ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠵᠢᠷᠭᠤᠭ᠎ᠠ> Хан мунын сүүрс < дээд > – Мөнх зохиоов ᠂ Тэргүүн бодь – Хоёрдугаар бүлэг <6> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠵᠢᠷᠭᠤᠭ᠎ᠠ> Хан мунын сүүрс < дээд > – Мөнх зохиоов ᠂ Тэргүүн бодь – Хоёрдугаар бүлэг <6>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠵᠢᠷᠭᠤᠭ᠎ᠠ> Хан мунын сүүрс < дээд > – Мөнх зохиоов ᠂ Тэргүүн бодь – Хоёрдугаар бүлэг <6>

ᠠᠩᠭᠢᠯᠠᠯ:ᠲᠤᠭᠤᠵᠢ ᠷᠣᠮᠠᠨ
2024-06-07

424

ᠲᠡᠷᠢᠭᠦᠨ ᠪᠣᠲᠢ – ᠬᠣᠶᠠᠳᠤᠭᠠᠷ ᠪᠦᠯᠦᠭ <ᠵᠢᠷᠭᠤᠭ᠎ᠠ>


                ᠵᠢᠷᠭᠤᠭ᠎ᠠ              

       ᠬᠥᠩᠬᠥᠷ ᠵᠠᠮᠪᠠᠯ ᠰᠦᠮ᠎ᠡ ᠶ᠋ᠢᠨ ᠬᠡᠷᠡᠮ ᠦ᠋ᠨ ᠳᠠᠯᠳᠠ ᠠ᠋ᠴᠠ ᠮᠠᠨᠴᠤᠷᠭ᠎ᠠ ᠪᠣᠯᠤᠨ ᠷᠤᠯᠮ᠎ᠠ ᠬᠣᠶᠠᠷ ᠤ᠋ᠨ ᠶᠡᠬᠡ ᠯᠡ ᠢᠨᠠᠭ ᠪᠣᠯᠵᠤ ᠬᠡᠯᠡᠯᠴᠡᠭᠰᠡᠨ ᠢ᠋ ᠭᠡᠲᠡᠵᠦ ᠰᠣᠨᠣᠰᠤᠭᠠᠳ ᠨᠢᠭᠡ ᠬᠡᠰᠡᠭ ᠸᠠᠭᠠᠷ ᠤ᠋ᠨ ᠬᠡᠯᠲᠡᠷᠬᠡᠢ ᠠᠪᠴᠤ ᠷᠤᠯᠮ᠎ᠠ ᠶ᠋ᠢᠨ ᠬᠥᠯ ᠤᠷᠤᠭᠤ ᠨᠢ ᠰᠢᠳᠡᠪᠡ᠃  
       ᠬᠥᠩᠬᠥᠷ ᠵᠠᠮᠪᠠᠯ ᠭᠡᠳᠡᠭ ᠨᠢ  ᠪᠥᠭᠲᠥᠷ ᠵᠠᠩ ᠡᠪᠦᠭᠡᠨ ᠦ᠌ ᠬᠣᠶᠠᠳᠤᠭᠠᠷ ᠬᠦᠦ ᠵᠠᠩ ᠪᠧᠩ ᠯᠧᠦ ᠶᠦᠮ᠃ ᠬᠥᠮᠦᠰ ᠲᠡᠭᠦᠨ ᠢ᠋ ᠪᠧᠩ ᠯᠧᠦ ᠲᠧᠦ ᠪᠤᠶᠤ ᠵᠠᠩ ᠪᠧᠩ ᠯᠧᠦ ᠭᠡᠵᠦ ᠳᠠᠭᠤᠳᠠᠳᠠᠭ ᠠᠵᠢ᠃ ᠴᠣᠭᠪᠠᠭᠠᠲᠤᠷ ᠤ᠋ᠨ ᠮᠢᠬᠠᠨ ᠰᠡᠭᠦᠯ ᠨᠢ ᠪᠣᠯᠵᠤ ᠮᠣᠩᠭᠣᠯ ᠭᠠᠵᠠᠷ ᠢ᠋ᠶ᠋ᠠᠷ ᠶᠠᠪᠤᠬᠤ ᠳ᠋ᠤᠨᠢ ᠮᠣᠩᠭᠣᠯᠴᠤᠳ ᠲᠡᠭᠦᠨ ᠦ᠌ ᠬᠢᠲᠠᠳ ᠨᠡᠷ᠎ᠡ᠂ ᠲᠥᠷᠥᠭᠰᠡᠨ ᠳᠦᠷᠢ ᠲᠥᠷᠬᠦ ᠬᠣᠶᠠᠷ ᠢ᠋ ᠬᠣᠯᠪᠣᠭᠰᠠᠨ ᠮᠣᠩᠭᠣᠯᠵᠢᠭᠤ ᠨᠡᠷ᠎ᠡ – ᠬᠥᠩᠬᠥᠷ ᠵᠠᠮᠪᠠᠯ ᠭᠡᠰᠡᠨ ᠨᠡᠷ᠎ᠡ ᠪᠡᠷ ᠳᠠᠭᠤᠳᠠᠬᠤ ᠪᠣᠯᠵᠠᠢ᠃   
       ᠪᠥᠭᠲᠥᠷ ᠡᠪᠦᠭᠡᠨ ᠣᠯᠠᠨ ᠮᠣᠯᠲᠣᠭ ᠬᠦᠦ ᠲᠡᠢ᠃ ᠤᠯᠠᠭᠠᠨ ᠬᠠᠲᠤᠨ ᠤ᠋ ᠴᠠᠭᠠᠨ᠎ᠠ ᠲᠡᠮᠡᠭᠡᠲᠦ ᠡᠴᠡ ᠭᠠᠮᠰᠢᠭ ᠲᠤ᠌ ᠲᠠᠭᠤᠭᠳᠠᠨ ᠥᠯᠪᠡᠷᠴᠦ ᠶᠠᠪᠤᠭᠠᠳ ᠮᠤᠨᠠ ᠠᠭᠤᠯᠠ ᠶ᠋ᠢᠨ ᠨᠢᠭᠡ ᠮᠣᠩᠭᠣᠯ  ᠠᠢᠯ ᠲᠦᠰᠢᠵᠦ ᠣᠨᠳᠣᠷᠤᠭᠰᠠᠨ ᠨᠢ ᠳᠠᠷᠤᠢ ᠮᠢᠩᠭᠠᠨᠪᠤᠤ ᠲᠤᠰᠠᠯᠠᠭᠴᠢ ᠶ᠋ᠢᠨ ᠬᠢ ᠪᠠᠢᠵᠠᠢ᠃ ᠲᠡᠷᠡ ᠦᠶ᠎ᠡ ᠳ᠋ᠦ᠍ ᠮᠢᠩᠭᠠᠨᠪᠤᠤ ᠶ᠋ᠢᠨ ᠮᠠᠯᠠᠭᠠᠢ ᠶ᠋ᠢᠨ ᠣᠷᠣᠢ ᠳ᠋ᠤ᠌ ᠬᠡᠳᠦᠢᠪᠡᠷ ᠲᠤᠰᠠᠯᠠᠭᠴᠢ ᠶ᠋ᠢᠨ ᠱ᠌ᠢᠷᠦᠨ ᠵᠢᠩᠰᠡ ᠭᠢᠯᠠᠯᠵᠠᠭ᠎ᠠ ᠦᠭᠡᠢ ᠪᠣᠯᠪᠠᠴᠤ ᠪᠠᠷᠠᠭᠤᠨ ᠬᠦᠩ ᠦ᠋ᠨ ᠬᠡᠨ ᠳ᠋ᠡᠭᠡᠨ ᠪᠠᠷᠤᠭ ᠤ᠋ᠨ ᠬᠥᠮᠦᠨ ᠢ᠋ ᠨᠢᠳᠦᠨ ᠳ᠋ᠡᠭᠡᠨ ᠡᠯᠭᠦᠳᠡᠭ ᠦᠭᠡᠢ ᠪᠠᠶᠠᠨ ᠲᠠᠷᠭᠤᠨ ᠠᠢᠯ ᠤ᠋ᠨ ᠨᠢᠭᠡ ᠪᠠᠢᠯ᠎ᠠ᠃ 
       ᠮᠢᠩᠭᠠᠨᠪᠤᠤ ᠢᠳᠡ ᠵᠠᠯᠠᠭᠤ ᠠ᠋ᠴᠠ ᠪᠠᠨ ᠭᠣᠮᠢᠩ ᠴᠡᠷᠢᠭ ᠦ᠋ᠨ ᠭᠣᠣ ᠰᠧᠯᠢᠩ ᠢ᠋ ᠳᠠᠭᠠᠵᠤ ᠬᠠᠯᠬ᠎ᠠ ᠨᠤᠲᠤᠭ ᠢ᠋ ᠡᠯᠡᠲᠡᠯ᠎ᠡ ᠶᠠᠪᠤᠵᠤ ᠰᠡᠭᠦᠯ ᠳ᠋ᠦ᠍ᠨᠢ ᠭᠣᠣ ᠰᠧᠯᠢᠩ ᠦ᠋ᠨ ᠬᠠᠯᠬ᠎ᠠ ᠠ᠋ᠴᠠ ᠴᠥᠯᠪᠡᠭᠰᠡᠨ ᠴᠡᠷᠢᠭ ᠦ᠋ᠨ ᠲᠡᠮᠡᠭᠡ ᠬᠠᠷᠢᠭᠤᠯᠵᠤ᠂ ᠳᠤᠮᠳᠠ ᠠ᠋ᠴᠠ ᠨᠢ ᠠᠰᠢᠭ ᠤᠨᠠᠭᠠᠵᠤ ᠨᠤᠯᠭᠤ ᠪᠠᠶᠠᠵᠢᠭᠰᠠᠨ ᠭᠡᠳᠡᠭ᠃ ᠠᠢᠯ ᠳ᠋ᠤ᠌ ᠦᠬᠡᠷ ᠬᠠᠷᠢᠭᠤᠯᠵᠤ ᠵᠦᠳᠡᠷᠡᠵᠦ ᠥᠰᠦᠭᠰᠡᠨ ᠬᠥᠮᠦᠨ ᠦ᠌ ᠬᠤᠪᠢ ᠳ᠋ᠤ᠌ ᠲᠠᠷᠢᠬᠢ ᠲᠡᠮᠦᠷ ᠢ᠋ᠶ᠋ᠡᠷ ᠢ᠋ᠶ᠋ᠡᠨ ᠬᠥᠷᠥᠩᠭᠡᠵᠢᠭᠰᠡᠨ ᠮᠢᠩᠭᠠᠨᠪᠤᠤ ᠪᠣᠯ ᠶᠠᠳᠠᠭᠤ ᠵᠦᠳᠡᠭᠦᠦ ᠬᠥᠮᠦᠨ ᠢ᠋ ᠦᠷᠦ ᠡᠪᠡᠳᠴᠦ ᠡᠨᠡᠷᠢᠳᠡᠭ ᠵᠥᠭᠡᠯᠡᠨ ᠰᠡᠳᠬᠢᠯ ᠲᠡᠢ ᠬᠥᠮᠦᠨ ᠪᠠᠢᠵᠠᠢ᠃ ᠪᠥᠭᠲᠥᠷ ᠡᠪᠦᠭᠡᠨ ᠵᠡᠷᠯᠢᠭ ᠬᠠᠯᠠᠭᠠᠢ ᠲᠡᠭᠦᠵᠦ ᠢᠳᠡᠭᠡᠳ ᠬᠡᠦᠬᠡᠳ ᠰᠢᠤᠬᠠᠳ ᠨᠢ ᠲᠣᠯᠣᠭᠠᠢ ᠲᠦᠷᠦᠭᠦᠦ ᠨᠢ ᠬᠠᠪᠤᠳᠴᠤ ᠵᠤᠳᠠᠷᠠᠭᠰᠠᠨ ᠢ᠋ ᠡᠨᠡᠷᠢᠨ ᠠᠪᠴᠤ ᠰᠦ ᠰᠠᠭᠠᠯᠢ ᠤᠤᠭᠤᠯᠭᠠᠨ ᠬᠣᠣᠷ ᠬᠠᠪᠤᠳᠠᠷ ᠢ᠋ ᠨᠢ ᠲᠠᠢᠯᠵᠤ ᠤᠯᠠᠭᠠᠨ ᠠᠮᠢ ᠶ᠋ᠢ ᠨᠢ ᠠᠪᠤᠷᠠᠭᠰᠠᠨ ᠪᠠᠢᠵᠠᠢ᠁  ᠬᠣᠵᠢᠮ ᠨᠢ ᠪᠥᠭᠲᠥᠷ ᠡᠪᠦᠭᠡᠨ ᠮᠢᠩᠭᠠᠨᠪᠤᠤ ᠶ᠋ᠢᠨ ᠦᠬᠡᠷ ᠲᠡᠮᠡᠭᠡ ᠶ᠋ᠢ ᠬᠠᠷᠢᠭᠤᠯᠵᠤ᠂ ᠡᠪᠡᠰᠦ ᠲᠠᠷᠢᠶᠠᠨ ᠤ᠋ ᠠᠵᠢᠯ ᠢ᠋ ᠨᠢ ᠬᠢᠵᠦ ᠠᠮᠢ ᠵᠢᠭᠤᠵᠤ ᠶᠠᠪᠤᠪᠠ᠃ ᠬᠣᠶᠠᠳᠤᠭᠠᠷ ᠬᠦᠦ ᠨᠢ ᠮᠢᠩᠭᠠᠨᠪᠤᠤ ᠶ᠋ᠢᠨ ᠦᠷ᠎ᠡ ᠶ᠋ᠢᠨ ᠭᠠᠭᠴᠠ ᠬᠦᠦ ᠴᠣᠭᠪᠠᠭᠠᠲᠤᠷ ᠲᠠᠢ ᠨᠠᠰᠤ ᠴᠢᠴᠠᠤ ᠪᠣᠯᠬᠣᠷ ᠨᠢᠭᠡ ᠳᠣᠣᠷ᠎ᠠ ᠨᠠᠭᠠᠳᠴᠤ ᠥᠰᠬᠦ ᠳ᠋ᠡᠭᠡᠨ ᠪᠠᠶᠠᠨ ᠴᠠᠳᠬᠤᠯᠠᠩ ᠠᠢᠯ ᠤ᠋ᠨ ᠬᠦᠦ ᠴᠣᠭᠪᠠᠭᠠᠲᠤᠷ ᠡᠬᠡ ᠡᠴᠢᠭᠡ ᠶ᠋ᠢᠨ ᠥᠮᠥᠭ ᠲᠡᠢ ᠳ᠋ᠦ᠍ ᠳᠡᠭᠡᠷᠡᠩᠭᠦᠢ ᠡᠵᠡᠷᠬᠡᠭ ᠰᠤᠷᠴᠤ ᠪᠥᠭᠲᠥᠷ ᠡᠪᠦᠭᠡᠨ ᠦ᠌ ᠬᠣᠶᠠᠳᠤᠭᠠᠷ ᠬᠦᠦ ᠶ᠋ᠢ ᠲᠠᠩᠳᠠ ᠡᠯᠵᠢᠭᠡ ᠮᠣᠷᠢ ᠤᠨᠤᠵᠤ ᠪᠠᠢᠨ᠎ᠠ ᠭᠡᠵᠦ ᠵᠠᠢᠳᠠᠯᠠᠵᠤ ᠨᠠᠭᠠᠳᠳᠠᠭ ᠠᠵᠢ᠃ ᠡᠯᠵᠢᠭᠡ ᠪᠣᠯᠤᠨ ᠵᠠᠢᠳᠠᠯᠠᠭᠤᠯᠤᠭᠰᠠᠨ ᠲᠡᠷᠡ ᠬᠦᠦ ᠴᠦ᠍ ᠳᠤᠷ᠎ᠠ ᠪᠡᠶ᠎ᠡ ᠶ᠋ᠢ ᠭᠣᠯᠣᠬᠤ ᠦᠭᠡᠢ᠂ ᠳᠤᠮᠳᠠ ᠴᠢᠮᠥᠭᠡ ᠰᠡᠭᠦᠵᠢ ᠪᠡᠨ ᠭᠣᠯᠣᠬᠤ ᠦᠭᠡᠢ ᠭᠡᠳᠡᠭ ᠢ᠋ᠶ᠋ᠡᠷ ᠬᠠᠯᠲᠠᠷ ᠬᠣᠯᠳᠠᠷ ᠬᠥᠯᠥᠰᠥ ᠪᠣᠯᠲᠠᠯ᠎ᠠ ᠪᠠᠨ ᠮᠥᠯᠬᠥᠪᠡᠴᠦ《ᠶᠣ》 ᠭᠡᠵᠦ ᠬᠡᠯᠡᠳᠡᠭ ᠦᠭᠡᠢ᠂ ᠢᠮᠠᠭᠲᠠ ᠴᠣᠭᠪᠠᠭᠠᠲᠤᠷ ᠤ᠋ᠨ ᠡᠮᠦᠨ᠎ᠡ ᠡᠴᠡ ᠢᠷᠵᠠᠢᠨ ᠢᠨᠢᠶᠡᠨ᠎ᠡ᠃ ᠲᠡᠭᠦᠨ ᠦ᠌ ᠢᠩᠭᠢᠳᠡᠭ ᠦ᠋ᠨ ᠤᠴᠢᠷ ᠨᠢ ᠲᠡᠷᠡ ᠨᠥᠭᠦᠭᠡ ᠣᠯᠠᠨ ᠮᠣᠯᠲᠣᠭ ᠠᠬ᠎ᠠ ᠳᠡᠭᠦᠦ ᠨᠠᠷ ᠢ᠋ᠶ᠋ᠠᠨ ᠪᠣᠳᠣᠪᠠᠯ ᠬᠡᠳᠦᠢ ᠳᠥᠷᠪᠡᠨ ᠮᠥᠴᠢᠯᠡᠨ ᠮᠥᠯᠬᠥᠵᠦ ᠮᠠᠯᠲᠠᠪᠠᠴᠤ ᠴᠣᠭᠪᠠᠭᠠᠲᠤᠷ ᠢ᠋ ᠳᠠᠭᠠᠭᠠᠳ ᠬᠡᠵᠢᠶᠡᠳᠡ ᠭᠡᠳᠡᠰᠦ ᠴᠠᠳᠬᠤᠯᠠᠩ ᠪᠠᠢᠳᠠᠭ ᠠᠵᠤᠭᠤ᠃ ᠡᠳᠦᠷ ᠦ᠋ᠨ ᠤᠳᠠᠭᠠᠨ ᠳ᠋ᠤ᠌ ᠴᠣᠭᠪᠠᠭᠠᠲᠤᠷ ᠴᠤ᠌ ᠲᠡᠭᠦᠨ ᠳ᠋ᠤ᠌ ᠲᠡᠰᠴᠦ ᠣᠷᠬᠢᠭᠠᠳ ᠬᠣᠶᠠᠭᠤᠯᠠ ᠰᠡᠭᠦᠯ ᠳ᠋ᠡᠭᠡᠨ ᠪᠦᠷᠢ ᠴᠦ᠍ ᠮᠠᠰᠢ ᠵᠤᠵᠠᠭᠠᠨ ᠨᠠᠢᠷ ᠲᠠᠢ ᠠᠬ᠎ᠠ ᠳᠡᠭᠦᠦ ᠪᠣᠯᠤᠯᠴᠠᠵᠠᠢ᠃ ᠴᠣᠭᠪᠠᠭᠠᠲᠤᠷ ᠬᠥᠩᠬᠥᠷ ᠵᠠᠮᠪᠠᠯ ᠠ᠋ᠴᠠ ᠰᠠᠷ᠎ᠠ ᠪᠠᠷ ᠠᠬ᠎ᠠ ᠪᠣᠯᠬᠣᠷ  ᠠᠬ᠎ᠠ ᠪᠣᠯᠵᠤ ᠬᠥᠩᠬᠥᠷ ᠵᠠᠮᠪᠠᠯ ᠮᠢᠩᠭᠠᠨᠪᠤᠤ ᠶ᠋ᠢ 《ᠬᠠᠭᠤᠷᠠᠢ ᠠᠪᠤ》᠂ ᠮᠠᠨᠤᠨᠪᠠᠳᠮ᠎ᠠ ᠶ᠋ᠢ 《ᠬᠠᠭᠤᠷᠠᠢ ᠮᠥᠮᠥ》① ᠭᠡᠵᠦ ᠠᠮᠠ ᠬᠠᠭᠤᠷᠠᠢ ᠦᠭᠡᠢ ᠳᠠᠭᠤᠳᠠᠳᠠᠭ ᠪᠣᠯᠪᠠ᠃ ᠡᠨᠡ ᠬᠣᠶᠠᠷ ᠠᠯᠠ ᠴᠤᠭᠤᠷᠬᠠᠢ ᠥᠮᠥᠳᠥ ᠲᠡᠢ ᠪᠠᠢᠭᠰᠠᠨ ᠠ᠋ᠴᠠ ᠪᠠᠨ ᠠᠭᠲᠠ ᠶ᠋ᠢᠨ ᠨᠢᠷᠤᠭᠤᠨ ᠳ᠋ᠤ᠌ ᠲᠠᠰᠢᠶᠠᠯᠳᠠᠵᠤ ᠰᠠᠭᠤᠲᠠᠯ᠎ᠠ ᠪᠠᠨ ᠬᠠᠮᠲᠤ ᠲᠣᠭᠯᠠᠯᠴᠠᠵᠤ ᠥᠰᠦᠭᠰᠡᠨ ᠲᠤᠯᠠ ᠬᠥᠩᠬᠥᠷ ᠵᠠᠮᠪᠠᠯ ᠤᠷᠤᠰᠤᠮ᠎ᠠ ᠰᠠᠢᠬᠠᠨ ᠮᠣᠩᠭᠣᠯ ᠦᠭᠡ ᠲᠡᠢ᠂ ᠴᠣᠭᠪᠠᠭᠠᠲᠤᠷ ᠴᠤ᠌ ᠬᠢᠲᠠᠳ ᠦᠭᠡ ᠶ᠋ᠢ ᠶᠠᠭ ᠦᠭᠡᠢ ᠶᠠᠷᠢᠴᠢᠬᠠᠳᠠᠭ ᠪᠣᠯᠵᠠᠢ᠃ ᠡᠷ᠎ᠡ ᠥᠰᠴᠦ ᠢᠰᠡᠭᠡᠢ ᠰᠤᠨᠳᠠᠭ ᠭᠡᠭᠴᠢ ᠪᠡᠷ ᠡᠳᠡ ᠬᠣᠶᠠᠷ ᠴᠤ᠌ ᠡᠷ᠎ᠡ ᠶ᠋ᠢᠨ ᠵᠡᠷᠭᠡ ᠳ᠋ᠦ᠍ ᠬᠦᠷᠴᠦ ᠠᠭᠠᠵᠢᠮ ᠢ᠋ᠶ᠋ᠠᠷ ᠡᠬᠡ ᠡᠴᠢᠭᠡ ᠪᠡᠨ ᠴᠢᠷᠠᠢᠴᠢᠯᠠᠵᠤ ᠣᠨᠳᠣᠷᠣᠬᠤ ᠶ᠋ᠢ ᠴᠢᠮᠠᠯᠠᠬᠤ ᠪᠣᠯᠵᠠᠢ᠃ ᠡᠷᠬᠡ ᠰᠦᠷᠲᠡᠢ ᠨᠢ ᠡᠭᠡᠯ ᠳᠣᠷᠣᠢ ᠪᠠᠨ ᠳᠠᠷᠤᠯᠠᠬᠤ᠂ ᠬᠦᠴᠦ ᠳᠣᠷᠪᠢᠲᠠᠢ ᠨᠢ ᠬᠦᠳᠡᠭᠢ ᠪᠢᠳᠠᠭᠤ ᠪᠠᠨ ᠮᠠᠯᠯᠠᠬᠤ ᠨᠢ ᠡᠨᠡ ᠬᠣᠷᠸ᠎ᠠ ᠶ᠋ᠢᠨ ᠵᠢᠮ᠎ᠡ ᠲᠤᠯᠠ ᠴᠣᠭᠪᠠᠭᠠᠲᠤᠷ᠂ ᠬᠥᠩᠬᠥᠷ ᠵᠠᠮᠪᠠᠯ ᠬᠣᠶᠠᠷ ᠴᠤ᠌ ᠡᠨᠡ ᠵᠢᠮ᠎ᠡ ᠡᠴᠡ ᠬᠠᠵᠠᠢᠭᠰᠠᠨ ᠦᠭᠡᠢ᠃ ᠭᠡᠬᠦ ᠳ᠋ᠡᠭᠡᠨ ᠬᠥᠩᠬᠥᠷ ᠵᠠᠮᠪᠠᠯ ᠳ᠋ᠤ᠌ ᠴᠤ᠌ ᠪᠣᠯ ᠶᠠᠭᠠᠬᠢᠬᠤ ᠪᠣᠢ᠂ ᠶᠣᠳᠠᠷ ᠢ᠋ᠶ᠋ᠠᠨ ᠪᠠᠷᠢᠭᠰᠠᠨ ᠶᠠᠳᠠᠭᠤ ᠲᠠᠷᠢᠶᠠᠴᠢᠨ ᠠᠢᠯ᠂ ᠥᠷᠯᠥᠭᠡ ᠢᠳᠡᠴᠢᠬᠡᠪᠡᠯ ᠣᠷᠣᠢ ᠬᠦᠨᠡᠰᠦ ᠦᠭᠡᠢ ᠪᠠᠢᠳᠠᠭ ᠪᠣᠯ᠂ ᠴᠣᠭᠪᠠᠭᠠᠲᠤᠷ ᠲᠤ᠌ ᠶᠠᠭᠤ ᠳᠤᠲᠠᠬᠤ ᠪᠣᠢ?  ᠪᠠᠶᠠᠨ ᠲᠠᠷᠭᠤᠨ ᠠᠢᠯ ᠤ᠋ᠨ ᠭᠠᠭᠴᠠ ᠬᠦᠦ ᠲᠤᠯᠠ ᠡᠴᠢᠭᠡ ᠡᠬᠡ ᠨᠢ ᠠᠯᠠᠭᠠᠨ ᠳᠡᠭᠡᠷ᠎ᠡ ᠪᠡᠨ ᠲᠠᠯᠪᠢᠪᠠᠯ ᠪᠥᠮᠪᠥᠷᠢᠭᠦᠵᠡᠢ᠂ ᠠᠮᠠᠨ ᠳ᠋ᠠᠭᠠᠨ ᠬᠢᠪᠡᠯ ᠬᠠᠢᠯᠤᠭᠤᠵᠠᠢ ᠭᠡᠵᠦ ᠡᠩᠬᠦᠷᠡᠢᠯᠡᠨ᠂ ᠶᠣᠰᠣᠲᠠᠢ ᠯᠠ ᠲᠣᠷᠭᠠᠨ ᠳᠡᠭᠡᠷ᠎ᠡ ᠲᠣᠭᠯᠠᠵᠤ᠂ ᠲᠣᠰᠣᠨ ᠳ᠋ᠤ᠌ ᠬᠠᠬᠠᠵᠤ ᠥᠰᠦᠭᠰᠡᠨ ᠤᠴᠢᠷ ᠪᠤᠰᠤᠳ ᠢ᠋ ᠲᠠᠢᠯᠵᠤ᠂ ᠬᠥᠮᠦᠨ ᠢ᠋ ᠳᠠᠷᠤᠯᠠᠵᠤ ᠶᠠᠪᠤᠬᠤ ᠳ᠋ᠤ᠌ ᠪᠠᠬ᠎ᠠ ᠨᠢ ᠬᠠᠨᠳᠠᠭ ᠮᠠᠭᠤ ᠠᠷᠠᠨᠰᠢᠨ ᠰᠤᠷᠴᠤ ᠵᠦᠭᠡᠷ ᠰᠠᠭᠤᠵᠤ ᠴᠢᠳᠠᠳᠠᠭ ᠦᠭᠡᠢ ᠪᠣᠯᠵᠠᠢ᠃ ᠲᠡᠭᠡ ᠲᠡᠭᠡᠭᠰᠡᠭᠡᠷ ᠪᠦᠷ ᠬᠥᠩᠬᠥᠷ ᠵᠠᠮᠪᠠᠯ ᠢ᠋ᠶ᠋ᠠᠷ ᠬᠠᠨᠢ ᠲᠠᠲᠠᠵᠤ ᠬᠥᠨᠳᠡᠯᠡᠨ ᠬᠣᠰᠢᠭᠤ ᠬᠠᠷᠢ ᠨᠤᠲᠤᠭ ᠢ᠋ᠶ᠋ᠠᠷ ᠲᠡᠨᠦᠨ ᠳᠡᠭᠡᠷᠡᠮ ᠲᠤᠨᠤᠭᠠᠨ ᠤ᠋ ᠠᠮᠢᠳᠤᠷᠠᠯ ᠳ᠋ᠤ᠌ ᠴᠠᠭᠠᠷᠠᠨ ᠠᠷᠤ ᠬᠠᠩᠭᠠᠢ᠂ ᠮᠢᠩᠭᠠᠨ ᠬᠣᠰᠢᠭᠤ᠂ ᠬᠠᠯᠬ᠎ᠠ ᠨᠤᠲᠤᠭ ᠤ᠋ᠨ ᠭᠣᠪᠢ ᠶ᠋ᠢᠨ ᠠᠳᠤᠭᠤ ᠬᠥᠭᠡᠭᠡᠵᠦ ᠳᠣᠲᠣᠷ᠎ᠠ ᠭᠠᠵᠠᠷ ᠤᠷᠤᠭᠤ ᠫᠠᠨᠽᠠᠯᠠᠵᠤ ᠮᠥᠩᠭᠥ ᠡᠪᠦᠷᠯᠡᠨ ᠪᠤᠭᠤᠲᠤ᠂ ᠰᠠᠭᠠᠯᠢᠴᠢᠨ᠂ ᠱᠠᠮᠪᠠ᠂ ᠦᠶᠦᠸᠠᠨ ᠵᠡᠷᠭᠡ ᠬᠣᠲᠠ ᠪᠠᠯᠭᠠᠰᠤ ᠪᠠᠷ ᠵᠣᠷᠴᠢᠨ ᠰᠢ ᠰᠣᠨᠢᠷᠬᠠᠵᠤ ᠶᠠᠩᠬᠠᠨ ᠳ᠋ᠤ᠌ ᠪᠠᠭᠤᠬᠤ᠂ ᠬᠠᠷ᠎ᠠ ᠲᠠᠮᠠᠬᠢ ᠲᠠᠲᠠᠬᠤ ᠵᠡᠷᠭᠡ ᠶ᠋ᠢᠨ ᠲᠠᠩᠬᠠᠢ ᠠᠮᠢᠳᠤᠷᠠᠯ ᠢ᠋ ᠡᠳ᠋ᠯᠡᠵᠦ ᠶᠠᠪᠤᠵᠠᠢ᠃  
       ᠡᠢᠨ ᠬᠦ᠌ ᠪᠠᠷᠠᠭᠤᠨ ᠬᠦᠩ ᠳ᠋ᠦ᠍ ᠴᠣᠭᠪᠠᠭᠠᠲᠤᠷ ᠬᠥᠩᠬᠥᠷ ᠵᠠᠮᠪᠠᠯ ᠭᠡᠭᠰᠡᠭᠡᠷ ᠲᠠᠨᠢᠬᠤ ᠦᠭᠡᠢ ᠬᠥᠮᠦᠨ᠂ ᠳᠠᠯᠳᠢᠷᠠᠬᠤ ᠦᠭᠡᠢ ᠠᠮᠢᠲᠠᠨ ᠦᠭᠡᠢ᠃  
       ᠬᠥᠩᠬᠥᠷ ᠵᠠᠮᠪᠠᠯ ᠬᠡᠳᠦ ᠬᠡᠳᠦᠨ ᠬᠡᠷᠡᠮ ᠳᠡᠮᠵᠢᠵᠦ ᠬᠠᠷᠠᠢᠨ ᠪᠠᠷᠠᠭᠤᠨ ᠣᠪᠣᠭᠠᠨ ᠤ᠋ ᠰᠢᠷ᠎ᠠ ᠵᠠᠮ ᠤ᠋ᠨ ᠠᠭᠤᠯᠵᠠᠭᠤᠷ ᠲᠤ᠌ ᠮᠠᠨᠴᠤᠷᠭ᠎ᠠ ᠶ᠋ᠢ ᠠᠮᠠᠳᠠᠬᠤ ᠭᠡᠵᠦ ᠪᠠᠭ᠎ᠠ ᠦᠳᠡ ᠪᠣᠯᠲᠠᠯ᠎ᠠ ᠬᠦᠯᠢᠶᠡᠭᠡᠳ ᠢᠷᠡᠭᠰᠡᠨ ᠦᠭᠡᠢ ᠳ᠋ᠦ᠍ ᠬᠠᠷᠢᠶᠠᠯ ᠲᠠᠯᠪᠢᠭᠰᠠᠭᠠᠷ ᠭᠠᠷ ᠢ᠋ᠶ᠋ᠠᠨ ᠰᠠᠵᠢᠨ ᠪᠤᠴᠠᠪᠠ᠃     
       — ᠥᠨᠥᠬᠢ ᠴᠢᠨᠢ ᠪᠤᠭᠤᠲᠤ ᠠ᠋ᠴᠠ ᠯᠠᠪ ᠭᠠᠷᠤᠭ᠎ᠠ ᠦᠭᠡᠢ ! ᠬᠠᠮᠢᠭ᠎ᠠ ᠨᠢᠭᠡ ᠠᠢᠯ ᠳ᠋ᠤ᠌ ᠬᠠᠷ᠎ᠠ ᠲᠠᠮᠠᠬᠢ ᠲᠠᠲᠠᠵᠤ᠁ ᠭᠡᠵᠦ ᠬᠥᠩᠬᠥᠷ ᠵᠠᠮᠪᠠᠯ ᠢ᠋ ᠳᠠᠭᠠᠭᠰᠠᠨ ᠬᠣᠶᠠᠷ ᠤ᠋ᠨ ᠨᠢᠭᠡ ᠨᠢ ᠮᠡᠷᠭᠡᠯᠡᠬᠦ ᠳ᠋ᠦ᠍᠄ 
       — ᠪᠥᠭᠰᠡ ᠪᠡᠨ ᠬᠠᠪᠴᠢ! ᠲᠡᠷᠡ ᠴᠢᠮᠠᠶ᠋ᠢ《 ᠮᠠᠢ》 ᠭᠡᠳ ᠮᠠᠮᠠ ᠶᠢᠨ ᠡᠭᠦᠳᠡᠨ ᠳ᠋ᠦ᠍ ᠬᠦᠯᠢᠶᠡᠵᠦ ᠪᠠᠢᠬᠤ ᠪᠣᠢ ᠭᠡᠵᠦ ᠬᠠᠷᠢᠶᠠᠪᠠᠯ ᠠᠮᠠ ᠪᠠᠨ ᠠᠯᠠᠭᠠᠳᠠᠭᠤᠯᠤᠭᠰᠠᠨ ᠨᠢᠭᠡ ᠨᠢ ᠬᠥᠨᠳᠡᠯᠡᠨ ᠢ᠋ᠶ᠋ᠡᠨ ᠳᠠᠷᠤᠢᠬᠠᠨ ᠬᠠᠪᠴᠢᠪᠠ᠃  
       ᠬᠠᠯᠪᠠᠭᠠᠨᠠᠭᠰᠠᠨ ᠥᠷᠭᠡᠨ ᠥᠮᠥᠳᠦᠨ ᠦ᠌ ᠰᠢᠷᠬᠤᠨᠠᠭ ᠢ᠋ ᠰᠤᠮᠠᠯ ᠬᠡᠦᠳᠡᠢ ᠶ᠋ᠢᠨ ᠠᠮᠠᠰᠠᠷ ᠰᠢᠭ᠋ ᠵᠣᠮᠪᠣᠢᠲᠠᠯ᠎ᠠ ᠪᠣᠭᠣᠭᠰᠠᠨ ᠬᠡᠳᠦᠭᠦᠯᠡ ᠤᠨᠵᠢᠭᠢᠷ ᠬᠣᠭᠣᠰᠣᠨ ᠭᠠᠷ ᠢ᠋ᠶ᠋ᠠᠷ ᠬᠣᠩᠭᠣ ᠪᠠᠨ ᠬᠣᠭᠣᠰᠣᠨ ᠭᠤᠶᠤᠳᠠᠯᠠᠬᠤ ᠰᠢᠭ᠋ ᠤᠨᠵᠢᠭᠢᠨᠠᠭᠤᠯᠤᠭᠰᠠᠭᠠᠷ ᠬᠥᠮᠦᠨ ᠣᠯᠠᠨ ᠪᠤᠵᠢᠭᠢᠨᠠᠭᠰᠠᠨ ᠭᠤᠳᠤᠮᠵᠢᠨ ᠳ᠋ᠤ᠌ ᠣᠷᠣᠪᠠ᠃ 
       ᠲᠡᠨᠳᠡ ᠡᠴᠡ ᠮᠠᠨᠴᠤᠷᠭ᠎ᠠ ᠷᠤᠯᠮ᠎ᠠ ᠶ᠋ᠢᠨ ᠠᠮᠠᠨ ᠠ᠋ᠴᠠ ᠳ᠋ᠠᠭᠳᠠᠨ ᠳᠠ ᠯᠠᠮᠠ᠂ ᠴᠣᠭᠪᠠᠭᠠᠲᠤᠷ ᠬᠣᠶᠠᠷ ᠬᠦᠩ ᠨᠣᠶᠠᠨ ᠢ᠋ ᠴᠢᠳᠠᠬᠤ ᠭᠡᠰᠡᠨ ᠳᠡᠭᠡᠯ ᠲᠤᠭᠤᠯ ᠴᠢᠮᠡᠭᠡ ᠶ᠋ᠢ ᠳᠣᠭᠣᠯᠤᠩᠭᠤᠲᠠ ᠪᠠᠷᠠᠭᠤᠨ ᠣᠪᠣᠭᠠᠨ ᠤ᠋ ᠰᠢᠷ᠎ᠠ ᠵᠠᠮ ᠤ᠋ᠨ ᠠᠭᠤᠯᠵᠠᠷ ᠣᠷᠣᠬᠤ ᠭᠤᠳᠤᠮᠵᠢ ᠪᠠᠷ ᠪᠡᠶ᠎ᠡ ᠪᠡᠨ ᠦᠵᠡᠭᠦᠯᠴᠢᠬᠡᠭᠡᠳ ᠪᠤᠴᠠᠭᠠᠳ ᠰᠦᠮ᠎ᠡ ᠶ᠋ᠢᠨ ᠬᠦᠷᠢᠶ᠎ᠡ ᠶ᠋ᠢ ᠡᠮᠦᠨᠡᠭᠦᠷ ᠨᠢ ᠲᠣᠭᠣᠷᠢᠨ ᠬᠣᠢᠰᠢ ᠪᠠᠨ ᠭᠠᠷᠴᠤ ᠠᠭᠤᠯᠠ ᠶ᠋ᠢᠨ ᠪᠠᠯ ᠪᠠᠷᠢᠨ ᠮᠠᠨᠠᠷᠠᠭᠠᠭᠰᠠᠨ ᠢ᠋ ᠲᠡᠳᠡᠨᠦᠰ ᠬᠡᠷᠬᠢᠨ ᠮᠡᠳᠡᠬᠦ ᠪᠢᠯᠡ᠃  
       ᠬᠥᠩᠬᠥᠷ ᠵᠠᠮᠪᠠᠯ ᠥᠨᠥᠬᠢ ᠬᠣᠶᠠᠷ ᠮᠢᠬᠠᠨ ᠰᠡᠭᠦᠯ ᠢ᠋ᠶ᠋ᠡᠨ ᠬᠦᠷᠢᠶᠡᠨ ᠦ᠌ ᠭᠠᠳᠠᠨ᠎ᠠ ᠬᠣᠴᠣᠷᠭᠠᠨ ᠭᠠᠭᠴᠠᠭᠠᠷ ᠢ᠋ᠶ᠋ᠠᠨ ᠴᠣᠭᠪᠠᠭᠠᠲᠤᠷ ᠤ᠋ᠨ ᠬᠦᠷᠢᠶᠡᠨ ᠦ᠌ ᠡᠭᠦᠳᠡ ᠪᠡᠷ ᠣᠷᠣᠵᠤ ᠣᠴᠢᠪᠠ᠃ 
       ᠴᠣᠭᠪᠠᠭᠠᠲᠤᠷ ᠸᠠᠩ ᠲᠣᠪᠴᠢᠶᠠᠨ ᠳᠠᠷᠤᠭ᠎ᠠ ᠶ᠋ᠢᠨ ᠬᠠᠭᠤᠷᠠᠢ ᠬᠡᠦᠬᠡᠨ ᠢ᠋ ᠤᠮᠠᠯᠵᠤ ② ᠪᠠᠷᠠᠭᠠᠳ ᠳᠡᠷ᠎ᠡ ᠶ᠋ᠢᠨ ᠰᠢᠷᠡᠭᠡ ᠬᠠᠪᠴᠢᠨ ᠬᠠᠷ᠎ᠠ ᠲᠠᠮᠠᠬᠢ ᠲᠠᠲᠠᠵᠤ ᠬᠡᠪᠲᠡᠵᠦ ᠪᠠᠢᠯ᠎ᠠ᠃  
       ᠳᠣᠲᠣᠷ᠎ᠠ ᠲᠠᠰᠤᠯᠭ᠎ᠠ ᠶ᠋ᠢᠨ ᠡᠭᠦᠳᠡ《 ᠲᠤᠭ ᠲᠤᠭ》 ᠬᠥᠨᠳᠡᠢᠬᠡᠨ ᠲᠣᠭᠰᠢᠬᠤ ᠴᠢᠮᠡᠭᠡ ᠪᠡᠷ  
       — ᠡᠩ! ᠭᠡᠵᠦ ᠴᠣᠭᠪᠠᠭᠠᠲᠤᠷ ᠬᠠᠮᠠᠷ ᠢ᠋ᠶ᠋ᠠᠷ ᠢ᠋ᠶ᠋ᠠᠨ ᠤᠲᠤᠭ᠎ᠠ ᠰᠤᠪᠤᠷᠠᠭᠤᠯᠤᠭᠰᠠᠭᠠᠷ ᠭᠣᠩᠰᠢᠶ᠎ᠠ ᠳᠠᠭᠤᠨ ᠢ᠋ᠶ᠋ᠠᠷ ᠳᠤᠤᠭᠠᠷᠪᠠ᠃ 
       ᠬᠥᠩᠬᠥᠷ ᠵᠠᠮᠪᠠᠯ ᠣᠷᠣᠵᠤ ᠢᠷᠡᠭᠡᠳ᠄  
       — ᠠᠬ᠎ᠠ ᠠ᠋ ᠥᠨᠥᠬᠢ ᠴᠢᠨᠢ ᠲᠠᠨ ᠤ᠋ ᠰᠡᠵᠢᠭᠯᠡᠭᠰᠡᠨ ᠢᠷᠣ᠎ᠠ ᠪᠠᠷ ᠬᠠᠵᠠᠢᠯᠲᠠ ᠦᠭᠡᠢ ᠲᠡᠭᠡᠯ᠎ᠡ ᠰᠢᠦ ᠳᠡ! ᠠ ᠮᠠᠭᠤ ᠢᠷᠣ᠎ᠠ! ᠭᠡᠪᠡ᠃ 
       — ᠲᠡᠭᠡᠭᠡᠳ ᠮᠠᠨᠴᠤᠷᠭ᠎ᠠ ᠣᠳᠣ ᠬᠠᠮᠢᠭ᠎ᠠ ᠪᠠᠢᠨ᠎ᠠ?  
       — ᠳᠤᠲᠠᠭᠠᠴᠢᠬᠠᠭᠰᠠᠨ!   
       — ᠬᠡᠩ! ᠮᠠᠨᠴᠤᠷᠭ᠎ᠠ ᠶ᠋ᠢᠨ ᠲᠣᠭᠣᠰᠣ ᠶ᠋ᠢ ᠴᠦ᠍ ᠣᠯᠵᠤ ᠦᠨᠦᠷᠯᠡᠭᠡ ᠦᠭᠡᠢ ᠪᠢᠵᠡ ᠡᠭᠦᠨ ᠡᠴᠡ ᠬᠠᠮᠢᠭ᠎ᠠ ᠵᠠᠢᠯᠠᠬᠤ ᠪᠣᠢ ᠴᠢ!  
       — ᠦᠵᠡᠵᠦ ᠪᠠᠢᠲᠠᠯ᠎ᠠ ᠪᠠᠷᠠᠭᠤᠨ ᠣᠪᠣᠭᠠᠨ ᠤ᠋ ᠭᠤᠳᠤᠮᠵᠢ ᠪᠠᠷ ᠰᠠᠵᠢᠯᠠᠭᠤᠯᠵᠤ ᠣᠷᠣᠬᠤ ᠰᠢᠭ᠋ ᠪᠣᠯᠤᠭᠰᠠᠨ᠁ ᠲᠡᠭᠡᠭᠡᠳ ᠪᠢᠳᠡ ᠪᠠᠷᠠᠭᠤᠨ ᠣᠪᠣᠭᠠᠨ ᠤ᠋ ᠰᠠᠯᠠᠭ᠎ᠠ ᠵᠠᠮ ᠤ᠋ᠨ ᠠᠭᠤᠯᠵᠠᠷ ᠳᠡᠭᠡᠷ᠎ᠡ ᠪᠡᠶ᠎ᠡ ᠳᠠᠯᠳᠠᠯᠠᠨ ᠪᠠᠭ᠎ᠠ ᠦᠳᠡ ᠬᠡᠯᠪᠡᠢᠲᠡᠯ᠎ᠡ ᠭᠡᠲᠡᠵᠦ ᠰᠠᠭᠤᠯ᠎ᠠ᠁ ᠠᠯᠠᠭ᠎ᠠ!   
       — ᠲᠡᠷᠡ ᠴᠢᠨᠢ ᠡᠯᠳᠡᠩᠭᠡ ᠶ᠋ᠢᠨ ᠬᠦᠦ! ᠶᠠᠮᠤᠨ ᠤ᠋ ᠴᠡᠷᠢᠭ ᠦ᠋ᠨ ᠪᠤᠳᠠᠭ᠎ᠠ ᠢᠳᠡᠭᠰᠡᠨ ᠵᠣᠯᠢᠭ᠃ ᠬᠡᠨ ᠭᠡᠵᠦ ᠰᠠᠨᠠᠪᠠ ᠴᠢ? ᠴᠢᠮ᠎ᠠ ᠰᠢᠭ ᠶᠣᠷᠣᠭ ᠴᠤ᠌ ᠦᠭᠡᠢ ᠶᠣᠳᠠᠷ ᠢ᠋ᠶ᠋ᠠᠨ ᠴᠢᠷᠦᠭᠰᠡᠨ ᠠᠮᠢᠲᠠᠨ ᠭᠡᠵᠦ ᠪᠣᠳᠣᠪᠠ ᠊ᠤᠤ? ᠠ᠂ ᠮᠠᠭᠤ ᠰᠠᠢᠨ ᠢᠳᠡᠯᠭᠡᠨ ᠦ᠌ ᠬᠠᠪᠤᠳᠠᠷ ᠤ᠋ᠳ! ᠭᠡᠵᠦ ᠬᠠᠷᠢᠶᠠᠯ ᠲᠠᠯᠪᠢᠪᠠ᠃  
       ᠬᠥᠩᠬᠥᠷ ᠵᠠᠮᠪᠠᠯ᠂ ᠴᠣᠭᠪᠠᠭᠠᠲᠤᠷ ᠤ᠋ᠨ ᠵᠠᠩ ᠢ᠋ ᠶᠠᠭᠤ ᠠᠨᠳᠠᠬᠤ ᠪᠢᠯᠡ᠃ ᠰᠠᠨᠠᠭᠠᠨ ᠳ᠋ᠤ᠌ ᠲᠠᠭᠠᠷᠠᠮᠵᠢ ᠦᠭᠡᠢ ᠪᠣᠯᠤᠭᠰᠠᠭᠠᠷ ᠠᠮᠠ ᠮᠡᠳᠡᠨ ᠬᠠᠷᠢᠶᠠᠯ ᠢᠷᠦᠭᠡᠯ ᠲᠠᠯᠪᠢᠬᠤ ᠳ᠋ᠤᠨᠢ ᠰᠣᠨᠣᠰᠤᠭᠰᠠᠭᠠᠷ ᠪᠠᠢᠵᠤ ᠲᠦᠵᠢᠷᠡᠵᠦ᠂ ᠪᠥᠭᠰᠡ ᠪᠡᠨ ᠬᠠᠪᠴᠢᠭᠠᠳ ᠴᠢᠮᠡᠭᠡ ᠦᠭᠡᠢ ᠰᠣᠨᠣᠰᠴᠤ ᠯᠠ ᠪᠠᠢᠪᠠᠯ ᠲᠡᠭᠡᠰᠬᠢᠭᠡᠳ ᠥᠩᠭᠡᠷᠡᠬᠦ ᠨᠢ ᠲᠡᠷᠡ᠃ ᠵᠠᠩ ᠢ᠋ ᠪᠡᠨ ᠮᠡᠳᠡᠬᠦ ᠦᠭᠡᠢ ᠨᠢᠭᠡ ᠨᠢ ᠥᠪᠡᠷ ᠢ᠋ ᠪᠡᠨ ᠵᠥᠪᠲᠦᠭᠡᠵᠦ ᠡᠮᠦᠨ᠎ᠡ ᠡᠴᠡ ᠨᠢ ᠴᠣᠷ ᠴᠣᠷ ᠭᠡᠪᠡᠯ ᠴᠦ᠍ ᠬᠡᠷᠡᠭ ᠪᠢᠰᠢᠳᠡᠵᠦ ᠶᠠᠭᠤ ᠥᠷᠲᠥᠪᠡᠯ ᠶᠠᠭᠤ ᠪᠠᠷ ᠪᠠᠯᠪᠠᠬᠤ᠂ ᠬᠡᠯᠲᠦᠰᠬᠢᠪᠡᠯ ᠪᠠᠶᠠᠨᠽᠠᠢ ᠪᠠᠨ ᠰᠤᠭᠤᠯᠵᠤ ᠲᠣᠯᠣᠭᠠᠢ ᠳᠡᠭᠡᠭᠦᠷ ᠴᠢᠨᠢ ᠪᠤᠶᠤ ᠬᠥᠯ ᠳᠣᠣᠭᠤᠷ ᠴᠢᠨᠢ ᠭᠠᠯᠠᠯᠵᠤ ᠮᠡᠳᠡᠨ᠎ᠡ᠃ ᠬᠥᠩᠬᠥᠷ ᠵᠠᠮᠪᠠᠯ᠂ ᠴᠣᠭᠪᠠᠭᠠᠲᠤᠷ ᠢ᠋ᠶ᠋ᠠᠷ ᠨᠢᠭᠡ ᠰᠠᠢᠨ ᠡᠴᠢᠭᠡᠳᠡᠭᠦᠯᠵᠦ ᠠᠪᠤᠭᠠᠳ ᠳᠣᠲᠣᠷ᠎ᠠ ᠨᠢ ᠣᠩᠭᠣᠢᠪᠠ᠃ 
       — ᠡᠨᠡ ᠮᠠᠭᠤ ᠷᠤᠯᠮ᠎ᠠ ᠭᠡᠵᠦ ᠪᠠᠰᠠ ᠨᠢᠭᠡ᠁ ᠭᠡᠵᠦ ᠦᠭᠡ ᠡᠯᠭᠦᠴᠢᠬᠡᠭᠡᠳ ᠴᠣᠭᠪᠠᠭᠠᠲᠤᠷ ᠤ᠋ᠨ ᠴᠢᠷᠠᠢ ᠶ᠋ᠢ ᠰᠢᠨᠵᠢᠵᠦ《 ᠬᠥᠨᠳᠡᠯᠡᠨ ᠢ᠋ᠶ᠋ᠡᠨ ᠬᠠᠪᠴᠢᠵᠤ ᠳᠡᠢᠯᠬᠦ ᠦᠭᠡᠢ᠂ ᠲᠡᠷᠡ ᠵᠠᠪ ᠦᠭᠡᠢ᠁》 ᠭᠡᠵᠦ ᠬᠡᠯᠡᠲᠡᠯ᠎ᠡ ᠴᠣᠭᠪᠠᠭᠠᠲᠤᠷ ᠲᠣᠰᠴᠤ᠄ 
       — ᠡᠨᠡ ᠮᠠᠭᠤ ᠵᠠᠪᠬᠠᠢ ᠡᠮ᠎ᠡ ᠪᠥᠭᠰᠡ ᠪᠡᠨ ᠬᠤᠳᠠᠯᠳᠤᠬᠤ ᠪᠠᠨ ᠪᠠᠭ᠎ᠠ ᠭᠡᠵᠦ ᠴᠢᠮᠠᠯᠠᠭᠠᠳ ᠣᠳᠣ ᠠᠮᠠ ᠪᠠᠨ ᠬᠤᠳᠠᠯᠳᠤᠳᠠᠭ ᠪᠣᠯᠵᠠᠢ᠃ ᠶᠠᠭᠠᠬᠢᠭᠰᠠᠨ ᠢᠯᠡᠭᠦᠦ ᠳ᠋ᠡᠭᠡᠨ ᠭᠠᠷᠤᠭᠰᠠᠨ ᠠᠮᠠ ᠴᠢᠭᠢᠶᠡᠲᠦᠷᠦᠦ! ᠭᠡᠳ ᠦᠭᠡᠨ ᠦ᠌ ᠭᠣᠭᠴᠣᠭ᠎ᠠ ᠬᠠᠶᠠᠵᠤ ᠬᠥᠩᠬᠥᠷ ᠵᠠᠮᠪᠠᠯ ᠢ᠋ ᠶᠠᠭᠠᠬᠢᠬᠤ ᠶ᠋ᠢ ᠨᠢ ᠦᠵᠡᠶ᠎ᠡ ᠭᠡᠮᠡᠨ ᠵᠣᠭ ᠬᠢᠵᠦ ᠬᠠᠷ᠎ᠠ ᠲᠠᠮᠠᠬᠢ ᠪᠠᠨ ᠳᠠᠬᠢᠭᠠᠳ ᠨᠢᠭᠡ ᠭᠠᠩᠰᠠᠯᠠᠪᠠ᠃ 
       — ᠁  
       ᠬᠥᠩᠬᠥᠷ ᠵᠠᠮᠪᠠᠯ ᠦᠭᠡ ᠳᠠᠭᠤᠨ ᠦᠭᠡᠢ ᠵᠦᠯᠴᠢᠢᠬᠦ ᠶ᠋ᠢ ᠬᠠᠷᠠᠭᠠᠳ ᠴᠤᠭᠪᠠᠭᠠᠳᠤᠷ᠄ 
       —  ᠬᠠᠮᠢᠶ᠎ᠠ ᠨᠠᠮᠢᠶ᠎ᠠ ᠦᠭᠡᠢ ᠡᠷ᠎ᠡ ᠴᠤᠭᠯᠠᠭᠠᠳᠠᠭ ᠵᠤᠭᠠᠲᠠᠢ ᠠᠮᠢᠳᠤᠷᠠᠯ ᠠ᠋ᠴᠠ ᠪᠠᠨ ᠤᠢᠳᠴᠢ ᠳᠠ! ᠭᠡᠪᠡᠯ ᠬᠥᠩᠬᠥᠷ ᠵᠠᠮᠪᠠᠯ《ᠡᠨᠡ ᠮᠠᠭᠤ ᠶᠠᠩᠬᠠᠨ ᠡᠮ᠎ᠡ ᠶ᠋ᠢ ᠴᠠᠭᠠᠰᠢ ᠨᠢ ᠬᠠᠷᠠᠭᠤᠯᠴᠢᠬ᠎ᠠ!》 ᠭᠡᠰᠡᠨ ᠰᠠᠨᠠᠭ᠎ᠠ ᠭᠡᠵᠦ ᠣᠢᠯᠠᠭᠠᠨ᠄ 
       —  ᠵᠠ᠂ ᠮᠡᠳᠡᠯ᠎ᠡ! ᠭᠡᠳ ᠱᠠᠯᠠᠪᠬᠠᠨ ᠭᠠᠷᠴᠤ ᠶᠠᠪᠤᠪᠠ᠃ 
       ᠳ᠋ᠧᠩ ᠲᠠᠯᠪᠢᠬᠤ ᠳ᠋ᠤ᠌ ᠷᠤᠯᠮ᠎ᠠ ᠶ᠋ᠢᠨ ᠵᠢᠵᠢᠭᠬᠡᠨ ᠭᠡᠷ ᠦ᠋ᠨ ᠴᠣᠩᠬᠣ ᠪᠠᠷ ᠪᠠᠷᠠᠭᠠᠨ ᠰᠡᠭᠦᠳᠡᠷ ᠰᠦᠮᠡᠰᠬᠢᠨ ᠠᠯᠠᠭ᠎ᠠ ᠪᠣᠯᠪᠠ᠃ 
      《ᠠᠯᠢ ᠠᠢᠯ ᠤ᠋ᠨ ᠬᠢᠨᠢ ᠮᠢᠬᠠᠨ ᠳ᠋ᠤ᠌ ᠭᠣᠷᠢᠯᠠᠭᠰᠠᠨ ᠮᠤᠤᠷ ᠶᠤᠮ ᠪᠣᠯ ᠠ᠋!》 ᠭᠡᠵᠦ ᠮᠠᠭᠤ ᠲᠠᠢᠰᠢ ᠰᠡᠵᠢᠭᠯᠡᠭᠰᠡᠨ ᠦᠭᠡᠢ ᠳ᠋ᠡᠭᠡᠨ ᠷᠤᠯᠮ᠎ᠠ ᠰᠢᠭᠡᠬᠦ ᠪᠡᠷ ᠭᠠᠷᠪᠠ᠃  
       ᠶᠠᠮᠠᠷ ᠴᠦ᠍ ᠮᠠᠭᠤ ᠮᠠᠭᠤᠬᠠᠢ ᠶᠠᠭᠤᠮ᠎ᠠ ᠰᠠᠨᠠᠵᠤ ᠪᠣᠳᠣᠯ ᠦᠭᠡᠢ ᠶᠠᠪᠤᠭᠰᠠᠨ ᠷᠤᠯᠮ᠎ᠠ ᠪᠦᠰᠡᠭᠦᠢ ᠮᠥᠨ ᠲᠡᠭᠡᠵᠦ ᠰᠢᠭᠡᠬᠦ ᠭᠡᠵᠦ ᠭᠠᠷᠤᠭᠠᠳ ᠳᠠᠬᠢᠵᠤ ᠮᠠᠭᠤ ᠵᠢᠵᠢᠭ ᠭᠡᠷ ᠲᠡᠭᠡᠨ ᠪᠤᠴᠠᠯᠲᠠ ᠦᠭᠡᠢ ᠲᠠᠯᠢᠢᠭᠰᠠᠨ ᠢ᠋ ᠬᠡᠨ ᠰᠠᠨᠠᠵᠤ ᠣᠯᠬᠤ ᠪᠣᠢ⁈  
       ᠬᠠᠷ᠎ᠠ ᠪᠦᠷᠦᠢ ᠪᠣᠯᠬᠤ ᠶ᠋ᠢ ᠬᠦᠯᠢᠶᠡᠵᠦ ᠶᠠᠳᠠᠭᠰᠠᠨ ᠬᠥᠩᠬᠥᠷ ᠵᠠᠮᠪᠠᠯ ᠤ᠋ᠨ ᠬᠣᠶᠠᠷ ᠮᠢᠬᠠᠨ ᠰᠡᠭᠦᠯ ᠰᠦᠮ᠎ᠡ ᠶ᠋ᠢᠨ ᠬᠡᠷᠡᠮ ᠦ᠋ᠨ ᠴᠠᠭᠠᠨ᠎ᠠ ᠠ᠋ᠴᠠ ᠷᠤᠯᠮ᠎ᠠ ᠶ᠋ᠢᠨ ᠬᠣᠢᠲᠤ ᠮᠥᠷ ᠢ᠋ ᠵᠢᠭᠠᠬᠤ ᠪᠠᠷ ᠭᠡᠲᠡᠵᠦ ᠪᠠᠢᠭᠠᠳ ᠡᠭᠦᠳᠡᠨ ᠦ᠌ ᠠᠷᠤ ᠬᠡᠷᠡᠮ ᠦ᠋ᠨ ᠥᠨᠴᠥᠭ ᠲᠦ᠍ ᠰᠡᠭᠦᠳᠡᠷ ᠪᠠᠷᠢᠨ ᠵᠢᠰᠦ ᠪᠡᠨ ᠪᠤᠷᠤᠭᠤᠯᠠᠭᠰᠠᠨ ᠨᠢᠭᠡ ᠨᠢ ᠷᠤᠯᠮ᠎ᠠ ᠶ᠋ᠢ ᠡᠭᠦᠳᠡ ᠨᠡᠭᠡᠭᠡᠲᠡᠯ᠎ᠡ ᠬᠦᠵᠦᠭᠦᠳᠡᠨ ᠲᠡᠪᠡᠷᠢᠵᠦ ᠠᠮᠠ ᠶ᠋ᠢ ᠨᠢ ᠲᠠᠭᠯᠠᠪᠠ᠃ ᠨᠥᠭᠦᠭᠡ ᠨᠢᠭᠡ ᠨᠢ ᠴᠠᠭᠠᠳᠤ ᠬᠡᠷᠡᠮ ᠦ᠋ᠨ ᠳᠠᠯᠳᠠ ᠠ᠋ᠴᠠ ᠭᠠᠷᠴᠤ ᠢᠷᠡᠭᠡᠳ ᠨᠠᠷᠢᠬᠠᠨ ᠡᠷᠴᠢᠮᠲᠦ ᠣᠯᠣᠰᠣᠨ ᠳᠡᠭᠡᠰᠦ ᠪᠡᠷ ᠪᠣᠭᠣᠮᠢᠯᠠᠪᠠ᠃ 
       ᠠᠮᠢᠰᠬᠤᠭ᠎ᠠ ᠲᠠᠰᠤᠷᠠᠭᠰᠠᠨ ᠷᠤᠯᠮ᠎ᠠ ᠶ᠋ᠢ ᠬᠣᠶᠠᠷ ᠠᠯᠠᠭᠤᠷᠴᠢᠨ ᠵᠢᠵᠢᠭᠬᠡᠨ ᠳᠥᠷᠪᠡᠯᠵᠢᠨ ᠭᠡᠷ ᠲᠦ᠋ᠨᠢ ᠴᠢᠷᠴᠦ ᠣᠷᠣᠭᠤᠯᠤᠨ ᠤᠨᠢᠨ ᠠ᠋ᠴᠠ ᠨᠢ ᠳᠡᠭᠦᠵᠢᠯᠡᠵᠦ ᠥᠪᠡᠷ ᠢ᠋ᠶ᠋ᠡᠨ ᠪᠣᠭᠣᠮᠢᠯᠠᠭᠰᠠᠨ ᠪᠣᠯᠭᠠᠨ᠂ ᠨᠢᠳᠦᠨ ᠳ᠋ᠦ᠍ ᠥᠷᠲᠥᠬᠦ ᠭᠠᠷ ᠲᠤ ᠲᠤᠷᠬᠤᠢᠴᠠ ᠦᠨ᠎ᠡ ᠪᠡᠨᠡᠲᠡᠢ ᠡᠳ᠋ ᠢ᠋ ᠨᠢ ᠱᠠᠯᠠᠪᠬᠠᠨ ᠴᠥᠯᠪᠡᠵᠦ ᠠᠪᠤᠭᠠᠳ ᠣᠷᠣ ᠮᠥᠷ ᠦᠭᠡᠢ ᠵᠢᠯᠢᠢᠪᠡ᠃ 
       ᠬᠥᠩᠬᠥᠷ ᠵᠠᠮᠪᠠᠯ ᠳ᠋ᠠᠭᠳᠠᠨ ᠳᠠ ᠯᠠᠮᠠ ᠶ᠋ᠢᠨ ᠮᠥᠩᠭᠥ ᠶ᠋ᠢ ᠬᠠᠨᠴᠤᠢᠯᠠᠭᠰᠠᠨ ᠪᠣᠯᠬᠣᠷ ᠬᠦᠩ ᠨᠣᠶᠠᠨ ᠰᠢᠷᠡᠪᠳᠤᠷᠵᠢ ᠶ᠋ᠢ ᠤᠬᠠᠭᠠᠯᠠᠬᠤ ᠪᠠᠷ ᠠᠷᠭ᠎ᠠ ᠰᠦᠪᠡᠭᠴᠢᠯᠡᠨ ᠲᠠᠷᠢᠬᠢ ᠪᠠᠨ ᠭᠠᠰᠢᠯᠭᠠᠵᠤ ᠰᠠᠭᠤᠪᠠ᠃ ᠪᠠᠷᠠᠭᠤᠨ ᠬᠦᠩ ᠦ᠋ᠨ ᠵᠠᠰᠠᠭ ᠨᠣᠶᠠᠨ ᠢ᠋ ᠤᠬᠠᠭᠠᠯᠠᠬᠤ ᠭᠡᠭᠴᠢ ᠨᠠᠭᠠᠳᠤᠮ ᠪᠢᠰᠢ᠂ ᠱᠠᠯᠵᠠ ᠭᠢᠰᠬᠢᠴᠢᠬᠡᠬᠦ ᠰᠢᠭ ᠭᠠᠷ ᠳᠠᠭᠠᠭᠠᠬᠤ ᠦᠭᠡᠢ ᠶᠠᠭᠤᠮ᠎ᠠ ᠪᠢᠰᠢ ᠬᠣᠢᠨ᠎ᠠ ᠳᠠ᠂  ᠬᠡᠷᠰᠡᠦ ᠣᠷᠣᠵᠤ ᠬᠡᠷᠡᠭ ᠲᠦ᠍ ᠴᠢᠷᠦᠭᠳᠡᠬᠦ ᠦᠭᠡᠢ ᠪᠠᠢᠬᠤ ᠶ᠋ᠢ ᠡᠷᠬᠢᠮᠯᠡᠬᠦ ᠨᠢ ᠵᠦᠢ᠃ ᠭᠡᠲᠡᠯ᠎ᠡ ᠬᠡᠷᠰᠡᠦ ᠳ᠋ᠡᠭᠡᠨ ᠲᠠᠢᠯᠳᠠᠵᠤ ᠬᠡᠷᠡᠭ ᠢ᠋ᠶ᠋ᠡᠨ ᠦᠢᠯᠡᠳᠬᠦ ᠦᠭᠡᠢ ᠤᠳᠠᠵᠤ ᠪᠣᠯᠬᠤ ᠦᠭᠡᠢ ᠪᠥᠭᠡᠳ ᠦᠢᠯᠡᠳᠬᠦ ᠳ᠋ᠡᠭᠡᠨ ᠴᠡᠪᠡᠷᠬᠡᠨ ᠦᠢᠯᠡᠳᠬᠦ ᠬᠡᠷᠡᠭᠲᠡᠢ᠃ 
       ᠳ᠋ᠠᠭᠳᠠᠨ ᠳᠠ ᠯᠠᠮᠠ ᠶ᠋ᠢᠨ ᠬᠦᠨᠳᠦ ᠪᠡᠯᠡᠭ ᠢ᠋ᠶ᠋ᠡᠷ ᠭᠠᠷ ᠢ᠋ᠶ᠋ᠠᠨ ᠴᠠᠢᠯᠭᠠᠭᠰᠠᠨ ᠬᠥᠩᠬᠥᠷ ᠵᠠᠮᠪᠠᠯ ᠤ᠋ᠨ ᠶᠠᠰᠤ ᠬᠠᠪᠲᠠᠯᠵᠠᠵᠤ ᠲᠣᠭᠲᠠᠪᠤᠷᠢ ᠠᠯᠳᠠᠨ᠎ᠠ᠃ ᠭᠠᠷ ᠴᠠᠢᠯᠭᠠᠭᠰᠠᠨ ᠪᠡᠯᠡᠭ ᠢ᠋ ᠨᠢ ᠢᠨᠢᠶᠡᠨ ᠲᠤᠰᠬᠤ ᠳ᠋ᠠᠭᠠᠨ《 ᠪᠣᠯᠤᠨ᠎ᠠ》 ᠭᠡᠵᠦ ᠬᠥᠪᠰᠥᠷᠳᠡᠨ ᠳᠠᠭᠠᠭᠠᠯᠭᠠᠭᠰᠠᠨ《 ᠡᠭᠦᠷᠭᠡ》 ᠶ᠋ᠢ ᠵᠠ᠂ ᠶᠣ ᠦᠭᠡᠢ ᠬᠦᠯᠢᠶᠡᠭᠰᠡᠨ ᠢ᠋ᠶ᠋ᠡᠨ ᠪᠣᠳᠣᠭᠠᠳ ᠢᠴᠢᠩᠭᠦᠷᠡᠰᠭᠢᠵᠦ᠂ ᠬᠡᠬᠡᠷᠡᠭᠰᠡᠨ ᠢ᠋ᠶ᠋ᠡᠨ ᠵᠠᠯᠭᠢᠵᠤ᠂ ᠬᠡᠯᠡᠭᠰᠡᠨ ᠢ᠋ᠶ᠋ᠡᠨ ᠮᠠᠯᠵᠢᠪᠠᠯ ᠬᠣᠢᠰᠢᠳᠠ ᠶᠠᠭᠤ ᠪᠣᠯᠤᠨ᠎ᠠ ᠭᠡᠳᠡᠭ ᠢ᠋ ᠲᠡᠷᠡ ᠶᠠᠭᠤ ᠠᠨᠳᠠᠬᠤ ᠪᠢᠯᠡ? 
       ᠳᠠᠶᠠᠩ ᠢ᠋ ᠲᠣᠭᠣᠷᠢᠵᠤ ᠭᠠᠵᠠᠷ ᠡᠯᠡᠭᠡᠭᠰᠡᠨ ᠬᠥᠩᠬᠥᠷ ᠵᠠᠮᠪᠠᠯ ᠳ᠋ᠤ᠌ ᠰᠠᠢᠨ ᠰᠠᠨᠠᠭ᠎ᠠ ᠬᠤᠰᠠᠷᠠᠪᠠ ᠤᠤ ᠭᠡᠬᠦ ᠡᠴᠡ ᠮᠠᠭᠤ ᠤᠬᠠᠭᠠᠨ ᠢ᠋ᠶ᠋ᠠᠷ ᠮᠤᠩᠳᠠᠬᠤ ᠦᠭᠡᠢ᠃ 
       ᠥᠨᠥᠬᠢ ᠬᠣᠶᠠᠷ ᠮᠢᠬᠠᠨ ᠰᠡᠭᠦᠯ ᠢ᠋ᠶ᠋ᠡᠨ ᠭᠠᠨᠵᠤᠭᠠᠨ ᠤ᠋ ᠮᠠᠢᠮᠠᠢᠴᠢᠨ ᠢ᠋ᠶ᠋ᠠᠷ ᠣᠪᠯᠠᠭᠤᠯᠵᠤ ᠪᠠᠷᠠᠭᠤᠨ ᠬᠣᠰᠢᠭᠤ ᠶᠠᠮᠤᠨ ᠳ᠋ᠤ᠌ ᠣᠴᠢᠭᠠᠳ ᠬᠦᠩ ᠨᠣᠶᠠᠨ ᠢ᠋ ᠬᠣᠣᠷᠯᠠᠬᠤ ᠪᠠᠷ ᠬᠤᠤᠪᠢᠯᠳᠤᠵᠤ ᠡᠰᠡ ᠯᠡ ᠥᠪᠡᠷ ᠢ᠋ᠶ᠋ᠡᠨ ᠬᠢᠭᠳᠡᠴᠢᠬᠡᠬᠦ ᠰᠢᠬᠠᠭᠠᠳ᠂ ᠳᠠᠷᠠᠭ᠎ᠠ ᠨᠢ ᠬᠥᠩᠬᠥᠷ ᠵᠠᠮᠪᠠᠯ ᠳᠣᠲᠣᠷ᠎ᠠ ᠭᠠᠵᠠᠷ ᠠ᠋ᠴᠠ ᠨᠢᠭᠡ ᠨᠢᠳᠤᠷᠭᠠᠴᠢᠨ᠂ ᠨᠢᠭᠡ ᠬᠢᠲᠤᠭ᠎ᠠ ᠨᠢᠰᠬᠡᠳᠡᠭ ᠠᠯᠠᠭᠤᠷᠴᠢᠨ ᠬᠥᠯᠥᠰᠥᠯᠡᠵᠦ ᠬᠦᠩ ᠨᠣᠶᠠᠨ ᠢ᠋ ᠬᠣᠣᠷᠯᠠᠬᠤ ᠭᠡᠳ ᠪᠠᠰᠠ ᠪᠦᠲᠦᠭᠰᠡᠨ ᠦᠭᠡᠢ᠂  ᠳᠡᠮᠡᠢ ᠮᠥᠩᠭᠥ ᠲᠥᠭᠥᠷᠢᠭ ᠢ᠋ᠶ᠋ᠡᠨ ᠦᠷᠡᠭᠡᠪᠡ᠃ ᠨᠢᠭᠡ ᠯᠡ ᠦᠭᠡ ᠪᠡᠷ ᠬᠡᠯᠡᠪᠡᠯ ᠡᠨᠡ ᠪᠦᠬᠦᠨ ᠮᠠᠨᠴᠤᠷᠭ᠎ᠠ ᠠ᠋ᠴᠠ ᠪᠣᠯᠤᠯ᠎ᠠ ᠭᠡᠵᠦ ᠪᠣᠳᠣᠨ ᠭᠦᠨ ᠬᠣᠷᠣᠰᠪᠠ᠃ 
       ᠢᠴᠢᠭᠰᠡᠨ ᠬᠥᠮᠦᠨ ᠬᠥᠮᠦᠨ ᠠᠯᠠᠨ᠎ᠠ ᠭᠡᠳᠡᠭ ᠬᠤᠳᠠᠯ ᠪᠢᠰᠢ᠃ ᠬᠥᠩᠬᠥᠷ ᠵᠠᠮᠪᠠᠯ ᠬᠣᠶᠠᠷ ᠤᠳᠠᠭ᠎ᠠ ᠬᠥᠮᠦᠨ ᠵᠠᠷᠤᠵᠤ ᠮᠥᠩᠭᠥ ᠪᠡᠨ ᠦᠷᠡᠭᠡᠭᠡᠳ ᠬᠡᠷᠡᠭ ᠪᠦᠲᠦᠭᠰᠡᠨ ᠦᠭᠡᠢ ᠨᠢᠭᠤᠷ ᠲᠤᠨᠢ ᠬᠦᠷᠬᠦ ᠳ᠋ᠦ᠍《ᠪᠤᠳᠠᠭᠠᠨ ᠤ᠋ ᠲᠤᠯᠤᠮ ᠤ᠋ᠳ!》 ᠭᠡᠵᠦ ᠥᠨᠥᠬᠢ ᠨᠦ᠍ᠭᠦᠳ ᠢ᠋ᠶ᠋ᠡᠨ ᠬᠡᠰᠡᠭ ᠬᠠᠷᠢᠶᠠᠭᠠᠳ ᠥᠪᠡᠷ ᠢ᠋ᠶ᠋ᠡᠨ ᠬᠥᠳᠡᠯᠬᠦ ᠪᠡᠷ ᠪᠣᠯᠪᠠ᠃ 
       ᠤᠯᠠᠭᠠᠨ ᠬᠠᠲᠤᠨ ᠤ᠋ ᠴᠠᠭᠠᠨᠠᠬᠢ ᠤᠯᠠᠭᠠᠨ ᠵᠠᠭᠠᠷᠠᠭᠲᠦ ᠶ᠋ᠢᠨ ᠬᠣᠶᠠᠷ ᠢᠷᠭᠡᠨ ᠪᠠᠷᠠᠭᠤᠨ ᠬᠣᠰᠢᠭᠤ ᠶᠠᠮᠤᠨ ᠲᠠᠢ ᠭᠠᠵᠠᠷ ᠲᠦᠷᠢᠶᠡᠰᠦᠯᠡᠬᠦ ᠬᠡᠷᠡᠭ ᠬᠡᠯᠡᠯᠴᠡᠬᠦ ᠪᠡᠷ ᠪᠣᠯᠵᠤ᠂ ᠥᠪᠡᠷ ᠢ᠋ᠶ᠋ᠡᠨ ᠬᠥᠨᠳᠡᠯᠡᠨ ᠦ᠌ ᠵᠠᠭᠤᠴᠢ ᠶ᠋ᠢᠨ ᠳᠦᠷᠢ ᠪᠡᠷ ᠶᠠᠪᠤᠵᠠᠢ᠃ ᠦᠬᠡᠷ ᠬᠠᠰᠠᠭ ᠲᠠᠭᠠᠨ ᠬᠣᠶᠠᠷ ᠯᠦᠦ ᠬᠠᠷ᠎ᠠ ᠠᠷᠢᠬᠢ᠂ ᠡᠳᠦᠢ ᠲᠡᠳᠦᠢ ᠬᠠᠷ᠎ᠠ ᠲᠠᠮᠠᠬᠢ᠂ ᠬᠣᠶᠠᠷ ᠣᠷᠢᠶᠠᠯᠲᠠ ᠬᠥᠬᠡᠨᠠᠭᠤᠷ ᠬᠣᠷᠭᠣᠢ᠂ ᠬᠡᠳᠦᠨ ᠣᠷᠢᠶᠠᠯᠲᠠ ᠨᠠᠨᠵᠢᠩ ᠲᠣᠷᠭ᠎ᠠ ᠳᠡᠭᠡᠷ᠎ᠡ ᠨᠢ ᠪᠠᠰᠠ ᠨᠣᠶᠠᠨ ᠤ᠋ ᠬᠠᠲᠤᠨ ᠰᠢᠪᠡᠭᠴᠢᠨ ᠳ᠋ᠦ᠍ ᠵᠠᠰᠠᠯ ᠭᠣᠶᠣᠯᠠᠯ ᠤ᠋ᠨ ᠣ ᠡᠩᠭᠡᠰᠬᠡ᠂ ᠬᠠᠳᠬᠤᠭᠤᠷ᠂ ᠰᠢᠭᠢᠳᠬᠡᠭᠡᠷᠢ ᠭᠡᠬᠦ ᠮᠡᠲᠦ ᠶ᠋ᠢᠨ ᠢᠬᠢᠷ ᠰᠢᠬᠢᠷ ᠪᠡᠯᠡᠭ ᠰᠡᠯᠲᠡ ᠠᠪᠴᠤ ᠬᠣᠰᠢᠭᠤ ᠶᠠᠮᠤᠨ ᠳ᠋ᠤ᠌ ᠬᠦᠷᠴᠡᠢ᠃  
       ᠬᠥᠩᠬᠥᠷ ᠵᠠᠮᠪᠠᠯ ᠬᠦᠩ ᠨᠣᠶᠠᠨ ᠲᠠᠢ ᠪᠠᠷᠠᠳᠠᠬᠤ ᠭᠡᠬᠦ ᠳ᠋ᠦ᠍ ᠬᠠᠷᠠᠭᠤᠯ ᠮᠠᠨᠠᠭ᠎ᠠ ᠴᠢᠩᠭ᠎ᠠ ᠪᠣᠯᠬᠣᠷ ᠲᠡᠭᠦᠨ ᠢ᠋ ᠣᠷᠣᠭᠤᠯᠬᠤ ᠦᠭᠡᠢ ᠪᠠᠢᠯ᠎ᠠ᠃ ᠠᠷᠭ᠎ᠠ  ᠪᠤᠶᠤ《ᠪᠠᠷᠠᠭᠤᠨ ᠲᠤᠰᠠᠯᠠᠭᠴᠢ ᠮᠢᠩᠭᠠᠨᠪᠤᠤ ᠪᠣᠯ ᠮᠢᠨᠦ ᠬᠠᠭᠤᠷᠠᠢ ᠠᠪᠤ᠂ ᠪᠢ ᠬᠠᠭᠤᠷᠠᠢ ᠠᠪᠤ ᠲᠠᠢ ᠪᠠᠨ ᠠᠭᠤᠯᠵᠠᠵᠤ ᠬᠡᠯᠡᠯᠴᠡᠭᠡᠨ ᠢ᠋ᠶ᠋ᠡᠨ ᠤᠯᠤᠯᠵᠠᠶ᠋᠎ᠡ!》 ᠭᠡᠵᠦ ᠪᠠᠷᠠᠭᠤᠨ ᠲᠤᠰᠠᠯᠠᠭᠴᠢ ᠶ᠋ᠢᠨ ᠨᠡᠷ᠎ᠡ ᠵᠢᠭᠠᠵᠤ ᠣᠯᠠᠨ ᠰᠠᠢᠬᠠᠨ ᠤᠷᠠᠨ ᠦᠭᠡ ᠬᠡᠯᠡᠵᠦ ᠪᠠᠢᠵᠤ ᠳᠥᠩᠭᠡᠵᠦ ᠣᠷᠣᠪᠠ᠃ 
       ᠬᠥᠩᠬᠥᠷ ᠵᠠᠮᠪᠠᠯ ᠬᠠᠭᠤᠷᠠᠢ ᠠᠪᠤ ᠲᠠᠢ ᠪᠠᠨ ᠠᠭᠤᠯᠵᠠᠵᠤ᠂ ᠢᠷᠡᠭᠰᠡᠨ ᠬᠥᠮᠦᠨ ᠢ᠋ ᠲᠠᠨᠢᠯᠴᠠᠭᠤᠯᠤᠨ ᠬᠡᠷᠡᠭ ᠤᠴᠢᠷ ᠢ᠋ᠶ᠋ᠠᠨ ᠲᠣᠭᠠᠴᠢᠵᠤ ᠬᠦᠩ ᠨᠣᠶᠠᠨ ᠲᠠᠢ ᠪᠠᠷᠠᠳᠠᠬᠤ ᠵᠥᠪᠰᠢᠶᠡᠷᠡᠯ ᠣᠯᠤᠭᠰᠠᠨ ᠨᠢ ᠲᠡᠭᠦᠨ ᠳ᠋ᠦ᠍ ᠵᠣᠷᠢᠵᠤ ᠢᠷᠡᠭᠰᠡᠨ ᠬᠡᠷᠡᠭ ᠪᠦᠲᠦᠭᠰᠨ ᠮᠡᠲᠦ ᠪᠠᠶᠠᠷ᠃ 
       ᠪᠠᠷᠠᠭᠤᠨ ᠲᠤᠰᠠᠯᠠᠭᠴᠢ ᠮᠢᠩᠭᠠᠨᠪᠤᠤ ᠶ᠋ᠢᠨ ᠨᠢᠭᠤᠷ ᠢ᠋ᠶ᠋ᠠᠷ ᠬᠦᠩ ᠨᠣᠶᠠᠨ ᠳ᠋ᠤ᠌ ᠪᠡᠯᠡᠭ ᠰᠡᠯᠲᠡ ᠪᠡᠨ ᠡᠷᠭᠦᠵᠦ᠂ ᠤᠯᠠᠭᠠᠨ ᠬᠠᠲᠤᠨ ᠤ᠋ ᠬᠣᠢᠲᠤ ᠡᠷᠭᠢ ᠶ᠋ᠢᠨ ᠡᠪᠡᠰᠦ ᠤᠷᠭᠤᠳᠠᠭ ᠦᠭᠡᠢ ᠬᠤᠵᠢᠷ ᠲᠠᠢ ᠵᠣ ᠶ᠋ᠢ ᠭᠤᠷᠪᠠᠨ ᠵᠢᠯ ᠢ᠋ᠶ᠋ᠡᠷ ᠲᠦᠷᠢᠶᠡᠰᠦᠯᠡᠵᠦ ᠲᠠᠷᠢᠶ᠎ᠠ ᠳᠠᠷᠢᠨ ᠵᠢᠯ ᠦ᠋ᠨ ᠬᠤᠷᠢᠶᠠᠯᠲᠠ ᠶ᠋ᠢᠨ ᠵᠠᠭᠤᠨ ᠤ᠋ ᠲᠠᠪᠢ ᠶ᠋ᠢᠨ ᠬᠤᠪᠢ ᠪᠠᠷ ᠬᠠᠷᠢᠭᠤᠯᠬᠤ ᠥᠨᠳᠥᠷ ᠠᠰᠢᠭ ᠲᠠᠢ ᠬᠡᠯᠡᠯᠴᠡᠭᠡᠷ ᠲᠣᠭᠲᠠᠵᠤ ᠶᠡᠬᠡ ᠯᠡ ᠡᠪ ᠲᠦᠢ ᠳ᠋ᠡᠭᠡᠨ ᠣᠷᠣᠪᠠ᠃  
       ᠮᠢᠩᠭᠠᠨᠪᠤᠤ ᠲᠤᠰᠠᠯᠠᠭᠴᠢ ᠪᠣᠯᠤᠨ ᠷᠠᠰᠢ ᠵᠠᠬᠢᠷᠤᠭᠴᠢ ᠬᠣᠶᠠᠷ ᠵᠡᠷᠭᠡ ᠪᠡᠷ᠄ 
       — ᠢᠩᠭᠢᠪᠡᠯ ᠴᠦ᠍ ᠠᠰᠢᠭ ᠪᠠᠢᠨ᠎ᠠ ᠳᠠ ᠬᠦ! ᠪᠣᠯᠤᠨ᠎ᠠ᠂ ᠪᠣᠯᠤᠨ᠎ᠠ ᠭᠡᠬᠦ ᠳ᠋ᠦ᠍ ᠵᠡᠭᠦᠨ ᠲᠤᠰᠠᠯᠠᠭᠴᠢ ᠡᠯᠳᠡᠩᠭᠡ ᠲᠣᠰᠴᠤ᠄ 
       — ᠬᠠᠢ ᠳᠠ᠂ ᠮᠡᠳᠡᠬᠦ ᠦᠭᠡᠢ! ᠬᠠᠮᠠᠷ ᠬᠠᠳᠬᠤᠬᠤ ᠡᠪᠡᠰᠦ ᠤᠷᠭᠤᠳᠠᠭ ᠦᠭᠡᠢ ᠬᠤᠵᠢᠷᠲᠠᠢ ᠭᠠᠵᠠᠷ ᠢ᠋ ᠡᠳᠡ ᠲᠠᠷᠢᠭᠠᠳ ᠶᠠᠭᠤᠮ᠎ᠠ ᠤᠷᠭᠤᠭᠤᠯᠴᠢᠬᠠᠨ᠎ᠠ ᠭᠡᠵᠢ ᠤᠤ? ᠡᠨᠡ ᠭᠠᠵᠠᠷ ᠠᠰᠢᠭ ᠲᠠᠰᠢᠬᠤ ᠪᠣᠯᠤᠮᠵᠢ ᠪᠠᠢᠭᠰᠠᠨ ᠪᠣᠯ ᠪᠣᠷᠣ ᠲᠣᠬᠣᠢ ᠶ᠋ᠢᠨ ᠸᠠᠩ ᠰᠣᠬᠣᠷ ᠡᠨᠡ ᠭᠠᠵᠠᠷ ᠢ᠋ ᠵᠦᠭᠡᠷ ᠪᠠᠢᠯᠭᠠᠨ᠎ᠠ ᠴᠦ᠍ ᠭᠡᠵᠦ ᠪᠠᠢᠬᠤ ᠦᠭᠡᠢ ᠳᠡ ᠭᠡᠪᠡ᠃ 
       — ᠤᠷᠭᠤᠨ᠎ᠠ ᠠ᠋᠂ ᠤᠷᠭᠤᠨ᠎ᠠ! ᠪᠢᠳᠡ ᠬᠤᠵᠢᠷ ᠲᠠᠢ ᠵᠣ ᠳ᠋ᠤ᠌ ᠬᠠᠩᠭᠢᠨ ᠤ᠋ ᠰᠢᠷ᠎ᠠ ᠡᠯᠡᠰᠦ ᠶ᠋ᠢ ᠬᠣᠯᠢᠵᠤ᠂ ᠪᠣᠷᠳᠣᠭᠤᠷ ᠣᠷᠣᠭᠤᠯᠬᠤ ᠶᠤᠮ ᠪᠣᠯ ᠶᠠᠭᠤ ᠲᠠᠷᠢᠭᠠᠳ ᠤᠷᠭᠤᠬᠤ ᠦᠭᠡᠢ ᠪᠣᠢ? ᠲᠠ ᠨᠠᠷ ᠮᠠᠯ ᠮᠠᠯᠯᠠᠬᠤ ᠠ᠋ᠴᠠ ᠴᠠᠭᠠᠰᠢ ᠲᠠᠷᠢᠶᠠᠨ ᠤ᠋ ᠶᠠᠪᠤᠳᠠᠯ ᠢ᠋ ᠮᠡᠳᠡᠬᠦ ᠦᠭᠡᠢ ᠭᠡᠵᠦ ᠨᠢᠭᠡ ᠬᠠᠪᠴᠢᠭ ᠴᠢᠷᠠᠢ ᠲᠠᠢ ᠬᠢᠲᠠᠳ ᠬᠥᠪᠰᠥᠷᠳᠡᠨ᠎ᠡ᠃ 
       — ᠡᠨᠡ ᠴᠦ᠍ ᠪᠠᠰᠠ ᠨᠢᠭᠡ ᠬᠣᠷᠮᠣᠢ ᠦᠭᠡᠢ ᠭᠦᠪᠢᠳᠡᠭ ᠡᠷ᠎ᠡ ᠠ᠋! ᠭᠡᠵᠦ ᠬᠡᠨ ᠨᠢᠭᠡᠨ ᠨᠢ ᠦᠭᠡ ᠬᠠᠪᠴᠢᠭᠤᠯᠤᠭᠠᠳ ᠠᠪᠬᠤ ᠳ᠋ᠤ᠌ ᠨᠥᠭᠦᠭᠡ ᠬᠢᠲᠠᠳ ᠨᠢ᠄ 
       — ᠶᠠᠭᠤᠮ᠎ᠠ ᠲᠠᠷᠢᠭᠠᠳ ᠶᠠᠭᠤ ᠴᠦ᠍ ᠤᠷᠭᠤᠬᠤ ᠦᠭᠡᠢ ᠭᠡᠬᠦ ᠳ᠋ᠦ᠍ ᠲᠠᠨ ᠤ᠋ ᠲᠦᠷᠢᠶᠡᠰᠦᠨ ᠦ᠌ ᠬᠥᠯᠥᠰᠥ ᠶ᠋ᠢ ᠲᠣᠭ᠎ᠠ ᠶᠣᠰᠣᠭᠠᠷ ᠥᠭᠭᠦᠨ᠎ᠡ ᠭᠡᠵᠦ ᠰᠠᠨᠳᠤᠷᠤᠨ ᠬᠡᠯᠡᠪᠡ᠃ 
       — ᠡᠢᠮᠦ ᠬᠣᠨᠵᠢᠶ᠎ᠠ ᠲᠠᠢ ᠮᠠᠢᠮᠠᠢ ᠬᠡᠵᠢᠶ᠎ᠡ᠂ ᠬᠠᠮᠢᠭ᠎ᠠ ᠪᠠᠢᠯ᠎ᠠ⁈ ᠲᠡᠭᠡᠬᠦ ᠳ᠋ᠦ᠍᠁ ᠭᠡᠵᠦ ᠷᠠᠰᠢ ᠵᠠᠬᠢᠷᠤᠭᠴᠢ ᠶ᠋ᠢ ᠬᠡᠯᠡᠬᠦ ᠳ᠋ᠦ᠍ ᠮᠢᠩᠭᠠᠨᠪᠤᠤ᠄ 
       —  ᠵᠠ ᠢᠩᠭᠢᠭᠡᠳ ᠪᠣᠯᠤᠶ᠎ᠠ! ᠠᠮᠠᠨ ᠳ᠋ᠤ᠌ ᠣᠷᠣᠭᠰᠠᠨ ᠥᠭᠡᠬᠦ ᠶ᠋ᠢ ᠨᠤᠯᠮᠤᠳᠠᠭ ᠬᠥᠮᠦᠨ ᠬᠠᠮᠢᠭ᠎ᠠ ᠪᠠᠢᠬᠤ ᠪᠣᠢ ᠭᠡᠪᠡ᠃
       — ᠠᠮᠠᠨ ᠳᠤ ᠣᠷᠣᠲᠠᠯ᠎ᠠ ᠠᠷᠪᠠᠨ ᠳᠠᠪᠠᠭ᠎ᠠ ! ᠬᠠᠷ᠎ᠠ ᠪᠤᠲᠠᠭᠠᠲᠤ ᠶᠢᠨ ᠬᠤᠵᠢᠷ ᠲᠠᠢ ᠵᠣ᠋ ᠭᠡᠭᠴᠢ ᠪᠠᠭ᠎ᠠ ᠭᠠᠵᠠᠷ ᠪᠢᠰᠢ ᠰᠢᠦ ! ᠵᠢᠷᠭᠤᠭᠠᠨ ᠵᠠᠭᠤᠨ ᠴᠢᠩ ᠭᠠᠵᠠᠷ ! ᠨᠠᠭᠠᠳᠤᠮ ᠪᠢᠰᠢ ᠁ ᠭᠡᠵᠦ ᠡᠯᠳᠡᠩᠭᠡ ᠡᠳᠡᠨ ‍ᠦ ᠢᠷᠡᠭᠰᠡᠨ ᠵᠣᠷᠢᠯᠭ᠎ᠠ ᠶᠢ ᠮᠡᠳᠡᠭᠰᠡᠨ ᠶᠤᠮ ᠰᠢᠭ᠌ ᠱᠠᠯ ᠲᠣᠭᠣᠭᠰᠠᠨ ᠥᠬᠡᠢ᠃ 
       ᠬᠡᠮᠲᠦ ᠬᠥᠮᠦᠨ ᠬᠡᠯᠪᠡᠯᠵᠡᠨ᠎ᠡ ᠂ ᠳᠠᠭᠠᠷᠢᠲᠤ ᠮᠣᠷᠢ ᠳᠠᠯᠪᠢᠯᠵᠠᠨ᠎ᠠ ᠭᠡᠳᠡᠭ  ‍ᠢᠶ᠋ᠠᠷ ᠬᠥᠩᠬᠥᠷ ᠵᠠᠮᠪᠠᠯ ᠲᠠᠳᠠ ᠭᠤᠷᠪᠠᠭᠤᠯᠠ ᠰᠦ᠋ ᠳᠣᠯᠢᠶᠠᠭᠰᠠᠨ ᠮᠤᠤᠷ ᠰᠢᠭ᠋ ᠬᠤᠯᠮᠠᠯᠵᠠᠵᠤ᠂ ᠡᠯᠳᠡᠩᠭᠡ ᠶᠢᠨ ᠬᠡᠯᠡᠭᠰᠡᠨ ᠦᠬᠡᠨ ᠳᠤ ᠳᠠᠭᠠᠷᠢ ᠪᠠᠨ ᠮᠠᠭᠠᠵᠢᠭᠤᠯᠤᠭᠰᠠᠨ ᠰᠢᠭ᠋ ᠪᠦᠬᠦ ᠪᠡᠶ᠎ᠡ ᠳᠤᠨᠢ ᠬᠦᠢᠲᠡᠨ ᠬᠥᠯᠥᠰᠥ ᠴᠢᠭᠢᠭᠯᠡᠪᠡ᠃
       ᠶᠠᠮᠤᠨ ᠤ ᠬᠢᠨ ᠪᠠᠬᠠᠨ ᠪᠡᠯᠡᠭ ᠰᠡᠯᠲᠡ ᠲᠠᠢ ᠢᠷᠡᠭᠰᠡᠨ ᠬᠥᠩᠬᠥᠷ ᠵᠠᠮᠪᠠᠯ ᠬᠡᠳᠦᠭᠦᠯᠡ ᠶᠢ ᠰᠢᠭᠦᠰᠦ ᠲᠠᠯᠪᠢᠵᠤ ᠮᠣᠩᠭᠣᠯ ᠶᠣᠰᠣ ᠪᠠᠷ᠎ᠠ ᠳᠠᠶ᠋ᠢᠯᠠᠪᠠ᠃
       ᠮᠥᠩᠭᠥᠨ ᠴᠥᠬᠥᠴᠡ ᠪᠠᠷ ᠬᠡᠮᠨᠡᠭᠰᠡᠨ ᠠᠷᠢᠬᠢ ᠬᠡᠳᠦᠨ ᠳᠤᠭᠤᠷ᠎ᠠ ᠡᠷᠭᠢᠭᠦ ᠳ᠋ᠤ᠌ ᠭᠠᠰᠢᠭᠤᠨ ᠬᠠᠷ᠎ᠠ ᠳᠤ ᠳᠡᠶ᠋ᠢᠯᠳᠡᠭᠰᠡᠨ ᠡᠷᠡᠰ ᠤᠨ ᠦᠭᠡ ᠬᠠᠮᠠᠷ ᠨᠢ ᠣᠯᠠᠰᠢᠷᠠᠨ ᠳᠠᠭᠤ ᠨᠢ ᠴᠢᠩᠭᠠᠷᠠᠵᠤ ᠪᠠᠶ᠋ᠢᠯ᠎ᠠ᠃ ᠬᠥᠩᠬᠥᠷ ᠵᠠᠮᠪᠠᠯ ᠴᠤ᠌ ᠮᠣᠩᠭᠣᠯ ‍ᠤᠨ ᠪᠤᠳᠠᠭ᠎ᠠ ᠢᠳᠡᠭᠰᠡᠨ ᠬᠥᠮᠥᠨ ‍ᠤ ᠨᠢᠭᠡ ᠪᠠᠷ ᠮᠣᠩᠭᠣᠯ ᠢᠳᠡᠭᠡᠨ ᠤᠮᠳᠠᠭᠠᠨ᠂ ᠮᠣᠩᠭᠣᠯᠵᠢᠭᠤ ᠵᠠᠩ ᠳᠠᠳᠬᠠᠯ ᠳᠤ ᠴᠠᠭᠠᠷᠠᠭᠰᠠᠨ ᠲᠠᠢ᠂ ᠤᠯᠠᠮ ᠴᠦ᠍ ᠬᠡᠮᠵᠢᠶ᠎ᠡ ᠯᠠᠮᠵᠢᠶ᠎ᠠ ᠪᠠᠨ ᠪᠠᠷᠢᠵᠤ ᠴᠢᠳᠠᠳᠠᠭ ᠤᠨ ᠨᠢᠭᠡ᠃ ᠨᠥᠭᠥᠭᠡ ᠬᠣᠶᠠᠷ ᠨᠢ ᠮᠣᠩᠭᠣᠯ ᠶᠤᠰᠤᠨ ‍ᠤ ᠬᠠᠲᠠᠭᠤ ᠳᠤ ᠭᠠᠰᠢᠭᠤᠨ ᠬᠠᠷ᠎ᠠ ᠶᠢᠨ ᠬᠠᠯᠠ ᠳᠤ ᠨᠡᠯᠢᠶᠡᠳ ᠬᠠᠯᠠᠮᠰᠠᠵᠤ ᠢᠷᠡᠪᠡ᠃ ᠭᠡᠬᠦ ᠳᠡᠭᠡᠨ ᠬᠢᠯᠠᠪ ᠬᠠᠯᠠᠪ ᠬᠢᠨ ᠬᠡᠷᠰᠡᠦ ᠬᠢᠴᠢᠶᠡᠮᠵᠢᠲᠡᠢ ᠪᠠᠶ᠋ᠢᠬᠤ ᠶᠢ ᠬᠢᠴᠢᠶᠡᠵᠦ ᠪᠠᠶ᠋ᠢᠪᠠ᠃ ᠬᠥᠩᠬᠥᠷ ᠵᠠᠮᠪᠠᠯ ᠥᠨᠥᠬᠢ ᠬᠣᠶᠠᠷ ᠢᠷᠭᠡᠨ ᠢ ᠭᠠᠰᠢᠭᠤᠨ ᠬᠠᠷ᠎ᠠ ᠳᠤ ᠬᠠᠶᠠᠭᠳᠠᠵᠤ ᠪᠢᠯᠳᠠᠩ ‍ᠢᠶ᠋ᠠᠨ ᠭᠣᠭᠣᠵᠢᠭᠤᠯᠴᠢᠬᠠᠬᠤ ᠠᠴᠠ ᠠᠶᠤᠵᠤ᠂ 《ᠥᠨᠥᠬᠢ ᠡᠮ ᠲᠠᠢ ᠮᠤᠤᠲ᠋ᠠᠢ ᠠᠷᠢᠬᠢ ᠪᠠᠨ ᠬᠦᠩ ᠨᠣᠶᠠᠨ ᠳᠤ ᠪᠠᠷᠢᠭᠠᠴᠢ 》 ᠭᠡᠰᠡᠨ ᠤᠳᠬ᠎ᠠ ᠲᠠᠢ ᠨᠢᠳᠦ ᠪᠠᠷ ‍ᠢᠶ᠋ᠠᠨ ᠳᠣᠬᠢᠪᠠ᠃
       ᠬᠠᠪᠴᠢᠭ ᠴᠢᠷᠠᠢ ᠲᠠᠢ ᠱᠥᠪᠥᠭᠡᠷ ᠬᠣᠰᠢᠭᠤ ᠲᠠᠢ ᠬᠢᠲᠠᠳ ᠨᠢ ᠠᠮᠠ ᠬᠡᠯᠡᠨ ᠳᠡᠭᠡᠨ ᠪᠣᠱᠢᠭᠣ ᠶᠢᠨ ᠨᠢᠭᠡ ᠪᠠᠶ᠋ᠢᠵᠠᠢ᠃ ᠬᠥᠩᠬᠥᠷ ᠵᠠᠮᠪᠠᠯ ᠤᠨ ᠨᠢᠭᠡ ᠨᠢᠳᠦ ᠢᠷᠮᠡᠭᠰᠡᠨ ᠤᠬᠠᠭᠠᠨ ᠢ ᠮᠡᠳᠡᠵᠦ ᠬᠣᠣᠷᠲᠤ ᠡᠮ ᠨᠠᠢᠷᠠᠭᠤᠯᠤᠭᠰᠠᠨ ( ᠳᠣᠣᠷ᠎ᠠ ᠪᠠᠨ ᠦᠬᠦᠬᠦ ᠦᠭᠡᠢ᠂ ᠬᠡᠳᠦᠨ ᠡᠳᠦᠷ ᠰᠣᠭᠲᠣᠵᠤ᠂ ᠨᠢᠳᠦ ᠨᠢ ᠰᠣᠬᠣᠷᠠᠬᠤ ᠪᠤᠶᠤ ᠲᠠᠷᠢᠬᠢ ᠨᠢ ᠭᠡᠮᠲᠦᠵᠦ ᠤᠳᠠᠭᠠᠨ ᠳᠠᠭᠠᠨ ᠦᠬᠦᠳᠡᠭ ᠣᠨᠴᠠᠭᠠᠢ ᠨᠠᠶ᠋ᠢᠷᠠᠯᠭ᠎ᠠ ᠲᠠᠢ ᠬᠣᠣᠷᠲᠤ ᠡᠮ ) ᠬᠥᠬᠡ ᠴᠡᠴᠡᠭ ᠤᠨ ᠬᠡ ᠲᠠᠢ ᠬᠢᠯᠠᠭᠠᠷ ᠱᠠᠭᠠᠵᠠᠩ ᠪᠣᠳᠣᠩ ᠲᠠᠢ ᠠᠷᠢᠬᠢ ᠭᠠᠷᠭᠠᠵᠤ᠄
       — ᠡᠷᠬᠢᠮ ᠨᠣᠶᠠᠳ ᠲᠦᠰᠢᠮᠡᠳ ᠲᠤ ᠡᠭᠡᠯ ᠳᠣᠣᠷᠠᠳᠤᠰ ᠪᠢ ᠮᠣᠩᠭᠣᠯ ᠶᠣᠰᠣ ᠪᠠᠷ ᠨᠢᠭᠡ ᠬᠡᠮ ᠠᠷᠢᠬᠢ ᠪᠠᠷᠢᠶ᠎ᠠ ! ᠭᠠᠵᠠᠷ ᠲᠦᠷᠢᠶᠡᠰᠦᠯᠡᠬᠦ ᠭᠡᠷ᠎ᠡ ᠠᠮᠵᠢᠯᠲᠠᠲᠠᠢ ᠪᠣᠯᠤᠯ᠎ᠠ᠃ ᠮᠠᠨ ᠤ ᠬᠢᠲᠠᠳ ᠨᠤᠲᠤᠭ ᠤᠨ ᠬᠠᠮᠤᠭ ᠤᠨ ᠰᠠᠶ᠋ᠢᠨ ᠠᠷᠢᠬᠢ — ᠮᠤᠤᠲ᠋ᠠᠢ᠃ ᠥᠩᠭᠡᠷᠡᠭᠰᠡᠨ ᠳᠤ ᠮᠠᠨᠵᠤ ᠶᠢᠨ ᠬᠠᠭᠠᠳ ᠤᠨ ᠤᠤᠭᠤᠳᠠᠭ ᠠᠷᠢᠬᠢ ᠰᠢᠤ᠃ ᠡᠨᠡ ᠠᠷᠢᠬᠢ ᠶᠢ ᠤᠤᠭᠤᠭᠰᠠᠭᠠᠷ ᠪᠡᠶ᠎ᠡ ᠰᠠᠶ᠋ᠢᠬᠠᠨ ᠲᠠᠯᠪᠢᠭᠳᠠᠵᠤ᠂ ᠤᠨᠲᠠᠭᠠᠳ ᠪᠣᠰᠬᠤ ᠳᠤ ᠴᠢᠨᠢ ᠲᠠᠷᠢᠬᠢ ᠲᠣᠯᠣᠭᠠᠢ ᠬᠥᠩᠭᠡᠷᠡᠨ᠂ ᠨᠢᠳᠦ ᠣᠩᠭᠣᠶ᠋ᠢᠨ᠎ᠠ ᠁ ᠭᠡᠳ ᠵᠠᠳᠠᠭᠠᠢ ᠠᠮᠠᠰᠠᠷ ᠲᠠᠢ ᠬᠤᠮᠢᠭᠠᠷ ᠪᠥᠭᠰᠡ ᠲᠠᠢ ᠠᠶᠠᠭ᠎ᠠ ᠭᠡᠬᠦ ᠳᠤ ᠪᠠᠭ᠎ᠠ᠂ ᠬᠤᠨᠳᠠᠭ᠎ᠠ ᠭᠡᠬᠦ ᠳᠤ ᠳᠣᠮᠣ ᠬᠥᠬᠡ ᠡᠷᠢᠶᠡᠨ ᠬᠡ ᠤᠭᠠᠯᠵᠠ ᠲᠠᠢ ᠱᠠᠭᠠᠵᠠᠩ ᠳᠤ ᠬᠡᠮᠨᠡᠵᠦ᠂ ᠡᠬᠢᠨ ᠤ ᠬᠤᠨᠳᠠᠭ᠎ᠠ ᠶᠢ ᠬᠦᠩ ᠨᠣᠶᠠᠨ ᠤ ᠬᠡᠰᠢᠭ ᠲᠤ ᠮᠥᠷᠭᠥᠨ ᠪᠠᠷᠢᠶ᠎ᠠ ᠭᠡᠵᠦ ᠥᠨᠥᠬᠢ ᠱᠠᠭᠠᠵᠠᠩ ᠲᠠᠢ ᠠᠷᠢᠬᠢ ᠪᠠᠨ ᠲᠣᠯᠣᠭᠠᠢ ᠳᠡᠭᠡᠷ᠎ᠡ ᠪᠠᠨ ᠡᠷᠭᠦᠵᠦ ᠮᠡᠬᠦᠢᠪᠡ ᠁
    ᠠᠩᠬᠠᠨ ᠤ ᠬᠤᠨᠳᠠᠭ᠎ᠠ ᠲᠤᠰᠤᠭᠰᠠᠨ ᠬᠥᠮᠦᠨ ᠬᠦᠩ ᠨᠣᠶᠠᠨ ᠪᠢᠰᠢ᠂ ᠬᠠᠷᠢᠨ ᠥᠨᠥᠬᠢ ᠬᠥᠨᠳᠡᠯᠡᠨ ᠦᠭᠡ ᠬᠥᠰᠢᠵᠦ ᠪᠠᠶ᠋ᠢᠭᠰᠠᠨ ᠵᠡᠭᠦᠨ ᠲᠤᠰᠠᠯᠠᠭᠴᠢ ᠡᠯᠳᠡᠩᠭᠡ ᠪᠠᠶ᠋ᠢᠯ᠎ᠠ᠃ ᠡᠭᠦᠨ ᠢ ᠦᠵᠡᠭᠡᠳ ᠬᠥᠩᠬᠥᠷ ᠵᠠᠮᠪᠠᠯ ᠰᠠᠨᠳᠤᠷᠴᠤ᠄
       — ᠥᠬᠡᠢ᠂ ᠢᠳᠡᠭᠡᠨ ᠤᠮᠳᠠᠭᠠᠨ ‍ᠤ ᠳᠡᠭᠡᠵᠢ ᠶᠢ ᠡᠬᠢᠯᠡᠭᠡᠳ ᠬᠦᠩ ᠨᠣᠶᠠᠨ ᠳᠤ ᠪᠠᠶ᠋ᠢᠬᠤ ᠬᠡᠷᠡᠭᠲᠡᠢ ᠭᠡᠪᠡ᠃ 
       — ᠬᠦᠩ ᠨᠣᠶᠠᠨ ᠳᠤ ᠪᠠᠶ᠋ᠢᠭᠰᠠᠨ ᠠᠷᠢᠬᠢ ᠶᠢ ᠪᠢ ᠣᠷᠣᠨ ᠳᠤᠨᠢ ᠤᠤᠭᠤᠴᠢᠬᠠᠶ᠎ᠠ᠃ ᠣᠷᠴᠢᠮ᠎ ᠮᠠᠨ ‍ᠤ ᠬᠥᠩ ᠨᠣᠶᠠᠨ ‍ᠤ ᠯᠠᠭᠱᠠᠨ ᠲᠠᠭᠠᠷᠠᠤᠬᠠᠨ ᠪᠠᠶ᠋ᠢᠭ᠎ᠠ ᠁ ᠭᠡᠵᠦ ᠡᠯᠳᠡᠩᠭᠡ ᠱᠠᠭᠠᠵᠠᠩ ᠲᠠᠢ ᠠᠷᠢᠬᠢ ᠶᠢ ᠨᠣᠶᠠᠨ ᠤ ᠡᠮᠦᠨ᠎ᠡ ᠠᠴᠠ ᠨᠢ ᠲᠣᠰᠴᠤ ᠠᠪᠤᠭᠠᠳ ᠬᠥᠩᠬᠥᠷ ᠵᠠᠮᠪᠠᠯ ᠤᠨ ᠰᠠᠨᠳᠤᠷᠤᠨ ᠪᠠᠯᠠᠳᠠᠭᠰᠠᠨ ᠢ ᠦᠵᠡᠭᠡᠳ ᠬᠠᠳᠠᠭᠠᠨᠠᠲᠠᠯ᠎ᠠ ᠢᠨᠢᠶᠡᠪᠡ᠃ 
       ᠬᠥᠩᠬᠥᠷ ᠵᠠᠮᠪᠠᠯ ᠡᠯᠳᠡᠩᠭᠡ ᠶᠢ ᠬᠠᠷᠠᠭᠠᠳ ᠬᠣᠷᠣᠰᠴᠤ ᠳᠣᠲᠣᠷ᠎ᠠ ᠪᠠᠨ 《ᠨᠤᠶᠠᠨ ᠳᠠᠭᠠᠨ ᠳᠡᠷ᠎ᠡ ᠪᠣᠯᠵᠣ ᠦᠬᠦᠬᠦ ᠭᠡᠳ ᠪᠠᠶ᠋ᠢᠪᠠᠯ᠂ ᠴᠢᠮ᠎ᠠ ᠳᠤ ᠤᠤᠭᠤᠯᠭᠠᠴᠢᠬᠠᠶ᠎ᠠ ! ᠮᠡᠷᠭᠡᠯᠡᠵᠦ ᠪᠠᠶ᠋ᠢᠭᠠᠳ ᠮᠡᠬᠡᠨ ᠳᠡᠭᠡᠨ ᠪᠣᠭᠣᠭᠳᠠᠪᠠᠯ ᠱᠤᠷᠤ ᠨᠢ ᠲᠡᠷᠡ ! ᠢᠳᠡᠭᠡᠨ ᠰᠢᠭ᠌ ᠴᠠᠭᠠᠰᠢᠯᠠᠶ᠎ᠠ ᠭᠡᠵᠦ ᠰᠠᠨᠳᠤᠷᠤᠭᠰᠠᠨ ᠪᠣᠯ ᠲᠡᠭᠡᠭᠡᠳ ᠤᠷᠢᠳ ‍ᠢᠶ᠋ᠠᠷ ᠬᠦᠩ ᠨᠣᠶᠠᠨ ᠤ ᠣᠷᠣᠨ ᠳᠤ ᠤᠤᠭᠤ ! 》 ᠭᠡᠳ ᠴᠢᠷᠠᠢ ᠨᠢ ᠡᠪ ᠥᠬᠡᠢ ᠪᠠᠶ᠋ᠢᠭᠰᠠᠨ ᠠᠴᠠ ᠪᠠᠨ ᠲᠠᠯᠪᠢᠭᠤᠷᠠᠨ ᠪᠣᠷᠣᠯᠠᠪᠠ᠃ 
       — ᠬᠥᠩᠬᠥᠷ ᠵᠠᠮᠪᠠᠯ ᠮᠣᠩᠭᠣᠯ ᠨᠤᠲᠤᠭ ᠤᠨ ᠰᠢᠷᠠᠰᠤ ᠤᠤᠭᠤᠵᠤ ᠥᠰᠥᠭᠰᠡᠨ ᠰᠠᠶ᠋ᠢᠨ ᠡᠷ᠎ᠡ ᠶᠢᠨ ᠨᠢᠭᠡ  ᠪᠠᠶ᠋ᠢᠨ᠎ᠠ ᠃ ᠮᠣᠩᠭᠣᠯ ᠬᠥᠮᠦᠨ ᠬᠡᠵᠢᠶᠡᠳᠡ ᠥᠪᠡᠷ ‍ᠢᠶ᠋ᠠᠨ ᠠᠶᠠᠭ᠎ᠠ ᠰᠠᠪᠬ᠎ᠠ ᠪᠠᠨ ᠡᠪᠦᠷᠯᠡᠵᠦ ᠂ ᠰᠥᠩ ᠤᠨ ᠠᠷᠢᠬᠢ ᠪᠠᠨ ᠴᠤ᠌ ᠭᠠᠨᠵᠤᠭᠠᠯᠠᠵᠤ ᠶᠠᠪᠤᠳᠠᠭ ᠃ ᠡᠨᠡ ᠰᠠᠶ᠋ᠢᠬᠠᠨ ᠮᠣᠩᠭᠣᠯ ᠵᠠᠩ ᠢ ᠴᠤ᠌ ᠳᠠ ᠨᠠᠷ ᠰᠠᠶ᠋ᠢᠨ ᠮᠡᠳᠡᠵᠦ ᠪᠠᠶ᠋ᠢᠭ᠎ᠠ ᠳᠤ ᠪᠢ ᠪᠠᠶᠠᠷᠲᠠᠢ ᠪᠠᠶ᠋ᠢᠨ᠎ᠠ ᠁ ᠭᠡᠵᠦ ᠡᠯᠳᠡᠩᠭᠡ ᠲᠤᠰᠠᠯᠠᠭᠴᠢ ᠶᠢᠨ ᠬᠡᠯᠡᠬᠦ ᠶᠢ ᠰᠣᠨᠣᠰᠤᠭᠠᠳ ᠬᠥᠩᠬᠥᠷ ᠵᠠᠮᠪᠠᠯ ᠪᠡᠶ᠎ᠡ ᠶᠢ ᠨᠢ ᠡᠷᠭᠦᠨ ᠮᠠᠭᠲᠠᠵᠤ ᠪᠠᠶ᠋ᠢᠨ᠎ᠠ ᠭᠡᠵᠦ ᠬᠥᠭᠡᠷᠦᠨ᠄
       — ᠵᠥᠪ᠂ ᠵᠥᠪ ! ᠵᠡᠭᠦᠨ ᠲᠤᠰᠠᠯᠠᠭᠴᠢ ᠶᠢᠨ ᠬᠡᠯᠡᠬᠦ ᠮᠠᠰᠢ ᠵᠥᠪ ! ᠭᠡᠪᠡ ᠃ ᠭᠡᠬᠦ ᠳᠡᠭᠡᠨ ᠠᠭᠱᠠᠨ ᠵᠠᠭᠤᠷ᠎ᠠ ᠬᠥᠩᠬᠥᠷ ᠵᠠᠮᠪᠠᠯ ᠤᠨ ᠳᠣᠲᠣᠷ᠎ᠠ ᠬᠡᠷᠡᠭ ᠪᠢᠰᠢᠳᠡᠭᠦ ᠲᠡᠶ᠋ᠢᠰᠢ ᠬᠠᠨᠳᠤᠭᠰᠠᠨ ᠢ ᠮᠡᠳᠡᠭᠡᠳ ᠥᠪᠡᠷ ᠤᠨ ᠡᠷᠬᠡ ᠥᠬᠡᠢ ᠡᠪᠦᠳᠦᠭ ᠨᠢ ᠴᠡᠴᠡᠷᠡᠨ᠎ᠡ᠃ ᠨᠥᠭᠥᠭᠡ ᠬᠣᠶᠠᠷ ᠨᠢ ᠪᠣᠯ ᠤᠬᠠᠭᠠᠨ ᠲᠥᠬᠥᠭᠡ ᠶᠢ ᠨᠢ ᠣᠯᠬᠤ ᠦᠭᠡᠢ᠂ ᠡᠯᠳᠡᠩᠭᠡ ᠪᠤᠯᠤᠨ ᠬᠥᠩᠬᠥᠷ ᠵᠠᠮᠪᠠᠯ ᠬᠤᠶᠠᠷ ‍ᠢ ᠡᠭᠡᠯᠵᠢᠯᠡᠨ ᠰᠢᠷᠲᠡᠵᠦ ᠲᠦᠷᠭᠡᠨ ᠰᠢᠭ᠌ ᠠᠷᠢᠬᠢ ᠪᠠᠨ ᠪᠠᠷᠢᠵᠤ ᠤᠤᠭᠤᠯᠭᠠᠴᠢᠬᠠᠭᠠᠳ ᠡᠨᠳᠡ ᠡᠴᠡ ᠬᠥᠳᠡᠯᠬᠦ ᠶ᠋ᠢ ᠪᠣᠳᠣᠨ᠎ᠠ᠃
       ᠡᠯᠳᠡᠩᠭᠡ ᠥᠨᠥᠬᠢ ᠱᠠᠭᠠᠵᠠᠩ ᠲᠠᠢ ᠠᠷᠢᠬᠢᠨ ᠳᠤ ᠰᠣᠯᠣᠭᠠᠢ ᠭᠠᠷ ᠤᠨ ‍ᠢᠶ᠋ᠠᠨ ᠢᠳᠠᠮ ᠬᠤᠷᠤᠭᠤ ᠶᠢ ᠢᠯᠳᠠᠮᠬᠠᠨ ᠲᠥᠷᠥᠵᠦ《ᠳᠡᠭᠡᠳᠦ ᠲᠡᠭᠷᠢ᠂ ᠡᠬᠡ ᠳᠡᠯᠡᠬᠡᠢ᠂ ᠭᠠᠯ ᠪᠤᠷᠬᠠᠨ 》 ᠭᠡᠵᠦ ᠭᠤᠷᠪᠠᠳᠠ ᠰᠡᠷᠵᠢᠮ ᠢᠳᠠᠮᠯᠠᠪᠠ᠃ ᠢᠳᠠᠮ ᠬᠤᠷᠤᠭᠤᠨ ‍ᠤ ᠥᠨᠳᠡᠭᠡᠨ ᠠᠴᠠ ᠳᠤᠰᠤᠯᠠᠭᠰᠠᠨ ᠠᠷᠢᠬᠢ ᠳᠣᠷᠣᠭᠰᠢ ᠤᠷᠤᠰᠤᠨ ᠸᠴᠢᠷᠲᠤ ᠮᠥᠩᠭᠥᠨ ᠪᠦᠯᠡᠵᠡᠭ ᠢ ᠨᠢ ᠨᠣᠷᠭᠠᠬᠤ ᠳᠤ ᠮᠥᠩᠭᠥᠨ ᠪᠦᠯᠡᠵᠡᠭ ᠨᠢ ᠳᠣᠣᠷ᠎ᠠ ᠪᠡᠨ ᠵᠢᠪᠡᠷᠡᠨ ᠬᠠᠷᠠᠯᠠᠪᠠ᠃ 
       ᠡᠯᠳᠡᠩᠭᠡ ᠥᠨᠥᠬᠢ ᠱᠠᠭᠠᠵᠠᠩ ᠲᠠᠢ ᠠᠷᠢᠬᠢ ᠶᠢ ᠬᠥᠰᠡᠷ ᠰᠢᠲᠠᠵᠤ᠄
       — ᠬᠣᠣᠷᠲᠤ ᠠᠷᠢᠬᠢ ! ᠡᠨᠡ ᠬᠡᠲᠦ ᠶᠢ ᠪᠠᠷᠢᠵᠤ ᠬᠦᠯᠢ ! ᠭᠡᠵᠦ ᠬᠠᠰᠬᠢᠷᠪᠠ᠃
       ᠵᠡᠭᠦᠨ ᠲᠤᠰᠠᠯᠠᠭᠴᠢ ᠡᠯᠳᠡᠩᠭᠡ ᠶᠢᠨ ᠭᠡᠨᠡᠳᠲᠡ ᠴᠢᠩᠭ᠎ᠠ ᠲᠠᠭᠤᠨ ‍ᠢᠶ᠋ᠠᠷ ᠵᠠᠩᠳᠤᠷᠤᠭᠰᠠᠨ ᠢ ᠵᠠᠷᠢᠮ ᠨᠢ ᠤᠬᠠᠭᠠᠨ ᠬᠥᠯ ᠢ ᠨᠢ ᠣᠯᠤᠭᠰᠠᠨ ᠥᠬᠡᠢ ᠮᠡᠯᠡᠷᠡᠪᠡ᠃ 
       ᠬᠥᠩᠬᠥᠷ ᠵᠠᠮᠪᠠᠯ ᠪᠣᠯᠤᠨ ᠥᠨᠥᠬᠢ ᠬᠣᠶᠠᠷ ᠢᠷᠭᠡᠨ ᠠᠲᠤᠷᠢᠲᠠᠯ᠎ᠠ ᠬᠦᠯᠢᠭᠳᠡᠯ᠎ᠡ᠃
       — ᠬᠥᠩᠬᠥᠷ ᠵᠠᠮᠪᠠᠯ ᠴᠢ ᠮᠣᠩᠭᠣᠯ ᠤᠨ ᠪᠤᠳᠠᠭᠠᠨ ᠳᠤ ᠴᠠᠳᠴᠤ᠂ ᠶᠣᠰᠣᠲᠠᠢ ᠲᠡᠵᠢᠭᠡᠭᠰᠡᠨ ᠪᠢᠷᠠᠭᠤ ᠲᠡᠷᠭᠡ ᠡᠪᠳᠡᠪᠡ ᠭᠡᠭᠴᠢ ᠪᠣᠯᠵᠠᠢ ᠭᠡᠳ ᠪᠠᠷᠠᠭᠤᠨ ᠲᠤᠰᠠᠯᠠᠭᠴᠢ ᠮᠢᠩᠭᠠᠨᠪᠤᠤ ᠬᠥᠩᠬᠥᠷ ᠵᠠᠮᠪᠠᠯ ᠢ ᠵᠠᠭᠠᠮᠠᠳᠠᠵᠤ ᠠᠪᠤᠭᠠᠳ ᠬᠡᠳᠦᠨᠲᠡ ᠲᠦᠭᠦᠰᠢᠯᠡᠪᠡ᠃
       — ᠶᠠᠭᠤ ᠭᠡᠳ ᠨᠣᠶᠠᠨᠲᠠᠨ ᠢ ᠬᠣᠣᠷᠯᠠᠬᠤ ᠭᠡᠪᠡ ? ᠲᠠ ᠨᠠᠷ ! ᠭᠡᠵᠦ ᠡᠯᠳᠡᠩᠭᠡ ᠰᠢᠷᠦᠭᠦᠨ ᠲᠤᠤᠭᠠᠷᠬᠤ ᠳᠤ ᠬᠥᠩᠬᠥᠷ ᠵᠠᠮᠪᠠᠯ᠄
       — ᠳ᠋ᠠᠭ ᠁ ᠳ᠋ᠠᠭᠳᠠᠨ ᠁ ᠳ᠋ᠠ ᠂ ᠳ᠋ᠠ ᠯᠠᠮᠠ ᠁ ᠭᠡᠵᠦ ᠡᠭᠡᠷᠡᠨ ᠪᠡᠭᠡᠷᠡᠨ ᠬᠡᠯᠡᠭᠦ ᠳᠡᠭᠡᠨ ᠮᠢᠩᠭᠠᠨᠪᠤᠤ ᠶᠢ ᠴᠢᠷᠡᠶ᠋ᠢᠳᠠᠨ ᠠᠷᠠᠢ ᠯᠠ ᠴᠤᠭᠪᠠᠭᠠᠳᠤᠷ ᠢ ᠴᠤ᠌ ᠬᠡᠯᠡᠭᠡᠳ ᠭᠠᠷᠭᠠᠴᠢᠬᠠᠬᠤ ᠰᠢᠬᠠᠪᠠ᠃ ᠪᠠᠷᠠᠭᠤᠨ ᠲᠤᠰᠠᠯᠠᠭᠴᠢ ᠮᠢᠩᠭᠠᠨᠪᠤᠤ ᠳᠡᠷᠭᠡᠳᠡ ᠨᠢ ᠪᠠᠶ᠋ᠢᠭ᠎ᠠ ᠥᠬᠡᠢ ᠪᠣᠯ ᠴᠤᠭᠪᠠᠭᠠᠳᠤᠷ ᠢ ᠡᠮᠦᠨ᠎ᠡ ᠪᠠᠨ ᠪᠠᠷᠢᠬᠤ ᠳ᠋ᠤ᠌ ᠪᠡᠯᠡᠨ ᠠᠵᠢ᠃ ᠭᠡᠬᠦ ᠳᠡᠭᠡᠨ ᠴᠤᠭᠪᠠᠭᠠᠳᠤᠷ ᠢ ᠬᠤᠳᠠᠯᠳᠤᠴᠢᠬᠠᠪᠠᠯ ᠭᠠᠷᠬᠤ ᠵᠠᠮ ᠥᠬᠡᠢ ᠪᠣᠯᠵᠣ ᠠᠮᠢ ᠪᠡᠨ ᠳᠠᠨᠵᠢᠯᠠᠳᠠᠭ ᠯᠠ ᠬᠡᠷᠡᠭ ᠪᠣᠯᠤᠨ᠎ᠠ ᠭᠡᠳᠡᠭ ᠢ ᠲᠡᠷᠡ ᠭᠡᠨᠡᠳᠲᠡ ᠪᠣᠳᠣᠵᠤ ᠣᠯᠪᠠ ᠃ 
        ᠬᠦᠩ ᠨᠣᠶᠠᠨ ᠰᠢᠷᠠᠪᠳᠤᠷᠵᠢ᠂ ᠳ᠋ᠠᠭᠳᠠᠨ ᠳ᠋ᠠ ᠯᠠᠮᠠ ᠶ᠋ᠢᠨ ᠭᠦᠶᠦᠯᠭᠡᠭᠰᠡᠨ ᠬᠣᠣᠷ ᠪᠣᠯᠬᠤ ᠶᠢ ᠰᠣᠨᠣᠰᠤᠭᠠᠳ ᠳᠡᠯᠪᠡᠷᠡᠲᠡᠯ᠎ᠡ ᠠᠭᠤᠷᠯᠠᠵᠤ᠄ 
       — ᠬᠡᠨ ᠬᠡᠷᠪᠡ ᠳ᠋ᠠᠭᠳᠠᠨ ᠳ᠋ᠠ ᠯᠠᠮᠠ ᠶᠢᠨ ᠯᠠᠨᠲᠤᠭᠠᠷ ᠲᠣᠯᠣᠭᠠᠢ ᠶᠢ ᠣᠭᠲᠣᠯᠵᠤ ᠠᠪᠴᠢᠷᠠᠪᠠᠯ ᠪᠢ ᠲᠡᠭᠦᠨ ᠳᠤ ᠬᠦᠨᠳᠦ ᠱᠠᠩ ᠬᠦᠷᠲᠡᠭᠡᠨ᠎ᠡ ᠁ ᠭᠡᠰᠡᠨ ᠠᠭᠰᠤᠷᠬᠤ ᠲᠠᠭᠤᠨ ᠳᠤ ᠰᠢᠷᠡᠭᠡᠨ ᠳᠡᠭᠡᠷᠡᠬᠢ ᠬᠤᠨᠳᠠᠭ᠎ᠠ ᠰᠠᠪᠠ ᠬᠠᠩᠭᠢᠨᠠᠵᠤ ᠪᠠᠶ᠋ᠢᠪᠠ ᠃ ᠬᠦᠩ ᠨᠣᠶᠠᠨ ᠢ ᠠᠭᠰᠤᠷᠤᠭᠰᠠᠨ ᠳᠤ ᠡᠮᠢᠶᠡᠵᠦ ᠬᠠᠭᠠᠯᠭ᠎ᠠ ᠠᠪᠴᠤ ᠵᠣᠭᠰᠣᠭᠰᠠᠨ ᠢᠮᠠᠭᠠᠨ ᠳᠠᠭᠤᠲᠤ ᠦᠯᠵᠠᠶ᠋ᠢᠰᠠᠩ ᠬᠦᠩ ᠨᠣᠶᠠᠨ ᠤ ᠴᠢᠯᠳᠡᠩ ᠴᠢᠷᠠᠢ ᠶᠢ ᠨᠢᠭᠡ ᠬᠠᠷᠠᠵᠤ ᠠᠪᠤᠭᠠᠳ ᠭᠠᠷᠴᠤ ᠶᠠᠪᠤᠪᠠ᠃  
       ᠰᠢᠷᠠᠪᠳᠤᠷᠵᠢ ᠬᠦᠩ ᠨᠣᠶᠠᠨ ᠢ ᠬᠣᠣᠷᠯᠠᠬᠤ ᠭᠡᠳ ᠶᠠᠯ᠎ᠠ ᠳᠤ ᠤᠨᠠᠭᠰᠠᠨ ᠭᠤᠷᠪᠠᠨ ᠬᠢᠲᠠᠳ ᠤᠨ ᠬᠣᠶᠠᠷ ᠨᠢ ᠠᠮᠢ ᠠᠯᠳᠠᠵᠤ ᠬᠥᠩᠬᠥᠷ ᠵᠠᠮᠪᠠᠯ ᠪᠠᠷᠠᠭᠤᠨ ᠲᠤᠰᠠᠯᠠᠭᠴᠢ ᠶᠢᠨ ᠨᠢᠭᠤᠷ ᠲᠠᠯ᠎ᠠ ᠪᠠᠷ ᠮᠠᠯ ᠣᠨᠣᠭ᠎ᠠ ᠪᠠᠷ ᠬᠦᠨᠳᠦ ᠲᠣᠷᠭᠠᠭᠳᠠᠨ ᠠᠷᠠᠢ ᠴᠢᠷᠠᠢ ᠠᠮᠢ ᠭᠡᠯᠳᠦᠷᠢᠪᠡ᠃
      

– – – – 
 ① ᠲᠩᠷᠢ ᠳ᠋ᠦ᠍ ᠮᠥᠷᠭᠥᠵᠦ ᠠᠬ᠎ᠠ ᠳᠡᠭᠦᠦ ᠪᠠᠷᠢᠯᠳᠤᠭᠰᠠᠨ ᠵᠢᠷᠤᠮ ᠤ᠋ᠨ ᠬᠡᠦᠬᠡᠳ ᠡᠬᠡ ᠡᠴᠢᠭᠡ ᠪᠡᠨ ᠬᠣᠭᠣᠷᠣᠨᠳᠣ ᠪᠠᠨ ᠢᠩᠭᠢᠵᠦ ᠳᠠᠭᠤᠳᠠᠳᠠᠭ᠃  
 ② ᠤᠷᠠᠳ ᠤ᠋ᠳ ᠰᠠᠨᠠᠭ᠎ᠠ ᠬᠠᠨᠲᠠᠯ᠎ᠠ ᠶᠠᠭᠤᠮ᠎ᠠ ᠬᠢᠬᠦ ᠶ᠋ᠢ ᠵᠢᠭᠠᠳᠠᠭ᠃ ᠡᠨᠳᠡ ᠬᠡᠦᠬᠡᠨ ᠳ᠋ᠦ᠍ ᠣᠷᠣᠬᠤ ᠪᠠᠷ ᠵᠠᠷᠤᠪᠠ᠃
  
         ᠦᠰᠦᠭ ᠠᠮᠢᠯᠠᠭᠤᠯᠤᠭᠰᠠᠨ ᠨᠢ᠄ ᠣᠳᠣᠨᠬᠤᠸᠠᠷ᠂ ᠠᠯᠲᠠᠨᠴᠢᠮᠡᠭ᠂ ᠴᠣᠯᠮᠣᠨᠲᠤᠶᠠᠭ᠎ᠠ