ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠᠨ ᠭᠤᠷᠪᠠ> Хан мунын сүүрс < дээд > – Мөнх зохиоов ᠂ Тэргүүн бодь – Хоёрдугаар бүлэг <13>
ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠᠨ ᠭᠤᠷᠪᠠ>
《ᠱᠠᠵᠢᠨ ᠪᠠᠳᠠᠷᠠᠭᠤᠯᠤᠭᠴᠢ ᠰᠦᠮ᠎ᠡ》— ᠮᠡᠷᠭᠡᠨ ᠬᠡᠢᠳ ᠦ᠋ᠨ ᠮᠠᠨᠢ ᠶ᠋ᠢᠨ ᠬᠤᠷᠠᠯ ᠳ᠋ᠤ᠌ ᠬᠣᠯᠠ ᠣᠢᠷ᠎ᠠ ᠠ᠋ᠴᠠ ᠠᠯᠠᠱᠠᠨ᠂ ᠲᠣᠷᠭᠤᠳ᠂ ᠶᠡᠬᠡ ᠵᠣᠣ ᠶ᠋ᠢᠨ ᠴᠢᠭᠤᠯᠭᠠᠨ᠂ ᠤᠷᠠᠳ ᠤ᠋ᠨ ᠭᠤᠷᠪᠠᠨ ᠬᠦᠩ ᠦ᠋ᠨ ᠬᠣᠰᠢᠭᠤ᠂ ᠲᠦᠮᠡᠳ᠂ ᠳᠠᠷᠬᠠᠨ ᠪᠡᠢᠯᠡ᠂ ᠮᠤᠤᠮᠢᠩᠭᠠᠨ᠂ ᠳᠥᠷᠪᠡᠳ᠂ ᠴᠠᠬᠠᠷ᠁ ᠠ᠋ᠴᠠ ᠣᠯᠠᠨ ᠮᠢᠩᠭᠠᠨ ᠮᠥᠷᠭᠥᠯᠴᠢᠳ ᠴᠤᠭᠯᠠᠷᠠᠵᠤ《ᠣᠮ ᠮᠠ ᠨᠢ ᠪᠠᠳ ᠮᠠᠢ ᠬᠣᠩ᠁》 ᠭᠡᠵᠦ ᠡᠷᠢᠭᠡ ᠲᠣᠭᠠᠯᠠᠭᠰᠠᠨ ᠰᠦᠵᠢᠭᠲᠡᠳ ᠰᠦᠮ᠎ᠡ ᠶ᠋ᠢᠨ ᠳᠤᠭᠠᠩ ᠤ᠋ᠨ ᠡᠭᠦᠳᠡᠨ ᠳ᠋ᠦ᠍ ᠫᠢᠭ ᠱᠠᠭ ᠰᠢᠪᠡᠯᠴᠡᠵᠤ ᠪᠠᠢᠯ᠎ᠠ᠃ ᠬᠣᠯᠠ ᠣᠢᠷ᠎ᠠ ᠠ᠋ᠴᠠ ᠮᠣᠷᠢᠯᠠᠵᠤ ᠢᠷᠡᠭᠰᠡᠨ ᠮᠥᠷᠭᠥᠯᠴᠢᠳ ᠦ᠋ᠨ ᠲᠡᠷᠭᠡ ᠬᠥᠰᠬᠡ᠂ ᠭᠡᠷ ᠪᠠᠭᠤᠷᠢ ᠰᠦᠮ᠎ᠡ ᠶ᠋ᠢᠨ ᠵᠡᠭᠦᠨ ᠪᠠᠷᠠᠭᠤᠨ ᠳᠡᠪᠰᠡᠭ᠂ ᠮᠡᠷᠭᠡᠨ ᠭᠣᠣᠯ ᠤ᠋ᠨ ᠵᠦᠯᠭᠡᠲᠦ ᠳᠡᠨᠵᠢ᠂ ᠴᠢᠨᠳᠠᠮᠤᠨᠢ ᠣᠪᠣᠭᠠᠨ ᠤ᠋ ᠬᠣᠶᠠᠷ ᠬᠠᠵᠠᠭᠤ ᠶ᠋ᠢ ᠡᠵᠡᠯᠡᠵᠦ ᠡᠪ ᠴᠠᠷᠠᠭ᠎ᠠ ᠪᠠᠨ ᠣᠯᠵᠤ ᠪᠠᠢᠷᠢᠯᠠᠭᠰᠠᠨ ᠨᠢ ᠡᠭᠡᠭᠡ ᠯᠡ ᠨᠠᠢᠷ ᠨᠠᠭᠠᠳᠤᠮ ᠤ᠋ᠨ ᠴᠤᠭᠯᠠᠭ᠎ᠠ ᠰᠢᠭ᠋ ᠯᠡ ᠥᠶᠥᠭ ᠨᠠᠮᠪᠠᠭᠠᠲᠠᠢ ᠬᠠᠷᠠᠭᠳᠠᠨ᠎ᠠ᠃
ᠬᠣᠶᠠᠷ ᠲᠣᠮᠣ ᠡᠷ᠎ᠡ ᠶ᠋ᠢᠨ ᠲᠡᠪᠡᠷᠢ ᠦᠯᠦ ᠪᠠᠭᠲᠠᠮ᠎ᠠ ᠯᠤᠤ ᠣᠷᠢᠶᠠᠯᠳᠤᠭᠰᠠᠨ ᠵᠢᠷᠤᠭ ᠬᠡ ᠲᠡᠢ ᠲᠣᠮᠣ ᠭᠠᠤᠯᠢᠨ ᠭᠥᠯᠢᠰ ᠦ᠋ᠨ ᠲᠠᠷᠢᠬᠢᠨ ᠠ᠋ᠴᠠ ᠠᠷᠴᠠ ᠰᠠᠩ᠂ ᠦᠨᠦᠷᠲᠦ ᠬᠦᠵᠢᠰ ᠦ᠋ᠨ ᠴᠡᠩᠬᠡᠷ ᠤᠲᠤᠭ᠎ᠠ ᠠᠷᠢᠭᠤᠰᠤᠨ ᠤᠭᠤᠭᠢᠵᠤ᠂ ᠠᠭᠠᠷ ᠲᠤ ᠵᠠᠮᠬᠠᠷᠠᠨ᠎ᠠ᠃
《ᠱᠠᠵᠢᠨ ᠪᠠᠳᠠᠷᠠᠭᠤᠯᠤᠭᠴᠢ ᠰᠦᠮ᠎ᠡ》 ᠬᠦᠷᠡᠩ ᠤᠯᠠᠭᠠᠨ ᠬᠠᠳᠠ ᠲᠠᠢ᠂ ᠬᠥᠬᠡ ᠨᠣᠭᠣᠭᠠᠨ ᠠᠷᠴᠠ ᠮᠣᠳᠣ ᠲᠠᠢ ᠠᠭᠤᠯᠠ ᠶ᠋ᠢᠨ ᠡᠩᠭᠡᠷ ᠲᠦ᠍ ᠪᠠᠢᠷᠢᠯᠠᠭᠰᠠᠨ ᠨᠢ ᠡᠲᠡᠭᠡᠳ ᠭᠣᠶᠣᠬᠠᠨ᠃ ᠠᠯᠤᠰ ᠠ᠋ᠴᠠ ᠬᠠᠷᠠᠬᠤᠯ᠎ᠠ ᠨᠠᠷᠠᠰᠤ ᠮᠠᠢᠯᠠᠰᠤ᠂ ᠠᠷᠴᠠ ᠽᠠᠨᠳᠠᠨ ᠤ᠋ ᠴᠡᠯᠡᠭᠡᠷ ᠰᠢᠭᠤᠢ ᠳᠣᠲᠣᠷ᠎ᠠ ᠬᠠᠰ ᠴᠠᠭᠠᠨ ᠰᠤᠪᠤᠷᠭ᠎ᠠ ᠶ᠋ᠢᠨ ᠠᠯᠲᠠᠨ ᠭᠠᠨᠵᠢᠷ᠎ᠠ ᠨᠢ ᠰᠢᠵᠢᠷ ᠨᠠᠷᠠᠨ ᠤ᠋ ᠭᠡᠷᠡᠯ ᠳ᠋ᠦ᠍ ᠰᠢᠵᠢᠷᠳᠦᠨ ᠭᠢᠯᠪᠠᠵᠤ ᠣᠷᠴᠢᠨ ᠲᠣᠭᠣᠷᠢᠨ ᠤ᠋ ᠲᠦᠮᠡᠨ ᠠᠮᠢᠲᠠᠨ ᠢ᠋ ᠢᠪᠡᠭᠡᠭᠰᠡᠨ ᠪᠤᠮᠠᠨ ᠰᠠᠴᠤᠷᠠᠭ ᠪᠣᠯᠵᠤ ᠭᠢᠯᠠᠰᠤᠭᠠᠳ ᠬᠥᠮᠦᠰ ᠲᠦ᠍ ᠠᠷᠭ᠎ᠠ ᠦᠭᠡᠢ ᠰᠦᠵᠢᠭ ᠲᠥᠷᠥᠭᠳᠡᠭᠦᠯᠦᠨ᠎ᠡ᠃《ᠱᠠᠵᠢᠨ ᠪᠠᠳᠠᠷᠠᠭᠤᠯᠤᠭᠴᠢ ᠰᠦᠮ᠎ᠡ》 ᠠᠷᠤ ᠳ᠋ᠠᠭᠠᠨ ᠮᠢᠩᠭᠠᠨ ᠤᠷᠭᠤᠮᠠᠯᠲᠤ ᠮᠤᠨᠠ ᠠᠭᠤᠯᠠ ᠪᠠᠷ ᠲᠦᠰᠢᠭ ᠬᠢᠵᠦ ᠡᠮᠦᠨ᠎ᠡ ᠪᠡᠨ ᠴᠡᠯᠡᠭᠡᠷ ᠲᠠᠯ᠎ᠠ ᠶ᠋ᠢᠨ ᠥᠷᠥᠴᠡᠨ ᠳ᠋ᠦ᠍ ᠴᠡᠩᠬᠡᠷ ᠬᠠᠳᠠᠭ ᠠᠯᠳᠠᠯᠠᠨ ᠰᠤᠩᠭᠠᠭᠰᠠᠨ ᠰᠢᠭ᠋ ᠤᠯᠠᠭᠠᠨ ᠬᠠᠲᠤᠨ ᠢ᠋ ᠴᠠᠯᠭᠢᠭᠤᠯᠵᠤ᠂ ᠪᠠᠷᠠᠭᠤᠨ ᠰᠤᠭᠤᠨ ᠠ᠋ᠴᠠ ᠪᠠᠨ ᠥᠨᠳᠥᠷ ᠦ᠋ᠨ ᠭᠣᠣᠯ ᠤ᠋ᠨ ᠴᠢᠳᠬᠤᠯᠠᠩᠲᠤ ᠬᠦᠷᠬᠢᠷ᠎ᠡ ᠱᠤᠤᠭᠢᠭᠤᠯᠵᠤ ᠵᠡᠭᠦᠨ ᠰᠤᠭᠤᠨ ᠠ᠋ᠴᠠ ᠪᠠᠨ ᠮᠡᠷᠭᠡᠨ ᠭᠣᠣᠯ ᠤ᠋ᠨ ᠲᠤᠩᠭᠠᠯᠠᠭ ᠤᠰᠤ ᠲᠤᠨᠤᠯᠵᠠᠭᠤᠯᠬᠤ ᠨᠢ ᠤᠷᠠᠳ ᠨᠤᠲᠤᠭ᠂ ᠮᠤᠨᠠ ᠠᠭᠤᠯᠠ ᠶ᠋ᠢᠨ ᠬᠥᠪᠴᠢ ᠳᠠᠭᠠᠤ ᠳ᠋ᠠᠬᠢ ᠦᠵᠡᠭᠳᠡᠯ ᠪᠦᠬᠦᠨ ᠳ᠋ᠡᠭᠡᠨ ᠠᠮᠢᠲᠠᠨ ᠵᠢᠷᠭᠤᠭᠠᠨ ᠵᠦᠢᠯ ᠦ᠋ᠨ ᠪᠤᠶᠠᠨ ᠦᠢᠯᠡᠳᠦᠭᠰᠡᠨ ᠪᠦᠷᠢᠯᠸ᠎ᠠ ᠪᠣᠯᠵᠤ ᠭᠠᠢᠬᠠᠭᠳᠠᠨᠠ᠃
ᠠᠭᠤᠯᠠ ᠬᠠᠳᠠ ᠰᠦᠮᠪᠦᠷᠯᠡᠨ᠂ ᠤᠰᠤ ᠤᠷᠭᠤᠮᠠᠯ ᠵᠣᠬᠢᠴᠠᠵᠤ᠂ ᠠᠷᠢᠶᠠᠲᠠᠨ ᠭᠥᠷᠥᠭᠡᠰᠦ ᠲᠣᠭᠯᠠᠨ᠂ ᠵᠢᠭᠦᠷᠲᠡᠨ ᠰᠢᠪᠠᠭᠤᠳ ᠳᠣᠩᠭᠣᠳᠤᠭᠰᠠᠨ ᠡᠨᠡ ᠬᠦ᠌ ᠪᠠᠢᠭᠠᠯᠢ ᠶ᠋ᠢᠨ ᠭᠠᠩᠭᠠᠩ ᠳ᠋ᠤ᠌ ᠰᠣᠭᠲᠣᠭᠤᠷᠠᠭᠰᠠᠨ《ᠱᠠᠵᠢᠨ ᠪᠠᠳᠠᠷᠠᠭᠤᠯᠤᠭᠴᠢ ᠰᠦᠮ᠎ᠡ》 ᠶ᠋ᠢ ᠤᠷᠠᠨ ᠵᠢᠷᠤᠭᠠᠴᠢ᠂ ᠤᠷᠠᠯᠢᠭ ᠤ᠋ᠨ ᠳᠠᠷᠬᠠᠳ ᠤ᠋ᠨ ᠨᠢᠳᠦ ᠪᠡᠷ ᠰᠣᠨᠢᠷᠬᠠᠬᠤᠶᠠ ᠲᠦᠮᠡᠨ ᠠᠮᠢᠲᠠᠨ ᠢ᠋ ᠠᠮᠤᠷᠵᠢᠭᠤᠯᠬᠤ ᠲᠡᠭᠦᠯᠳᠡᠷ ᠤᠪᠠᠳᠢᠰ ᠲᠠᠢ ᠲᠡᠭᠦᠰ ᠪᠤᠶᠠᠨᠲᠤ ᠪᠤᠷᠬᠠᠨ ᠱᠠᠭᠱᠠᠪᠠᠳ ᠤ᠋ᠨ ᠣᠷᠣᠨ ᠤ᠋ ᠠᠮᠢᠳᠤ ᠵᠢᠷᠤᠭ ᠭᠡᠬᠦ ᠳ᠋ᠦ᠍ ᠦᠯᠦ ᠬᠡᠲᠦᠷᠡᠨ᠎ᠡ᠃ ᠠᠷᠤ ᠶ᠋ᠢᠨ ᠲᠦᠰᠢᠭᠲᠦ ᠠᠷᠴᠠᠲᠤ ᠠᠭᠤᠯᠠ ᠲᠠᠢ ᠠᠯᠲᠠᠨ ᠭᠠᠨᠵᠢᠷ᠎ᠠ ᠲᠠᠢ ᠴᠠᠭᠠᠨ ᠰᠤᠪᠤᠷᠭ᠎ᠠ᠂ ᠪᠣᠳᠢ ᠭᠥᠷᠦᠭᠡᠰᠦᠲᠦ ᠨᠣᠮ ᠤ᠋ᠨ ᠬᠦᠷᠳᠦᠲᠦ《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠯᠠᠪᠷᠢ ᠨᠢ ᠶᠠᠭ ᠯᠠ ᠵᠢᠭᠦᠷ ᠢ᠋ᠶ᠋ᠡᠨ ᠳᠡᠯᠭᠡᠭᠰᠡᠨ ᠲᠣᠭᠣᠰ ᠰᠢᠪᠠᠭᠤ ᠰᠢᠭ᠋᠂ ᠵᠡᠭᠦᠨ ᠪᠠᠷᠠᠭᠤᠨ ᠳᠡᠪᠰᠡᠭ ᠨᠢ ᠬᠠᠨ ᠭᠠᠷᠤᠳᠢ ᠰᠢᠪᠠᠭᠤᠨ ᠤ᠋ ᠳᠡᠪᠢᠵᠦ ᠪᠠᠢᠭ᠎ᠠ ᠳᠠᠯᠠᠪᠴᠢ ᠶ᠋ᠢᠨ ᠰᠢᠳᠢᠲᠦ ᠵᠢᠷᠤᠭ ᠰᠢᠭ᠋ ᠭᠣᠶᠣ ᠬᠠᠷᠠᠭᠳᠠᠬᠤ ᠨᠢ ᠭᠠᠢᠬᠠᠯᠲᠠᠢ ᠠᠵᠢ᠃
《ᠱᠠᠵᠢᠨ ᠪᠠᠳᠠᠷᠠᠭᠤᠯᠤᠭᠴᠢ ᠰᠦᠮ᠎ᠡ》 ᠭᠠᠳᠠᠷ ᠦᠵᠡᠮᠵᠢ ᠲᠥᠷᠬᠦ ᠪᠡᠷ ᠢ᠋ᠶ᠋ᠡᠨ ᠮᠥᠷᠭᠥᠯᠴᠢᠨ ᠰᠦᠵᠢᠭᠲᠡᠨ ᠳ᠋ᠦ᠍ ᠪᠢᠰᠢᠷᠡᠭᠳᠡᠵᠦ ᠭᠠᠢᠬᠠᠭᠳᠠᠭᠰᠠᠨ ᠲᠡᠳᠦᠢ ᠦᠭᠡᠢ᠂ ᠱᠠᠰᠢᠨ ᠨᠣᠮᠯᠠᠯ᠂ ᠰᠦᠵᠢᠭ ᠪᠤᠶᠠᠨ ᠦᠢᠯᠡᠳᠬᠦ ᠪᠡᠷ ᠢ᠋ᠶ᠋ᠡᠨ ᠴᠦ᠍ ᠬᠣᠯᠠ ᠣᠢᠷ᠎ᠠ ᠳ᠋ᠤ᠌ ᠠᠯᠳᠠᠷᠲᠠᠢ ᠪᠢᠯᠡ᠃ ᠬᠤᠷᠠᠯ ᠬᠤᠢ ᠳ᠋ᠠᠭᠠᠨ ᠮᠣᠩᠭᠣᠯ ᠢ᠋ᠶ᠋ᠠᠷ ᠨᠣᠮ ᠤᠩᠰᠢᠵᠤ ᠬᠤᠷᠠᠯ ᠬᠤᠷᠠᠳᠠᠭ ᠨᠢ ᠨᠡᠩ ᠭᠠᠢᠬᠠᠯᠲᠠᠢ᠃ ᠠᠯᠢ ᠡᠷᠲᠡ ᠭᠤᠷᠪᠠᠳᠤᠭᠠᠷ ᠳᠦᠷᠢ ᠶ᠋ᠢᠨ ᠭᠡᠭᠡᠨ ᠯᠤᠪᠰᠠᠩᠳᠠᠮᠪᠢᠵᠠᠯᠰᠠᠨ ᠲᠥᠪᠡᠳ ᠨᠣᠮ ᠰᠤᠳᠤᠷ ᠢ᠋ ᠶᠡᠬᠡᠬᠡᠨ ᠣᠷᠴᠢᠭᠤᠯᠵᠤ《ᠭᠠᠨᠵᠤᠤᠷ》《ᠳ᠋ᠠᠨᠵᠤᠤᠷ》 ᠢ᠋ ᠴᠦ᠍ ᠮᠣᠩᠭᠣᠯ ᠢ᠋ᠶ᠋ᠠᠷ ᠣᠷᠴᠢᠭᠤᠯᠬᠤ ᠳ᠋ᠤ᠌ ᠭᠠᠪᠢᠶ᠎ᠠ ᠵᠢᠳᠬᠦᠯ ᠦᠵᠡᠭᠦᠯᠦᠭᠰᠡᠨ ᠢ᠋ᠶ᠋ᠡᠷ ᠲᠩᠷᠢ ᠲᠡᠳᠬᠦᠭᠴᠢ ᠶ᠋ᠢᠨ ᠭᠤᠴᠢᠨ ᠨᠠᠢ᠍ᠮᠠᠳᠤᠭᠠᠷ ᠣᠨ ᠳ᠋ᠤ᠌ ᠲᠩᠷᠢ ᠲᠡᠳᠬᠦᠭᠴᠢ ᠬᠠᠭᠠᠨ ᠠ᠋ᠴᠠ《ᠱᠠᠵᠢᠨ ᠪᠠᠳᠠᠷᠠᠭᠤᠯᠤᠭᠴᠢ ᠰᠦᠮ᠎ᠡ》 ᠭᠡᠰᠡᠨ ᠮᠠᠨᠵᠤ᠂ ᠮᠣᠩᠭᠣᠯ᠂ ᠲᠥᠪᠡᠳ᠂ ᠬᠢᠲᠠᠳ ᠳᠥᠷᠪᠡᠨ ᠵᠦᠢᠯ ᠦ᠋ᠨ ᠦᠰᠦᠭ ᠲᠡᠢ ᠢᠯᠡᠷᠬᠡᠢᠯᠡᠯ ᠬᠦᠷᠭᠡᠭᠰᠡᠨ ᠠᠵᠤᠭᠤ᠃
ᠶᠡᠬᠡ ᠰᠦᠮ᠎ᠡ ᠶ᠋ᠢᠨ ᠳᠤᠭᠠᠩ ᠳᠣᠲᠣᠷ᠎ᠠ ᠰᠡᠷᠢᠭᠦᠦ ᠲᠠᠲᠠᠵᠤ ᠳᠠᠭᠠᠷᠠᠳᠠᠰᠤ ᠬᠦᠷᠦᠮᠡᠷ᠃ ᠡᠯᠳᠡᠪ ᠡᠷᠢᠶᠡᠨ ᠬᠡ ᠤᠭᠠᠯᠵᠠᠲᠤ ᠬᠡᠪᠢᠰ ᠢ᠋ᠶ᠋ᠡᠷ ᠴᠢᠮᠡᠭᠯᠡᠭᠰᠡᠨ ᠲᠣᠮᠣ ᠲᠣᠮᠣ ᠲᠡᠪᠡᠷᠢ ᠪᠦᠳᠦᠭᠦᠨ ᠨᠠᠢ᠍ᠮᠠᠨ ᠳᠥᠷᠪᠡᠯᠵᠢᠨ ᠲᠤᠯᠭᠠᠭᠤᠷ ᠨᠢ ᠲᠩᠷᠢ ᠨᠤᠷᠠᠬᠤ ᠳ᠋ᠤ᠌ ᠲᠤᠯᠤᠭᠠᠳ ᠠᠪᠤᠮᠠ ᠬᠦᠴᠦᠲᠦ ᠵᠠᠭᠠᠨ ᠤ᠋ ᠬᠥᠯ ᠰᠢᠭ ᠪᠠᠲᠤ ᠪᠡᠬᠢ᠃ ᠨᠠᠶᠠᠨ ᠲᠣᠬᠣᠢ ᠥᠨᠳᠥᠷ ᠮᠠᠢᠳᠠᠷᠢ ᠪᠤᠷᠬᠠᠨ ᠤ᠋ ᠡᠪᠦᠳᠦᠭ ᠳᠣᠣᠷ᠎ᠠ ᠳᠡᠰ ᠳᠠᠷᠠᠭ᠎ᠠ ᠲᠠᠢ ᠡᠩᠨᠡᠭᠦᠯᠵᠦ ᠵᠢᠭᠰᠠᠭᠠᠭᠰᠠᠨ ᠬᠡᠳᠦᠨ ᠵᠠᠭᠤᠨ ᠷᠠ ᠳᠡᠭᠡᠷ᠎ᠡ ᠬᠦᠷᠡᠩ ᠴᠠᠮᠪᠠᠨ ᠬᠥᠪᠡᠭᠡ ᠲᠡᠢ ᠳᠥᠷᠪᠡᠯᠵᠢᠨ ᠳᠥᠷᠪᠡᠯᠵᠢᠨ ᠣᠯᠪᠣᠭ ᠪᠦᠷᠢ ᠳ᠋ᠦ᠍ ᠨᠢᠵᠡᠭᠡᠳ ᠡᠷᠢᠩᠭᠡ ᠡᠮᠦᠰᠴᠦ ᠣᠷᠬᠢᠮᠵᠢ ᠬᠡᠳᠡᠷᠦᠭᠰᠡᠨ ᠯᠠᠮᠠ ᠨᠠᠷ ᠵᠡᠷᠭᠡ ᠳᠡᠰ ᠢ᠋ᠶ᠋ᠡᠷ ᠢ᠋ᠶ᠋ᠡᠨ ᠥᠪᠡᠷ ᠥᠪᠡᠷ ᠦ᠋ᠨ ᠣᠷᠣᠨ ᠪᠠᠢᠷᠢ ᠪᠠᠨ ᠣᠯᠵᠤ ᠰᠠᠭᠤᠵᠠᠭᠠᠵᠠᠢ᠃ ᠬᠣᠢᠮᠣᠷ ᠲᠤ ᠰᠢᠷ᠎ᠠ ᠬᠡᠮᠡᠷᠯᠢᠭ ᠣᠷᠬᠢᠮᠵᠢ ᠲᠠᠢ ᠮᠡᠷᠭᠡᠨ ᠭᠡᠭᠡᠨ ᠪᠠᠭᠰᠢ ᠭᠠᠯᠰᠠᠩᠳᠠᠮᠪᠢᠵᠠᠯᠰᠠᠨ ᠵᠤᠵᠠᠭᠠᠨ ᠣᠯᠪᠣᠭᠲᠤ ᠰᠢᠷᠡᠭᠡᠨ ᠳ᠋ᠦ᠍ ᠰᠠᠭᠠᠲᠠᠵᠤ᠂ ᠵᠡᠭᠦᠨ ᠪᠠᠷᠠᠭᠤᠨ ᠵᠢᠭᠦᠷ ᠢ᠋ ᠨᠢ ᠳᠠᠭᠠᠭᠠᠳ ᠴᠣᠷᠵᠢ ᠭᠡᠭᠡᠨᠲᠡᠨ᠂ ᠪᠠᠷᠠᠭᠤᠨ ᠳᠠ ᠪᠠᠭᠰᠢᠲᠠᠨ᠂ ᠬᠦᠩ ᠨᠣᠶᠠᠨ ᠰᠢᠷᠠᠪᠳᠣᠷᠵᠢ ᠨᠠᠷ ᠭᠡᠪᠬᠦᠢ᠂ ᠤᠮᠵᠠᠳ ᠭᠡᠳ ᠵᠢᠬᠰᠠᠭᠠᠭᠳᠠᠵᠤ᠂ ᠭᠡᠭᠡᠨ ᠪᠠᠭᠰᠢ ᠶ᠋ᠢᠨ ᠬᠦᠩᠭᠢᠨᠡᠭᠰᠡᠨ ᠴᠠᠷᠭᠢᠷᠠ ᠬᠣᠭᠣᠯᠠᠢ ᠬᠡᠪ ᠨᠠᠮᠪᠠ ᠨᠢ ᠵᠣᠬᠢᠴᠠᠵᠤ ᠬᠡᠳᠦᠨ ᠵᠠᠭᠤᠨ ᠯᠠᠮᠠ ᠨᠠᠷ ᠤ᠋ᠨ ᠨᠣᠮ ᠤ᠋ᠨ ᠳᠠᠭᠤᠨ ᠳ᠋ᠤ᠌ ᠣᠨᠴᠠᠭᠠᠢ ᠰᠤᠭᠤᠷᠠᠵᠤ ᠠᠢᠵᠠᠮ ᠬᠥᠭᠲᠡᠢ ᠰᠣᠨᠣᠰᠳᠠᠬᠤ ᠠᠵᠢ! ᠢᠩᠭᠢᠬᠦ ᠪᠡᠷ ᠰᠦᠵᠢᠭᠯᠡᠨ ᠮᠦᠷᠭᠦᠭᠴᠢᠳ ᠦ᠋ᠨ ᠬᠠᠷᠠᠭᠠᠨ ᠳ᠋ᠤ᠌ ᠠᠯᠲᠠ ᠪᠤᠯᠬᠠᠭᠰᠠᠨ ᠨᠠᠶᠠᠨ ᠲᠣᠬᠣᠢ ᠥᠨᠳᠥᠷ ᠮᠠᠢᠳᠠᠷᠢ ᠪᠤᠷᠬᠠᠨ ᠨᠣᠮ ᠠᠢᠯᠠᠳᠬᠠᠵᠤ ᠪᠠᠢᠭ᠎ᠠ ᠰᠢᠭ᠋ ᠴᠠᠭᠠᠨ᠎ᠠ ᠪᠠᠨ ᠨᠢᠭᠡ ᠣᠨᠳᠣᠣ ᠬᠥᠭ ᠲᠡᠢ ᠰᠣᠨᠣᠰᠳᠠᠵᠤ᠂ ᠵᠡᠭᠦᠨ ᠪᠠᠷᠠᠭᠤᠨ ᠬᠠᠨᠠᠨ ᠳ᠋ᠠᠬᠢ ᠮᠢᠩᠭᠠᠨ ᠪᠤᠷᠬᠠᠨ ᠤ᠋ ᠬᠥᠷᠥᠭ ᠴᠦ᠍ ᠠᠮᠢᠯᠠᠨ ᠰᠡᠷᠭᠦᠭᠰᠡᠨ ᠰᠢᠭ ᠰᠤᠳᠤᠷ ᠤᠷᠪᠠᠭᠤᠯᠤᠨ ᠱᠤᠤᠭᠢᠲᠠᠯᠠ ᠮᠣᠩᠭᠣᠯ ᠨᠣᠮ ᠤᠩᠰᠢᠬᠤ ᠳᠠᠭᠤᠨ ᠦᠷᠭᠦᠯᠵᠢᠯᠡᠬᠦ ᠠᠵᠢ!
ᠮᠠᠨᠢ ᠶ᠋ᠢᠨ ᠬᠤᠷᠠᠯ ᠤ᠋ᠨ ᠨᠣᠮ ᠤ᠋ᠨ ᠳᠠᠭᠤ ᠶ᠋ᠢ ᠰᠣᠨᠣᠷᠳᠠᠭᠰᠠᠨ ᠦᠵᠡᠭᠴᠢᠳ《ᠣᠮ ᠮᠠ ᠨᠢ ᠪᠠᠳ ᠮᠠᠢ ᠬᠣᠩ᠁》 ᠭᠡᠵᠦ ᠭᠠᠷ ᠲᠠᠭᠠᠨ ᠡᠷᠢᠭᠡ ᠢᠮᠡᠷᠦᠨ ᠠᠮᠠ ᠬᠠᠮᠬᠢᠯ ᠦᠭᠡᠢ ᠤᠩᠰᠢᠵᠤ ᠶᠠᠪᠤᠬᠤ ᠳ᠋ᠤ᠌ ᠪᠡᠶ᠎ᠡ ᠰᠡᠳᠬᠢᠯ ᠨᠢ ᠬᠥᠩᠭᠡᠷᠡᠨ᠂ ᠠᠯᠢ ᠪᠦᠬᠦᠢ ᠶᠠᠭᠤᠮ᠎ᠠ ᠰᠠᠢᠨ ᠰᠠᠢᠬᠠᠨ ᠢ᠋ᠶ᠋ᠠᠷ ᠣᠷᠴᠢᠨ ᠡᠷᠭᠢᠯᠳᠦᠬᠦ ᠮᠡᠲᠦ ᠰᠣᠨᠢᠬᠠᠨ ᠲᠥᠷᠥᠭᠳᠡᠯ ᠥᠭᠬᠦ ᠠᠵᠢ᠃
ᠠᠷᠴᠠ ᠰᠠᠩ ᠤᠨ ᠠᠷᠢᠭᠤᠳᠬᠠᠯ ᠤᠨ ᠦᠨᠦᠷ ᠠᠳᠠ ᠴᠢᠳᠬᠥᠷ ᠢ᠋ ᠦᠯᠢᠶᠡᠨ ᠬᠥᠭᠡᠭᠡᠵᠦ ᠪᠤᠷᠬᠠᠨ ᠪᠠᠭᠰᠢ ᠶ᠋ᠢᠨ ᠨᠣᠮ ᠤᠨ ᠳᠠᠭᠤᠨ ᠳᠤ ᠪᠤᠶᠠᠨ ᠦᠢᠯᠡᠳᠬᠦᠢ ᠶᠢᠨ ᠬᠣᠷᠯᠸᠠ ᠡᠷᠭᠢᠯᠳᠦᠨ᠎ᠡ᠃
ᠪᠤᠮᠠᠨ ᠮᠥᠷᠭᠥᠯᠴᠢᠳ《ᠪᠤᠷᠬᠠᠨ ᠪᠠᠭ᠌ᠰᠢ》 ᠭᠡᠵᠦ ᠪᠤᠶᠠᠨᠲᠤ ᠰᠡᠳᠬᠢᠯ ᠢ ᠡᠪᠦᠷᠯᠡᠨ ᠵᠣᠷᠢᠵᠤ ᠢᠷᠡᠨ ᠨᠣᠮ ᠤᠨ ᠳᠠᠭᠤᠨ ᠢ ᠰᠣᠨᠣᠰᠤᠭᠠᠳ ᠪᠦᠭᠦᠳᠡ ᠶᠢᠨ ᠰᠡᠳᠬᠢᠯ ᠲᠡᠨᠢᠭᠦᠨ᠃ ᠭᠠᠭᠴᠠ ᠨᠢᠭᠡ ᠬᠣᠶᠠᠷ ᠬᠥᠮᠦᠨ ᠦ᠌ ᠰᠡᠳᠬᠢᠯ ᠭᠡᠭᠴᠢ ᠡᠭᠡᠳᠡᠭᠰᠡᠨ ᠰᠦ ᠰᠢᠭ ᠲᠡᠷᠰ ᠨᠣᠮ ᠢ᠋ᠶ᠋ᠠᠷ ᠡᠷᠭᠢᠯᠳᠦᠵᠦ ᠪᠠᠢᠯ᠎ᠠ ᠁
ᠡᠨᠡ ᠬᠣᠶᠠᠷ ᠬᠥᠮᠦᠨ ᠪᠣᠯ ᠬᠦᠩ ᠨᠣᠶᠠᠨ ᠰᠢᠷᠠᠪᠲᠤᠷᠵᠢ ᠪᠤᠯᠤᠨ ᠵᠡᠭᠦᠨ ᠲᠤᠰᠠᠯᠠᠭᠴᠢ ᠡᠯᠳᠡᠩᠭᠡ ᠬᠣᠶᠠᠷ ᠪᠠᠢᠯ᠎ᠠ᠃
ᠰᠢᠷᠠᠪᠲᠤᠷᠵᠢ ᠨᠣᠶᠠᠨ ᠵᠡᠭᠦᠨ ᠭᠠᠷ ᠲᠠᠭᠠᠨ ᠵᠠᠭᠠᠨ ᠤ᠋ ᠶᠠᠰᠤᠨ ᠴᠢᠮᠡᠭ ᠲᠡᠢ ᠬᠦᠷᠡᠩ ᠽᠠᠨᠳᠠᠨ ᠡᠷᠢᠭᠡ ᠢᠮᠡᠷᠴᠦ ᠨᠣᠮ ᠤ᠋ᠨ ᠳᠠᠭᠤᠨ ᠳ᠋ᠤ᠌ ᠠᠶᠠᠯᠳᠠᠨ ᠮᠠᠨᠢ ᠶ᠋ᠢᠨ ᠲᠣᠭ᠎ᠠ ᠬᠤᠷᠠᠮᠳᠤᠭᠤᠯᠵᠤ ᠰᠠᠭᠤᠪᠠᠴᠤ ᠪᠣᠳᠣᠯ ᠳ᠋ᠤᠨᠢ ᠶᠡᠷᠦ ᠪᠣᠯᠴᠢᠮ ᠦᠭᠡᠢ ᠶᠠᠭᠤᠮ᠎ᠠ ᠪᠣᠳᠣᠭᠳᠠᠵᠤ ᠰᠡᠳᠬᠢᠯ ᠰᠠᠨᠠᠭ᠎ᠠ ᠨᠢ ᠤᠢᠮᠤᠷᠠᠨ᠎ᠠ᠃ ᠮᠠᠨᠴᠤᠷᠭ᠎ᠠ ᠶ᠋ᠢᠨ ᠬᠣᠰᠢᠭᠤ ᠵᠠᠰᠠᠭ ᠤ᠋ᠨ ᠨᠡᠷ᠎ᠡ ᠲᠥᠷᠥ ᠪᠤᠵᠠᠷᠯᠠᠭᠰᠠᠨ ᠶᠠᠪᠤᠳᠠᠯ ᠢ᠋ ᠶᠠᠭᠠᠬᠢᠯᠲᠠᠢ ᠪᠢᠯᠡ? ᠥᠭᠡᠷ᠎ᠡ ᠬᠡᠨ ᠬᠥᠮᠦᠨ ᠴᠦ᠍ ᠪᠣᠯᠤᠭ᠂ ᠥᠪᠡᠷ ᠦ᠋ᠨ ᠬᠢᠨᠢ ᠬᠠᠢᠷᠠᠲᠠᠢ ᠬᠠᠲᠤᠨ ᠲᠠᠢ ᠨᠢ ᠬᠥᠯ ᠲᠡᠢ ᠪᠣᠯᠣᠭᠰᠠᠳ ᠲᠤ᠌ ᠳᠣᠣᠷ᠎ᠠ ᠨᠢ ᠲᠣᠯᠣᠭᠠᠢ ᠶ᠋ᠢ ᠨᠢ ᠠᠪᠴᠤ ᠲᠦᠮᠡᠨ ᠳ᠋ᠦ᠍ ᠵᠠᠯᠬᠠᠭᠠᠯ ᠦᠵᠡᠭᠦᠯᠬᠦ ᠳ᠋ᠦ᠍ ᠡᠷᠡᠭᠡᠯᠵᠡᠬᠦ ᠶᠠᠪᠤᠳᠠᠯ ᠠᠯᠠᠭ᠎ᠠ᠃ ᠭᠡᠲᠡᠯ᠎ᠡ ᠡᠨᠡ ᠬᠦ᠌ ᠢᠴᠢᠭᠦᠷᠢ ᠰᠤᠨᠵᠢᠭᠤᠷᠢᠲᠦ ᠶᠠᠪᠤᠳᠠᠯ ᠨᠢ ᠶᠠᠪᠤᠵᠤ ᠶᠠᠪᠤᠵᠤ ᠡᠯᠳᠡᠩᠭᠡ ᠶ᠋ᠢᠨ ᠬᠦᠦ ᠮᠠᠨᠴᠤᠷᠭ᠎ᠠ ᠳ᠋ᠤ᠌ ᠲᠣᠬᠢᠶᠠᠨ᠎ᠠ ᠭᠡᠭᠴᠢ ᠳᠡ ! ᠮᠠᠨᠴᠤᠷᠭ᠎ᠠ ᠪᠡᠶ᠎ᠡ ᠪᠡᠷ ᠢ᠋ᠶ᠋ᠡᠨ ᠬᠡᠰᠡᠭ ᠴᠡᠷᠢᠭ ᠵᠠᠬᠢᠷᠴᠤ ᠪᠠᠢᠭ᠎ᠠ ᠶ᠋ᠢ ᠬᠡᠯᠡᠬᠦ ᠦᠭᠡᠢ᠂ ᠡᠯᠳᠡᠩᠭᠡ ᠭᠡᠭᠴᠢ ᠲᠡᠢᠮᠦ ᠴᠦ᠍ ᠠᠮᠠᠷᠬᠠᠨ ᠡᠯᠳ᠋ᠡᠭᠳᠡᠳᠡᠭ ᠦᠬᠡᠷ ᠦ᠋ᠨ ᠰᠢᠷᠢ ᠪᠢᠰᠢ ᠠ᠋ ! ᠥᠪᠡᠷ ᠦ᠋ᠨ ᠪᠡᠶ᠎ᠡ ᠨᠢ ᠠᠪᠠᠭ᠎ᠠ ᠬᠡᠰᠢᠭᠲᠡᠯᠭᠡᠷ ᠶ᠋ᠢᠨ ᠬᠦᠩ ᠨᠣᠶᠠᠨ ᠤ᠋ ᠰᠠᠭᠤᠷᠢ ᠶ᠋ᠢ ᠵᠠᠯᠭᠠᠮᠵᠢᠯᠠᠬᠤ ᠶᠠᠪᠤᠳᠠᠯ ᠳ᠋ᠤ᠌ ᠡᠯᠳᠡᠩᠭᠡ ᠬᠣᠢᠰᠢ ᠦᠭᠡᠢ ᠵᠢᠳᠬᠦᠵᠦ ᠭᠠᠪᠢᠶ᠎ᠠ ᠵᠢᠳᠬᠦᠯ ᠦᠵᠡᠭᠦᠯᠦᠭᠰᠡᠨ ᠨᠢ ᠦᠨᠡᠨ᠃ ᠢᠩᠭᠢᠬᠦᠯᠡᠷ ᠬᠠᠰᠢᠷ ᠳᠣᠬᠢ ᠵᠡᠭᠦᠨ ᠲᠤᠰᠠᠯᠠᠭᠴᠢ ᠶ᠋ᠢᠨ ᠢ᠋ᠶ᠋ᠡᠨ ᠰᠡᠳᠬᠢᠯ ᠢ᠋ ᠦᠲᠡᠭᠡᠷᠬᠦ ᠳ᠋ᠦ᠍ ᠪᠠᠰᠠ ᠰᠡᠳᠬᠢᠯ ᠲᠦᠪᠳᠡᠬᠦ ᠦᠭᠡᠢ᠃ ᠭᠡᠲᠡᠯ᠎ᠡ ᠡᠨᠡ ᠶᠠᠪᠤᠳᠠᠯ ᠢ᠋ ᠬᠥᠨᠳᠡᠬᠦ ᠦᠭᠡᠢ ᠪᠠᠢᠵᠤ ᠦᠯᠦ ᠪᠣᠯᠤᠨ᠎ᠠ᠃ ᠡᠨᠡ ᠬᠣᠷᠸ᠎ᠠ ᠳ᠋ᠤ᠌ ᠡᠷ᠎ᠡ ᠬᠥᠮᠦᠨ ᠪᠣᠯᠤᠭᠰᠠᠨ ᠤ᠋ ᠬᠤᠪᠢ ᠳ᠋ᠤ᠌ ᠤᠨᠤᠭᠰᠠᠨ ᠮᠣᠷᠢᠨ ᠤ᠋ ᠪᠠᠨ ᠭᠠᠨᠵᠤᠭ᠎ᠠ ᠶ᠋ᠢ ᠪᠠᠭᠤᠯᠭᠠᠵᠤ᠂ ᠠᠪᠤᠭᠰᠠᠨ ᠡᠮ᠎ᠡ ᠶ᠋ᠢᠨ ᠢ᠋ᠶ᠋ᠡᠨ ᠬᠥᠨᠵᠢᠯᠡ ᠶ᠋ᠢ ᠰᠡᠬᠦᠭᠦᠯᠬᠦ ᠰᠢᠭ ᠭᠤᠲᠤᠮᠰᠢᠭᠲᠤ ᠶᠠᠪᠤᠳᠠᠯ ᠠᠯᠠᠭ᠎ᠠ᠃ ᠶᠣᠰᠣᠲᠠᠢ ᠨᠢᠭᠡ ᠬᠣᠰᠢᠭᠤ ᠳᠠᠶᠠᠭᠠᠷ ᠨᠡᠷ᠎ᠡ ᠨᠢᠭᠤᠷ ᠢ᠋ᠶ᠋ᠠᠨ ᠪᠠᠷᠠᠭᠰᠠᠨ ᠤᠴᠢᠷ ᠠ᠋ᠴᠠ ᠡᠭᠦᠨ ᠢ᠋ ᠵᠠᠯᠬᠠᠭᠠᠬᠤ ᠦᠭᠡᠢ ᠪᠣᠯ ᠬᠣᠶᠠᠷ ᠬᠤᠷᠤᠭᠤ ᠨᠢᠭᠤᠷ ᠢ᠋ᠶ᠋ᠠᠨ ᠬᠠᠮᠢᠭ᠎ᠠ ᠬᠢᠵᠦ᠂ ᠬᠣᠰᠢᠭᠤ ᠵᠠᠰᠠᠭ ᠢ᠋ᠶ᠋ᠠᠨ ᠶᠠᠭᠠᠬᠢᠵᠤ ᠴᠦ᠍ ᠵᠠᠬᠢᠷᠴᠤ ᠶᠠᠪᠤᠨᠠᠮ⁈ ᠨᠢᠭᠡᠨᠲᠡ ᠯᠡ ᠡᠨᠡ ᠮᠠᠭᠤ ᠴᠦᠯᠴᠦᠭᠡᠨᠡᠭᠦᠷ ᠢᠮᠠᠭᠠᠨ ᠳᠠᠭᠤᠲᠤ ᠥᠯᠵᠡᠢᠰᠠᠩ ᠬᠡᠷᠡᠭ ᠲᠦ᠍ ᠳᠤᠷᠠᠯᠠᠵᠤ ᠬᠡᠩᠭᠡᠷᠭᠡ ᠴᠣᠭᠣᠯᠵᠤ ᠬᠠᠶᠠᠭᠰᠠᠨ ᠪᠣᠯᠬᠣᠷ ᠡᠯᠳᠡᠩᠭᠡ ᠲᠡᠢ ᠬᠠᠯᠳᠠᠵᠤ ᠮᠠᠨᠴᠤᠷᠭ᠎ᠠ ᠶ᠋ᠢ ᠴᠢᠩᠭ᠎ᠠ ᠵᠠᠯᠬᠠᠭᠠᠬᠤ ᠬᠡᠷᠡᠭᠲᠡᠢ ᠭᠡᠳᠡᠭ ᠬᠠᠲᠠᠭᠤ ᠵᠠᠭᠤᠳᠠᠯ ᠢ᠋ ᠪᠠᠷᠢᠬᠤ ᠦᠭᠡᠢ ᠶᠠᠭᠠᠬᠢᠭᠰᠠᠨ ᠴᠦ᠍ ᠪᠣᠯᠬᠤ ᠦᠭᠡᠢ᠃ ᠬᠡᠷᠪᠡ ᠁ ᠥᠯᠵᠡᠢᠰᠠᠩ ᠦ᠋ᠨ ᠠᠩᠬ᠎ᠠ ᠰᠠᠨᠠᠭᠤᠯᠵᠤ ᠬᠡᠯᠡᠭᠰᠡᠨ ᠢᠶᠡᠷ ᠶᠠᠭᠤᠮ᠎ᠠ ᠪᠣᠯᠭᠠᠵᠤ ᠮᠠᠨᠴᠤᠷᠭ᠎ᠠ ᠶᠢ ᠳᠠᠯᠳᠠᠭᠤᠷ ᠬᠢᠴᠢᠭᠡᠭᠰᠡᠨ ᠪᠣᠯ ᠲᠠᠭᠠᠷᠠᠬᠤ ᠪᠠᠢᠭᠰᠠᠨ᠃ ᠭᠡᠬᠦ ᠳᠡᠬᠡᠨ ᠥᠨᠥᠳᠥᠷ ᠶᠠᠭᠠᠬᠢᠬᠤ ᠠᠷᠭ᠎ᠠ ᠦᠭᠡᠢ ᠲᠤᠯᠭᠠᠷᠠᠵᠤ ᠢᠷᠡᠭᠰᠡᠨ ᠭᠠᠢ ᠶ᠋ᠢ ᠲᠤᠭᠤᠯᠵᠤ ᠯᠠ ᠭᠠᠷᠬᠤ ᠠ᠋ᠴᠠ ᠪᠢᠰᠢ ᠲᠣᠭᠣᠷᠢᠵᠤ ᠪᠣᠯᠬᠤ ᠦᠭᠡᠢ ᠬᠣᠢᠨ᠎ᠠ ᠳ᠋ᠠ᠃ ᠡᠪᠲᠦ ᠱᠠᠭᠠᠵᠠᠭᠠᠢ ᠪᠤᠭᠤ ᠪᠠᠷᠢᠨ᠎ᠠ ᠭᠡᠳᠡᠭ ᠢᠶᠡᠷ ᠪᠣᠯᠣᠮᠵᠢᠲᠠᠢ ᠠᠷᠭ᠎ᠠ ᠠᠪᠴᠤ᠂ ᠪᠣᠯᠭᠣᠮᠵᠢᠲᠠᠢ ᠰᠠᠢᠬᠠᠨ ᠬᠥᠳᠡᠯᠬᠦ ᠯᠠ ᠳᠡᠭᠡᠳᠦ ᠶ᠋ᠢᠨ ᠤᠬᠠᠭᠠᠨ ᠁ ᠭᠡᠵᠦ ᠡᠯᠳᠡᠪ ᠢ ᠰᠡᠳᠬᠢᠵᠦ ᠰᠠᠭᠤᠭᠰᠠᠨ ᠭᠥᠩ ᠨᠣᠶᠠᠨ ᠤ ᠴᠢᠷᠠᠢ ᠨᠢ ᠪᠠᠷᠤᠢᠵᠤ ᠬᠡᠭᠰᠡᠢᠨᠡ᠃ ᠦᠨᠡᠨ ᠳᠡᠬᠡᠨ ᠭᠥᠩ ᠨᠣᠶᠠᠨ ᠡᠨᠡ ᠬᠦ᠌ ᠡᠭᠦᠰᠦᠭ᠍ᠰᠡᠨ ᠦᠯᠢᠭᠡᠷ ᠦᠨ ᠠᠷᠤ ᠳ᠋ᠤ᠌ ᠶᠠᠮᠠᠷᠬᠠᠨ ᠣᠨᠢᠰᠣᠭ᠎ᠠ ᠳᠠᠯᠳᠠᠯᠠᠭᠳᠠᠵᠤ ᠪᠠᠢᠭ᠎ᠠ ᠶ᠋ᠢ ᠶᠠᠭᠠᠬᠢᠵᠤ ᠮᠡᠳᠡᠬᠦ ᠪᠢᠯᠡ? ᠭᠤᠲᠤᠯ ᠤᠨ ᠢᠶᠠᠨ ᠬᠣᠩᠰᠢᠶᠠᠷ ᠢ ᠰᠢᠩᠰᠢᠯᠡᠵᠦ ᠭᠦᠶᠦᠳᠡᠭ ᠢᠮᠠᠭᠠᠨ ᠳᠠᠭᠤᠲᠤ ᠴᠥᠯᠴᠥᠭᠡᠨᠡᠭᠦᠷ ᠥᠯᠵᠡᠢᠰᠠᠩ ᠬᠤᠪᠢ ᠶᠢᠨ ᠠᠲᠠᠭ᠎ᠠ ᠵᠢᠲᠥᠭᠡ ᠶᠢᠨ ᠤᠷᠰᠢᠭ ᠢᠶᠠᠷ ᠥᠲᠥᠵᠦ ᠬᠠᠶᠠᠭᠰᠠᠨ ᠭᠠᠢ ᠨᠢ ᠦᠨᠡᠨ ᠳ᠋ᠡᠭᠡᠨ ᠬᠦᠩ ᠨᠣᠶᠠᠨ ᠳ᠋ᠤ᠌ ᠠᠪᠤᠨ ᠵᠠᠭᠤᠷ᠎ᠠ ᠠᠳᠠ ᠲᠠᠢ ᠰᠠᠨᠠᠭᠳᠠᠪᠠᠴᠤ ᠠᠯᠤᠰ ᠴᠠᠭᠠᠨ᠎ᠠ ᠪᠠᠨ ᠬᠠᠷᠢᠨ ᠠᠰᠢᠭ ᠲᠠᠢ ᠪᠠᠢᠳᠠᠭ ᠢ᠋ ᠲᠡᠷᠡ ᠴᠦ᠍ ᠮᠡᠳᠡᠭᠰᠡᠨ ᠦᠭᠡᠢ᠃ ᠢᠩᠭᠢᠵᠦ 《 ᠬᠡᠩᠭᠡᠷᠭᠡ 》 ᠨᠢ ᠡᠷᠲᠡ ᠴᠤᠭᠤᠷᠠᠭᠰᠠᠨ ᠦᠭᠡᠢ ᠶᠦᠮ ᠪᠣᠯ ᠬᠣᠵᠢᠮ ᠨᠠᠰᠤᠨ ᠳ᠋ᠠᠭᠠᠨ ᠨᠥᠬᠥᠵᠦ ᠳᠡᠢᠯᠳᠡᠭ ᠦᠭᠡᠢ ᠬᠠᠭᠵᠠᠷᠬᠠᠢ ᠣᠩᠭᠣᠢᠨ᠎ᠠ ᠪᠠᠢᠬ᠎ᠠ᠃
ᠶᠡᠬᠡ ᠰᠦᠮ᠎ᠡ ᠶ᠋ᠢᠨ ᠳᠤᠭᠠᠩ ᠤ᠋ᠨ ᠪᠠᠷᠠᠭᠤᠨ ᠬᠡᠷᠡᠮ ᠦ᠋ᠨ ᠢᠷᠣᠭᠠᠷ ᠲᠤ᠌ ᠨᠢᠭᠡ ᠬᠥᠮᠦᠨ ᠨᠡᠯᠢᠶᠡᠳ ᠬᠦᠯᠢᠭᠡᠯᠵᠡᠭᠰᠡᠨ ᠢ᠋ᠶ᠋ᠡᠨ ᠡᠯᠳᠡᠩᠭᠡ ᠲᠤᠰᠠᠯᠠᠭᠴᠢ ᠲᠠᠢ ᠠᠭᠤᠯᠵᠠᠵᠤ ᠴᠢᠬᠢᠨ ᠳ᠋ᠦ᠍ᠨᠢ ᠬᠡᠳᠦᠨ ᠦᠭᠡ ᠰᠢᠪᠡᠨᠡᠵᠦ ᠬᠡᠯᠡᠭᠡᠳ ᠱᠠᠯᠠᠪᠬᠠᠨ ᠳᠠᠯᠳᠠ ᠣᠷᠣᠪᠠ᠃
ᠡᠨᠡ ᠶᠠᠭᠠᠷᠠᠤ ᠴᠢᠮᠡᠭᠡ ᠬᠦᠷᠭᠡᠵᠦ ᠢᠷᠡᠭᠰᠡᠨ ᠬᠥᠮᠦᠨ ᠪᠣᠯ ᠡᠯᠳᠡᠩᠭᠡ ᠲᠤᠰᠠᠯᠠᠭᠴᠢ ᠶ᠋ᠢᠨ ᠤᠳᠬᠤᠨ ᠬᠦᠦ ᠪᠠᠳᠠᠷᠠᠭᠠ ᠪᠠᠢᠵᠠᠢ᠃ ᠲᠡᠷᠡ ᠶᠡᠬᠡ ᠠᠬ᠎ᠠ ᠮᠠᠨᠴᠤᠷᠭ᠎ᠠ ᠨᠢ ᠴᠡᠴᠡᠭ ᠬᠠᠲᠤᠨ ᠲᠠᠢ ᠶᠠᠭᠠᠬᠢᠯ᠎ᠠ᠂ ᠡᠢᠯ᠎ᠡ ᠁ ᠥᠯᠵᠡᠢᠰᠠᠩ ᠳᠤ ᠪᠠᠷᠢᠭᠳᠠᠵᠤ ᠲᠡᠷᠡ ᠰᠥᠨᠢ ᠳ᠋ᠡᠭᠡᠨ ᠬᠦᠯᠢᠶᠡᠰᠦ ᠪᠡᠨ ᠠᠯᠳᠠᠷᠠᠭᠠᠵᠤ ᠴᠥᠭᠡᠪᠲᠦᠷ ᠴᠡᠷᠢᠭ ᠠᠪᠴᠤ ᠳᠤᠲᠠᠭᠠᠪᠠ ᠭᠡᠰᠡᠨ ᠴᠢᠮᠡᠭᠡ ᠬᠦᠷᠭᠡᠵᠦ ᠢᠷᠡᠵᠡᠢ᠃
ᠨᠥᠭᠦᠭᠡ ᠡᠯᠳᠡᠩᠭᠡ ᠲᠤᠰᠠᠯᠠᠭᠴᠢ ᠶ᠋ᠢᠨ ᠪᠠᠷᠤᠭᠠᠷ ᠴᠢᠷᠠᠢ ᠳ᠋ᠤ᠌ ᠬᠦᠢᠲᠡᠨ ᠲᠡᠮᠦᠷ ᠦ᠋ᠨ ᠵᠢᠪᠡ ᠰᠠᠭᠤᠵᠤ ᠵᠥᠷᠢᠭᠦᠯᠦᠨ ᠵᠠᠩᠭᠢᠳᠤᠭᠰᠠᠨ ᠵᠢᠷᠪᠢᠬᠡᠷ ᠬᠠᠷ᠎ᠠ ᠬᠥᠮᠦᠰᠬᠡᠨ ᠳ᠋ᠦ᠍ᠨᠢ ᠬᠣᠶᠠᠷ ᠲᠤᠭᠰᠢᠨ ᠨᠣᠬᠠᠢ ᠤᠶᠠᠭᠠᠲᠠᠢ ᠰᠢᠭ᠋ ᠬᠠᠷᠠᠭᠳᠠᠬᠤ ᠨᠢ ᠬᠥᠮᠦᠰ ᠲᠦ᠍ ᠠᠢᠳᠠᠰ ᠳᠦᠷᠦᠭᠦᠯᠦᠮᠡ᠃
ᠪᠦᠬᠦ ᠶᠠᠭᠤᠮ᠎ᠠ ᠪᠤᠷᠤᠭᠤ ᠪᠠᠷ ᠡᠷᠭᠢᠵᠦ ᠡᠯᠳᠡᠩᠭᠡ ᠲᠤᠰᠠᠯᠠᠭᠴᠢ ᠶ᠋ᠢᠨ ᠪᠣᠳᠣᠯ ᠰᠡᠳᠬᠢᠯ ᠳ᠋ᠦ᠍ ᠪᠤᠳᠠᠩ ᠮᠠᠨᠠᠨ ᠪᠦᠷᠬᠦᠵᠦ᠂ ᠪᠣᠷᠣᠭᠠᠨ ᠴᠦ᠍ ᠶᠦᠮ ᠤᠤ ᠴᠠᠰᠤᠨ ᠰᠢᠭᠤᠷᠭ᠎ᠠ ᠴᠦ᠍ ᠶᠤᠮ ᠤᠤ ᠡᠦᠲᠦ ᠪᠡᠷ ᠢ᠋ᠶ᠋ᠡᠨ ᠲᠡᠭᠦᠨ ᠢ᠋ ᠬᠥᠮᠥᠷᠢᠨ ᠳᠠᠭᠠᠷᠢᠬᠤ ᠰᠢᠭ᠋ ᠮᠠᠭᠤ ᠰᠤᠪᠢᠨ ᠪᠠᠭᠤᠵᠤ ᠭᠠᠯ ᠭᠣᠯᠣᠮᠲᠠ ᠶ᠋ᠢ ᠨᠢ ᠬᠠᠷᠠᠯᠠᠭᠤᠯᠵᠤ᠂ ᠨᠤᠲᠤᠭ ᠪᠠᠭᠤᠴᠠ ᠶ᠋ᠢ ᠨᠢ ᠡᠷᠭᠢᠭᠦᠯᠬᠦ ᠭᠡᠨᠡᠨ ᠠᠶᠤᠯ ᠲᠤᠯᠭᠠᠷᠠᠵᠤ ᠮᠡᠳᠡᠬᠦ ᠶᠢ ᠪᠠᠷᠤᠭᠯᠠᠪᠠ᠃
ᠭᠡᠨᠡᠨ ᠬᠡᠢᠷᠬᠡᠦ ᠵᠠᠯᠠᠭᠤ ᠨᠠᠰᠤᠨ ᠤ ᠦᠢᠯᠡ ᠭᠡᠭᠴᠢ ᠬᠡᠴᠡᠭᠦᠦ ᠪᠢᠯᠡ᠃ ᠳᠠᠩᠴᠤ ᠬᠡᠷᠰᠡᠦ ᠲᠣᠲᠠᠵᠠᠢ ᠳ᠋ᠠ! ᠭᠡᠵᠦ ᠡᠯᠳᠡᠩᠭᠡ ᠬᠥᠪᠡᠭᠦᠨ ᠮᠠᠨᠴᠤᠷᠭ᠎ᠠ ᠪᠠᠨ ᠪᠤᠷᠤᠭᠤᠳᠬᠠᠬᠤ ᠪᠣᠯᠪᠠᠴᠤ ᠤᠷᠰᠢᠭ ᠤ᠋ᠨ ᠦᠨᠳᠦᠰᠦ ᠲᠡᠭᠦᠨ ᠳ᠋ᠦ᠍ ᠪᠠᠢᠭ᠎ᠠ ᠪᠢᠰᠢ ᠭᠡᠭᠴᠢ ᠶ᠋ᠢ ᠲᠡᠷᠡ ᠰᠠᠢᠨ ᠮᠡᠳᠡᠨ᠎ᠡ᠃ ᠬᠥᠮᠦᠨ ᠦ᠌ ᠰᠢᠭᠠᠷᠤ ᠶ᠋ᠢᠨ ᠳᠠᠯᠳᠠᠬᠠᠨ ᠣᠨᠢᠯᠠᠭᠰᠠᠨ ᠬᠤᠯᠠᠭᠠᠢ ᠰᠤᠮᠤᠨ ᠠ᠋ᠴᠠ ᠬᠡᠨ ᠬᠥᠮᠦᠨ ᠵᠠᠢᠯᠠᠵᠤ ᠳᠡᠢᠯᠬᠦ ᠪᠢᠯᠡ! ᠯᠠᠭᠤᠰᠠ ᠶ᠋ᠢᠨ ᠲᠥᠷᠥᠯ ᠲᠡᠢ ᠠᠳᠤᠭᠤᠰᠤ ᠶ᠋ᠢ ᠶᠡᠷᠦ ᠳ᠋ᠡᠭᠡᠨ ᠬᠦᠯᠦᠭ ᠦ᠋ᠨ ᠣᠷᠣᠨ ᠳ᠋ᠤ᠌ ᠤᠨᠤᠭ᠎ᠠ ᠪᠣᠯᠭᠠᠵᠤ ᠪᠣᠯᠳᠠᠭ ᠦᠭᠡᠢ ᠬᠣᠢᠨ᠎ᠠ᠃ ᠡᠵᠡᠨ ᠳ᠋ᠡᠭᠡᠨ ᠡᠭᠡᠯᠢ ᠦᠭᠡᠢ ᠠᠳᠤᠭᠤᠰᠤ ᠶᠤᠮ ᠠ᠋! ᠭᠡᠵᠦ ᠥᠯᠵᠡᠢᠰᠠᠩ ᠤ᠋ᠨ ᠡᠯᠳᠡᠪᠯᠡᠵᠦ ᠪᠠᠢᠭᠰᠠᠨ ᠢ᠋ ᠰᠠᠨᠠᠵᠤ ᠪᠦᠬᠦ ᠶᠠᠭᠤᠮ᠎ᠠ ᠶ᠋ᠢ ᠡᠭᠡᠳᠡᠷᠡᠭᠦᠯᠵᠦ ᠬᠠᠶᠠᠭᠰᠠᠨ ᠢ᠋ ᠪᠣᠳᠣᠨ ᠪᠣᠳᠣᠨ ᠠᠭᠤᠷᠯᠠᠨ᠎ᠠ᠃ ᠤᠷᠢᠳᠤ ᠶ᠋ᠢᠨ ᠠᠯᠢ ᠰᠠᠢᠨ ᠰᠠᠢᠬᠠᠨ ᠢ᠋ᠶ᠋ᠠᠷ ᠲᠥᠰᠦᠪᠯᠡᠵᠦ ᠵᠣᠷᠢᠭᠰᠠᠨ ᠶᠠᠪᠤᠳᠠᠯ ᠵᠡᠭᠦᠳᠦ ᠵᠡᠷᠭᠡᠯᠭᠡᠨ ᠮᠡᠲᠦ ᠵᠠᠮᠬᠠᠷᠠᠨ ᠠᠷᠢᠯᠤᠯ᠎ᠠ᠁ ᠭᠡᠵᠦ ᠪᠣᠳᠣᠯ ᠠᠯᠭᠠᠰᠠᠨ ᠰᠠᠨᠠᠬᠤ ᠠ᠋ᠴᠠ ᠳᠠᠭᠠᠷᠠᠳᠠᠰᠤ ᠬᠦᠷᠬᠦ ᠰᠢᠭ ᠪᠣᠯᠪᠠ᠃
ᠵᠤᠨ ᠤ᠋ ᠬᠠᠯᠠᠭᠤᠨ ᠳ᠋ᠤ᠌ ᠴᠦ᠍ ᠭᠣᠣᠯ ᠶᠠᠩᠭᠢᠨᠠᠮ᠎ᠠ ᠤᠰᠤᠨ ᠵᠢᠩ ᠲᠡᠢ ᠪᠠᠢᠳᠠᠭ ᠶᠡᠬᠡ ᠳᠤᠭᠠᠩ ᠤ᠋ᠨ ᠳᠣᠲᠣᠷ᠎ᠠ ᠨᠣᠮ ᠤ᠋ᠨ ᠳᠠᠭᠤᠨ ᠰᠣᠨᠣᠷᠳᠠᠨ ᠮᠠᠨᠢ ᠲᠣᠭᠠᠯᠠᠪᠠᠴᠤ ᠪᠣᠳᠣᠯ ᠡᠭᠡᠳᠡᠷᠡᠨ ᠳᠠᠭᠠᠷᠠᠳᠠᠰᠤ ᠬᠦᠷᠦᠭᠰᠡᠨ ᠡᠯᠳᠡᠩᠭᠡ ᠳ᠋ᠦ᠍ ᠠᠭᠠᠷ ᠴᠠᠷᠴᠠᠭᠰᠠᠨ ᠰᠢᠭ᠋ ᠰᠠᠨᠠᠭᠳᠠᠨ ᠨᠢᠭᠡ ᠯᠡ ᠮᠥᠯᠢᠬᠡᠷ ᠪᠠᠢᠯ᠎ᠠ!
ᠦᠰᠦᠭ ᠠᠮᠢᠯᠠᠭᠤᠯᠤᠭᠰᠠᠨ ᠨᠢ᠄ ᠰᠣᠳᠣ᠂ ᠬᠣᠨᠢᠴᠢᠨ (ᠸᠠᠩ ᠰᠦᠨ ᠴᠸᠩ)
