ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠲᠠᠪᠤᠳᠤᠭᠠᠷ ᠪᠦᠯᠦᠭ 02 ᠭᠣᠶᠣᠯ ᠴᠢᠮᠡᠭᠯᠡᠯ ᠦ᠋ᠨ ᠵᠠᠩᠭᠢᠯᠠᠭ᠎ᠠ
ᠲᠠᠪᠤᠳᠤᠭᠠᠷ ᠪᠦᠯᠦᠭ 02 ᠭᠣᠶᠣᠯ ᠴᠢᠮᠡᠭᠯᠡᠯ ᠦ᠋ᠨ ᠵᠠᠩᠭᠢᠯᠠᠭ᠎ᠠ
ᠡᠭᠦᠨ ᠢ᠋ ᠬᠤᠪᠴᠠᠰᠤ ᠬᠤᠨᠠᠷ᠂ ᠡᠳ᠋ᠯᠡᠯ ᠦ᠋ᠨ ᠴᠢᠮᠡᠭᠯᠡᠯ᠂ ᠲᠣᠪᠴᠢ ᠰᠢᠯᠪᠢ᠂ ᠴᠢᠮᠡᠭᠯᠡᠯ ᠦ᠋ᠨ ᠵᠠᠩᠭᠢᠯᠠᠭ᠎ᠠ ᠬᠢᠬᠦ ᠳ᠋ᠦ᠍ ᠬᠡᠷᠡᠭᠯᠡᠬᠦ ᠪᠥᠭᠡᠳ ᠬᠥᠮᠦᠨ ᠦ᠌ ᠤᠷ᠎ᠠ ᠤᠬᠠᠭᠠᠨ ᠪᠠᠭ᠎ᠠ ᠦᠭᠡᠢ ᠱᠠᠭᠠᠷᠳᠠᠳᠠᠭ ᠴᠢᠬᠤᠯᠠ ᠤᠷᠠᠯᠠᠯ ᠶᠤᠮ᠃
ᠡᠨᠳᠡ ᠶᠠᠭᠤᠨ ᠤ᠋ ᠡᠮᠦᠨ᠎ᠡ ᠨᠡᠷᠡᠯᠡᠭᠳᠡᠬᠦ ᠵᠠᠩᠭᠢᠯᠠᠭ᠎ᠠ ᠪᠣᠯ ᠳᠡᠪᠡᠯ᠂ ᠮᠠᠯᠠᠭᠠᠢ ᠶ᠋ᠢᠨ ᠰᠠᠮᠫᠠᠨ ᠶᠤᠮ᠃ ᠰᠠᠮᠫᠠᠨ ᠡᠷᠲᠡᠨ ᠦ᠌ ᠭᠠᠷᠤᠯ ᠲᠠᠢ ᠪᠣᠯᠬᠤ ᠨᠢ ᠲᠣᠳᠣᠷᠬᠠᠢ ᠪᠥᠭᠡᠳ ᠮᠣᠩᠭᠣᠯ ᠤ᠋ᠨ ᠦᠨᠳᠦᠰᠦᠲᠡᠨ ᠦ᠌ ᠬᠤᠪᠴᠠᠰᠤᠨ ᠤ᠋ ᠡᠷᠲᠡ ᠦᠶ᠎ᠡ ᠶ᠋ᠢᠨ ᠦᠯᠡᠳᠡᠴᠡ ᠳ᠋ᠦ᠍ ᠬᠦᠷᠲᠡᠯ᠎ᠡ ᠰᠠᠮᠫᠠᠨ ᠬᠠᠲᠠᠭᠰᠠᠨ ᠪᠠᠢᠳᠠᠭ᠃ ᠰᠠᠮᠫᠠᠨ ᠡᠨᠡ ᠣᠯᠠᠨ ᠵᠠᠭᠤᠨ ᠵᠢᠯ ᠬᠡᠷᠡᠭᠯᠡᠭᠳᠡᠵᠦ ᠢᠷᠡᠬᠦ ᠳ᠋ᠡᠭᠡᠨ ᠥᠭᠡᠷᠡᠴᠢᠯᠡᠭᠳᠡᠭᠡ ᠦᠭᠡᠢ ᠶ᠋ᠢ ᠦᠵᠡᠬᠦ ᠳ᠋ᠦ᠍ ᠲᠤᠢᠯ ᠤ᠋ᠨ ᠪᠣᠯᠪᠠᠰᠤᠷᠠᠩᠭᠤᠢ ᠵᠠᠩᠭᠢᠯᠠᠭ᠎ᠠ ᠪᠣᠯᠬᠤ ᠨᠢ ᠲᠣᠳᠣᠷᠬᠠᠢ ᠪᠢᠯᠡ᠃ ᠳᠡᠪᠡᠯ ᠮᠠᠯᠠᠭᠠᠢ ᠶ᠋ᠢᠨ ᠰᠠᠮᠫᠠᠨ ᠢ᠋ ᠵᠠᠩᠭᠢᠳᠬᠤ ᠶ᠋ᠢᠨ ᠲᠤᠯᠠᠳᠠ ᠤᠷᠲᠤ ᠨᠠᠷᠢᠨ ᠪᠦᠴᠡ ᠡᠮᠬᠡᠷᠢᠳᠬᠦ ᠪᠤᠶᠤ ᠡᠰᠡᠪᠡᠯ ᠤᠲᠠᠰᠤ ᠪᠡᠯᠡᠳᠬᠡᠵᠦ ᠡᠬᠢᠯᠡᠭᠡᠳ ᠭᠠᠭᠴᠠ ᠬᠤᠷᠤᠭᠤᠨ ᠳ᠋ᠠᠭᠠᠨ ᠬᠦᠪᠦᠷᠬᠡᠢ ᠭᠣᠭᠴᠣᠭ᠎ᠠ ᠵᠠᠩᠭᠢᠯᠠᠭ᠎ᠠ ᠭᠠᠷᠭᠠᠵᠤ ᠲᠡᠭᠦᠨ ᠢ᠋ ᠪᠡᠨ ᠡᠷᠭᠢᠭᠦᠯᠦᠨ ᠬᠤᠷᠤᠭᠤᠨ ᠠ᠋ᠴᠠ ᠪᠠᠨ ᠰᠤᠭᠤᠯᠵᠤ ᠬᠣᠶᠠᠷ ᠦᠵᠦᠭᠦᠷ ᠢ᠋ ᠵᠥᠷᠢᠭᠦᠯᠡᠨ ᠡᠬᠢᠨ ᠦ᠌ ᠵᠠᠩᠭᠢᠯᠠᠭᠠᠨ ᠤ᠋ ᠬᠣᠶᠠᠷ ᠲᠠᠯ᠎ᠠ ᠤᠷᠤᠭᠤ ᠵᠥᠷᠢᠭᠦᠯᠡᠨ ᠣᠷᠣᠭᠤᠯᠵᠤ ᠴᠢᠩᠭᠠᠯᠠᠨ᠎ᠠ᠃ ᠴᠢᠩᠭᠠᠯᠠᠬᠤ ᠳ᠋ᠠᠭᠠᠨ ᠳᠡᠪᠡᠯ ᠦ᠋ᠨ ᠰᠢᠯᠪᠢ ᠶ᠋ᠢᠨ ᠤᠷᠲᠤ ᠪᠣᠭᠣᠨᠢ ᠶ᠋ᠢᠨ ᠬᠡᠮᠵᠢᠶᠡᠨ ᠳ᠋ᠦ᠍ ᠲᠣᠬᠢᠷᠠᠭᠤᠯᠤᠨ ᠨᠢᠭᠡ ᠦᠵᠦᠭᠦᠷ ᠢ᠋ ᠪᠣᠭᠣᠨᠢ ᠣᠷᠬᠢᠵᠤ ᠨᠥᠭᠦᠭᠡ ᠳᠠᠭᠠᠷᠢᠬᠤ ᠦᠵᠦᠭᠦᠷ ᠤᠷᠤᠭᠤ ᠨᠢ ᠬᠥᠭᠡᠭᠡᠵᠦ ᠱᠥᠪᠥᠭᠡᠷ ᠲᠠᠲᠠᠵᠤ ᠴᠢᠩᠭᠠᠯᠠᠨ᠎ᠠ᠃
ᠰᠡᠭᠦᠯ ᠦ᠋ᠨ ᠦᠶ᠎ᠡ ᠳ᠋ᠦ᠍ ᠳᠠᠩ ᠳᠡᠪᠡᠯ ᠦ᠋ᠨ ᠰᠢᠯᠪᠢ ᠲᠣᠪᠴᠢ ᠶ᠋ᠢ ᠥᠭᠡᠷ᠎ᠡ ᠬᠡᠯᠪᠡᠷᠢ ᠪᠡᠷ ᠵᠠᠩᠭᠢᠳᠬᠤ ᠪᠣᠯᠤᠯ᠎ᠠ᠃ ᠡᠭᠦᠨ ᠳ᠋ᠦ᠍ ᠬᠠᠪᠲᠠᠭᠠᠢ᠂ ᠤᠭᠠᠯᠵᠠ ᠮᠠᠶᠢᠭ ᠤ᠋ᠨ᠂ ᠴᠡᠴᠡᠭ ᠦ᠋ᠨ ᠵᠠᠩᠭᠢᠯᠠᠭ᠎ᠠ ᠵᠡᠷᠭᠡ ᠶ᠋ᠢ ᠬᠡᠷᠡᠭᠯᠡᠬᠦ ᠪᠣᠯᠤᠭᠰᠠᠨ ᠨᠢ ᠣᠷᠴᠢᠨ ᠦᠶ᠎ᠡ ᠳ᠋ᠦ᠍ ᠲᠣᠬᠢᠷᠠᠭᠰᠠᠨ ᠤᠷ᠎ᠠ ᠬᠢᠴᠡ ᠰᠠᠢᠲᠠᠢ ᠭᠣᠶᠣᠮᠰᠣᠭ ᠵᠠᠩᠭᠢᠯᠠᠭ᠎ᠠ ᠨᠤᠭᠤᠳ ᠶᠤᠮ᠃
ᠵᠢᠷᠤᠭ61
(1) ᠰᠠᠮᠫᠠᠨ ᠤ᠋ ᠠᠩᠬᠠᠨ ᠤ᠋ ᠭᠣᠭᠴᠣᠭ᠎ᠠ ᠵᠠᠩᠭᠢᠯᠠᠭ᠎ᠠ
(2) ᠡᠷᠭᠢᠭᠦᠯᠵᠦ ᠬᠠᠷᠠᠭᠤᠯᠤᠭᠰᠠᠨ ᠪᠠᠢᠳᠠᠯ
(3) (4) ᠬᠣᠶᠠᠷ ᠦᠵᠦᠭᠦᠷ ᠢ᠋ ᠵᠥᠷᠢᠭᠦᠯᠦᠨ ᠪᠠᠢᠪᠠᠯ ᠵᠣᠬᠢᠬᠤ ᠨᠦᠬᠡᠨ ᠳ᠋ᠦ᠍ᠨᠢ ᠣᠷᠣᠭᠤᠯᠤᠨ ᠵᠠᠩᠭᠢᠳᠴᠤ ᠪᠠᠢᠭ᠎ᠠ ᠪᠠᠢᠳᠠᠯ

ᠡᠭᠦᠨ ᠡᠴᠡ ᠭᠠᠳᠠᠨ᠎ᠠ ᠬᠤᠪᠴᠠᠰᠤᠨ ᠤ᠋ ᠴᠢᠮᠡᠭ ᠲᠦ᠍ ᠮᠣᠭᠣᠯᠴᠣᠭ ᠪᠤᠶᠤ ᠴᠠᠴᠤᠭ ᠤ᠋ᠨ ᠵᠠᠩᠭᠢᠯᠠᠭ᠎ᠠ ᠶ᠋ᠢ ᠬᠡᠷᠡᠭᠯᠡᠳᠡᠭ᠃ ᠮᠣᠭᠣᠯᠴᠣᠭ ᠵᠠᠩᠭᠢᠯᠠᠭ᠎ᠠ ᠭᠡᠳᠡᠭ ᠨᠠᠷᠢᠨ ᠪᠦᠴᠡ ᠶ᠋ᠢ ᠳᠤᠭᠤᠢᠯᠠᠨ ᠭᠣᠶᠣᠮᠰᠣᠭ ᠬᠡᠯᠪᠡᠷᠢ ᠳ᠋ᠦ᠍ ᠣᠷᠣᠭᠤᠯᠵᠤ ᠴᠢᠮᠡᠭᠯᠡᠬᠦ ᠵᠠᠩᠭᠢᠯᠠᠭ᠎ᠠ ᠪᠥᠭᠡᠳ ᠬᠤᠪᠴᠠᠰᠤ᠂ ᠡᠮᠡᠭᠡᠯ᠂ ᠬᠠᠵᠠᠭᠠᠷ᠂ ᠨᠣᠭᠲᠣ ᠶ᠋ᠢᠨ ᠲᠣᠨᠣᠭ ᠲᠤ ᠬᠡᠷᠡᠭᠯᠡᠨ᠎ᠡ᠃ ᠮᠥᠨ ᠴᠠᠴᠤᠭᠠᠨ ᠵᠠᠩᠭᠢᠯᠠᠭ᠎ᠠ ᠶ᠋ᠢ ᠤᠲᠠᠰᠤ᠂ ᠰᠤᠷ᠂ ᠳᠠᠪᠤᠤ ᠶ᠋ᠢᠨ ᠨᠠᠷᠢᠨ ᠥᠭᠡᠳᠡᠰᠦ ᠪᠡᠷ ᠬᠢᠬᠦ ᠪᠥᠭᠡᠳ ᠬᠡᠰᠡᠭ ᠤᠲᠠᠰᠤ ᠪᠤᠶᠤ ᠴᠠᠴᠤᠭ ᠬᠢᠬᠦ ᠨᠠᠷᠢᠨ ᠮᠠᠲ᠋ᠧᠷᠢᠶᠠᠯ ᠢ᠋ ᠨᠡᠢᠯᠡᠭᠦᠯᠦᠨ ᠤᠲᠠᠰᠤ ᠪᠠᠷ ᠣᠷᠢᠶᠠᠵᠤ ᠨᠠᠷᠢᠬᠠᠨ ᠲᠣᠯᠣᠭᠠᠢ ᠭᠠᠷᠭᠠᠭᠠᠳ ᠲᠡᠭᠦᠨ ᠢ᠋ ᠪᠡᠨ ᠡᠷᠭᠢᠭᠦᠯᠵᠦ ᠤᠲᠠᠰᠤ ᠪᠠᠷ ᠢ᠋ᠶ᠋ᠠᠨ ᠪᠦᠷᠬᠦᠭᠦᠯᠵᠦ ᠲᠣᠯᠣᠭᠠᠢ ᠭᠠᠷᠭᠠᠨ ᠲᠣᠯᠣᠭᠠᠢ ᠪᠠᠨ ᠤᠲᠠᠰᠤ ᠪᠠᠷ ᠵᠢᠭᠳᠡ ᠣᠷᠢᠶᠠᠵᠤ ᠪᠡᠬᠢᠯᠡᠨ᠎ᠡ᠃ ᠴᠠᠴᠤᠭ ᠢ᠋ ᠬᠤᠪᠴᠠᠰᠤ ᠬᠤᠨᠠᠷ᠂ ᠪᠤᠷᠬᠠᠨ ᠤ᠋ ᠬᠥᠷᠥᠭ ᠴᠢᠮᠡᠬᠦ ᠂ ᠳᠠᠮᠷᠢᠨ ᠵᠠᠪᠳᠤᠩ᠂ ᠮᠠᠯᠠᠭᠠᠢ ᠶ᠋ᠢᠨ ᠵᠠᠪᠳᠤᠩ ᠪᠦᠴᠡ᠂ ᠡᠮᠡᠭᠲᠡᠢ ᠬᠥᠮᠦᠨ ᠦ᠌ ᠭᠣᠶᠣᠯ ᠴᠢᠮᠡᠭᠯᠡᠯ ᠦ᠋ᠨ ᠵᠡᠭᠦᠯᠲᠡ᠂ ᠮᠣᠷᠢᠨ ᠤ᠋ ᠬᠤᠳᠠᠷᠭ᠎ᠠ ᠶ᠋ᠢᠨ ᠴᠢᠮᠡᠭ ᠲᠦ᠍ ᠬᠡᠷᠡᠭᠯᠡᠳᠡᠭ᠃
ᠠᠮᠠᠨ ᠬᠦᠵᠦᠭᠦᠦ ᠵᠠᠩᠭᠢᠯᠠᠭ᠎ᠠ ᠡᠨᠡ ᠵᠠᠩᠭᠢᠯᠠᠭ᠎ᠠ ᠶ᠋ᠢ ᠭᠣᠶᠣᠯ ᠴᠢᠮᠡᠭᠯᠡᠯ ᠪᠤᠰᠤᠳ ᠪᠡᠬᠢᠯᠡᠭᠰᠡᠨ ᠦ᠌ ᠬᠣᠶᠠᠷ ᠶᠠᠩᠵᠤ ᠪᠠᠷ ᠬᠡᠷᠡᠭᠯᠡᠳᠡᠭ ᠪᠥᠭᠡᠳ ᠨᠢᠭᠡ ᠨᠢ ᠭᠣᠣᠯ ᠤ᠋ᠨ ᠳᠡᠭᠡᠭᠦᠷ ᠳᠣᠭᠤᠤᠷ ᠨᠢ ᠣᠷᠣᠭᠤᠯᠤᠨ ᠪᠥᠭᠡᠵᠢᠯᠡᠨ ᠰᠢᠬᠠᠵᠤ ᠵᠠᠩᠭᠢᠳᠳᠠᠭ᠃
ᠵᠢᠷᠤᠭ62
(1) ᠬᠠᠪᠲᠠᠭᠠᠢ ᠵᠠᠩᠭᠢᠯᠠᠭ᠎ᠠ
(2) ᠴᠡᠴᠡᠭ ᠦ᠋ᠨ ᠵᠠᠩᠭᠢᠯᠠᠭ᠎ᠠ

ᠵᠢᠷᠤᠭ63
ᠴᠠᠴᠤᠭ ᠤ᠋ᠨ ᠵᠠᠩᠭᠢᠯᠠᠭ᠎ᠠ( ᠪᠤᠮᠪᠠ ᠲᠠᠢ)

ᠵᠠᠩᠭᠢᠳᠬᠤ ᠨᠠᠷᠢᠨ ᠪᠦᠴᠡ ᠪᠡᠨ( ᠰᠠᠪᠢᠬᠢ᠂ ᠤᠲᠠᠰᠤ᠂ ᠳᠠᠪᠤᠤ ᠮᠡᠲᠦ) ᠬᠣᠶᠠᠷ ᠪᠦᠲᠦᠨ ᠣᠷᠢᠶᠠᠵᠤ ᠳᠠᠷᠠᠭ᠎ᠠ ᠨᠢ ᠵᠥᠷᠢᠭᠦᠯᠡᠵᠦ ᠪᠠᠷᠠᠭᠤᠨ ᠵᠡᠭᠦᠨ ᠲᠡᠰᠢ ᠨᠢ ᠰᠦᠯᠵᠢᠭᠡᠳ ᠭᠤᠷᠪᠠᠳᠠᠬᠢ ᠪᠦᠴᠡ ᠪᠡᠨ ᠬᠣᠶᠠᠷ ᠰᠦᠯᠵᠢᠶᠡᠰᠦ ᠶ᠋ᠢᠨ ᠳᠤᠮᠳᠠᠭᠤᠷ ᠨᠢ ᠬᠣᠶᠠᠷ ᠳᠠᠰᠢ ᠪᠠᠨ ᠳᠠᠬᠢᠨ ᠳᠠᠪᠲᠠᠨ ᠰᠦᠯᠵᠢᠬᠦ ᠳ᠋ᠦ᠍ ᠭᠤᠷᠮᠤᠰᠤᠨ ᠠᠮᠠᠨ ᠬᠦᠵᠦᠭᠦᠦ ᠵᠠᠩᠭᠢᠯᠠᠭ᠎ᠠ ᠪᠣᠢ ᠪᠣᠯᠤᠨ᠎ᠠ᠃
ᠪᠠᠯ ᠵᠠᠩᠭᠢᠯᠠᠭ᠎ᠠ ᠵᠠᠩᠭᠢᠳᠬᠤ ᠨᠠᠷᠢᠨ ᠢ᠋ᠶ᠋ᠠᠨ ᠬᠣᠶᠠᠷ ᠭᠠᠷ ᠲᠠᠭᠠᠨ ᠭᠣᠭᠴᠣᠭ᠎ᠠ ᠡᠭᠦᠰᠬᠡᠨ ᠪᠠᠷᠢᠭᠠᠳ ᠡᠬᠢᠯᠡᠭᠡᠳ ᠵᠡᠭᠦᠨ ᠭᠠᠷ ᠤ᠋ᠨ ᠢ᠋ᠶ᠋ᠠᠨ ᠭᠣᠭᠴᠣᠭᠠᠨ ᠳᠤᠮᠳᠠᠭᠤᠷ ᠪᠠᠷᠠᠭᠤᠨ ᠭᠠᠷ ᠤ᠋ᠨ ᠢ᠋ᠶ᠋ᠠᠨ ᠭᠣᠭᠴᠣᠭ᠎ᠠ ᠶ᠋ᠢ ᠰᠦᠪᠡᠯᠡᠭᠡᠳ ᠳᠠᠷᠠᠭ᠎ᠠ ᠨᠢ ᠪᠠᠷᠠᠭᠤᠨ ᠲᠠᠯ᠎ᠠ ᠠ᠋ᠴᠠ ᠨᠢ ᠰᠦᠪᠡᠯᠡᠨ ᠭᠠᠷᠤᠭᠰᠠᠨ ᠭᠣᠭᠴᠣᠭᠠᠨ ᠳᠤᠮᠳᠠᠭᠤᠷ ᠢ᠋ᠶ᠋ᠠᠨ ᠳᠡᠭᠡᠷ᠎ᠡ ᠡᠴᠡ ᠨᠢ ᠲᠦᠷᠦᠭᠦᠴᠢ ᠶ᠋ᠢᠨ ᠠᠳᠠᠯᠢ ᠭᠣᠭᠴᠤᠭᠠᠯᠠᠳᠠᠨ ᠭᠠᠷᠭᠠᠭᠠᠳ ᠳᠡᠭᠡᠷ᠎ᠡ ᠡᠴᠡ ᠨᠢ ᠨᠤᠭᠤᠯᠤᠭᠰᠠᠨ ᠭᠣᠭᠴᠣᠭᠠᠨ ᠤ᠋ ᠪᠠᠨ ᠦᠵᠦᠭᠦᠷ ᠢ᠋ ᠭᠣᠭᠴᠣᠭᠠᠨ ᠳᠤᠮᠳᠠᠭᠤᠷ ᠢ᠋ᠶ᠋ᠠᠨ ᠭᠠᠷᠭᠠᠵᠤ ᠡᠬᠢᠨ ᠦ᠌ ᠦᠵᠦᠭᠦᠷ ᠦ᠋ᠨ ᠭᠣᠭᠴᠣᠭ᠎ᠠ ᠶ᠋ᠢ ᠳᠠᠪᠬᠤᠷ ᠢ᠋ᠶ᠋ᠠᠷ ᠨᠢ ᠪᠤᠴᠠᠭᠠᠵᠤ ᠡᠬᠢᠨ ᠦ᠌ ᠣᠷᠣᠭᠰᠠᠨ ᠭᠣᠭᠴᠣᠭ᠎ᠠ ᠪᠠᠷ ᠭᠠᠷᠭᠠᠨ ᠵᠠᠩᠭᠢᠳᠤᠨ᠎ᠠ᠃ ᠡᠨᠡ ᠵᠠᠩᠭᠢᠯᠠᠭ᠎ᠠ ᠶ᠋ᠢ ᠵᠥᠪ ᠭᠡᠵᠦ ᠴᠢᠳᠠᠪᠠᠯ ᠪᠠᠯ ᠵᠠᠩᠭᠢᠯᠠᠭ᠎ᠠ ᠡᠭᠦᠰᠦᠨ᠎ᠡ᠃ ᠴᠡᠴᠡᠭ ᠦ᠋ᠨ ᠵᠠᠩᠭᠢᠯᠠᠭ᠎ᠠ ᠭᠡᠳᠡᠭ ᠪᠠᠯ ᠵᠠᠩᠭᠢᠯᠠᠭ᠎ᠠ ᠶ᠋ᠢ ᠳᠠᠷᠠᠭᠠᠯᠠᠯ ᠢ᠋ᠶ᠋ᠠᠷ ᠨᠢ ᠣᠯᠠᠨ ᠤᠳᠠᠭ᠎ᠠ ᠳᠠᠪᠲᠠᠬᠤ ᠳ᠋ᠤ᠌ ᠴᠡᠴᠡᠭ ᠬᠡᠯᠪᠡᠷᠢ ᠲᠡᠢ ᠪᠣᠯᠬᠤ ᠪᠠ ᠡᠭᠦᠨ ᠢ᠋ ᠴᠡᠴᠡᠭ ᠵᠠᠩᠭᠢᠯᠠᠭ᠎ᠠ ᠭᠡᠨ᠎ᠡ᠃
ᠵᠢᠷᠤᠭ64
ᠠᠮᠠᠨ ᠬᠦᠵᠦᠭᠦᠦ ᠵᠠᠩᠭᠢᠯᠠᠭ᠎ᠠ

ᠥᠯᠵᠡᠢ ᠲᠤᠤᠬᠠᠢ ᠵᠠᠩᠭᠢᠳᠬᠤ ᠥᠯᠵᠡᠢ ᠲᠤᠤᠬᠠᠢ ᠵᠠᠩᠭᠢᠳᠬᠤ ᠳ᠋ᠠᠭᠠᠨ ᠵᠡᠭᠦᠨ ᠭᠠᠷ ᠲᠠᠭᠠᠨ ᠨᠢᠭᠡ᠂ ᠪᠠᠷᠠᠭᠤᠨ ᠭᠠᠷ ᠲᠠᠭᠠᠨ ᠬᠣᠶᠠᠷ ᠲᠡᠩᠴᠡᠭᠦᠦ ᠬᠡᠮᠵᠢᠶ᠎ᠡ ᠲᠡᠢ ᠭᠣᠭᠴᠣᠭ᠎ᠠ ᠠᠳᠬᠤᠵᠤ ᠡᠬᠢᠨ ᠦ᠌ ᠭᠣᠭᠴᠤᠭᠠᠨ ᠳᠤᠮᠳᠠᠭᠤᠷ ᠢ᠋ᠶ᠋ᠠᠨ ᠰᠦᠪᠡᠯᠡᠨ ᠭᠠᠷᠭᠠᠵᠤ ᠪᠠᠷᠠᠭᠤᠨ ᠲᠠᠯ᠎ᠠ ᠶ᠋ᠢᠨ ᠬᠣᠶᠠᠷ ᠭᠣᠭᠴᠤᠭᠠᠨ ᠳᠡᠭᠡᠷ᠎ᠡ ᠡᠴᠡ ᠨᠢ ᠳᠣᠭᠣᠭᠰᠢ ᠨᠢ ᠬᠣᠶᠠᠷ ᠭᠣᠭᠴᠣᠭ᠎ᠠ ᠶ᠋ᠢ ᠰᠦᠪᠡᠯᠡᠨ ᠭᠠᠷᠭᠠᠭᠠᠳ ᠦᠵᠦᠭᠦᠷ ᠡᠴᠡ ᠪᠡᠨ ᠪᠤᠯᠤᠩ ᠳ᠋ᠤᠨᠢ ᠪᠢᠲᠡᠭᠦᠦ ᠭᠣᠭᠴᠣᠭ᠎ᠠ ᠡᠭᠦᠰᠬᠡᠨ ᠪᠠᠷᠠᠭᠤᠨ ᠲᠠᠯ᠎ᠠ ᠶ᠋ᠢᠨ ᠬᠣᠶᠠᠷ ᠭᠣᠭᠴᠤᠭᠠᠨ ᠳᠤᠮᠳᠠᠭᠤᠷ ᠳᠡᠭᠡᠷ᠎ᠡ ᠲᠠᠯ᠎ᠠ ᠠ᠋ᠴᠠ ᠰᠢᠷᠭᠤᠭᠰᠠᠨ ᠬᠣᠶᠠᠷ ᠭᠣᠭᠴᠤᠭᠠᠨ ᠤ᠋ ᠵᠠᠪᠰᠠᠷ ᠢ᠋ᠶ᠋ᠠᠷ ᠣᠷᠣᠭᠤᠯᠤᠨ ᠡᠬᠢᠨ ᠦ᠌ ᠭᠣᠭᠴᠣᠭ᠎ᠠ ᠶ᠋ᠢ ᠳᠠᠷᠤᠵᠤ ᠪᠤᠴᠠᠭᠠᠵᠤ ᠳᠡᠭᠡᠳᠦ ᠭᠣᠭᠴᠤᠭᠠᠨ ᠤ᠋ ᠵᠠᠪᠰᠠᠷ ᠢ᠋ᠶ᠋ᠠᠷ ᠳᠠᠬᠢᠨ ᠭᠣᠭᠴᠣᠭ᠎ᠠ ᠡᠭᠦᠰᠬᠡᠨ ᠲᠦᠷᠦᠭᠦᠴᠢ ᠶ᠋ᠢᠨ ᠠᠳᠠᠯᠢ ᠳᠡᠭᠡᠳᠦ ᠭᠣᠭᠴᠤᠭᠠᠨ ᠤ᠋ ᠳᠤᠮᠳᠠᠭᠤᠷ ᠣᠷᠣᠭᠰᠠᠨ ᠦᠵᠦᠭᠦᠷ ᠢ᠋ ᠳᠠᠪᠬᠤᠷ ᠢ᠋ᠶ᠋ᠠᠷ ᠨᠢ ᠳᠠᠷᠤᠵᠤ ᠭᠠᠷᠭᠠᠭᠠᠳ ᠦᠵᠦᠭᠦᠷ ᠢ᠋ᠶ᠋ᠡᠷ ᠨᠢ ᠭᠣᠭᠴᠣᠭ᠎ᠠ ᠡᠭᠦᠰᠬᠡᠨ ᠳᠡᠭᠡᠷ᠎ᠡ ᠡᠴᠡ ᠨᠢ ᠰᠢᠷᠭᠤᠭᠰᠠᠨ ᠬᠣᠶᠠᠷ ᠭᠣᠭᠴᠤᠭᠠᠨ ᠤ᠋ ᠳᠤᠮᠳᠠᠭᠤᠷ ᠬᠥᠨᠳᠡᠯᠡᠨ ᠳᠥᠷᠪᠡᠨ ᠭᠣᠭᠴᠣᠭᠠᠨ ᠤ᠋ ᠳᠡᠭᠡᠭᠦᠷ ᠳᠣᠭᠤᠤᠷ ᠨᠢ ᠰᠦᠯᠵᠢᠨ ᠪᠤᠴᠠᠭᠠᠵᠤ ᠭᠠᠷᠭᠠᠨ᠎ᠠ᠃ ᠲᠣᠭᠣᠷᠢᠭᠰᠠᠨ ᠪᠢᠲᠡᠭᠦᠦ ᠭᠣᠭᠴᠣᠭ᠎ᠠ ᠪᠠᠨ ᠲᠡᠩᠴᠡᠭᠦᠯᠦᠨ ᠴᠢᠩᠭᠠᠯᠠᠬᠤ ᠳ᠋ᠤ᠌ ᠥᠯᠵᠡᠢ ᠲᠤᠤᠬᠠᠢ ᠪᠣᠯᠤᠨ᠎ᠠ᠃
ᠵᠢᠷᠤᠭ 65
ᠲᠤᠤᠬᠠᠢ ᠵᠠᠩᠭᠢᠯᠠᠭ᠎ᠠ
ᠵᠢᠷᠤᠭ 66
ᠡᠷᠪᠡᠬᠡᠢ ᠵᠠᠩᠭᠢᠯᠠᠭ᠎ᠠ

ᠡᠷᠪᠡᠬᠡᠢ ᠵᠠᠩᠭᠢᠯᠠᠭ᠎ᠠ ᠡᠨᠡ ᠵᠠᠩᠭᠢᠯᠠᠭ᠎ᠠ ᠨᠢ ᠥᠯᠵᠡᠢ ᠶ᠋ᠢᠨ ᠭᠣᠣᠯ ᠤ᠋ᠨ ᠬᠣᠶᠠᠷ ᠲᠠᠯ᠎ᠠ ᠶ᠋ᠢᠨ ᠬᠣᠶᠠᠷ᠂ ᠬᠣᠶᠠᠷ ᠭᠣᠭᠴᠣᠭ᠎ᠠ ᠶ᠋ᠢ ᠬᠣᠭᠣᠷᠣᠨᠳᠣ ᠨᠢ ᠵᠠᠩᠭᠢᠳᠤᠨ ᠠᠮᠠᠨ ᠬᠦᠵᠦᠭᠦᠦ ᠪᠤᠶᠤ ᠵᠢᠷᠢᠮᠦᠨ ᠤᠭᠠᠯᠵᠠ ᠡᠭᠦᠰᠬᠡᠨ ᠵᠠᠩᠭᠢᠳᠤᠨ᠎ᠠ᠃ ᠵᠢᠷᠢᠮᠦᠨ ᠤᠭᠠᠯᠵᠠ ᠡᠭᠦᠰᠬᠡᠬᠦ ᠭᠣᠣᠯ ᠤ᠋ᠨ ᠭᠣᠭᠴᠤᠭᠠᠨ ᠤ᠋ ᠬᠣᠶᠠᠷ ᠲᠠᠯ᠎ᠠ ᠶ᠋ᠢᠨ ᠭᠣᠭᠴᠣᠭ᠎ᠠ ᠶ᠋ᠢ ᠤᠷᠲᠤ ᠭᠣᠭᠴᠣᠭᠠᠯᠠᠳᠠᠨ ᠰᠦᠯᠵᠢᠭᠡᠳ ᠳᠠᠷᠠᠭᠠᠬᠢ ᠶ᠋ᠢᠨ ᠭᠣᠭᠴᠣᠭ᠎ᠠ ᠭᠠᠷᠭᠠᠬᠤ ᠳ᠋ᠠᠭᠠᠨ ᠵᠢᠷᠤᠭ ᠲᠤ᠌ ᠦᠵᠡᠭᠦᠯᠦᠭᠰᠡᠨ ᠢ᠋ᠶ᠋ᠡᠷ ᠳᠡᠰ ᠳᠠᠷᠠᠭ᠎ᠠ ᠪᠠᠷ ᠳᠡᠭᠡᠭᠦᠷ ᠳᠣᠭᠤᠤᠷ ᠨᠢ ᠣᠷᠣᠭᠤᠯᠵᠤ ᠵᠠᠩᠭᠢᠳᠤᠨ᠎ᠠ᠃ ᠢᠩᠭᠢᠬᠦ ᠳ᠋ᠦ᠍ ᠬᠡᠷᠪᠡ ᠵᠠᠩᠭᠢᠯᠠᠭ᠎ᠠ ᠵᠥᠪ ᠬᠢᠭᠳᠡᠭᠰᠡᠨ ᠪᠣᠯ ᠳᠠᠯᠠᠪᠴᠢ ᠲᠠᠢ ᠡᠷᠪᠡᠬᠡᠢ ᠮᠠᠶᠢᠭ ᠤ᠋ᠨ ᠬᠡ ᠭᠠᠷᠤᠨ᠎ᠠ᠃
ᠵᠢᠷᠤᠭ 67
ᠬᠥᠨᠳᠡᠯᠡᠨ ᠲᠤᠤᠬᠠᠢ ᠵᠠᠩᠭᠢᠯᠠᠭ᠎ᠠ

ᠬᠥᠨᠳᠡᠯᠡᠨ ᠲᠤᠤᠬᠠᠢ ᠵᠠᠩᠭᠢᠯᠠᠭ᠎ᠠ ᠡᠭᠦᠨ ᠢ᠋ ᠵᠠᠩᠭᠢᠳᠬᠤ ᠳ᠋ᠠᠭᠠᠨ ᠵᠡᠭᠦᠨ ᠭᠠᠷ ᠲᠠᠭᠠᠨ ᠨᠢᠭᠡ ᠤᠷᠲᠤ ᠭᠣᠭᠴᠣᠭ᠎ᠠ ᠭᠠᠷᠭᠠᠨ ᠳᠡᠭᠡᠭᠰᠢ ᠨᠢ ᠤᠷᠲᠤ ᠪᠣᠭᠣᠨᠢ ᠪᠠᠷ ᠲᠡᠩᠴᠡᠭᠦᠦ ᠬᠡᠮᠵᠢᠶ᠎ᠡ ᠲᠡᠢ ᠳᠥᠷᠪᠡᠨ ᠭᠣᠭᠴᠣᠭ᠎ᠠ ᠰᠦᠪᠡᠯᠡᠨ ᠭᠠᠷᠭᠠᠬᠤ ᠶ᠋ᠢᠨ ᠬᠠᠮᠲᠤ ᠪᠠᠷᠠᠭᠤᠨ ᠲᠠᠯ᠎ᠠ ᠠ᠋ᠴᠠ ᠨᠢ ᠨᠢᠭᠡ ᠤᠷᠲᠤ ᠭᠣᠭᠴᠣᠭ᠎ᠠ ᠭᠠᠷᠭᠠᠨ᠎ᠠ᠃ ᠪᠠᠷᠠᠭᠤᠨ ᠲᠠᠯ᠎ᠠ ᠨᠢ ᠰᠦᠪᠡᠯᠡᠨ ᠭᠠᠷᠭᠠᠭᠰᠠᠨ ᠭᠣᠭᠴᠣᠭᠠᠨ ᠤ᠋ ᠦᠵᠦᠭᠦᠷ ᠢ᠋ᠶ᠋ᠡᠷ ᠭᠣᠭᠴᠣᠭ᠎ᠠ ᠭᠠᠷᠭᠠᠨ ᠪᠠᠷᠠᠭᠤᠨ ᠲᠠᠯ᠎ᠠ ᠶ᠋ᠢᠨ ᠬᠣᠶᠠᠷ ᠪᠣᠰᠤᠭ᠎ᠠ ᠭᠣᠭᠴᠣᠭᠠᠨ ᠤ᠋ ᠳᠤᠮᠳᠠᠭᠤᠷ᠂ ᠳᠡᠭᠡᠳᠦ ᠲᠠᠯ᠎ᠠ ᠶ᠋ᠢᠨ ᠭᠣᠭᠴᠣᠭᠠᠨ ᠤ᠋ ᠵᠠᠪᠰᠠᠷ ᠢ᠋ᠶ᠋ᠠᠷ ᠳᠣᠣᠷᠠᠲᠤ ᠲᠠᠯ᠎ᠠ ᠶ᠋ᠢᠨ ᠭᠣᠭᠴᠣᠭ᠎ᠠ ᠶ᠋ᠢ ᠪᠢᠲᠡᠭᠦᠦ ᠬᠣᠶᠠᠷ ᠤᠳᠠᠭ᠎ᠠ ᠳᠠᠷᠤᠵᠤ᠂ ᠳᠡᠭᠡᠳᠦ ᠲᠠᠯ᠎ᠠ ᠳ᠋ᠠᠭᠠᠨ ᠭᠣᠭᠴᠣᠭ᠎ᠠ ᠡᠭᠦᠰᠬᠡᠨ ᠳᠡᠭᠡᠭᠰᠢ ᠨᠢ ᠭᠠᠷᠭᠠᠨ᠎ᠠ᠃ ᠵᠡᠭᠦᠨ ᠲᠠᠯ᠎ᠠ ᠶ᠋ᠢᠨ ᠨᠢᠭᠡ ᠦᠵᠦᠭᠦᠷ ᠢ᠋ ᠳᠣᠣᠷᠠᠲᠤ ᠲᠠᠯ᠎ᠠ ᠶ᠋ᠢᠨ ᠵᠠᠬ᠎ᠠ ᠶ᠋ᠢᠨ ᠭᠣᠭᠴᠣᠭᠠᠨ ᠳᠤᠮᠳᠠᠭᠤᠷ ᠴᠠᠰᠢ ᠭᠠᠷᠭᠠᠨ ᠮᠥᠨ ᠲᠦᠷᠦᠭᠦᠴᠢ ᠶ᠋ᠢᠨ ᠠᠳᠠᠯᠢ ᠵᠡᠭᠦᠨ ᠲᠠᠯ᠎ᠠ ᠶ᠋ᠢᠨ ᠭᠣᠭᠴᠣᠭᠠᠨ ᠳᠤᠮᠳᠠᠭᠤᠷ ᠳᠣᠣᠷᠠᠲᠤ ᠲᠠᠯ᠎ᠠ ᠶ᠋ᠢᠨ ᠭᠣᠭᠴᠣᠭ᠎ᠠ ᠶ᠋ᠢ ᠪᠢᠲᠡᠭᠦᠦ ᠳᠠᠷᠤᠵᠤ ᠭᠠᠷᠭᠠᠭᠠᠳ ᠭᠣᠭᠴᠣᠭ᠎ᠠ ᠨᠤᠭᠤᠳ ᠢ᠋ᠶ᠋ᠠᠨ ᠴᠢᠩᠭᠠᠯᠠᠨ᠎ᠠ᠃
ᠡᠭᠦᠨ ᠡᠴᠡ ᠦᠨᠳᠦᠰᠦᠯᠡᠨ ᠪᠤᠮᠪᠠᠨ ᠪᠠ ᠪᠤᠰᠤᠳ ᠮᠣᠭᠣᠯᠴᠣᠭ ᠵᠠᠩᠭᠢᠯᠠᠭ᠎ᠠ ᠶ᠋ᠢ ᠭᠠᠷᠭᠠᠨ ᠵᠠᠩᠭᠢᠳᠴᠤ ᠪᠣᠯᠤᠨ᠎ᠠ᠃
ᠥᠯᠵᠡᠢ ᠵᠠᠩᠭᠢᠳᠬᠤ ᠡᠭᠦᠨ ᠢ᠋ ᠵᠠᠩᠭᠢᠳᠬᠤ ᠳ᠋ᠤ᠌ ᠤᠲᠠᠰᠤ ᠪᠠᠷ ᠪᠤᠶᠤ ᠲᠣᠷᠭ᠎ᠠ ᠪᠠᠷ ᠵᠠᠩᠭᠢᠳᠤᠨ᠎ᠠ᠃ ᠬᠡᠷᠪᠡ ᠲᠣᠷᠭ᠎ᠠ ᠪᠠᠷ ᠲᠠᠯᠪᠢᠬᠤ ᠪᠣᠯ ᠥᠯᠵᠡᠢ ᠶ᠋ᠢᠨ ᠥᠨᠴᠥᠭ᠂ ᠪᠤᠯᠤᠩ ᠢ᠋ ᠲᠡᠭᠰᠢ ᠴᠡᠪᠡᠷ ᠭᠠᠷᠭᠠᠨ ᠨᠠᠭᠠᠵᠤ ᠪᠡᠯᠡᠳᠬᠡᠭᠡᠳ ᠴᠢᠮᠡᠭᠯᠡᠬᠦ ᠡᠳ᠋ ᠦ᠋ᠨ ᠢ᠋ᠶ᠋ᠡᠨ ᠵᠠᠢ ᠳ᠋ᠤ᠌ ᠲᠣᠬᠢᠷᠠᠭᠤᠯᠤᠨ ᠲᠠᠯᠪᠢᠵᠤ ᠣᠶᠣᠨ᠎ᠠ᠃
ᠦᠰᠦᠭ ᠠᠮᠢᠯᠠᠭᠤᠯᠤᠭᠴᠢ᠄ ᠱᠠᠭᠰᠠᠯ᠂ ᠣᠶᠤᠨᠪᠠᠲᠤ᠂ ᠭᠦᠨᠳᠦᠰᠠᠩᠪᠤᠤ ᠂ ᠡᠷᠳᠡᠨᠢᠭᠣᠤ᠎ᠠ᠂ ᠭᠡᠭᠡᠷᠡᠯ
ᠬᠢᠨᠠᠭᠴᠢ᠄ ᠣᠳᠬᠠᠨᠰᠣ᠎ᠠ
