ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠬᠣᠶᠠᠳᠤᠭᠠᠷ ᠪᠦᠯᠦᠭ <ᠲᠠᠪᠤ> Хан мунын сүүрс < дээд > – Мөнх зохиоов ᠂ Дэд бодь – Хоёрдугаар бүлэг <5> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠬᠣᠶᠠᠳᠤᠭᠠᠷ ᠪᠦᠯᠦᠭ <ᠲᠠᠪᠤ> Хан мунын сүүрс < дээд > – Мөнх зохиоов ᠂ Дэд бодь – Хоёрдугаар бүлэг <5>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠬᠣᠶᠠᠳᠤᠭᠠᠷ ᠪᠦᠯᠦᠭ <ᠲᠠᠪᠤ> Хан мунын сүүрс < дээд > – Мөнх зохиоов ᠂ Дэд бодь – Хоёрдугаар бүлэг <5>

ᠠᠩᠭᠢᠯᠠᠯ:ᠲᠤᠭᠤᠵᠢ ᠷᠣᠮᠠᠨ
2024-09-03

531

ᠳᠡᠳ᠋ ᠪᠣᠲᠢ – ᠬᠣᠶᠠᠳᠤᠭᠠᠷ ᠪᠦᠯᠦᠭ <ᠲᠠᠪᠤ>


                 ᠲᠠᠪᠤ  

       ᠪᠤᠴᠠᠯᠤᠭᠰᠠᠨ ᠵᠢᠩ ᠦᠳᠡ ᠶ᠋ᠢᠨ ᠪᠦᠭᠴᠢᠮ ᠬᠠᠯᠠᠭᠤᠨ ᠠᠭᠤᠷ ᠲᠤ᠂ ᠵᠢᠭᠠᠯ ᠬᠦᠦ ᠶ᠋ᠢᠨ ᠲᠤᠯᠤᠮ ᠰᠠᠪᠠᠯᠠᠬᠤ ᠨᠦᠰᠡᠷ ᠳᠠᠭᠤᠨ ᠪᠠ ᠬᠥᠬᠥᠭᠡ ᠰᠢᠪᠠᠭᠤᠨ ᠤ᠋《 ᠬᠦ ᠬᠦ — ᠬᠦ ᠬᠦ》 ᠭᠡᠬᠦ ᠠᠶᠠᠲᠠᠢᠬᠠᠨ ᠴᠢᠮᠡᠭᠡ ᠳ᠋ᠦ᠍ ᠠᠩᠴᠢᠨᠵᠠᠪ ᠰᠡᠳᠬᠢᠯ ᠴᠠᠳᠴᠤ ᠪᠦᠪᠡᠢᠯᠡᠭᠳᠡᠭᠡᠳ ᠮᠣᠳᠣᠨ ᠤ᠋ ᠰᠡᠭᠦᠳᠡᠷ ᠴᠣᠬᠣᠷᠯᠠᠭᠰᠠᠨ ᠬᠠᠪᠲᠠᠭᠠᠢ ᠴᠢᠯᠠᠭᠤᠨ ᠳᠡᠭᠡᠷ᠎ᠡ ᠪᠥᠬᠡ ᠨᠣᠢᠷᠰᠤᠵᠠᠢ᠃ ᠬᠠᠳᠠᠨ ᠤ᠋ ᠪᠣᠷᠣ ᠬᠣᠷᠣᠬᠠᠢ᠂ ᠬᠠᠷ᠎ᠠ ᠰᠢᠷᠭᠤᠯᠵᠢ ᠬᠥᠯᠥᠰᠥ ᠰᠢᠪᠡᠷ ᠦ᠋ᠨ ᠦᠨᠦᠷ ᠢ᠋ᠶ᠋ᠡᠷ ᠲᠡᠭᠦᠨ ᠦ᠌ ᠬᠥᠯ ᠦ᠋ᠨ ᠬᠢᠨᠢ ᠬᠤᠷᠤᠭᠤᠨ ᠤ᠋ ᠵᠠᠪᠰᠠᠷ ᠢ᠋ᠶ᠋ᠠᠷ ᠳᠤᠷ᠎ᠠ ᠲᠠᠪᠠ ᠪᠠᠷ ᠰᠦᠯᠵᠢᠨ ᠡᠷᠪᠡᠭᠡᠨᠡᠵᠦ ᠳᠠᠪᠰᠢᠭᠤᠷᠠᠭᠰᠠᠭᠠᠷ ᠠᠷᠠᠢ ᠯᠠ ᠬᠠᠮᠠᠷ ᠤ᠋ᠨ ᠨᠦᠬᠡ ᠪᠡᠷ ᠨᠢ ᠰᠢᠷᠭᠤᠬᠤ ᠨᠢ ᠳᠤᠲᠠᠭᠤᠳᠠᠨ᠎ᠠ᠃ ᠰᠠᠢᠨ ᠡᠷ᠎ᠡ ᠶ᠋ᠢᠨ ᠬᠠᠳᠠ ᠳᠣᠷᠭᠢᠭᠤᠯᠤᠮ᠎ᠠ ᠬᠠᠮᠠᠷ ᠲᠠᠲᠠᠬᠤ ᠳᠠᠭᠤᠨ ᠠ᠋ᠴᠠ ᠰᠢᠷᠬᠡᠢᠭᠰᠡᠨ ᠴᠦ᠍ ᠪᠠᠢᠵᠤ ᠮᠡᠳᠡᠨ᠎ᠡ᠃ ᠶᠠᠭᠤ ᠴᠦ᠍ ᠭᠡᠰᠡᠨ ᠥᠴᠦᠬᠡᠨ ᠬᠣᠷᠣᠬᠠᠢ ᠰᠢᠪᠠᠵᠢ ᠰᠢᠷᠭᠤᠯᠵᠢ ᠶ᠋ᠢᠨ ᠲᠦᠢᠪᠡᠭᠡᠯᠭᠡ ᠲᠡᠭᠦᠨ ᠦ᠌ ᠨᠣᠢᠷ ᠢ᠋ ᠰᠡᠷᠡᠭᠡᠵᠦ ᠴᠢᠳᠠᠭ᠎ᠠ ᠦᠭᠡᠢ᠃ 
       ᠵᠤᠯᠤᠭ ᠨᠢ ᠰᠡᠮᠡᠷᠡᠵᠦ ᠪᠣᠷᠪᠢ ᠨᠢ ᠣᠩᠭᠣᠢᠭᠰᠠᠨ ᠮᠠᠭᠨᠢ ᠭᠤᠲᠤᠯ ᠲᠠᠢ᠂ ᠳᠠᠯᠠᠨ ᠨᠥᠬᠦᠭᠡᠰᠦᠲᠡᠢ ᠴᠠᠢᠪᠤᠷ ᠬᠦᠷᠡᠩ ᠲᠡᠷᠯᠢᠭ ᠦ᠋ᠨ ᠬᠣᠷᠮᠣᠢ ᠶ᠋ᠢ ᠭᠠᠵᠠᠷ ᠰᠢᠭᠦᠷᠡᠭᠦᠯᠦᠨ ᠵᠢᠳᠬᠦᠭᠰᠡᠨ ᠡᠮᠰᠢᠭᠡᠷ ᠬᠥᠭᠰᠢᠨ ᠨᠣᠶᠠᠨ ᠰᠠᠩ ᠤ᠋ᠨ ᠬᠠᠶᠠᠭᠠᠨ ᠳ᠋ᠤ᠌ ᠬᠡᠯᠲᠦᠷᠢᠵᠦ ᠪᠠᠢᠭ᠎ᠠ ᠬᠠᠷᠠᠭᠳᠠᠨ᠎ᠠ᠃ ᠪᠠᠶᠠᠨ ᠭᠡᠷ ᠦ᠋ᠨ ᠴᠠᠳᠬᠤᠯᠠᠩ ᠬᠡᠦᠬᠡᠳ ᠦ᠋ᠳ《ᠪᠤᠳᠠᠭᠠᠨ ᠳ᠋ᠠᠭᠠᠨ ᠴᠠᠳᠳᠠᠭ ᠦᠭᠡᠢ ᠪᠠᠳᠢᠷᠴᠢᠨ ᠴᠢᠪᠠᠭᠠᠨᠴᠠ》 ᠭᠡᠵᠦ ᠱᠣᠣᠯᠠᠬᠤ ᠳ᠋ᠤᠨᠢ ᠨᠡᠯᠢᠶᠡᠳ ᠲᠣᠮᠣᠭ᠎ᠠ ᠲᠠᠢ ᠨᠢᠭᠡ ᠨᠢ《 ᠪᠠᠢᠵᠠ ᠬᠦ᠂ ᠡᠮᠡᠭᠡ ᠲᠡᠢ ᠠᠳᠠᠯᠢᠬᠠᠨ ᠨᠠᠰᠤᠲᠠᠢ ᠡᠵᠢ ᠪᠠᠢᠨ᠎ᠠ᠂ ᠶᠠᠭᠤᠨ ᠳ᠋ᠤ᠌ ᠶᠠᠪᠤᠭ᠎ᠠ ᠶᠤᠮ ᠪᠣᠯ?》 ᠭᠡᠵᠦ ᠨᠥᠭᠦᠭᠡ ᠳᠦᠷᠰᠦ ᠦᠭᠡᠢᠯᠡᠭᠰᠡᠨ ᠬᠡᠦᠬᠡᠳ ᠦ᠋ᠳ ᠢ᠋ ᠬᠣᠷᠢᠭᠠᠵᠤ ᠶᠠᠮᠠᠷ ᠴᠦ᠍ ᠵᠣᠷᠢᠯᠲᠠ ᠦᠭᠡᠢ ᠭᠱᠠᠨ ᠵᠠᠭᠤᠷ᠎ᠠ ᠶ᠋ᠢᠨ ᠪᠠᠬ᠎ᠠ ᠪᠠᠨ ᠬᠠᠩᠭᠠᠨ ᠪᠠᠶᠠᠷᠯᠠᠯᠳᠤᠭᠰᠠᠭᠠᠷ ᠴᠠᠭᠠᠰᠢ ᠭᠦᠶᠦᠯᠳᠦᠨ᠎ᠡ᠃ ᠭᠠᠯ ᠲᠣᠭᠣᠭᠠᠨ ᠤ᠋ ᠬᠥᠮᠦᠰ ᠲᠡᠷᠡ ᠬᠥᠭᠡᠷᠦᠬᠦᠢ ᠬᠥᠭᠰᠢᠨ ᠢ᠋ ᠡᠨᠡᠷᠢᠭᠰᠡᠨ ᠪᠣᠯᠤᠯᠲᠠᠢ ᠬᠤᠢᠬᠠᠯᠠᠭᠰᠠᠨ ᠬᠣᠨᠢᠨ ᠤ᠋ ᠲᠣᠯᠣᠭᠠᠢ ᠰᠢᠭᠢᠷ᠎ᠡ ᠥᠭᠬᠦ ᠳ᠋ᠦ᠍《ᠠᠪᠬᠤ ᠦᠭᠡᠢ》 ᠭᠡᠵᠦ ᠥᠪᠡᠷ ᠢ᠋ᠶ᠋ᠡᠨ ᠯᠡ ᠰᠣᠨᠣᠰᠳᠠᠬᠤᠢᠴᠠ ᠳᠦᠳᠦᠨᠡᠵᠦ ᠲᠣᠯᠣᠭᠠᠢ ᠪᠠᠨ ᠰᠡᠭᠰᠦᠷᠦᠨ᠎ᠡ᠃《ᠪᠠᠰᠠ ᠬᠢᠷᠢ ᠪᠡᠷ ᠢ᠋ᠶ᠋ᠡᠨ ᠬᠥᠭᠰᠢᠨ ᠬᠦ᠂ ᠬᠤᠢᠬᠠᠨ ᠤ᠋ ᠮᠢᠬ᠎ᠠ ᠭᠣᠯᠣᠨ᠎ᠠ᠃ ᠬᠣᠨᠢᠨ ᠤ᠋ ᠤᠭᠤᠴᠠᠨ ᠳ᠋ᠤ᠌ ᠳᠤᠷᠠᠯᠠᠪᠠ ᠤᠤ? ᠠᠪᠬᠤ ᠦᠭᠡᠢ ᠪᠣᠯ ᠪᠠᠢᠭ ᠴᠠᠭᠠᠰᠢ!》 ᠭᠡᠳ ᠡᠭᠦᠳᠡ ᠪᠡᠨ ᠬᠠᠭᠠᠨ᠎ᠠ᠃ ᠢᠩᠭᠢᠭᠡᠳ ᠬᠡᠨ ᠨᠢᠭᠡ ᠨᠢ ᠪᠠᠰᠠ《ᠨᠠᠰᠤᠨ ᠳ᠋ᠠᠭᠠᠨ ᠲᠤᠯᠤᠭᠰᠠᠨ ᠨᠠᠰᠤᠲᠠᠢ ᠬᠥᠮᠦᠨ ᠢ᠋ ᠶᠠᠭᠠᠬᠢᠬᠤ ᠪᠣᠢ? ᠬᠥᠭᠡᠷᠦᠬᠦᠢ᠂ ᠬᠠᠷ᠎ᠠ ᠲᠣᠯᠣᠭᠠᠢ ᠶ᠋ᠢᠨ ᠬᠤᠢᠬ᠎ᠠ ᠶ᠋ᠢ ᠳᠠᠭᠠᠭᠠᠬᠤ ᠰᠢᠲᠦ ᠪᠠᠢᠳᠠᠭ ᠦᠭᠡᠢ ᠴᠦ᠍ ᠶᠦᠮ ᠤᠤ ᠳᠠ᠂ ᠮᠠᠢ!》 ᠭᠡᠳ ᠪᠥᠭᠡᠮ ᠴᠥᠭᠡᠮ ᠮᠢᠬ᠎ᠠ ᠲᠠᠢ ᠪᠣᠭᠲᠣᠭᠣᠰᠣ᠂ ᠴᠢᠳᠬᠤᠭᠰᠠᠨ ᠭᠡᠳᠡᠰᠦ ᠳᠣᠲᠣᠷ ᠥᠭᠴᠦ《 ᠠᠪᠬᠤ ᠦᠭᠡᠢ ᠠ᠋》 ᠭᠡᠬᠦ ᠳ᠋ᠦ᠍ᠨᠢ ᠵᠠᠪᠠᠯ ᠭᠠᠷᠳᠠᠭᠤᠯᠵᠤ《ᠥᠯ ᠭᠣᠣᠯ ᠢ᠋ᠶ᠋ᠠᠨ ᠳᠠᠷᠤᠵᠤ ᠶᠠᠪᠤ》 ᠭᠡᠬᠦ ᠳ᠋ᠦ᠍ᠨᠢ ᠬᠥᠭᠰᠢᠨ《 ᠥᠷᠥᠭᠡᠯ ᠬᠥᠮᠦᠨ ᠦ᠌ ᠥᠭᠭᠢᠶᠡᠮᠦᠷᠴᠢ ᠰᠡᠳᠬᠢᠯ ᠢ᠋ ᠬᠤᠭᠤᠯᠵᠤ ᠶᠠᠭᠠᠬᠢᠨᠠᠮ ᠳᠠ᠂ ᠬᠦᠦ ᠳ᠋ᠡᠭᠡᠨ ᠦᠯᠡᠳᠡᠭᠡᠵᠦ ᠢᠳᠡᠭᠦᠯᠦᠶ᠎ᠡ》 ᠭᠡᠵᠦ ᠳᠦᠳᠦᠨᠡᠭᠰᠡᠭᠡᠷ ᠡᠪᠦᠷᠲᠦᠯᠡᠨ᠎ᠡ᠃ 
       — ᠲᠠ ᠶᠠᠭᠤᠨ ᠳ᠋ᠤ᠌ ᠶᠠᠪᠤᠭ᠎ᠠ ᠪᠣᠢ? 
       — ᠪᠢ ᠬᠦᠦ ᠪᠡᠨ ᠰᠤᠷᠠᠭᠯᠠᠵᠤ ᠶᠠᠪᠤᠨ᠎ᠠ᠃ 
       — ᠬᠡᠨ ᠭᠡᠳᠡᠭ ᠪᠢᠯᠡ?  
       — ᠴᠢ ᠲᠠᠨᠢᠬᠤ ᠦᠭᠡᠢ ᠠ᠋! ᠲᠠᠨ ᠤ᠋ ᠬᠦᠩ ᠦ᠋ᠨ ᠪᠠᠭ᠎ᠠ ᠬᠠᠲᠤᠨ ᠲᠠᠢ ᠠᠭᠤᠯᠵᠠᠶ᠎ᠠ᠂ ᠪᠠᠢᠵᠠ᠁ ᠭᠡᠰᠡᠨ ᠦᠭᠡ ᠪᠡᠨ ᠨᠤᠷᠰᠢᠨ ᠨᠤᠷᠰᠢᠨ ᠶᠠᠷᠢᠵᠤ ᠥᠩᠭᠡ ᠲᠡᠢ ᠵᠢᠰᠦ ᠲᠡᠢ᠂ ᠰᠦᠢᠬᠡ ᠤᠨᠵᠢᠯᠭ᠎ᠠ ᠲᠠᠢ ᠪᠦᠰᠡᠭᠦᠢ ᠬᠥᠮᠦᠨ ᠦ᠌ ᠪᠠᠷ᠎ᠠ ᠶ᠋ᠢ ᠪᠠᠷᠠᠳᠠᠵᠤ ᠶᠠᠪᠤᠨ ᠰᠥᠨᠢ ᠳ᠋ᠡᠭᠡᠨ ᠨᠣᠶᠠᠨ ᠰᠠᠩ ᠤ᠋ᠨ ᠠᠢᠯ ᠤ᠋ᠨ ᠠᠷᠭᠠᠯ ᠲᠦᠯᠡᠰᠢ ᠶ᠋ᠢᠨ ᠨᠥᠮᠥᠷᠢ ᠳ᠋ᠦ᠍ ᠬᠣᠨᠣᠵᠤ᠂ ᠡᠳᠦᠷ ᠲᠡᠭᠡᠨ ᠨᠣᠶᠠᠨ ᠰᠠᠩ ᠤ᠋ᠨ ᠡᠭᠦᠳᠡ ᠶ᠋ᠢ ᠨᠢᠳᠦ ᠪᠡᠨ ᠬᠥᠬᠡᠷᠡᠲᠡᠯ᠎ᠡ ᠬᠠᠷᠠᠵᠤ ᠵᠣᠭᠰᠣᠨ᠎ᠠ᠁ ᠭᠡᠨᠡᠳᠲᠡ ᠨᠣᠬᠠᠳ ᠱᠤᠤᠭᠢᠯᠳᠤᠨ ᠬᠥᠭᠰᠢᠨ ᠢ᠋ ᠬᠡᠳᠦᠨ ᠲᠠᠯ᠎ᠠ ᠠ᠋ᠴᠠ ᠨᠢ ᠪᠠᠷᠢᠴᠢᠬᠠᠮᠠᠷ ᠠᠭᠰᠤᠷᠬᠤ ᠳ᠋ᠤ᠌ ᠲᠡᠷᠡ ᠠᠶᠤᠨ ᠪᠠᠯᠠᠳᠠᠳᠠᠭ ᠦᠭᠡᠢ ᠣᠷᠣᠨ ᠳ᠋ᠠᠭᠠᠨ ᠴᠣᠮᠴᠣᠢᠵᠤ ᠰᠠᠭᠤᠨ᠎ᠠ᠃ ᠮᠣᠩᠭᠣᠯ ᠭᠠᠵᠠᠷ ᠤ᠋ᠨ ᠨᠣᠬᠠᠢ ᠭᠡᠳᠡᠭ ᠠᠮᠢᠲᠠᠨ ᠪᠠᠰᠠ ᠰᠣᠨᠢᠨ ᠶᠤᠮ ᠠ᠋! ᠬᠥᠮᠦᠨ ᠬᠡᠳᠦ ᠲᠡᠭᠦᠨ ᠲᠡᠢ ᠥᠰᠢᠯᠳᠦᠵᠦ ᠮᠣᠳᠣ ᠴᠢᠯᠠᠭᠤ ᠪᠠᠷᠢᠨ ᠵᠠᠪᠳᠤᠬᠤ ᠭᠡᠪᠡᠯ ᠲᠡᠷᠡ ᠲᠡᠳᠦᠢ ᠠᠭᠰᠤᠷᠤᠨ ᠳᠣᠭᠰᠢᠷᠠᠵᠤ ᠤᠷᠠᠴᠢᠬᠠᠮᠠᠷ ᠲᠠᠰᠤᠳᠠᠴᠢᠬᠠᠮᠠᠷ ᠪᠣᠯᠤᠨ᠎ᠠ᠃ ᠬᠠᠷᠢᠨ ᠢᠩᠭᠢᠭᠡᠳ ᠣᠷᠣᠨ ᠳ᠋ᠠᠭᠠᠨ ᠴᠣᠮᠴᠣᠢᠭᠠᠳ ᠰᠠᠭᠤᠴᠢᠬᠠᠬᠤᠯᠠᠷ ᠤᠷᠭ᠎ᠠ ᠪᠠᠷᠢᠮ᠎ᠠ ᠵᠠᠢᠲᠠᠢ ᠲᠣᠭᠣᠷᠢᠨ ᠭᠦᠶᠦᠵᠦ ᠬᠣᠷᠭᠣᠭᠣᠬᠤ ᠲᠡᠳᠦᠢ ᠡᠴᠡ ᠪᠢᠰᠢ ᠰᠢᠭᠤᠳ ᠳᠠᠭᠠᠷᠢᠳᠠᠭ ᠦᠭᠡᠢ᠂《 ᠡᠨᠡ ᠶᠠᠭᠠᠬᠢᠬᠤ ᠭᠡᠵᠦ ᠪᠠᠢᠨ᠎ᠠ ᠪᠣᠢ? ᠶᠠᠮᠠᠷ ᠪᠠᠰᠢᠷ ᠢ᠋ᠶ᠋ᠠᠷ ᠬᠣᠣᠷᠯᠠᠬᠤ ᠭᠡᠵᠦ ᠪᠠᠢᠨ᠎ᠠ?》 ᠭᠡᠰᠡᠨ ᠮᠡᠲᠦ ᠮᠠᠰᠢᠳᠠ ᠬᠡᠷᠰᠡᠦᠬᠡᠨ ᠣᠷᠣᠳᠠᠭ ᠠᠵᠢ ᠠ᠋! ᠦᠨᠡᠨ ᠦᠭᠡᠨ ᠳ᠋ᠦ᠍ ᠬᠥᠮᠦᠨ ᠥᠰᠢᠶᠡᠷᠬᠡᠵᠦ᠂ ᠥᠨᠳᠥᠷ ᠮᠣᠳᠣᠨ ᠳ᠋ᠤ᠌ ᠨᠣᠬᠠᠢ ᠥᠰᠢᠶᠡᠷᠬᠡᠨ᠎ᠡ ᠭᠡᠳᠡᠭ ᠨᠢ ᠶᠠᠭ ᠲᠡᠢᠮᠦ ᠪᠤᠶᠤ᠃《 ᠬᠥᠭᠡᠷᠦᠬᠦᠢ ᠡᠵᠢ ᠮᠢᠨᠢ ᠢᠩᠭᠢᠵᠦ ᠬᠦᠦ ᠪᠡᠨ ᠦᠭᠡᠢᠯᠡᠵᠦ ᠬᠥᠮᠦᠨ ᠦ᠌ ᠡᠭᠦᠳᠡᠨ ᠳ᠋ᠦ᠍ ᠠᠢᠯ ᠤ᠋ᠨ ᠨᠣᠬᠠᠢ ᠳ᠋ᠤ᠌᠁》 ᠭᠡᠵᠦ ᠡᠨᠡᠷᠢᠨ ᠰᠠᠨᠠᠵᠤ《 ᠮᠠᠭᠤ ᠰᠠᠢᠨ ᠵᠣᠯᠪᠢᠩ ᠤ᠋ᠳ ᠮᠢᠨᠦ ᠡᠵᠢ ᠶ᠋ᠢ ᠶᠠᠭᠠᠬᠢᠬᠤ ᠶᠤᠮ? ᠵᠥᠪ!》 ᠭᠡᠵᠦ ᠠᠭᠰᠤᠷᠤᠨ ᠬᠣᠷᠭᠣᠭᠣᠭᠰᠠᠨ ᠨᠣᠬᠠᠢ ᠶ᠋ᠢ ᠵᠠᠩᠳᠤᠷᠤᠭᠰᠠᠨ ᠳ᠋ᠠᠭᠠᠨ ᠰᠣᠴᠢᠨ ᠰᠡᠷᠡᠪᠡ᠃      
       ᠨᠣᠬᠠᠢ ᠠᠭᠰᠤᠷᠤᠨ ᠬᠣᠷᠭᠣᠭᠣᠵᠤ ᠪᠠᠢᠯ᠎ᠠ᠁  
       ᠬᠡᠳᠦᠨ ᠭᠦᠵᠡᠭᠡᠨ ᠠᠯᠴᠢᠭᠤᠷ ᠲᠠᠢ ᠡᠷ᠎ᠡ ᠲᠦᠷᠭᠡᠨ ᠫᠤᠤ ᠶ᠋ᠢᠨ ᠥᠯᠥᠨ ᠠᠮᠠ ᠶ᠋ᠢ ᠣᠩᠭᠣᠯᠵᠠᠭᠤᠯᠤᠨ ᠬᠠᠪᠲᠠᠭᠠᠢ ᠴᠢᠯᠠᠭᠤᠨ ᠤ᠋ ᠳᠥᠷᠪᠡᠨ ᠥᠨᠴᠥᠭ ᠢ᠋ ᠰᠠᠬᠢᠭᠰᠠᠨ ᠪᠠᠢᠪᠠ᠃ 
      《ᠡᠨᠡ ᠶᠠᠭᠤ ᠪᠣᠯᠵᠤ ᠪᠠᠢᠭ᠎ᠠ ᠶᠤᠮ? ᠪᠢ ᠪᠠᠰᠠ ᠵᠡᠭᠦᠳᠦᠨ ᠡᠴᠡ ᠪᠡᠨ ᠰᠡᠷᠡᠭᠡ ᠦᠭᠡᠢ ᠶᠦᠮ ᠪᠢᠯᠡ ᠤᠤ?》 ᠭᠡᠵᠦ  ᠪᠣᠳᠣᠭᠰᠠᠨ ᠠᠩᠴᠢᠨᠵᠠᠪ ᠨᠠᠷᠠ ᠲᠠᠢ ᠰᠡᠭᠦᠳᠡᠷ ᠲᠡᠢ ᠭᠡᠭᠡᠨ ᠡᠳᠦᠷ ᠢ᠋ᠶ᠋ᠡᠷ ᠨᠠᠭᠠᠳᠤᠮ ᠱᠣᠭ ᠴᠦ᠍ ᠪᠢᠰᠢ ᠶᠦᠮ ᠪᠠᠢᠭ᠎ᠠ᠁ ᠶᠠᠪᠤᠳᠠᠯ ᠤᠴᠢᠷ ᠪᠤᠷᠤᠭᠤ ᠪᠠᠷ ᠡᠷᠭᠢᠭᠰᠡᠨ ᠭᠡᠳᠡᠭ ᠢ᠋ ᠭᠠᠳᠠᠷᠯᠠᠵᠤ《ᠲᠠ ᠨᠠᠷ ᠡᠷ᠎ᠡ ᠶ᠋ᠢᠨ ᠲᠤᠷᠪᠢ ᠲᠠᠢ ᠳ᠋ᠠᠭᠠᠨ ᠢᠩᠭᠢᠵᠦ ᠡᠴᠢᠭᠡᠳᠡᠵᠦ ᠪᠠᠢᠨ᠎ᠠ ᠤᠤ? ᠨᠠᠭᠠᠳᠤ ᠬᠥᠬᠡ ᠤᠲᠤᠭ᠎ᠠ ᠴᠣᠷᠭᠢᠳᠠᠭ ᠬᠥᠨᠳᠡᠯᠡᠨ ᠲᠡᠮᠦᠷ ᠦ᠋ᠨ ᠤᠩᠬᠢ ᠶ᠋ᠢ ᠴᠠᠭᠠᠰᠢ ᠬᠠᠨᠳᠤᠭᠤᠯ᠂ ᠮᠠᠭᠤ ᠢᠷᠣ᠎ᠠ! ᠦᠭᠡᠢ ᠶᠦᠮ ᠪᠣᠯ ᠲᠠᠨ ᠤ᠋ ᠬᠡᠳᠦᠭᠦᠯᠡ ᠶ᠋ᠢ ᠪᠢ ᠤᠤᠭᠤᠳᠠᠭ ᠢ᠋ ᠴᠢᠨᠢ ᠳᠣᠷᠣᠭᠰᠢ ᠪᠠᠨ ᠣᠩᠭᠣᠳᠠᠭ ᠢ᠋ ᠴᠢᠨᠢ ᠳᠡᠭᠡᠭᠰᠢ ᠪᠡᠨ ᠬᠠᠷᠠᠭᠤᠯᠬᠤ ᠳ᠋ᠤ᠌ ᠡᠨᠡᠭᠦᠬᠡᠨ ᠳ᠋ᠦ᠍!》 ᠭᠡᠵᠦ ᠳᠣᠲᠣᠷ᠎ᠠ ᠪᠠᠨ ᠪᠢᠲᠡᠭᠦᠬᠡᠨ ᠵᠠᠨᠤᠵᠤ᠄ 
       — ᠲᠠ ᠨᠠᠷ ᠶᠠᠭᠠᠬᠢᠬᠤ ᠰᠠᠨᠠᠭ᠎ᠠ ᠲᠠᠢ ᠪᠣᠯ ᠰᠢᠭᠤᠳ ᠬᠡᠯᠡ᠃ ᠥᠨᠥᠬᠢ ᠮᠠᠭᠤ ᠢᠷᠣ᠎ᠠ ᠶ᠋ᠢᠨ ᠣᠩᠭᠣᠢᠭᠰᠠᠨ ᠨᠦᠬᠡ ᠲᠡᠢ ᠲᠡᠮᠦᠷ ᠢ᠋ᠶ᠋ᠡᠨ ᠴᠠᠭᠠᠰᠢ ᠬᠠᠨᠳᠤᠭᠤᠯᠤᠭᠠᠴᠢ! ᠲᠠ ᠨᠠᠷ ᠡᠷ᠎ᠡ ᠳᠡᠭᠦᠵᠢᠯᠡᠭᠰᠡᠨ ᠬᠥᠮᠦᠨ ᠪᠣᠯ ᠡᠷ᠎ᠡ ᠬᠥᠮᠦᠨ ᠦ᠌ ᠲᠣᠭᠯᠠᠭᠠᠮ ᠬᠢ! ᠪᠢᠲᠡᠭᠡᠢ ᠨᠢᠭᠦᠯ ᠦ᠋ᠨ ᠶᠠᠭᠤᠮ᠎ᠠ ᠦᠢᠯᠡᠳ! ᠭᠡᠵᠦ ᠪᠣᠰᠴᠤ ᠰᠠᠭᠤᠪᠠᠯ᠂ ᠲᠡᠭᠦᠨ ᠦ᠌ ᠠᠷᠤ ᠳ᠋ᠤ᠌᠄ 
       — ᠳᠤᠬᠤᠨ ᠤ᠋ ᠴᠢᠨᠢ ᠨᠢᠭᠦᠯ! ᠶᠠᠭᠠᠬᠢᠭᠰᠠᠨ ᠢ᠋ᠶ᠋ᠠᠨ ᠮᠡᠳᠡᠳᠡᠭ ᠪᠣᠯ ᠨᠣᠮᠣᠬᠠᠨ ᠰᠢᠳᠤᠷᠭᠤ ᠪᠠᠢ᠂ ᠮᠠᠨ ᠤ᠋ ᠠᠶ᠎ᠠ ᠪᠠᠷ ᠶᠠᠪᠤᠬᠤ ᠦᠭᠡᠢ ᠮᠠᠶᠢᠭᠯᠠᠭᠰᠠᠭᠠᠷ ᠣᠩᠭᠣᠢᠭᠰᠠᠨ ᠬᠦᠢᠲᠡᠨ ᠲᠡᠮᠦᠷ ᠨᠦᠬᠡᠨ ᠡᠴᠡ ᠴᠣᠷᠭᠢᠳᠠᠭ ᠬᠥᠬᠡ ᠤᠲᠤᠭᠠᠲᠤ ᠠᠮᠲᠠ ᠶ᠋ᠢ ᠠᠮᠲᠠᠯᠠᠨ᠎ᠠ ᠭᠡᠳᠡᠭ ᠢ᠋ ᠮᠡᠳᠡ! ᠭᠡᠬᠦ ᠶᠠᠩ ᠶᠠᠩ ᠢᠮᠠᠭᠠᠨ ᠳᠠᠭᠤ ᠰᠣᠨᠣᠰᠳᠠᠪᠠ᠃  
      《ᠪᠠᠢᠵᠠ ᠠ᠋᠂ ᠡᠨᠡ ᠢᠮᠠᠭᠠᠨ ᠰᠢᠩᠭᠡᠨ ᠳᠠᠭᠤ ᠶ᠋ᠢ ᠬᠠᠮᠢᠭ᠎ᠠ ᠨᠢᠭᠡ ᠰᠣᠨᠣᠰᠴᠤ ᠪᠢᠯᠡ⁈》 ᠭᠡᠵᠦ ᠡᠷᠭᠢᠵᠦ ᠬᠠᠷᠠᠪᠠᠯ ᠥᠨᠥᠬᠢ ᠥᠯᠥᠩᠲᠦ ᠶ᠋ᠢᠨ ᠡᠬᠢ ᠳ᠋ᠦ᠍ ᠮᠣᠳᠣᠨ ᠳ᠋ᠤ᠌ ᠳᠡᠭᠦᠵᠢᠯᠡᠭᠡᠰᠦᠲᠡᠢ ᠪᠠᠢᠭᠰᠠᠨ ᠬᠥᠮᠦᠨ ᠭᠡᠳᠡᠭ ᠢ᠋ ᠦᠵᠡᠮᠡᠭᠴᠡ ᠲᠠᠨᠢᠵᠤ᠄ 
       — ᠦᠭᠡᠢ᠂ ᠲᠠ ᠴᠢᠨᠢ᠁ ᠭᠡᠯ᠎ᠡ᠃ 
       — ᠨᠠᠮᠠᠶ᠋ᠢ ᠲᠠᠨᠢᠵᠤ ᠪᠠᠢᠭ᠎ᠠ ᠤᠤ? 
       — ᠥᠯᠥᠩᠲᠦ ᠶ᠋ᠢᠨ ᠡᠬᠢ ᠳ᠋ᠦ᠍ ᠪᠢᠳᠡ ᠬᠣᠶᠠᠭᠤᠯᠠ ᠠᠭᠤᠯᠵᠠᠵᠤ ᠪᠠᠢᠭᠰᠠᠨ ᠪᠢᠰᠢ ᠪᠢᠯᠡ ᠤᠤ? 
       — ᠠ᠂ ᠲᠠᠨᠢᠵᠤ ᠪᠠᠢᠪᠠᠯ ᠶᠠᠭᠠᠬᠢᠬᠤ ᠪᠣᠢ? 
       — ᠲᠡᠭᠡᠭᠡᠳ ᠲᠠ ᠶᠠᠭᠠᠬᠢᠵᠤ ᠪᠠᠢᠭ᠎ᠠ ᠴᠢᠨᠢ ᠡᠨᠡ ᠪᠣᠢ? ᠭᠡᠰᠡᠨ ᠠᠩᠴᠢᠨᠵᠠᠪ ᠤ᠋ᠨ ᠨᠢᠳᠦ《 ᠮᠠᠭᠤ ᠠᠮᠢ ᠶ᠋ᠢ ᠴᠢᠨᠢ ᠪᠢ ᠠᠪᠤᠷᠠᠭᠰᠠᠨ ᠰᠢᠲᠠ! ᠦᠭᠡᠢ ᠪᠣᠯ ᠴᠢᠨᠣ᠎ᠠ ᠶ᠋ᠢᠨ ᠬᠣᠭᠣᠯᠠ ᠪᠣᠯᠤᠭᠰᠠᠨ ᠢ᠋ᠶ᠋ᠠᠨ ᠮᠡᠳᠡᠳᠡᠭ ᠴᠦ᠍ ᠪᠣᠯᠪᠠᠯ ᠠᠷᠠᠢ ᠢᠩᠭᠢᠵᠦ ᠢᠳᠡᠳᠡᠭ ᠣᠩᠬᠣᠷ ᠲᠠᠭᠠᠨ ᠪᠠᠭᠠᠵᠤ᠂ ᠡᠨᠡᠷᠢᠯᠲᠦ ᠬᠥᠮᠦᠨ ᠦ᠌ ᠪᠡᠨ ᠲᠣᠯᠣᠭᠠᠢ ᠤᠷᠤᠭᠤ ᠰᠢᠭᠡᠬᠦ ᠦᠭᠡᠢ ᠪᠡᠷ ᠯᠠ ᠦᠭᠡᠢ》 ᠭᠡᠳ ᠪᠠᠢᠭ᠎ᠠ ᠶ᠋ᠢ ᠥᠯᠵᠡᠢᠰᠠᠩ ᠦᠵᠡᠵᠦ ᠭᠠᠷᠤᠭᠠᠳ᠄ 
       — ᠬᠡᠩ! ᠴᠢ ᠮᠠᠨᠴᠤᠷᠭ᠎ᠠ ᠲᠠᠢ ᠬᠣᠶᠠᠭᠤᠯᠠ ᠨᠡᠢᠯᠡᠵᠦ ᠵᠠᠰᠠᠭ ᠬᠦᠩ ᠦ᠋ᠨ ᠬᠠᠲᠤᠨ ᠤ᠋ ᠰᠡᠳᠬᠢᠯ ᠢ᠋ ᠭᠣᠬᠠᠳᠠᠵᠤ᠂ ᠬᠡᠷᠡᠭ ᠵᠠᠷᠭᠤ ᠬᠢᠴᠢᠬᠡᠭᠡᠳ ᠨᠠᠮᠠᠶ᠋ᠢ ᠡᠮᠦᠨ᠎ᠡ ᠪᠡᠨ ᠪᠠᠷᠢᠳᠠᠭ ᠨᠢ ᠶᠠᠭᠤ ᠪᠣᠢ? ᠪᠢ ᠴᠢᠮ᠎ᠠ ᠲᠠᠢ ᠥᠰᠢᠶ᠎ᠡ ᠲᠡᠢ ᠤᠤ? ᠭᠡᠯ᠎ᠡ᠃ 
       — ᠶᠠᠭᠤ ᠶᠠᠷᠢᠵᠤ ᠪᠠᠢᠨ᠎ᠠ ᠲᠠ? 
       — ᠶᠠᠭᠤ ᠶᠠᠷᠢᠵᠤ ᠪᠠᠢᠨ᠎ᠠ ᠭᠡᠨ᠎ᠡ? ᠲᠠ ᠬᠣᠶᠠᠭᠤᠯᠠ ᠨᠠᠮᠠᠶ᠋ᠢ ᠥᠯᠥᠩᠲᠦ ᠶ᠋ᠢᠨ ᠡᠬᠢ ᠳ᠋ᠦ᠍ ᠮᠣᠳᠣᠨ ᠳ᠋ᠤ᠌ ᠳᠡᠭᠦᠵᠢᠯᠡᠵᠦ ᠲᠠᠮᠤᠯᠠᠵᠤ ᠭᠦᠢᠴᠡᠭᠡᠳ ᠰᠠᠨᠠᠭ᠎ᠠ ᠴᠢᠨᠢ ᠠᠮᠠᠷᠠᠳᠠᠭ ᠪᠠᠢᠵᠤ ᠤᠤ! ᠨᠢᠭᠡ ᠨᠢ ᠳᠡᠭᠦᠵᠢᠯᠡᠵᠦ ᠬᠠᠶᠠᠴᠢᠬᠠᠭᠠᠳ ᠠᠷᠢᠯᠴᠢᠬᠠᠳᠠᠭ᠃ ᠨᠥᠭᠦᠭᠡ ᠨᠢ ᠬᠣᠯᠠ ᠠ᠋ᠴᠠ ᠪᠠᠷᠠᠳᠠᠵᠤ ᠪᠠᠢᠭᠠᠳ ᠦᠬᠦᠬᠦ ᠶ᠋ᠢᠨ ᠲᠠᠮᠤ ᠳᠡᠭᠡᠷ᠎ᠡ ᠲᠡᠯᠴᠢᠯᠡᠬᠦ ᠳ᠋ᠦ᠍ ᠠᠮᠢ ᠠᠪᠤᠷᠠᠭᠰᠠᠨ ᠠᠴᠢᠲᠤ ᠬᠥᠮᠦᠨ ᠦ᠌ ᠳᠦᠷᠢ ᠪᠡᠷ ᠣᠪᠯᠠᠵᠤ ᠨᠠᠮᠠᠶ᠋ᠢ ᠶᠠᠭᠤ ᠴᠦ᠍ ᠮᠡᠳᠡᠬᠦ ᠦᠭᠡᠢ ᠶᠦᠮ ᠰᠢᠭ ᠰᠠᠢᠬᠠᠨ ᠬᠣᠩᠰᠢᠶᠠᠷᠯᠠᠳᠠᠭ ᠴᠢᠨᠢ ᠶᠠᠭᠠᠬᠢᠯ᠎ᠠ⁈ 
       — ᠲᠠ ᠠᠮᠠ ᠪᠠᠨ ᠣᠯᠵᠤ ᠬᠤᠴᠠᠭᠠᠷᠠᠢ!  
       — ᠶᠠᠭᠤ? ᠨᠠᠮᠠᠶ᠋ᠢ ᠨᠣᠬᠠᠢ ᠭᠡᠵᠦ ᠬᠠᠷᠢᠶᠠᠪᠠ ᠤᠤ? ᠴᠢ! 
       — ᠪᠢ ᠲᠠᠨ ᠢ᠋ ᠨᠣᠬᠠᠢ ᠭᠡᠵᠦ ᠬᠠᠷᠢᠶᠠᠭ᠎ᠠ ᠦᠭᠡᠢ ᠰᠢᠲᠠ! 
       — ᠲᠡᠭᠡᠭᠡᠳ《 ᠬᠤᠴᠠᠭᠠᠷᠠᠢ》 ᠭᠡᠳᠡᠭ ᠴᠢᠨᠢ《 ᠨᠣᠬᠠᠢ》 ᠭᠡᠰᠡᠨ ᠬᠠᠷᠢᠶᠠᠯ ᠪᠢᠰᠢ ᠶᠠᠭᠤ ᠶᠤᠮ?    
       — ᠢᠩᠭᠢᠵᠦ ᠠᠮᠠ ᠵᠠᠳᠠᠭᠠᠢ ᠳᠤᠷ᠎ᠠ ᠪᠠᠷ ᠢ᠋ᠶ᠋ᠠᠨ ᠴᠠᠯᠴᠢᠳᠠᠭ ᠴᠢᠨᠢ ᠨᠣᠬᠠᠢ ᠬᠤᠴᠠᠬᠤ ᠲᠠᠢ ᠶᠠᠮᠠᠷ ᠯᠠ ᠢᠯᠭᠠᠭ᠎ᠠ ᠲᠠᠢ ᠪᠣᠢ? 
       ᠥᠯᠵᠡᠢᠰᠠᠩ᠂ ᠠᠩᠴᠢᠨᠵᠠᠪ ᠤ᠋ᠨ ᠡᠮᠦᠨ᠎ᠡ ᠡᠴᠡ ᠣᠯᠢᠭᠲᠠᠢ ᠦᠭᠡ ᠣᠯᠵᠤ ᠬᠡᠯᠡᠬᠦ ᠦᠭᠡᠢ ᠠᠭᠤᠷ ᠲᠠᠭᠠᠨ ᠡᠷᠡᠦ ᠨᠢ ᠴᠡᠴᠡᠷᠡᠵᠦ ᠪᠠᠢᠯ᠎ᠠ᠃ 
       — ᠲᠡᠷᠡ ᠵᠢᠯ ᠬᠦᠩ ᠨᠣᠶᠠᠨ ᠤ᠋ ᠪᠠᠭ᠎ᠠ ᠬᠠᠲᠤᠨ ᠢ᠋ ᠤᠷᠤᠭᠤ ᠲᠠᠲᠠᠵᠤ ᠦᠦᠷ ᠢ᠋ᠶ᠋ᠡᠷ ᠠᠪᠴᠤ ᠳᠤᠲᠠᠭᠠᠭᠰᠠᠨ ᠢ᠋ᠶ᠋ᠠᠨ ᠮᠡᠳᠡᠵᠦ ᠪᠠᠢᠨ᠎ᠠ ᠤᠤ? ᠭᠡᠵᠦ ᠠᠭᠰᠤᠮᠨᠠᠪᠠ᠃ 
       ᠠᠩᠴᠢᠨᠵᠠᠪ ᠡᠨᠡ ᠬᠦ᠌ ᠬᠥᠮᠦᠨ ᠦ᠌ ᠠᠷᠠᠰᠤ ᠨᠥᠮᠥᠷᠦᠭᠰᠡᠨ ᠵᠣᠯᠪᠢᠩ ᠨᠣᠬᠠᠢ ᠶ᠋ᠢ ᠬᠠᠷᠠᠭᠠᠳ ᠵᠢᠭᠰᠢᠵᠦ《 ᠡᠢᠮᠦ ᠣᠯᠬᠢᠶ᠎ᠠ ᠦᠭᠡᠢ ᠬᠥᠮᠦᠨ ᠢ᠋ ᠴᠢᠨᠢ ᠮᠡᠳᠡᠭᠰᠡᠨ ᠰᠠᠨ ᠪᠣᠯ ᠶᠠᠭᠤ ᠭᠡᠵᠦ ᠠᠮᠢ ᠶ᠋ᠢ ᠴᠢᠨᠢ ᠠᠪᠤᠷᠠᠯ᠎ᠠ⁈ ᠴᠢ ᠶᠠᠮᠠᠷ ᠰᠠᠢᠨ ᠳ᠋ᠠᠭᠠᠨ ᠴᠠᠭᠠᠳᠤᠭᠤᠯᠠ ᠪᠠᠷ ᠢ᠋ᠶ᠋ᠠᠨ ᠴᠢᠷᠮᠡᠨ ᠱᠠᠯᠳᠠᠩ ᠢ᠋ᠶ᠋ᠠᠷ ᠳᠡᠭᠦᠵᠢᠯᠡᠭᠦᠯᠵᠦ᠂ ᠴᠢᠨᠣ᠎ᠠ ᠲᠡᠵᠢᠭᠡᠯᠭᠡᠳᠡᠭ ᠪᠠᠢᠪᠠ? ᠠᠭᠤᠯᠠ ᠶ᠋ᠢᠨ ᠴᠢᠨᠣ᠎ᠠ ᠴᠦ᠍ ᠴᠢᠮ᠎ᠠ ᠮᠠᠭᠤ ᠦᠨᠦᠷ ᠣᠷᠣᠭᠰᠠᠨ ᠵᠣᠯᠪᠢᠩ ᠨᠣᠬᠠᠢ ᠶ᠋ᠢᠨ ᠵᠣᠪᠠᠯᠭ᠎ᠠ ᠶ᠋ᠢ ᠭᠣᠯᠣᠭᠠᠳ ᠢᠳᠡᠭᠰᠡᠨ ᠦᠭᠡᠢ ᠪᠠᠢᠵᠠᠢ ᠠ᠋! ᠦᠭᠡᠢ ᠪᠣᠯ ᠴᠢᠮᠠᠶ᠋ᠢ ᠨᠢᠭᠡ ᠰᠥᠨᠢ ᠵᠦᠭᠡᠷ ᠥᠩᠭᠡᠷᠡᠭᠡᠨ᠎ᠡ ᠤᠤ! ᠴᠢᠭᠢᠶᠡᠲᠦᠷᠦᠦ! ᠪᠢ ᠶᠠᠭᠠᠬᠢᠬᠤ ᠳ᠋ᠠᠭᠠᠨ ᠡᠢᠮᠦ ᠡᠷᠭᠢᠭᠦᠦ ᠲᠣᠯᠣᠭᠠᠢ ᠪᠣᠢ? ᠡᠷᠭᠢᠭᠦᠦ ᠬᠠᠶᠠᠭᠰᠠᠨ ᠰᠢᠳᠡᠮ ᠡᠵᠡᠨ ᠦ᠌ ᠪᠡᠨ ᠲᠣᠯᠣᠭᠠᠢ ᠤᠷᠤᠭᠤ ᠭᠡᠳᠡᠭ ᠨᠢ ᠡᠨᠡ ᠳᠡ!》 ᠭᠡᠵᠦ ᠲᠡᠭᠦᠨ ᠢ᠋ ᠵᠢᠭᠰᠢᠨ ᠥᠪᠡᠷ ᠢ᠋ ᠪᠡᠨ ᠵᠢᠮᠡᠯᠡᠨ ᠪᠣᠰᠪᠠ᠃ 
       ᠥᠯᠵᠡᠢᠰᠠᠩ᠂ ᠠᠩᠴᠢᠨᠵᠠᠪ ᠤ᠋ᠨ ᠰᠥᠰᠥ ᠲᠡᠢ ᠡᠷ᠎ᠡ ᠭᠡᠳᠡᠭ ᠢ᠋ ᠳᠣᠲᠣᠷ᠎ᠠ ᠪᠠᠨ ᠪᠢᠰᠢᠷᠡᠵᠦ᠂《 ᠡᠭᠦᠨ ᠳ᠋ᠦ᠍ ᠫᠤᠤ ᠠᠳᠬᠤᠭᠤᠯᠵᠤ ᠵᠠᠪᠰᠢᠶᠠᠨ ᠣᠯᠭᠣᠭᠰᠠᠭᠠᠷ ᠬᠡᠷᠡᠭ ᠬᠢᠳᠡᠭ<ᠭᠠᠯ ᠤ᠋ᠨ ᠬᠡᠰᠢᠭ> ᠶᠦᠮ ᠭᠡᠳᠡᠭ ᠢ᠋ ᠭᠠᠳᠠᠷᠯᠠᠵᠤ ᠭᠡᠨᠡᠳᠲᠡ ᠨᠠᠳᠬᠤᠭ᠎ᠠ ᠮᠣᠷᠢ ᠰᠢᠭ᠋ ᠪᠤᠯᠭᠢᠵᠤ ᠲᠣᠩᠭᠣᠷᠠᠪᠠᠯ ᠭᠡᠳᠡᠷᠭᠦ ᠪᠡᠨ ᠬᠣᠣᠷ ᠠᠮᠰᠠᠬᠤ ᠠ᠋ᠴᠠ ᠪᠣᠯᠭᠣᠮᠵᠢᠯᠠᠭᠰᠠᠨ ᠤ᠋ ᠴᠦ᠍ ᠶᠤᠮ ᠤᠤ ᠥᠪᠡᠷ ᠦ᠋ᠨ ᠪᠡᠶ᠎ᠡ ᠳ᠋ᠡᠭᠡᠨ ᠤᠬᠤᠷᠢᠬᠤ ᠵᠠᠮ ᠦᠯᠡᠳᠡᠭᠡᠵᠦ ᠣᠪᠣᠷ ᠵᠠᠩ ᠢ᠋ᠶ᠋ᠠᠨ ᠡᠶᠡᠷᠡᠭᠦᠯᠦᠨ᠄ 
       — ᠠᠩᠴᠢᠨᠵᠠᠪ ᠠ᠋᠂ ᠠᠭᠤᠴᠢᠯᠠᠭᠠᠷᠠᠢ᠃ ᠪᠢ ᠴᠦ᠍ ᠠᠷᠭ᠎ᠠ ᠦᠭᠡᠢ ᠰᠢᠦ᠃ ᠬᠠᠷ᠎ᠠ ᠪᠡᠶ᠎ᠡ ᠶ᠋ᠢᠨ ᠠᠯᠪᠠ ᠪᠢᠰᠢ᠂ ᠬᠠᠭᠠᠨ ᠤ᠋ ᠠᠯᠪᠠ ᠬᠡᠴᠡᠭᠦᠦ ᠪᠠᠢᠨ᠎ᠠ᠂ ᠬᠦᠩ ᠨᠣᠶᠠᠨ ᠤ᠋ ᠵᠠᠷᠯᠢᠭ ᠭᠡᠭᠴᠢ ᠬᠠᠲᠠᠭᠤ ᠶᠤᠮ ᠰᠢᠦ! ᠭᠡᠵᠦ ᠬᠠᠳᠠᠨ ᠳ᠋ᠤ᠌ ᠬᠣᠷᠢᠭᠳᠠᠭᠰᠠᠨ ᠬᠢᠵᠠᠭᠠᠯᠠᠩ ᠢᠮᠠᠭ᠎ᠠ ᠰᠢᠭ᠋ ᠮᠠᠢᠯᠠᠨ ᠢᠨᠢᠶᠡᠪᠡ᠃ 
       ᠠᠩᠴᠢᠨᠵᠠᠪ᠂ ᠥᠯᠵᠡᠢᠰᠠᠩ ᠤ᠋ᠨ ᠬᠦᠢᠲᠡᠨ ᠲᠡᠢ ᠨᠣᠢᠲᠠᠨ ᠲᠠᠢ ᠬᠤᠪᠢᠷᠠᠬᠤ ᠵᠢᠭᠰᠢᠭᠦᠷᠢᠲᠦ ᠴᠢᠷᠠᠢ ᠶ᠋ᠢ ᠵᠢᠭᠰᠢᠨ ᠲᠡᠭᠦᠨ ᠦ᠌ ᠥᠭᠡᠳᠡ ᠭᠠᠯ ᠴᠣᠷᠭᠢᠭᠰᠠᠨ ᠨᠢᠳᠦ ᠪᠡᠷ ᠭᠥᠯᠢᠢᠨ᠎ᠡ᠃《 ᠴᠢᠮ᠎ᠠ ᠮᠠᠭᠤ ᠠ᠋ᠴᠠ ᠥᠭᠡᠷ᠎ᠡ ᠨᠠᠮᠠᠶ᠋ᠢ ᠡᠨᠳᠡ ᠬᠣᠷᠭᠣᠳᠠᠭᠰᠠᠨ ᠢ᠋ ᠬᠡᠨ ᠴᠦ᠍ ᠮᠡᠳᠡᠬᠦ ᠦᠭᠡᠢ》 ᠭᠡᠵᠦ ᠵᠢᠷᠦᠬᠡᠨ ᠳ᠋ᠡᠭᠡᠨ ᠰᠢᠪᠡᠨᠡᠭᠡᠳ ᠰᠢᠵᠠᠭᠤᠷ ᠢ᠋ᠶ᠋ᠠᠨ ᠵᠠᠭᠤᠪᠠ᠃ 
       — ᠵᠠ᠂ ᠣᠳᠣ ᠶᠠᠪᠤᠬᠤ ᠤᠤ? ᠭᠡᠵᠦ ᠥᠯᠵᠡᠢᠰᠠᠩ ᠬᠡᠯᠡᠭᠡᠳ ᠨᠥᠭᠦᠭᠡ ᠬᠡᠳᠦᠨ ᠡᠷᠡᠰ ᠲᠦ᠍ ᠨᠢᠳᠦ ᠭᠦᠶᠦᠯᠭᠡᠨ《 ᠠᠲᠤᠷᠢᠲᠠᠯ᠎ᠠ ᠬᠦᠯᠢᠵᠦ ᠣᠷᠭᠢ!》 ᠭᠡᠵᠦ ᠪᠢᠲᠡᠭᠦᠦ ᠳᠣᠬᠢᠶ᠎ᠠ ᠥᠭᠪᠡ᠃ 
       ᠨᠥᠭᠦᠭᠡ ᠬᠣᠶᠠᠷ ᠭᠦᠵᠡᠭᠡᠨ ᠠᠯᠴᠢᠭᠤᠷ ᠲᠠᠢ ᠡᠷ᠎ᠡ ᠠᠩᠴᠢᠨᠵᠠᠪ ᠤ᠋ᠨ ᠳᠠᠯᠤ ᠮᠥᠷᠥ ᠤᠷᠤᠭᠤ ᠪᠠᠨ ᠰᠠᠳᠠᠷᠠᠭᠰᠠᠨ ᠠᠵᠢᠷᠭᠠᠨ ᠳᠡᠯ ᠰᠢᠭ ᠠᠷ ᠲᠠᠲᠠᠭᠰᠠᠨ ᠬᠤᠷ ᠭᠡᠵᠢᠭᠡ᠂ ᠬᠠᠯᠲᠠᠷ ᠰᠠᠬᠠᠯ᠂ ᠪᠤᠯᠴᠢᠩ ᠵᠠᠩᠭᠢᠷᠠᠭᠰᠠᠨ ᠪᠡᠶ᠎ᠡ ᠬᠠᠳᠠ ᠶ᠋ᠢ ᠬᠠᠷᠠᠭᠠᠳ ᠳᠣᠲᠣᠷ᠎ᠠ ᠨᠢ ᠠᠭᠵᠠᠰᠬᠢᠨ ᠠᠢᠳᠠᠰ ᠲᠥᠷᠥᠵᠦ ᠡᠷᠬᠡ ᠦᠭᠡᠢ ᠰᠢᠭᠡᠰᠦ ᠨᠢ ᠬᠦᠷᠪᠡ᠃ 
      《ᠡᠨᠡ ᠮᠠᠭᠤ ᠬᠥᠨᠳᠡᠯᠡᠨ ᠬᠥᠬᠡ ᠲᠡᠮᠦᠷ ᠢ᠋ᠶ᠋ᠡᠷ ᠪᠦᠰᠡ ᠪᠠᠷᠢᠬᠤ ᠦᠭᠡᠢ ᠰᠠᠨ ᠪᠣᠯ ᠡᠨᠡ ᠬᠠᠷ᠎ᠠ ᠡᠷ᠎ᠡ ᠶ᠋ᠢᠨ ᠬᠠᠵᠠᠭᠤ ᠳ᠋ᠤ᠌ ᠪᠢᠳᠡ ᠬᠣᠶᠠᠷ ᠶᠠᠭᠤ ᠴᠦ᠍ ᠪᠢᠰᠢ ᠠ᠋!》 ᠭᠡᠵᠦ ᠪᠣᠳᠣᠭᠰᠠᠨ ᠥᠨᠥᠬᠢ ᠬᠣᠶᠠᠷ ᠳᠣᠲᠣᠷ᠎ᠠ ᠪᠠᠨ ᠠᠶᠤᠭᠰᠠᠨ ᠪᠣᠯᠪᠠᠴᠤ ᠭᠠᠳᠠᠨ᠎ᠠ ᠪᠠᠨ ᠰᠦᠷ ᠪᠠᠳᠠᠷᠠᠭᠤᠯᠵᠤ ᠣᠯᠣᠰᠣᠨ ᠳᠡᠭᠡᠰᠦ ᠪᠡᠷ ᠬᠣᠶᠠᠷ ᠭᠠᠷ ᠢ᠋ ᠨᠢ ᠠᠷᠤ ᠳ᠋ᠤᠨᠢ ᠬᠦᠯᠢᠬᠦ ᠰᠠᠨᠠᠭ᠎ᠠ ᠲᠠᠢ ᠬᠣᠶᠠᠷ ᠬᠠᠪᠢᠷᠭᠠᠨ ᠳ᠋ᠤᠨᠢ ᠢᠷᠡᠭᠡᠳ ᠥᠴᠥᠭᠡᠨᠡᠪᠡ᠃ ᠡᠨᠡ ᠦᠶ᠎ᠡ ᠳ᠋ᠦ᠍ ᠬᠣᠶᠠᠷ ᠨᠣᠬᠠᠢ ᠴᠦ᠍ ᠡᠵᠡᠨ ᠳ᠋ᠦ᠍ᠨᠢ ᠬᠣᠣᠷ ᠬᠦᠷᠭᠡᠬᠦ ᠭᠡᠰᠡᠨ ᠢ᠋ ᠮᠡᠳᠡᠭᠰᠡᠨ ᠰᠢᠭ ᠠᠳᠠᠢᠷ ᠤ᠋ᠨ ᠬᠥᠮᠦᠰ ᠢ᠋ ᠠᠳᠠ ᠰᠢᠭᠠᠨ ᠬᠣᠷᠭᠣᠭᠣᠨ᠎ᠠ᠃ ᠴᠠᠭᠠᠳᠤ ᠵᠦᠯᠭᠡᠨ ᠳᠡᠭᠡᠷ᠎ᠡ ᠬᠠᠢᠷ ᠲᠦᠭᠵᠢᠭᠰᠡᠨ ᠲᠤᠯᠤᠮ ᠰᠠᠪᠠᠯᠠᠵᠤ᠂ ᠪᠠᠷᠢᠯᠳᠤᠵᠤ ᠨᠣᠴᠣᠯᠳᠤᠭᠰᠠᠨ ᠪᠣᠷᠣ ᠬᠦᠦ ᠡᠴᠢᠭᠡ ᠶ᠋ᠢᠨ ᠬᠢᠨᠢ ᠳᠡᠷᠭᠡᠳᠡ ᠬᠥᠨᠳᠡᠯᠡᠨ ᠲᠡᠮᠦᠷ ᠡᠭᠦᠷᠦᠭᠰᠡᠨ ᠬᠡᠳᠦ ᠬᠡᠳᠦᠨ ᠬᠥᠮᠦᠨ ᠳᠡᠭᠡᠷ᠎ᠡ ᠳᠣᠣᠷ᠎ᠠ ᠳᠠᠭᠤᠨ ᠭᠠᠷᠴᠤ ᠪᠠᠢᠭ᠎ᠠ ᠶ᠋ᠢ ᠬᠠᠷᠠᠭᠠᠳ ᠤᠶᠠᠭ᠎ᠠ ᠲᠠᠢ ᠬᠣᠶᠠᠷ ᠨᠣᠬᠠᠢ ᠪᠠᠨ ᠠᠯᠳᠠᠷᠠᠭᠠᠨ ᠮᠣᠳᠣᠨ ᠳᠡᠭᠡᠷ᠎ᠡ ᠠᠪᠠᠷᠢᠨ ᠭᠠᠷᠴᠤ ᠳᠠᠯᠳᠠ ᠠ᠋ᠴᠠ ᠠᠵᠢᠭᠯᠠᠪᠠ᠃ ᠠᠷᠰᠯᠠᠨ ᠪᠢᠷᠠᠭᠤ ᠭᠡᠮᠡᠷ ᠪᠦᠳᠦᠭᠦᠨ ᠬᠣᠶᠠᠷ ᠬᠠᠷ᠎ᠠ ᠬᠠᠯᠲᠠᠷ ᠨᠣᠬᠠᠢ ᠬᠥᠮᠦᠨ ᠪᠠᠷᠢᠵᠤ ᠢᠳᠡᠮᠡᠷ ᠠᠭᠠᠬᠢᠯᠵᠠᠨ ᠠᠢᠰᠤᠢ᠁《 ᠵᠠ᠂ ᠡᠨᠡ ᠪᠣᠯ ᠳᠡᠭᠡᠳᠦ ᠲᠩᠷᠢ ᠡᠴᠡ ᠨᠠᠮᠠᠶ᠋ᠢ ᠠᠪᠤᠷᠠᠬᠤ ᠭᠡᠰᠡᠨ ᠬᠣᠪᠣᠷ ᠵᠠᠪᠰᠢᠶᠠᠨ ᠮᠥᠨ! ᠡᠨᠡ ᠳᠡᠯᠢᠮ ᠢ᠋ ᠠᠯᠳᠠᠵᠤ ᠴᠦ᠍ ᠪᠣᠯᠬᠤ ᠦᠭᠡᠢ ᠠ᠋!》 ᠭᠡᠵᠦ ᠪᠣᠳᠣᠭᠰᠠᠨ ᠠᠩᠴᠢᠨᠵᠠᠪ ᠥᠨᠥᠬᠢ ᠫᠤᠤ ᠪᠠᠨ ᠬᠠᠳᠠ ᠲᠦᠰᠢᠭᠦᠯᠵᠦ ᠲᠠᠯᠪᠢᠴᠢᠬᠠᠭᠠᠳ ᠲᠡᠭᠦᠨ ᠢ᠋ ᠬᠦᠯᠢᠬᠦ ᠭᠡᠵᠦ ᠥᠴᠥᠭᠡᠨᠡᠭᠡ ᠬᠣᠶᠠᠷ ᠡᠷ᠎ᠡ ᠶ᠋ᠢ ᠲᠣᠬᠣᠢ ᠪᠠᠷ ᠢ᠋ᠶ᠋ᠠᠨ ᠬᠣᠶᠠᠷ ᠲᠠᠢᠰᠢ ᠨᠢ ᠨᠢᠭᠡ ᠯᠡ ᠶᠣᠪᠣᠷᠤᠭᠰᠠᠨ ᠳ᠋ᠤ᠌ ᠨᠢᠭᠡ ᠨᠢ ᠴᠠᠭᠠᠳᠤ ᠭᠣᠣᠯ ᠤ᠋ᠨ ᠤᠰᠤᠨ ᠳ᠋ᠤ᠌ ᠱᠠᠯᠳ᠋ ᠬᠢᠨ ᠤᠨᠠᠵᠤ᠂ ᠨᠥᠭᠦᠭᠡ ᠨᠢ ᠬᠠᠪᠲᠠᠭᠠᠢ ᠴᠢᠯᠠᠭᠤᠨ ᠤ᠋ ᠭᠥᠯᠢᠭᠡᠷ ᠢᠷᠮᠡᠭ ᠡᠴᠡ ᠡᠯᠢᠭᠡ ᠲᠦᠷᠦᠭᠦᠯᠡᠨ ᠬᠠᠯᠲᠤᠷᠢᠨ ᠣᠢᠴᠢᠪᠠ᠃ ᠨᠥᠭᠦᠭᠡ ᠫᠤᠤ ᠪᠠᠨ ᠭᠣᠵᠣᠯᠵᠠᠭᠤᠯᠤᠭᠰᠠᠨ ᠬᠣᠶᠠᠷ ᠪᠣᠯᠤᠨ ᠢᠮᠠᠭᠠᠨ ᠳᠠᠭᠤᠲᠤ ᠶ᠋ᠢ ᠨᠣᠬᠠᠢ ᠰᠠᠨᠳᠤᠷᠭᠠᠵᠤ ᠪᠠᠢᠬᠤ ᠬᠣᠭᠣᠷᠣᠨᠳᠣ ᠠᠩᠴᠢᠨᠵᠠᠪ ᠣᠢᠴᠢᠭᠰᠠᠨ ᠬᠣᠶᠠᠷ ᠤ᠋ᠨ ᠫᠤᠤ ᠶ᠋ᠢ ᠰᠢᠭᠦᠷᠡᠨ ᠠᠯᠢ ᠵᠠᠪ ᠦᠭᠡᠢ ᠬᠠᠳᠠ ᠳᠠᠮᠵᠢᠨ ᠭᠦᠶᠦᠵᠦ ᠪᠢᠲᠡᠭᠦᠦ ᠰᠢᠷᠢᠩᠭᠢ ᠳ᠋ᠦ᠍ ᠰᠢᠷᠭᠤᠪᠠ᠁  
       ᠨᠥᠭᠦᠭᠡ ᠬᠡᠳᠦᠨ ᠬᠥᠮᠦᠨ ᠠᠩᠴᠢᠨᠵᠠᠪ ᠢ᠋ ᠦᠵᠡᠨ ᠪᠠᠷᠢᠨ ᠠᠯᠳᠠᠵᠤ ᠲᠠᠭᠤᠴᠢᠬᠠᠭᠠᠳ ᠨᠢᠭᠡ ᠨᠢᠭᠡᠨ ᠳ᠋ᠡᠭᠡᠨ ᠡᠴᠢᠭᠡᠳᠡᠵᠦ ᠬᠠᠷᠢᠶᠠᠯ ᠢᠷᠦᠭᠡᠯ ᠲᠠᠯᠪᠢᠭᠰᠠᠭᠠᠷ ᠮᠠᠭᠤ ᠣᠪᠣᠬᠠᠢ ᠥᠪᠥᠩ ᠭᠡᠷ ᠢ᠋ ᠨᠢ ᠪᠤᠰᠠᠨᠢᠭᠤᠯᠵᠤ ᠪᠤᠰᠠᠨᠢᠭᠤᠯᠵᠤ ᠶᠠᠭᠤ ᠴᠦ᠍ ᠣᠯᠤᠭᠰᠠᠨ ᠦᠭᠡᠢ ᠢᠷᠡᠭᠰᠡᠨ ᠵᠠᠮ ᠢ᠋ᠶ᠋ᠠᠷ ᠢ᠋ᠶ᠋ᠠᠨ ᠤᠷᠤᠭᠤ ᠴᠢᠷᠠᠢ ᠲᠠᠢ ᠤᠨᠵᠢᠭᠠᠷ ᠭᠠᠷ ᠲᠠᠢ ᠬᠣᠭᠣᠰᠣᠨ ᠪᠤᠴᠠᠪᠠ᠃ ᠪᠯᠠᠮᠤ ᠪᠦᠰᠡᠭᠦᠢ ᠡᠨᠡᠬᠡᠨ ᠬᠣᠭᠣᠷᠣᠨᠳᠣ ᠦᠬᠡᠷ ᠲᠦ᠍ ᠶᠠᠪᠤᠭᠰᠠᠨ ᠪᠣᠯᠬᠣᠷ ᠡᠨᠳᠡ ᠲᠡᠭᠦᠨ ᠦ᠌ ᠬᠣᠵᠢᠮ ᠤ᠋ᠨ ᠬᠤᠪᠢ ᠵᠠᠶᠠᠭ᠎ᠠ ᠶ᠋ᠢ ᠨᠢ ᠥᠭᠡᠷᠡᠴᠢᠯᠡᠭᠰᠡᠨ ᠶᠠᠪᠤᠳᠠᠯ ᠪᠣᠯᠵᠤ ᠥᠩᠭᠡᠷᠡᠭᠰᠡᠨ ᠢ᠋ ᠲᠡᠷᠡ ᠶᠠᠭᠠᠬᠢᠵᠤ ᠮᠡᠳᠡᠬᠦ ᠪᠢᠯᠡ⁈