ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠ> Хан мунын сүүрс < дээд > – Мөнх зохиоов ᠂ Тэргүүн бодь – Хоёрдугаар бүлэг <10> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠ> Хан мунын сүүрс < дээд > – Мөнх зохиоов ᠂ Тэргүүн бодь – Хоёрдугаар бүлэг <10>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠ> Хан мунын сүүрс < дээд > – Мөнх зохиоов ᠂ Тэргүүн бодь – Хоёрдугаар бүлэг <10>

ᠠᠩᠭᠢᠯᠠᠯ:ᠲᠤᠭᠤᠵᠢ ᠷᠣᠮᠠᠨ
2024-06-21

259


              ᠠᠷᠪᠠ  

       ᠢᠮᠠᠭᠠᠨ ᠳᠠᠭᠤᠲᠤ ᠥᠯᠵᠡᠢᠰᠠᠩ ᠪᠠᠭ᠎ᠠ ᠬᠠᠲᠤᠨ ᠢ᠋ ᠤᠷᠭᠤᠵᠤ ᠳᠤᠲᠠᠭᠠᠬᠤ ᠳ᠋ᠤ᠌ ᠥᠴᠦᠬᠡᠨ ᠭᠠᠪᠢᠶ᠎ᠠ ᠪᠠᠢᠭᠤᠯᠤᠭᠰᠠᠨ ᠳ᠋ᠤ᠌ ᠬᠦᠩ ᠨᠣᠶᠠᠨ ᠲᠡᠭᠦᠨ ᠳ᠋ᠦ᠍ ᠪᠣᠱᠣᠭᠣ ᠶ᠋ᠢᠨ ᠨᠡᠷ᠎ᠡ ᠬᠠᠢᠷᠠᠯᠠᠵᠤ ᠥᠭᠭᠦᠭᠰᠡᠨ ᠨᠢ ᠦᠨᠡᠨ ᠳ᠋ᠡᠭᠡᠨ ᠲᠡᠭᠦᠨ ᠢ᠋《 ᠬᠣᠰᠢᠭᠤ ᠶᠠᠮᠤᠨ ᠳ᠋ᠤ᠌ ᠡᠢᠮᠦ ᠬᠥᠮᠦᠨ ᠪᠠᠰᠠ ᠲᠤᠩ ᠬᠡᠷᠡᠭᠴᠡᠭᠡᠲᠡᠢ ᠰᠢᠳᠡ! ᠮᠥᠨ ᠢᠩᠭᠢᠵᠦ ᠯᠡ ᠠᠨᠢᠷ ᠴᠢᠮᠡᠭᠡ ᠰᠢᠩᠰᠢᠯᠡᠬᠦ ᠰᠣᠷᠭᠣᠭ ᠬᠠᠮᠠᠷ ᠲᠠᠢ ᠪᠠᠢᠭᠠᠰᠠᠢ》 ᠭᠡᠵᠦ ᠵᠣᠷᠢᠭᠵᠢᠭᠤᠯᠤᠨ ᠦᠨᠡᠯᠡᠭᠰᠡᠨ ᠶᠠᠪᠤᠳᠠᠯ ᠪᠣᠯᠵᠤ ᠦᠯᠵᠡᠢᠰᠠᠩ ᠤᠯᠠᠮ ᠴᠤ᠌ ᠰᠡᠭᠰᠡᠯᠵᠡᠳᠡᠭ ᠪᠣᠯᠵᠠᠢ᠃ 
       ᠪᠠᠷᠠᠭᠤᠨ ᠬᠦᠩ ᠦ᠋ᠨ ᠬᠢᠨ ᠢ᠋ ᠰᠢᠳᠢᠲᠦ ᠦᠯᠢᠭᠡᠷ ᠳᠣᠮᠣᠭ ᠤ᠋ᠨ ᠵᠠᠭᠪᠤᠷ ᠲᠤ᠌ ᠵᠦᠢᠴᠢᠯᠡᠨ ᠬᠣᠰᠢᠭᠤ ᠶᠠᠮᠤᠨ ᠨᠢ ᠠᠷᠰᠯᠠᠨ᠂ ᠪᠠᠷᠰ᠂ ᠴᠢᠨᠣ᠎ᠠ ᠮᠡᠲᠦ ᠶ᠋ᠢᠨ ᠥᠷᠢᠰᠦᠯᠳᠦᠭᠰᠡᠨ ᠠᠷᠢᠶᠠᠲᠠᠨ ᠸᠠᠩᠲᠤ ᠤᠯᠤᠰ ᠭᠡᠵᠦ ᠦᠯᠢᠳᠬᠡᠪᠡᠯ ᠥᠯᠵᠡᠢᠰᠠᠩ ᠪᠣᠯ ᠳᠠᠷᠤᠢ ᠬᠣᠯᠠ ᠣᠢᠷ᠎ᠠ ᠶ᠋ᠢᠨ ᠥᠭᠶᠥᠭᠡ ᠰᠢᠩᠰᠢᠯᠡᠨ ᠰᠣᠨᠣᠷᠳᠠᠵᠤ ᠴᠢᠳᠠᠯ ᠬᠦᠴᠦᠲᠡᠨ ᠠᠷᠢᠶᠠᠲᠠᠨ ᠤ᠋ ᠸᠠᠩ ᠠᠷᠰᠯᠠᠨ᠂ ᠪᠠᠷᠰ ᠲᠠᠭᠠᠨ ᠢᠯᠪᠠᠭᠠᠨᠠᠨ ᠰᠠᠢᠮᠰᠤᠷᠠᠵᠤ ᠴᠢᠳᠠᠯ ᠮᠠᠭᠤᠲᠠᠢ ᠳ᠋ᠤᠨᠢ ᠮᠡᠬᠡ ᠵᠠᠷᠤᠵᠤ ᠴᠢᠳᠠᠳᠠᠭ ᠰᠡᠭᠦᠯ ᠦ᠋ᠨ ᠦᠵᠦᠭᠦᠷ ᠨᠢ ᠴᠠᠢᠭᠰᠠᠨ ᠦᠨᠡᠭᠡ ᠮᠥᠨ᠃  
       ᠲᠡᠷᠡ ᠬᠦᠩ ᠨᠣᠶᠠᠨ ᠠ᠋ᠴᠠ ᠠᠪᠤᠭᠠᠳ᠂ ᠵᠡᠭᠦᠨ ᠪᠠᠷᠠᠭᠤᠨ ᠲᠤᠰᠠᠯᠠᠭᠴᠢ᠂ ᠵᠠᠬᠢᠷᠤᠭᠴᠢ᠂ ᠮᠡᠢᠷᠡᠨ ᠵᠠᠩᠭᠢ᠂ ᠵᠠᠯᠠᠨ ᠭᠡᠳ ᠴᠠᠭᠠᠰᠢ ᠵᠠᠷᠤᠴᠠ ᠢᠨᠵᠢ᠂ ᠪᠣᠭᠣᠯ ᠠᠮᠢ ᠵᠢᠭᠤᠯᠭ᠎ᠠ ᠶ᠋ᠢᠨ ᠬᠢᠨ ᠦ᠌ ᠠᠯᠢᠨ ᠤ᠋ ᠬᠢᠨᠢ ᠵᠠᠩ ᠠᠷᠠᠨᠰᠢ᠂ ᠲᠠᠮᠢᠷ ᠢ᠋ ᠲᠠᠨᠢᠬᠤ ᠦᠭᠡᠢ ᠪᠣᠢ! ᠳᠡᠭᠡᠷᠡᠬᠢ ᠨᠣᠶᠠᠨ ᠢ᠋ᠶ᠋ᠠᠨ ᠵᠢᠰᠦᠷᠳᠡᠳᠡᠭ᠂ ᠳᠠᠭᠠᠭᠰᠠᠳ ᠳᠣᠷᠣᠢ ᠶ᠋ᠢ ᠨᠢ ᠮᠠᠭᠤᠰᠢᠶᠠᠵᠤ ᠳᠡᠷᠭᠡᠳᠡᠬᠢ ᠪᠡᠨ ᠮᠡᠬᠡᠯᠡᠵᠦ ᠮᠠᠯᠯᠠᠳᠠᠭ᠂ ᠳᠣᠣᠷᠠᠳᠤᠰ ᠬᠠᠷᠠᠴᠤᠰ ᠢ᠋ ᠨᠢ ᠳᠣᠷᠣᠮᠵᠢᠯᠠᠨ ᠬᠠᠷᠭᠢᠰᠯᠠᠳᠠᠭ ᠨᠢ ᠲᠡᠭᠦᠨ ᠦ᠌ ᠲᠥᠷᠥᠯᠬᠢ ᠠᠪᠢᠶᠠᠰ᠃  ᠬᠦᠩ ᠨᠣᠶᠠᠨ ᠤ᠋ ᠲᠠᠭᠠᠯᠠᠯ ᠲᠠᠢ ᠶᠠᠪᠤᠳᠠᠯ ᠤ᠋ᠨ ᠲᠥᠯᠥᠭᠡ ᠨᠣᠬᠠᠢ ᠮᠣᠷᠢᠨ ᠤ᠋ ᠬᠦᠴᠦ ᠪᠡᠨ ᠴᠦᠯᠡᠵᠦ ᠵᠢᠳᠬᠦᠬᠦ ᠳ᠋ᠡᠭᠡᠨ ᠴᠢᠬᠤᠯᠠᠲᠠᠢ ᠦᠶ᠎ᠡ ᠳ᠋ᠦ᠍ ᠲᠡᠪᠡᠨᠡ ᠶ᠋ᠢᠨ ᠰᠠᠨᠵᠢ ᠪᠠᠷ ᠰᠢᠷᠭᠤᠵᠤ ᠭᠠᠷᠬᠤ ᠠ᠋ᠴᠠ ᠪᠤᠴᠠᠳᠠᠭ ᠦᠭᠡᠢ ᠬᠥᠮᠦᠨ ᠠᠵᠤᠭᠤ᠃ 
       ᠲᠡᠭᠦᠨ ᠦ᠌ ᠲᠡᠷᠡ ᠨᠣᠬᠠᠢ ᠶ᠋ᠢᠨ ᠬᠠᠮᠠᠷ ᠦᠨᠡᠭᠡᠨ ᠦ᠌ ᠰᠣᠨᠣᠷ ᠢ᠋ ᠵᠦᠢᠷᠯᠡᠬᠦ ᠶ᠋ᠢᠨ ᠠᠷᠭ᠎ᠠ ᠦᠭᠡᠢ᠃ ᠴᠡᠴᠡᠭ ᠬᠠᠲᠤᠨ ᠪᠣᠯᠤᠨ ᠮᠠᠨᠴᠤᠷᠭ᠎ᠠ ᠶ᠋ᠢᠨ ᠶᠠᠪᠤᠳᠠᠯ ᠢ᠋ ᠠᠯᠢ ᠤᠵᠠᠭᠤᠷ ᠤ᠋ᠨ ᠦᠭᠡᠢ ᠠᠵᠢᠭ ᠮᠡᠳᠡᠵᠦ᠂ ᠡᠨᠡ ᠵᠠᠪᠰᠢᠶᠠᠨ ᠢ᠋ᠶ᠋ᠠᠷ ᠮᠠᠨᠴᠤᠷᠭ᠎ᠠ ᠶ᠋ᠢᠨ ᠣᠷᠣ ᠶ᠋ᠢ  ᠠᠪᠬᠤ ᠶ᠋ᠢ ᠰᠠᠨᠠᠵᠤ᠂ ᠴᠢ ᠳᠠᠮᠠᠷᠤ ᠲᠣᠯᠣᠭᠠᠢᠯᠠᠭᠠᠳ ᠰᠠᠭᠰᠠᠭᠤᠷᠠᠵᠤ ᠯᠠ ᠪᠠᠢᠭᠠᠷᠠᠢ!  ᠮᠠᠮᠠ ᠨᠢ ᠴᠢᠮ᠎ᠠ ᠶ᠋ᠢ ᠠᠯᠢ ᠨᠢᠭᠡ ᠡᠳᠦᠷ ᠴᠢᠳᠠᠨ᠎ᠠ ᠳᠠ! ᠲᠡᠷᠡ ᠦᠶ᠎ᠡ ᠳ᠋ᠦ᠍  ᠨᠣᠶᠠᠨ ᠰᠠᠩ ᠤ᠋ᠨ ᠰᠢᠳᠠᠷ ᠬᠠᠮᠠᠭᠠᠯᠠᠬᠤ ᠴᠡᠷᠢᠭ ᠦ᠋ᠨ ᠯᠢᠶᠠᠨᠵᠠᠩ ᠤ᠋ᠨ ᠠᠬᠤᠷ ᠫᠤᠤ ᠶ᠋ᠢ ᠰᠤᠢᠷᠠᠬᠤ ᠬᠥᠮᠦᠨ ᠪᠣᠯ  ᠥᠯᠵᠡᠢᠰᠠᠩ ᠭᠡᠳᠡᠭ ᠢ᠋ ᠴᠢᠮ᠎ᠠ ᠳ᠋ᠤ᠌ ᠲᠠᠨᠢᠭᠤᠯᠤᠨ᠎ᠠ ᠰᠢᠦ! ᠭᠡᠵᠦ ᠮᠠᠨᠴᠤᠷᠭ᠎ᠠ ᠶ᠋ᠢ ᠴᠠᠭᠠᠨ᠎ᠠ ᠠ᠋ᠴᠠ ᠪᠠᠨ ᠬᠣᠷᠣᠰᠴᠤ ᠤᠳᠠᠵᠠᠢ᠃  
       ᠥᠯᠵᠡᠢᠰᠡᠩ ᠤᠤᠯ ᠨᠢ ᠵᠠᠰᠠᠭ ᠬᠦᠩ᠂ ᠨᠣᠶᠠᠨ ᠰᠠᠩ ᠤ᠋ᠨ ᠰᠢᠳᠠᠷ ᠬᠠᠮᠠᠭᠠᠯᠠᠬᠤ ᠴᠡᠷᠢᠭ ᠦ᠋ᠨ ᠳᠠᠷᠤᠭ᠎ᠠ ᠶ᠋ᠢᠨ ᠣᠷᠣ ᠶ᠋ᠢ ᠰᠠᠨᠠᠭᠠᠷᠬᠠᠵᠤ ᠬᠦᠩ ᠨᠣᠶᠠᠨ ᠳ᠋ᠤ᠌ ᠰᠠᠢᠷᠬᠠᠵᠤ᠂ ᠬᠡᠭᠡᠯᠢ ᠬᠠᠬᠤᠤᠯᠢ ᠲᠦᠯᠬᠢᠵᠦ ᠳᠠᠪ ᠳᠠᠪ ᠭᠡᠵᠦ ᠪᠠᠢᠭᠰᠠᠨ ᠢ᠋ᠶ᠋ᠠᠨ ᠡᠯᠳᠡᠩᠭᠡ ᠲᠤᠰᠠᠯᠠᠭᠴᠢ ᠶ᠋ᠢᠨ ᠬᠦᠦ ᠮᠠᠨᠴᠤᠷᠭ᠎ᠠ ᠶ᠋ᠢᠨ ᠡᠮᠡᠭᠡᠯ ᠦ᠋ᠨ ᠠᠷᠤ ᠪᠠᠷ ᠰᠠᠭᠤᠭᠰᠠᠨ ᠢ᠋ᠶ᠋ᠠᠨ ᠲᠡᠭᠦᠨ ᠢ᠋ ᠬᠣᠷᠣᠰᠴᠤ ᠵᠠᠨᠤᠬᠤ ᠪᠣᠯᠤᠭᠰᠠᠨ᠃ ᠡᠯᠳᠡᠩᠭᠡ ᠲᠤᠰᠠᠯᠠᠭᠴᠢ ᠪᠣᠯ ᠰᠢᠷᠠᠪᠳᠣᠷᠵᠢ ᠬᠦᠩ ᠨᠣᠶᠠᠨ ᠳ᠋ᠠᠭᠠᠨ ᠭᠠᠪᠢᠶ᠎ᠠ ᠵᠢᠳᠬᠦᠯ ᠲᠡᠢ ᠪᠣᠯᠬᠣᠷ ᠦᠯᠵᠡᠢᠰᠠᠩ ᠶᠠᠭᠠᠬᠢᠵᠤ ᠲᠤᠰᠠᠯᠠᠭᠴᠢ ᠶ᠋ᠢᠨ ᠬᠦᠦ ᠲᠡᠢ ᠮᠥᠴᠡᠷᠭᠡᠭᠡᠬᠦ ᠪᠢᠯᠡ! ᠮᠠᠨᠴᠤᠷᠭ᠎ᠠ ᠴᠡᠷᠢᠭ ᠬᠤᠪᠴᠠᠰᠤ ᠬᠡᠳᠡᠷᠴᠦ ᠰᠢᠷᠢᠨ ᠪᠥᠰᠡᠨ ᠳ᠋ᠦ᠍ ᠪᠡᠨ ᠠᠬᠤᠷ ᠫᠤᠤ ᠰᠦᠢᠷᠡᠭᠰᠡᠨ ᠢ᠋ᠶ᠋ᠡᠷ ᠰᠣᠷᠲᠣᠭᠣ ᠶᠠᠮᠪᠠᠲᠢ ᠠᠭᠠᠰᠢᠯᠠᠳᠠᠭ ᠢ᠋ ᠥᠯᠵᠡᠢᠰᠡᠩ ᠬᠠᠷᠠᠬᠤ ᠪᠦᠷᠢ ᠠᠲᠠᠭ᠎ᠠ ᠬᠣᠷᠣ ᠨᠢ ᠪᠤᠴᠠᠯᠪᠠᠴᠤ ᠲᠡᠭᠦᠨ ᠲᠡᠢ ᠠᠰ ᠲᠤᠯᠬᠤ ᠲᠡᠩᠬᠡᠭᠡ ᠦᠭᠡᠢ ᠤᠴᠢᠷ ᠳᠠᠯᠳᠠᠭᠤᠷ ᠮᠠᠨᠴᠤᠷᠭ᠎ᠠ ᠶ᠋ᠢ《 ᠡᠢᠮᠦ᠂ ᠲᠡᠢᠮᠦ 》ᠭᠡᠵᠦ ᠪᠡᠶ᠎ᠡ ᠡᠴᠡ ᠨᠢ ᠪᠥᠭᠡᠰᠦ ᠲᠡᠭᠦᠵᠦ ᠦ ᠡᠷᠢᠬᠦ ᠡᠴᠡ ᠭᠠᠳᠠᠨ᠎ᠠ ᠲᠣᠬᠢᠶᠠᠯ ᠲᠠᠭᠠᠷᠠᠪᠠᠯ ᠬᠦᠩ ᠨᠣᠶᠠᠨ ᠤ᠋ ᠴᠢᠬᠢᠨ ᠳ᠋ᠦ᠍ ᠪᠣᠯᠴᠢᠮ ᠦᠭᠡᠢ ᠢᠯᠡᠭᠦᠦ ᠦᠭᠡ ᠵᠥᠭᠡᠭᠡᠬᠦ ᠪᠣᠯᠵᠠᠢ᠃ 
       ᠮᠠᠨᠴᠤᠷᠭ᠎ᠠ ᠪᠣᠯ ᠡᠷᠳᠡᠮ ᠴᠢᠳᠠᠯ ᠬᠣᠣᠰᠯᠠᠭᠰᠠᠨ ᠡᠷ᠎ᠡ ᠬᠥᠮᠦᠨ᠂ ᠵᠣᠷᠢᠭᠰᠠᠨ ᠳ᠋ᠠᠭᠠᠨ ᠬᠦᠷᠳᠡᠭ ᠡᠴᠢᠭᠡ ᠶ᠋ᠢᠨ ᠬᠦᠦ ᠶ᠋ᠢᠨ ᠨᠢᠭᠡ᠃ ᠲᠡᠷᠡ ᠪᠡᠷ ᠡᠮᠨᠢᠭ ᠬᠠᠩᠭᠠᠯ ᠰᠤᠷᠭᠠᠬᠤ᠂ ᠡᠯᠳᠡᠩ ᠵᠠᠳᠠᠭᠠᠢ ᠴᠡᠷᠢᠭ ᠡᠷ᠎ᠡ ᠶ᠋ᠢ ᠨᠣᠮᠣᠬᠠᠳᠬᠠᠬᠤ᠂ ᠮᠥᠨ ᠴᠡᠷᠢᠭ ᠦ᠋ᠨ ᠰᠤᠷᠭᠠᠭᠤᠯᠢᠯᠠᠯ ᠳ᠋ᠤ᠌ ᠭᠠᠷᠮᠠᠭᠠᠢ ᠪᠠᠰᠠ ᠰᠠᠢᠨ ᠫᠤᠤᠴᠢ ᠲᠤᠯᠠ ᠬᠥᠮᠦᠰ ᠲᠡᠭᠦᠨ ᠢ᠋ ᠪᠠᠬᠠᠷᠬᠠᠬᠤ ᠠ᠋ᠴᠠ ᠪᠤᠰᠤ ᠵᠡᠭᠦᠨ ᠲᠤᠰᠠᠯᠠᠭᠴᠢ ᠶ᠋ᠢᠨ ᠥᠮᠥᠭ ᠲᠦ᠍ ᠨᠠᠪᠲᠠᠭᠠᠨᠠᠭᠰᠠᠨ ᠳᠣᠷᠣᠢ ᠡᠷ᠎ᠡ ᠭᠡᠵᠦ ᠦᠯᠦ ᠪᠣᠳᠣᠨ᠎ᠠ᠃ ᠲᠡᠭᠡᠬᠦ ᠡᠴᠡ ᠮᠠᠨᠴᠤᠷᠭ᠎ᠠ ᠲᠥᠷᠥᠯᠬᠢ ᠡᠷᠡᠮᠡᠬᠡᠢ ᠵᠠᠩ ᠲᠠᠢ ᠳᠡᠭᠡᠷ᠎ᠡ ᠪᠡᠨ ᠴᠡᠷᠢᠭ ᠵᠠᠬᠢᠷᠤᠭᠰᠠᠨ ᠳ᠋ᠠᠭᠠᠨ ᠤᠯᠠᠮ ᠡᠷᠳᠦᠵᠦ ᠡᠷ᠎ᠡ ᠬᠥᠮᠦᠨ ᠦ᠌ ᠰᠢᠨᠵᠢ ᠦᠭᠡᠢ᠂ ᠮᠡᠬᠦᠰ ᠲᠦᠭᠦᠰ᠂ ᠳᠣᠣᠭᠤᠷ ᠬᠠᠷᠠᠵᠤ ᠳᠣᠷᠣᠢ ᠳᠤᠤᠭᠠᠷᠤᠭᠰᠠᠨ ᠦᠬᠦᠭᠡᠨᠴᠡ ᠠᠮᠢᠲᠠᠳ ᠢ᠋ ᠶᠡᠷᠦ ᠡᠴᠡ ᠲᠣᠭᠣᠳᠠᠭ ᠦᠭᠡᠢ ᠨᠢ ᠮᠠᠨᠴᠤᠷᠭ᠎ᠠ ᠶ᠋ᠢᠨ ᠵᠠᠩ᠃ ᠥᠯᠵᠡᠢᠰᠠᠩ ᠤ᠋ᠨ ᠨᠢᠯᠠᠭᠠᠨᠠᠭᠤᠷ ᠵᠠᠩ ᠢ᠋ ᠦᠵᠡᠨ ᠶᠠᠳᠠᠵᠤ ᠶᠠᠩ ᠶᠠᠩ ᠭᠡᠰᠡᠨ ᠢᠮᠠᠭᠠᠨ ᠳᠠᠭᠤ ᠶ᠋ᠢ ᠨᠢ ᠰᠣᠨᠣᠰᠤᠭᠰᠠᠭᠠᠷ ᠡᠭᠳᠡᠭᠦᠦ ᠨᠢ ᠬᠦᠷᠴᠦ ᠪᠡᠶ᠎ᠡ ᠳ᠋ᠦ᠍ᠨᠢ ᠪᠢᠵᠢᠷᠡᠦ ᠭᠠᠷᠴᠤ ᠡᠨᠡ ᠮᠠᠭᠤ ᠴᠢᠰᠤ᠂ ᠢᠮᠠᠭᠠᠨ ᠳᠠᠭᠤ ᠶ᠋ᠢ ᠪᠠᠢᠴᠢᠬᠠᠶ᠎ᠠ᠂ ᠫᠡᠷ ᠫᠡᠷ ᠭᠡᠳ ᠪᠠᠪᠠᠲᠤᠨᠠᠳᠠᠭ ᠰᠢᠳᠦᠯᠡᠩ ᠤᠬᠤᠨᠠᠨ ᠳᠠᠭᠤ ᠲᠠᠢ ᠴᠤ᠌ ᠪᠣᠯᠤᠶ᠎ᠠ ᠳᠠ! ᠡᠨᠡ ᠴᠣᠬᠣᠮ ᠡᠷ᠎ᠡ ᠳᠡᠭᠦᠵᠢᠯᠡᠭᠡ ᠊ᠤᠤ ᠦᠭᠡᠢ ᠊ᠤᠤ? ᠡᠷᠯᠢᠰᠡ ᠶᠠᠭᠤᠮ᠎ᠠ ᠪᠠᠢᠵᠢ ᠊ᠤᠤ  ᠶᠡᠷᠦ ᠨᠢ᠃ ᠭᠡᠬᠦ ᠳ᠋ᠡᠭᠡᠨ ᠵᠠᠰᠠᠭ ᠬᠦᠩ ᠦ᠋ᠨ ᠬᠠᠪᠢ ᠪᠠᠷ ᠬᠠᠭᠠᠨ ᠤ᠋ ᠣᠷᠳᠣᠨ ᠤ᠋ ᠠᠭᠲᠠ ᠬᠥᠮᠦᠨ ᠰᠢᠭ ᠨᠠᠪᠰᠠᠭᠠᠨᠠᠳᠠᠭ ᠴᠢᠰᠤ ᠶᠤᠮ ᠠ᠋ ᠭᠡᠵᠦ ᠲᠡᠭᠦᠨ ᠢ᠋ ᠵᠢᠭᠰᠢᠨ᠎ᠡ᠃ ᠲᠡᠭᠡᠭᠡᠳ ᠮᠠᠨᠴᠤᠷᠭ᠎ᠠ ᠥᠯᠵᠡᠢᠰᠠᠩ ᠢ᠋ ᠦᠵᠡᠭᠰᠡᠭᠡᠷ《ᠬᠥᠰᠢ᠂ ᠮᠠᠭᠤ ᠠᠰᠠᠮᠠᠭ ᠠ᠋! ᠨᠠᠭᠠᠰᠢ ᠢᠷ᠎ᠡ᠂<ᠭᠤᠷᠪᠠᠨ ᠡᠷᠳᠡᠨᠢ> ᠴᠢᠨᠢ ᠪᠠᠢᠨ᠎ᠠ ᠊ᠤᠤ ᠦᠭᠡᠢ ᠊ᠤᠤ? ᠠᠵᠠᠢ ① ᠨᠢ ᠦᠵᠡᠶ᠎ᠡ!》 ᠭᠡᠳ ᠳᠡᠷᠭᠡᠳᠡ ᠨᠢ ᠬᠥᠮᠦᠨ ᠲᠡᠢ ᠬᠥᠮᠦᠨ ᠦᠭᠡᠢ ᠶᠣᠵᠣᠯᠠᠨ ᠱᠣᠣᠯᠠᠵᠤ ᠬᠥᠮᠦᠰ ᠢ᠋ ᠢᠨᠢᠶᠡᠯᠭᠡᠨ᠎ᠡ᠃ ᠳᠠᠭᠠᠷᠢ ᠶᠠᠷ᠎ᠠ ᠪᠠᠨ ᠮᠠᠭᠠᠵᠢᠭᠤᠯᠤᠭᠰᠠᠨ ᠳ᠋ᠠᠭᠠᠨ ᠥᠯᠵᠡᠢᠰᠠᠩ ᠢᠴᠢᠵᠦ ᠵᠣᠪᠠᠬᠤ ᠬᠣᠣᠰᠯᠠᠪᠠᠴᠤ ᠮᠠᠨᠴᠤᠷᠭ᠎ᠠ ᠶ᠋ᠢᠨ ᠡᠮᠦᠨ᠎ᠡ ᠡᠴᠡ ᠦᠭᠡ ᠬᠡᠯᠡᠵᠦ ᠴᠢᠳᠠᠬᠤ ᠦᠭᠡᠢ ᠬᠡᠳᠦᠨ ᠣᠷᠢᠶᠠᠮᠠᠭ ᠰᠢᠷ᠎ᠠ ᠰᠠᠬᠠᠯ ᠨᠢ ᠰᠡᠷᠪᠡᠭ ᠰᠡᠷᠪᠡᠭ ᠭᠡᠵᠦ ᠰᠡᠷᠪᠡᠯᠵᠡᠭᠡᠳ ᠬᠤᠯᠴᠢᠭᠠᠨᠠᠬᠤ ᠠ᠋ᠴᠠ ᠴᠠᠭᠠᠰᠢ ᠦᠭᠡᠢ᠃ ᠢᠩᠭᠢᠵᠦ ᠬᠡᠳᠦᠨ ᠰᠢᠷ᠎ᠠ ᠰᠠᠬᠠᠯ ᠨᠢ ᠰᠡᠷᠪᠡᠯᠵᠡᠳᠡᠭ ᠨᠢ ᠲᠡᠭᠦᠨ ᠦ᠌ ᠠᠭᠤᠷ ᠠᠲᠠᠭ᠎ᠠ ᠬᠦᠷᠳᠡᠭ ᠦ᠋ᠨ ᠲᠡᠮᠳᠡᠭ ᠮᠥᠨ᠃ 
      ᠨᠢᠭᠡ ᠤᠳᠠᠭ᠎ᠠ ᠮᠠᠨᠴᠤᠷᠭ᠎ᠠ ᠠᠷᠢᠬᠢ ᠤᠤᠭᠤᠵᠤ ᠬᠦᠯᠴᠢᠭᠦᠷᠡᠭᠡᠳ ᠬᠣᠰᠢᠭᠤ ᠶᠠᠮᠤᠨ ᠤ᠋ ᠵᠠᠳᠠᠭᠠᠢ ᠬᠦᠷᠢᠶᠡᠨ ᠦ᠌ ᠰᠡᠲᠡᠷᠬᠡᠢ ᠪᠤᠯᠤᠩ ᠳ᠋ᠤ᠌ ᠰᠢᠩᠭᠡᠨ ᠮᠥᠷ ᠦᠵᠡᠴᠢᠬᠡᠭᠡᠳ ᠪᠤᠴᠠᠵᠤ ᠶᠠᠪᠤᠬᠤ ᠳ᠋ᠠᠭᠠᠨ ᠬᠦᠩ ᠨᠣᠶᠠᠨ ᠤ᠋ ᠭᠣᠣᠯ ᠲᠢᠩᠬᠢᠮ ᠡᠴᠡ ᠥᠯᠵᠡᠢᠰᠠᠩ ᠪᠥᠭᠰᠡ ᠪᠡᠷ ᠢ᠋ᠶ᠋ᠡᠨ ᠴᠤᠬᠤᠷᠢᠨ ᠭᠠᠷᠴᠤ ᠢᠷᠡᠬᠦ ᠶ᠋ᠢ ᠬᠠᠷᠠᠭᠠᠳ《ᠡᠨᠡ ᠮᠠᠭᠤ ᠠᠰᠠᠮᠠᠭ ᠪᠠᠰᠠ ᠠᠯᠢ ᠨᠢᠭᠡ ᠶ᠋ᠢ ᠨᠢ ᠬᠣᠪᠯᠠᠰᠠᠨᠨ ᠪᠣᠯ? ᠥᠨᠥᠳᠥᠷ ᠡᠭᠦᠨ ᠢ᠋ᠶ᠋ᠡᠷ ᠨᠢᠭᠡ ᠨᠠᠭᠠᠳᠤᠶ᠎ᠠ》 ᠭᠡᠳ ᠮᠠᠨᠠᠭᠠᠨ ᠤ᠋ ᠴᠢᠬᠢᠨ ᠭᠡᠷ ᠲᠦ᠍ ᠥᠯᠵᠡᠢᠰᠠᠩ ᠢ᠋ ᠳᠠᠭᠤᠳᠠᠵᠤ ᠣᠷᠣᠭᠤᠯᠤᠭᠠᠳ ᠠᠷᠢᠬᠢᠨ ᠤ᠋ ᠬᠠᠯᠠᠮᠴᠠᠭ ᠢ᠋ᠶ᠋ᠠᠷ ᠢ᠋ᠶ᠋ᠠᠨ ᠬᠡᠳᠦᠭᠦᠯᠡ《 ᠡᠨᠡ ᠮᠠᠭᠤ ᠳᠠᠮᠰᠢᠭ <ᠭᠤᠷᠪᠠᠨ ᠡᠷᠳᠡᠨᠢ> ᠪᠠᠢᠳᠠᠭ ᠊ᠤᠤ ᠦᠭᠡᠢ ᠊ᠤᠤ? ᠪᠠᠢᠪᠠᠯ ᠴᠣᠬᠣᠮ ᠶᠠᠮᠠᠷ ᠰᠢᠤᠬᠠᠨ ᠶᠠᠭᠤᠮ᠎ᠠ ᠪᠠᠢᠳᠠᠭ ᠢ᠋ ᠨᠢᠭᠡ ᠬᠠᠷᠠᠶ᠎ᠠ》  ᠭᠡᠳ ᠠᠯᠢᠶᠠᠯᠠᠵᠤ ᠮᠠᠭᠤ ᠲᠠᠷᠴᠢᠩᠬᠠᠢ ᠥᠯᠵᠡᠢᠰᠠᠩ ᠢ᠋ ᠰᠢᠳᠦᠯᠡᠩ ᠢᠮᠠᠭ᠎ᠠ ᠥᠷᠥᠴᠡᠯᠡᠬᠦ ᠭᠡᠰᠡᠨ ᠰᠢᠭ ᠲᠩᠷᠢ ᠬᠠᠨᠳᠤᠭᠤᠯᠤᠨ ᠲᠡᠯᠴᠢᠯᠡᠭᠦᠯᠵᠦ ᠥᠮᠥᠳᠥ ᠶ᠋ᠢ ᠨᠢ ᠰᠢᠪᠲᠤᠯᠬᠤ ᠳ᠋ᠤ᠌᠄  
       一 ᠠᠶ᠎ᠠ᠂ ᠪᠠᠢᠭ ᠳᠠ ᠭᠤᠶᠤᠶ᠎ᠠ! ᠡᠴᠢᠭᠡ ᠨᠠᠷ ᠮᠢᠨᠢ᠂ ᠪᠢ ᠲᠠᠨᠤᠰ ᠢ᠋ ᠡᠴᠢᠭᠡ ᠳᠠᠭᠤᠳᠠᠶ᠎ᠠ᠁ ᠭᠡᠳ ᠵᠢᠵᠢᠭᠢᠨᠠᠨ ᠣᠷᠢᠯᠠᠬᠤ ᠳ᠋ᠤ᠌ ᠮᠠᠨᠴᠤᠷᠭ᠎ᠠ ᠬᠢᠳ ᠬᠢᠳ ᠳᠡᠭᠵᠢᠨ ᠢᠨᠢᠶᠡᠵᠦ᠄ 
       一 ᠡᠴᠢᠭᠡ ᠳᠠᠭᠤᠳᠠᠨ᠎ᠠ ᠠ᠋᠂ ᠡᠪᠦᠭᠡ ᠳᠠᠭᠤᠳᠠᠭᠰᠠᠨ ᠴᠤ᠌ ᠦᠵᠡᠨ᠎ᠡ ᠠ᠋ ᠭᠡᠳ ᠣᠷᠢᠯᠠᠭᠤᠯᠤᠨ ᠲᠡᠢᠴᠢᠭᠢᠨᠡᠭᠦᠯᠦᠨ᠎ᠡ᠃ 
       ᠬᠡᠳᠦᠨ ᠪᠦᠳᠦᠭᠦᠨ ᠡᠷᠡᠰ ᠮᠥᠷᠲᠡᠭᠡᠨ ᠬᠠᠯᠠᠮᠴᠠᠭᠤ᠂ ᠶᠠᠭᠠᠬᠢᠵᠤ ᠲᠡᠭᠦᠨ ᠦ᠌ ᠦᠭᠡ ᠶ᠋ᠢ ᠣᠢᠰᠢᠶᠠᠬᠤ ᠪᠣᠢ? ᠥᠯᠵᠡᠢᠰᠠᠩ ᠠᠷᠭ᠎ᠠ ᠦᠭᠡᠢ ᠲᠡᠢᠴᠢᠭᠢᠨᠡᠬᠦ ᠪᠠᠨ ᠪᠣᠯᠢᠵᠤ᠄ 
       一 ᠮᠠᠢ᠂ ᠦᠵᠡ᠂ ᠦᠵᠡ! ᠭᠡᠵᠦ ᠬᠡᠯᠡᠬᠦ ᠳ᠋ᠦ᠍ᠨᠢ ᠣᠷᠢᠶᠠᠮᠠᠭ ᠰᠢᠷ᠎ᠠ ᠰᠠᠬᠠᠯ ᠨᠢ ᠰᠡᠷᠪᠡᠭ ᠰᠡᠷᠪᠡᠭ ᠭᠡᠵᠦ ᠬᠡᠳᠦᠨ ᠲᠠᠢᠰᠢ ᠪᠠᠨ ᠠᠷᠵᠠᠢᠪᠠ᠃ 
       一 ᠲᠠᠨᠤᠰ ᠦᠵᠡ ᠳᠡ᠂ ᠬᠡᠦᠬᠡᠳ ᠦ᠋ᠨ ᠰᠢᠭᠡᠵᠡᠢ ᠬᠤᠷᠤᠭᠤᠨ ᠠ᠋ᠴᠠ ᠴᠠᠭᠠᠰᠢ ᠨᠢᠭᠡ ᠶᠠᠭᠤᠮ᠎ᠠ ᠬᠠᠯᠢᠰᠤᠨ ᠳ᠋ᠠᠭᠠᠨ ᠪᠠᠭᠯᠠᠭᠳᠠᠵᠤ ᠪᠣᠢ ᠭᠡᠵᠦ ᠨᠢᠭᠡ ᠨᠢ  ᠰᠣᠨᠢᠭᠤᠴᠢᠯᠠᠨ ᠪᠠᠷᠬᠢᠷᠠᠪᠠᠯ ᠪᠦᠭᠦᠳᠡᠭᠡᠷ ᠢ᠋ᠶ᠋ᠡᠨ ᠬᠥᠬᠥᠷᠡᠨ ᠢᠨᠢᠶᠡᠯᠴᠡᠵᠡᠢ᠃  
        ᠮᠠᠨᠴᠤᠷᠭ᠎ᠠ ᠥᠯᠵᠡᠢᠰᠠᠩ ᠤ᠋ᠨ ᠥᠮᠥᠳᠥ ᠶ᠋ᠢ ᠰᠢᠷᠬᠤᠨᠠᠭ ᠠ᠋ᠴᠠ ᠨᠢ ᠡᠯᠭᠦᠵᠦ᠄ 
       一 ᠮᠠᠢ᠂ ᠭᠣᠢᠳᠤᠪ! ᠴᠢ ᠡᠭᠦᠨ ᠢ᠋ ᠠᠪᠠᠴᠢᠵᠤ ᠢᠨᠵᠢ ᠬᠡᠦᠬᠡᠨ ᠨᠦ᠍ᠭᠦᠳ ᠢ᠋ᠶ᠋ᠡᠷ ᠤᠬᠢᠶᠠᠯᠭᠠᠭᠠᠳ ᠠᠪᠤᠭᠠᠳ ᠢᠷ᠎ᠡ! ᠭᠡᠵᠦ ᠵᠣᠷᠢᠭᠤᠳᠠ ᠭᠣᠢᠳᠤᠪ ᠲᠤ᠌ ᠨᠢᠳᠦ ᠵᠠᠷᠤᠵᠤ ᠥᠯᠵᠡᠢᠰᠠᠩ ᠢ᠋ ᠠᠶᠤᠯᠭᠠᠬᠤ ᠳ᠋ᠤ᠌ ᠥᠯᠵᠡᠢᠰᠠᠩ ᠰᠠᠨᠳᠤᠷᠴᠤ ᠮᠠᠨᠴᠤᠷᠭ᠎ᠠ ᠳ᠋ᠤ᠌ ᠰᠥᠭᠥᠳᠴᠦ᠄ 
       一 ᠡᠴᠢᠭᠡ ᠮᠢᠨᠢ ᠠ᠋ ᠂ ᠭᠤᠶᠤᠶ᠎ᠠ! ᠣᠳᠣ ᠦᠵᠡᠯ᠎ᠡ ᠬᠠᠷᠠᠯ᠎ᠠ᠁ ᠪᠣᠯᠤᠯ᠎ᠠ ᠪᠢᠵᠡ ᠳᠡ! ᠭᠡᠵᠦ ᠬᠥᠭᠡᠷᠦᠬᠦᠢ ᠴᠢᠷᠠᠢᠯᠠᠨ ᠭᠤᠩᠰᠢᠨ᠎ᠠ᠃ 
       一 ᠦᠭᠡᠢ᠂ ᠴᠢ ᠢᠯᠡᠭᠦᠦ ᠳᠤᠲᠠᠭᠤ ᠠᠮᠠᠯᠠᠨ᠎ᠠ ᠡᠨᠡ ᠠ᠋᠂ ᠲᠡᠷᠡ ᠠ᠋ ᠭᠡᠵᠦ ᠠᠯᠲᠠᠨ ᠬᠣᠰᠢᠭᠤ ᠡᠳᠦᠨ᠎ᠡ ᠊ᠤᠤ? 
       — ᠦᠭᠡᠢ᠂ ᠦᠭᠡᠢ᠂ ᠪᠠᠢᠶ᠎ᠠ᠂ ᠪᠠᠢᠶ᠎ᠠ! ᠭᠡᠵᠦ ᠤᠬᠢᠯᠠᠩᠨᠠᠪᠠ᠃  
       ᠲᠡᠭᠦᠨ ᠡᠴᠡ ᠬᠣᠢᠰᠢ ᠥᠯᠵᠡᠢᠰᠠᠩ ᠮᠠᠨᠴᠤᠷᠭ᠎ᠠ ᠶ᠋ᠢ ᠦᠵᠡᠬᠦ ᠪᠣᠯᠭᠠᠨ ᠬᠣᠷᠣᠰᠬᠤ ᠳ᠋ᠠᠭᠠᠨ ᠶᠠᠰᠤ ᠨᠢ ᠬᠠᠪᠲᠠᠯᠵᠠᠵᠤ᠂ ᠥᠩᠭᠡᠨ ᠳᠡᠭᠡᠷ᠎ᠡ ᠪᠡᠨ ᠲᠣᠯᠣᠭᠠᠢ ᠮᠡᠬᠦᠢᠵᠦ ᠬᠠᠮᠠᠷ ᠤ᠋ᠨ ᠠᠷᠠᠰᠤ ᠨᠢ ᠠᠲᠤᠯᠵᠠᠨ ᠢᠨᠢᠶᠡᠳᠡᠭ ᠴᠦ᠍ ᠦᠨᠡᠨ ᠳ᠋ᠡᠭᠡᠨ ᠠᠷᠠᠭ᠎ᠠ ᠪᠠᠨ ᠡᠮᠲᠡᠷᠡᠲᠡᠯ᠎ᠡ ᠬᠠᠪᠢᠷᠴᠤ《 ᠬᠢᠲᠤᠭ᠎ᠠ ᠰᠢᠭᠠᠵᠤ ᠴᠢᠰᠤᠯᠠᠨ᠎ᠠ ᠴᠢᠮᠠᠶ᠋ᠢ》 ᠭᠡᠵᠦ ᠳᠣᠲᠣᠷ᠎ᠠ ᠪᠠᠨ ᠵᠠᠨᠤᠳᠠᠭ ᠪᠣᠯᠵᠠᠢ᠃  
       ᠲᠡᠢᠨ ᠬᠦ᠌ ᠲᠡᠷᠡ ᠮᠠᠨᠴᠤᠷᠭ᠎ᠠ ᠶ᠋ᠢᠨ ᠠᠬᠤᠷ ᠢ᠋ ᠪᠠᠷᠢᠬᠤ ᠭᠡᠵᠦ ᠠᠯᠢᠨ ᠪᠣᠯᠭᠠᠨ ᠵᠠᠪᠰᠠᠷ ᠡᠷᠢᠪᠡᠴᠦ ᠵᠠᠪᠰᠢᠶᠠᠨ ᠣᠯᠳᠠᠬᠤ ᠦᠭᠡᠢ ᠤᠳᠠᠵᠠᠢ᠃ ᠳᠠᠬᠢᠪᠠᠯ ᠮᠠᠨᠴᠤᠷᠭ᠎ᠠ ᠨᠡᠷ᠎ᠡ ᠲᠡᠢ ᠲᠥᠷᠥ ᠲᠡᠢ ᠵᠡᠭᠦᠨ ᠲᠤᠰᠠᠯᠠᠭᠴᠢ ᠶ᠋ᠢᠨ ᠬᠦᠦ ᠪᠣᠯᠬᠣᠷ ᠪᠠᠰᠠ ᠠᠷᠠᠢ ᠬᠥᠩᠭᠡᠨ ᠬᠠᠭᠤᠮᠠᠭᠠᠢ ᠬᠥᠳᠡᠯᠬᠦ ᠵᠣᠷᠢᠭ ᠬᠦᠷᠬᠦ ᠦᠭᠡᠢ ᠶ᠋ᠢ ᠶᠠᠭᠠᠬᠢᠨ᠎ᠠ᠃ 
       ᠥᠯᠵᠡᠢᠰᠠᠩ ᠣᠨᠴᠠᠭᠠᠢ ᠰᠠᠷᠠᠯ ᠤ᠋ᠨ ᠢ᠋ᠶ᠋ᠠᠨ ᠰᠡᠵᠢᠭ ᠢ᠋ᠶ᠋ᠡᠷ ᠴᠡᠴᠡᠭ ᠬᠠᠲᠤᠨ ᠪᠣᠯᠤᠨ ᠮᠠᠨᠴᠤᠷᠭ᠎ᠠ ᠶ᠋ᠢᠨ ᠳᠠᠯᠳᠠᠭᠤᠷ ᠶᠠᠪᠤᠯᠴᠠᠳᠠᠭ ᠢ᠋ ᠠᠵᠢᠭ ᠠᠪᠤᠭᠰᠠᠨ ᠢ᠋ᠶ᠋ᠠᠨ ᠰᠡᠮᠡᠬᠡᠷ ᠲᠡᠳᠡ ᠬᠣᠶᠠᠷ ᠢ᠋ ᠭᠡᠲᠡᠵᠦ ᠮᠠᠨᠠᠭᠠᠳ ᠪᠠᠢᠵᠠᠢ᠃ ᠲᠡᠷᠡ ᠤᠳᠠᠭ᠎ᠠ ᠵᠡᠭᠡᠰᠦᠲᠦ ᠨᠠᠭᠤᠷ ᠤ᠋ᠨ ᠬᠥᠪᠡᠭᠦᠨ ᠳ᠋ᠦ᠍ ᠴᠡᠴᠡᠭ ᠬᠠᠲᠤᠨ ᠮᠠᠨᠴᠤᠷᠭ᠎ᠠ ᠬᠣᠶᠠᠷ ᠤ᠋ᠨ ᠶᠠᠭᠤ ᠪᠣᠯᠤᠭᠰᠠᠨ ᠤᠴᠢᠷ ᠢ᠋ ᠬᠤᠯᠠᠭᠠᠢ ᠬᠠᠷᠠᠵᠤ ᠦᠵᠡᠴᠢᠬᠡᠭᠡᠳ ᠦᠯᠦ ᠮᠡᠳᠡᠭᠴᠢ ᠪᠣᠯᠤᠨ ᠵᠣᠷᠢᠭᠤᠳᠠ ᠴᠡᠴᠡᠭ ᠬᠠᠲᠤᠨ ᠲᠠᠢ ᠬᠠᠯᠵᠠ ᠮᠥᠷᠭᠥᠯᠳᠦᠨ ᠠᠭᠤᠯᠵᠠᠭᠰᠠᠨ ᠨᠢ ᠳᠠᠷᠤᠢ ᠮᠠᠨᠴᠤᠷᠭ᠎ᠠ ᠳ᠋ᠤ᠌《 ᠢᠯᠡᠭᠦᠦ ᠳ᠋ᠡᠭᠡᠨ ᠭᠠᠷᠤᠭᠰᠠᠨ ᠤᠨᠵᠢᠭᠢᠨᠠᠭᠤᠷ ᠢ᠋ ᠴᠢᠨᠢ ᠪᠢ ᠬᠠᠷᠠᠶ᠎ᠠ ᠳᠠ!》 ᠭᠡᠵᠦ ᠶᠠᠭᠤᠮ᠎ᠠ ᠰᠠᠨᠠᠭᠤᠯᠤᠨ ᠬᠡᠯᠡᠵᠦ ᠪᠠᠢᠭ᠎ᠠ ᠨᠢ ᠲᠡᠷᠡ᠃ ᠲᠡᠭᠡᠭᠡᠳ ᠰᠡᠭᠦᠯ ᠳ᠋ᠦ᠍ ᠬᠦᠩ ᠨᠣᠶᠠᠨ ᠤ᠋ ᠴᠢᠷᠠᠢ ᠥᠩᠭᠡ ᠲᠡᠢ ᠪᠠᠢᠭ᠎ᠠ ᠶ᠋ᠢ ᠳᠠᠯᠢᠮᠳᠠᠭᠤᠯᠵᠤ《 ᠮᠠᠨᠴᠤᠷᠭ᠎ᠠ ᠴᠡᠴᠡᠭ ᠬᠠᠲᠤᠨ᠁ ᠬᠠᠮᠢᠭ᠎ᠠ ᠬᠠᠮᠢᠭ᠎ᠠ ᠶᠠᠭᠠᠬᠢᠯ᠎ᠠ ᠡᠢᠯ᠎ᠡ᠁》 ᠭᠡᠵᠦ ᠠᠶᠤᠨ ᠰᠣᠴᠢᠨ ᠨᠢᠭᠡ ᠶᠠᠭᠤᠮ᠎ᠠ ᠰᠣᠨᠣᠰᠬᠠᠪᠠᠯ ᠡᠨᠡ ᠶᠠᠪᠤᠳᠠᠯ ᠤ᠋ᠨ ᠲᠤᠬᠠᠢ ᠴᠢᠬᠢᠨ ᠳ᠋ᠡᠭᠡᠨ ᠴᠡᠭᠡᠷ ᠲᠡᠢ ᠶᠠᠪᠤᠭᠰᠠᠨ ᠰᠢᠷᠠᠪᠳᠣᠷᠵᠢ ᠬᠦᠩ ᠨᠣᠶᠠᠨ᠄ 
       一 ᠴᠢ ᠪᠢᠲᠡᠭᠡᠢ ᠨᠢᠭᠡ ᠶᠠᠩᠭᠢᠶ᠎ᠠ ᠨᠣᠬᠠᠢ ᠰᠢᠭ᠋ ᠶᠠᠩ ᠶᠠᠩ ᠭᠡᠳ ᠢᠲᠡᠭᠡᠭᠦᠰᠢ ᠦᠶ᠎ᠡ ᠮᠠᠭᠤ ᠢᠷᠣ᠎ᠠ ᠶ᠋ᠢᠨ ᠰᠣᠨᠣᠰᠬᠠᠯ ᠢ᠋ᠶ᠋ᠠᠷ ᠴᠢᠬᠢ ᠬᠠᠩᠭᠢᠨᠠᠭᠤᠯᠤᠭᠠᠳ ᠪᠠᠢ᠃ ᠮᠡᠳᠡᠪᠡ ᠊ᠤᠤ! ᠴᠢᠬᠢᠨ ᠳ᠋ᠦ᠍ ᠣᠷᠣᠮᠠᠷ  ᠠᠶᠠᠲᠠᠢᠬᠠᠨ ᠶᠠᠭᠤᠮ᠎ᠠ ᠠᠢᠯᠠᠳᠬᠠᠵᠤ ᠪᠠᠢ᠃ ᠶᠠᠮᠠᠷ ᠬᠠᠮᠢᠭᠠᠰᠢ ᠪᠠᠨ ᠠᠮᠢᠲᠠᠨ ᠪᠣᠢ? ᠭᠡᠵᠦ ᠤᠴᠠᠭᠠᠷᠳᠠᠨ ᠥᠯᠵᠡᠢᠰᠠᠩ ᠢ᠋《 ᠲᠣᠨᠢᠯᠤᠭᠠᠴᠢ》 ᠭᠡᠰᠡᠨ ᠰᠠᠨᠠᠭ᠎ᠠ ᠪᠠᠨ ᠥᠷᠥᠭᠡᠰᠦᠨ ᠭᠠᠷ ᠢ᠋ᠶ᠋ᠠᠷ ᠢ᠋ᠶ᠋ᠠᠨ ᠲᠦᠯᠬᠢᠯᠡᠨ ᠵᠠᠩᠭᠠᠬᠤ ᠳ᠋ᠤ᠌ ᠥᠯᠵᠡᠢᠰᠠᠩ《ᠵᠠ!》 ᠭᠡᠳ ᠪᠥᠭᠰᠡ ᠪᠡᠷ ᠢ᠋ᠶ᠋ᠡᠨ ᠴᠤᠬᠤᠷᠢᠨ ᠭᠠᠷᠴᠤ ᠶᠠᠪᠤᠬᠤ ᠳ᠋ᠠᠭᠠᠨ《 ᠦᠭᠡᠢ ᠠ᠋᠂ ᠳᠡᠮᠡᠢ ᠨᠢᠭᠡ ᠬᠣᠭᠣᠰᠣᠨ ᠴᠢᠬᠢ ᠳᠡᠯᠡᠳᠦᠭᠰᠡᠨ ᠦᠭᠡ ᠪᠣᠯᠵᠤ ᠬᠦᠩ  ᠨᠣᠶᠠᠨ ᠢ᠋ ᠠᠭᠤᠷᠯᠠᠭᠤᠯᠤᠭᠰᠠᠨ ᠶᠠᠭᠤᠮ᠎ᠠ ᠪᠣᠯᠴᠢᠬᠠᠪᠠ ᠊ᠤᠤ? ᠴᠢᠬᠢᠨ ᠳ᠋ᠦ᠍ ᠠᠶᠠᠲᠠᠢᠬᠠᠨ ᠨᠠᠭᠠᠯᠳᠤᠭᠤᠷ ᠶᠠᠭᠤᠮ᠎ᠠ ᠰᠣᠨᠣᠰᠤᠭᠰᠠᠭᠠᠷ ᠪᠠᠢᠵᠤ ᠬᠤᠯᠤᠭᠤ ᠴᠢᠨᠢ ᠪᠢᠯᠠᠭᠤᠷᠠᠵᠤ ᠪᠠᠢᠨ᠎ᠠ ᠊ᠤᠤ ᠨᠣᠶᠠᠨ ᠮᠢᠨᠢ! ᠵᠠ᠂ ᠪᠠᠢᠵᠠ ᠊ᠤᠤ! ᠲᠡᠭᠡᠵᠦ ᠪᠠᠢᠭᠠᠳ ᠨᠣᠶᠠᠨᠲᠠᠨ ᠮᠢᠨᠢ᠂ ᠰᠣᠨᠣᠰᠬᠠᠯ ᠮᠠᠭᠤ ᠶ᠋ᠢᠨ ᠢᠷᠣ᠎ᠠ ᠴᠤ᠌ ᠭᠠᠢᠭᠤᠢ᠂ ᠬᠠᠷᠢᠨ ᠴᠢᠬᠢᠨ ᠬᠤᠯᠤᠭᠤ ᠪᠠᠨ ᠰᠢᠪᠦᠭᠡ ᠪᠡᠷ ᠰᠢᠪᠦᠭᠡᠳᠡᠭᠦᠯᠦᠭᠰᠡᠨ ᠰᠢᠭ ᠰᠥᠰᠥ ᠠᠮᠲᠠᠯᠠᠭᠳᠠᠮ᠎ᠠ ᠶᠠᠭᠤᠮ᠎ᠠ ᠰᠣᠨᠣᠰᠴᠤ ᠱᠣᠷᠣ ᠲᠠᠢ ᠢᠰᠡᠷᠢ ᠳᠡᠭᠡᠷ᠎ᠡ ᠰᠠᠭᠤᠭᠰᠠᠨ ᠰᠢᠭ᠋ ᠭᠣᠳ ᠦᠰᠦᠷᠦᠨ ᠪᠣᠰᠬᠤ ᠴᠠᠭ ᠪᠠᠢᠬᠤ ᠠ᠋! ᠲᠡᠷᠡ ᠦᠶ᠎ᠡ ᠳ᠋ᠦ᠍ ᠮᠠᠭᠤ ᠥᠯᠵᠡᠢᠰᠠᠩ ᠤ᠋ᠨ ᠦᠭᠡ ᠪᠡᠷ ᠣᠷᠣᠭᠰᠠᠨ ᠪᠣᠯ ᠠ᠋ ᠭᠡᠵᠦ ᠭᠡᠮᠰᠢᠬᠦ ᠴᠠᠭ ᠢᠷᠡᠬᠦ ᠪᠣᠢ᠃ ᠪᠢᠲᠡᠭᠡᠢ ᠶᠠᠭᠠᠷᠠᠵᠤ ᠪᠠᠢ!》 ᠭᠡᠵᠦ ᠠᠮᠠᠨ ᠳ᠋ᠠᠭᠠᠨ ᠥᠭᠦᠯᠡᠨ ᠡᠴᠢᠭᠡ ᠳ᠋ᠡᠭᠡᠨ ᠵᠠᠩᠨᠠᠭᠤᠯᠤᠭᠰᠠᠨ ᠬᠡᠦᠬᠡᠳ ᠰᠢᠭ ᠲᠣᠯᠣᠭᠠᠢ ᠪᠠᠨ ᠭᠢᠯᠵᠢᠩ ᠭᠢᠯᠵᠢᠩ ᠭᠡᠳ ᠴᠠᠭᠠᠰᠢ ᠶᠠᠪᠤᠵᠤ ᠣᠳᠪᠠ᠃ 
      《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠮᠠᠨᠢ ᠶ᠋ᠢᠨ ᠬᠤᠷᠠᠯ ᠤ᠋ᠨ ᠮᠥᠷᠭᠥᠯ ᠳ᠋ᠦ᠍ ᠶᠠᠪᠤᠭᠰᠠᠨ ᠬᠦᠩ ᠨᠣᠶᠠᠨ ᠤ᠋ ᠬᠥᠰᠬᠡ ᠲᠡᠷᠭᠡ ᠤᠷᠲᠤ ᠰᠢᠷ᠎ᠠ ᠲᠣᠭᠣᠰᠣ ᠰᠤᠭᠤᠨᠠᠭᠯᠠᠭᠤᠯᠤᠭᠰᠠᠭᠠᠷ ᠨᠠᠷᠠ ᠵᠢᠷᠭᠠᠬᠤ ᠠ᠋ᠴᠠ ᠡᠮᠦᠨᠡᠬᠡᠨ ᠬᠠᠯᠠᠭᠠᠢᠲᠤ ᠶ᠋ᠢᠨ ᠪᠤᠯᠤᠩ ᠥᠩᠭᠡᠷᠡᠵᠦ ᠰᠢᠷ᠎ᠠ ᠪᠦᠷᠦᠢ ᠲᠠᠰᠤᠷᠠᠬᠤ ᠳ᠋ᠤ᠌ ᠳᠤᠮᠳᠠ ᠭᠣᠣᠯ ᠤ᠋ᠨ ᠠᠮᠠᠨ ᠳ᠋ᠤ᠌ ᠬᠣᠰᠢᠭᠤ ᠶᠠᠮᠤᠨ ᠳᠡᠭᠡᠷ᠎ᠡ ᠪᠡᠨ ᠪᠠᠭᠤᠵᠤ ᠬᠥᠯ ᠠᠮᠠᠷᠠᠭᠠᠪᠠ᠃ 
       ᠬᠦᠩ ᠨᠣᠶᠠᠨᠲᠠᠨ᠂ ᠬᠠᠲᠤᠭᠲᠠᠢ᠂ ᠡᠨᠡ ᠲᠡᠷᠡ ᠳᠠᠭᠠᠯᠳᠤᠭᠰᠠᠨ ᠵᠡᠷᠭᠡ ᠬᠡᠷᠭᠡᠮᠲᠡᠳ ᠪᠠᠢᠷᠢ ᠪᠠᠢᠷᠢ ᠪᠠᠨ ᠣᠯᠵᠤ᠂ ᠲᠡᠷᠭᠡ ᠤᠨᠤᠭ᠎ᠠ᠂ ᠠᠴᠢᠶ᠎ᠠ ᠲᠡᠭᠡᠭᠡᠰᠢ ᠴᠦ᠍ ᠳᠢᠭᠲᠡᠢ᠃ ᠬᠣᠰᠢᠭᠤ ᠶᠠᠮᠤᠨ ᠳ᠋ᠤ᠌ ᠪᠠᠭᠤᠭᠰᠠᠨ ᠪᠣᠯᠬᠣᠷ ᠢᠳᠡᠵᠦ ᠤᠤᠭᠤᠬᠤ ᠪᠤᠳᠠᠭ᠎ᠠ ᠲᠠᠷᠢᠶ᠎ᠠ ᠠ᠋ᠴᠠ ᠠᠪᠤᠭᠠᠳ ᠬᠠᠷ᠎ᠠ ᠲᠠᠮᠠᠬᠢᠨ ᠳ᠋ᠤ᠌ ᠬᠦᠷᠲᠡᠯ᠎ᠡ ᠰᠠᠨᠠᠭᠠᠴᠢᠯᠠᠨ ᠵᠣᠪᠠᠬᠤ ᠶᠠᠭᠤᠮ᠎ᠠ ᠠᠯᠠᠭ᠎ᠠ᠃ ᠮᠥᠷᠭᠥᠯᠴᠢᠳ ᠪᠦᠬᠦ ᠶᠠᠭᠤᠮ᠎ᠠ ᠠᠮᠤᠷ ᠵᠢᠮᠤᠷ ᠪᠣᠯᠤᠭᠰᠠᠨ ᠤ᠋ ᠬᠤᠪᠢ ᠳ᠋ᠤ᠌ ᠭᠠᠭᠴᠠ ᠦᠯᠵᠡᠢᠰᠠᠩ ᠥᠭᠡᠷ᠎ᠡ ᠨᠢᠭᠡ ᠶᠠᠭᠤᠮᠠᠨ ᠳ᠋ᠤ᠌ ᠪᠣᠳᠣᠯ ᠤᠶᠠᠭᠳᠠᠨ ᠪᠢᠰᠢᠯᠭᠠᠵᠤ ᠪᠠᠢᠯ᠎ᠠ᠁ 
       ᠪᠦᠷᠦᠢ ᠪᠣᠯᠬᠤ ᠳ᠋ᠤ᠌ ᠳᠤᠮᠳᠠ ᠭᠣᠣᠯ ᠤ᠋ᠨ ᠠᠮᠠᠨ ᠠ᠋ᠴᠠ ᠨᠢᠭᠡ ᠪᠠᠷᠠᠭᠠᠨ ᠮᠣᠷᠢᠲᠠᠨ ᠨᠣᠶᠠᠨ ᠰᠠᠩ ᠤ᠋ᠨ ᠵᠤᠰᠠᠭᠠᠯ ᠢ᠋ ᠴᠢᠭᠯᠡᠨ ᠲᠦᠳᠡ ᠵᠠᠮ ᠢ᠋ ᠪᠠᠷᠢᠨ ᠶᠠᠮᠠᠷ ᠨᠢᠭᠡ ᠶᠠᠭᠤᠮ᠎ᠠ ᠪᠠᠨ ᠮᠠᠷᠲᠠᠭᠰᠠᠨ ᠬᠥᠮᠦᠨ ᠦ᠌ ᠨᠢᠭᠡ ᠪᠣᠯᠵᠤ ᠮᠣᠷᠢᠨ ᠤ᠋ ᠲᠠᠮᠢᠷ ᠢ᠋ᠶ᠋ᠠᠷ ᠵᠠᠮ ᠲᠠᠢ ᠵᠠᠮ ᠦᠭᠡᠢ ᠨᠢᠳᠦ ᠦᠭᠡᠢ ᠱᠤᠩᠭᠤᠯᠠᠵᠤ ᠪᠠᠢᠨ᠎ᠠ᠃ ᠡᠨᠡ ᠬᠥᠮᠦᠨ ᠪᠣᠯ ᠥᠭᠡᠷ᠎ᠡ ᠬᠥᠮᠦᠨ ᠪᠢᠰᠢ ᠢᠮᠠᠭᠠᠨ ᠳᠠᠭᠤᠲᠤ ᠥᠯᠵᠡᠢᠰᠠᠩ ᠪᠠᠢᠯ᠎ᠠ᠃  
       ᠡᠭᠦᠯᠡᠨ ᠭᠣᠭᠴᠣᠭᠠᠲᠠᠢ ᠡᠮᠲᠡᠷᠬᠡᠢ ᠰᠠᠷᠠ ᠳᠡᠭᠡᠷ᠎ᠡ ᠳᠡᠭᠳᠡᠵᠦ ᠴᠠᠭᠠᠨ ᠭᠡᠭᠡ ᠨᠢ ᠨᠣᠶᠠᠨ ᠰᠠᠩ ᠤ᠋ᠨ ᠵᠤᠰᠠᠭᠠᠯ ᠤ᠋ᠨ ᠪᠠᠭᠤᠷᠢ ᠶ᠋ᠢ ᠨᠥᠮᠵᠥᠭᠬᠡᠨ ᠬᠤᠴᠢᠨ᠎ᠠ᠃ ᠬᠣᠯᠠ ᠠ᠋ᠴᠠ ᠬᠠᠷᠠᠬᠤ ᠳ᠋ᠤ᠌ ᠠᠮᠤᠷ ᠲᠠᠢᠪᠤᠩ ᠵᠤᠰᠠᠭᠠᠯ ᠤ᠋ᠨ ᠪᠠᠭᠤᠷᠢ ᠰᠦᠯᠡᠵᠦ ᠲᠠᠯᠪᠢᠭᠰᠠᠨ ᠲᠠᠭᠱᠠ ᠲᠠᠢ ᠰᠦ ᠲᠡᠢ ᠴᠠᠢ ᠰᠢᠭ᠋ ᠬᠥᠮᠦᠨ ᠠᠮᠢᠲᠠᠨ ᠤ᠋ ᠬᠣᠰᠢᠭᠤ ᠬᠦᠷᠦᠭᠡ ᠦᠭᠡᠢ ᠲᠣᠭᠲᠠᠨᠢᠨᠤᠨ ᠪᠠᠢᠨ᠎ᠠ᠃ ᠬᠣᠯᠠ ᠶ᠋ᠢᠨ ᠠᠨᠢᠷ ᠴᠢᠮᠡᠭᠡᠨ ᠳ᠋ᠦ᠍ ᠰᠡᠷᠭᠡᠭ ᠠᠢᠯ ᠤ᠋ᠨ ᠬᠣᠲᠠᠴᠢ ᠨᠣᠬᠠᠢ ᠬᠥᠪ ᠬᠥᠪ ᠭᠡᠵᠦ ᠳᠠᠭᠤ ᠠᠪᠤᠯᠴᠠᠨ ᠬᠣᠷᠭᠣᠭᠣᠵᠤ᠃ ᠬᠠᠶᠠ ᠠᠳᠤᠭᠤᠳ ᠲᠤᠷᠭᠢᠬᠤ ᠠᠶᠠᠲᠠᠢᠬᠠᠨ ᠴᠢᠮᠡᠭᠡ ᠪᠡᠷ ᠥᠯᠵᠡᠢᠰᠠᠩ ᠰᠡᠳᠬᠢᠯ ᠰᠡᠷᠭᠦᠵᠦ ᠶᠠᠪᠤᠨ᠎ᠠ᠃  
       ᠥᠯᠵᠡᠢᠰᠠᠩ ᠨᠣᠶᠠᠨ ᠰᠠᠩ ᠤ᠋ᠨ ᠵᠤᠰᠠᠭᠠᠯ ᠤ᠋ᠨ ᠪᠠᠭᠤᠷᠢ ᠠ᠋ᠴᠠ ᠨᠡᠯᠢᠶᠡᠳ ᠵᠠᠢ ᠲᠠᠢ ᠳᠡᠷᠡᠰᠦᠨ ᠳ᠋ᠦ᠍ ᠪᠠᠭᠤᠵᠤ ᠤᠰᠤᠨ ᠬᠤᠯᠤᠭᠠᠨ᠎ᠠ ᠪᠣᠯᠲᠠᠯ᠎ᠠ ᠬᠥᠯᠥᠷᠡᠭᠰᠡᠨ ᠮᠣᠷᠢᠨ ᠤ᠋ ᠣᠯᠣᠩ ᠢ᠋ ᠰᠤᠯᠠᠯᠠᠵᠤ᠂ ᠡᠮᠡᠭᠡᠯ ᠢ᠋ ᠨᠢ ᠰᠡᠪᠢᠭᠡᠳ ᠴᠣᠮᠣᠵᠤ ᠲᠠᠯᠪᠢᠭᠠᠳ ᠭᠠᠵᠠᠷ ᠴᠥᠮᠥᠷᠡᠬᠦ ᠡᠴᠡ ᠡᠮᠢᠶᠡᠭᠰᠡᠨ ᠰᠢᠭ ᠮᠤᠤᠷ ᠤ᠋ᠨ ᠠᠯᠬᠤᠳᠠᠯ ᠢ᠋ᠶ᠋ᠠᠷ ᠰᠠᠮ ᠰᠠᠮ ᠠᠯᠬᠤᠵᠤ ᠳᠣᠲᠣᠷ᠎ᠠ ᠪᠠᠨ《 ᠥᠨᠥ ᠣᠷᠣᠢ ᠮᠠᠮᠠ ᠴᠢᠨᠢ ᠪᠢ ᠮᠠᠨᠴᠤᠷᠭ᠎ᠠ ᠴᠢᠨᠦ( ᠯᠤᠤᠪᠠᠩ)  ᠪᠣᠯᠤᠨ ᠴᠡᠴᠡᠭ ᠬᠠᠲᠤᠨ ᠤ᠋ ᠬᠠᠪᠲᠠᠭᠠᠢ ᠤᠯᠠᠭᠠᠨ ᠯᠠᠵᠤᠤ ᠶ᠋ᠢ ᠲᠠᠪᠠᠭᠯᠠᠵᠤ ᠲᠠᠯᠪᠢᠶ᠎ᠠ ᠪᠠᠢᠵᠠ! ᠠᠮᠲᠠ ᠨᠢ ᠶᠠᠮᠠᠷ ᠰᠢᠤᠬᠠᠨ ᠪᠠᠢᠳᠠᠭ ᠢ᠋ ᠮᠠᠨᠴᠤᠷᠭ᠎ᠠ ᠴᠢ ᠥᠪᠡᠷ ᠢ᠋ᠶ᠋ᠡᠨ ᠠᠮᠲᠠᠯᠠᠬᠤ ᠪᠢᠵᠡ!》 ᠭᠡᠵᠦ ᠥᠪᠡᠷ ᠢ᠋ᠶ᠋ᠡᠨ ᠴᠦ᠍ ᠦᠯᠦ ᠰᠣᠨᠣᠰᠬᠤ ᠳᠠᠭᠤᠨ ᠢ᠋ᠶ᠋ᠠᠷ ᠳᠦᠳᠦᠨᠡᠭᠡᠳ ᠴᠡᠴᠡᠭ ᠬᠠᠲᠤᠨ ᠤ᠋ ᠭᠡᠷ ᠦ᠋ᠨ ᠪᠠᠷᠠᠭᠠᠨ ᠰᠡᠭᠦᠳᠡᠷ ᠲᠦ᠍ ᠵᠠᠯᠭᠢᠭᠳᠠᠪᠠ᠃  
       ᠵᠠᠶᠠᠭ᠎ᠠ ᠨᠢ ᠳᠡᠭᠡᠭᠰᠢ ᠡᠷᠲᠡᠢᠬᠦᠯᠡᠷ《 ᠵᠤᠷᠠᠮ᠎ᠠ 》 ᠨᠢ ᠳᠣᠷᠣᠭᠰᠢ ᠪᠠᠨ ᠤᠨᠵᠢᠢᠪᠠ ᠭᠡᠭᠴᠢ ᠮᠠᠨᠴᠤᠷᠭ᠎ᠠ ᠴᠡᠴᠡᠭ ᠬᠠᠲᠤᠨ ᠤ᠋ ᠥᠷᠥᠭᠡᠨ ᠳ᠋ᠦ᠍ ᠶᠠᠭᠠᠬᠢᠵᠤ ᠣᠷᠣᠵᠤ ᠣᠴᠢᠨ ᠶᠠᠭᠤ ᠶᠠᠭᠠᠬᠢᠭᠰᠠᠨ ᠪᠦᠭᠦᠳᠡ ᠶ᠋ᠢ ᠥᠯᠵᠡᠢᠰᠠᠩ ᠰᠠᠢᠬᠠᠨ ᠪᠣᠳᠣᠵᠤ ᠲᠣᠭᠲᠠᠭᠠᠪᠠ᠃  
       ᠬᠤᠷᠢᠴᠠᠯ ᠤ᠋ᠨ ᠮᠠᠨᠠᠨ ᠳ᠋ᠤ᠌ ᠲᠥᠭᠡᠷᠢᠵᠦ᠂ ᠨᠢᠰᠧᠡᠨᠢᠰ ᠦ᠋ᠨ ᠭᠠᠯ ᠳ᠋ᠤ᠌ ᠬᠤᠢᠬᠠᠯᠠᠭᠳᠠᠭᠰᠠᠨ ᠬᠣᠶᠠᠷ᠂ ᠭᠡᠷ ᠦ᠋ᠨ ᠠᠷᠤ ᠳ᠋ᠤ᠌ ᠭᠡᠲᠡᠭᠦᠯ ᠪᠠᠢᠭ᠎ᠠ ᠭᠡᠳᠡᠭ ᠢ᠋ ᠠᠷᠪᠠᠨ ᠵᠡᠭᠦᠳᠦᠨ ᠳ᠋ᠡᠭᠡᠨ ᠪᠣᠳᠣᠭ᠎ᠠ ᠦᠭᠡᠢ᠃ ᠢᠨᠵᠢ ᠬᠡᠦᠬᠡᠨ ᠨᠣᠮᠢᠨ ᠤ᠋ ᠡᠵᠡᠨ ᠬᠠᠲᠤᠨ ᠤ᠋ ᠪᠠᠨ ᠲᠥᠯᠥᠭᠡ ᠡᠨᠡᠯᠦᠨ ᠵᠣᠪᠠᠭᠰᠠᠨ ᠰᠡᠳᠬᠢᠯ ᠢ᠋ ᠨᠡᠩ ᠴᠦ᠍ ᠶᠠᠭᠠᠬᠢᠵᠤ ᠣᠢᠯᠠᠭᠠᠬᠤ ᠪᠣᠢ?! ᠳᠠᠯᠳᠠ ᠶ᠋ᠢ ᠮᠡᠳᠡᠭᠴᠢ ᠳᠠᠯᠠᠢ ᠯᠠᠮᠠ ᠰᠢᠭ᠋ ᠴᠦ᠍ ᠪᠣᠯ ᠶᠠᠭᠠᠬᠢᠬᠤ ᠪᠣᠢ᠂ ᠳᠠᠩ ᠢ᠋ᠶ᠋ᠠᠷ ᠢᠷᠡᠬᠦ ᠵᠣᠪᠠᠯᠠᠩ ᠪᠠᠢᠲᠤᠭᠠᠢ᠂ ᠳᠠᠪᠬᠤᠷ ᠢ᠋ᠶ᠋ᠠᠷ ᠳᠠᠭᠠᠷᠢᠬᠤ ᠭᠠᠮᠰᠢᠭ ᠢ᠋ ᠴᠦ᠍ ᠵᠠᠯᠭᠢᠯᠠᠵᠤ ᠪᠣᠯᠤᠯ ᠦᠭᠡᠢ᠃ ᠲᠡᠭᠡᠬᠦ ᠳ᠋ᠡᠭᠡᠨ ᠬᠡᠷᠡᠭ ᠶᠠᠪᠤᠳᠠᠯ ᠶᠡᠷᠦ ᠳ᠋ᠡᠭᠡᠨ ᠲᠡᠢᠮᠦ ᠪᠢᠰᠢ ᠶ᠋ᠢ ᠶᠠᠭᠠᠬᠢᠨ᠎ᠠ  ᠭᠡᠬᠦ ᠪᠣᠢ?! 
       一᠁  
       一᠁ 
       一 ᠲᠠᠨ ᠤ᠋ ᠬᠦᠩ ᠨᠣᠶᠠᠨ ᠢ᠋ ᠪᠣᠳᠣᠪᠠᠯ ᠶᠠᠮᠠᠷ ᠪᠠᠢᠨ᠎ᠠ? 
       一 ᠶᠠᠷᠢᠬᠤ ᠶᠠᠭᠤᠮ᠎ᠠ ᠠᠯᠠᠭ᠎ᠠ᠃  
       一 ᠢᠳᠡᠲᠡᠢ ᠪᠠᠢᠭ᠎ᠠ ᠊ᠤᠤ? ᠡᠪᠲᠡᠢ ᠪᠠᠢᠭ᠎ᠠ ᠊ᠤᠤ? ᠠᠯᠢ ᠠᠯᠢ ᠨᠢ ᠊ᠤᠤ?   
       一 ᠮᠥᠨ ᠢᠩᠭᠢ᠂ ᠮᠥᠨ ᠢᠩᠭᠢ! ᠠᠶ᠎ᠠ᠁ ᠶᠠᠮᠠᠷ ᠰᠠᠢᠬᠠᠨ ᠭᠡᠭᠴᠢ ᠪᠣᠢ?! ᠶᠢᠷᠲᠢᠨᠴᠦ ᠶ᠋ᠢᠨ ᠡᠷ᠎ᠡ ᠬᠥᠮᠦᠨ ᠳᠣᠲᠣᠷ᠎ᠠ ᠭᠠᠭᠴᠠ ᠴᠢ ᠯᠡ ᠶᠦᠮ ᠪᠠᠢᠨ᠎ᠠ ᠭᠡᠵᠦ ᠪᠣᠳᠣᠭᠳᠠᠭᠤᠯᠤᠮᠠᠷ᠁ ᠴᠢᠮ᠎ᠠ ᠳ᠋ᠤ᠌? 
       一 ᠠ ᠬᠥᠪᠥᠩ ᠳᠡᠭᠡᠷ᠎ᠡ ᠬᠡᠪᠲᠡᠴᠢᠬᠡᠭᠰᠡᠨ ᠰᠢᠭ ᠯᠡ ᠬᠠᠪᠤᠲᠠᠢ ᠪᠠᠢᠭ᠎ᠠ᠁   
       一 ᠵᠤᠤᠬᠠᠢ᠂ ᠵᠤᠤᠬᠠᠢᠰ! ᠭᠡᠵᠦ ᠴᠡᠴᠡᠭ ᠬᠠᠲᠤᠨ ᠵᠤᠤᠬᠠᠢᠯᠠᠨ ᠮᠠᠨᠴᠤᠷᠭ᠎ᠠ ᠶ᠋ᠢ ᠪᠡᠯᠬᠡᠭᠦᠰᠦ ᠪᠡᠷ ᠨᠢ ᠴᠢᠩᠭ᠎ᠠ ᠲᠡᠪᠡᠷᠢᠨ ᠢᠷᠠᠭᠯᠠᠨ᠎ᠠ᠃  
       一 ᠪᠣᠯᠵᠤ ᠪᠠᠢᠨ᠎ᠠ ᠊ᠤᠤ? 
       — ᠪᠣᠯᠵᠤ ᠪᠠᠢᠨ᠎ᠠ᠂ ᠪᠣᠯᠵᠤ ᠪᠠᠢᠨ᠎ᠠ᠃ ᠪᠣᠯᠳᠠᠭ ᠰᠠᠨ ᠪᠣᠯ ᠴᠢᠨᠦ ᠡᠭᠦᠨ ᠢ᠋ ᠴᠢᠨᠢ ᠰᠤᠷᠤᠭᠠᠳ ᠣᠷᠣᠭᠤᠯᠴᠢᠬᠠᠮᠠᠷ ᠶᠤᠮ ᠠ᠋ ᠁  
       一 ᠲᠡᠢᠮᠦ ᠰᠠᠢᠬᠠᠨ ᠪᠠᠢᠨ᠎ᠠ ᠊ᠤᠤ? 
       ᠴᠢᠮᠠᠶ᠋ᠢ ᠡᠵᠡᠭᠦᠢ ᠳ᠋ᠦ᠍ ᠪᠢ ᠥᠨᠥᠬᠢ ᠶ᠋ᠢ ᠴᠢᠨᠢ᠁ ᠭᠡᠵᠦ ᠬᠣᠶᠠᠭᠤᠯᠠ ᠢᠨᠠᠭ ᠠᠮᠠᠷᠠᠭ ᠤ᠋ᠨ ᠬᠠᠯᠠᠭᠤᠨ ᠬᠠᠪᠤᠲᠠᠢ ᠵᠢᠷᠭᠠᠯ ᠳ᠋ᠠᠭᠠᠨ ᠰᠡᠷᠡᠮᠵᠢ ᠠᠯᠲᠠᠨ ᠲᠠᠰᠢᠭᠤᠷᠠᠵᠤ ᠪᠠᠢᠲᠠᠯ᠎ᠠ ᠲᠦᠷᠠᠩ ᠲᠠᠷᠠᠩ ᠭᠡᠰᠡᠨ ᠡᠭᠦᠳᠡ ᠪᠠᠯᠪᠠᠴᠢᠬᠤ ᠳᠠᠭᠤᠨ ᠢ᠋ ᠳᠠᠭᠠᠯᠳᠤᠵᠤ ᠬᠡᠳᠦᠨ ᠪᠠᠷᠠᠭᠠᠨ ᠰᠡᠭᠦᠳᠡᠷ ᠪᠦᠷᠦᠯᠵᠡᠵᠦ ᠫᠤᠤ ᠶ᠋ᠢᠨ ᠠᠮᠠ ᠱᠣᠷᠣᠯᠵᠠᠭᠤᠯᠤᠭᠰᠠᠭᠠᠷ ᠣᠷᠣᠵᠤ ᠢᠷᠡᠨ᠄ 
       — ᠨᠣᠶᠠᠨ ᠰᠠᠩ ᠢ᠋ ᠪᠤᠵᠠᠷᠯᠠᠭᠰᠠᠨ ᠠᠮᠢᠲᠠᠨ!  ᠪᠣᠰ! ᠭᠡᠵᠦ ᠴᠠᠭᠠᠨ᠎ᠠ ᠠ᠋ᠴᠠ ᠨᠢᠭᠡ ᠨᠢ ᠮᠠᠨᠴᠤᠷᠭ᠎ᠠ ᠳ᠋ᠤ᠌ ᠫᠤᠤ ᠲᠤᠯᠭᠠᠪᠠ᠃  
       ᠴᠡᠴᠡᠭ ᠬᠠᠲᠤᠨ ᠰᠡᠩᠳᠡ ᠮᠡᠩᠳᠡ ᠬᠥᠨᠵᠢᠯᠡ ᠪᠡᠷ ᠪᠡᠶ᠎ᠡ ᠪᠡᠨ ᠣᠷᠢᠶᠠᠭᠠᠳ᠄  
       一 ᠶᠠᠭᠠᠬᠢᠵᠤ ᠪᠠᠢᠭ᠎ᠠ ᠨᠢ ᠡᠨᠡ ᠪᠣᠢ? ᠲᠠ ᠨᠠᠷ ᠭᠠᠯᠵᠠᠭᠤᠷᠠᠭ᠎ᠠ ᠊ᠤᠤ? ᠭᠠᠷ! ᠭᠡᠵᠦ ᠢᠴᠢᠵᠦ ᠠᠭᠤᠷᠯᠠᠬᠤ ᠬᠣᠣᠰᠯᠠᠭᠰᠠᠨ ᠳ᠋ᠠᠭᠠᠨ ᠴᠢᠩᠭ᠎ᠠ ᠳᠤᠤᠭᠠᠷᠪᠠ᠃  
       一 ᠬᠠᠲᠤᠨ ᠲᠠᠨ ᠳ᠋ᠤ᠌ ᠳᠠᠯᠵᠢ ᠦᠭᠡᠢ᠃ ᠲᠠᠨ ᠢ᠋ ᠰᠣᠴᠢᠭᠠᠯ᠎ᠠ᠂ ᠲᠠᠢᠪᠤᠰᠢᠷᠠᠵᠤ ᠦᠵᠡ! ᠪᠢᠳᠡ ᠬᠦᠩ ᠨᠣᠶᠠᠨ ᠤ᠋ ᠵᠠᠷᠯᠢᠭ ᠢ᠋ᠶ᠋ᠠᠷ ᠡᠨᠡ ᠮᠠᠭᠤ ᠯᠣᠢᠪᠠᠷ ᠮᠠᠨᠴᠤᠷᠭ᠎ᠠ ᠶ᠋ᠢ ᠵᠠᠯᠬᠠᠭᠠᠵᠤ ᠪᠠᠢᠨ᠎ᠠ! ᠭᠡᠵᠦ ᠰᠢᠩᠭᠡᠨ ᠳᠠᠭᠤ ᠭᠣᠳᠣᠭᠣᠨᠠᠬᠤ ᠪᠠᠷ ᠥᠯᠵᠡᠢᠰᠠᠩ ᠦ᠋ᠨ ᠢᠷᠣ᠎ᠠ ᠪᠣᠯᠤᠯ᠎ᠠ ᠭᠡᠳᠡᠭ ᠢ᠋ ᠭᠡᠢᠲᠡᠯ᠎ᠡ ᠮᠡᠳᠡᠭᠰᠡᠨ ᠴᠡᠴᠡᠭ ᠬᠠᠲᠤᠨ᠄  
       — ᠮᠠᠭᠤ ᠢᠴᠢᠭᠦᠷᠢ ᠦᠭᠡᠢ ᠠᠰᠠᠮᠠᠨ! ᠴᠢᠨᠦ ᠵᠣᠯᠪᠢᠩᠲᠤᠬᠤ ᠪᠠᠷ ᠪᠦᠬᠦ ᠶᠠᠭᠤᠮ᠎ᠠ ᠬᠠᠵᠠᠢᠬᠤ ᠨᠢ ᠰᠢᠦ! ᠮᠢᠨᠦ ᠥᠷᠥᠭᠡᠨ ᠡᠴᠡ ᠭᠠᠷ ᠴᠢ! ᠭᠡᠮᠡᠨ ᠵᠠᠩᠨᠠᠵᠤ ᠭᠠᠷᠪᠠ᠃ ᠭᠡᠲᠡᠯ᠎ᠡ ᠴᠡᠴᠡᠭ ᠬᠠᠲᠤᠨ ᠤ᠋ ᠦᠭᠡ ᠶ᠋ᠢ ᠥᠯᠵᠡᠢᠰᠠᠩ ᠪᠥᠭᠰᠡᠨ ᠳ᠋ᠡᠭᠡᠨ ᠬᠠᠪᠴᠢᠬᠤ ᠦᠭᠡᠢ ᠢᠷᠪᠠᠢᠵᠤ᠄  
       — ᠪᠢᠳᠡ ᠶᠠᠪᠤᠳᠠᠯ ᠤᠴᠢᠷ ᠢ᠋ᠶ᠋ᠠᠨ ᠪᠠᠷᠠᠪᠠᠯ ᠲᠠᠨ ᠤ᠋ ᠥᠷᠥᠭᠡᠨ ᠳ᠋ᠦ᠍ ᠤᠳᠠᠭᠠᠨ ᠬᠣᠷᠭᠣᠳᠠᠬᠤ ᠦᠭᠡᠢ ᠠ᠋! ᠭᠠᠷᠬᠤ ᠦᠭᠡᠢ ᠶᠠᠭᠠᠬᠢᠬᠤ ᠪᠣᠢ? ᠭᠠᠷᠤᠨ᠎ᠠ᠂ ᠭᠠᠷᠤᠨ᠎ᠠ! ᠭᠡᠵᠦ ᠬᠢᠳ ᠬᠢᠳ ᠭᠡᠵᠦ ᠠᠪᠢᠷ ᠮᠠᠭᠤᠲᠠᠢ ᠳᠠᠪᠠᠯᠠᠵᠤ ᠢᠨᠢᠶᠡᠬᠦ ᠨᠢ ᠤᠯᠠᠮ ᠬᠣᠷᠣᠰᠤᠯ ᠬᠦᠷᠭᠡᠮᠡᠷ ᠠᠵᠢ᠃  
       ᠢᠴᠢᠭᠰᠡᠨ ᠬᠥᠮᠦᠨ ᠬᠥᠮᠦᠨ ᠠᠯᠠᠨ᠎ᠠ ᠭᠡᠭᠴᠢ ᠪᠡᠷ ᠮᠠᠨᠴᠤᠷᠭ᠎ᠠ ᠥᠯᠵᠡᠢᠰᠡᠩ ᠳ᠋ᠦ᠍ ᠠᠬᠤᠷ ᠢ᠋ᠶ᠋ᠠᠨ ᠤᠯᠠᠢᠮ᠎ᠠ ᠴᠡᠢᠮ᠎ᠡ ᠪᠠᠷᠢᠭᠤᠯᠤᠭᠰᠠᠨ ᠪᠣᠯᠬᠣᠷ ᠡᠳᠡᠨᠥᠰ ᠲᠡᠢ ᠢᠯᠡᠭᠦᠦ ᠳᠤᠲᠠᠭᠤ ᠶᠠᠭᠤᠮ᠎ᠠ ᠶᠠᠷᠢᠵᠤ ᠬᠣᠩᠰᠢᠶᠠᠷ ᠡᠯᠡᠭᠡᠬᠦ ᠬᠡᠷᠡᠭ ᠠᠯᠠᠭ᠎ᠠ ᠭᠡᠳᠡᠭ ᠢ᠋ ᠮᠡᠳᠡᠵᠦ ᠪᠠᠢᠯ᠎ᠠ᠃ ᠨᠢᠭᠡ ᠯᠡ ᠰᠤᠭᠰᠤᠷᠴᠤ ᠡᠨᠡ ᠬᠡᠳᠦᠭᠦᠯᠡ ᠶ᠋ᠢᠨ ᠪᠠᠯᠢᠩ ᠲᠠᠬᠢᠯ ᠢ᠋ ᠨᠢ ᠬᠤᠷᠷᠶᠠᠴᠢᠬᠠᠬᠤ ᠪᠢᠷ᠎ᠠ ᠲᠠᠮᠢᠷ ᠪᠡᠯᠡᠨ ᠪᠠᠢᠭ᠎ᠠ᠁ ᠭᠡᠬᠦ ᠳ᠋ᠡᠭᠡᠨ ᠪᠡᠶ᠎ᠡ ᠳ᠋ᠡᠭᠡᠨ ᠪᠥᠰ ᠦ᠋ᠨ ᠰᠢᠷᠬᠡᠭ ᠴᠦ᠍ ᠦᠭᠡᠢ ᠱᠠᠪ ᠱᠠᠯᠳᠠᠩ ᠬᠥᠮᠦᠨ ᠬᠡᠳᠦ ᠬᠡᠳᠦᠨ ᠫᠤᠤ ᠵᠡᠪᠰᠡᠭ ᠠᠳᠬᠤᠭᠰᠠᠨ ᠴᠡᠷᠢᠭ ᠡᠷ᠎ᠡ ᠲᠡᠢ ᠶᠠᠭᠠᠬᠢᠪᠠᠴᠤ ᠲᠠᠢᠯᠤᠮᠵᠢ ᠪᠠᠷᠤᠭᠲᠠᠢ ᠪᠣᠯᠬᠣᠷ ᠲᠡᠷᠡ ᠠᠷᠭ᠎ᠠ ᠪᠠᠷ ᠤᠬᠠᠭᠤᠯᠬᠤ ᠶ᠋ᠢ ᠰᠠᠨᠠᠵᠤ《 <ᠬᠢᠪᠡᠯ ᠪᠤᠤ ᠠᠶᠤ᠂ ᠠᠶᠤᠪᠠᠯ ᠪᠤᠤ ᠬᠢ> ᠭᠡᠳᠡᠭ ᠶᠦᠮ ᠠ᠋! ᠡᠨᠡ ᠮᠠᠭᠤ ᠡᠴᠢᠭᠡ ᠪᠡᠨ ᠠᠮᠢᠳᠤ ᠰᠡᠷᠪᠡᠢᠯᠭᠡᠳᠡᠭ ᠯᠡ ᠶᠦᠮ ᠪᠣᠯ ᠮᠠᠭᠤ ᠠᠰᠠᠮᠠᠨ ᠥᠯᠵᠡᠢᠰᠡᠩ ᠴᠢᠮᠠᠶ᠋ᠢ ᠪᠠᠢᠵᠠ ᠳᠠ᠂ ᠲᠤᠷᠠᠩᠬᠠᠢ ᠳᠤᠷᠠᠰᠬ᠎ᠠ ᠶ᠋ᠢ ᠴᠢᠨᠢ ᠬᠠᠭᠤᠯᠬᠤ ᠦᠭᠡᠢ ᠪᠣᠯ ᠮᠠᠨᠴᠤᠷᠭ᠎ᠠ ᠪᠢ ᠡᠴᠢᠭᠡ ᠶ᠋ᠢᠨ ᠬᠦᠦ ᠪᠢᠰᠢ ᠠ᠋》 ᠭᠡᠵᠦ ᠳᠣᠲᠣᠷ᠎ᠠ ᠪᠠᠨ ᠵᠠᠨᠤᠯᠲᠠᠢ ᠬᠡᠯᠡᠭᠡᠳ《 ᠬᠡᠷᠡᠭ ᠢ᠋ ᠬᠢᠪᠡᠯ ᠲᠤᠭᠤᠷᠠᠲᠠᠯ᠎ᠠ ᠭᠡᠳᠡᠭ ᠢ᠋ᠶ᠋ᠡᠷ ᠬᠦᠩ ᠨᠣᠶᠠᠨ ᠤ᠋ ᠬᠠᠲᠤᠨ ᠤ᠋ ᠬᠠᠯᠠᠭᠤᠨ ᠡᠪᠦᠷ ᠲᠦ᠍ ᠬᠥᠯ ᠢ᠋ᠶ᠋ᠡᠨ ᠲᠦᠷᠦᠴᠢᠬᠡᠭᠰᠡᠨ ᠬᠣᠢᠨ᠎ᠠ ᠶᠣᠰᠣᠲᠠᠢ ᠲᠩᠷᠢ ᠶ᠋ᠢᠨ ᠪᠤᠬᠤᠷ ᠲᠤ᠌ ᠭᠠᠯ ᠲᠠᠯᠪᠢᠴᠢᠬᠠᠭᠰᠠᠨ ᠬᠡᠷᠡᠭ ᠠ᠋! ᠶᠠᠭᠠᠬᠢᠪᠠᠯ ᠶᠠᠭᠠᠬᠢᠭ ᠴᠠᠭᠠᠰᠢ》 ᠭᠡᠵᠦ ᠪᠣᠳᠣᠨ ᠢᠮᠠᠭᠠᠨ ᠳᠠᠭᠤᠲᠤ ᠥᠯᠵᠡᠢᠰᠡᠩ ᠢ᠋ ᠵᠠᠨᠤᠩᠭᠤᠢ ᠬᠠᠷᠠᠬᠤ ᠳ᠋ᠤ᠌ ᠬᠣᠶᠠᠷ ᠰᠢᠨᠡ ᠶ᠋ᠢᠨ ᠬᠢᠨᠢ ᠰᠤᠳᠠᠯ ᠴᠢᠨᠦᠷᠡᠵᠦ ᠪᠠᠢᠪᠠ᠃ 
       ᠥᠯᠵᠡᠢᠰᠡᠩ ᠬᠡᠳᠦᠭᠦᠯᠡ ᠮᠠᠨᠴᠤᠷᠭ᠎ᠠ ᠶ᠋ᠢᠨ ᠬᠤᠪᠴᠠᠰᠤ ᠬᠤᠨᠠᠷ᠂ ᠭᠤᠲᠤᠯ ᠪᠦᠰᠡ᠂ ᠫᠤᠤ ᠵᠡᠪᠰᠡᠭ ᠢ᠋ ᠪᠦᠭᠦᠳᠡ ᠶ᠋ᠢ ᠬᠤᠷᠢᠶᠠᠵᠤ ᠠᠪᠤᠨ ᠰᠢᠷᠡᠭᠡᠨ ᠦ᠌ ᠨᠢᠷᠤᠭᠤᠨ ᠳ᠋ᠤ᠌ ᠭᠠᠭᠴᠠ ᠰᠢᠭᠤᠳᠠᠭ ᠲᠠᠢ ᠲᠩᠷᠢ ᠬᠠᠨᠳᠤᠭᠤᠯᠤᠨ ᠬᠦᠯᠢᠵᠦ ᠣᠷᠬᠢᠪᠠ᠃ 
       ᠥᠯᠵᠡᠢᠰᠡᠩ ᠳᠣᠲᠣᠷ᠎ᠠ ᠪᠠᠨ《 ᠮᠠᠷᠭᠠᠰᠢ ᠥᠷᠯᠥᠭᠡ ᠪᠣᠯᠬᠤ ᠳ᠋ᠤ᠌ ᠴᠢᠨᠦ ᠰᠢᠪᠰᠢᠭ ᠴᠢᠨᠢ ᠭᠣᠭᠣᠵᠢᠬᠤ ᠪᠣᠢ!》 ᠭᠡᠵᠦ ᠪᠣᠳᠣᠨ ᠰᠢᠷᠡᠭᠡᠨ ᠦ᠌ ᠨᠢᠷᠤᠭᠤᠨ ᠳ᠋ᠤ᠌ ᠱᠠᠯᠳᠠᠩ ᠬᠦᠯᠢᠭᠳᠡᠭᠰᠡᠨ ᠮᠠᠨᠴᠤᠷᠭ᠎ᠠ ᠶ᠋ᠢ ᠪᠠᠰᠤᠮᠵᠢᠯᠠᠵᠤ ᠬᠠᠷᠠᠭᠠᠳ《 ᠴᠢ ᠪᠠᠰᠠ ᠢᠩᠭᠢᠳᠡᠭ ᠡᠳᠦᠷ ᠪᠠᠢᠵᠢ ᠊ᠤᠤ》 ᠭᠡᠰᠡᠨ ᠮᠠᠶᠢᠭᠲᠠᠢ᠄  
       一 ᠳᠠᠮᠠᠷᠤ ᠶᠡᠬᠡ ᠲᠣᠯᠣᠭᠠᠢ ᠴᠢᠨᠢ ᠳᠠᠩᠴᠤ ᠨᠢᠭᠡ ᠳᠠᠮᠠᠷᠤᠳᠠᠬᠤ ᠨᠢ ᠲᠠᠢᠯᠳᠠᠵᠤ᠂ ᠳᠡᠷᠡᠰᠦᠨ ᠳ᠋ᠦ᠍  ᠬᠠᠳᠬᠤᠭᠳᠠᠭᠰᠠᠨ ᠲᠡᠮᠡᠭᠡᠨ ᠬᠣᠷᠭᠣᠯ ᠰᠢᠭ᠋ ᠳᠡᠩᠳᠡᠭᠦᠦ ᠳᠡᠯᠳᠡᠭᠡᠴᠢᠵᠦ ᠪᠠᠢᠭᠰᠠᠨ ᠶᠤᠮ! ᠭᠡᠮᠡᠨ ᠰᠢᠩᠭᠡᠨ ᠳᠤᠤᠭᠠᠷᠬᠤ ᠳ᠋ᠤ᠌ ᠮᠠᠨᠴᠤᠷᠭ᠎ᠠ᠂   ᠥᠯᠵᠡᠢᠰᠡᠷᠡᠩ ᠦ᠋ᠨ ᠡᠮᠦᠨ᠎ᠡ ᠡᠴᠡ《 ᠲᠦᠢ》 ᠭᠡᠵᠦ ᠨᠤᠯᠮᠤᠭᠠᠳ᠄  
       一 ᠮᠠᠭᠤ ᠵᠣᠯᠪᠢᠩ ᠠᠰᠠᠮᠠᠭ! ᠴᠢᠭᠢᠶᠡᠲᠦᠷᠦᠦ ᠭᠡᠳ ᠵᠠᠨᠤᠪᠠ᠃  
       一 ᠨᠢᠭᠡ ᠰᠥᠨᠢ ᠣᠷᠣᠭ᠎ᠠ ᠪᠠᠢᠳᠠᠰᠤ ᠵᠠᠢᠳᠠᠯᠠᠭᠠᠳ ᠳᠣᠪᠲᠣᠯᠭᠠᠵᠤ ᠳᠣᠪᠲᠣᠯᠭᠠᠭᠰᠠᠨ ᠬᠥᠮᠦᠨ ᠪᠡᠶ᠎ᠡ ᠴᠢᠯᠡᠭᠰᠡᠨ ᠪᠠᠢᠯᠭᠦᠢ! ᠣᠳᠣ ᠵᠢᠭᠠᠬᠠᠨ ᠠᠮᠠᠷᠠ᠂ ᠠᠮᠠᠷᠠ! ᠰᠢᠷᠡᠭᠡᠨ ᠦ᠌ ᠨᠢᠷᠤᠭᠤ ᠬᠠᠲᠠᠭᠤ ᠶᠤᠮ ᠳᠠ! ᠬᠡᠢ ᠬᠤᠶᠠᠩ ᠨᠤᠬᠤᠯᠠᠬᠤ ᠳ᠋ᠤ᠌ ᠳᠣᠷᠢᠭᠤᠨ ᠪᠠᠢᠳᠠᠭ ᠶᠤᠮ ᠭᠡᠳ ᠨᠥᠭᠦᠭᠡ ᠬᠡᠳᠦᠭᠦᠯᠡ ᠪᠡᠨ ᠡᠷᠡᠦ ᠪᠡᠷ ᠢ᠋ᠶ᠋ᠡᠨ ᠳᠣᠬᠢᠵᠤ ᠭᠠᠳᠠᠨ᠎ᠠ ᠭᠠᠷᠤᠭᠠᠳ ᠥᠪᠴᠢ ᠵᠡᠪᠰᠡᠭ ᠲᠡᠢ ᠬᠣᠶᠠᠷ ᠬᠤᠶᠠᠭ ᠤ᠋ᠨ ᠴᠢᠬᠢᠨ ᠳ᠋ᠦ᠍《 ᠡᠭᠦᠨ ᠢ᠋ ᠰᠠᠢᠨ ᠬᠠᠷᠠᠵᠤ ᠬᠣᠨᠣ!》 ᠭᠡᠵᠦ ᠪᠢᠲᠡᠭᠦᠬᠡᠨ ᠵᠠᠬᠢᠭᠠᠳ ᠴᠣᠮᠣᠵᠤ ᠲᠠᠯᠪᠢᠭᠰᠠᠨ ᠮᠣᠷᠢ ᠤᠷᠤᠭᠤ ᠪᠠᠨ ᠳᠥᠭᠥᠪᠡ᠃ 
       ᠭᠤᠷᠪᠠᠨ ᠮᠠᠷᠠᠯ ᠭᠤᠳᠤᠢᠴᠢᠬᠠᠭᠰᠠᠨ ᠪᠠᠢᠯ᠎ᠠ᠃ 
       ᠪᠠᠷᠠᠭᠤᠨᠰᠢ ᠬᠡᠯᠪᠡᠢᠭᠰᠡᠨ ᠰᠠᠷᠠ ᠣᠭᠲᠠᠷᠭᠤᠢ ᠶ᠋ᠢᠨ ᠲᠠᠩᠨᠠᠢ ᠳ᠋ᠤ᠌ ᠡᠯᠭᠦᠭᠳᠡᠵᠦ ᠬᠡᠨ ᠨᠢᠭᠡᠨ ᠦ᠌ ᠬᠢᠨᠢ ᠲᠥᠯᠥᠭᠡ ᠵᠣᠪᠠᠨᠢᠭᠰᠠᠨ ᠴᠢᠷᠠᠢ ᠲᠠᠢ ᠠᠯᠤᠰ ᠠ᠋ᠴᠠ ᠨᠡᠭᠦᠵᠦ ᠠᠢᠰᠤᠢ ᠰᠡᠢᠷᠡᠭ ᠴᠠᠭᠠᠨ ᠲᠣᠬᠣᠮ ᠤ᠋ᠨ ᠡᠭᠦᠯᠡ ᠪᠡᠷ ᠨᠢᠯᠪᠤᠰᠤ ᠪᠠᠨ ᠠᠷᠴᠢᠬᠤ ᠭᠡᠳ ᠭᠠᠷ ᠵᠠᠩᠭᠠᠭᠰᠠᠨ ᠢᠴᠢᠮᠡᠬᠡᠢ ᠬᠡᠦᠬᠡᠨ ᠰᠢᠭ ᠲᠣᠭᠲᠠᠭᠤᠬᠠᠨ ᠮᠡᠯᠲᠡᠢᠨ᠎ᠡ᠃     

– – – – 
① ᠤᠷᠠᠳ ᠨᠤᠲᠤᠭ ᠲᠤ᠌ ᠠᠬ᠎ᠠ ᠪᠠᠨ ᠠᠵᠠᠢ᠂ ᠡᠭᠡᠴᠢ ᠪᠡᠨ ᠠᠭ᠎ᠠ ᠭᠡᠵᠦ ᠳᠠᠭᠤᠳᠠᠳᠠᠭ᠃ 


           ᠦᠰᠦᠭ ᠠᠮᠢᠯᠠᠭᠤᠯᠤᠭᠰᠠᠨ ᠨᠢ᠄ ᠣᠳᠣᠨᠬᠤᠸᠠᠷ