ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠᠨ ᠵᠢᠷᠭᠤᠭ᠎ᠠ> Хан мунын сүүрс < дээд > – Мөнх зохиоов ᠂ Тэргүүн бодь – Хоёрдугаар бүлэг <16>
ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠᠨ ᠵᠢᠷᠭᠤᠭ᠎ᠠ>
ᠣᠢᠷ᠎ᠠ ᠳ᠋ᠤ᠌᠂ ᠰᠢᠷᠠᠪᠳᠤᠷᠵᠢ ᠬᠦᠩ ᠨᠣᠶᠠᠨ ᠤ᠋ ᠴᠢᠬᠢᠨ ᠳ᠋ᠦ᠍ ᠪᠡᠯᠭᠡ ᠮᠠᠭᠤᠲᠠᠢ ᠦᠭᠡ ᠳᠠᠷᠠᠭ᠎ᠠ ᠳᠠᠷᠠᠭ᠎ᠠ ᠪᠠᠷ ᠳᠤᠭᠤᠯᠳᠠᠵᠤ᠂ ᠪᠣᠳᠣᠯ ᠰᠡᠳᠬᠢᠯ ᠨᠢ ᠭᠠᠰᠢᠯᠤᠭᠰᠠᠨ ᠰᠦ ᠰᠢᠭ ᠡᠭᠡᠳᠡᠷᠡᠵᠦ ᠪᠠᠢᠯ᠎ᠠ᠃ 《ᠡᠯᠳᠡᠩᠭᠡ ᠶ᠋ᠢᠨ ᠬᠥᠪᠡᠭᠦᠨ ᠮᠠᠨᠴᠤᠷᠭ᠎ᠠ ᠬᠠᠢᠷᠠᠲᠠᠢ ᠴᠡᠴᠡᠭ ᠬᠠᠲᠤᠨ ᠲᠠᠢ ᠨᠢ ᠳᠠᠯᠳᠠᠭᠤᠷ ᠰᠠᠮᠠᠭᠤᠷᠠᠭᠰᠠᠨ᠂ ᠳ᠋ᠠᠨᠳᠠᠨ ᠳᠠ ᠯᠠᠮᠠ ᠳᠣᠲᠣᠷ᠎ᠠ ᠭᠠᠵᠠᠷ ᠤ᠋ᠨ ᠵᠠᠪᠬᠠᠢ ᠬᠥᠮᠦᠰ ᠢ᠋ᠶ᠋ᠡᠷ ᠲᠡᠭᠦᠨ ᠢ ᠬᠣᠣᠷᠯᠠᠬᠤ ᠭᠡᠰᠡᠨ ᠁ ᠪᠠᠰᠠ ᠦᠯᠵᠠᠢᠰᠠᠩ ᠴᠢᠰᠤᠨ ᠭᠡᠷᠢᠶᠡᠰ ᠲᠡᠢ ᠥᠴᠢᠭ ᠦᠯᠡᠳᠡᠭᠡᠵᠦ ᠤᠯᠠᠭᠠᠨ ᠬᠠᠲᠤᠨ ᠳ᠋ᠤ᠌ ᠬᠠᠷᠠᠢᠭᠰᠠᠨ ᠁ 》 ᠵᠡᠷᠭᠡ ᠴᠢᠬᠢᠨ ᠦ᠌ ᠴᠡᠭᠡᠷ ᠴᠢᠮᠡᠭᠡ ᠬᠣᠰᠢᠭᠤ ᠠᠷᠠᠳ ᠤ᠋ᠨ ᠳᠤᠮᠳᠠ ᠴᠤᠤ ᠴᠤᠤᠷᠬᠠᠯ ᠪᠣᠯᠤᠨ ᠨᠢᠭᠡ ᠡᠴᠡ ᠬᠣᠶᠠᠷ᠂ ᠬᠣᠶᠠᠷ ᠠ᠋ᠴᠠ ᠠᠷᠪᠠ ᠳ᠋ᠤ᠌ ᠤᠯᠠᠮᠵᠢᠯᠠᠨ ᠳᠠᠮᠵᠢᠭᠰᠠᠭᠠᠷ ᠦᠯᠢᠭᠡᠷ ᠳᠣᠮᠣᠭ ᠰᠢᠤᠬᠠᠨ ᠶᠠᠭᠤᠮ᠎ᠠ ᠪᠣᠯᠵᠤ ᠱᠤᠤᠭᠢᠬᠤ ᠪᠣᠯᠤᠯ᠎ᠠ᠃ ᠢᠯᠠᠩᠭᠤᠶ᠎ᠠ᠂ ᠡᠯᠳᠡᠩᠭᠡ ᠲᠤᠰᠠᠯᠠᠭᠴᠢ ᠲᠡᠭᠦᠨ ᠦ᠌ ᠵᠠᠷᠯᠢᠭ ᠵᠢᠭᠠᠪᠤᠷᠢ ᠶ᠋ᠢ ᠣᠩᠭᠣᠰᠤ ᠠᠯᠳᠠᠭᠰᠠᠨ ᠤ᠋ ᠲᠡᠳᠦᠢ ᠳ᠋ᠦ᠍ ᠦᠵᠡᠭᠰᠡᠨ ᠦᠭᠡᠢ ᠮᠥᠷᠲᠡᠭᠡᠨ ᠬᠠᠷᠢᠨ《ᠥᠯᠥᠭᠴᠢᠨ ᠨᠣᠬᠠᠢ ᠰᠡᠭᠦᠯ ᠢ᠋ᠶ᠋ᠡᠨ ᠰᠢᠷᠪᠠᠬᠤ ᠦᠭᠡᠢ ᠪᠣᠯ ᠠᠵᠢᠷᠭᠠᠨ ᠨᠣᠬᠠᠢ ᠳᠡᠭᠡᠷ᠎ᠡ ᠨᠢ ᠭᠠᠷᠬᠤ ᠦᠭᠡᠢ》 ᠭᠡᠵᠦ ᠶᠠᠯᠠᠲᠤ ᠬᠦᠦ ᠪᠡᠨ ᠥᠮᠥᠭᠡᠷᠡᠵᠦ ᠬᠣᠰᠢᠭᠤ ᠶᠠᠮᠤᠨ ᠤ᠋ ᠠᠯᠪᠠ ᠶ᠋ᠢᠨ ᠡᠮᠦᠨ᠎ᠡ ᠡᠴᠡ ᠡᠴᠢᠭᠡ ᠣᠷᠬᠢᠵᠤ ᠲᠣᠢᠯᠠᠬᠤ ᠭᠠᠵᠠᠷ ᠢ᠋ᠶ᠋ᠠᠨ ᠣᠯᠬᠤ ᠦᠭᠡᠢ ᠲᠠᠪᠠᠷᠠᠭᠰᠠᠨ ᠳ᠋ᠤ᠌ ᠲᠡᠭᠦᠨ ᠦ᠌ ᠬᠢᠯᠢᠩ ᠨᠢ ᠪᠠᠳᠠᠷᠠᠵᠤ ᠤᠷᠢᠳᠤ ᠶ᠋ᠢᠨ ᠦᠵᠡᠭᠦᠯᠦᠭᠰᠡᠨ ᠠᠴᠢ ᠭᠠᠪᠢᠶ᠎ᠠ ᠶ᠋ᠢ ᠦᠯᠦ ᠰᠠᠨᠠᠨ ᠴᠡᠷᠢᠭ ᠤᠨᠤᠭ᠎ᠠ ᠬᠥᠳᠡᠯᠭᠡᠵᠦ ᠡᠯᠳᠡᠩᠭᠡ ᠶ᠋ᠢᠨ ᠨᠤᠲᠤᠭ ᠭᠣᠯᠣᠮᠲᠠ ᠶ᠋ᠢ ᠨᠢ ᠬᠤᠷᠢᠶᠠᠵᠤ ᠮᠠᠨᠴᠤᠷᠭ᠎ᠠ ᠶ᠋ᠢ ᠪᠠᠷᠢᠵᠤ ᠴᠠᠭᠠᠵᠠᠯᠠᠬᠤ ᠠᠵᠢᠯᠯᠠᠭ᠎ᠠ ᠠᠪᠴᠠᠢ᠃
ᠦᠨᠡᠨ ᠳ᠋ᠡᠭᠡᠨ ᠬᠡᠳᠦᠨ ᠡᠳᠦᠷ ᠦ᠋ᠨ ᠡᠮᠦᠨ᠎ᠡ᠂ ᠰᠢᠷᠠᠪᠳᠤᠷᠵᠢ ᠬᠦᠩ ᠨᠣᠶᠠᠨ ᠤ᠋ ᠬᠠᠷᠢᠶ᠎ᠠ ᠴᠡᠷᠢᠭ ᠡᠯᠳᠡᠩᠭᠡ ᠶ᠋ᠢᠨ ᠪᠠᠭᠤᠷᠢ ᠶ᠋ᠢ ᠳᠠᠯᠳᠠᠭᠤᠷ ᠭᠡᠲᠡᠵᠦ᠂ ᠲᠡᠭᠦᠨ ᠦ᠌ ᠬᠥᠳᠡᠯᠦᠯ ᠪᠠᠷᠢᠯ ᠢ᠋ ᠨᠠᠷᠢᠨ ᠴᠠᠭᠳᠠᠵᠤ ᠪᠠᠢᠵᠠᠢ᠃ ᠲᠡᠭᠡᠪᠡᠴᠦ ᠡᠯᠳᠡᠩᠭᠡ ᠲᠤᠰᠠᠯᠠᠭᠴᠢ ᠶ᠋ᠢᠨ ᠬᠠᠰᠢᠷ ᠤᠬᠠᠭᠠᠨ ᠳ᠋ᠤ᠌ ᠡᠳᠡᠭᠡᠷ ᠨᠢ ᠡᠭᠡᠭᠡ ᠯᠡ ᠬᠡᠦᠬᠡᠳ ᠦ᠋ᠳ ᠦ᠋ᠨ ᠠᠷᠭᠠᠯ ᠲᠦᠯᠡᠭᠡᠨ ᠦ᠌ ᠨᠠᠭᠠᠭᠤᠷ ᠴᠠᠭᠠᠭᠤᠷ ᠨᠢᠭᠤᠯᠴᠠᠵᠤ ᠨᠠᠭᠠᠳᠳᠠᠭ ᠨᠠᠭᠠᠳᠤᠮ ᠰᠢᠦ ᠰᠠᠨᠠᠭᠠᠳᠠᠵᠠᠢ᠃ ᠲᠡᠭᠦᠨ ᠦ᠌ ᠲᠦᠰᠢᠭᠲᠡᠢ ᠬᠦᠯᠦᠭ ᠪᠣᠯᠬᠤ ᠵᠢᠷᠣᠭ᠎ᠠ ᠪᠣᠷᠣᠯᠠᠭ ᠨᠢ ᠱᠣᠩ ᠳᠡᠭᠡᠷ᠎ᠡ ᠪᠡᠨ ᠤᠶᠠᠭ᠎ᠠ ᠲᠠᠢ ᠯᠠ ᠬᠠᠷᠠᠭᠳᠠᠭᠠᠳ ᠪᠠᠢᠬᠤ ᠪᠠᠷ ᠨᠢ ᠬᠥᠮᠦᠰ ᠡᠯᠳᠡᠩᠭᠡ ᠶ᠋ᠢ ᠭᠡᠷ ᠲᠡᠭᠡᠨ ᠪᠠᠢᠨ᠎ᠠ ᠭᠡᠵᠦ ᠯᠡ ᠰᠠᠨᠠᠭ᠎ᠠ ᠪᠠᠨ ᠬᠠᠭᠤᠷᠴᠤ ᠨᠣᠶᠠᠨ ᠢ᠋ᠶ᠋ᠠᠨ ᠮᠡᠬᠡᠯᠡᠵᠦ ᠯᠡ ᠪᠠᠢᠵᠠᠢ᠃ ᠦᠨᠡᠨ ᠳ᠋ᠡᠭᠡᠨ ᠡᠯᠳᠡᠩᠭᠡ ᠪᠠᠢᠳᠠᠯ ᠪᠤᠷᠤᠭᠤ ᠡᠷᠭᠢᠭᠰᠡᠨ ᠢ᠋ ᠡᠷᠲᠡ ᠰᠤᠪᠢᠵᠤ ᠮᠡᠳᠡᠭᠡᠳ ᠦᠨ᠎ᠡ ᠴᠠᠨᠠᠲᠠᠢ ᠶᠠᠭᠤᠮᠠᠰ ᠢ᠋ᠶ᠋ᠠᠨ ᠰᠢᠯᠵᠢᠭᠦᠯᠵᠦ ᠵᠠᠪᠳᠤᠭᠠᠳ ᠥᠪᠡᠷ ᠢ᠋ᠶ᠋ᠡᠨ ᠤᠰᠤ ᠠᠷᠭᠠᠯ ᠤ᠋ᠨ ᠲᠡᠷᠭᠡᠴᠢᠨ ᠦ᠌ ᠨᠠᠪᠲᠠᠩ ᠨᠣᠣᠷᠠᠩᠬᠠᠢ ᠬᠤᠪᠴᠠᠰᠤ ᠪᠠᠷ ᠪᠦᠰᠡᠯᠡᠯᠲᠡ ᠭᠡᠲᠡᠯᠲᠡ ᠡᠴᠡ ᠮᠤᠯᠲᠤᠷᠠᠨ ᠠᠭᠤᠯᠠ ᠶ᠋ᠢᠨ ᠪᠠᠯ ᠳ᠋ᠤ᠌ ᠭᠠᠷᠴᠤ ᠵᠤᠳᠪᠠ ᠮᠡᠢᠷᠡᠨ ᠲᠡᠢ ᠵᠥᠪᠳᠡᠨ ᠠᠮᠢ ᠠᠷᠭᠠᠴᠠᠭᠠᠬᠤ ᠵᠠᠪᠰᠢᠶᠠᠨ ᠣᠯᠵᠤ ᠴᠡᠷᠢᠭ ᠮᠣᠷᠢ ᠬᠥᠳᠡᠯᠭᠡᠵᠦ ᠭᠡᠳᠡᠷᠭᠦ ᠳᠣᠪᠲᠣᠯᠬᠤ ᠠᠷᠭ᠎ᠠ ᠰᠡᠳᠦᠵᠦ ᠪᠠᠢᠵᠠᠢ᠃
ᠨᠢᠭᠡ ᠥᠷᠯᠥᠭᠡ ᠦᠦᠷ ᠬᠠᠷᠠᠩᠭᠤᠢ ᠪᠠᠷ ᠪᠠᠷᠠᠭᠤᠨ ᠲᠤᠰᠠᠯᠠᠭᠴᠢ ᠮᠢᠩᠭᠠᠨᠪᠤᠤ ᠴᠡᠷᠢᠭ ᠳᠠᠢᠴᠢᠯᠠᠵᠤ ᠡᠯᠳᠡᠩᠭᠡ ᠶ᠋ᠢᠨ ᠬᠣᠲᠠ ᠠᠢᠯ ᠢ ᠪᠦᠰᠡᠯᠡᠪᠡ᠃ ᠮᠢᠩᠭᠠᠨᠪᠤᠤ᠂ ᠡᠯᠳᠡᠩᠭᠡ ᠶ᠋ᠢᠨ ᠰᠠᠭᠤᠳᠠᠭ ᠭᠣᠣᠯ ᠭᠡᠷ ᠦ᠋ᠨ ᠬᠢᠨᠢ ᠡᠭᠦᠳᠡᠨ ᠳᠡᠭᠡᠷ᠎ᠡ ᠢᠷᠡᠵᠦ ᠮᠣᠷᠢᠨ ᠠ᠋ᠴᠠ ᠪᠠᠭᠤᠯ ᠦᠭᠡ ᠪᠡᠷ᠄
— ᠵᠡᠭᠦᠨ ᠲᠤᠰᠠᠯᠠᠭᠴᠢ ᠭᠤᠸᠠᠢ ᠠ᠋ ! ᠭᠠᠷᠤᠭᠠᠳ ᠢᠷ᠎ᠡ ! ᠡᠰᠡᠷᠭᠦᠴᠡᠯ ᠦᠭᠡᠢ ᠡᠪ ᠨᠠᠢᠷᠲᠠᠢ ᠰᠠᠢᠬᠠᠨ ᠬᠡᠯᠡᠯᠴᠡᠭᠡᠨ ᠢ᠋ᠶ᠋ᠡᠨ ᠣᠯᠤᠯᠴᠠᠶ᠎ᠠ! ᠭᠡᠵᠦ ᠬᠡᠳᠦᠨᠲᠡ ᠬᠠᠰᠬᠢᠷᠤᠭᠰᠠᠨ ᠪᠣᠯᠪᠠᠴᠤ ᠣᠭᠲᠣ ᠴᠢᠮᠡᠭᠡ ᠠᠨᠢᠷ ᠦᠭᠡᠢ ᠪᠠᠢᠯ᠎ᠠ᠃
— ᠡᠪ ᠨᠠᠢᠷ ᠢ ᠪᠣᠳᠣᠬᠤ ᠦᠭᠡᠢ ᠡᠪᠳᠡᠷᠡᠯᠴᠡᠪᠡᠯ ᠰᠤᠮᠤᠨ ᠤ᠋ ᠲᠣᠯᠣᠭᠠᠢ ᠳ᠋ᠤ᠌ ᠨᠢᠳᠦ ᠦᠭᠡᠢ ᠭᠡᠳᠡᠭ ᠢ ᠰᠠᠨᠠᠵᠤ ᠪᠠᠢᠭᠠᠷᠠᠢ ! ᠲᠡᠷᠡ ᠦᠶ᠎ᠡ ᠳ᠋ᠦ᠍ ᠭᠡᠮᠰᠢᠪᠡᠴᠦ ᠣᠷᠣᠢᠲᠠᠨᠠ ᠰᠢᠦ ! ᠭᠡᠵᠦ ᠮᠢᠩᠭᠠᠨᠪᠤᠤ ᠬᠠᠲᠠᠭᠤ ᠵᠥᠭᠡᠯᠡᠨ ᠢ᠋ᠶ᠋ᠡᠷ ᠬᠠᠰᠬᠢᠷᠴᠤ ᠳᠠᠭᠤᠳᠠᠭᠰᠠᠨ ᠪᠣᠯᠪᠠᠴᠤ ᠭᠠᠷᠴᠤ ᠢᠷᠡᠭᠰᠡᠨ ᠬᠥᠮᠦᠨ ᠠᠯᠠᠭ᠎ᠠ᠃
ᠮᠢᠩᠭᠠᠨᠪᠤᠤ ᠶ᠋ᠢᠨ ᠳᠣᠬᠢᠯᠲᠠ ᠪᠠᠷ ᠡᠭᠦᠳᠡ ᠪᠠᠯᠪᠠᠴᠢᠭᠳᠠᠵᠤ᠂ ᠭᠡᠷ ᠲᠦ᠋ᠨᠢ ᠬᠡᠳᠦᠨ ᠬᠢᠶ᠎ᠡ ᠴᠡᠷᠢᠭ ᠨᠥᠷᠢᠨ ᠣᠷᠣᠪᠠᠯ 《ᠡᠵᠡᠨ ᠦᠭᠡᠢ ᠬᠣᠭᠣᠰᠣᠨ ᠭᠡᠷ ᠲᠦ᠍ ᠡᠷ᠎ᠡ ᠪᠠᠷᠰ ᠰᠢᠭ᠋ ᠳᠣᠭᠰᠢᠷᠠᠳᠠᠭ ᠨᠢ ᠶᠠᠭᠤ ᠪᠣᠢ ? 》 ᠭᠡᠰᠡᠨ ᠰᠢᠭ ᠬᠣᠭᠣᠰᠣᠨ ᠬᠠᠩᠬᠠᠢ ᠭᠡᠷ ᠡᠮᠦᠨ᠎ᠡ ᠡᠴᠡ ᠨᠢ ᠤᠭᠲᠤᠵᠠᠢ᠃ ᠦᠨᠡᠨ ᠳ᠋ᠡᠭᠡᠨ ᠡᠨᠡ ᠠᠢᠯ ᠳ᠋ᠤ᠌ ᠬᠡᠷᠡᠭ ᠲᠦ᠍ ᠬᠦᠷᠳᠡᠭ ᠡᠷ᠎ᠡ ᠳᠡᠭᠦᠵᠢᠯᠡᠭᠰᠡᠨ ᠬᠥᠮᠦᠨ ᠠᠯᠠᠭ᠎ᠠ᠃ ᠡᠯᠳᠡᠩᠭᠡ ᠶ᠋ᠢᠨ ᠬᠡᠳᠦᠨ ᠬᠥᠪᠡᠭᠦᠨ ᠪᠠ ᠥᠪᠡᠷ ᠦ᠋ᠨ ᠪᠡᠶ᠎ᠡ ᠠᠯᠢ ᠤᠵᠠᠭᠤᠷ ᠰᠡᠭᠦᠯ ᠢ᠋ᠶ᠋ᠡᠨ ᠡᠭᠦᠷᠦᠭᠰᠡᠨ ᠪᠠᠢᠯ᠎ᠠ᠃ ᠵᠥᠪᠬᠡᠨ ᠬᠡᠦᠬᠡᠳ ᠪᠦᠰᠡᠭᠦᠢᠴᠦᠦᠯ ᠭᠠᠯ ᠲᠣᠭᠣᠭᠠᠨ ᠤ᠋ ᠬᠥᠮᠦᠰ᠂ ᠦᠬᠡᠷ ᠠᠳᠤᠭᠤᠨ ᠤ᠋ ᠬᠥᠮᠦᠨ᠂ ᠭᠠᠷ ᠠᠪᠤᠯᠭ᠎ᠠ ᠶ᠋ᠢᠨ ᠵᠠᠷᠤᠯᠭ᠎ᠠ ᠶ᠋ᠢᠨ ᠬᠥᠮᠦᠰ ᠯᠡ ᠦᠯᠡᠳᠡᠵᠦ ᠬᠣᠴᠣᠷᠴᠠᠢ᠃ ᠰᠢᠷᠠᠪᠳᠤᠷᠵᠢ ᠬᠦᠩ ᠨᠣᠶᠠᠨ ᠤ᠋ ᠲᠡᠨᠳᠡ ᠡᠴᠡ ᠡᠯᠳᠡᠩᠭᠡ ᠨᠠᠷ ᠪᠠᠷ᠎ᠠ ᠳᠣᠷᠣ ᠦᠭᠡᠢ ᠳᠤᠲᠠᠭᠠᠭᠰᠠᠨ ᠭᠡᠳᠡᠭ ᠢ ᠰᠣᠨᠣᠰᠤᠭᠠᠳ《ᠬᠡᠦᠬᠡᠳ ᠵᠤᠯᠵᠠᠭᠠᠨ ᠳ᠋ᠤᠨᠢ ᠬᠦᠷᠲᠡᠯ᠎ᠡ ᠬᠦᠢᠰᠦ ᠲᠡᠮᠲᠡᠷᠢᠭᠡᠷᠡᠢ᠃ ᠭᠠᠯ ᠭᠣᠯᠣᠮᠲᠠ ᠶ᠋ᠢ ᠨᠢ ᠬᠠᠷᠠᠯᠠᠭᠤᠯ》 ᠭᠡᠰᠡᠨ ᠬᠠᠲᠠᠭᠤ ᠵᠠᠷᠯᠢᠭ ᠤᠯᠠᠮᠵᠢᠯᠠᠵᠤ ᠢᠷᠡᠪᠡ᠃
ᠡᠨᠡ ᠬᠣᠷᠣᠮ ᠬᠡᠦᠬᠡᠳ ᠵᠤᠯᠵᠠᠭ᠎ᠠ ᠪᠠᠨ ᠳᠠᠭᠠᠭᠤᠯᠤᠭᠰᠠᠨ ᠮᠠᠨᠴᠤᠷᠭ᠎ᠠ ᠶ᠋ᠢᠨ ᠪᠦᠰᠡᠭᠦᠢ ᠲᠣᠭᠣᠭᠠᠴᠢ ᠨᠤᠷᠪᠤ ᠡᠪᠦᠭᠡᠨ ᠦ᠌ ᠤᠬᠠᠭᠠᠯᠠᠭᠰᠠᠨ ᠢ᠋ᠶ᠋ᠠᠷ ᠬᠥᠮᠦᠨ ᠬᠠᠷ᠎ᠠ ᠶ᠋ᠢᠨ ᠦᠢᠮᠡᠭᠡᠨ ᠢ᠋ ᠳᠠᠯᠢᠮᠳᠠᠭᠤᠯᠵᠤ ᠱᠠᠯᠠᠪᠬᠠᠨ ᠬᠥᠳᠡᠯᠵᠦ᠂ ᠦᠨᠡᠭᠡᠨ ᠬᠠᠷᠠᠩᠭᠤᠢ ᠪᠠᠷ ᠰᠤᠬᠠᠢ ᠶ᠋ᠢᠨ ᠰᠢᠭᠤᠢ ᠳ᠋ᠤ᠌ ᠰᠢᠷᠭᠤᠯᠠᠪᠠ᠃ ᠡᠯᠳᠡᠩᠭᠡ ᠶ᠋ᠢᠨ ᠬᠥᠭᠰᠢᠨ ᠪᠠ ᠪᠤᠰᠤᠳ ᠬᠡᠦᠬᠡᠳ ᠰᠢᠤᠬᠠᠳ ᠤ᠋ᠳ ᠴᠥᠮ ᠵᠠᠪ ᠢ᠋ᠶ᠋ᠠᠨ ᠣᠯᠵᠤ ᠵᠦᠭ ᠵᠦᠭ ᠲᠡᠭᠡᠨ ᠪᠤᠷᠤᠭᠤᠯᠠᠵᠤ ᠠᠮᠵᠢᠪᠠ᠃ ᠭᠠᠳᠠᠨ᠎ᠠ ᠠ᠋ᠴᠠ ᠲᠤᠰᠠᠯᠠᠬᠤ ᠪᠠᠷ ᠢᠷᠡᠭᠰᠡᠨ ᠡᠯᠳᠡᠩᠭᠡ ᠶ᠋ᠢᠨ ᠴᠡᠷᠢᠭ ᠦ᠋ᠳ ᠠᠳᠠ ᠲᠡᠨᠳᠡ ᠡᠴᠡ ᠠᠮᠢ ᠵᠢᠭᠤᠲᠠᠭᠰᠠᠨ ᠪᠦᠰᠡᠭᠦᠢ ᠬᠡᠦᠬᠡᠳ ᠦ᠋ᠳ ᠢ᠋ ᠨᠢ ᠣᠯᠵᠤ ᠮᠤᠨᠠ ᠠᠭᠤᠯᠠᠨ ᠳ᠋ᠤ᠌ ᠣᠷᠣᠯ᠎ᠠ᠃ ᠭᠠᠭᠴᠠ ᠮᠠᠨᠴᠤᠷᠭ᠎ᠠ ᠶ᠋ᠢᠨ ᠪᠦᠰᠡᠭᠦᠢ ᠬᠣᠶᠠᠷ ᠬᠡᠦᠬᠡᠳ ᠲᠡᠢ ᠪᠡᠨ ᠲᠣᠭᠣᠭᠠᠴᠢ ᠨᠤᠷᠪᠤ ᠭᠤᠸᠠᠢ ᠲᠠᠢ ᠬᠠᠮᠲᠤ ᠤᠯᠠᠭᠠᠨ ᠰᠤᠬᠠᠢ ᠶ᠋ᠢᠨ ᠰᠢᠭᠤᠢ ᠳ᠋ᠤ᠌ ᠰᠢᠷᠭᠤᠯᠠᠵᠤ ᠪᠠᠷᠠᠭᠤᠨᠰᠢ ᠴᠢᠭᠯᠡᠭᠰᠡᠨ ᠪᠣᠯᠬᠣᠷ ᠲᠤᠰᠠᠯᠠᠮᠵᠢ ᠶ᠋ᠢᠨ ᠬᠥᠮᠦᠰ ᠲᠡᠢ ᠬᠣᠯᠪᠣᠭ᠎ᠠ ᠪᠠᠷᠢᠵᠤ ᠴᠢᠳᠠᠭᠰᠠᠨ ᠦᠭᠡᠢ᠃
ᠠᠭᠤᠯᠠᠨ ᠠ᠋ᠴᠠ ᠪᠠᠭᠤᠵᠤ ᠢᠷᠡᠭᠰᠡᠨ ᠡᠯᠳᠡᠩᠭᠡ ᠲᠥᠷᠥᠭᠥᠲᠡᠢ ᠨᠢᠭᠡ ᠪᠦᠯᠦᠭ ᠭᠠᠪᠰᠢᠭᠠᠢ ᠮᠣᠷᠢᠨ ᠴᠡᠷᠢᠭ ᠰᠢᠷᠠᠪᠳᠤᠷᠵᠢ ᠬᠦᠩ ᠨᠣᠶᠠᠨ ᠤ᠋ ᠬᠣᠰᠢᠭᠤ ᠴᠡᠷᠢᠭ ᠲᠡᠢ ᠰᠢᠷᠦᠭᠦᠨ ᠲᠤᠯᠤᠯᠳᠤᠵᠤ ᠦᠨᠡᠨ ᠳ᠋ᠡᠭᠡᠨ ᠪᠦᠷ ᠴᠤ᠌ ᠲᠠᠨᠢᠯ ᠳᠠᠰᠤᠯ ᠴᠡᠷᠢᠭ ᠳᠣᠲᠣᠷ᠎ᠠ ᠪᠠᠨ ᠫᠤᠤᠳᠠᠯᠴᠠᠪᠠ᠃ ᠠᠭᠱᠠᠨ ᠵᠠᠭᠤᠷ᠎ᠠ ᠶ᠋ᠢᠨ ᠰᠢᠷᠦᠭᠦᠨ ᠲᠤᠯᠤᠯᠳᠤᠭᠠᠨ ᠳ᠋ᠤ᠌ ᠭᠣᠣᠯ ᠪᠠᠢᠷᠢ ᠪᠠᠨ ᠠᠯᠳᠠᠵᠤ᠂ ᠴᠡᠷᠢᠭ ᠮᠣᠷᠢ ᠴᠥᠭᠡᠬᠡᠨ ᠡᠴᠡ ᠡᠯᠳᠡᠩᠭᠡ ᠶ᠋ᠢᠨ ᠴᠡᠷᠢᠭ ᠬᠡᠳᠦᠨ ᠬᠥᠮᠦᠨ ᠢ᠋ᠶ᠋ᠡᠨ ᠰᠢᠷᠬᠠᠲᠤᠭᠤᠯᠵᠤ᠂ ᠨᠢᠭᠡ ᠬᠥᠮᠦᠨ ᠢ᠋ᠶ᠋ᠡᠨ ᠦᠷᠡᠭᠳᠡᠭᠦᠯᠦᠭᠡᠳ ᠳᠤᠲᠠᠭᠠᠪᠠ᠃
ᠬᠣᠰᠢᠭᠤ ᠶᠠᠮᠤᠨ ᠤ᠋ ᠴᠡᠷᠢᠭ ᠡᠯᠳᠡᠩᠭᠡ ᠶ᠋ᠢᠨ ᠭᠡᠷ ᠣᠷᠣᠨ ᠠ᠋ᠴᠠ ᠭᠠᠷ ᠬᠣᠭᠣᠰᠣᠨ ᠪᠤᠴᠠᠬᠤ ᠪᠠᠨ ᠢᠴᠢᠭᠦᠷᠢ ᠭᠡᠵᠦ ᠪᠣᠳᠣᠭᠰᠠᠨ ᠪᠣᠯᠤᠯᠲᠠᠢ ᠦᠬᠡᠷ ᠠᠳᠤᠭᠤ ᠶ᠋ᠢ ᠨᠢ ᠲᠠᠭᠤᠵᠤ ᠬᠣᠲᠠ ᠶ᠋ᠢ ᠨᠢ ᠬᠤᠷᠢᠶᠠᠭᠠᠳ ᠭᠡᠷ ᠣᠷᠣᠨ ᠢ᠋ ᠨᠢ ᠶᠠᠭᠤ ᠴᠤ᠌ ᠦᠭᠡᠢ ᠭᠠᠯᠳᠠᠵᠤ ᠣᠷᠬᠢᠪᠠ᠃
ᠪᠠᠷᠠᠭᠤᠨ ᠲᠤᠰᠠᠯᠠᠭᠴᠢ ᠮᠢᠩᠭᠠᠨᠪᠤᠤ ᠬᠡᠳᠦᠨ ᠭᠠᠷᠬᠤ ᠵᠠᠮ ᠤ᠋ᠨ ᠠᠭᠤᠯᠵᠠᠷ ᠲᠤ᠌ ᠴᠡᠷᠢᠭ ᠮᠠᠨᠠᠭ᠎ᠠ ᠲᠣᠮᠢᠯᠠᠵᠤ ᠡᠯᠳᠡᠩᠭᠡ ᠲᠡᠢ ᠬᠣᠯᠪᠣᠭ᠎ᠠ ᠲᠠᠢ ᠰᠡᠵᠢᠭᠲᠦ ᠬᠥᠮᠦᠨ ᠠᠮᠢᠲᠠᠨ ᠢ᠋ ᠨᠠᠭᠠᠰᠢ ᠴᠠᠭᠠᠰᠢ ᠶᠠᠪᠤᠬᠤ ᠶ᠋ᠢ ᠴᠢᠩᠭ᠎ᠠ ᠴᠠᠭᠠᠵᠠᠯᠠᠵᠠᠢ᠃
ᠨᠠᠷᠠ ᠵᠢᠷᠭᠠᠬᠤ ᠳ᠋ᠤ᠌᠂ ᠡᠯᠳᠡᠩᠭᠡ ᠶ᠋ᠢᠨ ᠪᠠᠭᠤᠷᠢ ᠠ᠋ᠴᠠ ᠥᠳᠬᠡᠨ ᠬᠠᠷ᠎ᠠ ᠤᠲᠤᠭ᠎ᠠ ᠬᠤᠢᠯᠠᠷᠠᠨ ᠪᠣᠰᠴᠤ᠂ ᠢᠰᠡᠭᠡᠢ ᠰᠢᠷᠢᠳᠡᠭ᠂ ᠠᠷᠠᠰᠤ ᠰᠢᠷᠢ᠂ ᠥᠭᠡᠬᠦ ᠲᠣᠰᠣ᠂ ᠣᠨᠢ ᠬᠠᠨ᠎ᠠ ᠫᠢᠰ ᠨᠢᠰ ᠭᠡᠵᠦ ᠭᠠᠯ ᠠᠪᠤᠯᠴᠠᠨ ᠦᠷᠪᠢᠰᠦᠨ ᠨᠣᠴᠣᠵᠤ ᠠᠭᠱᠠᠨ ᠵᠠᠭᠤᠷ᠎ᠠ ᠦᠨᠡᠰᠦᠨ ᠲᠣᠪᠷᠠᠭ ᠪᠣᠯᠪᠠ᠃
ᠰᠢᠷᠠᠪᠳᠤᠷᠵᠢ ᠬᠦᠩ ᠨᠣᠶᠠᠨ᠂ ᠪᠠᠷᠠᠭᠤᠨ ᠲᠤᠰᠠᠯᠠᠭᠴᠢ ᠮᠢᠩᠭᠠᠨᠪᠤᠤ ᠨᠠᠷ ᠤ᠋ᠨ ᠰᠡᠳᠬᠢᠯ ᠦ᠋ᠨ ᠲᠠᠪᠠ ᠨᠢ ᠡᠨᠡᠭᠦᠬᠡᠨ ᠢ᠋ᠶ᠋ᠡᠷ ᠬᠠᠨᠤᠭ᠎ᠠ ᠦᠭᠡᠢ᠃ ᠤᠷᠰᠢᠭ ᠤ᠋ᠨ ᠦᠨᠳᠦᠰᠦ ᠶ᠋ᠢ ᠣᠯᠵᠤ ᠲᠠᠰᠤᠳᠠᠭᠠ ᠦᠭᠡᠢ ᠴᠠᠭ ᠲᠤ᠌ ᠠᠶᠤᠯ ᠤ᠋ᠨ ᠭᠡᠨᠡᠨ ᠰᠡᠭᠦᠳᠡᠷ ᠪᠠᠢᠩᠭᠤ ᠰᠡᠭᠦᠳᠡᠭᠡᠨᠡᠬᠦ ᠰᠢᠭ ᠳᠣᠲᠣᠷ᠎ᠠ ᠨᠢ ᠤᠯᠠᠮ ᠲᠣᠭᠲᠠᠪᠤᠷᠢ ᠦᠭᠡᠢ ᠪᠣᠯᠪᠠ᠃
ᠳᠤᠮᠳᠠ ᠭᠣᠣᠯ ᠤ᠋ᠨ ᠠᠮᠠᠨ ᠠᠷᠴᠠᠲᠤ ᠶ᠋ᠢᠨ ᠥᠨᠳᠥᠷ ᠳᠡᠭᠡᠷ᠎ᠡ ᠭᠠᠷᠴᠤ ᠲᠡᠷᠲᠡᠭᠡ ᠰᠢᠲᠠᠭᠳᠠᠭᠰᠠᠨ ᠭᠡᠷ ᠦ᠋ᠨ ᠢ᠋ᠶ᠋ᠡᠨ ᠪᠠᠷ᠎ᠠ ᠶ᠋ᠢ ᠠᠯᠤᠰ ᠠ᠋ᠴᠠ ᠳᠤᠷᠠᠨᠳᠠᠵᠤ ᠵᠣᠭᠰᠣᠭᠰᠠᠨ ᠡᠯᠳᠡᠩᠭᠡ ᠶ᠋ᠢᠨ ᠳᠣᠲᠣᠷ᠎ᠠ ᠭᠠᠯ ᠰᠢᠲᠠᠵᠤ ᠵᠤᠯᠠᠢ ᠶ᠋ᠢᠨ ᠬᠢᠨᠢ ᠣᠷᠣᠢ ᠪᠠᠷ ᠤᠲᠤᠭ᠎ᠠ ᠤᠭᠤᠭᠢᠬᠤ ᠰᠢᠭ᠋ ᠰᠠᠨᠠᠭᠳᠠᠪᠠ᠃
ᠬᠦᠩ ᠨᠣᠶᠠᠨ ᠤ᠋ ᠰᠠᠭᠤᠷᠢ ᠵᠠᠯᠭᠠᠮᠵᠢᠯᠠᠭᠰᠠᠨ ᠠ᠋ᠴᠠ ᠨᠠᠭᠠᠰᠢ ᠴᠢ ᠬᠣᠰᠢᠭᠤ ᠨᠤᠲᠤᠭ᠂ ᠮᠠᠯᠴᠢᠨ ᠠᠷᠠᠳ᠂ ᠨᠤᠲᠤᠭ ᠪᠡᠯᠴᠢᠭᠡᠷ ᠁ ᠭᠡᠳ ᠶᠠᠭᠤ ᠬᠢᠪᠡ ? ᠬᠡᠳᠦᠨ ᠡᠮᠡᠰ ᠦ᠋ᠨ ᠠᠯᠠᠨ ᠳᠤᠮᠳᠠ ᠬᠣᠯᠬᠢᠵᠤ᠂ ᠰᠤᠪᠠᠢ ᠡᠮ᠎ᠡ ᠶ᠋ᠢᠨ ᠢᠷᠠᠭᠯᠠᠬᠤ ᠳᠠᠭᠤᠨ ᠳ᠋ᠤ᠌ ᠰᠦᠨᠡᠰᠦ ᠪᠡᠨ ᠠᠷᠭᠠᠮᠵᠢᠵᠤ ᠶᠣᠰᠣᠲᠠᠢ ᠯᠠ ᠤᠬᠠᠭᠠᠨ ᠳ᠋ᠤ᠌ ᠴᠢᠨᠢ ᠤᠬᠤᠨ᠎ᠠ ᠦᠬᠦᠵᠦ᠂ ᠤᠬᠤᠷᠬᠠᠢ ᠳ᠋ᠤ᠌ ᠴᠢᠨᠢ ᠨᠣᠬᠠᠢ ᠰᠡᠷᠢᠵᠢ ᠳᠠ ᠶᠡᠷᠦ᠃ ᠬᠥᠮᠦᠨ ᠭᠡᠳᠡᠭ ᠠᠷᠵᠠᠢᠭᠰᠠᠨ ᠲᠣᠯᠣᠭᠠᠢᠲᠤ᠂ ᠠᠴᠠ ᠬᠥᠯ ᠲᠡᠢ ᠠᠮᠢᠲᠠᠨ ᠴᠢᠨᠢ ᠵᠣᠪᠠᠯ ᠵᠦᠳᠡᠭᠦᠷᠢ ᠶ᠋ᠢᠨ ᠬᠢᠬᠠᠯ ᠬᠢᠰᠠᠭᠠᠨ ᠢ᠋ ᠲᠤᠭᠤᠯᠵᠤ ᠭᠠᠷᠬᠤ ᠲᠡᠪᠴᠢᠶᠡᠷᠢ ᠲᠡᠢ ᠪᠠᠢᠳᠠᠭ ᠪᠥᠭᠡᠲᠡᠯ᠎ᠡ ᠵᠢᠷᠭᠠᠯ ᠴᠡᠩᠭᠡᠯ ᠦ᠋ᠨ ᠮᠠᠨᠠᠨ ᠪᠤᠳᠠᠩ ᠳ᠋ᠤ᠌ ᠲᠥᠭᠡᠷᠢᠭᠳᠡᠳᠡᠭ ᠨᠢ ᠬᠠᠴᠢᠨ ᠶᠤᠮ ᠠ᠋ ! ᠬᠦᠩ ᠦ᠋ᠨ ᠰᠦᠮ᠎ᠡ ᠶ᠋ᠢᠨ ᠱᠠᠪᠷᠤᠩ ᠪᠠᠢᠭᠰᠠᠨ ᠢ᠋ᠶ᠋ᠠᠨ ᠶᠠᠭᠠᠬᠢᠵᠤ ᠬᠦᠩ ᠨᠣᠶᠠᠨ ᠤ᠋ ᠰᠠᠭᠤᠷᠢ ᠶ᠋ᠢ ᠵᠠᠯᠭᠠᠮᠵᠢᠯᠠᠭᠰᠠᠨ ᠢ᠋ᠶ᠋ᠠᠨ ᠳᠠᠩᠴᠤ ᠲᠤᠩᠭᠠᠵᠤ ᠪᠣᠳᠣᠳᠠᠭ ᠦᠭᠡᠢ ᠪᠠᠢᠵᠠᠢ ! ᠵᠢᠳᠬᠦᠭᠰᠡᠨ ᠦᠬᠡᠷ ᠦ᠋ᠨ ᠵᠢᠷᠦᠬᠡ ᠶ᠋ᠢ ᠁ ᠭᠡᠭᠴᠢ ᠡᠨᠡ ᠳᠡ ! ᠭᠠᠵᠢ ᠪᠤᠷᠤᠭᠤ ᠨᠣᠮᠲᠠᠨ ᠤ᠋ ᠭᠠᠰᠠᠯᠬᠤ ᠶ᠋ᠢ ᠦᠨᠡᠮᠰᠢᠵᠦ᠂ ᠭᠠᠪᠢᠶᠠᠲᠤ ᠲᠦᠰᠢᠮᠡᠳ ᠢ᠋ᠶ᠋ᠡᠨ ᠭᠠᠳᠠᠭᠤᠷᠴᠢᠯᠠᠵᠤ᠂ ᠭᠠᠯ ᠭᠣᠯᠣᠮᠲᠠ ᠶ᠋ᠢ ᠨᠢ ᠬᠠᠷᠠᠯᠠᠭᠤᠯᠬᠤ ᠭᠡᠵᠢ ᠠ᠋ ! ᠲᠡᠦᠬᠡ ᠰᠤᠳᠤᠷ ᠲᠤ᠌ ᠤᠷᠠᠳ ᠤ᠋ᠨ ᠢᠩᠭᠢᠵᠦ ᠢᠳᠡᠭᠰᠡᠨ ᠲᠠᠪᠰᠢᠨ ᠳ᠋ᠠᠭᠠᠨ ᠪᠠᠭᠠᠭᠰᠠᠨ ᠨᠣᠬᠠᠢ ᠭᠠᠷᠤᠭ᠎ᠠ ᠦᠭᠡᠢ᠃ ᠨᠣᠬᠠᠢ ᠴᠢᠬᠢ ᠪᠡᠨ ᠬᠠᠭᠠᠯᠤᠭᠤᠯᠤᠭᠰᠠᠨ ᠬᠥᠮᠦᠨ ᠳ᠋ᠡᠭᠡᠨ ᠠᠮᠠᠷᠠᠭ ᠭᠡᠳᠡᠭ ᠢ᠋ᠶ᠋ᠡᠷ ᠨᠢᠭᠡ ᠮᠠᠭᠤ ᠡᠮ᠎ᠡ ᠬᠣᠩᠰᠢᠶᠠᠷᠲᠤ ᠶ᠋ᠢᠨ ᠦᠭᠡᠨ ᠳ᠋ᠦ᠍ ᠣᠷᠣᠵᠤ ᠪᠠᠢᠪᠠᠯ 《ᠰᠠᠢᠨ》 ᠢ᠋ᠶ᠋ᠠᠨ ᠣᠯᠵᠤ ᠦᠵᠡᠬᠦ ᠴᠠᠭ ᠢᠷᠡᠨ᠎ᠡ ᠪᠣᠢ ᠭᠡᠵᠦ ᠰᠢᠵᠠᠭᠤᠷ ᠵᠠᠭᠤᠨ ᠬᠣᠷᠣᠰᠴᠤ᠂ ᠡᠨᠡ ᠨᠠᠰᠤᠨ ᠳ᠋ᠠᠭᠠᠨ ᠥᠯᠪᠡᠷᠴᠦ ᠦᠬᠦᠭᠰᠡᠨ ᠴᠤ᠌ ᠰᠢᠷᠠᠪᠳᠤᠷᠵᠢ ᠶ᠋ᠢᠨ ᠰᠢᠨᠠᠭᠠᠨ ᠳᠣᠣᠷ᠎ᠠ ᠠᠶᠠᠭ᠎ᠠ ᠪᠠᠨ ᠲᠤᠰᠬᠤ ᠦᠭᠡᠢ ᠪᠢ ! ᠤᠷᠤᠭᠤᠳᠠᠭᠰᠠᠨ ᠴᠠᠭ ᠪᠠᠢᠬᠤ ᠳ᠋ᠤ᠌ ᠥᠭᠡᠳᠡᠯᠡᠬᠦ ᠡᠷᠢᠨ ᠪᠠᠰᠠ ᠪᠠᠢᠳᠠᠭ ᠪᠠᠢᠬ᠎ᠠ ᠭᠡᠰᠡᠨ ᠴᠢᠩᠭ᠎ᠠ ᠪᠣᠳᠣᠯ ᠨᠢ ᠡᠯᠳᠡᠩᠭᠡ ᠶ᠋ᠢ ᠠᠷᠴᠠᠲᠤ ᠶ᠋ᠢᠨ ᠡᠩᠭᠡᠷ ᠡᠴᠡ ᠪᠠᠭᠤᠯᠭᠠᠵᠤ ᠬᠦᠩ ᠦ᠋ᠨ ᠰᠦᠮ᠎ᠡ ᠶ᠋ᠢᠨ ᠲᠠᠢᠰᠢ ᠴᠢᠭᠯᠡᠭᠦᠯᠪᠡ᠃
ᠮᠠᠨᠴᠤᠷᠭ᠎ᠠ ᠶ᠋ᠢᠨ ᠪᠦᠰᠡᠭᠦᠢ ᠴᠢᠯᠠᠭᠤᠨᠳᠠᠷᠢ ᠨᠠᠷ ᠬᠡᠳᠦᠨ ᠡᠳᠦᠷ ᠴᠡᠷᠢᠭ ᠮᠣᠷᠢ᠂ ᠰᠡᠷᠭᠡᠢᠯᠡᠯᠲᠡ ᠭᠡᠲᠡᠯᠲᠡ ᠶ᠋ᠢᠨ ᠴᠢᠩᠭ᠎ᠠ ᠬᠣᠷᠢᠭ᠎ᠠ ᠳ᠋ᠤ᠌ ᠪᠢᠲᠡᠭᠦᠦ ᠰᠤᠬᠠᠢ ᠳ᠋ᠤ᠌ ᠳᠠᠯᠳᠠᠯᠠᠵᠤ ᠠᠪᠴᠤ ᠶᠠᠪᠤᠭᠰᠠᠨ ᠵᠢᠭᠠᠯ ᠵᠢᠭᠤᠯ ᠬᠦᠨᠡᠰᠦ ᠪᠡᠨ ᠴᠦ᠍ ᠢᠳᠡᠭᠡᠳ ᠪᠠᠷᠢᠴᠢᠬᠠᠪᠠ᠃ ᠶᠡᠬᠡ ᠤᠯᠤᠰ ᠴᠤ᠌ ᠶᠠᠭᠠᠬᠢᠬᠤ ᠪᠣᠢ ᠲᠡᠰᠬᠦ ᠳ᠋ᠡᠭᠡᠨ ᠨᠢᠭᠡ ᠲᠡᠰᠦᠨ᠎ᠡ᠃ ᠡᠬᠡ ᠶ᠋ᠢᠨ ᠨᠢᠷᠤᠭᠤᠨ ᠳᠡᠭᠡᠷ᠎ᠡ ᠤᠬᠢᠯᠠᠩᠨᠠᠬᠤ ᠲᠡᠩᠬᠡᠭᠡ ᠪᠡᠨ ᠠᠯᠳᠠᠭᠰᠠᠨ ᠪᠠᠯᠴᠢᠷ ᠬᠡᠦᠬᠡᠳ ᠯᠡ ᠥᠯᠥᠰᠴᠦ ᠤᠮᠳᠠᠭᠠᠰᠬᠤ᠂ ᠦᠳᠡ ᠭᠣᠣᠯ ᠤ᠋ᠨ ᠰᠢᠲᠠᠮ᠎ᠠ ᠬᠠᠯᠠᠭᠤᠨ ᠨᠠᠷᠠᠨ ᠳ᠋ᠤ᠌ ᠲᠦᠯᠡᠭᠳᠡᠬᠦ ᠶ᠋ᠢ ᠬᠡᠯᠡᠬᠦ ᠦᠭᠡᠢ᠂ ᠦᠳᠡᠰᠢ ᠣᠷᠣᠢ ᠶ᠋ᠢᠨ ᠰᠢᠮᠠᠭᠤᠯ ᠪᠠᠲᠠᠭᠠᠨ᠎ᠠ ᠳ᠋ᠤ᠌ ᠵᠠᠭᠤᠭᠳᠠᠬᠤ ᠳ᠋ᠠᠭᠠᠨ ᠲᠡᠪᠴᠢᠶᠡᠷᠢ ᠮᠠᠭᠤᠲᠠᠢ᠃ ᠬᠡᠦᠬᠡᠳ ᠦ᠋ᠨ ᠶᠡᠬᠡ ᠳᠠᠭᠤᠨ ᠢ᠋ᠶ᠋ᠠᠷ ᠤᠬᠢᠯᠠᠬᠤ ᠠ᠋ᠴᠠ ᠰᠡᠷᠡᠮᠵᠢᠯᠡᠵᠦ ᠠᠯᠴᠢᠭᠤᠷ ᠢ᠋ᠶ᠋ᠠᠷ ᠠᠮᠠ ᠶ᠋ᠢ ᠨᠢ ᠬᠠᠯᠠᠭᠯᠠᠵᠤ᠂ ᠠᠷᠠᠢ ᠯᠠ ᠠᠮᠢᠰᠬᠤᠯ ᠪᠦᠲᠡᠩᠰᠡᠭᠦᠯᠬᠦ ᠦᠭᠡᠢ ᠬᠠᠭᠤᠷᠠᠢᠯᠠᠵᠤ ᠪᠡᠳᠡᠷᠡᠬᠥ ᠶ᠋ᠢᠨ ᠲᠤᠢᠯ ᠪᠣᠯᠵᠤ ᠪᠠᠢᠪᠠ᠃ ᠬᠡᠢ ᠪᠡᠷ ᠠᠷᠠᠢ ᠭᠤᠷᠪᠠ ᠬᠦᠷᠦᠭᠡ ᠦᠭᠡᠢ ᠪᠣᠯᠪᠠᠴᠤ ᠡᠬᠡ ᠶ᠋ᠢᠨ ᠢ᠋ᠶ᠋ᠡᠨ ᠰᠦ ᠡᠴᠡ ᠰᠠᠯᠵᠤ ᠢᠳᠡᠭᠡᠨ ᠦ᠌ ᠠᠮᠲᠠ ᠶ᠋ᠢ ᠣᠯᠤᠭᠰᠠᠨ ᠪᠠᠯᠴᠢᠷ ᠬᠡᠦᠬᠡᠨ ᠦ᠌ ᠤᠷᠰᠢᠭ ᠢᠶᠡᠷ ᠬᠣᠰᠢᠭᠤ ᠶᠠᠮᠤᠨ ᠤ᠋ ᠴᠡᠷᠢᠭ ᠲᠦ᠍ ᠪᠠᠷᠢᠭᠳᠠᠵᠤ ᠦᠢᠯᠡ ᠲᠠᠮᠤ ᠪᠠᠨ ᠦᠵᠡᠬᠦ ᠨᠢ ᠣᠢᠷ᠎ᠠ ᠪᠠᠢᠪᠠ᠃ ᠰᠠᠢᠨ ᠮᠠᠭᠤ ᠬᠤᠪᠢ ᠵᠠᠶᠠᠭ᠎ᠠ ᠪᠠᠨ ᠨᠢᠷᠤᠭᠤᠨ ᠳᠡᠭᠡᠷᠡᠬᠢ ᠬᠡᠦᠬᠡᠨ ᠳ᠋ᠡᠭᠡᠨ ᠳᠠᠭᠠᠳᠬᠠᠵᠤ ᠶᠠᠪᠤᠭ᠎ᠠ ᠳ᠋ᠠᠭᠠᠨ ᠠᠷᠭ᠎ᠠ ᠪᠦᠬᠦᠨ ᠢ᠋ ᠰᠦᠪᠡᠭᠴᠢᠯᠡᠨ᠂ ᠵᠢᠭᠠᠬᠠᠨ ᠬᠡᠦᠬᠡᠨ ᠢ᠋ᠶ᠋ᠡᠨ ᠤᠬᠢᠯᠠᠭᠤᠯᠬᠤ ᠦᠭᠡᠢ ᠯᠡ ᠠᠷᠭᠠᠳᠠᠵᠤ ᠵᠣᠪᠠᠯᠠᠩ ᠤ᠋ᠨ ᠲᠠᠮᠤ ᠶ᠋ᠢ ᠮᠡᠨᠳᠦ ᠲᠤᠭᠤᠯᠬᠤ ᠨᠢ ᠡᠨᠡ ᠦᠶ᠎ᠡ ᠳ᠋ᠦ᠍ ᠶᠠᠭᠤᠨ ᠠ᠋ᠴᠠ ᠴᠤ᠌ ᠡᠷᠬᠢᠮ ᠪᠠᠢᠯ᠎ᠠ᠃ ᠬᠡᠷᠪᠡ ᠵᠢᠭᠠᠬᠠᠨ ᠬᠡᠦᠬᠡᠨ ᠨᠢ ᠳᠠᠭᠤ ᠲᠠᠯᠪᠢᠨ ᠤᠬᠢᠯᠠᠪᠠᠯ ᠶᠠᠮᠤᠨ ᠤ᠋ ᠴᠡᠷᠢᠭ ᠲᠦ᠍ ᠮᠡᠳᠡᠭᠳᠡᠵᠦ ᠠᠶᠤᠯ ᠲᠠᠷᠢᠨ᠎ᠠ᠃ ᠦᠨᠡᠨ ᠳ᠋ᠡᠭᠡᠨ ᠵᠢᠭᠠᠬᠠᠨ ᠬᠡᠦᠬᠡᠨ ᠨᠢ ᠰᠣᠨᠢᠨ ᠶᠤᠮ᠃ ᠶᠡᠬᠡᠴᠦᠦᠯ ᠦ᠋ᠨ ᠢᠩᠭᠢᠵᠦ ᠨᠢᠭᠡ ᠨᠢᠭᠡᠨ ᠳ᠋ᠡᠭᠡᠨ ᠬᠣᠷᠣ ᠰᠠᠨᠠᠵᠤ ᠠᠯᠠᠨ᠎ᠠ ᠱᠤᠯᠤᠨᠠ᠂ ᠪᠠᠷᠢᠨ᠎ᠠ ᠲᠠᠯᠪᠢᠨ᠎ᠠ ᠭᠡᠳᠡᠭ ᠴᠠᠭᠠᠨᠠᠬᠢ ᠤᠬᠠᠭᠠᠨ ᠢ᠋ ᠮᠡᠳᠡᠭᠰᠡᠨ ᠰᠢᠭ ᠬᠡᠳᠦ ᠬᠣᠨᠣᠭ ᠰᠢᠭᠤᠢ ᠳ᠋ᠤ᠌ ᠢᠳᠡᠯᠭᠡ ᠤᠤᠭᠤᠯᠭ᠎ᠠ ᠦᠭᠡᠢ ᠪᠥᠭᠴᠥᠢᠵᠦ ᠥᠩᠭᠡᠷᠡᠭᠡᠬᠦ ᠳ᠋ᠡᠭᠡᠨ ᠨᠢᠭᠡ ᠴᠤ᠌ ᠤᠳᠠᠭ᠎ᠠ ᠤᠬᠢᠯᠠᠭᠰᠠᠨ ᠦᠭᠡᠢ᠃ ᠰᠡᠭᠦᠯᠳᠡᠵᠦ ᠢᠷᠡᠭᠡᠳ ᠲᠡᠰᠬᠦ ᠠᠯᠳᠠᠷᠠᠭᠰᠠᠨ ᠴᠤ᠌ ᠤᠬᠢᠯᠠᠬᠤ ᠲᠠᠷ ᠦᠭᠡᠢ ᠪᠣᠯᠪᠠ᠃ ᠵᠢᠭᠠᠬᠠᠨ ᠬᠡᠦᠬᠡᠨ ᠦ᠌ ᠤᠷᠤᠭᠤᠯ ᠨᠢ ᠬᠠᠳᠠᠨ ᠣᠰᠬᠣᠷᠲᠤᠵᠤ᠂ ᠤᠯᠠᠭᠠᠨ ᠬᠣᠭᠣᠯᠠᠢ ᠪᠠᠨ ᠨᠣᠷᠭᠠᠬᠤ ᠨᠣᠢᠲᠠᠨ ᠰᠢᠯᠦᠰᠦ ᠴᠤ᠌ ᠦᠭᠡᠢ ᠪᠣᠯᠴᠢᠬᠠᠯ᠎ᠠ᠃ ᠠᠷᠭ᠎ᠠ ᠪᠤᠰᠤ ᠴᠢᠯᠠᠭᠤᠨᠳᠠᠷᠢ ᠡᠬᠡ ᠨᠢ ᠬᠥᠭᠡᠷᠦᠬᠦᠢ ᠬᠡᠦᠬᠡᠨ ᠢ᠋ᠶ᠋ᠡᠨ ᠥᠯᠪᠡᠷᠦᠯ ᠦ᠋ᠨ ᠭᠠᠰᠠᠯᠠᠩ ᠳ᠋ᠤ᠌ ᠴᠠᠩᠭᠠᠭᠤᠯᠬᠤ ᠦᠬᠦᠭᠦᠯᠬᠦ ᠶᠦᠮ ᠪᠠᠢᠨ᠎ᠠ ᠭᠡᠵᠦ ᠡᠬᠡ ᠬᠥᠮᠦᠨ ᠦ᠌ ᠦᠯᠡᠮᠵᠢ ᠶ᠋ᠢᠨ ᠶᠡᠬᠡ ᠬᠠᠢᠷ᠎ᠠ ᠪᠠᠷ ᠠᠯᠢ ᠬᠡᠳᠦᠢᠨ ᠰᠦ ᠨᠢ ᠰᠢᠷᠭᠢᠭᠰᠡᠨ ᠬᠠᠲᠠᠩᠬᠠᠢ ᠬᠥᠬᠥ ᠪᠡᠨ ᠬᠡᠦᠬᠡᠨ ᠦ᠌ ᠪᠡᠨ ᠤᠷᠤᠭᠤᠯ ᠳ᠋ᠤ᠌ ᠰᠢᠮᠡᠭᠦᠯᠬᠦ ᠳ᠋ᠦ᠍ ᠡᠬᠡ ᠶ᠋ᠢᠨ ᠨᠦᠮᠵᠦᠭ ᠬᠠᠢᠷ᠎ᠠ ᠶ᠋ᠢ ᠰᠢᠮᠡᠬᠦ ᠭᠡᠵᠦ ᠬᠥᠮᠦᠨ ᠣᠣᠷ ᠴᠢᠨᠠᠷ ᠤ᠋ᠨ ᠢ᠋ᠶ᠋ᠠᠨ ᠠᠪᠢᠶᠠᠰ ᠢ᠋ᠶ᠋ᠠᠷ ᠬᠣᠪᠳᠣᠭᠯᠠᠨ ᠰᠢᠮᠡᠪᠡᠴᠦ ᠦᠷ᠎ᠡ ᠶ᠋ᠢᠨ ᠬᠣᠭᠣᠯᠠᠢ ᠶ᠋ᠢ ᠨᠢ ᠨᠣᠷᠭᠠᠬᠤ ᠶᠠᠭᠤᠮ᠎ᠠ ᠦᠭᠡᠢ ᠪᠠᠢᠵᠠᠢ᠃ ᠬᠡᠦᠳᠡᠢ ᠶ᠋ᠢᠨ ᠢᠷᠣᠭᠠᠷ ᠲᠤ᠌ ᠵᠢᠭᠠᠯ ᠵᠢᠭᠤᠯ ᠦᠯᠡᠳᠡᠭᠰᠡᠨ ᠬᠠᠭᠤᠷᠤᠭᠰᠠᠨ ᠪᠤᠳᠠᠭ᠎ᠠ ᠪᠠᠨ ᠨᠢᠭᠡ ᠡᠮᠬᠦ ᠵᠠᠵᠢᠯᠵᠤ ᠬᠡᠦᠬᠡᠨ ᠦ᠌ ᠪᠡᠨ ᠠᠮᠠᠨ ᠳ᠋ᠤ᠌ ᠲᠡᠵᠢᠭᠡᠪᠡᠯ ᠬᠣᠪᠳᠣᠭᠯᠠᠭᠰᠠᠨ ᠬᠥᠭᠡᠷᠦᠬᠦᠨ ᠵᠢᠵᠢᠭ ᠤᠷᠤᠭᠤᠯ ᠨᠢ ᠠᠩᠭᠢᠷ ᠰᠢᠪᠠᠭᠤᠨ ᠤ᠋ ᠠᠩᠭᠠᠬᠠᠢ ᠰᠢᠭ᠋ ᠠᠩᠭᠠᠯᠵᠠᠵᠤ᠂ ᠡᠬᠡ ᠶ᠋ᠢᠨ ᠢ᠋ᠶ᠋ᠡᠨ ᠬᠣᠰᠢᠭᠤ ᠶ᠋ᠢ ᠭᠣᠷᠢᠳᠠᠨ ᠬᠦᠰᠡᠪᠡᠴᠦ ᠳᠠᠬᠢᠭᠠᠳ ᠥᠭᠳᠡᠭ ᠦᠭᠡᠢ ᠢᠳᠡᠭᠡᠨ ᠦ᠌ ᠬᠣᠢᠨ᠎ᠠ ᠠ᠋ᠴᠠ ᠬᠣᠰᠢᠭᠤ ᠴᠣᠷᠪᠣᠢᠯᠭᠠᠨ ᠨᠢᠭᠤᠷ ᠨᠢ ᠦᠷᠴᠢᠯᠵᠡᠨ ᠵᠣᠪᠠᠭᠤᠷᠢᠲᠠᠢ ᠤᠬᠢᠯᠠᠬᠤ ᠵᠢᠰᠦ ᠲᠣᠳᠣᠷᠠᠨ᠎ᠠ᠃ ᠭᠡᠬᠦ ᠳ᠋ᠡᠭᠡᠨ ᠳᠠᠭᠤ ᠴᠤ᠌ ᠭᠠᠷᠳᠠᠭ ᠦᠭᠡᠢ᠂ ᠨᠢᠯᠪᠤᠰᠤ ᠴᠤ᠌ ᠪᠠᠢᠳᠠᠭ ᠦᠭᠡᠢ ᠪᠠᠢᠵᠠᠢ᠃ ᠭᠠᠯ ᠲᠣᠭᠣᠭᠠᠨ ᠤ᠋ ᠵᠠᠷᠤᠴᠠ ᠡᠪᠦᠭᠡᠨ ᠨᠣᠷᠪᠣ ᠡᠷᠭᠢᠨ ᠲᠣᠭᠣᠷᠢᠨ ᠪᠢᠲᠡᠭᠦᠷᠡᠭᠰᠡᠨ ᠲᠣᠬᠣᠢ ᠶ᠋ᠢᠨ ᠰᠢᠭᠤᠢ ᠳᠣᠲᠣᠷ᠎ᠠ ᠤᠰᠤ ᠴᠢᠭᠢᠭᠲᠡᠢ ᠭᠠᠵᠠᠷ ᠬᠠᠢᠭᠰᠠᠨ ᠪᠣᠯᠪᠠᠴᠤ ᠣᠯᠳᠠᠭᠰᠠᠨ ᠦᠭᠡᠢ᠃ ᠢᠩᠭᠢᠭᠡᠳ ᠲᠡᠳᠡ ᠲᠠᠰᠢᠭᠤᠷ ᠤ᠋ᠨ ᠪᠦᠷᠢᠶ᠎ᠡ ᠰᠢᠭ ᠪᠦᠳᠦᠭᠦᠨ ᠰᠤᠬᠠᠢ ᠶ᠋ᠢ ᠬᠤᠭᠤᠯᠵᠤ ᠥᠴᠦᠬᠡᠨ ᠴᠢᠭᠢᠭᠲᠡᠢ ᠬᠠᠯᠢᠰᠤ ᠶ᠋ᠢ ᠨᠢ ᠰᠢᠮᠡᠵᠦ ᠰᠠᠨᠠᠭ᠎ᠠ ᠴᠢᠩᠭᠠᠭᠠ ᠪᠠᠨ ᠬᠠᠭᠤᠷᠤᠨ᠎ᠠ᠃ ᠪᠢᠲᠡᠭᠦᠦ ᠰᠤᠬᠠᠢ ᠶ᠋ᠢᠨ ᠭᠠᠳᠠᠭᠤᠷ ᠴᠡᠷᠢᠭ ᠮᠣᠷᠢᠨ ᠤ᠋ ᠰᠦᠯᠵᠢᠯᠳᠦᠬᠦ ᠳᠠᠭᠤ ᠴᠢᠮᠡᠭᠡ ᠬᠡᠳᠦᠨ ᠡᠳᠦᠷ ᠦᠷᠭᠦᠯᠵᠢᠯᠡᠪᠡ᠃ ᠬᠠᠰᠢᠭᠳᠠᠭᠰᠠᠨ ᠡᠨᠡ ᠬᠡᠳᠦᠨ ᠳᠣᠷᠣᠢ ᠠᠮᠢᠲᠠᠨ ᠴᠤ᠌ ᠣᠷᠣᠨ ᠠ᠋ᠴᠠ ᠪᠠᠨ ᠬᠥᠳᠡᠯᠬᠦ ᠠᠷᠭ᠎ᠠ ᠦᠭᠡᠢ᠃ ᠮᠥᠨ ᠢᠩᠭᠢᠰᠬᠢᠭᠡᠳ ᠪᠠᠢᠵᠤ ᠯᠠ ᠪᠠᠢᠪᠠᠯ ᠠᠮᠤᠷ ᠵᠢᠮᠤᠷ ᠰᠢᠭ᠋ ᠪᠣᠯᠪᠠᠴᠤ᠂ ᠥᠯᠥᠰᠴᠦ ᠤᠮᠳᠠᠭᠠᠰᠬᠤ ᠶ᠋ᠢᠨ ᠵᠣᠪᠠᠯᠠᠩ ᠢ ᠶᠠᠭᠠᠬᠢᠯᠲᠠᠢ ᠪᠢᠯᠡ ! ᠣᠳᠣ ᠡᠨᠳᠡ ᠡᠴᠡ ᠠᠮᠢᠵᠢᠷᠠᠬᠤ ᠠᠷᠭ᠎ᠠ ᠤᠬᠠᠭᠠᠨ ᠡᠷᠢᠯᠬᠢᠯᠡᠬᠦ ᠦᠭᠡᠢ ᠪᠣᠯ ᠮᠥᠨ ᠡᠨᠡ ᠣᠷᠣᠨ ᠳ᠋ᠠᠭᠠᠨ ᠬᠠᠢᠯᠠᠰᠤᠨ ᠬᠣᠵᠤᠤᠯ᠎ᠠ ᠰᠢᠭ᠋ ᠬᠣᠷᠪᠣᠢᠵᠤ ᠬᠠᠲᠠᠬᠤ ᠪᠣᠯᠤᠨ᠎ᠠ᠃ ᠴᠢᠯᠠᠭᠤᠨᠳᠠᠷᠢ ᠵᠢᠭᠠᠬᠠᠨ ᠬᠡᠦᠬᠡᠨ ᠢ᠋ᠶ᠋ᠡᠨ ᠨᠢᠳᠦ ᠪᠡᠨ ᠪᠦᠯᠲᠡᠢᠵᠦ ᠪᠠᠢᠭᠠᠳ ᠴᠠᠩᠭᠠᠵᠤ ᠥᠯᠪᠡᠷᠦᠭᠦᠯᠬᠦ ᠨᠢ ᠠ᠋ ᠭᠡᠵᠦ ᠵᠣᠪᠠᠨᠢᠨ ᠭᠤᠲᠤᠷᠠᠪᠠᠴᠤ ᠶᠠᠮᠠᠷ ᠴᠤ᠌ ᠠᠷᠭ᠎ᠠ ᠤᠬᠠᠭᠠᠨ ᠣᠯᠳᠠᠬᠤ ᠦᠭᠡᠢ ᠰᠠᠨᠳᠤᠷᠤᠨ᠎ᠠ᠃ ᠬᠡᠦᠬᠡᠨ ᠢ᠋ᠶ᠋ᠡᠨ ᠲᠡᠪᠡᠷᠢᠭᠡᠳ ᠤᠬᠢᠯᠠᠩ ᠠᠯᠳᠠᠨ᠎ᠠ᠃ ᠡᠢ᠌ᠢ᠍ᠨ ᠬᠦ᠌ ᠡᠬᠡ ᠦᠷ᠎ᠡ ᠶ᠋ᠢᠨ ᠡᠪᠬᠡᠷᠡᠯᠲᠡᠢ ᠪᠠᠢᠳᠠᠯ ᠢ᠋ ᠬᠠᠷᠠᠵᠤ ᠲᠦᠪᠳᠡᠬᠦ ᠦᠭᠡᠢ ᠪᠣᠯᠤᠭᠰᠠᠨ ᠨᠤᠷᠪᠤ ᠡᠪᠦᠭᠡᠨ ᠰᠥᠨᠢ ᠪᠡᠷ ᠬᠥᠮᠦᠨ ᠠᠮᠢᠲᠠᠨ ᠤ᠋ ᠠᠨᠢᠷ ᠴᠢᠮᠡᠭᠡ ᠲᠠᠰᠤᠷᠠᠭᠰᠠᠨ ᠬᠣᠢᠨ᠎ᠠ ᠡᠬᠡ ᠬᠡᠦᠬᠡᠨ ᠬᠡᠳᠦᠭᠦᠯᠡ ᠳ᠋ᠦ᠍《ᠣᠷᠣᠨ ᠠ᠋ᠴᠠ ᠪᠠᠨ ᠪᠢᠲᠡᠭᠡᠢ ᠬᠥᠳᠡᠯ》 ᠭᠡᠵᠦ ᠰᠠᠢᠨ ᠵᠠᠬᠢᠴᠢᠬᠠᠭᠠᠳ ᠢᠳᠡᠵᠦ ᠤᠤᠭᠤᠬᠤ ᠶᠠᠭᠤᠮ᠎ᠠ ᠡᠷᠭᠢᠴᠡᠭᠦᠯᠬᠦ ᠪᠡᠷ ᠬᠥᠳᠡᠯᠪᠡ᠃ ᠨᠣᠷᠪᠣ ᠡᠪᠦᠭᠡᠨ ᠰᠥᠨᠢ ᠶ᠋ᠢᠨ ᠬᠠᠷᠠᠩᠭᠤᠢ ᠳ᠋ᠤ᠌ ᠲᠡᠮᠲᠡᠴᠢᠨ ᠶᠠᠪᠤᠭᠰᠠᠭᠠᠷ ᠤᠯᠠᠭᠠᠨ ᠬᠠᠲᠤᠨ ᠤ᠋ ᠬᠥᠪᠡᠭᠡᠨ ᠳ᠋ᠦ᠍ ᠬᠦᠷᠴᠦ ᠲᠤᠨᠤᠯᠵᠠᠨ ᠤᠷᠤᠰᠬᠤ ᠤᠰᠤᠨ ᠤ᠋ ᠴᠢᠮᠡᠭᠡ ᠪᠡᠷ ᠨᠢᠳᠦ ᠨᠢ ᠰᠡᠷᠭᠦᠵᠦ ᠬᠡᠴᠢᠨᠡᠭᠡᠨ ᠡᠳᠦᠷ ᠦ᠋ᠨ ᠤᠮᠳᠠ ᠴᠠᠩᠭᠠᠭ᠎ᠠ ᠪᠠᠨ ᠳᠠᠷᠤᠬᠤ ᠪᠠᠷ ᠥᠯᠥᠨ ᠤᠰᠤ ᠶ᠋ᠢ ᠪᠢᠲᠡᠭᠦᠦ ᠪᠡᠷ ᠢ᠋ᠶ᠋ᠡᠨ ᠤᠳᠬᠤᠵᠤ ᠴᠡᠭᠡᠵᠢ ᠪᠡᠨ ᠣᠩᠭᠣᠢᠲᠠᠯ᠎ᠠ ᠬᠣᠪᠳᠣᠭᠯᠠᠨ ᠤᠤᠭᠤᠪᠠ᠃ ᠬᠡᠳᠦ ᠬᠣᠨᠣᠭ ᠥᠯ ᠬᠣᠭᠣᠯᠠ ᠦᠭᠡᠢ ᠶᠠᠪᠤᠭᠰᠠᠨ ᠬᠥᠭᠰᠢᠨ ᠶᠠᠰᠤ ᠲᠡᠰᠪᠦᠷᠢᠲᠡᠢ ᠳ᠋ᠡᠭᠡᠨ ᠬᠣᠭᠣᠰᠣᠨ ᠢ᠋ᠶ᠋ᠠᠷ ᠤᠯᠠᠭᠠᠨ ᠬᠠᠲᠤᠨ ᠤ᠋ ᠤᠰᠤ ᠶ᠋ᠢ ᠬᠤᠪᠳᠤᠭᠲᠠᠢ ᠤᠤᠭᠤᠭᠰᠠᠨ ᠠ᠋ᠴᠠ ᠳᠣᠲᠣᠷ᠎ᠠ ᠨᠢ ᠨᠢᠭᠡ ᠯᠡ ᠣᠩᠭᠣᠢᠵᠤ ᠶᠠᠭ ᠯᠠ ᠣᠮᠣᠭᠣᠷ ᠭᠦᠵᠡᠭᠡᠨ ᠳ᠋ᠦ᠍ ᠳᠦᠭᠦᠷᠡᠩ ᠤᠰᠤ ᠰᠠᠪᠠᠯᠠᠭᠰᠠᠨ ᠰᠢᠭ᠋ ᠬᠡᠪᠡᠯᠢ ᠳᠣᠲᠣᠷ᠎ᠠ ᠨᠢ ᠳᠡᠮᠡᠢ ᠯᠡ 《ᠭᠦᠯᠦ ᠭᠦᠯᠦ》 ᠭᠡᠵᠦ ᠪᠢᠲᠡᠭᠦᠬᠡᠨ ᠢ᠋ᠶ᠋ᠡᠷ ᠬᠣᠯᠬᠣᠯᠵᠠᠨᠠ᠃ ᠵᠥᠪᠬᠡᠨ ᠥᠪᠡᠷ ᠢ᠋ᠶ᠋ᠡᠨ ᠤᠤᠭᠤᠵᠤ ᠬᠠᠨᠤᠭᠠᠳ ᠪᠣᠯᠬᠤ ᠪᠢᠰᠢ᠂ ᠴᠠᠭᠠᠨ᠎ᠠ ᠪᠠᠰᠠ ᠬᠡᠳᠦᠨ ᠪᠦᠯᠢᠶᠡᠨ ᠠᠮᠢ ᠰᠡᠷᠪᠡᠯᠵᠡᠵᠦ ᠪᠠᠢᠭ᠎ᠠ ᠪᠣᠯᠬᠣᠷ ᠲᠡᠳᠡᠨᠦᠰ ᠲᠦ᠍ ᠶᠠᠭᠠᠬᠢᠵᠤ ᠤᠮᠳᠠ ᠬᠦᠷᠭᠡᠳᠡᠭ ᠪᠢᠯᠡ ᠭᠡᠵᠦ ᠰᠠᠨᠠᠭᠠᠰᠢᠷᠠᠨ᠎ᠠ᠃ ᠬᠥᠳᠡᠭᠡ ᠭᠠᠳᠠᠭ᠎ᠠ ᠬᠠᠷᠠᠩᠭᠤᠢ ᠰᠥᠨᠢ ᠪᠡᠷ ᠬᠠᠮᠢᠭ᠎ᠠ ᠠ᠋ᠴᠠ ᠰᠠᠪᠠ ᠰᠠᠭᠤᠯᠠᠭ᠎ᠠ ᠣᠯᠵᠤ ᠤᠰᠤ ᠵᠥᠭᠡᠭᠡᠳᠡᠭ ᠪᠢᠯᠡ ᠭᠡᠵᠦ ᠠᠷᠭ᠎ᠠ ᠠᠭᠠᠰᠢ ᠪᠠᠷᠠᠭᠳᠠᠨ᠎ᠠ᠃ ᠬᠡᠳᠦᠢ ᠬᠣᠯᠠ ᠭᠠᠷᠴᠤ ᠶᠠᠪᠤᠭᠰᠠᠨ ᠢ᠋ᠶ᠋ᠠᠨ ᠴᠤ᠌ ᠦᠯᠦ ᠮᠡᠳᠡᠨ᠎ᠡ᠃ ᠣᠢᠷᠠᠬᠠᠨ ᠰᠠᠨ ᠪᠣᠯ ᠪᠢᠲᠡᠭᠦᠦ ᠪᠡᠷ ᠤᠰᠤ ᠪᠢᠲᠡᠭᠦᠯᠡᠵᠦ ᠵᠥᠭᠡᠭᠡᠪᠡᠯ ᠶᠠᠭᠠᠮᠠᠢ ᠭᠡᠵᠦ ᠪᠣᠳᠣᠬᠤ ᠳ᠋ᠠᠭᠠᠨ ᠰᠠᠨᠳᠤᠷᠴᠤ ᠮᠠᠩᠨᠠᠢ ᠳ᠋ᠤᠨᠢ ᠬᠥᠯᠥᠰᠥ ᠴᠢᠭᠢᠭᠯᠡᠪᠡ᠃ ᠲᠡᠷᠡ ᠪᠡᠷ ᠲᠣᠯᠣᠭᠠᠢ ᠪᠠᠨ ᠣᠷᠢᠶᠠᠭᠰᠠᠨ ᠬᠥᠬᠡ ᠳᠠᠪᠤᠤ ᠠᠯᠴᠢᠭᠤᠷ ᠢ᠋ᠶ᠋ᠠᠷ ᠢ᠋ᠶ᠋ᠠᠨ ᠬᠥᠯᠥᠰᠥ ᠪᠡᠨ ᠵᠦᠯᠭᠦᠵᠦ ᠠᠪᠤᠭᠰᠠᠨ ᠢ᠋ᠶ᠋ᠠᠨ ᠭᠡᠨᠡᠳᠲᠡ ᠲᠠᠷᠢᠬᠢᠨ ᠳ᠋ᠤᠨᠢ ᠨᠢᠭᠡ ᠤᠬᠠᠭᠠᠨ ᠭᠢᠯᠠᠰ ᠬᠢᠨ ᠬᠠᠷᠪᠤᠵᠤ ᠣᠷᠣᠪᠠ᠃ ᠲᠡᠷᠡ ᠪᠡᠷ ᠠᠮᠢᠳᠤ ᠬᠥᠮᠦᠨ ᠳ᠋ᠦ᠍ ᠤᠬᠠᠭᠠᠨ ᠲᠠᠢ ᠭᠡᠳᠡᠭ ᠨᠢ ᠦᠨᠡᠨ ᠭᠡᠰᠡᠨ ᠢ᠋ ᠢᠳᠡᠭᠡᠨ ᠰᠡᠮᠬᠡᠨ ᠪᠠᠶᠠᠷᠯᠠᠵᠤ ᠬᠥᠯᠥᠰᠥ ᠲᠡᠢ ᠬᠥᠬᠡ ᠳᠠᠪᠤᠤ ᠠᠯᠴᠢᠭᠤᠷ ᠢ᠋ᠶ᠋ᠠᠨ ᠤᠰᠤᠨ ᠳ᠋ᠤ᠌ ᠳᠡᠪᠲᠦᠭᠡᠵᠦ ᠠᠪᠤᠨ ᠤᠰᠤ ᠶ᠋ᠢ ᠨᠢ ᠰᠢᠭᠦᠷᠡᠭᠦᠯᠦᠭᠰᠡᠭᠡᠷ ᠱᠠᠯᠠᠪᠬᠠᠨ ᠪᠣᠰᠴᠤ ᠨᠥᠭᠦᠭᠡ ᠤᠰᠤ ᠬᠦᠨᠡᠰᠦ ᠬᠦᠰᠡᠭᠰᠡᠨ ᠬᠡᠳᠦᠭᠦᠯᠡ ᠶ᠋ᠢᠨ ᠢ᠋ᠶ᠋ᠡᠨ ᠵᠦᠭ ᠪᠠᠷᠤᠭ ᠭᠦᠶᠦᠭᠡ ᠪᠡᠷ ᠱᠣᠭᠰᠢᠪᠠ᠃ ᠬᠠᠷᠠᠩᠭᠤᠢ ᠳ᠋ᠤ᠌ ᠤᠨᠠᠨ ᠲᠣᠰᠣᠨ ᠭᠦᠶᠦᠭᠰᠡᠨ ᠨᠣᠷᠪᠣ ᠡᠪᠦᠭᠡᠨ ᠨᠥᠭᠦᠭᠡ ᠬᠡᠳᠦᠭᠦᠯᠡ ᠶ᠋ᠢᠨ ᠢ᠋ᠶ᠋ᠡᠨ ᠳᠡᠷᠭᠡᠳᠡ ᠬᠦᠷᠬᠦ ᠳ᠋ᠦ᠍ ᠵᠢᠭᠠᠬᠠᠨ ᠬᠡᠦᠬᠡᠨ ᠨᠢᠳᠦ ᠪᠡᠨ ᠴᠤ᠌ ᠨᠡᠭᠡᠭᠡᠬᠦ ᠲᠠᠷ ᠲᠡᠩᠬᠡᠭᠡ ᠦᠭᠡᠢ ᠪᠣᠯᠤᠭᠰᠠᠨ ᠪᠠᠢᠯ᠎ᠠ᠃ ᠴᠢᠯᠠᠭᠤᠨᠳᠠᠷᠢ ᠨᠤᠷᠪᠤ ᠡᠪᠦᠭᠡᠨ ᠦ᠌ ᠠᠪᠴᠢᠷᠠᠭᠰᠠᠨ ᠤᠰᠤ ᠰᠢᠮᠡᠳᠬᠡᠭᠰᠡᠨ ᠬᠥᠬᠡ ᠳᠠᠪᠤᠤ ᠠᠯᠴᠢᠭᠤᠷ ᠤ᠋ᠨ ᠨᠢᠭᠡ ᠰᠡᠵᠢᠭᠦᠷ ᠢ᠋ ᠵᠢᠭᠠᠬᠠᠨ ᠬᠡᠦᠬᠡᠨ ᠦ᠌ ᠤᠷᠤᠭᠤᠯ ᠳ᠋ᠤ᠌ ᠬᠥᠬᠥᠨ ᠦ᠌ ᠣᠷᠣᠨ ᠳ᠋ᠤ᠌ ᠰᠢᠮᠡᠭᠦᠯᠵᠦ᠂ ᠨᠣᠢᠲᠠᠨ ᠠᠯᠴᠢᠭᠤᠷ ᠢ᠋ᠶ᠋ᠠᠷ ᠮᠠᠩᠨᠠᠢ ᠵᠤᠯᠠᠢ ᠶ᠋ᠢ ᠨᠢ ᠴᠢᠭᠢᠭᠲᠦᠭᠦᠯᠦᠨ ᠵᠦᠯᠭᠦᠪᠡᠯ ᠲᠦᠳᠡᠬᠡᠨ ᠰᠡᠷᠪᠡᠯᠵᠡᠨ ᠬᠥᠳᠡᠯᠦᠯ᠎ᠡ᠃ ᠤᠰᠤ᠂ ᠡᠨᠡ ᠬᠣᠷᠸ᠎ᠠ ᠶ᠋ᠢᠨ ᠲᠦᠮᠡᠨ ᠪᠣᠳᠠᠰ ᠤ᠋ᠨ ᠠᠮᠢᠨ ᠰᠤᠳᠠᠯ ᠭᠡᠳᠡᠭ ᠬᠠᠲᠠᠭᠤ ᠶᠣᠰᠣ ᠶ᠋ᠢ ᠡᠨᠡ ᠵᠢᠭᠠᠬᠠᠨ ᠬᠡᠦᠬᠡᠨ ᠦ᠌ ᠰᠡᠷᠪᠡᠯᠵᠡᠨ ᠥᠨᠳᠡᠢᠬᠦ ᠪᠡᠷ ᠭᠦᠢᠴᠡᠳ ᠦᠵᠡᠭᠦᠯᠪᠡ᠃ ᠵᠢᠭᠠᠬᠠᠨ ᠬᠡᠦᠬᠡᠨ ᠢ᠋ᠶ᠋ᠡᠨ ᠰᠡᠷᠪᠡᠯᠵᠡᠭᠦᠯᠵᠦ ᠠᠪᠤᠭᠰᠠᠨ ᠢ᠋ᠶ᠋ᠠᠨ ᠨᠥᠭᠦᠭᠡ ᠬᠡᠳᠦᠭᠦᠯᠡ ᠪᠡᠨ ᠴᠤ᠌ ᠥᠨᠥᠬᠢ ᠨᠣᠢᠲᠠᠨ ᠳᠠᠪᠤᠤ ᠠᠯᠴᠢᠭᠤᠷ ᠢ᠋ᠶ᠋ᠠᠷ ᠨᠢᠭᠤᠷ ᠭᠠᠷ ᠢ᠋ᠶ᠋ᠠᠨ ᠵᠦᠯᠭᠦᠬᠦ ᠳ᠋ᠦ᠍ ᠦᠨᠡᠬᠡᠷ ᠨᠢᠳᠦ ᠨᠢ ᠣᠩᠭᠣᠢᠵᠤ ᠴᠣᠭ ᠵᠢᠪᠬᠤᠭ᠎ᠠ ᠣᠷᠣᠨ᠎ᠠ᠃ ᠭᠡᠬᠦ ᠳ᠋ᠡᠭᠡᠨ ᠡᠨᠡᠭᠦᠬᠡᠨ ᠴᠢᠭᠢᠭᠲᠡᠢ ᠠᠯᠴᠢᠭᠤᠷ ᠨᠢ ᠲᠣᠮᠣᠴᠤᠤᠯ ᠳ᠋ᠤ᠌ ᠶᠠᠭᠤ ᠪᠣᠯᠬᠤ ᠪᠢᠯᠡ ⁈ ᠬᠠᠷᠢᠨ ᠠᠭᠱᠠᠨ ᠵᠠᠭᠤᠷ᠎ᠠ ᠴᠢᠯᠠᠭᠤᠨᠳᠠᠷᠢ ᠶ᠋ᠢᠨ ᠤᠰᠤ ᠬᠦᠰᠡᠬᠦ ᠬᠦᠰᠡᠯ ᠤᠯᠠᠮ ᠴᠤ᠌ ᠬᠡᠴᠡᠭᠦᠦ ᠪᠣᠯᠵᠤ ᠬᠣᠭᠣᠯᠠᠢ ᠠ᠋ᠴᠠ ᠨᠢ ᠤᠲᠤᠭ᠎ᠠ ᠪᠠᠭᠠᠭᠢᠬᠤ ᠰᠢᠭ᠋ ᠪᠣᠯᠵᠤ᠂ ᠬᠣᠶᠠᠷ ᠨᠢᠳᠦ ᠨᠢ ᠭᠠᠷᠠᠬᠠᠳᠠᠨ ᠬᠠᠷᠠᠩᠭᠤᠢᠯᠠᠪᠠ᠃ ᠬᠠᠵᠠᠭᠤ ᠠ᠋ᠴᠠ ᠨᠥᠭᠦᠭᠡ ᠠᠷᠠᠢ ᠠᠷᠪᠠ ᠬᠦᠷᠦᠭᠡ ᠦᠭᠡᠢ ᠬᠦᠦ ᠨᠢ 《ᠡᠵᠢ ᠠ᠋ ! ᠤᠰᠤ ᠁ ᠤᠰᠤ ᠁》 ᠭᠡᠵᠦ ᠮᠠᠰᠢ ᠰᠤᠯᠠᠬᠠᠨ ᠳᠣᠷᠣᠢ ᠳᠠᠭᠤ ᠪᠠᠷ ᠳᠤᠤᠭᠠᠷᠬᠤ ᠳ᠋ᠤ᠌ ᠡᠬᠡ ᠶ᠋ᠢᠨ ᠵᠢᠷᠦᠬᠡ ᠶ᠋ᠢ ᠮᠢᠩᠭ᠎ᠠ ᠲᠦᠮᠡᠨ ᠵᠡᠭᠦᠦ ᠪᠡᠷ ᠰᠢᠪᠡᠬᠦ ᠰᠢᠭ ᠪᠠᠢᠯ᠎ᠠ᠃ ᠬᠠᠯᠠ ᠦᠵᠡᠵᠦ ᠬᠠᠯᠠᠭᠤᠨ ᠴᠢᠯᠠᠭᠤ ᠳᠣᠯᠢᠶᠠᠭᠰᠠᠨ ᠨᠣᠷᠪᠣ ᠡᠪᠦᠭᠡᠨ ᠳᠠᠬᠢᠨ ᠬᠠᠲᠤᠨ ᠤ᠋ ᠤᠰᠤ ᠤᠷᠤᠭᠤ ᠭᠦᠶᠦᠯ᠎ᠡ᠃ ᠬᠠᠲᠤᠨ ᠤ᠋ ᠬᠥᠪᠡᠭᠡᠨ ᠳ᠋ᠦ᠍ ᠬᠦᠷᠦᠭᠡᠳ ᠥᠨᠥᠬᠢ ᠬᠥᠬᠡ ᠳᠠᠪᠤᠤ ᠠᠯᠴᠢᠭᠤᠷ ᠤ᠋ᠨ ᠢ᠋ᠶ᠋ᠠᠨ ᠳᠥᠷᠪᠡᠨ ᠥᠨᠴᠥᠭ ᠢ᠋ ᠨᠢ ᠵᠠᠩᠭᠢᠳᠴᠤ ᠬᠣᠩᠬᠣᠷ ᠰᠠᠪᠠ ᠰᠢᠭ᠋ ᠪᠣᠯᠭᠠᠴᠢᠬᠠᠭᠠᠳ ᠳᠣᠲᠣᠷ᠎ᠠ ᠨᠢ ᠤᠰᠤ ᠳᠦᠭᠦᠷᠭᠡᠵᠦ ᠠᠪᠤᠭᠠᠳ ᠱᠠᠯᠠᠪᠬᠠᠨ ᠭᠦᠶᠦᠪᠡᠴᠦ ᠳᠡᠮᠡᠢ ᠬᠣᠯᠠ ᠶᠠᠪᠤᠭᠰᠠᠨ ᠦᠭᠡᠢ ᠤᠰᠤ ᠨᠢ ᠰᠢᠭᠦᠷᠡᠵᠦ ᠠᠯᠠᠭ᠎ᠠ ᠪᠣᠯᠪᠠ᠃ ᠳᠠᠬᠢᠭᠠᠳ ᠬᠠᠭᠵᠠᠷᠬᠠᠢ ᠬᠦᠷᠮ᠎ᠡ ᠪᠡᠨ ᠲᠠᠢᠯᠤᠭᠠᠳ ᠳᠣᠲᠣᠷ᠎ᠠ ᠨᠢ ᠵᠢᠭᠢᠷᠢᠭᠯᠡᠵᠦ ᠴᠤ᠌ ᠦᠵᠡᠯ᠎ᠡ ᠪᠣᠯᠳᠠᠭ ᠶᠠᠭᠤᠮ᠎ᠠ ᠪᠢᠰᠢ ! ᠶᠢᠷᠲᠢᠨᠴᠦ ᠶ᠋ᠢᠨ ᠶᠠᠪᠤᠳᠠᠯ ᠤᠴᠢᠷ ᠭᠡᠭᠴᠢ ᠬᠠᠴᠢᠨ᠃ ᠨᠢᠭᠡ ᠨᠢ ᠨᠢᠭᠡᠨ ᠳ᠋ᠡᠭᠡᠨ ᠨᠡᠢᠴᠡᠵᠦ ᠥᠭᠳᠡᠭ ᠦᠭᠡᠢ᠃ ᠬᠠᠷᠢᠨ ᠨᠢᠭᠡ ᠨᠢ ᠨᠥᠭᠦᠭᠡ ᠪᠡᠨ ᠳᠣᠣᠷᠠᠰᠢᠶᠠᠵᠤ ᠳᠡᠢᠯᠬᠦ ᠭᠡᠳ ᠴᠢᠨᠦ ᠰᠠᠨᠠᠭᠰᠠᠨ ᠢ᠋ᠶ᠋ᠠᠷ ᠢᠯᠭᠤᠮ ᠰᠢᠯᠤᠭᠤᠨ ᠪᠠᠢᠵᠤ ᠥᠭᠳᠡᠭ ᠦᠭᠡᠢ ᠣᠨᠴᠠ ᠲᠡᠷᠰ ᠨᠣᠮ ᠤ᠋ᠨ ᠲᠠᠷᠨᠢ ᠲᠠᠢ ᠠᠵᠢ᠃ ᠤᠰᠤ ᠨᠣᠮᠣᠬᠠᠨ ᠳᠥᠯᠭᠡᠬᠡᠨ ᠰᠢᠩᠭᠡᠨ ᠡᠳ᠋ ᠠᠪᠠᠴᠤ ᠲᠡᠭᠦᠨ ᠢ᠋ ᠠᠭᠤᠯᠬᠤ ᠬᠠᠲᠠᠭᠤ ᠪᠡᠬᠢ ᠬᠣᠩᠬᠣᠷ ᠰᠠᠪᠠ ᠦᠭᠡᠢ ᠪᠣᠯ ᠴᠢ ᠶᠠᠮᠠᠷ ᠴᠤ᠌ ᠠᠷᠭ᠎ᠠ ᠦᠭᠡᠢ ᠪᠤᠶᠤ ! ᠴᠢ ᠲᠡᠭᠦᠨ ᠢ᠋ ᠠᠭᠤᠯᠵᠤ ᠳᠡᠢᠯᠬᠦ ᠦᠭᠡᠢ ᠴᠠᠭ ᠲᠤ᠌ ᠲᠡᠷᠡ ᠴᠢᠮᠠᠶ᠋ᠢ ᠲᠡᠨᠡᠭ ᠮᠠᠩᠬᠤᠤ ᠰᠢᠭ᠋ ᠢ᠋ᠶ᠋ᠡᠷ ᠨᠠᠭᠠᠰᠢ ᠴᠠᠭᠠᠰᠢ ᠬᠣᠯᠬᠢᠭᠤᠯᠤᠨ ᠲᠣᠭᠯᠠᠬᠤ ᠶ᠋ᠢ ᠶᠠᠭᠠᠬᠢᠨ᠎ᠠ ⁈ ᠤᠯᠠᠭᠠᠨ ᠬᠠᠲᠤᠨ ᠤ᠋ ᠤᠰᠤ ᠨᠣᠷᠪᠣ ᠡᠪᠦᠭᠡᠨ ᠢ᠋ᠶ᠋ᠡᠷ ᠲᠣᠭᠯᠠᠵᠤ ᠬᠡᠢ ᠲᠡᠢ ᠰᠣᠯᠢᠶ᠎ᠠ ᠲᠠᠢ ᠶᠤᠮ ᠰᠢᠭ᠋ ᠤᠰᠤᠨ ᠤ᠋ ᠬᠥᠪᠡᠭᠡᠨ ᠳ᠋ᠦ᠍ ᠲᠣᠩᠭᠣᠢᠯᠭᠠᠵᠤ ᠪᠥᠬᠥᠢᠯᠭᠡᠭᠡᠳ ᠠᠯᠴᠢᠭᠤᠷ ᠢ᠋ᠶ᠋ᠠᠷ ᠤᠰᠤ ᠤᠳᠬᠤᠭᠤᠯᠵᠤ ᠴᠠᠭᠠᠰᠢ ᠭᠦᠶᠦᠯᠭᠡᠭᠡᠳ ᠬᠦᠷᠮ᠎ᠡ ᠬᠤᠪᠴᠠᠰᠤ᠂ ᠭᠤᠲᠤᠯ ᠲᠦᠷᠡᠢ ᠶ᠋ᠢ ᠨᠢ ᠬᠦᠷᠲᠡᠯ᠎ᠡ ᠱᠠᠯ ᠨᠣᠷᠭᠠᠵᠤ ᠣᠷᠬᠢᠪᠠ ᠃ ᠭᠠᠯᠴᠢ ᠡᠪᠦᠭᠡᠨ ᠲᠡᠭᠡᠵᠦ ᠭᠦᠶᠦᠭᠰᠡᠭᠡᠷ ᠲᠣᠭᠯᠠᠭᠳᠠᠵᠤ ᠴᠥᠬᠥᠷᠡᠩ ᠢ᠋ᠶ᠋ᠡᠨ ᠪᠠᠷᠠᠪᠠ᠃ ᠨᠢᠭᠡ ᠮᠡᠳᠡᠬᠦᠯ᠎ᠡ ᠬᠣᠩᠭᠢᠯᠳᠠᠭ ᠭᠤᠲᠤᠯ ᠤ᠋ᠨ ᠲᠦᠷᠡᠢ ᠳ᠋ᠦ᠍ᠨᠢ ᠤᠰᠤ ᠳᠦᠭᠦᠷᠴᠦ ᠬᠥᠯ ᠨᠢ ᠱᠠᠯ ᠫᠠᠯ ᠪᠣᠯᠤᠭᠰᠠᠨ ᠪᠠᠢᠯ᠎ᠠ᠃ ᠨᠤᠷᠪᠤ ᠡᠪᠦᠭᠡᠨ ᠮᠡᠯᠡᠷᠡᠪᠡ᠃ 《ᠵᠠᠵᠢᠨ ᠦᠰᠦ ᠪᠡᠨ ᠴᠠᠢᠲᠠᠯ᠎ᠠ ᠪᠠᠨ ᠴᠢ ᠪᠠᠶᠠᠨ ᠲᠤᠰᠠᠯᠠᠭᠴᠢ ᠠᠢᠯ ᠤ᠋ᠨ ᠲᠣᠭᠣᠭ᠎ᠠ ᠪᠠᠷᠢᠬᠤ ᠳ᠋ᠠᠭᠠᠨ ᠬᠠᠮᠢᠭᠠᠭᠤᠷ᠂ ᠶᠠᠭᠤ ᠬᠢᠵᠦ ᠨᠢᠭᠡ ᠨᠠᠰᠤ ᠶ᠋ᠢ ᠡᠯᠡᠭᠡᠪᠡ ⁈ ᠪᠢᠲᠡᠭᠦᠦ ᠬᠣᠩᠬᠣᠷ ᠰᠠᠪᠠ ᠪᠠᠷ ᠤᠰᠤ ᠤᠳᠬᠤᠳᠠᠭ ᠵᠢᠷ ᠦ᠋ᠨ ᠶᠣᠰᠣ ᠶ᠋ᠢ ᠮᠡᠳᠡᠭᠡ ᠦᠭᠡᠢ ᠤᠤ ? ᠡᠦᠲᠦ ᠠᠮᠢᠳᠤᠷᠠᠯ ᠴᠢᠮ᠎ᠠ ᠳ᠋ᠤ᠌ ᠵᠢᠭᠠᠵᠤ ᠥᠭᠴᠦ ᠪᠠᠢᠨ᠎ᠠ᠃ ᠳᠣᠷᠣᠭᠰᠢ ᠪᠠᠨ ᠬᠠᠷᠠᠭᠠᠴᠢ ! ᠬᠣᠶᠠᠷ ᠬᠥᠯ ᠴᠢᠨᠢ ᠭᠤᠲᠤᠯ ᠤ᠋ᠨ ᠲᠦᠷᠡᠢ ᠳ᠋ᠦ᠍ ᠬᠠᠰᠢᠭᠳᠠᠭᠰᠠᠨ ᠤᠰᠤᠨ ᠳ᠋ᠤ᠌ ᠳᠡᠪᠲᠦᠵᠦ ᠪᠠᠢᠭ᠎ᠠ ᠪᠢᠰᠢ ᠤᠤ ! ᠣᠳᠣ ᠬᠣᠶᠠᠷ ᠭᠤᠲᠤᠯ ᠤ᠋ᠨ ᠲᠦᠷᠡᠢ ᠪᠡᠷ ᠢ᠋ᠶ᠋ᠡᠨ ᠤᠰᠤ ᠤᠳᠬᠤᠵᠤ ᠠᠪᠠᠴᠢᠳᠠᠭ ᠶᠤᠮ ᠪᠢᠰᠢ ᠤᠤ !》 ᠭᠡᠵᠦ ᠬᠡᠨ ᠨᠢᠭᠡ ᠬᠥᠮᠦᠨ ᠲᠡᠭᠦᠨ ᠦ᠌ ᠴᠢᠬᠢᠨ ᠳ᠋ᠦ᠍ ᠰᠢᠪᠡᠨᠡᠬᠦ ᠰᠢᠭ ᠪᠣᠯᠤᠯ᠎ᠠ ᠁ ᠬᠣᠷᠮᠣᠢ ᠬᠤᠰᠢ᠂ ᠭᠤᠲᠤᠯ ᠲᠦᠷᠡᠢ ᠪᠡᠨ ᠬᠦᠷᠲᠡᠯ᠎ᠡ ᠱᠠᠯ ᠨᠣᠷᠭᠠᠲᠠᠯᠠ ᠪᠠᠨ ᠲᠣᠭᠯᠠᠭᠳᠠᠭᠰᠠᠨ ᠬᠥᠭᠡᠷᠦᠬᠦᠢ ᠡᠪᠦᠭᠡᠨ ᠨᠣᠢᠲᠠᠨ ᠭᠤᠲᠤᠯ ᠤ᠋ᠨ ᠲᠦᠷᠡᠢ ᠪᠡᠨ ᠬᠠᠷᠠᠭᠠᠳ ᠰᠡᠬᠡᠰᠬᠢᠨ ᠪᠠᠶᠠᠷᠯᠠᠵᠤ ᠬᠣᠶᠠᠷ ᠭᠤᠲᠤᠯ ᠳ᠋ᠠᠭᠠᠨ ᠳᠦᠭᠦᠷᠲᠡᠯ᠎ᠡ ᠤᠰᠤ ᠰᠠᠪᠠᠯᠠᠭᠠᠳ ᠬᠥᠯ ᠨᠢᠴᠦᠭᠦᠨ ᠢ᠋ᠶ᠋ᠡᠷ ᠲᠡᠷᠡ ᠬᠡᠳᠦ ᠵᠦᠭ ᠢ᠋ᠶ᠋ᠡᠨ ᠭᠦᠶᠦᠯ᠎ᠡ᠃
ᠠᠮᠢᠳᠤᠷᠠᠯ ᠳ᠋ᠤ᠌ ᠳᠠᠭᠠᠭᠠᠴᠠᠲᠠᠢ᠂ ᠬᠠᠰᠢᠷ ᠳᠣᠬᠢ ᠡᠪᠦᠭᠡᠨ ᠨᠤᠷᠪᠤ ᠶ᠋ᠢᠨ ᠬᠠᠷᠠᠭᠠᠯᠵᠠᠯ ᠳᠣᠳᠣᠮᠳᠠᠯᠭ᠎ᠠ ᠪᠠᠷ ᠮᠠᠨᠴᠤᠷᠭ᠎ᠠ ᠶ᠋ᠢᠨ ᠡᠬᠡᠨᠡᠷ ᠬᠡᠦᠬᠡᠳ ᠬᠡᠳᠦᠭᠦᠯᠡ ᠡᠢᠨ ᠬᠦ᠌ ᠥᠯᠥᠰᠬᠦ ᠲᠡᠢ ᠤᠮᠳᠠᠭᠠᠰᠬᠤ ᠲᠠᠢ ᠦᠢᠯᠡ ᠲᠠᠮᠤ ᠪᠠᠨ ᠦᠵᠡᠵᠦ᠂ ᠠᠢᠯ ᠦᠵᠡᠪᠡᠯ ᠪᠤᠳᠠᠭ᠎ᠠ ᠲᠠᠷᠢᠶ᠎ᠠ ᠭᠤᠶᠤᠵᠤ ᠥᠯ ᠬᠣᠭᠣᠯᠠ ᠵᠠᠯᠭᠠᠨ ᠬᠥᠷᠥᠰᠥᠲᠦ ᠭᠠᠵᠠᠷ ᠢ᠋ᠶ᠋ᠠᠷ ᠳᠡᠪᠢᠰᠬᠡᠷ ᠪᠣᠯᠭᠠᠵᠤ᠂ ᠬᠥᠬᠡ ᠲᠡᠭᠷᠢ ᠪᠡᠷ ᠬᠥᠨᠵᠢᠯᠡ ᠪᠣᠯᠭᠠᠨ ᠶᠠᠪᠤᠭᠰᠠᠭᠠᠷ ᠪᠠᠭ᠎ᠠ ᠠ᠋ᠴᠠ ᠪᠠᠨ ᠥᠰᠴᠦ ᠲᠥᠷᠥᠭᠰᠡᠨ ᠡᠭᠡᠯᠢᠲᠦ ᠨᠤᠲᠤᠭ ᠪᠠᠷᠠᠭᠤᠨ ᠬᠣᠰᠢᠭᠤ ᠠ᠋ᠴᠠ ᠪᠠᠨ ᠰᠠᠯᠵᠤ ᠬᠠᠷᠢ ᠭᠠᠵᠠᠷ ᠬᠥᠨᠳᠡᠯᠡᠨ ᠨᠤᠲᠤᠭ ᠮᠢᠩᠭᠠᠨ ᠬᠣᠰᠢᠭᠤ ᠶ᠋ᠢᠨ ᠬᠢᠯᠢ ᠳ᠋ᠦ᠍ ᠬᠥᠯ ᠲᠥᠷᠥᠯ᠎ᠡ᠃
ᠦᠰᠦᠭ ᠠᠮᠢᠯᠠᠭᠤᠯᠤᠭᠰᠠᠨ ᠨᠢ᠄ ᠴᠣᠯᠮᠣᠨᠲᠤᠶᠠᠭ᠎ᠠ
