ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠨᠢᠭᠡᠳᠦᠭᠡᠷ ᠪᠦᠯᠦᠭ <ᠨᠢᠭᠡ> Хан мунын сүүрс < дээд > – Мөнх зохиоов ᠂ дэд бодь – нэгдүгээр бүлэг <1>
ᠳᠡᠳ᠋ ᠪᠣᠳᠢ - ᠨᠢᠭᠡᠳᠦᠭᠡᠷ ᠪᠦᠯᠦᠭ <ᠨᠢᠭᠡ>
ᠨᠢᠭᠡᠳᠦᠭᠡᠷ ᠪᠦᠯᠦᠭ
ᠡᠷᠲᠡ ᠶ᠋ᠢᠨ ᠢᠷᠦᠭᠡᠯ ᠪᠤᠶᠠᠨ ᠲᠠᠢ
ᠡᠨᠳᠡ ᠪᠢᠳᠡ ᠦᠯᠵᠢ ᠲᠡᠢ
ᠡᠷᠬᠢᠮ ᠭᠤᠷᠪᠠᠨ ᠡᠷᠳᠡᠨᠢ ᠪᠡᠷ
ᠠᠳᠢᠰᠯᠠᠬᠤ ᠪᠣᠯᠲᠤᠭᠠᠢ
᠁
ᠮᠤᠨᠠ ᠶ᠋ᠢᠨ ᠠᠭᠤᠯᠠ ᠬᠡᠮᠡᠭᠴᠢ
ᠨᠤᠲᠤᠭ ᠮᠢᠨᠢ ᠦᠯᠵᠢ ᠲᠡᠢ
ᠨᠤᠲᠠᠯᠠᠵᠤ ᠲᠠᠯᠪᠢᠬᠰᠠᠩᠬᠠᠨ
ᠢᠷᠦᠭᠡᠯ ᠮᠢᠨᠢ ᠬᠦᠴᠦᠲᠡᠢ
( ᠮᠡᠷᠭᠡᠨ ᠭᠡᠭᠡᠨ ᠦ᠌ ᠵᠣᠬᠢᠶᠠᠭᠰᠠᠨ《 ᠡᠷᠲᠡ ᠶ᠋ᠢᠨ ᠢᠷᠦᠭᠡᠯ》 ᠭᠡᠳᠡᠭ
ᠤᠷᠠᠳ ᠠᠷᠠᠳ ᠤ᠋ᠨ ᠳᠠᠭᠤᠤ)
ᠠᠷᠤ ᠲᠠᠯ᠎ᠠ ᠶ᠋ᠢᠨ ᠠᠷᠴᠠ
ᠠᠷᠤᠬᠠᠨ ᠲᠠᠯ᠎ᠠ ᠳ᠋ᠠᠭᠠᠨ ᠰᠡᠭᠦᠳᠡᠷ ᠲᠡᠢ
ᠠᠭᠢ ᠭᠢᠯᠭᠠᠨ᠎ᠠ ᠶ᠋ᠢᠨ ᠪᠡᠯᠴᠢᠭᠡᠷ ᠲᠡᠢ
ᠷᠠᠰᠢᠶᠠᠨ ᠪᠤᠯᠠᠭ ᠤ᠋ᠨ ᠤᠮᠳᠠ ᠲᠠᠢ
ᠭᠤᠷᠪᠠᠨ ᠬᠡᠭᠡᠷ ᠲᠩᠷᠢ ᠶ᠋ᠢᠨ ᠤᠨᠠᠭ᠎ᠠ
ᠭᠤᠷᠪᠠᠯᠵᠢᠨ ᠬᠠᠷᠠᠭᠳᠠᠬᠤ ᠮᠢᠨᠦ ᠨᠤᠲᠤᠭ
ᠳᠥᠷᠪᠡᠨ ᠬᠡᠭᠡᠷ ᠲᠩᠷᠢ ᠶ᠋ᠢᠨ ᠤᠨᠠᠭ᠎ᠠ
ᠳᠥᠷᠪᠡᠯᠵᠢᠨ ᠬᠠᠷᠠᠭᠳᠠᠬᠤ ᠮᠢᠨᠦ ᠨᠤᠲᠤᠭ
( ᠤᠷᠠᠳ ᠠᠷᠠᠳ ᠤ᠋ᠨ ᠳᠠᠭᠤᠤ)
ᠨᠢᠭᠡ
ᠮᠠᠨᠴᠤᠷᠭ᠎ᠠ ᠲᠡᠷᠡ ᠰᠥᠨᠢ ᠢᠮᠠᠭᠠᠨ ᠳᠠᠭᠤᠲᠤ ᠦᠯᠵᠡᠢᠰᠠᠩ ᠢ᠋ ᠥᠯᠥᠩᠲᠦ ᠶ᠋ᠢᠨ ᠭᠣᠣᠯ ᠳ᠋ᠤ᠌ ᠮᠣᠳᠣᠨ ᠳ᠋ᠤ᠌ ᠡᠯᠭᠦᠵᠦ ᠬᠠᠶᠠᠴᠢᠬᠠᠭᠠᠳ ᠰᠢᠭᠤᠳ ᠪᠤᠭᠤᠲᠤ ᠣᠷᠥᠵᠡᠢ᠃
ᠰᠤᠨᠤᠮ᠎ᠠ ᠨᠢᠭᠡ ᠡᠳᠦᠷ ᠠᠭᠤᠯᠠ ᠬᠢᠷᠠᠯᠠᠨ ᠱᠣᠭᠰᠢᠭᠤᠯᠵᠤ ᠬᠠᠳᠤᠮᠠᠯ᠂ ᠬᠥᠨᠳᠡᠯᠢ ᠶ᠋ᠢᠨ ᠠᠷᠤ ᠠᠮᠠ ᠶ᠋ᠢ ᠲᠤᠭᠤᠯᠵᠤ ᠭᠠᠷᠤᠨ ᠪᠦᠷᠦᠢ ᠪᠣᠯᠬᠤ ᠳ᠋ᠤ᠌ ᠰᠢᠭᠤᠢᠲᠤ ᠶ᠋ᠢᠨ ᠪᠠᠷᠠᠭᠤᠨ ᠰᠤᠵᠠᠭ ᠢ᠋ᠶ᠋ᠠᠷ ᠭᠣᠣᠯ ᠤᠷᠤᠭᠤᠳᠠᠵᠤ ᠬᠥᠮᠦᠨ ᠬᠠᠷ᠎ᠠ ᠳ᠋ᠤ᠌ ᠮᠡᠳᠡᠭᠳᠡᠯ ᠦᠭᠡᠢ ᠪᠤᠭᠤᠲᠤ ᠶ᠋ᠢᠨ ᠬᠣᠢᠲᠤ ᠳᠡᠪᠰᠡᠭ ᠦ᠋ᠨ ᠨᠠᠮᠰᠠᠷᠠᠢ ᠪᠤᠷᠬᠠᠨᠲᠤ ᠶ᠋ᠢᠨ ᠰᠦᠮ᠎ᠡ ᠶ᠋ᠢᠨ ᠡᠭᠦᠳᠡᠨ ᠳ᠋ᠦ᠍ ᠲᠤᠯᠵᠤ ᠣᠴᠢᠪᠠ᠃
ᠮᠣᠷᠢ ᠪᠠᠨ ᠰᠦᠮ᠎ᠡ ᠶ᠋ᠢᠨ ᠬᠦᠷᠢᠶᠡᠨ ᠦ᠌ ᠠᠷᠤᠬᠠᠨ ᠵᠦᠯᠭᠡ ᠳᠡᠭᠡᠷ᠎ᠡ ᠴᠣᠮᠣᠵᠤ ᠲᠠᠯᠪᠢᠴᠢᠬᠠᠭᠠᠳ᠂ ᠡᠮᠡᠭᠡᠯ ᠦ᠋ᠨ ᠬᠢᠨᠢ ᠣᠯᠣᠩ ᠢ᠋ ᠰᠤᠯᠠᠯᠠᠵᠤ᠂ ᠬᠠᠵᠠᠭᠠᠷ ᠢ᠋ ᠨᠢ ᠮᠤᠯᠲᠤᠯᠤᠨ ᠳᠥᠷᠥᠭᠡ ᠶ᠋ᠢ ᠨᠢ ᠭᠠᠨᠵᠤᠭᠠᠯᠠᠵᠤ᠂ ᠭᠥᠯᠢᠮ ᠢ᠋ ᠨᠢ ᠬᠤᠢᠯᠠᠨ ᠡᠪᠬᠡᠪᠡ᠃ ᠨᠢᠷᠤᠭᠤ ᠠᠮᠠᠷᠠᠭᠰᠠᠨ ᠬᠦᠯᠦᠭ ᠨᠢ ᠡᠵᠡᠨ ᠦ᠌ ᠪᠡᠨ ᠬᠣᠢᠨ᠎ᠠ ᠠ᠋ᠴᠠ ᠡᠭᠡᠨᠡᠭᠰᠢᠨ ᠦᠦᠷᠰᠡᠵᠦ᠂ ᠪᠡᠶ᠎ᠡ ᠪᠡᠨ ᠰᠢᠯᠭᠡᠭᠡᠨ ᠨᠢᠭᠡ ᠡᠳᠦᠷ ᠨᠢᠭᠡ ᠰᠥᠨᠢ ᠶ᠋ᠢᠨ ᠶᠠᠳᠠᠷᠠᠭ᠎ᠠ ᠴᠢᠯᠡᠭᠡ ᠪᠡᠨ ᠲᠠᠢᠯᠤᠭᠰᠠᠨ ᠰᠢᠭ᠋ ᠲᠣᠭᠣᠰᠣ ᠰᠢᠷᠣᠢ ᠪᠤᠲᠠᠷᠠᠲᠠᠯ᠎ᠠ ᠳᠣᠷᠭᠢᠨ ᠬᠣᠪᠳᠣᠭ ᠲᠠᠢ ᠭᠡᠭᠴᠢ ᠪᠡᠷ ᠡᠪᠡᠰᠦ ᠬᠠᠵᠠᠯᠠᠪᠠ᠃
ᠮᠠᠨᠴᠤᠷᠭ᠎ᠠ ᠰᠦᠮ᠎ᠡ ᠶ᠋ᠢᠨ ᠬᠦᠷᠢᠶ᠎ᠡ ᠶ᠋ᠢ ᠳᠤᠭᠤᠢᠯᠠᠵᠤ ᠭᠠᠷᠤᠭᠠᠳ ᠪᠠᠷᠠᠭᠤᠨ ᠲᠠᠯ᠎ᠠ ᠶ᠋ᠢᠨ ᠪᠠᠭᠠᠬᠠᠨ ᠳᠥᠷᠪᠡᠯᠵᠢᠨ ᠬᠦᠷᠢᠶ᠎ᠡ ᠲᠤᠯᠵᠤ ᠣᠴᠢᠨ ᠡᠭᠦᠳᠡ ᠲᠦᠯᠬᠢᠪᠡᠯ ᠢᠬᠡᠷ᠎ᠡ ᠪᠠᠨᠰᠠᠨ ᠬᠠᠭᠠᠯᠭ᠎ᠠ ᠨᠢ ᠲᠦᠭᠵᠢᠶᠡᠰᠦᠲᠠᠢ᠃ ᠲᠡᠷᠡ ᠬᠡᠷᠡᠮ ᠬᠠᠷᠠᠢᠵᠤ ᠣᠷᠣᠭᠠᠳ ᠳ᠋ᠧᠩ ᠦ᠋ᠨ ᠭᠡᠷᠡᠯ ᠵᠢᠵᠢᠭ ᠳᠥᠷᠪᠡᠯᠵᠢᠨ ᠴᠣᠩᠬᠣ ᠪᠠᠷ ᠮᠠᠭᠤᠬᠠᠨ ᠰᠦᠮᠡᠯᠵᠡᠵᠦ ᠬᠠᠷᠠᠭᠳᠠᠭᠰᠠᠨ ᠷᠣᠯᠮ᠎ᠠ ᠶ᠋ᠢᠨ ᠭᠡᠷ ᠤᠷᠤᠭᠤ ᠲᠦᠷᠭᠡᠯᠡᠬᠦ ᠳᠤᠮᠳᠠ ᠪᠠᠨ《 ᠡᠨᠡ ᠮᠠᠭᠤ ᠨᠠᠭᠠᠯᠢᠩᠬᠠᠢ ᠲᠠᠢ ᠬᠡᠳᠦᠨ ᠵᠢᠯ ᠠᠭᠤᠯᠵᠠᠭ᠎ᠠ ᠦᠭᠡᠢ᠃ ᠦᠨᠡᠬᠡᠷ ᠤᠳᠠᠯ᠎ᠠ ᠳᠠ! ᠠᠷᠭ᠎ᠠ ᠴᠤ᠌ ᠦᠭᠡᠢ᠂ ᠴᠢᠮ᠎ᠠ ᠠ᠋ᠴᠠ ᠴᠠᠷᠠᠢᠯᠢᠭ ᠴᠢᠮᠪᠠᠢ ᠬᠠᠲᠤᠨ ᠲᠠᠢ ᠶᠠᠰᠤ ᠪᠠᠨ ᠬᠠᠪᠲᠠᠯᠵᠠᠲᠠᠯᠠ ᠠᠮᠠᠷᠠᠭᠯᠠᠵᠤ ᠶᠠᠪᠤᠭᠰᠠᠨ ᠶᠤᠮ ᠴᠢᠨᠢ᠃ ᠡᠭᠦᠨ ᠦ᠌ ᠤᠷᠰᠢᠭ ᠢ᠋ᠶ᠋ᠠᠷ ᠴᠢᠮ᠎ᠠ ᠠ᠋ᠴᠠ ᠳᠠᠩᠴᠤ ᠵᠠᠢᠳᠠᠭᠤᠬᠠᠨ ᠶᠠᠪᠤᠭᠰᠠᠨ ᠢ᠋ ᠴᠢ ᠶᠠᠭᠠᠬᠢᠵᠤ ᠮᠡᠳᠡᠬᠦ ᠪᠣᠢ ᠳᠠ ᠬᠥᠭᠡᠷᠦᠬᠦᠢ! ᠲᠡᠷᠡ ᠵᠢᠯ ᠴᠢᠮ᠎ᠠ ᠳ᠋ᠤ᠌ ᠯᠤᠤ ᠶ᠋ᠢᠨ ᠬᠡ ᠲᠡᠢ ᠬᠣᠣᠰ ᠮᠥᠩᠭᠥᠨ ᠪᠠᠭᠤᠤ᠂ ᠪᠣᠭᠣᠳᠠᠯ ᠲᠠᠮᠠᠬᠢ ᠶ᠋ᠢᠨ ᠪᠡᠯᠡᠭ ᠲᠡᠢ ᠠᠭᠤᠯᠵᠠᠭᠰᠠᠨ ᠠ᠋ᠴᠠ ᠬᠣᠢᠰᠢ ᠳᠠᠬᠢᠵᠤ ᠠᠭᠤᠯᠵᠠᠭ᠎ᠠ ᠦᠭᠡᠢ᠃ ᠲᠤᠩ ᠲᠤᠢᠯᠳᠠᠬᠤ ᠳ᠋ᠠᠭᠠᠨ ᠴᠢᠮ᠎ᠠ ᠪᠠᠨ ᠭᠡᠳ ᠢᠷᠡᠬᠦ ᠳ᠋ᠦ᠍ ᠴᠢ ᠮᠢᠨᠢ ᠬᠥᠭᠡᠷᠦᠬᠦᠢ ᠬᠣᠰᠢᠭᠤ ᠪᠠᠨ ᠴᠣᠷᠪᠣᠢᠭᠠᠳ ᠬᠠᠢᠷ᠎ᠠ ᠪᠠᠨ ᠢᠪᠢᠯᠳᠡᠭ ᠢᠨᠵᠠᠭ᠎ᠠ ᠰᠢᠭ᠋ ᠬᠥᠭᠡᠷᠦᠬᠦᠨ ᠠᠮᠢᠲᠠᠨ ᠶᠤᠮ ᠳᠠ! ᠵᠠ ᠶᠠᠭᠠᠬᠢᠬᠤ ᠪᠣᠢ᠂ ᠡᠷ᠎ᠡ ᠬᠥᠮᠦᠨ ᠦ᠌ ᠬᠤᠪᠢ ᠲᠠᠪᠢᠯᠠᠩ ᠭᠡᠭᠴᠢ ᠬᠠᠲᠠᠭᠤ ᠳ᠋ᠠᠭᠠᠨ ᠭᠠᠩ ᠲᠡᠮᠦᠷ ᠰᠢᠭ᠋ ᠪᠣᠯᠪᠠᠴᠤ ᠤᠶᠠᠷᠠᠬᠤ ᠳ᠋ᠠᠭᠠᠨ ᠡᠮ᠎ᠡ ᠬᠥᠮᠦᠨ ᠦ᠌ ᠨᠠᠭᠠᠯᠢᠩᠬᠠᠢ ᠬᠠᠢᠷ᠎ᠠ ᠳ᠋ᠤ᠌ ᠳᠠᠩᠴᠤ ᠨᠢᠭᠡ ᠵᠢᠯᠣᠭᠣ ᠠᠯᠳᠠᠳᠠᠭ ᠬᠣᠢᠨ᠎ᠠ ᠳᠠ᠃ ᠡᠨᠡ ᠪᠣᠯ ᠡᠷᠢᠶᠡᠨ ᠬᠣᠷᠸ᠎ᠠ ᠶ᠋ᠢᠨ ᠡᠷ᠎ᠡ ᠬᠥᠮᠦᠨ ᠳ᠋ᠦ᠍ ᠵᠠᠶᠠᠭᠠᠭᠰᠠᠨ ᠬᠠᠲᠠᠭᠤ ᠶᠣᠰᠣ᠃ ᠶᠠᠭᠤ ᠴᠤ᠌ ᠭᠡᠰᠡᠨ ᠥᠨᠥ ᠰᠥᠨᠢ ᠴᠢᠮ᠎ᠠ ᠲᠠᠢ ᠵᠢᠷᠭᠠᠵᠤ ᠬᠣᠨᠣᠨ᠎ᠠ ᠳᠠ᠃ ᠴᠠᠢ ᠶ᠋ᠢ ᠴᠢᠨᠢ ᠬᠥᠯᠥᠷᠡᠲᠡᠯ᠎ᠡ ᠣᠭᠣᠴᠢᠯᠠᠵᠤ᠂ ᠬᠥᠬᠥ ᠶ᠋ᠢ ᠴᠢᠨᠢ ᠲᠡᠮᠲᠡᠷᠢᠵᠦ ᠬᠡᠪᠲᠡᠶ᠎ᠡ ᠠ᠋᠁》 ᠭᠡᠵᠦ ᠤᠷᠠᠨ ᠲᠠᠭᠠᠮᠠᠭ ᠤ᠋ᠨ ᠤᠴᠢᠭ ᠬᠦᠪᠦᠷᠡᠭᠦᠯᠦᠨ᠂ ᠷᠣᠯᠮ᠎ᠠ ᠶ᠋ᠢ ᠰᠠᠨᠠᠭᠠᠨ ᠳ᠋ᠤ᠌ ᠦᠭᠡᠢ ᠪᠠᠢᠬᠤ ᠳ᠋ᠤᠨᠢ ᠰᠠᠭᠭᠠᠲᠠᠯᠠ ᠪᠠᠶᠠᠷᠯᠠᠭᠤᠯᠵᠤ ᠣᠷᠬᠢᠨ᠎ᠠ ᠳᠠ ᠭᠡᠳ ᠡᠭᠦᠳᠡᠨ ᠳ᠋ᠦ᠍ ᠬᠦᠷᠬᠦ ᠲᠡᠢ ᠵᠡᠷᠭᠡ ᠭᠡᠷ ᠳᠣᠲᠣᠷ᠎ᠠ ᠠ᠋ᠴᠠ ᠡᠷᠡᠭᠲᠡᠢ ᠬᠥᠮᠦᠨ ᠦ᠌ ᠠᠭᠰᠠᠨ ᠪᠥᠭᠰᠡᠨ ᠬᠠᠨᠢᠶᠠᠬᠤ ᠳᠠᠭᠤ ᠳᠤᠭᠤᠯᠳᠠᠪᠠ᠃ ᠮᠠᠨᠴᠤᠷᠭ᠎ᠠ ᠶ᠋ᠢᠨ ᠪᠣᠳᠣᠯ ᠲᠡᠯᠡᠷᠡᠵᠦ ᠦᠵᠡᠨ ᠪᠡᠶᠡᠰᠴᠦ ᠦᠬᠦᠨ ᠭᠣᠮᠣᠳᠠᠨ᠎ᠠ ᠭᠡᠳᠡᠭ ᠦᠢᠯᠡ ᠦᠷ᠎ᠡ ᠶᠠᠭᠠᠬᠢᠭᠠᠳ ᠲᠠᠩᠳᠠ ᠡᠭᠦᠳᠡᠨ ᠳ᠋ᠦ᠍ ᠮᠢᠨᠦ ᠲᠣᠯᠣᠭᠠᠢ ᠳᠡᠭᠡᠷ᠎ᠡ ᠲᠣᠬᠢᠶᠠᠭᠠᠳ ᠪᠠᠢᠳᠠᠭ ᠪᠣᠢ? ᠴᠢᠭᠢᠶᠡᠲᠦᠷᠦᠦ ᠮᠠᠭᠤ ᠰᠤᠪᠠᠢ ᠶ᠋ᠢ ᠬᠣᠬᠣᠢ! ᠭᠠᠩᠳᠠᠵᠤ ᠬᠠᠭᠰᠠᠷᠠᠬᠤ ᠳ᠋ᠠᠭᠠᠨ ᠠᠭᠰᠠᠵᠤ ᠦᠬᠦᠬᠦ ᠰᠢᠬᠠᠭᠰᠠᠨ ᠮᠠᠭᠤ ᠡᠪᠦᠭᠡᠨ ᠲᠡᠪᠡᠷᠢᠵᠦ ᠬᠣᠨᠣᠳᠠᠭ ᠪᠣᠯᠵᠤ ᠳᠠ ᠭᠡᠵᠦ ᠬᠣᠷᠣ ᠰᠠᠨᠠᠨ ᠰᠡᠮᠡᠭᠡᠷᠬᠡᠨ ᠢ᠋ ᠨᠢ ᠮᠠᠭᠠᠵᠢᠵᠤ ᠮᠤᠤᠷ ᠰᠢᠭ᠋ ᠪᠠᠷᠬᠢᠷᠠᠨ ᠠᠯᠢᠶᠠᠯᠠᠬᠤ ᠭᠡᠰᠡᠨ ᠢ᠋ᠶ᠋ᠡᠨ ᠪᠣᠯᠢᠵᠤ ᠡᠭᠦᠳᠡ ᠶ᠋ᠢ ᠨᠢ ᠴᠦᠯᠲᠦ ᠲᠦᠯᠬᠢᠨ ᠣᠷᠣᠪᠠ᠃ ᠰᠠᠯᠬᠢ ᠵᠢᠪᠠᠷ ᠲᠠᠲᠠᠭᠤᠯᠤᠨ ᠣᠷᠣᠭᠰᠠᠨ ᠰᠠᠢᠨ ᠡᠷ᠎ᠡ ᠶ᠋ᠢᠨ ᠪᠡᠶ᠎ᠡ ᠳᠠᠭᠠᠭᠰᠠᠨ ᠬᠤᠯᠠᠭᠠᠢ ᠵᠢᠪᠠᠷ ᠲᠤ ᠪᠡᠶ᠎ᠡ ᠪᠡᠨ ᠮᠠᠨᠠᠨ ᠠᠨᠢᠪᠠᠯᠵᠠᠭᠰᠠᠨ ᠮᠠᠭᠤ ᠮᠠᠭᠠᠵᠢ ᠶ᠋ᠢᠨ ᠲᠣᠰᠣᠨ ᠳ᠋ᠧᠩ ᠤᠨᠲᠠᠷᠠᠵᠤ ᠣᠷᠬᠢᠪᠠ᠃
ᠮᠠᠨᠴᠤᠷᠭ᠎ᠠ᠂ ᠷᠤᠷᠯᠮᠠ ᠶ᠋ᠢ ᠳ᠋ᠧᠩ ᠢ᠋ᠶ᠋ᠡᠨ ᠤᠨᠲᠠᠷᠠᠭᠠᠴᠢᠬᠠᠯᠠ ᠭᠡᠵᠦ ᠤᠯᠠᠮ ᠠᠭᠤᠷ ᠤᠴᠠᠭᠠᠷ ᠨᠢ ᠪᠤᠴᠠᠯᠵᠤ《 ᠶᠠᠮᠠᠷ ᠶᠠᠩᠵᠤ ᠶ᠋ᠢᠨ ᠶᠠᠭᠤᠮ᠎ᠠ ᠲᠠᠢ ᠶᠠᠩᠬᠠᠷᠠᠵᠦ ᠬᠡᠪᠲᠡᠭᠡ ᠪᠣᠯ? ᠮᠠᠭᠤ ᠰᠠᠮᠠᠭᠤᠷᠠᠭᠰᠠᠨ ᠡᠷ᠎ᠡ ᠶ᠋ᠢ ᠠᠭᠵᠠᠢᠲᠠᠯᠠ ᠬᠥᠭᠡᠭᠡᠵᠦ ᠪᠣᠰᠬᠠᠭᠠᠳ ᠱᠠᠯᠳᠠᠩ ᠢ᠋ᠶ᠋ᠠᠷ ᠭᠠᠳᠠᠨ᠎ᠠ ᠬᠥᠭᠡᠭᠡᠵᠦ ᠭᠠᠷᠭᠠᠶ᠎ᠠ》 ᠭᠡᠵᠦ ᠬᠣᠷᠣ ᠰᠢᠷ᠎ᠠ ᠨᠢ ᠪᠤᠴᠠᠯᠤᠨ᠄
— ᠳ᠋ᠧᠩ ᠢ᠋ᠶ᠋ᠡᠨ ᠠᠰᠬ᠎ᠠ! ᠭᠡᠵᠦ ᠠᠭᠰᠤᠮᠨᠠᠨ ᠵᠠᠩᠳᠤᠷᠬᠤ ᠳ᠋ᠤ᠌ ᠴᠠᠭᠠᠳᠤᠭᠤᠯᠠ ᠨᠢ ᠴᠢᠮᠡᠭᠡ ᠠᠨᠢᠷ ᠠᠯᠠᠭ᠎ᠠ᠃ ᠨᠢᠭᠡ ᠬᠡᠰᠡᠭ ᠴᠢᠮᠡᠭᠡ ᠢᠮᠡᠭᠡ ᠦᠭᠡᠢ ᠪᠠᠢᠭᠰᠠᠨ ᠢ᠋ᠶ᠋ᠠᠨ《 ᠬᠢ ᠶᠣᠬᠣᠭᠰᠠᠨ! ᠶᠠᠭᠠᠬᠢᠭᠰᠠᠨ ᠮᠠᠭᠤᠬᠠᠢ ᠰᠢᠷᠦᠭᠦᠨ ᠵᠢᠪᠠᠷ ᠪᠣᠢ? ᠲᠦᠭᠵᠢᠶᠡᠰᠦᠲᠠᠢ ᠬᠠᠭᠠᠯᠭ᠎ᠠ ᠶ᠋ᠢ ᠣᠩᠭᠣᠢᠲᠠᠯ᠎ᠠ ᠰᠢᠭᠤᠷᠳᠠᠭ ᠨᠢ! ᠴᠢᠭᠢᠶᠡᠲᠦᠷᠦᠦ᠁》 ᠭᠡᠵᠦ ᠠᠮᠠᠨ ᠳ᠋ᠠᠭᠠᠨ ᠳᠦᠳᠦᠨᠡᠭᠰᠡᠭᠡᠷ ᠨᠢᠭᠡ ᠬᠥᠮᠦᠨ ᠣᠷᠣᠨ ᠠ᠋ᠴᠠ ᠪᠠᠨ ᠪᠣᠰᠴᠤ ᠢᠷᠮᠡᠭ ᠲᠡᠮᠲᠡᠷᠬᠢᠯᠡᠬᠦ ᠴᠢᠮᠡᠭᠡ ᠭᠠᠷᠪᠠ᠃
— ᠳ᠋ᠧᠩ ᠢ᠋ᠶ᠋ᠡᠨ ᠬᠤᠷᠳᠤᠨ ᠠᠰᠬ᠎ᠠ! ᠡᠴᠢᠭᠡ ᠶ᠋ᠢᠨ ᠴᠢᠨᠢ ᠲᠣᠯᠣᠭᠠᠢ᠂ ᠶᠠᠭᠤᠨ ᠤ᠋ ᠴᠢᠨᠢ ᠰᠠᠯᠬᠢ᠃
— ᠴᠠᠭᠠᠳᠤᠭᠤᠯᠠ ᠨᠢ ᠮᠥᠨ ᠯᠡ ᠬᠠᠷᠢᠭᠤ ᠦᠭᠡᠢ᠃
— ᠴᠢᠬᠢ ᠦᠭᠡᠢ ᠲᠣᠯᠣᠭᠠᠢ ᠤᠤ? ᠠ⁈ ᠴᠠᠭᠠᠳᠤᠬᠢ ᠨᠢ ᠬᠠᠨᠵᠤᠨ ᠠ᠋ᠴᠠ ᠭᠤᠯᠭᠤᠷᠢᠨ ᠪᠠᠭᠤᠵᠤ ᠬᠠᠭᠠᠯᠭ᠎ᠠ ᠬᠠᠭᠠᠬᠤ ᠭᠡᠵᠦ ᠬᠡᠯᠲᠦᠷᠢᠭᠡᠳ ᠬᠥᠰᠡᠷ ᠰᠦᠪᠡᠭᠡ ᠲᠤᠯᠵᠤ ᠵᠣᠭᠰᠣᠭᠰᠠᠨ ᠮᠠᠨᠴᠤᠷᠭ᠎ᠠ ᠲᠠᠢ ᠮᠥᠷᠭᠥᠪᠡ᠃ ᠨᠥᠭᠦᠭᠡ ᠬᠥᠮᠦᠨ ᠰᠠᠨᠳᠤᠷᠴᠤ᠄
— ᠲᠠ ᠶᠠᠭᠤᠨ ᠤ᠋ ᠬᠥᠮᠦᠨ ᠪᠣᠢ? ᠬᠡᠨ ᠪᠣᠢ? ᠭᠡᠵᠦ ᠠᠶᠤᠵᠤ ᠡᠮᠢᠶᠡᠭᠰᠡᠨ ᠳᠣᠷᠣᠢ ᠳᠠᠭᠤᠨ ᠳᠤᠭᠤᠯᠳᠠᠪᠠ᠃ ᠢᠩᠭᠢᠭᠡᠳ ᠲᠡᠷᠡ ᠬᠠᠭᠠᠯᠭ᠎ᠠ ᠪᠠᠨ ᠬᠠᠭᠠᠬᠤ ᠭᠡᠵᠦ ᠰᠠᠨᠠᠨ ᠲᠡᠷᠡ ᠵᠦᠭ ᠲᠡᠮᠲᠡᠷᠬᠢᠯᠡᠨᠡ᠃
— ᠳ᠋ᠧᠩ ᠢ᠋ᠶ᠋ᠡᠨ᠂ ᠳ᠋ᠧᠩ ᠢ᠋ᠶ᠋ᠡᠨ ᠠᠰᠬ᠎ᠠ! ᠶᠠᠭᠤᠨ ᠤ᠋ ᠬᠥᠮᠦᠨ ᠢ᠋ᠶ᠋ᠡᠷ ᠶᠠᠭᠠᠬᠢᠬᠤ ᠨᠢ ᠪᠣᠢ? ᠳ᠋ᠧᠩ ᠢ᠋ᠶ᠋ᠡᠨ ᠠᠰᠠᠭᠠᠪᠠᠯ ᠮᠡᠳᠡᠬᠦ ᠪᠠᠢᠯᠭᠦᠢ! ᠨᠥᠭᠦᠭᠡ ᠲᠡᠷᠡ ᠬᠥᠮᠦᠨ ᠬᠠᠭᠠᠯᠭ᠎ᠠ ᠪᠠᠨ ᠵᠦᠳᠡᠭᠦᠬᠡᠨ ᠬᠠᠭᠠᠴᠢᠬᠠᠭᠠᠳ ᠬᠠᠨᠵᠤᠨ ᠤ᠋ ᠰᠢᠷᠡᠭᠡᠨ ᠳᠣᠣᠭᠤᠷ ᠴᠦᠳᠡᠩ ᠲᠡᠮᠲᠡᠷᠢᠵᠦ ᠪᠠᠢᠭ᠎ᠠ ᠪᠣᠯᠤᠯᠲᠠᠢ《ᠦᠭᠡᠢ ᠶᠡᠷᠦ ᠨᠢ ᠴᠦᠳᠡᠩ ᠶᠠᠭᠠᠬᠢᠪᠠ?》 ᠭᠡᠵᠦ ᠳᠦᠳᠦᠨᠡᠨ ᠱᠤᠤᠬᠢᠲᠤᠨᠠᠨᠠ᠃
ᠮᠠᠨᠴᠤᠷᠭ᠎ᠠ ᠬᠡᠲᠡ ᠴᠠᠬᠢᠭᠤᠷ ᠥᠷᠥᠵᠦ ᠥᠨᠥᠬᠢ ᠮᠠᠭᠠᠵᠢ ᠶ᠋ᠢᠨ ᠲᠣᠰᠣᠨ ᠳ᠋ᠧᠩ ᠢ᠋ ᠠᠰᠠᠭᠠᠪᠠᠯ ᠭᠡᠷ ᠳᠣᠲᠣᠷ᠎ᠠ ᠥᠨᠥᠴᠢᠨ ᠣᠭᠣᠯᠢ ᠰᠢᠭ᠋ ᠡᠪᠦᠭᠡᠨ ᠯᠠᠮᠠᠬᠠᠢ ᠨᠢᠳᠦ ᠨᠢ ᠪᠥᠯᠲᠡᠷᠡᠴᠢᠭᠡᠮᠡᠷᠬᠡᠨ ᠠᠶᠤᠵᠤ ᠶᠠᠭᠤ ᠶᠠᠭᠠᠬᠢᠭᠰᠠᠨ ᠢ᠋ ᠮᠡᠳᠡᠬᠦ ᠦᠭᠡᠢ ᠲᠡᠭᠦᠨ ᠦ᠌ ᠡᠮᠦᠨ᠎ᠡ ᠡᠴᠡ ᠮᠡᠯᠡᠷᠡᠨ ᠭᠠᠢᠬᠠᠵᠤ ᠵᠣᠭᠰᠣᠨ᠎ᠠ᠃ ᠶᠠᠭᠤᠨ ᠤ᠋ ᠬᠢᠨᠢ ᠷᠣᠯᠮ᠎ᠠ ᠪᠠᠢᠬᠤ ᠪᠣᠢ? ᠨᠢᠭᠡ ᠮᠠᠭᠤ ᠳᠥᠵᠢᠷᠡᠭᠰᠡᠨ ᠡᠪᠦᠭᠡᠨ ᠯᠠᠮᠠ ᠭᠠᠭᠴᠠᠭᠠᠷ ᠢ᠋ᠶ᠋ᠠᠨ᠃
— ᠷᠣᠯᠮ᠎ᠠ ᠬᠠᠮᠢᠭ᠎ᠠ ᠶᠠᠪᠤᠭᠰᠠᠨ ᠪᠣᠢ? ᠭᠡᠵᠦ ᠲᠡᠷᠡ ᠡᠪᠦᠭᠡᠨ ᠯᠠᠮᠠᠬᠠᠢ ᠠ᠋ᠴᠠ ᠠᠰᠠᠭᠤᠪᠠᠯ ᠥᠨᠥᠬᠢ ᠡᠪᠦᠭᠡᠨ ᠮᠠᠨᠴᠤᠷᠭ᠎ᠠ ᠶ᠋ᠢᠨ ᠥᠭᠡᠳᠡ ᠡᠴᠡ ᠣᠩᠭᠣᠢᠵᠤ ᠮᠡᠯᠡᠷᠡᠬᠦ ᠡᠴᠡ ᠪᠢᠰᠢ ᠳᠤᠤᠭᠠᠷᠳᠠᠭ ᠦᠭᠡᠢ᠃
— ᠦᠭᠡᠢ ᠲᠠ ᠴᠢᠨᠢ ᠴᠢᠬᠢ ᠦᠭᠡᠢ ᠲᠣᠯᠣᠭᠠᠢ ᠤᠤ? ᠭᠡᠰᠡᠨ ᠪᠣᠯᠪᠠᠴᠤ ᠦᠭᠡ ᠳᠣᠣᠭᠠᠷᠳᠠᠭ ᠦᠭᠡᠢ ᠳ᠋ᠦ᠍ ᠮᠠᠨᠴᠤᠷᠭ᠎ᠠ ᠡᠪᠦᠭᠡᠨ ᠦ᠌ ᠴᠢᠬᠢᠨ ᠡᠴᠡ ᠴᠢᠩᠭᠠᠭᠠᠨ ᠬᠣᠰᠢᠭᠤ ᠪᠠᠨ ᠴᠢᠬᠢᠨ ᠳ᠋ᠦ᠍ᠨᠢ ᠣᠢᠷᠠᠲᠤᠭᠤᠯᠵᠤ《ᠳᠦᠯᠡᠢ ᠤᠤ? ᠴᠢᠬᠢ ᠴᠢᠨᠢ?》 ᠭᠡᠵᠦ ᠬᠠᠰᠬᠢᠷᠪᠠᠯ ᠥᠨᠥᠬᠢ ᠡᠪᠦᠭᠡᠨ ᠯᠠᠮᠠᠬᠠᠢ ᠴᠢᠬᠢ ᠪᠡᠨ ᠵᠡᠭᠦᠦ ᠪᠡᠷ ᠰᠢᠪᠡᠭᠦᠯᠦᠭᠰᠡᠨ ᠰᠢᠭ ᠲᠣᠯᠣᠭᠠᠢ ᠪᠠᠨ ᠰᠡᠭᠰᠦᠷᠦᠨ ᠰᠠᠨᠳᠤᠷᠴᠤ ᠭᠠᠷ ᠢ᠋ᠶ᠋ᠠᠨ ᠵᠠᠩᠭᠠᠨ ᠰᠠᠵᠢᠯᠠᠵᠤ《 ᠪᠢ ᠮᠡᠳᠡᠬᠦ ᠦᠭᠡᠢ ᠠ᠋᠂ ᠰᠣᠨᠣᠰᠬᠤ ᠦᠭᠡᠢ ᠠ᠋》 ᠭᠡᠵᠦ ᠪᠠᠢᠭ᠎ᠠ ᠪᠠᠨ ᠢᠯᠡᠳᠬᠡᠪᠡ᠃
ᠮᠠᠨᠴᠤᠷᠭ᠎ᠠ ᠡᠨᠡ ᠳᠦᠯᠡᠢ ᠡᠪᠦᠭᠡᠨ ᠦ᠌ ᠪᠠᠢᠳᠠᠯ ᠢ᠋ ᠦᠵᠡᠭᠡᠳ ᠠᠭᠤᠷ ᠤᠴᠠᠭᠠᠷ ᠨᠢ ᠨᠠᠮᠳᠠᠭᠰᠠᠨ ᠪᠣᠯᠪᠠᠴᠤ ᠲᠡᠭᠦᠨ ᠦ᠌ ᠰᠢᠷᠦᠭᠦᠨ ᠬᠠᠷᠠᠴᠠ ᠭᠡᠷ ᠳᠣᠲᠣᠷᠠᠬᠢ ᠶ᠋ᠢ ᠰᠢᠷᠪᠢᠨ ᠱᠦᠭᠦᠷᠳᠡᠵᠦ ᠷᠣᠯᠮ᠎ᠠ ᠶ᠋ᠢᠨ ᠤᠤᠯ ᠤ᠋ᠨ ᠳᠡᠪᠢᠰᠴᠦ ᠪᠠᠢᠭᠰᠠᠨ ᠣᠷᠣ ᠰᠢᠷᠢᠳᠡᠭ᠂ ᠡᠳ᠋ᠯᠡᠯ ᠬᠡᠷᠡᠭᠰᠡᠯ ᠦ᠋ᠨ ᠤᠤᠯ ᠣᠷᠣᠨ ᠪᠠᠢᠷᠢ ᠠ᠋ᠴᠠ ᠶᠠᠭᠤ ᠨᠢᠭᠡ ᠶ᠋ᠢ ᠭᠣᠷᠢᠳᠠᠵᠤ ᠣᠯᠬᠤ ᠭᠡᠰᠡᠨ ᠪᠣᠯᠪᠠᠴᠤ ᠲᠠᠯᠠᠭᠠᠷᠳᠠᠪᠠ᠃ ᠡᠷ᠎ᠡ ᠬᠥᠮᠦᠨ ᠦ᠌ ᠪᠣᠯᠵᠣᠭᠰᠠᠨ ᠪᠣᠯᠵᠣᠭ᠎ᠠ ᠭᠠᠵᠠᠷᠳᠠᠵᠤ᠂ ᠬᠦᠰᠡᠭᠰᠡᠨ ᠶᠠᠭᠤᠮ᠎ᠠ ᠬᠥᠭᠡᠰᠦ ᠪᠣᠯᠬᠤ ᠰᠢᠭ᠋ ᠭᠠᠩᠰᠠᠷᠠᠯᠲᠠᠢ ᠶᠠᠭᠤᠮ᠎ᠠ ᠠᠯᠠᠭ᠎ᠠ᠃ ᠥᠭᠡᠬᠦ ᠡᠮᠬᠦᠬᠦ ᠶᠤᠮᠰᠠᠨ ᠭᠡᠵᠦ ᠭᠣᠷᠢᠳᠠᠵᠤ ᠢᠷᠡᠭᠰᠡᠨ ᠭᠣᠷᠢ ᠲᠠᠰᠤᠷᠠᠵᠤ ᠳᠡᠮᠡᠢ ᠰᠢᠯᠦᠰᠦ ᠪᠡᠨ ᠵᠠᠯᠭᠢᠨ ᠵᠣᠭᠰᠣᠭᠰᠠᠨ ᠮᠠᠨᠴᠤᠷᠭ᠎ᠠ ᠡᠨᠡ ᠬᠦ᠌ ᠳᠦᠯᠡᠢ ᠡᠪᠦᠭᠡᠨ ᠯᠠᠮᠠᠬᠠᠢ ᠠ᠋ᠴᠠ《ᠷᠣᠯᠮ᠎ᠠ ᠬᠠᠮᠢᠭ᠎ᠠ ᠶᠠᠪᠤᠭᠰᠠᠨ ᠪᠣᠢ? ᠣᠢᠷ᠎ᠠ ᠣᠷᠴᠢᠮ ᠪᠠᠢᠬᠤ ᠤᠤ?》 ᠭᠡᠰᠡᠨ ᠣᠯᠠᠨ ᠠᠰᠠᠭᠤᠯᠲᠠ ᠲᠠᠯᠪᠢᠵᠤ ᠭᠠᠷ ᠬᠤᠷᠤᠭᠤ ᠪᠠᠨ ᠳᠣᠬᠢᠵᠤ ᠵᠠᠩᠭᠠᠨ ᠠᠰᠠᠭᠤᠭᠰᠠᠨ ᠪᠣᠯᠪᠠᠴᠤ ᠳᠦᠯᠡᠢ ᠡᠪᠦᠭᠡᠨ ᠦ᠌《 ᠮᠡᠳᠡᠬᠦ ᠦᠭᠡᠢ ᠠ᠋》 ᠯᠠ ᠭᠡᠬᠦ ᠭᠠᠷ ᠢ᠋ᠶ᠋ᠠᠨ ᠨᠢᠳᠦᠨ ᠦ᠌ ᠡᠮᠦᠨ᠎ᠡ ᠨᠠᠭᠠᠰᠢ ᠴᠠᠭᠠᠰᠢ ᠰᠠᠵᠢᠭᠰᠠᠨ ᠬᠠᠷᠢᠭᠤᠯᠲᠠ ᠠ᠋ᠴᠠ ᠥᠭᠡᠷ᠎ᠡ ᠶᠠᠭᠤ ᠴᠤ᠌ ᠣᠯᠤᠭᠰᠠᠨ ᠦᠭᠡᠢ᠃ ᠲᠡᠭᠡᠭᠡᠳ ᠮᠠᠨᠴᠤᠷᠭ᠎ᠠ ᠣᠷᠣᠢ ᠬᠠᠷᠠᠩᠭᠤᠢ ᠳ᠋ᠤ᠌ ᠬᠠᠮᠢᠭ᠎ᠠ ᠶᠠᠪᠤᠯᠲᠠᠢ ᠪᠢᠰᠢ ᠲᠤᠯᠠ ᠡᠨᠳᠡ ᠷᠣᠯᠮ᠎ᠠ ᠲᠠᠢ ᠠᠩᠬ᠎ᠠ ᠤᠨᠲᠠᠵᠤ ᠪᠠᠢᠭᠰᠠᠨ ᠣᠷᠣᠨ ᠳᠡᠭᠡᠷ᠎ᠡ ᠰᠠᠨᠠᠭ᠎ᠠ ᠪᠠᠨ ᠬᠠᠭᠤᠷᠴᠤ ᠬᠣᠨᠣᠶ᠎ᠠ ᠭᠡᠳᠡᠭ ᠪᠣᠳᠣᠯ ᠳ᠋ᠤ᠌ ᠠᠪᠲᠠᠨ ᠳᠦᠯᠡᠢ ᠡᠪᠦᠭᠡᠨ ᠳ᠋ᠦ᠍ ᠠᠮᠠ ᠤᠷᠤᠭᠤ ᠪᠠᠨ ᠵᠢᠭᠠᠵᠤ᠂ ᠠᠶᠠᠭ᠎ᠠ ᠲᠠᠢ ᠶᠠᠭᠤᠮ᠎ᠠ ᠣᠭᠣᠴᠢᠵᠤ ᠬᠥᠨᠲᠥᠷᠬᠦ ᠰᠢᠭ ᠳᠠᠬᠢᠭᠠᠳ ᠤᠯᠠᠭᠠᠨ ᠬᠣᠭᠣᠯᠠᠢ ᠤᠷᠤᠭᠤᠳᠠᠭᠤᠯᠤᠨ ᠭᠡᠳᠡᠰᠦ ᠪᠡᠨ ᠠᠯᠠᠭᠠᠳᠠᠪᠠᠯ ᠳᠦᠯᠡᠢ ᠡᠪᠦᠭᠡᠨ ᠬᠠᠷᠢᠨ ᠲᠡᠭᠦᠨ ᠦ᠌《 ᠶᠠᠭᠤᠮ᠎ᠠ ᠢᠳᠡᠬᠦ》 ᠭᠡᠰᠡᠨ ᠰᠠᠨᠠᠭ᠎ᠠ ᠶ᠋ᠢ ᠣᠢᠯᠠᠭᠠᠵᠤ ᠮᠡᠳᠡᠭᠰᠡᠨ ᠪᠣᠯᠤᠯᠲᠠᠢ᠃
— ᠵᠠ᠂ ᠮᠡᠳᠡᠯ᠎ᠡ᠃ ᠣᠳᠣᠬᠠᠨ᠂ ᠣᠳᠣᠬᠠᠨ! ᠭᠡᠳ ᠰᠠᠭᠤᠭᠰᠠᠨ ᠣᠷᠣᠨ ᠠ᠋ᠴᠠ ᠪᠠᠨ ᠪᠣᠰᠴᠤ ᠲᠤᠯᠭᠠᠨ ᠳ᠋ᠠᠭᠠᠨ ᠭᠠᠯ ᠥᠷᠳᠡᠪᠡ᠃ ᠳᠦᠯᠡᠢ ᠬᠥᠮᠦᠨ ᠲᠡᠢ ᠬᠡᠯᠡᠯᠴᠡᠬᠦ ᠭᠡᠭᠴᠢ ᠪᠠᠰᠠ ᠳᠠᠮ ᠤᠷ᠎ᠠ ᠣᠷᠣᠨ᠎ᠠ᠃ ᠭᠡᠷ ᠦ᠋ᠨ ᠠᠳᠠᠭᠠᠷ ᠬᠠᠭᠤᠷᠲᠠᠯᠠ ᠴᠢᠩᠭ᠎ᠠ ᠬᠠᠰᠬᠢᠷᠤᠭᠰᠠᠨ ᠴᠤ᠌ ᠬᠡᠯᠡᠯᠴᠡᠭᠡ ᠣᠯᠤᠭᠰᠠᠨ ᠦᠭᠡᠢ ᠬᠠᠷᠢᠨ ᠨᠠᠮᠬᠠᠨ ᠪᠠᠢᠳᠠᠯ ᠢ᠋ᠶ᠋ᠠᠷ ᠭᠠᠷ ᠬᠤᠷᠤᠭᠤ ᠪᠠᠨ ᠵᠠᠩᠭᠠᠨ ᠳᠣᠬᠢᠵᠤ ᠶᠠᠭᠤ ᠶᠠᠭᠠᠬᠢᠬᠤ ᠪᠠᠨ ᠳᠦᠷᠰᠦᠯᠡᠬᠦ ᠳ᠋ᠦ᠍ ᠰᠡᠷᠳ᠋ ᠭᠡᠬᠦ ᠶ᠋ᠢ ᠠᠨᠳᠠᠬᠤ ᠦᠭᠡᠢ ᠮᠡᠳᠡᠳᠡᠭ ᠤᠬᠠᠭᠠᠨ ᠢ᠋ ᠮᠠᠨᠴᠤᠷᠭ᠎ᠠ ᠤᠬᠠᠵᠤ ᠮᠡᠳᠡᠭᠡᠳ ᠠᠩᠬ᠎ᠠ ᠱᠠᠯ ᠲᠡᠨᠡᠭ ᠰᠢᠭ ᠤᠴᠠᠭᠠᠷᠳᠠᠨ ᠣᠷᠢᠯᠠᠭᠰᠠᠨ ᠳ᠋ᠠᠭᠠᠨ ᠭᠡᠮᠰᠢᠵᠦ ᠪᠡᠶ᠎ᠡ ᠪᠡᠨ ᠵᠢᠮᠡᠯᠡᠪᠡ᠃
ᠳᠦᠯᠡᠢ ᠡᠪᠦᠭᠡᠨ ᠬᠥᠰᠡᠷ ᠪᠥᠭᠴᠥᠭᠡᠨᠡᠵᠦ ᠮᠠᠨᠴᠤᠷᠭ᠎ᠠ ᠳ᠋ᠤ᠌ ᠴᠠᠢ ᠴᠢᠨᠠᠨ ᠬᠣᠭᠣᠯᠠ ᠤᠮᠳᠠ ᠪᠠᠵᠠᠭᠠᠬᠤ ᠭᠡᠵᠦ ᠮᠤᠩᠭᠠᠨᠢᠨ᠎ᠠ᠃
ᠮᠠᠨᠴᠤᠷᠭ᠎ᠠ᠂ ᠡᠪᠦᠭᠡᠨ ᠦ᠌ ᠣᠷᠣ ᠶ᠋ᠢ ᠲᠦᠰᠢᠵᠦ ᠬᠠᠵᠠᠭᠤᠯᠠᠨ ᠬᠠᠨᠵᠤᠨ ᠤ᠋ ᠳᠥᠷᠪᠡᠯᠵᠢᠨ ᠰᠢᠷᠡᠭᠡ ᠶ᠋ᠢ ᠨᠠᠯᠠᠵᠤ ᠬᠠᠷ᠎ᠠ ᠲᠠᠮᠠᠬᠢ ᠴᠣᠷᠭᠢᠭᠤᠯᠤᠨᠠ᠃ ᠬᠠᠷ᠎ᠠ ᠲᠠᠮᠠᠬᠢᠨ ᠤ᠋ ᠮᠠᠨᠠᠷᠠᠭᠰᠠᠨ ᠰᠢᠷ᠎ᠠ ᠤᠲᠤᠭ᠎ᠠ ᠵᠢᠭᠠᠬᠠᠨ ᠭᠡᠷ ᠦ᠋ᠨ ᠠᠳᠠᠭᠠᠷ ᠢ᠋ ᠡᠭᠦᠯᠡᠨ ᠵᠠᠩᠭᠢᠶ᠎ᠠ ᠣᠷᠢᠶᠠᠯᠳᠤᠭᠤᠯᠤᠨ ᠬᠤᠢᠯᠠᠷᠠᠨ᠎ᠠ᠃ ᠡᠪᠦᠭᠡᠨ ᠦ᠌ ᠴᠢᠨᠠᠭᠰᠠᠨ ᠴᠠᠢ ᠶ᠋ᠢ ᠤᠤᠭᠤᠵᠤ ᠡᠳᠦᠷ ᠰᠥᠨᠢ ᠦᠭᠡᠢ ᠮᠣᠷᠢᠨ ᠳᠡᠭᠡᠷ᠎ᠡ ᠳᠤᠩᠰᠢᠭᠤᠯᠵᠤ ᠶᠠᠪᠤᠭᠰᠠᠨ ᠶᠠᠳᠠᠷᠠᠭ᠎ᠠ ᠴᠢᠯᠡᠭᠡ ᠲᠠᠯᠪᠢᠭᠳᠠᠬᠤ ᠰᠢᠭ᠋ ᠪᠣᠯᠵᠤ ᠨᠢᠳᠦ ᠨᠢ ᠣᠩᠭᠣᠢᠪᠠ᠃
ᠳᠦᠯᠡᠢ ᠡᠪᠦᠭᠡᠨ ᠲᠦᠳᠡᠯ ᠦᠭᠡᠢ ᠨᠦᠳᠦᠭᠰᠡᠨ ᠦᠬᠡᠷ ᠦ᠋ᠨ ᠪᠣᠷᠴᠠ ᠦᠢᠭᠰᠡᠨ ᠱᠥᠯᠥ ᠲᠡᠢ ᠬᠣᠭᠣᠯᠠ ᠠᠶᠠᠭᠠᠯᠠᠬᠤ ᠳ᠋ᠤ᠌ ᠲᠡᠷᠡ ᠬᠡᠳᠦᠨ ᠡᠳᠦᠷ ᠣᠯᠢᠭᠲᠠᠢ ᠬᠣᠭᠣᠯᠠ ᠣᠯᠵᠤ ᠢᠳᠡᠭᠡ ᠦᠭᠡᠢ ᠪᠡᠨ ᠰᠠᠨᠠᠵᠤ ᠠᠮᠠ ᠪᠠᠨ ᠣᠯᠬᠤ ᠦᠭᠡᠢ ᠰᠢᠬᠠᠮ ᠢᠳᠡᠯ᠎ᠡ᠃ ᠳᠦᠯᠡᠢ ᠡᠪᠦᠭᠡᠨ ᠡᠨᠡ ᠬᠦ᠌ ᠰᠠᠢᠨ ᠡᠷ᠎ᠡ ᠶ᠋ᠢᠨ ᠰᠢᠨᠵᠢ ᠲᠡᠢ ᠬᠥᠮᠦᠨ ᠦ᠌ ᠱᠥᠯᠥ ᠲᠡᠢ ᠬᠣᠭᠣᠯᠠ ᠶ᠋ᠢ ᠱᠥᠷᠴᠢᠭᠢᠨᠡᠲᠡᠯᠡ ᠰᠣᠷᠣᠵᠤ᠂ ᠢᠳᠡᠵᠦ ᠤᠤᠭᠤᠭ᠎ᠠ ᠪᠠᠢᠳᠠᠯ ᠲᠥᠯᠥᠪ ᠨᠢ ᠶᠠᠭ ᠯᠠ ᠨᠢᠭᠡ ᠰᠠᠪᠠ ᠠ᠋ᠴᠠ ᠨᠥᠭᠦᠭᠡ ᠰᠠᠪᠠ ᠤᠷᠤᠭᠤ ᠶᠡᠭᠦᠯᠡᠵᠦ ᠪᠠᠢᠭ᠎ᠠ ᠰᠢᠭ᠋ ᠢ᠋ ᠬᠠᠷᠠᠵᠤ ᠰᠠᠭᠤᠬᠤ ᠳ᠋ᠠᠭᠠᠨ ᠠᠮᠠᠨ ᠳ᠋ᠠᠭᠠᠨ《 ᠠ᠂ ᠮᠥᠨ ᠴᠤ᠌ ᠥᠯᠥᠰᠴᠦ ᠳᠡ ᠬᠥᠭᠡᠷᠦᠬᠦᠢ》 ᠭᠡᠵᠦ ᠳᠦᠳᠦᠨᠡᠪᠡ᠃
ᠮᠠᠨᠴᠤᠷᠭ᠎ᠠ ᠶᠣᠰᠣᠲᠠᠢ ᠭᠡᠷ ᠲᠡᠭᠡᠨ ᠢᠷᠡᠭᠰᠡᠨ ᠰᠢᠭ ᠨᠢᠭᠡ ᠴᠠᠭ ᠤ᠋ᠨ ᠲᠠᠪᠠᠲᠠᠢ ᠰᠠᠢᠬᠠᠨ ᠱᠥᠯᠥ ᠲᠡᠢ ᠬᠣᠭᠣᠯᠠ ᠶ᠋ᠢ ᠬᠥᠯᠥᠷᠡᠲᠡᠯ᠎ᠡ ᠢᠳᠡᠭᠡᠳ ᠬᠡᠬᠡᠷᠡᠭᠦᠯᠵᠦ᠂ ᠨᠢᠭᠡ ᠭᠠᠩᠰᠠ ᠳ᠋ᠦᠩᠰᠡᠨ ᠲᠠᠮᠠᠬᠢ ᠨᠡᠷᠡᠵᠦ ᠠᠪᠤᠭᠠᠳ ᠰᠢᠯᠦᠰᠦ ᠪᠡᠨ ᠬᠤᠷᠠᠭᠤᠯᠤᠨ ᠰᠢᠨᠤᠭ ᠰᠤᠷᠤᠩᠭᠠᠨ ᠨᠥᠭᠦᠭᠡ ᠳᠦᠯᠡᠢ ᠡᠪᠦᠭᠡᠨ ᠤᠷᠤᠭᠤ ᠡᠷᠡᠬᠡᠢ ᠪᠡᠨ ᠭᠣᠵᠣᠢᠯᠭᠠᠵᠤ《 ᠰᠠᠢᠬᠠᠨ ᠬᠣᠭᠣᠯᠠ ᠬᠢᠯ᠎ᠡ》 ᠭᠡᠵᠦ ᠰᠠᠨᠠᠭ᠎ᠠ ᠪᠠᠨ ᠢᠯᠡᠳᠬᠡᠬᠦ ᠳ᠋ᠦ᠍ ᠳᠦᠯᠡᠢ ᠡᠪᠦᠭᠡᠨ ᠤᠬᠠᠭᠠᠨ ᠢ᠋ ᠨᠢ ᠣᠯᠵᠤ《ᠶᠠᠭᠠᠬᠢᠬᠤ ᠪᠣᠢ! ᠵᠦᠭᠡᠷ᠂ ᠵᠦᠭᠡᠷ!》 ᠭᠡᠳ ᠠᠶᠠᠭ᠎ᠠ ᠱᠠᠭᠠᠵᠠᠩ ᠢ᠋ ᠠᠬᠤᠢᠯᠠᠵᠤ ᠴᠡᠪᠡᠷᠯᠡᠪᠡ᠃
ᠳᠦᠯᠡᠢ ᠡᠪᠦᠭᠡᠨ ᠯᠠᠮᠠᠬᠠᠢ ᠶ᠋ᠢᠨ ᠨᠡᠷ᠎ᠡ ᠫᠤᠩᠰᠣᠭᠷᠠᠪᠵᠠᠢ᠃ ᠪᠠᠷᠠᠭᠤᠨ ᠠᠭᠤᠯᠠ ᠶ᠋ᠢᠨ ᠠᠷᠴᠠᠲᠤ ᠶ᠋ᠢᠨ ᠬᠥᠮᠦᠨ᠃ ᠪᠠᠭ᠎ᠠ ᠠ᠋ᠴᠠ ᠪᠠᠨ ᠣᠢ ᠰᠠᠢᠲᠠᠢ ᠬᠡᠦᠬᠡᠳ ᠪᠠᠢᠭᠰᠠᠨ ᠤᠴᠢᠷ ᠶᠡᠬᠡᠴᠦᠦᠯ ᠨᠢ ᠲᠡᠭᠦᠨ ᠢ᠋ ᠰᠤᠪᠤᠷᠭ᠎ᠠ ᠶ᠋ᠢᠨ ᠰᠦᠮ᠎ᠡ ᠳ᠋ᠦ᠍ ᠪᠠᠨᠳᠢ ᠪᠣᠯᠭᠠᠪᠠᠯ ᠨᠣᠮ ᠴᠡᠭᠡᠵᠢᠯᠡᠬᠦ ᠦᠭᠡᠢ ᠭᠡᠵᠦ ᠪᠠᠭᠰᠢ ᠯᠠᠮᠠ ᠨᠢ ᠠᠯᠠᠭᠠᠳᠠᠵᠤ ᠪᠠᠢᠭᠠᠳ ᠳᠦᠯᠡᠢ ᠪᠣᠯᠭᠠᠪᠠ ᠭᠡᠨ᠎ᠡ᠃ ᠬᠤᠯᠤᠭᠤ ᠪᠠᠨ ᠬᠠᠭᠯᠠᠭᠤᠯᠤᠭᠰᠠᠨ ᠠ᠋ᠴᠠ ᠬᠣᠢᠰᠢ ᠲᠡᠷᠡ ᠨᠠᠰᠤ ᠶᠠᠪᠤᠬᠤ ᠳᠣᠳᠣᠮ ᠢ᠋ᠶ᠋ᠠᠨ ᠴᠢᠬᠢ ᠨᠢ ᠬᠠᠲᠠᠭᠤᠷᠠᠵᠤ ᠣᠳᠣ ᠪᠣᠯᠬᠤ ᠳ᠋ᠤ᠌ ᠲᠠᠭ ᠳᠦᠯᠡᠢ ᠪᠣᠯᠵᠠᠢ᠃ ᠵᠠᠷᠢᠮ ᠨᠢ ᠪᠠᠰᠠ ᠲᠡᠭᠦᠨ ᠢ᠋ ᠨᠣᠮ ᠦᠭᠡᠢ ᠯᠠᠮᠠ ᠬᠥᠮᠦᠨ ᠰᠦᠮ᠎ᠡ ᠳ᠋ᠦ᠍ ᠰᠠᠭᠤᠬᠤ ᠭᠡᠭᠴᠢ ᠰᠦᠷᠦᠭ ᠲᠦ᠍ ᠦᠭᠡᠢ ᠪᠤᠬ᠎ᠠ ᠭᠡᠨ᠎ᠡ᠃ ᠲᠡᠭᠡᠪᠡᠴᠦ ᠪᠤᠩᠰᠣᠭᠷᠠᠪᠵᠠᠢ ᠶ᠋ᠢᠨ ᠰᠠᠨᠠᠭ᠎ᠠ ᠤᠷᠠᠨ᠂ ᠶᠠᠭᠤᠮᠠᠨ ᠳ᠋ᠤ᠌ ᠭᠠᠷ ᠳᠦᠢᠲᠡᠢ ᠲᠤᠯᠠ ᠪᠠᠢᠯᠳᠤᠰᠤ ᠵᠠᠭᠠᠷᠠᠭ ᠢ᠋ᠶ᠋ᠠᠷ ᠲᠠᠬᠢᠯ ᠴᠥᠭᠥᠴᠡ ᠵᠣᠭᠣᠭᠣᠬᠤ᠂ ᠪᠤᠷᠬᠠᠨ ᠬᠥᠷᠥᠭ ᠱᠤᠭᠤᠬᠤ᠂ ᠠᠯᠲᠠᠳᠠᠵᠤ ᠰᠢᠷᠳᠡᠬᠦ᠂ ᠥᠩᠭᠡ ᠪᠣᠳᠣᠭ ᠰᠠᠭᠤᠯᠭᠠᠬᠤ ᠳ᠋ᠤ᠌ ᠭᠠᠷᠮᠠᠭᠠᠢ ᠠᠵᠢ᠃ ᠡᠯᠳᠡᠪ ᠶᠠᠩᠵᠤ ᠶ᠋ᠢᠨ ᠪᠤᠷᠬᠠᠳ ᠢ᠋ ᠳᠠᠭᠤᠷᠢᠶᠠᠵᠤ ᠠᠪ ᠠᠳᠠᠯᠢᠬᠠᠨ ᠵᠢᠷᠤᠴᠢᠬᠠᠳᠠᠭ᠃ ᠨᠡᠩ ᠢᠯᠠᠩᠭᠤᠶ᠎ᠠ ᠶᠤᠤᠮᠠᠢ ᠠᠷᠪᠠᠢ ᠶ᠋ᠢᠨ ᠭᠤᠯᠢᠷ ᠢ᠋ᠶ᠋ᠠᠷ ᠪᠠᠯᠢᠩ ᠵᠣᠯᠢᠭ ᠴᠢᠮᠬᠢᠵᠦ ᠬᠢᠬᠦ ᠳ᠋ᠡᠭᠡᠨ ᠮᠠᠰᠢᠳᠠ ᠤᠷ᠎ᠠ ᠲᠠᠢ ᠪᠠᠢᠳᠠᠭ ᠲᠤᠨᠢ ᠰᠦᠮ᠎ᠡ ᠶ᠋ᠢᠨ ᠭᠠᠵᠠᠷ ᠮᠥᠨ ᠳᠤᠲᠠᠵᠤ ᠪᠣᠯᠬᠤ ᠦᠭᠡᠢ ᠬᠥᠮᠦᠨ ᠦ᠌ ᠨᠢᠭᠡ ᠪᠠᠢᠵᠤ᠂ ᠬᠤᠷᠠᠯ ᠬᠤᠢ᠂ ᠴᠠᠮ ᠮᠠᠨᠢ ᠶ᠋ᠢᠨ ᠴᠤᠭᠯᠠᠭ᠎ᠠ ᠪᠣᠯᠬᠤ ᠪᠦᠷᠢ ᠲᠡᠷᠡ ᠣᠯᠳᠠᠰᠢ ᠦᠭᠡᠢ ᠣᠷᠬᠣᠳᠠᠢ ᠪᠣᠯᠵᠤ ᠡᠨᠳᠡ ᠲᠡᠨᠳᠡ ᠵᠠᠯᠠᠭᠳᠠᠨᠠ᠃ ᠲᠡᠷᠡ ᠪᠡᠷ ᠨᠢᠭᠡ ᠨᠠᠰᠤ ᠪᠠᠨ ᠰᠦᠮ᠎ᠡ ᠬᠡᠢᠳ ᠦ᠋ᠨ ᠭᠠᠵᠠᠷ ᠢᠩᠭᠢᠵᠦ ᠡᠯᠡᠭᠡᠵᠦ ᠶᠠᠪᠤᠵᠠᠢ᠃ ᠰᠡᠭᠦᠯ ᠳ᠋ᠦ᠍ᠨᠢ ᠲᠡᠭᠦᠨ ᠢ᠋ ᠭᠠᠷ ᠤᠷᠠᠨ᠂ ᠬᠣᠭᠣᠯᠠ ᠬᠣᠰᠢ ᠠᠮᠲᠠᠯᠢᠭ ᠰᠠᠢᠬᠠᠨ ᠬᠢᠳᠡᠭ ᠭᠡᠳ ᠪᠤᠭᠤᠲᠤ ᠶ᠋ᠢᠨ ᠠᠷᠤ ᠡᠩᠭᠡᠷ ᠦ᠋ᠨ ᠨᠠᠮᠰᠠᠷᠠᠢ ᠪᠤᠷᠬᠠᠨᠲᠤ ᠰᠦᠮ᠎ᠡ ᠶ᠋ᠢᠨ ᠲᠣᠭᠣᠭᠠᠴᠢ ᠪᠠᠷ ᠵᠠᠯᠠᠵᠤ ᠢᠷᠡᠭᠰᠡᠨ ᠨᠢ ᠡᠨᠡ᠃
ᠳᠦᠯᠡᠢ ᠯᠠᠮᠠᠬᠠᠢ ᠪᠤᠩᠰᠣᠭᠷᠠᠪᠵᠠᠢ ᠳᠣᠲᠣᠷ᠎ᠠ ᠪᠠᠨ ᠡᠨᠡ ᠰᠠᠢᠨ ᠡᠷ᠎ᠡ ᠴᠣᠬᠣᠮ ᠣᠳᠣ ᠶᠠᠭᠠᠬᠢᠨ᠎ᠠ ᠭᠡᠳᠡᠭ ᠪᠣᠯ? ᠭᠡᠰᠡᠨ ᠰᠢᠭ ᠴᠢᠷᠠᠢ ᠥᠭᠡᠳᠡ ᠨᠢ ᠡᠭᠴᠡ ᠬᠠᠷᠠᠵᠤ ᠴᠢᠳᠠᠬᠤ ᠦᠭᠡᠢ ᠰᠡᠮᠡᠬᠡᠷ ᠰᠡᠮᠡᠬᠡᠷ ᠨᠢᠳᠦ ᠭᠦᠶᠦᠯᠭᠡᠨ《ᠡᠨᠡ ᠴᠣᠬᠣᠮ ᠶᠠᠭᠤᠨ ᠤ᠋ ᠬᠥᠮᠦᠨ᠂ ᠶᠠᠭᠤᠨ ᠳ᠋ᠤ᠌ ᠶᠠᠪᠤᠭ᠎ᠠ ᠪᠣᠯ?》 ᠭᠡᠵᠦ ᠣᠨᠢᠰᠣᠭ᠎ᠠ ᠳᠠᠭᠠᠪᠤᠷᠢ ᠡᠪᠦᠷᠯᠡᠨ《 ᠴᠣᠬᠣᠮ ᠳ᠋ᠠᠭᠠᠨ ᠣᠳᠣ ᠭᠡᠳᠡᠰᠦ ᠭᠠᠷᠲᠠᠯ᠎ᠠ ᠢᠳᠡᠵᠦ ᠤᠤᠭᠤᠭᠰᠠᠨ ᠬᠥᠮᠦᠨ ᠶᠠᠪᠤᠯᠲᠠᠢ ᠶᠤᠮ ᠳᠠ! ᠶᠠᠪᠤᠵᠤ ᠠᠷᠢᠯᠪᠠᠯ ᠰᠠᠢᠨ ᠶᠤᠮ ᠠ᠋! ᠨᠠᠳᠠ ᠠᠷᠠᠢ ᠬᠣᠣᠷ ᠪᠣᠯᠬᠤ ᠦᠭᠡᠢ ᠪᠢᠵᠡ?》 ᠭᠡᠵᠦ ᠡᠯᠳᠡᠪ ᠢ᠋ ᠡᠷᠭᠢᠴᠡᠭᠦᠯᠵᠦ ᠪᠣᠳᠣᠭᠠᠳ ᠰᠠᠢᠨ ᠡᠷ᠎ᠡ ᠶ᠋ᠢᠨ ᠬᠥᠳᠡᠯᠦᠯ ᠪᠠᠷᠢᠯ ᠢ᠋ ᠠᠨᠳᠠᠯ ᠦᠭᠡᠢ ᠠᠵᠢᠭᠯᠠᠵᠤ ᠰᠠᠭᠤᠨ᠎ᠠ᠃
ᠡᠨᠡ ᠬᠠᠷᠠᠩᠭᠤᠢ ᠳ᠋ᠤ᠌ ᠬᠠᠮᠢᠭ᠎ᠠ ᠴᠤ᠌ ᠭᠡᠵᠦ ᠶᠠᠪᠤᠨ ᠷᠣᠯᠮ᠎ᠠ ᠶ᠋ᠢ ᠰᠤᠷᠠᠭᠯᠠᠬᠤ ᠪᠢᠯᠡ? ᠡᠨᠡ ᠪᠤᠭᠤᠲᠤ ᠳ᠋ᠤ᠌ ᠪᠠᠢᠳᠠᠭ ᠴᠤ᠌ ᠪᠢᠯᠡ ᠤᠤ? ᠳᠦᠯᠡᠢ ᠡᠪᠦᠭᠡᠨ ᠲᠡᠢ ᠬᠡᠯᠡᠯᠴᠡᠭᠡ ᠣᠯᠤᠯᠴᠠᠬᠤ ᠦᠭᠡᠢ ᠶᠦᠮ ᠴᠢᠨᠢ ᠶᠠᠮᠠᠷ ᠠᠷᠭ᠎ᠠ ᠪᠠᠢᠬᠤ ᠪᠣᠢ? ᠥᠨᠥ ᠰᠥᠨᠢ ᠮᠥᠨ ᠡᠨᠳᠡ ᠪᠡᠨ ᠲᠣᠯᠣᠭᠠᠢ ᠰᠢᠭᠢᠷ᠎ᠡ ᠪᠡᠨ ᠠᠮᠠᠷᠠᠭᠠᠵᠤ ᠠᠪᠤᠨ ᠮᠠᠷᠭᠠᠲᠤᠷ ᠪᠣᠯᠤᠶ᠎ᠠ ᠭᠡᠵᠦ ᠮᠠᠨᠴᠤᠷᠭ᠎ᠠ ᠪᠡᠶ᠎ᠡ ᠰᠡᠳᠬᠢᠯ ᠢ᠋ᠶ᠋ᠡᠨ ᠬᠤᠷᠢᠶᠠᠬᠤ ᠰᠠᠨᠠᠭ᠎ᠠ ᠣᠷᠣᠬᠤ ᠳ᠋ᠤ᠌ ᠭᠡᠳᠡᠰᠦ ᠴᠠᠳᠤᠭᠰᠠᠨ ᠤ᠋ ᠤᠯᠠᠮ ᠳ᠋ᠤ᠌ ᠪᠡᠶ᠎ᠡ ᠪᠠᠯᠠᠷᠠᠭᠰᠠᠨ ᠶᠠᠳᠠᠷᠠᠭ᠎ᠠ ᠣᠳᠣ ᠰᠠᠶᠢ ᠶᠠᠰᠤ ᠬᠦᠨᠳᠦᠷᠡᠭᠦᠯᠵᠦ ᠨᠣᠢᠷ ᠭᠥᠷᠦᠭᠦᠯᠬᠦ ᠳ᠋ᠦ᠍ ᠲᠤᠯᠵᠠᠢ᠃ ᠲᠡᠭᠡᠭᠡᠳ ᠮᠠᠨᠴᠤᠷᠭ᠎ᠠ ᠳᠦᠯᠡᠢ ᠡᠪᠦᠭᠡᠨ ᠳ᠋ᠦ᠍ ᠪᠡᠶ᠎ᠡ ᠬᠠᠵᠠᠭᠤᠯᠠᠨ ᠳᠡᠷᠡ ᠨᠡᠢᠯᠡᠭᠦᠯᠬᠦ ᠳᠦᠷᠢ ᠦᠵᠡᠭᠦᠯᠦᠨ ᠳᠦᠷᠰᠦᠯᠡᠪᠡᠯ ᠡᠪᠦᠭᠡᠨ ᠯᠠᠮᠠᠬᠠᠢ ᠤᠬᠠᠭᠠᠨ ᠢ᠋ ᠣᠢᠯᠠᠭᠠᠵᠤ《 ᠡᠨᠡ ᠰᠠᠢᠨ ᠡᠷ᠎ᠡ ᠬᠣᠨᠣᠭ ᠭᠤᠶᠤᠵᠤ ᠤᠨᠲᠠᠬᠤ ᠰᠠᠨᠠᠭ᠎ᠠ ᠲᠠᠢ ᠶᠤᠮ ᠪᠠᠢᠨ᠎ᠠ᠃ ᠱᠠᠯᠠᠪᠬᠠᠨ ᠣᠷᠣ ᠰᠢᠷᠢᠳᠡᠭ ᠳᠡᠪᠢᠰᠴᠦ ᠤᠨᠲᠠᠭᠤᠯᠬᠤ ᠶ᠋ᠢᠨ ᠤᠬᠠᠭᠠᠨ ᠬᠢᠶ᠎ᠡ! ᠴᠠᠭᠠᠨ᠎ᠠ ᠪᠠᠨ ᠫᠤᠤ ᠰᠠᠭᠠᠳᠠᠭ ᠲᠠᠢ ᠶᠤᠮ ᠪᠠᠢᠨ᠎ᠠ》 ᠭᠡᠳ ᠬᠠᠨᠵᠤᠨ ᠰᠢᠷᠡᠭᠡᠨ ᠦ᠌ ᠵᠡᠭᠦᠨ ᠲᠠᠯ᠎ᠠ ᠪᠠᠷ ᠰᠢᠷᠢᠳᠡᠭ ᠳᠡᠪᠢᠰᠴᠦ᠂ ᠳᠡᠪᠰᠡᠭ ᠳᠣᠲᠣᠷ᠎ᠠ ᠠ᠋ᠴᠠ ᠲᠡᠮᠡᠭᠡᠨ ᠨᠣᠣᠰᠣᠨ ᠬᠤᠴᠢᠯᠭ᠎ᠠ ᠭᠠᠷᠭᠠᠵᠤ ᠥᠭᠪᠡ᠃
ᠲᠣᠬᠢᠲᠠᠢ ᠰᠢᠷᠢᠳᠡᠭ ᠳᠡᠷᠡ ᠪᠡᠯᠡᠳᠬᠡᠵᠦ ᠥᠭᠭᠦᠭᠰᠡᠨ ᠳ᠋ᠦ᠍ ᠪᠠᠶᠠᠷᠯᠠᠭᠰᠠᠨ ᠮᠠᠨᠴᠤᠷᠭ᠎ᠠ ᠳᠦᠯᠡᠢ ᠡᠪᠦᠭᠡᠨ ᠤᠷᠤᠭᠤ ᠡᠷᠡᠬᠡᠢ ᠭᠣᠵᠣᠢᠯᠭᠠᠨ《ᠰᠠᠢᠨ ᠪᠠᠢᠨ᠎ᠠ》 ᠭᠡᠰᠡᠨ ᠰᠠᠨᠠᠭ᠎ᠠ ᠪᠠᠨ ᠢᠯᠡᠳᠬᠡᠬᠦ ᠳ᠋ᠦ᠍ ᠳᠦᠯᠡᠢ ᠯᠠᠮᠠᠬᠠᠢ ᠰᠠᠨᠠᠭ᠎ᠠ ᠨᠢ ᠲᠠᠢᠪᠤᠰᠢᠷᠠᠵᠤ《ᠵᠠ᠂ ᠪᠤᠷᠬᠠᠨ ᠰᠤᠤᠬᠠᠨ! ᠤᠨᠲᠠᠵᠤ ᠠᠮᠠᠷᠠᠭ ᠴᠠᠭᠠᠰᠢ! ᠨᠠᠳᠠ ᠪᠢᠲᠡᠭᠡᠢ ᠯᠡ ᠬᠣᠣᠷ ᠬᠦᠷᠭᠡᠭᠡᠰᠡᠢ ᠳᠡ!》 ᠭᠡᠵᠦ ᠳᠣᠲᠣᠷ᠎ᠠ ᠪᠠᠨ ᠵᠠᠯᠪᠠᠷᠢᠨ ᠨᠠᠮᠠᠨᠴᠢᠯᠠᠪᠠ᠃
ᠮᠠᠨᠴᠤᠷᠭ᠎ᠠ ᠬᠡᠪᠲᠡᠪᠡ᠃《 ᠮᠥᠨ ᠡᠨᠡ ᠣᠷᠣᠨ ᠳᠡᠭᠡᠷ᠎ᠡ ᠮᠠᠭᠤ( ᠬᠣᠩᠭᠢᠯᠳᠠᠭ ᠭᠤᠲᠤᠯ) ᠢ᠋ ᠣᠷᠢᠯᠠᠭᠤᠯᠤᠨ ᠴᠣᠭᠭᠢᠭᠤᠯᠵᠤ ᠪᠠᠢᠯ᠎ᠠ ᠳᠠ! ᠥᠨᠥ ᠰᠥᠨᠢ ᠴᠤ᠌ ᠮᠥᠨ ᠢᠩᠭᠢᠭᠡᠳ ᠳᠦᠯᠡᠢ ᠯᠠᠮᠠ ᠪᠠᠷ ᠬᠠᠨᠢ ᠪᠣᠯᠭᠠᠵᠤ ᠭᠤᠶ᠎ᠠ ᠪᠠᠨ ᠲᠡᠪᠡᠷᠢᠨ ᠬᠣᠭᠣᠰᠣᠨ ᠬᠤᠷᠬᠢᠷᠠᠬᠤ ᠪᠣᠯᠵᠠᠢ》 ᠭᠡᠵᠦ ᠷᠣᠯᠮ᠎ᠠ ᠶ᠋ᠢ ᠰᠠᠨᠠᠨ ᠬᠡᠪᠲᠡᠬᠦ ᠳ᠋ᠡᠭᠡᠨ ᠲᠡᠮᠡᠭᠡᠨ ᠨᠣᠣᠰᠣᠨ ᠬᠤᠴᠢᠯᠭ᠎ᠠ ᠠ᠋ᠴᠠ ᠡᠮ᠎ᠡ ᠬᠥᠮᠦᠨ ᠦ᠌ ᠬᠥᠯᠥᠰᠥ᠂ ᠣ ᠡᠩᠭᠡᠰᠬᠡ᠂ ᠬᠠᠶᠠ ᠪᠠᠰᠠ ᠬᠠᠷ᠎ᠠ ᠲᠠᠮᠠᠬᠢᠨ ᠤ᠋ ᠦᠨᠦᠷ᠂ ᠡᠷ᠎ᠡ ᠬᠥᠮᠦᠨ ᠦ᠌ ᠬᠥᠯᠥᠰᠥᠨ ᠦ᠌ ᠦᠨᠦᠷ ᠬᠣᠯᠢᠯᠳᠤᠭᠰᠠᠨ ᠶᠠᠩᠵᠤ ᠶ᠋ᠢᠨ ᠦᠨᠦᠷ ᠬᠠᠮᠠᠷ ᠴᠣᠷᠭᠢᠵᠤ ᠤᠨᠲᠠᠬᠤ ᠨᠣᠢᠷ ᠨᠢ ᠬᠤᠯᠵᠢᠵᠤ ᠣᠷᠬᠢᠪᠠ᠃ ᠲᠡᠭᠡᠭᠡᠳ ᠲᠡᠷᠡ ᠴᠣᠴᠢᠮᠠᠭ ᠪᠣᠰᠴᠤ ᠰᠠᠭᠤᠭᠠᠳ ᠳᠦᠯᠡᠢ ᠡᠪᠦᠭᠡᠨ ᠡᠴᠡ《 ᠷᠣᠯᠮ᠎ᠠ ᠬᠠᠮᠢᠭ᠎ᠠ ᠶᠠᠪᠤᠭᠰᠠᠨ ᠪᠣᠢ?》 ᠭᠡᠬᠦ ᠰᠠᠨᠠᠭ᠎ᠠ ᠢᠯᠡᠳᠬᠡᠵᠦ ᠡᠮᠡᠭᠲᠡᠢ ᠬᠥᠮᠦᠨ ᠦ᠌ ᠶᠠᠩᠵᠤ ᠲᠥᠯᠥᠪ ᠢ᠋ ᠳᠠᠭᠤᠷᠢᠶᠠᠨ ᠮᠥᠷᠥ ᠪᠡᠨ ᠮᠤᠰᠢᠯᠵᠠᠭᠤᠯᠵᠤ《 ᠮᠥᠨ ᠡᠨᠳᠡ ᠤᠨᠲᠠᠳᠠᠭ ᠷᠣᠯᠮ᠎ᠠ ᠶᠠᠭᠠᠬᠢᠪᠠ?》 ᠭᠡᠰᠡᠨ ᠲᠥᠯᠥᠪᠲᠡᠢ ᠡᠨᠡ ᠲᠡᠷᠡ ᠭᠡᠵᠦ ᠳᠦᠷᠰᠦᠯᠡᠬᠦ ᠶ᠋ᠢ ᠳᠦᠯᠡᠢ ᠯᠠᠮᠠᠬᠠᠢ ᠣᠢᠯᠠᠭᠠᠵᠤ ᠮᠡᠳᠡᠪᠡ᠃ ᠣᠢᠯᠠᠭᠠᠬᠤ᠂ ᠣᠢᠯᠠᠭᠠᠬᠤ ᠳ᠋ᠠᠭᠠᠨ ᠰᠠᠢᠨ ᠴᠤ᠌ ᠣᠢᠯᠠᠭᠠᠪᠠ᠃ ᠮᠠᠨᠴᠤᠷᠭ᠎ᠠ ᠡᠨᠡ ᠭᠡᠷ ᠲᠦ᠍ ᠡᠳᠦᠢ ᠣᠷᠣᠢ ᠪᠦᠷᠦᠢ ᠪᠡᠷ ᠶᠠᠭᠤ ᠬᠢᠬᠦ ᠪᠡᠷ ᠢᠷᠡᠭᠰᠡᠨ ᠵᠣᠷᠢᠯᠭ᠎ᠠ ᠶ᠋ᠢ ᠨᠢ ᠴᠤ᠌ ᠮᠡᠳᠡᠵᠡᠢ᠃ ᠡᠨᠡ ᠰᠠᠢᠨ ᠡᠷ᠎ᠡ ᠴᠦ᠍ ᠷᠣᠯᠮ᠎ᠠ ᠶ᠋ᠢ ᠰᠤᠷᠠᠭᠯᠠᠵᠤ᠂ ᠰᠥᠨᠢᠵᠢᠨ ᠥᠨᠥᠬᠢ ᠲᠡᠢ ᠬᠥᠭᠯᠡᠭᠦᠯᠵᠦ ᠬᠣᠨᠣᠬᠤ ᠰᠠᠨᠠᠭ᠎ᠠ ᠲᠠᠢ ᠶᠠᠪᠤᠭ᠎ᠠ ᠶᠤᠮ ᠪᠠᠢᠨ᠎ᠠ ᠭᠡᠵᠦ ᠬᠣᠶᠠᠷ ᠭᠠᠷ ᠢ᠋ᠶ᠋ᠠᠨ ᠵᠡᠷᠭᠡ ᠪᠡᠷ ᠰᠠᠵᠢᠵᠤ᠂《ᠮᠡᠳᠡᠬᠦ ᠦᠭᠡᠢ ᠠ᠋᠂ ᠮᠡᠳᠡᠬᠦ ᠦᠭᠡᠢ》 ᠭᠡᠳ ᠨᠢᠳᠦ ᠪᠡᠨ ᠴᠠᠭᠠᠨ ᠢ᠋ᠶ᠋ᠠᠷ ᠡᠷᠭᠢᠯᠳᠦᠭᠦᠯᠦᠨ᠂ ᠬᠡᠯᠡ ᠪᠡᠨ ᠭᠠᠷᠭᠠᠨ ᠳᠦᠷᠰᠦ ᠦᠭᠡᠢᠯᠡᠨ ᠠᠯᠠᠭ᠎ᠠ ᠪᠠᠨ ᠳᠡᠯᠭᠡᠵᠦ《 ᠷᠣᠯᠮ᠎ᠠ ᠳᠠᠯᠠᠢᠴᠢᠬᠠᠭᠰᠠᠨ ᠠ᠋!》 ᠭᠡᠰᠡᠨ ᠢ᠋ᠶ᠋ᠡᠨ ᠪᠢᠲᠡᠭᠦᠦ ᠪᠡᠷ ᠢᠯᠡᠳᠬᠡᠭᠰᠡᠨ ᠢ᠋ ᠬᠠᠷᠢᠨ ᠮᠠᠨᠴᠤᠷᠭ᠎ᠠ ᠣᠢᠯᠠᠭᠠᠭᠰᠠᠨ ᠦᠭᠡᠢ᠃ 《ᠡᠨᠡ ᠮᠠᠭᠤ ᠴᠢᠨᠢ ᠶᠠᠭᠠᠬᠢᠨ᠎ᠠ ᠭᠡᠵᠦ ᠰᠠᠨᠠᠪᠠ? ᠷᠣᠯᠮ᠎ᠠ ᠶ᠋ᠢ ᠬᠠᠮᠢᠭ᠎ᠠ ᠶᠠᠪᠤᠪᠠ ᠭᠡᠰᠡᠨ ᠰᠠᠨᠠᠭ᠎ᠠ ᠶ᠋ᠢ ᠪᠤᠷᠤᠭᠤ ᠣᠢᠯᠠᠭᠠᠵᠤ᠂ ᠡᠮᠡᠭᠲᠡᠢ ᠬᠥᠮᠦᠨ ᠣᠯᠵᠤ ᠢᠷ᠎ᠡ ᠭᠡᠵᠦ ᠪᠠᠢᠨ᠎ᠠ ᠭᠡᠵᠦ ᠣᠢᠯᠠᠭᠠᠭ᠎ᠠ ᠶᠤᠮ ᠪᠢᠵᠡ! ᠲᠡᠭᠡᠭᠡᠳ ᠯᠡ( ᠪᠢ ᠬᠠᠮᠢᠭ᠎ᠠ ᠠ᠋ᠴᠠ ᠡᠮ᠎ᠡ ᠬᠥᠮᠦᠨ ᠣᠯᠬᠤ ᠪᠢᠯᠡ? ᠲᠡᠭᠡᠪᠡᠯ ᠪᠢ᠁ ᠡᠮᠡᠭᠲᠡᠢ ᠬᠥᠮᠦᠨ ᠲᠡᠢ᠁ ᠪᠢ ᠥᠪᠡᠷ ᠢ᠋ᠶ᠋ᠡᠨ ᠦᠬᠦᠭᠰᠡᠨ ᠢ᠋ ᠬᠦᠷᠬᠦ ᠦᠭᠡᠢ) ᠭᠡᠵᠦ ᠬᠡᠯᠡ ᠠᠮᠠ ᠪᠠᠨ ᠭᠠᠷᠭᠠᠨ ᠨᠢᠳᠦ ᠪᠡᠨ ᠭᠥᠯᠢᠯᠵᠡᠭᠦᠯᠵᠦ ᠪᠠᠢᠨ᠎ᠠ᠁》 ᠭᠡᠵᠦ ᠪᠤᠷᠤᠭᠤ ᠳ᠋ᠤᠨᠢ ᠪᠤᠷᠤᠭᠤ ᠪᠠᠷ ᠣᠢᠯᠠᠭᠠᠭᠰᠠᠨ ᠮᠠᠨᠴᠤᠷᠭ᠎ᠠ《 ᠵᠠ᠂ ᠪᠠᠢᠭ! ᠡᠨᠡ ᠳᠦᠯᠡᠢ ᠬᠥᠮᠦᠨ ᠢ᠋ ᠢᠩᠭᠢᠵᠦ ᠰᠠᠮᠭᠠᠷᠳᠠᠭᠤᠯᠬᠤ ᠪᠠᠨ ᠪᠠᠢᠶ᠎ᠠ᠁ ᠨᠢᠭᠡ ᠰᠥᠨᠢ ᠳᠣᠬᠢᠵᠤ ᠳᠠᠯᠠᠯᠪᠠᠴᠤ ᠤᠬᠠᠭᠠᠨ ᠰᠠᠨᠠᠭ᠎ᠠ ᠪᠠᠨ ᠰᠠᠢᠨ ᠣᠯᠤᠯᠴᠠᠬᠤ ᠦᠭᠡᠢ ᠡᠴᠡ ᠬᠣᠢᠰᠢ ᠡᠷᠲᠡᠬᠡᠨ ᠤᠨᠲᠠᠵᠤ ᠠᠮᠠᠷᠠᠶ᠎ᠠ》 ᠭᠡᠳ ᠪᠡᠶ᠎ᠡ ᠤᠷᠪᠠᠨ ᠬᠡᠪᠲᠡᠯ᠎ᠡ᠃
ᠶᠠᠳᠠᠷᠠᠵᠤ ᠪᠠᠯᠠᠷᠠᠭᠰᠠᠨ ᠤ᠋ ᠤᠷᠰᠢᠭ ᠲᠤ ᠡᠨᠡ ᠤᠳᠠᠭ᠎ᠠ ᠮᠠᠨᠴᠤᠷᠭ᠎ᠠ ᠳᠡᠷᠡ ᠲᠣᠯᠣᠭᠠᠢ ᠨᠡᠢᠯᠡᠭᠦᠯᠦᠮᠡᠭᠴᠡ ᠬᠠᠮᠠᠷ ᠲᠡᠳᠡᠨ ᠰᠦᠷᠡᠬᠡᠢ ᠬᠤᠷᠬᠢᠷᠠᠪᠠ᠃ ᠬᠡᠰᠡᠭ ᠬᠡᠰᠡᠭ ᠠᠮᠢᠰᠬᠤᠭ᠎ᠠ ᠨᠢ ᠲᠠᠰᠤᠯᠳᠠᠵᠤ ᠪᠠᠢᠭ᠎ᠠ ᠰᠢᠭ᠋ ᠬᠣᠭᠣᠯᠵᠠᠭᠤᠷ ᠳᠣᠲᠣᠷ᠎ᠠ ᠪᠠᠨ ᠲᠡᠭᠡᠭᠯᠡᠨ᠂ ᠲᠡᠭᠡᠵᠦ ᠲᠡᠭᠡᠵᠦ ᠳᠠᠬᠢᠭᠠᠳ ᠦᠬᠡᠷ ᠦ᠋ᠨ ᠳᠠᠪᠤᠰᠠᠩ ᠳ᠋ᠤ᠌ ᠬᠡᠢ ᠶ᠋ᠢ ᠲᠠᠯᠪᠢᠬᠤ ᠰᠢᠭ᠋ ᠫᠦᠳᠢ ᠭᠡᠲᠡᠯ᠎ᠡ ᠭᠠᠳᠠᠭᠰᠢ ᠦᠯᠢᠶᠡᠨ᠎ᠡ᠃ ᠲᠡᠭᠦᠨ ᠦ᠌ ᠬᠤᠷᠬᠢᠷᠠᠬᠤ ᠳᠠᠭᠤᠨ ᠳ᠋ᠤ᠌ ᠴᠣᠩᠬᠣᠨ ᠤ᠋ ᠴᠠᠭᠠᠰᠤ ᠱᠠᠷᠴᠢᠭᠢᠨᠠᠵᠤ᠂ ᠬᠣᠲᠠ ᠲᠠᠢ ᠬᠣᠨᠢ ᠦᠷᠭᠦᠮ᠎ᠡ ᠠᠵᠢ! ᠬᠠᠵᠠᠭᠤ ᠶ᠋ᠢᠨ ᠬᠥᠮᠦᠨ ᠢ᠋ ᠨᠥᠯᠥᠭᠡᠯᠡᠬᠦ ᠡᠴᠡ ᠪᠢᠰᠢ ᠥᠪᠡᠷ ᠦ᠋ᠨ ᠪᠡᠶ᠎ᠡ ᠨᠢ ᠬᠠᠷᠢᠨ ᠬᠡᠳᠦᠢ ᠰᠦᠷᠡᠬᠡᠢ ᠬᠤᠷᠬᠢᠷᠠᠵᠤ ᠪᠠᠢᠪᠠᠯ ᠲᠡᠳᠦᠢ ᠪᠡᠶ᠎ᠡ ᠨᠢ ᠠᠮᠠᠷᠠᠵᠤ ᠪᠠᠢᠳᠠᠭ ᠪᠠᠢᠨ᠎ᠠ᠃ ᠲᠡᠭᠡᠪᠡᠴᠦ ᠡᠪᠦᠭᠡᠨ ᠯᠠᠮᠠᠬᠠᠢ ᠫᠤᠩᠰᠣᠭᠷᠠᠪᠵᠠᠢ ᠳᠦᠯᠡᠢ ᠪᠣᠯᠬᠣᠷ ᠲᠡᠭᠦᠨ ᠢ᠋ ᠨᠢ ᠦᠯᠦ ᠰᠣᠨᠣᠰᠤᠨ᠎ᠠ᠃
ᠮᠠᠨᠴᠤᠷᠭ᠎ᠠ ᠬᠤᠷᠬᠢᠷᠠᠬᠤ ᠪᠠᠷ ᠢ᠋ᠶ᠋ᠠᠨ ᠬᠤᠷᠬᠢᠷᠠᠨᠠ᠂ ᠳᠦᠯᠡᠢ ᠯᠠᠮᠠᠬᠠᠢ ᠤᠨᠲᠠᠬᠤ ᠪᠠᠷ ᠢ᠋ᠶ᠋ᠠᠨ ᠤᠨᠲᠠᠨ᠎ᠠ ᠭᠡᠭᠴᠢ ᠦᠨᠡᠨ ᠪᠣᠯᠵᠤ ᠬᠡᠨ ᠬᠡᠨ ᠢ᠋ᠶ᠋ᠡᠨ ᠴᠤ᠌ ᠬᠠᠷᠰᠢᠯᠠᠬᠤ ᠦᠭᠡᠢ ᠬᠣᠶᠠᠭᠤᠯᠠ ᠬᠣᠨᠣᠭ ᠳᠠᠪᠠᠵᠠᠢ᠃
ᠥᠷᠯᠥᠭᠡᠭᠦᠷ ᠨᠢ ᠮᠠᠨᠴᠤᠷᠭ᠎ᠠ ᠡᠷᠲᠡ ᠪᠣᠰᠴᠤ ᠮᠣᠷᠢ ᠪᠠᠨ ᠪᠠᠷᠢᠯᠠᠵᠤ ᠤᠰᠤᠯᠠᠭᠠᠳ ᠱᠣᠩ ᠠ᠋ᠴᠠ ᠤᠶᠠᠪᠠ᠃ ᠳᠦᠯᠡᠢ ᠡᠪᠦᠭᠡᠨ ᠦ᠌ ᠴᠢᠨᠠᠭᠰᠠᠨ ᠠᠭᠠᠭ ᠲᠠᠢ ᠴᠠᠢ ᠬᠠᠩᠬᠤᠯᠤᠭᠠᠳ᠂ ᠬᠦᠴᠢᠯᠯᠢᠭ ᠠᠭᠠᠷᠤᠤᠯ᠂ ᠥᠭᠡᠬᠦ ᠳᠡᠢᠯᠳᠡᠭᠦᠦ ᠦᠬᠡᠷ ᠦ᠋ᠨ ᠬᠠᠲᠠᠭᠰᠠᠨ ᠪᠣᠷᠴᠠ ᠬᠥᠰᠬᠡᠯᠡᠵᠦ ᠨᠢᠭᠡ ᠴᠠᠭ ᠰᠠᠢᠬᠠᠨ ᠨᠤᠲᠤᠭ ᠤ᠋ᠨ ᠴᠠᠢ ᠤᠤᠭᠤᠴᠢᠬᠠᠭᠠᠳ ᠶᠠᠪᠤᠬᠤ ᠪᠣᠯᠪᠠ᠃
ᠷᠣᠯᠮ᠎ᠠ ᠲᠠᠢ ᠭᠥᠭᠯᠡᠬᠦ ᠭᠡᠵᠦ ᠶᠡᠬᠡ ᠶᠠᠭᠤᠮ᠎ᠠ ᠰᠠᠨᠠᠵᠤ ᠢᠷᠡᠭᠡᠳ ᠰᠠᠨᠠᠭᠠᠨ ᠤ᠋ ᠭᠠᠳᠠᠭᠤᠷ ᠳᠦᠯᠡᠢ ᠵᠡᠮᠳᠡᠭ ᠡᠪᠦᠭᠡᠨ ᠢ᠋ ᠪᠡᠲᠡᠷᠡᠭᠦᠯᠵᠦ ᠬᠣᠨᠣᠭᠰᠠᠨ ᠳ᠋ᠠᠭᠠᠨ ᠰᠡᠳᠬᠢᠯ ᠲᠦᠪᠳᠡᠬᠦ ᠦᠭᠡᠢ ᠲᠤᠯᠠ ᠲᠡᠭᠦᠨ ᠦ᠌ ᠠᠯᠠᠭᠠᠨ ᠳ᠋ᠤ᠌ ᠬᠣᠶᠠᠷ ᠮᠥᠩᠭᠥᠨ ᠵᠣᠭᠣᠰ ᠲᠠᠯᠪᠢᠵᠤ ᠥᠭᠭᠦᠨ ᠰᠠᠢᠨ ᠪᠣᠯᠤᠯ᠎ᠠ ᠭᠡᠰᠡᠨ ᠰᠠᠨᠠᠭ᠎ᠠ ᠪᠠᠨ ᠢᠯᠡᠳᠬᠡᠵᠦ ᠳᠠᠯᠢᠩ ᠢ᠋ᠶ᠋ᠠᠨ ᠡᠷᠭᠦᠬᠦ ᠳ᠋ᠦ᠍ ᠳᠦᠯᠡᠢ ᠡᠪᠦᠭᠡᠨ《 ᠪᠠᠢᠵᠠ》 ᠭᠡᠳ ᠴᠠᠭᠠᠳᠤ ᠳᠡᠪᠰᠡᠭ ᠦ᠋ᠨ ᠨᠢᠳᠦᠨ ᠡᠴᠡ ᠨᠢᠭᠡ ᠴᠠᠭᠠᠰᠤᠨ ᠪᠣᠭᠣᠵᠢ ᠶᠠᠭᠤᠮ᠎ᠠ ᠭᠠᠷᠭᠠᠨ《 ᠬᠠᠳᠤᠮᠠᠯ ᠤ᠋ᠨ ᠳ᠋ᠦᠩᠰᠡᠨ ᠲᠠᠮᠠᠬᠢ ᠶᠤᠮ ᠠ᠋! ᠬᠠᠲᠠᠭᠤᠬᠠᠨ ᠪᠣᠯᠪᠠᠴᠤ ᠡᠷ᠎ᠡ ᠬᠥᠮᠦᠨ ᠦ᠌ ᠡᠳ᠋ᠯᠡᠳᠡᠭ ᠡᠳ᠋ ᠳᠡ᠃ ᠪᠡᠶ᠎ᠡ ᠶ᠋ᠢᠨ ᠶᠠᠳᠠᠷᠠᠭ᠎ᠠ ᠴᠢᠯᠡᠭᠡ ᠲᠠᠢᠯᠬᠤ ᠳ᠋ᠤ᠌ ᠵᠦᠭᠡᠷ ᠶᠦᠮ ᠠ᠋!》 ᠭᠡᠵᠦ ᠮᠠᠨᠴᠤᠷᠭ᠎ᠠ ᠳ᠋ᠤ᠌ ᠭᠠᠷᠳᠠᠭᠤᠯᠤᠨ ᠮᠣᠩᠭᠣᠯ ᠬᠥᠮᠦᠨ ᠭᠡᠷ ᠲᠡᠭᠡᠨ ᠢᠷᠡᠭᠰᠡᠨ ᠬᠥᠮᠦᠨ ᠢ᠋ᠶ᠋ᠡᠨ ᠰᠠᠪᠠᠨ ᠳ᠋ᠤᠨᠢ ᠬᠠᠷᠢᠭᠤ ᠲᠤᠰᠤᠭᠠᠬᠤ ᠦᠭᠡᠢ ᠭᠠᠷ ᠬᠣᠭᠣᠰᠣᠨ ᠭᠠᠷᠭᠠᠳᠠᠭ ᠦᠭᠡᠢ ᠶᠣᠰᠣ ᠪᠠᠷ ᠳᠦᠯᠡᠢ ᠡᠪᠦᠭᠡᠨ ᠮᠠᠨᠴᠤᠷᠭ᠎ᠠ ᠶ᠋ᠢᠨ ᠭᠠᠨᠵᠤᠭ᠎ᠠ ᠶ᠋ᠢ ᠢᠩᠭᠢᠵᠦ ᠮᠢᠯᠢᠶᠠᠪᠠ᠃ ᠮᠠᠨᠴᠤᠷᠭ᠎ᠠ᠂ ᠳᠦᠯᠡᠢ ᠡᠪᠦᠭᠡᠨ ᠯᠠᠮᠠᠬᠠᠢ ᠶ᠋ᠢ ᠦᠷᠦ ᠡᠪᠡᠳᠦᠨ ᠲᠠᠯᠠᠷᠬᠠᠬᠤ ᠰᠡᠳᠬᠢᠯ ᠢ᠋ᠶ᠋ᠡᠨ ᠢᠯᠡᠳᠬᠡᠬᠦ ᠭᠡᠵᠦ《 ᠵᠠ᠂ ᠲᠠ ᠰᠠᠢᠨ ᠰᠠᠭᠤᠵᠤ ᠪᠠᠢᠭᠠᠷᠠᠢ! ᠷᠣᠯᠮ᠎ᠠ ᠲᠠᠢ ᠤᠴᠠᠷᠠᠪᠠᠯ ᠨᠠᠮᠠᠶ᠋ᠢ ᠢᠷᠡᠵᠦ ᠲᠡᠭᠦᠨ ᠢ᠋ ᠰᠤᠷᠠᠭᠠᠳ ᠶᠠᠪᠤᠭᠰᠠᠨ ᠭᠡᠵᠦ ᠳᠠᠮᠵᠢᠭᠤᠯᠤᠭᠠᠷᠠᠢ!》 ᠭᠡᠵᠦ ᠣᠯᠠᠨ ᠶᠠᠭᠤᠮ᠎ᠠ ᠶᠠᠷᠢᠭᠰᠠᠨ ᠢ᠋ ᠫᠤᠩᠰᠣᠭᠷᠠᠪᠵᠡᠢ ᠣᠯᠵᠤ ᠰᠣᠨᠣᠰᠤᠭᠰᠠᠨ ᠦᠭᠡᠢ ᠵᠥᠪᠬᠡᠨ ᠥᠪᠡᠷ ᠦ᠋ᠨ ᠬᠢ ᠪᠠᠨ ᠯᠠ ᠶᠠᠷᠢᠵᠤ《 ᠵᠠᠮ ᠳ᠋ᠠᠭᠠᠨ ᠮᠡᠨᠳᠦ ᠶᠠᠪᠤᠭᠠᠷᠠᠢ! ᠵᠠᠯᠠᠭᠤ ᠬᠥᠮᠦᠨ ᠦ᠌ ᠵᠠᠮ ᠤ᠋ᠨ ᠬᠦᠵᠦᠭᠦᠦ ᠤᠷᠲᠤ᠃ ᠳᠠᠬᠢᠵᠤ ᠮᠠᠨ ᠤ᠋ ᠬᠢ ᠪᠡᠷ ᠢᠷᠡᠵᠦ ᠪᠠᠢᠭᠠᠷᠠᠢ!》 ᠭᠡᠵᠦ ᠮᠠᠨᠴᠤᠷᠭ᠎ᠠ ᠶ᠋ᠢᠨ ᠬᠣᠢᠨ᠎ᠠ ᠠ᠋ᠴᠠ ᠳᠦᠳᠦᠨᠡᠵᠦ ᠯᠡ ᠪᠠᠢᠯ᠎ᠠ᠁
ᠮᠠᠨᠴᠤᠷᠭ᠎ᠠ ᠳᠦᠯᠡᠢ ᠡᠪᠦᠭᠡᠨ ᠯᠠᠮᠠᠬᠠᠢ ᠠ᠋ᠴᠠ ᠰᠠᠯᠵᠤ ᠬᠡᠷᠡᠮ ᠦ᠋ᠨ ᠥᠨᠴᠥᠭ ᠳᠤᠭᠤᠢᠯᠠᠨ ᠮᠤᠷᠤᠢᠲᠠᠯᠠ ᠡᠮᠦᠨ᠎ᠡ ᠡᠴᠡ ᠨᠢ ᠬᠣᠭᠣᠰᠣᠨ ᠰᠠᠭᠤᠯᠠᠭ᠎ᠠ ᠬᠠᠷᠴᠢᠭᠢᠨᠠᠭᠤᠯᠤᠭᠰᠠᠨ ᠮᠣᠯᠲᠣᠭ ᠲᠣᠯᠣᠭᠠᠢ ᠲᠠᠢ ᠵᠢᠭᠠᠬᠠᠨ ᠪᠠᠨᠳᠢ ᠲᠠᠭᠠᠷᠠᠯᠳᠤᠪᠠ᠃《 ᠥᠷᠯᠥᠭᠡ ᠡᠷᠲᠡ ᠡᠭᠦᠳᠡ ᠭᠠᠷᠤᠮᠠᠭᠴᠠ ᠬᠣᠭᠣᠰᠣᠨ ᠰᠠᠭᠤᠯᠠᠭ᠎ᠠ ᠳᠠᠮᠨᠠᠭᠰᠠᠨ ᠬᠥᠮᠦᠨ ᠲᠡᠢ ᠬᠠᠯᠵᠠ ᠬᠠᠷᠭᠤᠯ᠎ᠠ᠂ ᠶᠡᠷᠦ ᠨᠢ ᠠᠵᠠ ᠮᠠᠭᠤᠳᠠᠭᠰᠠᠨ ᠤᠴᠠᠷᠠᠯ ᠪᠠᠢᠵᠤ ᠶᠠᠳᠠᠬᠤ ᠦᠭᠡᠢ》 ᠭᠡᠵᠦ ᠳᠣᠲᠣᠷ᠎ᠠ ᠪᠠᠨ ᠰᠡᠵᠢᠭ ᠡᠪᠦᠷᠯᠡᠭᠰᠡᠨ ᠪᠣᠯᠪᠠᠴᠤ ᠡᠨᠡ ᠪᠠᠨᠳᠢ ᠠ᠋ᠴᠠ ᠨᠢᠭᠡ ᠠᠰᠠᠭᠤᠵᠤ ᠦᠵᠡᠶ᠎ᠡ ᠭᠡᠳ᠄
— ᠬᠥᠶᠢ᠂ ᠮᠢᠨᠦ ᠳᠡᠭᠦᠦ ᠠ᠋᠂ ᠨᠡᠷ᠎ᠡ ᠬᠡᠨ ᠪᠢᠯᠡ? ᠭᠡᠵᠦ ᠠᠰᠠᠭᠤᠪᠠ᠃
— ᠲᠡᠮᠦᠷᠰᠦ᠋ᠬᠡ᠃ ᠠᠬ᠎ᠠ ᠶ᠋ᠢᠨ ᠨᠡᠷ᠎ᠡ ᠬᠡᠨ ᠪᠢᠯᠡ? ᠭᠡᠵᠦ ᠮᠠᠰᠢ ᠴᠣᠭᠨᠢᠭᠤᠨ ᠳᠤᠤᠭᠠᠷᠤᠨ᠎ᠠ᠃ ᠡᠨᠡ ᠴᠤ᠌ ᠪᠠᠰᠠ ᠬᠢᠷᠢ ᠪᠡᠷ ᠢ᠋ᠶ᠋ᠡᠨ ᠤᠩᠬᠢ ᠨᠢ ᠴᠤᠭᠤᠷᠠᠭᠰᠠᠨ ᠪᠠᠨᠳᠢ ᠪᠠᠢᠨ᠎ᠠ ᠬᠦ᠂ ᠨᠡᠷ᠎ᠡ ᠶ᠋ᠢ ᠨᠢ ᠠᠰᠠᠭᠤᠴᠢᠬᠠᠯ᠎ᠠ ᠭᠡᠵᠦ ᠮᠥᠴᠡᠭᠡ ᠪᠡᠨ ᠥᠭᠬᠦ ᠦᠭᠡᠢ ᠮᠢᠨᠦ ᠨᠡᠷ᠎ᠡ ᠶ᠋ᠢ ᠬᠠᠷᠢᠭᠤ ᠲᠡᠩᠰᠡᠴᠢᠬᠡᠯᠡ ᠰᠢᠦ》 ᠭᠡᠵᠦ ᠪᠣᠳᠣᠭᠰᠠᠨ ᠪᠣᠯᠪᠠᠴᠤ ᠡᠨᠡ ᠬᠦ᠌ ᠰᠡᠷᠭᠦᠯᠡᠩ ᠠᠪᠤᠷᠢᠲᠠᠢ ᠵᠢᠭᠠᠬᠠᠨ ᠪᠠᠨᠳᠢ ᠶ᠋ᠢ ᠳᠣᠲᠣᠷ᠎ᠠ ᠠ᠋ᠴᠠ ᠪᠠᠨ ᠲᠣᠭᠣᠵᠤ᠄
— ᠵᠠ᠂ ᠮᠢᠨᠦ ᠨᠡᠷ᠎ᠡ ᠤᠤ? ᠠᠭᠤᠯᠠ ᠶ᠋ᠢᠨ ᠬᠦᠦ ᠭᠡᠳᠡᠭ ᠭᠡᠪᠡ᠃
— ᠠᠭᠤᠯᠠ ᠶ᠋ᠢᠨ ᠬᠦᠦ ᠭᠡᠨ᠎ᠡ ᠤᠤ? ᠭᠡᠳ ᠮᠠᠰᠢ ᠬᠠᠴᠢᠷᠬᠠᠨ ᠭᠠᠢᠬᠠᠵᠤ ᠲᠡᠭᠦᠨ ᠢ᠋ ᠵᠤᠯᠠᠢ ᠠ᠋ᠴᠠ ᠨᠢ ᠠᠪᠤᠭᠠᠳ ᠤᠯᠠ ᠳ᠋ᠤᠨᠢ ᠬᠦᠷᠲᠡᠯ᠎ᠡ ᠰᠢᠨᠵᠢᠪᠡ᠃
— ᠶᠠᠭᠠᠬᠢᠪᠠ? ᠲᠠᠨᠢᠮᠠᠷ ᠪᠠᠢᠨ᠎ᠠ ᠤᠤ? ᠭᠡᠵᠦ ᠰᠣᠨᠢᠭᠤᠴᠢᠯᠠᠪᠠ᠃ ᠲᠡᠷᠡ ᠵᠢᠭᠠᠯ ᠬᠦᠦ᠄
— ᠦᠭᠡᠢ᠂ ᠲᠠ ᠶᠠᠭᠠᠬᠢᠭᠰᠠᠨ ᠲᠡᠷᠡ ᠮᠠᠨᠴᠤᠷᠭ᠎ᠠ ᠭᠡᠰᠡᠨ ᠬᠥᠮᠦᠨ ᠲᠡᠢ ᠠᠳᠠᠯᠢᠬᠠᠨ ᠬᠠᠷᠠᠭᠳᠠᠬᠤ ᠨᠢ ᠪᠣᠢ? ᠭᠡᠪᠡ᠃
— ᠴᠢ ᠮᠠᠨᠴᠤᠷᠭ᠎ᠠ ᠶ᠋ᠢ ᠲᠠᠨᠢᠳᠠᠭ ᠶᠤᠮ ᠤᠤ?
— ᠲᠠᠨᠢᠬᠤ ᠦᠭᠡᠢ᠂ ᠲᠠᠨᠢᠬᠤ ᠦᠭᠡᠢ ᠭᠡᠳ ᠲᠣᠯᠣᠭᠠᠢ ᠪᠠᠨ ᠰᠠᠵᠢᠨ᠎ᠠ᠃ ᠮᠠᠨᠴᠤᠷᠭ᠎ᠠ ᠶᠠᠮᠠᠷ ᠨᠢᠭᠡ ᠪᠣᠳᠣᠯ ᠳ᠋ᠤ᠌ ᠠᠪᠲᠠᠨ ᠶᠠᠭᠤᠮ᠎ᠠ ᠬᠡᠯᠡᠭᠰᠡᠨ ᠦᠭᠡᠢ᠃
— ᠮᠠᠨᠴᠤᠷᠭ᠎ᠠ ᠶ᠋ᠢ ᠮᠠᠨ ᠤ᠋ ᠪᠠᠷᠠᠭᠤᠨ ᠬᠤᠰᠢᠭᠤᠨ ᠤ᠋ ᠰᠠᠢᠨ ᠡᠷ᠎ᠡ ᠭᠡᠵᠦ ᠬᠥᠮᠦᠰ ᠬᠡᠯᠡᠯᠴᠡᠳᠡᠭ᠃ ᠪᠠᠰᠠ ᠶᠠᠭᠠᠬᠢᠯ᠎ᠠ ᠭᠡᠨ᠎ᠡ ᠤᠤ ᠳᠠ᠂ ᠶᠠᠮᠠᠷ ᠶᠠᠯ᠎ᠠ ᠨᠢᠭᠦᠯ ᠲᠡᠢ ᠤᠷᠭᠤᠭᠰᠠᠨ ᠶᠠᠯᠠᠲᠠᠨ ᠭᠡᠵᠦ ᠵᠡᠭᠡᠯᠢ ᠶ᠋ᠢᠨ ᠬᠡᠷᠡᠮ ᠪᠣᠯᠭᠠᠨ ᠳ᠋ᠤ᠌ ᠪᠠᠷᠢᠪᠴᠢᠯᠠᠬᠤ ᠵᠠᠷ ᠨᠠᠭᠠᠭᠰᠠᠨ ᠬᠠᠷᠠᠭᠳᠠᠨ᠎ᠠ᠃
— ᠶᠠᠭᠤ? ᠪᠠᠷᠢᠪᠴᠢᠯᠠᠬᠤ ᠵᠠᠷ⁈
— ᠤᠤᠬᠠᠢ!
— ᠬᠠᠮᠢᠭ᠎ᠠ ᠪᠣᠢ?
— ᠨᠠᠮᠰᠠᠷᠠᠢ ᠪᠤᠷᠬᠠᠨᠲᠤ ᠰᠦᠮ᠎ᠡ ᠶ᠋ᠢᠨ ᠭᠣᠣᠯ ᠡᠭᠦᠳᠡᠨ ᠦ᠌ ᠪᠠᠷᠠᠭᠤᠨ ᠬᠡᠷᠡᠮ ᠳᠡᠭᠡᠷ᠎ᠡ ᠴᠤ᠌ ᠨᠠᠭᠠᠵᠤ ᠪᠠᠢᠭ᠎ᠠ᠃ ᠲᠠ ᠥᠪᠡᠷ ᠢ᠋ᠶ᠋ᠡᠨ ᠮᠥᠳᠳᠥ ᠡᠴᠡ ᠬᠠᠷ᠎ᠠ! ᠭᠡᠳ ᠬᠣᠭᠣᠰᠣᠨ ᠰᠠᠭᠤᠯᠠᠭ᠎ᠠ ᠪᠠᠨ ᠳᠠᠮᠨᠠᠭᠠᠳ ᠴᠠᠭᠠᠰᠢ ᠶᠠᠪᠤᠬᠤ ᠶ᠋ᠢ ᠵᠠᠪᠳᠤᠪᠠ᠃
— ᠪᠠᠢᠵᠠ᠂ ᠮᠢᠨᠦ ᠳᠡᠭᠦᠦ ᠵᠣᠭᠰᠣᠵᠤ ᠪᠠᠢ! ᠪᠢ ᠴᠢᠮ᠎ᠠ ᠠ᠋ᠴᠠ ᠨᠢᠭᠡ ᠬᠥᠮᠦᠨ ᠰᠤᠷᠠᠭᠯᠠᠶ᠎ᠠ᠃
— ᠮᠠᠨᠴᠤᠷᠭ᠎ᠠ ᠤᠤ?
— ᠪᠢᠰᠢ ᠠ᠋᠂ ᠪᠢᠰᠢ! ᠲᠡᠷᠡ ᠨᠠᠳᠠ ᠳᠠᠯᠵᠢ ᠦᠭᠡᠢ ᠬᠡᠷᠡᠭ᠃ ᠴᠢ ᠡᠨᠡ ᠪᠠᠷᠠᠭᠤᠨ ᠬᠦᠷᠢᠶᠡᠨ ᠦ᠌ ᠷᠣᠯᠮ᠎ᠠ ᠶ᠋ᠢ ᠲᠠᠨᠢᠨ᠎ᠠ ᠤᠤ?
— ᠲᠠᠨᠢᠬᠤ ᠦᠭᠡᠢ ᠶᠠᠭᠠᠬᠢᠬᠤ ᠪᠣᠢ? ᠪᠢᠳᠡᠨᠦᠰ ᠬᠤᠷᠠᠯ ᠤ᠋ᠨ ᠵᠠᠪᠰᠠᠷ᠂ ᠥᠷᠯᠥᠭᠡ ᠣᠷᠣᠢ ᠳ᠋ᠠᠭᠠᠨ ᠵᠠᠪ ᠴᠢᠯᠥᠭᠡ ᠪᠡᠷ ᠢ᠋ᠶ᠋ᠡᠨ ᠲᠠᠩᠳᠠ ᠲᠡᠳᠡᠨ ᠦ᠌ ᠳ᠋ᠦ᠍ ᠣᠴᠢᠵᠤ ᠵᠠᠭᠠᠷ ᠴᠢᠪᠠᠭ᠎ᠠ᠂ ᠮᠥᠰᠥᠨ ᠰᠢᠬᠢᠷ ᠢᠳᠡᠳᠡᠭ ᠪᠠᠢᠭᠰᠠᠨ᠁
— ᠣᠳᠣ ᠲᠡᠭᠡᠭᠡᠳ ᠲᠡᠷᠡ ᠬᠠᠮᠢᠭ᠎ᠠ ᠨᠡᠭᠦᠵᠦ ᠶᠠᠪᠤᠭᠰᠠᠨ ᠪᠣᠯ ᠠ᠋? ᠴᠢ ᠮᠡᠳᠡᠪᠡᠯ ᠨᠠᠳᠠ ᠶᠠᠷᠢᠭᠠᠳ ᠥᠭ᠃
— ᠫᠠᠢ᠂ ᠬᠠᠷᠠᠯ᠎ᠠ! ᠷᠣᠯᠮ᠎ᠠ ᠡᠭᠡᠴᠢ ᠳᠠᠯᠠᠢᠭᠴᠢ ᠪᠣᠯᠤᠭᠰᠠᠨ!
— ᠬᠡᠵᠢᠶ᠎ᠡ?
— ᠤᠷᠵᠢ ᠶ᠋ᠢᠨ ᠴᠠᠭᠠᠳᠤ ᠵᠢᠯ᠃
— ᠶᠠᠭᠠᠬᠢᠭᠠᠳ ᠳᠠᠯᠠᠢᠭᠴᠢ ᠪᠣᠯᠤᠭᠰᠠᠨ ᠪᠢᠯᠡ?
— ᠪᠤᠤ ᠮᠡᠳᠡ ᠠ᠋᠂ ᠴᠣᠬᠣᠮ ᠶᠠᠭᠠᠬᠢᠭᠠᠳ ᠳᠠᠯᠠᠢᠭᠴᠢ ᠪᠣᠯᠤᠭᠰᠠᠨ ᠢ᠋ ᠬᠠᠷᠢᠨ ᠰᠠᠢᠨ ᠮᠡᠳᠡᠬᠦ ᠦᠭᠡᠢ᠃ ᠵᠠᠷᠢᠮ ᠨᠢ ᠬᠡᠯᠡᠬᠦ ᠪᠡᠷ ᠪᠤᠭᠤᠲᠤ ᠶ᠋ᠢᠨ ᠯᠤᠢᠪᠠᠷᠴᠢᠨ ᠳ᠋ᠤ᠌ ᠬᠣᠣᠷᠯᠠᠭᠳᠠᠭᠰᠠᠨ ᠭᠡᠬᠦ ᠶᠦᠮ᠃
— ᠠᠢ᠂ ᠢᠯᠡᠢ ᠭᠡᠵᠦ ᠮᠠᠨᠴᠤᠷᠭ᠎ᠠ ᠬᠠᠷᠠᠮᠰᠠᠨ ᠭᠠᠰᠠᠯᠪᠠ᠃
— ᠲᠠ ᠥᠪᠡᠷ ᠢ᠋ᠶ᠋ᠡᠨ ᠲᠡᠭᠦᠨ ᠦ᠌ ᠶᠠᠭᠤ ᠨᠢ ᠪᠣᠢ?
— ᠪᠢ ᠲᠡᠭᠦᠨ ᠦ᠌ ᠨᠤᠲᠤᠭ ᠨᠢᠭᠡ ᠲᠡᠢ ᠬᠣᠯᠠ ᠶ᠋ᠢᠨ ᠲᠥᠷᠥᠯ ᠨᠢ ᠶᠦᠮ᠃ ᠵᠠ᠂ ᠮᠢᠨᠦ ᠳᠡᠭᠦᠦ ᠰᠠᠢᠨ ᠪᠣᠯᠤᠯ᠎ᠠ᠂ ᠤᠰᠤᠨ ᠳ᠋ᠠᠭᠠᠨ ᠶᠠᠪᠤ ᠳᠠ! ᠭᠡᠬᠦ ᠳ᠋ᠦ᠍ ᠵᠢᠭᠠᠬᠠᠨ ᠪᠠᠨᠳᠢ ᠨᠥᠭᠦᠭᠡ ᠬᠤᠳᠳᠤᠭ ᠤᠷᠤᠭᠤ ᠶᠠᠪᠤᠵᠤ ᠣᠳᠤᠯ᠎ᠠ᠃ ᠬᠣᠭᠣᠰᠣᠨ ᠰᠠᠭᠤᠯᠠᠭ᠎ᠠ ᠳᠠᠮᠨᠠᠭᠰᠠᠨ ᠮᠣᠯᠲᠣᠭ ᠲᠣᠯᠣᠭᠠᠢᠲᠤ ᠵᠢᠭᠠᠬᠠᠨ ᠪᠠᠨᠳᠢ ᠲᠡᠭᠦᠨ ᠳ᠋ᠦ᠍ ᠰᠠᠨᠠᠭᠠᠨ ᠠ᠋ᠴᠠ ᠭᠠᠳᠠᠭᠤᠷ ᠬᠣᠶᠠᠷ ᠮᠠᠭᠤ ᠴᠢᠮᠡᠭᠡ ᠲᠤᠭᠤᠯᠤᠭᠤᠯᠤᠯᠠ᠃ ᠮᠠᠨᠴᠤᠷᠭ᠎ᠠ ᠪᠦᠯᠢᠶᠡ ᠵᠠᠯᠭᠢᠭᠰᠠᠨ ᠰᠢᠭ᠋ ᠪᠣᠯᠵᠤ ᠮᠣᠷᠢ ᠪᠠᠨ ᠬᠥᠲᠥᠯᠦᠨ ᠨᠠᠮᠰᠠᠷᠠᠢ ᠪᠤᠷᠬᠠᠨᠲᠤ ᠰᠦᠮ᠎ᠡ ᠶ᠋ᠢᠨ ᠡᠭᠦᠳᠡᠨ ᠳ᠋ᠦ᠍ ᠣᠴᠢᠬᠤᠯ᠎ᠠ ᠦᠨᠡᠬᠡᠷ ᠵᠢᠭᠠᠬᠠᠨ ᠪᠠᠨᠳᠢ ᠶ᠋ᠢᠨ ᠬᠡᠯᠡᠭᠰᠡᠨ ᠶᠣᠰᠣᠭᠠᠷ ᠲᠡᠭᠦᠨ ᠦ᠌ ᠵᠢᠷᠤᠭ ᠬᠥᠷᠥᠭ ᠲᠡᠢ ᠪᠠᠷᠢᠪᠴᠢᠯᠠᠬᠤ ᠵᠠᠷ ᠲᠤᠩᠬᠠᠭ ᠨᠠᠭᠠᠵᠤ ᠪᠠᠢᠭ᠎ᠠ ᠶ᠋ᠢ ᠣᠯᠵᠤ ᠬᠠᠷᠠᠯ᠎ᠠ᠃
ᠵᠠᠷᠯᠠᠯ
ᠮᠠᠨᠴᠤᠷᠭ᠎ᠠ᠂ ᠪᠦᠰᠡᠲᠡᠢ᠂ ᠬᠣᠷᠢᠨ ᠵᠢᠷᠭᠤᠭᠠᠲᠠᠢ᠂ ᠤᠤᠯ ᠨᠢ ᠪᠠᠷᠠᠭᠤᠨ ᠬᠣᠰᠢᠭᠤ ᠶᠠᠮᠤᠨ ᠤ᠋ ᠰᠢᠳᠠᠷ ᠴᠡᠷᠢᠭ ᠦ᠋ᠨ ᠲᠤᠰᠢᠶᠠᠯ ᠲᠠᠢ ᠪᠠᠢᠪᠠ᠃ ᠡᠳᠦᠭᠡ ᠵᠢᠷᠤᠮ ᠳᠢᠭᠯᠡᠮ ᠡᠴᠡ ᠲᠡᠷᠰᠯᠡᠵᠦ᠂ ᠠᠭᠤᠴᠢᠯᠠᠰᠢ ᠦᠭᠡᠢ ᠬᠦᠨᠳᠦ ᠶᠠᠯ᠎ᠠ ᠬᠢᠵᠦ ᠴᠡᠷᠢᠭ ᠦ᠋ᠨ ᠰᠡᠳᠬᠢᠯ ᠭᠤᠢᠪᠢᠭᠤᠯᠵᠤ ᠪᠣᠰᠤᠯᠭ᠎ᠠ ᠭᠠᠷᠭᠠᠨ ᠳᠤᠲᠠᠭᠠᠪᠠᠢ᠃ ᠲᠡᠭᠦᠨ ᠦ᠌ ᠣᠨᠴᠠᠯᠢᠭ᠄ ᠴᠡᠷᠢᠭ ᠵᠡᠪᠰᠡᠭ ᠦ᠋ᠨ ᠡᠷᠳᠡᠮ ᠳ᠋ᠦ᠍ ᠴᠠᠭᠠᠷᠠᠭᠰᠠᠨ᠁ ᠡᠳᠦᠭᠡ ᠵᠠᠷ ᠤ᠋ᠨ ᠬᠦᠴᠦᠨ ᠳ᠋ᠦ᠍ ᠬᠡᠨ ᠬᠥᠮᠦᠨ ᠲᠡᠭᠦᠨ ᠦ᠌ ᠰᠤᠷᠠᠭ ᠴᠢᠮᠡᠭᠡ᠂ ᠬᠥᠳᠡᠯᠦᠯ ᠬᠠᠨᠳᠤᠰᠢ ᠶ᠋ᠢ ᠰᠤᠷᠠᠭᠯᠠᠵᠤ ᠮᠡᠳᠡᠨ ᠬᠣᠰᠢᠭᠤ ᠶᠠᠮᠤᠨ ᠳ᠋ᠤ᠌ ᠬᠡᠯᠡ ᠥᠭᠴᠦ᠂ ᠬᠦᠨᠳᠦ ᠶᠠᠯᠠᠲᠠᠨ ᠢ᠋ ᠪᠠᠷᠢᠪᠴᠢᠯᠠᠬᠤ ᠳ᠋ᠤ᠌ ᠲᠤᠰᠠ ᠦᠵᠢᠭᠦᠯᠦᠭᠰᠡᠳ ᠲᠦ᠍ ᠬᠦᠨᠳᠦᠳᠡ ᠱᠠᠩᠨᠠᠮᠤᠢ᠃ ᠪᠡᠶ᠎ᠡ ᠪᠡᠷ ᠢ᠋ᠶ᠋ᠡᠨ ᠲᠡᠭᠦᠨ ᠢ᠋ ᠠᠮᠢᠳᠤ ᠪᠠᠷ ᠪᠠᠷᠢᠵᠤ ᠢᠷᠡᠭᠰᠡᠨ ᠪᠠᠭᠠᠲᠤᠷ ᠡᠷ᠎ᠡ ᠳ᠋ᠦ᠍ ᠵᠠᠭᠤᠨ ᠯᠠᠩ ᠮᠥᠩᠭᠥ᠂ ᠬᠣᠶᠠᠷ ᠲᠤᠭᠤᠯ ᠲᠠᠢ ᠦᠨᠢᠶ᠎ᠡ᠂ ᠬᠣᠶᠠᠷ ᠤᠨᠤᠭᠠᠷᠢ ᠶ᠋ᠢᠨ ᠮᠣᠷᠢ ᠱᠠᠩᠨᠠᠮᠤᠢ᠃ ᠲᠡᠮᠡᠴᠡᠭᠡᠨ ᠳᠤᠮᠳᠠ ᠲᠡᠭᠦᠨ ᠢ᠋ ᠠᠯᠠᠵᠤ ᠰᠢᠷᠠᠭᠳᠤᠭᠤᠯᠤᠭᠰᠠᠨ ᠪᠤᠶᠤ ᠢᠯᠠᠩᠭᠤᠶ᠎ᠠ ᠮᠠᠨᠴᠤᠷᠭ᠎ᠠ ᠶ᠋ᠢᠨ ᠲᠡᠷᠢᠭᠦᠨ ᠢ᠋ ᠶᠠᠮᠤᠨ ᠳ᠋ᠤ᠌ ᠬᠦᠷᠭᠡᠵᠦ ᠡᠷᠭᠦᠭᠰᠡᠨ ᠬᠥᠮᠦᠨ ᠢ᠋ ᠮᠥᠨ ᠬᠦ᠌ ᠳᠡᠭᠡᠷᠡᠬᠢ ᠲᠡᠢ ᠠᠳᠠᠯᠢ ᠬᠦᠨᠳᠦ ᠪᠡᠷ ᠱᠠᠩᠨᠠᠬᠤ ᠶ᠋ᠢ ᠠᠩᠬᠠᠷᠤᠯ ᠳ᠋ᠠᠭᠠᠨ ᠠᠪᠤᠮᠤ᠃
ᠤᠷᠠᠳ ᠤ᠋ᠨ ᠪᠠᠷᠠᠭᠤᠨ ᠬᠦᠩ ᠦ᠋ᠨ
ᠬᠣᠰᠢᠭᠤ ᠶᠠᠮᠤᠨ ᠤ᠋ ᠲᠠᠮᠠᠭ᠎ᠠ ᠶ᠋ᠢᠨ ᠭᠠᠵᠠᠷ
××× ᠣᠨ××× ᠰᠠᠷ᠎ᠠ ᠶ᠋ᠢᠨ×× ᠦ᠌ ᠡᠳᠦᠷ
ᠭᠡᠵᠦ ᠰᠡᠢᠷᠡᠭᠦᠯᠦᠨ ᠪᠢᠴᠢᠭᠰᠡᠨ ᠪᠠᠢᠪᠠ᠃
ᠮᠠᠨᠴᠤᠷᠭ᠎ᠠ᠂ ᠥᠪᠡᠷ ᠦ᠋ᠨ ᠪᠡᠶ᠎ᠡ ᠶ᠋ᠢ ᠨᠢ ᠪᠠᠷᠢᠪᠴᠢᠯᠠᠬᠤ ᠭᠡᠰᠡᠨ ᠵᠠᠷ ᠢ᠋ ᠦᠵᠡᠭᠡᠳ ᠬᠤᠢᠬ᠎ᠠ ᠶ᠋ᠢᠨ ᠦᠰᠦ ᠨᠢ ᠪᠣᠰᠴᠤ ᠭᠡᠨᠡᠳᠲᠡ ᠰᠡᠭᠡᠭᠡ ᠠᠪᠤᠨ《 ᠡᠨᠳᠡ ᠡᠴᠡ ᠪᠤᠰᠢᠭᠤᠬᠠᠨ ᠵᠠᠢᠯᠠᠬᠤ ᠦᠭᠡᠢ ᠪᠣᠯ ᠭᠣᠷᠢ ᠦᠭᠡᠢ ᠨᠢ ᠠ᠋᠃ ᠲᠠᠨᠢᠯ ᠲᠣᠯᠣᠭᠠᠢ ᠬᠡᠨ ᠨᠢᠭᠡ ᠲᠡᠢ ᠨᠢ ᠬᠠᠷᠭᠤᠪᠠᠯ ᠠᠮᠢᠨ ᠳ᠋ᠤ᠌ ᠲᠤᠯᠬᠤ ᠨᠢ᠃ ᠬᠠᠮᠢᠶ᠎ᠠ ᠬᠠᠢᠳᠠᠭ ᠦᠭᠡᠢ ᠤᠰᠤ ᠳᠠᠮᠨᠠᠵᠤ ᠶᠠᠪᠤᠭ᠎ᠠ ᠵᠢᠭᠠᠬᠠᠨ ᠪᠠᠨᠳᠢ ᠬᠦᠷᠲᠡᠯ᠎ᠡ ᠵᠠᠷ ᠤ᠋ᠨ ᠵᠢᠷᠤᠭ ᠤ᠋ᠨ ᠲᠥᠰᠥᠪ ᠢ᠋ᠶ᠋ᠡᠷ ᠥᠪᠡᠷ ᠢ᠋ ᠨᠢ ᠲᠥᠰᠲᠡᠢ ᠪᠠᠢᠨ᠎ᠠ ᠭᠡᠳ ᠰᠢᠨᠵᠢᠵᠦ ᠪᠠᠢᠭ᠎ᠠ ᠶᠤᠮ ᠬᠣᠢᠨ᠎ᠠ ᠬᠡᠯᠲᠦᠰᠬᠢᠪᠡᠯ ᠳᠦᠯᠡᠢ ᠡᠪᠦᠭᠡᠨ᠂ ᠪᠢᠴᠢᠬᠠᠨ ᠪᠠᠨᠳᠢ ᠴᠣ ᠴᠠᠭᠠᠰᠢ ᠪᠠᠨ ᠮᠡᠳᠡᠭᠡ ᠬᠦᠷᠭᠡᠵᠦ ᠮᠠᠭᠠᠳ ᠦᠭᠡᠢ》 ᠭᠡᠵᠦ ᠪᠣᠳᠣᠪᠠ᠃ ᠡᠢᠨ ᠬᠦ᠌ ᠰᠡᠭᠦᠯ ᠡᠴᠡ ᠪᠡᠨ ᠦᠷᠭᠦᠨ ᠰᠡᠭᠦᠳᠡᠷ ᠡᠴᠡ ᠪᠡᠨ ᠨᠠᠳᠬᠤᠨ᠂《 ᠪᠣᠰᠢᠭᠣ ᠳᠤᠲᠠᠭᠠᠬᠤ ᠦᠭᠡᠢ ᠭᠣᠷᠢ ᠦᠭᠡᠢ》 ᠭᠡᠳᠡᠭ ᠠᠢᠩᠭᠤᠷᠢᠲᠦ ᠪᠣᠳᠣᠯ ᠳ᠋ᠠᠭᠠᠨ ᠲᠠᠰᠤᠷᠠᠭ᠎ᠠ ᠦᠭᠡᠢ ᠲᠠᠰᠢᠭᠤᠷᠳᠠᠭᠤᠯᠤᠭᠰᠠᠨ ᠮᠠᠨᠴᠤᠷᠭ᠎ᠠ ᠱᠠᠯᠠᠪᠬᠠᠨ ᠮᠣᠷᠢᠨ ᠳ᠋ᠠᠭᠠᠨ ᠮᠣᠷᠳᠠᠵᠤ ᠲᠠᠰᠢᠭᠤᠷᠳᠠᠭᠰᠠᠨ ᠳᠡᠭᠡᠷ᠎ᠡ ᠨᠢ ᠲᠠᠰᠢᠭᠤᠷᠳᠠᠵᠤ ᠠᠭᠤᠯᠠ ᠶ᠋ᠢᠨ ᠬᠣᠷᠮᠣᠢ ᠶ᠋ᠢ ᠴᠢᠭᠯᠡᠨ ᠣᠮ ᠬᠣᠮ ᠦᠭᠡᠢ ᠳᠠᠪᠬᠢᠪᠠ᠃ ᠮᠠᠨᠴᠤᠷᠭ᠎ᠠ ᠷᠣᠯᠮ᠎ᠠ ᠶ᠋ᠢᠨ ᠲᠤᠬᠠᠢ ᠡᠯᠳᠡᠪ ᠶᠠᠭᠤᠮ᠎ᠠ ᠪᠣᠳᠣᠨ ᠰᠡᠳᠬᠢᠯ ᠡᠮᠲᠡᠷᠡᠨ ᠶᠠᠪᠤᠭᠰᠠᠭᠠᠷ᠂ ᠰᠠᠯᠵᠢ ᠶ᠋ᠢᠨ ᠭᠣᠣᠯ ᠤ᠋ᠨ ᠪᠢᠲᠡᠭᠦᠦ ᠪᠤᠷᠭᠠᠰᠤᠨ ᠳ᠋ᠤ᠌ ᠣᠷᠣᠭᠠᠳ ᠳᠠᠯᠳᠠᠷᠠᠪᠠ᠃
