ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠬᠣᠶᠠᠳᠤᠭᠠᠷ ᠪᠦᠯᠦᠭ <ᠳᠥᠷᠪᠡ> Хан мунын сүүрс < дээд > – Мөнх зохиоов ᠂ Дэд бодь – Хоёрдугаар бүлэг <4>
ᠳᠡᠳ᠋ ᠪᠣᠲᠢ – ᠬᠣᠶᠠᠳᠤᠭᠠᠷ ᠪᠦᠯᠦᠭ <ᠳᠥᠷᠪᠡ>
ᠭᠥᠯᠥᠭᠡ ᠭᠠᠰᠠᠯᠲᠠᠯᠠ ᠰᠢᠷᠠᠬᠤ ᠵᠤᠨ ᠤ᠋ ᠭᠣᠣᠯ ᠤ᠋ᠨ ᠬᠠᠯᠠᠭᠤᠨ ᠨᠠᠷᠠᠨ ᠤ᠋ ᠬᠣᠣᠷ ᠰᠦᠷᠡᠬᠡᠢ᠃ ᠮᠣᠳᠣᠳ ᠤ᠋ᠨ ᠨᠠᠪᠴᠢᠰ ᠢ᠋ ᠲᠥᠭᠡᠨᠡᠵᠦ ᠮᠠᠭᠤ ᠬᠤᠷᠠᠭᠠᠨ ᠤ᠋ ᠴᠢᠬᠢ ᠰᠢᠭ ᠬᠣᠮᠢᠢᠲᠠᠯᠠ ᠨᠠᠪᠲᠠᠭᠠᠨᠠᠭᠤᠯᠤᠭᠰᠠᠨ ᠪᠠᠢᠯ᠎ᠠ᠃ ᠭᠠᠵᠠᠷ ᠤ᠋ᠨ ᠬᠥᠷᠥᠰᠥ ᠡᠴᠡ ᠭᠠᠯ ᠤᠭᠤᠭᠢᠮᠠ ᠬᠠᠯᠠᠭᠤᠨ ᠵᠡᠷᠭᠡᠯᠭᠡᠨ ᠪᠣᠰᠴᠤ᠂ ᠳᠠᠯᠤ ᠮᠥᠷᠦᠨ ᠡᠴᠡ ᠬᠡᠦᠷᠰᠢᠭᠰᠡᠨ ᠶᠣᠷᠣᠭ ᠤ᠋ᠨ ᠦᠨᠦᠷ ᠦᠨᠦᠷᠲᠦᠨ᠎ᠡ᠃ ᠠᠩᠴᠢᠨᠵᠠᠪ ᠶᠠᠪᠤᠵᠤ ᠪᠤᠯᠠᠭ ᠤ᠋ᠨ ᠬᠦᠢᠲᠡᠨ ᠤᠰᠤ ᠪᠠᠷ ᠲᠣᠯᠣᠭᠠᠢ ᠪᠠᠨ ᠱᠠᠪᠰᠢᠭᠠᠳ ᠭᠤᠷᠴᠢᠭᠢᠨᠠᠨ ᠤᠷᠤᠰᠤᠭᠰᠠᠨ ᠭᠣᠣᠯ ᠤ᠋ᠨ ᠡᠷᠭᠢ ᠶ᠋ᠢᠨ ᠬᠠᠵᠠᠭᠤ ᠳ᠋ᠠᠬᠢ ᠮᠣᠳᠣᠨ ᠤ᠋ ᠴᠣᠬᠣᠷ ᠰᠡᠭᠦᠳᠡᠷ ᠲᠡᠢ ᠬᠠᠨᠵᠤ ᠰᠢᠭ᠋ ᠬᠠᠪᠲᠠᠭᠠᠢ ᠴᠢᠯᠠᠭᠤᠨ ᠳᠡᠭᠡᠷ᠎ᠡ ᠰᠡᠷᠢᠭᠦᠴᠡᠵᠦ ᠰᠠᠭᠤᠬᠤ ᠳ᠋ᠠᠭᠠᠨ ᠤᠢᠰᠤᠨ ᠬᠠᠪᠴᠢᠭ ᠲᠠᠢ ᠱᠤᠤᠭᠢᠭᠰᠠᠨ ᠠᠢᠷᠠᠭ ᠵᠠᠯᠭᠢᠯᠠᠵᠤ ᠪᠠᠢᠯ᠎ᠠ᠃ ᠲᠡᠭᠡᠭᠡᠳ ᠲᠡᠷᠡ ᠴᠠᠭᠠᠳᠤᠬᠢ ᠨᠠᠷᠢᠨ ᠵᠦᠯᠭᠡᠨ ᠳᠡᠭᠡᠷ᠎ᠡ ᠭᠣᠣᠯ ᠦᠳᠡ ᠶ᠋ᠢᠨ ᠠᠭᠠᠭᠢᠮ᠎ᠠ ᠬᠠᠯᠠᠭᠤᠨ ᠳ᠋ᠤ᠌ ᠪᠢᠷᠠᠭᠤᠨ ᠤ᠋ ᠲᠤᠯᠤᠮ ᠳ᠋ᠤ᠌ ᠴᠦᠨᠳᠦᠢᠲᠡᠯᠡ ᠬᠠᠢᠷ ᠰᠠᠪᠠᠯᠠᠭᠰᠠᠨ ᠰᠢᠷᠢᠨ ᠮᠠᠨᠠᠭᠤᠯ ᠢ᠋ ᠡᠷᠭᠢᠭᠦᠯᠦᠨ ᠤᠷᠪᠠᠭᠤᠯᠤᠨ ᠮᠠᠨᠠᠷᠠᠲᠠᠯ᠎ᠠ ᠡᠭᠦᠷᠦᠨ ᠰᠠᠪᠠᠵᠤ᠂ ᠤᠰᠤᠨ ᠬᠤᠯᠤᠭᠠᠨ᠎ᠠ ᠪᠣᠯᠲᠠᠯ᠎ᠠ ᠪᠠᠨ ᠲᠣᠩᠭᠣᠷᠠᠵᠤ ᠪᠠᠢᠭ᠎ᠠ ᠵᠢᠭᠠᠯ ᠬᠦᠦ ᠶ᠋ᠢ ᠬᠠᠷᠠᠭᠠᠳ《 ᠣ᠂ ᠬᠦᠦ ᠴᠦ᠍ ᠳᠣᠷᠢᠭᠤᠨ ᠪᠣᠯᠴᠢᠬᠠᠵᠠᠢ᠃ ᠪᠠᠷᠠᠭᠤᠨ ᠬᠦᠩ ᠢ᠋ ᠳᠣᠷᠭᠢᠲᠠᠯ᠎ᠠ ᠱᠤᠤᠭᠢᠭᠤᠯᠬᠤ ᠪᠢᠷ᠎ᠠ ᠲᠠᠢ ᠪᠥᠬᠡ ᠭᠠᠷᠤᠨ᠎ᠠ ᠳᠠ》 ᠭᠡᠵᠦ ᠥᠪᠡᠷ ᠦ᠋ᠨ ᠡᠷᠬᠡ ᠦᠭᠡᠢ ᠳᠦᠳᠦᠨᠡᠨ ᠵᠡᠰ ᠰᠣᠶᠣᠭ᠎ᠠ᠂ ᠭᠠᠤᠯᠢᠨ ᠴᠠᠬᠢᠯᠠᠭᠤᠷ ᠲᠠᠢ ᠳ᠋ᠠᠢ ᠪᠠᠨ ᠭᠠᠷᠭᠠᠨ ᠲᠠᠮᠠᠬᠢᠯᠠᠭᠠᠳ ᠠᠷᠤᠨᠰᠢ ᠪᠠᠨ ᠭᠤᠯᠠᠰᠤᠨ ᠬᠡᠪᠲᠡᠪᠡ᠃
ᠢᠩᠭᠢᠵᠦ ᠨᠢᠭᠡ ᠬᠢᠳᠡᠯ ᠠᠯᠲᠠᠨ ᠬᠡᠪᠲᠡᠵᠦ ᠠᠮᠠᠷᠠᠬᠤ ᠪᠣᠯᠭᠠᠨ ᠪᠤᠭᠤᠷᠤᠯ ᠡᠵᠢ ᠪᠡᠨ ᠰᠠᠨᠠᠭᠠᠯᠵᠠᠵᠤ ᠡᠵᠢ ᠲᠡᠢ ᠪᠡᠨ ᠠᠭᠤᠯᠵᠠᠵᠤ ᠴᠢᠳᠠᠳᠠᠭ ᠦᠭᠡᠢ ᠠᠩᠴᠢᠨ ᠠ᠋ᠴᠠ ᠦᠷᠭᠦᠭᠰᠡᠨ ᠪᠤᠲᠠᠨ ᠤ᠋ ᠪᠣᠷᠣ ᠲᠠᠤᠯᠠᠢ ᠰᠢᠭ᠋ ᠠᠮᠢᠳᠤᠷᠠᠬᠤ ᠶ᠋ᠢᠨ ᠬᠦᠴᠢᠷ ᠵᠣᠪᠠᠭᠤᠷᠢ ᠶ᠋ᠢ ᠠᠮᠰᠠᠵᠤ ᠶᠠᠪᠤᠬᠤ ᠮᠠᠨᠢ ᠶᠠᠭᠠᠬᠢᠭᠰᠠᠨ ᠦᠢᠯᠡ ᠦᠷ᠎ᠡ ᠲᠡᠢ ᠪᠣᠢ ᠭᠡᠵᠦ ᠬᠣᠶᠠᠷ ᠭᠠᠷ ᠢ᠋ᠶ᠋ᠠᠨ ᠰᠠᠯᠠᠭᠠᠪᠴᠢᠯᠠᠨ ᠭᠤᠲᠤᠯ ᠢ᠋ᠶ᠋ᠠᠨ ᠳᠡᠷᠡᠯᠡᠨ ᠬᠥᠯ ᠨᠢᠴᠦᠭᠦᠨ ᠴᠡᠭᠡᠵᠢ ᠱᠠᠯᠳᠠᠩ ᠳᠡᠭᠡᠭᠰᠢ ᠲᠩᠷᠢ ᠬᠠᠷᠠᠨ ᠬᠡᠪᠲᠡᠨ᠎ᠡ᠃
ᠠᠩᠴᠢᠨᠵᠠᠪ ᠡᠨᠡ ᠬᠦ᠌ ᠪᠣᠢᠳᠠ ᠪᠥᠭᠯᠡᠭᠦᠦ ᠠᠭᠤᠯᠠ ᠶ᠋ᠢᠨ ᠭᠦᠨ ᠳ᠋ᠦ᠍ ᠪᠣᠭᠣᠭᠳᠠᠯᠲᠠᠢ ᠠᠮᠢᠳᠤᠷᠠᠬᠤ ᠳ᠋ᠠᠭᠠᠨ ᠬᠠᠶᠠ ᠳ᠋ᠠᠭᠠᠨ ᠥᠭᠡᠷᠡᠯᠬᠡᠵᠦ ᠭᠣᠪᠢ ᠨᠤᠲᠤᠭ ᠵᠦᠭ ᠢ᠋ᠶ᠋ᠡᠨ ᠪᠠᠢᠨ ᠪᠠᠢᠨ ᠰᠡᠳᠬᠢᠯ ᠣᠲᠣᠷᠯᠠᠵᠤ ᠪᠣᠷᠣ ᠭᠡᠷ ᠦ᠋ᠨ ᠪᠣᠭᠣᠨᠢ ᠰᠠᠷᠠᠪᠴᠢ ᠪᠠᠷ ᠪᠤᠭᠤᠷᠤᠯ ᠡᠵᠢ ᠳ᠋ᠡᠭᠡᠨ ᠣᠴᠢᠳᠠᠭ ᠪᠠᠢᠯ᠎ᠠ᠃ ᠵᠡᠷᠭᠡᠯᠭᠡᠨ ᠲᠣᠭᠯᠠᠭᠤᠯᠤᠭᠰᠠᠨ ᠭᠣᠪᠢ ᠨᠤᠲᠤᠭ ᠲᠠᠭᠠᠨ ᠠᠷᠳᠠᠭ ᠡᠮᠨᠢᠭ ᠰᠢᠭ ᠴᠢᠯᠥᠭᠡᠲᠡᠢ ᠳᠣᠪᠲᠣᠯᠵᠤ᠂ ᠪᠠᠶᠠᠴᠤᠳ ᠤ᠋ᠨ ᠠᠳᠤᠭᠤ ᠪᠠ ᠰᠣᠯᠢ ᠶ᠋ᠢᠨ ᠬᠢᠷ᠎ᠠ ᠶ᠋ᠢᠨ ᠳᠠᠬᠢ ᠶ᠋ᠢᠨ ᠠᠵᠢᠷᠭᠠᠲᠤ ᠠ᠋ᠴᠠ ᠡᠮᠨᠢᠭ ᠰᠢᠯᠭᠠᠵᠤ ᠬᠥᠭᠡᠭᠡᠭᠰᠡᠨ ᠡᠷ᠎ᠡ ᠬᠥᠮᠦᠨ ᠦ᠌ ᠬᠡᠢ ᠮᠣᠷᠢ ᠯᠦᠩᠳᠡ ᠲᠡᠢ ᠬᠡᠢᠰᠬᠡᠭᠦᠯᠵᠦ ᠶᠠᠪᠤᠭᠰᠠᠨ ᠢ᠋ᠶ᠋ᠠᠨ ᠬᠡᠢᠷᠬᠡᠨ ᠰᠠᠨᠠᠬᠤ ᠶ᠋ᠢ ᠬᠡᠨ ᠪᠠᠢᠭ ᠭᠡᠵᠦ ᠴᠢᠳᠠᠬᠤ ᠪᠣᠢ!
ᠠᠩᠴᠢᠨᠵᠠᠪ ᠰᠡᠭᠦᠯ ᠦ᠋ᠨ ᠦᠶ᠎ᠡ ᠳ᠋ᠦ᠍ ᠭᠣᠪᠢ ᠨᠤᠲᠤᠭ ᠤ᠋ᠨ ᠢ᠋ᠶ᠋ᠠᠨ ᠪᠠᠷ᠎ᠠ ᠶ᠋ᠢ ᠨᠢᠭᠡ ᠪᠢᠰᠢ ᠤᠳᠠᠭ᠎ᠠ ᠬᠠᠷᠠᠵᠤ ᠪᠤᠭᠤᠷᠤᠯ ᠡᠵᠢ ᠳᠡᠭᠡᠷ᠎ᠡ ᠪᠡᠨ ᠶᠠᠪᠤᠵᠤ ᠣᠴᠢᠭᠰᠠᠨ᠁ ᠡᠵᠢ ᠲᠡᠢ ᠪᠡᠨ ᠪᠦᠷ ᠣᠯᠵᠤ ᠠᠭᠤᠯᠵᠠᠭᠰᠠᠨ ᠦᠭᠡᠢ᠃ ᠠᠩᠬ᠎ᠠ ᠶᠠᠪᠤᠵᠤ ᠣᠴᠢᠬᠤ ᠳ᠋ᠤ᠌ ᠨᠤᠲᠤᠭ᠂ ᠭᠡᠷ ᠦ᠋ᠨ ᠪᠠᠷ᠎ᠠ ᠳᠥᠭᠥᠬᠦ ᠲᠣᠰᠤᠮ ᠢ᠋ᠶ᠋ᠠᠨ ᠰᠡᠳᠬᠢᠯ ᠤᠶᠠᠷᠠᠵᠤ᠂ ᠭᠡᠨᠡᠳᠲᠡ ᠬᠦᠷᠦᠭᠡᠳ ᠣᠴᠢᠬᠤ ᠳ᠋ᠤ᠌ ᠬᠥᠭᠡᠷᠦᠬᠦᠢ ᠡᠵᠢ ᠮᠢᠨᠢ ᠶᠠᠭᠠᠬᠢᠵᠤ ᠴᠤ᠌ ᠪᠠᠶᠠᠷᠯᠠᠳᠠᠭ ᠪᠣᠯ ᠠ᠋⁈ ᠳᠣᠭᠣᠯᠠᠩ ᠨᠢᠯᠪᠤᠰᠤ ᠪᠠᠨ ᠭᠣᠭᠣᠵᠢᠭᠤᠯᠴᠢᠬᠠᠬᠤ ᠪᠠᠢᠬ᠎ᠠ ᠳᠠ᠂ ᠮᠠᠩᠨᠠᠢ ᠳᠡᠭᠡᠷ᠎ᠡ ᠮᠢᠨᠢ ᠦᠨᠦᠰᠴᠦ《 ᠮᠠᠭᠤ ᠴᠢᠴᠠᠬᠠ᠁》 ᠭᠡᠳ ᠪᠤᠬᠤᠷ ᠳᠡᠭᠡᠷ᠎ᠡ ᠮᠢᠨᠢ ᠥᠬᠥᠭᠡᠷᠳᠡᠨ ᠠᠯᠠᠭᠠᠳᠠᠬᠤ ᠶᠤᠮ᠁ ᠭᠡᠵᠦ ᠬᠡᠦᠬᠡᠳᠯᠢᠭ ᠶᠠᠭᠤᠮ᠎ᠠ ᠪᠣᠳᠣᠵᠤ ᠶᠠᠪᠤᠨ ᠨᠢᠭᠡ ᠯᠡ ᠰᠡᠳᠬᠢᠯ ᠥᠨᠳᠥᠷ᠃ ᠵᠠ ᠪᠠᠢᠵᠠ᠂ ᠲᠣᠭᠤᠷᠢᠭᠤᠬᠠᠨ ᠶᠠᠪᠤᠵᠤ ᠭᠡᠷ ᠦ᠋ᠨ ᠢ᠋ᠶ᠋ᠡᠨ ᠠᠷᠤ ᠳᠣᠪᠣᠴᠠᠭ ᠠ᠋ᠴᠠ ᠨᠢ ᠭᠡᠨᠡᠳᠲᠡ ᠪᠠᠭᠤᠵᠤ ᠣᠴᠢᠶ᠎ᠠ! ᠪᠤᠭᠤᠷᠤᠯ ᠡᠵᠢ ᠪᠡᠨ ᠰᠣᠴᠢᠮᠠᠭ ᠪᠠᠶᠠᠷᠯᠠᠭᠤᠯᠬᠤ ᠨᠢ ᠠ᠋! ᠭᠡᠳ ᠳᠠᠷᠠᠰᠤᠲᠠᠢ ᠶ᠋ᠢᠨ ᠬᠣᠲᠣᠭᠣᠷ ᠤ᠋ᠨ ᠵᠡᠭᠦᠬᠡᠨ ᠲᠠᠯ᠎ᠠ ᠪᠠᠷ ᠠᠷᠤ ᠲᠠᠢᠰᠢ ᠪᠠᠨ ᠭᠠᠷᠪᠠ᠃ ᠬᠡᠳᠦᠢ ᠡᠷ᠎ᠡ ᠰᠢᠨᠳᠠᠰᠤ ᠢᠳᠡᠭᠡᠰᠢᠨ ᠴᠢᠩᠭᠠᠷᠠᠵᠤ ᠶᠠᠪᠤᠭ᠎ᠠ ᠪᠣᠰᠤᠭ᠎ᠠ ᠡᠷ᠎ᠡ ᠬᠥᠮᠦᠨ ᠪᠣᠯᠪᠠᠴᠤ ᠡᠵᠢ᠂ ᠭᠡᠷ ᠬᠣᠶᠠᠷ ᠢ᠋ᠶ᠋ᠠᠨ ᠭᠡᠬᠦ ᠳ᠋ᠦ᠍ ᠰᠡᠳᠬᠢᠯ ᠤᠶᠠᠰᠤᠨ ᠬᠤᠭᠤᠷᠠᠳᠠᠭ ᠠᠵᠢ᠃ ᠠᠩᠴᠢᠨᠵᠪ ᠪᠣᠷᠣ ᠭᠡᠷ ᠢ᠋ᠶ᠋ᠡᠨ᠂ ᠪᠤᠭᠤᠷᠤᠯ ᠡᠵᠢ ᠪᠡᠨ ᠭᠡᠵᠦ ᠪᠤᠰᠢᠭᠤᠬᠠᠨ ᠤᠶᠠᠭᠠᠨ ᠳᠡᠭᠡᠷ᠎ᠡ ᠪᠠᠭᠤᠬᠤ ᠶ᠋ᠢ ᠶᠠᠭᠠᠷᠠᠵᠤ ᠨᠢᠭᠡ ᠯᠡ ᠥᠨᠳᠡᠢᠯᠭᠡᠨ ᠳ᠋ᠦ᠍ ᠭᠡᠷ ᠦ᠋ᠨ ᠢ᠋ᠶ᠋ᠡᠨ ᠠᠷᠤ ᠳᠣᠪᠣᠴᠠᠭ ᠳᠡᠭᠡᠷ᠎ᠡ ᠳᠠᠪᠬᠢᠵᠤ ᠭᠠᠷᠪᠠ᠃
ᠬᠡᠴᠢᠨᠡᠨ ᠵᠢᠯ ᠭᠡᠷ ᠦ᠋ᠨ ᠪᠠᠷ᠎ᠠ ᠬᠠᠷᠠᠭᠰᠠᠨ ᠦᠭᠡᠢ ᠳ᠋ᠡᠭᠡᠨ ᠤᠨᠠᠭᠠᠨ ᠨᠤᠲᠤᠭ ᠤ᠋ᠨ ᠬᠢᠨᠢ ᠰᠢᠷᠬᠡᠭ ᠡᠪᠡᠰᠦ ᠴᠢᠮᠬᠢ ᠰᠢᠷᠣᠢ ᠬᠦᠷᠲᠡᠯ᠎ᠡ ᠡᠯᠢᠭᠡᠰᠡᠭ ᠰᠠᠨᠠᠭᠳᠠᠬᠤ ᠶ᠋ᠢ ᠶᠠᠭᠠᠬᠢᠨ᠎ᠠ᠃ ᠭᠠᠵᠠᠷ ᠤ᠋ᠨ ᠬᠥᠷᠥᠰᠥᠨ ᠡᠴᠡ ᠤᠷᠭᠤᠭᠰᠠᠨ ᠮᠥᠭᠥ ᠬᠠᠳᠠ ᠰᠢᠭ᠋ ᠪᠠᠲᠤ ᠲᠣᠭᠲᠠᠪᠤᠷᠢᠲᠠᠢ ᠪᠣᠷᠣ ᠭᠡᠷ ᠦ᠋ᠨ ᠭᠣᠪᠢ ᠲᠠᠯ᠎ᠠ ᠶ᠋ᠢᠨ ᠬᠦᠢᠰᠦᠨ ᠡᠴᠡ ᠡᠩᠨᠡᠭᠦᠯᠦᠨ ᠬᠠᠢᠯ᠎ᠠ᠁ ᠠᠯᠠᠭ᠎ᠠ᠃ ᠪᠣᠷᠣ ᠭᠡᠷ ᠪᠤᠭᠤᠷᠤᠯ ᠡᠵᠢ ᠬᠣᠶᠠᠷ ᠪᠦᠷ ᠠᠯᠠᠭ᠎ᠠ᠃ ᠵᠥᠪᠬᠡᠨ ᠬᠠᠷ᠎ᠠ ᠰᠡᠭᠦᠯᠲᠡᠳ ᠭᠡᠷ ᠦ᠋ᠨ ᠬᠠᠶᠠᠭ᠎ᠠ ᠪᠠᠷ ᠪᠡᠯᠴᠢᠨ᠎ᠡ᠃ ᠬᠠᠮᠢᠭᠠᠰᠢ ᠪᠠᠨ ᠨᠡᠭᠦᠪᠡ⁈ ᠡᠰᠡᠪᠡᠰᠦ᠁ ᠭᠡᠵᠦ ᠡᠯᠳᠡᠪ ᠢ᠋ ᠵᠦᠢᠵᠦ ᠪᠣᠳᠣᠨ ᠭᠡᠷ ᠦ᠋ᠨ ᠢ᠋ᠶ᠋ᠡᠨ ᠠᠷᠤ ᠳᠣᠪᠣᠴᠠᠭ ᠠ᠋ᠴᠠ ᠮᠣᠷᠢ ᠪᠠᠨ ᠬᠥᠲᠥᠯᠦᠨ ᠲᠠᠢᠪᠤᠭᠤᠬᠠᠨ ᠪᠠᠭᠤᠵᠤ ᠣᠴᠢᠪᠠ᠃ ᠥᠨᠳᠥᠷ ᠤᠷᠭᠤᠭᠰᠠᠨ ᠥᠯᠥᠩ ᠡᠪᠡᠰᠦ᠂ ᠯᠤᠤᠯᠢ ᠳ᠋ᠤ᠌ ᠪᠠᠷᠢᠭᠳᠠᠭᠰᠠᠨ ᠭᠡᠷ ᠦ᠋ᠨ ᠪᠠᠭᠤᠷᠢ ᠨᠢ ᠲᠣᠭᠣᠷᠢᠭ ᠬᠡᠪ ᠢ᠋ᠶ᠋ᠡᠷ ᠢ᠋ᠶ᠋ᠡᠨ ᠬᠠᠯᠴᠠᠭᠠᠢᠷᠠᠭᠰᠠᠨ ᠭᠠᠵᠠᠷ ᠲᠤ᠌ ᠨᠢ ᠡᠪᠡᠰᠦ ᠤᠷᠭᠤᠭᠰᠠᠨ ᠦᠭᠡᠢ᠃ ᠡᠨᠡ ᠬᠠᠯᠴᠠᠭᠠᠢ ᠲᠣᠭᠣᠷᠢᠭ ᠲᠤ᠌ ᠪᠢ ᠬᠥᠮᠦᠨ ᠪᠣᠯᠵᠤ ᠠᠮᠢᠰᠬᠤᠭᠰᠠᠨ᠂ ᠡᠵᠢ ᠶ᠋ᠢᠨ ᠢ᠋ᠶ᠋ᠡᠨ ᠡᠨᠡᠷᠢᠬᠦ ᠪᠡᠷ ᠡᠷ᠎ᠡ ᠪᠣᠯᠵᠤ ᠲᠣᠷᠨᠢᠭᠰᠠᠨ ᠶᠤᠮ ᠠ᠋᠂ ᠭᠡᠵᠦ ᠪᠣᠳᠣᠬᠤ ᠠ᠋ᠴᠠ ᠪᠣᠷᠣ ᠭᠡᠷ ᠨᠢ ᠪᠥᠨᠲᠥᠯᠵᠡᠵᠦ᠂ ᠪᠤᠭᠤᠷᠤᠯ ᠡᠵᠢ ᠨᠢ ᠪᠥᠷᠲᠥᠯᠵᠡᠬᠦ ᠰᠢᠭ ᠪᠣᠯᠵᠤ ᠨᠢᠯᠪᠤᠰᠤ ᠬᠤᠷᠠᠭᠰᠠᠨ ᠨᠢᠳᠦ ᠨᠢ ᠪᠥᠷᠬᠥᠯᠵᠡᠨ ᠬᠠᠮᠠᠷ ᠨᠢ ᠱᠠᠷᠬᠢᠷᠠᠪᠠ᠁
ᠠᠩᠴᠢᠨᠵᠠᠪ ᠮᠣᠷᠢ ᠪᠠᠨ ᠬᠥᠲᠥᠯᠦᠨ ᠬᠤᠳᠳᠤᠭ ᠤᠷᠤᠭᠤ ᠪᠠᠨ ᠳᠥᠭᠥᠬᠦ ᠳ᠋ᠦ᠍ ᠴᠢᠭᠢᠭ ᠦ᠋ᠨ ᠦᠨᠦᠷ ᠢ᠋ᠶ᠋ᠡᠷ ᠬᠤᠳᠳᠤᠭ ᠰᠠᠬᠢᠭᠰᠠᠨ ᠬᠠᠷ᠎ᠠ ᠰᠡᠭᠦᠯᠲᠦ ᠵᠡᠭᠡᠷ᠎ᠡ ᠨᠦ᠍ᠭᠦᠳ ᠠᠩᠴᠢᠨᠵᠠᠪ ᠢ᠋ ᠬᠦᠨᠡᠢᠷᠬᠡᠨ ᠦᠷᠭᠦᠪᠡ᠃
ᠠᠩᠴᠢᠨᠵᠠᠪ ᠡᠵᠢ ᠲᠡᠢ ᠪᠡᠨ ᠣᠯᠵᠤ ᠠᠭᠤᠯᠵᠠᠭᠰᠠᠨ ᠦᠭᠡᠢ ᠳ᠋ᠡᠭᠡᠨ ᠰᠡᠳᠬᠢᠯ ᠭᠤᠨᠢᠵᠤ ᠮᠣᠷᠢᠨ ᠤ᠋ ᠪᠠᠨ ᠲᠠᠪᠠ ᠪᠠᠷ ᠭᠠᠯᠭᠢᠭᠤᠯᠵᠤ ᠶᠠᠪᠤᠨ ᠬᠠᠷᠭᠠᠨᠠᠲᠠᠢ ᠶ᠋ᠢᠨ ᠰᠢᠯᠢ ᠳᠡᠭᠡᠷ᠎ᠡ ᠪᠠᠭᠤᠭᠰᠠᠨ ᠨᠢᠭᠡ ᠠᠢᠯ ᠳ᠋ᠤ᠌ ᠣᠷᠣᠪᠠ᠃
ᠭᠡᠷ ᠳᠦᠭᠦᠷᠡᠩ ᠲᠣᠯᠣᠭᠠᠢ ᠰᠢᠭᠢᠷ᠎ᠡ ᠶ᠋ᠢᠨ ᠲᠣᠰᠣ ᠦᠨᠦᠷᠲᠦᠭᠦᠯᠵᠦ ᠲᠠᠰᠤᠷᠬᠠᠢ ᠴᠢᠳᠥᠷ ᠰᠡᠯᠪᠢᠵᠦ ᠰᠠᠭᠤᠭᠰᠠᠨ ᠪᠣᠷᠣ ᠡᠪᠦᠭᠡᠨ ᠢ᠋ ᠠᠩᠴᠢᠨᠵᠠᠪ ᠨᠤᠲᠤᠭ ᠤ᠋ᠨ ᠬᠢᠨᠢ ᠲᠥᠷᠥᠯᠰᠡᠭ ᠬᠡᠳᠡᠷ ᠪᠣᠷᠣ ᠭᠡᠳᠡᠭ ᠡᠪᠦᠭᠡᠨ ᠮᠥᠨ ᠪᠣᠯᠬᠤ ᠶ᠋ᠢ ᠬᠠᠷᠠᠮᠠᠭᠴᠠ ᠲᠠᠨᠢᠪᠠ᠃
– ᠲᠠ ᠰᠠᠢᠨ ᠪᠠᠢᠨ᠎ᠠ ᠊ᠤᠤ?
– ᠵᠠ᠂ ᠰᠠᠢᠨ! ᠴᠢ ᠰᠠᠢᠨ ᠶᠠᠪᠤᠵᠤ ᠢᠷᠡᠪᠡ ᠊ᠦᠦ?
– ᠰᠠᠢᠨ᠂ ᠪᠣᠷᠣᠭᠠᠨ ᠬᠤᠷ᠎ᠠ ᠰᠠᠢᠨ?
– ᠶᠠᠭᠠᠬᠢᠬᠤ ᠪᠣᠢ᠂ ᠵᠦᠭᠡᠷ᠂ ᠵᠦᠭᠡᠷ! ᠵᠠ᠂ ᠪᠠᠢᠵᠠ ᠳᠠ ᠥᠪᠡᠷ ᠢ᠋ᠶ᠋ᠡᠨ ᠴᠢ ᠬᠡᠨ ᠪᠢᠯᠡ? ᠬᠥᠮᠦᠨ ᠥᠲᠡᠯᠪᠡᠯ ᠬᠡᠷᠡᠭ ᠡᠴᠡ ᠪᠡᠨ ᠭᠠᠷᠴᠢᠬᠠᠬᠤ ᠨᠢ ᠲᠡᠷᠡ! ᠬᠥᠮᠦᠨ ᠲᠠᠨᠢᠬᠤ ᠦᠭᠡᠢ ᠨᠢ ᠦᠢᠯᠡ! ᠭᠡᠵᠦ ᠨᠠᠰᠤᠲᠠᠨ ᠪᠡᠶ᠎ᠡ ᠳ᠋ᠡᠭᠡᠨ ᠠᠬᠠᠷᠴᠢᠯᠠᠨ ᠠᠩᠴᠢᠨᠵᠠᠪ ᠢ᠋ ᠵᠢᠰᠦᠯᠡᠬᠦ ᠭᠡᠵᠦ ᠬᠥᠬᠡ ᠨᠢᠳᠦ ᠪᠡᠨ ᠰᠡᠢᠮᠡᠢᠨ ᠰᠠᠷᠠᠪᠴᠢᠯᠠᠨ᠎ᠠ᠃
– ᠪᠢ ᠠᠩᠴᠢᠨᠵᠠᠪ ᠪᠠᠢᠨ᠎ᠠ᠃
– ᠬᠡᠨ? ᠪᠠᠢᠵᠠ᠂ ᠬᠡᠨ ᠭᠡᠪᠡ ᠊ᠦᠦ?
– ᠠᠩᠴᠢᠨᠵᠠᠪ! ᠬᠣᠪᠢᠯᠴᠡᠴᠡᠭ ᠦ᠋ᠨ ᠬᠦᠦ ᠠᠩᠴᠢᠨᠵᠠᠪ ᠭᠡᠵᠦ ᠳᠠᠭᠤ ᠪᠠᠨ ᠥᠨᠳᠥᠷᠳᠦᠭᠦᠯᠦᠨ ᠬᠡᠯᠡᠪᠡᠯ ᠡᠪᠦᠭᠡᠨ᠄
– ᠣ ᠳᠠ᠂ ᠬᠥᠭᠡᠷᠦᠬᠦᠢ ᠠᠩᠴᠢᠨᠵᠠᠪ ᠮᠢᠨᠢ ᠬᠦᠷᠦᠭᠡᠳ ᠢᠷᠡᠭᠰᠡᠨ ᠪᠠᠢᠬᠤ ᠰᠢᠪ! ᠭᠡᠳ ᠵᠠᠪᠢᠯᠠᠵᠤ ᠰᠠᠭᠤᠭᠰᠠᠨ ᠣᠷᠣᠨ ᠠ᠋ᠴᠠ ᠪᠠᠨ ᠪᠣᠰᠬᠤ ᠭᠡᠬᠦ ᠳ᠋ᠦ᠍ ᠬᠥᠯ ᠨᠢ ᠡᠪᠦᠳᠦᠭ ᠢ᠋ᠶ᠋ᠡᠷ ᠪᠠᠳᠠᠢᠷᠠᠵᠤ ᠠᠶ᠎ᠠ ᠪᠠᠷ ᠨᠢ ᠪᠣᠯᠵᠤ ᠥᠭᠬᠦ ᠦᠭᠡᠢ ᠳ᠋ᠦ᠍《 ᠬᠥᠮᠦᠨ ᠥᠲᠡᠯᠴᠢᠬᠡᠭᠰᠡᠭᠡᠷ ᠴᠦ᠍ ᠶᠠᠭ ᠭᠠᠨᠵᠢᠩ ᠪᠣᠯᠴᠢᠬᠠᠬᠤ ᠨᠢ ᠲᠡᠷᠡ ᠦᠵᠡᠬᠦ ᠦᠭᠡᠢ ᠊ᠤᠤ᠂ ᠡᠨᠡ ᠲᠤᠯᠭᠠᠭᠤᠷ ᠨᠢ ᠪᠡᠶ᠎ᠡ ᠪᠡᠨ ᠳᠠᠭᠠᠭᠠᠬᠤ ᠦᠭᠡᠢ ᠦᠵᠢᠷᠡᠴᠢᠬᠡᠬᠦ ᠶᠦᠮ ᠠ᠋!》 ᠭᠡᠵᠦ ᠬᠡᠳᠡᠷᠯᠡᠨ ᠥᠨᠳᠡᠢᠬᠦ ᠳ᠋ᠦ᠍ᠨᠢ ᠠᠩᠴᠢᠨᠵᠠᠪ ᠡᠪᠦᠭᠡᠨ ᠢ᠋ ᠲᠦᠰᠢᠵᠦ᠄
– ᠲᠠ ᠰᠠᠭᠤᠵᠤ ᠪᠠᠢ ᠭᠡᠯᠡ᠃
– ᠶᠠᠭᠠᠬᠢᠬᠤ ᠪᠣᠢ? ᠴᠠᠢ ᠤᠰᠤ ᠣᠢᠷᠠᠲᠤᠭᠤᠯᠤᠶᠠ!
– ᠪᠢ ᠥᠪᠡᠷ ᠢ᠋ᠶ᠋ᠡᠨ ᠦᠵᠡᠶ᠎ᠡ!
– ᠦᠭᠡᠢ᠂ ᠬᠦᠦ ᠮᠢᠨᠢ ᠡᠳᠦᠢᠴᠢᠨᠡᠭᠡᠨ ᠵᠢᠯ ᠢ᠋ᠶ᠋ᠡᠷ ᠬᠠᠮᠢᠭᠠᠭᠤᠷ ᠲᠡᠨᠦᠵᠦ ᠶᠠᠪᠤᠭ᠎ᠠ᠁ ᠮᠠᠭᠤ ᠴᠢᠴᠠᠭ᠎ᠠ! ᠭᠡᠵᠦ ᠠᠩᠴᠢᠨᠵᠠᠪ ᠢ᠋ ᠥᠬᠥᠭᠡᠷᠳᠡᠨ ᠥᠭᠦᠯᠡᠨ᠎ᠡ᠃
ᠡᠪᠦᠭᠡᠨ ᠠᠮᠠᠨ ᠳ᠋ᠠᠭᠠᠨ ᠶᠠᠭᠤ ᠨᠢᠭᠡ ᠶ᠋ᠢ ᠬᠡᠳᠡᠷᠯᠡᠨ ᠥᠭᠦᠯᠡᠵᠦ ᠶᠠᠪᠤᠨ ᠠᠷᠭᠠᠯ ᠠᠪᠴᠢᠷᠠᠵᠤ ᠬᠤᠪᠢᠩ ᠳ᠋ᠠᠭᠠᠨ ᠨᠡᠮᠡᠭᠡᠳ ᠴᠠᠢ ᠴᠢᠨᠠᠪᠠ᠃
ᠴᠠᠢ ᠪᠤᠴᠠᠯᠵᠤ ᠠᠩᠴᠢᠨᠵᠠᠪ ᠪᠣᠷᠣ ᠡᠪᠦᠭᠡᠨ ᠦ᠌ ᠠᠶᠠᠭᠠᠯᠠᠭᠰᠠᠨ ᠴᠠᠢ ᠠ᠋ᠴᠠ ᠣᠭᠣᠴᠢᠯᠠᠵᠤ ᠰᠠᠭᠤᠬᠤ ᠳ᠋ᠠᠭᠠᠨ《ᠡᠵᠢ ᠶᠠᠭᠠᠬᠢᠭᠰᠠᠨ ᠪᠣᠯ?》 ᠭᠡᠵᠦ ᠡᠪᠦᠭᠡᠨ ᠡᠴᠡ ᠡᠷᠲᠡᠬᠡᠨ ᠠᠰᠠᠭᠤᠵᠤ ᠡᠪᠲᠡᠢ ᠰᠤᠷᠠᠭ ᠰᠣᠨᠣᠰᠤᠶ᠎ᠠ ᠭᠡᠵᠦ ᠳᠣᠲᠣᠷ᠎ᠠ ᠪᠠᠨ ᠡᠭᠰᠢ ᠠᠯᠳᠠᠪᠠᠴᠤ ① ᠰᠢᠭᠤᠳ ᠡᠯᠭᠦᠵᠦ ᠠᠰᠠᠭᠤᠬᠤ ᠠ᠋ᠴᠠ ᠰᠡᠳᠬᠢᠯ ᠬᠠᠯᠢᠷᠠᠨ《ᠠ᠂ ᠬᠥᠭᠡᠷᠦᠬᠦᠢ ᠡᠵᠢ ᠴᠢᠨᠢ ᠰᠢᠷᠣᠢ ᠦᠨᠦᠷᠲᠦᠴᠢᠬᠡᠯᠡ》 ᠭᠡᠰᠡᠨ ᠲᠡᠪᠴᠢᠶᠡᠷᠢ ᠮᠠᠭᠤᠲᠠᠢ ᠬᠠᠷᠢᠭᠤ ᠰᠣᠨᠣᠰᠬᠤ ᠠ᠋ᠴᠠ ᠵᠢᠷᠦᠬᠡᠰᠢᠶᠡᠵᠦ ᠪᠠᠢᠯ᠎ᠠ᠃
ᠬᠡᠳᠡᠷ ᠪᠣᠷᠣ ᠡᠪᠦᠭᠡᠨ ᠴᠦ᠍ ᠠᠩᠴᠢᠨᠵᠠᠪ ᠤ᠋ᠨ ᠰᠡᠳᠬᠢᠯ ᠢ᠋ ᠳᠣᠲᠣᠷᠯᠠᠵᠤ ᠮᠡᠳᠡᠭᠡᠳ ᠬᠠᠨ᠎ᠠ ᠲᠦᠰᠢᠭᠯᠡᠵᠦ ᠲᠠᠯᠪᠢᠭᠰᠠᠨ ᠬᠡ ᠰᠢᠷ ᠨᠢ ᠬᠣᠭᠵᠢᠷᠠᠵᠤ ᠭᠬᠢᠷ ᠲᠠᠭ ᠲᠤ᠌ ᠣᠣᠷ ᠥᠩᠭᠡ ᠪᠡᠨ ᠠᠯᠳᠠᠭᠰᠠᠨ ᠬᠠᠭᠤᠴᠢᠨ ᠬᠦᠷᠡᠩ ᠬᠣᠷᠭᠣ ᠠ᠋ᠴᠠ ᠬᠠᠳᠠᠭ ᠲᠤ᠌ ᠪᠠᠭᠯᠠᠭᠰᠠᠨ ᠶᠠᠭᠤᠮ᠎ᠠ ᠭᠠᠷᠭᠠᠵᠤ᠄
– ᠮᠠᠢ᠂ ᠬᠡᠦᠬᠡ! ᠡᠭᠦᠨ ᠢ᠋ᠶ᠋ᠡᠨ ᠨᠢᠮᠪᠠᠢ ᠠᠪᠴᠤ ᠶᠠᠪᠤ᠃ ᠡᠵᠢ ᠴᠢᠨᠢ ᠥᠭᠭᠦᠭᠰᠡᠨ ᠶᠦᠮ! ᠭᠡᠬᠦ ᠳ᠋ᠦ᠍ ᠠᠩᠴᠢᠨᠵᠠᠪ ᠤ᠋ᠨ ᠭᠠᠷ ᠰᠠᠯᠭᠠᠨᠠᠨ《ᠡᠵᠢ ᠮᠢᠨᠢ᠂ ᠪᠤᠷᠬᠠᠨ ᠪᠣᠯᠴᠢᠬᠠᠪᠠ ᠊ᠤᠤ?》 ᠭᠡᠵᠦ ᠠᠭᠱᠠᠨ᠎ᠠ ᠪᠣᠳᠣᠬᠤ ᠳ᠋ᠤ᠌ ᠬᠣᠷᠢᠭᠳᠠᠰᠢ ᠦᠭᠡᠢ ᠠᠰᠬᠠᠷᠠᠬᠤ ᠨᠢᠯᠪᠤᠰᠤ ᠬᠠᠮᠠᠷ ᠢ᠋ ᠨᠢ ᠬᠠᠪᠴᠢᠭᠠᠳ ᠤᠷᠤᠰᠪᠠ᠃
ᠠᠩᠴᠢᠨᠵᠠᠪ ᠬᠠᠳᠠᠭ ᠢ᠋ ᠠᠶᠠᠷᠬᠠᠨ ᠵᠠᠳᠠᠯᠪᠠᠯ ᠤᠯᠠᠭᠠᠨ ᠱ᠌ᠢᠷᠦᠨ ᠵᠢᠩᠰᠡ ᠲᠡᠢ ᠮᠠᠨᠤᠨ ᠬᠥᠬᠦᠦᠷ ᠪᠠᠢᠯ᠎ᠠ᠃
–《ᠬᠦᠦ ᠮᠢᠨᠢ ᠬᠠᠷᠢᠭᠠᠳ ᠢᠷᠡᠬᠦ ᠮᠠᠭᠠᠳ᠁ ᠡᠨᠡ ᠬᠥᠬᠦᠦᠷ ᠢ᠋ ᠥᠭᠴᠦ ᠬᠠᠢᠷᠠᠯᠠ! ᠠᠮᠢᠨ ᠰᠠᠬᠢᠶ᠎ᠠ ᠰᠢᠭ᠋ ᠪᠡᠶ᠎ᠡ ᠳ᠋ᠡᠭᠡᠨ ᠡᠷᠬᠢᠮᠯᠡᠵᠦ ᠶᠠᠪᠤ᠃ ᠶᠣᠳᠠᠷ ᠴᠢᠷᠦᠭᠡᠳ ᠶᠠᠭᠳᠠᠵᠤ᠂ ᠶᠣᠷᠣᠭ ᠡᠮᠦᠰᠦᠭᠡᠳ ᠲᠠᠭᠳᠠᠪᠠᠴᠤ ᠲᠡᠭᠦᠨ ᠢ᠋ ᠵᠠᠷᠤᠵᠤ ᠦᠯᠦ ᠪᠣᠯᠤᠨ᠎ᠠ᠃ ᠡᠴᠢᠭᠡ ᠳᠡᠭᠡᠳᠦᠭᠦᠯᠡ ᠶ᠋ᠢᠨ ᠬᠢᠨᠢ ᠤᠳᠤᠮ ᠳᠠᠮᠵᠢᠭᠰᠠᠨ ᠥᠪ ᠶᠦᠮ》 ᠭᠡᠳ ᠨᠠᠳᠠ ᠭᠠᠢᠭᠤᠢ ᠵᠠᠬᠢᠭᠰᠠᠨ ᠶᠤᠮ ᠠ᠋᠂ ᠬᠥᠭᠡᠷᠦᠬᠦᠢ! ᠬᠦᠦ ᠮᠢᠨᠢ ᠲᠡᠭᠡᠭᠡᠳ ᠡᠷᠲᠡ ᠢᠷᠡᠳᠡᠭ ᠪᠠᠢᠵᠢ ᠳᠠ! ᠭᠡᠪᠡ᠃
– ᠡᠵᠢ ᠶᠠᠭᠠᠬᠢᠴᠢᠬᠠᠪᠠ? ᠭᠡᠵᠦ ᠠᠩᠴᠢᠨᠵᠠᠪ ᠰᠠᠨᠳᠤᠷᠤᠨ ᠠᠰᠠᠭᠤᠭᠰᠠᠨ ᠳ᠋ᠤ᠌ ᠬᠡᠳᠡᠷ ᠪᠣᠷᠣ ᠡᠪᠦᠭᠡᠨ᠄
– ᠠᠢ ᠳᠠ᠂ ᠶᠠᠭᠠᠬᠢᠬᠤ ᠪᠣᠢ! ᠵᠠᠰᠠᠭᠲᠤ ᠶ᠋ᠢᠨ ᠬᠤᠰᠢᠭᠤᠨ ᠤ᠋ ᠵᠢᠩᠴᠢᠨ ᠢ᠋ ᠳᠠᠭᠠᠵᠤ ᠴᠢᠨᠦ ᠬᠣᠢᠨ᠎ᠠ ᠠ᠋ᠴᠠ ᠡᠮᠦᠨᠡᠰᠢᠯᠡᠭᠰᠡᠨ᠁ ᠭᠡᠬᠦ ᠳ᠋ᠦ᠍ ᠠᠩᠴᠢᠨᠵᠠᠪ ᠪᠣᠷᠣ ᠡᠪᠦᠭᠡᠨ ᠦ᠌ ᠦᠭᠡ ᠶ᠋ᠢ ᠲᠠᠰᠤᠯᠵᠤ᠄
– ᠮᠢᠨᠦ ᠬᠣᠢᠨ᠎ᠠ ᠠ᠋ᠴᠠ⁈ ᠭᠡᠵᠦ ᠬᠡᠯᠡᠬᠦ ᠳ᠋ᠦ᠍ ᠰᠡᠳᠬᠢᠯ ᠳ᠋ᠦ᠍ ᠳᠡᠭᠦᠵᠢᠯᠡᠭᠰᠡᠨ ᠬᠦᠨᠳᠦ ᠴᠢᠯᠠᠭᠤ ᠬᠥᠰᠡᠷ ᠤᠨᠠᠵᠤ ᠠᠭᠤᠵᠢᠷᠠᠭᠰᠠᠨ ᠳ᠋ᠠᠭᠠᠨ ᠳᠠᠭᠤ ᠨᠢ ᠥᠨᠳᠥᠷᠵᠢᠪᠡ᠃
– ᠲᠡᠭᠡᠭ᠍ᠰᠡᠨ᠃ ᠴᠢᠨᠦ ᠬᠣᠢᠨ᠎ᠠ ᠠ᠋ᠴᠠ ᠯᠠ ᠲᠠᠩᠰᠢᠵᠤ ᠶᠠᠪᠤᠭᠰᠠᠨ᠃ ᠡᠬᠡ ᠪᠡᠨ ᠶᠠᠭᠠᠬᠢᠭᠰᠠᠨ ᠴᠢᠴᠠᠭ᠎ᠠ ᠶ᠋ᠢ ᠬᠣᠬᠣᠢ᠁《ᠡᠬᠡ ᠶ᠋ᠢᠨ ᠰᠡᠳᠬᠢᠯ ᠦᠷ᠎ᠡ ᠳ᠋ᠦ᠍》 ᠭᠡᠳᠡᠭ ᠬᠣᠢᠨ᠎ᠠ ᠳᠠ! ᠠᠷᠭ᠎ᠠ ᠪᠠᠢᠨ᠎ᠠ ᠊ᠤᠤ?
ᠠᠩᠴᠢᠨᠵᠠᠪ ᠦᠭᠡ ᠳᠠᠭᠤᠨ ᠦᠭᠡᠢ ᠪᠣᠳᠣᠯᠭ᠎ᠠ ᠪᠣᠯᠪᠠ᠃ ᠡᠪᠦᠭᠡᠨ᠄
– ᠡᠪᠦᠯ ᠦ᠋ᠨ ᠳᠤᠮᠳᠠ ᠰᠠᠷ᠎ᠠ ᠵᠠᠰᠠᠭᠲᠤ ᠶ᠋ᠢᠨ ᠵᠢᠩᠴᠢᠳ ᠠᠴᠢᠶ᠎ᠠ ᠬᠥᠰᠬᠡ ᠪᠠᠷᠠᠭ᠎ᠠ ᠳᠦᠭᠦᠷᠡᠩ ᠪᠤᠴᠠᠵᠤ ᠢᠷᠡᠬᠦ ᠳ᠋ᠦ᠍ ᠡᠵᠢ ᠴᠢᠨᠢ ᠬᠠᠷᠢᠨ ᠭᠠᠩᠰᠠᠨ ᠤ᠋ ᠪᠠᠨ ᠰᠣᠷᠣᠭᠤᠯ ᠢ᠋ ᠰᠢᠮᠡᠵᠦ ᠵᠡᠭᠦᠨ ᠡᠮᠦᠨᠡᠰᠢ ᠲᠠᠬᠢᠷᠯᠠᠨ ᠣᠳᠤᠭᠰᠠᠨ ᠬᠠᠷᠭᠤᠢ ᠶ᠋ᠢ ᠰᠢᠷᠲᠡᠬᠦ ᠡᠭᠦᠯᠡᠨ ᠬᠥᠬᠡ ᠨᠢᠳᠦ ᠨᠢ《ᠲᠡᠷᠡ ᠵᠦᠭ ᠲᠦ᠍ ᠯᠡ ᠴᠢᠨᠦ ᠬᠣᠢᠨ᠎ᠠ ᠠ᠋ᠴᠠ ᠶᠠᠪᠤᠭᠰᠠᠨ ᠠ᠋᠃ ᠴᠣᠬᠣᠮ ᠶᠠᠭᠠᠬᠢᠭᠰᠠᠨ ᠪᠣᠯ? ᠬᠡᠵᠢᠶ᠎ᠡ ᠪᠤᠴᠠᠵᠤ ᠢᠷᠡᠳᠡᠭ ᠢ᠋ ᠮᠡᠳᠡᠬᠦ ᠦᠭᠡᠢ》 ᠭᠡᠵᠦ ᠠᠩᠴᠢᠨᠵᠠᠪ ᠲᠤ᠌ ᠬᠡᠯᠡᠵᠦ ᠪᠠᠢᠭ᠎ᠠ ᠮᠡᠲᠦ᠃
ᠠᠩᠴᠢᠨᠵᠠᠪ᠂ ᠨᠤᠲᠤᠭ ᠤ᠋ᠨ ᠡᠨᠡ ᠬᠦ᠌ ᠲᠥᠷᠥᠯᠰᠡᠭ ᠪᠣᠷᠣ ᠡᠪᠦᠭᠡᠨ ᠦ᠌ ᠰᠠᠨᠠᠭ᠎ᠠ ᠶ᠋ᠢ ᠬᠠᠭᠤᠷᠬᠤ ᠬᠦᠷᠡᠩ ᠴᠢᠪᠠᠭ᠎ᠠ᠂ ᠬᠠᠷ᠎ᠠ ᠪᠤᠷᠠᠮ᠂ ᠪᠠᠷᠢᠭᠤᠯ ᠴᠠᠢ ② ᠵᠡᠷᠭᠡ ᠪᠠᠭ᠎ᠠ ᠰᠠᠭ᠎ᠠ ᠶᠠᠭᠤᠮ᠎ᠠ ᠪᠠᠷ ᠭᠠᠷ ᠴᠠᠭᠠᠯᠠᠵᠤ《ᠤᠯᠠᠭᠠᠨ ᠱ᠌ᠢᠷᠦᠨ ᠵᠢᠩᠰᠡᠲᠦ ᠬᠥᠬᠦᠦᠷ》 ᠦ᠋ᠨ ᠳᠣᠮᠣᠭ ᠢ᠋ ᠡᠪᠦᠷᠯᠡᠵᠦ ᠠᠯᠤᠰ ᠢ᠋ ᠵᠣᠷᠢᠯ᠎ᠠ᠁
ᠪᠣᠳᠣᠯ ᠤ᠋ᠨ ᠴᠢᠯᠥᠭᠡ ᠪᠡᠷ ᠢᠷᠭᠤᠢ ᠴᠡᠴᠡᠭ ᠰᠢᠭ ᠢᠨᠠᠭ ᠤ᠋ᠨ ᠢ᠋ᠶ᠋ᠠᠨ ᠬᠠᠯᠠᠭᠤᠨ ᠰᠢᠪᠡᠨᠡᠭᠡ ᠶ᠋ᠢ ᠰᠠᠨᠠᠵᠤ᠂ ᠪᠣᠯᠳᠠᠭ ᠦᠭᠡᠢ ᠶᠠᠭᠤᠮᠠᠨ ᠤ᠋ ᠠᠷᠤ ᠠ᠋ᠴᠠ ᠪᠣᠳᠣᠯ ᠤ᠋ᠨ ᠬᠦᠯᠦᠭ ᠢ᠋ᠶ᠋ᠡᠨ ᠠᠯᠳᠠᠵᠤ ᠶᠠᠪᠤᠭᠤᠯᠤᠭᠠᠳ ᠰᠠᠨᠠᠭ᠎ᠠ ᠠᠯᠳᠠᠭᠰᠠᠨ ᠢ᠋ᠶ᠋ᠠᠨ ᠠᠩᠴᠢᠨᠵᠠᠪ《ᠶᠠᠭᠠᠬᠢᠬᠤ ᠪᠣᠢ᠃ ᠪᠠᠢᠶ᠎ᠠ ᠪᠠᠢᠶ᠎ᠠ! ᠲᠡᠷᠡ ᠶᠠᠮᠠᠷ ᠲᠠᠭᠠᠨ ᠨᠠᠳᠠ ᠰᠢᠭ᠋ ᠭᠡᠷ ᠣᠷᠣᠨ ᠦᠭᠡᠢ ᠲᠡᠨᠦᠵᠦ᠂ ᠨᠢᠭᠡ ᠴᠠᠳᠬᠤᠯᠠᠩ ᠨᠢᠭᠡ ᠥᠯᠥᠰᠬᠦᠯᠡᠩ ᠶᠠᠪᠤᠭ᠎ᠠ ᠴᠤ᠌ ᠪᠢᠰᠢ ᠳᠡ᠃ ᠭᠡᠭᠡᠨ ᠴᠠᠭᠠᠨ ᠣᠷᠳᠣᠨ ᠳ᠋ᠤ᠌ ᠭᠡᠲᠡᠬᠡᠷ ᠴᠠᠳᠬᠤᠯᠠᠩ ᠪᠠᠢᠭ᠎ᠠ ᠪᠠᠢᠯᠭᠦᠢ! ᠨᠣᠶᠠᠨ ᠬᠥᠮᠦᠨ ᠦ᠌ ᠲᠠᠷᠭᠤᠨ ᠡᠪᠦᠷ ᠲᠦ᠍ ᠨᠣᠵᠣᠭᠣᠷᠠᠵᠤ ᠬᠡᠪᠲᠡᠭᠰᠡᠨ ᠬᠥᠮᠦᠨ ᠦ᠌ ᠬᠣᠢᠨ᠎ᠠ ᠠ᠋ᠴᠠ ᠪᠢ ᠥᠯᠥᠨ ᠰᠢᠯᠦᠰᠦ ᠰᠠᠪᠢᠷᠠᠭᠤᠯᠵᠤ ᠶᠠᠭᠤ ᠬᠢᠨᠡᠮ!》 ᠭᠡᠳ ᠰᠡᠷᠭᠦᠮ᠎ᠡ ᠶ᠋ᠢᠨ ᠲᠤᠬᠠᠢ ᠣᠲᠣᠷᠯᠠᠭᠰᠠᠨ ᠰᠡᠳᠬᠢᠯ ᠢ᠋ᠶ᠋ᠡᠨ ᠬᠤᠷᠢᠶᠠᠵᠤ᠂ ᠨᠢᠳᠦ ᠪᠡᠨ ᠠᠨᠢᠨ ᠪᠡᠶ᠎ᠡ ᠪᠡᠨ ᠪᠦᠪᠡᠢᠯᠡᠲᠡᠯᠡ᠁ ᠰᠢᠷᠭ᠎ᠠ ᠮᠣᠷᠢᠲᠤ ᠶ᠋ᠢᠨ ᠠᠷᠤ ᠡᠩᠭᠡᠷ ᠦ᠋ᠨ ᠪᠢᠲᠡᠭᠦᠦ ᠰᠢᠭᠤᠢ ᠳᠣᠲᠣᠷ᠎ᠠ ᠠ᠋ᠴᠠ《 ᠬᠦ 一 ᠬᠦ᠂ ᠬᠦ ᠬᠦ 一 ᠠ᠋ 一 ᠶ᠋ᠢ ᠰᠢᠷ᠎ᠠ ᠲᠣᠰᠣ᠂ ᠬᠦ 一 ᠬᠦ᠂ ᠬᠦ ᠬᠦ 一 ᠪᠡᠷ 一 ᠬᠡᠨ ᠬᠠᠷ᠎ᠠ ᠬᠤᠰᠤᠮ》 ᠭᠡᠵᠦ ᠲᠠᠰᠤᠷᠠᠭ᠎ᠠ ᠦᠭᠡᠢ ᠳᠣᠩᠭᠣᠳᠬᠤ ᠬᠥᠬᠥᠭᠡ ᠰᠢᠪᠠᠭᠤᠨ ᠤ᠋ ᠳᠠᠭᠤᠨ ᠲᠡᠭᠦᠨ ᠦ᠌ ᠡᠵᠢ ᠪᠡᠨ ᠮᠥᠷᠥᠭᠡᠳᠬᠦ ᠰᠡᠳᠬᠢᠯ ᠢ᠋ ᠤᠯᠠᠮ ᠤᠶᠠᠷᠠᠭᠤᠯᠬᠤ ᠠᠵᠢ!
ᠬᠥᠬᠥᠭᠡ ᠰᠢᠪᠠᠭᠤᠨ ᠤ᠋《ᠡᠵᠢ ᠰᠢᠷ᠎ᠠ ᠲᠣᠰᠣ᠂ ᠪᠡᠷᠭᠡᠨ ᠬᠠᠷ᠎ᠠ ᠬᠤᠰᠤᠮ》 ᠭᠡᠵᠦ ᠬᠥᠮᠦᠨ ᠦ᠌ ᠦᠭᠡ ᠪᠡᠷ ᠳᠣᠩᠭᠣᠳᠴᠤ ᠴᠢᠳᠠᠳᠠᠭ ᠭᠡᠳᠡᠭ ᠦ᠋ᠨ ᠲᠤᠬᠠᠢ ᠣᠢᠷᠠᠳ ᠠᠷᠠᠳ ᠤ᠋ᠨ ᠳᠤᠮᠳᠠ ᠡᠢᠮᠦ ᠨᠢᠭᠡ ᠳᠣᠮᠣᠭ ᠦᠯᠢᠭᠡᠷ ᠪᠠᠢᠳᠠᠭ᠄ ᠡᠷᠲᠡ ᠤᠷᠢᠳᠤ ᠶ᠋ᠢᠨ ᠴᠠᠭ ᠲᠤ᠌ ᠨᠢᠭᠡ ᠨᠠᠰᠤᠲᠠᠢ ᠡᠵᠢ ᠬᠣᠶᠠᠷ ᠬᠦᠦ ᠲᠡᠢ ᠪᠡᠨ ᠭᠠᠭᠴᠠ ᠨᠢᠭᠡ ᠰᠠᠭᠠᠯᠢ ᠶ᠋ᠢᠨ ᠦᠨᠢᠶ᠎ᠡ ᠲᠡᠢ ᠶᠠᠳᠠᠭᠤᠬᠠᠨ ᠠᠮᠢᠳᠤᠷᠠᠯ ᠲᠠᠢ ᠣᠨᠳᠣᠷᠣᠵᠤ ᠪᠠᠢᠵᠢ ᠭᠡᠨ᠎ᠡ᠃ ᠡᠵᠢ ᠨᠢ ᠥᠷᠯᠥᠭᠡ ᠥᠷᠯᠥᠭᠡ ᠦᠨᠢᠶ᠎ᠡ ᠪᠡᠨ ᠰᠠᠭᠠᠵᠤ ᠰᠦ ᠰᠠᠭᠠᠯᠢ ᠴᠤᠭᠯᠠᠭᠤᠯᠤᠭᠠᠳ ᠬᠡᠳᠦ ᠬᠣᠨᠣᠭᠠᠳ ᠨᠢᠭᠡ ᠪᠦᠯᠢᠳᠡᠭ ᠪᠠᠢᠵᠠᠢ᠃ ᠡᠵᠢ ᠬᠥᠮᠦᠨ ᠦ᠌ ᠦᠷ᠎ᠡ ᠪᠡᠨ ᠡᠨᠡᠷᠢᠬᠦ ᠰᠡᠳᠬᠢᠯ ᠢ᠋ ᠶᠠᠭᠤ ᠲᠠᠢ ᠵᠦᠢᠷᠯᠡᠬᠦ ᠠᠵᠢ ᠠ᠋᠂ ᠥᠪᠡᠷ ᠢ᠋ᠶ᠋ᠡᠨ ᠰᠢᠩᠭᠡᠨ ᠰᠦ ᠰᠢᠷᠠᠰᠤ ᠤᠤᠭᠤᠵᠤ ᠬᠣᠶᠠᠷ ᠬᠦᠦ ᠳ᠋ᠡᠭᠡᠨ ᠥᠳᠬᠡᠨ ᠥᠷᠥᠮ᠎ᠡ᠂ ᠰᠢᠷ᠎ᠠ ᠲᠣᠰᠣ ᠶ᠋ᠢ ᠨᠢ ᠢᠳᠡᠭᠦᠯᠳᠡᠭ ᠶᠦᠮ ᠭᠡᠨ᠎ᠡ᠃ ᠮᠥᠨ ᠡᠢᠨ ᠬᠦ᠌ ᠨᠠᠰᠤᠲᠠᠢ ᠡᠵᠢ ᠶ᠋ᠢᠨ ᠡᠨᠡᠷᠢᠯ ᠬᠠᠢᠷ᠎ᠠ ᠳ᠋ᠤ᠌ ᠡᠷ᠎ᠡ ᠥᠰᠴᠦ ᠢᠰᠡᠭᠡᠢ ᠰᠤᠨᠳᠠᠭ ᠭᠡᠳᠡᠭ ᠢ᠋ᠶ᠋ᠡᠷ ᠬᠣᠶᠠᠷ ᠬᠦᠦ ᠪᠣᠰᠤᠭ᠎ᠠ ᠡᠷ᠎ᠡ ᠪᠣᠯᠵᠠᠢ᠃ ᠡᠵᠢ ᠨᠢ ᠶᠢᠷᠲᠢᠨᠴᠦ ᠶ᠋ᠢᠨ ᠡᠷᠢᠶᠡᠨ ᠠᠯᠠᠭ ᠵᠣᠪᠠᠯᠠᠩ ᠢ᠋ ᠡᠯᠡᠭᠡᠵᠦ ᠭᠦᠢᠴᠡᠭᠡᠭᠡᠳ ᠮᠥᠩᠬᠡ ᠶᠢᠷᠲᠢᠨᠴᠦ ᠶ᠋ᠢᠨ ᠲᠡᠷᠰᠯᠡᠵᠦ ᠪᠣᠯᠳᠠᠭ ᠦᠭᠡᠢ ᠵᠢᠮ᠎ᠡ ᠪᠡᠷ ᠪᠤᠷᠬᠠᠨ ᠪᠣᠯᠵᠢ ᠠ᠋᠃ ᠡᠵᠢ ᠡᠴᠡ ᠪᠡᠨ ᠬᠣᠢᠰᠢ ᠠᠬ᠎ᠠ ᠳᠡᠭᠦᠦ ᠬᠣᠶᠠᠭᠤᠯᠠ ᠪᠠᠨ ᠬᠣᠴᠣᠷᠤᠭᠰᠠᠨ ᠪᠣᠯᠬᠤᠢ ᠭᠠᠰᠢᠭᠤᠨ ᠵᠣᠪᠠᠭᠤᠷᠢ ᠪᠠᠨ ᠬᠤᠪᠢᠶᠠᠯᠴᠠᠵᠤ ᠡᠳ᠋ᠯᠡᠨ ᠭᠠᠭᠴᠠ ᠨᠢᠭᠡ ᠪᠡᠨ ᠬᠠᠭᠠᠰᠯᠠᠵᠤ ᠢᠳᠡᠳᠡᠭ ᠪᠠᠢᠵᠠᠢ᠃ ᠢᠩᠭᠢᠭᠰᠡᠭᠡᠷ ᠪᠠᠢᠵᠤ ᠠᠬ᠎ᠠ ᠨᠢ ᠪᠦᠰᠡᠭᠦᠢ ᠠᠪᠴᠤ ᠠᠢᠯ ᠭᠡᠷ ᠪᠣᠯᠪᠠ᠃ ᠳᠡᠭᠦᠦ ᠨᠢ ᠴᠦ᠍ ᠪᠡᠷᠭᠡᠨ ᠲᠡᠢ ᠪᠣᠯᠤᠯ᠎ᠠ ᠭᠡᠵᠦ ᠪᠠᠶᠠᠷᠯᠠᠨ ᠬᠥᠭᠰᠡᠬᠦ ᠶ᠋ᠢ ᠬᠡᠯᠡᠬᠦ ᠶᠠᠭᠤᠨ᠃ ᠪᠡᠷᠬᠡ ᠬᠠᠲᠠᠭᠤ ᠶ᠋ᠢ ᠨᠢ ᠬᠢᠳᠡᠭ ᠪᠣᠯᠪᠠᠴᠤ ᠪᠦᠯᠢᠶᠡᠨ ᠬᠠᠯᠠᠭᠤᠨ ᠢ᠋ ᠢᠳᠡᠬᠦ ᠪᠠᠢᠯᠭᠦᠢ ᠭᠡᠵᠦ ᠵᠢᠷᠭᠠᠯ ᠰᠠᠨᠠᠳᠠᠭ ᠪᠠᠢᠵᠠᠢ᠃ ᠲᠡᠭᠡᠭᠡᠳ ᠡᠳᠦᠷ ᠦ᠋ᠨ ᠮᠠᠷᠭᠠᠲᠤᠷ ᠠᠬ᠎ᠠ ᠨᠢ ᠬᠡᠯᠡᠪᠡᠯ ᠳᠡᠭᠦᠦ ᠨᠢ ᠰᠣᠨᠣᠰᠴᠤ᠂ ᠠᠮᠠ ᠨᠢ ᠢᠳᠡᠪᠡᠯ ᠰᠡᠭᠦᠯ ᠨᠢ ᠲᠠᠷᠭᠤᠯᠠᠳᠠᠭ ᠭᠡᠭᠴᠢ ᠪᠡᠷ ᠳᠡᠭᠦᠦ ᠨᠢ ᠠᠬ᠎ᠠ ᠪᠡᠷᠭᠡᠨ ᠦ᠌ ᠪᠡᠨ ᠵᠠᠬᠢᠶ᠎ᠠ ᠪᠠᠷ ᠦᠨᠢᠶ᠎ᠡ ᠲᠤᠭᠤᠯ ᠡᠷᠭᠢᠭᠦᠯᠵᠦ᠂ ᠲᠦᠯᠡᠭᠡ ᠮᠣᠳᠣ ᠡᠭᠦᠷᠦᠨ᠎ᠡ᠃ ᠥᠷᠯᠥᠭᠡ ᠡᠷᠲᠡ ᠪᠣᠰᠴᠤ ᠪᠡᠷᠭᠡᠨ ᠨᠢ ᠦᠨᠢᠶ᠎ᠡ ᠰᠠᠭᠠᠬᠤ ᠳ᠋ᠤ᠌ ᠳᠡᠭᠦᠦ ᠨᠢ ᠲᠤᠭᠤᠯ ᠲᠠᠲᠠᠵᠤ ᠥᠭᠳᠡᠭ᠃ ᠠᠬ᠎ᠠ ᠨᠢ ᠵᠠᠯᠬᠠᠭᠤᠷᠠᠵᠤ ᠤᠨᠲᠠᠳᠠᠭ ᠭᠡᠨ᠎ᠡ᠃ ᠲᠡᠭᠡᠭᠡᠳ ᠳᠡᠭᠦᠦ ᠨᠢ ᠦᠨᠢᠶ᠎ᠡ ᠪᠡᠨ ᠲᠠᠭᠤᠵᠤ ᠪᠡᠯᠴᠢᠭᠡᠷ ᠲᠦ᠍ ᠭᠠᠷᠭᠠᠨ ᠪᠤᠴᠠᠬᠤ ᠳ᠋ᠠᠭᠠᠨ ᠲᠦᠯᠡᠭᠡ ᠡᠭᠦᠷᠳᠡᠭ ᠪᠠᠢᠵᠠᠢ᠃ ᠬᠠᠷᠢᠵᠤ ᠢᠷᠡᠭᠡᠳ ᠢᠳᠡᠳᠡᠭ ᠨᠢ ᠬᠥᠭᠡᠷᠦᠭᠦᠯᠦᠭᠰᠡᠨ ᠰᠦᠨ ᠦ᠌ ᠬᠠᠷ᠎ᠠ ᠬᠤᠰᠤᠮ ᠪᠤᠶᠤ ᠪᠦᠯᠢᠯᠭᠡ ᠶ᠋ᠢᠨ ᠰᠦᠨ ᠦ᠌ ᠰᠢᠷᠠᠰᠤ ᠤᠤᠭᠤᠳᠠᠭ ᠪᠣᠯᠵᠠᠢ᠃ ᠠᠬ᠎ᠠ ᠪᠡᠷᠭᠡᠨ ᠨᠢ ᠥᠷᠥᠮ᠎ᠡ ᠲᠣᠰᠣ ᠶ᠋ᠢ ᠨᠢ ᠬᠠᠭᠤᠷᠠᠢᠯᠠᠵᠤ ᠢᠳᠡᠭᠡᠳ ᠳᠡᠭᠦᠦ ᠲᠡᠢ ᠬᠥᠮᠦᠨ ᠳᠥᠷᠥᠭᠡ ᠢᠰᠭᠦᠯᠦᠨ᠎ᠡ ᠭᠡᠴᠢᠬᠡᠭᠰᠡᠨ ᠠᠩᠭᠠᠢᠵᠤ ᠢᠳᠡᠭᠡᠳ ᠲᠠᠩᠭᠠᠢᠵᠤ ᠬᠡᠪᠲᠡᠨ᠎ᠡ᠃ ᠨᠢᠭᠡ ᠡᠳᠦᠷ ᠳᠡᠭᠦᠦ ᠨᠢ ᠲᠦᠯᠡᠭᠡ ᠡᠭᠦᠷᠴᠦ ᠬᠦᠷᠡᠭᠴᠢ ᠦᠨᠢᠶ᠎ᠡ ᠪᠡᠨ ᠲᠠᠭᠤᠭᠠᠳ ᠭᠡᠷ ᠵᠦᠭ ᠢ᠋ᠶ᠋ᠡᠨ ᠪᠤᠴᠠᠵᠤ ᠶᠠᠪᠤᠲᠠᠯ᠎ᠠ ᠬᠦᠷᠡᠭᠴᠢ ᠦᠨᠢᠶ᠎ᠡ ᠨᠢ ᠥᠴᠦᠬᠡᠨ ᠡᠷᠭᠢ ᠳ᠋ᠦ᠍ ᠪᠦᠳᠦᠷᠢᠵᠦ ᠤᠨᠠᠭᠠᠳ ᠪᠣᠰᠴᠤ ᠴᠢᠳᠠᠬᠤ ᠦᠭᠡᠢ ᠪᠣᠯᠢᠪᠠ᠃ ᠢᠩᠭᠢᠭᠡᠳ ᠬᠦᠷᠡᠭᠴᠢ ᠦᠨᠢᠶ᠎ᠡ ᠪᠡᠨ ᠡᠷᠭᠦᠵᠦ ᠪᠤᠰᠬᠠᠬᠤ ᠭᠡᠵᠦ ᠬᠡᠴᠢᠨᠡᠭᠡᠨ ᠨᠣᠴᠣᠯᠳᠤᠭᠰᠠᠨ ᠴᠤ᠌ ᠪᠤᠰᠬᠠᠵᠤ ᠴᠢᠳᠠᠭᠰᠠᠨ ᠦᠭᠡᠢ᠃ ᠡᠭᠦᠨ ᠳ᠋ᠦ᠍ ᠬᠦᠷᠡᠭᠴᠢ ᠦᠨᠢᠶ᠎ᠡ ᠤᠷᠲᠤᠬᠠᠨ ᠭᠡᠭᠴᠢ ᠰᠡᠭᠦᠷᠡᠰᠦ ᠠᠯᠲᠠᠨ᠄《 ᠪᠢ ᠣᠳᠣ ᠪᠣᠰᠴᠤ ᠳᠡᠢᠯᠬᠦ ᠪᠡᠨ ᠪᠣᠯᠢᠭᠰᠠᠨ ᠠ᠋! ᠮᠥᠨ ᠡᠨᠡ ᠡᠷᠭᠢ ᠳᠣᠣᠷ᠎ᠠ ᠶᠠᠰᠤ ᠪᠠᠨ ᠬᠠᠶᠠᠬᠤ ᠪᠣᠯᠤᠨ᠎ᠠ᠃ ᠮᠠᠷᠭᠠᠲᠤᠷ ᠦᠦᠷ ᠢ᠋ᠶ᠋ᠡᠷ ᠪᠢ ᠨᠠᠰᠤᠲᠠᠢ ᠡᠵᠢ ᠶ᠋ᠢᠨ ᠴᠢᠨᠢ ᠬᠣᠢᠨ᠎ᠠ ᠠ᠋ᠴᠠ ᠶᠠᠪᠤᠨ᠎ᠠ᠁ ᠨᠠᠰᠤᠲᠠᠢ ᠡᠵᠢ ᠪᠡᠨ ᠪᠠᠢᠬᠤ ᠳ᠋ᠤ᠌ ᠴᠢ ᠥᠳᠬᠡᠨ ᠥᠷᠥᠮ᠎ᠡ᠂ ᠰᠢᠷ᠎ᠠ ᠲᠣᠰᠣ ᠲᠠᠢ ᠪᠤᠳᠠᠭ᠎ᠠ ᠢᠳᠡᠵᠦ ᠪᠠᠢᠭᠰᠠᠨ ᠪᠢᠰᠢ ᠊ᠦᠦ? ᠨᠠᠰᠤᠲᠠᠢ ᠡᠵᠢ ᠡᠴᠡ ᠪᠡᠨ ᠬᠣᠢᠰᠢ ᠪᠡᠷᠭᠡᠨ ᠦ᠌ ᠪᠡᠨ ᠭᠠᠷ ᠳᠣᠣᠷ᠎ᠠ ᠬᠠᠷ᠎ᠠ ᠠᠵᠢᠯ ᠢ᠋ ᠨᠢ ᠬᠢᠴᠢᠬᠡᠭᠡᠳ ᠬᠠᠷ᠎ᠠ ᠬᠤᠰᠤᠮ ᠯᠠ ᠣᠯᠵᠤ ᠢᠳᠡᠬᠦ ᠪᠣᠯᠤᠭᠰᠠᠨ᠃ ᠮᠠᠷᠭᠠᠲᠤᠷ ᠠ᠋ᠴᠠ ᠡᠬᠢᠯᠡᠵᠦ ᠴᠢ ᠠᠬ᠎ᠠ ᠪᠡᠷᠭᠡᠨ ᠲᠡᠢ ᠪᠡᠨ ᠰᠠᠯᠵᠤ ᠠᠰ ᠲᠠᠭᠠᠨ ᠡᠷᠦᠬᠡ ᠣᠩᠭᠣᠢᠯᠭᠠᠵᠤ ᠰᠠᠭᠤ! ᠮᠢᠨᠦ ᠦᠭᠡ ᠪᠡᠷ ᠶᠠᠪᠤᠭᠠᠷᠠᠢ ᠴᠢ᠂ ᠮᠢᠨᠦ ᠦᠭᠡ ᠪᠡᠷ ᠶᠠᠪᠤᠬᠤ ᠦᠭᠡᠢ ᠪᠣᠯ ᠠᠳᠠᠭ ᠨᠢ ᠬᠠᠷ᠎ᠠ ᠬᠤᠰᠤᠮ ᠴᠤ᠌ ᠣᠯᠵᠤ ᠢᠳᠡᠬᠦ ᠳ᠋ᠦ᠍ ᠬᠡᠴᠡᠭᠦᠦ ᠪᠣᠯᠤᠨ᠎ᠠ᠃ ᠮᠢᠨᠦ ᠰᠦᠨᠡᠰᠦ ᠡᠨᠳᠡ ᠡᠴᠡ ᠶᠠᠪᠤᠭᠠᠳ ᠴᠠᠭᠠᠳᠤ ᠣᠷᠴᠢᠯᠠᠩ ᠤ᠋ᠨ ᠨᠢᠭᠡ ᠰᠢᠪᠠᠭᠤ ᠪᠣᠯᠵᠤ ᠬᠤᠪᠢᠷᠠᠨ᠎ᠠ᠃ ᠲᠡᠷᠡ ᠰᠢᠪᠠᠭᠤ ᠴᠢᠮ᠎ᠠ ᠳ᠋ᠤ᠌ ᠶᠢᠰᠦ ᠶᠢᠰᠦ ᠨᠠᠶᠠᠨ ᠨᠢᠭᠡ ᠥᠨᠳᠡᠭᠡᠯᠡᠬᠦ ᠪᠣᠢ᠃ ᠴᠢ ᠲᠡᠷᠡ ᠰᠢᠪᠠᠭᠤ ᠳ᠋ᠤ᠌ ᠡᠪᠲᠡᠢᠬᠡᠨ ᠨᠢᠭᠡ ᠡᠭᠦᠷ ᠪᠠᠷᠢᠵᠤ ᠥᠭᠭᠦᠭᠡᠳ ᠡᠳᠦᠷ ᠡᠳᠦᠷ ᠦ᠋ᠨ ᠥᠨᠳᠡᠭᠡ ᠶ᠋ᠢ ᠨᠢ ᠲᠣᠰᠴᠤ ᠠᠪᠤᠭᠠᠳ ᠬᠣᠨᠣᠭ ᠪᠤᠳᠠᠭᠠᠨ ᠳᠣᠲᠣᠷ᠎ᠠ ᠬᠠᠳᠠᠭᠠᠯᠠᠵᠤ ᠳᠡᠯᠪᠢ! ᠨᠢᠭᠡ ᠡᠳᠦᠷ ᠴᠦ᠍ ᠣᠰᠣᠯᠳᠠᠵᠤ ᠪᠣᠯᠬᠤ ᠦᠭᠡᠢ ᠮᠥᠷᠲᠡᠭᠡᠨ ᠰᠢᠪᠠᠭᠤᠨ ᠤ᠋ ᠥᠨᠳᠡᠭᠡ ᠶ᠋ᠢ ᠬᠥᠰᠡᠷ ᠤᠨᠠᠭᠠᠵᠤ ᠬᠠᠭᠠᠯᠬᠤ ᠪᠤᠶᠤ ᠪᠤᠰᠤᠳ ᠥᠩᠭᠡᠢᠭᠴᠢ ᠠᠮᠢᠲᠠᠨ ᠭᠣᠣᠯᠳᠠᠨ ᠬᠣᠷᠣᠭᠳᠠᠭᠤᠯᠵᠤ ᠪᠣᠯᠬᠤ ᠦᠭᠡᠢ ᠭᠡᠳᠡᠭ ᠢ᠋ ᠰᠠᠨᠠᠵᠤ ᠶᠠᠪᠤ! ᠡᠭᠦᠨ ᠢ᠋ ᠬᠠᠲᠠᠭᠤ ᠴᠡᠭᠡᠷ ᠲᠡᠢ ᠬᠠᠳᠠᠭᠠᠯᠠᠵᠤ ᠪᠠᠢᠪᠠᠯ ᠨᠠᠶᠠᠨ ᠨᠢᠭᠡ ᠥᠨᠳᠡᠭᠡᠯᠡᠬᠦ ᠰᠢᠪᠠᠭᠤ ᠴᠢᠮ᠎ᠠ ᠳ᠋ᠤ᠌ ᠠᠯᠲᠠᠨ ᠥᠨᠳᠡᠭᠡ ᠥᠭᠬᠦ ᠶᠦᠮ ᠠ᠋! ᠡᠨᠡ ᠨᠠᠶᠠᠨ ᠨᠢᠭᠡᠨ ᠥᠨᠳᠡᠭᠡ ᠪᠡᠨ ᠪᠤᠯᠠᠭ ᠤ᠋ᠨ ᠲᠤᠩᠭᠠᠯᠠᠭ ᠤᠰᠤᠨ ᠳ᠋ᠤ᠌ ᠬᠢᠵᠦ ᠦᠵᠡ! ᠶᠢᠰᠦᠨ ᠠᠯᠲᠠᠨ ᠥᠨᠳᠡᠭᠡ ᠨᠢ ᠤᠰᠤᠨ ᠳᠣᠣᠷ᠎ᠠ ᠵᠢᠪᠴᠦ ᠪᠤᠰᠤ ᠳᠠᠯᠠᠨ ᠬᠣᠶᠠᠷ ᠥᠨᠳᠡᠭᠡ ᠨᠢ ᠤᠰᠤᠨ ᠳᠡᠭᠡᠷ᠎ᠡ ᠬᠥᠪᠬᠦ ᠶᠦᠮ ᠠ᠋! ᠴᠢ ᠰᠠᠢᠨ ᠴᠡᠭᠡᠵᠢᠯᠡᠵᠦ ᠠᠪ! ᠡᠨᠡ ᠨᠢᠭᠤᠴᠠ ᠶ᠋ᠢ ᠬᠡᠨ ᠳ᠋ᠦ᠍ ᠴᠦ᠍ ᠬᠡᠯᠡᠵᠦ ᠪᠣᠯᠬᠤ ᠦᠭᠡᠢ᠃ ᠨᠢᠭᠤᠴᠠ ᠶ᠋ᠢ ᠵᠠᠳᠠᠷᠠᠭᠤᠯᠤᠭᠰᠠᠭᠠᠷ ᠲᠡᠷᠡ ᠰᠢᠪᠠᠭᠤ ᠴᠢᠮ᠎ᠠ ᠳ᠋ᠤ᠌ ᠠᠯᠲᠠᠨ ᠥᠨᠳᠡᠭᠡ ᠲᠥᠷᠥᠬᠦ ᠦᠭᠡᠢ᠂ ᠤᠰᠤᠨ ᠥᠨᠳᠡᠭᠡ ᠲᠥᠷᠥᠨ᠎ᠡ ᠰᠢᠦ!》 ᠭᠡᠳ ᠬᠦᠷᠡᠭᠴᠢ ᠦᠨᠢᠶ᠎ᠡ ᠨᠢᠳᠦ ᠪᠡᠨ ᠠᠨᠢᠨ ᠥᠨᠢᠳᠡ ᠠᠮᠠᠷᠠᠪᠠ᠃
ᠳᠡᠭᠦᠦ ᠨᠢ ᠮᠠᠷᠭᠠᠲᠤᠷ ᠠ᠋ᠴᠠ ᠨᠢ ᠳᠠᠷᠤᠢ ᠠᠬ᠎ᠠ ᠪᠡᠷᠭᠡᠨ ᠡᠴᠡ ᠪᠡᠨ ᠰᠠᠯᠵᠤ ᠠᠭᠤᠯᠠ ᠶ᠋ᠢᠨ ᠬᠥᠪᠴᠢ ᠳ᠋ᠦ᠍ ᠣᠪᠣᠬᠠᠢ ᠪᠤᠰᠬᠠᠨ ᠭᠠᠭᠴᠠᠭᠠᠷ ᠢ᠋ᠶ᠋ᠠᠨ ᠠᠮᠢᠳᠤᠷᠠᠬᠤ ᠪᠣᠯᠵᠠᠢ᠃
ᠦᠨᠡᠬᠡᠷ ᠨᠢᠭᠡ ᠲᠠᠭᠲᠠᠭ᠎ᠠ ᠰᠢᠭ᠋ ᠦᠨᠡᠰᠦᠨ ᠪᠣᠷᠣ ᠰᠢᠪᠠᠭᠤ ᠲᠡᠭᠦᠨ ᠦ᠌ ᠬᠠᠶᠠᠭᠠᠨ ᠳ᠋ᠤ᠌ ᠢᠷᠡᠵᠦ ᠡᠳᠦᠷ ᠲᠣᠭᠠᠯᠠᠨ ᠥᠨᠳᠡᠭᠡᠯᠡᠵᠡᠢ᠃ ᠶᠢᠰᠦ ᠶᠢᠰᠦ ᠨᠠᠶᠠᠨ ᠨᠢᠭᠡᠨ ᠥᠨᠳᠡᠭᠡ ᠶ᠋ᠢ ᠬᠣᠨᠣᠭ ᠪᠤᠳᠠᠭᠠᠨ ᠳ᠋ᠤ᠌ ᠬᠠᠳᠠᠭᠠᠯᠠᠵᠤ ᠪᠠᠢᠭᠠᠳ ᠪᠤᠯᠠᠭ ᠤ᠋ᠨ ᠤᠰᠤᠨ ᠳ᠋ᠤ᠌ ᠬᠢᠬᠦᠯᠡ ᠶᠢᠰᠦᠨ ᠠᠯᠲᠠᠨ ᠥᠨᠳᠡᠭᠡ ᠤᠰᠤᠨ ᠳᠣᠣᠷ᠎ᠠ ᠲᠤᠨᠵᠤ ᠰᠢᠵᠢᠷ ᠭᠡᠷᠡᠯ ᠰᠠᠴᠤᠷᠠᠨ᠎ᠠ᠃ ᠨᠥᠭᠦᠭᠡ ᠳᠠᠯᠠᠨ ᠬᠣᠶᠠᠷ ᠥᠨᠳᠡᠭᠡ ᠨᠢ ᠮᠥᠩᠭᠥᠨ ᠥᠨᠳᠡᠭᠡ ᠪᠠᠢᠵᠠᠢ᠃ ᠳᠡᠭᠦᠦ ᠨᠢ ᠡᠳᠦᠷ ᠲᠤᠵᠢ ᠲᠦᠯᠡᠭᠡ ᠮᠣᠳᠣ ᠡᠭᠦᠷᠴᠦ ᠠᠵᠢᠯ ᠬᠥᠳᠡᠯᠮᠦᠷᠢ ᠬᠢᠵᠦ ᠮᠠᠰᠢ ᠪᠠᠶᠠᠵᠢᠪᠠ᠃ ᠠᠬ᠎ᠠ ᠪᠡᠷᠭᠡᠨ ᠨᠢ ᠡᠵᠢ ᠶ᠋ᠢᠨ ᠬᠡᠰᠡᠭ ᠪᠤᠶᠠᠨ ᠳᠡᠭᠡᠷ᠎ᠡ ᠠᠵᠠ ᠶ᠋ᠢᠨ ᠲᠩᠷᠢ ᠬᠠᠷᠠᠵᠤ ᠠᠯᠵᠠᠭᠤᠷᠠᠨ ᠰᠠᠭᠤᠭᠰᠠᠭᠠᠷ ᠪᠠᠢᠵᠤ ᠦᠭᠡᠢᠷᠡᠨ ᠬᠣᠭᠣᠰᠣᠷᠠᠪᠠ᠃
ᠡᠢᠨ ᠬᠦ᠌ ᠪᠡᠷᠭᠡᠨ ᠨᠢ ᠨᠢᠭᠡ ᠡᠳᠦᠷ ᠳᠡᠭᠦᠦ ᠶ᠋ᠢᠨ ᠳ᠋ᠡᠭᠡᠨ ᠢᠷᠡᠵᠦ ᠤᠬᠢᠯᠠᠭ ᠳᠠᠭᠤᠯᠠᠭ ᠠᠯᠲᠠᠨ ᠳᠡᠭᠦᠦ ᠶ᠋ᠢᠨ ᠢ᠋ᠶ᠋ᠡᠨ ᠶᠠᠭᠠᠬᠢᠵᠤ ᠪᠠᠶᠠᠵᠢᠭᠰᠠᠨ ᠢ᠋ ᠤᠷᠠᠨ ᠦᠭᠡ ᠤᠬᠢᠯᠠᠩᠬᠠᠢ ᠴᠢᠷᠠᠢ ᠪᠠᠷ ᠢ᠋ᠶ᠋ᠠᠨ ᠮᠡᠬᠡᠯᠡᠵᠦ ᠮᠡᠳᠡᠭᠡᠳ ᠳᠡᠭᠦᠦ ᠪᠡᠨ ᠲᠡᠷᠡ ᠨᠤᠲᠤᠭ ᠳᠡᠭᠡᠷ᠎ᠡ ᠬᠥᠭᠡᠭᠡᠵᠦ ᠭᠠᠷᠭᠠᠨ ᠥᠪᠡᠷ ᠢ᠋ᠶ᠋ᠡᠨ ᠲᠡᠷᠡ ᠣᠪᠣᠬᠠᠢ ᠳ᠋ᠤ᠌ ᠢᠷᠡᠵᠦ ᠰᠠᠭᠤᠵᠠᠢ᠃ ᠲᠡᠭᠡᠭᠡᠳ ᠲᠡᠷᠡ ᠰᠢᠪᠠᠭᠤᠨ ᠤ᠋ ᠥᠨᠳᠡᠭᠡ ᠶ᠋ᠢ ᠴᠤᠭᠯᠠᠭᠤᠯᠤᠨ ᠮᠥᠨ ᠲᠡᠷᠡ ᠶᠣᠰᠣᠭᠠᠷ ᠬᠠᠳᠠᠭᠠᠯᠠᠪᠠ ᠃ ᠪᠡᠷᠭᠡᠨ ᠨᠢ ᠨᠠᠶᠠᠨ ᠨᠢᠭᠡᠨ ᠥᠨᠳᠡᠭᠡ ᠪᠣᠯᠬᠤ ᠶ᠋ᠢ ᠬᠦᠯᠢᠶᠡᠵᠦ ᠶᠠᠳᠠᠨ ᠡᠳᠦᠷ ᠦ᠋ᠨ ᠶᠢᠰᠦ ᠤᠳᠠᠭ᠎ᠠ ᠲᠣᠭᠠᠯᠠᠵᠤ《ᠠᠯᠲᠠᠨ ᠥᠨᠳᠡᠭᠡ᠂ ᠠᠯᠲᠠᠨ ᠥᠨᠳᠡᠭᠡ》 ᠭᠡᠵᠦ ᠠᠮᠠᠨ ᠤᠩᠰᠢᠯᠭ᠎ᠠ ᠪᠣᠯᠵᠤ ᠥᠨᠥᠬᠢ ᠥᠨᠳᠡᠭᠡ ᠨᠦ᠍ᠭᠦᠳ ᠢ᠋ ᠪᠣᠰᠤᠨ ᠰᠠᠭᠤᠨ ᠲᠡᠮᠲᠡᠷᠢᠨ᠎ᠡ᠃
《 ᠬᠦᠯᠢᠶᠡᠭᠰᠡᠨ ᠶᠠᠭᠤᠮᠠᠨ ᠤ᠋ ᠤᠳᠠᠭᠠᠨ᠂ ᠬᠦᠰᠡᠭᠰᠡᠨ ᠶᠠᠭᠤᠮᠠᠨ ᠤ᠋ ᠬᠣᠯᠠ》 ᠭᠡᠳᠡᠭ ᠢ᠋ᠶ᠋ᠡᠷ ᠪᠡᠷᠭᠡᠨ ᠨᠢ ᠠᠷᠠᠢ ᠬᠢᠵᠦ ᠨᠠᠶᠠᠨ ᠨᠢᠭᠡᠨ ᠥᠨᠳᠡᠭᠡ ᠪᠣᠯᠣᠮᠠᠭᠴᠠ ᠪᠤᠯᠠᠭ ᠤ᠋ᠨ ᠤᠰᠤᠨ ᠳ᠋ᠤ᠌ ᠥᠨᠳᠡᠭᠡ ᠨᠦ᠍ᠭᠦᠳ ᠢ᠋ᠶ᠋ᠡᠨ ᠬᠢᠭᠡᠳ ᠠᠯᠲᠠ ᠮᠥᠩᠭᠥᠨ ᠥᠨᠳᠡᠭᠡ ᠡᠪᠦᠷᠯᠡᠬᠦ ᠶ᠋ᠢ ᠭᠣᠷᠢᠯᠠᠨᠠ᠃ ᠲᠡᠭᠡᠬᠦ ᠳ᠋ᠦ᠍ ᠤᠰᠤᠨ ᠳᠣᠣᠷ᠎ᠠ ᠨᠢᠭᠡ ᠴᠦ᠍ ᠥᠨᠳᠡᠭᠡ ᠲᠣᠨᠣᠭᠰᠠᠨ ᠦᠭᠡᠢ ᠪᠦᠷ ᠤᠰᠤᠨ ᠳᠡᠭᠡᠭᠦᠷ ᠬᠥᠪᠴᠦ ᠪᠠᠢᠯ᠎ᠠ᠁ ᠪᠡᠷᠭᠡᠨ ᠨᠢ ᠬᠣᠷᠣ ᠨᠢ ᠪᠤᠴᠠᠯᠬᠤ ᠳ᠋ᠠᠭᠠᠨ ᠨᠠᠶᠠᠨ ᠨᠢᠭᠡᠨ ᠥᠨᠳᠡᠭᠡ ᠶ᠋ᠢ ᠬᠠᠳᠠᠨ ᠳᠡᠯᠡᠳᠴᠦ ᠬᠠᠭᠠᠯᠤᠭᠰᠠᠨ ᠳ᠋ᠤ᠌ ᠨᠠᠶᠠᠨ ᠨᠢᠭᠡᠨ ᠳ᠋ᠢᠭᠪᠠᠷᠠᠨᠽᠠ ᠬᠣᠷᠣᠬᠠᠢ( ᠬᠢᠯᠢᠨᠴᠡᠲᠦ ᠬᠣᠷᠣᠬᠠᠢ) ᠪᠣᠯᠵᠤ ᠬᠤᠪᠢᠯᠤᠭᠠᠳ ᠲᠡᠭᠦᠨ ᠦ᠌ ᠪᠡᠶ᠎ᠡ ᠳᠡᠭᠡᠷ᠎ᠡ ᠬᠤᠮᠢᠷᠠᠨ ᠠᠷᠵᠠᠭᠠᠨᠠᠪᠠ᠃ ᠳ᠋ᠢᠭᠪᠠᠷᠠᠨᠽᠠ ᠨᠤᠭᠤᠳ ᠱᠣᠷᠣᠨ ᠦᠵᠦᠭᠦᠷᠲᠦ ᠬᠣᠣᠷᠲᠤ ᠰᠡᠭᠦᠯ ᠢ᠋ᠶ᠋ᠡᠨ ᠭᠣᠳᠣᠭᠣᠨᠠᠭᠤᠯᠤᠨ ᠭᠦᠶᠦᠯᠳᠦᠭᠡᠳ ᠲᠡᠭᠦᠨ ᠦ᠌ ᠪᠡᠶ᠎ᠡ ᠶ᠋ᠢᠨ ᠠᠯᠢ ᠨᠢᠮᠭᠡᠨ ᠰᠤᠭᠤ ᠴᠠᠪᠢ ᠤᠷᠤᠭᠤ ᠨᠢ ᠰᠢᠷᠭᠤᠵᠤ ᠣᠷᠣᠨ ᠬᠠᠳᠬᠤᠵᠤ ᠡᠪᠡᠳᠦᠭᠦᠯᠬᠦ ᠳ᠋ᠡᠭᠡᠨ《ᠠᠯᠲᠠ ᠮᠥᠩᠭᠥᠨ ᠳ᠋ᠦ᠍ ᠰᠢᠨᠤᠵᠤ᠂ ᠠᠬ᠎ᠠ ᠳᠡᠭᠦᠦ ᠪᠡᠨ ᠬᠠᠬᠠᠨ᠎ᠠ ᠊ᠤᠤ?》 ᠭᠡᠵᠦ ᠠᠮᠠᠨ ᠥᠴᠢᠭ ᠢ᠋ ᠨᠢ ᠠᠪᠴᠤ ᠪᠠᠢᠭ᠎ᠠ ᠰᠢᠭ᠋ ᠳᠡᠪᠬᠡᠴᠡᠭᠦᠯᠦᠨ ᠰᠠᠨᠳᠤᠷᠭᠠᠵᠤ《 ᠪᠤᠷᠬᠠᠨ ᠲᠩᠷᠢ ᠮᠢᠨᠢ ᠠ᠋! ᠪᠠᠢᠶ᠎ᠠ ᠠ᠋! ᠪᠠᠢᠶ᠎ᠠ! ᠳᠠᠬᠢᠵᠤ ᠬᠣᠮᠣᠬᠠᠢ ᠰᠠᠨᠠᠭᠠᠯᠠᠵᠤ᠂ ᠬᠣᠪᠳᠣᠭᠯᠠᠬᠤ ᠪᠠᠨ ᠪᠠᠢᠶ᠎ᠠ! ᠪᠤᠷᠬᠠᠨ ᠲᠩᠷᠢ ᠮᠢᠨᠢ ᠥᠷᠥᠰᠢᠶᠡ! ᠭᠤᠶᠤᠶ᠎ᠠ ᠳᠠ᠂ ᠭᠤᠶᠤᠶ᠎ᠠ! ᠡᠵᠢ ᠠ᠋᠂ ᠰᠢᠷ᠎ᠠ ᠲᠣᠰᠣ᠂ ᠪᠡᠷᠭᠡᠨ ᠠ᠋᠂ ᠬᠠᠷ᠎ᠠ ᠬᠤᠰᠤᠮ! ᠡᠵᠢ ᠠ᠋᠂ ᠰᠢᠷ᠎ᠠ ᠲᠣᠰᠣ᠂ ᠪᠡᠷᠭᠡᠨ ᠠ᠋᠂ ᠬᠠᠷ᠎ᠠ ᠬᠤᠰᠤᠮ》 ᠭᠡᠵᠦ ᠤᠬᠢᠯᠠᠩᠨᠠᠭᠰᠠᠨ ᠢ᠋ ᠲᠡᠷᠡ ᠬᠥᠬᠥᠭᠡ ᠰᠢᠪᠠᠭᠤ ᠰᠠᠭᠯᠠᠭᠠᠷ ᠮᠣᠳᠣᠨ ᠤ᠋ ᠣᠷᠣᠢ ᠳᠡᠭᠡᠷ᠎ᠡ ᠡᠴᠡ ᠰᠣᠨᠣᠰᠤᠭᠠᠳ ᠲᠡᠭᠦᠨ ᠢ᠋ ᠳᠠᠭᠤᠷᠢᠶᠠᠨ《 ᠬᠦ᠂ ᠬᠦ᠂ ᠬᠦ ᠬᠦ 一 ᠡᠵᠢ ᠠ᠋᠂ ᠰᠢᠷ᠎ᠠ ᠲᠣᠰᠣ᠂ ᠬᠦ᠂ ᠬᠦ ᠬᠦ ᠬᠦ 一 ᠪᠡᠷᠭᠡᠨ ᠠ᠋᠂ ᠬᠠᠷ᠎ᠠ ᠬᠤᠰᠤᠮ》 ᠭᠡᠵᠦ ᠬᠥᠮᠦᠨ ᠦ᠌ ᠦᠭᠡ ᠪᠡᠷ ᠳᠣᠩᠭᠣᠳᠬᠤ ᠪᠣᠯᠵᠢ ᠭᠡᠨ᠎ᠡ᠃
– – – –
① ᠰᠠᠨᠳᠤᠷᠬᠤ ᠪᠠᠴᠢᠮᠳᠠᠬᠤ᠂ ᠲᠡᠰᠬᠡᠯ ᠠᠯᠳᠠᠬᠤ᠃
② ᠬᠡᠪ ᠦ᠋ᠨ ᠴᠠᠢ ᠶ᠋ᠢ ᠳᠥᠷᠪᠡ ᠬᠡᠰᠡᠭᠯᠡᠵᠦ ᠬᠢᠷᠥᠭᠡᠳᠡᠭᠰᠡᠨ ᠦ᠌ ᠨᠢᠭᠡ ᠬᠡᠰᠡᠭ᠃
