ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠨᠢᠭᠡᠳᠦᠭᠡᠷ ᠪᠦᠯᠦᠭ <ᠬᠣᠶᠠᠷ> Хан мунын сүүрс < дээд > – Мөнх зохиоов ᠂ дэд бодь – нэгдүгээр бүлэг <2> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠨᠢᠭᠡᠳᠦᠭᠡᠷ ᠪᠦᠯᠦᠭ <ᠬᠣᠶᠠᠷ> Хан мунын сүүрс < дээд > – Мөнх зохиоов ᠂ дэд бодь – нэгдүгээр бүлэг <2>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠨᠢᠭᠡᠳᠦᠭᠡᠷ ᠪᠦᠯᠦᠭ <ᠬᠣᠶᠠᠷ> Хан мунын сүүрс < дээд > – Мөнх зохиоов ᠂ дэд бодь – нэгдүгээр бүлэг <2>

ᠠᠩᠭᠢᠯᠠᠯ:ᠲᠤᠭᠤᠵᠢ ᠷᠣᠮᠠᠨ
2024-07-16

362

ᠳᠡᠳ᠋ ᠪᠣᠲᠢ – ᠨᠢᠭᠡᠳᠦᠭᠡᠷ ᠪᠦᠯᠦᠭ <ᠬᠣᠶᠠᠷ>


                 ᠬᠣᠶᠠᠷ  

       ᠠᠩᠴᠢᠨᠵᠠᠪ ᠠᠭᠤᠯᠠᠨ ᠳ᠋ᠤ᠌ ᠠᠷᠭ᠎ᠠ ᠦᠭᠡᠢ ᠳᠠᠳᠴᠤ᠂ ᠠᠩ ᠬᠦᠷᠦᠭᠡ ᠬᠢᠵᠦ ᠣᠨᠳᠣᠷᠣᠬᠤ ᠠᠮᠢᠳᠤᠷᠠᠯ ᠤ᠋ᠨ ᠠᠷᠭ᠎ᠠ ᠳᠠᠮ ᠳ᠋ᠤ᠌ ᠢᠳᠡᠭᠡᠰᠢᠭᠰᠡᠨ ᠢ᠋ ᠬᠡᠯᠡᠬᠦ ᠦᠭᠡᠢ᠂ ᠠᠢᠯ ᠭᠡᠷ ᠢ᠋ ᠲᠦᠰᠢᠨ ᠪᠣᠰᠬᠠᠬᠤ ᠲᠤᠯᠭᠠᠭᠤᠷᠢ ᠨᠢ ᠪᠣᠯᠵᠤ᠂ ᠠᠢᠯ ᠤ᠋ᠨ ᠡᠬᠡᠨᠡᠷ ᠢ᠋ ᠠᠮᠠᠷᠠᠭᠯᠠᠨ ᠬᠠᠢᠷᠠᠯᠠᠳᠠᠭ ᠢ᠋ᠶ᠋ᠠᠷ ᠪᠠᠷᠠᠬᠤ ᠦᠭᠡᠢ ᠠᠯᠢᠶ᠎ᠠ ᠬᠣᠶᠠᠷ ᠬᠦᠦ ᠶ᠋ᠢ ᠨᠢ ᠴᠦ᠍ ᠬᠠᠢᠷᠠᠯᠠᠨ ᠳᠣᠳᠣᠮᠳᠠᠵᠤ ᠶᠠᠪᠤᠳᠠᠭ ᠢ᠋ᠶ᠋ᠠᠷ ᠢ᠋ᠶ᠋ᠠᠨ ᠪᠯᠠᠮᠤ ᠳ᠋ᠤ᠌ ᠶᠠᠭᠠᠬᠢᠬᠤ ᠠᠷᠭ᠎ᠠ ᠦᠭᠡᠢ ᠥᠮᠥᠭ ᠲᠦᠰᠢᠭ ᠲᠡᠢ ᠰᠠᠨᠠᠭᠳᠠᠨ᠎ᠠ᠃ ᠲᠡᠭᠡᠬᠦᠯᠡᠷ ᠪᠯᠠᠮᠤ《ᠠᠩᠴᠢᠨᠵᠠᠪ ᠴᠦ᠍ ᠢᠲᠡᠭᠡᠮᠵᠢ ᠲᠡᠢ ᠰᠠᠢᠨ ᠬᠥᠮᠦᠨ ᠶᠦᠮ ᠠ᠋᠃ ᠡᠢᠮᠦ ᠡᠷ᠎ᠡ ᠬᠥᠮᠦᠨ ᠲᠡᠢ ᠵᠠᠶᠠᠭ᠎ᠠ ᠪᠠᠨ ᠬᠣᠯᠪᠣᠵᠤ ᠶᠠᠪᠤᠬᠤ ᠨᠢ ᠨᠠᠰᠤᠨ ᠤ᠋ ᠵᠢᠷᠭᠠᠯ!》 ᠭᠡᠵᠦ ᠳᠣᠲᠣᠷ᠎ᠠ ᠪᠠᠨ ᠪᠠᠶᠠᠷᠯᠠᠵᠤ᠂ ᠬᠡᠳᠦᠢ ᠲᠡᠭᠦᠨ ᠡᠴᠡ ᠬᠡᠳᠦ ᠳᠡᠭᠦᠦ ᠪᠣᠯᠪᠠᠴᠤ ᠶᠠᠭᠤᠮᠠᠨ ᠤ᠋ ᠴᠠᠭᠠᠨ᠎ᠠ ᠨᠠᠭᠠᠨ᠎ᠠ ᠶ᠋ᠢ ᠣᠪᠣᠭ᠎ᠠ ᠨᠣᠴᠢᠲᠠᠢ ᠰᠡᠷᠡᠵᠦ ᠮᠡᠳᠡᠳᠡᠭ ᠲᠦ᠍ ᠨᠢ ᠲᠡᠷᠡ ᠨᠡᠩ ᠴᠦ᠍《 ᠡᠷ᠎ᠡ ᠬᠥᠮᠦᠨ ᠦ᠌ ᠪᠣᠳᠣᠬᠤ ᠨᠢ ᠬᠠᠰᠢ ᠯᠠ ᠣᠨᠳᠣᠣ ᠳᠠ!》 ᠭᠡᠵᠦ ᠪᠢᠰᠢᠷᠡᠨ ᠬᠦᠨᠳᠦᠳᠬᠡᠨ᠎ᠡ᠃ ᠠᠩᠴᠢᠨᠵᠠᠪ ᠤ᠋ᠨ《ᠡᠨᠳᠡ ᠡᠴᠡ ᠡᠷᠲᠡᠬᠡᠨ ᠨᠡᠭᠦᠬᠦ ᠦᠭᠡᠢ ᠪᠣᠯᠬᠤ ᠦᠭᠡᠢ᠃ ᠠᠶᠤᠯ ᠲᠠᠢ》 ᠭᠡᠳ ᠪᠠᠢᠨ ᠪᠠᠢᠨ ᠬᠡᠯᠡᠳᠡᠭ ᠨᠢ ᠲᠡᠭᠦᠨ ᠢ᠋ ᠵᠣᠪᠠᠭᠠᠬᠤ ᠪᠣᠯᠪᠠᠴᠤ ᠳᠡᠭᠡᠷᠡᠮ ᠲᠣᠨᠣᠭ᠎ᠠ ᠪᠣᠰᠴᠤ᠂ ᠲᠡᠢᠨ ᠳᠠᠵᠢᠨ ᠪᠤᠵᠢᠭᠢᠨᠠᠭᠰᠠᠨ ᠲᠦᠢᠪᠡᠭᠡᠨ ᠦ᠌ ᠬᠥᠯ ᠳ᠋ᠦ᠍ ᠳᠠᠭᠠᠷᠢᠭᠳᠠᠬᠤ ᠶ᠋ᠢᠨ ᠣᠷᠣᠨ ᠳ᠋ᠤ᠌ ᠠᠩᠴᠢᠨᠵᠠᠪ ᠤ᠋ᠨ ᠬᠡᠯᠡᠭᠰᠡᠨ ᠢ᠋ᠶ᠋ᠡᠷ ᠡᠨᠳᠡ ᠡᠴᠡ ᠨᠡᠭᠦᠵᠦ ᠶᠠᠪᠤᠪᠠᠯ ᠬᠠᠷᠢᠨ ᠬᠡᠯᠡᠵᠦ ᠮᠡᠳᠡᠬᠦ ᠦᠭᠡᠢ ᠠᠶᠤᠯ ᠵᠣᠪᠠᠯᠠᠩ ᠠ᠋ᠴᠠ ᠵᠠᠢᠯᠠᠰᠬᠢᠵᠦ ᠪᠣᠯᠤᠨ᠎ᠠ ᠭᠡᠵᠦ ᠪᠣᠳᠣᠭᠰᠠᠨ ᠪᠯᠠᠮᠤ ᠠᠩᠴᠢᠨᠵᠠᠪ ᠤ᠋ᠨ ᠰᠠᠨᠠᠯ ᠢ᠋ ᠵᠥᠪᠰᠢᠶᠡᠷᠡᠵᠦ᠄ 
       — ᠪᠢᠳᠡ ᠬᠠᠮᠢᠭᠠᠰᠢ ᠪᠠᠨ ᠨᠡᠭᠦᠬᠦ ᠪᠣᠢ? ᠭᠣᠪᠢ ᠤᠷᠤᠭᠤ ᠤᠤ? ᠭᠡᠪᠡᠯ᠂ ᠠᠩᠴᠢᠨᠵᠠᠪ᠄ 
       — ᠪᠢᠰᠢ! ᠳᠣᠲᠣᠭᠰᠢ ᠪᠠᠨ ᠠᠭᠤᠯᠠ ᠶ᠋ᠢᠨ ᠭᠦᠨ ᠳ᠋ᠦ᠍ ᠣᠷᠣᠶ᠎ᠠ ᠭᠡᠪᠡ᠃  
       — ᠠᠭᠤᠯᠠ ᠶ᠋ᠢᠨ ᠭᠦᠨ ᠳ᠋ᠦ᠍ ᠬᠥᠮᠦᠨ ᠠᠮᠢᠲᠠᠨ ᠴᠦ᠍ ᠪᠠᠢᠬᠤ ᠦᠭᠡᠢ ᠪᠣᠢᠳᠠ ᠵᠡᠯᠢᠭᠦᠳ᠃ 
       — ᠲᠡᠨᠳᠡ ᠯᠠ ᠰᠠᠶᠢ ᠠᠮᠤᠷ ᠵᠢᠮᠦᠷ᠃  
       — ᠁  
       — ᠦᠭᠡᠢ᠂ ᠲᠠᠨ ᠤ᠋ ᠳᠣᠮᠣᠭᠯᠠᠵᠤ ᠬᠡᠯᠡᠳᠡᠭ ᠢ᠋ᠶ᠋ᠡᠷ ᠡᠷᠲᠡ ᠦᠶ᠎ᠡ ᠶ᠋ᠢᠨ ᠨᠢᠭᠡᠨ ᠴᠡᠷᠢᠭ ᠦ᠋ᠨ ᠵᠠᠩᠵᠤᠨ ᠳᠠᠯᠠᠨ ᠠᠴᠢᠶ᠎ᠠ ᠮᠥᠩᠭᠥ ᠬᠠᠳᠠᠭᠠᠯᠠᠵᠤ ᠲᠠᠯᠪᠢᠭᠰᠠᠨ ᠲᠩᠷᠢ ᠭᠠᠴᠠᠭ᠎ᠠ ᠠ᠋ᠴᠠ ᠴᠢᠳᠬᠤᠯᠠᠩ ᠤᠰᠤ ᠴᠣᠷᠭᠢᠭᠰᠠᠨ ᠴᠡᠩᠬᠡᠷ ᠴᠣᠩᠬᠢᠶᠠᠯ ᠤ᠋ᠨ ᠬᠠᠪᠢᠯᠳᠠᠭᠤ ᠨᠡᠭᠦᠵᠦ ᠣᠴᠢᠶ᠎ᠠ᠃ ᠲᠡᠨᠳᠡ ᠯᠠᠪᠲᠠᠢ ᠳ᠋ᠧᠪᠠᠵᠠᠨ ᠰᠢᠭ᠋ ᠰᠠᠢᠬᠠᠨ ᠠᠮᠤᠷ ᠵᠢᠮᠦᠷ ᠠᠮᠤᠭᠤᠯᠠᠩ ᠭᠠᠵᠠᠷ ᠪᠠᠢᠬᠤ ᠳᠠ! 
       — ᠠᠶ᠎ᠠ᠂ ᠲᠡᠨᠳᠡ ᠴᠢᠨᠢ ᠥᠯᠥᠩᠲᠦ ᠡᠴᠡ ᠣᠢᠷᠠᠬᠠᠨ ᠭᠠᠵᠠᠷ᠃ ᠥᠯᠥᠩᠲᠦ ᠶ᠋ᠢᠨ ᠠᠮᠠᠨ ᠳ᠋ᠤ᠌ ᠴᠢᠨᠣ᠎ᠠ ᠡᠭᠦᠷᠯᠡᠳᠡᠭ ᠭᠡᠵᠦ ᠨᠠᠰᠤᠲᠠᠢᠴᠤᠳ ᠲᠠᠩᠳᠠ ᠶᠠᠷᠢᠳᠠᠭ᠃ 
       — ᠠ᠂ ᠲᠡᠢᠮᠦ ᠴᠦ᠍ ᠪᠣᠯ ᠶᠣᠰᠣᠲᠠᠢ ᠰᠠᠢᠬᠠᠨ ᠨᠤᠲᠤᠭ ᠳᠠ! ᠲᠡᠷᠡ ᠴᠡᠷᠢᠭ ᠦ᠋ᠨ ᠵᠠᠩᠵᠤᠨ ᠶᠠᠭᠤ ᠭᠡᠵᠦ ᠴᠢᠨᠣ᠎ᠠ ᠡᠭᠦᠷᠯᠡᠭᠰᠡᠨ ᠴᠢᠳᠬᠤᠯᠠᠩ ᠲᠠᠢ ᠴᠣᠩᠬᠢᠶᠠᠯ ᠤᠰᠤᠨ ᠳ᠋ᠤ᠌ ᠠᠯᠲᠠ ᠮᠥᠩᠭᠥ ᠪᠡᠨ ᠠᠪᠴᠢᠷᠠᠵᠤ ᠬᠠᠳᠠᠭᠠᠯᠠᠳᠠᠭ ᠪᠣᠢ⁈ ᠤᠴᠢᠷ ᠲᠠᠢ ᠰᠢᠦ! ᠲᠩᠷᠢ ᠶ᠋ᠢᠨ ᠨᠣᠬᠠᠢ— ᠴᠢᠨᠣ᠎ᠠ ᠲᠡᠷᠡ ᠨᠢᠭᠤᠭᠰᠠᠨ ᠠᠯᠲᠠ ᠮᠥᠩᠭᠥ ᠶ᠋ᠢ ᠨᠢ ᠰᠠᠬᠢᠵᠤ ᠪᠠᠢᠨ᠎ᠠ ᠭᠡᠰᠡᠨ ᠦᠭᠡ᠃
       — ᠠ ᠳᠠ! ᠮᠡᠳᠡᠬᠦ ᠦᠭᠡᠢ᠃ ᠪᠠᠷᠰ ᠤ᠋ᠨ ᠠᠮᠠᠨ ᠠ᠋ᠴᠠ ᠵᠠᠢᠯᠠᠵᠤ ᠴᠢᠨᠣ᠎ᠠ ᠶ᠋ᠢᠨ ᠠᠮᠠ ᠤᠷᠤᠭᠤ ᠨᠡᠭᠦᠬᠦ ᠨᠢ ᠤᠤ ᠳᠠ⁈ ᠴᠢᠨᠣ᠎ᠠ ᠲᠠᠢ ᠬᠥᠷᠰᠢ ᠵᠡᠷᠭᠡᠯᠡᠳᠡᠭᠡ ᠪᠣᠯᠵᠤ ᠶᠠᠭᠤᠮ᠎ᠠ ᠪᠠᠨ ᠰᠣᠨᠣᠰᠬᠠᠨ᠎ᠠ ᠳᠠ! ᠭᠡᠵᠦ ᠪᠯᠠᠮᠤ ᠪᠠᠬᠠᠨ ᠠᠶᠤᠨ ᠭᠡᠯᠮᠡᠭᠰᠡᠨ ᠪᠠᠢᠳᠠᠯ ᠲᠠᠢ ᠬᠡᠯᠡᠪᠡᠯ ᠠᠩᠴᠢᠨᠵᠠᠪ᠄ 
       — ᠴᠢᠨᠣ᠎ᠠ ᠠ᠋ᠴᠠ ᠠᠶᠤᠵᠤ ᠪᠠᠢᠨ᠎ᠠ ᠤᠤ? ᠭᠡᠵᠦ ᠠᠰᠠᠭᠤᠯ᠎ᠠ᠃ 
       — ᠠᠶᠤᠬᠤ ᠦᠭᠡᠢ ᠶᠠᠭᠠᠬᠢᠬᠤ ᠪᠣᠢ? ᠴᠢᠨᠣ᠎ᠠ ᠠ᠋ᠴᠠ ᠠᠶᠤᠬᠤ ᠦᠭᠡᠢ ᠬᠥᠮᠦᠨ ᠬᠠᠮᠢᠭ᠎ᠠ ᠪᠠᠢᠨ᠎ᠠ? 
       — ᠠᠶᠤᠬᠤ ᠨᠢ ᠵᠥᠪ᠃ ᠬᠣᠶᠠᠷ ᠬᠥᠯ ᠲᠡᠢ ᠴᠢᠨᠣ᠎ᠠ ᠠ᠋ᠴᠠ ᠠᠶᠤᠵᠤ᠂ ᠵᠠᠢᠯᠠᠵᠤ ᠪᠠᠢᠪᠠᠯ ᠰᠠᠢᠨ! ᠬᠣᠶᠠᠷ ᠬᠥᠯ ᠲᠡᠢ ᠴᠢᠨᠣ᠎ᠠ ᠶ᠋ᠢᠨ ᠬᠣᠣᠷ ᠨᠢ ᠬᠡᠴᠡᠭᠦᠦ! ᠳᠥᠷᠪᠡᠨ ᠬᠥᠯ ᠲᠡᠢ ᠴᠢᠨᠣ᠎ᠠ ᠪᠣᠯ ᠳᠥᠷᠪᠡᠨ ᠨᠢᠳᠦ ᠲᠡᠢ ᠪᠣᠯᠬᠣᠷ ᠬᠠᠷ᠎ᠠ ᠴᠠᠭᠠᠨ ᠢ᠋ ᠢᠯᠭᠠᠵᠤ᠂ ᠪᠤᠶᠠᠨ ᠨᠢᠭᠦᠯ ᠢ᠋ ᠲᠤᠩᠭᠠᠵᠤ ᠴᠢᠳᠠᠳᠠᠭ ᠰᠢᠳᠢᠲᠦ ᠲᠩᠷᠢ ᠶ᠋ᠢᠨ ᠨᠣᠬᠠᠢ ᠰᠢᠦ᠃ 
       — ᠲᠩᠷᠢ ᠶ᠋ᠢᠨ ᠨᠣᠬᠠᠢ⁈ 
       — ᠤᠤᠬᠠᠢ ᠳᠠ᠂ ᠴᠢᠨᠣ᠎ᠠ ᠶ᠋ᠢ ᠲᠩᠷᠢ ᠶ᠋ᠢᠨ ᠨᠣᠬᠠᠢ ᠭᠡᠳᠡᠭ ᠪᠣᠯᠬᠣᠷ ᠮᠣᠩᠭᠣᠯᠴᠤᠳ ᠴᠢᠨᠣ᠎ᠠ ᠶ᠋ᠢᠨ ᠨᠡᠷ᠎ᠡ ᠶ᠋ᠢ ᠵᠠᠢᠯᠠᠭᠤᠯᠤᠨ ᠴᠡᠭᠡᠷᠯᠡᠵᠦ《 ᠲᠩᠷᠢ ᠶ᠋ᠢᠨ ᠨᠣᠬᠠᠢ》᠂《 ᠬᠥᠳᠡᠭᠡᠯᠡᠢ》᠂《 ᠪᠣᠣᠬᠠᠢ》᠂《 ᠬᠡᠴᠡᠭᠦᠦ ᠨᠡᠷᠡᠲᠦ》 ᠭᠡᠳᠡᠭ ᠰᠢᠦ ᠳᠡ᠃ ᠲᠡᠭᠡᠬᠦᠯᠡᠷ ᠮᠣᠩᠭᠣᠯ ᠬᠥᠮᠦᠨ ᠴᠢᠨᠣ᠎ᠠ ᠠ᠋ᠴᠠ ᠠᠶᠤᠳᠠᠭ ᠦᠭᠡᠢ᠃《ᠴᠢᠨᠣ᠎ᠠ ᠲᠠᠢ ᠨᠤᠲᠤᠭ ᠪᠠᠶᠠᠨ》 ᠭᠡᠵᠦ ᠡᠷᠲᠡ ᠳᠡᠭᠡᠳᠦᠰ ᠦ᠋ᠨ ᠲᠣᠮᠣᠭᠠᠳᠠᠳ ᠶᠠᠷᠢᠳᠠᠭ ᠨᠢ ᠦᠨᠡᠨ ᠪᠠᠢᠬ᠎ᠠ᠃ ᠴᠢᠨᠣ᠎ᠠ ᠪᠣᠯ ᠲᠩᠷᠢ ᠶ᠋ᠢᠨ ᠨᠣᠬᠠᠢ ᠤᠴᠢᠷ ᠠ᠋ᠴᠠ ᠴᠢ ᠲᠩᠷᠢ ᠶ᠋ᠢᠨ ᠵᠦᠢ ᠶᠣᠰᠣ ᠶ᠋ᠢ ᠵᠥᠷᠢᠴᠡᠭᠰᠡᠨ ᠲᠡᠨᠡᠭ ᠠᠵᠢᠯ ᠬᠢᠪᠡᠯ ᠴᠢᠨᠣ᠎ᠠ ᠴᠢᠮᠠᠶ᠋ᠢ ᠠᠶᠤᠯᠭᠠᠬᠤ ᠪᠠᠷ ᠵᠣᠭᠰᠣᠬᠤ ᠦᠭᠡᠢ᠂ ᠬᠥᠨᠥᠭᠡᠵᠦ ᠴᠦ᠍ ᠮᠡᠳᠡᠨ᠎ᠡ᠃ ᠴᠢ ᠴᠢᠨᠣ᠎ᠠ ᠶ᠋ᠢ ᠬᠠᠯᠳᠠᠬᠤ ᠦᠭᠡᠢ ᠵᠥᠩᠳᠡᠭᠡᠨ ᠯᠡ ᠪᠠᠢᠪᠠᠯ ᠴᠢᠨᠣ᠎ᠠ ᠴᠢᠮᠠᠶ᠋ᠢ ᠶᠠᠭᠠᠬᠢᠬᠤ ᠴᠤ᠌ ᠦᠭᠡᠢ! ᠴᠢ ᠬᠠᠷᠢᠨ ᠴᠢᠨᠣ᠎ᠠ ᠲᠠᠢ ᠬᠠᠯᠳᠠᠵᠤ ᠡᠭᠦᠷ ᠢ᠋ ᠨᠢ ᠮᠠᠯᠲᠠᠨ ᠪᠡᠯᠲᠡᠷᠭᠡ ᠶ᠋ᠢ ᠨᠢ ᠬᠥᠨᠥᠭᠡᠪᠡᠯ ᠴᠢᠨᠣ᠎ᠠ ᠤᠯᠠᠩᠭᠠᠰᠤᠨ ᠭᠠᠯᠵᠠᠭᠤᠷᠠᠵᠤ ᠨᠢᠭᠡ ᠯᠡ ᠰᠥᠨᠢ ᠪᠡᠷ ᠬᠣᠲᠠ ᠲᠠᠢ ᠬᠣᠨᠢ ᠶ᠋ᠢ ᠴᠢᠨᠢ ᠬᠠᠵᠠᠵᠤ ᠠᠯᠠᠨ᠂ ᠴᠢᠳᠥᠷ ᠲᠡᠢ ᠮᠣᠷᠢ᠂ ᠲᠤᠭᠤᠯ ᠲᠠᠢ ᠦᠨᠢᠶ᠎ᠡ᠁ ᠠᠯᠢ ᠪᠣᠯᠭᠠᠨ ᠢ᠋ ᠴᠢᠨᠢ ᠬᠥᠨᠥᠭᠡᠵᠦ ᠮᠡᠳᠡᠨ᠎ᠡ᠃ ᠭᠡᠵᠦ ᠠᠩᠴᠢᠨᠵᠠᠪ ᠮᠡᠷᠭᠡᠯᠡᠭᠰᠡᠨ ᠳ᠋ᠦ᠍ ᠪᠯᠠᠮᠤ ᠮᠡᠯᠡᠷᠡᠨ ᠭᠠᠢᠬᠠᠵᠤ᠄ 
       — ᠵᠠ ᠲᠡᠭᠡᠪᠡᠯ ᠴᠢᠨᠦ ᠬᠡᠯᠡᠭᠰᠡᠨ ᠢ᠋ᠶ᠋ᠡᠷ《 ᠴᠢᠨᠣ᠎ᠠ ᠲᠠᠢ ᠨᠤᠲᠤᠭ ᠪᠠᠶᠠᠨ》 ᠭᠡᠳᠡᠭ ᠭᠠᠵᠠᠷ ᠨᠡᠭᠦᠵᠦ ᠣᠴᠢᠶ᠎ᠠ! ᠭᠡᠪᠡ᠃ 
       — ᠵᠠ᠂ ᠲᠡᠭᠡᠶ᠎ᠡ! ᠭᠡᠳ ᠠᠩᠴᠢᠨᠵᠠᠪ ᠲᠡᠭᠦᠨ ᠦ᠌ ᠪᠣᠳᠣᠯ ᠰᠠᠨᠠᠯ ᠳ᠋ᠤ᠌ ᠵᠣᠬᠢᠯᠳᠤᠭᠰᠠᠨ ᠪᠯᠠᠮᠤ ᠶ᠋ᠢ ᠬᠠᠢᠷᠠᠯᠠᠨ ᠦᠨᠦᠰᠴᠦ ᠬᠥᠬᠥᠷᠡᠪᠡ᠃ 
       — ᠰᠠᠨᠠᠭ᠎ᠠ ᠪᠠᠷ ᠴᠢᠨᠢ ᠪᠣᠯᠤᠭᠰᠠᠨ ᠪᠣᠯ ᠲᠡᠷᠡ ᠭᠠᠵᠠᠷ ᠤ᠋ᠨ《 ᠲᠩᠷᠢ ᠶ᠋ᠢᠨ ᠨᠣᠬᠠᠢ》 ᠪᠢᠳᠡᠨ ᠢ᠋ ᠬᠠᠮᠠᠭᠠᠯᠠᠵᠤ᠂ ᠠᠮᠤᠷ ᠵᠢᠮᠦᠷ ᠠᠮᠢᠳᠤᠷᠠᠭᠤᠯᠤᠨ᠎ᠠ ᠪᠢᠵᠡ⁈  
       — ᠲᠩᠷᠢ ᠶ᠋ᠢᠨ ᠨᠣᠬᠠᠢ ᠳᠥᠷᠪᠡᠨ ᠨᠢᠳᠦ ᠲᠡᠢ ᠪᠣᠯᠬᠣᠷ ᠬᠡᠪ ᠢ᠋ᠶ᠋ᠡᠨ ᠰᠠᠬᠢᠭᠰᠠᠨ ᠴᠤ᠌ ᠪᠢᠳᠡ ᠬᠣᠶᠠᠷ ᠢ᠋ ᠬᠠᠮᠠᠭᠠᠯᠠᠬᠤ ᠠ᠋ᠴᠠ ᠪᠢᠰᠢ ᠬᠥᠨᠥᠭᠡᠬᠦ ᠦᠭᠡᠢ ᠨᠢ ᠯᠠᠪ! ᠭᠡᠳ ᠢᠨᠢᠶᠡᠭᠰᠡᠨ ᠳ᠋ᠦ᠍ ᠪᠯᠠᠮᠤ ᠴᠤ᠌ ᠵᠤᠤᠮᠠᠯᠵᠠᠨ ᠢᠨᠢᠶᠡᠪᠡ᠃ 
       ᠠᠩᠴᠢᠨᠵᠠᠪ ᠪᠯᠠᠮᠤ ᠶ᠋ᠢᠨ ᠪᠣᠷᠣ ᠭᠡᠷ ᠢ᠋ ᠬᠠᠳᠤᠮᠠᠯ ᠤ᠋ᠨ ᠠᠮᠠᠨ ᠠ᠋ᠴᠠ ᠳᠣᠲᠣᠭᠰᠢ ᠨᠡᠭᠦᠯᠭᠡᠵᠦ᠂ ᠬᠡᠳᠦ ᠬᠡᠳᠦᠨ ᠭᠣᠣᠯ ᠵᠢᠯᠠᠭ᠎ᠠ᠂ ᠬᠥᠲᠥᠯ ᠳᠠᠪᠠᠭ᠎ᠠ ᠶ᠋ᠢ ᠳᠠᠪᠠᠨ ᠬᠥᠮᠦᠨ ᠠᠮᠢᠲᠠᠨ ᠠ᠋ᠴᠠ ᠵᠠᠢᠳᠠᠭᠤᠬᠠᠨ ᠪᠣᠢᠳᠠ᠂ ᠪᠢᠲᠡᠭᠦᠦ ᠣᠢ ᠲᠠᠢ᠂ ᠡᠭᠴᠡ ᠬᠠᠳᠠᠨ ᠭᠠᠴᠠᠭ᠎ᠠ ᠲᠠᠢ ᠴᠢᠳᠬᠤᠯᠠᠩ ᠤᠰᠤ᠂ ᠴᠡᠩᠬᠡᠷ ᠴᠣᠩᠬᠢᠶᠠᠯ ᠲᠠᠢ ᠨᠤᠲᠤᠭ ᠲᠤ ᠨᠡᠭᠦᠪᠡ᠃ ᠲᠡᠷᠡ ᠨᠢ ᠥᠯᠥᠩᠲᠦ ᠶ᠋ᠢᠨ ᠭᠣᠣᠯ ᠤ᠋ᠨ ᠪᠤᠷᠭᠠᠰᠤᠲᠠᠢ ᠪᠤᠯᠤᠩ ᠪᠠᠢᠯ᠎ᠠ᠃ ᠡᠨᠡ ᠨᠢ ᠬᠠᠷᠢᠨ ᠳᠣᠷᠢᠭᠤᠨ᠃ ᠳᠡᠭᠡᠷᠡᠮ ᠲᠤᠨᠤᠭ᠎ᠠ᠂ ᠬᠤᠯᠠᠭᠠᠢ ᠵᠢᠯᠡᠭᠡᠢ ᠡᠴᠡ ᠵᠠᠢᠰ ᠪᠠᠢᠵᠤ᠂ ᠠᠮᠤᠷ ᠵᠢᠮᠦᠷ ᠣᠨᠳᠣᠷᠤᠯᠭ᠎ᠠ ᠲᠠᠢ ᠪᠣᠯᠤᠯ᠎ᠠ᠃ ᠠᠩᠴᠢᠨᠵᠠᠪ ᠰᠢᠨ᠎ᠡ ᠪᠠᠭᠤᠭᠰᠠᠨ ᠨᠡᠭᠦᠴᠡ ᠳ᠋ᠡᠭᠡᠨ ᠰᠡᠳᠬᠢᠯ ᠪᠠᠬᠠᠳᠤᠵᠤ᠂ ᠡᠭᠴᠡ ᠥᠨᠳᠥᠷ ᠬᠠᠳᠠᠨ ᠬᠠᠪᠴᠢᠯ ᠠ᠋ᠴᠠ ᠴᠢᠳᠬᠤᠯᠠᠭᠰᠠᠨ ᠴᠢᠳᠬᠤᠯᠠᠩ ᠴᠣᠩᠬᠢᠶᠠᠯ ᠤᠰᠤ᠂ ᠪᠢᠲᠡᠭᠦᠦ ᠣᠢ ᠮᠣᠳᠣ᠂ ᠭᠤᠷ᠎ᠠ ᠵᠦᠷ᠂ ᠬᠥᠬᠡ ᠢᠮᠠᠭ᠎ᠠ ᠡᠯᠳᠡᠪ ᠭᠥᠷᠥᠭᠡᠰᠦ ᠠᠮᠢᠲᠠᠨ ᠲᠣᠭᠯᠠᠯᠳᠤᠭᠰᠠᠨ ᠭᠠᠩᠭᠠᠩ ᠪᠠᠢᠭᠠᠯᠢ ᠳ᠋ᠤ᠌ ᠰᠣᠭᠲᠣᠭᠤᠷᠠᠨ ᠰᠡᠳᠬᠢᠯ ᠨᠢ ᠨᠢᠭᠡ ᠯᠡ ᠥᠶᠥᠭ ᠲᠠᠪᠠᠲᠠᠢ ᠪᠠᠢᠪᠠ᠃ 
       ᠶᠠᠳᠠᠷᠠᠵᠤ ᠪᠡᠷᠲᠡᠭᠰᠡᠨ ᠬᠥᠮᠦᠨ ᠢ᠋ ᠬᠠᠷᠠᠳᠠᠵᠤ ᠲᠦᠪᠳᠡᠬᠦ ᠦᠭᠡᠢ ᠡᠨᠡᠷᠢᠳᠡᠭ ᠨᠢ ᠲᠡᠭᠦᠨ ᠦ᠌ ᠨᠢᠭᠡ ᠡᠮᠵᠡᠭ ᠭᠡᠬᠦ ᠤᠤ! ᠠᠢᠯ ᠤ᠋ᠨ ᠪᠡᠯᠪᠡᠰᠦᠨ ᠡᠬᠡᠨᠡᠷ ᠲᠡᠢ ᠨᠡᠷ᠎ᠡ ᠦᠭᠡᠢ ᠵᠠᠶᠠᠭ᠎ᠠ ᠬᠣᠯᠪᠣᠨ ᠠᠮᠢᠳᠤᠷᠠᠬᠤ ᠳ᠋ᠠᠭᠠᠨ ᠶᠠᠮᠠᠷ ᠴᠦ᠍ ᠨᠢᠭᠡ ᠬᠠᠨᠳᠤᠭᠰᠠᠨ ᠵᠣᠷᠢᠯᠭ᠎ᠠ ᠦᠭᠡᠢ ᠵᠥᠪᠬᠡᠨ ᠭᠡᠷ ᠨᠤᠲᠤᠭ ᠠ᠋ᠴᠠ ᠪᠠᠨ ᠰᠠᠯᠵᠤ᠂ ᠰᠠᠢᠨ ᠳᠤᠷ᠎ᠠ᠂ ᠴᠢᠯᠥᠭᠡᠲᠦ ᠠᠮᠢᠳᠤᠷᠠᠯ ᠤ᠋ᠨ ᠰᠠᠢᠨ ᠰᠠᠢᠬᠠᠨ ᠢ᠋ ᠬᠦᠰᠡᠵᠦ ᠶᠠᠪᠤᠭᠠᠳ ᠥᠨᠥᠳᠥᠷ ᠡᠨᠡ ᠬᠦ᠌ ᠬᠥᠮᠦᠨ ᠬᠠᠷ᠎ᠠ ᠠ᠋ᠴᠠ ᠵᠠᠢᠳᠠᠨ ᠪᠣᠢᠳᠠ ᠪᠥᠭᠯᠡᠭᠦᠦ ᠠᠭᠤᠯᠠᠨ ᠤ᠋ ᠮᠤᠬᠤᠷ ᠲᠤ ᠵᠤᠲᠠᠷᠠᠭᠤᠬᠠᠨ ᠡᠨᠡ ᠡᠬᠡᠨᠡᠷ ᠦ᠋ᠨ ᠭᠠᠰᠠᠯᠠᠩᠲᠤ ᠠᠮᠢᠳᠤᠷᠠᠯ ᠳ᠋ᠤ᠌ ᠲᠤᠰᠠ ᠨᠡᠮᠡᠷᠢ ᠪᠣᠯᠵᠤ ᠲᠦᠷ ᠴᠦ᠍ ᠭᠡᠰᠡᠨ ᠬᠥᠮᠦᠨ ᠠᠮᠢᠲᠠᠨ ᠳ᠋ᠤ᠌ ᠲᠤᠯᠭᠠᠷᠠᠭᠰᠠᠨ ᠭᠠᠰᠠᠯᠠᠩ ᠠ᠋ᠴᠠ ᠰᠠᠯᠭᠠᠵᠤ ᠶᠠᠪᠤᠬᠤ ᠨᠢ ᠨᠢᠭᠡ ᠵᠦᠢᠯ ᠦ᠋ᠨ ᠵᠤᠭ᠎ᠠ ᠴᠡᠩᠭᠡᠯ ᠰᠢᠭ ᠰᠠᠨᠠᠭᠳᠠᠳᠠᠭ ᠨᠢ ᠲᠡᠭᠦᠨ ᠦ᠌ ᠪᠣᠳᠣᠯ ᠰᠡᠳᠬᠢᠯ ᠦ᠋ᠨ ᠭᠤᠸ᠎ᠠ ᠵᠢᠷᠤᠭᠯᠠᠯ ᠤ᠋ᠨ ᠨᠢᠭᠡ ᠮᠥᠨ ᠪᠠᠢᠵᠠᠢ᠃ 
       ᠪᠠᠷᠠᠭᠤᠨ ᠬᠦᠩ ᠦ᠋ᠨ ᠬᠣᠰᠢᠭᠤ ᠶᠠᠮᠤᠨ ᠤ᠋ ᠴᠡᠷᠢᠭ ᠲᠦ᠍ ᠬᠥᠭᠡᠭᠡᠭᠳᠡᠵᠦ ᠳᠤᠲᠠᠭᠠᠭᠰᠠᠨ ᠲᠡᠷᠡ ᠰᠥᠨᠢ ᠳ᠋ᠡᠭᠡᠨ ᠡᠨᠡ ᠠᠢᠯ ᠳ᠋ᠤ᠌ ᠬᠣᠨᠣᠭ ᠭᠤᠶᠤᠭᠠᠳ ᠮᠠᠷᠭᠠᠲᠤᠷ ᠨᠢ ᠶᠠᠭᠤ ᠴᠦ᠍ ᠪᠣᠯᠤᠭ ᠡᠷᠲᠡ ᠴᠠᠭᠠᠰᠢ ᠶᠠᠪᠤᠵᠤ ᠣᠳᠬᠤ ᠶ᠋ᠢ ᠬᠡᠨ ᠪᠠᠢᠭ ᠭᠡᠵᠦ ᠬᠣᠷᠢᠪᠠ⁈ ᠬᠥᠮᠦᠨ ᠦ᠌ ᠠᠮᠢᠳᠤᠷᠠᠯ ᠤ᠋ᠨ ᠥᠷᠢ ᠲᠥᠯᠥᠭᠡᠰᠦ ᠭᠡᠳᠡᠭ ᠶᠠᠭᠤᠮ᠎ᠠ ᠬᠡᠴᠡᠭᠦᠦ ᠰᠠᠨᠳᠠᠭ᠎ᠠ ᠲᠠᠢ ᠠᠵᠢ᠃ ᠦᠭᠡᠢ ᠶᠡᠷᠦ ᠨᠢ ᠤᠷᠢᠳᠤ ᠲᠥᠷᠥᠯ ᠳ᠋ᠡᠭᠡᠨ ᠡᠨᠡ ᠠᠢᠯ ᠤ᠋ᠨ ᠡᠭᠦᠳᠡᠨ ᠳ᠋ᠦ᠍ ᠶᠠᠮᠠᠷ ᠨᠢᠭᠡᠨ ᠥᠷᠢ ᠲᠥᠯᠥᠭᠡᠰᠦ ᠲᠡᠢ ᠨᠢᠭᠦᠯ ᠬᠢᠭᠰᠡᠨ ᠪᠠᠢᠵᠠ ᠤᠤ ᠳᠠ! ᠶᠠᠪᠤᠵᠤ ᠶᠠᠪᠤᠵᠤ ᠬᠠᠷᠠᠩᠭᠤᠢ ᠰᠥᠨᠢ ᠪᠡᠷ ᠳᠡᠭᠡᠷᠡᠮ ᠲᠤᠨᠤᠭ᠎ᠠ ᠳ᠋ᠤ᠌ ᠲᠣᠨᠣᠭᠤᠯᠵᠤ ᠪᠡᠲᠡᠷᠡᠭᠰᠡᠨ ᠡᠨᠡ ᠠᠢᠯ ᠤ᠋ᠨ ᠡᠭᠦᠳᠡᠨ ᠳ᠋ᠦ᠍ ᠬᠣᠨᠣᠭᠯᠠᠵᠤ᠂ ᠮᠠᠷᠭᠠᠰᠢ ᠨᠢ ᠬᠡᠯᠡ ᠤᠯᠠ ᠪᠠᠨ ᠣᠯᠤᠯᠴᠠᠵᠤ ᠥᠨᠳᠥᠷᠯᠡᠬᠦ ᠶ᠋ᠢᠨ ᠲᠣᠯᠣᠭᠠᠢ ᠳᠡᠭᠡᠷ᠎ᠡ ᠡᠪᠡᠳᠴᠢᠲᠡᠢ ᠡᠪᠦᠭᠡᠨ ᠠᠪᠤ ᠨᠢ ᠪᠤᠷᠬᠠᠨ ᠪᠣᠯᠴᠢᠬᠠᠳᠠᠭ ᠨᠢ ᠪᠠᠰᠠ ᠨᠢᠭᠡ ᠰᠣᠨᠢᠨ ᠶᠤᠮ᠃ ᠶᠠᠭ ᠯᠠ ᠬᠠᠨ ᠮᠤᠨᠠ ᠳᠡᠭᠡᠳᠦ ᠲᠩᠷᠢ ᠡᠴᠡ ᠲᠡᠭᠦᠨ ᠢ᠋《 ᠵᠠ᠂ ᠴᠢᠨᠦ ᠬᠥᠯ ᠲᠣᠭᠲᠠᠬᠤ ᠭᠠᠵᠠᠷ ᠡᠨᠡ᠂ ᠲᠠᠯᠢᠢᠭᠰᠠᠨ ᠡᠪᠦᠭᠡᠨ ᠢ᠋ ᠨᠢ ᠬᠥᠳᠡᠭᠡᠯᠡᠭᠦᠯᠵᠦ᠂ ᠪᠡᠲᠡᠷᠡᠭᠰᠡᠨ ᠥᠨᠥᠴᠢᠨ ᠥᠷᠥᠭᠡᠰᠦᠨ ᠢ᠋ ᠥᠭᠡᠳᠡ ᠨᠢ ᠲᠠᠲᠠᠵᠤ ᠮᠥᠨ ᠡᠨᠡ ᠮᠤᠨᠠ ᠠᠭᠤᠯᠠ ᠶ᠋ᠢᠨ ᠴᠡᠩᠬᠡᠷ ᠴᠣᠩᠬᠢᠶᠠᠯ ᠢ᠋ ᠰᠠᠬᠢᠵᠤ ᠰᠠᠭᠤᠭᠠᠷᠠᠢ! ᠡᠨᠳᠡ ᠪᠣᠯ ᠴᠢᠨᠦ ᠬᠠᠮᠤᠭ ᠤ᠋ᠨ ᠠᠮᠤᠷ ᠲᠠᠢᠪᠤᠩ ᠣᠷᠣᠰᠢᠬᠤ ᠣᠷᠣᠨ ᠮᠥᠨ᠃ ᠬᠠᠨ ᠮᠤᠨᠠ ᠴᠢᠮ᠎ᠠ ᠳ᠋ᠤ᠌ ᠠᠮᠤᠷ ᠵᠢᠮᠦᠷ ᠠᠮᠢᠳᠤᠷᠠᠬᠤ ᠵᠢᠷᠭᠠᠯ ᠢ᠋ ᠥᠭᠭᠦᠨ᠎ᠡ᠃ ᠲᠡᠷᠡᠴᠢᠯᠡᠨ ᠴᠢᠨᠦ ᠣᠳᠣ ᠲᠡᠳᠬᠦᠵᠦ ᠠᠪᠤᠭᠠᠳ ᠳᠣᠳᠣᠮᠳᠠᠬᠤ ᠭᠡᠵᠦ ᠪᠠᠢᠭ᠎ᠠ ᠡᠨᠡ ᠠᠢᠯ ᠤ᠋ᠨ ᠴᠢᠨᠢ ᠬᠥᠮᠦᠨ ᠪᠦᠯᠢ ᠶ᠋ᠢ ᠲᠡᠵᠢᠭᠡᠨ ᠤᠨᠳᠤᠷᠤᠭᠤᠯᠬᠤ ᠬᠣᠭᠣᠯᠠ ᠬᠦᠨᠡᠰᠦ ᠶ᠋ᠢ ᠳᠤᠲᠠᠭᠤᠯᠤᠯ ᠦᠭᠡᠢ ᠬᠠᠩᠭᠠᠬᠤ ᠪᠣᠯᠤᠨ᠎ᠠ》 ᠭᠡᠵᠦ ᠲᠣᠬᠢᠷᠠᠭᠤᠯᠤᠭᠰᠠᠨ ᠰᠢᠭ᠋ ᠵᠤᠳᠠᠷᠠᠭᠰᠠᠨ ᠠᠢᠯ ᠤ᠋ᠨ ᠵᠣᠪᠠᠭᠤᠷᠢᠲᠤ ᠴᠢᠷᠠᠢ ᠶ᠋ᠢ ᠬᠠᠷᠠᠵᠤ ᠲᠦᠪᠳᠡᠬᠦ ᠦᠭᠡᠢ ᠬᠠᠶᠠᠵᠤ ᠴᠦ᠍ ᠲᠦᠪᠳᠡᠬᠦ ᠦᠭᠡᠢ ᠲᠡᠭᠦᠨ ᠦ᠌ ᠰᠡᠳᠬᠢᠯ ᠢ᠋ ᠠᠷᠭᠠᠮᠵᠢᠵᠤ᠂ ᠬᠥᠯ ᠢ᠋ ᠨᠢ ᠲᠤᠰᠢᠭᠰᠠᠨ ᠪᠠᠢᠯ᠎ᠠ᠃ ᠢᠩᠭᠢᠭᠡᠳ ᠮᠣᠳᠣᠨ ᠪᠠᠷᠢᠭᠤᠯᠲᠤ ᠬᠠᠴᠠᠷ ᠨᠢ ᠡᠯᠡᠭᠳᠡᠵᠦ ᠲᠡᠮᠦᠷ ᠨᠢ ᠶᠣᠷᠳᠣᠢᠭᠰᠠᠨ ᠭᠠᠯ ᠫᠤᠤ ᠪᠠᠷ ᠢ᠋ᠶ᠋ᠠᠨ ᠬᠠᠨᠢ ᠲᠦᠰᠢᠭ ᠪᠠᠷᠢᠵᠤ ᠦᠨᠡᠭᠡ ᠴᠢᠨᠣ᠎ᠠ᠂ ᠭᠤᠷᠭᠤᠤᠯ ᠲᠠᠤᠯᠠᠢ᠂ ᠭᠤᠷ᠎ᠠ ᠵᠦᠷ᠂ ᠪᠤᠭᠤ ᠬᠠᠨᠳᠠᠭᠠᠢ ᠠᠩᠨᠠᠵᠤ ᠠᠷᠠᠰᠤ ᠦᠰᠦ ᠶ᠋ᠢ ᠨᠢ ᠪᠤᠭᠤᠲᠤ ᠤᠷᠤᠭᠤ ᠵᠠᠬ᠎ᠠ ᠳ᠋ᠤ᠌ ᠪᠣᠷᠣᠯᠠᠭᠤᠯᠵᠤ ᠵᠡᠭᠡᠭᠡᠭᠰᠡᠨ ᠠᠮᠢᠳᠤᠷᠠᠯ ᠤ᠋ᠨ ᠣᠯᠵᠠ ᠭᠠᠨᠵᠤᠭ᠎ᠠ ᠲᠠᠢ ᠳ᠋ᠠᠭᠠᠨ ᠰᠡᠳᠬᠢᠯ ᠨᠢ ᠨᠢᠭᠡ ᠯᠡ ᠴᠠᠳᠬᠤᠯᠠᠩ ᠪᠠᠢᠪᠠ᠃  
       ᠪᠯᠠᠮᠤ ᠬᠥᠯ ᠬᠦᠨᠳᠦ ᠪᠣᠯᠤᠭᠰᠠᠨ ᠠ᠋ᠴᠠ ᠬᠣᠢᠰᠢ ᠳᠣᠭᠰᠢᠨ ᠰᠠᠷᠯᠤᠭ ᠦᠨᠢᠶ᠎ᠡ ᠪᠡᠨ ᠰᠢᠪᠲᠤᠷᠠᠬᠤ ᠠ᠋ᠴᠠ ᠠᠶᠤᠵᠤ ᠠᠩᠴᠢᠨᠵᠠᠪ ᠢ᠋ ᠡᠵᠡᠭᠦᠢ ᠳ᠋ᠦ᠍ ᠬᠠᠶᠠ ᠳ᠋ᠠᠭᠠᠨ ᠬᠠᠷ᠎ᠠ ᠴᠠᠢ ᠤᠤᠭᠤᠵᠤ ᠳᠥᠩᠭᠡᠳᠡᠭ᠃ ᠨᠠᠮᠤᠷ ᠤ᠋ᠨ ᠲᠣᠰᠣᠨ ᠲᠠᠷᠭᠤ ᠲᠠᠢ ᠰᠠᠷᠯᠤᠭ ᠱᠠᠯᠬᠠᠯᠵᠠᠵᠤ ᠭᠡᠷ ᠬᠥᠮᠦᠨ ᠬᠣᠶᠠᠷ ᠲᠤ ᠡᠭᠡᠨᠡᠭᠰᠢᠭᠡᠳᠦᠢ ᠲᠤᠯᠠ ᠠᠷᠠᠢ ᠳᠣᠭᠰᠢᠨ ᠪᠠᠢᠯ᠎ᠠ᠃ 
       ᠭᠤᠷᠪᠠ ᠶᠢᠰᠦ ᠣᠷᠣᠳᠠᠭ ᠤ᠋ᠨ ᠤᠷᠢᠳᠤ ᠰᠥᠨᠢ ᠠᠭᠤᠯᠠᠨ ᠳ᠋ᠤ᠌ ᠶᠡᠬᠡ ᠴᠠᠰᠤ ᠣᠷᠣᠵᠠᠢ᠃ ᠦᠦᠷ ᠬᠠᠷᠠᠩᠭᠤᠢ ᠪᠠᠷ ᠬᠠᠳᠠᠨ ᠤ᠋ ᠰᠡᠵᠢᠭᠦᠷ ᠲᠦ᠍ ᠨᠢᠭᠡ ᠱᠠᠭᠠᠵᠠᠭᠠᠢ ᠢᠷᠡᠵᠦ ᠰᠠᠭᠤᠭᠠᠳ ᠱᠠᠭ ᠱᠠᠭ ᠭᠡᠵᠦ ᠵᠣᠭᠰᠣᠭ᠎ᠠ ᠦᠭᠡᠢ ᠱᠠᠭᠰᠢᠬᠤ ᠨᠢ《 ᠥᠨᠥᠳᠥᠷ ᠲᠠᠨ ᠤ᠋ ᠬᠣᠶᠠᠷ ᠲᠤ ᠨᠢᠭᠡ ᠪᠠᠶᠠᠷ ᠤ᠋ᠨ ᠴᠢᠮᠡᠭᠡ ᠬᠦᠷᠭᠡᠵᠦ ᠥᠭᠭᠦᠶ᠎ᠡ! ᠭᠤᠷᠪᠠᠨ ᠡᠳᠦᠷ ᠦ᠋ᠨ ᠳᠣᠲᠣᠷ᠎ᠠ ᠡᠨᠡ ᠮᠥᠴᠡ ᠳ᠋ᠦ᠍ ᠲᠠᠨ ᠤ᠋ ᠳ᠋ᠤ᠌ ᠨᠢᠭᠡ ᠶᠡᠷᠦ ᠪᠤᠰᠤ ᠶ᠋ᠢᠨ ᠵᠣᠴᠢᠨ ᠢᠷᠡᠨ᠎ᠡ》 ᠭᠡᠵᠦ ᠬᠡᠯᠡᠬᠦ ᠰᠢᠭ ᠪᠣᠯᠤᠭᠰᠠᠨ ᠢ᠋ ᠲᠡᠳᠡ ᠶᠠᠭᠠᠬᠢᠵᠤ ᠮᠡᠳᠡᠬᠦ ᠪᠣᠢ? 
       — ᠱᠠᠭᠠᠵᠠᠭᠠᠢ ᠱᠠᠭᠰᠢᠪᠠᠯ ᠰᠠᠢᠨ ᠯᠠ ᠭᠡᠵᠦ ᠨᠠᠰᠤᠲᠠᠢᠴᠤᠳ ᠲᠠᠩᠳᠠ ᠶᠠᠷᠢᠳᠠᠭ ᠶᠤᠮ ᠭᠡᠵᠦ ᠠᠩᠴᠢᠨᠵᠠᠪ ᠣᠷᠣᠨ ᠠ᠋ᠴᠠ ᠪᠠᠨ ᠥᠨᠳᠡᠢᠵᠦ ᠴᠢᠯᠠᠭᠤᠨ ᠬᠣᠪᠣᠩ ᠲᠠᠢ ᠭᠠᠯ ᠢ᠋ᠶ᠋ᠠᠨ ᠬᠥᠳᠡᠯᠭᠡᠨ ᠬᠡᠯᠡᠪᠡᠯ ᠪᠯᠠᠮᠤ᠄ 
       — ᠪᠢᠳᠡ ᠬᠣᠶᠠᠷ ᠬᠦᠦ ᠲᠡᠢ ᠪᠣᠯᠬᠤ ᠨᠢ ᠤᠤ ᠳᠠ! ᠠᠯᠠᠭ ᠱᠠᠭᠠᠵᠠᠭᠠᠢ ᠲᠡᠭᠡᠵᠦ ᠬᠡᠯᠡᠭᠡᠳ ᠪᠠᠢᠬᠤ ᠰᠢᠭ᠋ ᠶᠦᠮ ᠠ᠋! ᠭᠡᠪᠡ᠃ 
       — ᠠ᠂ ᠶᠡᠷᠦ ᠮᠠᠭᠠᠳ ᠦᠭᠡᠢ! ᠭᠡᠳ ᠠᠩᠴᠢᠨᠵᠠᠪ ᠪᠯᠠᠮᠤ ᠬᠣᠶᠠᠷ ᠬᠥᠬᠥᠷᠡᠨ ᠢᠨᠢᠶᠡᠯᠴᠡᠪᠡ᠃  
       ᠲᠠᠷᠯᠠᠨ ᠰᠠᠷᠯᠤᠭ ᠭᠤᠨ᠎ᠠ ᠪᠠ ᠬᠦᠷᠡᠭᠴᠢ ᠬᠠᠢᠨᠤᠭ ᠤ᠋ᠨ ᠬᠡᠪᠲᠡᠭᠰᠡᠨ ᠬᠡᠪᠲᠡᠷᠢ ᠴᠠᠰᠤᠨ ᠳ᠋ᠤ᠌ ᠪᠤᠯᠠᠭᠳᠠᠵᠤ ᠰᠤᠪᠤᠷᠭᠠᠨ ᠬᠣᠶᠠᠷ ᠡᠪᠡᠷ ᠨᠢ ᠱᠣᠷᠣᠯᠵᠠᠨ ᠬᠠᠷᠠᠭᠳᠠᠵᠤ᠂ ᠬᠠᠮᠠᠷ ᠤ᠋ᠨ ᠬᠢᠨᠢ ᠠᠮᠢᠰᠬᠤᠯ ᠢ᠋ᠶ᠋ᠠᠷ ᠣᠩᠭᠣᠢᠭᠰᠠᠨ ᠨᠦᠬᠡ ᠪᠡᠷ ᠠᠭᠤᠷ ᠰᠠᠪᠰᠠᠬᠤ ᠨᠢ ᠭᠤᠨᠠᠨ ᠤ᠋ ᠡᠪᠡᠷ ᠬᠠᠭ᠎ᠠ ᠬᠥᠯᠳᠡᠳᠡᠭ ᠭᠤᠷᠪᠠ ᠶᠢᠰᠦ ᠶ᠋ᠢᠨ ᠬᠦᠢᠲᠡᠨ ᠳ᠋ᠦ᠍ ᠡᠨᠡ ᠬᠡᠳᠦᠨ ᠦᠢᠯᠡ ᠨᠢ ᠴᠢᠩᠭ᠎ᠠ ᠰᠢᠷᠢ ᠨᠦ᠍ᠭᠦᠳ ᠬᠥᠯᠳᠡᠵᠦ ᠦᠬᠦᠭᠡ ᠦᠭᠡᠢ ᠠᠮᠢᠰᠬᠤᠭ᠎ᠠ ᠲᠠᠢ ᠪᠠᠢᠨ᠎ᠠ ᠭᠡᠰᠡᠨ ᠢ᠋ᠶ᠋ᠡᠨ ᠮᠡᠳᠡᠭᠡᠯᠡᠵᠦ ᠪᠠᠢᠯ᠎ᠠ᠃  
       ᠠᠩᠴᠢᠨᠵᠠᠪ ᠬᠠᠳᠠᠨ ᠥᠪᠥᠩ ᠭᠡᠷ ᠢ᠋ᠶ᠋ᠡᠨ ᠭᠠᠯᠯᠠᠵᠤ ᠳᠤᠯᠠᠭᠠᠯᠠᠴᠢᠬᠠᠭᠠᠳ ᠭᠠᠳᠠᠨ᠎ᠠ ᠭᠠᠷᠴᠤ ᠤᠰᠤ ᠲᠦᠯᠡᠭᠡᠨ ᠦ᠌ ᠲᠠᠢᠰᠢ ᠵᠠᠮ ᠭᠠᠷᠭᠠᠵᠤ᠂ ᠬᠠᠢᠨᠤᠭ ᠤ᠋ᠨ ᠢ᠋ᠶ᠋ᠠᠨ ᠬᠡᠪᠲᠡᠷᠢ ᠶ᠋ᠢᠨ ᠴᠠᠰᠤ ᠶ᠋ᠢ ᠠᠷᠢᠯᠭᠠᠵᠤ ᠴᠡᠪᠡᠷᠯᠡᠨ᠎ᠡ᠃ ᠰᠠᠷᠯᠤᠭ ᠬᠠᠢᠨᠤᠭ ᠤ᠋ᠨ ᠭᠠᠵᠠᠷ ᠰᠢᠭᠦᠷᠡᠭᠰᠡᠨ ᠵᠣᠭᠳᠣᠷ ᠴᠠᠰᠤ ᠮᠥᠰᠥᠨ ᠳ᠋ᠦ᠍ ᠪᠠᠷᠢᠯᠳᠤᠵᠤ ᠱᠠᠵᠢᠭᠢᠨᠠᠬᠤ ᠨᠢ ᠲᠣᠭᠠᠯᠠᠰᠢ ᠦᠭᠡᠢ ᠣᠯᠠᠨ ᠮᠥᠩᠭᠥᠨ ᠤᠨᠵᠢᠯᠭ᠎ᠠ ᠰᠤᠪᠤᠳ ᠤ᠋ᠨ ᠬᠡᠯᠬᠢᠶ᠎ᠡ ᠵᠡᠭᠦᠭᠰᠡᠨ ᠵᠠᠰᠠᠯ ᠵᠢᠮᠰᠡᠭ ᠲᠡᠢ ᠰᠢᠭ ᠭᠣᠶᠣ ᠬᠠᠷᠠᠭᠳᠠᠨ᠎ᠠ᠃  
       ᠵᠡᠷᠯᠢᠭ ᠭᠦᠶᠦᠭᠰᠡᠨ ᠠᠭᠤᠯᠠᠨ ᠤ᠋ ᠰᠠᠷᠯᠤᠭ ᠢ᠋ ᠭᠠᠷᠰᠢᠭᠤᠯᠵᠤ ᠪᠡᠶ᠎ᠡ ᠳ᠋ᠡᠭᠡᠨ ᠳᠠᠰᠬᠠᠨ ᠰᠦ ᠴᠠᠭ᠎ᠠ ᠮᠢᠬ᠎ᠠ ᠲᠣᠰᠣ ᠶ᠋ᠢ ᠨᠢ ᠢᠳᠡᠵᠦ᠂ ᠠᠷᠠᠰᠤ ᠰᠢᠷᠢ᠂ ᠤᠩᠭᠠᠰᠤ ᠨᠣᠣᠰᠣ ᠶ᠋ᠢ ᠨᠢ ᠡᠳ᠋ᠯᠡᠬᠦ ᠳ᠋ᠦ᠍ ᠳᠥᠭᠥᠮ ᠪᠣᠯᠤᠭᠰᠠᠨ ᠢ᠋ ᠬᠡᠯᠡᠬᠦ ᠦᠭᠡᠢ᠂ ᠤᠲᠤᠭ᠎ᠠ ᠰᠢᠭᠡᠭ ᠦᠨᠦᠷᠲᠦᠭᠦᠯᠦᠨ ᠦᠨᠢᠶ᠎ᠡ ᠲᠤᠭᠤᠯ ᠨᠡᠢᠯᠡᠭᠦᠯᠵᠦ ᠭᠠᠷ ᠤ᠋ᠨ ᠦᠵᠦᠭᠦᠷ ᠬᠢᠬᠦ ᠠᠵᠢ ᠲᠠᠢ ᠮᠠᠯᠴᠢᠨ ᠬᠥᠮᠦᠨ ᠬᠠᠶᠠᠭᠠᠨ ᠳ᠋ᠠᠬᠢ ᠮᠠᠯ ᠢ᠋ᠶ᠋ᠠᠨ ᠬᠠᠷᠠᠭᠠᠳ ᠰᠡᠳᠬᠢᠯ ᠪᠠᠶᠠᠰᠳᠠᠭ ᠤ᠋ᠨ ᠶᠣᠰᠣ ᠪᠠᠷ ᠠᠩᠴᠢᠨᠵᠠᠪ ᠪᠯᠠᠮᠤ ᠬᠣᠶᠠᠷ ᠡᠨᠡ ᠡᠵᠡᠭᠦᠢ ᠠᠭᠤᠯᠠᠨ ᠳ᠋ᠤ᠌ ᠣᠨᠳᠣᠷᠣᠬᠤ ᠳ᠋ᠠᠭᠠᠨ ᠬᠡᠳᠦᠨ ᠭᠠᠷᠰᠢᠭᠰᠠᠨ ᠰᠠᠷᠯᠤᠭ ᠦᠨᠢᠶ᠎ᠡ ᠰᠠᠭᠠᠵᠤ ᠰᠦ ᠴᠠᠭ᠎ᠠ ᠡᠳ᠋ᠰᠢᠭᠦᠯᠦᠨ ᠠᠮᠢᠳᠤᠷᠠᠯ ᠳ᠋ᠠᠭᠠᠨ ᠨᠡᠮᠡᠷᠢᠯᠡᠬᠦ ᠠᠵᠢ᠃ 
       ᠡᠮᠨᠢᠭ ᠠᠳᠤᠭᠤ ᠶ᠋ᠢ ᠴᠢᠬᠢᠳᠡᠵᠦ ᠰᠤᠷᠭᠠᠳᠠᠭ ᠬᠠᠰᠢᠷ ᠠᠳᠤᠭᠤᠴᠢ ᠬᠥᠮᠦᠨ ᠬᠣᠢᠨ᠎ᠠ ᠳᠠ᠃ ᠵᠡᠷᠯᠢᠭ ᠭᠦᠶᠦᠭᠰᠡᠨ ᠠᠳᠤᠭᠤ ᠦᠬᠡᠷ ᠢ᠋ ᠡᠪ ᠲᠦᠢ ᠶ᠋ᠢ ᠨᠢ ᠦᠵᠡᠵᠦ ᠪᠡᠶ᠎ᠡ ᠳ᠋ᠡᠭᠡᠨ ᠳᠠᠰᠬᠠᠨ ᠤᠷᠠᠬ᠎ᠠ ᠬᠠᠪᠬ᠎ᠠ ᠪᠠᠷ ᠪᠣᠷᠣ ᠭᠥᠷᠥᠭᠡᠰᠦ ᠤᠨᠠᠭᠠᠨ᠂ ᠭᠦᠨ ᠠᠭᠤᠯᠠ ᠶ᠋ᠢᠨ ᠣᠲᠣᠷᠯᠢᠭ ᠠᠮᠢᠳᠤᠷᠠᠯ ᠳ᠋ᠤ᠌ ᠡᠳᠡ ᠬᠣᠶᠠᠷ ᠨᠡᠯᠢᠶᠡᠳ ᠢᠳᠡᠭᠡᠰᠢᠵᠦ ᠳᠠᠳᠴᠠᠢ᠃ 
       ᠪᠢᠲᠡᠭᠦᠦ ᠡᠩᠭᠡᠷ ᠵᠠᠳᠠᠭᠠᠢ ᠣᠨᠣᠭᠣ ᠲᠠᠢ ᠴᠠᠭᠠᠮᠠᠯ ᠨᠡᠬᠡᠢ ᠳᠡᠪᠡᠯ ᠢ᠋ ᠰᠤᠷ ᠪᠦᠰᠡ ᠪᠡᠷ ᠢᠪ ᠴᠢᠩᠭᠠᠯᠠᠨ ᠪᠦᠰᠡᠯᠡᠵᠦ᠂ ᠲᠣᠯᠣᠭᠠᠢ ᠳ᠋ᠠᠭᠠᠨ ᠦᠨᠡᠭᠡᠨ ᠯᠣᠪᠤᠤᠵᠠ ᠡᠮᠦᠰᠦᠭᠡᠳ ᠬᠥᠯ ᠳ᠋ᠡᠭᠡᠨ ᠴᠢᠨᠣ᠎ᠠ ᠶ᠋ᠢᠨ ᠠᠷᠠᠰᠤᠨ ᠪᠣᠢᠲᠣᠭ ᠤᠭᠯᠠᠨ ᠭᠤᠷᠪᠠ ᠶᠢᠰᠦ ᠶ᠋ᠢᠨ ᠳᠠᠩᠭᠢᠨᠠᠮ᠎ᠠ ᠬᠦᠢᠲᠡᠨ ᠢ᠋ ᠣᠭᠲᠣ ᠲᠣᠭᠣᠬᠤ ᠦᠭᠡᠢ ᠭᠡᠳᠡᠢᠵᠦ ᠵᠣᠭᠰᠣᠭᠰᠠᠨ ᠠᠩᠴᠢᠨᠵᠠᠪ ᠥᠪᠡᠷ ᠲᠦ᠍ ᠨᠢ ᠨᠡᠯᠢᠶᠡᠳ ᠳᠠᠰᠤᠭᠰᠠᠨ ᠬᠡᠳᠦᠨ ᠰᠠᠷᠯᠤᠭ ᠢ᠋ᠶ᠋ᠠᠨ ᠬᠠᠷᠠᠬᠤ ᠳ᠋ᠤ᠌ ᠴᠢᠷᠠᠢ ᠳ᠋ᠤᠨᠢ ᠬᠠᠨᠤᠮᠵᠢᠲᠠᠢ ᠢᠨᠢᠶᠡᠳᠦ ᠲᠣᠳᠣᠷᠠᠨ᠎ᠠ᠃ 
       ᠶᠡᠬᠡ ᠴᠠᠰᠤᠨ ᠤ᠋ ᠭᠤᠷᠪᠠᠳᠠᠬᠢ ᠡᠳᠦᠷ ᠦ᠋ᠨ ᠦᠦᠷ ᠬᠠᠷᠠᠩᠭᠤᠢ ᠳ᠋ᠤ᠌ ᠬᠠᠳᠠᠨ ᠬᠣᠩᠭᠢᠯ ᠳ᠋ᠤ᠌ ᠸᠠᠳ ᠸᠠᠳ ᠭᠡᠵᠦ ᠮᠠᠰᠢᠳᠠ ᠴᠠᠷᠢᠭᠤᠨ ᠳᠠᠭᠤ ᠲᠠᠢ ᠨᠢᠯᠬ᠎ᠠ ᠲᠠᠰᠤᠷᠠᠭ᠎ᠠ ᠦᠭᠡᠢ ᠤᠬᠢᠯᠠᠨ᠎ᠠ᠁ ᠥᠨᠥ ᠤᠯᠠᠭᠠᠨ ᠨᠢᠯᠬ᠎ᠠ ᠶ᠋ᠢᠨ ᠬᠦᠢᠰᠦ ᠶ᠋ᠢ ᠨᠢ ᠠᠪᠴᠤ ᠬᠥᠬᠡ ᠢᠮᠠᠭᠠᠨ① ᠢᠰᠢᠭᠡᠨ ᠦ᠌ ᠠᠷᠠᠰᠤᠨ ᠬᠤᠴᠢᠯᠭ᠎ᠠ ᠳ᠋ᠤ᠌ ᠪᠠᠭᠯᠠᠵᠤ ᠪᠣᠭᠣᠬᠤ ᠭᠡᠲᠡᠯ᠎ᠡ ᠬᠣᠶᠠᠷ ᠬᠥᠯ ᠨᠢ ᠲᠡᠢᠴᠢᠭᠢᠨᠡᠭᠡᠳ ᠬᠤᠴᠢᠯᠭᠠᠨ ᠳ᠋ᠤ᠌ ᠪᠣᠭᠣᠭᠳᠠᠬᠤ ᠦᠭᠡᠢ ᠪᠠᠢᠯ᠎ᠠ᠃ ᠬᠡᠰᠡᠭ ᠤᠬᠢᠯᠠᠩᠨᠠᠨ ᠬᠥᠯ ᠭᠠᠷ ᠢ᠋ᠶ᠋ᠠᠨ ᠰᠠᠷᠪᠠᠯᠵᠠᠭᠤᠯᠵᠤ《 ᠮᠠᠭᠤ ᠵᠠᠩᠨᠠᠭᠠᠳ》 ᠴᠠᠭᠠᠮᠠᠯ ᠳᠡᠪᠡᠯ ᠦ᠋ᠨ ᠬᠣᠷᠮᠣᠢ ᠳᠡᠭᠡᠷ᠎ᠡ ᠰᠢᠭᠡᠴᠢᠬᠡᠪᠡ᠃ 
       — ᠺᠥᠶᠢ᠂ ᠺᠥᠶᠢ ②! ᠡᠨᠡ ᠴᠢᠨᠢ ᠡᠷᠳᠡᠨᠢ ᠳᠡᠭᠦᠵᠢᠯᠡᠭᠰᠡᠨ ᠡᠷ᠎ᠡ ᠬᠥᠮᠦᠨ ᠪᠠᠢᠨ᠎ᠠ ᠰᠢᠳᠡ! ᠴᠢᠭᠢᠶᠡᠲᠦᠷᠦᠦ᠁ ᠭᠡᠵᠦ ᠠᠩᠴᠢᠨᠵᠠᠪ ᠨᠢᠯᠬ᠎ᠠ ᠶ᠋ᠢ ᠥᠬᠥᠭᠡᠷᠳᠡᠨ ᠰᠠᠯᠠᠢ ᠲᠠᠢ ᠨᠣᠢᠲᠠᠨ ᠵᠤᠯᠠᠢ ᠳ᠋ᠤᠨᠢ ᠬᠣᠰᠢᠭᠤ ᠪᠠᠨ ᠬᠦᠷᠭᠡᠨ ᠦᠨᠦᠰᠪᠡ᠃ 
       — ᠬᠡᠪᠡᠯᠢ ᠳᠣᠲᠣᠷ᠎ᠠ ᠪᠠᠨ《 ᠪᠢ ᠬᠦᠦ ᠪᠠᠢᠨ᠎ᠠ᠂ ᠡᠷ᠎ᠡ ᠬᠥᠮᠦᠨ ᠳᠡ》 ᠭᠡᠵᠦ ᠳᠠᠩᠴᠤ ᠮᠡᠳᠡᠭᠳᠡᠵᠦ ᠪᠠᠢᠭᠰᠠᠨ ᠶᠤᠮ ᠠ᠋᠃ ᠵᠠᠷᠢᠮ ᠳ᠋ᠠᠭᠠᠨ ᠰᠥᠨᠢᠵᠢᠨ ᠤᠨᠲᠠᠬᠤ ᠦᠭᠡᠢ ᠢᠰᠬᠦᠴᠢᠭᠡᠳ ᠵᠦᠭᠡᠷ ᠪᠠᠢᠯᠭᠠᠳᠠᠭ ᠦᠭᠡᠢ ᠭᠡᠵᠦ ᠪᠯᠠᠮᠤ ᠨᠠᠮᠤᠭᠤᠬᠠᠨ ᠳᠤᠤᠭᠠᠷᠴᠤ ᠢᠨᠢᠶᠡᠪᠬᠢᠯᠡᠪᠡ᠃  
       ᠭᠤᠷᠪᠠᠨ ᠡᠳᠦᠷ ᠳᠡᠭᠡᠷ᠎ᠡ ᠨᠢ ᠪᠯᠠᠮᠤ ᠬᠦᠦ ᠪᠡᠨ ᠠᠪᠠᠴᠢᠵᠤ ᠴᠡᠩᠬᠡᠷ ᠴᠣᠩᠬᠢᠶᠠᠯ ᠤ᠋ᠨ ᠤᠰᠤᠨ ᠳ᠋ᠤ᠌ ᠤᠬᠢᠶᠠᠯᠭ᠎ᠠ ᠬᠢᠪᠡ᠃ ᠴᠡᠩᠬᠡᠷ ᠴᠣᠩᠬᠢᠶᠠᠯ ᠤ᠋ᠨ ᠤᠰᠤ ᠡᠪᠦᠯ ᠳ᠋ᠡᠭᠡᠨ ᠬᠥᠯᠳᠡᠬᠦ ᠦᠭᠡᠢ ᠠᠭᠤᠷ ᠮᠠᠨᠠᠨ ᠲᠠᠲᠠᠨ᠎ᠠ᠃ ᠰᠠᠪᠰᠠᠭᠰᠠᠨ ᠠᠭᠤᠷ ᠨᠢ ᠴᠣᠩᠬᠢᠶᠠᠯ ᠤ᠋ᠨ ᠡᠷᠭᠢ ᠬᠠᠪᠢ ᠶ᠋ᠢᠨ ᠡᠪᠡᠰᠦ ᠪᠤᠲᠠ᠂ ᠤᠷᠭᠤᠭ᠎ᠠ ᠮᠣᠳᠣᠨ ᠤ᠋ ᠮᠥᠴᠢᠷ ᠢ᠋ ᠴᠠᠩᠲᠤᠭᠤᠯᠵᠤ ᠱᠠᠭᠱᠤᠤᠷᠭ᠎ᠠ ᠮᠥᠩᠭᠥᠨ ᠴᠡᠴᠡᠭ ᠴᠡᠴᠡᠭᠯᠡᠭᠦᠯᠦᠭᠰᠡᠨ ᠰᠢᠭ ᠭᠣᠢᠳᠠ ᠰᠠᠢᠬᠠᠨ ᠪᠣᠯᠭᠠᠳᠠᠭ ᠪᠢᠯᠡ᠃ 
       ᠲᠡᠭᠡᠭᠡᠳ ᠡᠳᠦᠷ ᠦ᠋ᠨ ᠨᠢᠭᠡ ᠴᠣᠩᠬᠢᠶᠠᠯ ᠤ᠋ᠨ ᠤᠰᠤᠨ ᠳ᠋ᠤ᠌ ᠤᠮᠪᠠᠵᠤ ᠤᠬᠢᠶᠠᠳᠠᠭ ᠤ᠋ᠨ ᠤᠴᠢᠷ ᠲᠤ ᠲᠡᠷᠡ ᠨᠢᠯᠬ᠎ᠠ ᠬᠦᠦ ᠶ᠋ᠢᠨ ᠲᠣᠷᠨᠢᠵᠤ ᠪᠣᠢᠵᠢᠬᠤ ᠨᠢ ᠭᠠᠢᠬᠠᠯᠲᠠᠢ ᠪᠠᠢᠯ᠎ᠠ᠃  ᠳᠣᠯᠣᠭ᠎ᠠ ᠬᠣᠨᠣᠭ ᠳᠡᠭᠡᠷ᠎ᠡ ᠪᠡᠨ ᠤᠷᠪᠠᠵᠤ ᠬᠥᠷᠪᠡᠨ ᠬᠠᠯᠲᠤᠰᠬᠢᠪᠡᠯ ᠡᠯᠢᠭᠡ ᠲᠦᠷᠦᠭᠦᠯᠡᠨ ᠬᠡᠪᠲᠡᠵᠦ ᠮᠡᠯᠡᠬᠡᠢ ᠰᠢᠭ ᠪᠠᠭᠠᠴᠠᠭᠠᠨᠠᠨ᠎ᠠ᠃ ᠨᠤᠭᠲᠤᠰᠬᠢᠭ᠌ᠰᠡᠭᠷ ᠳᠡᠭᠡᠭᠰᠢ ᠪᠡᠨ ᠬᠠᠷᠠᠵᠤ ᠬᠡᠪᠲᠡᠭᠡᠳ ᠬᠣᠶᠠᠷ ᠭᠠᠷ ᠨᠢ ᠶᠠᠮᠠᠷ ᠨᠢᠭᠡ ᠶᠠᠭᠤᠮ᠎ᠠ ᠪᠠᠷᠢᠬᠤ ᠭᠡᠰᠡᠨ ᠰᠢᠭ ᠰᠡᠷᠪᠡᠯᠵᠡᠵᠦ ᠬᠣᠶᠠᠷ ᠬᠥᠯ ᠢ᠋ᠶ᠋ᠡᠷ ᠢ᠋ᠶ᠋ᠡᠨ ᠬᠤᠴᠢᠯᠭ᠎ᠠ ᠪᠠᠨ ᠬᠦᠴᠦᠲᠡᠢ ᠲᠠᠢᠴᠢᠨ᠎ᠠ᠃ ᠬᠣᠶᠠᠷ ᠳᠣᠯᠣᠭ᠎ᠠ ᠬᠣᠨᠣᠭ ᠳᠡᠭᠡᠷ᠎ᠡ ᠪᠡᠨ ᠡᠬᠡ ᠡᠴᠢᠭᠡ ᠶ᠋ᠢᠨ ᠢ᠋ᠶ᠋ᠡᠨ ᠥᠭᠡᠳᠡ ᠡᠴᠡ《ᠥ᠂ ᠠ》 ᠭᠡᠵᠦ ᠨᠢᠭᠡ ᠶᠠᠭᠤᠮ᠎ᠠ ᠥᠭᠦᠯᠡᠬᠦ ᠰᠢᠭ ᠪᠣᠯᠪᠠ᠃ 
       — ᠥ᠂ ᠠ᠁ ᠭᠡᠳ ᠶᠠᠭᠤ ᠬᠡᠯᠡᠵᠦ ᠪᠠᠢᠬᠤ ᠶᠤᠮ ᠠ᠋! ᠴᠢᠨᠦ ᠲᠡᠷᠡ ᠳᠠᠯᠳᠠ ᠶ᠋ᠢᠨ ᠲᠠᠩᠭᠤᠳ ᠦᠭᠡ ᠶ᠋ᠢ ᠴᠢᠨᠢ ᠣᠢᠯᠠᠭᠠᠬᠤ ᠦᠭᠡᠢ ᠪᠠᠢᠨ᠎ᠠ ᠪᠢᠳᠡ᠁ ᠭᠡᠵᠦ ᠪᠯᠠᠮᠤ ᠬᠦᠦ ᠶ᠋ᠢᠨ ᠳᠡᠭᠡᠷ᠎ᠡ ᠡᠴᠡ ᠥᠩᠭᠡᠢᠵᠦ ᠨᠢᠯᠬ᠎ᠠ ᠲᠠᠢ ᠪᠠᠨ ᠬᠦᠦᠷᠨᠢᠬᠦ ᠳ᠋ᠦ᠍ ᠠᠩᠴᠢᠨᠵᠠᠪ᠄ 
       — ᠬᠦᠦ ᠳ᠋ᠡᠭᠡᠨ ᠨᠡᠷ᠎ᠡ ᠥᠭᠭᠦᠶ᠎ᠡ! ᠴᠠᠭᠠᠳᠤᠬᠢ ᠴᠢᠨᠢ ᠨᠡᠷ᠎ᠡ ᠭᠤᠶᠤᠵᠤ ᠪᠠᠢᠨ᠎ᠠ ᠰᠢᠦ! ᠬᠡᠨ ᠭᠡᠵᠦ ᠨᠡᠷᠡᠢᠳᠳᠡᠭ ᠪᠢᠯᠡ? ᠭᠡᠬᠦ ᠳ᠋ᠦ᠍ ᠪᠯᠠᠮᠤ᠄  
       — ᠶᠠᠭ ᠳᠠ᠂ ᠶᠠᠭ! ᠶᠠᠭᠤ ᠭᠡᠰᠡᠨ ᠨᠡᠷ᠎ᠡ ᠥᠭᠳᠡᠭ ᠪᠢᠯᠡ⁈ ᠬᠡᠨ ᠭᠡᠵᠦ ᠴᠢᠮᠠᠶ᠋ᠢ ᠨᠡᠷᠡᠢᠳᠳᠡᠭ ᠪᠢᠯᠡ⁈ ᠨᠡᠷ᠎ᠡ ᠦᠭᠡᠢ《 ᠨᠡᠬᠡᠢ》 ᠭᠡᠬᠦ ᠤᠤ? ᠣᠪᠣᠭ ᠦᠭᠡᠢ《 ᠣᠯᠵᠠᠪᠠᠢ》 ᠭᠡᠬᠦ ᠤᠤ⁈ ᠮᠢᠨᠦ ᠮᠠᠭᠤ ᠳ᠋ᠤᠯᠳᠠᠭ᠎ᠠ( ᠵᠤᠯᠵᠠᠭ᠎ᠠ)᠂ ᠮᠢᠨᠦ ᠮᠠᠭᠤ ᠳ᠋ᠤᠯᠳᠠᠭ᠎ᠠ᠁ ᠭᠡᠵᠦ ᠪᠯᠠᠮᠤ ᠬᠦᠦ ᠪᠡᠨ ᠤᠴᠢᠷ ᠦᠭᠡᠢ ᠥᠬᠥᠭᠡᠷᠳᠡᠨ᠎ᠡ᠃ ᠪᠯᠠᠮᠤ ᠬᠦᠦ ᠪᠡᠨ ᠡᠪᠦᠷ ᠲᠡᠭᠡᠨ ᠪᠣᠰᠤᠭ᠎ᠠ ᠲᠡᠪᠡᠷᠢᠬᠦ ᠳ᠋ᠦ᠍ ᠨᠢᠯᠬ᠎ᠠ ᠬᠦᠦ ᠶ᠋ᠢᠨ ᠰᠠᠨᠠᠭᠠᠨ ᠳ᠋ᠤᠨᠢ ᠨᠡᠢᠴᠡᠭᠰᠡᠨ ᠪᠣᠯᠤᠯᠲᠠᠢ ᠡᠬᠡ ᠳ᠋ᠡᠭᠡᠨ ᠢᠨᠢᠶᠡᠵᠦ ᠥᠭᠭᠦᠨ᠎ᠡ᠃  
       — ᠨᠡᠷ᠎ᠡ ᠥᠭᠭᠦᠶ᠎ᠡ ᠭᠡᠰᠡᠨ ᠴᠢᠨᠢ ᠢᠨᠢᠶᠡᠬᠦ ᠨᠢ! ᠬᠤᠷᠳᠤᠨ ᠨᠢᠭᠡ ᠨᠡᠷ᠎ᠡ ᠪᠣᠳᠣᠶ᠎ᠠ! ᠵᠠ ᠪᠠᠢᠵᠠ ᠠ᠋! ᠭᠡᠵᠦ ᠪᠣᠳᠣᠯᠭᠠᠰᠢᠷᠠᠭᠰᠠᠨ ᠳ᠋ᠤ᠌ ᠪᠯᠠᠮᠤ᠄ 
       — ᠬᠦᠦ ᠶ᠋ᠢ ᠲᠥᠷᠥᠳᠡᠭ ᠦ᠋ᠨ ᠲᠡᠷᠡ ᠰᠥᠨᠢ ᠪᠢ ᠨᠠᠷᠠ᠂ ᠰᠠᠷᠠ᠂ ᠠᠭᠤᠯᠠ ᠭᠡᠵᠦ ᠲᠠᠩᠳᠠ ᠵᠡᠭᠦᠳᠦᠯᠡᠭᠡᠳ ᠪᠠᠢᠭᠰᠠᠨ ᠶᠤᠮ ᠠ᠋! ᠭᠡᠰᠡᠨ ᠳ᠋ᠦ᠍:
       — ᠨᠠᠷᠠ ᠵᠡᠭᠦᠳᠦᠯᠡᠭᠰᠡᠨ ᠪᠣᠯ《 ᠨᠠᠷᠠᠨᠬᠦᠦ》 ᠭᠡᠶ᠎ᠡ! ᠭᠡᠳ ᠥᠯᠥᠭᠡᠢ ᠲᠡᠢ ᠬᠦᠦ ᠤᠷᠤᠭᠤ ᠥᠩᠭᠡᠢᠬᠦ ᠳ᠋ᠦ᠍ ᠨᠢᠯᠬ᠎ᠠ ᠬᠦᠦ ᠤᠬᠢᠯᠠᠩᠨᠠᠬᠤ ᠴᠢᠷᠠᠢ ᠭᠠᠷᠭᠠᠪᠠ᠃ 
       — ᠪᠣᠯᠬᠤ ᠦᠭᠡᠢ ᠶᠦᠮ ᠪᠠᠢᠨ᠎ᠠ᠃ ᠪᠠᠢᠶ᠎ᠠ᠂ ᠪᠠᠢᠶ᠎ᠠ! ᠭᠡᠵᠦ ᠨᠢᠯᠬ᠎ᠠ ᠬᠦᠦ ᠪᠡᠨ ᠠᠷᠭᠠᠳᠠᠵᠤ ᠠᠪᠤᠪᠠ᠃ 
       — ᠲᠡᠭᠡᠪᠡᠯ ᠰᠠᠷᠠ ᠵᠡᠭᠦᠳᠦᠯᠡᠭᠰᠡᠨ ᠶᠦᠮ ᠴᠢᠨᠢ《 ᠰᠠᠷᠠᠨᠬᠦᠦ》 ᠭᠡᠶ᠎ᠡ! ᠪᠣᠯᠤᠨ᠎ᠠ ᠤᠤ? ᠭᠡᠵᠦ ᠠᠩᠴᠢᠨᠵᠠᠪ ᠢ᠋ ᠬᠡᠯᠡᠬᠦ ᠳ᠋ᠦ᠍ ᠪᠯᠠᠮᠤ᠄ 
       — ᠪᠣᠯᠤᠨ᠎ᠠ ᠤᠤ? ᠭᠡᠵᠦ ᠨᠢᠯᠬ᠎ᠠ ᠬᠦᠦ ᠶ᠋ᠢᠨ ᠴᠢᠷᠠᠢ ᠶ᠋ᠢ ᠰᠢᠨᠵᠢᠪᠡᠯ ᠴᠢᠷᠠᠢ ᠨᠢ ᠦᠷᠴᠢᠢᠵᠦ ᠦᠷᠴᠢᠢᠵᠦ ᠸᠠᠳ ᠬᠢᠨ ᠳᠠᠭᠤ ᠲᠠᠯᠪᠢᠨ ᠤᠬᠢᠯᠠᠪᠠ᠃  
      《< ᠨᠠᠷᠠᠨᠬᠦᠦ ᠰᠠᠷᠠᠨᠬᠦᠦ> ᠭᠡᠰᠡᠨ ᠨᠡᠷ᠎ᠡ ᠡᠨᠡ ᠬᠦᠦ ᠳ᠋ᠦ᠍ ᠬᠠᠲᠠᠭᠤᠳᠠᠵᠤ ᠪᠤᠶᠠᠨ ᠵᠠᠶᠠᠭ᠎ᠠ ᠪᠠᠨ ᠳᠠᠭᠠᠭᠠᠬᠤ ᠦᠭᠡᠢ ᠪᠣᠯᠤᠨ᠎ᠠ》 ᠭᠡᠵᠦ ᠨᠢᠭᠡ ᠬᠥᠮᠦᠨ ᠬᠡᠯᠡᠬᠦ ᠰᠢᠭ ᠪᠣᠯᠪᠠ᠃  
       — ᠲᠡᠭᠡᠪᠡᠯ ᠠᠭᠤᠯᠠ ᠵᠡᠭᠦᠳᠦᠯᠡᠯ᠎ᠡ ᠭᠡᠰᠡᠨ ᠶᠦᠮ ᠴᠢᠨᠢ《 ᠠᠭᠤᠯᠠᠨᠬᠦᠦ》 ᠭᠡᠰᠡᠨ ᠨᠡᠷ᠎ᠡ ᠬᠠᠢᠷᠠᠯᠠᠶ᠎ᠠ ᠪᠣᠯᠤᠨ᠎ᠠ ᠤᠤ ᠭᠡᠰᠡᠨ ᠳ᠋ᠦ᠍ ᠲᠡᠷᠡ ᠨᠢᠯᠬ᠎ᠠ ᠬᠦᠦ ᠬᠠᠷᠢᠨ ᠢᠨᠢᠶᠡᠴᠢᠬᠡᠪᠡ᠃ 
       — ᠵᠠ᠂ ᠶᠠᠭ ᠮᠥᠨ! ᠠᠭᠤᠯᠠᠨᠬᠦᠦ ᠭᠡᠶ᠎ᠡ ᠭᠡᠰᠡᠨ ᠬᠦᠩᠭᠢᠨᠡᠭᠰᠡᠨ ᠳᠠᠭᠤᠨ ᠳ᠋ᠤ᠌ ᠬᠠᠳᠠᠨ ᠬᠣᠩᠭᠢᠯ ᠴᠤᠤᠷᠢᠶᠠᠳᠠᠬᠤ ᠰᠢᠭ᠋ ᠳᠤᠤᠭᠠᠷᠤᠭᠰᠠᠨ ᠳ᠋ᠤ᠌ ᠮᠡᠷᠭᠡᠨ ᠴᠠᠭᠠᠨ ᠯᠠᠮᠠᠬᠠᠢ ᠡᠭᠦᠳᠡᠨ ᠳᠡᠭᠡᠷ᠎ᠡ ᠬᠦᠷᠴᠦ ᠢᠷᠡᠭᠡᠳ ᠬᠠᠭ ᠬᠠᠭ ᠢᠨᠢᠶᠡᠵᠦ ᠪᠠᠢᠯ᠎ᠠ᠃  
       ᠪᠯᠠᠮᠤ ᠠᠩᠴᠢᠨᠵᠠᠪ ᠬᠣᠶᠠᠷ ᠭᠠᠢᠬᠠᠨ ᠮᠡᠯᠡᠷᠡᠵᠦ᠄  
       — ᠮᠡᠷᠭᠡᠨ ᠪᠠᠭᠰᠢ ᠯᠠᠮᠠᠬᠠᠢ ᠲᠠ ᠰᠠᠢᠨ! ᠳᠡᠭᠡᠭᠰᠢ ᠪᠡᠨ ᠰᠠᠭᠠᠳᠠ᠂ ᠳᠡᠭᠡᠭᠰᠢ ᠪᠡᠨ ᠰᠠᠭᠠᠲᠠ! ᠭᠡᠵᠦ ᠡᠪᠦᠳᠦᠭ ᠰᠥᠬᠥᠷᠡᠨ ᠠᠮᠤᠷ ᠡᠷᠢᠪᠡᠯ ᠯᠠᠮᠠᠬᠠᠢ᠄ 
       — ᠵᠦᠭᠡᠷ᠂ ᠵᠦᠭᠡᠷ! ᠲᠠ ᠬᠣᠶᠠᠷ ᠤ᠋ᠨ ᠬᠦᠦ ᠲᠡᠢ ᠪᠣᠯᠤᠭᠰᠠᠨ ᠳ᠋ᠤ᠌ ᠴᠢᠨᠢ ᠪᠠᠶᠠᠷ ᠬᠦᠷᠭᠡᠶ᠎ᠡ! ᠭᠡᠳ ᠨᠢᠯᠬ᠎ᠠ ᠬᠦᠦ ᠶ᠋ᠢᠨ ᠮᠠᠩᠨᠠᠢ ᠶ᠋ᠢ ᠦᠨᠦᠰᠴᠦ᠄  
       — ᠨᠠᠷᠠᠨ ᠬᠣᠷᠯᠣ ᠡᠴᠢᠭᠡ ᠶ᠋ᠢᠨ ᠰᠦᠭ ᠢ᠋ᠶ᠋ᠡᠷ  
           ᠰᠠᠷᠠᠨ ᠳᠠᠭᠢᠨᠢ ᠡᠬᠡ ᠶ᠋ᠢᠨ ᠴᠢᠰᠤ ᠪᠠᠷ   
           ᠨᠠᠢᠷᠠᠵᠤ ᠪᠦᠲᠦᠭᠰᠡᠨ ᠬᠦᠦ ᠪᠠᠢᠨ᠎ᠠ  
           ᠰᠢᠮᠡᠵᠢᠵᠦ ᠲᠣᠷᠨᠢᠬᠤ ᠡᠷ᠎ᠡ ᠪᠠᠢᠨ᠎ᠠ  
           ᠬᠠᠨ ᠮᠤᠨᠠ ᠠᠭᠤᠯᠠᠨ ᠳ᠋ᠤ᠌  
           ᠬᠠᠳᠠᠨ ᠬᠣᠩᠭᠢᠯ ᠤ᠋ᠨ ᠬᠥᠨᠳᠡᠢ ᠳ᠋ᠦ᠍  
           ᠬᠠᠢᠷᠰᠤ ᠵᠤᠵᠠᠭᠠᠨ ᠴᠠᠰᠤᠨ ᠳ᠋ᠤ᠌  
           ᠬᠠᠬᠢᠷ ᠴᠡᠪᠳᠡᠭ ᠬᠦᠢᠲᠡᠨ ᠳ᠋ᠦ᠍  
           ᠬᠠᠰᠬᠢᠷᠴᠤ ᠲᠥᠷᠥᠭᠰᠡᠨ ᠬᠦᠦ ᠪᠠᠢᠨ᠎ᠠ   
           ᠬᠠᠨᠠᠢᠵᠤ ᠪᠣᠰᠬᠤ ᠡᠷ᠎ᠡ ᠪᠠᠢᠨ᠎ᠠ  
           ᠡᠨᠡ ᠬᠦᠦ ᠶ᠋ᠢᠨ ᠨᠡᠷ᠎ᠡ— ᠠᠭᠤᠯᠠᠨᠬᠦᠦ   
           ᠡᠨᠡ ᠡᠷ᠎ᠡ ᠶ᠋ᠢᠨ ᠠᠯᠳᠠᠷ — ᠠᠭᠤᠯᠠᠨᠬᠦᠦ    
           ᠵᠠ᠂ ᠠᠭᠤᠯᠠᠨᠬᠦᠦ ᠮᠢᠨᠢ  
           ᠮᠥᠴᠡ ᠮᠥᠴᠡ ᠪᠣᠢᠵᠢᠵᠤ   
           ᠮᠥᠭᠡᠷᠰᠦ ᠶᠠᠰᠤ ᠨᠢ ᠪᠡᠬᠢᠵᠢᠭ! 
           ᠴᠠᠭ ᠴᠠᠭ ᠲᠣᠷᠨᠢᠵᠤ  
           ᠴᠢᠳᠠᠯ ᠰᠢᠷᠪᠥᠰᠥ ᠨᠢ ᠬᠠᠲᠠᠭᠤᠵᠢᠭ  
           ᠡᠳᠦᠷ ᠡᠳᠦᠷ ᠥᠰᠴᠦ 
           ᠥᠭᠡᠯᠡᠢ ᠥᠨᠳᠥᠷ ᠪᠣᠯᠤᠭ ᠠ᠋ 
ᠭᠡᠵᠦ ᠢᠷᠦᠭᠡᠭᠰᠡᠨ ᠳ᠋ᠦ᠍ ᠨᠢᠯᠬ᠎ᠠ ᠬᠦᠦ ᠯᠠᠮᠠᠬᠠᠢ ᠶ᠋ᠢᠨ ᠥᠭᠡᠳᠡ ᠡᠴᠡ ᠦ᠂ ᠠ ᠭᠡᠵᠦ ᠠᠩᠭᠠᠯᠵᠠᠨ ᠢᠨᠢᠶᠡᠨ᠎ᠡ᠃ 
       ᠪᠯᠠᠮᠤ ᠠᠩᠴᠢᠨᠵᠠᠪ ᠬᠣᠶᠠᠷ ᠮᠡᠷᠭᠡᠨ ᠴᠠᠭᠠᠨ ᠯᠠᠮᠠᠬᠠᠢ ᠳ᠋ᠤ᠌ ᠮᠡᠬᠦᠢᠨ ᠶᠣᠰᠣᠯᠠᠵᠤ᠄ 
       — ᠯᠠᠮᠠᠬᠠᠢ ᠪᠠᠭᠰᠢ ᠶ᠋ᠢᠨ ᠢᠷᠦᠭᠡᠯ ᠣᠷᠣᠰᠢᠲᠤᠭᠠᠢ! ᠭᠡᠳ ᠥᠨᠳᠡᠢᠪᠡᠯ ᠮᠡᠷᠭᠡᠨ ᠴᠠᠭᠠᠨ ᠯᠠᠮᠠᠬᠠᠢ ᠰᠠᠬᠠᠯ ᠢ᠋ᠶ᠋ᠠᠨ ᠰᠢᠪᠲᠤᠷᠤᠨ ᠮᠢᠰᠢᠶᠡᠨ᠎ᠡ᠃   

- - - - 
① ᠢᠮᠠᠭᠠᠨ ᠭᠥᠷᠥᠭᠡᠰᠦ 
② ᠨᠤᠲᠤᠭ ᠤ᠋ᠨ ᠠᠶᠠᠯᠭ᠎ᠠ ᠦᠭᠡ᠃ ᠤᠷᠠᠴᠤᠳ《ᠬᠥᠶᠢ》 ᠭᠡᠳᠡᠭ ᠢ᠋《ᠺᠥᠶᠢ》 ᠭᠡᠵᠦ ᠬᠠᠲᠠᠭᠤᠰᠢᠭᠤᠯᠤᠨ ᠳᠠᠭᠤᠳᠠᠳᠠᠭ᠃  
          
       ᠠᠭᠤᠯᠠᠨᠬᠦᠦ᠂ ᠮᠡᠷᠭᠡᠨ ᠴᠠᠭᠠᠨ ᠯᠠᠮᠠᠬᠠᠢ ᠶ᠋ᠢᠨ ᠢᠷᠥᠭᠡᠭᠰᠡᠨ ᠰᠢᠭ ᠢ᠋ᠶ᠋ᠡᠷ ᠤᠷᠭᠤᠵᠤ ᠪᠠᠢᠭ᠎ᠠ ᠰᠢᠭ᠋ ᠥᠰᠴᠦ ᠲᠣᠷᠨᠢᠨ᠎ᠠ᠃ ᠰᠠᠷ᠎ᠠ ᠪᠣᠯᠤᠭᠠᠳᠤᠢ ᠪᠠᠷ ᠡᠯᠢᠭᠡᠳᠡᠨ ᠮᠥᠯᠬᠥᠵᠦ᠂ ᠭᠤᠷᠪᠠᠨ ᠰᠠᠷ᠎ᠠ ᠶ᠋ᠢᠨ ᠨᠢᠭᠤᠷ ᠦᠵᠡᠬᠦ ᠳ᠋ᠦ᠍ ᠬᠠᠳᠠ ᠴᠢᠯᠠᠭᠤ ᠲᠦᠰᠢᠨ ᠪᠠᠭᠠᠴᠠᠭ ᠪᠠᠭᠠᠴᠠᠭ ᠠᠯᠬᠤᠵᠤ᠂ ᠬᠤᠮᠠᠭ ᠰᠢᠷᠣᠢ ᠳ᠋ᠤ᠌ ᠥᠩᠬᠥᠷᠢᠨ ᠪᠥᠮᠪᠥᠷᠢᠨ᠎ᠡ᠃ ᠠᠭᠤᠯᠠᠨᠬᠦᠦ ᠬᠠᠳᠠ ᠴᠢᠯᠠᠭᠤ ᠲᠦᠰᠢᠵᠦ ᠲᠡᠨᠲᠦᠷ ᠮᠥᠨᠳᠥᠷ ᠠᠯᠬᠤᠵᠤ ᠳᠡᠩᠰᠢᠬᠦ ᠳ᠋ᠡᠭᠡᠨ ᠬᠠᠶᠠ ᠡᠪ ᠦᠭᠡᠢᠳᠡᠵᠦ ᠣᠢᠴᠢᠬᠠᠳ ᠤᠬᠢᠯᠠᠭ ᠠᠯᠳᠠᠨ᠎ᠠ᠃ ᠬᠤᠮᠠᠭ ᠰᠢᠷᠣᠢ ᠨᠤᠬᠤᠴᠢᠵᠤ ᠬᠠᠯᠲᠠᠷ ᠪᠤᠯᠳᠠᠷ ᠴᠢᠷᠠᠢᠯᠠᠨ᠎ᠠ᠃ ᠡᠢᠨ ᠬᠦ᠌ ᠬᠠᠶᠠᠭᠠᠨ ᠳ᠋ᠤᠨᠢ ᠬᠠᠶᠠᠭᠰᠠᠨ ᠳ᠋ᠤ᠌ ᠥᠩᠬᠥᠷᠢᠵᠦ ᠪᠣᠢ᠂ ᠪᠣᠰᠴᠤ ᠪᠣᠢ᠂ ᠤᠬᠢᠯᠠᠵᠤ ᠪᠣᠢ᠂ ᠢᠨᠢᠶᠡᠵᠦ ᠪᠣᠢ᠃ ᠬᠡᠳᠦᠢ ᠬᠠᠰᠢ ᠶᠠᠰᠢ ᠥᠩᠬᠥᠷᠢᠵᠦ ᠳᠤᠤᠭᠠᠷᠤᠨ ᠳᠠᠪᠲᠠᠳᠠᠭ ᠤ᠋ᠨ ᠤᠴᠢᠷ ᠲᠤ ᠲᠡᠳᠦᠢ ᠬᠠᠲᠠᠭᠤᠵᠢᠵᠤ ᠪᠣᠢᠵᠢᠳᠠᠭ ᠤ᠋ᠨ ᠤᠬᠠᠭᠠᠨ ᠲᠠᠢ᠃ ᠨᠢᠰᠦ ᠰᠢᠯᠦᠰᠦᠨ ᠳ᠋ᠡᠭᠡᠨ ᠬᠤᠳᠬᠤᠵᠤ᠂ ᠬᠤᠮᠠᠭ ᠰᠢᠷᠣᠢ ᠳ᠋ᠤ᠌ ᠰᠢᠭᠡᠴᠢᠬᠡᠭᠡᠳ ᠮᠣᠳᠣ ᠪᠠᠷ ᠰᠢᠭᠡᠰᠦᠨ ᠭᠠᠵᠠᠷ ᠢ᠋ᠶ᠋ᠠᠨ ᠮᠠᠯᠲᠠᠨ ᠲᠦᠢᠳᠦᠨ᠎ᠡ᠃ ᠡᠢᠰᠢ ᠲᠠᠢᠰᠢ ᠴᠠᠴᠤᠯᠠᠨ ᠠᠭᠤᠯᠠᠨᠬᠦᠦ ᠶ᠋ᠢᠨ ᠴᠠᠴᠤᠯᠠᠭᠰᠠᠨ ᠰᠢᠭᠡᠰᠦ ᠲᠡᠢ ᠰᠢᠪᠡᠷ ᠰᠢᠷᠣᠢ ᠢᠳᠡᠵᠦ ᠤᠤᠭᠤᠬᠤ ᠶᠠᠭᠤᠮ᠎ᠠ ᠤᠷᠤᠭᠤ ᠴᠦ᠍ ᠦᠰᠦᠷᠬᠦ ᠳ᠋ᠦ᠍ ᠪᠯᠠᠮᠤ᠄ 
       — ᠮᠠᠭᠤ ᠴᠢᠴᠠᠭ᠎ᠠ᠂ ᠲᠤᠷᠠᠰᠬᠠᠯᠠᠬᠤ ᠤᠤ ᠴᠢᠮᠠᠶ᠋ᠢ ᠭᠡᠳ ᠰᠢᠷᠣᠢᠲᠤᠭᠰᠠᠨ ᠪᠥᠭᠰᠡᠨ ᠳᠡᠭᠡᠷ᠎ᠡ ᠨᠢ ᠫᠢᠱ ᠫᠢᠱ ᠥᠬᠥᠭᠡᠷᠳᠡᠵᠦ ᠠᠯᠠᠭᠠᠳᠠᠪᠠᠯ ᠠᠭᠤᠯᠠᠨᠬᠦᠦ ᠡᠬᠡ ᠳ᠋ᠡᠭᠡᠨ ᠦᠨᠡᠷᠬᠡᠵᠦ ᠤᠬᠢᠯᠠᠨ᠎ᠠ᠃ ᠤᠷᠤᠰᠤᠭᠰᠠᠨ ᠨᠢᠯᠪᠤᠰᠤ ᠨᠢ ᠰᠢᠷᠣᠢ ᠳ᠋ᠤ᠌ ᠳᠠᠷᠤᠭᠳᠠᠭᠰᠠᠨ ᠬᠠᠯᠲᠠᠷ ᠬᠤᠯᠲᠠᠷ ᠴᠢᠷᠠᠢ ᠳᠡᠭᠡᠷ᠎ᠡ ᠨᠢ ᠬᠣᠶᠠᠷ ᠣᠷᠣᠮ ᠤᠰᠤᠨ ᠵᠢᠷᠤᠭᠠᠰᠤ ᠪᠣᠯᠵᠤ ᠵᠤᠷᠠᠢᠨ᠎ᠠ᠃ 
       ᠰᠡᠭᠦᠯ ᠳ᠋ᠡᠭᠡᠨ ᠪᠦᠷ ᠬᠠᠳᠠᠨ ᠬᠣᠩᠭᠢᠯ ᠠ᠋ᠴᠠ ᠪᠠᠨ ᠮᠥᠯᠬᠥᠵᠦ ᠭᠠᠷᠤᠨ ᠭᠣᠣᠯ ᠤ᠋ᠨ ᠬᠥᠪᠡᠭᠡ ᠪᠤᠯᠠᠭ ᠤ᠋ᠨ ᠬᠠᠵᠠᠭᠤ ᠳ᠋ᠤ᠌ ᠣᠴᠢᠨ ᠨᠠᠭᠠᠳᠴᠤ᠂ ᠡᠬᠡ ᠨᠢ ᠲᠤᠭᠤᠯ ᠢᠪᠢᠯᠦᠭᠦᠯᠵᠦ ᠰᠠᠷᠯᠤᠭ ᠦᠨᠢᠶ᠎ᠡ ᠰᠠᠭᠠᠬᠤ ᠳ᠋ᠤ᠌ ᠠᠭᠤᠯᠠᠨᠬᠦᠦ ᠳᠡᠷᠭᠡᠳᠡ ᠨᠢ ᠮᠥᠯᠬᠥᠵᠦ ᠣᠴᠢᠭᠠᠳ ᠦᠨᠢᠶᠡᠨ ᠦ᠌ ᠪᠣᠷᠪᠢ ᠲᠣᠢᠭ ᠢ᠋ ᠲᠦᠰᠢᠵᠦ ᠪᠣᠰᠤᠨ ᠥᠪᠡᠷ ᠢ᠋ᠶ᠋ᠡᠨ ᠬᠥᠬᠥ ᠳᠠᠯᠠᠩ ᠢ᠋ ᠨᠢ ᠰᠢᠮᠡᠬᠦ ᠭᠡᠵᠦ ᠡᠬᠡ ᠪᠡᠨ ᠠᠮᠤᠷ ᠰᠦ ᠰᠠᠭᠠᠯᠭᠠᠳᠠᠭ ᠦᠭᠡᠢ᠃ ᠲᠡᠭᠡᠬᠦ ᠳ᠋ᠦ᠍ ᠪᠯᠠᠮᠤ ᠦᠨᠢᠶᠡᠨ ᠦ᠌ ᠬᠥᠬᠥᠨ ᠡᠴᠡ ᠬᠡᠳᠦ ᠰᠢᠮᠡᠭᠦᠯᠴᠢᠬᠡᠭᠡᠳ ᠬᠦᠦ ᠪᠡᠨ ᠵᠠᠢᠯᠠᠭᠤᠯᠵᠤ᠄ 
       — ᠮᠢᠨᠦ ᠬᠦᠦ ᠦᠭᠡ ᠰᠣᠨᠣᠰ᠂ ᠴᠠᠭᠠᠰᠢ ᠪᠠᠨ ᠶᠠᠪᠤᠵᠤ ᠨᠠᠭᠠᠳ! ᠭᠡᠬᠦ ᠳ᠋ᠦ᠍ᠨᠢ ᠠᠭᠤᠯᠠᠨᠬᠦᠦ ᠦᠭᠡ ᠠᠪᠴᠤ ᠴᠠᠭᠠᠰᠢ ᠮᠥᠯᠬᠥᠵᠦ ᠶᠠᠪᠤᠭᠠᠳ ᠨᠠᠷᠠᠨ ᠡᠭᠡᠪᠦᠷ ᠲᠦ᠍ ᠪᠣᠭᠵᠣᠢᠨ ᠤᠨᠲᠠᠭᠰᠠᠨ ᠲᠡᠵᠢᠭᠡᠪᠦᠷᠢ ᠵᠦᠷ ᠦ᠋ᠨ ᠢᠨᠵᠠᠭ᠎ᠠ ᠶ᠋ᠢ ᠲᠡᠪᠡᠷᠢᠬᠦ ᠭᠡᠳ ᠦᠷᠭᠦᠭᠡᠵᠦ ᠦᠢᠮᠡᠭᠦᠯᠦᠨ᠎ᠡ᠃ 
       ᠤᠭᠵᠢᠵᠤ ᠰᠤᠷᠤᠭᠰᠠᠨ ᠵᠦᠷ ᠦ᠋ᠨ ᠢᠨᠵᠠᠭ᠎ᠠ ᠠᠭᠤᠯᠠᠨᠬᠦᠦ ᠶ᠋ᠢᠨ ᠲᠦᠢᠳᠬᠦ ᠡᠴᠡ ᠡᠮᠢᠶᠡᠨ ᠦᠨᠢᠶ᠎ᠡ ᠰᠠᠭᠠᠭᠰᠠᠨ ᠪᠯᠠᠮᠤ ᠶ᠋ᠢᠨ ᠳᠡᠷᠭᠡᠳᠡ ᠣᠴᠢᠭᠠᠳ ᠬᠣᠷᠮᠣᠢ ᠬᠣᠰᠢ ᠶ᠋ᠢ ᠨᠢ ᠦᠨᠦᠷᠯᠡᠵᠦ ᠰᠢᠮᠡᠨ᠎ᠡ᠃ ᠠᠩᠴᠢᠨᠵᠠᠪ ᠬᠥᠷᠥᠭᠡᠨ ᠳ᠋ᠦ᠍ ᠶᠠᠪᠤᠭᠠᠳ ᠥᠯᠪᠡᠷᠦᠭᠰᠡᠨ ᠥᠨᠥᠴᠢᠨ ᠢᠨᠵᠠᠭ᠎ᠠ ᠲᠡᠪᠡᠷᠢᠵᠦ ᠢᠷᠡᠭᠡᠳ ᠭᠡᠷ ᠬᠥᠮᠦᠨ ᠬᠣᠶᠠᠷ ᠲᠤ ᠳᠠᠰᠬᠠᠭᠰᠠᠨ ᠨᠢ ᠡᠨᠡ᠃ 
       ᠲᠡᠢᠨ ᠬᠦ᠌ ᠠᠭᠤᠯᠠᠨᠬᠦᠦ ᠢᠨᠵᠠᠭ᠎ᠠ ᠬᠣᠶᠠᠷ ᠠᠷᠭ᠎ᠠ ᠦᠭᠡᠢ ᠢᠵᠢᠯᠢᠰᠢᠨ ᠳᠠᠳᠴᠠᠢ᠃ ᠠᠭᠤᠯᠠᠨᠬᠦᠦ ᠵᠦᠷ ᠦ᠋ᠨ ᠢᠨᠵᠠᠭ᠎ᠠ ᠶ᠋ᠢ ᠲᠡᠪᠡᠷᠢᠬᠦ ᠭᠡᠳ ᠨᠣᠴᠣᠯᠳᠤᠵᠤ ᠢᠨᠵᠠᠭ᠎ᠠ ᠲᠠᠢ ᠪᠠᠨ ᠳᠠᠷᠤᠴᠠᠨ ᠣᠢᠴᠢᠭᠠᠳ ᠢᠨᠵᠠᠭ᠎ᠠ ᠨᠢ ᠴᠠᠭᠠᠰᠢ ᠬᠠᠳᠠ ᠳᠠᠮᠵᠢᠨ ᠬᠠᠷᠠᠢᠨ ᠭᠦᠶᠦᠴᠢᠬᠡᠳᠡᠭ᠃ ᠠᠭᠤᠯᠠᠨᠬᠦᠦ ᠬᠥᠭᠡᠭᠡᠵᠦ ᠭᠦᠢᠴᠡᠬᠦ ᠦᠭᠡᠢ᠂ ᠬᠣᠷᠣ ᠨᠢ ᠬᠥᠳᠡᠯᠬᠦ ᠳ᠋ᠡᠭᠡᠨ ᠴᠢᠯᠠᠭᠤᠳᠠᠳᠠᠭ᠃ 
       ᠠᠭᠤᠯᠠᠨ ᠳ᠋ᠤ᠌ ᠨᠠᠮᠤᠷ ᠡᠷᠲᠡ ᠰᠠᠭᠠᠲᠠᠳᠠᠭ ᠠᠵᠢ᠃ ᠨᠠᠪᠴᠢᠰ ᠰᠢᠷᠠᠯᠠᠵᠤ ᠪᠠᠢᠭᠰᠠᠨ ᠢ᠋ᠶ᠋ᠠᠨ ᠱᠠᠵᠢᠭᠢᠨᠠᠨ ᠤᠨᠠᠵᠤ᠂ ᠭᠣᠣᠯ ᠳᠠᠭᠠᠭᠰᠠᠨ ᠭᠠᠵᠠᠷ ᠲᠤ ᠨᠠᠪᠴᠢᠨ ᠳᠡᠪᠢᠰᠬᠡᠷ ᠳᠡᠪᠢᠰᠦᠭᠰᠡᠨ ᠰᠢᠭ ᠳᠡᠭᠡᠭᠦᠷ ᠨᠢ ᠭᠢᠰᠬᠢᠬᠦᠯᠡᠷ ᠨᠠᠮᠢᠰ ᠨᠠᠮᠢᠰ ᠨᠠᠮᠢᠯᠵᠠᠬᠤ ᠨᠢ ᠲᠠᠭᠠᠲᠠᠢ᠃ ᠠᠭᠤᠯᠠᠨᠬᠦᠦ ᠬᠠᠳᠠᠨ ᠬᠣᠩᠭᠢᠯ ᠤ᠋ᠨ ᠢ᠋ᠶ᠋ᠠᠨ ᠣᠢᠷ᠎ᠠ ᠬᠠᠪᠢ ᠶ᠋ᠢᠨ ᠳᠣᠯᠣᠭᠠᠨ᠎ᠠ ᠦᠷᠢᠯ ᠦ᠋ᠨ ᠮᠣᠳᠣᠨ ᠤ᠋ ᠳᠣᠣᠷ᠎ᠠ ᠣᠴᠢᠵᠤ ᠬᠥᠰᠡᠷ ᠤᠨᠠᠭᠰᠠᠨ ᠳᠣᠯᠣᠭᠠᠨ᠎ᠠ ᠦᠷᠢᠯ ᠵᠡᠷᠭᠡ ᠵᠡᠷᠯᠢᠭ ᠵᠢᠮᠢᠰ ᠲᠡᠭᠦᠵᠦ ᠢᠳᠡᠨ᠎ᠡ᠃ ᠬᠥᠭᠡᠷᠦᠬᠦᠨ ᠢᠨᠵᠠᠭ᠎ᠠ ᠨᠢ ᠴᠦ᠍ ᠲᠡᠭᠦᠨ ᠦ᠌ ᠬᠠᠵᠠᠭᠤ ᠬᠠᠪᠢᠷᠭ᠎ᠠ ᠪᠠᠷ ᠦᠰᠦᠷᠴᠦ ᠲᠣᠭᠯᠠᠨ᠎ᠠ᠃  
       ᠨᠢᠭᠡ ᠮᠡᠳᠡᠬᠦ ᠳ᠋ᠦ᠍ ᠬᠦᠢᠲᠡ ᠣᠷᠣᠵᠤ ᠭᠣᠣᠯ ᠭᠣᠷᠣᠬ᠎ᠠ ᠳᠡᠰ ᠨᠢᠰ ᠬᠥᠯᠳᠡᠵᠦ᠂ ᠠᠭᠤᠯᠠ ᠲᠤᠯᠤᠭᠠᠳ ᠠᠯᠠᠭ ᠴᠣᠬᠣᠷ ᠴᠠᠰᠤᠨ ᠳ᠋ᠤ᠌ ᠬᠤᠴᠢᠭᠳᠠᠪᠠ᠃  
       ᠠᠭᠤᠯᠠᠨᠬᠦᠦ ᠬᠦᠢᠲᠡᠨ ᠡᠴᠡ ᠳᠠᠯᠳᠢᠷᠠᠬᠤ ᠦᠭᠡᠢ ᠪᠣᠯᠪᠠᠴᠤ ᠭᠠᠳᠠᠨ᠎ᠠ ᠳᠡᠮᠡᠢ ᠭᠠᠷᠳᠠᠭ ᠦᠭᠡᠢ᠂ ᠬᠠᠳᠠᠨ ᠬᠣᠩᠭᠢᠯ ᠳᠣᠲᠣᠷ᠎ᠠ ᠪᠠᠨ ᠠᠷᠭᠠᠯᠢ ᠤᠭᠠᠯᠵᠠ᠂ ᠭᠣᠷ ᠵᠦᠷ᠂ ᠬᠥᠬᠡ ᠢᠮᠠᠭᠠᠨ ᠤ᠋ ᠠᠷᠠᠰᠤ ᠳᠤᠷᠠᠰᠬᠠᠨ ᠳᠡᠭᠡᠷ᠎ᠡ ᠥᠩᠭᠥᠷᠢᠳᠡᠵᠦ  ᠪᠥᠮᠪᠥᠷᠢᠨ ᠬᠠᠳᠠᠨ ᠬᠣᠩᠭᠢᠯ ᠢ᠋ ᠡᠷᠦᠢ ᠬᠤᠷᠤᠢ ᠦᠭᠡᠢ ᠪᠤᠵᠢᠭᠢᠨᠠᠭᠤᠯᠤᠨ᠎ᠠ᠃ ᠵᠠᠷᠢᠮ ᠳ᠋ᠠᠭᠠᠨ ᠭᠥᠷᠦᠭᠡᠰᠦᠨ ᠦ᠌ ᠠᠷᠠᠰᠤᠨ ᠳᠣᠲᠣᠷ᠎ᠠ ᠡᠴᠢᠭᠡ ᠡᠬᠡ ᠡᠴᠡ ᠪᠡᠨ ᠨᠢᠭᠤᠨ ᠳᠠᠯᠳᠠᠯᠠᠵᠤ ᠪᠠᠢᠨ᠎ᠠ ᠭᠡᠳ ᠶᠠᠭᠤ ᠴᠦ᠍ ᠮᠡᠳᠡᠬᠦ ᠦᠭᠡᠢ ᠤᠨᠲᠠᠴᠢᠬᠠᠳᠠᠭ᠃ ᠲᠡᠭᠡᠭᠡᠳ ᠡᠴᠢᠭᠡ ᠡᠬᠡ ᠪᠡᠷ ᠢ᠋ᠶ᠋ᠡᠨ ᠡᠷᠢᠭᠦᠯᠵᠦ ᠰᠢᠨᠠᠯᠭᠠᠨ ᠰᠦᠢᠳ ᠪᠣᠯᠳᠠᠭ᠃ 
       ᠡᠳᠦᠷ ᠰᠠᠷ᠎ᠠ ᠶ᠋ᠢᠨ ᠥᠩᠭᠡᠷᠡᠬᠦ ᠦᠨᠡᠬᠡᠷ ᠬᠤᠷᠳᠤᠨ᠃ ᠨᠢᠭᠡ ᠮᠡᠳᠡᠬᠦ ᠳ᠋ᠦ᠍ ᠠᠭᠤᠯᠠᠨᠬᠦᠦ ᠶ᠋ᠢᠨ ᠵᠢᠯ ᠦ᠋ᠨ ᠣᠢ ᠲᠤᠯᠴᠢᠬᠠᠭᠰᠠᠨ ᠪᠠᠢᠯ᠎ᠠ᠃  
       ᠠᠩᠴᠢᠨᠵᠠᠪ ᠪᠯᠠᠮᠤ ᠬᠣᠶᠠᠷ ᠬᠦᠦ ᠳ᠋ᠡᠭᠡᠨ ᠥᠷᠪᠥᠭᠡ ᠬᠠᠢᠴᠢᠯᠠᠬᠤ《ᠨᠠᠢᠷ》 ᠬᠢᠬᠦ ᠭᠡᠵᠦ ᠪᠤᠵᠢᠭᠢᠨᠠᠪᠠ᠃ ᠠᠩᠴᠢᠨᠵᠠᠪ ᠠᠷᠭᠠᠯᠢ ᠶ᠋ᠢᠨ ᠮᠥᠴᠢ ᠴᠢᠨᠠᠵᠤ᠂ ᠪᠯᠠᠮᠤ ᠬᠦᠦ ᠶ᠋ᠢᠨ ᠣᠢ ᠪᠢᠯᠢᠭ ᠰᠣᠷᠢᠬᠤ ᠶᠠᠭᠤᠮ᠎ᠠ ᠪᠠᠵᠠᠭᠠᠵᠤ ᠶᠠᠭᠠᠷᠠᠪᠠ᠃ 
       ᠮᠡᠷᠭᠡᠨ ᠴᠠᠭᠠᠨ ᠯᠠᠮᠠᠬᠠᠢ ᠴᠦ᠍ ᠤᠷᠢᠯᠭ᠎ᠠ ᠳ᠋ᠤ᠌ ᠢᠷᠡᠭᠰᠡᠨ ᠪᠣᠯᠬᠣᠷ ᠬᠠᠳᠠᠨ ᠬᠣᠩᠭᠢᠯ ᠤ᠋ᠨ ᠥᠪᠥᠩ ᠳᠣᠲᠣᠷ᠎ᠠ ᠪᠥᠭᠡᠮ ᠪᠠᠶᠠᠷ ᠪᠣᠯᠪᠠ᠃ 
       ᠮᠣᠳᠣᠨ ᠲᠠᠭᠱᠠᠨ ᠳ᠋ᠤ᠌ ᠴᠡᠩᠬᠡᠷ ᠬᠠᠳᠠᠭ ᠳᠡᠯᠭᠡᠵᠦ ᠳᠡᠭᠡᠷ᠎ᠡ ᠨᠢ ᠬᠠᠢᠴᠢ᠂ ᠵᠡᠭᠦᠦ ᠤᠲᠠᠰᠤ᠂ ᠰᠠᠮ ᠱᠦᠭᠦᠷ᠂ ᠨᠣᠭᠣᠭᠠᠨ ᠣᠭ᠌ᠶᠤ᠂ ᠭᠠᠷ ᠵᠣᠭᠣᠰ᠂ ᠭᠤᠷᠪᠠᠨ ᠰᠠᠯᠠᠭᠠᠲᠤ ᠭᠤᠷ᠎ᠠ ᠶ᠋ᠢᠨ ᠡᠪᠡᠷ ᠰᠣᠶᠣᠭ᠎ᠠ᠂ ᠭᠤᠷᠭᠤᠤᠯ ᠤ᠋ᠨ ᠥᠲᠥᠨ ᠦ᠌ ᠭᠤᠤᠷᠰᠤ ᠪᠠᠷ ᠵᠣᠷᠭᠣᠭᠰᠠᠨ ᠦᠵᠦᠭ᠁ ᠵᠡᠷᠭᠡ ᠶ᠋ᠢᠨ ᠶᠠᠭᠤᠮ᠎ᠠ ᠶᠠᠩᠵᠤᠯᠠᠨ ᠲᠠᠯᠪᠢᠵᠤ ᠣᠢ ᠳ᠋ᠠᠭᠠᠨ ᠬᠦᠷᠦᠭᠡ ᠨᠢᠯᠬ᠎ᠠ ᠶ᠋ᠢᠨ ᠥᠷᠪᠥᠭᠡ ᠶ᠋ᠢ ᠬᠥᠨᠳᠡᠵᠦ ᠬᠠᠢᠴᠢᠯᠠᠬᠤ ᠳ᠋ᠤ᠌ ᠨᠢᠯᠬ᠎ᠠ ᠬᠡᠦᠬᠡᠳ ᠦ᠋ᠨ ᠬᠣᠵᠢᠮ ᠬᠣᠢᠰᠢᠳᠠ ᠶ᠋ᠢᠨ ᠵᠠᠶᠠᠭ᠎ᠠ ᠲᠠᠪᠢᠯᠠᠩ ᠤ᠋ᠨ ᠵᠥᠩᠨᠡᠯ ᠦ᠋ᠨ ᠡᠳ᠋ ᠶᠠᠭᠤᠮ᠎ᠠ ᠶ᠋ᠢ ᠪᠡᠯᠭᠡᠰᠢᠶᠡᠨ ᠲᠠᠨᠢᠭᠤᠯᠤᠨ᠎ᠠ᠃  
       ᠮᠡᠷᠭᠡᠨ ᠴᠠᠭᠠᠨ ᠯᠠᠮᠠᠬᠠᠢ ᠲᠠᠭᠱᠠᠨ ᠳᠣᠲᠣᠷ᠎ᠠ ᠠ᠋ᠴᠠ ᠬᠠᠢᠴᠢ ᠠᠪᠴᠤ ᠠᠭᠤᠯᠠᠨᠬᠦᠦ ᠶ᠋ᠢᠨ ᠬᠣᠶᠠᠷ ᠴᠢᠮᠠᠷᠬᠠᠢ᠂ ᠰᠢᠯᠢ ᠶ᠋ᠢᠨ ᠬᠣᠩᠬᠣᠷ ᠠ᠋ᠴᠠ ᠨᠢ ᠴᠢᠮᠬᠢ ᠴᠢᠮᠬᠢ ᠥᠷᠪᠥᠭᠡ ᠶ᠋ᠢ ᠬᠥᠨᠳᠡᠢ ᠬᠠᠢᠴᠢᠯᠠᠵᠤ ᠲᠠᠭᠱᠠ ᠳᠣᠲᠣᠷ᠎ᠠ ᠲᠠᠯᠪᠢᠭᠠᠳ᠄ 
       — ᠵᠠ᠂ ᠣᠳᠣ ᠡᠨᠡ ᠬᠦᠦ ᠪᠡᠷ ᠲᠠᠭᠱᠠ ᠶ᠋ᠢᠨ ᠡᠳ᠋ ᠶᠠᠭᠤᠮ᠎ᠠ ᠠ᠋ᠴᠠ ᠲᠠᠨᠢᠭᠤᠯᠵᠤ ᠠᠪᠤᠭᠤᠯᠤᠭᠠᠷᠠᠢ! ᠬᠡᠦᠬᠡᠨ ᠪᠣᠯᠤᠭᠰᠠᠨ ᠪᠣᠯ ᠬᠠᠢᠴᠢ᠂ ᠵᠡᠭᠦᠦ ᠤᠲᠠᠰᠤ ᠪᠤᠶᠤ ᠣᠭ᠌ᠶᠤ ᠱ᠌ᠢᠷᠦ ᠶ᠋ᠢ ᠲᠡᠮᠲᠡᠷᠢᠵᠦ ᠵᠠᠰᠠᠯ ᠵᠢᠮᠰᠡᠭ ᠦᠢᠯᠡ ᠤᠲᠠᠰᠤᠨ ᠤ᠋ ᠵᠦᠢᠯ ᠢ᠋ ᠠᠪᠬᠤ ᠨᠢ ᠳᠡᠢᠯᠦᠩᠬᠡᠢ᠃ ᠭᠡᠬᠦ ᠳ᠋ᠡᠭᠡᠨ ᠵᠠᠷᠢᠮ ᠬᠦᠦᠴᠦᠦᠯ ᠴᠦ᠍ ᠦᠢᠯᠡ ᠤᠲᠠᠰᠤ ᠶ᠋ᠢ ᠠᠪᠬᠤ ᠨᠢ ᠪᠣᠢ᠃ ᠠᠭᠤᠯᠠᠨᠬᠦᠦ ᠴᠣᠬᠣᠮ ᠶᠠᠭᠤᠨ ᠳ᠋ᠤᠨᠢ ᠰᠣᠨᠢᠷᠬᠠᠯᠲᠠᠢ ᠶᠤᠮ ᠪᠣᠯ? ᠭᠡᠬᠦ ᠳ᠋ᠦ᠍ ᠪᠯᠠᠮᠤ ᠬᠦᠦ ᠪᠡᠨ ᠲᠡᠳᠡᠭᠡᠷ ᠡᠷᠢᠶᠡᠨ ᠪᠠᠷᠠᠭᠠᠨ ᠶᠠᠭᠤᠮ᠎ᠠ ᠲᠠᠢ ᠲᠠᠭᠱᠠ ᠤᠷᠤᠭᠤ ᠣᠢᠷᠠᠲᠤᠭᠤᠯᠪᠠᠯ ᠬᠠᠷᠢᠨ ᠠᠭᠤᠯᠠᠨᠬᠦᠦ ᠲᠠᠭᠱᠠ ᠲᠠᠢ ᠨᠢ ᠲᠡᠪᠡᠷᠢᠬᠦ ᠭᠡᠵᠦ ᠰᠠᠷᠪᠠᠢᠪᠠ᠃ 
       — ᠺᠥᠶᠢ! ᠪᠣᠯᠬᠤ ᠦᠭᠡᠢ ᠬᠡᠦᠬᠡ ᠠ᠋! ᠡᠭᠦᠨ ᠳᠣᠲᠣᠷ᠎ᠠ ᠠ᠋ᠴᠠ ᠭᠠᠭᠴᠠᠬᠠᠨ ᠨᠢᠭᠡ ᠯᠡ ᠶᠠᠭᠤᠮ᠎ᠠ ᠶ᠋ᠢ ᠠᠪᠤᠨ᠎ᠠ ᠰᠢᠦ ᠭᠡᠬᠦ ᠳ᠋ᠦ᠍ ᠠᠭᠤᠯᠠᠨᠬᠦᠦ ᠳᠤᠷ᠎ᠠ ᠦᠭᠡᠢᠯᠡᠭᠰᠡᠨ ᠪᠠᠢᠳᠠᠯ ᠲᠠᠢ ᠡᠬᠡ ᠶ᠋ᠢᠨ ᠢ᠋ᠶ᠋ᠡᠨ ᠡᠪᠦᠷ ᠲᠦ᠍ ᠨᠠᠭᠠᠰᠢ ᠴᠠᠭᠠᠰᠢ ᠬᠣᠯᠬᠢᠨ ᠳᠡᠭᠡᠭᠰᠢ ᠪᠡᠨ ᠣᠭᠰᠢᠨ ᠣᠭᠲᠣᠬᠠᠨ ᠴᠦ᠍ ᠵᠦᠭᠡᠷ ᠪᠠᠢᠯᠭᠠᠬᠤ ᠦᠭᠡᠢ᠃  
       ᠠᠭᠤᠯᠠᠨᠬᠦᠦ ᠲᠠᠭᠱᠠ ᠲᠠᠢ ᠶᠠᠭᠤᠮᠠᠨ ᠠ᠋ᠴᠠ ᠭᠠᠷ ᠲᠤᠨᠢ ᠥᠷᠲᠥᠬᠦ ᠡᠴᠡ ᠭᠤᠷᠪᠠᠨ ᠰᠠᠯᠠᠭᠠᠲᠤ ᠭᠤᠷ᠎ᠠ ᠶ᠋ᠢᠨ ᠡᠪᠡᠷ ᠰᠣᠶᠣᠭ᠎ᠠ ᠶ᠋ᠢ ᠠᠪᠴᠤ ᠠᠮᠠ ᠤᠷᠤᠭᠤ ᠪᠠᠨ ᠵᠦᠭᠯᠡᠭᠦᠯᠦᠨ᠎ᠡ᠃ 
       — ᠣ᠂ ᠬᠥᠭᠡᠷᠦᠬᠦᠢ ᠳᠡ᠂ ᠠᠪᠤ ᠰᠢᠭ᠋ ᠢ᠋ᠶ᠋ᠡᠨ ᠠᠳᠤᠭᠤᠴᠢᠨ ᠪᠣᠯᠬᠤ ᠶᠤᠮ ᠪᠢᠵᠡ ᠳᠡ! ᠭᠡᠵᠦ ᠡᠬᠡ ᠨᠢ ᠬᠦᠦ ᠪᠡᠨ ᠥᠬᠥᠭᠡᠷᠳᠡᠪᠡᠯ ᠠᠩᠴᠢᠨᠵᠠᠪ ᠤ᠋ᠨ ᠳᠣᠲᠣᠷ᠎ᠠ ᠮᠠᠰᠢ ᠬᠠᠨᠤᠮᠵᠢᠲᠠᠢ ᠰᠠᠨᠠᠭᠳᠠᠵᠤ《 ᠡᠴᠢᠭᠡ ᠶ᠋ᠢᠨ ᠬᠦᠦ ᠶᠦᠮ ᠴᠢᠨᠢ ᠡᠴᠢᠭᠡ ᠪᠡᠨ ᠳᠠᠭᠤᠷᠢᠶᠠᠬᠤ ᠨᠢ ᠵᠦᠢᠲᠡᠢ》 ᠭᠡᠵᠦ ᠬᠡᠬᠦᠳᠡᠭ ᠳᠣᠲᠣᠷ᠎ᠠ ᠪᠠᠨ ᠬᠡᠯᠡᠵᠦ ᠪᠠᠢᠯ᠎ᠠ᠃ 
       — ᠡᠷ᠎ᠡ ᠬᠥᠮᠦᠨ ᠦ᠌ ᠡᠳ᠋ᠯᠡᠯ ᠳ᠋ᠦ᠍ ᠰᠣᠨᠢᠷᠬᠠᠯᠲᠠᠢ ᠪᠠᠢᠨ᠎ᠠ ᠰᠢᠦ ᠳᠡ! ᠰᠠᠢᠨ ᠡᠷ᠎ᠡ ᠪᠣᠯᠬᠤ ᠨᠢ ᠠ᠋! ᠭᠡᠵᠦ ᠮᠡᠷᠭᠡᠨ ᠴᠠᠭᠠᠨ ᠯᠠᠮᠠᠬᠠᠢ ᠠᠭᠤᠯᠠᠨᠬᠦᠦ ᠶ᠋ᠢ ᠦᠨᠦᠰᠴᠦ᠄  
       — ᠤᠸᠮ ᠰᠠᠢᠨ ᠠᠮᠤᠭᠤᠯᠠᠩᠳᠠᠨ ᠪᠣᠯᠲᠤᠭᠠᠢ! 
            ᠁  
            ᠰᠠᠢᠨ ᠢ᠋ ᠰᠤᠷᠴᠤ ᠠᠪᠤᠪᠠᠰᠤ ᠮᠠᠨᠳᠤᠮᠤᠢ  
            ᠰᠠᠮᠠᠭᠤᠨ ᠶᠠᠪᠤᠪᠠᠰᠤ ᠰᠥᠨᠥᠮᠦᠢ  
            ᠰᠠᠨᠠᠭ᠎ᠠ ᠶ᠋ᠢ ᠦᠨᠡᠨ ᠴᠢᠩ ᠳ᠋ᠦ᠍ᠷ ᠬᠦᠷᠭᠡᠭᠲᠦᠨ 
            ᠰᠠᠷᠠᠭᠤᠯ ᠭᠡᠭᠡᠨ ᠪᠠᠲᠤ ᠮᠡᠷᠭᠡᠨ ᠪᠣᠯᠤᠭᠲᠤᠨ! 
            ᠬᠠᠰᠠᠷ ᠪᠣᠭᠳᠠ ᠡᠵᠡᠨ ᠴᠢᠨᠦ 
            ᠬᠠᠷᠠᠬᠠᠨ ᠪᠠᠭ᠎ᠠ ᠠᠷᠪᠠᠨ ᠲᠠᠪᠤᠨ ᠠ᠋ᠴᠠ ᠡᠬᠢᠯᠡᠵᠦ  
            ᠵᠦᠭ ᠵᠦᠭ ᠲᠦ᠍ᠷ ᠵᠣᠬᠢᠰ ᠢ᠋ᠶ᠋ᠠᠷ ᠶᠠᠪᠤᠨ 
            ᠳᠥᠷᠪᠡᠨ ᠬᠠᠷᠢ ᠶ᠋ᠢᠨ ᠠᠢᠮᠠᠭ ᠤ᠋ᠳ ᠢ᠋ 
            ᠡᠷᠬᠡ ᠳ᠋ᠡᠭᠡᠨ ᠣᠷᠣᠭᠤᠯᠤᠨ 
            ᠬᠡᠷᠴᠡᠭᠡᠢ ᠶ᠋ᠢ ᠰᠥᠨᠥᠭᠦᠯᠦᠨ 
            ᠵᠢᠷᠤᠮᠲᠠᠨ ᠢ᠋ ᠠᠮᠤᠭᠤᠯᠤᠨ 
            ᠵᠠᠭᠤᠨ ᠠᠢᠮᠠᠭ ᠣᠯᠠᠨ ᠣᠪᠣᠭ ᠪᠦᠭᠦᠳᠡ ᠶ᠋ᠢ  
            ᠡᠩᠬᠡ ᠨᠠᠢᠷᠠᠯᠳᠤᠨ ᠵᠣᠬᠢᠶᠠᠭᠠᠳ 
            ᠶᠤᠸᠠᠨ ᠤ᠋ ᠲᠥᠷᠥ ᠪᠠᠢᠭᠤᠯᠤᠭᠰᠠᠨ  
            ᠶᠠᠪᠤᠳᠠᠯ ᠤ᠋ᠨ ᠶᠡᠬᠡ ᠬᠦᠴᠦᠨ ᠦ᠌ ᠡᠬᠢ ᠢᠨᠤ 
            ᠬᠠᠰᠠᠷ ᠪᠣᠭᠳᠠ ᠠ᠋ᠴᠠ ᠭᠠᠷᠤᠭᠰᠠᠨ ᠤ᠋ ᠲᠤᠯᠠ 
            ᠠᠴᠢ ᠲᠤᠰᠠ ᠲᠩᠷᠢ ᠮᠡᠲᠦ ᠥᠨᠳᠥᠷ ᠪᠥᠭᠡᠳ 
            ᠭᠠᠵᠠᠷ ᠮᠡᠲᠦ ᠥᠷᠭᠡᠨ ᠪᠣᠯᠵᠤᠬᠤᠢ᠃  
            ᠡᠷᠬᠢᠮ ᠪᠣᠭᠳᠠ ᠬᠠᠰᠠᠷ ᠠ᠋ᠴᠠ  
            ᠡᠳᠦᠭᠡ ᠦᠶ᠎ᠡ ᠪᠣᠯᠲᠠᠯ᠎ᠠ 
            ᠡᠨᠳᠡᠭᠳᠡᠯ ᠦᠭᠡᠢ ᠤᠯᠠᠮᠵᠢᠯᠠᠭᠰᠠᠨ 
            ᠡᠷᠲᠡ ᠶ᠋ᠢᠨ ᠤᠭ ᠤ᠋ᠨ ᠥᠯᠵᠡᠢ ᠪᠣᠯᠠᠢ 
            ᠰᠦᠰᠦᠭᠯᠡᠨ ᠰᠠᠨᠠᠭᠲᠤᠨ᠃ 
            ᠵᠠ᠂ ᠤᠸᠮ ᠰᠠᠢᠨ ᠵᠢᠷᠭᠠᠯᠠᠩᠲᠠᠨ ᠪᠣᠯᠲᠤᠭᠠᠢ! 
            ᠡᠷ᠎ᠡ ᠶ᠋ᠢᠨ ᠰᠠᠢᠨ ᠪᠥᠬᠡ ᠪᠣᠯᠲᠤᠭᠠᠢ! 
            ᠲᠤᠷᠪᠢ ᠴᠢᠮᠥᠭᠡ ᠴᠢᠩᠭᠠᠷᠠᠶᠤ ᠰᠠᠨ 
            ᠲᠤᠭᠤᠯ ᠪᠢᠷᠠᠭᠤ ᠲᠡᠪᠡᠷᠢᠨ ᠳᠠᠪᠲᠠ 
            ᠲᠣᠭᠠᠯᠠᠩ ᠨᠡᠮᠡᠵᠦ ᠳᠠᠬᠢᠨ ᠳᠠᠪᠲᠠ  
            ᠲᠤᠭᠤᠰᠢᠲᠠᠢ ᠵᠣᠷᠢᠭ ᠢ᠋ᠶ᠋ᠠᠷ ᠦᠬᠦᠨ ᠳᠠᠪᠲᠠ 
            ᠡᠨᠳᠡᠯ ᠦᠭᠡᠢ ᠲᠡᠪᠡᠷᠢᠬᠦ ᠰᠠᠨ  
            ᠡᠳᠦᠷ ᠡᠳᠦᠷ ᠪᠥᠬᠡᠵᠢᠨ ᠳᠠᠪᠲᠠ  
            ᠥᠷᠥᠴᠡ ᠪᠦᠳᠦᠭᠦᠨ ᠪᠥᠬᠡ ᠰᠢᠭ 
            ᠦᠵᠦᠭᠦᠷ ᠪᠥᠬᠡ ᠪᠣᠯᠤᠶᠤ! 
            ᠪᠢᠷ᠎ᠠ ᠲᠡᠩᠬᠡᠭᠡ ᠣᠷᠣᠶᠤ ᠰᠠᠨ 
            ᠪᠢᠷᠠᠭᠤ ᠭᠤᠨ᠎ᠠ ᠲᠡᠪᠡᠷᠢᠨ ᠰᠣᠷᠢ  
            ᠰᠢᠨᠳᠠᠰᠤ ᠲᠣᠭᠠᠯᠠᠨ ᠠᠬᠢᠨᠲᠠ ᠰᠣᠷᠢ  
            ᠰᠢᠨᠲᠠᠷᠠᠰᠢ ᠦᠭᠡᠢ ᠮᠠᠬᠠᠷᠠᠨ ᠰᠣᠷᠢ  
            ᠮᠠᠷᠲᠠᠯ ᠦᠭᠡᠢ ᠰᠣᠷᠢᠬᠤ ᠰᠠᠨ 
            ᠮᠠᠷᠭᠠᠲᠤᠷ ᠮᠠᠷᠭᠠᠲᠤᠷ ᠲᠠᠭᠠᠨ ᠪᠠᠰᠠ ᠰᠣᠷᠢ 
            ᠮᠠᠭᠠᠳ ᠪᠥᠬᠡ ᠦᠷᠡᠵᠡ ᠰᠢᠭ 
            ᠮᠠᠩᠯᠠᠢ ᠪᠥᠬᠡ ᠪᠣᠯᠤᠶᠤ! ᠭᠡᠵᠦ ᠮᠡᠷᠭᠡᠨ ᠴᠠᠭᠠᠨ ᠯᠠᠮᠠᠬᠠᠢ ᠠᠭᠤᠯᠠᠨᠬᠦᠦ ᠶ᠋ᠢᠨ ᠥᠷᠪᠥᠭᠡ ᠬᠠᠢᠴᠢᠯᠠᠬᠤ ᠳ᠋ᠤ᠌ ᠢᠩᠭᠢᠵᠦ ᠢᠷᠥᠭᠡᠪᠡᠢ᠃ 
       ᠮᠣᠩᠭᠣᠯ ᠬᠥᠮᠦᠨ ᠪᠡᠯᠭᠡ ᠪᠡᠷ ᠭᠡᠵᠦ ᠬᠠᠭᠤᠴᠢᠨ ᠤ᠋ ᠬᠥᠮᠦᠰ ᠬᠡᠯᠡᠳᠡᠭ᠃ ᠮᠣᠩᠭᠣᠯ ᠬᠥᠮᠦᠨ ᠶᠡᠷᠦ ᠡᠴᠡ ᠥᠭᠡᠳᠡ ᠡᠰᠡᠷᠡᠭ ᠢ᠋ ᠪᠡᠯᠭᠡᠰᠢᠶᠡᠵᠦ᠂ ᠠᠮᠠ ᠬᠠᠵᠠᠢᠭᠰᠠᠨ ᠪᠡᠯᠭᠡ ᠢᠷᠣ᠎ᠠ ᠦᠭᠡᠢ ᠶᠠᠭᠤᠮ᠎ᠠ ᠶ᠋ᠢ ᠬᠡᠵᠢᠶᠡᠳᠡ ᠴᠡᠭᠡᠷᠯᠡᠳᠡᠭ ᠵᠠᠩ ᠲᠠᠢ᠃ ᠲᠡᠢᠨ ᠬᠦ᠌ ᠮᠡᠷᠭᠡᠨ ᠴᠠᠭᠠᠨ ᠯᠠᠮᠠᠬᠠᠢ ᠶ᠋ᠢᠨ ᠢᠷᠥᠭᠡᠭᠰᠡᠨ ᠢ᠋ᠶ᠋ᠡᠷ ᠡᠩ ᠦ᠋ᠨ ᠬᠡᠦᠬᠡᠳ ᠡᠴᠡ ᠡᠲᠡᠭᠡᠳ ᠣᠨᠳᠣᠣ ᠥᠰᠴᠦ ᠬᠥᠷᠥᠪᠡᠵᠢᠬᠦ ᠨᠢ ᠲᠦᠷᠭᠡᠨ᠂ ᠤᠬᠠᠭᠠᠵᠢᠵᠤ ᠲᠣᠮᠣᠭᠠᠵᠢᠬᠤ ᠨᠢ ᠬᠤᠷᠳᠤᠨ ᠭᠡᠳᠡᠭ ᠨᠢ ᠵᠢᠭᠲᠡᠢ᠃ ᠭᠤᠷᠪᠠ ᠳᠥᠷᠪᠡᠨ ᠨᠠᠰᠤᠯᠠᠮᠠᠭᠴᠠ ᠵᠦᠷ ᠦ᠋ᠨ ᠬᠢᠵᠠᠭᠠᠯᠠᠩ᠂ ᠰᠠᠷᠯᠤᠭ ᠤ᠋ᠨ ᠲᠤᠭᠤᠯ ᠲᠠᠢ ᠨᠣᠴᠣᠯᠳᠤᠵᠤ᠂ ᠲᠦᠵᠢᠭᠡᠷ ᠲᠣᠯᠣᠭᠠᠢ ᠪᠠᠨ ᠲᠤᠭᠤᠯ ᠤ᠋ᠨ ᠲᠣᠯᠣᠭᠠᠢ ᠲᠠᠢ ᠲᠠᠭᠠᠷᠠᠭᠤᠯᠵᠤ ᠮᠥᠷᠭᠥᠯᠳᠦᠬᠦ ᠭᠡᠵᠦ ᠣᠷᠣᠯᠳᠣᠨ᠎ᠠ᠃ ᠵᠠᠷᠢᠮ ᠳ᠋ᠠᠭᠠᠨ ᠲᠤᠭᠤᠯ ᠢᠪᠢᠯᠬᠦ ᠳ᠋ᠦ᠍ ᠠᠭᠤᠯᠠᠨᠬᠦᠦ ᠰᠠᠷᠯᠤᠭ ᠦᠨᠢᠶᠡᠨ ᠦ᠌ ᠭᠡᠳᠡᠰᠦᠨ ᠳᠣᠣᠷ᠎ᠠ ᠨᠢ ᠣᠴᠣᠢᠵᠤ ᠰᠠᠭᠤᠭᠠᠳ ᠲᠤᠭᠤᠯ ᠢ᠋ ᠡᠬᠡ ᠳ᠋ᠦ᠍ᠨᠢ ᠣᠢᠷᠠᠲᠤᠭᠤᠯᠬᠤ ᠦᠭᠡᠢ ᠦᠨᠢᠶᠡᠨ ᠦ᠌ ᠳᠠᠯᠠᠩ ᠢ᠋ ᠰᠢᠪᠲᠤᠷᠠᠵᠤ ᠮᠥᠮᠥᠳᠡᠭ᠃ ᠲᠡᠭᠡᠭᠰᠡᠭᠡᠷ ᠪᠠᠢᠵᠤ ᠰᠠᠷᠯᠤᠭ ᠤ᠋ᠨ ᠬᠦᠷᠡᠭᠴᠢ ᠦᠨᠢᠶ᠎ᠡ ᠠᠭᠤᠯᠠᠨᠬᠦᠦ ᠶ᠋ᠢ ᠦᠵᠡᠭᠰᠡᠭᠡᠷ ᠤᠤᠨᠢᠵᠤ ᠲᠤᠭᠤᠯ ᠲᠠᠢ ᠪᠠᠨ ᠠᠳᠠᠯᠢᠬᠠᠨ ᠰᠠᠨᠠᠳᠠᠭ ᠪᠣᠯᠵᠠᠢ᠃   
       ᠠᠭᠤᠯᠠᠨᠬᠦᠦ ᠡᠬᠡ ᠶ᠋ᠢᠨ ᠰᠦ ᠡᠴᠡ ᠵᠣᠭᠰᠣᠮᠠᠭᠴᠠ ᠰᠠᠷᠯᠤᠭ ᠮᠥᠮᠥᠵᠦ ᠲᠣᠷᠨᠢᠭᠰᠠᠨ ᠪᠣᠯᠬᠣᠷ ᠠᠷᠠᠰᠤ ᠬᠥᠷᠥᠰᠥ ᠨᠢ ᠪᠣᠷᠣᠯᠠᠵᠤ ᠲᠣᠰᠣᠨ ᠪᠥᠮᠪᠥᠭᠡ ᠰᠢᠭ ᠪᠡᠬᠢ ᠬᠠᠲᠠᠭᠤ ᠪᠣᠯᠪᠠ᠃  
       ᠠᠭᠤᠯᠠᠨᠬᠦᠦ ᠤᠷᠭᠤᠵᠤ ᠪᠠᠢᠭ᠎ᠠ ᠶᠤᠮᠰᠢᠭ ᠲᠣᠷᠨᠢᠨ ᠪᠣᠢᠵᠢᠳᠠᠭ ᠨᠢ ᠦᠨᠡᠬᠡᠷ ᠭᠠᠢᠬᠠᠯᠲᠠᠢ! ᠲᠡᠷᠡ ᠪᠡᠷ ᠥᠰᠬᠦ ᠲᠣᠰᠤᠮ ᠢ᠋ᠶ᠋ᠠᠨ ᠲᠡᠩᠬᠡᠭᠡ ᠣᠷᠣᠵᠤ᠂ ᠢᠰᠢᠭᠡ ᠰᠢᠳᠦᠯᠡᠩ ᠲᠡᠪᠡᠷᠢᠵᠦ ᠳᠠᠭᠠᠭᠠᠳᠠᠭ ᠪᠣᠯᠵᠤ᠂ ᠬᠡᠨᠵᠡ ᠲᠤᠭᠤᠯ ᠢ᠋ ᠴᠦ᠍ ᠰᠡᠭᠦᠯᠳᠡᠬᠦ ᠭᠡᠵᠦ ᠶᠡᠬᠡ ᠰᠠᠨᠠᠭᠠᠷᠬᠠᠳᠠᠭ ᠢ᠋ ᠠᠩᠴᠢᠨᠵᠠᠪ ᠦᠵᠡᠭᠡᠳ ᠳᠣᠲᠣᠷ᠎ᠠ ᠪᠠᠨ ᠪᠡᠶᠡᠰᠴᠦ《ᠠ᠂ ᠮᠢᠨᠦ ᠮᠠᠭᠤ ᠬᠦᠦ ᠡᠷ᠎ᠡ ᠵᠡᠷᠭᠡ ᠳ᠋ᠦ᠍ ᠭᠦᠷᠦᠭᠰᠡᠭᠡᠷ ᠨᠢᠭᠡ ᠶᠠᠭᠤᠮ᠎ᠠ ᠪᠣᠯᠤᠨ᠎ᠠ ᠰᠢᠦ ᠳᠡ! ᠬᠥᠮᠦᠨ ᠪᠣᠯᠬᠤ ᠪᠠᠭ᠎ᠠ ᠠ᠋ᠴᠠ ᠪᠠᠨ᠂ ᠬᠦᠯᠦᠭ ᠪᠣᠯᠬᠤ ᠤᠨᠠᠭᠠᠨ ᠠ᠋ᠴᠠ ᠪᠠᠨ ᠭᠡᠳᠡᠭ ᠦᠨᠡᠨ ᠪᠠᠢᠵᠤ ᠲᠠᠭᠠᠷᠠᠨ᠎ᠠ》 ᠭᠡᠵᠦ ᠰᠡᠮᠡᠬᠡᠷ ᠢᠨᠢᠶᠡᠳᠡᠭ᠃   
       ᠲᠡᠢᠨ ᠬᠦ᠌ ᠠᠩᠴᠢᠨᠵᠠᠪ ᠰᠢᠳᠦᠯᠡᠩ ᠭᠤᠷ᠎ᠠ ᠶ᠋ᠢᠨ ᠠᠷᠠᠰᠤᠨ ᠲᠤᠯᠤᠮ ᠳ᠋ᠤ᠌ ᠳᠦᠭᠦᠷᠡᠩ ᠰᠠᠢᠷ ᠴᠢᠬᠢᠵᠦ ᠥᠨᠳᠥᠷ ᠮᠣᠳᠣᠨ ᠳ᠋ᠤ᠌ ᠬᠡᠢ ᠳᠡᠭᠦᠵᠢᠯᠡᠴᠢᠬᠡᠭᠡᠳ ᠬᠦᠦ ᠶ᠋ᠢᠨ ᠢ᠋ᠶ᠋ᠡᠨ ᠲᠠᠮᠢᠷ ᠲᠡᠩᠬᠡᠭᠡ ᠶ᠋ᠢ ᠨᠢ ᠳᠠᠪᠲᠠᠵᠤ ᠪᠣᠯᠪᠠᠰᠤᠷᠠᠭᠤᠯᠳᠠᠭ ᠪᠣᠯᠪᠠ᠃ ᠠᠭᠤᠯᠠᠨᠬᠦᠦ ᠡᠳᠦᠷᠵᠢᠨ ᠥᠨᠥᠬᠢ ᠭᠤᠷ᠎ᠠ ᠶ᠋ᠢᠨ ᠠᠷᠠᠰᠤᠨ ᠲᠤᠯᠤᠮ ᠲᠠᠢ ᠰᠠᠢᠷ ᠢ᠋ ᠨᠢᠳᠤᠷᠭᠠᠳᠠᠵᠤ᠂ ᠪᠠᠢᠨ ᠪᠠᠢᠰᠬᠢᠭᠡᠳ ᠡᠭᠦᠷᠴᠦ ᠠᠪᠤᠭᠠᠳ ᠰᠠᠪᠠᠬᠤ᠂ ᠬᠥᠯ ᠢ᠋ᠶ᠋ᠡᠷ ᠢ᠋ᠶ᠋ᠡᠨ ᠬᠡᠢ ᠳᠡᠭᠡᠭᠦᠷ ᠬᠠᠪᠰᠤᠷᠴᠤ ᠢᠰᠬᠦᠯᠬᠦ᠂ ᠲᠣᠯᠣᠭᠠᠢ ᠪᠠᠷ ᠢ᠋ᠶ᠋ᠠᠨ ᠲᠤᠯᠵᠤ ᠮᠥᠷᠭᠥᠬᠦ᠁ ᠶᠠᠩᠵᠤ ᠶ᠋ᠢᠨ ᠪᠣᠯᠭᠠᠨ ᠤ᠋ ᠰᠣᠷᠢᠶᠠᠨ ᠳ᠋ᠤ᠌ ᠬᠦᠴᠦ ᠲᠤᠷᠪᠢ ᠪᠠᠨ ᠲᠡᠩᠰᠡᠵᠦ ᠰᠢᠷᠣᠢ ᠲᠣᠯᠣᠭᠠᠢᠯᠠᠨ ᠨᠣᠴᠣᠯᠳᠤᠨ᠎ᠠ᠁