ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠬᠣᠶᠠᠳᠤᠭᠠᠷ ᠪᠦᠯᠦᠭ < ᠵᠢᠷᠭᠤᠭ᠎ᠠ> Хан мунын сүүрс < дээд > – Мөнх зохиоов ᠂ Дэд бодь – Хоёрдугаар бүлэг <6>
ᠳᠡᠳ᠋ ᠪᠣᠲᠢ – ᠬᠣᠶᠠᠳᠤᠭᠠᠷ ᠪᠦᠯᠦᠭ < ᠵᠢᠷᠭᠤᠭ᠎ᠠ>
ᠤᠯᠠᠭᠠᠨ ᠬᠠᠲᠤᠨ ᠬᠣᠶᠠᠷ ᠡᠷᠭᠢ ᠡᠴᠡ ᠪᠡᠨ ᠵᠠᠢᠷᠮᠠᠭᠯᠠᠨ ᠮᠡᠯᠮᠡᠯᠵᠡᠵᠦ ᠤᠷᠤᠰᠬᠠᠯ ᠰᠢᠷᠦᠭᠦᠨ ᠪᠠᠢᠳᠠᠭ ᠳᠣᠯᠭᠢᠶ᠎ᠠ ᠨᠢ ᠲᠣᠭᠲᠠᠭᠤᠨ ᠠᠪᠤᠷᠢᠲᠠᠢ ᠲᠤᠨᠤᠷᠠᠵᠤ ᠬᠠᠷᠠᠭᠳᠠᠨ ᠪᠡᠶ᠎ᠡ ᠬᠦᠨᠳᠦᠷᠡᠭᠰᠡᠨ ᠵᠢᠷᠮᠦᠰᠦᠨ ᠪᠦᠰᠡᠭᠦᠢ ᠶ᠋ᠢᠨ ᠴᠢᠷᠠᠢ ᠰᠢᠭ᠋ ᠡᠨᠡᠷᠢᠩᠭᠦᠢ ᠮᠦᠰᠢᠶᠡᠨ᠎ᠡ᠃
ᠲᠡᠷᠲᠡᠭᠡ ᠦᠷᠭᠦᠯᠵᠢᠯᠡᠭᠰᠡᠨ ᠮᠤᠨᠠ ᠠᠭᠤᠯᠠ ᠬᠠᠯᠢᠮᠠᠭ ᠠ᠋ᠴᠠ ᠪᠠᠨ ᠪᠤᠭᠤᠷᠤᠯᠲᠤᠭᠰᠠᠨ ᠡᠪᠦᠭᠡᠨ ᠰᠢᠭ ᠬᠠᠷᠠᠭᠳᠠᠵᠤ᠂ ᠲᠡᠷᠡ ᠣᠯᠠᠨ ᠣᠷᠣᠢᠳ ᠤ᠋ᠨ ᠢ᠋ᠶ᠋ᠠᠨ ᠳᠤᠮᠳᠠ ᠣᠨᠴᠠᠭᠠᠢ ᠱᠣᠷᠣᠯᠵᠠᠭᠰᠠᠨ ᠰᠢᠷ᠎ᠠ ᠣᠷᠣᠢ ᠶ᠋ᠢᠨ ᠱᠣᠪᠬᠣ ᠰᠠᠷᠢᠳᠠᠭ ᠮᠥᠩᠭᠥᠨ ᠳᠤᠭᠤᠯᠠᠭ᠎ᠠ ᠲᠠᠢ ᠪᠠᠭᠠᠲᠤᠷ ᠵᠠᠩᠵᠤᠨ ᠰᠢᠭ᠋ ᠡᠪᠦᠯ ᠦ᠋ᠨ ᠡᠪᠦᠭᠡᠨ ᠨᠠᠷᠠᠨ ᠤ᠋ ᠵᠢᠯᠠᠭ᠎ᠠ ᠮᠠᠭᠤᠲᠠᠢ ᠭᠡᠷᠡᠯ ᠳ᠋ᠦ᠍ ᠴᠦ᠍ ᠴᠣᠭ ᠲᠠᠢ ᠭᠢᠯᠠᠯᠵᠠᠬᠤ ᠨᠢ ᠣᠷᠣᠨ ᠨᠤᠲᠤᠭ ᠤ᠋ᠨ ᠡᠪᠦᠯ ᠦ᠋ᠨ ᠭᠠᠢᠬᠠᠮᠰᠢᠭ ᠢ᠋ ᠦᠵᠡᠭᠦᠯᠦᠨ᠎ᠡ᠃
ᠤᠷᠠᠳ ᠤ᠋ᠨ ᠲᠠᠯ᠎ᠠ᠂ ᠬᠠᠲᠤᠨ ᠲᠣᠬᠣᠢ ᠨᠡᠢᠳᠡᠮ ᠴᠠᠰᠤᠨ ᠳ᠋ᠤ᠌ ᠬᠤᠴᠢᠭᠳᠠᠵᠤ ᠴᠠᠭᠠᠨ ᠢᠰᠡᠭᠡᠢ ᠳᠡᠪᠢᠰᠦᠭᠰᠡᠨ ᠰᠢᠭ ᠨᠡᠯᠦᠭᠡᠷ ᠬᠠᠷᠠᠭᠳᠠᠵᠤ᠂ ᠨᠠᠷᠠᠨ ᠳ᠋ᠤ᠌ ᠭᠢᠯᠠᠰᠬᠤ ᠴᠠᠰᠤᠨ ᠳ᠋ᠤ᠌ ᠬᠤᠷᠴᠠ ᠭᠡᠷᠡᠯ ᠨᠢᠳᠦ ᠬᠣᠷᠣᠰᠬᠠᠨ ᠬᠣᠯᠠ ᠶ᠋ᠢ ᠬᠠᠷᠠᠬᠤ ᠬᠠᠷᠠᠴᠠ ᠶ᠋ᠢ ᠮᠣᠬᠣᠭᠠᠬᠤ ᠠᠵᠢ᠃
ᠤᠯᠠᠭᠠᠨ ᠬᠠᠲᠤᠨ ᠤ᠋ ᠬᠣᠢᠲᠤ ᠵᠠᠬ᠎ᠠ ᠪᠠᠷ ᠮᠠᠭᠤᠬᠠᠨ ᠬᠠᠷᠠᠤ ᠭᠠᠷᠴᠤ᠂ ᠮᠤᠷᠤᠢ ᠰᠠᠷᠤᠢ ᠲᠠᠬᠢᠷᠯᠠᠨ ᠰᠣᠩᠬᠤ ᠮᠣᠳᠣᠨ ᠬᠠᠰᠠᠭ ᠤ᠋ᠨ ᠡᠩᠬᠦᠯ ᠳᠤᠩᠬᠤᠯ ᠬᠠᠷᠭᠤᠢ ᠨᠣᠶᠠᠨ ᠰᠠᠩ ᠤ᠋ᠨ ᠲᠡᠨᠳᠡ ᠡᠴᠡ ᠡᠬᠢ ᠠᠪᠴᠤ ᠦᠵᠦᠭᠦᠷ ᠨᠢ ᠬᠠᠷᠠᠭᠳᠠᠬᠤ ᠦᠭᠡᠢ ᠪᠠᠷᠠᠭᠤᠨᠰᠢ ᠰᠤᠮᠤᠳᠠᠵᠠᠢ᠃ ᠡᠩᠬᠦᠯ ᠳᠤᠩᠬᠤᠯ ᠡᠨᠡ ᠬᠠᠷᠭᠤᠢ ᠪᠠᠷ ᠬᠠᠯᠲᠠᠷ ᠯᠠᠭᠤᠰᠠ ᠬᠥᠯᠦᠭᠰᠡᠨ ᠰᠡᠦᠬᠡ ᠲᠡᠷᠭᠡ᠂ ᠨᠡᠬᠡᠢ ᠳᠡᠪᠡᠯ ᠵᠤᠵᠠᠭᠠᠯᠠᠭᠰᠠᠨ ᠬᠣᠶᠠᠷ ᠮᠣᠷᠢᠲᠠᠨ ᠤ᠋ ᠬᠠᠮᠲᠤ ᠴᠠᠰᠤ ᠬᠢᠬᠤᠨᠠᠭᠤᠯᠤᠨ ᠵᠠᠮ ᠲᠣᠪᠴᠢᠯᠠᠨ᠎ᠠ᠃ ᠡᠨᠡ ᠬᠣᠶᠠᠷ ᠤ᠋ᠨ ᠤᠨᠤᠭᠰᠠᠨ ᠪᠠᠷᠠᠭᠠᠨ ᠵᠢᠰᠦᠮ ᠦ᠋ᠨ ᠮᠣᠷᠢᠳ᠂ ᠬᠠᠰᠠᠭ ᠤ᠋ᠨ ᠠᠷᠠᠯ ᠳ᠋ᠠᠬᠢ ᠬᠠᠯᠲᠠᠷ ᠯᠠᠭᠤᠰᠠᠨ ᠤ᠋ ᠵᠢᠰᠦᠮ ᠬᠥᠯᠥᠰᠥᠨ ᠦ᠌ ᠠᠭᠤᠷ ᠴᠠᠩ ᠳ᠋ᠤ᠌ ᠴᠠᠭᠠᠨ ᠪᠤᠭᠤᠷᠤᠯ ᠪᠣᠯᠵᠤ ᠬᠤᠪᠢᠷᠠᠵᠠᠢ᠃ ᠡᠨᠡ ᠪᠣᠯ ᠬᠦᠩ ᠨᠣᠶᠠᠨ ᠤ᠋ ᠡᠮᠦᠨ᠎ᠡ ᠡᠴᠡ ᠷᠠᠰᠢ ᠵᠠᠬᠢᠷᠤᠭᠴᠢ ᠶ᠋ᠢᠨ ᠵᠠᠬᠢᠶ᠎ᠠ ᠪᠠᠷ ᠬᠠᠩᠬᠠᠲᠠᠢ ᠠ᠋ᠴᠠ ᠪᠠᠭ᠎ᠠ ᠬᠠᠲᠤᠨ ᠢ᠋ ᠲᠤᠰᠬᠤ ᠪᠠᠷ ᠶᠠᠪᠤᠵᠤ ᠪᠠᠢᠭ᠎ᠠ ᠤᠨᠤᠭ᠎ᠠ ᠬᠥᠰᠬᠡ ᠪᠢᠯᠡ᠃ ᠡᠪᠦᠯ ᠦ᠋ᠨ ᠴᠠᠷᠴᠠᠭᠰᠠᠨ ᠬᠦᠢᠲᠡᠨ ᠳ᠋ᠦ᠍ ᠵᠠᠮ ᠴᠠᠰᠤ ᠮᠥᠰᠥᠨ ᠬᠠᠯᠲᠤᠷᠢᠭᠠᠲᠠᠢ ᠪᠣᠯᠬᠣᠷ ᠥᠨᠵᠢᠭᠦᠲᠡ ᠶᠠᠪᠤᠬᠤ ᠵᠠᠮ ᠢ᠋ ᠭᠤᠷᠪᠠ ᠬᠣᠨᠣᠭ ᠠᠶᠠᠯᠠᠵᠤ ᠰᠠᠶᠢ ᠬᠦᠷᠴᠡᠢ᠃
ᠬᠣᠰᠢᠭᠤ ᠶᠠᠮᠤᠨ᠂ ᠨᠣᠶᠠᠨ ᠰᠠᠩ ᠥᠭᠡᠷ᠎ᠡ ᠪᠡᠷ ᠬᠡᠯᠡᠪᠡᠯ ᠪᠠᠷᠠᠭᠤᠨ ᠬᠦᠩ ᠦ᠋ᠨ ᠬᠢᠨ ᠳᠣᠲᠣᠷ᠎ᠠ ᠪᠠᠨ ᠡᠪᠳᠡᠷᠡᠯᠴᠡᠵᠦ᠂ ᠬᠣᠭᠣᠷᠣᠨᠳᠣ ᠪᠠᠨ ᠫᠤᠤ ᠵᠡᠪᠰᠡᠭ ᠬᠥᠳᠡᠯᠭᠡᠨ ᠴᠢᠰᠤ ᠪᠠᠨ ᠦᠵᠡᠨ ᠠᠯᠠᠯᠴᠠᠵᠤ ᠤᠷᠠᠯᠴᠠᠭᠰᠠᠨ ᠦᠢᠮᠡᠭᠡᠨ ᠳᠡᠪᠵᠢᠶᠡᠨ ᠢ᠋ ᠦᠵᠡᠨ ᠶᠠᠳᠠᠭᠰᠠᠨ ᠪᠠᠭ᠎ᠠ ᠬᠠᠲᠤᠨ ᠲᠥᠷᠥᠭᠰᠡᠨ ᠨᠤᠲᠤᠭ ᠬᠠᠩᠬᠠᠲᠠᠢ ᠳ᠋ᠠᠭᠠᠨ ᠲᠥᠷᠬᠥᠮᠴᠢᠯᠡᠬᠦ ᠨᠡᠷ᠎ᠡ ᠪᠡᠷ ᠲᠡᠢᠨ ᠦ᠌ ᠬᠥᠯ ᠡᠴᠡ ᠵᠠᠢᠯᠠᠵᠤ ᠬᠡᠳᠦᠨ ᠰᠠᠷ᠎ᠠ ᠪᠣᠯᠵᠠᠢ᠃
ᠬᠥᠮᠦᠨ ᠠᠮᠢᠲᠠᠨ ᠤ᠋ ᠳᠡᠪᠵᠢᠶᠡᠨ ᠡᠴᠡ ᠵᠠᠢᠰᠬᠠᠨ ᠪᠠᠢᠭ᠎ᠠ ᠬᠠᠩᠬᠠᠲᠠᠢ ᠶ᠋ᠢᠨ ᠪᠠᠷᠠᠭᠤᠨ ᠰᠢᠯᠢ ᠳ᠋ᠦ᠍ ᠲᠥᠷᠬᠥᠮᠴᠢᠯᠡᠵᠦ ᠰᠠᠭᠤᠭᠰᠠᠨ ᠪᠠᠭ᠎ᠠ ᠬᠠᠲᠤᠨ ᠨᠢᠳᠦ ᠪᠠᠯᠠᠢ᠂ ᠴᠢᠬᠢ ᠳᠦᠯᠢ᠂ ᠰᠡᠳᠬᠢᠯ ᠡᠯᠡᠢ ᠪᠣᠯᠬᠣᠷ ᠬᠣᠰᠢᠭᠤ ᠶᠠᠮᠤᠨ ᠳ᠋ᠤ᠌ ᠶᠠᠭᠤ ᠶᠠᠭᠤ ᠪᠣᠯᠵᠤ ᠪᠠᠢᠭ᠎ᠠ ᠶ᠋ᠢ ᠶᠠᠭᠠᠬᠢᠵᠤ ᠮᠡᠳᠡᠬᠦ ᠪᠣᠢ ᠳᠠ! ᠦᠨᠡᠨ ᠳ᠋ᠡᠭᠡᠨ ᠪᠠᠷᠠᠭᠤᠨ ᠬᠦᠩ ᠦ᠋ᠨ ᠬᠢᠨ ᠳᠣᠲᠣᠷ᠎ᠠ ᠪᠠᠨ ᠮᠠᠭᠤᠳᠠᠯᠴᠠᠵᠤ᠂《 ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠭᠡᠭᠡᠨ ᠯᠠᠮᠠ᠂ ᠬᠦᠩ ᠦ᠋ᠨ ᠰᠦᠮ᠎ᠡ ᠶ᠋ᠢᠨ ᠳ᠋ᠠᠭᠳᠠᠨ ᠳᠠ ᠯᠠᠮᠠ᠁ ᠵᠡᠷᠭᠡ ᠬᠠᠷ᠎ᠠ ᠰᠢᠷ᠎ᠠ ᠶ᠋ᠢᠨ ᠬᠠᠲᠠᠭᠤ ᠵᠥᠭᠡᠯᠡᠨ ᠳᠠᠭᠠᠷᠢᠯᠲᠠ ᠥᠷᠨᠢᠨ ᠳᠡᠭᠳᠡᠵᠦ ᠣᠪᠣᠭᠠᠯᠠᠭᠠᠰᠤᠲᠠᠢ ᠠᠭᠠᠷᠤᠨ ᠲᠦᠯᠡᠭᠡᠨ ᠳ᠋ᠦ᠍ ᠭᠠᠯ ᠠᠪᠤᠯᠴᠠᠮᠠᠷ ᠪᠣᠯᠤᠭᠰᠠᠨ ᠵᠠᠩᠭᠢᠯᠠᠭ᠎ᠠ ᠶ᠋ᠢᠨ ᠦᠶ᠎ᠡ ᠳ᠋ᠦ᠍ ᠪᠠᠭ᠎ᠠ ᠬᠠᠲᠤᠨ ᠡᠷ᠎ᠡ ᠨᠥᠬᠥᠷ ᠬᠦᠩ ᠨᠣᠶᠠᠨ ᠰᠢᠷᠠᠪᠳᠣᠷᠵᠢ ᠶ᠋ᠢ《 ᠳᠣᠲᠣᠷ᠎ᠠ ᠵᠠᠭᠤᠷ᠎ᠠ ᠪᠠᠨ ᠮᠠᠭᠤᠳᠠᠯᠴᠠᠬᠤ ᠶᠠᠭᠤ ᠬᠢᠬᠦ ᠪᠣᠢ! ᠡᠪ ᠵᠦᠢ ᠲᠡᠢ ᠡᠩᠬᠡ ᠠᠮᠤᠷ ᠣᠷᠣᠰᠢᠪᠠᠯ ᠵᠦᠢᠲᠡᠢ ᠪᠢᠵᠡ?》 ᠭᠡᠮᠡᠨ ᠢᠳᠬᠠᠭᠰᠠᠨ ᠪᠥᠭᠡᠳ ᠭᠠᠳᠠᠨ᠎ᠠ ᠶ᠋ᠢᠨ ᠬᠠᠷ᠎ᠠ ᠴᠡᠷᠢᠭ ᠡᠴᠡ ᠲᠤᠰᠠᠯᠠᠮᠵᠢ ᠭᠤᠶᠤᠵᠤ ᠬᠠᠷᠢ ᠶ᠋ᠢᠨ ᠬᠦᠴᠦᠨ ᠢ᠋ᠶ᠋ᠡᠷ ᠬᠠᠶᠠᠭ᠎ᠠ ᠨᠢᠭᠡᠲᠡᠨ ᠢ᠋ᠶ᠋ᠡᠨ ᠤᠮᠠᠯᠬᠤ ᠭᠡᠬᠦ ᠳ᠋ᠦ᠍ᠨᠢ ᠬᠡᠴᠢᠨᠡᠭᠡᠨ ᠤᠳᠠᠭ᠎ᠠ ᠦᠨᠡᠨ ᠰᠡᠳᠬᠢᠯ ᠡᠴᠡ ᠪᠡᠨ ᠲᠡᠭᠦᠨ ᠢ᠋《 ᠪᠠᠢᠴᠢᠬ᠎ᠠ》 ᠭᠡᠵᠦ ᠭᠤᠶᠤᠪᠠ ᠳᠠ⁈ ᠲᠡᠭᠡᠬᠦ ᠳ᠋ᠦ᠍ ᠠᠭᠤᠷ ᠬᠣᠷᠣᠨ ᠳ᠋ᠠᠭᠠᠨ ᠡᠯᠢᠭᠡ ᠨᠢ ᠰᠢᠲᠠᠵᠤ ᠨᠢᠳᠦ ᠨᠢ ᠣᠯᠢᠢᠭᠰᠠᠨ ᠬᠦᠩ ᠨᠣᠶᠠᠨ ᠰᠢᠷᠠᠪᠳᠣᠷᠠᠵᠢ ᠳᠣᠲᠣᠷ᠎ᠠ ᠪᠠᠨ《 ᠡᠮ᠎ᠡ ᠶ᠋ᠢᠨ ᠦᠭᠡ ᠵᠠᠢ ᠡᠵᠡᠯᠡᠪᠡᠯ ᠢᠩᠭᠡᠨ ᠤᠷᠤᠭᠤᠯ ᠳ᠋ᠤᠨᠢ ᠰᠠᠬᠠᠯ ᠤᠷᠭᠤᠵᠤ᠂ ᠡᠯᠵᠢᠭᠡᠨ ᠦ᠌ ᠳᠤᠬᠤᠨ ᠳ᠋ᠤ᠌ ᠡᠪᠡᠷ ᠤᠷᠭᠤᠪᠠᠯ ᠡᠨᠡ ᠬᠣᠷᠸ᠎ᠠ ᠳ᠋ᠤ᠌ ᠢᠨᠢᠶᠡᠳᠦᠮ ᠱᠣᠭ ᠡᠭᠦᠰᠦᠶᠦ》 ᠭᠡᠳᠡᠭ ᠪᠣᠯᠪᠠᠴᠤ ᠭᠠᠳᠠᠨ᠎ᠠ ᠪᠠᠨ ᠲᠡᠭᠡᠵᠦ ᠦᠯᠦ ᠬᠡᠯᠡᠨ᠎ᠡ᠃ ᠪᠠᠭ᠎ᠠ ᠬᠠᠲᠤᠨ ᠤ᠋ ᠢᠳᠬᠠᠭᠰᠠᠨ ᠦᠭᠡ ᠲᠡᠭᠦᠨ ᠦ᠌ ᠵᠡᠭᠦᠨ ᠴᠢᠬᠢ ᠪᠡᠷ ᠣᠷᠣᠭᠠᠳ ᠪᠠᠷᠠᠭᠤᠨ ᠴᠢᠬᠢ ᠪᠡᠷ ᠰᠠᠯᠬᠢᠳᠠᠵᠤ ᠠᠷᠢᠯᠤᠨ᠎ᠠ᠃ ᠢᠩᠭᠢᠬᠦᠯᠡᠷ ᠪᠠᠭ᠎ᠠ ᠬᠠᠲᠤᠨ ᠬᠦᠩ ᠨᠣᠶᠠᠨ ᠢ᠋ ᠰᠠᠢᠨ ᠬᠥᠮᠦᠨ ᠦ᠌ ᠦᠭᠡ ᠶ᠋ᠢ ᠰᠠᠨᠠᠮᠵᠢ ᠠᠪᠳᠠᠭ ᠦᠭᠡᠢ᠂ ᠬᠠᠷᠢᠨ ᠰᠠᠪᠠᠭ᠎ᠠ ᠦᠭᠡᠢ ᠬᠤᠴᠠᠳᠠᠭ ᠨᠣᠬᠠᠢ ᠶ᠋ᠢᠨ ᠳᠠᠭᠤ ᠶ᠋ᠢ ᠠᠨᠳᠠᠬᠤ ᠦᠭᠡᠢ ᠴᠢᠩᠨᠠᠳᠠᠭ ᠰᠣᠨᠢᠨ ᠶᠤᠮ ᠠ᠋! ᠭᠡᠵᠦ ᠪᠣᠳᠣᠳᠠᠭ ᠪᠣᠯᠵᠠᠢ᠃ ᠢᠩᠭᠢᠳᠡᠭ ᠦ᠋ᠨ ᠤᠴᠢᠷ ᠨᠢ ᠲᠡᠭᠦᠨ ᠦ᠌ ᠳᠣᠣᠷ᠎ᠠ ᠬᠤᠷᠤᠭᠤ ᠬᠢᠮᠤᠰᠤᠨ ᠤ᠋ ᠣᠷᠣᠨ ᠳ᠋ᠤ᠌ ᠵᠢᠷᠣᠭᠠᠯᠠᠳᠠᠭ ᠬᠥᠮᠦᠰ ᠢ᠋ ᠲᠠᠩᠳᠠ ᠠᠮᠠᠨ ᠳ᠋ᠠᠭᠠᠨ ᠳᠠᠷᠢ ᠡᠮᠬᠦᠵᠦ᠂ ᠰᠤᠭᠤᠨ ᠳ᠋ᠠᠭᠠᠨ ᠬᠢᠲᠤᠭ᠎ᠠ ᠬᠠᠪᠴᠢᠭᠤᠯᠤᠭᠰᠠᠨ ᠥᠳᠥᠭᠡᠭᠴᠢ ᠬᠣᠩᠰᠢᠶᠠᠷ ᠲᠠᠢ ᠪᠣᠯᠬᠣᠷ ᠬᠦᠩ ᠨᠣᠶᠠᠨ ᠤ᠋ ᠴᠢᠬᠢᠨ ᠬᠤᠯᠤᠭᠤ ᠳ᠋ᠤ᠌ ᠬᠠᠮᠪᠤ ᠯᠠᠮᠠ ᠶ᠋ᠢᠨ ᠭᠠᠤᠯᠢᠨ ᠬᠣᠩᠬᠣ ᠵᠡᠭᠦᠯᠭᠡᠨ ᠴᠢᠯᠥᠭᠡ ᠵᠠᠪ ᠦᠭᠡᠢ ᠭᠣᠩᠰᠢᠳᠠᠭ ᠤ᠋ᠨ ᠭᠠᠢ᠃ ᠲᠡᠭᠦᠨ ᠦ᠌ ᠤᠯᠠᠮ ᠳ᠋ᠤ᠌ ᠪᠠᠷᠠᠭᠤᠨ ᠬᠦᠩ ᠦ᠋ᠨ ᠬᠢᠨ ᠳᠣᠲᠣᠷ᠎ᠠ ᠪᠠᠨ ᠥᠰᠢᠶ᠎ᠡ ᠵᠠᠩᠭᠢᠳᠴᠤ᠂ ᠬᠦᠩ ᠨᠣᠶᠠᠨ᠂ ᠠᠪᠠᠭ᠎ᠠ ᠳ᠋ᠠᠭᠳᠠᠨ ᠳᠠ ᠯᠠᠮᠠ ᠶ᠋ᠢᠨ ᠭᠤᠷᠪᠠᠨ ᠦᠶ᠎ᠡ ᠶ᠋ᠢ ᠬᠦᠢᠰᠦ ᠲᠡᠮᠲᠡᠷᠢᠭᠰᠡᠨ ᠭᠤᠨᠢᠭᠲᠤ ᠵᠦᠴᠦᠭᠡ ᠲᠣᠭᠯᠠᠪᠠ᠃ ᠲᠡᠢᠨ ᠦ᠌ ᠬᠥᠯ᠂ ᠳᠡᠭᠡᠷᠡᠮ ᠦ᠋ᠨ ᠰᠠᠪᠠᠷ ᠲᠤ ᠰᠦᠮ᠎ᠡ ᠬᠡᠢᠳ ᠭᠠᠯᠳᠠᠭᠳᠠᠨ ᠰᠦᠢᠳᠴᠦ᠂ ᠮᠠᠯᠴᠢᠨ ᠠᠷᠠᠳ ᠲᠣᠨᠣᠭᠳᠠᠨ ᠬᠢᠬᠠᠭᠳᠠᠵᠤ᠂ ᠨᠤᠲᠤᠭ ᠪᠡᠯᠴᠢᠭᠡᠷ ᠡᠪᠳᠡᠭᠳᠡᠨ ᠲᠠᠯᠬᠢᠭᠳᠠᠵᠤ᠂ ᠤᠷᠠᠳ ᠨᠤᠲᠤᠭ ᠶᠠᠭ ᠯᠠ ᠡᠬᠡ ᠪᠡᠨ ᠬᠢᠲᠤᠭᠠᠯᠠᠭᠤᠯᠵᠤ᠂ ᠡᠷ᠎ᠡ ᠪᠡᠨ ᠠᠯᠠᠭᠤᠯᠤᠨ ᠦᠷ᠎ᠡ ᠪᠡᠨ ᠠᠯᠳᠠᠭᠰᠠᠨ ᠥᠨᠥᠴᠢᠨ ᠪᠡᠯᠪᠡᠰᠦᠨ ᠪᠦᠰᠡᠭᠦᠢ ᠰᠢᠭ ᠵᠣᠪᠠᠨᠢᠯᠲᠠᠢ ᠬᠣᠴᠣᠷᠵᠠᠢ᠃
ᠬᠦᠩ ᠨᠣᠶᠠᠨ ᠰᠢᠷᠠᠪᠳᠣᠷᠵᠢ ᠶ᠋ᠢᠨ ᠬᠤᠪᠢ ᠳ᠋ᠤ᠌ ᠬᠠᠢᠷᠠᠲᠠᠢ ᠴᠡᠴᠡᠭ ᠬᠠᠲᠤᠨ ᠢ᠋ᠶ᠋ᠠᠨ ᠠᠯᠳᠠᠵᠤ᠂ ᠭᠤᠨᠢᠷᠠᠨ ᠭᠤᠳᠤᠷᠠᠭᠰᠠᠨ ᠢ᠋ ᠶᠠᠷᠢᠬᠤ ᠦᠭᠡᠢ᠂ ᠳ᠋ᠠᠭᠳᠠᠨ ᠳᠠ ᠯᠠᠮᠠ ᠶ᠋ᠢᠨ ᠲᠣᠯᠣᠭᠠᠢ ᠠ᠋ᠴᠠ ᠠᠶᠤᠬᠤ ᠳ᠋ᠠᠭᠠᠨ ᠮᠡᠳᠡᠷᠡᠯ ᠨᠢ ᠭᠡᠮᠲᠦᠵᠦ ᠬᠦᠨᠳᠦ ᠡᠪᠡᠳᠴᠢᠯᠡᠭᠡᠳ ᠵᠠᠰᠠᠭ ᠮᠡᠳᠡᠵᠦ ᠴᠢᠳᠠᠯ ᠦᠭᠡᠢ ᠪᠣᠯᠵᠠᠢ᠃
ᠪᠠᠷᠠᠭᠤᠨ ᠬᠦᠩ ᠦ᠋ᠨ ᠬᠢᠨ ᠬᠦᠩ ᠨᠣᠶᠠᠨ ᠤ᠋ ᠪᠠᠳᠮᠠᠷᠠᠭ᠎ᠠ ᠤᠯᠠᠭᠠᠨ ᠵᠢᠩᠰᠡᠨ ᠳ᠋ᠦ᠍ ᠭᠣᠷᠢᠯᠠᠭᠰᠠᠨ ᠳ᠋ᠠᠭᠳᠠᠨ ᠳᠠ ᠯᠠᠮᠠ ᠵᠢᠴᠢ ᠲᠡᠭᠦᠨ ᠦ᠌ ᠠᠴᠢ ᠬᠥᠪᠡᠭᠦᠨ ᠪᠠᠲᠤᠪᠠᠶᠠᠷ ᠠᠯᠠᠭᠳᠠᠵᠤ᠂ ᠳᠣᠲᠣᠭᠠᠳᠤ ᠶ᠋ᠢᠨ ᠰᠠᠮᠠᠭᠤᠷᠠᠯ ᠤ᠋ᠨ ᠳᠠᠷᠢ ᠠᠳᠬᠤᠭᠰᠠᠨ ᠵᠡᠭᠦᠨ ᠲᠤᠰᠠᠯᠠᠭᠴᠢ ᠡᠯᠳᠡᠩᠭᠡ ᠪᠠ ᠵᠣᠳᠪᠠ ᠮᠡᠢᠷᠡᠨ ᠨᠠᠷ ᠠᠭᠤᠯᠠ ᠶ᠋ᠢᠨ ᠠᠷᠤ ᠲᠡᠢᠰᠢ ᠳᠤᠲᠠᠭᠠᠨ ᠵᠢᠯᠢᠢᠵᠦ᠂ ᠬᠦᠩ ᠨᠣᠶᠠᠨ ᠤ᠋ ᠬᠠᠢᠷᠠᠲᠠᠢ ᠬᠠᠲᠤᠨ ᠤ᠋ ᠰᠡᠳᠬᠢᠯ ᠢ᠋ ᠭᠡᠵᠢᠭᠡᠳᠡᠵᠦ ᠪᠠᠢᠭᠰᠠᠨ ᠮᠠᠨᠴᠤᠷᠭ᠎ᠠ ᠴᠤ᠌ ᠵᠠᠪᠰᠢᠨ ᠳᠤᠲᠠᠭᠠᠭᠰᠠᠨ ᠪᠣᠯᠬᠣᠷ ᠬᠣᠰᠢᠭᠤ ᠶᠠᠮᠤᠨ ᠤ᠋ ᠳᠣᠲᠣᠷ᠎ᠠ ᠵᠠᠭᠤᠷ᠎ᠠ ᠶ᠋ᠢᠨ ᠵᠥᠷᠢᠴᠡᠯ ᠮᠥᠷᠭᠥᠯᠳᠦᠭᠡᠨ ᠲᠦᠷ ᠨᠠᠮᠳᠠᠵᠤ᠂ ᠠᠮᠤᠷ ᠵᠢᠮᠦᠷ ᠪᠣᠯᠪᠠ᠃
ᠡᠪᠦᠯ ᠦ᠋ᠨ ᠬᠦᠢᠲᠡᠨ ᠣᠷᠣᠮᠠᠭᠴᠠ ᠬᠦᠩ ᠨᠣᠶᠠᠨ ᠰᠢᠷᠠᠪᠳᠣᠷᠵᠢ ᠪᠤᠭᠤᠲᠤ ᠳ᠋ᠠᠬᠢ ᠬᠥᠬᠡ ᠲᠣᠭᠣᠰᠬᠠᠨ ᠭᠦᠨ ᠤᠷᠲᠤ ᠳ᠋ᠠᠭᠠᠨ ᠰᠠᠭᠤᠵᠤ ᠨᠢᠭᠡ ᠲᠠᠯ᠎ᠠ ᠪᠠᠷ ᠡᠮᠴᠢ ᠳᠣᠮᠴᠢ ᠵᠠᠯᠠᠨ ᠡᠪᠡᠳᠴᠢᠨ ᠢ᠋ᠶ᠋ᠡᠨ ᠰᠤᠪᠢᠯᠠᠵᠤ᠂ ᠨᠥᠭᠦᠭᠡ ᠲᠠᠯ᠎ᠠ ᠪᠠᠷ《 ᠠᠯᠲᠠᠨᠭᠡᠷᠡᠯ》 ᠤᠩᠰᠢᠵᠤ ᠠᠳᠠ ᠴᠢᠳᠬᠥᠷ ᠢ᠋ ᠠᠷᠢᠯᠭᠠᠨ ᠠᠮᠢ ᠰᠦᠨᠡᠰᠦ ᠪᠡᠨ ᠬᠠᠮᠠᠭᠠᠯᠠᠬᠤ ᠪᠠᠷ ᠡᠯᠳᠡᠪ ᠠᠷᠭ᠎ᠠ ᠶ᠋ᠢ ᠠᠪᠴᠤ ᠪᠠᠢᠪᠠ᠃
ᠪᠠᠭ᠎ᠠ ᠬᠠᠲᠤᠨ ᠢ᠋ ᠬᠦᠷᠴᠦ ᠢᠷᠡᠬᠦ ᠳ᠋ᠦ᠍ ᠲᠡᠷᠡ ᠪᠡᠷ ᠰᠠᠢᠬᠠᠨ ᠤᠭᠲᠤᠭᠰᠠᠨ ᠤ᠋ ᠲᠡᠳᠦᠢᠬᠡᠨ ᠤᠷᠮ᠎ᠠ ᠮᠠᠭᠤᠲᠠᠢ ᠪᠠᠢᠯ᠎ᠠ᠃ ᠳᠡᠮᠡᠢ ᠯᠡ ᠨᠣᠮ ᠰᠤᠳᠤᠷ ᠤᠷᠪᠠᠭᠤᠯᠬᠤ ᠰᠢᠤᠬᠠᠨ ᠶᠠᠩᠵᠤᠯᠠᠵᠤ ᠡᠰᠡᠪᠡᠰᠦ ᠭᠠᠷ ᠰᠠᠯᠠᠭᠠᠪᠴᠢᠯᠠᠨ ᠬᠡᠪᠲᠡᠬᠦ ᠰᠢᠦᠬᠡᠨ ᠡᠲᠡᠭᠡᠳ ᠵᠠᠩ ᠲᠠᠢ ᠥᠭᠡᠷ᠎ᠡ ᠨᠢᠭᠡ ᠬᠥᠮᠦᠨ ᠪᠣᠯᠵᠤ ᠬᠤᠪᠢᠷᠠᠭᠰᠠᠨ ᠬᠦᠩ ᠨᠣᠶᠠᠨ᠂ ᠨᠢᠳᠦ ᠨᠢ ᠰᠢᠷᠭᠢᠨ ᠬᠣᠩᠬᠣᠢᠵᠤ᠂ ᠴᠢᠷᠠᠢ ᠨᠢ ᠬᠤᠵᠢᠢᠨ ᠰᠢᠷᠠᠯᠠᠭᠠᠳ ᠪᠦᠳᠦᠭᠦᠨ ᠡᠪᠡᠰᠦᠨ ᠳ᠋ᠦ᠍ ᠪᠦᠳᠦᠷᠢᠵᠦ ᠨᠠᠷᠢᠨ ᠡᠪᠡᠰᠦᠨ ᠳ᠋ᠦ᠍ ᠨᠠᠢᠭᠤᠬᠤ ᠡᠪᠡᠳᠴᠢᠲᠡᠢ ᠡᠪᠦᠭᠡᠨ ᠪᠣᠯᠤᠭᠰᠠᠨ ᠢ᠋ ᠬᠠᠷᠠᠭᠠᠳ ᠪᠠᠭ᠎ᠠ ᠬᠠᠲᠤᠨ ᠵᠣᠪᠠᠨᠢᠯᠲᠠᠢ ᠪᠠᠷ ᠰᠡᠭᠦᠷᠡᠰᠦ ᠠᠯᠳᠠᠪᠠ᠃ ᠲᠡᠭᠡᠬᠦ ᠳ᠋ᠦ᠍《 ᠮᠥᠨ ᠢᠩᠭᠢᠭᠡᠳ ᠭᠤᠲᠤᠯ ᠤ᠋ᠨ ᠤᠯᠠ ᠳᠡᠭᠡᠷ᠎ᠡ ᠪᠡᠨ ᠲᠡᠭᠰᠢᠬᠡᠨ ᠵᠣᠭᠰᠣᠵᠤ ᠴᠢᠳᠠᠬᠤ ᠦᠭᠡᠢ ᠬᠠᠵᠠᠢᠵᠤ ᠤᠨᠠᠭᠰᠠᠭᠠᠷ ᠴᠤ᠌ ᠪᠠᠷᠠᠭᠤᠨ ᠬᠦᠩ ᠦ᠋ᠨ ᠬᠢᠨ ᠳ᠋ᠦ᠍ ᠪᠠᠰᠠ ᠨᠢᠭᠡ ᠵᠠᠰᠠᠭ ᠬᠦᠩ ᠦ᠋ᠨ ᠡᠷᠬᠡ ᠶ᠋ᠢᠨ ᠲᠡᠮᠡᠴᠡᠭᠡᠨ ᠡᠭᠦᠰᠴᠦ ᠮᠡᠳᠡᠨ᠎ᠡ᠁ ᠭᠡᠰᠡᠨ ᠪᠣᠳᠣᠯ ᠲᠥᠷᠥᠭᠳᠡᠵᠡᠢ᠃ ᠡᠷᠬᠡ ᠮᠠᠲᠠᠯ ᠤ᠋ᠨ ᠲᠠᠮᠪᠠᠷᠠᠯ᠂ ᠡᠪᠳᠡᠷᠬᠡᠢ ᠴᠤᠴᠠᠷᠬᠠᠢ ᠬᠣᠰᠢᠭᠤ ᠶᠠᠮᠤᠨ᠂ ᠡᠯᠳᠡᠩ ᠴᠢᠯᠳᠡᠩ ᠰᠠᠢᠳ ᠲᠦᠰᠢᠮᠡᠳ ᠦ᠋ᠨ ᠬᠦᠢᠲᠡᠨ ᠴᠢᠷᠠᠢ ᠶ᠋ᠢ ᠬᠠᠷᠠᠵᠤ ᠣᠨᠳᠦᠷᠢᠬᠤ ᠡᠮ᠎ᠡ ᠬᠥᠮᠦᠨ ᠦ᠌ ᠬᠤᠪᠢ ᠲᠠᠪᠢᠯᠠᠩ ᠶᠠᠭᠤᠲᠠᠢ ᠭᠤᠨᠢᠶᠠᠯᠲᠠᠢ ᠠᠵᠢ᠃ ᠡᠯᠳᠡᠪ ᠪᠣᠳᠣᠯ ᠤ᠋ᠨ ᠮᠠᠨᠠᠨ ᠳ᠋ᠤ᠌ ᠵᠦᠭ ᠢ᠋ᠶ᠋ᠡᠨ ᠣᠯᠬᠤ ᠦᠭᠡᠢ ᠲᠠᠮᠤᠯᠠᠭᠳᠠᠵᠤ ᠰᠥᠨᠢ ᠰᠥᠨᠢ ᠨᠣᠢᠷ ᠦᠭᠡᠢ ᠬᠡᠪᠲᠡᠬᠦ ᠳ᠋ᠦ᠍ ᠬᠠᠵᠠᠭᠤ ᠳ᠋ᠤᠨᠢ ᠤᠨᠲᠠᠭ᠎ᠠ ᠬᠦᠩ ᠨᠣᠶᠠᠨ ᠬᠠᠷ᠎ᠠ ᠳᠠᠷᠤᠵᠤ᠄《 ᠬᠤᠷᠳᠤᠨ ᠠ᠋! ᠬᠥᠮᠦᠨ ᠪᠠᠢᠨ᠎ᠠ ᠤᠤ? ᠳ᠋ᠠᠭᠳᠠᠨ ᠳᠠ ᠯᠠᠮᠠ ᠨᠠᠮᠠᠶ᠋ᠢ ᠭᠢᠨᠵᠢᠯᠡᠬᠦ ᠪᠡᠷ ᠢᠷᠡᠯ᠎ᠡ᠁》 ᠭᠡᠵᠦ ᠪᠠᠢᠨ ᠪᠠᠢᠨ ᠨᠣᠢᠷ ᠠ᠋ᠴᠠ ᠪᠠᠨ ᠰᠣᠴᠢᠨ ᠰᠡᠷᠡᠵᠦ ᠡᠷᠦᠢ ᠬᠤᠷᠤᠢ ᠦᠭᠡᠢ ᠣᠷᠢᠯᠠᠬᠤ ᠨᠢ ᠳᠠᠩᠴᠤ ᠠᠢᠳᠠᠰ ᠳᠦᠷᠦᠭᠦᠯᠦᠮᠡ ᠪᠠᠢᠯ᠎ᠠ! ᠡᠢᠮᠦ ᠶᠠᠩᠵᠤ ᠪᠠᠷ ᠬᠣᠶᠠᠷ ᠳᠣᠯᠣᠭ᠎ᠠ ᠬᠣᠨᠣᠯ ᠦᠭᠡᠢ ᠥᠪᠡᠷ ᠦ᠋ᠨ ᠬᠢᠨᠢ ᠪᠡᠶ᠎ᠡ ᠮᠠᠬᠠᠪᠣᠳ ᠴᠤ᠌ ᠰᠤᠯᠳᠠᠢᠵᠤ᠂ ᠮᠢᠬ᠎ᠠ ᠮᠠᠷᠢᠶ᠎ᠠ ᠨᠢ ᠰᠢᠭᠤᠷᠠᠭᠰᠠᠨ ᠰᠢᠭ᠋ ᠰᠠᠨᠠᠭᠳᠠᠪᠠ᠃
ᠣᠢᠷ᠎ᠠ ᠵᠠᠭᠤᠷ᠎ᠠ ᠣᠷᠳᠣᠰ᠂ ᠠᠯᠠᠱᠠ᠂ ᠴᠠᠬᠠᠷ ᠤ᠋ᠨ ᠨᠡᠷ᠎ᠡ ᠲᠡᠢ ᠯᠠᠮᠠ ᠬᠠᠷ᠎ᠠ᠂ ᠡᠮᠴᠢ ᠳᠣᠮᠴᠢ ᠵᠠᠯᠠᠵᠤ ᠡᠮ ᠳᠠᠩ ᠤᠤᠭᠤᠯᠭᠠᠨ ᠡᠯᠳᠡᠪ ᠠᠷᠭ᠎ᠠ ᠰᠢᠷᠬᠡ ᠠᠪᠤᠨ ᠰᠡᠭᠦᠯ ᠳ᠋ᠦ᠍ᠨᠢ ᠬᠥᠬᠡᠨᠠᠭᠤᠷ ᠲᠠᠩᠭᠤᠳ ᠲᠤ ᠬᠥᠮᠦᠨ ᠲᠣᠮᠢᠯᠠᠵᠤ ᠡᠮ ᠲᠣᠮ ᠵᠠᠯᠠᠷ᠎ᠠ ᠶᠠᠪᠤᠭᠤᠯᠤᠭᠰᠠᠨ ᠴᠤ᠌ ᠳᠡᠮᠡᠢ ᠢᠯᠠᠷᠢᠰᠢᠬᠤ ᠰᠢᠨᠵᠢ ᠦᠭᠡᠢ ᠪᠠᠢᠯ᠎ᠠ᠃ ᠡᠭᠦᠨ ᠦ᠌ ᠬᠣᠭᠣᠷᠣᠨᠳᠣᠭᠤᠷ ᠰᠠᠢᠨ ᠰᠠᠨᠠᠭ᠎ᠠ ᠲᠠᠢ ᠮᠠᠨᠤᠪᠠᠳᠮ᠎ᠠ ᠬᠥᠭᠰᠢᠨ ᠠᠭᠤᠯᠠᠨ ᠠᠭᠤᠢ ᠶ᠋ᠢᠨ ᠮᠡᠷᠭᠡᠨ ᠴᠠᠭᠠᠨ ᠯᠠᠮᠠᠬᠠᠢ ᠳ᠋ᠤ᠌ ᠬᠥᠮᠦᠨ ᠣᠴᠢᠭᠤᠯᠵᠤ ᠮᠡᠷᠭᠡᠯᠡᠭᠦᠯᠦᠭᠰᠡᠨ ᠳ᠋ᠦ᠍ ᠮᠡᠷᠭᠡᠨ ᠴᠠᠭᠠᠨ ᠯᠠᠮᠠᠬᠠᠢ᠄《ᠲᠤᠰᠠ ᠦᠭᠡᠢ ᠠ᠋᠂ ᠲᠤᠰᠠ ᠦᠭᠡᠢ᠃ ᠶᠠᠪᠤ᠂ ᠶᠠᠪᠤᠵᠠᠭ᠎ᠠ! ᠰᠢᠷᠠᠪᠳᠣᠷᠵᠢ ᠤᠳᠠᠬᠤ ᠦᠭᠡᠢ ᠪᠤᠷᠬᠠᠨ ᠪᠣᠯᠤᠨ᠎ᠠ᠃ ᠲᠡᠷᠡ᠂ ᠳ᠋ᠠᠭᠳᠠᠨ ᠳᠠ ᠯᠠᠮᠠ ᠶ᠋ᠢᠨ ᠰᠦᠨᠡᠰᠦ ᠨᠢ ᠣᠷᠢᠶᠠᠭᠰᠠᠨ ᠬᠡᠴᠡᠭᠦᠦ ᠲᠣᠯᠣᠭᠠᠢ ᠠ᠋ᠴᠠ ᠠᠶᠤᠬᠤ ᠳ᠋ᠠᠭᠠᠨ ᠰᠣᠴᠢᠩᠭᠤᠲᠠ ᠰᠦᠨᠡᠰᠦ ᠨᠢ ᠶᠠᠪᠤᠵᠠᠢ᠃ ᠰᠦᠨᠡᠰᠦ ᠶ᠋ᠢ ᠨᠢ ᠬᠤᠷᠳᠤᠨ ᠳᠠᠭᠤᠳᠠᠭᠤᠯ! ᠥᠨᠳᠥᠷ ᠨᠠᠰᠤᠲᠠᠢ ᠪᠤᠶᠠᠨ ᠲᠠᠢ ᠭᠡᠯᠦᠩ ᠯᠠᠮᠠ ᠪᠠᠷ ᠰᠠᠢᠨ ᠭᠤᠶᠤᠵᠤ ᠡᠪᠲᠡᠢ ᠬᠠᠭᠤᠷᠠᠢᠯᠠᠵᠤ ᠳᠠᠭᠤᠳᠠᠬᠤ ᠦᠭᠡᠢ ᠪᠣᠯ ᠰᠦᠨᠡᠰᠦ ᠨᠢ ᠡᠷᠭᠢᠵᠦ ᠢᠷᠡᠬᠦ ᠳ᠋ᠦ᠍ ᠬᠦᠴᠢᠷᠳᠡᠨ᠎ᠡ ᠪᠣᠢ᠁ ᠰᠦᠨᠡᠰᠦ ᠶ᠋ᠢ ᠨᠢ ᠳᠠᠭᠤᠳᠠᠵᠤ ᠢᠷᠡᠬᠦ ᠦᠭᠡᠢ ᠪᠣᠯ ᠨᠢᠭᠡ ᠨᠠᠰᠤ ᠠᠷᠪᠠᠨ ᠭᠤᠷᠪᠠ ᠲᠡᠭᠡᠭᠡᠳ ᠲᠠᠢᠯᠬᠤ ᠨᠢ ᠲᠡᠷᠡ ᠠ᠋!》 ᠭᠡᠵᠦ ᠭᠡᠨ᠎ᠡ᠃ ᠮᠡᠷᠭᠡᠨ ᠴᠠᠭᠠᠨ ᠯᠠᠮᠠᠬᠠᠢ ᠢᠩᠭᠢᠵᠦ ᠮᠡᠷᠭᠡᠯᠡᠭᠰᠡᠨ ᠢ᠋ ᠦᠨᠡᠨ ᠮᠥᠨ ᠢ᠋ᠶ᠋ᠡᠷ ᠨᠢ ᠶᠠᠭᠠᠬᠢᠵᠤ ᠰᠢᠷᠠᠪᠳᠣᠷᠵᠢ ᠨᠣᠶᠠᠨ ᠳ᠋ᠤ᠌ ᠠᠢᠯᠠᠳᠬᠠᠵᠤ ᠪᠣᠯᠬᠤ ᠪᠢᠯᠡ? ᠵᠥᠪᠬᠡᠨ《 ᠰᠦᠨᠡᠰᠦ ᠨᠢ ᠵᠠᠢᠯᠠᠴᠢᠬᠠᠵᠠᠢ ᠠ᠋᠂ ᠰᠦᠨᠡᠰᠦ ᠪᠡᠨ ᠳᠠᠭᠤᠳᠠᠭᠤᠯ ᠭᠡᠵᠦ ᠪᠠᠢᠨ᠎ᠠ ᠭᠡᠵᠦ ᠡᠶᠡᠷᠡᠭᠦᠯᠦᠨ ᠬᠡᠯᠡᠵᠦ ᠪᠠᠭ᠎ᠠ ᠬᠠᠲᠤᠨ ᠪᠣᠯᠤᠨ ᠬᠦᠩ ᠨᠣᠶᠠᠨ ᠤ᠋ ᠵᠥᠪᠰᠢᠶᠡᠷᠡᠯ ᠢ᠋ ᠣᠯᠵᠤ ᠰᠦᠨᠡᠰᠦ ᠶ᠋ᠢ ᠨᠢ ᠳᠠᠭᠤᠳᠠᠬᠤ ᠪᠠᠷ ᠪᠣᠯᠪᠠ᠃
ᠪᠠᠳᠭᠡᠷ ᠰᠦᠮ᠎ᠡ ᠶ᠋ᠢᠨ ᠨᠠᠶᠠᠨ ᠭᠤᠷᠪᠠᠲᠠᠢ ᠯᠤᠪᠰᠠᠩᠴᠣᠢᠷᠣᠭ ᠭᠡᠯᠦᠩ ᠢ᠋ ᠵᠠᠯᠠᠵᠤ ᠬᠦᠩ ᠨᠣᠶᠠᠨ ᠰᠢᠷᠠᠪᠳᠣᠷᠵᠢ ᠶ᠋ᠢᠨ ᠰᠦᠨᠡᠰᠦ ᠶ᠋ᠢ ᠳᠠᠭᠤᠳᠠᠬᠤ ᠪᠠᠷ ᠶᠠᠭᠤᠮ᠎ᠠ ᠬᠡᠦᠮ᠎ᠡ ᠲᠥᠪᠬᠢᠨᠡᠭᠦᠯᠪᠡ᠃ ᠦᠵᠦᠮ᠂ ᠰᠢᠬᠢᠷ᠂ ᠪᠤᠷᠠᠮ᠂ ᠪᠣᠣᠪᠣ ᠵᠡᠷᠭᠡ ᠲᠠᠪᠤᠨ ᠠᠮᠲᠠᠲᠠᠨ ᠪᠠ ᠣᠭ᠌ᠶᠤ ᠱ᠌ᠢᠷᠦ᠂ ᠰᠤᠪᠤᠳ ᠲᠠᠨ᠎ᠠ᠂ ᠠᠯᠲᠠ ᠮᠥᠩᠭᠥᠨ ᠪᠦᠯᠡᠵᠡᠭ ᠵᠡᠷᠭᠡ ᠶ᠋ᠢ ᠮᠣᠳᠣᠨ ᠫᠢᠯᠠ ᠳ᠋ᠤ᠌ ᠲᠠᠯᠪᠢᠵᠤ ᠵᠠᠯᠠᠭᠰᠠᠨ ᠰᠦᠨᠡᠰᠦ ᠰᠠᠭᠠᠲᠠᠭᠤᠯᠤᠨ ᠳᠠᠭᠤᠳᠠᠬᠤ ᠳ᠋ᠤ᠌ ᠪᠡᠯᠡᠳᠵᠡᠢ᠃ ᠲᠠᠪᠤᠨ ᠠᠮᠲᠠᠲᠠᠨ ᠢ᠋ᠶ᠋ᠠᠨ ᠬᠠᠭᠤᠷᠤᠭᠰᠠᠨ ᠪᠤᠳᠠᠭ᠎ᠠ ᠲᠠᠢ ᠲᠠᠯᠬᠠᠯᠠᠨ ᠪᠠᠯᠪᠠᠵᠤ ᠰᠢᠷ᠎ᠠ ᠲᠣᠰᠣᠨ ᠳ᠋ᠤ᠌ ᠨᠤᠬᠤᠵᠤ ᠰᠦᠨᠡᠰᠦ ᠪᠡᠨ ᠭᠡᠭᠡᠭᠰᠡᠨ ᠰᠢᠷᠠᠪᠳᠣᠷᠵᠢ ᠨᠣᠶᠠᠨ ᠳ᠋ᠤ᠌ ᠥᠷᠯᠥᠭᠡ ᠡᠷᠲᠡ ᠰᠦᠨᠡᠰᠦ ᠶ᠋ᠢ ᠨᠢ ᠳᠠᠭᠤᠳᠠᠭᠰᠠᠨ ᠤ᠋ ᠳᠠᠷᠠᠭ᠎ᠠ ᠵᠢᠭᠠᠯ ᠵᠢᠭᠠᠯ ᠢᠳᠡᠭᠦᠯᠬᠦ ᠶᠦᠮ ᠭᠡᠨ᠎ᠡ᠃ ᠭᠡᠯᠦᠩ ᠯᠠᠮᠠ ᠬᠦᠩ ᠨᠣᠶᠠᠨ ᠤ᠋ ᠢᠪᠡᠭᠡᠯ ᠡᠳᠦᠷ ᠢ᠋ ᠰᠣᠩᠭᠣᠵᠤ ᠤᠷᠢᠳ ᠢ᠋ᠶ᠋ᠠᠷ ᠠᠯᠲᠠ ᠮᠥᠩᠭᠥᠨ ᠪᠦᠯᠡᠵᠡᠭ ᠢ᠋ ᠴᠡᠩᠨᠡᠭᠦᠷ ᠲᠦ᠍ ᠲᠠᠯᠪᠢᠨ ᠴᠡᠩᠨᠡᠵᠦ ᠬᠡᠳᠦᠢ ᠴᠢᠨ ᠪᠠᠢᠬᠤ ᠶ᠋ᠢ ᠮᠡᠳᠡᠭᠡᠳ ᠥᠷᠯᠥᠭᠡ ᠡᠷᠲᠡ ᠲᠠᠤᠯᠠᠢ ᠴᠠᠭ ᠲᠤ ᠡᠭᠦᠳᠡ ᠵᠠᠪᠰᠠᠷᠯᠠᠨ《ᠰᠢᠷᠠᠪᠳᠣᠷᠵᠢ ᠠ᠋! ᠢᠷ᠎ᠡ ᠠ᠋! ᠢᠷ᠎ᠡ! ᠬᠠᠷᠢᠵᠤ ᠢᠷ᠎ᠡ᠁》 ᠭᠡᠵᠦ ᠳᠠᠬᠢᠨ ᠳᠠᠬᠢᠨ ᠡᠩᠬᠦᠷᠡᠢᠯᠡᠨ ᠳᠠᠭᠤᠳᠠᠵᠤ《ᠬᠤᠷᠤᠢ᠂ ᠬᠤᠷᠤᠢ!》 ᠭᠡᠵᠦ ᠡᠷᠳᠡᠨᠢᠰ ᠦ᠋ᠨ ᠵᠦᠢᠯ ᠲᠠᠯᠪᠢᠭᠰᠠᠨ ᠫᠢᠯᠠ ᠪᠠᠷ ᠢ᠋ᠶ᠋ᠠᠨ ᠬᠤᠷᠤᠢᠯᠠᠵᠤ ᠲᠥᠭᠡᠷᠢᠭᠰᠡᠨ ᠰᠦᠨᠡᠰᠦ ᠶ᠋ᠢ ᠳᠠᠯᠠᠯᠤᠨ ᠳᠠᠭᠤᠳᠠᠨ᠎ᠠ᠃ ᠲᠡᠭᠡᠭᠡᠳ ᠲᠠᠪᠤᠨ ᠠᠮᠲᠠᠲᠠᠨ ᠬᠣᠯᠢᠭᠰᠠᠨ ᠢᠳᠡᠭᠡᠨ ᠢ᠋ ᠬᠦᠩ ᠨᠣᠶᠠᠨ ᠳ᠋ᠤ᠌ ᠠᠮᠰᠠᠭᠤᠯᠵᠤ ᠰᠦᠨᠡᠰᠦ ᠶ᠋ᠢ ᠨᠢ ᠬᠠᠭᠤᠷᠴᠤ ᠪᠡᠶ᠎ᠡ ᠳ᠋ᠦ᠍ᠨᠢ ᠣᠷᠣᠰᠢᠭᠤᠯᠬᠤ ᠭᠡᠨ᠎ᠡ᠃ ᠢᠩᠭᠢᠭᠡᠳ ᠥᠨᠥᠬᠢ ᠰᠦᠨᠡᠰᠦ ᠳᠠᠭᠤᠳᠠᠬᠤ ᠠ᠋ᠴᠠ ᠡᠮᠦᠨ᠎ᠡ ᠴᠡᠩᠨᠡᠭᠰᠡᠨ ᠠᠯᠲᠠ ᠮᠥᠩᠭᠥᠨ ᠪᠦᠯᠡᠵᠡᠭ ᠢ᠋ᠶ᠋ᠡᠨ ᠳᠠᠬᠢᠨᠲᠠ ᠴᠡᠩᠨᠡᠵᠦ ᠠᠩᠬᠠᠨ ᠤ᠋ ᠴᠡᠩᠨᠡᠭᠰᠡᠨ ᠬᠡᠮᠵᠢᠶ᠎ᠡ ᠲᠡᠢ ᠰᠠᠴᠠᠭᠤ ᠡᠰᠡᠬᠦ ᠶ᠋ᠢ ᠢᠯᠭᠠᠵᠤ᠂ ᠰᠠᠴᠠᠭᠤ ᠪᠣᠯᠪᠠᠯ ᠰᠦᠨᠡᠰᠦ ᠨᠢ ᠢᠷᠡᠴᠢᠬᠡᠭᠰᠡᠨ ᠦ᠌ ᠲᠡᠮᠳᠡᠭ᠂ ᠬᠠᠷᠢᠨ ᠠᠯᠢ ᠲᠠᠢᠰᠢ ᠪᠠᠨ ᠬᠠᠵᠠᠢᠵᠤ ᠪᠠᠢᠪᠠᠯ ᠰᠦᠨᠡᠰᠦ ᠨᠢ ᠢᠷᠡᠭᠡ ᠦᠭᠡᠢ ᠶ᠋ᠢᠨ ᠲᠡᠮᠳᠡᠭ ᠪᠣᠯᠵᠤ ᠳᠠᠬᠢᠨᠲᠠ ᠡᠨᠡ ᠮᠡᠲᠦ ᠪᠡᠷ ᠭᠤᠷᠪᠠᠨ ᠥᠷᠯᠥᠭᠡ ᠰᠦᠨᠡᠰᠦ ᠶ᠋ᠢ ᠡᠨᠡᠷᠢᠨ ᠳᠠᠭᠤᠳᠠᠨ᠎ᠠ᠃
ᠡᠢᠨ ᠬᠦ᠌ ᠭᠤᠷᠪᠠᠨ ᠥᠷᠯᠥᠭᠡ ᠰᠦᠨᠡᠰᠦ ᠶ᠋ᠢ ᠨᠢ ᠳᠠᠭᠤᠳᠠᠵᠤ ᠥᠨᠥᠬᠢ ᠡᠷᠳᠡᠨᠢᠰ ᠦ᠋ᠨ ᠵᠦᠢᠯ ᠢ᠋ ᠰᠢᠷᠠᠪᠳᠣᠷᠵᠢ ᠨᠣᠶᠠᠨ ᠤ᠋ ᠪᠡᠶ᠎ᠡ ᠳ᠋ᠦ᠍ ᠵᠡᠭᠦᠯᠭᠡᠵᠦ ᠭᠤᠷᠪᠠᠨ ᠡᠳᠦᠷ ᠭᠡᠷ ᠡᠴᠡ ᠭᠠᠷᠬᠤ ᠶ᠋ᠢ ᠲᠠᠰᠤ ᠬᠣᠷᠢᠨ᠎ᠠ᠃ ᠨᠡᠩ ᠴᠤ᠌ ᠭᠣᠣ ᠭᠠᠩᠭ᠎ᠠ ᠲᠤᠭᠤᠯᠤᠨ ᠶᠠᠪᠤᠬᠤ ᠶ᠋ᠢ ᠲᠠᠰᠤ ᠴᠡᠭᠡᠷᠯᠡ! ᠭᠡᠵᠦ ᠭᠡᠯᠦᠩ ᠯᠠᠮᠠ ᠨᠣᠮᠯᠠᠨ ᠵᠡᠬᠢᠵᠡᠢ᠃ ᠰᠠᠨᠠᠭᠠᠨ ᠤ᠋ ᠴᠤ᠌ ᠶᠤᠮ ᠤᠤ ᠰᠡᠵᠢᠭ ᠦ᠋ᠨ ᠴᠤ᠌ ᠶᠤᠮ ᠤᠤ᠂ ᠰᠢᠷᠠᠪᠳᠣᠷᠵᠢ ᠨᠣᠶᠠᠨ ᠬᠡᠳᠦᠨ ᠡᠳᠦᠷ ᠢᠳᠡᠵᠦ ᠤᠤᠭᠤᠬᠤ ᠨᠢ ᠰᠠᠢᠵᠢᠷᠠᠨ ᠤᠨᠲᠠᠬᠤ ᠨᠢ ᠴᠦ᠍ ᠬᠠᠩᠭᠢ ᠪᠣᠯᠵᠤ ᠰᠥᠨᠢ ᠳ᠋ᠡᠭᠡᠨ ᠬᠠᠷ᠎ᠠ ᠳᠠᠷᠤᠵᠤ ᠰᠣᠴᠢᠨ ᠪᠠᠷᠬᠢᠷᠠᠳᠠᠭ ᠨᠢ ᠠᠶᠠᠳᠠᠭᠰᠠᠨ ᠰᠢᠭ᠋ ᠪᠣᠯᠪᠠ᠃
ᠦᠨᠡᠨ ᠳ᠋ᠡᠭᠡᠨ ᠪᠠᠳᠭᠡᠷ ᠦ᠋ᠨ ᠭᠡᠯᠦᠩ ᠯᠠᠮᠠ ᠯᠤᠪᠰᠠᠩᠴᠣᠢᠷᠣᠭ ᠬᠠᠮᠤᠭ ᠰᠡᠭᠦᠯᠴᠢ ᠶ᠋ᠢᠨ ᠤᠳᠠᠭ᠎ᠠ ᠴᠡᠩᠨᠡᠭᠦᠷ ᠦ᠋ᠨ ᠠᠯᠲᠠ ᠮᠥᠩᠭᠥᠨ ᠪᠦᠯᠡᠵᠡᠭ ᠦ᠋ᠨ ᠴᠢᠨ ᠦ᠌ ᠲᠣᠭ᠎ᠠ ᠨᠢ ᠴᠢᠮᠠᠯᠠᠩᠬᠠᠢ ᠪᠠᠢᠭᠰᠠᠨ ᠢ᠋ ᠬᠡᠨ ᠳ᠋ᠦ᠍ ᠴᠦ᠍ ᠮᠡᠳᠡᠭᠳᠡᠭᠰᠡᠨ ᠦᠭᠡᠢ᠃ ᠡᠨᠡ ᠨᠢ ᠮᠠᠭᠤ ᠶᠣᠷᠣ ᠶ᠋ᠢᠨ ᠪᠡᠯᠭᠡ ᠪᠠᠢᠵᠠᠢ᠃ ᠲᠡᠷᠡ ᠪᠡᠷ ᠪᠠᠷᠢᠴᠠ ᠪᠡᠯᠡᠭ ᠢ᠋ᠶ᠋ᠡᠨ ᠠᠪᠳᠠᠭ ᠢ᠋ᠶ᠋ᠠᠨ ᠠᠪᠴᠤ ᠪᠠᠳᠭᠡᠷ ᠰᠦᠮ᠎ᠡ ᠳ᠋ᠡᠭᠡᠨ ᠪᠤᠴᠠᠵᠠᠢ᠃
ᠬᠦᠩ ᠨᠣᠶᠠᠨ ᠰᠢᠷᠠᠪᠳᠣᠷᠵᠢ ᠶ᠋ᠢᠨ ᠪᠥᠭᠰᠡ ᠶ᠋ᠢ ᠲᠣᠭᠣᠷᠢᠭᠠᠳ ᠭᠣᠳᠣᠭᠣᠨᠠᠳᠠᠭ ᠬᠥᠮᠦᠰ ᠵᠦᠭ ᠵᠦᠭ ᠲᠡᠭᠡᠨ ᠶᠠᠭᠠᠷᠠᠯᠳᠤᠵᠤ ᠠᠯᠢ ᠨᠢᠭᠡ ᠲᠠᠯ᠎ᠠ ᠪᠠᠷ ᠢ᠋ᠶ᠋ᠠᠨ ᠬᠦᠩ ᠨᠣᠶᠠᠨ ᠳ᠋ᠤ᠌ ᠨᠢᠭᠡ ᠲᠤᠰᠠ ᠳᠠᠮ ᠪᠣᠯᠬᠤ ᠰᠠᠨ ᠭᠡᠵᠦ ᠶᠠᠪᠤᠳᠠᠯ ᠬᠢᠳᠡᠯ ᠢ᠋ᠶ᠋ᠡᠨ ᠬᠢᠴᠢᠶᠡᠨ ᠪᠣᠯᠭᠣᠮᠵᠢᠯᠠᠨᠠ᠃
ᠢᠩᠭᠢ ᠴᠢᠩᠭᠢᠭᠰᠡᠭᠡᠷ ᠪᠠᠢᠭᠠᠳ ᠬᠥᠬᠥᠭᠡ ᠰᠠᠷ᠎ᠠ ᠰᠢᠪᠲᠤᠷᠠᠵᠤ ᠪᠤᠭᠤᠲᠤ ᠪᠠᠯᠭᠠᠰᠤᠨ ᠳ᠋ᠤ᠌ ᠴᠠᠭᠠᠯᠠᠬᠤ ᠥᠩᠭᠡ ᠮᠡᠳᠡᠭᠳᠡᠪᠡ᠃ ᠭᠤᠳᠤᠮᠵᠢᠨ ᠤ᠋ ᠪᠠᠭᠯᠠᠭ᠎ᠠ ᠮᠠᠢᠮᠠᠢ ᠬᠦᠢᠲᠡᠨ ᠡᠴᠡ ᠬᠠᠯᠠᠰᠢᠷᠠᠬᠤ ᠦᠭᠡᠢ ᠶᠠᠩ ᠳ᠋ᠠᠩ ᠲᠠᠢ ᠬᠠᠰᠬᠢᠷᠤᠯᠳᠤᠨ᠎ᠠ᠃ ᠶᠣᠣᠲᠠᠩ ᠰᠢᠬᠢᠷ᠂ ᠤᠯᠠᠭᠠᠨ ᠴᠢᠪᠠᠭ᠎ᠠ᠂ ᠵᠠᠭᠠᠷ ᠴᠢᠪᠠᠭ᠎ᠠ᠂ ᠬᠤᠰᠢᠭ᠎ᠠ᠂ ᠬᠣᠷᠭᠣᠯ ᠴᠢᠪᠠᠭ᠎ᠠ᠂ ᠦᠵᠦᠮ᠂ ᠨᠠᠷᠢᠨ ᠪᠣᠭᠣᠷᠰᠣᠭ ᠵᠡᠷᠭᠡ ᠪᠠᠷᠠᠭ᠎ᠠ ᠨᠢᠳᠦ ᠰᠡᠳᠬᠢᠯ ᠢ᠋ ᠬᠣᠷᠣᠬᠠᠢᠲᠤᠭᠤᠯᠤᠮᠠ ᠡᠩᠨᠡᠷᠡᠵᠦ ᠬᠣᠪᠳᠣᠭ ᠨᠢᠭᠡ ᠶ᠋ᠢᠨ ᠬᠢᠨᠢ ᠰᠢᠯᠦᠰᠦ ᠶ᠋ᠢ ᠨᠢ ᠵᠠᠯᠭᠢᠭᠤᠯᠵᠤ ᠪᠠᠢᠯ᠎ᠠ᠃ ᠴᠠᠭᠠᠭᠤᠷ ᠨᠢ ᠪᠠᠰᠠ ᠴᠠᠭᠠᠰᠤᠨ ᠫᠤᠤᠵᠢᠩ᠂ ᠵᠡᠯ᠎ᠡ ᠫᠤᠤᠵᠢᠩ᠂ ᠮᠣᠣᠲᠤᠤ ᠴᠠᠭᠠᠰᠤ᠂ ᠴᠣᠩᠬᠣᠨ ᠤ᠋ ᠬᠠᠢᠴᠢᠯᠠᠭᠤᠷ ᠴᠡᠴᠡᠭ᠂ ᠤᠯᠠᠭᠠᠨ ᠨᠣᠭᠣᠭᠠᠨ ᠰᠢᠷ᠎ᠠ ᠥᠩᠭᠡ ᠶ᠋ᠢᠨ ᠴᠠᠭᠠᠰᠤ ᠪᠤᠶᠤ ᠭᠡᠷ ᠪᠠᠢᠰᠢᠩ ᠤ᠋ᠨ ᠳᠣᠲᠣᠷ᠎ᠠ ᠬᠡᠷᠡᠮ ᠬᠠᠨ᠎ᠠ ᠴᠠᠢᠯᠭᠠᠨ ᠱᠤᠸᠠᠰᠠᠳᠠᠬᠤ ᠨᠢᠳᠤᠷᠭᠠᠨ ᠴᠢᠨᠡᠭᠡ ᠪᠥᠭᠡᠮ ᠪᠥᠭᠡᠮ ᠴᠠᠭᠠᠨ ᠰᠢᠷᠣᠢ ᠵᠡᠷᠭᠡ ᠪᠠᠷᠠᠭ᠎ᠠ ᠨᠤᠭᠤᠳ ᠪᠣᠷᠣᠯᠠᠭᠤᠯᠭ᠎ᠠ ᠰᠠᠢᠲᠠᠢ ᠪᠠᠢᠯ᠎ᠠ᠃ ᠪᠤᠭᠤᠲᠤ ᠶ᠋ᠢᠨ ᠵᠠᠳᠠᠭᠠᠢ ᠵᠠᠬ᠎ᠠ ᠳᠡᠭᠡᠷ᠎ᠡ ᠲᠠᠤᠯᠠᠢ ᠶ᠋ᠢᠨ ᠴᠢᠰᠤᠨ ᠡᠪᠡᠷ᠂ ᠲᠠᠷᠪᠠᠭ᠎ᠠ ᠶ᠋ᠢᠨ ᠪᠢᠲᠡᠭᠦᠦ ᠲᠤᠭᠤᠷᠠᠢ ᠠ᠋ᠴᠠ ᠣᠨᠳᠣᠣ ᠶᠠᠭᠤᠮ᠎ᠠ ᠪᠦᠬᠦᠨ ᠨᠢᠳᠦ ᠡᠷᠢᠶᠡᠯᠵᠡᠨ ᠳᠡᠯᠭᠡᠭᠳᠡᠵᠦ ᠨᠠᠷᠢᠨ ᠴᠠᠬᠢᠷ ᠳᠠᠭᠤ ᠲᠠᠢ ᠮᠠᠢᠮᠠᠢ ᠶ᠋ᠢᠨ ᠵᠠᠩᠭᠤᠢᠳᠠ ᠶ᠋ᠢᠨ ᠴᠢᠷᠠᠢ ᠭᠠᠤᠯᠢᠨ ᠵᠣᠭᠣᠰ ᠢ᠋ᠶ᠋ᠠᠷ ᠢᠨᠢᠶᠡᠵᠦ᠂ ᠮᠥᠩᠭᠥᠨ ᠲᠥᠭᠥᠷᠢᠭ ᠢ᠋ᠶ᠋ᠡᠷ ᠬᠠᠨᠢᠶᠠᠯᠭᠠᠵᠤ ᠪᠠᠢᠯ᠎ᠠ᠁
ᠵᠡᠭᠡᠯᠢ ᠭᠤᠲᠤᠮᠵᠢ ᠶᠢᠨ ᠬᠠᠮᠢᠭ᠎ᠠ ᠨᠢᠭᠡ ᠭᠠᠵᠠᠷ ᠠᠴᠠ ᠴᠤ᠌ ᠬᠠᠭᠠᠷᠢᠮᠠᠯ ᠪᠣᠣᠪᠣ᠂ ᠪᠤᠷᠴᠠᠭ ᠬᠠᠪᠴᠢᠭᠤᠯᠤᠭᠰᠠᠨ ᠰᠢᠯᠦᠬᠡᠢ ᠪᠣᠭᠣᠷᠰᠣᠭ᠂ ᠤᠯᠠᠭᠠᠨ ᠲᠣᠯᠪᠣᠲᠤ ᠴᠠᠪ ᠴᠠᠭᠠᠨ ᠮᠠᠨᠲᠠᠤ ᠁ ᠵᠡᠷᠭᠡ ᠢᠳᠡᠭᠡᠨ ᠤᠮᠳᠠᠭᠠᠨ ᠤ ᠶᠠᠩᠵᠣ ᠶᠢᠨ ᠬᠡᠩᠰᠢᠭᠦᠦ ᠬᠠᠩᠬᠤᠯᠵᠤ ᠬᠥᠮᠥᠨ ᠢ ᠬᠣᠪᠳᠣᠭ ᠬᠦᠷᠦᠭᠦᠯᠦᠮᠡ ᠠᠵᠢ᠃
ᠬᠦᠩ ᠨᠣᠶᠠᠨ ᠤ᠋ ᠬᠥᠬᠡ ᠲᠣᠭᠣᠰᠬᠠᠨ ᠭᠦᠨ ᠤᠷᠲᠤ ᠶ᠋ᠢᠨ ᠳᠥᠷᠪᠡᠯᠵᠢᠨ ᠬᠠᠰᠢᠶᠠᠲᠦ ᠬᠦᠷᠢᠶᠡᠨ ᠦ᠌ ᠥᠩᠭᠡ ᠴᠦ᠍ ᠣᠨᠳᠣᠣ ᠪᠣᠯᠵᠤ ᠭᠣᠣᠯ ᠭᠡᠷ᠂ ᠭᠡᠷ ᠦ᠋ᠨ ᠴᠣᠩᠬᠣᠨ ᠤ᠋ ᠨᠢᠳᠦ ᠴᠤ᠌ ᠥᠩᠭᠡ ᠶ᠋ᠢᠨ ᠴᠠᠭᠠᠰᠤ ᠪᠠᠷ ᠴᠢᠮᠡᠭᠯᠡᠭᠳᠡᠵᠦ᠂ ᠳᠣᠲᠣᠨ᠎ᠠ ᠭᠠᠳᠠᠨ᠎ᠠ ᠭᠦᠶᠦᠯᠳᠦᠭᠰᠡᠨ ᠭᠠᠯ ᠲᠣᠭᠣᠭᠠᠨ ᠤ᠋ ᠬᠥᠮᠦᠰ ᠴᠤ᠌ ᠪᠡᠶ᠎ᠡ ᠡᠴᠡ ᠪᠡᠨ ᠱᠠᠩᠳᠠᠭᠤᠨ ᠦᠨᠦᠷᠲᠦᠭᠦᠯᠦᠨ ᠵᠢᠯ ᠴᠠᠭᠠᠨ ᠰᠠᠷ᠎ᠠ ᠶ᠋ᠢᠨ ᠶᠠᠭᠤᠮ᠎ᠠ ᠬᠡᠦᠮ᠎ᠡ ᠪᠡᠯᠡᠳᠬᠡᠵᠦ ᠬᠥᠯ ᠪᠣᠯᠤᠨ᠎ᠠ᠃
ᠡᠳᠦᠷ ᠡᠳᠦᠷ ᠴᠠᠳᠬᠤ ᠦᠭᠡᠢ᠂ ᠦᠬᠡᠷ ᠠᠯᠠᠪᠠᠯ ᠨᠢᠭᠡ ᠴᠠᠳᠳᠠᠭ᠂ ᠴᠠᠭ ᠴᠠᠭ ᠴᠠᠳᠬᠤ ᠦᠭᠡᠢ᠂ ᠴᠠᠭᠠᠨ ᠰᠠᠷ᠎ᠠ ᠪᠣᠯᠪᠠᠯ ᠴᠠᠳᠳᠠᠭ ᠠᠯᠪᠠᠲᠤ ᠪᠣᠭᠣᠯ᠂ ᠵᠠᠷᠤᠴᠠ ᠰᠢᠪᠡᠭᠴᠢᠨ ᠭᠡᠬᠦ ᠮᠡᠲᠦ ᠶ᠋ᠢᠨ ᠬᠥᠮᠦᠰ ᠴᠤ᠌ ᠵᠢᠯ ᠳ᠋ᠦ᠍ ᠭᠠᠭᠴᠠᠬᠠᠨ ᠡᠭᠡᠯᠵᠢᠯᠡᠵᠦ ᠢᠷᠡᠬᠦ ᠴᠠᠳᠬᠤᠯᠠᠩ ᠪᠤᠶᠠᠨᠲᠤ ᠴᠠᠭᠠᠨ ᠰᠠᠷ᠎ᠠ ᠪᠣᠯᠬᠤ ᠶ᠋ᠢ ᠬᠥᠭᠰᠡᠨ ᠬᠦᠯᠢᠶᠡᠵᠦ ᠬᠣᠷᠮᠣᠢ ᠳ᠋ᠤᠨᠢ ᠬᠡᠢ ᠣᠷᠣᠵᠤ ᠰᠤᠭᠤᠨ ᠳ᠋ᠤᠨᠢ ᠵᠢᠭᠦᠷ ᠤᠷᠭᠤᠭᠰᠠᠨ ᠰᠢᠭ᠋ ᠬᠥᠯ ᠭᠠᠷ ᠨᠢ ᠬᠥᠩᠭᠡᠷᠡᠨ ᠬᠢᠳᠡᠯ ᠪᠠᠷᠢᠳᠠᠯ ᠢ᠋ᠶ᠋ᠠᠨ ᠱᠠᠯᠠᠪᠳᠠᠵᠤ ᠴᠢᠷᠠᠢ ᠳ᠋ᠠᠭᠠᠨ ᠢᠨᠢᠶᠡᠳᠦ ᠲᠣᠭᠯᠠᠭᠤᠯᠤᠨ ᠮᠤᠩᠭᠠᠨᠢᠵᠠᠭᠠᠨᠠ᠃
ᠢᠷᠡᠬᠦ ᠴᠠᠭᠠᠨ ᠰᠠᠷ᠎ᠠ ᠶ᠋ᠢᠨ ᠠᠶ᠎ᠠ ᠬᠥᠭᠵᠢᠮ ᠪᠣᠯᠵᠤ ᠴᠢᠪᠬᠠᠳᠠᠭᠰᠠᠨ ᠡᠨᠡ ᠪᠦᠬᠦᠨ ᠪᠠᠭ᠎ᠠ ᠬᠠᠲᠤᠨ ᠳ᠋ᠤ᠌ ᠲᠠᠭᠠᠯᠠᠭᠳᠠᠭ᠎ᠠ ᠦᠭᠡᠢ᠃ ᠨᠠᠷᠠ ᠤᠷᠭᠤᠬᠤ ᠠ᠋ᠴᠠ ᠨᠠᠷᠠ ᠤᠨᠠᠲᠠᠯ᠎ᠠ ᠭᠠᠷᠴᠤ ᠣᠷᠣᠬᠤ᠂ ᠢᠳᠡᠵᠦ ᠤᠤᠭᠤᠬᠤ ᠬᠡᠪᠲᠡᠬᠦ᠁ ᠡᠭᠡᠯᠵᠢᠯᠡᠨ ᠡᠷᠭᠢᠬᠦ ᠣᠷᠴᠢᠯ ᠳ᠋ᠤ᠌ ᠪᠡᠶ᠎ᠡ ᠰᠡᠳᠬᠢᠯ ᠠᠶᠠᠯᠳᠠᠨ ᠳᠠᠭᠠᠳᠠᠭ ᠪᠣᠯᠪᠠᠴᠤ ᠡᠭᠦᠨ ᠳᠣᠲᠣᠷ᠎ᠠ ᠠ᠋ᠴᠠ ᠠᠮᠲᠠ ᠰᠢᠮᠳᠠ᠂ ᠵᠢᠷᠭᠠᠯ ᠴᠡᠩᠭᠡᠯ ᠢ᠋ ᠰᠢᠷᠭᠠᠭᠠᠬᠤ ᠰᠡᠳᠬᠢᠯ ᠦᠭᠡᠢ᠂ ᠬᠠᠷᠠᠩᠭᠤᠢ ᠬᠥᠰᠢᠭᠡ ᠬᠠᠭᠠᠭᠳᠠᠪᠠᠯ ᠵᠣᠪᠬᠢ ᠪᠠᠨ ᠬᠠᠮᠬᠢᠵᠤ ᠬᠡᠪᠲᠡᠨ ᠭᠡᠭᠡᠨ ᠬᠥᠰᠢᠭᠡ ᠢᠷᠠᠭᠳᠠᠪᠠᠯ ᠨᠢᠳᠦ ᠪᠡᠨ ᠨᠡᠭᠡᠭᠡᠭᠡᠳ ᠪᠣᠰᠬᠤ ᠪᠠᠢᠭᠠᠯᠢ ᠶ᠋ᠢᠨ ᠡᠨᠡ ᠬᠦ᠌ ᠵᠢᠮ᠎ᠡ ᠶ᠋ᠢ ᠬᠡᠨ ᠴᠤ᠌ ᠡᠪᠳᠡᠵᠦ ᠦᠯᠦ ᠴᠢᠳᠠᠬᠤ ᠬᠠᠲᠠᠭᠤ ᠶᠣᠰᠣᠨ ᠳ᠋ᠤ᠌ ᠠᠷᠭ᠎ᠠ ᠦᠭᠡᠢ ᠪᠡᠶ᠎ᠡ ᠪᠡᠨ ᠬᠠᠭᠤᠷᠠᠢᠯᠠᠬᠤ ᠲᠡᠳᠦᠢ ᠡᠳᠦᠷ ᠬᠣᠨᠣᠭ ᠢ᠋ ᠡᠯᠡᠭᠡᠵᠦ ᠪᠠᠢᠯ᠎ᠠ᠃ ᠡᠨᠡ ᠬᠦ᠌ ᠴᠢᠮᠪᠠᠢ ᠠᠪᠤᠷᠢᠲᠠᠢ ᠪᠠᠭ᠎ᠠ ᠬᠠᠲᠤᠨ ᠤ᠋ ᠴᠢᠷᠠᠢ ᠥᠭᠡᠳᠡ ᠪᠠᠷᠤᠭ ᠤ᠋ᠨ ᠬᠥᠮᠦᠰ ᠠᠰ ᠬᠠᠷᠠᠵᠤ ᠴᠢᠳᠠᠳᠠᠭ ᠦᠭᠡᠢ ᠳᠠᠯᠳᠢᠷᠠᠳᠠᠭ ᠠ᠋ᠴᠠ ᠬᠣᠨᠣᠭ ᠢ᠋ ᠰᠡᠳᠬᠢᠯ ᠦ᠋ᠨ ᠰᠢᠨᠠᠯᠤᠯ ᠢ᠋ ᠬᠡᠨ ᠬᠥᠮᠦᠨ ᠴᠤ᠌ ᠦᠯᠦ ᠮᠡᠳᠡᠨ᠎ᠡ᠃
ᠦᠵᠡᠲᠡᠯ᠎ᠡ ᠬᠦᠩ ᠨᠣᠶᠠᠨ ᠤ᠋ ᠪᠡᠶ᠎ᠡ ᠯᠠᠭᠱᠠᠨ ᠡᠳᠦᠷ ᠡᠴᠡ ᠡᠳᠦᠷ ᠮᠠᠭᠤᠳᠠᠵᠤ᠂ ᠰᠦᠭ ᠰᠦᠯᠳᠡ ᠨᠢ ᠳᠣᠷᠣᠢᠲᠠᠨ ᠲᠠᠮᠢᠷ ᠲᠡᠩᠬᠡᠭᠡ ᠠᠯᠳᠠᠭᠰᠠᠨ ᠠ᠋ᠴᠠ ᠲᠡᠭᠦᠨ ᠦ᠌ ᠨᠠᠰᠤᠨ ᠲᠣᠭ᠎ᠠ ᠭᠦᠢᠴᠡᠵᠦ ᠲᠠᠭᠠᠯᠠᠯ ᠲᠡᠭᠦᠰᠬᠦ ᠮᠠᠭᠤ ᠢᠷᠣ᠎ᠠ ᠶ᠋ᠢᠨ ᠰᠤᠪᠢᠨ ᠦᠯᠦ ᠮᠡᠳᠡᠭ ᠢ᠋ᠶ᠋ᠡᠷ ᠬᠥᠮᠥᠷᠢᠵᠦ ᠠᠢᠰᠤᠢ!
《ᠬᠦᠩ ᠨᠣᠶᠠᠨ ᠤ᠋ ᠣᠵᠢᠭ ᠡᠪᠡᠳᠴᠢᠨ ᠨᠢ ᠢᠯᠠᠷᠢᠰᠢᠳᠡᠭ ᠪᠢᠯᠡ ᠤᠤ ᠳᠠ? ᠡᠭᠦᠨ ᠦ᠌ ᠡᠰᠡᠷᠭᠦ ᠪᠡᠷ ᠲᠠᠭᠠᠯᠠᠯ ᠲᠡᠭᠦᠰᠪᠡᠯ ᠬᠡᠨ ᠬᠥᠮᠦᠨ ᠵᠠᠰᠠᠭ ᠵᠠᠯᠭᠠᠮᠵᠢᠯᠠᠵᠤ ᠲᠥᠷᠥ ᠪᠠᠷᠢᠳᠠᠭ ᠪᠢᠯᠡ? ᠵᠠᠰᠠᠭ ᠵᠠᠯᠭᠠᠮᠵᠢᠯᠠᠬᠤ ᠬᠦᠦ ᠲᠥᠷᠥᠳᠡᠭ ᠦᠭᠡᠢ ᠶ᠋ᠢᠨ ᠤᠷᠰᠢᠭ ᠭᠡᠵᠦ ᠪᠢ ᠥᠪᠡᠷ ᠢ᠋ᠶ᠋ᠡᠨ ᠬᠠᠲᠤᠨ ᠬᠥᠮᠦᠨ ᠦ᠌ ᠡᠭᠦᠷᠭᠡ ᠬᠠᠷᠢᠭᠤᠴᠠᠯᠭ᠎ᠠ ᠶ᠋ᠢ ᠪᠡᠶᠡᠯᠡᠭᠦᠯᠵᠦ ᠴᠢᠳᠠᠭ᠎ᠠ ᠦᠭᠡᠢ ᠳ᠋ᠡᠭᠡᠨ ᠣᠰᠣᠯ ᠲᠠᠢ᠁ ᠡᠮ᠎ᠡ ᠪᠦᠰᠡᠭᠦᠢ ᠬᠥᠮᠦᠨ ᠡᠨᠡ ᠬᠦ᠌ ᠵᠠᠭᠤᠨ ᠵᠠᠳᠠᠭᠠᠢ ᠪᠠᠷᠠᠭᠤᠨ ᠬᠦᠩ ᠦ᠋ᠨ ᠵᠢᠯᠣᠭᠣ ᠶ᠋ᠢ ᠶᠠᠭᠠᠬᠢᠵᠤ᠁ ᠦᠭᠡᠢ ᠠ᠋᠂ ᠮᠠᠨᠳᠤᠭᠤᠯᠢ ᠬᠠᠭᠠᠨ ᠠ᠋ᠴᠠ ᠬᠣᠢᠰᠢ ᠮᠠᠨᠳᠤᠬᠠᠢ ᠰᠡᠴᠡᠨ ᠬᠠᠲᠤᠨ ᠬᠡᠷᠬᠢᠨ ᠰᠠᠭᠤᠷᠢᠨ ᠢ᠋ ᠵᠠᠯᠭᠠᠮᠵᠢᠯᠠᠵᠤ᠂ ᠵᠠᠳᠠᠷᠠᠭᠰᠠᠨ ᠮᠣᠩᠭᠣᠯ ᠤ᠋ᠨ ᠰᠠᠨᠠᠭ᠎ᠠ ᠶ᠋ᠢ ᠨᠢᠭᠡᠳᠬᠡᠵᠦ ᠴᠢᠳᠠᠪᠠ⁈ ᠨᠠᠳᠠ ᠲᠡᠢᠮᠦ ᠰᠥᠰᠥ ᠵᠣᠷᠢᠭ ᠵᠠᠶᠠᠭᠠᠭ᠎ᠠ ᠦᠭᠡᠢ ᠭᠡᠵᠦ ᠤᠤ? ᠮᠠᠨᠳᠤᠬᠠᠢ ᠰᠡᠴᠡᠨ ᠬᠠᠲᠤᠨ ᠳᠣᠯᠣᠭᠠᠨ ᠨᠠᠰᠤᠲᠠᠢ ᠪᠠᠲᠤᠮᠥ᠋ᠩᠬᠡ ᠲᠢᠶᠠᠨ ᠬᠠᠭᠠᠨ ᠲᠠᠢ ᠲᠣᠯᠣᠭᠠᠢ ᠬᠣᠯᠪᠣᠵᠤ ᠮᠨᠨᠳᠤᠭᠤᠯᠢ ᠬᠠᠭᠠᠨ ᠤ᠋ ᠰᠠᠭᠤᠷᠢᠨ ᠢ᠋ ᠴᠣᠴᠠᠷᠠᠭᠤᠯᠤᠯ ᠦᠭᠡᠢ ᠬᠠᠮᠠᠭᠠᠯᠠᠵᠤ ᠶᠠᠪᠤᠭᠰᠠᠨ ᠮᠣᠩᠭᠣᠯ ᠲᠡᠦᠬᠡ ᠶ᠋ᠢᠨ ᠦᠯᠢᠭᠡᠷ ᠵᠢᠱ᠌ᠢᠶ᠎ᠡ ᠪᠠᠢᠭ᠎ᠠ ᠪᠢᠰᠢ ᠤᠤ⁈ ᠭᠡᠬᠦ ᠳ᠋ᠦ᠍ ᠬᠦᠩ ᠨᠣᠶᠠᠨ ᠰᠢᠷᠠᠪᠳᠣᠷᠵᠢ ᠶ᠋ᠢᠨ ᠴᠢᠰᠤᠨ ᠰᠦᠯᠪᠡᠭᠡ ᠳ᠋ᠦ᠍ ᠬᠤᠪᠢᠶᠠᠵᠤ ᠨᠠᠭᠠᠯᠳᠤᠬᠤ ᠦᠶ᠎ᠡ ᠠᠴᠢᠷ ᠪᠠᠢᠲᠤᠭᠠᠢ ᠣᠭᠣᠲᠣᠨ᠎ᠠ ᠴᠤ᠌ ᠪᠠᠢᠬᠤ ᠦᠭᠡᠢ᠁ ᠬᠢᠴᠢᠶᠡᠬᠦ ᠦᠭᠡᠢ ᠪᠣᠯ ᠬᠡᠷᠡᠮ ᠥᠩᠭᠡᠢᠭᠰᠡᠨ ᠤᠯᠠᠢ ᠶ᠋ᠢᠨ ᠬᠡᠷᠢᠶ᠎ᠡ ᠬᠡᠩᠬᠦᠳᠡᠭ ᠳᠡᠭᠡᠷ᠎ᠡ ᠴᠢᠨᠢ ᠰᠠᠭᠤᠵᠤ ᠮᠠᠭᠤ ᠢᠷᠣ᠎ᠠ ᠪᠠᠷ ᠭᠤᠸᠠᠭᠯᠠᠵᠤ ᠨᠢᠳᠦ ᠶ᠋ᠢ ᠴᠢᠨᠢ ᠳᠤᠩᠰᠢᠵᠤ ᠤᠬᠤᠷᠬᠠᠢ ᠶ᠋ᠢ ᠴᠢᠨᠢ ᠤᠬᠤᠬᠤ ᠳ᠋ᠤ᠌ ᠪᠡᠯᠡᠬᠡᠨ ᠭᠡᠳᠡᠭ ᠠᠢᠩᠭᠤᠷᠢ ᠣᠷᠢᠶᠠᠵᠤ ᠪᠠᠢᠬ᠎ᠠ᠁》 ᠭᠡᠮᠡᠨ ᠲᠠᠷᠴᠢᠯᠠᠭᠠᠯ ᠭᠠᠴᠠᠶᠠᠯᠲᠦ ᠦᠰᠦᠭ ᠦ᠋ᠳ ᠢ᠋ ᠪᠠᠭ᠎ᠠ ᠬᠠᠲᠤᠨ ᠤ᠋ ᠴᠣᠩᠬᠢᠭᠠᠷ ᠴᠠᠭᠠᠨ ᠵᠣᠪᠠᠭᠤᠷᠢᠲᠠᠢ ᠴᠢᠷᠠᠢ ᠳᠡᠭᠡᠷ᠎ᠡ ᠡᠴᠡ ᠭᠠᠭᠴᠠ ᠨᠢᠭᠡ ᠬᠥᠮᠦᠨ ᠣᠯᠵᠤ ᠤᠩᠰᠢᠵᠠᠢ᠃ ᠲᠡᠷᠡ ᠪᠣᠯ ᠪᠠᠷᠠᠭᠤᠨ ᠲᠤᠰᠠᠯᠠᠭᠴᠢ ᠮᠢᠩᠭᠠᠨᠪᠤᠤ ᠶ᠋ᠢᠨ ᠰᠠᠮᠠᠭᠠᠨ ᠮᠠᠨᠤᠪᠠᠳᠮ᠎ᠠ ᠬᠥᠭᠰᠢᠨ ᠪᠠᠢᠯ᠎ᠠ᠃
