ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠨᠢᠭᠡᠳᠦᠭᠡᠷ ᠪᠦᠯᠦᠭ <ᠠᠷᠪᠠ> Хан мунын сүүрс < дээд > – Мөнх зохиоов ᠂ дэд бодь – нэгдүгээр бүлэг <10>
ᠳᠡᠳ᠋ ᠪᠣᠲᠢ – ᠨᠢᠭᠡᠳᠦᠭᠡᠷ ᠪᠦᠯᠦᠭ <ᠠᠷᠪᠠ>
ᠳ᠋ᠠᠭᠳᠠᠨ ᠳᠠ ᠯᠠᠮᠠ ᠬᠥᠬᠡᠪᠤᠯᠠᠭ ᠤ᠋ᠨ ᠭᠣᠣᠯ ᠤ᠋ᠨ ᠬᠠᠳᠠᠨ ᠬᠣᠩᠭᠢᠯ ᠳ᠋ᠤ᠌ ᠬᠠᠷ᠎ᠠ ᠴᠡᠷᠢᠭ ᠲᠦ᠍ ᠠᠯᠠᠭᠳᠠᠯ᠎ᠠ ᠭᠡᠳᠡᠭ ᠴᠢᠮᠡᠭᠡ ᠵᠢᠭᠦᠷ ᠤᠷᠭᠤᠵᠤ ᠬᠣᠰᠢᠭᠤ ᠳᠠᠶᠠᠭᠠᠷ ᠮᠡᠳᠡᠬᠦ ᠦᠭᠡᠢ ᠬᠥᠮᠦᠨ ᠦᠭᠡᠢ ᠪᠣᠯᠪᠠ᠃
ᠬᠦᠩ ᠦ᠋ᠨ ᠰᠦᠮ᠎ᠡ ᠶ᠋ᠢᠨ ᠯᠠᠮᠠ ᠨᠠᠷ ᠪᠣᠯᠤᠨ ᠰᠦᠵᠢᠭᠲᠡᠳ᠂ ᠣᠢᠷ᠎ᠠ ᠬᠠᠪᠢ ᠶ᠋ᠢᠨ ᠮᠠᠯᠴᠢᠳ ᠰᠠᠢᠨ ᠳᠤᠷ᠎ᠠ ᠠ᠋ᠴᠠ ᠪᠠᠨ ᠴᠤᠭᠯᠠᠷᠠᠵᠤ ᠳ᠋ᠠᠭᠳᠠᠨ ᠳᠠ ᠯᠠᠮᠠ ᠶ᠋ᠢᠨ ᠲᠣᠯᠣᠭᠠᠢ ᠦᠭᠡᠢ ᠬᠡᠭᠦᠷ ᠪᠡᠶ᠎ᠡ ᠶ᠋ᠢ ᠨᠢ ᠠᠷᠢᠭᠤᠨ ᠴᠢᠨᠠᠷᠲᠤ ᠠᠭᠠᠷᠤᠨ ᠬᠣᠵᠤᠤᠯ᠎ᠠ ᠶ᠋ᠢᠨ ᠴᠣᠭ ᠲᠤ ᠰᠢᠲᠠᠭᠠᠵᠤ᠂ ᠰᠦᠨᠡᠰᠦ ᠶ᠋ᠢ ᠨᠢ ᠭᠠᠯ ᠢ᠋ᠶ᠋ᠠᠷ ᠳᠡᠭᠳᠡᠭᠡᠨ ᠴᠢᠨᠳᠠᠷ ᠢ᠋ ᠨᠢ ᠶᠣᠯᠣ ᠶ᠋ᠢᠨ ᠬᠠᠳᠠᠨ ᠤ᠋ ᠢᠷᠣᠭᠠᠷ ᠲᠤ ᠠᠪᠠᠴᠢᠵᠤ ᠣᠷᠣᠰᠢᠭᠤᠯᠪᠠ᠃
ᠲᠡᠭᠡᠬᠦ ᠳ᠋ᠦ᠍ ᠰᠢᠷᠠᠪᠳᠣᠷᠵᠢ ᠬᠦᠩ ᠨᠣᠶᠠᠨ ᠤ᠋ ᠴᠢᠬᠢᠨ ᠳ᠋ᠦ᠍ ᠳ᠋ᠠᠭᠳᠠᠨ ᠳᠠ ᠯᠠᠮᠠ ᠦᠬᠦᠬᠦ ᠳ᠋ᠡᠭᠡᠨ《ᠰᠢᠷᠠᠪᠳᠣᠷᠵᠢ ᠶ᠋ᠢᠨ ᠡᠭᠡᠮ ᠦ᠋ᠨ ᠶᠠᠰᠤ ᠶ᠋ᠢ ᠲᠡᠮᠦᠷ ᠭᠢᠨᠵᠢ ᠪᠡᠷ ᠣᠭᠣᠰᠣᠷᠯᠠᠵᠤ ᠡᠷᠯᠢᠭ ᠲᠦ᠍ ᠠᠪᠠᠴᠢᠨ᠎ᠠ᠁》 ᠭᠡᠵᠦ ᠬᠠᠳᠠ ᠴᠤᠤᠷᠢᠶᠠᠲᠤᠲᠠᠯᠠ ᠬᠠᠰᠬᠢᠷᠴᠤ ᠪᠠᠢᠪᠠ ᠭᠡᠰᠡᠨ ᠴᠢᠮᠡᠭᠡ ᠶ᠋ᠢ ᠳᠣᠭᠣᠯᠭᠠᠭᠰᠠᠨ ᠳ᠋ᠤ᠌ ᠲᠡᠷᠡ ᠪᠡᠷ ᠠᠶᠤᠬᠤ ᠳ᠋ᠠᠭᠠᠨ ᠬᠤᠢᠬ᠎ᠠ ᠶ᠋ᠢᠨ ᠦᠰᠦ ᠨᠢ ᠵᠠᠷᠠᠭᠠᠨ ᠤ᠋ ᠥᠷᠭᠡᠰᠦ ᠰᠢᠭ ᠠᠷᠵᠠᠢᠨ ᠪᠣᠰᠴᠤ ᠪᠦᠬᠦ ᠪᠡᠶ᠎ᠡ ᠨᠢ ᠪᠢᠵᠢᠷᠡᠦᠲᠦᠵᠡᠢ᠃ ᠲᠡᠢᠨ ᠬᠦ᠌ ᠥᠩᠭᠡᠨ ᠳᠡᠭᠡᠷ᠎ᠡ ᠪᠡᠨ ᠥᠷᠢᠰᠦᠯᠳᠦᠭᠡᠨᠲᠤ ᠶᠡᠬᠡ ᠳᠠᠢᠰᠤᠨ ᠢ᠋ᠶ᠋ᠠᠨ ᠳᠠᠷᠤᠯ᠎ᠠ ᠭᠡᠳᠡᠭ ᠪᠣᠯᠪᠠᠴᠤ ᠦᠨᠡᠨ ᠳ᠋ᠡᠭᠡᠨ ᠳ᠋ᠠᠭᠳᠠᠨ ᠳᠠ ᠯᠠᠮᠠ ᠶ᠋ᠢ ᠠᠯᠠᠭᠰᠠᠨ ᠨᠢ ᠲᠡᠭᠦᠨ ᠦ᠌ ᠣᠶᠤᠨ ᠰᠠᠨᠠᠭᠠᠨ ᠳ᠋ᠤ᠌ ᠠᠢᠩᠭᠤᠷᠢᠲᠤ ᠣᠷᠢᠶᠠᠩᠭᠤ ᠣᠷᠢᠶᠠᠬᠤ ᠮᠡᠲᠦ ᠲᠣᠭᠲᠠᠪᠤᠷᠢ ᠠᠯᠳᠠᠭᠤᠯᠤᠨ ᠪᠠᠢᠨ ᠪᠠᠢᠨ ᠰᠢᠭᠡᠰᠦ ᠨᠢ ᠬᠦᠷᠬᠦ ᠰᠢᠭ ᠪᠣᠯᠳᠠᠭ ᠪᠣᠯᠵᠠᠢ᠃
ᠶᠠᠰᠤᠨ ᠠ᠋ᠴᠠ ᠨᠢ ᠴᠢᠬᠠᠷᠠᠭᠰᠠᠨ ᠬᠦᠢᠲᠡᠨ ᠬᠥᠯᠥᠰᠥ ᠬᠦᠩ ᠨᠣᠶᠠᠨ ᠤ᠋ ᠱᠠᠯᠳᠠᠩ ᠮᠠᠩᠨᠠᠢ ᠶ᠋ᠢ ᠨᠢ ᠳᠠᠭᠠᠭᠠᠳ ᠴᠢᠭᠢᠭᠯᠡᠬᠦ ᠳ᠋ᠦ᠍ ᠪᠦᠬᠦ ᠪᠡᠶ᠎ᠡ ᠶ᠋ᠢᠨ ᠬᠢᠨᠢ ᠶᠠᠰᠤ ᠬᠦᠰᠦ ᠰᠢᠷᠬᠢᠷᠡᠵᠦ ᠡᠪᠡᠳᠬᠦ ᠴᠦ᠍ ᠰᠢᠭ ᠪᠣᠯᠤᠭᠰᠠᠨ ᠳ᠋ᠤ᠌ ᠡᠷᠬᠡ ᠦᠭᠡᠢ ᠳᠠᠯᠤ ᠮᠥᠷᠥ ᠪᠡᠨ ᠰᠢᠯᠭᠡᠭᠡᠪᠡ᠃ ᠡᠨᠡ ᠨᠢ《 ᠠᠯᠢ᠂ ᠨᠠᠭᠠᠰᠢ ᠬᠤᠶᠠᠩ ᠳᠠᠷᠤᠭᠠᠳ ᠠᠯᠢ ᠠ᠋!》 ᠭᠡᠰᠡᠨ ᠳᠠᠭᠤ ᠳᠠᠯᠳᠠ ᠳᠣᠬᠢᠶ᠎ᠠ ᠥᠭᠭᠦᠭᠰᠡᠨ ᠢ᠋ ᠬᠣᠶᠠᠷ ᠰᠢᠪᠡᠭᠴᠢᠨ ᠠᠨᠳᠠᠬᠤ ᠦᠭᠡᠢ ᠣᠢᠯᠠᠭᠠᠵᠤ ᠡᠷᠪᠡᠬᠡᠢ ᠰᠢᠭ ᠨᠡᠮᠡᠰᠬᠢᠨ ᠬᠠᠵᠠᠭᠤ ᠳ᠋ᠤᠨᠢ ᠢᠷᠡᠵᠦ ᠬᠦᠩ ᠨᠣᠶᠠᠨ ᠤ᠋ ᠵᠡᠭᠦᠨ ᠪᠠᠷᠠᠭᠤᠨ ᠮᠥᠷᠥ ᠶ᠋ᠢ ᠵᠠᠪ ᠵᠡᠷᠭᠡ ᠵᠢᠭᠳᠡᠬᠡᠨ ᠰᠠᠢᠬᠠᠨ ᠨᠤᠬᠤᠯᠠᠵᠤ ᠠᠵᠤᠭᠤ!
ᠣ ᠡᠩᠭᠡᠰᠬᠡ᠂ ᠬᠦᠳᠡᠷᠢ ᠵᠢᠭᠠᠷ ᠤ᠋ᠨ ᠦᠨᠦᠷ ᠬᠠᠩᠬᠤᠯᠤᠭᠤᠯᠤᠭᠰᠠᠨ ᠬᠣᠶᠠᠷ ᠰᠢᠪᠡᠭᠴᠢᠨ ᠥᠬᠢᠨ ᠢ᠋ᠶ᠋ᠡᠷ ᠳᠠᠯᠤ ᠮᠥᠷᠦᠨ ᠦ᠌ ᠪᠡᠨ ᠬᠤᠶᠠᠩ ᠢ᠋ ᠨᠤᠬᠤᠭᠤᠯᠵᠤ᠂ ᠪᠡᠶ᠎ᠡ ᠨᠢ ᠲᠠᠢᠪᠤᠰᠢᠷᠠᠨ᠂ ᠤᠷᠲᠤ ᠭᠡᠭᠴᠢ ᠬᠡᠬᠡᠷᠡᠭᠦᠯᠵᠦ᠂ ᠨᠢᠳᠦ ᠪᠡᠨ ᠠᠨᠢᠨ ᠡᠩᠭᠡᠷ ᠲᠡᠬᠢ ᠡᠭᠡᠯᠳᠦᠷᠭᠡᠯᠡᠭᠰᠡᠨ ᠴᠡᠩᠬᠡᠷ ᠬᠠᠰ ᠤ᠋ᠨ ᠡᠷᠢᠭᠡ ᠪᠡᠨ ᠢᠮᠡᠷᠦᠨ ᠦᠷᠭᠡᠯᠡᠲᠡᠯᠡ ᠡᠭᠦᠳᠡᠨ ᠦ᠌ ᠬᠥᠲᠥᠴᠢ᠄
— ᠬᠦᠩ ᠨᠣᠶᠠᠨ ᠳ᠋ᠤ᠌ ᠮᠡᠳᠡᠭᠦᠯᠵᠦ ᠪᠠᠢᠨ᠎ᠠ᠃ ᠬᠦᠨᠳᠦ ᠪᠡᠯᠡᠭ ᠲᠡᠢ ᠨᠢᠭᠡ ᠬᠥᠮᠦᠨ ᠬᠦᠩ ᠨᠣᠶᠠᠨ ᠲᠠᠢ ᠪᠠᠷᠠᠳᠠᠬᠤ ᠭᠡᠨ᠎ᠡ ᠭᠡᠵᠦ ᠮᠡᠬᠦᠢᠨ ᠠᠢᠯᠠᠳᠬᠠᠪᠠᠯ᠂ ᠬᠦᠩ ᠨᠣᠶᠠᠨ ᠰᠠᠨᠠᠭᠠᠨ ᠳ᠋ᠠᠭᠠᠨ ᠳᠡᠮᠡᠢ ᠯᠡ ᠤᠪᠠᠢᠯᠠᠭᠰᠠᠨ ᠦᠭᠡᠢ᠂ ᠲᠠᠩᠳᠠ ᠢᠩᠭᠢᠵᠦ ᠪᠡᠯᠡᠭ ᠡᠷᠭᠦᠴᠡ ᠬᠦᠷᠭᠡᠵᠦ ᠢᠷᠡᠳᠡᠭ ᠲᠦ᠍ ᠬᠦᠯᠢᠶᠡᠨ ᠵᠥᠪᠰᠢᠶᠡᠷᠡᠭᠰᠡᠨ ᠳᠠᠭᠤ ᠦᠭᠡᠢ ᠲᠣᠬᠢᠯᠲᠠ ᠶ᠋ᠢ ᠠᠨᠳᠠᠳᠠᠭ ᠦᠭᠡᠢ ᠬᠥᠲᠥᠴᠢ《 ᠵᠠ》 ᠭᠡᠳ ᠴᠤᠬᠤᠷᠢᠵᠤ ᠭᠠᠷᠪᠠ᠃
ᠨᠣᠶᠠᠨ ᠰᠠᠩ ᠤ᠋ᠨ ᠵᠤᠰᠠᠭᠠᠯ ᠤ᠋ᠨ ᠴᠠᠭᠠᠨ ᠣᠷᠳᠣᠨ ᠤ᠋ ᠭᠣᠣᠯ ᠡᠭᠦᠳᠡ ᠪᠡᠷ ᠤᠯᠠᠭᠠᠨ ᠪᠣᠭᠣᠳᠠᠯ ᠲᠠᠢ ᠨᠦᠰᠡᠷ ᠬᠦᠨᠳᠦ ᠶᠠᠭᠤᠮ᠎ᠠ ᠶ᠋ᠢ ᠭᠤᠷᠪᠠᠨ ᠬᠥᠮᠦᠨ ᠳᠠᠮᠨᠠᠵᠤ ᠣᠷᠣᠯ᠎ᠠ᠃
ᠬᠦᠩ ᠨᠣᠶᠠᠨ ᠤ᠋ ᠵᠥᠭᠡᠯᠡᠨ ᠢᠰᠡᠷᠢᠲᠤ ᠰᠠᠭᠤᠳᠠᠯ ᠤ᠋ᠨ ᠡᠮᠦᠨ᠎ᠡ ᠰᠤᠮᠤᠨ ᠰᠢᠷᠡᠭᠡᠨ ᠳᠡᠭᠡᠷ᠎ᠡ ᠥᠨᠥᠬᠢ ᠪᠣᠭᠣᠳᠠᠯ ᠳ᠋ᠠᠬᠢ ᠯᠦᠨᠳᠦᠭᠡᠷ ᠶᠠᠭᠤᠮ᠎ᠠ ᠶ᠋ᠢ ᠠᠯᠭᠤᠷᠬᠠᠨ ᠠᠪᠠᠴᠢᠵᠤ ᠲᠠᠯᠪᠢᠭᠠᠳ ᠲᠡᠷᠡ ᠭᠤᠷᠪᠠᠭᠤᠯᠠ ᠪᠠᠨ ᠪᠥᠭᠰᠡ ᠪᠡᠷ ᠢ᠋ᠶ᠋ᠡᠨ ᠬᠡᠳᠦᠨ ᠠᠯᠴᠠᠮ ᠴᠤᠬᠤᠷᠢᠨ ᠲᠦᠰ ᠬᠢᠲᠡᠯ᠎ᠡ ᠰᠥᠭᠥᠳᠴᠦ᠄
— ᠡᠷᠬᠢᠮ ᠬᠦᠨᠳᠦᠲᠦ ᠬᠦᠩ ᠨᠣᠶᠠᠨᠲᠠᠨ ᠲᠣᠭᠲᠠᠭᠠᠮᠤ! ᠭᠡᠳ ᠮᠠᠩᠨᠠᠢ ᠪᠠᠨ ᠬᠥᠰᠡᠷ ᠨᠠᠭᠠᠯᠳᠤᠭᠤᠯᠤᠨ ᠮᠥᠷᠭᠥᠪᠡ᠃
《ᠡᠨᠡ ᠤᠯᠠᠭᠠᠨ ᠲᠣᠷᠭᠠᠨ ᠪᠣᠭᠣᠳᠠᠯ ᠲᠠᠢ ᠯᠦᠨᠳᠦᠭᠡᠷ ᠪᠥᠭᠡᠷᠡᠩᠬᠡᠢ ᠶᠠᠭᠤᠮ᠎ᠠ ᠴᠣᠬᠣᠮ ᠶᠠᠭᠤ ᠪᠣᠯᠴᠢᠬᠠᠪᠠ? ᠠᠯᠲᠠ ᠮᠥᠩᠭᠥ ᠴᠦ᠍ ᠯᠠᠪ ᠪᠢᠰᠢ ᠠ᠋! ᠬᠠᠮᠢᠭ᠎ᠠ ᠪᠠᠢᠭᠰᠠᠨ ᠡᠢᠮᠦ ᠬᠠᠳᠠ ᠴᠢᠯᠠᠭᠤ ᠰᠢᠭ᠋ ᠲᠣᠮᠣ ᠪᠦᠳᠦᠭᠦᠨ ᠠᠯᠲᠠ ᠮᠥᠩᠭᠥ ᠪᠠᠢᠳᠠᠭ ᠪᠢᠯᠡ?》 ᠭᠡᠰᠡᠨ ᠰᠢᠦᠬᠡᠨ ᠬᠦᠩ ᠨᠣᠶᠠᠨ ᠨᠥᠭᠦᠭᠡ ᠮᠠᠩᠨᠠᠢ ᠪᠠᠨ ᠬᠥᠰᠡᠷ ᠰᠢᠷᠣᠢᠲᠤᠭᠤᠯᠤᠭᠰᠠᠨ ᠭᠤᠷᠪᠠᠭᠤᠯᠠ ᠶ᠋ᠢ《 ᠪᠣᠰ᠂ ᠪᠣᠰ! ᠲᠠ ᠨᠠᠷ ᠶᠠᠭᠤᠨ ᠤ᠋ ᠬᠥᠮᠦᠨ ᠪᠣᠢ? ᠶᠠᠭᠤ ᠶᠠᠭᠠᠬᠢᠬᠤ ᠨᠢ ᠪᠣᠢ?》 ᠭᠡᠵᠦ ᠤᠴᠢᠷ ᠤᠬᠠᠭᠠᠨ ᠢ᠋ ᠨᠢ ᠣᠯᠬᠤ ᠦᠭᠡᠢ ᠬᠡᠯᠡᠪᠡᠯ ᠳᠤᠮᠳᠠ ᠨᠢ ᠰᠥᠭᠥᠳᠦᠭᠰᠡᠨ ᠨᠢᠭᠡ ᠨᠢ ᠴᠣᠷᠣᠢᠨ ᠪᠣᠰᠴᠤ᠄
— ᠡᠷᠬᠢᠮ ᠬᠦᠨᠳᠦᠲᠦ ᠬᠦᠩ ᠨᠣᠶᠠᠨ ᠠᠭᠤᠴᠢᠯᠠᠬᠤ ᠪᠣᠯᠪᠠ ᠤᠤ? ᠪᠢ᠁ ᠭᠡᠲᠡᠯ᠎ᠡ ᠭᠣᠳ ᠰᠢᠩᠭᠡᠨ ᠳᠠᠭᠤ ᠪᠠᠷ ᠨᠢ ᠰᠢᠷᠠᠪᠳᠣᠷᠵᠢ ᠬᠦᠩ ᠨᠣᠶᠠᠨ ᠰᠣᠴᠢᠵᠤ᠄
— ᠥᠯᠵᠡᠢᠰᠠᠩ⁈ ᠪᠢᠰᠢ᠂ ᠴᠢᠳᠬᠥᠷ! ᠴᠢᠳᠬᠥᠷ᠁ ᠭᠡᠵᠦ ᠤᠤᠯᠭ᠎ᠠ ᠠᠯᠲᠠᠨ ᠪᠠᠷᠬᠢᠷᠠᠪᠠ᠃
— ᠬᠦᠩ ᠨᠣᠶᠠᠨ ᠰᠡᠳᠬᠢᠯ ᠢ᠋ᠶ᠋ᠡᠨ ᠲᠣᠭᠲᠠᠭ᠎ᠠ᠃ ᠪᠢ ᠦᠬᠦᠭᠡ ᠦᠭᠡᠢ ᠰᠢᠦ ᠳᠡ! ᠮᠠᠨᠴᠤᠷᠭ᠎ᠠ ᠨᠠᠮᠠᠶ᠋ᠢ ᠠᠭᠤᠯᠠᠨ ᠳ᠋ᠤ᠌ ᠠᠪᠠᠴᠢᠵᠤ ᠳᠡᠭᠦᠵᠢᠯᠡᠭᠰᠡᠨ᠁ ᠪᠢ ᠦᠬᠦᠭᠡ ᠦᠭᠡᠢ ᠠ᠋! ᠴᠠᠭᠠᠳᠤ ᠡᠳᠦᠷ ᠪᠢ ᠲᠠᠨ ᠳ᠋ᠤ᠌ ᠨᠡᠷ᠎ᠡ ᠦᠭᠡᠢ ᠵᠠᠬᠢᠳᠠᠯ ᠶᠠᠪᠤᠭᠤᠯᠵᠤ ᠳ᠋ᠠᠭᠳᠠᠨ ᠳᠠ ᠯᠠᠮᠠ ᠶ᠋ᠢᠨ ᠰᠤᠷᠠᠭ ᠵᠠᠩᠭᠢ ᠶ᠋ᠢ ᠳᠤᠰᠬᠠᠭᠰᠠᠨ ᠢ᠋ ᠰᠠᠨᠠᠵᠤ ᠪᠠᠢᠭ᠎ᠠ ᠪᠢᠵᠡ? ᠭᠡᠵᠦ ᠣᠯᠠᠨ ᠲᠠᠪᠤᠨ ᠶᠠᠭᠤᠮ᠎ᠠ ᠨᠤᠷᠰᠢᠵᠤ ᠶᠠᠷᠢᠨ᠎ᠠ᠃
ᠬᠦᠩ ᠨᠣᠶᠠᠨ ᠤ᠋ ᠮᠠᠩᠨᠠᠢ ᠳ᠋ᠤ᠌ ᠰᠢᠷ᠎ᠠ ᠪᠤᠷᠴᠠᠭ ᠤ᠋ᠨ ᠴᠢᠨᠡᠭᠡ ᠬᠥᠯᠥᠰᠥ ᠪᠠᠷᠵᠠᠢᠬᠤ ᠶ᠋ᠢ ᠬᠠᠷᠠᠭᠰᠠᠨ ᠰᠢᠪᠡᠭᠴᠢᠨ ᠰᠢᠷ᠎ᠠ ᠳᠤᠷᠳᠤᠩ ᠠᠯᠴᠢᠭᠤᠷ ᠢ᠋ᠶ᠋ᠠᠷ ᠬᠥᠨᠳᠡᠢᠬᠡᠨ ᠰᠡᠪᠢᠵᠦ ᠠᠷᠴᠢᠨ᠎ᠠ᠃
— ᠦᠭᠡᠢ᠂ ᠮᠢᠨᠦ ᠨᠢᠳᠦᠨ ᠳ᠋ᠦ᠍ ᠴᠢᠳᠬᠥᠷ ᠬᠠᠷᠠᠭᠳᠠᠭ᠎ᠠ ᠤᠤ? ᠲᠠ ᠬᠣᠶᠠᠷ ᠲᠤ ᠶᠡᠷᠦ ᠨᠢ ᠭᠤᠷᠪᠠᠨ ᠬᠥᠮᠦᠨ ᠳᠤᠮᠳᠠ ᠪᠠᠨ ᠤᠯᠠᠭᠠᠨ ᠪᠣᠭᠣᠳᠠᠯ ᠲᠠᠢ ᠶᠠᠭᠤᠮ᠎ᠠ ᠳᠠᠮᠨᠠᠵᠤ ᠣᠷᠣᠵᠤ ᠢᠷᠡᠭᠰᠡᠨ ᠴᠢᠳᠬᠥᠷ ᠦᠵᠡᠭᠳᠡᠪᠡ ᠤᠤ? ᠭᠡᠵᠦ ᠬᠠᠵᠠᠭᠤ ᠶ᠋ᠢᠨ ᠬᠣᠶᠠᠷ ᠰᠢᠪᠡᠭᠴᠢᠨ ᠡᠴᠡ ᠪᠡᠨ ᠠᠰᠠᠭᠤᠪᠠ᠄
— ᠲᠡᠢᠮᠦ ᠠ᠋! ᠤᠯᠠᠭᠠᠨ ᠪᠣᠭᠣᠳᠠᠯ ᠲᠠᠢ ᠶᠠᠭᠤᠮ᠎ᠠ ᠳᠠᠮᠨᠠᠵᠤ ᠣᠷᠣᠵᠤ ᠢᠷᠡᠭᠡᠳ ᠲᠡᠨᠳᠡ ᠭᠤᠷᠪᠠᠭᠤᠯᠠ ᠪᠠᠨ ᠰᠥᠭᠥᠳᠦᠭᠡ ᠪᠡᠷ ᠢ᠋ᠶ᠋ᠡᠨ᠃
— ᠥᠯᠵᠡᠢᠰᠠᠩ ᠮᠥᠨ ᠪᠢᠵᠡ?
— ᠮᠥᠨ᠂ ᠶᠠᠭ ᠮᠥᠨ! ᠭᠡᠰᠡᠨ ᠢ᠋ ᠰᠣᠨᠣᠰᠤᠭᠰᠠᠨ ᠥᠯᠵᠡᠢᠰᠠᠩ ᠳᠠᠪ ᠬᠢᠨ ᠪᠣᠰᠴᠤ᠄
— ᠬᠦᠩ ᠨᠣᠶᠠᠨ ᠲᠠ ᠨᠠᠮᠠᠶ᠋ᠢ ᠢᠲᠡᠭᠡᠬᠦ ᠦᠭᠡᠢ ᠪᠠᠢᠨ᠎ᠠ ᠤᠤ? ᠲᠠ ᠡᠭᠦᠨ ᠢ᠋ ᠦᠵᠡ! ᠭᠡᠳ ᠡᠷᠡᠬᠡᠢ ᠬᠤᠷᠤᠭᠤᠨ ᠤ᠋ ᠪᠠᠨ ᠥᠨᠳᠡᠭᠡ ᠶ᠋ᠢ ᠬᠠᠵᠠᠵᠤ ᠴᠢᠰᠤ ᠭᠠᠷᠭᠠᠭᠠᠳ᠂《 ᠪᠢ ᠴᠢᠳᠬᠥᠷ ᠪᠢᠰᠢ ᠠ᠋! ᠠᠮᠢᠳᠤ ᠬᠥᠮᠦᠨ ᠪᠠᠢᠭ᠎ᠠ》 ᠭᠡᠰᠡᠨ ᠢ᠋ᠶ᠋ᠡᠨ ᠮᠡᠳᠡᠭᠳᠡᠯ᠎ᠡ᠃
ᠰᠢᠷᠠᠪᠳᠣᠷᠵᠢ ᠬᠦᠩ ᠨᠣᠶᠠᠨ ᠰᠦᠢᠯᠬᠢᠯᠡᠭᠰᠡᠨ ᠠᠮᠢᠰᠬᠤᠭ᠎ᠠ ᠪᠠᠨ ᠳᠠᠷᠤᠵᠤ ᠲᠡᠭᠦᠨ ᠦ᠌ ᠡᠮᠦᠨ᠎ᠡ ᠬᠤᠷᠤᠭᠤ ᠪᠠᠨ ᠬᠠᠵᠠᠵᠤ ᠴᠢᠰᠤ ᠲᠥᠰᠦᠷᠬᠡᠨ ᠵᠣᠭᠰᠣᠭᠰᠠᠨ ᠬᠥᠮᠦᠨ ᠪᠣᠯ ᠥᠯᠵᠡᠢᠰᠠᠩ ᠮᠥᠨ ᠭᠡᠰᠡᠨ ᠢ᠋ ᠪᠠᠲᠤᠲᠠᠢ ᠲᠠᠨᠢᠭᠠᠳ《 ᠶᠠᠭᠠᠬᠢᠭᠠᠳ ᠦᠬᠦᠴᠢᠬᠡᠭᠰᠡᠨ ᠬᠥᠮᠦᠨ ᠪᠣᠰᠴᠤ ᠢᠷᠡᠭᠡᠳ ᠮᠢᠨᠦ ᠡᠮᠦᠨ᠎ᠡ ᠰᠥᠭᠥᠳᠴᠦ ᠪᠠᠢᠭ᠎ᠠ ᠶᠤᠮ》 ᠭᠡᠰᠡᠨ ᠰᠡᠵᠢᠭ ᠨᠢ ᠠᠯᠳᠠᠷᠠᠪᠠ ᠪᠣᠯᠤᠯᠲᠠᠢ᠃ ᠡᠮᠦᠨ᠎ᠡ ᠬᠡᠳᠦᠨ ᠡᠳᠦᠷ ᠨᠡᠷ᠎ᠡ ᠦᠭᠡᠢ ᠵᠠᠬᠢᠳᠠᠯ ᠢᠷᠡᠭᠦᠯᠦᠭᠰᠡᠨ ᠨᠢ ᠥᠯᠵᠡᠢᠰᠠᠩ ᠪᠠᠢᠭᠰᠠᠨ ᠢ᠋ ᠰᠠᠨᠠᠵᠤ《ᠳᠠᠩᠴᠤ ᠨᠢᠭᠡ ᠲᠠᠨᠢᠯ ᠭᠠᠷ ᠤ᠋ᠨ ᠲᠢᠭ ᠪᠠᠢᠭᠰᠠᠨ ᠶᠤᠮ ᠳᠠ》 ᠭᠡᠵᠦ ᠪᠣᠳᠣᠨ ᠰᠠᠨᠠᠭ᠎ᠠ ᠲᠠᠢᠪᠤᠰᠢᠷᠠᠪᠠ᠃
— ᠵᠠ᠂ ᠲᠡᠭᠡᠭᠡᠳ ᠶᠠᠭᠤ ᠪᠠᠢᠨ᠎ᠠ? ᠭᠡᠬᠦ ᠰᠢᠭ ᠬᠦᠩ ᠨᠣᠶᠠᠨ ᠥᠯᠵᠡᠢᠰᠠᠩ ᠳ᠋ᠤ᠌ ᠨᠢᠭᠤᠷ ᠬᠠᠢᠷᠠᠯᠠᠵᠤ ᠨᠢᠳᠦ ᠪᠡᠨ ᠠᠨᠢᠨ ᠬᠤᠶᠠᠩ ᠢ᠋ᠶ᠋ᠠᠨ ᠳᠠᠷᠤᠭᠤᠯᠤᠨ᠎ᠠ᠃ ᠥᠯᠵᠡᠢᠰᠠᠩ ᠬᠠᠨᠴᠤᠢ ᠪᠠᠨ ᠭᠦᠪᠢᠵᠦ ᠨᠥᠭᠦᠭᠡ ᠬᠣᠶᠠᠷ ᠲᠠᠭᠠᠨ ᠨᠢᠳᠦ ᠪᠡᠷ ᠢ᠋ᠶ᠋ᠡᠨ《 ᠤᠯᠠᠭᠠᠨ ᠪᠣᠭᠣᠳᠠᠯ ᠢ᠋ ᠵᠠᠳᠠᠯ》 ᠭᠡᠰᠡᠨ ᠳᠣᠬᠢᠶ᠎ᠠ ᠥᠭᠭᠦᠯ᠎ᠡ᠃
ᠴᠠᠭᠠᠳᠤ ᠬᠣᠶᠠᠷ ᠨᠢ ᠥᠯᠵᠡᠢᠰᠠᠩ ᠤ᠋ᠨ ᠰᠠᠨᠠᠭ᠎ᠠ ᠶ᠋ᠢ ᠣᠢᠯᠠᠭᠠᠵᠤ ᠥᠨᠥᠬᠢ ᠤᠯᠠᠭᠠᠨ ᠪᠣᠭᠣᠳᠠᠯ ᠲᠠᠢ ᠶᠠᠭᠤᠮ᠎ᠠ ᠶ᠋ᠢ ᠮᠠᠰᠢ ᠬᠢᠴᠢᠶᠡᠮᠵᠢᠲᠡᠢᠬᠡᠨ ᠠᠯᠳᠠᠷᠠᠭᠠᠵᠤ ᠳᠡᠯᠭᠡᠭᠰᠡᠨ ᠳ᠋ᠦ᠍ ᠬᠣᠶᠠᠷ ᠰᠢᠪᠡᠭᠴᠢᠨ ᠭᠡᠨᠡᠳᠲᠡ ᠭᠤᠶ᠎ᠠ ᠪᠠᠨ ᠰᠢᠪᠦᠭᠡᠳᠡᠭᠦᠯᠦᠭᠰᠡᠨ ᠰᠢᠭ ᠴᠢᠰ ᠴᠢᠰ ᠪᠠᠷᠬᠢᠷᠠᠨ ᠠᠶᠤᠭᠠᠳ《ᠥᠴᠢᠷᠡᠢ! ᠬᠠᠯᠠᠭ ᠴᠢᠨᠢ!》 ᠭᠡᠵᠦ ᠨᠢᠳᠦ ᠪᠡᠨ ᠲᠠᠭᠯᠠᠨ ᠰᠢᠷᠠᠪᠳᠣᠷᠵᠢ ᠨᠣᠶᠠᠨ ᠤ᠋ ᠠᠷᠤ ᠪᠠᠷ ᠨᠢᠭᠤᠭᠳᠠᠵᠤ ᠰᠤᠭᠤ ᠳᠠᠯᠤ ᠠ᠋ᠴᠠ ᠨᠢ ᠪᠠᠵᠠᠭᠳᠠᠵᠤ ᠲᠡᠷᠯᠢᠭ ᠦ᠋ᠨ ᠬᠢᠨᠢ ᠬᠣᠷᠮᠣᠢ ᠠ᠋ᠴᠠ ᠵᠠᠭᠤᠷᠠᠪᠠ᠃
— ᠦᠭᠡᠢ ᠠ᠋᠂ ᠲᠠ ᠬᠣᠶᠠᠷ ᠴᠢᠨᠢ ᠡᠴᠢᠭᠡ ᠳ᠋ᠡᠭᠡᠨ ᠢᠩᠭᠢᠵᠦ ᠬᠠᠳᠠᠮ ᠡᠬᠡ ᠳ᠋ᠡᠭᠡᠨ ᠬᠠᠰᠠ ᠪᠠᠨ ᠴᠢᠮᠬᠢᠭᠦᠯᠦᠭᠰᠡᠨ ᠰᠢᠭ ᠬᠠᠪᠴᠢᠭᠠᠨᠠᠭᠠ ᠪᠣᠢ? ᠠ⁈ ᠭᠡᠵᠦ ᠰᠤᠭᠤ ᠰᠦᠪᠡᠷᠭᠡ ᠡᠴᠡ ᠪᠡᠨ ᠭᠡᠳᠡᠭᠡᠯᠡᠭᠦᠯᠦᠨ ᠪᠠᠵᠠᠭᠳᠠᠭᠤᠯᠤᠭᠰᠠᠨ ᠬᠦᠩ ᠨᠣᠶᠠᠨ ᠢᠨᠢᠶᠡᠬᠦ ᠴᠦ᠍ ᠪᠢᠰᠢ ᠠᠭᠤᠷᠯᠠᠬᠤ ᠴᠦ᠍ ᠪᠢᠰᠢ《 ᠠᠢ! ᠪᠠᠢᠵᠠ ᠭᠡᠮ! ᠢ᠂ ᠢ᠁》 ᠭᠡᠵᠦ ᠳᠡᠪᠬᠡᠴᠡᠨ ᠤᠬᠠᠭ᠎ᠠ ᠲᠥᠬᠥᠭᠡ ᠶ᠋ᠢ ᠨᠢ ᠣᠯᠬᠤ ᠦᠭᠡᠢ ᠪᠡᠷ 《ᠬᠢ ᠶᠣᠬᠣᠭᠰᠨ! ᠡᠷᠯᠢᠭ ᠢ᠋ᠶ᠋ᠡᠨ ᠡᠷᠢᠭᠰᠡᠨ ᠬᠤᠯᠤᠭᠠᠨ᠎ᠠ ᠮᠤᠤᠷ ᠤ᠋ᠨ ᠪᠤᠬᠤᠷ ᠲᠡᠮᠲᠡᠷᠢᠪᠡ ᠭᠡᠭᠴᠢ ᠡᠨᠡ ᠬᠣᠶᠠᠷ ᠭᠤᠢᠷᠠᠨᠴᠢ ᠶᠠᠭᠠᠬᠢᠯ᠎ᠠ ᠭᠡᠵᠦ ᠬᠡᠢᠷᠬᠡᠨ ᠡᠵᠡᠨ ᠬᠦᠩ ᠢ᠋ᠶ᠋ᠡᠨ ᠭᠡᠳᠡᠭᠡᠯᠡᠵᠦ ᠣᠷᠣᠯᠳᠣᠭ᠎ᠠ ᠪᠣᠢ》 ᠭᠡᠵᠦ ᠣᠷᠢᠯᠠᠵᠤ ᠴᠢᠷᠠᠯᠠᠭᠰᠠᠨ ᠬᠣᠶᠠᠷ ᠰᠢᠪᠡᠭᠴᠢᠨ ᠦ᠌ ᠲᠡᠭᠦᠨ ᠢ᠋ ᠪᠠᠵᠠᠭᠳᠠᠵᠤ ᠵᠠᠭᠤᠷᠠᠯᠳᠤᠭᠰᠠᠨ ᠳ᠋ᠤ᠌ ᠡᠭᠦᠷᠲᠦᠵᠦ ᠡᠮᠦᠨᠡᠬᠢ ᠤᠯᠠᠭᠠᠨ ᠪᠣᠭᠣᠳᠠᠯ ᠲᠠᠢ ᠶᠠᠭᠤᠮ᠎ᠠ ᠶ᠋ᠢ ᠠᠩᠬ᠎ᠠ ᠠᠩᠵᠠᠭᠠᠷᠠᠭᠰᠠᠨ ᠦᠭᠡᠢ᠃
— ᠵᠠ᠂ ᠡᠷᠭᠢᠨ ᠬᠦᠨᠳᠦᠲᠦ ᠬᠦᠩ ᠨᠣᠶᠠᠨ ᠲᠠᠨ ᠳ᠋ᠤ᠌ ᠡᠷᠭᠦᠨ ᠪᠠᠷᠢᠵᠤ ᠪᠠᠢᠨ᠎ᠠ ᠭᠡᠳ ᠥᠯᠵᠡᠢᠰᠠᠩ ᠭᠤᠷᠪᠠᠭᠤᠯᠠ ᠠᠯᠠᠭ᠎ᠠ ᠪᠠᠨ ᠳᠡᠯᠭᠡᠨ《ᠬᠦᠩ ᠨᠣᠶᠠᠨᠲᠠᠨ ᠠ᠋! ᠲᠠᠨ ᠤ᠋ ᠡᠳᠦᠷ ᠰᠥᠨᠢ ᠶ᠋ᠢᠨ ᠬᠤᠪᠢ ᠳ᠋ᠤ᠌ ᠪᠣᠳᠣᠯ ᠵᠡᠭᠦᠳᠦᠨ ᠳ᠋ᠡᠭᠡᠨ ᠬᠦᠰᠡᠭᠰᠡᠭᠡᠷ ᠢᠷᠡᠭᠰᠡᠨ ᠶᠠᠭᠤᠮ᠎ᠠ ᠶ᠋ᠢ ᠲᠠᠨᠢ ᠪᠢᠳᠡ ᠠᠯᠭᠠᠰᠠᠯ ᠦᠭᠡᠢ ᠠᠪᠴᠤ ᠢᠷᠡᠯ᠎ᠡ! ᠠᠭᠤᠴᠢᠯᠠᠨ ᠲᠣᠭᠲᠠᠭᠠᠭᠠᠷᠠᠢ》 ᠭᠡᠰᠡᠨ ᠳ᠋ᠦ᠍ ᠬᠦᠩ ᠨᠣᠶᠠᠨ ᠲᠡᠭᠦᠨ ᠦ᠌ ᠥᠭᠡᠳᠡ ᠡᠴᠡ ᠢᠷᠵᠠᠢᠨ ᠢᠨᠢᠶᠡᠭᠰᠡᠨ ᠳ᠋ᠠᠭᠳᠠᠨ ᠳᠠ ᠯᠠᠮᠠ ᠶ᠋ᠢᠨ ᠯᠠᠨᠲᠤᠭᠠᠷ ᠪᠦᠳᠦᠭᠦᠨ ᠲᠣᠯᠣᠭᠠᠢ ᠠ᠋ᠴᠠ ᠠᠶᠤᠨ ᠭᠡᠯᠮᠡᠵᠦ᠄
— ᠴᠢ᠁ ᠴᠢ᠁ ᠥᠯᠵᠡᠢᠰᠠᠩ ᠠ᠋᠁ ᠭᠡᠵᠦ ᠥᠨᠳᠥᠷ ᠬᠠᠰᠬᠢᠷᠤᠨ ᠪᠥᠭᠰᠡ ᠪᠡᠷ ᠢ᠋ᠶ᠋ᠡᠨ ᠴᠤᠬᠤᠷᠢᠨ ᠭᠡᠯᠳᠦᠷᠢᠬᠢᠯᠡᠪᠡ᠃
— ᠡᠷᠭᠢᠨ ᠨᠣᠶᠠᠨᠲᠠᠨ᠂ ᠲᠠ᠁ ᠲᠠ᠁ ᠶᠠᠭᠠᠬᠢᠴᠢᠬᠠᠪᠠ⁈ ᠳ᠋ᠠᠭᠳᠠᠨ ᠳᠠ ᠯᠠᠮᠠ ᠶ᠋ᠢᠨ ᠲᠣᠯᠣᠭᠠᠢ ᠶ᠋ᠢ ᠬᠡᠨ ᠣᠭᠲᠣᠯᠵᠤ ᠠᠪᠴᠢᠷᠠᠪᠠᠯ ᠬᠡᠨ ᠬᠥᠮᠦᠨ ᠳ᠋ᠦ᠍ ᠬᠦᠨᠳᠦ ᠱᠠᠩ ᠬᠦᠷᠲᠡᠭᠡᠨ᠎ᠡ ᠭᠡᠰᠡᠨ ᠪᠢᠰᠢ ᠤᠤ? ᠣᠳᠣ᠁ ᠣᠳᠣ ᠡᠨᠡ ᠰᠦᠨᠡᠰᠦ ᠦᠭᠡᠢ ᠲᠣᠯᠣᠭᠠᠢ ᠠ᠋ᠴᠠ᠁ ᠶᠠᠭᠤᠨ ᠳ᠋ᠠᠭᠠᠨ ᠢᠩᠭᠢᠵᠦ᠁ ᠭᠡᠳ ᠥᠯᠵᠡᠢᠰᠠᠩ ᠲᠠᠢᠯᠪᠤᠷᠢᠯᠠᠵᠤ ᠬᠡᠯᠡᠬᠦ ᠶ᠋ᠢ ᠬᠦᠩ ᠨᠣᠶᠠᠨ ᠰᠣᠨᠣᠰᠤᠭ᠎ᠠ ᠦᠭᠡᠢ᠃
— ᠳ᠋ᠠᠭᠳᠠᠨ ᠳᠠ ᠯᠠᠮᠠ ᠨᠠᠮᠠᠶ᠋ᠢ ᠭᠢᠨᠵᠢᠯᠡᠬᠦ ᠪᠡᠷ ᠢᠷᠡᠯ᠎ᠡ᠁ ᠭᠡᠵᠦ ᠪᠠᠷᠬᠢᠷᠠᠭᠠᠳ ᠡᠮᠦᠨ᠎ᠡ ᠰᠤᠮᠤᠨ ᠰᠢᠷᠡᠭᠡᠨ ᠳᠡᠭᠡᠷ᠎ᠡ ᠲᠠᠯᠪᠢᠭᠠᠰᠤᠲᠠᠢ ᠤᠯᠠᠭᠠᠨ ᠪᠣᠭᠣᠳᠠᠯ ᠳᠡᠭᠡᠷᠡᠬᠢ ᠳ᠋ᠠᠭᠳᠠᠨ ᠳᠠ ᠯᠠᠮᠠ ᠶ᠋ᠢᠨ ᠲᠣᠯᠣᠭᠠᠢ ᠶ᠋ᠢ ᠨᠢᠳᠦ ᠰᠠᠯᠭᠠᠯ ᠦᠭᠡᠢ ᠰᠢᠷᠳᠡᠵᠦ ᠪᠦᠬᠦ ᠪᠡᠶ᠎ᠡ ᠨᠢ ᠳᠠᠭᠵᠢᠨ᠎ᠠ᠃ ᠲᠡᠭᠡᠬᠦ ᠳ᠋ᠦ᠍ ᠲᠡᠭᠦᠨ ᠦ᠌ ᠨᠢᠳᠦᠨ ᠳ᠋ᠦ᠍ ᠳ᠋ᠠᠭᠳᠠᠨ ᠳᠠ ᠯᠠᠮᠠ ᠶ᠋ᠢᠨ ᠲᠣᠯᠣᠭᠠᠢ ᠣᠪᠣᠰ ᠣᠪᠣᠰ ᠬᠥᠳᠡᠯᠵᠦ ᠰᠤᠮᠤᠨ ᠰᠢᠷᠡᠭᠡᠨ ᠳᠡᠭᠡᠷ᠎ᠡ ᠬᠡᠢ ᠳᠡᠭᠳᠡᠨ ᠪᠥᠮᠪᠥᠭᠡ ᠰᠢᠭ ᠲᠡᠭ ᠲᠡᠭ ᠦᠰᠦᠷᠦᠨ᠎ᠡ᠃ ᠳ᠋ᠠᠭᠳᠠᠨ ᠳᠠ ᠯᠠᠮᠠ ᠶ᠋ᠢᠨ ᠬᠥᠮᠥᠰᠬᠡ ᠨᠢ ᠠᠲᠤᠪᠠᠯᠵᠠᠵᠤ᠂ ᠰᠢᠨ᠎ᠠ ᠨᠢ ᠵᠠᠭᠤᠷᠠᠨ ᠰᠢᠵᠢᠭᠢᠨᠡᠵᠦ ᠨᠢᠳᠦ ᠨᠢ ᠪᠦᠯᠲᠡᠢᠨ ᠬᠠᠳᠠᠭᠠᠨᠠᠲᠠᠯ᠎ᠠ ᠢᠨᠢᠶᠡᠨ᠎ᠡ᠃ ᠬᠠᠳᠠᠭᠠᠨᠠᠲᠠᠯ᠎ᠠ ᠢᠨᠢᠶᠡᠬᠦ ᠳᠠᠭᠤ ᠨᠢ ᠳᠡᠭᠲᠡᠷ ᠭᠠᠴᠠᠭᠠᠨ ᠤ᠋ ᠪᠢᠲᠡᠭᠦᠦ ᠬᠠᠳᠠᠨ ᠬᠣᠩᠭᠢᠯ ᠢ᠋ ᠴᠤᠤᠷᠢᠶᠠᠳᠠᠲᠠᠯᠠ ᠬᠠᠩᠭᠢᠨᠠᠵᠤ ᠪᠠᠢᠭ᠎ᠠ ᠰᠢᠭ᠋ ᠭᠣᠣᠯ ᠴᠠᠭᠠᠨ ᠤᠷᠲᠤ ᠭᠡᠷ ᠦ᠋ᠨ ᠬᠢᠨᠢ ᠬᠠᠨᠠᠨ ᠤ᠋ ᠪᠦᠷᠢᠶᠡᠰᠦ ᠶ᠋ᠢ ᠳᠡᠷᠪᠡᠯᠵᠡᠭᠦᠯᠬᠦ ᠰᠢᠭ ᠪᠣᠯᠤᠯ᠎ᠠ᠁
《ᠠᠪᠠᠭ᠎ᠠ ᠴᠢᠨᠢ ᠡᠷᠯᠢᠭ ᠲᠦ᠍ ᠣᠴᠢᠭᠠᠳ ᠢᠷᠡᠯ᠎ᠡ᠃ ᠲᠡᠭᠡᠭᠡᠳ ᠡᠷᠯᠢᠭ ᠦ᠋ᠨ ᠡᠯᠴᠢ ᠵᠠᠪᠰᠢᠭᠴᠢ ᠰᠢᠷᠠᠪᠳᠣᠷᠵᠢ ᠶ᠋ᠢ ᠲᠡᠮᠦᠷ ᠭᠢᠨᠵᠢ ᠪᠡᠷ ᠭᠢᠨᠵᠢᠯᠡᠵᠦ ᠠᠪᠤᠭᠠᠳ ᠢᠷ᠎ᠡ ᠭᠡᠵᠦ ᠨᠠᠳᠠ ᠲᠤᠰᠢᠶᠠᠪᠠ᠃ ᠬᠥᠮᠦᠨ ᠭᠡᠳᠡᠭ ᠠᠮᠢᠲᠠᠨ ᠦᠬᠦᠯ ᠦ᠋ᠨ ᠳᠠᠩᠰᠠᠨ ᠳ᠋ᠤ᠌ ᠣᠷᠣᠵᠤ ᠡᠷᠯᠢᠭ ᠲᠦ᠍ ᠨᠡᠷ᠎ᠡ ᠪᠡᠨ ᠮᠡᠳᠡᠭᠦᠯᠦᠭᠰᠡᠨ ᠦᠭᠡᠢ ᠦᠶ᠎ᠡ ᠳ᠋ᠦ᠍ ᠪᠡᠶ᠎ᠡ ᠪᠡᠨ ᠮᠡᠳᠡᠳᠡᠭ ᠦᠭᠡᠢ ᠲᠡᠩᠰᠡᠬᠡᠷᠢ ᠦᠭᠡᠢ ᠶᠠᠭᠤᠮ᠎ᠠ ᠪᠠᠢᠳᠠᠭ ᠶᠤᠮ ᠪᠠᠢᠨ᠎ᠠ᠃ ᠬᠥᠮᠦᠨ— ᠲᠣᠭᠣᠰᠣᠲᠤ ᠣᠷᠴᠢᠯᠠᠩ ᠳ᠋ᠤ᠌ ᠠᠴᠠ ᠬᠥᠯ ᠲᠡᠢ᠂ ᠠᠷᠵᠠᠭᠠᠷ ᠲᠣᠯᠣᠭᠠᠢ ᠲᠠᠢ ᠠᠮᠢᠳᠤᠷᠠᠬᠤ ᠳ᠋ᠠᠭᠠᠨ ᠪᠢ ᠳᠡᠯᠡᠬᠡᠢ ᠴᠢ ᠮᠡᠯᠡᠬᠡᠢ ᠭᠡᠵᠦ ᠯᠡ ᠨᠢᠭᠡ ᠨᠢᠭᠡᠨ ᠳ᠋ᠡᠭᠡᠨ ᠳᠡᠭᠡᠷᠡᠯᠬᠡᠵᠦ ᠪᠠᠶᠠᠨ ᠴᠠᠳᠬᠤᠯᠠᠩ ᠨᠢ ᠶᠠᠳᠠᠭᠤ ᠥᠯᠥᠰᠬᠦᠯᠡᠩ ᠢ᠋ᠶ᠋ᠡᠨ ᠪᠣᠭᠣᠯᠴᠢᠯᠠᠵᠤ᠂ ᠡᠷᠬᠡ ᠰᠦᠷ ᠲᠡᠢ ᠨᠢ ᠡᠭᠡᠯ ᠳᠣᠷᠣᠢ ᠪᠠᠨ ᠳᠠᠷᠤᠯᠠᠵᠤ᠂ ᠬᠤᠳᠠᠯᠴᠢ ᠲᠠᠩᠬᠠᠢ ᠨᠢ ᠭᠣᠣᠯᠴᠢ ᠨᠣᠮᠣᠬᠠᠨ ᠢ᠋ᠶ᠋ᠠᠨ ᠮᠡᠬᠡᠯᠡᠵᠦ᠂ ᠬᠤᠯᠠᠭᠠᠢ ᠳᠡᠭᠡᠷᠡᠮ ᠨᠢ ᠬᠡᠪ ᠵᠢᠷᠤᠮᠲᠤ ᠪᠠᠨ ᠲᠣᠨᠣᠳᠠᠭ᠁ ᠪᠥᠮᠪᠥᠷᠢᠭᠡᠨ ᠵᠠᠭᠪᠤᠷᠲᠤ ᠬᠣᠷᠸ᠎ᠠ ᠶ᠋ᠢᠨ ᠡᠨᠡ ᠬᠦ᠌ ᠰᠣᠨᠢᠭᠤᠴᠢᠬᠠᠨ ᠲᠣᠭᠣᠷᠢᠭ ᠲᠤ ᠵᠠᠶᠠᠭ᠎ᠠ ᠪᠠᠨ ᠳᠠᠭᠠᠳᠬᠠᠨ ᠡᠷᠭᠢᠯᠳᠦᠵᠦ ᠬᠣᠨᠵᠢᠭᠰᠠᠨ ᠨᠢᠭᠡ ᠨᠢ ᠤᠯᠠᠮ ᠳᠠᠪᠰᠢᠭᠤᠷᠠᠵᠤ ᠨᠢᠳᠦ ᠨᠢ ᠥᠭᠡᠬᠦᠯᠡᠨ ᠲᠠᠷᠢᠬᠢ ᠨᠢ ᠭᠠᠰᠢᠯᠵᠤ᠂ ᠠᠯᠳᠠᠵᠤ ᠠᠰᠬᠠᠭᠰᠠᠨ ᠨᠥᠭᠦᠭᠡ ᠨᠢ ᠲᠡᠭᠡᠭᠡᠳ ᠬᠤᠪᠢ ᠵᠠᠶᠠᠭ᠎ᠠ ᠮᠠᠭᠤ ᠳ᠋ᠠᠭᠠᠨ ᠭᠡᠵᠦ ᠪᠣᠳᠣᠯ ᠮᠤᠩᠬᠠᠷᠠᠨ ᠵᠢᠷᠦᠬᠡ ᠨᠢ ᠦᠬᠦᠵᠦ ᠪᠠᠢᠳᠠᠭ ᠠᠵᠤᠭᠤ᠃ ᠢᠩᠭᠢᠭᠡᠳ ᠬᠦᠴᠦᠷᠬᠡᠭ ᠠᠢᠮᠠᠭ᠂ ᠳᠣᠷᠣᠢ ᠪᠦᠯᠦᠭ ᠭᠡᠳᠡᠭ ᠬᠣᠶᠠᠷ ᠠᠩᠭᠢ ᠪᠣᠯᠤᠨ ᠵᠠᠳᠠᠷᠠᠵᠤ᠂ ᠬᠦᠴᠦᠷᠬᠡᠭ ᠨᠢ ᠬᠦᠴᠦᠷᠬᠡᠭ ᠲᠡᠢ ᠪᠡᠨ ᠠᠲᠠᠭᠠᠷᠬᠠᠨ ᠵᠠᠨᠴᠢᠯᠳᠤᠵᠤ ᠴᠢᠰᠤ ᠨᠥᠵᠢ ᠪᠡᠷ ᠢ᠋ᠶ᠋ᠡᠨ ᠰᠦᠨᠡᠰᠦ ᠪᠡᠨ ᠤᠮᠳᠠᠯᠠᠵᠤ᠂ ᠡᠷᠯᠢᠭ ᠲᠦ᠍ ᠣᠴᠢᠵᠤ ᠨᠢᠭᠡ ᠪᠡᠨ ᠦᠵᠡᠵᠦ ᠢᠯᠭᠠᠳᠠᠭ ᠠᠵᠤᠭᠤ᠃ ᠳᠣᠷᠣᠢ ᠨᠢ ᠳᠣᠷᠣᠢ ᠲᠠᠢ ᠪᠠᠨ ᠨᠣᠣᠷᠠᠭᠠᠳ ᠨᠣᠣᠰᠣᠨ ᠪᠥᠮᠪᠥᠭᠡ ᠰᠢᠭ ᠡᠷᠢᠶᠡᠨ ᠬᠣᠷᠸ᠎ᠠ ᠡᠷᠯᠢᠭ ᠲᠠᠮᠤ ᠶ᠋ᠢᠨ ᠠᠯᠢᠨ ᠳ᠋ᠤ᠌ ᠴᠦ᠍ ᠬᠠᠮᠢᠶ᠎ᠠ ᠦᠭᠡᠢ ᠮᠡᠲᠦ ᠬᠤᠪᠢ ᠵᠠᠶᠠᠭᠠᠨ ᠤ᠋ ᠪᠤᠶᠠᠨ ᠲᠩᠷᠢ ᠳ᠋ᠡᠭᠡᠨ ᠵᠠᠯᠪᠠᠷᠢᠨ ᠪᠥᠮᠪᠥᠷᠢᠵᠦ ᠯᠡ ᠪᠠᠢᠳᠠᠭ ᠠ᠋᠁ ᠵᠠ᠂ ᠲᠡᠭᠡᠭᠡᠳ ᠡᠷᠯᠢᠭ ᠲᠦ᠍ ᠣᠴᠢᠭᠰᠠᠭᠠᠷ ᠡᠨᠡ ᠬᠣᠷᠸ᠎ᠠ ᠳ᠋ᠤ᠌ ᠪᠠᠢᠭᠰᠠᠨ ᠪᠦᠬᠦᠨ ᠲᠣᠩᠭᠣᠷᠴᠤ ᠨᠣᠶᠠᠨ ᠪᠠᠢᠭᠰᠠᠨ ᠨᠢ ᠪᠣᠭᠣᠯ᠂ ᠪᠣᠭᠣᠯ ᠶᠠᠪᠤᠭᠰᠠᠨ ᠨᠢ ᠨᠣᠶᠠᠨ ᠪᠣᠯᠳᠠᠭ ᠢ᠋ ᠬᠦᠩ ᠨᠣᠶᠠᠨ ᠴᠢ ᠯᠠᠪ ᠮᠡᠳᠡᠬᠦ ᠦᠭᠡᠢ ᠪᠠᠢᠬ᠎ᠠ ᠠ᠋᠁》 ᠭᠡᠳ ᠬᠣᠭᠣᠯᠵᠠᠭᠤᠷ ᠳᠣᠲᠣᠷ᠎ᠠ ᠪᠠᠨ ᠭᠦᠳ ᠭᠦᠳ ᠭᠡᠵᠦ ᠬᠦᠬᠦᠲᠦᠨᠡᠨ ᠢᠨᠢᠶᠡᠬᠦ ᠶᠦᠮ ᠰᠢᠭ! ᠭᠡᠨᠡᠳᠲᠡ ᠳ᠋ᠠᠭᠳᠠᠨ ᠳᠠ ᠯᠠᠮᠠ ᠲᠡᠭᠦᠨ ᠦ᠌ ᠡᠮᠦᠨ᠎ᠡ ᠡᠯᠪᠡᠭ ᠠᠭᠤᠵᠢᠭᠤ ᠡᠷᠢᠩᠭᠡ ᠨᠥᠮᠥᠷᠴᠦ ᠬᠦᠵᠦᠭᠦᠨ ᠳ᠋ᠡᠭᠡᠨ ᠬᠡᠦᠬᠡᠳ ᠦ᠋ᠨ ᠭᠠᠪᠠᠯᠠ ᠶ᠋ᠢᠨ ᠴᠢᠮᠡᠭᠲᠦ ᠡᠷᠢᠭᠡ ᠵᠡᠭᠦᠵᠦ ᠭᠠᠷ ᠲᠠᠭᠠᠨ ᠮᠢᠩᠭᠠᠨ ᠵᠢᠩ ᠦ᠋ᠨ ᠲᠡᠮᠦᠷ ᠭᠢᠨᠵᠢ ᠤᠨᠵᠢᠭᠤᠯᠤᠨ ᠠᠳᠬᠤᠵᠤ《ᠰᠢᠷᠠᠪᠳᠣᠷᠵᠢ ᠠ᠋᠂ ᠵᠠ ᠣᠳᠣ ᠶᠠᠪᠤᠵᠠᠭᠠᠶ᠎ᠠ ᠳᠠ! ᠱᠠᠯᠠᠪᠳᠠᠬᠤ ᠦᠭᠡᠢ ᠪᠣᠯ ᠡᠷᠯᠢᠭ ᠬᠠᠭᠠᠨ ᠠᠭᠤᠷᠯᠠᠨ᠎ᠠ ᠰᠢᠦ!》 ᠭᠡᠳ ᠲᠡᠭᠦᠨ ᠦ᠌ ᠪᠡᠶ᠎ᠡ ᠵᠦᠭ ᠳᠥᠭᠥᠵᠦ ᠣᠢᠷᠠᠳᠬᠤ ᠰᠢᠭ᠋ ᠪᠣᠯᠪᠠ᠃
ᠰᠢᠷᠠᠪᠳᠣᠷᠵᠢ ᠬᠦᠩ ᠨᠣᠶᠠᠨ ᠤ᠋ ᠨᠢᠳᠦᠨ ᠳ᠋ᠦ᠍ ᠦᠨᠡᠬᠡᠷ ᠳ᠋ᠠᠭᠳᠠᠨ ᠳᠠ ᠯᠠᠮᠠ ᠲᠡᠮᠦᠷ ᠭᠢᠨᠵᠢ ᠬᠠᠷᠴᠢᠭᠢᠨᠠᠭᠤᠯᠤᠨ ᠲᠡᠭᠦᠨ ᠢ᠋ ᠭᠢᠨᠵᠢᠯᠡᠬᠦ ᠪᠡᠷ ᠶᠠᠪᠤᠭ᠎ᠠ ᠰᠢᠭ᠋ ᠦᠵᠡᠭᠳᠡᠬᠦ ᠳ᠋ᠦ᠍ ᠠᠶᠤᠬᠤ ᠳ᠋ᠠᠭᠠᠨ ᠠᠷᠤᠨᠰᠢ ᠪᠠᠨ ᠴᠤᠬᠤᠷᠢᠭᠰᠠᠭᠠᠷ ᠪᠠᠢᠵᠤ ᠭᠦᠩᠭᠠᠷᠠᠪᠠ ᠪᠠᠨ ᠮᠥᠷᠭᠥᠵᠦ ᠤᠨᠠᠭᠠᠨ ᠪᠤᠷᠬᠠᠨ ᠤ᠋ ᠰᠠᠭᠤᠳᠠᠯ ᠲᠦᠰᠢᠯᠭᠡ᠂ ᠵᠤᠯᠠ ᠲᠠᠬᠢᠯ᠂ ᠬᠦᠵᠢ ᠭᠥᠯᠢᠰ ᠨᠢ ᠬᠥᠰᠡᠷ ᠳᠦᠭᠦᠷᠡᠩ ᠣᠢᠴᠢᠬᠤ ᠳ᠋ᠤ᠌ ᠥᠪᠡᠷ ᠦ᠋ᠨ ᠪᠡᠶ᠎ᠡ ᠨᠢ ᠴᠦ᠍ ᠲᠩᠷᠢ ᠬᠠᠨᠳᠤᠨ ᠲᠠᠩᠭᠠᠢᠵᠤ《ᠠᠮᠢ ᠠᠪᠤᠷᠠ ᠠ᠋! ᠳ᠋ᠠᠭᠳᠠᠨ ᠳᠠ ᠯᠠᠮᠠ ᠨᠠᠮᠠᠶ᠋ᠢ ᠭᠢᠨᠵᠢᠯᠡᠬᠦ ᠭᠡᠵᠦ ᠪᠠᠢᠨ᠎ᠠ᠁》 ᠭᠡᠵᠦ ᠡᠷᠢᠶᠡᠨ ᠮᠡᠷᠢᠶᠡᠨ ᠢ᠋ᠶ᠋ᠡᠷ ᠪᠠᠷᠬᠢᠷᠠᠪᠠ᠃
《ᠵᠠ᠂ ᠪᠣᠰ! ᠱᠠᠯᠠᠪᠬᠠᠨ ᠶᠠᠪᠤᠵᠠᠭᠠᠶ᠎ᠠ!》 ᠭᠡᠬᠦ ᠳ᠋ᠠᠭᠳᠠᠨ ᠳᠠ ᠯᠠᠮᠠ ᠶ᠋ᠢᠨ ᠬᠦᠩᠭᠢᠨᠡᠭᠰᠡᠨ ᠪᠦᠳᠦᠭᠦᠨ ᠳᠠᠭᠤ ᠳᠤᠭᠤᠯᠳᠠᠬᠤ ᠲᠡᠷᠡ ᠵᠦᠭ ᠬᠠᠷᠠᠪᠠᠯ ᠳ᠋ᠠᠭᠳᠠᠨ ᠳᠠ ᠯᠠᠮᠠ ᠶ᠋ᠢᠨ ᠳᠣᠭᠰᠢᠨ ᠳᠦᠷᠢ ᠨᠢ ᠮᠠᠾᠺᠠᠯᠠ ᠪᠤᠷᠬᠠᠨ ᠤ᠋ ᠳᠦᠷᠢ ᠪᠣᠯᠤᠨ ᠬᠤᠪᠢᠷᠠᠵᠤ ᠬᠠᠷ᠎ᠠ ᠬᠥᠬᠡᠮᠳᠦᠭ ᠬᠦᠳᠡᠷ ᠲᠣᠮᠣ ᠪᠡᠶ᠎ᠡ ᠳ᠋ᠡᠭᠡᠨ ᠬᠦᠷᠡᠩ ᠡᠷᠢᠩᠭᠡ ᠪᠠ ᠲᠠᠩᠱᠠᠮ ᠡᠮᠦᠰᠴᠦ ᠬᠦᠵᠦᠭᠦᠨ ᠳ᠋ᠡᠭᠡᠨ ᠬᠥᠮᠦᠨ ᠦ᠌ ᠶᠠᠰᠤᠨ ᠭᠠᠪᠠᠯᠠ᠂ ᠡᠷᠢᠭᠡ᠂ ᠳᠠᠮᠠᠷᠤ ᠵᠡᠭᠦᠵᠦ ᠵᠢᠷᠭᠤᠭᠠᠨ ᠮᠣᠳᠣᠷ ᠲᠠᠭᠠᠨ ᠰᠠᠷᠠᠨ ᠰᠦᠬᠡ᠂ ᠬᠠᠷᠮᠠᠭᠠ᠂ ᠴᠠᠯᠮ᠎ᠠ᠂ ᠴᠢᠰᠤᠨ ᠭᠠᠪᠠᠯᠠ ᠵᠡᠷᠭᠡ ᠶ᠋ᠢ ᠲᠤᠰ ᠲᠤᠰ ᠪᠠᠷᠢᠭᠰᠠᠨ ᠲᠣᠳᠣᠷᠠᠨ᠎ᠠ᠃ ᠲᠡᠷᠡ ᠨᠢᠭᠡᠮᠦᠰᠦᠨ ᠪᠠᠯᠠᠭ ᠠᠯᠳᠠᠵᠤ ᠭᠡᠷ ᠳᠣᠲᠣᠷᠠᠬᠢ ᠠᠪᠳᠠᠷ᠎ᠠ ᠬᠣᠷᠭᠣ ᠶ᠋ᠢᠨ ᠪᠤᠯᠤᠩ ᠲᠣᠬᠣᠢ ᠶ᠋ᠢ ᠡᠷᠢᠵᠦ ᠪᠡᠶ᠎ᠡ ᠳᠠᠯᠳᠠᠯᠠᠬᠤ ᠪᠠᠷ ᠤᠷᠤᠯᠳᠤᠨ《ᠳ᠋ᠠᠭᠳᠠᠨ ᠳᠠ ᠯᠠᠮᠠ᠁ ᠳ᠋ᠠᠭᠳᠠᠨ᠁ ᠨᠠᠮᠠᠶ᠋ᠢ ᠭᠢᠨᠵᠢᠯᠡᠬᠦ ᠪᠡᠷ᠁》 ᠭᠡᠵᠦ ᠰᠣᠯᠢᠶ᠎ᠠ ᠪᠠᠯᠠᠢ ᠶᠠᠷᠢᠨ ᠳᠡᠭᠡᠷ᠎ᠡ ᠳᠣᠣᠷᠠᠬᠢ ᠬᠥᠮᠦᠰ ᠢ᠋ ᠦᠢᠮᠡᠭᠦᠯᠦᠨ ᠬᠠᠷ᠎ᠠ ᠱᠤᠤᠭᠢᠶᠠᠨ ᠪᠣᠯᠪᠠ᠃
ᠨᠣᠶᠠᠨ ᠰᠠᠩ ᠤ᠋ᠨ ᠬᠢᠨ ᠯᠠᠮᠠ ᠬᠤᠸᠠᠷᠠᠭ ᠵᠠᠯᠠᠵᠤ ᠨᠣᠮ ᠭᠦᠷᠢᠮ ᠤᠩᠰᠢᠭᠤᠯᠤᠨ ᠬᠦᠩ ᠨᠣᠶᠠᠨ ᠢ᠋ ᠲᠦᠷ ᠠᠮᠤᠷᠵᠢᠭᠤᠯᠪᠠ᠃
ᠬᠣᠰᠢᠭᠤ ᠶᠠᠮᠤᠨ ᠤ᠋ ᠪᠠᠷᠠᠭᠤᠨ ᠲᠤᠰᠠᠯᠠᠭᠴᠢ ᠮᠢᠩᠭᠠᠨᠪᠤᠤ᠂ ᠳ᠋ᠠᠭᠳᠠᠨ ᠳᠠ ᠯᠠᠮᠠ ᠶ᠋ᠢᠨ ᠲᠣᠯᠣᠭᠠᠢ ᠶ᠋ᠢ ᠣᠭᠲᠣᠯᠵᠤ ᠠᠪᠴᠢᠷᠠᠨ ᠬᠦᠩ ᠨᠣᠶᠠᠨ ᠢ᠋ ᠠᠶᠤᠯᠭᠠᠨ ᠴᠣᠴᠢᠭᠠᠭᠰᠠᠨ ᠥᠯᠵᠡᠢᠰᠩ ᠵᠡᠷᠭᠡ ᠭᠤᠷᠪᠠᠨ ᠶᠠᠯᠠᠲᠠᠨ ᠢ᠋ ᠰᠢᠭᠦᠪᠡ᠃
ᠬᠦᠯᠢᠶᠡᠰᠦᠲᠡᠢ ᠭᠤᠷᠪᠠᠨ ᠶᠠᠯᠠᠲᠠᠨ ᠬᠣᠰᠢᠭᠤ ᠶᠠᠮᠤᠨ ᠤ᠋ ᠬᠥᠬᠡ ᠲᠣᠭᠣᠰᠬᠠᠨ ᠱᠠᠯᠠᠨ ᠳᠡᠭᠡᠷ᠎ᠡ ᠲᠣᠨᠲᠣᠭᠣᠷ ᠨᠢ ᠳᠥᠨᠳᠥᠢᠵᠦ᠂ ᠲᠣᠯᠣᠭᠠᠢ ᠨᠢ ᠱᠠᠯᠠ ᠨᠠᠭᠠᠯᠳᠤᠨ ᠲᠣᠩᠭᠣᠢᠵᠤ ᠰᠥᠭᠥᠳᠦᠭᠰᠡᠨ ᠪᠠᠢᠯ᠎ᠠ᠃
— ᠳ᠋ᠠᠭᠳᠠᠨ ᠳᠠ ᠯᠠᠮᠠ ᠶ᠋ᠢᠨ ᠲᠣᠯᠣᠭᠠᠢ ᠶ᠋ᠢ ᠬᠡᠨ ᠣᠭᠲᠣᠯᠪᠠ ?
— ᠡᠨᠡ ᠬᠣᠶᠠᠷ! ᠭᠡᠵᠦ ᠬᠠᠵᠠᠭᠤ ᠶ᠋ᠢᠨ ᠬᠣᠶᠠᠷ ᠵᠠᠨᠠᠭ ᠢ᠋ ᠵᠢᠭᠠᠵᠤ ᠥᠯᠵᠡᠢᠰᠠᠩ ᠥᠨᠳᠡᠰᠬᠢᠨ ᠤᠷᠢᠲᠠᠵᠤ ᠳᠤᠤᠭᠠᠷᠪᠠ᠃
— ᠥᠯᠵᠡᠢᠰᠩ ᠤᠭᠲᠤᠯ ᠭᠡᠰᠡᠨ! ᠭᠡᠵᠦ ᠥᠨᠥᠬᠢ ᠬᠣᠶᠠᠷ ᠪᠠᠷᠤᠭ ᠵᠡᠷᠭᠡ ᠳᠤᠤᠭᠠᠷᠤᠨ᠎ᠠ᠃
— ᠥᠯᠵᠡᠢᠰᠠᠩ ᠲᠠ ᠬᠣᠶᠠᠷ ᠢ᠋ ᠦᠬᠦ! ᠭᠡᠬᠦ ᠳ᠋ᠦ᠍ ᠦᠬᠦᠵᠦ ᠥᠭᠭᠦᠨ᠎ᠡ ᠤᠤ?
— ᠦᠭᠡᠢ᠂ ᠦᠭᠡᠢ ᠠ᠋! ᠲᠡᠷᠡ ᠪᠢᠳᠡᠨᠦᠰ ᠲᠦ᠍ ᠮᠥᠩᠭᠥ ᠥᠭᠭᠦᠭᠰᠡᠨ! ᠪᠢᠳᠡ ᠶᠠᠮᠠᠷ ᠴᠦ᠍ ᠵᠣᠷᠢᠯᠭ᠎ᠠ ᠦᠭᠡᠢ᠂ ᠵᠢᠭᠠᠯ ᠵᠢᠭᠤᠯ ᠮᠥᠩᠭᠥ ᠣᠯᠵᠤ ᠪᠦᠰᠡᠭᠦᠢ ᠬᠡᠦᠬᠡᠳ ᠢ᠋ᠶ᠋ᠡᠨ ᠲᠡᠵᠢᠭᠡᠶ᠎ᠡ ᠭᠡᠰᠡᠨ ᠡᠴᠡ ᠪᠢᠰᠢ ᠥᠭᠡᠷ᠎ᠡ ᠦᠰᠦᠨ ᠦ᠌ ᠲᠡᠳᠦᠢ ᠴᠦ᠍ ᠮᠠᠭᠤ ᠮᠠᠭᠤᠬᠠᠢ ᠤᠬᠠᠭᠠᠨ ᠪᠠᠢᠬᠤ ᠦᠭᠡᠢ ᠠ᠋!
— ᠶᠠᠭ ᠦᠨᠡᠨ ᠤᠤ?
— ᠶᠠᠭ ᠦᠨᠡᠨ! ᠬᠤᠳᠠᠯ ᠬᠡᠯᠡᠪᠡᠯ ᠠᠶᠤᠩᠭ᠎ᠠ ᠨᠢᠷᠭᠡᠭ!
— ᠥᠯᠵᠡᠢᠰᠠᠩ ᠲᠠ ᠬᠣᠶᠠᠷ ᠲᠤ ᠬᠡᠳᠦᠢ ᠮᠥᠩᠭᠥ ᠥᠭᠭᠦᠭᠰᠡᠨ ᠪᠣᠢ?
— ᠲᠠᠪᠢ᠂ ᠲᠠᠪᠢᠨ ᠯᠠᠩ ᠮᠥᠩᠭᠥ!
— ᠵᠠ᠂ ᠲᠡᠭᠡᠪᠡᠯ ᠪᠣᠯᠵᠢ ᠠ᠋! ᠡᠨᠡ ᠬᠣᠶᠠᠷ ᠢ᠋ ᠠᠪᠠᠴᠢᠵᠤ ᠲᠠᠪᠢ᠂ ᠲᠠᠪᠢᠨ ᠪᠠᠨᠰᠠ ᠪᠠᠨᠰᠠᠳᠠᠭᠠᠳ ᠬᠥᠭᠡᠭᠡᠵᠦ ᠶᠠᠪᠤᠭᠤᠯ! ᠭᠡᠬᠦ ᠳ᠋ᠦ᠍ ᠡᠷᠡᠭᠦᠴᠡᠨ ᠭᠡᠮᠡᠷ ᠡᠲᠡᠭᠡᠳ ᠬᠣᠶᠠᠷ ᠬᠠᠷ᠎ᠠ ᠬᠤᠪᠴᠠᠰᠤᠲᠠᠨ ᠣᠷᠣᠵᠤ ᠢᠷᠡᠭᠡᠳ ᠨᠥᠭᠦᠭᠡ ᠬᠣᠶᠠᠷ ᠢ᠋ ᠠᠪᠴᠤ ᠭᠠᠷᠪᠠ᠃
ᠭᠠᠳᠠᠨ᠎ᠠ ᠠ᠋ᠴᠠ ᠫᠠᠰ ᠫᠠᠰ ᠭᠡᠬᠦ ᠪᠠᠨᠰᠠᠳᠠᠬᠤ ᠳᠠᠭᠤ ᠪᠠ ᠠᠯᠠᠭᠤᠯᠬᠤ ᠭᠡᠵᠦ ᠪᠠᠢᠭ᠎ᠠ ᠭᠠᠬᠠᠢ ᠰᠢᠭ᠋ ᠣᠷᠢᠯᠠᠵᠤ ᠴᠢᠷᠠᠯᠠᠬᠤ ᠳᠠᠭᠤᠨ ᠬᠠᠶᠠ ᠬᠠᠶᠠ ᠲᠠᠰᠤᠯᠳᠠᠵᠤ ᠰᠣᠨᠣᠰᠳᠠᠨ᠎ᠠ᠁ ᠥᠯᠵᠡᠢᠰᠠᠩ ᠥᠨᠥ ᠬᠣᠶᠠᠷ ᠤ᠋ᠨ ᠠᠷᠠᠰᠤ ᠮᠢᠬᠠᠨ ᠤ᠋ ᠡᠷᠡᠭᠦᠳᠡᠯᠭᠡ ᠶ᠋ᠢᠨ ᠲᠠᠮᠤᠯᠠᠯ ᠳ᠋ᠤ᠌ ᠭᠠᠰᠠᠯᠤᠭᠰᠠᠨ ᠳᠠᠭᠤᠨ ᠢ᠋ᠶ᠋ᠠᠷ ᠬᠥᠬᠡ ᠮᠢᠬ᠎ᠠ ᠨᠢ ᠴᠡᠴᠡᠷᠡᠵᠦ᠂ ᠬᠦᠢᠲᠡᠨ ᠬᠥᠯᠥᠰᠥ ᠴᠢᠬᠠᠷᠠᠵᠤ ᠪᠠᠢᠯ᠎ᠠ᠃
— ᠨᠡᠷ᠎ᠡ ᠴᠢᠨᠢ ᠬᠡᠨ ᠪᠢᠯᠡ?
— ᠥᠯᠵᠡᠢᠰᠠᠩ!
— ᠠᠯᠢ ᠬᠤᠰᠢᠭᠤᠨ ᠤ᠋ ᠠᠷᠠᠳ ᠪᠣᠢ?
— ᠤᠤᠯ ᠨᠢ ᠪᠠᠷᠠᠭᠤᠨ ᠬᠦᠩ ᠦ᠋ᠨ ᠬᠣᠰᠢᠭᠤ ᠶᠠᠮᠤᠨ ᠤ᠋ ᠰᠢᠳᠠᠷ ᠭᠣᠴᠢᠭ᠎ᠠ ᠠᠯᠪᠠ ᠬᠠᠭᠠᠵᠤ ᠶᠠᠪᠤᠭᠰᠠᠨ᠃
— ᠭᠣᠴᠢᠭ᠎ᠠ ᠥᠯᠵᠡᠢᠰᠠᠩ ᠦᠬᠦᠴᠢᠬᠡᠭᠰᠡᠨ ᠪᠢᠰᠢ ᠪᠢᠯᠡ ᠤᠤ? ᠭᠡᠵᠦ ᠲᠤᠰᠠᠯᠠᠭᠴᠢ ᠮᠢᠩᠭᠠᠨᠪᠤᠤ ᠵᠣᠷᠢᠭᠤᠳᠠ ᠠᠰᠠᠭᠤᠨ᠎ᠠ᠃
— ᠦᠭᠡᠢ ᠠ᠋᠂ ᠦᠬᠦᠭᠰᠡᠨ ᠦᠭᠡᠢ ᠠᠮᠢᠳᠤ ᠪᠠᠢᠨ᠎ᠠ᠃ ᠪᠢ ᠮᠥᠨ! ᠭᠡᠯᠡ᠃
— ᠲᠡᠭᠡᠭᠡᠳ ᠶᠠᠭᠠᠬᠢᠯ᠎ᠠ ᠭᠡᠵᠦ ᠦᠬᠦᠴᠢᠬᠡᠯ᠎ᠡ ᠭᠡᠵᠦ ᠬᠣᠰᠢᠭᠤ ᠳᠠᠶᠠᠭᠠᠷ ᠢ᠋ ᠬᠤᠳᠠᠯ ᠬᠡᠯᠡᠵᠦ᠂ ᠬᠣᠢᠨ᠎ᠠ ᠠ᠋ᠴᠠ ᠨᠢ ᠡᠢᠮᠦ ᠪᠤᠯᠠᠢᠲᠠᠢ ᠠᠵᠢᠯ ᠬᠢᠳᠡᠭ ᠪᠣᠢ ᠴᠢ?
— ᠪᠦᠷ ᠮᠠᠨᠴᠤᠷᠭ᠎ᠠ ᠶ᠋ᠢᠨ ᠭᠠᠢ!
— ᠮᠠᠨᠴᠤᠷᠭ᠎ᠠ⁈
— ᠤᠤᠬᠠᠢ᠂ ᠮᠠᠨᠴᠤᠷᠭ᠎ᠠ ᠯᠠ ᠨᠠᠮᠠᠶ᠋ᠢ ᠢᠩᠭᠢᠵᠦ ᠦᠭᠡᠢ ᠬᠢᠵᠦ ᠬᠠᠶᠠᠭᠰᠠᠨ!
— ᠴᠢ ᠶᠠᠭᠠᠬᠢᠬᠤ ᠳ᠋ᠠᠭᠠᠨ ᠮᠠᠨᠴᠤᠷᠭ᠎ᠠ ᠶ᠋ᠢᠨ ᠭᠠᠷ ᠲᠤ ᠦᠬᠦᠭᠰᠡᠨ ᠦᠭᠡᠢ ᠪᠣᠢ?
— ᠮᠠᠨᠴᠤᠷᠭ᠎ᠠ ᠨᠠᠮᠠᠶ᠋ᠢ ᠠᠯᠪᠠᠳᠠᠵᠤ ᠪᠠᠢᠭᠠᠳ ᠴᠢᠰᠤᠨ ᠭᠡᠷᠢᠶᠡᠰ ᠥᠴᠢᠭᠯᠡᠭᠦᠯᠦᠨ ᠪᠢᠴᠢᠭᠦᠯᠵᠦ ᠦᠯᠡᠳᠡᠭᠡᠭᠡᠳ ᠤᠯᠠᠭᠠᠨ ᠬᠠᠳᠠᠨ ᠳ᠋ᠤ᠌ ᠣᠷᠣᠵᠤ ᠪᠡᠶ᠎ᠡ ᠪᠡᠨ ᠬᠣᠣᠷᠯᠠᠯ᠎ᠠ ᠭᠡᠰᠡᠨ ᠬᠠᠭᠤᠷᠮᠠᠭ ᠦᠯᠢᠭᠡᠷ ᠵᠣᠬᠢᠶᠠᠭᠰᠠᠨ᠃ ᠲᠡᠷᠡ ᠰᠥᠨᠢ ᠳ᠋ᠡᠭᠡᠨ ᠥᠯᠥᠩᠲᠦ ᠶ᠋ᠢᠨ ᠡᠬᠢ ᠳ᠋ᠦ᠍ ᠨᠠᠮᠠᠶ᠋ᠢ ᠮᠣᠳᠣᠨ ᠳ᠋ᠤ᠌ ᠱᠠᠯᠳᠠᠩ ᠳᠡᠭᠦᠵᠢᠯᠡᠵᠦ ᠬᠠᠶᠠᠭᠠᠳ ᠴᠢᠨᠣ᠎ᠠ ᠳ᠋ᠤ᠌ ᠰᠡᠭᠴᠢᠭᠦᠯᠦᠨ ᠤᠷᠠᠭᠤᠯᠵᠤ᠂ ᠦᠬᠦᠬᠦ ᠶ᠋ᠢᠨ ᠮᠠᠭᠤ ᠪᠠᠷ ᠦᠬᠦᠭᠦᠯᠬᠦ ᠭᠡᠰᠡᠨ ᠶᠦᠮ ᠠ᠋! ᠶᠠᠭ ᠡᠨᠡ ᠦᠶ᠎ᠡ ᠳ᠋ᠦ᠍ ᠨᠢᠭᠡ ᠠᠭᠤᠯᠠ ᠶ᠋ᠢᠨ ᠰᠠᠢᠨ ᠡᠷ᠎ᠡ ᠮᠢᠨᠦ ᠠᠮᠢ ᠶ᠋ᠢ ᠠᠪᠤᠷᠠᠭᠰᠠᠨ᠁
— ᠲᠡᠷᠡ ᠰᠠᠢᠨ ᠡᠷ᠎ᠡ ᠬᠡᠨ ᠪᠣᠢ?
— ᠲᠡᠷᠡ ᠰᠠᠢᠨ ᠡᠷ᠎ᠡ ᠶ᠋ᠢ ᠬᠡᠨ ᠭᠡᠵᠦ ᠰᠠᠨᠠᠪᠠ⁈ ᠶᠢᠰᠦᠨ ᠵᠡᠭᠦᠳᠦᠨ ᠳ᠋ᠦ᠍ ᠪᠠᠢᠭ᠎ᠠ ᠦᠭᠡᠢ ᠬᠥᠮᠦᠨ ᠮᠥᠨ᠃ ᠪᠢ ᠢᠩᠭᠢᠭᠡᠳ ᠬᠡᠯᠡᠬᠦ ᠳ᠋ᠦ᠍ ᠲᠠ ᠨᠠᠷ ᠢᠲᠡᠭᠡᠬᠦ ᠦᠭᠡᠢ᠃ ᠨᠠᠮᠠᠶ᠋ᠢ ᠦᠯᠢᠭᠡᠷ ᠳᠣᠮᠣᠭ ᠬᠠᠭᠤᠴᠢᠯᠠᠵᠤ ᠪᠠᠢᠨ᠎ᠠ ᠭᠡᠵᠦ ᠬᠡᠯᠡᠬᠦ ᠮᠠᠭᠠᠳ ᠦᠭᠡᠢ᠃
— ᠵᠠ᠂ ᠬᠡᠯᠡ! ᠲᠡᠷᠡ ᠰᠠᠢᠨ ᠡᠷ᠎ᠡ ᠬᠡᠨ ᠪᠣᠢ?
— ᠲᠡᠷᠡ ᠰᠠᠢᠨ ᠡᠷ᠎ᠡ ᠪᠣᠯ ᠬᠦᠩ ᠨᠣᠶᠠᠨ ᠤ᠋ ᠪᠠᠭ᠎ᠠ ᠬᠠᠲᠤᠨ ᠢ᠋ ᠤᠤᠯᠭᠠᠯᠠᠵᠤ ᠳᠤᠲᠠᠭᠠᠳᠠᠭ ᠠᠩᠴᠢᠨᠵᠠᠪ ᠮᠥᠨ!
— ᠠᠩᠴᠢᠨᠵᠠᠪ? ᠭᠡᠵᠦ ᠪᠠᠷᠠᠭᠤᠨ ᠲᠤᠰᠠᠯᠠᠭᠴᠢ ᠮᠢᠩᠭᠠᠨᠪᠤᠤ ᠭᠠᠢᠬᠠᠰᠢᠷᠠᠨ ᠲᠡᠷᠡ ᠵᠢᠯ ᠪᠡᠶ᠎ᠡ ᠪᠡᠷ ᠢ᠋ᠶ᠋ᠡᠨ ᠲᠡᠭᠦᠨ ᠢ᠋ ᠪᠠᠷᠢᠪᠴᠢᠯᠠᠬᠤ ᠭᠡᠵᠦ ᠶᠠᠪᠤᠭᠠᠳ ᠠᠯᠳᠠᠵᠤ ᠲᠠᠭᠤᠭᠰᠠᠨ ᠢ᠋ᠶ᠋ᠠᠨ ᠰᠠᠨᠠᠪᠠ᠃ ᠡᠨᠡ ᠰᠠᠢᠨ ᠡᠷ᠎ᠡ ᠵᠢᠭᠤᠲᠠᠵᠤ ᠶᠠᠪᠤᠭᠠᠳ ᠠᠭᠤᠯᠠᠨ ᠳ᠋ᠤ᠌ ᠰᠢᠷᠭᠤᠭᠰᠠᠨ ᠪᠠᠢᠵᠢ ᠰᠢᠦ ᠳᠡ! ᠭᠡᠵᠦ ᠪᠣᠳᠣᠯ᠎ᠠ᠃
— ᠠᠩᠴᠢᠨᠵᠠᠪ ᠨᠠᠮᠠᠶ᠋ᠢ ᠠᠪᠤᠷᠠᠭᠰᠠᠨ ᠦᠭᠡᠢ ᠪᠣᠯ ᠪᠢ ᠴᠦ᠍ ᠶᠣᠰᠣᠲᠠᠢ ᠮᠠᠭᠤ ᠶᠣᠷᠣ ᠪᠠᠷ ᠦᠬᠦᠵᠦ ᠮᠠᠢᠷᠠᠭ ᠴᠢᠨᠣ᠎ᠠ ᠶ᠋ᠢᠨ ᠬᠣᠭᠣᠯᠠ ᠪᠣᠯᠵᠤ ᠳᠠᠭᠤᠰᠤᠭᠰᠠᠨ!
— ᠵᠠ᠂ ᠥᠯᠵᠡᠢᠰᠠᠩ ᠴᠢ ᠶᠠᠮᠤᠨ ᠤ᠋ ᠡᠮᠦᠨ᠎ᠡ ᠡᠴᠡ ᠶᠠᠯ᠎ᠠ ᠪᠠᠨ ᠲᠤᠰᠢᠶᠠᠬᠤ ᠦᠭᠡᠢ᠂ ᠦᠯᠢᠭᠡᠷ ᠶᠠᠷᠢᠬᠤ ᠪᠠᠨ ᠠᠶᠠᠳ! ᠦᠨᠡᠨ ᠤᠴᠢᠷ ᠢ᠋ᠶ᠋ᠠᠨ ᠲᠤᠰᠢᠶ᠎ᠠ! ᠴᠢ ᠶᠠᠭᠠᠬᠢᠯ᠎ᠠ ᠭᠡᠵᠦ ᠳ᠋ᠠᠭᠳᠠᠨ ᠳᠠ ᠯᠠᠮᠠ ᠶ᠋ᠢᠨ ᠲᠣᠯᠣᠭᠠᠢ ᠶ᠋ᠢ ᠣᠭᠲᠣᠯᠵᠤ ᠠᠪᠴᠢᠷᠠᠨ ᠬᠦᠩ ᠨᠣᠶᠠᠨ ᠢ᠋ ᠴᠣᠴᠢᠷᠳᠠᠭᠤᠯᠤᠨ ᠠᠶᠤᠯᠭᠠᠪᠠ? ᠴᠢ ᠰᠣᠯᠢᠶ᠎ᠠ ᠣᠷᠣᠭᠰᠠᠨ ᠤᠤ?
— ᠦᠭᠡᠢ ᠠ᠋᠂ ᠶᠠᠭᠤ ᠰᠣᠯᠢᠶ᠎ᠠ ᠣᠷᠣᠬᠤ ᠭᠡᠵᠢ? ᠬᠦᠩ ᠨᠣᠶᠠᠨ ᠥᠪᠡᠷ ᠢ᠋ᠶ᠋ᠡᠨ《 ᠬᠡᠨ ᠬᠥᠮᠦᠨ ᠳ᠋ᠠᠭᠳᠠᠨ ᠳᠠ ᠯᠠᠮᠠ ᠶ᠋ᠢᠨ ᠲᠣᠯᠣᠭᠠᠢ ᠶ᠋ᠢ ᠣᠭᠲᠣᠯᠵᠤ ᠣᠯᠠᠨ᠎ᠠ ᠴᠡᠭᠡᠷᠯᠡᠯ ᠪᠣᠯᠭᠠᠵᠤ ᠴᠢᠳᠠᠪᠠᠯ ᠲᠡᠭᠦᠨ ᠳ᠋ᠦ᠍ ᠬᠦᠨᠳᠦ ᠱᠠᠩ ᠬᠦᠷᠲᠡᠭᠡᠨ᠎ᠡ》 ᠭᠡᠵᠦ ᠨᠢᠭᠡ ᠪᠢᠰᠢ ᠣᠯᠠᠨ ᠤᠳᠠᠭ᠎ᠠ ᠶᠠᠷᠢᠭᠰᠠᠨ ᠢ᠋ ᠲᠤᠰᠠᠯᠠᠭᠴᠢ ᠲᠠ ᠰᠣᠨᠣᠰᠤᠭ᠎ᠠ ᠦᠭᠡᠢ ᠤᠤ?
— ᠬᠦᠩ ᠨᠣᠶᠠᠨ ᠤ᠋ ᠠᠭᠤᠷ ᠥᠰᠢᠶ᠎ᠡ ᠡᠴᠡ ᠪᠣᠯᠵᠤ ᠶᠠᠷᠢᠭᠰᠠᠨ ᠦᠭᠡ ᠶ᠋ᠢ ᠴᠢ ᠶᠡᠬᠡᠳᠡ ᠦᠨᠡᠮᠰᠢᠵᠡᠢ᠃ ᠳ᠋ᠠᠭᠳᠠᠨ ᠳᠠ ᠯᠠᠮᠠ ᠶ᠋ᠢᠨ ᠲᠣᠯᠣᠭᠠᠢ ᠶ᠋ᠢ ᠣᠭᠲᠣᠯᠵᠤ ᠠᠪᠴᠢᠷᠠ ᠭᠡᠵᠦ ᠥᠯᠵᠡᠢᠰᠠᠩ ᠴᠢᠮ᠎ᠠ ᠳ᠋ᠤ᠌ ᠪᠣᠳᠠᠲᠠᠢ ᠲᠤᠰᠢᠶᠠᠭ᠎ᠠ ᠦᠭᠡᠢ ᠪᠢᠵᠡ?
— ᠦᠭᠡᠢ᠂ ᠬᠦᠩ ᠨᠣᠶᠠᠨ ᠤ᠋ ᠦᠭᠡ ᠵᠠᠷᠯᠢᠭ ᠭᠡᠵᠦ ᠯᠡ ᠪᠢ ᠦᠷᠬᠦᠢ ᠪᠣᠳᠣᠵᠤ ᠶᠠᠪᠤᠳᠠᠭ ᠠ᠋ᠴᠠ ᠡᠵᠡᠨ ᠬᠥᠮᠦᠨ ᠳ᠋ᠡᠭᠡᠨ ᠦᠨᠡᠨᠴᠢ ᠰᠢᠳᠤᠷᠭᠤ ᠶᠠᠪᠤᠬᠤ ᠶ᠋ᠢ ᠬᠢᠴᠢᠶᠡᠪᠡ᠃ ᠡᠭᠦᠨ ᠢ᠋ ᠶᠠᠯᠠᠲᠠᠢ ᠭᠡᠵᠦ ᠬᠡᠨ ᠬᠡᠯᠡᠪᠡ?
— ᠬᠦᠩ ᠨᠣᠶᠠᠨ ᠤ᠋ ᠡᠮᠦᠨ᠎ᠡ ᠡᠴᠡ ᠬᠥᠯ ᠬᠥᠩᠭᠡᠨ ᠵᠢᠷᠣᠭᠠᠯᠠᠵᠤ᠂ ᠪᠡᠶ᠎ᠡ ᠪᠡᠨ ᠶᠡᠬᠡ ᠰᠢᠳᠤᠷᠭᠤ ᠭᠡᠵᠦ ᠪᠣᠳᠣᠭ᠎ᠠ ᠤᠤ? ᠡᠰᠡᠪᠡᠰᠦ ᠰᠢᠳᠤᠷᠭᠤ ᠭᠡᠰᠡᠨ ᠥᠩᠭᠡᠪᠴᠢ ᠶ᠋ᠢ ᠨᠥᠮᠥᠷᠴᠦ ᠬᠦᠩ ᠨᠣᠶᠠᠨ ᠤ᠋ ᠬᠦᠨᠳᠦ ᠱᠠᠩ ᠢ᠋ ᠭᠣᠷᠢᠳᠠᠭᠠ ᠤᠤ? ᠭᠡᠵᠦ ᠪᠠᠷᠠᠭᠤᠨ ᠲᠤᠰᠠᠯᠠᠭᠴᠢ᠂ ᠥᠯᠵᠡᠢᠰᠠᠩ ᠤ᠋ᠨ ᠰᠠᠭᠤᠷᠢ ᠦᠭᠡᠢ ᠳᠠᠮᠠᠷᠤᠳᠠᠵᠤ ᠪᠠᠢᠭᠰᠠᠨ ᠲᠣᠯᠣᠭᠠᠢ ᠤᠷᠤᠭᠤ ᠳ᠋ᠢᠩ ᠭᠡᠲᠡᠯ᠎ᠡ ᠴᠣᠬᠢᠭᠠᠳ ᠠᠪᠤᠭᠰᠠᠨ ᠰᠢᠭ᠋ ᠬᠠᠲᠠᠭᠤ ᠦᠭᠡ ᠴᠣᠬᠢᠭᠰᠠᠨ ᠳ᠋ᠤ᠌ ᠥᠯᠵᠡᠢᠰᠠᠩ ᠳᠤᠤᠭᠠᠷᠬᠤ ᠦᠭᠡ ᠦᠭᠡᠢ ᠬᠠᠮᠰᠢᠢᠪᠠ᠃
— ᠶᠠᠭᠠᠬᠢᠪᠠ? ᠶᠠᠭᠠᠬᠢᠭᠠᠳ ᠳᠠᠭᠤ ᠦᠭᠡᠢ ᠪᠣᠯᠴᠢᠬᠠᠪᠠ? ᠪᠡᠶ᠎ᠡ ᠡᠴᠡ ᠪᠡᠨ ᠪᠦᠳᠦᠭᠦᠨ ᠵᠢᠷᠦᠬᠡ ᠲᠡᠢ ᠡᠷ᠎ᠡ ᠪᠢᠰᠢ ᠪᠢᠯᠡ ᠤᠤ?
— ᠨᠣᠶᠠᠨ ᠰᠠᠩ ᠤ᠋ᠨ ᠡᠮᠦᠨ᠎ᠡ ᠨᠣᠬᠠᠢ ᠮᠣᠷᠢᠨ ᠤ᠋ ᠬᠦᠴᠦ ᠪᠡᠨ ᠡᠷᠭᠦᠵᠦ ᠶᠠᠪᠤᠬᠤ ᠨᠢ ᠮᠢᠨᠦ ᠨᠢᠭᠡ ᠨᠠᠰᠤᠨ ᠤ᠋ ᠬᠠᠷᠢᠭᠤᠴᠠᠯᠭ᠎ᠠ ᠭᠡᠵᠦ ᠪᠢ ᠪᠣᠳᠣᠳᠠᠭ᠃ ᠲᠡᠭᠡᠬᠦ ᠳ᠋ᠡᠭᠡᠨ ᠴᠢᠬᠤᠯᠠᠲᠠᠢ ᠦᠶ᠎ᠡ ᠳ᠋ᠦ᠍ ᠬᠦᠩ ᠨᠣᠶᠠᠨ ᠤ᠋ ᠡᠮᠦᠨ᠎ᠡ ᠠᠮᠢ ᠪᠠᠨ ᠵᠣᠷᠢᠭᠤᠯᠬᠤ ᠳ᠋ᠤ᠌ ᠴᠦ᠍ ᠪᠡᠯᠡᠨ!
— ᠲᠡᠭᠡᠭᠡᠳ ᠦᠬᠡᠷ ᠪᠦᠳᠦᠭᠦᠨ ᠵᠢᠷᠦᠬᠡᠯᠡᠵᠦ ᠳ᠋ᠠᠭᠳᠠᠨ ᠳᠠ ᠯᠠᠮᠠ ᠶ᠋ᠢᠨ ᠲᠣᠯᠣᠭᠠᠢ ᠶ᠋ᠢ ᠣᠭᠲᠣᠯᠵᠤ ᠢᠷᠡᠭᠰᠡᠨ ᠨᠢ ᠡᠨᠡ ᠤᠤ?
— ᠶᠠᠭ ᠲᠡᠢᠮᠦ! ᠦᠨᠡᠨ ᠢ᠋ ᠬᠡᠯᠡᠬᠦ ᠳ᠋ᠦ᠍ ᠪᠦᠳᠦᠭᠦᠨ ᠵᠢᠷᠦᠬᠡ ᠬᠡᠷᠡᠭᠲᠡᠢ ᠶᠦᠮ ᠭᠡᠳᠡᠭ ᠢ᠋ ᠪᠢ ᠡᠨᠡ ᠤᠳᠠᠭ᠎ᠠ ᠰᠠᠶᠢ ᠮᠡᠳᠡᠯ᠎ᠡ!
— ᠶᠠᠭᠠᠬᠢᠯ᠎ᠠ ᠭᠡᠵᠦ?
— ᠳ᠋ᠠᠭᠳᠠᠨ ᠳᠠ ᠯᠠᠮᠠ ᠶ᠋ᠢᠨ ᠲᠣᠯᠣᠭᠠᠢ ᠶ᠋ᠢ ᠣᠭᠲᠣᠯᠵᠤ ᠡᠷᠭᠦᠴᠡ ᠪᠡᠯᠡᠭ ᠪᠣᠯᠭᠠᠨ ᠪᠠᠷᠢᠵᠤ᠂ ᠬᠦᠩ ᠨᠣᠶᠠᠨ ᠤ᠋ ᠡᠮᠦᠨ᠎ᠡ ᠰᠠᠢᠨ ᠬᠥᠮᠦᠨ ᠪᠣᠯᠵᠤ ᠱᠠᠩ ᠭᠥᠷᠳᠡᠶ᠎ᠡ ᠭᠡᠰᠡᠨ ᠬᠥᠮᠦᠨ ᠨᠢᠭᠡ ᠬᠣᠶᠠᠷ ᠢ᠋ᠶ᠋ᠠᠷ ᠵᠣᠭᠰᠣᠬᠤ ᠦᠭᠡᠢ ᠠ᠋! ᠭᠠᠭᠴᠠ ᠲᠡᠷᠡ ᠪᠣᠯᠭᠠᠨ ᠵᠢᠷᠦᠬᠡᠯᠡᠵᠦ ᠴᠢᠳᠠᠬᠤ ᠦᠭᠡᠢ ᠳ᠋ᠡᠭᠡᠨ ᠪᠢᠵᠡ! ᠳ᠋ᠠᠭᠳᠠᠨ ᠳᠠ ᠯᠠᠮᠠ ᠫᠤᠤᠳᠠᠭᠳᠠᠵᠤ ᠦᠬᠦᠭᠰᠡᠨ ᠦ᠌ ᠳᠠᠷᠠᠭᠠᠬᠠᠨ ᠮᠥᠩᠭᠥᠨ ᠦ᠌ ᠬᠣᠷᠣᠬᠠᠢ ᠨᠢ ᠵᠠᠭᠠᠲᠤᠨᠠᠭᠰᠠᠨ ᠬᠥᠮᠦᠰ ᠣᠯᠵᠠ ᠶ᠋ᠢᠨ ᠰᠢᠨᠤᠯ ᠨᠢ ᠣᠪᠣᠯᠵᠠᠵᠤ ᠳᠠᠪ ᠳᠠᠪ ᠭᠡᠵᠦ ᠪᠠᠢᠭᠰᠠᠨ ᠪᠣᠯᠪᠠᠴᠤ ᠪᠦᠳᠦᠭᠦᠨ ᠵᠢᠷᠦᠬᠡᠯᠡᠵᠦ ᠴᠢᠳᠠᠭ᠎ᠠ ᠦᠭᠡᠢ᠃ ᠤᠴᠢᠷ ᠨᠢ ᠳ᠋ᠠᠭᠳᠠᠨ ᠳᠠ ᠯᠠᠮᠠ ᠶ᠋ᠢ ᠫᠤᠤᠳᠠᠭᠰᠠᠨ ᠲᠡᠷᠡ ᠴᠡᠷᠢᠭ ᠡᠴᠡ ᠪᠣᠯᠵᠤ ᠭᠠᠷ ᠢ᠋ᠶ᠋ᠠᠨ ᠲᠠᠲᠠᠵᠠᠭᠠᠪᠠ᠃
— ᠁
— ᠬᠣᠰᠢᠭᠤ ᠶᠠᠮᠤᠨ ᠤ᠋ ᠴᠡᠷᠢᠭ ᠪᠣᠯᠤᠨ ᠬᠠᠷ᠎ᠠ ᠴᠡᠷᠢᠭ ᠦ᠋ᠳ ᠬᠠᠳᠠᠨ ᠬᠣᠩᠭᠢᠯ ᠢ᠋ ᠣᠩᠭᠢᠷᠠᠲᠠᠯᠠ ᠫᠤᠤᠳᠠᠭᠰᠠᠨ ᠪᠣᠯᠪᠠᠴᠤ᠂ ᠳ᠋ᠠᠭᠳᠠᠨ ᠳᠠ ᠯᠠᠮᠠ ᠶ᠋ᠢᠨ ᠪᠡᠶ᠎ᠡ ᠪᠡᠷ ᠥᠨᠥᠬᠢ ᠨᠦ᠍ᠭᠦᠳ ᠴᠢᠨᠢ ᠠᠶᠤᠨ ᠪᠠᠯᠢᠳᠠᠵᠤ ᠭᠠᠷ ᠨᠢ ᠴᠡᠴᠡᠷᠡᠨ ᠰᠠᠯᠭᠠᠨᠠᠵᠤ᠂ ᠰᠤᠮᠤ ᠪᠠᠨ ᠳᠡᠩᠳᠡᠭᠦᠯᠦᠭᠡᠳ ᠯᠡ ᠪᠠᠢᠵᠢ ᠳᠠ! ᠭᠡᠬᠦ ᠳ᠋ᠦ᠍ ᠲᠡᠨᠡᠭ ᠵᠣᠷᠢᠭ ᠲᠠᠢ ᠨᠢᠭᠡ ᠨᠢ ᠪᠦᠳᠦᠭᠦᠨ ᠵᠢᠷᠦᠬᠡᠯᠡᠵᠦ ᠳ᠋ᠠᠭᠳᠠ ᠳᠠ ᠯᠠᠮᠠ ᠶ᠋ᠢ ᠣᠨᠢᠯᠠᠵᠤ ᠣᠨᠢᠯᠠᠭᠠᠳ ᠠᠮᠢ ᠶ᠋ᠢ ᠨᠢ ᠬᠣᠷᠣᠭᠠᠲᠠᠯᠠ ᠥᠨᠥᠬᠢ ᠪᠦᠳᠦᠭᠦᠨ ᠵᠢᠷᠦᠬᠡᠲᠦ ᠶ᠋ᠢᠨ ᠴᠢᠨᠢ ᠭᠠᠪᠠᠯᠠ ᠨᠢ ᠵᠠᠭᠠᠳᠠᠰᠤ ᠪᠠᠷ ᠢ᠋ᠶ᠋ᠠᠨ ᠵᠠᠳᠠ ᠦᠰᠦᠷᠴᠦ ᠲᠠᠷᠢᠬᠢ ᠨᠢ ᠴᠠᠯᠭᠢᠨ ᠦᠰᠦᠷᠴᠡᠢ᠃
— ᠶᠠᠭᠠᠬᠢᠬᠤ ᠳ᠋ᠠᠭᠠᠨ ᠲᠡᠭᠡᠳᠡᠭ ᠪᠣᠢ? ᠪᠤᠷᠬᠠᠨ ᠲᠩᠷᠢ ᠪᠤᠷᠤᠭᠤ ᠦᠵᠡᠪᠡ ᠤᠤ?
— ᠲᠡᠢᠮᠦ ᠪᠠᠢᠬᠤ ᠴᠦ᠍ ᠮᠠᠭᠠᠳ ᠦᠭᠡᠢ᠃ ᠭᠡᠪᠡᠴᠦ ᠬᠡᠨ ᠨᠢᠭᠡ ᠬᠥᠮᠦᠨ ᠵᠣᠷᠢᠯᠭ᠎ᠠ ᠲᠠᠢ ᠫᠤᠤᠳᠠᠭᠰᠠᠨ ᠴᠦ᠍ ᠪᠠᠢᠵᠤ ᠮᠡᠳᠡᠨ᠎ᠡ᠃
— ᠲᠡᠭᠡᠪᠡᠯ ᠲᠡᠷᠡ ᠴᠣᠬᠣᠮ ᠬᠡᠨ ᠪᠣᠢ?
— ᠁ ᠥᠯᠵᠡᠢᠰᠠᠩ ᠠᠶᠤᠬᠤ ᠪᠠᠢᠳᠠᠯ ᠭᠠᠷᠭᠠᠵᠤ ᠴᠠᠭᠠᠰᠢ ᠨᠠᠭᠠᠰᠢ ᠬᠢᠯᠠᠮᠬᠢᠨ ᠬᠠᠷᠠᠵᠤ ᠠᠪᠤᠪᠠ᠃
— ᠬᠠᠮᠢᠶ᠎ᠠ ᠦᠭᠡᠢ᠃ ᠬᠡᠯᠡᠭᠡᠷᠡᠢ! ᠦᠨᠡᠨ ᠢ᠋ᠶ᠋ᠡᠨ ᠬᠡᠯᠡᠵᠦ ᠥᠴᠢᠭ ᠢ᠋ᠶ᠋ᠡᠨ ᠥᠭᠪᠡᠯ ᠠᠭᠤᠴᠢᠯᠠᠭᠳᠠᠵᠤ ᠮᠡᠳᠡᠨ᠎ᠡ᠃
— ᠵᠠ᠂ ᠮᠡᠳᠡᠯ᠎ᠡ᠃ ᠲᠡᠷᠡ ᠬᠥᠮᠦᠨ ᠪᠣᠯ ᠠᠭᠤᠯᠠ ᠶ᠋ᠢᠨ ᠰᠠᠢᠨ ᠡᠷ᠎ᠡ᠃
— ᠠᠩᠴᠢᠨᠵᠠᠪ ᠤᠤ?
— ᠪᠢᠰᠢ ᠠ᠋! ᠠ᠂ ᠮᠥᠨ ᠴᠦ᠍ ᠪᠠᠢᠬᠤ ᠮᠠᠭᠠᠳ ᠦᠭᠡᠢ᠃
— ᠦᠭᠡᠢ᠂ ᠲᠡᠭᠡᠭᠡᠳ ᠬᠡᠨ ᠪᠣᠢ?
— ᠨᠠᠮᠵᠢᠯ!
— ᠰᠣᠯᠣᠭᠠᠢ ᠨᠠᠮᠵᠢᠯ ᠤᠤ?
— ᠵᠤᠤᠬᠠᠢ ᠳᠠ᠂ ᠶᠠᠭ ᠮᠥᠨ!
— ᠨᠠᠮᠵᠢᠯ ᠪᠠᠰᠠ ᠠᠮᠢᠳᠤ ᠶᠠᠪᠤᠭ᠎ᠠ ᠤᠤ?
— ᠠᠮᠢᠳᠤ ᠪᠣᠢ! ᠨᠠᠰᠤᠲᠠᠢ ᠡᠵᠢ ᠲᠡᠢ ᠪᠡᠨ ᠬᠣᠶᠠᠭᠤᠯᠠ ᠮᠡᠨᠳᠦ ᠰᠠᠢᠬᠠᠨ ᠣᠨᠳᠣᠷᠣᠵᠤ ᠪᠣᠢ ᠁ ᠭᠡᠵᠦ ᠥᠯᠵᠡᠢᠰᠠᠩ᠂ ᠠᠩᠴᠢᠨᠵᠠᠪ ᠲᠤ ᠠᠮᠢ ᠠᠪᠤᠷᠠᠭᠳᠠᠨ ᠠᠭᠤᠯᠠᠨ ᠳ᠋ᠤ᠌ ᠲᠡᠨᠦᠵᠦ ᠶᠠᠪᠤᠭᠠᠳ ᠰᠠᠨᠠᠮᠰᠠᠷ ᠦᠭᠡᠢ ᠦᠵᠡᠭᠰᠡᠨ ᠬᠠᠷᠠᠭᠰᠠᠨ ᠢ᠋ᠶ᠋ᠠᠨ ᠪᠦᠭᠦᠳᠡ ᠶ᠋ᠢ ᠨᠠᠷᠢᠨ ᠲᠣᠭᠠᠴᠢᠵᠤ᠂ ᠳ᠋ᠠᠭᠳᠠᠨ ᠳᠠ ᠯᠠᠮᠠ ᠶ᠋ᠢᠨ ᠬᠥᠳᠡᠯᠦᠯ ᠪᠠᠢᠳᠠᠯ ᠢ᠋ ᠨᠠᠷᠢᠨ ᠲᠤᠷᠰᠢᠵᠤ ᠮᠡᠳᠡᠭᠡᠳ ᠬᠣᠰᠢᠭᠤ ᠶᠠᠮᠤᠨ ᠳ᠋ᠤ᠌《 ᠨᠢᠭᠤᠴᠠ ᠵᠠᠬᠢᠳᠠᠯ》 ᠶᠠᠪᠤᠭᠤᠯᠤᠭᠰᠠᠨ ᠵᠡᠷᠭᠡ ᠳᠠᠯᠠᠨ ᠪᠤᠯᠴᠢᠷᠬᠠᠢ ᠪᠠᠨ ᠲᠣᠭᠠᠴᠢᠵᠠᠢ᠃
ᠬᠣᠰᠢᠭᠤ ᠶᠠᠮᠤᠨ ᠠ᠋ᠴᠠ ᠥᠯᠵᠡᠢᠰᠠᠩ ᠤ᠋ᠨ ᠥᠴᠢᠭᠯᠡᠭᠰᠡᠨ ᠥᠴᠢᠭ ᠪᠠ ᠦᠨᠡᠨ ᠢ᠋ᠶ᠋ᠡᠨ ᠬᠡᠯᠡᠵᠦ ᠥᠩᠭᠡᠷᠡᠭᠰᠡᠨ ᠪᠤᠶᠤ《ᠨᠢᠭᠤᠴᠠ ᠵᠠᠬᠢᠳᠠᠯ》 ᠤ᠋ᠨ ᠲᠤᠰᠬᠠᠢ ᠦᠢᠯᠡᠳᠦᠯ ᠵᠡᠷᠭᠡ ᠪᠣᠳᠠᠲᠠᠢ ᠪᠠᠢᠳᠠᠯ ᠢ᠋ ᠪᠣᠳᠣᠯᠬᠢᠯᠠᠵᠤ ᠭᠤᠴᠢᠨ ᠠᠯᠠᠭᠠᠳᠠᠭᠤᠷ① ᠠᠯᠠᠭᠠᠳᠠᠵᠤ ᠭᠤᠴᠢᠨ ᠯᠠᠩ ᠮᠥᠩᠭᠥ ᠪᠡᠷ ᠲᠣᠷᠭᠠᠨ᠂ ᠳ᠋ᠠᠭᠳᠠᠨ ᠳᠠ ᠯᠠᠮᠠ ᠶ᠋ᠢᠨ ᠲᠣᠯᠣᠭᠠᠢ ᠶ᠋ᠢ ᠨᠠᠷᠢᠨ ᠬᠠᠲᠤᠨ ᠳ᠋ᠤ᠌ ᠠᠪᠠᠴᠢᠵᠤ ᠬᠠᠶᠠᠭᠤᠯᠬᠤ ᠪᠠᠷ ᠪᠣᠯᠪᠠ᠃
ᠬᠣᠵᠢᠮ ᠨᠢ ᠪᠠᠷᠠᠭᠤᠨ ᠬᠣᠰᠢᠭᠤ ᠳᠠᠶᠠᠭᠠᠷ ᠲᠤ ᠳ᠋ᠠᠭᠳᠠᠨ ᠳᠠ ᠯᠠᠮᠠ ᠶ᠋ᠢᠨ ᠲᠤᠬᠠᠢ ᠶᠠᠩᠵᠤ ᠶᠠᠩᠵᠤ ᠶ᠋ᠢᠨ ᠳᠣᠮᠣᠭ ᠤᠯᠠᠷᠢᠵᠤ ᠤᠯᠠᠮᠵᠢᠯᠠᠭᠳᠠᠨ ᠶᠠᠷᠢᠭᠳᠠᠵᠤ ᠪᠠᠢᠯ᠎ᠠ᠃ ᠳ᠋ᠠᠭᠳᠠᠨ ᠳᠠ ᠯᠠᠮᠠ ᠦᠨᠡᠬᠡᠷ ᠬᠤᠪᠢᠯᠭᠠᠨ ᠪᠤᠷᠬᠠᠨ ᠰᠢᠭ᠋ ᠬᠥᠮᠦᠨ ᠪᠠᠢᠯ᠎ᠠ ᠭᠡᠳᠡᠭ᠃ ᠬᠠᠷ᠎ᠠ ᠴᠡᠷᠢᠭ ᠬᠠᠳᠠᠨ ᠬᠣᠩᠭᠢᠯ ᠤᠷᠤᠭᠤ ᠰᠤᠮᠤᠨ ᠮᠥᠨᠳᠥᠷ ᠰᠢᠭ ᠫᠤᠤᠳᠠᠬᠤ ᠳ᠋ᠤ᠌《 ᠠᠮᠢᠨ ᠰᠠᠬᠢᠶ᠎ᠠ ᠵᠠᠯᠰᠠᠷᠠᠢ ᠪᠤᠷᠬᠠᠨ》 ᠨᠢ ᠲᠡᠭᠦᠨ ᠢ᠋ ᠬᠠᠮᠠᠭᠠᠯᠠᠵᠤ ᠪᠠᠢᠭᠰᠠᠨ ᠠ᠋ᠴᠠ ᠫᠤᠤ ᠶ᠋ᠢᠨ ᠰᠤᠮᠤ ᠪᠡᠶ᠎ᠡ ᠳ᠋ᠦ᠍ᠨᠢ ᠨᠡᠪᠲᠡᠷᠡᠵᠦ ᠣᠷᠣᠬᠤ ᠦᠭᠡᠢ᠂ ᠱᠤᠤᠭᠢᠵᠤ ᠢᠷᠡᠭᠰᠡᠨ ᠰᠤᠮᠤ ᠨᠢ ᠰᠤᠭᠤ ᠴᠡᠭᠡᠵᠢᠨ ᠳ᠋ᠦ᠍ᠨᠢ ᠤᠨᠤᠭᠰᠠᠭᠠᠷ ᠫᠢᠳ ᠫᠢᠳ ᠭᠡᠰᠡᠨ ᠮᠣᠳᠣ ᠲᠣᠭᠰᠢᠬᠤ ᠳᠠᠭᠤᠨ ᠭᠠᠷᠴᠤ ᠰᠤᠮᠤᠨ ᠤ᠋ ᠲᠣᠯᠣᠭᠠᠢ ᠨᠢ ᠭᠠᠯ ᠦᠵᠡᠭᠰᠡᠨ ᠲᠤᠭᠤᠯᠭ᠎ᠠ ᠰᠢᠭ᠋ ᠦᠵᠦᠭᠦᠷ ᠨᠢ ᠰᠢᠮᠠᠷᠠᠨ ᠬᠠᠢᠯᠵᠤ ᠬᠥᠰᠡᠷ ᠣᠢᠴᠢᠵᠤ ᠪᠠᠢᠯ᠎ᠠ ᠭᠡᠳᠡᠭ᠃ ᠬᠠᠵᠠᠭᠤ ᠬᠠᠪᠢᠷᠭ᠎ᠠ ᠳ᠋ᠤᠨᠢ ᠰᠠᠬᠢᠵᠤ ᠰᠠᠭᠤᠭᠰᠠᠨ ᠱᠠᠪᠢ ᠯᠠᠮᠠ ᠨᠠᠷ ᠨᠢ ᠰᠢᠷᠬᠠᠲᠤᠵᠤ ᠦᠬᠦᠬᠦ ᠳ᠋ᠦ᠍ᠨᠢ ᠰᠡᠳᠬᠢᠯ ᠲᠦᠪᠳᠡᠬᠦ ᠦᠭᠡᠢ《ᠠᠮᠢᠨ ᠰᠠᠬᠢᠶ᠎ᠠ ᠵᠠᠯᠰᠠᠷᠠᠢ ᠪᠤᠷᠬᠠᠨ》 ᠢ᠋ᠶ᠋ᠠᠨ ᠠᠪᠴᠤ ᠬᠠᠶᠠᠭᠠᠳ ᠬᠠᠷ᠎ᠠ ᠳᠠᠢᠰᠤᠨ ᠤ᠋ ᠬᠣᠣᠷᠲᠤ ᠰᠤᠮᠤᠨ ᠳ᠋ᠤ᠌ ᠪᠡᠶ᠎ᠡ ᠪᠠᠷᠠᠯ᠎ᠠ ᠭᠡᠳᠡᠭ᠃ ᠰᠡᠭᠦᠯ ᠳ᠋ᠦ᠍ᠨᠢ ᠣᠭᠲᠣᠯᠵᠤ ᠠᠪᠠᠴᠢᠭᠰᠠᠨ ᠲᠣᠯᠣᠭᠠᠢ ᠨᠢ ᠬᠦᠩ ᠨᠣᠶᠠᠨ ᠤ᠋ ᠰᠤᠮᠤᠨ ᠰᠢᠷᠡᠭᠡᠨ ᠳᠡᠭᠡᠷ᠎ᠡ ᠲᠡᠭ ᠲᠡᠭ ᠦᠰᠦᠷᠴᠦ ᠢᠨᠢᠶᠡᠨ ᠪᠠᠢᠯ᠎ᠠ ᠴᠦ᠍ ᠭᠡᠳᠡᠭ᠃ ᠮᠣᠳᠣᠨ ᠪᠠᠮᠪᠠᠷᠴᠠᠭ ᠬᠠᠰᠠᠭ ᠳᠡᠭᠡᠷ᠎ᠡ ᠤᠭᠤᠲᠠᠨ ᠳ᠋ᠤ᠌ ᠰᠠᠪᠠᠯᠠᠭᠠᠳ ᠲᠡᠭᠡᠭᠡᠬᠦ ᠳ᠋ᠦ᠍ ᠵᠢᠷᠠᠨ ᠵᠢᠩ ᠬᠦᠨᠳᠦ ᠲᠣᠯᠣᠭᠠᠢ ᠨᠢ ᠲᠡᠷᠭᠡᠨ ᠦ᠌ ᠭᠣᠣᠯ ᠳ᠋ᠤ᠌ ᠳᠤᠨᠳᠠᠭᠤᠷ ᠵᠠᠢ ᠡᠵᠡᠯᠡᠵᠦ ᠲᠡᠭᠡᠭᠡᠭᠡᠳ ᠶᠠᠪᠤᠬᠤ ᠳ᠋ᠤ᠌ ᠲᠡᠷᠭᠡᠨ ᠦ᠌ ᠮᠥᠭᠡᠷ ᠵᠢᠵᠢᠭᠢᠨᠠᠨ ᠬᠢᠬᠤᠨᠠᠵᠤ ᠪᠠᠢᠨ ᠪᠠᠢᠨ ᠲᠡᠩᠭᠡᠯᠢᠭ ᠨᠢ ᠵᠠᠩᠭᠢᠷᠠᠨ ᠶᠠᠪᠤ ᠶᠠᠳᠠᠵᠤ ᠪᠠᠢᠪᠠ᠃ ᠤᠯᠠᠭᠠᠨ ᠬᠠᠲᠤᠨ ᠳ᠋ᠤ᠌ ᠠᠪᠠᠴᠢᠭᠠᠳ ᠤᠷᠤᠰᠬᠠᠭᠰᠠᠨ ᠴᠢᠨᠢ ᠤᠰᠤᠨ ᠤᠷᠤᠭᠤ ᠤᠷᠤᠰᠤᠭᠰᠠᠨ ᠦᠭᠡᠢ ᠬᠠᠷᠢᠨ ᠤᠯᠠᠭᠠᠨ ᠬᠠᠲᠤᠨ ᠤ᠋ ᠤᠷᠤᠰᠬᠠᠯ ᠰᠥᠷᠦᠨ ᠶᠠᠪᠤᠵᠤ ᠪᠠᠢᠯ᠎ᠠ ᠭᠡᠵᠦ ᠬᠡᠯᠡᠯᠴᠡᠨ᠎ᠡ᠃ ᠡᠨᠡ ᠨᠢ ᠦᠨᠡᠬᠡᠷ ᠬᠠᠭᠤᠴᠢᠨ ᠤ᠋ ᠬᠥᠮᠦᠰ ᠦ᠋ᠨ ᠤᠷᠲᠤ ᠮᠥᠷᠡᠨ ᠦ᠌ ᠤᠷᠤᠰᠬᠠᠯ ᠳ᠋ᠤ᠌ ᠣᠷᠬᠢᠭᠰᠠᠨ ᠴᠢᠯᠠᠭᠤᠨ ᠠᠷᠰᠯᠠᠨ ᠢ᠋ ᠬᠣᠵᠢᠮ ᠤ᠋ᠨ ᠬᠥᠮᠦᠰ ᠤᠷᠤᠰᠬᠠᠯ ᠳᠣᠣᠷ᠎ᠠ ᠠ᠋ᠴᠠ ᠡᠷᠢᠭᠰᠡᠨ ᠪᠢᠰᠢ᠂ ᠬᠠᠷᠢᠨ ᠤᠷᠤᠰᠬᠠᠯ ᠥᠭᠡᠳᠡ ᠨᠢ ᠡᠷᠢᠭᠡᠳ ᠡᠷᠢᠵᠦ ᠣᠯᠤᠭᠰᠠᠨ ᠲᠠᠢ ᠠᠳᠠᠯᠢ ᠶᠣᠰᠣᠨ ᠢ᠋ ᠬᠠᠷᠠᠭᠤᠯᠵᠤ ᠪᠠᠢᠭ᠎ᠠ ᠶᠤᠮ ᠤᠤ⁈ ᠪᠤᠤ ᠮᠡᠳᠡ!
ᠬᠦᠩ ᠨᠣᠶᠠᠨ ᠰᠢᠷᠠᠪᠳᠣᠷᠵᠢ᠂ ᠳ᠋ᠠᠭᠳᠠᠨ ᠳᠠ ᠯᠠᠮᠠ ᠶ᠋ᠢᠨ ᠪᠦᠳᠦᠭᠦᠨ ᠲᠣᠯᠣᠭᠠᠢ ᠠ᠋ᠴᠠ ᠠᠶᠤᠭᠰᠠᠨ ᠳ᠋ᠠᠭᠠᠨ ᠬᠦᠨᠳᠦ ᠡᠪᠡᠳᠴᠢᠯᠡᠵᠦ ᠰᠣᠯᠢᠶ᠎ᠠ ᠪᠠᠯᠠᠢ ᠶᠠᠷᠢᠳᠠᠭ ᠪᠣᠯᠵᠠᠢ᠃ ᠥᠨᠥᠬᠢ ᠳ᠋ᠠᠭᠳᠠᠨ ᠳᠠ ᠯᠠᠮᠠ ᠶ᠋ᠢᠨ ᠲᠣᠯᠣᠭᠠᠢ ᠶ᠋ᠢ ᠭᠠᠬᠠᠢ ᠠᠯᠠᠳᠠᠭ ᠬᠢᠲᠤᠭ᠎ᠠ ᠪᠠᠷ ᠭᠠᠷ ᠢ᠋ᠶ᠋ᠠᠷ ᠢ᠋ᠶ᠋ᠠᠨ ᠣᠭᠲᠣᠯᠤᠭᠰᠠᠨ ᠬᠣᠶᠠᠷ ᠵᠠᠨᠠᠭ ᠤ᠋ᠨ ᠨᠢᠭᠡ ᠨᠢ ᠭᠤᠷᠪᠠ ᠬᠣᠨᠣᠭᠰᠠᠨ ᠦᠭᠡᠢ ᠦᠬᠦᠵᠦ᠂ ᠨᠥᠭᠦᠭᠡ ᠨᠢᠭᠡ ᠨᠢ ᠳᠣᠣᠷ᠎ᠠ ᠪᠡᠶ᠎ᠡ ᠨᠢ ᠲᠠᠮᠪᠠᠷᠠᠵᠤ ᠬᠡᠪᠲᠡᠭᠡ ᠡᠪᠡᠳᠴᠢᠨ ᠣᠯᠵᠠᠢ ᠭᠡᠳᠡᠭ᠃
ᠥᠯᠵᠡᠢᠰᠠᠩ ᠴᠦ᠍ ᠬᠣᠰᠢᠭᠤ ᠶᠠᠮᠤᠨ ᠳ᠋ᠤ᠌ ᠠᠭᠤᠴᠢᠯᠠᠯ ᠲᠠᠢ ᠶᠠᠯᠠᠳᠠᠭᠳᠠᠭᠰᠠᠨ ᠪᠣᠯᠪᠠᠴᠤ ᠬᠣᠵᠢᠮ ᠨᠢ ᠭᠠᠷ ᠬᠥᠯ ᠦ᠋ᠨ ᠬᠢᠨᠢ ᠰᠢᠷᠪᠥᠰᠥ ᠪᠠᠢᠨ ᠪᠠᠢᠨ ᠲᠠᠲᠠᠯᠳᠤᠳᠠᠭ ᠪᠣᠯᠵᠠᠢ᠃
— — — —
① ᠠᠷᠠᠰᠤᠨ ᠪᠦᠷᠬᠦᠭᠡᠰᠦᠨ ᠳᠣᠲᠣᠷ᠎ᠠ ᠭᠠᠤᠯᠢᠨ ᠵᠣᠭᠣᠰ ᠪᠠᠭᠯᠠᠭᠰᠠᠨ ᠠᠯᠠᠭ᠎ᠠ ᠮᠠᠶᠢᠭᠲᠠᠢ ᠡᠷᠡᠭᠦᠦ ᠶ᠋ᠢᠨ ᠪᠠᠭᠠᠵᠢ᠃
