ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠨᠠᠢ᠍ᠮᠠ> Хан мунын сүүрс < дээд > – Мөнх зохиоов ᠂ Тэргүүн бодь – Хоёрдугаар бүлэг <8>
ᠲᠡᠷᠢᠭᠦᠨ ᠪᠣᠲᠢ – ᠬᠣᠶᠠᠳᠤᠭᠠᠷ ᠪᠦᠯᠦᠭ <ᠨᠠᠢ᠍ᠮᠠ>
ᠰᠢᠨ᠎ᠡ ᠬᠠᠭᠤᠴᠢᠨ ᠨᠡᠯᠢᠶᠡᠳ ᠬᠡᠳᠦᠨ ᠭᠡᠷ ᠵᠠᠢ ᠵᠣᠬᠢᠴᠠᠨ ᠡᠩᠨᠡᠷᠡᠵᠦ᠂ ᠬᠠᠶᠠᠭ᠎ᠠ ᠪᠠᠷ ᠨᠢ ᠬᠠᠩᠬᠠᠢ ᠲᠡᠷᠭᠡ ᠴᠥᠷᠬᠡᠯᠡᠨ ᠤᠷᠲᠤ ᠰᠤᠨᠵᠢᠷᠠᠨ ᠬᠡᠯᠬᠢᠶᠡᠰᠦᠲᠡᠢ᠃ ᠡᠪᠡᠷᠡᠭᠰᠡᠨ ᠠᠷᠭᠠᠯ ᠬᠥᠷᠵᠡᠩ ᠦ᠋ᠨ ᠣᠪᠣᠭ᠎ᠠ ᠨᠢ ᠳᠢᠭᠲᠡᠢ ᠱᠣᠪᠣᠢᠵᠤ ᠪᠤᠷᠭᠠᠰᠤ ᠨᠠᠢᠯᠵᠠᠭᠤᠷ ᠭᠣᠣᠯᠳᠠᠭᠰᠠᠨ ᠲᠦᠯᠡᠰᠢᠨ ᠦ᠌ ᠵᠦᠢᠯ ᠨᠢ ᠴᠡᠭᠴᠡᠲᠡᠢ ᠬᠤᠷᠢᠶᠠᠯᠲᠠ ᠲᠠᠢ ᠠ᠋ᠴᠠ ᠡᠨᠡ ᠠᠢᠯ ᠤ᠋ᠨ ᠬᠢᠨ ᠦ᠌ ᠠᠵᠢᠯᠰᠠᠭ ᠨᠢᠮᠪᠠᠢ ᠶ᠋ᠢ ᠬᠠᠷᠠᠭᠤᠯᠵᠤ ᠪᠠᠢᠪᠠ᠃
ᠬᠠᠷ᠎ᠠ ᠬᠥᠬᠡ ᠬᠥᠯᠲᠥᠷᠭᠡ᠂ ᠠᠯᠠᠭ ᠬᠣᠰᠢᠯᠠᠩ ᠲᠠᠢ ᠲᠣᠮᠣᠬᠠᠨ ᠭᠡᠷ ᠡᠴᠡ ᠨᠢᠭᠡ ᠬᠢᠵᠢᠶᠡᠯ ᠡᠷ᠎ᠡ ᠭᠠᠷᠴᠤ ᠢᠷᠡᠭᠡᠳ 《 ᠬᠡᠩ 》 ᠭᠡᠵᠦ ᠬᠣᠭᠣᠯᠠᠢ ᠪᠠᠨ ᠵᠠᠰᠠᠵᠤ ᠨᠢᠷᠤᠭᠤ ᠪᠠᠨ ᠡᠭᠦᠷᠦᠨ ᠬᠤᠳᠳᠤᠭ ᠤᠷᠤᠭᠤ ᠠᠯᠬᠤᠪᠠ᠃ ᠬᠤᠳᠳᠤᠭ ᠳᠡᠭᠡᠷ᠎ᠡ ᠦᠬᠡᠷ ᠦ᠋ᠨ ᠬᠥᠮᠦᠨ ᠬᠣᠪᠣᠭᠣ ᠲᠠᠲᠠᠵᠤ ᠦᠬᠡᠷ ᠤᠰᠤᠯᠠᠨ᠎ᠠ ᠤᠤᠭᠤᠵᠤ ᠬᠠᠨᠤᠭᠰᠠᠨ ᠦᠬᠡᠷ ᠦ᠋ᠳ ᠡᠪᠡᠷ ᠢ᠋ᠶ᠋ᠡᠨ ᠰᠡᠷᠡᠯᠵᠡᠭᠦᠯᠦᠭᠰᠡᠭᠡᠷ ᠪᠡᠯᠴᠢᠭᠡᠷ ᠵᠦᠭ ᠢ᠋ᠶ᠋ᠡᠨ ᠴᠤᠪᠤᠨ᠎ᠠ᠃
— ᠡᠨᠡ ᠬᠤᠮᠢᠭᠠᠷ ᠡᠪᠡᠷᠲᠦ ᠬᠦᠷᠡᠭᠴᠢ ᠦᠨᠢᠶ᠎ᠡ ᠶ᠋ᠢ ᠨᠢᠳᠦ ᠬᠠᠶᠠᠵᠤ ᠪᠠᠢ᠃ ᠬᠡᠮᠵᠢᠯᠡᠭᠰᠡᠨ ᠮᠠᠶᠢᠭᠲᠠᠢ ᠳᠠ᠂ ᠤᠰᠤ ᠤᠤᠭᠤᠬᠤ ᠦᠭᠡᠢ ᠭᠡᠳᠡᠷᠭᠦᠯᠡᠭᠡᠳ ᠯᠡ ᠪᠠᠢᠨ᠎ᠠ ᠭᠡᠳ ᠬᠤᠳᠳᠤᠭ ᠳᠡᠭᠡᠷ᠎ᠡ ᠬᠣᠴᠣᠷᠤᠭᠰᠠᠨ ᠪᠢᠷᠠᠭᠤ ᠲᠤᠭᠤᠯ ᠢ᠋ ᠬᠠᠮᠵᠢᠵᠤ ᠦᠬᠡᠷ ᠦ᠋ᠨ ᠬᠣᠢᠨ᠎ᠠ ᠠ᠋ᠴᠠ ᠵᠠᠯᠠᠴᠢᠬᠠᠭᠠᠳ ᠪᠤᠴᠠᠯᠭᠠᠨ ᠳ᠋ᠠᠭᠠᠨ ᠵᠠᠮ ᠳ᠋ᠤ᠌ ᠥᠷᠲᠥᠭᠰᠡᠨ ᠴᠢᠭᠢᠭᠲᠡᠢ ᠦᠬᠡᠷ ᠦ᠋ᠨ ᠪᠠᠭᠠᠰᠤ ᠶ᠋ᠢ ᠭᠠᠷ ᠢ᠋ᠶ᠋ᠠᠷ ᠢ᠋ᠶ᠋ᠠᠨ ᠤᠷᠪᠠᠭᠤᠯᠤᠨ ᠵᠦᠭᠯᠡᠭᠦᠯᠦᠨᠡ᠃ ᠡᠨᠡ ᠬᠢᠵᠢᠶᠡᠯ ᠡᠷ᠎ᠡ ᠪᠣᠯ ᠡᠯᠳᠡᠩᠭᠡ ᠲᠤᠰᠠᠯᠠᠭᠴᠢ ᠮᠥᠨ᠃ ᠠᠵᠢᠯ ᠤ᠋ᠨ ᠬᠥᠮᠦᠨ ᠲᠡᠢ ᠪᠡᠨ ᠬᠠᠮᠵᠢᠵᠤ ᠡᠨᠡ ᠲᠡᠷᠡ ᠭᠠᠷ ᠦᠵᠦᠭᠦᠷ ᠦᠭᠳᠡᠭᠰᠡᠨ ᠠᠵᠢᠯ ᠢ ᠥᠭᠡᠳᠡ ᠲᠠᠲᠠᠵᠤ ᠶᠠᠪᠤᠭ᠎ᠠ ᠳ᠋ᠤᠨᠢ ᠡᠨᠡ ᠶᠡᠬᠡ ᠠᠢᠯ ᠤ᠋ᠨ ᠦᠬᠡᠷ ᠬᠣᠨᠢᠨ ᠤ᠋ ᠬᠢᠨᠢ ᠠᠮᠢ ᠵᠢᠭᠤᠯᠭ᠎ᠠ ᠶᠢᠨ ᠬᠥᠮᠥᠨ ᠴᠦ᠍ ᠶᠤᠮ ᠤᠤ ᠭᠡᠵᠦ ᠪᠣᠳᠣᠬᠤ ᠠᠴᠠ ᠪᠠᠷᠠᠭᠤᠨ ᠭᠥᠩ ᠦᠨ ᠵᠡᠭᠦᠨ ᠳᠤᠰᠠᠯᠠᠭᠴᠢ ᠭᠡᠵᠦ ᠬᠡᠨ ᠢᠲᠡᠭᠡᠬᠦ ᠪᠢᠯᠡ⁈ ᠢᠲᠡᠭᠡᠬᠦ ᠦᠭᠡᠢ ᠨᠢ ᠴᠦ᠍ ᠠᠷᠭ᠎ᠠ ᠦᠭᠡᠢ ᠳ᠋ᠠ᠂ ᠡᠯᠳᠡᠩᠭᠡ ᠳᠤᠰᠠᠯᠠᠭᠴᠢ ᠶᠡᠬᠡᠷᠬᠡᠭ ᠳᠡᠭᠡᠷᠡᠩᠭᠦᠢ ᠵᠠᠩ ᠦᠭᠡᠢ ᠪᠣᠷᠣᠭᠵᠢᠭᠤᠨ ᠠᠵᠢᠯᠴᠢ ᠬᠥᠮᠥᠨ ᠦ ᠨᠢᠭᠡ᠃ ᠬᠣᠰᠢᠭᠤ ᠶᠠᠮᠤᠨ᠂ ᠨᠣᠶᠠᠨ ᠰᠠᠩ ᠳᠤ ᠠᠯᠪᠠᠨ ᠵᠢᠰᠢᠶᠡᠨ ᠦ ᠬᠡᠷᠡᠭ ᠤᠴᠢᠷ ᠢ ᠳᠠᠰᠤᠯᠬᠤ ᠠᠴᠠ ᠪᠤᠰᠤᠳ ᠴᠠᠭ ᠲᠤ ᠪᠦᠷ ᠭᠡᠷ ᠲᠡᠭᠡᠨ ᠬᠠᠷ᠎ᠠ ᠪᠣᠷᠣ ᠠᠵᠢᠯ ᠳᠤ ᠪᠠᠢᠳᠠᠭ ᠰᠠᠨ᠃ ᠡᠯᠳᠡᠩᠭᠡ ᠳᠤᠰᠠᠯᠠᠭᠴᠢ ᠶᠢ ᠡᠯᠳᠡᠪ ᠢ ᠪᠣᠳᠣᠨ ᠶᠠᠪᠤᠲᠠᠯ᠎ᠠ ᠤᠶᠠᠭᠠᠨ ᠳᠡᠭᠡᠷ᠎ᠡ ᠵᠢᠷᠣᠭ᠎ᠠ ᠰᠢᠷᠭ᠎ᠠ ᠮᠣᠷᠢ ᠲᠠᠢ ᠬᠥᠮᠥᠨ ᠪᠠᠭᠤᠵᠤ ᠪᠠᠢᠯ᠎ᠠ᠃ ᠵᠢᠷᠣᠭ᠎ᠠ ᠰᠢᠷᠭ᠎ᠠ ᠪᠠᠷ ᠨᠢ ᠮᠠᠢᠷᠠᠨ ᠵᠠᠩᠭᠢ ᠵᠤᠳᠪᠠ ᠮᠥᠨ ᠭᠡᠭᠴᠢ ᠶᠢ ᠲᠠᠨᠢᠪᠠ᠃
ᠬᠦᠳᠡᠷ ᠪᠦᠳᠦᠭᠦᠨ ᠪᠡᠶ᠎ᠡ ᠲᠡᠢ᠂ ᠦᠵᠦᠭᠦᠷᠰᠦᠨ ᠬᠠᠷ᠎ᠠ ᠬᠥᠬᠡ ᠲᠡᠷᠯᠢᠭ ᠳᠡᠭᠡᠷ᠎ᠡ ᠠᠶᠠᠭᠠᠨ ᠴᠢᠨᠡᠭᠡᠨ ᠲᠣᠮᠣ ᠵᠣᠭᠣᠰᠤᠨ ᠬᠡ ᠲᠡᠢ ᠬᠦᠷᠡᠩ ᠲᠣᠷᠭᠠᠨ ᠬᠠᠨᠵᠢᠶᠠᠷ ᠡᠮᠦᠰᠦᠨ ᠵᠡᠭᠦᠨ ᠲᠠᠰᠢᠶᠠᠨ ᠳ᠋ᠠᠭᠠᠨ ᠬᠥᠬᠦᠦᠷ ᠳᠠᠯᠢᠶᠠᠷ᠂ ᠪᠠᠷᠠᠭᠤᠨ ᠲᠠᠰᠢᠶᠠᠨ ᠳ᠋ᠠᠭᠠᠨ ᠱᠢᠷᠦ ᠰᠢᠭᠢᠳᠬᠡᠭᠰᠡᠨ ᠮᠥᠩᠭᠥᠨ ᠪᠠᠯ ᠲᠠᠢ᠂ ᠵᠠᠭᠠᠨ ᠤ᠋ ᠶᠠᠰᠤᠨ ᠰᠠᠪᠬ᠎ᠠ ᠲᠠᠢ ᠮᠥᠩᠭᠥᠨ ᠬᠢᠲᠤᠭ᠎ᠠ ᠵᠡᠭᠦᠵᠦ ᠰᠣᠷᠲᠣᠭᠣᠲᠠᠢ ᠠᠯᠬᠤᠵᠤ ᠢᠷᠡᠨ ᠰᠤᠯᠠ ᠡᠮᠦᠰᠬᠡᠯ ᠲᠡᠢ ᠲᠤᠰᠠᠯᠠᠭᠴᠢ ᠨᠣᠶᠠᠨ ᠳ᠋ᠤ᠌ ᠮᠡᠬᠦᠢᠨ ᠰᠥᠬᠥᠷᠡᠵᠦ᠄
— ᠲᠤᠰᠠᠯᠠᠭᠴᠢ ᠨᠣᠶᠠᠨᠲᠠᠨ ᠭᠤᠸᠠᠢ ᠲᠠᠪᠠᠲᠠᠢ ᠵᠤᠰᠠᠵᠤ ᠪᠠᠢᠨ᠎ᠠ ᠤᠤ ? ᠭᠡᠵᠦ ᠬᠢᠴᠢᠶᠡᠩᠭᠦᠢᠯᠡᠨ ᠮᠡᠨᠳᠦᠯᠡᠬᠦ ᠪᠡᠷ ᠨᠢ᠂
— ᠲᠠᠪᠠᠲᠠᠢ ᠲᠠᠪᠠᠲᠠᠢ᠃ ᠲᠠᠨ ᠤ᠋ ᠬᠢᠨ ᠰᠠᠢᠬᠠᠨ ᠵᠤᠰᠠᠵᠤ ᠪᠠᠢᠨ᠎ᠠ ᠤᠤ ? ᠭᠡᠵᠦ ᠬᠠᠷᠢᠭᠤ ᠮᠡᠨᠳᠦᠯᠡᠭᠡᠳ ᠭᠡᠷ ᠲᠡᠢᠰᠢ ᠠᠯᠬᠤᠵᠠᠭᠠᠪᠠ᠃ ᠬᠣᠰᠢᠭᠤ ᠲᠤᠰᠠᠯᠠᠭᠴᠢ᠂ ᠮᠡᠢᠷᠡᠨ ᠵᠠᠩᠭᠢ ᠬᠣᠶᠠᠷ ᠮᠥᠷᠥ ᠵᠡᠷᠭᠡᠴᠡᠨ ᠠᠯᠬᠤᠬᠤ ᠳ᠋ᠤᠨᠢ ᠬᠣᠶᠠᠭᠤᠯᠠ ᠶ᠋ᠢᠨ ᠵᠢᠩᠰᠡ ᠤᠲᠤᠭ᠎ᠠ ᠵᠡᠷᠭᠡ ᠪᠠᠢᠷᠢ ᠶ᠋ᠢ ᠨᠢ ᠠᠨᠳᠠᠭᠤᠷᠠᠮᠠ ᠠᠵᠢ᠃
ᠲᠤᠰᠠᠯᠠᠭᠴᠢ ᠶ᠋ᠢᠨ ᠡᠭᠦᠳᠡᠨ ᠳ᠋ᠦ᠍ ᠭᠡᠢᠴᠢᠨ ᠵᠣᠴᠢᠨ ᠡᠯᠪᠡᠭ᠂ ᠬᠥᠮᠦᠨ ᠬᠠᠷ᠎ᠠ ᠦᠷᠭᠦᠯᠵᠢ ᠣᠷᠣᠨ ᠭᠠᠷᠤᠨ ᠪᠠᠢᠳᠠᠭ ᠤᠴᠢᠷ ᠭᠠᠯ ᠲᠣᠭᠣᠭᠠᠨ ᠤ᠋ ᠬᠥᠮᠦᠨ ᠶᠡᠬᠡ ᠭᠡᠷ ᠲᠦ᠍ ᠭᠡᠢᠴᠢᠨ ᠪᠠᠭᠤᠭᠰᠠᠨ ᠢ ᠶᠠᠭᠤ ᠠᠨᠳᠠᠬᠤ ᠪᠢᠯᠡ᠃ ᠲᠦᠳᠡᠬᠡᠨ ᠭᠡᠢᠴᠢᠨ ᠳ᠋ᠡᠭᠡᠨ ᠯᠤᠤ ᠶ᠋ᠢᠨ ᠬᠡ ᠲᠡᠢ ᠨᠠᠷᠢᠨ ᠱᠠᠭᠠᠵᠠᠩ ᠳ᠋ᠤ᠌ ᠰᠢᠷᠭᠠᠯ ᠬᠠᠨᠳᠠ ᠴᠠᠢ ᠠᠶᠠᠭᠠᠯᠠᠪᠠ᠃
ᠰᠢᠷ᠎ᠠ ᠽᠠᠨᠳᠠᠨ ᠠᠭᠠᠷᠤᠨ ᠰᠢᠷᠡᠭᠡ ᠬᠠᠪᠴᠢᠵᠤ ᠰᠠᠭᠤᠭᠰᠠᠨ ᠬᠣᠶᠠᠷ ᠬᠡᠷᠭᠡᠮᠲᠡᠨ ᠱ᠌ᠢᠷᠦᠨ ᠵᠢᠩᠰᠡ ᠲᠡᠢ ᠮᠠᠨᠤ ᠬᠥᠬᠦᠦᠷ ᠰᠣᠯᠢᠯᠴᠠᠵᠤ ᠳᠠᠬᠢᠨ ᠳᠣᠲᠣᠨᠣ ᠮᠡᠨᠳᠦ ᠪᠡᠷ ᠬᠥᠬᠦᠦᠷ ᠦ᠋ᠨ ᠲᠠᠭ ᠨᠡᠭᠡᠭᠡᠵᠦ ᠬᠠᠮᠠᠷ ᠲᠠᠮᠠᠬᠢᠨ ᠠ᠋ᠴᠠ ᠦᠨᠦᠰᠦᠨ ᠰᠠᠮᠰᠠ ᠢᠷᠲᠠᠢᠯᠭᠠᠨᠠ᠃
ᠰᠢᠷᠡᠭᠡᠨ ᠳᠡᠭᠡᠷ᠎ᠡ ᠯᠤᠤ ᠶ᠋ᠢᠨ ᠠᠯᠲᠠᠨ ᠬᠡ ᠲᠡᠢ ᠪᠠᠭᠪᠤᠷ ᠲᠤ᠌ ᠰᠢᠰᠢ ᠶ᠋ᠢᠨ ᠮᠥᠬᠥᠯᠢᠭ ᠴᠦ᠍ ᠭᠡᠮᠡᠷ ᠪᠦᠳᠦᠭᠦᠨ ᠪᠦᠳᠦᠭᠦᠨ ᠮᠥᠬᠥᠯᠢᠭ ᠲᠡᠢ ᠵᠤᠩᠭᠠᠭ ᠳᠠᠭᠠᠭᠠᠭᠰᠠᠨ ᠨᠤᠯᠤ ᠰᠢᠷ᠎ᠠ ᠬᠠᠭᠤᠷᠠᠭᠰᠠᠨ ᠪᠤᠳᠠᠭ᠎ᠠ᠂ ᠬᠠᠲᠠᠭᠠᠭᠰᠠᠨ ᠥᠷᠥᠮ᠎ᠡ᠂ ᠠᠭᠠᠷᠤᠤᠯ᠂ ᠰᠢᠷ᠎ᠠ ᠲᠣᠰᠣ᠂ ᠪᠦᠯᠢᠯᠭᠡ ᠶ᠋ᠢᠨ ᠥᠷᠥᠮ᠎ᠡ᠂ ᠨᠢᠩ ᠪᠣᠭᠣᠷᠰᠣᠭ ① ᠁ ᠵᠡᠷᠭᠡ ᠦᠷᠦᠭᠳᠡᠵᠤ ᠰᠠᠭᠠᠯᠢ ᠵᠤᠵᠠᠭᠠᠨ ᠪᠠᠶᠠᠨ ᠴᠠᠳᠬᠤᠯᠠᠩ ᠠᠢᠯ ᠭᠡᠰᠡᠨ ᠢ ᠶᠠᠭᠠᠬᠢᠬᠤ ᠠᠷᠭ᠎ᠠ ᠦᠭᠡᠢ ᠭᠠᠢᠬᠠᠭᠤᠯᠵᠤ ᠪᠠᠢᠯ᠎ᠠ᠃
ᠡᠨᠡᠭᠦᠬᠡᠨ ᠳ᠋ᠦ᠍ ᠡᠨᠡ ᠭᠡᠷ ᠲᠦ᠍ ᠢᠳᠡᠭᠡᠰᠢᠭ ᠬᠠᠨᠳᠠ ᠴᠠᠢ ᠶ᠋ᠢᠨ ᠦᠨᠦᠷ᠂ ᠡᠨᠡᠳᠬᠡᠭ ᠯᠠᠷᠵᠠ ᠲᠠᠢ ᠬᠠᠮᠠᠷ ᠲᠠᠮᠠᠬᠢ ᠶ᠋ᠢᠨ ᠦᠨᠦᠷ᠂ ᠮᠤᠨᠠ ᠠᠭᠤᠯᠠ ᠶ᠋ᠢᠨ ᠰᠢᠷ᠎ᠠ ᠠᠭᠠᠷᠤ ᠮᠣᠳᠣᠨ ᠽᠠᠨᠳᠠᠨ ᠦᠨᠦᠷ ᠬᠣᠯᠢᠯᠳᠤᠵᠤ ᠬᠠᠩᠬᠤᠯᠬᠤᠶᠠ᠂ ᠬᠥᠮᠦᠰ ᠲᠦ᠍ ᠡᠷᠬᠢᠮᠰᠦᠭ ᠶᠠᠮᠪᠠᠲᠠᠳ ᠤ᠋ᠨ ᠵᠣᠭᠣᠭ ᠳᠡᠯᠭᠡᠬᠦ ᠣᠨᠴᠠᠭᠠᠢ ᠤᠷᠲᠤ ᠬᠠᠷᠰᠢ ᠶ᠋ᠢ ᠰᠠᠨᠠᠭᠳᠠᠭᠤᠯᠤᠨ᠎ᠠ᠃
ᠴᠠᠢ ᠠᠶᠠᠭᠠᠯᠠᠵᠤ᠂ ᠢᠳᠡᠰᠢ ᠤᠤᠭᠤᠰᠢ ᠣᠢᠷᠠᠲᠤᠭᠤᠯᠵᠤ ᠲᠥᠪᠬᠢᠨᠡᠭᠦᠯᠦᠭᠰᠡᠨ ᠵᠠᠷᠤᠴᠠ ᠬᠡᠦᠬᠡᠨ ᠭᠡᠷ ᠦ᠋ᠨ ᠡᠵᠡᠨ ᠦ᠌ ᠴᠢᠷᠠᠢ ᠤᠷᠤᠭᠤ ᠪᠦᠯᠲᠡᠩ ᠪᠦᠯᠲᠡᠩ ᠬᠢᠵᠦ ᠠᠶᠤᠮᠠᠲᠠᠭᠠᠢ ᠬᠠᠷᠠᠴᠠ ᠪᠠᠷ ᠬᠠᠷᠠᠬᠤ ᠨᠢ《ᠡᠵᠡᠨ ᠨᠣᠶᠠᠨ ᠭᠤᠸᠠᠢ᠂ ᠣᠳᠣ ᠶᠠᠭᠤ ᠬᠡᠷᠡᠭ ᠲᠡᠢ ᠪᠣᠢ?》 ᠭᠡᠰᠡᠨ ᠰᠠᠨᠠᠭ᠎ᠠ ᠪᠣᠯᠬᠤ ᠶ᠋ᠢ ᠡᠯᠳᠡᠩᠭᠡ ᠲᠤᠰᠠᠯᠠᠭᠴᠢ ᠮᠡᠳᠡᠵᠦ《ᠶᠠᠭᠤ ᠴᠦ᠍ ᠠᠪᠬᠤ ᠦᠭᠡᠢ ᠠ᠋! ᠮᠥᠨ ᠢᠩᠭᠢᠭᠡᠳ ᠪᠣᠯᠤᠭᠰᠠᠨ᠁》 ᠭᠡᠬᠦ ᠰᠢᠭ ᠳᠥᠯᠭᠡᠬᠡᠨ ᠪᠣᠯᠪᠠᠴᠤ ᠴᠠᠭᠠᠨ᠎ᠠ ᠪᠠᠨ ᠰᠢᠷᠦᠭᠦᠨ ᠬᠠᠷᠠᠴᠠ ᠪᠠᠷ ᠵᠠᠷᠤᠴᠠ ᠬᠡᠦᠬᠡᠨ ᠢ᠋ ᠰᠢᠷᠪᠢᠵᠦ ᠬᠠᠷᠠᠨ ᠰᠣᠯᠣᠭᠠᠢ ᠭᠠᠷ ᠢ᠋ᠶ᠋ᠠᠨ《ᠴᠠᠭᠠᠰᠢ ᠪᠠᠨ》 ᠭᠡᠰᠡᠨ ᠲᠥᠯᠥᠪᠲᠡᠢ ᠳᠣᠬᠢᠶ᠎ᠠ ᠥᠭᠪᠡ᠃ ᠲᠤᠰᠠᠯᠠᠭᠴᠢ ᠶᠡᠬᠡ ᠭᠡᠷ ᠦ᠋ᠨ ᠠᠮᠢ ᠵᠢᠭᠤᠯᠭ᠎ᠠ ᠶ᠋ᠢᠨ ᠬᠥᠮᠦᠨ ᠪᠠ ᠪᠦᠬᠦᠢ ᠵᠠᠷᠤᠴᠠ ᠡᠨᠡ ᠲᠡᠷᠡ ᠬᠥᠮᠦᠰ ᠢ᠋ ᠶᠡᠷᠦ ᠡᠴᠡ ᠥᠨᠳᠥᠷ ᠳᠠᠭᠤ ᠪᠠᠷ ᠵᠠᠬᠢᠷᠵᠤ ᠵᠠᠩᠳᠤᠷᠵᠤ ᠪᠠᠢᠳᠠᠭ ᠦᠭᠡᠢ ᠠᠵᠢ᠃ ᠨᠡᠩ ᠴᠦ᠍ ᠵᠠᠷᠢᠮ ᠪᠠᠶᠠᠴᠤᠤᠯ ᠲᠣᠮᠣᠴᠤᠤᠯ ᠰᠢᠭ᠋ ᠭᠠᠷ ᠬᠥᠳᠡᠯᠵᠦ ᠵᠣᠳᠣᠵᠤ ᠬᠠᠷᠭᠢᠰᠯᠠᠳᠠᠭ ᠦᠭᠡᠢ᠂ ᠳᠣᠣᠷ᠎ᠠ ᠵᠠᠷᠤᠭᠳᠠᠭᠰᠠᠨ ᠬᠥᠮᠦᠰ ᠦ᠋ᠨ ᠢ᠋ᠶ᠋ᠡᠨ ᠭᠡᠳᠡᠰᠦ ᠶ᠋ᠢ ᠪᠣᠭᠣᠵᠤ᠂ ᠢᠳᠡᠵᠦ ᠤᠤᠭᠤᠬᠤ ᠶ᠋ᠢ ᠬᠡᠷᠡᠵᠦ ᠬᠡᠮᠨᠡᠳᠡᠭ ᠦᠭᠡᠢ᠃ ᠬᠠᠷᠢᠨ 《 ᠬᠠᠷ᠎ᠠ ᠠᠵᠢ ᠬᠢᠭᠰᠡᠨ ᠬᠥᠮᠦᠰ᠂ ᠢᠳᠡᠭ ᠤᠤᠭᠤᠭ》 ᠭᠡᠵᠦ ᠵᠠᠷᠤᠯᠭ᠎ᠠ᠂ ᠠᠮᠢ ᠵᠢᠭᠤᠯᠭ᠎ᠠ ᠶ᠋ᠢᠨ ᠬᠥᠮᠦᠨ ᠢ᠋ ᠪᠠᠢᠩᠭᠤ ᠡᠨᠡᠷᠢᠵᠦ ᠪᠠᠢᠳᠠᠭ ᠰᠠᠨ᠃ ᠡᠯᠳᠡᠩᠭᠡ ᠲᠤᠰᠠᠯᠠᠭᠴᠢ ᠬᠡᠳᠦᠢ ᠡᠢᠮᠦ ᠭᠠᠳᠠᠨ᠎ᠠ ᠪᠠᠨ ᠪᠣᠷᠣ ᠵᠠᠳᠠᠭᠠᠢ ᠪᠣᠯᠪᠠᠴᠤ ᠳᠣᠲᠣᠷ᠎ᠠ ᠪᠠᠨ ᠵᠠᠭᠤᠳᠠᠯ ᠴᠢᠩᠭ᠎ᠠ ᠬᠥᠮᠦᠨ ᠦ᠌ ᠨᠢᠭᠡ᠃ ᠶᠠᠭᠤᠮ᠎ᠠ ᠶᠠᠭᠤᠮᠠᠨ ᠤ᠋ ᠰᠢᠷᠪᠥᠰᠥ ᠶ᠋ᠢ ᠨᠢ ᠰᠤᠭᠤᠯᠵᠤ ᠶᠡᠬᠡ ᠶ᠋ᠢ ᠰᠠᠨᠠᠵᠤ ᠦᠷ᠎ᠡ ᠳ᠋ᠦᠩ ᠦ᠋ᠨ ᠬᠡᠢ ᠮᠣᠷᠢ ᠳᠠᠷᠴᠤᠭ ᠪᠣᠰᠬᠠᠬᠤ ᠶ᠋ᠢ ᠵᠠᠩᠭᠢᠳᠵᠤ ᠪᠠᠢᠳᠠᠭ ᠠ᠋ᠴᠠ ᠪᠢᠰᠢ ᠶᠠᠯᠢ ᠦᠭᠡᠢ ᠶᠠᠭᠤᠮᠠᠨ ᠳ᠋ᠤ᠌《 ᠶᠠᠩ ᠶᠠᠩ》 ᠭᠡᠵᠦ ᠬᠣᠰᠢᠭᠤ ᠲᠥᠷᠥᠳᠡᠭ ᠦᠭᠡᠢ᠃ ᠶᠡᠬᠡ ᠭᠡᠷ ᠦ᠋ᠨ ᠡᠭᠦᠳᠡ ᠡᠷᠦᠬᠡ ᠶ᠋ᠢ ᠡᠰᠡᠷᠡᠭ ᠣᠩᠭᠣᠢᠯᠭᠠᠵᠤ ᠶᠠᠪᠤᠬᠤ ᠶ᠋ᠢᠨ ᠤᠴᠢᠷ ᠲᠤ ᠲᠡᠷᠡ ᠠᠳᠤᠭᠤ ᠳᠠᠯᠠᠯᠵᠤ᠂ ᠤᠨᠠᠭ᠎ᠠ ᠳᠠᠭ᠎ᠠ ᠪᠠᠷᠢᠯᠠᠬᠤ᠂ ᠦᠬᠡᠷ ᠲᠡᠮᠡᠭᠡ ᠲᠠᠮᠠᠭᠠᠯᠠᠬᠤ᠂ ᠬᠣᠨᠢ ᠬᠢᠷᠭᠠᠵᠤ ᠢᠮᠠᠭ᠎ᠠ ᠰᠠᠮᠨᠠᠬᠤ᠂ ᠮᠠᠯ ᠬᠤᠢ ᠳ᠋ᠤ᠌ ᠡᠮ ᠴᠢᠳᠬᠤᠬᠤ᠁ ᠵᠡᠷᠭᠡ ᠬᠠᠷ᠎ᠠ ᠪᠣᠷᠣ ᠠᠵᠢᠯ ᠳ᠋ᠤ᠌ ᠪᠡᠶ᠎ᠡ ᠭᠠᠷ ᠣᠷᠣᠯᠴᠠᠵᠤ ᠵᠠᠷᠤᠴᠠ ᠬᠥᠮᠦᠰ ᠲᠡᠢ ᠪᠡᠨ ᠴᠦ᠍ ᠬᠠᠮᠢᠶ᠎ᠠ ᠨᠠᠮᠢᠶ᠎ᠠ ᠦᠭᠡᠢ ᠪᠠᠢᠳᠠᠭ ᠪᠣᠯᠪᠠᠴᠤ ᠲᠡᠳᠡᠨᠦᠰ ᠨᠢ ᠡᠯᠳᠡᠩᠭᠡ ᠲᠤᠰᠠᠯᠠᠭᠴᠢ ᠶ᠋ᠢᠨ ᠳᠠᠯᠠᠯᠤᠭᠰᠠᠨ ᠭᠠᠵᠠᠷ ᠲᠤ ᠣᠴᠢᠵᠤ᠂ ᠳᠠᠯᠠᠢᠭᠰᠠᠨ ᠭᠠᠵᠠᠷ ᠲᠤ ᠳᠠᠯᠳᠢᠷᠠᠳᠠᠭ ᠠᠵᠤᠭᠤ᠃ ᠶᠠᠭ ᠡᠢᠮᠦ ᠰᠢᠭ ᠡᠮᠦᠨ᠎ᠡ ᠨᠢ ᠵᠢᠷᠣᠭᠠᠯᠠᠵᠤ ᠭᠦᠶᠦᠭᠡ ᠬᠥᠮᠦᠰ ᠨᠢ ᠲᠡᠭᠦᠨ ᠡᠴᠡ ᠰᠦᠨᠡᠰᠦ ᠪᠡᠨ ᠭᠠᠷᠲᠠᠯ᠎ᠠ ᠠᠶᠤᠳᠠᠭ ᠨᠢ ᠰᠣᠨᠢᠨ! ᠭᠡᠪᠡᠴᠦ ᠠᠶᠤᠬᠤ ᠠ᠋ᠴᠠ ᠪᠠᠨ ᠪᠣᠯᠵᠤ ᠲᠡᠭᠦᠨ ᠢ᠋ ᠬᠣᠷᠣᠰᠤᠨ ᠵᠠᠨᠤᠳᠠᠭ ᠦᠭᠡᠢ ᠠᠵᠢ᠃
— ᠵᠠ ᠲᠡᠭᠡᠭᠡᠳ ᠰᠣᠨᠢᠨ ᠰᠠᠢᠬᠠᠨ ᠶᠠᠭᠤ ᠪᠠᠢᠨ᠎ᠠ? ᠭᠡᠵᠦ ᠲᠤᠰᠠᠯᠠᠭᠴᠢ ᠠᠰᠠᠭᠤᠪᠠᠯ ᠵᠣᠳᠣᠪᠠ ᠮᠡᠢᠷᠡᠨ᠄
— ᠰᠣᠨᠢᠨ ᠴᠦ᠍ ᠶᠠᠭᠤᠮ᠎ᠠ ᠠᠯᠠᠭ᠎ᠠ᠃ ᠲᠤᠨᠤᠭ᠎ᠠ ᠳᠡᠭᠡᠷᠡᠮ᠂ ᠬᠤᠯᠠᠭᠠᠢ ᠵᠢᠯᠡᠭᠡᠢ ᠭᠡᠭᠴᠢ ᠲᠠᠯ᠎ᠠ ᠶ᠋ᠢᠨ ᠬᠤᠯᠤᠭᠠᠨ᠎ᠠ ᠠ᠋ᠴᠠ ᠣᠯᠠᠨ ᠪᠣᠯᠵᠤ᠂ ᠮᠠᠯᠴᠢᠳ ᠣᠨᠳᠣᠷᠣᠬᠤ ᠠᠷᠭᠠᠴᠠᠯ ᠦᠭᠡᠢ ᠪᠠᠢᠨ᠎ᠠ ᠳᠠ!
— ᠣ ᠦᠨᠡᠬᠡᠷ᠂ ᠲᠦᠷᠦᠭᠦᠬᠡᠨ ᠲᠠᠨ ᠤ᠋ ᠬᠢ ᠶ᠋ᠢ ᠳᠡᠭᠡᠷᠡᠮ ᠲᠣᠨᠣᠯᠠ ᠭᠡᠰᠡᠨ᠂ ᠬᠣᠰᠢᠭᠤ ᠴᠡᠷᠢᠭ ᠣᠴᠢᠯ᠎ᠠ ᠪᠢᠵᠡ?
— ᠲᠡᠢᠮᠦ ᠠ᠋! ᠬᠣᠰᠢᠭᠤ ᠴᠡᠷᠢᠭ ᠣᠴᠢᠵᠤ ᠨᠢᠭᠡ ᠪᠦᠯᠦᠭ ᠳᠡᠭᠡᠷᠡᠮ ᠢ᠋ ᠤᠰᠠᠳᠬᠠᠭᠰᠠᠨ!
— ᠦᠭᠡᠢ ᠠ᠋᠂ ᠶᠡᠷᠦ ᠨᠢ ᠲᠡᠭᠡᠭᠡᠳ ᠲᠡᠷᠡ ᠨᠢ ᠬᠠᠮᠢᠭᠠᠬᠢ ᠶ᠋ᠢᠨ ᠲᠣᠨᠣᠭ᠎ᠠ ᠨᠤᠭᠤᠳ ᠪᠣᠯᠴᠢᠬᠠᠪᠠ?
— ᠪᠣᠷᠳᠣᠬᠤᠢ ᠶ᠋ᠢᠨ ᠢᠰᠡᠭᠡᠢ ᠲᠣᠭᠣᠷᠴᠣᠭᠲᠤ ᠴᠡᠷᠢᠭ ᠦ᠋ᠨ ᠭᠣᠯᠣᠭᠳᠠᠮᠠᠯ ᠪᠠ ᠪᠤᠭᠤᠲᠤ ᠶ᠋ᠢᠨ ᠠᠲᠠᠷ ᠬᠠᠭᠠᠯᠪᠤᠷᠢᠯᠠᠬᠤ ᠲᠣᠪᠴᠢᠶᠠᠨ ᠤ᠋ ᠰᠢᠭᠠᠷᠤ ᠴᠡᠷᠢᠭ᠂ ᠲᠡᠭᠡᠪᠡᠯ ᠪᠠᠰᠠ ᠰᠠᠭᠠᠯᠢᠴᠢᠨ ᠲᠣᠭᠲᠠᠬᠤ ᠰᠢᠶᠠᠨ ᠤ᠋ ᠨᠤᠲᠤᠭ ᠤ᠋ᠨ ᠭᠠᠷᠯᠢᠭ ᠤ᠋ᠳ ᠭᠡᠵᠡᠭᠡᠭᠰᠡᠨ ᠳᠡ᠃
— ᠭᠣᠣᠯᠳᠠᠭᠤ ᠶᠠᠭᠤ ᠲᠣᠨᠣᠵᠤ ᠳᠡᠭᠡᠷᠡᠮᠳᠡᠵᠦ ᠪᠠᠢᠭ᠎ᠠ ᠪᠣᠢ? ᠦᠬᠡᠷ ᠮᠠᠯ ᠤᠤ?
— ᠦᠬᠡᠷ ᠮᠠᠯ᠂ ᠥᠭᠡᠳᠡᠰᠦ ᠶᠣᠷᠣᠭ᠂ ᠡᠳ᠋ ᠮᠥᠩᠭᠥ᠂ ᠡᠮᠡᠰ ᠥᠬᠢᠳ ᠦ᠋ᠨ ᠬᠡᠷᠡᠭᠯᠡᠯ᠁ ᠠᠪᠬᠤ ᠦᠭᠡᠢ ᠶᠠᠭᠤᠮ᠎ᠠ ᠭᠡᠵᠦ ᠦᠭᠡᠢ᠃ ᠭᠠᠭᠴᠠ ᠮᠣᠩᠭᠣᠯ ᠬᠥᠮᠦᠨ ᠦ᠌ ᠪᠡᠶ᠎ᠡ ᠳᠡᠭᠡᠷᠡᠬᠢ ᠪᠥᠭᠡᠰᠦ ᠶ᠋ᠢ ᠲᠠᠷᠭᠤᠨ ᠪᠠᠢᠨ᠎ᠠ ᠭᠡᠳ ᠴᠥᠮᠥᠬᠦ ᠨᠢ ᠯᠡ ᠳᠤᠲᠠᠵᠤ ᠪᠠᠢᠨ᠎ᠠ᠃
— ᠲᠠᠨ ᠤ᠋ ᠬᠢᠨ ᠦ᠌ ᠲᠡᠭᠡᠭᠡᠳ ᠳᠡᠭᠡᠷᠡᠮ ᠳ᠋ᠦ᠍ ᠲᠣᠨᠣᠭᠤᠯᠵᠤ ᠪᠡᠲᠡᠷᠡᠭᠡᠳ ᠣᠳᠣ ᠵᠢᠭᠠᠬᠠᠨ ᠠᠮᠢᠰᠬᠤᠭ᠎ᠠ ᠠᠪᠤᠪᠠ ᠤᠤ?
— ᠵᠦᠭᠡᠷ ᠠ᠋᠂ ᠮᠠᠨ ᠤ᠋ ᠬᠢ ᠴᠦ᠍ ᠪᠣᠯ ᠶᠠᠭᠠᠬᠢᠬᠤ ᠪᠣᠢ? ᠡᠳᠦᠢ ᠲᠡᠳᠦᠢ ᠮᠠᠯ ᠤᠨᠤᠭ᠎ᠠ ᠪᠠᠨ ᠲᠣᠨᠣᠭᠤᠯᠤᠭᠰᠠᠨ ᠪᠣᠯᠪᠠᠴᠤ᠂ ᠬᠠᠭᠤᠴᠢᠨ ᠥᠪ ᠢ᠋ᠶ᠋ᠡᠨ ᠬᠢᠮᠤᠰᠤᠯᠠᠵᠤ ᠠᠮᠢ ᠵᠢᠭᠤᠬᠤ ᠳ᠋ᠤ᠌ ᠠᠷᠭᠠᠯᠠᠴᠢᠬᠠᠨᠠ᠃ ᠴᠠᠭᠠᠨ᠎ᠠ ᠴᠢᠨᠢ ᠶᠠᠭᠳᠠᠭᠰᠠᠨ ᠮᠠᠯᠴᠢᠳ ᠭᠤᠢᠷᠠᠨᠴᠢᠯᠠᠬᠤ ᠠ᠋ᠴᠠ ᠥᠭᠡᠷ᠎ᠡ ᠵᠠᠮ ᠦᠭᠡᠢ ᠪᠣᠯᠤᠯ᠎ᠠ᠁
ᠲᠤᠰᠠᠯᠠᠭᠴᠢ ᠪᠣᠳᠣᠯᠭ᠎ᠠ ᠪᠣᠯᠪᠠ᠃
— ᠥᠯᠵᠡᠢ ᠶ᠋ᠢᠨ ᠭᠣᠣᠯ ᠳ᠋ᠤ᠌ ᠮᠠᠯᠴᠢᠨ ᠪᠠᠪᠤᠳᠣᠷᠵᠢ ᠶ᠋ᠢᠨ ᠬᠢᠨ ᠳ᠋ᠦ᠍ ᠭᠤᠷᠪᠠᠨ ᠬᠥᠮᠦᠨ ᠥᠯᠪᠡᠷᠵᠦ ᠦᠬᠦᠭᠰᠡᠨ ᠰᠤᠷᠠᠭ ᠲᠠᠢ᠃ ᠮᠠᠨ ᠤ᠋ ᠤᠷᠠᠳ ᠤ᠋ᠨ ᠲᠡᠦᠬᠡᠨ ᠳ᠋ᠦ᠍ ᠬᠣᠪᠣᠷᠬᠠᠨ ᠲᠣᠬᠢᠶᠠᠯᠳᠤᠭᠰᠠᠨ ᠭᠠᠢ ᠭᠠᠮᠰᠢᠭ! ᠮᠠᠨ ᠤ᠋ ᠬᠢᠨ ᠶᠠᠩᠬᠠᠢ ᠶ᠋ᠢᠨ ᠭᠣᠣᠯ ᠠ᠋ᠴᠠ ᠨᠡᠭᠦᠵᠦ ᠠᠭᠤᠯᠠ ᠶ᠋ᠢᠨ ᠪᠠᠯ ᠤᠷᠤᠭᠤ ᠬᠤᠯᠤᠰᠤᠲᠠᠢ ᠳ᠋ᠤ᠌ ᠰᠠᠭᠤᠷᠢᠰᠢᠯᠠ᠃ ᠪᠣᠢᠳᠠ ᠰᠢᠭ᠋ ᠭᠠᠵᠠᠷ ᠪᠡᠯᠴᠢᠭᠡᠷ ᠰᠠᠢᠨ ᠭᠡᠬᠦᠯᠡᠷ ᠳᠡᠭᠡᠷᠡᠮ ᠲᠣᠨᠣᠭ᠎ᠠ ᠳ᠋ᠤ᠌ ᠦᠭᠳᠡᠬᠦ ᠨᠢ ᠳᠥᠭᠥᠮ ᠪᠣᠯᠳᠠᠭ ᠴᠢᠷᠠᠢ!
— ᠠᠢ᠂ ᠳᠡᠭᠡᠷᠡᠮ ᠲᠤᠨᠤᠭ᠎ᠠ ᠣᠯᠠᠰᠢᠷᠠᠭᠰᠠᠨ ᠢ᠋ ᠬᠡᠯᠡᠬᠦ ᠦᠭᠡᠢ᠂ ᠮᠠᠨ ᠤ᠋ ᠪᠠᠷᠠᠭᠤᠨ ᠬᠦᠩ ᠴᠦ᠍ ᠭᠠᠵᠠᠷ ᠨᠤᠲᠤᠭ ᠢ᠋ᠶ᠋ᠠᠨ ᠳᠣᠲᠣᠷ᠎ᠠ ᠭᠠᠵᠠᠷ ᠤ᠋ᠨ ᠲᠠᠷᠢᠶᠠᠴᠢᠳ ᠲᠤ ᠳᠡᠭᠡᠰᠦᠯᠡᠵᠦ ᠪᠠᠷᠠᠬᠤ ᠨᠢ ᠠ᠋! ᠡᠷᠬᠡ ᠲᠡᠢ ᠴᠢᠳᠠᠯ ᠲᠠᠢ ᠨᠢ ᠲᠠᠷᠢᠶᠠᠨ ᠤ᠋ ᠲᠦᠷᠢᠶᠡᠰᠦ ᠪᠡᠷ ᠮᠥᠩᠭᠥᠨ ᠦ᠌ ᠲᠤᠯᠤᠮ ᠪᠣᠯᠵᠤ᠂ ᠬᠣᠨᠳᠣᠯᠠᠢ ᠨᠢ ᠢᠵᠠᠷᠠᠬᠤ ᠳ᠋ᠠᠭᠠᠨ ᠬᠦᠷᠴᠦ ᠪᠠᠢᠨ᠎ᠠ᠃ ᠮᠠᠨ ᠤ᠋ ᠬᠦᠩ ᠨᠣᠶᠠᠨ ᠭᠡᠭᠴᠢ ᠭᠠᠵᠠᠷ ᠲᠠᠷᠢᠶᠠᠨ ᠤ᠋ ᠲᠦᠷᠢᠶᠡᠰᠦ᠂ ᠨᠤᠲᠤᠭ ᠤ᠋ᠨ ᠪᠠᠷᠢᠴᠠᠭ᠎ᠠ᠂ ᠬᠠᠷ᠎ᠠ ᠲᠠᠮᠠᠬᠢᠨ ᠤ᠋ ᠭᠠᠢᠯᠢ ᠲᠠᠲᠠᠪᠤᠷᠢ ᠳ᠋ᠤ᠌ ᠱᠠᠩᠳᠠᠲᠠᠯᠠ ᠲᠠᠷᠭᠤᠯᠠᠵᠤ ᠥᠭᠡᠬᠦ ᠨᠤᠯᠮᠤᠵᠤ ᠦᠮᠦᠬᠡᠢ ᠪᠡᠷ ᠭᠡᠭᠡᠷᠡᠭᠦᠯᠳᠡᠭ ᠦ᠋ᠨ ᠨᠢᠭᠡ ᠪᠣᠯᠵᠠᠢ᠃ ᠳᠡᠭᠡᠭᠰᠢ ᠪᠡᠨ ᠡᠵᠡᠨ ᠨᠣᠶᠠᠨ ᠢ᠋ ᠪᠢᠯᠠᠭᠤᠷᠳᠠᠨ ᠪᠣᠷᠳᠣᠵᠤ ᠳᠡᠷᠭᠡᠳᠡᠬᠢ ᠡᠮᠡᠰ ᠲᠠᠲᠠᠪᠤᠷᠢ ᠪᠠᠨ ᠬᠠᠮᠪᠠᠭᠠᠷᠬᠠᠨ ᠡᠮ᠎ᠡ ᠡᠮ᠎ᠡ ᠭᠡᠳ ᠦᠬᠦᠯᠳᠡᠬᠦ ᠡᠴᠡ ᠪᠢᠰᠢ ᠴᠠᠭᠠᠳᠤ ᠤᠬᠠᠭᠠᠨ ᠮᠠᠲᠠᠯ ᠳ᠋ᠤᠨᠢ ᠤᠬᠤᠨ᠎ᠠ ᠦᠬᠦᠴᠢᠬᠡᠭᠡᠳ ᠤᠩᠭᠠᠰᠤ ᠤᠷᠭᠤᠴᠢᠬᠠᠵᠢ᠃ ᠪᠥᠭᠰᠡ ᠪᠡᠨ ᠲᠣᠭᠣᠷᠢᠭᠠᠳ ᠪᠥᠭᠴᠥᠭᠡᠨᠡᠵᠦ《ᠪᠠᠭ᠎ᠠ ᠬᠠᠲᠤᠨ》᠂《ᠴᠡᠴᠡᠭ ᠬᠠᠲᠤᠨ》᠁《ᠵᠠᠰᠠᠭ ᠵᠠᠯᠭᠠᠮᠵᠢᠯᠠᠬᠤ ᠬᠦᠦ ᠲᠦᠷᠦᠭᠡᠰᠡᠢ ᠳᠡ!》 ᠭᠡᠵᠦ ᠮᠤᠬᠤᠷ ᠵᠠᠶᠠᠭᠠᠨ ᠳ᠋ᠠᠭᠠᠨ ᠵᠠᠯᠪᠠᠷᠢᠵᠤ ᠪᠥᠮᠪᠥᠷᠢᠨ᠎ᠡ᠃
ᠣᠷᠴᠢᠮ ᠠ᠋ᠴᠠ ᠬᠦᠩ ᠨᠣᠶᠠᠨ ᠤ᠋ ᠵᠠᠩ ᠠᠷᠠᠨᠰᠢᠨ ᠥᠭᠡᠷᠡᠲᠦᠵᠦ ᠰᠢᠨ᠎ᠡ ᠪᠠᠭᠤᠯᠭᠠᠭᠰᠠᠨ ᠪᠠᠭ᠎ᠠ ᠬᠠᠲᠤᠨ ᠲᠠᠢ ᠪᠠᠨ ᠰᠦᠢᠳ ᠪᠣᠯᠤᠭᠠᠳ ᠰᠠᠶᠢᠬᠢ ᠢᠳᠡᠴᠢᠬᠡᠮᠡᠷ ᠤᠤᠭᠤᠴᠢᠬᠠᠮᠠᠷ ᠪᠠᠢᠭᠰᠠᠨ ᠴᠡᠴᠡᠭ ᠬᠠᠲᠤᠨ ᠢ᠋ᠶ᠋ᠠᠨ ᠬᠠᠶᠠᠭᠠᠨ ᠳ᠋ᠤᠨᠢ ᠬᠠᠶᠠᠵᠠᠢ᠃ ᠮᠠᠨ ᠤ᠋ ᠬᠦᠩ ᠨᠣᠶᠠᠨ ᠬᠠᠲᠤᠨ ᠰᠢᠯᠢᠵᠦ ᠠᠪᠳᠠᠭ ᠨᠢ ᠭᠤᠲᠤᠯ ᠰᠣᠯᠢᠵᠤ ᠡᠮᠦᠰᠳᠡᠭ ᠰᠢᠭ ᠢ᠋ᠶ᠋ᠡᠨ ᠬᠠᠭᠤᠴᠢᠷᠠᠭᠰᠠᠭᠠᠷ ᠯᠠ ᠲᠠᠢᠯᠤᠭᠠᠳ ᠴᠣᠬᠢᠴᠢᠬᠠᠳᠠᠭ ᠪᠣᠯᠵᠤ ᠳᠠ!
— ᠭᠤᠲᠤᠯ ᠰᠣᠯᠢᠬᠤ ᠰᠢᠭ᠋ ᠢ᠋ᠶ᠋ᠡᠨ ᠬᠠᠭᠤᠴᠢᠷᠠᠭᠰᠠᠭᠠᠷ ᠲᠠᠢᠯᠤᠭᠠᠳ ᠴᠣᠬᠢᠴᠢᠬᠠᠬᠤ ᠴᠦ᠍ ᠭᠡᠵᠦ ᠳᠡ᠂ ᠬᠠᠷᠢᠨ ᠬᠦᠦ ᠲᠥᠷᠥᠭᠦᠯᠵᠦ ᠵᠠᠰᠠᠭ ᠵᠠᠯᠭᠠᠮᠵᠢᠯᠭᠤᠯᠬᠤ ᠪᠠᠷ ᠯᠠ ᠠᠮᠢᠳᠤᠷᠠᠵᠤ ᠪᠠᠢᠭ᠎ᠠ ᠶᠤᠮ ᠪᠢᠰᠢ ᠤᠤ! ᠠᠪᠤᠭᠰᠠᠨ ᠬᠠᠲᠤᠳ ᠨᠢ ᠨᠢᠭᠡ ᠨᠢᠭᠡ ᠪᠡᠷ ᠢ᠋ᠶ᠋ᠡᠨ ᠭᠣᠭᠣᠵᠢᠩᠬᠠᠢ ᠰᠤᠪᠠᠢ ᠶᠠᠭᠤᠮ᠎ᠠ ᠲᠠᠭᠠᠷᠠᠯᠳᠤᠭᠠᠳ ᠲᠥᠷᠥᠵᠦ ᠥᠭᠳᠡᠭ ᠦᠭᠡᠢ ᠵᠣᠪᠠᠯᠠᠩ ᠪᠣᠯᠵᠤ ᠪᠠᠢᠭ᠎ᠠ ᠳᠠ᠁ ᠣᠳᠣ ᠰᠢᠨ᠎ᠡ ᠬᠠᠲᠤᠨ ᠨᠢ ᠶᠠᠭᠠᠬᠢᠳᠠᠭ ᠪᠣᠯ?
— ᠬᠠᠷᠢᠨ ᠭᠡᠮ! ᠡᠨᠡ ᠰᠢᠨ᠎ᠡ ᠪᠠᠭᠤᠯᠭᠠᠭᠰᠠᠨ ᠬᠠᠲᠤᠨ ᠨᠢ ᠲᠥᠷᠥᠳᠡᠭ ᠦᠭᠡᠢ ᠴᠦ᠍ ᠪᠣᠯ ᠲᠦᠭᠦᠷᠡᠭᠰᠡᠨ ᠭᠡᠵᠦ ᠲᠤᠰᠠᠯᠠᠭᠴᠢ ᠬᠡᠯᠡᠬᠦ ᠳ᠋ᠦ᠍ ᠵᠣᠳᠪᠠ ᠮᠡᠢᠷᠡᠨ ᠲᠣᠰᠴᠤ᠄
— ᠦᠭᠡᠢ᠂ ᠲᠤᠰᠠᠯᠠᠭᠴᠢ ᠲᠠ ᠣᠷᠴᠢᠮ ᠴᠢᠬᠢᠨ ᠳ᠋ᠦ᠍ ᠦᠯᠦ ᠲᠠᠭᠠᠯᠠᠭᠳᠠᠬᠤ ᠨᠢᠭᠡ ᠶᠣᠣᠵᠠ ᠦᠭᠡᠢ ᠴᠢᠮᠡᠭᠡ ᠳᠤᠭᠤᠯᠪᠠ ᠤᠤ? ᠭᠡᠵᠦ ᠬᠡᠯᠡᠪᠡ᠃
— ᠦᠭᠡᠢ! ᠶᠠᠭᠤ ᠪᠣᠯᠪᠠ?
— ᠪᠢ ᠡᠨᠡ ᠴᠢᠬᠢ ᠬᠠᠳᠬᠤᠬᠤ ᠴᠢᠮᠡᠭᠡ ᠶ᠋ᠢ ᠲᠠᠨ ᠳ᠋ᠤ᠌ ᠰᠣᠨᠣᠰᠬᠠᠶᠤ ᠪᠠᠢᠶᠦ ? ᠭᠡᠵᠦ ᠲᠦᠭᠳᠡᠷᠡᠨ ᠡᠷᠡᠭᠡᠯᠵᠡᠬᠦ ᠳ᠋ᠦ᠍ ᠲᠤᠰᠠᠯᠠᠭᠴᠢ᠄
— ᠶᠠᠷᠢ᠂ ᠶᠠᠷᠢ! ᠶᠠᠭᠤ ᠬᠠᠮᠢᠶ᠎ᠠ ᠪᠠᠢᠬᠤ ᠪᠣᠢ᠂ ᠶᠠᠷᠢᠭᠠᠴᠢ ᠭᠡᠵᠦ ᠵᠣᠳᠪᠠ ᠶ᠋ᠢ ᠱᠠᠯᠠᠪᠠ᠃
ᠵᠣᠳᠪᠠ ᠳᠠᠯᠳᠠ ᠠ᠋ᠴᠠ ᠳᠠᠮ ᠳᠠᠮ ᠰᠣᠨᠣᠰᠤᠭᠰᠠᠨ ᠡᠨᠡ ᠠᠢᠯ ᠲᠠᠢ ᠬᠣᠯᠪᠣᠭᠳᠠᠬᠤ ᠶᠣᠣᠵᠠ ᠦᠭᠡᠢ ᠴᠢᠮᠡᠭᠡ ᠶ᠋ᠢ ᠶᠠᠷᠢ ᠶᠠᠳᠠᠨ ᠢᠷᠪᠠᠢᠵᠤ ᠰᠠᠭᠤᠭᠰᠠᠨ ᠢ᠋ᠶ᠋ᠠᠨ ᠪᠣᠰᠴᠤ ᠡᠭᠦᠳᠡᠨ ᠦ᠌ ᠬᠠᠵᠠᠭᠤ ᠳ᠋ᠤ᠌ ᠬᠦᠷᠴᠦ ᠲᠣᠲᠣᠭᠣ ᠶ᠋ᠢ ᠵᠠᠪᠰᠠᠷᠯᠠᠨ ᠬᠠᠷᠠᠭᠠᠳ ᠭᠠᠳᠠᠨ᠎ᠠ ᠬᠥᠮᠦᠨ ᠠᠮᠢᠲᠠᠨ ᠤ᠋ ᠠᠨᠢᠷ ᠬᠣᠯᠠ ᠪᠣᠯᠬᠣᠷ ᠰᠢᠷᠡᠭᠡᠨ ᠦ᠌ ᠬᠠᠵᠠᠭᠤ ᠳ᠋ᠤ᠌ ᠳᠥᠭᠥᠵᠦ ᠲᠤᠰᠠᠯᠠᠭᠴᠢ ᠶ᠋ᠢᠨ ᠴᠢᠬᠢᠨ ᠳ᠋ᠦ᠍ ᠬᠣᠰᠢᠭᠤ ᠪᠠᠨ ᠨᠠᠭᠠᠯᠳᠤᠭᠤᠯᠤᠨ᠄
— ᠲᠤᠰᠠᠯᠠᠭᠴᠢ ᠶ᠋ᠢᠨ ᠶᠡᠬᠡ ᠠᠭᠡ ᠲᠠᠨᠢ ᠯᠠᠨᠴᠢᠭ ᠲᠠᠷᠢᠬᠤ ᠨᠢ ᠠ᠋! ᠭᠡᠪᠡ᠃
— ᠮᠠᠨᠴᠤᠷᠭ᠎ᠠ ᠤᠤ?
— ᠲᠡᠢᠮᠦ!
— ᠶᠠᠭᠠᠬᠢᠪᠠ? ᠮᠠᠭᠤ ᠳᠤᠷᠠᠰᠬ᠎ᠠ ᠳᠡᠭᠡᠷᠡᠮ ᠲᠤᠨᠤᠭᠠᠨ ᠳ᠋ᠤ᠌ ᠶᠠᠪᠤᠵᠤ ᠬᠥᠮᠦᠨ ᠲᠣᠨᠣᠵᠤ ᠪᠠᠢᠭ᠎ᠠ ᠤᠤ?
— ᠦᠭᠡᠢ ᠠ᠋᠂ ᠦᠭᠡᠢ! ᠲᠡᠭᠡᠵᠦ ᠴᠦ᠍ ᠱᠥᠯᠥ ᠪᠡᠨ ᠠᠰᠬᠠᠭᠰᠠᠨ ᠪᠦᠲᠦᠯ ᠢ᠋ᠶ᠋ᠡᠨ ᠬᠠᠷᠠᠯᠠᠬᠤ ᠠᠵᠢ ᠬᠢᠭᠡ ᠦᠭᠡᠢ ᠯᠡ ᠳᠡ!
— ᠲᠡᠭᠡᠭᠡᠳ ᠶᠠᠭᠤ ᠪᠣᠯᠪᠠ?
— ᠰᠠᠶᠢᠬᠢ ᠴᠢᠨᠢ ᠴᠡᠴᠡᠭ ᠬᠠᠲᠤᠨ ᠲᠠᠢ ᠬᠥᠯ ᠲᠡᠢ ᠪᠣᠯᠤᠯ᠎ᠠ᠁《ᠡᠢᠮᠦ᠂ ᠲᠡᠢᠮᠦ》 ᠭᠡᠵᠦ ᠳᠠᠯᠳᠠᠭᠤᠷ ᠬᠥᠮᠦᠰ ᠱᠤᠤᠭᠢᠵᠤ ᠪᠠᠢᠨ᠎ᠠ ᠭᠡᠬᠦ ᠳ᠋ᠦ᠍ ᠲᠤᠰᠠᠯᠠᠭᠴᠢ ᠬᠢᠷᠳ᠋ᠬᠢᠨ ᠰᠣᠴᠢᠵᠤ᠄
— ᠠᠷᠠᠢ ᠦᠭᠡᠢ ᠪᠠᠢᠯᠭᠦᠢ! ᠭᠡᠪᠡ᠃
— ᠦᠨᠡᠨ ᠬᠤᠳᠠᠯ ᠢ᠋ ᠨᠢ ᠮᠡᠳᠡᠬᠦ ᠦᠭᠡᠢ᠃ ᠦᠭᠡᠢ ᠴᠦ᠍ ᠪᠣᠯ ᠮᠥᠨ ᠲᠡᠭᠡᠰᠬᠢᠭᠡᠳ ᠣᠯᠠᠨ ᠤ᠋ ᠠᠮᠠ ᠳᠣᠷᠭᠢᠵᠤ ᠲᠤᠷᠭᠢᠭᠠᠳ ᠨᠠᠮᠳᠠᠬᠤ ᠪᠠᠢᠯᠭᠦᠢ᠃ ᠦᠨᠡᠬᠡᠷ ᠶᠠᠪᠤᠳᠠᠯ ᠲᠠᠢ ᠪᠣᠯᠵᠤ᠂ ᠬᠥᠮᠦᠨ ᠬᠠᠷ᠎ᠠ ᠳ᠋ᠤ᠌ ᠮᠡᠳᠡᠭᠳᠡᠭᠰᠡᠭᠡᠷ ᠴᠦ᠍ ᠲᠩᠷᠢ ᠶ᠋ᠢᠨ ᠪᠤᠬᠤᠷ ᠲᠤ ᠲᠦᠢᠮᠡᠷ ᠲᠠᠯᠪᠢᠴᠢᠬᠠᠯ᠎ᠠ ᠭᠡᠰᠡᠨ ᠦᠭᠡ ᠰᠢᠦ!
ᠲᠤᠰᠠᠯᠠᠭᠴᠢ ᠦᠭᠡ ᠳᠠᠭᠤᠨ ᠦᠭᠡᠢ ᠪᠣᠳᠣᠯᠭ᠎ᠠ ᠪᠣᠯᠵᠤ ᠰᠠᠭᠤᠨ᠎ᠠ᠃
— ᠵᠠ᠂ ᠮᠡᠳᠡᠬᠦ ᠦᠭᠡᠢ᠃ ᠳᠠᠮ ᠤ᠋ᠨ ᠦᠭᠡ ᠳᠠᠯᠠᠨ ᠬᠤᠳᠠᠯ ᠭᠡᠳᠡᠭ᠃ ᠬᠤᠳᠠᠯ ᠴᠦ᠍ ᠪᠣᠯ ᠶᠠᠭᠠᠬᠢᠬᠤ ᠪᠣᠢ! ᠲᠠ ᠴᠢᠬᠢᠨ ᠦ᠌ ᠴᠡᠭᠡᠷ ᠪᠣᠯᠭᠠᠭᠠᠳ ᠥᠩᠭᠡᠷᠡᠭᠡᠨ᠎ᠡ ᠪᠢᠵᠡ! ᠦᠨᠡᠨ ᠴᠦ᠍ ᠪᠣᠯ ᠨᠢᠭᠡ ᠠᠷᠭ᠎ᠠ ᠪᠣᠳᠣᠬᠤ ᠬᠡᠷᠡᠭᠲᠡᠢ᠃ ᠦᠨᠡᠨ ᠳ᠋ᠡᠭᠡᠨ ᠰᠠᠨᠠᠭ᠎ᠠ ᠵᠣᠪᠠᠮᠠᠷ ᠴᠦ᠍ ᠶᠠᠭᠤᠮ᠎ᠠ ᠪᠢᠰᠢ᠃ ᠬᠠᠷᠢᠨ ᠨᠢᠭᠡ ᠪᠣᠳᠣᠪᠠᠯ᠁ ᠭᠡᠳ ᠵᠣᠳᠪᠠ ᠮᠡᠢᠷᠡᠨ ᠨᠢᠭᠡ ᠶᠠᠭᠤᠮ᠎ᠠ ᠬᠡᠯᠡᠬᠦ ᠭᠡᠰᠡᠨ ᠢ᠋ᠶ᠋ᠡᠨ ᠪᠣᠯᠢᠪᠠ᠃
ᠦᠨᠡᠨ ᠳ᠋ᠡᠭᠡᠨ ᠡᠨᠡ ᠴᠢᠮᠡᠭᠡ ᠶ᠋ᠢ ᠡᠯᠳᠡᠩᠭᠡ ᠠᠯᠢ ᠬᠡᠳᠦᠢᠨ ᠳᠤᠭᠤᠯᠵᠠᠢ᠃ ᠳᠣᠲᠣᠷ᠎ᠠ ᠪᠠᠨ ᠨᠢᠭᠡ ᠲᠠᠯ᠎ᠠ ᠪᠠᠷ ᠵᠣᠪᠠᠨᠢᠵᠤ ᠨᠥᠭᠦᠭᠡ ᠲᠠᠯ᠎ᠠ ᠪᠠᠷ ᠪᠠᠶᠠᠷᠯᠠᠨ ᠰᠣᠨᠣᠰᠤᠭᠰᠠᠨ ᠴᠦ᠍ ᠰᠣᠨᠣᠰᠤᠭᠰᠠᠨ ᠦᠭᠡᠢ ᠶᠦᠮ ᠰᠢᠭ ᠬᠠᠶᠠᠭᠠᠨ ᠳ᠋ᠤᠨᠢ ᠣᠷᠬᠢᠵᠠᠢ᠃
ᠡᠨᠡ ᠤᠴᠢᠷ ᠲᠤ ᠵᠣᠪᠠᠨᠢᠬᠤ ᠨᠢ ᠪᠣᠯ ᠬᠡᠷᠡᠭ ᠯᠡᠪᠡᠷᠡᠵᠦ ᠬᠡᠩᠭᠡᠷᠭᠡ ᠨᠢ ᠴᠣᠭᠣᠷᠠᠪᠠᠯ ᠶᠠᠭᠤᠮ᠎ᠠ ᠪᠢᠰᠢᠳᠡᠵᠦ ᠲᠤᠰᠠᠯᠠᠭᠴᠢ ᠶ᠋ᠢᠨ ᠰᠠᠭᠤᠷᠢ ᠳ᠋ᠤᠨᠢ ᠠᠶᠤᠯ ᠲᠠᠢ᠃ ᠪᠠᠶᠠᠰᠬᠤ ᠨᠢ ᠪᠣᠯ ᠡᠪ ᠲᠦᠢ ᠨᠢ ᠲᠠᠭᠠᠷᠠᠵᠤ ᠡᠩᠬᠡ ᠮᠡᠨᠳᠦ ᠥᠩᠭᠡᠷᠡᠳᠡᠭ ᠪᠣᠯ ᠡᠯᠳᠡᠩᠭᠡ ᠶ᠋ᠢᠨ ᠳᠡᠭᠡᠳᠦ ᠭᠤᠷᠪᠠᠨ ᠦᠶ᠎ᠡ ᠳᠣᠷᠣᠭᠰᠢ ᠪᠠᠨ ᠭᠤᠷᠪᠠᠨ ᠦᠶ᠎ᠡ ᠪᠠᠶᠠᠷᠯᠠᠬᠤ ᠨᠢᠭᠡ ᠤᠴᠢᠷ ᠪᠣᠢ᠃ ᠲᠡᠷᠡ ᠨᠢ ᠳᠠᠷᠤᠢ ᠶᠡᠬᠡ ᠬᠦᠦ ᠮᠠᠨᠴᠤᠷᠭ᠎ᠠ᠂ ᠴᠡᠴᠡᠭ ᠬᠠᠲᠤᠨ ᠲᠠᠢ ᠤᠬᠠᠭᠠᠨ ᠲᠠᠢ ᠰᠠᠢᠬᠠᠨ ᠨᠥᠬᠥᠴᠡᠵᠦ ᠴᠡᠴᠡᠭ ᠬᠠᠲᠤᠨ ᠢ᠋ ᠬᠦᠦ ᠲᠥᠷᠥᠭᠦᠯᠴᠢᠭᠳᠡᠭ ᠶᠦᠮ ᠪᠣᠯ ᠪᠠᠷᠠᠭᠤᠨ ᠬᠦᠩ ᠦ᠋ᠨ ᠬᠤᠰᠢᠭᠤᠨ ᠤ᠋ ᠵᠠᠰᠠᠭ ᠬᠦᠩ ᠦ᠋ᠨ ᠰᠠᠭᠤᠷᠢ ᠶ᠋ᠢ ᠨᠡᠷ᠎ᠡ ᠳᠡᠭᠡᠷ᠎ᠡ ᠪᠡᠨ ᠰᠢᠷᠠᠪᠳᠣᠷᠵᠢ ᠬᠦᠩ ᠨᠣᠶᠠᠨ ᠤ᠋ ᠬᠢ᠂ ᠨᠢᠳᠡᠷ ᠳᠡᠭᠡᠷ᠎ᠡ ᠪᠡᠨ ᠡᠯᠳᠡᠩᠭᠡ ᠥᠪᠡᠷ ᠦ᠋ᠨ ᠬᠢᠨᠢ ᠤᠳᠤᠮ ᠵᠠᠯᠭᠠᠮᠵᠢᠯᠠᠬᠤ ᠪᠣᠯᠤᠨ᠎ᠠ᠃ ᠬᠡᠷᠪᠡ ᠢᠩᠭᠢᠪᠡᠯ ᠡᠭᠦᠯᠡ ᠦᠭᠡᠢ ᠪᠣᠷᠣᠭᠠᠨ ᠣᠷᠣᠵᠤ᠂ ᠦᠯᠢᠭᠡᠷ ᠲᠦ᠍ ᠦᠭᠡᠢ ᠦᠯᠢᠭᠡᠷ ᠪᠣᠯᠤᠨ᠎ᠠ᠃ ᠬᠦᠦ ᠮᠠᠨᠴᠤᠷᠭ᠎ᠠ ᠤᠴᠢᠷ ᠶᠠᠪᠤᠳᠠᠯ ᠢ᠋ ᠤᠰᠤ ᠴᠠᠰᠤ ᠰᠢᠭ᠋ ᠢᠯᠭᠠᠷᠠᠭᠤᠯᠵᠤ ᠴᠢᠳᠠᠪᠠᠯ ᠭᠠᠪᠢᠶ᠎ᠠ ᠵᠢᠳᠬᠦᠯ ᠡᠯᠳᠡᠩᠭᠡ ᠶ᠋ᠢᠨ ᠭᠡᠷ ᠦ᠋ᠨ ᠴᠠᠳᠢᠭ ᠲᠤ ᠠᠯᠲᠠᠨ ᠬᠠᠭᠤᠳᠠᠰᠤ ᠨᠡᠮᠡᠷᠢᠯᠡᠨ᠎ᠡ᠃ ᠲᠡᠭᠡᠪᠡᠯ ᠶᠣᠰᠣᠲᠠᠢ ᠯᠠ ᠨᠢᠭᠡ ᠬᠤᠷᠤᠭᠤ ᠪᠠᠷ ᠭᠤᠷᠪᠠᠨ ᠨᠣᠬᠠᠢ ᠶ᠋ᠢᠨ ᠪᠥᠭᠡᠰᠦ ᠳᠠᠷᠤᠬᠤ ᠭᠡᠭᠴᠢ ᠪᠣᠯᠤᠨ᠎ᠠ ᠳᠠ!
ᠰᠢᠷᠠᠪᠳᠣᠷᠵᠢ ᠬᠦᠩ ᠨᠣᠶᠠᠨ ᠵᠠᠰᠠᠭ ᠵᠠᠯᠭᠠᠬᠤ ᠬᠦᠦ ᠲᠡᠢ ᠪᠣᠯᠤᠯ᠎ᠠ ᠭᠡᠵᠦ ᠰᠠᠨᠠᠭ᠎ᠠ ᠠᠮᠠᠷᠠᠨ᠎ᠠ᠃ ᠴᠡᠴᠡᠭ ᠬᠠᠲᠤᠨ ᠭᠠᠵᠠᠷ ᠪᠠᠭᠲᠠᠬᠤ ᠦᠭᠡᠢ ᠦᠨᠡᠷᠬᠡᠬᠦ᠂ ᠪᠠᠷᠠᠭᠤᠨ ᠬᠦᠩ ᠦ᠋ᠨ ᠬᠤᠰᠢᠭᠤᠨ ᠤ᠋ ᠡᠷᠬᠡ ᠡᠯᠳᠡᠩᠭᠡ ᠥᠪᠡᠷ ᠦ᠋ᠨ ᠬᠢᠨᠢ ᠤᠳᠤᠮ ᠤ᠋ᠨ ᠭᠠᠷ ᠲᠤ ᠣᠷᠣᠭᠰᠠᠨ ᠤᠷ᠎ᠠ ᠴᠢᠳᠠᠯ ᠢ᠋ ᠳᠠᠯᠳᠠᠭᠤᠷ ᠲᠠᠩᠨᠠᠢ ᠱᠠᠭᠰᠢᠷᠠᠬᠤ ᠵᠣᠭᠣᠭ ᠲᠠᠢ ᠪᠣᠯᠬᠤ᠁ ᠲᠡᠷᠡᠴᠢᠯᠡᠨ ᠤᠷᠠᠳ ᠤ᠋ᠨ ᠪᠠᠷᠠᠭᠤᠨ ᠬᠦᠩ ᠦ᠋ᠨ ᠵᠠᠰᠠᠭ ᠤ᠋ᠨ ᠡᠷᠬᠡ ᠪᠠᠷᠢᠬᠤ ᠮᠠᠷᠭᠤᠭᠠᠨ ᠡᠭᠦᠨ ᠡᠴᠡ ᠪᠣᠯᠵᠤ ᠠᠶᠠᠨᠳᠠᠭᠠᠨ ᠨᠠᠮᠵᠢᠬᠤ ᠨᠢ ᠶᠠᠭᠤᠨ ᠠ᠋ᠴᠠ ᠴᠢᠬᠤᠯᠠ ᠪᠤᠶᠤ ᠭᠡᠵᠦ ᠵᠦᠢᠴᠢᠯᠡᠨ ᠪᠣᠳᠣᠪᠠᠴᠤ ᠶᠠᠪᠤᠳᠠᠯ ᠤᠴᠢᠷ ᠪᠤᠷᠤᠭᠤ ᠪᠠᠷ ᠡᠷᠭᠢᠬᠦ ᠰᠡᠭᠦᠳᠡᠷ ᠲᠠᠯ᠎ᠠ ᠪᠠᠢᠳᠠᠭ ᠲᠤ ᠵᠣᠪᠠᠭᠤᠷᠢᠯᠠᠪᠠᠴᠤ ᠭᠠᠭᠴᠠ ᠬᠦ᠌ ᠡᠨᠡ ᠲᠤᠬᠠᠢ ᠬᠦᠦ ᠳ᠋ᠡᠭᠡᠨ ᠪᠡᠶ᠎ᠡ ᠪᠡᠷ ᠢ᠋ᠶ᠋ᠡᠨ《 ᠢᠩᠭᠢ ᠴᠢᠩᠭᠢ》 ᠭᠡᠵᠦ ᠶᠣᠰᠣᠴᠢᠯᠠᠵᠤ ᠴᠢᠳᠠᠬᠤ ᠦᠭᠡᠢ᠃ ᠭᠡᠬᠦ ᠳ᠋ᠡᠭᠡᠨ ᠵᠠᠪᠠᠯ ᠬᠡᠯᠡᠵᠦ ᠰᠠᠨᠠᠭᠤᠯᠬᠤ ᠡᠨᠡ ᠬᠡᠴᠡᠭᠦᠦ ᠶᠠᠪᠤᠳᠠᠯ ᠢ᠋ ᠶᠠᠭᠠᠬᠢᠳᠠᠭ ᠴᠦ᠍ ᠪᠢᠯᠡ? ᠭᠡᠵᠦ ᠰᠠᠨᠠᠭᠠᠰᠢᠷᠠᠵᠤ ᠪᠠᠢᠵᠠᠢ᠃ ᠬᠠᠷᠢᠨ ᠤᠬᠠᠭᠠᠯᠢᠭ ᠰᠠᠮᠪᠠᠭᠠᠲᠠᠢ᠂ ᠠᠮᠠᠨᠴᠢᠷ ᠬᠥᠨᠳᠡᠯᠡᠨ ᠬᠥᠮᠦᠨ ᠣᠯᠵᠤ ᠡᠨᠡ ᠲᠤᠬᠠᠢ ᠡᠷᠬᠡᠪᠰᠢ ᠬᠢᠬᠦ ᠵᠠᠷᠢᠮ ᠠᠵᠢᠯ ᠢ᠋ ᠵᠢᠭᠠᠵᠤ ᠲᠣᠬᠢᠬᠤ ᠬᠡᠷᠡᠭᠲᠡᠢ᠃ ᠲᠡᠭᠡᠬᠦ ᠳ᠋ᠦ᠍ ᠥᠨᠥᠳᠥᠷ ᠰᠠᠢᠨ ᠬᠥᠮᠦᠨ ᠰᠠᠨᠠᠭ᠎ᠠ ᠪᠠᠷ᠂ ᠰᠠᠭᠠᠷᠠᠯ ᠮᠣᠷᠢ ᠵᠢᠷᠣᠭ᠎ᠠ ᠪᠠᠷ ᠭᠡᠳᠡᠭ ᠢ᠋ᠶ᠋ᠡᠷ ᠵᠣᠳᠪᠠ ᠮᠡᠢᠷᠡᠨ ᠵᠠᠯᠠᠯᠭ᠎ᠠ ᠦᠭᠡᠢ ᠵᠠᠮ ᠢ᠋ᠶ᠋ᠠᠷ ᠢ᠋ᠶ᠋ᠠᠨ ᠵᠠᠯᠠᠷᠠᠭᠠᠳ ᠢᠷᠡᠳᠡᠭ ᠨᠢ ᠵᠠᠶᠠᠭᠠᠨ ᠳ᠋ᠤ᠌ ᠪᠠᠭᠲᠠᠮ᠎ᠠ ᠦᠭᠡᠢ ᠤᠴᠢᠷ ᠪᠣᠯᠤᠭᠰᠠᠨ ᠰᠢᠭ᠋ ᠰᠠᠨᠠᠭᠳᠠᠨ᠎ᠠ᠃
ᠵᠣᠳᠪᠠ ᠮᠡᠢᠷᠡᠨ ᠡᠯᠪᠡᠭ ᠪᠣᠷᠣ ᠴᠢᠷᠠᠢ ᠳ᠋ᠠᠭᠠᠨ ᠵᠣᠬᠢᠴᠠᠭᠰᠠᠨ ᠮᠣᠷᠢᠨ ᠴᠠᠭᠠᠨ ᠰᠢᠳᠦᠨ ᠦ᠌ ᠪᠡᠨ ᠬᠣᠶᠠᠷ ᠰᠣᠶᠣᠭ᠎ᠠ ᠶ᠋ᠢ ᠠᠯᠲᠠ ᠪᠣᠯᠭᠠᠵᠤ ᠴᠢᠮᠡᠭᠯᠡᠭᠰᠡᠨ ᠨᠢ《 ᠪᠢ ᠥᠨᠢᠳᠡ ᠠᠮᠠᠨ ᠬᠡᠰᠡᠭ ᠲᠡᠢ》 ᠭᠡᠰᠡᠨ ᠰᠢᠭ ᠠᠵᠢ᠃ ᠲᠡᠷᠡ ᠪᠡᠷ ᠮᠠᠨᠵᠤ ᠮᠣᠩᠭᠣᠯ ᠪᠢᠴᠢᠭ ᠲᠡᠢ᠂ ᠠᠮᠠ ᠬᠡᠯᠡ ᠳ᠋ᠡᠭᠡᠨ ᠰᠠᠢᠨ᠂ ᠣᠢ ᠪᠢᠯᠢᠭ ᠬᠤᠷᠴᠠᠯᠢᠭ ᠬᠥᠮᠦᠨ᠃ ᠬᠤᠷᠢᠮ ᠨᠠᠢᠷ᠂ ᠨᠠᠭᠠᠳᠤᠮ ᠴᠢᠭᠤᠯᠭ᠎ᠠ ᠳ᠋ᠤ᠌ ᠢᠷᠦᠭᠡᠯ ᠮᠠᠭᠲᠠᠭᠠᠯ ᠬᠡᠯᠡᠴᠢᠬᠡᠳᠡᠭ ᠪᠡᠯᠡᠨ ᠰᠢᠯᠦᠭᠴᠢ ᠭᠡᠬᠦ ᠳ᠋ᠦ᠍ ᠢᠯᠡᠭᠦᠳ᠋ᠡᠬᠦ ᠦᠭᠡᠢ᠃ ᠵᠣᠳᠪᠠ ᠮᠡᠢᠷᠡᠨ ᠡᠯᠳᠡᠩᠭᠡ ᠲᠤᠰᠠᠯᠠᠭᠴᠢ ᠶ᠋ᠢᠨ ᠤᠬᠠᠭᠠᠨ ᠰᠠᠮᠪᠠᠭ᠎ᠠ ᠶ᠋ᠢ ᠪᠠᠢᠩᠭᠤ ᠪᠢᠰᠢᠷᠡᠵᠦ ᠰᠢᠲᠦᠳᠡᠭ ᠦ᠋ᠨ ᠬᠤᠪᠢ ᠠ᠋ᠴᠠ ᠡᠳᠡ ᠬᠣᠶᠠᠷ ᠵᠤᠵᠠᠭᠠᠨ ᠨᠠᠢᠷ ᠲᠠᠢ ᠪᠢᠯᠡ᠃ ᠡᠯᠳᠡᠩᠭᠡ ᠳᠣᠲᠣᠷ᠎ᠠ ᠪᠠᠨ《 ᠦᠨᠡᠬᠡᠷ ᠲᠩᠷᠢ ᠪᠤᠷᠬᠠᠨ ᠴᠠᠮ᠎ᠠ ᠶ᠋ᠢ ᠨᠠᠳᠠ ᠲᠤᠰᠠ ᠬᠦᠷᠭᠡ ᠭᠡᠵᠦ ᠲᠣᠮᠢᠯᠠᠭᠰᠠᠨ ᠪᠠᠢᠯᠭᠦᠢ》 ᠭᠡᠵᠦ ᠪᠣᠳᠣᠭᠰᠠᠨ ᠪᠣᠯᠪᠠᠴᠤ ᠡᠨᠡ ᠵᠣᠳᠪᠠ ᠮᠡᠢᠷᠡᠨ ᠪᠣᠯ ᠬᠠᠭᠤᠴᠢᠨ ᠫᠤᠤ ᠶ᠋ᠢᠨ ᠬᠤᠭᠤᠷᠬᠠᠢ ᠰᠢᠦ! ᠮᠢᠨᠦ ᠰᠠᠯᠪᠤᠷᠢᠯᠠᠭᠰᠠᠨ ᠳᠠᠯᠳᠠ ᠤᠬᠠᠭᠠᠨ ᠢ᠋ ᠡᠨᠡ ᠵᠣᠯᠢᠭ ᠮᠡᠳᠡᠴᠢᠬᠡᠯᠡ ᠪᠣᠯᠤᠯᠲᠠᠢ᠃ ᠡᠰᠡᠪᠡᠰᠦ ᠡᠨᠡ ᠡᠷ᠎ᠡ ᠴᠦ᠍ ᠬᠠᠴᠢᠨ ᠶᠠᠭᠤᠮ᠎ᠠ ᠰᠠᠨᠠᠵᠤ ᠲᠠᠰᠢᠶ᠎ᠠ ᠶ᠋ᠢ ᠨᠢ ᠲᠠᠰᠢᠵᠤ ᠪᠠᠢᠭ᠎ᠠ ᠰᠢᠭ᠋ ᠵᠠᠪᠠᠵᠢ ᠨᠢ ᠵᠠᠭᠠᠲᠤᠨᠠᠭᠠᠳ ᠨᠠᠭᠠᠰᠢ ᠪᠠᠨ ᠵᠢᠷᠣᠭᠠᠯᠠᠵᠤ ᠨᠠᠳᠠ ᠰᠠᠢᠮᠰᠤᠷᠠᠨ ᠮᠢᠨᠦ ᠤᠬᠠᠭ᠎ᠠ ᠶ᠋ᠢ ᠰᠢᠯᠭᠠᠵᠤ ᠲᠡᠩᠰᠡᠭᠡ ᠤᠤ? ᠮᠠᠭᠤ ᠵᠣᠯᠢᠭ!《 ᠦᠨᠡᠨ ᠳ᠋ᠡᠭᠡᠨ ᠰᠠᠨᠠᠭ᠎ᠠ ᠵᠣᠪᠠᠮᠠᠷ ᠶᠠᠭᠤ ᠪᠠᠢᠬᠤ ᠪᠣᠢ? ᠨᠢᠭᠡ ᠪᠣᠳᠣᠪᠠᠯ᠁ 》 ᠭᠡᠳ ᠲᠠᠭᠯᠠᠷᠠᠭᠰᠠᠨ ᠢ᠋ ᠰᠠᠨᠠᠵᠤ᠄
— ᠦᠭᠡᠢ ᠠ᠋᠂ ᠴᠢ ᠰᠠᠶᠢ ᠶᠠᠮᠠᠷ ᠦᠭᠡᠨ ᠳ᠋ᠦ᠍ ᠬᠠᠬᠠᠵᠤ᠂ ᠳᠤᠲᠠᠭᠤ ᠳᠣᠷᠭᠣᠨ ᠶᠠᠭᠤᠮ᠎ᠠ ᠶᠠᠷᠢᠪᠠ? ᠭᠡᠯᠡ᠃
— ᠠ᠂ ᠪᠢ ᠤᠤ? ᠵᠦᠭᠡᠷ ᠵᠦᠭᠡᠷ᠁ ᠭᠡᠵᠦ ᠬᠠᠭ ᠬᠠᠭ ᠭᠡᠳ ᠬᠣᠭᠣᠯᠵᠠᠭᠤᠷ ᠳᠠᠯᠳᠠᠬᠠᠨ ᠶᠠᠮᠪᠠ ᠲᠠᠢ ᠢᠨᠢᠶᠡᠨ᠎ᠡ ᠁
ᠡᠯᠳᠡᠩᠭᠡ ᠲᠤᠰᠠᠯᠠᠭᠴᠢ᠂ ᠮᠡᠢᠷᠡᠨ ᠵᠠᠩᠭᠢ ᠬᠣᠶᠠᠷ ᠡᠨᠡ ᠶᠠᠪᠤᠳᠠᠯ ᠳ᠋ᠤ᠌ ᠢᠩᠭᠢᠵᠦ ᠰᠦᠷᠡᠬᠡᠢ ᠬᠡᠯᠡ ᠠᠮᠠ ᠨᠡᠢᠯᠡᠵᠦ ᠬᠡᠩᠭᠡᠷᠭᠡ ᠴᠠᠩ ᠳᠤᠤᠭᠠᠷᠭᠠᠨ ᠵᠥᠪᠰᠢᠯᠳᠦᠵᠦ ᠲᠣᠬᠢᠷᠠᠯᠴᠠᠵᠠᠢ᠃
– – – –
① ᠨᠢᠩ ᠪᠣᠭᠣᠷᠰᠣᠭ – ᠴᠠᠭᠠᠨ ᠭᠤᠯᠢᠷ ᠢ ᠨᠠᠷᠢᠬᠠᠨ ᠭᠡᠷᠴᠢᠵᠤ ᠥᠭᠡᠬᠦᠨ ᠳᠤᠰᠤᠨ ᠳᠤ ᠪᠤᠴᠠᠯᠭᠠᠨ ᠬᠠᠭᠠᠷᠢᠭᠰᠠᠨ ᠪᠣᠭᠣᠷᠰᠣᠭ ᠢ ᠵᠢᠭᠠᠳᠠᠭ᠃
ᠦᠰᠦᠭ ᠠᠮᠢᠯᠠᠭᠤᠯᠤᠭᠰᠠᠨ ᠨᠢ᠄ ᠣᠳᠣᠨᠬᠤᠸᠠᠷ
