ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠶᠢᠰᠦ> Хан мунын сүүрс < дээд > – Мөнх зохиоов ᠂ Тэргүүн бодь – Хоёрдугаар бүлэг <9>
ᠵᠡᠰ ᠬᠠᠷᠠᠩᠭ᠎ᠠ ᠶ᠋ᠢᠨ ᠲᠣᠯᠢ ᠰᠢᠭ᠋ ᠡᠪᠦᠭᠡᠨ ᠨᠠᠷᠠ ᠭᠥᠯᠢᠩ ᠮᠠᠩᠨᠠᠢ ᠪᠠᠨ ᠬᠢᠯᠠᠯᠵᠠᠭᠤᠯᠤᠭᠰᠠᠭᠠᠷ ᠡᠮᠰᠢᠢᠨ ᠢᠨᠢᠶᠡᠵᠦ ᠮᠣᠯᠴᠣᠭ ᠬᠤᠰᠢᠭᠤᠨ ᠤ᠋ ᠮᠤᠬᠤᠷ ᠲᠣᠯᠣᠭᠠᠢ ᠶ᠋ᠢᠨ ᠴᠠᠭᠠᠭᠤᠷ ᠳᠠᠯᠳᠢᠷᠠᠪᠠ᠃
ᠦᠳᠡᠰᠢ ᠶ᠋ᠢᠨ ᠲᠣᠯᠣᠩ ᠨᠣᠶᠠᠨ ᠰᠠᠩ ᠤ᠋ᠨ ᠴᠠᠳᠬᠤᠯᠠᠩ ᠵᠤᠰᠠᠭᠠᠯ ᠢ᠋ ᠤᠯᠠᠪᠤᠷ ᠶᠠᠭᠠᠨ ᠢ᠋ᠶ᠋ᠠᠷ ᠪᠣᠳᠣᠵᠤ ᠬᠤᠮᠠᠬᠢ ᠶ᠋ᠢᠨ ᠴᠢᠨᠡᠭᠡᠨ ᠴᠦ᠍ ᠭᠬᠢᠷ ᠦᠭᠡᠢ ᠪᠤᠷᠲᠠᠭ ᠬᠠᠯᠳᠠᠭᠠᠬᠤ ᠦᠭᠡᠢ ᠭᠡᠰᠡᠨ ᠶᠦᠮ ᠰᠢᠭ ᠪᠦᠷᠦᠭ ᠨᠢᠮᠭᠡᠨ ᠦᠳᠡᠰᠢ ᠶ᠋ᠢᠨ ᠬᠥᠰᠢᠭᠡ ᠪᠡᠨ ᠲᠠᠲᠠᠯ᠎ᠠ᠃
ᠬᠠᠶᠠ ᠨᠢᠭᠡ ᠲᠤᠭᠤᠯ ᠢ᠋ᠶ᠋ᠠᠨ ᠥᠬᠥᠭᠡᠷᠳᠡᠨ ᠦᠭᠡᠢᠯᠡᠬᠦ ᠦᠨᠢᠶᠡᠨ ᠦ᠌ ᠰᠥᠭᠡᠩᠭᠢ ᠤᠤᠨᠢᠬᠤ ᠴᠢᠮᠡᠭᠡ ᠪᠣᠯᠤᠨ ᠡᠷ᠎ᠡ ᠰᠣᠪᠠᠢᠴᠤᠤᠯ ᠤ᠋ᠨ ᠴᠠᠪᠢ ᠶ᠋ᠢ ᠬᠠᠵᠠᠯᠠᠨ ᠬᠥᠭᠡᠭᠡᠵᠦ ᠭᠡᠭᠦᠦ ᠪᠠᠢᠳᠠᠰᠤ ᠪᠠᠨ ᠬᠠᠮᠪᠠᠭᠠᠷᠬᠠᠭᠰᠠᠨ ᠬᠠᠷᠠᠮᠴᠢ ᠠᠵᠢᠷᠭᠠᠨ ᠤ᠋ ᠬᠤᠤᠬᠢᠲᠤᠨᠠᠬᠤ ᠴᠢᠮᠡᠭᠡ ᠯᠡ ᠦᠳᠡᠰᠢ ᠶ᠋ᠢᠨ ᠴᠢᠮᠡᠭᠡ ᠪᠣᠯᠵᠤ ᠳᠤᠭᠤᠯᠳᠠᠨ᠎ᠠ᠃
ᠨᠣᠶᠠᠨ ᠰᠠᠩ ᠤ᠋ᠨ ᠵᠤᠰᠠᠭᠠᠯ ᠤ᠋ᠨ ᠵᠠᠷᠤᠳᠠᠰᠤ ᠴᠠᠭᠠᠴᠢᠳ ᠰᠢᠷᠪᠥᠰᠥ ᠰᠤᠩᠭᠠᠭᠰᠠᠨ ᠬᠠᠷ᠎ᠠ ᠠᠵᠢᠯ ᠤ᠋ᠨ ᠢ᠋ᠶ᠋ᠠᠨ ᠬᠥᠯ ᠢ᠋ ᠬᠤᠮᠢᠵᠤ᠂ ᠰᠠᠭᠠᠯᠢ ᠦᠨᠦᠷᠲᠦᠭᠰᠡᠨ ᠡᠵᠢ ᠬᠥᠮᠦᠨ ᠦ᠌ ᠡᠩᠭᠡᠷ ᠰᠢᠭ ᠬᠡᠵᠢᠶᠡᠳᠡ ᠣᠩᠭᠣᠢᠯᠳᠠᠲᠠᠢ ᠪᠡᠭᠡᠪᠡᠢᠭᠰᠡᠨ ᠪᠣᠷᠣ ᠭᠡᠷ ᠲᠦ᠍ ᠪᠡᠨ ᠰᠢᠷᠭᠤᠪᠠᠯ ᠰᠠᠶᠢ ᠠᠴᠢᠶ᠎ᠠ ᠳᠡᠭᠡᠭᠰᠢ ᠪᠡᠨ ᠬᠥᠩᠭᠡᠯᠡᠭᠰᠡᠨ ᠠᠶᠠᠨ ᠤ᠋ ᠲᠡᠮᠡᠭᠡ ᠰᠢᠭ ᠤᠷᠲᠤᠬᠠᠨ ᠠᠮᠢᠰᠬᠤᠭᠠᠳ᠂ ᠪᠦᠯᠢᠶᠡᠬᠡᠨ ᠴᠠᠢ ᠪᠠᠨ ᠣᠭᠣᠴᠢᠯᠠᠨ᠂ ᠨᠢᠷᠤᠭᠤ ᠨᠢᠭᠡ ᠲᠡᠨᠢᠢᠨ᠎ᠡ᠃
ᠨᠣᠶᠠᠨ ᠰᠠᠩ ᠤ᠋ᠨ ᠵᠤᠰᠠᠭᠠᠯ ᠤ᠋ᠨ ᠦᠳᠡᠰᠢ ᠣᠨᠴᠠ ᠶ᠋ᠢᠨ ᠨᠠᠮ ᠵᠢᠮ᠃ ᠬᠦᠩ ᠨᠣᠶᠠᠨ ᠤ᠋ ᠡᠵᠡᠭᠦᠢ ᠳ᠋ᠦ᠍ ᠬᠥᠭ ᠠᠶ᠎ᠠ ᠴᠢᠮᠠᠯᠠᠭᠳᠠᠵᠤ᠂ ᠰᠦᠷ ᠭᠡᠷᠡᠯ ᠢ᠋ᠶ᠋ᠡᠨ ᠠᠯᠳᠠᠴᠢᠬᠠᠪᠠ ᠊ᠤᠤ ᠴᠤ᠌ ᠭᠡᠮᠡᠷ᠂ ᠡᠭᠡᠭᠡ ᠯᠡ ᠬᠠᠲᠠᠭᠤ ᠬᠠᠷ᠎ᠠ ᠠᠵᠢᠯ ᠳ᠋ᠤ᠌ ᠬᠥᠯᠥᠰᠥ ᠬᠠᠲᠠᠭᠠᠵᠤ ᠪᠤᠶᠤ ᠪᠠᠯᠠᠷᠠᠭᠰᠠᠨ ᠡᠷ᠎ᠡ ᠳᠠᠩᠴᠤ ᠡᠷᠲᠡ ᠤᠨᠲᠠᠬᠤ ᠶ᠋ᠢ ᠶᠠᠭᠠᠷᠠᠬᠤ ᠮᠡᠲᠦ ᠪᠠᠢᠪᠠ᠃
ᠰᠢᠷᠪᠠᠳᠣᠷᠵᠢ ᠬᠦᠩ ᠨᠣᠶᠠᠨ ᠬᠥᠬᠡᠭᠴᠢᠨ ᠭᠠᠬᠠᠢ ᠵᠢᠯ ᠦ᠋ᠨ ᠳᠣᠯᠣᠭᠠᠨ ᠰᠠᠷ᠎ᠠ ᠶ᠋ᠢᠨ ᠠᠷᠪᠠᠨ ᠲᠠᠪᠤᠨ ᠤ᠋《 ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠮᠠᠨᠢ ᠶ᠋ᠢᠨ ᠬᠤᠷᠠᠯ ᠢ᠋ ᠵᠣᠷᠢᠵᠤ᠂ ᠵᠠᠮ ᠳ᠋ᠠᠭᠠᠨ ᠬᠣᠰᠢᠭᠤ ᠶᠠᠮᠤᠨ ᠤ᠋ ᠲᠠᠮᠠᠭ᠎ᠠ ᠶ᠋ᠢᠨ ᠭᠠᠵᠠᠷ ᠳᠤᠮᠳᠠ ᠭᠣᠣᠯ ᠤ᠋ᠨ ᠠᠮᠠ ᠪᠠᠷ ᠲᠥᠯᠥᠪᠯᠡᠵᠦ ᠬᠣᠶᠠᠷ ᠡᠳᠦᠢ ᠤᠷᠢᠲᠠᠵᠤ ᠬᠥᠳᠡᠯᠵᠡᠢ᠃
ᠡᠷ᠎ᠡ ᠡᠵᠡᠭᠦᠢ ᠳ᠋ᠦ᠍ ᠡᠮ᠎ᠡ ᠶ᠋ᠢᠨ ᠵᠢᠷᠭᠠᠯ᠂ ᠡᠴᠢᠭᠡ ᠡᠵᠡᠭᠦᠢ ᠳ᠋ᠦ᠍ ᠬᠦᠦ ᠨᠢ ᠮᠠᠲᠠᠯ ᠭᠡᠳᠡᠭ ᠢ᠋ᠶ᠋ᠡᠷ ᠬᠦᠩ ᠨᠣᠶᠠᠨ ᠪᠠᠭ᠎ᠠ ᠬᠠᠲᠤᠨ ᠢ᠋ᠶ᠋ᠠᠨ ᠠᠪᠴᠤ《 ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠮᠠᠨᠢ ᠶ᠋ᠢᠨ ᠬᠤᠷᠠᠯ ᠳ᠋ᠤ᠌ ᠶᠠᠪᠤᠭᠰᠠᠨ ᠳ᠋ᠤ᠌᠂ ᠴᠡᠴᠡᠭ ᠬᠠᠲᠤᠨ ᠤ᠋ ᠮᠠᠩᠨᠠᠢ ᠳ᠋ᠤ᠌ ᠨᠠᠷᠠ ᠮᠠᠨᠳᠤᠵᠤ᠂ ᠪᠠᠶᠠᠰᠤᠯ ᠤ᠋ᠨ ᠰᠡᠳᠬᠢᠯ ᠨᠢ ᠣᠪᠣᠯᠵᠠᠨ ᠡᠷᠲᠡᠬᠡᠨ ᠰᠢᠭ ᠬᠠᠷᠠᠩᠭᠤᠢ ᠪᠣᠯᠵᠤ᠂ ᠬᠠᠮᠤᠭ ᠠᠮᠢᠲᠠᠨ ᠤ᠋ ᠬᠥᠯ ᠬᠤᠷᠢᠶᠠᠭᠳᠠᠬᠤ ᠶ᠋ᠢ ᠭᠣᠷᠢᠳᠠᠭᠰᠠᠨ ᠰᠡᠳᠬᠢᠯ ᠪᠡᠶ᠎ᠡ ᠶ᠋ᠢ ᠨᠢ ᠡᠵᠡᠮᠳᠡᠵᠦ ᠪᠠᠢᠪᠠ᠃
ᠴᠡᠴᠡᠭ ᠬᠠᠲᠤᠨ ᠥᠨᠥ ᠰᠥᠨᠢ ᠶ᠋ᠢᠨ ᠶᠡᠬᠡ ᠴᠡᠩᠭᠡᠯ ᠳ᠋ᠦ᠍ ᠱᠤᠮᠪᠠᠬᠤ ᠴᠠᠭᠯᠠᠰᠢ ᠦᠭᠡᠢ ᠵᠢᠷᠭᠠᠯ ᠢ᠋ ᠲᠥᠰᠥᠪᠯᠡᠨ ᠰᠠᠨᠠᠬᠤ ᠳ᠋ᠤ᠌᠂ ᠳᠣᠣᠷ᠎ᠠ ᠪᠠᠨ ᠰᠢᠭᠡᠰᠦ ᠠᠯᠳᠠᠮᠠᠷ ᠲᠡᠰᠬᠦ ᠠᠯᠳᠠᠷᠠᠨ ᠪᠣᠢ᠃ ᠲᠣᠯᠢᠨ ᠳ᠋ᠤ᠌ ᠵᠢᠰᠦ ᠪᠡᠨ ᠦᠵᠡᠨ ᠦᠰᠦ ᠭᠡᠵᠢᠭᠡ ᠪᠡᠨ ᠰᠠᠮᠨᠠᠵᠤ᠂ ᠨᠢᠳᠦ ᠬᠥᠮᠥᠰᠬᠡ ᠪᠡᠨ ᠵᠢᠷᠤᠵᠤ ᠤᠷᠤᠭᠤᠯ ᠠᠮᠠ ᠪᠠᠨ ᠲᠦᠭᠦᠬᠡᠢ ᠠᠭᠤᠰᠬᠢ ᠡᠮᠬᠦᠭᠰᠡᠨ ᠰᠢᠭ ᠪᠣᠳᠣᠪᠠ ᠁ ᠬᠠᠭᠤᠴᠢᠨ ᠤ᠋ ᠬᠥᠮᠦᠰ ᠦ᠋ᠨ《 ᠰᠥᠨᠢ ᠬᠠᠷᠠᠩᠭᠤᠢ ᠪᠠᠷ ᠲᠣᠯᠢᠨ ᠳ᠋ᠤ᠌ ᠵᠢᠰᠦ ᠪᠡᠨ ᠦᠵᠡᠪᠡᠯ ᠴᠢᠳᠬᠥᠷ ᠱᠠᠭᠠᠢᠵᠤ ᠵᠢᠰᠦ ᠡᠪᠳᠡᠷᠡᠨ᠎ᠡ᠂ ᠰᠥᠨᠢ ᠬᠠᠷᠠᠩᠭᠤᠢ ᠦᠰᠦ ᠭᠡᠵᠢᠭᠡ ᠪᠡᠨ ᠰᠠᠮᠨᠠᠪᠠᠯ ᠠᠷᠤ ᠳ᠋ᠤ᠌ ᠨᠢ ᠴᠢᠳᠬᠥᠷ ᠵᠣᠭᠰᠣᠭᠠᠳ ᠦᠰᠦ ᠭᠡᠵᠢᠭᠡ ᠶ᠋ᠢ ᠨᠢ ᠰᠠᠮᠨᠠᠵᠤ ᠥᠭᠳᠡᠭ ᠁》 ᠭᠡᠬᠦ ᠠᠢᠩᠭᠤᠷᠢᠲᠠᠢ ᠴᠡᠭᠡᠷ ᠶᠠᠷᠢᠶ᠎ᠠ ᠶ᠋ᠢ ᠴᠦ᠍ ᠲᠠᠰᠤ ᠮᠠᠷᠲᠠᠵᠤ᠂ ᠭᠠᠭᠴᠠ ᠮᠠᠨᠴᠤᠷᠭ᠎ᠠ ᠶ᠋ᠢ ᠢᠷᠡᠬᠦ ᠳ᠋ᠦ᠍ᠨᠢ ᠤᠯᠠᠮ ᠭᠣᠶᠣ ᠰᠠᠢᠬᠠᠨ ᠬᠠᠷᠠᠭᠳᠠᠵᠤ ᠲᠡᠭᠦᠨ ᠳ᠋ᠦ᠍ ᠲᠣᠭᠣᠭᠳᠠᠬᠤ ᠰᠠᠨ ᠭᠡᠬᠦ ᠪᠣᠳᠣᠯ ᠳ᠋ᠤ᠌ ᠠᠪᠲᠠᠨ ᠶᠠᠭᠤᠨ ᠤ᠋ ᠬᠢᠨᠢ ᠴᠢᠳᠬᠥᠷ ᠮᠥᠳᠬᠥᠷ ᠠᠯᠢᠨ ᠪᠣᠯᠭᠠᠨ ᠴᠥᠮ ᠥᠯᠮᠡᠢ ᠳᠣᠣᠷ᠎ᠠ ᠭᠢᠰᠬᠢᠭᠳᠡᠵᠦ᠂ ᠶᠠᠭ ᠯᠠ ᠵᠤᠨ ᠤ᠋ ᠴᠠᠭ ᠤ᠋ᠨ ᠵᠤᠯᠠ ᠶ᠋ᠢᠨ ᠭᠡᠷᠡᠯ ᠳ᠋ᠦ᠍ ᠠᠮᠢ ᠪᠠᠨ ᠠᠪᠬᠤ ᠦᠭᠡᠢ ᠲᠡᠮᠡᠦᠯᠬᠦ ᠳ᠋ᠧᠩ ᠦ᠋ᠨ ᠡᠷᠪᠡᠬᠡᠢ ᠰᠢᠭ ᠪᠠᠢᠯ᠎ᠠ᠃
ᠵᠢᠰᠦ ᠥᠩᠭᠡ ᠪᠡᠨ ᠭᠣᠶᠣᠯᠠᠵᠤ ᠪᠠᠷᠠᠭᠠᠳ ᠣᠷᠣ ᠰᠢᠷᠢᠳᠡᠭ ᠡᠨᠡ ᠲᠡᠷᠡ ᠪᠡᠨ ᠪᠡᠯᠡᠨ ᠪᠣᠯᠭᠠᠴᠢᠬᠠᠭᠠᠳ ᠢᠨᠵᠢ ᠬᠡᠦᠬᠡᠨ ᠨᠣᠮᠢᠨ ᠢ᠋ ᠳᠠᠭᠤᠳᠠᠪᠠ᠃
ᠢᠨᠵᠢ ᠨᠣᠮᠢᠨ ᠴᠡᠴᠡᠭ ᠬᠠᠲᠤᠨ ᠤ᠋ ᠳᠠᠭᠤᠳᠠᠬᠤ ᠳ᠋ᠤ᠌ ᠵᠠᠩᠰᠢᠭᠰᠠᠨ ᠢ᠋ᠶ᠋ᠠᠷ ᠢ᠋ᠶ᠋ᠠᠨ《 ᠵᠠ》 ᠭᠡᠵᠦ ᠵᠠᠷᠯᠢᠭ ᠬᠦᠯᠢᠶᠡᠭᠰᠡᠨ ᠴᠡᠷᠢᠭ ᠰᠢᠭ ᠬᠠᠷᠢᠭᠤ ᠳᠤᠤᠭᠠᠷᠴᠤ ᠡᠩᠭᠡᠷ ᠦ᠋ᠨ ᠲᠣᠪᠴᠢ ᠪᠠᠨ ᠲᠣᠪᠴᠢᠯᠠᠵᠤ ᠵᠠᠪᠳᠤᠬᠤ ᠦᠭᠡᠢ ᠭᠤᠲᠤᠯ ᠢ᠋ᠶ᠋ᠠᠨ ᠲᠥᠷᠥᠭᠡᠳ ᠴᠡᠴᠡᠭ ᠬᠠᠲᠤᠨ ᠤ᠋ ᠥᠷᠥᠭᠡ ᠤᠷᠤᠭᠤ ᠴᠦᠯ ᠴᠦᠯ ᠬᠢᠨ ᠭᠦᠶᠦᠬᠦ ᠵᠠᠭᠤᠷ᠎ᠠ《ᠪᠠᠰᠠ ᠯᠠ ᠥᠨᠥᠬᠢ᠂ ᠮᠠᠨᠴᠤᠷᠭ᠎ᠠ᠃ ᠬᠦᠩ ᠨᠣᠶᠠᠨ ᠤ᠋ ᠡᠵᠡᠭᠦᠢ ᠳ᠋ᠦ᠍ ᠮᠠᠨᠴᠤᠷᠭ᠎ᠠ ᠶ᠋ᠢ ᠳᠠᠭᠤᠳᠠᠳᠠᠭ ᠢ᠋ ᠨᠢ ᠪᠢ ᠯᠡ ᠮᠡᠳᠡᠳᠡᠭ ᠢ᠋ᠶ᠋ᠡᠷ ᠢ᠋ᠶ᠋ᠡᠨ ᠥᠨᠥ ᠣᠷᠣᠢ ᠪᠠᠰᠠ ᠯᠠ ᠲᠡᠷᠡ ᠠᠯᠪᠠ ᠪᠠᠢᠯᠭᠦᠢ ᠁ ᠲᠡᠷᠡ ᠠᠢᠯ ᠤ᠋ᠨ ᠬᠥᠮᠦᠨ ᠪᠠᠷᠢᠭᠠᠳ ᠢᠳᠡᠴᠢᠬᠡᠮᠡᠷ ᠬᠣᠶᠠᠷ ᠰᠦᠷᠡᠬᠡᠢ ᠲᠣᠭᠰᠢᠨ ᠨᠣᠬᠠᠢ ᠪᠠᠨ ᠵᠢᠭᠠᠬᠠᠨ ᠪᠠᠢᠰᠬᠢᠪᠡᠯ ᠲᠠᠯᠪᠢᠴᠢᠬᠠᠬᠤ ᠪᠠᠢᠬ᠎ᠠ ᠳᠠ! ᠲᠡᠭᠡᠪᠡᠯ ᠶᠠᠭᠠᠬᠢᠳᠠᠭ ᠪᠢᠯᠡ? ᠲᠡᠷᠡ ᠤᠳᠠᠭ᠎ᠠ ᠮᠠᠨᠴᠤᠷᠭ᠎ᠠ ᠶ᠋ᠢ ᠳᠠᠭᠤᠳᠠᠬᠤ ᠪᠠᠷ ᠣᠴᠢᠭᠠᠳ ᠡᠰᠡ ᠯᠡ ᠨᠣᠬᠠᠢ ᠳ᠋ᠤᠨᠢ ᠤᠷᠠᠭᠤᠯᠴᠢᠬᠠᠭᠰᠠᠨ ᠦᠭᠡᠢ ᠁ ᠵᠣᠯᠲᠠᠢ ᠠᠳᠤᠭᠤᠴᠢ ᠭᠣᠩᠴᠣᠭᠷᠬᠠᠤᠠ ᠶ᠋ᠢ ᠳᠠᠭᠤᠳᠠᠭᠰᠠᠨ ᠦᠭᠡᠢ ᠰᠠᠨ ᠪᠣᠯ ᠲᠡᠷᠡ ᠳᠣᠭᠰᠢᠨ ᠨᠣᠬᠠᠢ ᠳ᠋ᠤᠨᠢ ᠬᠥᠯ ᠭᠠᠷ ᠢ᠋ᠶ᠋ᠠᠨ ᠲᠠᠰᠤᠳᠠᠭᠤᠯᠬᠤ ᠴᠤ᠌ ᠶᠤᠮ ᠊ᠤᠤ ᠨᠢᠭᠤᠷ ᠠᠮᠠ ᠪᠠᠨ ᠤᠷᠠᠭᠤᠯᠴᠢᠬᠠᠭᠰᠠᠨ᠁ ᠭᠡᠬᠦ ᠳ᠋ᠡᠭᠡᠨ ᠡᠭᠦᠨ ᠢ᠋ ᠴᠡᠴᠡᠭ ᠬᠠᠲᠤᠨ ᠳ᠋ᠤ᠌ ᠶᠠᠭᠠᠬᠢᠵᠤ ᠬᠡᠯᠡᠬᠦ ᠪᠢᠯᠡ? ᠪᠢ ᠨᠣᠬᠠᠢ ᠠ᠋ᠴᠠ ᠠᠶᠤᠵᠤ ᠪᠠᠢᠨ᠎ᠠ ᠶᠠᠪᠤᠬᠤ ᠦᠭᠡᠢ ᠠ᠋ ᠭᠡᠬᠦ ᠶᠦᠮ ᠪᠣᠯ ᠬᠣᠩᠭᠣ ᠪᠥᠭᠰᠡ ᠪᠦᠲᠦᠨ ᠦᠯᠡᠳᠡᠬᠦ ᠦᠭᠡᠢ ᠰᠢᠦ᠃ ᠪᠦᠳᠦᠭᠦᠨ ᠵᠢᠷᠦᠬᠡᠯᠡᠵᠦ ᠬᠡᠯᠡᠴᠢᠬᠡᠬᠦ ᠪᠡᠷ ᠪᠣᠳᠣᠬᠤ ᠳ᠋ᠤ᠌ ᠡᠨᠡ ᠨᠢᠭᠤᠴᠠᠬᠠᠨ ᠶᠠᠪᠤᠳᠠᠯ ᠳ᠋ᠤ᠌ ᠨᠠᠮ᠎ᠠ ᠶ᠋ᠢ ᠣᠷᠣᠯᠠᠵᠤ ᠭᠦᠶᠦᠭᠡᠳ ᠢᠷᠡᠬᠦ ᠬᠥᠮᠦᠨ ᠬᠠᠮᠢᠭ᠎ᠠ ᠪᠠᠢᠬᠤ ᠪᠣᠢ? ᠥᠭᠡᠷ᠎ᠡ ᠶᠠᠪᠤᠳᠠᠯ ᠢ᠋ ᠴᠦ᠍ ᠪᠣᠯ ᠪᠢ ᠵᠠᠮ ᠳ᠋ᠠᠭᠠᠨ ᠭᠣᠩᠴᠣᠭᠷᠬᠠᠤᠠ ᠪᠠᠨ ᠬᠠᠨᠢ ᠪᠣᠯᠭᠠᠭᠠᠳ ᠡᠰᠡᠪᠡᠰᠦ ᠲᠡᠭᠦᠨ ᠢ᠋ ᠣᠷᠣᠨ ᠳ᠋ᠠᠭᠠᠨ ᠭᠦᠶᠦᠯᠭᠡᠭᠡᠳ ᠶᠠᠪᠤᠳᠠᠯ ᠪᠦᠲᠦᠨ ᠪᠣᠯᠭᠠᠬᠤ ᠪᠣᠯᠤᠮᠵᠢ ᠪᠦᠷ ᠪᠣᠢ᠃ ᠭᠡᠲᠡᠯ᠎ᠡ ᠴᠡᠴᠡᠭ ᠬᠠᠲᠤᠨ ᠮᠠᠨᠴᠤᠷᠭ᠎ᠠ ᠬᠣᠶᠠᠷ ᠤ᠋ᠨ ᠨᠢᠭᠤᠴᠠ ᠤᠴᠢᠷ ᠲᠤ᠌ ᠶᠠᠭᠠᠬᠢᠵᠤ ᠪᠣᠯᠬᠤ ᠪᠣᠢ? ᠴᠡᠴᠡᠭ ᠬᠠᠲᠤᠨ ᠭᠠᠭᠴᠠ ᠨᠠᠮ᠎ᠠ ᠶ᠋ᠢ ᠢᠲᠡᠭᠡᠵᠦ ᠪᠠᠢᠭ᠎ᠠ ᠳ᠋ᠤ᠌ ᠪᠢ ᠨᠢᠰᠦ ᠪᠡᠨ ᠬᠦᠴᠦᠷᠡᠬᠦ ᠦᠭᠡᠢ ᠨᠢᠭᠡ ᠢᠨᠵᠢ ᠬᠡᠦᠬᠡᠨ ᠡᠵᠡᠨ ᠳ᠋ᠡᠭᠡᠨ ᠢᠲᠡᠭᠡᠯ ᠠᠯᠳᠠᠭᠰᠠᠨ ᠶᠠᠪᠤᠳᠠᠯ ᠦᠢᠯᠡᠳᠴᠦ ᠡᠰᠡ ᠪᠣᠯᠬᠤ ᠲᠤᠯᠠ ᠶᠠᠪᠤᠳᠠᠭ ᠯᠠ ᠬᠡᠷᠡᠭ! ᠭᠠᠭᠴᠠ ᠵᠠᠯᠪᠠᠷᠢᠬᠤ ᠠ᠋ᠴᠠ ᠴᠠᠭᠠᠨ᠎ᠠ ᠮᠠᠨᠴᠤᠷᠭ᠎ᠠ ᠭᠤᠸᠠᠢ ᠯᠠ ᠰᠡᠭᠡᠭᠡ ᠲᠡᠢ ᠶᠦᠮ ᠪᠣᠯ ᠨᠣᠬᠠᠢ ᠪᠠᠨ ᠵᠢᠭᠠᠬᠠᠨ ᠣᠷᠣᠢ ᠲᠠᠯᠪᠢᠭᠠᠰᠠᠢ!》 ᠭᠡᠵᠦ ᠳᠣᠲᠣᠷ᠎ᠠ ᠪᠠᠨ ᠠᠮᠢᠨᠴᠢᠯᠠᠨ ᠪᠣᠳᠣᠭᠰᠠᠭᠠᠷ ᠴᠡᠴᠡᠭ ᠬᠠᠲᠤᠨ ᠤ᠋ ᠥᠷᠥᠭᠡᠨ ᠳ᠋ᠦ᠍ ᠣᠷᠣᠪᠠ᠃
ᠨᠣᠮᠢᠨ᠂ ᠴᠡᠴᠡᠭ ᠬᠠᠲᠤᠨ ᠠ᠋ᠴᠠ ᠠᠶᠤᠬᠤ ᠳ᠋ᠠᠭᠠᠨ ᠴᠢᠷᠠᠢ ᠥᠭᠡᠳᠡ ᠨᠢ ᠠᠰ ᠬᠠᠷᠠᠵᠤ ᠴᠢᠳᠠᠬᠤ ᠦᠭᠡᠢ ᠲᠣᠯᠣᠭᠠᠢ ᠭᠣᠬᠢᠢᠯᠭᠠᠨ ᠳᠣᠷᠣᠭᠰᠢ ᠪᠠᠨ ᠬᠠᠷᠠᠨ ᠵᠣᠭᠰᠣᠨ᠎ᠠ᠃ ᠴᠡᠴᠡᠭ ᠬᠠᠲᠤᠨ ᠶᠠᠭᠤ ᠬᠢᠭᠡ ᠶ᠋ᠢ ᠴᠦ᠍ ᠠᠵᠢᠶᠠᠷᠠᠬᠤ ᠵᠣᠷᠢᠭ ᠲᠡᠭᠦᠨ ᠳ᠋ᠦ᠍ ᠪᠠᠢᠭ᠎ᠠ ᠦᠭᠡᠢ᠃
ᠴᠡᠴᠡᠭ ᠬᠠᠲᠤᠨ ᠲᠡᠨᠳᠡ ᠬᠠᠷ᠎ᠠ ᠲᠠᠮᠠᠬᠢ ᠴᠣᠷᠭᠢᠵᠤ ᠬᠡᠪᠲᠡᠭᠰᠡᠨ ᠢ᠋ᠶ᠋ᠡᠨ ᠨᠣᠮᠢᠨ ᠢ᠋ ᠣᠷᠣᠵᠤ ᠢᠷᠡᠭᠰᠡᠨ ᠢ᠋ ᠴᠦ᠍ ᠮᠡᠳᠡᠭᠰᠡᠨ ᠦᠭᠡᠢ᠂ ᠲᠡᠷᠡ ᠶᠠᠭᠤᠮᠠᠨ ᠳ᠋ᠤ᠌ ᠮᠠᠩᠰᠢᠭᠤᠷᠠᠨ ᠰᠢᠨᠤᠵᠤ ᠪᠠᠢᠯ᠎ᠠ᠃
ᠨᠣᠮᠢᠨ ᠨᠢᠭᠡ ᠬᠡᠰᠡᠭ ᠳᠤᠭᠤᠢ ᠳᠣᠷᠣᠭᠰᠢ ᠪᠠᠨ ᠬᠠᠷᠠᠵᠤ ᠳᠣᠮᠪᠣᠢᠵᠤ ᠳᠣᠮᠪᠣᠢᠵᠤ ᠴᠠᠭᠠᠨ᠎ᠠ ᠨᠢ ᠴᠢᠮᠡᠭᠡ ᠠᠨᠢᠷ ᠦᠭᠡᠢ ᠪᠣᠯᠬᠣᠷ ᠲᠡᠭᠦᠨ ᠢ᠋ ᠰᠡᠮᠭᠡᠷ ᠬᠢᠯᠠᠪᠬᠢᠨ ᠬᠠᠷᠠᠵᠤ ᠦᠵᠡᠪᠡᠯ ᠴᠡᠴᠡᠭ ᠬᠠᠲᠤᠨ ᠬᠠᠷ᠎ᠠ ᠲᠠᠮᠠᠬᠢ ᠴᠣᠷᠭᠢᠵᠤ ᠰᠤᠯᠳᠠᠢᠨ ᠬᠡᠪᠲᠡᠭᠰᠡᠨ ᠢ᠋ ᠦᠵᠡᠭᠡᠳ ᠳᠣᠲᠣᠷ᠎ᠠ ᠨᠢ ᠣᠩᠭᠣᠢᠰᠬᠢᠵᠤ《 ᠲᠡᠨᠳᠡ ᠭᠦᠶᠦᠯᠭᠡᠬᠦ ᠦᠭᠡᠢ ᠶᠦᠮ ᠪᠣᠯᠪᠠ ᠊ᠤᠤ》 ᠭᠡᠵᠦ ᠪᠣᠳᠣᠭᠰᠠᠨ ᠢ᠋ᠶ᠋ᠠᠨ ᠯᠠᠪᠳᠠᠭᠤᠯᠤᠨ ᠬᠠᠷᠠᠪᠠᠯ ᠣᠷᠣᠢ ᠬᠣᠭᠣᠯᠠᠨ ᠳ᠋ᠤ᠌ ᠣᠷᠣᠬᠤ ᠪᠠᠨ ᠪᠣᠳᠣᠪᠠᠯ ᠵᠢᠰᠦ ᠥᠩᠭᠡ ᠪᠡᠨ ᠭᠣᠶᠣᠯᠠᠵᠤ ᠭᠣᠣᠳᠠᠭᠠᠳ᠂ ᠭᠣᠢᠳᠠ ᠴᠡᠮᠴᠡᠭᠡᠷ ᠪᠣᠯᠤᠭᠰᠠᠨ ᠳ᠋ᠤᠨᠢ ᠵᠢᠷᠦᠬᠡ ᠨᠢ ᠳᠠᠬᠢᠭᠠᠳ ᠲᠦᠭ ᠲᠦᠭ ᠭᠡᠵᠦ ᠪᠤᠯᠭᠢᠯᠠᠪᠠ᠃ ᠨᠣᠮᠢᠨ ᠪᠤᠯᠭᠢᠯᠠᠭᠰᠠᠨ ᠵᠢᠷᠦᠬᠡ ᠪᠡᠨ ᠪᠠᠷᠢᠵᠤ ᠳᠣᠲᠣᠷ᠎ᠠ ᠪᠠᠨ ᠴᠡᠴᠡᠭ ᠬᠠᠲᠤᠨ ᠤ᠋ ᠠᠮᠠᠨ ᠠ᠋ᠴᠠ《 ᠶᠠᠪᠤ ᠴᠠᠭᠠᠰᠢ ᠪᠠᠨ᠂ ᠬᠥᠯ ᠤᠬᠢᠶᠠᠬᠤ ᠡᠮ ᠲᠡᠢ ᠬᠠᠯᠠᠭᠤᠨ ᠤᠰᠤ ᠠᠪᠴᠢᠷᠠᠵᠤ ᠱᠠᠪᠰᠢᠭᠠᠳ ᠠᠯᠢ! ᠳᠠᠯᠤ ᠮᠥᠷᠥ ᠬᠥᠰᠢᠭᠡᠳ ᠪᠠᠢᠬᠤ ᠨᠢ ᠠ᠋᠂ ᠨᠠᠭᠠᠰᠢ ᠪᠠᠨ ᠢᠷ᠎ᠡ᠂ ᠬᠤᠶᠠᠩ ᠳᠠᠷᠤᠭᠠᠳ ᠠᠯᠢ ᠳᠠ!》 ᠭᠡᠰᠡᠨ ᠦᠨᠡᠲᠡᠢ ᠦᠭᠡ ᠤᠨᠠᠬᠤ ᠶ᠋ᠢ ᠭᠣᠷᠢᠳᠠᠨ ᠴᠢᠷᠠᠢᠳᠠᠵᠤ ᠵᠣᠭᠰᠣᠪᠠᠯ ᠲᠡᠭᠡᠭᠰᠡᠨ ᠦᠭᠡᠢ ᠠ᠋᠃ ᠴᠡᠴᠡᠭ ᠬᠠᠲᠤᠨ ᠨᠢᠭᠡ ᠲᠣᠭᠣᠭ᠎ᠠ ᠬᠠᠷ᠎ᠠ ᠲᠠᠮᠠᠬᠢ ᠴᠣᠷᠭᠢᠵᠤ ᠪᠠᠷᠠᠭᠰᠠᠨ ᠪᠣᠯᠤᠯᠲᠠᠢ ᠠᠯᠳᠠᠯᠠᠨ ᠰᠤᠨᠢᠶᠠᠵᠤ ᠡᠪᠰᠢᠶᠡᠯᠭᠡᠭᠡᠳ᠄
一 ᠨᠣᠮᠢᠨ ᠠ᠋᠂ ᠴᠢᠳᠥᠷ ᠲᠡᠢ ᠮᠣᠷᠢ ᠣᠢᠷᠠᠲᠤᠭᠤᠯᠤᠭᠠᠳ ᠢᠷ᠎ᠡ ᠳᠡ!( ᠮᠠᠨᠴᠤᠷᠭ᠎ᠠ ᠶ᠋ᠢ ᠳᠠᠭᠤᠳᠠᠭᠠᠳ ᠢᠷ᠎ᠡ ᠭᠡᠰᠡᠨ ᠦᠭᠡ) ᠭᠡᠵᠦ ᠵᠣᠷᠢᠭᠤᠳᠠ ᠵᠠᠯᠬᠠᠭᠤᠲᠠᠢ ᠳᠤᠤᠭᠠᠷᠤᠨ᠎ᠠ᠃
ᠡᠨᠡ ᠦᠭᠡ ᠡᠶᠡᠯᠳᠡᠭ ᠳᠠᠷᠤᠤᠬᠠᠨ ᠳᠤᠤᠭᠠᠷᠤᠭᠰᠠᠨ ᠪᠣᠯᠪᠠᠴᠤ ᠢᠨᠵᠢ ᠨᠣᠮᠢᠨ ᠤ᠋ ᠪᠡᠶ᠎ᠡ ᠳ᠋ᠦ᠍ ᠬᠦᠢᠲᠡᠨ ᠤᠢᠯ ᠠᠰᠬᠠᠨ ᠡᠷᠪᠡᠭᠡᠨᠡᠵᠦ ᠡᠷᠡᠦ ᠨᠢ ᠬᠠᠪᠬᠢᠨᠠᠨ ᠲᠠᠭᠵᠢᠬᠤ ᠰᠢᠭ᠋ ᠪᠣᠯᠵᠤ᠄
一 ᠵᠠ! ᠭᠡᠵᠦ ᠨᠠᠮ ᠳᠠᠭᠤ ᠪᠠᠷ ᠬᠠᠷᠢᠭᠤᠯᠤᠭᠠᠳ ᠭᠠᠷᠴᠤ ᠶᠠᠪᠤᠪᠠ᠃
一 ᠪᠠᠢᠵᠠ! ᠭᠡᠵᠦ ᠴᠡᠴᠡᠭ ᠬᠠᠲᠤᠨ ᠠᠷᠤ ᠠ᠋ᠴᠠ ᠨᠢ ᠳᠤᠤᠭᠠᠷᠬᠤ ᠳ᠋ᠤ᠌ ᠨᠣᠮᠢᠨ《 ᠵᠠ》 ᠭᠡᠳ ᠭᠡᠷ ᠲᠦ᠍ ᠳᠠᠬᠢᠨ ᠣᠷᠣᠵᠤ ᠢᠷᠡᠪᠡᠯ᠂
— ᠴᠢᠳᠥᠷ ᠲᠡᠢ ᠮᠣᠷᠢ ᠪᠠᠨ ᠳᠥᠬᠥᠭᠦᠯᠵᠦ ᠱᠣᠩ ᠳᠡᠭᠡᠷ᠎ᠡ ᠤᠶᠠᠴᠢᠬᠠᠭᠠᠳ ᠴᠠᠭᠠᠰᠢ ᠪᠠᠨ ᠶᠠᠪᠤᠵᠤ ᠰᠠᠢᠬᠠᠨ ᠠᠮᠠᠷᠠᠵᠤ ᠬᠣᠨᠣ! ᠵᠠᠮ ᠳ᠋ᠠᠭᠠᠨ ᠵᠣᠯᠪᠢᠩ ᠨᠣᠬᠠᠢ ᠠ᠋ᠴᠠ ᠬᠡᠷᠰᠡᠦᠯᠡ! ᠭᠡᠬᠦ ᠳ᠋ᠦ᠍ ᠨᠣᠮᠢᠨ ᠳᠣᠲᠣᠷ᠎ᠠ ᠪᠠᠨ《 ᠴᠢ ᠶᠠᠪᠤᠵᠤ ᠮᠠᠨᠴᠤᠷᠭ᠎ᠠ ᠶ᠋ᠢ ᠬᠠᠶᠠᠭ᠎ᠠ ᠳᠥᠬᠥᠭᠦᠯᠴᠢᠬᠡᠭᠡᠳ ᠭᠡᠲᠡᠭᠦᠯ ᠮᠡᠳᠡᠭᠦᠯ ᠠᠯᠠᠭ᠎ᠠ᠂ ᠡᠩᠬᠡ ᠠᠮᠤᠷ ᠰᠠᠨ ᠪᠣᠯ ᠡᠨᠡ ᠰᠥᠨᠢ ᠳ᠋ᠡᠭᠡᠨ ᠳᠠᠬᠢᠵᠤ ᠮᠢᠨᠦ ᠥᠷᠥᠭᠡᠨ ᠳ᠋ᠦ᠍ ᠪᠢᠲᠡᠭᠡᠢ ᠢᠷ᠎ᠡ᠂ ᠶᠠᠪᠤᠳᠠᠯ ᠪᠢᠲᠡᠭᠡᠢ ᠰᠠᠭᠠᠳᠠᠭᠤᠯ! ᠥᠷᠯᠥᠭᠡ ᠴᠠᠢ ᠣᠢᠷᠠᠲᠤᠭᠤᠯᠬᠤ ᠶᠢ ᠰᠠᠨᠠᠵᠤ ᠬᠣᠨᠣ!》 ᠭᠡᠰᠡᠨ ᠰᠠᠨᠠᠭ᠎ᠠ ᠶ᠋ᠢ ᠣᠢᠯᠠᠭᠠᠵᠤ᠄
一 ᠵᠠ᠂ ᠮᠡᠳᠡᠯ᠎ᠡ ᠭᠡᠳ ᠱᠠᠯᠠᠪᠬᠠᠨ ᠭᠠᠷᠪᠠ᠃
ᠲᠩᠷᠢ ᠶ᠋ᠢᠨ ᠣᠶᠣᠳᠠᠯ ᠵᠠᠭᠠᠳᠠᠰᠤ ᠪᠠᠷ ᠢ᠋ᠶ᠋ᠠᠨ ᠲᠣᠳᠣᠬᠠᠨ ᠬᠠᠷᠠᠭᠳᠠᠭᠰᠠᠨ ᠲᠤᠩᠭᠠᠯᠠᠭ ᠰᠥᠨᠢ ᠶ᠋ᠢᠨ ᠣᠳᠣᠳ ᠡᠷᠲᠡ ᠪᠠᠷᠢᠯᠳᠤᠨ᠂ ᠣᠭᠲᠠᠷᠭᠤᠢ ᠶ᠋ᠢᠨ ᠵᠡᠭᠦᠨ ᠡᠮᠦᠨ᠎ᠡ ᠲᠠᠩᠨᠠᠢ ᠳ᠋ᠤ᠌ ᠳᠡᠭᠡᠷ᠎ᠡ ᠡᠯᠭᠦᠭᠳᠡᠭᠰᠡᠨ ᠲᠤᠩᠭᠠᠯᠠᠭ ᠲᠣᠯᠢ ᠭᠡᠮᠡᠷ ᠠᠷᠠᠢ ᠲᠡᠷᠭᠡᠯᠰᠢᠭᠡ ᠦᠭᠡᠢ ᠰᠠᠷᠠᠨ ᠤ᠋ ᠭᠡᠭᠡᠨ ᠴᠢᠷᠠᠢ ᠶ᠋ᠢ ᠵᠢᠵᠢᠭᠬᠡᠨ ᠡᠭᠦᠯᠡᠨ ᠪᠣᠷᠣ ᠠᠯᠴᠢᠭᠤᠷ ᠬᠥᠮᠥᠰᠬᠡ ᠪᠡᠷ ᠨᠢ ᠢᠯᠳᠠᠮᠬᠠᠨ ᠬᠤᠴᠢᠵᠤ᠂ ᠡᠬᠡ ᠭᠠᠵᠠᠷ ᠢ᠋ ᠴᠠᠯᠠᠢᠲᠠᠯ᠎ᠠ ᠰᠦᠯᠡᠭᠰᠡᠨ ᠴᠡᠭᠡᠨ ᠭᠡᠷᠡᠯ ᠢ᠋ ᠦᠯᠦ ᠮᠡᠳᠡᠭ ᠪᠤᠳᠤᠩᠭᠤᠢᠷᠠᠭᠤᠯᠵᠠᠢ᠃ ᠳᠡᠭᠡᠷ᠎ᠡ ᠳᠡᠭᠳᠡᠭᠰᠡᠨ ᠡᠮᠲᠡᠷᠬᠡᠢ ᠰᠠᠷ᠎ᠠ ᠡᠷᠢᠶᠡᠨ ᠬᠣᠷᠸ᠎ᠠ ᠶ᠋ᠢᠨ ᠵᠠᠢᠴᠠ ᠳ᠋ᠤ᠌ ᠪᠠᠭᠲᠠᠭᠰᠠᠨ ᠡᠨᠡᠬᠡᠨ ᠬᠡᠰᠡᠭ ᠨᠣᠶᠠᠨ ᠰᠠᠩ ᠤ᠋ᠨ ᠵᠤᠰᠠᠭᠠᠯ ᠤ᠋ᠨ ᠨᠠᠮ ᠭᠦᠮ ᠰᠥᠨᠢ ᠤᠳᠠᠯ ᠦᠭᠡᠢ ᠶᠡᠷᠦ ᠪᠤᠰᠤ ᠶ᠋ᠢᠨ ᠬᠡᠷᠡᠭ ᠪᠣᠯᠬᠤ ᠭᠡᠵᠦ ᠪᠠᠢᠭ᠎ᠠ ᠶᠢ ᠤᠷᠢᠳᠴᠢᠯᠠᠨ ᠳᠠᠭᠠᠵᠤ ᠮᠡᠳᠡᠴᠢᠭᠡᠭᠡᠳ ᠢᠴᠢᠮᠡᠲᠡᠭᠡᠢ ᠬᠡᠦᠬᠡᠨ ᠰᠢᠭ ᠨᠢᠭᠤᠷ ᠢᠶᠠᠨ ᠪᠦᠲᠡᠭᠡᠵᠦ᠂ ᠬᠡᠨ ᠨᠢᠭᠡ ᠡᠴᠡ ᠨᠢ ᠶᠠᠭᠤ ᠪᠣᠯᠬᠤ ᠨᠢ ᠪᠣᠢ ᠬᠡᠨ ᠢ ᠨᠢ ᠱᠣᠣᠯᠠᠭᠠᠳ ᠲᠡᠭᠡᠵᠦ ᠪᠢᠰᠢᠭᠦᠷᠬᠡᠨᠡ ᠪᠣᠢ ᠭᠡᠵᠦ ᠠᠰᠠᠭᠤᠬᠤ ᠠᠴᠠ ᠡᠮᠢᠶᠡᠭᠰᠡᠨ ᠮᠡᠲᠦ᠃
ᠬᠦᠰᠡᠭᠰᠡᠨ ᠶᠠᠭᠤᠮᠠᠨ ᠤ ᠬᠣᠯᠠ ᠬᠦᠯᠢᠶᠡᠭᠰᠡᠨ ᠶᠠᠭᠤᠮᠠᠨ ᠤ ᠤᠳᠠᠭᠠᠨ ᠭᠡᠭᠴᠢ ᠴᠡᠴᠡᠭ ᠬᠠᠲᠤᠨ ᠢᠨᠵᠢ ᠬᠡᠦᠬᠡᠨ ᠨᠣᠮᠢᠨ ᠢ 《ᠴᠢᠳᠦᠷ ᠲᠠᠢ ᠮᠣᠷᠢᠨ》 ᠳᠤ ᠶᠠᠪᠤᠭᠤᠯᠤᠭᠠᠳ 《ᠬᠤᠷᠳᠤᠨ ᠮᠣᠷᠳᠠᠬᠤ》 ᠶᠢ ᠶᠠᠭᠠᠷᠠᠭᠰᠠᠨ ᠳᠠᠭᠠᠨ ᠠᠬᠠᠷᠴᠢᠯᠠᠵᠤ 《ᠡᠨᠡ ᠮᠠᠭᠤ ᠦᠬᠦᠭᠡᠨᠴᠡ <ᠴᠢᠳᠦᠷ ᠲᠠᠢ ᠮᠣᠷᠢᠨ ᠳᠤ> ᠬᠦᠶᠦᠭᠰᠡᠨ ᠨᠡᠷ᠎ᠡ ᠵᠢᠭᠠᠭᠠᠳ ᠬᠠᠷᠢᠨ ᠳᠠᠯᠢᠮ ᠳ᠋ᠤᠨᠢ ᠥᠬᠢᠨ ᠰᠢᠨᠤᠯ ᠢᠶᠠᠨ ᠬᠠᠩᠭᠠᠨ ᠰᠠᠮᠠᠭᠤᠷᠠᠵᠤ ᠪᠠᠢᠭ᠎ᠠ ᠪᠢᠰᠢ ᠪᠢᠵᠡ》 ᠭᠡᠵᠦ ᠡᠮ᠎ᠡ ᠬᠥᠮᠥᠨ ᠦ ᠲᠡᠷᠡ ᠤᠴᠢᠷ ᠲᠤ ᠣᠨᠴᠠ ᠰᠡᠷᠭᠡᠭ ᠪᠠᠢᠳᠠᠭ ᠥᠪᠡᠷ ᠦᠨ ᠪᠡᠶ᠎ᠡ ᠲᠠᠢ ᠪᠠᠨ ᠨᠣᠮᠢᠨ ᠢ ᠦᠯᠢᠳᠬᠡᠨ ᠪᠣᠳᠣᠪᠠ᠃
《 ᠨᠣᠮᠢᠨ ᠡ᠂ ᠴᠢᠳᠦᠷ ᠲᠠᠢ ᠮᠣᠷᠢ ᠣᠢᠷᠠᠲᠤᠭᠤᠯᠤᠭᠠᠳ ᠢᠷ᠎ᠡ ᠳ᠋ᠠ!᠁》 ᠭᠡᠳ ᠴᠡᠴᠡᠭ ᠬᠠᠲᠤᠨ ᠢᠨᠵᠢ ᠬᠡᠦᠬᠡᠨ ᠨᠤᠮᠢᠨ ᠢ ᠬᠦᠶᠦᠯᠭᠡᠭᠰᠡᠨ ᠢ ᠭᠡᠷ ᠦᠨ ᠠᠷᠤ ᠳᠤ ᠳᠠᠯᠳᠠᠯᠠᠵᠤ ᠬᠤᠯᠠᠭᠠᠢ ᠰᠣᠨᠣᠰᠤᠭᠰᠠᠨ ᠨᠢᠭᠡ ᠬᠥᠮᠥᠨ ᠪᠠᠢᠪᠠ᠃ ᠲᠡᠷᠡ ᠬᠥᠮᠥᠨ《ᠬᠠᠲᠤᠨ ᠶᠠᠭᠤᠨ ᠤ ᠴᠢᠳᠦᠷ ᠲᠠᠢ ᠮᠣᠷᠢ ᠤᠨᠤᠳᠠᠭ ᠪᠣᠯᠪᠠ? ᠬᠠᠮᠢᠭ᠎ᠠ ᠶᠠᠪᠤᠬᠤ ᠪᠣᠯᠪᠠ ?》ᠭᠡᠵᠦ ᠤᠬᠠᠭᠠᠨ ᠬᠥᠯ ᠢ ᠨᠢ ᠣᠯᠬᠤ ᠦᠭᠡᠢ᠂ ᠡᠨᠡ ᠨᠣᠮᠢᠨ ᠶᠠᠮᠠᠷ ᠰᠢᠦ ᠵᠢᠰᠦᠮ ᠦᠨ ᠮᠣᠷᠢ ᠬᠥᠲᠥᠯᠵᠦ ᠢᠷᠡᠬᠦ ᠶᠢ ᠤᠳᠠᠭᠠᠨ ᠬᠦᠯᠢᠶᠡᠵᠦ ᠭᠡᠷ ᠦᠨ ᠠᠷᠤ ᠪᠠᠷ ᠪᠦᠷᠦᠭ ᠪᠠᠷᠤᠭ ᠰᠡᠭᠦᠳᠡᠷ ᠭᠠᠵᠠᠷ ᠰᠡᠮᠡᠭᠡᠷ ᠬᠡᠲᠡᠨ ᠪᠠᠢᠯ᠎ᠠ᠃
ᠭᠠᠳᠠᠨ᠎ᠠ ᠬᠠᠨᠠᠨ ᠤ᠋ ᠳᠠᠯᠳᠠ ᠠ᠋ᠴᠠ ᠬᠠᠲᠤᠨ ᠢ᠋ ᠬᠤᠯᠠᠭᠠᠢ ᠭᠡᠲᠡᠵᠦ ᠲᠡᠭᠦᠨ ᠦ᠌ ᠶᠠᠭᠤ ᠬᠡᠯᠡᠬᠦ ᠶᠠᠭᠤ ᠬᠢᠬᠦ ᠶ᠋ᠢ ᠨᠢ ᠬᠦᠷᠲᠡᠯ᠎ᠡ ᠲᠣᠳᠣᠷᠬᠠᠢ ᠰᠣᠨᠣᠰᠴᠤ ᠢᠯᠡᠷᠬᠡᠢ ᠦᠵᠡᠵᠦ ᠪᠠᠢᠭ᠎ᠠ ᠭᠡᠲᠡᠭᠦᠯ ᠪᠠᠢᠭ᠎ᠠ ᠭᠡᠭᠴᠢ ᠶ᠋ᠢ ᠴᠡᠴᠡᠭ ᠬᠠᠲᠤᠨ ᠶᠠᠭᠠᠬᠢᠵᠤ ᠮᠡᠳᠡᠬᠦ ᠪᠢᠯᠡ!
ᠴᠡᠴᠡᠭ ᠬᠠᠲᠤᠨ ᠨᠣᠶᠠᠨ ᠰᠠᠩ ᠳ᠋ᠠᠭᠠᠨ ᠬᠦᠩ ᠨᠣᠶᠠᠨ ᠢ᠋ ᠭᠠᠷᠭᠠᠪᠠᠯ ᠬᠡᠨ ᠡᠴᠡ ᠴᠦ᠍ ᠠᠶᠤᠵᠤ ᠰᠦᠷᠳᠡᠬᠦ ᠶ᠋ᠢ ᠮᠡᠳᠡᠳᠡᠭ ᠦᠭᠡᠢ᠃ ᠵᠠᠰᠠᠭ ᠬᠦᠩ ᠢ᠋ᠶ᠋ᠡᠷ ᠲᠦᠷᠢᠶᠡ ᠪᠠᠷᠢᠵᠤ ᠬᠡᠨ ᠢ᠋ ᠴᠦ᠍ ᠠᠶᠤᠯᠭᠠᠵᠤ ᠴᠡᠴᠡᠷᠡᠭᠦᠯᠵᠦ ᠴᠢᠳᠠᠳᠠᠭ ᠢ᠋ ᠴᠦ᠍ ᠮᠡᠳᠡᠳᠡᠭ᠃ ᠵᠠᠷᠤᠴᠠ᠂ ᠢᠨᠵᠢ ᠬᠡᠦᠬᠡᠨ ᠨᠦ᠍ᠭᠦᠳ ᠢ᠋ ᠪᠣᠯ ᠠᠳᠤᠭᠤᠨ ᠤ᠋ ᠬᠣᠮᠣᠯ ᠬᠣᠨᠢᠨ ᠤ᠋ ᠬᠣᠷᠭᠣᠯ ᠢ᠋ᠶ᠋ᠠᠷ ᠴᠤ᠌ ᠲᠣᠭᠣᠵᠤ ᠦᠵᠡᠳᠡᠭ ᠦᠭᠡᠢ ᠮᠥᠷᠲᠡᠭᠡᠨ ᠬᠠᠯᠲᠤᠰᠬᠢᠪᠡᠯ ᠬᠠᠷᠢᠶᠠᠵᠤ ᠬᠠᠷᠭᠢᠰᠯᠠᠳᠠᠭ᠃ ᠬᠥᠮᠦᠰ ᠲᠡᠭᠦᠨ ᠢ᠋ ᠵᠠᠨᠤᠨ ᠬᠣᠷᠣᠰᠳᠠᠭ ᠪᠣᠯᠪᠠᠴᠤ ᠠᠳᠠᠭ ᠨᠢ ᠬᠦᠩ ᠨᠣᠶᠠᠨ ᠤ᠋ ᠬᠠᠢᠷᠠᠲᠠᠢ ᠬᠠᠲᠤᠨ ᠤ᠋ ᠰᠢᠷ᠎ᠠ ᠦᠰᠦ ᠶ᠋ᠢ ᠨᠢ ᠬᠥᠳᠡᠯᠭᠡᠵᠦ ᠳᠡᠢᠯᠬᠦ ᠬᠥᠮᠦᠨ ᠪᠠᠢᠳᠠᠭ ᠦᠭᠡᠢ᠃ ᠡᠢᠨ ᠬᠦ᠌ ᠳᠡᠭᠡᠷ᠎ᠡ ᠬᠠᠯᠠ ᠦᠵᠡᠭᠦᠯᠬᠦ ᠬᠠᠳᠠᠮ ᠡᠬᠡ ᠦᠭᠡᠢ᠂ ᠳᠡᠷᠭᠡᠳᠡ ᠪᠡᠨ《ᠬᠠᠪ ᠬᠠᠪ》 ᠭᠡᠬᠦ《ᠨᠣᠬᠠᠢ》 ᠦᠭᠡᠢ ᠲᠤᠯᠠ ᠳᠡᠭᠡᠷᠡᠩᠭᠦᠢ ᠠᠳᠠᠢᠷ ᠵᠠᠩ ᠲᠠᠢ ᠶᠠᠪᠤᠵᠤ ᠵᠠᠩᠰᠢᠭᠰᠠᠨ ᠳ᠋ᠠᠭᠠᠨ ᠲᠡᠭᠦᠨ ᠢ᠋ ᠵᠢᠷᠦᠬᠡᠨ ᠳ᠋ᠦ᠍ᠨᠢ ᠦᠰᠦ ᠤᠷᠭᠤᠭᠤᠯᠤᠨ᠂ ᠵᠡᠭᠦᠳᠦᠨ ᠳ᠋ᠡᠭᠡᠨ《ᠴᠠᠮ》 ᠬᠠᠷᠠᠢᠬᠤ ᠵᠣᠷᠢᠭ ᠣᠷᠣᠭᠤᠯᠤᠭᠰᠠᠨ ᠨᠢ ᠡᠨᠡ᠃ ᠭᠠᠭᠴᠠ《ᠴᠢᠳᠥᠷ ᠲᠡᠢ ᠮᠣᠷᠢ》 ᠤᠨᠤᠬᠤ ᠪᠣᠯᠤᠭᠰᠠᠨ ᠶᠠᠪᠤᠳᠠᠯ ᠳ᠋ᠤ᠌ ᠰᠠᠨᠠᠭᠠᠰᠢᠷᠠᠵᠤ ᠨᠠᠭᠠᠲᠠᠢ ᠴᠠᠭᠠᠲᠠᠢ ᠶᠠᠭᠤ ᠪᠣᠯᠬᠤ ᠠᠶᠤᠮᠰᠢᠭ ᠢ᠋ ᠪᠣᠳᠣᠭᠰᠠᠨ ᠦᠭᠡᠢ ᠴᠦ᠍ ᠪᠢᠰᠢ᠂ ᠪᠣᠳᠣᠬᠤ ᠴᠦ᠍ ᠤᠬᠠᠭᠠᠨ ᠪᠠᠢᠭᠰᠠᠨ ᠦᠭᠡᠢ᠃ ᠲᠡᠷᠡ ᠤᠳᠠᠭ᠎ᠠ ᠮᠠᠨᠴᠤᠷᠭ᠎ᠠ ᠲᠠᠢ ᠵᠡᠭᠡᠰᠦᠨ ᠳ᠋ᠦ᠍ ᠨᠢᠭᠤᠴᠠ ᠬᠡᠷᠡᠭ ᠢ᠋ᠶ᠋ᠡᠨ ᠬᠢᠴᠢᠬᠡᠭᠡᠳ ᠭᠡᠵᠢᠭᠡ ᠦᠰᠦ ᠪᠡᠨ ᠰᠠᠩᠭᠤᠢᠯᠭᠠᠨ ᠭᠠᠷᠴᠤ ᠢᠷᠡᠬᠦ ᠳ᠋ᠦ᠍ ᠢᠮᠠᠭᠠᠨ ᠳᠠᠭᠤ ᠲᠠᠢ ᠭᠣᠴᠢᠭ᠎ᠠ ᠥᠯᠵᠡᠢᠰᠠᠩ ᠲᠠᠢ ᠬᠠᠯᠵᠠ ᠮᠥᠷᠭᠥᠯᠳᠦᠭᠰᠡᠨ ᠳ᠋ᠡᠭᠡᠨ ᠭᠡᠮᠲᠦ ᠶᠠᠪᠤᠳᠠᠯ ᠤ᠋ᠨ ᠬᠢᠨᠢ ᠲᠤᠬᠠᠢ ᠰᠡᠵᠢᠭ ᠠᠵᠢᠭ ᠮᠡᠳᠡᠭᠰᠡᠨ ᠰᠢᠭ ᠲᠡᠭᠦᠨ ᠢ᠋ ᠪᠠᠢᠨ ᠳᠠᠬᠢᠨ ᠠᠢᠩᠭᠤᠷᠢ ᠲᠥᠷᠥᠭᠦᠯᠳᠡᠭ ᠪᠠᠢᠪᠠ᠃ ᠠᠯᠢ ᠨᠢᠭᠡ ᠡᠳᠦᠷ ᠡᠨᠡ ᠮᠠᠭᠤ ᠢᠮᠠᠭᠠᠨ ᠳᠠᠭᠤ ᠲᠠᠢ ᠳᠠᠮᠰᠢᠭ ᠬᠦᠩ ᠨᠣᠶᠠᠨ ᠤ᠋ ᠴᠢᠬᠢᠨ ᠳ᠋ᠦ᠍ ᠳᠦᠯᠡᠢ ᠬᠣᠩᠬᠣ ᠵᠡᠭᠦᠯᠭᠡᠪᠡᠯ ᠵᠠᠶᠠᠭ᠎ᠠ ᠬᠠᠵᠠᠢᠵᠤ ᠠᠵᠠ ᠮᠭᠤᠲᠠᠨᠠ ᠭᠡᠳᠡᠭ ᠢ᠋ ᠰᠡᠷᠡᠭᠰᠡᠨ ᠴᠡᠴᠡᠭ ᠬᠠᠲᠤᠨ ᠢᠮᠠᠭᠲᠠ ᠬᠡᠷᠰᠡᠦᠯᠡᠵᠦ᠂ ᠲᠡᠭᠦᠨ ᠳ᠋ᠦ᠍ ᠦᠷᠬᠦᠢ ᠴᠡᠭᠡᠷ ᠲᠡᠢ ᠬᠠᠨᠳᠤᠳᠠᠭ ᠪᠠᠢᠯ᠎ᠠ᠃ ᠡᠨᠡ ᠤᠳᠠᠭ᠎ᠠ ᠬᠦᠩ ᠨᠣᠶᠠᠨ ᠢ᠋ ᠳᠠᠭᠠᠯᠳᠤᠵᠤ ᠪᠠᠷ᠎ᠠ ᠪᠣᠯᠣᠭᠰᠠᠳ ᠳᠣᠲᠣᠷ᠎ᠠ ᠲᠤᠰᠠᠯᠠᠭᠴᠢ᠂ ᠵᠠᠬᠢᠷᠤᠭᠴᠢ᠂ ᠮᠡᠢᠷᠡᠨ ᠵᠠᠩᠭᠢ ᠭᠡᠳ ᠪᠠᠰᠠ ᠰᠢᠳᠠᠷ ᠭᠣᠴᠢᠭ᠎ᠠ ᠬᠢᠶ᠎ᠡ ᠨᠠᠷ ᠳᠣᠲᠣᠷ᠎ᠠ ᠨᠢ ᠥᠯᠵᠡᠢᠰᠠᠩ ᠴᠤ᠌ ᠶᠠᠪᠤᠯᠴᠠᠭᠰᠠᠨ ᠢ᠋ ᠰᠠᠨᠠᠵᠤ《 ᠲᠡᠷᠡ ᠮᠠᠭᠤ ᠢᠮᠠᠭᠠᠨ ᠳᠠᠭᠤᠲᠤ ᠴᠦᠯᠴᠤᠭᠡᠨᠡᠭᠦᠷ ᠶᠠᠪᠤᠵᠤ ᠠᠷᠢᠯᠤᠭᠰᠠᠨ ᠶᠤᠮ ᠴᠢᠨᠢ ᠥᠨᠥ ᠰᠥᠨᠢ ᠰᠠᠨᠠᠭ᠎ᠠ ᠠᠮᠤᠷ ᠭᠡᠰᠡᠨ ᠦᠭᠡ᠃ ᠭᠦᠶᠦᠳᠡᠯ ᠰᠠᠢᠲᠠᠢ ᠮᠣᠷᠢᠨ ᠳ᠋ᠠᠭᠠᠨ ᠲᠠᠪᠠ ᠪᠠᠷ ᠢ᠋ᠶ᠋ᠠᠨ ᠮᠣᠷᠳᠠᠵᠤ᠂ ᠳᠠᠭᠤᠯᠠᠵᠤ ᠪᠠᠢᠭᠠᠳ ᠳᠣᠪᠲᠣᠯᠭᠠᠨ᠎ᠠ ᠳᠠ! ᠬᠠᠶᠠ ᠬᠠᠶᠠ ᠬᠠᠨᠤᠮᠵᠢᠲᠠᠢᠬᠠᠨ ᠬᠠᠰᠬᠢᠷᠤᠭᠠᠳ ᠠᠪᠬᠤ ᠳ᠋ᠤ᠌ ᠬᠡᠨ ᠶᠠᠭᠠᠬᠢᠬᠤ ᠪᠣᠢ》 ᠭᠡᠮᠡᠨ ᠪᠣᠳᠣᠵᠤ ᠰᠠᠭᠤᠪᠠ᠃
ᠢᠨᠵᠢ ᠬᠡᠦᠬᠡᠨ ᠨᠣᠮᠢᠨ᠂ ᠴᠡᠴᠡᠭ ᠬᠠᠲᠤᠨ ᠤ᠋ ᠥᠷᠥᠭᠡᠨ ᠡᠴᠡ ᠭᠠᠷᠴᠤ ᠭᠦᠶᠦᠨ ᠮᠠᠨᠴᠤᠷᠭ᠎ᠠ ᠶ᠋ᠢᠨ ᠬᠠᠶᠠᠭ᠎ᠠ ᠶ᠋ᠢ ᠳᠥᠭᠥᠵᠦ ᠣᠴᠢᠪᠠᠯ ᠬᠣᠶᠠᠷ ᠨᠣᠬᠠᠢ ᠨᠢ ᠠᠷᠭᠠᠯ ᠤ᠋ᠨ ᠣᠪᠣᠭᠠᠨ ᠤ᠋ ᠬᠠᠵᠠᠭᠤ ᠳ᠋ᠤ᠌ ᠶᠠᠰᠤ ᠪᠤᠯᠢᠶᠠᠯᠳᠤᠨ ᠬᠠᠷ ᠬᠤᠷ ᠭᠡᠵᠦ ᠪᠠᠢᠬᠤ ᠶ᠋ᠢ ᠰᠠᠷᠠᠨ ᠤ᠋ ᠲᠤᠶᠠᠭᠠᠨ ᠳ᠋ᠤ᠌ ᠲᠣᠳᠣᠬᠠᠨ ᠣᠯᠵᠤ ᠬᠠᠷᠠᠪᠠ᠃《 ᠴᠢᠳᠥᠷ ᠲᠡᠢ ᠮᠣᠷᠢ᠁》 ᠭᠡᠵᠦ ᠬᠡᠯᠡᠬᠦ ᠭᠡᠳ ᠵᠣᠷᠢᠭ ᠬᠦᠷᠦᠭᠰᠡᠨ ᠦᠭᠡᠢ᠃ ᠪᠠᠭ᠎ᠠ ᠯᠠ ᠳᠠᠭᠤ ᠴᠢᠮᠡᠭᠡ ᠭᠠᠷᠤᠭᠰᠠᠭᠠᠷ ᠪᠢᠷᠠᠭᠤ ᠰᠢᠭ᠋ ᠪᠦᠳᠦᠭᠦᠨ ᠬᠣᠶᠠᠷ ᠨᠣᠬᠠᠢ ᠨᠢ ᠬᠡᠮᠡᠯᠢᠭᠰᠡᠨ ᠶᠠᠰᠤ ᠪᠠᠨ ᠣᠷᠬᠢᠭᠠᠳ ᠠᠮᠢᠳᠤ ᠮᠢᠬ᠎ᠠ ᠤᠷᠤᠭᠤ ᠰᠣᠶᠣᠭ᠎ᠠ ᠭᠢᠯᠠᠯᠵᠠᠭᠤᠯᠤᠨ ᠳᠠᠪᠬᠢᠵᠤ ᠢᠷᠡᠬᠦ ᠨᠢ ᠯᠠᠪᠲᠠᠢ ᠭᠡᠵᠦ ᠪᠤᠳᠤᠩᠭᠠᠨ ᠠᠢᠳᠠᠰ ᠬᠦᠷᠴᠦ ᠴᠠᠭᠠᠰᠢ ᠪᠠᠨ ᠰᠡᠮᠡᠭᠡᠷᠬᠡᠨ ᠠᠯᠬᠤᠵᠤ ᠨᠣᠶᠠᠨ ᠰᠠᠩ ᠤ᠋ᠨ ᠠᠳᠤᠭᠤᠨ ᠤ᠋ ᠭᠡᠷ ᠤᠷᠤᠭᠤ ᠣᠢᠷᠠᠳᠪᠠ᠃
ᠠᠷᠭᠠᠯ ᠤ᠋ᠨ ᠣᠪᠣᠭᠠᠨ ᠤ᠋ ᠬᠢᠨᠢ ᠨᠠᠭᠠᠨᠠᠬᠠᠨ ᠣᠴᠢᠭᠠᠳ᠄
— ᠭᠣᠩᠴᠤᠭ ᠠ᠋! ᠭᠡᠵᠦ ᠳᠠᠭᠤᠳᠠᠭᠰᠠᠨ ᠳ᠋ᠤ᠌ ᠡᠭᠦᠳᠡ ᠰᠡᠬᠦᠭᠳᠡᠵᠦ ᠨᠢᠭᠡ ᠬᠥᠮᠦᠨ ᠭᠠᠷᠴᠤ ᠢᠷᠡᠭᠡᠳ《 ᠭᠣᠩᠴᠤᠭ ᠠᠳᠤᠭᠤᠨ ᠠ᠋ᠴᠠ ᠢᠷᠡᠭᠡ ᠦᠭᠡᠢ》 ᠭᠡᠰᠡᠨ ᠳ᠋ᠦ᠍ ᠨᠣᠮᠢᠨ ᠤ᠋ ᠳᠣᠲᠣᠷ᠎ᠠ ᠮᠥᠰᠥ ᠵᠠᠯᠭᠢᠭᠰᠠᠨ ᠰᠢᠭ᠋ ᠬᠦᠢᠲᠡᠨ ᠣᠷᠬᠢᠪᠠ᠃
ᠠᠷᠭ᠎ᠠ ᠪᠤᠶᠤ ᠠᠳᠤᠭᠤᠨ ᠤ᠋ ᠭᠡᠷ ᠦ᠋ᠨ ᠲᠦᠯᠡᠭᠡᠨ ᠦ᠌ ᠣᠪᠣᠭᠠᠨ ᠠ᠋ᠴᠠ ᠪᠤᠷᠭᠠᠰᠤᠨ ᠤ᠋ ᠰᠠᠯᠠᠭ᠎ᠠ ᠰᠤᠭᠤᠯᠵᠤ ᠪᠡᠶ᠎ᠡ ᠳ᠋ᠡᠭᠡᠨ ᠬᠠᠨᠢ ᠲᠡᠳᠡᠨ ᠮᠠᠨᠴᠤᠷᠭ᠎ᠠ ᠶ᠋ᠢᠨ ᠭᠡᠷ ᠢ᠋ ᠴᠢᠭᠯᠡᠭᠡᠳ ᠭᠦᠶᠦᠪᠡ᠃ ᠴᠠᠭᠠᠰᠢ ᠳᠡᠮᠡᠢ ᠶᠠᠪᠤᠭᠰᠠᠨ ᠦᠭᠡᠢ ᠥᠭᠡᠳᠡ ᠡᠴᠡ ᠨᠢ ᠨᠢᠭᠡ ᠮᠣᠷᠢᠲᠠᠢ ᠬᠥᠮᠦᠨ ᠪᠦᠷᠦᠯᠵᠡᠵᠦ ᠠᠢᠰᠤᠢ᠃ ᠲᠡᠷᠡ ᠮᠣᠷᠢᠲᠠᠨ ᠲᠡᠭᠦᠨ ᠦ᠌ ᠳᠡᠷᠭᠡᠳᠡ ᠣᠢᠷᠠᠬᠠᠨ ᠬᠦᠷᠴᠦ ᠢᠷᠡᠭᠡᠳ᠄
— ᠨᠣᠮᠢᠨ ᠠ᠋! ᠭᠡᠳ ᠮᠣᠷᠢᠨ ᠠ᠋ᠴᠠ ᠪᠠᠨ ᠪᠠᠭᠤᠭᠠᠳ 《ᠡᠢᠮᠦ ᠣᠷᠣᠢ ᠬᠠᠮᠢᠭ᠎ᠠ ᠶᠠᠪᠤᠬᠤ ᠭᠡᠵᠦ ᠠᠳᠠ ᠁》 ᠭᠡᠰᠡᠨ ᠲᠥᠯᠥᠪᠲᠡᠢ ᠪᠠᠢᠪᠠ᠃
— ᠴᠢᠮᠡᠭᠡ ᠦᠭᠡᠢ ᠪᠠᠢ! 《ᠴᠢᠳᠥᠷ ᠲᠡᠢ ᠮᠣᠷᠢᠨ ᠳ᠋ᠤ᠌ ᠁》 ᠭᠡᠵᠦ ᠨᠣᠮᠢᠨ ᠠᠶᠤᠨ ᠰᠣᠴᠢᠨ ᠬᠡᠯᠡᠪᠡᠯ ᠭᠣᠩᠴᠣᠭᠷᠠᠭᠸᠠ ᠤᠬᠠᠭᠠᠨ ᠢ ᠨᠢ ᠣᠯᠵᠤ ᠡᠢᠰᠢ ᠲᠠᠢᠰᠢ ᠬᠥᠮᠦᠨ ᠪᠠᠢᠭᠤᠵᠠᠢ ᠭᠡᠮᠡᠨ ᠰᠡᠷᠡᠮᠵᠢᠯᠡᠵᠦ ᠠᠵᠢᠭᠯᠠᠭᠠᠳ 《ᠨᠠᠭᠠᠰᠢ ᠪᠠᠨ!》 ᠭᠡᠳ ᠨᠣᠮᠢᠨ ᠢ᠋ ᠡᠯᠢᠭᠡᠨ ᠳ᠋ᠡᠭᠡᠨ ᠲᠡᠪᠡᠷᠢᠵᠦ ᠰᠢᠨᠤᠭᠯᠠᠨ ᠦᠨᠦᠰᠪᠡ᠃ ᠨᠣᠮᠢᠨ ᠴᠦ᠍ ᠬᠠᠢᠷᠠᠲᠤ ᠬᠥᠮᠦᠨ ᠢ᠋ᠶ᠋ᠡᠷ ᠢ᠋ᠶ᠋ᠡᠨ ᠦᠨᠦᠰᠦᠭᠦᠯᠵᠦ ᠬᠠᠢᠷᠠᠯᠠᠭᠤᠯᠤᠭᠰᠠᠨ ᠳ᠋ᠠᠭᠠᠨ ᠪᠡᠶ᠎ᠡ ᠰᠡᠳᠬᠢᠯ ᠨᠢ ᠤᠶᠠᠰᠴᠤ ᠭᠣᠩᠴᠣᠭᠷᠠᠭᠸᠠ ᠶᠢᠨ ᠨᠢᠷᠤᠭᠤ ᠪᠡᠯᠭᠡᠭᠦᠰᠦ ᠶᠢ ᠴᠢᠩᠭ᠎ᠠ ᠲᠡᠪᠡᠷᠢᠨ᠎ᠡ᠃ ᠭᠣᠩᠴᠣᠭᠷᠠᠭᠸᠠ ᠨᠣᠮᠢᠨ ᠤ ᠡᠪᠦᠷ ᠤᠷᠤᠭᠤ ᠭᠠᠷ ᠢᠶᠠᠨ ᠰᠢᠷᠭᠤᠭᠤᠯᠤᠨ 《ᠪᠦᠵᠦᠩ ᠢ ᠨᠢ ᠨᠢᠭᠡ ᠲᠡᠮᠲᠡᠷᠢᠶᠡ》 ᠭᠡᠭᠦ ᠳ᠋ᠤᠨᠢ ᠭᠤᠩᠴᠤᠭᠷᠠᠭᠸᠠ ᠶ᠋ᠢᠨ ᠬᠥᠲᠥᠯᠦᠭᠰᠡᠨ ᠮᠣᠷᠢ ᠨᠢ ᠭᠡᠨᠡᠳᠲᠡ ᠲᠤᠷᠳ᠋ ᠬᠢᠨ ᠳᠣᠷᠭᠢᠭᠰᠠᠨ ᠳ᠋ᠤ᠌ ᠨᠣᠮᠢᠨ ᠰᠣᠴᠢᠵᠤ ᠭᠣᠩᠴᠣᠭᠷᠠᠭᠸᠠ ᠶᠢ ᠴᠣᠴᠢᠮᠠᠭ ᠲᠦᠯᠬᠢᠵᠦ 《ᠬᠥᠮᠦᠨ ᠬᠠᠷ᠎ᠠ ᠬᠠᠷᠠᠴᠢᠬᠠᠪᠠᠯ ᠶᠠᠭᠤ ᠴᠦ᠍ ᠶᠦᠮ ᠪᠣᠢ》 ᠭᠡᠵᠦ ᠵᠣᠷᠢᠭᠤᠳᠠ ᠤᠴᠠᠭᠠᠷᠳᠠᠪᠠ᠃
— ᠡᠨᠡ ᠲᠠᠯ᠎ᠠ ᠳᠡᠭᠡᠷ᠎ᠡ ᠬᠠᠮᠢᠭ᠎ᠠ ᠪᠠᠢᠭᠰᠠᠨ ᠬᠥᠮᠦᠨ ᠪᠣᠢ? ᠴᠢᠳᠬᠥᠷ ᠴᠦ᠍ ᠪᠠᠢᠬᠤ ᠦᠭᠡᠢ᠃ ᠳᠡᠮᠡᠢ ᠪᠡᠶ᠎ᠡ ᠪᠠᠨ ᠠᠶᠤᠯᠭᠠᠬᠤ ᠶᠣᠮ ! ᠭᠡᠳ ᠭᠣᠩᠴᠣᠭᠷᠠᠭᠸᠠ ᠨᠣᠮᠢᠨ ᠢ᠋ ᠳᠠᠬᠢᠭᠠᠳ ᠲᠡᠪᠡᠷᠢᠬᠦ ᠳ᠋ᠦ᠍ ᠨᠣᠮᠢᠨ 《ᠪᠣᠯᠢ! ᠴᠠᠭᠠᠲᠠᠢ ᠴᠡᠴᠡᠭ ᠬᠠᠲᠤᠨ〈ᠴᠢᠳᠥᠷ ᠲᠡᠢ ᠮᠣᠷᠢ〉 ᠪᠠᠨ ᠬᠦᠯᠢᠶᠡᠵᠦ ᠪᠣᠢ》 ᠭᠡᠳ ᠭᠣᠩᠴᠣᠭᠷᠠᠭᠸᠠ ᠶ᠋ᠢ ᠠᠷᠭᠠᠳᠠᠵᠤ ᠬᠠᠨᠢ ᠲᠡᠳᠡᠨ ᠶᠠᠪᠤᠵᠤ ᠮᠠᠨᠴᠤᠷᠭ᠎ᠠ ᠳ᠋ᠤ᠌ ᠴᠡᠴᠡᠭ ᠬᠠᠲᠤᠨ ᠤ᠋ ᠵᠠᠬᠢᠭᠰᠠᠨ ᠶᠣᠰᠣᠭᠠᠷ ᠬᠡᠯᠡ ᠳᠠᠮᠵᠢᠭᠤᠯᠪᠠ᠃
ᠨᠣᠮᠢᠨ ᠪᠣᠷᠣ ᠭᠡᠷ ᠦ᠋ᠨ ᠢ᠋ᠶ᠋ᠡᠨ ᠡᠭᠦᠳᠡᠨ ᠳ᠋ᠦ᠍ ᠵᠣᠭᠰᠣᠭᠠᠳ ᠮᠠᠨᠴᠤᠷᠭ᠎ᠠ ᠶ᠋ᠢ ᠠᠷᠤ ᠠ᠋ᠴᠠ ᠨᠢ ᠬᠠᠷᠠᠵᠤ 《ᠵᠠᠮ ᠳ᠋ᠤ᠌ ᠵᠣᠯᠪᠢᠩ ᠨᠣᠬᠠᠢ ᠠ᠋ᠴᠠ ᠬᠡᠷᠰᠡᠦᠯᠡ》 ᠭᠡᠰᠡᠨ ᠵᠠᠬᠢᠶ᠎ᠠ ᠶ᠋ᠢ ᠰᠠᠨᠠᠨ ᠪᠡᠶ᠎ᠡ ᠪᠡᠷ ᠢ᠋ᠶ᠋ᠡᠨ ᠪᠢᠰᠢ ᠨᠢᠳᠦ ᠪᠡᠷ ᠢᠶᠡᠨ ᠮᠠᠨᠴᠤᠷᠭ᠎ᠠ ᠶ᠋ᠢ ᠬᠠᠮᠠᠭᠠᠯᠠᠵᠤ ᠴᠡᠴᠡᠭ ᠬᠠᠲᠤᠨ ᠦ ᠥᠷᠥᠭᠡᠨ ᠦ᠌ ᠡᠭᠦᠳᠡ ᠶ᠋ᠢ ᠠᠮᠤᠷ ᠲᠠᠢᠪᠤᠩ ᠰᠡᠬᠦᠬᠦᠯᠪᠡ᠃ 《ᠵᠠ ᠂ ᠪᠤᠷᠬᠠᠨ ᠰᠤᠤᠬᠠᠨ ! ᠠᠮᠤᠷ ᠵᠢᠮᠤᠷ ᠡᠭᠦᠳᠡ ᠶ᠋ᠢ ᠨᠢ ᠠᠯᠬᠤᠭᠤᠯᠴᠢᠬᠠᠯᠠ!》 ᠭᠡᠵᠦ ᠵᠠᠯᠪᠠᠷᠢᠨ ᠵᠣᠭᠰᠣᠲᠠᠯ᠎ᠠ ᠴᠡᠴᠡᠭ ᠬᠠᠲᠤᠨ ᠤ᠋ ᠭᠡᠷ ᠦ᠋ᠨ ᠠᠷᠤ ᠪᠠᠷ ᠨᠢᠭᠡ ᠬᠥᠮᠦᠨ ᠤ ᠪᠠᠷᠠᠭᠠᠨ ᠰᠡᠭᠦᠳᠡᠷ ᠨᠠᠪᠲᠠᠰᠬᠢᠨ ᠭᠠᠷᠴᠤ ᠢᠷᠡᠨ ᠡᠭᠦᠳᠡᠨ ᠦ᠌ ᠬᠢᠨᠢ ᠬᠠᠵᠠᠭᠤ ᠳ᠋ᠤ᠌ ᠢᠷᠡᠵᠦ ᠴᠢᠩᠨᠠᠭᠰᠠᠨ ᠢ᠋ᠶ᠋ᠠᠨ ᠭᠡᠷ ᠳᠣᠲᠣᠷ᠎ᠠ ᠠ᠋ᠴᠠ ᠶᠠᠮᠠᠷ ᠨᠢᠭᠡ ᠬᠥᠳᠡᠯᠦᠯ ᠴᠢᠮᠡᠭᠡ ᠲᠤᠭᠤᠯᠳᠠᠭᠰᠠᠨ ᠪᠣᠯᠤᠯᠲᠠᠢ ᠳᠠᠬᠢᠨ ᠰᠡᠭᠦᠳᠡᠭᠡᠨᠡᠰᠬᠢᠨ ᠭᠡᠷ ᠦ᠋ᠨ ᠠᠷᠤ ᠳ᠋ᠠᠬᠢ ᠰᠡᠭᠦᠳᠡᠷ ᠲᠦ᠍ ᠵᠠᠯᠬᠢᠭᠳᠠᠪᠠ᠃ ᠭᠡᠷ ᠳᠣᠲᠣᠷ᠎ᠠ ᠠ᠋ᠴᠠ ᠴᠡᠴᠡᠭ ᠬᠠᠲᠤᠨ ᠭᠠᠷᠴᠤ ᠢᠷᠡᠨ ᠬᠣᠯᠠ ᠡᠤᠢᠷᠡ ᠶ᠋ᠢᠨ ᠠᠨᠢᠷ ᠴᠢᠮᠡᠭᠡ ᠶ᠋ᠢ ᠰᠡᠷᠡᠮᠵᠢᠲᠡᠢᠬᠡᠨ ᠯᠠᠪᠯᠠᠵᠤ ᠬᠠᠷᠠᠭᠰᠠᠨ ᠢ᠋ᠶ᠋ᠠᠨ ᠬᠠᠭᠤᠷᠠᠢ ᠬᠠᠨᠢᠶᠠᠯᠭᠠᠨ ᠨᠢᠭᠡ ᠨᠤᠯᠮᠤᠴᠢᠬᠠᠭᠠᠳ 《ᠶᠠᠭᠠᠬᠢᠭᠰᠠᠨ ᠰᠠᠢᠬᠠᠨ ᠰᠠᠷ᠎ᠠ ᠲᠠᠢ ᠨᠠᠮ ᠬᠦᠮ ᠰᠦᠨᠢ ᠪᠤᠢ᠂ ᠪᠤᠶᠠᠨ ᠵᠠᠶᠠᠭ᠎ᠠ ᠢᠩᠭᠢᠵᠦ ᠰᠠᠢᠬᠠᠨ ᠲᠣᠬᠢᠶᠠᠨ᠎ᠠ ᠭᠡᠵᠢ ᠳᠡ》 ᠭᠡᠰᠡᠨ ᠮᠡᠲᠦ ᠪᠤᠴᠠᠵᠤ ᠣᠷᠣᠪᠠ᠃
ᠭᠡᠷ ᠦ᠋ᠨ ᠠᠷᠤ ᠳ᠋ᠤ᠌ ᠳᠠᠯᠳᠠᠯᠠᠭᠰᠠᠨ ᠲᠡᠷᠡ ᠬᠥᠮᠦᠨ ᠭᠡᠷ ᠲᠡᠬᠢ ᠬᠦᠮᠦᠨ ᠳ᠋ᠦ᠍ ᠰᠡᠵᠢᠭ ᠠᠪᠤᠭᠤᠯᠤᠭᠰᠠᠨ ᠭᠡᠵᠦ ᠰᠡᠵᠢᠭᠯᠡᠭᠰᠡᠨ ᠪᠤᠯᠤᠯᠲᠠᠢ ᠡᠭᠦᠳᠡ ᠨᠡᠭᠡᠭᠡᠵᠦ ᠬᠥᠮᠦᠨ ᠭᠠᠷᠴᠤ ᠢᠷᠡᠬᠦ ᠴᠢᠮᠡᠭᠡ ᠪᠡᠷ ᠱᠠᠯᠠᠪᠬᠠᠨ ᠵᠠᠢᠯᠠᠵᠤ ᠰᠡᠭᠦᠳᠡᠬᠡᠨᠡᠨ ᠬᠦᠶᠦᠬᠦ ᠶᠢ ᠨᠣᠮᠢᠨ ᠲᠣᠲᠣᠷᠬᠠᠢ ᠬᠠᠷᠠᠯ᠎ᠠ᠃
ᠡᠨᠡᠭᠦᠬᠡᠨ ᠭᠡᠨᠡᠨ ᠦᠵᠡᠭᠳᠡᠯ ᠢ ᠬᠠᠷᠠᠭᠰᠠᠨ ᠨᠣᠮᠢᠨ ᠤ ᠵᠢᠷᠦᠬᠡ ᠭᠡᠭᠴᠢ ᠤᠭᠤᠷ ᠲᠤ ᠪᠤᠳᠠᠭ᠎ᠠ ᠨᠦᠳᠦᠬᠦ ᠯᠦᠱ ᠯᠦᠱ ᠭᠡᠵᠦ ᠲᠠᠷᠢᠬᠢ ᠶᠢ ᠨᠢ ᠳᠣᠷᠭᠢᠲᠠᠯ᠎ᠠ ᠯᠤᠭᠰᠢᠵᠤ《ᠭᠡᠲᠡᠭᠦᠯ ᠁ ᠭᠡᠷ ᠦᠨ ᠠᠷᠤ ᠳ᠋ᠤ᠌ ᠭᠡᠲᠡᠭᠦᠯ 》 ᠭᠡᠵᠦ ᠡᠷᠬᠡ ᠦᠭᠡᠢ ᠳᠦᠳᠦᠨᠡᠨ ᠡᠦᠲᠦ ᠪᠡᠷ ᠢ᠋ᠶ᠋ᠡᠨ ᠶᠠᠮᠠᠷ ᠨᠢᠭᠡᠨ ᠠᠶᠤᠮᠰᠢᠭᠲᠤ ᠬᠡᠷᠡᠭ ᠭᠠᠷᠬᠤ ᠭᠡᠵᠦ ᠪᠠᠢᠭ᠎ᠠ ᠰᠢᠭ᠋ ᠰᠠᠨᠠᠭᠳᠠᠪᠠ᠃ ᠳᠠᠪᠤᠰᠠᠩ ᠢᠶᠡᠷ ᠨᠢ ᠴᠢᠨᠦᠷᠡᠨ ᠰᠢᠭᠡᠰᠦ ᠬᠦᠷᠦᠭᠦᠯᠦᠨ᠎ᠡ᠃ ᠲᠡᠭᠡᠭᠡᠳ ᠴᠠᠭᠠᠰᠢ ᠭᠡᠷ ᠡᠴᠡ ᠵᠠᠢᠰᠬᠠᠨ ᠭᠠᠵᠠᠷ ᠭᠦᠶᠦᠵᠦ ᠶᠠᠪᠤᠨ ᠣᠴᠣᠢᠵᠤ ᠰᠠᠭᠤᠪᠠᠯ ᠰᠢᠭᠡᠬᠦ ᠰᠦᠪᠡ ᠨᠢ ᠢᠷᠬᠢᠷᠡᠨ ᠡᠪᠡᠳᠬᠦ ᠰᠢᠭ ᠪᠣᠯᠪᠠᠴᠤ ᠰᠢᠭᠡᠵᠦ ᠭᠠᠷᠬᠤ ᠶᠠᠭᠤᠮ᠎ᠠ ᠦᠭᠡᠢ᠃ ᠲᠠᠤᠯᠠᠢ ᠰᠢᠭ᠋ ᠬᠡᠳᠦᠨ ᠳᠤᠰᠤᠯ ᠰᠢᠭᠡᠴᠢᠬᠡᠭᠡᠳ ᠪᠤᠰᠤᠭᠠᠳ ᠶᠠᠪᠤᠬᠤ ᠭᠡᠬᠦ ᠳ᠋ᠦ᠍ ᠡᠪᠦᠳᠦᠭ ᠢ᠋ᠶ᠋ᠡᠷ ᠢ᠋ᠶ᠋ᠡᠨ ᠵᠥᠭᠡᠯᠡᠷᠡᠭᠡᠳ ᠠᠯᠴᠠᠮ ᠲᠦᠭᠦᠳᠡᠭ ᠦᠭᠡᠢ᠃ 《ᠭᠡᠷ ᠦ᠋ᠨ ᠠᠷᠤ ᠳ᠋ᠤ᠌ ᠭᠡᠲᠡᠭᠦᠯ ᠪᠠᠢᠭ᠎ᠠ ᠭᠡᠰᠡᠨ ᠴᠡᠴᠡᠭ ᠬᠠᠲᠤᠨ ᠳ᠋ᠤ᠌ ᠬᠡᠯᠡ ᠳᠠᠮᠵᠢᠭᠤᠯᠬᠤ ᠦᠭᠡᠢ ᠪᠣᠯᠬᠤ ᠦᠭᠡᠢ᠂ ᠡᠰᠡ ᠲᠡᠢᠮᠦ ᠪᠣᠯ ᠶᠠᠮᠠᠷ ᠴᠦ᠍ ᠬᠡᠷᠡᠭ ᠪᠣᠯᠵᠤ ᠮᠡᠳᠡᠬᠦ ᠶᠦᠮ 》 ᠭᠡᠵᠦ ᠡᠵᠡᠨ ᠳ᠋ᠡᠭᠡᠨ ᠰᠢᠳᠤᠷᠭᠤ ᠢᠨᠵᠢ ᠬᠡᠦᠬᠡᠨ ᠵᠣᠷᠢᠭ ᠢ᠋ᠶ᠋ᠠᠨ ᠪᠠᠷᠢᠨ ᠭᠦᠶᠦᠵᠦ ᠴᠡᠴᠡᠭ ᠬᠠᠲᠤᠨ ᠤ᠋ ᠡᠭᠦᠳᠡᠨ ᠳ᠋ᠦ᠍ ᠬᠦᠷᠦᠭᠡᠳ ᠡᠭᠦᠳᠡ ᠶ᠋ᠢ ᠨᠢ ᠲᠠᠲᠠᠬᠤ ᠭᠡᠲᠡᠯ᠎ᠡ ᠬᠠᠵᠠᠭᠤ ᠠ᠋ᠴᠠ ᠨᠢ ᠬᠡᠨ ᠨᠢᠭᠡ ᠬᠥᠮᠦᠨ᠄ 《ᠮᠠᠭᠤ ᠥᠯᠥᠭᠴᠢᠨ! ᠡᠷᠡᠦ ᠠᠮᠠ ᠴᠢᠨᠢ ᠵᠠᠭᠠᠲᠤᠨᠠᠵᠤ ᠪᠠᠢᠪᠠᠯ ᠬᠢᠯᠭᠠᠰᠤᠨ ᠴᠤᠯᠪᠤᠭᠤᠷ ᠠᠪᠤᠨ᠎ᠠ ᠤᠤ ? ᠠᠯᠢ ᠪᠠᠢᠵᠠ᠂ ᠬᠣᠪᠴᠢ ᠵᠥᠭᠡᠭᠡᠬᠦ ᠢᠯᠡᠭᠦᠦ ᠠᠮᠠ ᠶ᠋ᠢ ᠴᠢᠨᠢ ᠴᠢᠬᠢᠨ ᠳᠦ ᠴᠢᠨᠢ ᠬᠦᠷᠲᠡᠯ᠎ᠡ ᠤᠷᠠᠵᠤ ᠥᠭᠭᠦᠶ᠎ᠡ! ᠮᠠᠢ 》 ᠭᠡᠳ ᠡᠭᠦᠳᠡ ᠵᠠᠩᠭᠠᠭᠰᠠᠨ ᠭᠠᠷ ᠢ᠋ ᠨᠢ ᠲᠠᠰᠤ ᠴᠣᠬᠢᠬᠤ ᠰᠢᠭ᠋ ᠨᠣᠮᠢᠨ ᠤ ᠪᠣᠳᠣᠯ ᠢ᠋ ᠰᠢᠭᠤᠳ ᠪᠤᠴᠠᠭᠠᠪᠠ᠃ ᠥᠪᠡᠷ ᠦ᠋ᠨ ᠪᠡᠶ᠎ᠡ ᠪᠡᠨ ᠠᠶᠤᠯᠭᠠᠭᠰᠠᠨ ᠪᠣᠳᠣᠯ ᠳ᠋ᠠᠭᠠᠨ ᠰᠦᠷᠳᠡᠭᠳᠡᠭᠰᠡᠨ ᠡᠴᠡ ᠵᠣᠷᠢᠭᠯᠠᠵᠤ ᠬᠠᠵᠠᠭᠤ ᠬᠠᠪᠢᠷᠭ᠎ᠠ ᠪᠠᠨ ᠬᠠᠷᠠᠪᠠᠯ ᠲᠡᠭᠦᠨ ᠦ᠌ ᠭᠠᠵᠠᠷ ᠨᠠᠭᠠᠯᠳᠤᠭᠰᠠᠨ ᠰᠡᠭᠦᠳᠡᠷ ᠡᠴᠡ ᠥᠭᠡᠷ᠎ᠡ ᠶᠠᠭᠤ ᠴᠦ᠍ ᠦᠭᠡᠢ᠃ ᠨᠥᠭᠦᠭᠡ ᠭᠡᠷ ᠦ᠋ᠨ ᠠᠷᠤ ᠳ᠋ᠤ᠌ ᠨᠢᠭᠤᠭᠳᠠᠭᠰᠠᠨ ᠪᠠᠷᠠᠭᠠᠨ ᠰᠡᠭᠦᠳᠡᠷ ᠡᠴᠡ ᠴᠦ᠍ ᠠᠶᠤᠵᠤ ᠪᠠᠢᠬᠤ ᠶ᠋ᠢ ᠬᠡᠯᠡᠬᠦ ᠶ᠋ᠢᠨ ᠠᠷᠭ᠎ᠠ ᠦᠭᠡᠢ᠃ ᠠᠶᠤᠨ ᠪᠡᠮᠪᠡᠭᠡᠨᠡᠬᠦ ᠵᠢᠷᠦᠬᠡ ᠪᠡᠨ ᠭᠠᠷ ᠲᠠᠭᠠᠨ ᠪᠠᠷᠢᠵᠤ ᠴᠡᠴᠡᠭ ᠬᠠᠲᠤᠨ ᠳ᠋ᠤ᠌ ᠡᠨᠡ ᠬᠦ᠌ ᠵᠣᠯ ᠪᠤᠰᠤ ᠴᠢᠮᠡᠭᠡ ᠶ᠋ᠢ ᠬᠡᠯᠡ ᠬᠦᠷᠭᠡᠶ᠎ᠡ ᠭᠡᠵᠦ ᠡᠭᠦᠳᠡᠨ ᠳᠡᠭᠡᠷ᠎ᠡ ᠨᠢ ᠬᠦᠯᠢᠭᠡᠯᠵᠡᠬᠦ ᠳ᠋ᠡᠭᠡᠨ《< ᠴᠢᠳᠥᠷ ᠲᠡᠢ ᠮᠣᠷᠢ > ᠪᠠᠨ ᠳᠥᠬᠥᠭᠦᠯᠵᠦ᠂ ᠱᠣᠩ ᠳᠡᠭᠡᠷ᠎ᠡ ᠤᠶᠠᠴᠢᠬᠠᠭᠠᠳ ᠴᠠᠭᠠᠰᠢ ᠪᠠᠨ ᠶᠠᠪᠤᠵᠤ ᠰᠠᠢᠬᠠᠨ ᠠᠮᠠᠷᠠᠵᠤ ᠬᠣᠨᠣ ! ᠵᠠᠮ ᠳ᠋ᠠᠭᠠᠨ ᠵᠣᠯᠪᠢᠩ ᠨᠣᠬᠠᠢ ᠠ᠋ᠴᠠ ᠬᠡᠷᠰᠡᠦᠯᠡ! 》 ᠭᠡᠰᠡᠨ ᠴᠢᠩᠭ᠎ᠠ ᠵᠠᠬᠢᠶ᠎ᠠ ᠶ᠋ᠢ ᠰᠠᠨᠠᠵᠤ᠂ 《ᠮᠣᠷᠢ》 ᠶ᠋ᠢ ᠴᠦ᠍ ᠰᠢᠯᠤᠭᠤᠬᠠᠨ ᠠᠪᠴᠢᠷᠠᠵᠤ ᠤᠶᠠᠴᠢᠬᠠᠯᠠ ᠁ ᠲᠡᠭᠡᠬᠦ ᠳ᠋ᠦ᠍ ᠵᠣᠯᠪᠢᠩ ᠨᠤᠬᠠᠢ ᠁ ᠥᠷᠯᠥᠭᠡ ᠴᠠᠢ ᠠ᠋ᠴᠠ ᠡᠮᠦᠨ᠎ᠡ ᠥᠨᠦ ᠰᠥᠨᠢ ᠳᠠᠬᠢᠵᠤ ᠮᠢᠨᠦ ᠥᠷᠥᠭᠡᠨ ᠳ᠋ᠦ᠍ ᠪᠢᠲᠡᠭᠡᠢ ᠢᠷ᠎ᠡ᠂ ᠶᠠᠪᠤᠳᠠᠯ ᠪᠢᠲᠡᠭᠡᠢ ᠰᠠᠭᠠᠳᠠᠭ᠎ᠠ ᠭᠡᠰᠡᠨ ᠳᠠᠯᠳᠠ ᠰᠠᠨᠠᠭ᠎ᠠ ᠶ᠋ᠢ ᠪᠤᠳᠤᠨ ᠪᠣᠳᠣᠠ 《ᠬᠢᠴᠢᠶᠡᠬᠦ ᠦᠭᠡᠢ ᠪᠣᠯ ᠬᠡᠨ ᠬᠡᠨ ᠨᠢ ᠴᠦ᠍ ᠵᠣᠯᠪᠢᠩ ᠨᠣᠬᠠᠢ ᠳ᠋ᠤ᠌ ᠵᠠᠭᠤᠭᠳᠠᠬᠤ ᠠᠶᠤᠯ ᠲᠠᠢ》 ᠭᠡᠳᠡᠭ ᠢ᠋ ᠭᠡᠢᠲᠡᠯ᠎ᠡ ᠮᠡᠳᠡᠭᠰᠡᠨ ᠨᠣᠮᠢᠨ ᠴᠡᠴᠡᠭ ᠬᠠᠲᠤᠨ ᠤ ᠡᠭᠦᠳᠡᠨ ᠳᠡᠭᠡᠷ᠎ᠡ ᠶᠡᠬᠡ ᠤᠳᠠᠭᠠᠨ ᠵᠣᠭᠰᠣᠵᠤ᠂ ᠡᠨᠡ ᠦᠶ᠎ᠡ ᠳᠦ ᠡᠨᠡ ᠭᠡᠷ ᠲᠦ ᠣᠷᠣᠯᠲᠠᠢ ᠤᠤ ᠪᠠᠢᠯᠲᠠᠢ ᠤᠤ ? ᠭᠡᠵᠦ ᠲᠠᠲᠠᠭᠠᠯᠵᠠᠨ ᠵᠣᠭᠰᠣᠭ᠎ᠠ ᠶᠢ ᠳᠠᠯᠳᠠ ᠠᠴᠠ ᠲᠡᠷᠡ ᠪᠠᠷᠠᠭᠠᠨ ᠰᠡᠭᠦᠳᠡᠷ ᠲᠦ ᠪᠡᠶ᠎ᠡ ᠳᠠᠯᠳᠠᠯᠠᠭᠰᠠᠨ ᠬᠥᠮᠥᠨ ᠨᠡᠪᠲᠡ ᠬᠠᠷᠠᠵᠤ 《ᠢᠯᠡᠭᠦᠦ ᠠᠮᠠᠯᠠᠨ ᠬᠥᠨᠳᠡᠯᠡᠨ ᠴᠢᠨᠢ ᠤᠷᠠᠭᠳᠠᠵᠤ ᠶᠠᠭᠤᠮ᠎ᠠ ᠪᠢᠰᠢᠳᠡᠭᠦᠯᠪᠡᠯ ᠁ ᠪᠠᠢᠵᠠ ᠴᠢᠮᠠᠶ᠋ᠢ ᠁ 》 ᠭᠡᠵᠦ ᠰᠢᠳᠦ ᠵᠠᠭᠤᠨ ᠵᠠᠨᠤᠵᠤ ᠪᠠᠢᠭ᠎ᠠ ᠰᠢᠭ᠋ ᠲᠡᠭᠦᠨ ᠢ ᠴᠠᠭ ᠢᠮᠠᠭᠲᠠ ᠰᠦᠷᠳᠡᠭᠦᠯᠦᠨ᠎ᠡ᠃
ᠨᠣᠮᠢᠨ ᠵᠣᠷᠢᠭ ᠣᠷᠣᠵᠤ ᠴᠢᠳᠠᠯ ᠦᠭᠡᠢ《ᠶᠠᠭᠠᠬᠢᠶᠤ ?》ᠭᠡᠵᠦ ᠭᠡᠷ ᠳᠣᠲᠣᠷᠠᠬᠢ ᠴᠢᠮᠡᠭᠡ ᠶ᠋ᠢ ᠴᠢᠩᠨᠠᠪᠠᠯ ᠬᠠᠷᠠᠩᠭᠤᠢ ᠳ᠋ᠤ᠌ ᠱᠤᠯ ᠱᠤᠯ ᠭᠡᠬᠦ《ᠨᠣᠬᠠᠢ ᠤᠬᠢᠶᠠᠳᠠᠰᠤ ᠳᠣᠯᠢᠶᠠᠬᠤ ᠳᠠᠭᠤᠨ》 ᠰᠢᠭ᠋ ᠰᠣᠨᠢᠨ ᠰᠣᠨᠢᠨ ᠴᠢᠮᠡᠭᠡ ᠳᠤᠭᠤᠯᠳᠠᠵᠤ᠂ ᠰᠢᠪᠡᠷ ᠠᠪᠢᠷ ᠶᠠᠭᠤᠮ᠎ᠠ ᠬᠡᠯᠡᠯᠴᠡᠨ ᠱᠤᠤᠬᠢᠲᠤᠨᠠᠵᠤ ᠪᠠᠢᠭᠰᠠᠨ ᠢ᠋ᠶ᠋ᠠᠨ 《ᠠᠶ᠎ᠠ ! ᠶᠣ᠂ ᠠᠶᠠᠷᠬᠠᠨ ᠰᠢᠭ᠋᠂ ᠡᠪᠲᠡᠢ ᠰᠢᠭ ᠁ ᠵᠤᠤᠬᠠᠢ᠂ ᠬᠦᠴᠦᠲᠡᠢ ᠬᠦᠴᠦᠲᠡᠢ ᠁》 ᠭᠡᠵᠦ ᠴᠡᠴᠡᠭ ᠬᠠᠲᠤᠨ ᠤ᠋ ᠢᠷᠠᠭᠯᠠᠨ ᠬᠠᠰᠬᠢᠷᠴᠤ ᠪᠠᠢᠭ᠎ᠠ ᠨᠢ ᠰᠣᠨᠣᠰᠳᠠᠬᠤ ᠳ᠋ᠤ᠌ ᠪᠡᠶ᠎ᠡ ᠭᠦᠢᠴᠡᠭᠰᠡᠨ ᠪᠦᠳᠦᠭᠦᠨ ᠬᠡᠦᠬᠡᠨ ᠨᠣᠮᠢᠨ ᠤ᠋ ᠠᠢᠩᠭᠤᠷᠢ ᠠᠭᠱᠠᠨ᠎ᠠ ᠲᠠᠢᠯᠤᠭᠳᠠᠵᠤ ᠪᠡᠶ᠎ᠡ ᠨᠢ ᠰᠣᠨᠢᠬᠠᠨ ᠪᠣᠯᠵᠤ ᠣᠴᠢᠪᠠ᠃ ᠭᠡᠨᠡᠳᠲᠡ ᠲᠡᠭᠦᠨ ᠦ᠌ ᠬᠥᠯ ᠳᠣᠣᠷ᠎ᠠ ᠨᠢᠭᠡ ᠵᠢᠵᠢᠭᠬᠡᠨ ᠴᠢᠯᠠᠭᠤ ᠨᠢᠰᠴᠦ ᠢᠷᠡᠨ ᠭᠤᠲᠤᠯ ᠤ᠋ᠨ ᠦᠵᠦᠭᠦᠷ ᠢ᠋ ᠨᠢ ᠲᠤᠰ ᠬᠢᠲᠡᠯ᠎ᠡ ᠣᠨᠣᠭᠠᠪᠠ ᠃ ᠡᠨᠡ ᠨᠢ ᠴᠠᠭᠠᠨ᠎ᠠ ᠳᠠᠯᠳᠠᠯᠠᠭᠰᠠᠨ ᠪᠠᠷᠠᠭᠠᠨ ᠰᠡᠭᠦᠳᠡᠷ 《ᠮᠠᠭᠤ ᠵᠤᠯᠪᠤᠳᠠᠰᠤ᠂ ᠠᠳᠠ ᠠ᠋ᠴᠠ ᠬᠤᠷᠳᠤᠨ ᠵᠠᠢᠯᠠ᠂ ᠡᠴᠢᠭᠡ ᠳ᠋ᠡᠭᠡᠨ ᠠᠳᠠ ᠮᠡᠨᠡᠭᠷᠡᠵᠦ ᠵᠣᠭᠰᠣᠨ᠎ᠠ ᠪᠣᠢ? ᠴᠠᠭᠠᠨᠠᠬᠢ ᠰᠦᠨᠡᠰᠦ ᠳᠠᠯᠠᠯᠤᠭᠰᠠᠨ ᠳᠠᠭᠤ ᠴᠢᠮᠡᠭᠡᠨ ᠳ᠋ᠦ᠍ ᠰᠣᠭᠲᠣᠭᠤᠷᠠᠵᠤ ᠪᠠᠢᠨ᠎ᠠ ᠤᠤ ? ᠬᠤᠷᠳᠤᠨ ᠲᠣᠨᠢᠯ! ᠡᠦᠲᠦ ᠵᠢᠭᠠᠬᠠᠨ ᠤᠳᠠᠵᠤ ᠮᠠᠶᠢᠭᠯᠠᠪᠠᠯ ᠳᠡ ᠴᠢᠮᠠᠶ᠋ᠢ ᠁ 》 ᠭᠡᠰᠡᠨ ᠬᠠᠬᠢᠷ ᠳᠣᠬᠢᠶ᠎ᠠ ᠥᠭᠴᠦ ᠪᠠᠢᠭ᠎ᠠ ᠶ᠋ᠢ ᠮᠡᠳᠡᠭᠰᠡᠨ ᠨᠣᠮᠢᠨ ᠴᠡᠴᠡᠭ ᠬᠠᠲᠤᠨ ᠤ᠋ ᠡᠭᠦᠳᠡᠨ ᠡᠴᠡ ᠵᠠᠢᠯᠠᠵᠤ ᠪᠣᠷᠣ ᠥᠷᠥᠭᠡᠨ ᠳ᠋ᠡᠭᠡᠨ ᠬᠠᠷᠢᠪᠠ᠃
ᠨᠤᠮᠢᠨ ᠢ᠋ ᠭᠡᠷ ᠲᠦ᠍ ᠣᠷᠣᠵᠤ ᠴᠦᠳᠡᠩ ᠵᠢᠷᠤᠵᠤ ᠭᠡᠷᠡᠯ ᠠᠰᠠᠭᠠᠬᠤ ᠪᠠᠷ ᠱᠤᠤᠭᠢᠳᠤᠨᠠᠲᠠᠯᠠ ᠲᠡᠭᠦᠨ ᠦ ᠡᠭᠦᠳᠡ ᠢᠷᠠᠭᠳᠠᠵᠤ ᠨᠢᠭᠡ ᠬᠥᠮᠦᠨ ᠳᠠᠭᠠᠵᠤ ᠣᠷᠣᠵᠤ ᠢᠷᠡᠪᠡ᠃
ᠨᠣᠮᠢᠨ ᠰᠣᠴᠢᠬᠤ ᠳ᠋ᠠᠭᠠᠨ 《ᠠ ᠁ 》 ᠭᠡᠵᠦ ᠴᠢᠷᠠᠯᠠᠨ ᠮᠤᠬᠤᠷ ᠱᠦᠭᠦᠢ ᠶ᠋ᠢᠨ ᠪᠤᠯᠤᠩ ᠡᠷᠢᠵᠦ ᠠᠲᠤᠢᠨ ᠪᠣᠭᠵᠣᠢᠪᠠ᠃
— ᠨᠣᠮᠢᠨ ᠠ᠋! ᠶᠠᠭᠠᠬᠢᠪᠠ ! ᠭᠡᠰᠡᠨ ᠳᠠᠭᠤ ᠪᠠᠷ ᠭᠣᠩᠴᠣᠭᠷᠠᠭᠸᠠ ᠶᠢ ᠲᠠᠨᠢᠵᠤ ᠳᠠᠭᠤᠨ ᠲᠠᠯᠪᠢᠨ ᠤᠬᠢᠯᠠᠵᠠᠢ᠃
ᠬᠡᠲᠡ ᠴᠣᠬᠢᠵᠤ ᠳ᠋ᠧᠩ ᠠᠰᠠᠭᠠᠬᠤ ᠭᠡᠬᠦ ᠳ᠋ᠦ᠍ ᠨᠣᠮᠢᠨ ᠰᠠᠨᠳᠤᠷᠴᠤ᠄
— ᠪᠢᠲᠡᠭᠡᠢ ᠭᠡᠷᠡᠯ ᠭᠠᠷᠭ᠎ᠠ! ᠪᠢ ᠠᠶᠤᠵᠤ ᠪᠠᠢᠨ᠎ᠠ ᠁ ᠪᠢ ᠠᠶᠤᠵᠤ ᠪᠠᠢᠨ᠎ᠠ ᠁ ᠭᠡᠵᠦ ᠴᠡᠴᠡᠷᠡᠨ ᠳᠠᠭᠵᠢᠵᠤ ᠬᠡᠯᠡᠬᠦ ᠶᠢ ᠰᠣᠨᠣᠰᠤᠭᠠᠳ ᠭᠣᠩᠴᠣᠭᠷᠠᠭᠸᠠ ᠨᠣᠮᠢᠨ ᠢ ᠡᠯᠢᠭᠡᠨ ᠳᠡᠬᠡᠨ ᠲᠡᠪᠡᠷᠢᠵᠤ ᠨᠢᠯᠪᠤᠰᠤ ᠶᠢ ᠨᠢ ᠵᠦᠯᠭᠦᠪᠡ᠃
— ᠪᠢ ᠬᠠᠵᠠᠭᠤ ᠳᠤ ᠴᠢᠨᠢ ᠪᠠᠢᠭ᠎ᠠ ᠳᠤ ᠶᠠᠭᠤᠨ ᠠᠴᠠ ᠠᠶᠤᠳᠠᠭ ᠶᠤᠮ! ᠭᠡᠵᠦ ᠭᠣᠩᠴᠣᠭᠷᠠᠭᠸᠠ ᠲᠡᠭᠦᠨ ᠢ ᠥᠬᠥᠭᠡᠷᠳᠡᠨ ᠦᠨᠦᠰᠬᠦ ᠭᠡᠰᠡᠨ ᠳᠦ ᠨᠣᠮᠢᠨ᠄
— ᠪᠣᠯᠢ! ᠴᠢᠮᠡᠭᠡ ᠦᠭᠡᠢ ᠪᠠᠢ ᠴᠠᠭᠠᠨ᠎ᠠ ᠴᠢᠨᠢ ᠲᠡᠭ᠍ᠷᠢ ᠨᠤᠷᠠᠮᠠ ᠶᠡᠬᠡ ᠶᠠᠪᠤᠳᠠᠯ ᠪᠣᠯᠬᠤ ᠭᠡᠵᠦ ᠪᠠᠢᠬᠤ ᠳᠤ ᠁ ᠴᠢ ᠪᠠᠰᠠ ᠭᠡᠳ ᠭᠣᠩᠴᠣᠭᠷᠠᠭᠸᠠ ᠶᠢ ᠳᠦᠯᠬᠢᠵᠦ ᠵᠠᠢᠯᠠᠭᠤᠯᠪᠠ᠃
— ᠶᠠᠭᠤ ? ᠶᠠᠭᠠᠬᠢᠯ᠎ᠠ ᠭᠡᠨ᠎ᠡ ᠡ ! ᠭᠡᠵᠦ ᠭᠣᠩᠴᠣᠭᠷᠠᠭᠸᠠ ᠨᠠᠮ ᠳᠠᠭᠤ ᠪᠠᠷ ᠳᠤᠤᠭᠠᠷᠪᠠᠯ ᠨᠣᠮᠢᠨ᠄
— ᠴᠡᠴᠡᠭ ᠬᠠᠲᠤᠨ ᠤ ᠭᠡᠷ ᠦᠨ ᠠᠷᠤ ᠳᠤ ᠨᠢᠭᠡ ᠬᠥᠮᠥᠨ ᠭᠡᠲᠡᠵᠦ ᠪᠠᠢᠨ᠎ᠠ ᠁ ᠠᠶ᠎ᠠ ᠦᠭᠡᠢᠳᠡᠪᠡᠯ ᠴᠢᠨᠦ ᠨᠠᠭᠠᠰᠢ ᠣᠷᠣᠵᠤ ᠢᠷᠡᠭᠰᠡᠨ ᠢ ᠴᠦ᠍ ᠲᠣᠳᠣ ᠬᠠᠷᠠᠭᠰᠠᠨ ᠮᠠᠭᠠᠳ! ᠭᠡᠰᠡᠨ ᠳᠦ ᠭᠣᠩᠴᠣᠭᠷᠠᠭᠸᠠ ᠶᠢᠨ ᠪᠡᠶ᠎ᠡ ᠳᠦ ᠬᠦᠢᠲᠡᠨ ᠬᠥᠯᠥᠰᠦ ᠴᠢᠭᠢᠭᠯᠡᠪᠡ ᠁
ᠦᠰᠦᠭ ᠠᠮᠢᠯᠠᠭᠤᠯᠤᠭᠰᠠᠨ ᠨᠢ᠄ ᠣᠳᠣᠨᠬᠤᠸᠠᠷ᠂ ᠪᠠᠭᠠᠲᠤᠷ
ᠬᠢᠨᠠᠭᠴᠢ᠄ ᠭᠠᠷᠮ᠎ᠠ᠂ ᠠᠯᠲᠠᠨᠴᠢᠮᠡᠭ
