ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠᠨ ᠨᠢᠭᠡ> Хан мунын сүүрс < дээд > – Мөнх зохиоов ᠂ Тэргүүн бодь – Хоёрдугаар бүлэг <11>
ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠᠨ ᠨᠢᠭᠡ>
ᠮᠠᠨᠴᠤᠷᠭ᠎ᠠ ᠴᠦ᠍ ᠪᠠᠰᠠ ᠦᠨᠡᠬᠡᠷ ᠡᠴᠢᠭᠡ ᠶ᠋ᠢᠨ ᠬᠦᠦ᠂ ᠡᠷ᠎ᠡ ᠰᠢᠨᠳᠠᠰᠤ ᠲᠠᠢ ᠬᠥᠮᠦᠨ ᠠᠵᠢ᠃ ᠰᠢᠷᠡᠭᠡᠨ ᠦ᠌ ᠨᠢᠷᠤᠭᠤᠨ ᠳ᠋ᠤ᠌ ᠲᠣᠭᠣᠨᠣ ᠬᠠᠷᠠᠭᠤᠯᠤᠨ ᠬᠦᠯᠢᠭᠦᠯᠵᠦ᠂ ᠲᠡᠯᠴᠢᠯᠡᠬᠦ ᠠᠷᠭ᠎ᠠ ᠦᠭᠡᠢ ᠪᠣᠯᠤᠭᠰᠠᠨ ᠴᠦ᠍《ᠶᠣ!》 ᠭᠡᠵᠦ ᠳᠤᠤᠭᠠᠷᠤᠭ᠎ᠠ ᠦᠭᠡᠢ᠃ ᠬᠣᠷᠣᠨ ᠳ᠋ᠠᠭᠠᠨ ᠰᠢᠲᠠᠭᠰᠠᠨ ᠮᠠᠨᠴᠤᠷᠭ᠎ᠠ ᠶ᠋ᠢᠨ ᠮᠠᠩᠨᠠᠢ ᠳ᠋ᠤ᠌ ᠢᠨᠵᠠᠭᠠᠨ ᠤ᠋ ᠬᠣᠷᠭᠣᠯ ᠭᠡᠮᠡᠷ ᠬᠥᠯᠥᠰᠥ ᠪᠤᠷᠵᠢᠢᠵᠤ ᠪᠠᠢᠭᠰᠠᠨ ᠢ᠋ᠶ᠋ᠠᠨ ᠴᠢᠮᠠᠷᠬᠠᠢ ᠶ᠋ᠢ ᠨᠢ ᠳᠠᠭᠠᠨ ᠰᠢᠷᠡᠭᠡᠨ ᠦ᠌ ᠨᠢᠷᠤᠭᠤᠨ ᠳ᠋ᠤ᠌ ᠴᠢᠪ ᠴᠢᠪ ᠳᠤᠰᠤᠯᠠᠵᠤ ᠪᠠᠢᠯ᠎ᠠ᠃
ᠡᠷᠭᠢ ᠨᠢᠭᠡ ᠨᠣᠷᠳᠠᠭ᠂ ᠡᠷ᠎ᠡ ᠨᠢᠭᠡ ᠭᠡᠨᠡᠳᠡᠳᠡᠭ᠃ ᠡᠷ᠎ᠡ ᠬᠥᠮᠦᠨ ᠬᠡᠯᠡᠭᠰᠡᠨ ᠦᠭᠡ ᠬᠢᠭᠰᠡᠨ ᠶᠠᠪᠤᠳᠠᠯ ᠳ᠋ᠠᠭᠠᠨ ᠡᠵᠡᠨ ᠰᠠᠭᠤᠵᠤ ᠴᠢᠳᠠᠬᠤ ᠦᠭᠡᠢ ᠪᠣᠯ ᠶᠠᠮᠠᠷ ᠡᠷ᠎ᠡ ᠬᠥᠮᠦᠨ! ᠮᠠᠭᠤ ᠥᠯᠵᠠᠢᠰᠠᠩ ᠰᠢᠭ᠋ ᠮᠣᠩᠭᠣᠯ ᠤ᠋ᠨ ᠤᠬᠢᠶᠠᠳᠠᠰᠤ ᠳᠣᠯᠢᠶᠠᠭᠰᠠᠨ ᠲᠠᠢᠭ᠎ᠠ ᠨᠣᠬᠠᠢ ᠰᠢᠭ᠋ ᠵᠣᠯᠪᠢᠩᠲᠤᠵᠤ ᠬᠥᠮᠦᠨ ᠦ᠌ ᠪᠣᠷᠪᠢ ᠰᠢᠩᠰᠢᠯᠡᠵᠦ ᠠᠮᠢᠳᠤᠷᠠᠬᠤ ᠶ᠋ᠢᠨ ᠣᠷᠣᠨ ᠳ᠋ᠤ᠌ ᠦᠬᠦᠴᠢᠬᠡᠭᠰᠡᠨ ᠳᠡᠭᠡᠷ᠎ᠡ᠃ ᠵᠠ᠂ ᠪᠢ ᠴᠦ᠍ ᠢᠩᠭᠢᠭᠡᠳ ᠳᠦᠭᠦᠷᠦᠭᠰᠡᠨ᠃ ᠲᠩᠷᠢ ᠶ᠋ᠢᠨ ᠤᠮᠠᠳᠠᠭ ᠢ᠋ ᠲᠠᠰᠤ ᠴᠢᠩᠭᠠᠭᠠᠬᠤ ᠭᠡᠵᠦ ᠳᠡᠮᠡᠢᠷᠡᠵᠦ᠂ ᠲᠡᠯᠴᠢᠯᠡᠵᠦ ᠴᠢᠳᠠᠬᠤ ᠪᠠᠨ ᠪᠣᠯᠲᠠᠯ᠎ᠠ ᠬᠦᠯᠢᠭᠳᠡᠨ ᠬᠥᠮᠦᠨ ᠦ᠌ ᠭᠠᠷ ᠲᠤ ᠣᠷᠣᠴᠢᠬᠠᠯ᠎ᠠ᠃ ᠣᠳᠣ ᠶᠠᠭᠠᠬᠢᠬᠤ ᠪᠣᠢ? ᠪᠥᠭᠰᠡ ᠪᠡᠨ ᠪᠠᠨᠰᠠᠳᠠᠭᠤᠯᠤᠭᠠᠳ ᠵᠣᠭᠰᠣᠬᠤ ᠪᠢᠰᠢ᠂ ᠬᠦᠷᠳᠦ ᠵᠡᠭᠦᠯᠭᠡᠬᠦ᠂ ᠠᠷᠤᠭᠯᠠᠭᠤᠯᠬᠤ᠂ ᠡᠰᠡᠪᠡᠰᠦ ᠲᠤᠯᠤᠮᠯᠠᠭᠤᠯᠳᠠᠭ ① ᠴᠦ᠍ ᠪᠣᠯᠪᠠ ᠤᠤ! ᠶᠠᠭᠤ ᠴᠦ᠍ ᠭᠡᠰᠡᠨ ᠭᠦᠢᠴᠡᠭᠰᠡᠨ ᠬᠡᠷᠡᠭ᠂ ᠬᠡᠲᠦᠷᠡᠬᠦ ᠳ᠋ᠡᠭᠡᠨ ᠲᠣᠯᠣᠭᠠᠢ ᠠᠪᠤᠨ᠎ᠠ ᠪᠢᠵᠡ᠃ ᠵᠠ ᠪᠠᠢᠵᠠ᠂ ᠲᠡᠭᠡᠪᠡᠴᠦ ᠡᠯᠳᠡᠩᠭᠡ ᠶ᠋ᠢᠨ ᠬᠦᠦ ᠮᠠᠨᠴᠤᠷᠭ᠎ᠠ ᠰᠠᠢᠨ ᠡᠷ᠎ᠡ ᠴᠡᠴᠡᠭ ᠬᠠᠲᠤᠨ ᠤ᠋ ᠡᠪᠦᠷ ᠲᠦ᠍ ᠰᠢᠷᠭᠤᠭᠠᠳ᠁ ᠭᠡᠬᠦ ᠴᠦ᠍ ᠶᠤᠮ ᠤᠤ ᠰᠢᠷᠠᠪᠳᠣᠷᠵᠢ ᠬᠦᠩ ᠨᠣᠶᠠᠨ ᠵᠠᠰᠠᠭ ᠵᠠᠯᠭᠠᠬᠤ ᠬᠦᠦ ᠵᠠᠰᠠᠬᠤ ᠲᠡᠩᠬᠡᠭᠡ ᠦᠭᠡᠢ ᠳ᠋ᠦ᠍ᠨᠢ ᠮᠠᠨᠴᠤᠷᠭ᠎ᠠ ᠰᠠᠢᠨ ᠡᠷ᠎ᠡ ᠴᠡᠴᠡᠭ ᠬᠠᠲᠤᠨ ᠤ᠋ ᠬᠡᠪᠡᠯᠢ ᠵᠢᠭᠡᠯᠡᠵᠦ ᠬᠦᠦ ᠵᠠᠰᠠᠪᠠ ᠭᠡᠬᠦ ᠳ᠋ᠦ᠍ ᠢᠯᠡᠭᠦᠦ ᠳ᠋ᠡᠭᠡᠨ ᠭᠠᠷᠤᠭᠰᠠᠨ ᠢᠮᠠᠭᠠᠨ ᠳᠠᠭᠤᠲᠤ ᠬᠡᠷᠡᠭ ᠯᠡᠪᠡᠷᠡᠭᠦᠯᠦᠭᠰᠡᠨ ᠦᠭᠡᠢ ᠴᠦ᠍ ᠪᠣᠯ᠁ ᠠᠢ᠂ ᠪᠠᠰᠠ ᠰᠠᠢᠨ ᠡᠷ᠎ᠡ ᠪᠠᠢᠭᠰᠠᠨ! ᠭᠡᠵᠦ ᠬᠣᠵᠢᠮ ᠤ᠋ᠨ ᠬᠥᠮᠦᠰ ᠱᠠᠭᠰᠢᠨ ᠱᠤᠤᠭᠢᠬᠤ ᠪᠢᠵᠡ ᠭᠡᠵᠦ ᠣᠯᠠᠨ ᠶᠠᠭᠤᠮ᠎ᠠ ᠪᠣᠳᠣᠵᠤ ᠬᠡᠪᠲᠡᠭᠰᠡᠨ ᠮᠠᠨᠴᠤᠷᠭ᠎ᠠ᠄
— ᠵᠠ᠂ ᠴᠡᠴᠡᠭ ᠬᠠᠲᠤᠨ ᠲᠠ ᠶᠠᠭᠤ ᠪᠣᠳᠣᠭ᠎ᠠ ᠪᠣᠢ? ᠭᠡᠰᠡᠨ ᠳ᠋ᠦ᠍᠄
— ᠶᠠᠭᠤ ᠯᠠ ᠪᠣᠳᠣᠬᠤ ᠪᠣᠢ ᠳᠠ? ᠴᠢᠨᠦ ᠬᠤᠪᠢ ᠵᠠᠶᠠᠭ᠎ᠠ ᠶᠠᠭᠠᠬᠢᠳᠠᠭ ᠪᠣᠯ? ᠭᠡᠵᠦ ᠰᠠᠨᠠᠭ᠎ᠠ ᠵᠣᠪᠠᠨ᠎ᠠ ᠭᠡᠪᠡ᠃
— ᠪᠢ ᠴᠦ᠍ ᠶᠠᠭᠠᠬᠢᠬᠤ ᠪᠣᠢ? ᠪᠠᠨᠰᠠᠳᠠᠬᠤ ᠳ᠋ᠤ᠌ ᠪᠤᠬᠤᠷ ᠪᠡᠯᠡᠨ᠂ ᠫᠤᠤᠳᠠᠬᠤ ᠳ᠋ᠤ᠌ ᠠᠮᠢ ᠪᠡᠯᠡᠨ᠃ ᠬᠠᠲᠤᠨ ᠲᠠ ᠴᠣᠬᠣᠮ ᠣᠳᠣ ᠶᠠᠭᠠᠬᠢᠳᠠᠭ ᠪᠢᠯᠡ?
— ᠨᠠᠮ᠎ᠠ ᠶ᠋ᠢ ᠶᠠᠭᠠᠬᠢᠵᠤ ᠴᠦ᠍ ᠴᠢᠳᠠᠬᠤ ᠦᠭᠡᠢ ᠠ᠋! ᠪᠢ ᠬᠦᠩ ᠨᠣᠶᠠᠨ ᠲᠠᠢ ᠠᠮᠠ ᠬᠡᠯᠡ ᠪᠡᠷ ᠣᠷᠣᠬᠤ ᠳᠤ ᠦᠭᠡ ᠬᠤᠰᠠᠷᠠᠬᠤ ᠦᠭᠡᠢ᠂ ᠤᠬᠠᠭ᠎ᠠ ᠳᠤᠲᠠᠭᠤᠳᠠᠬᠤ ᠦᠭᠡᠢ ᠠ᠋! ᠬᠥᠨᠵᠢᠯᠡ ᠳᠣᠲᠣᠷ᠎ᠠ ᠪᠠᠨ ᠬᠥᠯ ᠲᠣᠯᠣᠭᠠᠢ ᠨᠡᠢᠯᠡᠭᠦᠯᠦᠨ ᠬᠥᠭᠯᠡᠷᠡᠬᠦ ᠳ᠋ᠦ᠍ ᠪᠠᠢᠳᠠᠭ ᠶᠠᠭᠤᠮ᠎ᠠ ᠪᠠᠯᠠᠯᠤᠭᠳᠠᠵᠤ ᠠᠷᠢᠯᠬᠤ ᠪᠠᠢᠯᠭᠦᠢ! ᠲᠡᠮᠡᠭᠡ ᠬᠠᠷᠢᠭᠤᠯᠤᠭᠰᠠᠨ ᠬᠥᠮᠦᠨ ᠪᠤᠤᠷ᠎ᠠ ᠶ᠋ᠢᠨ ᠢ᠋ᠶ᠋ᠡᠨ ᠵᠠᠩ ᠢ᠋ ᠮᠡᠳᠡᠨ᠎ᠡ ᠭᠡᠳᠡᠭ ᠢ᠋ᠶ᠋ᠡᠷ ᠲᠡᠪᠡᠷᠢᠵᠦ ᠤᠨᠲᠠᠭᠰᠠᠨ ᠡᠷ᠎ᠡ ᠶ᠋ᠢᠨ ᠢ᠋ᠶ᠋ᠡᠨ ᠵᠠᠩ ᠢ᠋ ᠪᠢ ᠶᠠᠮᠠᠷ ᠮᠡᠳᠡᠬᠦ ᠦᠭᠡᠢ ᠴᠦ᠍ ᠪᠢᠰᠢ! ᠭᠡᠳ ᠴᠡᠴᠡᠭ ᠬᠠᠲᠤᠨ ᠶᠠᠮᠠᠷ ᠴᠦ᠍ ᠶᠠᠪᠤᠳᠠᠯ ᠪᠣᠯᠵᠤ ᠥᠩᠭᠡᠷᠡᠭᠰᠡᠨ ᠦᠭᠡᠢ ᠰᠢᠭ ᠠᠵᠢᠭ ᠦᠭᠡᠢ ᠪᠠᠢᠭ᠎ᠠ ᠳ᠋ᠤ᠌ ᠮᠠᠨᠴᠤᠷᠭ᠎ᠠ ᠶ᠋ᠢᠨ ᠰᠠᠨᠠᠭ᠎ᠠ ᠲᠠᠯᠪᠢᠭᠤᠷᠠᠬᠤ ᠰᠢᠭ᠋ ᠪᠣᠯᠤᠯ᠎ᠠ᠃
— ᠴᠡᠴᠡᠭ ᠬᠠᠲᠤᠨ ᠠ᠋! ᠲᠠ ᠨᠠᠳᠠ ᠨᠢᠭᠡ ᠲᠣᠭᠣᠭ᠎ᠠ ᠰᠡᠩᠭᠢᠨᠡᠭᠦᠷ ᠶᠠᠭᠤᠮ᠎ᠠ ᠬᠤᠢᠬᠠᠯᠠᠵᠤ ᠥᠭᠬᠦ ᠤᠬᠠᠭᠠᠨ ᠬᠢᠨ᠎ᠡ ᠤᠤ? ᠭᠡᠵᠦ ᠬᠡᠯᠡᠪᠡᠯ ᠴᠡᠴᠡᠭ ᠬᠠᠲᠤᠨ᠄
— ᠪᠣᠯᠤᠯ ᠦᠭᠡᠢ ᠶᠠᠭᠠᠬᠢᠬᠤ ᠪᠣᠢ! ᠭᠡᠳ ᠬᠠᠷ᠎ᠠ ᠲᠠᠮᠠᠬᠢᠨ ᠤ᠋ ᠳ᠋ᠧᠩ᠂ ᠲᠣᠭᠣᠭ᠎ᠠ ᠵᠡᠷᠭᠡ ᠶᠠᠭᠤᠮᠠᠰ ᠢ᠋ ᠠᠪᠴᠤ ᠮᠠᠨᠴᠤᠷᠭ᠎ᠠ ᠶ᠋ᠢᠨ ᠬᠠᠵᠠᠭᠤ ᠳ᠋ᠤ᠌ ᠣᠴᠢᠨ ᠤᠲᠤᠭ᠎ᠠ ᠮᠡᠨᠡᠷᠡᠲᠡᠯᠡ ᠬᠤᠢᠬᠠᠯᠠᠪᠠ᠃ ᠢᠩᠭᠢᠭᠡᠳ ᠬᠠᠷ᠎ᠠ ᠲᠠᠮᠠᠬᠢᠨ ᠤ᠋ ᠬᠣᠷᠣᠬᠠᠢ ᠰᠢᠨᠤᠯ ᠢ᠋ᠶ᠋ᠠᠨ ᠠᠭᠱᠠᠨ ᠵᠠᠭᠤᠷ᠎ᠠ ᠲᠠᠢᠯᠵᠤ ᠳᠣᠲᠣᠷ᠎ᠠ ᠲᠠᠢᠳᠬᠤᠷᠠᠭᠰᠠᠨ ᠳ᠋ᠠᠭᠠᠨ ᠮᠠᠨᠴᠤᠷᠭ᠎ᠠ᠄
— ᠣᠳᠣ ᠨᠢᠭᠡ ᠣᠭᠣᠴᠢ ᠶᠠᠭᠤᠮ᠎ᠠ ᠤᠤᠭᠤᠪᠠᠯ ᠳᠠ! ᠭᠡᠬᠦ ᠳ᠋ᠦ᠍ ᠴᠡᠴᠡᠭ ᠬᠠᠲᠤᠨ ᠪᠣᠰᠴᠤ ᠵᠡᠰ ᠳᠡᠪᠦᠷ᠎ᠡ ᠶ᠋ᠢᠨ ᠴᠣᠷᠭᠣ ᠶ᠋ᠢ ᠮᠠᠨᠴᠤᠷᠭ᠎ᠠ ᠶ᠋ᠢᠨ ᠠᠮᠠᠨ ᠳ᠋ᠤ᠌ ᠤᠭᠵᠢᠬᠤ ᠳ᠋ᠤ᠌ ᠬᠦᠢᠲᠡᠨ ᠴᠠᠢ ᠶ᠋ᠢ ᠭᠦᠳ ᠭᠦᠳ ᠭᠡᠲᠡᠯ᠎ᠡ ᠬᠣᠢᠨ᠎ᠠ ᠬᠣᠢᠨ᠎ᠠ ᠠ᠋ᠴᠠ ᠨᠢ ᠬᠣᠪᠳᠣᠭ ᠣᠭᠣᠴᠢᠯᠠᠭᠰᠠᠨ ᠳ᠋ᠠᠭᠠᠨ ᠬᠠᠬᠠᠵᠤ ᠲᠤᠷᠭᠢᠪᠠ᠃ ᠴᠡᠴᠡᠭ ᠬᠠᠲᠤᠨ ᠤ᠋ ᠨᠢᠭᠤᠷ ᠢ᠋ ᠪᠠᠷᠤᠭ ᠮᠠᠨᠴᠤᠷᠭ᠎ᠠ ᠶ᠋ᠢᠨ ᠳᠣᠷᠭᠢᠭᠰᠠᠨ ᠴᠠᠢ ᠪᠠᠷ ᠤᠬᠢᠶᠠᠵᠤ ᠣᠷᠬᠢᠪᠠ᠃ ᠴᠡᠴᠡᠭ ᠬᠠᠲᠤᠨ ᠬᠠᠨᠴᠤᠢ ᠪᠠᠷ ᠢ᠋ᠶ᠋ᠠᠨ ᠨᠢᠭᠤᠷ ᠢ᠋ᠶ᠋ᠠᠨ ᠵᠦᠯᠭᠦᠩᠭᠡᠨ᠄
— ᠠᠶᠠᠷᠬᠠᠨ ᠵᠠᠯᠭᠢᠯᠠᠨᠠ ᠪᠢᠵᠡ! ᠮᠠᠭᠤ ᠴᠠᠢ ᠯᠠ ᠪᠠᠢᠨ᠎ᠠ ᠳᠠ᠂ ᠪᠠᠢᠬᠤ ᠯᠠ ᠪᠤᠶᠠᠨ ᠭᠡᠬᠦ ᠳ᠋ᠦ᠍ ᠮᠠᠨᠴᠤᠷᠭ᠎ᠠ ᠬᠠᠬᠠᠨ ᠴᠡᠴᠡᠨ ᠢᠨᠢᠶᠡᠵᠦ᠄
— ᠠᠶᠠᠷᠬᠠᠨ ᠵᠠᠯᠭᠢᠯᠠᠨᠠ ᠭᠡᠭᠴᠢ᠂ ᠶᠡᠷᠦ ᠨᠢ ᠲᠠ ᠬᠦᠯᠢᠭᠳᠡᠵᠦ ᠬᠥᠳᠡᠯᠬᠦ ᠲᠠᠷ ᠦᠭᠡᠢ ᠲᠩᠷᠢ ᠬᠠᠷᠠᠵᠤ ᠬᠡᠪᠲᠡᠭᠰᠡᠨ ᠬᠥᠮᠦᠨ ᠦ᠌ ᠠᠮᠠ ᠤᠷᠤᠭᠤ ᠠᠭᠠᠵᠢᠭᠤᠬᠠᠨ ᠰᠢᠭ᠋ ᠣᠭᠣᠴᠢ ᠣᠭᠣᠴᠢ ᠪᠠᠷ ᠥᠭᠭᠦᠨ᠎ᠡ ᠪᠢᠵᠡ! ᠪᠣᠳᠣᠩ ᠰᠠᠪᠠ ᠤᠷᠤᠭᠤ ᠶᠡᠭᠦᠯᠡᠵᠦ ᠪᠠᠢᠭ᠎ᠠ ᠪᠢᠰᠢ ᠳᠡ ᠭᠡᠬᠦ ᠳ᠋ᠦ᠍ ᠬᠣᠶᠠᠭᠤᠯᠠ ᠵᠡᠷᠭᠡ ᠪᠡᠷ ᠢᠨᠢᠶᠡᠯᠴᠡᠪᠡ᠃
ᠴᠡᠴᠡᠭ ᠬᠠᠲᠤᠨ ᠤ᠋ ᠥᠷᠥᠭᠡᠨ ᠳ᠋ᠦ᠍ ᠬᠠᠷ᠎ᠠ ᠲᠠᠮᠠᠬᠢᠨ ᠤ᠋ ᠰᠢᠷᠠᠩᠭᠤᠢ ᠤᠲᠤᠭ᠎ᠠ ᠬᠠᠨᠠᠨ ᠤ᠋ ᠲᠣᠯᠣᠭᠠᠢ ᠣᠷᠢᠶᠠᠨ ᠵᠤᠩᠭᠠᠷᠠᠯᠳᠤᠵᠤ ᠡᠷᠭᠢᠨ᠎ᠡ᠃ ᠡᠭᠦᠳᠡᠨ ᠦ᠌ ᠰᠠᠬᠢᠭᠤᠯ ᠬᠣᠶᠠᠷ ᠴᠡᠷᠢᠭ ᠦ᠋ᠨ ᠬᠠᠮᠠᠷ ᠰᠠᠮᠰᠠ ᠨᠢ ᠵᠠᠭᠠᠲᠤᠨᠠᠵᠤ᠂ ᠮᠢᠬᠠᠨ ᠤ᠋ ᠦᠨᠦᠷ ᠠᠪᠤᠭᠰᠠᠨ ᠮᠤᠤᠷ ᠰᠢᠭ᠋ ᠭᠡᠷ ᠤᠷᠤᠭᠤ ᠲᠣᠯᠣᠭᠠᠢ ᠪᠤᠯᠳᠤᠯᠵᠢᠭᠤᠯᠤᠨ ᠲᠠᠭ ᠲᠠᠭ ᠭᠡᠵᠦ ᠲᠠᠩᠨᠠᠢ ᠪᠠᠨ ᠲᠠᠭᠰᠢᠵᠤ《 ᠶᠠᠮᠠᠷ ᠰᠠᠢᠬᠠᠨ ᠲᠠᠮᠠᠬᠢ ᠪᠣᠢ? ᠢᠰᠢ ᠮᠠᠨᠤᠰ ᠲᠤ ᠵᠢᠭᠠᠬᠠᠨ ᠰᠣᠷᠣᠭᠤᠯᠳᠠᠭ ᠴᠦ᠍ ᠪᠣᠯᠤᠭᠠᠰᠠᠢ!》 ᠭᠡᠰᠡᠨ ᠬᠥᠭᠡᠷᠦᠬᠦᠢ ᠳᠦᠷᠢ ᠡᠭᠦᠳᠡ ᠪᠡᠷ ᠵᠡᠷᠭᠡᠴᠡᠨ ᠴᠤᠬᠤᠯᠵᠠᠨ᠎ᠠ᠃ ᠡᠭᠦᠳᠡᠨ ᠦ᠌ ᠲᠡᠨᠳᠡ ᠡᠴᠡ ᠲᠠᠭ ᠲᠠᠭ ᠭᠡᠵᠦ ᠲᠠᠩᠨᠠᠢ ᠪᠠᠨ ᠱᠠᠭᠰᠢᠷᠠᠬᠤ ᠳᠠᠭᠤᠨ ᠢ᠋ ᠰᠣᠨᠣᠰᠤᠭᠰᠠᠨ ᠮᠠᠨᠴᠤᠷᠭ᠎ᠠ《 ᠡᠨᠡ ᠬᠣᠶᠠᠷ ᠴᠦ᠍ ᠪᠠᠰᠠ ᠬᠠᠷ᠎ᠠ ᠲᠠᠮᠠᠬᠢᠨ ᠤ᠋ ᠴᠢᠳᠬᠥᠷ ᠪᠠᠢᠨ᠎ᠠ》 ᠭᠡᠵᠦ ᠪᠣᠳᠣᠬᠤ ᠳ᠋ᠠᠭᠠᠨ ᠴᠠᠭᠠᠨ᠎ᠠ ᠠ᠋ᠴᠠ ᠶᠡᠷᠦ ᠨᠢ ᠠᠮᠢ ᠰᠡᠯᠭᠦᠬᠦ ᠤᠬᠠᠭ᠎ᠠ ᠴᠣᠭᠣᠷᠠᠬᠤ ᠰᠢᠭ᠋ ᠲᠠᠷᠢᠬᠢᠨ ᠳ᠋ᠤᠨᠢ ᠨᠢᠭᠡ ᠭᠣᠴᠣ ᠤᠬᠠᠭᠠᠨ ᠭᠢᠯᠠᠰ ᠭᠡᠵᠦ ᠣᠷᠣᠯ᠎ᠠ᠃
ᠮᠠᠨᠴᠤᠷᠭ᠎ᠠ ᠴᠡᠴᠡᠭ ᠬᠠᠲᠤᠨ ᠢ᠋ ᠰᠢᠷᠳᠡᠵᠦ《 ᠡᠨᠡ ᠬᠣᠶᠠᠷ ᠳᠤ ᠵᠢᠭᠠᠬᠠᠨ ᠬᠡᠩᠰᠢᠭᠦᠦ ᠦᠨᠦᠷᠲᠦᠭᠦᠯᠴᠢᠬᠡ!》 ᠭᠡᠰᠡᠨ ᠰᠠᠨᠠᠭ᠎ᠠ ᠲᠠᠢ ᠡᠷᠡᠦ ᠪᠡᠷ ᠢ᠋ᠶ᠋ᠡᠨ ᠡᠭᠦᠳᠡᠨ ᠲᠡᠢᠰᠢ ᠳᠣᠬᠢᠭᠰᠠᠨ ᠢ᠋ ᠴᠡᠴᠡᠭ ᠬᠠᠲᠤᠨ ᠶᠠᠭᠤ ᠠᠨᠳᠠᠬᠤ ᠪᠢᠯᠡ?《 ᠵᠠ᠂ ᠶᠠᠭ ᠮᠥᠨ!》 ᠭᠡᠰᠡᠨ ᠰᠢᠭ ᠲᠣᠯᠣᠭᠠᠢ ᠳᠣᠬᠢᠭᠠᠳ ᠮᠠᠨᠴᠤᠷᠭ᠎ᠠ ᠶ᠋ᠢᠨ ᠬᠠᠵᠠᠭᠤ ᠠ᠋ᠴᠠ ᠪᠣᠰᠪᠠ᠃
ᠴᠡᠴᠡᠭ ᠬᠠᠲᠤᠨ ᠲᠡᠳᠡ ᠬᠣᠶᠠᠷ ᠲᠤ ᠬᠣᠷᠢ ᠬᠣᠷᠢᠨ ᠴᠠᠭᠠᠨ ᠵᠣᠭᠣᠰ ᠥᠭᠴᠦ ᠬᠠᠷ᠎ᠠ ᠲᠠᠮᠠᠬᠢ ᠴᠢᠮᠬᠢ ᠪᠠᠭᠯᠠᠭ᠎ᠠ ᠥᠭᠴᠦ ᠲᠠᠲᠠᠭᠤᠯᠪᠠ᠃ ᠲᠡᠳᠡ ᠬᠣᠶᠠᠷ ᠥᠲᠥᠨ ᠦ᠌ ᠨᠣᠭᠣᠭᠠᠨ ᠪᠠᠲᠠᠭᠠᠨ᠎ᠠ ᠰᠢᠭ᠋ ᠱᠤᠤᠭᠢᠵᠤ ᠢᠷᠡᠭᠡᠳ ᠬᠠᠷ᠎ᠠ ᠲᠠᠮᠠᠬᠢᠨ ᠳ᠋ᠤ᠌ ᠰᠢᠨᠤᠯᠲᠠᠢ ᠪᠠᠭᠤᠨ᠎ᠠ᠃
ᠮᠡᠴᠢᠳ ᠭᠣᠳᠣᠢᠴᠢᠬᠠᠯᠠ᠁ ᠮᠡᠯᠴᠡᠢᠭᠰᠡᠨ ᠭᠡᠷᠡᠯᠲᠦ ᠰᠠᠷ᠎ᠠ ᠳᠡᠭᠡᠷ᠎ᠡ ᠳᠡᠭᠳᠡᠵᠦ ᠡᠨᠡ ᠬᠦ᠌ ᠶᠡᠷᠦ ᠪᠤᠰᠤ ᠶ᠋ᠢᠨ ᠤᠷᠰᠢᠭ ᠲᠠᠲᠠᠭᠰᠠᠨ ᠭᠡᠷ ᠦ᠋ᠨ ᠲᠣᠭᠣᠨᠣ ᠪᠠᠷ ᠮᠡᠯᠲᠡᠯᠵᠡᠨ ᠱᠠᠭᠠᠢᠵᠤ《᠁ ᠵᠠᠯᠠᠭᠤ ᠤᠯᠤᠰ ᠭᠡᠭᠴᠢ ᠳᠠᠩᠴᠤ ᠣᠯᠬᠢᠶ᠎ᠠ ᠦᠭᠡᠢ ᠶᠠᠭᠤᠮ᠎ᠠ ᠬᠢᠬᠦ ᠶᠦᠮ᠁ ᠥᠨᠥᠬᠢ ᠬᠣᠶᠠᠷ ᠬᠠᠷ᠎ᠠ ᠲᠠᠮᠠᠬᠢᠨ ᠤ᠋ ᠴᠢᠳᠬᠥᠷ ᠢ᠋ ᠤᠬᠠᠭᠠᠯᠠᠴᠢᠬᠠᠭᠠᠳ ᠮᠠᠨᠴᠤᠷᠭ᠎ᠠ ᠶ᠋ᠢ ᠳᠤᠲᠠᠭᠠᠯᠭᠠᠳᠠᠭ ᠶᠤᠮ ᠪᠢᠰᠢ ᠤᠤ⁈》 ᠭᠡᠵᠦ ᠴᠡᠴᠡᠭ ᠬᠠᠲᠤᠨ ᠤ᠋ ᠴᠢᠬᠢᠨ ᠳ᠋ᠦ᠍ ᠨᠢᠭᠡ ᠶᠠᠭᠤᠮ᠎ᠠ ᠰᠢᠪᠡᠨᠡᠬᠦ ᠰᠢᠭ ᠪᠠᠢᠯ᠎ᠠ᠃
ᠴᠡᠴᠡᠭ ᠬᠠᠲᠤᠨ ᠡᠭᠡᠭᠡ ᠯᠡ ᠰᠠᠷᠠᠨ ᠳᠠᠭᠢᠨᠢ ᠶ᠋ᠢᠨ ᠵᠠᠬᠢᠭᠰᠠᠨ ᠢ᠋ᠶ᠋ᠠᠷ ᠤᠬᠠᠭᠠᠨ ᠣᠷᠣᠭᠰᠠᠨ ᠰᠢᠭ᠋ ᠮᠠᠨᠴᠤᠷᠭ᠎ᠠ ᠶ᠋ᠢᠨ ᠬᠣᠨᠢᠴᠢᠯᠡᠵᠦ ᠬᠦᠯᠢᠭᠳᠡᠭᠰᠡᠨ ᠬᠦᠯᠢᠶᠡᠰᠦ ᠶ᠋ᠢ ᠠᠯᠳᠠᠷᠠᠭᠠᠪᠠ᠃
ᠡᠷᠬᠡ ᠴᠢᠯᠥᠭᠡ ᠣᠯᠵᠤ᠂ ᠢᠳᠡ ᠲᠠᠮᠢᠷ ᠢ᠋ᠶ᠋ᠠᠨ ᠰᠡᠯᠪᠢᠵᠦ ᠵᠣᠭᠰᠣᠭᠰᠠᠨ ᠮᠠᠨᠴᠤᠷᠭ᠎ᠠ ᠥᠨᠥᠬᠢ ᠬᠠᠷ᠎ᠠ ᠲᠠᠮᠠᠬᠢᠨ ᠤ᠋ ᠤᠲᠤᠭᠠᠨ ᠳ᠋ᠤ᠌ ᠮᠠᠩᠰᠢᠭᠤᠷᠠᠭᠠ ᠬᠣᠶᠠᠷ ᠴᠡᠷᠢᠭ ᠦ᠋ᠨ ᠬᠠᠵᠠᠭᠤ ᠳ᠋ᠤ᠌ ᠣᠴᠢᠵᠤ《 ᠲᠠ ᠬᠣᠶᠠᠷ ᠤ᠋ᠨ ᠵᠦᠭ ᠢ᠋ ᠴᠢᠨᠢ ᠵᠢᠭᠠᠴᠢᠬᠠᠭᠠᠳ ᠨᠢᠭᠡ ᠲᠠᠢᠰᠢ ᠪᠠᠨ ᠭᠣᠳᠣᠢᠶᠠ ᠪᠠᠢᠵᠠ! ᠡᠨᠡ ᠨᠣᠶᠠᠨ ᠰᠠᠩ ᠳ᠋ᠤ᠌ ᠴᠦ᠍ ᠬᠥᠯ ᠲᠣᠭᠲᠠᠬᠤ ᠪᠠᠨ ᠪᠣᠯᠢᠭᠰᠠᠨ》 ᠭᠡᠰᠡᠨ ᠪᠣᠳᠣᠯ ᠵᠢᠷᠪᠢᠰᠬᠢᠨ ᠣᠷᠣᠵᠤ ᠢᠷᠡᠭᠰᠡᠨ ᠪᠣᠯᠪᠠᠴᠤ《 ᠡᠳᠡ ᠬᠣᠶᠠᠷ ᠲᠤ ᠶᠠᠮᠠᠷ ᠶᠠᠯ᠎ᠠ ᠨᠢᠭᠦᠯ ᠪᠠᠢᠬᠤ ᠪᠣᠢ? ᠬᠥᠮᠦᠨ ᠦ᠌ ᠵᠠᠬᠢᠶ᠎ᠠ ᠪᠠᠷ ᠠᠢᠯ ᠤ᠋ᠨ ᠤᠬᠢᠶᠠᠳᠠᠰᠤ ᠳᠣᠯᠢᠶᠠᠵᠤ ᠠᠮᠢ ᠵᠢᠭᠤᠭᠰᠠᠨ ᠳᠣᠷᠣᠢ ᠠᠮᠢᠲᠠᠨ ᠢ᠋ ᠶᠠᠭᠤ ᠬᠢᠬᠦ ᠪᠣᠢ ᠳᠠ!》 ᠭᠡᠵᠦ ᠦᠷᠦ ᠡᠪᠡᠳᠪᠡ᠃
ᠥᠳᠬᠡᠨ ᠰᠢᠷ᠎ᠠ ᠤᠲᠤᠭᠠᠨ ᠳ᠋ᠤ᠌ ᠬᠠᠬᠠᠵᠤ ᠬᠠᠭᠰᠢᠨ ᠥᠴᠦᠬᠡᠨ ᠰᠢᠨᠤᠯ ᠢ᠋ᠶ᠋ᠠᠨ ᠬᠠᠩᠭᠠᠭᠰᠠᠨ ᠨᠥᠭᠦᠭᠡ ᠬᠣᠶᠠᠷ ᠨᠢᠳᠦ ᠰᠡᠢᠮᠡᠢᠯᠭᠡᠨ ᠳᠡᠭᠡᠭᠰᠢ ᠬᠠᠷᠠᠪᠠᠯ ᠨᠢᠭᠡ ᠮᠡᠳᠡᠬᠦ ᠳ᠋ᠦ᠍ ᠳᠡᠷᠭᠡᠳᠡ ᠨᠢ ᠨᠢᠴᠦᠭᠦᠨ ᠲᠣᠮᠣ ᠡᠷ᠎ᠡ ᠰᠦᠪᠡᠭᠡ ᠲᠤᠯᠤᠨ ᠵᠣᠭᠰᠣᠵᠤ ᠪᠠᠢᠯ᠎ᠠ᠃ ᠲᠡᠷᠡ ᠬᠣᠶᠠᠷ ᠴᠡᠷᠢᠭ ᠮᠠᠨᠴᠤᠷᠭ᠎ᠠ ᠠ᠋ᠴᠠ ᠦᠩᠬᠦᠯᠴᠡᠭ ᠢ᠋ᠶ᠋ᠡᠨ ᠬᠠᠭᠠᠷᠠᠲᠠᠯ᠎ᠠ ᠠᠶᠤᠵᠤ ᠬᠠᠨ᠎ᠠ ᠲᠦᠰᠢᠭᠦᠯᠦᠭᠰᠡᠨ ᠫᠤᠤ ᠪᠠᠨ ᠰᠢᠭᠦᠷᠡᠬᠦ ᠭᠡᠵᠦ ᠰᠡᠷᠪᠡᠢᠪᠡᠯ ᠫᠤᠤ ᠨᠢ ᠠᠯᠠᠭ᠎ᠠ᠃ ᠲᠡᠭᠡᠬᠦ ᠳ᠋ᠦ᠍ᠨᠢ ᠮᠠᠨᠴᠤᠷᠭ᠎ᠠ᠄
— ᠪᠢᠲᠡᠭᠡᠢ ᠬᠥᠳᠡᠯ! ᠬᠥᠳᠡᠯᠪᠡᠯ ᠫᠤᠤᠳᠠᠯ᠎ᠠ᠁ ᠭᠡᠵᠦ ᠴᠢᠩᠭ᠎ᠠ ᠳᠤᠤᠭᠠᠷᠪᠠᠯ᠄
— ᠵᠠ ᠵᠠ! ᠠᠮᠢ ᠶ᠋ᠢ ᠮᠢᠨᠢ ᠦᠯᠡᠳᠡᠭᠡᠳᠡᠭ ᠯᠡ ᠶᠦᠮ ᠪᠣᠯ ᠨᠣᠮᠣᠬᠠᠨ ᠮᠣᠷᠢᠨ ᠤ᠋ ᠴᠢᠨᠢ ᠨᠣᠭᠲᠣ᠂ ᠳᠣᠭᠰᠢᠨ ᠮᠣᠷᠢᠨ ᠤ᠋ ᠴᠢᠨᠢ ᠴᠢᠳᠥᠷ ᠪᠣᠯᠤᠶ᠎ᠠ! ᠭᠡᠯᠡ᠃
— ᠲᠡᠭᠡᠪᠡᠯ ᠲᠠ ᠬᠣᠶᠠᠷ ᠮᠢᠨᠦ ᠵᠢᠭᠠᠭᠰᠠᠨ ᠢ᠋ᠶ᠋ᠠᠷ ᠬᠢᠬᠦ ᠪᠣᠯᠤᠨ᠎ᠠ᠃ ᠮᠡᠳᠡᠪᠡ ᠤᠤ?
— ᠪᠣᠯᠤᠨ᠎ᠠ᠂ ᠪᠣᠯᠤᠨ᠎ᠠ᠃ ᠮᠡᠳᠡᠯ᠎ᠡ ᠭᠡᠵᠡᠢ᠃
ᠮᠠᠨᠴᠤᠷᠭ᠎ᠠ ᠬᠦᠩ ᠨᠣᠶᠠᠨ ᠤ᠋ ᠡᠭᠦᠯᠡᠨ ᠤᠭᠠᠯᠵᠠ ᠲᠠᠢ ᠰᠢᠷ᠎ᠠ ᠲᠣᠷᠭᠠᠨ ᠲᠡᠷᠯᠢᠭ ᠢ᠋ ᠡᠪᠯᠢᠭᠬᠡᠨ ᠠᠭᠰᠠᠵᠤ ᠡᠮᠦᠰᠦᠭᠡᠳ ᠡᠭᠡᠳᠡᠨ ᠭᠤᠲᠤᠯ ᠢ᠋ ᠨᠢ ᠢᠰᠬᠦᠯᠵᠦ ᠬᠤᠪᠴᠠᠯᠠᠪᠠᠯ ᠰᠢᠷᠠᠪᠳᠣᠷᠵᠢ ᠬᠦᠩ ᠨᠣᠶᠠᠨ ᠤ᠋ ᠰᠦᠷ ᠨᠠᠮᠪᠠᠭ᠎ᠠ ᠠ᠋ᠴᠠ ᠬᠤᠪᠢ ᠳᠠᠬᠢᠨ ᠰᠦᠷᠯᠢᠭ ᠣᠮᠣᠭᠯᠠᠩ ᠬᠠᠷᠠᠭᠳᠠᠬᠤ ᠳ᠋ᠤᠨᠢ ᠴᠡᠴᠡᠭ ᠬᠠᠲᠤᠨ ᠡᠮᠡᠭᠲᠡᠢ ᠬᠥᠮᠦᠨ ᠦ᠌ ᠬᠠᠮᠤᠭ ᠤ᠋ᠨ ᠭᠡᠨᠡᠨ ᠪᠠᠢᠳᠠᠭ《ᠮᠠᠷᠲᠠᠮᠠᠲᠠᠭᠠᠢ ᠡᠪᠡᠳᠴᠢᠨ》 ᠳ᠋ᠦ᠍ ᠲᠠᠢᠯᠳᠠᠵᠤ ᠪᠡᠶ᠎ᠡ ᠪᠡᠨ ᠪᠠᠷᠢᠵᠤ ᠲᠠᠢᠯᠤᠯ ᠦᠭᠡᠢ ᠮᠠᠨᠴᠤᠷᠭ᠎ᠠ ᠶ᠋ᠢᠨ ᠡᠯᠢᠭᠡᠨ ᠳ᠋ᠦ᠍ ᠨᠠᠭᠠᠯᠳᠤᠨ ᠤᠬᠢᠯᠠᠪᠠ᠃
— ᠵᠠ ᠪᠠᠢᠵᠠ! ᠡᠨᠡ ᠬᠣᠶᠠᠷ ᠢ᠋ ᠤᠬᠠᠭᠠᠨ ᠬᠢᠴᠢᠭᠡᠭᠡᠳ ᠶᠠᠭᠤᠮ᠎ᠠ ᠶᠠᠷᠢᠶ᠎ᠠ! ᠭᠡᠵᠦ ᠮᠠᠨᠴᠤᠷᠭ᠎ᠠ ᠴᠡᠴᠡᠭ ᠬᠠᠲᠤᠨ ᠤ᠋ ᠰᠣᠳᠣᠨ ᠦᠨᠦᠷ ᠬᠠᠩᠬᠤᠯᠤᠭᠰᠠᠨ ᠦᠰᠦ ᠶ᠋ᠢ ᠥᠬᠥᠭᠡᠷᠳᠡᠨ ᠦᠨᠦᠰᠴᠦ ᠵᠠᠢᠯᠠᠭᠤᠯᠤᠭᠠᠳ᠂ ᠨᠥᠭᠦᠭᠡ ᠬᠣᠶᠠᠷ ᠴᠡᠷᠢᠭ ᠦ᠋ᠨ ᠪᠡᠶ᠎ᠡ ᠪᠡᠷ ᠳᠣᠷᠪᠢᠯᠢᠭ ᠰᠢᠭ᠋ ᠦ᠋ᠨ ᠬᠤᠪᠴᠠᠰᠤ ᠶ᠋ᠢ ᠨᠢ ᠲᠠᠢᠯᠵᠤ ᠱᠠᠯᠳᠠᠩᠨᠠᠭᠤᠯᠤᠭᠠᠳ ᠠᠭᠠᠷᠤ ᠰᠢᠷᠡᠭᠡᠨ ᠦ᠌ ᠨᠢᠷᠤᠭᠤᠨ ᠳ᠋ᠤ᠌ ᠰᠠᠶᠢ ᠶ᠋ᠢᠨ ᠥᠪᠡᠷ ᠢ᠋ ᠨᠢ ᠥᠷᠥᠴᠡᠯᠡᠬᠦ ᠭᠡᠵᠦ ᠪᠠᠢᠭ᠎ᠠ ᠬᠣᠨᠢ ᠰᠢᠭ᠋ ᠬᠦᠯᠢᠵᠦ ᠣᠷᠬᠢᠭᠰᠠᠨ ᠶᠠᠩᠵᠤ ᠪᠠᠷ ᠬᠦᠯᠢᠵᠦ ᠲᠠᠯᠪᠢᠪᠠ᠃ ᠨᠥᠭᠦᠭᠡ ᠳᠠᠷᠴᠢᠩᠬᠠᠢ ᠰᠢᠭ᠋ ᠦ᠋ᠨ ᠬᠢᠨ ᠦ᠌ ᠥᠮᠥᠳᠥ ᠶ᠋ᠢ ᠨᠢ ᠲᠣᠯᠣᠭᠠᠢ ᠳ᠋ᠤᠨᠢ ᠤᠭᠯᠠᠵᠤ᠂ ᠳᠠᠯᠠᠢ ᠪᠠᠷ ᠨᠢ ᠬᠥᠯ ᠢ᠋ ᠨᠢ ᠲᠤᠰᠢᠵᠤ᠂ ᠬᠠᠨᠠᠨ ᠤ᠋ ᠲᠣᠯᠣᠭᠠᠢ ᠠ᠋ᠴᠠ ᠤᠶᠠᠵᠤ ᠣᠷᠬᠢᠪᠠ᠃
— ᠵᠠ ᠲᠠ ᠬᠣᠶᠠᠷ ᠳᠡᠯᠳᠡᠢᠭᠡᠳ ᠰᠠᠢᠬᠠᠨ ᠰᠣᠨᠣᠰᠴᠤ ᠪᠠᠢ ᠭᠡᠪᠡᠯ᠄
— ᠵᠠ᠂ ᠰᠣᠨᠣᠰᠴᠤ ᠪᠠᠢᠨ᠎ᠠ ᠭᠡᠯᠡ᠃
— ᠢᠮᠠᠭᠠᠨ ᠳᠠᠭᠤᠲᠤ ᠬᠠᠮᠢᠭ᠎ᠠ ᠪᠠᠢᠨ᠎ᠠ? ᠨᠠᠳᠠ ᠶᠠᠷᠢ! ᠴᠢᠰᠤᠯᠠᠵᠤ ᠤᠷᠭᠢᠶ᠎ᠠ ᠮᠠᠭᠤ ᠲᠤᠷᠠᠰᠬ᠎ᠠ ᠶ᠋ᠢ ᠭᠡᠬᠦ ᠳ᠋ᠦ᠍᠄
— ᠬᠦᠩ ᠨᠣᠶᠠᠨ ᠳ᠋ᠤ᠌ ᠭᠠᠪᠢᠶ᠎ᠠ ᠠᠢᠯᠠᠳᠬᠠᠬᠤ ᠪᠠᠷ ᠰᠥᠨᠢᠵᠢᠨ ᠶᠠᠪᠤᠭᠰᠠᠨ ᠭᠡᠯᠡ᠃
— ᠵᠠ ᠲᠡᠭᠡᠪᠡᠯ ᠢᠩᠭᠢ!᠃ ᠴᠠᠭᠠᠳᠤ ᠢᠮᠠᠭᠠᠨ ᠳᠠᠭᠤᠲᠤ ᠴᠢᠨᠢ ᠢᠷᠡᠪᠡᠯ ᠮᠠᠨᠴᠤᠷᠭ᠎ᠠ ᠠᠪᠤ᠂ ᠲᠠᠨ ᠢ᠋ ᠶᠠᠪᠤᠩᠭᠤᠲᠠ ᠬᠦᠯᠢᠶᠡᠰᠦ ᠲᠡᠢ ᠰᠢᠷᠡᠭᠡ ᠶ᠋ᠢ ᠡᠭᠦᠷᠦᠨ ᠪᠣᠰᠴᠤ ᠪᠢᠳᠡ ᠬᠣᠶᠠᠷ ᠤ᠋ᠨ ᠪᠠᠯᠢᠩ ᠲᠠᠬᠢᠯ ᠢ᠋ ᠬᠤᠷᠢᠶᠠᠴᠢᠬᠠᠬᠤ ᠰᠢᠬᠠᠯ᠎ᠠ ᠭᠡᠵᠦ ᠬᠡᠯᠡ! ᠪᠠᠰᠠ ᠮᠠᠭᠤ ᠢᠮᠠᠭᠠᠨ ᠳᠠᠭᠤᠲᠤ ᠶ᠋ᠢ ᠮᠣᠳᠣᠨ ᠳ᠋ᠤ᠌ ᠡᠯᠭᠦᠵᠦ ᠴᠢᠨᠣ᠎ᠠ ᠶ᠋ᠢᠨ ᠬᠣᠭᠣᠯᠠ ᠪᠣᠯᠭᠠᠨ᠎ᠠ ᠭᠡᠵᠦ ᠳᠠᠮᠵᠢᠭᠤᠯᠤᠭᠠᠷᠠᠢ᠃ ᠪᠢᠳᠡ ᠬᠣᠶᠠᠷ ᠤ᠋ᠨ ᠤᠲᠠᠰᠤᠨ ᠠᠮᠢ ᠶ᠋ᠢ ᠦᠯᠡᠳᠡᠭᠡᠭᠰᠡᠨ ᠨᠢ ᠴᠠᠭᠠᠰᠢ ᠦᠭᠡ ᠳᠠᠮᠵᠢᠭᠤᠯᠬᠤ ᠭᠡᠰᠡᠨ ᠭᠡᠵᠦ ᠬᠡᠯᠡᠭᠡᠷᠡᠢ᠃ ᠥᠭᠡᠷ᠎ᠡ ᠴᠠᠭᠠᠰᠢ ᠪᠠᠨ ᠳᠡᠯ ᠰᠡᠭᠦᠯ ᠨᠡᠮᠡᠵᠦ ᠢᠯᠡᠭᠦᠦ ᠳᠤᠲᠠᠭᠤ ᠶᠠᠭᠤᠮ᠎ᠠ ᠳᠣᠩᠭᠣᠰᠪᠠᠯ ᠤᠤ? ᠪᠥᠨᠲᠥᠭᠡᠷ ᠡᠴᠡ ᠪᠡᠨ ᠰᠠᠯᠤᠨ᠎ᠠ ᠭᠡᠵᠦ ᠪᠣᠳᠣᠭᠠᠷᠠᠢ! ᠲᠡᠷᠡ ᠦᠶ᠎ᠡ ᠳ᠋ᠦ᠍ ᠮᠠᠨᠴᠤᠷᠭ᠎ᠠ ᠠᠪᠤ ᠳ᠋ᠠᠭᠠᠨ ᠪᠢᠲᠡᠭᠡᠢ ᠭᠣᠮᠣᠳᠠ! ᠮᠡᠳᠡᠪᠡ ᠤᠤ?
— ᠮᠡᠳᠡᠯ᠎ᠡ᠂ ᠮᠡᠳᠡᠯ᠎ᠡ! ᠭᠡᠵᠦ ᠨᠥᠭᠦᠭᠡ ᠬᠣᠶᠠᠷ ᠴᠡᠴᠡᠷᠭᠡᠨᠡᠭᠰᠡᠨ ᠳᠠᠭᠤ ᠪᠠᠷ ᠵᠡᠷᠭᠡ ᠳᠤᠤᠭᠠᠷᠴᠤ ᠪᠠᠢᠯ᠎ᠠ᠃
ᠮᠠᠨᠴᠤᠷᠭ᠎ᠠ ᠨᠢᠭᠡ ᠬᠡᠰᠡᠭ ᠭᠠᠳᠠᠭᠤᠷ ᠶᠠᠪᠤᠵᠤ ᠶᠠᠪᠤᠭᠠᠳ《ᠡᠨᠡ ᠬᠣᠶᠠᠷ ᠳᠠᠮᠰᠢᠭ ᠢ᠋ ᠳᠠᠭᠠᠭᠤᠯᠤᠭᠠᠳ ᠭᠠᠷᠬᠤ ᠤᠤ》 ᠭᠡᠵᠦ ᠪᠣᠳᠣᠨ ᠪᠤᠴᠠᠵᠤ ᠢᠷᠡᠨ ᠥᠨᠥᠬᠢ ᠬᠣᠶᠠᠷ ᠤ᠋ᠨ ᠬᠠᠵᠠᠭᠤ ᠳ᠋ᠤ᠌ ᠣᠴᠢᠭᠠᠳ《 ᠨᠢᠭᠡ ᠬᠠᠲᠠᠭᠤ ᠲᠣᠭᠯᠠᠭᠠᠮ ᠢ᠋ᠶ᠋ᠠᠷ ᠲᠡᠩᠰᠡᠵᠦ ᠦᠵᠡᠶ᠎ᠡ》 ᠭᠡᠳ᠄
— ᠲᠠ ᠬᠣᠶᠠᠷ ᠢ᠋ ᠵᠢᠭᠠᠯ ᠵᠢᠭᠤᠯ ᠴᠢᠰᠤ ᠦᠵᠡᠭᠦᠯᠦᠶ᠎ᠡ! ᠭᠡᠳ ᠵᠠᠭᠠᠨ ᠤ᠋ ᠶᠠᠰᠤᠨ ᠪᠠᠷᠢᠭᠤᠯ ᠲᠠᠢ ᠮᠥᠩᠭᠥᠨ ᠬᠢᠲᠤᠭ᠎ᠠ ᠪᠠᠨ ᠬᠤᠢ ᠠ᠋ᠴᠠ ᠨᠢ ᠱᠣᠷᠳ᠋ ᠬᠢᠲᠡᠯ᠎ᠡ ᠰᠤᠭᠤᠯᠪᠠᠯ ᠥᠨᠥᠬᠢ ᠬᠣᠶᠠᠷ ᠲᠠᠤᠯᠠᠢ ᠶ᠋ᠢᠨ ᠵᠢᠷᠦᠬᠡ ᠲᠡᠢ ᠠᠮᠢᠲᠠᠨ ᠪᠠᠯᠠᠭᠳᠠᠵᠤ᠄
— ᠭᠤᠶᠤᠶ᠎ᠠ ᠳᠠ! ᠮᠠᠨᠴᠤᠷᠭ᠎ᠠ ᠭᠤᠸᠠᠢ! ᠠᠮᠢ ᠶ᠋ᠢ ᠮᠢᠨᠢ ᠦᠯᠡᠳᠡᠭᠡᠬᠦ ᠭᠡᠰᠡᠨ ᠪᠢᠰᠢ ᠤᠤ ᠲᠠ! ᠠᠷᠤ ᠭᠡᠷ ᠲᠦ᠍ ᠳᠠᠯ᠎ᠠ ᠭᠠᠷᠤᠭᠰᠠᠨ ᠡᠵᠢ᠂ ᠪᠠᠰᠠ ᠡᠬᠡᠨᠡᠷ ᠬᠡᠦᠬᠡᠳ᠁ ᠭᠡᠳ ᠤᠬᠢᠯᠠᠩᠨᠠᠪᠠ᠃
— ᠡᠴᠢᠭᠡ ᠳ᠋ᠡᠭᠡᠨ ᠤᠬᠢᠯᠠᠭ ᠠᠯᠳᠠᠭᠠᠳ ᠪᠠᠢᠪᠠ? ᠠᠮᠢ ᠶ᠋ᠢ ᠴᠢᠨᠢ ᠠᠪᠬᠤ ᠬᠡ ᠦᠭᠡᠢ᠂ ᠪᠠᠭ᠎ᠠ ᠰᠠᠭ᠎ᠠ ᠴᠢᠰᠤ ᠲᠣᠰᠣᠯᠠᠭᠤᠯᠤᠶᠠ ᠭᠡᠰᠡᠨ ᠪᠢᠰᠢ ᠪᠢᠯᠡ ᠤᠤ!
— ᠵᠠ᠂ ᠵᠠ! ᠮᠥᠨ ᠳᠡ ᠮᠥᠨ᠃ ᠠᠮᠢ ᠶ᠋ᠢ ᠮᠢᠨᠢ ᠥᠷᠥᠰᠢᠶᠡᠳᠡᠭ ᠯᠡ ᠶᠦᠮ ᠪᠣᠯ ᠶᠠᠭᠠᠬᠢᠭᠰᠠᠨ ᠴᠦ᠍ ᠪᠣᠯᠤᠨ᠎ᠠ!
— ᠠᠮᠢ ᠶ᠋ᠢ ᠨᠢ ᠦᠯᠡᠳᠡᠭᠡᠪᠡᠯ ᠶᠠᠭᠠᠬᠢᠪᠠᠯ ᠶᠠᠭᠠᠬᠢ ᠭᠡᠨ᠎ᠡ? ᠲᠡᠭᠡᠪᠡᠯ《 ᠯᠤᠤᠪᠠᠩ》 ᠢ᠋ ᠴᠢᠨᠢ ᠰᠡᠷᠳ᠋ ᠬᠢᠲᠡᠯ᠎ᠡ ᠡᠪᠡᠳᠬᠦ ᠶ᠋ᠢᠨ ᠵᠠᠪ ᠦᠭᠡᠢ ᠣᠭᠲᠣᠯᠤᠭᠠᠳ ᠨᠣᠬᠠᠢ ᠳ᠋ᠤ᠌ ᠦᠭᠴᠢᠬᠡᠶᠡ ᠭᠡᠳ ᠥᠨᠥ ᠬᠣᠨᠢᠴᠢᠯᠠᠠ ᠬᠦᠯᠢᠭᠳᠡᠭᠰᠡᠨ ᠳᠣᠷᠪᠢᠯᠢᠭ ᠡᠷ᠎ᠡ ᠶ᠋ᠢᠨ ᠰᠢᠭᠤᠳᠠᠭ ᠢ᠋ ᠵᠤᠮᠠᠭᠠᠵᠤ ᠠᠶᠤᠯᠭᠠᠪᠠᠯ ᠥᠨᠥᠬᠢ ᠨᠢ ᠰᠠᠨᠳᠤᠷᠴᠤ ᠪᠡᠮᠪᠡᠭᠡᠨᠡᠵᠦ᠄
— ᠮᠠᠨᠴᠤᠷᠭ᠎ᠠ ᠠᠪᠤ ᠮᠢᠨᠢ ᠭᠤᠶᠤᠶ᠎ᠠ ᠳᠠ᠂ ᠭᠤᠶᠤᠶ᠎ᠠ!《 ᠯᠤᠤᠪᠠᠩ》 ᠢ᠋ᠶ᠋ᠠᠨ ᠣᠭᠲᠣᠯᠤᠭᠤᠯᠬᠤ ᠠ᠋ᠴᠠ ᠦᠬᠦᠲᠡᠯ᠎ᠡ ᠪᠡᠨ ᠠᠶᠤᠵᠤ ᠨᠢᠳᠦ ᠨᠢ ᠴᠠᠭᠠᠨ ᠢ᠋ᠶ᠋ᠠᠷ ᠡᠷᠭᠢᠯᠳᠦᠨ ᠨᠤᠭᠤᠰᠤᠯᠠᠭᠤᠯᠤᠭᠰᠠᠨ ᠱᠠᠷ ᠤ᠋ᠨ ᠨᠢᠳᠦ ᠰᠢᠭ ᠭᠥᠯᠢᠯᠵᠡᠪᠡ᠃ ᠲᠡᠭᠡᠭᠡᠳ ᠮᠠᠨᠴᠤᠷᠭ᠎ᠠ ᠡᠨᠡ ᠬᠣᠶᠠᠷ ᠠᠶᠤᠮᠠᠲᠠᠭᠠᠢ ᠡᠷ᠎ᠡ ᠶ᠋ᠢ ᠬᠠᠷᠠᠭᠠᠳ ᠬᠥᠬᠡ ᠢᠨᠢᠶᠡᠳᠦ ᠨᠢ ᠬᠦᠷᠴᠦ《ᠡᠨᠡ ᠬᠣᠶᠠᠷ ᠢ᠋ ᠳᠠᠭᠠᠭᠤᠯᠵᠤ ᠣᠷᠭᠣᠶᠠ》 ᠭᠡᠰᠡᠨ ᠪᠣᠳᠣᠯ ᠢ᠋ᠶ᠋ᠠᠨ ᠬᠠᠶᠠᠭᠠᠳ ᠲᠡᠳᠡ ᠬᠣᠶᠠᠷ ᠤ᠋ᠨ ᠨᠢᠭᠤᠷ ᠮᠠᠩᠨᠠᠢ᠂ ᠭᠠᠷ ᠴᠠᠷᠪᠠᠭᠤ ᠳ᠋ᠤᠨᠢ ᠶᠠᠯᠢ ᠦᠭᠡᠢ ᠬᠢᠲᠤᠭᠠᠨ ᠰᠣᠷᠪᠢ ᠦᠯᠡᠳᠡᠭᠡᠵᠦ ᠴᠢᠰᠤ ᠨᠥᠵᠢ ᠶ᠋ᠢ ᠨᠢ ᠪᠢᠯᠳᠠᠵᠤ ᠣᠷᠬᠢᠪᠠ᠃ ᠡᠨᠡ ᠬᠣᠶᠠᠷ《 ᠢ ᠢ᠂ ᠶᠣ ᠶᠣ》 ᠭᠡᠵᠦ ᠶᠣᠣᠯᠠᠨ ᠮᠠᠨᠴᠤᠷᠭ᠎ᠠ ᠶ᠋ᠢ ᠭᠠᠢᠬᠠᠵᠤ《ᠡᠨᠡ ᠶᠠᠭᠠᠬᠢᠬᠤ ᠳ᠋ᠠᠭᠠᠨ ᠪᠢᠳᠡ ᠬᠣᠶᠠᠷ ᠢ᠋ ᠢᠩᠭᠢᠵᠦ ᠰᠢᠨᠠᠯᠭᠠᠵᠤ ᠪᠠᠢᠭ᠎ᠠ ᠶᠤᠮ?》 ᠭᠡᠰᠡᠨ ᠰᠡᠵᠢᠭᠲᠡᠢ ᠨᠢᠳᠦ ᠪᠡᠷ ᠲᠡᠭᠦᠨ ᠢ᠋ ᠬᠠᠷᠠᠬᠤ ᠳ᠋ᠤ᠌ ᠮᠠᠨᠴᠤᠷᠭ᠎ᠠ᠄
— ᠪᠢ ᠶᠠᠭᠤ ᠭᠡᠵᠦ ᠲᠠ ᠬᠣᠶᠠᠷ ᠢ᠋ ᠴᠢᠰᠤ ᠨᠥᠵᠢ ᠪᠡᠷ ᠪᠢᠯᠳᠠᠳᠠᠭ ᠪᠣᠢ? ᠭᠡᠪᠡ᠃
— ᠮᠡᠳᠡᠬᠦ ᠦᠭᠡᠢ ᠠ᠋!
— ᠪᠢ ᠲᠠ ᠬᠣᠶᠠᠷ ᠢ᠋ ᠢᠩᠭᠢᠬᠦ ᠦᠭᠡᠢ ᠪᠣᠯ ᠴᠠᠭᠠᠳᠤᠭᠤᠯᠠ ᠴᠢᠨᠢ ᠪᠤᠴᠠᠵᠤ ᠢᠷᠡᠨ ᠲᠠ ᠬᠣᠶᠠᠷ ᠲᠤ ᠶᠠᠯ᠎ᠠ ᠨᠥᠮᠥᠷᠭᠡᠨ᠂ ᠨᠠᠳᠠ ᠲᠠᠢ ᠬᠤᠤᠪᠢᠯᠳᠤᠵᠤ᠂ ᠮᠢᠨᠦ ᠬᠦᠯᠢᠶᠡᠰᠦ ᠶ᠋ᠢ ᠲᠠ ᠬᠣᠶᠠᠷ ᠠᠯᠳᠠᠷᠠᠭᠠᠵᠤ ᠳᠤᠲᠠᠭᠠᠯᠭᠠᠯᠠ᠁ ᠶᠠᠭᠠᠬᠢᠯ᠎ᠠ ᠡᠢᠯ᠎ᠡ ᠭᠡᠬᠦ ᠶᠦᠮ ᠰᠢᠦ! ᠢᠩᠭᠢᠵᠦ ᠴᠢᠰᠤ ᠨᠥᠵᠢ ᠳ᠋ᠦ᠍ ᠪᠢᠯᠳᠠᠭᠳᠠᠭᠰᠠᠨ ᠵᠤᠲᠠᠷᠠᠭᠤ ᠳᠦᠷᠰᠦ ᠶ᠋ᠢ ᠴᠢᠨᠢ ᠬᠠᠷᠠᠪᠠᠯ ᠴᠠᠭᠠᠳᠤᠭᠤᠯᠠ ᠴᠢᠨᠢ ᠲᠠ ᠨᠠᠷ ᠢ᠋ ᠥᠴᠦᠬᠡᠨ ᠴᠦ᠍ ᠡᠨᠡᠷᠢᠬᠦ ᠪᠣᠳᠣᠯ ᠣᠷᠣᠵᠤ᠂ ᠮᠠᠨᠴᠤᠷᠭ᠎ᠠ ᠲᠠᠢ ᠬᠢᠷᠢᠨ ᠳ᠋ᠡᠭᠡᠨ ᠦᠵᠡᠯᠴᠡᠵᠦ ᠳᠡ ᠭᠡᠵᠦ ᠰᠠᠨᠠᠨ᠎ᠠ᠃ ᠲᠡᠢᠮᠦ ᠤᠤ ᠦᠭᠡᠢ ᠤᠤ⁈ ᠬᠢᠪᠡᠯ ᠥᠨᠥᠬᠢ ᠬᠣᠶᠠᠷ᠄
— ᠶᠠᠭ ᠮᠥᠨ! ᠶᠠᠭ ᠮᠥᠨ ᠭᠡᠪᠡ᠃
— ᠣᠭᠲᠣᠯᠤᠭᠰᠠᠨ ᠰᠢᠷᠬ᠎ᠠ ᠴᠢᠨᠢ ᠡᠪᠡᠳᠴᠦ ᠪᠠᠢᠨ᠎ᠠ ᠤᠤ?
— ᠦᠭᠡᠢ ᠠ᠋᠂ ᠦᠭᠡᠢ ᠭᠡᠵᠦ ᠬᠠᠷᠢᠨ ᠡᠷ᠎ᠡ ᠬᠥᠮᠦᠨ ᠰᠢᠭ ᠳᠤᠤᠭᠠᠷᠪᠠ᠃
ᠮᠠᠨᠴᠤᠷᠭ᠎ᠠ ᠡᠳᠡ ᠬᠣᠶᠠᠷ ᠤ᠋ᠨ ᠴᠢᠰᠤ ᠨᠥᠵᠢᠨ ᠳ᠋ᠦ᠍ ᠪᠢᠯᠳᠠᠭᠳᠠᠵᠤ᠂ ᠤᠯᠠᠭᠠᠨ ᠵᠠᠭᠠᠯ ᠪᠣᠯᠤᠭᠰᠠᠨ ᠥᠭᠡᠳᠡ ᠦᠭᠡᠢ ᠴᠢᠷᠠᠢ ᠶ᠋ᠢ ᠬᠠᠷᠠᠭᠠᠳ ᠭᠡᠷ ᠦ᠋ᠨ ᠠᠳᠠᠭᠠᠷ ᠢ᠋ ᠳᠣᠷᠭᠢᠲᠠᠯ᠎ᠠ ᠢᠨᠢᠶᠡᠭᠰᠡᠨ ᠢ᠋ᠶ᠋ᠡᠨ《 ᠬᠡᠪᠡᠯᠢ ᠳ᠋ᠠᠬᠢ ᠪᠠᠨ ᠬᠢᠮᠠᠭᠠᠳᠠᠵᠤ ᠳᠣᠳᠣᠮᠳᠠᠭᠠᠷᠠᠢ! ᠲᠡᠷᠡ ᠪᠣᠯ ᠴᠢ ᠪᠢᠳᠡ ᠬᠣᠶᠠᠷ ᠤ᠋ᠨ ᠬᠠᠢᠷ᠎ᠠ ᠶ᠋ᠢᠨ ᠢᠪᠢᠯᠥᠯ ᠰᠦᠭ ᠰᠢᠮ᠎ᠡ ᠡᠴᠡ ᠪᠦᠲᠦᠭᠰᠡᠨ ᠪᠦᠷᠢᠯᠸ᠎ᠠ ᠪᠠᠢᠭ᠎ᠠ ᠰᠢᠦ! ᠴᠢᠮ᠎ᠠ ᠳ᠋ᠤ᠌ ᠵᠢᠷᠭᠠᠯ ᠠᠪᠴᠢᠷᠠᠳᠠᠭ ᠨᠢ ᠲᠡᠷᠡ!》 ᠭᠡᠵᠦ ᠴᠡᠴᠡᠭ ᠬᠠᠲᠤᠨ ᠳ᠋ᠤ᠌ ᠵᠠᠬᠢᠵᠤ ᠬᠡᠯᠡᠭᠡᠳ ᠡᠷᠭᠢᠵᠦ ᠬᠠᠷᠠᠯ ᠦᠭᠡᠢ ᠭᠠᠷᠴᠤ ᠶᠠᠪᠤᠯ᠎ᠠ᠃
ᠮᠠᠨᠴᠤᠷᠭ᠎ᠠ᠂ ᠥᠯᠵᠡᠢᠰᠠᠩ ᠤ᠋ᠨ ᠰᠠᠭᠤᠳᠠᠭ ᠥᠷᠥᠭᠡ ᠤᠷᠤᠭᠤ ᠱᠠᠭᠠᠢᠵᠤ《 ᠠᠯᠢ ᠨᠢᠭᠡ ᠡᠳᠦᠷ ᠮᠡᠳᠡᠬᠦ ᠴᠠᠭ ᠪᠣᠢ᠃ ᠢᠮᠠᠭᠠᠨ ᠳᠠᠭᠤ ᠲᠠᠢ᠂ ᠯᠤᠤᠪᠠᠩ ᠴᠦ᠍ ᠦᠭᠡᠢ ᠮᠥᠷᠲᠡᠭᠡᠨ ᠶᠠᠭᠤᠮᠠᠨ ᠳ᠋ᠤ᠌ ᠳᠤᠷᠠᠲᠠᠢ ᠭᠡᠳᠡᠭ ᠨᠢ》 ᠭᠡᠵᠦ ᠵᠠᠨᠤᠵᠤ ᠬᠡᠯᠡᠭᠡᠳ ᠭᠣᠢᠳᠣᠪ᠂ ᠰᠣᠳᠨᠠᠮ᠂ ᠪᠠᠽᠠᠷ᠂ ᠴᠣᠭᠲᠤ ᠨᠠᠷ ᠢ᠋ ᠳᠠᠭᠤᠳᠠᠵᠤ ᠰᠡᠷᠡᠭᠡᠨ ᠦᠦᠷ ᠬᠠᠷᠠᠩᠭᠤᠢ ᠪᠠᠷ ᠮᠣᠷᠳᠠᠵᠠᠭᠠᠯᠠ᠁
ᠳᠣᠷᠣᠨ᠎ᠠ ᠠ᠋ᠴᠠ ᠦᠦᠷ ᠬᠠᠶᠠᠭᠠᠷᠠᠵᠤ ᠠᠭᠠᠵᠢᠮ ᠢ᠋ᠶ᠋ᠠᠷ ᠤᠭᠤᠷᠠᠭ ᠴᠠᠭᠠᠨ ᠭᠡᠭᠡ ᠴᠠᠢᠵᠤ ᠡᠬᠢᠯᠡᠪᠡ᠃
ᠮᠠᠨᠴᠤᠷᠭ᠎ᠠ ᠲᠦᠷᠦᠭᠦᠲᠠᠢ ᠠᠷᠪᠠᠭᠠᠳ ᠮᠣᠷᠢᠲᠠᠨ ᠳᠥᠭᠥᠮ ᠦ᠋ᠨ ᠴᠠᠭᠠᠨ ᠳᠠᠷᠠᠰᠤ᠂ ᠴᠥᠭᠡᠨ ᠪᠤᠲᠠ ᠲᠠᠢ ᠨᠣᠭᠣᠭᠠᠨ ᠲᠣᠬᠣᠢ ᠶ᠋ᠢ ᠲᠤᠭᠤᠯᠵᠤ ᠰᠤᠮᠤᠨ ᠬᠤᠷᠳᠤ ᠪᠠᠷ ᠣᠳᠪᠠ᠃
– – – –
① ᠬᠦᠷᠳᠦ ᠵᠡᠭᠦᠯᠭᠡᠬᠦ᠂ ᠠᠷᠤᠭᠯᠠᠬᠤ᠂ ᠲᠤᠯᠤᠮᠯᠠᠬᠤ᠂ ᠰᠢᠮᠠᠭᠤᠯ ᠳᠤ ᠵᠠᠭᠤᠯᠭᠠᠬᠤ ᠭᠡᠵᠦ ᠬᠠᠭᠤᠴᠢᠨ ᠤ ᠶᠠᠮᠤᠨ ᠤ ᠶᠠᠯᠠᠲᠠᠨ ᠢ ᠡᠷᠡᠭᠦᠳᠡᠬᠦ ᠡᠷᠡᠭᠦᠦ ᠶᠢᠨ ᠵᠦᠢᠯ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭᠴᠢ᠄ ᠭᠠᠷᠮ᠎ᠠ
