ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠲᠠᠪᠤ> Хан мунын сүүрс < дээд > – Мөнх зохиоов ᠂ Тэргүүн бодь – Хоёрдугаар бүлэг <5> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠲᠠᠪᠤ> Хан мунын сүүрс < дээд > – Мөнх зохиоов ᠂ Тэргүүн бодь – Хоёрдугаар бүлэг <5>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠲᠠᠪᠤ> Хан мунын сүүрс < дээд > – Мөнх зохиоов ᠂ Тэргүүн бодь – Хоёрдугаар бүлэг <5>

ᠠᠩᠭᠢᠯᠠᠯ:ᠲᠤᠭᠤᠵᠢ ᠷᠣᠮᠠᠨ
2024-06-04

354

ᠲᠡᠷᠢᠭᠦᠨ ᠪᠣᠲᠢ – ᠬᠣᠶᠠᠳᠤᠭᠠᠷ ᠪᠦᠯᠦᠭ <ᠲᠠᠪᠤ>


               ᠲᠠᠪᠤ  

       ᠪᠠᠷᠠᠭᠤᠨ ᠬᠣᠰᠢᠭᠤ ᠶᠠᠮᠤᠨ ᠨᠢᠭᠡ ᠰᠤᠮᠤ ᠮᠣᠷᠢᠨ ᠴᠡᠷᠢᠭ ᠦ᠋ᠨ ᠰᠢᠯᠢᠳᠡᠭ ᠡᠷᠡᠰ ᠢ᠋ ᠰᠣᠩᠭᠣᠵᠤ ᠦᠶᠤᠸᠠᠨ ᠳ᠋ᠤ᠌ ᠰᠠᠭᠤᠭ᠎ᠠ ᠬᠠᠷ᠎ᠠ ᠴᠡᠷᠢᠭ ᠦ᠋ᠨ ᠰᠤᠷᠭᠠᠭᠤᠯᠢᠯᠠᠯ᠂ ᠤ᠋ᠨ ᠬᠠᠲᠠᠭᠤ ᠰᠢᠯᠭᠠᠯᠲᠠ ᠲᠠᠢ ᠪᠣᠯᠪᠠᠰᠤᠷᠠᠯ ᠳ᠋ᠤ᠌ ᠶᠠᠪᠤᠭᠤᠯᠪᠠ᠃ ᠡᠨᠡ ᠰᠢᠯᠢᠯᠲᠡ ᠳ᠋ᠦ᠍ ᠵᠠᠩᠴᠣᠪ ᠰᠢᠯᠢᠭᠳᠡᠵᠦ᠂ ᠴᠡᠷᠢᠭ ᠦ᠋ᠨ ᠵᠢᠭᠰᠠᠭᠠᠯ᠂ ᠴᠡᠷᠢᠭ ᠦ᠋ᠨ ᠠᠭᠲᠠ ᠶ᠋ᠢᠨ ᠰᠤᠷᠭᠠᠭᠤᠯᠢᠯᠠᠯ᠂ ᠮᠣᠷᠢᠨ ᠳᠡᠭᠡᠷ᠎ᠡ ᠡᠴᠡ ᠬᠠᠷᠪᠤᠬᠤ᠂ ᠮᠣᠷᠢᠨ ᠳᠡᠭᠡᠷ᠎ᠡ ᠪᠡᠨ ᠵᠥᠪ ᠪᠤᠷᠤᠭᠤ ᠦᠭᠡᠢ ᠬᠥᠯᠪᠡᠷᠢᠵᠦ ᠭᠠᠵᠠᠷ ᠠ᠋ᠴᠠ ᠶᠠᠭᠤᠮ᠎ᠠ ᠰᠢᠭᠦᠷᠡᠬᠦ᠂ ᠡᠮᠡᠭᠡᠯ ᠦ᠋ᠨ ᠪᠦᠭᠦᠷᠭᠡᠨ ᠡᠴᠡ ᠪᠡᠨ ᠳᠡᠭᠦᠵᠢᠯᠡᠭᠳᠡᠵᠦ ᠳᠠᠯᠳᠠᠯᠠᠬᠤ ᠵᠡᠷᠭᠡ ᠰᠣᠷᠢᠯᠲᠠ ᠪᠣᠯᠪᠠᠰᠤᠷᠠᠯ ᠳ᠋ᠤ᠌ ᠣᠯᠠᠨ ᠠ᠋ᠴᠠ ᠰᠢᠯᠭᠠᠷᠠᠵᠤ᠂ ᠴᠡᠷᠢᠭ ᠦ᠋ᠨ ᠰᠤᠷᠭᠠᠭᠴᠢ ᠳ᠋ᠤ᠌ ᠲᠣᠭᠣᠭᠳᠠᠵᠠᠢ᠃ ᠵᠠᠩᠵᠤᠨ ᠶᠠᠮᠤᠨ ᠤ᠋ ᠵᠠᠰᠠᠭ ᠤ᠋ᠨ ᠭᠠᠵᠠᠷ ᠤ᠋ᠨ ᠭᠠᠪᠰᠢᠭᠠᠢ ᠴᠡᠷᠢᠭ ᠦ᠋ᠨ ᠬᠣᠷᠠᠩᠳᠠ ᠹᠦᠭᠤᠸᠠᠨ ᠵᠠᠷᠯᠢᠭ ᠪᠣᠯᠵᠤ ᠨᠣᠶᠠᠨ ᠤ᠋ ᠰᠢᠳᠠᠷ ᠬᠠᠮᠠᠭᠠᠯᠠᠭᠴᠢ ᠪᠠᠷ ᠵᠠᠩᠴᠣᠪ ᠢ᠋ ᠠᠪᠠᠴᠢᠪᠠ᠃ ᠴᠡᠷᠢᠭ ᠦ᠋ᠨ ᠲᠣᠮᠣ ᠨᠣᠶᠠᠨ ᠨᠢ ᠵᠠᠩᠴᠣᠪ ᠤ᠋ᠨ ᠴᠡᠴᠡᠨ ᠬᠠᠷᠪᠤᠬᠤ ᠪᠣᠯᠤᠨ ᠳᠠᠪᠬᠢᠶ᠎ᠠ ᠮᠣᠷᠢᠨ ᠤ᠋ ᠭᠡᠳᠡᠰᠦᠨ ᠳ᠋ᠦ᠍ ᠨᠠᠭᠠᠯᠳᠤᠨ ᠳᠠᠯᠳᠠᠯᠠᠬᠤ ᠡᠷᠳᠡᠮ ᠳ᠋ᠦ᠍ ᠰᠤᠷᠮᠠᠭᠠᠢ ᠶ᠋ᠢ ᠦᠵᠡᠵᠦ ᠲᠣᠭᠣᠭᠠᠳ ᠪᠠᠷᠠᠭᠤᠨ ᠬᠦᠩ ᠦ᠋ᠨ ᠬᠣᠰᠢᠭᠤ ᠶᠠᠮᠤᠨ ᠳ᠋ᠤ᠌ ᠲᠣᠬᠣᠨᠢᠭᠤᠯᠤᠯ ᠤ᠋ᠨ ᠡᠳ᠋ ᠶᠠᠭᠤᠮ᠎ᠠ ᠬᠦᠷᠭᠡᠵᠦ᠂ ᠰᠢᠷᠠᠪᠳᠣᠷᠵᠢ ᠬᠦᠩ ᠨᠣᠶᠠᠨ ᠳ᠋ᠤ᠌ ᠭᠧᠷᠮᠠᠨ ᠬᠢᠴᠡᠲᠡᠢ ᠠᠬᠤᠷ ᠫᠤᠤ ᠪᠠ ᠬᠣᠰᠢᠭᠤ ᠶᠠᠮᠤᠨ ᠤ᠋ ᠴᠡᠷᠢᠭ ᠲᠦ᠍ ᠲᠠᠪᠢᠨ ᠲᠦᠷᠭᠡᠨ ᠫᠤᠤ᠂ ᠴᠡᠷᠢᠭ ᠦ᠋ᠨ ᠬᠤᠪᠴᠠᠰᠤ᠂ ᠡᠳᠦᠢ ᠲᠡᠳᠦᠢ ᠬᠠᠢᠷᠴᠠᠭ ᠰᠤᠮᠤ ᠵᠡᠷᠭᠡ ᠴᠡᠷᠢᠭ ᠦ᠋ᠨ ᠡᠳ᠋ᠯᠡᠯ ᠬᠡᠷᠡᠭᠰᠡᠯ ᠪᠡᠯᠡᠭᠯᠡᠪᠡ᠃ 
       ᠵᠠᠩᠴᠣᠪ ᠵᠠᠩᠵᠤᠨ ᠶᠠᠮᠤᠨ ᠤ᠋ ᠬᠥᠬᠡ ᠲᠣᠭᠣᠰᠬᠠᠨ ᠬᠦᠷᠢᠶᠡᠨ ᠳ᠋ᠦ᠍ ᠭᠤᠷᠪᠠᠨ ᠵᠢᠯ ᠰᠠᠭᠤᠵᠤ ᠴᠡᠷᠢᠭ ᠦ᠋ᠨ ᠲᠣᠮᠣ ᠨᠣᠶᠠᠨ ᠤ᠋ ᠰᠢᠳᠠᠷ ᠬᠠᠮᠠᠭᠠᠯᠠᠭᠴᠢ ᠪᠣᠯᠪᠠ᠃ ᠵᠡᠷᠭᠡ ᠬᠡᠷᠬᠡᠮ ᠲᠡᠢ ᠲᠣᠮᠣ ᠨᠣᠶᠠᠳ ᠤ᠋ᠨ ᠰᠢᠳᠠᠷ ᠳᠠᠭᠠᠯᠲᠠ ᠪᠣᠯᠵᠤ᠂ ᠬᠡᠭᠡᠨᠴᠢᠷ ᠤᠷᠲᠤ᠂ ᠰᠢ ᠵᠦᠴᠦᠭᠡ ᠶ᠋ᠢᠨ ᠭᠠᠵᠠᠷ ᠵᠡᠷᠭᠡ ᠪᠡᠷ ᠣᠷᠣᠵᠤ ᠭᠠᠷᠤᠨ᠂ ᠡᠯᠳᠡᠪ ᠡᠰᠡ ᠠᠮᠢᠲᠠᠨ ᠲᠠᠢ ᠤᠴᠠᠷᠠᠵᠤ ᠵᠣᠯᠭᠠᠨ ᠶᠠᠭᠤ ᠡᠰᠡ ᠦᠵᠡᠵᠦ ᠥᠩᠭᠡᠷᠡᠪᠡ⁈ ᠢᠳᠡᠵᠦ ᠡᠮᠦᠰᠬᠦ᠂ ᠬᠡᠷᠡᠭᠯᠡᠬᠦ ᠠᠯᠢᠨ ᠪᠣᠯᠭᠠᠨ ᠳᠤᠲᠠᠬᠤ ᠶᠠᠭᠤᠮ᠎ᠠ ᠠᠯᠠᠭ᠎ᠠ᠃ ᠨᠣᠶᠠᠳ ᠬᠠᠲᠤᠭᠲᠠᠢ ᠶ᠋ᠢᠨ ᠶᠠᠮᠪᠠᠷᠠᠬᠠᠭᠰᠠᠨ ᠠᠮᠢᠳᠤᠷᠠᠯ ᠢ᠋ ᠬᠠᠷᠠᠭᠠᠳ ᠠᠲᠠᠭᠠᠷᠬᠠᠵᠤ ᠦᠵᠡᠪᠡ᠂ ᠵᠢᠭᠰᠢᠵᠦ ᠴᠤ᠌ ᠦᠵᠡᠪᠡ᠃ ᠬᠠᠮᠤᠭ ᠤ᠋ᠨ ᠭᠠᠩᠰᠠᠷᠠᠯᠲᠠᠢ ᠨᠢ ᠠᠭᠤᠯᠠ ᠲᠦᠰᠢᠭᠰᠡᠨ ᠲᠥᠷᠥᠯᠬᠢ ᠨᠤᠲᠤᠭ ᠨᠢ ᠡᠷᠢᠭᠳᠡᠵᠦ ᠠᠮᠠᠷᠠᠭ ᠬᠣᠩᠭᠣᠷ ᠦᠷ᠎ᠡ ᠬᠡᠦᠬᠡᠳ ᠨᠢ ᠪᠠᠢᠨ ᠪᠠᠢᠨ ᠪᠣᠳᠣᠯ ᠵᠡᠭᠦᠳᠦᠨ ᠳ᠋ᠦ᠍ᠨᠢ ᠣᠷᠣᠵᠤ ᠰᠡᠳᠬᠢᠯ ᠰᠠᠨᠠᠭ᠎ᠠ ᠶ᠋ᠢ ᠨᠢ ᠰᠢᠨᠠᠯᠭᠠᠬᠤ ᠶ᠋ᠢ ᠬᠡᠯᠡᠬᠦ ᠶᠠᠭᠤᠨ᠃ ᠲᠡᠭᠦᠨ ᠳ᠋ᠦ᠍ ᠭᠥᠷᠥᠭᠡᠰᠦ ᠲᠡᠢ ᠠᠭᠤᠯᠠᠨ ᠳ᠋ᠠᠭᠠᠨ ᠳᠤᠷ᠎ᠠ ᠪᠠᠷ ᠭᠦᠶᠦᠨ ᠠᠩ ᠬᠦᠷᠦᠭᠡ ᠬᠢᠵᠦ ᠶᠠᠪᠤᠬᠤ ᠰᠢᠭ᠋ ᠡᠷᠬᠡ ᠵᠢᠷᠭᠠᠯ ᠶᠢᠷᠲᠢᠨᠴᠦ ᠳ᠋ᠦ᠍ ᠥᠭᠡᠷ᠎ᠡ ᠠᠯᠠᠭ᠎ᠠ ᠮᠡᠲᠦ ᠰᠠᠨᠠᠭᠳᠠᠨ᠎ᠠ᠃ ᠴᠡᠷᠢᠭ ᠦ᠋ᠨ ᠬᠠᠲᠠᠭᠤ ᠠᠯᠪᠠ ᠬᠠᠭᠠᠵᠤ᠂ ᠢᠯᠠᠩᠭᠤᠶ᠎ᠠ ᠲᠣᠮᠣ ᠨᠣᠶᠠᠨ ᠤ᠋ ᠮᠢᠬᠠᠨ ᠰᠡᠭᠦᠯ ᠪᠣᠯᠵᠤ ᠥᠪᠡᠷ ᠦ᠋ᠨ ᠳᠤᠷ᠎ᠠ ᠲᠠᠪᠠ᠂ ᠡᠷᠬᠡ ᠮᠠᠲᠠᠯ ᠪᠠᠢᠳᠠᠭ ᠦᠭᠡᠢ ᠨᠢ ᠬᠠᠶᠠ《 ᠱᠣᠷᠣᠩ》 ᠳ᠋ᠤ᠌ ᠣᠷᠣᠭᠰᠠᠨ ᠶᠠᠯᠠᠲᠠᠨ ᠰᠢᠭ᠋ ᠪᠠᠢᠵᠤ᠂ ᠲᠡᠷᠡ ᠪᠡᠷ ᠬᠠᠩᠭᠠᠯ ᠭᠦᠶᠦᠭᠰᠡᠨ ᠵᠡᠷᠯᠢᠭ ᠠᠭᠲᠠ ᠶ᠋ᠢ ᠴᠢᠳᠥᠷᠯᠡᠭᠰᠡᠨ ᠮᠡᠲᠦ ᠰᠠᠨᠠᠭᠳᠠᠨ᠂ ᠵᠥᠪᠬᠡᠨ ᠢᠵᠢᠯᠢ ᠶ᠋ᠢᠨ ᠢ᠋ᠶ᠋ᠡᠨ ᠬᠣᠢᠨ᠎ᠠ ᠠ᠋ᠴᠠ ᠨᠤᠲᠤᠭ ᠤ᠋ᠨ ᠪᠠᠷ᠎ᠠ ᠶ᠋ᠢ ᠪᠠᠷᠠᠯᠠᠵᠤ《 ᠢᠨᠴᠠᠭᠠᠨ ᠦᠦᠷᠰᠡᠬᠦ》— ᠰᠠᠨᠠᠭ᠎ᠠ ᠠᠯᠳᠠᠬᠤ ᠠ᠋ᠴᠠ ᠥᠭᠡᠷ᠎ᠡ ᠶᠠᠮᠠᠷ ᠴᠤ᠌ ᠠᠷᠭ᠎ᠠ ᠦᠭᠡᠢ ᠨᠢ ᠶᠣᠰᠣᠲᠠᠢ ᠯᠠ ᠠᠮᠢᠳᠤ ᠶ᠋ᠢᠨ ᠲᠠᠮᠤ ᠠᠵᠢ᠃ 
       ᠴᠡᠷᠢᠭ ᠦ᠋ᠨ ᠳᠣᠲᠣᠭᠠᠳᠤ ᠳᠦᠷᠢᠮ ᠭᠡᠵᠦ ᠪᠠᠰᠠ ᠬᠠᠲᠠᠭᠤ᠃ ᠣᠰᠣᠯ ᠠᠯᠳᠠᠭ᠎ᠠ ᠭᠠᠷᠭᠠᠬᠤ ᠪᠤᠶᠤ ᠴᠡᠷᠢᠭ ᠦ᠋ᠨ ᠬᠤᠸᠠᠷᠠᠨ ᠠ᠋ᠴᠠ ᠳᠤᠷ᠎ᠠ ᠪᠠᠷ ᠢ᠋ᠶ᠋ᠠᠨ ᠪᠤᠷᠤᠭᠤᠯᠠᠵᠤ ᠳᠤᠲᠠᠭᠠᠪᠠᠯ ᠭᠤᠷᠪᠠᠨ ᠦᠶ᠎ᠡ ᠪᠡᠷ ᠨᠢ ᠬᠦᠢᠰᠦ ᠲᠡᠮᠲᠡᠷᠢᠨ᠎ᠡ ᠁ ᠭᠡᠬᠦ ᠮᠡᠲᠦ ᠨᠢᠭᠡ ᠬᠥᠮᠦᠨ ᠢ᠋ ᠦᠬᠦᠴᠢᠬᠡᠭᠰᠡᠨ ᠪᠠᠢᠲᠠᠯ᠎ᠠ ᠰᠦᠨᠡᠰᠦ ᠶ᠋ᠢ ᠨᠢ ᠣᠭᠣᠰᠣᠷᠯᠠᠭᠰᠠᠨ ᠰᠢᠭ᠋ ᠨᠢ ᠲᠡᠭᠦᠨ ᠢ᠋ ᠰᠣᠴᠢᠭᠠᠨ᠎ᠠ᠃ ᠭᠡᠬᠦ ᠳ᠋ᠡᠭᠡᠨ ᠵᠠᠰᠠᠭ ᠶᠠᠮᠤᠨ ᠤ᠋ ᠴᠡᠷᠢᠭ ᠦ᠋ᠨ ᠠᠯᠪᠠ ᠳ᠋ᠤ᠌ ᠰᠢᠳᠤᠷᠭᠤ ᠨᠢᠭᠡ ᠳ᠋ᠦ᠍ ᠠᠮᠢᠳᠤᠷᠠᠯ ᠤ᠋ᠨ ᠠᠯᠢ ᠴᠤ᠌ ᠬᠡᠷᠡᠭᠴᠡᠭᠡ ᠶ᠋ᠢ ᠬᠠᠩᠭᠠᠬᠤ ᠪᠣᠯᠤᠮᠵᠢ ᠪᠠᠰᠠ ᠦᠭᠡᠢ ᠪᠢᠰᠢ᠃ 
       ᠨᠢᠭᠡ ᠡᠳᠦᠷ ᠯᠢᠦ ᠹᠦᠭᠤᠸᠠᠨ ᠵᠠᠩᠴᠣᠪ ᠢ᠋ ᠳᠠᠭᠤᠳᠠᠵᠤ ᠵᠠᠯᠠᠭᠤᠬᠠᠨ ᠭᠣᠶᠣ ᠬᠡᠦᠬᠡᠨ ᠢ᠋ ᠲᠠᠨᠢᠯᠴᠠᠭᠤᠯᠵᠤ᠄ 
       — ᠴᠢᠮ᠎ᠠ ᠳ᠋ᠤ᠌ ᠣᠯᠭᠣᠬᠤ ᠣᠨᠴᠠᠭᠠᠢ ᠬᠦᠷᠲᠡᠮᠵᠢ! ᠡᠨᠡ ᠬᠡᠦᠬᠡᠨ ᠢ᠋ ᠴᠢᠮ᠎ᠠ ᠳ᠋ᠤ᠌ ᠨᠡᠷᠡᠢᠳᠴᠦ ᠱᠠᠩᠨᠠᠶ᠎ᠠ! ᠵᠠᠰᠠᠭ ᠶᠠᠮᠤᠨ ᠤ᠋ ᠶᠠᠪᠤᠳᠠᠯ᠂ ᠴᠡᠷᠢᠭ ᠦ᠋ᠨ ᠲᠣᠮᠣ ᠨᠣᠶᠠᠨ ᠤ᠋ ᠠᠮᠤᠷ ᠲᠦᠪᠰᠢᠨ ᠳ᠋ᠦ᠍ ᠰᠡᠳᠬᠢᠯ ᠠᠯᠭᠠᠰᠠᠵᠤ ᠦᠯᠦ ᠪᠣᠯᠤᠨ᠎ᠠ! ᠰᠡᠳᠬᠢᠯ ᠳ᠋ᠡᠭᠡᠨ ᠪᠠᠭᠲᠠᠭᠠᠵᠤ ᠰᠡᠷᠭᠡᠭ ᠪᠠᠢᠭᠠᠷᠠᠢ! ᠭᠡᠵᠦ ᠲᠡᠭᠦᠨ ᠦ᠌ ᠰᠡᠳᠬᠢᠯ ᠣᠲᠣᠷᠯᠠᠳᠠᠭ ᠢ᠋ ᠮᠡᠳᠡᠭᠰᠡᠨ ᠰᠢᠭ ᠴᠠᠭᠠᠨ᠎ᠠ ᠪᠠᠨ ᠤᠳᠬ᠎ᠠ ᠲᠠᠢ ᠦᠭᠡ ᠨᠢ《 ᠭᠡᠷ ᠲᠡᠭᠡᠨ ᠬᠠᠷᠢᠬᠤ ᠶ᠋ᠢ ᠪᠦᠦ ᠭᠣᠷᠢᠯᠠ! ᠡᠨᠳᠡ ᠢᠳᠡᠵᠦ ᠡᠮᠦᠰᠬᠦ᠂ ᠴᠡᠩᠭᠡᠵᠦ ᠨᠠᠭᠠᠳᠬᠤ ᠶ᠋ᠢ ᠴᠢᠨᠢ ᠳᠤᠲᠠᠭᠤᠯᠬᠤ ᠦᠭᠡᠢ》 ᠭᠡᠰᠡᠨ ᠰᠢᠭ ᠰᠠᠨᠠᠭᠳᠠᠪᠠ᠃ 
       — ᠯᠢᠦ ᠹᠦᠭᠤᠸᠠᠨ ᠠ᠋! ᠥᠷᠥᠰᠢᠶᠡᠭᠡᠴᠢ ᠳᠡ᠂ ᠪᠣᠯᠢᠶ᠎ᠠ᠃ ᠨᠠᠳᠠ ᠪᠠᠷ ᠪᠢᠲᠡᠭᠡᠢ ᠨᠠᠭᠠᠳᠤᠮ᠁ 
       — ᠡᠨᠡ ᠪᠣᠯ ᠵᠠᠷᠯᠢᠭ! ᠴᠡᠷᠢᠭ ᠦ᠋ᠨ ᠬᠠᠲᠠᠭᠤ ᠵᠠᠷᠯᠢᠭ!  
       — ᠵᠠ᠂ ᠮᠡᠳᠡᠯ᠎ᠡ!  

       ᠲᠡᠷᠡ ᠣᠷᠣᠢ ᠵᠠᠩᠴᠣᠪ ᠥᠨᠥᠬᠢ《ᠣᠨᠴᠠᠭᠠᠢ ᠬᠦᠷᠲᠡᠮᠵᠢ》 ᠲᠡᠢ ᠪᠡᠨ ᠨᠢᠭᠡ ᠭᠡᠷ ᠲᠦ᠍ ᠬᠣᠨᠣᠪᠠ᠃ ᠰᠥᠨᠢᠵᠢᠨ ᠤᠰᠤᠨ ᠨᠢᠳᠦᠯᠡᠭᠰᠡᠨ ᠲᠡᠷᠡ ᠬᠡᠦᠬᠡᠨ ᠢ᠋ ᠵᠠᠩᠴᠣᠪ ᠦᠷᠦ ᠡᠪᠡᠳᠴᠦ《 ᠶᠠᠮᠠᠷ ᠠᠪᠤ ᠡᠵᠢ ᠶ᠋ᠢᠨ ᠦᠷ᠎ᠡ ᠶ᠋ᠢ ᠢᠩᠭᠢᠵᠦ ᠠᠯᠪᠠ ᠪᠠᠷ ᠲᠠᠲᠠᠪᠤᠷᠢᠯᠠᠭᠰᠠᠨ ᠪᠣᠯ ᠠ᠋? ᠦᠢᠯᠡᠷ ᠲᠡᠢ ᠬᠣᠷᠸ᠎ᠠ ᠶᠤᠮ ᠠ᠋᠁》 ᠭᠡᠵᠦ ᠲᠡᠷᠡ ᠬᠡᠦᠬᠡᠨ ᠢ᠋ ᠡᠨᠡᠷᠢᠨ《 ᠰᠠᠶᠢᠬᠢ ᠪᠤᠷᠤᠭᠤ ᠰᠠᠨᠠᠭᠰᠠᠨ ᠪᠣᠯᠳᠠᠭ ᠦᠭᠡᠢ ᠶᠠᠭᠤᠮ᠎ᠠ ᠴᠠᠭᠠᠰᠢ ᠪᠠᠨ!》 ᠭᠡᠵᠦ ᠪᠡᠶ᠎ᠡ ᠪᠡᠨ ᠬᠣᠷᠢᠨ ᠨᠠᠮ ᠤᠨᠲᠠᠵᠤ ᠣᠷᠬᠢᠵᠠᠢ᠃ 
       ᠬᠣᠶᠠᠷ ᠳᠣᠯᠣᠭ᠎ᠠ ᠬᠣᠨᠣᠭ ᠲᠤ ᠨᠢᠭᠡ ᠡᠭᠡᠯᠵᠢᠯᠡᠵᠦ ᠢᠷᠡᠬᠦ ᠡᠨᠡ ᠬᠦ᠌ ᠬᠡᠦᠬᠡᠨ ᠲᠡᠢ ᠮᠥᠨ ᠳᠡᠭᠡᠷᠡᠬᠢ ᠵᠢᠱ᠌ᠢᠶ᠎ᠡ ᠪᠡᠷ ᠣᠯᠠᠨ ᠤᠳᠠᠭ᠎ᠠ ᠮᠠᠭᠤ ᠨᠡᠷ᠎ᠡ ᠲᠡᠢ ᠬᠣᠭᠣᠰᠣᠨ ᠬᠣᠨᠣᠭᠰᠠᠨ ᠢ᠋ ᠥᠭᠦᠯᠡᠬᠦ ᠦᠭᠡᠢ᠃ ᠨᠢᠭᠡ ᠤᠳᠠᠭ᠎ᠠ ᠵᠠᠩᠴᠣᠪ  ᠨᠣᠶᠠᠳ ᠤ᠋ᠨ ᠳᠠᠢᠯᠠᠯᠭ᠎ᠠ ᠪᠠᠷᠠᠳᠠᠵᠤ ᠨᠡᠯᠢᠶᠡᠳ ᠬᠠᠯᠠᠮᠴᠠᠭ ᠬᠥᠯᠴᠥᠭᠦᠦ ᠪᠣᠯᠵᠤ ᠬᠠᠷᠢᠬᠤ ᠳ᠋ᠤ᠌ ᠶᠠᠭ ᠬᠡᠦᠬᠡᠨ ᠲᠡᠢ ᠬᠣᠨᠣᠳᠠᠭ ᠡᠭᠡᠯᠵᠢ ᠶ᠋ᠢᠨ ᠡᠳᠦᠷ ᠲᠣᠬᠢᠶᠠᠵᠠᠢ᠃ ᠵᠠᠩᠴᠣᠪ ᠬᠡᠳᠦ ᠬᠠᠯᠠᠮᠰᠠᠭᠰᠠᠨ ᠠ᠋ᠴᠠ ᠯᠦᠭ ᠰᠦᠭ ᠦᠭᠡᠢ ᠤᠨᠲᠠᠵᠤ ᠣᠷᠬᠢᠪᠠ᠃ ᠬᠡᠦᠬᠡᠨ ᠵᠠᠩᠴᠣᠪ ᠤ᠋ᠨ ᠬᠤᠪᠴᠠᠰᠤ ᠬᠤᠨᠠᠷ ᠢ᠋ ᠲᠠᠢᠯᠤᠨ ᠬᠥᠯ ᠭᠠᠷ ᠢ᠋ ᠨᠢ ᠤᠬᠢᠶᠠᠵᠤ ᠰᠠᠢᠬᠠᠨ ᠠᠰᠠᠷᠠᠵᠤ ᠳᠣᠳᠣᠮᠳᠠᠨ᠎ᠠ᠃ ᠲᠤᠭ ᠨᠣᠢᠷ ᠪᠠ ᠬᠥᠯᠴᠦᠭᠦᠷᠡᠮᠡᠭ ᠲᠡᠭᠡᠨ ᠳᠡᠢᠯᠳᠡᠭᠰᠡᠨ ᠵᠠᠩᠴᠣᠪ ᠡᠨᠡ ᠪᠦᠬᠦᠨ ᠢ᠋ ᠶᠠᠭᠠᠬᠢᠨ ᠮᠡᠳᠡᠬᠦ ᠠᠵᠢ! 
       ᠁ ᠬᠦᠰᠡᠭᠡᠳ ᠪᠠᠢᠪᠠᠴᠤ ᠬᠦᠷᠴᠦ ᠳᠡᠢᠯᠳᠡᠭ ᠦᠭᠡᠢ ᠨᠤᠲᠤᠭ ᠲᠠᠭᠠᠨ ᠬᠠᠷᠢᠵᠤ ᠣᠴᠢᠭᠠᠳ ᠬᠣᠶᠠᠷ ᠬᠦᠦ ᠪᠡᠨ ᠥᠬᠥᠭᠡᠷᠳᠡᠨ ᠬᠠᠢᠷᠠᠯᠠᠵᠤ ᠤᠨᠲᠠᠭᠤᠯᠴᠢᠬᠠᠭᠠᠳ ᠤᠳᠠᠭᠠᠨ ᠠᠭᠤᠯᠵᠠᠭᠰᠠᠨ ᠦᠭᠡᠢ ᠠᠮᠠᠷᠠᠭ ᠬᠣᠩᠭᠣᠷ ᠪᠦᠰᠡᠭᠦᠢ ᠪᠡᠨ ᠲᠡᠪᠡᠷᠢᠨ᠁ ᠮᠠᠭᠤ ᠨᠣᠣᠷᠬᠠᠢ ᠭᠡᠷ ᠢ᠋ᠶ᠋ᠡᠨ ᠣᠪᠣᠯᠵᠠᠲᠠᠯ᠎ᠠ ᠵᠢᠷᠭᠠᠬᠤ ᠳ᠋ᠤ᠌ ᠬᠥᠭᠡᠷᠦᠬᠦᠢ ᠪᠯᠠᠮᠤ ᠨᠢ ᠰᠠᠨᠠᠭᠠᠳ ᠤᠳᠠᠭᠰᠠᠨ ᠡᠷ᠎ᠡ ᠪᠡᠶ᠎ᠡ ᠶ᠋ᠢ ᠨᠢ ᠢᠪ ᠴᠠᠪ ᠲᠡᠪᠡᠷᠢᠨ ᠳᠠᠭᠤ ᠲᠠᠯᠪᠢᠨ ᠤᠬᠢᠯᠠᠩᠨᠠᠨ ᠢᠨᠢᠶᠡᠬᠦ ᠶᠦᠮ᠃
       — ᠶᠠᠭᠠᠬᠢᠬᠤ ᠳ᠋ᠠᠭᠠᠨ ᠳᠠᠭᠤ ᠲᠠᠯᠪᠢᠨ ᠤᠬᠢᠯᠠᠳᠠᠭ ᠪᠢᠯᠡ? ᠨᠠᠮᠠᠶ᠋ᠢ ᠪᠠᠨ ᠬᠡᠴᠡᠭᠦᠦ ᠰᠠᠨᠠᠪᠠ ᠤᠤ ᠳᠠ ᠬᠣᠩᠭᠣᠷ ᠮᠢᠨᠢ ᠠ᠋! 
       — ᠲᠡᠭᠡᠭᠰᠡᠨ ᠠ᠋᠂ ᠲᠡᠭᠡᠭᠰᠡᠨ! ᠭᠡᠳ ᠪᠯᠠᠮᠤ ᠲᠡᠭᠦᠨ ᠦ᠌ ᠮᠥᠷᠥ ᠡᠴᠡ ᠬᠦᠴᠦᠲᠡᠢ ᠬᠠᠵᠠᠪᠠ ᠁ 
       — ᠶᠣ᠂ ᠶᠣᠬᠣ! ᠪᠠᠢᠭ ᠴᠠᠭᠠᠰᠢ᠂ ᠬᠡᠨ ᠴᠢᠮᠠᠶ᠋ᠢ ᠢᠩᠭᠢᠵᠦ ᠬᠠᠰᠬᠢᠷᠴᠤ ᠬᠠᠵᠠᠳᠠᠭ ᠮᠠᠭᠤ ᠵᠠᠩ ᠰᠤᠷᠭᠠᠪᠠ? ᠭᠡᠬᠦ ᠳ᠋ᠦ᠍ ᠪᠯᠠᠮᠤ ᠢᠴᠢᠩᠭᠦᠷᠡᠨ ᠰᠠᠨᠳᠤᠷᠴᠤ ᠲᠡᠭᠦᠨ ᠢ᠋ ᠬᠦᠴᠦᠲᠡᠢ ᠴᠢᠮᠬᠢᠪᠡ᠁ ᠤᠭ ᠨᠢ ᠥᠨᠥᠬᠢ ᠬᠡᠦᠬᠡᠨ᠂ ᠮᠣᠩᠭᠣᠯ ᠡᠷ᠎ᠡ ᠶ᠋ᠢᠨ ᠰᠢᠷᠦᠭᠦᠨ ᠳᠣᠪᠲᠣᠯᠭᠠᠨ ᠳ᠋ᠤ᠌ ᠪᠠᠬ᠎ᠠ ᠨᠢ ᠬᠠᠨᠵᠤ ᠲᠡᠰᠬᠦ ᠠᠯᠳᠠᠷᠠᠬᠤ ᠳ᠋ᠠᠭᠠᠨ ᠤᠬᠢᠯᠠᠨ ᠬᠠᠢᠯᠠᠨ ᠲᠡᠭᠦᠨ ᠢ᠋ ᠬᠠᠵᠠᠵᠤ᠂ ᠴᠢᠮᠬᠢᠵᠦ ᠪᠠᠢᠭ᠎ᠠ ᠨᠢ ᠡᠨᠡ ᠪᠠᠢᠵᠠᠢ᠃ 
       — ᠡᠨᠡ ᠶᠠᠭᠤ ᠪᠣᠯᠪᠠ? ᠭᠡᠵᠦ ᠵᠠᠩᠴᠣᠪ ᠰᠣᠴᠢᠨ ᠰᠡᠷᠡᠬᠦ ᠳ᠋ᠦ᠍ ᠥᠭᠡᠬᠦ ᠰᠢᠭ ᠬᠥᠭᠡᠷᠦᠬᠦᠨ ᠴᠠᠭᠠᠨ ᠬᠡᠦᠬᠡᠨ ᠡᠪᠦᠷ ᠲᠦ᠍ ᠪᠥᠮᠪᠥᠷᠢᠨ ᠪᠠᠢᠯ᠎ᠠ᠃ 
       — ᠁ 
       —  ᠠᠬ᠎ᠠ ᠠ᠋᠂ ᠲᠠ ᠦᠨᠡᠬᠡᠷ ᠰᠠᠢᠨ ᠬᠥᠮᠦᠨ ᠪᠠᠢᠨ᠎ᠠ᠁ ᠭᠡᠳ ᠬᠡᠦᠬᠡᠨ ᠮᠡᠭᠰᠢᠪᠡ᠃ 
       — ᠦᠭᠡᠢ ᠠ᠋᠂ ᠪᠢ ᠴᠢᠨᠢ ᠶᠠᠭᠠᠬᠢᠪᠠ? ᠴᠢᠮᠠᠶ᠋ᠢ ᠮᠠᠭᠤᠴᠢᠯᠠᠪᠠ ᠤᠤ? 
       — ᠦᠭᠡᠢ ᠠ᠋᠂ ᠦᠭᠡᠢ᠁ ᠭᠡᠳ ᠬᠡᠦᠬᠡᠨ ᠰᠠᠨᠳᠤᠷᠤᠨ ᠨᠢᠯᠪᠤᠰᠤ ᠪᠠᠨ ᠠᠷᠴᠢᠨ᠎ᠠ᠃ 
       — ᠠ ᠢᠯᠡᠢ!《 ᠡᠨᠡ ᠠᠷᠢᠬᠢ ᠭᠡᠳᠡᠭ ᠶᠠᠭᠤᠮ᠎ᠠ ᠢᠷᠣ᠎ᠠ ᠶ᠋ᠢᠨ ᠡᠳ᠋ ᠶᠦᠮ ᠠ᠋!》 ᠭᠡᠵᠦ ᠭᠡᠮᠰᠢᠭᠰᠡᠨ ᠦᠭᠡ ᠬᠡᠯᠡᠬᠦ ᠭᠡᠰᠡᠨ ᠢ᠋ᠶ᠋ᠡᠨ ᠵᠠᠯᠭᠢᠵᠤ《 ᠡᠷ᠎ᠡ ᠬᠥᠮᠦᠨ( ᠬᠢᠪᠡᠯ ᠪᠤᠤ ᠠᠶᠤ᠂ ᠠᠶᠤᠪᠠᠯ ᠪᠤᠤ ᠬᠢ) ᠭᠡᠳᠡᠭ᠂ ᠭᠡᠮᠰᠢᠭᠦᠯᠡᠩ ᠦ᠋ᠨ ᠬᠣᠢᠨ᠎ᠠ ᠠ᠋ᠴᠠ ᠬᠡᠵᠢᠶᠡᠳᠡ ᠪᠣᠳᠣᠯ ᠳᠣᠭᠣᠯᠳᠠᠭᠤᠯᠳᠠᠭ ᠦᠭᠡᠢ》 ᠭᠡᠵᠦ ᠬᠠᠲᠠᠭᠤᠵᠢᠬᠤ ᠳ᠋ᠤ᠌ ᠬᠠᠷᠢᠨ ᠠᠮᠢᠳᠤᠷᠠᠯ ᠳ᠋ᠤ᠌ ᠠᠶᠠᠨᠳᠠᠭᠠᠨ ᠪᠣᠯᠤᠭᠰᠠᠨ ᠡᠨᠡ ᠰᠢᠷᠬ᠎ᠠ ᠨᠢ ᠠᠮᠠᠷᠠᠭ ᠪᠦᠰᠡᠭᠦᠢ ᠪᠯᠠᠮᠤ ᠶ᠋ᠢᠨ ᠠᠷᠢᠭᠤᠨ ᠴᠡᠪᠡᠷ ᠬᠠᠢᠷ᠎ᠠ ᠳ᠋ᠤ᠌ ᠬᠭᠢᠷ ᠬᠦᠷᠲᠡᠭᠡᠭᠰᠡᠨ ᠰᠢᠭ ᠰᠡᠳᠬᠢᠯ ᠵᠣᠪᠠᠨᠢᠵᠠᠢ᠃
       — ᠠᠬ᠎ᠠ ᠠ᠋᠂ ᠪᠢ ᠲᠠᠨ ᠤ᠋ ᠲᠠᠭᠠᠯᠠᠯ ᠳ᠋ᠤ᠌ ᠨᠡᠢᠴᠡᠭᠦᠯᠵᠦ ᠴᠢᠳᠠᠭ᠎ᠠ ᠦᠭᠡᠢ ᠤᠤ? ᠭᠡᠵᠦ ᠵᠠᠩᠴᠣᠪ ᠤ᠋ᠨ ᠮᠡᠯᠡᠷᠡᠭᠰᠡᠨ ᠨᠢᠳᠦ ᠶ᠋ᠢ ᠬᠠᠷᠠᠭᠠᠳ ᠬᠥᠭᠡᠷᠦᠬᠦᠨ ᠲᠤᠭᠤᠯ ᠬᠠᠷ᠎ᠠ ᠨᠢᠳᠦ ᠪᠡᠷ ᠢ᠋ᠶ᠋ᠡᠨ ᠢᠨᠢᠶᠡᠨ᠎ᠡ᠃ 
       — ᠦᠭᠡᠢ ᠠ᠋᠂ ᠬᠠᠷᠢᠨ ᠠᠬ᠎ᠠ ᠨᠢ ᠴᠠᠭᠠᠨ᠎ᠠ ᠪᠠᠨ ᠡᠬᠡᠨᠡᠷ ᠬᠡᠦᠬᠡᠳ ᠲᠡᠢ ᠰᠢᠦ!《 ᠴᠢ ᠶᠠᠭᠠᠬᠢᠬᠤ ᠳ᠋ᠠᠭᠠᠨ ᠡᠨᠡ ᠠᠮᠢᠳᠤᠷᠠᠯ ᠢ᠋ ᠰᠣᠩᠭᠣᠪᠠ ᠠ?》 ᠭᠡᠰᠡᠨ ᠬᠠᠷᠠᠴᠠ ᠪᠠᠷ ᠬᠠᠷᠠᠪᠠᠯ ᠥᠨᠥᠬᠢ ᠬᠡᠦᠬᠡᠨ ᠵᠠᠩᠴᠣᠪ ᠤ᠋ᠨ ᠡᠯᠢᠭᠡᠨ ᠳ᠋ᠦ᠍ ᠬᠠᠴᠠᠷ ᠢ᠋ᠶ᠋ᠠᠨ ᠨᠠᠭᠠᠨ᠄ 
       — ᠪᠢ ᠴᠤ᠌ ᠵᠠᠶᠠᠭᠠᠨ ᠤ᠋ ᠠᠮᠠᠷᠠᠭ ᠲᠠᠢ ᠪᠠᠢᠭᠰᠠᠨ᠁ ᠭᠡᠬᠦ ᠳ᠋ᠦ᠍ ᠡᠮ᠎ᠡ ᠬᠥᠮᠦᠨ ᠵᠢᠰᠦᠯᠢᠭ ᠴᠢᠷᠠᠢᠲᠠᠢ ᠲᠥᠷᠥᠴᠢᠬᠡᠪᠡᠯ ᠪᠠᠰᠠ ᠨᠢᠭᠡ ᠵᠣᠪᠠᠯᠠᠩ ᠶᠤᠮ ᠠ᠋᠃ ᠪᠢ ᠡᠬᠢᠯᠡᠩᠭᠦᠲᠡ ᠡᠨᠡ ᠠᠮᠢᠳᠤᠷᠠᠯ ᠳ᠋ᠤ᠌ ᠢᠴᠢᠨ ᠰᠢᠷᠪᠡᠭᠡᠲᠦᠵᠦ᠂ ᠡᠷᠡᠴᠦᠳ ᠢ᠋ ᠵᠢᠭᠰᠢᠳᠡᠭ ᠪᠠᠢᠯ᠎ᠠ᠁ ᠲᠡᠳᠡᠭᠡᠷ ᠥᠯᠥᠨ ᠪᠠᠷᠰ ᠥᠴᠦᠬᠡᠨ ᠲᠠᠤᠯᠠᠢ ᠶ᠋ᠢ ᠨᠤᠬᠤᠯᠠᠬᠤ ᠰᠢᠭ᠋ ᠨᠢᠳᠦ ᠪᠠᠳ ᠦᠭᠡᠢ ᠣᠷᠣᠳᠠᠭ ᠴᠡᠷᠢᠭ ᠡᠷᠡᠰ ᠦ᠋ᠨ ᠬᠠᠯᠠ ᠶ᠋ᠢ ᠶᠠᠭᠠᠬᠢᠵᠤ ᠨᠢᠭᠡ ᠨᠠᠰᠤ ᠪᠠᠷ ᠢ᠋ᠶ᠋ᠠᠨ ᠲᠤᠭᠤᠯᠬᠤ ᠪᠣᠢ? ᠭᠡᠵᠦ ᠪᠣᠳᠣᠬᠤ ᠠ᠋ᠴᠠ ᠪᠠᠨ ᠵᠢᠷᠦᠬᠡ ᠰᠢᠮᠰᠢᠷᠡᠳᠡᠭ᠃ 
       — ᠁ 
       — ᠰᠢᠩᠭᠡᠯᠢᠭ ᠲᠦ᠍ ᠬᠣᠷᠢᠭᠳᠠᠭᠰᠠᠨ ᠰᠢᠪᠠᠭᠤ ᠶᠠᠮᠠᠷ ᠰᠢᠤᠬᠠᠨ ᠪᠠᠢᠳᠠᠭ ᠪᠣᠯ ᠮᠢᠨᠦ ᠬᠤᠪᠢ ᠵᠠᠶᠠᠭ᠎ᠠ ᠶᠠᠭ ᠲᠡᠢᠮᠦ᠃ ᠪᠢ ᠥᠪᠡᠷ ᠦ᠋ᠨ ᠬᠤᠪᠢ ᠵᠠᠶᠠᠭ᠎ᠠ ᠪᠠᠨ ᠢᠲᠡᠭᠡᠬᠦ ᠦᠭᠡᠢ ᠪᠠᠢᠬᠤ ᠶ᠋ᠢᠨ ᠠᠷᠭ᠎ᠠ ᠦᠭᠡᠢ᠃ ᠤᠷᠢᠳᠤ ᠲᠥᠷᠥᠯ ᠳ᠋ᠡᠭᠡᠨ ᠪᠢ ᠶᠠᠮᠠᠷ ᠨᠢᠭᠦᠯ ᠬᠢᠭᠰᠡᠨ ᠢ᠋ ᠪᠤᠤ ᠮᠡᠳᠡ᠂ ᠡᠨᠡ ᠲᠥᠷᠥᠯ ᠳ᠋ᠡᠭᠡᠨ ᠴᠢᠷᠠᠢᠯᠢᠭ ᠡᠮ᠎ᠡ ᠶ᠋ᠢᠨ ᠬᠤᠪᠢ ᠲᠠᠪᠢᠯᠠᠩ ᠢ᠋ᠶ᠋ᠠᠷ ᠰᠠᠢᠬᠠᠨ ᠮᠠᠭᠤᠬᠠᠢ᠂ ᠪᠣᠯᠬᠤ᠂ ᠪᠣᠯᠬᠤ ᠦᠭᠡᠢ᠂ ᠳᠤᠷ᠎ᠠ ᠲᠠᠢ ᠳᠤᠷ᠎ᠠ ᠦᠭᠡᠢ ᠣᠯᠠᠨ ᠡᠷ᠎ᠡ ᠶ᠋ᠢᠨ ᠳᠡᠪᠢᠰᠬᠡᠷ ᠪᠣᠯᠵᠤ ᠲᠠᠴᠢᠶᠠᠯ ᠰᠢᠨᠤᠯ ᠤ᠋ᠨ ᠬᠢᠨᠢ ᠪᠠᠭᠠᠵᠢ ᠪᠣᠯᠵᠤ ᠶᠠᠪᠤᠭ᠎ᠠ ᠨᠢ ᠡᠨᠡ ᠰᠢᠦ! ᠠᠢ᠂ ᠬᠤᠪᠢ ᠵᠠᠶᠠᠭ᠎ᠠ ᠭᠡᠳᠡᠭ ᠶᠠᠭᠤᠮ᠎ᠠ ᠶ᠋ᠢ ᠢᠲᠡᠭᠡᠬᠦ ᠦᠭᠡᠢ ᠪᠠᠢᠬᠤ ᠶ᠋ᠢᠨ ᠠᠷᠭ᠎ᠠ ᠦᠭᠡᠢ᠃ ᠰᠠᠨᠠᠭᠰᠠᠨ ᠪᠣᠳᠣᠭᠰᠠᠨ ᠠ᠋ᠴᠠ ᠴᠢᠨᠢ ᠱᠠᠯ ᠣᠨᠳᠣᠣ ᠬᠤᠪᠢ ᠵᠠᠶᠠᠭ᠎ᠠ ᠲᠠᠢ ᠭᠠᠷ ᠪᠠᠷᠢᠯᠳᠤᠵᠤ ᠪᠤᠯᠵᠠᠮ᠎ᠠ ᠦᠭᠡᠢ ᠶᠠᠪᠤᠳᠠᠯ ᠡᠮᠦᠨ᠎ᠡ ᠴᠢᠨᠢ ᠤᠯᠠᠢᠮ᠎ᠠ ᠴᠠᠢᠮ᠎ᠠ ᠲᠤᠯᠭᠠᠷᠠᠬᠤ ᠳ᠋ᠤ᠌ ᠲᠣᠭᠣᠷᠢᠭᠠᠳ ᠭᠠᠷᠬᠤ ᠵᠠᠮ ᠦᠭᠡᠢ᠂ ᠲᠤᠭᠤᠯᠵᠤ ᠯᠠ ᠭᠠᠷᠬᠤ ᠠ᠋ᠴᠠ ᠪᠢᠰᠢ᠁ ᠡᠨᠡ ᠮᠠᠨᠢ ᠶᠠᠪᠤᠭᠠᠨ ᠳ᠋ᠠᠭᠠᠨ ᠣᠷᠣᠢ ᠪᠦᠷᠦᠢ ᠪᠣᠯᠬᠤ ᠪᠦᠷᠢ᠂ ᠢᠯᠠᠩᠭᠤᠶ᠎ᠠ ᠳ᠋ᠧᠩ ᠲᠠᠯᠪᠢᠬᠤ ᠶ᠋ᠢᠨ ᠦᠶᠡᠰ ᠴᠡᠷᠢᠭ ᠡᠷ᠎ᠡ ᠶ᠋ᠢᠨ ᠪᠠᠷ᠎ᠠ ᠪᠠᠷ ᠡᠷᠬᠡ ᠦᠭᠡᠢ ᠨᠢᠳᠦ ᠴᠢᠭᠢᠭᠲᠦᠵᠦ ᠮᠡᠭᠰᠢᠴᠢᠭᠳᠡᠭ ᠡᠪᠡᠳᠴᠢᠨ ᠲᠡᠢ ᠪᠣᠯᠵᠠᠢ᠃ ᠁ ᠲᠠᠨ ᠲᠠᠢ ᠬᠠᠮᠤᠭ ᠠᠩᠬ᠎ᠠ ᠠᠭᠤᠯᠵᠠᠭᠰᠠᠨ ᠤᠳᠠᠭ᠎ᠠ ᠴᠣᠬᠣᠮ ᠶᠠᠭᠤᠨ ᠠ᠋ᠴᠠ ᠪᠣᠯᠤᠭᠰᠠᠨ ᠢ᠋ ᠮᠡᠳᠡᠬᠦ ᠦᠭᠡᠢ ᠨᠢᠯᠪᠤᠰᠤ ᠭᠡᠳᠡᠭ ᠴᠢᠨᠢ ᠠᠶᠠᠨᠳᠠᠭᠠᠨ ᠢᠪᠢᠯᠵᠦ ᠡᠬᠡᠷ ᠲᠡᠳᠡᠨ ᠤᠬᠢᠯᠠᠭᠰᠠᠨ᠁《 ᠪᠠᠰᠠ ᠶᠠᠮᠠᠷ ᠰᠢᠤᠬᠠᠨ ᠪᠠᠯᠠᠮᠠᠳ ᠡᠷ᠎ᠡ ᠪᠠᠢᠭ᠎ᠠ ᠪᠣᠯ ᠠ᠋⁈ ᠡᠮ᠎ᠡ ᠬᠥᠮᠦᠨ ᠢ᠋ ᠡᠨᠡᠷᠢᠳᠡᠭ ᠰᠠᠢᠨ ᠬᠥᠮᠦᠨ ᠳᠠᠭᠠᠷᠠᠭᠠᠰᠠᠢ ᠳᠠ!》 ᠭᠡᠵᠦ ᠪᠤᠷᠬᠠᠨ ᠲᠩᠷᠢ ᠳ᠋ᠡᠭᠡᠨ ᠵᠠᠯᠪᠠᠷᠢᠵᠤ ᠬᠡᠴᠢᠨᠡᠭᠡᠨ ᠤᠳᠠᠭ᠎ᠠ ᠳᠠᠭᠠᠳᠬᠠᠭᠰᠠᠨ ᠢ᠋ ᠪᠤᠤ ᠮᠡᠳᠡ! ᠠᠢ᠂ ᠬᠤᠪᠢ ᠵᠠᠶᠠᠭ᠎ᠠ! ᠪᠤᠷᠬᠠᠨ ᠲᠩᠷᠢ ᠡᠨᠡ ᠤᠳᠠᠭ᠎ᠠ ᠨᠠᠮᠠᠶ᠋ᠢ ᠦᠨᠡᠬᠡᠷ ᠠᠭᠤᠴᠢᠯᠠᠵᠠᠢ᠃ ᠨᠡᠭᠡᠷᠡᠨ ᠰᠠᠢᠨ ᠬᠥᠮᠦᠨ ᠲᠣᠬᠢᠶᠠᠯ᠎ᠠ᠁ ᠲᠠ ᠦᠨᠡᠬᠡᠷ ᠰᠠᠢᠨ ᠬᠥᠮᠦᠨ᠂ ᠰᠠᠢᠨ ᠡᠷ᠎ᠡ ᠬᠥᠮᠦᠨ ᠶᠦᠮ ᠠ᠋᠂ ᠪᠢ ᠲᠠᠨ ᠢ᠋ ᠬᠠᠢᠷᠠᠯᠠᠨ᠎ᠠ᠁ ᠲᠠ?᠁ ᠭᠡᠵᠦ ᠰᠦᠨ ᠳ᠋ᠡᠭᠡᠨ ᠴᠠᠳᠤᠭᠰᠠᠨ ᠲᠤᠭᠤᠯ ᠤ᠋ᠨ ᠬᠠᠷ᠎ᠠ ᠨᠢᠳᠦ ᠨᠢ ᠬᠠᠢᠷ᠎ᠠ ᠣᠨᠳᠣᠷᠣᠭᠰᠠᠨ ᠵᠠᠢᠷ ᠲᠤ ᠲᠣᠷᠮᠣᠯᠵᠠᠨ᠎ᠠ᠃ 
       — ᠴᠢᠨᠦ ᠨᠤᠲᠤᠭ ᠴᠢᠨᠢ? 
       — ᠤᠯᠠᠭᠠᠨ ᠬᠠᠲᠤᠨ ᠤ᠋ ᠠᠷᠤ ᠡᠷᠭᠢ ᠶ᠋ᠢᠨ ᠰᠢᠪᠠᠷᠲᠠᠢ ᠶᠢᠨ ᠠᠢᠯ ᠤ᠋ᠨ ᠬᠢ! 
       — ᠠᠪᠤ ᠡᠵᠢ ᠴᠢᠨᠢ ᠲᠡᠭᠡᠭᠡᠳ ᠣᠳᠣ ᠶᠠᠭᠠᠬᠢᠵᠤ᠁ ᠭᠡᠵᠦ ᠵᠠᠩᠴᠣᠪ ᠥᠨᠥᠬᠢ ᠬᠡᠦᠬᠡᠨ ᠢ᠋ ᠦᠷᠦ ᠡᠪᠡᠳᠦᠨ ᠠᠰᠠᠭᠤᠬᠤ ᠳ᠋ᠤ᠌ ᠲᠡᠷᠡ ᠬᠡᠦᠬᠡᠨ ᠰᠠᠨᠳᠤᠷᠤᠨ ᠵᠠᠩᠴᠣᠪ ᠤ᠋ᠨ ᠠᠮᠠ ᠶ᠋ᠢ ᠲᠠᠭᠯᠠᠵᠤ᠄  
       — ᠠᠬ᠎ᠠ ᠠ᠋᠂ ᠲᠠ ᠪᠢᠲᠡᠭᠡᠢ ᠠᠰᠠᠭᠤ!  ᠭᠡᠳ ᠨᠢᠳᠦᠨ ᠳ᠋ᠦ᠍ᠨᠢ ᠨᠢᠯᠪᠤᠰᠤ ᠬᠤᠷᠠᠪᠠ᠃ 
       — ᠁ 
       — ᠮᠢᠨᠦ ᠡᠵᠢ ᠰᠠᠢᠬᠠᠨ ᠲᠥᠷᠥᠭᠰᠡᠨ ᠬᠥᠮᠦᠨ ᠪᠠᠢᠭᠰᠠᠨ᠃ ᠪᠠᠶᠠᠨ ᠬᠥᠮᠦᠨ ᠳ᠋ᠦ᠍ ᠳᠣᠷᠣᠮᠵᠢᠯᠠᠭᠳᠠᠨ ᠢᠴᠢᠬᠦ ᠳ᠋ᠡᠭᠡᠨ ᠤᠯᠠᠭᠠᠨ ᠬᠠᠲᠤᠨ ᠳ᠋ᠤ᠌ ᠬᠠᠷᠠᠢᠭᠰᠠᠨ᠃ ᠠᠪᠤ ᠴᠡᠷᠢᠭ ᠲᠦ᠍ ᠪᠠᠷᠢᠭᠳᠠᠵᠤ᠂ ᠠᠬ᠎ᠠ ᠡᠭᠡᠴᠢ ᠨᠠᠷ ᠪᠠᠶᠠᠨ ᠠᠢᠯ ᠳ᠋ᠤ᠌ ᠠᠮᠢ ᠵᠢᠭᠤᠵᠤ ᠪᠣᠢ᠁ ᠬᠣᠶᠠᠷ ᠳᠡᠭᠦᠦ( ᠨᠢᠭᠡ ᠬᠡᠦᠬᠡᠨ) ᠬᠣᠵᠢᠮ ᠨᠢ ᠴᠣᠬᠣᠮ ᠶᠠᠭᠠᠬᠢᠭᠰᠠᠨ ᠢ᠋ ᠪᠢ ᠮᠡᠳᠡᠬᠦ ᠦᠭᠡᠢ᠃ ᠰᠡᠭᠦᠯ ᠳ᠋ᠦ᠍ᠨᠢ ᠰᠣᠨᠣᠰᠬᠤ ᠳ᠋ᠤ᠌ ᠥᠬᠢᠨ ᠳᠡᠭᠦᠦ ᠨᠠᠢ᠍ᠮᠠᠨ ᠨᠠᠰᠤᠲᠠᠢ ᠳ᠋ᠠᠭᠠᠨ ᠠᠢᠯ ᠤ᠋ᠨ ᠲᠡᠵᠢᠭᠡᠪᠦᠷᠢ ᠪᠡᠷᠢ ᠪᠡᠷ ᠬᠠᠷᠢᠯᠠᠴᠢᠬᠠᠯ᠎ᠠ ᠭᠡᠰᠡᠨ᠁ 
       — ᠭᠡᠷ ᠲᠡᠭᠡᠨ ᠬᠠᠷᠢᠶ᠎ᠠ ᠭᠡᠵᠦ ᠰᠠᠨᠠᠳᠠᠭ ᠤᠤ? 
       — ᠠᠩᠬ᠎ᠠ ᠭᠡᠷ ᠢ᠋ᠶ᠋ᠡᠨ ᠰᠦᠷᠡᠬᠡᠢ ᠰᠠᠨᠠᠵᠤ ᠠᠬ᠎ᠠ ᠡᠭᠡᠴᠢ ᠳᠡᠭᠦᠦ ᠨᠠᠷ ᠡᠷᠢᠭᠳᠡᠵᠦ᠂ ᠪᠣᠯᠳᠠᠭ ᠰᠠᠨ ᠪᠣᠰᠤᠭᠠᠳ ᠶᠠᠪᠤᠴᠢᠬᠠᠶ᠎ᠠ ᠭᠡᠵᠦ ᠴᠤ᠌ ᠪᠠᠢᠭᠰᠠᠨ᠃ ᠣᠳᠣ ᠭᠡᠷ ᠢ᠋ᠶ᠋ᠡᠨ ᠰᠠᠨᠠᠬᠤ ᠦᠭᠡᠢ ᠪᠣᠯᠵᠠᠢ᠂ ᠰᠠᠨᠠᠭᠠᠳ ᠴᠤ᠌ ᠶᠠᠮᠠᠷ ᠲᠤᠰᠠ ᠪᠠᠢᠬᠤ ᠪᠣᠢ⁈ ᠪᠡᠶ᠎ᠡ ᠰᠡᠳᠬᠢᠯ ᠢ᠋ᠶ᠋ᠡᠨ ᠵᠣᠪᠠᠭᠠᠬᠤ ᠶ᠋ᠢᠨ ᠨᠡᠮᠡᠷᠢ᠃ ᠭᠡᠷ ᠣᠷᠣᠨ ᠣᠳᠣ ᠶᠠᠮᠠᠷ ᠰᠢᠤᠬᠠᠨ ᠣᠷᠣᠨᠴᠣᠭ᠂ ᠬᠠᠮᠢᠭ᠎ᠠ ᠪᠠᠢᠭ᠎ᠠ ᠶ᠋ᠢ ᠪᠢ ᠲᠥᠰᠦᠭᠡᠯᠡᠵᠦ ᠪᠣᠳᠣᠬᠤ ᠠ᠋ᠴᠠ ᠵᠢᠷᠦᠬᠡᠰᠢᠶᠡᠳᠡᠭ᠁ ᠭᠡᠳ ᠲᠡᠷᠡ ᠬᠡᠦᠬᠡᠨ ᠨᠢᠰᠦ ᠪᠡᠨ ᠲᠠᠲᠠᠵᠤ ᠨᠢᠯᠪᠤᠰᠤ ᠪᠠᠨ ᠠᠷᠴᠢᠯ᠎ᠠ᠃ 
       — ᠣᠳᠣ ᠲᠡᠭᠡᠭᠡᠳ ᠡᠨᠡ ᠠᠮᠢᠳᠤᠷᠠᠯ ᠳ᠋ᠠᠭᠠᠨ ᠳᠠᠳᠵᠤ ᠪᠠᠢᠭ᠎ᠠ ᠤᠤ? 
       — ᠲᠡᠳᠦᠮᠡᠷ ᠴᠤ᠌ ᠶᠠᠭᠤ ᠪᠠᠢᠬᠤ ᠪᠣᠢ? ᠠᠷᠭ᠎ᠠ ᠦᠭᠡᠢ᠃ ᠰᠢᠩᠭᠡᠯᠢᠭ ᠦ᠋ᠨ ᠰᠢᠪᠠᠭᠤ ᠰᠢᠭ᠋ ᠬᠣᠰᠢᠭᠤ ᠲᠥᠷᠥᠬᠦᠢᠴᠡ ᠬᠤᠨᠳᠠᠭᠠᠨ ᠳ᠋ᠠᠬᠢ ᠤᠰᠤ ᠠ᠋ᠴᠠ ᠤᠮᠳᠠᠯᠠᠵᠤ ᠬᠡᠳᠦᠨ ᠮᠥᠬᠥᠯᠢᠭ ᠨᠠᠷᠢᠮᠤ ᠠ᠋ᠴᠠ ᠲᠣᠩᠰᠢᠯᠠᠨ ᠡᠳᠦᠷ ᠬᠣᠨᠣᠭ ᠢ᠋ ᠡᠯᠡᠭᠡᠬᠦ ᠡᠴᠡ᠃ ᠠᠢ ᠳᠠ! ᠬᠥᠮᠦᠨ ᠠᠳᠤᠭᠤᠰᠤ ᠬᠣᠶᠠᠷ ᠠᠳᠠᠯᠢᠬᠠᠨ ᠠ᠋᠂ ᠬᠦᠴᠦᠷᠬᠡᠭᠴᠢ ᠶ᠋ᠢᠨ ᠢ᠋ᠶ᠋ᠡᠨ ᠡᠷᠬᠡᠰᠢᠶᠡᠯ ᠳ᠋ᠦ᠍ ᠣᠷᠣᠭᠰᠠᠨ ᠴᠠᠭ ᠲᠤ ᠥᠪᠡᠷ ᠦ᠋ᠨ ᠡᠷᠬᠡ ᠮᠠᠲᠠᠯ᠂ ᠳᠤᠷ᠎ᠠ ᠬᠦᠰᠡᠯ ᠢ᠋ᠶ᠋ᠡᠨ ᠪᠦᠷᠢᠨ ᠠᠯᠳᠠᠵᠤ᠂ ᠶᠠᠮᠠᠷ ᠴᠤ᠌ ᠦᠨ᠎ᠡ ᠲᠥᠯᠥᠪᠦᠷᠢ ᠦᠭᠡᠢ ᠪᠡᠷ ᠡᠵᠡᠮᠳᠡᠭᠴᠢ ᠶ᠋ᠢᠨ ᠳᠤᠷ᠎ᠠ ᠪᠠᠬ᠎ᠠ ᠶ᠋ᠢᠨ ᠬᠠᠩᠭᠠᠯᠲᠠ ᠳ᠋ᠤ᠌ ᠭᠣᠮᠣᠳᠠᠯ ᠦᠭᠡᠢ ᠦᠷᠡᠭᠳᠡᠨ᠎ᠡ᠃ ᠭᠣᠮᠣᠳᠠᠵᠤ ᠵᠣᠪᠠᠭᠠᠳ ᠨᠡᠮᠡᠷᠢ ᠠᠯᠠᠭ᠎ᠠ᠃ ᠡᠨᠡ ᠪᠣᠯ ᠬᠤᠪᠢ ᠵᠠᠶᠠᠭ᠎ᠠ! ᠥᠨᠥᠳᠥᠷ ᠦ᠋ᠨ ᠬᠤᠪᠢ ᠵᠠᠶᠠᠭ᠎ᠠ— ᠲᠠᠨ ᠲᠠᠢ ᠲᠠᠨᠢᠯᠴᠠᠵᠤ ᠵᠢᠷᠭᠠᠬᠤ ᠬᠤᠪᠢ ᠵᠠᠶᠠᠭ᠎ᠠ ᠲᠠᠢ ᠪᠣᠯᠤᠭᠰᠠᠨ ᠳ᠋ᠠᠭᠠᠨ ᠮᠢᠨᠦ ᠬᠣᠵᠢᠮ ᠤ᠋ᠨ ᠠᠮᠢᠳᠤᠷᠠᠯ ᠤ᠋ᠨ ᠵᠠᠮ ᠣᠩᠭᠣᠢᠵᠠᠢ ᠭᠡᠵᠦ ᠪᠢ ᠰᠡᠳᠬᠢᠯ ᠢ᠋ᠶ᠋ᠡᠷ ᠠᠩᠬ᠎ᠠ ᠤᠳᠠᠭ᠎ᠠ ᠴᠠᠳᠬᠤᠯᠠᠩ ᠪᠠᠢᠨ᠎ᠠ᠃ 
       — ᠪᠢ ᠴᠦ᠍ ᠭᠡᠰᠡᠨ ᠴᠢᠮ᠎ᠠ ᠠ᠋ᠴᠠ ᠢᠯᠭᠠᠭ᠎ᠠ ᠶᠠᠭᠤ ᠪᠠᠢᠬᠤ ᠪᠣᠢ? ᠳᠤᠷ᠎ᠠ ᠲᠠᠢ ᠳ᠋ᠠᠭᠠᠨ ᠡᠨᠳᠡ ᠠᠯᠪᠠᠯᠠᠵᠤ ᠪᠡᠶ᠎ᠡ ᠡᠴᠡ ᠪᠡᠨ ᠬᠡᠳᠦ ᠪᠠᠭ᠎ᠠ ᠬᠡᠦᠬᠡᠨ ᠥᠬᠢᠨ ᠬᠥᠮᠦᠨ ᠢ᠋᠁ ᠵᠠ ᠪᠠᠢᠵᠠ! ᠴᠡᠷᠢᠭ ᠦ᠋ᠨ ᠬᠠᠲᠠᠭᠤ ᠠᠯᠪᠠ᠂ ᠵᠠᠰᠠᠭ ᠶᠠᠮᠤᠨ᠂ ᠤᠯᠤᠰ ᠭᠦᠷᠦᠨ ᠦ᠌ ᠯᠡ ᠲᠥᠯᠥᠭᠡ ᠪᠢᠵᠡ ᠳᠡ᠂ ᠠᠷᠤ ᠭᠡᠷ ᠲᠡᠭᠡᠨ ᠠᠪᠠᠭᠠᠢ ᠬᠡᠦᠬᠡᠳ ᠢ᠋ᠶ᠋ᠡᠨ ᠣᠷᠬᠢᠵᠤ ᠶᠠᠪᠤᠭ᠎ᠠ᠁ ᠲᠡᠳᠡᠨᠦᠰ ᠮᠢᠨᠢ ᠶᠠᠮᠠᠷ ᠰᠠᠢᠬᠠᠨ ᠠᠮᠢᠳᠤᠷᠠᠵᠤ᠂ ᠭᠡᠳᠡᠰᠦ ᠴᠠᠳᠬᠤᠯᠠᠩ ᠮᠥᠷᠥ ᠪᠦᠲᠦᠨ ᠶᠠᠪᠤᠵᠤ ᠪᠠᠢᠳᠠᠭ ᠪᠢᠯᠡ ᠤᠤ? ᠭᠡᠬᠦ ᠣᠯᠠᠨ ᠡᠷᠢᠶᠡᠨ ᠪᠣᠳᠣᠯ ᠪᠡᠶ᠎ᠡ ᠣᠷᠢᠶᠠᠵᠤ ᠬᠡᠳᠦᠨ ᠵᠢᠯ ᠨᠠᠮᠠᠶ᠋ᠢ ᠵᠣᠪᠠᠭᠠᠯ᠎ᠠ! ᠴᠢᠨᠦ ᠬᠡᠯᠡᠳᠡᠭ ᠢ᠋ᠶ᠋ᠡᠷ ᠬᠤᠪᠢ ᠵᠠᠶᠠᠭ᠎ᠠ! ᠪᠢ ᠴᠦ᠍ ᠮᠥᠨ ᠡᠢᠮᠦ ᠯᠡ ᠬᠤᠪᠢ ᠵᠠᠶᠠᠭᠠᠨ ᠤ᠋ ᠣᠳᠣᠨ ᠳ᠋ᠤ᠌ ᠲᠥᠷᠥᠭᠰᠡᠨ ᠬᠥᠮᠦᠨ ᠪᠠᠢᠵᠠᠢ ᠠ᠋ ᠭᠡᠵᠦ ᠵᠠᠩᠴᠣᠪ ᠥᠨᠥᠬᠢ ᠬᠡᠦᠬᠡᠨ ᠢ᠋ ᠡᠨᠡᠷᠢᠨ ᠠᠪᠠᠭᠠᠢ ᠬᠡᠦᠬᠡᠳ ᠢ᠋ᠶ᠋ᠡᠨ ᠮᠥᠷᠥᠭᠡᠳᠦᠭᠰᠡᠨ᠂ ᠨᠤᠲᠤᠭ ᠤᠰᠤ ᠪᠠᠨ ᠰᠠᠨᠠᠭᠰᠠᠨ ᠬᠠᠷᠠᠴᠠ ᠪᠠᠷ ᠴᠣᠩᠬᠣᠨ ᠤ᠋ ᠭᠡᠭᠡ ᠲᠤᠰᠤᠭᠰᠠᠨ ᠤᠭᠠᠯᠵᠠ ᠬᠡ ᠶ᠋ᠢ ᠬᠠᠷᠠᠭᠠᠳ ᠳᠣᠣᠷᠠᠲᠤ ᠤᠷᠤᠭᠤᠯ ᠢ᠋ᠶ᠋ᠠᠨ ᠵᠠᠭᠤᠪᠠ᠃ 
       — ᠠᠬ᠎ᠠ ᠠ᠋᠂ ᠲᠠ ᠦᠨᠡᠬᠡᠷ ᠰᠠᠢᠨ  ᠰᠠᠨᠠᠭ᠎ᠠ ᠲᠠᠢ ᠡᠷ᠎ᠡ ᠬᠥᠮᠦᠨ ᠶᠦᠮ ᠠ᠋᠂ ᠲᠠ ᠨᠠᠮᠠᠶ᠋ᠢ ᠭᠣᠯᠣᠬᠤ ᠦᠭᠡᠢ ᠪᠣᠯ ᠬᠣᠵᠢᠮ ᠬᠣᠶᠠᠭᠤᠯᠠ ᠪᠠᠨ ᠬᠤᠪᠢ ᠵᠠᠶᠠᠭ᠎ᠠ ᠪᠠᠨ ᠬᠣᠯᠪᠣᠵᠤ ᠰᠠᠭᠤᠬᠤ ᠤᠤ? 
       — ᠪᠢ ᠴᠡᠷᠢᠭ ᠬᠥᠮᠦᠨ! ᠥᠨᠥᠳᠥᠷ ᠡᠨᠳᠡ ᠠᠮᠢᠳᠤ ᠪᠠᠢᠬᠤ ᠳ᠋ᠤ᠌ ᠮᠠᠷᠭᠠᠲᠤᠷ ᠦᠭᠦᠴᠢᠭᠰᠡᠨ ᠴᠤ᠌ ᠪᠠᠢᠵᠤ ᠮᠠᠭᠠᠳ ᠦᠭᠡᠢ ᠬᠥᠮᠦᠨ᠃ ᠪᠢ ᠣᠳᠣ ᠴᠢᠮ᠎ᠠ ᠲᠠᠢ ᠬᠤᠪᠢ ᠵᠠᠶᠠᠭ᠎ᠠ ᠪᠠᠨ ᠬᠣᠯᠪᠣᠵᠤ ᠴᠢᠳᠠᠬᠤ ᠦᠭᠡᠢ᠃ ᠤᠴᠢᠷ ᠨᠢ ᠪᠢ ᠬᠤᠳᠠᠯ ᠬᠡᠯᠡᠵᠦ ᠴᠢᠳᠠᠬᠤ ᠦᠭᠡᠢ᠃ ᠴᠡᠷᠢᠭ ᠵᠠᠰᠠᠭ ᠤ᠋ᠨ ᠵᠠᠷᠯᠢᠭ ᠢ᠋ᠶ᠋ᠠᠷ ᠬᠤᠪᠢ ᠵᠠᠶᠠᠭ᠎ᠠ ᠲᠣᠩᠭᠣᠷᠠᠵᠤ ᠴᠢᠮ᠎ᠠ ᠶ᠋ᠢ ᠬᠤᠳᠠᠯ ᠬᠡᠯᠡᠵᠦ ᠠᠷᠤ ᠬᠣᠢᠨ᠎ᠠ ᠪᠠᠨ ᠪᠠᠰᠠ ᠨᠢᠭᠡᠨ ᠬᠥᠮᠦᠨ ᠢ᠋ ᠬᠠᠶᠠᠴᠢᠬᠠᠭᠠᠳ ᠵᠣᠪᠠᠭᠠᠵᠤ ᠰᠠᠭᠤᠬᠤ ᠳᠤᠷ᠎ᠠ ᠦᠭᠡᠢ᠃ ᠨᠡᠩ ᠴᠤ᠌ ᠡᠮ᠎ᠡ ᠬᠥᠮᠦᠨ ᠦ᠌ ᠡᠮᠵᠡᠭ ᠬᠡᠪᠡᠷᠡᠭᠬᠡᠨ ᠰᠡᠳᠬᠢᠯ ᠢ᠋ ᠭᠣᠮᠣᠳᠠᠭᠠᠨ ᠲᠠᠷᠴᠢᠯᠠᠭᠠᠬᠤ ᠶ᠋ᠢ ᠪᠢ ᠨᠢᠭᠦᠯ ᠭᠡᠵᠦ ᠰᠠᠨᠠᠨ᠎ᠠ᠃ ᠲᠡᠭᠡᠭᠡᠳ ᠪᠢ ᠠᠷᠤ ᠬᠣᠢᠨ᠎ᠠ ᠥᠨᠳᠡᠭᠡ ᠵᠤᠯᠵᠠᠭ᠎ᠠ ᠠᠷᠪᠠᠭᠠᠨᠠᠭᠰᠠᠨ ᠣᠪᠣᠬᠠᠢ ᠡᠭᠦᠷ ᠢ᠋ᠶ᠋ᠡᠨ ᠳᠤᠲᠠᠭᠤ ᠠᠮᠢᠰᠬᠤᠯ ᠲᠠᠢ ᠬᠠᠶᠠᠴᠢᠬᠠᠭᠠᠳ ᠶᠠᠪᠤᠭ᠎ᠠ ᠳ᠋ᠠᠭᠠᠨ ᠥᠪᠡᠷ ᠦ᠋ᠨ ᠮᠢᠬ᠎ᠠ ᠪᠠᠨ ᠱᠤᠯᠤᠵᠤ ᠢᠳᠡᠭᠰᠡᠨ ᠡᠴᠡ ᠴᠠᠭᠠᠭᠤᠷ ᠪᠡᠶ᠎ᠡ ᠰᠡᠳᠬᠢᠯ ᠰᠢᠨᠠᠯᠵᠤ ᠶᠠᠪᠤᠭ᠎ᠠ ᠶ᠋ᠢ ᠴᠢ ᠶᠠᠭᠠᠬᠢᠨ ᠣᠢᠯᠠᠭᠠᠬᠤ ᠪᠣᠢ⁈ 
       ᠲᠡᠷᠡ ᠬᠡᠦᠬᠡᠨ ᠵᠠᠩᠴᠣᠪ ᠢ᠋ ᠬᠦᠵᠦᠭᠦᠳᠡᠨ ᠲᠡᠪᠡᠷᠢᠵᠦ ᠰᠦᠷᠡᠬᠡᠢ ᠱᠣᠭᠰᠢᠨ ᠤᠬᠢᠯᠠᠨ᠎ᠠ᠁  
       ᠠᠷᠢᠬᠢ ᠴᠤ᠌ ᠰᠡᠷᠭᠦᠯ᠎ᠡ᠃  
       ᠨᠣᠢᠷ ᠴᠤ᠌ ᠰᠡᠷᠡᠯ᠎ᠡ᠃  
       ᠭᠡᠭᠡ ᠴᠤ᠌ ᠣᠷᠣᠯ᠎ᠠ ᠁ 
      《 ᠵᠠᠩᠴᠣᠪ ᠳᠡᠭᠡᠷᠡᠮ ᠳ᠋ᠦ᠍ ᠠᠯᠠᠭᠳᠠᠴᠢᠬᠠᠯ᠎ᠠ!》 ᠭᠡᠳᠡᠭ ᠶᠠᠷᠢᠶ᠎ᠠ ᠭᠠᠷᠤᠭᠰᠠᠨ ᠠ᠋ᠴᠠ ᠡᠨᠡ ᠠᠢᠯ ᠤ᠋ᠨ ᠲᠤᠯᠭᠠᠭᠤᠷᠢ ᠬᠤᠭᠤᠷᠠᠭᠰᠠᠨ ᠶᠡᠬᠡ ᠲᠠᠷᠴᠢᠯᠠᠭᠠᠯ ᠢ᠋ ᠠᠮᠰᠠᠵᠤ ᠭᠦᠢᠴᠡᠭᠰᠡᠨ ᠥᠨᠥᠴᠢᠨ ᠥᠷᠥᠭᠡᠰᠦᠨ ᠪᠯᠠᠮᠤ ᠪᠦᠰᠡᠭᠦᠢ ᠶ᠋ᠢᠨ ᠬᠤᠪᠢ ᠲᠠᠪᠢᠯᠠᠩ ᠬᠣᠷᠸ᠎ᠠ ᠶ᠋ᠢᠨ ᠵᠢᠮ᠎ᠡ ᠪᠡᠷ ᠬᠤᠪᠢᠷᠠᠬᠤ ᠨᠢ ᠡᠨᠡ ᠨᠡᠢᠭᠡᠮ ᠳ᠋ᠦ᠍ ᠭᠠᠢᠬᠠᠯᠲᠠᠢ ᠤᠴᠢᠷ ᠪᠢᠰᠢ ᠠᠵᠢ᠃  

         ᠦᠰᠦᠭ ᠠᠮᠢᠯᠠᠭᠤᠯᠤᠭᠰᠠᠨ ᠨᠢ᠄ ᠲᠡᠭᠷᠢ ᠡᠵᠢ