ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠᠨ ᠲᠠᠪᠤ> Хан мунын сүүрс < дээд > – Мөнх зохиоов ᠂ Тэргүүн бодь – Хоёрдугаар бүлэг <15>
ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠᠨ ᠲᠠᠪᠤ>
ᠰᠢᠷᠠᠪᠳᠣᠷᠵᠢ ᠬᠦᠩ ᠨᠣᠶᠠᠨ《 ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠮᠠᠨᠢ ᠶ᠋ᠢᠨ ᠬᠤᠷᠠᠯ ᠠ᠋ᠴᠠ ᠵᠤᠰᠠᠭᠠᠯ ᠳ᠋ᠠᠭᠠᠨ ᠤᠷᠮ᠎ᠠ ᠮᠠᠭᠤᠲᠠᠢ ᠪᠤᠴᠠᠵᠤ᠂ ᠳᠡᠯᠢᠭᠦᠨ ᠬᠥᠬᠡ ᠴᠢᠷᠠᠢᠯᠠᠵᠤ ᠠᠭᠤᠷ ᠪᠤᠬᠢᠨᠢᠳᠤᠯ ᠢ᠋ᠶ᠋ᠠᠨ ᠭᠠᠷᠭᠠᠬᠤ ᠭᠠᠵᠠᠷ ᠦᠭᠡᠢ ᠳᠡᠮᠡᠢ ᠯᠡ ᠣᠷᠣᠨ ᠭᠠᠷᠤᠨ ᠭᠦᠪᠢᠵᠦ ᠰᠠᠪᠠᠯᠠᠨ ᠤᠴᠠᠷᠠᠭᠰᠠᠨ ᠪᠣᠯᠭᠠᠨ ᠳ᠋ᠤ᠌ ᠤᠴᠠᠭᠠᠷᠳᠠᠨ ᠳᠠᠷᠭᠢᠯᠲᠠᠯᠠ ᠪᠤᠴᠠᠯᠤᠭᠰᠠᠨ ᠬᠠᠯᠠᠭᠤᠨ ᠴᠠᠢ ᠠᠶᠠᠭᠠᠯᠠᠬᠤ ᠳ᠋ᠤ᠌ ᠴᠦ᠍《 ᠴᠠᠢ ᠴᠢᠨᠢ ᠭᠦᠷᠦᠴᠢᠬᠡᠵᠡᠢ᠃ ᠲᠠᠨᠤᠰ ᠲᠠᠩᠳᠠ ᠢᠳᠡᠯᠭᠡᠨ ᠦ᠌ ᠬᠠᠪᠤᠳᠠᠷ ᠤ᠋ᠳ᠂ ᠠᠳᠠᠭ ᠨᠢ ᠴᠠᠢ ᠴᠢᠨᠠᠵᠤ ᠴᠢᠳᠠᠬᠤ ᠪᠠᠨ ᠪᠣᠯᠢᠭᠰᠠᠨ ᠤᠤ?》 ᠭᠡᠵᠦ ᠳᠣᠣᠷᠠᠬᠢ ᠵᠠᠷᠤᠴᠠ ᠬᠥᠮᠦᠰ ᠢ᠋ᠶ᠋ᠡᠨ ᠵᠠᠩᠨᠠᠵᠤ ᠠᠶᠠᠭᠠᠯᠠᠭᠰᠠᠨ ᠪᠤᠴᠠᠯᠤᠮ᠎ᠠ ᠬᠠᠯᠠᠭᠤᠨ ᠴᠠᠢ ᠶ᠋ᠢ ᠵᠠᠷᠤᠴᠠ ᠬᠡᠦᠬᠡᠨ ᠦ᠌ ᠨᠢᠭᠤᠷ ᠤᠷᠤᠭᠤ ᠴᠠᠴᠤᠵᠤ ᠴᠢᠷᠠᠢ ᠨᠢᠭᠤᠷ ᠢ᠋ ᠨᠢ ᠴᠥᠪᠥᠷᠢᠭᠦᠲᠦᠲᠡᠯᠡ ᠰᠢᠯᠵᠠᠯᠵᠤ᠂ ᠬᠥᠭᠡᠷᠦᠬᠦᠢ ᠵᠠᠷᠤᠴᠠ ᠬᠥᠮᠦᠰ ᠲᠦ᠍ ᠵᠣᠪᠠᠯᠠᠩ ᠲᠠᠷᠢᠵᠤ ᠪᠠᠢᠯ᠎ᠠ᠃
ᠬᠦᠩ ᠨᠣᠶᠠᠨ ᠤ᠋ ᠴᠢᠷᠠᠢ ᠮᠠᠭᠤᠲᠠᠢ ᠴᠢᠯᠡᠭᠡ ᠶᠡᠬᠡ ᠪᠠᠢᠭ᠎ᠠ ᠳ᠋ᠤ᠌ ᠪᠠᠭ᠎ᠠ ᠬᠠᠲᠤᠨ ᠨᠢ ᠪᠡᠶ᠎ᠡ ᠴᠢᠯᠥᠭᠡᠯᠡᠵᠦ ᠬᠠᠩᠬᠠᠲᠠᠢ ᠳ᠋ᠤ᠌ ᠪᠠᠢᠭ᠎ᠠ ᠲᠥᠷᠬᠥᠮ ᠳ᠋ᠡᠭᠡᠨ ᠲᠥᠷᠬᠥᠮᠴᠢᠯᠡᠵᠦ ᠶᠠᠪᠤᠵᠠᠢ᠃
ᠴᠡᠴᠡᠭ ᠬᠠᠲᠤᠨ ᠮᠠᠨᠴᠤᠷᠭ᠎ᠠ ᠬᠣᠶᠠᠷ ᠤ᠋ᠨ ᠵᠣᠯ ᠪᠤᠰᠤ ᠵᠤᠭ᠎ᠠ ᠭᠠᠳᠠᠭᠤᠷ ᠳᠣᠲᠣᠭᠤᠷ ᠡᠢᠨ ᠲᠡᠢᠨ ᠭᠡᠵᠦ ᠱᠤᠤᠭᠢᠵᠤ ᠠᠷᠠᠢ ᠯᠠ ᠬᠦᠩ ᠨᠣᠶᠠᠨ ᠪᠣᠯᠤᠨ ᠴᠡᠴᠡᠭ ᠬᠠᠲᠤᠨ ᠤ᠋ ᠨᠢᠭᠤᠷ ᠳᠡᠭᠡᠷ᠎ᠡ ᠨᠢ ᠶᠠᠷᠢᠬᠤ ᠯᠠ ᠳᠤᠲᠠᠵᠤ ᠪᠠᠢᠪᠠ᠃ ᠭᠡᠲᠡᠯ᠎ᠡ ᠴᠡᠴᠡᠭ ᠬᠠᠲᠤᠨ ᠡᠢᠮᠦ ᠲᠡᠢᠮᠦ ᠶᠠᠮᠠᠷ ᠴᠦ᠍ ᠶᠠᠪᠤᠳᠠᠯ ᠪᠣᠯᠤᠭ᠎ᠠ ᠦᠭᠡᠢ ᠰᠢᠭ ᠭᠠᠳᠠᠨ᠎ᠠ ᠪᠠᠨ ᠠᠵᠢᠭ ᠴᠦ᠍ ᠦᠭᠡᠢ ᠪᠠᠢᠯ᠎ᠠ᠃ ᠪᠠᠭ᠎ᠠ ᠬᠠᠲᠤᠨ ᠤ᠋ ᠡᠵᠡᠭᠦᠢ ᠳ᠋ᠦ᠍ ᠴᠡᠴᠡᠭ ᠬᠠᠲᠤᠨ ᠭᠡᠮᠲᠦ ᠬᠥᠮᠦᠨ ᠭᠡᠭᠡᠨ ᠤᠬᠠᠭᠠᠨ ᠲᠠᠢ ᠭᠡᠳᠡᠭ ᠢ᠋ᠶ᠋ᠡᠷ ᠮᠠᠨᠢ ᠶ᠋ᠢᠨ ᠬᠤᠷᠠᠯ ᠠ᠋ᠴᠠ ᠤᠷᠮ᠎ᠠ ᠰᠦᠷ ᠦᠭᠡᠢ ᠪᠤᠴᠠᠵᠤ ᠢᠷᠡᠭᠰᠡᠨ ᠬᠦᠩ ᠨᠣᠶᠠᠨ ᠢ᠋ ᠶᠡᠬᠡ ᠯᠡ ᠦᠷᠦ ᠡᠪᠡᠳᠦᠭᠰᠡᠨ ᠰᠢᠭ《 ᠡᠨᠡ ᠮᠠᠭᠤ ᠵᠠᠪᠬᠠᠢ ᠡᠮ᠎ᠡ᠂ ᠡᠪᠦᠭᠡᠨ ᠢ᠋ ᠮᠢᠨᠢ ᠭᠠᠮ ᠲᠠᠢ ᠡᠳ᠋ᠯᠡᠳᠡᠭ ᠦᠭᠡᠢ ᠨᠢ ᠶᠠᠭᠠᠬᠢᠭ᠎ᠠ ᠪᠣᠢ? ᠮᠠᠭᠤ ᠡᠪᠦᠭᠡᠨ ᠮᠢᠨᠢ ᠬᠥᠭᠡᠷᠦᠬᠦᠢ ᠤᠷᠤᠯᠳᠤᠭᠠᠨ ᠳ᠋ᠤ᠌ ᠳᠠᠪᠬᠢᠭᠰᠠᠨ ᠬᠦᠯᠦᠭ ᠰᠢᠭ ᠬᠠᠮᠠᠷ ᠨᠢ ᠰᠠᠷᠲᠠᠢᠵᠤ ᠰᠠᠯᠲᠠᠭ᠎ᠠ ᠨᠢ ᠣᠩᠭᠣᠢᠴᠢᠬᠠᠵᠠᠢ! ᠨᠠᠰᠤ ᠳᠥᠭᠥᠵᠦ ᠶᠠᠪᠤᠭ᠎ᠠ ᠬᠥᠮᠦᠨ ᠦ᠌ ᠪᠡᠶ᠎ᠡ ᠬᠠᠢᠷᠠᠨ ᠰᠢᠲᠠ᠃ ᠲᠡᠷᠡ ᠳᠠᠪᠤᠰᠠᠩ ᠨᠢ ᠪᠠᠨᠲᠠᠯᠵᠠᠭᠰᠠᠨ ᠡᠮ᠎ᠡ ᠶ᠋ᠢᠨ ᠬᠠᠯᠠ ᠶ᠋ᠢ ᠶᠠᠭᠠᠬᠢᠵᠤ ᠲᠡᠰᠬᠦ ᠶᠦᠮ⁈》 ᠭᠡᠵᠦ ᠬᠦᠩ ᠨᠣᠶᠠᠨ ᠢ᠋ ᠴᠢᠷᠠᠢᠳᠠᠵᠤ ᠪᠡᠶ᠎ᠡ ᠪᠡᠨ ᠴᠠᠭᠠᠪᠤᠷᠯᠠᠨ ᠨᠢᠭᠤᠷ ᠣᠯᠬᠤ ᠶ᠋ᠢ ᠭᠣᠷᠢᠳᠠᠵᠤ《 ᠲᠡᠷᠡ ᠮᠠᠭᠤ ᠢᠮᠠᠭᠠᠨ ᠳᠠᠭᠤᠲᠤ ᠥᠯᠵᠡᠢᠰᠠᠩ ᠤ᠋ᠨ ᠰᠠᠯᠬᠢᠳᠠᠭᠰᠠᠨ ᠦᠭᠡ ᠶ᠋ᠢ ᠦᠨᠡᠮᠰᠢᠬᠦ ᠪᠡᠨ ᠪᠣᠯᠢ! ᠮᠠᠨᠴᠤᠷᠭ᠎ᠠ ᠪᠢᠳᠡ ᠬᠣᠶᠠᠷ ᠲᠤ᠌ ᠲᠡᠢᠮᠦ ᠬᠡᠷᠡᠭ ᠦᠭᠡᠢ᠁》 ᠭᠡᠵᠦ ᠬᠡᠯᠡᠬᠦ ᠰᠢᠭ ᠪᠡᠶ᠎ᠡ ᠪᠡᠨ ᠦᠨᠡᠮᠰᠢᠭᠦᠯᠦᠨ ᠢᠲᠡᠭᠡᠭᠦᠯᠬᠦ ᠪᠡᠷ ᠮᠡᠷᠡᠢᠨᠡ᠃
ᠰᠢᠷᠠᠪᠳᠣᠷᠵᠢ ᠬᠦᠩ ᠨᠣᠶᠠᠨ ᠴᠡᠴᠡᠭ ᠬᠠᠲᠤᠨ ᠳ᠋ᠠᠭᠠᠨ ᠬᠠᠢᠷᠠᠲᠠᠢ ᠨᠢ ᠠᠷᠭ᠎ᠠ ᠦᠭᠡᠢ᠃ ᠭᠡᠬᠦ ᠳ᠋ᠡᠭᠡᠨ ᠥᠨᠥᠳᠥᠷ ᠡᠨᠡ ᠬᠦ᠌ ᠬᠠᠢᠷᠠᠲᠠᠢ ᠬᠠᠲᠤᠨ ᠨᠢ ᠮᠠᠨᠴᠤᠷᠭ᠎ᠠ ᠲᠠᠢ ᠨᠡᠢᠯᠡᠵᠦ ᠨᠥᠬᠥᠴᠡᠭᠰᠡᠨ ᠳ᠋ᠦ᠍ ᠲᠡᠭᠦᠨ ᠦ᠌ ᠳᠣᠲᠣᠷ᠎ᠠ ᠣᠭᠣᠯᠢ ᠰᠢᠪᠠᠭᠤ ᠡᠭᠦᠷᠯᠡᠴᠢᠬᠡᠭᠰᠡᠨ ᠰᠢᠭ ᠡᠳᠦᠷ ᠰᠥᠨᠢ ᠶ᠋ᠢᠨ ᠬᠤᠪᠢ ᠳ᠋ᠤ᠌ ᠨᠣᠢᠷ ᠬᠣᠭᠣᠯᠠ ᠦᠭᠡᠢ ᠪᠤᠬᠢᠨᠢᠳᠤᠨ ᠣᠪᠣᠯᠵᠠᠨ᠎ᠠ᠃
ᠮᠠᠨᠴᠤᠷᠭ᠎ᠠ ᠳ᠋ᠤ᠌ ᠦᠨᠡᠬᠡᠷ ᠶᠠᠯ᠎ᠠ ᠦᠭᠡᠢ ᠭᠡᠵᠦ ᠤᠤ? ᠲᠡᠭᠦᠨ ᠦ᠌ ᠬᠤᠪᠴᠠᠰᠤ ᠬᠤᠨᠠᠷ᠂ ᠮᠠᠯᠠᠭᠠᠢ᠂ ᠫᠤᠤ ᠵᠡᠪᠰᠡᠭ ᠨᠢ ᠲᠡᠷᠡ ᠴᠢᠭ ᠢ᠋ᠶ᠋ᠡᠷ ᠢ᠋ᠶ᠋ᠡᠨ ᠮᠥᠨ᠃ ᠥᠯᠵᠡᠢᠰᠠᠩ ᠤ᠋ᠨ ᠪᠡᠶ᠎ᠡ ᠪᠡᠨ ᠬᠣᠣᠷᠯᠠᠭᠰᠠᠨ ᠪᠠ ᠴᠢᠰᠤᠨ ᠥᠴᠢᠭᠲᠦ ᠭᠡᠷᠢᠶᠡᠰ ᠢ᠋ᠶ᠋ᠡᠷ ᠦᠵᠡᠬᠦ ᠳ᠋ᠦ᠍ ᠮᠠᠨᠴᠤᠷᠭ᠎ᠠ ᠴᠡᠴᠡᠭ ᠬᠠᠲᠤᠨ ᠬᠣᠶᠠᠷ ᠲᠤ᠌ ᠲᠡᠢᠮᠦ ᠶᠠᠪᠤᠳᠠᠯ ᠪᠠᠢᠬᠤ ᠦᠭᠡᠢ ᠰᠢᠭ! ᠴᠡᠴᠡᠭ ᠬᠠᠲᠤᠨ ᠤ᠋ ᠣᠪᠣᠷ ᠪᠠᠢᠳᠠᠯ᠂ ᠵᠠᠩ ᠲᠥᠯᠥᠪ ᠡᠴᠡ ᠨᠢ ᠠᠵᠢᠭᠯᠠᠬᠤ ᠳ᠋ᠤ᠌ ᠶᠠᠭ ᠯᠠ ᠰᠡᠪ ᠮᠡᠳᠡᠭᠳᠡᠬᠦ ᠦᠭᠡᠢ᠃ ᠪᠢᠰᠢ! ᠥᠯᠵᠡᠢᠰᠠᠩ ᠢ᠋ ᠬᠥᠮᠦᠨ ᠬᠣᠣᠷᠯᠠᠭᠰᠠᠨ! ᠮᠠᠨᠴᠤᠷᠭ᠎ᠠ ᠥᠯᠵᠡᠢᠰᠠᠩ ᠢ᠋ ᠥᠰᠢᠶ᠎ᠡ ᠪᠣᠳᠣᠵᠤ ᠥᠴᠢᠭ ᠪᠢᠴᠢᠭᠦᠯᠦᠨ ᠪᠡᠶ᠎ᠡ ᠶ᠋ᠢ ᠨᠢ ᠬᠣᠣᠷᠯᠠᠵᠤ ᠥᠪᠡᠷ ᠢ᠋ ᠪᠡᠨ ᠴᠠᠭᠠᠪᠣᠷᠯᠠᠭᠰᠠᠨ ᠶᠠᠪᠤᠳᠠᠯ ᠭᠡᠵᠦ ᠲᠡᠷᠡ ᠢᠲᠡᠭᠡᠵᠦ ᠪᠠᠢᠪᠠ᠃
ᠤᠳᠠᠭᠠᠨ ᠬᠣᠨᠣᠭ ᠬᠦᠩ ᠨᠣᠶᠠᠨ ᠲᠠᠢ ᠬᠠᠪᠢᠳᠠᠭ᠎ᠠ ᠦᠭᠡᠢ ᠴᠡᠴᠡᠭ ᠬᠠᠲᠤᠨ ᠠᠪᠠᠯᠢ ᠡᠷ᠎ᠡ ᠪᠡᠨ ᠪᠠᠢᠲᠤᠭᠠᠢ ᠬᠠᠵᠠᠭᠤ ᠶ᠋ᠢᠨ ᠡᠷᠡᠰ ᠦ᠋ᠨ ᠨᠢᠳᠦ ᠰᠡᠳᠬᠢᠯ ᠬᠣᠶᠠᠷ ᠢ᠋ ᠭᠡᠳᠡᠭᠡᠯᠡᠵᠦ ᠴᠢᠳᠠᠬᠤ ᠲᠥᠷᠥᠯᠬᠢ ᠠᠪᠢᠶᠠᠰ ᠢ᠋ᠶ᠋ᠠᠷ ᠢ᠋ᠶ᠋ᠠᠨ ᠬᠦᠩ ᠨᠣᠶᠠᠨ ᠤ᠋ ᠰᠡᠳᠬᠢᠯ ᠦ᠋ᠨ ᠭᠬᠢᠷ ᠢ᠋ ᠨᠢ ᠤᠬᠢᠶᠠᠨ ᠠᠷᠢᠯᠭᠠᠬᠤ ᠭᠡᠰᠡᠨ ᠰᠢᠭ ᠲᠡᠷᠡ ᠰᠥᠨᠢ ᠬᠦᠩ ᠨᠣᠶᠠᠨ ᠳ᠋ᠤ᠌ ᠡᠷᠬᠡᠯᠡᠨ ᠠᠯᠢᠶᠠᠷᠬᠠᠵᠤ ᠨᠢᠰᠸᠠᠨᠢᠰ ᠤ᠋ᠨ ᠰᠢᠨᠤᠯᠲᠤ ᠬᠠᠰ ᠮᠠᠨᠠᠨ ᠢ᠋ᠶ᠋ᠠᠷ ᠪᠤᠬᠢᠨᠢᠳᠤᠭᠰᠠᠨ ᠤᠴᠠᠭᠠᠷ ᠢ᠋ ᠨᠢ ᠲᠠᠢᠯᠵᠤ ᠰᠥᠨᠢᠵᠢᠨ ᠢᠷᠠᠭᠯᠠᠨ ᠰᠢᠪᠡᠨᠡᠵᠦ ᠬᠣᠨᠣᠵᠠᠢ᠃
— ᠲᠠ ᠣᠷᠴᠢᠮ ᠠ᠋ᠴᠠ ᠨᠠᠮᠠᠶ᠋ᠢ ᠪᠠᠨ ᠬᠠᠢᠷᠠᠯᠠᠬᠤ ᠪᠠᠨ ᠶᠠᠭᠠᠬᠢᠪᠠ? ᠪᠠᠭ᠎ᠠ ᠲᠠᠲᠠᠪᠤᠷᠢ ᠳ᠋ᠠᠭᠠᠨ ᠤᠶᠠᠭᠳᠠᠭᠠᠳ᠁ ᠭᠡᠵᠦ ᠴᠡᠴᠡᠭ ᠬᠠᠲᠤᠨ ᠬᠦᠩ ᠨᠣᠶᠠᠨ ᠳ᠋ᠤ᠌ ᠡᠷᠬᠡᠯᠡᠬᠦ ᠳ᠋ᠡᠭᠡᠨ ᠲᠡᠭᠦᠨ ᠦ᠌ ᠭᠤᠶ᠎ᠠ ᠶ᠋ᠢ ᠴᠢᠮᠬᠢᠪᠡ᠃ ᠲᠡᠭᠡᠲᠡᠯ᠎ᠡ ᠬᠦᠩ ᠨᠣᠶᠠᠨ《 ᠶᠣ᠂ ᠶᠣ》 ᠭᠡᠵᠦ ᠣᠷᠢᠯᠠᠨ᠄
— ᠶᠠᠭᠠᠬᠢᠭᠰᠠᠨ? ᠶᠠᠭᠠᠬᠢᠭᠰᠠᠨ ᠶᠤᠮ ᠠ᠋? ᠬᠠᠢᠷᠠᠯᠠᠬᠤ ᠦᠭᠡᠢ ᠶᠠᠭᠠᠬᠢᠳᠠᠭ ᠶᠤᠮ᠁ ᠭᠡᠵᠦ ᠪᠠᠪᠠᠲᠤᠨᠠᠬᠤ ᠳ᠋ᠤ᠌ ᠴᠡᠴᠡᠭ ᠬᠠᠲᠤᠨ ᠤ᠋ ᠪᠡᠶ᠎ᠡ ᠨᠢ ᠴᠡᠴᠡᠷᠡᠨ ᠬᠦᠢᠲᠡ ᠠᠰᠬᠠᠵᠤ ᠱᠣᠭᠰᠢᠷᠠᠲᠠᠯ᠎ᠠ ᠤᠬᠢᠯᠠᠭᠰᠠᠭᠠᠷ᠄
— ᠬᠠᠢᠷᠠᠯᠠᠨ᠎ᠠ᠂ ᠬᠠᠢᠷᠠᠯᠠᠨ᠎ᠠ ᠭᠡᠳ ᠲᠣᠯᠣᠭᠠᠢ ᠪᠠᠨ ᠴᠠᠭᠠᠰᠢ ᠪᠠᠨ ᠬᠠᠨᠳᠤᠭᠤᠯᠤᠭᠰᠠᠭᠠᠷ ᠨᠠᠭᠠᠰᠢᠯᠠᠬᠤ ᠪᠠᠨ ᠮᠡᠳᠡᠬᠦ ᠦᠭᠡᠢ ᠶᠦᠮ᠁ ᠭᠡᠵᠦ ᠬᠡᠯᠡᠪᠡ᠃
— ᠣᠳᠣ ᠢᠩᠭᠢᠬᠦ ᠳ᠋ᠦ᠍ ᠬᠠᠵᠠᠭᠤ ᠳ᠋ᠤ᠌ ᠴᠢᠨᠢ ᠪᠢ ᠪᠢᠰᠢ ᠬᠡᠨ ᠪᠣᠢ?
— ᠲᠡᠭᠡᠭᠡᠳ ᠶᠠᠭᠤ ᠶᠠᠭᠠᠬᠢᠯ᠎ᠠ ᠭᠡᠵᠦ ᠨᠠᠮᠠᠶ᠋ᠢ ᠪᠡᠶ᠎ᠡ ᠡᠴᠡ ᠪᠡᠨ ᠵᠠᠢᠯᠠᠭᠤᠯᠤᠨ ᠮᠠᠨᠴᠤᠷᠭ᠎ᠠ ᠲᠠᠢ ᠬᠣᠯᠪᠣᠵᠤ ᠶᠠᠭᠠᠬᠢᠯ᠎ᠠ ᠡᠢᠯ᠎ᠡ ᠭᠡᠬᠦ ᠪᠣᠢ?
— ᠦᠭᠡᠢ ᠠ᠋᠂ ᠥᠯᠵᠡᠢᠰᠠᠩ ᠮᠠᠨᠴᠤᠷᠭ᠎ᠠ ᠶ᠋ᠢᠨ ᠬᠤᠪᠴᠠᠰᠤ ᠬᠤᠨᠠᠷ ᠡᠨᠡ ᠲᠡᠷᠡ ᠶᠠᠭᠤᠮ᠎ᠠ ᠶ᠋ᠢ ᠴᠢᠨᠢ ᠠᠪᠠᠴᠢᠭᠰᠠᠨ ᠰᠢᠳᠡ!
— ᠲᠡᠷᠡ ᠴᠢᠨᠢ ᠱᠠᠯ ᠬᠤᠳᠠᠯ! ᠮᠠᠭᠤ ᠰᠠᠢᠨ ᠶᠠᠭᠤᠮᠠᠰ ᠤ᠋ᠳ ᠥᠩᠭᠡ᠂ ᠳᠠᠷᠠᠰᠤ᠂ ᠮᠥᠩᠭᠥ᠂ ᠵᠢᠩᠰᠡ ᠵᠡᠷᠭᠡ ᠶ᠋ᠢᠨ ᠲᠤᠬᠠᠢ ᠭᠡᠪᠡᠯ ᠥᠥᠰᠢ ① ᠶ᠋ᠢᠨ ᠨᠣᠬᠠᠢ ᠰᠢᠭ᠋ ᠤᠷᠠᠯᠴᠠᠵᠤ ᠪᠠᠢᠳᠠᠭ ᠢ᠋ ᠠᠯᠢ ᠶ᠋ᠢ ᠨᠢ ᠲᠡᠷᠡ ᠭᠡᠬᠦ ᠪᠣᠢ? ᠬᠣᠭᠣᠷᠣᠨᠳᠣ ᠪᠠᠨ ᠪᠣᠯᠤᠭᠰᠠᠨ ᠬᠣᠷᠣ ᠠᠲᠠᠭ᠎ᠠ ᠪᠠᠨ ᠮᠢᠨᠦ ᠪᠡᠶ᠎ᠡ ᠳᠡᠭᠡᠷ᠎ᠡ ᠲᠣᠬᠣᠵᠤ᠂ ᠮᠠᠭᠤ ᠢᠮᠠᠭᠠᠨ ᠳᠠᠭᠤᠲᠤ ᠠᠶᠤᠮᠰᠢᠭ ᠦᠭᠡᠢ ᠬᠠᠲᠤᠨ ᠮᠢᠨᠦ ᠪᠡᠶ᠎ᠡ ᠪᠡᠷ ᠮᠥᠷᠥᠢ ᠶ᠋ᠢᠨ ᠱᠣ ᠣᠷᠬᠢᠵᠤ ᠬᠦᠩ ᠨᠣᠶᠠᠨ ᠲᠠᠨ ᠤ᠋ ᠨᠡᠷ᠎ᠡ ᠨᠢᠭᠤᠷ᠂ ᠪᠠᠷᠠᠭᠤᠨ ᠬᠦᠩ ᠦ᠋ᠨ ᠨᠡᠷ᠎ᠡ ᠲᠥᠷᠥ ᠳ᠋ᠦ᠍ ᠭᠬᠢᠷ ᠬᠠᠯᠳᠠᠭᠠᠬᠤ ᠭᠡᠵᠦ ᠮᠤᠷᠤᠢ ᠠᠮᠠᠯᠠᠵᠤ ᠪᠠᠢᠭ᠎ᠠ ᠨᠢ ᠲᠡᠷᠡ᠃ ᠶᠠᠮᠠᠷ ᠮᠠᠭᠤ ᠰᠠᠷᠬᠢᠨᠠᠭ ᠰᠢᠭ᠋ ᠣᠯᠠᠨ ᠳᠠᠪᠬᠤᠷ ᠦᠮᠡᠬᠡᠢ ᠤᠬᠠᠭᠠᠨ ᠲᠠᠢ ᠠᠳᠤᠭᠤᠰᠤ ᠪᠣᠢ? ᠮᠣᠭᠠᠢ ᠬᠣᠷᠣᠨ ᠳ᠋ᠠᠭᠠᠨ ᠰᠢᠷᠠᠯᠠᠵᠤ ᠦᠬᠦᠨ᠎ᠡ ᠳᠡ! ᠲᠡᠷᠡ ᠮᠠᠭᠤ ᠵᠤᠯᠪᠤᠳᠠᠰᠤ ᠮᠠᠨᠴᠤᠷᠭ᠎ᠠ ᠶ᠋ᠢᠨ ᠥᠰᠢᠶ᠎ᠡ ᠠᠪᠬᠤ ᠠ᠋ᠴᠠ ᠠᠶᠤᠬᠤ ᠳ᠋ᠠᠭᠠᠨ ᠤᠯᠠᠭᠠᠨ ᠬᠠᠲᠤᠨ ᠳ᠋ᠤ᠌ ᠬᠠᠷᠠᠢᠴᠢᠬᠠᠭᠰᠠᠨ ᠨᠢ ᠲᠡᠭᠦᠨ ᠳ᠋ᠡᠭᠡᠨ ᠮᠡᠷᠭᠡᠨ ᠤᠬᠠᠭᠠᠨ! ᠠᠮᠢᠳᠤ ᠰᠠᠷᠪᠠᠢᠵᠤ ᠪᠠᠢᠭᠰᠠᠨ ᠪᠣᠯ ᠵᠠᠯᠪᠠᠢ ᠠᠮᠠ ᠶ᠋ᠢ ᠨᠢ ᠴᠢᠬᠢᠨ ᠳ᠋ᠦ᠍ᠨᠢ ᠲᠤᠯᠲᠠᠯ᠎ᠠ ᠤᠷᠠᠬᠤ ᠶᠤᠮᠰᠠᠨ!
— ᠥᠯᠵᠡᠢᠰᠠᠩ ᠮᠤᠷᠤᠢ ᠠᠮᠠ ᠲᠠᠢ ᠴᠦ᠍ ᠶᠠᠭᠤᠮ᠎ᠠ ᠶ᠋ᠢ ᠪᠣᠯ ᠵᠠᠷᠢᠮ ᠳ᠋ᠠᠭᠠᠨ ᠮᠥᠨ ᠭᠣᠣᠯ ᠢ᠋ᠶ᠋ᠠᠷ ᠨᠢ ᠴᠢᠬᠢᠨ ᠳ᠋ᠦ᠍ ᠨᠠᠭᠠᠳᠠᠭ ᠵᠣᠯᠢᠭ ᠰᠢᠦ! ᠵᠠ᠂ ᠲᠡᠷᠡ ᠴᠦ᠍ ᠲᠡᠢᠮᠦ ᠪᠠᠢᠨ᠎ᠠ᠃ ᠲᠡᠷᠡ ᠮᠠᠭᠤ ᠵᠣᠪᠠᠯᠭ᠎ᠠ ᠴᠦ᠍ ᠵᠣᠨᠵᠠᠢᠭᠠᠳ ② ᠦᠭᠴᠢᠬᠡᠯ᠎ᠡ᠃ ᠣᠯᠠᠨ ᠤ᠋ ᠠᠮᠠ ᠪᠦᠬᠦᠨ ᠴᠥᠮ ᠲᠡᠭᠦᠨ ᠰᠢᠭ ᠮᠤᠷᠤᠢᠴᠢᠬᠠᠯᠠ ᠭᠡᠵᠦ ᠤᠤ? ᠠᠷᠠᠢ ᠲᠡᠢᠮᠦ ᠪᠢᠰᠢ ᠪᠢᠵᠡ! ᠡᠨᠡ ᠤᠯᠤᠰ ᠤ᠋ᠳ ᠲᠡᠭᠡᠭᠡᠳ ᠣᠷᠣ ᠥᠬᠡᠢ ᠭᠠᠵᠠᠷ ᠣᠪᠣᠭ᠎ᠠ ᠪᠣᠰᠬᠠᠵᠤ᠂ ᠣᠷᠣᠮ ᠦᠭᠡᠢ ᠲᠠᠯ᠎ᠠ ᠳ᠋ᠤ᠌ ᠰᠢᠷᠣᠢ ᠣᠪᠣᠢᠯᠭᠠᠴᠢᠬᠠᠯᠠ ᠭᠡᠵᠦ ᠤᠤ? ᠲᠡᠷᠡ ᠮᠠᠨᠴᠤᠷᠭ᠎ᠠ ᠴᠦ᠍ ᠪᠣᠯ ᠬᠠᠷᠢᠨ ᠨᠢᠭᠡ ᠲᠤᠭ ᠤ᠋ᠨ ᠡᠵᠡᠨ ᠳᠡ! ᠳᠤᠷ᠎ᠠ ᠲᠠᠢ ᠪᠣᠯ ᠶᠠᠮᠠᠷ ᠴᠦ᠍ ᠬᠡᠷᠡᠭ ᠢ᠋ ᠬᠢᠬᠦ ᠡᠴᠡ ᠪᠤᠴᠠᠬᠤ ᠦᠭᠡᠢ ᠡᠷ᠎ᠡ ᠠ᠋! ᠲᠠ ᠬᠣᠶᠠᠷ ᠰᠠᠢᠨ ᠳᠤᠷ᠎ᠠ ᠠ᠋ᠴᠠ ᠪᠠᠨ ᠡᠢᠮᠦ ᠲᠡᠢᠮᠦ ᠪᠣᠯᠤᠭ᠎ᠠ ᠦᠭᠡᠢ ᠴᠦ᠍ ᠪᠠᠢᠵᠤ ᠮᠡᠳᠡᠨ᠎ᠡ᠃ ᠭᠡᠬᠦ ᠳ᠋ᠡᠭᠡᠨ ᠮᠠᠨᠴᠤᠷᠭ᠎ᠠ ᠬᠡᠨ ᠦ᠌ ᠬᠦᠦ ᠭᠡᠳᠡᠭ ᠢ᠋ ᠴᠢ ᠮᠡᠳᠡᠬᠦ ᠦᠭᠡᠢ ᠪᠢᠰᠢ᠂ ᠵᠡᠭᠦᠨ ᠲᠤᠰᠠᠯᠠᠭᠴᠢ ᠡᠯᠳᠡᠩᠭᠡ ᠶ᠋ᠢᠨ ᠬᠦᠦ ᠰᠢᠦ ᠳᠡ᠁
— ᠮᠠᠨᠴᠤᠷᠭ᠎ᠠ ᠬᠡᠨ ᠦ᠌ ᠬᠦᠦ ᠴᠦ᠍ ᠪᠣᠯᠤᠭ᠂ ᠨᠠᠳᠠ ᠳᠠᠯᠵᠢ ᠲᠠᠢ ᠤᠤ? ᠭᠡᠳ ᠵᠣᠷᠢᠭᠤᠳᠠ ᠠᠭᠤᠷᠯᠠᠬᠤ ᠮᠠᠶᠢᠭ ᠭᠠᠷᠭᠠᠵᠤ ᠭᠣᠷᠰᠣᠭᠠᠨᠠᠨ ᠡᠷᠭᠢᠵᠦ ᠬᠡᠪᠲᠡᠪᠡ᠃
— ᠦᠭᠡᠢ ᠠ᠋᠂ ᠴᠢ ᠮᠢᠨᠦ ᠬᠡᠯᠡᠬᠦ ᠶ᠋ᠢ ᠰᠣᠨᠣᠰ! ᠮᠠᠨᠴᠤᠷᠭ᠎ᠠ ᠴᠢᠮ᠎ᠠ ᠳ᠋ᠤ᠌ ᠰᠠᠨᠠᠭᠠᠷᠬᠠᠵᠤ ᠴᠢᠮ᠎ᠠ ᠲᠠᠢ ᠶᠠᠭᠠᠬᠢᠯ᠎ᠠ ᠡᠢᠯ᠎ᠡ ᠭᠡᠵᠦ ᠦᠭᠡ ᠴᠤᠤ ᠲᠠᠷᠬᠠᠭᠠᠵᠤ ᠨᠠᠮᠠᠶ᠋ᠢ ᠡᠵᠡᠭᠦᠢ ᠳ᠋ᠦ᠍ ᠡᠭᠦᠳᠡ ᠡᠷᠦᠬᠡ ᠭᠡᠲᠡᠵᠦ ᠮᠢᠷᠢᠶᠠᠭᠰᠠᠨ ᠪᠠᠢᠵᠤ ᠴᠦ᠍ ᠮᠡᠳᠡᠨ᠎ᠡ᠃ ᠲᠡᠢᠮᠦ ᠪᠢᠰᠢ ᠤᠤ?
— ᠲᠡᠭᠦᠨ ᠢ᠋ ᠬᠠᠷᠢᠨ ᠬᠡᠯᠡᠵᠦ ᠮᠡᠳᠡᠬᠦ ᠦᠭᠡᠢ᠃ ᠬᠡᠨ ᠨᠢᠭᠡ ᠨᠢ ᠨᠠᠳᠠ ᠰᠠᠨᠠᠭᠠᠷᠬᠠᠵᠤ ᠰᠡᠳᠬᠢᠯ ᠲᠡᠢ ᠪᠠᠢᠭ᠎ᠠ ᠶ᠋ᠢ ᠪᠢ ᠶᠠᠭᠠᠬᠢᠵᠤ ᠮᠡᠳᠡᠬᠦ ᠪᠣᠢ? ᠪᠤᠭᠤᠲᠤ ᠶ᠋ᠢᠨ ᠠᠲᠠᠷ ᠬᠠᠭᠠᠯᠪᠤᠷᠢᠯᠠᠬᠤ ᠲᠣᠪᠴᠢᠶ᠎ᠠ ᠶ᠋ᠢᠨ ᠸᠠᠩ ᠳᠠᠷᠤᠭ᠎ᠠ ᠰᠣᠭᠲᠣᠭᠤ ᠪᠠᠷ ᠬᠦᠩ ᠨᠣᠶᠠᠨ ᠲᠠᠨ ᠤ᠋ ᠨᠢᠭᠤᠷ ᠳᠡᠭᠡᠷ᠎ᠡ ᠴᠢᠨᠢ《 ᠬᠦᠩ ᠨᠣᠶᠠᠨ ᠤ᠋ ᠠᠪᠠᠭᠠᠢ ᠭᠡᠭᠴᠢ ᠭᠦᠢᠬᠤᠸᠠᠷ ᠴᠡᠴᠡᠭ ᠡᠴᠡ ᠴᠦ᠍ ᠴᠡᠪᠡᠷᠬᠡᠨ ᠲᠥᠷᠥᠵᠡᠢ ᠠ᠋᠂ ᠭᠦᠢᠯᠡᠰᠦᠨ ᠴᠥᠮ᠎ᠡ ᠶ᠋ᠢᠨ ᠨᠢᠳᠦ ᠲᠡᠢ᠂ ᠬᠦᠷᠢ ᠬᠣᠷᠣᠬᠠᠢ ᠶ᠋ᠢᠨ ᠬᠥᠮᠥᠰᠬᠡ ᠲᠡᠢ᠁》 ᠭᠡᠵᠦ ᠱᠠᠯᠢᠭ ᠨᠢᠳᠦ ᠭᠦᠶᠦᠯᠭᠡᠵᠦ᠂ ᠵᠠᠪᠬᠠᠢ ᠦᠭᠡ ᠰᠣᠨᠣᠰᠬᠠᠵᠤ ᠪᠠᠢᠭᠰᠠᠨ ᠢ᠋ ᠡᠰᠡ ᠰᠣᠨᠣᠰᠤᠯ᠎ᠠ ᠤᠤ ᠲᠠ? ᠪᠢ ᠬᠦᠰᠡᠭᠰᠡᠨ ᠪᠣᠯᠭᠠᠨ ᠤ᠋ ᠳᠡᠪᠢᠰᠬᠡᠷ ᠪᠣᠯᠬᠤ ᠪᠠᠢᠭᠰᠠᠨ ᠪᠣᠯ ᠶᠤᠸᠠᠮᠪᠤᠤ ᠮᠥᠩᠭᠥᠨ ᠵᠣᠭᠣᠰᠤᠨ ᠤ᠋ ᠣᠪᠣᠭᠠᠨ ᠳᠤᠮᠳᠠ ᠨᠢᠳᠦ ᠨᠢ ᠬᠥᠬᠡᠷᠡᠭᠰᠡᠨ ᠸᠠᠩ ᠳᠠᠷᠤᠭ᠎ᠠ ᠲᠠᠢ ᠡᠢᠮᠦ ᠲᠡᠢᠮᠦ ᠪᠣᠯᠬᠤ ᠦᠭᠡᠢ ᠪᠡᠷ ᠬᠥᠨᠳᠡᠯᠡᠨ ᠬᠥᠬᠡ ᠲᠡᠮᠦᠷ ᠡᠭᠦᠷᠦᠭᠰᠡᠨ ᠮᠠᠨᠴᠤᠷᠭ᠎ᠠ ᠲᠠᠢ ᠨᠡᠷ᠎ᠡ ᠪᠡᠨ ᠬᠤᠭᠤᠯᠤᠭᠰᠠᠨ ᠭᠠᠨᠵᠢᠨ ᠶᠠᠪᠤᠳᠠᠯ ᠬᠢᠨ᠎ᠡ ᠤᠤ ᠳᠠ⁈
— ᠦᠭᠡᠢ ᠠ᠋! ᠲᠡᠷᠡ ᠶᠠᠭᠤᠨ ᠳ᠋ᠤ᠌ ᠭᠡᠵᠦ᠁ ᠬᠦᠩ ᠨᠣᠶᠠᠨ《 ᠮᠠᠨᠴᠤᠷᠭ᠎ᠠ ᠶᠠᠭᠠᠬᠢᠬᠤ ᠳ᠋ᠠᠭᠠᠨ ᠳᠤᠲᠠᠭᠠᠳᠠᠭ ᠶᠤᠮ?》 ᠭᠡᠰᠡᠨ ᠰᠠᠨᠠᠭ᠎ᠠ ᠪᠠᠨ ᠤᠯᠠᠮ ᠯᠠᠪᠰᠢᠷᠠᠭᠤᠯᠬᠤ ᠭᠡᠵᠦ ᠵᠢᠳᠬᠦᠲᠡᠯᠡ ᠴᠡᠴᠡᠭ ᠬᠠᠲᠤᠨ᠄
— ᠵᠠ᠂ ᠵᠠ ᠲᠠ ᠥᠪᠡᠷ ᠢ᠋ᠶ᠋ᠡᠨ ᠮᠡᠳᠡ᠂ ᠨᠣᠶᠠᠨ ᠬᠥᠮᠦᠨ ᠪᠤᠷᠤᠭᠤ ᠶᠠᠷᠢᠳᠠᠭ ᠦᠭᠡᠢ᠂ ᠨᠣᠬᠠᠢ ᠶᠠᠩᠭᠢᠶ᠎ᠠ ᠬᠣᠭᠣᠰᠣᠨ ᠬᠣᠷᠭᠣᠭᠣᠳᠠᠭ ᠦᠭᠡᠢ ᠶᠦᠮ ᠠ᠋᠂ ᠶᠠᠭᠠᠬᠢᠪᠠᠯ ᠶᠠᠭᠠᠬᠢᠭ ᠴᠠᠭᠠᠰᠢ! ᠮᠠᠨᠴᠤᠷᠭ᠎ᠠ ᠶ᠋ᠢ ᠪᠠᠷᠢᠨ᠎ᠠ ᠤᠤ? ᠨᠠᠮᠠᠶ᠋ᠢ ᠪᠣᠭᠣᠨ᠎ᠠ ᠤᠤ? ᠳᠤᠷ᠎ᠠ ᠪᠠᠷ ᠢ᠋ᠶ᠋ᠠᠨ ᠪᠣᠯ! ᠪᠠᠷᠠᠭᠤᠨ ᠬᠦᠩ ᠳ᠋ᠦ᠍ ᠬᠡᠯᠡᠪᠡᠯ ᠲᠠᠨ ᠤ᠋ ᠳᠤᠷ᠎ᠠ ᠬᠡᠢᠰᠪᠡᠯ ᠲᠩᠷᠢ ᠶ᠋ᠢᠨ ᠳᠤᠷ᠎ᠠ ᠭᠡᠵᠦ ᠳᠣᠲᠣᠷ᠎ᠠ ᠪᠠᠨ ᠮᠠᠨᠴᠤᠷᠭ᠎ᠠ ᠶ᠋ᠢ ᠥᠮᠥᠭᠡᠷᠡᠨ ᠪᠡᠶ᠎ᠡ ᠪᠡᠨ ᠵᠥᠪᠲᠦᠭᠡᠵᠦ ᠭᠠᠯ ᠳ᠋ᠤ᠌ ᠥᠷᠲᠥᠭᠰᠡᠨ ᠬᠥᠳᠡᠰᠦ ᠰᠢᠭ ᠠᠲᠤᠪᠠᠯᠵᠠᠪᠠ᠃
ᠰᠢᠷᠠᠪᠳᠣᠷᠵᠢ ᠬᠦᠩ ᠨᠣᠶᠠᠨ ᠲᠡᠮᠡᠭᠡᠴᠢᠨ ᠬᠥᠮᠦᠨ ᠪᠤᠤᠷ᠎ᠠ ᠶ᠋ᠢᠨ ᠵᠠᠩ ᠢ᠋ᠶ᠋ᠠᠨ ᠭᠡᠳᠡᠭ ᠢ᠋ᠶ᠋ᠡᠷ ᠬᠠᠢᠷᠠᠲᠠᠢ ᠴᠡᠴᠡᠭ ᠬᠠᠲᠤᠨ ᠤ᠋ ᠪᠠᠨ ᠭᠦᠳᠦᠰ ᠵᠠᠩ ᠢ᠋ ᠮᠡᠳᠡᠳᠡᠭ ᠪᠣᠯᠬᠣᠷ《 ᠵᠠ᠂ ᠪᠣᠯᠢᠶ᠎ᠠ! ᠡᠨᠡ ᠮᠠᠭᠤ<ᠮᠤᠬᠤᠷ ᠵᠠᠰᠠᠭ> ᠤ᠋ᠨ ᠰᠣᠯᠣᠭᠠᠢ ᠭᠡᠳᠡᠭᠡ ᠶ᠋ᠢ ᠨᠢ ᠬᠥᠳᠡᠯᠭᠡᠴᠢᠬᠡᠪᠡᠯ ᠪᠠᠰᠠ ᠲᠦᠪᠡᠭ》 ᠭᠡᠵᠦ ᠳᠣᠲᠣᠷ᠎ᠠ ᠪᠠᠨ ᠰᠡᠮᠡᠬᠡᠷ ᠪᠣᠳᠣᠵᠤ ᠠᠷᠭᠠᠮᠵᠢᠶ᠎ᠠ ᠶ᠋ᠢ ᠨᠢ ᠤᠷᠲᠤᠬᠠᠨ ᠲᠠᠯᠪᠢᠵᠤ ᠪᠠᠢᠭᠠᠳ ᠠᠶ᠎ᠠ ᠶ᠋ᠢ ᠨᠢ ᠳᠠᠭᠠᠭᠤᠯᠵᠤ ᠠᠭᠠᠵᠢᠮ ᠳ᠋ᠠᠭᠠᠨ ᠪᠣᠯᠤᠶ᠎ᠠ! ᠡᠨᠡ ᠲᠥᠷᠥ ᠬᠠᠮᠠᠷ ᠦᠭᠡᠢ ᠡᠮ᠎ᠡ ᠶ᠋ᠢᠨ ᠲᠡᠨᠡᠭ ᠢ᠋ ᠨᠢ ᠬᠥᠳᠡᠯᠭᠡᠭᠡᠳ ᠪᠦᠬᠦ ᠶᠠᠪᠤᠳᠠᠯ ᠳ᠋ᠤ᠌ ᠰᠠᠭᠠᠳ ᠪᠣᠯᠴᠢᠬᠠᠬᠤ ᠪᠣᠢ ᠭᠡᠮᠡᠨ ᠡᠮᠢᠶᠡᠵᠦ᠄
— ᠵᠠ᠂ ᠪᠣᠯᠢ᠂ ᠪᠣᠯᠢ! ᠬᠡᠷᠡᠭ ᠦᠭᠡᠢ ᠶᠠᠭᠤᠮᠠᠨ ᠤ᠋ ᠲᠥᠯᠥᠭᠡ ᠬᠡᠯᠡ ᠠᠮᠠ ᠪᠠᠨ ᠪᠢᠯᠡᠭᠦᠳᠡᠬᠦ ᠶ᠋ᠢᠨ ᠣᠷᠣᠨ ᠳ᠋ᠤ᠌᠁ ᠭᠡᠵᠦ ᠤᠴᠠᠭᠠᠷ ᠪᠤᠬᠢᠨᠢᠳᠤᠯ ᠢ᠋ᠶ᠋ᠠᠨ ᠲᠡᠪᠴᠢᠨ ᠪᠠᠢᠵᠤ ᠴᠡᠴᠡᠭ ᠬᠠᠲᠤᠨ ᠤ᠋ ᠪᠠᠨ ᠤᠴᠠᠭᠠᠷ ᠦᠨᠡᠷᠬᠡᠯ ᠢ᠋ ᠡᠶᠡᠷᠬᠦᠯᠬᠦ ᠭᠡᠵᠦ ᠠᠷᠭᠠᠳᠠᠩᠭᠤᠢ ᠠᠶ᠎ᠠ ᠪᠠᠷ《 ᠮᠢᠨᠦ ᠮᠠᠭᠤ ᠬᠠᠢᠯᠤᠩᠬᠠᠢ᠂ ᠨᠠᠭᠠᠰᠢ ᠪᠠᠨ᠂ ᠨᠠᠭᠠᠰᠢ ᠪᠠᠨ᠁》 ᠭᠡᠵᠦ ᠥᠬᠥᠭᠡᠷᠳᠡᠨ ᠲᠡᠪᠡᠷᠢᠯ᠎ᠡ᠁
– – – –
① ᠣᠷᠣᠭᠠᠨ ᠤ ᠭᠡᠰᠡᠨ ᠤᠳᠬ᠎ᠠ ᠲᠠᠢ᠃
② ᠦᠬᠦᠬᠦ ᠶ᠋ᠢᠨ ᠥᠭᠡᠷ᠎ᠡ ᠬᠡᠯᠡᠯᠭᠡ᠃
ᠦᠰᠦᠭ ᠠᠮᠢᠯᠠᠭᠤᠯᠤᠭᠰᠠᠨ ᠨᠢ᠄ ᠭᠠᠷᠮ᠎ᠠ
