ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠵᠢᠷᠭᠤᠳᠤᠭᠠᠷ ᠪᠦᠯᠦᠭ01ᠣᠶᠣᠳᠠᠯᠴᠢᠨ ᠤ᠋ ᠪᠠᠢᠷᠢ ᠶ᠋ᠢᠨ ᠥᠩᠭᠡᠨ ᠦ᠌ ᠨᠥᠯᠥᠭᠡ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠵᠢᠷᠭᠤᠳᠤᠭᠠᠷ ᠪᠦᠯᠦᠭ01ᠣᠶᠣᠳᠠᠯᠴᠢᠨ ᠤ᠋ ᠪᠠᠢᠷᠢ ᠶ᠋ᠢᠨ ᠥᠩᠭᠡᠨ ᠦ᠌ ᠨᠥᠯᠥᠭᠡ

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠵᠢᠷᠭᠤᠳᠤᠭᠠᠷ ᠪᠦᠯᠦᠭ01ᠣᠶᠣᠳᠠᠯᠴᠢᠨ ᠤ᠋ ᠪᠠᠢᠷᠢ ᠶ᠋ᠢᠨ ᠥᠩᠭᠡᠨ ᠦ᠌ ᠨᠥᠯᠥᠭᠡ

ᠠᠩᠭᠢᠯᠠᠯ:ᠵᠠᠩ ᠦᠢᠯᠡ
2024-05-21

457

ᠵᠢᠷᠭᠤᠳᠤᠭᠠᠷ ᠪᠦᠯᠦᠭ01ᠣᠶᠣᠳᠠᠯᠴᠢᠨ ᠤ᠋ ᠪᠠᠢᠷᠢ ᠶ᠋ᠢᠨ ᠥᠩᠭᠡᠨ ᠦ᠌ ᠨᠥᠯᠥᠭᠡ

     ᠥᠩᠭᠡᠨ ᠦ᠌ ᠰᠡᠳᠬᠢᠬᠦᠢ ᠶ᠋ᠢᠨ ᠹᠢᠽᠢᠣᠯᠣᠭᠢ ᠦᠢᠯᠡᠴᠢᠯᠡᠭᠡ ᠥᠩᠭᠡ ᠶ᠋ᠢᠨ ᠵᠣᠬᠢᠴᠠᠯ ᠡᠷᠡᠮᠪᠡ ᠨᠢ ᠬᠥᠮᠦᠨ ᠦ᠌ ᠨᠠᠰᠤ᠂ ᠬᠦᠢᠰᠦ᠂ ᠪᠡᠶ᠎ᠡ᠂ ᠰᠡᠳᠬᠢᠯ ᠰᠠᠨᠠᠭᠠᠨ ᠤ᠋ ᠪᠠᠢᠳᠠᠯ ᠠ᠋ᠴᠠ ᠰᠢᠯᠲᠠᠭᠠᠯᠠᠨ ᠬᠥᠮᠦᠰ ᠦ᠋ᠨ ᠰᠡᠳᠬᠢᠬᠦᠢ᠂ ᠹᠢᠽᠢᠣᠯᠣᠭᠢ ᠶ᠋ᠢᠨ ᠶᠠᠩᠵᠤ ᠪᠦᠷᠢ ᠶ᠋ᠢᠨ ᠦᠢᠯᠡᠴᠢᠯᠡᠯ ᠳ᠋ᠦ᠍ ᠨᠥᠯᠥᠭᠡ ᠦᠵᠡᠭᠦᠯᠦᠨ᠎ᠡ᠃ ᠡᠨᠡ ᠲᠤᠬᠠᠢ ᠡᠷᠳᠡᠮᠲᠡᠳ ᠡᠷᠲᠡ ᠦᠶ᠎ᠡ ᠡᠴᠡ ᠡᠬᠢᠯᠡᠵᠦ ᠰᠤᠳᠤᠯᠵᠤ ᠪᠠᠢᠵᠠᠢ᠃
ᠹᠷᠠᠨᠼᠢ ᠶ᠋ᠢᠨ ᠡᠷᠳᠡᠮᠲᠡᠨ ᠮ· ᠳ᠋ᠢᠶᠠᠷᠢᠪᠶᠠᠷᠢᠨ ᠣᠯᠠᠨ ᠵᠢᠯ ᠦ᠋ᠨ ᠰᠤᠳᠤᠯᠭᠠᠨ ᠬᠢᠭᠰᠡᠨ ᠦ᠌ ᠦᠷ᠎ᠡ ᠳ᠋ᠦᠩ ᠳ᠋ᠦ᠍ ᠥᠩᠭᠡ ᠲᠤᠰ ᠪᠦᠷᠢ ᠶ᠋ᠢᠨ ᠬᠥᠮᠦᠨ ᠳ᠋ᠦ᠍ ᠨᠥᠯᠥᠭᠡᠯᠡᠬᠦ ᠦᠢᠯᠡᠴᠢᠯᠡᠭᠡ ᠶ᠋ᠢ ᠲᠣᠳᠣᠷᠬᠠᠢᠯᠠᠵᠠᠢ᠃ ᠲᠡᠷᠡ ᠪᠤᠰᠤᠳ ᠡᠷᠳᠡᠮᠲᠡᠨ ᠦ᠌ ᠲᠣᠳᠣᠷᠬᠠᠢᠯᠠᠯᠲᠠ ᠠ᠋ᠴᠠ ᠦᠨᠳᠦᠰᠦᠯᠡᠨ ᠭᠣᠣᠯ ᠭᠣᠣᠯ ᠥᠩᠭᠡ ᠶ᠋ᠢᠨ ᠰᠡᠳᠬᠢᠬᠦᠢ ᠹᠢᠽᠢᠣᠯᠣᠭᠢ ᠶ᠋ᠢᠨ ᠦᠢᠯᠡᠴᠢᠯᠡᠯᠭᠡ ᠶᠠᠮᠠᠷ ᠪᠠᠢᠬᠤ ᠶ᠋ᠢ ᠲᠣᠳᠣᠷᠬᠠᠢᠯᠠᠵᠠᠢ᠃ ᠡᠭᠦᠨ ᠳ᠋ᠦ᠍ ᠤᠯᠠᠪᠢᠷ ᠰᠢᠷ᠎ᠠ ᠥᠩᠭᠡ ᠬᠥᠮᠦᠨ ᠳ᠋ᠦ᠍ ᠤᠯᠠᠢᠰᠤᠭᠰᠠᠨ᠂ ᠬᠠᠯᠠᠭᠤᠨ ᠶᠠᠭᠤᠮᠠᠰ ᠢ᠋ ᠰᠠᠨᠠᠭᠳᠠᠭᠤᠯᠳᠠᠭ ᠤᠴᠢᠷ ᠬᠥᠮᠦᠨ ᠦ᠌ ᠤᠷᠮ᠎ᠠ ᠵᠣᠷᠢᠭ ᠢ᠋ ᠣᠷᠣᠭᠤᠯᠵᠤ ᠦᠢᠯᠡ ᠠᠵᠢᠯᠯᠠᠭ᠎ᠠ ᠶ᠋ᠢ ᠢᠳᠡᠪᠬᠢᠵᠢᠭᠦᠯᠳᠡᠭ᠃
     ᠬᠥᠬᠡ ᠥᠩᠭᠡ ᠳᠠᠯᠠᠢ ᠲᠠᠩᠭᠢᠰ᠂ ᠭᠣᠣᠯ ᠮᠥᠷᠡᠨ ᠦ᠌ ᠤᠰᠤ ᠶ᠋ᠢ ᠰᠠᠨᠠᠭᠳᠠᠭᠤᠯᠵᠤ᠂ ᠰᠡᠷᠢᠭᠦᠨ ᠲᠠᠲᠠᠭᠤᠯᠬᠤ ᠦᠢᠯᠡᠴᠢᠯᠡᠭᠡᠲᠠᠢ ᠪᠠᠢᠨ᠎ᠠ᠃ ᠬᠥᠬᠡ ᠴᠡᠩᠬᠡᠷ ᠥᠩᠭᠡ ᠨᠢ ᠴᠡᠪᠡᠷ ᠲᠤᠩᠭᠠᠯᠠᠭ ᠠᠭᠠᠷ ᠮᠠᠨᠳᠠᠯ ᠢ᠋ ᠰᠠᠨᠠᠭᠳᠠᠭᠤᠯᠤᠨ᠎ᠠ᠃ ᠲᠤᠩᠭᠠᠯᠠᠭ ᠰᠠᠢᠬᠠᠨ ᠡᠳᠦᠷ ᠬᠥᠮᠦᠨ ᠦ᠌ ᠰᠡᠳᠬᠢᠯ ᠬᠥᠭᠵᠢᠯᠲᠡᠢ ᠰᠠᠢᠬᠠᠨ ᠪᠠᠢᠳᠠᠭ ᠠᠳᠠᠯᠢ ᠬᠥᠬᠡ ᠴᠡᠩᠬᠡᠷ ᠥᠩᠭᠡ ᠬᠥᠮᠦᠨ ᠦ᠌ ᠰᠡᠳᠬᠢᠯ ᠰᠠᠨᠠᠭ᠎ᠠ ᠶ᠋ᠢ ᠬᠥᠭᠵᠢᠯᠲᠡᠢ ᠲᠡᠨᠢᠭᠦᠨ ᠪᠣᠯᠭᠠᠳᠠᠭ᠃ ᠬᠥᠬᠡ ᠥᠩᠭᠡ ᠬᠥᠮᠦᠨ ᠦ᠌ ᠪᠤᠯᠴᠢᠩ ᠤ᠋ᠨ ᠴᠢᠩᠭᠠᠷᠠᠯ ᠢ᠋ ᠪᠠᠭᠠᠰᠬᠠᠵᠤ ᠠᠮᠢᠰᠬᠤᠯ ᠤ᠋ᠨ ᠬᠡᠮᠵᠢᠶ᠎ᠡ ᠶ᠋ᠢ ᠲᠣᠬᠢᠷᠠᠭᠤᠯᠤᠨ ᠰᠤᠳᠠᠰᠤᠨ ᠤ᠋ ᠴᠣᠬᠢᠯᠲᠠ ᠶ᠋ᠢ ᠲᠠᠢᠪᠤᠰᠢᠷᠠᠭᠤᠯᠤᠨ᠎ᠠ᠃ ᠤᠯᠠᠭᠠᠨ ᠥᠩᠭᠡ ᠬᠠᠯᠠᠭᠤᠨ ᠲᠡᠮᠦᠷ᠂ ᠭᠠᠯ ᠲᠦᠢᠮᠡᠷ᠂ ᠴᠢᠰᠤᠨ ᠤ᠋ ᠥᠩᠭᠡ ᠶᠦᠮ᠃ ᠡᠢᠮᠦ ᠳ᠋ᠦ᠍ ᠡᠨᠡ ᠥᠩᠭᠡ ᠬᠠᠯᠠᠭᠤᠨ ᠰᠠᠨᠠᠭᠳᠠᠭᠤᠯᠬᠤ᠂ ᠠᠢᠳᠠᠰ ᠬᠦᠷᠭᠡᠬᠦ᠂ ᠡᠷᠴᠢᠮ ᠣᠷᠣᠭᠤᠯᠬᠤ ᠦᠢᠯᠡᠴᠢᠯᠡᠭᠡ ᠲᠡᠢ᠃ ᠤᠯᠠᠭᠠᠨ ᠥᠩᠭᠡ ᠶ᠋ᠢᠨ ᠳᠣᠯᠭᠢᠶᠠᠨ ᠤᠷᠲᠤ ᠪᠤᠰᠤᠳ ᠥᠩᠭᠡᠨ ᠡᠴᠡ ᠶᠡᠬᠡ ᠪᠠᠢᠳᠠᠭ᠃ ᠬᠦᠷᠡᠩ ᠥᠩᠭᠡ ᠳᠤᠯᠠᠭᠠᠨ ᠠᠶᠠᠲᠠᠢ ᠲᠠᠢᠪᠤᠩ ᠰᠡᠳᠬᠢᠯ ᠲᠥᠷᠥᠭᠳᠡᠭᠦᠯᠵᠦ᠂ ᠶᠠᠭᠤᠮᠠᠰ ᠢ᠋ ᠪᠥᠬᠡ ᠪᠠᠲᠤ᠂ ᠲᠣᠭᠲᠠᠪᠤᠷᠢ ᠲᠠᠢ ᠶᠤᠮ ᠰᠢᠭ᠋ ᠪᠣᠯᠭᠠᠨ᠎ᠠ᠃ ᠭᠡᠪᠡᠴᠦ ᠬᠥᠮᠦᠨ ᠢ᠋ ᠤᠷᠮ᠎ᠠ ᠬᠤᠭᠤᠯᠵᠤ ᠲᠠᠪᠠ ᠦᠭᠡᠢ ᠪᠠᠢᠳᠠᠯ ᠳ᠋ᠤ᠌ ᠣᠷᠣᠭᠤᠯᠵᠤ ᠪᠣᠯᠳᠠᠭ᠃
     ᠰᠠᠷᠠᠯᠳᠠᠭᠤ ᠬᠦᠷᠡᠩ ᠥᠩᠭᠡ— ᠰᠡᠳᠬᠢᠯ ᠰᠠᠨᠠᠭ᠎ᠠ ᠶ᠋ᠢ ᠤᠢᠮᠤᠷᠠᠭᠤᠯᠵᠤ ᠲᠦᠭᠰᠢᠭᠦᠷᠢ ᠲᠥᠷᠥᠭᠦᠯᠬᠦ ᠡᠴᠡ ᠪᠣᠯᠭᠣᠮᠵᠢᠯᠠᠬᠤ ᠵᠡᠷᠭᠡ ᠠᠶ᠎ᠠ ᠦᠭᠡᠢ ᠰᠡᠳᠬᠢᠯ ᠲᠥᠷᠥᠭᠦᠯᠦᠨ᠎ᠡ᠃
     ᠰᠢᠷ᠎ᠠ ᠥᠩᠭᠡ— ᠨᠠᠷᠠᠨ ᠤ᠋ ᠥᠩᠭᠡ ᠤᠴᠢᠷ ᠠ᠋ᠴᠠ ᠬᠥᠮᠦᠨ ᠳ᠋ᠦ᠍ ᠳᠤᠯᠠᠭᠠᠨ ᠬᠥᠭᠵᠢᠯ ᠲᠡᠢ᠂ ᠤᠷᠮ᠎ᠠ ᠵᠣᠷᠢᠭ ᠣᠷᠣᠭᠤᠯᠤᠨ ᠰᠡᠳᠬᠢᠯ ᠬᠥᠭᠵᠢᠭᠡᠨ᠎ᠡ᠃
     ᠨᠣᠭᠣᠭᠠᠨ ᠥᠩᠭᠡ— ᠬᠠᠪᠤᠷ ᠤ᠋ᠨ ᠨᠢᠯᠬ᠎ᠠ ᠨᠣᠭᠣᠭᠠᠨ ᠤ᠋ ᠥᠩᠭᠡ ᠰᠡᠷᠢᠭᠦᠨ ᠲᠤᠩᠭᠠᠯᠠᠭ ᠨᠠᠮ ᠲᠠᠢᠪᠤᠩ᠂
 ᠨᠠᠢᠳᠠᠪᠤᠷᠢ ᠵᠠᠯᠠᠭᠤ ᠨᠠᠰᠤᠨ ᠤ᠋ ᠪᠡᠯᠭᠡ ᠲᠡᠮᠳᠡᠭ ᠪᠣᠯᠤᠭᠰᠠᠨ ᠥᠩᠭᠡ ᠭᠡᠵᠦ ᠦᠵᠡᠳᠡᠭ᠃ ᠡᠨᠡ ᠥᠩᠭᠡ ᠳᠣᠯᠭᠢᠶᠠᠨ ᠤ᠋ ᠬᠤᠪᠢ ᠳ᠋ᠤ᠌ ᠳᠤᠮᠳᠠ ᠵᠡᠷᠭᠡ ᠤᠷᠲᠤ ᠲᠠᠢ᠂ ᠮᠡᠳᠡᠷᠡᠯ ᠦ᠋ᠨ ᠰᠢᠰᠲ᠋ᠧᠮ ᠢ᠋ ᠲᠠᠢᠪᠤᠰᠢᠷᠠᠭᠤᠯᠬᠤ ᠦᠢᠯᠡᠴᠢᠯᠡᠭᠡ ᠲᠡᠢ ᠨᠣᠭᠣᠭᠠᠨ ᠰᠢᠷ᠎ᠠ ᠥᠩᠭᠡ ᠶ᠋ᠢ ᠨᠠᠢᠷᠠᠭᠤᠯᠬᠤ ᠳ᠋ᠤ᠌ ᠬᠥᠮᠦᠨ ᠦ᠌ ᠤᠷᠮ᠎ᠠ ᠵᠣᠷᠢᠭ᠂ ᠰᠡᠳᠬᠢᠯ ᠰᠠᠨᠠᠭ᠎ᠠ ᠶ᠋ᠢ ᠰᠡᠷᠭᠦᠭᠡᠬᠦ ᠠᠶᠠᠲᠠᠢ ᠳᠥᠯᠭᠡᠨ ᠥᠩᠭᠡ ᠡᠭᠦᠰᠳᠡᠭ᠃
     ᠨᠢᠯ ᠥᠩᠭᠡ— ᠡᠨᠡ ᠥᠩᠭᠡ ᠵᠠᠯᠬᠠᠭᠤ ᠬᠦᠷᠭᠡᠵᠦ ᠶᠠᠳᠠᠷᠠᠭᠠᠬᠤ᠂ ᠰᠡᠳᠬᠢᠯ ᠦᠢᠮᠡᠭᠦᠯᠦᠭᠰᠡᠨ ᠡᠪ ᠦᠭᠡᠢ ᠦᠢᠯᠡᠴᠢᠯᠡᠭᠡ ᠲᠡᠢ᠃ ᠵᠠᠷᠢᠮ ᠭᠠᠵᠠᠷ ᠭᠠᠰᠢᠭᠤᠳᠠᠯ ᠤ᠋ᠨ ᠥᠩᠭᠡᠨ ᠳ᠋ᠦ᠍ ᠲᠣᠭᠠᠴᠢᠳᠠᠭ᠃
     ᠴᠠᠭᠠᠨ ᠥᠩᠭᠡ— ᠰᠡᠷᠢᠭᠦᠨ᠂ ᠴᠡᠪᠡᠷ ᠲᠤᠩᠭᠠᠯᠠᠭ ᠶᠠᠭᠤᠮᠠᠨ ᠳ᠋ᠤ᠌ ᠠᠶᠠᠲᠠᠢ ᠰᠡᠳᠬᠢᠯ ᠲᠥᠷᠥᠭᠦᠯᠳᠡᠭ᠃
     ᠰᠠᠷᠠᠯ ᠥᠩᠭᠡ— ᠳᠠᠷᠤᠤ ᠲᠥᠯᠥᠪ ᠥᠩᠭᠡ ᠪᠥᠭᠡᠳ ᠵᠠᠯᠬᠠᠭᠤ ᠬᠦᠷᠭᠡᠵᠦ ᠨᠣᠵᠣᠭᠣᠷᠠᠭᠤᠯᠬᠤ᠂ ᠤᠢᠳᠬᠠᠷ ᠬᠦᠷᠭᠡᠬᠦ ᠰᠡᠳᠬᠢᠯ ᠲᠥᠷᠥᠭᠦᠯᠳᠡᠭ᠃
     ᠬᠠᠷ᠎ᠠ ᠥᠩᠭᠡ— ᠤᠢᠳᠬᠠᠷ ᠲᠠᠢ ᠬᠦᠨᠳᠦ ᠥᠩᠭᠡ ᠪᠥᠭᠡᠳ ᠬᠥᠮᠦᠨ ᠦ᠌ ᠤᠷᠮ᠎ᠠ ᠵᠣᠷᠢᠭ ᠢ᠋ ᠬᠤᠭᠤᠯᠵᠤ ᠰᠡᠳᠬᠢᠯ ᠦ᠋ᠨ ᠬᠥᠳᠡᠯᠭᠡᠭᠡᠨ ᠢ᠋ ᠳᠠᠷᠤᠨ᠎ᠠ᠃
     ᠡᠭᠦᠨ ᠡᠴᠡ ᠦᠵᠡᠬᠦ ᠳ᠋ᠦ᠍ ᠤᠷᠲᠤ ᠳᠣᠯᠭᠢᠶᠠᠨ ᠲᠠᠢ ᠪᠣᠯᠤᠨ ᠪᠣᠭᠣᠨᠢ ᠳᠣᠯᠭᠢᠶᠠᠨ ᠲᠠᠢ ᠤᠯᠠᠭᠠᠨ ᠤᠯᠠᠪᠢᠷ ᠰᠢᠷ᠎ᠠ᠂ ᠨᠢᠯ᠂ ᠬᠤᠨᠳᠠᠨ ᠤᠯᠠᠭᠠᠨ ᠥᠩᠭᠡ ᠨᠦ᠍ᠭᠦᠳ ᠬᠥᠮᠦᠨ ᠦ᠌ ᠬᠠᠷᠠᠬᠤ ᠡᠷᠬᠡᠲᠡᠨ ᠤᠯᠠᠮ ᠢ᠋ᠶ᠋ᠠᠷ ᠮᠡᠳᠡᠷᠡᠯ ᠦ᠋ᠨ ᠰᠢᠰᠲ᠋ᠧᠮ ᠢ᠋ ᠴᠣᠴᠢᠷᠠᠭᠠᠬᠤ᠂ ᠵᠣᠪᠠᠭᠤᠷᠢ ᠲᠠᠢ ᠰᠡᠳᠬᠢᠯ ᠢ᠋ ᠲᠥᠷᠥᠭᠦᠯᠬᠦ ᠦᠢᠯᠡᠴᠢᠯᠡᠭᠡ ᠦᠵᠡᠭᠦᠯᠳᠡᠭ ᠪᠠᠢᠨ᠎ᠠ᠃     ᠡᠢᠮᠦ ᠥᠩᠭᠡ ᠪᠡᠷ ᠪᠣᠳᠣᠭᠰᠠᠨ ᠲᠠᠰᠤᠯᠭ᠎ᠠ ᠨᠤᠭᠤᠳ ᠲᠤ ᠠᠵᠢᠯᠯᠠᠵᠤ ᠪᠠᠢᠭ᠎ᠠ ᠬᠥᠮᠦᠨ ᠦ᠌ ᠬᠠᠷᠠᠬᠤ ᠡᠷᠬᠡᠲᠡᠨ ᠲᠦᠷᠭᠡᠨ ᠶᠠᠳᠠᠷᠠᠵᠤ ᠬᠥᠳᠡᠯᠮᠦᠷᠢ ᠶ᠋ᠢᠨ ᠪᠦᠲᠦᠭᠡᠮᠵᠢ ᠠᠵᠢᠯ ᠤ᠋ᠨ ᠴᠢᠨᠠᠷ ᠲᠤ ᠲᠠᠯᠪᠢᠬᠤ ᠠᠩᠬᠠᠷᠤᠯ ᠰᠤᠯᠠᠷᠠᠨ᠎ᠠ᠃
     ᠳᠤᠮᠳᠠ ᠵᠡᠷᠭᠡ ᠶ᠋ᠢᠨ ᠳᠣᠯᠭᠢᠶᠠᠨ ᠲᠠᠢ ᠨᠣᠭᠣᠭᠠᠨ ᠨᠣᠭᠣᠭᠠᠪᠲᠤᠷ᠂ ᠴᠡᠩᠬᠡᠷ ᠰᠢᠷ᠎ᠠ ᠬᠥᠮᠦᠨ ᠦ᠌ ᠬᠠᠷᠠᠬᠤ ᠡᠷᠬᠡᠲᠡᠨ᠂ ᠰᠡᠳᠬᠢᠬᠦᠢ ᠹᠢᠽᠢᠣᠯᠣᠭᠢ ᠶ᠋ᠢᠨ ᠠᠵᠢᠯᠯᠠᠭᠠᠨ ᠳ᠋ᠤ᠌ ᠰᠠᠢᠨ ᠢ᠋ᠶ᠋ᠠᠷ ᠨᠥᠯᠥᠭᠡᠯᠡᠵᠦ ᠠᠮᠢᠳᠤᠷᠠᠯ ᠢ᠋ ᠪᠠᠶᠠᠰᠬᠠᠨ ᠬᠥᠳᠡᠯᠮᠦᠷᠢ ᠶ᠋ᠢᠨ ᠪᠦᠲᠦᠭᠡᠮᠵᠢ ᠶ᠋ᠢ ᠳᠡᠭᠡᠭᠰᠢᠯᠡᠭᠦᠯᠦᠨ᠎ᠡ᠃
     ᠡᠢᠮᠦ ᠳ᠋ᠦ᠍ ᠦᠢᠯᠡᠳᠪᠦᠷᠢᠯᠡᠯ ᠦ᠋ᠨ ᠪᠣᠯᠤᠨ ᠭᠡᠷ ᠦ᠋ᠨ ᠨᠥᠬᠥᠴᠡᠯ ᠳ᠋ᠦ᠍ ᠪᠠᠢᠷᠢ ᠶ᠋ᠢᠨ ᠥᠩᠭᠡ ᠶ᠋ᠢ ᠰᠣᠩᠭᠣᠬᠤ ᠳ᠋ᠠᠭᠠᠨ᠄
     1. ᠲᠧᠭᠨᠣᠯᠣᠭᠢ ᠶ᠋ᠢᠨ ᠶᠠᠪᠤᠴᠠ ᠶ᠋ᠢᠨ ᠣᠨᠴᠠᠯᠢᠭ ᠤ᠋ᠳ᠂ ᠠᠵᠢᠯ ᠤ᠋ᠨ ᠶᠡᠷᠦᠩᠬᠡᠢ ᠰᠢᠨᠵᠢ ᠪᠠᠢᠳᠠᠯ
     2. ᠬᠠᠷᠠᠬᠤ ᠡᠷᠬᠡᠲᠡᠨ ᠦ᠌ ᠠᠵᠢᠯᠯᠠᠬᠤ ᠨᠥᠬᠥᠴᠡᠯ
     3. ᠭᠡᠷᠡᠯᠲᠦᠭᠦᠯᠭᠡ ᠶ᠋ᠢᠨ ᠰᠢᠨᠵᠢ ᠴᠢᠨᠠᠷ᠂ ᠬᠡᠮᠵᠢᠶ᠎ᠡ᠂ ᠮᠥᠨ ᠭᠡᠷᠡᠯ ᠦ᠋ᠨ ᠰᠣᠯᠣᠩᠭᠠᠨ ᠰᠠᠴᠤᠷᠠᠭᠲᠤ ᠪᠦᠷᠢᠯᠳᠦᠬᠦᠨ᠂ ᠴᠣᠩᠬᠣ ᠭᠡᠭᠡᠪᠴᠢ ᠶ᠋ᠢᠨ ᠭᠡᠷᠡᠯ ᠦ᠋ᠨ ᠠᠯᠢ ᠵᠦᠭ ᠲᠦ᠍ ᠬᠠᠷᠠᠭᠰᠠᠨ ᠪᠠᠢᠳᠠᠯ ᠪᠣᠯᠤᠨ ᠪᠤᠰᠤᠳ ᠣᠨᠴᠠᠯᠢᠭ ᠵᠦᠢᠯ ᠢ᠋ ᠬᠠᠷᠠᠭᠠᠯᠵᠠᠬᠤ ᠶᠣᠰᠣᠲᠠᠢ᠃

   ᠦᠰᠦᠭ ᠠᠮᠢᠯᠠᠭᠤᠯᠤᠭᠴᠢ᠄ ᠰᠤᠳᠤᠯᠲᠤ᠂ ᠱᠠᠭᠰᠠᠯ
   ᠬᠢᠨᠠᠭᠴᠢ᠄ ᠣᠳᠬᠠᠨᠰᠣ᠎ᠠ