ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠬᠣᠶᠠᠳᠤᠭᠠᠷ ᠪᠦᠯᠦᠭ <ᠬᠣᠶᠠᠷ> Хан мунын сүүрс < дээд > – Мөнх зохиоов ᠂ Дэд бодь – Хоёрдугаар бүлэг <2>
ᠳᠡᠳ᠋ ᠪᠣᠲᠢ – ᠬᠣᠶᠠᠳᠤᠭᠠᠷ ᠪᠦᠯᠦᠭ <ᠬᠣᠶᠠᠷ>
ᠴᠡᠭᠡᠯ ᠦ᠋ᠨ ᠵᠢᠭᠠᠰᠤ ᠶ᠋ᠢ ᠭᠥᠬᠢ ᠪᠡᠷ᠂ ᠴᠡᠭᠡᠵᠢᠨ ᠦ᠌ ᠦᠭᠡ ᠶ᠋ᠢ ᠠᠷᠢᠬᠢ ᠪᠠᠷ ᠭᠡᠳᠡᠭ ᠢ᠋ᠶ᠋ᠡᠷ ᠬᠦᠩ ᠨᠣᠶᠠᠨ ᠦᠨᠡᠨ ᠰᠠᠨᠠᠭ᠎ᠠ ᠪᠠᠨ ᠰᠣᠭᠲᠣᠭᠤ ᠪᠠᠷ ᠢᠯᠡᠷᠡᠭᠦᠯᠵᠦ ᠴᠡᠴᠡᠭ ᠬᠠᠲᠤᠨ ᠢ᠋ ᠭᠤᠲᠤᠭᠠᠨ ᠬᠠᠷᠢᠶᠠᠭᠰᠠᠨ ᠳ᠋ᠤ᠌ ᠴᠡᠴᠡᠭ ᠬᠠᠲᠤᠨ ᠭᠣᠮᠣᠷᠬᠠᠨ ᠢᠴᠢᠵᠦ ᠨᠢᠳᠦ ᠪᠡᠨ ᠬᠠᠪᠤᠳᠲᠠᠯ᠎ᠠ ᠤᠬᠢᠯᠠᠵᠠᠢ᠃ ᠬᠡᠴᠢᠨᠡᠭᠡᠨ ᠤᠳᠠᠭᠠᠨ ᠱᠣᠭᠰᠢᠷᠠᠲᠠᠯ᠎ᠠ ᠤᠬᠢᠯᠠᠭᠰᠠᠨ ᠴᠤ᠌ ᠨᠡᠪᠰᠢᠷᠡᠲᠡᠯ᠎ᠡ ᠰᠣᠭᠲᠣᠭᠰᠠᠨ ᠬᠦᠩ ᠨᠣᠶᠠᠨ ᠢ᠋ ᠰᠣᠭᠲᠣᠭᠤ ᠶ᠋ᠢᠨ ᠨᠣᠢᠷ ᠠ᠋ᠴᠠ ᠨᠢ ᠤᠶᠠᠷᠠᠭᠠᠨ ᠰᠡᠷᠡᠭᠡᠵᠦ ᠴᠢᠳᠠᠭᠰᠠᠨ ᠦᠭᠡᠢ᠃ ᠡᠭᠦᠨ ᠳ᠋ᠦ᠍ ᠭᠠᠭᠴᠠ ᠲᠡᠭᠦᠨ ᠦ᠌ ᠵᠠᠬ᠎ᠠ ᠳ᠋ᠤ᠌ ᠰᠡᠭᠦᠳᠡᠷ ᠰᠢᠭ ᠳᠠᠭᠠᠵᠤ ᠢᠷᠡᠭᠰᠡᠨ ᠢᠨᠵᠢ ᠬᠡᠦᠬᠡᠨ ᠨᠣᠮᠢᠨ ᠯᠠ ᠠᠷᠭ᠎ᠠ ᠠᠭᠠᠰᠢ ᠪᠠᠨ ᠪᠠᠷᠠᠲᠠᠯ᠎ᠠ ᠴᠡᠴᠡᠭ ᠬᠠᠲᠤᠨ ᠢ᠋ ᠠᠷᠭᠠᠳᠠᠨ ᠰᠤᠪᠢᠯᠠᠵᠤ ᠨᠣᠢᠷ ᠢ᠋ᠶ᠋ᠠᠨ ᠬᠣᠷᠣᠭᠠᠭᠰᠠᠨ ᠠ᠋ᠴᠠ ᠡᠯᠢᠭᠡᠰᠡᠵᠦ ᠡᠨᠡᠷᠢᠭᠰᠡᠨ ᠬᠥᠮᠦᠨ ᠠᠯᠠᠭ᠎ᠠ᠃
ᠴᠡᠴᠡᠭ ᠬᠠᠲᠤᠨ ᠵᠣᠷᠢᠭ ᠢ᠋ᠶ᠋ᠠᠨ ᠪᠠᠷᠢᠵᠤ ᠨᠢᠯᠪᠤᠰᠤ ᠪᠠᠨ ᠠᠷᠴᠢᠪᠠ᠃
— ᠨᠣᠮᠢᠨ ᠠ᠋᠂ ᠴᠢ ᠶᠠᠪᠤᠵᠤ ᠵᠢᠭᠠᠬᠠᠨ ᠤᠰᠤ ᠪᠤᠴᠠᠯᠭᠠ᠂ ᠪᠢ ᠨᠢᠭᠤᠷ ᠭᠠᠷ ᠢ᠋ᠶ᠋ᠠᠨ ᠤᠬᠢᠶᠠᠶ᠎ᠠ!
— ᠵᠠ᠂ ᠣᠳᠣᠬᠠᠨ! ᠭᠡᠳ ᠨᠣᠮᠢᠨ ᠭᠠᠷᠬᠤ ᠳ᠋ᠠᠭᠠᠨ《ᠬᠠᠲᠤᠨ ᠮᠢᠨᠢ᠂ ᠲᠠ ᠣᠳᠣ ᠵᠢᠭᠠᠬᠠᠨ ᠬᠠᠵᠠᠭᠤᠯᠠᠵᠤ ᠠᠮᠠᠷᠠᠬᠤ ᠶᠤᠮ ᠪᠢᠰᠢ ᠤᠤ⁈ ᠪᠡᠶ᠎ᠡ ᠬᠦᠨᠳᠦ ᠬᠥᠮᠦᠨ ᠰᠢᠦ ᠳᠡ! ᠨᠣᠢᠷ ᠦᠭᠡᠢ ᠪᠡᠶ᠎ᠡ ᠰᠡᠳᠬᠢᠯ ᠢ᠋ᠶ᠋ᠡᠨ ᠵᠣᠪᠠᠭᠠᠵᠤ ᠤᠷᠲᠤ ᠰᠥᠨᠢ ᠶ᠋ᠢ ᠡᠯᠡᠭᠡᠬᠦ ᠭᠡᠭᠴᠢ ᠪᠡᠶ᠎ᠡ ᠪᠠᠯᠠᠷᠠᠨ᠎ᠠ ᠰᠢᠦ! ᠬᠡᠪᠡᠯᠢ ᠳᠣᠲᠣᠷᠠᠬᠢ ᠨᠢᠯᠬ᠎ᠠ ᠴᠢᠨᠢ᠁》 ᠭᠡᠵᠦ ᠬᠠᠲᠤᠨ ᠢ᠋ ᠢᠳᠬᠠᠬᠤ ᠦᠭᠡ ᠪᠠᠪ ᠪᠡᠯᠡᠨ ᠪᠠᠢᠭᠰᠠᠨ ᠴᠤ᠌ ᠭᠤᠨᠢᠭ ᠵᠣᠪᠠᠭᠤᠷᠢᠲᠠᠢ ᠴᠡᠴᠡᠭ ᠬᠠᠲᠤᠨ ᠤ᠋ ᠡᠮᠦᠨ᠎ᠡ ᠡᠴᠡ ᠬᠣᠰᠢᠭᠤ ᠬᠠᠭᠠᠷᠠᠵᠤ ᠴᠢᠳᠠᠬᠤ ᠦᠭᠡᠢ ᠪᠠᠢᠯ᠎ᠠ᠃
ᠵᠢᠰᠦ ᠳᠤᠯᠢᠳᠠᠮᠠ ᠭᠢᠯᠲᠠᠭᠠᠨᠠᠲᠠᠯᠠ ᠭᠠᠤᠯᠢᠨ ᠭᠠᠳᠤᠷ᠎ᠠ ᠳᠣᠲᠣᠷ᠎ᠠ ᠠᠭᠤᠷ ᠪᠠᠭᠠᠭᠢᠭᠰᠠᠨ ᠤᠰᠤ ᠠᠪᠴᠢᠷᠠᠭᠰᠠᠨ ᠳ᠋ᠤ᠌ ᠴᠡᠴᠡᠭ ᠬᠠᠲᠤᠨ ᠠᠯᠴᠢᠭᠤᠷ ᠨᠤᠷᠠᠭᠠᠵᠤ ᠬᠠᠪᠤᠩᠲᠤᠭᠰᠠᠨ ᠨᠢᠳᠦ ᠪᠡᠨ ᠠᠭᠤᠷᠳᠤᠭᠤᠯᠤᠨ ᠵᠢᠩᠨᠡᠵᠦ᠂ ᠨᠢᠭᠤᠷ ᠭᠠᠷ ᠢ᠋ᠶ᠋ᠠᠨ ᠤᠬᠢᠶᠠᠪᠠ᠃
ᠴᠢᠮᠡᠭᠯᠡᠯ ᠦ᠋ᠨ ᠬᠣᠷᠭᠣᠨ ᠤ᠋ ᠪᠠᠨ ᠡᠮᠦᠨ᠎ᠡ ᠣᠴᠢᠵᠤ ᠴᠣᠮᠴᠣᠢᠨ ᠰᠠᠭᠤᠭᠠᠳ ᠴᠡᠴᠡᠭ ᠬᠠᠲᠤᠨ ᠲᠣᠯᠢᠨ ᠳ᠋ᠤ᠌ ᠵᠢᠰᠦ ᠪᠡᠨ ᠲᠣᠯᠢᠳᠠᠬᠤᠯᠠ ᠨᠢᠳᠦᠨ ᠦ᠌ ᠬᠢᠨᠢ ᠤᠰᠤᠨ ᠬᠠᠪᠤᠩ ᠰᠠᠨᠠᠭᠠᠨ ᠳ᠋ᠤ᠌ ᠬᠦᠷᠦᠮ᠎ᠡ ᠪᠠᠭᠤᠭᠰᠠᠨ ᠦᠭᠡᠢ ᠪᠠᠢᠯ᠎ᠠ᠃ ᠲᠡᠭᠡᠭᠡᠳ ᠬᠣᠷᠭᠣᠨ ᠤ᠋ ᠵᠢᠵᠢᠭ ᠨᠢᠳᠦᠨ ᠡᠴᠡ ᠮᠣᠳᠣᠨ ᠰᠠᠮ ᠭᠠᠷᠭᠠᠵᠤ ᠨᠣᠮᠢᠨ ᠳ᠋ᠤ᠌ ᠥᠭᠭᠦᠨ᠄
— ᠮᠠᠢ᠂ ᠮᠢᠨᠦ ᠦᠰᠦ ᠭᠡᠵᠢᠭᠡ ᠶ᠋ᠢ ᠰᠠᠢᠨ ᠰᠠᠮᠨᠠᠭᠠᠳ ᠠᠯᠢ! ᠭᠡᠪᠡ᠃
— ᠵᠠ!᠁ ᠬᠠᠲᠤᠨ ᠠ᠋! ᠰᠥᠨᠢ ᠬᠠᠷᠠᠩᠭᠤᠢ ᠳ᠋ᠤ᠌᠂ ᠲᠣᠯᠢᠨ ᠳ᠋ᠤ᠌ ᠵᠢᠰᠦ ᠪᠡᠨ ᠲᠣᠯᠢᠳᠠᠵᠤ᠂ ᠦᠰᠦ ᠭᠡᠵᠢᠭᠡ ᠪᠡᠨ᠁ ᠭᠡᠵᠦ ᠠᠶᠤᠨ ᠰᠣᠴᠢᠨ ᠬᠡᠯᠡᠬᠦ ᠳ᠋ᠦ᠍ ᠴᠡᠴᠡᠭ ᠬᠠᠲᠤᠨ ᠲᠡᠭᠦᠨ ᠦ᠌ ᠶᠠᠭᠤ ᠬᠡᠯᠡᠬᠦ ᠭᠡᠰᠡᠨ ᠰᠠᠨᠠᠭ᠎ᠠ ᠶ᠋ᠢ ᠮᠡᠳᠡᠵᠦ ᠲᠠᠰᠤᠯᠵᠤ᠄
— ᠬᠠᠮᠢᠶ᠎ᠠ ᠦᠭᠡᠢ ᠠ᠋! ᠭᠡᠵᠦ ᠣᠭᠵᠣᠮ ᠰᠢᠷᠦᠭᠦᠨ ᠳᠤᠤᠭᠠᠷᠪᠠ᠃
ᠨᠣᠮᠣᠢ ᠵᠠᠩ ᠲᠠᠢ ᠨᠣᠮᠢᠨ ᠬᠡᠦᠬᠡᠨ ᠴᠡᠴᠡᠭ ᠬᠠᠲᠤᠨ ᠤ᠋ ᠡᠮᠦᠨ᠎ᠡ ᠡᠴᠡ ᠶᠠᠭᠤ ᠴᠤ᠌ ᠳᠤᠤᠭᠠᠷᠴᠤ ᠦᠯᠦ ᠴᠢᠳᠠᠨ《ᠲᠣᠯᠢᠨ ᠳ᠋ᠤᠨᠢ ᠴᠢᠳᠬᠥᠷ ᠬᠠᠷᠠᠭᠳᠠᠭᠤᠵᠠᠢ᠂ ᠴᠢᠳᠬᠥᠷ ᠲᠡᠭᠦᠨ ᠦ᠌ ᠭᠠᠷ ᠠ᠋ᠴᠠ ᠰᠠᠮ ᠢ᠋ ᠨᠢ ᠪᠤᠯᠢᠶᠠᠵᠤ ᠠᠪᠳᠠᠭ ᠴᠤ᠌ ᠪᠢᠯᠡ ᠤᠤ》 ᠭᠡᠵᠦ ᠮᠠᠭᠤ ᠮᠠᠭᠤᠬᠠᠢ ᠶᠠᠭᠤᠮ᠎ᠠ ᠰᠦᠪᠡᠯᠡᠨ ᠪᠣᠳᠣᠵᠤ ᠴᠡᠴᠡᠭ ᠬᠠᠲᠤᠨ ᠤ᠋ ᠭᠡᠨᠡᠳᠲᠡ ᠶ᠋ᠢᠨ ᠠᠳᠠᠢᠷ ᠵᠠᠩ ᠭᠠᠷᠭᠠᠭᠰᠠᠨ ᠳ᠋ᠤ᠌ ᠮᠠᠭᠤ ᠰᠤᠪᠢᠨ ᠲᠥᠷᠥᠭᠳᠡᠵᠦ ᠠᠷᠭ᠎ᠠ ᠪᠤᠰᠤ ᠡᠵᠡᠨ ᠬᠥᠮᠦᠨ ᠦ᠌ ᠪᠡᠨ ᠡᠮᠦᠨ᠎ᠡ ᠡᠴᠡ ᠶᠠᠭᠠᠬᠢᠵᠤ ᠴᠤ᠌ ᠪᠣᠯᠬᠤ ᠦᠭᠡᠢ ᠪᠣᠭᠣᠭᠳᠠᠵᠤ ᠭᠠᠷ ᠨᠢ ᠰᠠᠮ ᠢ᠋ᠶ᠋ᠠᠨ ᠠᠯᠳᠠᠮᠠᠷ ᠰᠠᠯᠭᠠᠨᠠᠨ ᠴᠡᠴᠡᠷᠡᠵᠦ ᠦᠰᠦ ᠭᠡᠵᠢᠭᠡ ᠶ᠋ᠢ ᠨᠢ ᠱᠦᠭᠦᠷᠳᠡᠨ᠎ᠡ᠃
ᠴᠡᠴᠡᠭ ᠬᠠᠲᠤᠨ ᠦᠰᠦ ᠭᠡᠵᠢᠭᠡ ᠪᠡᠨ ᠴᠢᠮᠪᠠᠢᠲᠠᠯᠠ ᠰᠠᠮᠨᠠᠵᠤ᠂ ᠤᠷᠤᠭᠤᠯ ᠢ᠋ᠶ᠋ᠠᠨ ᠭᠣᠣᠳᠠᠵᠤ᠂ ᠬᠥᠮᠥᠰᠬᠡ ᠪᠡᠨ ᠴᠤ᠌ ᠵᠢᠷᠲᠠᠢᠲᠠᠯᠠ ᠵᠢᠷᠤᠨ ᠭᠣᠶᠣᠯᠠᠭᠰᠠᠨ ᠳ᠋ᠤ᠌ ᠤᠯᠠᠮ ᠴᠤ᠌ ᠴᠡᠪᠡᠷᠬᠡᠨ ᠭᠤᠸ᠎ᠠ ᠪᠣᠯᠤᠭᠰᠠᠨ ᠰᠢᠭ᠋ ᠬᠠᠷᠠᠭᠳᠠᠪᠠ᠃
— ᠨᠣᠮᠢᠨ ᠠ᠋! ᠮᠢᠨᠦ ᠳᠡᠭᠦᠦ ᠨᠠᠭᠠᠰᠢ ᠢᠷ᠎ᠡ!
— ᠵᠠ! ᠭᠡᠳ ᠨᠣᠮᠢᠨ ᠴᠡᠴᠡᠭ ᠬᠠᠲᠤᠨ ᠤ᠋ ᠳᠡᠷᠭᠡᠳᠡ ᠱᠠᠯᠠᠪ ᠣᠴᠢᠨ ᠬᠢᠴᠢᠶᠡᠩᠭᠦᠢ ᠵᠣᠭᠰᠣᠵᠤ《ᠣᠳᠣ ᠪᠠᠰᠠ ᠶᠠᠭᠤ ᠶᠠᠭᠠᠬᠢᠶ᠎ᠠ ᠭᠡᠳᠡᠭ ᠪᠢᠯᠡ》 ᠭᠡᠵᠦ ᠬᠦᠯᠢᠶᠡᠪᠡ᠃
ᠴᠡᠴᠡᠭ ᠬᠠᠲᠤᠨ ᠲᠡᠭᠦᠨ ᠳ᠋ᠦ᠍ ᠲᠠᠪᠢᠨ ᠯᠠᠩ ᠤ᠋ᠨ ᠢᠬᠡᠷ᠎ᠡ ᠶᠤᠸᠠᠮᠪᠤᠤ ᠭᠠᠷᠳᠠᠭᠤᠯᠵᠤ᠄
— ᠵᠠ᠂ ᠴᠢ ᠨᠠᠮᠠᠶ᠋ᠢ ᠣᠯᠠᠨ ᠵᠢᠯ ᠰᠡᠭᠦᠳᠡᠷ ᠰᠢᠭ ᠳᠠᠭᠠᠵᠤ ᠰᠡᠪ ᠦᠭᠡᠢ ᠰᠠᠢᠬᠠᠨ ᠠᠰᠠᠷᠠᠵᠤ ᠶᠠᠪᠤᠯ᠎ᠠ᠃ ᠡᠨᠡ ᠪᠣᠯ ᠡᠭᠡᠴᠢ ᠶ᠋ᠢᠨ ᠴᠢᠨᠢ ᠥᠴᠦᠬᠡᠨ ᠰᠡᠳᠬᠢᠯ! ᠭᠡᠵᠦ ᠬᠡᠯᠡᠬᠦ ᠳ᠋ᠦ᠍ ᠨᠢᠳᠦ ᠳᠦᠭᠦᠷᠡᠩ ᠨᠢᠯᠪᠤᠰᠤ ᠵᠠᠢᠷᠯᠠᠵᠤ᠂ ᠬᠣᠭᠣᠯᠠᠢ ᠨᠢ ᠡᠷᠢᠶᠡᠨᠲᠦᠵᠦ ᠪᠠᠢᠯ᠎ᠠ ᠁
ᠡᠬᠡ ᠡᠴᠡ ᠪᠡᠨ ᠲᠥᠷᠥᠭᠰᠡᠨ ᠡᠴᠡ ᠡᠳᠦᠢ ᠶᠡᠬᠡ ᠪᠣᠯᠲᠠᠯ᠎ᠠ ᠪᠠᠨ ᠡᠢᠮᠦ ᠶᠡᠬᠡ ᠬᠦᠨᠳᠦ ᠪᠡᠯᠡᠭ ᠭᠠᠷᠳᠠᠵᠤ ᠦᠵᠡᠭᠡ ᠦᠭᠡᠢ᠂ ᠵᠥᠪᠬᠡᠨ ᠨᠣᠶᠠᠳ ᠬᠠᠲᠤᠳ ᠤ᠋ᠨ ᠭᠠᠷ ᠳᠠᠮᠵᠢᠭᠰᠠᠨ ᠠᠯᠲᠠ ᠮᠥᠩᠭᠥᠨ ᠶᠤᠸᠠᠮᠪᠤᠤ ᠶ᠋ᠢᠨ ᠪᠠᠷ᠎ᠠ ᠶ᠋ᠢ ᠬᠣᠯᠠ ᠠ᠋ᠴᠠ ᠬᠠᠷᠠᠵᠤ ᠨᠢᠳᠦ ᠬᠤᠵᠢᠷᠯᠠᠵᠤ ᠪᠠᠢᠭᠰᠠᠨ ᠪᠣᠯᠪᠠᠴᠤ ᠮᠥᠩᠭᠥᠨ ᠦ᠌ ᠬᠣᠢᠨ᠎ᠠ ᠠ᠋ᠴᠠ ᠬᠣᠮᠣᠬᠠᠢ ᠰᠠᠨᠠᠭ᠎ᠠ ᠬᠦᠷᠦᠭᠡ ᠦᠭᠡᠢ ᠳ᠋ᠡᠭᠡᠨ ᠰᠡᠳᠬᠢᠯ ᠨᠢ ᠪᠠᠯᠠᠳᠠᠨ ᠰᠠᠨᠳᠤᠷᠴᠤ ᠭᠠᠷ ᠳᠠᠬᠢ ᠶᠤᠸᠠᠮᠪᠤᠤ ᠨᠢ ᠳᠠᠭᠠᠭᠠᠭᠳᠠᠰᠢ ᠦᠭᠡᠢ ᠬᠦᠨᠳᠦ ᠨᠦᠰᠡᠷ ᠶᠠᠭᠤᠮ᠎ᠠ ᠪᠣᠯᠵᠤ ᠬᠣᠶᠠᠷ ᠭᠠᠷ ᠨᠢ ᠮᠢᠨᠴᠦᠭᠦᠷᠡᠨ ᠪᠠᠳᠠᠢᠷᠠᠬᠤ ᠰᠢᠭ᠋ ᠪᠣᠯᠪᠠ᠃ ᠡᠮᠵᠡᠭᠬᠡᠨ ᠰᠡᠳᠬᠢᠯ ᠢ᠋ ᠨᠢ ᠬᠥᠨᠳᠡᠭᠰᠡᠨ ᠴᠡᠴᠡᠭ ᠬᠠᠲᠤᠨ ᠤ᠋ ᠡᠨᠡ ᠬᠦᠨᠳᠦ ᠪᠡᠯᠡᠭ ᠢ᠋ ᠶᠠᠭᠠᠬᠢᠵᠤ ᠲᠣᠰᠴᠤ ᠪᠣᠯᠬᠤ ᠪᠢᠯᠡ⁈ ᠬᠠᠲᠤᠨ ᠶᠠᠭᠠᠬᠢᠬᠤ ᠪᠠᠷ ᠢ᠋ᠶ᠋ᠠᠨ ᠨᠠᠳᠠ ᠡᠢᠮᠦ ᠬᠦᠨᠳᠦ ᠪᠡᠯᠡᠭ ᠥᠭᠴᠦ ᠪᠠᠢᠨ᠎ᠠ? ᠪᠢ ᠡᠭᠦᠨ ᠢ᠋ ᠶᠠᠭᠠᠬᠢᠵᠤ ᠠᠪᠤᠭᠠᠳ ᠬᠠᠮᠢᠭ᠎ᠠ ᠪᠠᠨ ᠲᠠᠯᠪᠢᠬᠤ᠁ ᠦᠭᠡᠢ ᠠ᠋᠂ ᠪᠢ ᠡᠴᠢᠨᠡᠭᠡᠨ ᠮᠥᠩᠭᠥ ᠶ᠋ᠢ ᠵᠠᠷᠤᠵᠤ ᠴᠤ᠌ ᠴᠢᠳᠠᠬᠤ ᠦᠭᠡᠢ! ᠪᠤᠷᠬᠠᠨ ᠮᠢᠨᠢ ᠠ᠋! ᠭᠡᠵᠦ ᠨᠣᠮᠢᠨ ᠬᠡᠦᠬᠡᠨ ᠳᠣᠲᠣᠷ᠎ᠠ ᠪᠠᠨ ᠵᠠᠯᠪᠠᠷᠢᠨ᠄
— ᠡᠷᠭᠢᠨ ᠬᠠᠲᠤᠨ ᠠ᠋! ᠪᠢ ᠲᠠᠨ ᠢ᠋ ᠭᠤᠶᠤᠶ᠎ᠠ᠃ ᠲᠠ ᠶᠠᠭᠠᠬᠢᠵᠤ ᠪᠠᠢᠭ᠎ᠠ ᠨᠢ ᠡᠨᠡ ᠪᠣᠢ? ᠪᠢ ᠡᠨᠡ ᠮᠥᠩᠭᠥ ᠶ᠋ᠢ ᠠᠪᠬᠤ ᠦᠭᠡᠢ ᠠ᠋᠂ ᠲᠠ ᠶᠠᠮᠠᠷ ᠰᠠᠨᠠᠭᠠᠲᠠᠢ ᠪᠠᠨ ᠬᠡᠯᠡᠴᠢᠬᠡᠪᠡᠯ ᠮᠢᠨᠦ ᠳᠣᠲᠣᠷ᠎ᠠ ᠣᠩᠭᠣᠢᠵᠤ ᠠᠭᠤᠵᠢᠷᠠᠨ᠎ᠠ᠃ ᠡᠳᠦᠢᠴᠢᠨᠡᠭᠡᠨ ᠵᠢᠯ ᠪᠢ ᠲᠠᠨ ᠤ᠋ ᠵᠠᠶᠠᠭᠠᠨ ᠳ᠋ᠤ᠌ ᠪᠠᠭᠲᠠᠵᠤ ᠶᠠᠪᠤᠬᠤ ᠳ᠋ᠠᠭᠠᠨ ᠴᠠᠯᠠᠭᠠᠢᠳᠠᠭᠰᠠᠨ ᠵᠦᠢᠯ ᠪᠠᠢᠭ᠎ᠠ᠃ ᠣᠰᠣᠯ ᠴᠠᠯᠠᠭᠠᠢ ᠪᠣᠯᠤᠭᠰᠠᠨ ᠪᠣᠯ ᠶᠠᠭᠠᠬᠢᠵᠤ ᠰᠢᠢᠳᠬᠡᠬᠦ ᠪᠡᠨ ᠥᠪᠡᠷ ᠢ᠋ᠶ᠋ᠡᠨ ᠮᠡᠳᠡᠭᠡᠷᠡᠢ ᠭᠡᠪᠡ᠃
— ᠠᠢ ᠳᠠ᠂ ᠬᠡᠯᠡᠬᠦ ᠶᠠᠭᠤ ᠪᠠᠢᠬᠤ ᠪᠣᠢ᠂ ᠡᠳᠦᠢᠴᠢᠨᠡᠭᠡᠨ ᠵᠢᠯ ᠪᠢ ᠴᠢᠮᠠᠶ᠋ᠢ ᠬᠠᠷᠢᠶᠠᠵᠤ᠂ ᠬᠠᠯᠠ ᠠᠮᠰᠠᠭᠤᠯᠤᠨ ᠬᠠᠷᠭᠢᠰᠯᠠᠬᠤ ᠪᠠᠷ ᠢ᠋ᠶ᠋ᠠᠨ ᠪᠣᠯᠤᠯ᠎ᠠ᠁ ᠠᠷᠠᠢ ᠯᠠ ᠬᠢᠯᠭᠠᠰᠤᠨ ᠳᠡᠭᠡᠭᠦᠷ ᠭᠦᠶᠦᠯᠭᠡᠭᠰᠡᠨ ᠦᠭᠡᠢ ᠡᠴᠡ ᠪᠢᠰᠢ ᠶᠡᠷᠦ ᠬᠠᠢᠷ᠎ᠠ ᠬᠦᠷᠲᠡᠭᠡᠭᠡ ᠦᠭᠡᠢ᠃ ᠪᠢ ᠣᠳᠣ ᠬᠣᠯᠠ ᠶ᠋ᠢᠨ ᠬᠣᠯᠠ ᠪᠠᠢᠭ᠎ᠠ ᠲᠥᠷᠬᠥᠮ ᠳ᠋ᠡᠭᠡᠨ ᠬᠠᠷᠢᠵᠤ ᠰᠠᠨᠠᠭ᠎ᠠ ᠪᠠᠨ ᠠᠮᠠᠷᠠᠭᠠᠨ᠎ᠠ᠃ ᠡᠨᠡᠬᠡᠨ ᠵᠢᠭᠠᠬᠠᠨ ᠪᠠᠷᠢᠴᠠ ᠶ᠋ᠢ ᠴᠢ ᠥᠮᠴᠢᠯᠡᠵᠦ ᠠᠪᠤᠭᠠᠷᠠᠢ! ᠬᠣᠵᠢᠮ ᠠᠮᠢᠳᠤᠷᠠᠯ ᠳ᠋ᠠᠭᠠᠨ ᠨᠡᠮᠡᠷᠢᠯᠡᠵᠦ ᠵᠠᠷᠤ! ᠵᠠ ᠡᠭᠡᠴᠢ ᠶ᠋ᠢᠨ ᠴᠢᠨᠢ ᠥᠴᠦᠬᠡᠨ ᠰᠡᠳᠬᠢᠯ ᠦ᠋ᠨ ᠡᠮᠲᠡᠷᠬᠡᠢ ᠭᠡᠵᠦ ᠮᠡᠳᠡᠭᠡᠷᠡᠢ ᠳᠡᠭᠦᠦ ᠮᠢᠨᠢ᠁ ᠭᠡᠵᠦ ᠴᠡᠴᠡᠭ ᠬᠠᠲᠤᠨ ᠮᠠᠰᠢ ᠬᠢᠨᠠᠭᠤᠷ ᠬᠡᠯᠡᠬᠦ ᠶ᠋ᠢ ᠢᠨᠵᠢ ᠬᠡᠦᠬᠡᠨ ᠨᠣᠮᠢᠨ ᠬᠢᠴᠢᠶᠡᠵᠦ ᠰᠣᠨᠣᠰᠬᠤ ᠳ᠋ᠠᠭᠠᠨ ᠰᠡᠳᠬᠢᠯ ᠨᠢ ᠵᠥᠭᠡᠯᠡᠷᠡᠨ ᠡᠮᠵᠡᠭᠯᠡᠵᠦ᠄
— ᠬᠠᠲᠤᠨ ᠮᠢᠨᠢ᠂ ᠪᠢ ᠲᠠᠨ ᠢ᠋ ᠦᠬᠦᠨ ᠦᠬᠦᠲᠡᠯ᠎ᠡ ᠳᠠᠭᠠᠵᠤ᠂ ᠠᠰᠠᠷᠠᠶ᠎ᠠ! ᠲᠠ ᠨᠠᠮᠠᠶ᠋ᠢ ᠭᠣᠯᠣᠬᠤ ᠦᠭᠡᠢ ᠯᠡ ᠪᠣᠯ ᠬᠠᠮᠢᠭ᠎ᠠ ᠶᠠᠪᠤᠭᠰᠠᠨ ᠴᠤ᠌ ᠨᠠᠮᠠᠶ᠋ᠢ ᠳᠠᠭᠠᠭᠤᠯᠵᠤ ᠶᠠᠪᠤᠭᠠᠷᠠᠢ᠁ ᠭᠡᠳ ᠡᠬᠡᠷ ᠲᠡᠳᠡᠨ ᠤᠬᠢᠯᠠᠪᠠ᠃
ᠴᠡᠴᠡᠭ ᠬᠠᠲᠤᠨ ᠢᠨᠵᠢ ᠬᠡᠦᠬᠡᠨ ᠦ᠌ ᠤᠬᠢᠯᠠᠩᠨᠠᠨ ᠨᠣᠵᠣᠭᠣᠷᠠᠬᠤ ᠶ᠋ᠢ ᠬᠠᠷᠠᠭᠠᠳ ᠦᠷᠦ ᠡᠪᠡᠳᠦᠭᠰᠡᠨ ᠪᠣᠯᠪᠠᠴᠤ ᠰᠡᠳᠬᠢᠯ ᠢ᠋ᠶ᠋ᠡᠨ ᠪᠠᠷᠢᠵᠤ《ᠢᠩᠭᠢᠵᠦ ᠤᠰᠤᠨ ᠨᠢᠳᠦᠯᠡᠭᠡᠳ ᠪᠠᠢᠪᠠᠯ ᠣᠷᠣᠭᠰᠢ ᠦᠭᠡᠢ ᠶᠠᠭᠤᠮ᠎ᠠ ᠪᠣᠯᠵᠤ᠂ ᠵᠠᠮ ᠤ᠋ᠨ ᠲᠡᠭᠡᠭ ᠪᠣᠯᠬᠤ ᠶ᠋ᠢᠨ ᠨᠡᠮᠡᠷᠢ》 ᠭᠡᠵᠦ ᠪᠣᠳᠣᠨ᠄
— ᠨᠣᠮᠢᠨ ᠠ᠋! ᠭᠡᠵᠦ ᠲᠠᠵᠢᠭᠢᠨᠠᠲᠠᠯᠠ ᠴᠢᠩᠭ᠎ᠠ ᠳᠤᠤᠭᠠᠷᠪᠠ᠃ ᠨᠣᠮᠢᠨ ᠰᠠᠨᠳᠤᠷᠴᠤ᠄
— ᠵᠠ! ᠭᠡᠪᠡ᠃
— ᠨᠣᠮᠢᠨ ᠴᠢ ᠪᠢᠲᠡᠭᠡᠢ ᠤᠰᠤᠨ ᠨᠢᠳᠦᠯᠡᠭᠡᠳ ᠪᠠᠢ᠃ ᠤᠰᠤᠨ ᠨᠢᠳᠦᠯᠡᠭᠡᠳ ᠤᠷᠤᠭᠤ ᠴᠢᠷᠠᠢᠯᠠᠳᠠᠭ ᠨᠢ ᠡᠮ᠎ᠡ ᠬᠥᠮᠦᠨ ᠦ᠌ ᠡᠮᠵᠡᠭ ᠲᠠᠯ᠎ᠠ᠃ ᠢᠩᠭᠢᠭᠡᠳ ᠯᠡ ᠪᠠᠢᠳᠠᠭ ᠵᠢᠭᠠᠬᠠᠨ ᠪᠤᠶᠠᠨ ᠢ᠋ᠶ᠋ᠠᠨ ᠪᠦᠷ ᠨᠢᠯᠪᠤᠰᠤ ᠪᠣᠯᠭᠠᠭᠠᠳ ᠪᠥᠮᠪᠥᠷᠢᠭᠦᠯᠴᠢᠬᠡᠨᠡ᠃ ᠶᠠᠮᠠᠷ ᠲᠤᠰᠠ ᠲᠠᠢ ᠪᠣᠢ?
ᠨᠣᠮᠢᠨ᠂ ᠴᠡᠴᠡᠭ ᠬᠠᠲᠤᠨ ᠤ᠋ ᠢᠩᠭᠢᠵᠦ ᠵᠠᠩᠳᠤᠷᠤᠩᠭᠤᠢ ᠬᠡᠯᠡᠭᠰᠡᠨ ᠢ᠋ ᠰᠣᠨᠣᠰᠤᠭᠠᠳ ᠨᠢᠯᠪᠤᠰᠤ ᠪᠠᠨ ᠬᠠᠨᠴᠤᠢ ᠪᠠᠷ ᠢ᠋ᠶ᠋ᠠᠨ ᠵᠦᠯᠭᠦᠵᠦ᠄
— ᠵᠠ᠂ ᠪᠢ ᠮᠡᠳᠡᠯ᠎ᠡ ᠁ ᠭᠡᠪᠡ᠃
— ᠮᠡᠳᠡᠭᠰᠡᠨ ᠪᠣᠯ ᠰᠠᠢᠨ ᠪᠣᠯᠤᠯ᠎ᠠ᠃ ᠡᠭᠡᠴᠢ ᠨᠢ ᠴᠢᠮᠠᠶ᠋ᠢ ᠬᠠᠮᠤᠭ ᠰᠡᠭᠦᠯᠴᠢ ᠶ᠋ᠢᠨ ᠤᠳᠠᠭ᠎ᠠ ᠪᠠᠨ ᠵᠠᠷᠤᠶ᠎ᠠ! ᠪᠣᠯᠤᠨ᠎ᠠ ᠪᠢᠵᠡ?
— ᠪᠣᠯᠤᠨ᠎ᠠ᠂ ᠲᠠ ᠶᠠᠷᠢᠭᠠᠴᠢ ᠳᠠ!
— ᠪᠢ ᠴᠢᠮ᠎ᠠ ᠳ᠋ᠤ᠌ ᠨᠢᠭᠡ ᠶᠠᠪᠤᠳᠠᠯ ᠢ᠋ ᠨᠠᠢᠳᠠᠵᠤ ᠭᠤᠶᠤᠮᠠᠷ ᠪᠠᠢᠨ᠎ᠠ᠃ ᠴᠢ ᠪᠡᠶᠡᠯᠡᠭᠦᠯᠵᠦ ᠴᠢᠳᠠᠨ᠎ᠠ ᠤᠤ?
— ᠴᠢᠳᠠᠯ ᠦᠭᠡᠢ ᠶᠠᠭᠠᠬᠢᠬᠤ ᠪᠣᠢ! ᠪᠢ ᠬᠠᠲᠤᠨ ᠤ᠋ ᠡᠮᠦᠨ᠎ᠡ ᠡᠴᠡ ᠦᠬᠦᠵᠦ ᠴᠤ᠌ ᠴᠢᠳᠠᠨ᠎ᠠ᠃
— ᠵᠠ᠂ ᠲᠡᠭᠡᠪᠡᠯ ᠰᠠᠢᠨ᠃ ᠡᠭᠡᠴᠢ ᠨᠢ ᠣᠳᠣ ᠰᠠᠨᠠᠭ᠎ᠠ ᠠᠮᠠᠷᠠᠯ᠎ᠠ ᠭᠡᠳ ᠢᠳᠠᠮ ᠬᠤᠷᠤᠭᠤᠨ ᠤ᠋ ᠪᠠᠨ ᠠᠯᠲᠠᠨ ᠪᠦᠯᠡᠵᠡᠭ ᠢ᠋ ᠮᠤᠯᠲᠤᠯᠵᠤ᠂ ᠥᠯᠵᠡᠢ ᠵᠠᠩᠭᠢᠶ᠎ᠠ ᠪᠠ ᠤᠳᠪᠠᠯᠠ ᠴᠡᠴᠡᠭ ᠦ᠋ᠨ ᠬᠠᠳᠬᠤᠮᠠᠯ ᠤᠷᠠᠯᠠᠵᠤ ᠣᠶᠣᠭᠰᠠᠨ ᠬᠥᠬᠦᠦᠷ ᠦ᠋ᠨ ᠳᠠᠯᠢᠩ ᠳ᠋ᠤ᠌ ᠲᠣᠷᠭᠠᠨ ᠠᠯᠴᠢᠭᠤᠷ ᠢ᠋ᠶ᠋ᠠᠷ ᠪᠠᠭᠯᠠᠨ ᠬᠢᠵᠦ ᠨᠣᠮᠢᠨ ᠳ᠋ᠤ᠌ ᠥᠭᠬᠦ ᠳ᠋ᠡᠭᠡᠨ᠄
— ᠴᠢ ᠡᠭᠦᠨ ᠢ᠋ ᠪᠡᠶ᠎ᠡ ᠳ᠋ᠡᠭᠡᠨ ᠬᠠᠳᠠᠭᠠᠯᠠᠵᠤ ᠪᠠᠢᠭᠠᠳ ᠡᠷᠲᠡ ᠨᠢᠭᠡ ᠡᠳᠦᠷ ᠮᠠᠨᠴᠤᠷᠭ᠎ᠠ ᠳ᠋ᠤ᠌ ᠪᠡᠶ᠎ᠡ ᠪᠡᠷ ᠢ᠋ᠶ᠋ᠡᠨ ᠭᠠᠷᠳᠠᠭᠤᠯᠤᠭᠠᠷᠠᠢ! ᠬᠡᠨ ᠳ᠋ᠦ᠍ ᠴᠤ᠌ ᠬᠡᠯᠡᠵᠦ ᠪᠣᠯᠬᠤ ᠦᠭᠡᠢ᠃ ᠡᠭᠡᠴᠢ ᠨᠢ ᠴᠢᠮᠠᠶ᠋ᠢ ᠢᠲᠡᠭᠡᠭᠰᠡᠨ ᠳ᠋ᠡᠭᠡᠨ ᠢᠩᠭᠢᠵᠦ ᠪᠠᠢᠭ᠎ᠠ ᠶ᠋ᠢ ᠣᠢᠯᠠᠭᠠᠨ᠎ᠠ ᠪᠢᠵᠡ!
— ᠣᠢᠯᠠᠭᠠᠨ᠎ᠠ᠂ ᠣᠰᠣᠯ ᠦᠭᠡᠢ ᠪᠡᠶᠡᠯᠡᠭᠦᠯᠦᠨ᠎ᠡ᠃ ᠲᠠ ᠰᠠᠨᠠᠭ᠎ᠠ ᠠᠮᠤᠷ ᠪᠠᠢᠭᠠᠷᠠᠢ! ᠭᠡᠵᠦ ᠬᠡᠯᠡᠭᠰᠡᠨ ᠨᠣᠮᠢᠨ ᠴᠡᠴᠡᠭ ᠬᠠᠲᠤᠨ ᠤ᠋ ᠴᠢᠷᠠᠢ ᠥᠭᠡᠳᠡ ᠨᠢᠳᠦ ᠴᠠᠪᠴᠢᠯ ᠦᠭᠡᠢ ᠬᠠᠷᠠᠵᠤ《ᠲᠠ ᠪᠡᠶ᠎ᠡ ᠪᠡᠷ ᠢ᠋ᠶ᠋ᠡᠨ ᠮᠠᠨᠴᠤᠷᠭ᠎ᠠ ᠲᠠᠢ ᠠᠭᠤᠯᠵᠠᠬᠤ ᠦᠭᠡᠢ ᠶᠦᠮ ᠤᠤ? ᠬᠠᠮᠢᠭ᠎ᠠ ᠶᠠᠪᠤᠬᠤ ᠭᠡᠵᠦ ᠪᠠᠢᠭ᠎ᠠ ᠶᠤᠮ?》 ᠭᠡᠵᠦ ᠠᠰᠠᠭᠤᠵᠤ ᠴᠢᠳᠠᠯ ᠦᠭᠡᠢ ᠪᠣᠳᠣᠯ ᠢ᠋ᠶ᠋ᠠᠨ ᠨᠢᠭᠤᠭᠰᠠᠨ ᠢ᠋ ᠴᠡᠴᠡᠭ ᠬᠠᠲᠤᠨ ᠨᠣᠮᠢᠨ ᠤ᠋ ᠪᠠᠯᠠᠳᠠᠭᠰᠠᠨ ᠴᠢᠷᠠᠢ ᠠ᠋ᠴᠠ ᠤᠩᠰᠢᠵᠤ᠄
— ᠮᠠᠨᠴᠤᠷᠭ᠎ᠠ ᠣᠳᠣ ᠨᠡᠷ᠎ᠡ ᠪᠡᠨ ᠪᠤᠷᠤᠭᠤᠯᠠᠵᠤ ᠪᠡᠶ᠎ᠡ ᠪᠡᠨ ᠳᠠᠯᠳᠠᠷᠠᠭᠤᠯᠵᠤ ᠶᠠᠪᠤᠭ᠎ᠠ ᠬᠥᠭᠡᠷᠦᠬᠦᠢ ᠠᠮᠢᠲᠠᠨ ᠪᠣᠯᠤᠭᠰᠠᠨ᠁ ᠬᠢᠴᠢᠶᠡᠬᠦ ᠦᠭᠡᠢ ᠪᠣᠯ ᠬᠡᠨ ᠦ᠌ ᠴᠤ᠌ ᠭᠠᠷ ᠳᠤ ᠦᠬᠦᠬᠦ ᠠᠶᠤᠯ ᠲᠠᠢ᠃ ᠡᠢᠨ ᠬᠦ᠌ ᠬᠣᠵᠢᠮ ᠪᠢ ᠲᠡᠭᠦᠨ ᠲᠡᠢ ᠠᠭᠤᠯᠵᠠᠵᠤ ᠴᠢᠳᠠᠬᠤ ᠦᠭᠡᠢ ᠴᠤ᠌ ᠮᠠᠭᠠᠳ ᠦᠭᠡᠢ᠃ ᠪᠡᠶ᠎ᠡ ᠪᠡᠷ ᠢ᠋ᠶ᠋ᠡᠨ ᠠᠭᠤᠯᠵᠠᠵᠤ ᠴᠢᠳᠠᠪᠠᠯ ᠴᠤ᠌ ᠬᠡᠯᠡᠬᠦ ᠶᠠᠭᠤᠮ᠎ᠠ ᠦᠭᠡᠢ᠃ ᠠᠭᠤᠯᠵᠠᠵᠤ ᠴᠢᠳᠠᠬᠤ ᠦᠭᠡᠢ ᠶ᠋ᠢᠨ ᠮᠠᠭᠤ ᠰᠤᠪᠢᠨ ᠪᠡᠶ᠎ᠡ ᠰᠡᠳᠬᠢᠯ ᠣᠷᠢᠶᠠᠭᠠᠳ ᠭᠣᠷᠢ ᠦᠭᠡᠢ ᠲᠤᠯᠠ ᠮᠢᠨᠦ ᠬᠥᠯᠥᠰᠥᠨ ᠦ᠌ ᠦᠨᠦᠷ ᠰᠢᠩᠭᠡᠭᠰᠡᠨ ᠠᠯᠲᠠᠨ ᠪᠦᠯᠡᠵᠡᠭ ᠢ᠋ᠶ᠋ᠡᠨ ᠴᠢᠮ᠎ᠠ ᠪᠠᠷ ᠥᠭᠭᠦᠭᠦᠯᠬᠦ ᠭᠡᠵᠦ ᠣᠳᠣ ᠨᠠᠢᠳᠠᠯᠠ᠃ ᠮᠢᠨᠦ ᠳᠡᠭᠦᠦ ᠢᠯᠡᠭᠦᠬᠡᠨ ᠪᠣᠯᠭᠣᠮᠵᠢᠯᠠ ᠭᠡᠵᠦ ᠨᠣᠮᠢᠨ ᠬᠡᠦᠬᠡᠨ ᠦ᠌ ᠰᠡᠷᠪᠡᠭᠡᠷ ᠰᠠᠩᠨᠠᠢ ᠶ᠋ᠢ ᠤᠶᠠᠨ ᠨᠠᠷᠢᠨ ᠬᠤᠷᠤᠭᠤ ᠪᠠᠷ ᠢ᠋ᠶ᠋ᠠᠨ ᠢᠷᠡᠵᠦ ᠬᠥᠩᠭᠡᠬᠡᠨ ᠦᠨᠦᠰᠬᠦ ᠳ᠋ᠦ᠍ ᠨᠣᠮᠢᠨ ᠤ᠋ ᠰᠡᠳᠬᠢᠯ ᠤᠶᠠᠷᠠᠨ ᠬᠠᠢᠯᠵᠤ ᠭᠡᠨᠡᠳᠲᠡ ᠰᠥᠭᠥᠳᠴᠦ ᠬᠠᠲᠤᠨ ᠤ᠋ ᠡᠪᠦᠳᠦᠭ ᠢ᠋ ᠲᠡᠪᠡᠷᠢᠨ ᠮᠡᠭᠰᠢᠪᠡ᠃
— ᠵᠠ᠂ ᠪᠣᠰ! ᠴᠢ ᠱᠠᠯᠠᠪ ᠶᠠᠪᠤᠵᠤ ᠰᠠᠷ᠎ᠠ ᠲᠠᠢ ᠬᠡᠭᠡᠷ ᠢ᠋ ᠡᠮᠡᠭᠡᠯᠯᠡᠵᠦ ᠣᠯᠣᠩ ᠢ᠋ ᠨᠢ ᠰᠠᠢᠨ ᠴᠢᠩᠭᠠᠯᠠᠭᠠᠳ ᠪᠠᠢᠭᠠᠷᠠᠢ! ᠭᠡᠵᠦ ᠰᠢᠷᠦᠭᠦᠨ ᠳᠤᠤᠭᠠᠷᠪᠠ᠃
ᠨᠣᠮᠢᠨ ᠨᠢᠯᠪᠤᠰᠤ ᠪᠠᠨ ᠠᠷᠴᠢᠭᠰᠠᠭᠠᠷ ᠳᠠᠭᠤᠨ ᠦᠭᠡᠢ ᠤᠬᠢᠯᠠᠵᠤ ᠭᠡᠷ ᠡᠴᠡ ᠭᠠᠷᠪᠠ᠃
᠁
ᠤᠰᠤᠨ ᠪᠣᠯᠣᠷ ᠬᠤᠨᠳᠠᠭᠠᠨ ᠳᠣᠲᠣᠷ᠎ᠠ ᠮᠡᠯᠮᠡᠯᠵᠡᠭᠰᠡᠨ ᠠᠷᠢᠬᠢᠨ ᠳ᠋ᠤ᠌ ᠬᠥᠬᠡ ᠢᠮᠠᠭᠠᠨ ᠤ᠋ ᠴᠢᠰᠤᠨ ① ᠠᠴᠠ ᠰᠢᠭᠡᠵᠡᠢ ᠬᠤᠷᠤᠭᠤᠨ ᠤ᠋ ᠬᠢᠮᠤᠰᠤᠨ ᠲᠡᠳᠦᠢᠬᠡᠨ ᠬᠣᠯᠲᠣᠯᠵᠤ ᠭᠡᠬᠦ ᠳ᠋ᠦ᠍ ᠤᠳᠠᠭᠰᠠᠨ ᠴᠤ᠌ ᠦᠭᠡᠢ ᠶᠠᠭᠠᠪᠲᠤᠷ ᠨᠠᠷᠢᠬᠠᠨ ᠲᠣᠷᠭᠠᠨ ᠰᠢᠷᠬᠡᠭ ᠲᠠᠲᠠᠵᠤ ᠲᠡᠯᠡᠷᠡᠨ ᠤᠮᠠᠷᠠᠵᠤ ᠪᠠᠢᠯ᠎ᠠ᠃
ᠴᠡᠴᠡᠭ ᠬᠠᠲᠤᠨ ᠰᠢᠷᠡᠭᠡᠨ ᠦ᠌ ᠬᠣᠢᠨᠠᠬᠠᠨ ᠬᠠᠵᠠᠭᠤᠯᠠᠰᠬᠢᠨ ᠬᠡᠪᠲᠡᠭᠡᠳ ᠬᠠᠷ᠎ᠠ ᠲᠠᠮᠠᠬᠢᠨ ᠤ᠋ ᠳ᠋ᠧᠩ ᠢ᠋ᠶ᠋ᠡᠨ ᠠᠰᠠᠭᠠᠨ ᠮᠠᠨᠠᠷᠠᠲᠠᠯ᠎ᠠ ᠬᠡᠳᠦ ᠰᠣᠷᠣᠪᠠ᠃ ᠮᠠᠨᠴᠤᠷᠭ᠎ᠠ ᠶ᠋ᠢ ᠮᠥᠷᠥᠭᠡᠳᠬᠦ᠂ ᠬᠦᠩ ᠨᠣᠶᠠᠨ ᠳ᠋ᠤ᠌ ᠲᠣᠨᠢᠷᠬᠠᠨ ᠭᠣᠮᠣᠳᠠᠬᠤ᠂ ᠬᠡᠪᠡᠯᠢ ᠳᠣᠲᠣᠷᠠᠬᠢ ᠪᠢᠴᠢᠬᠠᠨ ᠠᠮᠢ ᠶ᠋ᠢᠨ ᠤᠷᠰᠢᠭ ᠠ᠋ᠴᠠ ᠪᠣᠯᠤᠭᠰᠠᠨ ᠵᠠᠰᠠᠭ ᠪᠤᠶᠤ ᠡᠷ᠎ᠡ ᠶ᠋ᠢᠨ ᠬᠢᠮᠤᠷᠠᠭᠠᠨ ᠤ᠋ ᠠᠲᠠᠭ᠎ᠠ ᠵᠢᠲᠦᠭᠡᠨ ᠳ᠋ᠦ᠍ ᠦᠷᠡᠭᠳᠡᠬᠦ ᠡᠮ᠎ᠡ ᠬᠥᠮᠦᠨ ᠦ᠌ ᠢᠩᠭᠡᠨ② ᠵᠠᠶᠠᠭ᠎ᠠ᠁ ᠵᠡᠷᠭᠡ ᠪᠦᠬᠦ ᠪᠡᠶ᠎ᠡ ᠶ᠋ᠢ ᠣᠯᠣᠰᠣᠨ ᠤ᠋ ᠰᠢᠷᠢᠯᠳᠦᠭᠡᠰᠦ ᠰᠢᠭ ᠣᠷᠢᠶᠠᠯᠳᠤᠬᠤ ᠰᠠᠮᠤᠴᠠᠬᠤ ᠮᠠᠨᠠᠨ ᠪᠤᠳᠠᠩ ᠢ᠋ ᠦᠯᠳᠡᠨ ᠬᠥᠭᠡᠭᠡᠵᠦ᠂ ᠣᠷᠴᠢᠯᠠᠩ ᠤ᠋ᠨ ᠡᠴᠢᠨ᠎ᠡ ᠴᠠᠭᠠᠨᠠᠬᠢ ᠣᠨᠴᠠᠭᠠᠢ ᠰᠠᠢᠨ ᠰᠠᠢᠬᠠᠨ ᠪᠦᠷᠢᠯᠸ᠎ᠠ ᠶ᠋ᠢᠨ ᠳ᠋ᠧᠪᠠᠵᠠᠨ ᠳ᠋ᠤ᠌ ᠵᠣᠷᠴᠢᠬᠤ ᠰᠢᠤᠬᠠᠨ ᠪᠣᠯᠵᠤ ᠪᠡᠶ᠎ᠡ ᠰᠡᠳᠬᠢᠯ ᠨᠢ ᠬᠡᠰᠡᠭ ᠲᠠᠢᠪᠤᠰᠢᠷᠠᠨ᠎ᠠ᠃ ᠨᠢᠭᠡ ᠲᠠᠮᠠᠬᠢᠯᠠᠬᠤ ᠬᠣᠷᠣᠮ ᠥᠨᠥᠬᠢ ᠤᠰᠤᠨ ᠪᠣᠯᠣᠷ ᠬᠤᠨᠳᠠᠭᠠᠨ ᠳ᠋ᠠᠬᠢ ᠬᠥᠬᠡ ᠢᠮᠠᠭᠠᠨ ᠤ᠋ ᠴᠢᠰᠤ ᠲᠡᠯᠡᠷᠡᠨ ᠤᠶᠠᠰᠴᠤ ᠬᠦᠷᠡᠩ ᠬᠠᠷ᠎ᠠ ᠥᠩᠭᠡ ᠶ᠋ᠢᠨ ᠦᠵᠦᠮ ᠦ᠋ᠨ ᠠᠷᠠᠵᠠ ᠰᠢᠭ᠋ ᠪᠤᠳᠤᠭᠰᠢᠪᠠ᠃《ᠴᠢᠨᠦ ᠦᠷ᠎ᠡ ᠪᠢᠰᠢ ᠭᠡᠵᠦ ᠳᠠᠯᠳᠠ ᠶ᠋ᠢᠨ ᠰᠠᠷᠠᠯ ᠢ᠋ᠶ᠋ᠠᠷ ᠢ᠋ᠶ᠋ᠠᠨ ᠰᠡᠵᠢᠭ ᠡᠪᠦᠷᠯᠡᠵᠦ ᠮᠡᠳᠡᠷᠡᠭᠰᠡᠨ ᠪᠣᠯ ᠥᠨᠥᠬᠢ ᠶ᠋ᠢ ᠴᠢᠨᠢ ᠤᠨᠠᠭᠠᠵᠤ ᠤᠷᠭᠢᠶ᠎ᠠ》 ᠭᠡᠳ ᠶᠠᠯᠢ ᠦᠭᠡᠢ ᠵᠢᠵᠢᠭᠬᠡᠨ ᠮᠥᠩᠭᠥᠨ ᠴᠠᠭᠠᠰᠤᠨ ᠳ᠋ᠤ᠌ ᠪᠠᠭᠯᠠᠭᠠᠰᠤᠲᠠᠢ ᠯᠠᠷᠵᠠ ᠠ᠋ᠴᠠ ᠥᠴᠦᠬᠡᠨ ᠴᠢᠮᠬᠢᠯᠡᠵᠦ ᠪᠣᠯᠣᠷ ᠬᠤᠨᠳᠠᠭ᠎ᠠ ᠲᠠᠢ ᠴᠢᠰᠤᠨ ᠳ᠋ᠤ᠌ ᠠᠭᠤᠰᠬᠠᠪᠠ᠃《ᠰᠢᠷᠠᠪᠳᠣᠷᠵᠢ ᠬᠦᠩ ᠨᠣᠶᠠᠨ ᠳ᠋ᠤ᠌ ᠦᠷ᠎ᠡ ᠶ᠋ᠢᠨ ᠬᠤᠲᠤᠭ ᠵᠠᠶᠠᠭᠠᠬᠤ ᠲᠠᠪᠢᠯᠠᠩ ᠦᠭᠡᠢ ᠪᠠᠢᠵᠢ ᠳᠠ》 ᠭᠡᠵᠦ ᠭᠣᠮᠣᠷᠬᠠᠭᠰᠠᠨ ᠴᠡᠴᠡᠭ ᠬᠠᠲᠤᠨ ᠠᠯᠲᠠᠨ ᠬᠡ ᠲᠡᠢ ᠠᠷᠰᠯᠠᠨ ᠲᠣᠭᠯᠠᠭᠰᠠᠨ ᠳᠡᠪᠰᠡᠭ ᠳᠣᠲᠣᠷ᠎ᠠ ᠠ᠋ᠴᠠ ᠪᠠᠨ ᠮᠠᠨᠤᠪᠠᠳᠮ᠎ᠠ ᠬᠥᠭᠰᠢᠨ ᠦ᠌ ᠥᠭᠭᠦᠭᠰᠡᠨ ᠮᠡᠷᠭᠡᠨ ᠴᠠᠭᠠᠨ ᠯᠠᠮᠠᠬᠠᠢ ᠶ᠋ᠢᠨ ᠣᠨᠴᠠᠭᠠᠢ ᠨᠠᠢᠷᠠᠯᠭ᠎ᠠ ᠲᠠᠢ ᠡᠮ ᠢ᠋ ᠭᠠᠷᠭᠠᠵᠤ《ᠡᠨᠡ ᠪᠣᠭᠣᠳᠠᠯ ᠢ᠋ ᠨᠢ ᠠᠰ ᠢ᠋ᠶ᠋ᠠᠷ ᠨᠢ ᠤᠤᠭᠤᠪᠠᠯ ᠰᠠᠪᠠ ᠪᠥᠯᠢᠶᠡᠰᠦᠭᠦᠯᠵᠦ ᠦᠷ᠎ᠡ ᠬᠡᠦᠬᠡᠳ ᠬᠦᠰᠡᠬᠦ ᠪᠤᠶᠤ ᠬᠡᠪᠡᠯᠢ ᠳ᠋ᠦ᠍ ᠬᠡᠦᠬᠡᠳ ᠲᠣᠭᠲᠠᠬᠤ ᠡᠮ᠃ ᠤᠷᠤᠭ ᠤᠨᠠᠭᠠᠬᠤ ᠪᠤᠶᠤ ᠬᠡᠪᠡᠯᠢ ᠰᠠᠪᠠ ᠬᠥᠷᠥᠭᠡᠬᠦ ᠬᠦᠢᠲᠡᠨ ᠴᠢᠨᠠᠷ ᠲᠠᠢ》 ᠭᠡᠰᠡᠨ ᠢ᠋ ᠰᠠᠨᠠᠵᠤ ᠥᠨᠥᠬᠢ ᠡᠮ ᠢ᠋ ᠤᠤᠭᠤᠵᠤ ᠳᠡᠭᠡᠷ᠎ᠡ ᠡᠴᠡ ᠨᠢ ᠯᠠᠷᠵᠠ ᠬᠥᠬᠡ ᠢᠮᠠᠭᠠᠨ ᠤ᠋ ᠴᠢᠰᠤᠨ ᠤ᠋ ᠳᠣᠭᠰᠢᠨ ᠬᠥᠯᠭᠡ ᠪᠡᠷ ᠳᠠᠷᠤᠭᠤᠯᠵᠤ ᠤᠤᠭᠤᠪᠠ᠃ ᠤᠳᠠᠭᠰᠠᠨ ᠦᠭᠡᠢ ᠡᠮ ᠦ᠋ᠨ ᠴᠢᠨᠠᠷ ᠪᠠᠳᠠᠷᠠᠵᠤ ᠴᠡᠴᠡᠭ ᠬᠠᠲᠤᠨ ᠤ᠋ ᠬᠡᠪᠡᠯᠢ ᠨᠢ ᠰᠢᠷᠬᠢᠷᠡᠨ ᠡᠪᠡᠳᠴᠦ ᠳᠣᠷᠣᠭᠰᠢ ᠪᠠᠨ ᠳᠠᠪᠤᠰᠠᠩ ᠤᠷᠤᠭᠤ ᠨᠢ ᠴᠢᠨᠦᠷᠡᠨ᠂ ᠳᠡᠭᠡᠭᠰᠢ ᠪᠡᠨ ᠦᠩᠬᠦᠯᠴᠡᠭ ᠵᠢᠷᠦᠬᠡ ᠶ᠋ᠢ ᠨᠢ ᠪᠠᠵᠠᠯᠠᠵᠤ ᠪᠠᠢᠮᠠᠷ ᠰᠢᠨᠠᠯᠭᠠᠨ ᠵᠣᠪᠠᠭᠠᠵᠠᠢ᠃
ᠰᠢᠷᠠᠪᠳᠣᠷᠵᠢ ᠨᠣᠶᠠᠨ ᠳ᠋ᠤ᠌ ᠦᠨᠡᠷᠬᠡᠵᠦ《ᠬᠡᠪᠡᠯᠢ ᠳ᠋ᠡᠬᠢ ᠪᠡᠨ ᠤᠨᠠᠭᠠᠵᠤ ᠴᠢᠮ᠎ᠠ ᠳ᠋ᠤ᠌ ᠦᠵᠡᠭᠦᠯᠦᠶ᠎ᠡ》 ᠭᠡᠵᠦ ᠨᠢᠭᠡ ᠪᠣᠳᠣᠭᠠᠳ ᠪᠠᠰᠠ ᠮᠠᠨᠴᠤᠷᠭ᠎ᠠ ᠶ᠋ᠢᠨ ᠬᠣᠢᠨ᠎ᠠ ᠠ᠋ᠴᠠ ᠰᠠᠨᠠᠨ ᠮᠥᠷᠥᠭᠡᠳᠬᠦ ᠶ᠋ᠢᠨ ᠬᠡᠴᠡᠭᠦᠦ ᠰᠢᠨᠠᠯᠤᠯ ᠳ᠋ᠤ᠌ ᠵᠢᠪᠦᠭᠰᠡᠨ ᠳ᠋ᠡᠭᠡᠨ ᠦᠬᠦᠬᠦ ᠶ᠋ᠢ ᠬᠦᠷᠬᠦ ᠦᠭᠡᠢ ᠮᠤᠬᠤᠷ ᠪᠣᠳᠣᠯ ᠳ᠋ᠤ᠌ ᠪᠣᠭᠣᠭᠳᠠᠵᠤ ᠡᠯᠳᠡᠪ ᠡᠮ ᠲᠣᠮ ᠬᠣᠯᠢᠵᠤ ᠤᠤᠭᠤᠭᠰᠠᠨ ᠳ᠋ᠤ᠌ ᠡᠢᠨ ᠬᠦ᠌ ᠪᠡᠶ᠎ᠡ ᠶ᠋ᠢ ᠨᠢ ᠲᠠᠷᠴᠢᠯᠠᠭᠠᠬᠤ ᠳ᠋ᠤ᠌ ᠬᠠᠷᠠᠮᠰᠠᠭᠰᠠᠨ ᠳ᠋ᠠᠭᠠᠨ ᠴᠡᠴᠡᠭ ᠬᠠᠲᠤᠨ ᠠᠬᠠᠷᠴᠢᠯᠠᠵᠤ᠄
— ᠨᠣᠮᠢᠨ ᠠ᠋! ᠦᠬᠦᠳᠡᠭ ᠦᠭᠡᠢ ᠮᠠᠭᠤ ᠬᠠᠪᠤᠳᠠᠷ ᠲᠣᠯᠣᠭᠠᠢ᠁ ᠡᠨᠡ ᠡᠬᠡ ᠴᠢᠨᠢ ᠡᠪᠡᠳᠦᠭᠡᠳ ᠦᠬᠦᠶ᠎ᠡ ᠭᠡᠵᠦ ᠪᠠᠢᠬᠤ ᠳ᠋ᠤ᠌ ᠬᠠᠵᠠᠭᠤ ᠳ᠋ᠤ᠌ ᠢᠷᠡᠳᠡᠭ ᠦᠭᠡᠢ ᠨᠢ᠁ ᠪᠢ ᠦᠬᠦᠬᠦᠭᠡᠳᠦᠢ ᠪᠠᠢᠲᠠᠯ᠎ᠠ ᠨᠠᠳᠠ ᠠ᠋ᠴᠠ ᠳᠤᠲᠠᠭᠠᠨ᠎ᠠ ᠤᠤ ᠴᠢ? ᠭᠡᠵᠦ ᠬᠡᠪᠡᠯᠢ ᠭᠡᠳᠡᠰᠦ ᠨᠢ ᠮᠤᠰᠬᠢᠷᠠᠨ ᠡᠪᠡᠳᠴᠦ ᠳᠣᠲᠣᠷ᠎ᠠ ᠲᠠᠪᠤᠨ ᠴᠤᠯᠤ ᠨᠢ ᠣᠷᠣᠨ ᠪᠠᠢᠷᠢ ᠪᠠᠨ ᠰᠣᠯᠢᠮᠠᠷ ᠡᠪᠡᠷᠰᠢᠶᠡᠨ ᠵᠣᠪᠠᠨᠢᠭᠰᠠᠨ ᠳ᠋ᠠᠭᠠᠨ ᠡᠷᠢᠶᠡᠨ ᠰᠠᠭᠠᠷᠠᠯ ᠢ᠋ᠶ᠋ᠠᠷ ᠬᠠᠰᠬᠢᠷᠤᠨ᠎ᠠ᠃
ᠭᠠᠳᠠᠨ᠎ᠠ ᠰᠠᠷᠠᠲᠠᠢ ᠬᠡᠭᠡᠷ ᠢ᠋ ᠡᠮᠡᠭᠡᠯᠯᠡᠨ ᠴᠡᠴᠡᠭ ᠬᠠᠲᠤᠨ ᠤ᠋ ᠭᠠᠷᠴᠤ ᠢᠷᠡᠬᠦ ᠶ᠋ᠢ ᠬᠦᠯᠢᠶᠡᠵᠦ ᠵᠣᠭᠰᠣᠭᠰᠠᠨ ᠨᠣᠮᠢᠨ᠂ ᠴᠡᠴᠡᠭ ᠬᠠᠲᠤᠨ ᠤ᠋ ᠭᠡᠨᠡᠳᠲᠡ ᠬᠠᠰᠬᠢᠷᠬᠤ ᠶ᠋ᠢ ᠰᠣᠨᠣᠰᠤᠭᠠᠳ《ᠵᠠ᠂ ᠣᠳᠣᠬᠠᠨ! ᠣᠳᠣᠬᠠᠨ᠁》 ᠭᠡᠭᠰᠡᠭᠡᠷ ᠭᠡᠷ ᠵᠦᠭ ᠭᠦᠶᠦᠪᠡ᠃
ᠨᠣᠮᠢᠨ ᠢ᠋ ᠭᠡᠷ ᠲᠦ᠍ ᠣᠷᠣᠬᠤ ᠳ᠋ᠤ᠌ ᠴᠡᠴᠡᠭ ᠬᠠᠲᠤᠨ ᠤ᠋ ᠥᠷᠥᠭᠡ ᠳᠡᠭᠡᠷᠡᠮ ᠳ᠋ᠦ᠍ ᠲᠣᠨᠣᠭᠯᠠᠭᠰᠠᠨ ᠰᠢᠭ᠋ ᠡᠷᠦᠢ ᠬᠤᠷᠤᠢ ᠦᠭᠡᠢ ᠪᠣᠯᠵᠤ ᠬᠥᠨᠵᠢᠯᠡ ᠳᠡᠪᠢᠰᠬᠡᠷ᠂ ᠬᠤᠪᠴᠠᠰᠤ ᠬᠤᠨᠠᠷ ᠱᠠᠭᠠᠵᠠᠩ ᠰᠠᠪᠠ᠂ ᠳ᠋ᠧᠩ ᠲᠠᠯᠪᠢᠭᠤᠷ ᠤᠨᠳᠤᠢ ᠰᠤᠨᠳᠤᠢ ᠪᠣᠯᠤᠭᠰᠠᠨ ᠪᠠᠢᠪᠠ᠃ ᠴᠡᠴᠡᠭ ᠬᠠᠲᠤᠨ ᠡᠩᠭᠡᠷ ᠡᠪᠴᠢᠭᠦᠦ ᠪᠡᠨ ᠢᠯᠡ ᠭᠠᠷᠭᠠᠨ᠂ ᠬᠡᠪᠡᠯᠢ ᠭᠡᠳᠡᠰᠦ ᠪᠡᠨ ᠴᠦᠷᠳᠡᠢᠯᠭᠡᠵᠦ᠂ ᠡᠪᠡᠳᠴᠦ ᠵᠣᠪᠠᠬᠤ ᠳ᠋ᠠᠭᠠᠨ ᠡᠪᠴᠢᠭᠦᠦ ᠴᠡᠭᠡᠵᠢ ᠪᠡᠨ ᠮᠠᠭᠠᠵᠢᠨ᠎ᠠ᠃ ᠰᠠᠶᠢᠬᠠᠨ ᠱᠦᠭᠦᠷᠳᠡᠭᠰᠡᠨ ᠭᠡᠵᠢᠭᠡ ᠦᠰᠦ ᠨᠢ ᠰᠠᠩᠬᠤᠢᠵᠤ᠂ ᠭᠣᠣᠳᠠᠵᠤ ᠶᠠᠩᠵᠤᠯᠠᠭᠰᠠᠨ ᠵᠢᠰᠦ ᠨᠢ ᠡᠪᠳᠡᠭᠳᠡᠨ ᠮᠠᠩᠨᠠᠢ ᠪᠣᠯᠤᠨ ᠬᠠᠮᠠᠷ ᠤ᠋ᠨ ᠦᠵᠦᠭᠦᠷ ᠳᠡᠭᠡᠷ᠎ᠡ ᠨᠢ ᠪᠤᠷᠴᠠᠭ ᠤ᠋ᠨ ᠴᠢᠨᠡᠭᠡ ᠬᠥᠯᠥᠰᠥ ᠪᠠᠳᠬᠤᠨ ᠴᠢᠷᠠᠢ ᠨᠢ ᠴᠠᠭᠠᠰᠤ ᠰᠢᠭ᠋ ᠬᠤᠵᠢᠢᠵᠤ ᠬᠠᠷᠠᠭᠳᠠᠨ᠎ᠠ᠃
ᠰᠠᠶᠢᠬᠠᠨ ᠰᠡᠪ ᠰᠠᠢᠬᠠᠨ ᠪᠠᠢᠭᠰᠠᠨ ᠴᠡᠴᠡᠭ ᠬᠠᠲᠤᠨ ᠭᠡᠨᠡᠳᠲᠡ ᠪᠠᠢᠭᠰᠠᠭᠠᠷ ᠢᠩᠭᠢᠵᠦ ᠰᠢᠨᠠᠯᠤᠨ ᠵᠣᠪᠠᠬᠤ ᠶ᠋ᠢ ᠬᠠᠷᠠᠭᠠᠳ ᠨᠣᠮᠢᠨ ᠪᠠᠯᠠᠭ ᠠᠯᠳᠠᠵᠤ᠄
— ᠬᠠᠲᠤᠨ ᠲᠠ᠁ ᠬᠠᠮᠢᠭ᠎ᠠ ᠴᠢᠨᠢ ᠡᠪᠡᠳᠪᠡ? ᠭᠡᠨ᠎ᠡ᠃
— ᠶᠣ ᠶᠣ᠁ ᠦᠬᠦᠯ᠎ᠡ ᠠ᠋ ᠪᠢ! ᠨᠣᠮᠢᠨ ᠴᠢ ᠬᠤᠷᠳᠤᠨ ᠬᠤᠷᠳᠤᠨ᠁ ᠪᠤᠴᠠᠯᠤᠭᠰᠠᠨ ᠤᠰᠤ᠁ ᠪᠤᠴᠠᠯᠤᠭᠰᠠᠨ ᠤᠰᠤ᠁ ᠬᠡᠪᠡᠯᠢ ᠭᠡᠳᠡᠰᠦ ᠪᠡᠨ ᠬᠠᠯᠠᠭᠤᠨ ᠠᠯᠴᠢᠭᠤᠷ ᠢ᠋ᠶ᠋ᠠᠷ ᠵᠢᠩᠨᠡᠶᠡ! ᠶᠠᠭᠠᠬᠢᠳᠠᠭ ᠪᠣᠯ? ᠭᠡᠵᠦ ᠴᠡᠴᠡᠭ ᠬᠠᠲᠤᠨ ᠶᠠᠭᠠᠬᠢᠬᠤ ᠪᠠᠨ ᠣᠯᠬᠤ ᠦᠭᠡᠢ ᠰᠠᠮᠭᠠᠷᠳᠠᠨ᠎ᠠ᠃
ᠨᠣᠮᠢᠨ ᠲᠦᠳᠡᠬᠡᠨ ᠪᠤᠴᠠᠯᠤᠭᠰᠠᠨ ᠤᠰᠤᠨ ᠳ᠋ᠤ᠌ ᠨᠣᠷᠭᠠᠭᠰᠠᠨ ᠠᠯᠴᠢᠭᠤᠷ ᠥᠭᠴᠦ ᠭᠡᠳᠡᠰᠦ ᠬᠡᠪᠡᠯᠢ ᠳᠡᠭᠡᠷ᠎ᠡ ᠨᠢ ᠵᠢᠩ ᠲᠠᠯᠪᠢᠭᠰᠠᠨ ᠴᠤ᠌ ᠲᠤᠰᠠ ᠪᠣᠯᠤᠭᠰᠠᠨ ᠦᠭᠡᠢ᠃
— ᠬᠠᠲᠤᠨ ᠲᠠ᠂ ᠵᠢᠭᠠᠬᠠᠨ ᠬᠠᠯᠠᠭᠤᠨ ᠶᠠᠭᠤᠮ᠎ᠠ ᠣᠭᠣᠴᠢ ᠭᠡᠳ ᠨᠣᠮᠢᠨ ᠴᠡᠴᠡᠭ ᠬᠠᠲᠤᠨ ᠳ᠋ᠤ᠌ ᠨᠢᠭᠡ ᠠᠶᠠᠭ᠎ᠠ ᠪᠤᠴᠠᠯᠤᠭᠰᠠᠨ ᠤᠰᠤ ᠥᠭᠭᠦᠭᠰᠡᠨ ᠳ᠋ᠦ᠍ ᠴᠡᠴᠡᠭ ᠬᠠᠲᠤᠨ ᠪᠠᠷᠢᠴᠠᠨ ᠨᠢᠭᠡ ᠰᠠᠢᠨ ᠣᠭᠣᠴᠢ ᠣᠭᠣᠴᠢᠭᠰᠠᠨ ᠳ᠋ᠤ᠌ ᠬᠣᠭᠣᠯᠠᠢ ᠠᠮᠠ ᠶ᠋ᠢ ᠨᠢ ᠬᠠᠯᠠᠭᠠᠵᠤ ᠰᠠᠨᠳᠤᠷᠭᠠᠪᠠ᠃
— ᠴᠢᠭᠢᠶᠡᠲᠦᠷᠦᠦ! ᠨᠣᠮᠢᠨ ᠴᠢ ᠨᠠᠮᠠᠶ᠋ᠢ ᠪᠤᠴᠠᠯᠤᠭᠰᠠᠨ ᠤᠰᠤ ᠪᠠᠷ ᠰᠢᠯᠵᠠᠯᠬᠤ ᠨᠢ ᠤᠤ? ᠠᠩ⁈ ᠭᠡᠵᠦ ᠵᠢᠵᠢᠭᠢᠨᠠᠨ ᠪᠠᠷᠬᠢᠷᠠᠵᠤ ᠠᠶᠠᠭ᠎ᠠ ᠲᠠᠢ ᠪᠤᠴᠠᠯᠤᠭᠰᠠᠨ ᠤᠰᠤ ᠶ᠋ᠢ ᠨᠣᠮᠢᠨ ᠤ᠋ ᠨᠢᠭᠤᠷ ᠤᠷᠤᠭᠤ ᠴᠠᠴᠠᠪᠠ᠃
— ᠠ! ᠭᠡᠵᠦ ᠨᠣᠮᠢᠨ ᠤ᠋ ᠳᠠᠭᠤ ᠠᠯᠲᠠᠨ ᠭᠠᠰᠠᠯᠤᠯᠲᠠᠢ ᠤᠬᠢᠯᠠᠵᠤ ᠬᠣᠶᠠᠷ ᠭᠠᠷ ᠢ᠋ᠶ᠋ᠠᠷ ᠢ᠋ᠶ᠋ᠠᠨ ᠨᠢᠭᠤᠷ ᠢ᠋ᠶ᠋ᠠᠨ ᠳᠠᠷᠤᠨ ᠰᠥᠭᠥᠳᠪᠡ᠃
— ᠨᠣᠮᠢᠨ ᠠ᠋! ᠪᠦᠯᠢᠶᠡᠨ ᠰᠢᠭ ᠤᠰᠤ ᠥᠭᠭᠦᠭᠡᠴᠢ! ᠠᠮᠠ ᠬᠠᠲᠠᠭᠠᠳ ᠦᠬᠦᠯ᠎ᠡ᠁ ᠭᠡᠵᠦ ᠴᠡᠴᠡᠭ ᠬᠠᠲᠤᠨ ᠭᠠᠷ ᠬᠥᠯ ᠨᠢ ᠰᠠᠯᠳᠤᠷᠬᠢᠯᠠᠨ ᠲᠣᠮᠵᠢᠶ᠎ᠠ ᠠᠯᠳᠠᠨ᠎ᠠ᠃
ᠨᠣᠮᠢᠨ ᠤ᠋ ᠨᠢᠳᠦ ᠨᠢ ᠢᠷᠬᠢᠷᠡᠨ ᠡᠪᠡᠳᠴᠦ ᠴᠢᠷᠠᠢ ᠨᠢᠭᠤᠷ ᠨᠢ ᠨᠢᠯᠴᠢᠭᠢᠨᠡᠨ ᠵᠢᠮ ᠵᠢᠮ ᠬᠢᠨ᠃ ᠵᠢᠸ᠎ᠠ ᠰᠠᠶ᠎ᠠ ᠵᠡᠭᠦᠦ ᠪᠡᠷ ᠰᠢᠪᠡᠬᠦ ᠰᠢᠭ ᠵᠢᠮᠵᠢᠭᠢᠨᠡᠨᠡ᠃ ᠨᠣᠮᠢᠨ᠂ ᠴᠡᠴᠡᠭ ᠬᠠᠲᠤᠨ ᠳ᠋ᠤ᠌ ᠪᠦᠯᠢᠶᠡᠨ ᠤᠰᠤ ᠬᠥᠷᠥᠭᠡᠬᠦ ᠪᠡᠷ ᠪᠣᠰᠬᠤ ᠳ᠋ᠤ᠌ ᠨᠢᠳᠦ ᠨᠢ ᠣᠯᠢᠭᠲᠠᠢ ᠶᠠᠭᠤᠮ᠎ᠠ ᠣᠯᠵᠤ ᠦᠵᠡᠬᠦ ᠦᠭᠡᠢ ᠤᠰᠤᠨ ᠬᠠᠪᠤᠩ ᠦᠰᠦᠷᠴᠦ ᠨᠢᠭᠤᠷ ᠴᠢᠷᠠᠢ ᠳ᠋ᠤᠨᠢ ᠤᠰᠤᠨ ᠴᠥᠪᠥᠷᠢᠭᠦᠦ ᠤᠷᠭᠤᠵᠤ ᠦᠵᠡᠯ ᠦᠭᠡᠢ ᠮᠠᠭᠤᠬᠠᠢ ᠪᠣᠯᠵᠠᠢ᠃ ᠳᠥᠩᠭᠡᠨ ᠲᠠᠩᠭᠠᠨ ᠲᠡᠮᠲᠡᠷᠬᠢᠯᠡᠵᠦ ᠶᠠᠪᠤᠭᠠᠳ ᠠᠶᠠᠭᠠᠨ ᠳ᠋ᠤ᠌ ᠤᠰᠤ ᠬᠥᠷᠥᠭᠡᠵᠦ ᠴᠡᠴᠡᠭ ᠬᠠᠲᠤᠨ ᠳ᠋ᠤ᠌ ᠠᠪᠠᠴᠢᠵᠤ ᠥᠭᠭᠦᠭᠰᠡᠨ ᠳ᠋ᠦ᠍ ᠴᠡᠴᠡᠭ ᠬᠠᠲᠤᠨ ᠨᠢᠭᠤᠷ ᠳᠦᠭᠦᠷᠡᠩ ᠤᠰᠤᠨ ᠴᠥᠪᠥᠷᠢᠭᠦᠦ ᠦᠰᠦᠷᠦᠭᠰᠡᠨ ᠮᠠᠭᠤᠬᠠᠢ ᠬᠥᠮᠦᠨ ᠢ᠋ ᠦᠵᠡᠭᠡᠳ᠄
— ᠠᠶ᠎ᠠ! ᠴᠢᠳᠬᠥᠷ᠁ ᠴᠢᠳᠬᠥᠷ᠁ ᠭᠡᠵᠦ ᠬᠠᠰᠬᠢᠷᠤᠭᠠᠳ ᠠᠶᠤᠬᠤ ᠳ᠋ᠠᠭᠠᠨ ᠠᠷᠤᠨᠰᠢ ᠪᠠᠨ ᠰᠠᠪᠠᠵᠤ ᠤᠨᠠᠪᠠ᠁
— ᠬᠠᠲᠤᠨ ᠠ᠋! ᠬᠠᠲᠤᠨ᠁ ᠲᠠ ᠶᠠᠭᠠᠬᠢᠴᠢᠬᠠᠪᠠ ᠡᠨᠡ ᠴᠢᠨᠢ⁈ ᠭᠡᠵᠦ ᠨᠣᠮᠢᠨ ᠬᠠᠲᠤᠨ ᠢ᠋ ᠡᠷᠭᠦᠵᠦ ᠪᠤᠰᠬᠠᠬᠤ ᠭᠡᠵᠦ ᠬᠦᠵᠦᠭᠦᠦ ᠪᠡᠷ ᠨᠢ ᠲᠡᠪᠡᠷᠢᠪᠡᠯ ᠭᠤᠯᠢᠷ ᠰᠢᠭ᠋ ᠭᠤᠯᠵᠢᠭᠠᠨᠠᠭᠠᠳ ᠡᠷᠭᠦᠵᠦ ᠳᠠᠭᠠᠭᠠᠭᠳᠠᠬᠤ ᠦᠭᠡᠢ᠁ ᠮᠡᠷ ᠮᠡᠷ ᠠᠮᠢᠰᠬᠤᠯ ᠲᠠᠢ ᠪᠣᠯᠪᠠᠴᠤ ᠰᠢᠷᠬᠤᠨᠠᠭ ᠢ᠋ ᠨᠢ ᠳᠠᠭᠠᠵᠤ ᠴᠢᠰᠤ ᠤᠷᠤᠰᠤᠨ᠎ᠠ᠃
ᠴᠡᠴᠡᠭ ᠬᠠᠲᠤᠨ ᠤ᠋ ᠳᠣᠣᠷ᠎ᠠ ᠪᠡᠶ᠎ᠡ ᠨᠢ ᠨᠣᠢᠲᠠᠨ ᠠᠯᠳᠠᠵᠤ ᠪᠠᠢᠭᠰᠠᠨ ᠢ᠋ᠶ᠋ᠠᠨ ᠮᠡᠳᠡᠭᠡ ᠠᠯᠳᠠᠷᠠᠬᠤ ᠰᠢᠭ᠋ ᠪᠣᠯᠪᠠ᠃ ᠶᠠᠰᠤ ᠭᠦᠰᠦ ᠨᠢ ᠦᠶ᠎ᠡ ᠲᠣᠭᠠᠯᠠᠨ ᠰᠠᠯᠬᠤ ᠰᠢᠭ᠋ ᠡᠪᠡᠷᠰᠢᠶᠡᠬᠦ ᠶ᠋ᠢ ᠲᠡᠰᠪᠦᠷᠢᠯᠡᠵᠦ ᠡᠰᠡ ᠴᠢᠳᠠᠨ ᠳᠡᠷᠡ ᠶ᠋ᠢᠨ ᠬᠠᠵᠠᠭᠤᠲᠠᠢ ᠬᠠᠷ᠎ᠠ ᠲᠠᠮᠠᠬᠢᠨ ᠤ᠋ ᠵᠢᠵᠢᠭ ᠯᠣᠩᠬᠣᠨ ᠠ᠋ᠴᠠ ᠨᠢᠭᠡ ᠡᠮᠬᠦ ᠬᠠᠷ᠎ᠠ ᠲᠠᠮᠠᠬᠢ ᠢᠳᠡᠪᠡ᠃ ᠬᠡᠪᠡᠯᠢ ᠡᠪᠡᠳᠬᠦ ᠨᠢ ᠬᠡᠰᠡᠭ ᠨᠠᠮᠳᠠᠭᠰᠠᠨ ᠪᠣᠯᠪᠠᠴᠤ ᠪᠦᠬᠦ ᠪᠡᠶ᠎ᠡ ᠨᠢ ᠰᠤᠯᠳᠠᠢᠨ ᠥᠴᠦᠬᠡᠨ ᠴᠤ᠌ ᠲᠠᠮᠢᠷ ᠲᠡᠩᠬᠡᠭᠡ ᠦᠭᠡᠢ ᠁
ᠴᠡᠴᠡᠭ ᠬᠠᠲᠤᠨ ᠬᠣᠶᠠᠷ ᠭᠠᠷ ᠢ᠋ᠶ᠋ᠠᠷ ᠢ᠋ᠶ᠋ᠠᠨ ᠬᠡᠪᠡᠯᠢ ᠪᠡᠨ ᠳᠠᠷᠤᠭᠰᠠᠨ ᠬᠡᠪ ᠢ᠋ᠶ᠋ᠡᠷ ᠢ᠋ᠶ᠋ᠡᠨ ᠪᠡᠶ᠎ᠡ ᠨᠢ ᠬᠥᠰᠢᠵᠦ ᠮᠠᠰᠢ ᠡᠮᠭᠡᠨᠢᠯᠲᠡᠢ ᠪᠡᠷ ᠠᠮᠢᠰᠬᠤᠯ ᠬᠤᠷᠢᠶᠠᠪᠠ᠃
一 ᠬᠠᠲᠤᠨ ᠠ᠋! ᠬᠠᠲᠤᠨ!᠁ ᠭᠡᠵᠦ ᠨᠣᠮᠢᠨ ᠠᠶᠤᠨ ᠪᠠᠯᠠᠭᠳᠠᠵᠤ ᠴᠡᠴᠡᠭ ᠬᠠᠲᠤᠨ ᠢ᠋ ᠠᠶᠠᠷᠬᠠᠨ ᠲᠦᠯᠬᠢᠵᠦ ᠰᠡᠷᠡᠭᠡᠬᠦ ᠭᠡᠪᠡᠯ ᠬᠥᠳᠡᠯᠳᠡᠭ ᠶᠠᠭᠤᠮ᠎ᠠ ᠪᠢᠰᠢ᠃ ᠳᠥᠷᠪᠡᠨ ᠮᠥᠴᠢ ᠨᠢ ᠬᠥᠰᠢᠵᠦ ᠮᠥᠰᠥ ᠰᠢᠭ ᠬᠦᠢᠲᠡᠨ ᠪᠣᠯᠵᠠᠢ᠃
— ᠨᠣᠮᠢᠨ ᠠ᠋! ᠭᠡᠬᠦ ᠨᠠᠮ ᠳᠣᠣᠷ᠎ᠠ ᠳᠠᠭᠤᠨ ᠭᠠᠷᠪᠠ᠃ ᠡᠷᠭᠢᠵᠦ ᠬᠠᠷᠠᠪᠠᠯ ᠭᠣᠩᠴᠣᠭᠷᠠᠬᠤ᠎ᠠ ᠲᠡᠭᠦᠨ ᠦ᠌ ᠠᠷᠤ ᠠ᠋ᠴᠠ ᠢᠷᠡᠵᠦ ᠪᠠᠢᠪᠠ᠃
ᠭᠣᠩᠴᠣᠭᠷᠠᠬᠤ᠎ᠠ ᠠᠳᠤᠭᠤᠨ ᠠ᠋ᠴᠠ ᠪᠤᠴᠠᠵᠤ ᠢᠷᠡᠭᠡᠳ ᠮᠣᠷᠢᠨ ᠤ᠋ ᠪᠠᠨ ᠡᠮᠡᠭᠡᠯ ᠢ᠋ ᠬᠠᠭᠤᠯᠤᠮᠠᠭᠴᠠ ᠪᠠᠨ ᠭᠡᠷ ᠲᠦ᠍ ᠪᠡᠨ ᠣᠷᠤᠯ ᠦᠭᠡᠢ ᠨᠣᠮᠢᠨ ᠤ᠋ ᠡᠭᠦᠳᠡᠨ ᠳᠡᠭᠡᠷ᠎ᠡ ᠣᠴᠢᠵᠤ ᠨᠢᠭᠤᠴᠠ ᠪᠣᠯᠵᠣᠭᠠᠨ ᠤ᠋ ᠳᠣᠬᠢᠶ᠎ᠠ ᠪᠠᠨ ᠥᠭᠴᠦ ᠲᠠᠭ᠂ ᠲᠠᠭ ᠭᠡᠵᠦ ᠲᠠᠩᠨᠠᠢ ᠪᠠᠨ ᠬᠡᠳᠦᠨᠲᠡ ᠲᠠᠭᠰᠢᠭᠰᠠᠨ ᠪᠣᠯᠪᠠᠴᠤ ᠨᠣᠮᠢᠨ ᠬᠠᠷᠢᠭᠤ ᠳᠤᠤᠭᠠᠷᠤᠭᠰᠠᠨ ᠦᠭᠡᠢ《ᠨᠣᠮᠢᠨ ᠪᠠᠢᠬᠤ ᠦᠭᠡᠢ》 ᠭᠡᠰᠡᠨ ᠪᠢᠲᠡᠭᠦᠦ ᠬᠠᠷᠢᠭᠤᠯᠲᠠ ᠣᠯᠤᠭᠠᠳ《ᠨᠣᠮᠢᠨ ᠬᠠᠮᠢᠭ᠎ᠠ ᠶᠠᠪᠤᠴᠢᠬᠠᠪᠠ?》 ᠭᠡᠵᠦ ᠪᠣᠳᠣᠨ《ᠴᠡᠴᠡᠭ ᠬᠠᠲᠤᠨ ᠪᠠᠰᠠ ᠬᠤᠶᠠᠩ ᠢ᠋ᠶ᠋ᠠᠨ ᠳᠠᠷᠤᠭᠤᠯᠵᠤ ᠨᠣᠮᠢᠨ ᠤ᠋ ᠮᠢᠨᠢ ᠦᠢᠯᠡ ᠶ᠋ᠢ ᠨᠢ ᠦᠵᠡᠵᠦ ᠪᠠᠢᠭ᠎ᠠ ᠶᠤᠮ ᠊ᠤᠤ?》 ᠭᠡᠰᠡᠨ ᠪᠣᠳᠣᠯ ᠳ᠋ᠤ᠌ ᠬᠥᠲᠥᠯᠦᠭᠳᠡᠨ ᠡᠷᠬᠡ ᠦᠭᠡᠢ ᠴᠡᠴᠡᠭ ᠬᠠᠲᠤᠨ ᠤ᠋ ᠥᠷᠥᠭᠡ ᠤᠷᠤᠭᠤ ᠬᠠᠷᠠᠪᠠᠯ ᠲᠣᠭᠣᠨᠣᠨ ᠠ᠋ᠴᠠ ᠨᠢ ᠭᠡᠷᠡᠯ ᠣᠢᠨ ᠰᠤᠪᠤᠷᠠᠵᠤ ᠬᠠᠷᠠᠭᠳᠠᠵᠠᠢ᠃ ᠭᠣᠩᠴᠣᠭᠷᠠᠬᠤ᠎ᠠ ᠰᠠᠮ ᠰᠠᠮ ᠠᠯᠬᠤᠨ ᠴᠡᠴᠡᠭ ᠬᠠᠲᠤᠨ ᠤ᠋ ᠡᠭᠦᠳᠡᠨ ᠳ᠋ᠦ᠍ ᠲᠤᠯᠵᠤ ᠬᠦᠷᠬᠦᠯ᠎ᠡ ᠲᠣᠷᠳ᠋ ᠬᠢᠨ ᠮᠣᠷᠢ ᠳᠣᠷᠭᠢᠵᠤ《 ᠴᠢ ᠶᠠᠭᠤᠨ ᠤ᠋ ᠬᠥᠮᠦᠨ ᠪᠣᠢ?》 ᠭᠡᠵᠦ ᠠᠰᠠᠭᠤᠭ᠎ᠠ ᠰᠢᠭ᠋ ᠲᠡᠭᠦᠨ ᠢ᠋ ᠰᠣᠴᠢᠭᠠᠪᠠ᠃ ᠲᠡᠷᠡ ᠲᠤᠷᠭᠢᠭᠰᠠᠨ ᠮᠣᠷᠢᠨ ᠤ᠋ ᠬᠠᠵᠠᠭᠤ ᠳ᠋ᠤ᠌ ᠣᠴᠢᠭᠰᠠᠨ ᠳ᠋ᠤ᠌ ᠴᠡᠴᠡᠭ ᠬᠠᠲᠤᠨ ᠤ᠋ ᠤᠨᠤᠳᠠᠭ ᠰᠠᠷᠠᠲᠠᠢ ᠨᠣᠮᠣᠬᠠᠨ ᠬᠡᠭᠡᠷ ᠡᠮᠡᠭᠡᠯᠲᠡᠢ ᠵᠣᠭᠰᠣᠵᠤ ᠪᠠᠢᠪᠠ᠃
《ᠰᠥᠨᠢ ᠳᠦᠯᠢ ᠪᠡᠷ ᠰᠠᠷᠠᠲᠠᠢ ᠬᠡᠭᠡᠷ ᠶᠠᠭᠤᠨ ᠳ᠋ᠤ᠌ ᠡᠮᠡᠭᠡᠯ ᠬᠠᠵᠠᠭᠠᠷ ᠲᠠᠢ ᠪᠠᠨ ᠡᠨᠳᠡ ᠤᠶᠠᠭᠠᠲᠠᠢ ᠪᠠᠢᠳᠠᠭ ᠪᠢᠯᠡ? ᠴᠡᠴᠡᠭ ᠬᠠᠲᠤᠨ᠁》 ᠭᠡᠵᠦ ᠡᠯᠳᠡᠪ ᠢ᠋ ᠪᠣᠳᠣᠨ ᠵᠣᠭᠰᠣᠲᠠᠯ᠎ᠠ ᠭᠡᠷ ᠳᠣᠲᠣᠷ᠎ᠠ ᠠ᠋ᠴᠠ《 ᠠ! 》ᠭᠡᠰᠡᠨ ᠡᠮᠡᠭᠲᠡᠢ ᠬᠥᠮᠦᠨ ᠦ᠌ ᠴᠢᠬᠠᠷᠠᠬᠤ ᠳᠠᠭᠤᠨ ᠢ᠋ᠶ᠋ᠠᠷ ᠱᠠᠭᠠᠵᠠᠩ ᠠᠶᠠᠭ᠎ᠠ ᠬᠠᠭᠠᠷᠠᠬᠤ ᠳᠠᠭᠤᠨ ᠭᠠᠷᠪᠠ᠁
一 ᠨᠣᠮᠢᠨ ᠠ᠋! ᠶᠠᠭᠠᠬᠢᠪᠠ ᠰᠠᠶᠢ? ᠭᠡᠵᠦ ᠭᠣᠩᠴᠣᠭᠷᠠᠬᠤ᠎ᠠ ᠨᠣᠮᠢᠨ ᠳ᠋ᠤ᠌ ᠣᠢᠷᠠᠲᠤᠨ ᠠᠰᠠᠭᠤᠪᠠᠯ᠂
一 ᠭᠣᠩᠴᠣᠭ ᠠ᠋! ᠬᠡᠷᠡᠭ ᠭᠠᠷᠴᠢᠬᠠᠭᠰᠠᠨ ᠠ᠋!᠁ ᠭᠡᠵᠦ ᠨᠣᠮᠢᠨ ᠭᠣᠩᠴᠣᠭᠷᠠᠬᠤ᠎ᠠ ᠶ᠋ᠢ ᠲᠡᠪᠡᠷᠢᠨ ᠱᠤᠭᠰᠢᠷᠠᠲᠯᠠ ᠤᠬᠢᠯᠠᠪᠠ᠃
一 ᠪᠢᠲᠡᠭᠡᠢ ᠤᠬᠢᠯᠠ! ᠶᠠᠭᠠᠬᠢᠪᠠ? ᠬᠡᠨ ᠴᠢᠮᠠᠶ᠋ᠢ ᠳᠠᠷᠤᠯᠠᠪᠠ? ᠭᠡᠵᠦ ᠭᠣᠩᠴᠣᠭ ᠬᠠᠨᠴᠤᠢ ᠪᠠᠷ ᠢ᠋ᠶ᠋ᠠᠨ ᠨᠣᠮᠢᠨ ᠤ᠋ ᠨᠢᠯᠪᠤᠰᠤ ᠶ᠋ᠢ ᠠᠷᠴᠢᠭᠰᠠᠨ ᠳ᠋ᠤ᠌ ᠨᠣᠮᠢᠨ᠄
一 ᠬᠠᠯᠠᠬᠠᠢ ᠴᠢᠨᠢ᠂ ᠶᠣ᠂ ᠶᠣ᠁ ᠪᠢᠲᠡᠭᠡᠢ ᠵᠦᠯᠭᠦ᠂ ᠡᠪᠡᠳᠴᠦ ᠪᠠᠢᠨ᠎ᠠ ᠭᠡᠳ ᠳᠡᠪᠬᠡᠴᠡᠪᠡ᠃
ᠭᠣᠩᠴᠣᠭᠷᠠᠬᠤ᠎ᠠ ᠨᠣᠮᠢᠨ ᠤ᠋ ᠪᠤᠴᠠᠯᠤᠭᠰᠠᠨ ᠤᠰᠤᠨ ᠳ᠋ᠤ᠌ ᠴᠥᠪᠦᠷᠢᠭᠦᠳᠦᠭᠰᠨ ᠨᠢᠭᠤᠷ ᠢ᠋ ᠰᠢᠷᠦᠭᠦᠨ ᠳᠠᠪᠤᠤ ᠬᠠᠨᠴᠤᠢ ᠪᠠᠷ ᠵᠦᠯᠭᠦᠭᠰᠡᠨ ᠳ᠋ᠦ᠍ ᠨᠣᠮᠢᠨ ᠤ᠋ ᠨᠢᠭᠤᠷ ᠤ᠋ᠨ ᠬᠢᠨᠢ ᠰᠢᠯᠪᠤᠷᠠᠭᠰᠠᠨ ᠠᠷᠠᠰᠤ ᠤᠮᠠᠷᠠᠨ ᠮᠤᠯᠲᠤᠷᠠᠵᠠᠢ᠃
— ᠰᠠᠶᠢ ᠶᠠᠭᠠᠬᠢᠪᠠ⁈ ᠭᠡᠵᠦ ᠭᠣᠩᠴᠣᠭᠷᠠᠬᠤ᠎ᠠ ᠨᠣᠮᠢᠨ ᠤ᠋ ᠶᠣᠣᠯᠠᠨ ᠰᠠᠨᠳᠤᠷᠤᠭᠰᠠᠨ ᠳ᠋ᠤ᠌ ᠭᠠᠢᠬᠠᠨ ᠠᠰᠠᠭᠤᠭᠰᠠᠨ ᠳ᠋ᠤ᠌ ᠨᠣᠮᠢᠨ᠄
— ᠪᠢ ᠨᠢᠭᠤᠷ ᠢ᠋ᠶ᠋ᠠᠨ ᠪᠤᠴᠠᠯᠤᠭᠰᠠᠨ ᠤᠰᠤ ᠪᠠᠷ ᠰᠢᠯᠵᠠᠯᠤᠭᠰᠠᠨ᠁ ᠠᠢᠬᠤᠪᠲᠤᠷ ᠡᠪᠡᠳᠴᠦ ᠪᠠᠢᠨ᠎ᠠ᠁ ᠭᠡᠳ ᠴᠤᠷᠬᠢᠷᠠᠨ ᠤᠬᠢᠯᠠᠭᠰᠠᠨ ᠳ᠋ᠤ᠌ ᠱᠣᠷᠪᠣᠭ ᠨᠢᠯᠪᠤᠰᠤ ᠪᠤᠯᠠᠭ ᠤ᠋ᠨ ᠤᠰᠤ ᠰᠢᠭ᠋ ᠣᠨᠳᠣᠷᠴᠤ ᠰᠢᠯᠵᠠᠯᠤᠭᠰᠠᠨ ᠨᠢᠭᠤᠷ ᠢ᠋ ᠨᠢ ᠤᠯᠠᠮ ᠡᠪᠡᠳᠦᠭᠦᠯᠦᠨ᠎ᠡ᠃
— ᠶᠠᠭᠠᠬᠢᠯ᠎ᠠ ᠭᠡᠵᠢ? ᠭᠡᠵᠦ ᠤᠬᠠᠭᠠᠨ ᠢ᠋ ᠨᠢ ᠣᠯᠬᠤ ᠭᠡᠵᠦ ᠤᠴᠢᠷᠯᠠᠭᠠᠳ ᠪᠠᠢᠳᠠᠭ ᠭᠣᠩᠴᠣᠭᠴᠷᠠᠬᠤᠠ ᠶ᠋ᠢ ᠨᠣᠮᠢᠨ ᠲᠦᠯᠬᠢᠵᠦ《 ᠪᠢ ᠡᠪᠡᠳᠦᠭᠡᠳ ᠲᠡᠰᠬᠦ ᠦᠭᠡᠢ ᠪᠠᠢᠬᠤ ᠳ᠋ᠤ᠌ ᠤᠭᠴᠢᠯᠠᠭᠠᠳ ᠪᠠᠢᠳᠠᠭ ᠨᠢ ᠶᠠᠭᠤ ᠪᠣᠢ?》 ᠭᠡᠰᠡᠨ ᠢ᠋ᠶ᠋ᠡᠨ᠄
— ᠴᠢ ᠴᠠᠭᠠᠰᠢ ᠪᠠᠨ᠃ ᠴᠡᠴᠡᠭ ᠬᠠᠲᠤᠨ᠁ ᠭᠡᠳ ᠨᠣᠮᠢᠨ ᠬᠦᠩ ᠨᠣᠶᠠᠨ ᠤ᠋ ᠥᠷᠥᠭᠡ ᠶ᠋ᠢ ᠲᠦᠯᠬᠢᠬᠦ ᠭᠡᠲᠡᠯ᠎ᠡ ᠭᠣᠩᠴᠣᠭᠷᠠᠬᠤ᠎ᠠ ᠲᠡᠭᠦᠨ ᠦ᠌ ᠬᠠᠨᠴᠤᠢ ᠠ᠋ᠴᠠ ᠲᠠᠲᠠᠵᠤ᠄
— ᠪᠢ ᠶᠠᠪᠤᠵᠤ ᠮᠠᠩᠭᠢᠰᠤᠨ ᠤ᠋ ᠲᠣᠰᠣ ᠣᠯᠵᠤ ᠢᠷᠡᠶ᠎ᠡ! ᠴᠢ ᠮᠥᠨ ᠡᠨᠳᠡ ᠪᠡᠨ ᠬᠦᠯᠢᠶᠡᠵᠦ ᠪᠠᠢ! ᠨᠣᠮᠢᠨ ᠠ᠋ ᠮᠡᠳᠡᠪᠡ ᠤᠤ? ᠰᠢᠯᠵᠠᠯᠤᠭᠰᠠᠨ ᠰᠢᠷᠬᠠᠨ ᠳ᠋ᠤ᠌ ᠮᠠᠩᠭᠢᠰᠤᠨ ᠤ᠋ ᠲᠣᠰᠣ ᠲᠦᠷᠬᠢᠪᠡᠯ ᠡᠪᠡᠳᠬᠦ ᠶ᠋ᠢ ᠵᠣᠭᠰᠣᠭᠠᠵᠤ᠂ ᠬᠣᠵᠢᠮ ᠳ᠋ᠠᠭᠠᠨ ᠰᠣᠷᠪᠢ ᠲᠣᠭᠲᠠᠳᠠᠭ ᠦᠭᠡᠢ ᠰᠠᠢᠬᠠᠨ ᠡᠳᠡᠭᠡᠷᠡᠳᠡᠭ ᠭᠡᠳᠡᠭ ᠰᠢᠲᠠ!
— ᠁
ᠭᠣᠩᠴᠣᠭᠷᠠᠬᠤ᠎ᠠ ᠲᠦᠰ ᠲᠦᠰ ᠴᠠᠭᠠᠰᠢ ᠭᠦᠶᠦᠨ ᠣᠳᠤᠯ᠎ᠠ ᠁
— ᠬᠦᠩ ᠨᠣᠶᠠᠨ ᠠ᠋! ᠲᠠ ᠰᠡᠷᠡᠭᠡᠴᠢ᠂ ᠬᠤᠷᠳᠤᠨ ᠰᠡᠷᠡᠭᠡᠴᠢ! ᠭᠡᠵᠦ ᠱᠠᠯ ᠰᠣᠭᠲᠣᠭᠤ ᠤᠨᠲᠠᠭᠰᠠᠨ ᠬᠦᠩ ᠨᠣᠶᠠᠨ ᠢ᠋ ᠨᠣᠮᠢᠨ ᠳᠠᠭᠤᠳᠠᠨ ᠰᠡᠷᠡᠭᠡᠭᠰᠡᠨ ᠳ᠋ᠦ᠍᠂
— ᠶᠠᠭᠠᠬᠢᠪᠠ⁈ ᠶᠠᠭᠤᠨ ᠳ᠋ᠤ᠌ ᠶᠠᠩ ᠶᠠᠩ ᠭᠡᠳ ᠶᠠᠷᠭᠢᠭᠠᠳ ᠪᠠᠢᠪᠠ᠃? ᠭᠡᠵᠦ ᠰᠢᠷᠠᠪᠳᠣᠷᠵᠢ ᠨᠣᠶᠠᠨ ᠨᠣᠢᠷᠮᠤᠭ ᠨᠢᠳᠦᠯᠡᠨ ᠥᠨᠳᠡᠢᠭᠰᠡᠨ ᠳ᠋ᠦ᠍ ᠨᠣᠮᠢᠨ᠄
— ᠴᠡᠴᠡᠭ ᠬᠠᠲᠤᠨ᠁ ᠴᠡᠴᠡᠭ ᠬᠠᠲᠤᠨ ᠪᠡᠶ᠎ᠡ ᠪᠠᠷᠠᠴᠢᠬᠠᠯ᠎ᠠ᠁ ᠭᠡᠳ ᠤᠬᠢᠯᠠᠩᠨᠠᠪᠠ᠃ ᠬᠦᠩ ᠨᠣᠶᠠᠨ᠄
— ᠡᠷᠲᠡ ᠶᠠᠭᠤ ᠬᠢᠪᠡ? ᠦᠬᠦᠭᠰᠡᠨ ᠬᠣᠢᠨ᠎ᠠ ᠨᠠᠳᠠ ᠬᠡᠯᠡᠳᠡᠭ ᠨᠢ? ᠴᠢᠭᠢᠶᠡᠲᠦᠷᠦᠦ! ᠦᠬᠦᠭᠰᠡᠨ ᠪᠠᠯᠢᠩ ᠤ᠋ᠳ! ᠭᠡᠵᠦ ᠬᠠᠷᠢᠶᠠᠯ ᠲᠠᠯᠪᠢᠨ ᠪᠣᠰᠪᠠ᠃
ᠬᠣᠰᠢᠭᠤ ᠶᠠᠮᠤᠨ ᠤ᠋ ᠬᠢᠨ ᠴᠡᠴᠡᠭ ᠬᠠᠲᠤᠨ ᠤ᠋ ᠬᠣᠢᠲᠤᠬᠢ ᠤᠴᠢᠷ ᠢ᠋ ᠪᠡᠯᠡᠳᠬᠡᠵᠦ ᠶᠠᠭᠠᠷᠠᠯᠳᠤᠬᠤ ᠳ᠋ᠠᠭᠠᠨ《ᠢᠮᠠᠭᠠᠨ ᠳᠠᠭᠤᠲᠤ ᠥᠯᠵᠡᠢᠰᠠᠩ ᠤ᠋ᠨ ᠤᠷᠰᠢᠭ ᠠ᠋ᠴᠠ ᠪᠣᠯᠤᠯ᠎ᠠ᠁》ᠭᠡᠬᠦ ᠪᠤᠶᠤ ᠵᠠᠷᠢᠮ ᠨᠢ《ᠮᠠᠨᠴᠤᠷᠭ᠎ᠠ ᠶᠠᠭᠠᠬᠢᠯ᠎ᠠ ᠡᠢᠯ᠎ᠡ᠁》 ᠭᠡᠵᠦ ᠰᠢᠪᠡᠷ ᠢᠪᠢᠷ ᠶᠠᠷᠢᠯᠴᠠᠬᠤ ᠠ᠋ᠴᠠ ᠭᠠᠳᠠᠨ᠎ᠠ《ᠴᠡᠴᠡᠭ ᠬᠠᠲᠤᠨ ᠪᠤᠬᠢᠨᠢᠳᠤᠬᠤ ᠳ᠋ᠠᠭᠠᠨ ᠠᠯᠲᠠᠨ ᠪᠦᠯᠡᠵᠡᠭ ᠢ᠋ᠶ᠋ᠡᠨ ᠵᠠᠯᠭᠢᠵᠤ ᠪᠡᠶ᠎ᠡ ᠪᠡᠨ ᠬᠣᠣᠷᠯᠠᠪᠠ》 ᠭᠡᠬᠦ ᠶᠦᠮ᠃ ᠪᠠᠰᠠ ᠵᠠᠷᠢᠮ ᠨᠢ《ᠪᠢᠰᠢ ᠠ᠋᠂ ᠬᠠᠷ᠎ᠠ ᠲᠠᠮᠠᠬᠢ ᠢᠳᠡᠴᠢᠬᠡᠯ᠎ᠡ᠁》 ᠭᠡᠬᠦ ᠪᠤᠶᠤ《ᠬᠣᠣᠷᠲᠠᠢ ᠡᠮ ᠤᠤᠭᠤᠯ᠎ᠠ᠁》 ᠭᠡᠵᠦ ᠶᠠᠩᠵᠤ ᠶ᠋ᠢᠨ ᠪᠣᠯᠭᠠᠨ ᠢ᠋ᠶ᠋ᠠᠷ ᠠᠮᠠ ᠬᠠᠵᠠᠢᠭᠰᠠᠨ ᠶᠠᠭᠤᠮ᠎ᠠ ᠳᠣᠷᠭᠢᠵᠤ ᠪᠠᠢᠯ᠎ᠠ᠃
ᠡᠨᠡ ᠲᠤᠬᠠᠢ ᠶᠠᠭᠠᠬᠢᠵᠤ ᠳᠣᠷᠭᠢᠵᠤ ᠳᠠᠪᠤᠰᠤᠯᠠᠭᠰᠠᠨ ᠴᠤ᠌ ᠶᠠᠪᠤᠳᠠᠭ ᠬᠥᠮᠦᠨ ᠨᠢ ᠶᠠᠪᠤᠭᠠᠳ ᠬᠣᠴᠣᠷᠤᠭᠰᠠᠨ ᠨᠢ ᠭᠤᠨᠢᠶᠠᠵᠤ ᠨᠢᠭᠡ ᠡᠮᠭᠡᠨᠢᠨ ᠭᠠᠰᠢᠭᠤᠳᠠᠵᠤ ᠨᠢᠭᠡ ᠤᠬᠢᠯᠠᠨ ᠨᠠᠷᠠ ᠤᠷᠭᠤᠬᠤ ᠶ᠋ᠢ ᠦᠵᠡᠨ ᠰᠡᠷᠪᠡᠢᠨ ᠪᠣᠰᠴᠤ ᠨᠠᠷᠠ ᠤᠨᠠᠬᠤ ᠶ᠋ᠢ ᠰᠢᠷᠳᠡᠨ ᠠᠨᠢᠨ ᠤᠨᠲᠠᠳᠠᠭ ᠵᠤᠷᠰᠢᠯ ᠢ᠋ ᠡᠪᠳᠡᠵᠦ ᠴᠢᠳᠠᠬᠤ ᠬᠥᠮᠦᠨ ᠠᠮᠢᠵᠢᠷᠠᠬᠤ ᠶ᠋ᠢᠨ ᠣᠷᠴᠢᠯ ᠶᠣᠰᠣᠭᠠᠷ ᠮᠤᠩᠭᠠᠨᠢᠨ᠎ᠠ᠃
ᠬᠡᠪᠡᠯᠢ ᠳ᠋ᠡᠭᠡᠨ ᠬᠡᠦᠬᠡᠳ ᠲᠡᠢ ᠵᠢᠷᠮᠦᠰᠦᠨ ᠡᠮ᠎ᠡ ᠪᠡᠶ᠎ᠡ ᠪᠠᠷᠠᠪᠠᠯ ᠵᠠᠪᠠᠯ ᠬᠡᠭᠦᠷ ᠢ᠋ ᠨᠢ ᠰᠢᠲᠠᠭᠠᠵᠤ ᠰᠦᠨᠡᠰᠦ ᠶ᠋ᠢ ᠨᠢ ᠭᠠᠯ ᠢ᠋ᠶ᠋ᠠᠷ ᠳᠡᠭᠳᠡᠭᠡᠳᠡᠭ ᠭᠡᠨ᠎ᠡ᠃ ᠡᠰᠡᠪᠡᠯ ᠪᠤᠭ ᠪᠣᠰᠴᠤ ᠬᠣᠴᠣᠷᠤᠭᠰᠠᠨ ᠬᠥᠮᠦᠨ ᠳ᠋ᠡᠭᠡᠨ ᠬᠣᠷᠭᠣᠳᠠᠭᠠᠳ ᠡᠢᠮᠦ ᠲᠡᠢᠮᠦ ᠭᠠᠢ ᠪᠣᠯᠳᠠᠭ ᠭᠡᠵᠦ ᠡᠯᠳᠡᠪ ᠢ᠋ᠶ᠋ᠡᠷ ᠰᠡᠵᠢᠭᠯᠡᠨ ᠴᠡᠴᠡᠭ ᠬᠠᠲᠤᠨ ᠤ᠋ ᠬᠡᠭᠦᠷ ᠢ᠋ ᠰᠢᠲᠠᠭᠠᠵᠤ᠂ ᠰᠦᠨᠡᠰᠦ ᠶ᠋ᠢ ᠨᠢ ᠭᠠᠯ ᠢ᠋ᠶ᠋ᠠᠷ ᠳᠡᠭᠳᠡᠭᠡᠪᠡ᠃
– – – –
① ᠲᠠᠪᠤᠨ ᠰᠠᠷ᠎ᠠ ᠶ᠋ᠢᠨ ᠲᠠᠪᠤᠨ ᠤ᠋ ᠢᠮᠠᠭᠠᠨ ᠭᠥᠷᠦᠭᠡᠰᠦᠨ ᠦ᠌ ᠴᠢᠰᠤ ᠡᠮ ᠪᠣᠯᠳᠠᠭ᠃
② ᠢᠩᠭᠡᠨ — ᠨᠢᠮᠭᠡᠨ
