ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠨᠢᠭᠡᠳᠦᠭᠡᠷ ᠪᠦᠯᠦᠭ <ᠳᠦᠷᠪᠡ> Хан мунын сүүрс < дээд > – Мөнх зохиоов ᠂ дэд бодь – нэгдүгээр бүлэг <4> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠨᠢᠭᠡᠳᠦᠭᠡᠷ ᠪᠦᠯᠦᠭ <ᠳᠦᠷᠪᠡ> Хан мунын сүүрс < дээд > – Мөнх зохиоов ᠂ дэд бодь – нэгдүгээр бүлэг <4>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠨᠢᠭᠡᠳᠦᠭᠡᠷ ᠪᠦᠯᠦᠭ <ᠳᠦᠷᠪᠡ> Хан мунын сүүрс < дээд > – Мөнх зохиоов ᠂ дэд бодь – нэгдүгээр бүлэг <4>

ᠠᠩᠭᠢᠯᠠᠯ:ᠲᠤᠭᠤᠵᠢ ᠷᠣᠮᠠᠨ
2024-07-23

407


                  ᠳᠥᠷᠪᠡ     

       ᠡᠯᠳᠡᠩᠭᠡ ᠲᠤᠰᠠᠯᠠᠭᠴᠢ ᠶ᠋ᠢᠨ ᠶᠡᠬᠡ ᠬᠦᠦ ᠮᠠᠨᠴᠤᠷᠭ᠎ᠠ᠂ ᠰᠢᠷᠠᠪᠳᠤᠷᠵᠢ ᠬᠦᠩ ᠨᠣᠶᠠᠨ ᠤ᠋ ᠴᠡᠴᠡᠭ ᠬᠠᠲᠤᠨ ᠲᠠᠢ ᠬᠥᠯ ᠲᠡᠢ ᠪᠣᠯᠵᠤ ᠤᠷᠰᠢᠭ ᠲᠠᠲᠠᠭᠰᠠᠨ ᠠ᠋ᠴᠠ ᠵᠡᠭᠦᠨ ᠲᠤᠰᠠᠯᠠᠭᠴᠢ ᠬᠦᠩ ᠨᠣᠶᠠᠨ ᠬᠣᠶᠠᠭᠤᠯᠠ ᠡᠪᠳᠡᠷᠡᠯᠴᠡᠵᠦ᠂ ᠬᠣᠰᠢᠭᠤ ᠶᠠᠮᠤᠨ ᠤ᠋ ᠴᠡᠷᠢᠭ ᠵᠡᠭᠦᠨ ᠲᠤᠰᠠᠯᠠᠭᠴᠢ ᠡᠯᠳᠡᠩᠭᠡ ᠶ᠋ᠢᠨ ᠮᠠᠯ ᠬᠤᠢ ᠶ᠋ᠢ ᠨᠢ ᠬᠤᠷᠢᠶᠠᠵᠤ᠂ ᠡᠳ᠋ ᠠᠭᠤᠷᠠᠰᠤ ᠶ᠋ᠢ ᠨᠢ ᠲᠣᠨᠣᠨ ᠭᠡᠷ ᠣᠷᠣᠨ ᠢ᠋ ᠨᠢ ᠭᠠᠯᠳᠠᠭᠰᠠᠨ ᠴᠢᠮᠡᠭᠡ ᠵᠢᠭᠦᠷ ᠤᠷᠭᠤᠭᠰᠠᠨ ᠮᠡᠲᠦ ᠬᠦᠩ ᠦ᠋ᠨ ᠰᠦᠮ᠎ᠡ ᠳ᠋ᠦ᠍ ᠬᠦᠷᠴᠦ ᠳ᠋ᠠᠭᠳᠠᠨ ᠳᠠ ᠯᠠᠮᠠᠬᠠᠢ ᠶ᠋ᠢᠨ ᠴᠢᠬᠢᠨ ᠳ᠋ᠦ᠍ ᠣᠷᠣᠯ᠎ᠠ᠃ ᠳ᠋ᠠᠭᠳᠠᠨ ᠳᠠ ᠯᠠᠮᠠ ᠶ᠋ᠢᠨ ᠠᠴᠢ ᠬᠥᠪᠡᠭᠦᠨ ᠪᠠᠲᠤᠪᠠᠶᠠᠷ ᠴᠤ᠌ ᠡᠨᠡ ᠬᠦ᠌ ᠬᠠᠮᠤᠭ ᠤ᠋ᠨ ᠰᠢᠨ᠎ᠡ ᠴᠢᠮᠡᠭᠡ ᠶ᠋ᠢ ᠭᠠᠨᠵᠤᠭᠠᠯᠠᠨ ᠠᠪᠠᠭ᠎ᠠ ᠯᠠᠮᠠᠵᠡᠢ ① ᠳ᠋ᠡᠭᠠᠨ ᠴᠢᠬᠡᠨ ᠦ᠌ ᠴᠢᠮᠡᠭ ᠪᠣᠯᠭᠠᠨ ᠰᠣᠨᠣᠰᠬᠠᠷ᠎ᠠ ᠬᠦᠷᠬᠦᠯ᠎ᠡ ᠬᠦᠩ ᠦ᠋ᠨ ᠰᠦᠮ᠎ᠡ ᠶ᠋ᠢᠨ ᠬᠦᠷᠢᠶᠡᠨ ᠦ᠌ ᠭᠠᠳᠠᠨ᠎ᠠ ᠱᠣᠩ ᠳᠡᠭᠡᠷ᠎ᠡ ᠰᠢᠷᠭ᠎ᠠ᠂ ᠬᠠᠯᠢᠭᠤᠨ᠂ ᠬᠡᠭᠡᠷ ᠵᠡᠷᠭᠡ ᠬᠡᠳᠦᠨ ᠵᠢᠰᠦᠮ ᠦ᠋ᠨ ᠮᠣᠷᠢ ᠤᠶᠠᠭᠠᠲᠠᠢ ᠬᠠᠷᠠᠭᠳᠠᠨ᠎ᠠ᠃ ᠪᠠᠲᠤᠪᠠᠶᠠᠷ ᠱᠣᠩ ᠳᠡᠭᠡᠷ᠎ᠡ ᠮᠣᠷᠢ ᠪᠠᠨ ᠤᠶᠠᠬᠤ ᠲᠠᠰᠢᠷᠠᠮ ᠨᠥᠭᠦᠭᠡ ᠤᠶᠠᠭᠠᠲᠠᠢ ᠮᠣᠷᠢᠳ ᠢ᠋ ᠬᠠᠷᠠᠬᠤᠯ᠎ᠠ ᠴᠢᠬᠢ ᠬᠠᠢᠴᠢᠯᠠᠭᠰᠠᠨ ᠰᠢᠷᠭ᠎ᠠ ᠮᠣᠷᠢᠨ ᠤ᠋ ᠴᠢᠬᠢᠯᠵᠡᠭᠦᠷ ᠢ᠋ᠶ᠋ᠡᠷ ᠣᠷᠣᠮ ᠲᠠᠲᠠᠭᠰᠠᠨ ᠬᠥᠯᠥᠰᠥ ᠨᠢ ᠤᠷᠤᠰᠬᠤ ᠪᠠᠷ ᠲᠡᠭᠦᠨ ᠦ᠌ ᠬᠠᠮᠠᠷ ᠲᠤ ᠮᠣᠷᠢᠨ ᠤ᠋ ᠬᠥᠯᠥᠰᠥ ᠵᠤᠩᠭᠠᠭ᠂ ᠪᠤᠯᠢᠭᠠᠷᠢ ᠭᠥᠯᠢᠮ ᠦ᠋ᠨ ᠢᠳᠡᠭᠡᠰᠢᠭᠰᠡᠨ ᠪᠦᠯᠢᠶᠡᠨ ᠦᠨᠦᠷ ᠰᠡᠩᠬᠢ ᠲᠠᠲᠠᠵᠤ ᠰᠠᠢᠬᠠᠨ ᠰᠠᠨᠠᠭᠳᠠᠬᠤ ᠰᠢᠦ ᠪᠠᠢᠯ᠎ᠠ᠃ 
       ᠲᠡᠷᠡ ᠬᠦ᠌ ᠮᠥᠩᠭᠥᠨ ᠡᠳ᠋ᠯᠡᠯ ᠲᠣᠨᠣᠭ ᠲᠠᠢ ᠰᠣᠷᠲᠣᠯᠵᠠᠭᠰᠠᠨ ᠰᠢᠷᠭ᠎ᠠ ᠮᠣᠷᠢᠨ ᠤ᠋ ᠵᠢᠰᠦᠮ ᠢ᠋ᠶ᠋ᠡᠷ ᠵᠣᠳᠪᠠ ᠮᠡᠢᠷᠡᠨ ᠲᠠᠨ ᠢᠷᠡᠭᠰᠡᠨ ᠢ᠋ ᠭᠠᠳᠠᠷᠯᠠᠪᠠ᠃ 
       ᠳ᠋ᠠᠭᠳᠠᠨ ᠳᠠ ᠯᠠᠮᠠ ᠶ᠋ᠢᠨ ᠰᠠᠭᠤᠳᠠᠭ ᠬᠥᠬᠡ ᠲᠣᠭᠣᠰᠬᠠᠨ ᠰᠠᠷᠠᠪᠴᠢᠲᠤ ᠭᠣᠣᠯ ᠭᠡᠷ ᠡᠴᠡ ᠲᠡᠭᠦᠨ ᠦ᠌ ᠬᠥᠭ ᠬᠥᠭ ᠭᠡᠵᠦ ᠶᠡᠬᠡ ᠯᠡ ᠬᠥᠭᠲᠡᠢ ᠢᠨᠢᠶᠡᠬᠦ ᠳᠠᠭᠤᠨ ᠮᠠᠢᠬᠠᠨ ᠣᠷᠣᠢ ᠲᠠᠢ ᠳᠥᠷᠪᠡᠯᠵᠢᠨ ᠡᠭᠦᠳᠡᠨ ᠦ᠌ ᠬᠢᠨᠢ ᠭᠠᠳᠠᠨ᠎ᠠ ᠠ᠋ᠴᠠ ᠲᠣᠳᠣᠬᠠᠨ ᠰᠣᠨᠣᠰᠳᠠᠨ᠎ᠠ᠃ ᠡᠨᠡ ᠨᠢ ᠲᠡᠭᠦᠨ ᠳ᠋ᠦ᠍ ᠶᠠᠮᠠᠷ ᠨᠢᠭᠡ ᠰᠡᠳᠬᠢᠯ ᠳ᠋ᠦ᠍ ᠲᠠᠭᠠᠯᠠᠭᠳᠠᠭᠰᠠᠨ ᠶᠠᠪᠤᠳᠠᠯ ᠪᠣᠯᠤᠭᠰᠠᠨ ᠢᠯᠡᠷᠡᠯ ᠠᠵᠢ᠃ 
       ᠪᠠᠲᠤᠪᠠᠶᠠᠷ ᠡᠨᠡ ᠬᠦ᠌ ᠣᠯᠵᠠᠪᠠᠢ ᠴᠢᠮᠡᠭᠡ ᠪᠡᠨ ᠲᠦᠷᠭᠡᠬᠡᠨ ᠰᠢᠭ ᠠᠪᠠᠭ᠎ᠠ ᠯᠠᠮᠠᠵᠡᠢ ᠳ᠋ᠡᠭᠠᠨ ᠰᠣᠨᠣᠰᠬᠠᠬᠤ ᠭᠡᠵᠦ ᠶᠠᠭᠠᠷᠠᠨ ᠵᠢᠷᠭᠤᠭᠠᠨ ᠳᠡᠭᠲᠡᠷᠲᠦ ᠪᠣᠷᠵᠢᠨ ᠴᠢᠯᠠᠭᠤ ᠶᠡᠨᠳᠡᠷ ᠢ᠋ ᠬᠣᠣᠰ ᠬᠣᠣᠰ ᠢ᠋ᠶ᠋ᠠᠷ ᠲᠣᠪᠴᠢᠯᠠᠨ ᠳᠠᠪᠠᠵᠤ ᠢᠬᠡᠷ᠎ᠡ ᠬᠠᠪᠲᠠᠰᠤᠨ ᠬᠠᠭᠠᠯᠭ᠎ᠠ ᠶ᠋ᠢ ᠲᠦᠯᠬᠢᠪᠡᠯ ᠭᠣᠣᠯ ᠭᠡᠷ ᠦ᠋ᠨ ᠬᠢᠨᠢ ᠡᠭᠦᠳᠡᠨ ᠳᠡᠭᠡᠷ᠎ᠡ ᠬᠣᠶᠠᠷ ᠴᠡᠷᠢᠭ ᠫᠤᠤ ᠰᠣᠯᠪᠢᠨ ᠵᠣᠭᠰᠣᠵᠤ ᠪᠠᠢᠯ᠎ᠠ᠃ ᠫᠤᠤ ᠵᠡᠪᠰᠡᠭ ᠲᠡᠢ ᠴᠡᠷᠢᠭ ᠦ᠋ᠨ ᠬᠥᠮᠦᠨ ᠡᠭᠦᠳᠡ ᠰᠠᠬᠢᠵᠤ ᠵᠣᠭᠰᠣᠭᠰᠠᠨ ᠢ᠋ ᠬᠠᠷᠠᠭᠰᠠᠨ ᠪᠠᠲᠤᠪᠠᠶᠠᠷ ᠤ᠋ᠨ ᠳᠣᠲᠣᠷ᠎ᠠ ᠫᠠᠯ ᠬᠢᠵᠦ《ᠪᠤᠤ ᠦᠵᠡᠭᠳᠡ! ᠰᠦᠮ᠎ᠡ ᠪᠤᠷᠬᠠᠨ ᠤ᠋ ᠭᠠᠵᠠᠷ ᠶᠠᠭᠠᠬᠢᠵᠤ ᠪᠠᠢᠭ᠎ᠠ ᠨᠢ ᠡᠨᠡ ᠪᠣᠢ?》 ᠭᠡᠵᠦ ᠴᠣᠴᠢᠷᠳᠠᠨ ᠪᠣᠳᠣᠵᠤ ᠵᠠᠪᠳᠤᠭᠰᠠᠨ ᠪᠣᠯᠪᠠᠴᠤ ᠴᠢᠷᠠᠢ ᠳᠡᠭᠡᠷ᠎ᠡ ᠪᠡᠨ ᠦᠯᠦ ᠮᠡᠳᠡᠭᠳᠡᠨ ᠠᠵᠢᠭ ᠴᠤ᠌ ᠦᠭᠡᠢ ᠪᠡᠷ ᠡᠭᠦᠳᠡ ᠳᠥᠭᠥᠬᠦ ᠳ᠋ᠦ᠍ ᠲᠡᠷᠡ ᠬᠣᠶᠠᠷ ᠰᠠᠬᠢᠭᠤᠯ ᠴᠡᠷᠢᠭ ᠲᠡᠭᠦᠨ ᠢ᠋ ᠬᠣᠷᠢᠭᠯᠠᠵᠤ《 ᠲᠦᠷ ᠪᠡᠢᠵᠠᠨᠠᠭᠠᠷᠡᠢ᠂ ᠳᠣᠲᠣᠷ᠎ᠠ ᠵᠣᠴᠢᠨ ᠲᠠᠢ ᠭᠡᠯ᠎ᠡ᠃  
      《 ᠡᠨᠡ ᠵᠣᠳᠪᠡ ᠮᠡᠢᠷᠡᠨ ᠪᠠᠰᠠ ᠶᠠᠭᠤ ᠪᠢᠰᠢᠯᠭᠠᠵᠤ᠂ ᠡᠯᠳᠡᠩᠭᠡ ᠶ᠋ᠢᠨ ᠡᠮᠦᠨ᠎ᠡ ᠡᠴᠡ ᠵᠢᠷᠣᠭᠠᠯᠠᠵᠤ ᠪᠠᠢᠭ᠎ᠠ ᠪᠣᠯ? ᠴᠡᠷᠢᠭ ᠵᠡᠪᠰᠡᠭ ᠬᠥᠳᠡᠯᠭᠡᠵᠦ ᠪᠠᠢᠬᠤ ᠪᠠᠷ ᠦᠵᠡᠬᠦ ᠳ᠋ᠦ᠍ ᠪᠠᠢᠳᠠᠯ ᠬᠡᠴᠡᠭᠦᠳᠡᠵᠢ ᠳᠡ᠃ ᠭᠡᠬᠦ ᠳ᠋ᠡᠭᠡᠨ ᠠᠪᠠᠭ᠎ᠠ ᠯᠠᠮᠠᠵᠢ ᠶ᠋ᠢᠨ ᠬᠥᠭᠲᠡᠢ ᠢᠨᠢᠶᠡᠵᠦ ᠪᠠᠢᠭ᠎ᠠ ᠪᠠᠷ ᠦᠵᠡᠪᠡᠯ ᠪᠠᠰᠠ ᠲᠡᠢᠮᠦ ᠴᠤ᠌ ᠠᠢᠩᠭᠤᠷᠢᠲᠡᠢ ᠶᠠᠪᠤᠳᠠᠯ ᠪᠢᠰᠢ ᠰᠢᠭ!》 ᠭᠡᠵᠦ ᠭᠠᠳᠠᠨ᠎ᠠ ᠡᠯᠳᠡᠪ ᠬᠣᠶᠠᠷ ᠢ᠋ᠶ᠋ᠠᠷ ᠲᠠᠭᠠᠮᠠᠭᠯᠠᠵᠤ ᠵᠣᠭᠰᠣᠲᠠᠯ᠎ᠠ ᠵᠣᠳᠪᠡ ᠮᠡᠢᠷᠡᠨ ᠲᠤᠰᠠᠯᠠᠭᠴᠢ ᠨᠣᠶᠠᠨ ᠠ᠋ᠴᠠ ᠳᠣᠯᠣᠭᠠᠨ ᠳᠠᠬᠢᠨ ᠱᠤᠷᠳᠤᠭᠤ ᠲᠠᠢ ᠭᠠᠷᠴᠤ ᠢᠷᠡᠬᠦ ᠳ᠋ᠦ᠍ ᠠᠷᠤ ᠠ᠋ᠴᠠ ᠨᠢ ᠳ᠋ᠠᠭᠳᠠᠨ ᠳᠠ ᠯᠠᠮᠠᠬᠠᠢ ᠳᠠᠭᠠᠯᠳᠤᠨ ᠭᠠᠷᠴᠤ ᠢᠷᠡᠭᠡᠳ᠄ 
       — ᠵᠠᠮ ᠳ᠋ᠠᠭᠠᠨ ᠪᠣᠯᠭᠣᠮᠵᠢᠲᠠᠢ ᠶᠠᠪᠤᠭᠠᠷᠠᠢ! ᠭᠡᠳ ᠵᠤᠳᠪᠡ ᠮᠡᠢᠷᠡᠨ ᠦ᠌ ᠭᠠᠷ ᠢ᠋ ᠴᠢᠩᠭ᠎ᠠ ᠠᠳᠬᠤᠪᠠᠯ᠂ 
       — ᠲᠠ ᠣᠷᠣ᠂ ᠣᠷᠣ! ᠭᠡᠵᠦ ᠬᠣᠶᠠᠭᠤᠯᠠ ᠬᠣᠶᠠᠷ ᠭᠠᠷ ᠢ᠋ᠶ᠋ᠠᠨ ᠳᠡᠭᠡᠷ᠎ᠡ ᠳᠡᠭᠡᠷ᠎ᠡ ᠡᠴᠡ ᠨᠢ ᠲᠠᠪᠰᠢᠨ ᠪᠥᠭᠡᠮ ᠲᠣᠭᠣᠨᠣᠯᠵᠢ ᠵᠠᠩᠭᠢᠳᠤᠭ᠎ᠠ ᠰᠢᠭ᠋ ᠵᠠᠩᠭᠢᠳᠤᠨ ᠰᠤᠭᠰᠤᠷᠬᠤ ᠪᠠᠷ《ᠬᠣᠶᠠᠷ ᠲᠠᠯ᠎ᠠ ᠪᠠᠷ ᠢ᠋ᠶ᠋ᠠᠨ ᠰᠡᠪ ᠦᠭᠡᠢ ᠰᠠᠢᠬᠠᠨ ᠡᠪᠯᠡᠵᠦ᠂ ᠬᠦᠴᠦ ᠪᠡᠨ ᠨᠢᠭᠡᠳᠬᠡᠨ ᠲᠡᠮᠡᠴᠡᠪᠡᠯ ᠪᠦᠲᠦᠬᠦ ᠦᠭᠡᠢ ᠶᠠᠪᠤᠳᠠᠯ ᠠᠯᠠᠭ᠎ᠠ》 ᠭᠡᠰᠡᠨ ᠰᠢᠭ ᠪᠠᠢᠯ᠎ᠠ᠃ 
       ᠪᠠᠲᠤᠪᠠᠶᠠᠷ ᠤ᠋ᠨ ᠡᠨᠡ ᠬᠦ᠌ ᠪᠠᠴᠢᠮ ᠬᠠᠯᠠᠭᠤᠨ ᠴᠢᠮᠡᠭᠡ ᠨᠢ ᠵᠣᠳᠪᠡ ᠮᠡᠢᠷᠡᠨ ᠦ᠌ ᠡᠮᠡᠭᠡᠯ ᠦ᠋ᠨ ᠠᠷᠤ ᠪᠠᠷ ᠰᠠᠭᠤᠭᠰᠠᠨ ᠪᠣᠯᠬᠣᠷ ᠴᠠᠷᠴᠠᠭᠰᠠᠨ ᠢᠮᠠᠭᠠᠨ ᠤ᠋ ᠮᠢᠬ᠎ᠠ ᠰᠢᠭ᠋ ᠦᠨ᠎ᠡ ᠦᠭᠡᠢ ᠪᠣᠯᠵᠤ ᠬᠣᠴᠣᠷᠪᠠ᠃ 
       ᠳ᠋ᠠᠭᠳᠠᠠ ᠳᠠ ᠯᠠᠮᠠᠬᠠᠢ ᠶ᠋ᠢᠨ ᠰᠠᠭᠤᠳᠠᠭ ᠭᠡᠷ ᠨᠢ ᠬᠦᠩ ᠦ᠋ᠨ ᠰᠦᠮ᠎ᠡ ᠶ᠋ᠢᠨ ᠴᠣᠭᠴᠢᠨ ᠳᠤᠭᠠᠩ ᠤ᠋ᠨ ᠠᠷᠤ ᠬᠦᠷᠢᠶᠡᠨ ᠳ᠋ᠦ᠍ ᠪᠠᠢᠳᠠᠭ ᠰᠠᠨᠵᠠᠢ᠃ ᠭᠡᠷ ᠦ᠋ᠨ ᠬᠢᠨᠢ ᠠᠷᠤ ᠳ᠋ᠤ᠌ ᠢᠮᠠᠭᠠᠨ ᠠᠭᠠᠷᠤ ᠱᠣᠪᠣᠯᠵᠠᠨ ᠤᠷᠭᠤᠭᠰᠠᠨ ᠨᠠᠯᠠᠳᠬᠠᠨ ᠬᠤᠸᠠ ᠡᠩᠭᠡᠷ ᠭᠠᠵᠠᠷ ᠥᠭᠡᠳᠡ ᠥᠭᠰᠥᠨ ᠦᠷᠭᠦᠯᠵᠢᠯᠡᠵᠦ ᠰᠠᠬᠤᠯᠢᠭ ᠵᠤᠵᠠᠭᠠᠨ ᠠᠷᠴᠠ ᠮᠠᠢᠯᠠᠰᠤ᠂ ᠨᠠᠷᠠᠰᠤᠨ ᠮᠣᠳᠣ ᠲᠠᠢ ᠬᠥᠬᠡ ᠴᠡᠩᠬᠡᠷ ᠬᠠᠳᠠ ᠲᠦᠩᠰᠤᠢᠭᠰᠡᠨ ᠥᠨᠳᠥᠷ ᠠᠭᠤᠯᠠᠰ ᠲᠠᠢ ᠬᠤᠪᠢ ᠪᠠᠷᠢᠯᠳᠤᠭᠰᠠᠨ ᠭᠣᠴᠣ ᠦᠵᠡᠮᠵᠢᠲᠦ ᠭᠠᠵᠠᠷ ᠪᠠᠢᠯ᠎ᠠ᠃ ᠬᠦᠷᠢᠶᠡᠨ ᠳᠣᠲᠣᠷ᠎ᠠ ᠪᠠᠨ ᠭᠦᠢᠯᠡᠰᠦ᠂ ᠲᠣᠭᠣᠷ ᠤ᠋ᠨ ᠮᠣᠳᠣ ᠲᠠᠢ᠂ ᠬᠦᠷᠢᠶᠡᠨ ᠡᠭᠦᠳᠡᠨ ᠦ᠌ ᠪᠠᠷᠠᠭᠤᠨ ᠲᠠᠯ᠎ᠠ ᠳ᠋ᠤᠨᠢ ᠮᠥᠩᠬᠡ ᠨᠠᠷᠠᠰᠤ᠂ ᠵᠡᠭᠦᠨ ᠲᠠᠯ᠎ᠠ ᠳ᠋ᠤᠨᠢ ᠲᠦᠮᠡᠨ ᠨᠠᠰᠤᠲᠤ ᠠᠭᠠᠷᠤ ᠤᠷᠭᠤᠭᠰᠠᠨ ᠨᠢ《 ᠣᠷᠳᠣᠨ》 ᠤ᠋ ᠰᠦᠷ ᠶᠡᠬᠡᠮᠰᠦᠭ ᠢ᠋ ᠭᠠᠢᠬᠠᠭᠤᠯᠵᠤ ᠪᠠᠢᠯ᠎ᠠ᠃ ᠵᠡᠭᠦᠨ ᠰᠤᠭᠤ ᠪᠠᠷ ᠭᠦᠬᠡᠪᠤᠯᠠᠭ ᠤ᠋ᠨ ᠲᠤᠩᠭᠠᠯᠠᠭ ᠤᠰᠤ ᠭᠣᠣᠯ ᠤ᠋ᠨ ᠬᠥᠬᠡ ᠪᠣᠷᠣ ᠨᠠᠷᠢᠨ ᠰᠠᠢᠷ ᠢ᠋ ᠵᠠᠢᠮᠤᠴᠢᠭᠤᠯᠤᠨ ᠤᠷᠤᠰᠴᠤ ᠡᠳᠦᠷ ᠰᠥᠨᠢ ᠶ᠋ᠢᠨ ᠬᠤᠪᠢ ᠳ᠋ᠤ᠌ ᠤᠶᠠᠩᠭᠠᠷᠠᠭᠰᠠᠨ ᠭᠣᠷᠣᠬ᠎ᠠ ᠶ᠋ᠢᠨ ᠴᠡᠩᠭᠡᠭ ᠳᠠᠭᠤᠤ ᠪᠠᠨ ᠤᠶᠠᠩᠭᠠᠯᠠᠭᠰᠠᠭᠠᠷ ᠠᠯᠤᠰ ᠢ᠋ ᠵᠣᠷᠢᠨ᠎ᠠ᠃ 
       ᠳ᠋ᠠᠭᠳᠠ ᠳᠠ ᠯᠠᠮᠠᠬᠠᠢ ᠡᠢᠨ ᠬᠦ᠌ ᠠᠭᠯᠠᠭ ᠠᠭᠤᠯᠠ ᠶ᠋ᠢᠨ ᠨᠢᠭᠤᠴᠠᠭᠠᠢ ᠠᠯᠭᠠᠭ ᠲᠤ ᠰᠦᠮ᠎ᠡ ᠬᠡᠢᠳ ᠦ᠋ᠨ ᠪᠤᠶᠠᠨ ᠬᠡᠰᠢᠭ ᠢ᠋ᠶ᠋ᠡᠷ ᠨᠣᠮ ᠪᠢᠰᠢᠯᠭᠠᠨ᠂ ᠰᠦᠵᠡᠭ ᠪᠢᠰᠢᠷᠡᠯ ᠢ᠋ᠶ᠋ᠡᠨ ᠳᠠᠭᠠᠳᠬᠠᠨ ᠪᠠᠢᠭᠠᠯᠢ ᠶ᠋ᠢᠨ ᠭᠣᠴᠣ ᠭᠠᠩᠭᠠᠩ ᠳ᠋ᠤ᠌ ᠰᠣᠭᠲᠣᠭᠤᠷᠠᠵᠤ ᠰᠠᠭᠤᠬᠤ ᠳ᠋ᠠᠭᠠᠨ ᠨᠠᠰᠤᠨ ᠪᠤᠶᠠᠨ ᠤ᠋ ᠠᠮᠤᠷ ᠵᠢᠷᠭᠠᠯ ᠭᠡᠵᠦ ᠢᠮᠠᠭᠲᠠ ᠰᠡᠳᠬᠢᠯ ᠲᠡᠨᠢᠭᠦᠨ ᠪᠠᠢᠳᠠᠭ ᠠᠵᠢ᠃ 
       ᠯᠠᠮᠠᠬᠠᠢ ᠶ᠋ᠢᠨ ᠰᠠᠭᠤᠳᠠᠭ ᠭᠡᠷ ᠨᠢ ᠳᠣᠲᠣᠷ᠎ᠠ ᠭᠠᠳᠠᠨ᠎ᠠ ᠬᠣᠶᠠᠷ ᠲᠠᠰᠤᠯᠭ᠎ᠠ ᠲᠠᠢ᠃ ᠭᠠᠳᠠᠨ᠎ᠠ ᠲᠠᠰᠤᠯᠭ᠎ᠠ ᠨᠢ ᠬᠣᠢᠲᠤ ᠬᠡᠷᠡᠮ ᠳᠠᠭᠠᠭᠤᠯᠵᠤ ᠪᠠᠷᠢᠭᠰᠠᠨ ᠨᠠᠷᠢᠬᠠᠨ ᠰᠤᠮᠤᠨ ᠬᠠᠨᠵᠤ ᠲᠠᠢ᠂ ᠳᠡᠭᠡᠷ᠎ᠡ ᠨᠢ ᠲᠡᠮᠡᠭᠡᠨ ᠨᠣᠣᠰᠣ ᠪᠠᠷ ᠬᠡ ᠦᠯᠵᠢ ᠰᠢᠷᠢᠭᠰᠡᠨ ᠰᠢᠷᠢᠳᠡᠭ ᠳᠡᠪᠢᠰᠴᠦ᠂ ᠪᠠᠷᠠᠭᠤᠨ ᠲᠠᠯ᠎ᠠ ᠪᠠᠷ ᠢ᠋ᠶ᠋ᠠᠨ ᠱᠦᠭᠦᠢ᠂ ᠡᠷᠭᠢᠨᠡᠭ ᠵᠡᠷᠭᠡᠯᠡᠵᠦ᠂ ᠭᠣᠣᠯᠳᠠᠭᠤ ᠭᠠᠯ ᠲᠣᠭᠣᠭᠠᠨ ᠤ᠋ ᠬᠡᠷᠡᠭᠰᠡᠯ᠂ ᠠᠶᠠᠭ᠎ᠠ ᠰᠠᠪᠬ᠎ᠠ᠂ ᠫᠢᠯᠠ ᠰᠠᠪᠠ ᠵᠡᠷᠭᠡ ᠶ᠋ᠢ ᠡᠮᠬᠢ ᠵᠢᠷᠤᠮ ᠲᠠᠢ ᠲᠠᠯᠪᠢᠵᠤ᠂ ᠳᠣᠲᠣᠷ᠎ᠠ ᠲᠠᠰᠤᠯᠭᠠᠨ ᠤ᠋ ᠬᠡᠷᠡᠮ ᠳᠠᠭᠠᠭᠤᠯᠵᠤ ᠵᠣᠭᠣᠭᠣᠭᠰᠠᠨ ᠲᠤᠯᠭ᠎ᠠ ᠲᠣᠭᠣᠭ᠎ᠠ ᠲᠠᠢ᠂ ᠲᠤᠯᠭ᠎ᠠ ᠶ᠋ᠢᠨ ᠢ᠋ᠶ᠋ᠡᠨ ᠴᠢᠬᠢᠨ ᠲᠠᠯ᠎ᠠ ᠳ᠋ᠤ᠌ ᠬᠣᠨᠢᠨ ᠤ᠋ ᠮᠥᠴᠢ ᠬᠢᠷᠢ ᠶ᠋ᠢᠨ ᠣᠬᠣᠷ ᠣᠬᠣᠷ ᠪᠣᠯᠭᠠᠵᠤ ᠬᠠᠭᠠᠯᠤᠭᠰᠠᠨ ᠠᠭᠠᠷᠤ ᠬᠣᠵᠤᠤᠯ᠎ᠠ ᠶ᠋ᠢᠨ ᠬᠣᠯᠲᠣᠰᠣ ᠭᠣᠣᠯ ᠲᠠᠢ ᠬᠠᠢᠯᠠᠰᠤᠨ ᠲᠦᠯᠡᠭᠡ ᠶ᠋ᠢ ᠴᠡᠭᠴᠡᠲᠡᠢ ᠵᠡᠷᠭᠡᠯᠡᠵᠦ ᠬᠤᠷᠢᠶᠠᠵᠠᠢ᠃ ᠭᠠᠳᠠᠨ᠎ᠠ ᠲᠠᠰᠤᠯᠭᠠᠨ ᠳ᠋ᠤ᠌ ᠠᠷᠪᠠᠨ ᠳᠣᠯᠣᠭ᠎ᠠ ᠨᠠᠢ᠍ᠮᠠᠲᠠᠢ ᠪᠤᠷᠤᠪᠠᠨᠳᠢ ᠭᠡᠳᠡᠭ ᠭᠡᠶᠦᠭ ᠬᠦᠦ ᠭᠠᠯ ᠲᠣᠭᠣᠭ᠎ᠠ ᠳᠣᠳᠣᠮᠳᠠᠵᠤ᠂ ᠯᠠᠮᠠᠬᠠᠢ ᠶ᠋ᠢᠨ ᠬᠤᠰᠢ᠂ ᠲᠦᠯᠡᠭᠡ ᠲᠦᠯᠡᠰᠢ ᠶ᠋ᠢ ᠨᠢ ᠣᠢᠷᠠᠲᠤᠭᠤᠯᠵᠤ ᠠᠰᠠᠷᠠᠳᠠᠭ ᠤᠬᠠᠭᠠᠨ ᠲᠠᠢ᠃ ᠲᠣᠲᠣᠷ᠎ᠠ ᠲᠠᠰᠤᠯᠠᠭ᠎ᠠ ᠨᠢ ᠳ᠋ᠠᠭᠳᠠᠠ ᠳᠠ ᠯᠠᠮᠠᠬᠠᠢ ᠶ᠋ᠢᠨ ᠤᠨᠲᠠᠯᠭ᠎ᠠ ᠶ᠋ᠢᠨ ᠥᠷᠥᠭᠡ᠃ ᠬᠣᠢᠲᠤ ᠬᠡᠷᠡᠮ ᠦ᠋ᠨ ᠢ᠋ᠶ᠋ᠡᠨ ᠭᠣᠣᠯ ᠳ᠋ᠤ᠌ ᠠᠷᠰᠯᠠᠨ ᠪᠠᠷᠰ ᠤ᠋ᠨ ᠠᠯᠲᠠᠨ ᠬᠡ ᠲᠡᠢ ᠬᠣᠶᠠᠷ ᠨᠢᠳᠦ ᠲᠡᠢ ᠥᠨᠳᠥᠷ ᠬᠣᠷᠭᠣ ᠶ᠋ᠢᠨ ᠰᠢᠯ ᠦ᠋ᠨ ᠴᠤᠩᠬᠤᠪᠴᠢ ᠳᠣᠲᠣᠷ᠎ᠠ ᠵᠠᠭᠠᠨ ᠲᠣᠯᠣᠭᠠᠢᠲᠤ ᠡᠯᠳᠡᠪ ᠪᠤᠭ ᠱᠤᠯᠤᠮ ᠪᠤᠷᠤᠭᠤ ᠨᠣᠮᠲᠠᠨ ᠢ᠋ ᠪᠤᠷᠤᠩᠬᠤᠢᠯᠠᠨ ᠭᠢᠰᠬᠢᠵᠦ ᠵᠣᠭᠰᠣᠭᠰᠠᠨ ᠬᠦᠴᠦᠨ ᠲᠡᠭᠦᠰ ᠰᠦᠷ ᠨᠠᠮᠪᠠᠭ᠎ᠠ ᠲᠠᠢ ᠬᠠᠮᠤᠭ ᠤ᠋ᠨ ᠳᠡᠭᠡᠳᠦ ᠳᠣᠭᠰᠢᠨ ᠴᠣᠢᠵᠣᠩ ᠪᠤᠷᠬᠠᠨ ᠮᠠᠾᠠᠺᠠᠯᠠ ᠳᠠᠬᠢᠵᠤ᠂ ᠪᠤᠷᠬᠠᠨ ᠤ᠋ ᠡᠮᠦᠨ᠎ᠡ ᠨᠢ ᠤᠵᠢᠷᠠᠭᠠ ᠫᠢᠯᠠᠨ ᠳ᠋ᠤ᠌ ᠲᠠᠪᠤᠨ ᠠᠮᠲᠠᠲᠠᠨ ᠤ᠋ ᠢᠳᠡᠭᠡᠨ ᠦ᠌ ᠲᠠᠬᠢᠯ ᠢ᠋ ᠥᠷᠥᠵᠦ᠂ ᠪᠠᠳᠮ᠎ᠠ ᠴᠡᠴᠡᠭᠯᠡᠭᠰᠡᠨ ᠵᠤᠯᠠ ᠶ᠋ᠢᠨ ᠭᠡᠷᠡᠯ ᠳ᠋ᠦ᠍ ᠮᠠᠾᠠᠺᠯᠠ ᠪᠤᠷᠬᠠᠨ ᠤᠯᠠᠮ ᠴᠤ᠌ ᠲᠣᠭᠰᠢᠨ ᠰᠦᠷᠲᠡᠢ ᠦᠵᠡᠭᠳᠡᠨ᠎ᠡ᠃ ᠬᠠᠨᠵᠤᠨ ᠤ᠋ ᠴᠠᠭᠠᠳᠤ ᠬᠡᠷᠡᠮ ᠳᠠᠭᠠᠭᠤᠯᠵᠤ ᠵᠡᠷᠭᠡᠯᠡᠭᠰᠡᠨ ᠠᠷᠰᠯᠠᠨ ᠤ᠋ ᠬᠠᠮᠠᠷ ᠤ᠋ᠨ ᠰᠢᠨᠲᠠᠭᠠᠷ ᠬᠡ ᠲᠡᠢ ᠭᠠᠤᠯᠢᠨ ᠲᠣᠯᠢᠲᠤ ᠠᠯᠲᠠᠨ ᠬᠡ ᠲᠡᠢ ᠢᠬᠡᠷ᠎ᠡ ᠳᠡᠪᠰᠡᠭ ᠦ᠋ᠨ ᠬᠠᠮᠠᠷ ᠢ᠋ ᠭᠠᠤᠯᠢᠨ ᠲᠠᠩᠭᠤᠳ ᠴᠠᠭᠤᠷᠭ᠎ᠠ ᠪᠠᠷ ᠣᠷᠣᠭᠠᠨ ᠤ᠋ ᠲᠣᠭᠰᠢᠨ ᠪᠤᠤᠷ᠎ᠠ ᠶ᠋ᠢ ᠨᠤᠮᠤᠬᠠᠣ᠋ᠬᠠᠭᠰᠠᠨ ᠰᠢᠭ᠋ ᠪᠤᠷᠠᠨᠲᠠᠭᠯᠠᠨ ᠴᠠᠭᠤᠷᠭᠠᠯᠠᠭᠰᠠᠨ (ᠣᠨᠢᠰᠤᠯᠠᠭᠰᠠᠨ) ᠪᠠᠢᠯ᠎ᠠ᠃ ᠬᠠᠨᠵᠤᠨ ᠤ᠋ ᠭᠣᠣᠯ ᠳ᠋ᠤ᠌ ᠡᠳᠦᠷ ᠰᠥᠨᠢ ᠶ᠋ᠢᠨ ᠬᠤᠪᠢ ᠳ᠋ᠤ᠌ ᠬᠦᠳᠡᠯᠭᠡᠯ ᠦᠭᠡᠢ ᠲᠠᠩᠭᠠᠷᠢᠭ ᠲᠠᠢ ᠪᠠᠢᠳᠠᠭ ᠠᠭᠠᠷᠤᠨ ᠰᠢᠷᠡᠭᠡ ᠲᠠᠯᠪᠢᠵᠠᠢ᠃ ᠳᠥᠷᠪᠡᠨ ᠬᠥᠯ ᠨᠢ ᠮᠠᠲᠠᠷ ᠤ᠋ᠨ ᠬᠢᠮᠤᠰᠤᠲᠤ ᠬᠥᠯ ᠢ᠋ ᠮᠤᠬᠢᠷᠠᠭᠤᠯᠤᠨ ᠲᠠᠪᠠᠭ ᠢ᠋ ᠨᠢ ᠳᠡᠭᠡᠭᠰᠢ ᠬᠠᠷᠠᠭᠤᠯᠵᠤ ᠮᠢᠳᠠᠢᠯᠭᠠᠵᠤ ᠬᠡᠭᠡᠯᠡᠨ ᠰᠡᠢᠯᠦᠭᠰᠡᠨ ᠶᠠᠩᠵᠤᠲᠠᠢ᠂ ᠳᠥᠷᠪᠡᠨ ᠥᠨᠴᠥᠭ ᠲᠦ᠋ᠨᠢ ᠤᠯᠠᠭᠠᠨ ᠮᠣᠳᠣ( ᠰᠡᠩᠳᠡᠩ) ᠢ᠋ᠶ᠋ᠡᠷ ᠮᠠᠲᠠᠷ ᠤ᠋ᠨ ᠲᠣᠯᠣᠭᠠᠢ ᠶ᠋ᠢ ᠠᠮᠢᠳᠤᠯᠢᠭ ᠰᠡᠢᠯᠵᠦ ᠮᠠᠲᠠᠷᠢᠭᠤᠯᠤᠨ ᠠᠮᠠᠨ ᠳᠣᠲᠣᠷ᠎ᠠ ᠨᠢ ᠨᠢᠵᠢᠭᠡᠳ ᠨᠣᠮᠢᠨ ᠱ᠌ᠢᠷᠦᠨ ᠪᠥᠮᠪᠥᠭᠡ ᠶ᠋ᠢ ᠡᠮᠬᠦᠭᠦᠯᠵᠦ᠂ ᠡᠷᠡᠦ ᠳᠣᠣᠷ᠎ᠠ ᠨᠢ ᠭᠠᠤᠯᠢᠨ ᠬᠣᠩᠬᠣ ᠳᠡᠭᠦᠵᠢᠯᠡᠭᠰᠡᠨ ᠠᠭᠠᠷᠤ ᠨᠢᠷᠤᠭᠤ ᠲᠠᠢ ᠰᠢᠷᠡᠭᠡ ᠶ᠋ᠢ ᠳ᠋ᠠᠭᠳᠠᠨ ᠯᠠᠮᠠᠬᠠᠢ ᠶ᠋ᠢᠨ ᠭᠡᠷ ᠦ᠋ᠨ ᠴᠢᠮᠡᠭ ᠪᠤᠶᠤ ᠠᠳᠠ ᠴᠢᠳᠬᠥᠷ ᠦ᠋ᠨ ᠳᠠᠷᠤᠯᠭ᠎ᠠ ᠴᠤ᠌ ᠭᠡᠮᠡᠷ ᠬᠥᠮᠦᠰ ᠲᠦ᠍ ᠤᠪᠠᠳᠢᠰᠲᠤ ᠶᠠᠭᠤᠮ᠎ᠠ ᠪᠣᠳᠣᠭᠳᠠᠭᠤᠯᠤᠨ᠎ᠠ᠃ ᠲᠡᠷᠡ ᠰᠢᠷᠡᠭᠡᠨ ᠳᠡᠭᠡᠷ᠎ᠡ ᠪᠠᠢᠩᠭᠤ ᠬᠣᠩᠬᠣ᠂ ᠳᠠᠮᠠᠷᠤ ᠲᠠᠯᠪᠢᠵᠤ ᠪᠠᠢᠬᠤ ᠪᠠ ᠰᠢᠷ᠎ᠠ ᠬᠦᠷᠢᠶ᠎ᠡ ᠲᠡᠢ ᠬᠦᠷᠡᠩ ᠬᠠᠪᠢᠰᠤᠲᠤ ᠨᠣᠮ ᠰᠤᠳᠤᠷ ᠵᠠᠳᠠᠭᠠᠢ ᠳᠡᠯᠭᠡᠭᠳᠡᠵᠦ᠂ ᠭᠣᠣᠯ ᠳ᠋ᠠᠬᠢ ᠲᠥᠭᠡ ᠵᠤᠵᠠᠭᠠᠨ ᠬᠡᠪᠢᠰᠦᠨ ᠣᠯᠪᠣᠭ ᠳᠡᠭᠡᠷ᠎ᠡ ᠳ᠋ᠠᠭᠳᠠᠨ ᠯᠠᠮᠠᠬᠠᠢ ᠠᠮᠢᠳᠤ ᠪᠤᠷᠬᠠᠨ ᠰᠢᠭ᠋ ᠴᠢᠬᠢᠨ ᠦ᠌ ᠤᠭᠤᠷᠠᠭ ᠤᠨᠵᠢᠭᠤᠯᠤᠨ ᠭᠤᠷᠪᠠᠨ ᠨᠤᠭᠤᠯᠤᠭᠠᠰᠤᠲᠠᠢ ᠲᠣᠮᠣ ᠭᠡᠳᠡᠰᠦ ᠪᠡᠨ ᠶᠣᠯᠬᠣᠢᠯᠭᠠᠵᠤ ᠬᠦᠵᠦᠭᠦᠨ ᠳ᠋ᠡᠭᠡᠨ ᠵᠠᠭᠠᠨ ᠤ᠋ ᠶᠠᠰᠤᠨ ᠴᠢᠮᠡᠭ ᠲᠡᠢ ᠬᠣᠰᠢᠭ᠎ᠠ ᠶ᠋ᠢᠨ ᠶᠠᠰᠤ ᠪᠠᠷ ᠬᠡᠯᠬᠢᠭᠰᠡᠨ ᠲᠣᠮᠣ ᠡᠷᠢᠭᠡ ᠵᠡᠭᠦᠵᠦ ᠰᠠᠭᠤᠨ᠎ᠠ᠃  
       ᠳ᠋ᠠᠭᠳᠠᠨ ᠯᠠᠮᠠ᠂ ᠠᠴᠢ ᠬᠥᠪᠡᠭᠦᠨ ᠪᠠᠲᠤᠪᠠᠶᠠᠷ ᠤ᠋ᠨ ᠲᠡᠭᠦᠨ ᠦ᠌ ᠠᠷᠤ ᠠ᠋ᠴᠠ ᠣᠷᠣᠵᠤ ᠢᠷᠡᠭᠡᠳ ᠬᠠᠨᠵᠤᠨ ᠤ᠋ ᠢᠷᠮᠡᠭ ᠰᠠᠨᠳᠠᠢᠯᠠᠵᠤ ᠰᠠᠭᠤᠭᠰᠠᠨ ᠢ᠋ ᠣᠭᠲᠣ ᠤᠪᠠᠢᠯᠠᠭᠰᠠᠨ ᠦᠭᠡᠢ ᠨᠢᠳᠦ ᠪᠡᠨ ᠠᠨᠢᠨ ᠬᠣᠰᠢᠭ᠎ᠠ ᠶ᠋ᠢᠨ ᠶᠠᠰᠤᠲᠤ ᠲᠣᠮᠣ ᠡᠷᠢᠭᠡ ᠪᠡᠨ ᠢᠮᠡᠷᠦᠨ ᠠᠮᠠᠨ ᠳ᠋ᠠᠭᠠᠨ ᠣᠪᠣᠷ ᠲᠣᠪᠣᠷ ᠭᠡᠮᠡᠨ ᠨᠢᠭᠡ ᠶᠠᠭᠤᠮ᠎ᠠ ᠨᠣᠮᠯᠠᠵᠤ ᠤᠩᠰᠢᠬᠤᠢᠴᠠ ᠪᠣᠯᠵᠤ᠁  ᠨᠡᠯᠢᠶᠡᠳ ᠤᠳᠠᠵᠠᠢ᠃ 
       ᠠᠪᠠᠭ᠎ᠠ ᠯᠠᠮᠠᠵᠠᠢ ᠶ᠋ᠢᠨ ᠢ᠋ᠶ᠋ᠡᠨ ᠠᠮᠢᠰᠬᠤᠭ᠎ᠠ ᠰᠣᠯᠪᠢᠬᠤ ᠥᠴᠦᠬᠡᠨ ᠵᠠᠪᠰᠠᠷ ᠢ᠋ ᠠᠨᠳᠠᠯ ᠦᠭᠡᠢ ᠬᠠᠷᠠᠵᠤ ᠰᠠᠭᠤᠭᠰᠠᠨ ᠪᠠᠲᠤᠪᠠᠶᠠᠷ ᠳ᠋ᠠᠭᠳᠠᠨ ᠳᠠ ᠯᠠᠮᠠ ᠶ᠋ᠢᠨ ᠴᠢᠷᠠᠢ ᠶ᠋ᠢ ᠴᠢᠯᠥᠭᠡᠳᠡᠵᠤ᠄ 
       — ᠯᠠᠮᠠᠵᠠᠢ ᠠ᠋! ᠲᠤᠰᠠᠯᠠᠭᠴᠢ ᠡᠯᠳᠡᠩᠭᠡ ᠶ᠋ᠢᠨ ᠬᠦᠦ ᠮᠠᠨᠴᠤᠷᠭ᠎ᠠ ᠶ᠋ᠢᠨ ᠤᠷᠰᠢᠭ ᠢ᠋ᠶ᠋ᠠᠷ ᠬᠣᠰᠢᠭᠤ ᠶᠠᠮᠤᠨ ᠳ᠋ᠤ᠌ ᠬᠦᠩ ᠨᠣᠶᠠᠨ ᠢ᠋ ᠳᠡᠯᠪᠡ ᠠᠭᠤᠷᠯᠠᠭᠤᠯᠤᠭᠰᠠᠨ ᠶᠡᠬᠡ ᠶᠠᠪᠤᠳᠠᠯ ᠭᠠᠷᠴᠠᠢ ᠠ᠋! ᠲᠠ ᠳᠤᠭᠤᠯᠪᠠ ᠤᠤ? ᠭᠡᠵᠦ ᠠᠰᠠᠭᠤᠪᠠ᠃ 
       — ᠲᠡᠭᠡᠭᠡᠳ ᠶᠠᠭᠤ ᠪᠣᠯᠪᠠ? ᠭᠡᠵᠦ ᠳ᠋ᠠᠭᠳᠠᠨ ᠳᠡ ᠯᠠᠮᠠ ᠠᠴᠢ ᠬᠥᠪᠡᠭᠦᠨ ᠡᠴᠡ ᠪᠡᠨ ᠥᠭᠡᠷ᠎ᠡ ᠪᠠᠰᠠ ᠶᠠᠮᠠᠷ ᠴᠢᠮᠡᠭᠡ ᠰᠣᠨᠣᠰᠬᠤ ᠶ᠋ᠢ ᠭᠣᠷᠢᠳᠠᠨ ᠨᠢᠳᠦ ᠪᠡᠨ ᠨᠡᠭᠡᠭᠡᠨ ᠬᠠᠷᠠᠪᠠᠯ ᠪᠠᠲᠤᠪᠠᠶᠠᠷ ᠬᠣᠰᠢᠭᠤ ᠶᠠᠮᠤᠨ ᠳ᠋ᠤ᠌ ᠪᠣᠯᠤᠭᠰᠠᠨ ᠪᠦᠬᠦᠢ ᠤᠴᠢᠷ ᠢ᠋ ᠨᠢᠭᠡᠳ ᠨᠢᠭᠡ ᠪᠡᠷ ᠲᠣᠭᠠᠴᠢᠪᠠ᠃ ᠦᠨᠡᠨ ᠳ᠋ᠡᠭᠡᠨ ᠪᠠᠲᠤᠪᠠᠶᠠᠷ ᠰᠠᠶᠢᠬᠠᠨ ᠵᠤᠳᠪᠠ ᠮᠡᠢᠷᠡᠨ ᠦ᠌ ᠬᠡᠯᠡᠭᠰᠡᠨ ᠢ᠋ ᠳᠠᠬᠢᠨ ᠨᠢᠭᠡ ᠤᠳᠠᠭ᠎ᠠ ᠨᠤᠷᠰᠢᠭᠰᠠᠨ ᠲᠡᠳᠦᠢ ᠡᠴᠡ ᠪᠤᠰᠤ ᠥᠭᠡᠷ᠎ᠡ ᠰᠢᠨ᠎ᠡ ᠠᠭᠤᠯᠭ᠎ᠠ ᠦᠭᠡᠢ ᠪᠠᠢᠯ᠎ᠠ᠃ ᠬᠡᠯᠡᠬᠦ ᠡᠴᠡ ᠢᠮᠠᠭᠠᠨ ᠳᠠᠭᠤᠲᠤ ᠦᠯᠵᠡᠢᠰᠡᠩ ᠴᠢᠰᠤᠨ ᠥᠴᠢᠭ ᠦ᠋ᠨ ᠭᠡᠷᠢᠶᠡᠰ ᠦᠯᠡᠳᠡᠭᠡᠵᠦ ᠤᠯᠠᠭᠠᠨ ᠬᠠᠲᠤᠨ ᠳ᠋ᠤ᠌ ᠬᠠᠷᠠᠢᠵᠤ ᠦᠬᠦᠪᠡ ᠭᠡᠨ᠎ᠡ᠃ ᠵᠠᠷᠢᠮ ᠬᠥᠮᠦᠨ ᠦ᠌ ᠬᠡᠯᠡᠬᠦ ᠪᠡᠷ ᠮᠠᠨᠴᠤᠷᠭ᠎ᠠ ᠪᠤᠶᠤ ᠲᠡᠭᠦᠨ ᠦ᠌ ᠭᠠᠷ ᠳᠣᠣᠷᠠᠬᠢ ᠳᠡᠭᠡᠷᠡᠮ ᠲᠣᠨᠣᠭ᠎ᠠ ᠨᠤᠭᠤᠳ ᠦᠯᠵᠡᠢᠰᠡᠩ ᠢ᠋ ᠤᠤᠯᠭᠠᠯᠠᠵᠤ ᠬᠣᠣᠷᠯᠠᠪᠠ ᠭᠡᠰᠡᠨ ᠨᠢ ᠰᠣᠨᠢᠷᠬᠠᠯᠲᠠᠢ ᠰᠢᠭ᠋  ᠰᠠᠨᠠᠭᠳᠠᠯ᠎ᠠ᠃ 
       — ᠥᠪᠡᠷ ᠢ᠋ᠶ᠋ᠡᠨ ᠦᠬᠦᠭᠰᠡᠨ ᠴᠤ᠌ ᠪᠣᠯᠤᠭ᠂ ᠮᠠᠨᠴᠤᠷᠭ᠎ᠠ ᠬᠥᠨᠥᠭᠡᠭᠰᠡᠨ ᠴᠤ᠌ ᠪᠣᠯᠤᠭ ᠦᠯᠵᠡᠢᠰᠡᠩ ᠰᠢᠭ ᠵᠣᠯᠪᠢᠩ ᠨᠣᠬᠠᠢ ᠶ᠋ᠢ ᠠᠯᠢ ᠡᠷᠲᠡ ᠴᠠᠭᠠᠰᠢ ᠬᠠᠷᠠᠭᠤᠯᠤᠭᠰᠠᠨ ᠨᠢ ᠳᠡᠭᠡᠷ᠎ᠡ ᠪᠠᠢᠬ᠎ᠠ!  ᠲᠡᠷᠡ ᠨᠢᠭᠡ ᠡᠳᠦᠷ ᠠᠮᠢᠳᠤ ᠪᠠᠢᠪᠠᠯ ᠮᠠᠨ ᠤ᠋ ᠪᠠᠷᠠᠭᠤᠨ ᠬᠦᠩ ᠦ᠋ᠨ ᠬᠣᠰᠢᠭᠤ ᠨᠢᠭᠡ ᠡᠳᠦᠷ ᠠᠮᠤᠷ ᠵᠠᠶᠠᠭ᠎ᠠ ᠦᠵᠡᠬᠦ ᠦᠭᠡᠢ᠃ ᠰᠢᠷᠠᠪᠳᠤᠷᠵᠢ ᠬᠦᠩ ᠨᠣᠶᠠᠨ ᠳ᠋ᠤ᠌ ᠯᠠ ᠪᠥᠭᠰᠡ ᠶ᠋ᠢ ᠨᠢ ᠳᠣᠯᠢᠶᠠᠳ᠋ᠠᠭ ᠣᠯᠳᠠᠰᠢ ᠦᠭᠡᠢ ᠬᠠᠪᠠ ᠨᠣᠬᠠᠢ ᠭᠡᠵᠦ ᠢᠮᠠᠭᠠᠨ ᠳᠠᠭᠤᠲᠤ ᠦᠯᠵᠡᠢᠰᠡᠩ ᠦ᠋ᠨ ᠦᠬᠦᠭᠰᠡᠨ ᠲᠤᠬᠠᠢ ᠲᠠᠪᠠ ᠨᠢ ᠬᠠᠨᠵᠤ ᠬᠠᠪᠤᠷ ᠤ᠋ᠨ ᠮᠠᠭᠤ ᠲᠠᠷᠳᠠᠵᠤ ᠦᠬᠦᠭᠰᠡᠨ ᠰᠢᠳᠦᠯᠡᠩ ᠦ᠋ᠨ ᠬᠢᠷᠢ ᠪᠣᠳᠣᠯ ᠳ᠋ᠤ᠌ ᠵᠠᠢ ᠠᠪᠤᠮ᠎ᠠ ᠦᠭᠡᠢ ᠭᠡᠰᠡᠨ ᠰᠢᠭ ᠳ᠋ᠠᠭᠳᠠᠨ ᠳᠠ ᠯᠠᠮᠠᠬᠠᠢ《 ᠪᠤᠤ ᠦᠵᠡᠭᠳᠡᠭᠰᠡᠨ ᠶᠠᠭᠤᠮ᠎ᠠ᠂ ᠲᠣᠨᠢᠯᠤᠭ ᠴᠠᠭᠠᠰᠢ!》 ᠭᠡᠵᠦ ᠶᠦᠩᠭᠠᠷ ᠰᠦᠷᠴᠢᠨ② ᠲᠠᠷᠨᠢᠳᠠᠪᠠ᠃ 
       ᠬᠦᠩ ᠨᠣᠶᠠᠨ᠂ ᠵᠡᠭᠦᠨ ᠲᠤᠰᠠᠯᠠᠭᠴᠢ ᠶ᠋ᠢᠨ ᠬᠣᠭᠣᠷᠣᠨᠳᠣ ᠪᠠᠨ ᠡᠪᠳᠡᠷᠡᠯᠴᠡᠭᠰᠡᠨ ᠪᠠ ᠲᠤᠰᠠᠯᠠᠭᠴᠢ ᠡᠯᠳᠡᠩᠭᠡ ᠶ᠋ᠢᠨ ᠭᠣᠯᠣᠮᠲᠠ ᠬᠠᠷᠠᠯᠠᠭᠰᠠᠨ ᠲᠤᠬᠠᠢ ᠳ᠋ᠠᠭᠳᠠᠨ ᠳ᠋ᠠ ᠯᠠᠮᠠ ᠰᠣᠨᠢᠷᠬᠠᠵᠤ ᠠᠰᠠᠭᠤᠭᠰᠠᠨ ᠦᠭᠡᠢ ᠡᠴᠡ ᠨᠢ ᠲᠠᠭᠠᠮᠠᠭᠯᠠᠬᠤ ᠳ᠋ᠤ᠌ ᠰᠠᠶᠢ ᠵᠤᠳᠪᠠ ᠮᠡᠢᠷᠡᠨ ᠨᠠᠷ ᠲᠡᠭᠦᠨ ᠳ᠋ᠦ᠍ ᠨᠠᠷᠢᠨ ᠤᠴᠢᠷ ᠢ᠋ ᠠᠢᠯᠠᠳᠬᠠᠭᠰᠠᠨ ᠪᠠᠢᠨ᠎ᠠ ᠭᠡᠵᠦ ᠪᠠᠲᠤᠪᠠᠶᠠᠷ ᠭᠠᠳᠠᠷᠯᠠᠪᠠ᠃ 
       —  ᠪᠠᠢᠳᠠᠯ ᠬᠡᠴᠡᠭᠦᠦ ᠪᠣᠯᠵᠤ ᠪᠠᠢᠭ᠎ᠠ ᠶᠤᠮ ᠪᠠᠢᠨ᠎ᠠ ᠃ ᠬᠦᠦ ᠮᠢᠨᠢ᠂ ᠴᠢ ᠵᠤᠳᠪᠠ ᠮᠠᠢᠷᠠᠨ ᠤ᠋ ᠭᠠᠯ ᠠᠪᠬᠤ ᠪᠠᠷ ᠢᠷᠡᠭᠰᠡᠨ ᠶᠤᠮ ᠰᠢᠭ ᠶᠠᠭᠠᠷᠠᠦ  ᠶᠠᠪᠤᠭ᠎ᠠ ᠶᠢᠨ ᠤᠴᠢᠷ ᠢ ᠮᠡᠳᠡᠪᠡ ᠤᠤ ?
       — ᠪᠠᠷᠤᠭᠯᠠᠭᠰᠠᠨ ᠠ᠋ ! 
       — ᠶᠠᠮᠠᠷ ᠤᠴᠢᠷ ᠲᠤ᠌?
       — ᠲᠠᠨ ᠳ᠋ᠤ᠌ ᠲᠠᠭᠠᠯᠠᠭᠳᠠᠭᠰᠠᠨ ᠰᠠᠢᠨ ᠴᠢᠮᠡᠭᠡ ᠬᠦᠷᠭᠡᠵᠦ᠂ ᠰᠠᠯᠬᠢᠨ ᠤ᠋ ᠠᠶ᠎ᠠ ᠪᠠᠷ ᠯᠠ ᠰᠠᠢᠮᠰᠤᠷᠠᠬᠤ ᠰᠠᠨᠠᠭᠠᠲᠠᠢ ᠶᠤᠮ ᠪᠢᠵᠠ! 
       — ᠭᠠᠭᠴᠠ ᠰᠠᠢᠨ ᠴᠢᠮᠡᠭᠡ ᠬᠦᠷᠭᠡᠵᠦ ᠶᠠᠪᠤᠭ᠎ᠠ ᠰᠠᠢᠮᠰᠤᠷᠠᠭᠰᠠᠨ ᠴᠤᠯᠭᠤᠢ ᠤᠬᠠᠭᠠᠨ ᠪᠢᠰᠢ ᠠ᠋! 
       — ᠁ ⁈
       ᠪᠠᠲᠤᠪᠠᠶᠠᠷ ᠯᠠᠮᠠᠵᠠᠢ ᠶ᠋ᠢᠨ ᠢ᠋ᠶ᠋ᠡᠨ ᠡᠷᠡᠦ ᠥᠭᠡᠳᠡ ᠰᠢᠷᠳᠡᠵᠦ ᠦᠭᠡ ᠳᠠᠭᠤᠨ ᠦᠭᠡᠢ ᠰᠠᠭᠤᠨ᠎ᠠ᠃ 
       — ᠡᠨᠡ ᠪᠦᠷ ᠡᠯᠳᠡᠩᠭᠡ ᠶ᠋ᠢᠨ ᠤᠬᠠᠭᠠᠨ᠂ ᠵᠤᠳᠪᠠ ᠮᠡᠢᠷᠡᠨ ᠦ᠌ ᠵᠠᠯᠢ᠃ ᠡᠨᠡ ᠬᠣᠶᠠᠷ ᠬᠥᠮᠦᠨ ᠨᠡᠢᠯᠡᠭᠰᠡᠭᠡᠷ ᠪᠦᠲᠦᠬᠦ ᠦᠭᠡᠢ ᠶᠠᠭᠤᠮ᠎ᠠ ᠭᠡᠵᠦ ᠠᠯᠠᠭ᠎ᠠ᠃ ᠶᠣᠰᠣᠲᠠᠢ ᠯᠠ ᠠᠷᠰᠯᠠᠨ ᠪᠠᠷᠰ ᠤ᠋ᠨ ᠰᠦᠷ ᠬᠦᠴᠦ᠂ ᠠᠷᠭ᠎ᠠ ᠤᠬᠠᠭᠠᠨᠲᠤ ᠦᠨᠡᠭᠡᠨ ᠱᠤᠯᠤᠮ ᠭᠡᠰᠡᠨ ᠦᠭᠡ᠃  ᠰᠢᠷᠠᠪᠳᠣᠷᠵᠢ ᠪᠠᠷᠠᠭᠤᠨ ᠬᠦᠩ ᠦ᠋ᠨ ᠵᠠᠰᠠᠭ ᠵᠠᠯᠭᠠᠮᠵᠢᠯᠠᠵᠤ ᠥᠨᠥᠳᠥᠷ ᠢᠩᠭᠢᠵᠦ ᠳᠡᠮᠡᠢ ᠣᠭᠰᠣᠯᠵᠠᠵᠤ ᠪᠠᠢᠭ᠎ᠠ ᠨᠢ ᠪᠦᠷ ᠡᠯᠳᠡᠩᠭᠡ ᠶ᠋ᠢᠨ ᠤᠬᠠᠭᠠᠨ ᠠ᠋ᠴᠠ ᠪᠣᠯᠤᠭᠰᠠᠨ ᠶᠤᠮ᠃ ᠬᠡᠷᠪᠡ ᠡᠯᠳᠡᠩᠭᠡ ᠵᠣᠳᠪᠠ ᠬᠣᠶᠠᠷ ᠡᠮᠦᠨ᠎ᠡ ᠨᠢ ᠠᠷᠭ᠎ᠠ ᠤᠬᠠᠭᠠᠨ ᠭᠠᠷᠭᠠᠵᠤ᠂ ᠬᠡᠭᠡᠯᠢ ᠬᠠᠬᠤᠤᠯᠢ ᠲᠦᠯᠬᠢᠭᠰᠡᠨ ᠦᠭᠡᠢ ᠪᠣᠯ ᠬᠦᠩ ᠦ᠋ᠨ ᠨᠣᠶᠠᠨ ᠰᠠᠭᠤᠳᠠᠯ ᠥᠨᠥᠳᠥᠷ ᠴᠢᠮ᠎ᠠ ᠳᠡᠭᠡᠷ᠎ᠡ ᠣᠨᠣᠭᠳᠠᠵᠤ ᠪᠠᠳᠮᠠᠷᠠᠭ᠎ᠠ ᠤᠯᠠᠭᠠᠨ ᠵᠢᠩᠰᠡ ᠴᠢᠨᠦ ᠵᠤᠯᠠᠢ ᠳᠡᠭᠡᠷ᠎ᠡ ᠭᠢᠯᠠᠯᠵᠠᠵᠤ ᠪᠠᠢᠬᠤ ᠶᠣᠰᠣᠲᠠᠢ᠃ ᠭᠠᠭᠴᠠ ᠮᠠᠭᠤ ᠰᠢᠷᠠᠪᠲᠤᠷᠵᠢ ᠶᠢᠨ ᠴᠢᠷᠠᠢ ᠪᠠᠷ ᠴᠤ ᠪᠣᠯ ᠲᠡᠮᠡᠭᠡ ᠲᠣᠢᠯᠠᠭᠠᠳ ᠲᠡᠭᠷᠢ ᠳ᠋ᠦ᠍ ᠭᠠᠷᠬᠤ ᠦᠭᠡᠢ᠂ ᠢᠮᠠᠭ᠎ᠠ ᠲᠤᠢᠯᠠᠭᠠᠳ ᠶᠠᠩᠭᠢᠷᠴᠠᠭ ᠡᠪᠳᠡᠬᠦ ᠦᠭᠡᠢ! ᠵᠠ᠂ ᠶᠠᠭᠠᠬᠢᠬᠤ ᠪᠣᠢ᠃ ᠥᠨᠥᠳᠥᠷ ᠶᠠᠪᠤᠳᠠᠯ ᠤᠴᠢᠷ ᠢᠩᠭᠢᠵᠦ ᠪᠤᠷᠤᠭᠤ ᠪᠠᠷ᠎ᠠ ᠡᠷᠭᠢᠵᠦ᠂ ᠬᠦᠩ ᠨᠣᠶᠠᠨ ᠵᠡᠭᠦᠨ ᠲᠤᠰᠠᠯᠠᠭᠴᠢ ᠬᠣᠶᠠᠭᠤᠯᠠ ᠬᠣᠭᠣᠷᠣᠨᠳᠣ ᠪᠠᠨ ᠭᠠᠯ ᠤᠰᠤ ᠰᠢᠭ᠋ ᠪᠣᠯᠵᠤ ᠪᠠᠢᠭ᠎ᠠ ᠨᠢ ᠶᠡᠷᠦ ᠪᠤᠰᠤ ᠶ᠋ᠢᠨ ᠤᠴᠢᠷ᠃ ᠵᠡᠭᠦᠨ ᠲᠤᠰᠠᠯᠠᠭᠴᠢ ᠡᠯᠳᠡᠩᠭᠡ ᠭᠡᠭ᠍ᠴᠢ ᠬᠣᠰᠢᠭᠤ ᠶᠠᠮᠤᠨ ᠤ ᠪᠤᠳᠠᠭ᠎ᠠ ᠶ᠋ᠢ ᠤᠳᠠᠭᠠᠨ ᠵᠢᠯ ᠢᠳᠡᠭ᠍ᠰᠡᠨ ᠰᠡᠭᠦᠯ ᠨᠢ ᠤᠭ ᠲᠠᠭᠠᠨ ᠲᠤᠯᠲᠠᠯ᠎ᠠ ᠴᠠᠢᠭᠰᠠᠨ ᠠᠮᠢᠲᠠᠨ᠃ ᠲᠡᠷᠡ ᠪᠡᠷ ᠭᠠᠯ ᠭᠣᠯᠣᠮᠲᠠ ᠪᠠᠨ ᠬᠠᠷᠠᠯᠠᠭᠤᠯᠤᠭᠠᠳ ᠵᠦᠭᠡᠷ ᠰᠠᠭᠤᠬᠤ ᠬᠥᠮᠥᠨ ᠪᠢᠰᠢ᠃ ᠡᠯᠳᠡᠩᠭᠡ ᠶᠠᠭᠤ ᠬᠢᠭᠰᠡᠨ ᠬᠥᠮᠦᠨ ᠪᠣᠢ ? ᠡᠨᠡᠭᠦᠬᠡᠨ ᠢ᠋ᠶ᠋ᠡᠷ ᠲᠡᠷᠡ ᠡᠩᠭᠡᠯᠵᠡᠭᠦᠷ ᠢ᠋ᠶ᠋ᠡᠨ ᠡᠮᠬᠦᠭᠰᠡᠨ ᠮᠠᠭᠤ ᠡᠷ᠎ᠡ ᠰᠢᠭ ᠤᠰᠤᠨ ᠨᠢᠳᠦᠯᠡᠵᠦ ᠰᠠᠭᠤᠬᠤ ᠪᠠᠷ ᠦᠭᠡᠢ᠃ ᠤᠳᠠᠬᠤ ᠦᠭᠡᠢ ᠨᠢᠭᠡ ᠶᠠᠭᠤᠮ᠎ᠠ ᠰᠣᠨᠣᠰᠳᠠᠨ᠎ᠠ ᠪᠣᠢ᠂ ᠬᠠᠷᠠᠵᠤ ᠯᠠ ᠪᠠᠢ᠃ ᠵᠤᠳᠪᠠ ᠮᠡᠢᠷᠡᠨ᠂ ᠡᠯᠳᠡᠩᠭᠡ ᠶ᠋ᠢᠨ ᠡᠮᠦᠨ᠎ᠡ ᠡᠴᠡ ᠢᠩᠭᠢᠵᠦ ᠠᠮᠠᠭᠠᠢ ᠵᠢᠯᠣᠭᠣ ᠦᠭᠡᠢ ᠵᠢᠷᠤᠭᠠᠯᠠᠵᠤ ᠶᠠᠪᠤᠬᠤ ᠨᠢ ᠨᠢᠭᠡ ᠯᠠ ᠤᠴᠢᠷ ᠲᠠᠢ᠃ ᠴᠢ ᠪᠢᠳᠡ ᠬᠣᠶᠠᠷ ᠢ᠋ ᠠᠰᠢᠭᠯᠠᠵᠤ ᠰᠢᠷᠠᠪᠲᠤᠷᠵᠢ ᠨᠣᠶᠠᠨ ᠲᠠᠢ ᠠᠪᠤᠯᠴᠠᠬᠤ ᠳ᠋ᠤ᠌ ᠲᠤᠰᠠᠯᠠᠭᠤᠯᠬᠤ ᠰᠠᠨᠠᠭᠠᠲᠠᠢ ᠪᠠᠢᠬᠤ ! 
       — ᠬᠠᠮᠤᠭ ᠬᠣᠣᠷ ᠤ᠋ᠨ ᠦᠨᠳᠦᠰᠦ ᠡᠯᠳᠡᠩᠭᠡ ᠲᠤᠰᠠᠯᠠᠭᠴᠢ ᠳ᠋ᠤ᠌ ᠪᠠᠢᠭ᠎ᠠ ᠪᠣᠯᠬᠣᠷ ᠨᠤᠲᠤᠭ ᠨᠢ ᠡᠷᠭᠢᠵᠦ ᠭᠣᠯᠣᠮᠲᠠ ᠨᠢ ᠬᠠᠷᠠᠯᠠᠭᠰᠠᠨ ᠪᠣᠯ ᠬᠣᠬᠢ ᠨᠢ ᠲᠡᠷᠡ᠃ ᠪᠢᠳᠡ ᠡᠦᠲᠦ ᠲᠡᠭᠦᠨ ᠦ᠌ ᠲᠣᠰᠣᠨ ᠤᠷᠤᠭᠤᠯ ᠤᠰᠤᠨ ᠬᠣᠩᠰᠢᠶᠠᠷ ᠲᠤ᠌ ᠬᠠᠭᠤᠷᠲᠠᠯ᠎ ᠦᠭᠡᠢ ᠬᠡᠯᠡ ᠠᠮᠠ ᠪᠠᠨ ᠬᠢᠴᠢᠶᠡᠵᠦ᠂ ᠬᠡᠪ ᠢ᠋ᠶ᠋ᠡᠨ ᠰᠠᠬᠢᠭᠰᠠᠨ ᠨᠢ ᠳᠡᠭᠡᠷ᠎ᠡ ᠪᠣᠯᠪᠠ ᠤᠤ⁈
       — ᠲᠡᠢᠮᠦ ᠪᠢᠰᠢ ᠠ᠋! ᠬᠦᠦ ᠮᠢᠨᠢ᠂ ᠡᠨᠡ ᠬᠣᠷᠸ᠎ᠠ ᠳ᠋ᠤ᠌ ᠭᠤᠶᠤᠯᠭᠠᠨ᠎ᠠ ᠭᠡᠭᠴᠢ ᠭᠠᠢᠬᠠᠮᠰᠢᠭ᠂ ᠭᠤᠶᠤᠨ᠎ᠠ ᠭᠡᠭᠴᠢ ᠭᠤᠲᠤᠮᠰᠢᠭ! ᠥᠨᠥᠳᠥᠷ ᠡᠯᠳᠡᠩᠭᠡ ᠣᠷᠣᠬᠤ ᠭᠡᠷ ᠣᠭᠣᠴᠢᠬᠤ ᠠᠶᠠᠭ᠎ᠠ ᠦᠭᠡᠢ ᠪᠣᠯᠵᠤ ᠴᠢᠮᠠᠶ᠋ᠢ ᠳᠤᠷᠠᠲᠠᠶ᠎ᠠ ᠭᠤᠶᠤᠭᠠᠳ ᠢᠷᠡᠬᠦ ᠳ᠋ᠤᠨᠢ ᠴᠢ ᠭᠡᠳᠡᠢᠭᠡᠳ 《ᠦᠭᠡᠢ》 ᠭᠡᠬᠦ ᠶᠦᠮ ᠪᠣᠯ ᠶᠣᠰᠣᠲᠠᠢ ᠪᠤᠷᠤᠭᠤ ᠵᠠᠮ ᠢ᠋ᠶ᠋ᠠᠷ ᠪᠤᠳᠠᠭ᠎ᠠ ᠲᠡᠭᠡᠭᠡᠨ᠎ᠡ ᠰᠢᠦ! ᠪᠢᠳᠡ ᠡᠨᠡ ᠣᠯᠳᠠᠬᠤᠶ᠎ᠠ ᠪᠡᠷᠬᠡ ᠬᠣᠪᠣᠷ ᠵᠠᠪᠰᠢᠶᠠᠨ ᠢ᠋ ᠬᠡᠷᠬᠢᠪᠡᠴᠦ ᠠᠯᠳᠠᠵᠤ ᠪᠣᠯᠬᠤ ᠦᠭᠡᠢ᠃ ᠡᠯᠳᠡᠩᠭᠡ ᠭᠡᠳᠡᠭ ᠬᠥᠮᠦᠨ ᠬᠢᠷᠢ ᠪᠠᠷᠤᠭ ᠤ᠋ᠨ ᠬᠥᠮᠦᠨ ᠢ᠋ ᠡᠷᠡᠦᠳᠡᠵᠦ ᠭᠣᠶᠣᠳᠠᠭ ᠲᠡᠢᠮᠦ ᠮᠠᠭᠤ ᠡᠷ᠎ᠡ ᠪᠢᠰᠢ᠃ ᠪᠢᠳᠡ ᠡᠦᠲᠦ ᠲᠡᠭᠦᠨ ᠲᠡᠢ ᠬᠣᠷᠰᠢᠵᠤ ᠪᠠᠢᠭᠠᠳ ᠰᠢᠷᠠᠪᠲᠤᠷᠵᠢ ᠶᠢᠨ ᠵᠢᠩᠰᠡ ᠶᠢ ᠮᠤᠯᠲᠤᠯᠬᠤ ᠦᠭᠡᠢ ᠪᠣᠯ ᠬᠣᠵᠢᠮ ᠬᠠᠷᠠᠮᠰᠠᠪᠠᠴᠤ ᠣᠷᠣᠢᠲᠠᠨ᠎ᠠ᠃ ᠨᠢᠭᠡ ᠬᠤᠷᠤᠭᠤ ᠪᠠᠷ ᠬᠣᠶᠠᠷ ᠨᠣᠬᠠᠢ ᠶ᠋ᠢᠨ ᠪᠥᠭᠡᠰᠦ ᠳᠠᠷᠤᠬᠤ ᠠᠶᠠᠲᠠᠢ ᠭᠠᠭᠴᠠ ᠲᠣᠬᠢᠶᠠᠯ ᠶᠠᠭᠤ ᠦᠭᠡᠢ ᠲᠤᠯᠵᠤ ᠢᠷᠡᠭᠰᠡᠨ ᠢ᠋ ᠡᠷᠬᠡᠪᠰᠢ ᠵᠠᠪᠳᠤᠬᠤ ᠬᠡᠷᠡᠭᠲᠡᠢ᠃ 
       — ᠡᠯᠳᠡᠩᠭᠡ ᠲᠡᠢᠮᠦ ᠰᠠᠢᠨ ᠰᠠᠨᠠᠭ᠎ᠠ ᠲᠠᠢ ᠪᠠᠢᠭᠰᠠᠨ ᠪᠣᠯ ᠲᠡᠷᠡ ᠦᠶ᠎ᠡ ᠳ᠋ᠦ᠍ ᠲᠠ ᠪᠢᠳᠡ ᠬᠣᠶᠠᠭᠤᠯᠠ ᠶ᠋ᠢ ᠶᠠᠭᠤ ᠭᠡᠵᠦ ᠭᠠᠳᠠᠭᠤᠷᠴᠢᠯᠠᠵᠤ᠂ ᠰᠢᠷᠠᠪᠲᠤᠷᠵᠢ ᠶᠢ ᠳᠣᠯᠳᠣᠢᠯᠠᠬᠤ ᠪᠢᠯᠡ? ᠮᠢᠨᠦ ᠦᠵᠡᠬᠦ ᠪᠡᠷ ᠡᠯᠳᠡᠩᠭᠡ ᠵᠤᠳᠪᠠ ᠬᠣᠶᠠᠷ ᠤ᠋ᠨ ᠰᠠᠨᠠᠭᠠᠨ ᠤ᠋ ᠦᠵᠦᠭᠦᠷ ᠰᠦ ᠪᠢᠰᠢ ᠬᠦ᠃ ᠲᠡᠷᠡ ᠴᠢᠨᠢ ᠲᠠ ᠪᠢᠳᠡ ᠬᠣᠶᠠᠷ ᠤ᠋ᠨ ᠰᠢᠷᠠᠪᠳᠣᠷᠵᠢ ᠬᠦᠩ ᠨᠣᠶᠠᠨ ᠲᠠᠢ ᠥᠰᠢᠶ᠎ᠡ ᠲᠡᠢ ᠶ᠋ᠢᠨ ᠣᠨᠢ ᠶ᠋ᠢ ᠰᠦᠪᠡᠯᠡᠵᠦ ᠬᠤᠪᠢ ᠶ᠋ᠢᠨ ᠥᠰᠢᠶ᠎ᠡ ᠬᠣᠷᠣ ᠪᠠᠨ ᠲᠠᠢᠯᠬᠤ ᠭᠡᠵᠦ ᠪᠠᠢᠨ᠎ᠠ᠃ ᠯᠠᠮᠠᠵᠠᠢ ᠲᠠ ᠰᠠᠢᠲᠤᠷ ᠲᠤᠩᠭᠠᠵᠤ ᠪᠣᠳᠣᠨ᠎ᠠ ᠤᠤ ! 
       — ᠤᠭ ᠨᠢ ᠴᠤ᠌ ᠲᠡᠢᠮᠦ ᠯᠡ ᠳᠡ! ᠭᠡᠬᠦ ᠳ᠋ᠡᠭᠡᠨ ᠲᠡᠷᠡ ᠪᠣᠯ ᠲᠤᠬᠠᠢ ᠶ᠋ᠢᠨ ᠦᠶ᠎ᠡ ᠶ᠋ᠢᠨ ᠴᠠᠭ ᠤ᠋ᠨ ᠪᠠᠢᠳᠠᠯ ᠠ᠋ᠴᠠ ᠪᠣᠯᠤᠭᠰᠠᠨ ᠶᠤᠮ᠃ ᠡᠷ᠎ᠡ ᠬᠥᠮᠦᠨ ᠬᠣᠯᠠ ᠶ᠋ᠢ ᠬᠠᠷᠠᠵᠤ ᠬᠣᠵᠢᠮ ᠢ᠋ ᠪᠣᠳᠣᠬᠤ ᠦᠭᠡᠢ ᠡᠮ᠎ᠡ ᠬᠥᠮᠦᠨ ᠰᠢᠭ ᠡᠷᠡᠬᠡᠢ ᠬᠤᠷᠤᠭᠤ ᠪᠠᠨ ᠯᠠ ᠢᠲᠡᠭᠡᠭᠡᠳ ᠪᠠᠢᠵᠤ ᠪᠣᠯᠬᠤ ᠦᠭᠡᠢ᠃ ᠡᠦᠲᠦ ᠴᠠᠭ ᠤ᠋ᠨ ᠦᠢᠮᠡᠭᠡᠨ ᠳᠡᠪᠵᠢᠶᠡᠨ ᠳ᠋ᠦ᠍ ᠬᠥᠯ ᠤᠯᠠ ᠪᠠᠨ ᠣᠯᠵᠤ ᠲᠣᠭᠲᠠᠨᠢᠬᠤ ᠭᠡᠭᠴᠢ ᠠᠮᠠᠷ ᠪᠢᠰᠢ᠃ ᠡᠪᠰᠡᠶ᠎ᠡ ᠭᠡᠵᠦ ᠥᠪᠡᠷ ᠢ᠋ᠶ᠋ᠡᠨ ᠬᠦᠷᠦᠭᠡᠳ ᠢᠷᠡᠭᠰᠡᠨ ᠬᠥᠮᠦᠨ ᠳ᠋ᠦ᠍ ᠡᠨᠡᠷᠢᠩᠭᠦᠢ ᠳᠦᠷᠢ ᠭᠠᠷᠭᠠᠬᠤ ᠨᠢ ᠵᠥᠪ᠃ ᠡᠯᠳᠡᠩᠭᠡ ᠶ᠋ᠢᠨ ᠥᠮᠥᠭ ᠨᠥᠮᠥᠷᠢ ᠪᠣᠯᠬᠤ ᠬᠥᠮᠦᠨ ᠲᠡᠢ ᠠᠶᠠᠲᠠᠢ ᠡᠪᠲᠡᠢ ᠪᠠᠢᠨ᠎ᠠ ᠭᠡᠳᠡᠭ ᠴᠢᠨᠢ ᠬᠡᠷᠡᠭ ᠵᠠᠷᠭᠤ ᠪᠣᠯᠬᠤ ᠳ᠋ᠤ᠌ ᠰᠠᠯᠬᠢᠨ ᠳᠡᠭᠡᠷ᠎ᠡ ᠨᠢ ᠵᠣᠭᠰᠣᠭᠠᠳ ᠰᠡᠪᠢᠵᠦ ᠪᠠᠢᠬᠤ ᠠ᠋ᠴᠠ ᠪᠠᠰᠢ ᠰᠠᠯᠬᠢ ᠤᠷᠤᠭᠤᠳᠠᠭᠠᠳ ᠱᠣᠭᠰᠢᠬᠤ ᠭᠡᠵᠦ ᠯᠠᠪ ᠯᠠ ᠪᠠᠢᠬᠤ ᠦᠭᠡᠢ᠃ ᠪᠢᠳᠡ ᠥᠩᠭᠡᠷᠡᠭᠰᠡᠨ ᠳ᠋ᠦ᠍ ᠡᠯᠳᠡᠩᠭᠡ ᠶ᠋ᠢ ᠶᠠᠭᠤᠮᠠᠨ ᠲᠡᠳᠦᠢ ᠳ᠋ᠦ᠍ ᠪᠣᠳᠣᠭ᠎ᠠ ᠦᠭᠡᠢ᠂ ᠬᠠᠭᠤᠴᠢᠨ ᠵᠠᠰᠠᠭ ᠬᠦᠩ ᠦ᠋ᠨ ᠥᠪ ᠳᠡᠭᠡᠷ᠎ᠡ ᠯᠠᠪ ᠰᠠᠭᠤᠬᠤ ᠭᠡᠵᠦ ᠪᠡᠶ᠎ᠡ ᠪᠡᠨ ᠳᠡᠩᠳᠡᠭᠦᠦ ᠢᠲᠡᠭᠡᠭᠰᠡᠭᠡᠷ ᠪᠠᠢᠭᠠᠳ ᠪᠠᠢᠳᠠᠭ ᠢ᠋ᠶ᠋ᠠᠨ ᠠᠯᠳᠠᠵᠤ ᠲᠠᠭᠤᠭᠰᠠᠨ ᠢ᠋ᠶ᠋ᠠᠨ ᠶᠠᠭᠠᠬᠢᠭᠰᠠᠨ ᠴᠤ᠌ ᠮᠠᠷᠲᠠᠵᠤ ᠪᠣᠯᠬᠤ ᠦᠭᠡᠢ᠃ ᠨᠢᠷᠤᠭᠤ ᠨᠢ ᠵᠠᠭᠠᠲᠤᠨᠠᠭᠠᠳ ᠱᠣᠭᠰᠢᠭᠠᠳ ᠢᠷᠡᠬᠦ ᠮᠠᠭᠤ ᠳᠠᠭᠠᠷᠢ ᠶ᠋ᠢ ᠵᠠᠢᠳᠠᠯᠠᠬᠤ ᠦᠭᠡᠢ ᠬᠣᠭᠣᠰᠣᠨ ᠥᠩᠭᠡᠷᠡᠭᠡᠳᠡᠭ ᠨᠢ ᠤᠰᠤᠨ ᠲᠡᠨᠡᠭ ᠬᠥᠮᠦᠨ ᠦ᠌ ᠬᠢᠳᠡᠯ! 
       — ᠡᠯᠳᠡᠩᠭᠡ ᠵᠣᠳᠪᠠ ᠬᠣᠶᠠᠷ ᠢ᠋ ᠯᠠᠮᠠᠵᠡᠢ ᠬᠤᠢᠬᠤᠷ ᠬᠤᠯᠵᠢᠨ᠁ ᠡᠨᠡ ᠲᠡᠷᠡ ᠭᠡᠵᠦ ᠦᠷᠭᠦᠯᠵᠢ ᠬᠡᠯᠡᠳᠡᠭ ᠪᠢᠰᠢ ᠤᠤ? ᠲᠡᠳᠡ ᠲᠤᠩ ᠭᠠᠴᠢᠭᠳᠠᠬᠤ ᠳ᠋ᠠᠭᠠᠨ ᠲᠠᠨ ᠲᠠᠢ ᠡᠪᠰᠡᠵᠦ ᠲᠠᠨ ᠢ᠋ᠶ᠋ᠠᠷ ᠪᠠᠮᠪᠠᠢ ᠪᠣᠯᠭᠠᠵᠤ ᠡᠮᠦᠨ᠎ᠡ ᠪᠡᠨ ᠪᠠᠮᠪᠠᠢᠯᠠᠭᠠᠳ ᠠᠰᠢᠭᠯᠠᠬᠤ ᠶ᠋ᠢᠨ ᠣᠷᠣᠨᠴᠣᠭ ᠪᠣᠯᠭᠠᠵᠤ ᠪᠠᠢᠭ᠎ᠠ ᠶᠠᠳᠠᠬᠤ ᠦᠭᠡᠢ᠁  
       — ᠲᠡᠢᠮᠦ ᠨᠢ ᠴᠦ᠍ ᠲᠡᠢᠮᠦ ᠠ᠋! ᠲᠡᠭᠡᠬᠦ ᠳ᠋ᠡᠭᠡᠨ ᠲᠡᠷᠡ ᠨᠠᠮᠠᠶ᠋ᠢ ᠠᠰᠢᠭᠯᠠᠬᠤ ᠳ᠋ᠤ᠌ ᠪᠢ ᠴᠦ᠍ ᠲᠡᠭᠦᠨ ᠢ᠋ ᠠᠰᠢᠭᠯᠠᠨ᠎ᠠ ᠰᠢᠦ ᠳᠡ᠃ ᠣᠳᠣ ᠲᠡᠷᠡ ᠪᠢᠳᠡ ᠬᠣᠶᠠᠷ ᠤ᠋ᠨ ᠬᠠᠮᠲᠤ ᠶ᠋ᠢᠨ ᠳᠠᠢᠰᠤᠨ ᠪᠣᠯ ᠰᠢᠷᠠᠪᠳᠣᠷᠵᠢ ᠮᠥᠨ ᠭᠡᠳᠡᠭ ᠢ᠋ ᠵᠠᠪᠠᠯ ᠲᠠᠨᠢᠬᠤ ᠬᠡᠷᠡᠭᠲᠡᠢ᠃ ᠪᠢᠳᠡᠨᠦᠰ ᠦ᠋ᠨ ᠡᠴᠦᠰ ᠦ᠋ᠨ ᠵᠣᠷᠢᠯᠭ᠎ᠠ ᠪᠣᠯ ᠳᠠᠷᠤᠢ ᠵᠠᠰᠠᠭ ᠬᠦᠩ ᠰᠢᠷᠠᠪᠳᠣᠷᠵᠢ ᠨᠣᠶᠠᠨ ᠤ᠋ ᠰᠠᠭᠤᠷᠢ ᠶ᠋ᠢ ᠪᠤᠯᠢᠶᠠᠬᠤ ᠶᠠᠪᠤᠳᠠᠯ ᠪᠣᠯᠤᠨ᠎ᠠ᠃ ᠲᠡᠷᠡ ᠦᠶ᠎ᠡ ᠳ᠋ᠦ᠍ ᠬᠦᠦ ᠮᠢᠨᠢ᠂ ᠪᠠᠷᠠᠭᠤᠨ ᠬᠦᠩ ᠦ᠋ᠨ ᠬᠦᠩ ᠨᠣᠶᠠᠨ ᠤ᠋ ᠣᠲᠣᠭᠠᠲᠤ ᠵᠢᠩᠰᠡ ᠴᠢᠨᠦ ᠣᠷᠣᠢ ᠳᠡᠭᠡᠷ᠎ᠡ ᠭᠢᠯᠠᠯᠵᠠᠬᠤ ᠳ᠋ᠤ᠌ ᠳᠣᠲᠣᠷ᠎ᠠ ᠴᠢᠨᠢ ᠶᠠᠭᠤ ᠪᠣᠳᠣᠭᠳᠠᠵᠤ᠂ ᠨᠢᠳᠦᠨ ᠳ᠋ᠦ᠍ ᠴᠢᠨᠢ ᠶᠠᠭᠤ ᠬᠠᠷᠠᠭᠳᠠᠳᠠᠭ ᠪᠣᠯ ᠠ᠋?! ᠠ? ᠭᠡᠵᠦ ᠬᠣᠶᠠᠷ ᠲᠣᠮᠣ ᠠᠯᠠᠭ᠎ᠠ ᠪᠠᠨ ᠫᠠᠳ ᠬᠢᠲᠡᠯ᠎ᠡ ᠬᠠᠪᠰᠤᠷᠭᠠᠨ ᠬᠠᠪᠰᠢᠪᠠ᠃  
       ᠪᠠᠲᠤᠪᠠᠶᠠᠷ ᠯᠠᠮᠠᠵᠡᠢ ᠶ᠋ᠢᠨ ᠢ᠋ᠶ᠋ᠡᠨ ᠤᠤᠯ ᠰᠠᠨᠠᠭ᠎ᠠ ᠶ᠋ᠢ ᠣᠢᠯᠠᠭᠠᠵᠤ᠂ ᠥᠪᠡᠷ ᠦ᠋ᠨ ᠦᠵᠡᠯ ᠪᠣᠳᠣᠯ ᠢ᠋ᠶ᠋ᠠᠨ ᠲᠡᠭᠦᠨ ᠦ᠌ ᠰᠠᠨᠠᠭᠠᠨ ᠳ᠋ᠤ᠌ ᠡᠶᠡᠳᠡᠭᠦᠯᠵᠦ ᠠᠶ᠎ᠠ ᠪᠠᠷ ᠨᠢ ᠪᠣᠯᠪᠠ᠃ 
       — ᠴᠢ ᠥᠨᠥ ᠣᠷᠣᠢ ᠳ᠋ᠠᠭᠠᠨ ᠤᠨᠤᠭ᠎ᠠ ᠬᠦᠯᠦᠭ ᠣᠯᠵᠤ ᠠᠪᠤᠭᠠᠳ ᠮᠤᠨᠠ ᠶ᠋ᠢᠨ ᠪᠠᠷᠠᠭᠤᠨ ᠥᠪᠥᠷ ᠬᠠᠷᠠᠪᠤᠯᠠᠭ᠂ ᠴᠠᠭᠠᠨᠪᠤᠯᠠᠭ᠂ ᠲᠠᠢᠨᠩᠭᠡᠷ᠂ ᠤᠯᠠᠭᠠᠨᠪᠤᠯᠠᠭ᠂ ᠬᠠᠢᠷᠤᠭ ᠤ᠋ᠨ ᠭᠣᠣᠯ᠂ ᠣᠷᠪᠣᠭ᠂ ᠳᠡᠪᠰᠡᠭ ᠦ᠋ᠨ ᠠᠭᠤᠯᠠᠨ ᠤ᠋ ᠡᠷᠡᠰ ᠦ᠋ᠳ ᠢ᠋ ᠴᠤᠭᠯᠠᠭᠤᠯᠵᠤ ᠴᠡᠷᠢᠭ ᠲᠦ᠍ ᠡᠯᠰᠡᠬᠦ ᠪᠡᠷ ᠪᠠᠵᠠᠭ᠎ᠠ᠃ ᠡᠯᠳᠡᠩᠭᠡ᠂ ᠵᠣᠳᠪᠠ ᠨᠠᠷ ᠵᠡᠭᠦᠨ ᠥᠪᠥᠷ ᠦ᠋ᠨ ᠠᠭᠤᠢ ᠶ᠋ᠢᠨ ᠭᠣᠣᠯ᠂ ᠳᠤᠮᠳᠠ ᠭᠣᠣᠯ᠂ ᠥᠯᠵᠡᠢ ᠶ᠋ᠢᠨ ᠭᠣᠣᠯ᠂ ᠤᠤᠪᠤᠯᠠᠭ᠂ ᠮᠡᠷᠭᠡᠨ᠂ ᠠᠭᠠᠷᠤᠳᠡᠢ ᠤᠯᠠᠯᠵᠢ᠁ ᠶ᠋ᠢᠨ ᠡᠷᠡᠰ ᠢ᠋ ᠴᠡᠷᠢᠭ ᠲᠦ᠍ ᠡᠯᠰᠡᠬᠦ ᠪᠡᠷ ᠪᠣᠢ᠃ ᠴᠡᠷᠢᠭ ᠦ᠋ᠨ ᠬᠤᠪᠴᠠᠰᠤ ᠬᠤᠨᠠᠷ᠂ ᠵᠠᠷᠤᠳᠠᠯ ᠰᠦᠢᠳᠬᠡᠯ ᠢ᠋ ᠬᠣᠰᠢᠭᠤ ᠠᠯᠪᠠ ᠠ᠋ᠴᠠ ᠬᠠᠷᠢᠭᠤᠴᠠᠨ᠎ᠠ᠃ ᠫᠤᠤ ᠵᠡᠪᠰᠡᠭ ᠨᠢ ᠲᠠᠩᠳᠠ ᠴᠣ ᠰᠢᠨ᠎ᠡ ᠭᠧᠷᠮᠠᠨ᠂ ᠣᠷᠣᠰ ᠬᠢᠴᠡᠲᠡᠢ ᠫᠤᠤ ᠭᠡᠳᠡᠭ ᠢ᠋ ᠮᠡᠳᠡᠭᠦᠯᠬᠦ ᠬᠡᠷᠡᠭᠲᠡᠢ᠃ ᠮᠤᠨᠠ ᠶ᠋ᠢᠨ ᠠᠭᠤᠯᠠ ᠬᠣᠷᠮᠣᠢᠳᠠᠭᠰᠠᠨ ᠮᠠᠯᠴᠢᠨ ᠡᠷᠡᠰ ᠭᠡᠭᠴᠢ ᠠᠩ ᠬᠦᠷᠦᠭᠡ᠂ ᠫᠤᠤ ᠰᠤᠮᠤ ᠳ᠋ᠤ᠌ ᠭᠠᠷᠮᠠᠭᠠᠢ ᠤᠯᠤᠰ ᠰᠢᠦ᠃ ᠣᠷᠣᠰ ᠮᠠᠶᠢᠭ ᠤ᠋ᠨ ᠰᠢᠨ᠎ᠡ ᠫᠤᠤ ᠲᠠᠢ ᠪᠣᠯᠤᠨ᠎ᠠ ᠭᠡᠪᠡᠯ ᠤᠬᠠᠭᠠᠨ ᠦᠭᠡᠢ ᠳᠠᠪᠬᠢᠵᠤ ᠢᠷᠡᠨ᠎ᠡ᠃ ᠨᠤᠲᠤᠭ ᠪᠡᠯᠴᠢᠭᠡᠷ ᠢ᠋ᠶ᠋ᠡᠨ ᠬᠠᠮᠠᠭᠠᠯᠠᠬᠤ ᠡᠷᠬᠢᠮ ᠵᠣᠷᠢᠯᠭ᠎ᠠ ᠪᠠᠷ ᠬᠣᠰᠢᠭᠤ ᠶᠠᠮᠤᠨ ᠤ᠋ ᠰᠢᠳᠠᠷ ᠴᠡᠷᠢᠭ ᠲᠡᠢ ᠪᠠᠢᠯᠳᠤᠨ᠎ᠠ ᠭᠡᠳᠡᠭ ᠢ᠋ ᠬᠥᠮᠦᠨ ᠨᠢᠭᠡ ᠪᠦᠷᠢ ᠳ᠋ᠦ᠍ ᠰᠠᠢᠲᠤᠷ ᠮᠡᠳᠡᠭᠦᠯᠦᠭᠡᠷᠡᠢ! ᠨᠤᠲᠤᠭ  ᠪᠡᠯᠴᠢᠭᠡᠷ ᠢ᠋ᠶ᠋ᠡᠨ ᠠᠯᠳᠠᠵᠤ᠂ ᠲᠠᠷᠢᠶ᠎ᠠ ᠲᠥᠮᠦᠰᠦᠨ ᠦ᠌ ᠭᠠᠵᠠᠷ ᠲᠤ ᠰᠢᠬᠠᠭᠳᠠᠭᠠᠳ ᠠᠭᠤᠯᠠᠨ ᠳ᠋ᠤ᠌ ᠬᠣᠷᠭᠣᠳᠠᠭᠰᠠᠨ ᠮᠠᠯᠴᠢᠳ ᠭᠠᠯ ᠤ᠋ᠨ ᠰᠤᠷ ᠠᠪᠤᠯᠴᠠᠭᠰᠠᠨ ᠠᠭᠠᠷᠤᠨ ᠲᠦᠯᠡᠭᠡ ᠰᠢᠭ ᠬᠦᠷᠳ᠋ ᠭᠡᠳ ᠨᠣᠴᠣᠬᠤ ᠳ᠋ᠤ᠌ ᠪᠡᠯᠡᠬᠡᠨ! ᠭᠡᠵᠦ ᠳ᠋ᠠᠭᠳᠠᠨ ᠯᠠᠮᠠᠬᠠᠢ ᠨᠠᠮ ᠳᠣᠣᠷ᠎ᠠ ᠳᠠᠭᠤᠨ ᠢ᠋ᠶ᠋ᠠᠷ ᠬᠡᠯᠡᠬᠦ ᠳ᠋ᠦ᠍ ᠪᠠᠲᠤᠪᠠᠶᠠᠷ ᠲᠣᠯᠣᠭᠠᠢ ᠪᠠᠨ ᠳᠣᠬᠢᠵᠤ᠄ 
       — ᠵᠠ᠂ ᠮᠡᠳᠡᠯ᠎ᠡ᠃ ᠲᠡᠭᠡᠭᠡᠳ ᠫᠤᠤ ᠵᠡᠪᠰᠡᠭ ᠨᠢ ᠪᠡᠯᠡᠨ ᠪᠠᠢᠭ᠎ᠠ ᠶᠤᠮ ᠪᠢᠵᠡ? ᠭᠡᠵᠦ ᠠᠰᠠᠭᠤᠪᠠ᠃ ᠳ᠋ᠠᠭᠳᠠᠨ ᠯᠠᠮᠠ᠄ 
       — ᠬᠡᠳᠦ ᠬᠣᠨᠣᠭ ᠤ᠋ᠨ ᠳᠠᠷᠠᠭ᠎ᠠ ᠡᠯᠳᠡᠩᠭᠡ ᠨᠠᠷ ᠳᠡᠭᠡᠳᠦ ᠭᠣᠣᠯ ᠤ᠋ᠨ ᠱᠠᠲᠤ ᠶ᠋ᠢᠨ ᠵᠢᠯᠠᠭ᠎ᠠ ᠶ᠋ᠢᠨ ᠭᠠᠴᠠᠭᠠᠨ ᠤ᠋ ᠬᠣᠩᠭᠢᠯ ᠳ᠋ᠤ᠌ ᠡᠯᠰᠡᠭᠰᠡᠨ ᠴᠡᠷᠢᠭ ᠲᠡᠭᠡᠨ ᠫᠤᠤ ᠵᠡᠪᠰᠡᠭ ᠲᠦᠭᠡᠭᠡᠨ᠎ᠡ᠁ ᠵᠠ᠂ ᠮᠥᠨ ᠡᠢᠮᠦ ᠪᠠᠢᠨ᠎ᠠ ᠭᠡᠯ᠎ᠡ᠃ 
       ᠠᠪᠠᠭ᠎ᠠ ᠠᠴᠢ ᠬᠣᠶᠠᠷ ᠡᠢᠨ ᠬᠦ᠌ ᠳᠥᠭᠥᠮ ᠨᠢᠭᠤᠴᠠ ᠬᠡᠯᠡᠯᠴᠡᠭᠡᠷ ᠬᠢᠵᠦ ᠲᠣᠭᠲᠠᠭᠠᠳ ᠨᠢᠭᠡ ᠤᠳᠠᠭᠠᠨ ᠤ᠋ ᠰᠢᠷᠦᠭᠦᠨ ᠲᠤᠯᠤᠯᠳᠤᠭᠠᠨ ᠬᠢᠬᠦ ᠬᠠᠮᠤᠭ ᠠᠩᠬᠠᠨ ᠤ᠋  ᠳᠠᠷᠢ ᠮᠠᠨᠠᠭᠰᠠᠨ ᠨᠣᠴᠣᠮᠠᠬᠠᠢ ᠪᠢᠯᠲᠠ ᠶ᠋ᠢ ᠨᠣᠴᠣᠭᠠᠵᠠᠢ᠃ 
       ᠬᠥᠬᠡᠲᠣᠯᠣᠭᠠᠢ ᠶ᠋ᠢᠨ ᠰᠡᠭᠦᠳᠡᠷ ᠡᠷᠭᠢᠵᠦ ᠳ᠋ᠠᠭᠳᠠᠨ ᠳᠠ ᠯᠠᠮᠠᠬᠠᠢ ᠶ᠋ᠢᠨ ᠬᠥᠬᠡ ᠦᠨᠡᠰᠦᠨ ᠲᠣᠭᠣᠰᠬᠠᠨ ᠬᠦᠷᠢᠶ᠎ᠡ ᠶ᠋ᠢ ᠭᠦᠨ ᠥᠩᠭᠡ ᠶ᠋ᠢᠨ ᠪᠣᠳᠣᠭ ᠰᠠᠭᠤᠯᠭᠠᠵᠤ᠂ ᠭᠡᠷ ᠦ᠋ᠨ ᠪᠣᠭᠣᠨᠢ ᠰᠠᠷᠠᠪᠴᠢ ᠪᠠᠷ ᠪᠠᠷᠠᠭᠠᠨ ᠰᠡᠭᠦᠳᠡᠷ ᠱᠠᠭᠠᠢᠭᠰᠠᠨ ᠪᠠᠢᠵᠠᠢ᠃  
       ᠨᠠᠷᠠ ᠤᠨᠠᠵᠤ᠂ ᠣᠷᠣᠢ ᠪᠣᠯᠪᠠ᠃  
       ᠬᠡᠶᠦᠭ ᠪᠣᠷᠣᠪᠡᠨᠳᠢ ᠬᠠᠲᠠᠭᠰᠠᠨ ᠪᠣᠷᠴᠠ᠂ ᠠᠭᠤᠯᠠ ᠶ᠋ᠢᠨ ᠮᠥᠭᠥ᠂ ᠵᠡᠷᠯᠢᠭ ᠰᠣᠩᠭᠢᠨ᠎ᠠ᠂ ᠬᠠᠭᠰᠠᠭᠠᠭᠰᠠᠨ ᠬᠦᠮᠡᠯᠢ ᠶ᠋ᠢᠨ ᠴᠡᠴᠡᠭ ᠢ᠋ᠶ᠋ᠡᠷ ᠠᠮᠲᠠᠯᠠᠭᠰᠠᠨ ᠬᠤᠷᠴᠠ ᠱᠥᠯᠥ ᠲᠠᠰᠤᠯᠤᠭᠰᠠᠨ ᠭᠤᠯᠢᠷ ᠢ᠋ ᠦᠨᠦᠷ ᠬᠠᠩᠬᠤᠯᠲᠠᠯ᠎ᠠ ᠠᠭᠤᠳᠠᠯᠵᠤ ᠪᠠᠢᠯ᠎ᠠ᠃ 
       ᠬᠣᠮᠣᠭᠣᠷ ᠠᠮᠠᠰᠠᠷ ᠲᠠᠢ ᠪᠣᠯᠪᠠᠴᠤ ᠣᠷᠣᠴᠠ ᠶᠡᠬᠡ ᠴᠦᠯᠬᠦᠭᠡᠷ ᠲᠣᠮᠣ ᠭᠡᠳᠡᠰᠦ ᠲᠡᠢ᠂ ᠵᠡᠰ ᠭᠠᠷᠠᠬᠠᠨ ᠪᠠᠷᠢᠭᠤᠯ ᠲᠠᠢ ᠠᠪᠰᠠᠷᠬᠠᠨ ᠭᠠᠤᠯᠢᠨ ᠲᠣᠭᠣᠭ᠎ᠠ ᠲᠠᠢ ᠭᠤᠯᠢᠷ ᠢ᠋ ᠠᠶᠠᠭᠠᠯᠠᠬᠤ ᠳ᠋ᠤ᠌ ᠬᠤᠷ ᠱᠥᠯᠥ ᠶ᠋ᠢᠨ ᠡᠲᠡᠭᠡᠳ ᠬᠠᠨᠳᠠ ᠦᠨᠦᠷ ᠳ᠋ᠠᠭᠳᠠᠨ ᠳᠠ ᠯᠠᠮᠠᠬᠠᠢ ᠶ᠋ᠢᠨ ᠭᠡᠷ ᠢ᠋ᠶ᠋ᠡᠷ ᠳᠦᠭᠦᠷᠡᠩ ᠰᠡᠩᠭᠢᠨᠡᠵᠦ᠂ ᠦᠨᠡᠬᠡᠷ ᠰᠠᠮᠰᠠ ᠭᠣᠪᠣᠭᠣᠨᠠᠭᠤᠯᠤᠨ ᠰᠢᠯᠦᠰᠦ ᠬᠤᠷᠠᠭᠤᠯᠵᠤ ᠬᠣᠭᠣᠯᠠᠨ ᠤ᠋ ᠬᠣᠪᠳᠣᠭ ᠬᠥᠳᠡᠯᠭᠡᠨ᠎ᠡ᠃ 
       ᠳ᠋ᠠᠭᠳᠠᠨ ᠳᠠ ᠯᠠᠮᠠᠬᠠᠢ ᠠᠪᠤᠷᠭᠤ ᠪᠥᠬᠡ ᠰᠢᠭ ᠲᠣᠮᠣ ᠬᠦᠳᠡᠷ ᠪᠡᠶ᠎ᠡ ᠲᠡᠢ ᠬᠠᠩᠬᠠᠢᠵᠤ ᠬᠠᠷᠠᠭᠳᠠᠪᠠᠴᠤ ᠲᠡᠭᠦᠨ ᠦ᠌ ᠡᠳ᠋ᠯᠡᠯ ᠬᠡᠷᠡᠭᠰᠡᠯ᠂ ᠢᠳᠡᠭᠡᠨ ᠤᠮᠳᠠᠭᠠᠨ ᠨᠢ ᠮᠠᠰᠢ ᠨᠠᠷᠢᠯᠢᠭ᠂ ᠨᠢᠮᠪᠠᠢ ᠪᠠᠢᠳᠠᠭ ᠨᠢ ᠬᠥᠮᠦᠨ ᠦ᠌ ᠤᠬᠠᠭᠠᠨ ᠳ᠋ᠤ᠌ ᠣᠷᠣᠮ᠎ᠠ ᠦᠭᠡᠢ ᠠᠵᠢ᠃ ᠲᠡᠷᠡ ᠦᠷᠭᠦᠯᠵᠢ ᠡᠳᠦᠷ ᠦ᠋ᠨ ᠭᠤᠷᠪᠠᠨ ᠴᠠᠭ ᠤ᠋ᠨ ᠬᠣᠭᠣᠯᠠᠨ ᠳ᠋ᠠᠭᠠᠨ ᠥᠷᠯᠥᠭᠡ ᠦᠳᠡ ᠳ᠋ᠡᠭᠡᠨ ᠬᠠᠭᠤᠷᠤᠭᠰᠠᠨ ᠪᠤᠳᠠᠭ᠎ᠠ᠂ ᠨᠢᠩ ᠪᠣᠭᠣᠷᠰᠣᠭ᠂ ᠠᠭᠠᠷᠤᠤᠯ᠂ ᠰᠢᠷ᠎ᠠ ᠲᠣᠰᠣ ᠵᠡᠷᠭᠡ ᠪᠡᠷ ᠭᠣᠣᠯᠳᠠᠭᠰᠠᠨ ᠴᠠᠢ ᠤᠤᠭᠤᠳᠠᠭ ᠪᠣᠯ ᠣᠷᠣᠢ ᠳ᠋ᠠᠭᠠᠨ ᠨᠢᠭᠡ ᠴᠠᠭ ᠡᠢᠮᠦᠷᠬᠦᠦ ᠱᠥᠯᠥ ᠲᠡᠢ ᠲᠠᠰᠤᠯᠤᠭᠰᠠᠨ ᠭᠤᠯᠢᠷ ᠬᠢᠵᠦ ᠢᠳᠡᠳᠡᠭ᠃ ᠲᠡᠭᠡᠬᠦ ᠳ᠋ᠡᠭᠡᠨ ᠲᠠᠰᠤᠯᠤᠭᠰᠠᠨ ᠭᠤᠯᠢᠷ ᠤ᠋ᠨ ᠬᠢᠨᠢ ᠬᠡᠰᠡᠭ ᠦ᠋ᠨ ᠲᠣᠮᠣ ᠶ᠋ᠢ ᠬᠡᠯᠡᠬᠦ ᠶ᠋ᠢᠨ ᠠᠷᠭ᠎ᠠ ᠦᠭᠡᠢ᠃ ᠭᠤᠯᠢᠷ ᠢ᠋ᠶ᠋ᠠᠨ ᠡᠩ ᠦ᠋ᠨ ᠬᠥᠮᠦᠨ ᠦ᠌ ᠨᠢᠳᠤᠷᠭ᠎ᠠ ᠶ᠋ᠢᠨ ᠬᠢᠷᠢᠲᠡᠢ ᠨᠢᠭᠡ ᠯᠡ ᠬᠡᠪ ᠦ᠋ᠨ ᠶᠠᠩᠵᠤ ᠪᠠᠷ ᠲᠠᠰᠤᠯᠵᠤ ᠬᠢᠬᠦ ᠶ᠋ᠢ ᠴᠢᠩᠭ᠎ᠠ ᠱᠠᠭᠠᠷᠳᠠᠳᠠᠭ᠃ ᠡᠨᠡ ᠬᠡᠮᠵᠢᠶ᠎ᠡ ᠨᠢ ᠪᠠᠭ᠎ᠠ ᠪᠣᠯᠪᠠᠯ ᠵᠠᠵᠢᠭᠤᠷ ᠳᠦᠭᠦᠷᠬᠦ ᠦᠭᠡᠢ ᠭᠡᠵᠦ ᠪᠣᠷᠤᠪᠠᠨᠳᠢ ᠶ᠋ᠢ ᠵᠠᠩᠨᠠᠨ᠎ᠠ᠃ ᠢᠩᠭᠢᠵᠦ ᠳ᠋ᠠᠭᠳᠠᠨ ᠳᠠ ᠯᠠᠮᠠᠬᠠᠢ ᠶ᠋ᠢᠨ ᠬᠣᠭᠣᠯᠠ ᠤᠮᠳᠠ ᠶ᠋ᠢ ᠲᠥᠬᠥᠭᠡᠷᠬᠦ ᠬᠠᠲᠠᠭᠤ ᠱᠠᠭᠠᠷᠳᠠᠯᠭ᠎ᠠ ᠳ᠋ᠤ᠌ ᠴᠠᠭᠠᠷᠠᠭᠰᠠᠨ ᠪᠣᠷᠤᠪᠡᠨᠳᠢ ᠲᠡᠢ ᠪᠠᠷᠤᠭ ᠤ᠋ᠨ ᠨᠢᠮᠪᠠᠢ ᠠᠢᠯ ᠤ᠋ᠨ ᠪᠡᠷᠢᠶᠡᠳ ᠴᠦ᠍ ᠦᠯᠢᠭᠡᠷᠯᠡᠬᠦ ᠶᠦᠮ ᠪᠢᠰᠢ᠃  
       ᠳ᠋ᠠᠭᠳᠠᠨ ᠳᠠ ᠯᠠᠮᠠᠬᠠᠢ ᠰᠠᠨᠠᠭᠠᠨ ᠳ᠋ᠤ᠌ ᠵᠣᠬᠢᠷᠠᠭᠰᠠᠨ ᠰᠠᠢᠬᠠᠨ ᠱᠥᠯᠥ ᠲᠡᠢ ᠬᠣᠭᠣᠯᠠᠨ ᠳ᠋ᠠᠭᠠᠨ ᠴᠠᠳᠴᠤ ᠴᠠᠳᠬᠤᠯᠠᠩ ᠪᠦᠳᠦᠭᠦᠨ ᠳᠠᠭᠤ ᠪᠠᠷ ᠵᠣᠭᠢᠰᠤᠨ ᠬᠡᠬᠡᠷᠡᠭᠦᠯᠵᠦ᠂ ᠲᠡᠭᠦᠨ ᠦ᠌ ᠲᠣᠮᠣ ᠭᠠᠷ ᠲᠤ ᠠᠷᠢᠬᠢᠨ ᠤ᠋ ᠬᠤᠨᠳᠠᠭ᠎ᠠ ᠴᠦ᠍ ᠭᠡᠮᠡᠷ ᠯᠤᠤ ᠬᠡ ᠲᠡᠢ ᠨᠠᠷᠢᠨ ᠱᠠᠭᠠᠵᠠᠩ ᠢ᠋ᠶ᠋ᠠᠨ ᠡᠪᠲᠡᠢᠬᠡᠨ ᠳᠣᠯᠢᠶᠠᠵᠤ ᠴᠡᠪᠡᠷᠯᠡᠭᠡᠳ᠂ ᠮᠥᠩᠭᠥᠨ ᠮᠠᠯᠠᠭᠠᠢ ᠲᠠᠢ᠂ ᠵᠠᠭᠠᠨ ᠤ᠋ ᠶᠠᠰᠤ ᠶ᠋ᠢ ᠬᠡ ᠭᠠᠷᠭᠠᠨ ᠰᠢᠭᠢᠳᠬᠡᠭᠰᠡᠨ ᠬᠦᠷᠡᠩ ᠽᠠᠨᠳᠠᠨ ᠰᠠᠪᠬ᠎ᠠ ᠪᠠᠨ ᠬᠣᠶᠠᠷ ᠠᠯᠠᠭ᠎ᠠ ᠪᠠᠷ ᠢ᠋ᠶ᠋ᠠᠨ ᠥᠷᠥᠨ ᠠᠷᠴᠢᠵᠤ᠂ ᠣᠷᠣ ᠲᠦᠰᠢᠵᠦ ᠰᠠᠭᠤᠭᠠᠳ ᠭᠠᠩᠰᠠᠨ ᠤ᠋ ᠮᠥᠩᠭᠥᠨ ᠲᠣᠭᠣᠭ᠎ᠠ᠂ ᠴᠢᠬᠢᠨ ᠦ᠌ ᠮᠠᠯᠲᠠᠭᠤᠷ᠂ ᠵᠢᠵᠢᠭ ᠬᠡᠲᠡ ᠵᠡᠷᠭᠡ ᠴᠢᠮᠡᠭ ᠵᠦᠢᠯ ᠰᠠᠨᠵᠢᠭᠢᠨᠠᠭᠤᠯᠤᠭᠰᠠᠨ ᠮᠥᠩᠭᠥᠨ ᠶᠠᠨᠴᠢᠶᠠᠷ ᠢ᠋ᠶ᠋ᠠᠷ ᠰᠢᠲᠦ ᠪᠡᠨ ᠰᠢᠭᠢᠴᠢᠯᠡᠵᠦ ᠰᠠᠭᠤᠬᠤ ᠨᠢ《 ᠨᠢᠭᠡ ᠡᠳᠦᠷ ᠦ᠋ᠨ ᠠᠵᠤ ᠬᠢᠳᠡᠯ ᠢ᠋ᠶ᠋ᠡᠨ ᠬᠡᠪ ᠶᠣᠰᠣᠭᠠᠷ ᠪᠠᠷᠠᠭᠠᠵᠤ᠂ ᠨᠤᠲᠤᠭ ᠤ᠋ᠨ ᠢ᠋ᠶ᠋ᠠᠨ ᠢᠷᠦᠭᠡᠯ ᠪᠤᠶᠠᠨ ᠢ᠋ᠶ᠋ᠠᠷ ᠡᠢᠨ ᠬᠦ᠌ ᠴᠠᠭ ᠵᠠᠭᠤᠷ᠎ᠠ ᠴᠦ᠍ ᠭᠡᠰᠡᠨ ᠵᠢᠷᠭᠠᠬᠤ ᠪᠤᠶᠤ!》 ᠭᠡᠰᠡᠨ ᠶᠠᠩᠵᠤᠲᠠᠢ ᠠᠵᠤᠭᠤ᠃  

— — — —  
① ᠨᠤᠲᠤᠭ ᠤ᠋ᠨ ᠳᠠᠭᠤᠳᠠᠯᠭ᠎ᠠ᠃ ᠨᠠᠰᠤ ᠤᠪᠤᠷᠵᠢᠭᠤᠨ ᠯᠠᠮᠠ ᠬᠥᠮᠦᠨ ᠢ᠋ ᠯᠠᠮᠠᠵᠡᠢ ᠭᠡᠳᠡᠭ᠃  
② ᠲᠠᠷᠨᠢᠳᠠᠨ ᠰᠢᠳᠢᠯᠡᠭ᠍ᠰᠡᠨ ᠨᠠᠷᠢᠮᠦ ᠪᠠ ᠰᠢᠷᠣᠢ ᠶᠢ ᠰᠦᠷᠴᠢᠨ ᠰᠢᠲᠡᠵᠦ᠂ ᠴᠢᠳᠬᠦᠷ ᠱᠤᠯᠤᠮ ᠤᠨ ᠳᠠᠷᠤᠯᠭ᠎ᠠ ᠬᠢᠳᠡᠭ ᠠᠷᠭ᠎ᠠ᠃