ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠵᠢᠷᠭᠤᠳᠤᠭᠠᠷ ᠪᠦᠯᠦᠭ ᠦᠢᠯᠡᠴᠢᠨ ᠦ᠌ ᠡᠷᠡᠭᠦᠯ ᠠᠬᠤᠢ᠂ ᠠᠵᠢᠯᠯᠠᠬᠤ ᠨᠥᠬᠥᠴᠡᠯ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠵᠢᠷᠭᠤᠳᠤᠭᠠᠷ ᠪᠦᠯᠦᠭ ᠦᠢᠯᠡᠴᠢᠨ ᠦ᠌ ᠡᠷᠡᠭᠦᠯ ᠠᠬᠤᠢ᠂ ᠠᠵᠢᠯᠯᠠᠬᠤ ᠨᠥᠬᠥᠴᠡᠯ

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠵᠢᠷᠭᠤᠳᠤᠭᠠᠷ ᠪᠦᠯᠦᠭ ᠦᠢᠯᠡᠴᠢᠨ ᠦ᠌ ᠡᠷᠡᠭᠦᠯ ᠠᠬᠤᠢ᠂ ᠠᠵᠢᠯᠯᠠᠬᠤ ᠨᠥᠬᠥᠴᠡᠯ

ᠠᠩᠭᠢᠯᠠᠯ:ᠵᠠᠩ ᠦᠢᠯᠡ
2024-05-19

287

ᠵᠢᠷᠭᠤᠳᠤᠭᠠᠷ ᠪᠦᠯᠦᠭ ᠦᠢᠯᠡᠴᠢᠨ ᠦ᠌ ᠡᠷᠡᠭᠦᠯ ᠠᠬᠤᠢ᠂ ᠠᠵᠢᠯᠯᠠᠬᠤ ᠨᠥᠬᠥᠴᠡᠯ

     ᠮᠣᠩᠭᠣᠯᠴᠤᠳ ᠬᠤᠪᠢᠰᠬᠠᠯ ᠠ᠋ᠴᠠ ᠡᠮᠦᠨ᠎ᠡ ᠣᠯᠠᠨ ᠦᠶ᠎ᠡ ᠳ᠋ᠡᠭᠡᠨ ᠦᠢᠯᠡᠴᠢᠨ ᠬᠥᠮᠦᠨ ᠦ᠌ ᠡᠷᠡᠭᠦᠯ ᠮᠡᠨᠳᠦ ᠶ᠋ᠢ ᠬᠠᠮᠠᠭᠠᠯᠠᠬᠤ ᠲᠣᠳᠣᠷᠬᠠᠢ ᠨᠥᠬᠥᠴᠡᠯ ᠦᠭᠡᠢ ᠬᠣᠨᠢᠨ ᠤ᠋ ᠳᠡᠷᠭᠡᠳᠡ᠂ ᠭᠡᠷ ᠲᠦ᠍᠂ ᠪᠠᠢᠭᠠᠯᠢ ᠶ᠋ᠢᠨ ᠭᠡᠷᠡᠯ ᠳ᠋ᠦ᠍᠂ ᠲᠣᠰᠣᠨ ᠳ᠋ᠧᠩ᠂ ᠢᠯᠡ ᠭᠠᠯ ᠤ᠋ᠨ ᠭᠡᠷᠡᠯ ᠳ᠋ᠦ᠍ ᠭᠠᠵᠠᠷ ᠤ᠋ᠨ ᠨᠠᠮ ᠳ᠋ᠤ᠌ ᠴᠡᠮᠪᠡᠭᠡᠷ ᠰᠠᠭᠤᠵᠤ ᠦᠢᠯᠡ ᠪᠡᠨ ᠣᠶᠣᠳᠠᠭ ᠪᠠᠢᠭᠰᠠᠨ ᠨᠢ ᠮᠠᠨ ᠤ᠋ ᠣᠷᠣᠨ ᠤ᠋ ᠨᠡᠭᠦᠳᠡᠯ ᠦ᠋ᠨ ᠣᠨᠴᠠᠯᠢᠭ ᠪᠠᠢᠵᠠᠢ᠃
     ᠮᠣᠩᠭᠣᠯ ᠬᠥᠮᠦᠨ ᠦᠢᠯᠡ ᠬᠢᠬᠦ ᠳ᠋ᠡᠭᠡᠨ ᠬᠣᠨᠣᠭ ᠢ᠋ᠶ᠋ᠠᠷ ᠰᠠᠭᠤᠵᠤ ᠬᠢᠳᠡᠭ ᠦᠭᠡᠢ᠂ ᠠᠵᠢᠯ ᠲᠠᠢ ᠵᠣᠬᠢᠴᠠᠭᠤᠯᠤᠨ ᠪᠣᠰᠤᠨ ᠰᠠᠭᠤᠵᠤ ᠬᠢᠳᠡᠭ ᠤᠴᠢᠷ ᠠ᠋ᠴᠠ ᠪᠡᠶ᠎ᠡ ᠮᠠᠬᠠᠪᠣᠳ ᠲᠤ ᠨᠥᠯᠥᠭᠡᠯᠡᠬᠦ ᠮᠠᠭᠤ ᠨᠥᠯᠥᠭᠡ ᠪᠠᠭ᠎ᠠ ᠪᠠᠢᠵᠠᠢ᠃ ᠬᠠᠷᠢᠨ ᠤᠳᠠᠭᠠᠨ ᠬᠤᠭᠤᠴᠠᠭ᠎ᠠ ᠪᠠᠷ ᠰᠠᠭᠤᠵᠤ ᠰᠢᠷᠢᠭᠡᠰᠦ ᠰᠢᠷᠢᠬᠦ᠂ ᠳᠡᠭᠡᠰᠦ ᠲᠠᠮᠤᠬᠤ ᠵᠡᠷᠭᠡ ᠳ᠋ᠦ᠍ ᠳᠣᠣᠷ᠎ᠠ ᠪᠠᠨ ᠥᠷᠭᠡᠨ ᠲᠠᠯᠠᠪᠠᠢ ᠲᠠᠢ ᠮᠠᠰᠢ ᠵᠤᠵᠠᠭᠠᠨ ᠰᠠᠭᠤᠳᠠᠯ ᠵᠠᠰᠠᠨ ᠰᠠᠭᠤᠵᠤ ᠴᠢᠯᠥᠭᠡ ᠲᠡᠢ ᠬᠥᠳᠡᠯᠭᠡᠭᠡᠨ ᠦ᠌ ᠳᠤᠮᠳᠠ ᠶᠠᠭᠤᠮ᠎ᠠ ᠣᠶᠣᠳᠠᠭ ᠪᠠᠢᠭᠰᠠᠨ ᠨᠢ ᠡᠷᠡᠭᠦᠯ ᠮᠡᠨᠳᠦ ᠳ᠋ᠦ᠍ ᠲᠡᠳᠦᠢᠯᠡ ᠮᠠᠭᠤ ᠨᠥᠯᠥᠭᠡ ᠦᠵᠡᠭᠦᠯᠳᠡᠭ ᠦᠭᠡᠢ ᠣᠨᠴᠠᠯᠢᠭ ᠲᠠᠢ ᠪᠠᠢᠵᠠᠢ᠃
     ᠬᠠᠷᠢᠨ ᠮᠣᠩᠭᠣᠯ ᠬᠥᠮᠦᠨ ᠬᠠᠲᠠᠭᠤ᠂ ᠵᠤᠵᠠᠭᠠᠨ ᠨᠠᠭᠠᠮᠠᠯ ᠤᠯᠠ ᠵᠠᠤᠵᠠᠢ ᠰᠢᠷᠢᠬᠦ᠂ ᠭᠤᠷᠪᠠᠨ ᠰᠠᠷᠢᠰᠤ ᠲᠠᠢ ᠭᠤᠲᠤᠯ ᠪᠢᠲᠡᠭᠦᠯᠡᠬᠦ᠂ ᠡᠮᠡᠭᠡᠯ ᠬᠠᠵᠠᠭᠠᠷ᠂ ᠲᠡᠷᠭᠡᠨ ᠦ᠌ ᠬᠠᠲᠠᠭᠤ ᠣᠶᠣᠳᠠᠯ ᠢ᠋ ᠦᠷᠭᠦᠯᠵᠢ ᠭᠠᠷ ᠢ᠋ᠶ᠋ᠠᠷ ᠬᠢᠳᠡᠭ ᠪᠠᠢᠭᠰᠠᠨ ᠠ᠋ᠴᠠ ᠭᠠᠷ ᠤ᠋ᠨ ᠬᠤᠷᠤᠭᠤᠨ ᠤ᠋ ᠦᠶ᠎ᠡ ᠮᠤᠯᠲᠤᠷᠠᠵᠤ ᠮᠣᠢᠨᠣᠭ ᠪᠣᠯᠳᠠᠭ ᠪᠠᠢᠭᠰᠠᠨ ᠪᠠᠢᠨ᠎ᠠ᠃ ᠭᠡᠪᠡᠴᠦ ᠲᠤᠰ ᠣᠷᠣᠨ ᠳ᠋ᠤ᠌ ᠠᠷᠠᠳ ᠤ᠋ᠨ ᠬᠤᠪᠢᠰᠬᠠᠯ ᠢᠯᠠᠵᠤ ᠬᠥᠮᠦᠨ ᠠᠷᠠᠳ ᠤ᠋ᠨ ᠡᠷᠡᠭᠦᠯ ᠮᠡᠨᠳᠦ ᠭᠤᠸ᠎ᠠ ᠰᠠᠢᠬᠠᠨ ᠤ᠋ ᠲᠥᠯᠥᠭᠡ ᠲᠣᠳᠣᠷᠬᠠᠢ ᠠᠷᠭ᠎ᠠ ᠬᠡᠮᠵᠢᠶ᠎ᠡ ᠠᠪᠴᠤ ᠶᠠᠪᠤᠭᠤᠯᠬᠤ ᠶ᠋ᠢᠨ ᠬᠠᠮᠲᠤ ᠲᠤᠰ ᠣᠷᠣᠨ ᠳ᠋ᠤ᠌ ᠦᠢᠯᠡᠳᠪᠦᠷᠢ ᠬᠥᠭᠵᠢᠵᠦ ᠡᠮᠡᠭᠲᠡᠢ ᠬᠥᠮᠦᠨ ᠦ᠌ ᠣᠶᠣᠳᠠᠯ ᠦᠢᠯᠡ ᠶ᠋ᠢᠨ ᠬᠦᠨᠳᠦ ᠬᠦᠴᠢᠷ ᠪᠦᠬᠦᠨ ᠮᠧᠬᠠᠨᠢᠭᠵᠢᠵᠤ ᠦᠢᠯᠡᠴᠢᠨ ᠬᠥᠮᠦᠨ ᠦ᠌ ᠦᠢᠯᠡ ᠬᠥᠩᠭᠡᠪᠴᠢᠯᠡᠭᠳᠡᠵᠡᠢ᠃
     ᠨᠥᠭᠦᠭᠡ ᠲᠠᠯ᠎ᠠ ᠪᠠᠷ ᠦᠢᠯᠡᠴᠢᠨ ᠬᠥᠮᠦᠨ ᠦ᠌ ᠡᠷᠡᠭᠦᠯ ᠮᠡᠨᠳᠦ ᠬᠥᠳᠡᠯᠮᠦᠷᠢ ᠬᠠᠮᠠᠭᠠᠯᠠᠯ ᠢ᠋ ᠰᠠᠢᠵᠢᠷᠠᠭᠤᠯᠬᠤ ᠶ᠋ᠢᠨ ᠲᠤᠯᠠᠳᠠ ᠨᠠᠮ ᠠ᠋ᠴᠠ ᠣᠯᠠᠨ ᠲᠠᠯᠠᠲᠤ ᠠᠷᠭ᠎ᠠ ᠬᠡᠮᠵᠢᠶ᠎ᠡ ᠠᠪᠴᠤ ᠬᠥᠮᠦᠨ ᠦ᠌ ᠪᠡᠶ᠎ᠡ ᠮᠠᠬᠠᠪᠣᠳ ᠲᠤ ᠨᠥᠯᠥᠭᠡᠯᠡᠬᠦ ᠲᠣᠬᠢᠷᠠᠮᠵᠢ ᠦᠭᠡᠢ ᠵᠦᠢᠯ ᠢ᠋ ᠥᠭᠡᠷᠡᠴᠢᠯᠡᠨ ᠵᠣᠬᠢᠴᠠᠭᠤᠯᠬᠤ ᠲᠠᠰᠤᠯᠭᠠᠨ ᠤ᠋ ᠵᠠᠢ᠂ ᠭᠡᠷᠡᠯ ᠭᠡᠭᠡ᠂ ᠰᠠᠭᠤᠳᠠᠯ ᠢ᠋ ᠰᠢᠨᠵᠢᠯᠡᠬᠦ ᠤᠬᠠᠭᠠᠨ ᠤ᠋ ᠦᠨᠳᠦᠰᠦᠯᠡᠯ ᠲᠡᠢ ᠵᠣᠬᠢᠴᠠᠭᠤᠯᠬᠤ ᠶ᠋ᠢᠨ ᠲᠤᠯᠠᠳᠠ ᠬᠥᠮᠦᠨ ᠦ᠌ ᠪᠡᠶ᠎ᠡ ᠮᠠᠬᠠᠪᠣᠳ ᠤ᠋ᠨ ᠹᠢᠽᠢᠣᠯᠣᠭᠢ ᠶ᠋ᠢᠨ ᠦᠢᠯᠡ ᠠᠵᠢᠯᠯᠠᠭᠠᠨ ᠳ᠋ᠤ᠌ ᠨᠠᠷᠢᠨ ᠰᠤᠳᠤᠯᠭᠠᠨ ᠬᠢᠵᠦ ᠡᠨᠡ ᠦᠨᠳᠦᠰᠦᠨ ᠳᠡᠭᠡᠷ᠎ᠡ ᠦᠢᠯᠡᠴᠢᠨ ᠦ᠌ ᠠᠵᠢᠯᠯᠠᠬᠤ ᠨᠥᠬᠥᠴᠡᠯ ᠢ᠋ ᠵᠣᠬᠢᠴᠠᠭᠤᠯᠵᠤ ᠪᠠᠢᠨ᠎ᠠ᠃
     ᠬᠥᠮᠦᠨ ᠦ᠌ ᠡᠷᠡᠭᠦᠯ ᠮᠡᠨᠳᠦ᠂ ᠠᠵᠢᠯᠯᠠᠬᠤ ᠴᠢᠳᠠᠪᠤᠷᠢ ᠶ᠋ᠢ ᠬᠠᠮᠠᠭᠠᠯᠠᠬᠤ ᠳ᠋ᠤ᠌ ᠪᠠᠢᠷᠢ ᠶ᠋ᠢᠨ ᠡᠷᠡᠭᠦᠯ ᠠᠬᠤᠢ ᠵᠥᠪ ᠵᠣᠬᠢᠶᠠᠨ ᠪᠠᠢᠭᠤᠯᠤᠯᠲᠠ᠂ ᠪᠡᠶ᠎ᠡ ᠶ᠋ᠢᠨ ᠪᠠᠢᠷᠢᠰᠢᠯ ᠢ᠋ ᠲᠣᠭᠲᠠᠭᠠᠬᠤ ᠶᠠᠪᠤᠳᠠᠯ ᠣᠨᠴᠣᠭᠣᠢ ᠠᠴᠢ ᠬᠣᠯᠪᠣᠭᠳᠠᠯ ᠲᠠᠢ᠃
     ᠦᠢᠯᠡᠴᠢᠨ ᠬᠥᠮᠦᠨ ᠦ᠌ ᠪᠠᠢᠷᠢ᠂ ᠪᠡᠶ᠎ᠡ ᠶ᠋ᠢᠨ ᠪᠠᠢᠷᠢᠰᠢᠯ ᠢ᠋ ᠵᠥᠪ ᠪᠠᠢᠷᠢᠯᠠᠭᠤᠯᠬᠤ ᠨᠢ ᠬᠥᠳᠡᠯᠮᠦᠷᠢ ᠶ᠋ᠢᠨ ᠪᠦᠲᠦᠭᠡᠯ ᠢ᠋ ᠳᠡᠭᠡᠭᠰᠢᠯᠡᠭᠦᠯᠵᠦ ᠬᠥᠮᠦᠨ ᠦ᠌ ᠡᠷᠡᠭᠦᠯ ᠮᠡᠨᠳᠦ ᠶ᠋ᠢ ᠬᠠᠮᠠᠭᠠᠯᠠᠬᠤ ᠳ᠋ᠤ᠌ ᠴᠢᠬᠤᠯᠠ ᠡᠭᠦᠷᠭᠡ ᠲᠡᠢ᠃ ᠪᠤᠷᠤᠭᠤ ᠪᠠᠢᠷᠢᠯᠠᠯ ᠬᠥᠮᠦᠨ ᠦ᠌ ᠪᠡᠶ᠎ᠡ ᠶ᠋ᠢ ᠴᠢᠯᠡᠭᠡᠬᠦ ᠡᠴᠡ ᠭᠠᠳᠠᠨ᠎ᠠ ᠤᠳᠠᠭᠠᠨ ᠬᠤᠭᠤᠴᠠᠭ᠎ᠠ ᠪᠠᠷ ᠠᠵᠢᠯᠯᠠᠬᠤ ᠳ᠋ᠤ᠌ ᠬᠥᠮᠦᠨ ᠦ᠌ ᠪᠡᠶ᠎ᠡ ᠶ᠋ᠢᠨ ᠠᠨᠠᠲ᠋ᠣᠮᠢ᠂ ᠹᠢᠽᠢᠣᠯᠣᠭᠢ ᠶ᠋ᠢᠨ ᠦᠢᠯᠡ ᠠᠵᠢᠯᠯᠠᠭᠠᠨ ᠳ᠋ᠤ᠌ ᠮᠠᠭᠤ ᠪᠠᠷ ᠨᠥᠯᠥᠭᠡᠯᠡᠵᠦ ᠨᠢᠷᠤᠭᠤ ᠪᠥᠭᠲᠦᠭᠡᠷ ᠪᠣᠯᠬᠤ᠂ ᠦᠶ᠎ᠡ ᠮᠥᠴᠢ᠂ ᠶᠡᠬᠡ ᠪᠡᠶ᠎ᠡ ᠶ᠋ᠢᠨ ᠠᠷᠠᠭ ᠶᠠᠰᠤ ᠭᠠᠵᠢ ᠪᠤᠷᠤᠭᠤ᠂ ᠮᠤᠷᠤᠢ ᠲᠠᠬᠢᠷ ᠪᠣᠯᠳᠠᠭ᠃ ᠦᠢᠯᠡᠴᠢᠨ ᠬᠥᠮᠦᠨ ᠦ᠌ ᠬᠥᠳᠡᠯᠮᠦᠷᠢ ᠶ᠋ᠢᠨ ᠪᠦᠲᠦᠭᠡᠯ ᠢ᠋ ᠳᠡᠭᠡᠭᠰᠢᠯᠡᠭᠦᠯᠵᠦ ᠪᠡᠶ᠎ᠡ ᠶ᠋ᠢ ᠪᠠᠭ᠎ᠠ ᠠᠴᠢᠶᠠᠯᠠᠯ ᠲᠠᠢ ᠪᠠᠢᠯᠭᠠᠬᠤ ᠳ᠋ᠤ᠌ ᠦᠢᠯᠡᠳᠪᠦᠷᠢ ᠶ᠋ᠢᠨ ᠭᠠᠵᠠᠷ ᠪᠣᠯᠤᠨ ᠭᠡᠷ ᠣᠷᠣᠨ ᠳ᠋ᠠᠭᠠᠨ ᠠᠵᠢᠯᠯᠠᠬᠤ ᠳ᠋ᠠᠭᠠᠨ ᠠᠵᠢᠯ ᠤ᠋ᠨ ᠥᠷᠥᠭᠡ ᠲᠠᠰᠤᠯᠭ᠎ᠠ᠂ ᠰᠠᠭᠤᠬᠤ ᠰᠠᠭᠤᠳᠠᠯ ᠪᠡᠶ᠎ᠡ ᠶ᠋ᠢᠨ ᠪᠠᠢᠷᠢᠰᠢᠯ ᠢ᠋ᠶ᠋ᠠᠨ ᠵᠥᠪ ᠵᠣᠬᠢᠴᠠᠭᠤᠯᠬᠤ ᠶᠣᠰᠣᠲᠠᠢ᠃
     ᠦᠢᠯᠡᠴᠢᠨ᠂ ᠨᠡᠬᠡᠮᠡᠯ ᠦ᠋ᠨ ᠬᠥᠮᠦᠰ ᠦᠢᠯᠡ ᠶ᠋ᠢ ᠪᠣᠰᠤᠭ᠎ᠠ ᠰᠠᠭᠤᠭ᠎ᠠ ᠬᠣᠶᠠᠷ ᠶᠠᠩᠵᠤ ᠶ᠋ᠢᠨ ᠬᠡᠯᠪᠡᠷᠢ ᠪᠡᠷ ᠶᠠᠪᠤᠭᠤᠯᠳᠠᠭ᠃ ᠪᠠᠢᠷᠢᠰᠢᠯ ᠤ᠋ᠨ ᠡᠪ ᠦᠭᠡᠢ ᠡᠴᠡ ᠠᠵᠢᠯ ᠤ᠋ᠨ ᠦᠶ᠎ᠡ ᠳ᠋ᠦ᠍ ᠬᠥᠮᠦᠨ ᠶᠠᠳᠠᠷᠠᠬᠤ᠂ ᠵᠠᠷᠤᠴᠠᠭᠤᠯᠬᠤ ᠡᠷᠴᠢᠮ ᠦ᠋ᠨ ᠬᠡᠮᠵᠢᠶ᠎ᠡ ᠶᠡᠬᠡᠰᠳᠡᠭ᠃ ᠵᠢᠱ᠌ᠢᠶᠡᠯᠡᠪᠡᠯ᠂ ᠪᠥᠬᠥᠢᠵᠦ ᠠᠵᠢᠯᠯᠠᠬᠤ ᠳ᠋ᠤ᠌ 22 ᠬᠤᠪᠢ᠂ ᠲᠣᠩᠭᠣᠢᠵᠤ ᠠᠵᠢᠯᠯᠠᠬᠤ ᠳ᠋ᠤ᠌ 46 ᠬᠤᠪᠢ ᠶᠡᠬᠡᠰᠳᠡᠭ᠂ ᠪᠡᠶ᠎ᠡ ᠶ᠋ᠢᠨ ᠬᠥᠳᠡᠯᠭᠡᠭᠡᠨ ᠲᠥᠪ ᠮᠡᠳᠡᠷᠡᠯ ᠦ᠋ᠨ ᠰᠢᠰᠲ᠋ᠧᠮ ᠦ᠋ᠨ ᠮᠠᠰᠢ ᠨᠠᠷᠢᠨ ᠵᠣᠬᠢᠴᠠᠭᠤᠯᠬᠤ ᠦᠢᠯᠡ ᠠᠵᠢᠯᠯᠠᠭᠠᠨ ᠤ᠋ ᠳᠣᠣᠷ᠎ᠠ ᠶᠠᠪᠤᠭᠳᠠᠳᠠᠭ᠃ ᠪᠡᠶ᠎ᠡ ᠶ᠋ᠢ ᠨᠢᠭᠡ ᠪᠠᠢᠷᠢᠰᠢᠯ ᠳ᠋ᠤ᠌ ᠤᠳᠠᠭᠠᠨ ᠪᠠᠢᠯᠭᠠᠬᠤ ᠳ᠋ᠤ᠌ ᠬᠣᠯᠪᠣᠭᠳᠠᠬᠤ ᠪᠤᠯᠴᠢᠩ ᠢ᠋ ᠤᠳᠤᠷᠢᠳᠬᠤ ᠮᠡᠳᠡᠷᠡᠯ ᠦ᠋ᠨ ᠡᠰ ᠦᠷᠭᠦᠯᠵᠢ ᠰᠠᠷᠠᠯ ᠲᠠᠢ ᠪᠠᠢᠬᠤ ᠤᠴᠢᠷ ᠲᠦᠷᠭᠡᠨ ᠶᠠᠳᠠᠷᠠᠨ᠎ᠠ᠃ ᠣᠶᠣᠳᠠᠯᠴᠢᠨ ᠬᠥᠮᠦᠨ ᠪᠣᠯ ᠢᠮᠠᠭᠲᠠ ᠰᠠᠭᠤᠭ᠎ᠠ ᠪᠠᠢᠳᠠᠯ ᠳ᠋ᠤ᠌ ᠠᠵᠢᠯᠯᠠᠳᠠᠭ ᠤᠴᠢᠷ ᠡᠭᠡᠯᠵᠢ ᠶ᠋ᠢᠨ ᠳᠣᠲᠣᠷ᠎ᠠ ᠪᠣᠰᠤᠭ᠎ᠠ᠂ ᠰᠠᠭᠤᠭ᠎ᠠ ᠪᠠᠢᠳᠠᠯ ᠢ᠋ ᠡᠭᠡᠯᠵᠢᠯᠡᠨ ᠠᠵᠢᠯᠯᠠᠬᠤ ᠪᠠᠷ ᠲᠣᠬᠢᠷᠠᠭᠤᠯᠤᠨ ᠪᠠᠢᠷᠢ ᠶ᠋ᠢ ᠵᠣᠬᠢᠶᠠᠨ ᠪᠠᠢᠭᠤᠯᠤᠨ᠎ᠠ᠃
     ᠲᠡᠭᠦᠨᠴᠢᠯᠡᠨ ᠡᠪᠲᠡᠢ᠂ ᠲᠡᠨᠢᠭᠦᠨ ᠵᠥᠭᠡᠯᠡᠨ ᠰᠠᠭᠤᠳᠠᠯ᠂ ᠬᠥᠯ ᠦ᠋ᠨ ᠲᠠᠯᠪᠢᠭᠤᠷ ᠲᠤᠯᠭᠠᠭᠤᠷ ᠬᠢᠬᠦ᠂ ᠡᠷᠭᠦᠭᠳᠡᠳᠡᠭ ᠪᠣᠯᠤᠨ ᠲᠣᠬᠣᠢ ᠶ᠋ᠢᠨ ᠲᠠᠯᠪᠢᠭᠤᠷ ᠲᠠᠢ ᠰᠠᠨᠳᠠᠯᠢ ᠵᠡᠷᠭᠡ ᠪᠡᠷ ᠲᠥᠬᠥᠭᠡᠷᠦᠮᠵᠢᠯᠡᠬᠦ ᠪᠤᠶᠤ ᠭᠡᠷ ᠦ᠋ᠨ ᠨᠥᠬᠥᠴᠡᠯ ᠳ᠋ᠦ᠍ ᠡᠢᠮᠦ ᠪᠣᠢ ᠪᠣᠯᠭᠠᠬᠤ ᠨᠢ ᠴᠢᠬᠤᠯᠠ᠃ ᠭᠧᠷᠮᠠᠨ ᠴᠸᠬᠤᠰᠯᠤᠸᠠᠺᠢᠶ᠎ᠠ ᠵᠡᠷᠭᠡ ᠤᠯᠤᠰ ᠲᠤ ᠣᠶᠣᠳᠠᠯᠴᠢᠨ ᠪᠣᠯᠤᠨ ᠪᠤᠰᠤᠳ ᠦᠢᠯᠡᠳᠪᠦᠷᠢ ᠶ᠋ᠢᠨ ᠠᠵᠢᠯᠴᠢᠨ ᠬᠥᠮᠦᠨ ᠦ᠌ ᠪᠡᠶ᠎ᠡ ᠶ᠋ᠢᠨ ᠥᠨᠳᠥᠷ᠂ ᠨᠠᠮ᠂ ᠭᠠᠷ ᠬᠥᠯ ᠦ᠋ᠨ ᠤᠷᠲᠤ ᠪᠣᠭᠣᠨᠢ ᠵᠡᠷᠭᠡ ᠳ᠋ᠦ᠍ ᠲᠣᠬᠢᠷᠠᠭᠤᠯᠤᠨ ᠪᠠᠢᠷᠢᠰᠢᠯᠲᠠ ᠬᠢᠳᠡᠭ ᠪᠠᠢᠨ᠎ᠠ᠃ ᠣᠶᠣᠳᠠᠯᠴᠢᠨ ᠬᠥᠮᠦᠨ ᠦ᠌ ᠬᠥᠯ ᠦ᠋ᠨ ᠬᠥᠳᠡᠯᠭᠡᠭᠡᠨ ᠠᠯᠢ ᠪᠣᠯᠬᠤ ᠴᠢᠯᠥᠭᠡ ᠲᠡᠢ ᠪᠠᠢᠬᠤ ᠪᠠᠷ ᠪᠠᠢᠷᠢᠰᠢᠯ ᠢ᠋ ᠲᠣᠬᠢᠷᠠᠭᠤᠯᠤᠨ᠎ᠠ᠃

   ᠦᠰᠦᠭ ᠠᠮᠢᠯᠠᠭᠤᠯᠤᠭᠴᠢ᠄ ᠭᠡᠭᠡᠷᠡᠯ᠂ ᠡᠷᠳᠡᠨᠢᠭᠣᠤ᠎ᠠ
   ᠬᠢᠨᠠᠭᠴᠢ᠄ ᠣᠳᠬᠠᠨᠰᠣ᠎ᠠ᠂ ᠰᠡᠬᠡᠭᠡᠷᠡᠯ