ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠵᠢᠷᠭᠤᠳᠤᠭᠠᠷ ᠪᠦᠯᠦᠭ 01ᠰᠠᠭᠤᠳᠠᠯ ᠲᠣᠬᠢᠷᠠᠭᠤᠯᠬᠤ
ᠵᠢᠷᠭᠤᠳᠤᠭᠠᠷ ᠪᠦᠯᠦᠭ 01ᠰᠠᠭᠤᠳᠠᠯ ᠲᠣᠬᠢᠷᠠᠭᠤᠯᠬᠤ
ᠹᠢᠽᠢᠣᠯᠣᠭᠢ ᠶ᠋ᠢᠨ ᠱᠠᠭᠠᠷᠳᠠᠯᠭ᠎ᠠ ᠬᠠᠩᠭᠠᠭᠰᠠᠨ ᠪᠡᠶ᠎ᠡ ᠶ᠋ᠢᠨ ᠪᠠᠢᠷᠢᠰᠢᠯ ᠢ᠋ ᠪᠣᠢ ᠪᠣᠯᠭᠠᠬᠤ ᠳ᠋ᠤ᠌ ᠰᠠᠭᠤᠳᠠᠯ ᠬᠡᠯᠪᠡᠷᠢ ᠴᠢᠬᠤᠯᠠ ᠪᠠᠢᠳᠠᠭ ᠲᠤᠰ ᠣᠷᠣᠨ ᠤ᠋ ᠦᠢᠯᠡᠳᠪᠦᠷᠢᠯᠡᠯ ᠳ᠋ᠦ᠍ ᠶᠡᠬᠡᠪᠡᠷ ᠬᠡᠷᠡᠭᠯᠡᠳᠡᠭ ᠠᠷᠤᠪᠴᠢ ᠲᠠᠢ ᠮᠤᠬᠤᠷ ᠰᠠᠨᠳᠠᠯᠢ ᠨᠤᠭᠤᠳ ᠬᠡᠷᠡᠭᠴᠡᠭᠡ ᠶ᠋ᠢ ᠲᠡᠳᠦᠢᠯᠡ ᠬᠠᠩᠭᠠᠵᠤ ᠴᠢᠳᠠᠬᠤ ᠦᠭᠡᠢ᠃ ᠡᠷᠡᠭᠦᠯ ᠠᠬᠤᠢᠴᠢ ᠰᠧᠸᠳᠧᠨ ᠦ ᠳ᠋ᠣᠺᠲ᠋ᠣᠷ ᠪ· ᠡᠩᠺᠢᠶᠠᠷᠪᠯᠣᠮ ᠰᠠᠭᠤᠭ᠎ᠠ ᠪᠠᠢᠷᠢᠰᠢᠯ ᠳ᠋ᠤ᠌ ᠣᠯᠠᠨ ᠵᠢᠯ ᠠᠵᠢᠯᠯᠠᠵᠤ ᠪᠠᠢᠭ᠎ᠠ ᠬᠥᠮᠦᠨ ᠦ᠌ ᠦᠶ᠎ᠡ ᠮᠥᠴᠢ᠂ ᠪᠤᠯᠴᠢᠩ ᠤ᠋ᠨ ᠪᠠᠢᠳᠠᠯ ᠢ᠋ ᠰᠤᠳᠤᠯᠤᠨ ᠮᠢᠩᠭ᠎ᠠ ᠭᠠᠷᠤᠢ ᠲᠤᠷᠰᠢᠯᠲᠠ ᠬᠢᠭᠰᠡᠨ ᠦ᠌ ᠦᠷ᠎ᠡ ᠳ᠋ᠦᠩ ᠳ᠋ᠦ᠍ ᠰᠠᠨᠳᠠᠯᠢ ᠶ᠋ᠢᠨ ᠤᠷᠲᠤ ᠶ᠋ᠢᠨ ᠬᠢᠴᠡ ᠬᠥᠮᠦᠨ ᠦ᠌ ᠪᠡᠶ᠎ᠡ ᠳ᠋ᠦ᠍ ᠲᠣᠬᠢᠷᠠᠮᠵᠢ ᠦᠭᠡᠢ ᠪᠠᠢᠭ᠎ᠠ ᠶ᠋ᠢ ᠨᠤᠲᠠᠯᠠᠵᠠᠢ᠃ ᠣᠳᠣ ᠶ᠋ᠢᠨ ᠰᠠᠨᠳᠠᠯᠢ ᠶ᠋ᠢᠨ ᠥᠨᠳᠥᠷ ᠰᠠᠭᠤᠬᠤ ᠳ᠋ᠤ᠌ ᠬᠥᠯ᠂ ᠦᠶ᠎ᠡ ᠶ᠋ᠢᠨ ᠣᠷᠴᠢᠮ ᠳ᠋ᠠᠭᠠᠨ ᠨᠤᠭᠤᠷᠠᠵᠤ ᠴᠢᠰᠤᠨ ᠤ᠋ ᠡᠷᠭᠢᠯᠲᠡ ᠶ᠋ᠢ ᠤᠳᠠᠭᠠᠰᠢᠷᠠᠭᠤᠯᠳᠠᠭ᠃ ᠰᠠᠨᠳᠠᠯᠢ ᠶ᠋ᠢ ᠰᠠᠭᠤᠳᠠᠯ ᠤ᠋ᠨ ᠬᠡᠰᠡᠭ ᠡᠪᠦᠳᠦᠭ ᠡᠴᠡ ᠠᠭᠠᠷᠴᠠᠭ ᠲᠠᠰᠢᠶᠠᠨ ᠤ᠋ ᠦᠶ᠎ᠡ ᠬᠦᠷᠲᠡᠯ᠎ᠡ᠂ ᠪᠦᠳᠦᠭᠦᠷᠡᠭᠰᠡᠨ ᠪᠥᠭᠰᠡ ᠶ᠋ᠢᠨ ᠬᠡᠯᠪᠡᠷᠢ ᠳ᠋ᠦ᠍ ᠲᠣᠬᠢᠷᠠᠬᠤ ᠦᠭᠡᠢ ᠤᠴᠢᠷ ᠠᠭᠠᠷᠴᠠᠭ ᠣᠷᠴᠢᠮ ᠬᠡᠰᠡᠭ ᠢᠯᠡᠭᠦᠦ ᠳᠠᠷᠤᠯᠲᠠ ᠳ᠋ᠤ᠌ ᠣᠷᠣᠰᠢᠬᠤ ᠶ᠋ᠢᠨ ᠬᠠᠮᠲᠤ ᠲᠦᠰᠢᠯᠭᠡ ᠨᠢ ᠡᠪᠲᠡᠢ ᠪᠤᠰᠤ ᠪᠠᠢᠨ᠎ᠠ ᠭᠡᠵᠦ ᠦᠵᠡᠵᠡᠢ( ᠬ᠌ · ᠪᠠᠶᠠᠷᠲᠤ᠃ ᠦᠢᠯᠡᠳᠪᠦᠷᠢᠯᠡᠯ ᠦ᠋ᠨ ᠭᠤᠸ᠎ᠠ ᠵᠦᠢ1974· ᠤᠯᠠᠭᠠᠨᠪᠠᠭᠠᠲᠤᠷ᠂38 ᠳ᠋ᠠᠬᠢ ᠲᠠᠯ᠎ᠠ)᠃
ᠬᠡᠷᠪᠡ ᠰᠠᠨᠳᠠᠯᠢ ᠶ᠋ᠢᠨ ᠥᠨᠳᠥᠷ ᠨᠢ700mm ᠪᠠᠢᠬᠤ ᠳ᠋ᠤ᠌ ᠱᠠᠯᠠ ᠠ᠋ᠴᠠ ᠳᠡᠭᠡᠭᠰᠢ250mm ᠥᠨᠳᠥᠷ ᠲᠦ᠍ ᠬᠥᠯ ᠲᠠᠯᠪᠢᠬᠤ ᠲᠤᠯᠭᠠᠭᠤᠷ ᠪᠠᠢᠨ᠎ᠠ᠃ ᠡᠢᠮᠦ ᠲᠤᠯᠭᠠᠭᠤᠷ ᠦᠭᠡᠢ ᠪᠣᠯ ᠲᠠᠰᠢᠶᠠᠨ ᠤ᠋ ᠳᠡᠭᠡᠳᠦ ᠬᠡᠰᠡᠭ ᠲᠦ᠍ ᠪᠤᠯᠴᠢᠩ ᠰᠤᠳᠠᠰᠤᠨ ᠤ᠋ ᠠᠭᠰᠢᠯᠲᠠ ᠪᠣᠯᠳᠠᠭ᠃ ᠬᠡᠷᠪᠡ ᠵᠣᠭᠰᠣᠭ᠎ᠠ ᠠᠵᠢᠯᠯᠠᠬᠤ ᠱᠠᠭᠠᠷᠳᠠᠯᠭ᠎ᠠ ᠭᠠᠷᠪᠠᠯ ᠡᠮᠡᠭᠡᠯ ᠬᠡᠯᠪᠡᠷᠢ ᠲᠡᠢ ᠰᠠᠭᠤᠳᠠᠯ ᠬᠡᠷᠡᠭᠯᠡᠬᠦ ᠨᠢ ᠠᠰᠢᠭᠲᠠᠢ ᠪᠠᠢᠳᠠᠭ᠃ ᠰᠠᠭᠤᠳᠠᠯ ᠤ᠋ᠨ ᠲᠣᠬᠢᠷᠠᠭᠤᠯᠭ᠎ᠠ ᠪᠠᠰᠠ ᠭᠠᠭᠴᠠᠬᠠᠨ ᠦᠢᠯᠡᠳᠪᠦᠷᠢ ᠶ᠋ᠢᠨ ᠭᠠᠵᠠᠷ ᠬᠡᠷᠡᠭᠯᠡᠬᠦ ᠳ᠋ᠦ᠍ ᠲᠡᠳᠦᠢ ᠦᠭᠡᠢ ᠭᠡᠷ ᠣᠷᠣᠨ ᠳ᠋ᠠᠭᠠᠨ ᠴᠤ ᠬᠡᠷᠡᠭᠯᠡᠬᠦ ᠨᠢ ᠴᠢᠬᠤᠯᠠ ᠪᠥᠭᠡᠳ ᠰᠢᠷᠢᠮᠡᠯ ᠰᠢᠷᠢᠬᠦ᠂ ᠳᠡᠪᠡᠯ ᠬᠠᠪᠠᠬᠤ ᠵᠡᠷᠭᠡ ᠵᠠᠢᠯᠠᠰᠢ ᠦᠭᠡᠢ ᠭᠠᠷ ᠢ᠋ᠶ᠋ᠠᠷ ᠬᠢᠬᠦ ᠤᠳᠠᠭᠠᠨ ᠬᠤᠭᠤᠴᠠᠭ᠎ᠠ ᠲᠠᠢ ᠣᠶᠣᠳᠠᠯ ᠳ᠋ᠤ᠌ ᠲᠡᠢᠮᠦ ᠲᠣᠬᠢᠷᠠᠭᠰᠠᠨ ᠰᠠᠨᠳᠠᠯᠢ ᠦᠭᠡᠢ ᠪᠣᠯ ᠳᠣᠣᠷ᠎ᠠ ᠪᠠᠨ ᠵᠤᠵᠠᠭᠠᠨ ᠵᠥᠭᠡᠯᠡᠨ ᠶᠠᠭᠤᠮ᠎ᠠ ᠳᠠᠪᠬᠤᠷᠯᠠᠨ ᠳᠡᠪᠢᠰᠴᠦ ᠭᠠᠵᠠᠷ ᠲᠤ ᠴᠢᠯᠥᠭᠡ ᠲᠡᠢ ᠰᠠᠭᠤᠵᠤ ᠪᠣᠯᠤᠨ᠎ᠠ᠃ ᠰᠠᠭᠤᠳᠠᠯ ᠢ᠋ ᠲᠣᠬᠢᠷᠠᠭᠤᠯᠬᠤ ᠶ᠋ᠢᠨ ᠲᠤᠯᠠᠳᠠ ᠬᠥᠮᠦᠨ ᠦ᠌ ᠪᠡᠶ᠎ᠡ ᠳ᠋ᠦ᠍ ᠬᠡᠮᠵᠢᠯᠲᠡ ᠶ᠋ᠢ ᠬᠢᠳᠡᠭ᠃ ᠨᠠᠰᠤᠨ ᠳ᠋ᠤ᠌ ᠬᠦᠷᠦᠭᠰᠡᠨ ᠬᠥᠮᠦᠨ ᠦ᠌ ᠪᠡᠶ᠎ᠡ ᠪᠢᠯᠳᠠᠷ ᠢ᠋ ᠬᠡᠮᠵᠢᠬᠦ ᠴᠢᠭ ᠦ᠋ᠳ᠄
1. ᠵᠤᠯᠠᠢ 2. ᠮᠥᠷᠥ 3. ᠲᠣᠬᠣᠢ 4. ᠪᠠᠭᠤᠤ 5. ᠬᠤᠷᠤᠭᠤᠨ ᠦᠵᠦᠭᠦᠷ 6. ᠡᠪᠦᠳᠦᠭ
ᠦᠢᠯᠡᠳᠪᠦᠷᠢᠯᠡᠯ ᠦ᠋ᠨ ᠲᠠᠪᠠᠲᠠᠢ ᠨᠥᠬᠥᠴᠡᠯ ᠬᠠᠩᠭᠠᠬᠤ ᠳ᠋ᠤ᠌ ᠡᠨᠡ ᠬᠡᠮᠵᠢᠶ᠎ᠡ ᠲᠡᠢ ᠰᠠᠭᠤᠳᠠᠯ ᠪᠠᠢᠷᠢᠰᠢᠯ ᠪᠠᠭᠠᠵᠢ ᠶ᠋ᠢ ᠲᠣᠬᠢᠷᠠᠭᠤᠯᠤᠨ᠎ᠠ᠃
ᠦᠰᠦᠭ ᠠᠮᠢᠯᠠᠭᠤᠯᠤᠭᠴᠢ᠄ᠭᠦᠨᠳᠦᠰᠠᠩᠪᠤᠤ᠂ ᠲᠣᠭᠳᠠᠭᠤᠨᠪᠠᠶᠠᠷ᠂ ᠡᠷᠳᠡᠨᠢᠭᠣᠤ᠎ᠠ
ᠬᠢᠨᠠᠭᠴᠢ᠄ ᠣᠳᠬᠠᠨᠰᠣ᠎ᠠ᠂ ᠰᠡᠬᠡᠭᠡᠷᠡᠯ
