ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠬᠣᠶᠠᠳᠤᠭᠠᠷ ᠪᠦᠯᠦᠭ <ᠨᠢᠭᠡ> Хан мунын сүүрс < дээд > – Мөнх зохиоов ᠂ Дэд бодь – Хоёрдугаар бүлэг <1> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠬᠣᠶᠠᠳᠤᠭᠠᠷ ᠪᠦᠯᠦᠭ <ᠨᠢᠭᠡ> Хан мунын сүүрс < дээд > – Мөнх зохиоов ᠂ Дэд бодь – Хоёрдугаар бүлэг <1>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠬᠣᠶᠠᠳᠤᠭᠠᠷ ᠪᠦᠯᠦᠭ <ᠨᠢᠭᠡ> Хан мунын сүүрс < дээд > – Мөнх зохиоов ᠂ Дэд бодь – Хоёрдугаар бүлэг <1>

ᠠᠩᠭᠢᠯᠠᠯ:ᠲᠤᠭᠤᠵᠢ ᠷᠣᠮᠠᠨ
2024-08-20

366

ᠳᠡᠳ᠋ ᠪᠣᠲᠢ – ᠬᠣᠶᠠᠳᠤᠭᠠᠷ ᠪᠦᠯᠦᠭ <ᠨᠢᠭᠡ>


               ᠬᠣᠶᠠᠳᠤᠭᠠᠷ ᠪᠦᠯᠦᠭ   

                  ᠨᠢᠭᠡ  

       ᠰᠠᠩ ᠤ᠋ᠨ ᠵᠤᠰᠠᠯᠠᠩ ᠳ᠋ᠤ᠌ ᠪᠤᠵᠢᠭᠢᠨᠠᠭᠰᠠᠨ ᠶᠡᠬᠡ ᠨᠠᠢᠷ ᠪᠣᠯᠪᠠ᠃ 
       ᠰᠢᠷᠠᠪᠳᠣᠷᠵᠢ ᠬᠦᠩ ᠨᠣᠶᠠᠨ ᠬᠠᠩᠬᠠᠲᠠᠢ ᠶ᠋ᠢᠨ ᠸᠠᠩ ᠰᠣᠬᠣᠷ ᠤ᠋ᠨ ᠬᠠᠷ᠎ᠠ ᠴᠡᠷᠢᠭ ᠦ᠋ᠨ ᠲᠤᠰᠠᠯᠠᠮᠵᠢ᠂ ᠪᠤᠭᠤᠲᠤ ᠶ᠋ᠢᠨ ᠠᠲᠠᠷ ᠬᠠᠭᠠᠯᠪᠤᠷᠢᠯᠠᠬᠤ ᠲᠣᠪᠴᠢᠶ᠎ᠠ ᠶ᠋ᠢᠨ ᠴᠡᠷᠢᠭ ᠦ᠋ᠨ ᠳᠡᠮᠵᠢᠯᠭᠡ ᠪᠡᠷ ᠬᠣᠰᠢᠭᠤ ᠶᠠᠮᠤᠨ ᠤ᠋ ᠴᠡᠷᠢᠭ ᠢ᠋ ᠬᠥᠳᠡᠯᠭᠡᠵᠦ ᠡᠯᠳᠡᠩᠭᠡ ᠶ᠋ᠢᠨ ᠬᠥᠷᠥᠩᠭᠡ ᠬᠣᠭᠰᠢᠯ ᠢ᠋ ᠬᠣᠭᠣᠰᠣᠯᠠᠨ ᠬᠣᠲᠠ ᠭᠣᠯᠣᠮᠲᠠ ᠶ᠋ᠢ ᠨᠢ ᠭᠠᠯᠳᠠᠵᠤ ᠣᠷᠬᠢᠨ᠂ ᠳ᠋ᠠᠭᠳᠠᠨ ᠳᠠ ᠯᠠᠮᠠ ᠶ᠋ᠢ ᠫᠤᠤᠳᠠᠵᠤ ᠠᠯᠠᠭᠰᠠᠨ ᠢᠯᠠᠯᠲᠠ ᠪᠠᠨ ᠪᠡᠯᠭᠡᠯᠡᠬᠦ ᠨᠠᠢᠷ ᠪᠣᠯᠵᠤ ᠪᠠᠢᠭ᠎ᠠ ᠨᠢ ᠡᠨᠡ᠃ 
       ᠮᠣᠷᠢ ᠲᠡᠮᠡᠭᠡ ᠲᠡᠢ ᠣᠢᠷ᠎ᠠ ᠶ᠋ᠢᠨ ᠭᠡᠢᠴᠢᠨ᠂ ᠬᠠᠰᠠᠭ ᠰᠡᠦᠬᠡ ᠲᠡᠢ ᠬᠣᠯᠠ ᠶ᠋ᠢᠨ ᠵᠣᠴᠢᠳ ᠮᠤᠩ ᠦᠭᠡᠢ ᠣᠯᠠᠨ ᠴᠤᠭᠯᠠᠷᠠᠵᠤ ᠰᠢᠷᠠᠪᠳᠣᠷᠵᠢ ᠬᠦᠩ ᠨᠣᠶᠠᠨ ᠤ᠋ ᠳᠠᠢᠰᠤᠨ ᠢ᠋ᠶ᠋ᠠᠨ ᠳᠠᠷᠤᠵᠤ ᠳᠠᠷᠬᠠᠨ ᠴᠣᠯᠠ ᠪᠠᠨ ᠳᠠᠭᠤᠳᠠᠭᠤᠯᠤᠭᠰᠠᠨ ᠨᠠᠢᠷ ᠲᠤ ᠬᠥᠭ ᠨᠡᠮᠡᠷᠢᠯᠡᠵᠦ ᠪᠠᠢᠯ᠎ᠠ᠃ 
       ᠪᠤᠭᠤᠲᠤ ᠶ᠋ᠢᠨ ᠠᠲᠠᠷ ᠬᠠᠭᠠᠯᠪᠤᠷᠢᠯᠠᠬᠤ ᠲᠣᠪᠴᠢᠶ᠎ᠠ ᠠ᠋ᠴᠠ ᠸᠠᠩ ᠭᠤᠸᠠᠢ ᠢᠷᠡᠭᠰᠡᠨ ᠦᠭᠡᠢ ᠪᠣᠯᠪᠠᠴᠤ ᠪᠡᠯᠡᠭ ᠬᠦᠨᠳᠦ ᠳᠠᠬᠠᠷ ᠶᠠᠪᠤᠭᠤᠯᠤᠭᠰᠠᠨ ᠢ᠋ ᠮᠠᠷᠲᠠᠵᠤ ᠴᠢᠳᠠᠬᠤ ᠦᠭᠡᠢ᠃ ᠬᠠᠩᠬᠠᠲᠠᠢ ᠶ᠋ᠢᠨ ᠸᠠᠩ ᠰᠣᠬᠣᠷ ᠬᠠᠯᠲᠠᠷ ᠯᠠᠭᠤᠰᠠ ᠰᠡᠦᠬᠡ ᠲᠡᠷᠭᠡᠨ ᠳ᠋ᠡᠭᠡᠨ ᠰᠠᠭᠠᠲᠠᠵᠤ ᠰᠣᠷᠲᠣᠭᠣ ᠲᠠᠢ ᠪᠠᠭᠤᠭᠰᠠᠨ ᠨᠢ ᠰᠢᠷᠠᠪᠳᠣᠷᠵᠢ ᠨᠣᠶᠠᠨ ᠤ᠋ ᠰᠦᠷ ᠨᠠᠮᠪᠠᠭ᠎ᠠ ᠶ᠋ᠢ ᠤᠯᠠᠮ ᠮᠠᠨᠳᠤᠭᠤᠯᠵᠤ 《ᠡᠨᠡ ᠶᠡᠬᠡ ᠬᠠᠷ᠎ᠠ ᠴᠡᠷᠢᠭ ᠦ᠋ᠨ ᠲᠦᠰᠢᠭ ᠲᠡᠢ ᠬᠦᠩ ᠨᠣᠶᠠᠨ ᠲᠠᠢ ᠬᠠᠯᠳᠠᠪᠠᠯ ᠰᠠᠢᠨ ᠢ᠋ᠶ᠋ᠠᠨ ᠦᠵᠡᠬᠦ ᠦᠭᠡᠢ ᠠ᠋᠃ ᠳ᠋ᠠᠭᠳᠠᠨ ᠳᠠ ᠯᠠᠮᠠ᠂ ᠡᠯᠳᠡᠩᠭᠡ ᠨᠠᠷ ᠴᠦ᠍ ᠠᠮᠢ ᠪᠠᠨ ᠬᠣᠷᠣᠭᠠᠵᠤ᠂ ᠠᠢᠯ ᠭᠡᠷ ᠢ᠋ᠶ᠋ᠡᠨ ᠪᠤᠰᠠᠨᠢᠭᠤᠯᠤᠭᠰᠠᠨ ᠶᠤᠮ ᠴᠢᠨᠢ᠁》 ᠭᠡᠵᠦ ᠡᠷᠬᠡ ᠦᠭᠡᠢ ᠬᠥᠮᠦᠰ ᠲᠦ᠍ ᠠᠢᠳᠠᠰ ᠲᠥᠷᠥᠭᠦᠯᠦᠮ᠎ᠡ ᠠᠵᠢ᠃ 
       ᠨᠠᠢᠷ ᠤ᠋ᠨ ᠡᠬᠢᠨ ᠳ᠋ᠦ᠍ ᠤᠤᠯ ᠬᠦᠩ ᠦ᠋ᠨ ᠵᠡᠭᠦᠨ ᠲᠤᠰᠠᠯᠠᠭᠴᠢ ᠡᠯᠳᠡᠩᠭᠡ ᠶ᠋ᠢᠨ ᠲᠤᠰᠠᠯᠠᠭᠴᠢ ᠵᠡᠷᠭᠡ ᠲᠤᠰᠢᠶᠠᠯ ᠢ᠋ ᠬᠤᠰᠤᠵᠤ᠂ ᠱᠠᠭᠳᠠᠷᠰᠦ᠋ᠷᠦᠩ ᠢ᠋ ᠬᠦᠩ ᠦ᠋ᠨ ᠵᠡᠭᠦᠨ ᠲᠤᠰᠠᠯᠠᠭᠴᠢ ᠨᠣᠶᠠᠨ ᠢ᠋ᠶ᠋ᠠᠷ ᠲᠣᠮᠢᠯᠠᠵᠤ᠂ ᠪᠠᠳᠮᠠᠷᠠᠭ᠎ᠠ ᠤᠯᠠᠭᠠᠨ ᠵᠢᠩᠰᠡ ᠵᠡᠭᠦᠯᠭᠡᠵᠦ᠂ ᠱᠠᠭᠳᠠᠷᠰᠦ᠋ᠷᠦᠩ ᠡᠨᠡ ᠤᠳᠠᠭᠠᠨ ᠤ᠋ ᠲᠤᠯᠤᠯᠳᠤᠭᠠᠨ ᠳ᠋ᠤ᠌ ᠳ᠋ᠠᠭᠳᠠᠨ ᠳᠠ ᠯᠠᠮᠠ ᠶ᠋ᠢᠨ ᠭᠤᠷᠪᠠᠨ ᠦᠶ᠎ᠡ ᠶ᠋ᠢ ᠬᠦᠢᠰᠦ ᠲᠡᠮᠲᠡᠷᠢᠬᠦ ᠳ᠋ᠦ᠍ ᠭᠠᠪᠢᠶ᠎ᠠ ᠵᠢᠳᠬᠦᠯ ᠦᠵᠡᠭᠦᠯᠦᠭᠰᠡᠨ ᠭᠡᠵᠦ ᠮᠠᠭᠲᠠᠭᠰᠠᠨ ᠳ᠋ᠤ᠌ ᠲᠡᠭᠦᠨ ᠦ᠌ ᠲᠠᠪᠠ ᠨᠢ ᠶᠡᠬᠡᠳᠡ ᠬᠠᠨᠤᠭᠰᠠᠨ ᠪᠠᠢᠳᠠᠯ ᠲᠠᠢ᠂ ᠣᠮᠣᠭ ᠪᠠᠶᠠᠰᠤᠩᠭᠤᠢ ᠪᠠᠷ ᠬᠠᠷ᠎ᠠ ᠠᠷᠢᠬᠢ ᠶ᠋ᠢ ᠬᠠᠨᠤᠰᠢ ᠦᠭᠡᠢ ᠰᠢᠭ᠋ ᠪᠠᠯᠭᠤᠵᠤ ᠪᠠᠢᠪᠠ᠃ 
       ᠭᠤᠷᠪᠠᠨ ᠠᠶ᠎ᠠ ᠰᠢᠯᠦᠭ ᠳᠠᠭᠤᠤ ᠥᠨᠳᠥᠷᠯᠡᠬᠦ ᠳ᠋ᠦ᠍ ᠴᠠᠭᠠᠭᠤᠷ᠄ 
           ᠠᠶ᠎ᠠ ᠪᠠᠨ ᠰᠡᠭᠡᠭᠡ 
           ᠰᠠᠢᠬᠠᠨ ᠪᠠᠢᠨ᠎ᠠ ᠳᠠ 
           ᠨᠠᠢᠷᠯᠠᠨ ᠰᠠᠭᠤᠶ᠎ᠠ᠂ ᠠᠰᠢᠳᠠ ᠶ᠋ᠢᠨ 
           ᠠᠮᠤᠷ ᠵᠢᠷᠭᠠᠶ᠎ᠠ᠁ ᠭᠡᠵᠦ ᠬᠤᠷᠠᠭᠰᠠᠨ ᠨᠠᠢᠷᠴᠢᠳ ᠠᠶ᠎ᠠ ᠲᠦᠷᠦᠨ᠎ᠡ᠃ 
       ᠳᠠᠭᠤᠴᠢᠨ ᠪᠦᠰᠡᠭᠦᠢ᠄ 
           ᠵᠤᠨ ᠤ᠋ ᠵᠤᠰᠠᠯᠠᠩ ᠵᠦᠢᠯ ᠦ᠋ᠨ ᠴᠡᠴᠡᠭ ᠲᠦ᠍ 
           ᠵᠦᠰᠡ ᠬᠤᠷ᠎ᠠ ᠣᠷᠣᠬᠤ ᠶ᠋ᠢᠨ ᠴᠠᠭ ᠲᠤ 
           ᠵᠦᠯᠭᠡ ᠨᠣᠮᠢᠨ ᠠᠭᠤᠯᠠ ᠶ᠋ᠢᠨ ᠡᠩᠭᠡᠷ ᠲᠦ᠍ 
           ᠵᠦᠢᠲᠡᠢ ᠰᠠᠢᠬᠠᠨ ᠨᠤᠲᠤᠭ ᠪᠢᠯᠡ᠃ 

           ᠷᠠᠰᠢᠶᠠᠨ ᠬᠤᠷ᠎ᠠ ᠪᠠᠨ ᠠᠮᠰᠠᠨ ᠰᠠᠭᠤᠭᠠᠳ 
           ᠠᠮᠢᠲᠠᠨ ᠪᠦᠬᠦᠨ ᠦ᠌ ᠰᠠᠨᠠᠭ᠎ᠠ ᠠᠮᠤᠷ ᠠ᠋ 
           ᠠᠢᠷᠠᠭ ᠰᠦ ᠪᠡᠨ ᠪᠠᠯᠭᠤᠨ ᠰᠠᠭᠤᠭᠠᠳ  
           ᠠᠰᠢᠲᠠᠢ ᠰᠠᠢᠬᠠᠨ ᠢ᠋ᠶ᠋ᠠᠷ ᠵᠢᠷᠭᠠᠶ᠎ᠠ ᠳᠠ᠁ ᠭᠡᠵᠦ ᠤᠶᠠᠬᠠᠨ ᠬᠣᠭᠣᠯᠠᠢ ᠪᠠᠷ ᠤᠶᠠᠩᠭᠠᠲᠠᠢ ᠳᠠᠭᠤᠯᠠᠭᠰᠠᠨ ᠨᠢ ᠬᠥᠯᠴᠥᠭᠦᠦ ᠬᠥᠮᠦᠰ ᠢ᠋ ᠤᠯᠠᠮ ᠤᠶᠠᠷᠠᠭᠤᠯᠤᠨ ᠨᠠᠢᠭᠤᠭᠤᠯᠤᠨ᠎ᠠ᠃ 
       ᠲᠦᠰᠢᠮᠡᠳ᠂ ᠲᠤᠰᠠᠯᠠᠭᠴᠢ ᠨᠣᠶᠠᠨ᠂ ᠮᠡᠢᠷᠡᠨ ᠵᠠᠩᠭᠢ ᠠ᠋ᠴᠠ ᠠᠪᠤᠭᠠᠳ ᠭᠣᠴᠢᠬ᠎ᠠ ᠬᠢᠶ᠎ᠡ ᠨᠠᠷ ᠴᠦ᠍ ᠴᠡᠭᠡᠷ ᠨᠢ ᠠᠯᠳᠠᠷᠠᠭᠰᠠᠨ ᠰᠢᠭ᠋ ᠬᠦᠩ ᠨᠣᠶᠠᠨ ᠤ᠋ ᠴᠢᠷᠠᠢ ᠥᠭᠡᠳᠡ ᠪᠠᠢᠭ᠎ᠠ ᠳ᠋ᠤ᠌ ᠬᠤᠨᠳᠠᠭ᠎ᠠ ᠡᠭᠰᠢᠭᠡᠯ ᠦᠭᠡᠢ ᠠᠷᠢᠬᠢ ᠤᠤᠭᠤᠵᠤ᠂ ᠬᠢᠲᠤᠭ᠎ᠠ ᠲᠠᠯᠪᠢᠯ ᠦᠭᠡᠢ ᠮᠢᠬ᠎ᠠ ᠢᠳᠡᠵᠡᠬᠡᠨ ᠮᠠᠰᠢᠳᠠ ᠬᠥᠷ ᠨᠠᠢᠷᠲᠠᠢ ᠳᠡᠪᠵᠢᠶᠡᠷᠡᠨ᠎ᠡ᠃ 
       ᠡᠨᠡ ᠪᠦᠬᠦᠨ ᠢ᠋ ᠬᠠᠷᠠᠨ ᠪᠠᠶᠠᠰᠤᠭᠰᠠᠨ ᠬᠦᠩ ᠨᠣᠶᠠᠨ ᠰᠢᠷᠠᠪᠳᠣᠷᠵᠢ ᠡᠩᠭᠡᠷ ᠲᠡᠭᠡᠨ ᠡᠭᠡᠯᠳᠦᠷᠭᠡᠯᠡᠭᠰᠡᠨ ᠴᠡᠩᠬᠡᠷ ᠬᠠᠰ ᠤ᠋ᠨ ᠡᠷᠢᠭᠡ ᠪᠡᠨ ᠢᠮᠡᠷᠦᠨ ᠸᠠᠩ ᠰᠣᠬᠣᠷ ᠲᠠᠢ ᠬᠤᠨᠳᠠᠭ᠎ᠠ ᠴᠢᠴᠠᠤᠯᠠᠵᠤ᠄ 
       — ᠸᠠᠩ ᠵᠠᠩᠭᠤᠢᠳᠠ ᠶ᠋ᠢᠨ ᠰᠠᠢᠨ ᠢ᠋ᠶ᠋ᠠᠷ ᠳ᠋ᠠᠭᠳᠠᠨ ᠳᠠ ᠯᠠᠮᠠ ᠶ᠋ᠢ ᠰᠥᠨᠥᠭᠡᠵᠦ᠂ ᠳᠠᠢᠰᠤᠨ ᠢ᠋ᠶ᠋ᠠᠨ ᠢᠯᠭᠤᠮ ᠳᠠᠷᠤᠯ᠎ᠠ᠁ ᠵᠠ᠂ ᠬᠣᠶᠠᠭᠤᠯᠠ ᠪᠠᠨ ᠨᠢᠭᠡ ᠬᠥᠨᠲᠥᠷᠴᠢᠬᠡᠶ᠎ᠡ ᠭᠡᠳ ᠰᠢᠷᠠᠪ ᠨᠣᠶᠠᠨ ᠤᠷᠢᠳ ᠢ᠋ᠶ᠋ᠠᠷ ᠬᠤᠨᠳᠠᠭ᠎ᠠ ᠲᠠᠢ ᠪᠠᠨ ᠤᠤᠭᠤᠵᠤ《 ᠨᠢᠭᠡ ᠲᠣᠰᠣᠯᠠᠪᠠᠯ ᠭᠤᠷᠪᠠ ᠲᠣᠷᠭᠠᠨ᠎ᠠ ᠰᠢᠦ ᠳᠡ!》 ᠭᠡᠵᠦ ᠬᠤᠨᠳᠠᠭᠠᠨ ᠤ᠋ ᠪᠠᠨ ᠢᠷᠣᠭᠠᠷ ᠢ ᠬᠡᠯᠲᠡᠢᠯᠭᠡᠨ ᠸᠠᠩ ᠰᠣᠬᠣᠷ ᠲᠤ ᠦᠵᠡᠭᠦᠯᠬᠦ ᠳ᠋ᠦ᠍ ᠲᠡᠷᠡ ᠪᠡᠷ ᠬᠤᠨᠳᠠᠭ᠎ᠠ ᠪᠠᠨ ᠬᠤᠰᠤᠮ ᠦᠭᠡᠢ ᠬᠣᠭᠣᠰᠣᠯᠠᠵᠤ ᠬᠠᠷ᠎ᠠ ᠬᠢᠯᠭᠠᠰᠤᠨ ᠶᠢᠩᠱᠤᠸᠠᠰᠡ ᠪᠡᠨ ᠰᠠᠵᠢᠯᠠᠨ᠄ 
       — ᠰᠢᠷᠠᠪ ᠨᠣᠶᠠᠨ ᠭᠤᠸᠠᠢ ᠲᠠ ᠰᠠᠶᠢ ᠶᠠᠭᠤ ᠶᠠᠷᠢᠪᠠ? ᠲᠠᠨ ᠤ᠋ ᠰᠠᠢᠨ ᠢ᠋ᠶ᠋ᠠᠷ ᠭᠡᠨ᠎ᠡ ᠤᠤ? ᠪᠢᠳᠡ ᠴᠢᠨᠢ ᠠᠨᠳᠠ ᠠᠬ᠎ᠠ ᠳᠡᠭᠦᠦ ᠤᠯᠤᠰ᠂ ᠨᠢᠭᠡ ᠨᠢᠭᠡᠨ ᠳ᠋ᠡᠭᠡᠨ ᠲᠤᠰᠠᠯᠠᠯᠴᠠᠨ᠎ᠠ᠃ ᠬᠡᠨ ᠨᠢ ᠬᠦᠴᠢᠷ ᠲᠡᠢ ᠪᠣᠯ ᠬᠡᠨ ᠢ᠋ᠶ᠋ᠡᠨ ᠲᠤᠰᠠᠯᠠᠬᠤ ᠨᠢ ᠵᠥᠪ ᠪᠢᠵᠡ⁈ ᠬᠠᠮᠢᠭ᠎ᠠ ᠠ᠋ᠴᠠ ᠪᠠᠨ ᠲᠡᠢᠮᠦ ᠵᠡᠨᠵᠡᠢ ᠯᠠᠨᠵᠢᠶ᠎ᠠ ᠲᠠᠢ ᠦᠭᠡ ᠪᠠᠢᠬᠤ ᠪᠣᠢ⁈ ᠲᠡᠢᠮᠦ ᠪᠠ? ᠬᠠ᠂ ᠬᠠ ᠭᠡᠵᠦ ᠠᠷᠤᠨᠰᠢ ᠪᠠᠨ ᠭᠣᠣᠯᠠᠰᠤᠨ ᠢᠨᠢᠶᠡᠪᠡ᠃ 
       — ᠵᠥᠪ᠂ ᠵᠥᠪ! ᠸᠠᠩ ᠵᠠᠩᠭᠤᠢᠳᠠ ᠶᠢᠨ ᠬᠡᠯᠡᠬᠦ ᠴᠦ᠍ ᠶᠠᠭᠠᠬᠢᠬᠤ ᠠᠷᠭ᠎ᠠ ᠦᠭᠡᠢ ᠵᠥᠪ! ᠭᠡᠰᠡᠨ ᠳ᠋ᠦ᠍ ᠸᠠᠩ ᠰᠣᠬᠣᠷ᠄ 
       — ᠮᠢᠨᠦ ᠬᠡᠯᠡᠭᠰᠡᠨ ᠵᠥᠪ ᠪᠣᠯ ᠡᠷᠭᠢᠨ ᠨᠣᠶᠠᠨ ᠲᠠᠢ ᠨᠢᠭᠡ ᠬᠤᠨᠳᠠᠭ᠎ᠠ ᠴᠢᠴᠠᠤᠯᠠᠶ᠎ᠠ! ᠭᠡᠳ ᠬᠣᠶᠠᠷ ᠨᠣᠶᠠᠨᠲᠠᠨ ᠨᠢᠵᠡᠭᠡᠳ ᠬᠤᠨᠳᠠᠭ᠎ᠠ ᠠᠷᠢᠬᠢ ᠤᠤᠭᠤᠪᠠ᠃ 
       — ᠬᠡᠯᠡᠬᠦ ᠡᠴᠡ ᠸᠠᠩ ᠵᠠᠩᠭᠤᠢᠳᠠ ᠦᠨᠡᠬᠡᠷ ᠨᠠᠳᠠ ᠲᠤᠰᠠ ᠪᠣᠯᠤᠭᠰᠠᠨ ᠰᠢᠦ! ᠲᠠᠨ ᠤ᠋ ᠲᠤᠰᠠᠯᠠᠮᠵᠢ ᠪᠠᠢᠭᠰᠠᠨ ᠦᠭᠡᠢ ᠪᠣᠯ ᠳ᠋ᠠᠭᠳᠠᠨ ᠳᠠ ᠯᠠᠮᠠ ᠶ᠋ᠢᠨ ᠴᠠᠭᠠᠨ᠎ᠠ ᠭᠠᠷᠬᠤ ᠭᠡᠭᠴᠢ ᠪᠠᠰᠠ ᠬᠡᠴᠡᠭᠦᠦ! ᠡᠨᠡ ᠤᠳᠠᠭ᠎ᠠ ᠸᠠᠩ ᠵᠠᠩᠭᠤᠢᠳᠠ ᠶᠠᠮᠠᠷ ᠴᠦ᠍ ᠭᠡᠰᠡᠨ ᠪᠠᠴᠢᠮ ᠴᠠᠭ ᠲᠤ ᠳᠠᠷᠤᠢᠬᠠᠨ ᠴᠡᠷᠢᠭ ᠭᠠᠷᠭᠠᠵᠤ ᠥᠭᠭᠦᠭᠰᠡᠨ ᠳ᠋ᠦ᠍ ᠪᠢ ᠲᠠᠨ ᠳ᠋ᠤ᠌ ᠲᠠᠯᠠᠷᠬᠠᠬᠤ ᠶᠣᠰᠣᠲᠠᠢ᠃ ᠷᠠᠰᠢ ᠵᠠᠬᠢᠷᠤᠭᠴᠢ ᠠ᠋! ᠨᠠᠭᠠᠰᠢ ᠪᠠᠨ ᠸᠠᠩ ᠵᠠᠩᠭᠤᠢᠳᠠ ᠳ᠋ᠤ᠌ ᠳᠠᠭᠤᠤ ᠲᠠᠢ ᠴᠢᠮᠡᠭ ᠲᠡᠢ ᠠᠷᠢᠬᠢ ᠪᠡᠷᠢ! ᠭᠡᠰᠡᠨ ᠳ᠋ᠦ᠍ ᠷᠠᠰᠢ ᠵᠠᠬᠢᠷᠤᠭᠴᠢ《 ᠵᠠ! ᠣᠳᠣᠬᠠᠨ!》 ᠭᠡᠪᠡ᠃ 
       — ᠳᠠᠭᠤᠤ ᠮᠠᠭᠤᠤ ᠲᠠᠢ ᠠᠷᠢᠬᠢ ᠪᠠᠷᠢᠬᠤ ᠶ᠋ᠢᠨ ᠣᠷᠣᠨ ᠳ᠋ᠤ᠌ ᠬᠣᠶᠠᠭᠤᠯᠠ ᠪᠠᠨ ᠬᠤᠨᠳᠠᠭ᠎ᠠ ᠴᠢᠴᠠᠤᠯᠠᠵᠤ ᠤᠤᠭᠤᠶ᠎ᠠ! 
       — ᠲᠡᠭᠡᠭᠰᠡᠨ ᠴᠦ᠍ ᠶᠠᠭᠠᠬᠢᠬᠤ ᠪᠣᠢ? ᠸᠠᠩ ᠵᠠᠩᠭᠤᠢᠳᠠ ᠬᠣᠵᠢᠮ ᠬᠣᠢᠰᠢᠳᠠ ᠶᠠᠮᠠᠷ ᠬᠦᠴᠢᠷ᠂ ᠬᠡᠷᠡᠭᠴᠡᠭᠡ ᠲᠡᠢ ᠪᠣᠯ ᠡᠷᠡᠭᠡ ᠦᠭᠡᠢ ᠬᠡᠯᠡᠵᠦ ᠪᠠᠢᠭᠠᠷᠠᠢ! ᠪᠢᠳᠡ ᠴᠢᠨᠡᠭᠡ ᠪᠡᠷ ᠢ᠋ᠶ᠋ᠡᠨ ᠲᠤᠰᠠᠯᠠᠨ᠎ᠠ ᠭᠡᠰᠡᠨ ᠳ᠋ᠦ᠍ ᠸᠠᠩ ᠰᠣᠬᠣᠷ ᠤ᠋ᠨ ᠨᠢᠳᠦ ᠨᠢ ᠳᠣᠣᠷ᠎ᠠ ᠪᠠᠨ ᠬᠡᠷᠡᠯᠳᠦᠵᠦ ᠠᠯᠢ ᠤᠵᠠᠭᠤᠷ ᠤᠨ ᠦᠭᠡᠢ ᠰᠢᠷᠠᠪᠳᠣᠷᠵᠢ ᠨᠣᠶᠠᠨ ᠤ᠋ ᠠᠮᠠᠨ ᠠ᠋ᠴᠠ ᠡᠢᠮᠦ ᠦᠭᠡ ᠤᠨᠠᠬᠤ ᠶ᠋ᠢ ᠬᠦᠯᠢᠶᠡᠵᠦ ᠶᠠᠳᠠᠭᠰᠠᠨ ᠳ᠋ᠠᠭᠠᠨ ᠡᠨᠡ ᠬᠣᠪᠣᠷ ᠵᠠᠪᠰᠢᠶᠠᠨ ᠢ᠋ ᠶᠠᠭᠠᠬᠢᠨ ᠠᠯᠳᠠᠬᠤ ᠪᠢᠯᠡ! 
       — ᠠ᠂ ᠦᠨᠡᠬᠡᠷ ᠳᠡ! ᠪᠢ ᠨᠢᠭᠡ ᠶᠠᠭᠤᠮ᠎ᠠ ᠮᠠᠷᠲᠠᠵᠤ ᠪᠠᠢᠨ᠎ᠠ᠃ ᠰᠠᠨᠠᠵᠤ ᠣᠯᠤᠭᠰᠠᠨ ᠢ᠋ᠶ᠋ᠠᠷ ᠢ᠋ᠶ᠋ᠠᠨ ᠪᠢ ᠲᠠᠨ ᠳ᠋ᠤ᠌ ᠶᠠᠷᠢᠴᠢᠬᠠᠶ᠎ᠠ! ᠭᠡᠳ ᠠᠷᠭ᠎ᠠ ᠨᠢ ᠪᠠᠷᠠᠭᠳᠠᠭᠰᠠᠨ ᠰᠢᠭ᠋ ᠬᠠᠯᠵᠠᠨ ᠮᠠᠩᠨᠠᠢ ᠪᠠᠨ ᠢᠯᠪᠢᠨ᠎ᠡ᠃ 
       — ᠶᠠᠷᠢ! ᠶᠠᠷᠢ! ᠶᠠᠭᠤ ᠬᠠᠮᠢᠶ᠎ᠠ ᠪᠠᠢᠬᠤ ᠪᠣᠢ! ᠪᠢᠳᠡ ᠴᠢᠨᠢ ᠠᠨᠳᠠ ᠠᠬ᠎ᠠ ᠳᠡᠭᠦᠦ ᠤᠯᠤᠰ ᠭᠡᠵᠦ ᠲᠠ ᠬᠡᠯᠡᠭᠰᠡᠨ ᠪᠢᠰᠢ ᠤᠤ? 
       — ᠳᠡᠪᠰᠡᠩ  ᠦ᠋ᠨ ᠠᠭᠤᠯᠠᠨ ᠤ᠋ ᠲᠡᠨᠳᠡ ᠡᠴᠡ ᠨᠠᠳᠠ ᠵᠢᠭᠠᠬᠠᠨ ᠪᠡᠯᠴᠢᠭᠡᠷ ᠨᠤᠲᠤᠭ ᠬᠤᠪᠢᠶᠠᠵᠤ ᠥᠭᠬᠦ ᠦᠭᠡᠢ ᠤᠤ? ᠪᠢ ᠲᠡᠨᠳᠡ ᠨᠢᠭᠡ ᠵᠤᠰᠠᠯᠠᠩ ᠤ᠋ᠨ ᠭᠠᠵᠠᠷ ᠭᠠᠷᠭᠠᠶ᠎ᠠ ᠭᠡᠵᠦ ᠲᠡᠷᠡ ᠭᠠᠵᠠᠷ ᠢ᠋ ᠦᠵᠡᠵᠦ ᠲᠣᠭᠣᠭᠰᠠᠨ ᠭᠡᠳ ᠰᠢᠷᠠᠪ ᠨᠣᠶᠠᠨ ᠤ᠋ ᠴᠢᠬᠢᠨ ᠳ᠋ᠦ᠍ ᠬᠣᠰᠢᠭᠤ ᠪᠠᠨ ᠨᠠᠭᠠᠵᠤ ᠨᠢᠭᠡ ᠶᠠᠭᠤᠮ᠎ᠠ ᠰᠢᠪᠡᠨᠡᠪᠡ᠃ 
       — ᠵᠥᠪ᠂ ᠵᠥᠪ! ᠪᠣᠯᠣᠯ ᠦᠭᠡᠢ ᠶᠠᠭᠠᠬᠢᠬᠤ ᠪᠣᠢ! ᠷᠠᠰᠢ ᠵᠠᠬᠢᠷᠤᠭᠴᠢ ᠭᠤᠸᠠᠢ ᠠ᠋! ᠨᠠᠭᠠᠰᠢ ᠪᠠᠨ ᠭᠡᠰᠡᠨ ᠳ᠋ᠦ᠍ ᠷᠠᠰᠢ ᠵᠠᠬᠢᠷᠤᠭᠴᠢ ᠱᠠᠯᠠᠪᠬᠠᠨ ᠬᠦᠩ ᠨᠣᠶᠠᠨ ᠤ᠋ ᠬᠠᠵᠠᠭᠤ ᠳ᠋ᠤ᠌ ᠢᠷᠡᠭᠰᠡᠨ ᠳ᠋ᠦ᠍᠂ 
       — ᠬᠡᠳᠦᠨ ᠡᠳᠦᠷ ᠡᠴᠡ ᠴᠢ ᠸᠠᠩ ᠵᠠᠩᠭᠤᠢᠳᠠ ᠳ᠋ᠤ᠌ ᠳᠡᠪᠰᠡᠩ  ᠤ᠋ᠨ ᠠᠭᠤᠯᠠᠨ ᠤ᠋ ᠭᠠᠵᠠᠷ ᠢ᠋ ᠳᠡᠭᠡᠰᠦᠯᠡᠵᠦ ᠥᠭᠬᠦ ᠶ᠋ᠢ ᠪᠣᠳᠣᠭᠠᠷᠠᠢ! ᠭᠡᠵᠦ ᠬᠦᠩ ᠨᠣᠶᠠᠨ ᠲᠤᠰᠢᠶᠠᠭᠰᠠᠨ ᠳ᠋ᠤ᠌ ᠷᠠᠰᠢ ᠵᠠᠬᠢᠷᠤᠭᠴᠢ᠄ 
       — ᠵᠠ! ᠮᠡᠳᠡᠯ᠎ᠡ᠃ ᠣᠳᠣ ᠸᠠᠩ ᠵᠠᠩᠭᠤᠢᠳᠠ ᠳ᠋ᠤ᠌ ᠳᠠᠭᠤᠤ ᠲᠠᠢ ᠠᠷᠢᠬᠢ ᠪᠠᠷᠢᠵᠤ᠂ ᠳᠡᠪᠰᠡᠩ  ᠤ᠋ᠨ ᠠᠭᠤᠯᠠᠨ ᠤ᠋ ᠨᠤᠲᠤᠭ ᠪᠡᠯᠴᠢᠭᠡᠷ ᠱᠠᠩᠨᠠᠬᠤ ᠶᠣᠰᠣᠯᠠᠯ ᠶᠠᠪᠤᠭᠤᠯᠤᠨ᠎ᠠ ᠭᠡᠰᠡᠨ ᠳ᠋ᠦ᠍ ᠨᠠᠬᠢᠯᠵᠠᠭᠰᠠᠨ ᠬᠡᠳᠦᠨ ᠳᠠᠭᠤᠴᠢ ᠪᠦᠰᠡᠭᠦᠢ ᠮᠥᠩᠭᠥᠨ ᠴᠥᠭᠦᠴᠡᠨ ᠳ᠋ᠦ᠍ ᠠᠷᠢᠬᠢ ᠬᠡᠮᠨᠡᠨ ᠳᠠᠭᠤᠯᠠᠪᠠ᠃ 
       ᠰᠢᠷᠠᠪᠳᠣᠷᠵᠢ ᠬᠦᠩ ᠨᠣᠶᠠᠨ ᠤ᠋ ᠴᠢᠷᠠᠢ ᠳ᠋ᠤ᠌《ᠶᠠᠭ ᠢᠩᠭᠢᠬᠦ ᠳ᠋ᠡᠭᠡᠨ ᠵᠥᠪ ᠶᠦᠮ ᠠ᠋!》 ᠭᠡᠰᠡᠨ ᠲᠥᠯᠥᠪ ᠰᠢᠨᠵᠢ ᠣᠷᠣᠬᠤ ᠳ᠋ᠦ᠍ ᠸᠠᠩ ᠰᠣᠬᠣᠷ ᠤ᠋ᠨ ᠴᠢᠷᠠᠢ ᠳᠡᠭᠡᠷ᠎ᠡ《ᠤᠤᠬᠠᠢ ᠭᠡᠮ᠂ ᠢᠩᠭᠢᠵᠦ ᠯᠡ ᠮᠢᠨᠦ ᠤᠬᠠᠭᠠᠨ ᠳ᠋ᠤ᠌ ᠪᠥᠮᠪᠥᠷᠢᠬᠦ ᠨᠢ ᠠ᠋!》 ᠭᠡᠰᠡᠨ ᠦᠰᠦᠭ ᠪᠢᠴᠢᠭᠳᠡᠭᠰᠡᠨ ᠢ᠋ ᠪᠠᠷᠠᠭᠤᠨ ᠲᠤᠰᠠᠯᠠᠭᠴᠢ ᠮᠢᠩᠭᠠᠨᠪᠤᠤ ᠣᠯᠵᠤ ᠤᠩᠰᠢᠭᠠᠳ《ᠡᠨᠡ ᠮᠠᠭᠤ ᠢᠯᠵᠢᠷᠡᠳᠡᠭ ᠦᠭᠡᠢ ᠰᠢᠨᠤᠯ ᠤ᠋ᠨ ᠲᠤᠯᠤᠮ ᠢ᠋ ᠬᠠᠩᠭᠠᠮᠵᠢᠲᠠᠢ ᠳᠦᠭᠦᠷᠭᠡᠬᠦ ᠦᠭᠡᠢ ᠪᠣᠯ ᠤᠤ? ᠣᠳᠣ ᠶᠠᠮᠠᠷ ᠪᠣᠢ? ᠤᠷᠢᠳ ᠢ᠋ᠶ᠋ᠠᠷ ᠴᠢᠮᠡᠭᠡ ᠦᠭᠡᠢ ᠰᠢᠯᠤᠭᠤᠬᠠᠨ ᠴᠡᠷᠢᠭ ᠢ᠋ᠶ᠋ᠡᠨ ᠦᠭᠴᠢᠬᠡᠭᠡᠳ ᠠᠷᠤ ᠠ᠋ᠴᠠ ᠨᠢ ᠬᠡᠳᠦ ᠳᠠᠬᠢᠨ ᠢ᠋ᠶ᠋ᠠᠷ ᠲᠠᠰᠢᠬᠤ ᠶ᠋ᠢ ᠬᠡᠨ ᠶᠠᠭᠠᠬᠢᠵᠤ ᠴᠢᠳᠠᠬᠤ ᠪᠣᠢ? ᠭᠡᠵᠦ ᠪᠣᠳᠣᠭᠠᠳ ᠪᠠᠭᠲᠠᠷᠠᠭᠰᠠᠨ ᠠᠭᠤᠷ ᠢ᠋ᠶ᠋ᠠᠨ ᠳᠠᠷᠤᠨ ᠪᠠᠢᠵᠤ᠄ 
       — ᠥᠨᠥᠳᠥᠷ ᠶᠣᠰᠣᠲᠠᠢ ᠬᠡᠢ ᠮᠣᠷᠢ ᠮᠠᠨᠳᠤᠭᠰᠠᠨ ᠡᠳᠦᠷ ᠠ᠋᠃ ᠳᠣᠲᠣᠭᠠᠳᠤ ᠶ᠋ᠢᠨ ᠵᠠᠯᠢᠬᠠᠢ ᠶ᠋ᠢ ᠴᠡᠪᠡᠷᠯᠡᠵᠦ ᠳᠣᠲᠣᠷ᠎ᠠ ᠵᠠᠭᠤᠷ᠎ᠠ ᠪᠠᠨ ᠡᠶ᠎ᠡ ᠨᠠᠢᠷᠲᠠᠢ ᠪᠣᠯᠤᠭᠰᠠᠨ ᠶᠡᠬᠡ ᠪᠠᠶᠠᠷ ᠠ᠋! ᠭᠡᠳ ᠬᠦᠩ ᠨᠣᠶᠠᠨ ᠳ᠋ᠤ᠌ ᠮᠥᠬᠦᠰᠬᠢᠨ ᠨᠢᠭᠡ ᠭᠡᠮ ᠠᠷᠢᠬᠢ ᠪᠠᠷᠢᠪᠠ᠃ 
       — ᠥᠨᠥᠳᠥᠷ ᠪᠢ ᠮᠤᠨᠳᠠᠭ ᠤᠤᠭᠤᠯ᠎ᠠ ᠰᠢᠦ! ᠪᠠᠭ᠎ᠠ ᠰᠡᠷᠭᠦᠭᠡᠴᠢᠬᠡᠶ᠎ᠡ ᠭᠡᠵᠦ ᠢᠳᠠᠮ ᠬᠤᠷᠤᠭᠤ ᠪᠠᠷ ᠢ᠋ᠶ᠋ᠠᠨ ᠮᠥᠩᠭᠥᠨ ᠴᠥᠭᠥᠴᠡ ᠲᠡᠢ ᠠᠷᠢᠬᠢᠨ ᠠ᠋ᠴᠠ ᠰᠡᠷᠵᠢᠮᠯᠡᠵᠦ ᠤᠷᠤᠭᠤᠯ ᠢ᠋ᠶ᠋ᠠᠨ ᠲᠥᠷᠥᠬᠦᠢᠴᠡ ᠪᠣᠯᠭᠠᠨ ᠴᠥᠭᠥᠴᠡ ᠲᠡᠢ ᠠᠷᠢᠬᠢ ᠶ᠋ᠢ ᠪᠠᠢᠴᠠᠭᠠᠬᠤ ᠭᠡᠪᠡᠯ ᠮᠢᠩᠭᠠᠨᠪᠤᠤ ᠮᠡᠬᠦᠢᠨ ᠰᠥᠬᠥᠷᠡᠵᠦ᠄ 
       — ᠨᠣᠶᠠᠨ ᠲᠠ ᠲᠣᠭᠲᠠᠭᠠᠴᠢᠬ᠎ᠠ! ᠥᠨᠥᠳᠥᠷ ᠪᠣᠯ ᠶᠣᠰᠣᠲᠠᠢ ᠤᠤᠭᠤᠳᠠᠭ ᠡᠳᠦᠷ᠃ ᠠᠷᠢᠬᠢ ᠭᠡᠳᠡᠭ ᠶᠠᠭᠤᠮ᠎ᠠ ᠶ᠋ᠢ ᠡᠳ᠋ᠯᠡᠬᠦ ᠳ᠋ᠦ᠍ ᠪᠠᠶᠠᠷ ᠬᠥᠷ ᠲᠡᠢ ᠦᠶ᠎ᠡ ᠳ᠋ᠦ᠍ ᠢᠯᠡᠭᠦᠦ ᠬᠡᠳᠦᠨ ᠭᠡᠮ ᠲᠣᠭᠲᠠᠭᠠᠬᠤ ᠳ᠋ᠤ᠌ ᠲᠣᠭᠣᠬᠤ ᠶᠠᠭᠤᠮ᠎ᠠ ᠠᠯᠠᠭ᠎ᠠ! ᠭᠡᠵᠦ ᠬᠣᠶᠠᠷ ᠠᠯᠠᠭ᠎ᠠ ᠪᠠᠨ ᠳᠡᠯᠭᠡᠨ ᠱᠠᠯᠠᠪᠠᠯ ᠲᠡᠭᠦᠨ ᠦ᠌ ᠰᠠᠮᠠᠭᠠᠨ ᠮᠨᠨᠤᠨᠪᠠᠳᠮ᠎ᠠ ᠦᠭᠡ ᠶ᠋ᠢ ᠪᠣᠯᠣᠷ ᠬᠤᠨᠳᠠᠭ᠎ᠠ ᠭᠠᠵᠠᠷ ᠤᠨᠠᠭᠠᠭᠰᠠᠨ ᠰᠢᠭ᠋ ᠠᠯᠳᠠᠭᠠᠳ ᠬᠠᠭᠠᠯᠴᠢᠬᠠᠬᠤ ᠠ᠋ᠴᠠ ᠡᠮᠢᠶᠡᠨ ᠰᠠᠨᠳᠤᠷᠴᠤ᠄ 
       — ᠡᠷᠬᠢᠮ ᠨᠣᠶᠠᠨ ᠲᠠ ᠡᠭᠦᠨ ᠢ᠋ ᠲᠣᠭᠲᠠᠭᠠᠬᠤ ᠨᠢ ᠵᠦᠢᠲᠡᠢ᠂ ᠡᠷ᠎ᠡ ᠬᠥᠮᠦᠨ ᠦ᠌ ᠬᠡᠢ ᠮᠣᠷᠢ ᠬᠡᠰᠢᠭ ᠮᠠᠨᠳᠤᠬᠤ ᠦᠶ᠎ᠡ ᠳ᠋ᠦ᠍ ᠡᠰᠡᠷᠸ᠎ᠠ ᠲᠩᠷᠢ ᠶ᠋ᠢᠨ ᠶᠢᠰᠦ ᠶᠢᠰᠦ ᠨᠠᠶᠠᠨ ᠨᠢᠭᠡᠨ ᠲᠩᠷᠢ ᠶ᠋ᠢᠨ ᠪᠤᠶᠠᠨᠲᠤ ᠨᠢᠳᠦ ᠢᠪᠡᠭᠡᠵᠦ ᠪᠠᠢᠳᠠᠭ ᠭᠡᠳᠡᠭ᠃ ᠲᠡᠳᠡᠭᠡᠷ ᠵᠠᠯᠢᠬᠠᠢ ᠵᠠᠢᠳᠠᠩ ᠬᠥᠮᠦᠰ᠂ ᠬᠦᠩ ᠨᠣᠶᠠᠨ ᠤ᠋ ᠵᠠᠶᠠᠭ᠎ᠠ ᠪᠤᠶᠠᠨ ᠢ᠋ ᠡᠳ᠋ᠯᠡᠬᠦ ᠬᠤᠪᠢ ᠦᠭᠡᠢ ᠳ᠋ᠡᠭᠡᠨ ᠬᠣᠬᠢ ᠨᠢ᠂ ᠥᠪᠡᠷ ᠢ᠋ᠶ᠋ᠡᠨ ᠡᠷᠯᠢᠭ ᠲᠦ᠍ ᠣᠴᠢᠬᠤ ᠵᠠᠮ ᠢ᠋ᠶ᠋ᠠᠨ ᠡᠷᠢᠭᠰᠡᠨ ᠬᠡᠷᠡᠭ᠃ ᠡᠴᠢᠭᠡ ᠲᠩᠷᠢ ᠡᠴᠡ ᠡᠷᠬᠢᠮ ᠨᠣᠶᠠᠨᠲᠠᠨ ᠢ᠋ ᠢᠪᠡᠭᠡᠭᠰᠡᠨ ᠶᠡᠬᠡ ᠵᠣᠯ ᠵᠠᠪᠰᠢᠶᠠᠨ ᠢ᠋ ᠠᠯᠳᠠᠯ ᠦᠭᠡᠢ ᠲᠣᠭᠲᠠᠭᠠᠵᠤ ᠶᠠᠪᠤᠭᠠᠷᠠᠢ᠃ ᠵᠠ ᠡᠨᠡ ᠴᠦ᠍ ᠶᠠᠭᠠᠬᠢᠬᠤ ᠪᠣᠢ! ᠪᠤᠶᠠᠨ ᠲᠠᠢ ᠬᠥᠮᠦᠨ ᠦ᠌ ᠪᠤᠬ᠎ᠠ ᠨᠢ ᠲᠤᠭᠤᠯᠯᠠᠨ᠎ᠠ᠂ ᠪᠤᠯᠠᠭ ᠤ᠋ᠨ ᠤᠰᠤ ᠶ᠋ᠢ ᠪᠤᠯᠠᠪᠠᠴᠤ ᠪᠤᠷᠭᠢᠯᠤᠨ᠎ᠠ ᠭᠡᠳᠡᠭ ᠢ᠋ᠶ᠋ᠡᠷ ᠨᠣᠶᠠᠨ ᠲᠠᠨ ᠳ᠋ᠤ᠌ ᠪᠠᠶᠠᠷ ᠳᠡᠭᠡᠷ᠎ᠡ ᠪᠠᠶᠠᠷ᠂ ᠪᠠᠮᠪᠠᠷ ᠳᠡᠭᠡᠷ᠎ᠡ ᠰᠢᠬᠦᠷ ᠭᠡᠭᠴᠢ ᠪᠠᠰᠠ ᠨᠢᠭᠡ ᠰᠠᠨᠠᠵᠤ ᠣᠯᠣᠰᠢ ᠦᠭᠡᠢ ᠶᠡᠬᠡ ᠪᠠᠶᠠᠷ ᠪᠣᠯᠬᠤ ᠶᠤᠮ ᠪᠠᠢᠨ᠎ᠠ᠃ ᠨᠣᠶᠠᠨ ᠤ᠋ ᠬᠠᠢᠷᠠᠲᠤ ᠴᠡᠴᠡᠭ ᠬᠠᠲᠤᠨ ᠤ᠋ ᠪᠡᠶ᠎ᠡ ᠬᠦᠨᠳᠦ ᠪᠣᠯᠵᠤ᠂ ᠪᠡᠭᠡᠵᠢᠩ ᠦᠵᠡᠬᠦ ᠬᠦᠦ ᠲᠡᠢ ᠪᠣᠯᠬᠤ ᠨᠢ ᠠ᠋! ᠭᠡᠵᠦ ᠬᠠᠵᠠᠭᠤ ᠠ᠋ᠴᠠ ᠨᠢ ᠳᠠᠪᠤᠰᠤᠯᠠᠪᠠᠯ ᠮᠢᠩᠭᠠᠨᠪᠤᠤ ᠲᠤᠰᠠᠯᠠᠭᠴᠢ᠄
       — ᠲᠡᠭᠡᠪᠡᠯ ᠴᠦ᠍ ᠦᠨᠡᠬᠡᠷ ᠪᠠᠶᠠᠷ ᠳᠡᠭᠡᠷ᠎ᠡ ᠪᠠᠶᠠᠷ᠂ ᠪᠠᠮᠪᠠᠷ ᠳᠡᠭᠡᠷ᠎ᠡ ᠰᠢᠬᠦᠷ ᠪᠣᠯᠵᠠᠢ ᠠ᠋᠃ ᠨᠣᠶᠠᠨ ᠲᠠ ᠡᠨᠡ ᠬᠡᠮ ᠢ ᠲᠣᠭᠲᠠᠭᠠᠭᠠᠴᠢ ᠭᠡᠬᠦ ᠳᠦ  ᠭᠦᠩ ᠨᠣᠶᠠᠨ᠄
       — ᠵᠠ᠂ ᠲᠡᠢᠮᠦ ᠪᠣᠯᠲᠤᠭᠠᠢ᠂ ᠢᠷᠦᠭᠡᠯ ᠣᠷᠣᠰᠢᠲᠤᠭᠠᠢ! ᠭᠡᠳ ᠮᠥᠩᠭᠥᠨ ᠴᠥᠭᠥᠴᠡ ᠲᠡᠢ ᠠᠷᠢᠬᠢ ᠶ᠋ᠢ ᠬᠥᠨᠲᠥᠷᠴᠦ ᠣᠷᠬᠢᠪᠠ᠃ ᠬᠠᠵᠠᠭᠤ ᠬᠠᠪᠢᠷᠭ᠎ᠠ ᠳ᠋ᠤᠨᠢ ᠳᠣᠯᠳᠣᠭᠣᠨᠠᠨ ᠭᠦᠶᠦᠯᠳᠦᠭᠰᠡᠳ《 ᠤᠸᠮ ᠰᠠᠢᠨ ᠠᠮᠤᠭᠤᠯᠠᠩᠳᠠᠨ ᠪᠣᠯᠲᠤᠭᠠᠢ᠂ ᠢᠷᠦᠭᠡᠯ ᠣᠷᠣᠰᠢᠲᠤᠭᠠᠢ!》 ᠭᠡᠵᠦ ᠠᠮᠠ ᠳᠠᠭᠠᠭᠤᠯᠤᠨ ᠪᠠᠷᠬᠢᠷᠠᠯᠳᠤᠨ᠎ᠠ᠃ 
       ᠨᠣᠶᠠᠳ ᠬᠡᠷᠬᠡᠮᠲᠡᠳ ᠦ᠋ᠨ ᠴᠢᠷᠠᠢ ᠶ᠋ᠢᠨ ᠥᠩᠭᠡ ᠪᠤᠶᠤ ᠶᠠᠪᠤᠳᠠᠯ ᠤᠴᠢᠷ ᠤ᠋ᠨ ᠵᠠᠪᠰᠠᠷ ᠵᠠᠭᠠᠯᠢᠬᠠᠢ ᠶ᠋ᠢ ᠬᠢᠯᠭᠠᠰᠤᠨ ᠲᠡᠳᠦᠢ ᠴᠦ᠍ ᠠᠯᠳᠠᠳᠠᠭ ᠦᠭᠡᠢ ᠬᠠᠰᠢᠷ ᠬᠥᠭᠰᠢᠨ ᠮᠠᠨᠤᠪᠠᠳᠮ᠎ᠠ ᠬᠦᠩ ᠨᠣᠶᠠᠨ ᠤ᠋ ᠥᠨᠥᠳᠥᠷ ᠡᠢᠨ ᠬᠦ᠌ ᠬᠡᠢᠷᠬᠡᠨ ᠪᠠᠶᠠᠷᠯᠠᠵᠤ ᠪᠠᠢᠭ᠎ᠠ ᠵᠠᠪᠰᠢᠶᠠᠨ ᠢ᠋ ᠵᠠᠪᠰᠢᠵᠤ ᠴᠡᠴᠡᠭ ᠬᠠᠲᠤᠨ ᠤ᠋ ᠡᠮᠦᠨ᠎ᠡ ᠬᠡᠳᠦᠨ ᠡᠳᠦᠷ ᠲᠡᠭᠦᠨ ᠢ᠋ ᠴᠢᠷᠠᠢᠴᠢᠯᠠᠵᠤ ᠪᠠᠢᠭᠰᠠᠨ ᠶᠠᠪᠤᠳᠠᠯ ᠢ᠋ ᠶᠠᠭ ᠣᠩᠭᠢᠨ ᠳ᠋ᠤᠨᠢ ᠰᠦᠪᠡᠯᠡᠵᠦ᠄ 
       — ᠮᠡᠷᠭᠡᠨ ᠴᠠᠭᠠᠨ ᠯᠠᠮᠠᠬᠠᠢ ᠶ᠋ᠢᠨ ᠣᠨᠴᠠᠭᠠᠢ ᠨᠠᠢᠷᠠᠯᠠᠭ᠎ᠠ ᠶ᠋ᠢᠨ ᠡᠮ ᠭᠡᠭᠴᠢ ᠠᠨᠳᠠᠭᠠᠢ ᠲᠠᠢ᠃ ᠪᠠᠭ᠎ᠠ ᠬᠠᠲᠤᠨ ᠪᠣᠯᠤᠨ ᠴᠡᠴᠡᠭ ᠬᠠᠲᠤᠨ ᠳ᠋ᠤ᠌ ᠡᠮ ᠦ᠋ᠨ ᠬᠥᠯᠭᠡ ᠦᠢᠯᠡᠳᠦᠯ ᠵᠣᠬᠢᠷᠠᠵᠤ ᠬᠠᠲᠤᠨ ᠤ᠋ ᠴᠢᠷᠠᠢ ᠥᠩᠭᠡ ᠲᠡᠭᠰᠢᠷᠡᠨ ᠪᠡᠶ᠎ᠡ ᠯᠠᠭᠱᠠᠨ ᠨᠢ ᠲᠡᠩᠬᠡᠷᠡᠨ᠂ ᠰᠡᠳᠬᠢᠯ ᠰᠠᠨᠠᠭ᠎ᠠ᠂ ᠵᠠᠩ ᠠᠭᠠᠯᠢ ᠲᠣᠭᠲᠠᠪᠤᠷᠢᠵᠢᠨ ᠪᠠᠷᠠᠭᠤᠨ ᠬᠦᠩ ᠦ᠋ᠨ ᠬᠣᠰᠢᠭᠤ ᠵᠠᠰᠠᠭ ᠲᠤ ᠥᠩᠭᠡ ᠰᠦᠯᠳᠡ ᠨᠡᠮᠡᠷᠢᠯᠡᠬᠦ ᠶᠠᠳᠠᠬᠤ ᠦᠭᠡᠢ᠁ ᠭᠡᠵᠦ ᠠᠷᠢᠬᠢᠨ ᠳ᠋ᠤ᠌ ᠬᠠᠯᠠᠮᠰᠠᠭᠰᠠᠨ ᠬᠦᠩ ᠨᠣᠶᠠᠨ ᠤ᠋ ᠴᠢᠬᠢᠨ ᠳ᠋ᠦ᠍ ᠤᠷᠠᠨ ᠬᠣᠩᠰᠢᠶᠠᠷ ᠢ᠋ᠶ᠋ᠠᠨ ᠨᠠᠭᠠᠬᠤ ᠳ᠋ᠤ᠌ ᠰᠡᠳᠬᠢᠯ ᠳ᠋ᠦ᠍ ᠠᠶᠠᠯᠳᠠᠭᠰᠠᠨ ᠰᠠᠢᠬᠠᠨ ᠥᠩᠭᠡ ᠶ᠋ᠢᠨ ᠪᠡᠯᠭᠡ ᠲᠡᠢ ᠦᠭᠡᠨ ᠳ᠋ᠦ᠍ᠨᠢ ᠰᠣᠭᠲᠣᠭᠤᠷᠠᠭᠰᠠᠨ ᠬᠦᠩ ᠨᠣᠶᠠᠨ ᠤ᠋《ᠬᠠ ᠬᠠ ᠬᠠ᠁》 ᠭᠡᠵᠦ ᠲᠠᠢᠪᠤᠩ ᠶᠠᠮᠪᠠᠲᠠᠢ ᠢᠨᠢᠶᠡᠬᠦ ᠳᠠᠭᠤᠨ ᠨᠠᠢᠷ ᠤ᠋ᠨ ᠳᠦᠷᠪᠡᠭᠡᠨ ᠳ᠋ᠦ᠍ ᠨᠢᠭᠡ ᠵᠦᠢᠯ ᠦ᠋ᠨ ᠠᠶ᠎ᠠ ᠳ᠋ᠠᠩ ᠪᠣᠯᠵᠤ ᠰᠣᠨᠣᠰᠳᠠᠨ᠎ᠠ᠃ 
       ᠴᠡᠴᠡᠭ ᠬᠠᠲᠤᠨ ᠣᠷᠴᠢᠮ ᠠ᠋ᠴᠠ ᠬᠦᠩ ᠨᠣᠶᠠᠨ ᠤ᠋ ᠦᠢᠯᠡ ᠬᠥᠳᠡᠯᠦᠯ ᠳ᠋ᠦ᠍ ᠳᠤᠷ᠎ᠠ ᠦᠭᠡᠢᠴᠡᠨ ᠰᠠᠢᠳᠠᠵᠤ ᠨᠢᠭᠡ ᠡᠳᠦᠷ ᠮᠠᠭᠤᠳᠠᠵᠤ ᠨᠢᠭᠡ ᠡᠳᠦᠷ ᠬᠠᠪᠤᠷ ᠤ᠋ᠨ ᠲᠩᠷᠢ ᠰᠢᠭ ᠬᠤᠢᠰᠠᠭᠠᠨᠠᠬᠤ ᠴᠢᠷᠠᠢ ᠦᠵᠡᠭᠦᠯᠦᠨ ᠦᠬᠦᠨ᠎ᠡ ᠬᠠᠳᠠᠨ᠎ᠠ ᠭᠡᠵᠦ ᠳᠡᠷᠭᠡᠳᠡᠬᠢ ᠬᠥᠮᠦᠨ ᠢ᠋ᠶ᠋ᠡᠨ ᠠᠶᠤᠯᠭᠠᠵᠤ ᠦᠢᠯᠡ ᠦᠵᠡᠨ᠎ᠡ᠃ ᠮᠠᠨᠴᠤᠷᠭ᠎ᠠ ᠶ᠋ᠢᠨ ᠬᠣᠢᠨ᠎ᠠ ᠠ᠋ᠴᠠ ᠴᠦ᠍ ᠰᠠᠨᠠᠭ᠎ᠠ ᠪᠣᠯᠵᠤ ᠢᠷᠡᠵᠦ ᠣᠴᠢᠬᠤ ᠬᠥᠮᠦᠨ ᠦ᠌ ᠠᠮᠠ ᠬᠠᠷᠠᠵᠤ ᠴᠢᠷᠠᠢᠳᠠᠬᠤ ᠳ᠋ᠠᠭᠠᠨ ᠢᠯᠡ ᠠᠰᠠᠭᠤᠵᠤ ᠴᠢᠳᠠᠯ ᠦᠭᠡᠢ ᠪᠤᠬᠢᠨᠢᠳᠤᠨ᠎ᠠ᠂ ᠢᠩᠭᠢᠵᠦ ᠰᠢᠷ᠎ᠠ ᠡᠳᠦᠷ ᠢ᠋ ᠲᠣᠪᠴᠢᠯᠠᠵᠤ ᠪᠣᠷᠣ ᠬᠣᠨᠣᠭ ᠢ᠋ ᠬᠣᠷᠣᠭᠠᠬᠤ ᠳ᠋ᠠᠭᠠᠨ ᠨᠢᠭᠡ ᠮᠡᠳᠡᠬᠦᠯ᠎ᠡ ᠪᠡᠶ᠎ᠡ ᠨᠢ ᠬᠦᠨᠳᠦ ᠪᠣᠯᠵᠤ ᠢᠳᠡᠭᠡᠨ ᠤᠮᠳᠠᠭᠠᠨ ᠳ᠋ᠤ᠌ ᠳᠤᠷ᠎ᠠ ᠪᠤᠯᠭᠢᠨ ᠣᠭᠰᠢᠭᠤᠯᠵᠤ᠂ ᠶᠠᠭᠤ ᠪᠦᠬᠦᠨ ᠳ᠋ᠦ᠍ ᠤᠴᠠᠭᠠᠷ ᠭᠦᠷᠦᠨ ᠠᠬᠠᠷᠴᠢᠯᠠᠬᠤ ᠨᠢ ᠣᠯᠠᠳᠴᠤ ᠪᠠᠢᠯ᠎ᠠ᠃ 
       ᠴᠡᠴᠡᠭ ᠬᠠᠲᠤᠨ ᠥᠪᠡᠷ ᠦ᠋ᠨ ᠢ᠋ᠶ᠋ᠡᠨ ᠪᠡᠶ᠎ᠡ ᠬᠦᠨᠳᠦ ᠪᠣᠯᠤᠭᠰᠠᠨ ᠢ᠋ᠶ᠋ᠠᠨ ᠬᠦᠩ ᠨᠣᠶᠠᠨ ᠳ᠋ᠤ᠌《ᠣᠳᠣ ᠪᠢ ᠲᠠᠨ ᠳ᠋ᠤ᠌ ᠵᠠᠰᠠᠭ ᠵᠠᠯᠭᠠᠮᠵᠢᠯᠠᠬᠤ ᠬᠥᠪᠡᠭᠦᠨ ᠲᠥᠷᠥᠵᠦ ᠥᠭᠭᠦᠨ᠎ᠡ ᠳᠡ!》 ᠭᠡᠵᠦ ᠭᠠᠪᠢᠶᠠᠷᠬᠠᠨ ᠬᠡᠯᠡᠪᠡᠯ ᠶᠠᠭᠠᠬᠢᠵᠤ ᠴᠦ᠍ ᠪᠠᠶᠠᠷᠯᠠᠨ ᠬᠥᠭᠡᠷᠴᠦ ᠨᠣᠢᠷ ᠬᠣᠭᠣᠯᠠ ᠦᠭᠡᠢ ᠦᠰᠦᠷᠴᠦ ᠴᠠᠮᠨᠠᠬᠤ ᠪᠣᠯ ᠠ᠋ ᠭᠡᠵᠦ ᠪᠣᠳᠣᠬᠤ ᠳ᠋ᠠᠭᠠᠨ ᠥᠪᠡᠷ ᠢ᠋ᠶ᠋ᠡᠨ ᠥᠭᠡᠷ᠎ᠡ ᠨᠢᠭᠡ ᠬᠥᠮᠦᠨ ᠪᠣᠯᠴᠢᠬᠠᠭᠰᠠᠨ ᠰᠢᠭ᠋ ᠰᠠᠨᠠᠭᠳᠠᠨ᠎ᠠ᠃ ᠡᠭᠦᠨ ᠦ᠌ ᠡᠰᠡᠷᠭᠦ ᠪᠡᠷ ᠬᠦᠩ ᠨᠣᠶᠠᠨ ᠪᠠ ᠡᠨᠡ ᠲᠡᠷᠡ ᠳᠡᠭᠡᠷ᠎ᠡ ᠳᠣᠣᠷᠠᠬᠢ ᠬᠥᠮᠦᠰ ᠪᠦᠷ ᠤᠰᠤᠨ ᠲᠠᠷᠢᠬᠢ ᠲᠠᠢ ᠲᠡᠨᠡᠭ ᠪᠢᠰᠢ ᠯᠡ ᠶᠦᠮ ᠪᠣᠯ ᠶᠠᠭᠤᠮ᠎ᠠ ᠶᠠᠭᠤᠮᠠᠨ ᠤ᠋ ᠭᠣᠭᠴᠣᠭ᠎ᠠ ᠰᠦᠪᠡᠭᠴᠢ ᠶ᠋ᠢ ᠣᠨᠢᠯᠠᠵᠤ ᠮᠡᠳᠡᠬᠦ ᠦᠭᠡᠢ ᠭᠡᠵᠦ ᠦᠭᠡᠢ᠃ ᠲᠡᠢᠮᠦ ᠬᠦᠦ ᠲᠥᠷᠥᠳᠡᠭ ᠪᠠᠢᠭᠰᠠᠨ ᠪᠣᠯ ᠡᠮᠦᠨ᠎ᠡ ᠬᠡᠳᠦᠨ ᠵᠢᠯ ᠬᠦᠩ ᠨᠣᠶᠠᠨ ᠢ᠋ ᠬᠠᠵᠠᠬᠤ ᠠ᠋ᠴᠠ ᠳᠤᠲᠠᠭᠤ ᠦᠭᠡᠢ ᠬᠠᠮᠪᠠᠭᠠᠷᠬᠠᠵᠦ ᠪᠠᠢᠬᠤ ᠳ᠋ᠠᠭᠠᠨ ᠶᠠᠭᠠᠬᠢᠪᠠ⁈ ᠥᠨᠥᠳᠥᠷ ᠬᠠᠷᠢᠨ ᠮᠠᠨᠴᠤᠷᠭ᠎ᠠ ᠲᠠᠢ ᠬᠥᠯ ᠲᠡᠢ ᠪᠣᠯᠤᠯ᠎ᠠ ᠭᠡᠵᠦ ᠬᠥᠮᠦᠰ ᠱᠤᠤᠭᠢᠬᠤ ᠳ᠋ᠤ᠌ ᠬᠦᠦ ᠳᠦᠷᠦᠴᠢᠬᠡᠳᠡᠭ ᠨᠢ? ᠭᠡᠬᠦᠴᠢᠯᠡᠨ ᠬᠡᠯᠡᠬᠦ ᠣᠯᠠᠨ ᠤ᠋ ᠵᠠᠳᠠᠭᠠᠢ ᠠᠮᠠ ᠶ᠋ᠢ ᠬᠡᠨ ᠪᠥᠭᠯᠡᠨ᠎ᠡ? ᠰᠣᠨᠣᠰᠬᠤ ᠪᠦᠭᠦᠳᠡ ᠶ᠋ᠢᠨ ᠣᠩᠭᠣᠷᠬᠠᠢ ᠴᠢᠬᠢ ᠶ᠋ᠢ ᠬᠡᠨ ᠲᠠᠭᠯᠠᠨ᠎ᠠ?
      《ᠲᠣᠯᠣᠭᠠᠢ ᠨᠢ ᠭᠠᠳᠠᠭᠠᠰᠢ ᠪᠠᠨ ᠬᠠᠵᠠᠢᠭᠰᠠᠨ ᠰᠠᠨᠠᠭ᠎ᠠ ᠨᠢ ᠰᠠᠳᠤᠷ ᠢ᠋ᠶ᠋ᠠᠷ ᠭᠠᠰᠢᠯᠤᠭᠰᠠᠨ ᠮᠠᠭᠤ ᠥᠯᠥᠭᠴᠢᠨ᠁》 ᠭᠡᠵᠦ ᠬᠦᠩ ᠨᠣᠶᠠᠨ ᠤ᠋ ᠶᠠᠭᠤ ᠪᠦᠬᠦᠨ ᠢ᠋ ᠨᠡᠪᠲᠡ ᠬᠠᠷᠠᠭᠰᠠᠨ ᠰᠠᠬᠢᠭᠤᠰᠤ ᠬᠥᠮᠦᠨ ᠦ᠌ ᠭᠢᠷᠠᠬᠠᠢ ᠨᠢᠳᠦ ᠪᠡᠷ ᠳᠠᠭᠤᠨ ᠦᠭᠡᠢ ᠵᠠᠩᠳᠤᠷᠬᠤ ᠲᠣᠭᠰᠢᠨ ᠬᠠᠷᠠᠴᠠ ᠨᠡᠲᠦᠭᠡᠷ ᠰᠥᠨᠢ ᠶ᠋ᠢᠨ ᠴᠠᠬᠢᠯᠭᠠᠨ ᠰᠢᠭ᠋ ᠴᠠᠬᠢᠯᠬᠤ ᠳ᠋ᠤ᠌ ᠪᠡᠯᠡᠬᠡᠨ ᠪᠠᠢᠭ᠎ᠠ ᠳ᠋ᠤ᠌ ᠲᠡᠭᠦᠨ ᠦ᠌ ᠳᠣᠣᠷᠠᠲᠤ ᠪᠡᠶ᠎ᠡ ᠳᠠᠭᠠᠷᠠᠳᠠᠰᠤ ᠬᠦᠷᠦᠨ᠎ᠡ᠃ 
       ᠬᠡᠪᠡᠯᠢ ᠳᠣᠲᠣᠷᠠᠬᠢ ᠬᠡᠦᠬᠡᠳ ᠴᠦ᠍ ᠪᠣᠯ ᠮᠠᠨᠴᠤᠷᠭ᠎ᠠ ᠶ᠋ᠢᠨ ᠬᠢ ᠮᠥᠨ ᠭᠡᠳᠡᠭ ᠢ᠋ ᠴᠡᠴᠡᠭ ᠬᠠᠲᠤᠨ ᠥᠪᠡᠷ ᠢ᠋ᠶ᠋ᠡᠨ ᠲᠣᠪ ᠲᠣᠳᠣᠷᠬᠠᠢ ᠮᠡᠳᠡᠨ᠎ᠡ᠃ ᠭᠡᠬᠦ ᠳ᠋ᠡᠭᠡᠨ ᠬᠦᠩ ᠨᠣᠶᠠᠨ ᠳ᠋ᠤ᠌ ᠬᠦᠦ ᠲᠥᠷᠥᠭᠡᠳ ᠯᠡ ᠴᠢᠳᠠᠳᠠᠭ ᠪᠣᠯ ᠬᠡᠳᠦᠨ ᠬᠠᠲᠤᠳ ᠤ᠋ᠨ ᠳᠣᠲᠣᠷ᠎ᠠ ᠪᠠᠨ ᠠᠮᠢᠳᠤ ᠣᠷᠬᠣᠳᠠᠢ ᠪᠣᠯᠵᠤ ᠪᠠᠷᠠᠭᠤᠨ ᠬᠦᠩ ᠦ᠋ᠨ ᠬᠢᠨ ᠳ᠋ᠡᠭᠡᠨ ᠴᠦ᠍ ᠪᠦᠭᠦᠳᠡ ᠶ᠋ᠢᠨ《ᠡᠮᠡᠭᠡ ᠡᠵᠢ》 ᠪᠣᠯᠵᠤ ᠭᠡᠳᠡᠢᠬᠦ ᠨᠢ ᠮᠡᠳᠡᠭᠡᠵᠢ᠃ ᠮᠠᠨᠴᠤᠷᠭ᠎ᠠ ᠲᠠᠢ ᠬᠠᠨᠢᠯᠠᠵᠤ ᠮᠠᠬᠠᠪᠣᠳ ᠤ᠋ᠨ ᠢ᠋ᠶ᠋ᠠᠨ ᠶᠡᠬᠡ ᠲᠠᠴᠢᠶᠠᠯ ᠰᠢᠨᠤᠯ ᠤ᠋ᠨ ᠪᠠᠬ᠎ᠠ ᠶ᠋ᠢ ᠬᠠᠩᠭᠠᠵᠤ ᠪᠠᠰᠠ ᠬᠦᠦ ᠲᠥᠷᠥᠭᠡᠳ ᠥᠭᠴᠢᠬᠡᠳᠡᠭ ᠬᠣᠣᠰ ᠭᠠᠨᠵᠤᠭ᠎ᠠ ᠲᠠᠢ ᠠᠵᠠ ᠶ᠋ᠢᠨ ᠶᠠᠪᠤᠳᠠᠯ ᠢ᠋ ᠭᠡᠭᠡᠨ ᠴᠠᠭᠠᠨ ᠡᠳᠦᠷ ᠢ᠋ᠶ᠋ᠡᠷ ᠵᠤᠯᠠ ᠪᠠᠷᠢᠭᠠᠳ ᠴᠦ᠍ ᠣᠯᠬᠤ ᠤᠤ ᠳᠠ! ᠭᠡᠵᠦ ᠡᠭᠦᠯᠡᠨ ᠴᠢᠯᠥᠭᠡᠨ ᠳ᠋ᠦ᠍ ᠭᠢᠯᠠᠰᠬᠤ ᠨᠠᠷᠠᠨ ᠤ᠋ ᠬᠤᠷᠴᠠ ᠭᠡᠷᠡᠯ ᠦ᠋ᠨ ᠢᠪᠡᠭᠡᠯ ᠢ᠋ᠶ᠋ᠡᠷ ᠪᠠᠷᠳᠠᠮ ᠰᠠᠨᠠᠭᠰᠠᠨ ᠨᠢ ᠪᠤᠷᠤᠭᠤ ᠪᠠᠢᠵᠠᠢ᠃ 
       ᠲᠥᠷᠥᠯᠬᠢ ᠡᠬᠡ ᠶ᠋ᠢᠨ ᠢ᠋ᠶ᠋ᠡᠨ ᠤᠭᠤᠷᠠᠭ ᠲᠤ ᠴᠠᠳᠤᠭᠰᠠᠨ ᠦᠭᠡᠢ ᠶᠦᠮ ᠰᠢᠭ ᠶᠠᠭᠤᠮ᠎ᠠ ᠪᠣᠯᠭᠠᠨ ᠳ᠋ᠤ᠌ ᠳᠡᠯᠳᠡᠭᠡᠨᠡᠭᠡᠳ ᠴᠦᠯ ᠴᠦᠯ ᠭᠡᠵᠦ ᠰᠢᠩᠰᠢᠯᠡᠵᠦ ᠭᠦᠶᠦᠳᠡᠭ ᠥᠯᠵᠠᠢᠰᠠᠩ ᠪᠠᠢᠳᠠᠭ ᠶᠠᠭᠤᠮ᠎ᠠ ᠶ᠋ᠢ ᠦᠭᠡᠢ ᠬᠢᠭᠰᠡᠨ ᠦᠭᠡᠢ ᠪᠣᠯ ᠬᠤᠪᠢ ᠵᠠᠶᠠᠭᠠᠨ ᠤ᠋ ᠲᠥᠯᠭᠡ ᠲᠠᠩᠳᠠ ᠬᠡᠢ ᠮᠣᠷᠢ ᠲᠠᠢ ᠪᠠᠭᠤᠬᠤ ᠪᠠᠢᠭᠰᠠᠨ ᠳᠠ! ᠬᠡᠷᠢᠶ᠎ᠡ ᠳᠤᠩᠰᠢᠬᠤ ᠦᠭᠡᠢ ᠣᠭᠣᠲᠣᠨ᠎ᠠ ᠶ᠋ᠢᠨ ᠵᠣᠪᠠᠯᠭ᠎ᠠ ᠰᠢᠭ᠋ ᠬᠥᠮᠦᠨ ᠪᠣᠯᠭᠠᠨ ᠢ᠋ ᠦᠭᠡᠢ ᠬᠢᠭᠡᠳ ᠥᠪᠡᠷ ᠢ᠋ᠶ᠋ᠡᠨ ᠦᠬᠦᠵᠦ ᠠᠮᠠᠷᠠᠯ᠎ᠠ ᠭᠡᠵᠦ ᠰᠠᠨᠠᠪᠠ ᠤᠤ ᠳᠠ! ᠦᠭᠦᠴᠢᠭᠰᠡᠨ ᠴᠦ᠍ ᠵᠠᠭᠤᠷᠮᠠᠭ ᠰᠦᠨᠡᠰᠦ ᠴᠢᠨᠢ ᠠᠷᠪᠠᠨ ᠨᠠᠢ᠍ᠮᠠᠨ ᠲᠠᠮᠤ ᠶ᠋ᠢᠨ ᠢᠷᠣᠭᠠᠷ ᠲᠤ ᠣᠷᠣᠵᠤ ᠦᠢᠯᠡ ᠪᠡᠨ ᠡᠳ᠋ᠯᠡᠬᠦ ᠡᠴᠡ ᠳᠤᠲᠠᠭᠤᠳᠠᠬᠤ ᠦᠭᠡᠢ ᠠ᠋! ᠭᠡᠵᠦ ᠪᠦᠬᠦᠢᠯᠡ ᠪᠤᠬᠢᠨᠢᠳᠤᠯ ᠤᠴᠠᠭᠠᠷ ᠢ᠋ᠶ᠋ᠠᠨ ᠨᠢᠭᠦᠯ ᠦ᠋ᠨ ᠦᠨᠳᠦᠰᠦ ᠥᠯᠵᠡᠢᠰᠠᠩ ᠳ᠋ᠤ᠌ ᠲᠤᠯᠤᠮᠯᠠᠵᠤ ᠴᠢᠬᠢᠭᠡᠳ ᠣᠳᠣ ᠬᠦᠩ ᠨᠣᠶᠠᠨ ᠤ᠋ ᠢᠲᠡᠭᠡᠯ ᠬᠦᠨᠳᠦ ᠶ᠋ᠢ ᠣᠯᠬᠤ ᠶ᠋ᠢ ᠰᠠᠨᠠᠵᠤ ᠤᠷᠠᠨ ᠬᠣᠩᠰᠢᠶᠠᠷᠲᠤ ᠤᠬᠠᠭᠠᠨ ᠤ᠋ ᠤᠭᠤᠲᠠ ᠮᠨᠨᠤᠪᠠᠳᠮ᠎ᠠ ᠶ᠋ᠢ ᠰᠠᠨᠠᠵᠤ ᠣᠯᠤᠨ ᠲᠦᠵᠢᠷᠡᠭᠰᠡᠨ ᠲᠠᠷᠢᠬᠢ ᠲᠣᠯᠣᠭᠠᠢ ᠨᠢ ᠰᠡᠬᠡᠰᠬᠢᠨ ᠪᠡᠶ᠎ᠡ ᠨᠢ ᠬᠥᠩᠭᠡᠷᠡᠬᠦ ᠰᠢᠭ ᠪᠣᠯᠪᠠ᠃ 
       ᠨᠢᠭᠡ ᠤᠳᠠᠭ᠎ᠠ ᠮᠠᠨᠤᠪᠠᠳᠮ᠎ᠠ ᠬᠥᠭᠰᠢᠨ ᠮᠡᠷᠭᠡᠨ ᠴᠠᠭᠠᠨ ᠯᠠᠮᠠᠬᠠᠢ ᠠ᠋ᠴᠠ ᠪᠠᠭ᠎ᠠ ᠬᠠᠲᠤᠨ ᠳ᠋ᠤ᠌ ᠨᠢᠭᠡ ᠵᠦᠢᠯ ᠦ᠋ᠨ ᠣᠨᠴᠠᠭᠠᠢ ᠨᠠᠢᠷᠠᠯᠭ᠎ᠠ ᠲᠠᠢ ᠡᠮ— ᠲᠥᠷᠥᠳᠡᠭ ᠦᠭᠡᠢ ᠡᠮ᠎ᠡ ᠶ᠋ᠢ ᠲᠥᠷᠥᠭᠦᠯᠵᠦ ᠴᠢᠳᠠᠬᠤ ᠣᠷᠬᠣᠳᠠᠢ ᠠ᠋ᠴᠠ ᠦᠨᠡᠲᠡᠢ ᠡᠮ ᠵᠠᠯᠠᠵᠤ ᠠᠪᠴᠢᠷᠠᠨ ᠤᠤᠭᠤᠯᠭᠠᠯ᠎ᠠ ᠭᠡᠵᠦ ᠢᠨᠵᠢ ᠬᠡᠦᠬᠡᠨ ᠨᠣᠮᠢᠨ ᠤ᠋ ᠠᠮᠠ ᠠ᠋ᠴᠠ ᠰᠣᠨᠣᠰᠤᠭᠰᠠᠨ ᠢ᠋ᠶ᠋ᠠᠨ ᠲᠡᠷᠡ ᠳᠣᠣᠷ᠎ᠠ ᠪᠠᠨ ᠠᠲᠠᠭ᠎ᠠ ᠨᠢ ᠬᠥᠳᠡᠯᠦᠨ ᠮᠠᠨᠤᠪᠠᠳᠮ᠎ᠠ ᠬᠥᠭᠰᠢᠨ ᠢ᠋ ᠬᠣᠷᠣᠰᠬᠤ ᠳ᠋ᠠᠭᠠᠨ《ᠵᠦᠭᠡᠷ ᠰᠠᠭᠤᠵᠤ ᠴᠢᠳᠠᠳᠠᠭ ᠦᠭᠡᠢ ᠮᠠᠭᠤ ᠴᠢᠪᠠᠭᠠᠨᠴᠠ ᠲᠡᠷᠡ ᠵᠠᠪ ᠦᠭᠡᠢ ᠪᠠᠭ᠎ᠠ ᠬᠠᠲᠤᠨ ᠢ᠋ ᠵᠢᠰᠤᠷᠳᠠᠵᠤ᠂ ᠡᠷ᠎ᠡ ᠡᠮ᠎ᠡ ᠶ᠋ᠢᠨ ᠪᠥᠭᠰᠡᠨ ᠦ᠌ ᠤᠴᠢᠷ ᠲᠤ ᠵᠠᠯᠬᠠᠭᠤ ᠦᠭᠡᠢ ᠵᠢᠷᠣᠭᠠᠯᠠᠳᠠᠭ ᠨᠢ》 ᠭᠡᠵᠦ ᠬᠠᠷᠢᠶᠠᠭᠰᠠᠨ ᠪᠣᠯᠪᠠᠴᠤ ᠰᠡᠭᠦᠯ ᠳ᠋ᠡᠭᠡᠨ ᠲᠡᠷᠡ ᠮᠡᠨᠤᠪᠠᠳᠮ᠎ᠠ ᠠ᠋ᠴᠠ ᠡᠮ ᠢ᠋ ᠣᠯᠵᠤ ᠤᠤᠭᠤᠭᠰᠠᠨ ᠪᠢᠯᠡ᠃ ᠡᠭᠦᠨ ᠢ᠋ᠶ᠋ᠡᠷ ᠢ᠋ᠶ᠋ᠡᠨ ᠯᠡ ᠰᠡᠵᠢᠭ ᠠᠯᠳᠠᠷᠠᠭᠠᠵᠤ ᠬᠠᠢᠬᠤᠷ ᠬᠣᠬᠤᠤ ᠨᠢ ᠡᠷᠭᠢᠭᠰᠡᠨ ᠶᠠᠪᠤᠳᠠᠯ ᠬᠢᠬᠦ ᠳ᠋ᠦ᠍ ᠠᠰᠢᠭᠲᠠᠢ ᠶᠠᠭᠤᠮ᠎ᠠ ᠪᠣᠯᠤᠭ᠎ᠠ ᠶ᠋ᠢ ᠰᠠᠨᠠᠵᠤ ᠳᠣᠲᠣᠷ᠎ᠠ ᠨᠢ ᠬᠡᠰᠡᠭ ᠣᠩᠭᠣᠢᠯ᠎ᠠ᠃ 
       ᠨᠠᠢᠷ ᠤ᠋ᠨ ᠬᠥᠮᠦᠰ ᠶᠡᠬᠡ ᠣᠷᠣᠢ ᠪᠣᠯᠲᠠᠯ᠎ᠠ ᠱᠤᠤᠭᠢᠯᠳᠤᠵᠤ ᠪᠠᠢᠭᠰᠠᠨ ᠢ᠋ᠶ᠋ᠠᠨ ᠲᠠᠷᠬᠠᠪᠠ ᠪᠣᠯᠤᠯᠲᠠᠢ ᠴᠢᠮᠡᠭᠡ ᠠᠯᠳᠠᠷᠠᠵᠤ ᠬᠠᠶᠠ ᠰᠣᠭᠲᠣᠭᠤ ᠬᠥᠮᠦᠰ ᠦ᠋ᠨ ᠳᠡᠭᠡᠷ᠎ᠡ ᠳᠣᠣᠷ᠎ᠠ ᠪᠠᠷᠬᠢᠷᠠᠬᠤ ᠪᠠ ᠵᠠᠭᠤᠷᠮᠠᠭ ᠳᠠᠭᠤᠤ ᠠᠶᠠᠯᠠᠬᠤ ᠳᠠᠭᠤᠨ ᠰᠥᠨᠢ ᠶ᠋ᠢᠨ ᠨᠣᠮ ᠭᠦᠨ ᠢ᠋ ᠡᠪᠳᠡᠵᠦ ᠪᠠᠢᠯ᠎ᠠ᠃ 
       ᠴᠡᠴᠡᠭ ᠬᠠᠲᠤᠨ ᠬᠡᠪᠡᠯᠢ ᠳ᠋ᠦ᠍ᠨᠢ ᠭᠦᠷᠪᠡᠯᠵᠡᠬᠦ ᠪᠢᠴᠢᠬᠠᠨ ᠠᠮᠢ ᠶ᠋ᠢᠨ ᠬᠤᠪᠢ ᠵᠠᠶᠠᠭᠠᠨ ᠤ᠋ ᠲᠤᠬᠠᠢ ᠡᠯᠳᠡᠪ ᠢ᠋ ᠰᠦᠪᠡᠯᠡᠨ ᠪᠣᠳᠣᠵᠤ ᠨᠣᠢᠷ ᠬᠤᠯᠵᠢᠨ ᠬᠡᠪᠲᠡᠬᠦ ᠳ᠋ᠡᠭᠡᠨ《 ᠬᠦᠩ ᠨᠣᠶᠠᠨ ᠣᠳᠣ ᠪᠠᠰᠠ ᠰᠣᠭᠲᠣᠭᠤ ᠪᠠᠷ ᠢ᠋ᠶ᠋ᠠᠨ ᠥᠨᠥᠬᠢ ᠶ᠋ᠢ ᠡᠭᠦᠯᠲᠦᠬᠦ ①  ᠪᠠᠨ ᠵᠣᠭᠰᠣᠬᠤ ᠦᠭᠡᠢ᠃ ᠶᠠᠭᠠᠬᠢᠳᠠᠭ ᠪᠢᠯᠡ ᠳᠠ⁈》 ᠭᠡᠵᠦ ᠰᠠᠨᠠᠭᠠᠰᠢᠷᠠᠨ ᠬᠡᠪᠲᠡᠲᠡᠯ᠎ᠡ ᠲᠦᠵᠢᠷ ᠪᠠᠵᠢᠷ ᠭᠡᠭᠰᠡᠭᠡᠷ ᠬᠦᠩ ᠨᠣᠶᠠᠨ ᠣᠷᠣᠵᠤ ᠢᠷᠡᠪᠡ᠃ 
       ᠰᠢᠷᠠᠪᠳᠣᠷᠵᠢ ᠬᠦᠩ ᠨᠣᠶᠠᠨ ᠥᠨᠥᠳᠥᠷ ᠱᠠᠯ ᠰᠣᠭᠲᠣᠵᠠᠢ᠃ 
       ᠬᠣᠶᠠᠷ ᠰᠢᠪᠡᠭᠴᠢᠨ ᠥᠬᠢᠨ ᠬᠦᠩ ᠨᠣᠶᠠᠨ ᠤ᠋ ᠬᠤᠪᠴᠠᠰᠤ ᠬᠤᠨᠠᠷ ᠢ᠋ ᠲᠠᠢᠴᠢᠵᠤ ᠬᠡᠪᠲᠡᠭᠦᠯᠬᠦ ᠭᠡᠬᠦ ᠳ᠋ᠦ᠍ ᠬᠦᠩ ᠨᠣᠶᠠᠨ᠄ 
       — ᠲᠠ ᠬᠣᠶᠠᠷ ᠭᠠᠷ! ᠪᠢ ᠰᠣᠭᠲᠣᠭ᠎ᠠ ᠦᠭᠡᠢ᠁ ᠭᠡᠰᠡᠨ ᠳ᠋ᠦ᠍ ᠬᠣᠶᠠᠷ ᠰᠢᠪᠡᠭᠴᠢᠨ ᠰᠠᠨᠳᠤᠷᠤᠨ ᠭᠠᠷᠴᠤ ᠶᠠᠪᠤᠪᠠ᠃
       — ᠴᠡᠴᠡᠭ ᠠ᠋! ᠠᠯᠢ ᠪᠠᠢᠵᠠ᠂ ᠨᠠᠭᠠᠰᠢ ᠮᠢᠨᠦ ᠡᠪᠦᠷ ᠲᠦ᠍ ᠣᠷᠣ! ᠪᠢ ᠴᠢᠮᠠᠶ᠋ᠢ ᠪᠠᠨ ᠯᠠ ᠥᠬᠥᠭᠡᠷᠳᠡᠵᠦ ᠮᠠᠭᠤ ᠵᠠᠩ ᠰᠤᠷᠤᠭᠰᠠᠨ᠁ 
       — ᠨᠣᠶᠠᠨ ᠲᠠ ᠶᠡᠬᠡ ᠰᠣᠭᠲᠣᠵᠠᠢ᠃ ᠤᠨᠲᠠᠵᠤ ᠠᠮᠠᠷᠠ! 
       — ᠶᠠᠭᠤ? ᠨᠠᠮᠠᠶ᠋ᠢ ᠰᠣᠭᠲᠣᠯ᠎ᠠ ᠭᠡᠪᠡ ᠤᠤ ᠴᠢ? ᠮᠠᠨᠴᠤᠷᠭ᠎ᠠ ᠰᠢᠭ᠋ ᠳᠠᠭᠠᠯᠠᠯᠲᠠᠢ ᠬᠠᠷᠠᠭᠳᠠᠬᠤ ᠦᠭᠡᠢ ᠪᠠᠢᠨ᠎ᠠ ᠤᠤ⁈ 
       — ᠦᠭᠡᠢ ᠠ᠋᠂ ᠲᠠ ᠶᠠᠭᠤ ᠶᠠᠷᠢᠭᠠᠳ ᠪᠠᠢᠨ᠎ᠠ ᠪᠣᠢ? ᠪᠡᠶ᠎ᠡ ᠬᠦᠨᠳᠦ ᠪᠣᠯᠤᠭᠰᠠᠨ᠁ 
       — ᠲᠡᠢᠮᠦ ᠠ᠋᠂ ᠪᠢ ᠣᠳᠣ ᠬᠦᠦ ᠲᠡᠢ ᠪᠣᠯᠬᠤ ᠨᠢ ᠠ᠋! 
       —᠁  ᠠᠯᠢ᠂ ᠴᠡᠴᠡᠭ ᠠ᠋᠂ ᠨᠠᠭᠠᠰᠢ ᠪᠠᠨ! ᠪᠢ ᠨᠢᠭᠡ ᠦᠵᠡᠶ᠎ᠡ᠃ ᠮᠢᠨᠦ ᠬᠦᠦ ᠬᠠᠮᠢᠭ᠎ᠠ ᠪᠠᠢᠨ᠎ᠠ? ᠭᠡᠵᠦ ᠬᠦᠩ ᠨᠣᠶᠠᠨ ᠴᠡᠴᠡᠭ ᠬᠠᠲᠤᠨ ᠤ᠋ ᠭᠠᠷ ᠠ᠋ᠴᠠ ᠲᠠᠲᠠᠵᠤ ᠪᠡᠶ᠎ᠡ ᠳ᠋ᠡᠭᠡᠨ ᠣᠢᠷᠠᠲᠤᠭᠤᠯᠤᠭᠠᠳ ᠳᠠᠪᠤᠰᠠᠩ ᠳᠡᠭᠡᠷ᠎ᠡ ᠨᠢ ᠴᠢᠬᠢ ᠪᠡᠨ ᠨᠠᠭᠠᠯᠳᠤᠭᠤᠯᠤᠨ ᠴᠢᠩᠨᠠᠭᠠᠳ᠄ 
       — ᠬᠠᠮᠢᠭ᠎ᠠ ᠪᠣᠢ ᠮᠢᠨᠦ ᠬᠦᠦ? ᠬᠤᠳᠠᠯ᠂ ᠬᠤᠳᠠᠯ ᠠ᠋! ᠭᠡᠰᠡᠨ ᠳ᠋ᠦ᠍ ᠴᠡᠴᠡᠭ ᠬᠠᠲᠤᠨ᠄ 
       — ᠡᠨᠡ ᠪᠢᠰᠢ ᠤᠤ! ᠪᠠᠷᠠᠭᠤᠨ ᠲᠠᠯ᠎ᠠ ᠪᠠᠷ ᠨᠢ ᠳᠣᠣᠷᠠᠬᠠᠨ ᠰᠢᠭ᠋ ᠰᠠᠢᠨ ᠴᠢᠩᠨᠠᠵᠤ ᠦᠵᠡ! ᠬᠡᠪᠡᠯᠢ ᠳᠣᠲᠣᠷ᠎ᠠ ᠦᠯᠦ ᠮᠡᠳᠡᠭ ᠢᠰᠬᠦᠴᠢᠵᠦ ᠯᠡ ᠪᠠᠢᠨ᠎ᠠ ᠰᠢᠲᠠ! ᠭᠡᠰᠡᠨ ᠳ᠋ᠦ᠍ ᠬᠦᠩ ᠨᠣᠶᠠᠨ᠄ 
       — ᠢᠰᠬᠦᠴᠢᠵᠦ ᠪᠠᠢᠨ᠎ᠠ ᠭᠡᠨ᠎ᠡ? ᠥᠨᠥᠬᠢ ᠴᠢᠨᠢ ᠠᠮᠢ ᠣᠷᠣᠴᠢᠬᠠᠵᠤ ᠤᠤ ᠭᠡᠳ ᠴᠡᠴᠡᠭ ᠬᠠᠲᠤᠨ ᠤ᠋ ᠳᠣᠣᠷᠠᠲᠤ ᠪᠡᠶ᠎ᠡ ᠶ᠋ᠢ ᠬᠦᠴᠦᠲᠡᠢ ᠪᠠᠵᠠᠭᠳᠠᠨ᠄
       — ᠮᠠᠭᠤ ᠥᠯᠥᠭᠴᠢᠨ! ᠭᠡᠯ᠎ᠡ᠃
       — ᠶᠣ᠂ ᠠᠯᠠᠯ᠎ᠠ ᠠ᠋! ᠲᠡᠷᠡ ᠶ᠋ᠢ ᠴᠢᠨᠢ ᠲᠡᠭᠡᠵᠦ ᠪᠠᠵᠠᠭᠳᠠᠵᠤ ᠪᠣᠯᠳᠠᠭ ᠤᠤ? ᠲᠠ ᠶᠠᠭᠠᠬᠢᠬᠤ ᠨᠢ ᠪᠣᠢ?  ᠭᠠᠷ ᠢ᠋ᠶ᠋ᠠᠨ ᠰᠤᠯᠠᠯᠠᠭᠠᠴᠢ! ᠭᠡᠵᠦ ᠳᠣᠣᠷᠠᠲᠤ ᠪᠡᠶ᠎ᠡ ᠪᠡᠨ ᠬᠦᠴᠦᠲᠡᠢ ᠪᠠᠵᠠᠭᠳᠠᠭᠤᠯᠤᠭᠰᠠᠨ ᠴᠡᠴᠡᠭ ᠬᠠᠲᠤᠨ ᠡᠪᠡᠳᠬᠦ ᠳ᠋ᠡᠭᠡᠨ ᠬᠦᠩ ᠨᠣᠶᠠᠨ ᠤ᠋ ᠭᠠᠷ ᠢ᠋ ᠲᠦᠯᠬᠢᠨ ᠵᠠᠢᠯᠠᠭᠤᠯᠬᠤ ᠪᠠᠷ ᠣᠷᠣᠯᠳᠣᠨ᠎ᠠ᠃
       — ᠡᠪᠡᠳᠴᠦ ᠪᠠᠢᠨ᠎ᠠ ᠤᠤ? ᠴᠢᠨᠦ ᠬᠡᠪᠡᠯᠢ ᠳ᠋ᠡᠬᠢ ᠴᠢᠨᠢ ᠮᠢᠨᠦ ᠬᠦᠦ ᠮᠥᠨ ᠪᠣᠯ ᠡᠪᠡᠳᠬᠦ ᠶᠣᠰᠣ ᠦᠭᠡᠢ᠃ 
       — ᠲᠠᠨ ᠤ᠋ ᠦᠷ᠎ᠡ ᠦᠨᠳᠦᠰᠦ᠁ ᠭᠡᠵᠦ ᠬᠡᠯᠡᠵᠦ ᠪᠠᠷᠠᠬᠤ ᠠ᠋ᠴᠠ ᠡᠮᠦᠨ᠎ᠡ ᠬᠦᠩ ᠨᠣᠶᠠᠨ᠄ 
       — ᠮᠠᠭᠤ ᠥᠯᠥᠭᠴᠢᠨ! ᠴᠢ ᠬᠢᠷᠢ ᠪᠡᠨ ᠮᠡᠳᠡᠵᠦ ᠬᠤᠴᠠᠭᠠᠷᠠᠢ᠃ ᠨᠣᠬᠠᠢ ᠬᠦᠷᠲᠡᠯ᠎ᠡ ᠡᠵᠡᠨ ᠳ᠋ᠡᠭᠡᠨ ᠦᠨᠡᠨᠴᠢ ᠪᠡᠨ ᠢᠯᠡᠳᠬᠡᠬᠦ ᠭᠡᠵᠦ ᠬᠣᠭᠣᠰᠣᠨ ᠬᠣᠷᠭᠣᠭᠣᠳᠠᠭ ᠦᠭᠡᠢ ᠪᠠᠢᠲᠠᠯ᠎ᠠ ᠴᠢ ᠶᠠᠭᠠᠬᠢᠪᠠ⁈ ᠢᠴᠢᠬᠦ ᠨᠢᠭᠤᠷ ᠲᠠᠭᠠᠨ ᠢᠯᠭᠢ ᠨᠠᠭᠠᠭᠰᠠᠨ ᠮᠠᠭᠤ ᠥᠯᠥᠭᠴᠢᠨ ᠢ᠋ ᠬᠣᠬᠣᠢ᠂ ᠶᠠᠪᠤᠵᠤ ᠶᠠᠪᠤᠵᠤ ᠮᠢᠨᠦ ᠬᠦᠵᠦᠭᠦᠨ ᠳᠡᠭᠡᠷ᠎ᠡ ᠵᠠᠢᠳᠠᠯᠠᠵᠤ ᠲᠣᠯᠣᠭᠠᠢ ᠤᠷᠤᠭᠤ ᠰᠠᠷᠢᠬᠤ ᠨᠢ ᠤᠤ? ᠨᠠᠮᠠᠶ᠋ᠢ ᠡᠮᠡᠭᠡᠯ ᠦ᠋ᠨ ᠢ᠋ᠶ᠋ᠡᠨ ᠠᠷᠤ ᠪᠠᠷ ᠰᠠᠭᠤᠯᠭᠠᠵᠤ᠂ ᠮᠠᠨᠴᠤᠷᠭ᠎ᠠ ᠲᠠᠢ ᠰᠠᠮᠠᠭᠤᠷᠠᠬᠤ ᠳ᠋ᠠᠭᠠᠨ ᠮᠢᠨᠦ  ᠨᠢᠭᠤᠷ ᠲᠤ ᠠᠯᠲᠠ ᠪᠤᠯᠬᠠᠯ᠎ᠠ ᠭᠡᠵᠦ ᠰᠠᠨᠠᠭ᠎ᠠ ᠤᠤ? ᠮᠢᠩᠭᠠᠨᠪᠣᠤ ᠮᠠᠨᠤᠪᠠᠳᠮ᠎ᠠ ᠬᠣᠶᠠᠷ ᠨᠠᠳᠠ《 ᠬᠦᠩ ᠨᠣᠶᠠᠨ ᠬᠦᠦ ᠲᠡᠢ ᠪᠣᠯᠵᠤ ᠬᠥᠯ ᠵᠢᠭᠢᠬᠦ ᠨᠢ ᠠ᠋!》 ᠭᠡᠵᠦ ᠠᠷᠢᠬᠢ ᠪᠠᠷᠢᠳᠠᠭ ᠨᠢ ᠶᠠᠮᠠᠷ ᠰᠠᠨᠠᠭ᠎ᠠ ᠲᠠᠢ ᠶ᠋ᠢ ᠴᠢ ᠮᠡᠳᠡᠬᠦ ᠤᠤ⁈ ᠠ? ᠴᠢᠨᠦ ᠬᠡᠪᠡᠯᠢ ᠳᠣᠲᠣᠷ᠎ᠠ ᠰᠡᠷᠪᠡᠯᠵᠡᠵᠦ ᠪᠠᠢᠭ᠎ᠠ ᠮᠢᠨᠦ ᠬᠦᠦ ᠮᠥᠨ ᠤᠤ? ᠪᠢᠰᠢ ᠤᠤ? ᠠ⁈ ᠴᠡᠴᠡᠭ ᠴᠢ ᠬᠡᠯᠡ᠂ ᠮᠥᠨ ᠤᠤ? ᠦᠭᠡᠢ ᠪᠣᠯ ᠮᠠᠨᠴᠤᠷᠭ᠎ᠠ ᠶ᠋ᠢᠨ ᠬᠢ ᠤᠤ? ᠴᠢᠭᠢᠶᠡᠲᠦᠷᠦᠦ᠂ ᠮᠠᠭᠤ ᠵᠤᠯᠪᠤᠳᠠᠰᠤ ᠶ᠋ᠢ ᠵᠦᠭᠡᠷ᠁ ᠭᠡᠵᠦ ᠬᠦᠩ ᠨᠣᠶᠠᠨ ᠴᠣᠬᠣᠮ ᠮᠠᠨᠴᠤᠷᠭ᠎ᠠ᠂ ᠴᠡᠴᠡᠭ ᠬᠠᠲᠤᠨ᠂ ᠬᠡᠪᠡᠯᠢ ᠳᠣᠲᠣᠷᠠᠬᠢ ᠬᠡᠦᠬᠡᠳ ᠦ᠋ᠨ ᠠᠯᠢᠨ ᠢ᠋ ᠨᠢ ᠬᠠᠷᠢᠶᠠᠵᠤ ᠪᠠᠢᠬᠤ ᠨᠢ ᠦᠯᠦ ᠮᠡᠳᠡᠭᠳᠡᠨ ᠳᠤᠷ᠎ᠠ ᠪᠠᠷ ᠢ᠋ᠶ᠋ᠠᠨ ᠠᠭᠰᠤᠴᠢᠨ ᠬᠠᠰᠬᠢᠷᠤᠨ᠎ᠠ᠃ 
       ᠴᠡᠴᠡᠭ ᠬᠠᠲᠤᠨ ᠬᠦᠩ ᠨᠣᠶᠠᠨ ᠤ᠋ ᠰᠣᠭᠲᠣᠭᠤ ᠪᠠᠷ ᠢ᠋ᠶ᠋ᠠᠨ ᠡᠢᠨ ᠬᠦ᠌ ᠠᠭᠠᠰᠢᠯᠠᠭᠰᠠᠨ ᠳ᠋ᠤ᠌ ᠠᠭᠤᠷ᠂ ᠢᠴᠢᠭᠦᠷᠢ᠂ ᠬᠣᠷᠣ ᠭᠤᠷᠪᠠ ᠵᠡᠷᠭᠡ ᠪᠡᠷ ᠪᠤᠴᠠᠯᠵᠤ᠄
       — ᠲᠣᠩᠭᠣᠰ! ᠪᠠᠭ᠎ᠠ ᠬᠠᠲᠤᠨ᠂ ᠪᠠᠭ᠎ᠠ ᠬᠠᠲᠤᠨ ᠭᠡᠳ ᠪᠡᠷᠬᠡᠳᠡᠵᠦ ᠪᠠᠢᠭᠰᠠᠨ ᠴᠢᠨᠢ ᠬᠠᠮᠢᠭ᠎ᠠ ᠪᠠᠢᠨ᠎ᠠ⁈ ᠥᠨᠥᠬᠢ ᠴᠢᠨᠢ ᠲᠡᠭᠡᠭᠡᠳ ᠲᠠᠨ ᠢ᠋ ᠭᠣᠯᠣᠭᠠᠳ ᠲᠥᠷᠬᠥᠮ ᠳ᠋ᠡᠭᠡᠨ ᠭᠡᠵᠦ ᠨᠡᠷ᠎ᠡ ᠵᠢᠭᠠᠭᠠᠳ ᠬᠠᠮᠢᠭ᠎ᠠ ᠠᠷᠢᠯᠴᠢᠬᠠᠭᠰᠠᠨ ᠢ᠋ ᠬᠡᠨ ᠮᠡᠳᠡᠬᠦ ᠪᠣᠢ! ᠭᠡᠵᠦ ᠭᠠᠰᠢᠭᠤᠨ ᠦᠭᠡ ᠲᠠᠯᠪᠢᠵᠤ᠂ ᠬᠤᠪᠴᠠᠰᠤ ᠬᠤᠨᠠᠷ ᠢ᠋ᠶ᠋ᠠᠨ ᠤᠷᠠᠵᠤ ᠲᠠᠰᠤᠳᠠᠨ ᠰᠠᠪᠠ ᠰᠠᠭᠠᠯᠢ ᠪᠠᠨ ᠪᠠᠯᠪᠠᠵᠤ ᠪᠢᠵᠢᠬᠢᠨᠠᠬᠤ ᠳ᠋ᠤ᠌ ᠢᠨᠵᠢ ᠬᠡᠦᠬᠡᠨ ᠨᠣᠮᠢᠨ ᠰᠠᠨᠳᠤᠷᠴᠤ ᠣᠷᠣᠵᠤ ᠢᠷᠡᠨ ᠴᠡᠴᠡᠭ ᠬᠠᠲᠤᠨ ᠢ᠋ ᠠᠷᠭᠠᠳᠠᠨ ᠳᠣᠳᠣᠮᠳᠠᠵᠤ ᠶᠠᠭᠤᠮ᠎ᠠ ᠬᠡᠦᠮ᠎ᠡ ᠶ᠋ᠢ ᠳᠢᠭᠯᠡᠨ ᠰᠠᠮᠭᠠᠷᠳᠠᠨ᠎ᠠ᠃ ᠢᠩᠭᠢᠬᠦ ᠲᠣᠰᠤᠮ ᠢ᠋ᠶ᠋ᠠᠨ ᠴᠡᠴᠡᠭ ᠬᠠᠲᠤᠨ ᠤᠯᠠᠮ ᠬᠡᠴᠡᠭᠦᠳᠡᠵᠦ ᠢᠨᠵᠢ ᠬᠡᠦᠬᠡᠨ ᠨᠣᠮᠢᠨ ᠤ᠋ ᠡᠮᠦᠨ᠎ᠡ《 ᠦᠬᠦᠨ᠎ᠡ ᠬᠠᠳᠠᠨ᠎ᠠ》 ᠭᠡᠵᠦ ᠰᠦᠢᠳ ᠪᠣᠯᠪᠠ᠃ 
       ᠴᠡᠴᠡᠭ ᠬᠠᠲᠤᠨ ᠤ᠋ ᠥᠷᠥᠭᠡᠨ ᠳ᠋ᠦ᠍ ᠰᠥᠨᠢᠵᠢᠨ ᠦᠢᠮᠡᠭᠡᠨ ᠪᠣᠯᠵᠤ ᠬᠦᠩ ᠨᠣᠶᠠᠨ ᠤ᠋ ᠰᠣᠭᠲᠣᠭᠤ ᠪᠠᠷ ᠠᠭᠰᠤᠮᠨᠠᠬᠤ ᠳᠡᠭᠡᠷ᠎ᠡ ᠳᠣᠣᠷ᠎ᠠ ᠳᠠᠭᠤᠨ ᠪᠠ ᠭᠠᠯᠵᠠᠭᠤ ᠰᠣᠯᠢᠶ᠎ᠠ ᠲᠠᠢ ᠰᠢᠭ᠋ ᠴᠡᠴᠡᠭ ᠬᠠᠲᠤᠨ ᠤ᠋ ᠵᠢᠰ ᠭᠠᠰ ᠭᠡᠵᠦ ᠴᠢᠬᠠᠷᠠᠬᠤ ᠳᠠᠭᠤᠨ ᠦᠷᠭᠦᠯᠵᠢᠯᠡᠵᠦ ᠰᠥᠨᠢ ᠶ᠋ᠢᠨ ᠨᠠᠮ ᠵᠢᠮ ᠢ᠋ ᠡᠪᠳᠡᠵᠦ ᠪᠠᠢᠯ᠎ᠠ᠁
       ᠰᠢᠷᠠᠪᠳᠣᠷᠵᠢ ᠬᠦᠩ ᠨᠣᠶᠠᠨ ᠰᠡᠳᠬᠢᠯ ᠦ᠋ᠨ ᠪᠤᠬᠢᠨᠢᠳᠤᠯ ᠢ᠋ᠶ᠋ᠠᠨ ᠬᠠᠷ᠎ᠠ ᠠᠷᠢᠬᠢ ᠪᠠᠷ ᠮᠢᠨᠴᠦᠷᠡᠭᠦᠯᠵᠦ ᠴᠡᠴᠡᠭ ᠬᠠᠲᠤᠨ ᠴᠦ᠍ ᠶᠤᠮ ᠤᠤ ᠬᠡᠨ ᠳᠦ ᠴᠦ᠍ ᠶᠤᠮ ᠪᠤᠤ ᠮᠡᠳᠡ ᠠᠭᠰᠤᠮ ᠲᠠᠯᠪᠢᠵᠤ ᠲᠠᠯᠪᠢᠵᠤ ᠪᠡᠶ᠎ᠡ ᠰᠡᠳᠬᠢᠯ ᠨᠢ ᠲᠠᠯᠪᠢᠭᠤᠷᠠᠭᠰᠠᠨ ᠪᠣᠯᠤᠯᠲᠠᠢ᠂ ᠲᠡᠨᠳᠡ ᠡᠴᠡ ᠳᠠᠨᠳᠤᠷ ᠮᠥᠨᠳᠥᠷ ᠭᠠᠷᠴᠤ ᠶᠠᠪᠤᠨ ᠨᠥᠭᠦᠭᠡ ᠥᠷᠥᠭᠡᠨ ᠳ᠋ᠡᠭᠡᠨ ᠣᠷᠣᠵᠤ ᠤᠨᠲᠠᠪᠠ᠃

– – – – 
① ᠡᠭᠦᠯᠲᠦᠬᠦ –  ᠣᠷᠣᠯᠳᠤᠬᠤ᠂ ᠪᠠᠷᠢᠮᠨᠠᠬᠤ᠃ ᠪᠠᠰᠠ《ᠥᠭᠡᠯᠳᠦᠬᠦ》᠂《ᠦᠭᠡᠯᠴᠡᠬᠦ》ᠭᠡᠬᠦ ᠮᠡᠲᠦ ᠪᠡᠷ ᠴᠦ᠍ ᠶᠠᠷᠢᠳᠠᠭ᠃ ᠨᠤᠲᠤᠭ ᠦᠨ ᠬᠡᠯᠡᠯᠭᠡ᠃