ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠬᠣᠶᠠᠳᠤᠭᠠᠷ ᠪᠦᠯᠦᠭ <ᠭᠤᠷᠪᠠ> Хан мунын сүүрс < дээд > – Мөнх зохиоов ᠂ Дэд бодь – Хоёрдугаар бүлэг <3>
ᠳᠡᠳ᠋ ᠪᠣᠲᠢ – ᠬᠣᠶᠠᠳᠤᠭᠠᠷ ᠪᠦᠯᠦᠭ <ᠭᠤᠷᠪᠠ>
ᠵᠢᠯᠢᠢᠭᠴᠢ ᠴᠡᠴᠡᠭ ᠬᠠᠲᠤᠨ ᠤ᠋ ᠭᠤᠷᠪᠠᠨ ᠳᠣᠯᠣᠭ᠎ᠠ ᠬᠣᠷᠢᠨ ᠨᠢᠭᠡ ᠬᠣᠨᠣᠭ ᠤ᠋ᠨ ᠪᠡᠯᠪᠡᠰᠦᠷᠡᠯ ᠦ᠋ᠨ ᠲᠡᠭᠦᠰᠬᠡᠯ ᠡᠳᠦᠷ ᠬᠦᠩ ᠨᠣᠶᠠᠨ ᠭᠣᠴᠢᠭ᠎ᠠ ᠭᠦᠶᠦᠯᠭᠡᠵᠦ ᠭᠣᠣᠯ ᠣᠷᠳᠣᠨ ᠳ᠋ᠠᠭᠠᠨ ᠷᠠᠰᠢ ᠵᠠᠬᠢᠷᠤᠭᠴᠢ ᠶ᠋ᠢ ᠳᠠᠭᠤᠳᠠᠭᠤᠯᠪᠠ᠃
ᠷᠠᠰᠢ ᠵᠠᠬᠢᠷᠤᠭᠴᠢ ᠳᠡᠭᠦᠦ ᠭᠣᠮᠪᠤᠰᠦ᠋ᠷᠦᠩ ᠦ᠋ᠨ ᠢ᠋ᠶ᠋ᠡᠨ ᠬᠣᠢᠲᠤᠬᠢ ᠶ᠋ᠢ ᠲᠥᠪᠬᠢᠨᠡᠭᠦᠯᠵᠦ ᠪᠠᠷᠠᠭᠠᠳ ᠥᠯᠵᠡᠢ ᠶ᠋ᠢᠨ ᠭᠣᠣᠯ ᠤ᠋ᠨ ᠠᠮᠠᠨ ᠳ᠋ᠠᠬᠢ ᠶᠡᠬᠡ ᠭᠡᠷ ᠳᠡᠭᠡᠷ᠎ᠡ ᠪᠡᠨ ᠪᠡᠶ᠎ᠡ ᠴᠢᠯᠥᠭᠡᠯᠡᠵᠦ ᠪᠠᠢᠭᠰᠠᠨ ᠢ᠋ᠶ᠋ᠠᠨ ᠬᠦᠩ ᠨᠣᠶᠠᠨ ᠤ᠋ ᠪᠠᠴᠢᠭᠤ ᠳᠠᠭᠤᠳᠠᠯᠭ᠎ᠠ ᠳ᠋ᠤ᠌ ᠪᠣᠰᠢᠭᠣ ᠬᠥᠳᠡᠯᠵᠦ ᠨᠣᠶᠠᠨ ᠰᠠᠩ ᠤ᠋ᠨ ᠪᠠᠭᠤᠷᠢ ᠤᠷᠤᠭᠤ ᠪᠣᠭᠣᠨᠢ ᠵᠢᠯᠣᠭᠣ ᠪᠣᠰᠤᠭ᠎ᠠ ᠳᠥᠷᠥᠭᠡ ᠪᠡᠷ ᠳᠠᠪᠬᠢᠭᠤᠯᠤᠨ ᠨᠠᠷᠠ ᠤᠨᠠᠬᠤ ᠲᠠᠢ ᠤᠷᠤᠯᠳᠤᠵᠤ ᠬᠦᠷᠪᠡ᠃
ᠷᠠᠰᠢ ᠵᠠᠬᠢᠷᠤᠭᠴᠢ ᠭᠣᠣᠯ ᠤᠷᠲᠤ ᠶ᠋ᠢᠨ ᠡᠭᠦᠳᠡᠨ ᠳ᠋ᠦ᠍ ᠲᠤᠯᠵᠤ ᠣᠴᠢᠪᠠᠯ ᠡᠭᠦᠳᠡᠨ ᠦ᠌ ᠬᠥᠲᠥᠴᠢ᠄
— ᠬᠦᠩ ᠨᠣᠶᠠᠨᠲᠠᠨ ᠵᠠᠬᠢᠷᠤᠭᠴᠢ ᠭᠤᠸᠠᠢ ᠶ᠋ᠢ ᠬᠦᠯᠢᠶᠡᠭᠡᠳ ᠤᠳᠠᠵᠠᠢ᠃ ᠬᠡᠳᠡᠷ ᠠᠪᠤᠷᠢ ᠲᠠᠢ ᠬᠡᠭᠵᠡᠭᠦᠨ ᠴᠢᠷᠠᠢ ᠲᠠᠢ ᠪᠠᠢᠭ᠎ᠠ ᠁ ᠵᠠᠬᠢᠷᠤᠭᠴᠢ ᠨᠠᠮᠤᠭᠤᠬᠠᠨ ᠮᠡᠨᠳᠦᠯᠡᠭᠡᠴᠢ ᠭᠡᠪᠡᠯ ᠷᠠᠰᠢ ᠵᠠᠬᠢᠷᠤᠭᠴᠢ᠄
— ᠵᠠ ᠲᠡᠭᠡᠶ᠎ᠡ ! ᠭᠡᠳ ᠬᠥᠲᠥᠴᠢ ᠶ᠋ᠢᠨ ᠰᠡᠬᠦᠭᠰᠡᠨ ᠡᠭᠦᠳᠡ ᠪᠡᠷ ᠲᠣᠯᠣᠭᠠᠢ ᠮᠡᠬᠦᠢᠨ ᠣᠷᠣᠪᠠ᠃
ᠷᠠᠰᠢ ᠵᠠᠬᠢᠷᠤᠭᠴᠢ᠄
— ᠬᠦᠩ ᠨᠣᠶᠠᠨᠲᠠᠨ ᠮᠡᠨᠳᠦ ᠰᠠᠢᠨ ? ᠭᠡᠵᠦ ᠠᠮᠤᠷ ᠡᠷᠢᠬᠦ ᠳ᠋ᠦ᠍ ᠰᠢᠷᠠᠪᠳᠤᠷᠵᠢ ᠬᠦᠩ ᠨᠣᠶᠠᠨ ᠴᠢᠷᠠᠢ ᠨᠢ ᠴᠢᠷᠠᠢ ᠪᠢᠰᠢ ᠬᠡᠭᠵᠡᠢᠵᠦ ᠬᠠᠷ᠎ᠠ ᠲᠠᠮᠠᠬᠢᠨ ᠤ᠋ ᠤᠲᠤᠭ᠎ᠠ ᠪᠠᠭᠠᠭᠢᠭᠤᠯᠵᠤ ᠬᠡᠪᠲᠡᠭᠰᠡᠨ ᠢ᠋ᠶ᠋ᠡᠨ ᠷᠠᠰᠢ ᠵᠠᠬᠢᠷᠤᠭᠴᠢ ᠶ᠋ᠢᠨ ᠮᠡᠨᠳᠦ ᠶ᠋ᠢᠨ ᠬᠠᠷᠢᠭᠤ ᠦᠭᠭᠦᠭᠰᠡᠨ ᠦᠭᠡᠢ ᠰᠢᠭᠤᠳ᠄
— ᠡᠳᠦᠢᠴᠢᠨᠡᠭᠡᠨ ᠤᠳᠠᠭᠠᠨ ᠬᠠᠮᠢᠭ᠎ᠠ ᠶᠠᠪᠤᠪᠠ ? ᠭᠡᠴᠢᠬᠡᠯᠡ ᠃
— ᠭᠡᠷ ᠲᠡᠭᠡᠨ ᠬᠠᠷᠢᠵᠤ ᠳᠡᠭᠦᠦ ᠶ᠋ᠢᠨ ᠬᠣᠢᠲᠤᠬᠢ ᠶ᠋ᠢ ᠁
— ᠨᠣᠶᠠᠨ ᠰᠠᠩ ᠤ᠋ᠨ ᠶᠠᠪᠤᠳᠠᠯ ᠤ᠋ᠳ ᠵᠦᠭ ᠲᠣᠯᠣᠭᠠᠢ ᠨᠢ ᠨᠢᠭᠡ ᠲᠠᠢᠰᠢ ᠪᠣᠯᠪᠠ ᠤᠤ ? ᠦᠭᠡᠢ ᠤᠤ ?
— ᠪᠠᠷᠤᠭ ᠲᠥᠯᠥᠪ ᠨᠢ ᠨᠢᠭᠡ ᠲᠡᠢᠰᠢ ᠪᠣᠯᠴᠢᠬᠠᠭᠰᠠᠨ !
— ᠪᠠᠷᠤᠭ ᠲᠥᠯᠥᠪ ᠨᠢ ᠭᠡᠳᠡᠭ ᠴᠢᠨᠢ ⁈
— ᠁
— ᠴᠡᠴᠡᠭ ᠬᠠᠲᠤᠨ ᠤ᠋ ᠢᠨᠵᠢ ᠬᠡᠦᠬᠡᠨ ᠨᠣᠮᠢᠨ ᠢ᠋ ᠶᠠᠭᠠᠬᠢᠬᠤ ᠪᠠᠷ ᠪᠣᠯᠪᠠ ?
— ᠲᠡᠷᠡ ᠴᠦ᠍ ᠶᠠᠭᠠᠬᠢᠬᠤ ᠪᠣᠢ᠃ ᠨᠣᠶᠠᠨ ᠰᠠᠩ ᠳ᠋ᠤ᠌ ᠵᠠᠷᠤᠬᠤ ᠦᠭᠡᠢ ᠪᠣᠯ ᠤᠤᠯ ᠨᠤᠲᠤᠭ ᠲᠤᠨᠢ ᠬᠠᠷᠢᠭᠤᠯᠴᠢᠬᠠᠳᠠᠭ ᠯᠠ ᠬᠡᠷᠡᠭ !
— ᠬᠠᠷᠢᠭᠤᠯᠴᠢᠬᠠᠨᠠ ᠭᠡᠳᠡᠭ ᠠᠮᠠᠷᠬᠠᠨ ᠦᠭᠡ᠃ ᠥᠨᠥᠬᠢ ᠴᠢᠨᠢ ᠥᠴᠥᠭᠡᠳᠦᠷ ᠣᠷᠣᠢ ᠨᠣᠶᠠᠨ ᠰᠠᠩ ᠤ᠋ᠨ ᠠᠳᠤᠭᠤᠴᠢᠨ ᠭᠤᠩᠴᠤᠭᠷᠠᠬᠤᠠ ᠲᠠᠢ ᠵᠣᠯᠪᠢᠩᠲᠤᠵᠤ ᠵᠢᠭᠤᠲᠠᠭᠠᠳ ᠰᠥᠨᠢ ᠶ᠋ᠢᠨ ᠮᠠᠨᠠᠭᠠᠨ ᠳ᠋ᠤ᠌ ᠪᠠᠷᠢᠭᠳᠠᠵᠤ ᠬᠣᠷᠢᠭᠤᠯ ᠳ᠋ᠤ᠌ ᠪᠠᠢᠭ᠎ᠠ ᠶ᠋ᠢ ᠵᠠᠬᠢᠷᠤᠭᠴᠢ ᠨᠣᠶᠠᠨ ᠲᠣᠭᠣᠯᠤᠭ᠎ᠠ ᠦᠭᠡᠢ ᠤᠤ ? ᠰᠢᠲᠠᠩᠬᠠᠢ ᠴᠢᠷᠠᠢ ᠲᠠᠢ ᠮᠥᠷᠲᠡᠭᠡᠨ ᠬᠢᠷᠢ ᠪᠡᠷ ᠢ᠋ᠶ᠋ᠡᠨ ᠵᠦᠭᠡᠷ ᠰᠠᠭᠤᠳᠠᠭ ᠦᠭᠡᠢ ᠥᠯᠥᠭᠴᠢᠨ !
— ᠬᠠᠷᠢᠨ ᠤᠤ ⁈ ᠲᠣᠭᠣᠯᠤᠭ᠎ᠠ ᠦᠭᠡᠢ᠃
— ᠬᠡᠲᠦᠷᠡᠭᠰᠡᠨ ᠮᠠᠭᠤ ᠰᠠᠢᠨ ᠴᠠᠭᠠᠴᠢ ᠨᠤᠭᠤᠳ᠂ ᠨᠣᠶᠠᠨ ᠰᠠᠩ ᠢ᠋ ᠪᠤᠵᠠᠷᠲᠤᠭᠤᠯᠵᠤ ᠣᠷᠬᠢᠬᠤ ᠨᠢ ᠠ᠋ ! ᠴᠢ ᠥᠨᠥᠬᠢ ᠶ᠋ᠢ ᠬᠠᠲᠠᠭᠤᠬᠠᠨ ᠰᠢᠭᠦᠵᠦ ᠣᠷᠭᠢ !
— ᠵᠠ ᠂ ᠲᠡᠭᠡᠶ᠎ᠡ ! ᠭᠡᠳ ᠷᠠᠰᠢ ᠵᠠᠬᠢᠷᠤᠭᠴᠢ ᠪᠡᠶ᠎ᠡ ᠡᠷᠭᠢᠨ ᠭᠠᠷᠬᠤ ᠭᠡᠲᠡᠯ᠎ᠡ ᠬᠦᠩ ᠨᠣᠶᠠᠨ᠄
— ᠬᠠᠲᠤᠨ ᠤ᠋ ᠠᠯᠲᠠᠨ ᠪᠦᠯᠡᠵᠡᠭ ᠪᠠ ᠬᠣᠶᠠᠷ ᠴᠣᠬᠣᠷ ᠶᠤᠸᠠᠮᠪᠤᠤ ᠶ᠋ᠢ ᠥᠨᠥᠬᠢ ᠴᠢᠨᠢ ᠡᠪᠦᠷᠲᠦᠯᠡᠭᠰᠡᠨ ᠰᠤᠷᠠᠭ ᠲᠠᠢ᠃ ᠬᠠᠲᠤᠨ ᠢ᠋ ᠠᠯᠲᠠᠨ ᠪᠦᠯᠡᠵᠡᠭ ᠢ᠋ᠶ᠋ᠡᠨ ᠵᠠᠯᠭᠢᠴᠢᠬᠠᠯ᠎ᠠ ᠭᠡᠰᠡᠨ ᠨᠢ ᠬᠤᠳᠠᠯ ᠶᠠᠷᠢᠶ᠎ᠠ ᠪᠠᠢᠵᠢ ᠳᠠ ! ᠴᠢᠭᠢᠶᠡᠲᠦᠷᠦᠦ ᠭᠡᠵᠦ ᠬᠡᠨ ᠢ᠋ ᠵᠥᠭᠡᠵᠦ ᠪᠠᠢᠬᠤ ᠨᠢ ᠮᠡᠳᠡᠭᠳᠡᠬᠦ ᠦᠭᠡᠢ ᠤᠴᠠᠭᠠᠷᠳᠠᠭᠠᠳ ᠬᠠᠷ᠎ᠠ ᠲᠠᠮᠠᠬᠢᠨ ᠤ᠋ ᠪᠠᠨ ᠳ᠋ᠧᠩ ᠢ᠋ ᠡᠬᠥᠯᠳᠥᠪᠡ᠃
ᠣᠭᠲᠠᠷᠭᠤᠢ ᠳ᠋ᠤ᠌ ᠣᠳᠣᠳ ᠪᠠᠷᠢᠯᠳᠤᠨ᠂ ᠲᠡᠭᠷᠢ ᠶ᠋ᠢᠨ ᠣᠶᠣᠳᠠᠯ ᠮᠥᠰᠥᠨ ᠭᠣᠣᠯ ᠰᠢᠭ᠋ ᠮᠥᠩᠭᠥᠨ ᠵᠠᠭᠠᠳᠠᠰᠤ ᠪᠠᠷ ᠲᠤᠨᠤᠷᠠᠵᠤ ᠬᠠᠷᠠᠭᠳᠠᠭᠰᠠᠨ ᠲᠤᠩᠭᠠᠯᠠᠭ ᠨᠠᠮᠤᠷ ᠤ᠋ᠨ ᠨᠠᠮᠤᠭᠤᠬᠠᠨ ᠰᠥᠨᠢ ᠪᠠᠢᠯ᠎ᠠ᠃
ᠬᠥᠮᠦᠨ ᠠᠮᠢᠲᠠᠨ ᠤ᠋ ᠬᠥᠯ ᠬᠤᠷᠢᠶᠠᠭᠳᠠᠵᠤ᠂ ᠬᠠᠶᠠ ᠬᠣᠲᠠᠴᠢ ᠨᠣᠬᠠᠳ ᠤ᠋ᠨ ᠬᠥᠪ ᠬᠥᠪ ᠬᠣᠷᠭᠣᠭᠣᠬᠤ ᠳᠠᠭᠤᠨ ᠠ᠋ᠴᠠ ᠥᠭᠡᠷ᠎ᠡ ᠠᠨᠢᠷ ᠴᠢᠮᠡᠭᠡ ᠠᠯᠠᠭ᠎ᠠ᠃
ᠠᠳᠤᠭᠤᠨ ᠤ᠋ ᠭᠡᠷ ᠦ᠋ᠨ ᠴᠠᠭᠠᠨ᠎ᠠ ᠵᠡᠷᠭᠡᠯᠡᠭᠰᠡᠨ ᠠᠷᠭᠠᠯ ᠤ᠋ᠨ ᠣᠪᠣᠭᠠᠨ ᠤ᠋ ᠬᠠᠵᠠᠭᠤ ᠳ᠋ᠤ᠌ ᠬᠣᠶᠠᠷ ᠬᠥᠮᠦᠨ ᠵᠠᠪᠰᠠᠷ ᠦᠭᠡᠢ ᠲᠡᠪᠡᠷᠢᠯᠳᠦᠵᠦ ᠵᠣᠭᠰᠣᠨ᠎ᠠ᠃
— ᠭᠣᠨᠴᠣᠭ ᠠ᠋ ! ᠬᠣᠶᠠᠭᠤᠯᠠ ᠪᠠᠨ ᠨᠢᠭᠡ ᠲᠠᠢᠰᠢ ᠭᠤᠳᠤᠢᠬᠤ ᠤᠤ ?
— ᠬᠠᠮᠢᠭᠠᠰᠢ ᠪᠠᠨ ?
— ᠪᠢ ᠴᠦ᠍ ᠮᠡᠳᠡᠬᠦ ᠦᠭᠡᠢ ᠪᠠᠢᠨ᠎ᠠ᠃ ᠶᠠᠭᠤ ᠴᠤ᠌ ᠭᠡᠰᠡᠨ ᠠᠳᠠ ᠠ᠋ᠴᠠ ᠡᠷᠲᠡᠬᠡᠨ ᠰᠠᠯᠵᠤ ᠠᠮᠠᠷᠠᠶ᠎ᠠ᠃ ᠴᠡᠴᠡᠭ ᠬᠠᠲᠤᠨ ᠠ᠋ᠴᠠ ᠬᠣᠢᠰᠢ ᠨᠣᠶᠠᠨ ᠰᠠᠩ ᠤ᠋ᠨ ᠬᠢᠨ ᠨᠠᠳᠠ ᠨᠢᠭᠡ ᠯᠡ ᠣᠨᠳᠣᠣ ᠬᠠᠨᠳᠤᠳᠠᠭ ᠪᠣᠯᠤᠯ᠎ᠠ ᠭᠡᠳ ᠨᠣᠮᠢᠨ ᠪᠦᠷᠦᠭ ᠬᠠᠷᠠᠩᠭᠤᠢ ᠳ᠋ᠤ᠌ ᠭᠤᠩᠴᠤᠭᠷᠠᠬᠤᠠ ᠶ᠋ᠢᠨ ᠡᠪᠦᠷ ᠲᠦ ᠴᠢᠩᠭ᠎ᠠ ᠨᠠᠯᠠᠨ ᠱᠣᠭᠰᠢᠷᠠᠲᠠᠯ᠎ᠠ ᠤᠬᠢᠯᠠᠨ᠎ᠠ᠃
— ᠪᠢᠲᠡᠭᠡᠢ ᠤᠬᠢᠯᠠ ! ᠨᠣᠮᠢᠨ ᠠ᠋᠂ ᠲᠡᠭᠡᠵᠦ ᠪᠠᠢᠲᠠᠯ᠎ᠠ ᠠᠷᠭ᠎ᠠ ᠨᠢ ᠣᠯᠳᠠᠬᠤ ᠪᠠᠢᠯᠭᠦᠢ ᠳᠡ ᠭᠡᠳ ᠭᠤᠩᠴᠤᠭᠷᠠᠬᠤᠠ ᠨᠣᠮᠢᠨ ᠢ᠋ ᠠᠷᠭᠠᠳᠠᠨ ᠥᠬᠥᠭᠡᠷᠳᠡᠵᠦ᠂ ᠪᠠᠷᠪᠠᠭᠠᠷ ᠰᠢᠷᠦᠭᠦᠨ ᠭᠠᠷ ᠢ᠋ᠶ᠋ᠠᠷ ᠢ᠋ᠶ᠋ᠠᠨ ᠠᠰᠬᠠᠷᠠᠭᠰᠠᠨ ᠨᠢᠯᠪᠤᠰᠤ ᠶ᠋ᠢ ᠨᠢ ᠵᠦᠯᠭᠦᠬᠦ ᠳ᠋ᠦ᠍ ᠨᠣᠮᠢᠨ ᠰᠠᠨᠳᠤᠷᠴᠤ᠄
— ᠪᠠᠢᠵᠠ᠂ ᠬᠥᠨᠳᠡᠢᠬᠡᠨ ᠰᠢᠭ ᠁ ᠰᠦᠷᠡᠬᠡᠢ ᠢᠷᠬᠢᠷᠡᠵᠦ ᠪᠠᠢᠨ᠎ᠠ ᠭᠡᠯᠡ᠃
— ᠠ᠂ ᠢᠯᠡᠢ ! ᠪᠢ ᠴᠢᠨᠢ ᠶᠠᠮᠠᠷ ᠢᠷᠣ᠎ᠠ ᠶᠤᠮ ᠠ᠋ ! ᠭᠡᠵᠦ ᠭᠤᠩᠴᠤᠭᠷᠠᠬᠤᠠ ᠨᠣᠮᠢᠨ ᠤ᠋ ᠨᠢᠯᠪᠤᠰᠤ ᠶ᠋ᠢ ᠴᠦᠯᠲᠦ ᠵᠦᠯᠭᠦᠨ ᠰᠢᠲᠠᠭᠰᠠᠨ ᠰᠣᠷᠪᠢ ᠶ᠋ᠢ ᠨᠢ ᠬᠥᠨᠳᠡᠭᠰᠡᠨ ᠳ᠋ᠡᠭᠡᠨ ᠭᠡᠮᠰᠢᠵᠦ ᠪᠡᠶ᠎ᠡ ᠪᠡᠨ ᠵᠢᠮᠡᠯᠡᠨ᠎ᠡ᠃
— ᠲᠡᠭᠡᠭᠡᠳ ᠴᠢ ᠨᠠᠳᠠ ᠲᠠᠢ ᠶᠠᠪᠤᠬᠤ ᠨᠢ ᠤᠤ ? ᠮᠢᠨᠦ ᠠᠰᠠᠭᠤᠭᠰᠠᠨ ᠳ᠋ᠤ᠌ ᠬᠠᠷᠢᠭᠤᠯᠲᠠ ᠥᠭᠳᠡᠭ ᠦᠭᠡᠢ ᠨᠢ ᠶᠠᠭᠠᠬᠢᠭ᠎ᠠ ᠪᠣᠢ? ᠭᠡᠵᠦ ᠨᠣᠮᠢᠨ ᠭᠤᠩᠴᠤᠭᠷᠠᠬᠤᠠ ᠶ᠋ᠢᠨ ᠬᠦᠢᠰᠦ ᠤᠷᠤᠭᠤ ᠳᠣᠯᠢᠶᠠᠪᠤᠷ ᠬᠤᠷᠤᠭᠤ ᠪᠠᠷ ᠢ᠋ᠶ᠋ᠠᠨ ᠴᠢᠴᠢᠯᠡᠨ ᠲᠡᠭᠦᠨ ᠦ᠌ ᠴᠢᠷᠠᠢ ᠥᠭᠡᠳᠡ 《 ᠬᠣᠶᠠᠭᠤᠯᠠ ᠪᠠᠨ ᠶᠠᠪᠤᠶ᠎ᠠ 》 ᠭᠡᠬᠦ ᠰᠢᠭᠤᠳᠤᠮᠠᠭ ᠬᠠᠷᠢᠭᠤᠯᠲᠠ ᠥᠭᠬᠦ ᠶ᠋ᠢ ᠬᠦᠰᠡᠨ ᠴᠢᠷᠠᠢᠴᠢᠯᠠᠪᠠ᠃
— ᠨᠣᠮᠢᠨ ᠠ᠋᠂ ᠵᠢᠭᠠᠬᠠᠨ ᠬᠥᠯᠢᠶᠡᠰᠬᠢᠵᠤ ᠪᠠᠢ᠃ ᠡᠪ ᠵᠦᠢ ᠶ᠋ᠢ ᠨᠢ ᠦᠵᠡᠬᠦ ᠦᠭᠡᠢ ᠪᠣᠯᠬᠤ ᠦᠭᠡᠢ᠃ ᠭᠡᠨᠡᠳᠲᠡ ᠴᠢᠪ ᠴᠢᠮᠡᠭᠡ ᠦᠭᠡᠢ ᠪᠣᠰᠤᠭᠠᠳ ᠶᠠᠪᠤᠴᠢᠬᠠᠵᠤ ᠪᠣᠯᠤᠨ᠎ᠠ ᠤᠤ ᠳᠠ ? ᠬᠦᠩ ᠦ᠋ᠨ ᠬᠢᠨ ᠦ᠌ ᠴᠡᠷᠢᠭ ᠲᠦ᠍ ᠪᠠᠷᠢᠭᠳᠠᠪᠠᠯ ᠳᠦᠭᠦᠷᠦᠭᠰᠡᠨ ᠰᠤᠤᠬᠠᠨ !
— ᠶᠠᠭᠠᠬᠢᠯ᠎ᠠ ᠭᠡᠵᠦ ᠪᠠᠷᠢᠭᠳᠠᠳᠠᠭ ᠶᠤᠮ ?
— ᠶᠡᠷᠦ ᠨᠢ ᠪᠠᠭ᠎ᠠ ᠬᠠᠲᠤᠨ ᠤ᠋ ᠤᠴᠢᠷ ᠠ᠋ᠴᠠ ᠬᠣᠢᠰᠢ ᠨᠣᠶᠠᠨ ᠰᠠᠩ᠂ ᠶᠠᠮᠤᠨ ᠤ᠋ ᠴᠡᠷᠢᠭ ᠦ᠋ᠨ ᠮᠠᠨᠠᠭ᠎ᠠ ᠰᠠᠬᠢᠭᠤᠯ ᠴᠢᠩᠭᠠᠷᠠᠵᠤ ᠰᠥᠨᠢᠵᠢᠨ ᠮᠠᠨᠠᠭᠠᠨ ᠤ᠋ ᠴᠡᠷᠢᠭ ᠨᠠᠭᠠᠰᠢ ᠴᠠᠭᠠᠰᠢ ᠴᠢᠯᠥᠭᠡ ᠦᠭᠡᠢ ᠬᠣᠯᠬᠢᠳᠠᠭ ᠢ᠋ ᠴᠢ ᠶᠠᠮᠠᠷ ᠮᠡᠳᠡᠬᠦ ᠦᠭᠡᠢ ᠴᠦ᠍ ᠪᠢᠰᠢ ᠃
— ᠁
— ᠮᠢᠨᠦ ᠳᠡᠭᠦᠦ ᠭᠣᠳᠣᠢᠬᠤ ᠰᠠᠨᠠᠭ᠎ᠠ ᠪᠠᠨ ᠠᠯᠭᠤᠷᠯᠠᠵᠤ ᠦᠵᠡ ᠳᠡ !
— ᠭᠣᠩᠴᠣᠭ ᠴᠢ ᠨᠠᠮᠠᠶ᠋ᠢ ᠭᠣᠯᠣᠳᠠᠭ ᠪᠣᠯᠤᠭᠰᠠᠨ ᠤᠤ ?
— ᠶᠠᠭᠠᠬᠢᠯ᠎ᠠ ᠭᠡᠵᠢ ?
— ᠮᠢᠨᠦ ᠨᠢᠭᠤᠷ ᠴᠢᠷᠠᠢ ᠰᠢᠲᠠᠩᠬᠠᠢᠳᠴᠤ ᠵᠢᠰᠦ ᠲᠥᠯᠥᠪ ᠡᠪᠳᠡᠷᠡᠭᠰᠡᠨ ᠶᠦᠮ ᠴᠢᠨᠢ ᠴᠢ ᠨᠠᠮᠠᠶ᠋ᠢ ᠭᠣᠯᠣᠳᠠᠭ ᠨᠢ ᠵᠥᠪ᠃
— ᠨᠣᠮᠢᠨ ᠴᠢ ᠪᠢᠲᠡᠭᠡᠢ ᠳᠤᠷ᠎ᠠ ᠪᠠᠷ ᠢ᠋ᠶ᠋ᠠᠨ ᠶᠠᠷᠢ᠃ ᠵᠢᠰᠦ ᠴᠢᠨᠢ ᠡᠪᠳᠡᠷᠡᠭᠰᠡᠨ ᠡᠴᠡ ᠵᠢᠷᠦᠬᠡ ᠴᠢᠨᠢ ᠡᠪᠳᠡᠷᠡᠭᠰᠡᠨ ᠦᠭᠡᠢ ᠯᠡ ᠶᠦᠮ ᠪᠣᠯ ᠪᠢ ᠴᠢᠮᠠᠶ᠋ᠢ ᠪᠠᠨ ᠬᠡᠵᠢᠶᠡᠳᠡ ᠭᠣᠯᠣᠬᠤ ᠦᠭᠡᠢ᠃ ᠴᠢᠨᠦ ᠣᠣᠷ ᠬᠡᠦᠬᠡᠨ ᠵᠢᠰᠦ ᠲᠥᠯᠥᠪ ᠴᠢᠨᠢ ᠮᠢᠨᠦ ᠵᠢᠷᠦᠬᠡᠨ ᠳ᠋ᠦ᠍ ᠰᠡᠢᠯᠦᠭᠡᠰᠦᠲᠡᠢ ᠪᠡᠷ ᠢ᠋ᠶ᠋ᠡᠨ ᠁
— ᠲᠡᠭᠡᠭᠡᠳ ᠶᠠᠭᠤ ᠭᠡᠵᠦ ᠨᠠᠳᠠ ᠲᠠᠢ ᠴᠣᠭ ᠬᠣᠯᠠ ᠶᠠᠪᠤᠬᠤ ᠳ᠋ᠤ᠌ ᠬᠣᠢᠷᠭᠣᠰᠢᠭ᠋ᠠᠳ ᠪᠠᠢᠪᠠ⁈
— ᠲᠡᠢᠮᠦ ᠤᠴᠢᠷ ᠪᠢᠰᠢ᠃ ᠡᠪ ᠳᠠᠮ ᠢ᠋ ᠨᠢ ᠦᠵᠡᠵᠦ ᠯᠠᠪᠳᠠᠭᠤᠬᠠᠨ ᠣᠷᠣᠪᠠᠯ ᠳᠡᠭᠡᠷ᠎ᠡ ᠪᠢᠰᠢ ᠤᠤ ᠳᠠ !
— ᠦᠭᠡᠢ᠂ ᠶᠡᠷᠦ ᠨᠢ ᠲᠡᠭᠡᠭᠡᠳ ᠴᠢ ᠨᠠᠮᠠᠶ᠋ᠢ ᠮᠠᠨᠴᠤᠷᠭ᠎ᠠ ᠲᠠᠢ ᠠᠭᠤᠯᠵᠠᠭᠤᠯᠬᠤ ᠠᠷᠭ᠎ᠠ ᠬᠢᠵᠦ ᠦᠵᠡ !
— ᠮᠠᠨᠴᠤᠷᠭ᠎ᠠ ᠲᠠᠢ ᠠᠭᠤᠯᠵᠠᠬᠤ ᠭᠡᠨ᠎ᠡ ?
— ᠲᠡᠢᠮᠦ ᠠ᠋ !
— ᠨᠣᠮᠢᠨ ᠴᠢ ᠶᠠᠭᠠᠬᠢᠭᠰᠠᠨ ᠦᠬᠡᠷ ᠪᠦᠳᠦᠭᠦᠨ ᠵᠢᠷᠦᠬᠡᠯᠡᠵᠦ ᠪᠠᠢᠭ᠎ᠠ ᠨᠢ ᠡᠨᠡ ᠪᠣᠢ? ᠲᠡᠷᠡ ᠣᠷᠭᠣᠳᠠᠭᠤᠯ ᠲᠠᠢ ᠠᠭᠤᠯᠵᠠᠬᠤ ᠭᠡᠳ ᠮᠡᠳᠡᠭᠳᠡᠪᠡᠯ ᠴᠦ᠍ ᠪᠥᠨᠲᠥᠭᠡᠷ ᠴᠢᠨᠢ ᠬᠦᠵᠦᠭᠦᠨ ᠳᠡᠭᠡᠷ᠎ᠡ ᠪᠡᠨ ᠲᠣᠭᠲᠠᠬᠤ ᠠ᠋ᠴᠠ ᠪᠠᠨ ᠤᠢᠳᠴᠠᠢ ᠭᠡᠰᠡᠨ ᠦᠭᠡ᠃
— ᠶᠠᠭᠠᠬᠢᠬᠤ ᠠ᠋ᠴᠠ ᠪᠠᠨ ᠠᠯᠳᠠᠷᠠᠭ ᠴᠠᠭᠠᠰᠢ ! ᠴᠡᠴᠡᠭ ᠬᠠᠲᠤᠨ ᠤ᠋ ᠭᠡᠷᠢᠶᠡᠰ ᠢ᠋ ᠪᠢ ᠶᠠᠭᠠᠬᠢᠭᠰᠠᠨ ᠴᠤ᠌ ᠪᠡᠶᠡᠯᠡᠭᠦᠯᠦᠨ᠎ᠡ᠃ ᠲᠡᠭᠦᠨ ᠦ᠌ ᠦᠯᠡᠳᠡᠭᠡᠭᠰᠡᠨ ᠠᠯᠲᠠᠨ ᠪᠦᠯᠡᠵᠡᠭ ᠢ᠋ ᠮᠠᠨᠴᠤᠷᠭ᠎ᠠ ᠳ᠋ᠤ᠌ ᠭᠠᠷᠳᠠᠭᠤᠯᠴᠢᠬᠠᠪᠠᠯ ᠲᠡᠭᠦᠨ ᠦ᠌ ᠰᠦᠨᠡᠰᠦ ᠴᠤ᠌ ᠲᠠᠢᠪᠤᠰᠢᠷᠠᠬᠤ ᠪᠠᠢᠬ᠎ᠠ ᠬᠥᠭᠡᠷᠦᠬᠦᠢ ᠭᠡᠳ ᠨᠣᠮᠢᠨ ᠥᠯᠵᠡᠢ ᠵᠠᠩᠭᠢᠶ᠎ᠠ ᠶ᠋ᠢᠨ ᠬᠡ ᠲᠡᠢ ᠤᠳᠪᠠᠯᠠ ᠴᠡᠴᠡᠭ ᠦ᠋ᠨ ᠬᠤᠸᠠᠷ ᠲᠠᠢ ᠬᠠᠪᠲᠠᠭ᠎ᠠ ᠲᠠᠢ ᠠᠯᠲᠠᠨ ᠪᠦᠯᠡᠵᠡᠭ ᠢ᠋ ᠭᠤᠩᠴᠤᠭᠷᠠᠬᠤᠠ ᠳ᠋ᠤ᠌ ᠦᠵᠡᠭᠦᠯᠪᠡᠯ᠂
— ᠴᠡᠴᠡᠭ ᠬᠠᠲᠤᠨ ᠢ᠋ ᠠᠯᠲᠠᠨ ᠪᠦᠯᠡᠵᠡᠭ ᠢ᠋ᠶ᠋ᠡᠨ ᠵᠠᠯᠭᠢᠭᠠᠳ ᠪᠡᠶ᠎ᠡ ᠪᠡᠨ ᠬᠣᠣᠷᠯᠠᠴᠢᠬᠠᠯᠠ ᠭᠡᠵᠦ ᠬᠥᠮᠦᠰ ᠲᠡᠭᠦᠨ ᠦ᠌ ᠬᠤᠷᠤᠭᠤᠨ ᠳ᠋ᠠᠬᠢ ᠠᠯᠲᠠᠨ ᠪᠦᠯᠡᠵᠡᠭ ᠢ᠋ ᠦᠭᠡᠢᠯᠡᠵᠦ ᠡᠯᠳᠡᠪ ᠢ᠋ᠶ᠋ᠡᠷ ᠡᠢᠨ ᠲᠡᠢᠨ ᠭᠡᠵᠦ ᠲᠠᠭᠠᠮᠠᠭᠯᠠᠵᠤ ᠪᠠᠢᠭᠰᠠᠨ ᠨᠢ ᠱᠠᠯ ᠬᠤᠳᠠᠯ ᠪᠠᠢᠵᠠᠢ ᠭᠡᠵᠦ ᠭᠤᠩᠴᠤᠭᠷᠠᠬᠤᠠ ᠰᠣᠨᠢᠭᠤᠴᠢᠷᠬᠠᠪᠠ᠃
— ᠲᠡᠭᠡᠵᠦ ᠳᠤᠷ᠎ᠠ ᠪᠠᠷ ᠢ᠋ᠶ᠋ᠠᠨ ᠲᠤᠷᠭᠢᠳᠠᠭ ᠬᠥᠨᠳᠡᠯᠡᠨ ᠰᠣᠷᠪᠢ ᠶ᠋ᠢ ᠨᠢ ᠣᠶᠣᠯᠲᠠᠢ ᠴᠤ᠌ ᠪᠢᠰᠢ ᠶᠠᠮᠠᠷ!
— ᠲᠡᠭᠡᠬᠦ ᠳ᠋ᠦ᠍ ᠤᠯᠠᠮ ᠬᠡᠷᠰᠡᠦ ᠬᠡᠷᠡᠭᠲᠡᠢ ᠪᠠᠢᠨ᠎ᠠ᠃ ᠬᠦᠩ ᠦ᠋ᠨ ᠬᠢᠨ ᠦ᠌ ᠴᠡᠷᠢᠭ ᠲᠦ᠍ ᠪᠠᠷᠢᠭᠳᠠᠵᠤ ᠪᠡᠶ᠎ᠡ ᠡᠴᠡ ᠴᠢᠨᠢ ᠴᠡᠴᠡᠭ ᠬᠠᠲᠤᠨ ᠤ᠋ ᠠᠯᠲᠠᠨ ᠪᠦᠯᠡᠵᠡᠭ ᠢ᠋ ᠨᠡᠩᠵᠢᠵᠦ ᠣᠯᠪᠠᠯ ᠴᠤ᠌ ᠬᠡᠷᠡᠭ ᠪᠢᠰᠢᠳᠡᠵᠦ ᠬᠡᠩᠭᠡᠷᠭᠡ ᠴᠤᠭᠤᠷᠠᠨᠠ ᠰᠢᠦ !
— ᠶᠠᠭᠠᠬᠢᠯ᠎ᠠ ᠭᠡᠵᠦ ᠪᠠᠷᠢᠭᠳᠠᠳᠠᠭ ᠶᠤᠮ ᠪᠣᠢ ? ᠭᠣᠨᠴᠣᠭ ᠴᠢ ᠶᠠᠭᠠᠬᠢᠬᠤ ᠳ᠋ᠠᠭᠠᠨ ᠡᠢᠮᠦ ᠲᠠᠤᠯᠠᠢ ᠶ᠋ᠢᠨ ᠵᠢᠷᠦᠬᠡ ᠲᠡᠢ ᠠᠮᠢᠲᠠᠨ ᠪᠣᠯᠴᠢᠬᠠᠪᠠ⁈ ᠡᠮᠨᠢᠭ ᠵᠠᠢᠳᠠᠯᠠᠳᠠᠭ ᠡᠷ᠎ᠡ ᠵᠣᠷᠢᠭ ᠴᠢᠨᠢ ᠶᠠᠭᠠᠬᠢᠯ᠎ᠠ⁈ ᠭᠡᠵᠦ ᠨᠣᠮᠢᠨ ᠤᠴᠠᠭᠠᠷᠳᠠᠪᠠᠯ᠂
— ᠬᠡᠷᠰᠡᠦᠯᠡᠵᠦ ᠪᠠᠢᠪᠠᠯ ᠨᠣᠬᠠᠢ ᠳ᠋ᠤ᠌ ᠬᠠᠵᠠᠭᠳᠠᠬᠤ ᠦᠭᠡᠢ ᠭᠡᠳᠡᠭ ᠰᠢᠲᠠ ! ᠭᠡᠵᠦ ᠭᠤᠩᠴᠤᠭᠷᠠᠬᠤᠠ ᠥᠴᠢᠪᠡ᠃
ᠨᠣᠮᠢᠨ᠂ ᠭᠤᠩᠴᠤᠭᠷᠠᠬᠤᠠ ᠶ᠋ᠢᠨ ᠮᠣᠷᠢᠨ ᠳᠡᠭᠡᠷ᠎ᠡ ᠰᠤᠨᠳᠠᠯᠠᠵᠤ ᠨᠣᠶᠠᠨ ᠰᠠᠩ ᠤ᠋ᠨ ᠵᠤᠰᠠᠯᠠᠩ ᠠ᠋ᠴᠠ ᠵᠡᠭᠦᠨᠰᠢᠯᠡᠵᠦ ᠳᠠᠪᠬᠢᠭᠤᠯᠪᠠ᠃
— ᠡᠦᠲᠦ ᠬᠠᠮᠢᠭᠠᠰᠢᠯᠠᠬᠤ ᠪᠣᠢ ? ᠨᠣᠮᠢᠨ ᠠ᠋ !
— ᠪᠤᠭᠤᠲᠤ ᠤᠷᠤᠭᠤ !
— ᠮᠠᠨᠴᠤᠷᠭ᠎ᠠ ᠪᠤᠭᠤᠲᠤ ᠳ᠋ᠤ᠌ ᠪᠠᠢᠬᠤ ᠶᠤᠮ ᠪᠣᠯᠪᠠ ᠤᠤ ?
— ᠪᠤᠭᠤᠲᠤ ᠳ᠋ᠤ᠌ ᠣᠷᠣᠭᠰᠠᠭᠠᠷ ᠤᠴᠢᠷ ᠨᠢ ᠣᠯᠳᠠᠬᠤ ᠪᠠᠢᠯᠭᠦᠢ ! ᠶᠠᠭ ᠮᠤᠬᠤᠷᠳᠠᠪᠠᠯ ᠨᠠᠮᠰᠠᠷᠠᠢ ᠪᠤᠷᠬᠠᠨᠲᠤ ᠰᠦᠮ᠎ᠡ ᠶ᠋ᠢᠨ ᠫᠤᠩᠰᠤᠭᠷᠠᠪᠵᠠᠢ ᠳᠦᠯᠡᠢ ᠯᠠᠮᠠ ᠲᠠᠢ ᠠᠭᠤᠯᠵᠠ ᠭᠡᠵᠦ ᠵᠢᠯᠢᠢᠭᠴᠢ ᠴᠡᠴᠡᠭ ᠬᠠᠲᠤᠨ ᠵᠠᠬᠢᠵᠤ ᠪᠠᠢᠭᠰᠠᠨ ᠶᠤᠮ ! ᠭᠡᠵᠦ ᠬᠡᠯᠡᠬᠦ ᠳ᠋ᠦ᠍ ᠭᠤᠩᠴᠤᠭᠷᠠᠬᠤᠠ ᠮᠣᠷᠢᠨ ᠳ᠋ᠠᠭᠠᠨ ᠲᠠᠰᠢᠭᠤᠷ ᠥᠭᠴᠦ ᠬᠤᠷᠳᠤᠯᠠᠪᠠ᠃
ᠡᠳᠡ ᠬᠣᠶᠠᠷ ᠳᠥᠩᠭᠡᠵᠦ ᠪᠢᠯᠵᠤᠤᠬᠠᠢᠲᠤ ᠶ᠋ᠢᠨ ᠬᠣᠲᠣᠭᠣᠷ ᠢ ᠲᠤᠭᠤᠯᠵᠤ ᠭᠠᠷᠬᠤ ᠳ᠋ᠤ᠌ ᠭᠡᠨᠡᠳᠲᠡ ᠮᠣᠷᠢᠳ ᠤ᠋ᠨ ᠲᠦᠪᠡᠷᠭᠡᠨ ᠪᠢᠵᠢᠭᠢᠨᠡᠵᠤ ᠠᠷᠪᠠᠭᠠᠳ ᠮᠣᠷᠢᠲᠠᠨ ᠶᠠᠭᠤ ᠬᠠᠢ ᠦᠭᠡᠢ ᠲᠡᠳᠡᠨ ᠦ᠌ ᠡᠮᠦᠨ᠎ᠡ ᠲᠤᠯᠵᠤ ᠢᠷᠡᠪᠡ᠃
— ᠭᠣᠨᠴᠣᠭ ᠴᠢ ᠬᠠᠮᠢᠭ᠎ᠠ ᠶᠠᠪᠤᠬᠤ ᠭᠡᠵᠦ ᠬᠠᠷ᠎ᠠ ᠰᠥᠨᠢ ᠪᠡᠷ ᠢᠩᠭᠢᠵᠦ ᠱᠠᠯᠠᠪᠳᠠᠵᠤ ᠶᠠᠪᠤᠭ᠎ᠠ ᠪᠣᠢ? ᠭᠡᠵᠦ ᠵᠠᠩᠳᠤᠷᠤᠭᠰᠠᠨ ᠨᠢ ᠰᠢᠨ᠎ᠡ ᠲᠤᠰᠠᠯᠠᠭᠴᠢ ᠱᠠᠭᠳᠤᠷᠰᠦ᠋ᠷᠦᠩ ᠦ᠋ᠨ ᠳᠠᠭᠤᠨ ᠪᠣᠯᠬᠤ ᠶ᠋ᠢ ᠭᠤᠩᠴᠤᠭᠷᠠᠬᠤᠠ ᠲᠠᠨᠢᠵᠤ᠂ 《ᠡᠦᠲᠦ ᠴᠦ᠍ ᠳᠦᠭᠦᠷᠦᠭᠰᠡᠨ ᠠ᠋! ᠪᠤᠷᠬᠠᠨ ᠮᠢᠨᠢ》 ᠭᠡᠵᠦ ᠳᠦᠳᠦᠨᠡᠨ ᠮᠣᠷᠢᠨ ᠠ᠋ᠴᠠ ᠪᠠᠨ ᠪᠠᠭᠤᠪᠠ᠃
ᠳᠠᠭᠠᠯᠳᠤᠭᠰᠠᠨ ᠴᠡᠷᠢᠭ ᠦ᠋ᠳ ᠭᠤᠩᠴᠤᠭᠷᠠᠬᠤᠠ ᠨᠣᠮᠢᠨ ᠬᠣᠶᠠᠷ ᠢ᠋ ᠬᠦᠯᠢᠵᠦ ᠮᠣᠷᠢᠨ ᠳᠡᠭᠡᠷ᠎ᠡ ᠨᠢ ᠤᠨᠤᠭᠤᠯᠤᠭᠠᠳ ᠨᠣᠶᠠᠨ ᠰᠠᠩ ᠤ᠋ᠨ ᠵᠤᠰᠠᠭᠠᠯ ᠤᠷᠤᠭᠤ ᠪᠤᠴᠠᠪᠠ᠃
ᠭᠤᠩᠴᠤᠭᠷᠠᠬᠤᠠ ᠨᠣᠮᠢᠨ ᠬᠣᠶᠠᠷ ᠰᠥᠨᠢᠵᠢᠨ ᠰᠢᠭᠦᠭᠳᠡᠪᠡ᠃
ᠶᠠᠮᠤᠨ ᠤ᠋ ᠴᠡᠷᠢᠭ ᠭᠤᠩᠴᠤᠭᠷᠠᠬᠤᠠ ᠶ᠋ᠢ ᠶᠠᠭᠠᠬᠢᠵᠤ ᠰᠢᠷᠭᠠᠭᠠᠭᠰᠠᠨ ᠴᠤ᠌ ᠴᠠᠭᠠᠳᠤᠬᠢ ᠨᠢ ᠦᠭᠡ ᠳᠤᠤᠭᠠᠷᠬᠤ ᠦᠭᠡᠢ ᠪᠠᠢᠪᠠ᠃
— ᠶᠠᠭᠤ ᠭᠡᠵᠦ ᠳᠤᠲᠠᠭᠠᠪᠠ ? ᠶᠠᠮᠤᠨ ᠤ᠋ ᠪᠤᠳᠠᠭ᠎ᠠ ᠭᠡᠳᠡᠰᠦ ᠶ᠋ᠢ ᠴᠢᠨᠢ ᠬᠠᠳᠬᠤᠪᠠ ᠤᠤ ? ᠠᠮᠠ ᠶ᠋ᠢ ᠴᠢᠨᠢ ᠴᠠᠪᠠᠤᠳᠠᠴᠢᠬᠠᠪᠠ ᠤᠤ? ᠮᠠᠭᠤ ᠴᠠᠭᠠᠴᠢ ᠬᠣᠬᠣᠢ! ᠨᠢᠭᠡ ᠨᠢ ᠲᠡᠭᠦᠨ ᠦ᠌ ᠲᠣᠯᠣᠭᠠᠢ ᠣᠷᠣᠨᠠᠤ ᠨᠢ ᠲᠠᠰᠢᠭᠤᠷᠳᠠᠭᠰᠠᠨ ᠳ᠋ᠤ᠌ ᠭᠤᠩᠴᠤᠭᠷᠠᠬᠤᠠ ᠢ ᠢ ᠭᠡᠵᠦ ᠬᠥᠮᠥᠰᠬᠡ ᠪᠡᠨ ᠵᠠᠩᠭᠢᠳᠤᠨ ᠰᠢᠵᠠᠭᠤᠷ ᠵᠠᠭᠤᠪᠠ᠃
ᠶᠠᠨᠴᠢᠵᠤ ᠪᠠᠯᠪᠠᠬᠤ᠂ ᠶᠠᠩᠰᠢᠵᠤ ᠵᠠᠩᠳᠤᠷᠬᠤ ᠠ᠋ᠴᠠ ᠴᠠᠭᠠᠰᠢ ᠤᠬᠠᠭ᠎ᠠ ᠰᠠᠮᠪᠠᠭ᠎ᠠ ᠮᠠᠭᠤᠲᠠᠢ ᠶᠠᠮᠤᠨ ᠤ᠋ ᠬᠡᠳᠦᠨ ᠴᠡᠷᠢᠭ ᠠᠷᠭ᠎ᠠ ᠮᠤᠬᠤᠷᠳᠠᠬᠤ ᠳ᠋ᠠᠭᠠᠨ ᠭᠤᠩᠴᠤᠭᠷᠠᠬᠤᠠ ᠶ᠋ᠢ ᠬᠦᠯᠢᠶᠡᠰᠦᠲᠡᠢ ᠨᠢ ᠬᠠᠷ᠎ᠠ ᠭᠡᠷ ᠲᠦ᠍ ᠳᠠᠷᠤᠵᠤ ᠲᠠᠯᠪᠢᠪᠠ᠃
ᠱᠤᠤᠮᠠᠰᠠ ᠠ᠋ᠴᠠ ᠨᠢ ᠨᠡᠩᠵᠢᠵᠦ ᠣᠯᠤᠭᠰᠠᠨ ᠲᠠᠪᠢᠨ ᠯᠠᠩ ᠤ᠋ᠨ ᠬᠣᠶᠠᠷ ᠴᠣᠬᠣᠷ ᠶᠤᠸᠠᠮᠪᠤᠤ ᠶ᠋ᠢ ᠨᠣᠮᠢᠨ ᠤ᠋ ᠡᠮᠦᠨ᠎ᠡ ᠠᠪᠴᠢᠷᠠᠵᠤ᠄
— ᠡᠨᠡ ᠶᠠᠭᠤᠨ ᠤ᠋ ᠶᠤᠸᠠᠮᠪᠤᠤ ᠪᠣᠢ ? ᠭᠡᠬᠦ ᠳ᠋ᠦ᠍᠂ ᠨᠣᠮᠢᠨ ᠦᠭᠡ ᠳᠤᠤᠭᠠᠷᠤᠭᠰᠠᠨ ᠦᠭᠡᠢ ᠤᠬᠢᠯᠠᠩᠨᠠᠨᠠ᠃
— ᠬᠡᠯᠡ ! ᠬᠠᠮᠢᠭ᠎ᠠ ᠠ᠋ᠴᠠ ᠬᠤᠯᠠᠭᠠᠢᠯᠠᠭᠰᠠᠨ ᠶᠤᠸᠠᠮᠪᠤᠤ ᠪᠣᠢ ?
— ᠬᠤᠯᠠᠭᠠᠢᠯᠠᠭᠰᠠᠨ ᠪᠢᠰᠢ! ᠭᠡᠳ ᠨᠣᠮᠢᠨ ᠮᠡᠭᠰᠢᠨ ᠤᠬᠢᠯᠠᠪᠠ᠃
— ᠪᠢᠲᠡᠭᠡᠢ ᠤᠬᠢᠯᠠᠬᠤ ᠪᠠᠷ ᠢ᠋ᠶ᠋ᠠᠨ ᠠᠮᠠ ᠪᠥᠭᠯᠡᠬᠦ ᠭᠡᠳ ᠪᠠᠢ᠃ ᠴᠢᠭᠢᠶᠡᠲᠦᠷᠦᠦ! ᠵᠢᠯᠢᠢᠭᠴᠢ ᠴᠡᠴᠡᠭ ᠬᠠᠲᠤᠨ ᠤ᠋ ᠠᠪᠳᠠᠷ᠎ᠠ ᠠ᠋ᠴᠠ ᠬᠢᠮᠤᠰᠤᠯᠠᠭᠰᠠᠨ ᠪᠠᠢᠯᠭᠦᠢ!
— ᠪᠢᠰᠢ ! ᠵᠢᠯᠢᠢᠭᠴᠢ ᠴᠡᠴᠡᠭ ᠬᠠᠲᠤᠨ ᠨᠠᠳᠠ ᠁ ᠭᠡᠳ ᠦᠭᠡ ᠪᠡᠨ ᠳᠤᠲᠠᠭᠤ ᠬᠡᠯᠡᠵᠦ ᠭᠡᠨᠡᠳᠲᠡ ᠡᠪᠦᠷ ᠳᠣᠲᠣᠷᠠᠬᠢ ᠬᠠᠪᠲᠠᠭ᠎ᠠ ᠲᠠᠢ ᠠᠯᠲᠠᠨ ᠪᠦᠯᠡᠵᠡᠭ ᠢ᠋ᠶ᠋ᠡᠨ ᠰᠠᠨᠠᠵᠤ ᠣᠯᠤᠨ ᠡᠳᠡᠨᠥᠰ ᠲᠦ᠍ ᠠᠯᠳᠠᠭᠤᠵᠠᠢ ᠭᠡᠵᠦ ᠡᠷᠬᠡ ᠦᠭᠡᠢ ᠡᠪᠦᠷ ᠢ᠋ᠶ᠋ᠡᠨ ᠲᠡᠮᠲᠡᠷᠢᠨ ᠳᠠᠷᠤᠯᠬᠢᠯᠠᠵᠤ ᠠᠪᠤᠭᠰᠠᠨ ᠳ᠋ᠤ᠌ ᠨᠢᠭᠡ ᠨᠢ ᠰᠡᠵᠢᠭ ᠠᠪᠴᠤ ᠨᠣᠮᠢᠨ ᠤ᠋ ᠡᠪᠦᠷ ᠤᠷᠤᠭᠤ ᠭᠠᠷ ᠢ᠋ᠶ᠋ᠠᠨ ᠰᠢᠷᠭᠤᠭᠤᠯᠪᠠ᠃
— ᠶᠠᠭᠠᠬᠢᠬᠤ ᠶᠤᠮ ᠠ᠋? ᠶᠠᠮᠠᠷ ᠪᠤᠯᠠᠢᠲᠠᠢ ᠠᠮᠢᠲᠠᠨ ᠪᠣᠢ! ᠭᠡᠵᠦ ᠨᠣᠮᠢᠨ ᠲᠡᠷᠡ ᠴᠡᠷᠢᠭ ᠦ᠋ᠨ ᠭᠠᠷ ᠢ᠋ ᠴᠢᠨᠡᠭᠡ ᠮᠡᠳᠡᠨ ᠲᠦᠯᠬᠢᠭᠰᠡᠨ ᠳ᠋ᠦ᠍ ᠲᠡᠷᠡ ᠴᠡᠷᠢᠭ᠄
— ᠬᠢᠷᠢ ᠪᠡᠨ ᠮᠡᠳᠡᠳᠡᠭ ᠦᠭᠡᠢ ᠬᠡᠲᠦᠷᠡᠭᠰᠡᠨ ᠪᠠᠷᠠᠭ᠎ᠠ ᠪᠠᠢᠨ᠎ᠠ ᠬᠥᠶᠢ! ᠪᠡᠶ᠎ᠡ ᠪᠡᠨ ᠶᠠᠭᠤ ᠭᠡᠵᠦ ᠪᠣᠳᠣᠪᠠ? ᠴᠡᠴᠡᠭ ᠬᠠᠲᠤᠨ ᠤ ᠨᠥᠮᠥᠷᠢ ᠳ᠋ᠦ᠍ ᠨᠠᠪᠲᠠᠭᠠᠨᠠᠳᠠᠭ ᠰᠢᠭ᠋ ᠢ᠋ᠶ᠋ᠡᠨ ᠭᠡᠵᠦ ᠰᠠᠨᠠᠪᠠ ᠤᠤ? ᠮᠠᠭᠤ ᠵᠣᠯᠪᠢᠩ! ᠭᠡᠳ ᠨᠥᠭᠥᠭᠡᠳᠡᠬᠢ ᠪᠡᠨ ᠳᠣᠬᠢᠵᠤ ᠬᠣᠶᠠᠭᠤᠯᠠ ᠨᠣᠮᠢᠨ ᠢ᠋ ᠬᠦᠴᠦᠷᠬᠡᠭᠯᠡᠨ ᠣᠷᠣᠵᠤ ᠡᠩᠭᠡᠯᠵᠡᠭᠦᠷ ᠦ᠋ᠨ ᠬᠢᠨᠢ ᠲᠣᠪᠴᠢ ᠶ᠋ᠢ ᠨᠢ ᠮᠤᠯᠲᠤ ᠲᠠᠲᠠᠵᠤ᠄
— ᠡᠭᠦᠨ ᠦ᠌ ᠡᠪᠦᠷ ᠳᠣᠲᠣᠷ᠎ᠠ ᠯᠠᠪ ᠨᠢᠭᠡ ᠶᠠᠭᠤᠮ᠎ᠠ ᠪᠠᠢᠨ᠎ᠠ ᠁ ᠭᠡᠳ ᠡᠪᠦᠷ ᠢ᠋ ᠨᠢ ᠳᠤᠷ᠎ᠠ ᠮᠡᠳᠡᠨ ᠰᠡᠭᠴᠢᠪᠡ᠃
ᠨᠣᠮᠢᠨ ᠡᠳᠡᠨᠥᠰ ᠦ᠋ᠨ ᠡᠮᠦᠨ᠎ᠡ ᠶᠠᠮᠠᠷ ᠴᠤ᠌ ᠠᠷᠭ᠎ᠠ ᠪᠠᠢᠭᠰᠠᠨ ᠦᠭᠡᠢ᠃ ᠵᠠᠨᠳᠠᠯᠴᠢᠨ ᠰᠢᠭ᠋ ᠪᠠᠯᠠᠮᠠᠳ ᠡᠷ᠎ᠡ ᠶ᠋ᠢᠨ ᠭᠠᠷ ᠲᠤ᠌ ᠡᠪᠦᠷ ᠴᠡᠭᠡᠵᠢ ᠪᠡᠨ ᠲᠡᠮᠲᠡᠷᠢᠭᠥᠯᠥᠨ ᠨᠡᠩᠵᠢᠭᠥᠯᠥᠭᠰᠡᠨ ᠳ᠋ᠡᠭᠡᠨ ᠢᠴᠢᠵᠦ ᠵᠣᠪᠠᠬᠤ ᠶ᠋ᠢ ᠬᠡᠯᠡᠬᠦ ᠦᠭᠡᠢ ᠠᠯᠲᠠᠨ ᠪᠦᠯᠡᠵᠡᠭ ᠢ᠋ᠶ᠋ᠡᠨ ᠭᠡᠵᠦ ᠪᠣᠳᠣᠬᠤ ᠠ᠋ᠴᠠ ᠪᠠᠴᠢᠮᠳᠠᠵᠤ ᠡᠬᠡᠷ ᠲᠡᠳᠡᠨ ᠤᠬᠢᠯᠠᠪᠠ᠃
— ᠵᠠ᠂ ᠡᠨᠡ ᠶᠠᠭᠤ ᠪᠣᠢ? ᠭᠡᠵᠦ ᠤᠭᠠᠯᠵᠠᠨ ᠬᠠᠪᠲᠠᠭ᠎ᠠ ᠲᠠᠢ ᠠᠯᠲᠠᠨ ᠪᠦᠯᠡᠵᠡᠭ ᠢ᠋ ᠨᠠᠪᠰᠠᠭᠠᠨᠠᠭᠤᠯᠤᠨ᠄
《 ᠴᠢ ᠥᠨᠥᠳᠥᠷ ᠦᠨᠡᠨ ᠢ᠋ᠶ᠋ᠡᠨ ᠬᠡᠯᠡᠬᠦ ᠦᠭᠡᠢ ᠪᠣᠯ ᠶᠠᠭᠤᠮ᠎ᠠ ᠪᠠᠨ ᠦᠵᠡᠨ᠎ᠡ ᠳᠡ》ᠭᠡᠵᠦ ᠨᠢᠭᠡ ᠴᠡᠷᠢᠭ ᠵᠠᠨᠤᠯᠲᠠᠢ ᠳᠤᠤᠭᠠᠷᠤᠭᠰᠠᠨ ᠳ᠋ᠤ᠌ ᠨᠥᠭᠥᠭᠡᠳᠡᠬᠢ ᠨᠢ ᠲᠣᠰᠴᠤ᠄
— ᠡᠨᠡ ᠠᠯᠲᠠᠨ ᠪᠦᠯᠡᠵᠡᠭ᠂ ᠶᠤᠸᠠᠮᠪᠤᠤ ᠶ᠋ᠢ ᠴᠢ ᠬᠠᠮᠢᠭ᠎ᠠ ᠠ᠋ᠴᠠ ᠠᠪᠤᠪᠠ? ᠭᠡᠯᠡ᠃
— ᠵᠢᠯᠢᠢᠭᠴᠢ ᠴᠡᠴᠡᠭ ᠬᠠᠲᠤᠨ ᠨᠠᠳᠠ ᠦᠭᠭᠦᠭᠰᠡᠨ ᠶᠦ᠍ᠮ ᠠ᠋ !
— ᠪᠢᠲᠡᠭᠡᠢ ᠲᠣᠩᠭᠣᠰ᠂ ᠵᠢᠯᠢᠢᠭᠴᠢ ᠴᠡᠴᠡᠭ ᠬᠠᠲᠤᠨ ᠴᠢᠮ᠎ᠠ ᠳ᠋ᠤ᠌ ᠥᠭᠡᠷ᠎ᠡ ᠶᠠᠭᠤ ᠶᠠᠭᠤ ᠥᠭᠪᠡ⁈ ᠭᠡᠵᠦ ᠨᠢᠭᠡ ᠨᠢ ᠠᠰᠠᠭᠤᠲᠠᠯ᠎ᠠ ᠨᠥᠭᠦᠭᠡ ᠨᠢ᠄
— ᠦᠭᠡᠢ᠂ ᠴᠢ ᠵᠢᠯᠢᠢᠭᠴᠢ ᠶ᠋ᠢᠨ ᠪᠡᠶ᠎ᠡ ᠪᠠᠷᠠᠭᠰᠠᠨ ᠢ᠋ ᠳᠠᠯᠢᠮᠳᠠᠭᠤᠯᠵᠤ ᠬᠤᠷᠤᠭᠤᠨ ᠠ᠋ᠴᠠ ᠨᠢ ᠠᠯᠲᠠᠨ ᠪᠦᠯᠡᠵᠡᠭ ᠢ᠋ ᠨᠢ ᠮᠤᠯᠲᠤᠯᠵᠤ᠂ ᠬᠣᠷᠭᠣ ᠠ᠋ᠴᠠ ᠨᠢ ᠶᠤᠸᠠᠮᠪᠤᠤ ᠶ᠋ᠢ ᠨᠢ ᠳᠠᠯᠳᠠᠭᠤᠷ ᠡᠪᠦᠷᠯᠡᠴᠢᠬᠡᠳᠡᠭ ᠶᠠᠮᠠᠷ ᠪᠦᠳᠦᠭᠦᠨ ᠵᠢᠷᠦᠬᠡ ᠲᠡᠢ ᠥᠯᠥᠭᠴᠢᠨ ᠪᠣᠢ! ᠭᠡᠨ᠎ᠡ᠃
— ᠳᠠᠯᠳᠠᠭᠤᠷ ᠠᠪᠤᠭᠰᠠᠨ ᠶᠠᠭᠤᠮ᠎ᠠ ᠪᠢᠰᠢ ᠠ᠋ ! ᠵᠢᠯᠢᠢᠭᠴᠢ ᠴᠡᠴᠡᠭ ᠬᠠᠲᠤᠨ ᠨᠠᠳᠠ ᠦᠭᠭᠦᠭᠰᠡᠨ ᠭᠡᠬᠦ ᠳ᠋ᠦ᠍ ᠲᠠ ᠨᠠᠷ ᠢᠲᠡᠭᠡᠳᠡᠭ ᠦᠭᠡᠢ᠃
— ᠬᠡᠩ ! ᠠᠶ᠎ᠠ ᠦᠭᠡᠢᠳᠡᠪᠡᠯ ᠡᠨᠡ ᠥᠯᠥᠭᠴᠢᠨ ᠴᠡᠴᠡᠭ ᠬᠠᠲᠤᠨ ᠤ᠋ ᠠᠮᠢ ᠶ᠋ᠢ ᠨᠢ ᠬᠣᠣᠷᠯᠠᠴᠢᠬᠠᠭᠠᠳ ᠶᠠᠭᠤᠮ᠎ᠠ ᠶ᠋ᠢ ᠨᠢ ᠶᠡᠭᠦᠯᠡᠵᠦ ᠠᠪᠤᠭᠠᠳ ᠭᠤᠳᠤᠢᠬᠤ ᠰᠠᠨᠠᠭᠠᠲᠠᠢ ᠪᠠᠢᠭᠰᠠᠨ ᠁ ᠭᠡᠵᠦ ᠱᠠᠯᠳᠠᠩᠨᠠᠭᠤᠯᠤᠭᠠᠳ ᠨᠢᠪᠰᠢᠷᠡᠲᠡᠯᠡ ᠵᠣᠳᠣᠪᠠ᠃ ᠡᠪᠡᠳᠬᠦ ᠢᠴᠢᠬᠦ ᠬᠣᠣᠰᠯᠠᠭᠰᠠᠨ ᠨᠣᠮᠢᠨ᠄
— ᠪᠢᠰᠢ ᠠ᠋᠂ ᠲᠠ ᠨᠠᠷ ᠨᠠᠮᠠᠶ᠋ᠢ ᠬᠦᠷᠲᠡᠵᠦ ᠪᠠᠢᠨ᠎ᠠ᠃ ᠴᠡᠴᠡᠭ ᠬᠠᠲᠤᠨ ᠠ᠋᠂ ᠡᠳᠡᠨᠥᠰ ᠴᠢᠨᠢ ᠨᠠᠮᠠᠶ᠋ᠢ ᠰᠢᠷᠭᠠᠭᠠᠵᠤ ᠠᠯᠠᠯ᠎ᠠ ᠠ᠋ ! ᠭᠡᠵᠦ ᠡᠷᠦᠢ ᠬᠤᠷᠤᠢ ᠦᠭᠡᠢ ᠣᠷᠢᠯᠠᠪᠠ ᠁
ᠷᠠᠰᠢ ᠵᠠᠬᠢᠷᠤᠭᠴᠢ᠂ ᠬᠦᠩ ᠨᠣᠶᠠᠨ ᠤ᠋ ᠭᠣᠣᠯ ᠣᠷᠳᠣᠨ ᠠ᠋ᠴᠠ ᠭᠠᠷᠴᠤ ᠶᠠᠪᠤᠨ ᠬᠠᠷ᠎ᠠ ᠭᠡᠷ ᠡᠴᠡ ᠨᠣᠮᠢᠨ ᠢ᠋ ᠠᠪᠴᠢᠷᠠᠭᠤᠯᠤᠨ ᠰᠢᠭᠦᠪᠡ᠃
ᠵᠠᠬᠢᠷᠤᠭᠴᠢ ᠶ᠋ᠢᠨ ᠡᠮᠦᠨ᠎ᠡ ᠬᠥᠰᠡᠷ ᠲᠦ᠍ ᠮᠠᠩᠨᠠᠢ ᠪᠠᠨ ᠰᠢᠭᠠᠨ ᠰᠥᠭᠥᠳᠦᠭᠰᠡᠨ ᠨᠣᠮᠢᠨ ᠢ᠋ ᠬᠠᠷᠠᠭᠠᠳ ᠷᠠᠰᠢ ᠵᠠᠬᠢᠷᠤᠭᠴᠢ ᠰᠠᠭᠤᠭᠰᠠᠨ ᠣᠷᠣᠨ ᠠ᠋ᠴᠠ ᠪᠠᠨ ᠪᠣᠰᠴᠤ᠄
— ᠣᠪᠣᠭ ᠨᠡᠷ᠎ᠡ ᠴᠢᠨᠢ ᠬᠡᠨ ᠪᠢᠯᠡ? ᠠᠯᠢ ᠨᠤᠲᠤᠭ ᠤ᠋ᠨ ᠶᠠᠮᠠᠷ ᠰᠤᠮᠤᠨ ᠤ᠋ ᠁ ᠭᠡᠵᠦ ᠬᠡᠯᠡᠵᠦ ᠪᠠᠷᠠᠬᠤ ᠠ᠋ᠴᠠ ᠡᠮᠦᠨ᠎ᠡ ᠬᠥᠰᠡᠷ ᠲᠦ᠍ ᠰᠥᠭᠥᠳᠦᠭᠰᠡᠨ ᠨᠣᠮᠢᠨ ᠳᠣᠣᠷ᠎ᠠ ᠠ᠋ᠴᠠ ᠨᠢ ᠬᠠᠳᠬᠤᠭᠰᠠᠨ ᠶᠤᠮ ᠰᠢᠭ᠋ ᠭᠡᠨᠡᠳᠲᠡ ᠴᠣᠷᠣᠢᠨ ᠪᠣᠰᠴᠤ᠄
— ᠮᠠᠢ ᠂ ᠮᠠᠢ ! ᠵᠠᠬᠢᠷᠤᠭᠴᠢ ᠭᠤᠸᠠᠢ ᠶᠤᠸᠠᠮᠪᠤᠤ ᠠᠪᠤᠨ᠎ᠠ ᠤᠤ? ᠠᠯᠲᠠᠨ ᠪᠦᠯᠡᠵᠡᠭ ᠠᠪᠤᠨ᠎ᠠ ᠤᠤ? ᠠᠯᠢᠨ ᠢ᠋ ᠨᠢ ᠠᠪᠤᠨ᠎ᠠ ᠤᠤ ᠳᠤᠷ᠎ᠠ ᠪᠠᠨ ᠮᠡᠳᠡ ᠭᠡᠳ ᠬᠡᠦᠬᠡᠨ ᠬᠥᠬᠥ ᠪᠡᠨ ᠢᠯᠡ ᠭᠠᠷᠭᠠᠵᠤ ᠲᠡᠭᠦᠨ ᠵᠦᠭ ᠬᠠᠨᠳᠤᠭᠤᠯᠤᠨ ᠬᠣᠶᠠᠷ ᠭᠠᠷ ᠢ᠋ᠶ᠋ᠠᠷ ᠢ᠋ᠶ᠋ᠠᠨ ᠬᠥᠬᠥᠨ ᠦ᠌ ᠲᠣᠪᠴᠢ ᠪᠠᠨ ᠴᠢᠮᠬᠢᠵᠦ ᠬᠡᠦᠬᠡᠳ ᠬᠥᠬᠥᠭᠦᠯᠬᠦ ᠭᠡᠵᠦ ᠪᠠᠢᠭ᠎ᠠ ᠡᠬᠡᠨᠡᠷ ᠰᠢᠭ ᠷᠠᠰᠢ ᠵᠠᠬᠢᠷᠤᠭᠴᠢ ᠶ᠋ᠢᠨ ᠪᠡᠶ᠎ᠡ ᠳ᠋ᠦ᠍ ᠣᠢᠷᠠᠳᠬᠤ ᠳ᠋ᠤ᠌ ᠵᠠᠬᠢᠷᠤᠭᠴᠢ ᠰᠠᠨᠳᠤᠷᠴᠤ ᠨᠢᠳᠦ ᠪᠡᠨ ᠲᠠᠭᠯᠠᠨ᠄
— ᠡᠨᠡ ᠰᠣᠯᠢᠶᠠᠲᠠᠢ ᠵᠣᠯᠪᠢᠩ ᠡᠮ᠎ᠡ ᠶ᠋ᠢ ᠴᠠᠭᠠᠰᠢ ᠨᠢ ᠠᠪᠠᠴᠢ! ᠪᠤᠤ ᠦᠵᠡᠭᠳᠡ ᠭᠡᠮ! ᠭᠡᠳ ᠭᠠᠷᠴᠤ ᠶᠠᠪᠤᠪᠠ᠃
ᠷᠠᠰᠢ ᠵᠠᠬᠢᠷᠤᠭᠴᠢ ᠮᠠᠷᠭᠠᠲᠤᠷ ᠨᠢ ᠥᠷᠯᠥᠭᠡ ᠡᠷᠲᠡ ᠪᠣᠰᠴᠤ ᠮᠣᠷᠢ ᠬᠠᠷᠠᠴᠢᠬᠠᠭᠠᠳ ᠪᠤᠴᠠᠵᠤ ᠶᠠᠪᠤᠲᠠᠯ᠎ᠠ ᠭᠡᠷ ᠦ᠋ᠨ ᠬᠢᠨᠢ ᠠᠷᠤ ᠳ᠋ᠤᠨᠢ ᠴᠢᠷᠠᠮᠠᠨ ᠱᠠᠯᠳᠠᠩ ᠨᠢᠭᠡ ᠬᠥᠮᠦᠨ ᠪᠤᠯᠲᠠᠰᠬᠢᠨ ᠦᠵᠡᠭᠳᠡᠬᠦ ᠳ᠋ᠦ᠍ ᠥᠪᠡᠷ ᠦ᠋ᠨ ᠨᠢᠳᠦ ᠪᠡᠨ ᠢᠳᠡᠭᠡ ᠶᠠᠳᠠᠨ ᠮᠡᠯᠡᠷᠡᠵᠦ ᠵᠣᠭᠰᠣᠲᠠᠯ᠎ᠠ ᠲᠡᠷᠡ ᠬᠦ᠌ ᠱᠠᠯᠳᠠᠩ ᠬᠥᠮᠦᠨ ᠳᠠᠬᠢᠨ ᠢᠯᠡᠷᠡᠵᠦ᠄
— ᠮᠠᠢ ᠂ ᠵᠠᠬᠢᠷᠤᠭᠴᠢ ᠭᠤᠸᠠᠢ ᠠ᠋! ᠶᠤᠸᠠᠮᠪᠤᠤ ᠠᠪᠤᠨ᠎ᠠ ᠤᠤ? ᠭᠡᠪᠡ᠃ ᠲᠡᠭᠡᠬᠦ ᠳ᠋ᠦ᠍ ᠬᠥᠬᠥ ᠪᠡᠨ ᠢᠯᠡ ᠭᠠᠷᠭᠠᠭᠰᠠᠨ ᠡᠮᠡᠭᠲᠡᠢ ᠬᠥᠮᠦᠨ ᠲᠡᠭᠦᠨ ᠦ᠌ ᠨᠢᠳᠦᠨ ᠳ᠋ᠦ᠍ ᠲᠣᠳᠣ ᠬᠠᠷᠠᠭᠳᠠᠪᠠ᠃
ᠷᠠᠰᠢ ᠵᠠᠬᠢᠷᠤᠭᠴᠢ ᠨᠢᠳᠦ ᠪᠡᠨ ᠠᠨᠢᠨ《ᠠ᠂ ᠪᠤᠤ ᠦᠵᠡᠭᠳᠡ! ᠨᠣᠮᠢᠨ ᠬᠡᠦᠬᠡᠨ ᠰᠣᠯᠢᠶᠠᠷᠠᠴᠢᠬᠠᠵᠠᠢ ᠠ᠋! 》 ᠭᠡᠵᠦ ᠳᠦᠳᠦᠨᠡᠨ ᠱᠠᠯᠠᠪᠬᠠᠨ ᠭᠡᠷ ᠲᠦ᠍ ᠣᠷᠣᠪᠠ᠃
ᠷᠠᠰᠢ ᠵᠠᠬᠢᠷᠤᠭᠴᠢ ᠭᠡᠷ ᠲᠦ᠍ ᠣᠷᠣᠵᠤ ᠰᠠᠭᠤᠵᠤ ᠵᠠᠪᠳᠤᠬᠤ ᠠ᠋ᠴᠠ ᠡᠮᠦᠨ᠎ᠡ ᠬᠦᠩ ᠨᠣᠶᠠᠨ ᠤ᠋ ᠬᠥᠲᠥᠴᠢ ᠲᠡᠭᠦᠨ ᠦ᠌ ᠪᠣᠷᠪᠢ ᠶ᠋ᠢ ᠭᠢᠰᠬᠢᠮᠡ ᠣᠷᠣᠵᠤ ᠢᠷᠡᠭᠡᠳ᠄
— ᠬᠦᠩ ᠨᠣᠶᠠᠨᠲᠠᠨ᠂ ᠲᠠᠨ ᠢ᠋ ᠦᠳᠲᠡᠷ ᠣᠴᠢ! ᠭᠡᠵᠦ ᠳᠠᠭᠤᠳᠠᠵᠤ ᠪᠠᠢᠨ᠎ᠠ᠃ ᠱᠠᠯᠠᠪᠳᠠ ᠳᠠ! ᠵᠠᠬᠢᠷᠤᠭᠴᠢ ᠨᠣᠶᠠᠨ ᠮᠢᠨᠢ᠂ ᠣᠷᠴᠢᠮ ᠠ᠋ᠴᠠ ᠬᠦᠩ ᠨᠣᠶᠠᠨ ᠤ᠋ ᠵᠠᠩ ᠠᠷᠠᠨᠰᠢ ᠬᠠᠴᠢᠨ ᠪᠣᠯᠵᠤ ᠰᠠᠪᠬᠤᠰ ᠭᠢᠰᠬᠢᠭᠰᠡᠭᠡᠷ ① ᠠᠭᠤᠷ ᠤᠴᠠᠭᠠᠷ ᠬᠥᠳᠡᠯᠵᠦ᠂ ᠶᠠᠭᠤᠮ᠎ᠠ ᠬᠡᠦᠮ᠎ᠡ ᠪᠡᠨ ᠰᠠᠪᠠᠯᠠᠵᠤ ᠭᠦᠪᠢᠭᠡᠳ ᠭᠡᠨᠡᠳᠲᠡ ᠪᠠᠢᠵᠤ ᠪᠠᠢᠭᠠᠳ 《ᠳ᠋ᠠᠭᠳᠠᠨ ᠳᠠ ᠯᠠᠮᠠ᠂ ᠨᠠᠮᠠᠶ᠋ᠢ ᠭᠢᠨᠵᠢᠯᠡᠬᠦ ᠪᠡᠷ ᠁ 》 ᠭᠡᠳ ᠤᠬᠠᠭᠠᠨ ᠲᠥᠬᠥᠭᠡ ᠨᠢ ᠣᠯᠳᠠᠬᠤ ᠦᠭᠡᠢ ᠶᠠᠭᠤᠮ᠎ᠠ ᠶᠠᠷᠢᠬᠤ ᠶᠤᠮ ᠭᠡᠵᠦ ᠲᠠᠰᠢᠶ᠎ᠠ ᠶ᠋ᠢ ᠨᠢ ᠲᠠᠰᠢᠵᠤ ᠪᠠᠢᠭ᠎ᠠ ᠰᠢᠭ᠋ ᠨᠢᠭᠡ ᠣᠯᠠᠨ ᠶᠠᠭᠤᠮ᠎ᠠ ᠪᠤᠪᠠᠲᠤᠨᠠᠵᠤ ᠶᠠᠷᠢᠭᠰᠠᠨ ᠢ ᠷᠠᠰᠢ ᠵᠠᠬᠢᠷᠤᠭᠴᠢ ᠰᠣᠨᠣᠰᠤᠭᠠᠳ ᠳᠤᠷ᠎ᠠ ᠦᠭᠡᠢᠴᠡᠵᠦ᠄
— ᠠᠮᠠ ᠪᠠᠨ ᠣᠯᠵᠤ ᠳᠣᠩᠭᠣᠰᠤᠭᠠᠴᠢ ᠴᠢ! ᠴᠢᠬᠢᠨ ᠳ᠋ᠦ᠍ ᠴᠢᠮᠡᠭ ᠪᠤᠰᠤ ᠴᠡᠭᠡᠷ ᠲᠡᠢ ᠦᠭᠡ ᠶ᠋ᠢ ᠶᠠᠷ ᠶᠠᠷ ᠭᠡᠬᠦ ᠪᠡᠨ ᠠᠶᠠᠳ! ᠭᠡᠵᠦ ᠰᠢᠷᠦᠭᠦᠨ ᠳᠤᠤᠭᠠᠷᠤᠭᠰᠠᠨ ᠳ᠋ᠤ᠌ ᠥᠨᠥᠬᠢ ᠬᠥᠲᠥᠴᠢ ᠨᠣᠶᠠᠳ ᠤ᠋ᠨ ᠬᠣᠭᠣᠷᠣᠨᠳᠣ ᠠᠮᠠ ᠳᠠᠪᠠᠭᠰᠠᠨ ᠦᠭᠡ ᠬᠡᠯᠡᠭᠰᠡᠨ ᠢ᠋ᠶ᠋ᠡᠨ ᠮᠡᠳᠡᠵᠦ ᠴᠠᠭᠠᠰᠢ ᠬᠠᠷᠠᠵᠤ ᠵᠣᠭᠰᠣᠭᠰᠠᠨ ᠵᠠᠬᠢᠷᠤᠭᠴᠢ ᠨᠣᠶᠠᠨ ᠢ᠋ ᠭᠢᠯᠡᠪᠬᠢᠭᠡᠳ ᠡᠵᠡᠨ ᠳ᠋ᠡᠭᠡᠨ ᠵᠠᠩᠨᠠᠭᠳᠠᠭᠰᠠᠨ ᠨᠣᠬᠠᠢ ᠰᠢᠭ᠋ ᠭᠠᠷᠴᠤ ᠶᠠᠪᠤᠪᠠ᠃
ᠷᠠᠰᠢ ᠵᠠᠬᠢᠷᠤᠭᠴᠢ ᠣᠷᠣᠵᠤ ᠣᠴᠢᠭᠰᠠᠨ ᠳ᠋ᠤ᠌ ᠰᠢᠷᠠᠪᠳᠤᠷᠵᠢ ᠬᠦᠩ ᠨᠣᠶᠠᠨ ᠲᠠᠮᠠᠬᠢᠯᠠᠵᠤ ᠪᠠᠢᠭᠰᠠᠨ ᠲᠥᠭᠡ ᠤᠷᠲᠤ ᠬᠠᠰ ᠰᠣᠷᠣᠭᠤᠯ ᠮᠥᠩᠭᠥᠨ ᠲᠣᠭᠣᠭ᠎ᠠ ᠲᠠᠢ ᠭᠠᠩᠰᠠ ᠪᠠᠨ ᠰᠢᠷᠡᠭᠡᠨ ᠳᠡᠭᠡᠷ᠎ᠡ ᠲᠠᠱ ᠬᠢᠲᠡᠯ᠎ᠡ ᠰᠢᠳᠡᠵᠦ ᠶᠠᠪᠤᠭᠤᠯᠤᠭᠠᠳ᠄
— ᠭᠠᠵᠠᠷ ᠤᠰᠤ ᠪᠤᠵᠠᠷᠲᠤᠵᠠᠢ ᠠ᠋! ᠮᠠᠭᠤ ᠰᠠᠢᠨ ᠠᠳᠤᠭᠤᠨ ᠤ᠋ ᠪᠠᠳᠢᠷᠴᠢ᠂ ᠪᠣᠭᠣᠯ ᠢᠨᠵᠢ ᠬᠦᠷᠲᠡᠯ᠎ᠡ ᠱᠠᠯᠢᠭᠯᠠᠨ ᠰᠠᠮᠠᠭᠤᠷᠠᠵᠤ᠂ ᠪᠣᠰᠴᠤ ᠤᠷᠭᠤᠳᠠᠭ ᠪᠣᠯᠤᠭᠰᠠᠨ ᠁ ᠴᠢᠭᠢᠶᠡᠲᠦᠷᠦᠦ ᠁ ᠭᠡᠵᠦ ᠬᠠᠷᠢᠶᠠᠯ ᠲᠠᠯᠪᠢᠬᠤ ᠳ᠋ᠤ᠌ ᠤᠷᠤᠭᠤᠯ ᠨᠢ ᠲᠠᠲᠠᠪᠠᠭᠠᠨᠠᠵᠤ ᠭᠠᠷ ᠨᠢ ᠰᠠᠯᠭᠠᠨᠠᠨ᠎ᠠ᠃ ᠬᠦᠩ ᠨᠣᠶᠠᠨ ᠤ᠋ ᠰᠠᠪᠠᠭᠠᠨᠠᠨ ᠠᠭᠤᠷᠯᠠᠭᠰᠠᠨ ᠳ᠋ᠤ᠌ ᠷᠠᠰᠢ ᠵᠠᠬᠢᠷᠤᠭᠴᠢ ᠰᠠᠨᠳᠤᠷᠴᠤ᠄
— ᠨᠣᠶᠠᠨ ᠠᠬᠠᠢᠲᠠᠨ᠂ ᠠᠭᠤᠷ ᠢ᠋ᠶ᠋ᠠᠨ ᠳᠠᠷᠤ! ᠭᠤᠩᠴᠤᠭ ᠢ ᠬᠠᠷ᠎ᠠ ᠭᠡᠷ ᠲᠦ᠍ ᠳᠠᠷᠤᠴᠢᠬᠠᠯᠠ ᠁ ᠭᠡᠰᠡᠨ ᠳ᠋ᠦ᠍ ᠬᠦᠩ ᠨᠣᠶᠠᠨ᠄
— ᠵᠠ᠂ ᠪᠠᠢᠵᠠ ᠳᠠ᠂ ᠦᠬᠦᠳᠡᠭ ᠦᠭᠡᠢ ᠮᠠᠭᠤ ᠭᠣᠢᠷᠠᠴᠢ ᠶ᠋ᠢ ᠬᠣᠬᠣᠢ᠂ ᠠᠳᠤᠭᠤᠨ ᠳ᠋ᠤ᠌ ᠰᠠᠢᠨ ᠡᠷ᠎ᠡ ᠪᠣᠯᠬᠣᠷ ᠠᠭᠤᠴᠢᠯᠠᠵᠤ ᠤᠷᠭᠢᠶ᠎ᠠ! ᠬᠠᠷ᠎ᠠ ᠭᠡᠷ ᠡᠴᠡ ᠨᠢ ᠰᠤᠯᠠᠯᠠᠵᠤ᠂ ᠶᠠᠯ᠎ᠠ ᠨᠥᠮᠥᠷᠭᠡᠨ ᠠᠳᠤᠭᠤᠨ ᠳ᠋ᠤ᠌ ᠪᠣᠭᠣᠯᠴᠢᠯᠠᠵᠤ ᠪᠠᠢ! ᠭᠡᠪᠡ᠃
— ᠠᠳᠤᠭᠤ ᠬᠠᠷᠠᠭᠰᠠᠨ ᠬᠥᠮᠦᠨ ᠶᠦᠮ ᠳᠡ᠂ ᠭᠡᠨᠡᠳᠲᠡ ᠬᠥᠯ ᠣᠷᠭᠣᠴᠢᠬᠠᠪᠠᠯ ᠁
— ᠡᠦᠲᠦ ᠲᠡᠭᠦᠨ ᠳ᠋ᠦ᠍ ᠲᠡᠢᠮᠦ ᠵᠣᠷᠢᠭ ᠪᠠᠢᠬᠤ ᠦᠭᠡᠢ ᠠ᠋ ! ᠦᠭᠡᠢ᠂ ᠲᠡᠭᠡᠬᠦ ᠳ᠋ᠦ᠍ ᠲᠠ ᠨᠠᠷ ᠦᠬᠦᠭᠰᠡᠨ ᠪᠠᠯᠢᠩ ᠤᠤ? ᠭᠡᠵᠦ ᠬᠦᠩ ᠨᠣᠶᠠᠨ ᠤᠴᠠᠭᠠᠷᠳᠠᠭᠰᠠᠨ ᠳ᠋ᠤ᠌ ᠷᠠᠰᠢ ᠵᠠᠬᠢᠷᠤᠭᠴᠢ᠄
— ᠵᠠ᠂ ᠮᠡᠳᠡᠯ᠎ᠡ᠃ ᠥᠨᠥᠬᠢ ᠨᠣᠮᠢᠨ ᠭᠠᠯᠵᠠᠭᠤ ᠰᠣᠯᠢᠶ᠎ᠠ ᠣᠷᠣᠵᠤ ᠬᠤᠪᠴᠠᠰᠤ ᠬᠤᠨᠠᠷ ᠢ᠋ᠶ᠋ᠠᠨ ᠴᠤ᠌ ᠡᠮᠦᠰᠬᠦ ᠦᠭᠡᠢ ᠱᠠᠯᠳᠠᠩ ᠨᠢᠴᠦᠭᠦᠨ ᠁ ᠭᠡᠪᠡᠯ᠂ ᠨᠣᠶᠠᠨᠲᠠᠨ᠄
— ᠵᠠ᠂ ᠵᠠ᠂ ᠶᠠᠮᠠᠷ ᠪᠣᠢ? ᠨᠣᠶᠠᠨ ᠰᠠᠩ ᠴᠤ᠌ ᠪᠤᠵᠠᠷᠲᠤᠴᠢᠬᠠᠵᠠᠢ ᠠ᠋ ! ᠦᠭᠡᠢ᠂ ᠴᠡᠴᠡᠭ ᠬᠠᠲᠤᠨ ᠤ᠋ ᠰᠦᠨᠡᠰᠦ ᠶ᠋ᠢ ᠭᠠᠯ ᠢ᠋ᠶ᠋ᠠᠷ ᠳᠡᠭᠳᠡᠭᠡᠴᠢᠬᠡᠭᠰᠡᠨ ᠪᠢᠰᠢ ᠪᠢᠯᠡ ᠤᠤ⁈ ᠪᠠᠭ᠎ᠠ ᠬᠠᠲᠤᠨ ᠤ᠋ ᠪᠠᠷ᠎ᠠ ᠴᠤ᠌ ᠠᠯᠠᠭ᠎ᠠ᠃ ᠦᠭᠡᠢ ᠠ᠋᠂ ᠶᠡᠷᠦ ᠨᠢ ᠬᠠᠮᠢᠭ᠎ᠠ ᠶᠠᠪᠤᠴᠢᠬᠠᠪᠠ? ᠵᠢᠯᠢᠢᠭᠴᠢ ᠴᠡᠴᠡᠭ ᠬᠠᠲᠤᠨ ᠤ᠋ ᠰᠦᠨᠡᠰᠦ ᠯᠡ ᠡᠷᠭᠢᠨ ᠪᠤᠴᠠᠨ ᠣᠷᠣᠩᠨᠠᠭᠠᠳ ᠥᠨᠥᠬᠢ ᠢᠨᠵᠢ ᠬᠡᠦᠬᠡᠨ ᠨᠣᠮᠢᠨ ᠢ᠋ᠶ᠋ᠠᠨ ᠠᠪᠠᠴᠢᠬᠤ ᠰᠠᠨᠠᠭᠠᠲᠠᠢ ᠪᠠᠢᠵᠤ ᠶᠠᠳᠠᠬᠤ ᠦᠭᠡᠢ ᠁ ᠭᠡᠵᠦ ᠡᠬᠢ ᠠᠳᠠᠭ ᠨᠢ ᠣᠯᠳᠠᠬᠤ ᠦᠭᠡᠢ ᠶᠠᠭᠤᠮ᠎ᠠ ᠶᠠᠷᠢᠭᠰᠠᠨ ᠳ᠋ᠤ᠌ ᠷᠠᠰᠢ ᠵᠠᠬᠢᠷᠤᠭᠴᠢ ᠶᠠᠭᠤ ᠴᠤ᠌ ᠳᠤᠤᠭᠠᠷᠴᠤ ᠴᠢᠳᠠᠬᠤ ᠦᠭᠡᠢ ᠬᠦᠩ ᠨᠣᠶᠠᠨ ᠤ᠋ ᠰᠦᠨᠡᠰᠦ ᠪᠡᠨ ᠠᠯᠳᠠᠭᠰᠠᠨ ᠰᠢᠭ᠋ ᠴᠣᠩᠬᠢᠢᠭᠰᠠᠨ ᠴᠢᠷᠠᠢ ᠶ᠋ᠢ ᠤᠳᠠᠲᠠᠯ᠎ᠠ ᠰᠢᠷᠲᠡᠨ᠎ᠡ᠃
《 ᠭᠠᠯᠵᠠᠭᠤ ᠰᠣᠯᠢᠶ᠎ᠠ ᠲᠠᠢ ᠪᠣᠯᠤᠭᠰᠠᠨ ᠨᠣᠮᠢᠨ ᠢ᠋ ᠨᠢᠳᠦᠨ ᠦ᠌ ᠳᠠᠯᠳᠠ ᠠᠪᠠᠴᠢᠵᠤ ᠬᠠᠶᠠ! 》 ᠭᠡᠰᠡᠨ ᠨᠣᠶᠠᠨ ᠤ᠋ ᠵᠠᠷᠯᠢᠭ ᠢ᠋ᠶ᠋ᠠᠷ ᠬᠠᠲᠤᠨ ᠤ᠋ ᠲᠡᠷᠲᠡᠭᠡ ᠵᠡᠯᠢᠭᠦᠳ ᠡᠯᠡᠰᠦᠨ ᠴᠦᠯ ᠳ᠋ᠦ᠍ ᠠᠪᠠᠴᠢᠵᠤ ᠣᠷᠬᠢᠭᠰᠠᠨ ᠪᠣᠯᠪᠠᠴᠤ ᠡᠷᠭᠢᠭᠡᠳ ᠨᠣᠶᠠᠨ ᠰᠠᠩ ᠤ᠋ᠨ ᠪᠠᠭᠤᠷᠢ ᠳ᠋ᠤ᠌ ᠢᠷᠡᠴᠢᠬᠡᠭᠰᠡᠨ ᠪᠠᠢᠳᠠᠭ᠃
ᠡᠢᠮᠦ ᠨᠢᠭᠡ ᠱᠠᠯᠳᠠᠩ ᠨᠢᠴᠦᠭᠦᠨ᠂ ᠭᠠᠯᠵᠠᠭᠤ ᠰᠣᠯᠢᠶ᠎ᠠ ᠲᠠᠢ ᠬᠥᠮᠦᠨ ᠬᠠᠶᠠ ᠠᠳᠠ᠂ ᠬᠠᠶᠠ ᠲᠡᠨᠳᠡ ᠬᠠᠷᠠᠭᠳᠠᠵᠤ᠂ ᠤᠲᠤᠭ᠎ᠠ ᠵᠢᠩᠰᠡ ᠲᠡᠢ ᠨᠣᠶᠠᠨ ᠬᠥᠮᠦᠨ ᠲᠡᠢ ᠬᠠᠷᠭᠤᠪᠠᠯ 《ᠮᠠᠢ᠂ ᠶᠤᠸᠠᠮᠪᠤᠤ ᠠᠪᠤᠨ᠎ᠠ ᠤᠤ ? 》 ᠭᠡᠳ ᠰᠠᠭᠠᠷᠢᠲᠤᠭᠰᠠᠨ ᠬᠣᠶᠠᠷ ᠬᠥᠬᠥᠨ ᠢ᠋ᠶ᠋ᠡᠨ ᠲᠡᠭᠦᠨ ᠵᠦᠭ ᠥᠭᠴᠦ ᠢᠨᠢᠶᠡᠵᠦ ᠪᠠᠢᠭᠰᠠᠨ ᠢ᠋ᠶ᠋ᠠᠨ ᠭᠡᠨᠡᠳᠲᠡ ᠱᠣᠭᠰᠢᠷᠠᠲᠠᠯ᠎ᠠ ᠤᠬᠢᠯᠠᠴᠢᠬᠠᠳᠠᠭ ᠭᠡᠵᠦ ᠬᠥᠮᠦᠰ ᠬᠡᠯᠡᠯᠴᠡᠳᠡᠭ ᠪᠢᠯᠡ᠃
– – – –
① ᠬᠠᠯᠲᠤᠰᠬᠢᠬᠦ
