ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠᠨ ᠳᠥᠷᠪᠡ> Хан мунын сүүрс < дээд > – Мөнх зохиоов ᠂ Тэргүүн бодь – Хоёрдугаар бүлэг <14> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠᠨ ᠳᠥᠷᠪᠡ> Хан мунын сүүрс < дээд > – Мөнх зохиоов ᠂ Тэргүүн бодь – Хоёрдугаар бүлэг <14>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠᠨ ᠳᠥᠷᠪᠡ> Хан мунын сүүрс < дээд > – Мөнх зохиоов ᠂ Тэргүүн бодь – Хоёрдугаар бүлэг <14>

ᠠᠩᠭᠢᠯᠠᠯ:ᠲᠤᠭᠤᠵᠢ ᠷᠣᠮᠠᠨ
2024-07-05

425

ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠᠨ ᠳᠥᠷᠪᠡ>


                 ᠠᠷᠪᠠᠨ ᠳᠥᠷᠪᠡ 

       ᠨᠣᠬᠠᠢ ᠬᠣᠷᠭᠣᠭᠣᠪᠠ᠃ ᠭᠠᠳᠠᠨ᠎ᠠ ᠱᠣᠩ ᠳᠡᠭᠡᠷ᠎ᠡ ᠬᠡᠳᠦᠨ ᠮᠣᠷᠢ ᠲᠠᠢ ᠬᠥᠮᠦᠨ ᠪᠠᠭᠤᠪᠠ ᠪᠣᠯᠤᠯᠲᠠᠢ᠃ ᠨᠣᠬᠠᠢ ᠵᠠᠩᠳᠤᠷᠬᠤ᠂ ᠬᠥᠮᠦᠨ ᠶᠠᠷᠢᠯᠴᠠᠬᠤ ᠴᠢᠮᠡᠭᠡ ᠳᠤᠭᠤᠯᠳᠠᠨ᠎ᠠ᠃ 
       ᠪᠠᠷᠠᠭᠤᠨ ᠲᠤᠰᠠᠯᠠᠭᠴᠢ ᠮᠢᠩᠭᠠᠨᠪᠣᠣ ᠶ᠋ᠢᠨ ᠰᠠᠯᠬᠢᠨ ᠵᠡᠭᠡᠷᠳᠡ ᠱᠣᠩ ᠳᠡᠭᠡᠷ᠎ᠡ ᠤᠶᠠᠭᠠᠲᠠᠢ ᠪᠣᠷᠣᠯᠠᠭ ᠲᠠᠢ ᠬᠠᠨᠢᠰᠠᠵᠤ ᠦᠦᠷᠰᠡᠨ᠎ᠡ᠃ 
       ᠲᠤᠰᠠᠯᠠᠭᠴᠢ ᠮᠢᠩᠭᠠᠨᠪᠣᠣ ᠬᠠᠶᠠᠭᠠᠨ ᠳ᠋ᠤ᠌ ᠪᠠᠭᠤᠵᠤ ᠪᠠᠢᠯ᠎ᠠ᠃ ᠲᠡᠷᠡ ᠪᠡᠷ ᠬᠦᠩ ᠨᠣᠶᠠᠨ ᠤ᠋ ᠵᠠᠷᠯᠢᠭ ᠭᠦᠢᠴᠡᠳᠬᠡᠵᠦ ᠶᠠᠪᠤᠭ᠎ᠠ ᠳ᠋ᠠᠭᠠᠨ ᠶᠡᠬᠡᠮᠰᠦᠭ ᠨᠠᠮᠪᠠᠭ᠎ᠠ ᠲᠠᠢ᠃ ᠳᠠᠭᠠᠯᠳᠤᠨ ᠶᠠᠪᠤᠭ᠎ᠠ ᠬᠣᠶᠠᠷ ᠴᠡᠷᠢᠭ ᠦ᠋ᠨ ᠨᠢᠭᠡ ᠨᠢ ᠲᠤᠰᠠᠯᠠᠭᠴᠢ ᠶ᠋ᠢᠨ ᠮᠣᠷᠢᠨ ᠤ᠋ ᠴᠤᠯᠪᠤᠭᠤᠷ ᠢ᠋ ᠲᠣᠰᠴᠤ ᠪᠠᠷᠠᠭᠤᠨ ᠲᠠᠯ᠎ᠠ ᠶ᠋ᠢᠨ ᠠᠭᠠᠷᠤ ᠱᠣᠩ ᠳᠡᠭᠡᠷ᠎ᠡ ᠲᠣᠭᠣᠨᠣᠴᠢᠯᠠᠵᠤ ᠤᠶᠠᠲᠠᠯ᠎ᠠ ᠮᠢᠩᠭᠠᠨᠪᠣᠣ ᠲᠣᠮᠣ ᠲᠣᠮᠣ ᠠᠯᠬᠤᠭᠰᠠᠭᠠᠷ ᠡᠯᠳᠡᠩᠭᠡ ᠶ᠋ᠢᠨ ᠭᠣᠣᠯ ᠭᠡᠷ ᠦ᠋ᠨ ᠡᠭᠦᠳᠡᠨ ᠳ᠋ᠦ᠍ ᠬᠦᠷᠪᠡ᠃  
       ᠡᠯᠳᠡᠩᠭᠡ ᠲᠤᠰᠠᠯᠠᠭᠴᠢ ᠡᠭᠦᠳᠡᠨ ᠳᠡᠭᠡᠷ᠎ᠡ ᠮᠢᠩᠭᠠᠨᠪᠣᠣ ᠲᠤᠰᠠᠯᠠᠭᠴᠢ ᠶ᠋ᠢ ᠤᠭᠲᠤᠵᠤ᠄   
       — ᠠᠬᠠᠮᠠᠳ ᠲᠤᠰᠠᠯᠠᠭᠴᠢ ᠭᠤᠸᠠᠢ ᠰᠠᠢᠨ ᠶᠠᠪᠤᠵᠤ ᠢᠷᠡᠪᠡ ᠤᠤ? ᠭᠡᠵᠦ ᠮᠡᠨᠳᠦᠯᠡᠬᠦ ᠳ᠋ᠦ᠍ ᠮᠢᠩᠭᠠᠨᠪᠣᠣ᠄  
       — ᠰᠠᠢᠨ᠂ ᠰᠠᠢᠨ! ᠲᠠ ᠲᠠᠪᠠᠲᠠᠢᠬᠠᠨ ᠨᠠᠮᠤᠷᠵᠢᠵᠤ ᠪᠠᠢᠨ᠎ᠠ ᠤᠤ? ᠭᠡᠪᠡ᠃ ᠡᠯᠳᠡᠩᠭᠡ᠄ 
       — ᠲᠠᠪᠠᠲᠠᠢ ᠯᠠ ᠪᠠᠢᠨ᠎ᠠ᠃ ᠵᠠᠯᠠᠭᠠᠳ ᠢᠷᠡᠳᠡᠭ ᠦᠭᠡᠢ ᠵᠣᠴᠢᠨ ᠵᠠᠮ ᠢ᠋ᠶ᠋ᠠᠷ ᠢ᠋ᠶ᠋ᠠᠨ ᠬᠦᠷᠦᠭᠡᠳ ᠢᠷᠡᠳᠡᠭ ᠨᠢ ᠨᠠᠷᠠ ᠪᠠᠷᠠᠭᠤᠨᠲᠠᠢ ᠠ᠋ᠴᠠ ᠭᠠᠷᠴᠤ᠂ ᠨᠠᠪᠴᠢ ᠨᠠᠮᠤᠷ ᠲᠠᠭᠠᠨ ᠨᠣᠭᠣᠭᠠᠷᠠᠬᠤ ᠨᠢ ᠶᠦᠮ ᠪᠢᠵᠡ? ᠭᠡᠵᠦ ᠬᠡᠯᠡᠭᠡᠳ ᠬᠡᠭ ᠭᠡᠭ ᠭᠡᠵᠦ ᠢᠨᠢᠶᠡᠬᠦ ᠳ᠋ᠦ᠍ ᠮᠢᠩᠭᠠᠨᠪᠣᠣ ᠲᠤᠰᠠᠯᠠᠭᠴᠢ《 ᠬᠠᠷᠢᠨ ᠲᠡᠢᠮᠦ ᠴᠦ᠍ ᠶᠦᠮ ᠤᠤ》 ᠭᠡᠰᠡᠨ ᠰᠢᠭ ᠠᠯᠪᠠ ᠪᠠᠷ ᠢᠨᠢᠶᠡᠭᠡᠳ《 ᠵᠠ᠂ ᠳᠣᠲᠣᠭᠰᠢ ᠰᠠᠭᠠᠲᠠ᠂ ᠳᠣᠲᠣᠭᠰᠢ ᠰᠠᠭᠠᠳᠠ》 ᠭᠡᠯᠴᠡᠨ ᠬᠣᠶᠠᠭᠤᠯᠠ ᠲᠠᠭᠠᠯᠴᠠᠵᠤ ᠭᠡᠷ ᠲᠦ᠍ ᠣᠷᠣᠪᠠ᠃ 
       ᠬᠣᠢᠮᠣᠷ ᠵᠠᠢ ᠦᠯᠡᠳᠡᠭᠡᠵᠦ ᠬᠣᠶᠠᠭᠤᠯᠠ ᠰᠢᠷᠡᠭᠡ ᠬᠠᠪᠴᠢᠨ ᠰᠠᠭᠤᠭᠠᠳ ᠬᠥᠬᠦᠦᠷ ᠰᠣᠯᠢᠯᠴᠠᠨ ᠵᠢᠩᠰᠡ ᠶ᠋ᠢ ᠨᠢ ᠦᠨᠦᠰᠦᠭᠡᠳ ᠤᠷᠠᠳ ᠤ᠋ᠨ ᠶᠣᠰᠣ ᠪᠠᠷ ᠮᠡᠨᠳᠦᠴᠢᠯᠡᠯ ᠬᠢᠲᠡᠯ᠎ᠡ ᠴᠠᠢ ᠠᠶᠠᠭᠠᠯᠠᠵᠤ᠂ ᠰᠢᠷ᠎ᠠ ᠠᠭᠠᠷᠤᠨ ᠰᠤᠮᠤᠨ ᠰᠢᠷᠡᠭᠡᠨ ᠳ᠋ᠦ᠍ ᠳᠦᠭᠦᠷᠡᠩ ᠢᠳᠡᠭᠡ ᠪᠤᠳᠠᠭ᠎ᠠ ᠲᠠᠪᠠᠭᠯᠠᠵᠤ ᠲᠠᠯᠪᠢᠪᠠ᠃ 
       ᠡᠯᠳᠡᠩᠭᠡ᠂ ᠪᠠᠷᠠᠭᠤᠨ ᠳᠤᠰᠠᠯᠠᠭ᠌ᠴᠢ ᠮᠢᠩᠭᠠᠨᠪᠣᠣ ᠥᠨᠥᠳᠥᠷ ᠶᠠᠭᠤ ᠶᠠᠭᠠᠬᠢᠬᠤ ᠪᠠᠷ ᠢᠷᠡᠭᠰᠡᠨ ᠢ᠋ ᠴᠠᠭᠠᠨ᠎ᠠ ᠨᠢ ᠭᠠᠷᠲᠠᠯ᠎ᠠ ᠮᠡᠳᠡᠵᠦ ᠪᠠᠢᠯ᠎ᠠ᠃ ᠭᠡᠬᠦ ᠳ᠋ᠡᠭᠡᠨ ᠤᠴᠠᠭᠠᠷ ᠪᠠᠶᠠᠰᠤᠯ ᠬᠣᠶᠠᠷ ᠢ᠋ ᠴᠢᠷᠠᠢ ᠶ᠋ᠢᠨ ᠥᠩᠭᠡᠨ ᠳᠡᠭᠡᠷ᠎ᠡ ᠪᠡᠨ ᠮᠡᠳᠡᠭᠳᠡᠭᠥᠯᠥᠮ᠎ᠡ ᠦᠭᠡᠢ ᠬᠠᠰᠢᠷ ᠳᠣᠬᠢ ᠡᠯᠳᠡᠩᠭᠡ ᠶᠠᠮᠠᠷ ᠴᠤ᠌ ᠤᠴᠢᠷ ᠪᠣᠯᠤᠭ᠎ᠠ ᠦᠭᠡᠢ ᠰᠢᠭ ᠲᠠᠢᠪᠤᠩ ᠯᠠᠪᠳᠠᠭᠤᠨ ᠪᠠᠢᠯ᠎ᠠ᠃ 
       ᠱ᠌ᠢᠷᠦ ᠰᠢᠭᠢᠳᠬᠡᠭᠰᠡᠨ ᠮᠥᠩᠭᠥᠨ ᠪᠥᠭᠡᠵᠢ ᠪᠡᠷ ᠴᠢᠮᠡᠭᠰᠡᠨ ᠲᠥᠭᠡ ᠤᠷᠲᠤ ᠤᠭᠠᠯᠵᠠᠨ ᠬᠠᠰ ᠰᠢᠯᠪᠡᠲᠣ ᠮᠥᠩᠭᠥᠨ ᠲᠣᠯᠣᠭᠠᠢᠲᠤ ᠭᠠᠩᠰᠠ ᠵᠠᠭᠤᠵᠤ ᠰᠠᠭᠤᠭᠰᠠᠨ ᠡᠯᠳᠡᠩᠭᠡ᠂ ᠪᠠᠷᠠᠭᠤᠨ ᠲᠤᠰᠠᠯᠠᠭᠴᠢ ᠶ᠋ᠢᠨ ᠵᠠᠪᠠᠵᠢ ᠠ᠋ᠴᠠ ᠡᠶᠡᠷᠭᠥᠨ ᠦᠭᠡ ᠰᠣᠨᠣᠰᠬᠤ ᠨᠢ ᠤᠤ? ᠥᠷᠭᠡᠰᠦ ᠲᠡᠢ ᠦᠭᠡ ᠰᠣᠨᠣᠰᠬᠤ ᠨᠢ ᠤᠤ? ᠭᠡᠵᠦ ᠬᠦᠯᠢᠭᠡᠯᠵᠡᠨ ᠲᠡᠩᠰᠡᠵᠦ᠄ 
       — ᠰᠣᠨᠢᠨ ᠰᠠᠢᠬᠠᠨ ᠶᠠᠭᠤ ᠪᠠᠢᠨ᠎ᠠ? ᠭᠡᠵᠦ ᠠᠰᠠᠭᠤᠪᠠ᠃   
       — ᠰᠣᠨᠢᠭᠤᠴᠢᠯᠠᠵᠤ ᠲᠠᠨ ᠳ᠋ᠤ᠌ ᠰᠣᠨᠣᠰᠬᠠᠮᠠᠷ ᠶᠠᠭᠤᠮ᠎ᠠ ᠠᠯᠠᠭ᠎ᠠ᠃ ᠬᠠᠷᠢᠨ ᠲᠠᠨ ᠤ᠋ ᠲᠣᠮᠣ ᠠᠭᠡ ᠮᠠᠨᠴᠤᠷᠭ᠎ᠠ ᠴᠢᠨᠢ ᠪᠠᠵᠠᠭᠠᠬᠣ ᠦᠭᠡᠢ ᠶᠠᠪᠤᠳᠠᠯ ᠬᠡᠷᠡᠭ ᠭᠠᠷᠭᠠᠵᠤ ᠬᠦᠩ ᠨᠣᠶᠠᠨ ᠤ᠋ ᠬᠢᠯᠢᠩ ᠢ᠋ ᠬᠦᠷᠭᠡᠭᠰᠡᠨ ᠡᠴᠡ ᠠᠵᠠ ᠵᠠᠶᠠᠭ᠎ᠠ ᠨᠢ ᠠᠷᠭ᠎ᠠ ᠦᠭᠡᠢ ᠬᠠᠵᠠᠢᠵᠢ ᠳᠠ! ᠭᠡᠵᠦ ᠮᠢᠩᠭᠠᠨᠪᠣᠣ ᠬᠡᠯᠡᠪᠡ᠃ 
       — ᠶᠠᠮᠠᠷ ᠰᠣᠨᠣᠰᠬᠤᠯᠠᠩ ᠮᠠᠭᠤᠲᠠᠢ ᠶᠠᠭᠤᠮ᠎ᠠ ᠪᠣᠯᠴᠢᠬᠠᠭᠠᠳ ᠬᠦᠩ ᠨᠣᠶᠠᠨ ᠤ᠋ ᠠᠭᠤᠷ ᠤᠴᠠᠭᠠᠷ ᠢ᠋ ᠬᠦᠷᠭᠡᠵᠦ ᠪᠠᠷᠠᠭᠤᠨ ᠲᠤᠰᠠᠯᠠᠭᠴᠢ ᠲᠠᠨ ᠢ᠋ ᠢᠩᠭᠢᠵᠦ ᠵᠠᠪ ᠠᠯᠳᠠᠷᠠᠭᠠᠵᠤ ᠪᠠᠢᠭ᠎ᠠ ᠪᠣᠢ? ᠭᠡᠵᠦ ᠡᠯᠳᠡᠩᠭᠡ ᠦᠯᠦ ᠮᠡᠳᠡᠭᠴᠢ ᠪᠡᠷ ᠣᠪᠯᠠᠨ ᠲᠤᠰᠠᠯᠠᠭᠴᠢ ᠮᠢᠩᠭᠠᠨᠪᠣᠣ ᠠ᠋ᠴᠠ ᠭᠡᠳᠡᠷᠭᠦ ᠠᠰᠠᠭᠤᠵᠤ ᠴᠣᠬᠣᠮ ᠶᠠᠭᠠᠬᠢᠬᠤ ᠰᠠᠨᠠᠭ᠎ᠠ ᠲᠠᠢ ᠶ᠋ᠢ ᠳᠠᠯᠳᠠ ᠪᠡᠷ ᠯᠠᠪᠯᠠᠪᠠ᠃  
       — ᠮᠠᠨᠴᠤᠷᠭ᠎ᠠ᠂ ᠴᠡᠴᠡᠭ ᠬᠠᠲᠤᠨ ᠳ᠋ᠤ᠌ ᠬᠠᠯᠳᠠᠵᠤ᠂ ᠶᠠᠮᠤᠨ ᠤ᠋ ᠴᠡᠷᠢᠭ ᠲᠦ᠍ ᠪᠠᠷᠢᠭᠳᠠᠭᠰᠠᠨ ᠠᠲᠠᠯ᠎ᠠ ᠪᠠᠨ ᠰᠥᠨᠢ ᠪᠡᠷ ᠤᠶᠠᠭ᠎ᠠ ᠬᠦᠯᠢᠶᠡᠰᠦ ᠪᠡᠨ ᠠᠯᠳᠠᠷᠠᠭᠠᠨ ᠬᠣᠰᠢᠭᠤ ᠴᠡᠷᠢᠭ ᠢ᠋ ᠥᠳᠥᠭᠡᠨ ᠤᠷᠪᠠᠭᠰᠠᠨ ᠢ᠋ ᠲᠠ ᠶᠡᠷᠦ ᠨᠢ ᠰᠣᠨᠣᠰᠤᠭ᠎ᠠ ᠦᠭᠡᠢ ᠭᠡᠵᠦ ᠤᠤ?  
       — ᠣ ᠳᠠ! ᠲᠠ ᠡᠨᠡᠬᠡᠨ ᠶᠠᠪᠤᠳᠠᠯ ᠢ᠋ ᠨᠠᠳᠠ ᠰᠣᠨᠣᠰᠬᠠᠬᠤ ᠭᠡᠵᠦ ᠶᠠᠪᠤᠭ᠎ᠠ ᠤᠤ? 
       — ᠲᠡᠢᠮᠦ ᠠ᠋! 
       — ᠬᠥᠮᠦᠰ ᠬᠡᠦᠬᠡᠳ ᠦ᠋ᠨ ᠨᠠᠭᠠᠳᠤᠮ ᠰᠢᠤᠬᠠᠨ ᠶᠠᠭᠤᠮ᠎ᠠ ᠫᠠᠷᠭᠢᠵᠤ ᠶᠠᠷᠢᠬᠤ ᠶ᠋ᠢ ᠰᠣᠨᠣᠰᠤᠯ ᠦᠭᠡᠢ ᠶᠠᠭᠠᠬᠢᠬᠤ ᠪᠣᠢ! ᠰᠣᠨᠣᠰᠤᠭᠰᠠᠨ! ᠲᠡᠭᠡᠭᠡᠳ ᠶᠠᠭᠠᠬᠢᠬᠤ ᠭᠡᠵᠦ ᠪᠠᠢᠭ᠎ᠠ ᠪᠣᠢ ᠭᠡᠵᠦ ᠤᠬᠤᠴᠢᠯᠠᠬᠤᠯᠠᠷ ᠮᠢᠩᠭᠠᠨᠪᠤᠤ᠄ 
       — ᠲᠠᠨ ᠢ᠋ ᠬᠣᠰᠢᠭᠤ ᠶᠠᠮᠤᠨ ᠳ᠋ᠤ᠌ ᠣᠴᠢᠵᠤ ᠪᠤᠷᠤᠭᠤ ᠪᠠᠨ ᠮᠡᠳᠡᠷᠡᠵᠦ᠂ ᠶᠠᠯ᠎ᠠ ᠬᠢᠭᠰᠡᠨ ᠬᠦᠦ ᠪᠡᠨ ᠲᠤᠰᠢᠶᠠᠭᠠᠷᠠᠢ! ᠭᠡᠵᠦ ᠬᠦᠩ ᠨᠣᠶᠠᠨ ᠤ᠋ ᠵᠠᠷᠯᠢᠭ ᠢ᠋ ᠮᠡᠬᠦᠰ ᠪᠢ ᠲᠠᠨ ᠳ᠋ᠤ᠌ ᠳᠠᠮᠵᠢᠭᠤᠯᠵᠤ ᠶᠠᠪᠤᠭ᠎ᠠ ᠨᠢ ᠡᠨᠡ! ᠭᠡᠪᠡ᠃ 
       — ᠶᠠᠯ᠎ᠠ ᠬᠢᠭᠰᠡᠨ ᠬᠦᠦ ᠪᠡᠨ ᠭᠡᠨ᠎ᠡ ᠤᠤ?  
       — ᠠ᠂ ᠲᠡᠢᠮᠦ! ᠶᠠᠯ᠎ᠠ ᠬᠢᠭᠰᠡᠨ ᠬᠦᠦ ᠪᠡᠨ ᠲᠤᠰᠢᠶᠠᠵᠤ ᠵᠠᠯᠬᠠᠭᠠᠯ ᠬᠦᠯᠢᠶᠡᠪᠡᠯ ᠲᠠᠨ ᠳ᠋ᠤ᠌ ᠴᠢᠷᠦᠭᠳᠡᠯ ᠦᠭᠡᠢ ᠭᠡᠨ᠎ᠡ᠃ ᠡᠰᠡ ᠲᠡᠢᠮᠦ ᠪᠣᠯ ᠁ 
       — ᠡᠰᠡ ᠲᠡᠢᠮᠦ ᠪᠣᠯ ᠶᠠᠭᠠᠬᠢᠬᠤ ᠨᠢ ᠪᠣᠢ? 
       — ᠠ ᠪᠦᠦ ᠮᠡᠳᠡ! ᠵᠢᠷᠭᠤᠭᠠᠨ ᠲᠠᠯ᠎ᠠ ᠲᠠᠢ ᠨᠢᠳᠦ ᠦᠭᠡᠢ ᠴᠣᠬᠣᠷ ᠱᠣ ᠣᠷᠬᠢᠬᠤ ᠳ᠋ᠤ᠌ ᠲᠠᠨ ᠤ᠋ ᠲᠠᠯ᠎ᠠ ᠳ᠋ᠤ᠌ ᠬᠠᠵᠠᠭᠠᠢ ᠪᠠᠭᠤᠬᠤ ᠨᠢ ᠯᠠᠪ᠃ ᠲᠡᠷᠡ ᠦᠶ᠎ᠡ ᠳ᠋ᠦ᠍ ᠬᠠᠵᠠᠢᠭᠰᠠᠨ ᠵᠠᠶᠠᠭ᠎ᠠ ᠪᠠᠨ ᠡᠷᠭᠢᠭᠦᠯᠵᠦ ᠠᠪᠬᠤ ᠳ᠋ᠤ᠌ ᠡᠷ᠎ᠡ ᠵᠢᠭᠠᠯ᠎ᠠ ᠴᠤ᠌ ᠭᠡᠰᠡᠨ ᠳᠡᠮᠡᠢ ᠪᠣᠯᠪᠠ ᠤᠤ ᠳᠠ᠃ 
       — ᠶᠠᠯ᠎ᠠ ᠬᠢᠭᠰᠡᠨ ᠬᠦᠦ ᠪᠡᠨ ᠲᠤᠰᠢᠶᠠᠪᠠᠯ ᠭᠡᠨ᠎ᠡ! ᠮᠢᠨᠦ ᠬᠦᠦ ᠶᠠᠮᠠᠷ ᠶᠠᠯ᠎ᠠ ᠬᠢᠭᠰᠡᠨ ᠢ᠋ ᠪᠢ ᠣᠳᠣ ᠪᠣᠯᠲᠠᠯ᠎ᠠ ᠣᠢᠯᠠᠭᠠᠭ᠎ᠠ ᠦᠭᠡᠢ ᠪᠠᠢᠨ᠎ᠠ᠃ 
       — ᠨᠣᠶᠠᠨ ᠤ᠋ ᠬᠠᠲᠤᠨ ᠳ᠋ᠤ᠌ ᠬᠠᠯᠳᠠᠳᠠᠭ ᠰᠢᠭ᠋ ᠮᠠᠭᠤ ᠮᠠᠭᠤᠬᠠᠢ ᠨᠡᠷ᠎ᠡ ᠲᠥᠷᠥ ᠪᠠᠷᠠᠭᠰᠠᠨ ᠶᠠᠪᠤᠳᠠᠯ ᠬᠠᠮᠢᠭ᠎ᠠ ᠪᠠᠢᠬᠤ ᠪᠣᠢ? ᠶᠠᠮᠠᠷ ᠰᠥᠰᠥᠲᠡᠢ ᠡᠴᠢᠭᠡ ᠶ᠋ᠢᠨ ᠬᠦᠦ ᠡᠢᠮᠦ ᠬᠡᠷᠡᠭ ᠬᠢᠬᠦ ᠪᠢᠯᠡ? ᠲᠠ ᠰᠠᠢᠲᠤᠷ ᠲᠤᠩᠭᠠᠵᠤ ᠪᠣᠳᠣᠭᠠᠷᠠᠢ !  
       — ᠪᠠᠷᠠᠭᠤᠨ ᠲᠤᠰᠠᠯᠠᠭᠴᠢ ᠲᠠ ᠰᠠᠯᠬᠢᠨ ᠤ᠋ ᠳᠡᠭᠡᠷ᠎ᠡ ᠵᠣᠭᠰᠣᠭᠠᠳ ᠲᠤᠯᠤᠮ ᠤ᠋ᠨ ᠠᠮᠠ ᠪᠠᠨ ᠠᠶᠠᠲᠠᠢᠬᠠᠨ ᠭᠦᠪᠢᠭᠡᠴᠢ! ᠲᠠᠨ ᠤ᠋ ᠬᠡᠯᠡᠳᠡᠭ ᠢ᠋ᠶ᠋ᠡᠷ ᠬᠡᠨ ᠬᠥᠮᠦᠨ ᠵᠣᠷᠢᠭ ᠨᠢ ᠪᠦᠳᠦᠭᠦᠷᠡᠬᠦ ᠳ᠋ᠡᠭᠡᠨ ᠨᠣᠶᠠᠨ ᠤ᠋ ᠬᠠᠲᠤᠨ ᠤ᠋ ᠡᠪᠦᠷ ᠲᠦ᠍ ᠰᠢᠷᠭᠤᠳᠠᠭ ᠪᠣᠢ? ᠥᠯᠥᠭᠴᠢᠨ ᠨᠣᠬᠠᠢ ᠰᠡᠭᠦᠯ ᠢ᠋ᠶ᠋ᠡᠨ ᠰᠢᠷᠪᠠᠬᠤ ᠦᠭᠡᠢ ᠪᠣᠯ ᠠᠵᠢᠷᠭᠠᠨ ᠨᠣᠬᠠᠢ ᠳᠡᠭᠡᠷ᠎ᠡ ᠨᠢ ᠭᠠᠷᠳᠠᠭ ᠦᠭᠡᠢ ᠭᠡᠳᠡᠭ ᠶᠣᠰᠣ ᠶ᠋ᠢ ᠲᠠ ᠮᠡᠳᠡᠬᠦ ᠦᠭᠡᠢ ᠴᠦ᠍ ᠪᠢᠰᠢ! ᠮᠢᠨᠦ ᠬᠦᠦ ᠳ᠋ᠦ᠍ ᠶᠠᠯ᠎ᠠ ᠲᠤᠯᠭᠠᠳᠠᠭ ᠯᠠ ᠶᠤᠮ ᠪᠣᠯ ᠴᠡᠴᠡᠭ ᠬᠠᠲᠤᠨ ᠢ᠋ ᠴᠦ᠍ ᠵᠦᠭᠡᠷ ᠥᠩᠭᠡᠷᠡᠭᠡᠵᠦ ᠪᠣᠯᠬᠤ ᠦᠭᠡᠢ ᠠ᠋! ᠬᠠᠲᠤᠨ ᠬᠥᠮᠦᠨ ᠴᠠᠳᠢᠭ ᠦᠭᠡᠢ ᠵᠠᠪᠬᠠᠢᠷᠠᠵᠤ ᠬᠠᠷᠠᠴᠤ ᠠᠯᠪᠠᠲᠤ ᠲᠠᠢ ᠪᠠᠨ ᠳᠠᠯᠳᠠᠭᠤᠷ ᠲᠠᠩᠬᠠᠢᠷᠠᠳᠠᠭ ᠨᠢ ᠶᠠᠯ᠎ᠠ ᠪᠢᠰᠢ᠂ ᠭᠠᠪᠢᠶ᠎ᠠ ᠤᠤ? ᠶᠠᠯ᠎ᠠ ᠲᠠᠢ ᠭᠡᠵᠦ ᠠᠳᠠᠯᠢᠬᠠᠨ ᠭᠣᠣᠯᠴᠢ ᠪᠠᠷ ᠰᠢᠢᠳᠬᠡᠬᠦ ᠳ᠋ᠦ᠍ ᠮᠢᠨᠦ ᠬᠦᠦ ᠶ᠋ᠢᠨ ᠲᠣᠯᠣᠭᠠᠢ ᠶ᠋ᠢ ᠠᠪᠤᠪᠠᠴᠤ ᠪᠢ ᠨᠢᠳᠦ ᠴᠠᠪᠴᠢᠬᠤ ᠦᠭᠡᠢ᠃ᠬᠠᠷᠢᠨ ᠭᠠᠭᠴᠠ ᠮᠠᠨᠴᠤᠷᠭ᠎ᠠ ᠳ᠋ᠤ᠌ ᠶᠠᠯ᠎ᠠ ᠨᠥᠮᠥᠷᠦᠭᠦᠯᠦᠭᠡᠳ ᠣᠯᠠᠨ ᠤ᠋ ᠨᠢᠳᠦ ᠶ᠋ᠢ ᠬᠠᠭᠤᠷᠴᠤ᠂ ᠴᠡᠴᠡᠭ ᠬᠠᠲᠤᠨ ᠳ᠋ᠤ᠌ ᠭᠠᠪᠢᠶ᠎ᠠ ᠲᠡᠮᠳᠡᠭᠯᠡᠵᠦ ᠥᠩᠭᠡᠷᠡᠭᠦᠯᠬᠦ ᠶᠦ᠍ᠮ ᠪᠣᠯ ᠮᠢᠨᠦ ᠬᠤᠪᠢ ᠳ᠋ᠤ᠌ ᠶᠠᠭᠠᠬᠢᠭᠰᠠᠨ ᠴᠤ᠌ ᠵᠥᠪᠰᠢᠶᠡᠷᠡᠬᠦ ᠦᠭᠡᠢ᠃ ᠴᠡᠴᠡᠭ ᠬᠠᠲᠤᠨ ᠬᠦᠩ ᠨᠣᠶᠠᠨ ᠤ᠋ ᠳᠠᠯᠳᠠᠭᠤᠷ ᠱᠠᠯᠢᠭᠯᠠᠨ ᠵᠠᠪᠬᠠᠢᠷᠠᠬᠤ ᠨᠢ ᠬᠣᠰᠢᠭᠤ ᠵᠠᠰᠠᠭ᠂ ᠬᠦᠩ ᠨᠣᠶᠠᠨ ᠤ᠋ ᠨᠡᠷ᠎ᠡ ᠨᠢᠭᠤᠷ ᠢ᠋ ᠬᠥᠳᠡᠵᠦ ᠪᠠᠢᠨ᠎ᠠ ᠤᠤ ? ᠰᠦᠳᠡᠵᠦ ᠪᠠᠢᠨ᠎ᠠ ᠤᠤ? ᠡᠭᠦᠨ ᠢ᠋ ᠪᠠᠷᠠᠭᠤᠨ ᠲᠤᠰᠠᠯᠠᠭᠴᠢ ᠨᠣᠶᠠᠨ ᠪᠠᠢᠲᠤᠭᠠᠢ ᠪᠠᠯᠴᠢᠷ ᠬᠡᠦᠬᠡᠳ ᠴᠦ᠍ ᠵᠥᠪ ᠰᠣᠯᠣᠭᠠᠢ ᠶ᠋ᠢ ᠨᠢ ᠮᠡᠳᠡᠬᠦ ᠪᠠᠢᠯᠭᠦᠢ᠃ 
      《ᠡᠨᠡ ᠬᠤᠯᠵᠢᠨ ᠦᠨᠡᠭᠡᠨ ᠦ᠌ ᠬᠤᠴᠠᠬᠤ ᠶ᠋ᠢᠨ ᠬᠢᠨᠢ ᠬᠣᠣᠷᠲᠠᠢ ᠭᠡᠵᠢ ᠠ᠋ !》ᠭᠡᠵᠦ ᠪᠣᠳᠣᠭᠰᠠᠨ ᠪᠠᠷᠠᠭᠤᠨ ᠲᠤᠰᠠᠯᠠᠭᠴᠢ ᠮᠢᠩᠭᠠᠨᠪᠤᠤ᠂ ᠡᠯᠳᠡᠩᠭᠡ ᠶ᠋ᠢᠨ ᠡᠮᠦᠨ᠎ᠡ ᠡᠴᠡ ᠥᠴᠢᠬᠦ ᠦᠭᠡ ᠣᠯᠳᠠᠭᠰᠠᠨ ᠦᠭᠡᠢ ᠳ᠋ᠡᠭᠡᠨ ᠨᠢᠳᠦᠨ ᠳ᠋ᠦ᠍ᠨᠢ ᠬᠢᠯᠢᠩ ᠦ᠋ᠨ ᠣᠴᠢ ᠪᠠᠳᠠᠷᠠᠵᠤ ᠪᠠᠢᠯ᠎ᠠ᠃ ᠨᠢᠭᠡ ᠪᠣᠳᠣᠪᠠᠯ ᠦᠨᠡᠬᠡᠷ ᠶᠣᠰᠣᠲᠠᠢ ᠦᠭᠡ ᠭᠠᠵᠠᠷ ᠳᠠ᠃ ᠬᠣᠶᠠᠷ ᠠᠯᠠᠭ᠎ᠠ ᠬᠠᠪᠰᠤᠷᠬᠤ ᠦᠭᠡᠢ ᠪᠣᠯ ᠶᠠᠭᠤᠨ ᠳ᠋ᠤ᠌ ᠳᠠᠭᠤᠨ ᠭᠠᠷᠬᠤ ᠪᠣᠢ᠃ ᠭᠡᠪᠡᠴᠦ ᠪᠣᠭᠣᠯ ᠬᠥᠮᠦᠨ ᠳ᠋ᠦ᠍ ᠵᠥᠪ ᠦᠭᠡᠢ᠂ ᠪᠤᠷᠤᠭᠤ ᠭᠠᠵᠠᠷ ᠨᠠᠷᠠ ᠦᠭᠡᠢ ᠭᠡᠳᠡᠭ ᠰᠢᠦ ᠳᠡ᠃ ᠨᠣᠶᠠᠨ ᠤ᠋ ᠬᠠᠲᠤᠨ ᠳ᠋ᠤ᠌ ᠶᠠᠮᠠᠷ ᠶᠠᠯ᠎ᠠ ᠪᠠᠢᠯ᠎ᠠ ᠭᠡᠳ ᠬᠡᠨ ᠬᠥᠮᠦᠨ ᠠᠶᠤᠮᠰᠢᠭ ᠦᠭᠡᠢ ᠲᠣᠭᠠᠴᠢᠬᠤ ᠪᠢᠯᠡ᠃ ᠡᠯᠳᠡᠩᠭᠡ᠂ᠲᠤᠰᠠᠯᠠᠭᠴᠢ ᠶ᠋ᠢᠨ ᠰᠣᠷᠲᠣᠭᠣ ᠪᠠᠨ ᠨᠠᠳᠠ ᠳ᠋ᠤ᠌ ᠭᠠᠷᠭᠠᠨ ᠶᠠᠩᠪᠠᠷᠬᠠᠬᠤ ᠴᠤ᠌ ᠭᠠᠢᠭᠤᠢ ᠬᠡᠷᠡᠭ! ᠴᠢᠳᠠᠯ ᠴᠢᠨᠢ ᠪᠠᠢᠪᠠᠯ ᠴᠠᠭᠠᠳᠤ ᠬᠦᠩ ᠨᠣᠶᠠᠨ ᠤ᠋ ᠥᠭᠡᠳᠡ ᠡᠴᠡ ᠨᠢ ᠴᠣᠪ ᠴᠣᠪ ᠭᠡᠬᠦ ᠶᠦ᠍ᠮ ᠪᠢᠰᠢ ᠤᠤ? ᠡᠨᠡ ᠬᠡᠷᠡᠭ ᠢ᠋ ᠡᠪ ᠢ᠋ ᠨᠢ ᠰᠠᠢᠬᠠᠨ ᠦᠵᠡᠬᠦ ᠦᠭᠡᠢ ᠪᠣᠯ ᠲᠤᠰᠠᠯᠠᠭᠴᠢ ᠭᠤᠸᠠᠢ ᠲᠠ ᠵᠡᠷᠭᠡ ᠵᠢᠩᠰᠡ ᠪᠡᠨ ᠬᠤᠰᠤᠭᠤᠯᠵᠤ᠂ ᠶᠠᠭᠤ ᠴᠤ᠌ ᠦᠭᠡᠢ ᠲᠠᠯ᠎ᠠ ᠳᠡᠭᠡᠷ᠎ᠡ ᠰᠠᠭᠤᠬᠤ ᠳ᠋ᠤ᠌ ᠬᠣᠯᠠ ᠦᠭᠡᠢ ᠪᠠᠢᠬ᠎ᠠ ᠭᠡᠵᠦ ᠪᠣᠳᠣᠭᠰᠠᠨ ᠮᠢᠩᠭᠠᠨᠪᠤᠤ ᠰᠠᠭᠤᠷᠢ ᠠᠯᠲᠠᠨ ᠣᠪᠣᠯᠵᠠᠵᠤ᠄ 
       — ᠵᠠ᠂ ᠲᠤᠰᠠᠯᠠᠭᠴᠢ ᠭᠤᠸᠠᠢ ᠠ᠋! ᠬᠦᠩ ᠨᠣᠶᠠᠨ ᠤ᠋ ᠵᠠᠷᠯᠢᠭ ᠵᠠᠬᠢᠶ᠎ᠠ ᠶ᠋ᠢ ᠲᠠᠨ ᠳ᠋ᠤ᠌ ᠡᠢᠨ ᠬᠦ᠌ ᠠᠢᠯᠠᠳᠬᠠᠯ᠎ᠠ᠃ ᠣᠴᠢᠳᠠᠭ ᠪᠠᠢᠳᠠᠭ ᠢ᠋ᠶ᠋ᠠᠨ ᠥᠪᠡᠷ ᠢ᠋ᠶ᠋ᠡᠨ ᠮᠡᠳᠡᠨ᠎ᠡ ᠪᠢᠵᠡ! ᠬᠡᠷᠡᠭ ᠶᠠᠪᠤᠳᠠᠯ ᠪᠤᠷᠤᠭᠤ ᠪᠠᠷ ᠡᠷᠭᠢᠵᠦ ᠢᠷᠡᠬᠦ ᠪᠡᠷ ᠲᠠ ᠭᠡᠮᠰᠢᠵᠦ ᠮᠡᠳᠡᠨ᠎ᠡ ᠭᠡᠳ ᠵᠥᠭᠡᠯᠡᠨ ᠲᠠᠪᠠᠭ ᠲᠠᠢ ᠬᠤᠷᠴᠠ ᠬᠢᠮᠤᠰᠤ ᠲᠠᠢ ᠭᠠᠰᠢᠭᠤᠬᠠᠨ ᠦᠭᠡ ᠬᠡᠯᠡᠴᠢᠬᠡᠭᠡᠳ ᠭᠠᠷᠴᠤ ᠶᠠᠪᠤᠪᠠ᠃ 
       ᠡᠯᠳᠡᠩᠭᠡ᠂ ᠮᠢᠩᠭᠠᠨᠪᠤᠤ ᠶ᠋ᠢᠨ ᠠᠷᠤ ᠠ᠋ᠴᠠ ᠳᠠᠭᠠᠵᠤ ᠭᠠᠷᠤᠭᠠᠳ᠄ 
       — ᠪᠠᠢᠵᠠ! ᠭᠡᠵᠦ ᠨᠠᠮᠤᠭᠤᠬᠠᠨ ᠳᠤᠤᠭᠠᠷᠬᠤ ᠪᠠᠷ ᠮᠢᠩᠭᠠᠨᠪᠤᠤ ᠶ᠋ᠢᠨ ᠬᠥᠯ ᠨᠢ ᠳᠤᠰᠢᠭᠳᠠᠵᠤ ᠵᠣᠭᠰᠣᠯ᠎ᠠ᠃ 
       — ᠲᠤᠰᠠᠯᠠᠭᠴᠢ ᠲᠠ᠂ ᠶᠠᠭᠤ ᠰᠠᠨᠠᠵᠤ ᠣᠯᠪᠠ? ᠪᠤᠰᠢᠭᠤᠬᠠᠨ ᠠᠢᠯᠠᠳᠬᠠᠭᠠᠷᠠᠢ ᠭᠡᠵᠦ ᠬᠥᠩᠭᠡᠮᠰᠦᠭ ᠳᠤᠤᠭᠠᠷᠤᠨ ᠡᠯᠳᠡᠩᠭᠡ ᠶ᠋ᠢᠨ ᠠᠮᠠᠨ ᠠ᠋ᠴᠠ 《ᠪᠢ ᠬᠦᠦ ᠪᠡᠨ ᠬᠦᠷᠭᠡᠵᠦ ᠣᠴᠢᠶ᠎ᠠ᠂ ᠪᠤᠷᠤᠭᠤ ᠪᠠᠨ ᠮᠡᠳᠡᠷᠡᠵᠦ ᠪᠠᠢᠨ᠎ᠠ 》 ᠭᠡᠰᠡᠨ ᠣᠯᠵᠠᠭᠤᠷᠬᠠᠭ ᠦᠭᠡ ᠶ᠋ᠢ ᠭᠠᠨᠵᠤᠭᠠᠯᠠᠵᠤ ᠶᠠᠪᠤᠬᠤ ᠶ᠋ᠢ ᠭᠣᠷᠢᠳᠠᠭᠰᠠᠨ ᠮᠢᠩᠭᠠᠨᠪᠤᠤ ᠶ᠋ᠢᠨ ᠨᠢᠳᠦ ᠨᠢ ᠬᠡᠷᠡᠯᠳᠦᠬᠦ ᠰᠢᠭ ᠪᠣᠯᠪᠠ᠃ ᠲᠡᠭᠡᠬᠦ ᠳ᠋ᠦ᠍ ᠡᠯᠳᠡᠩᠭᠡ ᠶ᠋ᠢᠨ ᠠᠮᠠᠨ ᠠ᠋ᠴᠠ ᠲᠡᠭᠦᠨ ᠦ᠌ ᠰᠠᠨᠠᠭᠰᠠᠨ ᠰᠢᠭ᠋ ᠲᠡᠢᠮᠦ ᠬᠥᠩᠭᠡᠮᠰᠦᠭ ᠦᠭᠡ ᠭᠠᠷᠤᠭᠰᠠᠨ ᠦᠭᠡᠢ᠃ 
       — ᠮᠢᠩᠭᠠᠨᠪᠤᠤ ᠲᠤᠰᠠᠯᠠᠭᠴᠢ ᠲᠠ ᠣᠴᠢᠵᠤ ᠴᠠᠭᠠᠳᠤ ᠮᠠᠨᠠᠭᠤᠯ ᠬᠦᠩ ᠨᠣᠶᠠᠨ ᠳ᠋ᠤ᠌ ᠦᠨᠡᠨᠴᠢ ᠪᠡᠷ ᠮᠡᠳᠡᠭᠦᠯᠦᠭᠡᠷᠡᠢ᠃ ᠬᠦᠩ ᠨᠣᠶᠠᠨ ᠴᠡᠴᠡᠭ ᠬᠠᠲᠤᠨ ᠢ᠋ᠶ᠋ᠠᠨ ᠶᠠᠯ᠎ᠠ ᠲᠣᠭᠠᠴᠢᠵᠤ ᠬᠣᠰᠢᠭᠤ ᠳᠠᠶᠠᠭᠠᠷ ᠲᠤᠩᠬᠠᠭᠯᠠᠪᠠᠯ᠂ ᠮᠠᠷᠭᠠᠲᠤᠷ ᠨᠢ ᠪᠢ ᠮᠠᠨᠴᠤᠷᠭ᠎ᠠ ᠶ᠋ᠢ ᠶᠠᠮᠤᠨ ᠤ᠋ ᠴᠠᠭᠠᠵᠠ ᠪᠠᠷ ᠰᠢᠢᠳᠬᠡᠭᠦᠯᠬᠦ  ᠪᠡᠷ ᠣᠴᠢᠨ᠎ᠠ᠃ ᠣᠰᠣᠯᠳᠠᠬᠤ ᠶᠠᠭᠤᠮ᠎ᠠ ᠠᠯᠠᠭ᠎ᠠ ᠭᠡᠵᠦ ᠡᠯᠳᠡᠩᠭᠡ ᠲᠤᠰᠠᠯᠠᠭᠴᠢ ᠬᠡᠯᠡᠬᠦ ᠳ᠋ᠦ᠍ ᠮᠢᠩᠭᠠᠨᠪᠤᠤ᠂ ᠡᠯᠳᠡᠩᠭᠡ ᠶ᠋ᠢ ᠤᠳᠠᠲᠠᠯ᠎ᠠ ᠬᠠᠷᠠᠵᠤ ᠬᠠᠷᠠᠭᠠᠳ ᠶᠠᠭᠤ ᠴᠤ᠌ ᠳᠤᠤᠭᠠᠷᠤᠭᠰᠠᠨ ᠦᠭᠡᠢ ᠪᠡᠶ᠎ᠡ ᠡᠷᠭᠢᠨ ᠱᠣᠩ ᠤᠷᠤᠭᠤ ᠶᠠᠪᠤᠯ᠎ᠠ᠃ 
       ᠬᠠᠶᠠᠭᠠᠨ ᠳ᠋ᠤ᠌ ᠵᠣᠭᠰᠣᠭ᠎ᠠ ᠬᠣᠶᠠᠷ ᠳᠠᠭᠠᠯᠲᠠ ᠬᠢᠶ᠎ᠡ ᠨᠢ ᠱᠣᠩ ᠤᠷᠤᠭᠤ ᠱᠣᠭᠰᠢᠶ᠎ᠠ ᠪᠠᠷ ᠭᠦᠶᠦᠵᠦ ᠪᠠᠷᠠᠭᠤᠨ ᠲᠤᠰᠠᠯᠠᠭᠴᠢ ᠶ᠋ᠢᠨ ᠮᠣᠷᠢᠨ ᠤ᠋ ᠴᠤᠯᠪᠤᠭᠤᠷ ᠢ᠋ ᠲᠠᠢᠯᠵᠤ ᠲᠡᠭᠦᠨ ᠢ᠋ ᠡᠷᠭᠦᠵᠦ ᠮᠣᠷᠳᠠᠭᠤᠯᠤᠭᠠᠳ ᠠᠷᠤ ᠠ᠋ᠴᠠ ᠨᠢ ᠱᠣᠭᠰᠢᠪᠠ᠃  
       ᠡᠯᠳᠡᠩᠭᠡ᠂ ᠪᠠᠷᠠᠭᠤᠨ ᠲᠤᠰᠠᠯᠠᠭᠴᠢ ᠶ᠋ᠢᠨ ᠪᠠᠷ᠎ᠠ ᠶ᠋ᠢ ᠳᠠᠯᠳᠠᠷᠠᠲᠠᠯ᠎ᠠ ᠬᠠᠷᠠᠵᠤ ᠵᠣᠭᠰᠣᠬᠤ ᠳ᠋ᠠᠭᠠᠨ《ᠬᠠᠷᠠᠵᠤ ᠯᠠ ᠪᠠᠢ ᠳᠠ᠂ ᠴᠣᠬᠣᠮ ᠬᠡᠨ ᠨᠢ ᠰᠢᠷᠣᠢ  ᠡᠮᠬᠦᠵᠦ ᠡᠯᠢᠭᠡ ᠲᠦᠷᠤᠭᠦᠯᠡᠭᠡᠨ ᠣᠢᠴᠢᠬᠤ ᠪᠣᠯ ᠳᠠ ! ᠴᠢᠭᠢᠶᠡᠲᠦᠷᠦᠦ ! 》 ᠭᠡᠵᠦ ᠳᠦᠳᠦᠨᠡᠨ ᠭᠡᠷ ᠲᠡᠭᠡᠨ ᠣᠷᠣᠯ᠎ᠠ ᠁ 《ᠱᠠᠵᠢᠨ ᠪᠠᠳᠠᠷᠠᠭᠤᠯᠤᠭᠴᠢ ᠰᠦᠮ᠎ᠡ 》 ᠶ᠋ᠢᠨ ᠮᠠᠨᠢ ᠶ᠋ᠢᠨ ᠬᠤᠷᠠᠯ ᠲᠠᠷᠬᠠᠮᠠᠭᠴᠠ ᠡᠯᠳᠡᠩᠭᠡ ᠶᠠᠪᠤᠳᠠᠯ ᠤᠴᠢᠷ ᠤ᠋ᠨ ᠪᠤᠷᠤᠭᠤ ᠲᠡᠢᠰᠢ ᠡᠷᠭᠢᠬᠦ ᠬᠠᠨᠳᠤᠰᠢ ᠶ᠋ᠢ ᠲᠥᠰᠦᠪᠯᠡᠵᠦ ᠮᠡᠳᠡᠭᠡᠳ ᠡᠳ᠋ ᠠᠭᠤᠷᠠᠰᠤ᠂ ᠲᠣᠷᠭ᠎ᠠ ᠪᠠᠷᠠᠭ᠎ᠠ᠂ ᠮᠥᠩᠭᠥ ᠵᠣᠭᠣᠰ᠂ ᠲᠠᠷᠢᠶ᠎ᠠ ᠪᠤᠳᠠᠭ᠎ᠠ᠂ ᠭᠡᠷ ᠲᠡᠷᠭᠡ ᠪᠡᠨ ᠬᠦᠷᠲᠡᠯ᠎ᠡ ᠬᠡᠳᠦᠨ ᠲᠠᠢᠰᠢ ᠨᠡᠭᠦᠯᠭᠡᠨ ᠰᠢᠯᠵᠢᠭᠦᠯᠬᠦ ᠠᠵᠢᠯ ᠢ᠋ ᠱᠠᠯᠠᠪᠬᠠᠨ ᠬᠢᠪᠡ᠃ ᠡᠳ᠋ ᠡᠷᠳᠡᠨᠢᠰ ᠵᠡᠷᠭᠡ ᠶ᠋ᠢᠨ ᠬᠡᠳᠦᠨ ᠯᠠᠭᠤᠰᠠᠨ ᠠᠴᠢᠶ᠎ᠠ ᠪᠠᠨ ᠬᠦᠩ ᠦ᠋ᠨ ᠰᠦᠮ᠎ᠡ ᠶ᠋ᠢᠨ ᠬᠣᠢᠲᠤ ᠠᠭᠤᠯᠠᠨ ᠤ᠋ ᠬᠠᠳᠠᠨ ᠠᠭᠤᠢ ᠳ᠋ᠤ᠌ ᠨᠢᠭᠤᠵᠤ ᠲᠠᠯᠪᠢᠪᠠ᠃ ᠪᠤᠳᠠᠭ᠎ᠠ ᠲᠠᠷᠢᠶ᠎ᠠ ᠪᠠᠨ ᠵᠠᠷᠢᠮ ᠢ᠋ ᠨᠢ ᠭᠠᠳᠠᠭᠰᠢ ᠰᠢᠯᠵᠢᠭᠦᠯᠵᠦ᠂ ᠵᠠᠢᠮ ᠢ᠋ ᠨᠢ ᠭᠦᠨ ᠵᠣᠭᠣᠷᠢ ᠮᠠᠯᠲᠠᠵᠤ ᠵᠣᠭᠣᠷᠢᠯᠠᠪᠠ᠃ ᠨᠢᠭᠡ ᠪᠦᠯᠦᠭ ᠡᠳ᠋ ᠠᠭᠤᠷᠠᠰᠤ᠂ ᠡᠩ ᠦ᠋ᠨ ᠬᠡᠷᠡᠭᠯᠡᠭᠡᠨ ᠦ᠌ ᠵᠠᠷᠤᠳᠠᠯ ᠬᠡᠷᠡᠭᠰᠡᠯ ᠢ᠋ᠶ᠋ᠡᠨ ᠬᠠᠷᠢ ᠬᠤᠰᠢᠭᠤᠨ ᠳ᠋ᠤ᠌ ᠳᠠᠯᠳᠠᠭᠤᠷ ᠰᠢᠯᠵᠢᠭᠦᠯᠦᠭᠰᠡᠨ ᠢ᠋ ᠰᠡᠷᠡᠵᠦ ᠮᠡᠳᠡᠭᠰᠡᠨ ᠬᠥᠮᠦᠨ ᠦᠭᠡᠢ ! 
       ᠨᠢᠳᠦ ᠴᠢᠴᠢᠮ᠎ᠡ ᠫᠠᠳ ᠬᠠᠷᠠᠩᠭᠤᠢ ᠰᠥᠨᠢ᠃ 
       ᠨᠢᠭᠡ ᠮᠣᠷᠢᠲᠠᠢ ᠬᠥᠮᠦᠨ ᠨᠣᠶᠠᠨ ᠰᠠᠩ ᠤ᠋ᠨ ᠪᠠᠭᠤᠷᠢ ᠶ᠋ᠢᠨ ᠪᠠᠷᠠᠭᠤᠨ ᠡᠮᠦᠨ᠎ᠡ ᠥᠨᠴᠥᠭ ᠪᠠᠷᠢᠵᠤ ᠰᠠᠭᠤᠭᠰᠠᠨ ᠦᠯᠵᠡᠢᠰᠠᠩ ᠤ᠋ᠨ ᠭᠡᠷ ᠦ᠋ᠨ ᠬᠠᠶᠠᠭᠠᠨ ᠳ᠋ᠤ᠌ ᠪᠠᠭᠤᠯ᠎ᠠ᠃ 
      ᠭᠡᠷ ᠳᠣᠲᠣᠷ᠎ᠠ ᠨᠠᠮ ᠵᠢᠮ᠃ ᠦᠯᠵᠡᠢᠰᠠᠩ ᠲᠤᠭ ᠨᠣᠢᠷ ᠲᠠᠭᠠᠨ᠃ ᠮᠠᠨᠴᠤᠷᠭ᠎ᠠ ᠶ᠋ᠢ ᠦᠭᠡᠢ ᠬᠢᠵᠦ ᠴᠢᠳᠠᠭᠰᠠᠨ ᠳ᠋ᠠᠭᠠᠨ ᠣᠮᠣᠭᠰᠢᠵᠤ᠂ ᠬᠦᠩ ᠨᠣᠶᠠᠨ ᠤ᠋ ᠰᠡᠢᠷᠬᠠᠯ ᠢ᠋ ᠣᠯᠬᠤ ᠶᠤᠮᠰᠠᠨ ᠭᠡᠰᠡᠨ ᠭᠣᠷᠢᠳᠠᠯ ᠳᠠᠭᠠᠨ ᠰᠣᠭᠲᠣᠭᠤᠷᠠᠭᠰᠠᠨ ᠦᠯᠵᠡᠢᠰᠠᠩ ᠪᠠᠷᠤᠭ ᠨᠡᠷ᠎ᠡ ᠵᠢᠯ ᠢ᠋ᠶ᠋ᠡᠨ ᠮᠠᠷᠲᠠᠬᠤ ᠳ᠋ᠤ᠌ ᠲᠤᠯᠵᠠᠢ᠃ ᠲᠡᠷᠡ ᠰᠥᠨᠢ᠂ ᠵᠢᠭᠠᠬᠠᠨ ᠯᠠᠪᠳᠠᠭᠤᠨ ᠣᠷᠣᠵᠤ ᠮᠠᠨᠴᠤᠷᠭ᠎ᠠ ᠶ᠋ᠢ ᠳᠤᠲᠠᠭᠠᠯᠭᠠᠭᠰᠠᠨ ᠦᠭᠡᠢ ᠬᠦᠯᠢᠶᠡᠰᠦᠲᠡᠢ ᠲᠡᠢ ᠨᠢ ᠬᠦᠩ ᠨᠣᠶᠠᠨ ᠳ᠋ᠤ᠌ ᠬᠦᠷᠭᠡᠭᠰᠡᠨ ᠪᠣᠯ ᠮᠢᠨᠦ ᠬᠤᠪᠢ ᠵᠠᠶᠠᠭ᠎ᠠ ᠠᠷᠠᠢ ᠡᠭᠦᠨ ᠡᠴᠡ ᠳᠡᠭᠡᠭᠦᠷ ᠪᠡᠢᠬᠤ ᠶᠣᠰᠣᠲᠠᠢ᠃  ᠠᠢ ᠳᠠ᠂ ᠳᠠᠩᠴᠤ ᠨᠢᠭᠡ ᠴᠦᠯᠢᠰ ᠶᠠᠭᠤᠮ᠎ᠠ ᠬᠢᠴᠢᠬᠡᠯ᠎ᠡ ᠭᠡᠵᠦ ᠳᠣᠲᠣᠷ᠎ᠠ ᠪᠠᠨ ᠭᠡᠮᠰᠢᠬᠦ ᠶ᠋ᠢᠨ ᠬᠢᠨᠢ ᠴᠠᠭᠠᠨ᠎ᠠ ᠨᠢ ᠮᠠᠨᠴᠤᠷᠭ᠎ᠠ ᠠᠯᠢ ᠨᠢᠭᠡ ᠡᠳᠦᠷ ᠠᠮᠢᠨ ᠳ᠋ᠤᠨᠢ ᠣᠷᠣᠮ᠎ᠠ ᠬᠠᠲᠠᠭᠤ ᠲᠣᠭᠯᠠᠭᠠᠮ ᠬᠢᠵᠦ ᠮᠡᠳᠡᠬᠦ ᠶᠦᠮ ᠭᠡᠳᠡᠭ ᠠᠢᠩᠭᠤᠷᠢ ᠶ᠋ᠢ ᠪᠣᠳᠣᠵᠤ ᠥᠩᠭᠡᠷᠡᠭᠰᠡᠨ ᠦᠭᠡᠢ ᠪᠢᠰᠢ᠃ ᠪᠣᠳᠣᠬᠤ ᠪᠣᠳᠣᠬᠤ ᠳ᠋ᠠᠭᠠᠨ ᠵᠠᠷᠢᠮ ᠳ᠋ᠠᠭᠠᠨ ᠰᠥᠨᠢ ᠬᠠᠷ᠎ᠠ ᠳᠠᠷᠤᠭᠠᠳ ᠰᠡᠷᠡᠳᠡᠭ ᠤᠳᠠᠭ᠎ᠠ ᠴᠤ᠌ ᠭᠠᠷᠪᠠ᠃ ᠢᠩᠭᠢᠵᠦ ᠦᠷᠭᠦᠯᠵᠢ ᠰᠠᠢᠨ ᠮᠠᠭᠤ᠂ ᠥᠭᠡᠳᠡ ᠤᠷᠤᠭᠤ ᠲᠠᠢ ᠡᠭᠡᠳᠡᠷᠡᠭᠡᠨᠲᠦ ᠪᠣᠳᠣᠯ ᠳ᠋ᠤ᠌ ᠠᠪᠲᠠᠵᠤ ᠶᠠᠪᠤᠬᠤ ᠳ᠋ᠠᠭᠠᠨ ᠰᠠᠢᠨ ᠪᠡᠯᠭᠡ ᠪᠡᠷ ᠮᠠᠭᠤ ᠢᠷᠣ᠎ᠠ ᠶ᠋ᠢᠨ ᠰᠤᠪᠢᠨ ᠢ᠋ ᠳᠡᠢᠯᠬᠦ ᠤᠬᠠᠭᠠᠨ ᠢ᠋ᠶ᠋ᠠᠷ ᠪᠡᠶ᠎ᠡ ᠪᠡᠨ ᠬᠠᠭᠤᠷᠴᠤ ᠪᠠᠢᠭᠰᠠᠭᠠᠷ ᠬᠤᠯᠵᠢᠭᠰᠠᠨ ᠨᠣᠢᠷ ᠢ᠋ᠶ᠋ᠠᠨ ᠪᠦᠪᠡᠢᠯᠡᠵᠦ ᠤᠨᠲᠠᠵᠤ ᠣᠷᠬᠢᠳᠠᠭ ᠪᠠᠢᠵᠠᠢ᠃  ᠦᠯᠵᠡᠢᠰᠡᠩ ᠡᠨᠡ ᠰᠥᠨᠢ ᠮᠥᠨ ᠢᠩᠭᠢᠵᠦ ᠪᠣᠳᠣᠨ ᠬᠡᠪᠲᠡᠭᠰᠡᠭᠡᠷ ᠨᠢᠭᠡ ᠮᠡᠳᠡᠬᠦ ᠳ᠋ᠦ᠍ ᠪᠥᠬᠡ ᠤᠨᠲᠠᠵᠤ ᠣᠷᠬᠢᠪᠠ᠃ ᠮᠠᠨᠴᠤᠷᠭ᠎ᠠ ᠡᠭᠦᠳᠡᠨ ᠦ᠌ ᠤᠶᠠᠭ᠎ᠠ ᠶ᠋ᠢ ᠠᠯᠳᠠᠷᠠᠭᠠᠵᠤ ᠭᠡᠷ ᠲᠦ᠍ ᠣᠷᠣᠭᠠᠳ ᠴᠦᠳᠡᠩ ᠵᠢᠷᠤᠨ ᠭᠡᠷᠡᠯ ᠠᠰᠠᠭᠠᠵᠤ ᠨᠢᠭᠡ ᠲᠠᠮᠠᠬᠢᠯᠠᠲᠠᠯ᠎ᠠ ᠦᠯᠵᠡᠢᠰᠠᠩ ᠰᠡᠷᠡᠭᠰᠡᠨ ᠦᠭᠡᠢ᠃ 
       — ᠮᠥᠨ ᠴᠤ᠌ ᠬᠠᠨᠳᠠᠭ ᠦᠭᠡᠢ ᠨᠣᠢᠷ᠂ ᠬᠠᠪᠤᠳᠳᠠᠭ ᠦᠭᠡᠢ ᠰᠡᠭᠦᠵᠢ ᠶᠦᠮ ᠠ᠋᠃ ᠮᠠᠭᠤ ᠴᠢᠰᠤ᠂ ᠪᠣᠰ! ᠭᠡᠵᠦ ᠮᠠᠨᠴᠤᠷᠭ᠎ᠠ ᠭᠠᠤᠯᠢᠨ ᠲᠣᠯᠣᠭᠠᠢ ᠲᠠᠢ ᠤᠷᠲᠤ ᠭᠠᠩᠰᠠ ᠪᠠᠷ ᠢ᠋ᠶ᠋ᠠᠨ ᠦᠯᠵᠡᠢᠰᠠᠩ ᠤ᠋ᠨ ᠮᠠᠩᠨᠠᠢ ᠳᠡᠭᠡᠷ᠎ᠡ ᠲᠤᠭ ᠲᠤᠭ ᠬᠦᠴᠦᠲᠡᠢ ᠲᠣᠭᠰᠢᠵᠤ ᠲᠠᠮᠠᠬᠢᠨ ᠤ᠋ ᠦᠨᠡᠰᠦ ᠪᠡᠨ ᠭᠦᠪᠢᠪᠡ᠃ 
       — ᠶᠣ᠂ ᠶᠣ ! ᠬᠠᠯᠠᠬᠠᠢ ! ᠭᠡᠵᠦ ᠦᠯᠵᠡᠢᠰᠠᠩ ᠡᠪᠡᠳᠬᠦ ᠴᠤ᠌ ᠰᠢᠭ᠋ ᠬᠠᠯᠠᠬᠤ ᠴᠤ᠌ ᠰᠢᠭ᠋ ᠪᠠᠳᠠᠢᠷᠠᠭᠰᠠᠨ ᠮᠠᠩᠨᠠᠢ ᠪᠠᠨ ᠲᠡᠮᠲᠡᠷᠢᠵᠦ ᠣᠷᠣᠨ ᠠ᠋ᠴᠠ ᠪᠠᠨ ᠬᠣᠪᠬᠤ ᠦᠰᠦᠷᠦᠨ ᠪᠣᠰᠪᠠ᠃ 
       ᠡᠨᠡ ᠬᠦ ᠭᠡᠨᠡᠳᠲᠡ ᠶ᠋ᠢᠨ ᠤᠴᠠᠷᠠᠯ ᠳ᠋ᠤ᠌ ᠪᠣᠳᠣᠯ ᠨᠢ ᠡᠭᠡᠳᠡᠷᠡᠵᠦ᠂ ᠥᠪᠡᠷ ᠦ᠋ᠨ ᠨᠢᠳᠦ ᠴᠢᠬᠢ ᠪᠡᠨ ᠢᠳᠡᠭᠡ ᠶᠠᠳᠠᠨ ᠵᠡᠭᠦᠳᠦᠯᠡᠭᠡ ᠴᠤ᠌ ᠶᠤᠮ ᠤᠤ ᠭᠡᠵᠦ ᠲᠣᠯᠣᠭᠠᠢ ᠪᠠᠨ ᠳᠠᠮᠠᠷᠤᠳᠠᠭᠤᠯᠪᠠ᠃  ᠨᠣᠢᠷᠮᠤᠭ ᠨᠢᠳᠦ ᠪᠡᠨ ᠨᠤᠬᠤᠯᠠᠵᠤ ᠨᠤᠬᠤᠯᠠᠵᠤ ᠡᠮᠦᠨᠡᠬᠢ ᠰᠠᠭᠤᠭ᠎ᠠ ᠬᠥᠮᠦᠨ ᠨᠢ ᠮᠠᠨᠴᠤᠷᠭ᠎ᠠ ᠪᠣᠯᠬᠤ ᠶ᠋ᠢ ᠯᠠᠪ ᠲᠠᠨᠢᠬᠤ ᠳ᠋ᠠᠭᠠᠨ ᠪᠢᠯᠢᠭ ᠰᠦᠨᠡᠰᠦ ᠨᠢ ᠪᠡᠶ᠎ᠡ ᠳ᠋ᠦ᠍ᠨᠢ ᠦᠭᠡᠢ ᠪᠣᠯᠵᠤ᠂ ᠪᠦᠷᠭᠦᠳ ᠡᠴᠡ ᠬᠢᠷᠤᠭᠰᠠᠨ ᠪᠥᠵᠥᠩ ᠰᠢᠭ ᠠᠶᠤᠨ ᠳᠠᠭᠵᠢᠵᠤ ᠨᠢᠳᠦ ᠨᠢ ᠲᠣᠭᠲᠠᠭᠠᠳ ᠶᠠᠭᠠᠬᠢᠬᠤ ᠪᠠᠨ ᠣᠯᠬᠤ ᠦᠭᠡᠢ ᠪᠣᠯᠪᠠ᠃ 
       — ᠪᠣᠰᠴᠤ ᠬᠤᠪᠴᠠᠯᠠᠭᠠᠳ ᠡᠭᠦᠨ ᠳᠡᠭᠡᠷ᠎ᠡ ᠥᠴᠢᠭᠯᠡᠯ ᠪᠢᠴᠢ! ᠭᠡᠵᠦ ᠰᠢᠷᠡᠭᠡᠨ ᠳᠡᠭᠡᠷ᠎ᠡ ᠳᠡᠯᠭᠡᠵᠦ ᠲᠠᠯᠪᠢᠭᠰᠠᠨ ᠠᠶᠤᠰᠢ ᠬᠠᠳᠠᠭ ᠪᠠ ᠦᠰᠦᠨ ᠪᠢᠷ ᠢ᠋ ᠵᠢᠭᠠᠪᠠ᠃ 
       ᠦᠯᠵᠡᠢᠰᠠᠩ ᠤ᠋ᠨ ᠪᠡᠶ᠎ᠡ ᠳ᠋ᠦ᠍ ᠶᠠᠮᠠᠷ ᠨᠢᠭᠡ ᠲᠣᠭᠰᠢᠨ ᠠᠷᠢᠶᠠᠲᠠᠨ ᠤ᠋ ᠬᠢᠮᠤᠰᠤ ᠰᠢᠭᠢᠳᠦᠭᠰᠡᠨ ᠰᠢᠭ ᠪᠦᠬᠦ ᠪᠡᠶ᠎ᠡ ᠨᠢ ᠡᠪᠡᠷᠰᠢᠶᠡᠨ ᠡᠪᠡᠳᠴᠦ ᠵᠥᠪᠬᠡᠨ ᠣᠢ ᠮᠡᠳᠡᠷᠡᠯ ᠦᠭᠡᠢ ᠮᠢᠬᠠᠨ ᠪᠠᠯᠢᠩ ᠰᠢᠭ᠋ ᠱᠤᠤᠬᠢᠲᠤᠨᠠᠵᠤ ᠬᠤᠪᠴᠠᠰᠤ ᠬᠤᠨᠠᠷ ᠢ᠋ᠶ᠋ᠠᠨ ᠡᠮᠦᠰᠬᠦ ᠪᠡᠷ ᠥᠴᠥᠭᠡᠨᠡᠨ᠎ᠡ᠃ 
       ᠦᠯᠵᠡᠢᠰᠠᠩ ᠤ᠋ᠨ ᠰᠠᠬᠠᠯ ᠨᠢ ᠡᠷᠪᠡᠩ ᠡᠷᠪᠡᠩ ᠬᠥᠳᠡᠯᠵᠦ ᠦᠵᠦᠭ ᠠᠳᠬᠤᠭᠰᠠᠨ ᠭᠠᠷ ᠨᠢ ᠴᠡᠴᠡᠷᠡᠨ᠎ᠡ᠃  ᠪᠡᠬᠡ ᠁ ᠪᠡᠢᠬᠤ ᠦᠭᠡᠢ ᠁  ᠶᠠᠭᠤ ᠁ ᠶᠠᠭᠤ ᠪᠠᠷ ᠁ ᠪᠢ ᠁  ᠭᠡᠵᠦ ᠮᠠᠨᠴᠤᠷᠭ᠎ᠠ ᠶ᠋ᠢ ᠴᠢᠷᠠᠢᠳᠠᠭᠰᠠᠨ ᠨᠢᠳᠦ ᠨᠢ ᠭᠡᠷᠡᠯ ᠰᠦᠯᠳᠡ ᠦᠭᠡᠢ ᠬᠢᠮᠡᠯ ᠰᠠᠭᠠᠵᠠᠩ ᠨᠢᠳᠦ ᠰᠢᠭ ᠰᠤᠬᠤᠢᠵᠤ  ᠬᠠᠷᠠᠭᠳᠠᠬᠤ ᠨᠢ ᠳᠤᠲᠠᠭᠤ ᠦᠬᠦᠭᠰᠡᠨ ᠬᠥᠮᠦᠨ ᠰᠢᠭ ᠶᠣᠣᠵᠠ ᠦᠭᠡᠢ ᠪᠡᠢᠪᠠ᠃  
       — ᠪᠡᠬᠡ ᠪᠡᠷ ᠡᠴᠢᠭᠡ ᠪᠡᠨ ᠬᠢᠬᠦ ᠶᠦᠮ? ᠮᠠᠢ! ᠭᠡᠵᠦ ᠴᠠᠭᠠᠳᠤ ᠲᠠᠯ᠎ᠠ ᠭᠦᠩᠭᠠᠷᠠᠪᠠ ᠶ᠋ᠢᠨ ᠳᠣᠣᠷᠠᠬᠢ ᠱᠦᠭᠦᠢ ᠶ᠋ᠢᠨ ᠥᠷᠥᠭᠡᠰᠦᠨ ᠨᠢᠳᠦᠨ ᠦ᠌ ᠭᠠᠤᠯᠢᠨ ᠭᠠᠷᠠᠬ᠎ᠠ ᠶ᠋ᠢ ᠲᠠᠲᠠᠵᠤ ᠲᠣᠲᠣᠷ᠎ᠠ ᠠ᠋ᠴᠠ ᠨᠢ ᠬᠣᠭᠣᠰᠣᠨ ᠲᠠᠬᠢᠯ ᠠᠪᠴᠤ ᠰᠢᠷᠡᠭᠡᠨ ᠳᠡᠭᠡᠷ᠎ᠡ ᠲᠠᠱ ᠬᠢᠲᠡᠯ᠎ᠡ ᠲᠠᠯᠪᠢᠪᠠ᠃ 
       — ᠤᠷᠢᠳ ᠢ᠋ᠶ᠋ᠠᠷ ᠪᠤᠷᠬᠠᠨ ᠳ᠋ᠤ᠌ ᠵᠤᠯᠠ ᠪᠠᠷᠢᠬᠤ ᠤᠤ ᠭᠡᠵᠦ ᠦᠯᠵᠡᠢᠰᠠᠩ ᠭᠠᠤᠯᠢᠨ ᠲᠠᠬᠢᠯ ᠢ᠋ ᠠᠪᠴᠤ ᠪᠣᠰᠬᠤ ᠭᠡᠲᠡᠯ᠎ᠡ ᠮᠠᠨᠴᠤᠷᠭ᠎ᠠ᠄ 
       — ᠳᠤᠬᠤᠨ ᠤ᠋ ᠴᠢᠨᠢ ᠵᠤᠯᠠ ᠪᠠᠷᠢᠬᠤ! ᠴᠢ ᠪᠤᠷᠬᠠᠨ ᠳ᠋ᠤ᠌ ᠵᠤᠯᠠ ᠪᠠᠷᠢᠳᠠᠭ ᠨᠢᠭᠦᠯᠡᠰᠦᠩᠭᠦᠢ ᠰᠡᠳᠬᠢᠯ ᠪᠠᠢᠭᠰᠠᠨ ᠪᠣᠯ ᠥᠨᠥᠳᠥᠷ ᠦ᠋ᠨ ᠬᠡᠮᠵᠢᠶᠡᠨ ᠳ᠋ᠦ᠍ ᠬᠦᠷᠬᠦ ᠦᠭᠡᠢ᠂ ᠬᠤᠷᠤᠭᠤᠨ ᠤ᠋ ᠥᠨᠳᠡᠭᠡᠨ ᠦ᠌ ᠪᠡᠨ ᠴᠢᠰᠤ ᠪᠠᠷ ᠪᠢᠴᠢ! ᠣᠳᠣ ᠴᠢ ᠴᠢᠰᠤᠨ ᠭᠡᠷᠢᠶᠡᠰ ᠪᠢᠴᠢᠬᠦ ᠬᠡᠷᠡᠭᠲᠡᠢ ᠪᠣᠯᠤᠭᠰᠠᠨ᠃ 
       — ᠴᠢᠰᠤᠨ ᠬᠡ᠁ ᠬᠡ᠁ ᠭᠡᠷᠢᠶᠡ᠁ ᠭᠡᠷᠢᠶᠡᠰ ᠠ᠋! ᠭᠡᠳ ᠦᠯᠵᠡᠢᠰᠠᠩ ᠠᠶᠤᠬᠤ ᠳ᠋ᠠᠭᠠᠨ ᠮᠠᠨᠠᠷᠠᠵᠤ ᠤᠨᠠᠪᠠ᠃  
       ᠮᠠᠨᠴᠤᠷᠭ᠎ᠠ ᠳᠣᠲᠣᠷ᠎ᠠ ᠪᠠᠨ《ᠡᠨᠡ ᠮᠠᠭᠤ ᠰᠥᠰᠥ ᠦᠭᠡᠢ ᠳᠠᠮᠰᠢᠭ᠂ ᠭᠠᠭᠴᠠ ᠵᠠᠩᠳᠤᠷᠬᠤ ᠳ᠋ᠤ᠌ ᠦᠮᠤᠳᠤᠨ ᠳ᠋ᠠᠭᠡᠨ ᠰᠢᠭᠡᠰᠦ ᠠᠯᠳᠠᠳᠠᠭ ᠠᠮᠢᠲᠠᠨ ᠪᠠᠢᠵᠠᠢ᠃ ᠴᠢᠰᠤᠨ ᠭᠡᠷᠢᠶᠡᠰ ᠪᠢᠴᠢᠨ᠎ᠡ ᠭᠡᠰᠡᠨ ᠲᠡᠳᠦᠢ ᠪᠡᠷ ᠤᠬᠠᠭ᠎ᠠ ᠠᠯᠳᠠᠬᠤ ᠴᠤ᠌ ᠁》 ᠭᠡᠵᠦ ᠪᠣᠳᠣᠭᠰᠠᠨ ᠢ᠋ᠶ᠋ᠠᠨ ᠭᠡᠷ ᠦ᠋ᠨ ᠳᠡᠭᠡᠪᠦᠷ ᠲᠤ ᠬᠠᠳᠬᠠᠳᠰᠠᠨ ᠲᠡᠪᠡᠨᠡ ᠶ᠋ᠢ ᠠᠪᠴᠤ ᠳᠤᠮᠳᠠ ᠬᠤᠷᠤᠭᠤ ᠶ᠋ᠢ ᠨᠢ ᠰᠢᠪᠲᠤᠷᠠᠨ ᠬᠠᠳᠬᠤᠬᠤ ᠳ᠋ᠤ᠌ ᠶᠣᠯᠪᠣᠢᠭᠰᠠᠨ ᠰᠢᠩᠭᠡᠨ ᠶᠠᠭᠠᠨ ᠴᠢᠰᠤ ᠭᠠᠷᠴᠤ ᠳᠣᠷᠣᠭᠰᠢ ᠭᠣᠭᠣᠵᠢᠪᠠ᠃  
       — ᠮᠠᠭᠤ ᠴᠢᠰᠤ ᠴᠢ᠂ ᠮᠣᠩᠭᠣᠯ ᠤ᠋ᠨ ᠲᠣᠰᠣ ᠲᠠᠢ ᠤᠬᠢᠶᠠᠳᠠᠰᠤ ᠳᠣᠯᠢᠶᠠᠵᠤ ᠶᠠᠪᠤᠭᠰᠠᠨ ᠴᠢᠨᠢ ᠬᠠᠮᠢᠭᠠᠭᠤᠷ ᠨᠢ ᠣᠷᠣᠴᠢᠬᠠᠪᠠ? ᠢᠩᠭᠢᠵᠦ ᠬᠠᠳᠬᠤᠬᠤ ᠳ᠋ᠤ᠌ ᠮᠣᠩᠭᠣᠯ ᠬᠥᠮᠦᠨ ᠪᠣᠯ ᠬᠠᠷ᠎ᠠ ᠬᠦᠷᠡᠩ ᠴᠢᠰᠤ ᠨᠢᠯ ᠭᠡᠳ ᠭᠣᠭᠣᠵᠢᠳᠠᠭ ᠶᠤᠮ ᠭᠡᠳ ᠲᠠᠰᠢᠶᠠᠨ ᠠ᠋ᠴᠠ ᠪᠠᠨ ᠬᠢᠲᠤᠭ᠎ᠠ ᠪᠠᠨ ᠰᠤᠭᠤᠯᠵᠤ《ᠮᠠᠭᠤ ᠳᠣᠷᠣᠰᠬ᠎ᠠ ᠶ᠋ᠢ ᠬᠣᠬᠣᠢ᠂ ᠨᠠᠭᠠᠰᠢ ᠪᠠᠨ》 ᠭᠡᠳ ᠡᠪᠦᠷ ᠡᠴᠡ ᠪᠡᠨ ᠭᠠᠤᠯᠢᠨ ᠰᠢᠮᠡᠭᠦᠷ ᠭᠠᠷᠭᠠᠵᠤ ᠨᠢᠭᠡ ᠣᠭᠣᠴᠢ ᠬᠠᠷ᠎ᠠ ᠠᠷᠢᠬᠢ ᠣᠭᠣᠴᠢᠵᠤ ᠮᠠᠩᠨᠠᠢ ᠤᠷᠤᠭᠤ ᠨᠢ ᠫᠦᠳ ᠭᠡᠲᠡᠯ᠎ᠡ ᠦᠯᠢᠶᠡᠪᠡᠯ《 ᠡᠪᠡᠦ ᠠ᠋!》 ᠭᠡᠵᠦ ᠨᠢᠳᠦ ᠨᠢ ᠰᠡᠢᠮᠡᠢᠨ ᠰᠡᠷᠭᠦᠪᠡ᠃ 
       — ᠵᠠ᠂ ᠴᠢ ᠣᠳᠣ ᠤᠬᠠᠭᠠᠨ ᠲᠠᠢ ᠪᠠᠢᠵᠤ ᠦᠵᠡ! ᠮᠢᠨᠦ ᠦᠭᠡ ᠪᠡᠷ ᠰᠢᠯᠤᠭᠤᠬᠠᠨ ᠶᠠᠪᠤᠪᠠᠯ ᠤᠲᠠᠰᠤᠨ ᠠᠮᠢ ᠶ᠋ᠢ ᠴᠢᠨᠢ ᠦᠯᠡᠳᠡᠭᠡᠨ᠎ᠡ᠃ ᠢᠩᠬᠡᠵᠤ ᠪᠡᠭᠠᠷᠲᠠᠭᠯᠠᠭᠠᠳ ① ᠪᠠᠢᠪᠠᠯ ᠣᠳᠣ ᠪᠠᠷ ᠢ᠋ᠶ᠋ᠠᠨ ᠴᠢᠮ᠎ᠠ ᠮᠠᠭᠤ ᠶ᠋ᠢ ᠤᠯᠠᠭᠠᠨ ᠬᠠᠲᠤᠨ ᠳ᠋ᠤ᠌ ᠵᠢᠪᠦᠭᠦᠯᠦᠨ᠎ᠡ᠃  ᠶᠠᠭᠠᠬᠢᠬᠤ ᠪᠠᠨ ᠥᠪᠡᠷ ᠢ᠋ᠶ᠋ᠡᠨ ᠮᠡᠳᠡ! ᠦᠯᠵᠡᠢᠰᠠᠩ ᠤ᠋ᠨ ᠴᠠᠷᠪᠠᠭᠤ ᠶ᠋ᠢ ᠲᠣᠮᠣ ᠡᠷ᠎ᠡ ᠭᠠᠷ ᠢ᠋ᠶ᠋ᠠᠷ ᠢ᠋ᠶ᠋ᠠᠨ ᠴᠢᠨᠦᠷᠡᠭᠦᠯᠵᠦ ᠠᠪᠤᠭᠠᠳ ᠲᠤᠩᠭᠤᠷᠠᠭ ᠰᠢᠭ᠋ ᠬᠤᠷᠴᠠ ᠬᠢᠲᠤᠭ᠎ᠠ ᠪᠠᠷ ᠬᠦᠷᠡᠢᠭᠰᠡᠨ ᠰᠤᠳᠠᠯ ᠢ᠋ ᠨᠢ ᠰᠡᠷᠳ᠋ ᠭᠡᠲᠡᠯ᠎ᠡ ᠰᠡᠲᠡᠯᠵᠦ ᠡᠰᠬᠡᠪᠡᠯ ᠴᠢᠰᠤ ᠴᠣᠷᠭᠢᠨ ᠲᠠᠬᠢᠯ ᠦ᠋ᠨ ᠬᠣᠩᠬᠣᠷ ᠢ᠋ ᠳᠦᠭᠦᠷᠭᠡᠪᠡ᠃ ᠦᠯᠵᠡᠢᠰᠠᠩ ᠤ᠋ᠨ ᠴᠠᠷᠪᠠᠭᠤᠨ ᠠ᠋ᠴᠠ ᠴᠢᠰᠤ ᠰᠠᠳᠠᠭᠠᠨᠠᠨ ᠭᠣᠭᠣᠵᠢᠵᠤ ᠪᠠᠢᠯ᠎ᠠ᠃ ᠴᠢᠰᠤ ᠪᠠᠨ ᠦᠵᠡᠭᠰᠡᠨ ᠦᠯᠵᠡᠢᠰᠠᠩ ᠪᠦᠷᠢᠮᠦᠰᠦᠨ ᠪᠠᠯᠠᠭᠳᠠᠵᠤ ᠤᠬᠢᠯᠠᠭ ᠠᠯᠳᠠᠨ᠎ᠠ᠃  
       — ᠴᠢᠰᠤ ᠪᠠᠨ ᠦᠵᠡᠭᠡᠳ ᠦᠬᠦᠬᠦ ᠨᠢ ᠭᠡᠵᠦ ᠠᠶᠤᠵᠤ ᠪᠠᠢᠨ᠎ᠠ ᠤᠤ? 
       ᠦᠯᠵᠡᠢᠰᠠᠩ ᠠᠶᠤᠬᠤ ᠳ᠋ᠠᠭᠠᠨ ᠳᠤᠤᠭᠠᠷᠬᠤ  ᠲᠠᠷ ᠦᠭᠡᠢ ᠪᠣᠯᠵᠤ ᠮᠠᠨᠴᠤᠷᠭ᠎ᠠ ᠶᠠᠭᠤ ᠭᠡᠵᠦ ᠬᠡᠯᠡᠪᠡᠯ ᠵᠦᠭᠡᠷ ᠯᠡ ᠲᠣᠯᠣᠭᠠᠢ ᠪᠠᠨ ᠲᠣᠬᠢᠬᠤ ᠠ᠋ᠴᠠ ᠴᠠᠭᠠᠰᠢ ᠦᠭᠡᠢ ᠪᠠᠢᠪᠠ᠃ 
       — ᠵᠦᠭᠡᠷ᠂ ᠵᠦᠭᠡᠷ! ᠮᠠᠭᠤ ᠴᠢᠰᠤ ᠶ᠋ᠢ ᠴᠢᠨᠢ ᠵᠢᠭᠠᠬᠠᠨ ᠲᠠᠯᠪᠢᠪᠠᠯ ᠪᠡᠶ᠎ᠡ ᠳ᠋ᠦ᠍ ᠴᠢᠨᠢ ᠰᠠᠢᠨ ᠭᠡᠳ ᠮᠠᠨᠴᠤᠷᠭ᠎ᠠ ᠤᠲᠤᠭ᠎ᠠ ᠲᠣᠷᠲᠣᠭ ᠪᠣᠯᠤᠭᠰᠠᠨ ᠲᠤᠭᠤᠷᠭᠠᠨ ᠤ᠋ ᠢᠰᠡᠭᠡᠢ ᠡᠴᠡ ᠴᠢᠮᠬᠢ ᠬᠢᠷᠢᠲᠡᠢ ᠣᠭᠲᠣᠯᠵᠤ ᠠᠪᠤᠭᠠᠳ ᠳ᠋ᠧᠩ ᠦ᠋ᠨ ᠭᠠᠯ ᠳ᠋ᠤ᠌ ᠰᠢᠲᠠᠭᠠᠵᠤ ᠬᠡᠦᠷᠰᠢᠬᠦᠯᠤᠭᠡᠳ ᠤᠯᠠᠢᠮ᠎ᠠ ᠴᠣᠭ ᠴᠢᠨᠳᠠᠷᠤᠤ ᠲᠠᠢ ᠨᠢ ᠦᠯᠵᠡᠢᠰᠠᠩ ᠤ᠋ᠨ ᠴᠠᠷᠪᠠᠭᠤ ᠶ᠋ᠢᠨ ᠰᠣᠷᠪᠢ ᠶ᠋ᠢ ᠬᠡᠩᠰᠢᠭᠦᠦ ᠦᠨᠦᠷᠲᠦᠲᠡᠯ᠎ᠡ ᠨᠢᠳᠬᠡᠷᠡᠵᠦ ᠣᠷᠬᠢᠪᠠ᠃ ᠴᠢᠰᠤ ᠨᠢ ᠲᠣᠭᠲᠠᠯ᠎ᠠ᠃ ᠦᠯᠵᠡᠢᠰᠠᠩ ᠤ᠋ᠨ ᠪᠣᠳᠣᠯ ᠰᠡᠳᠬᠢᠯ ᠨᠢ ᠠᠭᠱᠠᠨ᠎ᠠ ᠲᠠᠢᠪᠤᠰᠢᠷᠠᠬᠤ ᠰᠢᠭ᠋ ᠪᠣᠯᠪᠠ᠃ 
       ᠮᠠᠨᠴᠤᠷᠭ᠎ᠠ ᠶ᠋ᠢᠨ ᠠᠯᠪᠠᠳᠠᠯᠭ᠎ᠠ ᠪᠠᠷ ᠦᠯᠵᠡᠢᠰᠠᠩ ᠦᠵᠦᠭ ᠦ᠋ᠨ ᠬᠣᠰᠢᠭᠤ ᠶ᠋ᠢ ᠴᠢᠰᠤᠯᠠᠭᠠᠳ ᠮᠠᠨᠴᠤᠷᠭ᠎ᠠ ᠶᠠᠭᠤ ᠭᠡᠵᠦ ᠬᠡᠯᠡᠪᠡᠯ ᠲᠡᠷᠡ ᠮᠥᠨ ᠲᠡᠭᠡᠵᠦ ᠪᠢᠴᠢᠵᠦ ᠪᠠᠢᠯ᠎ᠠ᠃ 

       ᠬᠣᠰᠢᠭᠤ ᠶᠠᠮᠳ ᠳᠤ᠂ ᠡᠷᠭᠢᠨ ᠬᠦᠩ ᠨᠣᠶᠠᠨᠲᠠᠨ ᠵᠢᠴᠢ ᠪᠠᠷᠠᠭᠤᠨ ᠬᠦᠩ ᠦ᠋ᠨ ᠠᠷᠠᠳ ᠣᠯᠠᠨ ᠳ᠋ᠤ᠌ ᠥᠴᠢᠭᠯᠡᠬᠦ ᠦᠯᠵᠡᠢᠰᠠᠩ ᠮᠢᠨᠦ ᠴᠢᠰᠤᠨ ᠭᠡᠷᠢᠶᠡᠰ ᠬᠡᠮᠡᠪᠡᠰᠦ᠄ 
       ᠥᠴᠦᠬᠡᠨ ᠮᠢᠨᠦ ᠪᠡᠶ᠎ᠡ ᠬᠤᠪᠢ ᠶ᠋ᠢᠨ ᠠᠲᠠᠭ᠎ᠠ ᠵᠢᠲᠥᠭᠡ ᠶ᠋ᠢᠨ ᠬᠣᠣᠷ ᠲᠤᠷ ᠳᠡᠪᠲᠦᠵᠦ᠂ ᠬᠤᠮᠠᠬᠢ ᠬᠤᠪᠢᠯᠵᠡᠨ ᠦ᠌ ᠠᠭᠠᠰᠢ ᠪᠠᠷ ᠴᠡᠴᠡᠭ ᠬᠠᠲᠤᠨ ᠪᠣᠯᠤᠨ ᠮᠠᠨᠴᠤᠷᠭ᠎ᠠ ᠬᠣᠶᠠᠭᠤᠯᠠ ᠶ᠋ᠢ ᠬᠥᠯ ᠲᠡᠢ ᠪᠣᠯᠤᠯ᠎ᠠ ᠭᠡᠵᠦ ᠬᠤᠳᠠᠯ ᠬᠡᠷᠡᠭ ᠵᠣᠬᠢᠶᠠᠨ ᠬᠦᠷᠲᠡᠭᠡᠳ ᠣᠯᠠᠨ ᠳᠠᠶᠠᠭᠠᠷ ᠲᠤ ᠴᠤᠤᠷᠬᠠᠯ ᠲᠠᠷᠬᠠᠭᠠᠪᠠ᠃ ᠡᠢᠨ ᠬᠦ᠌ ᠮᠤᠩᠬᠠᠭ ᠪᠢ ᠡᠷᠡᠭᠦᠯ ᠡᠩᠬᠡ ᠬᠥᠮᠦᠨ ᠢ᠋ ᠬᠢᠯᠢᠰ ᠭᠦᠵᠢᠷ ᠢ᠋ᠶ᠋ᠡᠷ ᠬᠦᠷᠲᠡᠭᠰᠡᠨ ᠳ᠋ᠡᠭᠡᠨ ᠢᠴᠢᠩᠭᠦᠷᠡᠨ ᠭᠡᠮᠰᠢᠵᠦ᠂ ᠨᠠᠷᠠᠲᠤ ᠬᠣᠷᠸ᠎ᠠ ᠳᠤ ᠬᠥᠮᠥᠨ ᠦ ᠲᠣᠯᠣᠭᠠᠢ ᠳᠡᠭᠦᠵᠢᠯᠡᠬᠦ ᠤᠯᠠᠭᠠᠨ ᠨᠢᠭᠤᠷ ᠦᠭᠡᠢ ᠪᠣᠯᠪᠠᠢ᠃  ᠡᠭᠦᠨ ᠦ ᠤᠯᠠᠮ ᠠᠴᠠ ᠤᠯᠠᠭᠠᠨ ᠬᠠᠲᠤᠨ ᠳᠤ ᠬᠠᠷᠠᠢᠵᠤ ᠪᠡᠶ᠎ᠡ ᠪᠡᠨ ᠡᠴᠦᠰᠯᠡᠭᠦᠯᠦᠭᠡᠳ ᠥᠩᠭᠡᠷᠡᠭᠰᠡᠨ ᠦ᠌ ᠲᠡᠷᠡ ᠬᠦ᠌ ᠨᠢᠭᠦᠯ ᠢ᠋ᠶ᠋ᠡᠨ ᠴᠠᠭᠠᠳᠬᠠᠨ ᠣᠯᠠᠨ ᠳᠠᠶᠠᠭᠠᠷ ᠤ᠋ᠨ ᠡᠮᠦᠨ᠎ᠡ ᠥᠪᠡᠷ ᠢ᠋ᠶ᠋ᠡᠨ ᠥᠪᠡᠷ ᠢ᠋ ᠪᠡᠨ ᠶᠠᠯᠠᠯᠠᠨ ᠲᠣᠷᠭᠠᠵᠤ ᠬᠣᠵᠢᠮ ᠤ᠋ᠨ ᠬᠥᠮᠦᠰ ᠲᠤ ᠴᠡᠭᠡᠷᠯᠡᠯ ᠪᠣᠯᠭᠠᠪᠠᠢ᠃ 
       ᠲᠡᠷᠡᠴᠢᠯᠡᠨ ᠴᠡᠴᠡᠭ ᠬᠠᠲᠤᠨ ᠪᠣᠯᠤᠨ ᠲᠤᠰᠠᠯᠠᠭᠴᠢ ᠶ᠋ᠢᠨ ᠶᠡᠬᠡ ᠠᠭᠡ ᠮᠠᠨᠴᠤᠷᠭ᠎ᠠ ᠶ᠋ᠢᠨ ᠠᠷᠢᠭᠤᠨ ᠴᠡᠪᠡᠷ ᠨᠡᠷ᠎ᠡ ᠨᠢᠭᠤᠷ ᠲᠤ ᠭᠬᠢᠷ ᠪᠤᠷᠲᠠᠭ ᠬᠦᠷᠲᠡᠭᠡᠭᠰᠡᠨ ᠢ᠋ ᠣᠯᠠᠨ ᠪᠦᠭᠦᠳᠡ ᠲᠠ ᠨᠠᠷ᠂ ᠢᠯᠠᠩᠭᠤᠶ᠎ᠠ ᠬᠦᠩ ᠨᠣᠶᠠᠨᠲᠠᠨ ᠠᠭᠤᠴᠢᠯᠠᠨ ᠠᠪᠠᠴᠢᠬᠤ ᠠᠵᠢᠶᠠᠮᠤ!  
              ᠡᠭᠦᠨ᠎ᠡ       
                   ᠥᠴᠦᠬᠡᠨ ᠬᠥᠮᠦᠨ ᠦᠯᠵᠡᠢᠰᠠᠩ ᠥᠪᠡᠷ ᠦ᠋ᠨ ᠴᠢᠰᠤᠨ ᠢ᠋ᠶ᠋ᠠᠷ ᠭᠡᠷᠢᠶᠡᠰᠦᠯᠡᠨ ᠥᠴᠢᠭᠯᠡᠪᠡᠢ   

       ᠮᠠᠨᠴᠤᠷᠭ᠎ᠠ ᠲᠡᠨᠳᠡ ᠡᠴᠡ ᠦᠯᠵᠡᠢᠰᠠᠩ ᠢ᠋ ᠲᠤᠯᠭᠠᠮᠳᠠᠭᠤᠯᠵᠤ ᠪᠢᠴᠢᠭᠦᠯᠦᠭᠰᠡᠨ ᠬᠠᠳᠠᠭ ᠢ᠋ ᠴᠢᠬᠳᠠᠭᠠᠨ ᠠ᠋ᠴᠠ ᠳᠡᠯᠭᠡᠵᠦ ᠤᠶᠠᠭᠠᠳ ᠦᠯᠵᠡᠢᠰᠠᠩ ᠤ᠋ᠨ ᠠᠮᠠᠨ ᠳ᠋ᠤᠨᠢ ᠪᠥᠰ ᠴᠢᠬᠢᠵᠦ ᠮᠣᠷᠢᠨ ᠳ᠋ᠤᠨᠢ ᠭᠠᠷᠭᠠᠭᠠᠳ ᠵᠤᠤᠵᠠᠢᠳᠠᠵᠤ ᠶᠠᠪᠤᠪᠠ᠃ ᠨᠣᠶᠠᠨ ᠰᠠᠩ ᠤ᠋ᠨ ᠪᠠᠭᠤᠷᠠᠢ ᠠ᠋ᠴᠠ ᠵᠡᠭᠦᠨᠰᠢᠯᠡᠨ ᠨᠡᠯᠢᠶᠡᠳ ᠶᠠᠪᠤᠭᠠᠳ ᠰᠣᠬᠠᠢᠳᠤ ᠶ᠋ᠢᠨ ᠬᠥᠨᠳᠡᠢ ᠶ᠋ᠢ ᠲᠤᠭᠤᠯᠵᠤ ᠤᠯᠠᠭᠠᠨ ᠬᠠᠲᠤᠨ ᠤ᠋ ᠬᠥᠪᠡᠭᠡᠨ ᠳ᠋ᠦ᠍ ᠢᠷᠡᠪᠡ᠃ 
       ᠦᠯᠵᠡᠢᠰᠠᠩ ᠠᠮᠠᠨ ᠳ᠋ᠠᠭᠠᠨ ᠪᠥᠰ ᠴᠢᠬᠢᠭᠦᠯᠵᠦ᠂ ᠳᠠᠭᠤ ᠭᠠᠷᠴᠤ ᠦᠯᠦ ᠴᠢᠳᠠᠬᠤ ᠪᠣᠯᠪᠠᠴᠤ《ᠬᠣᠨᠤᠩ ᠬᠣᠨᠤᠩ》 ᠭᠡᠵᠦ ᠪᠢᠲᠡᠭᠦᠬᠡᠨ ᠳᠣᠣᠷ᠎ᠠ ᠳᠠᠭᠤ ᠪᠠᠷ ᠪᠠᠪᠠᠲᠤᠨᠠᠨ ᠨᠢᠳᠦ ᠨᠢ ᠭᠥᠯᠢᠯᠵᠡᠬᠦ ᠡᠴᠡ ᠪᠢᠰᠢ ᠮᠠᠨᠴᠤᠷᠭ᠎ᠠ ᠶ᠋ᠢ ᠶᠠᠭᠠᠬᠢᠵᠤ ᠴᠤ᠌ ᠴᠢᠳᠠᠬᠤ ᠦᠭᠡᠢ ᠪᠠᠢᠯ᠎ᠠ᠃ 
       — ᠬᠤᠪᠴᠠᠰᠤ ᠪᠠᠨ ᠲᠠᠢᠯ! ᠭᠡᠵᠦ ᠮᠠᠨᠴᠤᠷᠭ᠎ᠠ ᠵᠠᠩᠳᠤᠷᠪᠠᠯ ᠦᠯᠵᠠᠢᠰᠠᠩ ᠠᠶᠤᠵᠤ《ᠣᠳᠣ ᠴᠤ᠌ ᠨᠠᠮᠠᠶ᠋ᠢ ᠤᠯᠠᠭᠠ ᠬᠠᠲᠤᠨ ᠳ᠋ᠤ᠌ ᠦᠭᠡᠢ ᠬᠢᠬᠦ ᠨᠢ ᠠ᠋》 ᠭᠡᠵᠦ ᠪᠣᠳᠣᠭᠰᠠᠨ ᠳ᠋ᠠᠭᠠᠨ ᠮᠠᠨᠴᠤᠷᠭ᠎ᠠ ᠶ᠋ᠢᠨ ᠡᠪᠦᠳᠦᠭ ᠳᠣᠣᠷ᠎ᠠ ᠲᠥᠰ ᠬᠢᠲᠡᠯ᠎ᠡ ᠰᠥᠭᠥᠳᠵᠦ《ᠬᠤᠨᠤᠩ ᠬᠤᠨᠤᠩ》 ᠭᠡᠵᠦ ᠨᠢᠭᠡ ᠶᠠᠭᠤᠮ᠎ᠠ ᠴᠤᠯᠴᠠᠭᠠᠨᠠᠵᠤ ᠠᠪᠤᠷᠠᠯ ᠭᠤᠶᠤᠵᠤ ᠪᠠᠢᠯ᠎ᠠ᠃ 
       — ᠴᠢᠨᠦ ᠲᠡᠷᠡ ᠬᠥᠨᠳᠡᠯᠡᠨ ᠰᠣᠷᠪᠢ ᠴᠢᠨᠢ ᠪᠦᠭᠯᠡᠭᠡᠳᠠᠢ ᠪᠠᠢᠲᠠᠯ᠎ᠠ ᠪᠠᠨ ᠶᠠᠭᠤᠨ ᠳ᠋ᠤ᠌ ᠤᠷᠬᠠᠳᠠᠬᠤ ᠭᠡᠳ ᠪᠠᠢᠳᠠᠭ ᠪᠣᠢ? ᠮᠢᠨᠦ ᠦᠭᠡ ᠪᠡᠷ ᠨᠣᠮᠣᠬᠠᠨ ᠰᠢᠳᠤᠷᠭᠤ ᠶᠠᠪᠤᠵᠤ ᠪᠠᠢ ᠭᠡᠵᠦ ᠪᠢ ᠡᠰᠡ ᠬᠡᠯᠡᠯ᠎ᠡ ᠤᠤ? ᠴᠢᠮᠠᠶ᠋ᠢ ᠦᠨᠡᠬᠡᠷ ᠤᠯᠠᠭᠠ ᠬᠠᠲᠤᠨ ᠤᠷᠤᠭᠤ ᠲᠦᠯᠬᠢᠴᠢᠬᠡᠶ᠎ᠡ ᠭᠡᠳ ᠤᠰᠤ ᠤᠷᠤᠭᠤ ᠴᠢᠷᠪᠡᠯ ᠦᠬᠦᠬᠦ ᠡᠴᠡ ᠪᠡᠨ ᠠᠶᠤᠭᠰᠠᠨ ᠦᠯᠵᠡᠢᠰᠠᠩ ᠮᠠᠨᠴᠤᠷᠭ᠎ᠠ ᠶ᠋ᠢᠨ ᠬᠥᠯ ᠡᠴᠡ ᠵᠢᠭᠤᠷᠠᠭᠠᠳ ᠲᠠᠯᠪᠢᠳᠠᠭ ᠦᠭᠡᠢ᠃ 
       — ᠦᠬᠦᠬᠦ ᠳᠤᠷ᠎ᠠ ᠦᠭᠡᠢ ᠪᠣᠯ ᠪᠤᠰᠢᠭᠤ ᠬᠤᠪᠴᠠᠰᠤ ᠪᠠᠨ ᠲᠠᠢᠯ! ᠭᠡᠪᠡᠯ ᠥᠨᠥᠬᠢ ᠨᠢ᠄  
       — ᠣᠩ!  ᠭᠡᠳ ᠬᠤᠪᠴᠠᠰᠤ ᠬᠤᠨᠠᠷ ᠢ᠋ᠶ᠋ᠠᠨ ᠳᠠᠢᠯᠠᠬᠤ ᠵᠠᠭᠤᠷ᠎ᠠ《ᠦᠭᠡᠢ ᠠ᠋᠂ ᠨᠠᠨ ᠮᠠᠭᠤ ᠲᠡᠨᠡᠭ ᠨᠠᠮᠠᠶ᠋ᠢ ᠶᠠᠭᠠᠬᠢᠬᠤ ᠭᠡᠳ ᠪᠠᠢᠨ᠎ᠠ ᠪᠣᠢ》 ᠭᠡᠵᠦ ᠤᠬᠠᠭᠠᠨ ᠬᠥᠯ ᠢ᠋ ᠨᠢ ᠣᠯᠬᠤ ᠦᠭᠡᠢ ᠪᠠᠢᠯ᠎ᠠ᠃ 
       ᠮᠠᠨᠴᠤᠷᠭ᠎ᠠ᠂ ᠦᠯᠵᠡᠢᠰᠠᠩ ᠤ᠋ᠨ ᠲᠡᠷᠯᠢᠭ᠂ ᠥᠷᠥᠭᠡᠰᠦᠨ ᠭᠤᠲᠤᠯ᠂ ᠮᠠᠯᠠᠭᠠᠢ ᠶ᠋ᠢ ᠨᠢ ᠤᠯᠠᠭᠠᠨ ᠬᠠᠲᠤᠨ ᠳ᠋ᠤ᠌ ᠰᠢᠲᠠᠵᠤ᠂ ᠥᠷᠥᠭᠡᠰᠦᠨ ᠭᠤᠲᠤᠯ ᠢ᠋ ᠨᠢ ᠬᠠᠲᠤᠨ ᠤ᠋ ᠬᠥᠪᠡᠭᠡᠨ ᠳ᠋ᠦ᠍ ᠣᠷᠬᠢᠭᠠᠳ ᠲᠡᠭᠦᠨ ᠦ᠌ ᠨᠢᠳᠦ ᠨᠢ ᠪᠦᠲᠡᠭᠡᠵᠦ ᠰᠥᠨᠢᠵᠢᠨ《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠬᠣᠢᠲᠤ ᠭᠣᠣᠯ ᠢ᠋ ᠥᠭᠡᠳᠡᠯᠡᠵᠦ ᠴᠣᠭᠭᠢᠭᠤᠯᠪᠠ᠃ 
       ᠦᠦᠷ ᠴᠠᠢᠬᠤ ᠠ᠋ᠴᠠ ᠡᠮᠦᠨ᠎ᠡ ᠥᠯᠥᠩᠲᠦ ᠶ᠋ᠢᠨ ᠠᠮᠠᠨ ᠳ᠋ᠤ᠌ ᠬᠦᠷᠪᠡ᠃ ᠥᠯᠥᠩᠲᠦ ᠶ᠋ᠢᠨ ᠪᠢᠲᠡᠭᠦᠦ ᠰᠢᠷᠢᠩᠭᠢ ᠲᠡᠢ ᠭᠣᠣᠯ ᠳ᠋ᠤ᠌ ᠴᠢᠨᠣ᠎ᠠ ᠠᠷᠪᠢᠨ ᠡᠭᠦᠷᠯᠡᠵᠦ ᠪᠠᠢᠳᠠᠭ ᠲᠤᠯᠠ ᠬᠥᠮᠦᠨ ᠠᠮᠢᠲᠠᠨ ᠦᠭᠡᠢ ᠡᠨᠡ ᠬᠦ᠌ ᠵᠡᠯᠢᠭᠦᠳ ᠭᠠᠵᠠᠷ ᠭᠠᠭᠴᠠ ᠨᠢᠭᠡ ᠬᠣᠶᠠᠷ ᠢ᠋ᠶ᠋ᠠᠷ ᠰᠥᠨᠢ ᠪᠠᠢᠲᠤᠭᠠᠢ ᠡᠳᠦᠷ ᠢ᠋ᠶ᠋ᠡᠷ ᠴᠤ᠌ ᠶᠠᠪᠤᠬᠤ ᠳ᠋ᠤ᠌ ᠮᠠᠰᠢ ᠠᠢᠩᠭᠤᠷᠳᠠᠢ ᠪᠠᠢᠳᠠᠭ ᠰᠠᠨ᠃ ᠦᠯᠦᠩᠭᠢᠳᠦ ᠶ᠋ᠢᠨ ᠠᠮᠠ ᠠ᠋ᠴᠠ ᠡᠬᠢᠨ ᠳ᠋ᠡᠭᠡᠨ ᠬᠦᠷᠲᠡᠯ᠎ᠡ ᠡᠳᠦᠷ ᠢ᠋ᠶ᠋ᠡᠷ ᠨᠠᠷᠠ ᠣᠯᠵᠤ ᠦᠵᠡᠳᠡᠭ ᠦᠭᠡᠢ ᠪᠢᠲᠡᠭᠦᠦ ᠬᠠᠷᠠᠩᠭᠤᠢ ᠰᠢᠭᠤᠢ ᠲᠠᠢ᠂ ᠠᠩ ᠭᠥᠷᠥᠭᠡ ᠪᠤᠶᠤ ᠦᠬᠡᠷ᠂ ᠠᠳᠤᠭᠤ᠂ ᠪᠣᠳᠠ ᠪᠣᠭ ᠮᠠᠯ ᠤᠨ ᠠᠷᠤᠭ ᠶᠠᠰᠤ ᠬᠠ ᠶᠠ ᠦᠭᠡᠢ ᠰᠡᠷᠡᠢᠵᠦ ᠬᠠᠷᠠᠭᠳᠠᠨ᠎ᠠ᠃ ᠠᠳᠤᠭᠤ ᠥᠭᠡᠷ᠎᠂ ᠬᠦᠷᠦᠭᠡᠰᠦᠨ ᠦ ᠭᠡᠩᠭᠦᠳᠡᠭ ᠲᠤᠨᠢ ᠴᠢᠨᠸ᠎ᠠ ᠭᠥᠯᠥᠭᠡᠯᠡᠵᠦ᠂ ᠬᠥᠷᠥᠪᠡᠵᠢᠭᠰᠡᠨ ᠪᠡᠯᠲᠡᠷᠭᠡ ᠨᠦᠭᠦᠳ ᠨᠢ ᠨᠠᠭᠠᠳᠤᠨ ᠲᠣᠭᠯᠠᠨ ᠪᠠᠢᠭ᠎ᠠ ᠶᠢ ᠬᠥᠮᠥᠰ ᠦᠵᠡᠯ᠎ᠡ ᠭᠡᠵᠦ ᠬᠡᠯᠡᠯᠴᠡᠳᠡᠭ᠃ ᠶᠠᠭᠤ ᠴᠤ᠌ ᠭᠡᠰᠡᠨ ᠥᠯᠥᠩᠲᠦ ᠶᠢᠨ ᠭᠣᠣᠯ ᠳᠤ ᠠᠮᠢ ᠭᠣᠣᠯ ᠲᠠᠢ ᠬᠥᠮᠥᠨ ᠬᠠᠪᠢᠳᠠᠳᠠᠭ ᠦᠭᠡᠢ ᠠᠵᠢ᠃ ᠲᠡᠭᠡᠬᠦ ᠳᠦ ᠮᠠᠨᠴᠤᠷᠭ᠎ᠠ᠂ ᠥᠯᠵᠡᠢᠰᠠᠩ ᠢ ᠥᠯᠥᠩᠲᠦ ᠶᠢᠨ ᠡᠬᠢᠨ ᠳᠦ ᠭᠠᠷᠴᠤ ᠪᠤᠷᠤᠭᠤ ᠬᠠᠷᠠᠭᠰᠠᠨ ᠪᠣᠷᠵᠢᠨ ᠬᠠᠳᠠ ᠲᠠᠢ ᠡᠩᠭᠡᠷ ᠲᠦ ᠤᠷᠭᠤᠭᠰᠠᠨ ᠣᠬᠣᠷ ᠬᠠᠢᠯᠠᠰᠤᠨ ᠠᠴᠠ ᠳᠡᠭᠦᠵᠢᠯᠡᠵᠦ ᠲᠠᠯᠪᠢᠪᠠ᠃
       —  ᠵᠠ᠂ ᠡᠨᠳᠡ ᠪᠣᠯ ᠴᠢᠨᠦ ᠠᠮᠤᠷ ᠲᠠᠢᠪᠤᠩ ᠣᠷᠣᠩᠨᠠᠬᠤ ᠡᠭᠦᠷᠢᠳᠡ ᠶᠢᠨ ᠣᠷᠣᠨ ᠰᠢᠦ ᠭᠡᠳ ᠲᠡᠭᠦᠨ ᠦ ᠠᠮᠠᠨ ᠪᠥᠭᠯᠡᠭᠡ ᠶᠢ ᠠᠪᠴᠤ ᠬᠠᠶᠠᠪᠠ᠃
       ᠥᠯᠵᠡᠢᠰᠠᠩ᠂ ᠠᠶᠤᠬᠤ ᠬᠣᠷᠣᠰᠬᠤ ᠵᠡᠷᠭᠡᠴᠡᠭᠰᠡᠨ ᠡᠴᠡ ᠤᠬᠠᠭ᠎ᠠ ᠮᠠᠭᠤᠳᠴᠤ ᠶᠠᠭᠤ ᠴᠤ᠌ ᠡᠰᠡ ᠳᠤᠤᠭᠠᠷᠪᠠ᠃
       —  ᠪᠢ ᠴᠢᠮᠠᠶ᠋ᠢ ᠭᠤᠷᠪᠠ ᠬᠣᠨᠣᠭ ᠳᠡᠭᠦᠵᠢᠯᠡᠵᠦ ᠣᠷᠬᠢᠶ᠎ᠠ!  ᠭᠤᠷᠪᠠ ᠬᠣᠨᠣᠭ ᠲᠣᠲᠣᠷ᠎ᠠ ᠴᠢᠨᠣ᠎ᠠ ᠶᠢᠨ ᠬᠣᠭᠣᠯᠠ ᠡᠰᠡ ᠪᠣᠯᠣᠭᠰᠠᠨ ᠪᠣᠯ ᠠᠮᠢ ᠪᠥᠬᠡ ᠳᠣᠯᠣᠭᠠᠨ ᠭᠣᠣᠯ ᠲᠠᠢ ᠶᠢᠨ ᠲᠡᠮᠲᠡᠭ᠃  ᠪᠢ ᠴᠢᠮᠠᠶ᠋ᠢ ᠭᠠᠷ ᠢᠶᠠᠷ ᠢᠶᠠᠨ ᠬᠥᠨᠥᠭᠡᠬᠦ ᠦᠭᠡᠢ᠃ ᠮᠡᠳᠡᠪᠡ ᠤᠤ ?  ᠴᠢᠨᠤ ᠮᠠᠭᠤ ᠬᠣᠷᠣᠬᠠᠢ ᠰᠢᠭ᠋ ᠠᠮᠢᠨ ᠳᠤ ᠣᠷᠣᠭᠠᠳ ᠭᠠᠷ ᠪᠤᠵᠠᠷᠳᠤᠵᠤ ᠬᠡᠢ ᠮᠣᠷᠢ ᠬᠡᠪᠲᠡᠵᠦ ᠮᠡᠳᠡᠨ᠎ᠡ᠃ ᠵᠠ ᠲᠡᠭᠡᠭᠡᠳ ᠵᠠᠶᠠᠭ᠎ᠠ ᠴᠢᠨᠢ ᠮᠡᠳᠡᠭ!  ᠬᠣᠭᠣᠯᠠᠢ ᠪᠠᠨ ᠬᠠᠭᠠᠷᠠᠲᠠᠯ᠎ᠠ ᠪᠠᠷᠬᠢᠷᠠᠯ᠎ᠠ ᠭᠡᠳ ᠴᠢᠮᠠᠶ᠋ᠢ ᠠᠪᠤᠷᠠᠬᠤ ᠬᠥᠮᠥᠨ ᠡᠨᠳᠡ ᠠᠯᠠᠭ᠎ᠠ᠃ ᠬᠠᠷᠢᠨ ᠪᠠᠷᠬᠢᠷᠠᠭᠰᠠᠨ ᠢᠮᠠᠭᠠᠨ ᠳᠠᠭᠤ ᠪᠠᠷ ᠴᠢᠨᠢ ᠴᠢᠨᠣ᠎ᠠ ᠴᠤᠭᠯᠠᠷᠠᠨ᠎ᠠ ᠰᠢᠦ! ᠭᠡᠳ ᠮᠠᠨᠴᠤᠷᠭ᠎ᠠ ᠡᠷᠭᠢᠵᠦ ᠴᠤ᠌ ᠬᠠᠷᠠᠭᠰᠠᠨ ᠦᠭᠡᠢ ᠴᠠᠭᠠᠰᠢ ᠠᠯᠬᠤᠪᠠ᠃

– – – – 
①   ᠨᠤᠲᠤᠭ ᠤᠨ ᠬᠡᠯᠡᠯᠭᠡ᠂ ᠪᠠᠭᠠᠰᠢ ᠭᠠᠷᠭᠠᠵᠤ᠂ ᠮᠠᠶᠢᠭ ᠲᠠᠲᠠᠬᠤ ᠭᠡᠰᠡᠨ ᠤᠳᠬ᠎ᠠ ᠲᠠᠢ᠃

          ᠦᠰᠦᠭ ᠠᠮᠢᠯᠠᠭᠤᠯᠤᠭᠰᠠᠨ ᠨᠢ᠄  ᠨᠣᠭᠤᠭᠠᠨᠨᠠᠷᠠᠰᠤ᠂ ᠡᠷᠳᠡᠨᠢᠴᠤᠭᠲᠤ᠂ ᠲᠦᠮᠡᠳ ᠭᠦᠨᠴᠢᠨᠵᠠᠪ᠂ 
                                          ᠣᠳᠬᠤᠨᠴᠡᠴᠡᠭ᠂  ᠬᠠᠨ ᠬᠤᠩ ᠶᠠᠨ