ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠵᠢᠷᠭᠤᠳᠤᠭᠠᠷ ᠪᠦᠯᠦᠭ 02ᠳᠤᠰᠤᠯᠭᠠᠨ ᠤ᠋ ᠭᠡᠷᠡᠯᠲᠦᠭᠦᠯᠭᠡ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠵᠢᠷᠭᠤᠳᠤᠭᠠᠷ ᠪᠦᠯᠦᠭ 02ᠳᠤᠰᠤᠯᠭᠠᠨ ᠤ᠋ ᠭᠡᠷᠡᠯᠲᠦᠭᠦᠯᠭᠡ

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠵᠢᠷᠭᠤᠳᠤᠭᠠᠷ ᠪᠦᠯᠦᠭ 02ᠳᠤᠰᠤᠯᠭᠠᠨ ᠤ᠋ ᠭᠡᠷᠡᠯᠲᠦᠭᠦᠯᠭᠡ

ᠠᠩᠭᠢᠯᠠᠯ:ᠵᠠᠩ ᠦᠢᠯᠡ
2024-05-22

368

ᠵᠢᠷᠭᠤᠳᠤᠭᠠᠷ ᠪᠦᠯᠦᠭ 02ᠳᠤᠰᠤᠯᠭᠠᠨ ᠤ᠋ ᠭᠡᠷᠡᠯᠲᠦᠭᠦᠯᠭᠡ 

      ᠬᠥᠮᠦᠨ ᠲᠥᠷᠥᠯᠬᠢᠲᠡᠨ ᠪᠠᠢᠭᠠᠯᠢ ᠶ᠋ᠢᠨ ᠭᠡᠷᠡᠯ ᠡᠴᠡ ᠭᠠᠳᠠᠨ᠎ᠠ ᠵᠣᠬᠢᠶᠠᠮᠠᠯ ᠭᠡᠷᠡᠯ ᠢ᠋ ᠣᠯᠠᠨ ᠵᠠᠭᠤᠨ ᠵᠢᠯ ᠠᠰᠢᠭᠯᠠᠵᠤ ᠢᠷᠡᠵᠡᠢ᠃ ᠦᠢᠯᠡᠴᠢᠨ ᠬᠥᠮᠦᠨ ᠦ᠌ ᠲᠠᠰᠤᠯᠭᠠᠨ ᠤ᠋ ᠭᠡᠷᠡᠯ ᠬᠥᠮᠦᠨ ᠦ᠌ ᠪᠡᠶ᠎ᠡ ᠰᠡᠳᠬᠢᠬᠦᠢ᠂ ᠹᠢᠽᠢᠣᠯᠣᠭᠢ ᠶ᠋ᠢᠨ ᠦᠢᠯᠡ ᠠᠵᠢᠯᠯᠠᠭᠠᠨ ᠳ᠋ᠤ᠌ ᠨᠥᠯᠥᠭᠡ ᠦᠵᠡᠭᠦᠯᠳᠡᠭ ᠤᠴᠢᠷ ᠲᠣᠬᠢᠷᠠᠭ᠎ᠠ ᠦᠭᠡᠢ ᠭᠡᠷᠡᠯ ᠳ᠋ᠦ᠍ ᠠᠵᠢᠯᠯᠠᠭᠰᠠᠳ ᠤ᠋ᠨ ᠬᠠᠷᠠᠭ᠎ᠠ ᠴᠢᠯᠡᠵᠦ ᠤᠯᠠᠮ ᠢ᠋ᠶ᠋ᠠᠷ ᠪᠡᠶ᠎ᠡ ᠰᠤᠯᠠᠷᠠᠨ ᠳᠣᠲᠣᠷ ᠴᠢᠬᠤᠯᠳᠠᠵᠤ ᠠᠭᠤᠷ ᠬᠦᠷᠬᠦ ᠪᠠ ᠠᠵᠢᠯ ᠤ᠋ᠨ ᠪᠣᠯᠤᠨ ᠬᠠᠷᠠᠭᠠᠨ ᠤ᠋ ᠴᠢᠳᠠᠪᠤᠷᠢ ᠮᠠᠭᠤᠳᠠᠨ᠎ᠠ᠃ ᠡᠭᠦᠨ ᠡᠴᠡ ᠪᠣᠯᠵᠤ ᠬᠥᠳᠡᠯᠮᠦᠷᠢ ᠶ᠋ᠢᠨ ᠪᠦᠲᠦᠭᠡᠮᠵᠢ ᠪᠠᠭᠤᠷᠠᠬᠤ᠂ ᠡᠰᠬᠡᠭᠦᠷ ᠳᠡᠭᠡᠷ᠎ᠡ ᠠᠯᠳᠠᠭ᠎ᠠ ᠭᠣᠯᠣᠭᠳᠠᠯ ᠭᠠᠷᠭᠠᠬᠤ ᠣᠰᠣᠯ ᠡᠨᠳᠡᠭᠳᠡᠯ ᠳ᠋ᠦ᠍ ᠣᠷᠣᠳᠠᠭ᠃
      ᠵᠥᠪᠯᠡᠯᠲᠦ ᠶ᠋ᠢᠨ ᠡᠷᠳᠡᠮᠲᠡᠨ ᠦ᠌ ᠰᠤᠳᠤᠯᠭᠠᠨ ᠠ᠋ᠴᠠ ᠦᠵᠡᠬᠦ ᠳ᠋ᠦ᠍ ᠦᠢᠯᠡᠳᠪᠦᠷᠢ ᠳ᠋ᠦ᠍ ᠣᠨᠣᠪᠴᠢᠲᠠᠢ ᠭᠡᠷᠡᠯᠲᠦᠭᠦᠯᠭᠡ ᠬᠡᠷᠡᠭᠯᠡᠭᠰᠡᠨ ᠬᠥᠮᠦᠨ ᠦ᠌ ᠶᠠᠳᠠᠷᠠᠭ᠎ᠠ ᠶ᠋ᠢ ᠪᠠᠭᠠᠰᠬᠠᠵᠤ ᠦᠢᠯᠡᠳᠪᠦᠷᠢᠯᠡᠯ ᠲᠡᠢ ᠬᠣᠯᠪᠣᠭᠳᠠᠭᠰᠠᠨ ᠣᠶᠣᠳᠠᠯ ᠢ᠋25—50 ᠬᠤᠪᠢ ᠪᠠᠷ ᠪᠠᠭᠤᠷᠠᠭᠤᠯᠤᠭᠰᠠᠨ ᠲᠤᠬᠠᠢ ᠬᠡᠪᠯᠡᠯ ᠳ᠋ᠦ᠍ ᠪᠢᠴᠢᠭᠳᠡᠵᠦ ᠪᠠᠢᠨ᠎ᠠ᠃ ᠭᠡᠷᠡᠯᠲᠦᠭᠦᠯᠭᠡ ᠶ᠋ᠢ ᠰᠠᠢᠵᠢᠷᠠᠭᠤᠯᠬᠤ ᠳ᠋ᠤ᠌ ᠪᠦᠲᠦᠭᠡᠭᠳᠡᠬᠦᠨ ᠦ᠌ ᠥᠰᠦᠯᠲᠡ ᠲᠡᠭᠦᠨ ᠦ᠌ ᠴᠢᠨᠠᠷ ᠲᠤ ᠶᠠᠭᠠᠬᠢᠵᠤ ᠨᠥᠯᠥᠭᠡᠯᠡᠭᠰᠡᠨ ᠢ᠋ ᠲᠤᠰ ᠣᠷᠣᠨ ᠤ᠋ ᠵᠠᠷᠢᠮ ᠦᠢᠯᠡᠳᠪᠦᠷᠢ ᠶ᠋ᠢᠨ ᠭᠠᠵᠠᠷ ᠲᠤᠷᠰᠢᠨ ᠦᠵᠡᠵᠦ᠂ ᠭᠡᠷᠡᠯᠲᠦᠭᠦᠯᠭᠡ ᠬᠠᠩᠭᠠᠯᠲᠠ ᠦᠭᠡᠢ ᠭᠡᠵᠦ ᠦᠵᠡᠭᠰᠡᠨ ᠭᠠᠵᠠᠷ2—4 ᠳᠠᠬᠢᠨ ᠨᠡᠮᠡᠭᠳᠡᠭᠦᠯᠬᠦ ᠳ᠋ᠦ᠍ ᠨᠢᠳᠦ ᠴᠢᠯᠡᠬᠦ ᠶᠠᠪᠤᠳᠠᠯ ᠡᠷᠡᠰ ᠪᠠᠭᠤᠷᠠᠵᠤ᠂ ᠬᠥᠳᠡᠯᠮᠦᠷᠢ ᠶ᠋ᠢᠨ ᠪᠦᠲᠦᠭᠡᠯ ᠭᠠᠷᠴᠤ᠂ ᠣᠶᠣᠳᠠᠯ ᠤ᠋ᠨ ᠦᠢᠯᠡᠳᠪᠦᠷᠢᠯᠡᠯ ᠦ᠋ᠨ ᠭᠣᠯᠣᠭᠳᠠᠯ ᠤ᠋ᠨ ᠲᠣᠭ᠎ᠠ10—25 ᠬᠤᠪᠢ ᠪᠠᠷ ᠪᠠᠭᠤᠷᠠᠵᠠᠢ᠃
      ᠣᠶᠣᠳᠠᠯ ᠤ᠋ᠨ ᠦᠢᠯᠡᠳᠪᠦᠷᠢ ᠶ᠋ᠢᠨ ᠪᠠᠢᠷᠢᠯᠠᠯ ᠢ᠋ ᠲᠣᠬᠢᠷᠠᠭᠤᠯᠬᠤ ᠳ᠋ᠠᠭᠠᠨ ᠲᠠᠰᠤᠯᠭᠠᠨ ᠤ᠋ ᠺᠦᠸᠠᠳ᠋ ᠮᠧᠲ᠋ᠷ ᠲᠠᠯᠠᠪᠠᠢ ᠪᠦᠷᠢ10—15  ᠸᠠᠲ᠋ᠳᠤ ᠭᠡᠷᠡᠯᠲᠦᠭᠦᠯᠭᠡ ᠶ᠋ᠢ ᠬᠠᠩᠭᠠᠯᠲᠠᠲᠠᠢ ᠭᠡᠵᠦ ᠦᠵᠡᠳᠡᠭ᠃ ᠪᠦᠳᠡᠭᠢ ᠭᠡᠷᠡᠯ ᠭᠡᠷᠡᠯ ᠢ᠋ ᠶᠡᠬᠡ ᠰᠠᠷᠨᠢᠭᠤᠯᠳᠠᠭ ᠤᠴᠢᠷ ᠨᠢᠭᠡ ᠺᠦᠸᠠᠳ᠋ ᠮᠧᠲ᠋ᠷ ᠲᠦ᠍20 ᠸᠠᠲ ᠠ᠋ᠴᠠ ᠳᠣᠭᠣᠭᠰᠢ ᠦᠭᠡᠢ ᠪᠠᠢᠨ᠎ᠠ᠃ ᠲᠠᠰᠤᠯᠭ᠎ᠠ ᠶ᠋ᠢ30 ᠺᠦᠸᠠᠳ᠋ ᠮᠧᠲ᠋ᠷ ᠭᠡᠵᠦ ᠦᠵᠡᠪᠡᠯ300—450 ᠪᠠᠢᠬᠤ ᠪᠠ ᠰᠢᠯ ᠢ᠋ ᠰᠣᠩᠭᠣᠬᠤ ᠳ᠋ᠠᠭᠠᠨ ᠪᠠᠢᠷᠢ ᠶ᠋ᠢᠨ ᠥᠨᠳᠥᠷ ᠢ᠋ ᠬᠡᠮᠵᠢᠨ᠎ᠡ᠃
        3.5 ᠮᠧᠲ᠋ᠷ ᠪᠤᠶᠤ ᠲᠡᠭᠦᠨ ᠡᠴᠡ ᠥᠨᠳᠥᠷ ᠲᠠᠢᠵᠠ ᠲᠠᠢ ᠪᠣᠯ ᠤᠷᠲᠤ ᠡᠰᠢ ᠲᠡᠢ ᠭᠤᠷᠪᠠ ᠠ᠋ᠴᠠ ᠳᠣᠭᠣᠭᠰᠢ ᠦᠭᠡᠢ ᠲᠣᠮᠣ ᠴᠡᠴᠡᠭ ᠳ᠋ᠧᠩ ᠪᠤᠶᠤ2.5—2.8 ᠮᠧᠲ᠋ᠷ ᠡᠴᠡ ᠳᠣᠭᠣᠭᠰᠢ ᠪᠣᠯ ᠪᠣᠭᠣᠨᠢ ᠡᠰᠢ ᠲᠡᠢ ᠴᠡᠴᠡᠭ ᠳ᠋ᠧᠩ ᠢ᠋ᠶ᠋ᠡᠷ ᠭᠡᠷᠡᠯᠲᠦᠭᠦᠯᠦᠨ᠎ᠡ᠃ ᠭᠡᠷ ᠦ᠋ᠨ ᠨᠥᠬᠥᠴᠡᠯ ᠳ᠋ᠦ᠍ ᠶᠠᠭᠤᠮ᠎ᠠ ᠣᠶᠣᠬᠤ ᠳ᠋ᠤ᠌ ᠲᠠᠰᠤᠯᠭᠠᠨ ᠤ᠋ ᠭᠡᠷᠡᠯ ᠬᠠᠩᠭᠠᠯ ᠦᠭᠡᠢ ᠪᠣᠯ ᠰᠢᠷᠡᠭᠡᠨ ᠦ᠌ ᠭᠡᠷᠡᠯ ᠨᠡᠮᠡᠵᠦ ᠭᠡᠷᠡᠯᠲᠦᠭᠦᠯᠦᠨ᠎ᠡ᠃
      ᠡᠨᠡ ᠭᠡᠷᠡᠯᠲᠦᠭᠦᠯᠭᠡ60 ᠺᠢᠯᠣᠸᠠᠲ ᠪᠠᠢᠪᠠᠯ ᠲᠣᠬᠢᠷᠠᠮᠵᠢᠲᠠᠢ᠃ ᠣᠶᠣᠳᠠᠯᠴᠢᠨ ᠬᠥᠮᠦᠨ ᠦ᠌ ᠨᠢᠳᠦᠨ ᠦ᠌ ᠬᠠᠷᠠᠭ᠎ᠠ ᠲᠤᠩ ᠰᠠᠢᠨ ᠪᠠᠢᠬᠤ ᠱᠠᠭᠠᠷᠳᠠᠯᠭ᠎ᠠ ᠲᠠᠢ ᠤᠴᠢᠷ ᠨᠢ ᠨᠢᠳᠦ ᠳᠦᠷᠰᠦ ᠬᠡᠯᠪᠡᠷᠢ ᠢᠯᠭᠠᠬᠤ ᠠ᠋ᠴᠠ ᠭᠠᠳᠠᠨ᠎ᠠ ᠣᠶᠣᠳᠠᠯ ᠤ᠋ᠨ ᠥᠩᠭᠡ᠂ ᠲᠡᠭᠦᠨ ᠦ᠌ ᠵᠣᠬᠢᠴᠠᠯ ᠢ᠋ ᠢᠯᠭᠠᠬᠤ ᠤᠴᠢᠷ ᠢᠯᠠᠩᠭᠤᠶ᠎ᠠ ᠨᠡᠬᠡᠮᠡᠯᠴᠢᠨ᠂ ᠬᠠᠳᠬᠤᠮᠠᠯᠴᠢᠨ ᠬᠥᠮᠦᠨ ᠡᠴᠡ ᠨᠠᠷᠢᠨ ᠬᠠᠷᠠᠭ᠎ᠠ ᠱᠠᠭᠠᠷᠳᠠᠳᠠᠭ᠃
       ᠬᠠᠷᠠᠭᠠᠨ ᠤ᠋ ᠥᠩᠭᠡ ᠢᠯᠭᠠᠬᠤ ᠴᠢᠳᠠᠪᠤᠷᠢ ᠮᠡᠳᠡᠷᠡᠯ ᠦ᠋ᠨ ᠰᠢᠰᠲ᠋ᠧᠮ ᠦ᠋ᠨ ᠨᠠᠷᠢᠨ ᠦᠢᠯᠡᠴᠢᠯᠡᠭᠡᠨ ᠦ᠌ ᠵᠣᠬᠢᠴᠠᠭᠤᠯᠤᠯᠲᠠ ᠶ᠋ᠢᠨ ᠳᠣᠣᠷ᠎ᠠ ᠶᠠᠪᠤᠭᠳᠠᠬᠤ ᠤᠴᠢᠷ ᠠᠵᠢᠯ ᠠᠮᠢᠳᠤᠷᠠᠯ ᠢ᠋ ᠵᠥᠪ ᠵᠣᠬᠢᠴᠠᠭᠤᠯᠵᠤ ᠪᠡᠶ᠎ᠡ ᠶ᠋ᠢᠨ ᠡᠷᠡᠭᠦᠯ ᠮᠡᠨᠳᠦ ᠶ᠋ᠢᠨ ᠭᠣᠷᠢᠮ ᠢ᠋ ᠰᠠᠬᠢᠨ ᠬᠠᠮᠠᠭᠠᠯᠠᠬᠤ ᠶᠣᠰᠣᠲᠠᠢ᠃ ᠥᠩᠭᠡ ᠶ᠋ᠢ ᠵᠥᠪ ᠲᠠᠨᠢᠬᠤ ᠶᠠᠪᠤᠳᠠᠯ ᠰᠡᠳᠬᠢᠬᠦᠢ ᠶ᠋ᠢᠨ ᠭᠤᠸ᠎ᠠ ᠵᠦᠢ᠂ ᠤᠷᠠᠯᠠᠨ ᠪᠦᠲᠦᠭᠡᠬᠦ ᠴᠢᠳᠠᠪᠤᠷᠢ ᠶ᠋ᠢ ᠳᠡᠭᠡᠭᠰᠢᠯᠡᠭᠦᠯᠦᠨ᠎ᠡ᠃ ᠦᠢᠯᠡᠳᠪᠦᠷᠢ ᠪᠣᠯᠤᠨ ᠭᠡᠷ ᠣᠷᠴᠢᠨ ᠳ᠋ᠠᠭᠠᠨ ᠦᠢᠯᠡ ᠬᠢᠬᠦ ᠳ᠋ᠡᠭᠡᠨ55—60 ᠮᠢᠨᠦ᠋ᠲ ᠠᠵᠢᠯᠯᠠᠭᠠᠳ5—10 ᠮᠢᠨᠦ᠋ᠲ ᠪᠡᠶ᠎ᠡ ᠶ᠋ᠢᠨ ᠢ᠋ᠶ᠋ᠡᠨ ᠴᠢᠯᠡᠭᠡ ᠶ᠋ᠢ ᠭᠠᠷᠭᠠᠨ ᠠᠯᠤᠰ ᠢ᠋ ᠬᠠᠷᠠᠵᠤ ᠢᠨᠢᠶᠡᠨ ᠪᠡᠶᠡᠰᠦᠨ ᠨᠢᠳᠦ ᠪᠡᠨ ᠠᠮᠠᠷᠠᠭᠠᠨ᠎ᠠ᠃
      ᠶᠠᠭᠤᠮ᠎ᠠ ᠣᠶᠣᠬᠤ ᠳ᠋ᠠᠭᠠᠨ ᠲᠣᠯᠣᠭᠠᠢ ᠪᠠᠨ ᠬᠡᠳᠦ ᠲᠣᠩᠭᠣᠢᠯᠭᠠᠬᠤ ᠨᠢ ᠬᠦᠵᠦᠭᠦᠦ ᠴᠢᠯᠡᠵᠦ ᠬᠥᠰᠢᠬᠦ ᠡᠴᠡ ᠭᠠᠳᠠᠨ᠎ᠠ ᠨᠢᠳᠦᠨ ᠦ᠌ ᠬᠠᠷᠠᠭᠠᠨ ᠳ᠋ᠤ᠌ ᠮᠠᠭᠤ ᠪᠠᠷ ᠨᠥᠯᠥᠭᠡᠯᠡᠵᠦ ᠨᠢᠳᠦᠨ ᠦ᠌ ᠳᠠᠷᠤᠯᠲᠠ ᠡᠭᠦᠰᠬᠡᠬᠦ ᠤᠴᠢᠷ ᠣᠶᠣᠬᠤ ᠵᠦᠢᠯ ᠨᠢᠳᠦᠨ ᠦ᠌ ᠬᠠᠷᠠᠭ᠎ᠠ ᠬᠣᠶᠠᠷ ᠤ᠋ᠨ ᠬᠣᠭᠣᠷᠣᠨᠳᠣ ᠶ᠋ᠢᠨ ᠵᠠᠢ᠂ ᠥᠨᠳᠥᠷ ᠨᠠᠮ ᠢ᠋ ᠰᠠᠭᠤᠳᠠᠯ ᠢ᠋ᠶ᠋ᠠᠷ ᠲᠣᠬᠢᠷᠠᠭᠤᠯᠤᠭᠰᠠᠨ ᠪᠠᠢᠨ᠎ᠠ᠃

    ᠦᠰᠦᠭ ᠠᠮᠢᠯᠠᠭᠤᠯᠤᠭᠴᠢ᠄ ᠱᠠᠭᠰᠠᠯ᠂ ᠭᠠᠷᠮ᠎ᠠ᠂ ᠣᠳᠬᠠᠨᠰᠣ᠎ᠠ 
    ᠬᠢᠨᠠᠭᠴᠢ᠄ ᠣᠳᠬᠠᠨᠰᠣ᠎ᠠ 

      ᠲᠤᠰ ᠨᠣᠮ ᠢ᠋ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ《ᠮᠣᠩᠭᠣᠯ ᠡᠮᠡᠭᠲᠡᠢ ᠶ᠋ᠢᠨ ᠤᠷᠠᠨ ᠦᠢᠯᠡ》 ᠭᠡᠬᠦ ᠨᠣᠮ ᠤ᠋ᠨ ᠤᠯᠠᠭᠠᠨᠪᠠᠭᠠᠲᠤᠷ1989 ᠣᠨ ᠤ᠋ ᠬᠡᠪᠯᠡᠯ ᠢ᠋ ᠦᠨᠳᠦᠰᠦᠯᠡᠵᠦ ᠬᠠᠭᠤᠴᠢᠨ ᠮᠣᠩᠭᠣᠯ ᠦᠰᠦᠭ ᠳᠡᠭᠡᠷ᠎ᠡ ᠪᠠᠭᠤᠯᠭᠠᠨ ᠬᠡᠪᠯᠡᠭᠦᠯᠪᠡ
        ᠴ· ᠰᠣᠩᠭᠢᠨ᠎ᠠ ᠵᠣᠬᠢᠶᠠᠪᠠ᠃  
        ᠣᠶᠣᠩᠭᠤᠸ᠎ᠠ  ᠪᠠᠭᠤᠯᠭᠠᠪᠠ
※ ※ ※
ᠥᠪᠥᠷ ᠮᠣᠩᠭᠣᠯ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠦ᠋ᠨ ᠤᠯᠠᠭᠠᠨᠬᠠᠳᠠ ᠬᠣᠲᠠ ᠶ᠋ᠢᠨ ᠳᠡᠯᠭᠡᠭᠦᠷ ᠲᠠᠷᠬᠠᠭᠠᠪᠠ ᠤᠯᠠᠭᠠᠨᠬᠠᠳᠠ ᠶ᠋ᠢᠨ ᠨᠢᠭᠡᠳᠦᠭᠡᠷ ᠬᠡᠪᠯᠡᠬᠦ ᠦᠢᠯᠡᠳᠪᠦᠷᠢ ᠬᠡᠪᠯᠡᠪᠡ
1991 ᠣᠨ ᠤ᠋10 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
1991 ᠣᠨ ᠤ᠋10 ᠰᠠᠷ᠎ᠠ ᠳ᠋ᠤ᠌ ᠠᠩᠬ᠎ᠠ ᠤᠳᠠᠭ᠎ᠠ ᠬᠡᠪᠯᠡᠪᠡ
ᠦᠨ᠎ᠡ2.30 ᠲᠥᠭᠥᠷᠢᠭ