ᠲᠡᠷᠢᠭᠦᠨ ᠪᠣᠲᠢ – ᠬᠣᠶᠠᠳᠤᠭᠠᠷ ᠪᠦᠯᠦᠭ <ᠳᠣᠯᠣᠭᠠ>
ᠰᠢᠷᠠᠪᠳᠣᠷᠵᠢ ᠬᠦᠩ ᠨᠣᠶᠠᠨ ᠪᠠᠭᠠ ᠬᠠᠲᠤᠨ ᠬᠣᠶᠠᠷ ᠶᠣᠰᠣᠲᠠᠢ ᠪᠤᠷᠠᠮ ᠰᠠᠷᠠ ᠶ᠋ᠢᠨ ᠪᠤᠮᠠᠨ ᠴᠡᠩᠭᠡᠯ ᠳ᠋ᠦ᠍ ᠱᠤᠮᠪᠠᠵᠤ ᠪᠠᠢᠭᠠ ᠭᠡᠯᠲᠡᠢ᠃ ᠣᠷᠣᠭᠠ ᠪᠠᠢᠳᠠᠰᠤ ᠰᠢᠭ᠋ ᠡᠷᠡ ᠢᠯᠠᠭᠠ ᠶ᠋ᠢ ᠪᠡᠶᠡ ᠳᠡᠭᠡᠷᠡ ᠪᠡᠨ ᠰᠠᠭᠤᠯᠭᠠᠭᠠ ᠦᠭᠡᠢ ᠭᠡᠮᠡᠷ ᠠᠳᠠᠢᠷ ᠵᠠᠩ ᠲᠠᠢ ᠪᠠᠭᠠ ᠬᠠᠲᠤᠨ ᠮᠠᠨᠤᠨᠪᠠᠳᠮᠠ ᠬᠥᠭᠰᠢᠨ ᠦ᠌ ᠤᠬᠠᠭᠠᠯᠠᠭᠰᠠᠨ ᠠ᠋ᠴᠠ ᠤᠤ? ᠠ᠂ ᠬᠠᠷᠢᠨ ᠦᠷᠡ ᠶ᠋ᠢᠨ ᠬᠤᠲᠤᠭ ᠤ᠋ᠨ ᠲᠠᠷᠨᠢ ᠰᠢᠩᠭᠡᠭᠰᠡᠨ《ᠡᠮ》 ᠢ᠋ ᠨᠢ ᠤᠤᠭᠤᠭᠰᠠᠨ ᠤ᠋ ᠤᠤ? ᠬᠡᠷᠳᠡᠭ ᠵᠠᠩ ᠠᠭᠠᠯᠢ ᠨᠢ ᠬᠠᠢᠯᠵᠤ ᠤᠶᠠᠨ ᠳᠥᠯᠭᠡᠬᠡᠨ ᠢ᠋ᠶ᠋ᠡᠷ ᠮᠢᠰᠢᠶᠡᠬᠦ ᠳ᠋ᠦ᠍ᠨᠢ ᠢᠴᠡᠵᠦ ᠰᠢᠷᠪᠡᠭᠡᠳᠡᠬᠦ ᠶᠠᠭᠠᠨ ᠱᠠ ᠬᠡᠦᠬᠡᠨ ᠴᠢᠷᠠᠢ ᠶ᠋ᠢ ᠨᠢ ᠣᠷᠢᠶᠠᠨᠠ᠃ ᠴᠢᠷᠠᠢ ᠳ᠋ᠤᠨᠢ ᠤᠯᠠᠭᠠ ᠪᠤᠲᠠᠷᠠᠵᠤ ᠨᠠᠬᠢᠰ ᠨᠠᠬᠢᠰ ᠠᠯᠬᠤᠬᠤ ᠳ᠋ᠤᠨᠢ ᠨᠠᠪᠴᠢ ᠴᠡᠴᠡᠭ ᠳᠡᠯᠭᠡᠷᠡᠬᠦ ᠰᠢᠭ᠂ ᠴᠠᠩᠬᠤᠰ ᠴᠠᠩᠬᠤᠰ ᠳᠡᠷᠪᠡᠬᠦ ᠪᠡᠷ ᠴᠠᠩᠬᠤᠢ ᠴᠡᠴᠡᠭ ᠮᠦᠰᠢᠶᠡᠬᠦ ᠰᠢᠭ ᠠᠬᠤ ᠳ᠋ᠤ᠌ ᠬᠦᠩ ᠨᠣᠶᠠᠨ ᠤ᠋ ᠬᠠᠢᠷᠠ ᠶ᠋ᠢᠨ ᠰᠢᠵᠢᠮ ᠢ᠋ ᠨᠢ ᠭᠡᠵᠢᠭᠡᠳᠡᠯ ᠦᠭᠡᠢ ᠴᠦ᠍ ᠶᠠᠭᠠᠬᠢᠬᠤ ᠪᠣᠢ! ᠪᠠᠭᠠ ᠬᠠᠲᠤᠨ ᠤ᠋ ᠴᠡᠮᠴᠡᠭᠡᠷ ᠥᠷᠥᠭᠡᠨ ᠳ᠋ᠦ᠍ ᠪᠠᠶᠠᠷ ᠪᠠᠭᠲᠠᠬᠤ ᠦᠭᠡᠢ ᠴᠠᠯᠭᠢᠵᠤ᠂ ᡀᠠᠮᠣ ᠪᠤᠷᠬᠠᠨ ᠢ᠋ᠶ᠋ᠠᠨ ᠬᠦᠷᠲᠡᠯᠡ ᠢᠨᠢᠶᠡᠯᠭᠡᠲᠡᠯᠡ ᠴᠡᠩᠭᠡᠨ ᠵᠢᠷᠭᠠᠵᠤ ᠪᠠᠢᠯᠠ᠁
— ᠪᠠᠭᠠ ᠬᠠᠲᠤᠨ ᠮᠠᠨ ᠤ᠋ ᠬᠦᠩ ᠨᠣᠶᠠᠨ ᠳ᠋ᠤ᠌ ᠪᠤᠬᠠᠨ ᠴᠠᠭᠠᠨ ᠬᠦᠦ ᠲᠥᠷᠥᠨᠡ ᠳᠡ!
— ᠵᠠ ᠂ ᠮᠡᠳᠡᠬᠦ ᠦᠭᠡᠢ ᠳᠡ᠂ ᠤᠳᠠᠭᠠ ᠪᠣᠯᠭᠠᠨ ᠣᠳᠣ ᠴᠦ᠍ ᠨᠢᠭᠡ ᠬᠦᠦ ᠲᠥᠷᠥᠨᠡ ᠳᠡ! ᠭᠡᠳ᠁ ᠴᠡᠴᠡᠭ ᠬᠠᠲᠤᠨ ᠢ᠋ ᠪᠠᠭᠤᠯᠭᠠᠵᠤ ᠢᠷᠡᠭᠡᠳ ᠬᠦᠦ ᠲᠥᠷᠥᠬᠦ ᠶᠦᠮ ᠠ᠋ ᠭᠡᠵᠦ ᠬᠥᠯ ᠬᠥᠭ ᠪᠣᠯᠵᠤ《 ᠳᠥᠷᠥᠭᠡ ᠦᠭᠡᠢ ᠬᠡᠦᠬᠡᠳ ᠲᠦ᠍ ᠲᠡᠮᠦᠷ ᠥᠯᠥᠭᠡᠢ᠂ ᠪᠠᠷᠠ ᠦᠭᠡᠢ ᠨᠢᠯᠬᠠ ᠳ᠋ᠤ᠌ ᠪᠠᠯᠳᠠᠨᠳᠣᠷᠵᠢ》 ᠭᠡᠭᠴᠢ ᠪᠡᠷ ᠪᠦᠬᠦ ᠪᠠᠷᠠᠭᠤᠨ ᠬᠦᠩ ᠦ᠋ᠨ ᠬᠢᠨ ᠱᠤᠤᠭᠢᠵᠤ ᠪᠠᠢᠭᠰᠠᠨ ᠨᠢ ᠶᠠᠭᠠᠬᠢᠯᠠ⁈ ᠵᠤᠯᠪᠤᠳᠠᠰᠤ ᠴᠦ᠍ ᠦᠭᠡᠢ᠃
— ᠣᠳᠣ ᠡᠨᠡ ᠪᠠᠭᠠ ᠬᠠᠲᠤᠨ ᠠ᠋ᠴᠠ ᠨᠢᠷᠠᠢᠯᠠᠬᠤ ᠶᠠᠭᠤᠮᠠ ᠦᠭᠡᠢ ᠬᠤᠰᠠᠷᠠᠭᠰᠠᠭᠠᠷ ᠴᠦ᠍ ᠶᠣᠰᠣᠲᠠᠢ ᠯᠠ ᠮᠠᠨ ᠤ᠋ ᠬᠦᠩ ᠨᠣᠶᠠᠨ ᠤ᠋《ᠵᠡᠪᠰᠡᠭ》 ᠮᠠᠭᠤ ᠶ᠋ᠢᠨ ᠭᠠᠢ ᠠ᠋ᠴᠠ ᠪᠣᠯᠤᠯᠠ ᠭᠡᠬᠦ ᠡᠴᠡ ᠥᠭᠡᠷᠡ ᠠᠷᠭᠠ ᠦᠭᠡᠢ! ᠭᠡᠵᠡᠭᠡᠵᠦ ᠣᠯᠠᠨ ᠤ᠋ ᠠᠮᠠ ᠳᠠᠯᠳᠠᠭᠤᠷ ᠶᠠᠩᠵᠤ ᠶ᠋ᠢᠨ ᠪᠣᠯᠭᠠᠨ ᠢ᠋ᠶ᠋ᠠᠷ ᠳᠣᠷᠭᠢᠵᠤ ᠪᠠᠢᠯᠠ᠃
ᠴᠡᠴᠡᠭ ᠬᠠᠲᠤᠨ ᠤ᠋ ᠬᠠᠲᠠᠪᠴᠢ ᠶ᠋ᠢ ᠬᠦᠩ ᠨᠣᠶᠠᠨ ᠪᠠᠢᠲᠤᠭᠠᠢ ᠢᠮᠠᠭᠠᠨ ᠳᠠᠭᠤ ᠲᠠᠢ ᠭᠣᠴᠢᠭᠠ ᠥᠯᠵᠡᠢᠰᠠᠩ ᠴᠦ᠍ ᠡᠳᠦᠷ ᠦ᠋ᠨ ᠬᠡᠳᠦ ᠬᠣᠯᠬᠢᠳᠠᠭ ᠢ᠋ᠶ᠋ᠠᠨ ᠪᠣᠯᠢᠵᠤ᠂ ᠬᠦᠩ ᠨᠣᠶᠠᠨ ᠡᠵᠡᠭᠦᠢ ᠳ᠋ᠦ᠍ ᠥᠯᠵᠡᠢᠰᠠᠩ ᠶᠠᠮᠠᠷ ᠨᠣᠬᠠᠢ ᠶ᠋ᠢᠨ ᠵᠣᠷᠢᠭ ᠢ᠋ᠶ᠋ᠠᠷ ᠴᠡᠴᠡᠭ ᠬᠠᠲᠤᠨ ᠤ᠋ ᠬᠠᠲᠠᠪᠴᠢ ᠶ᠋ᠢ ᠠᠯᠬᠤᠬᠤ ᠪᠣᠢ? ᠪᠠᠷᠠ ᠨᠢ ᠬᠠᠷᠠᠭᠳᠠᠬᠤ ᠦᠭᠡᠢ ᠰᠠᠷᠠ ᠪᠣᠯᠪᠠ᠃ ᠪᠠᠭᠠ ᠬᠠᠲᠤᠨ ᠤ᠋ ᠬᠠᠶᠠᠭᠠ ᠪᠠᠷ ᠬᠣᠷᠮᠣᠢ ᠰᠢᠭᠤᠴᠢᠬᠠᠭᠰᠠᠨ ᠵᠢᠷᠤᠭᠤᠯᠬᠤ ᠶ᠋ᠢ ᠬᠠᠷᠠᠭᠠᠳ ᠴᠡᠴᠡᠭ ᠬᠠᠲᠤᠨ ᠳᠣᠲᠣᠷᠠ ᠪᠠᠨ ᠬᠣᠷᠣᠰᠤᠨ ᠬᠠᠪᠴᠢᠭᠠᠨᠠᠵᠤ ᠪᠠᠢᠯᠠ᠃
《ᠢᠩᠭᠢᠵᠦ ᠳᠠᠯᠳᠠᠭᠤᠷ ᠨᠡᠷᠡ ᠬᠠᠯᠳᠠᠭᠠᠵᠤ ᠢᠯᠡ ᠪᠡᠷ ᠨᠡᠷᠡ ᠮᠠᠨᠳᠤᠭᠤᠯᠵᠤ ᠬᠦᠦ ᠲᠥᠷᠥᠭᠦᠯᠬᠦ ᠶᠦᠮ ᠪᠣᠯ ᠬᠡᠨ ᠴᠢᠳᠠᠬᠤ ᠦᠭᠡᠢ ᠪᠣᠢ! ᠵᠠ ᠪᠠᠢᠵᠠ᠂ ᠪᠢ ᠴᠦ᠍ ᠴᠢᠮᠠ ᠳ᠋ᠤ᠌ ᠨᠢᠭᠡ ᠬᠦᠦ ᠲᠥᠷᠥᠬᠦ ᠶ᠋ᠢ ᠰᠠᠨᠠᠶᠠ》 ᠭᠡᠵᠦ ᠨᠢᠭᠡ ᠶᠠᠭᠤᠮᠠ ᠰᠠᠨᠠᠵᠤ ᠭᠡᠨᠡᠳᠲᠡ ᠤᠬᠠᠭᠠ ᠨᠢ ᠴᠣᠭᠣᠷᠠᠭᠰᠠᠨ ᠬᠡᠦᠬᠡᠳ ᠰᠢᠭ ᠱᠠᠭᠠᠵᠠᠭᠠᠢ ᠵᠡᠭᠦᠦ ᠣᠯᠤᠭᠠᠳ ᠲᠠᠯᠪᠢᠬᠤ ᠭᠠᠵᠠᠷ ᠢ᠋ᠶ᠋ᠠᠨ ᠣᠯᠬᠤ ᠦᠭᠡᠢ ᠱᠠᠭᠰᠢᠳᠠᠭ ᠤ᠋ᠨ ᠨᠢᠭᠡ ᠪᠡᠷ ᠡᠷᠲᠡᠭᠦᠳᠡ ᠤᠯᠠᠭᠠᠨ ᠬᠠᠲᠤᠨ ᠤ᠋ ᠵᠡᠭᠦᠨᠲᠡᠢ ᠵᠡᠭᠡᠰᠦᠲᠡᠢ ᠨᠠᠭᠤᠷ ᠤ᠋ᠨ ᠬᠥᠪᠡᠭᠡᠨ ᠳ᠋ᠦ᠍ ᠢᠨᠵᠢ ᠥᠬᠢᠨ ᠨᠣᠮᠢᠨ ᠲᠠᠢ ᠪᠠᠨ ᠰᠡᠳᠬᠢᠯ ᠰᠡᠷᠭᠦᠭᠡᠬᠦ ᠭᠡᠵᠦ ᠶᠠᠪᠤᠭᠠᠳ ᠮᠠᠨᠴᠤᠷᠭᠠ ᠲᠠᠢ ᠠᠭᠤᠯᠵᠠᠵᠤ ᠭᠣᠬᠠ ᠳᠡᠭᠡᠭᠡ ᠲᠡᠢ ᠦᠭᠡ ᠬᠠᠶᠠᠭᠰᠠᠨ ᠢ᠋ᠶ᠋ᠠᠨ ᠪᠣᠳᠣᠵᠤ ᠣᠯᠪᠠ᠃
ᠮᠠᠨᠴᠤᠷᠭᠠ᠂ ᠵᠡᠭᠦᠨ ᠲᠤᠰᠠᠯᠠᠭᠴᠢ ᠡᠯᠳᠡᠩᠭᠡ ᠶ᠋ᠢᠨ ᠶᠡᠬᠡ ᠭᠡᠷ ᠲᠦ᠍ ᠬᠣᠰᠢᠭᠤ ᠬᠣᠯᠪᠣᠨ ᠭᠡᠷ ᠪᠦᠯᠢ ᠪᠤᠰᠬᠠᠭᠰᠠᠨ ᠬᠥᠮᠦᠨ᠃ ᠡᠳᠡᠨ ᠦ᠌ ᠬᠢᠨ ᠮᠥᠨ ᠤᠯᠠᠭᠠᠨ ᠬᠠᠲᠤᠨ ᠤ᠋ ᠬᠠᠪᠢ ᠳ᠋ᠠᠬᠢ ᠵᠡᠭᠡᠰᠦᠲᠡᠢ ᠨᠠᠭᠤᠷ ᠤ᠋ᠨ ᠲᠣᠬᠣᠢ ᠳ᠋ᠤ᠌ ᠵᠤᠰᠠᠵᠤ ᠨᠣᠶᠠᠨ ᠰᠠᠩ ᠤ᠋ᠨ ᠵᠤᠰᠠᠭᠠᠯ ᠤ᠋ᠨ ᠭᠠᠵᠠᠷ ᠠ᠋ᠴᠠ ᠳᠡᠮᠡᠢ ᠬᠣᠯᠠ ᠦᠭᠡᠢ ᠪᠠᠢᠳᠠᠭ᠃
ᠮᠠᠨᠴᠤᠷᠭᠠ᠂ ᠨᠣᠶᠠᠨ ᠰᠠᠩ ᠤ᠋ᠨ ᠠᠮᠤᠷ ᠢ᠋ ᠬᠠᠮᠠᠭᠠᠯᠠᠬᠤ ᠰᠢᠳᠠᠷ ᠴᠡᠷᠢᠭ ᠦ᠋ᠨ ᠯᠢᠶᠠᠨᠵᠠᠩ ᠤ᠋ᠨ ᠲᠤᠰᠢᠶᠠᠯ ᠲᠠᠢ᠃ ᠲᠡᠷᠡ ᠥᠷᠯᠥᠭᠡ ᠦᠳᠡᠰᠢ ᠳ᠋ᠡᠭᠡᠨ ᠵᠤᠰᠠᠯᠠᠩ ᠤ᠋ᠨ ᠢ᠋ᠶ᠋ᠠᠨ ᠣᠢᠷᠠ ᠬᠠᠪᠢ ᠪᠠᠷ ᠲᠠᠤᠯᠠᠢ ᠭᠤᠷᠭᠤᠤᠯ ᠴᠦ᠍ ᠶᠤᠮ ᠤᠤ ᠭᠠᠯᠠᠭᠤ ᠰᠢᠪᠠᠭᠤ ᠵᠡᠷᠭᠡ ᠶᠠᠪᠠᠭᠠᠨ ᠠᠪᠠ ᠳ᠋ᠤ᠌ ᠠᠷᠭᠠ ᠦᠭᠡᠢ ᠬᠣᠷᠣᠬᠠᠢᠲᠠᠢ ᠬᠥᠮᠦᠨ ᠠᠵᠢ᠃
ᠨᠢᠭᠡ ᠡᠳᠦᠷ ᠮᠠᠨᠴᠤᠷᠭᠠ ᠫᠤᠤ ᠡᠭᠦᠷᠦᠭᠡᠳ ᠶᠠᠪᠤᠵᠤ ᠪᠠᠢᠲᠠᠯᠠ ᠭᠡᠨᠡᠳᠲᠡ ᠳᠡᠷᠡᠰᠦᠨ ᠡᠴᠡ ᠬᠣᠶᠠᠷ ᠭᠤᠷᠭᠤᠤᠯ ᠫᠦᠷ ᠫᠦᠷ ᠬᠢᠨ ᠵᠡᠷᠭᠡ ᠨᠢᠰᠪᠡ᠃ ᠨᠢᠭᠡ ᠰᠤᠮᠤᠨ ᠳ᠋ᠤ᠌ ᠬᠣᠶᠠᠷ ᠢ᠋ ᠰᠦᠪᠡᠯᠡᠬᠦ ᠰᠠᠨᠠᠭᠠᠲᠠᠢ ᠳᠠᠪᠬᠤᠷᠯᠠᠵᠤ ᠳᠣᠯᠢᠶᠠᠪᠤᠷ ᠬᠤᠷᠤᠭᠤ ᠪᠠᠷ ᠳᠣᠬᠢᠰᠬᠢᠬᠦ ᠳ᠋ᠦ᠍ ᠪᠣᠷᠣᠭᠴᠢᠨ ᠭᠤᠷᠭᠤᠤᠯ ᠭᠠᠵᠠᠷ ᠤᠨᠠᠵᠤ᠂ ᠭᠣᠶᠣ ᠠᠯᠠᠭ ᠥᠳᠥᠲᠦ ᠡᠷᠡᠭᠴᠢᠨ ᠭᠤᠷᠭᠤᠤᠯ ᠭᠣᠭᠣᠭᠯᠠᠭᠰᠠᠭᠠᠷ ᠴᠠᠭᠠᠰᠢ ᠨᠢᠰᠦᠨ ᠣᠳᠪᠠ᠃ ᠲᠡᠭᠡᠭᠡᠳ ᠥᠨᠥᠬᠢ ᠪᠣᠷᠣᠭᠴᠢᠨ ᠢ᠋ ᠪᠦᠯᠢᠶᠡᠨ ᠬᠦᠷᠡᠩ ᠴᠢᠰᠤ ᠶ᠋ᠢ ᠨᠢ ᠳᠤᠰᠤᠯᠠᠭᠤᠯᠤᠭᠰᠠᠭᠠᠷ《 ᠡᠨᠡ ᠠᠷᠭᠠ ᠪᠢᠯᠢᠭ ᠢ᠋ᠶ᠋ᠡᠷ ᠣᠷᠴᠢᠭᠰᠠᠨ ᠶᠢᠷᠲᠢᠨᠴᠦ ᠶ᠋ᠢᠨ ᠦᠵᠡᠭᠳᠡᠯ ᠦᠨᠡᠬᠡᠷ ᠰᠣᠨᠢᠨ ᠶᠤᠮ ᠠ᠋᠃ ᠠᠳᠤᠭᠤᠰᠤ ᠠᠮᠢᠲᠠᠨ᠂ ᠠᠷᠢᠶᠠᠲᠠᠨ ᠭᠥᠷᠥᠭᠡᠰᠦ᠂ ᠢᠯᠠᠩᠭᠤᠶᠠ ᠵᠢᠭᠦᠷᠲᠡᠨ ᠰᠢᠪᠠᠭᠤᠳ ᠤ᠋ᠨ ᠡᠮᠡᠭᠴᠢᠨ ᠨᠢ ᠶᠠᠯᠢ ᠦᠭᠡᠢ ᠭᠡᠬᠦ ᠳ᠋ᠦ᠍ ᠡᠷᠡᠭᠴᠢᠨ ᠨᠢ ᠭᠣᠶᠣ ᠰᠦᠷᠯᠢᠭ ᠦᠵᠡᠮᠵᠢᠲᠡᠢ᠃ ᠡᠪᠦᠳᠦᠭ ᠰᠢᠭᠦᠷᠡᠭᠰᠡᠨ ᠬᠤᠷ ᠳᠡᠯ ᠲᠡᠢ᠂ ᠭᠠᠩ ᠲᠤᠭᠤᠷᠠᠢ ᠴᠠᠪᠴᠢᠯᠠᠭᠰᠠᠨ ᠠᠵᠢᠷᠭᠠ᠂ ᠣᠮᠣᠷᠤᠤ ᠨᠢ ᠳᠠᠪᠬᠤᠷᠯᠠᠨ ᠤᠨᠵᠢᠢᠭᠰᠠᠨ ᠯᠤᠤᠪᠠᠩ ᠱᠣᠷᠣ ᠡᠪᠡᠷᠳᠡᠢ ᠨᠢᠳᠦ ᠭᠥᠯᠢᠯᠵᠡᠭᠰᠡᠨ ᠪᠤᠬᠠ᠂ ᠭᠠᠯ ᠪᠠᠮᠪᠠᠷ ᠠᠰᠬᠠᠭᠰᠠᠨ ᠰᠢᠭ᠋ ᠠᠭᠰᠠᠢᠭᠰᠠᠨ ᠤᠷᠲᠤ ᠵᠣᠭᠳᠣᠷ ᠲᠠᠢ ᠣᠷᠣᠭᠰᠠᠨ ᠪᠤᠤᠷᠠ᠂ ᠤᠭᠠᠯᠵᠠᠯᠠᠨ ᠮᠤᠰᠬᠢᠷᠠᠯᠳᠤᠭᠰᠠᠨ ᠤᠭᠤᠷ ᠪᠦᠳᠦᠭᠦᠨ ᠡᠪᠡᠷ ᠲᠡᠢ ᠬᠤᠴᠠ( ᠤᠭᠠᠯᠵᠠ)᠂ ᠠᠳᠠᠷᠠᠤᠲᠤ ᠤᠷᠲᠤ ᠰᠡᠯᠡᠮᠡ ᠮᠥᠷᠥᠯᠡᠭᠰᠡᠨ ᠴᠡᠷᠢᠭ ᠦ᠋ᠨ ᠵᠠᠩᠵᠤᠨ ᠰᠢᠭ᠋ ᠰᠡᠯᠡᠮᠡᠨ ᠡᠪᠡᠷᠲᠦ ᠶᠠᠩᠭᠢᠷ ᠤ᠋ᠨ ᠤᠬᠤᠨᠠ᠁ ᠥᠩᠭᠡ ᠶ᠋ᠢᠨ ᠴᠡᠴᠡᠭ ᠦ᠋ᠨ ᠴᠣᠮᠣᠷᠯᠢᠭ ᠢ᠋ ᠲᠡᠭᠦᠵᠦ ᠬᠤᠪᠴᠠᠯᠠᠭᠰᠠᠨ ᠰᠢᠭ᠋ ᠰᠣᠯᠣᠩᠭᠠ ᠲᠠᠲᠠᠭᠰᠠᠨ ᠥᠳᠥ ᠰᠥᠳᠥ ᠲᠡᠢ ᠡᠷᠡᠭᠴᠢᠨ ᠭᠤᠷᠭᠤᠤᠯ᠁ ᠵᠡᠷᠭᠡ ᠶ᠋ᠢᠨ ᠠᠯᠢᠨ ᠢ᠋ ᠨᠢ ᠲᠣᠭᠠᠴᠢᠭᠠᠳ ᠪᠠᠷᠠᠬᠤ ᠪᠣᠢ᠃ ᠡᠨᠡ ᠪᠦᠭᠦᠳᠡᠭᠡᠷ ᠢ᠋ᠶ᠋ᠡᠨ ᠡᠷᠢᠶᠡᠨ ᠠᠯᠠᠭ ᠬᠣᠷᠸᠠ ᠶ᠋ᠢᠨ ᠬᠦᠢᠰᠦᠨ ᠳ᠋ᠦ᠍ ᠪᠠᠢᠭᠠᠯᠢ ᠶ᠋ᠢᠨ ᠴᠢᠮᠡᠭ ᠪᠣᠯᠵᠤ ᠪᠤᠳᠤᠭᠰᠢᠬᠤ ᠨᠢ ᠶᠠᠭᠤᠲᠠᠢ ᠰᠠᠢᠬᠠᠨ! ᠭᠡᠲᠡᠯᠡ ᠬᠠᠷᠠ ᠲᠡᠷᠢᠭᠦᠲᠡᠨ ᠬᠣᠶᠠᠷ ᠬᠥᠯᠲᠡᠨ ᠦ᠌ ᠡᠮᠡ ᠬᠦᠢᠰᠦ ᠲᠡᠢ ᠨᠢ ᠭᠣᠶᠣ ᠬᠡᠭᠡᠨᠴᠢᠷ᠂ ᠡᠷᠡ ᠬᠦᠢᠰᠦ ᠲᠡᠢ ᠠᠷᠵᠠᠭ ᠪᠠᠷᠵᠠᠭ ᠪᠦᠳᠦᠭᠦᠯᠢᠭ ᠭᠡᠭᠴᠢ ᠬᠠᠴᠢᠨ᠁ ᠡᠨᠡ ᠪᠣᠷᠣᠭᠴᠢᠨ ᠥᠨᠥᠳᠥᠷ ᠮᠢᠨᠦ ᠫᠤᠤ ᠶ᠋ᠢᠨ ᠪᠥᠭᠯᠡᠭᠡ ᠪᠣᠯᠳᠠᠭ ᠨᠢ ᠴᠢᠨᠦ ᠵᠠᠶᠠᠭᠠ ᠬᠠᠵᠠᠢᠪᠠ ᠤᠤ᠂ ᠮᠢᠨᠦ ᠠᠵᠠ ᠲᠠᠭᠠᠷᠠᠪᠠ ᠤᠤ? ᠡᠰᠡᠪᠡᠰᠦ ᠲᠩᠷᠢ ᠪᠤᠷᠬᠠᠨ ᠨᠠᠳᠠ ᠵᠣᠷᠢᠭᠤᠳᠠ ᠪᠣᠷᠣᠭᠴᠢᠨ ᠢ᠋ᠶ᠋ᠠᠨ ᠥᠭᠭᠦᠭᠰᠡᠨ ᠨᠢ ᠴᠠᠭᠠᠨᠠ ᠪᠠᠨ ᠨᠢᠭᠡ ᠤᠬᠠᠭᠠᠨ ᠪᠣᠢ ᠤᠤ? ᠦᠭᠡᠢ ᠠ᠋᠂ ᠪᠢ ᠠᠯᠠᠭ ᠬᠤᠶᠠᠭᠲᠠᠨ ᠡᠷᠡᠭᠴᠢᠨ ᠢ᠋ ᠴᠢᠨᠢ ᠰᠦᠪᠡᠯᠡᠶᠡ ᠭᠡᠰᠡᠨ ᠡᠴᠡ ᠪᠢᠰᠢ ᠴᠢᠮᠠ ᠳ᠋ᠤ᠌ ᠳᠤᠷᠠᠯᠠᠭᠠ ᠦᠭᠡᠢ ᠰᠢᠦ ᠳᠡ! ᠥᠨᠳᠡᠭᠡ ᠳᠠᠷᠤᠭᠰᠠᠨ ᠪᠣᠷᠣᠭᠴᠢᠨ ᠴᠢᠮᠠᠶ᠋ᠢ ᠨᠤᠭᠤᠰᠤᠯᠠᠵᠤ᠂ ᠡᠷᠡᠭᠴᠢᠨ ᠬᠣᠩᠭᠣᠷ ᠠ᠋ᠴᠠ ᠴᠢᠨᠢ ᠰᠠᠯᠭᠠᠵᠤ᠂ ᠴᠠᠭᠠᠳᠤᠬᠢ ᠶ᠋ᠢ ᠴᠢᠨᠢ ᠥᠨᠥᠴᠢᠷᠡᠭᠦᠯᠦᠨ ᠭᠠᠩᠰᠠᠷᠠᠭᠤᠯᠴᠢᠬᠠᠯᠠ ᠳᠠ! ᠠᠭᠤᠴᠢᠯᠠᠭᠠᠴᠢ ᠵᠠᠶᠠᠭᠠ ᠳᠣᠷᠭᠣᠨ ᠪᠣᠷᠣᠭᠴᠢᠨ! ᠡᠨᠡᠷᠢᠯ ᠦᠭᠡᠢ ᠡᠨᠡ ᠬᠣᠷᠸᠠ ᠶ᠋ᠢᠨ ᠠᠳᠠ ᠲᠠᠢ ᠰᠢᠨᠤᠯᠲᠤ ᠳᠠᠢᠰᠤᠨ ᠪᠣᠯ ᠠᠷᠵᠠᠭ ᠲᠣᠯᠣᠭᠠᠢᠲᠤ ᠠᠴᠠ ᠬᠥᠯ ᠲᠠᠢ ᠬᠥᠮᠥᠨ ᠮᠥᠨ ᠰᠢᠦ ᠳ᠋ᠠ! ᠨᠢᠭᠦᠯ᠂ ᠨᠢᠭᠦᠯ ᠡ ᠁ 》 ᠭᠡᠵᠦ ᠡᠯᠳᠡᠪ ᠢ ᠪᠣᠳᠣᠨ ᠤᠯᠠᠭᠠᠨ ᠬᠠᠲᠤᠨ ᠤ ᠬᠥᠪᠡᠭᠡ ᠳᠠᠭᠠᠵᠤ ᠵᠦᠯᠭᠡᠲᠦ ᠵᠥᠷᠢᠭ ᠢᠶᠡᠷ ᠰᠡᠲᠦᠪ ᠦᠭᠡᠢ ᠵᠣᠷᠴᠢᠨ ᠶᠠᠪᠤᠲᠠᠯᠠ ᠭᠡᠨᠡᠳᠲᠡ ᠴᠡᠴᠡᠭ ᠬᠠᠲᠤᠨ ᠵᠠᠭᠡᠰᠦᠨ ᠠᠴᠠ ᠭᠠᠷᠴᠤ ᠢᠷᠡᠭᠡᠳ᠄
— ᠮᠠᠨᠴᠤᠷᠭᠠ ᠭᠤᠸᠠᠢ᠂ ᠶᠡᠷᠦ ᠨᠢ ᠭᠤᠷᠭᠤᠤᠯ ᠲᠠᠦᠯᠠᠢ ᠠᠩᠨᠠᠬᠤ ᠳᠤᠷᠠᠲᠠᠢ ᠶᠤᠮ ᠪᠢᠵᠡ? ᠲᠡᠷᠡ ᠮᠥᠷᠲᠡᠭᠡᠨ ᠪᠣᠷᠣᠭᠴᠢᠨ ᠳ᠋ᠤᠨᠢ ᠰᠢᠨᠤᠯᠲᠠᠢ ᠪᠠᠢᠵᠠᠢ ᠭᠡᠵᠦ ᠬᠡᠯᠡᠭᠡᠳ ᠭᠢᠳ ᠭᠢᠳ ᠭᠡᠵᠦ ᠬᠠᠳᠠᠭᠠᠨᠠᠬᠤ ᠳᠤ ᠮᠠᠨᠴᠤᠷᠭᠠ ᠪᠣᠳᠣᠯ ᠠᠴᠠ ᠪᠠᠨ ᠰᠣᠴᠢᠵᠤ᠄
— ᠠᠢ᠂ ᠴᠡᠴᠡᠭ ᠬᠠᠲᠤᠨ ᠪᠠᠢᠭᠰᠠᠨ ᠶᠤᠮ ᠤᠤ? ᠰᠠᠢᠬᠠᠨ ᠨᠠᠮᠤᠷᠵᠢᠵᠤ ᠪᠠᠢᠨᠠ ᠤᠤ? ᠭᠡᠵᠦ ᠲᠤᠯᠭᠠᠮᠳᠠᠭᠰᠠᠨ ᠢᠶᠠᠨ ᠰᠠᠨᠳᠤᠷᠤᠨ ᠮᠡᠨᠳᠦᠯᠡᠪᠡ᠃
— ᠰᠠᠢᠬᠠᠨ ᠨᠠᠮᠤᠷᠵᠢᠵᠤ ᠪᠠᠢᠨᠠ᠃ ᠲᠠ ᠲᠡᠭᠡᠭᠡᠳ ᠲᠠᠪᠠᠲᠠᠢ ᠠᠩᠨᠠᠵᠤ ᠪᠠᠢᠨᠠ ᠤᠤ?
— ᠶᠠᠭᠠᠬᠢᠬᠤ ᠪᠣᠢ ᠳ᠋ᠠ᠂ ᠬᠠᠲᠤᠨ ᠲᠠᠨ ᠤ ᠬᠣᠯᠠ ᠠᠴᠠ ᠬᠣᠩᠬᠣ ᠰᠢᠭ᠋ ᠰᠠᠢᠬᠠᠨ ᠬᠠᠳᠠᠭᠠᠨᠠᠨ ᠢᠨᠢᠶᠡᠬᠦ ᠪᠡᠷ ᠡᠨᠡ ᠪᠣᠷᠣᠭᠴᠢᠨ ᠠᠮᠢ ᠣᠷᠣᠭᠠᠳ ᠨᠢᠰᠴᠢᠭᠡᠬᠦ ᠠᠯᠳᠠᠯᠠ ᠁ ᠭᠡᠳ ᠭᠠᠷ ᠲᠠᠭᠠᠨ ᠳᠡᠭᠦᠵᠢᠯᠡᠵᠦ ᠶᠠᠪᠤᠭᠠ ᠪᠣᠷᠣᠭᠴᠢᠨ ᠭᠤᠷᠭᠤᠤᠯ ᠢ ᠡᠷᠭᠦᠵᠦ ᠬᠠᠲᠤᠨ ᠳᠤ ᠦᠵᠡᠭᠦᠯᠪᠡᠯ᠂
— ᠪᠣᠷᠣᠭᠴᠢᠨ ᠭᠤᠷᠭᠤᠤᠯ ᠤᠤ? ᠮᠠᠨᠴᠤᠷᠭᠠ ᠭᠤᠸᠠᠢ ᠲᠠ ᠶᠡᠷᠦ ᠨᠢ ᠪᠣᠷᠣᠭᠴᠢᠨ ᠳ᠋ᠤᠨᠢ ᠳᠤᠷᠠᠲᠠᠢ ᠶᠤᠮ ᠤᠤ? ᠪᠢ ᠦᠵᠡᠪᠡᠯ ᠪᠣᠷᠣᠭᠴᠢᠨ ᠨᠢ ᠪᠤᠷᠵᠢᠢᠭᠠᠳ ᠨᠠᠳᠠ ᠪᠣᠯ ᠶᠠᠭ ᠦᠵᠡᠮᠦᠷᠢ ᠦᠭᠡᠢ ᠰᠢᠳᠡ ᠭᠡᠨᠡ᠃
— ᠨᠠᠳᠠ ᠪᠣᠯ ᠪᠣᠷᠣᠭᠴᠢᠨ ᠨᠢ ᠴᠠᠭᠠᠨᠠ ᠠᠴᠠ ᠪᠠᠨ ᠰᠠᠢᠬᠠᠨ ᠬᠠᠷᠠᠭᠳᠠᠭᠠᠳ ᠪᠠᠢᠬᠤᠯᠠᠷ ᠪᠣᠷᠣᠭᠴᠢᠨ ᠢ ᠨᠢ ᠰᠦᠪᠡᠯᠡᠴᠢᠭᠡᠯᠡ ᠭᠡᠵᠦ ᠵᠣᠷᠢᠭᠤᠳᠠ ᠱᠠᠯ ᠬᠤᠳᠠᠯ ᠬᠡᠯᠡᠵᠦ ᠭᠣᠭᠴᠣᠭᠠ ᠲᠠᠢ ᠦᠭᠡ ᠦᠯᠡᠳᠡᠭᠡᠪᠡ᠃
— ᠪᠢ ᠴᠦ᠍ ᠪᠣᠯ ᠠᠯᠠᠭ ᠪᠤᠯᠠᠭ ᠥᠳᠥ᠍ ᠲᠡᠢ ᠡᠷᠡᠭᠴᠢᠨ ᠭᠤᠷᠭᠤᠤᠯ ᠢ ᠪᠠᠬᠠᠷᠬᠠᠨᠠ ᠳ᠋ᠠ! ᠮᠠᠨᠴᠤᠷᠭᠠ ᠭᠤᠸᠠᠢ ᠲᠠ ᠪᠣᠯᠣᠮᠵᠢᠲᠠᠢ ᠪᠣᠯ ᠨᠠᠳᠠ ᠨᠢᠭᠡ ᠰᠠᠢᠬᠠᠨ ᠡᠷᠡᠭᠴᠢᠨ ᠭᠤᠷᠭᠤᠤᠯ ᠢ ᠠᠮᠢᠳᠤ ᠪᠠᠷ ᠨᠢ ᠪᠠᠷᠢᠵᠤ ᠥᠭᠬᠦ ᠦᠭᠡᠢ ᠤᠤ? ᠥᠳᠥ᠍ ᠰᠦᠳᠦ ᠶᠢ ᠨᠢ ᠰᠣᠨᠢᠷᠬᠠᠭᠠᠳ ᠡᠩᠬᠦᠷᠡᠢᠯᠡᠵᠦ ᠰᠠᠭᠤᠮᠠᠷ ᠶᠤᠮ! ᠭᠡᠳ ᠤᠳᠬᠠᠲᠠᠢᠬᠠᠨ ᠨᠢᠳᠦ ᠪᠡᠷ ᠢᠶᠡᠨ ᠢᠨᠢᠶᠡᠪᠡᠯ《 ᠮᠠᠨᠴᠤᠷᠭᠠ ᠴᠢ᠂ ᠡᠭᠡᠭᠡ ᠯᠠ ᠡᠷᠡᠭᠴᠢᠨ ᠭᠤᠷᠭᠤᠤᠯ ᠳ᠋ᠠ! ᠪᠢ ᠥᠪᠡᠷ ᠢᠶᠡᠨ ᠨᠢ ᠪᠣᠷᠣᠭᠴᠢᠨ ᠨᠢ ᠶᠤᠮ᠃ ᠪᠢ ᠴᠢᠮᠠᠶ᠋ᠢ ᠪᠠᠬᠠᠷᠬᠠᠵᠤ ᠪᠠᠢᠨᠠ ᠁ 》ᠭᠡᠵᠦ ᠪᠠᠢᠭᠠ ᠰᠠᠨᠠᠭᠠ ᠪᠠᠨ ᠳᠠᠯᠳᠠᠯᠠᠵᠤ ᠬᠡᠯᠡᠭᠰᠡᠨ ᠦᠭᠡ ᠶᠢᠨ ᠬᠢᠨᠢ ᠰᠠᠨᠠᠭᠠ ᠶᠢ ᠣᠢᠯᠠᠭᠠᠭᠰᠠᠨ ᠮᠠᠨᠴᠤᠷᠭᠠ᠄
— ᠪᠣᠯᠣᠨᠠ ᠪᠣᠯᠣᠨᠠ᠂ ᠡᠷᠡᠭᠴᠢᠨ ᠭᠤᠷᠭᠤᠤᠯ ᠳᠤ ᠳᠤᠷᠠᠲᠠᠢ ᠪᠣᠯ ᠲᠡᠷᠡ ᠠᠮᠠᠷᠬᠠᠨ ᠭᠡᠵᠦ ᠴᠡᠴᠡᠭ ᠬᠠᠲᠤᠨ ᠤ ᠦᠭᠡᠨ ᠦ ᠳᠠᠯᠳᠠ ᠰᠦᠪᠡᠭᠴᠢ ᠶᠢ ᠭᠣᠭᠴᠣᠭᠠᠯᠠᠵᠤ ᠠᠪᠴᠠᠢ᠃
— ᠳᠡᠭᠡᠬᠦ ᠳᠡᠬᠡᠨ ᠡᠭᠦᠨ ᠰᠢᠭ ᠦᠬᠦᠭᠰᠡᠨ ᠭᠤᠷᠭᠤᠤᠯ ᠠᠪᠬᠤ ᠦᠭᠡᠢ ᠰᠢᠦ! ᠠᠮᠢᠳᠤ ᠶᠢ ᠯᠠ ᠠᠪᠤᠨᠠ᠃ ᠮᠡᠳᠡᠪᠡ ᠤᠤ?
— ᠵᠠ᠂ ᠵᠠ᠂ ᠲᠠᠨ ᠤ᠋ ᠰᠠᠨᠠᠭᠠᠨ ᠳ᠋ᠤ᠌ ᠲᠠᠭᠠᠯᠠᠭᠳᠠᠭᠤᠯᠤᠶᠠ ᠳᠠ!
— ᠠᠮᠠᠨ ᠳᠡᠭᠡᠷᠡ ᠪᠡᠨ《 ᠪᠣᠯᠤᠨᠠ᠂ ᠪᠣᠯᠤᠨᠠ》《 ᠵᠠ᠂ ᠵᠠ》 ᠭᠡᠵᠦ ᠯᠡ ᠪᠠᠢᠨᠠ ᠳᠠ! ᠴᠣᠬᠣᠮ ᠬᠡᠷᠡᠭ ᠳᠡᠭᠡᠷᠡ ᠨᠢ ᠲᠤᠯᠤᠭᠠᠳ ᠯᠠ ᠶᠠᠭᠠᠬᠢᠳᠠᠭ ᠢ᠋ ᠴᠢᠨᠢ ᠦᠵᠡᠨᠡ ᠰᠢᠦ! ᠲᠡᠭᠡᠬᠦ ᠳ᠋ᠡᠭᠡᠨ ᠪᠢᠲᠡᠭᠡᠢ ᠯᠡ ᠨᠠᠳᠠ ᠪᠣᠷᠣᠭᠴᠢᠨ ᠭᠤᠷᠭᠤᠤᠯ᠁ ᠪᠢ ᠲᠡᠷᠡ ᠪᠣᠷᠣᠭᠴᠢᠨ ᠳ᠋ᠤ᠌ ᠴᠢᠨᠢ ᠳᠤᠷᠠ ᠦᠭᠡᠢ ᠭᠡᠳ ᠲᠠᠰᠢᠶᠠ ᠮᠣᠰᠬᠢᠯᠵᠠᠭᠤᠯᠤᠨᠠ᠃
— ᠪᠢ ᠪᠣᠷᠣᠭᠴᠢᠨ ᠳ᠋ᠤᠨᠢ ᠳᠤᠷᠠᠲᠠᠢ!
— ᠲᠡᠢᠮᠦ ᠤᠤ? ᠪᠣᠷᠣᠭᠴᠢᠨ ᠳ᠋ᠤ᠌ ᠳᠤᠷᠠᠲᠠᠢ ᠭᠡᠳ ᠪᠢᠲᠡᠭᠡᠢ ᠯᠡ ᠨᠠᠮᠠᠶ᠋ᠢ ᠭᠤᠷᠭᠤᠤᠯ ᠢ᠋ᠶ᠋ᠠᠷ ᠪᠣᠳᠣᠭᠠᠳ ᠤᠨᠠᠭᠠᠴᠢᠬᠠ ᠳᠠ ᠭᠡᠳ ᠠᠮᠠ ᠪᠠᠨ ᠲᠠᠭᠯᠠᠨ ᠬᠥᠬᠥᠷᠡᠪᠡ᠃
— ᠬᠠᠲᠤᠨ ᠲᠠ ᠬᠤᠪᠢᠯᠭᠠᠨ ᠪᠡᠴᠢᠨ ᠪᠠᠭᠰᠢ ᠶ᠋ᠢᠨ ᠳᠠᠯᠠᠨ ᠬᠣᠶᠠᠷ ᠬᠤᠪᠢᠯᠪᠤᠷᠢ ᠪᠠᠷ ᠳᠤᠷᠠᠲᠠᠶᠠ ᠪᠣᠷᠣᠭᠴᠢᠨ ᠪᠣᠯᠵᠤ ᠬᠤᠪᠢᠯᠵᠤ ᠴᠢᠳᠠᠪᠠᠯ ᠮᠠᠨᠴᠤᠷᠭᠠ ᠪᠢ ᠪᠣᠳᠣᠯ ᠲᠥᠭᠡᠷᠢᠭᠳᠡᠵᠦ ᠪᠣᠷᠣᠭᠴᠢᠨ ᠭᠤᠷᠭᠤᠤᠯ ᠢ᠋ ᠤᠨᠠᠭᠠᠴᠢᠬᠠᠬᠤ ᠮᠠᠭᠠᠳ ᠦᠭᠡᠢ ᠰᠢᠦ!
— ᠲᠡᠭᠡ᠂ ᠲᠡᠭᠡ! ᠪᠢ ᠪᠣᠷᠣᠭᠴᠢᠨ ᠭᠤᠷᠭᠤᠤᠯ ᠪᠣᠯᠵᠤ ᠬᠤᠪᠢᠯᠤᠨᠠ ᠰᠢᠦ᠂ ᠤᠨᠠᠭᠠ᠂ ᠤᠨᠠᠭᠠ! ᠭᠡᠳ ᠪᠦᠷ ᠴᠦ᠍ ᠡᠯᠢᠭᠡ ᠭᠡᠳᠡᠰᠦ ᠪᠡᠨ ᠲᠡᠪᠡᠷᠢᠭᠡᠳ ᠤᠨᠠᠴᠢᠬᠠᠮᠠᠷᠬᠠᠨ ᠬᠥᠬᠥᠷᠡᠨ ᠢᠨᠢᠶᠡᠨᠡ᠃
ᠴᠡᠴᠡᠭ ᠬᠠᠲᠤᠨ ᠲᠡᠷᠡ ᠡᠳᠦᠷ ᠮᠠᠨᠴᠤᠷᠭᠠ ᠲᠠᠢ ᠵᠡᠭᠡᠰᠦᠲᠦ ᠨᠠᠭᠤᠷ ᠤ᠋ᠨ ᠬᠥᠪᠡᠭᠡᠨᠡ ᠠᠭᠤᠯᠵᠠᠵᠤ《ᠡᠨᠡ ᠠ᠋᠂ ᠲᠡᠷᠡ ᠠ᠋》 ᠭᠡᠵᠦ ᠠᠯᠢᠶᠠ ᠴᠣᠯᠭᠢᠨ ᠦᠭᠡ ᠡᠯᠭᠦᠵᠦ ᠲᠣᠭᠯᠠᠭᠰᠠᠨ ᠠ᠋ᠴᠠ ᠬᠣᠢᠰᠢ ᠰᠡᠳᠬᠢᠯ ᠨᠢ ᠲᠣᠭᠲᠠᠪᠤᠷᠢ ᠠᠯᠲᠠᠨ ᠪᠠᠢᠨ ᠪᠠᠢᠨ ᠲᠡᠷᠡ ᠵᠦᠭ ᠲᠦ᠍ ᠪᠣᠳᠣᠯ ᠤ᠋ᠨ ᠵᠢᠯᠣᠭᠣ ᠠᠯᠳᠠᠵᠤ《 ᠪᠣᠷᠣᠭᠴᠢᠨ᠂ ᠡᠷᠡᠭᠴᠢᠨ ᠭᠤᠷᠭᠤᠤᠯ》 ᠤ᠋ᠨ ᠶᠠᠪᠤᠳᠠᠯ ᠳ᠋ᠤ᠌ ᠰᠠᠨᠠᠭᠠᠷᠬᠠᠨ ᠮᠠᠨᠴᠤᠷᠭᠠ ᠶ᠋ᠢᠨ ᠬᠦᠳᠡᠷ ᠪᠡᠬᠢᠯᠢᠭ ᠪᠡᠶᠡ ᠬᠠᠳᠠ᠂ ᠥᠳᠬᠡᠨ ᠬᠥᠮᠥᠰᠬᠡ ᠶ᠋ᠢᠨ ᠳᠣᠣᠷᠠ ᠭᠢᠯᠠᠯᠵᠠᠭᠰᠠᠨ ᠳᠠᠪᠬᠤᠷᠠ ᠪᠦᠳᠦᠭᠦᠨ ᠨᠢᠳᠦ᠂ ᠬᠥᠷᠥᠰᠥᠯᠢᠭ ᠪᠣᠷᠣ ᠴᠢᠷᠠᠢ᠁ ᠶᠠᠭᠤᠮᠠ ᠪᠦᠬᠦᠨ ᠨᠢ ᠲᠡᠭᠦᠨ ᠳ᠋ᠦ᠍ ᠲᠠᠭᠠᠲᠠᠢ ᠰᠠᠨᠠᠭᠳᠠᠵᠤ᠂ ᠪᠣᠳᠣᠯ ᠤ᠋ᠨ ᠪᠢᠴᠢᠬᠠᠨ ᠶᠢᠷᠲᠢᠨᠴᠦ ᠳ᠋ᠦ᠍ᠨᠢ ᠮᠠᠨᠴᠤᠷᠭᠠ ᠶ᠋ᠢᠨ ᠰᠦᠨᠡᠰᠦ ᠣᠷᠣᠰᠢᠴᠢᠬᠠᠭᠰᠠᠨ ᠰᠢᠭ᠋ ᠶᠠᠭᠠᠬᠢᠬᠤ ᠴᠦ᠍ ᠠᠷᠭᠠ ᠦᠭᠡᠢ ᠲᠡᠭᠦᠨ ᠢ᠋ ᠰᠢᠨᠠᠯᠭᠠᠵᠤ ᠪᠠᠢᠯᠠ᠃
ᠰᠡᠭᠦᠯ ᠳ᠋ᠡᠭᠡᠨ ᠪᠦᠷ ᠴᠦ᠍ ᠪᠡᠶᠡ ᠰᠡᠳᠬᠢᠯ ᠢ᠋ᠶ᠋ᠡᠨ ᠡᠵᠡᠮᠳᠡᠵᠦ ᠳᠡᠢᠯᠬᠦ ᠦᠭᠡᠢ ᠰᠡᠯᠡᠭᠦᠦ ᠵᠠᠪᠰᠢᠵᠤ ᠬᠠᠲᠤᠨ ᠤ᠋ ᠬᠥᠪᠡᠭᠡ᠂ ᠵᠡᠭᠡᠰᠦᠲᠦ ᠨᠠᠭᠤᠷ ᠤ᠋ᠨ ᠵᠠᠬᠠ ᠪᠠᠷ ᠮᠠᠨᠴᠤᠷᠭᠠ ᠶ᠋ᠢ ᠪᠠᠷᠠᠳᠠᠵᠤ ᠪᠡᠶᠡ ᠪᠡᠨ ᠦᠵᠡᠭᠳᠡᠭᠦᠯᠦᠨ ᠲᠠᠩᠳᠠ ᠲᠡᠷᠡ ᠬᠠᠪᠢ ᠪᠠᠷ ᠶᠠᠪᠤᠳᠠᠭ᠃ ᠡᠬᠢᠯᠡᠭᠡᠳ ᠢᠨᠵᠢ ᠬᠡᠦᠬᠡᠨ ᠦ᠌ ᠪᠠᠷᠠ ᠪᠠᠷ ᠬᠠᠨᠢ ᠲᠠᠲᠠᠵᠤ ᠪᠠᠢᠭᠰᠠᠨ ᠪᠣᠯ ᠵᠠᠮ ᠰᠢᠯᠤᠭᠤᠳᠴᠤ ᠢᠷᠡᠬᠦᠯᠡᠷ ᠢᠨᠵᠢ ᠬᠡᠦᠬᠡᠨ ᠨᠣᠮᠢᠨ ᠨᠢ ᠢᠯᠡᠭᠦᠦ ᠳ᠋ᠡᠭᠡᠨ ᠭᠠᠷᠤᠭᠰᠠᠨ《ᠮᠢᠬᠠᠨ ᠰᠡᠭᠦᠯ》 ᠪᠣᠯᠵᠤ ᠲᠡᠭᠦᠨ ᠢ᠋ ᠳᠠᠭᠠᠭᠤᠯᠬᠤ ᠪᠠᠨ ᠪᠣᠯᠢᠵᠤ ᠭᠠᠭᠴᠠᠭᠠᠷ ᠢ᠋ᠶ᠋ᠠᠨ ᠰᠡᠯᠡᠭᠦᠴᠡᠳᠡᠭ ᠪᠣᠯᠤᠯᠠ᠃ ᠵᠠᠷᠢᠮ ᠳ᠋ᠠᠭᠠᠨ ᠪᠦᠷ ᠴᠦ᠍ ᠣᠷᠣᠢ ᠦᠨᠢᠶᠡ ᠲᠤᠭᠤᠯ ᠨᠡᠢᠯᠡᠯᠳᠦᠲᠡᠯᠡ ᠶᠠᠪᠤᠳᠠᠭ ᠲᠤ《ᠬᠠᠲᠤᠨ ᠡᠢᠮᠦ ᠲᠡᠢᠮᠦ ᠪᠣᠯᠬᠤ》 ᠠ᠋ᠴᠠ ᠡᠮᠢᠶᠡᠳᠡᠭ ᠢᠨᠵᠢ ᠬᠡᠦᠬᠡᠨ ᠨᠣᠮᠢᠨ ᠤ᠋ ᠰᠡᠳᠬᠢᠯ ᠦ᠋ᠨ ᠵᠣᠪᠠᠯᠠᠩ ᠪᠣᠯᠵᠤ᠂ ᠪᠡᠶᠡ ᠪᠡᠨ ᠦᠵᠡᠭᠳᠡᠭᠦᠯᠤᠯ ᠦᠭᠡᠢ ᠳᠠᠯᠳᠠ ᠠ᠋ᠴᠠ ᠪᠠᠷᠠ ᠪᠣᠯᠵᠤ ᠪᠠᠢᠳᠠᠭ ᠪᠢᠯᠡ᠃
ᠴᠡᠴᠡᠭ ᠬᠠᠲᠤᠨ ᠮᠠᠨᠴᠤᠷᠭᠠ ᠲᠠᠢ ᠠᠭᠤᠯᠵᠠᠵᠤ᠂ ᠠᠯᠢᠶᠠ ᠱᠠᠯᠢᠭ ᠦᠭᠡ ᠡᠯᠭᠦᠯᠴᠡᠨᠡ᠃ ᠲᠡᠭᠡ ᠲᠡᠭᠡᠭᠰᠡᠭᠡᠷ ᠬᠥᠮᠦᠨ ᠦ᠌ ᠨᠢᠳᠦᠨ ᠦ᠌ ᠳᠠᠯᠳᠠ ᠭᠠᠵᠠᠷ ᠭᠠᠷ ᠭᠠᠷ ᠢ᠋ᠶ᠋ᠠᠨ ᠬᠣᠯᠪᠣᠴᠢᠬᠠᠭᠰᠠᠨ ᠠᠯᠬᠤᠳᠠᠭ ᠪᠣᠯᠪᠠ᠃
ᠪᠠᠭᠤᠤ ᠶ᠋ᠢ ᠨᠢ ᠪᠠᠷᠢᠭᠰᠠᠭᠠᠷ ᠪᠠᠷᠢᠭᠰᠠᠭᠠᠷ ᠪᠤᠬᠤᠷ ᠢ᠋ ᠨᠢ ᠲᠡᠮᠲᠡᠷᠢᠬᠦ ᠪᠣᠯᠵᠤ ᠬᠥᠮᠦᠨ ᠠᠮᠢᠲᠠᠨ ᠤ᠋ ᠪᠠᠷᠠ ᠬᠠᠷᠠᠭᠳᠠᠬᠤ ᠦᠭᠡᠢ ᠪᠣᠯᠤᠭᠰᠠᠭᠠᠷ᠂ ᠬᠣᠶᠠᠭᠤᠯᠠ ᠵᠡᠭᠡᠰᠦᠨ ᠳᠣᠲᠣᠷᠠ ᠳᠠᠯᠳᠠᠷᠠᠵᠤ ᠠᠭᠤᠰᠳᠠᠭ᠃
ᠨᠢᠭᠡ ᠨᠢᠭᠡᠨ ᠢ᠋ᠶ᠋ᠡᠨ ᠳᠠᠯᠳᠠᠭᠤᠷ ᠭᠣᠷᠢᠯᠠᠵᠤ ᠵᠠᠪᠰᠠᠷ ᠣᠯᠵᠤ ᠨᠢᠭᠤᠷ ᠬᠠᠭᠠᠷᠠᠵᠤ ᠴᠢᠳᠠᠬᠤ ᠦᠭᠡᠢ ᠯᠡ ᠪᠤᠬᠢᠨᠢᠳᠤᠵᠤ ᠢᠨᠠᠭ ᠤ᠋ᠨ ᠭᠠᠯ ᠢ᠋ᠶ᠋ᠠᠨ ᠮᠠᠨᠠᠭᠰᠠᠨ ᠬᠣᠶᠠᠷ ᠵᠡᠭᠡᠰᠦᠨ ᠳᠣᠲᠣᠷᠠ ᠣᠷᠣᠮᠠᠭᠴᠠ ᠨᠢᠭᠡ ᠴᠣᠭᠴᠠ ᠪᠣᠯᠤᠨ ᠦᠬᠦᠨ ᠲᠡᠪᠡᠷᠢᠯᠳᠦᠪᠡ᠃ ᠡᠨᠡ ᠦᠶᠡ ᠳ᠋ᠦ᠍ ᠡᠳᠡ ᠬᠣᠶᠠᠭᠤᠯᠠ ᠳ᠋ᠤ᠌ ᠣᠯᠠᠨ ᠲᠠᠪᠤᠨ ᠨᠤᠷᠰᠢᠬᠤ《 ᠣᠷᠣᠰᠢᠯ》 ᠤ᠋ᠨ《ᠬᠠᠢᠷᠠ ᠮᠠᠢᠷᠠ ᠪᠣᠷᠣᠭᠴᠢᠨ ᠮᠣᠷᠤᠭᠴᠢᠨ》 ᠭᠡᠬᠦ ᠦᠭᠡ ᠳᠠᠩᠴᠤ ᠢᠯᠡᠭᠦᠦ ᠪᠠᠢᠯᠠ᠃ ᠫᠤᠤ ᠵᠡᠪᠰᠡᠭ᠂ ᠨᠣᠭᠲᠣ ᠴᠤᠯᠪᠤᠭᠤᠷ ᠤ᠋ᠨ ᠬᠠᠯᠠᠨ ᠳ᠋ᠤ᠌ ᠡᠪᠡᠷᠰᠢᠭᠰᠡᠨ ᠰᠢᠷᠦᠭᠦᠨ ᠪᠣᠷᠣ ᠭᠠᠷ ᠴᠡᠴᠡᠭ ᠬᠠᠲᠤᠨ ᠤ᠋ ᠡᠩᠭᠡᠯᠵᠡᠭᠦᠷ ᠤᠷᠤᠭᠤ ᠰᠢᠷᠭᠤᠵᠤ ᠨᠥᠮᠥᠭᠡᠨ ᠴᠠᠭᠠᠨ ᠴᠡᠭᠡᠵᠢᠨ ᠳ᠋ᠦ᠍ ᠤᠢᠯᠠᠩᠬᠠᠢ ᠰᠢᠭ᠋ ᠨᠢᠯᠠᠭᠤᠨ ᠵᠥᠭᠡᠯᠡᠨ ᠮᠥᠮᠥ ᠶ᠋ᠢ ᠲᠡᠮᠲᠡᠷᠢᠨ ᠬᠦᠴᠦᠲᠡᠢ ᠠᠲᠠᠯᠠ ᠡᠪᠡᠳᠤᠭᠦᠯᠦᠯ ᠦᠭᠡᠢ ᠡᠪᠯᠢᠭᠬᠡᠨ ᠡᠩᠬᠦᠷᠡᠢᠯᠡᠵᠦ ᠪᠠᠵᠠᠭᠳᠠᠬᠤ ᠳ᠋ᠤ᠌ ᠴᠡᠴᠡᠭ ᠬᠠᠲᠤᠨ ᠤ᠋ ᠪᠡᠶᠡ ᠳ᠋ᠦ᠍ ᠴᠠᠬᠢᠯᠭᠠᠨ ᠭᠦᠶᠦᠬᠦ ᠰᠢᠭ ᠬᠠᠯᠠᠭᠤᠨ ᠣᠢᠯ ᠨᠢᠯ ᠭᠡᠳ ᠣᠷᠣᠢ ᠠ᠋ᠴᠠ ᠤᠯᠠ ᠳ᠋ᠤᠨᠢ ᠲᠤᠯᠲᠠᠯᠠ ᠡᠷᠪᠡᠭᠡᠨᠡᠵᠦ ᠪᠡᠶᠡ ᠶ᠋ᠢ ᠨᠢ ᠡᠷᠬᠡ ᠦᠭᠡᠢ ᠴᠡᠴᠡᠷᠡᠭᠦᠯᠵᠦ ᠪᠠᠢᠯᠠ᠃ ᠴᠡᠴᠡᠭ ᠬᠠᠲᠤᠨ ᠡᠨᠡ ᠰᠢᠷᠪᠥᠰᠥᠯᠢᠭ ᠡᠷᠡ ᠶ᠋ᠢᠨ ᠨᠢᠰᠸᠠᠨᠢᠰ ᠤ᠋ᠨ ᠳᠥᠯᠥ ᠬᠠᠢᠷᠠ ᠶ᠋ᠢᠨ ᠪᠦᠪᠡᠢᠯᠡᠯ ᠳ᠋ᠦ᠍ ᠶᠠᠰᠤ ᠨᠢ ᠤᠨᠲᠠᠷᠠᠵᠤ ᠢᠷᠠᠭᠯᠠᠨ ᠶᠣᠣᠯᠠᠵᠤ ᠥᠪᠴᠢ ᠪᠡᠶᠡ ᠨᠢ ᠭᠦᠵᠡᠭᠡ ᠲᠡᠢ ᠴᠠᠷᠴᠠᠮᠠᠯ ᠰᠢᠷᠠ ᠲᠣᠰᠣ ᠰᠢᠭ᠋ ᠨᠠᠷᠠᠨ ᠤ᠋ ᠢᠯᠴᠢᠨ ᠳ᠋ᠦ᠍ ᠬᠠᠢᠯᠤᠨ ᠤᠶᠠᠷᠠᠪᠠ᠃ ᠲᠡᠪᠴᠢᠶᠡᠷᠢ ᠠᠯᠳᠠᠬᠤ ᠳ᠋ᠠᠭᠠᠨ ᠮᠠᠨᠴᠤᠷᠭᠠ ᠶ᠋ᠢᠨ ᠪᠥᠰᠡᠨ ᠳ᠋ᠦ᠍ ᠬᠠᠪᠴᠢᠭᠤᠯᠤᠭᠰᠠᠨ《 ᠰᠦᠬᠡᠨ ᠦ᠌ ᠡᠰᠢ》 ᠶ᠋ᠢ ᠢᠳᠡᠲᠡᠢ ᠠᠳᠬᠤᠵᠤ᠄
— ᠮᠠᠨᠴᠤᠷᠭᠠ ᠠ᠋᠂ ᠮᠠᠨᠴᠤᠷᠭᠠ ᠠ᠋! ᠬᠤᠷᠳᠤᠨ᠁ ᠬᠤᠷᠳᠤᠨ᠁ ᠭᠡᠳ ᠶᠠᠭᠤ ᠬᠠᠢ ᠦᠭᠡᠢ ᠨᠣᠢᠲᠠᠨ ᠴᠢᠭᠢᠭ ᠲᠡᠢ ᠭᠠᠵᠠᠷ ᠰᠤᠯᠳᠠᠢᠪᠠ᠁ ᠡᠨᠡ ᠦᠶᠡ ᠳ᠋ᠦ᠍ ᠶᠠᠭᠤᠨ ᠤ᠋ ᠬᠦᠩ ᠨᠣᠶᠠᠨ ᠡᠨᠡ ᠲᠡᠷᠡ᠁ ᠣᠭᠲᠠᠷᠭᠤᠢ ᠶ᠋ᠢᠨ ᠣᠷᠣᠢ ᠴᠣᠭᠣᠷᠠᠵᠤ ᠭᠠᠵᠠᠷ ᠤ᠋ᠨ ᠬᠦᠢᠰᠦ ᠴᠥᠮᠥᠷᠡᠭᠰᠡᠨ ᠴᠦ᠍ ᠠᠶᠤᠵᠤ ᠢᠴᠢᠬᠦ ᠶᠠᠭᠤᠮᠠ ᠦᠭᠡᠢ ᠪᠡᠷ ᠬᠣᠶᠠᠭᠤᠯᠠ ᠨᠢᠰᠸᠠᠨᠢᠰ ᠤ᠋ᠨ ᠶᠡᠬᠡ ᠲᠦᠢᠮᠡᠷ ᠲᠦ᠍ ᠬᠤᠢᠬᠠᠯᠠᠭᠳᠠᠵᠤ ᠪᠠᠢᠯᠠ᠁
ᠵᠡᠭᠡᠰᠦᠲᠦ ᠨᠠᠭᠤᠷ ᠤ᠋ᠨ ᠪᠢᠲᠡᠭᠦᠬᠡᠨ ᠵᠡᠭᠡᠰᠦᠨ ᠳᠣᠲᠣᠷᠠ ᠠ᠋ᠴᠠ《 ᠱᠣᠯ ᠱᠣᠯ》 ᠭᠡᠵᠦ ᠨᠣᠬᠠᠢ ᠤᠬᠢᠶᠠᠳᠠᠰᠤ ᠳᠣᠯᠢᠶᠠᠬᠤ ᠳᠠᠭᠤᠨ ᠢ᠋ᠶ᠋ᠠᠷ ᠨᠢᠭᠡ ᠬᠥᠮᠦᠨ ᠭᠡᠲᠡᠵᠦ ᠴᠡᠴᠡᠭ ᠬᠠᠲᠤᠨ ᠮᠠᠨᠴᠤᠷᠭᠠ ᠬᠣᠶᠠᠷ ᠤ᠋ᠨ ᠡᠭᠦᠯᠡ ᠪᠣᠷᠣᠭᠠᠨ ᠤ᠋ ᠦᠢᠯᠡ ᠶ᠋ᠢᠨ ᠡᠬᠢᠯᠡᠯᠲᠡ ᠪᠠ ᠲᠡᠭᠦᠰᠦᠯᠲᠡ ᠶ᠋ᠢ ᠬᠦᠷᠲᠡᠯᠡ ᠬᠤᠯᠠᠭᠠᠢᠴᠢ ᠪᠠᠷ ᠨᠢ ᠨᠣᠤ ᠦᠭᠡᠢ ᠲᠣᠳᠣ ᠰᠣᠨᠣᠰᠴᠤ ᠮᠡᠳᠡᠭᠡᠳ ᠯᠠᠪᠳᠠᠭᠤᠯᠠᠨ ᠬᠠᠷᠠᠭᠰᠠᠨ ᠢ᠋ ᠬᠡᠨ ᠴᠦ᠍ ᠣᠯᠵᠤ ᠮᠡᠳᠡᠭᠰᠡᠨ ᠦᠭᠡᠢ᠃
ᠡᠳᠡ ᠬᠣᠶᠠᠷ ᠤ᠋ᠨ ᠡᠢᠨ ᠬᠦ ᠵᠠᠮ ᠣᠩᠭᠣᠢᠭᠰᠠᠨ ᠪᠣᠯᠬᠣᠷ ᠰᠤᠷᠤᠭᠰᠠᠨ ᠵᠠᠩ ᠢ᠋ ᠰᠤᠷ ᠢ᠋ᠶ᠋ᠠᠷ ᠪᠣᠭᠣᠵᠤ ᠪᠣᠯᠳᠠᠭ ᠦᠭᠡᠢ ᠭᠡᠭᠴᠢ ᠪᠡᠷ ᠳᠡᠷᠡᠰᠦᠨ ᠦ᠌ ᠳᠠᠯᠳᠠᠭᠤᠷ ᠵᠡᠭᠡᠰᠦᠨ ᠦ᠌ ᠴᠠᠭᠠᠭᠤᠷ《ᠨᠣᠬᠠᠢ ᠤᠬᠢᠶᠠᠳᠠᠰᠤ ᠳᠣᠯᠢᠶᠠᠬᠤ》 ᠶᠠᠪᠤᠳᠠᠯ ᠲᠠᠩᠳᠠ ᠭᠠᠷᠳᠠᠭ ᠪᠣᠯᠵᠠᠢ᠃
— ᠪᠢᠳᠡ ᠬᠣᠶᠠᠷ ᠤ᠋ᠨ ᠬᠥᠯ ᠭᠠᠷ ᠪᠣᠯᠤᠭᠰᠠᠨ ᠢ᠋ ᠬᠥᠮᠦᠰ ᠠᠵᠢᠭ ᠮᠡᠳᠡᠭᠰᠡᠭᠡᠷ ᠴᠦ᠍ ᠠᠶᠤᠯ ᠪᠣᠯᠤᠨᠠ ᠰᠢᠦ !
— ᠬᠡᠨ ᠮᠡᠳᠡᠳᠡᠭ ᠶᠦᠮ ᠪᠣᠢ ? ᠬᠦᠩ ᠨᠣᠶᠠᠨ ᠪᠠᠭᠠ ᠬᠠᠲᠤᠨ ᠳ᠋ᠠᠭᠠᠨ ᠰᠢᠪᠠᠷᠳᠠᠭᠠᠳ《ᠵᠠᠰᠠᠭ ᠪᠠᠯᠢᠩ》 ᠵᠣᠭᠣᠭᠣᠵᠤ ᠤᠨᠠᠭᠰᠠᠨ ᠮᠠᠯᠠᠭᠠᠢ ᠪᠠᠨ ᠠᠪᠬᠤ ᠵᠠᠪ ᠦᠭᠡᠢ ᠤᠴᠠᠷᠠᠭᠰᠠᠨ ᠬᠥᠮᠦᠨ ᠲᠡᠢ ᠳᠤᠤᠭᠠᠷᠬᠤ ᠴᠢᠯᠥᠭᠡ ᠦᠭᠡᠢ ᠪᠠᠢᠬᠤ ᠳ᠋ᠤ᠌ ᠁
— ᠲᠡᠢᠮᠦ ᠭᠡᠵᠢ ᠤᠤ ? ᠲᠡᠭᠡᠪᠡᠴᠦ ᠮᠡᠳᠡᠭᠳᠡᠭᠰᠡᠭᠡᠷ ᠰᠠᠢᠨ ᠢ᠋ᠶ᠋ᠠᠨ ᠦᠵᠡᠬᠦ ᠦᠭᠡᠢ ᠰᠢᠦ ! ᠬᠦᠩ ᠨᠣᠶᠠᠨ ᠤ᠋ ᠬᠠᠲᠤᠨ ᠳ᠋ᠤ᠌ ᠬᠠᠯᠲᠠᠯᠠ ᠭᠡᠵᠦ ᠬᠠᠷᠠ ᠲᠣᠯᠣᠭᠠᠢ ᠲᠠᠢ ᠬᠡᠯᠡᠯᠴᠡᠬᠦ ᠬᠠᠲᠠᠭᠤ ᠲᠣᠭᠯᠠᠭᠠᠮ ᠰᠢᠦ ! ᠭᠡᠪᠡᠯ ᠴᠡᠴᠡᠭ ᠬᠠᠲᠤᠨ᠄
— ᠴᠢ ᠡᠦᠲᠦ ᠠᠶᠤᠵᠤ ᠪᠠᠢᠨᠠ ᠤᠤ ? ᠮᠠᠭᠤ ᠰᠠᠢᠨ ᠡᠷᠡᠰ ᠦ᠋ᠳ ᠭᠡᠭᠴᠢ ᠲᠠᠩᠳᠠ ᠲᠣᠯᠣᠭᠠᠢ ᠨᠢ ᠭᠠᠳᠠᠭᠰᠢ ᠪᠠᠨ ᠭᠣᠬᠢᠢᠬᠤ ᠶᠤᠮ᠃ ᠤᠰᠤ ᠴᠠᠰᠤ ᠶ᠋ᠢ ᠨᠢ ᠦᠰᠦᠷᠦᠭᠦᠯᠵᠦ ᠰᠡᠭᠯᠡᠵᠦ ᠬᠠᠶᠠᠴᠢᠬᠠᠭᠠᠳ ᠡᠦᠲᠦ ᠠᠶᠤᠬᠤ ᠨᠢ ᠪᠣᠯᠵᠢ ᠤᠤ ? ᠲᠡᠢᠮᠦ ᠪᠣᠯ ᠪᠢᠲᠡᠭᠡᠢ ᠬᠢᠨᠡ ᠪᠢᠵᠡ ⁈ ᠬᠢᠮᠡᠲᠡᠭᠡᠢ ᠮᠥᠷᠲᠡᠭᠡᠨ ᠠᠶᠤᠮᠠᠲᠠᠭᠠᠢ᠃ ᠠᠶᠤᠯᠠ ᠪᠤᠤ ᠬᠢ᠂ ᠬᠢᠪᠡᠯ ᠪᠤᠤ ᠠᠶᠤ ! ᠡᠴᠢᠭᠡ ᠡᠴᠡ ᠪᠡᠨ ᠠᠶᠤᠬᠤ ᠪᠣᠢ ᠴᠢ ! ᠮᠠᠭᠤ ᠰᠥᠰᠥ ᠦᠭᠡᠢ ᠭᠠᠷᠯᠢᠭ ᠁ ᠭᠡᠵᠦ ᠮᠠᠨᠴᠤᠷᠭᠠ ᠶ᠋ᠢ ᠪᠠᠷᠤᠭ ᠰᠢᠭᠤᠳ ᠬᠠᠷᠢᠶᠠᠪᠠ᠃
— ᠦᠭᠡᠢ᠂ ᠦᠭᠡᠢ ᠠ᠋ ! ᠠᠶᠤᠬᠤ ᠶᠠᠭᠤ ᠪᠠᠢᠨᠠ ᠪᠣᠢ᠃ ᠵᠦᠭᠡᠷ ᠬᠡᠯᠡᠵᠦ ᠪᠠᠢᠭᠠ ᠦᠭᠡ᠂ ᠬᠡᠷᠰᠡᠦᠯᠡᠭᠰᠡᠨ ᠶᠠᠪᠤᠳᠠᠯ ᠰᠢᠦ ᠳᠡ ! ᠳᠠᠩᠴᠤ ᠨᠢᠭᠡ ᠬᠥᠳᠡᠭᠡ ᠭᠠᠳᠠᠭᠠ᠂ ᠴᠢᠭᠢᠭᠲᠡᠢ ᠨᠣᠢᠲᠠᠨ ᠳ᠋ᠤ᠌ ᠁ ᠵᠢᠭᠠᠬᠠᠨ ᠪᠠᠵᠠᠭᠠᠬᠤ ᠦᠭᠡᠢ ᠶᠦᠮ ᠠ᠋ !
— ᠬᠡᠯᠡᠪᠡᠯ ᠤᠭ ᠨᠢ ᠲᠡᠢᠮᠦ ᠯᠡ ᠳᠡ᠃ ᠥᠴᠥᠭᠡᠳᠦᠷ ᠣᠷᠣᠢ ᠮᠢᠨᠦ ᠲᠣᠨᠲᠣᠭᠣᠷ ᠳᠡᠭᠡᠷᠡ ᠰᠢᠮᠠᠭᠤᠯ ᠬᠠᠵᠠᠭᠠᠳ ᠬᠡᠳᠦ ᠬᠡᠳᠦᠨ ᠪᠤᠯᠳᠤᠷᠤᠤ ᠭᠠᠷᠭᠠᠴᠢᠬᠠᠭᠰᠠᠨ ᠪᠠᠢᠭᠰᠠᠨ ᠰᠢᠦ᠃
— ᠰᠠᠶᠢᠬᠢ ᠳᠡᠭᠡᠷᠡ ᠴᠢᠨᠢ ᠰᠢᠮᠠᠭᠤᠯ ᠬᠠᠵᠠᠭᠰᠠᠨ ᠦᠭᠡᠢ ᠪᠠᠢᠨᠠ ᠤᠤ ? ᠲᠡᠭᠡᠪᠡᠯ ᠴᠦ᠍ ᠤᠯᠠᠮ ᠲᠡᠰᠬᠦ ᠠᠯᠳᠠᠷᠠᠨ ᠶᠠᠭᠤᠮᠠ ᠭᠣᠷᠢᠳᠠᠨᠠ ᠳᠠ ! ᠭᠡᠬᠦ ᠳ᠋ᠦ᠍ ᠴᠡᠴᠡᠭ ᠬᠠᠲᠤᠨ ᠮᠠᠨᠴᠤᠷᠭᠠ ᠶ᠋ᠢ ᠵᠥᠭᠡᠯᠡᠬᠡᠨ ᠴᠢᠮᠬᠢᠵᠦ᠄
— ᠮᠠᠭᠤ ᠣᠯᠢᠭ ᠦᠭᠡᠢ ᠶᠠᠭᠤᠮᠠ᠂ ᠬᠠᠵᠠᠬᠤ ᠦᠭᠡᠢ ᠶᠠᠭᠠᠬᠢᠬᠤ ᠶᠤᠮ ! ᠬᠠᠵᠠᠭᠰᠠᠨ ᠰᠢᠳᠡ ! ᠪᠦᠳᠦᠭᠦᠨ ᠰᠢᠮᠠᠭᠤᠯ ᠬᠠᠵᠠᠭᠰᠠᠨ ᠁
— ᠬᠢ ᠬᠢ ᠂ ᠬᠠ ᠬᠠ ᠁
— ᠬᠥᠭ ᠬᠥᠭ ᠁ ᠭᠡᠵᠦ ᠵᠡᠭᠡᠰᠦᠨ ᠳᠣᠲᠣᠷᠠ ᠡᠭᠦᠯᠡᠨ ᠴᠢᠯᠥᠭᠡᠨ ᠦ᠌ ᠵᠢᠷᠭᠠᠯ ᠳ᠋ᠤ᠌ ᠱᠤᠮᠪᠠᠭᠰᠠᠨ ᠬᠣᠶᠠᠷ ᠤ᠋ᠨ ᠬᠠᠨᠤᠮᠵᠢᠲᠠᠢ ᠢᠨᠢᠶᠡᠳᠦ ᠴᠠᠯᠭᠢᠵᠤ ᠪᠠᠢᠨᠠ᠃
— ᠳᠣᠯᠣᠭᠠᠨ ᠰᠠᠷᠠ ᠶ᠋ᠢᠨ ᠠᠷᠪᠠᠳ ᠢ᠋ᠶ᠋ᠠᠷ ᠬᠦᠩ ᠨᠣᠶᠠᠨ 《ᠱᠠᠵᠢᠨ ᠪᠠᠳᠠᠷᠠᠭᠤᠯᠤᠭᠴᠢ ᠰᠦᠮᠡ》 ᠶ᠋ᠢᠨ ᠮᠠᠨᠢ ᠶ᠋ᠢᠨ ᠬᠤᠷᠠᠯ ᠳ᠋ᠤ᠌ ᠶᠠᠪᠤᠬᠤ ᠰᠤᠷᠠᠭ ᠲᠠᠢ᠂ ᠲᠡᠭᠡᠪᠡᠯ ᠵᠠᠪᠰᠠᠷ ᠵᠠᠢ ᠣᠯᠳᠠᠬᠤ ᠪᠠᠢᠯᠭᠦᠢ᠃ ᠪᠢ ᠴᠢᠮᠠᠶ᠋ᠢ ᠢᠨᠵᠢ ᠬᠡᠦᠬᠡᠨ ᠢ᠋ᠶ᠋ᠡᠷ ᠳᠠᠭᠤᠳᠠᠭᠤᠯᠤᠶᠠ !
— ᠵᠠ ᠂ ᠲᠡᠭᠡᠶᠡ ! ᠣᠴᠢᠵᠤ ᠵᠢᠷᠭᠠᠨᠠ ᠳᠠ ! ᠬᠦᠩ ᠨᠣᠶᠠᠨ ᠤ᠋ ᠴᠣᠭᠭᠢᠭᠤᠯᠤᠭᠰᠠᠨ ᠵᠥᠭᠡᠯᠡᠨ ᠳᠡᠯᠡᠮᠡᠨ ᠵᠢᠷᠣᠭᠠ ᠮᠣᠷᠢᠨ ᠤ᠋ ᠨᠢᠷᠤᠭᠤᠨ ᠳᠡᠭᠡᠷᠡ ᠲᠠᠰᠢᠶᠠ ᠶ᠋ᠢ ᠨᠢ ᠭᠤᠰᠢᠯᠵᠠᠲᠠᠯᠠ ᠳᠣᠪᠲᠣᠯᠭᠠᠨᠠ ᠳᠠ !
— ᠲᠠᠩᠳᠠ ᠳᠣᠪᠲᠣᠯᠭᠠᠬᠤ᠂ ᠳᠠᠪᠬᠢᠬᠤ ᠶ᠋ᠢ ᠯᠡ ᠮᠡᠳᠡᠬᠦ ᠶᠦᠮ ! ᠬᠥᠮᠦᠨ ᠠᠮᠢᠲᠠᠨ ᠳ᠋ᠤ᠌ ᠶᠠᠭᠠᠬᠢᠵᠤ ᠮᠡᠳᠡᠭᠳᠡᠬᠦ ᠦᠭᠡᠢ ᠪᠡᠷ ᠁
— ᠵᠥᠪ᠂ ᠵᠥᠪ !
— ᠢᠩᠭᠢ᠂ ᠮᠢᠨᠦ ᠢᠨᠵᠢ ᠨᠣᠮᠢᠨ ᠭᠡᠷ ᠦ᠋ᠨ ᠴᠢᠨᠢ ᠨᠠᠭᠠᠨᠠ ᠣᠴᠢᠭᠠᠳ《 ᠴᠢᠳᠥᠷ ᠲᠡᠢ ᠮᠣᠷᠢ ᠬᠠᠷᠠᠪᠠ ᠤᠤ ? 》 ᠭᠡᠪᠡᠯ ᠴᠢ ᠴᠠᠭᠠᠨᠠ ᠠ᠋ᠴᠠ ᠰᠡᠷᠡᠮᠵᠢᠲᠡᠢ ᠰᠢᠭ《 ᠴᠠᠭᠠᠨᠠ ᠬᠣᠶᠠᠷ ᠳᠣᠪᠣᠨ ᠤ᠋ ᠬᠣᠭᠣᠷᠣᠨᠳᠣᠭᠤᠷ ᠬᠣᠷᠭᠣᠳᠠᠵᠤ ᠯᠠ ᠪᠠᠢᠭᠰᠠᠨ ᠳᠠ ! 》 ᠭᠡᠵᠦ ᠬᠠᠷᠢᠭᠤᠯ᠃ 《ᠬᠠᠮᠢᠭᠠᠭᠤᠷ ᠰᠢᠭ᠋ ᠭᠡᠨᠡ ? 》ᠭᠡᠵᠦ ᠯᠠᠪᠯᠠᠪᠠᠯ 《ᠵᠠ᠂ ᠪᠠᠢᠵᠠ ! ᠪᠢ ᠴᠢᠮᠠ ᠳ᠋ᠤ᠌ ᠵᠢᠭᠠᠭᠠᠳ ᠥᠭᠭᠦᠶᠡ ᠯᠡ ᠳᠡ ! 》 ᠭᠡᠳ ᠬᠤᠪᠴᠠᠯᠠᠭᠠᠳ ᠭᠠᠷᠤᠭᠠᠳ ᠢᠷᠡᠭᠡᠷᠡᠢ !
— ᠦ᠂ ᠴᠢ ᠴᠦ᠍ ᠮᠥᠨ ᠤᠬᠠᠭᠠᠨ ᠤ᠋ ᠲᠤᠯᠤᠮ ᠶᠤᠮ ᠠ᠋ ! ᠡᠷᠡ ᠪᠣᠯᠵᠤ ᠲᠥᠷᠥᠭᠰᠡᠨ ᠰᠠᠨ ᠪᠣᠯ ᠡᠮᠡ ᠶ᠋ᠢᠨ ᠲᠣᠯᠣᠭᠠᠢ ᠡᠷᠭᠢᠭᠦᠯᠬᠦ ᠳ᠋ᠦ᠍ ᠰᠡᠪ ᠮᠡᠳᠡᠭᠳᠡᠬᠦ ᠦᠭᠡᠢ ᠯᠡ ᠶᠦᠮ ᠪᠠᠢᠨᠠ᠃
— ᠵᠠ᠂ ᠲᠡᠭᠡᠪᠡᠯ ᠢᠩᠭᠢᠵᠦ ᠪᠣᠯᠵᠣᠶᠠ ! ᠭᠡᠳ ᠴᠡᠴᠡᠭ ᠬᠠᠲᠤᠨ ᠮᠠᠨᠴᠤᠷᠭᠠ ᠳ᠋ᠤ᠌ ᠬᠣᠰᠢᠭᠤ ᠪᠠᠨ ᠴᠣᠷᠪᠣᠢᠵᠤ ᠥᠭᠪᠡᠯ ᠮᠠᠨᠴᠤᠷᠭᠠ ᠴᠡᠴᠡᠭ ᠬᠠᠲᠤᠨ ᠤ᠋ ᠦᠨᠡᠷᠬᠡᠨ ᠴᠣᠷᠪᠣᠢᠭᠰᠠᠨ ᠬᠥᠭᠡᠷᠦᠬᠦᠨ ᠤᠷᠤᠭᠤᠯ ᠢ᠋ ᠬᠠᠵᠠᠵᠤ ᠦᠨᠦᠰᠪᠡ᠃
ᠴᠡᠴᠡᠭ ᠬᠠᠲᠤᠨ ᠵᠡᠭᠡᠰᠦᠨ ᠳᠣᠲᠣᠷᠠ ᠠ᠋ᠴᠠ ᠦᠰᠦ ᠭᠡᠵᠢᠭᠡ ᠪᠡᠨ ᠰᠠᠩᠭᠤᠢᠯᠭᠠᠨ ᠵᠠᠰᠠᠵᠤ ᠵᠠᠪᠳᠤᠭᠠ ᠦᠭᠡᠢ᠂ ᠰᠤᠭᠤᠨ ᠤ᠋ ᠪᠠᠨ ᠲᠣᠪᠴᠢ ᠶ᠋ᠢ ᠲᠣᠪᠴᠢᠯᠠᠩᠭᠠᠨ ᠭᠠᠷᠴᠤ ᠶᠠᠪᠤᠪᠠᠯ ᠢᠮᠠᠭᠠᠨ ᠳᠠᠭᠤ ᠲᠠᠢ ᠦᠯᠵᠠᠢᠰᠠᠩ ᠴᠠᠭᠠᠳᠤ ᠵᠥᠷᠢᠭ ᠢ᠋ᠶ᠋ᠡᠷ ᠮᠣᠷᠢ ᠶᠤᠭᠰᠢᠭᠤᠯᠤᠭᠰᠠᠨ ᠢ᠋ᠶ᠋ᠠᠨ ᠴᠡᠴᠡᠭ ᠬᠠᠲᠤᠨ ᠢ᠋ ᠬᠠᠷᠠᠭᠠᠳ ᠮᠣᠷᠢᠨ ᠠ᠋ᠴᠠ ᠰᠢᠪᠲᠤᠷᠠᠨ ᠪᠠᠭᠤᠵᠤ᠄
— ᠬᠠᠲᠤᠨ ᠲᠠ ᠬᠠᠮᠢᠭᠠᠭᠤᠷ ᠶᠠᠪᠤᠭᠠᠳ ᠁ ᠭᠡᠵᠦ ᠭᠣᠳ ᠰᠢᠩᠭᠡᠨ ᠳᠠᠭᠤ ᠪᠠᠷ ᠠᠰᠠᠭᠤᠪᠠ᠃
— ᠣ᠂ ᠡᠩ ! ᠭᠡᠵᠦ ᠴᠡᠴᠡᠭ ᠬᠠᠲᠤᠨ ᠦᠯᠵᠠᠢᠰᠠᠩ ᠤ᠋ᠨ ᠡᠮᠦᠨᠡ ᠡᠴᠡ ᠶᠠᠭᠤ ᠶᠠᠭᠠᠬᠢᠵᠤ ᠬᠠᠷᠢᠭᠤᠯᠬᠤ ᠪᠠᠨ ᠣᠯᠵᠤ ᠶᠠᠳᠠᠨ ᠲᠤᠯᠭᠠᠮᠳᠠᠪᠠ᠃
ᠴᠡᠴᠡᠭ ᠬᠠᠲᠤᠨ ᠵᠥᠷᠢᠵᠦ ᠭᠠᠷᠬᠤ ᠢᠮᠠᠭᠠᠨ ᠳᠠᠭᠤᠲᠤ ᠦᠯᠵᠠᠢᠰᠠᠩ ᠢ᠋ ᠬᠢᠯᠠᠪᠬᠢᠨ ᠬᠠᠷᠠᠵᠤ《ᠡᠨᠡ ᠮᠠᠭᠤ ᠦᠨᠡᠭᠡᠨ ᠲᠠᠪᠠᠭᠲᠤ ᠦᠯᠵᠠᠢᠰᠠᠩ ᠠᠯᠢ ᠵᠠᠪ ᠲᠤᠨᠢ ᠡᠨᠡᠭᠦᠷ ᠰᠡᠮᠪᠡᠭᠡᠨᠡᠵᠦ ᠢᠷᠡᠭᠡᠳ ᠁ ᠮᠠᠨᠴᠤᠷᠭᠠ ᠪᠢᠳᠡ ᠬᠣᠶᠠᠭᠤᠯᠠ ᠶ᠋ᠢᠨ ᠬᠢᠳᠡᠯ ᠶᠠᠪᠤᠳᠠᠯ ᠢ᠋ ᠭᠡᠲᠡᠵᠦ᠂ ᠪᠠᠢᠳᠠᠭ ᠢ᠋ ᠲᠣᠳᠣᠬᠠᠨ ᠬᠠᠷᠠᠭᠰᠠᠨ ᠴᠤ᠌ ᠪᠠᠢᠵᠤ ᠮᠡᠳᠡᠨᠡ᠃ ᠦᠬᠦᠳᠡᠭ ᠦᠭᠡᠢ ᠮᠠᠭᠤ ᠣᠷᠣᠣᠯᠠᠩ ᠢ᠋ ᠬᠦ 》 ᠭᠡᠵᠦ ᠬᠠᠷᠢᠶᠠᠨ ᠭᠡᠷ ᠦ᠋ᠨ ᠪᠠᠷᠠ ᠬᠠᠷᠠᠪᠠ᠃
ᠦᠯᠵᠠᠢᠰᠠᠩ ᠶᠠᠭᠤ ᠨᠢᠭᠡ ᠦᠶᠦᠭᠯᠡᠵᠤ ᠶᠠᠪᠤᠭᠠ ᠰᠢᠭ᠋ ᠵᠡᠭᠡᠰᠦᠨ ᠦ᠌ ᠲᠣᠬᠣᠢ ᠶ᠋ᠢ ᠳᠤᠭᠤᠢᠯᠠᠵᠤ ᠴᠠᠭᠠᠰᠢ ᠪᠠᠨ ᠱᠣᠭᠰᠢᠭᠤᠯᠪᠠ᠃
ᠦᠰᠦᠭ ᠠᠮᠢᠯᠠᠭᠤᠯᠤᠭᠰᠠᠨ ᠨᠢ᠄ ᠴᠣᠯᠮᠣᠨᠲᠤᠶᠠᠭᠠ᠂ ᠳᠠᠪᠰᠢᠯᠲᠦ᠂ ᠪᠠᠭᠠᠲᠤᠷ
ᠬᠢᠨᠠᠭᠴᠢ᠄ ᠠᠯᠲᠠᠨᠴᠢᠮᠡᠭ