ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠨᠢᠭᠡᠳᠦᠭᠡᠷ ᠪᠦᠯᠦᠭ <ᠨᠠᠢ᠍ᠮᠠ> Хан мунын сүүрс < дээд > – Мөнх зохиоов ᠂ дэд бодь – нэгдүгээр бүлэг <8>
ᠳᠡᠳ᠋ ᠪᠣᠲᠢ – ᠨᠢᠭᠡᠳᠦᠭᠡᠷ ᠪᠦᠯᠦᠭ <ᠨᠠᠢ᠍ᠮᠠ>
ᠪᠠᠷᠠᠭᠤᠨ ᠬᠦᠩ ᠦ᠋ᠨ ᠬᠣᠰᠢᠭᠤ ᠶᠠᠮᠤᠨ ᠤ᠋ ᠭᠤᠶᠤᠴᠢᠯᠠᠯ ᠢ᠋ ᠬᠦᠯᠢᠶᠡᠵᠦ ᠠᠪᠤᠭᠰᠠᠨ ᠪᠤᠭᠤᠲᠤ ᠶ᠋ᠢᠨ ᠠᠲᠠᠷ ᠬᠠᠭᠤᠯᠪᠤᠷᠢᠯᠠᠬᠤ ᠲᠣᠪᠴᠢᠶᠠᠨ ᠤ᠋ ᠰᠠᠭᠤᠭ᠎ᠠ ᠴᠡᠷᠢᠭ ᠸᠠᠩ ᠲᠣᠪᠴᠢᠶᠠᠨ ᠳᠠᠷᠤᠭ᠎ᠠ ᠶ᠋ᠢᠨ ᠲᠣᠮᠢᠯᠠᠯᠲᠠ ᠪᠠᠷ ᠪᠠᠷᠠᠭᠤᠨᠰᠢ ᠬᠥᠳᠡᠯᠵᠦ᠂ ᠬᠥᠨᠳᠡᠯᠢ ᠶᠢᠨ ᠰᠦᠮ᠎ᠡ᠂ ᠬᠠᠳᠤᠮᠠᠯ ᠤ᠋ᠨ ᠠᠮᠠ᠂ ᠬᠣᠶᠠᠷᠬᠤᠳᠳᠤᠭ ᠲᠤ᠌ ᠵᠠᠮ ᠤ᠋ᠨ ᠲᠤᠷᠰᠢ ᠰᠠᠬᠢᠭᠤᠯ ᠤ᠋ᠨ ᠴᠡᠷᠢᠭ ᠴᠤᠪᠤᠭᠤᠯᠵᠤ ᠬᠠᠶᠠᠭᠠᠳ ᠰᠢᠷ᠎ᠠ ᠵᠠᠮ ᠢ᠋ ᠪᠠᠷᠢᠨ ᠲᠣᠭᠣᠰᠣ ᠮᠠᠨᠠᠷᠠᠭᠠᠨᠠ᠃ ᠴᠡᠷᠢᠭ ᠦ᠋ᠨ ᠴᠤᠪᠤᠭ᠎ᠠ ᠵᠠᠮ ᠲᠤᠵᠢ ᠠᠢᠯ ᠲᠣᠰᠬᠣᠨ ᠲᠠᠭᠠᠷᠠᠪᠠᠯ ᠲᠤᠨᠤᠨ ᠳᠡᠭᠡᠷᠡᠮᠳᠡᠵᠦ᠂ ᠰᠦᠮ᠎ᠡ ᠬᠡᠢᠳ ᠲᠣᠬᠢᠶᠠᠯᠳᠤᠭᠰᠠᠭᠠᠷ ᠴᠥᠯᠪᠡᠨ ᠨᠡᠩᠵᠢᠵᠦ᠂ ᠶᠠᠭ ᠯᠠ ᠳᠣᠭᠰᠢᠨ ᠠᠪᠤᠷᠭᠤ ᠬᠦᠷᠪᠡᠯ ᠰᠢᠭ ᠠᠮᠠ ᠨᠢ ᠠᠩᠭᠠᠯᠵᠠᠨ ᠲᠠᠭᠠᠷᠠᠭᠰᠠᠨ ᠪᠦᠬᠦᠨ ᠢ᠋ ᠵᠠᠯᠭᠢᠵᠤ᠂ ᠰᠡᠭᠦᠯ ᠨᠢ ᠭᠤᠰᠢᠪᠠᠯᠵᠠᠨ ᠥᠷᠲᠥᠭᠰᠡᠨ ᠪᠦᠬᠦᠨ ᠢ᠋ ᠭᠤᠶᠠᠳᠠᠯᠠᠵᠤ ᠶᠠᠪᠤᠭ᠎ᠠ ᠮᠡᠲᠦ ᠪᠠᠢᠯ᠎ᠠ᠃ ᠡᠳᠡᠭᠡᠷ ᠴᠡᠷᠢᠭ ᠦ᠋ᠳ《 ᠱᠠᠵᠢᠨ ᠪᠠᠳᠠᠷᠠᠭᠤᠯᠤᠭᠴᠢ ᠰᠦᠮ᠎ᠡ》 ᠶ᠋ᠢ ᠴᠥᠯᠪᠡᠨ ᠨᠡᠩᠵᠢᠵᠦ ᠰᠡᠵᠢᠭᠲᠡᠢ ᠡᠲᠡᠭᠡᠳ ᠢ᠋ᠶ᠋ᠡᠨ ᠣᠯᠤᠭ᠎ᠠ ᠦᠭᠡᠢ ᠳ᠋ᠡᠭᠡᠨ ᠰᠦᠮ᠎ᠡ ᠶ᠋ᠢᠨ ᠶᠡᠬᠡ ᠳᠤᠭᠠᠩ ᠳ᠋ᠤ᠌ ᠭᠠᠯ ᠲᠠᠯᠪᠢᠵᠤ ᠣᠷᠬᠢᠯ᠎ᠠ᠃ ᠪᠠᠢᠩᠭᠤ ᠨᠠᠮ ᠲᠠᠢᠪᠤᠩ᠂ ᠨᠦᠰᠡᠷ ᠬᠢᠨᠠᠭᠤᠷ᠂ ᠨᠣᠮ ᠤ᠋ᠨ ᠰᠦᠵᠢᠭ᠂ ᠪᠤᠷᠬᠠᠨ ᠤ᠋ ᠪᠢᠰᠢᠯᠭᠠᠯ ᠬᠢᠳᠡᠭ ᠪᠣᠳᠢ ᠶ᠋ᠢᠨ ᠣᠷᠣᠨ ᠳ᠋ᠤ᠌ ᠭᠡᠭᠡᠨ ᠴᠠᠭᠠᠨ ᠡᠳᠦᠷ ᠢ᠋ᠶ᠋ᠡᠷ ᠬᠠᠷ᠎ᠠ ᠠᠶᠤᠩᠭ᠎ᠠ ᠨᠢᠷᠭᠡᠵᠦ ᠫᠤᠤ ᠰᠤᠮᠤ ᠫᠢᠩ ᠫᠠᠩ ᠬᠢᠨ《 ᠠᠯᠠ ᠠ᠋᠂ ᠪᠤᠯᠠ ᠠ᠋!》 ᠭᠡᠬᠦ ᠡᠷᠢᠶᠡᠨ ᠮᠡᠷᠢᠶᠡᠨ ᠳᠠᠭᠤᠨ ᠦᠷᠭᠦᠯᠵᠢᠯᠡᠨ᠂ ᠰᠦᠮ᠎ᠡ ᠶ᠋ᠢᠨ ᠰᠠᠷᠠᠪᠴᠢᠨ ᠤ᠋ ᠬᠥᠬᠡ ᠲᠠᠭᠲᠠᠭ᠎ᠠ ᠨᠤᠭᠤᠳ ᠴᠦ᠍ ᠴᠣᠴᠢᠷᠳᠠᠨ ᠭᠡᠯᠮᠡᠭᠳᠡᠵᠦ᠂ ᠠᠶᠤᠨ ᠪᠡᠷᠲᠡᠭᠰᠡᠨ ᠯᠠᠮᠠ ᠨᠠᠷ ᠳᠤᠲᠠᠭᠠᠬᠤ ᠨᠢ ᠳᠤᠲᠠᠭᠠᠵᠤ᠂ ᠳᠠᠯᠳᠠᠯᠠᠬᠤ ᠨᠢ ᠳᠠᠯᠳᠠᠯᠠᠭᠠᠳ ᠬᠥᠯ ᠤᠯᠠ ᠪᠠᠨ ᠣᠯᠬᠤ ᠦᠭᠡᠢ ᠪᠤᠵᠢᠭᠢᠨᠠᠨ᠎ᠠ᠃ ᠬᠡᠨ ᠬᠥᠮᠦᠨ ᠳ᠋ᠦ᠍ ᠴᠦ᠍ ᠬᠣᠣᠷ ᠨᠢᠭᠦᠯ ᠦᠭᠡᠢ ᠪᠤᠶᠠᠨ ᠨᠢᠭᠦᠯᠡᠰᠬᠦᠢ ᠡᠨᠡᠷᠢᠩᠭᠦᠢ ᠣᠪᠣᠷ ᠲᠠᠢ ᠠᠯᠲᠠᠨ ᠰᠢᠵᠢᠷ ᠢ᠋ᠶ᠋ᠡᠷ ᠭᠣᠣᠳᠠᠭᠰᠠᠨ ᠣᠯᠠᠨ ᠪᠤᠷᠬᠠᠳ ᠤ᠋ᠨ ᠴᠢᠷᠠᠢ ᠴᠦ᠍ ᠬᠦ ᠬᠠᠷ᠎ᠠ ᠭᠠᠯ ᠤ᠋ᠨ ᠤᠲᠤᠭᠠᠨ ᠳ᠋ᠤ᠌ ᠬᠠᠯᠲᠠᠷᠲᠤᠨ ᠬᠥᠳᠡᠭᠳᠡᠵᠦ᠂ ᠭᠠᠰᠢᠭᠤᠨ ᠡᠬᠡᠭᠦᠨ ᠳᠠᠷᠢ ᠶ᠋ᠢᠨ ᠦᠨᠦᠷ ᠲᠦ᠍ ᠬᠠᠬᠠᠵᠤ ᠴᠡᠴᠡᠨ ᠰᠠᠭᠤᠷᠢ ᠠ᠋ᠴᠠ ᠪᠠᠨ ᠣᠢᠴᠢᠵᠤ ᠤᠨᠠᠨ᠎ᠠ᠃ ᠶᠡᠬᠡ ᠰᠦᠮ᠎ᠡ ᠶ᠋ᠢᠨ ᠳᠤᠭᠠᠩ ᠤ᠋ᠨ ᠲᠣᠭᠣᠰᠬᠠᠨ ᠬᠡᠷᠡᠮ ᠯᠥᠷ ᠯᠥᠷ ᠬᠢᠨ ᠰᠦᠢᠷᠡᠨ ᠨᠤᠷᠠᠵᠤ᠂ ᠭᠤᠯᠪᠢᠯᠵᠠᠨ ᠳᠦᠷᠡᠯᠵᠡᠭᠰᠡᠨ ᠳᠣᠭᠰᠢᠨ ᠭᠠᠯ ᠤ᠋ᠨ ᠰᠤᠷ ᠲᠤ᠌ ᠰᠦᠮ᠎ᠡ ᠶ᠋ᠢᠨ ᠮᠣᠳᠣᠨ ᠠᠳᠠᠭᠠᠷ ᠲᠢᠱ ᠨᠢᠱ ᠳᠤᠤᠭᠠᠷᠤᠨ ᠰᠢᠳᠡᠵᠦ᠂ ᠬᠤᠷᠠᠯ ᠤ᠋ᠨ ᠷᠠ᠂ ᠣᠯᠪᠣᠭ ᠳᠡᠪᠢᠰᠬᠡᠷ᠂ ᠳᠤᠭᠠᠩ ᠤ᠋ᠨ ᠲᠤᠯᠭᠠᠭᠤᠷᠢ ᠶ᠋ᠢᠨ ᠤᠭᠠᠯᠵᠠᠲᠤ ᠬᠡᠪᠢᠰᠦᠨ ᠣᠷᠢᠶᠠᠯᠲᠠ ᠴᠦ᠍ ᠭᠠᠯ ᠳ᠋ᠤ᠌ ᠥᠷᠲᠥᠨ ᠦᠷᠪᠢᠰᠦᠨ ᠨᠣᠴᠣᠵᠤ᠂ ᠣᠷᠣᠢ ᠨᠢ ᠴᠣᠭᠣᠷᠠᠭᠰᠠᠨ ᠶᠡᠬᠡ ᠳᠤᠭᠠᠩ ᠤ᠋ᠨ ᠳᠡᠭᠡᠪᠦᠷ ᠡᠴᠡ ᠲᠦᠨᠡᠷ ᠬᠠᠷ᠎ᠠ ᠤᠲᠤᠭ᠎ᠠ ᠬᠡᠩᠰᠢᠭᠦᠦ ᠪᠠᠭᠠᠭᠢᠭᠤᠯᠤᠨ ᠣᠭᠲᠠᠷᠭᠤᠢ ᠶ᠋ᠢᠨ ᠴᠡᠭᠡᠯ ᠳ᠋ᠦ᠍ ᠬᠤᠢᠯᠠᠷᠠᠨ ᠣᠯᠣᠭᠠᠢᠳᠤᠨᠠ᠃ ᠳᠤᠲᠠᠭᠠᠵᠤ ᠠᠮᠵᠢᠭ᠎ᠠ ᠦᠭᠡᠢ ᠴᠡᠷᠢᠭ ᠲᠦ᠍ ᠬᠠᠰᠢᠭᠳᠠᠭᠰᠠᠨ ᠰᠦᠮ᠎ᠡ ᠶ᠋ᠢᠨ ᠵᠠᠷᠢᠮ ᠯᠠᠮᠠ ᠨᠠᠷ ᠪᠠ ᠪᠠᠨᠳᠢ ᠱᠠᠪᠢ ᠨᠠᠷ ᠤ᠋ᠨ ᠨᠢᠳᠦᠨ ᠳ᠋ᠦ᠍ ᠬᠢᠯᠢᠩ ᠦ᠋ᠨ ᠬᠠᠷ᠎ᠠ ᠨᠢᠯᠪᠤᠰᠤ ᠮᠡᠯᠲᠡᠯᠵᠡᠵᠦ᠂ ᠥᠪᠡᠷ ᠦ᠋ᠨ ᠪᠡᠶ᠎ᠡ ᠨᠢ ᠰᠦᠮ᠎ᠡ ᠲᠡᠢ ᠪᠡᠨ ᠠᠳᠠᠯᠢᠬᠠᠨ ᠭᠠᠯ ᠠᠪᠤᠯᠴᠠᠨ ᠳᠦᠷᠳ᠋ ᠬᠢᠨ ᠨᠣᠴᠣᠮᠠᠷ ᠪᠣᠯᠵᠤ᠂ ᠪᠤᠴᠠᠯᠤᠭᠰᠠᠨ ᠴᠢᠰᠤ ᠨᠢ ᠤᠢᠯᠠᠵᠤ ᠵᠤᠯᠠᠢ ᠪᠠᠷ ᠨᠢ ᠴᠢᠨᠦᠷᠡᠨ ᠳᠡᠯᠪᠡᠷᠡᠬᠦ ᠰᠢᠭ ᠪᠣᠯᠤᠨ᠎ᠠ᠃ ᠶᠡᠬᠡ ᠰᠦᠮ᠎ᠡ ᠶ᠋ᠢᠨ ᠡᠰᠡᠷᠸ᠎ᠠ ᠶᠡᠬᠡ ᠳᠤᠭᠠᠩ ᠤ᠋ᠨ ᠳᠦᠷᠡᠯᠵᠡᠭᠰᠡᠨ ᠭᠠᠯ ᠤ᠋ᠨ ᠰᠤᠷ ᠭᠠᠰᠢᠭᠤᠨ ᠤᠲᠤᠭ᠎ᠠ ᠶ᠋ᠢ ᠨᠢᠳᠦ ᠬᠠᠯᠢᠷᠠᠨ ᠬᠠᠷᠠᠵᠤ ᠵᠣᠭᠰᠣᠭᠰᠠᠨ ᠬᠡᠳᠦᠨ ᠢᠳᠡᠷ ᠵᠠᠯᠠᠭᠤ ᠯᠠᠮᠠ ᠶ᠋ᠢᠨ ᠳᠣᠲᠣᠷ᠎ᠠ ᠠ᠋ᠴᠠ ᠨᠢᠭᠡ ᠨᠢ《 ᠨᠠᠰᠤᠨ ᠪᠤᠶᠠᠨ ᠢ᠋ᠶ᠋ᠠᠨ ᠥᠨᠢ ᠡᠭᠦᠷᠢ ᠰᠦᠮ᠎ᠡ ᠳ᠋ᠡᠭᠡᠨ ᠳᠠᠭᠠᠳᠬᠠᠵᠤ ᠰᠦᠵᠢᠭ ᠪᠢᠰᠢᠷᠡᠯ ᠢ᠋ᠶ᠋ᠡᠨ ᠬᠣᠶᠠᠷ ᠦᠭᠡᠢ ᠴᠠᠢᠯᠭᠠᠨ ᠰᠡᠳᠬᠢᠯ ᠢ᠋ᠶ᠋ᠡᠷ ᠪᠤᠷᠬᠠᠨ ᠲᠩᠷᠢ ᠳ᠋ᠡᠭᠡᠨ ᠨᠠᠢᠳᠠᠭᠰᠠᠨ ᠰᠦᠨᠡᠰᠦᠨ ᠦ ᠮᠠᠨᠢ ᠠᠷᠢᠭᠤᠨ ᠪᠥᠷᠢᠯᠸᠠᠲᠦ ᠭᠣᠯᠣᠮᠲᠠ ᠮᠢᠨᠢ ᠠ᠋! ᠪᠤᠷᠬᠠᠨ ᠭᠣᠩᠴᠣᠭᠰᠣᠮ!》 ᠭᠡᠵᠦ ᠠᠮᠠᠨ ᠳ᠋ᠠᠭᠠᠨ ᠡᠷᠬᠡ ᠦᠭᠡᠢ ᠳᠦᠳᠦᠨᠡᠨ 《 ᠰᠦᠵᠢᠭ ᠦ᠋ᠨ ᠶᠡᠬᠡ ᠪᠢᠰᠢᠷᠡᠯᠲᠦ ᠰᠦᠮ᠎ᠡ ᠮᠢᠨᠢ ᠰᠢᠲᠠᠵᠤ ᠳᠠᠭᠤᠰᠤᠭᠰᠠᠨ ᠶᠤᠮ ᠴᠢᠨᠢ᠂ ᠠᠮᠢᠳᠤ ᠶᠠᠪᠤᠭᠠᠳ ᠶᠠᠭᠤ ᠬᠢᠬᠦ ᠪᠣᠢ! ᠥᠨᠳᠥᠷ ᠲᠩᠷᠢ ᠳ᠋ᠦ᠍ ᠭᠠᠷᠴᠤ ᠠᠷᠢᠭᠤᠨ ᠲᠠᠬᠢᠯ ᠤ᠋ᠨ ᠣᠷᠳᠣᠨ ᠤ᠋ ᠴᠢᠨᠢ ᠯᠢᠩᠬᠣᠸᠠᠲᠦ ᠵᠤᠯᠠ ᠶ᠋ᠢᠨ ᠭᠣᠣᠯ ᠪᠣᠯᠵᠤ ᠠᠰᠠᠶᠠ!》 ᠭᠡᠬᠦ ᠳ᠋ᠦ᠍ ᠳᠦᠷᠡᠯᠵᠡᠭᠰᠡᠨ ᠭᠠᠯ ᠤ᠋ᠨ ᠲᠦᠢᠮᠡᠷ ᠲᠦ᠍ ᠲᠦᠷᠢᠨ ᠣᠷᠣᠵᠤ ᠰᠦᠮ᠎ᠡ ᠳᠤᠭᠠᠩ ᠲᠠᠢ ᠪᠠᠨ ᠬᠠᠮᠲᠤ ᠦᠷᠪᠢᠰᠦᠭᠰᠡᠨ ᠲᠣᠭᠰᠢᠨ ᠭᠠᠯ ᠳ᠋ᠤ᠌ ᠳᠤᠷᠠᠲᠠᠶ᠎ᠠ ᠲᠦᠯᠡᠭᠳᠡᠵᠦ ᠦᠬᠦᠭᠰᠡᠨ ᠯᠠᠮᠠ ᠨᠢᠭᠡ ᠬᠣᠶᠠᠷ ᠢ᠋ᠶ᠋ᠠᠷ ᠵᠣᠭᠰᠣᠬᠤ ᠦᠭᠡᠢ! ᠡᠨᠡ ᠪᠦᠬᠦᠨ ᠢ᠋ ᠬᠠᠷᠠᠵᠤ ᠲᠦᠪᠳᠡᠬᠦ ᠦᠭᠡᠢ ᠦᠰ ᠵᠠᠩᠭᠢᠳᠤᠨ ᠪᠣᠰᠤᠯᠴᠠᠭᠰᠠᠨ ᠬᠡᠳᠦᠨ ᠵᠠᠯᠠᠭᠤ ᠯᠠᠮᠠ ᠬᠢᠯᠢᠩ ᠪᠠᠳᠠᠷᠠᠵᠤ ᠠᠮᠢᠲᠠᠨ ᠵᠢᠷᠭᠤᠭᠠᠨ ᠵᠦᠢᠯ ᠳ᠋ᠦ᠍ ᠬᠣᠣᠷ ᠬᠦᠷᠭᠡᠬᠦ ᠦᠭᠡᠢ ᠭᠡᠳᠡᠭ ᠰᠠᠬᠢᠯ ᠰᠠᠨᠸᠠᠷ ᠢ᠋ᠶ᠋ᠠᠨ ᠴᠦ᠍ ᠣᠭᠣᠷᠴᠤ ᠪᠤᠭ ᠰᠢᠮᠨᠤᠰ᠂ ᠠᠳᠠ ᠴᠢᠳᠬᠥᠷ ᠡᠴᠡ ᠴᠦ᠍ ᠴᠠᠭᠠᠰᠢ ᠮᠠᠭᠤᠬᠠᠢ ᠬᠠᠷᠠᠭᠳᠠᠭᠰᠠᠨ ᠬᠠᠷ᠎ᠠ ᠴᠡᠷᠢᠭ ᠲᠡᠢ ᠲᠡᠪᠡᠷᠢᠨ ᠨᠣᠴᠣᠯᠳᠤᠵᠤ᠂ ᠬᠦᠵᠦᠭᠦᠦ ᠪᠠᠭᠠᠯᠵᠠᠭᠤᠷ ᠢ᠋ ᠨᠢ ᠬᠡᠤᠳᠠᠢ ᠲᠤᠯᠤᠮ ᠤ᠋ᠨ ᠠᠮᠠ ᠤᠶᠠᠵᠤ ᠪᠠᠢᠬᠤ ᠰᠢᠭ᠋ ᠪᠢᠲᠡᠭᠦᠦ ᠪᠣᠭᠣᠵᠤ ᠠᠯᠠᠭᠰᠠᠨ ᠵᠢᠱ᠌ᠢᠶ᠎ᠡ ᠴᠦ᠍ ᠭᠠᠷᠪᠠ᠃ ᠁ ᠭᠡᠪᠡᠴᠦ ᠮᠣᠯᠲᠣᠭ ᠲᠣᠯᠣᠭᠠᠢ ᠮᠤᠬᠤᠷ ᠨᠢᠳᠤᠷᠭ᠎ᠠ ᠶᠠᠭᠠᠬᠢᠨ ᠲᠡᠷᠡ ᠬᠦ᠌ ᠭᠠᠰᠢᠭᠤᠨ ᠳᠠᠷᠢ ᠪᠠᠷ ᠬᠠᠨᠢᠶᠠᠯᠭᠠᠭᠰᠠᠨ ᠭᠠᠩ ᠫᠤᠤ ᠲᠠᠢ ᠬᠠᠷ᠎ᠠ ᠴᠡᠷᠢᠭ ᠦ᠋ᠨ ᠭᠠᠯᠵᠠᠭᠤᠷᠠᠯ ᠢ᠋ ᠬᠣᠷᠢᠵᠤ ᠳᠡᠢᠯᠬᠦ ᠪᠢᠯᠡ⁈
ᠬᠡᠴᠢᠨᠡᠭᠡᠨ ᠤᠳᠠᠭᠠᠨ ᠵᠢᠯ ᠦ᠋ᠨ ᠬᠥᠳᠡᠯᠮᠦᠷᠢᠴᠢᠨ ᠬᠥᠮᠦᠨ ᠦ᠌ ᠴᠢᠰᠤ ᠬᠥᠯᠥᠰᠥ ᠰᠦᠵᠢᠭ ᠮᠥᠷᠭᠥᠯᠴᠢᠳ ᠦ᠋ᠨ ᠪᠤᠶᠠᠨ ᠥᠭᠯᠢᠭᠡ ᠪᠡᠷ ᠴᠣᠭᠴᠠᠯᠠᠭᠳᠠᠭᠰᠠᠨ ᠭᠠᠢᠬᠠᠮᠰᠢᠭᠲᠤ ᠦᠨᠳᠦᠰᠦᠲᠡᠨ ᠦ᠌ ᠥᠪ ᠰᠣᠶᠣᠯ ᠤ᠋ᠨ ᠬᠤᠷᠠᠮᠳᠤᠯ᠂ ᠦᠨᠡᠨ ᠴᠠᠭᠠᠨ ᠪᠤᠶᠠᠨ ᠤ᠋ ᠰᠤᠪᠤᠷᠭ᠎ᠠ ᠪᠣᠯᠤᠭᠰᠠᠨ《 ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠶᠡᠬᠡ ᠳᠤᠭᠠᠩ ᠪᠠ ᠲᠡᠭᠦᠨ ᠢ᠋ ᠠᠰᠠᠷᠠᠨ ᠲᠡᠵᠢᠭᠡᠭᠴᠢ᠂ ᠰᠢᠲᠦᠨ ᠪᠢᠰᠢᠷᠡᠭᠴᠢ ᠯᠠᠮᠠ ᠬᠤᠸᠠᠷᠠᠭ ᠤ᠋ᠨ ᠬᠠᠷᠢᠭᠤ ᠳ᠋ᠤ᠌ ᠠᠲᠠᠭ᠎ᠠ ᠵᠢᠲᠥᠭᠡ᠂ ᠴᠡᠷᠢᠭ ᠲᠡᠢᠨ ᠶᠠᠭᠤ ᠠᠪᠴᠢᠷᠠᠪᠠ? ᠭᠠᠭᠴᠠ《ᠢᠯᠠᠭᠳᠠᠯ》 ᠭᠡᠰᠡᠨ ᠭᠠᠩᠰᠠᠷᠠᠯᠲᠠᠢ ᠴᠣᠮᠬᠠᠨ ᠲᠡᠭᠦᠰᠬᠡᠯ ᠢ᠋ ᠠᠪᠴᠢᠷᠠᠪᠠ᠃
ᠴᠤᠴᠠᠷᠬᠠᠢ ᠰᠦᠮ᠎ᠡ ᠶ᠋ᠢᠨ ᠬᠡᠯᠲᠡᠷᠬᠡᠢ ᠸᠠᠭᠠᠷ ᠲᠣᠭᠣᠰᠬ᠎ᠠ᠂ ᠰᠢᠲᠠᠩᠬᠠᠢ ᠬᠠᠭᠠᠯᠭ᠎ᠠ ᠴᠣᠩᠬᠣᠨ ᠤ᠋ ᠬᠤᠭᠤᠷᠬᠠᠢ ᠰᠠᠯᠪᠠᠷᠬᠠᠢ ᠣᠨᠢ ᠨᠢᠷᠤᠭᠤ ᠨᠤᠭᠤᠳ ᠡᠨᠳᠡ ᠲᠡᠨᠳᠡ ᠦᠭᠡᠢ ᠶᠣᠷᠳᠣᠢᠨ ᠭᠣᠵᠣᠢᠵᠤ᠂ ᠡᠮᠬᠢ ᠵᠠᠮᠪᠠᠷᠠᠭ᠎ᠠ ᠦᠭᠡᠢ ᠬᠥᠨᠳᠡᠯᠡᠨ ᠭᠤᠯᠳᠤ ᠬᠠᠶᠠᠭᠳᠠᠨ ᠬᠥᠬᠡ ᠤᠲᠤᠭ᠎ᠠ ᠤᠭᠤᠭᠢᠨᠠ᠁ ᠳᠤᠲᠠᠭᠤ ᠲᠦᠯᠡᠭᠳᠡᠭᠰᠡᠨ ᠮᠣᠩᠭᠣᠯ ᠰᠤᠳᠤᠷ ᠤ᠋ᠨ ᠲᠠᠮᠲᠤᠷᠬᠠᠢ ᠥᠭᠡᠳᠡᠰᠦ ᠨᠦ᠍ᠭᠦᠳ ᠰᠦᠮ᠎ᠡ ᠶ᠋ᠢᠨ ᠳᠤᠭᠠᠩ ᠤ᠋ᠨ ᠡᠪᠳᠡᠷᠬᠡᠢ ᠬᠡᠷᠡᠮ ᠰᠤᠪᠤᠷᠭ᠎ᠠ ᠶ᠋ᠢᠨ ᠢᠷᠣᠭᠠᠷ ᠢ᠋ᠶ᠋ᠠᠷ ᠬᠤᠤᠭᠢᠬᠤ ᠰᠠᠯᠬᠢᠨ ᠳ᠋ᠤ᠌ ᠰᠦᠮ᠎ᠡ ᠪᠡᠨ ᠣᠷᠢᠶᠠᠨ ᠨᠠᠪᠲᠠᠰ ᠨᠠᠪᠲᠠᠰ ᠬᠡᠢᠰᠬᠦ ᠨᠢ ᠭᠠᠵᠠᠷ ᠤᠰᠤᠨ ᠤ᠋ ᠨᠠᠪᠳᠠᠭ ᠰᠠᠪᠳᠠᠭ ᠢ᠋ ᠬᠢᠯᠢᠩᠨᠡᠭᠦᠯᠦᠨ ᠳᠠᠭᠤᠳᠠᠵᠤ ᠬᠡᠨ ᠨᠢᠭᠡ ᠳ᠋ᠦ᠍ᠨᠢ ᠬᠢᠯᠢᠰ ᠭᠣᠮᠣᠳᠠᠯ ᠲᠣᠭᠠᠴᠢᠬᠤ ᠰᠢᠭ᠋ ᠰᠠᠨᠠᠭᠳᠠᠭᠤᠯᠤᠨ᠎ᠠ᠃ ᠬᠠᠶᠠ ᠰᠦᠮ᠎ᠡ ᠶ᠋ᠢᠨ ᠬᠡᠷᠡᠮ ᠦ᠋ᠨ ᠨᠠᠭᠠᠨ᠎ᠠ ᠴᠠᠭᠠᠨ᠎ᠠ ᠡᠵᠡᠨ ᠦᠭᠡᠢ ᠲᠡᠷᠡᠢᠨ ᠬᠡᠪᠲᠡᠭᠰᠡᠨ ᠵᠠᠭᠤᠷᠲᠦ ᠶ᠋ᠢᠨ ᠰᠦᠨᠡᠰᠦ ᠲᠡᠢ ᠦᠬᠦᠭᠡᠷ ᠦ᠋ᠳ ᠦ᠋ᠨ ᠨᠢᠳᠦ ᠠᠮᠠ᠂ ᠬᠠᠮᠠᠷ ᠤ᠋ᠨ ᠨᠦᠬᠡ᠂ ᠴᠢᠬᠢᠨ ᠦ᠌ ᠬᠥᠨᠳᠡᠢ ᠳ᠋ᠦ᠍ᠨᠢ ᠴᠢᠭᠢᠭ ᠦ᠋ᠨ ᠬᠣᠷᠣᠬᠠᠢ᠂ ᠥᠲᠥᠨ ᠦ᠌ ᠨᠣᠭᠣᠭᠠᠨ ᠪᠠᠲᠠᠭᠠᠨ᠎ᠠ ᠰᠦᠯᠵᠢᠨ ᠠᠷᠪᠠᠭᠠᠨᠠᠵᠤ ᠦᠩᠭᠢᠨᠡᠨ ᠱᠤᠤᠭᠢᠨ᠎ᠠ᠃ ᠁ ᠶᠠᠭᠤ ᠴᠦ᠍ ᠭᠡᠰᠡᠨ ᠬᠠᠯᠠᠭᠤᠨ ᠨᠠᠮᠤᠷ ᠤ᠋ᠨ ᠴᠠᠭ ᠲᠤ᠌ ᠡᠨᠳᠡ ᠡᠴᠡ ᠡᠯᠳᠡᠪ ᠡᠰᠡᠨ ᠦᠮᠦᠬᠡᠢ ᠦᠨᠦᠷ ᠲᠠᠨᠢᠷ ᠬᠠᠩᠬᠤᠯᠵᠤ ᠥᠥᠯᠡᠭᠰᠡᠨ ᠰᠡᠪᠡᠰᠦ᠂ ᠥᠭᠡᠬᠦ ᠲᠣᠰᠣᠨ ᠤ᠋ ᠬᠡᠩᠰᠢᠭᠦᠦ᠂ ᠤᠩᠭᠠᠰᠤ ᠢᠰᠡᠭᠡᠢ ᠶ᠋ᠢᠨ ᠬᠢᠷᠪᠤᠰᠤ᠂ ᠰᠢᠷᠣᠢ ᠲᠣᠭᠣᠰᠣᠨ ᠤ᠋ ᠬᠡᠦᠷᠰᠢᠭᠰᠡᠨ ᠰᠢᠲᠠᠩᠬᠠᠢ ᠭᠠᠰᠢᠭᠤᠨ ᠤᠲᠤᠭ᠎ᠠ ᠲᠠᠢ ᠬᠣᠯᠢᠯᠳᠤᠨ ᠨᠡᠯᠢᠶᠡᠳ ᠡᠳᠦᠷ ᠰᠦᠮ᠎ᠡ ᠪᠡᠨ ᠡᠷᠭᠢᠨ ᠤᠭᠤᠭᠢᠵᠠᠢ ᠁
ᠲᠡᠷᠡ ᠰᠥᠨᠢ ᠵᠣᠳᠪᠠ ᠮᠡᠢᠷᠡᠨ ᠦ᠌ ᠤᠳᠤᠷᠢᠳᠤᠭᠰᠠᠨ ᠭᠣᠣᠯ ᠴᠡᠷᠢᠭ ᠦ᠋ᠨ ᠬᠦᠴᠦᠨ ᠲᠤᠷᠰᠢᠭᠤᠯ ᠤ᠋ᠨ ᠨᠢᠭᠡ ᠴᠡᠷᠢᠭ ᠢ᠋ᠶ᠋ᠡᠨ ᠲᠡᠨᠳᠡ ᠭᠡᠨᠡᠳᠡᠭᠦᠯᠦᠭᠰᠡᠨ ᠡᠴᠡ ᠨᠣᠶᠠᠨ ᠰᠠᠩ ᠤ᠋ᠨ ᠶᠠᠮᠤᠨ ᠤ᠋ ᠵᠤᠰᠠᠭᠠᠯ ᠢ᠋ ᠬᠠᠷᠠᠩᠭᠤᠢ ᠰᠥᠨᠢ ᠪᠡᠷ ᠬᠡᠳᠦᠨ ᠲᠠᠯ᠎ᠠ ᠠ᠋ᠴᠠ ᠨᠢ ᠫᠤᠤᠳᠠᠵᠤ ᠫᠤᠤᠳᠠᠭᠠᠳ ᠬᠡᠳᠦᠨ ᠲᠠᠢᠰᠢ ᠳᠤᠲᠠᠭᠠᠭᠰᠠᠨ ᠨᠢ ᠬᠦᠩ ᠨᠣᠶᠠᠨ ᠤ᠋ ᠬᠣᠰᠢᠭᠤ ᠴᠡᠷᠢᠭ ᠪᠠ ᠲᠤᠰᠠᠯᠠᠮᠵᠢ ᠪᠠᠷ ᠢᠷᠡᠭᠰᠡᠨ ᠸᠠᠩ ᠰᠣᠬᠣᠷ ᠤ᠋ᠨ ᠬᠠᠷ᠎ᠠ ᠴᠡᠷᠢᠭ ᠢ᠋ ᠥᠴᠦᠬᠡᠨ ᠴᠦ᠍ ᠰᠦᠷᠳᠡᠭᠦᠯᠵᠦ ᠴᠢᠳᠠᠭᠰᠠᠨ ᠦᠭᠡᠢ ᠮᠥᠷᠲᠡᠭᠡᠨ ᠬᠠᠷᠢᠨ ᠤᠯᠠᠮ ᠭᠡᠳᠡᠭᠡ ᠶ᠋ᠢ ᠨᠢ ᠬᠦᠷᠭᠡᠵᠦ ᠥᠳᠥᠭᠡᠭᠰᠡᠨ ᠪᠣᠯᠪᠠ᠃
ᠮᠠᠨᠠᠭᠠᠨ ᠤ᠋ ᠬᠠᠷ᠎ᠠ ᠴᠡᠷᠢᠭ ᠲᠦ᠍ ᠫᠤᠤᠳᠠᠭᠳᠠᠭᠰᠠᠨ ᠲᠡᠷᠡ ᠲᠤᠷᠰᠢᠭᠤᠯᠴᠢ ᠠᠮᠢ ᠪᠥᠬᠡᠲᠡᠢ ᠪᠠᠢᠵᠤ ᠪᠠᠷᠠᠭᠤᠨ ᠮᠥᠷᠥ ᠪᠡᠨ ᠰᠦᠪᠡᠯᠡᠭᠦᠯᠵᠦ ᠮᠣᠷᠢᠨ ᠠ᠋ᠴᠠ ᠪᠠᠨ ᠬᠠᠶᠠᠭᠳᠠᠨ ᠬᠦᠨᠳᠦ ᠰᠢᠷᠬᠠᠨ ᠳ᠋ᠠᠭᠠᠨ ᠪᠣᠭᠣᠭᠳᠠᠬᠤ ᠳ᠋ᠠᠭᠠᠨ ᠨᠥᠭᠦᠭᠡ ᠡᠲᠡᠭᠡᠳ ᠲᠡᠭᠡᠨ ᠣᠯᠵᠠᠯᠠᠭᠳᠠᠭᠰᠠᠨ ᠪᠠᠢᠵᠠᠢ᠃
ᠥᠨᠥᠬᠢ ᠣᠯᠵᠠᠯᠠᠭᠳᠠᠭᠰᠠᠨ ᠲᠤᠷᠰᠢᠭᠤᠯᠴᠢ ᠶ᠋ᠢᠨ ᠥᠴᠢᠭ ᠢ᠋ᠶ᠋ᠡᠷ ᠬᠣᠰᠢᠭᠤ ᠶᠠᠮᠤᠨ ᠤ᠋ ᠴᠡᠷᠢᠭ ᠡᠮᠦᠨ᠎ᠡ ᠨᠢ ᠭᠠᠵᠠᠷᠴᠢᠯᠠᠵᠤ ᠠᠷᠤ ᠠ᠋ᠴᠠ ᠨᠢ ᠬᠠᠷ᠎ᠠ ᠴᠡᠷᠢᠭ ᠦ᠋ᠳ ᠬᠥᠬᠡᠪᠤᠯᠠᠭ ᠤ᠋ᠨ ᠭᠣᠣᠯ ᠢ᠋ ᠨᠥᠷᠢᠨ ᠪᠦᠰᠡᠯᠡᠪᠡ᠃ ᠡᠨᠡ ᠨᠢ ᠳ᠋ᠠᠭᠳᠠᠨ ᠳᠠ ᠯᠠᠮᠠ ᠲᠦᠷᠦᠭᠦᠦ ᠲᠡᠢ ᠬᠦᠴᠦᠨ ᠢ᠋ ᠰᠦᠢᠷᠡᠭᠦᠯᠬᠦ ᠭᠡᠰᠡᠨ ᠨᠢ ᠭᠠᠷᠴᠠᠭ᠎ᠠ ᠦᠭᠡᠢ᠃ ᠲᠡᠷᠡᠴᠢᠯᠡᠨ ᠲᠠᠬᠠᠷ ᠭᠦᠶᠦᠯᠭᠡᠵᠦ ᠪᠤᠭᠤᠲᠤ ᠠ᠋ᠴᠠ ᠨᠠᠭᠠᠰᠢᠯᠠᠵᠤ ᠶᠠᠪᠤᠭ᠎ᠠ ᠴᠡᠷᠢᠭ ᠦ᠋ᠨ ᠵᠠᠮ ᠢ᠋ ᠠᠮᠠᠳᠠᠵᠤ《ᠱᠠᠵᠢᠨ ᠪᠠᠳᠠᠷᠠᠭᠤᠯᠤᠭᠴᠢ ᠰᠦᠮ᠎ᠡ》 ᠶ᠋ᠢ ᠳᠠᠭᠠᠷᠢᠨ ᠡᠯᠳᠡᠩᠭᠡ ᠲᠦᠷᠦᠭᠦᠲᠠᠢ ᠴᠡᠷᠢᠭ ᠢ᠋ ᠤᠰᠠᠳᠬᠠᠵᠤ᠂ ᠰᠦᠮ᠎ᠡ ᠶ᠋ᠢᠨ ᠵᠠᠷᠢᠮ ᠲᠡᠷᠰ ᠨᠣᠮ ᠤ᠋ᠨ ᠡᠲᠡᠭᠡᠳ ᠲᠦ᠍ ᠰᠦᠷ ᠦᠵᠡᠭᠦᠯᠬᠦ ᠬᠡᠷᠡᠭᠲᠡᠢ ᠭᠡᠰᠡᠨ ᠵᠠᠷᠯᠢᠭ ᠢ᠋ ᠬᠦᠯᠢᠶᠡᠭᠰᠡᠨ ᠬᠠᠷ᠎ᠠ ᠴᠡᠷᠢᠭ ᠦ᠋ᠳ ᠰᠦᠮ᠎ᠡ ᠳ᠋ᠦ᠍ ᠭᠠᠯ ᠲᠠᠯᠪᠢᠭᠰᠠᠨ ᠨᠢ ᠲᠡᠷᠡ ᠪᠤᠶᠤ᠃
《ᠠᠯᠠᠨ᠎ᠠ᠂ ᠪᠤᠯᠠᠨ᠎ᠠ》 ᠭᠡᠰᠡᠨ ᠬᠠᠷᠭᠢᠰ ᠰᠢᠨᠤᠯ ᠳ᠋ᠠᠭᠠᠨ ᠨᠢᠳᠦ ᠨᠢ ᠤᠯᠠᠢᠰᠤᠭᠠᠳ ᠣᠷᠣᠳᠠᠭ ᠬᠠᠷ᠎ᠠ ᠴᠡᠷᠢᠭ ᠦ᠋ᠳ ᠬᠦᠩ ᠦ᠋ᠨ ᠰᠦᠮ᠎ᠡ ᠶ᠋ᠢ ᠪᠦᠰᠡᠯᠡᠨ ᠴᠥᠯᠪᠡᠪᠡ᠃ ᠰᠦᠮ᠎ᠡ ᠳᠤᠭᠠᠩ ᠤ᠋ᠨ ᠬᠢᠨᠢ ᠣᠷᠣᠢ ᠳᠡᠭᠡᠭᠦᠷ ᠫᠢᠩ ᠫᠠᠩ! ᠭᠡᠵᠦ ᠫᠤᠤ ᠳᠤᠤᠭᠠᠷᠤᠭᠤᠯᠤᠨ 《 ᠳ᠋ᠠᠭᠳᠠᠨ ᠯᠠᠮᠠ ᠠ᠋! ᠨᠣᠮᠣᠬᠠᠨ ᠰᠢᠳᠤᠷᠭᠤ ᠪᠠᠭᠤᠵᠤ ᠥᠭᠪᠡᠯ ᠵᠣᠪᠠᠯᠭ᠎ᠠ ᠶ᠋ᠢ ᠴᠢᠨᠢ ᠠᠮᠢᠰᠬᠤᠯ ᠲᠠᠢ ᠦᠯᠡᠳᠡᠭᠡᠶ᠎ᠡ! ᠲᠡᠷᠰᠯᠡᠪᠡᠯ ᠪᠥᠨᠲᠥᠭᠡᠷ ᠴᠢᠨᠢ ᠮᠥᠷᠦᠨ ᠳᠡᠭᠡᠷ᠎ᠡ ᠡᠴᠡ ᠪᠡᠨ ᠨᠡᠭᠦᠨ᠎ᠡ ᠭᠡᠳᠡᠭ ᠢ᠋ ᠮᠡᠳᠡᠭᠡᠷᠡᠢ!》 ᠭᠡᠵᠦ ᠡᠨᠳᠡ ᠲᠡᠨᠳᠡ ᠡᠴᠡ ᠬᠠᠰᠬᠢᠷᠤᠨ ᠰᠡᠷᠡᠮᠵᠢ ᠶ᠋ᠢᠨ ᠳᠣᠬᠢᠶ᠎ᠠ ᠥᠭᠬᠦ ᠳ᠋ᠦ᠍ ᠫᠤᠤ ᠶ᠋ᠢᠨ ᠳᠠᠭᠤᠨ ᠳ᠋ᠤ᠌ ᠦᠷᠭᠦᠨ ᠨᠢᠰᠦᠭᠰᠡᠨ ᠰᠦᠮ᠎ᠡ ᠶ᠋ᠢᠨ ᠳᠤᠭᠠᠩ ᠤ᠋ᠨ ᠲᠠᠭᠲᠠᠭ᠎ᠠ ᠨᠤᠭᠤᠳ《 ᠡᠵᠡᠨ ᠮᠢᠨᠢ ᠰᠦᠮ᠎ᠡ ᠳ᠋ᠡᠭᠡᠨ ᠪᠠᠢᠬᠤ ᠦᠭᠡᠢ ᠠ᠋!》 ᠭᠡᠵᠦ ᠣᠯᠠᠨ ᠬᠠᠷ᠎ᠠ ᠴᠡᠷᠢᠭ ᠢ᠋ ᠱᠣᠣᠯᠠᠨ ᠪᠠᠰᠤᠭᠰᠠᠨ ᠰᠢᠭ᠋ ᠬᠣᠢᠲᠤ ᠬᠦᠷᠡᠩ ᠬᠠᠳᠠ ᠲᠠᠢ ᠠᠭᠠᠷᠤ ᠲᠠᠢ ᠥᠨᠳᠥᠷ ᠣᠷᠣᠢ ᠵᠦᠭ ᠫᠦᠷ ᠫᠦᠷ ᠨᠢᠰᠦᠨ ᠣᠳᠪᠠ᠃ ᠰᠦᠮ᠎ᠡ ᠳᠤᠭᠠᠩ ᠤ᠋ᠨ ᠬᠦᠷᠢᠶ᠎ᠡ ᠳᠣᠲᠣᠷ᠎ᠠ ᠠ᠋ᠴᠠ ᠥᠭᠡᠷ᠎ᠡ ᠶᠠᠮᠠᠷ ᠴᠦ᠍ ᠴᠢᠮᠡᠭᠡ ᠠᠯᠠᠭ᠎ᠠ᠃ ᠡᠮᠦᠨ᠎ᠡ ᠨᠢ ᠡᠰᠡᠷᠭᠦᠴᠡᠯᠳᠦᠨ ᠲᠤᠯᠤᠯᠳᠤᠬᠤ ᠵᠦᠢᠯ ᠪᠠᠢᠭ᠎ᠠ ᠦᠭᠡᠢ ᠭᠡᠰᠡᠨ ᠢ᠋ ᠭᠠᠳᠠᠷᠯᠠᠵᠤ ᠮᠡᠳᠡᠭᠰᠡᠨ ᠬᠡᠰᠡᠭ ᠬᠠᠷ᠎ᠠ ᠴᠡᠷᠢᠭ ᠮᠥᠨ ᠰᠠᠨᠠᠭ᠎ᠠ ᠨᠢ ᠮᠣᠬᠣᠬᠤ ᠦᠭᠡᠢ ᠰᠦᠮ᠎ᠡ ᠶ᠋ᠢᠨ ᠬᠦᠷᠢᠶ᠎ᠡ ᠤᠷᠤᠭᠤ ᠬᠤᠮᠢᠷᠠᠯᠳᠤᠨ ᠣᠷᠣᠵᠠᠭᠠᠪᠠ᠃ ᠬᠣᠪᠣᠩ ᠲᠡᠪᠡᠷᠢᠭᠡᠳ ᠬᠠᠷ᠎ᠠ ᠴᠠᠢ ᠣᠭᠣᠴᠢᠯᠠᠭᠰᠠᠨ ᠰᠣᠬᠣᠷ ᠳᠣᠭᠣᠯᠠᠩ ᠨᠢᠭᠡ ᠬᠣᠶᠠᠷ ᠯᠠᠮᠠ《 ᠶᠢᠷᠲᠢᠨᠴᠦ ᠶ᠋ᠢᠨ ᠤᠴᠢᠷ ᠨᠠᠳᠠ ᠯᠤᠭ᠎ᠠ ᠬᠠᠮᠢᠶ᠎ᠠ ᠦᠭᠡᠢ ᠠ᠋! ᠭᠠᠬᠠᠢ ᠶ᠋ᠢᠨ ᠮᠥᠷ ᠭᠠᠳᠠᠭᠤᠷ ᠴᠠᠭᠠᠰᠢ ᠪᠠᠨ!》 ᠭᠡᠰᠡᠨ ᠮᠡᠲᠦ ᠠᠵᠢᠭ ᠴᠦ᠍ ᠦᠭᠡᠢ ᠬᠠᠨᠵᠤ ᠳᠠᠷᠤᠨ ᠰᠠᠭᠤᠨ᠎ᠠ᠃ ᠲᠡᠭᠡᠭᠡᠳ ᠴᠠᠭᠠᠳᠤᠭᠤᠯᠠ ᠨᠢ ᠦᠬᠦᠬᠦ ᠪᠡᠨ ᠬᠦᠯᠢᠶᠡᠭᠰᠡᠨ ᠡᠪᠦᠭᠡᠨ ᠯᠠᠮᠠ ᠶ᠋ᠢ ᠶᠠᠭᠠᠬᠢᠯᠲᠠᠢ ᠴᠦ᠍ ᠪᠢᠰᠢ ᠭᠡᠰᠡᠨ ᠲᠥᠯᠥᠪᠲᠡᠢ ᠬᠠᠶᠠᠭᠠᠨ ᠳ᠋ᠤᠨᠢ ᠣᠷᠬᠢᠭᠠᠳ ᠳ᠋ᠠᠭᠳᠠᠨ ᠳᠠ ᠯᠠᠮᠠ ᠶ᠋ᠢᠨ ᠰᠠᠭᠤᠳᠠᠭ ᠭᠡᠷ ᠬᠦᠷᠢᠶ᠎ᠡ ᠶ᠋ᠢ ᠨᠢ ᠣᠩᠭᠢᠯᠠᠵᠤ ᠣᠩᠭᠢᠯᠠᠵᠤ ᠪᠤᠰᠠᠨᠢᠭᠤᠯᠤᠨ ᠬᠠᠶᠠᠪᠠ᠃
ᠳᠡᠭᠲᠡᠷ ᠭᠠᠴᠠᠭᠠᠨ ᠤ᠋ ᠳᠡᠭᠡᠳᠦ ᠬᠠᠳᠠᠨ ᠬᠣᠩᠭᠢᠯ ᠤ᠋ᠨ ᠬᠥᠨᠳᠡᠢ ᠡᠴᠡ ᠥᠩ ᠥᠩ! ᠭᠡᠬᠦ ᠬᠥᠭ ᠠᠢᠵᠠᠮ ᠲᠠᠢ ᠨᠣᠮ ᠭᠦᠷᠢᠮᠳᠡᠬᠦ ᠳᠠᠭᠤᠨ ᠬᠥᠬᠡᠪᠤᠯᠠᠭ ᠤ᠋ᠨ ᠭᠣᠣᠯ ᠢ᠋ ᠡᠷᠭᠦᠭᠡᠳ ᠬᠠᠶᠠᠴᠢᠬᠠᠮᠠᠷᠬᠠᠨ ᠴᠤᠤᠷᠠᠢ ᠲᠡᠳᠡᠨ ᠭᠥᠭᠯᠡᠵᠦ ᠰᠥᠨᠢᠵᠢᠨ ᠠᠰᠠᠭᠰᠠᠨ ᠮᠥᠩᠬᠡ ᠵᠤᠯᠠ ᠶ᠋ᠢᠨ ᠭᠡᠷᠡᠯ ᠤᠨᠲᠠᠷᠠᠰᠢ ᠦᠭᠡᠢ ᠪᠠᠳᠮᠠᠷᠠᠨᠠ᠃ ᠭᠡᠬᠦ ᠳ᠋ᠡᠭᠡᠨ ᠪᠠᠢᠨ ᠪᠠᠢᠨ ᠳᠡᠷᠪᠡᠴᠡᠨ ᠰᠢᠪᠠᠬᠤ ᠵᠤᠯᠠ ᠶ᠋ᠢᠨ ᠪᠣᠷᠣ ᠡᠷᠪᠡᠬᠡᠢ ᠶ᠋ᠢᠨ ᠨᠢᠮᠭᠡᠨ ᠳᠠᠯᠠᠪᠴᠢ ᠪᠠ ᠨᠠᠮᠤᠷ ᠤ᠋ᠨ ᠰᠥᠨᠢ ᠶ᠋ᠢᠨ ᠬᠤᠯᠠᠭᠠᠢ ᠵᠢᠪᠠᠷ ᠬᠣᠶᠠᠷ ᠲᠤ᠌ ᠳᠡᠯᠡᠰᠦᠭᠳᠡᠨ ᠤᠨᠲᠠᠷᠠᠬᠤ ᠵᠤᠯᠠ ᠶ᠋ᠢ ᠬᠠᠷᠠᠭᠰᠠᠨ ᠪᠣᠷᠣᠪᠠᠨᠳᠢ《 ᠮᠠᠭᠤ ᠢᠷᠣ᠎ᠠ ᠴᠦ᠍ ᠶᠤᠮ ᠤᠤ ᠳᠠ》 ᠭᠡᠵᠦ ᠪᠣᠳᠣᠭᠰᠠᠨ ᠢ᠋ᠶ᠋ᠠᠨ ᠳᠠᠬᠢᠭᠠᠳ ᠨᠣᠴᠣᠭᠠᠵᠤ᠂ ᠭᠠᠤᠯᠢᠨ ᠭᠦᠴᠡ ᠶ᠋ᠢᠨ ᠨᠠᠷᠢᠬᠠᠨ ᠴᠣᠷᠭᠣ ᠶ᠋ᠢ ᠨᠢᠮᠪᠠᠢ ᠪᠠᠷᠢᠨ ᠵᠣᠯ ᠠᠰᠠᠷᠠᠨ ᠶᠠᠭᠠᠷᠠᠵᠤ ᠪᠠᠭᠰᠢ ᠯᠠᠮᠠ ᠶ᠋ᠢᠨ ᠢ᠋ᠶ᠋ᠡᠨ ᠠᠮᠤᠷ ᠠᠮᠤᠭᠤᠯᠠᠩ ᠢ᠋ ᠰᠠᠭᠠᠲᠠᠭᠤᠯᠵᠤ ᠪᠠᠢᠭ᠎ᠠ ᠪᠠᠨ ᠰᠠᠭᠠᠷ ᠦᠭᠡᠢ ᠢᠯᠡᠳᠬᠡᠬᠦ ᠨᠢ ᠬᠠᠷᠠᠭᠰᠠᠨ ᠬᠥᠮᠦᠨ ᠳ᠋ᠦ᠍ ᠦᠷᠦ ᠡᠪᠡᠳᠦᠯᠲᠡᠢ᠃
ᠳ᠋ᠠᠭᠳᠠᠨ ᠳᠠ ᠯᠠᠮᠠ ᠬᠦᠵᠦᠭᠦᠨ ᠳ᠋ᠡᠭᠡᠨ ᠲᠥᠪᠡᠳ ᠦ᠋ᠨ ᠷᠠᠰᠢᠯᠾᠥ᠋ᠮᠪᠦ ᠬᠡᠢᠳ ᠦ᠋ᠨ ᠭᠡᠭᠡᠨ ᠦ᠌ ᠮᠣᠳᠣᠷ ᠤ᠋ᠨ ᠠᠳᠢᠰ ᠬᠦᠷᠲᠡᠵᠦ ᠲᠠᠷᠨᠢ ᠶ᠋ᠢᠨ ᠬᠦᠴᠦ ᠪᠡᠷ ᠠᠮᠢᠯᠠᠭᠤᠯᠤᠭᠰᠠᠨ《 ᠠᠮᠢᠨ ᠰᠠᠬᠢᠶ᠎ᠠ ᠵᠠᠯᠰᠠᠷᠠᠢ ᠪᠤᠷᠬᠠᠨ》 ᠵᠡᠭᠦᠭᠰᠡᠨ ᠳ᠋ᠡᠭᠡᠨ ᠡᠷᠳᠦᠨ ᠪᠡᠷᠲᠡᠵᠦ᠂ ᠬᠥᠩᠬᠥᠷ᠂ ᠬᠥᠩᠬᠥᠷ ᠤᠩᠰᠢᠬᠤ ᠨᠣᠮ ᠤ᠋ᠨ ᠢ᠋ᠶ᠋ᠠᠨ ᠬᠥᠭ ᠠᠶ᠎ᠠ ᠳ᠋ᠤ᠌ ᠬᠦᠴᠦ ᠨᠡᠮᠡᠭᠳᠡᠭᠦᠯᠬᠦ ᠪᠡᠷ ᠸᠴᠢᠷ ᠭᠠᠤᠯᠢᠨ ᠬᠣᠩᠬᠣ ᠪᠠᠨ ᠳ᠋ᠢᠩᠭᠠᠷ ᠳ᠋ᠠᠩᠭᠠᠷ ᠳᠤᠤᠭᠠᠷᠭᠠᠨ᠂ ᠭᠠᠪᠠᠯᠠ ᠶ᠋ᠢᠨ ᠶᠠᠰᠤᠨ ᠳᠠᠮᠠᠷᠤ ᠪᠠᠨ ᠫᠠᠳ ᠫᠠᠳ ᠫᠠᠴᠢᠭᠢᠨᠠᠭᠤᠯᠤᠨ ᠵᠣᠬᠢᠰᠲᠠᠢ ᠦᠶ᠎ᠡ ᠳ᠋ᠦ᠍ᠨᠢ ᠶᠦᠩᠭᠠᠷ ᠰᠦᠷᠴᠢᠨ ᠮᠠᠰᠢᠳᠠ ᠰᠦᠷ ᠬᠦᠴᠦᠨ ᠲᠡᠢ ᠠᠵᠤᠭᠤ᠃ ᠬᠠᠵᠠᠭᠤ ᠳ᠋ᠤᠨᠢ ᠬᠠᠮ ᠳᠠᠮ ᠬᠠᠨᠢᠰᠠᠭᠠ ᠪᠣᠯᠤᠭᠴᠢ ᠪᠠᠢᠭ᠎ᠠ ᠬᠥᠮᠦᠰ ᠦ᠋ᠨ ᠰᠦᠵᠢᠭ ᠪᠢᠰᠢᠷᠡᠯ ᠢ᠋ ᠨᠢ ᠬᠥᠨᠳᠡᠨ ᠰᠦᠮ᠎ᠡ ᠬᠡᠢᠳ ᠲᠦ᠍ ᠣᠷᠣᠵᠤ ᠣᠴᠢᠭᠰᠠᠨ ᠰᠢᠭ᠋ ᠰᠦᠭ ᠪᠢᠯᠢᠭ ᠢ᠋ ᠨᠢ ᠬᠥᠭᠵᠢᠭᠦᠯᠦᠭᠡ ᠰᠢᠭ ᠣᠨᠴᠠ ᠶᠢᠨ ᠲᠥᠷᠥᠭᠳᠡᠯ ᠥᠭᠭᠦᠨ᠎ᠡ᠃ ᠬᠡᠳᠦᠢ ᠢᠩᠭᠢᠭᠰᠡᠨ ᠪᠣᠯᠪᠠᠴᠤ ᠨᠠᠷᠠ ᠠᠭᠤᠯᠠ ᠶ᠋ᠢᠨ ᠲᠣᠯᠣᠭᠠᠢ ᠶ᠋ᠢ ᠪᠣᠳᠣᠵᠤ ᠡᠬᠢᠯᠡᠬᠦ ᠳ᠋ᠦ᠍ ᠥᠩᠭᠡᠷᠡᠭᠴᠢ ᠰᠥᠨᠢ ᠳᠠᠢᠳᠤᠬᠤ ᠪᠠᠷ ᠮᠣᠷᠳᠠᠭᠰᠠᠨ ᠴᠡᠷᠢᠭ ᠦ᠋ᠳ ᠣᠪᠣᠨ ᠴᠤᠪᠤᠨ ᠢᠷᠡᠭᠰᠡᠨ ᠨᠢ ᠳ᠋ᠠᠭᠳᠠᠨ ᠳᠠ ᠯᠠᠮᠠ ᠶ᠋ᠢᠨ ᠪᠣᠳᠣᠵᠤ ᠬᠦᠰᠡᠭᠰᠡᠨ ᠰᠢᠭ ᠰᠠᠢᠨ ᠴᠢᠮᠡᠭᠡ ᠠᠪᠴᠢᠷᠠᠭ᠎ᠠ ᠦᠭᠡᠢ᠃《ᠨᠣᠶᠠᠨ ᠰᠠᠩ ᠤ᠋ᠨ ᠴᠡᠷᠢᠭ ᠦ᠋ᠨ ᠬᠦᠴᠦᠨ ᠬᠡᠴᠡᠭᠦᠦ! ᠬᠠᠯᠳᠠᠬᠤ ᠶ᠋ᠢᠨ ᠠᠷᠭ᠎ᠠ ᠦᠭᠡᠢ ᠬᠠᠷ᠎ᠠ ᠴᠡᠷᠢᠭ ᠳᠦᠭᠦᠷᠴᠡᠢ ᠠ᠋!》 ᠭᠡᠰᠡᠨ ᠢ᠋ ᠰᠣᠨᠣᠰᠤᠭᠰᠠᠨ ᠳ᠋ᠠᠭᠳᠠᠨ ᠳᠠ ᠯᠠᠮᠠ ᠶ᠋ᠢᠨ ᠴᠢᠷᠠᠢ ᠵᠡᠰ ᠬᠠᠷᠠᠩᠭ᠎ᠠ ᠶ᠋ᠢᠨ ᠬᠠᠴᠠᠷ ᠰᠢᠭ᠋ ᠬᠦᠷᠡᠩ ᠤᠯᠠᠭᠠᠨ ᠪᠣᠯᠵᠤ ᠪᠦᠬᠦ ᠪᠡᠶ᠎ᠡ ᠶ᠋ᠢᠨ ᠬᠢᠨᠢ ᠣᠢᠯᠤᠭᠰᠠᠨ ᠴᠢᠰᠤ ᠨᠢ ᠴᠢᠷᠠᠢ ᠤᠷᠤᠭᠤ ᠪᠠᠨ ᠴᠢᠨᠦᠷᠡᠪᠡ ᠪᠣᠯᠤᠯᠲᠠᠢ᠂ ᠶᠠᠭᠤ ᠴᠦ᠍ ᠭᠡᠵᠦ ᠳᠤᠤᠭᠠᠷᠤᠭᠰᠠᠨ ᠦᠭᠡᠢ ᠳᠣᠮᠪᠣᠢᠵᠤ ᠰᠠᠭᠤᠪᠠ᠃ ᠤᠳᠠᠭᠰᠠᠨ ᠦᠭᠡᠢ ᠬᠠᠷ᠎ᠠ ᠴᠡᠷᠢᠭ ᠬᠥᠬᠡᠪᠤᠯᠠᠭ ᠤ᠋ᠨ ᠠᠮᠠ ᠪᠠᠷ ᠨᠥᠷᠢᠵᠦ ᠢᠷᠡᠯ᠎ᠡ! ᠭᠡᠰᠡᠨ ᠴᠢᠮᠡᠭᠡ ᠳᠠᠬᠢᠭᠠᠳ ᠤᠯᠠᠮᠵᠢᠯᠠᠭᠳᠠᠵᠤ ᠢᠷᠡᠪᠡ᠃
— ᠡᠯᠳᠡᠩᠭᠡ ᠶᠠᠭᠠᠬᠢᠪᠠ?
— ᠵᠡᠭᠦᠨ ᠡᠴᠡ ᠰᠢᠬᠠᠭᠰᠠᠨ ᠬᠠᠷ᠎ᠠ ᠴᠡᠷᠢᠭ ᠦ᠋ᠨ ᠳᠠᠭᠠᠷᠢᠯᠲᠠ ᠳ᠋ᠤ᠌ ᠬᠥᠨᠥᠭᠡᠭᠳᠡᠭᠰᠡᠨ ᠪᠣᠯᠤᠯᠲᠠᠢ᠃ ᠦᠭᠡᠢ ᠪᠣᠯ ᠳᠤᠲᠠᠭᠠᠭᠰᠠᠨ!
— ᠬᠠᠮᠢᠭᠠᠰᠢ ᠪᠠᠨ ᠳᠤᠲᠠᠭᠠᠪᠠ?
— ᠮᠡᠳᠡᠬᠦ ᠦᠭᠡᠢ ᠠ᠋ !《ᠱᠠᠵᠢᠨ ᠪᠠᠳᠠᠷᠠᠭᠤᠯᠤᠭᠴᠢ ᠰᠦᠮ᠎ᠡ》 ᠶ᠋ᠢ ᠬᠠᠷ᠎ᠠ ᠴᠡᠷᠢᠭ ᠭᠠᠯᠳᠠᠵᠤ ᠣᠷᠬᠢᠭᠰᠠᠨ! ᠡᠯᠳᠡᠩᠭᠡ ᠴᠦ᠍ ᠁ ᠭᠡᠵᠦ ᠳ᠋ᠠᠭᠳᠠᠨ ᠳᠠ ᠯᠠᠮᠠ ᠶ᠋ᠢᠨ ᠠᠴᠢ ᠬᠥᠪᠡᠭᠦᠨ ᠪᠠᠲᠤᠪᠠᠶᠠᠷ ᠬᠡᠯᠡᠬᠦ ᠳ᠋ᠦ᠍᠂
— ᠵᠠ᠂ ᠳᠦᠭᠦᠷᠦᠭᠰᠡᠨ ᠰᠤᠤᠬᠠᠨ! ᠭᠡᠵᠦ ᠳ᠋ᠠᠭᠳᠠᠨ ᠳᠠ ᠯᠠᠮᠠ ᠰᠡᠭᠦᠷᠡᠰᠦ ᠠᠯᠳᠠᠵᠤ《 ᠡᠯᠳᠡᠩᠭᠡ <ᠱᠠᠵᠢᠨ ᠪᠠᠳᠠᠷᠠᠭᠤᠯᠤᠭᠴᠢ ᠰᠦᠮ᠎ᠡ> ᠳ᠋ᠤ᠌ ᠬᠥᠨᠥᠭᠡᠭᠳᠡᠯᠡ ᠭᠡᠵᠦ ᠤᠤ?》 ᠭᠡᠵᠦ ᠲᠣᠯᠣᠭᠠᠢ ᠪᠠᠨ ᠰᠠᠵᠢᠨ ᠢᠲᠡᠭᠡᠵᠦ ᠶᠠᠳᠠᠨ ᠳᠤᠤᠭᠠᠷᠪᠠ᠃
— ᠁ ᠬᠡᠨ ᠴᠦ᠍ ᠳᠤᠤᠭᠠᠷᠬᠤ ᠲᠡᠩᠬᠡᠭᠡ ᠦᠭᠡᠢ ᠭᠠᠵᠠᠷ ᠱᠠᠭᠠᠢᠵᠤ ᠵᠣᠭᠰᠣᠨ᠎ᠠ᠃
— ᠪᠠᠲᠤᠪᠠᠶᠠᠷ ᠠ᠋! ᠴᠢ ᠪᠤᠰᠢᠭᠤ ᠶᠠᠪᠤᠵᠤ ᠡᠬᠡᠨᠡᠷ ᠬᠡᠦᠬᠡᠳ ᠢ᠋ᠶ᠋ᠡᠨ ᠠᠪᠴᠤ ᠪᠠᠷᠠᠭᠤᠨ ᠭᠣᠣᠯ ᠤ᠋ᠨ ᠡᠬᠢ ᠪᠡᠷ ᠬᠣᠷᠭᠣᠳᠠ! ᠬᠠᠷ᠎ᠠ ᠴᠡᠷᠢᠭ ᠢᠷᠡᠭᠰᠡᠨ ᠪᠣᠯ ᠬᠡᠴᠡᠭᠦᠦ ᠳᠡ! ᠨᠢᠭᠡ ᠳᠣᠣᠷ᠎ᠠ ᠢᠩᠭᠢᠵᠦ ᠪᠠᠭᠯᠠᠷᠠᠭᠠᠳ ᠠᠰᠢᠭ ᠦᠭᠡᠢ ᠭᠡᠵᠦ ᠳ᠋ᠠᠭᠳᠠᠨ ᠳᠠ ᠯᠠᠮᠠ ᠵᠠᠬᠢᠭᠠᠳ《ᠲᠠ ᠨᠠᠷ ᠲᠡᠭᠡᠭᠡᠳ ᠵᠦᠭ ᠵᠦᠭ ᠢ᠋ᠶ᠋ᠡᠨ ᠣᠯᠵᠤ ᠠᠮᠢ ᠭᠠᠷᠬᠤ ᠶ᠋ᠢ ᠪᠣᠳᠣ》 ᠭᠡᠰᠡᠨ ᠮᠠᠶᠢᠭ ᠲᠠᠢ ᠭᠠᠷ ᠢ᠋ᠶ᠋ᠠᠨ ᠵᠠᠩᠭᠠᠨ ᠴᠠᠭᠠᠰᠢ ᠶᠠᠪᠤᠵᠠᠭ᠎ᠠ ᠭᠡᠰᠡᠨ ᠪᠢᠲᠡᠭᠦᠦ ᠳᠣᠬᠢᠶ᠎ᠠ ᠥᠭᠪᠡ᠃
— ᠲᠠ᠂ ᠲᠠ ᠲᠡᠭᠡᠭᠡᠳ? ᠭᠡᠵᠦ ᠪᠠᠲᠤᠪᠠᠶᠠᠷ ᠨᠠᠷ ᠵᠡᠷᠭᠡ ᠳ᠋ᠡᠭᠡᠨ ᠠᠰᠠᠭᠤᠪᠠᠯ ᠳ᠋ᠠᠭᠳᠠᠨ ᠳᠠ ᠯᠠᠮᠠ ᠪᠠᠷᠠᠭᠤᠨ ᠭᠠᠷ ᠢ᠋ᠶ᠋ᠠᠷ ᠢ᠋ᠶ᠋ᠠᠨ ᠵᠢᠷᠦᠬᠡᠨ ᠲᠤᠰᠢᠶ᠎ᠠ ᠪᠠᠨ ᠳᠠᠷᠤᠭᠠᠳ《 ᠮᠢᠨᠦ ᠡᠨᠳᠡ <ᠠᠮᠢᠨ ᠰᠠᠬᠢᠶ᠎ᠠ ᠵᠠᠯᠰᠠᠷᠠᠢ ᠪᠤᠷᠬᠠᠨ> ᠨᠠᠮᠠᠶ᠋ᠢ ᠬᠠᠮᠠᠭᠠᠯᠠᠵᠤ ᠪᠠᠢᠭ᠎ᠠ ᠶᠤᠮ! ᠲᠠ ᠨᠠᠷ ᠮᠢᠨᠦ ᠲᠥᠯᠥᠭᠡ ᠰᠠᠨᠠᠭ᠎ᠠ ᠵᠣᠪᠠᠬᠤ ᠬᠡᠷᠡᠭ ᠦᠭᠡᠢ》 ᠭᠡᠵᠦ ᠬᠡᠯᠡᠬᠦᠢᠴᠡ ᠪᠣᠯᠤᠭᠠᠳ᠄
— ᠶᠠᠪᠤᠵᠠᠭ᠎ᠠ! ᠭᠡᠵᠦ ᠭᠠᠭᠴᠠᠬᠠᠨ ᠥᠨᠳᠥᠷ ᠳᠠᠭᠤ ᠪᠠᠷ ᠬᠠᠰᠬᠢᠷᠬᠤ ᠳ᠋ᠤ᠌ ᠬᠠᠳᠠᠨ ᠬᠣᠩᠭᠢᠯ ᠤ᠋ᠨ ᠢᠪᠴᠤᠤᠬᠠᠨ ᠬᠥᠨᠳᠡᠢ ᠳ᠋ᠦ᠍ ᠳ᠋ᠠᠩ ᠭᠡᠵᠦ ᠲᠡᠮᠦᠷ ᠮᠠᠨᠴᠤᠷᠭ᠎ᠠ ᠪᠠᠷ ᠬᠠᠳᠠ ᠳᠡᠯᠡᠰᠦᠭᠰᠡᠨ ᠰᠢᠭ ᠳᠠᠭᠤ ᠭᠠᠷᠴᠤ ᠳᠡᠭᠲᠡᠷ ᠭᠠᠴᠠᠭᠠᠨ ᠤ᠋ ᠴᠣᠷᠭᠢᠶᠠ ᠴᠤᠤᠷᠢᠶᠠᠲᠤᠨ ᠳᠤᠤᠭᠠᠷᠤᠨ᠎ᠠ᠃
ᠬᠥᠮᠦᠰ ᠡᠢᠨ ᠬᠦ᠌ ᠲᠦᠭᠰᠢᠭᠦᠷᠢᠲᠡᠢ ᠪᠠᠢᠳᠠᠯ ᠳ᠋ᠤ᠌ ᠡᠨᠳᠡ ᠪᠠᠭᠯᠠᠷᠠᠵᠤ ᠵᠣᠭᠰᠣᠭᠠᠳ ᠠᠷᠭ᠎ᠠ ᠪᠤᠰᠤ ᠦᠬᠦᠬᠦ ᠪᠡᠨ ᠬᠦᠯᠢᠶᠡᠬᠦ ᠶ᠋ᠢᠨ ᠣᠷᠣᠨ ᠳ᠋ᠤ᠌ ᠶᠠᠪᠤᠭᠰᠠᠨ ᠨᠢ ᠳᠡᠭᠡᠷ᠎ᠡ ᠶᠦᠮ ᠭᠡᠰᠡᠨ ᠲᠥᠯᠥᠪᠲᠡᠢ ᠬᠠᠳᠠᠨ ᠬᠣᠩᠭᠢᠯ ᠠ᠋ᠴᠠ ᠰᠠᠯᠵᠤ ᠶᠠᠳᠠᠨ ᠳ᠋ᠠᠭᠳᠠᠨ ᠳᠠ ᠯᠠᠮᠠ ᠶ᠋ᠢ ᠬᠣᠴᠣᠷᠭᠠᠵᠤ ᠲᠦᠪᠳᠡᠬᠦ ᠦᠭᠡᠢ ᠰᠢᠭ ᠤᠷᠮ᠎ᠠ ᠮᠠᠭᠤᠲᠠᠢ ᠣᠳᠴᠠᠭᠠᠪᠠ᠃
ᠳ᠋ᠠᠭᠳᠠᠨ ᠳᠠ ᠯᠠᠮᠠ ᠶ᠋ᠢᠨ ᠬᠠᠵᠠᠭᠤ ᠳ᠋ᠤ᠌ ᠪᠣᠷᠣᠪᠠᠨᠳᠢ ᠵᠡᠷᠭᠡ ᠬᠡᠳᠦᠨ ᠯᠠᠮᠠ ᠬᠤᠸᠠᠷᠠᠭ ᠯᠠ ᠬᠣᠴᠣᠷᠴᠤ ᠬᠣᠵᠢᠮ ᠤ᠋ᠨ ᠬᠤᠪᠢ ᠵᠠᠶᠠᠭ᠎ᠠ ᠪᠠᠨ ᠳ᠋ᠠᠭᠳᠠᠨ ᠯᠠᠮᠠ ᠪᠠ ᠰᠢᠲᠦᠭᠰᠡᠨ ᠪᠤᠷᠬᠠᠨ ᠳ᠋ᠠᠭᠠᠨ ᠨᠠᠢᠳᠠᠵᠤ ᠨᠢᠳᠦ ᠪᠡᠨ ᠠᠨᠢᠨ ᠨᠠᠮᠠᠨᠴᠢᠯᠠᠨ᠎ᠠ᠃
