ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠨᠢᠭᠡᠳᠦᠭᠡᠷ ᠪᠦᠯᠦᠭ <ᠲᠠᠪᠤ> Хан мунын сүүрс < дээд > – Мөнх зохиоов ᠂ дэд бодь – нэгдүгээр бүлэг <5>
ᠳᠡᠳ᠋ ᠪᠣᠲᠢ – ᠨᠢᠭᠡᠳᠦᠭᠡᠷ ᠪᠦᠯᠦᠭ <ᠲᠠᠪᠤ>
ᠲᠠᠪᠤ
ᠠᠭᠤᠯᠠ ᠶ᠋ᠢᠨ ᠬᠣᠷᠮᠣᠢ᠂ ᠬᠢᠷ᠎ᠠ ᠶ᠋ᠢᠨ ᠬᠢᠯᠠᠭᠠᠨ᠎ᠠ ᠶ᠋ᠢᠨ ᠲᠣᠯᠣᠭᠠᠢ ᠭᠢᠯᠲᠠᠭᠠᠨᠠᠨ ᠴᠠᠢᠯᠵᠠᠵᠤ᠂ ᠰᠢᠷᠭ᠎ᠠ ᠮᠣᠷᠢᠨ ᠤ᠋ ᠬᠤᠷ ᠳᠡᠯ ᠰᠢᠭ ᠬᠣᠩᠭᠣᠷ ᠰᠠᠯᠬᠢᠨ᠎ᠠ ᠦᠶᠡᠯᠡᠨ ᠨᠠᠢᠭᠤᠵᠤ᠂ ᠵᠣ ᠲᠠᠯ᠎ᠠ᠂ ᠬᠣᠩᠬᠣᠷ ᠰᠤᠵᠠᠭ ᠪᠠᠭᠰᠢᠷᠠᠨ ᠤᠷᠭᠤᠭᠰᠠᠨ ᠮᠣᠷᠢᠨ ᠰᠢᠷᠠᠯᠵᠢ ᠶ᠋ᠢᠨ ᠲᠣᠯᠣᠭᠠᠢ ᠤᠯᠠᠪᠤᠷ ᠬᠦᠷᠡᠩ ᠥᠩᠭᠡ ᠪᠡᠷ ᠪᠣᠳᠣᠭᠰᠠᠨ ᠲᠡᠭᠦᠨ ᠦ᠌ ᠳᠡᠭᠡᠭᠦᠷ ᠴᠠᠰ ᠴᠠᠰ ᠳᠡᠷᠪᠡᠬᠦ ᠪᠣᠷᠣ ᠪᠣᠷᠣ ᠴᠠᠷᠴᠠᠬᠠᠢ ᠨᠤᠭᠤᠳ ᠤ᠋ᠨ ᠬᠥᠭ ᠲᠠᠲᠠᠷᠠᠭᠰᠠᠨ ᠢ᠋ᠶ᠋ᠠᠷ ᠮᠤᠨᠠ ᠠᠭᠤᠯᠠ ᠶ᠋ᠢᠨ ᠬᠣᠷᠮᠣᠢ ᠪᠠᠷ ᠨᠠᠮᠤᠷ ᠪᠣᠯᠤᠯ᠎ᠠ ᠭᠡᠳᠡᠭ ᠢ᠋ ᠮᠡᠳᠡᠭᠡᠯᠡᠨ᠎ᠡ᠃
ᠨᠣᠮᠣᠬᠠᠨ ᠳᠠᠭᠤ ᠲᠠᠢ ᠬᠤᠨ ᠭᠠᠯᠠᠭᠤᠳ ᠨᠠᠭᠤᠷ ᠢ᠋ᠶ᠋ᠠᠨ ᠬᠠᠶᠠᠨ ᠨᠤᠲᠤᠭ ᠰᠢᠯᠢᠵᠦ᠂ ᠬᠣᠷᠭᠣᠳᠠᠬᠤ ᠭᠠᠵᠠᠷ ᠲᠠᠭᠠᠨ ᠳᠠᠭᠤ ᠰᠡᠭᠦᠳᠡᠷ ᠢ᠋ᠶ᠋ᠡᠨ ᠤᠨᠠᠭᠠᠨ ᠴᠡᠩᠬᠡᠷ ᠣᠭᠲᠠᠷᠭᠤᠢ ᠶ᠋ᠢᠨ ᠰᠡᠮᠡᠵᠡᠨ ᠡᠭᠦᠯᠡᠨ ᠦ᠌ ᠴᠢᠮᠡᠭ ᠲᠦ᠍ ᠬᠥᠲᠥᠯᠦᠭᠦᠯᠦᠨ ᠨᠣᠮᠣᠨ ᠬᠡᠯᠪᠡᠷᠢᠲᠡᠢ ᠬᠣᠰᠢᠭᠤᠷᠠᠨ ᠡᠮᠦᠨᠡᠰᠢᠯᠡᠬᠦ ᠨᠢ ᠬᠥᠮᠦᠰ ᠲᠦ᠍ ᠡᠨᠡ ᠨᠠᠮᠤᠷ ᠤ᠋ᠨ ᠭᠠᠯᠠᠭᠤᠳ ᠶᠠᠭᠤᠨ ᠠ᠋ᠴᠠ ᠦᠷᠭᠦᠨ ᠢᠩᠭᠢᠵᠦ ᠪᠤᠴᠠᠭ᠎ᠠ ᠪᠢᠯᠡ ᠭᠡᠵᠦ ᠰᠠᠨᠠᠭᠳᠠᠭᠤᠯᠤᠨ᠎ᠠ᠃
ᠠᠭᠤᠯᠠ ᠶ᠋ᠢᠨ ᠪᠠᠯ ᠳᠠᠭᠠᠭᠰᠠᠨ ᠵᠠᠮ ᠢ᠋ᠶ᠋ᠠᠷ ᠲᠠᠪᠤ ᠭᠤᠷᠪᠠ᠂ ᠲᠠᠪᠤ ᠭᠤᠷᠪᠠᠨ ᠮᠣᠷᠢᠲᠠᠨ ᠴᠤᠪᠤᠵᠤ᠂ ᠬᠥᠬᠡᠪᠤᠯᠠᠭ ᠤ᠋ᠨ ᠭᠣᠣᠯ ᠥᠭᠡᠳᠡᠯᠡᠵᠦ ᠬᠦᠩ ᠦ᠋ᠨ ᠰᠦᠮ᠎ᠡ ᠳᠡᠭᠡᠷ᠎ᠡ ᠴᠤᠭᠯᠠᠷᠠᠵᠤ ᠪᠠᠢᠪᠠ᠃
ᠭᠥᠩ ᠦᠨ ᠰᠦᠮ᠎ᠡ ᠶ᠋ᠢᠨ ᠬᠦᠷᠢᠶᠡᠨ ᠦ ᠭᠠᠳᠠᠨ᠎ᠠ ᠮᠣᠷᠢᠨ ᠤ ᠵᠡᠯ᠎ᠡ᠂ ᠱᠤᠩ ᠳᠠᠭᠠᠵᠤ ᠵᠦᠢᠯ ᠵᠢᠰᠦᠮ ᠦᠨ ᠮᠣᠷᠢᠳ ᠤᠶᠠᠭᠠᠲᠠᠢ ᠬᠠᠷᠠᠭᠳᠠᠵᠤ᠂ ᠲᠡᠭᠦᠨ ᠦ ᠴᠠᠭᠠᠭᠤᠷ ᠲᠤᠰᠢᠶ᠎ᠠ ᠲᠠᠢ ᠥᠷᠥᠭᠡᠯ ᠲᠠᠢ ᠮᠣᠷᠢᠳ ᠵᠥᠩᠳᠡᠭᠡᠨ ᠪᠠᠢᠪᠠ᠃
ᠡᠨᠡ ᠪᠣᠯ ᠳ᠋ᠠᠭᠳᠠᠨ ᠳ᠋ᠠ ᠯᠠᠮᠠ ᠪᠣᠯᠤᠨ ᠡᠯᠳᠡᠩᠭᠡ ᠶ᠋ᠢᠨ ᠳᠠᠢᠴᠢᠯᠠᠯ ᠢᠶᠠᠷ ᠠᠳᠠ ᠬᠤᠷᠠᠵᠤ ᠴᠤᠭᠯᠠᠷᠠᠭᠰᠠᠨ ᠨᠤᠲᠤᠭ ᠤ᠋ᠨ ᠴᠡᠷᠢᠭ ᠡᠷᠡᠰ ᠪᠢᠯᠡ᠃
ᠳ᠋ᠠᠭᠳᠠᠨ ᠳ᠋ᠠ ᠯᠠᠮᠠ ᠶ᠋ᠢᠨ ᠰᠠᠭᠤᠳᠠᠭ ᠭᠡᠷ ᠲᠤ ᠡᠯᠳᠡᠩᠭᠡ᠂ ᠵᠣᠳᠪᠠ᠂ ᠪᠠᠲᠤᠪᠠᠶᠠᠷ᠂ ᠳᠣᠨᠳᠣᠪ ᠨᠠᠷ ᠳ᠋ᠠᠭᠳᠠᠨ ᠳᠠ ᠯᠠᠮᠠ ᠲᠠᠢ ᠨᠢᠭᠤᠴᠠ ᠬᠤᠷᠠᠯ ᠬᠢᠵᠦ ᠰᠢᠷᠠᠪᠳᠣᠷᠵᠢ ᠶ᠋ᠢᠨ ᠬᠦᠩ ᠨᠣᠶᠠᠨ ᠤ᠋ ᠡᠷᠬᠡ ᠶ᠋ᠢ ᠪᠤᠯᠢᠶᠠᠬᠤ ᠠᠷᠭ᠎ᠠ ᠰᠠᠮᠪᠠᠭ᠎ᠠ ᠰᠦᠪᠡᠭᠴᠢᠯᠡᠨ᠎ᠡ᠃
– ᠢᠮᠠᠭᠠᠨ ᠤ ᠮᠢᠬ᠎ᠠ ᠶ᠋ᠢ ᠬᠠᠯᠠᠭᠠᠨ ᠳᠡᠭᠡᠷ᠎ᠡ ᠨᠢ᠂ ᠶᠠᠪᠤᠳᠠᠯ ᠤᠴᠢᠷ ᠢ᠋ ᠲᠦᠷᠭᠡᠨ ᠳᠡᠭᠡᠷ᠎ᠡ ᠨᠢ ᠭᠡᠳᠡᠭᠴᠢᠯᠡᠨ ᠮᠢᠨᠦ ᠦᠵᠡᠬᠦ ᠪᠡᠷ ᠥᠨᠥ ᠰᠥᠨᠢ ᠳ᠋ᠡᠭᠡᠨ ᠬᠥᠳᠡᠯᠦᠯᠴᠡᠵᠦ ᠥᠥ᠍ᠷ ᠴᠠᠢᠬᠤ ᠳᠤ ᠯᠡ ᠦᠨᠡᠨ ᠴᠠᠭᠠᠨ ᠢ᠋ᠶ᠋ᠠᠨ ᠣᠯᠣᠯᠴᠠᠪᠠᠯ ᠲᠠᠭᠠᠷᠠᠨ᠎ᠠ᠃ ᠰᠤᠨᠵᠢᠷᠠᠭᠰᠠᠭᠠᠷ ᠶᠠᠭᠤ ᠴᠤ᠌ ᠪᠣᠯᠵᠤ ᠮᠠᠭᠠᠳ ᠦᠭᠡᠢ ᠭᠡᠵᠦ ᠵᠤᠳᠪᠠ ᠮᠡᠢᠷᠡᠨ ᠮᠡᠷᠭᠡᠯᠡᠨ᠎ᠡ᠃
– ᠵᠦᠪ᠂ ᠵᠦᠪ ᠭᠡᠵᠦ ᠳ᠋ᠠᠭᠳᠠᠨ ᠯᠠᠮᠠ ᠵᠤᠳᠪᠠ ᠮᠡᠢᠷᠠᠨ ᠤ ᠰᠠᠨᠠᠯ ᠢ᠋ ᠵᠥᠪᠰᠢᠶᠡᠷᠡᠵᠦ᠂ ᠮᠢᠨᠦ ᠦᠵᠡᠬᠦ ᠪᠡᠷ ᠴᠡᠷᠢᠭ ᠢ᠋ᠶ᠋ᠡᠨ ᠭᠤᠷᠪᠠᠨ ᠵᠢᠭᠦᠷ ᠢᠶᠠᠷ ᠬᠤᠪᠢᠶᠠᠵᠤ᠂ ᠭᠣᠣᠯ ᠴᠡᠷᠢᠭ ᠢ᠋ ᠵᠤᠳᠪᠠ ᠤᠳᠤᠷᠢᠳᠴᠤ ᠨᠣᠶᠠᠨ ᠰᠠᠩ ᠤ᠋ᠨ ᠵᠤᠰᠠᠭᠠᠯ ᠢ᠋ ᠲᠠᠭᠠᠷᠢᠨ᠎ᠠ᠃ ᠵᠡᠭᠦᠨ ᠵᠢᠭᠦᠷ ᠦ᠋ᠨ ᠴᠡᠷᠢᠭ ᠢ᠋ ᠰᠢᠷᠠᠮᠠᠩ ᠫᠠᠢᠵᠠᠩ ᠲᠥᠷᠦᠬᠥᠲᠡᠢ ᠥᠯᠵᠡᠢ ᠶ᠋ᠢᠨ ᠭᠣᠣᠯ ᠢ᠋ ᠳᠠᠭᠠᠷᠢᠨ ᠷᠠᠰᠢ ᠵᠠᠬᠢᠷᠤᠭᠴᠢ ᠶ᠋ᠢ ᠪᠠᠷᠢᠪᠴᠢᠯᠠᠨ᠎ᠠ᠃ ᠪᠠᠷᠠᠭᠤᠨ ᠵᠢᠭᠦᠷ ᠦ᠋ᠨ ᠴᠡᠷᠢᠭ ᠢ᠋ ᠫᠦᠷᠪᠦ ᠵᠠᠬᠢᠷᠴᠤ ᠳᠤᠮᠳᠠ ᠭᠣᠣᠯ ᠤ᠋ᠨ ᠠᠮᠠᠨ ᠤ᠋ ᠬᠣᠰᠢᠭᠤ ᠶᠠᠮᠤᠨ ᠢ᠋ ᠪᠦᠰᠡᠯᠡᠨ᠎ᠡ ᠭᠡᠵᠦ ᠭᠤᠷᠪᠠᠨ ᠬᠤᠷᠤᠭᠤ ᠪᠠᠨ ᠭᠣᠵᠣᠢᠯᠭᠠᠨ ᠰᠢᠷᠡᠭᠡᠨ ᠦ᠌ ᠨᠢᠷᠤᠭᠤᠨ ᠳᠡᠭᠡᠷ᠎ᠡ ᠲᠠᠭ ᠲᠣᠨᠨ ᠲᠣᠭᠰᠢᠵᠤ ᠪᠠᠢᠯ᠎ᠠ᠃
– ᠰᠢᠷᠠᠪᠳᠣᠷᠵᠢ ᠶᠢ ᠠᠮᠢᠳᠤ ᠪᠠᠷ ᠨᠢ ᠪᠠᠷᠢᠪᠠᠯ ᠬᠦᠩ ᠦ᠋ᠨ ᠰᠦᠮ᠎ᠡ ᠳ᠋ᠤᠨᠢ ᠪᠤᠴᠠᠭᠠᠵᠤ ᠯᠠᠮᠠ ᠪᠣᠯᠭᠠᠶ᠎ᠠ !
– ᠦᠭᠡᠢ ᠡ᠂ ᠲᠡᠢᠨ ᠤ ᠦᠢᠮᠡᠭᠡᠨ ᠳᠤᠮᠳᠠ ᠴᠠᠭᠠᠰᠢ ᠨᠢ ᠬᠠᠷᠠᠭᠤᠯᠴᠢᠬᠠᠶᠠ᠃ ᠠᠮᠢᠳᠤ ᠦᠯᠡᠳᠡᠭᠡᠪᠡᠯ ᠵᠣᠪᠠᠯᠠᠩ ᠤ᠋ᠨ ᠦᠨᠳᠦᠰᠦ᠃
– ᠮᠢᠩᠭᠠᠨᠪᠤᠤ᠂ ᠱᠠᠭᠳᠠᠷᠰᠦ᠋ᠷᠦᠩ ᠬᠣᠶᠠᠷ ᠢ ᠪᠠᠷᠢᠪᠠᠯ ᠱᠣᠷᠣᠩ ᠳ᠋ᠤ᠌ ᠴᠠᠭᠠᠵᠠᠯᠠᠵᠤ ᠪᠠᠢᠭᠠᠳ ᠬᠣᠯᠠ ᠭᠠᠵᠠᠷ ᠴᠦᠯᠡᠨᠡ᠃
– ᠲᠡᠷᠡ ᠴᠤ᠌ ᠭᠠᠢᠭᠤᠢ᠂ ᠮᠠᠭᠤ ᠷᠠᠰᠢ ᠵᠠᠬᠢᠷᠤᠭᠴᠢ ᠶᠢ ᠠᠮᠢᠳᠤ ᠪᠠᠷ ᠨᠢ ᠲᠤᠷᠠᠰᠬ᠎ᠠ ᠶᠢ ᠨᠢ ᠬᠠᠭᠤᠯᠵᠤ᠂ ᠵᠣᠪᠠᠯᠭ᠎ᠠ ᠪᠠᠷ ᠨᠢ ᠨᠣᠬᠠᠢ ᠲᠡᠵᠢᠭᠡᠶ᠎ᠡ! ᠭᠡᠵᠦ ᠲᠣᠨᠲᠣᠪ᠂ ᠪᠠᠲᠤᠪᠠᠶᠠᠷ᠂ ᠫᠦᠷᠪᠦ ᠨᠠᠷ ᠡᠨᠳᠡ ᠲᠡᠨᠳᠡ ᠡᠴᠡ ᠨᠢ ᠵᠠᠨᠤᠵᠤ ᠬᠡᠯᠡᠨ᠎ᠡ᠃
ᠳ᠋ᠠᠭᠳᠠᠨ ᠳ᠋ᠠ ᠯᠠᠮᠠ ᠪᠣᠯᠣᠨ ᠡᠯᠳᠡᠩᠭᠡ ᠶᠢᠨ ᠳᠣᠣᠷᠡᠬᠢ ᠬᠥᠮᠥᠰ ᠡᠵᠡᠨ ᠬᠥᠮᠥᠨ ᠦ ᠪᠡᠨ ᠴᠢᠷᠠᠢ ᠶᠢ ᠰᠢᠨᠵᠢᠵᠦ ᠥᠪᠡᠷ ᠥᠪᠡᠷ ᠦᠨ ᠬᠢᠨᠢ ᠳᠤᠷᠠᠳᠤᠭᠰᠠᠨ ᠰᠠᠨᠠᠯ ᠨᠢ ᠵᠠᠢ ᠡᠵᠡᠯᠡᠵᠦ ᠵᠢᠩ ᠳᠠᠷᠤᠬᠤ ᠪᠣᠯᠪᠠ ᠤᠤ ᠭᠡᠰᠡᠨ ᠰᠢᠭ ᠵᠠᠮᠪᠠᠷᠠᠭ᠎ᠠ ᠦᠭᠡᠢ ᠬᠠᠰᠬᠢᠷᠤᠯᠳᠤᠨ᠎ᠠ᠃
ᠬᠣᠢᠮᠣᠷ ᠲᠤ ᠰᠠᠭᠠᠲᠠᠭᠰᠠᠨ ᠡᠯᠳᠡᠩᠭᠡ ᠶ᠋ᠢᠨ ᠴᠢᠷᠠᠢ ᠶᠡᠷᠦ ᠪᠤᠰᠤ ᠶ᠋ᠢᠨ ᠪᠠᠷᠤᠭᠠᠷ ᠬᠠᠷᠠᠭᠳᠠᠵᠤ ᠬᠠᠰ ᠰᠣᠷᠣᠭᠤᠯ ᠲᠠᠢ ᠭᠠᠩᠰᠠ ᠪᠠᠨ ᠮᠤᠰᠬᠢᠵᠦ ᠰᠠᠭᠤᠭᠰᠠᠨ ᠢ᠋ᠶ᠋ᠠᠨ᠄
– ᠪᠠᠢᠵᠠ᠂ ᠪᠠᠢᠵᠠ᠃ ᠡᠨᠡ ᠴᠢᠨᠢ ᠬᠡᠦᠬᠡᠳ ᠦ᠋ᠨ ᠲᠣᠭᠯᠠᠭᠠᠮ ᠪᠢᠰᠢ ᠰᠢᠦ ᠳᠡ! ᠡᠭᠦᠨ ᠢ᠋ ᠨᠢ ᠪᠠᠷᠢᠵᠤ᠂ ᠲᠡᠭᠦᠨ ᠢ᠋ ᠨᠢ ᠲᠠᠮᠤᠯᠠᠵᠤ᠂ ᠠᠯᠠᠨ᠎ᠠ ᠪᠤᠯᠠᠨ᠎ᠠ ᠭᠡᠳᠡᠭ ᠴᠢᠨᠢ ᠬᠡᠯᠡᠬᠦ ᠳ᠋ᠦ᠍ ᠠᠮᠠᠷᠬᠠᠨ᠃ ᠲᠠ ᠨᠠᠷ ᠬᠣᠰᠢᠭᠤ ᠶᠠᠮᠤᠨ ᠤ᠋ ᠬᠢᠨ ᠢ᠋ ᠰᠢᠪᠠᠷ ᠢ᠋ᠶ᠋ᠠᠷ ᠱᠤᠭᠤᠭᠰᠠᠨ ᠪᠠᠯᠢᠩ ᠭᠡᠵᠦ ᠪᠣᠳᠣᠵᠤ ᠪᠠᠢᠨ᠎ᠠ ᠤᠤ? ᠴᠠᠭᠠᠳᠤᠭᠤᠯᠠ ᠴᠢᠨᠢ ᠶᠡᠷᠦ ᠵᠦᠭᠡᠷ ᠰᠠᠭᠤᠵᠤ ᠵᠡᠭᠦᠳᠦᠯᠡᠵᠦ ᠤᠨᠲᠠᠭ᠎ᠠ ᠦᠭᠡᠢ᠃ ᠰᠢᠷᠡᠪᠳᠦᠵᠠᠢ ᠮᠢᠩᠭᠠᠨᠪᠣᠣ ᠲᠦᠷᠦᠭᠦᠳᠠᠢ ᠬᠥᠮᠦᠰ ᠵᠡᠭᠦᠨᠰᠢ ᠪᠡᠨ ᠪᠤᠭᠤᠲᠤ᠂ ᠰᠠᠭᠠᠯᠢᠴᠢᠨ᠂ ᠪᠠᠷᠠᠭᠤᠨᠰᠢ ᠪᠠᠨ ᠬᠠᠩᠬᠠᠳᠠᠢ᠂ ᠥᠶᠥᠸᠠᠨ᠂ ᠱᠠᠮᠪᠠ ᠬᠦᠷᠲᠡᠯ᠎ᠡ ᠸᠠᠩ ᠲᠣᠪᠴᠢᠶᠠᠨ ᠳᠠᠷᠤᠭ᠎ᠠ ᠪᠣᠯᠤᠨ ᠸᠠᠩ ᠰᠣᠬᠣᠷ ᠤ᠋ᠨ ᠬᠠᠷ᠎ᠠ ᠴᠡᠷᠢᠭ ᠦ᠋ᠳ ᠲᠡᠢ ᠡᠷᠲᠡᠨ ᠡᠴᠡ ᠪᠡᠨ ᠰᠦᠯᠪᠡᠭᠡ ᠲᠡᠢ ᠭᠡᠳᠡᠭ ᠢ᠋ ᠲᠠᠨᠤᠰ ᠮᠠᠷᠲᠠᠭ᠎ᠠ ᠦᠭᠡᠢ ᠪᠢᠵᠡ! ᠬᠢᠴᠢᠶᠡᠬᠦ ᠦᠭᠡᠢ ᠪᠣᠯ ᠡᠷᠭᠢᠭᠦᠦ ᠰᠤᠮᠤ ᠡᠵᠡᠨ ᠳ᠋ᠡᠭᠡᠨ ᠭᠡᠭᠴᠢ ᠪᠣᠯᠤᠨ᠎ᠠ ᠰᠢᠦ᠃ ᠬᠣᠰᠢᠭᠤ ᠶᠠᠮᠤᠨ ᠤ᠋ ᠲᠠᠯ᠎ᠠ ᠠ᠋ᠴᠠ ᠬᠢᠲᠠᠳ ᠶᠤᠸᠠᠨ ᠱᠢ ᠺᠠᠢ ᠨᠣᠶᠠᠨ ᠤ᠋ ᠠᠲᠠᠷ ᠬᠠᠭᠠᠯᠪᠤᠷᠢᠯᠠᠬᠤ ᠰᠦᠷᠳᠡᠭᠦᠯᠦᠯᠳᠦ ᠲᠥᠷᠥ ᠶ᠋ᠢᠨ ᠪᠣᠳᠣᠯᠭ᠎ᠠ ᠳ᠋ᠤ᠌ ᠮᠠᠨ ᠤ᠋ ᠬᠢᠨ ᠡᠯᠵᠢᠭᠡᠨ ᠵᠢᠷᠣᠭ᠎ᠠ ᠣᠷᠣᠵᠤ ᠬᠣᠰᠢᠭᠤ ᠨᠤᠲᠤᠭ ᠤ᠋ᠨ ᠢ᠋ᠶ᠋ᠠᠨ ᠨᠤᠲᠤᠭ ᠪᠡᠯᠴᠢᠭᠡᠷ ᠢ᠋ ᠳᠡᠭᠡᠰᠦᠯᠡᠵᠦ ᠦᠭᠭᠦᠨ ᠮᠣᠩᠭᠣᠯᠴᠤᠳ ᠤ᠋ᠨ ᠨᠠᠰᠤᠨ ᠲᠤᠷᠰᠢ ᠶ᠋ᠢᠨ ᠬᠡᠰᠢᠭ ᠪᠤᠶᠠᠨ ᠢ᠋ ᠭᠦᠪᠢᠭᠰᠡᠭᠡᠷ ᠪᠠᠢᠵᠤ ᠴᠠᠭᠠᠳᠤᠭᠤᠯᠠ ᠳ᠋ᠠᠭᠠᠨ ᠲᠣᠰᠣᠨ ᠵᠠᠮ ᠲᠣᠷᠭᠠᠨ ᠳᠡᠪᠢᠰᠬᠡᠷ ᠰᠢᠯᠤᠭᠤᠳᠬᠠᠵᠤ ᠦᠭᠭᠦᠭᠰᠡᠨ ᠲᠤᠯᠠ ᠪᠢᠳᠡ ᠮᠠᠰᠢ ᠪᠣᠯᠭᠣᠮᠵᠢᠲᠠᠢ ᠣᠷᠣᠬᠤ ᠬᠡᠷᠡᠭᠲᠡᠢ᠃ ᠵᠤᠳᠪᠠ ᠮᠡᠢᠷᠡᠨ ᠦ᠌ ᠰᠠᠨᠠᠯ ᠪᠣᠯᠤᠨ ᠳ᠋ᠠᠭᠳᠠᠨ ᠳᠠ ᠪᠠᠭᠰᠢ ᠶ᠋ᠢᠨ ᠵᠥᠪᠯᠡᠯᠭᠡ ᠶ᠋ᠢ ᠪᠢ ᠮᠠᠰᠢ ᠵᠦᠢᠲᠡᠢ ᠭᠡᠵᠦ ᠦᠵᠡᠨ᠎ᠡ᠃ ᠥᠨᠥ ᠰᠥᠨᠢ ᠳ᠋ᠡᠭᠡᠨ ᠬᠥᠳᠡᠯᠦᠯᠴᠡᠬᠦ ᠦᠭᠡᠢ ᠪᠣᠯ ᠪᠢᠳᠡ ᠠᠮᠵᠢᠬᠤ ᠦᠭᠡᠢ᠃ ᠠᠶ᠎ᠠ ᠦᠭᠡᠢᠳᠡᠪᠡᠯ ᠣᠳᠣ ᠴᠤ᠌ ᠬᠣᠰᠢᠭᠤ ᠶᠠᠮᠤᠨ ᠤ᠋ ᠬᠦᠷᠢᠶᠡᠨ ᠳ᠋ᠦ᠍ ᠬᠠᠷ᠎ᠠ ᠴᠡᠷᠢᠭ ᠳᠦᠭᠦᠷᠦᠭᠰᠡᠨ ᠪᠠᠢᠵᠤ ᠮᠡᠳᠡᠨ᠎ᠡ ᠭᠡᠵᠦ ᠡᠯᠳᠡᠩᠭᠡ ᠮᠠᠰᠢ ᠬᠢᠨᠠᠭᠤᠷ ᠶᠠᠭᠤᠮ᠎ᠠ ᠶᠠᠷᠢᠵᠤ ᠵᠠᠷᠯᠢᠭ ᠰᠢᠤᠬᠠᠨ ᠳᠤᠤᠭᠠᠷᠬᠤ ᠳ᠋ᠤ᠌ ᠣᠯᠠᠨ ᠪᠦᠭᠦᠳᠡᠭᠡᠷ ᠢ᠋ᠶ᠋ᠡᠨ ᠲᠡᠭᠦᠨ ᠢ᠋ ᠪᠢᠰᠢᠷᠡᠨ ᠬᠠᠷᠠᠵᠤ《 ᠠᠶ᠎ᠠ᠂ ᠶᠠᠭ ᠳᠠ᠂ ᠬᠡᠷᠰᠡᠦᠯᠡᠬᠦ ᠬᠡᠷᠡᠭᠲᠡᠢ》 ᠭᠡᠵᠦ ᠬᠣᠭᠣᠷᠣᠨᠳᠣ ᠪᠠᠨ ᠬᠡᠯᠡᠯᠴᠡᠨ᠎ᠡ᠃
– ᠠᠳᠠᠭ ᠨᠢ ᠲᠠᠨᠢᠵᠤ ᠮᠡᠳᠡᠬᠦ ᠦᠭᠡᠢ ᠠᠢᠯ ᠳ᠋ᠤ᠌ ᠣᠷᠣᠬᠤ ᠳ᠋ᠤ᠌ ᠴᠤ᠌ ᠬᠡᠷᠰᠡᠦᠯᠡᠵᠦ ᠪᠠᠢᠪᠠᠯ ᠨᠣᠬᠠᠢ ᠳ᠋ᠤ᠌ ᠬᠠᠵᠠᠭᠳᠠᠬᠤ ᠦᠭᠡᠢ᠂ ᠠᠶᠤᠵᠤ ᠪᠠᠢᠪᠠᠯ ᠠᠮᠢᠨ ᠳ᠋ᠤ᠌ ᠲᠤᠰᠠ ᠲᠠᠢ ᠭᠡᠳᠡᠭ ᠦᠭᠡᠢ ᠪᠢᠯᠡ ᠤᠤ? ᠡᠯᠳᠡᠩᠭᠡ ᠨᠣᠶᠠᠨ ᠤ᠋ ᠰᠤᠷᠭᠠᠯ ᠢ᠋ ᠴᠡᠭᠡᠵᠢᠯᠡᠯᠲᠡᠢ ᠶᠦᠮ ᠬᠦ ᠪᠢᠳᠡ ᠭᠡᠵᠦ ᠵᠤᠳᠪᠠ ᠮᠡᠢᠷᠡᠨ ᠳᠡᠭᠡᠷ᠎ᠡ ᠡᠴᠡ ᠨᠢ ᠳᠠᠪᠤᠰᠤᠯᠠᠵᠤ ᠶᠠᠷᠢᠪᠠ᠃
ᠡᠳᠡᠨᠥᠰ ᠦ᠋ᠨ ᠮᠡᠷᠭᠡᠯᠡᠬᠦ ᠨᠢ ᠪᠠᠢᠨ ᠪᠠᠢᠨ ᠲᠣᠯᠣᠭᠠᠢ ᠳᠣᠬᠢᠨ ᠡᠷᠢᠭᠡ ᠪᠥᠮᠪᠥᠷᠢᠭᠦᠯᠵᠦ ᠮᠠᠨᠢ ᠲᠣᠭᠠᠯᠠᠭᠰᠠᠨ ᠳ᠋ᠠᠭᠳᠠᠨ ᠯᠠᠮᠠ ᠶ᠋ᠢᠨ ᠰᠠᠨᠠᠭᠠᠨ ᠳ᠋ᠤ᠌ ᠨᠡᠢᠴᠡᠭᠰᠡᠨ ᠪᠣᠯᠤᠯᠲᠠᠢ᠄
– ᠵᠠ᠂ ᠶᠠᠮᠠᠷ ᠪᠣᠢ ᠬᠣᠰᠢᠭᠤ ᠶᠠᠮᠤᠨ ᠤ᠋ ᠪᠣᠱᠣᠭ᠎ᠠ ᠶ᠋ᠢ ᠡᠯᠡᠭᠡᠵᠦ ᠶᠠᠪᠤᠭᠰᠠᠨ ᠲᠤᠰᠠᠯᠠᠭᠴᠢ ᠬᠥᠮᠦᠨ ᠬᠠᠷᠠᠭ᠎ᠠ ᠬᠤᠷᠴᠠ ᠪᠣᠳᠣᠯᠭ᠎ᠠ ᠮᠡᠷᠭᠡᠨ ᠪᠠᠢᠬᠤ ᠦᠭᠡᠢ ᠤᠤ ? ᠭᠡᠳ ᠬᠦᠩᠭᠢᠨᠡᠲᠡᠯ᠎ᠡ ᠢᠨᠢᠶᠡᠪᠡ᠃ ᠳ᠋ᠠᠭᠳᠠᠨ ᠳ᠋ᠠ ᠯᠠᠮᠠ ᠳᠣᠲᠣᠷ᠎ᠠ ᠪᠠᠨ ᠪᠡᠶᠡᠰᠵᠦ ᠳᠣᠭᠳᠣᠯᠤᠭᠰᠠᠨ ᠢ᠋ᠶ᠋ᠠᠨ ᠪᠠᠷᠢᠵᠤ ᠶᠠᠳᠠᠨ《ᠡᠯᠳᠡᠩᠭᠡ ᠶ᠋ᠢᠨ ᠰᠡᠳᠦᠭᠰᠡᠨ ᠶᠠᠪᠤᠳᠠᠯ ᠢ ᠮᠥᠷᠳᠡᠭᠡᠳ ᠦᠵᠡᠪᠡᠯ ᠣᠯᠵᠠ ᠨᠢ ᠲᠡᠭᠦᠰ᠂ ᠭᠠᠷᠤᠵᠠ ᠨᠢ ᠮᠡᠬᠦᠰ ᠪᠠᠢᠳᠠᠭ᠃ ᠡᠨᠡ ᠨᠢ ᠡᠴᠦᠰ ᠤᠨ ᠡᠴᠦᠰ ᠲᠦ᠍ ᠤᠬᠠᠭ᠎ᠠ ᠪᠣᠳᠣᠯ᠂ ᠬᠠᠰᠢᠷ ᠳᠣᠬᠢ ᠶᠢᠨ ᠤᠴᠢᠷ᠃ ᠡᠨᠡ ᠤᠳᠠᠭ᠎ᠠ ᠡᠯᠳᠡᠩᠭᠡ ᠲᠤᠰᠠᠯᠠᠭᠴᠢ᠂ ᠳ᠋ᠠᠭᠳᠠᠨ ᠪᠢᠳᠠ ᠬᠣᠶᠠᠷ ᠵᠤᠤᠵᠠᠢ ᠬᠣᠯᠪᠣᠨ ᠳᠥᠷᠥᠭᠡ ᠬᠠᠷᠰᠢᠭᠤᠯᠤᠭᠰᠠᠨ ᠶᠤᠮ ᠴᠢᠨᠢ ᠬᠠᠨᠳᠤᠭᠰᠠᠨ ᠵᠦᠭ ᠲᠦ ᠳᠠᠢᠰᠤᠨ ᠦᠭᠡᠢ᠂ ᠬᠠᠷᠪᠤᠭᠰᠠᠨ ᠰᠤᠮᠤᠨ ᠳ᠋ᠤ᠌ ᠬᠠᠷᠰᠢ ᠦᠭᠡᠢ ᠪᠠᠢᠬᠤ ᠶᠣᠰᠣᠲᠠᠢ᠃ ᠮᠠᠷᠭᠠᠲᠤᠷ ᠤ᠋ᠨ ᠡᠨᠡ ᠦᠶ᠎ᠡ ᠪᠣᠯᠬᠤ ᠳ᠋ᠤ᠌ ᠲᠣᠯᠣᠭᠠᠢ ᠰᠢᠭᠢᠷ᠎ᠡ ᠨᠢ ᠲᠠᠨᠢᠭᠳᠠᠬᠤ ᠪᠠᠢᠯᠭᠦᠢ》ᠭᠡᠵᠦ ᠪᠤᠳᠤᠭᠠᠳ᠄
– ᠠᠬ᠎ᠠ ᠳᠡᠭᠦᠦ ᠨᠠᠷ ᠡ! ᠵᠣᠷᠢᠭ ᠢᠶᠠᠨ ᠴᠢᠩᠭᠠᠯᠠ᠂ ᠪᠠᠷᠠᠭᠤᠨ ᠭᠦᠩ ᠦᠨ ᠤᠷᠠᠳ ᠤᠨ ᠢᠶᠠᠨ ᠲᠥᠯᠥᠭᠡ ᠪᠠᠭᠠᠲᠤᠷᠯᠠᠨ ᠪᠠᠢᠯᠳᠤᠬᠤ ᠡᠷ᠎ᠡ ᠰᠥᠰᠥᠲᠡᠢ ᠪᠠᠢᠭᠠᠷᠠᠢ! ᠦᠨᠡᠭᠡᠨ ᠬᠠᠷᠠᠩᠭᠤᠢ ᠤᠳᠠᠯ ᠦᠭᠡᠢ ᠠᠷᠢᠯᠵᠤ ᠦᠦᠷ ᠴᠠᠢᠵᠤ ᠨᠠᠷᠠ ᠮᠠᠨᠳᠤᠬᠤ ᠨᠢ ᠯᠠᠪᠲᠠᠢ! ᠡᠨᠡ ᠪᠣᠯ ᠵᠠᠢᠯᠠᠰᠢ ᠦᠭᠡᠢ! ᠭᠡᠵᠦ ᠰᠡᠳᠬᠢᠯ ᠨᠢ ᠳᠣᠭᠳᠣᠯᠤᠨ ᠬᠡᠯᠡᠬᠦ ᠳᠡᠬᠡᠨ ᠬᠣᠶᠠᠷ ᠨᠢᠳᠤᠷᠭ᠎ᠠ ᠪᠠᠨ ᠵᠠᠩᠭᠢᠳᠤᠨ ᠡᠷᠭᠦᠬᠦ ᠳ᠋ᠦ᠍ ᠨᠦᠳᠦᠭᠦᠷ ᠦ᠋ᠨ ᠮᠤᠨᠠ ᠰᠢᠭ᠋ ᠬᠠᠷᠠᠭᠳᠠᠵᠤ ᠬᠠᠵᠠᠭᠤ ᠬᠠᠪᠢᠷᠭ᠎ᠠ ᠶ᠋ᠢᠨ ᠬᠥᠮᠦᠰ ᠲᠦ᠍ ᠵᠣᠷᠢᠭ ᠣᠷᠣᠭᠤᠯᠵᠤ ᠪᠠᠢᠯ᠎ᠠ᠃
ᠢᠩᠬᠢᠵᠤ ᠪᠠᠢᠲᠠᠯ᠎ᠠ ᠭᠡᠲᠡᠭᠦᠯ ᠳ᠋ᠦ᠍ ᠶᠠᠪᠤᠭᠤᠯᠤᠭᠰᠠᠨ ᠲᠠᠯ᠎ᠠ ᠲᠠᠯ᠎ᠠ ᠶ᠋ᠢᠨ ᠴᠡᠷᠢᠭ ᠪᠤᠴᠠᠵᠤ ᠢᠷᠡᠭᠡᠳ《ᠨᠤᠶᠠᠨ ᠰᠠᠩ ᠤᠨ ᠵᠤᠰᠠᠯᠠᠩ ᠤᠨ ᠣᠲᠣᠷ ᠪᠠ ᠬᠣᠰᠢᠭᠤ ᠶᠠᠮᠤᠨ ᠤ ᠲᠠᠯ᠎ᠠ ᠳᠤ ᠲᠠᠢᠪᠤᠩ ᠪᠠᠢᠷᠢ ᠲᠠᠢ ᠪᠠᠢᠨ᠎ᠠ᠃ ᠬᠡᠪ ᠦᠨ ᠪᠤᠰᠤ ᠪᠠᠢᠳᠠᠯ ᠠᠯᠠᠭ᠎ᠠ》 ᠭᠡᠵᠦ ᠮᠡᠳᠡᠭᠦᠯᠪᠡ᠃
ᠵᠤᠳᠪᠠ ᠮᠠᠢᠷᠠᠨ ᠪᠣᠰᠴᠤ᠄
– ᠵᠠ᠂ ᠨᠥᠬᠥᠳ ᠮᠢᠨᠢ ᠵᠠᠩᠭᠢᠯᠠᠭ᠎ᠠ ᠶᠢᠨ ᠴᠠᠭ ᠪᠣᠯᠣᠯ᠎ᠠ᠃ ᠰᠡᠭᠦᠳᠡᠷ ᠡᠷᠭᠢᠵᠤ ᠰᠦᠮ᠎ᠡ ᠶ᠋ᠢᠨ ᠰᠠᠷᠠᠪᠴᠢ ᠳ᠋ᠤ᠌ ᠪᠠᠭᠤᠯ᠎ᠠ ᠰᠢᠦ ! ᠡᠦᠲᠦ ᠡᠯᠳᠡᠩᠭᠡ ᠨᠣᠶᠠᠨ ᠡᠴᠡ ᠴᠡᠷᠢᠭ ᠬᠥᠳᠡᠯᠬᠦ ᠪᠣᠳᠠᠲᠠᠢ ᠨᠠᠷᠢᠨ ᠵᠢᠭᠠᠪᠤᠷᠢ ᠥᠭᠭᠦᠨ᠎ᠡ ᠭᠡᠪᠡ᠃
– ᠣᠨᠴᠠᠭᠠᠢ ᠬᠤᠪᠢᠷᠠᠯᠲᠠ ᠦᠭᠡᠢ᠂ ᠰᠠᠭᠠᠳ ᠦᠭᠡᠢ ᠰᠢᠯᠤᠭᠤᠨ ᠶᠠᠪᠤᠭᠳᠠᠪᠠᠯ ᠭᠤᠷᠪᠠᠨ ᠵᠢᠭᠦᠷ ᠦ᠋ᠨ ᠴᠡᠷᠢᠭ ᠲᠤᠰ ᠲᠤᠰ ᠤ᠋ᠨ ᠡᠭᠦᠷᠭᠡ ᠪᠡᠨ ᠪᠡᠶᠡᠯᠡᠭᠦᠯᠵᠦ ᠰᠢᠷ᠎ᠠ ᠣᠷᠣᠢ ᠶ᠋ᠢᠨ ᠱᠣᠪᠬᠣ ᠰᠠᠷᠢᠳᠠᠭ ᠲᠤ ᠨᠠᠷᠠᠨ ᠤ ᠲᠤᠶᠠᠭ᠎ᠠ ᠢᠪᠡᠭᠡᠬᠦ ᠳ᠋ᠦ᠍ ᠱᠠᠲᠤ ᠶ᠋ᠢᠨ ᠭᠣᠣᠯ ᠤ᠋ᠨ ᠳᠡᠭᠲᠡᠷ ᠭᠠᠴᠠᠭᠠᠨ ᠤ᠋ ᠳᠡᠭᠡᠳᠦ ᠬᠣᠩᠭᠢᠯ ᠤ᠋ᠨ ᠠᠮᠠᠨ ᠳ᠋ᠤ᠌ ᠴᠤᠭᠯᠠᠷᠠᠵᠤ ᠢᠯᠠᠯᠲᠠ ᠪᠠᠨ ᠪᠡᠯᠭᠡᠯᠡᠬᠦ ᠴᠤᠭᠯᠠᠭᠠᠨ ᠪᠣᠯᠣᠨ᠎ᠠ᠃ ᠪᠢ ᠴᠥᠭᠡᠪᠲᠦᠷ ᠴᠡᠷᠢᠭ ᠠᠪᠴᠤ 《 ᠱᠠᠵᠢᠨ ᠪᠠᠳᠠᠷᠠᠭᠤᠯᠤᠭᠴᠢ ᠰᠦᠮ᠎ᠡ 》 ᠳ᠋ᠦ᠍ ᠰᠥᠨᠢ ᠪᠡᠷ ᠣᠴᠢᠵᠤ ᠮᠡᠷᠭᠡᠨ ᠭᠡᠭᠡᠨ ᠤ ᠬᠠᠷᠢᠶᠠᠲᠤ ᠴᠡᠷᠢᠭ ᠢ ᠲᠡᠢᠴᠢᠯᠡᠵᠤ ᠮᠡᠷᠭᠡᠨ ᠭᠣᠣᠯ ᠤᠨ ᠠᠮᠠ ᠪᠤᠶᠤ ᠵᠡᠭᠦᠨ ᠵᠠᠮ ᠤ᠋ᠨ ᠠᠭᠤᠯᠵᠠᠷ ᠢ ᠠᠩᠬᠠᠷᠤᠨ᠎ᠠ᠃ ᠪᠠᠲᠤᠪᠠᠶᠠᠷ ᠬᠦᠩ ᠦ᠋ᠨ ᠰᠦᠮ᠎ᠡ ᠶ᠋ᠢ ᠰᠠᠬᠢᠵᠤ᠂ ᠪᠠᠷᠠᠭᠤᠨ ᠵᠠᠮ ᠤ᠋ᠨ ᠠᠭᠤᠯᠵᠠᠷ ᠢ ᠰᠠᠬᠢᠨ᠎ᠠ᠃ ᠳ᠋ᠠᠭᠳᠠᠨ ᠳ᠋ᠠ ᠪᠠᠭᠰᠢ ᠱᠠᠲᠤ ᠶᠢᠨ ᠭᠣᠣᠯ ᠤ᠋ᠨ ᠲᠡᠭᠲᠡᠷ ᠭᠠᠴᠠᠭᠠᠨ ᠤ ᠳᠡᠭᠡᠳᠦ ᠬᠤᠩᠭᠢᠯ ᠳ᠋ᠤ᠌ ᠨᠣᠮ ᠤᠨ ᠭᠦᠷᠢᠮ ᠠᠢᠯᠠᠳᠬᠠᠵᠤ ᠪᠢᠰᠢᠯᠭᠠᠯ ᠬᠢᠵᠦ ᠬᠠᠯᠳᠠᠷ᠎ᠠ ᠢᠷᠡᠬᠦ ᠳᠠᠢᠰᠤᠨ ᠤ᠋ ᠡᠮᠦᠨ᠎ᠡ ᠡᠴᠡ ᠰᠤᠷ ᠬᠠᠶᠠᠵᠣ ᠪᠤᠷᠬᠠᠨ ᠲᠡᠭᠷᠢ ᠬᠠᠨ ᠮᠤᠨᠠ ᠳ᠋ᠤ᠌ ᠳᠠᠭᠠᠳᠬᠠᠯ ᠭᠤᠶᠤᠴᠢᠯᠠᠨ ᠴᠡᠷᠢᠭ ᠳᠠᠢᠨ ᠳ᠋ᠤ᠌ ᠮᠣᠷᠳᠠᠭᠰᠠᠨ ᠨᠢᠭᠡ ᠪᠦᠷᠢ ᠶ᠋ᠢᠨ ᠠᠮᠢᠨ ᠰᠠᠬᠢᠶ᠎ᠠ ᠵᠢ ᠪᠠᠲᠤᠯᠠᠬᠤ ᠴᠢᠬᠤᠯᠠ ᠡᠭᠦᠷᠭᠡ ᠵᠢ ᠳᠠᠭᠠᠭᠠᠵᠤ ᠶᠠᠪᠤᠨ᠎ᠠ᠃ ᠳᠠᠢᠴᠢᠯᠠᠭᠰᠠᠨ ᠴᠡᠷᠢᠭ ᠠᠭᠲᠠ ᠶ᠋ᠢᠨ ᠳᠤᠮᠳᠠ ᠰᠠᠭᠠᠳ ᠲᠣᠳᠬᠠᠷ ᠲᠤᠯᠭᠠᠷᠠᠬᠤ ᠪᠤᠶᠤ ᠳᠠᠢᠰᠤᠨ ᠤ᠋ ᠲᠠᠯ᠎ᠠ ᠳ᠋ᠤ᠌ ᠰᠠᠨᠠᠭᠠᠨ ᠠ᠋ᠴᠠ ᠭᠠᠳᠠᠭᠤᠷ ᠶᠠᠪᠤᠳᠠᠯ ᠲᠣᠬᠢᠶᠠᠯᠳᠤᠪᠠᠯ ᠴᠦᠯᠢᠰ ᠣᠷᠣᠵᠤ ᠪᠣᠯᠬᠤ ᠦᠭᠡᠢ᠃ ᠠᠮᠢ ᠭᠠᠷᠬᠤ ᠶ᠋ᠢ ᠪᠣᠳᠣᠵᠤ ᠠᠰᠢᠭᠲᠠᠢ ᠪᠠᠢᠷᠢ ᠶ᠋ᠢ ᠡᠵᠡᠯᠡᠨ ᠬᠦᠩ ᠦ᠋ᠨ ᠰᠦᠮ᠎ᠡ ᠶ᠋ᠢ ᠬᠠᠮᠠᠭᠠᠯᠠᠬᠤ ᠵᠢ ᠪᠣᠳᠣᠬᠤ ᠬᠡᠷᠡᠭᠲᠡᠢ᠃ ᠳ᠋ᠠᠭᠳᠠᠨ ᠳᠠ ᠪᠠᠭᠰᠢ ᠶ᠋ᠢᠨ ᠠᠮᠤᠷ ᠮᠡᠨᠳᠦ ᠶ᠋ᠢ ᠡᠷᠬᠡᠪᠰᠢ ᠠᠮᠤᠭᠤᠯᠠᠩ ᠪᠠᠲᠤᠯᠠᠬᠤ ᠶ᠋ᠢ ᠴᠡᠷᠢᠭ ᠦ᠋ᠨ ᠲᠦᠷᠦᠭᠦᠦ ᠲᠠ ᠨᠠᠷ ᠲᠤ᠌ ᠰᠠᠨᠠᠭᠤᠯᠵᠤ ᠬᠡᠯᠡᠭᠰᠡᠨ ᠢ᠋ ᠮᠡᠳᠡᠭᠡᠷᠡᠢ ᠭᠡᠪᠡ᠃
– ᠵᠠ ᠬᠥᠳᠡᠯᠵᠡᠭᠡᠶᠡ ᠭᠡᠵᠦ ᠬᠡᠨ ᠨᠢᠭᠡ ᠨᠢ ᠰᠡᠳᠬᠢᠯ ᠰᠠᠭᠭᠠᠨ ᠪᠣᠰᠬᠤ ᠭᠡᠬᠦ ᠳ᠋ᠦ᠍ ᠵᠤᠳᠪᠠ ᠮᠡᠢᠷᠡᠨ ᠪᠣᠰᠴᠤ᠄
– ᠪᠠᠢᠵᠠ᠂ ᠡᠦᠲᠦ ᠠᠳᠠ ᠰᠦᠮ᠎ᠡ ᠶ᠋ᠢᠨ ᠮᠠᠩᠵᠠ ᠶ᠋ᠢᠨ ᠴᠠᠪ ᠠ᠋ᠴᠠ ᠴᠠᠪᠯᠠᠵᠤ ᠠᠪᠤᠭᠠᠳ ᠪᠦᠷᠦᠢ ᠪᠣᠯᠬᠤ ᠳ᠋ᠤ᠌ ᠡᠯ᠎ᠡ ᠵᠢᠭᠦᠷ ᠦ᠋ᠨ ᠴᠡᠷᠢᠭ ᠦ᠋ᠨ ᠬᠢᠨ ᠳᠡᠭᠡᠳᠦ ᠭᠣᠣᠯ ᠦᠨ ᠬᠣᠩᠭᠢᠯ ᠳ᠋ᠤ᠌ ᠣᠴᠢᠵᠤ ᠫᠤᠤ ᠵᠡᠪᠰᠡᠭ᠂ ᠰᠤᠮᠤ ᠳᠠᠷᠢ ᠬᠤᠪᠢᠳᠠᠵᠤ ᠠᠪᠤᠭᠠᠷᠠᠢ! ᠭᠡᠳ ᠲᠠᠷᠬᠠᠪᠠ᠃
ᠬᠠᠷ᠎ᠠ ᠪᠦᠷᠦᠢ ᠪᠣᠯᠵᠤ ᠬᠣᠯᠠ ᠶ᠋ᠢᠨ ᠪᠠᠷ᠎ᠠ ᠲᠠᠰᠤᠷᠠᠨ ᠬᠠᠷᠠᠩᠭᠤᠢ ᠪᠣᠯᠪᠠ᠃
ᠬᠥᠬᠡᠪᠣᠯᠠᠭ ᠤᠨ ᠭᠣᠣᠯ ᠢ᠋ ᠥᠭᠡᠳᠡᠯᠡᠵᠦ ᠤᠷᠤᠭᠤᠳᠠᠵᠤ ᠶᠠᠪᠤᠭ᠎ᠠ ᠮᠣᠷᠢᠲᠠᠢ ᠬᠥᠮᠦᠰ ᠦ᠋ᠨ ᠬᠠᠵᠠᠭᠠᠷ ᠨᠣᠭᠲᠣ ᠶ᠋ᠢᠨ ᠬᠢᠩᠭᠠᠷ ᠲᠢᠩᠭᠠᠷ ᠭᠠᠷᠬᠤ ᠴᠢᠮᠡᠭᠡ ᠪᠠ ᠬᠠᠶᠠ ᠭᠠᠩ ᠲᠦᠷᠥᠭᠡ ᠬᠠᠪᠢᠷᠤᠯᠳᠤᠬᠤ ᠪᠤᠶᠤ ᠲᠠᠬ᠎ᠠ ᠲᠠᠢ ᠮᠣᠷᠢᠳ ᠤ᠋ᠨ ᠲᠤᠭᠤᠷᠠᠢ ᠠ᠋ᠴᠠ ᠬᠠᠳᠠ ᠴᠢᠯᠠᠭᠤ ᠬᠠᠪᠢᠷᠤᠭᠰᠠᠨ ᠣᠴᠢ ᠦᠰᠦᠷᠦᠨ ᠭᠢᠯᠠᠯᠵᠠᠵᠤ᠂ ᠵᠥᠩᠳᠡᠭᠡᠨ ᠬᠥᠬᠡ ᠨᠠᠷᠢᠨ ᠰᠡᠢᠷ ᠢᠶᠠᠨ ᠵᠠᠢᠮᠤᠴᠢᠨ ᠤᠬᠢᠶᠠᠵᠤ ᠬᠥᠭᠵᠢᠮ ᠠᠶ᠎ᠠ ᠵᠣᠬᠢᠴᠠᠭᠤᠯᠤᠨ ᠬᠤᠷᠴᠢᠭᠢᠨᠠᠳᠠᠭ ᠬᠥᠬᠡᠪᠣᠯᠠᠭ ᠤ᠋ᠨ ᠨᠠᠮ ᠵᠢᠮ ᠲᠠᠢᠪᠤᠩ ᠰᠥᠨᠢ ᠶ᠋ᠢ ᠡᠪᠳᠡᠵᠦ᠂ ᠪᠤᠳᠠᠨ ᠤ ᠲᠠᠤᠯᠠᠢ᠂ ᠪᠤᠷᠭᠠᠰᠤᠨ ᠤ ᠪᠣᠯᠵᠣᠮᠣᠷ ᠴᠤ᠌ ᠡᠨᠡ ᠭᠡᠨᠡᠳᠲᠡ ᠶᠢᠨ ᠳᠡᠪᠵᠢᠶᠡᠨ ᠳ᠋ᠦ᠍ ᠠᠮᠤᠷ ᠵᠢᠮᠤᠷ ᠨᠣᠢᠷᠮᠤᠭᠯᠠᠬᠤ ᠬᠤᠪᠢ ᠦᠭᠡᠢ ᠪᠠᠢᠯ᠎ᠠ᠃
ᠬᠠᠷᠠᠩᠭᠤᠢ ᠪᠣᠯᠬᠤ ᠳᠤᠰᠤᠮ ᠣᠭᠲᠠᠷᠭᠤᠢ ᠶ᠋ᠢᠨ ᠣᠳᠣᠳ ᠤᠯᠠᠮ ᠣᠯᠠᠰᠢᠷᠠᠨ ᠲᠦᠭᠡᠵᠦ ᠬᠠᠶᠠ ᠨᠢᠭᠡ ᠬᠠᠷᠪᠤᠬᠤ ᠰᠣᠯᠢᠷ ᠡᠦᠲᠦᠨ ᠤ ᠰᠣᠪᠤᠷᠠᠯᠲᠠ ᠪᠠᠷᠲᠠᠭᠠᠲᠤ ᠬᠠᠳᠠ ᠲᠠᠢ ᠬᠠᠷᠭᠤᠢ ᠪᠠᠷ ᠫᠠᠴᠢᠭᠢᠨᠠᠬᠤ ᠮᠣᠷᠢᠳ ᠤᠨ ᠲᠡᠮᠦᠷ ᠳᠠᠬᠠᠨ ᠡᠴᠡ ᠦᠰᠦᠷᠬᠦ ᠣᠴᠢ ᠲᠠᠢ ᠠᠳᠠᠯᠢᠬᠠᠨ ᠬᠠᠷᠠᠭᠳᠠᠬᠤ ᠨᠢ ᠭᠠᠭᠴᠠ ᠰᠥᠨᠢ ᠶ᠋ᠢᠨ ᠣᠨᠴᠠ ᠭᠠᠢᠬᠠᠮᠰᠢᠭ ᠦᠵᠡᠮᠵᠢ ᠬᠡᠮᠡᠷ ᠠᠵᠢ᠃
ᠭᠤᠷᠪᠠᠨ ᠮᠠᠷᠠᠯ ᠭᠣᠳᠣᠢᠴᠢᠬᠠᠯᠠ᠃
ᠴᠡᠷᠢᠭ ᠮᠣᠷᠢᠳ ᠤᠨ ᠬᠥᠯ ᠲᠠᠲᠠᠷᠠᠵᠤ᠂ ᠬᠥᠬᠡᠪᠤᠯᠠᠭ ᠤᠨ ᠭᠣᠣᠯ ᠲᠠᠢᠪᠤᠩ ᠪᠠᠢᠳᠠᠯ ᠳᠠᠭᠠᠨ ᠣᠷᠣᠪᠠ᠃ ᠬᠠᠶᠠ ᠨᠢᠭᠡ ᠬᠣᠶᠠᠷ ᠮᠣᠷᠢᠲᠠᠨ ᠰᠠᠢᠷᠲᠤ ᠤᠰᠤ ᠲᠤᠭᠤᠯᠤᠨ ᠲᠤᠪᠲᠤᠯᠬᠤ ᠨᠢ ᠢᠮᠠᠭᠠᠨ ᠢᠯᠭᠢ ᠪᠡᠷ ᠪᠦᠷᠢᠭᠰᠡᠨ ᠲᠠᠮᠠᠷᠤ ᠫᠠᠴᠢᠭᠢᠨᠠᠭᠤᠯᠬᠤ ᠰᠢᠭ᠋ ᠳᠠᠩ ᠴᠤᠯᠭᠤᠢ ᠥᠷᠥᠭᠡᠰᠦᠨ ᠳᠠᠭᠤᠨ ᠴᠢᠬᠢ ᠭᠠᠲᠠᠮᠠ ᠰᠣᠨᠣᠰᠳᠠᠬᠤ ᠠᠵᠢ!
ᠱᠠᠲᠤ ᠶᠢᠨ ᠭᠣᠣᠯ ᠤᠨ ᠲᠡᠭᠲᠡᠷ ᠭᠠᠴᠠᠭᠠᠨ ᠤ ᠳᠡᠭᠡᠳᠦ ᠬᠣᠩᠭᠢᠯ ᠳᠤ ᠵᠤᠯᠠ ᠪᠠᠳᠠᠷᠠᠨ ᠠᠰᠠᠵᠤ᠂ ᠬᠠᠮ ᠪᠦᠳᠦᠭᠦᠨ ᠬᠣᠭᠣᠯᠠᠢ ᠪᠠᠷ ᠨᠣᠮ ᠤᠩᠰᠢᠬᠤ ᠳᠠᠭᠤᠨ ᠪᠠ ᠸᠠᠴᠢᠷ ᠬᠤᠩᠬᠤᠨ ᠤ ᠳᠠᠩᠭᠢᠨᠠᠬᠤ ᠴᠢᠮᠡᠭᠡ ᠵᠡᠭᠦᠨ ᠡᠮᠦᠨ᠎ᠡ ᠡᠴᠡ ᠥᠩᠭᠡᠢᠭᠰᠡᠨ ᠡᠪᠴᠢᠭᠦᠦ ᠬᠠᠳᠠᠨ ᠳᠤ ᠴᠤᠤᠷᠠᠢ ᠲᠠᠲᠠᠨ᠎ᠠ ᠁
