ᠳᠡᠳ᠋ ᠪᠣᠲᠢ – ᠨᠢᠭᠡᠳᠦᠭᠡᠷ ᠪᠦᠯᠦᠭ <ᠳᠣᠯᠣᠭᠠ>
ᠲᠠᠷᠠᠭ ᠠᠢᠷᠠᠭ ᠢ᠋ᠶ᠋ᠠᠷ ᠬᠡᠬᠡᠷᠡᠭᠦᠯᠵᠦ᠂ ᠬᠡᠵᠢᠶᠡᠳᠡᠨ ᠨᠠᠮᠤᠷ ᠤ᠋ᠨ ᠰᠣᠢᠯᠭᠠ ᠲᠠᠢ ᠲᠣᠰᠣᠨ ᠲᠠᠷᠭᠤ ᠠᠪᠤᠭᠰᠠᠨ ᠭᠤᠨᠵᠢᠨ ᠦᠨᠢᠶᠡ ᠰᠢᠭ ᠴᠠᠳᠬᠤᠯᠳᠠᠵᠤ ᠪᠠᠢᠳᠠᠭ ᠨᠣᠶᠠᠨ ᠰᠠᠩ ᠤ᠋ᠨ ᠵᠤᠰᠠᠭᠠᠯ ᠤ᠋ᠨ ᠣᠲᠣᠷ ᠥᠨᠥᠳᠥᠷ ᠳᠠᠷᠢ ᠶ᠋ᠢᠨ ᠡᠬᠡᠭᠦᠨ ᠤᠲᠤᠭᠠ ᠪᠠᠷ ᠪᠥᠭᠡᠯᠵᠢᠵᠦ᠂ ᠨᠢᠳᠦ ᠨᠢ ᠤᠯᠠᠢᠭᠰᠠᠨ ᠭᠠᠯᠵᠠᠭᠤ ᠪᠤᠬᠠ ᠰᠢᠭ᠋ ᠬᠡᠭᠵᠡᠭᠦᠨ ᠳᠦᠷᠢ ᠲᠡᠢ ᠪᠠᠢᠯᠠ᠃
ᠬᠥᠮᠦᠰ ᠦ᠋ᠨ ᠬᠠᠨᠢᠶᠠᠬᠤ ᠳᠠᠭᠤᠨ ᠪᠤᠶᠤ ᠮᠣᠷᠢᠳ ᠤ᠋ᠨ ᠲᠤᠷᠭᠢᠬᠤ ᠴᠢᠮᠡᠭᠡ ᠡᠴᠡ ᠴᠦ᠍ ᠴᠣᠴᠢᠷᠳᠠᠨ ᠭᠡᠯᠮᠡᠭᠳᠡᠵᠦ᠂ ᠰᠡᠵᠢᠭ ᠳᠠᠭᠠᠪᠤᠷᠢ ᠪᠠᠷ ᠠᠮᠢᠰᠬᠤᠯᠯᠠᠭᠰᠠᠨ ᠨᠣᠶᠠᠨ ᠰᠠᠩ ᠤ᠋ᠨ ᠰᠢᠳᠠᠷ ᠴᠡᠷᠢᠭ ᠦ᠋ᠳ ᠪᠡᠶᠡ ᠡᠴᠡ ᠪᠡᠨ ᠫᠤᠤ ᠵᠡᠪᠰᠡᠭ ᠰᠠᠯᠭᠠᠯ ᠦᠭᠡᠢ ᠰᠡᠷᠡᠮᠵᠢᠲᠡᠢ ᠪᠠᠢᠪᠠ᠃ ᠪᠡᠶᠡ ᠪᠡᠶᠡ ᠪᠡᠨ ᠴᠦ᠍ ᠢᠲᠡᠭᠡᠬᠦ ᠪᠠᠨ ᠪᠣᠯᠢᠵᠤ ᠨᠠᠭᠠᠰᠢ ᠴᠠᠭᠠᠰᠢ ᠶᠠᠪᠤᠵᠤ ᠣᠴᠢᠬᠤ ᠤᠰᠤ ᠠᠷᠭᠠᠯ ᠤ᠋ᠨ ᠬᠥᠮᠦᠨ ᠪᠤᠶᠤ ᠦᠬᠡᠷ ᠬᠣᠨᠢᠨ ᠤ᠋ ᠬᠥᠮᠦᠨ ᠢ᠋ ᠴᠦ᠍ ᠨᠢᠭᠲᠠᠯᠠᠵᠤ ᠠᠰᠠᠭᠠᠳ ᠨᠢᠮᠪᠠᠢ ᠪᠠᠢᠴᠠᠭᠠᠬᠤ ᠪᠣᠯᠪᠠ᠃
ᠨᠣᠶᠠᠨ ᠰᠠᠩ ᠤ᠋ᠨ ᠭᠣᠣᠯ ᠴᠠᠭᠠᠨ ᠤᠷᠲᠤ ᠳ᠋ᠤ᠌ ᠰᠢᠷᠠᠪᠳᠣᠷᠵᠢ ᠨᠣᠶᠠᠨ᠂ ᠲᠤᠰᠠᠯᠠᠭᠴᠢ ᠮᠢᠩᠭᠠᠨᠪᠤᠤ᠂ ᠱᠠᠭᠲᠠᠷᠰᠥ᠋ᠷᠦᠩ᠂ ᠷᠠᠰᠢ ᠵᠠᠬᠢᠷᠤᠭᠴᠢ᠂ ᠪᠠᠭᠠ ᠬᠠᠲᠤᠨ ᠨᠠᠷ ᠳᠣᠲᠣᠭᠠᠳᠤ ᠶ᠋ᠢᠨ ᠰᠠᠮᠠᠭᠤᠷᠠᠯ ᠢ᠋ ᠲᠦᠪᠰᠢᠳᠬᠡᠵᠦ ᠳᠠᠷᠠᠭᠠ ᠠᠯᠬᠤᠮ ᠳ᠋ᠤ᠌ ᠬᠣᠰᠢᠭᠤ ᠶᠠᠮᠤᠨ᠂ ᠮᠠᠯᠴᠢᠨ ᠠᠷᠠᠳ ᠤ᠋ᠨ ᠳᠡᠭᠡᠷᠡᠮ ᠲᠤᠨᠤᠭᠠ ᠳ᠋ᠤ᠌ ᠳᠠᠭᠠᠷᠢᠭᠳᠠᠬᠤ ᠠ᠋ᠴᠠ ᠰᠡᠷᠭᠡᠢᠯᠡᠬᠦ᠂ ᠮᠥᠨ ᠴᠦ᠍ ᠳᠣᠲᠣᠭᠠᠳᠤ ᠶ᠋ᠢᠨ ᠰᠠᠮᠠᠭᠤᠷᠠᠯ ᠠ᠋ᠴᠠ ᠪᠣᠯᠵᠤ ᠭᠡᠳᠡᠷᠭᠦ ᠳᠠᠢᠰᠤᠩᠨᠠᠵᠤ ᠮᠡᠳᠡᠬᠦ ᠳ᠋ᠠᠭᠳᠠᠨ ᠳᠠ ᠯᠠᠮᠠ᠂ ᠡᠯᠳᠡᠩᠭᠡ ᠲᠦᠷᠦᠭᠦᠲᠠᠢ ᠬᠥᠮᠦᠰ ᠡᠴᠡ ᠬᠢᠴᠢᠶᠡᠬᠦ᠂ ᠲᠡᠳᠡᠨᠦᠰ ᠦ᠋ᠨ ᠤᠷᠰᠢᠭ ᠠ᠋ᠴᠠ ᠬᠡᠵᠢᠶᠡ ᠴᠦ᠍ ᠲᠤᠯᠭᠠᠷᠠᠵᠤ ᠮᠡᠳᠡᠬᠦ ᠠᠶᠤᠯ ᠲᠦᠭᠰᠢᠭᠦᠷᠢ ᠶ᠋ᠢᠨ ᠲᠤᠬᠠᠢ ᠵᠥᠪᠳᠡᠯᠴᠡᠨᠡ᠃
ᠰᠢᠷᠠᠪᠳᠤᠷᠵᠢ ᠬᠦᠩ ᠨᠣᠶᠠᠨ ᠢ᠋ ᠲᠣᠭᠣᠷᠢᠭᠰᠠᠨ ᠡᠷᠭᠢᠨ ᠰᠠᠢᠳ ᠤ᠋ᠳ ᠰᠠᠨᠠᠯ ᠨᠢᠭᠡᠳᠬᠦ ᠦᠭᠡᠢ ᠵᠥᠷᠢᠯᠳᠦᠵᠦ《 ᠴᠢ᠂ ᠪᠢ᠂ ᠢᠩᠭᠢ ᠴᠢᠩᠭᠢ》 ᠭᠡᠵᠦ ᠨᠢᠭᠡ ᠨᠢ ᠨᠢᠭᠡᠨ ᠢ᠋ᠶ᠋ᠡᠨ ᠡᠴᠢᠭᠡᠳᠡᠨ ᠬᠡᠷᠡᠭᠦᠯ ᠬᠢᠵᠦ ᠱᠤᠤᠭᠢᠯᠳᠤᠭᠠᠳ ᠡᠴᠦᠰ ᠲᠦ᠍《 ᠴᠡᠷᠢᠭ ᠢ᠋ᠶ᠋ᠡᠨ ᠴᠡᠭᠴᠡᠯᠡᠵᠦ᠂ ᠵᠠᠷ ᠵᠡᠪᠰᠡᠭ ᠢ᠋ ᠰᠢᠨᠡᠳᠬᠡᠬᠦ᠂ ᠮᠣᠷᠢ ᠤᠨᠤᠭᠠ ᠪᠠᠨ ᠠᠮᠠᠷᠠᠭᠤᠯᠬᠤ》 ᠰᠠᠨᠠᠯ ᠢ᠋ ᠪᠦᠭᠦᠳᠡᠭᠡᠷ ᠵᠥᠪᠰᠢᠶᠡᠷᠡᠪᠡ᠃ ᠡᠩ ᠲᠡᠷᠢᠭᠦᠨ ᠳ᠋ᠦ᠍ ᠬᠣᠰᠢᠭᠤ ᠶᠠᠮᠤᠨ ᠤ᠋ ᠠᠮᠤᠷ ᠲᠦᠪᠰᠢᠨ ᠢ᠋ ᠬᠠᠮᠠᠭᠠᠯᠠᠬᠤ᠂ ᠳᠠᠬᠢᠪᠠᠯ ᠬᠣᠰᠢᠭᠤ ᠨᠤᠲᠤᠭ ᠢ᠋ᠶ᠋ᠠᠨ ᠬᠠᠮᠠᠭᠠᠯᠠᠬᠤ᠂ ᠬᠠᠮᠤᠭ ᠤ᠋ᠨ ᠴᠢᠬᠤᠯᠠ ᠨᠢ ᠬᠦᠩ ᠨᠣᠶᠠᠨ ᠤ᠋ ᠠᠮᠤᠷ ᠲᠠᠢᠪᠤᠩ ᠢ᠋ ᠪᠠᠲᠤᠯᠠᠬᠤ ᠭᠡᠳᠡᠭ ᠲᠦ᠍ ᠰᠠᠨᠠᠯ ᠨᠢᠭᠡᠲᠡᠢ ᠪᠣᠯᠪᠠ᠃
ᠭᠠᠭᠴᠠ ᠳ᠋ᠠᠭᠳᠠᠨ ᠳᠠ ᠯᠠᠮᠠ᠂ ᠡᠯᠳᠡᠩᠭᠡ ᠨᠠᠷ ᠢ᠋ ᠴᠣᠬᠣᠮ ᠶᠠᠭᠠᠬᠢᠪᠠᠯ ᠵᠣᠬᠢᠬᠤ ᠪᠣᠢ ᠭᠡᠳᠡᠭ ᠲᠦ᠍ ᠪᠠᠰᠠ ᠯᠠ ᠮᠠᠷᠭᠤᠯᠳᠤᠵᠤ᠄
— ᠡᠯᠳᠡᠩᠭᠡ ᠡᠨᠳᠡ ᠡᠴᠡ ᠤᠷᠪᠠᠵᠤ ᠶᠠᠪᠤᠭᠠᠳ ᠳ᠋ᠠᠭᠳᠠᠨ ᠳᠠ ᠯᠠᠮᠠ ᠲᠠᠢ ᠬᠤᠷᠰᠢᠵᠤ᠂ ᠨᠢᠭᠡ ᠠᠳᠬᠤ ᠳᠠᠷᠢ ᠪᠣᠯᠵᠤ ᠪᠠᠢᠭᠠ ᠳ᠋ᠤ᠌ ᠠᠯᠢ ᠨᠢᠭᠡ ᠡᠳᠦᠷ ᠬᠠᠮᠢᠭᠠ ᠴᠢᠨᠢ ᠳᠡᠯᠪᠡᠷᠡᠵᠦ ᠠᠮᠢᠨ ᠳ᠋ᠤ᠌ ᠴᠢᠨᠢ ᠬᠦᠷᠬᠦ ᠪᠣᠢ ᠳᠠ ᠭᠡᠵᠦ ᠱᠠᠭᠲᠠᠷᠰᠥ᠋ᠷᠦᠩ ᠲᠤᠰᠠᠯᠠᠭᠴᠢ ᠬᠡᠯᠡᠬᠦ ᠳ᠋ᠦ᠍ ᠰᠢᠷᠠᠪᠳᠣᠷᠵᠢ ᠨᠣᠶᠠᠨ ᠲᠣᠰᠴᠤ᠄
— ᠴᠢᠨᠦ ᠰᠠᠨᠠᠭᠠ ᠪᠠᠷ ᠪᠣᠯ ᠡᠨᠡ ᠬᠣᠶᠠᠷ ᠢ᠋ ᠤᠰᠠᠳᠬᠠ ᠭᠡᠰᠡᠨ ᠦᠭᠡ ᠤᠤ? ᠭᠡᠵᠦ ᠠᠰᠠᠭᠤᠯᠠ᠃
— ᠲᠡᠢᠮᠦ ᠠ᠋! ᠡᠳᠡ ᠬᠣᠶᠠᠷ ᠠᠮᠢᠳᠤ ᠪᠠᠢᠭᠰᠠᠨ ᠴᠠᠭ ᠲᠤ ᠬᠣᠰᠢᠭᠤ ᠶᠠᠮᠤᠨ ᠨᠢᠭᠡ ᠡᠳᠦᠷ ᠴᠦ᠍ ᠠᠮᠤᠷ ᠵᠠᠶᠠᠭᠠ ᠦᠵᠡᠬᠦ ᠦᠭᠡᠢ᠃
— ᠠ᠂ ᠵᠥᠪ᠃ ᠰᠢᠨᠡ ᠲᠤᠰᠠᠯᠠᠭᠴᠢ ᠶ᠋ᠢᠨ ᠳᠡᠭᠡᠳᠦ ᠰᠠᠨᠠᠯ ᠢ᠋ ᠵᠥᠪᠰᠢᠶᠡᠷᠡᠵᠦ ᠪᠠᠢᠨᠠ ᠭᠡᠵᠦ ᠷᠠᠰᠢ ᠵᠠᠬᠢᠷᠤᠭᠴᠢ ᠥᠪᠡᠷ ᠦ᠋ᠨ ᠰᠠᠨᠠᠯ ᠢ᠋ᠶ᠋ᠠᠨ ᠢᠯᠡᠳᠬᠡᠪᠡ᠃
— ᠮᠢᠨᠦ ᠪᠣᠳᠣᠬᠤ ᠪᠠᠷ ᠡᠨᠡ ᠬᠣᠣᠷ ᠤ᠋ᠨ ᠦᠨᠳᠦᠰᠦ ᠶ᠋ᠢ ᠲᠠᠰᠤᠯᠬᠤ ᠳ᠋ᠤ᠌ ᠬᠠᠷᠠ ᠴᠡᠷᠢᠭ ᠦ᠋ᠨ ᠬᠦᠴᠦᠨ ᠢ᠋ ᠲᠦᠰᠢᠬᠦ ᠦᠭᠡᠢ ᠪᠣᠯᠬᠤ ᠦᠭᠡᠢ᠃ ᠳ᠋ᠠᠭᠳᠠᠨ ᠳᠠ ᠯᠠᠮᠠ᠂ ᠡᠯᠳᠡᠩᠭᠡ ᠶ᠋ᠢᠨ ᠳᠠᠯᠳᠠ ᠬᠣᠣᠷ ᠭᠡᠵᠦ ᠮᠣᠭᠠᠢ ᠯᠠ ᠭᠡᠰᠡᠨ ᠦᠭᠡ᠃ ᠲᠡᠷᠡ ᠴᠦ᠍ ᠶᠣᠰᠣᠲᠠᠢ ᠢᠷᠣᠠ ᠶ᠋ᠢᠨ ᠮᠠᠭᠤ ᠶ᠋ᠢᠨ ᠨᠢᠭᠡ᠃ ᠲᠡᠷᠡ ᠪᠡᠷ ᠠᠷᠰᠯᠠᠨ ᠪᠠᠷᠰ ᠰᠢᠭ᠋ ᠠᠷᠬᠢᠷᠠᠨ ᠳᠣᠭᠰᠢᠷᠠᠳᠠᠭ ᠴᠤ᠌ ᠪᠢᠰᠢ᠂ ᠠᠷᠠᠯ ᠤ᠋ᠨ ᠱᠠᠷ ᠰᠢᠭ᠋ ᠨᠣᠮᠣᠬᠠᠨ ᠪᠠᠢᠵᠤ ᠪᠠᠢᠭᠠᠳ ᠠᠷᠤ ᠪᠠᠷ ᠴᠢᠨᠢ ᠰᠠᠭᠤᠪᠠᠯ ᠠᠮᠢᠨ ᠳ᠋ᠤ᠌ ᠴᠢᠨᠢ ᠣᠷᠣᠬᠤ ᠠ᠋ᠴᠠ ᠨᠠᠭᠠᠰᠢ ᠵᠣᠭᠰᠣᠬᠤ ᠦᠭᠡᠢ ᠳᠡ ᠭᠡᠵᠦ ᠰᠢᠷᠠᠪᠳᠤᠷᠵᠢ ᠨᠣᠶᠠᠨ ᠠᠢᠯᠠᠳᠪᠠ᠃
— ᠬᠦᠩ ᠨᠣᠶᠠᠨ ᠤ᠋ ᠬᠡᠯᠡᠭᠰᠡᠨ ᠢ᠋ᠶ᠋ᠡᠷ ᠡᠴᠦᠰ ᠦ᠋ᠨ ᠡᠴᠦᠰ ᠲᠦ᠍ ᠬᠠᠷᠠ ᠴᠡᠷᠢᠭ ᠦ᠋ᠨ ᠬᠦᠴᠦᠨ ᠢ᠋ ᠠᠰᠢᠭᠯᠠᠵᠤ᠂ ᠸᠠᠩ ᠰᠣᠬᠣᠷ ᠠ᠋ᠴᠠ ᠴᠡᠷᠢᠭ ᠦ᠋ᠨ ᠲᠤᠰᠠᠯᠠᠮᠵᠢ ᠭᠤᠶᠤᠴᠢᠯᠠᠬᠤ ᠴᠢᠬᠤᠯᠠᠲᠠᠢ᠃ ᠣᠯᠠᠨ ᠤ᠋ ᠮᠡᠳᠡᠭᠡᠵᠢ ᠪᠡᠷ ᠳ᠋ᠠᠭᠳᠠᠨ ᠳᠠ ᠯᠠᠮᠠ ᠡᠯᠳᠡᠩᠭᠡ ᠨᠠᠷ ᠨᠢᠭᠡ ᠡᠷᠴᠢᠮ ᠳ᠋ᠦ᠍ ᠵᠠᠩᠭᠢᠳᠪᠠᠯ ᠭᠠᠭᠴᠠ ᠮᠠᠨ ᠤ᠋ ᠬᠣᠰᠢᠭᠤ ᠶᠠᠮᠤᠨ ᠤ᠋ ᠴᠡᠷᠢᠭ ᠮᠣᠷᠢ ᠪᠠᠷ ᠲᠡᠳᠡᠨᠦᠰ ᠢ᠋ ᠳᠡᠢᠯᠬᠦ ᠳ᠋ᠦ᠍ ᠪᠠᠲᠤᠯᠠᠭᠠ ᠮᠠᠭᠤᠲᠠᠢ ᠭᠡᠵᠦ ᠷᠠᠰᠢ ᠵᠠᠬᠢᠷᠤᠭᠴᠢ ᠬᠦᠩ ᠨᠣᠶᠠᠨ ᠢ᠋ ᠳᠤᠯᠳᠤᠢᠯᠠᠨ ᠤᠷᠮᠠᠰᠢᠨ ᠬᠡᠮᠡᠪᠡᠯ ᠱᠠᠭᠲᠠᠷᠰᠥ᠋ᠷᠦᠩ ᠲᠣᠰᠴᠤ᠄
— ᠬᠦᠩ ᠨᠣᠶᠠᠨ ᠪᠣᠯᠤᠨ ᠵᠠᠬᠢᠷᠤᠭᠴᠢ ᠶ᠋ᠢᠨ ᠵᠢᠱ᠌ᠢᠭᠰᠡᠨ ᠮᠡᠷᠭᠡᠨ ᠪᠠᠢᠵᠤ ᠲᠠᠭᠠᠷᠠᠨᠠ᠃ ᠡᠯᠳᠡᠩᠭᠡ ᠪᠠᠷᠠᠭᠤᠨ ᠬᠦᠩ ᠦ᠋ᠨ ᠬᠣᠰᠢᠭᠤ ᠳᠠᠶᠠᠭᠠᠷ ᠤ᠋ᠨ ᠬᠦᠩ ᠨᠣᠶᠠᠨ ᠠ᠋ᠴᠠ ᠨᠢ ᠠᠪᠤᠭᠠᠳ ᠡᠭᠡᠯ ᠮᠠᠯᠴᠢᠨ ᠬᠦᠷᠲᠡᠯᠡ ᠶᠠᠭᠤ ᠶ᠋ᠢ ᠨᠢ ᠮᠡᠳᠡᠬᠦ ᠦᠭᠡᠢ ᠪᠣᠢ? ᠬᠤᠢᠬᠤᠷ ᠵᠢᠰᠤᠷ ᠳᠡᠭᠡᠷᠡ ᠪᠡᠨ ᠪᠠᠷᠠᠭᠤᠨ ᠬᠣᠰᠢᠭᠤ ᠶᠠᠮᠤᠨ ᠤ᠋ ᠴᠡᠷᠢᠭ ᠮᠣᠷᠢ᠂ ᠭᠠᠵᠠᠷ ᠤ᠋ᠨ ᠪᠠᠢᠴᠠ᠂ ᠬᠥᠮᠦᠨ ᠦ᠌ ᠵᠠᠩ ᠠᠷᠠᠨᠰᠢᠨ ᠠᠯᠢᠨ ᠢ᠋ ᠨᠢ ᠴᠦ᠍ ᠠᠯᠠᠭᠠᠨ ᠤ᠋ ᠵᠢᠷᠤᠭᠠᠰᠤ ᠪᠠᠨ ᠰᠢᠭ᠋ ᠲᠠᠨᠢᠨᠠ᠃ ᠬᠥᠩᠭᠡᠨ ᠬᠠᠭᠤᠮᠠᠭᠠᠢ ᠪᠠᠢᠵᠤ ᠯᠠ ᠪᠣᠯᠬᠤ ᠦᠭᠡᠢ ᠭᠡᠪᠡ᠃
— ᠬᠠᠷᠠᠵᠤ ᠯᠠ ᠪᠠᠢ ᠳᠠ᠂ ᠲᠠ ᠨᠠᠷ! ᠬᠠᠯᠲᠤᠰᠬᠢᠪᠡᠯ ᠳ᠋ᠠᠭᠳᠠᠨ ᠳᠠ ᠯᠠᠮᠠ᠂ ᠡᠯᠳᠡᠩᠭᠡ ᠶ᠋ᠢᠨ ᠤᠬᠠᠭᠠᠨ ᠵᠤᠳᠪᠠ ᠶ᠋ᠢᠨ ᠤᠷᠠᠨ ᠬᠣᠩᠰᠢᠶᠠᠷ ᠲᠤ ᠬᠠᠭᠤᠷᠲᠠᠭᠰᠠᠨ ᠪᠠᠢᠵᠤ ᠮᠡᠳᠡᠨᠡ᠃ ᠡᠢᠮᠦ ᠡᠴᠡ ᠪᠢᠳᠡ ᠬᠣᠰᠢᠭᠤ ᠳᠣᠲᠣᠷᠠ ᠶ᠋ᠢᠨ ᠵᠢᠭᠤᠷᠠᠯᠳᠤᠭᠠᠨ ᠢ᠋ᠶ᠋ᠠᠨ ᠡᠪᠲᠡᠢ ᠰᠠᠢᠬᠠᠨ ᠰᠢᠢᠳᠪᠦᠷᠢᠯᠡᠵᠦ᠂ ᠡᠪᠰᠡᠬᠦ ᠶ᠋ᠢ ᠪᠣᠳᠣᠬᠤ ᠠ᠋ᠴᠠ ᠪᠢᠰᠢ ᠳᠠᠢᠳᠤᠬᠤ ᠶ᠋ᠢ ᠵᠣᠷᠢᠵᠤ ᠪᠣᠯᠬᠤ ᠦᠭᠡᠢ᠃ ᠲᠡᠢᠨ ᠲᠤᠯᠤᠯᠳᠤᠭᠠᠨ ᠭᠡᠭᠴᠢ ᠶᠠᠮᠠᠷ ᠰᠠᠢᠨ ᠶᠠᠭᠤᠮᠠ ᠪᠣᠢ ᠳᠠ? ᠬᠣᠬᠢᠷᠠᠳᠠᠭ ᠨᠢ ᠮᠠᠯᠴᠢᠨ ᠠᠷᠠᠳ᠃ ᠲᠡᠳᠡᠨ ᠦ᠌ ᠦᠷᠡᠰ ᠯᠡ ᠰᠢᠲᠠ! ᠲᠡᠷᠡ ᠮᠥᠷᠲᠡᠭᠡᠨ ᠮᠣᠩᠭᠣᠯᠴᠤᠳ ᠪᠢᠳᠡ ᠬᠣᠭᠣᠷᠣᠨᠳᠣ ᠪᠠᠨ ᠠᠯᠠᠯᠳᠤᠵᠤ ᠱᠤᠯᠤᠯᠳᠤᠭᠠᠳ ᠶᠠᠭᠤ ᠪᠠᠨ ᠬᠢᠨᠡ ᠪᠣᠢ? ᠸᠠᠩ ᠰᠣᠬᠣᠷ ᠠ᠋ᠴᠠ ᠬᠠᠷᠠ ᠴᠡᠷᠢᠭ ᠦ᠋ᠨ ᠲᠤᠰᠠᠯᠠᠮᠵᠢ ᠭᠤᠶᠤᠬᠤ ᠶ᠋ᠢ ᠪᠢ ᠵᠥᠪᠰᠢᠶᠡᠷᠡᠬᠦ ᠥᠬᠡᠢ! ᠸᠠᠩ ᠰᠣᠬᠣᠷ ᠢ᠋ ᠲᠠ ᠨᠠᠷ ᠶᠠᠮᠠᠷ ᠮᠡᠳᠡᠬᠦ ᠦᠭᠡᠢ ᠴᠦ᠍ ᠪᠢᠰᠢ᠂ ᠬᠠᠷᠢᠭᠤ ᠪᠠᠢᠪᠠᠯ ᠪᠠᠷᠢᠭᠤ᠂ ᠬᠠᠳᠠᠭ ᠪᠠᠢᠪᠠᠯ ᠰᠠᠮᠪᠠᠢ ᠭᠡᠳᠡᠭ ᠬᠣᠢᠨᠠ ᠰᠢᠨᠤᠯ ᠤ᠋ᠨ ᠬᠢᠨᠢ ᠲᠤᠯᠤᠮ ᠢ᠋ ᠳᠦᠭᠦᠷᠭᠡᠬᠦ ᠦᠭᠡᠢ ᠪᠣᠯ ᠴᠤ᠌ ᠭᠣᠷᠢ ᠦᠭᠡᠢ ᠳᠡ! ᠬᠠᠲᠤᠨ ᠲᠣᠬᠣᠢ᠂ ᠬᠠᠩᠬᠠᠲᠠᠢ ᠶ᠋ᠢᠨ ᠬᠤᠵᠢᠷᠰᠢᠭᠰᠠᠨ ᠲᠠᠯᠠ ᠶ᠋ᠢ ᠶᠠᠮᠠᠷᠬᠠᠨ ᠰᠢᠦ ᠪᠠᠷᠢᠴᠠᠭᠠ ᠲᠠᠢ ᠠᠪᠤᠭᠰᠠᠨ ᠢ᠋ ᠲᠠ ᠨᠠᠷ ᠮᠠᠷᠲᠠᠭᠠ ᠦᠭᠡᠢ ᠪᠢᠵᠡ⁈ ᠴᠠᠭᠠᠳᠤᠬᠢ ᠴᠢᠨᠢ ᠲᠡᠭᠡᠭᠡᠳ ᠨᠢᠭᠡ ᠪᠣᠯ ᠳᠠᠭᠤ ᠦᠭᠡᠢ ᠰᠢᠯᠤᠭᠤᠬᠠᠨ ᠴᠡᠷᠢᠭ ᠲᠤᠰᠠᠯᠠᠬᠤ᠂ ᠡᠰᠡ ᠪᠣᠯ ᠴᠡᠷᠢᠭ ᠢ᠋ᠶ᠋ᠡᠨ ᠥᠭᠴᠦ ᠶᠠᠭᠤᠮᠠ ᠬᠢᠴᠢᠬᠡᠭᠡᠳ ᠠᠷᠤ ᠠ᠋ᠴᠠ ᠨᠢ ᠠᠰᠢᠭ ᠥᠩᠭᠡᠢᠬᠦ ᠶᠠᠳᠠᠬᠤ ᠦᠭᠡᠢ! ᠳᠠᠬᠢᠪᠠᠯ᠂ ᠨᠢᠭᠡ ᠪᠦᠯᠦᠭ ᠬᠠᠷᠠ ᠴᠡᠷᠢᠭ ᠲᠡᠵᠢᠭᠡᠬᠦ ᠳ᠋ᠦ᠍ ᠨᠢᠭᠡ ᠰᠦᠷᠦᠭ ᠬᠣᠨᠢ ᠲᠡᠳᠡᠨᠦᠰ ᠦ᠋ᠨ ᠭᠡᠳᠡᠰᠦ ᠶ᠋ᠢ ᠳᠦᠭᠦᠷᠭᠡᠵᠦ ᠳᠡᠢᠯᠦᠨᠡ ᠤᠤ? ᠵᠠ ᠲᠡᠷᠡ ᠶ᠋ᠢ ᠪᠠᠢᠭᠠᠴᠢᠬᠠᠶᠠ! ᠲᠡᠳᠡᠭᠡᠷ ᠲᠠᠩᠬᠠᠢ ᠵᠠᠨᠠᠭ ᠤ᠋ᠳ ᠮᠣᠩᠭᠣᠯ ᠨᠤᠲᠤᠭ ᠲᠤ ᠶᠠᠮᠠᠷ ᠶᠠᠩᠵᠤ ᠶ᠋ᠢᠨ ᠭᠠᠢ ᠪᠠᠷᠴᠢᠳ ᠲᠠᠷᠢᠬᠤ ᠶ᠋ᠢ ᠪᠢ ᠪᠣᠳᠣᠬᠤ ᠠ᠋ᠴᠠ ᠪᠠᠨ ᠠᠶᠤᠨᠠ᠁ ᠭᠡᠵᠦ ᠲᠤᠰᠠᠯᠠᠭᠴᠢ ᠮᠢᠩᠭᠠᠨᠪᠤᠤ᠂ ᠬᠦᠩ ᠨᠣᠶᠠᠨ ᠤ᠋ ᠰᠠᠨᠠᠭᠠ ᠠ᠋ᠴᠠ ᠥᠭᠡᠷᠡ ᠶᠠᠭᠤᠮᠠ ᠶᠠᠷᠢᠬᠤ ᠶ᠋ᠢ ᠰᠣᠨᠣᠰᠤᠭᠰᠠᠨ ᠷᠠᠰᠢ ᠵᠠᠬᠢᠷᠤᠭᠴᠢ ᠳᠠᠪ ᠬᠢᠨ ᠦᠰᠦᠷᠦᠨ ᠪᠣᠰᠴᠤ᠄
— ᠬᠠᠷᠠ ᠴᠡᠷᠢᠭ ᠢ᠋ ᠴᠢᠬᠤᠯᠠᠲᠠᠢ ᠦᠶᠡ ᠳ᠋ᠦ᠍ ᠨᠢᠭᠡ ᠰᠦᠷᠦᠭ ᠬᠣᠨᠢ ᠪᠠᠢᠲᠤᠭᠠᠢ᠂ ᠨᠢᠭᠡ ᠰᠦᠷᠦᠭ ᠦᠬᠡᠷ ᠥᠷᠡᠭᠡᠭᠰᠡᠨ ᠴᠦ᠍ ᠥᠷᠡᠭᠡᠬᠦ ᠡᠴᠡ ᠥᠭᠡᠷᠡ ᠶᠠᠭᠠᠬᠢᠬᠤ ᠪᠣᠢ⁈ ᠲᠡᠵᠢᠭᠡᠭᠰᠡᠨ ᠦᠭᠡᠢ ᠪᠢᠰᠢ᠂ ᠲᠡᠵᠢᠭᠡᠭᠰᠡᠭᠡᠷ ᠯᠡ ᠢᠷᠡᠭᠰᠡᠨ ᠪᠢᠰᠢ ᠤᠤ? ᠮᠠᠨ ᠤ᠋ ᠴᠡᠷᠢᠭ ᠦ᠋ᠨ ᠫᠤᠤ ᠵᠡᠪᠰᠡᠭ ᠬᠠᠮᠢᠭᠠ ᠠ᠋ᠴᠠ ᠢᠷᠡᠪᠡ? ᠲᠩᠷᠢ ᠡᠴᠡ ᠤᠨᠠᠵᠤ ᠢᠷᠡᠯᠡ ᠭᠡᠵᠦ ᠰᠠᠨᠠᠪᠠ ᠤᠤ? ᠡᠨᠡ ᠳᠠᠩᠰᠠ ᠶ᠋ᠢ ᠬᠡᠨ ᠮᠡᠳᠡᠬᠦ ᠦᠭᠡᠢ ᠴᠦ᠍ ᠪᠢ ᠮᠡᠳᠡᠨᠡ᠃ ᠮᠠᠨ ᠤ᠋ ᠪᠠᠷᠠᠭᠤᠨ ᠬᠦᠩ ᠦ᠋ᠨ ᠬᠢᠨ ᠶᠠᠭᠤ ᠪᠠᠷ ᠳᠤᠲᠠᠪᠠᠴᠤ ᠦᠬᠡᠷ ᠬᠣᠨᠢ᠂ ᠨᠤᠲᠤᠭ ᠪᠡᠯᠴᠢᠭᠡᠷ ᠢ᠋ᠶ᠋ᠡᠷ ᠳᠤᠲᠠᠬᠤ ᠦᠭᠡᠢ᠃ ᠮᠣᠩᠭᠣᠯ ᠤ᠋ᠨ ᠪᠤᠶᠠᠨ ᠪᠠᠢᠨᠠ ᠯᠠ ᠳᠠ! ᠭᠡᠵᠦ ᠰᠢᠯᠦᠰᠦ ᠥᠰᠥᠷᠬᠡᠨ ᠬᠡᠯᠡᠪᠡ᠃
— ᠶᠠᠭ ᠳᠠ! ᠴᠢᠬᠤᠯᠠᠲᠠᠢ ᠦᠶᠡ ᠳ᠋ᠦ᠍ ᠬᠠᠷᠠ ᠴᠡᠷᠢᠭ ᠴᠦ᠍ ᠬᠡᠷᠡᠭᠲᠡᠢ᠃ ᠠᠮᠢᠨ ᠳ᠋ᠤ᠌ ᠬᠦᠷᠦᠨᠡ ᠰᠢᠦ! ᠬᠠᠷᠠ ᠴᠡᠷᠢᠭ ᠦ᠋ᠨ ᠲᠤᠰᠠᠯᠠᠮᠵᠢ ᠥᠭᠳᠡᠭ ᠯᠡ ᠪᠣᠯ ᠸᠠᠩ ᠰᠣᠬᠣᠷ ᠤ᠋ᠨ ᠬᠣᠰᠢᠭᠤ ᠴᠣᠷᠪᠣᠢᠭᠰᠠᠨ ᠠᠪᠴᠠᠭᠠ ᠳ᠋ᠤ᠌ ᠶᠠᠮᠠᠷ ᠴᠦ᠍ ᠥᠭᠴᠡᠭᠡ ᠥᠭᠴᠦ ᠪᠣᠯᠤᠨᠠ᠃ ᠲᠡᠳᠡ ᠬᠣᠶᠠᠷ ᠤ᠋ᠨ ᠣᠮᠣᠭ ᠢ᠋ ᠳᠠᠷᠤᠵᠤ ᠠᠪᠬᠤ ᠦᠭᠡᠢ ᠪᠣᠯ ᠡᠷᠭᠢᠭᠡᠳ ᠲᠡᠳᠡ ᠴᠢᠮᠠᠶ᠋ᠢ ᠳᠠᠷᠤᠨᠠ᠃ ᠲᠡᠷᠡ ᠦᠶᠡ ᠳ᠋ᠦ᠍ ᠴᠢ ᠡᠷᠡᠦ ᠪᠡᠨ ᠰᠢᠪᠲᠤᠷᠠᠭᠠᠳ ᠭᠡᠮᠰᠢᠪᠡᠴᠦ ᠬᠣᠵᠢᠮᠳᠠᠨᠠ ᠰᠢᠦ! ᠭᠡᠵᠦ ᠬᠦᠩ ᠨᠣᠶᠠᠨ ᠷᠠᠰᠢ ᠵᠠᠬᠢᠷᠤᠭᠴᠢ ᠶ᠋ᠢ ᠳᠡᠮᠵᠢᠵᠦ᠂ ᠮᠢᠩᠭᠠᠨᠪᠣᠣ ᠲᠤᠰᠠᠯᠠᠭᠴᠢ ᠶ᠋ᠢ ᠵᠢᠮᠡᠯᠡᠨ᠂ ᠳᠣᠣᠷᠠᠰᠢᠶᠠᠬᠤ ᠣᠪᠣᠷ ᠲᠠᠢ ᠶᠠᠭᠤᠮᠠ ᠶᠠᠷᠢᠪᠠᠯ ᠪᠠᠭᠠ ᠬᠠᠲᠤᠨ ᠲᠣᠰᠴᠤ᠄
— ᠪᠠᠢᠵᠠ᠂ ᠪᠢ ᠮᠢᠩᠭᠠᠨᠪᠤᠤ ᠲᠤᠰᠠᠯᠠᠭᠴᠢ ᠶ᠋ᠢᠨ ᠰᠠᠨᠠᠯ ᠢ᠋ ᠮᠠᠰᠢ ᠵᠥᠪ ᠭᠡᠵᠦ ᠦᠨᠡᠯᠡᠨᠡ᠃ ᠬᠣᠰᠢᠭᠤ ᠳᠣᠲᠣᠷᠠ ᠶ᠋ᠢᠨ ᠵᠥᠷᠢᠴᠡᠯ ᠮᠥᠷᠭᠥᠯᠳᠦᠭᠡᠨ ᠢ᠋ ᠶᠠᠭᠠᠬᠢᠯᠠ ᠭᠡᠵᠦ ᠭᠠᠳᠠᠭᠰᠢ ᠵᠠᠳᠠᠷᠠᠭᠤᠯᠤᠨ ᠬᠠᠷᠠ ᠴᠡᠷᠢᠭ ᠦ᠋ᠨ ᠲᠤᠰᠠᠯᠠᠮᠵᠢ ᠭᠣᠶᠣᠳᠠᠭ ᠪᠢᠯᠡ? ᠲᠣᠬᠣᠢ ᠴᠣᠭᠣᠷᠠᠪᠠᠴᠤ ᠬᠠᠨᠴᠤᠢ ᠳᠣᠲᠣᠷᠠ ᠪᠠᠨ᠂ ᠲᠣᠯᠣᠭᠠᠢ ᠬᠠᠭᠠᠷᠠᠪᠠᠴᠤ ᠲᠣᠭᠣᠷᠴᠣᠭ ᠳᠣᠲᠣᠷᠠ ᠪᠠᠨ ᠭᠡᠳᠡᠭ ᠦᠭᠡᠢ ᠪᠢᠯᠡ ᠤᠤ? ᠳ᠋ᠠᠭᠳᠠᠨ ᠳᠠ ᠯᠠᠮᠠ ᠪᠣᠯ ᠬᠦᠩ ᠨᠣᠶᠠᠨ ᠤ᠋ ᠦᠶᠡᠯᠢᠳ ᠠᠪᠠᠭᠠ᠃ ᠲᠡᠷᠡ ᠶᠠᠭᠤ ᠭᠡᠵᠦ ᠪᠢᠳᠡᠨ ᠲᠡᠢ ᠥᠷᠢᠰᠦᠯᠳᠦᠵᠦ ᠪᠠᠢᠭᠠ ᠶᠤᠮ? ᠡᠯᠳᠡᠩᠭᠡ ᠴᠢᠨᠢ ᠬᠦᠩ ᠨᠣᠶᠠᠨ ᠤ᠋ ᠭᠠᠪᠢᠶᠠᠲᠤ ᠰᠠᠢᠳ ᠪᠢᠰᠢ ᠤᠤ? ᠲᠡᠭᠦᠨ ᠰᠢᠭ ᠪᠠᠢᠷᠢ ᠲᠠᠢ ᠡᠷᠬᠡ ᠲᠡᠢ ᠬᠥᠮᠦᠨ ᠶᠠᠭᠤ ᠭᠡᠵᠦ ᠥᠨᠥᠳᠥᠷ ᠪᠢᠳᠡᠨ ᠦ᠌ ᠡᠰᠡᠷᠭᠦ ᠲᠠᠯᠠ ᠳ᠋ᠤ᠌ ᠵᠣᠭᠰᠣᠵᠤ ᠳ᠋ᠠᠭᠳᠠᠨ ᠳᠠ ᠯᠠᠮᠠ ᠲᠠᠢ ᠨᠢᠭᠡ ᠠᠮᠢᠰᠬᠤᠭᠠ ᠲᠠᠢ ᠪᠣᠯᠵᠤ ᠪᠢᠳᠡᠨ ᠢ᠋ ᠳᠠᠢᠰᠤᠩᠨᠠᠳᠠᠭ ᠪᠣᠯᠪᠠ? ᠤᠴᠢᠷ ᠶᠠᠪᠤᠳᠠᠯ ᠤ᠋ᠨ ᠦᠨᠳᠦᠰᠦ ᠰᠤᠷᠪᠤᠯᠵᠢ ᠬᠠᠮᠢᠭᠠ ᠪᠠᠢᠳᠠᠭ ᠢ᠋ ᠣᠯᠠᠨ ᠲᠦᠰᠢᠮᠡᠳ᠂ ᠡᠷᠭᠢᠨ ᠰᠠᠢᠳ ᠲᠤᠩᠭᠠᠨ ᠪᠣᠳᠣᠭᠠᠴᠢ! ᠨᠢᠭᠡ ᠨᠢᠭᠡᠨ ᠢ᠋ᠶ᠋ᠡᠨ ᠮᠠᠭᠤ ᠰᠠᠨᠠᠵᠤ᠂ ᠰᠡᠵᠢᠭ ᠡᠪᠦᠷᠯᠡᠨ ᠠᠯᠠᠯᠳᠤᠵᠤ ᠱᠤᠯᠤᠯᠳᠤᠭᠠᠳ ᠬᠡᠨ ᠳ᠋ᠤ᠌ ᠰᠠᠢᠨ ᠪᠣᠢ? ᠪᠢ ᠬᠠᠷᠠ ᠴᠡᠷᠢᠭ ᠢ᠋ ᠲᠦᠰᠢᠵᠦ ᠮᠣᠩᠭᠣᠯ ᠨᠤᠲᠤᠭ ᠲᠤ ᠬᠠᠷᠠᠰᠠᠯᠲᠤ ᠲᠡᠢᠨ ᠳᠡᠭᠳᠡᠭᠡᠬᠦ ᠶ᠋ᠢ ᠡᠷᠡᠰ ᠡᠰᠡᠷᠭᠦᠴᠡᠨᠡ᠃ ᠶᠠᠮᠠᠷ ᠤᠴᠢᠷ ᠶᠠᠪᠤᠳᠠᠯ ᠪᠠᠢᠭᠰᠠᠨ ᠴᠦ᠍ ᠮᠣᠩᠭᠣᠯᠴᠤᠳ ᠡᠪᠯᠡᠷᠡᠬᠦ ᠶ᠋ᠢᠨ ᠡᠭᠦᠳᠡᠨ ᠡᠴᠡ ᠶᠠᠷᠢᠶᠠ ᠬᠥᠭᠡᠷᠦᠭᠡ ᠪᠡᠨ ᠣᠯᠵᠤ ᠵᠦᠢ ᠵᠣᠬᠢᠰᠲᠠᠢ ᠲᠠᠰᠤᠯᠬᠤ ᠬᠡᠷᠡᠭᠲᠡᠢ᠃ ᠬᠠᠭᠤᠴᠢᠨ ᠤ᠋ ᠦᠭᠡᠨ ᠳ᠋ᠦ᠍ ᠡᠪᠳᠡᠷᠡᠬᠦ ᠶ᠋ᠢᠨ ᠡᠬᠢᠨ ᠳ᠋ᠦ᠍ ᠴᠢᠰᠤ᠂ ᠡᠪᠯᠡᠷᠡᠬᠦ ᠶ᠋ᠢᠨ ᠡᠬᠢᠨ ᠳ᠋ᠦ᠍ ᠰᠦ ᠭᠡᠳᠡᠭ ᠢ᠋ ᠮᠠᠷᠲᠠᠪᠠ ᠤᠤ? ᠲᠠ ᠨᠠᠷ᠃ ᠬᠠᠲᠤᠨ ᠭᠣᠣᠯ ᠥᠷᠭᠡᠨ ᠪᠣᠯᠪᠠᠴᠤ ᠬᠥᠯᠭᠡ ᠪᠡᠷ ᠢ᠋ᠶ᠋ᠡᠨ ᠭᠠᠲᠤᠯᠳᠠᠭ ᠶᠤᠮ ᠠ᠋᠂ ᠬᠠᠲᠠᠭᠤ ᠰᠡᠳᠬᠢᠯ ᠲᠡᠢ ᠬᠥᠮᠦᠨ ᠪᠠᠢᠪᠠᠴᠤ ᠦᠭᠡ ᠪᠡᠷ ᠢ᠋ᠶ᠋ᠡᠨ ᠲᠤᠭᠤᠯᠳᠠᠭ ᠶᠤᠮ ᠠ᠋ ᠭᠡᠵᠦ ᠮᠣᠩᠭᠣᠯ ᠠᠷᠠᠳ ᠤ᠋ᠨ ᠳᠠᠭᠤᠤ ᠳ᠋ᠤ᠌ ᠳᠠᠭᠤᠯᠠᠳᠠᠭ ᠢ᠋ ᠰᠠᠨᠠᠵᠤ ᠦᠵᠡᠬᠦ ᠴᠢᠬᠤᠯᠠᠲᠠᠢ ᠪᠤᠶᠤ᠁ ᠭᠡᠵᠦ ᠬᠡᠯᠡᠬᠦ ᠳ᠋ᠦ᠍ ᠬᠦᠩ ᠨᠣᠶᠠᠨ ᠳᠣᠲᠣᠷᠠ ᠪᠠᠨ ᠪᠢᠰᠢᠷᠡᠵᠦ ᠪᠠᠢᠪᠠᠴᠤ ᠪᠠᠰᠠ《ᠡᠨᠡ ᠬᠣᠭᠣᠷᠣᠨᠳᠣ ᠪᠠᠨ ᠠᠲᠠᠭᠠ ᠬᠥᠳᠡᠯᠵᠦ᠂ ᠴᠡᠴᠡᠭ ᠬᠠᠲᠤᠨ ᠤ᠋ ᠤᠷᠰᠢᠭ ᠢ᠋ ᠶᠠᠭᠤᠮᠠ ᠪᠣᠳᠣᠵᠤ ᠪᠠᠢᠭᠠ》 ᠭᠡᠳᠡᠭ ᠲᠦ᠍ ᠥᠪᠡᠷ ᠢ᠋ ᠪᠡᠨ ᠵᠥᠪᠲᠦᠭᠡᠵᠦ ᠢᠨᠢᠶᠡᠪᠬᠢᠯᠡᠨ ᠭᠠᠳᠠᠨᠠ ᠪᠠᠨ ᠡᠬᠡᠨᠡᠷ ᠬᠥᠮᠦᠨ ᠦ᠌ ᠦᠭᠡ ᠶ᠋ᠢ ᠶᠠᠭᠤᠮᠠ ᠪᠣᠯᠭᠠᠬᠤ ᠪᠠᠷ ᠦᠭᠡᠢ ᠭᠡᠰᠡᠨ ᠲᠥᠯᠥᠪᠲᠡᠢ ᠨᠥᠭᠦᠭᠡ ᠲᠦᠰᠢᠮᠡᠳ ᠦ᠋ᠨ ᠢ᠋ᠶ᠋ᠡᠨ ᠴᠢᠷᠠᠢ ᠶ᠋ᠢ ᠡᠭᠡᠯᠵᠢᠯᠡᠨ ᠰᠢᠷᠪᠢᠵᠦ ᠦᠵᠡᠪᠡᠯ ᠨᠥᠭᠥᠭᠡᠳᠦᠭᠦᠯᠡ ᠨᠢ ᠬᠠᠷᠢᠨ ᠠᠮᠠ ᠶ᠋ᠢ ᠨᠢ ᠴᠠᠪᠠᠤᠳᠠᠭᠰᠠᠨ ᠰᠢᠭ᠋ ᠪᠦᠯᠲᠡᠭᠡᠨᠡᠵᠦ ᠪᠠᠭᠠ ᠬᠠᠲᠤᠨ ᠢ᠋ ᠪᠢᠰᠢᠷᠡᠭᠰᠡᠨ ᠬᠠᠷᠠᠴᠠ ᠪᠠᠷ ᠬᠠᠷᠠᠵᠠᠭᠠᠵᠤ ᠪᠠᠢᠯᠠ᠃ ᠶᠠᠭ ᠡᠨᠡ ᠤᠨᠢᠨ ᠳᠡᠭᠡᠷᠡ ᠨᠢᠭᠡᠨ ᠲᠠᠬᠠᠷ ᠲᠣᠭᠳᠣᠢ ᠵᠠᠬᠢᠳᠠᠯ ᠬᠦᠷᠭᠡᠵᠦ ᠢᠷᠡᠪᠡ᠃
ᠠᠮᠠ ᠳᠦᠭᠦᠷᠡᠩ ᠮᠣᠣᠲᠤᠤ ᠴᠠᠭᠠᠰᠤᠨ ᠳᠡᠭᠡᠷᠡ ᠢᠷᠵᠠᠢᠲᠠᠯᠠ ᠪᠢᠴᠢᠭᠰᠡᠨ ᠵᠠᠬᠢᠳᠠᠯ ᠢ᠋ ᠰᠢᠷᠠᠪᠳᠣᠷᠵᠢ ᠬᠦᠩ ᠨᠣᠶᠠᠨ ᠨᠢᠳᠦᠯᠡᠵᠦ ᠭᠦᠶᠦᠯᠭᠡᠭᠡᠳ《ᠵᠠ᠂ ᠶᠠᠮᠠᠷ ᠪᠣᠢ?》 ᠭᠡᠰᠡᠨ ᠲᠥᠯᠥᠪ ᠲᠡᠢ ᠵᠠᠬᠢᠳᠠᠯ ᠢ᠋ ᠮᠢᠩᠭᠠᠨᠪᠤᠤ ᠲᠤᠰᠠᠯᠠᠭᠴᠢ ᠳ᠋ᠤ᠌ ᠥᠭᠴᠦ᠄
— ᠡᠨᠡ ᠵᠠᠬᠢᠳᠠᠯ ᠢ᠋ ᠣᠯᠠᠨ ᠳᠠᠭᠤᠳᠠᠵᠤ ᠥᠭ! ᠭᠡᠯᠡ᠃
ᠲᠡᠷᠡ ᠵᠠᠬᠢᠳᠠᠯ ᠳ᠋ᠤ᠌᠄
ᠡᠷᠭᠢᠨ ᠬᠦᠨᠳᠦᠲᠦ ᠬᠦᠩ ᠨᠣᠶᠠᠨᠲᠠᠨ ᠲᠠᠨᠠ᠄
ᠡᠩ ᠲᠡᠷᠢᠭᠦᠨ ᠳ᠋ᠦ᠍ ᠠᠮᠤᠭᠤᠯᠠᠩ ᠢ᠋ ᠲᠠᠨᠢ ᠠᠢᠯᠠᠳᠬᠠᠰᠤ᠃
ᠲᠤᠰ ᠴᠢᠮᠡᠭᠡ ᠶ᠋ᠢ ᠨᠢᠰᠬᠡᠭᠰᠡᠨ ᠨᠢ ᠥᠭᠡᠷᠡ ᠤᠴᠢᠷ ᠪᠤᠰᠤ᠃ ᠪᠠᠷᠠᠭᠤᠨ ᠬᠣᠰᠢᠭᠤ ᠶᠠᠮᠤᠨ ᠵᠢᠴᠢ ᠬᠦᠩ ᠨᠣᠶᠠᠨᠲᠠᠨ ᠲᠠᠨ ᠤ᠋ ᠠᠮᠤᠷ ᠲᠦᠪᠰᠢᠨ ᠢ᠋ ᠰᠠᠨᠠᠵᠤ᠂ ᠥᠴᠦᠬᠡᠨ ᠪᠣᠭᠣᠯ ᠪᠢ ᠥᠪᠡᠷ ᠦ᠋ᠨ ᠨᠢᠳᠦ ᠪᠡᠷ ᠢ᠋ᠶ᠋ᠡᠨ ᠦᠵᠡᠵᠦ᠂ ᠴᠢᠬᠢ ᠪᠡᠷ ᠢ᠋ᠶ᠋ᠡᠨ ᠰᠣᠨᠣᠰᠤᠭᠰᠠᠨ ᠵᠦᠢᠯ ᠢ᠋ᠶ᠋ᠡᠨ ᠠᠢᠯᠠᠳᠬᠠᠨ ᠮᠡᠳᠡᠭᠦᠯᠰᠦᠭᠡᠢ! ᠭᠡᠭᠡᠨ ᠳ᠋ᠡᠭᠡᠨ ᠲᠣᠯᠢᠳᠠᠵᠤ᠂ ᠦᠨᠡᠮᠰᠢᠪᠡᠴᠦ ᠳᠡᠭᠡᠳᠦ ᠪᠣᠳᠣᠯ ᠢ᠋ ᠠᠪᠴᠤ ᠰᠠᠨᠠᠨ ᠲᠤᠩᠭᠠ᠃ ᠡᠰᠡ ᠦᠨᠡᠮᠰᠢᠪᠡᠰᠦ ᠬᠡᠷᠬᠢᠬᠦ ᠪᠡᠨ ᠥᠪᠡᠷ ᠢ᠋ᠶ᠋ᠡᠨ ᠮᠡᠳᠡᠲᠦᠭᠡᠢ!
ᠡᠳᠦᠭᠡ ᠮᠡᠳᠡᠭᠦᠯᠬᠦ ᠢᠨᠤ᠂ ᠡᠯᠳᠡᠩᠭᠡ ᠲᠤᠰᠠᠯᠠᠭᠴᠢ ᠵᠣᠳᠪᠠ ᠨᠠᠷ ᠳ᠋ᠠᠭᠳᠠᠨ ᠳᠠ ᠯᠠᠮᠠ ᠲᠠᠨ ᠨᠢᠭᠤᠴᠠ ᠪᠠᠷ ᠬᠤᠤᠪᠢᠯᠳᠤᠵᠤ ᠮᠤᠨᠠ ᠶ᠋ᠢᠨ ᠠᠷᠤ ᠥᠪᠥᠢ ᠮᠢᠩᠭᠠᠨ ᠤ᠋ ᠲᠠᠯᠠ᠂ ᠳᠤᠮᠳᠠᠳᠤ ᠬᠣᠰᠢᠭᠤ ᠬᠠᠷᠢ ᠨᠤᠲᠤᠭ ᠲᠤ ᠬᠦᠷᠲᠡᠯᠡ ᠵᠠᠷ ᠲᠤᠩᠬᠠᠭ ᠲᠠᠷᠬᠠᠭᠠᠵᠤ ᠶᠡᠬᠡ ᠪᠡᠷ ᠴᠡᠷᠢᠭ ᠮᠣᠷᠢ ᠡᠯᠰᠡᠨ ᠬᠣᠰᠢᠭᠤ ᠶᠠᠮᠤᠨ᠂ ᠨᠣᠶᠠᠨᠲᠠᠨ ᠢ᠋ ᠬᠣᠷᠣᠰᠤᠯᠲᠠᠢ ᠪᠠᠷ ᠳᠠᠢᠳᠤᠨ ᠮᠥᠬᠥᠭᠡᠬᠦ ᠪᠡᠷ ᠨᠠᠷᠢᠨ ᠲᠥᠰᠥᠪ ᠲᠣᠭᠲᠠᠭᠠᠪᠠ᠃
ᠮᠡᠳᠡᠭᠦᠯᠬᠦ ᠪᠠᠰᠠ ᠨᠢᠭᠡ ᠤᠴᠢᠷ ᠬᠡᠮᠡᠪᠡᠰᠦ ᠤᠤᠯ ᠤ᠋ᠨ ᠬᠦᠩ ᠦ᠋ᠨ ᠴᠡᠷᠢᠭ ᠲᠦ᠍ ᠪᠠᠢᠵᠤ ᠪᠠᠢᠭᠠᠳ ᠰᠡᠭᠦᠯ ᠳ᠋ᠦ᠍ᠨᠢ ᠳᠤᠲᠠᠭᠠᠵᠤ ᠠᠷᠢᠯᠤᠭᠰᠠᠨ ᠰᠣᠯᠣᠭᠠᠢ ᠨᠠᠮᠵᠢᠯ ᠳ᠋ᠠᠭᠳᠠᠨ ᠳᠠ ᠯᠠᠮᠠ ᠶ᠋ᠢᠨ ᠴᠡᠷᠢᠭ ᠲᠦ᠍ ᠡᠯᠰᠡᠭᠳᠡᠭᠡᠳ ᠪᠠᠢᠭᠠ ᠤᠴᠢᠷ ᠣᠨᠴᠠᠯᠠᠨ ᠰᠡᠷᠡᠮᠵᠢᠯᠡᠬᠦ ᠴᠢᠬᠤᠯᠲᠠᠢ᠃ ᠮᠥᠨ ᠴᠦ᠍ ᠬᠦᠩ ᠨᠣᠶᠠᠨ ᠤ᠋ ᠪᠠᠭᠠ ᠬᠠᠲᠤᠨ ᠢ᠋ ᠤᠷᠤᠭᠤ ᠲᠡᠳᠡᠨ ᠳᠤᠲᠠᠭᠠᠭᠰᠠᠨ ᠶᠠᠯᠠᠲᠠᠨ ᠣᠷᠭᠣᠳᠠᠭᠤᠯ ᠤ᠋ᠨ ᠦᠨᠡᠨ ᠮᠥᠨ ᠰᠤᠷᠠᠭ ᠢ᠋ ᠴᠦ᠍ ᠴᠢᠬᠢ ᠪᠡᠷ ᠢ᠋ᠶ᠋ᠡᠨ ᠰᠣᠨᠣᠰᠴᠤ᠂ ᠲᠡᠷᠡ ᠬᠥᠮᠦᠨ ᠲᠡᠢ ᠪᠡᠶᠡ ᠪᠡᠷ ᠢ᠋ᠶ᠋ᠡᠨ ᠠᠭᠤᠯᠵᠠᠵᠤ ᠥᠩᠭᠡᠷᠡᠪᠡ᠃ ᠡᠭᠦᠨ ᠦ᠌ ᠲᠤᠬᠠᠢ ᠠᠭᠠᠵᠢᠮ ᠢ᠋ᠶ᠋ᠠᠷ ᠨᠢᠭᠤᠷᠳᠠᠵᠤ ᠶᠠᠷᠢᠮᠠᠷ ᠪᠠᠢᠨᠠ᠃
ᠮᠠᠰᠢ ᠣᠬᠣᠷᠬᠠᠨ ᠬᠤᠭᠤᠴᠠᠭᠠᠨ ᠳ᠋ᠤ᠌ ᠡᠳᠡᠨ ᠦ᠌ ᠴᠡᠷᠢᠭ ᠮᠣᠷᠢ ᠵᠤᠵᠠᠭᠠᠷᠠᠵᠤ᠂ ᠫᠤᠤ ᠵᠡᠪᠰᠡᠭ ᠴᠦ᠍ ᠬᠠᠮᠢᠭᠠ ᠠ᠋ᠴᠠ ᠣᠷᠣᠭᠤᠯᠤᠭᠰᠠᠨ ᠢ᠋ ᠪᠤᠤ ᠮᠡᠳᠡ᠂ ᠥᠪᠴᠢ ᠪᠡᠶᠡ ᠫᠤᠤ ᠵᠡᠪᠰᠡᠭ ᠲᠡᠢ ᠴᠡᠷᠢᠭ ᠦ᠋ᠳ ᠬᠥᠬᠡᠪᠣᠯᠠᠭ ᠤ᠋ᠨ ᠭᠣᠣᠯ᠂ ᠬᠦᠩ ᠦ᠋ᠨ ᠰᠦᠮᠡ ᠪᠡᠷ ᠬᠥᠨᠳᠡᠯᠡᠨ ᠭᠤᠯᠳᠤ ᠵᠥᠷᠢᠯᠳᠦ ᠠᠮᠤᠢ! ᠲᠡᠳᠡ ᠤᠳᠠᠯ ᠦᠭᠡᠢ ᠨᠣᠶᠠᠨ ᠰᠠᠩ᠂ ᠬᠣᠰᠢᠭᠤ ᠶᠠᠮᠤᠨ ᠢ᠋ ᠭᠡᠨᠡᠳᠡᠭᠦᠯᠦᠨ ᠳᠠᠭᠠᠷᠢᠬᠤ ᠪᠠᠷ ᠪᠡᠯᠡᠳᠬᠡᠨ ᠪᠠᠢᠭᠠ ᠶ᠋ᠢ ᠬᠦᠩ ᠨᠣᠶᠠᠨᠲᠠᠨ ᠲᠠᠨ ᠳ᠋ᠤ᠌ ᠬᠢᠴᠢᠶᠡᠩᠭᠦᠢᠯᠡ ᠮᠡᠳᠡᠭᠦᠯᠪᠡᠢ᠃
ᠡᠭᠦᠨᠡ ᠶᠣᠰᠣᠯᠠᠪᠠᠢ( ᠨᠡᠷᠡ ᠦᠭᠡᠢ)
ᠭᠡᠰᠡᠨ ᠢ᠋ ᠮᠢᠩᠭᠠᠨᠪᠣᠣ ᠲᠤᠰᠠᠯᠠᠭᠴᠢ ᠳᠠᠭᠤᠳᠠᠵᠤ ᠪᠠᠷᠠᠭᠠᠳ ᠲᠤᠰ ᠵᠠᠬᠢᠳᠠᠯ ᠢ᠋ ᠬᠦᠩ ᠨᠣᠶᠠᠨ ᠳ᠋ᠤ᠌ ᠪᠤᠴᠠᠭᠠᠵᠤ ᠥᠭᠪᠡ᠃
— ᠵᠠ᠂ ᠣᠳᠣ ᠲᠠ ᠨᠠᠷ ᠮᠡᠳᠡᠯᠡ ᠪᠢᠵᠡ⁈ ᠴᠠᠭᠠᠳᠤᠭᠤᠯᠠ ᠴᠢᠨᠢ ᠫᠤᠤ ᠪᠠᠨ ᠴᠡᠨᠡᠭᠯᠡᠭᠡᠳ ᠮᠢᠨᠦ ᠮᠠᠩᠨᠠᠢ ᠤᠷᠤᠭᠤ ᠣᠨᠢᠯᠠᠴᠢᠬᠠᠭᠰᠠᠨ ᠪᠠᠢᠨᠠ᠃ ᠪᠢᠳᠡ ᠣᠳᠣ ᠬᠥᠳᠡᠯᠬᠦ ᠦᠭᠡᠢ ᠪᠣᠯ ᠲᠡᠳᠡᠨᠦᠰ ᠢᠷᠡᠬᠦ ᠳ᠋ᠦ᠍ ᠦᠬᠦᠬᠦ ᠪᠡᠨ ᠬᠦᠯᠢᠶᠡᠬᠦ ᠡᠴᠡ ᠥᠭᠡᠷᠡ ᠵᠠᠮ ᠦᠭᠡᠢ᠃ ᠣᠳᠣ ᠢᠩᠭᠢᠵᠦ ᠬᠣᠭᠣᠷᠣᠨᠳᠣ ᠪᠠᠨ ᠮᠠᠷᠭᠤᠯᠳᠤᠭᠠᠳ ᠵᠦᠭ ᠲᠡᠢ ᠢᠯᠭᠠᠪᠤᠷᠢ ᠭᠠᠷᠬᠤ ᠦᠭᠡᠢ᠃《 ᠣᠳᠣ ᠭᠠᠭᠴᠠ ᠮᠢᠨᠦ ᠵᠠᠷᠯᠢᠭ ᠢ᠋ ᠰᠣᠨᠣᠰᠤᠭᠲᠤᠨ》 ᠭᠡᠵᠦ ᠰᠢᠷᠦᠭᠦᠨ ᠳᠤᠤᠭᠠᠷᠬᠤ ᠳ᠋ᠤ᠌ ᠪᠡᠶᠡ ᠶ᠋ᠢ ᠨᠢ ᠲᠣᠭᠣᠷᠢᠭᠠᠳ ᠬᠤᠯᠮᠠᠯᠵᠠᠭᠰᠠᠨ ᠬᠡᠳᠦᠨ ᠡᠷᠡ ᠪᠣᠰᠴᠤ ᠵᠣᠭᠰᠣᠨ ᠲᠣᠯᠣᠭᠠᠢ ᠮᠡᠬᠦᠢᠨ ᠵᠠᠷᠯᠢᠭ ᠬᠦᠯᠢᠶᠡᠨᠡ᠃
— ᠪᠠᠷᠠᠭᠤᠨ ᠲᠤᠰᠠᠯᠠᠭᠴᠢ ᠮᠢᠩᠭᠠᠨᠪᠤᠤ ᠠ᠋!
— ᠵᠠ!
— ᠪᠤᠭᠤᠲᠤ ᠶ᠋ᠢᠨ ᠠᠲᠠᠷ ᠬᠠᠭᠠᠯᠪᠤᠷᠢᠯᠠᠬᠤ ᠲᠣᠪᠴᠢᠶᠠᠨ ᠤ᠋ ᠸᠠᠩ ᠲᠣᠪᠴᠢᠶᠠᠨ ᠳᠠᠷᠤᠭᠠ ᠲᠠᠢ ᠠᠭᠤᠯᠵᠠᠵᠤ ᠬᠣᠶᠠᠷ ᠯᠢᠶᠠᠨ ᠴᠡᠷᠢᠭ ᠦ᠋ᠨ ᠲᠤᠰᠠᠯᠠᠮᠵᠢ ᠭᠤᠶᠤᠵᠤ ᠣᠯᠤᠭᠠᠳ ᠵᠡᠭᠦᠨ ᠠᠮᠠ ᠶ᠋ᠢ ᠬᠠᠰᠢ!
— ᠷᠠᠰᠢ ᠵᠠᠬᠢᠷᠤᠭᠴᠢ!
— ᠵᠠ᠃
— ᠴᠢ ᠪᠡᠶᠡᠴᠢᠯᠡᠨ ᠣᠴᠢᠵᠤ ᠸᠠᠩ ᠰᠣᠬᠣᠷ ᠠ᠋ᠴᠠ ᠴᠡᠷᠢᠭ ᠦ᠋ᠨ ᠲᠤᠰᠠᠯᠠᠮᠵᠢ ᠭᠤᠶᠤᠴᠢᠯᠠᠬᠤ ᠠᠵᠢᠯ ᠢ᠋ ᠭᠦᠢᠴᠡᠳᠭᠡ! ᠭᠣᠣᠯᠳᠠᠭᠤ ᠮᠣᠯᠴᠣᠭ ᠬᠣᠰᠢᠭᠤ᠂ ᠬᠠᠢᠷᠤᠭ ᠤ᠋ᠨ ᠭᠣᠣᠯ ᠤ᠋ᠨ ᠠᠮᠠ ᠶ᠋ᠢ ᠰᠠᠬᠢᠵᠤ᠂ ᠭᠣᠣᠯ ᠬᠦᠴᠦᠨ ᠢ᠋ᠶ᠋ᠡᠷ ᠬᠦᠩ ᠦ᠋ᠨ ᠰᠦᠮᠡ ᠶ᠋ᠢ ᠳᠠᠭᠠᠷᠢᠵᠤ ᠱᠠᠭᠳᠠᠷᠰᠥ᠋ᠷᠦᠩ ᠦ᠋ᠨ ᠬᠦᠴᠦᠨ ᠲᠡᠢ ᠬᠠᠮᠵᠢᠵᠤ ᠳ᠋ᠠᠭᠳᠠᠨ ᠳᠠ ᠯᠠᠮᠠ ᠪᠠᠲᠤᠪᠠᠶᠠᠷ ᠢ᠋ ᠠᠮᠢᠳᠤ ᠪᠠᠷ ᠪᠠᠷᠢᠵᠤ ᠡᠯᠳᠡᠩᠭᠡ ᠶ᠋ᠢᠨ ᠳᠤᠲᠠᠭᠠᠬᠤ ᠵᠠᠮ ᠢ᠋ ᠬᠠᠭᠠᠵᠤ᠂ ᠴᠢᠬᠤᠯᠠᠲᠠᠢ ᠦᠶᠡ ᠳ᠋ᠦ᠍ ᠲᠣᠨᠢᠯᠭᠠᠵᠤ ᠪᠣᠯᠤᠨᠠ᠃
— ᠵᠡᠭᠦᠨ ᠲᠤᠰᠠᠯᠠᠭᠴᠢ ᠱᠠᠭᠳᠠᠷᠰᠥ᠋ᠷᠦᠩ ᠠ᠋!
— ᠵᠠ!
— ᠱᠠᠭᠳᠠᠷᠰᠥ᠋ᠷᠦᠩ ᠴᠢ ᠬᠣᠰᠢᠭᠤ ᠴᠡᠷᠢᠭ ᠢ᠋ ᠵᠠᠬᠢᠷᠤᠨ ᠬᠥᠬᠡᠪᠤᠯᠠᠭ ᠤ᠋ᠨ ᠭᠣᠣᠯ ᠤ᠋ᠨ ᠠᠮᠠ ᠶ᠋ᠢ ᠠᠮᠠᠳᠠᠵᠤ᠂ ᠨᠣᠶᠠᠨ ᠰᠠᠩ᠂ ᠬᠣᠰᠢᠭᠤ ᠶᠠᠮᠤᠨ ᠤ᠋ ᠠᠮᠤᠷ ᠢ᠋ ᠬᠠᠮᠠᠭᠠᠯᠠᠬᠤ ᠡᠷᠭᠦᠭᠡ ᠶ᠋ᠢ ᠭᠦᠢᠴᠡᠳᠬᠡᠭᠲᠦᠨ! ᠭᠡᠵᠦ ᠬᠦᠩ ᠨᠣᠶᠠᠨ ᠵᠡᠭᠦᠨ ᠪᠠᠷᠠᠭᠤᠨ ᠲᠤᠰᠠᠯᠠᠭᠴᠢ᠂ ᠵᠠᠬᠢᠷᠤᠭᠴᠢ ᠲᠠᠢ ᠪᠠᠨ ᠵᠥᠪᠳᠡᠬᠦ ᠶᠠᠭᠤᠮᠠ ᠦᠭᠡᠢ ᠬᠠᠲᠠᠭᠤ ᠵᠠᠷᠯᠢᠭ ᠥᠭᠪᠡ᠃
《 ᠵᠡᠪᠰᠡᠭ ᠵᠥᠷᠢᠭᠦᠯᠳᠡᠭ ᠯᠡ ᠪᠣᠯᠵᠠᠢ ᠤᠤ ᠳᠠ》 ᠭᠡᠰᠡᠨ ᠰᠢᠨᠵᠢᠲᠡᠢ ᠪᠠᠷᠠᠭᠤᠨ ᠲᠤᠰᠠᠯᠠᠭᠴᠢ ᠮᠢᠩᠭᠠᠨᠪᠤᠤ ᠪᠠᠭᠠ ᠬᠠᠲᠤᠨ ᠬᠠᠷᠢᠯᠴᠠᠨ ᠲᠤᠯᠭᠠᠮᠳᠠᠨ ᠰᠢᠷᠲᠡᠯᠴᠡᠭᠰᠡᠨ ᠲᠡᠳᠦᠢ ᠶᠠᠭᠤᠮᠠ ᠪᠣᠯᠵᠤ ᠵᠦᠭ ᠵᠦᠭ ᠲᠡᠭᠡᠨ ᠵᠠᠷᠯᠢᠭ ᠲᠤᠰᠢᠶᠠᠯ ᠢ᠋ᠶ᠋ᠠᠨ ᠪᠡᠶᠡᠯᠡᠭᠦᠯᠬᠦ ᠪᠡᠷ ᠭᠠᠷᠴᠠᠭᠠᠪᠠ᠃
ᠭᠤᠷᠪᠠᠳᠠᠬᠢ ᠡᠳᠦᠷ ᠦ᠋ᠨ ᠪᠦᠷᠦᠢ ᠪᠣᠯᠬᠤ ᠳ᠋ᠤ᠌ ᠪᠠᠷᠠᠭᠠᠨ ᠬᠤᠪᠴᠠᠰᠤ ᠲᠠᠢ ᠨᠠᠷᠢᠨ ᠰᠢᠯᠪᠢ ᠪᠡᠨ ᠪᠣᠭᠣᠭᠰᠠᠨ ᠭᠤᠪᠴᠢᠭᠠᠷ ᠭᠤᠪᠴᠢᠭᠠᠷ ᠴᠡᠷᠢᠭ ᠦ᠋ᠳ ᠲᠦᠷᠭᠡᠨ ᠫᠤᠤ ᠬᠥᠨᠳᠡᠯᠢᠳᠦᠭᠦᠯᠦᠨ ᠡᠭᠦᠷᠴᠦ ᠬᠣᠰᠢᠭᠤ ᠶᠠᠮᠤᠨ ᠤ᠋ ᠬᠦᠷᠢᠶᠡ᠂ ᠨᠣᠶᠠᠨ ᠰᠠᠩ ᠤ᠋ᠨ ᠣᠲᠣᠷ ᠤ᠋ᠨ ᠪᠠᠭᠤᠳᠠᠯ ᠢ᠋ᠶ᠋ᠠᠷ ᠳᠦᠭᠦᠷᠴᠤ ᠪᠢᠯᠡ᠃ ᠬᠣᠰᠢᠭᠤ ᠶᠠᠮᠤᠨ ᠪᠠ ᠨᠣᠶᠠᠨ ᠰᠠᠩ ᠤ᠋ᠨ ᠵᠤᠰᠠᠭᠠᠯ ᠳ᠋ᠤ᠌ ᠬᠠᠷᠠ ᠴᠡᠷᠢᠭ ᠦ᠋ᠨ ᠤᠭᠲᠤᠯᠭᠠ ᠨᠠᠢᠷ ᠶᠠᠪᠤᠭᠤᠯᠵᠤ᠂ ᠦᠬᠡᠷ᠂ ᠬᠣᠨᠢ ᠨᠢᠲᠤᠯᠤᠨ ᠳᠠᠷᠤᠭᠠ ᠨᠣᠶᠠᠳ ᠲᠤᠨᠢ ᠤᠭᠤᠴᠠ ᠰᠢᠭᠦᠰᠦ ᠲᠠᠯᠪᠢᠵᠤ᠂ ᠳᠠᠭᠠᠭᠰᠠᠨ ᠴᠡᠷᠢᠭ ᠲᠤᠨᠢ ᠮᠢᠬᠠ ᠴᠢᠨᠠᠵᠤ᠂ ᠴᠣᠷᠣᠢ ᠶ᠋ᠢᠨ ᠱᠥᠯᠥ ᠤᠤᠭᠤᠯᠭᠠᠵᠤ ᠮᠠᠰᠢᠳᠠ ᠶᠡᠬᠡ ᠬᠥᠷ ᠨᠠᠢᠷ ᠪᠣᠯᠪᠠ᠃
ᠮᠥᠨ ᠴᠦ᠍ ᠰᠥᠨᠢ᠃ ᠭᠤᠷᠪᠠᠨ ᠮᠠᠷᠠᠯ ᠪᠠᠷᠠᠭᠤᠨᠰᠢ ᠭᠤᠳᠤᠢᠵᠤ᠂ ᠦᠦᠷ ᠦ᠋ᠨ ᠴᠣᠯᠮᠣᠨ ᠳᠡᠭᠡᠷᠡ ᠭᠢᠯᠠᠯᠵᠠᠬᠤ ᠳ᠋ᠤ᠌᠂ ᠵᠣᠣᠨᠪᠠ ᠮᠡᠢᠷᠡᠨ ᠵᠠᠭᠤ ᠭᠠᠷᠤᠢ ᠮᠣᠷᠢᠨ ᠴᠡᠷᠢᠭ ᠳᠠᠢᠴᠢᠯᠠᠨ ᠨᠣᠶᠠᠨ ᠰᠠᠩ ᠤ᠋ᠨ ᠣᠲᠣᠷ ᠢ᠋ ᠳᠠᠭᠠᠷᠢᠵᠤ ᠰᠢᠷᠠᠪᠳᠤᠷᠵᠢ ᠨᠣᠶᠠᠨ ᠢ᠋ ᠪᠠᠷᠢᠪᠴᠢᠯᠠᠬᠤ ᠭᠡᠵᠦ ᠤᠷᠮᠠ ᠬᠥᠭᠰᠡᠵᠦ ᠬᠥᠭᠡᠪᠤᠯᠠᠭ ᠤ᠋ᠨ ᠠᠮᠠ ᠠ᠋ᠴᠠ ᠰᠦᠷ ᠪᠠᠳᠠᠷᠠᠭᠤᠯᠤᠨ ᠬᠠᠲᠤᠨ ᠲᠣᠬᠣᠢ ᠶ᠋ᠢᠨ ᠲᠡᠷᠲᠡᠭᠡ ᠤᠷᠤᠭᠤ ᠳᠣᠪᠲᠣᠯᠪᠠ᠃ ᠰᠤᠪᠠᠭ ᠤ᠋ᠨ ᠭᠣᠣᠯ ᠤ᠋ᠨ ᠶᠠᠪᠠᠭᠠᠨ ᠬᠥᠭᠥᠷᠭᠡ ᠬᠦᠷᠦᠭᠡᠳ ᠵᠣᠭᠬᠢᠵᠤ ᠨᠣᠶᠠᠨ ᠰᠠᠩ ᠤ᠋ᠨ ᠣᠲᠣᠷ ᠤ᠋ᠨ ᠪᠠᠢᠳᠠᠯ ᠢ᠋ ᠠᠵᠢᠭᠯᠠᠬᠤ ᠳ᠋ᠤ᠌ ᠶᠡᠷᠦ ᠪᠤᠰᠤ ᠶ᠋ᠢᠨ ᠮᠠᠭᠤ ᠰᠤᠪᠢᠨ ᠲᠡᠳᠡᠨ᠂ ᠴᠠᠭᠠᠳᠤ ᠳᠠᠯᠳᠠ ᠰᠠᠭᠠᠷᠠᠯ ᠨᠢ ᠲᠡᠭᠦᠨ ᠦ᠌ ᠬᠥᠯ ᠢ᠋ ᠲᠤᠰᠢᠵᠤ《 ᠭᠡᠨᠡᠨ ᠠᠶᠤᠯᠲᠠᠢ ᠳᠠ!》 ᠭᠡᠮᠡᠨ ᠬᠡᠨ ᠨᠢᠭᠡ ᠬᠥᠮᠦᠨ ᠲᠡᠭᠦᠨ ᠦ᠌ ᠴᠢᠬᠢᠨ ᠳ᠋ᠦ᠍ ᠰᠢᠪᠡᠨᠡᠬᠦ ᠰᠢᠭ ᠪᠣᠯᠪᠠ᠃ ᠶᠠᠪᠠᠭᠠᠨ ᠰᠠᠯᠬᠢ ᠪᠠᠷᠠᠭᠤᠨ ᠡᠮᠦᠨᠡ ᠡᠴᠡ ᠵᠢᠪᠠᠷᠯᠠᠭᠰᠠᠨ ᠪᠣᠯᠬᠣᠷ ᠬᠠᠶᠠ ᠬᠠᠶᠠ ᠤᠩᠭᠠᠰᠤ ᠬᠢᠷᠪᠤᠰᠤ ᠲᠦᠯᠡᠭᠳᠡᠭᠰᠡᠨ ᠦᠨᠦᠷ ᠪᠤᠶᠤ ᠮᠢᠬᠠ ᠰᠢᠷᠠᠭᠰᠠᠨ ᠬᠡᠩᠰᠢᠭᠦᠦ ᠦᠨᠦᠷ ᠦᠨᠦᠷᠲᠦᠬᠦ ᠰᠢᠭ ᠪᠣᠯᠤᠨᠠ᠃
ᠢᠩᠭᠢᠭᠡᠳ ᠲᠡᠷᠡ ᠴᠡᠷᠢᠭ ᠦ᠋ᠨ ᠵᠢᠯᠣᠭᠣ ᠶ᠋ᠢ ᠬᠤᠷᠢᠶᠠᠵᠤ᠂ ᠬᠣᠶᠠᠷ ᠱᠠᠯᠠᠮᠠᠭᠠᠢ ᠲᠤᠷᠰᠢᠭᠤᠯᠴᠢ ᠶᠠᠪᠤᠭᠤᠯᠵᠤ ᠨᠣᠶᠠᠨ ᠰᠠᠩ ᠤ᠋ᠨ ᠣᠲᠣᠷ ᠤ᠋ᠨ ᠵᠡᠭᠦᠨ ᠪᠠᠷᠠᠭᠤᠨ ᠲᠠᠯᠠ ᠪᠠᠷ ᠪᠠᠢᠳᠠᠯ ᠢ᠋ ᠲᠤᠷᠰᠢᠨ ᠬᠡᠲᠤᠭᠦᠯᠬᠦ ᠪᠡᠷ ᠲᠣᠮᠢᠯᠠᠪᠠ᠃
ᠤᠳᠠᠭᠰᠠᠨ ᠦᠭᠡᠢ ᠤᠭᠰᠠᠷᠠᠭᠠ ᠬᠡᠳᠦ ᠫᠤᠤ ᠲᠠᠴᠢᠭᠢᠨᠠᠨ ᠳᠤᠤᠭᠠᠷᠪᠠ᠃ ᠲᠤᠷᠰᠢᠭᠤᠯ ᠳ᠋ᠤ᠌ ᠶᠠᠪᠤᠭᠰᠠᠨ ᠨᠢᠭᠡ ᠨᠢ ᠮᠠᠨᠠᠭᠠᠨ ᠤ᠋ ᠴᠡᠷᠢᠭ ᠲᠦ᠍ ᠰᠡᠷᠡᠭᠳᠡᠵᠦ ᠫᠤᠤᠳᠠᠭᠳᠠᠭᠰᠠᠨ ᠪᠠᠢᠯᠠ᠃ ᠨᠥᠭᠦᠭᠡ ᠨᠢ ᠪᠣᠷᠣ ᠮᠥᠷ ᠢ᠋ᠶ᠋ᠡᠷ ᠢ᠋ᠶ᠋ᠡᠨ ᠳᠠᠪᠬᠢᠭᠤᠯᠤᠨ ᠢᠷᠡᠵᠦ᠄
— ᠮᠠᠭᠤ ᠪᠣᠯᠵᠠᠢ! ᠰᠢᠷᠠᠬᠤᠯᠤ ᠦᠬᠦᠪᠡ᠃ ᠬᠦᠩ ᠨᠣᠶᠠᠨ ᠤ᠋ ᠴᠠᠭᠠᠨ ᠤᠷᠲᠤ ᠶ᠋ᠢ ᠭᠤᠷᠪᠠᠨ ᠠᠯᠬᠤᠮ ᠵᠠᠢᠲᠠᠢ ᠨᠢᠭᠡ ᠬᠠᠷᠠ ᠴᠡᠷᠢᠭ ᠦ᠋ᠨ ᠮᠠᠨᠠᠭᠠ ᠵᠣᠭᠰᠣᠵᠤ᠂ ᠬᠠᠪᠢᠳᠠᠬᠤ ᠶ᠋ᠢᠨ ᠠᠷᠭᠠ ᠦᠭᠡᠢ ᠭᠡᠵᠦ ᠮᠡᠳᠡᠭᠦᠯᠬᠦ ᠳ᠋ᠦ᠍ ᠵᠣᠣᠨᠪᠠ ᠮᠡᠢᠷᠡᠨ ᠰᠢᠲᠦ ᠪᠡᠨ ᠵᠠᠭᠤᠵᠤ᠄
— ᠵᠠ᠂ ᠲᠡᠢᠮᠦ ᠪᠣᠯ ᠪᠢᠳᠠ ᠬᠣᠮᠣᠷᠭᠠᠨ ᠠᠪᠠ ᠰᠢᠭ᠋ ᠬᠥᠮᠥᠷᠢᠨ ᠣᠷᠣᠵᠤ ᠵᠥᠭᠡᠢ ᠶ᠋ᠢᠨ ᠡᠭᠦᠷ ᠢ᠋ ᠰᠡᠭᠴᠢᠵᠦ ᠬᠠᠶᠠᠭᠠᠳ ᠮᠣᠷᠢᠨ ᠤ᠋ ᠬᠤᠷᠳᠤ ᠳ᠋ᠠᠭᠠᠨ ᠵᠦᠭ ᠵᠦᠭ ᠲᠦ᠍ ᠵᠢᠭᠤᠲᠠᠨ ᠳᠤᠲᠠᠭᠠᠬᠤ ᠶ᠋ᠢ ᠪᠣᠳᠣᠶᠠ! ᠭᠠᠬᠠᠢ ᠶᠠᠪᠠᠭᠠᠨ ᠬᠠᠷᠠ ᠴᠡᠷᠢᠭ ᠦ᠋ᠳ ᠠᠯᠴᠠᠭᠴᠢᠭᠠᠳ ᠠᠷᠤ ᠳ᠋ᠤ᠌ ᠭᠠᠰᠠᠯᠤᠨ ᠬᠣᠴᠣᠷᠤᠨᠠ ᠳᠠ! ᠭᠡᠳ ᠪᠤᠰᠢᠭᠤᠬᠠᠨ ᠬᠥᠳᠡᠯᠵᠡᠭᠡᠪᠡ᠃
ᠮᠣᠷᠢᠨ ᠤ᠋ ᠪᠠᠨ ᠣᠮᠣᠭ ᠰᠦᠷ ᠲᠦ᠍ ᠡᠷᠳᠦᠭᠰᠡᠨ ᠮᠣᠩᠭᠣᠯ ᠡᠷᠡᠰ ᠦ᠋ᠳ ᠨᠣᠶᠠᠨ ᠰᠠᠩ ᠤ᠋ᠨ ᠣᠲᠣᠷ ᠤ᠋ᠨ ᠪᠠᠭᠤᠳᠠᠯ ᠤ᠋ᠨ ᠬᠡᠳᠦᠨ ᠲᠠᠯᠠ ᠠ᠋ᠴᠠ ᠴᠥᠮᠥᠷᠡᠨ ᠣᠷᠣᠵᠤ ᠬᠠᠷᠠᠭᠤᠯ ᠮᠠᠨᠠᠭᠠᠨ ᠤ᠋ ᠴᠡᠷᠢᠭ ᠢ᠋ ᠥᠷᠳᠡᠬᠦ ᠶ᠋ᠢᠨ ᠬᠢᠷᠢ ᠪᠡᠷ ᠫᠤᠤᠳᠠᠵᠤ ᠤᠨᠠᠭᠠᠨ ᠵᠦᠭ ᠵᠦᠭ ᠲᠡᠭᠡᠨ ᠪᠢᠴᠢᠬᠢᠨᠡᠭᠦᠯᠦᠭᠡᠳ ᠠᠷᠢᠯᠪᠠ᠃ ᠡᠭᠦᠷ ᠢ᠋ᠶ᠋ᠡᠨ ᠰᠡᠭᠴᠢᠭᠦᠯᠦᠭᠰᠡᠨ ᠵᠥᠭᠡᠢ ᠰᠢᠭ ᠬᠠᠷᠠ ᠴᠡᠷᠢᠭ ᠦ᠋ᠳ ᠦᠩᠭᠢᠨᠡᠨ ᠱᠤᠤᠭᠢᠯᠳᠤᠵᠤ ᠬᠠᠮᠢᠶᠠ ᠬᠠᠢᠳᠠᠭ ᠦᠭᠡᠢ ᠫᠤᠤᠳᠠᠵᠤ ᠭᠠᠷᠪᠠ᠃
ᠬᠠᠷᠠᠩᠭᠤᠢ ᠳ᠋ᠤ᠌ ᠬᠡᠳᠦᠨ ᠲᠡᠢᠰᠢ ᠪᠤᠲᠠᠷᠠᠨ ᠳᠠᠪᠬᠢᠯᠳᠤᠭᠰᠠᠨ ᠮᠣᠷᠢᠳ ᠤ᠋ᠨ ᠲᠦᠪᠡᠷᠭᠡᠨ ᠭᠠᠵᠠᠷ ᠤ᠋ᠨ ᠬᠡᠩᠭᠡᠷᠭᠡ ᠶ᠋ᠢᠨ ᠵᠤᠯᠠᠢ ᠶ᠋ᠢ ᠳᠡᠯᠡᠳᠬᠦ ᠰᠢᠭ ᠫᠠᠳᠠᠷ ᠫᠠᠳᠠᠷ ᠭᠡᠵᠦ ᠠᠢᠵᠠᠮᠲᠠᠢᠬᠠᠨ ᠫᠠᠴᠢᠭᠢᠨᠠᠭᠰᠠᠭᠠᠷ ᠬᠣᠯᠠᠳᠴᠤ ᠣᠳᠪᠠ᠃ ᠰᠣᠬᠣᠷ ᠬᠠᠷᠠᠩᠭᠤᠢ ᠳ᠋ᠤ᠌ ᠣᠷᠣᠨ ᠳ᠋ᠠᠭᠠᠨ ᠬᠣᠴᠣᠷᠤᠭᠰᠠᠨ ᠬᠠᠷᠠ ᠴᠡᠷᠢᠭ ᠦ᠋ᠳ ᠶᠠᠭᠠᠬᠢᠬᠤ ᠪᠠᠨ ᠣᠯᠬᠤ ᠦᠭᠡᠢ ᠪᠣᠯᠬᠤ ᠳ᠋ᠠᠭᠠᠨ ᠡᠢᠰᠢ ᠲᠠᠢᠰᠢ ᠳᠡᠮᠡᠢ ᠯᠡ ᠳᠦᠯᠢ ᠫᠤᠤ ᠲᠠᠯᠪᠢᠵᠤ ᠳᠡᠪᠵᠢᠶᠡᠷᠡᠨᠡ᠃ ᠬᠣᠰᠢᠭᠤ ᠶᠠᠮᠤᠨ ᠤ᠋ ᠴᠥᠭᠡᠪᠦᠷᠢ ᠮᠣᠷᠢᠲᠤ ᠴᠡᠷᠢᠭ ᠦ᠋ᠳ ᠠᠭᠤᠯᠠ ᠶ᠋ᠢᠨ ᠪᠠᠯ ᠤᠷᠤᠭᠤ ᠬᠡᠰᠡᠭ ᠨᠡᠬᠡᠭᠡᠳ ᠳᠠᠢᠰᠤᠨ ᠤ᠋ ᠮᠡᠬᠡᠨ ᠳ᠋ᠦ᠍ ᠣᠷᠣᠬᠤ ᠠ᠋ᠴᠠ ᠰᠡᠷᠡᠮᠵᠢᠯᠡᠭᠰᠡᠨ ᠪᠣᠯᠤᠯᠲᠠᠢ ᠴᠢᠮᠡᠭᠡ ᠠᠯᠳᠠᠷᠠᠪᠠ᠃
ᠵᠣᠳᠪᠠ ᠶ᠋ᠢᠨ ᠤᠳᠤᠷᠢᠳᠤᠭᠰᠠᠨ ᠭᠣᠣᠯ ᠴᠡᠷᠢᠭ ᠰᠠᠨᠠᠮᠰᠠᠷ ᠦᠭᠡᠢ ᠡᠢᠨ ᠬᠦ᠌ ᠨᠤᠭᠤᠷᠠᠯ ᠳ᠋ᠤ᠌ ᠤᠴᠠᠷᠠᠭᠠᠳ ᠬᠡᠳᠦᠨ ᠲᠠᠢᠰᠢ ᠪᠤᠲᠠᠷᠠᠭᠰᠠᠨ ᠢ᠋ᠶ᠋ᠠᠨ ᠡᠴᠦᠰ ᠲᠦ᠍ ᠭᠤᠷᠪᠠᠨ ᠪᠦᠯᠦᠭ ᠪᠣᠯᠵᠤ ᠵᠠᠳᠠᠷᠠᠨ ᠰᠠᠷᠨᠢᠪᠠ᠃ ᠵᠤᠳᠪᠠ ᠲᠦᠷᠥᠭᠦᠲᠠᠢ ᠨᠢᠭᠡ ᠪᠦᠯᠦᠭ ᠨᠢ ᠵᠡᠭᠦᠨᠰᠢᠯᠡᠵᠦ ᠮᠡᠷᠭᠡᠨ ᠭᠣᠣᠯ ᠤ᠋ᠨ ᠬᠠᠩᠭᠠᠢ ᠠᠮᠠ ᠶ᠋ᠢ ᠵᠣᠷᠢᠵᠠᠢ᠃ ᠨᠢᠭᠡ ᠪᠦᠯᠦᠭ ᠨᠢ ᠠᠭᠤᠯᠠ ᠶ᠋ᠢᠨ ᠪᠠᠯ ᠬᠦᠷᠦᠭᠡᠳ ᠬᠥᠬᠡᠪᠣᠯᠠᠭ ᠤ᠋ᠨ ᠠᠮᠠ ᠤᠷᠤᠭᠤ ᠴᠤᠪᠤᠷᠠᠯᠳᠤᠪᠠ᠃ ᠦᠯᠡᠳᠡᠭᠰᠡᠨ ᠪᠦᠯᠦᠭ ᠨᠢ ᠤᠯᠠᠭᠠᠨ ᠬᠠᠲᠤᠨ ᠤ᠋ ᠬᠥᠪᠡᠭᠡ ᠶ᠋ᠢ ᠪᠠᠷᠢᠵᠤ ᠰᠢᠭᠤᠳ ᠪᠠᠷᠠᠭᠤᠨᠰᠢᠯᠠᠨ ᠬᠠᠩᠬᠠ ᠶ᠋ᠢᠨ ᠲᠣᠬᠣᠢ ᠤᠷᠤᠭᠤ ᠵᠢᠭᠤᠲᠠᠵᠠᠢ᠃
ᠪᠠᠲᠤᠪᠠᠶᠠᠷ ᠤ᠋ᠨ ᠳᠠᠭᠠᠭᠤᠯᠤᠭᠰᠠᠨ ᠨᠢᠭᠡ ᠰᠤᠮᠤ ᠴᠡᠷᠢᠭ ᠳᠤᠮᠳᠠ ᠭᠣᠣᠯ ᠤ᠋ᠨ ᠠᠮᠠᠨ ᠤ᠋ ᠬᠣᠰᠢᠭᠤ ᠶᠠᠮᠤᠨ ᠤ᠋ ᠬᠦᠷᠢᠶᠡ ᠶ᠋ᠢ ᠡᠵᠡᠯᠡᠬᠦ ᠭᠡᠰᠡᠨ ᠭᠣᠷᠢᠳᠠᠯᠭᠠ ᠨᠢ ᠬᠥᠰᠡᠷᠳᠡᠵᠦ ᠬᠠᠯᠠᠭᠠᠢ ᠶ᠋ᠢᠨ ᠪᠤᠯᠤᠩ ᠤ᠋ᠨ ᠪᠠᠷᠠᠭᠤᠨ ᠬᠣᠩᠬᠣᠷ ᠬᠦᠷᠦᠮᠡᠭᠴᠡ ᠬᠠᠷᠠ ᠴᠡᠷᠢᠭ ᠲᠦ᠍ ᠬᠢᠶᠠᠷᠠᠲᠠᠯᠠ ᠴᠣᠬᠢᠭᠤᠯᠤᠭᠠᠳ ᠬᠡᠳᠦᠨ ᠡᠷᠡ ᠪᠡᠨ ᠲᠡᠢᠨ ᠦ᠌ ᠭᠠᠯ ᠳ᠋ᠤ᠌ ᠲᠠᠯᠠᠭᠠᠷ ᠭᠡᠨᠡᠳᠡᠭᠦᠯᠵᠦ ᠣᠷᠬᠢᠭᠠᠳ ᠶᠠᠭᠠᠬᠢᠵᠤ ᠴᠦ᠍ ᠪᠣᠯᠤᠭᠰᠠᠨ ᠦᠭᠡᠢ ᠪᠤᠲᠠᠷᠠᠪᠠ᠃
ᠰᠢᠷᠠᠮᠠᠩ ᠫᠠᠢᠵᠠᠩ ᠮᠤᠨᠠ ᠶ᠋ᠢᠨ ᠥᠪᠥᠢ ᠨᠤᠲᠤᠭ ᠲᠠᠢ ᠬᠣᠷᠢᠭᠠᠳ ᠴᠡᠷᠢᠭ ᠳᠠᠭᠠᠭᠤᠯᠵᠤ ᠥᠯᠵᠡᠢ ᠶ᠋ᠢᠨ ᠭᠣᠣᠯ ᠤ᠋ᠨ ᠰᠠᠢᠷ ᠢ᠋ᠶ᠋ᠠᠷ ᠥᠭᠡᠳᠡᠯᠡᠵᠦ ᠷᠠᠰᠢ ᠵᠠᠬᠢᠷᠤᠭᠴᠢ ᠶ᠋ᠢ ᠤᠨᠲᠠᠭᠠ ᠪᠠᠷ ᠨᠢ ᠣᠷᠣᠨ ᠳ᠋ᠤᠨᠢ ᠳᠠᠷᠤᠬᠤ ᠪᠠᠷ ᠭᠡᠷ ᠦ᠋ᠨ ᠬᠢᠨᠢ ᠡᠮᠦᠨᠡ ᠬᠠᠳᠠᠨ ᠬᠣᠰᠢᠭᠤ ᠬᠦᠷᠦᠭᠡᠳ ᠮᠣᠷᠢᠨ ᠠ᠋ᠴᠠ ᠪᠠᠨ ᠪᠠᠭᠤᠵᠠᠭᠠᠪᠠ᠃
ᠷᠠᠰᠢ ᠵᠠᠬᠢᠷᠤᠭᠴᠢ ᠶ᠋ᠢᠨ ᠰᠠᠭᠤᠭᠠ ᠭᠡᠷ ᠨᠢ ᠵᠡᠭᠦᠨ ᠪᠠᠷᠠᠭᠤᠨ ᠲᠠᠯᠠ ᠳ᠋ᠠᠭᠠᠨ ᠥᠨᠳᠥᠷ ᠤᠯᠠᠭᠠᠨ ᠬᠠᠳᠠ ᠲᠠᠢ ᠪᠠᠷᠲᠠᠭᠠᠲᠠᠢ ᠠᠭᠤᠯᠠ ᠶ᠋ᠢᠨ ᠳᠤᠮᠳᠠ ᠥᠨᠳᠥᠷ ᠥᠨᠳᠥᠷ ᠴᠢᠯᠠᠭᠤᠨ ᠶᠡᠨᠳᠡᠷ ᠲᠠᠢ ᠠᠪᠰᠠᠷᠬᠠᠨ ᠳᠡᠨᠵᠢᠨ ᠳᠡᠭᠡᠷᠡ ᠭᠣᠣᠯ ᠭᠡᠷ᠂ ᠵᠢᠭᠦᠷ ᠦ᠋ᠨ ᠭᠡᠷ᠂ ᠡᠭᠦᠳᠡᠨ ᠦ᠌ ᠴᠢᠬᠢᠨ ᠭᠡᠷ ᠭᠡᠵᠦ ᠬᠠᠭᠤᠴᠢᠨ ᠪᠡᠭᠡᠵᠢᠩ᠂ ᠪᠤᠭᠤᠲᠤ ᠶ᠋ᠢᠨ ᠶᠠᠮᠪᠠᠲᠠᠨ ᠬᠥᠷᠥᠩᠭᠡᠲᠡᠨ ᠦ᠌ ᠰᠠᠭᠤᠳᠠᠭ ᠳᠥᠷᠪᠡᠨ ᠲᠠᠯᠠ ᠠ᠋ᠴᠠ ᠪᠠᠨ ᠬᠦᠷᠢᠶᠡ ᠥᠩᠭᠡᠢᠭᠰᠡᠨ ᠰᠦᠮᠡ ᠶ᠋ᠢᠨ ᠣᠷᠣᠢ ᠲᠠᠢ ᠤᠷᠲᠤ ᠭᠡᠷ ᠦ᠋ᠨ ᠵᠠᠭᠪᠤᠷ ᠢ᠋ ᠳᠠᠭᠤᠷᠢᠶᠠᠵᠤ ᠪᠠᠷᠢᠭᠰᠠᠨ ᠨᠢ ᠡᠲᠡᠭᠡᠳ ᠶᠠᠩᠵᠤ ᠶᠠᠮᠪᠠᠲᠠᠢ ᠬᠠᠷᠠᠭᠳᠠᠨᠠ᠃ ᠲᠡᠭᠡᠬᠦᠯᠡᠷ ᠡᠩ ᠦ᠋ᠨ ᠮᠠᠯᠴᠢᠨ ᠠᠢᠯ ᠤ᠋ᠨ ᠵᠠᠳᠠᠭᠠᠢ ᠰᠠᠷᠠᠪᠴᠢ ᠲᠠᠢ ᠰᠢᠪᠡᠷ ᠪᠠᠢᠰᠢᠩ ᠪᠤᠶᠤ ᠮᠣᠩᠭᠣᠯ ᠭᠡᠷ ᠢ᠋ ᠳᠠᠭᠠᠷᠢᠬᠤ ᠰᠢᠭ᠋ ᠲᠡᠢᠮᠦ ᠴᠦ᠍ ᠬᠢᠯᠪᠠᠷ ᠪᠢᠰᠢ᠃ ᠡᠢᠨ ᠬᠦ᠌ ᠬᠡᠳᠦᠨ ᠴᠡᠷᠢᠭ ᠲᠣᠮᠢᠯᠠᠵᠤ ᠵᠡᠭᠦᠨ ᠪᠠᠷᠠᠭᠤᠨ ᠠᠭᠤᠯᠠ ᠶ᠋ᠢᠨ ᠣᠷᠣᠢ ᠶ᠋ᠢ ᠠᠪᠴᠤ᠂ ᠲᠦᠭᠰᠢᠭᠦᠷᠢᠲᠡᠢ ᠦᠶᠡ ᠳ᠋ᠦ᠍ ᠠᠭᠤᠯᠠ ᠶ᠋ᠢᠨ ᠣᠷᠣᠢ ᠳᠡᠭᠡᠷᠡ ᠡᠴᠡ ᠭᠡᠷ ᠦ᠋ᠨ ᠬᠦᠷᠢᠶᠡ ᠤᠷᠤᠭᠤ ᠭᠠᠯᠯᠠᠵᠤ᠂ ᠨᠢᠭᠡ ᠭᠠᠷᠴᠤ ᠢᠷᠡᠪᠡᠯ ᠨᠢᠭᠡ ᠰᠥᠨᠥᠭᠡᠬᠦ ᠪᠡᠷ ᠲᠣᠬᠢᠲᠠᠢ ᠪᠠᠢᠷᠢᠰᠢᠭᠤᠯᠪᠠ᠃ ᠥᠯᠡᠳᠡᠭᠰᠡᠨ ᠨᠢ ᠭᠣᠣᠯ ᠤ᠋ᠨ ᠬᠣᠢᠲᠤ ᠵᠠᠮ ᠪᠣᠯᠤᠨ ᠤᠷᠲᠤ ᠠᠮᠠ ᠶ᠋ᠢ ᠬᠠᠰᠢᠵᠤ ᠬᠡᠳᠦᠨ ᠱᠠᠯᠠᠮᠠᠭᠠᠢ ᠡᠷᠡ ᠪᠠᠢᠳᠠᠯ ᠢ᠋ ᠠᠵᠢᠨ ᠬᠦᠷᠢᠶᠡ ᠦᠰᠦᠷᠦᠨ ᠣᠷᠣᠵᠤ ᠭᠠᠷ ᠬᠥᠳᠡᠯᠬᠦ ᠪᠡᠷ ᠪᠣᠯᠪᠠ᠃ ᠡᠨᠡ ᠦᠶᠡ ᠳ᠋ᠦ᠍ ᠶᠠᠭ ᠦᠦᠷ ᠬᠠᠶᠠᠭᠠᠷᠠᠵᠤ ᠪᠠᠢᠪᠠ᠃ ᠪᠠᠷᠠᠭᠤᠨ ᠡᠩᠭᠡᠷ ᠳᠠᠪᠠᠭᠰᠠᠨ ᠴᠡᠷᠢᠭ ᠦ᠋ᠨ ᠨᠢᠭᠡ ᠨᠢ ᠬᠢᠴᠢᠶᠡᠮᠵᠢ ᠦᠭᠡᠢ ᠪᠡᠷ ᠬᠥᠨᠳᠡᠢ ᠴᠢᠯᠠᠭᠤ ᠭᠢᠰᠬᠢᠵᠦ ᠪᠥᠮᠪᠥᠷᠢᠭᠦᠯᠪᠡ᠃
ᠲᠡᠷᠭᠢᠯᠲᠤ ᠶ᠋ᠢᠨ ᠭᠣᠣᠯ ᠤ᠋ᠨ ᠪᠠᠷᠠᠭᠤᠨ ᠡᠷᠭᠢ ᠳᠣᠣᠷᠠ ᠪᠡᠶᠡ ᠵᠠᠰᠠᠵᠤ ᠰᠠᠭᠤᠭᠰᠠᠨ ᠮᠠᠯ ᠤ᠋ᠨ ᠬᠥᠮᠦᠨ ᠨᠢ ᠪᠠᠷᠠᠭᠤᠨ ᠬᠠᠳᠠ ᠲᠠᠢ ᠡᠩᠭᠡᠷ ᠳᠡᠭᠡᠷᠡ ᠡᠴᠡ ᠬᠠᠳᠠ ᠪᠥᠮᠪᠥᠷᠢᠵᠦ ᠪᠠᠭᠤᠬᠤ ᠳ᠋ᠤ᠌ ᠬᠡᠯᠡᠮᠡᠨ ᠰᠣᠴᠢᠵᠤ ᠬᠠᠷᠠᠬᠤᠯᠠ ᠠᠭᠤᠯᠠ ᠶ᠋ᠢᠨ ᠣᠷᠣᠢ ᠳᠡᠭᠡᠷᠡ ᠬᠡᠳᠦ ᠬᠡᠳᠦᠨ ᠬᠥᠮᠦᠨ ᠦ᠌ ᠲᠣᠯᠣᠭᠠᠢ ᠱᠤᠷᠤᠯᠵᠡᠵᠤ ᠬᠠᠷᠠᠭᠳᠠᠬᠤ ᠶ᠋ᠢ ᠦᠵᠡᠭᠡᠳ ᠨᠢᠭᠡ ᠯᠡ ᠠᠮᠢᠰᠬᠤᠭᠠ ᠪᠠᠷ ᠭᠦᠶᠦᠵᠦ ᠬᠦᠷᠢᠶᠡᠨ ᠳ᠋ᠡᠭᠡᠨ ᠣᠷᠣᠭᠠᠳ ᠡᠵᠡᠨ ᠬᠥᠮᠦᠨ ᠳ᠋ᠡᠭᠡᠨ《 ᠵᠡᠭᠦᠨ ᠪᠠᠷᠠᠭᠤᠨ ᠣᠷᠣᠢ ᠳᠡᠭᠡᠷᠡ ᠫᠤᠤ ᠲᠠᠢ ᠬᠥᠮᠦᠨ ᠪᠠᠢᠨᠠ》 ᠭᠡᠵᠦ ᠮᠡᠳᠡᠭᠦᠯᠦᠭᠡᠳ ᠥᠷᠯᠥᠭᠡᠨ ᠦ᠌ ᠲᠤᠭ ᠨᠣᠢᠷ ᠲᠠᠭᠠᠨ ᠪᠠᠢᠭᠰᠠᠨ ᠷᠠᠰᠢ ᠵᠠᠬᠢᠷᠤᠭᠴᠢ ᠶ᠋ᠢᠨ ᠬᠢᠨ ᠢ᠋ ᠰᠣᠴᠢᠭᠠᠨ ᠰᠡᠷᠡᠭᠡᠪᠡ᠃
ᠬᠠᠳᠠ ᠪᠥᠮᠪᠥᠷᠢᠭᠰᠡᠨ ᠦ᠌ ᠭᠠᠢ ᠪᠠᠷ ᠬᠠᠮᠤᠭ ᠶᠠᠭᠤᠮᠠ ᠪᠤᠷᠤᠭᠤ ᠲᠡᠢᠰᠢ ᠬᠠᠨᠳᠤᠵᠤ ᠤᠤᠯ ᠤ᠋ᠨ ᠲᠥᠯᠥᠪᠯᠡᠭᠡ ᠪᠡᠷ ᠬᠦᠷᠢᠶᠡ ᠦᠰᠦᠷᠴᠦ ᠬᠥᠨᠵᠢᠯᠡ ᠳᠣᠲᠣᠷᠠ ᠨᠢ ᠳᠠᠷᠤᠬᠤ ᠭᠡᠰᠡᠨ ᠨᠢ ᠲᠠᠯᠠᠭᠠᠷᠳᠠᠪᠠ᠃ ᠷᠠᠰᠢ ᠵᠠᠬᠢᠷᠤᠭᠴᠢ ᠶ᠋ᠢᠨ ᠭᠡᠭᠴᠢ ᠬᠥᠷᠥᠩᠭᠡ ᠬᠣᠭᠰᠢᠯ ᠶᠡᠬᠡᠲᠡᠢ ᠠᠢᠯ᠂ ᠲᠡᠷᠡ ᠮᠥᠷᠲᠡᠭᠡᠨ ᠬᠦᠩ ᠨᠣᠶᠠᠨ ᠤ᠋ ᠬᠠᠭᠠᠰ ᠡᠷᠬᠡ ᠶ᠋ᠢ ᠡᠵᠡᠮᠳᠡᠳᠡᠭ ᠲᠡᠭᠡᠨ ᠭᠡᠷ ᠦ᠋ᠨ ᠴᠡᠷᠢᠭ ᠲᠡᠵᠢᠭᠡᠵᠦ ᠫᠤᠤ ᠵᠡᠪᠰᠡᠭ ᠲᠡᠢ ᠪᠠᠢᠳᠠᠭ ᠪᠣᠯᠬᠣᠷ ᠴᠦᠯᠢᠰ ᠳᠠᠭᠠᠷᠢᠵᠤ ᠪᠣᠯᠬᠤ ᠦᠭᠡᠢ ᠠᠵᠢ᠃ ᠲᠡᠭᠡᠲᠡᠯᠡ ᠬᠦᠷᠢᠶᠡᠨ ᠦ᠌ ᠬᠢᠨᠢ ᠵᠡᠭᠦᠨ ᠬᠣᠢᠲᠤ ᠡᠩᠭᠡᠷ ᠬᠠᠪᠢᠳᠠᠭᠤ ᠳᠥᠷᠪᠡᠨ ᠲᠠᠯᠠ ᠳ᠋ᠠᠭᠠᠨ ᠣᠩᠬᠢ ᠨᠢᠳᠦ ᠲᠡᠢ ᠴᠢᠯᠠᠭᠤᠨ ᠴᠣᠨᠵᠢ ᠶ᠋ᠢᠨ ᠰᠣᠬᠣᠷ ᠨᠢᠳᠦ ᠡᠴᠡ ᠫᠤᠤ ᠲᠠᠴᠢᠭᠢᠨᠠᠪᠠ᠃ ᠭᠠᠳᠠᠨᠠ ᠶ᠋ᠢᠨ ᠴᠡᠷᠢᠭ ᠬᠠᠪᠢᠳᠠᠬᠤ ᠶ᠋ᠢᠨ ᠠᠷᠭᠠ ᠦᠭᠡᠢ ᠪᠣᠯᠤᠯᠠ᠃ ᠲᠡᠭᠡᠲᠡᠯᠡ ᠬᠦᠷᠢᠶᠡᠨ ᠳᠣᠲᠣᠷᠠ ᠬᠦᠷᠡᠩ ᠲᠣᠷᠭᠠᠨ ᠬᠠᠨᠵᠢᠶᠠᠷ ᠲᠠᠢ ᠶᠣᠯᠬᠣᠭᠣᠷ ᠲᠣᠮᠣ ᠭᠡᠳᠡᠰᠦ ᠲᠡᠢ ᠲᠠᠷᠭᠤᠨ ᠡᠷᠡ ᠪᠠᠷᠠᠭᠤᠨ ᠲᠠᠯᠠ ᠶ᠋ᠢᠨ ᠬᠠᠳᠠ ᠲᠠᠢ ᠡᠩᠭᠡᠷ ᠲᠦ᠍ ᠱᠣᠷᠤᠯᠵᠠᠬᠤ ᠲᠣᠯᠣᠭᠠᠢ ᠤᠷᠤᠭᠤ ᠣᠨᠢᠯᠠᠵᠤ ᠤᠭᠰᠠᠷᠠᠭᠠ ᠪᠠᠷ ᠵᠢᠷᠭᠤᠭᠠ ᠭᠠᠯᠯᠠᠪᠠ᠃ ᠫᠤᠤ ᠶ᠋ᠢᠨ ᠰᠤᠮᠤᠨ ᠤ᠋ ᠢᠰᠬᠡᠷᠦᠨ ᠱᠤᠤᠭᠢᠭᠰᠠᠨ ᠳᠡᠪᠵᠢᠶᠡᠨᠳᠤ ᠪᠠᠢᠳᠠᠯ ᠢ᠋ ᠵᠢᠭᠰᠢᠨ ᠪᠠᠢᠭᠰᠠᠨ ᠬᠢᠵᠢᠶᠡᠯ ᠨᠠᠰᠤᠨ ᠤ᠋ ᠡᠬᠡᠨᠡᠷ ᠭᠠᠷᠴᠤ ᠢᠷᠡᠨ ᠥᠨᠥᠬᠢ ᠫᠤᠤ ᠣᠨᠢᠯᠠᠭᠰᠠᠨ ᠲᠠᠷᠭᠤᠨ ᠡᠷᠡ ᠶ᠋ᠢ ᠲᠡᠪᠡᠷᠢᠵᠦ《 ᠪᠢᠲᠡᠭᠡᠢ ᠫᠤᠤᠳᠠ! ᠬᠤᠷᠳᠤᠨ ᠭᠡᠷ ᠲᠦ᠍ ᠣᠷᠣᠵᠤ᠁》 ᠭᠡᠵᠦ ᠬᠠᠰᠬᠢᠷᠲᠠᠯᠠ ᠰᠠᠢᠨ ᠮᠠᠭᠤ ᠶ᠋ᠢ ᠢᠯᠭᠠᠵᠤ ᠲᠠᠨᠢᠳᠠᠭ ᠦᠭᠡᠢ ᠨᠢᠭᠡᠨ ᠨᠢᠳᠦ ᠦᠭᠡᠢ ᠰᠤᠮᠤ ᠱᠤᠤᠭᠢᠨ ᠢᠷᠡᠵᠦ ᠨᠢᠭᠡ ᠴᠣᠭᠴᠠ ᠪᠣᠯᠤᠨ ᠲᠡᠪᠡᠷᠢᠯᠳᠦᠭᠰᠡᠨ ᠡᠷᠡ ᠡᠮᠡ ᠬᠣᠶᠠᠷ ᠤ᠋ᠨ ᠡᠯᠢᠭᠡ ᠵᠢᠷᠦᠬᠡ ᠶ᠋ᠢ ᠰᠦᠪᠡᠯᠡᠪᠡ᠃ ᠦᠵᠡᠲᠡᠯᠡ ᠬᠦᠷᠢᠶᠡᠨ ᠳᠤᠮᠳᠠ ᠬᠣᠶᠠᠷ ᠬᠥᠮᠦᠨ ᠶᠠᠭᠠᠬᠢᠵᠤ ᠡᠢᠵᠦ ᠪᠣᠯᠤᠯ ᠦᠭᠡᠢ ᠦᠬᠦᠭᠡᠷ ᠪᠣᠯᠤᠨ ᠳᠡᠷᠡᠢᠭᠰᠡᠨ ᠪᠣᠯᠬᠣᠷ ᠡᠨᠡ ᠠᠢᠯ ᠤ᠋ᠨ ᠬᠡᠦᠬᠡᠳ ᠪᠦᠰᠡᠭᠦᠢ᠂ ᠨᠠᠰᠤᠲᠠᠢ ᠵᠡᠮᠳᠡᠭ᠂ ᠵᠠᠷᠤᠴᠠ ᠰᠢᠪᠡᠭᠴᠢᠨ᠂ ᠮᠠᠯ ᠤ᠋ᠨ ᠬᠥᠮᠦᠨ᠂ ᠭᠠᠯ ᠲᠣᠭᠣᠭᠠᠨ ᠤ᠋ ᠬᠥᠮᠦᠨ ᠤᠴᠢᠷ ᠤᠬᠠᠭᠠᠨ ᠢ᠋ ᠣᠯᠬᠤ ᠦᠭᠡᠢ ᠪᠡᠮᠪᠡᠭᠡᠨᠡᠵᠦ᠂ ᠤᠬᠢᠯᠠᠭ ᠠᠯᠲᠠᠨ ᠠᠪᠳᠠᠷᠠ ᠱᠦᠭᠦᠢ᠂ ᠲᠤᠯᠭᠠ ᠶ᠋ᠢᠨ ᠮᠤᠬᠤᠷ᠂ ᠡᠯᠵᠢᠭᠡ ᠮᠣᠷᠢᠨ ᠤ᠋ ᠫᠧᠩ ᠡᠷᠢᠨ ᠭᠦᠶᠦᠯᠳᠦᠵᠦ ᠠᠮᠢ ᠭᠠᠷᠬᠤ ᠶ᠋ᠢ ᠭᠣᠷᠢᠳᠠᠵᠠᠭᠠᠨᠠ᠃ ᠥᠨᠥᠬᠢ ᠴᠢᠯᠠᠭᠤᠨ ᠴᠣᠢᠵᠢ ᠶ᠋ᠢᠨ ᠤᠩᠬᠢ ᠨᠢᠳᠦ ᠪᠡᠷ ᠵᠡᠭᠦᠨᠰᠢ ᠪᠠᠷᠠᠭᠤᠨᠰᠢ ᠣᠨᠢᠯᠠᠨ ᠫᠤᠤᠳᠠᠭᠰᠠᠨ ᠴᠡᠷᠢᠭ ᠪᠠᠭᠤᠵᠤ ᠢᠷᠡᠨ ᠴᠠᠭᠠᠨ ᠳᠠᠪᠤᠤ ᠶ᠋ᠢ ᠤᠷᠲᠤᠬᠠᠨ ᠰᠢᠭ᠋ ᠠᠭᠠᠷᠤᠨ ᠰᠢᠪᠡᠭᠡᠨ ᠦ᠌ ᠦᠵᠦᠭᠦᠷ ᠲᠦ᠍ ᠤᠶᠠᠵᠤ ᠪᠡᠶᠡ ᠳᠠᠯᠳᠠᠯᠠᠵᠤ ᠪᠣᠯᠤᠮᠠ ᠬᠡᠷᠡᠮ ᠦ᠋ᠨ ᠥᠨᠴᠥᠭ ᠲᠦ᠍ ᠣᠴᠣᠢᠨ ᠨᠢᠭᠤᠵᠤ《 ᠴᠠᠭᠠᠨ ᠲᠤᠭ》 ᠢ᠋ᠶ᠋ᠠᠨ ᠬᠤᠷᠤᠢᠯᠳᠤᠭᠤᠯᠤᠨ《ᠫᠤᠤᠳᠠᠬᠤ ᠪᠠᠨ ᠵᠣᠭᠰᠣᠶᠠ᠂ ᠪᠠᠭᠤᠵᠤ ᠥᠭᠭᠦᠶᠡ》 ᠭᠡᠵᠦ ᠬᠠᠰᠬᠢᠷᠤᠨ ᠡᠭᠦᠷᠴᠦ ᠪᠠᠢᠭᠰᠠᠨ ᠫᠤᠤ ᠪᠠᠨ ᠬᠦᠷᠢᠶᠡᠨ ᠦ᠌ ᠭᠠᠳᠠᠨᠠ ᠰᠢᠳᠡᠵᠦ ᠶᠠᠪᠤᠭᠤᠯᠪᠠ᠃ ᠮᠥᠬᠥᠯ ᠦ᠋ᠨ《 ᠴᠠᠭᠠᠨ ᠲᠤᠭ》 ᠤ᠋ᠨ ᠬᠤᠷᠤᠢᠯᠵᠠᠭᠤᠷ ᠰᠢᠳᠢ ᠲᠡᠢ ᠶᠦᠮ ᠰᠢᠭ ᠵᠡᠭᠦᠨ ᠪᠠᠷᠠᠭᠤᠨ ᠠᠭᠤᠯᠠ ᠶ᠋ᠢᠨ ᠣᠷᠣᠢ ᠳᠡᠭᠡᠷᠡ ᠡᠴᠡ ᠭᠠᠯᠯᠠᠭᠰᠠᠨ ᠫᠤᠤ ᠶ᠋ᠢᠨ ᠳᠠᠭᠤ ᠶ᠋ᠢ ᠵᠣᠭᠰᠣᠭᠠᠪᠠ᠃
ᠬᠦᠷᠢᠶᠡᠨ ᠳᠤᠮᠳᠠ ᠦᠬᠦᠭᠰᠡᠨ ᠬᠥᠮᠦᠨ ᠪᠣᠯ ᠷᠠᠰᠢ ᠵᠠᠬᠢᠷᠤᠭᠴᠢ ᠶ᠋ᠢᠨ ᠳᠡᠭᠦᠦ ᠭᠣᠮᠪᠤᠰᠦ᠋ᠷᠦᠩ ᠡᠷᠡ ᠡᠮᠡ ᠬᠣᠶᠠᠭᠤᠯᠠ ᠪᠠᠢᠯᠠ᠃ ᠷᠠᠰᠢ ᠵᠠᠬᠢᠷᠤᠭᠴᠢ ᠬᠣᠰᠢᠭᠤ ᠵᠠᠰᠠᠭ ᠤ᠋ᠨ ᠠᠯᠪᠠᠨ ᠳᠠᠭᠤᠳᠠᠯᠭᠠ ᠪᠠᠷ ᠶᠠᠮᠤᠨ ᠳ᠋ᠠᠭᠠᠨ ᠶᠠᠪᠤᠭᠰᠠᠨ ᠪᠣᠯᠬᠣᠷ ᠡᠨᠡ ᠤᠳᠠᠭᠠᠨ ᠤ᠋ ᠲᠤᠯᠤᠯᠳᠤᠭᠠᠨ ᠳ᠋ᠤ᠌ ᠣᠷᠣᠨ ᠳ᠋ᠠᠭᠠᠨ ᠲᠥᠷᠥᠭᠰᠡᠨ ᠳᠡᠭᠦᠦ ᠪᠡᠨ ᠨᠥᠬᠥᠭᠡᠰᠦ ᠪᠣᠯᠭᠠᠨ ᠦᠷᠡᠭᠡᠵᠤ ᠬᠠᠷᠢᠨ ᠵᠣᠯ ᠢ᠋ᠶ᠋ᠠᠷ ᠠᠮᠢ ᠪᠤᠯᠲᠠᠭᠰᠠᠨ ᠪᠠᠢᠯᠠ᠃ ᠢᠷᠡᠭᠰᠡᠨ ᠴᠡᠷᠢᠭ ᠦ᠋ᠳ ᠡᠨᠡ ᠠᠢᠯ ᠤ᠋ᠨ ᠦᠨᠡᠲᠡᠢ ᠡᠳ᠋ ᠬᠥᠷᠥᠩᠭᠡ ᠶ᠋ᠢ ᠬᠤᠷᠢᠶᠠᠵᠤ᠂ ᠮᠠᠯ ᠤᠨᠤᠭᠠ ᠶ᠋ᠢ ᠨᠢ ᠳᠠᠭᠤᠨ ᠥᠯᠵᠡᠢ ᠶ᠋ᠢᠨ ᠭᠣᠣᠯ ᠤᠷᠤᠭᠤᠳᠠᠨ ᠲᠠᠪᠰᠠᠩ ᠤ᠋ᠨ ᠦᠵᠦᠭᠦᠷ ᠬᠦᠷᠬᠦ ᠳ᠋ᠦ᠍ ᠬᠣᠶᠠᠷ ᠵᠢᠯᠠᠭᠠ ᠶ᠋ᠢᠨ ᠠᠮᠠ ᠠ᠋ᠴᠠ ᠪᠠᠷᠠᠭᠤᠨᠰᠢ ᠳᠣᠪᠲᠣᠯᠭᠠᠭᠰᠠᠨ ᠪᠠᠷᠠᠭᠠᠨ ᠮᠣᠷᠢ ᠲᠠᠢ ᠬᠡᠳᠦᠨ ᠬᠥᠮᠦᠨ ᠠᠢᠰᠤᠢ᠃
ᠵᠤᠳᠪᠠ ᠶ᠋ᠢᠨ ᠲᠣᠮᠢᠯᠠᠭᠰᠠᠨ ᠬᠡᠳᠦᠨ ᠴᠡᠷᠢᠭ ᠰᠢᠷᠠᠮᠠᠩ ᠫᠠᠢᠵᠠᠩ ᠲᠠᠢ ᠠᠭᠤᠯᠵᠠᠵᠤ᠂《ᠪᠤᠭᠤᠲᠤ ᠠ᠋ᠴᠠ ᠬᠠᠷᠠ ᠴᠡᠷᠢᠭ ᠠᠢᠰᠤᠢ᠃ ᠪᠣᠯᠬᠤ ᠶ᠋ᠢᠨ ᠳᠣᠲᠣᠷᠠ ᠳ᠋ᠠᠭᠳᠠᠨ ᠳᠠ ᠯᠠᠮᠠ ᠶ᠋ᠢᠨ ᠬᠣᠷᠭᠣᠳᠠᠭᠰᠠᠨ ᠬᠠᠳᠠᠨ ᠬᠣᠩᠭᠢᠯ ᠢ᠋ ᠬᠠᠮᠠᠭᠠᠯᠠᠵᠤ ᠦᠬᠦᠬᠦᠸᠡᠷ ᠪᠠᠢᠯᠳᠤᠬᠤ ᠬᠡᠷᠡᠭᠲᠡᠢ》 ᠭᠡᠰᠡᠨ ᠡᠯᠳᠡᠩᠭᠡ ᠶ᠋ᠢᠨ ᠵᠠᠷᠯᠢᠭ ᠢ᠋ ᠤᠯᠠᠮᠵᠢᠯᠠᠵᠤ ᠶᠠᠪᠤᠭᠠ ᠠᠵᠢ᠃
ᠤᠤᠯ ᠨᠢ ᠵᠣᠯ ᠢ᠋ᠶ᠋ᠠᠷ ᠪᠤᠭᠤᠲᠤ ᠶ᠋ᠢᠨ ᠸᠠᠩ ᠲᠣᠪᠴᠢᠶᠠᠨ ᠳᠠᠷᠤᠭᠠ ᠠ᠋ᠴᠠ ᠲᠤᠰᠠᠯᠠᠮᠵᠢ ᠭᠤᠶᠤᠭᠰᠠᠨ ᠬᠠᠷᠠ ᠴᠡᠷᠢᠭ ᠪᠠᠷᠠᠭᠤᠨᠰᠢᠯᠠᠵᠤ ᠵᠠᠪᠳᠤᠭᠠ ᠦᠭᠡᠢ ᠪᠠᠢᠭᠠ ᠳ᠋ᠤ᠌ ᠵᠤᠳᠪᠠ ᠮᠡᠢᠷᠡᠨ ᠦᠦᠷ ᠬᠠᠷᠠᠩᠭᠤᠢ ᠪᠠᠷ ᠮᠡᠷᠭᠡᠨ ᠰᠦᠮᠡ ᠳ᠋ᠦ᠍ ᠣᠴᠢᠵᠤ᠂ ᠡᠯᠳᠡᠩᠭᠡ ᠳ᠋ᠦ᠍ ᠪᠠᠢᠳᠠᠯ ᠢ᠋ ᠮᠡᠳᠡᠭᠦᠯᠦᠨ᠂ ᠪᠤᠭᠤᠲᠤ ᠠ᠋ᠴᠠ ᠪᠠᠷᠠᠭᠤᠨᠰᠢ ᠬᠠᠷᠠᠯᠠᠨ ᠠᠢᠰᠤᠢ ᠬᠠᠷᠠ ᠴᠡᠷᠢᠭ ᠦ᠋ᠨ ᠪᠠᠷᠠ ᠶ᠋ᠢ ᠦᠵᠡᠭᠡᠳ ᠮᠡᠷᠭᠡᠨ ᠭᠣᠣᠯ ᠢ᠋ ᠥᠭᠡᠳᠡᠯᠡᠨ ᠠᠭᠤᠯᠠ ᠶ᠋ᠢᠨ ᠠᠷᠤ ᠲᠡᠢᠰᠢ ᠳᠤᠲᠠᠭᠠᠵᠠᠢ᠃
ᠰᠢᠷᠠᠮᠠᠩ ᠫᠠᠢᠵᠠᠩ ᠥᠯᠵᠡᠢ ᠶ᠋ᠢᠨ ᠭᠣᠣᠯ ᠤ᠋ᠨ ᠠᠮᠠᠨ ᠤ᠋ ᠵᠡᠭᠦᠨ ᠬᠥᠲᠥᠯ ᠳᠡᠭᠡᠷᠡ ᠭᠠᠷᠴᠤ ᠵᠡᠭᠦᠨ ᠡᠮᠦᠨᠡᠰᠢ ᠳᠤᠷᠠᠨᠳᠠᠪᠠᠯ ᠬᠣᠶᠠᠷᠬᠤᠤᠠᠲᠤᠭ ᠤ᠋ᠨ ᠪᠠᠷᠠᠭᠤᠨ ᠵᠣ ᠪᠠᠷ ᠰᠢᠷᠭᠤᠯᠵᠢ ᠰᠢᠭ᠋ ᠠᠷᠪᠠᠭᠠᠨᠠᠭᠰᠠᠨ ᠬᠠᠷᠠ ᠴᠡᠷᠢᠭ ᠨᠡᠭᠦᠵᠦ ᠶᠠᠪᠤᠭᠠ ᠶ᠋ᠢ ᠬᠠᠷᠠᠭᠠᠳ ᠲᠡᠷᠡ ᠳᠣᠣᠷᠠ ᠪᠠᠨ ᠡᠷᠭᠢᠨ ᠲᠠᠭᠤᠵᠤ ᠶᠠᠪᠤᠭᠠ ᠦᠬᠡᠷ ᠮᠠᠯ᠂ ᠲᠡᠭᠡᠭᠡᠵᠦ ᠶᠠᠪᠤᠭᠠ ᠠᠴᠢᠶᠠ ᠬᠥᠰᠬᠡ ᠪᠡᠨ ᠬᠠᠶᠠᠳᠠᠭ ᠠᠪᠳᠠᠭ ᠢ᠋ ᠨᠢ ᠠᠪᠤᠭᠠᠳ ᠣᠤᠪᠤᠯᠠᠭ ᠤ᠋ᠨ ᠭᠣᠣᠯ ᠢ᠋ ᠥᠭᠡᠳᠡᠯᠡᠵᠦ᠂ ᠠᠭᠤᠯᠠ ᠶ᠋ᠢᠨ ᠬᠢᠷᠠ ᠳ᠋ᠤ᠌ ᠭᠠᠷᠬᠤ ᠪᠠᠷ ᠲᠦᠷᠭᠡᠯᠡᠪᠡ᠃