᠰᠢ ᠳᠠᠭᠤᠨ ᠰᠣᠨᠣᠰᠳᠠᠬᠤ ᠦᠭᠡᠢ ᠨᠣᠮ ᠤᠩᠰᠢᠨ᠎ᠠ᠃
ᠮᠠᠨᠤᠨᠪᠠᠳᠮ᠎ᠠ ᠬᠥᠭᠰᠢᠨ ᠬᠦᠩ ᠨᠣᠶᠠᠨ ᠤ᠋ ᠤᠷᠲᠤ ᠳ᠋ᠤ᠌ ᠣᠷᠣᠵᠤ ᠣᠴᠢᠨ ᠪᠤᠷᠬᠠᠨ ᠳ᠋ᠤᠨᠢ ᠮᠥᠷᠭᠥᠵᠦ ᠨᠢᠭᠡ ᠵᠤᠯᠠ ᠡᠷᠭᠦᠭᠡᠳ᠄
— ᠡᠷᠭᠢᠨ ᠬᠦᠨᠳᠦᠲᠦ ᠬᠦᠩ ᠨᠣᠶᠠᠨᠲᠠᠨ ᠪᠡᠶ᠎ᠡ ᠯᠠᠭᠱᠠᠨ ᠰᠠᠢᠨ⁈ ᠭᠡᠵᠦ ᠡᠪᠦᠳᠦᠭ ᠰᠥᠬᠥᠷᠡᠨ ᠠᠮᠤᠷ ᠠᠢᠯᠠᠳᠬᠠᠪᠠᠯ ᠬᠦᠩ ᠨᠣᠶᠠᠨ ᠲᠣᠯᠣᠭᠠᠢ ᠪᠠᠨ ᠲᠣᠬᠢᠬᠤᠢᠴᠠ《ᠰᠠᠢᠨ᠂ ᠰᠠᠢᠨ》 ᠭᠡᠵᠦ ᠬᠠᠷᠢᠭᠤ ᠮᠡᠨᠳᠦᠯᠡᠭᠡᠳ《ᠵᠠ᠂ ᠳᠣᠲᠣᠭᠰᠢ ᠪᠠᠨ ᠰᠠᠭᠠᠲᠠ!》 ᠭᠡᠰᠡᠨ ᠲᠥᠯᠥᠪᠲᠡᠢ ᠡᠷᠡᠦ ᠪᠡᠷ ᠢ᠋ᠶ᠋ᠡᠨ ᠳᠣᠲᠣᠷ᠎ᠠ ᠲᠠᠰᠤᠯᠭ᠎ᠠ ᠤᠷᠤᠭᠤ ᠵᠢᠭᠠᠭᠰᠠᠨ ᠳ᠋ᠤ᠌ ᠮᠠᠨᠤᠨᠪᠠᠳᠮ᠎ᠠ ᠤᠬᠠᠭᠠᠨ ᠢ᠋ ᠨᠢ ᠣᠯᠵᠤ ᠳᠣᠲᠣᠭᠰᠢ ᠪᠠᠨ ᠪᠠᠭ᠎ᠠ ᠬᠠᠲᠤᠨ ᠤ᠋ ᠥᠷᠥᠭᠡᠨ ᠳ᠋ᠦ᠍ ᠣᠷᠣᠪᠠ᠃
ᠪᠠᠭ᠎ᠠ ᠬᠠᠲᠤᠨ ᠨᠣᠮ ᠱᠠᠭᠠᠢᠵᠤ ᠤᠳᠬ᠎ᠠ ᠳ᠋ᠤᠨᠢ ᠱᠣᠬᠣᠭᠣᠷᠬᠠᠭᠰᠠᠨ ᠤ ᠤᠤ ᠡᠰᠡᠪᠡᠰᠦ ᠢᠨᠵᠢ ᠰᠢᠪᠡᠭᠴᠢᠨ ᠣᠷᠣᠵᠤ ᠭᠠᠷᠤᠭ᠎ᠠ ᠦᠭᠡᠢ ᠭᠡᠰᠡᠨ ᠤᠤ ᠲᠡᠷᠡ ᠮᠠᠨᠤᠨᠪᠠᠳᠮ᠎ᠠ ᠬᠥᠭᠰᠢᠨ ᠦ᠌ ᠣᠷᠣᠵᠤ ᠢᠷᠡᠭᠰᠡᠨ ᠢ᠋ ᠤᠪᠠᠢᠯᠠᠭᠰᠠᠨ ᠦᠭᠡᠢ᠃ ᠮᠠᠨᠤᠨᠪᠠᠳᠮ᠎ᠠ ᠬᠥᠭᠰᠢᠨ᠄
— ᠪᠠᠭ᠎ᠠ ᠬᠠᠲᠤᠨ ᠠᠮᠤᠷ ᠰᠠᠢᠨ? ᠭᠡᠵᠦ ᠬᠢᠴᠢᠶᠡᠵᠦ ᠮᠡᠨᠳᠦᠯᠡᠭᠰᠡᠨ ᠳ᠋ᠦ᠍ ᠪᠠᠭ᠎ᠠ ᠬᠠᠲᠤᠨ ᠬᠢᠷᠳ᠋ᠬᠢᠨ ᠲᠣᠯᠣᠭᠠᠢ ᠥᠨᠳᠡᠢᠵᠦ᠄
— ᠣ᠂ ᠳᠠ᠂ ᠲᠠ ᠪᠠᠢᠭᠰᠠᠨ ᠤᠤ? ᠠᠮᠤᠷ ᠰᠠᠢᠨ᠂ ᠠᠮᠤᠷ ᠰᠠᠢᠨ! ᠲᠠᠨ ᠤ᠋ ᠪᠡᠶ᠎ᠡ ᠰᠠᠢᠨ? ᠭᠡᠵᠦ ᠱᠠᠭᠠᠢᠭᠰᠠᠨ ᠨᠣᠮ ᠢ᠋ᠶ᠋ᠠᠨ ᠬᠤᠮᠢᠵᠤ ᠲᠠᠯᠪᠢᠪᠠ᠃
— ᠰᠠᠢᠨ᠂ ᠰᠠᠢᠨ᠃ ᠬᠦᠩ ᠨᠣᠶᠠᠨ᠂ ᠬᠠᠲᠤᠨ ᠠᠪᠠᠬᠠᠢ ᠨᠠᠷ ᠠᠮᠤᠷ ᠰᠠᠢᠨ ᠪᠣᠯ ᠪᠢᠳᠡ ᠪᠦᠷ ᠰᠠᠢᠨ! ᠭᠡᠵᠦ ᠠᠮᠠ ᠳᠠᠭᠠᠭᠤᠯᠵᠤ ᠪᠡᠯᠭᠡᠲᠡᠢ ᠦᠭᠡ ᠬᠠᠷᠢᠭᠤᠯᠤᠭᠠᠳ《ᠦᠭᠡᠢ᠂ ᠪᠠᠭ᠎ᠠ ᠬᠠᠲᠤᠨ ᠶᠠᠭᠤ ᠱᠠᠭᠠᠢᠭᠠᠳ᠁ ᠮᠥᠷᠥ ᠳᠠᠯᠤ ᠴᠢᠨᠢ ᠬᠥᠰᠢᠵᠦ᠂ ᠬᠤᠶᠠᠩ ᠰᠢᠷ᠎ᠠ ᠴᠢᠨᠢ ᠪᠣᠰᠴᠤ ᠪᠠᠢᠬᠤ ᠦᠭᠡᠢ ᠤᠤ? ᠠᠯᠢ ᠨᠠᠭᠠᠰᠢ ᠪᠠᠨ ᠪᠢ ᠬᠤᠶᠠᠩ ᠢ᠋ ᠴᠢᠨᠢ ᠪᠠᠵᠠᠭᠠᠳ ᠥᠭᠭᠦᠶ᠎ᠡ!》 ᠭᠡᠵᠦ ᠪᠡᠶ᠎ᠡ ᠳ᠋ᠦ᠍ᠨᠢ ᠣᠢᠷᠠᠳᠪᠠᠯ ᠪᠠᠭ᠎ᠠ ᠬᠠᠲᠤᠨ ᠰᠠᠨᠳᠤᠷᠴᠤ᠄
— ᠪᠠᠢᠶ᠎ᠠ᠂ ᠪᠠᠢᠶ᠎ᠠ! ᠶᠠᠭᠤ ᠭᠡᠵᠦ ᠪᠢ ᠵᠠᠯᠠᠭᠤ ᠪᠠᠷ ᠢ᠋ᠶ᠋ᠠᠨ ᠨᠠᠰᠤᠲᠠᠢ ᠬᠥᠮᠦᠨ ᠢ᠋ᠶ᠋ᠡᠷ ᠬᠤᠶᠠᠩ ᠢ᠋ᠶ᠋ᠠᠨ ᠪᠠᠵᠠᠭᠤᠯᠬᠤ ᠪᠣᠢ ᠳᠠ⁈ ᠭᠡᠪᠡ᠃
— ᠶᠠᠮᠠᠷ ᠬᠠᠮᠢᠶ᠎ᠠ ᠪᠠᠢᠭᠰᠠᠨ ᠪᠣᠢ? ᠲᠠ ᠴᠢᠨᠢ ᠬᠠᠲᠤᠨ ᠬᠥᠮᠦᠨ ᠰᠢᠲᠠ᠃ ᠨᠠᠰᠤᠲᠠᠢ ᠪᠣᠯᠴᠢᠬᠠᠯ᠎ᠠ ᠭᠡᠳ ᠬᠠᠲᠤᠨ ᠬᠥᠮᠦᠨ ᠦ᠌ ᠬᠤᠶᠠᠩ ᠢ᠋ ᠪᠠᠵᠠᠬᠤ ᠵᠠᠶᠠᠭ᠎ᠠ ᠲᠠᠢ ᠳ᠋ᠠᠭᠠᠨ ᠪᠢ ᠣᠮᠣᠭᠰᠢᠨ᠎ᠠ ᠳᠠ ᠠ᠋! ᠶᠠᠮᠠᠷ ᠲᠠᠭᠠᠨ ᠬᠥᠮᠦᠨ ᠪᠣᠯᠭᠠᠨ ᠬᠠᠭᠠᠨ ᠤ᠋ ᠨᠣᠶᠠᠨ᠂ ᠬᠠᠲᠤᠨ ᠬᠥᠮᠦᠨ ᠦ᠌ ᠬᠠᠰ ᠤ᠋ᠨ ᠴᠣᠭᠴᠠ ᠳ᠋ᠤ᠌ ᠬᠠᠪᠢᠳᠠᠵᠤ ᠳᠡᠢᠯᠬᠦ ᠶᠦᠮ ᠪᠢᠰᠢ ᠭᠠᠵᠠᠷ ᠳᠠ᠁ ᠭᠡᠳ ᠤᠷᠠᠨ ᠬᠣᠩᠰᠢᠶᠠᠷ ᠢ᠋ᠶ᠋ᠠᠷ ᠢ᠋ᠶ᠋ᠠᠨ ᠪᠠᠭ᠎ᠠ ᠬᠠᠲᠤᠨ ᠢ᠋ ᠲᠠᠢᠯᠵᠤ ᠬᠤᠶᠠᠩ ᠢ᠋ ᠪᠠᠵᠠᠵᠤ ᠰᠠᠭᠤᠬᠤ ᠳ᠋ᠠᠭᠠᠨ ᠰᠢᠷᠡᠭᠡᠨ ᠳᠡᠭᠡᠷ᠎ᠡ ᠬᠤᠮᠢᠭᠠᠰᠤᠲᠠᠢ ᠨᠣᠮ ᠢ᠋ ᠬᠠᠷᠠᠭᠠᠳ᠄《 ᠣ᠂ ᠲᠡᠷᠡ ᠨᠣᠮ ᠤ᠋ᠨ ᠨᠡᠷ᠎ᠡ ᠶ᠋ᠢ ᠲᠠᠨᠢᠬᠤ ᠦᠭᠡᠢ ᠶᠦᠮ ᠪᠠᠢᠨ᠎ᠠ᠃ ᠬᠢᠲᠠᠳ ᠪᠢᠴᠢᠭ ᠶᠦᠮ ᠪᠢᠵᠡ? ᠲᠠᠩᠭᠤᠳ ᠴᠦ᠍ ᠶᠤᠮ ᠤᠤ?》 ᠭᠡᠵᠦ ᠰᠣᠨᠢᠷᠬᠠᠨ ᠠᠰᠠᠭᠤᠨ᠎ᠠ᠃
— ᠡᠷᠲᠡᠨ ᠦ᠌ ᠬᠢᠲᠠᠳ ᠤ᠋ᠨ《 ᠱᠦᠢ ᠬᠤ᠌ ᠵᠤᠸᠠᠨ》 ᠦᠯᠢᠭᠡᠷ ᠶᠦᠮ ᠠ᠋!
— ᠣ᠂ ᠬᠠᠷᠢᠨ ᠤᠤ! ᠱᠦᠢ ᠬᠤ᠌ ᠵᠤᠸᠠᠨ ᠪᠢᠴᠢᠭ ᠪᠠᠢᠨ᠎ᠠ ᠰᠢᠳᠡ᠂ ᠳᠠᠩᠴᠤ ᠨᠢᠭᠡ ᠬᠠᠲᠤᠨ ᠤ᠋ ᠰᠣᠨᠢᠷᠬᠠᠯ ᠢ᠋ ᠲᠠᠲᠠᠵᠤ ᠪᠠᠢᠭᠰᠠᠨ ᠶᠤᠮ ᠠ᠋!
— ᠲᠠ ᠱᠦᠢ ᠬᠤ᠌ ᠵᠤᠸᠠᠨ ᠦᠯᠢᠭᠡᠷ ᠢ᠋ ᠮᠡᠳᠡᠳᠡᠭ ᠤᠤ?
— ᠮᠡᠳᠡᠨ᠎ᠡ ᠴᠦ᠍ ᠭᠡᠵᠢ ᠳᠡ! ᠵᠠᠯᠠᠭᠤ ᠪᠠᠢᠬᠤ ᠳ᠋ᠤ᠌ ᠳᠡᠭᠡᠷ᠎ᠡ ᠦᠶ᠎ᠡ ᠶ᠋ᠢᠨ ᠬᠦᠩ ᠨᠣᠶᠠᠨ ᠬᠡᠰᠢᠭᠳᠡᠯᠭᠡᠷ ᠵᠠᠰᠠᠭ ᠲᠤ ᠪᠠᠷ᠎ᠠ ᠪᠣᠯᠵᠤ ᠪᠡᠭᠡᠵᠢᠩ ᠣᠷᠣᠭᠰᠠᠨ ᠶᠤᠮ ᠠ᠋᠃ ᠲᠡᠭᠡᠭᠡᠳ ᠨᠣᠶᠠᠳ ᠵᠢᠩᠰᠡᠲᠡᠳ ᠲᠥᠷᠥ ᠶ᠋ᠢᠨ ᠬᠠᠭᠠᠨ ᠳ᠋ᠤ᠌ ᠪᠡᠯᠡᠭ ᠪᠠᠷᠢᠴᠠ ᠡᠷᠭᠦᠵᠦ ᠬᠠᠭᠠᠨ ᠲᠦᠰᠢᠮᠡᠳ ᠲᠡᠢ ᠪᠠᠷᠠᠳᠠᠵᠤ ᠨᠢᠳᠦ ᠨᠡᠭᠡᠭᠡᠭᠰᠡᠨ ᠶᠦᠮ᠃ ᠰᠡᠯᠡᠭᠦᠦ ᠵᠠᠪ ᠢ᠋ᠶ᠋ᠠᠷ ᠢ᠋ᠶ᠋ᠠᠨ《 ᠨᠠᠢᠷᠠᠯᠲᠤ ᠨᠠᠢᠷᠠᠮᠳᠠᠭᠤ ᠰᠦᠮ᠎ᠡ》 ᠳ᠋ᠦ᠍ ᠮᠥᠷᠭᠥᠭᠰᠡᠨ᠃ ᠲᠡᠷᠡ ᠰᠦᠮ᠎ᠡ ᠭᠡᠭᠴᠢ ᠭᠠᠵᠠᠷ ᠭᠠᠵᠠᠷ ᠤ᠋ᠨ ᠮᠥᠷᠭᠥᠯᠴᠢᠳ ᠬᠡᠯᠡ ᠠᠮᠠ ᠨᠢ ᠰᠠᠢᠨ ᠮᠡᠳᠡᠭᠳᠡᠬᠦ ᠦᠭᠡᠢ ᠬᠥᠮᠦᠰ ᠴᠤᠪᠤᠷᠠᠯᠳᠤᠭᠰᠠᠨ ᠤᠴᠢᠷ ᠢ᠋ᠶ᠋ᠠᠨ ᠠᠯᠳᠠᠭᠰᠠᠨ ᠶᠡᠬᠡ ᠰᠦᠮ᠎ᠡ ᠪᠠᠢᠨ᠎ᠠ ᠪᠢᠯᠡ᠃ ᠲᠡᠷᠡ ᠤᠳᠠᠭ᠎ᠠ《 ᠨᠠᠢᠷᠠᠯᠲᠤ ᠨᠠᠢᠷᠠᠮᠳᠠᠭᠤ ᠰᠦᠮ᠎ᠡ》 ᠶ᠋ᠢᠨ ᠡᠭᠦᠳᠡᠨ ᠳᠡᠭᠡᠷ᠎ᠡ ᠬᠥᠮᠦᠰ ᠬᠠᠯᠠᠭᠤᠨ ᠤ᠋ ᠬᠣᠨᠢᠳ ᠰᠢᠭ᠋ ᠪᠥᠭᠡᠮᠨᠡᠷᠡᠨ ᠰᠢᠪᠠᠯᠳᠤᠵᠤ ᠨᠢᠭᠡ ᠶᠠᠭᠤᠮ᠎ᠠ ᠤᠷᠤᠭᠤ ᠴᠢᠬᠢᠯᠳᠦᠬᠦ ᠶᠦᠮ᠃ ᠪᠢ ᠴᠦ᠍ ᠰᠣᠨᠢᠭᠤᠴᠢ ᠶ᠋ᠢᠨ ᠨᠢᠭᠡ ᠪᠡᠷ ᠳᠤᠮᠳᠠ ᠨᠢ ᠰᠢᠷᠭᠤᠭᠠᠳ ᠣᠷᠣᠪᠠ᠃ ᠲᠡᠭᠡᠬᠦ ᠳ᠋ᠦ᠍ ᠨᠢᠭᠡ ᠰᠣᠬᠣᠷ ᠬᠤᠭᠤᠷᠴᠢ ᠳᠥᠷᠪᠡᠨ ᠴᠢᠬᠢ ᠲᠡᠢ ᠽᠠᠨᠳᠠᠨ ᠬᠤᠭᠤᠷ ᠤ᠋ᠨ ᠶᠣᠩᠬᠣᠷ ᠢ᠋ ᠰᠤᠷᠮᠠᠭᠠᠢ ᠨᠢᠰᠠᠯᠵᠤ ᠠᠶ᠎ᠠ ᠬᠥᠭ ᠤᠶᠠᠩᠭᠠᠯᠠᠭᠤᠯᠤᠭᠠᠳ ᠠᠮᠠᠨ ᠳ᠋ᠠᠭᠠᠨ ᠨᠢᠭᠡ ᠶᠠᠭᠤᠮ᠎ᠠ ᠬᠡᠯᠡᠬᠦ ᠰᠢᠤᠬᠡᠨ ᠶᠦᠮ᠃ ᠡᠬᠢᠯᠡᠭᠡᠳ ᠮᠣᠬᠣᠭᠣ ᠬᠡᠯᠡ ᠲᠡᠢ ᠶᠦᠮ ᠰᠢᠭ ᠬᠡᠯᠡ ᠤᠯᠠ ᠨᠢ ᠶᠡᠷᠦ ᠳ᠋ᠡᠭᠡᠨ ᠰᠠᠢᠨ ᠣᠢᠯᠠᠭᠠᠭᠳᠠᠬᠤ ᠦᠭᠡᠢ᠃ ᠭᠡᠪᠡᠴᠦ ᠲᠡᠷᠡ ᠬᠤᠭᠤᠷᠴᠢ ᠶ᠋ᠢᠨ ᠬᠣᠭᠣᠯᠠᠢ ᠶ᠋ᠢᠨ ᠬᠢᠨᠢ ᠬᠦᠩᠬᠢᠨᠡᠮ᠎ᠡ᠂ ᠰᠡᠳᠬᠢᠯᠭᠡ ᠶ᠋ᠢᠨ ᠬᠢᠨᠢ ᠠᠪᠢᠶᠠᠰᠯᠢᠭ᠂ ᠬᠤᠷᠤᠭᠤ ᠬᠤᠮᠤᠰᠤ ᠶ᠋ᠢᠨ ᠬᠢᠨᠢ ᠪᠣᠯᠪᠠᠰᠤᠷᠠᠩᠭᠤᠢ ᠭᠡᠵᠢ ᠠ᠋᠃ ᠲᠡᠭᠡᠭᠡᠳ ᠳᠡᠭᠡᠷ᠎ᠡ ᠨᠢ ᠬᠤᠭᠤᠷ ᠤ᠋ᠨ ᠬᠢᠨᠢ ᠡᠭᠡᠰᠢᠭ ᠨᠢ ᠬᠦᠩᠭᠢᠨᠡᠭᠡᠳ ᠦᠨᠡᠬᠡᠷ ᠪᠦᠬᠦᠨ ᠢ᠋ ᠤᠬᠢᠯᠠᠭᠤᠯᠬᠤ ᠳ᠋ᠤᠨᠢ ᠣᠬᠢᠯᠠᠭᠤᠯᠵᠤ᠂ ᠢᠨᠢᠶᠡᠯᠭᠡᠬᠦ ᠳ᠋ᠦ᠍ᠨᠢ ᠢᠨᠢᠶᠡᠯᠭᠡᠵᠦ ᠪᠠᠢᠪᠠ᠃ ᠪᠢ ᠬᠡᠳᠦᠨ ᠣᠷᠣᠢ ᠥᠨᠥᠬᠢ ᠬᠤᠭᠤᠷᠴᠢ ᠶ᠋ᠢᠨ ᠦᠯᠢᠭᠡᠷ ᠬᠡᠯᠡᠬᠦ ᠶ᠋ᠢ ᠴᠢᠩᠨᠠᠭᠠᠳ ᠪᠠᠢᠭᠰᠠᠨ ᠢ᠋ᠶ᠋ᠠᠨ ᠰᠡᠭᠦᠯ ᠳ᠋ᠡᠭᠡᠨ《 ᠱᠦᠢ ᠬᠤ᠌ ᠵᠤᠸᠠᠨ ᠱᠠᠰᠲᠢᠷ》 ᠤ᠋ᠨ ᠦᠯᠢᠭᠡᠷ ᠶᠦᠮ ᠪᠠᠢᠨ᠎ᠠ ᠭᠡᠳᠡᠭ ᠢ᠋ ᠮᠡᠳᠡᠵᠢ ᠪᠢᠯᠡ᠃ ᠲᠡᠷᠡ ᠦᠯᠢᠭᠡᠷ ᠲᠦ᠍ ᠵᠠᠭᠤᠨ ᠨᠠᠢ᠍ᠮᠠᠨ ᠵᠢᠷᠤᠮ ᠤ᠋ᠨ ᠠᠬ᠎ᠠ ᠳᠡᠭᠦᠦ ᠯᠢᠶᠠᠩᠱᠠᠨ ᠠᠭᠤᠯᠠᠨ᠎ᠠ ᠰᠢᠬᠠᠭᠳᠠᠭᠰᠠᠨ ᠭᠡᠪᠡ ᠤᠤ ᠳᠠ᠃ ᠪᠠᠰᠠ ᠦ ᠰᠥᠩ ᠭᠡᠳᠡᠭ ᠰᠠᠢᠨ ᠡᠷ᠎ᠡ ᠠᠷᠪᠠᠨ ᠨᠠᠢ᠍ᠮᠠᠨ ᠠᠶᠠᠭ᠎ᠠ ᠠᠷᠢᠬᠢ ᠤᠤᠭᠤᠴᠢᠬᠠᠭᠠᠳ ᠠᠭᠯᠠᠭ ᠠᠭᠤᠯᠠ ᠶ᠋ᠢᠨ ᠪᠠᠷᠰ ᠢ᠋ ᠠᠯᠠᠯ᠎ᠠ᠁ ᠪᠠᠰᠠ ᠪᠠᠢᠵᠠ ᠠ᠋᠂ ᠦ ᠰᠥᠩ ᠦ᠋ᠨ ᠠᠬ᠎ᠠ ᠦ ᠳᠡ ᠯᠠᠩ ᠭᠡᠳᠡᠭ ᠮᠣᠳᠣᠨ ᠤ᠋ ᠲᠠᠭᠠᠷᠢᠳᠠᠰᠤ ᠰᠢᠭ᠋ ᠣᠭᠣᠲᠣᠷ ᠡᠷ᠎ᠡ ᠪᠣᠣᠪᠣ ᠰᠠᠢᠬᠠᠨ ᠬᠠᠭᠰᠠᠭᠠᠵᠤ ᠬᠤᠳᠠᠯᠳᠤᠳᠠᠭ ᠭᠡᠨ᠎ᠡ᠃ ᠲᠡᠭᠦᠨ ᠦ᠌ ᠪᠠᠰᠠ ᠵᠠᠶᠠᠭ᠎ᠠ ᠪᠠᠷ ᠢ᠋ᠶ᠋ᠠᠨ ᠤᠴᠠᠷᠠᠭᠰᠠᠨ ᠰᠠᠢᠬᠠᠨ ᠡᠬᠡᠨᠡᠷ ᠲᠡᠢ ᠭᠡᠳᠡᠭ᠃ ᠲᠡᠷᠡ ᠨᠢ ᠰᠡᠭᠦᠯ ᠳ᠋ᠡᠭᠡᠨ ᠣᠭᠣᠲᠣᠷ ᠡᠷ᠎ᠡ ᠪᠡᠨ ᠭᠣᠯᠣᠵᠤ᠁ ᠢᠯᠡᠢ ᠠ᠋ ᠴᠢᠨᠢ᠂ ᠥᠨᠥᠬᠢ ᠴᠢᠨᠢ ᠲᠡᠭᠡᠭᠡᠳ ᠡᠬᠡ ᠶ᠋ᠢ ᠶᠣᠬᠣ ᠮᠠᠨ ᠤ᠋ ᠵᠢᠯᠢᠢᠭᠴᠢ ᠴᠡᠴᠡᠭ ᠬᠠᠲᠤᠨ ᠥᠭᠡᠷ᠎ᠡ ᠤᠤ ᠳᠠ᠁ ᠭᠡᠳ ᠨᠢᠳᠦ ᠪᠡᠨ ᠨᠢᠯᠪᠤᠰᠤᠷᠠᠲᠠᠯᠠ ᠢᠨᠢᠶᠡᠵᠦ ᠪᠠᠭ᠎ᠠ ᠬᠠᠲᠤᠨ ᠤ᠋ ᠬᠤᠶᠠᠩ ᠢ᠋ ᠴᠦ᠍ ᠳᠠᠷᠤᠬᠤ ᠲᠠᠷ ᠦᠭᠡᠢ ᠪᠣᠯᠪᠠ᠃
ᠪᠠᠭ᠎ᠠ ᠬᠠᠲᠤᠨ ᠴᠦ᠍ ᠮᠠᠨᠤᠨᠪᠠᠳᠮ᠎ᠠ ᠨᠠᠰᠤᠲᠠᠨ ᠤ᠋ ᠬᠠᠭᠤᠴᠢᠯᠠᠭᠰᠠᠨ ᠳ᠋ᠤ᠌ ᠢᠨᠢᠶᠡᠳᠦ ᠨᠢ ᠬᠦᠷᠴᠦ᠄
— ᠲᠠ ᠴᠦ᠍ ᠪᠠᠰᠠ ᠨᠢᠭᠡ ᠱᠣᠭ ᠤ᠋ᠨ ᠬᠥᠮᠦᠨ ᠶᠦᠮ ᠠ᠋! ᠭᠡᠳ ᠢᠨᠢᠶᠡᠬᠦ ᠳ᠋ᠦ᠍ᠨᠢ ᠮᠠᠨᠤᠨᠪᠠᠳᠮ᠎ᠠ ᠬᠥᠭᠰᠢᠨ᠄
— ᠶᠠᠭᠠᠬᠢᠬᠤ ᠪᠣᠢ ᠳᠠ! ᠵᠢᠯ ᠴᠠᠭᠠᠨ ᠰᠠᠷ᠎ᠠ ᠪᠣᠯᠵᠤ ᠪᠠᠢᠬᠤ ᠳ᠋ᠤ᠌ ᠤᠴᠢᠷ ᠦᠭᠡᠢ ᠤᠷᠤᠭᠤ ᠴᠢᠷᠠᠢᠯᠠᠪᠠᠯ ᠶᠠᠭᠤ ᠰᠠᠢᠬᠠᠨ ᠪᠠᠢᠬᠤ ᠪᠣᠢ᠃ ᠢᠨᠢᠶᠡᠳᠦ ᠲᠡᠢ ᠬᠠᠨᠢᠶᠠᠳᠤ ᠲᠠᠢ ᠶᠠᠪᠤᠵᠤ ᠯᠠ ᠪᠠᠢᠪᠠᠯ ᠤᠴᠢᠷ ᠤᠬᠠᠭᠠᠨ ᠨᠢ ᠣᠯᠳᠠᠬᠤ ᠪᠠᠢᠯᠭᠦᠢ! ᠭᠡᠪᠡ᠃
— ᠁
— ᠶᠡᠷᠦ ᠨᠢ ᠥᠨᠥᠳᠥᠷ ᠪᠢ ᠪᠠᠭ᠎ᠠ ᠬᠠᠲᠤᠨ ᠳ᠋ᠤ᠌ ᠪᠠᠷᠠᠳᠠᠵᠤ ᠲᠠᠨ ᠤ᠋ ᠢᠨᠢᠶᠡᠬᠦ ᠥᠭᠡᠳᠡ ᠴᠢᠷᠠᠢ ᠶ᠋ᠢ ᠴᠢᠨᠢ ᠬᠠᠷᠠᠬᠤ ᠭᠡᠰᠡᠨ ᠶᠦᠮ ᠠ᠋! ᠣᠷᠴᠢᠮ ᠴᠢᠷᠠᠢ ᠴᠢᠨᠢ ᠥᠭᠡᠳᠡ ᠦᠭᠡᠢ᠂ ᠶᠠᠮᠠᠷ ᠨᠢᠭᠡᠨ ᠰᠠᠨᠠᠭᠠᠨ ᠤ᠋ ᠵᠣᠪᠠᠯᠠᠩ ᠳ᠋ᠤ᠌ ᠪᠣᠭᠣᠭᠳᠠᠵᠤ ᠪᠠᠢᠭ᠎ᠠ ᠶᠤᠮ ᠰᠢᠭ᠋ ᠭᠡᠬᠦ ᠳ᠋ᠦ᠍ ᠪᠠᠭ᠎ᠠ ᠬᠠᠲᠤᠨ《ᠠᠢ》 ᠭᠡᠵᠦ ᠭᠤᠨᠢᠭᠲᠠᠢᠬᠠᠨ ᠰᠡᠭᠦᠷᠡᠰᠦ ᠠᠯᠲᠠᠨ᠄
— ᠬᠦᠩ ᠨᠣᠶᠠᠨ ᠮᠥᠨ ᠢᠩᠭᠢᠭᠡᠳ ᠬᠡᠪᠲᠡᠯᠭᠡᠨ ᠡᠴᠡ ᠪᠡᠨ ᠥᠨᠳᠡᠢᠬᠦ ᠦᠭᠡᠢ ᠤᠵᠢᠭᠯᠠᠭᠠᠳ ᠪᠠᠢᠪᠠᠯ᠁ ᠪᠠᠷᠠᠭᠤᠨ ᠬᠦᠩ ᠳᠦᠭᠦᠷᠬᠦ ᠨᠢ ᠲᠡᠷᠡ! ᠭᠡᠪᠡ᠃
— ᠶᠠᠭᠠᠬᠢᠯ᠎ᠠ ᠭᠡᠵᠦ ᠳᠦᠭᠦᠷᠬᠦ ᠪᠣᠢ!
— ᠶᠠᠭᠠᠬᠢᠯ᠎ᠠ ᠭᠡᠵᠦ ᠶᠠᠭᠤ ᠪᠠᠢᠬᠤ ᠪᠣᠢ! ᠬᠦᠩ ᠨᠣᠶᠠᠨ ᠶᠣᠰᠣᠲᠠᠢ ᠲᠠᠨ ᠤ᠋ ᠰᠠᠶᠢ ᠶ᠋ᠢᠨ ᠬᠡᠯᠡᠳᠡᠭ ᠦ ᠰᠥᠩ ᠯᠠᠩ ᠰᠢᠭ᠋ ᠦᠷ᠎ᠡ ᠦᠨᠳᠦᠰᠦ ᠬᠠᠳᠬᠤᠬᠤ ᠲᠠᠷ ᠲᠡᠩᠬᠡᠭᠡ ᠦᠭᠡᠢ ᠶᠦᠮ ᠴᠢᠨᠢ᠂ ᠴᠡᠴᠡᠭ ᠬᠠᠲᠤᠨ ᠪᠡᠶ᠎ᠡ ᠪᠡᠨ ᠪᠠᠷᠢᠵᠤ ᠳᠡᠢᠯᠬᠦ ᠦᠭᠡᠢ ᠰᠡᠳᠬᠢᠯ ᠦ᠋ᠨ ᠵᠢᠯᠣᠭᠣ ᠠᠯᠳᠠᠬᠤ ᠨᠢ ᠵᠥᠪ ᠰᠢᠲᠠ! ᠭᠡᠬᠦ ᠳ᠋ᠡᠭᠡᠨ ᠪᠢ ᠵᠢᠯᠢᠢᠭᠴᠢ ᠴᠡᠴᠡᠭ ᠬᠠᠲᠤᠨ ᠢ᠋ ᠫᠠᠨ ᠤ᠋ ᠯᠢᠶᠠᠨ ᠰᠢᠭ᠋ ᠰᠠᠳᠤᠷ ᠰᠠᠮᠠᠭᠤᠨ ᠭᠡᠵᠦ ᠦᠵᠡᠬᠦ ᠦᠭᠡᠢ ᠠ᠋! ᠲᠡᠷᠡ ᠪᠠᠰᠠ ᠬᠥᠭᠡᠷᠦᠬᠦᠢ ᠶᠦᠮ ᠠ᠋!
— ᠪᠢᠰᠢ!《 ᠭᠠᠭᠴᠠᠬᠠᠨ ᠡᠮ᠎ᠡ ᠬᠥᠮᠦᠨ ᠦ᠌ ᠡᠷ᠎ᠡ ᠪᠡᠨ ᠥᠭᠡᠷᠡᠯᠬᠡᠵᠦ ᠭᠣᠯᠣᠬᠤ ᠳ᠋ᠠᠭᠠᠨ ᠰᠡᠳᠬᠢᠯ ᠦ᠋ᠨ ᠵᠢᠯᠣᠭᠣ ᠠᠯᠳᠠᠭᠰᠠᠨ ᠲᠡᠳᠦᠢ ᠪᠢᠰᠢ! ᠵᠢᠯᠢᠢᠭᠴᠢ ᠴᠡᠴᠡᠭ ᠬᠠᠲᠤᠨ ᠤ᠋ ᠯᠠ ᠭᠠᠢ ᠭᠡᠵᠦ ᠶᠠᠯ᠎ᠠ ᠲᠣᠬᠣᠬᠤ ᠨᠢ ᠴᠦ᠍ ᠪᠤᠷᠤᠭᠤ᠃ ᠲᠡᠭᠡᠬᠦ ᠳ᠋ᠡᠭᠡᠨ ᠵᠢᠯᠢᠢᠭᠴᠢ ᠴᠡᠴᠡᠭ ᠬᠠᠲᠤᠨ ᠢ᠋ ᠵᠥᠪ ᠭᠡᠵᠦ ᠪᠠᠢᠭ᠎ᠠ ᠴᠦ᠍ ᠪᠢᠰᠢ ᠠ᠋! ᠡᠨᠡ ᠨᠢ ᠲᠥᠷᠥ ᠵᠠᠰᠠᠭ ᠲᠤ ᠰᠢᠭᠤᠳ ᠬᠣᠯᠪᠣᠭ᠎ᠠ ᠲᠠᠢ ᠨᠢᠭᠡ ᠤᠳᠠᠭᠠᠨ ᠤ᠋ ᠵᠣᠷᠢᠯᠭᠠᠲᠠᠢ ᠬᠤᠤᠪᠢᠯᠳᠤᠯᠭ᠎ᠠ ᠪᠣᠯᠤᠨ᠎ᠠ᠃
ᠪᠠᠭ᠎ᠠ ᠬᠠᠲᠤᠨ ᠮᠠᠨᠤᠨᠪᠠᠳᠮ᠎ᠠ ᠬᠥᠭᠰᠢᠨ ᠦ᠌ ᠢᠩᠭᠢᠵᠦ ᠬᠡᠯᠡᠬᠦ ᠶ᠋ᠢ ᠰᠣᠨᠣᠰᠤᠭᠠᠳ ᠰᠣᠴᠢᠨ ᠭᠠᠢᠬᠠᠵᠤ᠄
— ᠵᠣᠷᠢᠯᠭᠠᠲᠠᠢ ᠬᠤᠤᠪᠢᠯᠳᠤᠯᠭ᠎ᠠ ᠭᠡᠨ᠎ᠡ ᠠ᠋? ᠭᠡᠪᠡ᠃
— ᠵᠣᠣᠬᠠᠢ᠂ ᠳᠡᠭᠡᠯ ᠦᠭᠡᠢ ᠶᠠᠭᠠᠬᠢᠬᠤ ᠪᠣᠢ᠂ ᠪᠠᠭ᠎ᠠ ᠬᠠᠲᠤᠨ ᠮᠢᠨᠢ!
ᠪᠠᠭ᠎ᠠ ᠬᠠᠲᠤᠨ ᠮᠠᠨᠤᠨᠪᠠᠳᠮ᠎ᠠ ᠬᠥᠭᠰᠢᠨ ᠦ᠌ ᠴᠢᠷᠠᠢ ᠥᠭᠡᠳᠡ ᠦᠭᠡ ᠳᠠᠭᠤᠨ ᠦᠭᠡᠢ ᠴᠢᠷᠠᠢᠴᠢᠯᠠᠵᠤ ᠪᠠᠰᠠ ᠶᠠᠭᠤ ᠭᠡᠵᠦ ᠬᠡᠯᠡᠳᠡᠭ ᠪᠣᠯ ᠳᠠ ᠭᠡᠰᠡᠨ ᠰᠢᠭ ᠮᠡᠯᠡᠷᠡᠪᠡ᠃
— ᠵᠡᠭᠦᠨ ᠲᠤᠰᠠᠯᠠᠭᠴᠢ ᠨᠣᠶᠠᠨ ᠪᠠᠢᠭᠰᠠᠨ ᠡᠯᠳᠡᠩᠭᠡ ᠪᠣᠯᠤᠨ ᠵᠣᠳᠪᠠ ᠮᠡᠢᠷᠡᠨ ᠦ᠌ ᠰᠡᠳᠦᠭᠰᠡᠨ ᠤᠬᠠᠭᠠᠨ ᠮᠥᠨ᠃ ᠲᠡᠳᠡᠨᠦᠰ ᠬᠦᠩ ᠨᠣᠶᠠᠨ ᠬᠡᠳᠦ ᠬᠡᠳᠦᠨ ᠬᠠᠲᠤᠨ ᠪᠠᠭᠤᠯᠭᠠᠭᠠᠳ ᠬᠦᠦ ᠲᠥᠷᠥᠳᠡᠭ ᠦᠭᠡᠢ ᠣᠨᠢ ᠶ᠋ᠢ ᠰᠦᠪᠡᠯᠡᠵᠦ《 ᠬᠡᠪᠡᠯᠢ ᠵᠢᠭᠡᠯᠡᠵᠦ ᠬᠦᠦ ᠲᠥᠷᠥᠭᠦᠯᠬᠦ》ᠨᠠᠷᠢᠨ ᠤᠬᠠᠭᠠᠨ ᠢ᠋ ᠵᠠᠯᠢᠯᠠᠵᠤ ᠰᠡᠳᠦᠭᠰᠡᠨ ᠤᠴᠢᠷ ᠮᠥᠨ᠃ ᠡᠯᠳᠡᠩᠭᠡ ᠭᠡᠵᠦ ᠬᠡᠴᠡᠭᠦᠦ ᠬᠥᠮᠦᠨ ᠦ᠌ ᠨᠢᠭᠡ᠃ ᠲᠡᠷᠡ ᠶᠡᠬᠡ ᠬᠥᠪᠡᠭᠦᠨ ᠮᠠᠨᠴᠤᠷᠭ᠎ᠠ ᠪᠠᠷ ᠴᠡᠴᠡᠭ ᠬᠠᠲᠤᠨ ᠤ᠋ ᠬᠠᠢᠷ᠎ᠠ ᠰᠡᠳᠬᠢᠯᠭᠡ ᠶ᠋ᠢ ᠤᠷᠬᠠᠭᠳᠠᠵᠤ ᠤᠯᠠᠮ ᠴᠠᠭᠠᠰᠢ ᠳᠠᠪᠰᠢᠭᠤᠷᠠᠨ ᠴᠡᠴᠡᠭ ᠬᠠᠲᠤᠨ ᠢ᠋ ᠬᠦᠦ ᠲᠥᠷᠥᠭᠦᠯᠬᠦ ᠪᠡᠷ ᠭᠣᠷᠢᠳᠠᠪᠠ᠃ ᠡᠨᠡ ᠨᠢ ᠪᠤᠷᠬᠠᠨ ᠳ᠋ᠠᠭᠠᠨ ᠰᠦᠵᠢᠭᠯᠡᠭᠰᠡᠨ ᠯᠠᠮᠠ ᠬᠥᠮᠦᠨ ᠬᠣᠶᠠᠷ ᠠᠯᠠᠭ᠎ᠠ ᠪᠠᠨ ᠨᠠᠮᠬᠠᠨ ᠬᠠᠮᠲᠤᠳᠬᠠᠵᠤ ᠬᠦᠰᠡᠯ ᠭᠤᠶᠤᠴᠢᠯᠠᠯ ᠢ᠋ᠶ᠋ᠠᠨ ᠬᠠᠩᠭᠠᠬᠤ ᠭᠡᠰᠡᠨ ᠪᠤᠶᠤ ᠵᠡᠭᠦᠦ ᠶ᠋ᠢᠨ ᠰᠠᠨᠵᠢ ᠳ᠋ᠤ᠌ ᠤᠲᠠᠰᠤ ᠰᠦᠪᠡᠯᠡᠭᠰᠡᠨ ᠰᠢᠭ ᠡᠪ ᠬᠠᠪᠤ ᠨᠢ ᠲᠠᠭᠠᠷᠠᠭᠰᠠᠨ ᠭᠡᠳᠡᠭ ᠢ᠋ ᠬᠡᠯᠡᠬᠦ ᠶᠠᠭᠤ ᠪᠠᠢᠬᠤ ᠪᠣᠢ? ᠨᠢᠭᠡ ᠳ᠋ᠦ᠍ ᠡᠯᠳᠡᠩᠭᠡ ᠡᠨᠡ ᠵᠠᠪᠰᠢᠶᠠᠨ ᠢ᠋ ᠠᠯᠳᠠᠬᠤ ᠦᠭᠡᠢ ᠵᠠᠪᠰᠢᠵᠤ《 ᠬᠡᠪᠡᠯᠢ ᠵᠢᠭᠡᠯᠡᠬᠦ》 ᠲᠣᠬᠢᠲᠠᠢ ᠠᠷᠭ᠎ᠠ ᠪᠠᠷ ᠴᠡᠴᠡᠭ ᠬᠠᠲᠤᠨ ᠢ᠋ ᠬᠦᠦ ᠲᠥᠷᠥᠭᠦᠯᠵᠦ᠂ ᠨᠡᠷ᠎ᠡ ᠶ᠋ᠢ ᠨᠢ ᠬᠦᠩ ᠨᠣᠶᠠᠨ ᠳᠡᠭᠡᠷ᠎ᠡ ᠲᠣᠬᠣᠵᠤ ᠲᠡᠷᠡ ᠮᠥᠷᠲᠡᠭᠡᠨ ᠪᠠᠶᠠᠰᠤᠭᠤᠯᠤᠨ ᠬᠡᠢᠷᠬᠡᠭᠦᠯᠵᠦ᠂ ᠨᠢᠳᠡᠷ ᠳᠡᠭᠡᠷ᠎ᠡ ᠪᠡᠨ ᠥᠪᠡᠷ ᠢ᠋ᠶ᠋ᠡᠨ ᠠᠷᠤ ᠪᠠᠷ ᠨᠢ ᠰᠠᠭᠤᠵᠤ ᠦᠷ᠎ᠡ ᠤᠭᠰᠠᠭ᠎ᠠ ᠪᠠᠷ ᠢ᠋ᠶ᠋ᠠᠨ ᠪᠠᠷᠠᠭᠤᠨ ᠬᠦᠩ ᠦ᠋ᠨ ᠬᠢᠨ ᠦ᠌ ᠵᠠᠰᠠᠭ ᠤ᠋ᠨ ᠡᠷᠬᠡ ᠶ᠋ᠢ ᠪᠠᠷᠢᠬᠤ ᠭᠡᠰᠡᠨ ᠤᠪ ᠬᠤᠤᠪᠢᠯᠳᠤᠯᠭ᠎ᠠ ᠮᠥᠨ᠃ ᠨᠥᠭᠦᠭᠡ ᠳ᠋ᠦ᠍ ᠡᠨᠡ ᠨᠢ ᠴᠢᠪ ᠭᠡᠮᠡᠨ ᠵᠢᠯᠢᠢᠭᠴᠢ ᠴᠡᠴᠡᠭ ᠬᠠᠲᠤᠨ ᠤ᠋ ᠰᠡᠳᠬᠢᠯ ᠰᠠᠨᠠᠭᠠᠨ ᠳ᠋ᠤ᠌ ᠨᠡᠢᠴᠡᠵᠦ《 ᠨᠢᠭᠡ ᠬᠤᠷᠤᠭᠤ ᠪᠠᠷ ᠬᠣᠶᠠᠷ ᠨᠣᠬᠠᠢ ᠶ᠋ᠢᠨ ᠪᠥᠭᠡᠰᠦ ᠳᠠᠷᠤᠬᠤ》 ᠭᠡᠰᠡᠨ ᠵᠣᠷᠢᠯᠭ᠎ᠠ ᠳ᠋ᠠᠭᠠᠨ ᠬᠦᠷᠴᠦ ᠢᠯᠠᠩᠭᠤᠶ᠎ᠠ ᠬᠦᠩ ᠨᠣᠶᠠᠨ ᠳ᠋ᠤ᠌ ᠬᠦᠦ ᠲᠥᠷᠥᠭᠦᠯᠦᠭᠡᠳ ᠴᠢᠳᠠᠪᠠᠯ ᠠᠯᠢᠪᠠ ᠪᠦᠬᠦᠨ ᠲᠡᠭᠦᠨ ᠦ᠌ ᠰᠠᠨᠠᠭ᠎ᠠ ᠪᠠᠷ ᠵᠢᠷᠤᠭᠠᠯᠠᠬᠤ ᠪᠣᠯᠤᠨ᠎ᠠ ᠭᠡᠵᠦ ᠪᠣᠳᠣᠵᠠᠢ᠃ ᠶᠡᠷᠦ ᠨᠢ ᠲᠡᠭᠡᠵᠦ ᠴᠦ᠍ ᠬᠢᠭᠰᠡᠨ ᠯᠡ ᠳᠡ᠁ ᠠᠩᠬ᠎ᠠ ᠡᠨᠡ ᠤᠴᠢᠷ ᠤ᠋ᠨ ᠲᠤᠬᠠᠢ ᠲᠦᠷ ᠲᠠᠷ ᠭᠡᠳ ᠬᠡᠯᠡᠯᠴᠡᠭᠡᠨ ᠪᠣᠯᠵᠤ ᠪᠠᠢᠬᠤ ᠳ᠋ᠤ᠌ ᠬᠡᠨ ᠬᠥᠮᠦᠨ ᠳᠠᠮ ᠤ᠋ᠨ ᠶᠠᠪᠠᠭᠠᠨ ᠶᠠᠷᠢᠶ᠎ᠠ ᠶ᠋ᠢ ᠬᠦᠩ ᠨᠣᠶᠠᠨ ᠤ᠋ ᠴᠢᠬᠢᠨ ᠳ᠋ᠦ᠍ ᠠᠶᠤᠮᠰᠢᠭ ᠦᠭᠡᠢ ᠥᠷᠭᠡᠰᠦ ᠪᠣᠯᠭᠠᠵᠤ ᠬᠠᠳᠬᠤᠬᠤ ᠪᠣᠢ?《 ᠭᠣᠷᠢ ᠦᠭᠡᠢ᠃ ᠭᠡᠲᠡᠯ᠎ᠡ ᠰᠡᠭᠦᠯ ᠳ᠋ᠡᠭᠡᠨ ᠶᠠᠭᠠᠬᠢᠯ᠎ᠠ⁈ ᠶᠠᠭᠤᠮᠠᠨ ᠳ᠋ᠤ᠌ ᠳᠤᠷᠠᠲᠠᠢ ᠥᠯᠵᠡᠢᠰᠡᠷᠠᠩ ᠳᠡᠯᠳᠡᠭᠡᠨᠡᠵᠦ ᠶᠠᠪᠤᠭᠠᠳ ᠡᠨᠡ ᠶᠠᠪᠤᠳᠠᠯ ᠢ᠋ ᠯᠡᠪᠡᠷᠡᠭᠦᠯᠵᠦ ᠪᠠᠷᠠᠭᠤᠨ ᠬᠦᠩ ᠦ᠋ᠨ ᠬᠢᠨ ᠦ᠌ ᠪᠦᠯᠲᠡᠩ ᠢ᠋ ᠭᠣᠭᠣᠵᠢᠭᠤᠯᠤᠭᠰᠠᠨ ᠶᠤᠮ᠁ ᠶᠠᠭ ᠬᠡᠯᠡᠬᠦ ᠶᠦᠮ ᠪᠣᠯ ᠬᠦᠩ ᠨᠣᠶᠠᠨ ᠥᠯᠵᠡᠢᠰᠡᠷᠡᠩ ᠳ᠋ᠦ᠍ ᠲᠠᠯᠠᠷᠬᠠᠪᠠᠯ ᠲᠠᠭᠠᠷᠠᠨ᠎ᠠ᠃ ᠬᠠᠶᠠᠭᠠᠨ ᠳ᠋ᠤᠨᠢ ᠬᠠᠶᠠᠭᠠᠳ ᠪᠠᠢᠭᠰᠠᠨ ᠪᠣᠯ ᠠᠯᠢ ᠨᠢᠭᠡ ᠡᠳᠦᠷ ᠡᠯᠳᠡᠩᠭᠡ ᠶ᠋ᠢᠨ ᠨᠠᠷᠠ ᠮᠠᠨᠳᠤᠵᠤ ᠪᠠᠷᠠᠭᠤᠨ ᠬᠦᠩ ᠦ᠋ᠨ ᠬᠣᠰᠢᠭᠤ ᠡᠯᠳᠡᠩᠭᠡ ᠶ᠋ᠢᠨ ᠠᠯᠠᠭᠠᠨ ᠳᠡᠭᠡᠷ᠎ᠡ ᠪᠥᠮᠪᠥᠷᠢᠬᠦ ᠪᠠᠢᠭᠰᠠᠨ ᠳᠠ! ᠲᠡᠭᠡᠭᠰᠡᠨ ᠴᠦ᠍ ᠪᠣᠯ ᠥᠨᠥᠳᠥᠷ ᠪᠠᠭ᠎ᠠ ᠬᠠᠲᠤᠨ ᠲᠠᠨ ᠤ᠋ ᠪᠠᠢᠷᠢ ᠰᠠᠭᠤᠷᠢ᠂ ᠬᠤᠪᠢ ᠵᠠᠶᠠᠭ᠎ᠠ ᠴᠦ᠍ ᠬᠡᠯᠡᠬᠦ ᠶ᠋ᠢᠨ ᠠᠷᠭ᠎ᠠ ᠦᠭᠡᠢ᠃
— ᠲᠡᠢᠮᠦ ᠠᠶᠤᠮᠰᠢᠭᠲᠠᠢ ᠶᠠᠪᠤᠳᠠᠯ ᠪᠣᠯᠤᠭᠰᠠᠨ ᠭᠡᠵᠢ ᠤᠤ?
— ᠳᠡᠭᠡᠯ ᠦᠭᠡᠢ ᠶᠠᠭᠠᠬᠢᠬᠤ ᠪᠣᠢ? ᠥᠭᠡᠷ᠎ᠡ ᠶ᠋ᠢ ᠪᠠᠢᠴᠢᠬ᠎ᠠ᠂ ᠬᠡᠷᠡᠭ ᠯᠡᠪᠡᠷᠡᠭᠰᠡᠨ ᠡᠴᠡ ᠬᠣᠢᠰᠢ ᠵᠢᠯᠢᠢᠭᠴᠢ ᠴᠡᠴᠡᠭ ᠬᠠᠲᠤᠨ ᠬᠡᠪᠡᠯᠢ ᠳ᠋ᠡᠬᠢ ᠬᠡᠦᠬᠡᠳ ᠢ᠋ᠶ᠋ᠡᠨ ᠶᠠᠭᠠᠬᠢᠵᠤ ᠲᠥᠷᠥᠳᠡᠭ ᠪᠢᠯᠡ⁈ ᠭᠡᠰᠡᠨ ᠣᠯᠣᠰᠣᠨ ᠤ᠋ ᠰᠢᠷᠢᠯᠳᠦᠭᠡ ᠰᠢᠭ ᠡᠭᠡᠳᠡᠷᠡᠭᠡᠨᠲᠡᠢ ᠪᠠᠢᠳᠠᠯ ᠳ᠋ᠤ᠌ ᠬᠦᠩ ᠨᠣᠶᠠᠨ ᠲᠠᠢ ᠬᠡᠷᠡᠭᠦᠯ ᠠᠮᠠ ᠪᠣᠯᠵᠤ ᠪᠡᠶ᠎ᠡ ᠪᠡᠨ ᠬᠣᠣᠷᠯᠠᠭᠰᠠᠨ᠁ ᠨᠢᠭᠡ ᠪᠣᠳᠣᠪᠠᠯ ᠡᠮ᠎ᠡ ᠬᠥᠮᠦᠨ ᠦ᠌ ᠬᠤᠪᠢ ᠵᠠᠶᠠᠭ᠎ᠠ ᠭᠡᠭᠴᠢ ᠴᠠᠭᠠᠰᠤᠨ ᠠ᠋ᠴᠠ ᠴᠦ᠍ ᠢᠩᠭᠡᠨ(ᠨᠢᠮᠬᠡᠨ) ᠶᠦᠮ ᠠ᠋ ᠬᠥᠭᠡᠷᠦᠬᠦᠢ! ᠭᠡᠪᠡ᠃
— ᠡᠮ᠎ᠡ ᠬᠥᠮᠦᠨ ᠦ᠌ ᠬᠤᠪᠢ ᠵᠠᠶᠠᠭ᠎ᠠ ᠭᠡᠭᠴᠢ ᠲᠠᠨ ᠤ᠋ ᠬᠡᠯᠡᠳᠡᠭ ᠢ᠋ᠶ᠋ᠡᠷ ᠴᠠᠭᠠᠰᠤᠨ ᠠ᠋ᠴᠠ ᠢᠩᠭᠡᠨ ᠭᠡᠳᠡᠭ ᠨᠢ ᠦᠨᠡᠨ ᠪᠠᠢᠵᠤ ᠲᠠᠭᠠᠷᠠᠨ᠎ᠠ! ᠵᠢᠯᠢᠢᠭᠴᠢ ᠴᠡᠴᠡᠭ ᠬᠠᠲᠤᠨ ᠴᠦ᠍ ᠬᠥᠭᠡᠷᠦᠬᠦᠢ ᠶᠦᠮ ᠠ᠋! ᠱᠦᠢ ᠬᠤ᠌ ᠵᠤᠸᠠᠨ ᠦᠯᠢᠭᠡᠷ ᠦ᠋ᠨ ᠫᠠᠨ ᠵᠢᠨ ᠯᠢᠶᠠᠨ ᠰᠢᠭ ᠪᠡᠶ᠎ᠡ ᠪᠡᠨ ᠰᠡᠴᠡᠯᠡᠭᠰᠡᠨ ᠤᠬᠠᠭᠠᠨ ᠨᠢ ᠥᠭᠡᠳᠡ ᠪᠡᠨ ᠰᠢᠳᠡᠭᠰᠡᠨ ᠴᠢᠯᠠᠭᠤ ᠥᠪᠡᠷ ᠦ᠋ᠨ ᠲᠣᠯᠣᠭᠠᠢ ᠳᠡᠭᠡᠷ᠎ᠡ ᠭᠡᠭᠴᠢ ᠪᠣᠯᠵᠢ ᠳᠠ! ᠮᠢᠨᠦ ᠬᠤᠪᠢ ᠵᠠᠶᠠᠭ᠎ᠠ ᠴᠣᠬᠣᠮ ᠶᠠᠭᠤ ᠪᠣᠯᠳᠠᠭ ᠪᠣᠢ ᠭᠡᠳᠡᠭ ᠲᠦ᠍ ᠪᠢ ᠴᠦ᠍ ᠪᠣᠳᠣᠵᠤ ᠥᠩᠭᠡᠷᠡᠭᠰᠡᠨ᠃ ᠪᠠᠷᠠᠭᠤᠨ ᠬᠦᠩ ᠦ᠋ᠨ ᠡᠢᠮᠦ ᠪᠤᠳᠤᠯᠢᠶᠠᠨᠲᠠᠢ ᠴᠠᠭ ᠲᠤ ᠪᠡᠯᠪᠡᠰᠦᠨ ᠥᠷᠥᠭᠡᠰᠦᠨ ᠬᠥᠮᠦᠨ ᠪᠠᠷᠰ ᠤ᠋ᠨ ᠠᠮᠠ ᠠ᠋ᠴᠠ ᠮᠤᠯᠲᠤᠷᠠᠭᠠᠳ ᠴᠢᠨᠣ᠎ᠠ ᠶ᠋ᠢᠨ ᠠᠮᠠᠨ ᠳ᠋ᠤ᠌ ᠭᠡᠳᠡᠭ ᠢ᠋ᠶ᠋ᠡᠷ ᠬᠡᠴᠡᠭᠦᠦ ᠶᠦᠮ ᠳᠡ! ᠭᠡᠵᠦ ᠪᠠᠭ᠎ᠠ ᠬᠠᠲᠤᠨ ᠵᠣᠪᠠᠨᠢᠩᠭᠤᠢ ᠬᠡᠯᠡᠨ᠎ᠡ᠃
— ᠪᠠᠭ᠎ᠠ ᠬᠠᠲᠤᠨ ᠮᠢᠨᠢ ᠭᠤᠲᠤᠷᠠᠵᠤ ᠵᠣᠪᠠᠨᠢᠬᠤ ᠶᠠᠭᠤ ᠪᠠᠢᠨ᠎ᠠ ᠪᠣᠢ? ᠣᠷᠪᠣᠢᠵᠤ ᠭᠤᠳᠤᠷᠠᠭᠠᠳ ᠭᠠᠰᠠᠯᠠᠩ ᠤ᠋ᠨ ᠳᠠᠯᠠᠢ ᠲᠤᠭᠤᠯᠬᠤ ᠭᠡᠪᠡᠯ ᠲᠡᠷᠡ ᠬᠤᠳᠠᠯ᠂ ᠤᠬᠠᠭᠠᠨ ᠰᠠᠮᠪᠠᠭ᠎ᠠ ᠪᠠᠷ ᠠᠯᠢᠪᠠ ᠶ᠋ᠢ ᠠᠷᠭᠠᠯᠠᠬᠤ ᠬᠡᠷᠡᠭᠲᠡᠢ᠃ ᠲᠠ ᠪᠣᠯ ᠪᠠᠷᠠᠭᠤᠨ ᠬᠦᠩ ᠨᠣᠶᠠᠨ ᠤ᠋ ᠬᠠᠲᠤᠨ ᠰᠢᠦ ᠳᠡ!
— ᠠᠢ ᠳᠠ! ᠲᠠ ᠬᠡᠯᠡ᠂ ᠬᠦᠩ ᠨᠣᠶᠠᠨ ᠥᠨᠥ ᠮᠠᠷᠭᠠᠲᠤᠷ ᠢ᠋ᠶ᠋ᠠᠨ ᠬᠦᠯᠢᠶᠡᠭᠰᠡᠨ ᠳᠡᠭᠡᠰᠦᠨ ᠳᠥᠷᠥᠭᠡ ᠲᠡᠢ ᠬᠥᠮᠦᠨ᠁ ᠳᠡᠰ ᠬᠢᠭᠡᠳ ᠳᠡᠭᠡᠰᠦᠨ ᠳᠥᠷᠥᠭᠡ ᠲᠠᠰᠤᠷᠠᠪᠠᠯ ᠪᠢ ᠨᠢᠭᠡ ᠥᠨᠥᠴᠢᠨ ᠪᠡᠯᠪᠡᠰᠦᠨ ᠡᠮᠡᠭᠲᠡᠢ ᠬᠥᠮᠦᠨ ᠤᠬᠢᠯᠠᠵᠤ ᠤᠨᠵᠢᠭᠠᠳ ᠰᠠᠷᠪᠠᠢᠵᠤ ᠬᠣᠴᠣᠷᠬᠤ ᠠ᠋ᠴᠠ ᠥᠭᠡᠷ᠎ᠡ ᠶᠠᠭᠠᠬᠢᠨ᠎ᠠ ᠪᠣᠢ? ᠭᠡᠵᠦ ᠨᠢᠯᠪᠤᠰᠤ ᠤᠨᠠᠭᠠᠨ ᠠᠷᠭ᠎ᠠ ᠠᠭᠠᠰᠢ ᠨᠢ ᠪᠠᠷᠠᠭᠳᠠᠨ᠎ᠠ᠃
— ᠲᠡᠢᠮᠦ ᠪᠢᠰᠢ ᠠ᠋᠂ ᠪᠠᠭ᠎ᠠ ᠬᠠᠲᠤᠨ ᠮᠢᠨᠢ ᠭᠤᠲᠤᠷᠠᠵᠤ ᠭᠤᠨᠢᠭᠠᠳ ᠤᠰᠤᠨ ᠨᠢᠳᠦᠯᠡᠵᠦ ᠰᠠᠭᠤᠬᠤ ᠨᠢ ᠤᠷᠤᠭᠤᠳᠠᠬᠤ ᠶ᠋ᠢᠨ ᠰᠢᠨᠵᠢ᠃ ᠤᠬᠠᠭᠠᠨ ᠰᠠᠮᠪᠠᠭ᠎ᠠ ᠳᠡᠭᠡᠷ᠎ᠡ ᠪᠡᠨ ᠪᠣᠰᠴᠤ ᠵᠣᠭᠰᠣᠬᠤ ᠨᠢ ᠥᠭᠡᠳᠡᠯᠡᠬᠦ ᠶ᠋ᠢᠨ ᠲᠡᠮᠳᠡᠭ ᠰᠢᠦ!
— ᠳᠡᠭᠦᠦ ᠲᠡᠢ ᠬᠥᠮᠦᠨ ᠳᠥᠷᠥᠭᠡ ᠢᠰᠬᠦᠯᠵᠦ᠂ ᠬᠦᠦ ᠲᠡᠢ ᠬᠥᠮᠦᠨ ᠬᠥᠯ ᠵᠢᠭᠢᠨᠡ ᠭᠡᠳᠡᠭ᠃ ᠪᠢ ᠴᠢᠨᠢ ᠬᠦᠦ ᠲᠥᠷᠥᠬᠦ ᠪᠠᠢᠲᠤᠭᠠᠢ᠂ ᠵᠤᠯᠪᠤᠳᠠᠰᠤ ᠴᠦ᠍ ᠳᠥᠷᠥᠭᠡ ᠦᠭᠡᠢ ᠬᠥᠮᠦᠨ ᠪᠣᠯᠬᠣᠷ ᠶᠠᠮᠠᠷ ᠨᠢᠭᠤᠷ ᠢ᠋ᠶ᠋ᠠᠷ ᠢ᠋ᠶ᠋ᠠᠨ᠁ ᠭᠡᠵᠦ ᠠᠷᠭ᠎ᠠ ᠮᠤᠬᠤᠷᠳᠠᠭᠰᠠᠨ ᠦᠭᠡ ᠭᠣᠭᠣᠵᠢᠭᠤᠯᠬᠤ ᠶ᠋ᠢ ᠰᠣᠨᠣᠰᠴᠤ ᠶᠠᠳᠠᠭᠰᠠᠨ ᠮᠠᠨᠤᠨᠪᠠᠳᠮ᠎ᠠ᠄
— ᠣᠳᠣ ᠶᠠᠭᠤ ᠴᠦ᠍ ᠬᠡᠷᠡᠭ ᠦᠭᠡᠢ ᠠ᠋᠂ ᠤᠬᠠᠭᠠᠨ ᠰᠠᠮᠪᠠᠭ᠎ᠠ ᠯᠠ ᠬᠡᠷᠡᠭᠲᠡᠢ! ᠭᠡᠪᠡ᠃
— ᠶᠠᠮᠠᠷ ᠤᠬᠠᠭᠠᠨ?
— ᠮᠣᠩᠭᠣᠯ ᠬᠥᠮᠦᠨ ᠬᠡᠵᠢᠶ᠎ᠡ ᠤᠬᠠᠭᠠᠨ ᠢ᠋ᠶ᠋ᠠᠷ ᠪᠣᠭᠣᠭᠳᠠᠵᠤ ᠦᠭᠡ ᠪᠡᠷ ᠮᠤᠩᠳᠠᠵᠤ ᠪᠠᠢᠪᠠ? ᠤᠬᠠᠭᠤᠯᠵᠤ ᠪᠠᠢᠭᠠᠳ ᠬᠦᠦ ᠲᠥᠷᠥᠬᠦ ᠬᠡᠷᠡᠭᠲᠡᠢ! ᠭᠡᠰᠡᠨ ᠢ᠋ ᠰᠣᠨᠣᠰᠤᠭᠰᠠᠨ ᠪᠠᠭ᠎ᠠ ᠬᠠᠲᠤᠨ ᠰᠠᠨᠳᠤᠷᠤᠨ ᠪᠠᠯᠠᠳᠠᠵᠤ᠄
— ᠯᠠᠮᠠ ᠭᠤᠷᠪᠠᠨ ᠡᠷᠳᠡᠨᠢ ᠠ᠋! ᠬᠦᠦ ᠲᠥᠷᠥᠨ᠎ᠡ ᠭᠡᠨ᠎ᠡ ᠰᠢᠦ! ᠬᠦᠩ ᠨᠣᠶᠠᠨ ᠤ᠋ ᠲᠡᠷᠡ ᠴᠢᠷᠠᠢ ᠪᠠᠷ ᠤᠤ? ᠭᠡᠯᠡ᠃
— ᠪᠢᠰᠢ! ᠲᠡᠭᠦᠨ ᠦ᠌ ᠴᠢᠷᠠᠢ ᠶ᠋ᠢ ᠬᠠᠷᠠᠬᠤ ᠦᠭᠡᠢ᠃( ᠮᠠᠰᠢ ᠳᠣᠣᠷ᠎ᠠ ᠳᠠᠭᠤ ᠪᠠᠷ) ᠥᠭᠡᠷ᠎ᠡ ᠤᠬᠠᠭᠠᠨ ᠬᠢᠨ᠎ᠡ᠃
— ᠥᠭᠡᠷ᠎ᠡ ᠤᠬᠠᠭᠠᠨ⁈《 ᠱᠦᠢ ᠬᠤ᠌ ᠵᠤᠸᠠᠨ ᠦᠯᠢᠭᠡᠷ ᠦ᠋ᠨ ᠫᠠᠨ ᠵᠢᠨ ᠯᠢᠶᠠᠨ ᠰᠢᠭ ᠤᠤ?
— ᠪᠢᠰᠢ ᠠ᠋! ᠪᠢᠰᠢ᠃
— ᠴᠡᠴᠡᠭ ᠬᠠᠲᠤᠨ⁈
— ᠪᠢᠰᠢ ᠠ᠋!
ᠫᠠᠨ ᠵᠢᠨ ᠯᠢᠶᠠᠨ᠂ ᠴᠡᠴᠡᠭ ᠬᠠᠲᠤᠨ ᠰᠢᠭ᠋ ᠰᠢᠪᠰᠢᠭ ᠢ᠋ᠶ᠋ᠡᠨ ᠭᠣᠭᠣᠵᠢᠭᠤᠯᠤᠭᠰᠠᠨ ᠰᠢᠨᠵᠢ ᠦᠭᠡᠢ ᠶᠠᠪᠤᠳᠠᠯ ᠢ᠋ ᠯᠡ ᠬᠢᠬᠦ ᠦᠭᠡᠢ ᠠ᠋᠂ ᠶᠠᠭᠠᠬᠢᠪᠠᠯ ᠶᠠᠭᠠᠬᠢᠭ! ᠭᠡᠵᠦ ᠪᠠᠭ᠎ᠠ ᠬᠠᠲᠤᠨ ᠮᠠᠨᠤᠨᠪᠠᠳᠮ᠎ᠠ ᠬᠥᠭᠰᠢᠨ ᠳ᠋ᠦ᠍ ᠳᠤᠷ᠎ᠠ ᠦᠵᠡᠭᠦᠯᠬᠦ ᠳᠦᠷᠢ ᠦᠵᠡᠭᠦᠯᠦᠨ᠎ᠡ᠃
ᠪᠠᠭ᠎ᠠ ᠬᠠᠲᠤᠨ᠂ ᠮᠠᠨᠤᠨᠪᠠᠳᠮ᠎ᠠ ᠶ᠋ᠢᠨ ᠰᠠᠨᠠᠭ᠎ᠠ ᠶ᠋ᠢ ᠱᠠᠯ ᠪᠤᠷᠤᠭᠤ ᠪᠠᠷ ᠣᠢᠯᠠᠭᠠᠵᠤ᠂ ᠫᠠᠨ ᠵᠢᠨ ᠯᠢᠶᠠᠨ ᠴᠡᠴᠡᠭ ᠬᠠᠲᠤᠨ ᠲᠠᠢ ᠪᠡᠶ᠎ᠡ ᠪᠡᠨ ᠬᠣᠯᠪᠣᠭᠰᠠᠨ ᠮᠣᠬᠣᠭᠣ ᠪᠣᠳᠣᠯ ᠲᠠᠢ ᠶᠠᠭᠤᠮ᠎ᠠ ᠶᠠᠷᠢᠵᠤ ᠳᠤᠷ᠎ᠠ ᠦᠭᠡᠢᠴᠡᠨ ᠠᠭᠤᠷᠯᠠᠬᠤ ᠰᠢᠨᠵᠢ ᠲᠡᠢ ᠪᠣᠯᠤᠭᠰᠠᠨ ᠢ᠋ ᠬᠠᠷᠠᠭᠠᠳ ᠮᠠᠨᠤᠨᠪᠠᠳᠮ᠎ᠠ ᠬᠥᠭᠰᠢᠨ ᠰᠠᠨᠳᠤᠷᠴᠤ ᠪᠤᠷᠤᠭᠤ ᠤᠬᠠᠭᠠᠨ ᠢ᠋ᠶ᠋ᠠᠷ ᠬᠡᠷᠡᠭ ᠪᠢᠰᠢᠳᠡᠬᠦ ᠡᠴᠡ ᠪᠣᠯᠭᠣᠮᠵᠢᠯᠠᠨ ᠪᠠᠭ᠎ᠠ ᠬᠠᠲᠤᠨ ᠤ᠋ ᠴᠢᠬᠢᠨ ᠳ᠋ᠦ᠍ ᠰᠢᠪᠠᠷ ᠠᠪᠢᠷ ᠰᠢᠪᠡᠨᠡᠵᠦ ᠭᠠᠷᠪᠠ᠄
— ᠫᠠᠨ ᠵᠢᠨ ᠯᠢᠶᠠᠨ᠂ ᠴᠡᠴᠡᠭ ᠬᠠᠲᠤᠨ ᠰᠢᠭ᠋ ᠨᠡᠷ᠎ᠡ ᠪᠡᠨ ᠬᠤᠭᠤᠯᠵᠤ ᠠᠮᠢ ᠪᠠᠨ ᠬᠣᠷᠣᠭᠠᠭᠰᠠᠨ ᠰᠢᠪᠰᠢᠭᠲᠦ ᠶᠠᠪᠤᠳᠠᠯ ᠨᠢ ᠭᠤᠲᠤᠯ ᠤ᠋ᠨ ᠢ᠋ᠶ᠋ᠠᠨ ᠬᠣᠩᠰᠢᠶᠠᠷ ᠢ᠋ᠶ᠋ᠠᠨ ᠱᠠᠭᠠᠢᠭᠰᠠᠨ ᠭᠤᠲᠤᠮᠰᠢᠭᠲᠤ ᠤᠬᠠᠭᠠᠨ᠃ ᠮᠠᠨᠤᠰ ᠲᠡᠭᠡᠬᠦ ᠦᠭᠡᠢ ᠰᠢᠦ! ᠮᠠᠨᠳᠤᠬᠠᠢ ᠰᠡᠴᠡᠨ ᠬᠠᠲᠤᠨ ᠤ᠋ ᠮᠡᠷᠭᠡᠨ ᠤᠬᠠᠭᠠᠨ ᠢ᠋ ᠡᠰᠢᠯᠡᠬᠦ ᠳ᠋ᠡᠭᠡᠨ ᠲᠠᠭᠠᠷᠠᠨ᠎ᠠ᠁ ᠲᠡᠷᠡ ᠮᠥᠷᠲᠡᠭᠡᠨ ᠱᠠᠯᠠᠪᠳᠠᠬᠤ ᠬᠡᠷᠡᠭᠲᠡᠢ᠃ ᠬᠦᠩ ᠨᠣᠶᠠᠨ ᠢ᠋ ᠰᠡᠷᠡᠭᠦᠨ ᠪᠠᠢᠭ᠎ᠠ ᠳ᠋ᠤᠨᠢ ᠵᠠᠪᠳᠤᠵᠤ《 ᠪᠠᠭ᠎ᠠ ᠬᠠᠲᠤᠨ ᠬᠥᠯ ᠬᠦᠨᠳᠦ ᠪᠣᠯᠤᠯ᠎ᠠ᠁》 ᠭᠡᠰᠡᠨ ᠶᠠᠷᠢᠶ᠎ᠠ ᠬᠡᠯᠡᠯᠴᠡᠭᠡ ᠶ᠋ᠢ ᠪᠠᠷᠠᠭᠤᠨ ᠬᠦᠩ ᠦ᠋ᠨ ᠬᠢᠨ ᠳ᠋ᠦ᠍ ᠦᠳᠲᠡᠷ ᠲᠦᠷᠭᠡᠨ ᠲᠠᠷᠬᠠᠭᠠᠬᠤ ᠦᠭᠡᠢ ᠪᠣᠯᠬᠤ ᠦᠭᠡᠢ᠃
— ᠲᠡᠭᠡᠵᠦ ᠪᠣᠯᠬᠤ ᠭᠡᠵᠢ ᠤᠤ ᠳᠠ? ᠭᠡᠵᠦ ᠪᠠᠭ᠎ᠠ ᠬᠠᠲᠤᠨ ᠤ᠋ ᠴᠢᠷᠠᠢ ᠳ᠋ᠤ᠌ ᠶᠠᠭᠠᠪᠲᠤᠷ ᠤᠯᠠᠭ᠎ᠠ ᠪᠤᠲᠠᠷᠠᠵᠤ ᠢᠴᠢᠩᠭᠦᠷᠡᠨ ᠮᠢᠰᠢᠯᠵᠡᠨᠡ᠃
— ᠪᠣᠯᠤᠯ ᠦᠭᠡᠢ ᠶᠠᠭᠠᠬᠢᠬᠤ ᠪᠣᠢ? ᠪᠠᠭ᠎ᠠ ᠬᠠᠲᠤᠨ ᠳᠤᠷᠠᠲᠠᠢ ᠯᠠ ᠪᠣᠯ ᠬᠣᠵᠢᠮ ᠤ᠋ᠨ ᠨᠠᠷᠢᠨ ᠶᠠᠪᠤᠳᠠᠯ ᠤ᠋ᠳ ᠢ᠋ ᠪᠢ ᠡᠪᠯᠡᠭᠦᠯᠦᠶᠡ! ᠭᠡᠵᠦ ᠡᠨᠡᠷᠢᠨ ᠢᠨᠢᠶᠡᠪᠡ᠃
ᠪᠠᠭ᠎ᠠ ᠬᠠᠲᠤᠨ ᠦᠭᠡ ᠳᠠᠭᠤᠨ ᠦᠭᠡᠢ ᠮᠠᠨᠤᠨᠪᠠᠳᠮ᠎ᠠ ᠶ᠋ᠢᠨ ᠬᠡᠯᠡᠬᠦ ᠶ᠋ᠢ ᠴᠢᠩᠨᠠᠨ ᠳᠣᠷᠣᠭᠰᠢ ᠪᠠᠨ ᠬᠠᠷᠠᠵᠤ《 ᠡᠨᠡ ᠴᠦ᠍ ᠶᠣᠰᠣᠲᠠᠢ ᠤᠷᠠᠨ ᠬᠣᠩᠰᠢᠶᠠᠷᠲᠠᠢ ᠤᠬᠠᠭᠠᠨ ᠤ᠋ ᠤᠭᠤᠲᠠ ᠶᠤᠮ ᠠ᠋》 ᠭᠡᠵᠦ ᠳᠣᠲᠣᠷ᠎ᠠ ᠪᠠᠨ ᠰᠢᠪᠡᠨᠡᠪᠡ᠃
— ᠲᠡᠭᠡᠭᠡᠳ ᠯᠡ ᠪᠠᠭ᠎ᠠ ᠬᠠᠲᠤᠨ ᠬᠦᠦ ᠲᠡᠢ ᠪᠣᠯᠵᠤ ᠬᠥᠯ ᠵᠢᠭᠢᠬᠦ ᠳ᠋ᠦ᠍ ᠲᠣᠢᠭ ᠲᠠᠢ ᠪᠦᠬᠦᠨ ᠲᠠᠨ ᠤ᠋ ᠡᠪᠦᠳᠦᠭ ᠳᠣᠣᠷ᠎ᠠ ᠰᠥᠭᠥᠳᠴᠦ᠂ ᠲᠣᠯᠣᠭᠠᠢ ᠲᠠᠢ ᠪᠦᠬᠦᠨ ᠲᠠᠨ ᠤ᠋ ᠡᠮᠦᠨ᠎ᠡ ᠮᠡᠬᠦᠯᠵᠡᠵᠦ ᠪᠢᠰᠢᠷᠡᠬᠦ ᠬᠦᠨᠳᠦᠳᠬᠡᠬᠦ ᠬᠠᠷᠠᠴᠠ ᠲᠠᠨ ᠤ᠋ ᠪᠡᠶ᠎ᠡ ᠳᠡᠭᠡᠷ᠎ᠡ ᠭᠢᠯᠠᠯᠵᠠᠨ᠎ᠠ ᠳᠠ! ᠲᠡᠷᠡ ᠦᠶ᠎ᠡ ᠳ᠋ᠦ᠍ ᠪᠠᠭ᠎ᠠ ᠬᠠᠲᠤᠨ ᠤ᠋ ᠬᠦᠴᠦᠲᠡᠢ ᠨᠢᠭᠡ ᠬᠠᠨᠢᠶᠠᠬᠤ ᠳ᠋ᠤ᠌ ᠪᠠᠷᠠᠭᠤᠨ ᠬᠦᠩ ᠦ᠋ᠨ ᠬᠢᠨ ᠳᠠᠭᠵᠢᠨ ᠴᠡᠴᠡᠷᠡᠨ᠎ᠡ᠃ ᠪᠦᠭᠦᠳᠡ ᠶ᠋ᠢᠨ《 ᠡᠮᠡᠭᠡ ᠡᠵᠢ》 ᠪᠣᠯᠬᠤ ᠭᠡᠭᠴᠢ ᠠᠮᠠᠷ ᠤᠤ ᠳᠠ⁈ ᠭᠡᠬᠦ ᠪᠠᠭ᠎ᠠ ᠬᠠᠲᠤᠨ ᠮᠠᠨᠤᠨᠪᠠᠳᠮ᠎ᠠ ᠬᠥᠭᠰᠢᠨ ᠢ᠋ ᠬᠦᠵᠦᠭᠦᠳᠡᠭᠡᠳ᠄
— ᠮᠣᠩᠭᠣᠯ ᠬᠥᠮᠦᠨ ᠪᠡᠯᠭᠡ ᠪᠡᠷ ᠮᠠᠨᠵᠤ ᠬᠥᠮᠦᠨ ᠪᠠᠯᠢᠩ ᠢ᠋ᠶ᠋ᠠᠷ ᠭᠡᠳᠡᠭ ᠶᠦᠮ ᠠ᠋! ᠢᠷᠦᠭᠡᠯ ᠣᠷᠣᠰᠢᠲᠤᠭᠠᠢ! ᠭᠡᠵᠦ ᠮᠠᠰᠢ ᠰᠡᠳᠬᠢᠯ ᠳᠣᠭᠳᠣᠯᠤᠨ ᠬᠡᠯᠡᠪᠡ᠃
《ᠪᠠᠭ᠎ᠠ ᠬᠠᠲᠤᠨ ᠬᠥᠯ ᠬᠦᠨᠳᠦ ᠪᠣᠯᠵᠢ ᠠ᠋᠂ ᠬᠦᠦ ᠲᠥᠷᠥᠬᠦ ᠶᠦᠮ ᠪᠠᠢᠨ᠎ᠠ᠁》 ᠭᠡᠰᠡᠨ ᠤᠷᠠᠨ ᠱᠠᠭᠠᠵᠠᠭᠠᠢ ᠶ᠋ᠢᠨ ᠬᠣᠰᠢᠭᠤ ᠲᠠᠢ ᠮᠠᠨᠤᠨᠪᠠᠳᠮ᠎ᠠ ᠬᠥᠭᠰᠢᠨ ᠦ᠌ ᠠᠮᠠᠨ ᠠ᠋ᠴᠠ ᠱᠠᠭᠰᠢᠷᠠᠭᠰᠠᠨ ᠦᠭᠡ ᠳᠠᠯᠠᠪᠴᠢ ᠤᠷᠭᠤᠭᠰᠠᠨ ᠰᠢᠭ᠋ ᠳᠠᠮ ᠳᠠᠮ ᠤᠯᠠᠮᠵᠢᠯᠠᠭᠳᠠᠵᠤ ᠲᠠᠷᠬᠠᠯ᠎ᠠ᠁ ᠢᠯᠠᠩᠭᠤᠶ᠎ᠠ ᠵᠢᠯ ᠴᠠᠭᠠᠨ ᠰᠠᠷ᠎ᠠ ᠳᠣᠬᠢᠭᠰᠠᠨ ᠲᠤᠯᠠ ᠬᠣᠯᠠ ᠣᠢᠷ᠎ᠠ ᠶ᠋ᠢᠨ ᠭᠡᠢᠴᠢᠨ ᠵᠣᠴᠢᠨ ᠬᠦᠩ ᠨᠣᠶᠠᠨ ᠤ᠋ ᠬᠠᠲᠠᠪᠴᠢ ᠶ᠋ᠢ ᠡᠯᠡᠭᠡᠬᠦ ᠨᠢ ᠲᠡᠢᠮᠦ ᠭᠠᠢᠬᠠᠯᠲᠠᠢ ᠰᠣᠨᠢᠨ ᠤᠴᠢᠷ ᠪᠢᠰᠢ ᠲᠤᠯᠠ ᠢᠷᠡᠭᠰᠡᠨ ᠬᠤᠷᠠᠭᠰᠠᠨ ᠭᠡᠢᠴᠢᠨ ᠵᠣᠴᠢᠨ ᠤ᠋ ᠬᠠᠷᠠᠭᠠᠨ ᠳ᠋ᠤ᠌ ᠪᠠᠭ᠎ᠠ ᠬᠠᠲᠤᠨ ᠡᠯᠪᠡᠭ ᠠᠭᠤᠵᠢᠭᠤ ᠲᠡᠷᠯᠢᠭ ᠬᠦᠯᠬᠦᠯᠵᠡᠭᠦᠯᠵᠦ᠂ ᠬᠡᠪᠡᠯᠢ ᠨᠢ ᠲᠦᠨᠲᠦᠢᠨ ᠠᠯᠬᠤᠵᠤ ᠭᠢᠰᠬᠢᠬᠦ ᠨᠢ ᠠᠭᠠᠵᠢᠭᠤ ᠲᠠᠢᠪᠤᠭᠤ᠂ ᠨᠠᠢᠷᠠᠮᠳᠠᠭᠤ ᠴᠢᠷᠠᠢ ᠲᠠᠢ ᠬᠠᠷᠠᠭᠳᠠᠬᠤ ᠳ᠋ᠤ᠌ ᠡᠳᠡᠨᠥᠰ ᠴᠠᠭᠠᠰᠢ ᠪᠠᠨ《ᠪᠠᠭ᠎ᠠ ᠬᠠᠲᠤᠨ ᠤ᠋ ᠬᠥᠯ ᠬᠦᠨᠳᠦ ᠪᠣᠯᠤᠭᠰᠠᠨ》 ᠭᠡᠳᠡᠭ ᠴᠢᠮᠡᠭᠡ ᠶ᠋ᠢ ᠲᠠᠰᠢᠶ᠎ᠠ ᠶ᠋ᠢ ᠨᠢ ᠲᠡᠰᠢᠵᠦ ᠪᠠᠢᠬᠤ ᠰᠢᠭ᠋ ᠳᠠᠮ ᠳᠠᠮ ᠲᠤᠷᠭᠢᠬᠤ ᠨᠢ ᠠᠶᠠᠨᠳᠠᠭᠠᠨ᠃ ᠪᠠᠭ᠎ᠠ ᠬᠠᠲᠤᠨ ᠤ᠋ ᠬᠡᠪᠡᠯᠢ ᠶ᠋ᠢ ᠬᠥᠪᠥᠩ ᠣᠷᠢᠶᠠᠯᠲᠠ ᠪᠠᠷ ᠵᠦᠢᠴᠢᠯᠡᠨ ᠵᠤᠵᠠᠭᠠᠯᠠᠵᠤ᠂ ᠳᠠᠪᠬᠤᠷ ᠪᠦᠰᠡᠭᠦᠢ ᠶ᠋ᠢᠨ ᠮᠠᠶᠢᠭ ᠲᠠᠢ ᠪᠣᠯᠭᠠᠵᠤ᠂ ᠣᠯᠠᠨ ᠤ᠋ ᠨᠢᠳᠦ᠂ ᠴᠢᠬᠢ᠂ ᠰᠡᠳᠬᠢᠯ ᠢ᠋ ᠲᠥᠭᠡᠷᠢᠭᠦᠯᠦᠭᠰᠡᠨ ᠵᠦᠴᠦᠭᠡ ᠶ᠋ᠢ ᠮᠠᠨᠤᠨᠪᠠᠳᠮ᠎ᠠ ᠬᠥᠭᠰᠢᠨ ᠵᠣᠬᠢᠶᠠᠭᠰᠠᠨ ᠪᠠᠢᠨ᠎ᠠ᠂ ᠢᠩᠭᠢᠭᠰᠡᠨ ᠡᠴᠡ ᠬᠦᠩ ᠨᠣᠶᠠᠨ ᠤ᠋ ᠴᠢᠷᠠᠢ ᠳ᠋ᠤ᠌ ᠦᠯᠦ ᠮᠡᠳᠡᠭ ᠢᠨᠢᠶᠡᠮᠰᠦᠭ ᠰᠢᠨᠵᠢᠷᠡᠵᠦ《ᠬᠦᠦ ᠲᠠᠢ ᠯᠠ ᠪᠣᠯᠪᠠᠯ ᠵᠠ ᠶᠠᠭᠠᠬᠢᠬᠤ ᠪᠣᠢ᠂ ᠨᠢᠳᠦ ᠠᠨᠢᠭᠰᠠᠨ ᠴᠦ᠍ ᠰᠡᠳᠬᠢᠯ ᠠᠮᠠᠷᠠᠯ᠎ᠠ!》 ᠭᠡᠬᠦ ᠰᠢᠦᠬᠡᠨ ᠪᠠᠢᠳᠠᠯ ᠲᠠᠢ᠃ ᠡᠭᠦᠨ ᠡᠴᠡ ᠪᠣᠯᠵᠤ ᠮᠠᠨᠤᠨᠪᠠᠳᠮ᠎ᠠ ᠬᠥᠭᠰᠢᠨ ᠬᠦᠩ ᠨᠣᠶᠠᠨ ᠤ᠋ ᠬᠥᠬᠡ ᠲᠣᠭᠣᠰᠬᠠᠨ ᠣᠷᠳᠣᠨ ᠳ᠋ᠤ᠌ ᠬᠥᠯ ᠴᠡᠭᠡᠷ ᠦᠭᠡᠢ ᠣᠷᠣᠵᠤ ᠭᠠᠷᠤᠨ《 ᠬᠥᠯ ᠬᠦᠨᠳᠦ》 ᠪᠠᠭ᠎ᠠ ᠬᠠᠲᠤᠨ ᠢ᠋ ᠨᠠᠭᠠᠨ᠎ᠠ ᠴᠠᠭᠠᠨ᠎ᠠ ᠭᠡᠵᠦ ᠳᠣᠳᠣᠮᠳᠠᠨ ᠬᠥᠪᠥᠩ ᠰᠡᠮᠡᠯᠵᠦ ᠣᠶᠣᠭᠰᠠᠨ ᠬᠡᠪᠡᠯᠢ ᠶ᠋ᠢᠨ ᠪᠦᠰᠡᠯᠡᠭᠦᠷ ᠢ᠋ᠶ᠋ᠡᠷ ᠪᠠᠭ᠎ᠠ ᠬᠠᠲᠤᠨ ᠤ᠋ ᠬᠡᠪᠡᠯᠢ ᠶ᠋ᠢ ᠪᠣᠭᠣᠵᠤ ᠡᠳᠦᠷ ᠬᠣᠨᠣᠭ ᠢ᠋ ᠳᠠᠭᠠᠯᠳᠤᠭᠤᠯᠤᠨ ᠲᠦᠭᠳᠦᠢᠯᠭᠡᠵᠦ ᠯᠡ ᠪᠠᠢᠯ᠎ᠠ᠁
— ᠬᠦᠩ ᠨᠣᠶᠠᠨ ᠬᠡᠪᠲᠡᠯᠭᠡᠨ ᠳ᠋ᠦ᠍ ᠣᠷᠣᠭᠰᠠᠨ ᠡᠪᠡᠳᠴᠢᠲᠡᠢ ᠪᠠᠢᠭᠠᠳ ᠪᠠᠭ᠎ᠠ ᠬᠠᠲᠤᠨ ᠶᠠᠭᠤ ᠳ᠋ᠤ᠌ ᠬᠥᠯ ᠬᠦᠨᠳᠦ ᠪᠣᠯᠴᠢᠬᠠᠪᠠ⁈
— ᠵᠠ᠂ ᠪᠠᠢᠵᠠ᠃ ᠵᠠᠯᠠᠭᠤ ᠡᠮ᠎ᠡ ᠶ᠋ᠢᠨ ᠤᠴᠢᠷ ᠠᠵᠢ ᠳᠠ᠂ ᠭᠠᠭᠴᠠ ᠮᠣᠳᠣᠨ ᠠ᠋ᠴᠠ ᠪᠣᠭᠣᠵᠤ ᠦᠬᠦᠯᠲᠡᠢ ᠪᠢᠰᠢ᠃ ᠪᠠᠰᠠ ᠠᠯᠢ ᠨᠢᠭᠡᠨ ᠲᠡᠢ ᠨᠢ ᠬᠥᠯ ᠲᠡᠢ ᠪᠣᠯᠵᠤ ᠴᠡᠴᠡᠭ ᠬᠠᠲᠤᠨ ᠤ᠋ ᠦᠯᠢᠭᠡᠷ ᠪᠣᠯᠵᠤ ᠪᠠᠢᠭ᠎ᠠ ᠪᠢᠰᠢ ᠪᠢᠵᠡ ᠳᠡ⁈
— ᠦᠭᠡᠢ ᠠ᠋᠂ ᠲᠥᠷᠬᠥᠮ ᠳ᠋ᠡᠭᠡᠨ ᠤᠳᠠᠭᠠᠨ ᠰᠠᠭᠤᠭᠰᠠᠨ ᠭᠡᠨ᠎ᠡ ᠪᠢᠯᠡ᠂ ᠲᠡᠭᠡᠭᠡᠳ ᠯᠡ ᠨᠢᠭᠡ ᠶᠠᠭᠤᠮ᠎ᠠ ᠪᠣᠯᠴᠢᠬᠠᠬᠤ ᠰᠢᠦ ᠪᠣᠯᠤᠯ᠎ᠠ᠁ ᠭᠡᠵᠦ ᠣᠯᠠᠨ ᠤ᠋ ᠠᠮᠠ ᠳᠠᠯᠳᠠᠭᠤᠷ ᠠᠮᠠᠭᠠᠢ ᠦᠭᠡᠢ ᠲᠤᠷᠭᠢᠬᠤ ᠶ᠋ᠢ ᠬᠡᠨ ᠪᠠᠢᠭ ᠭᠡᠬᠦ ᠪᠣᠢ ᠵᠥᠪᠬᠡᠨ ᠬᠣᠰᠢᠭᠤ ᠶᠠᠮᠤᠨ ᠤ ᠭᠥᠩ ᠨᠣᠶᠠᠨ ᠳᠤ ᠰᠣᠨᠣᠰᠬᠠᠬᠤ ᠦᠭᠡᠢ ᠯᠠ ᠭᠡᠵᠦ ᠬᠢᠴᠢᠶᠡᠭᠰᠡᠨ ᠲᠡᠳᠦᠢ ᠳᠠᠯᠳᠠ ᠶᠠᠷᠢᠶ᠎ᠠ᠃ ᠭᠡᠬᠦ ᠳ᠋ᠡᠭᠡᠨ ᠶᠠᠩᠵᠤ ᠪᠣᠯᠭᠠᠨ ᠢᠶᠠᠷ ᠰᠡᠵᠢᠭᠯᠡᠭᠰᠡᠨ ᠴᠦ᠍ ᠮᠠᠨᠤᠨᠪᠠᠳᠮ᠎ᠠ ᠬᠥᠭᠰᠢᠨ ᠪᠠᠭ᠎ᠠ ᠬᠠᠲᠤᠨ ᠤ ᠬᠡᠪᠡᠯᠢ ᠶᠢ ᠬᠥᠪᠦᠩ ᠵᠢᠭᠢᠷᠢᠭᠯᠡᠵᠦ ᠣᠷᠢᠶᠠᠭᠰᠠᠨ ᠳᠠᠯᠳᠠ ᠤᠬᠠᠭᠠᠨ ᠢ ᠬᠡᠨ ᠬᠥᠮᠥᠨ ᠴᠦ᠍ ᠰᠡᠵᠢᠭᠯᠡᠭᠰᠡᠨ ᠦᠭᠡᠢ᠃
– – – –
① ᠠᠪᠢᠳ ᠬᠣᠰᠭᠢᠨᠠᠭ᠃
