ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠨᠢᠭᠡᠳᠦᠭᠡᠷ ᠪᠦᠯᠦᠭ <ᠭᠤᠷᠪᠠ> Хан мунын сүүрс < дээд > – Мөнх зохиоов ᠂ дэд бодь – нэгдүгээр бүлэг <3> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠨᠢᠭᠡᠳᠦᠭᠡᠷ ᠪᠦᠯᠦᠭ <ᠭᠤᠷᠪᠠ> Хан мунын сүүрс < дээд > – Мөнх зохиоов ᠂ дэд бодь – нэгдүгээр бүлэг <3>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠨᠢᠭᠡᠳᠦᠭᠡᠷ ᠪᠦᠯᠦᠭ <ᠭᠤᠷᠪᠠ> Хан мунын сүүрс < дээд > – Мөнх зохиоов ᠂ дэд бодь – нэгдүгээр бүлэг <3>

ᠠᠩᠭᠢᠯᠠᠯ:ᠲᠤᠭᠤᠵᠢ ᠷᠣᠮᠠᠨ
2024-07-19

486

ᠳᠡᠳ᠋ ᠪᠣᠲᠢ – ᠨᠢᠭᠡᠳᠦᠭᠡᠷ ᠪᠦᠯᠦᠭ <ᠭᠤᠷᠪᠠ>


                   ᠭᠤᠷᠪᠠ 

       ᠦᠣᠷ ᠮᠠᠩᠬᠠᠢᠲᠠᠯ᠎ᠠ ᠎ᠴᠠᠢᠵᠦ᠂ ᠠᠭᠤᠯᠠᠰ ᠤ᠋ᠨ ᠲᠤᠯᠤᠭᠠᠳ ᠬᠠᠷᠠᠩᠭᠤᠢ ᠬᠥᠰᠢᠭᠡᠨ ᠡᠴᠡ ᠪᠠᠨ ᠦᠨᠳᠡᠢᠵᠤ ᠪᠣᠰᠤᠭᠰᠠᠨ ᠰᠢᠭ᠋ ᠪᠥᠷᠲᠥᠯᠵᠡᠨ᠎ᠡ᠃  ᠰᠦᠮᠡᠯᠵᠡᠨ ᠰᠡᠭᠦᠳᠡᠭᠡᠨᠡᠵᠦ ᠪᠠᠢᠭ᠍ᠰᠠᠨ ᠢᠶᠠᠨ ᠠᠭᠠᠵᠢᠮ᠎ ᠢᠶᠡᠷ ᠮᠣᠳᠣ ᠴᠢᠯᠠᠭᠤᠳ ᠨᠢ ᠢᠯᠭᠠᠷᠠᠨ ᠲᠠᠨᠢᠭᠳᠠᠵᠤ ᠠᠯᠤᠰ ᠤ᠋ᠨ ᠪᠠᠷ᠎ᠠ ᠲᠣᠳᠣᠷᠠᠨ᠎ᠠ᠃ ᠪᠣᠳᠠᠨ ᠤ ᠪᠣᠯᠵᠣᠮᠣᠷ ᠬᠦᠷᠲᠡᠯ᠎ᠡ ᠡᠭᠦᠷ ᠡᠴᠡ ᠪᠠᠨ ᠰᠤᠭᠤᠷᠠᠵᠤ ᠰᠢᠨ᠎ᠡ ᠨᠢᠭᠡ ᠡᠳᠦᠷ ᠢᠶᠠᠨ ᠤᠭᠲᠤᠵᠤ ᠱᠤᠯᠤᠭᠠᠨᠠᠨ᠎ᠠ᠃
       ᠲᠡᠷᠡ ᠦᠷᠯᠦᠭᠡ ᠠᠩᠴᠢᠨᠵᠡᠪ ᠡᠷᠲᠠ ᠪᠣᠰᠴᠤ ᠰᠢᠭᠦᠳᠡᠷᠢ ᠶ᠋ᠢᠨ ᠨᠠᠪᠴᠢ ᠬᠠᠵᠠᠯᠠᠭᠰᠠᠨ ᠭᠤᠷ᠎ᠠ ᠠᠩᠨᠠᠬᠤ ᠭᠡᠵᠦ ᠥᠯᠥᠩᠲᠦ ᠶ᠋ᠢᠨ ᠪᠠᠷᠠᠭᠤᠨ ᠬᠢᠷ᠎ᠠ ᠳᠡᠭᠡᠷ᠎ᠡ ᠭᠠᠷᠬᠤ ᠳ᠋ᠤ᠌ ᠥᠯᠦᠩᠲᠦ ᠶ᠋ᠢᠨ ᠡᠬᠢᠨ ᠳ᠋ᠤ᠌ ᠴᠢᠨᠣ᠎ᠠ ᠤᠯᠢᠬᠤ ᠳᠤᠭᠤᠯᠳᠠᠪᠠ᠃ 《ᠡᠵᠡᠨ ᠢ᠋ᠶ᠋ᠡᠨ ᠠᠯᠳᠠᠭᠰᠠᠳ ᠴᠢᠨᠢ ᠶᠡᠷᠦ ᠨᠢ ᠬᠠᠶᠠᠭᠠᠨ ᠠ᠋ᠴᠠ ᠬᠠᠳᠤᠷᠬᠤ ᠭᠡᠵᠦ ᠪᠠᠢᠭ᠎ᠠ ᠪᠢᠰᠢ ᠪᠢᠵᠡ?》 ᠭᠡᠵᠦ ᠰᠡᠳᠬᠢᠨ ᠨᠢᠭᠡ ᠭᠠᠩᠰᠠ ᠲᠠᠮᠠᠬᠢ ᠨᠡᠷᠡᠵᠦ ᠨᠢᠭᠡ ᠲᠠᠯ᠎ᠠ ᠪᠡᠷ ᠡᠡᠷᠦ ᠡᠩᠭᠡᠷ ᠦ᠋ᠨ ᠰᠢᠷᠢᠩᠭᠢ ᠶ᠋ᠢᠨ ᠲᠣᠯᠣᠭᠠᠢ ᠬᠥᠳᠡᠯᠬᠦ ᠶ᠋ᠢ ᠠᠵᠢᠭ᠍ᠯᠠᠵᠤ ᠭᠤᠷ᠎ᠠ ᠵᠦᠷ ᠦ᠋ᠨ ᠬᠥᠳᠡᠯᠦᠯ ᠢ᠋ ᠭᠡᠲᠡᠬᠦ ᠶ᠋ᠢᠨ ᠬᠠᠮᠲᠤ ᠨᠥᠭᠦᠭᠡ ᠲᠠᠯ᠎ᠠ ᠪᠠᠷ ᠥᠯᠥᠩᠲᠦ ᠶ᠋ᠢᠨ ᠡᠬᠢᠨ ᠦ ᠣᠢᠷᠠᠬᠠᠨ ᠲᠤᠭᠤᠯᠳᠠᠬᠤ ᠴᠢᠨᠣ᠎ᠠ ᠣᠯᠢᠬᠤ ᠶ᠋ᠢ ᠴᠢᠩᠨᠠᠵᠤ ᠬᠡᠰᠡᠭ ᠰᠠᠭᠤᠯ᠎ᠠ᠃ ᠢᠩᠭᠢᠵᠤ ᠪᠠᠢᠲᠠᠯ᠎ᠠ ᠠᠯᠤᠰ ᠠ᠋ᠴᠠ ᠮᠠᠰᠢ ᠥᠳᠬᠡᠨ ᠳᠠᠭᠤ ᠲᠠᠢ ᠴᠢᠨᠣ᠎ᠠ ᠣᠯᠢᠬᠤ ᠰᠣᠨᠣᠰᠳᠠᠪᠠ᠃ ᠡᠨᠡ ᠪᠣᠯ ᠥᠭᠶᠦᠭᠡ ᠢᠲᠠᠰᠢ ᠡᠷᠢᠭᠰᠡᠨ ᠴᠢᠨᠣ᠎ᠠ ᠨᠤᠭᠤᠳ ᠬᠠᠷᠢᠯᠴᠠᠨ ᠬᠣᠯᠪᠣᠭ᠎ᠠ ᠠᠪᠤᠯᠴᠠᠵᠤ ᠪᠠᠢᠠᠨ᠎ᠠ ᠭᠡᠳᠡᠭ ᠢ᠋ ᠮᠡᠳᠡᠬᠦ ᠳ᠋ᠡᠭᠡᠨ ᠲᠦᠷᠦᠭᠦᠦ ᠴᠢᠨᠣ᠎ᠠ 《ᠡᠨᠳᠡ ᠢᠳᠡᠬᠦ ᠶᠠᠭᠤᠮ᠎ᠠ ᠪᠠᠢᠨ᠎ᠠ᠂ ᠪᠣᠰᠢᠭᠣ ᠨᠠᠭᠠᠰᠢᠯᠠ 》 ᠭᠡᠬᠦ ᠢᠵᠢᠯᠢ ᠪᠡᠨ ᠳᠠᠭᠤᠳᠠᠨ ᠣᠯᠢᠭᠰᠠᠨ ᠢ ᠨᠥᠭᠥᠭᠡ ᠨᠢ 《 ᠮᠡᠳᠡᠯ᠎ᠡ᠂ ᠣᠳᠣ ᠪᠡᠷ ᠢᠶᠠᠨ ᠣᠴᠢᠯ᠎ᠠ ᠁》 ᠭᠡᠵᠦ ᠥᠳᠬᠡᠨ ᠲᠠᠭᠤ ᠪᠠᠷ ᠬᠠᠷᠢᠭᠤ ᠣᠯᠢᠵᠤ ᠪᠠᠢᠭ᠎ᠠ ᠠᠵᠢ᠃ 《ᠵᠠ᠂ ᠪᠠᠢᠵᠠ᠂ ᠥᠯᠦᠩᠲᠦ ᠶ᠋ᠢᠨ ᠡᠬᠢᠨ ᠳ᠋ᠦ᠍ ᠪᠠᠰᠠ ᠶᠠᠭᠤᠨ ᠤ᠋ ᠤᠯᠠᠢ ᠭᠠᠷᠤᠭᠰᠠᠨ ᠪᠣᠯ᠎ ᠡ 》 ᠭᠡᠵᠦ ᠪᠣᠳᠣᠵᠤ ᠰᠠᠭᠤᠲᠠᠯ᠎ᠠ ᠎ᠴᠠᠭᠠᠨ᠎ᠠ ᠢᠮᠠᠭ᠎ᠠ ᠮᠠᠢᠯᠠᠬᠤ ᠴᠤ᠌ ᠶᠤᠮ ᠰᠢᠭ᠋ ᠬᠥᠮᠦᠨ ᠦ᠌ 《 ᠠᠮᠢ ᠠᠪᠤᠷᠠ ᠠ᠋ ᠁》 ᠭᠡᠵᠦ ᠬᠠᠰᠭᠢᠷᠬᠤ ᠰᠣᠨᠢᠬᠠᠨ ᠳᠠᠭᠤᠨ ᠰᠣᠨᠣᠰᠲᠡᠯ᠎ᠡ ᠁
       ᠲᠡᠷᠡ ᠥᠯᠦᠩᠲᠦ ᠶ᠋ᠢᠨ ᠪᠠᠷᠠᠭᠤᠨ ᠬᠠᠮᠠᠷ ᠢᠶᠠᠷ ᠬᠢᠷᠠᠯᠠᠵᠤ ᠲᠦᠳᠡᠯ ᠦᠭᠡᠢ ᠥᠯᠦᠩᠲᠦ ᠶ᠋ᠢᠨ ᠡᠬᠢ ᠳᠥᠭᠥᠪᠡ᠃  ᠬᠠᠶᠠ ᠬᠠᠶᠠ ᠬᠠᠷᠢᠶᠠᠯ ᠲᠠᠯᠪᠢᠨ ᠶᠣᠣᠯᠠᠨ ᠭᠠᠰᠠᠯᠬᠤ ᠰᠢᠩᠭᠡᠨ ᠳᠠᠭᠤ ᠲᠠᠢ ᠬᠥᠮᠦᠨ ᠪᠣᠯᠬᠤ ᠨᠢ ᠶᠠᠭᠠᠬᠢᠬᠤ ᠶ᠋ᠢᠨ ᠠᠷᠭ᠎ᠠ ᠦᠭᠡᠢ ᠮᠡᠳᠡᠭᠳᠡᠪᠡ᠃ 
      《 ᠶᠠᠭᠤᠨ ᠤ᠋ ᠬᠥᠮᠦᠨ ᠪᠣᠯᠴᠢᠬᠠᠪᠠ ? ᠪᠠᠰᠠ ᠲᠡᠭᠡᠭᠡᠳ ᠡᠮᠡᠭᠲᠡᠢ ᠬᠥᠮᠦᠨ ᠶᠦᠮ ᠤᠤ ? 》 ᠭᠡᠵᠦ ᠭᠠᠢᠬᠠᠭᠰᠠᠨ ᠠᠩᠴᠢᠨᠵᠠᠪ ᠲᠡᠷᠡ ᠳᠠᠭᠤ ᠭᠠᠷᠤᠭᠰᠠᠨ ᠵᠦᠭ ᠲᠤ ᠬᠥᠲᠥᠯᠦᠭᠳᠡᠭᠰᠡᠭᠡᠷ ᠣᠢᠷᠠᠬᠠᠨ ᠲᠤᠯᠵᠤ ᠣᠴᠢᠪᠠ᠃ 
       ᠨᠢᠭᠡ ᠴᠢᠷᠠᠮᠠᠨ ᠱᠠᠯᠳᠠᠩ ᠬᠥᠮᠦᠨ ᠮᠤᠬᠤᠷ ᠬᠠᠢᠯᠠᠰᠤᠨ ᠠ᠋ᠴᠠ ᠳᠡᠭᠦᠵᠢᠯᠡᠭᠡᠰᠦᠲᠡᠢ ᠪᠠᠢᠭ᠎ᠠ ᠨᠢᠳᠦ ᠬᠠᠯᠢᠷᠠᠮ᠎ᠠ ᠥᠵᠡᠭᠳᠡᠯ ᠲᠡᠭᠦᠨ ᠢ᠋ ᠡᠷᠬᠡ ᠥᠭᠡᠢ ᠨᠢᠳᠦ ᠶ᠋ᠢ ᠨᠢ ᠠᠨᠢᠭᠤᠯᠪᠠ᠃ 
       ᠲᠡᠷᠡ ᠳᠡᠭᠦᠵᠢᠯᠡᠭᠡᠰᠦᠲᠡᠢ ᠱᠠᠯᠳᠠᠩ ᠬᠥᠮᠦᠨ ᠦ᠌ ᠵᠡᠭᠦᠨ ᠳᠣᠣᠷ᠎ᠠ᠂ ᠬᠣᠢᠳᠤ ᠳᠡᠭᠡᠷ᠎ᠡ᠂ ᠪᠠᠷᠠᠭᠤᠨ ᠡᠮᠦᠨ᠎ᠡ ᠬᠠᠮᠠᠷ ᠳᠡᠭᠡᠷ᠎ᠡ ᠨᠢ ᠨᠢᠵᠡᠭᠡᠳ ᠴᠢᠨᠣ᠎ᠠ ᠴᠣᠩᠨᠣᠢᠨ ᠰᠠᠭᠤᠭᠠᠳ ᠤᠯᠠᠩᠭᠠᠰᠤᠨ ᠳᠠᠭᠠᠷᠢᠵᠤ ᠭᠤᠶ᠎ᠠ ᠬᠠᠰᠠ ᠠ᠋ᠴᠠ ᠨᠢ ᠤᠷᠠᠵᠤ ᠳᠠᠰᠤᠳᠠᠬᠤ  ᠳ᠋ᠤ᠌ ᠪᠡᠯᠡᠬᠡᠨ ᠪᠠᠢᠯ᠎ᠠ᠃
       ᠡᠨᠡ ᠡᠬᠡᠨᠡᠷ ᠮᠤᠳᠤᠨ  ᠳ᠋ᠤ᠌ ᠲᠡᠭᠦᠵᠢᠯᠡᠵᠦ ᠪᠣᠭᠣᠵᠤ ᠥᠭᠦᠬᠦ ᠪᠡᠷ ᠭᠡᠷ ᠤᠨ ᠬᠥᠮᠦᠨ ᠢ᠋ᠶ᠋ᠡᠨ ᠠᠶᠤᠯᠭᠠᠵᠤ ᠠᠮᠢ ᠪᠠᠷ ᠢᠶᠡᠨ ᠲᠣᠭᠯᠠᠭᠠᠮ ᠬᠢᠵᠢ ᠳ᠋ᠡ ! ᠲᠡᠭᠡᠬᠦ ᠳ᠋ᠡᠬᠡᠨ ᠡᠨᠡ ᠬᠠᠷ᠎ᠠ ᠠᠭᠤᠯᠠᠨ ᠳ᠋ᠤ᠌ ᠁ ᠬᠤᠭᠤᠯᠠᠢ ᠪᠠᠨ ᠪᠣᠭᠣᠮᠢᠯᠠᠳᠠᠭ ᠦᠭᠡᠢ ᠬᠣᠶᠠᠷ ᠭᠠᠷ ᠢ᠋ᠶ᠋ᠠᠨ ᠪᠣᠭᠣᠴᠢᠬᠠᠭᠠᠳ᠂ ᠠᠮᠢ ᠠᠪᠤᠷᠠ᠎ ᠡ ! ᠭᠡᠵᠦ ᠴᠢᠨᠡᠭᠡ ᠮᠡᠳᠡᠨ ᠤᠷᠢᠯᠠᠳᠠᠭ ᠨᠢ ᠵᠢᠭᠲᠡᠢ᠃ ᠮᠡᠳᠡᠷᠡᠯ ᠤᠨ ᠰᠤᠭᠤᠭ ᠲᠠᠢ ᠭᠠᠯᠵᠠᠭᠤ ᠰᠣᠯᠢᠶᠠᠲᠠᠢ ᠬᠥᠮᠦᠨ ᠴᠦ᠍ ᠶᠦᠮ ‍ᠦᠣ ? ᠭᠡᠵᠦ ᠡᠯᠳᠡᠪ ᠢ ‍ᠪᠣᠳᠤᠨ ᠬᠠᠷᠠᠴᠠ ᠪᠤᠷᠤᠭᠤᠯᠠᠨ ᠨᠢᠭᠡ ᠡᠷ᠎ᠡ ᠪᠦᠰᠡᠳᠡᠢ ᠬᠥᠮᠦᠨ ᠴᠢᠷᠠᠮᠠᠨ ᠱᠠᠯᠳᠠᠩ ᠳᠡᠭᠦᠵᠢᠯᠡᠭᠡᠰᠦᠲᠡᠢ ᠡᠬᠡᠨᠡᠷ ᠦ᠋ᠨ ᠡᠮᠦᠨ᠎ᠡ ᠶᠠᠭᠠᠬᠢᠵᠤ ᠴᠤ᠌ ᠭᠠᠷ ᠬᠦᠷᠳᠡᠭ ᠪᠢᠯᠡ ?  ᠭᠡᠳ ᠨᠥᠭᠦᠭᠡ ᠳᠡᠭᠦᠵᠢᠯᠡᠭᠡᠰᠦᠲᠡᠢ ᠡᠬᠡᠨᠡᠷ ᠦ᠋ᠨ ᠬᠠᠵᠠᠭᠤᠬᠠᠨ ᠳ᠋ᠤ᠌ ᠬᠠᠪᠢᠳᠠᠭᠰᠠᠨ ᠰᠠᠭᠠᠷᠠᠯ ᠴᠢᠨ᠋ᠸ᠎ᠠ ᠤᠷᠤᠭᠤ ᠭᠠᠯ ᠫᠣᠣ ᠪᠠᠨ ᠣᠨᠢᠯᠠᠪᠠ᠃ 
       ᠲᠡᠷᠡ ᠬᠦ᠌ ᠳᠡᠭᠦᠵᠢᠯᠡᠭᠡᠰᠦᠲᠡᠢ ᠬᠥᠮᠦᠨ ᠴᠢᠨ᠋ᠸ᠎ᠠ ᠶ᠋ᠢᠨ ᠤᠯᠠᠩᠭᠠᠰᠬᠤ ᠠᠷᠭᠢᠯ ᠲᠠᠭᠤ ᠨᠠᠮᠵᠢᠬᠤ ᠵᠢᠨ ᠲᠠᠭᠠᠤ ᠬᠥᠮᠥᠨ ᠤ ᠬᠥᠯ ᠤᠨ ᠴᠢᠮᠡᠭᠡ ᠣᠢᠷᠠᠳᠬᠤ ᠳ᠋ᠤ᠌ ᠪᠠᠶᠠᠷᠯᠠᠵᠤ ᠬᠥᠮᠦᠨ ᠦ ᠠᠮᠢᠳᠤᠷᠠᠯ ᠤ᠋ᠨ ᠬᠥᠰᠠᠯ ᠤ᠋ᠨ ᠭᠡᠷᠡᠯ ᠣᠴᠢ ᠲᠡᠭᠦᠨ ᠦ᠌ ᠬᠥᠰᠢᠬᠦ ᠳ᠋ᠡᠭᠡᠨ ᠵᠠᠪᠲᠤᠭᠰᠠᠨ ᠤᠬᠠᠭᠠᠨ ᠳ᠋ᠤᠨᠢ ᠲᠠᠬᠢᠨ ᠠᠮᠢᠯᠠᠪᠠ᠃
       - ᠪᠤᠷᠬᠠᠨ ᠲᠡᠭᠷᠢ ᠮᠢᠨᠢ ᠡ ! ᠲᠠ ᠮᠢᠨᠢ ᠨᠠᠮᠠᠶ᠋ᠢ ᠠᠪᠤᠷᠠᠭᠠᠴᠢ ᠭᠡᠵᠦ ᠣᠭᠢᠯᠠᠩᠨᠠᠨ ᠬᠠᠰᠭᠢᠷᠬᠤ  ᠳ᠋ᠤ᠌ ᠠᠩᠴᠢᠨᠵᠠᠪ ᠲᠡᠷᠡ ᠮᠤᠬᠤᠷ ᠬᠠᠢᠯᠠᠰᠤᠨ ᠤ ᠠᠴᠠ ᠰᠠᠯᠠᠭᠠᠨ ᠠ᠋ᠴᠠ ᠳᠡᠭᠦᠵᠢᠯᠡᠭᠰᠡᠨ ᠡᠬᠡᠨᠡᠷ ᠤᠷᠤᠭᠤ ᠡᠷᠬᠡ ᠦᠭᠡᠢ ᠬᠠᠷᠠᠪᠠ᠃  ᠬᠡᠩᠬᠦᠳᠡᠭ ᠨᠢ ᠬᠡᠷᠵᠡᠢᠭᠰᠡᠨ᠂ ᠬᠠᠪᠢᠷᠭ᠎ᠠ ᠨᠢ ᠨᠢᠭᠡ ᠨᠢᠭᠡ ᠪᠡᠷ ᠢᠶᠠᠨ ᠲᠣᠭᠠᠯᠠᠭᠳᠡᠮ᠎ᠡ ᠲᠤᠷᠠᠩᠬᠠᠢ᠂ ᠢᠯᠠ ᠲᠦᠩᠬᠦᠢᠮ᠎ᠡ ᠬᠦᠬᠦ ᠳᠡᠯᠡᠩ ᠦᠨ ᠣᠷᠣᠮ ᠴᠤ᠌ ᠦᠭᠡᠢ᠂  <ᠠᠳᠠᠭ ᠨᠢ ᠬᠤᠷᠴᠢᠢᠵᠤ ᠬᠠᠲᠠᠭᠰᠠᠨ ᠬᠥᠬᠥ ᠲᠠᠯᠠᠡᠭ ᠦ᠋ᠨ ᠬᠠᠯᠢᠰᠤᠨ ᠤᠭᠤᠲᠠ ᠴᠤ᠌ ᠤᠨᠵᠢᠢᠭ᠎ᠠ ᠦᠭᠡᠢ> ᠡᠷ᠎ᠡ ᠬᠥᠮᠥᠨ ᠤ ᠬᠢ ᠰᠢᠭ ᠬᠠᠷ᠎ᠠ ᠪᠤᠷᠴᠠᠭ ᠤᠨ ᠴᠢᠨᠡᠭᠡ ᠬᠣᠶᠠᠷ ᠲᠣᠯᠪᠣ ᠥᠯᠥ᠍ ᠮᠡᠳᠡᠭᠳᠡᠮ᠎ᠡ ᠬᠦᠷᠡᠩ ᠬᠤᠸᠠ ᠮᠡᠩᠭᠡ ᠵᠡᠷᠬᠡᠴᠡᠵᠦ ᠬᠠᠷᠠᠠᠨᠳᠠᠬᠤ ᠠ᠋ᠴᠠ ᠡᠷ᠎ᠡ ᠬᠥᠮᠦᠨ ᠴᠦ᠍ ᠭᠡᠮᠡᠷ᠂ ᠭᠡᠬᠦ ᠳ᠋ᠡᠭᠡᠨ ᠨᠢᠭᠤᠴᠠᠭᠠᠢ ᠰᠠᠯᠲᠠᠭ᠎ᠠ ᠳᠤᠮᠳᠠ ᠪᠠᠨ ᠬᠠᠪᠲᠠᠭ᠎ᠠ ᠴᠤ᠌ ᠦᠭᠡᠢ ᠬᠣᠭᠣᠰᠣᠨ ᠶᠠᠭᠤᠮ᠎ᠠ ᠬᠠᠯᠲᠤ ᠬᠠᠷᠠᠭᠳᠠᠬᠤ ᠡᠴᠡ ᠲᠡᠷᠡ ᠥᠨᠥᠬᠢ ᠴᠢᠨᠣ᠎ᠠ ᠶ᠋ᠢ ᠣᠨᠢᠯᠠᠭᠰᠠᠨ ᠢᠶᠠᠨ ᠪᠣᠯᠢᠵᠤ ᠨᠥᠭᠦᠭᠡ ᠳᠡᠭᠦᠵᠢᠯᠡᠭᠡᠰᠦᠲᠡᠢ ᠬᠥᠮᠦᠨ ᠦ᠌ ᠲᠣᠯᠣᠭᠠᠢ ᠳᠡᠭᠡᠭᠦᠷ ᠮᠤᠬᠤᠷ ᠬᠠᠢᠯᠠᠰᠤᠨ ᠤ ᠠᠴᠠ ᠡᠴᠡ ᠤᠭᠣᠰᠤᠷᠯᠠᠭᠰᠠᠨ ᠰᠤᠷ ᠳᠡᠭᠡᠰᠦ ᠶ᠋ᠢ ᠬᠠᠷᠠᠭᠠᠯᠠᠪᠠ᠃ 
       ᠫᠦᠩ! ᠭᠡᠬᠦ ᠳᠠᠭᠤᠨ ᠢᠶᠠᠷ ᠨᠢᠭᠡ ᠪᠥᠭᠡᠮ ᠬᠥᠬᠡ ᠤᠲᠤᠭ᠎ᠠ ᠪᠠᠭᠠᠭᠢᠵᠤ᠂ ᠰᠤᠷ ᠳᠡᠭᠡᠰᠦ ᠲᠠᠰᠤ ᠣᠴᠢᠨ ᠲᠡᠷᠡ ᠬᠦ᠌ ᠲᠡᠭᠦᠵᠢᠯᠡᠭᠡᠰᠤᠳᠠᠢ ᠱᠠᠯᠲᠠᠠᠭ᠌ ᠡᠬᠡᠨᠡᠷ ᠬᠦᠱ ᠬᠢᠨ ᠬᠥᠰᠡᠷ ᠣᠢᠴᠢᠨ ᠬᠠᠵᠠᠭᠤ ᠡᠩᠭᠡᠷ ᠤᠷᠤᠭᠤ ᠪᠥᠮᠪᠥᠷᠢᠨ᠎ᠡ᠃ ᠴᠢᠬᠢ ᠳᠦᠯᠡᠢᠷᠡᠮ᠎ᠡ ᠱᠤᠤᠭᠢᠭᠰᠠᠨ ᠭᠠᠯ ᠫᠣᠣ ᠶ᠋ᠢᠨ ᠳᠠᠭᠤᠨ ᠢᠶᠡᠷ ᠦᠨᠦᠬᠢ ᠬᠡᠳᠦᠨ ᠴᠢᠨᠣ᠎ᠠ ᠠᠷᠭ᠎ᠠ ᠪᠤᠶᠤ ᠢᠳᠡᠬᠦ ᠶ᠋ᠢ ᠵᠠᠪᠲᠤᠭᠰᠠᠨ ᠪᠡᠯᠡᠨ ᠬᠣᠭᠣᠯᠠ ᠪᠠᠨ ᠬᠠᠶᠠᠵᠤ ᠳᠤᠷᠠᠲᠠᠢ ᠳᠤᠷ᠎ᠠ ᠦᠭᠡᠢ ᠰᠡᠭᠦᠯ ᠢᠶᠠᠨ ᠬᠠᠪᠴᠢᠨ ᠴᠠᠭᠠᠰᠢ ᠬᠥᠲᠥᠯ ᠳᠠᠪᠠᠵᠤ ᠪᠠᠢᠯ᠎ᠠ᠃ 
       ᠨᠥᠭᠦᠭᠡ ᠪᠥᠮᠪᠥᠷᠢᠵᠦ  ᠤᠳᠤᠭᠰᠠᠨ ᠡᠬᠡᠨᠡᠷ ᠵᠢᠵᠢᠭᠬᠡᠨ ᠭᠣᠷᠤᠬ᠎ᠠ ᠣᠷᠣᠰᠣᠭᠰᠠᠨ ᠵᠦᠯᠭᠡᠨ ᠳᠡᠭᠡᠷ᠎ᠡ ᠲᠣᠭᠲᠠᠵᠤ ᠳᠥᠷᠪᠡᠨ ᠮᠥᠴᠢᠯᠡᠨ ᠠᠲᠤᠷᠢᠨ ᠪᠥᠭᠴᠥᠢᠵᠦ ᠨᠢᠭᠤᠴᠠᠭᠠᠢ ᠪᠠᠨ ᠥᠯᠦ ᠲᠠᠨᠢᠬᠤ ᠬᠥᠮᠦᠨ ᠡᠴᠡ ᠴᠢᠳᠠᠨ ᠶᠠᠳᠠᠨ ᠳᠠᠯᠳᠠᠯᠠᠵᠤ ᠪᠠᠢᠪᠠ᠃  ᠪᠤᠭᠤᠷᠤᠯ ᠬᠣᠯᠢᠶ᠎ᠠ ᠲᠠᠢ ᠤᠷᠤᠭ ᠰᠢᠷ᠎ᠠ ᠭᠡᠵᠢᠭᠡ ᠨᠢ ᠵᠠᠳᠠᠷᠠᠨ ᠪᠤᠲᠠᠷᠠᠵᠤ ᠨᠢᠭᠤᠷ ᠵᠢᠰᠦ ᠶ᠋ᠢ ᠨᠢ ᠪᠦᠲᠡᠭᠡᠵᠦ ᠳᠠᠯᠤ ᠨᠢ ᠶᠣᠷᠲᠣᠢᠭ᠍ᠰᠠᠨ ᠲᠤᠷᠠᠩᠬᠠᠢ ᠪᠡᠶ᠎ᠡ ᠨᠢ ᠬᠡᠷᠢᠶ᠎ᠡ ᠴᠦ᠍ ᠲᠣᠩᠰᠢᠮᠡᠷ ᠦᠭᠡᠢ ᠠᠷᠠᠰᠤ ᠶᠠᠰᠤ ᠲᠡᠳᠦᠢ ᠬᠠᠷᠠᠭᠳᠠᠨ᠎ᠠ᠃ 
       - ᠡᠭᠡᠴᠢ ᠲᠠ ᠶᠠᠭᠠᠬᠢᠯ᠎ᠠ ᠭᠡᠵᠦ ᠡᠨᠡ ᠬᠠᠷ᠎ᠠ ᠠᠭᠤᠯᠠᠨ  ᠳ᠋ᠤ᠌ ᠁  ᠭᠡᠵᠦ ᠡᠮᠦᠰᠦᠭᠰᠡᠨ ᠬᠥᠭᠡ ᠴᠢᠰᠴᠡᠦ ᠲᠡᠷᠯᠢᠭ ᠢᠶᠡᠨ ᠲᠠᠢᠯᠵᠤ ᠨᠥᠮᠥᠷᠦᠭᠦᠯᠪᠡ᠃
       ᠴᠢᠷᠠᠢ ᠪᠠᠨ ᠪᠤᠷᠤᠭᠤᠯᠠᠨ ᠶᠠᠩᠭᠢᠨᠠᠨ ᠶᠣᠣᠯᠠᠭᠰᠠᠨ ᠲᠡᠷᠡ ᠬᠥᠮᠦᠨ ᠬᠠᠵᠠᠭᠤ ᠳ᠋ᠤ᠌ ᠢᠷᠡᠭᠰᠡᠨ ᠬᠥᠮᠦᠨ ᠦ᠌ 《ᠡᠭᠡᠴᠢ ᠠ᠋ 》 ᠭᠡᠵᠦ ᠳᠠᠭᠤᠳᠠᠭᠰᠠᠨ ᠢ᠋ ᠰᠣᠨᠣᠰᠤᠭᠠᠳ ᠳᠣᠲᠣᠷ᠎ᠠ ᠪᠡᠨ ᠳᠣᠷ᠎ᠡ ᠦᠭᠡᠢ ᠨᠢ ᠬᠥᠷᠥᠭᠰᠡᠨ ᠪᠣᠯᠪᠠᠴᠦ ᠠᠮᠢ ᠶ᠋ᠢ ᠨᠢ ᠠᠪᠤᠷᠠᠭᠰᠠᠨ ᠬᠥ᠋ᠮᠥᠨ ᠦ᠌ ᠥᠭᠡᠳᠡ ᠠ᠋ᠴᠠ ᠶᠠᠭᠤ ᠴᠤ᠌ ᠬᠡᠯᠡᠵᠦ ᠴᠢᠳᠠᠬᠤ ᠥᠭᠡᠢ ᠭᠡᠰᠡᠭ ᠱᠣᠣᠭᠢᠳᠤᠨᠠᠭᠰᠠᠨ ᠢᠶᠠᠨ᠄
       -  ᠡᠷᠭᠢᠨ ᠳᠡᠭᠦᠦ ᠶ᠋ᠢᠨ ᠠᠴᠢ ᠪᠡᠷ ᠴᠢᠨᠣ᠎ᠠ ᠶ᠋ᠢᠨ ᠬᠣᠭᠣᠯᠠ ᠪᠣᠯᠬᠤ ᠠ᠋ᠴᠠ ᠠᠷᠠᠢ ᠬᠢᠵᠦ ᠬᠡᠯᠲᠦᠷᠢᠯ᠎ᠡ᠂  ᠪᠤᠷᠬᠠᠨ ᠥᠷᠥᠰᠢᠶᠡᠭ !  ᠳᠡᠭᠦᠦ ᠶ᠋ᠢᠨ ᠡᠨᠡᠷᠢᠯ  ᠳ᠋ᠤ᠌ ᠪᠢ ᠴᠢᠮ᠎ᠠ ᠳ᠋ᠠᠭᠠᠯ ᠶᠠᠭᠠᠬᠢᠬᠤ ᠪᠡᠨ ᠣᠯᠬᠤ ᠥᠭᠡᠢ  ᠪᠠᠢᠨ᠎ᠠ ᠭᠡᠳ ᠥᠨᠳᠡᠢᠨ ᠪᠣᠰᠴᠤ ᠮᠣᠭᠳᠣᠢᠵᠤ ᠮᠤᠰᠢᠢᠭ᠍ᠰᠠᠨ ᠲᠠᠬᠢᠮ ᠳᠡᠭᠡᠷ᠎ᠡ ᠪᠡᠨ ᠲᠤᠷᠠᠩᠬᠠᠢ ᠪᠡᠶ᠎ᠡ ᠪᠡᠨ  ᠲᠣᠭᠲᠠᠭᠠᠵᠤ ᠠᠩᠴᠢᠨᠵᠡᠪ ᠦ᠋ᠨ ᠴᠢᠷᠠᠢ ᠦᠭᠡᠲᠨ ᠦᠷᠦ ᠡᠪᠡᠳᠦᠯᠲᠡᠢ ᠳᠦᠷᠢ ᠪᠡᠷ ᠴᠢᠷᠠᠢᠳᠠᠬᠤ  ᠳ᠋ᠤ᠌᠂  ᠠᠷᠠᠮᠠᠭ ᠲᠠᠷᠠᠮᠠᠭ ᠰᠢᠷ᠎ᠠ᠎ ᠰᠠᠬᠠᠯ ᠨᠢ ᠰᠡᠷᠪᠡᠯᠵᠡᠵᠦ ᠪᠢ ᠡᠷ᠎ᠡ ᠬᠥᠮᠦᠨ ᠪᠠᠢᠨ᠎ᠠ ᠭᠡᠳᠡᠭ ᠢᠶᠠᠨ ᠲᠡᠭᠦᠨ  ᠳ᠋ᠤ᠌ ᠳᠣᠷᠣᠢᠬᠠᠨ ᠮᠡᠳᠡᠭᠳᠡᠵᠦ ᠪᠠᠢᠯ᠎ᠠ᠃ 
       ᠡᠷ᠎ᠡ ᠬᠥᠮᠦᠨ ᠪᠠᠢᠨ᠎ᠠ᠃ ᠶᠠᠭᠠᠬᠢᠬᠤ ᠳ᠋ᠠᠭᠠᠨ ᠠᠬᠤᠷ ᠪᠣᠳᠣᠯ ᠢ᠋ᠶ᠋ᠠᠷ ᠡᠨᠡ ᠬᠠᠷ᠎ᠠ ᠠᠭᠤᠯᠠᠨ ᠳ᠋ᠤ᠌ ᠪᠡᠶ᠎ᠡ ᠪᠡᠨ ᠬᠣᠣᠷᠯᠠᠬᠤ ᠭᠡᠳ ᠵᠣᠷᠢᠭ ᠬᠦᠷᠬᠦ ᠦᠭᠡᠢ ᠪᠠᠢᠨ᠎ᠠ ᠪᠣᠢ ?  ᠡᠰᠠᠪᠠᠰᠦ ᠭᠠᠯᠵᠠᠭᠤ ᠰᠣᠯᠢᠶᠠᠲᠠᠢ ᠶᠤᠮ ᠤᠤ ?  ᠭᠡᠵᠦ ᠪᠡᠶ᠎ᠡ ᠭᠠᠳᠠᠷ ᠲᠠᠭᠤ ᠥᠩᠭᠡ ᠡᠴᠡ ᠨᠢ ᠪᠤᠷᠤᠭᠤ ᠲᠠᠭᠠᠮᠠᠭ ᠠᠪᠴᠤ᠂  ᠳᠠᠩᠴᠤ ᠨᠢᠭᠡ ᠲᠠᠨᠢᠬᠤ ᠦᠭᠡᠢ ᠢᠵᠢᠯᠢ ᠪᠤᠰᠤ ᠬᠦᠢᠰᠦᠲᠡᠨ ᠲᠠᠢ ᠶᠠᠭᠠᠬᠢᠵᠤ ᠨᠢᠭᠤᠷ ᠬᠠᠭᠠᠷᠠᠬᠤ ᠪᠢᠯᠡ ᠭᠡᠮᠡᠨ ᠡᠷᠡᠭᠡᠯᠵᠡᠵᠦ ᠪᠠᠢᠭ᠍ᠰᠠᠨ ᠠᠩᠴᠢᠨᠵᠠᠪ ᠤᠤᠯ ᠪᠣᠳᠣᠯ ᠢᠶᠠᠨ ᠳᠠᠷᠤᠢᠬᠠᠨ ᠭᠡᠮᠰᠢᠨ ᠬᠤᠷᠢᠶᠠᠵᠤ᠂ ᠥᠨᠥᠬᠢ ᠶᠠᠮᠰᠢᠭᠰᠠᠨ ᠲᠠᠷᠴᠢᠩᠬᠠᠢ ᠢᠮᠠᠭᠠᠨ ᠳᠠᠭᠤ ᠲᠠᠢ ᠡᠷ᠎ᠡ ᠶ᠋ᠢ ᠥᠷᠦ ᠡᠪᠡᠳᠦᠭᠰᠡᠨ ᠪᠣᠯᠪᠠᠴᠤ ᠨᠡᠷᠡᠲᠦ ᠬᠣᠷᠸ᠎ᠠ ᠳ᠋ᠤ᠌ ᠡᠷ᠎ᠡ ᠬᠥᠮᠦᠨ ᠡᠷ᠎ᠡ ᠬᠥᠮᠦᠨ ᠳ᠋ᠡᠭᠡᠨ ᠬᠠᠷᠠᠳᠠᠭᠤᠨ ᠮᠥᠷᠲᠡᠭᠡᠨ ᠰᠢᠷᠦᠭᠦᠨ ᠬᠠᠢᠷ᠎ᠠ ᠲᠠᠢ ᠪᠠᠢᠳᠠᠭ ᠤ᠋ᠨ ᠤᠬᠠᠭᠠᠨ ᠳ᠋ᠤ᠌ ᠲᠡᠷᠡ ᠪᠡᠷ  ᠴᠠᠷᠢᠭᠤᠨ ᠳᠠᠭᠤᠨ ᠢᠶᠠᠷ: 
       - ᠦᠭᠡᠢ᠂ ᠲᠡᠭᠡᠭᠡᠳ ᠲᠠ ᠴᠢᠨᠢ ᠶᠠᠭᠠᠬᠢᠯ᠎ᠠ ᠭᠡᠵᠦ ᠪᠤᠬᠤᠷ ᠢ᠋ᠶ᠋ᠠᠨ ᠱᠠᠭᠠᠢᠭᠰᠠᠨ ᠪᠣᠭᠣᠨᠢ ᠵᠢᠯᠣᠭᠣ ᠲᠠᠢ ᠵᠠᠩᠨᠠᠳᠠᠭ ᠨᠢ ᠡᠨᠡ ᠪᠣᠢ ? ᠭᠡᠪᠡᠯ ᠨᠥᠭᠦᠭᠡ ᠬᠥᠮᠦᠨ ᠠᠩᠴᠢᠨᠵᠠᠪ ᠤᠨ ᠳᠠᠩ ᠲᠡᠷᠯᠢᠭ ᠢ᠋ ᠨᠥ᠋ᠮᠣᠷᠴᠦ᠂ ᠲᠤᠯᠭᠠᠮᠳᠠᠭᠰᠠᠨ ᠠᠰᠠᠭᠤᠯᠲᠠ ᠳ᠋ᠤ᠌ ᠳᠠᠷᠦᠢᠬᠠᠨ ᠬᠠᠷᠢᠭᠤᠯᠲᠠ ᠦᠭᠴᠦ ᠴᠢᠳᠠᠬᠤ ᠦᠭᠡᠢ ᠬᠣᠯᠮᠠᠯᠵᠠᠨ ᠲᠦᠭᠳᠡᠷᠡᠨ᠎ᠡ᠃
       - ᠁
       - ᠁
       ᠠᠰᠠᠭᠤᠭᠰᠠᠨ ᠨᠢᠭᠡ ᠨᠢ ᠪᠣᠯᠣᠮᠵᠢᠲᠠᠢ ᠬᠠᠷᠢᠭᠤᠯᠲᠠ ᠣᠯᠬᠤ ᠶᠤᠮᠰᠠᠨ ᠭᠡᠵᠦ ᠰᠠᠨᠠᠬᠤ  ᠳ᠋ᠤ᠌ ᠠᠰᠠᠭᠤᠭᠳᠠᠭᠰᠠᠨ ᠨᠢᠭᠡ ᠨᠢ ᠦᠨᠡᠨ ᠮᠥᠨ ᠢᠶᠡᠨ ᠬᠡᠯᠡᠬᠦ ᠳᠤᠷ᠎ᠠ ᠦᠭᠡᠢ ᠪᠤᠶᠤ < ᠬᠡᠯᠡᠵᠦ ᠲᠥᠪᠲᠡᠬᠦ ᠦᠭᠡᠢ>᠂ ᠡᠷ᠎ᠡ ᠬᠥᠮᠥᠨ ᠤ ᠵᠠᠷᠢᠮ ᠳ᠋ᠠᠭᠠᠨ ᠬᠡᠳᠦ ᠬᠠᠭᠤᠷᠮᠠᠴᠢ ᠨᠡᠷᠡᠯᠭᠡᠦ ᠵᠠᠩ ᠳ᠋ᠠᠭᠠᠨ ᠪᠣᠭᠣᠭᠳᠠᠵᠤ ᠪᠠᠢᠪᠠ᠃
       ᠨᠥᠭᠦᠭᠡ ᠲᠡᠷᠡ ᠬᠥᠮᠦᠨ ᠡᠨᠡ ᠠᠮᠢ ᠠᠪᠤᠷᠠᠭᠰᠠᠨ ᠠᠴᠢᠲᠠᠨ ᠢᠶᠠᠨ ᠢᠲᠡᠭᠡᠭᠦᠯᠬᠦ ᠰᠣᠨᠣᠰᠬᠤᠯᠠᠩᠲᠠᠢ ᠶᠠᠭᠤᠮ᠎ᠠ ᠥᠴᠢᠵᠦ ᠬᠡᠯᠡᠯᠲᠡᠢ ᠶᠤᠮᠰᠠᠨ᠃ ᠢᠩᠬᠢᠵᠦ ᠲᠥᠭᠥᠰᠢ ᠵᠠᠭᠤᠷᠠᠭᠠᠳ ᠲᠦᠷᠦᠭᠦᠯᠡᠨ ᠬᠠᠲᠠᠷᠢᠬᠤ ᠦᠭᠡᠢ᠂ ᠡᠨᠡ ᠬᠠᠷ᠎ᠠ ᠠᠭᠤᠯᠠᠨ  ᠳ᠋ᠤ᠌ ᠪᠤᠭ ᠪᠤᠯᠤᠭᠰᠠᠨ ᠠᠩᠴᠢᠨ ᠬᠥᠮᠦᠨ ᠦ ᠡᠭᠳᠡᠭᠦᠦ ᠶ᠋ᠢ ᠬᠦᠷᠭᠡᠴᠢᠭᠡᠪᠡᠯ ᠪᠦᠬᠦᠢ ᠶᠠᠭᠤᠮ᠎ᠠ ᠲᠠᠬᠢᠭᠠᠳ ᠪᠤᠷᠤᠭᠤ ᠪᠠᠷ ᠡᠷᠭᠢᠵᠤ ᠮᠠᠭᠠᠳ ᠦᠭᠡᠢ ᠡ᠃ ᠵᠠᠷᠯᠢᠭ᠌ ᠭᠥᠷᠥᠭᠡᠰᠦ ᠲᠡᠢ ᠬᠤᠪᠢ ᠵᠠᠶᠠᠭ᠎ᠠ ᠪᠠᠨ ᠲᠣᠭᠠᠴᠢᠵᠤ ᠣᠨᠳᠣᠷᠣᠳᠠᠭ ᠬᠥᠮᠦᠨ ᠤ ᠵᠠᠩ ᠠᠷᠠᠨᠰᠢᠨ ᠴᠤ᠌ ᠲᠡᠷᠡ ᠵᠡᠷᠯᠢᠭ ᠭᠥᠷᠥᠭᠡᠰᠦ ᠲᠡᠢ ᠪᠡᠨ ᠢᠵᠢᠯᠬᠢᠨ ᠪᠠᠢᠵᠤ ᠶᠠᠳᠠᠬᠤ ᠦᠭᠡᠢ ᠡ᠂  ᠡᠨᠡ ᠬᠥᠮᠦᠨ ᠦ ᠡᠭᠳᠡᠭᠦᠦ ᠶ᠋ᠢ ᠬᠦᠷᠭᠡᠪᠡᠯ  ᠡᠷᠯᠢᠭ ᠦᠨ ᠪᠣᠱᠣᠭᠠᠨ ᠳᠡᠭᠡᠷ᠎ᠡ ᠡᠴᠡ ᠡᠷᠭᠢᠵᠦ ᠢᠷᠡᠭᠰᠡᠨ ᠤᠲᠠᠰᠤᠨ ᠠᠮᠢ ᠪᠠᠨ ᠡᠷᠭᠢᠭᠡᠳ ᠠᠯᠳᠠᠬᠤ  ᠳ᠋ᠤ᠌ ᠡᠨᠡᠭᠦᠬᠡᠨ  ᠳ᠋ᠤ᠌ ᠭᠡᠵᠦ ᠪᠣᠳᠣᠬᠤ ᠠ᠋ᠴᠠ ᠯᠠ ᠢᠩᠬᠢᠭᠡᠳ ᠥᠪᠡᠷ ᠦᠨ ᠠᠮᠢ ᠨᠠᠰᠤᠨ ᠤ ᠪᠠᠨ ᠣᠭᠣᠰᠣᠷ ᠢ ᠡᠨᠡ ᠬᠠᠷ᠎ᠠ ᠬᠥᠮᠦᠨ ᠦ ᠬᠤᠷᠤᠭᠤᠨ  ᠳ᠋ᠤ᠌ ᠡᠯᠭᠦᠭᠦᠯᠦᠭᠰᠡᠨ ᠶᠤᠮ ᠰᠢᠭ᠌ ᠰᠠᠨᠠᠭᠳᠠᠵᠤ᠂ ᠶᠣᠰᠣᠲᠠᠢ ᠯᠠ ᠳᠣᠯᠢᠶᠠᠪᠤᠷ ᠬᠣᠷᠤᠭᠤ ᠳᠣᠬᠢᠰᠬᠢᠬᠦ  ᠳ᠋ᠤ᠌ ᠳᠣᠯᠣᠭᠠᠨ ᠰᠦᠨᠡᠰᠦ ᠳᠡᠯᠳᠡᠰᠬᠢᠨ᠎ᠡ ᠳ᠋ᠠ! ᠬᠥᠮᠦᠨ ‍ᠦ ᠠᠮᠢ ᠪᠥᠬᠡ ᠳ᠋ᠡᠬᠡᠨ ᠬᠦᠷᠪᠡᠯ ᠪᠤᠬᠠᠨ ᠤ ᠲᠦᠭᠦᠬᠡᠢ ᠰᠢᠷᠢ ᠡᠴᠡ ᠴᠠᠭᠠᠰᠢ ᠰᠤᠮᠦ ᠨᠡᠪᠲᠡᠷᠡᠬᠦ ᠦᠭᠡᠢ ᠪᠥᠬᠡ᠂  ᠭᠡᠪᠡᠷᠡᠭ ᠲᠡᠭᠡᠨ ᠬᠦᠷᠪᠡᠯ ᠨᠢᠮᠭᠡᠨ ᠴᠠᠭᠠᠰᠤᠨ ᠠ᠋ᠴᠠ ᠴᠠᠭᠠᠭᠤᠷ ᠳᠤᠰᠤᠯ ᠨᠢᠯᠪᠤᠰᠤᠨ ᠳ᠋ᠤ᠌ ᠴᠤᠭᠤᠷᠠᠵᠤ ᠠᠷᠢᠯᠬᠤ ᠪᠠᠷ ᠲᠡᠢᠮᠦ ᠬᠡᠪᠡᠷᠡᠭ ᠶᠦᠮ᠃ ᠮᠢᠨᠦ ᠣᠳᠠᠰᠤᠨ ᠠᠮᠢ ᠣᠳᠣ ᠶᠠᠭ ᠯᠠ ᠴᠠᠭᠠᠰᠤ ᠰᠢᠭ᠋ ᠬᠡᠪᠡᠷᠡᠭ ᠪᠠᠢᠭ᠎ᠠ ᠴᠠᠭ᠃ ᠰᠠᠢᠨ ᠡᠷ᠎ᠡ ᠶ᠋ᠢᠨ ᠣᠩᠭᠣᠬᠤ ᠶ᠋ᠢ ᠳᠠᠭᠠᠭᠠᠬᠤ ᠥᠭᠡᠢ ᠪᠣᠯᠵᠢ ᠡ ᠭᠡᠵᠦ ᠡᠨᠡᠭᠦᠨ ᠲᠠᠨᠡᠭᠦᠨ ᠢ᠋ ᠡᠪᠯᠡᠭᠦᠯᠦᠨ ᠪᠣᠳᠣᠵᠤ 《ᠠᠢ ᠳᠠ !》 ᠭᠡᠵᠦ ᠵᠣᠷᠢᠮᠠᠭ ᠰᠡᠭᠦᠷᠡᠰᠦ ᠠᠯᠳᠠᠪᠠ᠃ 
       - ᠶᠠᠭᠠᠬᠢᠪᠠ ? 
       - ᠠᠢ᠂ ᠬᠡᠯᠡᠬᠦ ᠶᠠᠭᠤ ᠪᠠᠢᠬᠤ ᠪᠣᠢ!  ᠸᠠᠩ ᠰᠣᠬᠣᠷ ᠤᠨ ᠵᠠᠨᠠᠭ ᠤᠳ ᠲᠠᠢ ᠬᠠᠳᠠᠭᠤ ᠮᠥᠷᠥᠢ ᠲᠠᠯᠪᠢᠵᠤ  ᠱᠦᠭᠦᠭᠳᠡᠭᠡᠳ ᠬᠥᠷᠥᠩᠭᠡ ᠬᠤᠭ᠌ᠰᠢᠯ ᠢᠶᠠᠨ ᠴᠥᠯᠪᠡᠭᠦᠯᠦᠨ ᠬᠡᠦᠬᠡᠳ ᠪᠦᠰᠡᠭᠦᠢ ᠪᠡᠨ ᠪᠠᠷᠢᠴᠠᠭᠠᠯᠠᠵᠤ᠂ ᠬᠥᠭᠡᠷᠦᠬᠦᠢ ᠠᠮᠢ ᠪᠠᠨ ᠢᠩᠭᠢᠵᠦ ᠡᠯᠭᠦᠭᠦᠯᠦᠭᠰᠡᠨ ᠨᠢ ᠡᠨᠡ ᠳᠡ ᠁  ᠭᠡᠳ ᠡᠦᠬᠢᠯᠠᠩᠨᠠᠵᠦ᠂ ᠡᠮᠦᠨᠡᠬᠢ ᠠᠮᠢ ᠠᠪᠤᠷᠠᠭᠰᠠᠨ ᠬᠥ᠋ᠮᠥᠨ ᠢᠶᠠᠨ ᠣᠷᠣ ᠦᠭᠡᠢ ᠬᠤᠳᠠᠯ ᠬᠡᠯᠡᠪᠡ᠃ ᠡᠨᠡ ᠪᠣᠯ ᠲᠡᠭᠦᠨ ᠤ ᠲᠦᠷᠤᠯᠬᠢ ᠶ᠋ᠢᠨ ᠤ᠌ᠪ ᠪᠠᠰᠢᠷ᠃ ᠡᠭᠡ ᠶ᠋ᠢᠨ ᠢᠶᠠᠨ ᠬᠡᠪᠡᠯᠢ ᠡᠴᠡ ᠤᠨᠠᠬᠤ ᠲᠠᠢ ᠵᠡᠷᠭᠡ ᠵᠤᠯᠠᠢ ᠨᠢ ᠬᠠᠲᠠᠭ᠎ᠠ ᠦᠭᠡᠢ ᠪᠡᠷ ᠵᠠᠯᠢ ᠤᠬᠠᠭ᠎ᠠ ᠤᠷᠭᠤᠭᠰᠠᠨ ᠬᠥᠮᠦᠨ ᠦ ᠨᠢᠭᠡ᠃ ᠠᠩᠬ᠎ᠠ ᠠᠭᠤᠯᠵᠠᠭᠰᠠᠨ ᠲᠠᠨᠢᠵᠤ ᠮᠡᠳᠡᠬᠦ ᠦᠭᠡᠢ ᠵᠢᠰᠦ ᠪᠤᠷᠤᠭᠤ ᠬᠥᠮᠦᠨ ᠦ ᠡᠮᠦᠨ᠎ᠡ ᠶᠠᠭᠠᠬᠢᠯ᠎ᠠ ᠭᠡᠵᠦ ᠥᠪᠡᠷ ᠢ ᠪᠡᠨ ᠮᠠᠨᠴᠤᠷᠭ᠎ᠠ ᠴᠡᠴᠡᠭ ᠬᠠᠲᠤᠨ ᠤ ᠣᠴᠢᠷ ᠢ ᠶᠠᠭᠠᠬᠢᠵᠤ ᠶᠠᠭᠠᠬᠢᠵᠤ ᠯᠡᠪᠡᠷᠡᠭᠦᠯᠵᠦ ᠡᠷᠭᠢᠭᠡᠳ ᠮᠠᠨᠴᠤᠷᠭ᠎ᠠ ᠪᠠᠷ ᠢᠩᠬᠢᠵᠦ ᠬᠢᠭᠳᠡᠬᠦ ᠳᠡᠭᠡᠷ᠎ᠡ ᠬᠦᠷᠦᠭᠰᠡᠨ ᠰᠢᠪᠰᠢᠭ᠌ ᠢᠶᠡᠨ ᠳᠡᠯᠭᠡᠵᠦ ᠬᠡᠯᠡᠬᠦ ᠪᠢᠯᠡ? ᠬᠡᠯᠡᠵᠦ ᠲᠦᠪᠳᠡᠬᠦ ᠥᠬᠡᠢ᠃ ᠡᠨᠡ ᠬᠦ᠌ ᠠᠮᠢ ᠶ᠋ᠢ ᠨᠢ ᠠᠪᠤᠷᠠᠭᠰᠠᠨ ᠬᠥᠮᠦᠨ ᠲᠡᠭᠦᠨ ᠦ᠌ ᠡᠪᠦᠭᠡ ᠡᠴᠢᠭᠡ ᠨᠢ ᠪᠠᠢᠯ᠎ᠠ ᠴᠤ᠌ ᠭᠡᠰᠡᠨ ᠥᠪᠡᠷ ᠦ᠋ᠨ ᠢ᠋ᠶ᠋ᠡᠨ ᠦᠨᠡᠨ ᠢ᠋ ᠬᠡᠯᠡᠵᠦ ᠪᠡᠶ᠎ᠡ ᠪᠡᠨ ᠭᠤᠲᠤᠭᠠᠵᠤ ᠥᠯᠦ  ᠪᠣᠯᠬᠤ ᠨᠢ ᠮᠡᠳᠡᠭᠡᠵᠢ ᠶ᠋ᠢ ᠪᠤᠤ ᠬᠡᠯᠡ᠂ ᠪᠤᠰᠤᠳ ᠤ᠋ᠨ ᠡᠮᠦᠨ᠎ᠡ ᠪᠡᠶ᠎ᠡ  ᠪᠡᠨ ᠭᠤᠲᠤᠭᠠᠵᠤ ᠬᠡᠯᠡᠬᠦ ᠶ᠋ᠢ ᠪᠠᠢᠲᠤᠭᠠᠢ ᠬᠠᠷᠢᠨ ᠬᠡᠨ ᠬᠥ᠋ᠮᠥᠨ ᠡᠴᠡ ᠳᠡᠭᠡᠭᠦᠷ ᠶᠦᠮ ᠰᠢᠭ᠌ ᠪᠡᠶ᠎ᠡ ᠪᠡᠨ ᠭᠠᠢᠬᠠᠭᠤᠯᠵᠤ ᠬᠡᠯᠡᠳᠡᠭ ᠨᠢ  ᠳᠠᠩ ᠭᠠᠭᠴᠠ ᠡᠨᠡ ᠬᠥᠮᠦᠨ ᠦ᠌ ᠪᠤᠰᠤ᠂  ᠦᠨᠡᠨ ᠳ᠋ᠡᠬᠡᠨ ᠡᠷ᠎ᠡ ᠲᠡᠭᠦᠵᠢᠯᠡᠭᠰᠡᠨ ᠬᠥᠮᠦᠨ ᠪᠦᠬᠦᠨ ᠦ᠌ ᠣᠢ  ᠤᠬᠠᠭ᠎ᠠ ᠳ᠋ᠤ᠌ ᠪᠠᠢᠳᠠᠭ ᠡᠮᠵᠡᠭ ᠪᠤᠶᠤ᠃ 
       -  ᠵᠣᠭᠣᠰᠣᠨ ᠤ ᠮᠦᠷᠦᠢ ᠲᠣᠭᠯᠠᠭᠠᠳ ᠤᠤ ? 
       - ᠡᠨ ! ᠲᠡᠢᠮᠦ᠂ ᠲᠡᠢᠮᠦ ᠡ !  ᠭᠡᠵᠦ ᠣᠬᠢᠯᠠᠩᠨᠠᠬᠤ ᠴᠢᠷᠠᠢ ᠦᠵᠡᠭᠦᠯᠦᠨ᠎ᠡ᠃
       ᠡᠨᠡ ᠬᠥᠮᠦᠨ ᠪᠣᠯ ᠥᠭᠡᠷ᠎ᠡ ᠬᠥᠮᠦᠨ ᠪᠢᠰᠢ᠂ ᠪᠠᠷᠠᠭᠤᠨ ᠭᠥᠩ ᠦ᠋ᠨ ᠬᠤᠰᠢᠭᠤ ᠶᠠᠮᠤᠨ ᠤ᠋ ᠭᠤᠴᠢᠭ᠎ᠠ ᠥᠯᠵᠡᠢᠰᠠᠩ ᠮᠥᠨ᠃  ᠭᠡᠬᠦ ᠳ᠋ᠦ᠍ ᠠᠩᠴᠢᠨᠵᠡᠪ ᠶᠠᠭᠠᠬᠢᠯ᠎ᠠ ᠭᠡᠵᠦ ᠲᠡᠭᠦᠨ ᠢ᠋ ᠲᠠᠨᠢᠬᠤ ᠪᠣᠢ᠃ ᠪᠠᠲᠡᠷᠡᠭᠰᠡᠨ ᠦᠶ᠎ᠡ ᠳ᠋ᠦ᠍ ᠬᠡᠨ ᠬᠥᠮᠦᠨ ᠢ᠋ ᠴᠦ᠍ ᠲᠦᠰᠢᠵᠦ ᠡᠷᠭᠦᠭᠡᠳ ᠠᠪᠳᠠᠭ ᠨᠢ ᠲᠡᠭᠦᠨ ᠤ ᠲᠦᠷᠣᠯᠭᠢ ᠳᠤᠰᠠᠷᠬᠠᠭ ᠵᠠᠩ ᠬᠣᠢᠨ᠎ᠠ᠃  ᠭᠡᠲᠡᠯ᠎ᠡ ᠥᠯᠵᠡᠢᠰᠠᠩ ᠲᠡᠭᠦᠨ ᠢ ᠬᠠᠮᠢᠭ᠎ᠠ ᠨᠢᠭᠡ ᠥᠵᠡᠭᠰᠡᠨ ᠮᠡᠲᠦ ᠰᠠᠨᠠᠭᠳᠠᠪᠠᠴᠤ ᠲᠠᠷᠦᠢᠬᠠᠨ ᠪᠣᠳᠣᠵᠤ ᠤᠯᠬᠤ ᠥᠭᠡᠢ ᠳ᠋ᠡᠬᠡᠨ ᠪᠢᠰᠢᠭᠦᠢ ᠣᠯᠠᠨ ᠲᠠᠨᠢᠯ ᠳᠠᠰᠤᠯ ᠬᠥᠮᠦᠨ ᠦ᠌ ᠵᠢᠰᠤᠨ ᠠ᠋ᠴᠠ ᠰᠢᠭᠰᠢᠨ ᠬᠠᠢᠨ᠎ᠡ᠃《ᠪᠠᠢᠵᠠ ᠡ᠂ ᠬᠠᠮᠢᠭ᠎ᠠ ᠨᠢᠭᠡ ᠦᠵᠡᠭᠰᠡᠨ ᠪᠢᠯᠡ ᠣᠢᠷᠠᠬᠠᠨ ᠯᠠ ᠪᠠᠢᠨ᠎ᠠ᠂ ᠲᠠᠨᠢᠮᠠᠷᠬᠠᠨ ᠶᠤᠮ ᠳ᠋ᠠ 》ᠭᠡᠵᠦ ᠬᠡᠰᠡᠭ ᠪᠣᠳᠣᠭᠰᠠᠨ ᠢ᠋ᠶ᠋ᠠᠨ ᠭᠡᠨᠡᠳᠲᠡ 《 ᠠᠱᠢ ᠪᠠᠢᠵᠠ ᠡ᠂  ᠴᠢ ᠴᠢᠨᠢ ᠁ 》 ᠭᠡᠳ ᠨᠡᠷ᠎ᠡ ᠥᠭᠴᠦ ᠴᠢᠳᠠᠭᠰᠠᠨ ᠥᠭᠡᠢ ᠳᠤᠲᠠᠭᠤ ᠳᠠᠭᠤ ᠠᠯᠳᠠᠨ ᠬᠠᠰᠬᠢᠷᠪᠠ᠃ 
       -  ᠲᠠ ᠨᠠᠮᠠᠶ᠋ᠢ ᠲᠠᠨᠢᠨ᠎ᠠ ᠤᠤ ? 
       -  ᠲᠠᠨᠢ ᠁  ᠲᠠᠨᠢ ᠁  ᠲᠠᠨᠢᠬᠤ ᠦᠭᠡᠢ ᠡ !
       -  ᠲᠡᠭᠡᠭᠡᠳ ᠲᠠ ᠰᠠᠶᠢ ᠁
       -  ᠬᠥᠮᠦᠨ ᠠᠨᠳᠠᠭᠤᠷᠠᠴᠢᠬᠠᠵᠢ ᠠ᠋ ! ᠪᠢ ᠶᠡᠷᠦ ᠨᠢ ᠬᠥᠮᠦᠨ ᠦ᠌ ᠵᠢᠰᠦ ᠬᠤᠳᠬᠤᠭᠠᠳ ᠪᠠᠢᠳᠠᠭ ᠶᠤᠮ᠃ ᠵᠢᠰᠦ ᠲᠥᠰᠲᠡᠢ ᠬᠥᠮᠦᠨ ᠢ᠋ ᠳᠠᠩᠳᠠ ᠪᠤᠷᠤᠭᠤ ᠲᠠᠨᠢᠭᠠᠳ ᠲᠡᠰᠢᠶ᠎ᠡ ᠨᠡᠷ᠎ᠡ ᠥᠭᠴᠢᠬᠡᠳᠡᠭ ᠪᠤᠯᠠᠢᠲᠠᠢ ᠠᠮᠢᠲᠠᠨ !  ᠭᠡᠵᠦ ᠠᠩᠬ᠎ᠠ ᠪᠣᠳᠣᠯ ᠳ᠋ᠠᠭᠠᠨ ᠬᠠᠢᠵᠤ ᠣᠯᠣᠭᠰᠠᠨ ᠲᠠᠨᠢᠯ ᠵᠢᠰᠦ ᠶ᠋ᠢᠨ ᠲᠣᠲᠣᠷ᠎ᠠ ᠠ᠋ᠴᠠ ᠠᠨᠳᠠᠭᠤ ᠦᠭᠡᠢ ᠵᠥᠪ ᠲᠠᠨᠢᠭᠰᠠᠨ ᠢ᠋ᠶ᠋ᠠᠨ ᠨᠢᠭᠤᠪᠠ᠃ ᠤᠭ ᠨᠢ ᠦᠯᠵᠡᠢᠰᠠᠩ ᠪᠣᠯ ᠰᠢᠷ᠎ᠠ ᠰᠢᠪᠠᠭᠤᠨ ᠤ᠋ ᠨᠢᠳᠦ ᠰᠢᠭ ᠬᠤᠷᠴᠠ ᠭᠢᠷᠠᠬᠠᠢ ᠨᠢᠳᠦ ᠲᠡᠢ ᠬᠥᠮᠦᠨ ᠪᠠᠢᠵᠠᠢ᠃ ᠭᠠᠭᠴᠠ ᠠᠭᠤᠯᠵᠠᠭᠰᠠᠨ ᠪᠤᠶᠤ ᠵᠠᠮ ᠳᠡᠭᠡᠷ᠎ᠡ ᠵᠥᠷᠢᠭᠰᠡᠨ ᠬᠥᠮᠦᠨ ᠦ᠌ ᠵᠢᠰᠦ ᠶ᠋ᠢ ᠬᠡᠵᠢᠶ᠎ᠡ ᠬᠣᠢᠨ᠎ᠠ ᠠᠭᠤᠯᠵᠠᠬᠤ ᠪᠤᠶᠤ ᠬᠠᠷᠭᠤᠬᠤ ᠳ᠋ᠤ᠌ ᠬᠠᠷᠠᠩᠭᠤᠲᠠ ᠲᠠᠨᠢᠳᠠᠭ᠃ ᠲᠡᠷᠡ ᠵᠢᠯ ᠬᠦᠩ ᠨᠣᠶᠠᠨ ᠪᠠᠭ᠎ᠠ ᠬᠠᠲᠤᠨ ᠪᠠᠭᠤᠯᠭᠠᠭᠰᠠᠨ ᠨᠢᠵᠢᠭᠢᠷ ᠬᠤᠷᠢᠮ ᠤ᠋ᠨ ᠰᠢᠪᠲᠤᠷᠠᠭᠠᠨ ᠳ᠋ᠤ᠌ ᠦᠦᠷ ᠬᠠᠷᠠᠩᠭᠤᠢ ᠪᠠᠷ ᠭᠡᠳᠡᠰᠦ ᠨᠢ ᠮᠤᠰᠬᠢᠯᠳᠤᠵᠤ ᠡᠪᠡᠳᠦᠭᠡᠳ ᠰᠡᠭᠦᠯᠴᠢ ᠶ᠋ᠢᠨ ᠤᠳᠠᠭ᠎ᠠ ᠥᠳᠬᠡᠨ ᠮᠥᠷ ᠬᠠᠷᠠᠵᠤ ᠪᠠᠢᠬᠤ ᠳ᠋ᠤ᠌ ᠭᠡᠷ ᠦ᠋ᠨ ᠠᠷᠤᠬᠠᠨ ᠲᠠᠯ᠎ᠠ ᠶ᠋ᠢᠨ ᠳᠡᠷᠡᠰᠦᠨ ᠬᠣᠲᠣᠭᠣᠷ ᠲᠤ᠌ ᠰᠠᠶᠢᠬᠠᠨ ᠪᠣᠭᠲᠣᠯᠠᠭᠰᠠᠨ ᠪᠠᠭ᠎ᠠ ᠬᠠᠲᠤᠨ ᠢ᠋ ᠲᠡᠪᠡᠷᠢᠵᠦ ᠦᠨᠦᠰᠦᠨ᠂ ᠪᠡᠷᠬᠡᠳᠡᠨ ᠬᠠᠢᠷᠠᠯᠠᠵᠤ᠁ ᠬᠥᠲᠥᠯᠦᠭᠡ ᠮᠣᠷᠢᠨ ᠤ᠋ ᠪᠠᠨ ᠨᠢᠷᠤᠭᠤᠨ ᠳ᠋ᠤ᠌ ᠲᠡᠪᠡᠷᠢᠵᠦ ᠣᠨᠣᠭᠤᠯᠤᠭᠰᠠᠨ ᠲᠡᠷᠡ ᠡᠷ᠎ᠡ ᠬᠥᠮᠦᠨ ᠦ᠌ ᠵᠢᠰᠦ ᠲᠥᠯᠥᠪ᠂ ᠬᠣᠭᠣᠯᠠᠢ ᠶ᠋ᠢᠨ ᠥᠩᠭᠡ ᠶᠠᠭᠠᠬᠢᠬᠤ ᠶ᠋ᠢᠨ ᠠᠷᠭ᠎ᠠ ᠦᠭᠡᠢ ᠡᠨᠡ ᠬᠥᠮᠦᠨ ᠮᠥᠨ ᠪᠠᠢᠯ᠎ᠠ᠃ ᠲᠡᠭᠦᠨ ᠦ᠌ ᠲᠠᠷᠢᠬᠢᠨ ᠳ᠋ᠤ᠌ ᠬᠡᠳᠦᠨ ᠵᠢᠯ ᠦ᠋ᠨ ᠡᠮᠦᠨᠡᠬᠢ ᠬᠦᠩ ᠨᠣᠶᠠᠨ ᠤ᠋ ᠪᠠᠭ᠎ᠠ ᠬᠠᠲᠤᠨ ᠤᠷᠭᠤᠵᠤ ᠳᠤᠲᠠᠭᠠᠭᠰᠠᠨ ᠶᠠᠪᠤᠳᠠᠯ ᠵᠢᠷᠤᠭ ᠰᠢᠭ᠋ ᠲᠣᠳᠣᠷᠠᠵᠤ ᠡᠮᠦᠨ᠎ᠡ ᠨᠢ ᠵᠣᠭᠰᠣᠭ᠎ᠠ ᠡᠨᠡ ᠬᠥᠮᠦᠨ ᠦ᠌ ᠵᠢᠰᠦ ᠴᠢᠷᠠᠢ ᠳᠡᠭᠡᠷ᠎ᠡ《ᠶᠠᠭ ᠮᠥᠨ》ᠭᠡᠰᠡᠨ ᠪᠢᠴᠢᠭ ᠪᠢᠴᠢᠭᠳᠡᠵᠦ ᠪᠠᠢᠭ᠎ᠠ ᠶ᠋ᠢ ᠠᠷᠭ᠎ᠠ ᠦᠭᠡᠢ ᠣᠯᠵᠤ ᠤᠩᠰᠢᠭᠠᠳ《 ᠠᠱᠢ᠂ ᠪᠠᠢᠵᠠ ᠠ᠋᠂ ᠴᠢ ᠴᠢᠨᠢ᠁》ᠭᠡᠵᠦ ᠰᠡᠳᠬᠢᠯ ᠨᠢ ᠳᠣᠭᠳᠣᠯᠤᠨ ᠨᠡᠷ᠎ᠡ ᠥᠭᠴᠦ ᠴᠢᠳᠠᠭ᠎ᠠ ᠦᠭᠡᠢ ᠳ᠋ᠡᠭᠡᠨ ᠳᠤᠲᠠᠭᠤ ᠬᠠᠰᠬᠢᠷᠴᠢ ᠪᠢᠯᠡ᠃  
       ᠦᠯᠵᠡᠢᠰᠠᠩ ᠡᠢᠨ ᠬᠦ᠌ ᠠᠵᠠ ᠶ᠋ᠢᠨ ᠲᠡᠭᠷᠢ ᠳ᠋ᠦ᠍ ᠢᠪᠡᠭᠡᠭᠳᠡᠵᠦ ᠴᠢᠨᠣ᠎ᠠ ᠶ᠋ᠢᠨ ᠬᠣᠭᠣᠯᠠ ᠪᠣᠯᠬᠤ ᠠ᠋ᠴᠠ ᠪᠠᠨ ᠥᠩᠭᠡᠷᠡᠭᠡᠳ ᠴᠠᠭᠠᠰᠢ ᠶᠠᠭᠠᠬᠢᠵᠤ ᠡᠢᠬᠦ ᠪᠡᠨ ᠲᠠᠷᠢᠬᠢᠨ ᠳ᠋ᠠᠭᠠᠨ ᠪᠢᠰᠢᠯᠭᠠᠵᠤ ᠯᠠ ᠪᠠᠢᠪᠠ᠃ ᠲᠡᠷᠡ ᠳᠣᠲᠣᠷ᠎ᠠ ᠪᠠᠨ《ᠡᠨᠡ ᠴᠦ᠍ ᠶᠠᠭ ᠮᠥᠨ᠃ ᠬᠦᠩ ᠨᠣᠶᠠᠨ ᠤ᠋ ᠪᠠᠭ᠎ᠠ ᠬᠠᠲᠤᠨ ᠢ᠋〈ᠤᠤᠯᠭᠠᠯᠠᠵᠤ〉 ᠳᠤᠲᠠᠭᠠᠭᠰᠠᠨ ᠣᠷᠭᠣᠳᠠᠭᠤᠯ ᠪᠤᠲᠠ ᠪᠡᠶ᠎ᠡ ᠪᠡᠷ ᠢ᠋ᠶ᠋ᠡᠨ ᠮᠥᠨ! ᠴᠢᠭᠢᠶᠡᠲᠦᠷᠦᠦ ᠬᠣᠬᠣᠢ᠂ ᠬᠣᠰᠢᠭᠤ ᠬᠦᠩ ᠦ᠋ᠨ ᠴᠡᠷᠢᠭ ᠦ᠋ᠨ ᠵᠣᠪᠬᠢᠨ ᠳᠣᠣᠷ᠎ᠠ ᠠ᠋ᠴᠠ ᠠᠮᠢ ᠵᠢᠭᠤᠲᠠᠨ ᠳᠤᠲᠠᠭᠠᠴᠢᠬᠠᠳᠠᠭ ᠲᠠᠭᠠᠲᠠᠢ ᠨᠣᠬᠠᠢ ᠶ᠋ᠢᠨ ᠰᠠᠭᠠᠷᠢ ① ᠶᠤᠮ ᠠ᠋! ᠭᠠᠵᠠᠷ ᠤ᠋ᠨ ᠠᠩ ᠢ᠋ᠶ᠋ᠠᠷ ᠣᠷᠣᠴᠢᠬᠠᠭᠰᠠᠨ ᠰᠢᠭ᠋ ᠣᠭᠲᠣ ᠴᠢᠮᠡᠭᠡ ᠲᠠᠰᠤᠷᠠᠭᠠᠳ ᠪᠠᠢᠭᠰᠠᠨ ᠨᠢ ᠬᠠᠷᠢᠨ ᠶᠠᠪᠤᠵᠤ ᠶᠠᠪᠤᠵᠤ ᠡᠨᠡ ᠬᠠᠷ᠎ᠠ ᠠᠭᠤᠯᠠᠨ ᠳ᠋ᠤ᠌ ᠣᠷᠣᠩᠨᠠᠳᠠᠭ ᠪᠠᠢᠵᠠᠢ! ᠥᠷᠢ ᠲᠡᠢ ᠬᠥᠮᠦᠨ ᠵᠡᠭᠡᠯᠢ ᠳᠡᠭᠡᠷ᠎ᠡ᠂ ᠥᠰᠢᠶ᠎ᠡ ᠲᠡᠢ ᠬᠥᠮᠦᠨ ᠳᠠᠪᠠᠭᠠᠨ ᠳᠡᠭᠡᠷ᠎ᠡ ᠭᠡᠳᠡᠭ ᠢ᠋ᠶ᠋ᠡᠷ ᠴᠢ ᠪᠢᠳᠡ ᠬᠣᠶᠠᠷ ᠶᠠᠪᠤᠵᠤ ᠶᠠᠪᠤᠵᠤ ᠥᠯᠥᠩᠲᠦ ᠶ᠋ᠢᠨ ᠳᠠᠪᠠᠭᠠᠨ ᠳᠡᠭᠡᠷ᠎ᠡ ᠢᠩᠭᠢᠵᠦ ᠠᠭᠤᠯᠵᠠᠳᠠᠭ ᠪᠠᠢᠵᠢ ᠳᠠ᠃ ᠥᠰᠢᠶ᠎ᠡ ᠲᠡᠢ ᠴᠦ᠍ ᠭᠡᠵᠢ ᠳᠡ᠂ ᠦᠨᠡᠨ ᠢ᠋ ᠬᠡᠯᠡᠪᠡᠯ ᠴᠢ ᠪᠢᠳᠡ ᠬᠣᠶᠠᠷ ᠬᠢᠯᠭᠠᠰᠤᠨ ᠴᠢᠨᠡᠭᠡ ᠴᠦ᠍ ᠦᠰ ᠬᠣᠨᠵᠢᠩ ᠪᠠᠢᠬᠤ ᠦᠭᠡᠢ᠃ ᠭᠡᠬᠦ ᠳ᠋ᠡᠭᠡᠨ ᠪᠢ ᠪᠣᠯ ᠪᠠᠷᠠᠭᠤᠨ ᠬᠣᠰᠢᠭᠤ ᠬᠦᠩ ᠨᠣᠶᠠᠨ ᠤ᠋ ᠰᠢᠳᠠᠷ ᠭᠣᠴᠢᠭ᠎ᠠ ᠶ᠋ᠢᠨ ᠠᠯᠪᠠ ᠲᠠᠢ ᠬᠥᠮᠦᠨ ᠦ᠌ ᠬᠤᠪᠢ ᠳ᠋ᠤ᠌ ᠲᠡᠵᠢᠭᠡᠭᠰᠡᠨ ᠡᠵᠡᠨ ᠦ᠌ ᠪᠡᠨ ᠡᠮᠦᠨ᠎ᠡ ᠨᠣᠬᠠᠢ ᠮᠣᠷᠢᠨ ᠤ᠋ ᠬᠦᠴᠦᠨ ᠢ᠋ᠶ᠋ᠡᠨ ᠰᠢᠪᠬᠠᠵᠤ ᠶᠠᠪᠤᠬᠤ ᠨᠢ ᠲᠦᠮᠡᠨ ᠵᠥᠪ ᠪᠢᠵᠡ! ᠵᠠ᠂ ᠪᠠᠢᠵᠠ᠂ ᠣᠳᠣ ᠪᠢ ᠬᠦᠩ ᠨᠣᠶᠠᠨ ᠳ᠋ᠤ᠌ ᠪᠠᠨ ᠭᠠᠪᠢᠶᠠᠷᠬᠠᠬᠤ ᠶᠠᠭᠤᠮ᠎ᠠ ᠲᠠᠢ ᠪᠣᠯᠤᠯ᠎ᠠ》ᠭᠡᠵᠦ ᠪᠣᠳᠣᠬᠤ ᠳ᠋ᠠᠭᠠᠨ ᠰᠢᠷᠠᠮᠠᠩ ᠴᠢᠷᠠᠢ ᠳ᠋ᠤᠨᠢ ᠦᠯᠦ ᠮᠡᠳᠡᠭ ᠢᠨᠢᠶᠡᠮᠰᠦᠭ ᠲᠣᠳᠣᠷᠠᠭᠰᠠᠨ ᠢ᠋ ᠠᠩᠴᠢᠨᠵᠠᠪ ᠠᠩᠵᠠᠭᠠᠷᠠᠭᠰᠠᠨ ᠦᠭᠡᠢ᠃  
       ᠠᠩᠴᠢᠨᠵᠠᠪ ᠦᠯᠵᠡᠢᠰᠠᠩ ᠢ᠋ ᠲᠠᠨᠢᠬᠤ ᠦᠭᠡᠢ ᠶ᠋ᠢᠨ ᠭᠠᠢ ᠳ᠋ᠤ᠌᠂ ᠵᠣᠪᠠᠯᠠᠩ ᠳ᠋ᠤ᠌ ᠤᠴᠠᠷᠠᠭᠰᠠᠨ ᠭᠠᠭᠴᠠ ᠨᠢᠭᠡ ᠥᠷᠥᠭᠡᠰᠦᠨ ᠳᠣᠷᠣᠢ ᠬᠥᠮᠦᠨ ᠢ᠋ ᠡᠨᠡᠷᠢᠬᠦ ᠪᠣᠳᠣᠯ ᠳ᠋ᠠᠭᠠᠨ ᠠᠪᠲᠠᠵᠤ ᠲᠡᠭᠦᠨ ᠢ᠋ ᠳᠠᠭᠠᠭᠤᠯᠵᠤ ᠥᠪᠡᠷ ᠦ᠋ᠨ ᠮᠠᠭᠤ ᠪᠣᠷᠣ ᠭᠡᠷ ᠢ᠋ᠶ᠋ᠡᠨ ᠲᠠᠨᠢᠭᠤᠯᠤᠨ᠂ ᠪᠦᠯᠢᠶᠡᠨ ᠶᠠᠭᠤᠮ᠎ᠠ ᠣᠭᠣᠴᠢᠭᠤᠯᠵᠤ ᠲᠡᠩᠬᠡᠷᠡᠭᠦᠯᠬᠦ ᠰᠠᠨ ᠭᠡᠵᠦ ᠲᠡᠨᠳᠡ ᠡᠴᠡ ᠬᠥᠳᠡᠯᠪᠡ᠃  
       ᠬᠢᠷ᠎ᠠ ᠳᠠᠭᠠᠵᠤ ᠶᠠᠪᠤᠭᠠᠳ ᠨᠠᠮᠬᠠᠨ ᠬᠥᠲᠥᠯ ᠳᠠᠪᠠᠵᠤ ᠪᠤᠷᠭᠠᠰᠤ ᠭᠠᠯᠳᠠᠰᠤ ᠭᠣᠣᠯ ᠲᠠᠢ ᠤᠷᠭᠤᠭᠰᠠᠨ ᠨᠠᠮᠤᠭ ᠵᠦᠯᠭᠡ ᠲᠡᠢ ᠵᠢᠯᠠᠭ᠎ᠠ ᠶ᠋ᠢ ᠥᠭᠡᠳᠡᠯᠡᠵᠦ ᠶᠠᠪᠤᠲᠠᠯ᠎ᠠ ᠬᠥᠪ ᠬᠥᠪ ᠭᠡᠰᠡᠨ ᠥᠳᠬᠡᠨ ᠪᠦᠳᠦᠭᠦᠨ ᠳᠠᠭᠤ ᠲᠠᠢ ᠨᠣᠬᠠᠢ ᠶ᠋ᠢᠨ ᠬᠤᠴᠠᠬᠤ ᠳᠠᠭᠤ ᠰᠣᠨᠣᠰᠳᠠᠬᠤ ᠪᠠᠷ ᠠᠩᠴᠢᠨᠵᠠᠪ ᠤ᠋ᠨ ᠬᠢᠨ ᠳᠥᠭᠥᠵᠦ ᠠᠢᠰᠤᠢ ᠭᠡᠳᠡᠭ ᠢ᠋ ᠮᠡᠳᠡᠭᠡᠯᠡᠵᠦ ᠪᠠᠢᠪᠠ᠃ 
       ᠤᠲᠤᠭ᠎ᠠ ᠰᠢᠭᠡᠭ ᠦᠨᠦᠷᠲᠦᠵᠦ ᠨᠣᠬᠠᠢ ᠶ᠋ᠢᠨ ᠳᠠᠭᠤ ᠤᠯᠠᠮ ᠣᠢᠷᠠᠳᠪᠠ᠃  
       ᠶᠠᠯᠢ ᠦᠭᠡᠢ ᠵᠢᠵᠢᠭ ᠲᠠᠯᠠᠪᠠᠢ ᠪᠠᠷᠢᠵᠤ ᠰᠠᠭᠤᠭᠰᠠᠨ ᠮᠠᠭᠠᠵᠢᠯᠠᠩᠬᠠᠢ ᠮᠣᠳᠣᠨ ᠬᠠᠨ᠎ᠠ ᠲᠠᠢ ᠰᠢᠪᠠᠷ ᠥᠪᠥᠩ ᠦ᠋ᠨ ᠡᠭᠦᠳᠡᠨ ᠳᠡᠭᠡᠷ᠎ᠡ ᠭᠤᠴᠢ ᠡᠷᠭᠢᠮ᠎ᠡ ᠨᠠᠰᠤᠨ ᠤ᠋ ᠡᠬᠡᠨᠡᠷ ᠠᠭᠠᠷᠤᠨ ᠣᠭᠣᠷ ᠳᠣᠲᠣᠷ᠎ᠠ ᠴᠤᠯᠢᠭᠢᠷ ᠤ᠋ᠨ ᠦᠷ᠎ᠡ ᠨᠦᠳᠦᠨ ᠴᠠᠢᠯᠭᠠᠵᠤ ᠪᠠᠢᠯ᠎ᠠ᠃ ᠥᠪᠥᠩ ᠦ᠋ᠨ ᠴᠠᠭᠠᠳᠤ ᠲᠠᠯ᠎ᠠ ᠳ᠋ᠤᠨᠢ ᠨᠠᠷᠠ ᠰᠠᠯᠬᠢᠨ ᠳ᠋ᠤ᠌ ᠢᠳᠡᠭᠳᠡᠭᠰᠡᠭᠡᠷ ᠪᠠᠢᠵᠤ ᠥᠩᠭᠡ ᠨᠢ ᠣᠩᠭᠣᠭᠰᠠᠨ ᠪᠣᠷᠣ ᠢᠰᠡᠭᠡᠢ ᠭᠡᠷ ᠡᠵᠡᠨ ᠦ᠌ ᠪᠡᠨ ᠲᠠᠷ ᠢ᠋ ᠲᠠᠨᠢᠭᠤᠯᠵᠤ ᠪᠠᠢᠭ᠎ᠠ ᠰᠢᠭ᠋ ᠪᠥᠭᠴᠥᠢᠨ᠎ᠡ᠃ ᠬᠠᠶᠠᠭ᠎ᠠ ᠨᠠᠯᠠᠵᠤ ᠪᠣᠰᠬᠠᠭᠳᠠᠭᠰᠠᠨ ᠰᠢᠪᠡᠭᠡᠨ ᠬᠣᠷᠣᠭᠠᠨ ᠳ᠋ᠤ᠌ ᠬᠣᠶᠠᠷ ᠬᠤᠸᠠ ᠨᠢᠭᠡ ᠬᠠᠷ᠎ᠠ ᠲᠤᠭᠤᠯ ᠰᠡᠭᠦᠯ ᠭᠣᠳᠣᠢᠯᠭᠠᠨ ᠶᠠᠭᠤᠮᠠᠨ ᠠ᠋ᠴᠠ ᠦᠷᠭᠦᠭᠰᠡᠨ ᠰᠢᠭ ᠰᠡᠷᠲᠡᠭᠡᠨᠡᠵᠦ ᠲᠤᠭᠤᠯ ᠬᠠᠷ᠎ᠠ ᠬᠥᠭᠡᠷᠦᠬᠦᠨ ᠨᠢᠳᠦ ᠨᠢ ᠮᠡᠯᠲᠡᠯᠵᠡᠵᠦ ᠵᠣᠭᠰᠣᠨ᠎ᠠ᠃ 
       ᠡᠳᠡᠨ ᠦ᠌ ᠬᠢᠨ ᠮᠥᠨ ᠡᠢᠮᠦ ᠯᠡ ᠪᠠᠭᠤᠷᠠᠢᠬᠠᠨ ᠠᠢᠯ ᠪᠠᠢᠭ᠎ᠠ ᠶᠤᠮ ᠴᠢᠷᠠᠢ᠃ ᠪᠠᠷᠠᠭᠤᠨ ᠭᠣᠣᠯ ᠤ᠋ᠨ ᠪᠤᠷᠭᠠᠰᠤ ᠮᠣᠳᠣᠨ ᠤ᠋ ᠰᠡᠭᠦᠳᠡᠷ ᠲᠦ᠍ ᠭᠣᠣᠯ ᠤ᠋ᠨ ᠤᠰᠤᠨ ᠳ᠋ᠤ᠌ ᠤᠰᠤ ᠴᠠᠴᠤᠵᠤ ᠨᠠᠭᠠᠳᠤᠭᠰᠠᠨ ᠶᠡᠬᠡ ᠪᠠᠭ᠎ᠠ ᠬᠡᠳᠦᠨ ᠨᠢᠴᠦᠭᠦᠨ ᠬᠦᠦ ᠬᠥᠮᠦᠨ ᠦ᠌ ᠪᠠᠷ᠎ᠠ ᠪᠠᠷ ᠳᠠᠯᠳᠠᠷᠠᠪᠠ᠃ 
       ᠴᠤᠯᠢᠭᠢᠷ ᠨᠦᠳᠦᠭᠰᠡᠨ ᠪᠦᠰᠡᠭᠦᠢ ᠠᠩᠴᠢᠨᠵᠠᠪ ᠢ᠋ ᠦᠯᠦ ᠲᠠᠨᠢᠬᠤ ᠨᠢᠭᠡ ᠬᠥᠮᠦᠨ ᠲᠡᠢ ᠬᠠᠨᠢᠰᠠᠵᠤ ᠢᠷᠡᠬᠦ ᠪᠠᠷ᠎ᠠ ᠪᠠᠷ ᠥᠪᠥᠩ ᠳ᠋ᠡᠭᠡᠨ ᠪᠤᠰᠢᠭᠤᠬᠠᠨ ᠰᠢᠷᠭᠤᠵᠤ ᠣᠷᠣᠨ ᠦᠰᠦ ᠭᠡᠵᠢᠭᠡ ᠪᠡᠨ ᠳᠥᠭᠥᠮ ᠶᠠᠩᠵᠤᠯᠠᠨ ᠬᠤᠪᠴᠠᠰᠤ ᠬᠤᠨᠠᠷ ᠤ᠋ᠨ ᠢ᠋ᠶ᠋ᠠᠨ ᠵᠠᠭᠠᠮ᠎ᠠ ᠵᠠᠬ᠎ᠠ᠂ ᠡᠩᠭᠡᠯᠵᠡᠭᠦᠷ ᠣᠨᠣᠭᠣ ᠪᠠᠨ ᠵᠠᠰᠠᠬᠤᠢᠴᠠ ᠪᠣᠯᠲᠠᠯ᠎ᠠ ᠦᠯᠵᠡᠢᠰᠠᠩ ᠠᠩᠴᠢᠨᠵᠠᠪ ᠬᠣᠶᠠᠷ ᠡᠭᠦᠳᠡᠨ ᠳ᠋ᠦ᠍ ᠲᠤᠯᠵᠤ ᠢᠷᠡᠪᠡ᠃ ᠬᠡᠳᠦᠨ ᠵᠢᠯ ᠢ᠋ᠶ᠋ᠡᠷ ᠬᠥᠮᠦᠨ ᠦ᠌ ᠪᠠᠷ᠎ᠠ ᠳᠡᠮᠡᠢ ᠯᠡ ᠬᠠᠷᠠᠭ᠎ᠠ ᠦᠭᠡᠢ ᠪᠠᠯᠮᠤ ᠦᠯᠦ ᠲᠠᠨᠢᠬᠤ ᠬᠥᠮᠦᠨ ᠡᠴᠡ ᠪᠢᠰᠢᠭᠦᠷᠬᠡᠭᠰᠡᠨ ᠪᠠᠢᠳᠠᠯ ᠲᠠᠢ ᠴᠢᠷᠠᠢ ᠨᠢ ᠶᠠᠭᠠᠷᠠᠨ ᠤᠯᠠᠪᠠᠯᠵᠠᠵᠤ ᠮᠡᠨᠳᠦ ᠮᠡᠳᠡᠭᠡᠳ ᠱᠠᠯᠠᠪᠬᠠᠨ ᠲᠤᠯᠭᠠᠨ ᠳ᠋ᠤ᠌ ᠭᠠᠯ ᠥᠷᠳᠡᠵᠦ ᠴᠠᠢ ᠴᠢᠨᠠᠪᠠ᠃  
       ᠰᠢᠷ᠎ᠠ ᠰᠢᠪᠠᠭᠤᠨ ᠤ᠋ ᠨᠢᠳᠦ ᠰᠢᠭ ᠭᠢᠷᠠᠬᠠᠢ ᠬᠠᠷᠠᠴᠠ ᠲᠠᠢ ᠦᠯᠵᠡᠢᠰᠠᠩ ᠤ᠋ᠨ ᠨᠢᠳᠦ ᠡᠨᠡ ᠡᠵᠡᠭᠦᠢ ᠭᠦᠨ ᠠᠭᠤᠯᠠᠨ ᠤ᠋ ᠠᠭᠯᠠᠭ ᠲᠤ᠌ ᠰᠠᠭᠤᠷᠢᠰᠢᠭᠰᠠᠨ ᠪᠣᠷᠣ ᠠᠢᠯ ᠤ᠋ᠨ ᠶᠠᠭᠤᠮ᠎ᠠ ᠪᠦᠬᠦᠨ ᠢ᠋ ᠰᠢᠨᠵᠢᠵᠦ ᠪᠠᠢᠯ᠎ᠠ᠃ 
       ᠡᠭᠦᠳᠡᠨ ᠳᠡᠭᠡᠷ᠎ᠡ ᠳᠥᠷᠪᠡᠨ ᠠᠴᠠ ᠮᠣᠳᠣ ᠪᠤᠰᠬᠠᠵᠤ ᠳᠡᠭᠡᠷ᠎ᠡ ᠨᠢ ᠣᠨᠢ ᠲᠡᠨᠳᠡᠢᠯᠠᠨ ᠰᠡᠷᠪᠡᠢᠯᠭᠡᠭᠰᠡᠨ ᠪᠠᠭᠪᠠᠢ ② ᠳᠡᠭᠡᠷ᠎ᠡ ᠬᠣᠪᠢᠯ ③ ᠢ᠋ᠶ᠋ᠠᠷ ᠬᠦᠷᠦᠭᠰᠡᠨ ᠪᠠᠭᠠᠵᠠ ᠳᠡᠭᠡᠷ᠎ᠡ ᠰᠠᠶᠢᠬᠠᠨ ᠪᠠᠵᠠᠵᠤ ᠬᠠᠲᠠᠭᠠᠭᠰᠠᠨ ᠠᠭᠠᠷᠤᠤᠯ ᠳᠡᠯᠭᠡᠵᠦ ᠪᠠᠢᠯ᠎ᠠ᠃ ᠥᠪᠥᠩ ᠭᠡᠷ ᠦ᠋ᠨ ᠬᠢᠨᠢ ᠵᠢᠰᠢᠭᠦᠦ ᠪᠣᠭᠣᠨᠢ ᠰᠠᠷᠠᠪᠴᠢᠨ ᠤ᠋ ᠳᠣᠣᠭᠤᠷ ᠦᠰᠦ ᠵᠤᠵᠠᠭᠠᠨ ᠡᠬᠡᠨᠡᠷ ᠬᠥᠮᠦᠨ ᠦ᠌ ᠭᠡᠵᠢᠭᠡ ᠰᠢᠭ ᠭᠤᠷᠪᠠᠯᠠᠨ ᠬᠦᠷᠦᠵᠦ ᠬᠠᠲᠠᠭᠠᠭᠰᠠᠨ ᠬᠠᠯᠢᠶᠠᠷ ④  ᠪᠠ  ᠭᠥᠷᠦᠭᠡᠰᠦᠨ ᠦ᠌ ᠪᠣᠷᠴᠠ ᠶ᠋ᠢ ᠢᠷᠵᠡᠢᠳᠠᠯ᠎ᠠ ᠡᠯᠭᠦᠭᠰᠡᠨ ᠪᠠᠢᠪᠠ᠃  
       ᠠᠭᠤᠯᠠᠨ ᠤ᠋ ᠬᠠᠲᠠᠭᠤ ᠬᠠᠢᠯᠠᠰᠤ᠂ ᠠᠭᠠᠷᠤ ᠮᠣᠳᠣᠨ ᠤ᠋ ᠮᠥᠴᠢᠷ ᠦ᠋ᠨ ᠭᠠᠯ ᠳ᠋ᠤ᠌ ᠴᠠᠢ ᠲᠦᠳᠡᠬᠡᠨ ᠪᠤᠴᠠᠯᠪᠠ᠃ ᠭᠢᠯᠲᠠᠭᠠᠨᠠᠲᠠᠯ᠎ᠠ ᠵᠦᠯᠭᠦᠭᠰᠡᠨ ᠵᠡᠰ ᠳᠡᠪᠦᠷ᠎ᠡ ᠡᠴᠡ ᠠᠢᠯ ᠤ᠋ᠨ ᠡᠬᠡᠨᠡᠷ ᠴᠠᠢ ᠠᠶᠠᠭᠠᠯᠠᠬᠤ ᠳ᠋ᠤ᠌  ᠦᠯᠵᠡᠢᠰᠠᠩ ᠲᠡᠷᠡ ᠡᠬᠡᠨᠡᠷ ᠦ᠋ᠨ ᠴᠢᠷᠠᠢ ᠶ᠋ᠢ ᠯᠠᠪᠯᠠᠭᠤᠯᠵᠤ ᠬᠠᠷᠠᠭᠰᠠᠨ ᠢ᠋ᠶ᠋ᠠᠨ 《 ᠪᠠᠢᠵᠠ ᠳᠠ! ᠡᠨᠡ ᠴᠢᠨᠢ ᠬᠡᠨ ᠦ᠌ ᠡᠬᠡᠨᠡᠷ ᠪᠢᠯᠡ?  ᠲᠠᠨᠢᠮᠠᠷᠬᠠᠨ ᠬᠥᠮᠦᠨ ᠪᠠᠢᠨ᠎ᠠ ᠁》 ᠭᠡᠵᠦ ᠪᠣᠳᠣᠲᠠᠯ᠎ᠠ ᠥᠪᠥᠩ ᠤᠨ ᠡᠭᠦᠳᠡ ᠪᠡᠷ ᠬᠡᠳᠦᠨ ᠬᠡᠦᠬᠡᠳ ᠦ᠋ᠨ ᠮᠣᠯᠲᠣᠭ ᠲᠣᠯᠣᠭᠠᠢ ᠨᠢᠭᠡ ᠨᠢᠭᠡᠨ ᠢ᠋ᠶ᠋ᠡᠨ ᠲᠦᠯᠬᠢᠯᠴᠡᠵᠦ ᠪᠤᠯᠲᠠᠯᠵᠠᠪᠠ᠃ ᠲᠡᠷᠡ ᠲᠣᠮᠣᠬᠠᠨ ᠬᠣᠶᠠᠷ ᠬᠦᠦ ᠶ᠋ᠢᠨ ᠵᠢᠰᠦ ᠴᠢᠷᠠᠢ ᠡᠴᠢᠭᠡ ᠶ᠋ᠢᠨ ᠢ᠋ᠶ᠋ᠡᠨ ᠨᠡᠷ᠎ᠡ ᠶ᠋ᠢ ᠡᠨᠡ ᠦᠯᠦ ᠲᠠᠨᠢᠬᠤ ᠬᠥᠮᠦᠨ ᠳ᠋ᠦ᠍ ᠶᠠᠭᠠᠬᠢᠬᠤ ᠠᠷᠭ᠎ᠠ ᠦᠭᠡᠢ ᠬᠡᠯᠡᠵᠦ ᠥᠭᠴᠦ ᠪᠠᠢᠯ᠎ᠠ ᠁  
       ᠦᠯᠵᠡᠢᠰᠠᠩ ᠪᠦᠬᠦ ᠶᠠᠭᠤᠮ᠎ᠠ ᠶ᠋ᠢ ᠬᠡᠨ ᠬᠥᠮᠦᠨ ᠡᠴᠡ ᠠᠰᠠᠭᠤᠬᠤ ᠶᠠᠭᠤᠮ᠎ᠠ ᠦᠭᠡᠢ ᠥᠪᠡᠷ ᠦ᠋ᠨ ᠠᠨᠢᠷᠴᠢ ᠰᠢᠨᠵᠢᠭᠡᠴᠢ ᠪᠡᠷ ᠢ᠋ᠶ᠋ᠡᠨ ᠭᠠᠳᠠᠷᠯᠠᠵᠤ ᠮᠡᠳᠡᠪᠡ᠃ 
      《ᠦ ᠳᠡ ! ᠡᠨᠡ ᠵᠣᠯᠢᠭ ᠴᠢᠨᠢ ᠬᠥᠷᠥᠭ ᠦ᠋ᠨ ᠭᠣᠣᠯ ᠤ᠋ᠨ ᠴᠡᠴᠡᠨ ᠬᠠᠷᠪᠤᠭᠠᠴᠢ ᠵᠠᠩᠴᠤᠪ ᠤ᠋ᠨ ᠡᠬᠡᠨᠡᠷ ᠢ᠋ ᠮᠤᠯᠭᠤᠳᠠᠵᠤ ᠶᠠᠪᠤᠭ᠎ᠠ ᠶᠤᠮ ᠪᠠᠢᠨ᠎ᠠ᠃ ᠲᠡᠷᠡ ᠬᠣᠶᠠᠷ ᠲᠣᠮᠣᠬᠠᠨ ᠬᠦᠦ ᠶ᠋ᠢᠨ ᠵᠢᠰᠦ ᠴᠢᠷᠠᠢ ᠭᠡᠭᠴᠢ ᠵᠠᠩᠴᠤᠪ ᠲᠠᠢ ᠬᠠᠷ᠎ᠠ ᠪᠤᠷᠴᠠᠭ ᠢ᠋ ᠬᠠᠭᠠᠯᠵᠤ ᠲᠥᠷᠥᠭᠰᠡᠨ ᠰᠢᠭ ᠠᠳᠠᠯᠢᠬᠠᠨ ᠪᠠᠢᠭ᠎ᠠ ᠳ᠋ᠤ᠌᠁  ᠥᠨᠥᠬᠢ ᠪᠠᠭ᠎ᠠ ᠰᠢᠭ᠋ ᠭᠡᠯᠲᠡᠢ ᠨᠢ ᠰᠠᠶᠢ ᠡᠭᠦᠨ ᠦ᠌  ᠲᠥᠷᠥᠭᠰᠡᠨ ᠬᠦᠦ ᠨᠢ ᠮᠥᠨ ᠪᠠᠢᠭ᠎ᠠ ᠳᠠ! ᠡᠨᠡ ᠬᠤᠯᠠᠭᠠᠢ ᠶᠠᠭᠠᠬᠢᠭᠰᠠᠨ ᠬᠡᠴᠡᠭᠦᠦ ᠬᠤᠯᠠᠭᠠᠢ ᠶᠤᠮ ᠪᠣᠢ !ᠠᠢᠯ ᠤ᠋ᠨ ᠡᠷᠡᠰ ᠦ᠋ᠨ ᠭᠠᠨᠵᠤᠭ᠎ᠠ ᠪᠠᠭᠤᠯᠭᠠᠵᠤ᠂ ᠡᠮᠡᠰ ᠢ᠋ ᠨᠢ ᠬᠤᠳᠠᠷᠭᠠᠯᠠᠳᠠᠭ ᠬᠡᠴᠡᠭᠦᠦ ᠡᠷ᠎ᠡ ᠠ᠋ ! ᠪᠠᠷᠠᠭᠤᠨ ᠬᠦᠩ ᠦ᠋ᠨ ᠬᠦᠩ ᠨᠣᠶᠠᠨ ᠤ᠋ ᠪᠠᠭ᠎ᠠ ᠬᠠᠲᠤᠨ ᠢ᠋ ᠬᠠᠭᠤᠷᠠᠢᠯᠠᠬᠤ ᠭᠡᠳ ᠪᠣᠯᠤᠭᠰᠠᠨ ᠦᠭᠡᠢ ᠳᠤᠲᠠᠭᠠᠬᠤ ᠵᠠᠮ ᠳ᠋ᠠᠭᠠᠨ ᠪᠠᠷᠠᠭᠤᠨ ᠬᠣᠰᠢᠭᠤ ᠪᠠᠷᠤᠭᠯᠠᠳᠠᠭ᠂ ᠳᠤᠮᠳᠠᠳᠤ ᠬᠣᠰᠢᠭᠤ ᠳᠤᠨᠳᠠᠭᠤᠷᠯᠠᠳᠠᠭ ᠴᠡᠴᠡᠨ ᠫᠤᠤᠴᠢ ᠵᠠᠩᠴᠤᠪ ᠤᠨ ᠡᠬᠡᠨᠡᠷ ᠬᠡᠦᠬᠡᠳ ᠢ᠋ ᠮᠡᠢᠯᠭᠠᠳᠠᠵᠤ ⑤ ᠶᠠᠪᠤᠵᠤ ᠪᠠᠢᠭ᠎ᠠ ᠶᠤᠮ ᠪᠠᠢᠨ᠎ᠠ ᠠ᠋᠂ ᠠ᠂ ᠢᠯᠡᠢ᠂ ᠲᠡᠷᠡ ᠵᠠᠩᠴᠤᠪ ᠡᠴᠢᠭᠡ ᠴᠢᠨᠢ ᠠᠮᠢᠳᠤ ᠰᠡᠷᠡᠭᠦᠨ ᠪᠠᠢᠭᠰᠠᠨ ᠪᠣᠯ ᠤᠤ ᠭᠠᠪᠠᠯᠠ ᠶ᠋ᠢ ᠴᠢᠨᠢ ᠯᠣᠩᠬᠣᠨ ᠤ᠋ ᠲᠠᠬᠠᠯᠠᠭ᠎ᠠ ᠠᠪᠴᠤ ᠪᠠᠢᠬᠤ ᠰᠢᠭ᠋ ᠵᠠᠭᠠᠳᠠᠰᠤ ᠪᠠᠷ ᠨᠢ ᠳᠠᠪ ᠬᠢᠲᠡᠯ᠎ᠡ ᠰᠡᠬᠦᠵᠦ ᠬᠠᠶᠠᠨ᠎ᠠ ᠳᠠ!》 ᠭᠡᠵᠦ ᠡᠯᠳᠡᠪ ᠢ᠋ ᠡᠷᠭᠢᠴᠡᠭᠦᠯᠦᠨ ᠪᠣᠳᠣᠵᠤ ᠰᠠᠭᠤᠪᠠ᠃   
       ᠲᠡᠷᠡ ᠵᠢᠯ ᠵᠠᠩᠴᠤᠪ ᠢ᠋ ᠬᠣᠰᠢᠭᠤ ᠴᠡᠷᠢᠭ ᠲᠦ᠍ ᠪᠠᠢᠬᠤ ᠳ᠋ᠤᠨᠢ ᠦᠯᠵᠡᠢᠰᠠᠩ ᠲᠠᠨᠢᠭᠰᠠᠨ ᠶᠤᠮ᠃ ᠡᠬᠡᠨᠡᠷ ᠢ᠋ ᠴᠦ᠍ ᠦᠵᠡᠵᠦ ᠪᠠᠢᠭᠰᠠᠨ᠃ ᠰᠡᠭᠦᠯ ᠳ᠋ᠦ᠍ᠨᠢ ᠵᠠᠩᠴᠤᠪ ᠢ᠋ ᠵᠠᠩᠵᠤᠨ ᠶᠠᠮᠤᠨ ᠨᠣᠶᠠᠨ ᠤ᠋ ᠰᠢᠳᠠᠷ ᠬᠠᠮᠠᠭᠠᠯᠠᠭᠴᠢ ᠪᠠᠷ ᠰᠢᠯᠢᠵᠦ ᠠᠪᠠᠴᠢᠭᠠᠳ ᠳᠠᠬᠢᠵᠤ ᠰᠤᠷᠠᠭ ᠴᠢᠮᠡᠭᠡ ᠠᠯᠳᠠᠷᠠᠭᠰᠠᠨ ᠳ᠋ᠤ᠌ ᠵᠠᠷᠢᠮ ᠨᠢ ᠳᠠᠢᠰᠤᠨ ᠳ᠋ᠤ᠌ ᠠᠯᠠᠭᠳᠠᠴᠢᠬᠠᠯ᠎ᠠ ᠭᠡᠬᠦ᠂ ᠵᠠᠷᠢᠮ ᠨᠢ ᠬᠠᠮᠢᠭ᠎ᠠ ᠬᠠᠮᠢᠭ᠎ᠠ ᠠᠮᠢᠳᠤ ᠪᠠᠢᠭ᠎ᠠ ᠭᠡᠬᠦ ᠶᠦ᠍ᠮ! ᠭᠡᠷ ᠦ᠋ᠨ ᠪᠠᠷ᠎ᠠ ᠬᠠᠷᠠᠳᠠᠭ ᠦᠭᠡᠢ ᠣᠪᠣᠭ᠎ᠠ ᠬᠡᠳᠦᠨ ᠵᠢᠯ ᠪᠣᠯᠤᠭᠰᠠᠨ ᠢ᠋ᠶ᠋ᠠᠷ ᠦᠵᠡᠬᠦ ᠳ᠋ᠦ᠍ ᠪᠠᠷᠤᠭ ᠯᠠ ᠲᠡᠭᠡᠭᠡᠳ ᠫᠤᠤ ᠵᠡᠪᠰᠡᠭ ᠤᠷᠤᠯᠳᠤᠵᠤ᠂ ᠲᠡᠢᠨ ᠳᠠᠵᠢᠨ ᠬᠠᠪᠢᠳᠠᠭᠰᠠᠨ ᠳ᠋ᠠᠭᠠᠨ ᠵᠤᠨᠵᠡᠢᠴᠢᠬᠠᠭᠰᠠᠨ ᠪᠠᠢᠯᠭᠦᠢ᠃  
     《ᠵᠠ ᠡᠨᠡ ᠴᠦ᠍ ᠪᠣᠯ ᠶᠠᠭ ᠬᠦᠩ ᠨᠣᠶᠠᠨ ᠤ᠋ ᠪᠠᠭ᠎ᠠ ᠬᠠᠲᠤᠨ ᠢ᠋ ᠠᠪᠴᠤ ᠳᠤᠲᠠᠭᠠᠭᠰᠠᠨ ᠤᠷᠤᠭᠤᠳᠠᠯ ᠮᠥᠨ ᠪᠠᠢᠨ᠎ᠠ᠃ ᠥᠨᠥᠳᠥᠷ ᠪᠢ ᠡᠭᠦᠨ ᠢ᠋ ᠤᠬᠠᠭᠠᠯᠠᠵᠤ ᠳᠡᠢᠯᠬᠦ ᠶᠠᠭᠤᠮ᠎ᠠ ᠪᠢᠰᠢ᠃ ᠪᠡᠶ᠎ᠡ ᠪᠢᠯᠳᠠᠷ᠂ ᠲᠠᠷ ᠲᠡᠩᠬᠡᠭᠡ ᠠᠯᠢ ᠴᠤ᠌ ᠲᠠᠯ᠎ᠠ ᠪᠠᠷ ᠲᠡᠭᠦᠨ ᠦ᠌ ᠬᠠᠵᠠᠭᠤ ᠳ᠋ᠤ᠌ ᠬᠠᠪᠢᠳᠠᠬᠤ ᠶᠠᠭᠤᠮ᠎ᠠ ᠪᠢᠰᠢ ᠭᠠᠵᠠᠷ ᠲᠤ ᠰᠡᠪ ᠮᠡᠳᠡᠭᠳᠡᠬᠦ ᠦᠭᠡᠢ ᠠᠮᠢ ᠮᠡᠨᠳᠦ ᠭᠠᠷᠤᠭᠠᠳ ᠰᠡᠭᠦᠯ ᠳ᠋ᠦ᠍ ᠴᠢᠮᠠᠶ᠋ᠢ ᠮᠡᠳᠡᠶ᠎ᠡ!》ᠭᠡᠵᠦ ᠳᠣᠲᠣᠷ᠎ᠠ ᠪᠠᠨ ᠭᠠᠯ ᠮᠠᠨᠠᠵᠤ ᠭᠠᠳᠠᠨ᠎ᠠ ᠪᠠᠨ ᠢᠨᠢᠶᠡᠳᠦ ᠪᠠᠭᠯᠠᠵᠤ ᠰᠠᠭᠤᠯ᠎ᠠ᠃ 
       ᠨᠢᠭᠡ ᠮᠡᠳᠡᠬᠦ  ᠳ᠋ᠦ᠍ ᠲᠡᠭᠦᠨ ᠦ᠌ ᠡᠮᠦᠨ᠎ᠡ ᠬᠠᠯᠢᠶᠠᠷ ᠨᠣᠭᠣᠭ᠎ᠠ ᠲᠠᠢ ᠭᠤᠷ᠎ᠠ ᠶ᠋ᠢᠨ ᠪᠣᠷᠣ ᠱᠥᠯᠥ ᠠᠭᠤᠷ ᠰᠠᠪᠰᠠᠯᠠᠨ ᠬᠠᠩᠬᠤᠯᠪᠠ᠃ 
       ᠴᠢᠬᠢ ᠶ᠋ᠢ ᠨᠢ ᠣᠭᠲᠣᠯᠪᠠᠴᠤ ᠮᠡᠳᠡᠬᠦ ᠦᠭᠡᠢ᠂ ᠠᠮᠲᠠ ᠬᠠᠨᠳᠠᠷᠠᠭᠰᠠᠨ ᠪᠣᠷᠣ ᠱᠥᠯᠦᠨ ᠡᠴᠡ ᠬᠥᠯᠥᠷᠡᠲᠡᠯ᠎ᠡ ᠣᠭᠣᠴᠢᠯᠠᠵᠤ ᠰᠠᠭᠤᠬᠤ ᠨᠢ ᠪᠠᠰᠠ ᠨᠢᠭᠡ ᠴᠠᠭ ᠤ᠋ᠨ ᠵᠢᠷᠭᠠᠯ ᠴᠤ᠌ ᠶᠤᠮ ᠤᠤ ᠭᠡᠵᠦ ᠠᠮᠢᠳᠤᠷᠠᠯ ᠤ᠋ᠨ ᠰᠣᠳᠣ ᠠᠮᠲᠠᠨ ᠳ᠋ᠤ᠌ ᠰᠣᠭᠲᠣᠭᠤᠷᠠᠨ ᠪᠠᠢᠯ᠎ᠠ᠃  
       ᠠᠩᠴᠢᠨᠵᠠᠪ ᠦᠯᠵᠡᠢᠰᠠᠩ ᠢ᠋ ᠮᠣᠷᠢ ᠪᠠᠷ ᠵᠠᠮ ᠳ᠋ᠤ᠌ ᠣᠷᠣᠲᠠᠯ᠎ᠠ ᠦᠳᠡᠵᠦ ᠶᠠᠪᠤᠭᠤᠯᠤᠯ᠎ᠠ᠃  


- - - - 
① ᠨᠤᠲᠤᠭ ᠤ᠋ᠨ ᠬᠡᠯᠡᠯᠭᠡ᠃ ᠵᠢᠭᠰᠢᠵᠦ ᠤᠨᠲᠤᠭᠤᠴᠠᠭᠰᠠᠨ ᠦᠶ᠎ᠡ ᠳ᠋ᠦ᠍ ᠪᠦᠲᠦᠯ ᠨᠢ ᠬᠠᠷᠠᠯᠠᠭᠰᠠᠨ ᠠᠮᠢᠲᠠᠨ ᠭᠡᠰᠡᠨ ᠤᠳᠬ᠎ᠠ ᠲᠠᠢ ᠬᠡᠷᠡᠭᠯᠡᠳᠡᠭ᠃
② ᠨᠤᠲᠤᠭ ᠤ᠋ᠨ ᠬᠡᠯᠡᠯᠭᠡ᠃ ᠳᠥᠷᠪᠡᠨ ᠮᠣᠳᠣ ᠪᠠᠷ ᠣᠨᠢ ᠲᠡᠨᠳᠡᠢᠯᠠᠨ ᠪᠤᠰᠬᠠᠵᠤ ᠳᠡᠭᠡᠷ᠎ᠡ ᠨᠢ ᠶᠠᠭᠤᠮ᠎ᠠ ᠬᠠᠲᠠᠭᠠᠳᠠᠭ ᠲᠠᠯᠪᠢᠭᠤᠷ᠃ 
③ ᠨᠢᠭᠡ ᠵᠤᠢᠯ ᠤ᠋ᠨ ᠣᠷᠢᠶᠠᠩᠭᠤ ᠰᠢᠭ᠋ ᠵᠥᠭᠡᠯᠡᠪᠲᠦᠷ ᠴᠠᠭᠠᠨ ᠬᠠᠯᠢᠰᠤᠲᠤ ᠮᠣᠳᠣ᠃ 
④ ᠮᠤᠨᠠ ᠠᠭᠤᠯᠠᠨ ᠳ᠋ᠤ᠌ ᠤᠷᠭᠤᠳᠠᠭ ᠨᠢᠭᠡ ᠵᠦᠢᠯ ᠦ᠋ᠨ ᠢᠳᠡᠳᠡᠭ ᠨᠣᠭᠣᠭ᠎ᠠ᠃ 
⑤ ᠤᠷᠠᠳ ᠬᠡᠯᠡᠯᠭᠡ᠃ ᠬᠠᠭᠤᠷᠡᠢᠯᠠᠵᠤ᠂ ᠮᠡᠬᠡᠯᠡᠬᠦ ᠶ᠋ᠢᠨ ᠤᠳᠬ᠎ᠠ ᠲᠠᠢ᠃