ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠲᠠᠪᠤᠳᠤᠭᠠᠷ ᠪᠦᠯᠦᠭ 01ᠤᠶᠠᠬᠤ ᠵᠠᠩᠭᠢᠳᠬᠤ ᠤᠷᠠᠯᠠᠯ
ᠲᠠᠪᠤᠳᠤᠭᠠᠷ ᠪᠦᠯᠦᠭ ᠤᠶᠠᠬᠤ ᠵᠠᠩᠭᠢᠳᠬᠤ ᠤᠷᠠᠯᠠᠯ01
ᠬᠥᠮᠦᠨ ᠲᠥᠷᠥᠯᠬᠢᠲᠡᠨ ᠦ᠌ ᠭᠠᠷᠤᠯ ᠡᠭᠦᠰᠦᠯ ᠲᠡᠢ ᠬᠠᠮᠲᠤ ᠡᠭᠦᠰᠴᠦ ᠬᠥᠭᠵᠢᠵᠦ ᠢᠷᠡᠭᠰᠡᠨ ᠤᠷᠠᠯᠠᠯ ᠤ᠋ᠨ ᠨᠢᠭᠡ ᠨᠢ ᠤᠶᠠᠭ᠎ᠠ ᠵᠠᠩᠭᠢᠯᠠᠭ᠎ᠠ ᠪᠥᠭᠡᠳ ᠬᠥᠮᠦᠨ ᠦ᠌ ᠤᠷ᠎ᠠ ᠤᠬᠠᠭᠠᠨ ᠢ᠋ ᠪᠠᠭ᠎ᠠ ᠦᠭᠡᠢ ᠱᠠᠭᠠᠷᠳᠠᠬᠤ ᠠ᠋ᠴᠠ ᠭᠠᠳᠠᠨ᠎ᠠ ᠬᠥᠮᠦᠨ ᠦ᠌ ᠠᠮᠢᠳᠤᠷᠠᠯ᠂ ᠨᠡᠢᠭᠡᠮ ᠦ᠋ᠨ ᠰᠣᠶᠣᠯ ᠰᠢᠨᠵᠢᠯᠡᠬᠦ ᠤᠬᠠᠭᠠᠨ᠂ ᠤᠷᠠᠨ ᠦᠢᠯᠡ ᠳ᠋ᠦ᠍ ᠶᠡᠬᠡᠬᠡᠨ ᠡᠭᠦᠷᠭᠡ ᠶ᠋ᠢ ᠭᠦᠢᠴᠡᠳᠬᠡᠵᠦ ᠢᠷᠡᠵᠡᠢ᠃ ᠭᠡᠬᠦ ᠳ᠋ᠡᠭᠡᠨ ᠪᠡᠬᠢᠯᠡᠭᠡᠨ ᠦ᠌ ᠵᠠᠩᠭᠢᠯᠠᠭ᠎ᠠ ᠠᠩᠬᠠᠳᠠᠭᠴᠢ ᠵᠠᠩᠭᠢᠯᠠᠭ᠎ᠠ ᠪᠥᠭᠡᠳ ᠬᠥᠮᠦᠨ ᠡᠯᠳᠡᠪ ᠭᠣᠶᠣᠯ ᠴᠢᠮᠡᠭᠯᠡᠯ ᠬᠡᠷᠡᠭᠯᠡᠬᠦ ᠡᠴᠡ ᠡᠮᠦᠨ᠎ᠡ ᠤᠶᠠᠭ᠎ᠠ ᠵᠠᠩᠭᠢᠯᠠᠭ᠎ᠠ ᠶ᠋ᠢ ᠬᠡᠷᠡᠭᠯᠡᠵᠦ ᠢᠷᠡᠭᠰᠡᠨ ᠪᠣᠯᠬᠤ ᠨᠢ ᠲᠣᠳᠣᠷᠬᠠᠢ ᠶᠤᠮ᠃ ᠪᠡᠬᠢᠯᠡᠭᠡᠨ ᠦ᠌ ᠪᠣᠯᠤᠨ ᠴᠢᠮᠡᠭᠯᠡᠬᠦ ᠵᠠᠩᠭᠢᠯᠠᠭ᠎ᠠ ᠮᠠᠰᠢ ᠣᠯᠠᠨ ᠶᠠᠩᠵᠤ ᠪᠠᠢᠳᠠᠭ ᠪᠠ ᠬᠣᠭᠣᠷᠣᠨᠳᠣ ᠨᠢ ᠵᠠᠭᠠᠭᠯᠠᠵᠤ ᠪᠣᠯᠣᠰᠢ ᠦᠭᠡᠢ ᠪᠢᠯᠡ᠃
ᠮᠣᠩᠭᠣᠯᠴᠤᠳ ᠣᠯᠠᠨ ᠵᠠᠭᠤᠨ ᠵᠢᠯ ᠦ᠋ᠨ ᠢ᠋ᠶ᠋ᠡᠨ ᠠᠶᠠᠨ ᠵᠢᠩ ᠲᠡᠭᠡᠭᠡᠬᠦ᠂ ᠠᠮᠢᠳᠤᠷᠠᠯ ᠳ᠋ᠠᠭᠠᠨ ᠶᠡᠷᠦᠳᠡ ᠶ᠋ᠢᠨ ᠬᠥᠰᠬᠡ ᠬᠡᠷᠡᠭᠯᠡᠵᠦ ᠢᠷᠡᠭᠰᠡᠨ ᠲᠡᠢ ᠤᠶᠠᠯᠳᠤᠭᠤᠯᠵᠤ ᠮᠠᠯ ᠤ᠋ᠨ ᠲᠣᠨᠣᠭ ᠬᠡᠷᠡᠭᠰᠡᠯ ᠢ᠋ ᠮᠠᠯᠴᠢᠨ ᠠᠷᠠᠳ ᠤ᠋ᠨ ᠥᠪᠡᠰᠦᠪᠡᠨ ᠬᠢᠵᠦ᠂ ᠬᠡᠷᠡᠭᠯᠡᠵᠦ ᠢᠷᠡᠭᠰᠡᠨ ᠲᠡᠦᠬᠡᠨ ᠳ᠋ᠡᠭᠡᠨ ᠣᠯᠠᠨ ᠶᠠᠩᠵᠤ ᠶ᠋ᠢᠨ ᠤᠶᠠᠭ᠎ᠠ ᠵᠠᠩᠭᠢᠯᠠᠭ᠎ᠠ ᠪᠣᠢ ᠪᠣᠯᠵᠠᠢ᠃ ᠡᠭᠦᠨ ᠦ᠌ ᠳᠣᠲᠣᠷ᠎ᠠ ᠠ᠋ᠴᠠ ᠵᠠᠷᠢᠮ ᠨᠢᠭᠡ ᠨᠡᠢᠲᠡᠯᠢᠭ ᠬᠡᠷᠡᠭᠯᠡᠳᠡᠭ ᠵᠠᠩᠭᠢᠯᠠᠭ᠎ᠠ ᠶ᠋ᠢ ᠳᠤᠷᠠᠳᠤᠶ᠎ᠠ᠃
238
ᠵᠢᠷᠤᠭ59
ᠡᠩ ᠦ᠋ᠨ ᠵᠠᠩᠭᠢᠯᠠᠭ᠎ᠠ
ᠵᠢᠷᠤᠭ60
1. ᠦᠢᠯᠡᠴᠢᠨ ᠵᠠᠩᠭᠢᠯᠠᠭ᠎ᠠ
2. ᠳᠣᠭᠣᠯᠴᠢᠨ ᠵᠠᠩᠭᠢᠯᠠᠭ᠎ᠠ
3. ᠬᠦᠪᠦᠷᠬᠡᠢ ᠵᠠᠩᠭᠢᠯᠠᠭ᠎ᠠ
4. ᠬᠤᠸᠠᠵᠠ ᠵᠠᠩᠭᠢᠯᠠᠭ᠎ᠠ
5. ᠬᠠᠵᠠᠭᠠᠷ ᠨᠣᠭᠲᠣ ᠶ᠋ᠢᠨ ᠵᠠᠩᠭᠢᠯᠠᠭ᠎ᠠ
6. ᠵᠠᠩᠭᠢ ᠵᠠᠩᠭᠢᠯᠠᠭ᠎ᠠ
7. ᠴᠢᠬᠢ ᠵᠠᠩᠭᠢᠯᠠᠭ᠎ᠠ
8. ᠴᠢᠳᠥᠷ ᠦ᠋ᠨ ᠪᠣᠯᠬᠤ ᠵᠠᠩᠭᠢᠯᠠᠭ᠎ᠠ
9. ᠲᠣᠭᠣᠨᠣ ᠲᠤᠱᠠᠬᠤ ᠵᠠᠩᠭᠢᠯᠠᠭ᠎ᠠ

ᠡᠩ ᠦ᠋ᠨ ᠵᠠᠩᠭᠢᠯᠠᠭ᠎ᠠ ᠡᠨᠡ ᠵᠠᠩᠭᠢᠯᠠᠭ᠎ᠠ ᠬᠥᠮᠦᠨ ᠦ᠌ ᠠᠩᠬᠠᠨ ᠤ᠋ ᠵᠠᠩᠭᠢᠯᠠᠭ᠎ᠠ ᠪᠥᠭᠡᠳ ᠬᠣᠶᠠᠷ ᠶᠠᠭᠤᠮ᠎ᠠ ᠶ᠋ᠢᠨ ᠦᠵᠦᠭᠦᠷ ᠢ᠋ ᠨᠡᠢᠯᠡᠭᠦᠯᠵᠦ ᠨᠢᠭᠡ ᠡᠴᠡ ᠬᠣᠶᠠᠷ ᠤᠳᠠᠭ᠎ᠠ ᠤᠶᠠᠵᠤ ᠵᠠᠩᠭᠢᠳᠬᠤ ᠶᠡᠷᠦᠳᠡ ᠶ᠋ᠢᠨ ᠵᠠᠩᠭᠢᠯᠠᠭ᠎ᠠ ᠪᠠ ᠲᠡᠳᠦᠢᠯᠡ ᠪᠠᠲᠤ ᠪᠡᠬᠢ ᠪᠢᠰᠢ ᠵᠠᠩᠭᠢᠯᠠᠭ᠎ᠠ ᠪᠣᠯᠪᠠᠴᠤ ᠣᠳᠣ ᠬᠦᠷᠲᠡᠯ᠎ᠡ ᠨᠡᠢᠲᠡᠯᠢᠭ ᠬᠡᠷᠡᠭᠯᠡᠭᠳᠡᠭᠰᠡᠭᠡᠷ ᠪᠠᠢᠨ᠎ᠠ᠃ ᠡᠨᠡ ᠵᠠᠩᠭᠢᠯᠠᠭ᠎ᠠ ᠶ᠋ᠢ ᠪᠦᠳᠦᠭᠦᠨ ᠨᠠᠷᠢᠨ ᠡᠰᠡᠪᠡᠯ ᠶᠠᠮᠠᠷ ᠨᠢᠭᠡ ᠶᠠᠭᠤᠮ᠎ᠠ ᠶ᠋ᠢ ᠠᠯᠴᠢᠭᠤᠷ᠂ ᠸᠠᠳᠠᠩ᠂ ᠳᠠᠪᠤᠤ ᠵᠡᠷᠭᠡ ᠳ᠋ᠦ᠍ ᠪᠣᠭᠣᠵᠤ ᠪᠣᠭᠣᠳᠠᠯ ᠤ᠋ᠨ ᠦᠵᠦᠭᠦᠷ ᠦ᠋ᠨ ᠬᠣᠭᠣᠷᠣᠨᠳᠣ ᠨᠢ ᠡᠪᠯᠡᠭᠦᠯᠵᠦ ᠪᠣᠭᠣᠬᠤ ᠪᠤᠶᠤ ᠡᠰᠡᠬᠦᠯ᠎ᠡ ᠥᠭᠡᠷ᠎ᠡ ᠨᠠᠷᠢᠨ ᠢ᠋ᠶ᠋ᠠᠷ ᠣᠷᠢᠶᠠᠨ ᠵᠠᠩᠭᠢᠳᠤᠨ᠎ᠠ᠃
ᠦᠢᠯᠡᠴᠢᠨ ᠵᠠᠩᠭᠢᠯᠠᠭ᠎ᠠ ᠡᠨᠡ ᠵᠠᠩᠭᠢᠯᠠᠭ᠎ᠠ ᠣᠶᠣᠳᠠᠯ ᠦᠢᠯᠡ ᠶ᠋ᠢᠨ ᠤᠲᠠᠰᠤᠨ ᠤ᠋ ᠤᠴᠢᠭ ᠤ᠋ᠨ ᠦᠵᠦᠭᠦᠷ ᠵᠠᠩᠭᠢᠳᠬᠤ ᠠ᠋ᠴᠠ ᠡᠬᠢᠯᠡᠨ ᠳᠡᠭᠡᠰᠦ᠂ ᠣᠯᠣᠰᠣ᠂ ᠰᠦᠯᠵᠢᠮᠡᠯ᠂ ᠲᠠᠮᠤᠯᠠᠯ ᠤ᠋ᠨ ᠦᠵᠦᠭᠦᠷ ᠢ᠋ ᠵᠠᠳᠠᠯᠤᠨ ᠠᠯᠳᠠᠭᠳᠠᠬᠤ ᠠ᠋ᠴᠠ ᠬᠠᠮᠠᠭᠠᠯᠠᠬᠤ ᠪᠤᠶᠤ ᠡᠳ᠋ ᠮᠠᠲ᠋ᠧᠷᠢᠶᠠᠯ ᠤ᠋ᠨ ᠭᠣᠶᠣᠯ ᠳ᠋ᠤ᠌ ᠲᠡᠭᠡᠭᠯᠡᠭᠦᠷ ᠮᠠᠶᠢᠭ ᠢ᠋ᠶ᠋ᠠᠷ ᠬᠡᠷᠡᠭᠯᠡᠨ᠎ᠡ᠃ ᠡᠨᠡ ᠵᠠᠩᠭᠢᠯᠠᠭ᠎ᠠ ᠶ᠋ᠢ ᠣᠶᠣᠳᠠᠯ ᠳ᠋ᠤ᠌ ᠥᠷᠭᠡᠨ ᠬᠡᠷᠡᠭᠯᠡᠳᠡᠭ ᠤᠴᠢᠷ ᠦᠢᠯᠡᠴᠢᠨ ᠵᠠᠩᠭᠢᠯᠠᠭ᠎ᠠ ᠭᠡᠵᠦ ᠨᠡᠷᠡᠯᠡᠭᠰᠡᠨ ᠪᠠᠢᠵᠤ ᠲᠠᠭᠠᠷᠠᠨ᠎ᠠ᠃
ᠲᠣᠭᠣᠨᠣ ᠲᠤᠱᠠᠬᠤ ᠵᠠᠩᠭᠢᠯᠠᠭ᠎ᠠ ᠡᠨᠡ ᠵᠠᠩᠭᠢᠯᠠᠭ᠎ᠠ ᠶ᠋ᠢ ᠬᠥᠮᠦᠨ ᠡᠷᠲᠡ ᠦᠶ᠎ᠡ ᠡᠴᠡ ᠬᠡᠷᠡᠭᠯᠡᠭᠰᠡᠨ ᠪᠥᠭᠡᠳ ᠬᠠᠮᠤᠭ ᠤ᠋ᠨ ᠡᠩ ᠦᠨ ᠬᠢᠯᠪᠠᠷ ᠮᠥᠷᠳᠡᠯ᠎ᠡ ᠪᠡᠨ ᠬᠠᠮᠤᠭ ᠤ᠋ᠨ ᠪᠠᠲᠤ ᠪᠥᠬᠡ ᠵᠠᠩᠭᠢᠯᠠᠭ᠎ᠠ ᠤᠴᠢᠷ ᠠ᠋ᠴᠠ ᠣᠢᠷ᠎ᠠ ᠵᠠᠭᠤᠷ᠎ᠠ ᠶ᠋ᠢᠨ ᠬᠡᠷᠡᠭᠴᠡᠭᠡᠨ ᠡᠴᠡ ᠤᠰᠤᠨ ᠣᠩᠭᠣᠴᠠ᠂ ᠲᠧᠭᠨᠢᠭ ᠦ᠋ᠨ ᠲᠡᠮᠦᠷ ᠲᠠᠲᠠᠯᠭ᠎ᠠ ᠬᠦᠷᠲᠡᠯ᠎ᠡ ᠬᠡᠷᠡᠭᠯᠡᠭᠳᠡᠬᠦ ᠪᠣᠯᠤᠭᠰᠠᠨ ᠨᠢ ᠲᠡᠭᠦᠨ ᠦ᠌ ᠪᠡᠬᠢᠯᠡᠭᠡᠨ ᠦ᠌ ᠭᠠᠢᠬᠠᠮᠰᠢᠭᠲᠤ ᠴᠢᠨᠠᠷ ᠪᠥᠭᠡᠳ ᠡᠨᠡ ᠴᠢᠨᠠᠷ ᠢ᠋ᠶ᠋ᠠᠷ ᠢ᠋ᠶ᠋ᠠᠨ ᠳᠠᠯᠠᠢᠴᠢᠨ ᠵᠠᠩᠭᠢᠯᠠᠭ᠎ᠠ ᠭᠡᠵᠦ ᠳᠡᠯᠡᠬᠡᠢ ᠳ᠋ᠦ᠍ ᠠᠯᠳᠠᠷᠰᠢᠵᠠᠢ᠃ ᠡᠨᠡ ᠵᠠᠩᠭᠢᠯᠠᠭ᠎ᠠ ᠶ᠋ᠢ ᠮᠣᠩᠭᠣᠯᠴᠤᠳ ᠶᠠᠭᠠᠬᠢᠭᠠᠳ ᠲᠣᠭᠣᠨᠣ ᠵᠠᠯᠭᠢᠯᠠᠭᠠ ᠭᠡᠵᠦ ᠨᠡᠷᠡᠯᠡᠭᠰᠡᠨ ᠨᠢ ᠣᠳᠣ ᠪᠠᠷ ᠮᠡᠳᠡᠬᠦ ᠦᠭᠡᠢ ᠪᠠᠢᠨ᠎ᠠ᠃
ᠳᠣᠭᠣᠯᠴᠢᠨ ᠵᠠᠩᠭᠢᠯᠠᠭ᠎ᠠ ᠡᠨᠡ ᠵᠠᠩᠭᠢᠯᠠᠭ᠎ᠠ ᠶ᠋ᠢ ᠭᠣᠣᠯᠳᠠᠭᠤ ᠤᠷᠭᠠᠨ ᠳ᠋ᠤ᠌ ᠬᠤᠢᠪᠢ᠂ ᠰᠢᠯᠪᠢᠭᠦᠷ ᠲᠦ ᠰᠤᠷ ᠪᠡᠬᠢᠯᠡᠬᠦ ᠳ᠋ᠦ᠍ ᠬᠡᠷᠡᠭᠯᠡᠬᠦ ᠪᠥᠭᠡᠳ ᠮᠣᠳᠣᠨ ᠳ᠋ᠠᠭᠠᠨ ᠲᠡᠭᠡᠭᠯᠡᠭᠦᠷ ᠵᠣᠷᠴᠤ ᠭᠠᠷᠭᠠᠭᠠᠳ ᠲᠡᠭᠦᠨ ᠦ᠌ ᠪᠡᠨ ᠳᠣᠣᠷᠠᠲᠤ ᠲᠠᠯ᠎ᠠ ᠳ᠋ᠤ᠌ ᠵᠠᠩᠭᠢᠳᠬᠤ ᠬᠤᠢᠪᠢ ᠪᠤᠶᠤ ᠰᠤᠷ ᠤ᠋ᠨ ᠢ᠋ᠶ᠋ᠠᠨ ᠦᠵᠦᠭᠦᠷ ᠢ᠋ ᠵᠥᠷᠢᠭᠦᠯᠡᠨ ᠴᠢᠩᠭᠠᠯᠠᠬᠤ ᠪᠠ ᠬᠤᠢᠪᠢ ᠳ᠋ᠤ᠌ ᠪᠠᠰᠠ ᠨᠡᠮᠡᠯᠲᠡ ᠵᠠᠩᠭᠢᠯᠠᠭ᠎ᠠ ᠬᠡᠷᠡᠭᠯᠡᠨ᠎ᠡ᠃
ᠮᠥᠨ ᠬᠠᠵᠠᠭᠠᠷ᠂ ᠨᠣᠭᠲᠣ᠂ ᠴᠢᠳᠦᠷ᠂ ᠵᠠᠩᠭᠢᠳᠬᠤ ᠵᠠᠩᠭᠢᠯᠠᠭ᠎ᠠ ᠲᠤᠰ ᠪᠦᠷᠢ ᠥᠭᠡᠷ᠎ᠡ ᠪᠠᠶ᠋ᠢᠳᠠᠭ ᠠ᠋ᠴᠠ ᠪᠡᠬᠢᠯᠡᠭᠡᠨ ᠳ᠋ᠦ ᠬᠤᠸᠠᠵᠠ᠂ ᠲᠤᠭᠤᠯᠴᠢᠨ᠂ ᠴᠢᠬᠢ᠂ ᠬᠦᠪᠦᠷᠬᠡᠢ ᠭᠡᠬᠦ ᠮᠡᠲᠦ ᠣᠯᠠᠨ ᠵᠠᠩᠭᠢᠯᠠᠭ᠎ᠠ ᠪᠣᠢ ᠪᠣᠯᠤᠭᠰᠠᠨ ᠤ ᠭᠠᠳᠠᠨ᠎ᠠ ᠰᠤᠷ ᠦ᠋ᠨ ᠵᠠᠩᠬᠢᠯᠠᠭᠠᠨ ᠳᠤ ᠥᠷᠭᠡᠨ ᠬᠡᠷᠡᠭᠯᠡᠳᠡᠭ ᠰᠦᠯᠵᠢᠶ᠎ᠡ ᠵᠠᠩᠭᠢᠯᠠᠭ᠎ᠠ ᠪᠠᠶ᠋ᠢᠳᠠᠭ᠃
ᠬᠣᠨᠢᠨ ᠬᠣᠯᠪᠣᠭ᠎ᠠ ᠪᠡᠬᠢᠯᠡᠭᠡ ᠡᠭᠦᠨ ᠊ᠢ ᠬᠣᠨᠢ ᠬᠣᠯᠪᠣᠬᠤ ᠳᠤ ᠥᠷᠭᠡᠨ ᠬᠡᠷᠡᠭᠯᠡᠳᠡᠭ ᠪᠥᠭᠡᠳ ᠨᠢᠭᠡ ᠭᠣᠭᠴᠣᠭ᠎ᠠ ᠠ᠋ᠴᠠ ᠪᠤᠰᠤᠳ ᠭᠣᠭᠴᠣᠭ᠎ᠠ ᠶ᠋ᠢ ᠭᠣᠭᠴᠣᠭᠠᠯᠠᠳᠠᠨ ᠬᠡᠯᠬᠢᠨ᠎ᠡ᠃
ᠡᠭᠦᠨ ᠶ᠋ᠢᠡᠷ ᠬᠡᠳᠦᠨ ᠮᠢᠩᠭᠠᠨ ᠬᠣᠨᠢ ᠴᠤ ᠬᠣᠯᠪᠣᠬᠤ ᠪᠠ ᠰᠤᠯᠠᠯᠠᠨ ᠲᠠᠯᠪᠢᠬᠤ ᠳᠤ ᠬᠢᠯᠪᠠᠷ ᠪᠡᠬᠢᠯᠡᠭᠡ ᠪᠥᠭᠡᠳ ᠤᠷᠠᠨ ᠬᠠᠳᠬᠤᠮᠠᠯ ᠳᠤ ᠬᠡᠷᠡᠭᠯᠡᠭᠳᠡᠬᠦ ᠳ᠋ᠡᠭᠡᠨ ᠴᠦ᠍ ᠡᠨᠡ ᠨᠡᠷ᠎ᠡ ᠪᠡᠨ ᠠᠯᠳᠠᠭᠰᠠᠨ ᠦᠭᠡᠢ᠃ ᠡᠭᠦᠨ ᠦ ᠨᠢᠭᠡ ᠲᠥᠷᠥᠯ ᠨᠢ ᠵᠥᠷᠢᠭᠦᠯᠭᠡ ᠪᠥᠭᠡᠳ ᠬᠣᠨᠢ ᠬᠣᠯᠪᠣᠬᠤ ᠳ᠋ᠠᠭᠠᠨ ᠨᠢᠭᠡ ᠭᠣᠭᠴᠣᠭ᠎ᠠ ᠪᠠᠷ ᠪᠢᠰᠢ ᠬᠣᠨᠢ ᠲᠤᠰ ᠪᠦᠷᠢ ᠶ᠋ᠢᠨ ᠬᠣᠭᠣᠷᠣᠨᠳᠣ ᠨᠢᠭᠡ ᠤᠳᠠᠭ᠎ᠠ ᠬᠣᠯᠪᠣᠬᠤ ᠤᠶᠠᠭ᠎ᠠ ᠪᠠᠨ ᠵᠥᠷᠢᠭᠦᠯᠦᠨ᠎ᠡ᠃ ᠡᠨᠡ ᠪᠡᠬᠢᠯᠡᠭᠡᠨ ᠳ᠋ᠦ ᠨᠢᠭᠡ ᠤᠷᠲᠤ ᠵᠡᠯ᠎ᠡ ᠳᠡᠭᠡᠰᠦ᠂ ᠨᠢᠭᠡ ᠰᠤᠯᠠ ᠳᠡᠭᠡᠰᠦ ᠪᠠᠶ᠋ᠢᠬᠤ ᠪᠠ ᠰᠤᠯᠠ ᠳᠡᠭᠡᠰᠦ ᠪᠡᠷ ᠵᠡᠯ᠎ᠡ ᠳᠡᠭᠡᠰᠦ ᠶ᠋ᠢ ᠣᠷᠢᠶᠠᠵᠤ ᠬᠣᠨᠢᠨ ᠤ ᠰᠢᠯᠢ ᠪᠡᠷ ᠳᠠᠷᠤᠨ ᠳᠠᠬᠢᠵᠤ ᠵᠡᠯ᠎ᠡ ᠣᠷᠢᠶᠠᠵᠤ ᠳᠠᠷᠠᠭᠠᠬᠢ ᠬᠣᠨᠢᠨ ᠤ ᠰᠢᠯᠢ ᠪᠡᠷ ᠳᠠᠷᠤᠨ᠎ᠠ᠃ ᠡᠶ᠋ᠢᠮᠦ ᠳ᠋ᠦ ᠬᠣᠨᠢᠨ ᠤ ᠬᠣᠯᠪᠣᠭᠠᠨ ᠠ᠋ᠴᠠ ᠲᠦᠪᠡᠭ ᠲᠡᠢ ᠪᠡᠬᠢᠯᠡᠭᠡ ᠶᠤᠮ᠃ ᠬᠣᠨᠢᠨ ᠬᠣᠯᠪᠣᠭ᠎ᠠ ᠪᠡᠬᠢᠯᠡᠭᠡ ᠪᠡᠷ ᠬᠣᠨᠢ ᠬᠣᠯᠪᠣᠬᠤ ᠠ᠋ᠴᠠ ᠭᠠᠳᠠᠨ᠎ᠠ ᠪᠣᠭᠴᠣ ᠳᠠᠯᠢᠩ ᠮᠡᠲᠦ ᠨᠢᠭᠡ ᠶ᠋ᠢ ᠨᠥᠭᠦᠭᠡ ᠪᠡᠷ ᠳᠠᠷᠤᠵᠤ ᠦᠳᠡᠬᠦ ᠠᠮᠠ ᠲᠠᠢ ᠰᠠᠪᠠᠨ ᠤ ᠠᠮᠠ ᠶ᠋ᠢ ᠪᠡᠬᠢᠯᠡᠬᠦ ᠳ᠋ᠦ ᠬᠡᠷᠡᠭᠯᠡᠨ᠎ᠡ᠃ ᠡᠨᠡ ᠪᠡᠬᠢᠯᠡᠭᠡᠨ ᠦ ᠪᠠᠰᠠ ᠨᠢᠭᠡ ᠲᠥᠷᠥᠯ ᠨᠢ ᠡᠭᠡᠷᠡᠦᠯ ᠦ᠋ᠨ ᠤᠲᠠᠰᠤ ᠪᠡᠬᠢᠯᠡᠬᠦ ᠡᠷᠭᠢᠭᠡᠮᠡᠯ ᠪᠡᠬᠢᠯᠡᠭᠡ ᠶᠤᠮ᠃ ᠡᠨᠡ ᠪᠡᠬᠢᠯᠡᠭᠡ ᠶ᠋ᠢ ᠮᠣᠩᠭᠣᠯ ᠦ᠋ᠨ ᠡᠮᠡᠭᠲᠡᠶ᠋ᠢᠴᠦᠳ ᠮᠠᠰᠢ ᠰᠤᠷᠮᠠᠭᠠᠢ ᠬᠡᠷᠡᠭᠯᠡᠳᠡᠭ ᠪᠥᠭᠡᠳ ᠡᠷᠡᠬᠡᠢ ᠬᠤᠷᠤᠭᠤ ᠪᠠᠨ ᠨᠢᠭᠡ ᠣᠷᠢᠶᠠᠵᠤ᠂ ᠲᠡᠷᠡ ᠭᠣᠭᠴᠣᠭ᠎ᠠ ᠪᠠᠨ ᠡᠭᠡᠷᠡᠦᠯ ᠦ᠋ᠨ ᠶ᠋ᠢᠡᠨ ᠡᠰᠢᠨ ᠳ᠋ᠦ ᠣᠷᠣᠭᠤᠯᠵᠤ ᠲᠣᠭᠲᠠᠭᠠᠨ᠎ᠠ᠃
ᠮᠥᠨ ᠬᠠᠵᠠᠭᠠᠷ᠂ ᠨᠣᠭᠲᠣ᠂ ᠴᠢᠳᠥᠷ᠂ ᠵᠠᠩᠭᠢᠳᠬᠤ ᠵᠠᠩᠭᠢᠯᠠᠭ᠎ᠠ ᠲᠤᠰ ᠪᠦᠷᠢ ᠥᠭᠡᠷ᠎ᠡ ᠪᠠᠢᠳᠠᠭ ᠠ᠋ᠴᠠ ᠪᠡᠬᠢᠯᠡᠭᠡᠨ ᠳ᠋ᠦ᠍ ᠬᠤᠸᠠᠵᠠ᠂ ᠳᠣᠭᠣᠯᠴᠢᠨ᠂ ᠴᠢᠬᠢ᠂ ᠬᠦᠪᠦᠷᠬᠡᠢ ᠭᠡᠬᠦ ᠮᠡᠲᠦ ᠣᠯᠠᠨ ᠵᠠᠩᠭᠢᠯᠠᠭ᠎ᠠ ᠪᠣᠢ ᠪᠣᠯᠤᠭᠰᠠᠨ ᠤ᠋ ᠭᠠᠳᠠᠨ᠎ᠠ ᠰᠤᠷ ᠤ᠋ᠨ ᠵᠠᠩᠬᠢᠯᠠᠭᠠᠨ ᠳ᠋ᠤ᠌ ᠥᠷᠭᠡᠨ ᠬᠡᠷᠡᠭᠯᠡᠳᠡᠭ ᠰᠦᠯᠵᠢᠶ᠎ᠡ ᠵᠠᠩᠭᠢᠯᠠᠭ᠎ᠠ ᠪᠠᠢᠳᠠᠭ᠃
ᠬᠣᠨᠢᠨ ᠬᠣᠯᠪᠣᠭ᠎ᠠ ᠪᠡᠬᠢᠯᠡᠭᠡ ᠡᠭᠦᠨ ᠢ᠋ ᠬᠣᠨᠢ ᠬᠣᠯᠪᠣᠬᠤ ᠳ᠋ᠤ᠌ ᠥᠷᠭᠡᠨ ᠬᠡᠷᠡᠭᠯᠡᠳᠡᠭ ᠪᠥᠭᠡᠳ ᠨᠢᠭᠡ ᠭᠣᠭᠴᠣᠭ᠎ᠠ ᠠ᠋ᠴᠠ ᠪᠤᠰᠤᠳ ᠭᠣᠭᠴᠣᠭ᠎ᠠ ᠶ᠋ᠢ ᠭᠣᠭᠴᠣᠭᠠᠯᠠᠳᠠᠨ ᠬᠡᠯᠬᠢᠨ᠎ᠡ᠃
ᠡᠭᠦᠨ ᠢ᠋ᠶ᠋ᠡᠷ ᠬᠡᠳᠦᠨ ᠮᠢᠩᠭᠠᠨ ᠬᠣᠨᠢ ᠴᠤ᠌ ᠬᠣᠯᠪᠣᠬᠤ ᠪᠠ ᠰᠤᠯᠠᠯᠠᠨ ᠲᠠᠯᠪᠢᠬᠤ ᠳ᠋ᠤ᠌ ᠬᠢᠯᠪᠠᠷ ᠪᠡᠬᠢᠯᠡᠭᠡ ᠪᠥᠭᠡᠳ ᠤᠷᠠᠨ ᠬᠠᠳᠬᠤᠮᠠᠯ ᠳ᠋ᠤ᠌ ᠬᠡᠷᠡᠭᠯᠡᠭᠳᠡᠬᠦ ᠳ᠋ᠡᠭᠡᠨ ᠴᠦ᠍ ᠡᠨᠡ ᠨᠡᠷ᠎ᠡ ᠪᠡᠨ ᠠᠯᠳᠠᠭᠰᠠᠨ ᠦᠭᠡᠢ᠃ ᠡᠭᠦᠨ ᠦ᠌ ᠨᠢᠭᠡ ᠲᠥᠷᠥᠯ ᠨᠢ ᠵᠥᠷᠢᠭᠦᠯᠭᠡ ᠪᠥᠭᠡᠳ ᠬᠣᠨᠢ ᠬᠣᠯᠪᠣᠬᠤ ᠳ᠋ᠠᠭᠠᠨ ᠨᠢᠭᠡ ᠭᠣᠭᠴᠣᠭ᠎ᠠ ᠪᠠᠷ ᠪᠢᠰᠢ ᠬᠣᠨᠢ ᠲᠤᠰ ᠪᠦᠷᠢ ᠶ᠋ᠢᠨ ᠬᠣᠭᠣᠷᠣᠨᠳᠣ ᠨᠢᠭᠡ ᠤᠳᠠᠭ᠎ᠠ ᠬᠣᠯᠪᠣᠬᠤ ᠤᠶᠠᠭ᠎ᠠ ᠪᠠᠨ ᠵᠥᠷᠢᠭᠦᠯᠦᠨ᠎ᠡ᠃ ᠡᠨᠡ ᠪᠡᠬᠢᠯᠡᠭᠡᠨ ᠳ᠋ᠦ᠍ ᠨᠢᠭᠡ ᠤᠷᠲᠤ ᠵᠡᠯ᠎ᠡ ᠳᠡᠭᠡᠰᠦ᠂ ᠨᠢᠭᠡ ᠰᠤᠯᠠ ᠳᠡᠭᠡᠰᠦ ᠪᠠᠢᠬᠤ ᠪᠠ ᠰᠤᠯᠠ ᠳᠡᠭᠡᠰᠦ ᠪᠡᠷ ᠵᠡᠯ᠎ᠡ ᠳᠡᠭᠡᠰᠦ ᠶ᠋ᠢ ᠣᠷᠢᠶᠠᠵᠤ ᠬᠣᠨᠢᠨ ᠤ᠋ ᠰᠢᠯᠢ ᠪᠡᠷ ᠳᠠᠷᠤᠨ ᠳᠠᠬᠢᠵᠤ ᠵᠡᠯ᠎ᠡ ᠣᠷᠢᠶᠠᠵᠤ ᠳᠠᠷᠠᠭᠠᠬᠢ ᠬᠣᠨᠢᠨ ᠤ᠋ ᠰᠢᠯᠢ ᠪᠡᠷ ᠳᠠᠷᠤᠨ᠎ᠠ᠃ ᠡᠢᠮᠦ ᠳ᠋ᠦ᠍ ᠬᠣᠨᠢᠨ ᠤ᠋ ᠬᠣᠯᠪᠣᠭᠠᠨ ᠠ᠋ᠴᠠ ᠲᠦᠪᠡᠭ ᠲᠡᠢ ᠪᠡᠬᠢᠯᠡᠭᠡ ᠶᠦᠮ᠃ ᠬᠣᠨᠢᠨ ᠬᠣᠯᠪᠣᠭ᠎ᠠ ᠪᠡᠬᠢᠯᠡᠭᠡ ᠪᠡᠷ ᠬᠣᠨᠢ ᠬᠣᠯᠪᠣᠬᠤ ᠠ᠋ᠴᠠ ᠭᠠᠳᠠᠨ᠎ᠠ ᠪᠣᠭᠴᠣ ᠲᠡᠯᠢᠩ ᠮᠡᠲᠦ ᠨᠢᠭᠡ ᠶ᠋ᠢ ᠨᠥᠭᠦᠭᠡ ᠪᠡᠷ ᠳᠠᠷᠤᠵᠤ ᠦᠳᠡᠬᠦ ᠠᠮᠠ ᠲᠠᠢ ᠰᠠᠪᠠᠨ ᠤ᠋ ᠠᠮᠠ ᠶ᠋ᠢ ᠪᠡᠬᠢᠯᠡᠬᠦ ᠳ᠋ᠦ᠍ ᠬᠡᠷᠡᠭᠯᠡᠨ᠎ᠡ᠃ ᠡᠨᠡ ᠪᠡᠬᠢᠯᠡᠭᠡᠨ ᠦ᠌ ᠪᠠᠰᠠ ᠨᠢᠭᠡ ᠲᠥᠷᠥᠯ ᠨᠢ ᠡᠭᠡᠷᠡᠦᠯ ᠦ᠋ᠨ ᠤᠲᠠᠰᠤ ᠪᠡᠬᠢᠯᠡᠬᠦ ᠡᠷᠭᠢᠭᠡᠮᠡᠯ ᠪᠡᠬᠢᠯᠡᠭᠡ ᠶᠦᠮ᠃ ᠡᠨᠡ ᠪᠡᠬᠢᠯᠡᠭᠡ ᠶ᠋ᠢ ᠮᠣᠩᠭᠣᠯ ᠤ᠋ᠨ ᠡᠮᠡᠭᠲᠡᠢᠴᠦᠳ ᠮᠠᠰᠢ ᠰᠤᠷᠮᠠᠭᠠᠢ ᠬᠡᠷᠡᠭᠯᠡᠳᠡᠭ ᠪᠥᠭᠡᠳ ᠡᠷᠡᠬᠡᠢ ᠬᠤᠷᠤᠭᠤ ᠪᠠᠨ ᠨᠢᠭᠡ ᠣᠷᠢᠶᠠᠵᠤ᠂ ᠲᠡᠷᠡ ᠭᠣᠭᠴᠣᠭ᠎ᠠ ᠪᠠᠨ ᠡᠭᠡᠷᠡᠦᠯ ᠦ᠋ᠨ ᠢ᠋ᠶ᠋ᠡᠨ ᠡᠰᠢᠨ ᠳ᠋ᠦ᠍ ᠣᠷᠣᠭᠤᠯᠵᠤ ᠲᠣᠭᠲᠠᠭᠠᠨ᠎ᠠ᠃
ᠦᠰᠦᠭ ᠠᠮᠢᠯᠠᠭᠤᠯᠤᠭᠴᠢ᠄ ᠣᠶᠤᠨᠪᠠᠲᠤ᠂ ᠥᠯᠵᠡᠢᠪᠠᠭᠠᠲᠤᠷ᠂ ᠡᠷᠳᠡᠨᠢᠭᠣᠤ᠎ᠠ᠂ ᠭᠦᠨᠳᠦᠰᠠᠩᠪᠤᠤ
ᠬᠢᠨᠠᠭᠴᠢ᠄ ᠣᠳᠬᠠᠨᠰᠣ᠎ᠠ᠂ ᠰᠡᠬᠡᠭᠡᠷᠡᠯ
