ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠨᠢᠭᠡᠳᠦᠭᠡᠷ ᠪᠦᠯᠦᠭ <ᠶᠢᠰᠦ> Хан мунын сүүрс < дээд > – Мөнх зохиоов ᠂ дэд бодь – нэгдүгээр бүлэг <9>
ᠳᠡᠳ᠋ ᠪᠣᠲᠢ – ᠨᠢᠭᠡᠳᠦᠭᠡᠷ ᠪᠦᠯᠦᠭ <ᠶᠢᠰᠦ>
ᠰᠡᠭᠦᠳᠡᠷ ᠡᠷᠭᠢᠭᠰᠡᠨ ᠪᠠᠢᠲᠠᠯ᠎ᠠ ᠫᠤᠤ ᠶ᠋ᠢᠨ ᠳᠠᠭᠤᠨ ᠲᠠᠰᠤᠷᠠᠭ᠎ᠠ ᠦᠭᠡᠢ ᠦᠷᠭᠦᠯᠵᠢᠯᠡᠨ᠎ᠡ᠃
ᠠᠯᠤᠰ ᠠ᠋ᠴᠠ ᠯᠦᠷ᠂ ᠯᠦᠷ ᠬᠢᠨ ᠨᠦᠵᠢᠭᠢᠨᠡᠬᠦ ᠫᠤᠤ ᠶ᠋ᠢᠨ ᠳᠠᠭᠤᠨ ᠳ᠋ᠤ᠌ ᠬᠥᠬᠡᠪᠣᠯᠠᠭ ᠤ᠋ᠨ ᠭᠣᠣᠯ ᠤ᠋ᠨ ᠬᠣᠶᠠᠷ ᠬᠠᠵᠠᠭᠤ ᠶ᠋ᠢᠨ ᠠᠷᠴᠠ ᠽᠠᠨᠳᠠᠨ ᠮᠣᠳᠣ ᠲᠠᠢ ᠬᠠᠳᠠᠨ ᠡᠩᠭᠡᠷ ᠬᠥᠯ ᠦᠭᠡᠢ ᠳᠠᠢᠪᠠᠯᠵᠠᠬᠤ ᠮᠡᠲᠦ ᠪᠠᠢᠯ᠎ᠠ᠃
ᠲᠡᠪᠬᠡᠷᠭᠡᠲᠤ ᠬᠠᠳᠠᠨ ᠬᠣᠩᠭᠢᠯ ᠳ᠋ᠤ᠌ ᠳ᠋ᠠᠭᠳᠠᠨ ᠳᠠ ᠯᠠᠮᠠ᠂ ᠪᠤᠷᠤᠪᠠᠨᠳᠢ ᠵᠡᠷᠭᠡ ᠬᠡᠳᠦᠨ ᠯᠠᠮᠠ ᠨᠠᠷ ᠠ᠋ᠴᠠ ᠥᠭᠡᠷ᠎ᠡ ᠠᠮᠢᠲᠠᠨ ᠦᠭᠡᠢ ᠪᠣᠯᠵᠠᠢ᠃
ᠳ᠋ᠠᠭᠳᠠᠨ ᠳᠠ ᠯᠠᠮᠠ ᠥᠷᠯᠥᠭᠡ ᠶ᠋ᠢᠨ ᠳᠥᠩᠭᠡᠭᠦᠷ ᠴᠠᠢ ᠠ᠋ᠴᠠ ᠬᠣᠢᠰᠢ ᠬᠡᠯᠡᠨ ᠳᠡᠭᠡᠷ᠎ᠡ ᠪᠡᠨ ᠶᠠᠭᠤᠮ᠎ᠠ ᠲᠠᠯᠪᠢᠭ᠎ᠠ ᠦᠭᠡᠢ᠃
ᠪᠤᠷᠤᠪᠠᠨᠳᠢ ᠭᠠᠤᠯᠢᠨ ᠲᠣᠭᠣᠭᠠᠨ ᠳ᠋ᠤ᠌ ᠴᠠᠢ ᠪᠤᠴᠠᠯᠭᠠᠵᠤ ᠠᠭᠠᠷᠤᠤᠯ ᠲᠣᠰᠣ᠂ ᠪᠣᠭᠣᠷᠰᠣᠭ᠂ ᠪᠤᠳᠠᠭ᠎ᠠ ᠵᠡᠷᠭᠡ ᠣᠢᠷᠠᠲᠤᠭᠤᠯᠵᠤ᠂ ᠠᠶᠠᠭᠠᠨ ᠳ᠋ᠤᠨᠢ ᠪᠣᠷᠴᠠ ᠬᠥᠰᠬᠥᠯᠡᠨ ᠴᠠᠢ ᠠᠶᠠᠭᠠᠯᠠᠭᠠᠳ᠄
— ᠪᠠᠭᠰᠢ ᠠ᠋᠂ ᠴᠠᠢ ᠪᠠᠨ ᠤᠤᠭᠤ ! ᠭᠡᠰᠡᠨ ᠳ᠋ᠦ᠍ ᠨᠢᠳᠦ ᠪᠡᠨ ᠠᠨᠢᠨ ᠨᠠᠮᠠᠨᠴᠢᠯᠠᠭᠰᠠᠨ ᠳ᠋ᠠᠭᠳᠠᠨ ᠳᠠ ᠯᠠᠮᠠ ᠰᠣᠨᠣᠰᠤᠭᠰᠠᠨ ᠦᠭᠡᠢ ᠶᠦᠮ ᠰᠢᠭ ᠁
ᠮᠠᠷᠭᠠᠲᠤᠷ ᠤ᠋ᠨ ᠬᠢᠨᠢ ᠦᠦᠷ ᠬᠠᠷᠠᠩᠭᠤᠢ ᠪᠠᠷ ᠬᠠᠷ᠎ᠠ ᠴᠡᠷᠢᠭ ᠦ᠋ᠳ ᠭᠣᠣᠯ ᠥᠭᠡᠳᠡᠯᠡᠨ ᠴᠤᠪᠤᠯᠳᠤᠪᠠ᠃
ᠨᠢᠭᠡ ᠬᠠᠷᠠᠬᠤᠯ᠎ᠠ ᠬᠠᠳᠠᠨ ᠬᠣᠩᠭᠢᠯ ᠤ᠋ᠨ ᠵᠡᠭᠦᠨ ᠡᠮᠦᠨ᠎ᠡ ᠡᠴᠡ ᠡᠰᠡᠷᠭᠦᠯᠡᠨ ᠥᠩᠭᠡᠢᠭᠰᠡᠨ ᠡᠪᠴᠢᠭᠦᠦ ᠲᠡᠪᠬᠡᠷᠭᠡᠲᠤ ᠬᠠᠳᠠᠨ ᠤ᠋ ᠨᠢᠷᠤᠭᠤᠨ ᠳᠡᠭᠡᠷ᠎ᠡ ᠬᠠᠷ᠎ᠠ ᠴᠡᠷᠢᠭ ᠦ᠋ᠳ ᠲᠣᠮᠣ ᠮᠣᠳᠣᠨ ᠤ᠋ ᠰᠠᠯᠠᠭᠠᠨ ᠳ᠋ᠤ᠌ ᠪᠡᠭᠡᠪᠡᠢᠨ ᠰᠠᠭᠤᠭᠰᠠᠨ ᠪᠣᠷᠣ ᠪᠢᠯᠵᠤᠤᠬᠠᠢ ᠰᠢᠭ᠋ ᠪᠠᠷᠵᠠᠢᠵᠤ ᠬᠠᠷᠠᠭᠳᠠᠪᠠ᠃
ᠡᠪᠴᠢᠭᠦᠦ ᠬᠠᠳᠠᠨ ᠤ᠋ ᠲᠡᠷᠲᠡᠭᠡ ᠡᠷᠭᠢ ᠡᠴᠡ ᠤᠭᠰᠠᠷᠠᠭ᠎ᠠ ᠪᠠᠷ ᠰᠤᠮᠤ ᠪᠠᠨ ᠪᠥᠭᠡᠯᠵᠢᠭᠰᠡᠨ ᠫᠤᠤ ᠶ᠋ᠢᠨ ᠳᠠᠭᠤᠨ ᠪᠤᠷᠴᠠᠭ ᠬᠠᠭᠤᠷᠬᠤ ᠰᠢᠭ᠋ ᠫᠠᠴᠢᠭᠢᠨᠠᠬᠤ ᠨᠢ ᠬᠡᠴᠡᠭᠦᠦ᠃ ᠱᠤᠤᠭᠢᠨ ᠢᠰᠬᠡᠷᠦᠭᠰᠡᠨ ᠰᠤᠮᠤᠨ ᠤ᠋ ᠲᠣᠯᠣᠭᠠᠢ ᠬᠠᠳᠠᠨ ᠬᠣᠩᠭᠢᠯ ᠤ᠋ᠨ ᠬᠥᠮᠥᠰᠬᠡ ᠳᠡᠭᠡᠭᠦᠷ《 ᠰᠢᠪ ᠶᠠᠩ᠂ ᠰᠢᠪ ᠶᠠᠩ 》 ᠭᠡᠵᠦ ᠮᠠᠭᠤᠬᠠᠢ ᠢᠷᠣ᠎ᠠ ᠶ᠋ᠢᠨ ᠳᠠᠭᠤ ᠬᠠᠩᠭᠢᠨᠠᠭᠤᠯᠵᠤ ᠬᠠᠲᠠᠭᠤ ᠬᠠᠳᠠᠨ ᠳ᠋ᠤ᠌ ᠰᠢᠮᠠᠷᠠᠭᠰᠠᠨ ᠰᠤᠮᠤ ᠨᠢ ᠪᠤᠴᠠᠭᠠᠳ ᠵᠠᠮ ᠦᠭᠡᠢ ᠵᠡᠷᠯᠢᠭ ᠬᠡᠢᠰᠦᠨ᠎ᠡ᠃
ᠳ᠋ᠠᠭᠳᠠᠨ ᠳᠠ ᠯᠠᠮᠠ ᠥᠴᠦᠬᠡᠨ ᠴᠦ᠍ ᠰᠦᠷᠳᠡᠵᠦ ᠭᠡᠯᠮᠡᠭᠳᠡᠭᠰᠡᠨ ᠦᠭᠡᠢ᠂ 《 ᠠᠮᠢᠨ ᠰᠠᠬᠢᠶ᠎ᠠ ᠵᠠᠯᠰᠠᠷᠠᠢ ᠪᠤᠷᠬᠠᠨ 》 ᠤ᠋ ᠪᠠᠨ ᠠᠰᠤᠷᠤ ᠶᠡᠬᠡ ᠥᠮᠥᠭ ᠲᠦᠰᠢᠭ ᠲᠦ᠍ ᠣᠶᠤᠨ ᠰᠠᠨᠠᠭᠠᠨ ᠤ᠋ ᠪᠠᠨ ᠶᠡᠬᠡ ᠰᠦᠢᠷᠡᠯ ᠢ ᠲᠤᠯᠤᠨ ᠪᠣᠰᠴᠤ 《 ᠪᠤᠷᠬᠠᠨ ᠲᠡᠭᠷᠢ ᠪᠤᠳᠢᠰᠠᠳᠸᠠ᠂ ᠬᠠᠨ ᠮᠤᠨᠠ ᠰᠠᠬᠢᠭᠤᠰᠤ ᠮᠢᠨᠢ ᠳᠡᠭᠡᠳᠦ ᠣᠷᠴᠢᠯᠠᠩ ᠠ᠋ᠴᠠ ᠬᠠᠷᠠᠵᠤ ᠪᠠᠢᠭ᠎ᠠ ᠪᠠᠢᠯᠭᠦᠢ 》 ᠭᠡᠰᠡᠨ ᠮᠡᠲᠦ ᠨᠢᠭᠡ ᠯᠡ ᠬᠡᠪ ᠢ᠋ᠶ᠋ᠡᠷ ᠠᠮᠠᠨ ᠳ᠋ᠠᠭᠠᠨ ᠨᠣᠮ ᠤᠩᠰᠢᠵᠤ ᠪᠤᠷᠬᠠᠨ ᠳ᠋ᠠᠭᠠᠨ ᠵᠠᠯᠪᠠᠷᠢᠵᠤ ᠰᠠᠭᠤᠨ᠎ᠠ᠃ ᠲᠡᠭᠦᠨ ᠦ᠌ ᠱᠠᠪᠢ ᠪᠤᠷᠤᠪᠠᠨᠳᠢ ᠮᠥᠨ ᠵᠤᠯᠠ ᠠᠰᠠᠷᠠᠨ ᠲᠡᠵᠢᠭᠡᠵᠦ ᠪᠠᠭᠰᠢ ᠳᠠ ᠯᠠᠮᠠ ᠶ᠋ᠢᠨ ᠴᠢᠷᠠᠢ ᠶ᠋ᠢ ᠰᠢᠨᠵᠢᠵᠦ ᠵᠣᠷᠢᠭ ᠬᠠᠲᠠᠭᠤ ᠯᠠ ᠬᠠᠨᠢ ᠪᠣᠯᠵᠤ ᠪᠠᠢᠯ᠎ᠠ᠃ ᠬᠠᠷᠢᠨ ᠴᠠᠭᠠᠳᠤ ᠬᠣᠩᠭᠢᠯ ᠤ᠋ᠨ ᠮᠤᠬᠤᠷ ᠲᠤ᠌ ᠨᠢᠭᠡ ᠯᠠᠮᠠ ᠲᠠᠴᠢᠭᠢᠨᠠᠨ ᠢᠰᠬᠡᠷᠬᠦ ᠫᠤᠤ ᠶ᠋ᠢᠨ ᠳᠠᠭᠤᠨ ᠠ᠋ᠴᠠ ᠠᠶᠤᠬᠤ ᠳ᠋ᠠᠭᠠᠨ ᠳᠠᠭᠵᠢᠵᠤ ᠰᠢᠭᠡᠰᠦ ᠠᠯᠲᠠᠨ ᠪᠠᠩᠵᠠᠯ ᠤ᠋ᠨ ᠢ᠋ᠶ᠋ᠠᠨ ᠬᠣᠷᠮᠣᠢ ᠶ᠋ᠢ ᠨᠣᠷᠭᠠᠭᠰᠠᠨ ᠢ᠋ ᠪᠤᠷᠤᠪᠠᠨᠳᠢ ᠣᠯᠵᠤ ᠬᠠᠷᠠᠭᠠᠳ ᠢᠨᠢᠶᠡᠳᠦ ᠨᠢ ᠬᠦᠷᠴᠦ 《 ᠮᠠᠭᠤ ᠰᠥᠰᠥ ᠦᠭᠡᠢ ᠭᠣᠢᠷᠠᠨᠴᠢ 》 ᠭᠡᠵᠦ ᠳᠦᠳᠦᠨᠡᠨ ᠬᠠᠷᠢᠶᠠᠭᠰᠠᠨ ᠢ᠋ᠶ᠋ᠠᠨ ᠳ᠋ᠠᠭᠳᠠᠨ ᠳᠠ ᠪᠠᠭᠰᠢ ᠶ᠋ᠢᠨ ᠰᠢᠷᠡᠭᠡᠨ ᠦ᠌ ᠡᠮᠦᠨᠡᠬᠢ ᠲᠣᠮᠣ ᠴᠥᠭᠥᠴᠡ ᠲᠡᠢ ᠵᠤᠯᠠ ᠤᠨᠲᠠᠷᠠᠭᠰᠠᠨ ᠢ᠋ ᠬᠠᠷᠠᠨ ᠰᠠᠨᠳᠤᠷᠴᠤ ᠮᠠᠭᠤ ᠰᠡᠵᠢᠭ ᠲᠥᠷᠥᠨ ᠪᠥᠬᠥᠭᠰᠡᠨ ᠵᠤᠯᠠ ᠶ᠋ᠢ ᠠᠰᠠᠭᠠᠬᠤ ᠭᠡᠵᠦ ᠬᠡᠴᠢᠨᠡᠭᠡᠨ ᠣᠯᠠᠨ ᠴᠦᠳᠡᠩ ᠵᠢᠷᠤᠭᠠᠳ ᠨᠣᠴᠣᠭᠠᠵᠤ ᠳᠡᠢᠯᠦᠭᠰᠡᠨ ᠦᠭᠡᠢ᠃ 《 ᠡᠵᠡᠨ ᠢ᠋ᠶ᠋ᠡᠨ ᠠᠯᠳᠠᠭᠰᠠᠨ ᠬᠤᠢᠰᠠᠭᠠᠨᠠᠬᠤ ᠵᠢᠪᠠᠷ ᠵᠢᠭᠠᠬᠠᠨ ᠠᠮᠢᠰᠬᠤᠳᠠᠭ ᠦᠭᠡᠢ ᠨᠢ ᠶᠠᠭᠠᠬᠢᠪᠠ ⁈ ᠭᠡᠵᠦ ᠭᠠᠷ ᠨᠢ ᠰᠠᠯᠭᠠᠨᠠᠵᠤ ᠪᠠᠢᠯ᠎ᠠ᠃ ᠲᠡᠭᠡᠭᠡᠳ ᠲᠡᠷᠡ ᠳ᠋ᠠᠭᠳᠠᠨ ᠳᠠ ᠪᠠᠭᠰᠢ ᠪᠠᠨ ᠶᠠᠭᠠᠬᠢᠭ᠎ᠠ ᠪᠣᠯ ᠭᠡᠰᠡᠨ ᠰᠢᠦᠬᠡᠨ ᠳᠣᠣᠭᠤᠷ ᠰᠢᠷᠪᠢᠪᠡᠯ ᠳ᠋ᠠᠭᠳᠠᠨ ᠳᠠ ᠯᠠᠮᠠ ᠪᠠᠭᠰᠢ ᠨᠢ ᠨᠢᠳᠦ ᠪᠡᠨ ᠠᠨᠢᠭᠠᠳ ᠠᠵᠢᠭ ᠴᠤ᠌ ᠦᠭᠡᠢ ᠰᠠᠭᠤᠵᠤ ᠪᠠᠢᠯ᠎ᠠ᠃ ᠱᠤᠤᠭᠢᠵᠤ ᠢᠷᠡᠬᠦ ᠰᠤᠮᠤᠨ ᠮᠥᠨᠳᠥᠷ ᠲᠦ᠍ ᠪᠠᠯᠢᠳᠠᠨ ᠰᠠᠨᠳᠤᠷᠳᠠᠭ ᠦᠭᠡᠢ ᠠᠮᠢᠳᠤ ᠪᠤᠷᠬᠠᠨ ᠰᠢᠭ᠋ ᠠᠮᠤᠭᠤᠯᠠᠩ ᠬᠠᠷᠠᠭᠳᠠᠭᠠᠳ ᠪᠠᠢᠭᠰᠠᠨ ᠳᠦᠷᠢ ᠨᠢ ᠲᠡᠭᠦᠨ ᠳ᠋ᠦ᠍ ᠰᠣᠨᠢᠬᠠᠨ ᠪᠣᠳᠣᠯ ᠣᠷᠣᠭᠤᠯᠪᠠ ᠁ ᠨᠢᠭᠡ ᠵᠢᠯ ᠦ᠋ᠨ ᠡᠪᠦᠯ ᠶᠤᠮᠰᠠᠨ᠃ ᠶᠣᠰᠣᠲᠠᠢ ᠲᠡᠮᠡᠭᠡᠨ ᠴᠢᠮᠥᠭᠡ ᠲᠠᠰᠤ ᠴᠠᠷᠴᠠᠮᠠ ᠬᠦᠢᠲᠡᠨ᠃ ᠪᠠᠨᠴᠢᠨ ᠪᠣᠭᠳᠠ ᠪᠠᠲᠤᠬᠠᠭᠠᠯᠭ᠎ᠠ ᠶ᠋ᠢᠨ ᠪᠡᠢᠯᠡ ᠶ᠋ᠢᠨ ᠰᠦᠮ᠎ᠡ ᠳ᠋ᠦ᠍ ᠮᠣᠷᠢᠯᠠᠵᠤ ᠰᠠᠭᠠᠲᠠᠭᠰᠠᠨ ᠴᠢᠮᠡᠭᠡ ᠪᠡᠷ ᠳ᠋ᠠᠭᠳᠠᠨ ᠯᠠᠮᠠᠬᠠᠢ ᠬᠦᠩ ᠦ᠋ᠨ ᠰᠦᠮ᠎ᠡ ᠡᠴᠡ ᠪᠡᠨ ᠬᠥᠳᠡᠯᠵᠦ ᠪᠠᠨᠴᠢᠨ ᠪᠣᠭᠳᠠ ᠲᠠᠢ ᠪᠠᠷᠠᠳᠠᠬᠤ ᠪᠠᠷ ᠪᠠᠲᠤᠬᠠᠭᠠᠯᠭ᠎ᠠ ᠶ᠋ᠢ ᠵᠣᠷᠢᠵᠠᠢ᠃ ᠬᠥᠷ ᠴᠠᠰᠤ ᠲᠠᠢ ᠳᠠᠩᠭᠢᠨᠠᠭᠰᠠᠨ ᠡᠪᠦᠯ ᠦ᠋ᠨ ᠬᠦᠢᠲᠡᠨ ᠳ᠋ᠦ᠍ ᠤᠨᠤᠭ᠎ᠠ ᠮᠣᠷᠢᠳ ᠬᠦᠷᠲᠡᠯ᠎ᠡ ᠬᠥᠯᠳᠡᠭᠦᠦ ᠭᠠᠵᠠᠷ ᠲᠤᠭᠤᠷᠠᠢ ᠲᠠᠯᠪᠢᠬᠤ ᠠ᠋ᠴᠠ ᠪᠠᠨ ᠰᠢᠷᠬᠡᠢᠵᠦ ᠪᠠᠢᠬᠤ ᠳ᠋ᠤ᠌ ᠡᠩ ᠦ᠋ᠨ ᠬᠥᠮᠦᠨ ᠨᠡᠩ ᠶᠠᠭᠠᠬᠢᠵᠤ ᠲᠡᠰᠬᠦ ᠪᠣᠢ ᠳᠠ᠃ ᠪᠤᠷᠤᠪᠠᠨᠳᠢ ᠳ᠋ᠠᠭᠳᠠᠨ ᠯᠠᠮᠠ ᠶ᠋ᠢᠨ ᠠᠷᠤ ᠠ᠋ᠴᠠ ᠳᠠᠭᠠᠵᠤ ᠭᠦᠶᠦᠬᠦ ᠳ᠋ᠡᠭᠡᠨ ᠦᠨᠡᠭᠡᠨ ᠯᠣᠪᠤᠤᠵᠠ ᠶ᠋ᠢᠨ ᠴᠢᠬᠢ ᠶ᠋ᠢ ᠢᠪ ᠳᠠᠷᠤᠵᠤ᠂ ᠪᠢᠲᠡᠭᠦᠦ ᠡᠩᠭᠡᠷ ᠲᠡᠢ ᠨᠡᠬᠡᠢ ᠳᠡᠪᠡᠯ ᠪᠡᠬᠢᠯᠡᠵᠦ ᠡᠮᠦᠰᠦᠨ ᠢᠰᠡᠭᠡᠢ ᠭᠤᠲᠤᠯ ᠢᠰᠬᠦᠯᠦᠭᠰᠡᠨ ᠴᠦ᠍ ᠲᠠᠭᠠᠷᠠᠭᠠᠳ ᠲᠡᠰᠳᠡᠭ ᠦᠭᠡᠢ᠃ ᠡᠪᠦᠷ ᠳᠣᠲᠣᠷ᠎ᠠ ᠪᠠᠨ ᠴᠣᠬᠣᠷ ᠪᠥᠭᠰᠡ ᠲᠡᠢ ᠶᠤᠸᠠᠮᠪᠤᠤ ᠡᠪᠦᠷᠲᠦᠯᠡᠭᠰᠡᠨ ᠳ᠋ᠦ᠍ ᠥᠨᠥᠬᠢ ᠶᠤᠸᠠᠮᠪᠤᠤ ᠳ᠋ᠤᠨᠢ ᠬᠦᠢᠲᠡᠨ ᠵᠢᠩ ᠳᠠᠭᠠᠭᠠᠵᠤ ᠪᠡᠶ᠎ᠡ ᠶ᠋ᠢ ᠨᠢ ᠵᠢᠬᠡᠬᠥᠰᠥᠬᠥᠯᠥᠨ ᠬᠠᠴᠠᠷ ᠬᠠᠭᠠᠷᠢᠬᠤ ᠬᠦᠢᠲᠡᠨ ᠵᠢᠪᠠᠷ ᠨᠡᠪᠲᠡ ᠭᠤᠶᠠᠳᠠᠯᠠᠬᠤ ᠳ᠋ᠤ᠌ ᠳᠠᠭᠵᠢᠨ ᠴᠡᠴᠡᠷᠡᠬᠦ ᠳ᠋ᠡᠭᠡᠨ ᠡᠷᠬᠡ ᠦᠭᠡᠢ ᠬᠡᠰᠡᠭ ᠬᠡᠰᠡᠭ ᠦᠰᠦᠷᠦᠭᠦᠯᠵᠦ ᠪᠠᠢᠭᠰᠠᠨ ᠁ ᠲᠡᠭᠡᠬᠦ ᠳ᠋ᠦ᠍ ᠳ᠋ᠠᠭᠳᠠᠨ ᠳᠠ ᠯᠠᠮᠠ ᠬᠦᠷᠡᠩ ᠥᠩᠭᠡ ᠲᠡᠢ ᠳᠠᠩ ᠡᠷᠢᠩᠭᠡ ᠶ᠋ᠢᠨ ᠳᠡᠭᠡᠭᠦᠷ ᠬᠤᠷᠠᠭᠠᠨ ᠬᠠᠨᠵᠢᠶᠠᠷ ᠳᠠᠪᠬᠤᠷᠯᠠᠵᠤ ᠡᠮᠦᠰᠦᠨ ᠲᠣᠯᠣᠭᠠᠢ ᠨᠢᠴᠦᠭᠦᠨ ᠢ᠋ᠶ᠋ᠡᠷ ᠲᠡᠷᠡ ᠬᠦᠢᠲᠡᠨ ᠳ᠋ᠦ᠍ ᠠᠵᠢᠭ ᠴᠤ᠌ ᠦᠭᠡᠢ ᠠᠯᠬᠤᠯᠠᠵᠤ ᠶᠠᠪᠤᠬᠤ ᠳ᠋ᠤ᠌ ᠪᠡᠶ᠎ᠡ ᠨᠢ ᠬᠥᠯᠥᠷᠡᠨ ᠪᠦᠳᠦᠭᠦᠨ ᠱᠠᠯᠳᠠᠩ ᠲᠣᠯᠣᠭᠠᠢ ᠠ᠋ᠴᠠ ᠨᠢ ᠬᠠᠯᠠᠭᠤᠨ ᠠᠭᠤᠷ ᠪᠠᠭᠠᠭᠢᠵᠤ ᠪᠠᠢᠪᠠ ᠁
ᠪᠡᠢᠯᠡ ᠶ᠋ᠢᠨ ᠰᠦᠮ᠎ᠡ ᠳ᠋ᠦ᠍ ᠪᠠᠭᠤᠵᠤ ᠪᠠᠨᠴᠢᠨ ᠪᠣᠭᠳᠠ ᠲᠠᠢ ᠪᠠᠷᠠᠳᠠᠭᠰᠠᠨ ᠳ᠋ᠤ᠌ ᠪᠠᠨᠴᠢᠨ ᠪᠣᠭᠳᠠ ᠳ᠋ᠠᠭᠳᠠᠨ ᠳᠠ ᠯᠠᠮᠠᠬᠠᠢ ᠶ᠋ᠢ ᠬᠠᠷᠠᠭᠠᠳ ᠭᠠᠢᠬᠠᠵᠤ᠂ 《ᠠ᠂ ᠰᠣᠨᠢᠨ ! ᠱᠠᠮᠪᠠᠯ ᠤ᠋ᠨ ᠲᠡᠢᠨ ᠳ᠋ᠦ᠍ ᠨᠢ᠋ᠮᠠ ᠳ᠋ᠤ᠌ ᠶᠠᠪᠤᠬᠤ ᠰᠠᠢᠨ ᠡᠷ᠎ᠡ ᠪᠠᠢᠨ᠎ᠠ ᠁ 》 ᠭᠡᠵᠦ ᠭᠡᠨ᠎ᠡ᠃
ᠪᠤᠷᠤᠪᠠᠨᠳᠢ ᠶ᠋ᠢᠨ ᠨᠢᠳᠦᠨ ᠳ᠋ᠦ᠍ ᠳ᠋ᠠᠭᠳᠠᠨ ᠳᠠ ᠯᠠᠮᠠᠬᠠᠢ ᠶᠡᠷᠦ ᠪᠤᠰᠤ ᠶ᠋ᠢᠨ ᠷᠢᠳᠢ ᠰᠢᠳᠢ ᠲᠡᠢ ᠦᠵᠡᠭᠳᠡᠵᠦ᠂ ᠱᠤᠤᠭᠢᠵᠤ ᠢᠷᠡᠬᠦ ᠬᠠᠷ᠎ᠠ ᠴᠡᠷᠢᠭ ᠦ᠋ᠨ ᠫᠤᠤ ᠶ᠋ᠢᠨ ᠰᠤᠮᠤ ᠲᠡᠭᠦᠨ ᠦ᠌ ᠡᠪᠴᠢᠭᠦᠦ ᠪᠡᠶ᠎ᠡ ᠳᠡᠭᠡᠷ᠎ᠡ ᠤᠨᠤᠭᠠᠳ ᠳᠣᠲᠣᠭᠰᠢ ᠪᠠᠨ ᠰᠢᠭᠢᠳᠴᠦ ᠣᠷᠣᠬᠤ ᠦᠭᠡᠢ ᠨᠢ ᠰᠣᠨᠢᠨ᠃ ᠭᠠᠩ ᠬᠠᠲᠠᠭᠤ ᠰᠤᠮᠤᠨ ᠤ᠋ ᠲᠣᠯᠣᠭᠠᠢ ᠨᠢ ᠭᠠᠯ ᠦᠵᠡᠭᠰᠡᠨ ᠲᠤᠭᠤᠯᠭ᠎ᠠ ᠰᠢᠭ᠋ ᠤᠷᠤᠰᠤᠨ ᠬᠠᠢᠯᠵᠤ ᠰᠢᠩᠭᠡᠨ ᠨᠤᠬᠤᠭᠰᠠᠨ ᠵᠥᠭᠡᠯᠡᠨ ᠭᠤᠯᠢᠷ ᠪᠣᠯᠵᠤ ᠡᠪᠦᠳᠦᠭ ᠳᠡᠭᠡᠷ᠎ᠡ ᠨᠢ ᠫᠠᠳ ᠫᠠᠳ ᠤᠨᠠᠨ᠎ᠠ᠃ ᠵᠠᠷᠢᠮ ᠨᠢᠭᠡ ᠰᠤᠮᠤ ᠨᠢ ᠳ᠋ᠠᠭᠳᠠᠨ ᠳᠠ ᠯᠠᠮᠠᠬᠠᠢ ᠶ᠋ᠢᠨ ᠮᠠᠬᠠᠪᠣᠳ ᠪᠡᠶ᠎ᠡ ᠶ᠋ᠢ ᠶᠠᠭᠠᠬᠢᠪᠠᠴᠤ ᠤᠨᠤᠳᠠᠭ ᠶᠠᠭᠤᠮ᠎ᠠ ᠪᠢᠰᠢ ᠶᠠᠭᠤ ᠨᠢᠭᠡ ᠳ᠋ᠦ᠍ ᠬᠠᠯᠬᠠᠯᠠᠭᠳᠠᠭᠠᠳ ᠬᠠᠯᠢᠵᠤ ᠡᠦᠲᠦᠨ᠎ᠡ ᠁ ᠬᠠᠳᠠᠨ ᠳᠡᠭᠡᠷ᠎ᠡ ᠲᠣᠰᠴᠤ ᠬᠠᠩᠭᠢᠨᠠᠨ ᠢᠰᠬᠡᠷᠦᠨ᠎ᠡ ᠁
ᠬᠠᠷ᠎ᠠ ᠴᠡᠷᠢᠭ ᠦ᠋ᠨ ᠣᠨᠢ ᠬᠠᠷᠠᠭ᠎ᠠ ᠮᠠᠭᠤ ᠴᠤ᠌ ᠶᠤᠮ ᠤᠤ ? ᠡᠰᠡᠪᠡᠰᠦ ᠥᠨᠥᠬᠢ ᠨᠦ᠍ᠭᠦᠳ ᠴᠢᠨᠢ ᠡᠨᠡ ᠬᠠᠳᠠᠨ ᠬᠣᠩᠭᠢᠯ ᠤ᠋ᠨ ᠳᠣᠲᠣᠷ᠎ᠠ ᠨᠣᠮ ᠪᠢᠰᠢᠯᠭᠠᠭᠰᠠᠨ ᠰᠦᠵᠢᠭ ᠪᠢᠰᠢᠷᠡᠯᠲᠦ ᠯᠠᠮᠠ ᠬᠤᠸᠠᠷᠠᠭ ᠢ᠋ ᠣᠨᠢᠯᠠᠵᠤ ᠫᠤᠤᠳᠠᠬᠤ ᠪᠠᠨ ᠠᠶᠤᠨ ᠰᠢᠷᠬᠡᠢᠭᠰᠡᠨ ᠦ᠌ ᠴᠦ᠍ ᠶᠦᠮ ᠤᠤ ? ᠶᠠᠭᠤ ᠴᠤ᠌ ᠭᠡᠰᠡᠨ ᠬᠠᠷ᠎ᠠ ᠴᠡᠷᠢᠭ ᠦ᠋ᠳ ᠦ᠋ᠨ ᠬᠠᠳᠠᠨ ᠬᠣᠩᠭᠢᠯ ᠤ᠋ᠨ ᠡᠰᠡᠷᠭᠦ ᠲᠠᠯ᠎ᠠ ᠠ᠋ᠴᠠ ᠲᠡᠭᠦᠨ ᠢ᠋ ᠣᠨᠢᠯᠠᠭᠰᠠᠨ ᠨᠢᠭᠦᠯᠲᠦ ᠫᠤᠤ ᠶ᠋ᠢᠨ ᠠᠮᠠ ᠣᠩᠭᠣᠯᠵᠠᠵᠤ ᠬᠡᠴᠢᠨᠡᠭᠡᠨ ᠲᠠᠴᠢᠭᠢᠨᠠᠭᠤᠯᠤᠭᠠᠳ ᠭᠠᠷᠤᠵᠠᠳᠠᠬᠤ ᠰᠤᠮᠤᠨ ᠤ᠋ ᠬᠠᠷᠢᠭᠤ ᠳ᠋ᠤ᠌ ᠶᠠᠭᠠᠬᠢᠭᠠᠳ ᠤᠨᠤᠭ᠎ᠠ ᠦᠭᠡᠢ ᠶ᠋ᠢᠨ ᠣᠨᠣᠴᠠᠲᠠᠢ ᠬᠠᠷᠢᠭᠤᠯᠲᠠ ᠣᠯᠵᠤ ᠳᠡᠢᠯᠦᠭᠡ ᠦᠭᠡᠢ᠃
ᠲᠡᠷᠲᠡᠭᠡ ᠡᠰᠡᠷᠭᠦ ᠲᠠᠯ᠎ᠠ ᠶ᠋ᠢᠨ ᠥᠩᠭᠡᠢᠮᠡ ᠡᠪᠴᠢᠭᠦᠦ ᠬᠠᠳᠠᠨ ᠳᠡᠭᠡᠷ᠎ᠡ ᠬᠠᠷ᠎ᠠ ᠴᠡᠷᠢᠭ ᠦ᠋ᠳ ᠠᠷᠵᠠᠭᠠᠨᠠᠨ ᠬᠠᠷᠠᠯᠠᠵᠤ᠂ ᠬᠠᠳᠠᠨ ᠬᠣᠩᠭᠢᠯ ᠤᠷᠤᠭᠤ ᠫᠠᠴᠢᠭᠢᠨᠠᠨ ᠳᠤᠤᠭᠠᠷᠬᠤ ᠫᠤᠤ ᠶ᠋ᠢᠨ ᠳᠠᠭᠤᠨ ᠲᠠᠰᠤᠷᠠᠭ᠎ᠠ ᠦᠭᠡᠢ ᠱᠤᠤᠭᠢᠵᠤ᠂ ᠨᠢᠳᠦ ᠦᠭᠡᠢ ᠰᠤᠮᠤ ᠨᠤᠭᠤᠳ ᠢᠰᠬᠡᠷᠦᠯᠳᠦᠨ ᠬᠠᠳᠠ ᠮᠥᠷᠭᠥᠭᠡᠳ ᠶᠣᠣᠯᠠᠨ ᠤᠨᠠᠨ᠎ᠠ ᠁
ᠳ᠋ᠠᠭᠳᠠᠨ ᠳᠠ ᠯᠠᠮᠠ ᠶ᠋ᠢᠨ ᠳᠣᠲᠣᠷ᠎ᠠ 《ᠠᠮᠢᠨ ᠰᠠᠬᠢᠶ᠎ᠠ ᠵᠠᠯᠰᠠᠷᠠᠢ ᠪᠤᠷᠬᠠᠨ》 ᠤ᠋ ᠪᠠᠨ ᠠᠴᠢ ᠪᠠᠷ ᠰᠤᠮᠤᠨ ᠮᠥᠨᠳᠥᠷ ᠦ᠋ᠨ ᠢᠰᠬᠡᠷᠬᠦ ᠱᠤᠤᠭᠢᠶᠠᠨ ᠢ᠋ ᠵᠠᠢᠯᠠᠭᠤᠯᠵᠤ ᠪᠦᠬᠦᠯᠢ ᠬᠣᠶᠠᠷ ᠡᠳᠦᠷ ᠬᠣᠶᠠᠷ ᠰᠥᠨᠢ ᠲᠡᠰᠴᠦ ᠪᠠᠢᠭ᠎ᠠ ᠨᠢ ᠲᠡᠷᠡ ᠭᠡᠵᠦ ᠪᠠᠷᠳᠠᠮ ᠪᠣᠳᠣᠭᠰᠠᠨ ᠢ᠋ᠶ᠋ᠠᠨ 《 ᠪᠤᠷᠤᠪᠠᠨᠳᠢ ᠠ᠋᠂ ᠡᠭᠦᠨ ᠢ᠋ ᠨᠣᠴᠣᠭ᠎ᠠ ! ᠪᠢᠲᠡᠭᠡᠢ ᠠᠶᠤ᠂ ᠶᠠᠭᠤᠨ ᠳ᠋ᠤ᠌ ᠭᠠᠷ ᠴᠢᠨᠢ ᠰᠠᠯᠭᠠᠨᠠᠭᠠ ᠪᠣᠢ ᠭᠡᠬᠦ ᠳ᠋ᠦ᠍ ᠪᠤᠷᠤᠪᠠᠨᠳᠢ 《 ᠵᠠ᠂ ᠪᠠᠭᠰᠢ ᠠ᠋᠂ ᠣᠳᠣᠬᠠᠨ ! 》 ᠭᠡᠳ ᠬᠠᠮᠤᠭ ᠰᠡᠭᠦᠯ ᠦ᠋ᠨ ᠨᠢᠭᠡ ᠭᠣᠳᠣᠯᠢ ᠴᠦᠳᠡᠩ ᠵᠢᠷᠤᠵᠤ ᠨᠣᠴᠣᠭᠠᠭᠠᠳ ᠲᠠᠬᠢᠯ ᠤ᠋ᠨ ᠵᠤᠯᠠ ᠶ᠋ᠢᠨ ᠭᠣᠣᠯ ᠳ᠋ᠤ᠌ ᠬᠦᠷᠭᠡᠬᠦ ᠲᠡᠢ ᠵᠡᠷᠭᠡ ᠨᠢᠭᠦᠯᠲᠦ ᠨᠢᠭᠡ ᠰᠤᠮᠤ ᠪᠤᠷᠤᠪᠠᠨᠳᠢ ᠶ᠋ᠢᠨ ᠴᠦᠳᠡᠩ ᠠᠳᠬᠤᠭᠰᠠᠨ ᠭᠠᠷ ᠢ᠋ ᠨᠢ ᠬᠤᠭᠤ ᠫᠤᠤᠳᠠᠪᠠ᠃ 《ᠠᠶ᠎ᠠ ! ᠪᠠᠭᠰᠢ ᠠ᠋ !》 ᠭᠡᠵᠦ ᠤᠤᠯᠭ᠎ᠠ ᠠᠯᠳᠠᠵᠤ ᠵᠠᠪᠳᠤᠪᠠ ᠤᠤ ᠦᠭᠡᠢ ᠤᠤ ᠥᠨᠥᠬᠢ ᠰᠤᠮᠤ ᠳ᠋ᠠᠭᠳᠠᠨ ᠳᠠ ᠯᠠᠮᠠ ᠶ᠋ᠢᠨ ᠴᠢᠬᠢᠨ ᠦ᠌ ᠬᠤᠯᠤᠭᠤ ᠶ᠋ᠢ ᠶᠠᠩᠭᠢᠨᠠᠲᠠᠯ᠎ᠠ ᠱᠤᠤᠭᠢᠨ ᠢᠰᠬᠡᠷᠪᠡ᠃
ᠪᠤᠷᠤᠪᠠᠨᠳᠢ ᠪᠠᠭᠤᠤ ᠪᠠᠷ ᠢ᠋ᠶ᠋ᠠᠨ ᠮᠡᠳᠡᠭᠡ ᠠᠯᠳᠠᠵᠤ ᠴᠢᠰᠤ ᠰᠠᠷᠬᠢᠨ ᠤᠨᠵᠢᠭᠢᠨᠠᠭᠰᠠᠨ ᠭᠠᠷ ᠢ᠋ᠶ᠋ᠠᠨ ᠲᠡᠪᠡᠷᠢᠨ᠄
— ᠳᠡ ᠪᠠᠭᠰᠢ ᠠ᠋ ! ᠵᠤᠯᠠ ᠁ ᠵᠤᠯᠠ ᠨᠣᠴᠣᠭᠠᠵᠤ ᠳᠡᠢᠯᠬᠦ ᠦᠭᠡᠢ ᠁ ᠳᠡᠢᠯᠬᠦ ᠦᠭᠡᠢ ᠪᠣᠯᠪᠠ ᠁ ᠭᠡᠳ ᠡᠪᠡᠳᠬᠦ ᠪᠡᠨ ᠴᠦ᠍ ᠮᠡᠳᠡᠬᠦ ᠦᠭᠡᠢ ᠪᠣᠰᠴᠤ ᠪᠠᠭᠰᠢ ᠳ᠋ᠠᠭᠠᠨ ᠠᠭᠤᠴᠢᠯᠠᠰᠢ ᠦᠭᠡᠢ ᠶᠡᠬᠡ ᠣᠰᠣᠯ ᠬᠢᠭᠰᠡᠨ ᠬᠥᠮᠦᠨ ᠮᠡᠲᠦ ᠪᠡᠷ ᠳ᠋ᠠᠭᠳᠠᠨ ᠳᠠ ᠪᠠᠭᠰᠢ ᠶ᠋ᠢᠨ ᠡᠮᠦᠨ᠎ᠡ ᠪᠤᠷᠤᠭᠤ ᠮᠡᠳᠡᠨ ᠵᠣᠭᠰᠣᠲᠠᠯ᠎ᠠ ᠲᠠᠯᠤᠨ ᠤ᠋ ᠠᠷᠤ ᠠ᠋ᠴᠠ ᠨᠢ ᠪᠠᠰᠠ ᠨᠢᠭᠡ ᠰᠤᠮᠤ ᠱᠤᠤᠭᠢᠵᠤ ᠢᠷᠡᠭᠡᠳ ᠪᠤᠷᠤᠪᠠᠨᠳᠢ ᠶ᠋ᠢᠨ ᠵᠢᠷᠦᠬᠡ ᠶ᠋ᠢ ᠰᠦᠪᠡᠯᠡᠵᠡᠢ᠃ ᠪᠤᠷᠤᠪᠠᠨᠳᠢ ᠶᠠᠭᠤ ᠨᠢᠭᠡ ᠬᠦᠴᠦᠲᠡᠨ ᠳ᠋ᠦ᠍ ᠨᠦᠳᠦᠭᠦᠯᠦᠭᠰᠡᠨ ᠰᠢᠭ ᠨᠢᠳᠦ ᠨᠢ ᠬᠠᠷᠠᠩᠭᠤᠢᠳᠠᠵᠤ᠂ ᠭᠤᠢᠪᠢᠨ ᠲᠠᠢᠪᠠᠯᠵᠠᠭᠰᠠᠭᠠᠷ ᠳ᠋ᠠᠭᠳᠠᠨ ᠳᠠ ᠪᠠᠭᠰᠢ ᠶ᠋ᠢᠨ ᠡᠮᠦᠨᠡᠬᠢ ᠲᠠᠬᠢᠯ ᠵᠤᠯᠠ᠂ ᠰᠤᠳᠤᠷ ᠨᠣᠮ᠂ ᠰᠠᠴᠤᠯᠢ ᠶ᠋ᠢᠨ ᠴᠥᠭᠥᠴᠡ᠂ ᠰᠡᠷᠵᠢᠮ ᠦ᠋ᠨ ᠡᠷᠭᠦᠴᠡ ᠳᠦᠭᠦᠷᠡᠩ ᠦᠷᠦᠭᠡᠰᠦᠲᠡᠢ ᠰᠢᠷᠡᠭᠡᠨ ᠳᠡᠭᠡᠷ᠎ᠡ ᠡᠯᠢᠭᠡ ᠲᠦᠷᠦᠭᠦᠯᠡᠨ ᠣᠢᠴᠢᠪᠠ᠃ ᠥᠨᠥᠬᠢ ᠰᠢᠭᠡᠰᠦ ᠠᠯᠳᠠᠳᠠᠭ ᠯᠠᠮᠠ ᠴᠤ᠌ ᠴᠠᠭᠠᠰᠢ ᠪᠠᠨ ᠬᠠᠨᠳᠤᠵᠤ ᠲᠣᠩᠭᠣᠢᠭᠰᠠᠨ ᠢ᠋ᠶ᠋ᠠᠷ ᠢ᠋ᠶ᠋ᠠᠨ ᠲᠣᠨᠲᠣᠭᠣᠷ ᠢ᠋ᠶ᠋ᠠᠨ ᠴᠥᠮᠥ ᠫᠤᠤᠳᠠᠭᠤᠯᠵᠤ ᠶᠣᠣᠯᠠᠨ ᠬᠠᠢᠯᠠᠨ ᠬᠡᠪᠲᠡᠨ᠎ᠡ᠃ ᠴᠠᠭᠠᠳᠤ ᠬᠡᠳᠦᠨ ᠯᠠᠮᠠ ᠨᠠᠷ ᠬᠠᠳᠠ ᠪᠤᠲᠠᠨ ᠤ᠋ ᠠᠷᠤ ᠪᠠᠷ ᠰᠢᠷᠭᠤᠵᠤ ᠤᠲᠠᠰᠤᠨ ᠠᠮᠢ ᠪᠠᠨ ᠬᠠᠢᠷᠠᠯᠠᠨ ᠪᠣᠯᠳᠠᠭ ᠰᠠᠨ ᠪᠣᠯ ᠪᠠᠲᠠᠭᠠᠨ᠎ᠠ ᠴᠤ᠌ ᠪᠣᠯᠵᠤ ᠬᠤᠪᠢᠯᠤᠭᠠᠳ ᠨᠢᠭᠤᠭᠳᠠᠬᠤ ᠰᠠᠨ ᠭᠡᠵᠦ ᠴᠢᠴᠠᠭ᠎ᠠ ᠠᠯᠳᠠᠨ᠎ᠠ᠃ ᠡᠳᠡᠭᠡᠷ ᠢ᠋ ᠬᠠᠷᠠᠨ ᠪᠠᠢᠵᠤ ᠲᠦᠪᠳᠡᠬᠦ ᠦᠭᠡᠢ ᠪᠣᠯᠤᠭᠰᠠᠨ ᠳ᠋ᠠᠭᠳᠠᠨ ᠳᠠ ᠯᠠᠮᠠ ᠱᠠᠪᠢ ᠪᠠᠨ ᠲᠡᠪᠡᠷᠢᠨ ᠪᠣᠰᠴᠤ ᠬᠠᠳᠠᠨ ᠬᠣᠩᠭᠢᠯ ᠤ᠋ᠨ ᠬᠠᠵᠠᠭᠤᠬᠠᠨ ᠲᠠᠯ᠎ᠠ ᠳ᠋ᠤ᠌ ᠬᠠᠭᠠᠯᠭ᠎ᠠ ᠰᠢᠭ᠋ ᠬᠠᠯᠬᠠᠪᠴᠢ ᠲᠠᠢ ᠰᠡᠷᠪᠡᠭᠡ ᠬᠠᠳᠠᠨ ᠤ᠋ ᠠᠷᠤ ᠳ᠋ᠤ᠌ ᠪᠤᠷᠤᠪᠠᠨᠳᠢ ᠪᠠᠨ ᠲᠡᠭᠰᠢᠬᠡᠨ ᠬᠡᠪᠲᠡᠭᠥᠯᠵᠤ ᠡᠩᠭᠡᠯᠵᠡᠭᠦᠷ ᠢ᠋ ᠨᠢ ᠲᠠᠢᠯᠤᠨ ᠡᠷ᠎ᠡ ᠴᠡᠭᠡᠵᠢᠨ ᠳ᠋ᠦ᠍ᠨᠢ ᠬᠥᠬᠡ ᠪᠠᠯ ᠪᠣᠯᠤᠭᠰᠠᠨ ᠣᠩᠭᠣᠢ ᠨᠥᠵᠢ ᠲᠡᠢ ᠰᠣᠷᠪᠢᠨ ᠠ᠋ᠴᠠ ᠬᠦᠷᠡᠩ ᠬᠠᠷ᠎ᠠ ᠴᠢᠰᠤ ᠪᠤᠷᠭᠢᠯᠬᠤ ᠶ᠋ᠢ ᠨᠢᠳᠤ ᠬᠠᠯᠢᠷᠠᠩᠬᠠᠨ ᠬᠠᠷᠠᠵᠤ ᠨᠥᠵᠢᠷᠡᠭᠰᠡᠨ ᠰᠣᠷᠪᠢᠨ ᠳ᠋ᠤ᠌ ᠬᠣᠰᠢᠭᠤ ᠪᠠᠨ ᠨᠠᠭᠠᠵᠤ ᠮᠠᠭᠤ ᠴᠢᠰᠤ ᠶ᠋ᠢ ᠨᠢ ᠱᠥᠷᠴᠢᠭᠢᠨᠡᠳᠡᠯᠡ ᠰᠣᠷᠣᠪᠠ᠃ ᠲᠡᠭᠦᠨ ᠤ ᠲᠠᠩᠨᠠᠢ ᠳ᠋ᠤ᠌ ᠱᠠᠪᠢ ᠶ᠋ᠢᠨ ᠬᠢᠨᠢ ᠪᠦᠯᠢᠶᠡᠨ ᠱᠣᠷᠪᠣᠭ ᠴᠢᠰᠤ ᠪᠠ ᠡᠬᠡᠭᠦᠨ ᠭᠠᠰᠢᠭᠤᠨ ᠳᠠᠷᠢ ᠶ᠋ᠢᠨ ᠠᠮᠲᠠ ᠬᠣᠯᠢᠭᠳᠠᠵᠤ ᠠᠮᠲᠠᠯᠠᠭᠳᠠᠨᠠ᠃ ᠰᠤᠷᠤᠭᠰᠠᠨ ᠡᠯᠢᠭᠡᠨ ᠴᠢᠰᠤ ᠶ᠋ᠢ ᠴᠠᠭᠠᠰᠢ ᠲᠣᠩᠭᠣᠢᠨ ᠪᠠᠷᠤᠭ ᠨᠢᠭᠡ ᠱᠠᠭᠠᠵᠠᠩ ᠬᠢᠷᠢᠲᠠᠢ ᠨᠥᠵᠢᠷᠡᠭᠰᠡᠨ ᠴᠢᠰᠤ ᠨᠤᠯᠮᠤᠬᠤ ᠳ᠋ᠤ᠌ ᠴᠠᠭᠠᠳᠤ ᠬᠠᠳᠠᠨ ᠳᠡᠭᠡᠷ᠎ᠡ ᠳ᠋ᠢᠷᠠᠩ ᠭᠡᠵᠦ ᠣᠢᠴᠢᠬᠤ ᠲᠡᠮᠦᠷ ᠦ᠋ᠨ ᠳᠠᠭᠤᠨ ᠰᠣᠨᠣᠰᠳᠠᠪᠠ᠃ ᠬᠠᠷᠠᠬᠤᠯ᠎ᠠ᠂ ᠰᠢᠳᠤᠷᠭᠤ ᠱᠠᠪᠢ ᠶ᠋ᠢᠨ ᠬᠢᠨᠢ ᠠᠮᠢ ᠶ᠋ᠢ ᠨᠢ ᠠᠪᠤᠭᠰᠠᠨ ᠵᠠᠨᠤᠯᠲᠤ ᠰᠤᠮᠤ ᠶ᠋ᠢᠨ ᠲᠣᠯᠣᠭᠠᠢ ᠪᠠᠢᠯ᠎ᠠ᠃ ᠡᠨᠡ ᠬᠣᠭᠣᠷᠣᠨᠳᠣ ᠳ᠋ᠠᠭᠳᠠᠨ ᠯᠠᠮᠠ ᠲᠡᠷᠡ ᠰᠤᠮᠤᠨ ᠤ᠋ ᠬᠣᠢᠨ᠎ᠠ ᠠ᠋ᠴᠠ ᠢᠯᠡᠭᠦᠦ ᠳᠤᠲᠠᠭᠤ ᠶᠠᠭᠤᠮ᠎ᠠ ᠪᠣᠳᠣᠬᠤ ᠰᠠᠨᠠᠭ᠎ᠠ ᠠᠯᠠᠭ᠎ᠠ᠃ ᠪᠣᠯᠳᠠᠭ ᠰᠠᠨ ᠪᠣᠯ ᠪᠤᠷᠤᠪᠠᠨᠳᠢ ᠶ᠋ᠢᠨ ᠢ᠋ᠶ᠋ᠡᠨ ᠠᠮᠢ ᠶ᠋ᠢ ᠦᠳᠲᠡᠷ ᠲᠦᠷᠭᠡᠨ ᠡᠨᠡᠷᠢᠨ ᠠᠪᠬᠤ ᠶᠤᠮᠰᠠᠨ ᠭᠡᠵᠦ ᠴᠡᠭᠡᠵᠢᠨ ᠪᠡᠶ᠎ᠡ ᠶ᠋ᠢ ᠨᠢ ᠬᠥᠨᠳᠡᠢᠬᠡᠨ ᠡᠷᠭᠦᠵᠦ ᠡᠪᠦᠷ ᠳᠡᠭᠡᠷ᠎ᠡ ᠪᠡᠨ ᠬᠡᠪᠲᠡᠭᠥᠯᠥᠭᠡᠳ ᠡᠪᠦᠷ ᠡᠴᠡ ᠪᠡᠨ ᠰᠠᠮᠪᠠᠢ ᠭᠠᠷᠭᠠᠵᠤ ᠲᠠᠯᠤᠨ ᠤ᠋ ᠬᠣᠭᠣᠷᠣᠨᠳᠣᠬᠢ ᠰᠤᠮᠤ ᠰᠦᠪᠡᠯᠡᠭᠰᠡᠨ ᠰᠢᠷᠬ᠎ᠠ ᠶ᠋ᠢ ᠨᠢ ᠵᠢᠭᠢᠷᠢᠭᠯᠡᠵᠦ ᠡᠪᠲᠡᠢᠬᠡᠨ ᠵᠥᠭᠡᠯᠡᠷᠡᠭᠦᠯᠵᠦ ᠥᠭᠭᠥᠨ ᠳᠠᠬᠢᠭᠠᠳ ᠪᠠᠰᠠ ᠨᠢᠭᠡ ᠣᠭᠣᠴᠢ ᠴᠢᠰᠤ ᠰᠣᠷᠣᠬᠤ ᠳ᠋ᠤ᠌ ᠪᠤᠷᠤᠪᠠᠨᠳᠢ ᠨᠢᠳᠦ ᠪᠡᠨ ᠨᠡᠭᠡᠭᠡᠭᠡᠳ ᠨᠢᠭᠡ ᠶᠠᠭᠤᠮ᠎ᠠ ᠬᠡᠯᠡᠬᠦ ᠭᠡᠰᠡᠨ ᠰᠢᠭ ᠤᠷᠤᠭᠤᠯ ᠨᠢ ᠣᠮᠣᠯᠵᠠᠪᠠ᠃ ᠲᠡᠭᠦᠨ ᠦ᠌ ᠤᠷᠤᠭᠤᠯ ᠨᠢ ᠬᠥᠷᠥᠰᠥᠯᠡᠵᠦ ᠬᠣᠭᠣᠯᠠᠢ ᠨᠢ ᠬᠠᠲᠠᠵᠤ ᠪᠠᠢᠭ᠎ᠠ ᠶᠠᠩᠵᠤᠲᠠᠢ᠃ ᠳ᠋ᠠᠭᠳᠠᠨ ᠳᠠ ᠯᠠᠮᠠ ᠴᠠᠭᠠᠰᠢ ᠡᠷᠭᠢᠨ ᠨᠥᠭᠦᠭᠡ ᠪᠠᠯᠢᠩ ᠤ᠋ᠳ ᠤ᠋ᠨ ᠠᠮᠢᠰᠬᠤᠭ᠎ᠠ ᠲᠠᠢ ᠪᠠᠢᠭ᠎ᠠ ᠨᠢᠭᠡ ᠶ᠋ᠢ ᠨᠢ ᠵᠠᠷᠤᠵᠤ ᠨᠢᠭᠡ ᠣᠭᠣᠴᠢ ᠤᠰᠤ ᠠᠪᠤᠭᠤᠯᠬᠤ ᠶᠤᠮᠰᠠᠨ ᠭᠡᠰᠡᠨ ᠪᠣᠯᠪᠠᠴᠤ ᠭᠠᠵᠠᠷᠳᠠᠪᠠ᠃ ᠰᠠᠨᠳᠤᠷᠴᠤ ᠲᠡᠪᠡᠳᠡᠭᠰᠡᠨ ᠦᠶ᠎ᠡ ᠳ᠋ᠦ᠍ ᠳᠠᠮ ᠪᠤᠯᠤᠭᠠᠳᠠᠬᠠᠮᠠᠷ ᠶᠠᠭᠤᠮ᠎ᠠ ᠠᠯᠠᠭ᠎ᠠ᠃ ᠳ᠋ᠠᠭᠳᠠᠨ ᠳᠠ ᠯᠠᠮᠠ ᠪᠤᠷᠤᠪᠠᠨᠳᠢ ᠶ᠋ᠢ ᠠᠶᠠᠷᠬᠠᠨ ᠲᠡᠪᠡᠷᠢᠵᠦ ᠬᠥᠰᠡᠷ ᠳᠠᠬᠢᠨ ᠲᠡᠭᠰᠢᠬᠡᠨ ᠬᠡᠪᠲᠡᠭᠥᠯᠥᠭᠡᠳ ᠥᠪᠡᠷ ᠢ᠋ᠶ᠋ᠡᠨ ᠪᠣᠰᠴᠤ ᠰᠠᠴᠤᠯᠢ ᠶ᠋ᠢᠨ ᠪᠤᠮᠪᠠ ᠲᠠᠢ ᠡᠮ ᠨᠠᠢᠷᠠᠭᠰᠠᠨ ᠷᠠᠰᠢᠶᠠᠨ ᠠ᠋ᠴᠠ ᠲᠡᠭᠦᠨ ᠦ᠌ ᠬᠤᠰᠢᠭᠤᠨ ᠳ᠋ᠤ᠌ ᠣᠢᠷᠠᠲᠤᠭᠤᠯᠤᠨ ᠬᠣᠶᠠᠷ ᠣᠭᠣᠴᠢ ᠷᠠᠰᠢᠶᠠᠨ ᠤᠰᠤ ᠵᠠᠯᠭᠢᠭᠤᠯᠪᠠ᠃ ᠬᠣᠶᠠᠷᠬᠠᠨ ᠣᠭᠣᠴᠢ ᠷᠠᠰᠢᠶᠠᠨ ᠵᠠᠯᠭᠢᠯᠠᠭᠰᠠᠨ ᠪᠤᠷᠤᠪᠠᠨᠳᠢ ᠶ᠋ᠢᠨ ᠨᠢᠳᠦ ᠨᠢ ᠰᠡᠷᠭᠦᠵᠦ᠄
— ᠪᠠᠭ ᠁ ᠪᠠᠭᠰᠢ ᠠ᠋ ᠁ ᠲᠡᠷᠡ ᠂ ᠲᠡᠷᠡ ᠁ ᠠ ᠁ ᠠᠮᠢ ᠁ ᠠᠮᠢᠨᠰ ( ᠠᠮᠢᠨ ᠰᠠᠬᠢᠶ᠎ᠠ ) ᠭᠡᠬᠦ ᠳᠤᠲᠠᠭᠤ ᠵᠡᠮᠳᠡᠭ ᠠᠪᠢᠶ᠎ᠠ ᠲᠤᠩ ᠵᠦᠳᠡᠷᠡᠭᠦᠬᠡᠨ ᠴᠤᠪᠤᠷᠠᠵᠤ ᠭᠠᠷᠤᠭᠰᠠᠨ ᠢ᠋ ᠳ᠋ᠠᠭᠳᠠᠨ ᠳᠠ ᠯᠠᠮᠠ ᠦᠯᠦ ᠣᠢᠯᠠᠭᠠᠨ᠎ᠠ᠃ ᠡᠴᠦᠰ ᠲᠦ᠍ ᠳ᠋ᠠᠭᠳᠠᠨ ᠳᠠ ᠯᠠᠮᠠ 《 ᠪᠠᠭᠰᠢ ᠠ᠋ ᠂ ᠲᠡᠷᠡ ( ᠠᠮᠢᠨ ᠰᠠᠬᠢᠶ᠎ᠠ ᠵᠠᠯᠰᠠᠷᠠᠢ ᠪᠤᠷᠬᠠᠨ ) ᠢ᠋ᠶ᠋ᠠᠨ ᠡᠦᠲᠦ ᠮᠢᠨᠦ ᠬᠦᠵᠦᠭᠦᠨ ᠳ᠋ᠦ᠍ ᠬᠤᠷᠳᠤᠨ ᠵᠡᠭᠦᠯᠭᠡᠴᠢᠬᠡ ! ᠲᠡᠭᠡᠪᠡᠯ ᠮᠢᠨᠦ ᠠᠮᠢ ᠶ᠋ᠢ ᠠᠪᠤᠷᠠᠵᠤ ᠴᠢᠳᠠᠨ᠎ᠠ 》 ᠭᠡᠵᠦ ᠬᠡᠯᠡᠵᠦ ᠪᠠᠢᠬᠤ ᠪᠠᠷ ᠣᠢᠯᠠᠭᠠᠭᠠᠳ ᠥᠪᠡᠷ ᠦ᠋ᠨ ᠢ᠋ᠶ᠋ᠡᠨ ᠬᠦᠵᠦᠭᠦᠨ ᠳ᠋ᠡᠬᠢ 《 ᠠᠮᠢᠨ ᠰᠠᠬᠢᠶ᠎ᠠ ᠵᠠᠯᠰᠠᠷᠠᠢ ᠪᠤᠷᠬᠠᠨ 》 ᠢ᠋ᠶ᠋ᠠᠨ ᠪᠠᠭᠤᠯᠭᠠᠵᠤ ᠪᠤᠷᠤᠪᠠᠨᠳᠢ ᠶ᠋ᠢᠨ ᠬᠦᠵᠦᠭᠦᠨ ᠳ᠋ᠦ᠍ ᠨᠢᠮᠪᠠᠢᠬᠠᠨ ᠵᠡᠭᠦᠯᠭᠡᠪᠡ᠃ ᠪᠤᠷᠤᠪᠠᠨᠳᠢ ᠲᠣᠯᠣᠭᠠᠢ ᠪᠠᠨ ᠮᠠᠰᠢ ᠬᠦᠴᠢᠷᠳᠡᠯᠲᠡᠢ ᠰᠠᠵᠢᠯᠠᠨ᠎ᠠ᠃ 《ᠡᠦᠲᠦ ᠡᠭᠦᠨ ᠢ᠋ ᠨᠠᠳᠠ ᠵᠡᠭᠦᠯᠭᠡᠭᠡᠳ ᠣᠷᠣᠢᠳᠠᠴᠢᠬᠠᠯᠠ᠂ ᠮᠢᠨᠦ ᠠᠮᠢ ᠶ᠋ᠢ ᠠᠪᠤᠷᠠᠵᠤ ᠳᠡᠢᠯᠬᠦ ᠪᠡᠨ ᠪᠣᠯᠢᠭᠰᠠᠨ ! 》 ᠭᠡᠵᠦ ᠳ᠋ᠠᠭᠳᠠᠨ ᠳᠠ ᠯᠠᠮᠠ ᠪᠤᠷᠤᠪᠠᠨᠳᠢ ᠶ᠋ᠢᠨ ᠲᠣᠯᠣᠭᠠᠢ ᠰᠠᠵᠢᠭᠰᠠᠨ ᠠ᠋ᠴᠠ ᠣᠢᠯᠠᠭᠠᠬᠤ ᠳ᠋ᠠᠭᠠᠨ 《ᠶᠠᠭᠠᠷᠠᠪᠠᠯ ᠰᠠᠭᠠᠷᠠᠨ᠎ᠠ ᠭᠡᠳᠡᠭ ᠶᠦᠮ᠂ ᠪᠢ ᠶᠠᠭᠠᠬᠢᠭᠰᠠᠨ ᠵᠥᠨᠥᠭ ᠲᠣᠯᠣᠭᠠᠢ ᠪᠣᠢ ? ᠡᠷᠲᠡᠬᠡᠨ ᠲᠡᠭᠦᠨ ᠳ᠋ᠦ᠍ ᠵᠡᠭᠦᠯᠭᠡᠬᠦ ᠪᠡᠨ ᠶᠠᠭᠠᠬᠢᠯ᠎ᠠ ⁈ ᠭᠡᠵᠦ ᠪᠡᠶ᠎ᠡ ᠪᠡᠨ ᠵᠢᠮᠡᠯᠡᠨ ᠯᠠᠩᠳᠤᠤ ᠰᠢᠭ᠋ ᠨᠢᠳᠤᠷᠭ᠎ᠠ ᠪᠠᠷ ᠢ᠋ᠶ᠋ᠠᠨ ᠬᠦᠷᠡᠩ ᠮᠠᠩᠨᠠᠢ ᠪᠠᠨ ᠰᠢᠭᠠᠵᠤ ᠭᠠᠰᠠᠯᠤᠨ᠎ᠠ᠃
ᠪᠤᠷᠤᠪᠠᠨᠳᠢ ᠶ᠋ᠢᠨ ᠠᠮᠢᠰᠬᠤᠭ᠎ᠠ ᠲᠠᠰᠤᠷᠠᠪᠠ᠃
《 ᠠᠮᠢᠨ ᠰᠠᠬᠢᠶ᠎ᠠ ᠵᠠᠯᠰᠠᠷᠠᠢ ᠪᠤᠷᠬᠠᠨ 》 ᠴᠤ᠌ ᠪᠤᠷᠤᠪᠠᠨᠳᠢ ᠶ᠋ᠢᠨ ᠠᠮᠢ ᠶ᠋ᠢ ᠠᠪᠤᠷᠠᠵᠤ ᠴᠢᠳᠠᠭᠰᠠᠨ ᠦᠭᠡᠢ ᠠ᠋ ! ᠳ᠋ᠠᠭᠳᠠᠨ ᠳᠠ ᠯᠠᠮᠠ ᠶ᠋ᠢᠨ ᠱᠠᠪᠢ ᠪᠠᠨ ᠡᠨᠡᠷᠢᠭᠰᠡᠨ ᠨᠢᠩᠵᠢᠨ ᠰᠡᠳᠬᠢᠯ ᠴᠤ᠌ ᠲᠤᠰᠠ ᠪᠣᠯᠤᠭᠰᠠᠨ ᠦᠭᠡᠢ ᠠ᠋ !
ᠪᠤᠷᠤᠪᠠᠨᠳᠢ ᠶ᠋ᠢᠨ ᠴᠡᠭᠡᠵᠢᠨ ᠦ᠌ ᠬᠥᠨᠳᠡᠢ ᠶ᠋ᠢᠨ ᠬᠥᠬᠡ ᠪᠠᠯ ᠪᠣᠯᠤᠭᠰᠠᠨ ᠰᠣᠷᠪᠢᠨ ᠠ᠋ᠴᠠ ᠪᠤᠷᠭᠢᠯᠤᠭᠰᠠᠨ ᠬᠦᠷᠡᠩ ᠬᠠᠷ᠎ᠠ ᠴᠢᠰᠤ ᠬᠥᠭᠡᠰᠦ ᠪᠣᠯᠵᠤ ᠫᠣᠷ ᠫᠣᠷ ᠬᠥᠭᠡᠰᠦᠷᠡᠨᠡ᠃ ᠲᠡᠷᠡ ᠬᠥᠮᠥᠭᠡᠢ ᠪᠡᠨ ᠵᠠᠭᠤᠨ ᠨᠢᠳᠦ ᠪᠡᠨ ᠪᠦᠯᠲᠡᠢᠨ ᠬᠠᠷᠠᠵᠤ᠂ ᠬᠠᠳᠠᠨ ᠬᠣᠩᠭᠢᠯ ᠤ᠋ᠨ ᠬᠥᠮᠦᠰᠬᠡᠨ ᠰᠡᠵᠢᠭᠦᠷ ᠢ᠋ᠶ᠋ᠡᠷ ᠴᠡᠩᠬᠡᠷᠯᠡᠨ ᠬᠠᠷᠠᠭᠳᠠᠬᠤ ᠬᠥᠬᠡ ᠴᠡᠩᠬᠡᠷ ᠣᠭᠲᠠᠷᠭᠤᠢ ᠶ᠋ᠢ ᠰᠢᠷᠲᠡᠩᠭᠡᠨ ᠬᠡᠨ ᠨᠢᠭᠡ ᠶ᠋ᠢ ᠦᠯᠡᠮᠵᠢ ᠬᠤᠷᠤᠰᠤᠯᠲᠠᠢᠬᠠᠨ ᠵᠠᠨᠤᠵᠤ ᠪᠠᠢᠭ᠎ᠠ ᠣᠪᠣᠷ ᠲᠠᠢ ᠶᠠᠪᠤᠴᠢᠬᠠᠯ᠎ᠠ ᠁
ᠳ᠋ᠠᠭᠳᠠᠨ ᠳᠠ ᠯᠠᠮᠠ ᠰᠢᠳᠤᠷᠭᠤ ᠱᠠᠪᠢ ᠪᠤᠷᠤᠪᠠᠨᠳᠢ ᠶ᠋ᠢᠨ ᠪᠦᠯᠲᠡᠢᠭᠰᠡᠨ ᠨᠢᠳᠦ ᠶ᠋ᠢ ᠠᠯᠠᠭ᠎ᠠ ᠪᠠᠷ ᠢ᠋ᠶ᠋ᠠᠨ ᠳᠠᠷᠤᠰᠬᠢᠨ ᠠᠶᠠᠷ ᠠᠨᠢᠭᠤᠯᠵᠤ᠂ ᠬᠠᠯᠢᠭᠰᠠᠨ ᠰᠦᠨᠡᠰᠦ ᠶ᠋ᠢ ᠨᠢ ᠠᠮᠤᠷᠵᠢᠭᠤᠯᠬᠤ ᠲᠠᠷᠨᠢ ᠤᠩᠰᠢᠭᠰᠠᠨ ᠢ᠋ᠶ᠋ᠠᠨ ᠨᠢᠭᠤᠷ ᠭᠠᠷ ᠢ᠋ ᠨᠢ ᠷᠠᠰᠢᠶᠠᠨ ᠤᠰᠤ ᠪᠠᠷ ᠠᠷᠢᠭᠤᠳᠬᠠᠨ ᠤᠬᠢᠶᠠᠵᠤ᠂ ᠠᠮᠤᠷᠯᠢᠩᠭᠤᠢ ᠴᠢᠷᠠᠢ ᠶ᠋ᠢ ᠨᠢ ᠬᠠᠳᠠᠭ ᠢ᠋ᠶ᠋ᠠᠷ ᠪᠦᠲᠡᠭᠡᠵᠦ ᠲᠠᠯᠪᠢᠭᠠᠳ ᠠᠷᠴᠠ ᠤᠭᠤᠭᠢᠭᠤᠯᠤᠨ ᠰᠠᠩ ᠲᠠᠯᠪᠢᠪᠠ᠃ ᠲᠡᠭᠡᠭᠡᠳ ᠲᠡᠷᠡ ᠠᠩᠬ᠎ᠠ ᠨᠤᠯᠮᠤᠭᠰᠠᠨ ᠨᠦᠵᠢᠷᠡᠩᠬᠡᠢ ᠴᠢᠰᠤᠨ ᠳᠣᠲᠣᠷ᠎ᠠ ᠠ᠋ᠴᠠ ᠤᠨᠠᠭᠰᠠᠨ ᠰᠤᠮᠤᠨ ᠤ᠋ ᠲᠣᠯᠣᠭᠠᠢ ᠶ᠋ᠢ ᠲᠡᠭᠦᠵᠦ ᠠᠪᠤᠨ ᠬᠣᠷᠮᠣᠢ ᠪᠠᠷ ᠢ᠋ᠶ᠋ᠠᠨ ᠴᠢᠰᠤ ᠶ᠋ᠢ ᠨᠢ ᠵᠦᠯᠭᠦᠵᠦ ᠴᠡᠪᠡᠷᠯᠡᠭᠡᠳ ᠪᠠᠷᠪᠠᠭᠠᠷ ᠲᠣᠮᠣ ᠠᠯᠠᠭᠠᠨ ᠳᠡᠭᠡᠷ᠎ᠡ ᠪᠡᠨ ᠲᠠᠯᠪᠢᠵᠤ 《 ᠮᠠᠭᠤ ᠡᠮ᠎ᠡ ᠶ᠋ᠢᠨ ᠰᠢᠭᠡᠵᠡᠢ ᠬᠤᠷᠤᠭᠤ ᠰᠢᠭ᠋ ᠵᠢᠭᠠᠬᠠᠨ ᠱᠣᠷᠣᠨ ᠦᠵᠦᠭᠦᠷᠲᠦ ᠲᠡᠮᠦᠷ ᠯᠠ ᠪᠠᠢᠨ᠎ᠠ ᠳᠠ ᠴᠢ ! ᠶᠠᠭᠠᠬᠢᠬᠤ ᠳ᠋ᠠᠭᠠᠨ ᠢᠩᠭᠢᠵᠦ ᠨᠢᠳᠦ ᠦᠭᠡᠢ ᠲᠣᠯᠣᠭᠠᠢᠯᠠᠨ ᠱᠤᠤᠭᠢᠵᠤ ᠢᠷᠡᠭᠡᠳ ᠭᠡᠮ ᠬᠣᠣᠷ ᠦᠭᠡᠢ ᠡᠷ᠎ᠡ ᠬᠠᠩᠭᠠᠢ ᠨᠢᠭᠡ ᠪᠤᠯᠢᠶᠠᠨ ᠠᠮᠢ ᠶ᠋ᠢ ᠬᠥᠨᠥᠭᠡᠴᠢᠬᠡᠳᠡᠭ ᠨᠢ ᠪᠣᠢ ! ᠪᠤᠷᠤᠪᠠᠨᠳᠢ ᠠ᠋᠂ ᠴᠢ ᠰᠣᠨᠣᠰᠴᠤ ᠪᠠᠢ ! ᠡᠨᠡ ᠶᠠᠭᠤ ᠪᠣᠢ ? ᠡᠨᠡ ᠬᠡᠨ ᠪᠣᠢ ? ᠡᠨᠡ ᠪᠣᠯ < ᠡᠷᠬᠡ > ! ᠡᠨᠡ ᠪᠣᠯ ᠰᠢᠷᠠᠪᠳᠤᠷᠵᠢ ᠬᠦᠩ ᠨᠣᠶᠠᠨ ᠮᠥᠨ ! ᠪᠠᠢᠵᠠ᠂ ᠴᠢ ᠰᠠᠶᠢ ᠨᠠᠳᠠ ᠶᠠᠭᠤ ᠶᠠᠷᠢᠪᠠ ? < ᠠᠮᠢᠨ ᠰᠠᠬᠢᠶ᠎ᠠ ᠵᠠᠯᠰᠠᠷᠠᠢ ᠪᠤᠷᠬᠠᠨ > ᠳ᠋ᠠᠭᠠᠨ ᠲᠦᠰᠢᠵᠦ ᠰᠠᠭᠤᠭᠠᠳ ᠢᠲᠡᠭᠡᠭᠰᠡᠨ ᠴᠢᠨᠢ ᠬᠠᠮᠢᠭ᠎ᠠ ᠪᠣᠢ ? ᠭᠡᠵᠦ ᠨᠠᠳᠠ ᠳ᠋ᠤ᠌ ᠬᠡᠯᠡᠭᠰᠡᠨ ᠤᠤ ? ᠪᠢᠰᠢ ! ᠮᠢᠨᠦ < ᠠᠮᠢᠨ ᠰᠠᠬᠢᠶ᠎ᠠ ᠵᠠᠰᠠᠷᠠᠶᠠ ᠪᠤᠷᠬᠠᠨ > ᠠᠨᠳᠠᠭᠠᠢ ᠲᠠᠢ ᠰᠠᠢᠨ ᠪᠤᠷᠬᠠᠨ ᠰᠢᠦ ! ᠮᠠᠭᠤ ᠮᠠᠭᠤᠬᠠᠢ᠂ ᠲᠡᠷᠰ ᠨᠣᠮ ᠤ᠋ᠨ ᠶᠠᠭᠤᠮ᠎ᠠ ᠶ᠋ᠢ ᠲᠠᠩᠳᠠ ᠪᠡᠶ᠎ᠡ ᠡᠴᠡ ᠮᠢᠨᠢ ᠵᠠᠢᠯᠠᠭᠤᠯᠵᠤ ᠴᠢᠳᠠᠳᠠᠭ ᠤᠪᠠᠳᠢᠰ ᠲᠠᠢ ᠪᠠᠢᠳᠠᠭ ᠶᠤᠮ ᠠ᠋ ! 》 ᠭᠡᠵᠦ ᠳᠦᠳᠦᠨᠡᠬᠦ ᠳ᠋ᠦ᠍ ᠲᠡᠭᠦᠨ ᠦ᠌ ᠴᠢᠬᠢᠨ ᠳ᠋ᠦ᠍ 《ᠲᠡᠭᠡᠭᠡᠳ ᠶᠠᠭᠠᠬᠢᠪᠠ ? ᠡᠴᠦᠰ ᠲᠡᠭᠡᠨ ᠶᠠᠭᠤ ᠪᠣᠯᠪᠠ ? ᠰᠢᠳᠤᠷᠭᠤ ᠱᠠᠪᠢ ᠴᠢᠨᠢ ⁈ 》 ᠭᠡᠵᠦ ᠨᠢᠭᠡ ᠬᠥᠮᠦᠨ ᠬᠠᠬᠢᠷ ᠰᠢᠷᠦᠭᠦᠨ ᠢ᠋ᠶ᠋ᠡᠷ ᠠᠰᠠᠭᠤᠬᠤ ᠰᠢᠭ᠋ ᠪᠣᠯᠬᠤ ᠳ᠋ᠤ᠌ ᠳ᠋ᠠᠭᠳᠠᠨ ᠳᠠ ᠯᠠᠮᠠ ᠶ᠋ᠢᠨ ᠵᠣᠷᠢᠭ ᠨᠢ ᠮᠣᠬᠣᠷᠠᠪᠠ᠃
ᠳ᠋ᠠᠭᠳᠠᠨ ᠳᠠ ᠯᠠᠮᠠ ᠪᠤᠷᠤᠪᠠᠨᠳᠢ ᠶ᠋ᠢᠨ ᠬᠦᠵᠦᠭᠦᠨ ᠡᠴᠡ ᠥᠨᠥᠬᠢ 《ᠠᠮᠢᠨ ᠰᠠᠬᠢᠶ᠎ᠠ ᠵᠠᠯᠰᠠᠷᠠᠢ ᠪᠤᠷᠬᠠᠨ》 ᠢ᠋ᠶ᠋ᠠᠨ ᠠᠶᠠᠷᠬᠠᠨ ᠪᠠᠭᠤᠯᠭᠠᠵᠤ ᠠᠪᠤᠭᠠᠳ ᠬᠣᠶᠠᠷ ᠠᠯᠭᠠᠨ ᠳ᠋ᠠᠭᠠᠨ ᠨᠢᠮᠪᠠᠢᠯᠠᠨ ᠪᠢᠲᠡᠭᠦᠯᠡᠵᠦ ᠳᠠᠯᠳᠠ ᠤᠬᠠᠭᠠᠨ ᠳ᠋ᠠᠭᠠᠨ 《 ᠪᠤᠷᠬᠠᠨ ᠮᠢᠨᠢ ᠠ᠋ ! ᠴᠢ ᠮᠢᠨᠢ ᠮᠢᠨᠦ ᠳᠠᠭᠠᠳᠬᠠᠨ ᠵᠠᠯᠪᠠᠷᠢᠭᠰᠠᠨ ᠵᠦᠭ ᠲᠦ᠍ ᠠᠶᠠᠷᠯᠠᠨ ᠶᠠᠪᠤᠵᠤ ᠤᠷᠠᠳ ᠶᠠᠰᠤᠲᠠᠨ ᠤ᠋ ᠮᠢᠨᠢ ᠨᠢᠭᠡ ᠰᠠᠢᠨ ᠡᠷ᠎ᠡ ᠶ᠋ᠢ ᠬᠠᠮᠠᠭᠠᠯᠠᠵᠤ ᠠᠪᠤᠭᠠᠷᠠᠢ ! ᠲᠡᠷᠡ ᠪᠣᠯ ᠬᠠᠪᠤᠲᠤ ᠬᠠᠰᠠᠷ ᠤ᠋ᠨ ᠤᠠᠯᠢ ᠬᠣᠢᠴᠢᠰ᠂ ᠭᠡᠰᠢᠭᠳᠡᠯᠭᠡᠷ ᠬᠦᠩ ᠨᠣᠶᠠᠨ ᠤ᠋ ᠲᠥᠷᠥᠭᠰᠡᠨ ᠦᠶᠡᠯᠢᠳ ᠠᠴᠢ᠂ ᠳ᠋ᠠᠭᠳᠠᠨ ᠳᠠ ᠯᠠᠮᠠ ᠶ᠋ᠢᠨ ᠲᠥᠷᠥᠭᠰᠡᠨ ᠦᠶᠡᠯᠢᠳ ᠬᠥᠪᠡᠭᠦᠨ ᠪᠠᠲᠤᠪᠠᠶᠠᠷ ᠭᠡᠭᠴᠢ ᠮᠥᠨ᠃ ᠲᠡᠭᠦᠨ ᠤ ᠦᠷ᠎ᠡ ᠵᠤᠯᠵᠠᠭ᠎ᠠ ᠦᠨᠳᠦᠰᠦ ᠤᠭᠰᠠᠭ᠎ᠠ ᠶ᠋ᠢ ᠨᠢ ᠡᠨᠡᠷᠢᠨ ᠬᠠᠮᠠᠭᠠᠯᠠᠬᠤ ᠶ᠋ᠢ ᠮᠥᠷᠭᠥᠨ ᠳᠠᠭᠠᠳᠬᠠᠵᠤ ᠪᠠᠢᠨ᠎ᠠ᠃ ᠪᠦᠬᠦ ᠶᠠᠯ᠎ᠠ ᠨᠢᠭᠦᠯ ᠢ᠋ ᠪᠡᠶ᠎ᠡ ᠳᠡᠭᠡᠷ᠎ᠡ ᠪᠡᠨ ᠠᠪᠴᠤ ᠬᠣᠷᠢᠭᠯᠠᠶ᠎ᠠ ! 》 ᠭᠡᠵᠦ ᠪᠢᠲᠡᠭᠦᠦ ᠲᠠᠩᠭᠠᠷᠢᠭ ᠬᠢᠭᠡᠳ《 ᠢᠷᠦᠭᠡᠯ ᠣᠷᠣᠰᠢᠲᠤᠭᠠᠢ ! 》 ᠭᠡᠵᠦ 《ᠠᠮᠢᠨ ᠰᠠᠬᠢᠶ᠎ᠠ ᠵᠠᠯᠰᠠᠷᠠᠢ ᠪᠤᠷᠬᠠᠨ》 ᠢ᠋ᠶ᠋ᠠᠨ ᠦᠨᠦᠰᠦᠨ ᠲᠠᠷᠨᠢᠳᠠᠵᠤ ᠪᠦᠬᠦ ᠬᠦᠰᠡᠯ ᠵᠣᠷᠢᠯᠲᠠ ᠪᠠᠨ ᠨᠠᠢᠳᠠᠨ ᠬᠠᠳᠠᠨ ᠬᠣᠩᠭᠢᠯ ᠤ᠋ᠨ ᠪᠠᠷᠠᠭᠤᠨ ᠡᠩᠭᠡᠷ ᠵᠦᠭ ᠰᠢᠲᠠᠪᠠ᠃ ᠤᠯᠠᠭᠠᠨ ᠥᠩᠭᠡᠲᠡᠢ ᠣᠭᠣᠰᠣᠷ ᠨᠢ ᠬᠥᠯᠥᠰᠥ ᠬᠬᠢᠷ ᠲᠦ᠍ ᠰᠢᠲᠠᠭᠳᠠᠨ ᠬᠦᠷᠡᠪᠲᠦᠷ ᠪᠣᠯᠤᠭᠰᠠᠨ ᠨᠠᠷᠢᠬᠠᠨ ᠣᠭᠣᠰᠣᠷ ᠲᠠᠢ ᠠᠯᠲᠠᠨ ᠪᠤᠷᠬᠠᠨ ᠵᠢᠭᠦᠷ ᠤᠷᠭᠤᠭᠰᠠᠨ ᠰᠢᠭ᠋ ᠪᠠᠷᠠᠭᠤᠨ ᠡᠩᠭᠡᠷ ᠲᠠᠢᠰᠢ ᠬᠠᠯᠢᠨ ᠳᠡᠭᠳᠡᠯ᠎ᠡ ᠁ ᠳ᠋ᠠᠭᠳᠠᠨ ᠳᠠ ᠯᠠᠮᠠ《ᠠᠮᠢᠨ ᠰᠠᠬᠢᠶ᠎ᠠ ᠪᠤᠷᠬᠠᠨ》 ᠤ᠋ ᠬᠣᠢᠨ᠎ᠠ ᠠ᠋ᠴᠠ ᠬᠠᠷᠠᠵᠤ ᠵᠣᠭᠰᠣᠬᠤ ᠳ᠋ᠠᠭᠠᠨ 《ᠲᠠᠷᠨᠢ ᠪᠦᠷᠢᠳᠴᠦ ᠳᠠᠭᠠᠳᠬᠠᠯ ᠭᠦᠢᠴᠡᠪᠡᠰᠦ ᠠᠭᠠᠷᠤ ᠮᠣᠳᠣᠨ ᠤ᠋ ᠰᠠᠯᠠᠭᠠᠨ ᠳ᠋ᠤ᠌ ᠡᠯᠭᠦᠭᠳᠡᠬᠦ ᠪᠣᠢ᠃ ᠲᠡᠭᠡᠪᠡᠯ ᠦᠶᠡᠯᠢᠳ ᠠᠴᠢ ᠬᠥᠪᠡᠭᠦᠨ ᠦ᠌ ᠮᠢᠨᠢ ᠠᠮᠤᠷ ᠮᠡᠨᠳᠦ ᠶ᠋ᠢ ᠪᠠᠲᠤᠯᠠᠵᠤ ᠳᠡᠢᠯᠬᠦ ᠶ᠋ᠢ ᠵᠥᠩᠨᠡᠶ᠎ᠡ᠃ ᠬᠥᠰᠡᠷ ᠤᠨᠠᠵᠤ ᠬᠠᠳᠠᠨ ᠳ᠋ᠤ᠌ ᠮᠥᠷᠭᠥᠪᠡᠯ ᠬᠠᠷᠠᠰᠠᠯᠲᠤ ᠲᠡᠭᠦᠰᠬᠡᠯ ᠢ᠋ᠶ᠋ᠡᠷ ᠳᠠᠭᠤᠰᠬᠤ ᠪᠣᠢ ᠭᠡᠵᠦ ᠡᠮᠭᠡᠨᠢᠨ ᠪᠣᠳᠣᠶ᠎ᠠ 》 ᠭᠡᠳ ᠬᠤᠪᠢ ᠵᠠᠶᠠᠭᠠᠨ ᠳ᠋ᠠᠭᠠᠨ ᠳᠠᠭᠠᠳᠬᠠᠵᠤ ᠬᠦᠯᠢᠶᠡᠯ᠎ᠡ᠃《ᠠᠮᠢᠨ ᠰᠠᠬᠢᠶ᠎ᠠ ᠵᠠᠯᠰᠠᠷᠠᠢ ᠪᠤᠷᠬᠠᠨ》 ᠦᠨᠡᠬᠡᠷ ᠠᠭᠠᠷᠤ ᠮᠣᠳᠣᠨ ᠤ᠋ ᠰᠠᠯᠠᠭᠠᠨ ᠳᠡᠭᠡᠷ᠎ᠡ ᠡᠯᠭᠦᠭᠳᠡᠭᠰᠡᠨ ᠬᠠᠷᠠᠭᠳᠠᠯ᠎ᠠ ᠁ ᠵᠠ᠂ ᠪᠤᠷᠬᠠᠨ ᠭᠤᠩᠴᠤᠭᠰᠥ᠋ᠮ ᠮᠢᠨᠢ ! ᠰᠠᠨᠠᠭ᠎ᠠ ᠠᠮᠠᠷᠠᠯ᠎ᠠ ᠁ ᠭᠡᠵᠦ ᠤᠷᠲᠤᠬᠠᠨ ᠰᠡᠭᠦᠷᠡᠰᠦ ᠠᠯᠲᠠᠨ ᠪᠡᠶ᠎ᠡ ᠡᠷᠭᠢᠲᠡᠯ᠎ᠡ ᠴᠠᠭᠠᠳᠤ ᠬᠠᠳᠠᠨ ᠳᠡᠭᠡᠷ᠎ᠡ ᠳ᠋ᠢᠩᠭᠠᠷ ! ᠭᠡᠬᠦ ᠳᠠᠭᠤ ᠭᠠᠷᠪᠠ᠃ ᠲᠡᠷᠡ ᠵᠦᠭ ᠲᠦ᠍ ᠬᠠᠷᠠᠬᠤᠯ᠎ᠠ ᠠᠭᠠᠷᠤ ᠮᠣᠳᠣᠨ ᠤ᠋ ᠨᠠᠷᠢᠨ ᠮᠥᠴᠢᠷ ᠠᠯᠲᠠᠨ ᠪᠤᠷᠬᠠᠨ ᠢ ᠳᠠᠭᠠᠭᠠᠵᠤ ᠶᠠᠳᠠᠨ ᠨᠠᠢᠭᠤᠯᠵᠠᠵᠤ ᠪᠠᠢᠭᠰᠠᠨ ᠢ᠋ᠶ᠋ᠠᠨ ᠠᠯᠲᠠᠨ ᠪᠤᠷᠬᠠᠨ ᠤ᠋ ᠬᠦᠨᠳᠦ ᠳ᠋ᠦ᠍ ᠳᠠᠷᠤᠭᠳᠠᠨ ᠬᠤᠭᠤᠷᠠᠭᠠᠳ ᠪᠤᠷᠬᠠᠨ ᠭᠠᠵᠠᠷᠳᠠᠵᠤ ᠬᠠᠳᠠᠨ ᠳᠡᠭᠡᠷ᠎ᠡ ᠤᠨᠠᠵᠠᠢ ᠁ ᠳ᠋ᠠᠭᠳᠠᠨ ᠯᠠᠯᠠ ᠪᠤᠷᠬᠠᠨ ᠤ᠋ ᠪᠠᠨ ᠭᠠᠵᠠᠷᠳᠠᠭᠰᠠᠨ ᠢ᠋ ᠴᠠᠭᠠᠰᠢ ᠪᠣᠳᠣᠬᠤ ᠠ᠋ᠴᠠ ᠪᠠᠨ ᠰᠢᠷᠬᠡᠢᠭᠰᠡᠨ ᠪᠣᠯᠪᠠᠴᠤ ᠵᠣᠷᠢᠭ ᠨᠢ ᠪᠦᠳᠦᠭᠦᠷᠡᠨ ᠥᠨᠥᠬᠢ ᠰᠤᠮᠤᠨ ᠤ᠋ ᠲᠣᠯᠣᠭᠠᠢ ᠶ᠋ᠢ ᠭᠣᠣᠯ ᠤᠷᠤᠭᠤ ᠰᠢᠲᠠᠵᠤ 《ᠪᠤᠷᠬᠠᠨ ᠲᠡᠭᠷᠢ ᠴᠢ ᠨᠢᠳᠦ ᠲᠠᠢ ᠯᠠ ᠪᠣᠯ ᠡᠭᠦᠨ ᠢ᠋ᠶ᠋ᠡᠷ ᠰᠢᠷᠠᠪᠳᠤᠷᠵᠢ ᠶ᠋ᠢᠨ ᠵᠢᠷᠦᠬᠡ ᠶ᠋ᠢ ᠰᠦᠪᠡᠯᠡᠭᠡᠷᠡᠢ ! 》 ᠭᠡᠵᠦ ᠳᠦᠳᠦᠨᠡᠨ᠎ᠡ᠃ ᠥᠨᠥᠬᠢ ᠰᠢᠳᠡᠭᠳᠡᠭᠰᠡᠨ ᠰᠤᠮᠤᠨ ᠤ᠋ ᠲᠣᠯᠣᠭᠠᠢ ᠳᠡᠭᠲᠡᠷ ᠭᠠᠴᠠᠭᠠᠨ ᠤ᠋ ᠬᠦᠷᠡᠩ ᠬᠠᠳᠠᠨ ᠳ᠋ᠤ᠌ ᠮᠥᠷᠭᠥᠨ ᠦᠰᠦᠷᠴᠦ ᠤᠰᠤ ᠰᠢᠮᠡᠳᠦᠭᠰᠡᠨ ᠭᠣᠣᠯ ᠤ᠋ᠨ ᠬᠠᠢᠷ ᠲᠤ᠌ ᠰᠢᠭᠢᠳᠴᠦ ᠣᠷᠣᠪᠠ᠃
ᠭᠤᠷᠪᠠᠳᠠᠬᠢ ᠡᠳᠦᠷ ᠨᠢ ᠳ᠋ᠠᠭᠳᠠᠨ ᠳᠠ ᠯᠠᠮᠠ ᠬᠠᠳᠠᠨ ᠬᠣᠩᠭᠢᠯ ᠤ᠋ᠨ ᠬᠠᠵᠠᠭᠤᠬᠠᠨ ᠳ᠋ᠠᠬᠢ ᠬᠠᠭᠠᠯᠭ᠎ᠠ ᠰᠢᠭ᠋ ᠬᠠᠯᠬᠠᠪᠴᠢ ᠰᠡᠷᠪᠡᠭᠡ ᠬᠠᠳᠠᠨ ᠤ᠋ ᠠᠷᠤ ᠳ᠋ᠤ᠌ ᠣᠴᠢᠵᠤ ᠪᠤᠷᠤᠪᠠᠨᠳᠢ ᠶ᠋ᠢᠨ ᠨᠢᠭᠤᠷ ᠢ ᠪᠦᠲᠡᠭᠡᠭᠰᠡᠨ ᠬᠠᠳᠠᠭ ᠢ᠋ ᠰᠡᠬᠦᠵᠦ᠄ 《ᠵᠠ᠂ ᠪᠠᠢᠵᠠ ! ᠪᠠᠭᠰᠢ ᠨᠢ ᠴᠢᠮᠠᠶ᠋ᠢ ᠡᠦᠲᠦ ᠨᠢᠭᠡ ᠰᠠᠢᠬᠠᠨ ᠬᠠᠷᠠᠵᠤ ᠦᠵᠡᠶ᠎ᠡ! ᠬᠥᠭᠡᠷᠦᠬᠦᠢ ᠰᠠᠢᠨ ᠬᠥᠮᠦᠨ ᠦ᠌ ᠦᠷ᠎ᠡ ᠶᠦᠮ ᠠ᠋ ! ᠡᠷᠢᠶᠡᠨ ᠲᠣᠭᠣᠰᠣ ᠪᠤᠵᠢᠭᠢᠨᠠᠭᠰᠠᠨ ᠡᠨᠡ ᠡᠨᠡᠷᠢᠯ ᠦᠭᠡᠢ ᠬᠣᠷᠸ᠎ᠠ ᠳ᠋ᠤ᠌ ᠠᠯᠠᠭ ᠦᠭᠡᠢ ᠴᠠᠢᠯᠭᠠᠨ ᠰᠡᠳᠬᠢᠯ ᠢ᠋ᠶ᠋ᠡᠷ ᠨᠠᠮᠠᠶ᠋ᠢ ᠪᠠᠨ ᠠᠰᠠᠷᠠᠵᠤ ᠬᠦᠨᠳᠦᠯᠡᠵᠦ ᠶᠠᠪᠤᠭᠰᠠᠨ ᠶᠤᠮ ᠳᠡ ! ᠴᠢ ᠵᠠᠮ ᠳ᠋ᠠᠭᠠᠨ ᠰᠠᠭᠠᠳ ᠦᠭᠡᠢ ᠠᠮᠤᠷᠯᠢᠩᠭᠤᠢ ᠲᠠᠢᠪᠤᠩ ᠢ᠋ᠶ᠋ᠠᠷ ᠨᠠᠮᠠᠶ᠋ᠢ ᠬᠥᠯᠢᠶᠡᠰᠬᠢᠨ ᠶᠠᠪᠤᠭᠠᠷᠠᠢ ! ᠪᠢ ᠣᠳᠣᠬᠠᠨ ᠴᠢᠨᠦ ᠬᠣᠢᠨ᠎ᠠ ᠠ᠋ᠴᠠ ᠣᠴᠢᠨ᠎ᠠ᠃ ᠡᠨᠡ ᠡᠷᠢᠶᠡᠨ ᠬᠣᠷᠸ᠎ᠠ ᠶ᠋ᠢᠨ ᠪᠤᠷᠲᠠᠭ ᠲᠣᠭᠣᠰᠣᠨ ᠠ᠋ᠴᠠ ᠰᠠᠯᠵᠤ ᠠᠮᠠᠷᠠᠨ ᠶᠢᠰᠦᠨ ᠪᠤᠯᠠᠭ ᠤ᠋ᠨ ᠳᠣᠣᠷ᠎ᠠ ᠬᠦᠷᠴᠦ ᠪᠢ ᠴᠢᠮᠠᠶ᠋ᠢ ᠪᠠᠨ ᠠᠰᠠᠷᠠᠨ ᠳᠣᠳᠣᠮᠳᠠᠵᠤ ᠶᠠᠪᠤᠶ᠎ᠠ!》 ᠭᠡᠵᠦ ᠨᠢᠯᠪᠤᠰᠤ ᠪᠠᠨ ᠵᠠᠯᠭᠢᠨ ᠡᠯᠢᠭᠡ ᠪᠡᠨ ᠬᠠᠭᠠᠷᠢᠲᠠᠯᠠ ᠳᠣᠲᠣᠭᠰᠢ ᠤᠷᠤᠰᠤᠭᠤᠯᠤᠨ ᠤᠬᠢᠯᠠᠵᠤ ᠪᠠᠢᠪᠠ ᠁
ᠳ᠋ᠠᠭᠳᠠᠨ ᠳᠠ ᠯᠠᠮᠠ ᠡᠷᠢᠩᠭᠡ ᠶ᠋ᠢᠨ ᠢ᠋ᠶ᠋ᠡᠨ ᠮᠥᠷᠥᠪᠴᠢ ᠶ᠋ᠢ ᠮᠤᠯᠲᠤᠯᠵᠤ ᠮᠥᠷᠥ ᠱᠠᠯᠳᠠᠩ ᠢ᠋ᠶ᠋ᠠᠷ ᠡᠪᠴᠢᠭᠦᠦ ᠪᠡᠨ ᠢᠷᠡᠨ ᠬᠠᠯᠬᠠᠪᠴᠢ ᠬᠠᠳᠠ ᠶ᠋ᠢ ᠳᠥᠰᠢᠨ ᠵᠣᠭᠰᠣᠵᠤ ᠬᠠᠳᠠ ᠲᠠᠬᠢᠷᠯᠠᠨ ᠳᠥᠭᠥᠵᠦ ᠠᠢᠰᠤᠢ ᠬᠠᠷ᠎ᠠ ᠴᠡᠷᠢᠭ ᠦ᠋ᠳ ᠦ᠋ᠨ ᠵᠦᠭ᠄
— ᠮᠠᠭᠤ ᠰᠠᠢᠨ ᠭᠠᠷᠯᠢᠭ ᠤ᠋ᠳ ᠠ᠋ ! ᠨᠠᠭᠠᠰᠢ ᠪᠠᠨ᠂ ᠨᠠᠭᠠᠰᠢ ᠪᠠᠨ ᠫᠤᠤᠳᠠ ! ᠳ᠋ᠠᠭᠳᠠᠨ ᠡᠨᠳᠡ ᠪᠠᠢᠨ᠎ᠠ᠃ ᠬᠠᠳᠠ ᠴᠢᠯᠠᠭᠤ ᠶ᠋ᠢ ᠫᠤᠤᠳᠠᠵᠤ ᠣᠩᠭᠢᠯᠤᠭᠠᠳ ᠬᠠᠢᠷᠠᠨ ᠰᠤᠮᠤᠨ ᠤ᠋ ᠭᠠᠷᠤᠵᠠ᠃ ᠠᠳᠠ᠂ ᠠᠳᠠ ᠭᠡᠵᠦ ᠬᠠᠰᠬᠢᠷᠤᠨ ᠡᠪᠴᠢᠭᠦᠦ ᠪᠡᠨ ᠠᠯᠠᠭᠠᠳᠠᠬᠤ ᠳ᠋ᠤ᠌ ᠫᠦᠰ ᠫᠦᠰ ᠭᠡᠵᠦ ᠬᠥᠨᠳᠡᠢ ᠨᠦᠰᠡᠷ ᠳᠠᠭᠤᠨ ᠭᠠᠷᠴᠤ ᠪᠠᠢᠯ᠎ᠠ᠃
— ᠮᠠᠢ᠂ ᠨᠠᠭᠠᠰᠢ ᠪᠠᠨ ᠫᠤᠤᠳᠠ! ᠭᠡᠳ ᠢᠯᠡ ᠭᠠᠷᠤᠭᠠᠳ ᠵᠣᠭᠰᠣᠴᠢᠬᠠᠬᠤᠯᠠᠷ ᠬᠠᠷᠢᠨ ᠫᠤᠤ ᠶ᠋ᠢᠨ ᠳᠠᠭᠤᠨ ᠬᠠᠬᠠᠵᠤ ᠲᠠᠭ ᠨᠠᠮᠵᠢᠪᠠ᠃ ᠳᠠᠯᠳᠠ ᠶ᠋ᠢᠨ ᠶᠠᠭᠤᠮ᠎ᠠ ᠤᠷᠤᠭᠤ ᠰᠣᠬᠣᠷ ᠰᠤᠮᠤ ᠱᠤᠤᠭᠢᠭᠤᠯᠤᠭᠠᠳ ᠰᠦᠷ ᠪᠠᠳᠠᠷᠠᠭᠤᠯᠳᠠᠭ ᠨᠢ ᠪᠠᠰᠠ ᠰᠣᠨᠢᠨ ᠶᠤᠮ᠃
ᠬᠠᠷ᠎ᠠ ᠴᠡᠷᠢᠭ ᠦ᠋ᠳ ᠶᠠᠭᠤᠨ ᠳ᠋ᠤ᠌ ᠫᠤᠤᠳᠠᠬᠤ ᠪᠠᠨ ᠵᠣᠭᠰᠣᠪᠠ ? ᠳ᠋ᠠᠭᠳᠠᠨ ᠳᠠ ᠯᠠᠮᠠ ᠠ᠋ᠴᠠ ᠠᠶᠤᠨ ᠰᠦᠷᠳᠡᠵᠦ ᠥᠨᠥᠬᠢ ᠴᠡᠷᠢᠭ ᠦ᠋ᠳ ᠡᠬᠡ ᠡᠴᠡ ᠪᠡᠨ ᠲᠥᠷᠥᠭᠰᠡᠨ ᠡᠴᠡ ᠬᠣᠢᠰᠢ ᠡᠢᠮᠦ ᠲᠣᠮᠣ ᠪᠦᠳᠦᠭᠦᠨ ᠬᠥᠮᠦᠨ ᠢ᠋ ᠶᠡᠷᠦ ᠳ᠋ᠡᠭᠡᠨ ᠣᠯᠵᠤ ᠦᠵᠡᠭᠡ ᠦᠭᠡᠢ ᠳ᠋ᠡᠭᠡᠨ ᠭᠠᠢᠬᠠᠨ ᠴᠣᠴᠢᠷᠳᠠᠨᠠ᠃ ᠦᠭᠡᠢ ᠠ᠋᠂ ᠡᠨᠡ ᠴᠢᠨᠢ ᠬᠥᠮᠦᠨ ᠶᠦᠮ ᠤᠤ ᠠᠮᠢᠳᠤ ᠪᠤᠷᠬᠠᠨ ᠶᠤᠮ ᠤᠤ? ᠡᠰᠡᠪᠡᠰᠦ ᠱᠤᠭᠤᠮᠠᠯ ᠪᠤᠷᠬᠠᠨ ᠴᠤ᠌ ᠶᠤᠮ ᠤᠤ ? ᠭᠡᠵᠦ ᠡᠯᠳᠡᠪ ᠢ᠋ᠶ᠋ᠡᠷ ᠲᠠᠭᠠᠮᠠᠭᠯᠠᠵᠤ᠂ ᠡᠨᠡ ᠬᠠᠳᠠ ᠳᠥᠰᠢᠨ ᠵᠣᠭᠰᠣᠭᠰᠠᠨ ᠥᠨᠳᠥᠷ ᠲᠠᠷᠭᠤᠨ ᠬᠥᠮᠦᠨ ᠡᠴᠡ ᠰᠦᠷᠳᠡᠵᠦ᠂ ᠥᠭᠡᠷ᠎ᠡ ᠶ᠋ᠢ ᠪᠤᠤ ᠬᠡᠯᠡ ᠭᠠᠭᠴᠠ ᠲᠣᠯᠣᠭᠠᠢ ᠨᠢ ᠴᠤ᠌ ᠲᠠᠪᠢᠨ ᠵᠢᠩ ᠬᠦᠨᠳᠦ ᠪᠠᠢᠬᠤ ᠴᠤ᠌ ᠶᠤᠮ ᠤᠤ? ᠭᠡᠵᠦ ᠬᠠᠷ᠎ᠠ ᠴᠡᠷᠢᠭ ᠦ᠋ᠳ ᠥᠪᠡᠷ ᠵᠠᠭᠤᠷ᠎ᠠ ᠪᠠᠨ ᠪᠡᠶ᠎ᠡ ᠪᠡᠶ᠎ᠡ ᠪᠡᠨ ᠰᠢᠷᠳᠡᠨ ᠰᠢᠪᠠᠭᠤᠨ ᠲᠣᠯᠣᠭᠠᠢ᠂ ᠳᠠᠷᠴᠢᠩᠬᠠᠢ ᠪᠡᠶ᠎ᠡ ᠪᠡᠨ ᠬᠠᠷᠠᠭᠠᠳ ᠲᠣᠯᠣᠭᠠᠢ ᠪᠠᠨ ᠰᠠᠵᠢᠵᠠᠭᠠᠵᠤ ᠪᠠᠢᠪᠠ᠃ ᠨᠢᠭᠡ ᠬᠡᠰᠡᠭ ᠤᠳᠠᠭᠠᠳ ᠥᠨᠥᠬᠢ ᠬᠠᠷ᠎ᠠ ᠴᠡᠷᠢᠭ ᠦ᠋ᠳ ᠡᠰᠡᠷᠭᠦ ᠲᠠᠯ᠎ᠠ ᠶ᠋ᠢᠨ ᠡᠪᠴᠢᠭᠦᠦ ᠬᠠᠳᠠᠨ ᠠ᠋ᠴᠠ ᠦᠰᠦᠷᠦᠨ ᠪᠠᠭᠤᠵᠤ᠂ ᠬᠠᠳᠠᠨ ᠬᠣᠩᠭᠢᠯ ᠵᠦᠭ ᠰᠢᠷᠭᠤᠯᠵᠢ ᠰᠢᠭ᠋ ᠰᠢᠪᠠᠯᠳᠤᠭᠠᠳ ᠢᠷᠡᠪᠡ᠃ ᠪᠣᠳᠣᠪᠠᠯ ᠭᠠᠭᠴᠠ ᠪᠡᠶ᠎ᠡ ᠭᠣᠵᠣᠩ ᠲᠣᠯᠣᠭᠠᠢ ᠯᠠᠮᠠ ᠬᠥᠮᠦᠨ ᠶᠠᠭᠠᠬᠢᠳᠠᠭ ᠴᠢᠷᠠᠢ ᠪᠠᠢᠨ᠎ᠠ ᠭᠡᠵᠦ ᠲᠡᠭᠦᠨ ᠢ᠋ ᠪᠠᠰᠤᠨ ᠬᠥᠮᠦᠨ ᠣᠯᠠᠨ ᠳ᠋ᠠᠭᠠᠨ ᠪᠠᠷᠳᠠᠵᠤ ᠪᠠᠢᠭ᠎ᠠ ᠶᠠᠩᠵᠤᠲᠠᠢ ᠱᠤᠯᠤᠭᠠᠨᠠᠯᠳᠤᠭᠰᠠᠭᠠᠷ ᠠᠭᠤᠯᠠᠨ ᠡᠩᠭᠡᠷ ᠤᠷᠤᠭᠤ ᠮᠠᠴᠤᠵᠤ ᠰᠦᠷᠦᠭ ᠦ᠋ᠨ ᠬᠦᠴᠦᠨ ᠳ᠋ᠦ᠍ ᠵᠠᠭᠠᠨ ᠢ᠋ ᠤᠨᠠᠭᠠᠬᠤ ᠰᠢᠷᠭᠤᠯᠵᠢ ᠶ᠋ᠢᠨ ᠠᠷᠭ᠎ᠠ ᠶ᠋ᠢ ᠬᠡᠷᠡᠭᠯᠡᠬᠦ ᠭᠡᠵᠦ ᠪᠠᠢᠭ᠎ᠠ ᠨᠢ ᠡᠨᠡ᠃
ᠳ᠋ᠠᠭᠳᠠᠨ ᠳᠠ ᠯᠠᠮᠠ ᠲᠡᠳᠡᠭᠡᠷ ᠬᠠᠷ᠎ᠠ ᠴᠡᠷᠢᠭ ᠢ ᠬᠠᠷᠠᠵᠤ 《ᠬᠥᠨᠳᠡᠯᠡᠨ ᠬᠥᠬᠡ ᠲᠡᠮᠦᠷ ᠦ᠋ᠨ ᠢ᠋ᠶ᠋ᠡᠨ ᠰᠤᠮᠤ ᠶ᠋ᠢ ᠱᠤᠤᠭᠢᠭᠤᠯᠳᠠᠭ ᠦᠭᠡᠢ ᠶᠠᠭᠠᠬᠢᠭᠠᠳ ᠰᠢᠷᠭᠤᠯᠵᠢ ᠰᠢᠭ᠋ ᠠᠷᠪᠠᠭᠠᠨᠠᠭᠠᠳ ᠁》 ᠭᠡᠵᠦ ᠡᠭᠳᠡᠭᠦᠦ ᠨᠢ ᠬᠦᠷᠬᠦ ᠳ᠋ᠡᠭᠡᠨ ᠲᠦᠰᠢᠵᠦ ᠵᠣᠭᠰᠣᠭᠰᠠᠨ ᠪᠦᠳᠦᠭᠦᠨ ᠬᠠᠭᠠᠯᠭ᠎ᠠ ᠰᠢᠭ᠋ ᠬᠠᠯᠬᠠᠪᠴᠢ ᠬᠦᠷᠡᠩ ᠲᠣᠮᠣ ᠬᠠᠳᠠ ᠶ᠋ᠢ ᠲᠡᠪᠡᠷᠢᠨ ᠲᠣᠯᠣᠭᠠᠢ ᠳᠡᠭᠡᠷ᠎ᠡ ᠪᠡᠨ ᠡᠷᠭᠦᠵᠦ᠄
— ᠰᠥᠰᠥᠲᠡᠢ ᠪᠣᠯ ᠣᠷᠣᠨ ᠳ᠋ᠠᠭᠠᠨ ᠵᠣᠭᠰᠣ᠂ ᠰᠦᠨᠡᠰᠦ ᠦᠭᠡᠢ ᠪᠣᠯ ᠵᠠᠢᠯᠠ! ᠭᠡᠵᠦ ᠬᠠᠰᠬᠢᠷᠬᠤ ᠳ᠋ᠤ᠌ ᠬᠠᠳᠠ ᠳᠣᠷᠭᠢᠵᠤ ᠴᠤᠤᠷᠢᠶᠠᠲᠤᠨ᠎ᠠ᠃ ᠡᠳᠡᠭᠡᠷ ᠢ᠋ ᠬᠠᠷᠠᠭᠰᠠᠨ ᠥᠨᠥᠬᠢ ᠬᠠᠷ᠎ᠠ ᠴᠡᠷᠢᠭ ᠦ᠋ᠳ ᠠᠶᠤᠬᠤ ᠳ᠋ᠠᠭᠠᠨ ᠨᠢᠳᠦ ᠨᠢ ᠪᠦᠯᠲᠡᠢᠵᠦ ᠠᠮᠠ ᠨᠢ ᠠᠩᠭᠠᠯᠵᠠᠭᠠᠳ 《ᠠᠪᠤ ᠠ᠋! ᠡᠵᠢ ᠠ᠋! ᠭᠡᠵᠦ ᠪᠠᠷᠬᠢᠷᠠᠬᠤ ᠭᠡᠬᠦ ᠳ᠋ᠦ᠍ ᠳᠠᠭᠤ ᠨᠢ ᠭᠠᠷᠬᠤ ᠦᠭᠡᠢ᠂ ᠠᠮᠢ ᠵᠢᠭᠤᠲᠠᠭᠠᠳ ᠳᠤᠲᠠᠭᠠᠬᠤ ᠭᠡᠬᠦ ᠳ᠋ᠦ᠍ ᠡᠪᠦᠳᠦᠭ ᠨᠢ ᠨᠤᠭᠤᠷᠠᠭᠠᠳ ᠭᠦᠶᠦᠵᠦ ᠴᠢᠳᠠᠬᠤ ᠦᠭᠡᠢ ᠵᠣᠭᠰᠣᠭᠰᠠᠨ ᠣᠷᠣᠨ ᠳ᠋ᠠᠭᠠᠨ ᠪᠠᠭᠠᠰᠤᠨ ᠤ᠋ ᠪᠠᠮᠪᠤᠤ ᠡᠷᠭᠢᠯᠳᠦᠬᠦ ᠰᠢᠭ ᠪᠥᠭᠡᠮᠨᠡᠷᠡᠯᠳᠦᠬᠦ ᠡᠴᠡ ᠴᠠᠭᠠᠰᠢ ᠦᠭᠡᠢ᠃ ᠳ᠋ᠠᠭᠳᠠᠨ ᠳᠠ ᠯᠠᠮᠠ ᠳᠡᠭᠡᠷ᠎ᠡ ᠡᠷᠭᠦᠭᠰᠡᠨ ᠪᠦᠳᠦᠭᠦᠨ ᠬᠠᠳᠠ ᠶ᠋ᠢ ᠳᠣᠷᠣᠭᠰᠢ ᠰᠢᠳᠡᠵᠦ ᠶᠠᠪᠤᠭᠤᠯᠬᠤ ᠳ᠋ᠤ᠌ ᠥᠨᠥᠬᠢ ᠪᠥᠭᠡᠮᠨᠡᠷᠡᠯᠳᠦᠭᠰᠡᠨ ᠣᠯᠠᠨ ᠬᠠᠷ᠎ᠠ ᠴᠡᠷᠢᠭ ᠦ᠋ᠳ ᠳᠠᠮ ᠳᠠᠮ ᠳᠠᠭᠠᠷᠢᠭᠳᠠᠵᠤ ᠬᠡᠳᠦ ᠬᠡᠳᠦᠨ ᠬᠥᠮᠦᠨ ᠦᠬᠦᠭᠰᠡᠨ ᠢ᠋ ᠬᠡᠯᠡᠬᠦ ᠦᠭᠡᠢ᠃ ᠥᠩᠭᠥᠷᠢᠳᠡᠭᠰᠡᠨ ᠲᠣᠮᠣ ᠬᠠᠳᠠ ᠠᠭᠤᠯᠠ ᠬᠠᠳᠠ ᠶ᠋ᠢ ᠴᠤᠤᠷᠢᠶᠠᠲᠤᠭᠤᠯᠤᠨ ᠪᠥᠮᠪᠥᠷᠢᠵᠦ ᠲᠡᠭᠷᠢ ᠭᠠᠵᠠᠷ ᠶᠡᠭᠦᠷᠡᠮᠡ ᠨᠦᠰᠡᠷ ᠳᠠᠭᠤᠨ ᠲᠤᠷᠭᠢᠭᠠᠳ ᠪᠥᠭᠡᠮ ᠲᠣᠭᠣᠰᠣ ᠪᠣᠰᠪᠠ᠃
ᠭᠠᠷ ᠬᠣᠭᠣᠰᠣᠨ ᠭᠠᠭᠴᠠᠬᠠᠨ ᠯᠠᠮᠠ ᠶ᠋ᠢᠨ ᠭᠠᠷ ᠲᠤ᠌ ᠨᠡᠯᠢᠶᠡᠳ ᠣᠯᠠᠨ ᠴᠡᠷᠢᠭ ᠢ᠋ᠶ᠋ᠡᠨ ᠭᠠᠢᠲᠤᠭᠤᠯᠤᠭᠰᠠᠨ ᠢ᠋ᠶ᠋ᠠᠨ ᠴᠠᠭᠠᠳᠤ ᠡᠪᠴᠢᠭᠦᠦ ᠬᠠᠳᠠᠨ ᠤ᠋ ᠡᠷᠭᠢ ᠡᠴᠡ ᠫᠤᠤ ᠶ᠋ᠢᠨ ᠳᠠᠭᠤᠨ ᠳᠠᠬᠢᠭᠠᠳ ᠭᠠᠯᠵᠠᠭᠤᠷᠠᠭᠰᠠᠨ ᠰᠢᠭ᠋ ᠲᠠᠴᠢᠭᠢᠨᠠᠪᠠ᠃ ᠮᠠᠰᠢ ᠣᠯᠠᠨ ᠰᠤᠮᠤᠨ ᠤ᠋ ᠲᠣᠯᠣᠭᠠᠢ ᠳ᠋ᠠᠭᠳᠠᠨ ᠳᠠ ᠯᠠᠮᠠ ᠶ᠋ᠢᠨ ᠴᠡᠭᠡᠵᠢᠨ ᠪᠡᠶ᠎ᠡ ᠶ᠋ᠢ ᠤᠯᠠᠭᠠᠨ ᠴᠣᠬᠣᠷ ᠪᠣᠯᠭᠠᠨ ᠰᠦᠪᠡᠯᠡᠵᠡᠢ ᠪᠢᠯᠡ᠃ ᠳ᠋ᠠᠭᠳᠠᠨ ᠳᠠ ᠯᠠᠮᠠ ᠶ᠋ᠢᠨ ᠬᠦᠳᠡᠷᠯᠢᠭ ᠪᠦᠳᠦᠭᠦᠨ ᠪᠡᠶ᠎ᠡ ᠬᠠᠳᠠ ᠨᠢ ᠰᠤᠮᠤᠨ ᠳ᠋ᠤ᠌ ᠳᠠᠭᠠᠭᠠᠴᠠᠲᠠᠢ ᠳ᠋ᠠᠭᠠᠨ ᠭᠤᠯᠠᠰᠴᠤ ᠤᠨᠠᠭ᠎ᠠ ᠦᠭᠡᠢ ᠲᠠᠢᠪᠠᠯᠵᠠᠵᠤ ᠵᠣᠭᠰᠣᠬᠤ ᠳ᠋ᠠᠭᠠᠨ᠄
— ᠲᠠᠭᠠᠷᠠᠵᠤ ᠪᠠᠢᠨ᠎ᠠ᠂ ᠮᠥᠨ ᠳᠡ᠂ ᠶᠠᠭ ᠢᠩᠭᠢᠵᠦ ᠫᠤᠤᠳᠠᠳᠠᠭ ᠶᠤᠮ ᠰᠢᠦ ! ᠮᠠᠭᠤ ᠰᠠᠢᠨ ᠵᠠᠨᠠᠭ ᠠ᠋ ! ᠰᠣᠨᠣᠰᠴᠤ ᠪᠠᠢ᠂ ᠰᠢᠷᠠᠪᠳᠤᠷᠵᠢ ᠳ᠋ᠤ᠌ ᠣᠴᠢᠵᠤ ᠬᠡᠯᠡᠵᠦ ᠥᠭ ! ᠥᠨᠥ ᠰᠥᠨᠢ ᠳ᠋ᠡᠭᠡᠨ ᠪᠢ ᠲᠡᠮᠦᠷ ᠭᠢᠨᠵᠢ ᠪᠡᠷ ᠲᠡᠭᠦᠨ ᠦ᠌ ᠡᠭᠡᠮ ᠦ᠋ᠨ ᠶᠠᠰᠤᠨ ᠠ᠋ᠴᠠ ᠣᠭᠣᠰᠣᠷᠯᠠᠵᠤ ᠡᠷᠯᠢᠭ ᠲᠦ᠍ ᠠᠪᠠᠴᠢᠵᠤ ᠥᠭᠭᠦᠨ᠎ᠡ᠃ ᠠᠷᠪᠠᠨ ᠨᠠᠢ᠍ᠮᠠᠨ ᠲᠠᠮᠤ ᠶ᠋ᠢᠨ ᠣᠷᠳᠣᠨ ᠤ᠋ ᠡᠭᠦᠳᠡᠨ ᠳᠡᠭᠡᠷ᠎ᠡ ᠠᠪᠠᠭ᠎ᠠ ᠴᠢᠨᠢ ᠴᠢᠮᠠᠶ᠋ᠢ ᠬᠦᠯᠢᠶᠡᠵᠦ ᠪᠠᠢᠶ᠎ᠠ ! ᠭᠡᠵᠦ ᠬᠠᠰᠬᠢᠷᠤᠭᠠᠳ ᠪᠥᠭᠰᠡ ᠪᠡᠷ ᠢ᠋ᠶ᠋ᠡᠨ ᠬᠥᠰᠡᠷ ᠯᠠᠭᠬᠢᠲᠠᠯ᠎ᠠ ᠰᠠᠭᠤᠬᠤ ᠳ᠋ᠤ᠌ ᠲᠣᠭᠣᠰᠣ ᠪᠤᠵᠢᠭᠢᠨᠠᠵᠤ ᠪᠠᠢᠪᠠ ᠁
ᠳ᠋ᠠᠭᠳᠠᠨ ᠳᠠ ᠯᠠᠮᠠ ᠰᠠᠭᠤᠭ᠎ᠠ ᠪᠠᠷ ᠢ᠋ᠶ᠋ᠠᠨ ᠬᠠᠳᠠ ᠳᠥᠰᠢᠨ ᠠᠮᠢᠰᠬᠤᠭ᠎ᠠ ᠬᠤᠷᠢᠶᠠᠪᠠ᠃
ᠬᠠᠶᠠ ᠨᠢᠭᠡ ᠬᠣᠶᠠᠷ ᠣᠯᠵᠠ ᠶ᠋ᠢᠨ ᠰᠢᠨᠤᠯ ᠳ᠋ᠤ᠌ ᠰᠢᠲᠠᠵᠤ 《ᠳ᠋ᠠᠭᠳᠠᠨ ᠳᠠ ᠯᠠᠮᠠ ᠲᠣᠯᠣᠭᠠᠢ ᠶ᠋ᠢ ᠬᠡᠨ ᠬᠥᠮᠦᠨ ᠣᠭᠲᠣᠯᠵᠤ ᠠᠪᠴᠢᠷᠠᠪᠠᠯ ᠬᠦᠨᠳᠦ ᠱᠠᠩ ᠥᠭᠭᠦᠨ᠎ᠡ 》 ᠭᠡᠰᠡᠨ ᠰᠢᠷᠠᠪᠳᠤᠷᠵᠢ ᠶ᠋ᠢᠨ ᠵᠠᠷᠯᠢᠭ ᠤ᠋ᠨ ᠤᠷᠮᠠᠰᠢᠭᠤᠯᠤᠯ ᠳ᠋ᠤ᠌ ᠬᠥᠲᠥᠯᠦᠭᠳᠡᠭᠰᠡᠨ ᠬᠥᠮᠦᠨ ᠳ᠋ᠠᠭᠳᠠᠨ ᠳᠠ ᠯᠠᠮᠠ ᠶ᠋ᠢᠨ ᠲᠣᠯᠣᠭᠠᠢ ᠶ᠋ᠢ ᠣᠭᠲᠣᠯᠬᠤ ᠪᠠᠷ ᠬᠠᠵᠠᠭᠤ ᠬᠠᠪᠢᠷᠭ᠎ᠠ ᠳ᠋ᠤᠨᠢ ᠥᠩᠭᠡᠯᠵᠡᠨᠡ᠃
ᠮᠥᠩᠭᠥᠨ ᠦ᠌ ᠰᠢᠨᠤᠯ ᠳ᠋ᠤ᠌ ᠬᠥᠮᠦᠨ ᠮᠥᠰᠥ ᠪᠡᠨ ᠬᠤᠢᠬᠠᠯᠠᠭᠤᠯᠤᠭᠰᠠᠨ ᠲᠡᠳᠡᠭᠡᠷ ᠦ᠋ᠨ ᠵᠠᠷᠢᠮ ᠨᠢ ᠭᠠᠷ ᠨᠢ ᠵᠠᠭᠠᠲᠤᠨᠠᠵᠤ᠂ ᠰᠢᠨᠤᠭ ᠨᠢ ᠣᠪᠣᠯᠵᠠᠪᠠᠴᠤ ᠳ᠋ᠠᠭᠳᠠᠨ ᠳᠠ ᠯᠠᠮᠠ ᠶ᠋ᠢᠨ ᠲᠡᠷᠡ ᠬᠦ᠌ ᠨᠤᠭᠤᠰᠤᠯᠠᠭᠳᠠᠭᠰᠠᠨ ᠱᠠᠷ ᠤ᠋ᠨ ᠨᠢᠳᠦ ᠮᠡᠲᠦ ᠬᠠᠷ᠎ᠠ ᠴᠠᠭᠠᠨ ᠢ᠋ᠶ᠋ᠠᠷ ᠪᠦᠷᠢᠯᠳᠦᠭᠰᠡᠨ ᠳᠣᠭᠰᠢᠨ ᠠᠯᠠᠭ ᠨᠢᠳᠦᠨ ᠡᠴᠡ ᠳᠠᠯᠳᠢᠷᠠᠬᠤ ᠳ᠋ᠠᠭᠠᠨ ᠵᠣᠷᠢᠭ ᠬᠦᠷᠬᠦ ᠦᠭᠡᠢ ᠡᠷᠬᠡ ᠦᠭᠡᠢ ᠪᠥᠭᠰᠡ ᠪᠡᠷ ᠢ᠋ᠶ᠋ᠡᠨ ᠴᠤᠬᠤᠷᠢᠵᠤ ᠪᠠᠢᠪᠠ᠃
ᠲᠤᠯᠤᠯᠳᠤᠭᠠᠨ ᠵᠣᠭᠰᠣᠵᠤ᠂ ᠫᠤᠤ ᠶ᠋ᠢᠨ ᠳᠠᠭᠤᠨ ᠨᠠᠮᠵᠢᠯᠠ᠃ ᠬᠠᠷ᠎ᠠ ᠴᠡᠷᠢᠭ ᠦ᠋ᠳ ᠰᠠᠯᠬᠢᠨ ᠳ᠋ᠤ᠌ ᠴᠣᠬᠢᠭᠳᠠᠭᠰᠠᠨ ᠨᠠᠮᠤᠷ ᠤ᠋ᠨ ᠮᠣᠳᠣᠨ ᠤ᠋ ᠬᠠᠲᠠᠭᠰᠠᠨ ᠨᠠᠪᠴᠢᠰ ᠰᠢᠭ᠋ ᠬᠥᠬᠡᠪᠣᠯᠠᠭ ᠤ᠋ᠨ ᠡᠩᠭᠡᠷ ᠡᠴᠡ ᠰᠢᠪᠲᠤᠷᠠᠨ ᠪᠠᠭᠤᠵᠠᠭᠠᠪᠠ᠃
ᠲᠤᠯᠤᠯᠳᠤᠭᠠᠨ ᠳ᠋ᠤ᠌ ᠳ᠋ᠠᠭᠳᠠᠨ ᠳᠠ ᠯᠠᠮᠠ ᠶ᠋ᠢ ᠠᠯᠠᠭᠰᠠᠨ ᠪᠣᠯᠪᠠᠴᠤ ᠱᠠᠭᠳᠠᠷᠰᠥ᠋ᠷᠥᠩ ᠦ᠋ᠨ ᠨᠣᠶᠠᠯᠠᠭᠰᠠᠨ ᠬᠣᠰᠢᠭᠤ ᠶᠠᠮᠤᠨ ᠤ᠋ ᠴᠡᠷᠢᠭ ᠬᠥᠬᠡᠪᠣᠯᠠᠭ ᠤ᠋ᠨ ᠬᠠᠳᠠᠨ ᠬᠣᠩᠭᠢᠯ᠂ ᠣᠢᠷ᠎ᠠ ᠬᠠᠪᠢ ᠶ᠋ᠢᠨ ᠡᠩᠭᠡᠷ ᠬᠠᠵᠠᠭᠤ᠂ ᠭᠣᠣᠯ ᠵᠢᠯᠠᠭ᠎ᠠ ᠠ᠋ᠴᠠ ᠲᠡᠭᠦᠨ ᠦ᠌ ᠦᠶᠡᠯᠢᠳ ᠠᠴᠢ ᠬᠥᠪᠡᠭᠦᠨ ᠪᠠᠲᠤᠪᠠᠶᠠᠷ ᠢ ᠪᠠᠷᠢᠵᠤ ᠠᠪᠬᠤ ᠪᠠᠷ ᠨᠠᠷᠢᠨ ᠱᠦᠭᠦᠷᠳᠡᠯᠲᠡ ᠬᠢᠪᠡ᠃
ᠱᠠᠭᠳᠤᠷᠰᠦ᠋ᠷᠦᠩ ᠱᠠᠲᠤ ᠶ᠋ᠢᠨ ᠭᠣᠣᠯ ᠢ᠋ ᠤᠷᠤᠭᠤᠳᠠᠵᠤ ᠶᠠᠪᠤᠨ ᠨᠠᠷᠢᠨ ᠱᠦᠭᠦᠷᠳᠡᠯᠲᠡ ᠬᠢᠭᠰᠡᠨ ᠪᠣᠯᠪᠠᠴᠤ ᠪᠠᠲᠤᠪᠠᠶᠠᠷ ᠤ᠋ᠨ ᠪᠠᠷ᠎ᠠ ᠰᠤᠷᠠᠭ ᠢ᠋ ᠴᠤ᠌ ᠣᠯᠤᠭᠰᠠᠨ ᠦᠭᠡᠢ ᠭᠠᠷ ᠤᠨᠵᠢᠢᠯᠭᠠᠨ ᠶᠠᠪᠤᠵᠤ ᠠᠲᠠᠯ᠎ᠠ ᠨᠢᠭᠡᠨ ᠮᠣᠷᠢᠲᠠᠨ ᠬᠥᠬᠡᠪᠣᠯᠠᠭ ᠢ᠋ ᠥᠭᠡᠳᠡᠯᠡᠨ ᠳᠠᠪᠬᠢᠭᠤᠯᠵᠤ ᠠᠢᠰᠤᠢ᠃
— ᠲᠤᠰᠠᠯᠠᠭᠴᠢ ᠱᠠᠭᠳᠤᠷᠰᠦ᠋ᠷᠦᠩ ᠭᠤᠸᠠᠢ ᠳ᠋ᠤ᠌ ᠮᠡᠳᠡᠭᠦᠯᠵᠦ ᠪᠠᠢᠨ᠎ᠠ᠃ ᠤᠨᠤᠭ᠎ᠠ ᠬᠥᠰᠬᠡ᠂ ᠬᠡᠦᠬᠡᠳ ᠪᠦᠰᠡᠭᠦᠢ ᠬᠤᠳᠬᠤᠯᠳᠤᠭᠰᠠᠨ ᠠᠷᠪᠠᠭᠠᠳ ᠴᠡᠷᠢᠭ ᠭᠣᠣᠯ ᠥᠭᠡᠳᠡᠯᠡᠵᠦ ᠶᠠᠪᠤᠭ᠎ᠠ ᠶ᠋ᠢ ᠪᠠᠷᠠᠭᠤᠨ ᠭᠣᠣᠯ ᠤ᠋ᠨ ᠨᠣᠭᠣᠭᠠᠨ ᠵᠦᠯᠭᠡᠲᠦ ᠳ᠋ᠦ᠍ ᠬᠠᠷ᠎ᠠ ᠴᠡᠷᠢᠭ ᠬᠠᠰᠢᠵᠤ ᠠᠬᠠᠯᠠᠭᠴᠢ ᠶ᠋ᠢ ᠨᠢ ᠫᠤᠤᠳᠠᠵᠤ ᠠᠯᠠᠪᠠ᠃
— ᠪᠠᠲᠤᠪᠠᠶᠠᠷ ᠮᠥᠨ ᠤᠤ ?
— ᠮᠥᠨ ᠡᠰᠡᠬᠦ ᠶ᠋ᠢ ᠬᠠᠷ᠎ᠠ ᠴᠡᠷᠢᠭ ᠦ᠋ᠳ ᠲᠠᠨᠢᠬᠤ ᠦᠭᠡᠢ ᠪᠣᠯᠬᠣᠷ ᠲᠤᠰᠠᠯᠠᠭᠴᠢ ᠨᠣᠶᠠᠨ ᠲᠠᠨ ᠳ᠋ᠤ᠌ ᠪᠢ ᠮᠡᠳᠡᠭᠦᠯᠦᠷ᠎ᠡ ᠶᠠᠪᠤᠭ᠎ᠠ ᠨᠢ ᠡᠨᠡ᠃
— ᠪᠠᠲᠤᠪᠠᠶᠠᠷ ᠢ᠋ ᠠᠮᠢᠳᠤ ᠪᠠᠷ ᠨᠢ ᠪᠠᠷᠢᠳᠠᠭ ᠦᠭᠡᠢ ᠶᠠᠭᠠᠬᠢᠪᠠ?
— ᠥᠨᠥᠬᠢ ᠴᠢᠨᠢ ᠠᠷᠪᠠᠭᠠᠳ ᠴᠡᠷᠢᠭ ᠨᠣᠶᠠᠯᠠᠵᠤ᠂ ᠬᠡᠴᠡᠭᠦᠦ ᠰᠢᠷᠦᠭᠦᠨ ᠲᠤᠯᠤᠭᠠᠳ᠂ ᠬᠠᠷ᠎ᠠ ᠴᠡᠷᠢᠭ ᠢ᠋ ᠶᠠᠭ ᠬᠠᠪᠢᠳᠠᠭᠤᠯᠳᠠᠭ ᠦᠭᠡᠢ᠃ ᠲᠡᠭᠡᠬᠦ ᠳ᠋ᠦ᠍ᠨᠢ ᠬᠠᠷ᠎ᠠ ᠴᠡᠷᠢᠭ ᠦ᠋ᠳ ᠤᠭᠰᠠᠷᠠᠭ᠎ᠠ ᠳᠤᠤᠭᠠᠷᠳᠠᠭ ᠠᠦ᠋ᠲ᠋ᠣ᠋ ᠫᠤᠤ ᠪᠠᠷ ᠰᠢᠷᠦᠭᠦᠨ ᠭᠠᠯᠯᠠᠵᠤ ᠣᠷᠬᠢᠭᠰᠠᠨ ᠁
— ᠪᠠᠲᠤᠪᠠᠶᠠᠷ ᠤ᠋ᠨ ᠠᠮᠢ ᠶ᠋ᠢ ᠨᠢ ᠡᠯᠭᠦᠬᠦ ᠪᠣᠯᠤᠮᠵᠢ ᠪᠣᠢ ᠤᠤ?
— ᠬᠠᠮᠢᠭ᠎ᠠ ᠠ᠋ᠴᠠ ᠳᠠ ᠫᠤᠤ ᠶ᠋ᠢᠨ ᠰᠤᠮᠤ ᠦᠷᠦ ᠴᠡᠭᠡᠵᠢ ᠶ᠋ᠢ ᠨᠢ ᠵᠥᠭᠡᠢ ᠶ᠋ᠢᠨ ᠡᠭᠦᠷ ᠰᠢᠭ ᠰᠦᠪᠡᠯᠡᠭᠦᠯᠵᠦ ᠣᠢᠴᠢᠭᠰᠠᠨ ᠳ᠋ᠤ᠌ ᠲᠡᠭᠦᠨ ᠢ ᠳᠠᠭᠠᠯᠳᠤᠭᠰᠠᠨ᠂ ᠠᠷᠪᠠᠭᠠᠳ ᠴᠡᠷᠢᠭ ᠵᠦᠭ ᠵᠦᠭ ᠲᠡᠭᠡᠨ ᠪᠤᠲᠠᠷᠠᠵᠤ᠂ ᠵᠠᠷᠢᠮ ᠨᠢ ᠰᠤᠮᠤᠨ ᠳ᠋ᠤ᠌ ᠣᠨᠣᠭᠳᠠᠨ ᠰᠢᠷᠬᠠᠲᠤᠵᠤ᠂ ᠵᠠᠷᠢᠮ ᠨᠢ ᠵᠠᠪᠰᠠᠷ ᠵᠠᠢ ᠦᠵᠡᠨ ᠳᠤᠲᠠᠭᠠᠵᠤ ᠠᠷᠢᠯᠪᠠ᠃
ᠠᠷᠭ᠎ᠠ ᠦᠭᠡᠢ ᠰᠡᠭ ᠪᠣᠯᠭᠠᠪᠠ ᠃ ᠲᠤᠰᠠᠯᠠᠭᠴᠢ ᠱᠠᠭᠳᠤᠷᠰᠦ᠋ᠷᠦᠩ ᠡᠨᠡ ᠴᠢᠮᠡᠭᠡ ᠶ᠋ᠢ ᠰᠣᠨᠣᠰᠤᠮᠠᠭᠴᠠ ᠪᠠᠨ ᠱᠠᠯᠠᠪ ᠮᠣᠷᠳᠠᠵᠤ ᠱᠠᠲᠤ ᠶ᠋ᠢᠨ ᠭᠣᠣᠯ ᠤ᠋ᠨ ᠪᠠᠷᠠᠭᠤᠨ ᠵᠢᠯᠠᠭ᠎ᠠ ᠶ᠋ᠢ ᠥᠭᠡᠳᠡᠯᠡᠨ ᠰᠢᠷᠦᠭᠦᠨ ᠳᠣᠪᠲᠣᠯᠭᠠᠪᠠ ᠪᠠᠲᠤᠪᠠᠶᠠᠷ ᠬᠠᠷ᠎ᠠ ᠴᠡᠷᠢᠭ ᠦ᠋ᠨ ᠰᠤᠮᠤᠨ ᠳ᠋ᠤ᠌ ᠦᠷᠦ ᠴᠡᠭᠡᠵᠢ ᠪᠡᠨ ᠰᠦᠪᠡᠯᠡᠭᠦᠯᠵᠦ ᠣᠢᠴᠢᠭᠰᠠᠨ ᠳ᠋ᠤ᠌ ᠲᠡᠭᠦᠨ ᠢ᠋ ᠳᠠᠭᠠᠯᠳᠤᠭᠰᠠᠨ ᠠᠷᠪᠠᠭᠠᠳ ᠴᠡᠷᠢᠭ ᠵᠦᠭ ᠵᠦᠭ ᠲᠡᠭᠡᠨ ᠪᠤᠲᠠᠷᠠᠵᠤ᠂ ᠶᠠᠷᠢᠮ ᠨᠢ ᠰᠤᠮᠤᠨ ᠳ᠋ᠤ᠌ ᠣᠨᠣᠭᠳᠠᠨ ᠰᠢᠷᠠᠭᠳᠤᠵᠤ᠂ ᠵᠠᠷᠢᠮ ᠨᠢ ᠵᠠᠪᠰᠠᠷ ᠵᠠᠢ ᠦᠵᠡᠨ ᠳᠤᠲᠠᠭᠠᠵᠤ ᠠᠷᠢᠯᠪᠠ᠃
ᠪᠠᠲᠤᠪᠠᠶᠠᠷ ᠤ᠋ᠨ ᠡᠬᠡᠨᠡᠷ ᠬᠡᠦᠬᠡᠳ ᠨᠢ ᠮᠣᠷᠢᠨ ᠤᠨᠤᠭ᠎ᠠ᠂ ᠠᠴᠢᠶ᠎ᠠ ᠬᠥᠰᠬᠡ ᠲᠡᠢ ᠪᠡᠨ ᠨᠢᠭᠡ ᠳᠣᠣᠷ᠎ᠠ ᠪᠥᠭᠡᠮᠨᠡᠷᠡᠯᠳᠦᠨ ᠶᠠᠭᠠᠬᠢᠬᠤ ᠪᠠᠨ ᠣᠯᠬᠤ ᠦᠭᠡᠢ ᠪᠠᠢᠬᠤ ᠳ᠋ᠤ᠌ ᠠᠴᠢᠶ᠎ᠠ ᠬᠥᠲᠥᠯᠦᠭᠰᠡᠨ ᠨᠢᠭᠡ ᠡᠪᠦᠭᠡᠵᠢᠶᠡᠷ ᠬᠥᠮᠦᠨ ᠪᠠᠲᠤᠪᠠᠶᠠᠷ ᠤ᠋ᠨ ᠬᠦᠦ (ᠠᠷᠪᠠᠲᠠᠢ) ᠠᠮᠤᠷᠯᠢᠩᠭᠤᠢ ᠶ᠋ᠢᠨ ᠲᠣᠯᠣᠭᠠᠢ ᠶ᠋ᠢ ᠨᠢ ᠢᠯᠢᠵᠦ᠄
— ᠬᠡᠦᠬᠡ ᠠ᠋᠂ ᠴᠢ ᠪᠤᠰᠢᠭᠤᠬᠠᠨ ᠲᠡᠷᠡ ᠠᠭᠠᠷᠤ ᠮᠣᠳᠣᠨ ᠳᠡᠭᠡᠷ᠎ᠡ ᠠᠪᠠᠷᠢᠵᠤ ᠭᠠᠷ! ᠪᠤᠰᠢᠭᠤ᠂ ᠪᠤᠰᠢᠭᠤᠬᠠᠨ ᠁ ᠭᠡᠵᠦ ᠱᠠᠯᠠᠪᠳᠠᠭᠤᠯᠤᠨ ᠲᠦᠯᠬᠢᠭᠰᠡᠨ ᠳ᠋ᠦ᠍ ᠪᠢᠴᠢᠬᠠᠨ ᠠᠮᠤᠷᠯᠢᠩᠭᠤᠢ ᠲᠡᠪᠡᠷᠢ ᠪᠦᠳᠦᠭᠦᠨ ᠠᠭᠠᠷᠤ ᠮᠣᠳᠣᠨ ᠳ᠋ᠤ᠌ ᠱᠠᠯᠠᠪ ᠮᠠᠴᠤᠵᠤ ᠭᠠᠷᠤᠨ ᠳᠠᠯᠳᠠᠯᠠᠪᠠ᠃
ᠪᠠᠲᠤᠪᠠᠶᠠᠷ ᠤ᠋ᠨ ᠡᠬᠡᠨᠡᠷ ᠬᠠᠷ᠎ᠠ ᠴᠡᠷᠢᠭ ᠦ᠋ᠨ ᠭᠠᠰᠢᠭᠤᠨ ᠰᠤᠮᠤᠨ ᠳ᠋ᠤ᠌ ᠰᠡᠭᠴᠢᠭᠥᠯᠥᠭᠰᠡᠨ ᠡᠷ᠎ᠡ ᠨᠥᠬᠥᠷ ᠦ᠋ᠨ ᠢ᠋ᠶ᠋ᠡᠨ ᠬᠡᠭᠦᠷ ᠪᠡᠶ᠎ᠡ ᠳᠡᠭᠡᠷ᠎ᠡ ᠡᠯᠢᠭᠡᠳᠡᠨ ᠮᠥᠷᠥ ᠡᠴᠡ ᠨᠢ ᠪᠠᠵᠠᠭᠳᠠᠨ᠄
— ᠰᠡᠷᠡᠭᠡᠴᠢ ᠳᠡ᠂ ᠴᠢ ᠮᠢᠨᠢ ! ᠪᠢᠳᠡᠨᠦᠰ ᠢ᠋ ᠥᠨᠥᠴᠢᠨ ᠥᠷᠥᠭᠡᠰᠦᠨ ᠪᠣᠯᠭᠠᠴᠢᠬᠠᠭᠠᠳ ᠁ ᠭᠡᠵᠦ ᠰᠢᠨᠠᠯᠤᠯᠲᠠᠢ ᠤᠬᠢᠯᠠᠬᠤ ᠨᠢ ᠨᠣᠭᠣᠭᠠᠨ ᠵᠦᠯᠭᠡᠲᠦ ᠶ᠋ᠢᠨ ᠬᠠᠳᠠᠨ ᠬᠣᠰᠢᠭᠤ ᠶ᠋ᠢ ᠡᠪᠬᠡᠷᠡᠲᠡᠯᠡ ᠴᠤᠤᠷᠢᠶᠠᠲᠤᠵᠤ ᠰᠣᠨᠣᠰᠳᠠᠨ᠎ᠠ᠃
ᠠᠪᠠᠭᠠᠷᠠᠯᠳᠤᠭᠰᠠᠨ ᠬᠠᠷ᠎ᠠ ᠴᠡᠷᠢᠭ ᠦ᠋ᠳ ᠪᠠᠲᠤᠪᠠᠶᠠᠷ ᠤ᠋ᠨ ᠦᠬᠦᠭᠡᠷ ᠳᠡᠭᠡᠷ᠎ᠡ ᠬᠠᠷᠠᠯᠠᠲᠠᠯ᠎ᠠ ᠴᠤᠭᠯᠠᠷᠠᠵᠤ ᠡᠨᠡ ᠲᠡᠷᠡ ᠭᠡᠵᠦ ᠬᠥᠮᠦᠰ ᠦᠯᠦ ᠣᠢᠯᠠᠭᠠᠬᠤ ᠬᠡᠯᠡ ᠪᠡᠷ ᠱᠤᠯᠤᠭᠠᠨᠠᠬᠤ ᠳ᠋ᠠᠭᠠᠨ ᠨᠢᠯᠪᠤᠰᠤᠨ ᠳ᠋ᠠᠭᠠᠨ ᠳᠡᠪᠲᠦᠭᠰᠡᠨ ᠬᠥᠭᠡᠷᠦᠬᠦᠢ ᠪᠡᠯᠪᠡᠰᠦᠨ ᠡᠬᠡᠨᠡᠷ ᠦ᠋ᠨ ᠡᠩᠭᠡᠷ ᠡᠪᠴᠢᠭᠦᠦ ᠶ᠋ᠢ ᠨᠢ ᠣᠩᠭᠣᠢᠯᠭᠠᠵᠤ ᠱᠠᠯᠳᠠᠩᠨᠠᠭᠤᠯᠤᠨ ᠡᠨᠳᠡ ᠲᠡᠨᠳᠡ ᠡᠴᠡ ᠨᠢ ᠭᠣᠣᠴᠢᠯᠠᠨ ᠬᠢ ᠬᠢ ᠬᠠ ᠬᠠ ᠭᠡᠵᠦ ᠡᠯᠳᠡᠪ ᠢ᠋ᠶ᠋ᠡᠷ ᠱᠠᠯᠢᠭᠯᠠᠨᠠ᠃
ᠲᠡᠪᠡᠷᠢ ᠪᠦᠳᠦᠭᠦᠨ ᠠᠭᠠᠷᠤ ᠮᠣᠳᠣᠨ ᠤ᠋ ᠨᠠᠮᠠᠭᠠᠨ ᠳ᠋ᠤ᠌ ᠪᠡᠶ᠎ᠡ ᠳᠠᠯᠳᠠᠯᠠᠵᠤ ᠠᠶᠤᠨ ᠪᠡᠮᠪᠡᠭᠡᠨᠡᠭᠰᠡᠨ ᠪᠢᠴᠢᠬᠠᠨ ᠠᠮᠤᠷᠯᠢᠩᠭᠤᠢ ᠡᠴᠢᠭᠡ ᠶ᠋ᠢᠨ ᠢ᠋ᠶ᠋ᠡᠨ ᠵᠣᠪᠠᠯᠠᠩᠲᠠᠢ ᠪᠠᠷ ᠦᠬᠦᠭᠰᠡᠨ ᠪᠠ ᠬᠠᠷ᠎ᠠ ᠴᠡᠷᠢᠭ ᠦ᠋ᠳ ᠡᠬᠡ ᠶ᠋ᠢ ᠨᠢ ᠨᠢᠴᠦᠭᠦᠯᠡᠵᠦ ᠳᠡᠮᠡᠢ ᠯᠡ ᠱᠠᠯᠢᠭᠯᠠᠨ ᠳᠣᠷᠣᠮᠵᠢᠯᠠᠭᠰᠠᠨ ᠢ᠋ ᠬᠠᠷᠠᠵᠤ ᠲᠦᠪᠳᠡᠬᠦ ᠦᠭᠡᠢ ᠠᠭᠠᠷᠤ ᠮᠣᠳᠣᠨ ᠳᠡᠭᠡᠷ᠎ᠡ ᠡᠴᠡ ᠦᠰᠦᠷᠴᠦ ᠪᠠᠭᠤᠨ᠄
— ᠮᠥᠮᠥ ᠠ᠋ ! ᠭᠡᠵᠦ ᠮᠠᠰᠢ ᠭᠠᠰᠠᠯᠠᠩᠲᠠᠢ ᠴᠢᠷᠠᠯᠠᠨ ᠡᠬᠡ ᠵᠦᠭ ᠢ᠋ᠶ᠋ᠡᠨ ᠭᠦᠶᠦᠬᠦ ᠳ᠋ᠦ᠍ ᠠᠴᠢᠶᠠᠨ ᠤ᠋ ᠡᠪᠦᠭᠡᠨ ᠭᠤᠸᠠᠢ ᠲᠡᠷᠡ ᠬᠦᠦ ᠶ᠋ᠢᠨ ᠭᠠᠷ ᠠ᠋ᠴᠠ ᠨᠢ ᠰᠢᠭᠦᠷᠡᠨ᠄
— ᠪᠢᠲᠡᠭᠡᠢ ᠲᠠᠢᠰᠢ ᠣᠴᠢ! ᠬᠡᠦᠬᠡ᠂ ᠠᠶᠤᠯᠲᠠᠢ᠃ ᠴᠠᠭᠠᠳᠤᠭᠤᠯᠠ ᠴᠢᠨᠢ ᠶᠠᠭᠤ ᠴᠤ᠌ ᠬᠢᠵᠦ ᠮᠡᠳᠡᠨ᠎ᠡ ᠰᠢᠦ! ᠭᠡᠰᠡᠨ ᠢ᠋ ᠪᠢᠴᠢᠬᠠᠨ ᠠᠮᠤᠷᠯᠢᠩᠭᠤᠢ ᠶᠠᠭᠤᠨ ᠳ᠋ᠤ᠌ ᠰᠣᠨᠣᠰᠬᠤ ᠪᠢᠯᠡ⁈ ᠡᠪᠦᠭᠡᠨ ᠦ᠌ ᠭᠠᠷ ᠠ᠋ᠴᠠ ᠮᠤᠯᠲᠤᠷᠠᠵᠤ ᠡᠬᠡ ᠶ᠋ᠢᠨ ᠬᠦᠵᠦᠭᠦᠦ ᠶ᠋ᠢ ᠲᠡᠪᠡᠷᠢᠨ᠄
— ᠮᠥᠮᠥ ᠠ᠋᠂ ᠠᠪᠤ ᠠ᠋ ! ᠭᠡᠵᠦ ᠤᠬᠢᠯᠠᠩᠨᠠᠨᠠ᠃ ᠲᠡᠭᠡᠬᠦ ᠳ᠋ᠦ᠍ ᠬᠠᠷ᠎ᠠ ᠴᠡᠷᠢᠭ ᠦ᠋ᠨ ᠳᠣᠲᠣᠷ᠎ᠠ ᠠ᠋ᠴᠠ
— ᠡᠨᠡ ᠵᠢᠭᠠᠯ ᠬᠦᠦ ᠪᠠᠲᠤᠪᠠᠶᠠᠷ ᠤ᠋ᠨ ᠬᠦᠦ ᠮᠥᠨ ᠤᠤ ? ᠭᠡᠰᠡᠨ ᠬᠠᠬᠢᠷ ᠳᠠᠭᠤᠨ ᠭᠠᠷᠴᠤ᠂ ᠪᠠᠷᠪᠠᠭᠠᠷ ᠭᠠᠷ ᠪᠢᠴᠢᠬᠠᠨ ᠠᠮᠤᠷᠯᠢᠩᠭᠤᠢ ᠶ᠋ᠢᠨ ᠬᠦᠵᠦᠭᠦᠨ ᠡᠴᠡ ᠪᠠᠵᠠᠭᠳᠠᠵᠤ ᠡᠬᠡ ᠶ᠋ᠢᠨ ᠬᠢᠨᠢ ᠡᠪᠦᠷ ᠡᠴᠡ ᠰᠠᠯᠭᠠᠪᠠ᠃
ᠠᠷᠵᠠᠭᠠᠨᠠᠨ ᠲᠡᠯᠴᠢᠯᠡᠭᠰᠡᠨ ᠪᠢᠴᠢᠬᠠᠨ ᠬᠦᠦ ᠡᠬᠡ ᠥᠭᠡᠳᠡ ᠪᠡᠨ ᠰᠡᠷᠪᠡᠯᠵᠡᠨ᠄
—ᠮᠥᠮᠥ ᠠ᠋ ! ᠁ ᠭᠡᠵᠦ ᠴᠢᠨᠡᠭᠡ ᠮᠡᠳᠡᠨ ᠤᠬᠢᠯᠠᠩᠨᠠᠬᠤ ᠳ᠋ᠤ᠌ ᠫᠢᠩ ᠫᠠᠩ ᠭᠡᠬᠦ ᠫᠤᠤ ᠶ᠋ᠢᠨ ᠳᠠᠭᠤᠨ ᠳ᠋ᠤ᠌ ᠪᠢᠴᠢᠬᠠᠨ ᠬᠦᠦ ᠠᠩᠭᠠᠯᠵᠠᠨ ᠣᠢᠴᠢᠪᠠ᠃
ᠡᠯᠢᠭᠡ ᠲᠥᠷᠥᠭᠦᠰᠢ ᠪᠡᠨ ᠰᠢᠷᠣᠢ ᠡᠮᠬᠦᠯᠡᠨ ᠣᠢᠴᠢᠭᠰᠠᠨ ᠪᠢᠴᠢᠬᠠᠨ ᠠᠮᠤᠷᠯᠢᠩᠭᠤᠢ ᠳᠠᠬᠢᠨ ᠰᠡᠷᠪᠡᠢᠨ ᠪᠣᠰᠴᠤ ᠡᠭᠡᠷᠡᠨ ᠤᠬᠢᠯᠠᠩᠨᠠᠭᠰᠠᠨ ᠪᠣᠯᠪᠠᠴᠤ ᠴᠢᠷᠠᠢ ᠨᠢ ᠴᠢᠨᠦᠷᠡᠨ ᠬᠥᠬᠡᠷᠡᠭᠰᠡᠨ ᠤᠷᠤᠭᠤᠯ ᠨᠢ ᠲᠠᠲᠠᠪᠠᠯᠵᠠᠨ ᠠᠩᠭᠠᠯᠵᠠᠬᠤ ᠠ᠋ᠴᠠ ᠪᠢᠰᠢ ᠳᠠᠭᠤᠨ ᠭᠠᠷᠬᠤ ᠦᠭᠡᠢ ᠪᠣᠯᠵᠤ ᠡᠬᠡ ᠥᠭᠡᠳᠡ ᠪᠡᠨ ᠵᠢᠳᠬᠦᠯᠡᠭᠰᠡᠨ ᠬᠡᠪ ᠢ᠋ᠶ᠋ᠡᠷ ᠢ᠋ᠶ᠋ᠡᠨ ᠰᠠᠪᠠᠵᠤ ᠤᠨᠠᠪᠠ᠃
— ᠠᠮᠤᠷ ᠁ ᠠᠮᠤᠷ ᠁ ᠠᠮᠤᠷᠯᠢᠩᠭᠤᠢ ᠠ᠋! ᠮᠢᠨᠦ ᠬᠦᠦ ! ᠁ ᠭᠡᠵᠦ ᠪᠠᠲᠤᠪᠠᠶᠠᠷ ᠤ᠋ᠨ ᠡᠬᠡᠨᠡᠷ ᠦᠬᠦᠳᠬᠢᠨ ᠣᠢᠴᠢᠭᠰᠠᠨ ᠬᠦᠦ ᠪᠡᠨ ᠲᠡᠪᠡᠷᠢᠵᠦ ᠪᠣᠰᠬᠠᠨ ᠬᠠᠴᠠᠷ ᠠᠮᠠᠨ ᠳ᠋ᠤᠨᠢ ᠨᠠᠭᠠᠯᠳᠤᠭᠰᠠᠨ ᠬᠤᠮᠠᠭ ᠰᠢᠷᠣᠢ ᠶ᠋ᠢ ᠵᠦᠯᠭᠦᠵᠦ 《ᠮᠢᠨᠦ ᠬᠦᠦ ᠰᠡᠷᠡᠭᠡᠴᠢ! ᠰᠡᠷᠡᠭᠡᠴᠢ ᠬᠦᠦ ᠮᠢᠨᠢ!》 ᠭᠡᠵᠦ ᠬᠦᠦ ᠪᠡᠨ ᠭᠠᠯᠵᠠᠭᠤᠷᠠᠨ ᠦᠨᠦᠰᠴᠦ ᠲᠡᠪᠡᠷᠢᠵᠦ ᠠᠪᠤᠨ ᠨᠣᠭᠣᠭᠠᠨ ᠵᠦᠯᠭᠡᠲᠦ ᠶ᠋ᠢᠨ ᠳᠡᠭᠡᠳᠦ ᠭᠣᠣᠯ ᠢ᠋ ᠥᠭᠡᠳᠡᠯᠡᠨ ᠴᠢᠨᠡᠭᠡ ᠮᠡᠳᠡᠨ ᠭᠦᠶᠦᠪᠡ ᠁
ᠶᠠᠮᠤᠨ ᠤ᠋ ᠬᠡᠰᠡᠭ ᠴᠡᠷᠢᠭ ᠢ᠋ ᠳᠠᠭᠠᠭᠤᠯᠤᠭᠰᠠᠨ ᠲᠤᠰᠠᠯᠠᠭᠴᠢ ᠱᠠᠭᠳᠠᠷᠰᠥ᠋ᠷᠥᠩ ᠢ ᠢᠷᠡᠬᠦ ᠳ᠋ᠦ᠍ ᠲᠡᠷᠡ ᠪᠦᠬᠦᠢ ᠦᠵᠡᠭᠳᠡᠯ ᠭᠤᠨᠢᠭᠲᠤ ᠵᠦᠴᠦᠭᠡ ᠪᠡᠷ ᠲᠡᠭᠦᠰᠦᠭᠰᠡᠨ ᠪᠠᠢᠯ᠎ᠠ᠃
ᠲᠤᠰᠠᠯᠠᠭᠴᠢ ᠱᠠᠭᠳᠠᠷᠰᠥ᠋ᠷᠥᠩ ᠪᠠᠲᠤᠪᠠᠶᠠᠷ ᠤ᠋ᠨ ᠦᠬᠦᠭᠡᠷ ᠦ᠋ᠨ ᠬᠠᠵᠠᠭᠤ ᠳ᠋ᠤ᠌ ᠤᠳᠠᠲᠠᠯ᠎ᠠ ᠮᠡᠯᠡᠷᠡᠵᠦ ᠵᠣᠭᠰᠣᠭᠰᠠᠨ ᠢ᠋ᠶ᠋ᠠᠨ ᠳᠣᠣᠷᠠᠬᠢ ᠴᠡᠷᠢᠭ ᠲᠡᠭᠡᠨ᠄
— ᠲᠡᠭᠦᠨ ᠦ᠌ ᠬᠡᠭᠦᠷ ᠢ ᠨᠢᠳᠦᠨ ᠦ᠌ ᠳᠠᠯᠳᠠ ᠠᠪᠠᠴᠢᠴᠤ ᠪᠤᠯᠠᠰᠢᠯᠠᠴᠢᠬᠠ! ᠭᠡᠵᠦ ᠲᠡᠨᠳᠡ ᠡᠴᠡ ᠵᠠᠢᠯᠠᠵᠤ ᠶᠠᠪᠤᠪᠠ᠃
ᠲᠡᠢᠨ ᠱᠠᠲᠤ ᠶ᠋ᠢᠨ ᠭᠣᠣᠯ ᠤ᠋ᠨ ᠪᠠᠷᠠᠭᠤᠨ ᠵᠢᠯᠠᠭᠠᠨ ᠳ᠋ᠠᠬᠢ ᠨᠣᠭᠣᠭᠠᠨ ᠵᠦᠯᠭᠡᠲᠦ ᠭᠡᠳᠡᠭ ᠭᠠᠵᠠᠷ ᠪᠠᠲᠤᠪᠠᠶᠠᠷ ᠠᠯᠠᠭᠳᠠᠵᠤ᠂ ᠬᠣᠷᠣ ᠠᠲᠠᠭ᠎ᠠ᠂ ᠦᠰ ᠬᠣᠨᠵᠢᠩ᠂ ᠪᠦᠷᠢᠯᠳᠦᠭᠡ ᠦᠭᠡᠢ ᠠᠩᠭᠠᠬᠠᠢ ᠵᠢᠭᠠᠯ ᠬᠦᠦ ᠨᠢ ᠴᠦ᠍ ᠭᠠᠰᠠᠯᠠᠩᠲᠠᠢ ᠦᠷᠡᠭᠳᠡᠵᠡᠢ᠃
ᠸᠠᠩ ᠰᠣᠬᠣᠷ ᠤ᠋ᠨ ᠬᠠᠷ᠎ᠠ ᠴᠡᠷᠢᠭ ᠲᠡᠢ ᠬᠤᠷᠰᠢᠭᠰᠠᠨ ᠰᠢᠷᠠᠪᠳᠤᠷᠵᠢ ᠬᠦᠩ ᠦ᠋ᠨ ᠴᠡᠷᠢᠭ ᠳ᠋ᠠᠭᠳᠠᠨ ᠳᠠ ᠯᠠᠮᠠ ᠶ᠋ᠢᠨ ᠭᠤᠷᠪᠠᠨ ᠦᠶ᠎ᠡ ᠶ᠋ᠢᠨ ᠬᠦᠢᠰᠦ ᠶ᠋ᠢ ᠲᠡᠮᠲᠡᠷᠢᠵᠦ ᠡᠨᠡ ᠤᠳᠠᠭᠠᠨ ᠤ᠋ ᠲᠤᠯᠤᠯᠳᠤᠭᠠᠨ ᠭᠤᠨᠢᠭᠲᠠᠢ ᠲᠡᠭᠦᠰᠪᠡ᠃
ᠪᠠᠲᠤᠪᠠᠶᠠᠷ ᠤ᠋ᠨ ᠡᠬᠡᠨᠡᠷ ᠨᠢ ᠭᠠᠯᠵᠠᠭᠤ ᠰᠣᠯᠢᠶᠠᠲᠠᠢ ᠪᠣᠯᠵᠤ ᠠᠭᠤᠯᠠ ᠶ᠋ᠢᠨ ᠵᠡᠷᠯᠢᠭ ᠬᠥᠮᠦᠨ ᠪᠣᠯᠴᠢᠬᠠᠯ᠎ᠠ ᠭᠡᠵᠦ ᠬᠥᠮᠦᠰ ᠰᠡᠭᠦᠯ ᠳ᠋ᠦ᠍ᠨᠢ ᠬᠡᠯᠡᠯᠴᠡᠳᠡᠭ ᠪᠣᠯᠪᠠ᠃
ᠨᠠᠷᠠ ᠪᠠᠷᠠᠭᠤᠨᠰᠢ ᠲᠡᠰᠢᠵᠦ᠂ ᠠᠭᠤᠯᠠ ᠶ᠋ᠢᠨ ᠰᠡᠭᠦᠳᠡᠷ ᠡᠷᠭᠢᠯ᠎ᠡ᠂ ᠬᠠᠷ᠎ᠠ ᠴᠡᠷᠢᠭ ᠦ᠋ᠳ ᠠᠭᠤᠯᠠ ᠶ᠋ᠢᠨ ᠠᠮᠠᠨ ᠠ᠋ᠴᠠ ᠭᠠᠷᠴᠤ ᠬᠥᠬᠡᠪᠣᠯᠠᠭ ᠤ᠋ᠨ ᠵᠣ ᠪᠠᠷ ᠬᠠᠷᠠᠯᠠᠨ ᠴᠤᠪᠤᠷᠠᠯᠳᠤᠨ᠎ᠠ᠃
ᠰᠢᠷ᠎ᠠ ᠪᠦᠷᠦᠢ ᠲᠠᠰᠤᠷᠠᠬᠤ ᠳ᠋ᠤ᠌ ᠬᠡᠳᠦᠨ ᠬᠥᠮᠦᠨ ᠬᠦᠬᠡᠪᠤᠯᠠᠭ ᠤ᠋ᠨ ᠱᠠᠲᠤ ᠶ᠋ᠢᠨ ᠭᠣᠣᠯ ᠢ ᠥᠭᠡᠳᠡᠯᠡᠵᠦ᠂ ᠳᠡᠭᠲᠡᠷ ᠭᠠᠴᠠᠭᠠᠨ ᠤ᠋ ᠳᠡᠭᠡᠳᠦ ᠬᠠᠳᠠᠨ ᠬᠣᠩᠭᠢᠯ ᠢ ᠵᠣᠷᠢᠨ ᠬᠢᠯᠤᠪ ᠬᠠᠯᠠᠪ ᠬᠢᠨ ᠬᠣᠷᠮᠣᠢ ᠬᠡᠢᠰᠬᠡᠨ ᠶᠠᠪᠤᠨ᠎ᠠ᠃
ᠲᠡᠷᠡ ᠬᠡᠳᠦᠨ ᠬᠥᠮᠦᠨ ᠦ᠌ ᠬᠣᠶᠠᠷ ᠨᠢ ᠬᠠᠳᠠᠨ ᠬᠣᠩᠭᠢᠯ ᠳ᠋ᠤ᠌ ᠳᠥᠭᠥᠵᠦ ᠣᠴᠢᠭᠠᠳ ᠳ᠋ᠠᠭᠳᠠᠨ ᠳᠠ ᠯᠠᠮᠠ ᠶ᠋ᠢᠨ ᠲᠣᠯᠣᠭᠠᠢ ᠶ᠋ᠢ ᠣᠭᠲᠣᠯᠵᠤ ᠤᠭᠤᠲᠠᠨ ᠳ᠋ᠤ᠌ ᠰᠠᠪᠠᠯᠠᠵᠤ ᠠᠪᠤᠭᠠᠳ ᠪᠣᠷᠣ ᠮᠥᠷ ᠢ᠋ᠶ᠋ᠡᠷ ᠢ᠋ᠶ᠋ᠡᠨ ᠪᠤᠴᠠᠭᠰᠠᠨ ᠢ ᠬᠡᠨ ᠴᠦ᠍ ᠦᠵᠡᠭᠰᠡᠨ ᠦᠭᠡᠢ᠃
ᠦᠰᠦᠭ ᠠᠮᠢᠯᠠᠭᠤᠯᠤᠭᠰᠠᠨ ᠨᠢ᠄ ᠴᠣᠯᠮᠣᠨᠲᠤᠶᠠᠭ᠎ᠠ
