ᠳᠡᠳ᠋ ᠪᠣᠲᠢ – ᠨᠢᠭᠡᠳᠦᠭᠡᠷ ᠪᠦᠯᠦᠭ <ᠵᠢᠷᠭᠤᠭᠠ>
ᠪᠠᠲᠤᠴᠠᠭᠠᠨ ᠤ ᠨᠠᠪᠴᠢ ᠪᠣᠳᠣᠭᠰᠠᠨ ᠶᠤᠮ ᠰᠢᠭ᠋ ᠤᠯᠠᠢᠵᠤ᠂ ᠰᠢᠷᠠ ᠴᠣᠬᠣᠷ ᠪᠣᠯᠤᠭᠰᠠᠨ ᠪᠤᠷᠭᠠᠰᠤ ᠤᠯᠢᠶᠠᠰᠤᠨ ᠤ ᠨᠠᠪᠴᠢᠰ ᠨᠠᠪᠰᠠᠯᠠᠨ ᠤᠨᠠᠭᠰᠠᠭᠠᠷ ᠪᠠᠢᠵᠤ ᠠᠭᠤᠯᠠᠨ ᠵᠢᠯᠠᠭᠠ ᠶᠢᠨ ᠵᠥᠷᠢᠭ ᠵᠠᠮ ᠢ᠋ᠶ᠋ᠠᠷ ᠳᠦᠭᠦᠷᠡᠩ ᠨᠠᠪᠴᠢ ᠳᠡᠪᠢᠰᠦᠭᠳᠡᠵᠦ᠂ ᠳᠡᠭᠡᠭᠦᠷ ᠨᠢ ᠭᠢᠰᠬᠢᠬᠦ ᠳ᠋ᠦ᠍ ᠨᠠᠮᠢᠰ ᠨᠠᠮᠢᠰ ᠨᠠᠮᠢᠯᠵᠠᠵᠤ ᠳᠤᠲᠠᠭᠤ ᠲᠠᠲᠠᠭᠰᠠᠨ ᠵᠤᠵᠠᠭᠠᠨ ᠢᠰᠡᠭᠡᠢ ᠳᠡᠭᠡᠭᠦᠷ ᠠᠯᠬᠤᠵᠤ ᠪᠠᠢᠭᠠ ᠰᠢᠭ᠋ ᠰᠠᠨᠠᠭᠳᠠᠭᠤᠯᠤᠨᠠ᠃ ᠬᠢᠷᠠ ᠳᠠᠭᠠᠭᠰᠠᠨ ᠨᠠᠷᠠᠨ ᠡᠭᠡᠪᠦᠷ ᠭᠠᠵᠠᠷ ᠤ᠋ᠨ ᠬᠠᠢᠯᠠᠰᠤ᠂ ᠦᠬᠡᠷ ᠭᠦᠢᠯᠡᠰᠦ᠂ ᠬᠣᠨᠢᠨ ᠭᠦᠢᠯᠡᠰᠦᠨ ᠦ ᠨᠠᠪᠴᠢ ᠠᠯᠢ ᠬᠡᠳᠦᠢᠨ ᠤᠨᠠᠵᠤ ᠪᠠᠷᠠᠭᠠᠳ᠂ ᠬᠤᠪᠠᠬᠠᠢ ᠮᠥᠴᠢᠷ ᠨᠢ ᠲᠡᠭᠷᠢ ᠥᠭᠡᠳᠡ ᠰᠠᠷᠪᠠᠢᠵᠤ ᠡᠬᠡ ᠪᠠᠢᠭᠠᠯᠢ ᠠ᠋ᠴᠠ ᠡᠷᠭᠢᠬᠦ ᠤᠯᠠᠷᠢᠯ ᠤ᠋ᠨ ᠢᠪᠡᠭᠡᠵᠦ ᠬᠠᠢᠷᠠᠯᠠᠬᠤ ᠨᠠᠪᠴᠢᠨ ᠴᠢᠮᠡᠭᠡ ᠪᠡᠨ ᠡᠷᠲᠡ ᠡᠴᠡ ᠡᠷᠲᠡ ᠨᠡᠬᠡᠮᠵᠢᠯᠡᠨ ᠭᠤᠶᠤᠴᠢᠯᠠᠭᠠ ᠰᠢᠭ᠋ ᠭᠣᠮᠣᠳᠠᠯᠲᠠᠢ ᠬᠠᠷᠠᠭᠳᠠᠨᠠ᠃
ᠬᠥᠲᠥᠯ ᠨᠢᠷᠤᠭᠤ ᠳᠠᠪᠠᠵᠤ᠂ ᠭᠣᠣᠯ ᠤᠷᠤᠭᠤᠳᠠᠨ ᠵᠢᠯᠠᠭᠠ ᠥᠭᠰᠥᠵᠦ ᠠᠭᠤᠯᠠ ᠶᠢᠨ ᠵᠢᠪᠡᠭᠦᠬᠡᠨ ᠮᠥᠷᠲᠡᠭᠡᠨ ᠵᠢᠮᠡᠭᠦᠬᠡᠨ ᠨᠠᠮᠤᠷ ᠢ᠋ ᠨᠥᠮᠥᠷᠴᠦ᠂ ᠬᠥᠰᠡᠷ ᠳᠦᠭᠦᠷᠡᠩ ᠤᠨᠠᠭᠰᠠᠨ ᠨᠠᠪᠴᠢᠰ ᠢ ᠨᠠᠮᠢᠯᠵᠠᠭᠤᠯᠤᠨ ᠭᠢᠰᠬᠢᠵᠦ ᠶᠠᠪᠤᠭᠠ ᠬᠥᠬᠡ ᠴᠢᠰᠴᠡᠦ ᠳᠠᠩ ᠲᠡᠷᠯᠢᠭ ᠲᠡᠢ ᠰᠤᠷ ᠪᠦᠰᠡᠯᠡᠭᠰᠡᠨ ᠨᠢᠭᠡ ᠡᠷᠡ ᠮᠤᠰᠢᠢᠭᠰᠠᠨ ᠢᠷᠭᠠᠢ ᠮᠣᠳᠣ ᠲᠤᠯᠵᠤ ᠶᠠᠪᠤᠨᠠ᠃ ᠥᠯᠥᠰᠦᠭᠰᠡᠨ ᠪᠣᠯᠣᠯᠲᠠᠢ ᠲᠡᠷᠡ ᠡᠷᠡ ᠲᠠᠶᠠᠭ ᠢ᠋ᠶ᠋ᠠᠷ ᠢ᠋ᠶ᠋ᠠᠨ ᠳᠣᠯᠣᠭᠣᠨᠠ ᠶ᠋ᠢᠨ ᠮᠥᠴᠢᠷ ᠢ᠋ ᠭᠣᠬᠠᠳᠠᠵᠤ ᠪᠠᠭᠰᠠᠢᠭᠰᠠᠨ ᠤᠯᠠᠭᠠᠨ ᠳᠣᠯᠣᠭᠣᠨᠠ ᠠ᠋ᠴᠠ ᠠᠳᠬᠤ ᠠᠳᠬᠤ ᠠᠪᠴᠤ ᠡᠮᠬᠦᠯᠡᠨ᠂ ᠡᠬᠢᠯᠡᠭᠡᠳ ᠢᠳᠡᠭᠡ ᠲᠡᠢ ᠨᠢ ᠵᠠᠯᠭᠢᠵᠤ ᠪᠠᠢᠭᠰᠠᠨ ᠪᠣᠯ ᠰᠡᠭᠦᠯ ᠳ᠋ᠡᠭᠡᠨ ᠢᠳᠡᠭᠡ ᠶ᠋ᠢ ᠨᠢ ᠵᠠᠪᠠᠵᠢ ᠪᠠᠷ ᠢᠶᠡᠨ ᠰᠤᠪᠤᠷᠠᠭᠤᠯᠵᠤ ᠤᠨᠠᠭᠠᠨᠠ᠃ ᠰᠡᠭᠦᠳᠡᠷ ᠠᠰ ᠮᠥᠷᠲᠡᠭᠡᠨ ᠪᠣᠭᠣᠨᠢ ᠲᠣᠰᠴᠤ ᠪᠠᠢᠭᠠ ᠪᠠᠷ ᠦᠳᠡ ᠭᠣᠣᠯ ᠪᠣᠯᠣᠭᠠ ᠵᠢ ᠪᠠᠷᠤᠭᠯᠠᠭᠰᠠᠨ ᠲᠡᠷᠡ ᠡᠷᠡ ᠭᠡᠨᠡᠳᠲᠡ ᠠᠮᠠᠨ ᠨᠢ ᠬᠠᠲᠠᠵᠤ ᠤᠮᠳᠠᠭᠠᠰᠤᠭᠰᠠᠨ ᠢ᠋ᠶ᠋ᠠᠨ ᠮᠡᠳᠡᠵᠦ ᠪᠤᠯᠠᠭ ᠤᠨ ᠤᠰᠤᠨ ᠳᠤ ᠣᠴᠢᠵᠤ ᠲᠣᠩᠭᠣᠢᠭᠠᠳ ᠤᠰᠤᠨ ᠳᠡᠭᠡᠭᠦᠷ ᠪᠦᠷᠢᠭᠰᠡᠨ ᠨᠠᠪᠴᠢᠰ ᠢ᠋ ᠢᠷᠡᠵᠦ ᠬᠠᠨᠲᠠᠯᠠ ᠤᠤᠭᠤᠭᠠᠳ ᠴᠠᠭᠠᠰᠢ ᠵᠠᠮ ᠢ᠋ᠶ᠋ᠠᠨ ᠡᠯᠭᠦᠪᠡ᠃ ᠬᠡᠭᠡᠷᠡ ᠶ᠋ᠢᠨ ᠵᠢᠮᠢᠰ ᠢᠶᠡᠷ ᠥᠯ ᠳᠠᠷᠤᠵᠤ᠂ ᠪᠤᠯᠠᠭ ᠤᠨ ᠤᠰᠤ ᠪᠠᠷ ᠤᠮᠳᠠ ᠪᠣᠯᠭᠠᠭᠰᠠᠨ ᠳ᠋ᠠᠭᠠᠨ ᠴᠢᠳᠠᠯ ᠲᠡᠩᠬᠡᠭᠡ ᠰᠡᠯᠪᠢᠭᠰᠡᠨ ᠪᠣᠯᠣᠯᠲᠠᠢ ᠶᠠᠪᠤᠬᠤ ᠨᠢ ᠨᠡᠯᠢᠶᠡᠳ ᠲᠦᠷᠭᠡᠰᠪᠡ᠃
ᠰᠡᠭᠦᠳᠡᠷ ᠴᠢᠭᠢᠭ ᠳᠠᠭᠠᠭᠰᠠᠨ ᠪᠤᠷᠭᠠᠰᠤ᠂ ᠭᠠᠯᠳᠠᠰᠤ᠂ ᠬᠤᠰᠤ ᠮᠣᠳᠣᠨ ᠤ ᠣᠢ ᠠᠴᠠ ᠠᠶᠠᠷᠯᠠᠨ ᠠᠭᠠᠷᠤ ᠳᠡᠢᠯᠳᠡᠭᠦᠦ ᠤᠷᠭᠤᠭᠰᠠᠨ ᠬᠠᠳᠠ ᠲᠠᠢ ᠡᠩᠭᠡᠷ ᠲᠦ ᠲᠤᠯᠵᠤ ᠢᠷᠡᠪᠡ᠃
ᠤᠯᠠᠭᠠᠨ ᠬᠦᠷᠡᠩ ᠰᠡᠷᠪᠡᠭᠡᠷ ᠬᠠᠳᠠ᠂ ᠰᠤᠪᠤᠷᠭᠠ ᠬᠡᠯᠪᠡᠷᠢᠲᠡᠢ ᠢᠮᠠᠭᠠᠨ ᠠᠭᠠᠷᠤ ᠤᠷᠭᠤᠭᠰᠠᠨ ᠨᠢ ᠥᠩᠭᠡ ᠢᠯᠭᠠᠷᠠᠨ ᠭᠤᠴᠤ ᠰᠠᠢᠬᠠᠨ ᠬᠠᠷᠠᠭᠳᠠᠬᠤ ᠠᠴᠠ ᠠᠷᠴᠠ ᠮᠣᠳᠣᠨ ᠤ ᠲᠦᠭᠦᠬᠡᠢ ᠦᠨᠦᠷ ᠰᠠᠮᠰᠠ ᠴᠣᠷᠭᠢᠬᠤ ᠨᠢ ᠠᠶᠠᠲᠠᠢᠬᠠᠨ ᠠᠵᠢ᠃ ᠠᠭᠠᠷᠤᠲᠤ ᠡᠩᠭᠡᠷ ᠤᠨ ᠬᠠᠲᠠᠨ ᠳᠤ ᠴᠥᠭᠡᠪᠦᠷ ᠢᠮᠠᠭᠠ ᠬᠠᠷᠠᠭᠳᠠᠬᠤ ᠠᠴᠠ ᠣᠢᠷᠠᠬᠠᠨ ᠠᠢᠯ ᠪᠠᠢᠵᠤ ᠶᠠᠳᠠᠬᠤ ᠦᠭᠡᠢ ᠭᠡᠵᠦ ᠲᠠᠭᠠᠮᠠᠭᠯᠠᠭᠰᠠᠨ ᠨᠢ ᠵᠥᠪ ᠪᠠᠢᠯᠠ᠃ ᠨᠠᠮᠬᠠᠨ ᠨᠢᠭᠡ ᠬᠥᠲᠥᠯ ᠢ ᠳᠠᠪᠠᠵᠤ ᠬᠣᠶᠠᠷ ᠮᠤᠬᠤᠷ ᠬᠣᠰᠢᠭᠤ ᠶᠢ ᠳᠤᠭᠤᠢᠯᠠᠲᠠᠯᠠ ᠨᠣᠬᠠᠢ ᠬᠣᠷᠭᠣᠭᠠᠬᠤ ᠳᠠᠭᠤ ᠰᠣᠨᠣᠰᠳᠠᠪᠠ᠃
ᠨᠣᠬᠠᠢ ᠳᠤ ᠬᠠᠵᠠᠭᠳᠠᠬᠤ ᠠᠴᠠ ᠦᠬᠦᠲᠡᠯᠡ ᠠᠶᠤᠳᠠᠭ ᠤᠨ ᠨᠢᠭᠡ ᠪᠣᠯᠬᠤ ᠡᠨᠡ ᠮᠣᠳᠣ ᠲᠤᠯᠤᠭᠰᠠᠨ ᠬᠥᠮᠦᠨ ᠡᠢᠰᠢ ᠲᠠᠢᠰᠢ ᠬᠠᠷᠠᠵᠤ ᠬᠠᠮᠢᠭᠠ ᠨᠢᠭᠡ ᠨᠢᠭᠤᠮᠠᠭᠠᠢ ᠳᠠᠯᠳᠠ ᠭᠠᠵᠠᠷ ᠠᠴᠠ ᠦᠰᠦᠷᠬᠢᠯᠡᠨ ᠢᠷᠡᠬᠦ ᠨᠣᠬᠠᠢ ᠳᠤ ᠵᠠᠭᠤᠭᠳᠠᠬᠤ ᠠᠴᠠ ᠡᠮᠢᠶᠡᠨ 《ᠨᠣᠬᠠᠢ ᠪᠠᠨ ᠬᠣᠷᠢ ᠡ》ᠭᠡᠵᠦ ᠢᠮᠠᠭᠠᠨ ᠰᠢᠨᠭᠭᠡᠨ ᠳᠠᠭᠤ ᠪᠡᠷ ᠳᠠᠭᠤᠳᠠᠪᠠ᠃
ᠠᠷᠤ ᠳᠠᠭᠠᠨ ᠠᠭᠠᠷᠤ ᠮᠣᠳᠣ ᠵᠢᠭᠳᠡᠷᠡᠭᠰᠡᠨ ᠲᠦᠰᠢᠭᠲᠡᠢ ᠡᠩᠭᠡᠷ ᠲᠤ ᠲᠡᠭᠰᠢᠬᠡᠨ ᠪᠠᠢᠷᠢ ᠶᠢᠨ ᠳᠠᠨᠵᠢ ᠳᠡᠭᠡᠷᠡ ᠮᠠᠢᠵᠢᠬᠢ ᠮᠠᠭᠤ ᠪᠣᠷᠣ ᠬᠡᠷ ᠨᠠᠷᠠ ᠰᠠᠯᠬᠢᠨ ᠳᠤ ᠢᠳᠡᠭᠳᠡᠨ ᠴᠠᠢᠷᠠᠨ ᠪᠣᠷᠣᠯᠠᠭᠰᠠᠨ ᠠᠷᠭᠠᠯ ᠰᠢᠭ᠋ ᠪᠥᠭᠡᠷᠡᠩᠬᠡᠢ ᠬᠠᠷᠠᠭᠳᠠᠨᠠ᠃ ᠮᠠᠢᠵᠢᠬᠢ ᠪᠣᠷᠣ ᠬᠡᠷ ᠤᠨ ᠪᠠᠷᠠᠭᠤᠨ ᠨᠥᠮᠥᠷ ᠳᠤ ᠪᠤᠲᠠᠯᠠᠨ ᠣᠷᠭᠣᠭᠰᠠᠨ ᠪᠠᠭᠴᠠ ᠢᠷᠭᠠᠢ ᠶᠢᠨ ᠰᠡᠭᠦᠳᠡᠷ ᠲᠦ ᠠᠯᠠᠭ ᠰᠢᠭᠢᠷᠡ ᠲᠠᠢ ᠬᠠᠷᠠ ᠨᠣᠬᠠᠢ ᠲᠡᠮᠦᠷ ᠭᠢᠨᠵᠢᠨ ᠳᠦ ᠭᠢᠨᠵᠢᠯᠡᠭᠳᠡᠵᠦ ᠡᠨᠡ ᠬᠥ᠋ ᠠᠢᠰᠤᠢ ᠲᠠᠨᠢᠯ ᠪᠤᠰᠤ ᠬᠥᠮᠦᠨ ᠢ ᠪᠠᠷᠢᠵᠤ ᠢᠳᠡᠮᠡᠷ ᠠᠭᠰᠤᠷᠴᠤ ᠬᠣᠷᠭᠣᠭᠣᠨᠠ᠃
— ᠨᠣᠬᠠᠢ ᠪᠠᠨ! ᠭᠡᠵᠦ ᠲᠠᠬᠢᠨᠳᠠ ᠬᠠᠰᠭᠢᠷᠬᠤ ᠳᠤ ᠨᠠᠪᠲᠠᠷᠬᠠᠢ ᠡᠭᠦᠳᠡ ᠰᠡᠬᠦᠭᠳᠡᠵᠦ ᠰᠠᠩᠬᠤᠢᠭᠰᠠᠨ ᠦᠰᠦ ᠲᠠᠢ ᠪᠤᠭᠤᠷᠤᠯ ᠰᠠᠮᠠᠭᠠᠨ ᠭᠠᠷᠴᠤ ᠢᠷᠡᠬᠦ ᠬᠠᠷᠠᠭᠳᠠᠪᠠ᠃
ᠰᠠᠮᠠᠭᠠᠨ ᠲᠡᠷᠡ ᠢᠷᠡᠭᠡ ᠬᠥᠮᠥᠨ ᠤᠷᠤᠭᠤ ᠰᠠᠷᠠᠪᠴᠢᠯᠠᠵᠤ ᠬᠠᠷᠠᠭᠠᠳ ᠬᠥᠬᠡ ᠴᠢᠰᠴᠡᠦ ᠲᠡᠯᠢᠭ ᠤᠨ ᠡᠩᠭᠡᠷ ᠢ ᠰᠢᠭᠤᠵᠤ ᠶᠠᠪᠤᠬᠤ ᠳᠠᠭᠠᠨ 《 ᠨᠣᠬᠠᠢ ᠪᠠᠨ!》ᠭᠡᠵᠦ ᠡᠮᠢᠶᠡᠭᠰᠡᠨ ᠳᠦᠷᠢ ᠲᠠᠢ ᠳᠠᠭᠤᠳᠠᠵᠤ ᠪᠠᠢᠭᠠ ᠳᠤ《ᠥ ᠳ᠋ᠠ᠂ ᠶᠠᠳᠠᠷᠠᠭᠰᠠᠨ ᠬᠥᠮᠦᠨ ᠶᠠᠪᠤᠭᠠ ᠶᠤᠮ ᠪᠠᠢᠨᠠ᠂ ᠨᠢᠳᠦᠨ ᠳᠤ ᠪᠤᠷᠤᠭᠤ ᠬᠠᠷᠠᠭᠳᠠᠭᠰᠠᠨ ᠶᠠᠭᠤᠮᠠ ᠪᠣᠯ ᠵᠢᠷᠦᠬᠡ ᠴᠠᠭᠠᠨ ᠨᠣᠬᠠᠢ ᠶᠢᠨ ᠢᠶᠡᠨ ᠭᠢᠨᠵᠢ ᠶᠢ ᠠᠯᠳᠠᠷᠠᠭᠠᠬᠤ ᠳᠤ ᠣᠢᠷᠠᠬᠠᠨ 》ᠭᠡᠵᠦ ᠪᠣᠳᠣᠨ᠄
–– ᠬᠦᠱᠢ ! ᠬᠦᠦ ᠮᠢᠨᠢ ᠦᠨᠤᠬᠢ ᠶᠣᠳᠠᠷ ᠢ᠋ᠶ᠋ᠠᠨ ᠬᠠᠶᠠᠵᠤ ᠣᠷᠭᠢ! ᠮᠢᠨᠦ ᠵᠢᠷᠦᠬᠡ ᠴᠠᠭᠠᠨ ᠮᠣᠩᠭᠣᠯ ᠢ᠋ᠶ᠋ᠠᠷ ᠯᠠ《ᠶᠠᠭᠠᠬᠢᠬᠤ ᠶᠤᠮ᠂ ᠵᠣᠪ!》 ᠭᠡᠬᠦ ᠳ᠋ᠦ᠍ ᠯᠡ ᠨᠠᠮᠵᠢᠳᠠᠭ ᠶᠤᠮ᠃ ᠶᠣᠳᠠᠷ ᠴᠢᠷᠦᠭᠰᠡᠨ ᠬᠥᠮᠦᠨ ᠢ᠋ ᠦᠵᠡᠵᠦ ᠶᠠᠳᠠᠨ ᠠᠭᠰᠤᠷᠴᠤ ᠤᠷᠠᠯᠴᠠᠮᠠᠷ ᠪᠣᠯᠳᠠᠭ ᠶᠤᠮ ᠠ᠋ ᠭᠡᠵᠦ ᠳᠦᠳᠦᠨᠡᠨ ᠨᠣᠬᠠᠢ ᠶ᠋ᠢᠨ ᠢ᠋ᠶ᠋ᠡᠨ ᠳᠡᠷᠭᠡᠳᠡ ᠣᠴᠢᠨ ᠲᠣᠯᠣᠭᠠᠢ ᠶ᠋ᠢ ᠨᠢ ᠢᠯᠢᠵᠦ《 ᠪᠠᠢᠭ ᠳᠠ᠂ ᠪᠠᠢᠭ ! ᠮᠢᠨᠦ ᠮᠠᠭᠤ ᠵᠢᠷᠦᠬᠡ ᠴᠠᠭᠠᠨ ᠠ᠋!》 ᠭᠡᠵᠦ ᠨᠣᠬᠠᠢ ᠪᠠᠨ ᠠᠷᠭᠠᠳᠠᠨ ᠵᠣᠭᠰᠣᠨᠠ᠃ ᠥᠨᠥᠬᠢ ᠢᠷᠡᠭᠡ ᠬᠥᠮᠦᠨ ᠰᠠᠮᠠᠭᠠᠨ ᠤ᠋ ᠬᠡᠯᠡᠭᠰᠡᠨ ᠶᠣᠰᠣᠭᠠᠷ ᠢᠷᠭᠠᠢ ᠮᠣᠳᠣ ᠪᠠᠨ ᠬᠠᠶᠠᠵᠤ ᠣᠷᠬᠢᠭᠰᠠᠨ ᠤ᠋ ᠬᠢ ᠤᠤ ᠡᠰᠡᠪᠡᠯ ᠦᠨᠡᠬᠡᠷ ᠡᠵᠡᠨ ᠦ᠌ ᠪᠡᠨ ᠠᠷᠭᠠᠳᠠᠵᠤ ᠬᠣᠷᠢᠭᠰᠠᠨ ᠤ᠋ ᠬᠢ ᠤᠤ ᠵᠢᠷᠦᠬᠡ ᠴᠠᠭᠠᠨ ᠨᠣᠬᠠᠢ ᠰᠡᠭᠦᠯ ᠢ᠋ᠶ᠋ᠡᠨ ᠰᠢᠷᠪᠠᠯᠵᠠᠭᠤᠯᠤᠨ ᠡᠵᠡᠨ ᠳ᠋ᠡᠭᠡᠨ ᠡᠷᠬᠡᠯᠡᠵᠦ ᠪᠠᠢᠯᠠ᠃
ᠱᠣᠩ ᠳᠡᠭᠡᠷᠡ ᠪᠦᠳᠦᠭᠦᠨ ᠭᠡᠳᠡᠰᠦ ᠲᠡᠢ ᠬᠡᠭᠡᠷ ᠮᠣᠷᠢ ᠪᠤᠷᠤᠭᠤ ᠲᠡᠢᠰᠢ ᠤᠨᠵᠢᠢᠭᠰᠠᠨ ᠳᠡᠯ ᠳ᠋ᠡᠭᠡᠨ ᠳᠠᠷᠤᠭᠳᠠᠵᠤ ᠦᠷᠭᠡᠯᠡᠵᠦ ᠪᠠᠢᠭᠰᠠᠨ ᠢ᠋ᠶ᠋ᠠᠨ ᠭᠡᠨᠡᠳᠲᠡ ᠬᠠᠶᠠᠭᠠᠨ ᠳ᠋ᠤ᠌ ᠲᠤᠯᠵᠤ ᠢᠷᠡᠭᠰᠡᠨ ᠬᠥᠮᠦᠨ ᠦ᠌ ᠰᠦᠢᠯᠡᠬᠢᠯᠡᠬᠦ ᠠᠮᠢᠰᠬᠤᠭᠠ ᠠ᠋ᠴᠠ ᠰᠣᠴᠢᠵᠤ ᠰᠠᠷᠠᠨ ᠲᠤᠷᠭᠢᠪᠠ᠃
— ᠰᠠᠢᠨ ᠪᠠᠢᠨᠠ ᠤᠤ? ᠡᠵᠢ ᠠ᠋ ! ᠭᠡᠵᠦ ᠲᠡᠷᠡ ᠡᠷᠡ ᠢᠮᠠᠭᠠᠨ ᠳᠠᠭᠤ ᠪᠠᠷ ᠮᠡᠨᠳᠦᠯᠡᠬᠦ ᠳ᠋ᠦ᠍ ᠲᠡᠷᠡ ᠰᠠᠮᠠᠭᠠᠨ ᠡᠨᠡ ᠡᠷᠡ ᠶ᠋ᠢᠨ ᠰᠢᠩᠭᠡᠨ ᠳᠠᠭᠤ ᠶ᠋ᠢ ᠭᠣᠯᠣᠵᠤ ᠵᠢᠭᠰᠢᠭᠰᠡᠨ ᠪᠣᠯᠪᠠᠴᠤ ᠭᠠᠳᠠᠨᠠ ᠪᠠᠨ ᠶᠠᠭᠤᠮᠠ ᠮᠡᠳᠡᠭᠳᠡᠭᠰᠡᠨ ᠦᠭᠡᠢ᠄
— ᠰᠠᠢᠨ᠂ ᠰᠠᠢᠨ! ᠠᠶᠠᠨ ᠵᠠᠮ ᠳ᠋ᠠᠭᠠᠨ ᠮᠡᠨᠳᠦ ᠶᠠᠪᠤᠵᠤ ᠢᠷᠡᠪᠡ ᠤᠤ ? ᠭᠡᠵᠦ ᠬᠠᠷᠢᠭᠤ ᠮᠡᠨᠳᠦᠯᠡᠭᠡᠳ《ᠵᠠ᠂ ᠭᠡᠷ ᠲᠦ᠍ 》 ᠭᠡᠳ ᠡᠭᠦᠳᠡ ᠰᠡᠬᠦᠵᠦ ᠥᠭᠬᠦ ᠳ᠋ᠦ᠍ ᠲᠡᠷᠡ ᠡᠷᠡ 《ᠲᠠ᠂ ᠲᠠ ᠤᠷᠢᠳ ᠢ᠋ᠶ᠋ᠠᠷ ᠣᠷᠣ ! ᠨᠠᠰᠤᠲᠠᠢ ᠬᠥᠮᠦᠨ》 ᠭᠡᠳ ᠭᠡᠳᠡᠷᠭᠦᠯᠡᠨᠡ᠃
— ᠶᠠᠭᠤ ᠬᠠᠮᠢᠶᠠ ᠪᠠᠢᠵᠢ ᠤᠤ! ᠮᠣᠩᠭᠣᠯ ᠠᠢᠯ ᠳ᠋ᠤ᠌ ᠢᠷᠡᠭᠰᠡᠨ ᠢᠷᠡᠭᠦᠯᠦᠭᠰᠡᠨ ᠭᠡᠳᠡᠭ ᠶᠣᠰᠣ ᠪᠠᠢᠳᠠᠭ ! ᠴᠢ ᠴᠢᠨᠢ ᠵᠣᠴᠢᠨ ᠬᠥᠮᠦᠨ ᠰᠢᠦ ᠳᠡ ! ᠭᠡᠬᠦ ᠳ᠋ᠦ᠍ ᠲᠡᠷᠡ ᠡᠷᠡ ᠪᠠᠰᠠ ᠣᠷᠣᠵᠤ ᠶᠠᠳᠠᠨ ᠭᠡᠳᠡᠷᠭᠦ ᠪᠤᠭᠤᠷᠤᠯ ᠰᠠᠮᠠᠭᠠᠨ ᠢ᠋ ᠶᠠᠩᠨᠠᠭᠠᠳ ᠪᠠᠢᠬᠤᠯᠠᠷ 《ᠵᠠ᠂ ᠣᠷᠣ! ᠴᠠᠭᠠᠳᠤ ᠨᠣᠬᠠᠢ ᠭᠣᠷᠢ ᠦᠭᠡᠢ 》 ᠭᠡᠵᠦ ᠠᠶᠤᠯᠭᠠᠪᠠᠯ ᠨᠣᠬᠠᠢ ᠳ᠋ᠤ᠌ ᠬᠠᠵᠠᠭᠳᠠᠬᠤ ᠠ᠋ᠴᠠ ᠠᠶᠤᠭᠰᠠᠨ ᠬᠥᠮᠦᠨ ᠪᠣᠯᠬᠣᠷ ᠦᠨᠡᠬᠡᠷ ᠪᠣᠷᠪᠢ ᠪᠠᠨ ᠨᠣᠬᠠᠢ ᠳ᠋ᠤ᠌ ᠲᠠᠲᠠᠭᠤᠯᠤᠭᠰᠠᠨ ᠬᠥᠮᠦᠨ ᠰᠢᠭ ᠱᠤᠯᠳᠤᠷᠠᠭ ᠭᠡᠳ ᠭᠡᠷ ᠲᠤ ᠣᠷᠣᠯᠠ᠃ ᠰᠠᠮᠠᠭᠠᠨ ᠲᠡᠷᠡ ᠬᠥᠮᠦᠨ ᠦ᠌ ᠠᠷᠤ ᠠ᠋ᠴᠠ ᠳᠠᠭᠠᠵᠤ ᠣᠷᠣᠬᠤ ᠳ᠋ᠠᠭᠠᠨ《ᠶᠠᠮᠠᠷ ᠬᠠᠰᠢ ᠪᠠᠨ ᠵᠡᠨᠵᠡᠢ ᠲᠡᠢ ᠬᠥᠮᠦᠨ ᠪᠣᠢ》 ᠭᠡᠵᠦ ᠳᠣᠲᠣᠷᠠ ᠪᠠᠨ ᠪᠣᠳᠣᠪᠠ᠃
ᠰᠠᠮᠠᠭᠠᠨ ᠵᠣᠴᠢᠨ ᠳ᠋ᠠᠭᠠᠨ ᠴᠠᠢ ᠠᠮᠰᠠᠭᠤᠯᠬᠤ ᠭᠡᠵᠦ ᠬᠣᠪᠣᠩ ᠳ᠋ᠤ᠌ ᠮᠠᠨᠠᠭᠰᠠᠨ ᠭᠠᠯ ᠤ᠋ᠨ ᠴᠣᠭ ᠢ᠋ ᠰᠢᠯᠭᠡᠭᠡᠵᠦ᠂ ᠭᠠᠤᠯᠢᠨ ᠳᠡᠪᠦᠷᠡ ᠲᠡᠢ ᠴᠠᠢ ᠪᠠᠨ ᠬᠠᠯᠠᠭᠠᠪᠠ᠃ ᠭᠡᠷ ᠦ᠋ᠨ ᠬᠠᠨᠠ ᠳᠠᠭᠠᠭᠤᠯᠤᠨ ᠬᠠᠨᠠᠨ ᠤ᠋ ᠲᠣᠯᠣᠭᠠᠢ ᠠ᠋ᠴᠠ ᠦᠨᠡᠭᠡ᠂ ᠪᠤᠯᠠᠭᠠ᠂ ᠮᠠᠩᠭᠢᠰᠤᠨ ᠤ᠋ ᠠᠷᠠᠰᠤ ᠵᠡᠷᠭᠡ ᠡᠯᠭᠦᠵᠦ᠂ ᠵᠠᠪᠠᠭ ᠲᠤ᠌ ᠰᠤᠷ ᠭᠣᠭᠴᠣᠭᠠ ᠲᠠᠢ ᠢᠮᠠᠭᠠᠨ ᠭᠥᠷᠦᠭᠡᠰᠦᠨ ᠦ᠌ ᠡᠪᠡᠷ ᠰᠣᠶᠣᠭᠠ ᠪᠠ ᠶᠠᠩᠭᠢᠷ᠂ ᠪᠤᠭᠤ ᠶ᠋ᠢᠨ ᠠᠳᠠᠷᠠᠤᠲᠤ ᠡᠪᠡᠷ ᠦ᠋ᠨ ᠵᠠᠭᠪᠤᠷ ᠢ᠋ ᠡᠪ ᠳᠦᠢᠲᠡᠢ ᠬᠠᠪᠴᠢᠭᠤᠯᠤᠭᠰᠠᠨ ᠪᠠᠢᠪᠠ᠃
ᠬᠣᠢᠮᠤᠷ ᠲᠠᠭᠠᠨ ᠴᠢᠨᠣᠠ ᠶ᠋ᠢᠨ ᠠᠷᠠᠰᠤᠨ ᠳᠡᠪᠢᠰᠬᠡᠷ ᠳᠡᠪᠢᠰᠴᠦ᠂ ᠬᠣᠶᠠᠷ ᠬᠠᠵᠠᠭᠤ ᠪᠠᠷ ᠨᠢ ᠭᠤᠷᠠ ᠵᠦᠷ ᠦ᠋ᠨ ᠠᠷᠠᠰᠤᠨ ᠳᠡᠪᠢᠰᠬᠡᠷ ᠢ᠋ ᠬᠠᠨᠠᠨ ᠤ᠋ ᠢᠷᠣᠭᠠᠷ ᠳᠤᠭᠤᠢᠯᠠᠭᠤᠯᠤᠨ ᠳᠡᠪᠢᠰᠦᠭᠰᠡᠨ ᠡᠴᠡ ᠡᠨᠡ ᠠᠢᠯ ᠪᠣᠯ ᠠᠩ ᠬᠦᠷᠦᠭᠡ ᠪᠡᠷ ᠠᠮᠢᠳᠤᠷᠠᠳᠠᠭ ᠭᠡᠰᠡᠨ ᠨᠢ ᠢᠯᠡᠬᠡᠨ ᠪᠠᠢᠨᠠ᠃
ᠠᠪᠳᠠᠷᠠ ᠱᠦᠭᠦᠢ᠂ ᠳᠡᠪᠰᠡᠭ ᠰᠢᠷᠭᠤᠭᠤᠯ ᠭᠡᠮᠡᠷ ᠨᠢᠳᠦᠨ ᠳ᠋ᠦ᠍ ᠲᠣᠷᠤᠮᠠ ᠣᠯᠢᠭᠲᠠᠢ ᠡᠳ᠋ᠯᠡᠬᠦᠨ ᠠᠯᠠᠭᠠ᠃ ᠤᠲᠤᠭᠠ ᠰᠢᠷᠣᠢ᠂ ᠲᠣᠭᠣᠰᠣ ᠲᠣᠷᠲᠣᠭ ᠲᠤ ᠵᠤᠩᠭᠠᠭᠲᠤᠨ ᠪᠠᠷᠢᠯᠳᠤᠭᠰᠠᠨ ᠤᠳᠠᠭᠠᠨ ᠣᠨ ᠡᠯᠡᠭᠡᠭᠰᠡᠨ ᠶᠠᠩᠵᠤᠲᠢ ᠭᠦᠩᠭᠠᠷᠠᠪᠠ ᠠ᠋ᠴᠠ ᠥᠭᠡᠷᠡ ᠶᠠᠭᠤ ᠴᠤ᠌ ᠦᠭᠡᠢ᠃ ᠲᠡᠭᠡᠲᠡᠯᠡ ᠪᠡᠨ ᠥᠩᠭᠡ ᠭᠠᠷᠲᠠᠯᠠ ᠵᠦᠯᠭᠦᠭᠰᠡᠨ ᠭᠦᠩᠭᠠᠷᠠᠪᠠ ᠳ᠋ᠤ᠌ ᠭᠠᠤᠯᠢᠨ ᠵᠠᠮᠰᠥᠷᠦᠩ ᠪᠤᠷᠬᠠᠨ ᠳᠠᠬᠢᠵᠤ᠂ ᠪᠤᠷᠬᠠᠨ ᠤ᠋ ᠡᠮᠦᠨᠡ ᠬᠣᠶᠠᠷ ᠲᠠᠬᠢᠯ ᠨᠢᠭᠡ ᠭᠥᠯᠢᠰ ᠵᠡᠷᠭᠡ ᠶ᠋ᠢᠨ ᠲᠠᠬᠢᠯ ᠤ᠋ᠨ ᠡᠳ᠋ ᠵᠡᠷᠭᠡᠯᠡᠭᠡᠰᠦᠲᠡᠢ᠃ ᠠᠭᠠᠷᠤ ᠬᠠᠪᠲᠠᠰᠤ ᠪᠠᠷ ᠴᠢᠭᠵᠢᠵᠦ ᠬᠢᠭᠰᠡᠨ ᠬᠢᠯᠠᠭᠠᠰᠤᠨ ᠣᠭᠣᠰᠣᠷ ᠲᠠᠢ ᠶᠡᠬᠡ ᠪᠠᠭᠠ ᠬᠣᠶᠠᠷ ᠮᠣᠳᠣᠨ ᠰᠠᠭᠤᠯᠠᠭᠠ ᠪᠣᠢ᠃ ᠲᠣᠮᠣᠬᠠᠨ ᠰᠢᠭ᠋ ᠲᠤᠨᠢ ᠤᠰᠤ ᠰᠠᠪᠠᠯᠠᠵᠤ᠂ ᠵᠢᠵᠢᠭᠬᠡᠨ ᠰᠢᠭ ᠠᠮᠠᠰᠠᠷ ᠨᠢ ᠰᠦ ᠰᠠᠭᠠᠯᠢ ᠳ᠋ᠤ᠌ ᠬᠠᠯᠲᠠᠷᠲᠤᠨ ᠴᠣᠬᠣᠷᠲᠤᠭᠰᠠᠨ ᠠ᠋ᠴᠠ ᠢᠮᠠᠭᠠ ᠰᠠᠭᠠᠳᠠᠭ ᠰᠦᠨ ᠦ᠌ ᠰᠠᠭᠤᠯᠠᠭᠠ ᠪᠣᠯᠬᠤ ᠨᠢ ᠲᠣᠳᠣᠷᠬᠠᠢ ᠪᠠᠢᠪᠠ᠃
ᠡᠷᠦᠬᠡᠨ ᠦ᠌ ᠵᠡᠭᠦᠨ ᠡᠮᠦᠨᠡ ᠲᠠᠯᠠ ᠳ᠋ᠤ᠌ ᠲᠣᠬᠣᠢ ᠬᠡᠷᠢ ᠥᠷᠭᠡᠨ ᠮᠣᠳᠣᠨ ᠪᠠᠨᠰᠠ ᠶ᠋ᠢ ᠬᠢᠯᠭᠠᠰᠤᠨ ᠣᠭᠣᠰᠣᠷ ᠢ᠋ᠶ᠋ᠠᠷ ᠳᠡᠭᠦᠵᠢᠯᠡᠵᠦ᠂ ᠲᠡᠭᠦᠨ ᠦ᠌ ᠳᠡᠭᠡᠷᠡ ᠨᠢ ᠢᠬᠡᠷᠡ ᠬᠣᠶᠠᠷ ᠤᠢᠰᠤᠨ ᠬᠠᠪᠴᠢ ① ᠲᠠᠯᠪᠢᠵᠤ ᠬᠠᠵᠠᠭᠤ ᠪᠠᠷ ᠨᠢ ᠦᠰᠦ ᠶ᠋ᠢ ᠨᠢ ᠭᠦᠢᠴᠡᠳ ᠵᠤᠯᠠᠭᠠᠭᠠᠭᠰᠠᠨ ᠦᠭᠡᠢ ᠠᠯᠠᠭ ᠲᠡᠷᠯᠡᠨ ᠤᠯᠠᠪᠤᠷ ᠦᠰᠦ ᠲᠡᠢ ᠢᠨᠵᠠᠭᠠ ᠶ᠋ᠢᠨ ᠠᠷᠠᠰᠤᠨ ᠴᠠᠢ ᠶ᠋ᠢᠨ ᠸᠠᠳᠠᠩ ᠨᠠᠷᠢᠬᠠᠨ ᠰᠤᠷ ᠭᠣᠭᠴᠣᠭᠠ ᠪᠠᠷ ᠬᠤᠢᠯᠠᠨ ᠣᠷᠢᠶᠠᠯᠲᠠᠲᠠᠢ ᠲᠠᠯᠪᠢᠵᠤ ᠪᠠᠢᠪᠠ᠃
ᠢᠮᠠᠭᠠᠨ ᠠᠷᠠᠰᠤᠨ ᠬᠥᠨᠵᠢᠯᠡ ᠳᠡᠪᠢᠰᠬᠡᠷ ᠢ᠋ ᠬᠤᠷᠢᠶᠠᠵᠤ᠂ ᠣᠷᠣᠨ ᠤ᠋ ᠪᠠᠨ ᠬᠠᠵᠠᠭᠤ ᠳ᠋ᠤᠨᠢ ᠲᠤᠭᠤᠯ ᠤ᠋ᠨ ᠠᠷᠠᠰᠤᠨ ᠲᠤᠯᠤᠮ ᠲᠠᠢ ᠬᠦᠨᠡᠰᠦ ᠲᠠᠯᠪᠢᠭᠠᠰᠤᠲᠠᠢ ᠠ᠋ᠴᠠ ᠦᠵᠡᠬᠦ ᠳ᠋ᠦ᠍ ᠡᠨᠡ ᠠᠢᠯ ᠬᠥᠮᠦᠨ ᠪᠦᠯᠢ ᠴᠥᠭᠡᠬᠡᠨ ᠶᠠᠳᠠᠷᠠᠭᠤᠬᠠᠨ ᠠᠢᠯ ᠭᠡᠳᠡᠭ ᠨᠢ ᠮᠡᠳᠡᠭᠳᠡᠵᠦ ᠪᠠᠢᠯᠠ᠃
ᠬᠠᠢᠯᠠᠰᠤᠨ ᠲᠦᠯᠡᠭᠡᠨ ᠦ᠌ ᠴᠠᠷᠢᠭᠤᠨ ᠴᠣᠭ ᠤᠯᠠᠢᠰᠤᠭᠰᠠᠨ ᠠ᠋ᠴᠠ ᠭᠠᠤᠯᠢᠨ ᠳᠡᠪᠦᠷᠡ ᠲᠡᠢ ᠴᠠᠢ ᠱᠤᠤᠭᠢᠨ ᠪᠤᠴᠠᠯᠵᠤ ᠰᠠᠮᠠᠭᠠᠨ ᠵᠣᠴᠢᠨ ᠳ᠋ᠠᠭᠠᠨ ᠴᠠᠢ ᠠᠶᠠᠭᠠᠯᠠᠵᠤ᠂ ᠬᠠᠷᠠ ᠪᠣᠷᠣ ᠮᠢᠬᠠ ᠲᠡᠢᠯᠳᠡᠭᠦᠤ ᠭᠥᠷᠦᠭᠡᠰᠦᠨ ᠦ᠌ ᠮᠥᠴᠢ ᠲᠠᠯᠪᠢᠵᠤ᠂ ᠰᠢᠷᠠ ᠲᠣᠰᠣ᠂ ᠠᠭᠠᠷᠤᠤᠯ ᠬᠤᠷᠤᠳ ᠣᠢᠷᠠᠲᠤᠭᠤᠯᠵᠤ ᠲᠠᠯᠪᠢᠭᠠᠳ᠂ ᠪᠣᠳᠣᠭ ᠨᠢ ᠬᠣᠭᠵᠢᠷᠠᠭᠰᠠᠨ ᠬᠠᠭᠤᠴᠢᠨ ᠪᠠᠭᠪᠤᠷ ᠲᠤ ᠶᠤᠤᠮᠠᠢ ᠶ᠋ᠢᠨ ᠭᠤᠯᠢᠷ ᠤ᠋ᠨ ᠵᠠᠷᠮᠠ ᠲᠠᠯᠪᠢᠵᠤ ᠥᠭᠪᠡ᠃
— ᠴᠠᠢ ᠤᠤᠭᠤ! ᠢᠳᠡᠭᠡ ᠪᠤᠳᠠᠭᠠ ᠠ᠋ᠴᠠ ᠨᠢ ᠢᠳᠡᠭᠡᠷᠡᠢ! ᠭᠡᠳ ᠥᠪᠡᠷ ᠢ᠋ᠶ᠋ᠡᠨ ᠰᠢᠷᠡᠭᠡᠨ ᠡᠴᠡ ᠵᠡᠢᠰᠬᠠᠨ ᠴᠣᠮᠴᠣᠢᠵᠤ ᠰᠠᠭᠤᠭᠠᠳ ᠭᠬᠢᠷ ᠲᠠᠭ ᠪᠣᠯᠤᠭᠰᠠᠨ ᠵᠡᠰ ᠰᠣᠷᠣᠭᠤᠯ ᠭᠠᠷᠭᠠᠵᠤ᠂ ᠰᠢᠯᠦᠰᠦ ᠪᠡᠷ ᠢ᠋ᠶ᠋ᠡᠨ ᠴᠢᠮᠠᠷᠬᠠᠢ ᠪᠠᠨ ᠨᠤᠷᠠᠭᠠᠭᠰᠠᠨ ᠤ᠋ ᠳᠠᠷᠠᠭᠠ ᠳᠠᠬᠢᠨ ᠵᠡᠰ ᠰᠣᠷᠣᠭᠤᠯ ᠤ᠋ᠨ ᠠᠮᠠᠰᠠᠷ ᠢ᠋ ᠨᠣᠷᠭᠠᠵᠤ᠂ ᠴᠦᠳᠡᠩ ᠵᠢᠷᠤᠨ ᠰᠣᠷᠣᠭᠤᠯ ᠲᠠᠯᠪᠢᠪᠠ᠃
— ᠨᠠᠰᠤᠲᠠᠢ ᠡᠵᠢ ᠶᠠᠭᠠᠬᠢᠪᠠ? ᠲᠣᠯᠣᠭᠠᠢ ᠴᠢᠨᠢ ᠡᠪᠡᠳᠴᠦ ᠪᠠᠢᠨᠠ ᠤᠤ? ᠭᠡᠪᠡᠯ᠄
— ᠵᠦᠭᠡᠷ᠂ ᠵᠦᠭᠡᠷ ᠨᠠᠮᠤᠷ ᠴᠠᠭ ᠦᠨ ᠠᠭᠤᠯᠠᠨ ᠭᠠᠵᠠᠷ ᠥᠷᠯᠥᠭᠡ ᠣᠷᠣᠢ ᠳ᠋ᠠᠭᠠᠨ ᠵᠢᠬᠡᠭᠦᠨ ᠵᠢᠭᠠᠬᠠᠨ ᠶᠡᠬᠡᠬᠡᠨ ᠪᠣᠯᠤᠯᠲᠠᠢ᠂ ᠲᠣᠯᠣᠭᠠᠢ ᠯᠦᠭ ᠯᠦᠭ ᠭᠡᠳ ᠨᠢᠳᠦᠨ ᠦ᠌ ᠤᠬᠤᠷᠬᠠᠢ ᠤᠷᠤᠭᠤ ᠴᠢᠨᠦᠷᠡᠵᠦ᠂ ᠪᠦᠬᠦ ᠪᠡᠶᠡ ᠶ᠋ᠢᠨ ᠶᠠᠰᠤ ᠦᠰᠦ ᠱᠠᠷᠬᠢᠷᠠᠬᠤ ᠰᠢᠭ᠋ ᠶᠦᠮ ᠭᠡᠯᠡ᠃
— ᠵᠢᠩᠳᠡᠭᠰᠡᠨ ᠪᠠᠢᠯᠭᠦᠢ᠃ ᠲᠠ ᠬᠤᠷᠤᠭᠤ ᠪᠠᠨ ᠬᠠᠳᠬᠤᠳᠠᠭ ᠤᠤ?
— ᠬᠠᠳᠬᠤᠳᠠᠭ᠂ ᠬᠠᠳᠬᠤᠳᠠᠭ!
— ᠪᠢ ᠲᠠᠨ ᠳᠤ ᠬᠤᠷᠤᠭᠤ ᠶᠢ ᠴᠢᠨᠢ ᠬᠠᠳᠬᠤᠵᠤ ᠵᠢᠩᠳᠡᠭᠰᠡᠨ ᠮᠠᠭᠤ ᠴᠢᠰᠤ ᠶᠢ ᠨᠢ ᠭᠠᠷᠭᠠᠵᠤ ᠵᠢᠭᠠᠬᠠᠨ ᠬᠥᠯᠥᠰᠦ ᠴᠢᠭᠢᠭᠳᠦᠭᠦᠯᠦᠭᠡᠳ ᠠᠪᠤᠪᠠᠯ ᠭᠠᠢᠭᠤᠢ ᠪᠣᠯᠬᠤ ᠶᠤᠮ!
— ᠲᠡᠭᠡ᠂ ᠲᠡᠭᠡ! ᠵᠠᠯᠠᠭᠤ ᠬᠥᠮᠥᠨ ᠢᠷᠡᠪᠡᠯ ᠵᠢᠷᠭᠠᠬᠤ ᠶᠢᠨ ᠨᠡᠮᠡᠷᠢ ᠭᠡᠳᠡᠭ ᠶᠤᠮ᠃ ᠨᠠᠮᠵᠢᠯ ᠬᠠᠷᠢᠵᠤ ᠢᠷᠡᠪᠡᠯ ᠬᠤᠷᠤᠭᠤ ᠪᠠᠨ ᠨᠢᠭᠡ ᠬᠠᠳᠬᠤᠭᠤᠯᠵᠤ᠂ ᠰᠠᠢᠨ ᠨᠢᠭᠡ ᠰᠣᠷᠣᠭᠤᠯ ᠲᠠᠯᠪᠢᠶᠠ ᠭᠡᠰᠡᠨ ᠶᠤᠮ᠃ ᠣᠪᠣᠭᠠ ᠬᠡᠳᠦ ᠬᠣᠨᠣᠴᠢᠬᠠᠯᠠ ᠭᠡᠰᠡᠨ ᠳ᠋ᠤ᠌ ᠲᠡᠷᠡ ᠡᠷᠡ᠄
— ᠨᠠᠮᠵᠢᠯ ? ᠨᠠᠮᠵᠢᠯ ᠲᠠᠨ ᠤ᠋ ᠁ ᠭᠡᠵᠦ ᠠᠰᠠᠭᠤᠵᠤ ᠵᠠᠪᠳᠤᠬᠤ ᠠ᠋ᠴᠠ ᠡᠮᠦᠨᠡ ᠲᠡᠷᠡ ᠰᠠᠮᠠᠭᠠᠨ ᠲᠣᠰᠴᠤ᠄
— ᠮᠢᠨᠦ ᠬᠦᠦ ᠶᠤᠮ ᠠ᠋! ᠴᠢ ᠲᠠᠨᠢᠨᠠ ᠤᠤ? ᠭᠡᠪᠡ᠃
— ᠲᠠᠨᠢᠨᠠ ᠴᠤ᠌ ᠭᠡᠵᠢ ᠳ᠋ᠠ! ᠰᠣᠯᠣᠭᠠᠢ ᠨᠠᠮᠵᠢᠯ ᠮᠥᠨ ᠪᠢᠵᠡ⁈
— ᠮᠥᠨ᠂ ᠮᠥᠨ!
— ᠲᠠ ᠲᠡᠭᠡᠭᠡᠳ ᠬᠦᠦ ᠲᠠᠢ ᠪᠠᠨ ᠬᠣᠶᠠᠭᠤᠯᠠᠬᠠᠨ ᠪᠠᠢᠳᠠᠭ ᠤᠤ?
— ᠲᠡᠢᠮᠦ ᠠ᠋ ᠲᠡᠢᠮᠦ ! ᠬᠣᠶᠠᠭᠤᠯᠠᠬᠠᠨ ᠯᠠ ᠭᠡᠬᠦ ᠶᠦᠮ ᠪᠠᠢᠭᠠ ᠳᠠ᠃ ᠦᠷᠭᠦᠯᠵᠢ ᠪᠢ ᠭᠠᠭᠴᠠᠭᠠᠷ ᠢᠶᠡᠨ ᠯᠠ ᠪᠠᠢᠳᠠᠭ᠃ ᠨᠠᠮᠵᠢᠯ ᠲᠠᠩᠳᠠ ᠯᠠ ᠭᠡᠷ ᠦ᠋ᠨ ᠪᠠᠷᠠ ᠬᠠᠷᠠᠬᠤ ᠦᠭᠡᠢ ᠶᠠᠪᠤᠵᠤ᠂ ᠠᠩ ᠬᠦᠷᠦᠭᠡ᠂ ᠫᠤᠤ ᠰᠤᠮᠤ ᠭᠡᠳ ᠵᠠᠯᠭᠠᠭᠠ ᠭᠠᠳᠠᠭᠤᠷ ᠭᠦᠶᠦᠳᠡᠭ᠃ ᠰᠠᠷᠠ ᠬᠣᠷᠢ ᠬᠣᠨᠣᠭ ᠪᠣᠯᠤᠭᠠᠳ ᠭᠡᠷ ᠦ᠋ᠨ ᠪᠡᠶᠡ ᠬᠠᠷᠠᠵᠤ ᠬᠥᠭᠰᠢᠨ ᠶᠠᠰᠤ ᠨᠠᠮᠠᠶ᠋ᠢ ᠨᠢᠭᠡ ᠲᠥᠪᠬᠢᠨᠡᠭᠦᠯᠵᠦ᠂ ᠢᠳᠡᠰᠢ ᠤᠤᠭᠤᠰᠢ ᠠᠷᠭᠠᠯ ᠲᠦᠯᠡᠭᠡ ᠣᠢᠷᠠᠲᠤᠭᠤᠯᠵᠤ ᠦᠭᠴᠢᠬᠡᠭᠡᠳ ᠶᠠᠪᠤᠴᠢᠬᠠᠳᠠᠭ ᠶᠤᠮ ᠭᠡᠳ ᠨᠠᠰᠤᠲᠠᠢ ᠡᠵᠢ ᠴᠠᠭᠠᠰᠢ ᠬᠠᠨᠳᠤᠨ ᠰᠠᠭᠤᠭᠠ ᠪᠠᠷ ᠢ᠋ᠶ᠋ᠠᠨ ᠶᠤᠭᠤᠵᠤ ᠰᠢᠷᠢᠳᠡᠭ ᠳᠣᠣᠭᠤᠷ ᠳᠠᠷᠤᠵᠤ ᠲᠠᠯᠪᠢᠭᠰᠠᠨ ᠵᠡᠭᠦᠦ ᠤᠲᠠᠰᠤᠨ ᠤ ᠵᠢᠵᠢᠭᠬᠡᠨ ᠰᠢᠷᠢᠨ ᠪᠣᠭᠣᠳᠠᠯ ᠠ᠋ᠴᠠ ᠪᠠᠨ ᠬᠠᠷᠠ ᠰᠢᠪᠠᠭᠤᠨ ᠤ ᠥᠲᠥᠨ ᠤ ᠭᠤᠤᠷᠰᠤ ᠪᠠᠷ ᠬᠢᠭᠰᠡᠨ ᠵᠡᠭᠦᠦ ᠶ᠋ᠢᠨ ᠰᠠᠪᠠ ᠭᠠᠷᠭᠠᠵᠤ᠂ ᠲᠡᠪᠡᠨᠡ ᠡᠴᠡ ᠠᠷᠠᠢ ᠨᠠᠷᠢᠬᠠᠨ ᠰᠢᠭ᠋ ᠵᠡᠭᠦᠦ ᠵᠢ ᠲᠠᠮᠤᠭᠰᠠᠨ ᠣᠯᠣᠰᠣ ᠲᠠᠢ ᠬᠠᠮᠲᠤ ᠲᠡᠷᠡ ᠬᠥᠮᠦᠨ ᠳ᠋ᠦ᠍ ᠥᠭᠪᠡ᠃ ᠭᠠᠷ ᠢ᠋ ᠨᠢ ᠰᠢᠪᠲᠤᠷᠠᠵᠤ ᠴᠢᠰᠤ ᠶ᠋ᠢ ᠨᠢ ᠴᠢᠨᠦᠷᠡᠭᠦᠯᠦᠨ ᠴᠠᠷᠪᠠᠭᠤ ᠪᠠᠷ ᠨᠢ ᠦᠬᠦᠯᠦᠭᠦᠲᠡ ᠪᠣᠭᠣᠵᠤ ᠠᠷᠪᠠᠨ ᠬᠤᠷᠤᠭᠤ ᠶ᠋ᠢ ᠨᠢ ᠬᠠᠳᠬᠤᠪᠠᠯ ᠪᠤᠷᠴᠠᠭ ᠤ᠋ᠨ ᠬᠠᠯᠢᠰᠤ ᠰᠢᠭ᠋ ᠳᠥᠨᠡᠨ ᠬᠠᠷᠠ ᠴᠢᠰᠤ ᠰᠠᠮᠠᠭᠠᠨ ᠤ᠋ ᠬᠤᠷᠤᠭᠤᠨ ᠳᠡᠭᠡᠷᠡ ᠮᠡᠯᠡᠯᠵᠡᠪᠡ᠃
— ᠲᠠ ᠰᠦᠷᠡᠬᠡᠢ ᠵᠢᠩᠳᠡᠵᠡᠢ!
— ᠳᠠᠩᠴᠤ ᠲᠡᠢᠮᠦ ᠪᠠᠢᠬᠠ᠂ ᠡᠨᠡ ᠬᠣᠶᠠᠷ ᠡᠳᠦᠷ ᠪᠡᠶᠡ ᠰᠤᠯᠳᠠᠢᠭᠠᠳ ᠬᠠᠷᠢᠭᠤ ᠦᠭᠡᠢ᠁ ᠭᠡᠪᠡ᠃
— ᠨᠢᠳᠦ ᠴᠢᠨᠢ ᠵᠢᠭᠠᠬᠠᠨ ᠣᠩᠭᠣᠢᠪᠠ ᠤᠤ?
— ᠬᠠᠷᠢᠨ ᠲᠡᠭᠡᠯᠡ᠃ ᠵᠠ᠂ ᠴᠢ ᠰᠠᠢᠨ ᠢᠳᠡᠵᠦ ᠤᠤᠭᠤ ᠳᠠ! ᠪᠢᠲᠡᠭᠡᠢ ᠵᠡᠨᠵᠡᠢᠯᠡ᠂ ᠪᠢ ᠴᠢᠨᠢ ᠭᠡᠷ ᠲᠡᠭᠡᠨ ᠢᠷᠡᠭᠰᠡᠨ ᠵᠣᠴᠢᠨ ᠢ᠋ᠶ᠋ᠠᠨ ᠢᠳᠡᠭᠦᠯᠵᠦ ᠤᠤᠭᠤᠯᠭᠠᠬᠤ ᠶ᠋ᠢ ᠮᠡᠳᠡᠬᠦ ᠦᠭᠡᠢ᠃ ᠪᠠᠷᠢᠴᠠᠨ ᠬᠠᠷᠢᠭᠤ ᠶ᠋ᠢ ᠨᠢ ᠠᠪᠴᠤ ᠬᠤᠷᠤᠭᠤ ᠪᠠᠨ ᠬᠠᠳᠬᠤᠭᠤᠯᠴᠢᠬᠠᠯᠠ! ᠭᠡᠳ ᠰᠠᠮᠠᠭᠠᠨ ᠡᠪ ᠦᠭᠡᠢᠷᠭᠡᠬᠦ ᠳ᠋ᠦ᠍ ᠲᠡᠷᠡ ᠬᠥᠮᠦᠨ᠄
— ᠬᠠᠮᠢᠶᠠ ᠦᠭᠡᠢ᠂ ᠬᠠᠮᠢᠶᠠ ᠦᠭᠡᠢ ᠭᠡᠪᠡ᠃
— ᠦᠭᠡᠢ᠂ ᠴᠢ ᠲᠡᠭᠡᠭᠡᠳ ᠬᠠᠮᠢᠭᠠ ᠠ᠋ᠴᠠ ᠶᠠᠭᠤ ᠭᠡᠵᠦ ᠡᠨᠡ ᠬᠠᠷᠠ ᠠᠭᠤᠯᠠᠨ ᠳ᠋ᠤ᠌ ᠲᠡᠨᠦᠵᠦ ᠶᠠᠪᠤᠭᠠ ᠬᠥᠮᠦᠨ ᠪᠣᠢ?
— ᠪᠢ ᠤᠤ? ᠪᠢ᠁ ᠨᠣᠶᠠᠨ ᠰᠠᠩ ᠤ᠋ᠨ ᠠᠭᠤᠯᠠᠨ ᠳ᠋ᠠᠬᠢ ᠣᠲᠣᠷ ᠤ᠋ᠨ ᠮᠠᠯ ᠤ᠋ᠨ ᠬᠥᠮᠦᠨ ᠪᠠᠢᠨᠠ᠃
— ᠴᠢᠨᠦ ᠨᠤᠲᠤᠭ ᠴᠢᠨᠢ ᠬᠠᠮᠢᠭᠠᠭᠤᠷ ᠪᠣᠢ?
— ᠵᠡᠭᠦᠨ ᠥᠪᠥᠷ ᠦ᠋ᠨ ᠬᠢ!
— ᠴᠢᠨᠦ ᠶᠡᠬᠡᠴᠦᠦᠯ ᠦ᠋ᠨ ᠨᠡᠷᠡ ᠬᠡᠨ ᠪᠣᠢ?
— ᠠᠢ! ᠭᠡᠵᠦ ᠰᠡᠭᠦᠷᠡᠰᠦᠯᠡᠨ᠂
— ᠲᠠ ᠲᠠᠨᠢᠬᠤ ᠴᠤ᠌ ᠦᠭᠡᠢ᠂ ᠨᠠᠮᠠᠶ᠋ᠢ ᠪᠠᠭᠠ ᠪᠠᠢᠬᠤ ᠳ᠋ᠤ᠌ ᠡᠴᠢᠭᠡ ᠡᠬᠡ ᠪᠤᠷᠬᠠᠨ ᠪᠣᠯᠵᠤ ᠪᠢ ᠨᠠᠭᠠᠴᠤ ᠯᠠᠮᠠᠬᠠᠢ ᠶ᠋ᠢᠨ ᠭᠠᠷ ᠳᠡᠭᠡᠷᠡ ᠥᠨᠥᠴᠢᠨ ᠥᠷᠥᠭᠡᠰᠦᠨ ᠥᠰᠦᠭᠰᠡᠨ ᠶᠦᠮ᠃ ᠲᠡᠭᠡᠭᠡᠳ ᠬᠠᠷᠠᠬᠠᠨ ᠪᠠᠭᠠ ᠠ᠋ᠴᠠ ᠪᠠᠨ ᠠᠢᠯ ᠤ᠋ᠨ ᠢᠰᠢᠭᠡ ᠬᠤᠷᠠᠭᠠ ᠬᠠᠷᠢᠭᠤᠯᠵᠤ ᠠᠮᠢ ᠵᠢᠭᠤᠵᠤ ᠶᠠᠪᠤᠭᠰᠠᠨ ᠬᠥᠮᠦᠨ ᠶᠦᠮ ᠭᠡᠪᠡ᠃
— ᠨᠠᠭᠠᠴᠤ ᠯᠠᠮᠠᠬᠠᠢ ᠴᠢᠨᠢ ᠬᠡᠨ ᠭᠡᠳᠡᠭ ᠶᠦᠮ? ᠪᠢ ᠲᠠᠨᠢᠳᠠᠭ ᠴᠤ᠌ ᠪᠣᠯᠪᠠ ᠤᠤ ᠬᠥᠭᠡᠷᠦᠬᠦᠢ!
— ᠰᠠᠯᠴᠢᠨ ᠰᠦᠮᠡ ᠶ᠋ᠢᠨ ᠱᠠᠪᠷᠤᠩ ᠯᠠᠮᠠ ᠢᠰᠢᠳ᠋ᠸᠯᠢᠭ ᠭᠡᠳᠡᠭ ᠭᠡᠵᠦ ᠮᠠᠯ ᠱᠠᠯ ᠬᠤᠳᠠᠯ ᠲᠠᠯᠪᠢᠪᠠ᠃
— ᠦ᠂ ᠬᠥᠭᠡᠷᠦᠬᠦᠢ᠂ ᠰᠠᠯᠴᠢᠨ ᠤ᠋ ᠰᠦᠮᠡ ᠶ᠋ᠢᠨ ᠯᠠᠮᠠ ᠨᠠᠷ ᠢ᠋ ᠪᠣᠯ ᠲᠠᠨᠢᠬᠤ ᠦᠭᠡᠢ᠃
— ᠨᠣᠶᠠᠨ ᠰᠠᠩ ᠤ᠋ᠨ ᠢᠮᠠᠭᠠᠨ ᠰᠦᠷᠦᠭ ᠡᠴᠡ ᠬᠠᠳᠠᠨ ᠳ᠋ᠤ᠌ ᠵᠡᠷᠯᠢᠭ ᠶᠠᠪᠤᠳᠠᠭ ᠠᠷᠪᠠᠭᠠᠳ ᠢᠮᠠᠭᠠ ᠲᠠᠰᠤᠷᠠᠵᠤ ᠶᠠᠪᠤᠭᠠᠳ ᠰᠤᠷᠠᠭ ᠦᠭᠡᠢ᠃ ᠳᠠᠷᠠᠭᠠᠷ ᠡᠪᠡᠷ ᠲᠠᠢ ᠬᠥᠬᠡ ᠰᠡᠷᠬᠡ ᠲᠥᠷᠬᠥᠲᠡᠢ ᠪᠠᠷᠠᠭᠤᠨ ᠴᠢᠬᠢ ᠨᠢ ᠴᠤᠭᠤᠯᠪᠤᠷᠢ ᠢᠮ ᠲᠠᠢ ᠶᠤᠮ ᠳᠠ᠃ ᠲᠠᠨ ᠤ᠋ ᠡᠨᠡᠭᠦᠷ ᠰᠤᠷᠠᠭ ᠪᠠᠢᠨᠠ ᠤᠤ?
— ᠬᠠᠷᠠᠭᠳᠠᠭᠰᠠᠨ ᠦᠭᠡᠢ! ᠮᠠᠨ ᠤ᠋ ᠬᠣᠷᠢᠭᠠᠳ ᠢᠮᠠᠭᠠ ᠬᠣᠢᠲᠤ ᠬᠠᠳᠠᠨ ᠳ᠋ᠤ᠌ ᠬᠣᠨᠣᠳᠠᠭ ᠶᠠᠭᠤᠮᠠ ᠬᠠᠷᠠᠭᠳᠠᠭᠰᠠᠨ ᠦᠭᠡᠢ ᠳᠡ !
— ᠬᠠᠮᠢᠭᠠᠰᠢ ᠪᠠᠨ ᠭᠤᠲᠤᠷᠤᠩ ᠣᠷᠣᠭᠠᠳ ᠠᠷᠢᠯᠤᠭᠰᠠᠨ ᠪᠣᠯ ? ᠮᠠᠭᠤ ᠰᠠᠢᠨ ᠴᠢᠨᠣᠠ ᠶ᠋ᠢᠨ ᠬᠣᠭᠣᠯᠠ ᠭᠡᠵᠦ ᠢᠷᠡᠭᠰᠡᠨ ᠬᠥᠮᠥᠨ ᠬᠤᠳᠠᠯ ᠬᠠᠷᠢᠶᠠᠯ ᠲᠠᠯᠪᠢᠪᠠ᠃
— ᠨᠣᠶᠠᠨ ᠰᠠᠩ ᠤᠨ ᠰᠢᠷᠠᠪ ᠨᠣᠶᠠᠨ ᠡᠯᠳᠡᠩᠭᠡ ᠳᠤᠰᠠᠯᠠᠭᠴᠢ ᠬᠣᠭᠣᠷᠣᠨᠳᠤ ᠪᠠᠨ ᠡᠪᠳᠡᠷᠡᠯᠴᠡᠵᠦ ᠲᠤᠯᠤᠯᠳᠤᠭᠠᠨ ᠪᠣᠯᠣᠯᠠ ᠭᠡᠰᠡᠨ ᠨᠢ ᠦᠨᠡᠨ ᠤᠤ?
— ᠳᠣᠭᠣᠯᠤᠭᠠ ᠦᠭᠡᠢ᠂ ᠲᠡᠭᠡᠭᠡᠳ ᠶᠠᠭᠠᠬᠢᠭᠰᠠᠨ ᠭᠡᠨᠡ ᠪᠣᠢ?
— ᠪᠠᠢᠵᠠ ᠡ! ᠤᠷᠵᠢ ᠶᠢᠨ ᠴᠠᠭᠠᠳᠤ ᠡᠳᠦᠷ ᠪᠠᠷᠠᠭᠤᠨ ᠭᠣᠣᠯ ᠤᠨ ᠭᠤᠨᠠᠭᠠ ᠬᠦᠦ ᠢᠷᠡᠵᠤ ᠵᠠᠮᠪᠠᠯ ᠲᠠᠢ ᠨᠢᠭᠡ ᠶᠠᠭᠤᠮᠠ ᠶᠠᠷᠢᠵᠤ ᠪᠠᠢᠭᠰᠠᠨ᠃
— ᠶᠠᠭᠠᠬᠢᠯᠠ ᠭᠡᠵᠦ?
— ᠠ᠂ ᠬᠡᠨ ᠮᠡᠳᠡᠯᠡ ᠳ᠋ᠠ᠃ ᠳ᠋ᠠᠭᠳᠠᠨ ᠳ᠋ᠠ ᠯᠠᠮᠠ ᠡᠯᠳᠡᠩᠭᠡ ᠬᠣᠶᠠᠷ ᠬᠣᠷᠰᠢᠵᠤ ᠰᠢᠷᠠᠪ ᠨᠣᠶᠠᠨ ᠢ᠋ ᠠᠯᠭᠠ ᠭᠡᠵᠦ ᠴᠡᠷᠢᠭ ᠵᠡᠪᠰᠡᠭ ᠴᠤᠭᠯᠠᠭᠠᠭᠰᠠᠨ ᠴᠢᠮᠡᠭᠡ ᠲᠠᠢ᠃ ᠲᠡᠭᠡᠭᠡᠳ ᠯᠡ ᠵᠠᠮᠪᠠᠯ ᠬᠦᠦ ᠭᠤᠨᠠᠭᠠ ᠬᠣᠶᠠᠷ ᠳ᠋ᠠᠭᠳᠠᠨ ᠳ᠋ᠠ ᠯᠠᠮᠠ ᠶᠢᠨ ᠴᠡᠷᠢᠭ ᠲᠤ ᠣᠷᠣᠬᠤ ᠪᠠᠷ ᠶᠠᠪᠤᠪᠠ ᠤᠤ ᠳᠠ᠂ ᠠᠭᠤᠯᠠᠨ ᠳ᠋ᠤ᠌ ᠰᠢᠷᠭᠤᠴᠢᠬᠠᠪᠠ ᠤᠤ ? ᠮᠡᠳᠡᠬᠦ ᠦᠭᠡᠢ᠂ ᠮᠡᠳᠡᠬᠦ ᠦᠭᠡᠢ ᠡ! ᠡᠦᠲᠦ ᠶ᠋ᠢᠨ ᠬᠥᠮᠦᠰ ᠦ᠋ᠨ ᠭᠡᠨᠡᠨ ᠪᠣᠯᠤᠭᠰᠠᠨ ᠭᠡᠵᠦ ᠵᠢᠭᠲᠡᠢᠬᠡᠨ᠃ ᠳᠡᠭᠡᠷᠡᠮ ᠲᠣᠨᠣᠭᠠ ᠠᠷᠪᠢᠳᠴᠤ᠂ ᠡᠭᠡᠯ ᠠᠷᠠᠳ ᠤᠳ ᠠᠮᠢᠳᠤᠷᠠᠬᠤ ᠶ᠋ᠢᠨ ᠠᠷᠭᠠ ᠦᠭᠡᠢ ᠪᠣᠯᠵᠠᠢ ᠭᠡᠵᠦ ᠡᠨᠡ ᠢᠷᠡᠭᠰᠡᠨ ᠲᠠᠨᠢᠯ ᠪᠤᠰᠤ ᠵᠣᠴᠢᠨ ᠲᠠᠢ ᠪᠡᠨ ᠡᠯᠳᠡᠪ ᠢ᠋ ᠬᠠᠮᠤᠷᠤᠨ ᠦᠨᠡᠨ ᠢ᠋ᠶ᠋ᠡᠨ ᠠᠭᠤᠳᠠᠯᠵᠤ ᠵᠣᠭᠣᠭᠳᠠᠯᠠ᠃
— ᠲᠠᠨ ᠤ ᠬᠦᠦ ᠴᠢᠨᠢ ᠫᠤᠤ ᠵᠡᠪᠰᠡᠭ ᠲᠡᠭᠡᠨ ᠴᠤ᠌ ᠲᠠᠵᠢ ᠦᠭᠡᠢ ᠰᠠᠢᠨ᠂ ᠪᠥᠬᠡ ᠴᠤ᠌ ᠲᠣᠷᠪᠢᠲᠠᠢ ᠪᠠᠷᠢᠯᠳᠤᠳᠠᠭ᠂ ᠶᠠᠭᠤᠮᠠ ᠶᠠᠭᠤᠮᠠᠨ ᠳ᠋ᠤ᠌ ᠰᠣᠯᠣᠭᠠᠢ ᠠᠪᠳᠠᠯ ᠲᠠᠢ ᠳᠠᠭᠠᠨ 《ᠰᠤᠯᠤᠭᠠᠢ ᠨᠠᠮᠵᠢᠯ 》ᠭᠡᠳ ᠬᠥᠮᠦᠰ ᠱᠤᠤᠭᠢᠵᠤ ᠨᠡᠷᠡ ᠳᠦ ᠭᠠᠷᠳᠠᠭ ᠲᠡᠷᠡ ᠬᠥᠮᠥᠨ ᠮᠥᠨ ᠪᠢᠵᠡ?
— ᠮᠥᠨ᠂ ᠶᠠᠭ ᠮᠥᠨ!
— ᠰᠣᠯᠣᠭᠠᠢ ᠨᠠᠮᠵᠢᠯ ᠴᠤ᠌ ᠪᠣᠯ ᠤᠷᠠᠳ ᠤᠨ ᠰᠠᠢᠨ ᠡᠷᠡ ᠶᠢᠨ ᠨᠢᠭᠡ ᠶᠤᠮ! ᠭᠡᠵᠦ ᠲᠡᠷᠡ ᠡᠷᠡ ᠭᠡᠷ ᠦᠨ ᠡᠵᠡᠨ ᠰᠠᠮᠠᠭᠠᠨ ᠤ ᠬᠦᠦ ᠶᠢ ᠮᠠᠭᠲᠠᠬᠤ ᠳᠤ ᠰᠠᠮᠠᠭᠠᠨ ᠤ ᠪᠣᠷᠣ ᠴᠢᠷᠠᠢ ᠳᠤ ᠢᠨᠢᠶᠡᠳᠦ ᠭᠢᠯᠠᠯᠵᠠᠬᠤ ᠰᠢᠭ᠋ ᠨᠢᠳᠦ ᠨᠢ ᠬᠡᠷᠡᠯᠳᠦᠵᠦ᠄
— ᠲᠡᠭᠡᠯ ᠦᠭᠡᠢ ᠶᠠᠭᠠᠬᠢᠬᠤ ᠪᠣᠢ ᠳ᠋ᠠ! ᠬᠠᠯᠬᠠ ᠶᠢᠨ ᠭᠤᠨᠠᠠ ᠪᠠᠳᠠᠢ ᠲᠠᠢ ᠰᠠᠢᠨ ᠠᠨᠳᠠ ᠶᠤᠮ᠃ ᠶᠠᠭᠠᠬᠢᠯᠠ ᠡᠢᠯᠡ ᠭᠡᠳ ᠬᠥᠪᠰᠥᠷᠳᠡᠳᠡᠭ ᠯᠠ ᠪᠠᠢᠭᠰᠠᠨ ᠁ ᠦᠨᠡᠨ ᠬᠤᠳᠠᠯ ᠢ ᠨᠢ ᠮᠡᠳᠡᠬᠦ ᠦᠭᠡᠢ ᠴᠣᠬᠣᠮ᠃
— ᠲᠡᠷᠡ ᠴᠤ᠌ ᠦᠨᠡᠨ ᠭᠡᠵᠦ ᠬᠥᠮᠦᠰ ᠬᠡᠯᠡᠯᠴᠡᠳᠡᠭ᠃ ᠰᠣᠯᠣᠭᠠᠢ ᠨᠠᠮᠵᠢᠯ ᠬᠠᠯᠬᠠ ᠶᠢᠨ ᠭᠤᠨᠠᠨ ᠪᠠᠳᠠᠢ ᠲᠠᠢ ᠬᠡᠳᠦᠭᠦᠯᠡ ᠵᠠᠰᠠᠭ ᠬᠦᠩ ᠤᠨ ᠠᠳᠤᠭᠤ ᠰᠠᠯᠭᠠᠵᠤ ᠬᠥᠭᠡᠭᠡᠭᠡᠳ ᠴᠠᠭᠠᠳᠤᠭᠤᠯᠠ ᠳᠠᠭᠠᠨ ᠪᠠᠷᠢᠭᠳᠠᠬᠤ ᠰᠢᠬᠠᠯᠠ ᠭᠡᠵᠦ ᠬᠥᠮᠦᠰ ᠲᠣᠮᠣᠭ ᠰᠢᠭ᠋ ᠶᠠᠭᠤᠮᠠ ᠯᠠ ᠶᠠᠷᠢᠳᠠᠭ ᠪᠠᠢᠭᠰᠠᠨ ᠁
— ᠲᠡᠬᠡᠯ ᠥᠬᠡᠢ ᠳ᠋ᠠ᠂ ᠬᠦᠦ ᠮᠢᠨᠢ᠃ ᠡᠷᠡ ᠥᠰᠴᠦ ᠢᠰᠡᠭᠡᠢ ᠰᠤᠨᠳᠠᠭ ᠭᠡᠭᠴᠢ ᠡᠷᠡ ᠶᠢᠨ ᠵᠡᠷᠭᠡ ᠳᠤ ᠬᠦᠷᠦᠭᠰᠡᠨ ᠬᠥᠮᠦᠨ ᠡᠵᠢ ᠶᠢᠨ ᠨᠣᠮ ᠢᠶᠠᠷ ᠣᠷᠣᠬᠤ ᠠᠴᠠ ᠥᠩᠭᠡᠷᠡᠭᠰᠡᠨ ᠬᠡᠷᠡᠭ᠃ ᠵᠠᠯᠠᠭᠤ ᠽᠠᠨᠳᠠᠨ ᠨᠠᠰᠤᠨ ᠤ ᠪᠠᠨ ᠣᠮᠣᠭ ᠲᠤ ᠪᠠᠷᠳᠠᠵᠤ ᠬᠥᠮᠦᠨ ᠤ ᠨᠤᠲᠤᠭ᠂ ᠬᠥᠨᠳᠡᠯᠡᠨ ᠬᠣᠰᠢᠭᠤ ᠪᠠᠷ ᠲᠡᠨᠦᠵᠦ ᠶᠠᠪᠤᠬᠤ ᠳᠠᠭᠠᠨ ᠶᠠᠭᠤ ᠡᠰᠡ ᠰᠣᠨᠣᠰᠬᠠᠯᠠ ᠳ᠋ᠠ ! ᠭᠡᠵᠦ ᠰᠠᠮᠠᠭᠠᠨ ᠬᠦᠦ ᠶᠢᠨ ᠢᠶᠠᠨ ᠲᠤᠬᠠᠢ ᠶᠠᠷᠢᠵᠤ ᠭᠠᠷᠪᠠ᠃
— ᠲᠡᠢᠮᠦ ᠰᠠᠢᠨ ᠭᠦᠦ ᠲᠠᠢ ᠬᠥᠮᠦᠨ ᠴᠤ᠌ ᠰᠡᠳᠬᠢᠯ ᠳᠦᠭᠦᠷᠡᠩ ᠳ᠋ᠠ!
— ᠲᠡᠷᠡ ᠴᠤ᠌ ᠲᠡᠢᠮᠦ ᠠ᠋᠃ ᠲᠡᠭᠡᠪᠡᠴᠦ ᠬᠦᠦ ᠲᠠᠢ ᠬᠥᠮᠦᠨ ᠬᠥᠯ ᠵᠢᠭᠢᠨᠡ ᠭᠡᠳᠡᠭ ᠴᠤ᠌ ᠪᠢ ᠴᠢᠨᠢ ᠬᠦᠦ ᠲᠠᠢ ᠠᠲᠠᠯᠠ ᠪᠠᠨ ᠬᠥᠯ ᠵᠢᠭᠢᠬᠦ ᠪᠠᠢᠲᠤᠭᠠᠢ ᠣᠯᠢᠭᠲᠠᠢᠬᠠᠨ ᠬᠠᠮᠲᠤ ᠠᠮᠢᠳᠤᠷᠠᠵᠤ ᠴᠢᠳᠠᠳᠠᠭ ᠥᠬᠡᠢ ᠦᠢᠯᠡᠲᠡᠢ ᠬᠥᠮᠦᠨ ᠤ ᠨᠢᠭᠡ᠃
— ᠶᠠᠭᠠᠬᠢᠭᠠᠳ ᠨᠢᠭᠡ ᠳᠣᠣᠷᠠ ᠠᠮᠢᠳᠤᠷᠠᠵᠤ ᠴᠢᠳᠠᠳᠠᠭ ᠥᠬᠡᠢ ᠪᠢᠯᠡ ⁈
— ᠡᠨᠡ ᠴᠡᠷᠢᠭ᠂ ᠲᠡᠷᠡ ᠴᠡᠷᠢᠭ ᠭᠡᠳ ᠲᠡᠢᠨ ᠳᠠᠵᠢᠨ ᠪᠤᠵᠢᠭᠢᠨᠠᠭᠰᠠᠨ ᠴᠠᠭ ᠲᠤ ᠪᠣᠰᠤᠭᠠ ᠡᠷᠡ ᠬᠥᠮᠦᠨ ᠢ ᠵᠦᠭᠡᠷ ᠪᠠᠢᠯᠭᠠᠬᠤ ᠶᠤᠮ ᠪᠢᠰᠢ! ᠸᠠᠩ ᠰᠣᠬᠣᠷ ᠤᠨ ᠬᠠᠷᠠ ᠴᠡᠷᠢᠭ᠂ ᠬᠣᠰᠢᠭᠤ ᠶᠠᠮᠤᠨ ᠤ ᠴᠡᠷᠢᠭ ᠲᠤ ᠲᠠᠲᠠᠭᠳᠠᠵᠤ ᠶᠠᠪᠤᠭᠠᠳ ᠰᠡᠭᠦᠯ ᠳᠤᠨᠢ ᠳᠥᠩᠭᠡᠵᠦ ᠲᠡᠨᠳᠡ ᠠᠴᠠ ᠳᠤᠲᠠᠭᠠᠵᠤ ᠭᠠᠷᠤᠭᠰᠠᠨ ᠶᠤᠮ ᠭᠡᠳ ᠨᠢᠯᠪᠤᠰᠤ ᠪᠠᠨ ᠠᠷᠴᠢᠭᠰᠠᠨ ᠢᠶᠠᠨ ᠵᠠᠯᠭᠠᠭᠠᠳ᠄
— ᠠᠷᠭᠠ ᠴᠤ᠌ ᠦᠭᠡᠢ ᠡ᠂ ᠡᠨᠡ ᠬᠣᠷᠸ᠋ᠠ ᠳᠤ ᠪᠠᠶᠠᠨ ᠨᠢ ᠶᠠᠳᠠᠭᠤ ᠪᠡᠨ ᠳᠠᠷᠤᠯᠠᠵᠤ᠂ ᠨᠣᠶᠠᠨ ᠨᠢ ᠪᠣᠭᠣᠯ ᠢᠶᠠᠨ ᠱᠤᠯᠤᠳᠠᠭ ᠨᠢ ᠶᠣᠰᠣ ᠬᠣᠢᠨᠠ ᠳ᠋ᠠ ᠭᠡᠵᠦ ᠰᠠᠮᠠᠭᠠᠨ ᠭᠤᠸᠠᠢ ᠦᠷᠡ ᠪᠠᠨ ᠲᠠᠩᠳᠠ ᠪᠠᠨ ᠦᠭᠡᠢᠯᠡᠳᠡᠭ ᠲᠡᠭᠡᠨ ᠡᠯᠢᠭᠡ ᠨᠢ ᠡᠮᠲᠡᠷᠡᠨ ᠰᠡᠳᠬᠡᠯ ᠡᠮᠵᠡᠭ ᠪᠣᠯᠣᠭᠰᠠᠨ ᠤ ᠭᠠᠢ ᠳᠤ ᠬᠦᠦ ᠲᠠᠢ ᠨᠢ ᠦᠶᠡ ᠬᠤᠷᠠᠭ ᠤᠨ ᠬᠥᠮᠥᠨ ᠠᠭᠤᠯᠵᠠᠭᠰᠠᠭᠠᠷ ᠬᠦᠦ ᠪᠡᠨ ᠦᠵᠡᠭ᠍ᠰᠡᠨ ᠰᠢᠭ ᠰᠡᠳᠬᠢᠯ ᠰᠠᠨᠠᠭᠠ ᠨᠢ ᠤᠶᠠᠷᠠᠵᠤ ᠬᠠᠢᠯᠤᠨ ᠦᠭᠡ ᠲᠠᠭᠠᠷᠠᠭᠰᠠᠨ ᠬᠥᠮᠦᠨ ᠳᠤ ᠪᠣᠯ ᠰᠠᠭᠠᠭᠠ ᠪᠠᠨ ᠠᠭᠤᠲᠠᠯᠠᠵᠤ ᠶᠠᠷᠢᠭᠰᠠᠨ ᠢᠶᠠᠨ ᠨᠤᠷᠰᠢᠭᠠᠳ ᠪᠠᠢᠳᠠᠭ ᠪᠣᠯᠵᠠᠢ᠃
ᠢᠷᠡᠭᠰᠡᠨ ᠲᠡᠷᠡ ᠵᠣᠴᠢᠨ ᠬᠡᠢ ᠤᠨ ᠡᠵᠡᠨ ᠤ ᠰᠡᠳᠬᠢᠯ ᠢ ᠨᠢ ᠡᠮᠵᠡᠭᠯᠡᠭᠦᠯᠵᠦ ᠣᠷᠬᠢᠭᠰᠠᠨ ᠳᠠᠭᠠᠨ ᠬᠤᠷᠳᠤᠨ ᠠᠲᠠ ᠠᠴᠠ ᠰᠠᠯᠵᠤ ᠶᠠᠪᠤᠬᠤ ᠰᠠᠨᠠᠭᠠ ᠡᠭᠦᠰᠴᠦ᠂ ᠠᠩᠴᠢᠨᠵᠠᠪ᠂ ᠨᠠᠮᠵᠢᠯ ᠨᠠᠷ ᠤᠨ ᠦᠨᠡᠨ ᠮᠥᠨ ᠰᠤᠷᠠᠭ᠂ ᠰᠠᠭᠤᠵᠤ ᠪᠠᠢᠭᠠ ᠭᠠᠵᠠᠷ ᠢ ᠨᠢ ᠬᠦᠷᠲᠡᠯᠡ ᠮᠡᠳᠡᠭᠰᠡᠨ ᠳᠡᠬᠡᠨ ᠲᠣᠭᠲᠠᠪᠤᠷᠢ ᠠᠯᠳᠠᠵᠤ᠂ ᠪᠥᠭ᠍ᠰᠡᠨ ᠳᠣᠣᠷᠠ ᠠᠴᠠ ᠨᠢ ᠥᠷᠭᠡᠰᠦ ᠬᠠᠳᠬᠤᠭᠰᠠᠨ ᠰᠢᠭ᠋ ᠣᠪᠣᠯᠵᠠᠵᠤ ᠡᠬᠢᠯᠡᠪᠡ᠃
① ᠬᠠᠪᠴᠢᠭ ᠴᠤ᠌ ᠭᠡᠵᠦ ᠬᠡᠯᠡᠳᠡᠭ᠃