ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠳᠥᠷᠪᠡᠳᠦᠭᠡᠷ ᠪᠦᠯᠦᠭ ᠠᠷᠠᠰᠤ ᠰᠢᠷᠢ ᠶ᠋ᠢᠨ ᠡᠳ᠋ᠯᠡᠯ ᠬᠢᠬᠦ ᠤᠷᠠᠯᠠᠯ05ᠨᠡᠬᠡᠮᠡᠯ
ᠳᠥᠷᠪᠡᠳᠦᠭᠡᠷ ᠪᠦᠯᠦᠭ ᠠᠷᠠᠰᠤ ᠰᠢᠷᠢ ᠶ᠋ᠢᠨ ᠡᠳ᠋ᠯᠡᠯ ᠬᠢᠬᠦ ᠤᠷᠠᠯᠠᠯ05ᠨᠡᠬᠡᠮᠡᠯ
ᠬᠥᠮᠦᠨ ᠦ᠌ ᠨᠡᠢᠭᠡᠮ ᠦ᠋ᠨ ᠤᠷᠠᠯᠠᠨ ᠪᠦᠲᠦᠭᠡᠬᠦ ᠠᠵᠢᠯ ᠳ᠋ᠤ᠌ ᠨᠡᠬᠡᠮᠡᠯ ᠭᠠᠷᠤᠯ᠂ ᠡᠭᠦᠰᠦᠯ᠂ ᠡᠵᠡᠯᠡᠬᠦ ᠪᠠᠢᠷᠢ ᠪᠠᠷ ᠢ᠋ᠶ᠋ᠠᠨ ᠡᠩ ᠲᠡᠷᠢᠭᠦᠨ ᠳ᠋ᠦ᠍ ᠶᠠᠪᠤᠳᠠᠭ ᠲᠤᠬᠠᠢ ᠳᠡᠭᠡᠷ᠎ᠡ ᠥᠭᠦᠯᠡᠭᠰᠡᠨ ᠪᠢᠯᠡ᠃ ᠨᠡᠬᠡᠮᠡᠯ ᠢ᠋ ᠭᠠᠭᠴᠠ ᠤᠬᠠᠭᠠᠨᠲᠤ ᠬᠥᠮᠦᠨ ᠤᠷᠠᠯᠠᠨ ᠪᠦᠲᠦᠭᠡᠬᠦ ᠦᠭᠡᠢ ᠪᠥᠭᠡᠳ ᠶᠠᠯᠢᠮ ᠦᠭᠡᠢ ᠥᠴᠦᠬᠡᠨ ᠬᠦᠷᠢ ᠬᠣᠷᠣᠬᠠᠢ ᠶ᠋ᠢᠨ ᠠᠪᠠᠭᠠᠯᠳᠠᠢ ᠬᠦᠷᠲᠡᠯ᠎ᠡ 8—16 ᠬᠣᠨᠣᠭ ᠤ᠋ᠨ ᠪᠣᠢᠵᠢᠯᠲᠠ ᠶ᠋ᠢᠨ ᠦᠶ᠎ᠡ ᠳ᠋ᠡᠭᠡᠨ ᠥᠪᠡᠷ ᠦ᠋ᠨ ᠬᠣᠷᠭᠣᠳᠠᠬᠤ ᠪᠠᠢᠷᠢ ᠶ᠋ᠢ ᠨᠡᠬᠡᠨ ᠪᠡᠶ᠎ᠡ ᠬᠠᠮᠠᠭᠠᠯᠠᠨ ᠪᠡᠶ᠎ᠡ ᠭᠦᠢᠴᠡᠭᠰᠡᠨ ᠡᠷᠪᠡᠬᠡᠢ ᠪᠣᠯᠳᠠᠭ᠃ ᠲᠡᠭᠦᠨᠴᠢᠯᠡᠨ ᠠᠭᠠᠯᠵᠢ ᠥᠪᠡᠷ ᠦ᠋ᠨ ᠳᠡᠭᠦᠵᠢᠯᠡᠨ ᠬᠣᠷᠭᠣᠳᠠᠬᠤ ᠲᠣᠣᠷ᠂ ᠤᠷᠠᠨ ᠰᠢᠪᠠᠭᠤ ᠦᠰᠦ ᠨᠣᠣᠰᠣ ᠴᠤᠭᠯᠠᠭᠤᠯᠵᠤ ᠥᠨᠳᠡᠭᠡ ᠠᠩᠭᠠᠬᠠᠢ ᠪᠠᠨ ᠪᠣᠢᠵᠢᠬᠤᠯᠬᠤ ᠦᠵᠡᠰᠬᠦᠯᠡᠩᠲᠦ ᠰᠠᠢᠬᠠᠨ ᠡᠭᠦᠷ ᠪᠦᠲᠦᠭᠡᠳᠡᠭ ᠢ᠋ ᠪᠢᠳᠡ ᠮᠡᠳᠡᠨ᠎ᠡ᠃ ᠡᠭᠦᠨ ᠡᠴᠡ ᠦᠵᠡᠬᠦ ᠳ᠋ᠦ᠍ ᠨᠡᠬᠡᠮᠡᠯ ᠭᠡᠳᠡᠭ ᠡᠩ ᠦ᠋ᠨ ᠮᠥᠷᠳᠡᠯ᠎ᠡ ᠪᠡᠨ ᠪᠠᠶᠠᠨ ᠪᠠᠢᠭᠠᠯᠢ ᠶ᠋ᠢᠨ ᠥᠴᠦᠬᠡᠨ ᠵᠢᠵᠢᠭ ᠠᠭᠠᠯᠵᠢ᠂ ᠰᠢᠪᠠᠭᠤ ᠠ᠋ᠴᠠ ᠡᠬᠢᠯᠡᠭᠡᠳ ᠠᠤᠭ᠎ᠠ ᠶᠡᠬᠡ ᠶ᠋ᠢ ᠪᠦᠲᠦᠭᠡᠵᠦ ᠴᠢᠳᠠᠳᠠᠭ ᠠᠷᠭ᠎ᠠ ᠤᠬᠠᠭᠠᠨᠲᠤ ᠬᠥᠮᠦᠨ ᠦ᠌ ᠤᠷᠠᠯᠠᠨ ᠪᠦᠲᠦᠭᠡᠬᠦ ᠦᠢᠯᠡ ᠶ᠋ᠢᠨ ᠨᠢᠭᠡ ᠪᠣᠯᠵᠠᠢ᠃
ᠦᠰᠦ᠂ ᠲᠣᠷᠭᠠᠨ ᠮᠢᠨᠳᠠᠰᠤ᠂ ᠬᠡᠪᠢᠰ᠂ ᠪᠠᠭᠠᠲᠤᠷ ᠤ᠋ᠨ ᠲᠡᠮᠦᠷ ᠬᠤᠶᠠᠭ᠂ ᠲᠡᠢᠨ ᠦ᠌ ᠦᠶ᠎ᠡ ᠶ᠋ᠢᠨ ᠬᠣᠲᠠ ᠶ᠋ᠢᠨ ᠬᠠᠮᠠᠭᠠᠯᠠᠯᠲᠠ ᠶ᠋ᠢᠨ ᠠᠭᠠᠷ ᠤ᠋ᠨ ᠲᠣᠣᠷ ᠬᠦᠷᠲᠡᠯ᠎ᠡ ᠤᠷᠠᠯᠠᠨ ᠪᠦᠲᠦᠭᠡᠬᠦ ᠳ᠋ᠡᠭᠡᠨ ᠮᠠᠰᠢᠨ ᠲᠧᠭᠨᠢᠭ ᠬᠥᠭᠵᠢᠭᠡ ᠦᠭᠡᠢ ᠪᠠᠢᠬᠤ ᠳ᠋ᠤ᠌ ᠲᠡᠭᠦᠨ ᠦ᠌ ᠲᠣᠭᠠᠯᠠᠵᠤ ᠪᠠᠷᠠᠰᠢ ᠦᠭᠡᠢ ᠣᠯᠠᠨ ᠵᠠᠩᠭᠢᠯᠠᠭ᠎ᠠ ᠰᠦᠯᠵᠢᠶ᠎ᠡ ᠶ᠋ᠢᠨ ᠰᠢᠷᠬᠡᠭ ᠪᠦᠷᠢ ᠶ᠋ᠢ ᠭᠠᠷ ᠢ᠋ᠶ᠋ᠠᠷ ᠬᠢᠵᠦ ᠭᠦᠢᠴᠡᠳᠬᠡᠵᠦ ᠪᠠᠢᠵᠠᠢ᠃ ᠣᠷᠴᠢᠨ ᠦᠶ᠎ᠡ ᠳ᠋ᠦ᠍ ᠨᠡᠬᠡᠮᠡᠯ ᠢ᠋ ᠮᠠᠰᠢᠨ ᠲᠧᠭᠨᠢᠭ ᠢ᠋ᠶ᠋ᠡᠷ ᠬᠢᠳᠡᠭ ᠪᠣᠯᠲᠠᠯ᠎ᠠ ᠬᠥᠭᠵᠢᠬᠦ ᠵᠠᠮ ᠳ᠋ᠠᠭᠠᠨ ᠤᠷ᠎ᠠ᠂ ᠬᠢᠴᠡ᠂ ᠥᠩᠭᠡ ᠦᠵᠡᠮᠵᠢ ᠪᠣᠯᠪᠠᠰᠤᠷᠠᠩᠭᠤᠢ ᠪᠣᠯᠵᠠᠢ᠃
ᠮᠠᠨ ᠤ᠋ ᠣᠷᠣᠨ ᠤ᠋ ᠬᠤᠪᠢ ᠳ᠋ᠤ᠌ ᠭᠡᠪᠡᠯ ᠨᠡᠬᠡᠮᠡᠯ ᠡᠷᠲᠡᠨ ᠦ᠌ ᠭᠠᠷᠤᠯ ᠲᠠᠢ ᠪᠥᠭᠡᠳ ᠲᠤᠰ ᠣᠷᠣᠨ ᠳ᠋ᠤ᠌ ᠣᠷᠣᠰᠢᠨ ᠰᠠᠭᠤᠵᠤ ᠪᠠᠢᠭᠰᠠᠨ ᠣᠯᠠᠨ ᠣᠪᠣᠭ᠂ ᠠᠢᠮᠠᠭ ᠤ᠋ᠳ ᠥᠪᠡᠷ ᠥᠪᠡᠷ ᠦ᠋ᠨ ᠥᠪᠡᠷᠮᠢᠴᠡ ᠬᠢᠴᠡ᠂ ᠬᠡ ᠲᠣᠨᠣᠭ ᠲᠠᠢ ᠨᠡᠬᠡᠮᠡᠯ ᠢ᠋ ᠬᠥᠭᠵᠢᠭᠦᠯᠵᠦ ᠪᠠᠢᠵᠠᠢ᠃ ᠢᠯᠠᠩᠭᠤᠶ᠎ᠠ ᠾᠦᠩᠨᠦ᠂ ᠬᠢᠳᠠᠨ ᠤᠯᠤᠰ ᠤ᠋ᠨ ᠦᠶ᠎ᠡ ᠳ᠋ᠦ᠍ ᠮᠠᠨ ᠤ᠋ ᠣᠷᠣᠨ ᠳ᠋ᠤ᠌ ᠨᠡᠬᠡᠮᠡᠯ ᠦ᠋ᠨ ᠤᠷᠠᠯᠢᠭ ᠦᠰᠦᠷᠦᠩᠭᠦᠢ ᠬᠥᠭᠵᠢᠵᠦ ᠪᠠᠢᠭᠰᠠᠨ ᠲᠤᠬᠠᠢ ᠳᠤᠷᠠᠳᠤᠭᠰᠠᠨ ᠪᠢᠯᠡ᠃ ᠨᠡᠬᠡᠮᠡᠯ ᠦ᠋ᠨ ᠤᠷᠠᠯᠠᠯ ᠮᠠᠨ ᠤ᠋ ᠣᠷᠣᠨ ᠳ᠋ᠤ᠌ ᠬᠥᠭᠵᠢᠨ ᠳᠠᠪᠰᠢᠵᠤ ᠢᠷᠡᠭᠰᠡᠨ ᠴᠦ᠍ ᠨᠡᠢᠲᠡ ᠶ᠋ᠢ ᠬᠠᠮᠤᠷᠴᠤ ᠠᠷᠠᠳ ᠲᠦᠮᠡᠨ ᠦ᠌ ᠠᠵᠤ ᠠᠮᠢᠳᠤᠷᠠᠯ ᠳ᠋ᠤ᠌ ᠮᠡᠳᠡᠭᠳᠡᠬᠦᠢᠴᠡ ᠨᠥᠯᠥᠭᠡ ᠦᠵᠡᠭᠦᠯᠬᠦ ᠲᠠᠯ᠎ᠠ ᠪᠠᠷ ᠬᠠᠩᠭᠠᠯᠲᠠ ᠦᠭᠡᠢ ᠪᠥᠭᠡᠳ ᠤᠯᠤᠰ ᠤ᠋ᠨ ᠴᠢᠨᠠᠷ ᠲᠠᠢ ᠦᠢᠯᠡᠳᠪᠦᠷᠢ ᠴᠤ ᠪᠠᠢᠭᠰᠠᠨ ᠦᠭᠡᠢ᠃
ᠵᠥᠪᠬᠡᠨ ᠬᠤᠪᠢᠰᠬᠠᠯ ᠤ᠋ᠨ ᠵᠢᠯ ᠳ᠋ᠦ᠍ ᠲᠤᠬᠠᠢᠯᠠᠪᠠᠯ᠂ ᠠᠵᠤ ᠦᠢᠯᠡᠳᠪᠦᠷᠢ ᠺᠣᠮᠪᠢᠨᠠᠲ ᠪᠠᠢᠭᠤᠯᠤᠭᠳᠠᠬᠤ ᠦᠶ᠎ᠡ ᠳ᠋ᠦ᠍ ᠴᠡᠮᠪᠡ ᠶ᠋ᠢᠨ ᠹᠠᠪᠷᠢᠺ ᠪᠠᠢᠭᠤᠯᠤᠭᠳᠠᠨ ᠴᠡᠮᠪᠡ ᠨᠡᠬᠡᠵᠦ ᠪᠠᠢᠵᠠᠢ᠃ ᠮᠢᠩᠭ᠎ᠠ ᠶᠢᠰᠦᠨ ᠵᠠᠭᠤ ᠲᠠᠪᠢᠭᠠᠳ ᠣᠨ ᠤ᠋ ᠦᠶ᠎ᠡ ᠡᠴᠡ ᠨᠡᠬᠡᠮᠡᠯ ᠦ᠋ᠨ ᠦᠢᠯᠡᠳᠪᠦᠷᠢ ᠪᠠᠢᠭᠤᠯᠤᠭᠳᠠᠨ ᠲᠥᠷᠥᠯ ᠪᠦᠷᠢ ᠶ᠋ᠢᠨ ᠨᠡᠬᠡᠮᠡᠯ᠂ ᠬᠡᠪᠢᠰ᠂ ᠳᠣᠯᠭᠢᠶᠠᠨ ᠬᠥᠨᠵᠢᠯᠡ ᠪᠤᠰᠤᠳ ᠵᠦᠢᠯ ᠢ᠋ ᠨᠡᠬᠡᠵᠦ ᠡᠬᠢᠯᠡᠵᠡᠢ᠃ ᠬᠤᠪᠢᠰᠬᠠᠯ ᠤ᠋ᠨ ᠵᠢᠯ ᠳ᠋ᠦ᠍ ᠮᠠᠨ ᠤ᠋ ᠣᠷᠣᠨ ᠳ᠋ᠤ᠌ ᠰᠣᠶᠣᠯ ᠰᠢᠨᠵᠢᠯᠡᠬᠦ ᠤᠬᠠᠭᠠᠨ ᠦᠰᠦᠷᠦᠩᠭᠦᠢ ᠬᠥᠭᠵᠢᠵᠦ ᠨᠡᠢᠭᠡᠮ ᠦ᠋ᠨ ᠠᠮᠢᠳᠤᠷᠠᠯ ᠳ᠋ᠤ᠌ ᠣᠯᠠᠨ ᠶᠠᠩᠵᠤ ᠶ᠋ᠢᠨ ᠰᠢᠨ᠎ᠡ ᠥᠭᠡᠷᠡᠴᠢᠯᠡᠯᠲᠡ ᠪᠣᠢ ᠪᠣᠯᠤᠭᠰᠠᠨ ᠤ᠋ ᠨᠢᠭᠡ ᠨᠢ ᠰᠢᠨ᠎ᠡ ᠳᠣᠳᠣᠮ ᠬᠥᠭᠵᠢᠵᠦ ᠪᠠᠢᠭ᠎ᠠ ᠠᠵᠤ ᠦᠢᠯᠡᠳᠪᠦᠷᠢ ᠶ᠋ᠢ ᠲᠦᠭᠦᠬᠡᠢ ᠡᠳ᠋ ᠢ᠋ᠶ᠋ᠡᠷ ᠬᠠᠩᠭᠠᠵᠤ ᠨᠠᠷᠢᠪᠲᠤᠷ ᠨᠣᠣᠰᠣᠲᠤ ᠣᠷᠬᠣᠨ ᠡᠭᠦᠯᠳᠡᠷ ᠦ᠋ᠨ ᠬᠣᠨᠢ ᠪᠣᠢ ᠪᠣᠯᠤᠭᠰᠠᠨ ᠶᠠᠪᠤᠳᠠᠯ ᠶᠤᠮ᠃ ᠡᠨᠡ ᠬᠣᠨᠢ ᠨᠢ ᠨᠤᠲᠤᠭ ᠤ᠋ᠨ ᠮᠣᠩᠭᠣᠯ ᠬᠣᠨᠢᠨ ᠤ᠋ ᠰᠢᠯᠢᠮᠡᠯ ᠬᠡᠰᠡᠭ ᠢ᠋ ᠵᠥᠪᠯᠡᠯᠲᠦ ᠬᠣᠯᠪᠣᠭᠠᠲᠤ ᠤᠯᠤᠰ ᠤ᠋ᠨ ᠨᠠᠷᠢᠨ ᠨᠣᠣᠰᠣᠲᠤ ᠬᠣᠨᠢᠨ ᠤ᠋ ᠰᠢᠯᠢᠳᠡᠭ ᠡᠭᠦᠯᠳᠡᠷ ᠫᠠᠷᠠᠷᠺᠤᠰ᠂ ᠮᠧᠷᠢᠨᠣᠰ ᠬᠣᠨᠢ ᠪᠠᠷ ᠰᠠᠢᠵᠢᠷᠠᠭᠤᠯᠤᠨ ᠭᠠᠷᠭᠠᠭᠰᠠᠨ ᠮᠣᠩᠭᠣᠯ ᠤ᠋ᠨ ᠰᠢᠯᠢᠳᠡᠭ ᠬᠣᠨᠢᠨ ᠤ᠋ ᠠᠩᠬᠠᠨ ᠤ᠋ ᠡᠭᠦᠯᠳᠡᠷ ᠪᠠᠢᠯ᠎ᠠ᠃
ᠮᠠᠨ ᠤ᠋ ᠨᠡᠬᠡᠮᠡᠯ ᠦ᠋ᠨ ᠦᠢᠯᠡᠳᠪᠦᠷᠢ ᠰᠢᠨ᠎ᠡ ᠡᠭᠦᠯᠳᠡᠷ ᠦ᠋ᠨ ᠬᠣᠨᠢᠨ ᠤ᠋ ᠨᠣᠣᠰᠣ ᠪᠠᠷ ᠳᠡᠯᠡᠬᠡᠢ ᠳ᠋ᠦ᠍ ᠠᠯᠳᠠᠷ ᠲᠠᠢ ᠴᠢᠨᠠᠷ ᠰᠠᠢᠨ ᠬᠡᠪᠢᠰ᠂ ᠰᠤᠭᠤ ᠲᠠᠩᠨᠠᠢ᠂ ᠰᠡᠯᠡᠩᠭᠡ ᠰᠦᠯᠵᠢᠶ᠎ᠡ ᠵᠡᠷᠭᠡ ᠳᠠᠪᠤᠤ ᠶ᠋ᠢ ᠨᠡᠬᠡᠵᠦ ᠡᠬᠢᠯᠡᠵᠡᠢ᠃ ᠨᠤᠲᠤᠭ ᠤ᠋ᠨ ᠰᠢᠯᠢᠮᠡᠯ ᠢᠮᠠᠭ᠎ᠠ ᠶ᠋ᠢ ᠳ᠋ᠦᠨ᠂ ᠭᠣᠷᠨᠤ— ᠠᠯᠲᠠᠢ ᠵᠡᠷᠭᠡ ᠨᠣᠯᠤᠤᠷ ᠤ᠋ᠨ ᠴᠢᠭᠯᠡᠯ ᠦ᠋ᠨ ᠡᠭᠦᠯᠳᠡᠷ ᠢ᠋ᠶ᠋ᠡᠷ ᠰᠠᠢᠵᠢᠷᠠᠭᠤᠯᠵᠤ ᠭᠣᠪᠢ ᠭᠤᠷᠪᠠᠨᠰᠠᠢᠬᠠᠨ᠂ ᠪᠠᠶᠠᠨ— ᠥᠨᠵᠢᠭᠦᠯ ᠵᠡᠷᠭᠡ ᠢᠮᠠᠭᠠᠨ ᠤ᠋ ᠰᠢᠨ᠎ᠡ ᠡᠭᠦᠯᠳᠡᠷ ᠪᠣᠢ ᠪᠣᠯᠵᠤ ᠡᠭᠦᠨ ᠲᠡᠢ ᠤᠶᠠᠯᠳᠤᠭᠤᠯᠤᠨ ᠨᠣᠯᠤᠤᠷ ᠤ᠋ᠨ ᠦᠢᠯᠡᠳᠪᠦᠷᠢ ᠪᠠᠢᠭᠤᠯᠵᠤ ᠴᠢᠨᠠᠷ ᠰᠠᠢᠲᠠᠢ ᠨᠣᠯᠤᠤᠷ ᠤ᠋ᠨ ᠡᠳ᠋ᠯᠡᠯ ᠨᠡᠬᠡᠵᠦ ᠪᠠᠢᠭ᠎ᠠ ᠶ᠋ᠢᠨ ᠳᠡᠭᠡᠷ᠎ᠡ ᠮᠠᠯ ᠠ᠋ᠴᠠ ᠠᠰᠢᠭᠯᠠᠬᠤ ᠠᠰᠢᠭ ᠰᠢᠮ᠎ᠡ ᠠᠷᠪᠢᠵᠢᠬᠤ ᠳᠣᠳᠣᠮ ᠨᠡᠬᠡᠮᠡᠯ ᠦ᠋ᠨ ᠴᠢᠭᠯᠡᠯ ᠦ᠋ᠨ ᠡᠭᠡᠷᠡᠮᠡᠯ᠂ ᠰᠦᠯᠵᠢᠮᠡᠯ ᠦ᠋ᠨ ᠦᠢᠯᠡᠳᠪᠦᠷᠢ ᠨᠦ᠍ᠭᠦᠳ ᠰᠦᠨᠳᠡᠷᠯᠡᠨ ᠪᠣᠰᠴᠤ ᠭᠠᠷ ᠠᠵᠢᠯᠯᠠᠭ᠎ᠠ ᠶ᠋ᠢ ᠮᠧᠬᠠᠨᠢᠭᠵᠢᠭᠤᠯᠤᠨ ᠬᠥᠳᠡᠯᠮᠦᠷᠢ ᠶ᠋ᠢ ᠬᠥᠩᠭᠡᠪᠴᠢᠯᠡᠵᠦ ᠣᠯᠠᠨ ᠰᠢᠯᠢᠳᠡᠭ ᠰᠢᠨ᠎ᠡ ᠡᠳ᠋ᠯᠡᠯ ᠦᠢᠯᠡᠳᠪᠦᠷᠢᠯᠡᠨ ᠠᠷᠠᠳ ᠲᠦᠮᠡᠨ ᠦ᠌ ᠪᠡᠨ ᠬᠡᠷᠡᠭᠴᠡᠭᠡ ᠶ᠋ᠢ ᠬᠠᠩᠭᠠᠵᠤ ᠪᠠᠢᠵᠠᠢ᠃
ᠡᠭᠦᠨ ᠦ᠌ ᠵᠡᠷᠭᠡᠴᠡᠭᠡ ᠠᠷᠠᠳ ᠤ᠋ᠨ ᠭᠠᠷ ᠤᠷᠠᠯᠠᠯ ᠤ᠋ᠨ ᠨᠢᠭᠡ ᠰᠠᠯᠪᠤᠷᠢ ᠪᠣᠯᠬᠤ ᠭᠠᠷ ᠨᠡᠬᠡᠮᠡᠯ ᠪᠣᠯᠪᠠᠰᠤᠷᠠᠩᠭᠤᠢ ᠬᠥᠭᠵᠢᠯᠡ᠃ ᠬᠤᠪᠢᠰᠬᠠᠯ ᠤ᠋ᠨ ᠵᠢᠯ ᠳ᠋ᠦ᠍ ᠬᠥᠮᠦᠨ ᠠᠷᠠᠳ ᠤ᠋ᠨ ᠠᠵᠤ ᠠᠮᠢᠳᠤᠷᠠᠯ ᠰᠣᠶᠣᠯᠴᠢ ᠪᠣᠯᠪᠠᠰᠤᠨ ᠪᠠᠢᠳᠠᠯ ᠳ᠋ᠤ᠌ ᠴᠢᠨᠠᠷ ᠤ᠋ᠨ ᠥᠭᠡᠷᠡᠴᠢᠯᠡᠯᠲᠡ ᠭᠠᠷᠴᠤ ᠭᠡᠷ ᠦ᠋ᠨ ᠳᠣᠲᠣᠷ᠎ᠠ ᠲᠠᠯᠪᠢᠭ᠎ᠠ ᠥᠭᠡᠷᠡᠴᠢᠯᠡᠭᠳᠡᠨ ᠰᠢᠨᠡᠴᠢᠯᠡᠭᠳᠡᠵᠦ ᠳᠠᠪᠤᠤ ᠶ᠋ᠢᠨ ᠨᠢᠭᠤᠷ ᠲᠠᠢ ᠮᠣᠳᠣᠨ ᠣᠷᠣ ᠲᠡᠮᠦᠷ ᠣᠷᠣ ᠪᠠᠷ ᠰᠣᠯᠢᠭᠳᠠᠨ᠂ ᠳᠣᠲᠣᠷ᠎ᠠ ᠨᠢ ᠡᠪ ᠬᠠᠪᠤ ᠦᠭᠡᠢ ᠳᠠᠪᠤᠤ ᠨᠣᠣᠰᠣ ᠴᠢᠬᠢᠭᠰᠡᠨ ᠢᠰᠡᠭᠡᠢ ᠳᠡᠷᠡ ᠥᠲᠥᠨ ᠳᠡᠷᠡ ᠪᠡᠷ ᠰᠣᠯᠢᠭᠳᠠᠭᠰᠠᠨ ᠲᠠᠢ ᠬᠣᠯᠪᠣᠭᠳᠠᠨ ᠲᠡᠮᠦᠷ ᠣᠷᠣᠨ ᠤ᠋ ᠤᠷᠲᠤ ᠲᠠᠯ᠎ᠠ᠂ ᠥᠲᠥᠨ ᠳᠡᠷᠡ ᠶ᠋ᠢᠨ ᠬᠣᠶᠠᠷ ᠪᠤᠯᠤᠩ ᠳ᠋ᠤ᠌ ᠶᠠᠩᠵᠤ ᠪᠦᠷᠢ ᠶ᠋ᠢᠨ ᠬᠡ ᠭᠠᠷᠭᠠᠨ ᠨᠡᠬᠡᠭᠰᠡᠨ ᠨᠡᠬᠡᠮᠡᠯ ᠲᠣᠣᠷ᠂ ᠠᠷᠠᠰᠤᠨ ᠠᠪᠳᠠᠷ᠎ᠠ ᠶ᠋ᠢᠨ ᠪᠦᠲᠡᠭᠡᠯᠭᠡ᠂ ᠪᠡᠭᠡᠯᠡᠢ᠂ ᠣᠢᠮᠣᠰᠤ᠂ ᠬᠦᠵᠦᠭᠦᠨ ᠦ᠌ ᠣᠷᠢᠶᠠᠯᠲᠠ ᠵᠡᠷᠭᠡ ᠶ᠋ᠢ ᠡᠮᠡᠭᠲᠡᠢᠴᠦᠳ ᠨᠡᠬᠡᠵᠦ ᠭᠡᠷ ᠢ᠋ᠶ᠋ᠡᠨ ᠭᠣᠶᠣᠳᠠᠭ ᠪᠣᠯᠤᠯ᠎ᠠ᠃ ᠤᠳᠠᠯ ᠦᠭᠡᠢ ᠭᠤᠲᠤᠯ ᠤ᠋ᠨ ᠳᠣᠲᠣᠭᠤᠷ ᠴᠢᠬᠢᠵᠦ ᠡᠮᠦᠰᠳᠡᠭ ᠤᠷᠲᠤ ᠳᠠᠪᠤᠤ ᠶ᠋ᠢᠨ ᠪᠤᠶᠤ ᠬᠥᠪᠥᠩ ᠲᠡᠢ ᠥᠮᠥᠳᠥ᠂ ᠪᠣᠭᠣᠨᠢ ᠥᠮᠥᠳᠥ ᠨᠣᠣᠰᠣᠨ ᠲᠦᠷᠡᠢ ᠪᠡᠷ ᠰᠣᠯᠢᠭᠳᠠᠬᠤ ᠳ᠋ᠤ᠌ ᠣᠢᠮᠣᠰᠤᠨ ᠤ᠋ ᠲᠦᠷᠡᠢ ᠨᠡᠬᠡᠳᠡᠭ ᠪᠠᠢᠭᠰᠠᠨ ᠪᠣᠯ ᠣᠷᠴᠢᠨ ᠦᠶ᠎ᠡ ᠳ᠋ᠦ᠍ ᠶᠠᠩᠵᠤ ᠪᠦᠷᠢ ᠶ᠋ᠢᠨ ᠵᠠᠭᠪᠤᠷ ᠲᠤ ᠲᠣᠬᠢᠷᠠᠭᠤᠯᠤᠭᠰᠠᠨ ᠥᠮᠥᠳᠥ᠂ ᠴᠠᠮᠴᠠ᠂ ᠮᠠᠯᠠᠭᠠᠢ᠂ ᠭᠠᠷ ᠨᠡᠬᠡᠮᠡᠯ ᠬᠡᠪᠢᠰ ᠨᠡᠬᠡᠬᠦ ᠪᠣᠯᠤᠨ᠎ᠠ᠃ ᠣᠷᠴᠢᠨ ᠦᠶ᠎ᠡ ᠶ᠋ᠢᠨ ᠨᠡᠬᠡᠮᠡᠯ ᠳᠠᠩ᠂ ᠳᠠᠪᠬᠤᠷ᠂ ᠬᠡ ᠲᠡᠢ᠂ ᠬᠡ ᠥᠬᠡᠢ ᠶᠠᠩᠵᠤ ᠪᠦᠷᠢ ᠪᠠᠢᠭ᠎ᠠ ᠪᠥᠭᠡᠳ ᠡᠭᠦᠨ ᠢ᠋ ᠬᠢᠬᠦ ᠳ᠋ᠦ᠍ ᠤᠷᠢᠳᠴᠢᠯᠠᠭᠰᠠᠨ ᠪᠡᠯᠡᠳᠬᠡᠯ ᠢ᠋ ᠬᠠᠩᠭᠠᠬᠤ ᠲᠠᠯ᠎ᠠ ᠪᠠᠷ ᠵᠠᠷᠢᠮ ᠵᠦᠢᠯ ᠢ᠋ ᠲᠣᠳᠣᠷᠠᠭᠤᠯᠤᠶᠠ᠃
ᠠᠯᠢᠪᠠ ᠤᠷᠠᠯᠠᠨ ᠪᠦᠲᠦᠭᠡᠬᠦ ᠠᠵᠢᠯ ᠳ᠋ᠤ᠌ ᠶᠠᠭᠤᠨ ᠤ᠋ ᠡᠮᠦᠨ᠎ᠡ ᠲᠣᠬᠢᠷᠠᠭᠰᠠᠨ ᠪᠠᠭᠠᠵᠢ ᠴᠢᠬᠤᠯᠠ ᠱᠠᠭᠠᠷᠳᠠᠭᠳᠠᠭ ᠤ᠋ᠨ ᠠᠳᠠᠯᠢ ᠨᠡᠬᠡᠮᠡᠯ ᠳ᠋ᠦ᠍ ᠲᠣᠬᠢᠷᠠᠭᠰᠠᠨ ᠵᠡᠭᠦᠦ᠂ ᠤᠲᠠᠰᠤ᠂ ᠷᠠᠮ ᠭᠣᠣᠯᠴᠢᠯᠠᠨ ᠱᠠᠭᠠᠷᠳᠠᠭᠳᠠᠨ᠎ᠠ᠃
ᠨᠡᠬᠡᠮᠡᠯ ᠦ᠋ᠨ ᠵᠡᠭᠦᠦ ᠮᠣᠩᠭᠣᠯᠴᠤᠳ ᠨᠡᠬᠡᠮᠡᠯ ᠦ᠋ᠨ ᠵᠡᠭᠦᠦ ᠶ᠋ᠢ ᠡᠷᠲᠡ ᠦᠶ᠎ᠡ ᠡᠴᠡ ᠶᠠᠰᠤ᠂ ᠮᠣᠳᠣ᠂ ᠲᠡᠮᠦᠷ ᠢ᠋ᠶ᠋ᠡᠷ ᠬᠢᠵᠦ ᠪᠠᠢᠭᠰᠠᠨ ᠤ᠋ ᠤᠯᠠ ᠮᠥᠷ ᠪᠠᠢᠳᠠᠭ᠃ ᠳᠡᠯᠡᠬᠡᠢ ᠳ᠋ᠦ᠍ ᠬᠥᠮᠦᠨ ᠡᠭᠦᠰᠴᠦ᠂ ᠨᠡᠬᠡᠬᠦ ᠤᠷᠠᠯᠢᠭ ᠬᠢᠵᠦ ᠡᠬᠢᠯᠡᠭᠰᠡᠨ ᠲᠡᠷᠡ ᠴᠠᠭ ᠠ᠋ᠴᠠ ᠨᠡᠬᠡᠮᠡᠯ ᠦ᠋ᠨ ᠵᠡᠭᠦᠦ ᠪᠣᠢ ᠪᠣᠯᠵᠠᠢ᠃ ᠨᠡᠬᠡᠮᠡᠯ ᠦ᠋ᠨ ᠵᠡᠭᠦᠦ ᠲᠡᠷᠡ ᠦᠶ᠎ᠡ ᠳ᠋ᠦ᠍ ᠶᠠᠰᠤ᠂ ᠬᠤᠯᠤᠰᠤ ᠪᠠᠢᠭᠠᠳ ᠴᠢᠨᠠᠭᠰᠢᠳᠠ ᠪᠠᠨ ᠬᠦᠷᠡᠯ ᠲᠡᠮᠦᠷ ᠢ᠋ᠶ᠋ᠡᠷ ᠳᠠᠮᠵᠢᠨ ᠥᠨᠥ ᠦᠶ᠎ᠡ ᠬᠦᠷᠴᠦ᠂ ᠭᠠᠷ ᠨᠡᠬᠡᠮᠡᠯ ᠦ᠋ᠨ ᠵᠡᠭᠦᠦ ᠬᠡᠯᠪᠡᠷᠢ ᠨᠢ ᠥᠭᠡᠷᠡᠴᠢᠯᠡᠭᠳᠡᠪᠡᠴᠦ ᠪᠦᠷᠢᠮᠦᠰᠦᠨ ᠴᠢᠯᠥᠭᠡᠯᠡᠭᠳᠡᠭᠰᠡᠨ ᠦᠭᠡᠢ᠃ ᠬᠥᠮᠦᠨ ᠨᠡᠬᠡᠮᠡᠯ ᠳ᠋ᠦ᠍ ᠠᠩᠬ᠎ᠠ ᠭᠠᠭᠴᠠ ᠵᠡᠭᠦᠦ ᠬᠡᠷᠡᠭᠯᠡᠳᠡᠭ ᠪᠠᠢᠭᠰᠠᠨ ᠪᠣᠯ ᠨᠡᠬᠡᠮᠡᠯ ᠦ᠋ᠨ ᠨᠡᠬᠡᠬᠦ ᠠᠷᠭ᠎ᠠ ᠥᠭᠡᠷᠡᠴᠢᠯᠡᠭᠳᠡᠨ ᠪᠣᠯᠪᠠᠰᠤᠷᠠᠩᠭᠤᠢ ᠪᠣᠯᠬᠤ ᠶᠠᠪᠤᠴᠠ ᠳ᠋ᠤ᠌2—5 ᠪᠤᠶᠤ ᠲᠡᠭᠦᠨ ᠡᠴᠡ ᠣᠯᠠᠨ ᠵᠡᠭᠦᠦ ᠨᠢᠭᠡ ᠵᠡᠷᠭᠡ ᠬᠡᠷᠡᠭᠯᠡᠬᠦ ᠪᠣᠯᠵᠤ ᠴᠢᠨᠠᠭᠰᠢᠳᠠ ᠪᠠᠨ ᠤᠲᠠᠰᠤᠨ ᠤ᠋ ᠬᠣᠯᠪᠣᠭ᠎ᠠ ᠲᠠᠢ ᠲᠡᠭᠡᠭᠯᠡᠭᠦᠷ ᠲᠡᠢ ᠵᠡᠷᠭᠡ ᠶᠠᠩᠵᠤ ᠪᠦᠷᠢ ᠶ᠋ᠢᠨ ᠵᠡᠭᠦᠦ ᠬᠡᠷᠡᠭᠯᠡᠭᠳᠡᠬᠦ ᠪᠣᠯᠵᠠᠢ᠃
ᠵᠢᠷᠤᠭ57
(1) ᠪᠣᠭᠲᠣᠭᠣᠰᠣ ᠴᠢᠮᠦᠭᠡᠨ ᠦ᠌ ᠰᠠᠪᠬ᠎ᠠ ᠶᠠᠰᠤᠨ ᠵᠡᠭᠦᠦ
(2) ᠮᠣᠳᠣᠨ ᠵᠡᠭᠦᠦ
(3) ᠲᠡᠮᠦᠷ(ᠪᠣᠭᠣᠨᠢ) ᠵᠡᠭᠦᠦ
(4) ᠮᠣᠳᠣ᠂ ᠬᠤᠪᠠᠨᠴᠢᠷ ᠡᠰᠢ ᠲᠡᠢ ᠵᠡᠭᠦᠦ
(5) ᠭᠣᠮ ᠬᠣᠯᠪᠣᠭ᠎ᠠ ᠲᠠᠢ ᠬᠣᠣᠰ ᠵᠡᠭᠦᠦ

ᠮᠣᠩᠭᠣᠯᠴᠤᠳ ᠡᠷᠲᠡ ᠦᠶ᠎ᠡ ᠡᠴᠡ ᠡᠳᠦᠭᠡ ᠬᠦᠷᠲᠡᠯ᠎ᠡ ᠶᠠᠰᠤ᠂ ᠮᠣᠳᠣ ᠪᠠᠷ ᠨᠡᠬᠡᠮᠡᠯ ᠦ᠋ᠨ ᠵᠡᠭᠦᠦ ᠬᠢᠭᠰᠡᠭᠡᠷ ᠣᠷᠴᠢᠨ ᠦᠶ᠎ᠡ ᠶ᠋ᠢᠨ ᠪᠣᠯᠪᠠᠰᠤᠨ ᠵᠡᠭᠦᠦ ᠬᠡᠷᠡᠭᠯᠡᠬᠦ ᠪᠣᠯᠤᠭᠰᠠᠨ ᠴᠤ᠌ ᠮᠠᠯ ᠤ᠋ᠨ ᠪᠣᠭᠲᠣᠭᠣᠰᠣ ᠴᠢᠮᠥᠭᠡ ᠶ᠋ᠢᠨ ᠰᠠᠪᠬ᠎ᠠ ᠶᠠᠰᠤ ᠪᠠᠷ ᠬᠢᠭᠰᠡᠨ ᠵᠡᠭᠦᠦ ᠮᠥᠨ ᠬᠡᠷᠡᠭᠯᠡᠭᠳᠡᠭᠰᠡᠭᠡᠷ ᠪᠠᠢᠨ᠎ᠠ᠃
ᠨᠡᠬᠡᠮᠡᠯ ᠦ᠋ᠨ ᠤᠲᠠᠰᠤ ᠶ᠋ᠢ ᠪᠡᠯᠡᠳᠬᠡᠬᠦ ᠶᠠᠮᠠᠷ ᠴᠤ᠌ ᠪᠦᠲᠦᠭᠡᠯ ᠪᠡᠯᠡᠳᠬᠡᠯ ᠡᠴᠡ ᠪᠡᠨ ᠰᠢᠯᠲᠠᠭᠠᠯᠠᠭᠳᠠᠬᠤ ᠶ᠋ᠢᠨ ᠠᠳᠠᠯᠢ ᠨᠡᠬᠡᠮᠡᠯ ᠤᠲᠠᠰᠤᠨ ᠠ᠋ᠴᠠ ᠪᠠᠨ ᠶᠡᠬᠡᠬᠡᠨ ᠰᠢᠯᠲᠠᠭᠠᠯᠠᠭᠳᠠᠨ᠎ᠠ᠃ ᠤᠴᠢᠷ ᠨᠢ ᠨᠡᠬᠡᠮᠡᠯ ᠢ᠋ ᠥᠭᠡᠷ᠎ᠡ ᠵᠦᠢᠯ ᠢ᠋ᠶ᠋ᠡᠷ ᠣᠷᠣᠯᠠᠵᠤ ᠰᠡᠯᠪᠢᠨ ᠡᠪᠲᠡᠢ ᠠᠶᠠᠲᠠᠢᠬᠠᠨ ᠪᠣᠯᠭᠠᠵᠤ ᠪᠣᠯᠳᠠᠭ ᠦᠭᠡᠢ᠂ ᠵᠥᠪᠬᠡᠨ ᠭᠠᠷ ᠤ᠋ᠨ ᠤᠷ᠎ᠠ᠂ ᠤᠬᠠᠭᠠᠨ᠂ ᠤᠲᠠᠰᠤ ᠠ᠋ᠴᠠ ᠴᠢᠨᠠᠷ ᠨᠢ ᠰᠢᠯᠲᠠᠭᠠᠯᠠᠭᠳᠠᠨ᠎ᠠ᠃ ᠡᠢᠮᠦ ᠳ᠋ᠦ᠍ ᠤᠲᠠᠰᠤ ᠶ᠋ᠢ ᠪᠡᠯᠡᠳᠬᠡᠬᠦ ᠳ᠋ᠡᠭᠡᠨ ᠬᠡᠷᠪᠡ ᠳᠡᠯᠭᠡᠭᠦᠷ ᠡᠴᠡ ᠠᠪᠴᠤ ᠪᠠᠢᠭ᠎ᠠ ᠪᠣᠯ ᠥᠩᠭᠡ ᠶ᠋ᠢ ᠲᠣᠬᠢᠷᠠᠭᠤᠯᠵᠤ ᠰᠣᠩᠭᠣᠵᠤ ᠠᠪᠤᠨ᠎ᠠ᠃ ᠬᠠᠷᠢᠨ ᠮᠠᠯ ᠤ᠋ᠨ ᠨᠣᠣᠰᠣ ᠪᠠᠷ ᠤᠲᠠᠰᠤ ᠪᠡᠯᠡᠳᠬᠡᠬᠦ ᠪᠣᠯ ᠤᠭ ᠨᠡᠬᠡᠬᠦ ᠵᠦᠢᠯ ᠳ᠋ᠡᠭᠡᠨ ᠲᠣᠬᠢᠷᠠᠭᠤᠯᠤᠨ ᠨᠣᠣᠰᠣ᠂ ᠨᠡᠬᠡᠬᠦ ᠵᠡᠭᠦᠦ ᠪᠡᠨ ᠰᠣᠩᠭᠣᠨ᠎ᠠ᠃ ᠨᠡᠬᠡᠮᠡᠯ ᠳ᠋ᠦ᠍ ᠵᠥᠪᠬᠡᠨ ᠬᠣᠨᠢ᠂ ᠲᠡᠮᠡᠭᠡᠨ ᠦ᠌ ᠨᠣᠣᠰᠣ᠂ ᠢᠮᠠᠭᠠᠨ ᠤ᠋ ᠨᠣᠯᠤᠤᠷ ᠢ᠋ ᠬᠡᠷᠡᠭᠯᠡᠵᠦ ᠪᠣᠯᠤᠨ᠎ᠠ᠃
ᠮᠣᠩᠭᠣᠯᠴᠤᠳ ᠳᠡᠭᠡᠷ᠎ᠡ ᠦᠶ᠎ᠡ ᠳ᠋ᠦ᠍ ᠠᠷᠢᠬᠢᠨ ᠰᠢᠯ ᠪᠣᠯᠤᠨ ᠸᠠᠭᠠᠷ ᠰᠠᠪᠠ᠂ ᠱᠠᠭᠠᠵᠠᠩ ᠠᠶᠠᠭ᠎ᠠ ᠶ᠋ᠢ ᠬᠠᠭᠠᠯᠬᠤ ᠠ᠋ᠴᠠ ᠬᠠᠮᠠᠭᠠᠯᠠᠨ ᠦᠬᠡᠷ ᠦ᠋ᠨ ᠰᠡᠪᠡᠭ᠂ ᠪᠢᠷᠠᠭᠤ ᠶ᠋ᠢᠨ ᠳᠠᠬᠢ ᠪᠠᠷ ᠨᠡᠬᠡᠮᠡᠯ ᠭᠡᠷ ᠬᠢᠳᠡᠭ ᠪᠠᠢᠵᠠᠢ᠃
ᠨᠡᠬᠡᠮᠡᠯ ᠦ᠋ᠨ ᠤᠲᠠᠰᠤ ᠶ᠋ᠢ ᠡᠭᠡᠷᠡᠬᠦ ᠳ᠋ᠡᠭᠡᠨ ᠨᠡᠬᠡᠬᠦ ᠵᠦᠢᠯ ᠳ᠋ᠡᠭᠡᠨ ᠲᠣᠬᠢᠷᠠᠭᠤᠯᠤᠨ ᠪᠦᠳᠦᠭᠦᠨ᠂ ᠨᠠᠷᠢᠨ᠂ ᠳᠤᠮᠳᠠ ᠵᠡᠷᠭᠡ ᠪᠡᠷ ᠡᠭᠡᠷᠡᠨᠡ᠃ ᠨᠡᠬᠡᠮᠡᠯ ᠳ᠋ᠦ᠍ ᠬᠡᠷᠡᠭᠯᠡᠬᠦ ᠤᠲᠠᠰᠤ ᠶ᠋ᠢ ᠶᠠᠭᠤᠮ᠎ᠠ ᠣᠶᠣᠬᠤ ᠤᠲᠠᠰᠤᠨ ᠠ᠋ᠴᠠ ᠰᠤᠯᠠ ᠡᠷᠴᠢᠲᠡᠢ ᠡᠭᠡᠷᠡᠬᠦ ᠪᠠ ᠲᠡᠮᠡᠭᠡᠨ ᠦ᠌ ᠨᠣᠣᠰᠣ ᠪᠣᠯ ᠵᠣᠭᠳᠣᠷ ᠨᠣᠣᠰᠣ ᠶ᠋ᠢ ᠬᠣᠯᠢᠵᠤ ᠡᠭᠡᠷᠡᠪᠡᠯ ᠪᠠᠲᠤ ᠪᠥᠬᠡ ᠦᠵᠡᠮᠵᠢᠲᠡᠢ ᠪᠠᠢᠨ᠎ᠠ᠃ ᠨᠡᠬᠡᠮᠡᠯ ᠦ᠋ᠨ ᠤᠲᠠᠰᠤ ᠪᠡᠯᠡᠳᠬᠡᠬᠦ ᠨᠣᠣᠰᠣ ᠶ᠋ᠢ ᠤᠷᠢᠳᠴᠢᠯᠠᠨ ᠰᠠᠪᠠᠵᠤ ᠤᠬᠢᠶᠠᠯᠭ᠎ᠠ ᠶ᠋ᠢᠨ ᠨᠤᠨᠲᠠᠭ ᠲᠠᠢ ᠪᠤᠶᠤ ᠰᠠᠪᠤᠩ ᠲᠠᠢ ᠤᠰᠤ ᠪᠠᠷ ᠤᠬᠢᠶᠠᠵᠤ ᠳᠠᠬᠢᠨ ᠰᠠᠪᠠᠵᠤ ᠲᠦᠭᠦᠳᠡᠭᠯᠡᠨ ᠡᠭᠡᠷᠡᠬᠦ ᠳ᠋ᠦ᠍ ᠪᠡᠯᠡᠳᠬᠡᠨ᠎ᠡ᠃ ᠮᠥᠨ ᠨᠣᠣᠰᠣ ᠶ᠋ᠢ ᠡᠭᠡᠷᠡᠯ ᠦᠭᠡᠢ ᠨᠡᠬᠡᠵᠦ ᠥᠲᠥᠨ ᠬᠡᠯᠪᠡᠷᠢ ᠲᠡᠢ ᠡᠳ᠋ᠯᠡᠯ ᠬᠢᠵᠦ ᠪᠣᠯᠤᠨ᠎ᠠ᠃ ᠡᠭᠦᠨ ᠳ᠋ᠦ᠍ ᠢᠮᠠᠭᠠᠨ ᠤ᠋ ᠨᠣᠯᠤᠤᠷ ᠲᠣᠬᠢᠷᠠᠮᠵᠢᠲᠠᠢ ᠪᠥᠭᠡᠳ ᠲᠡᠭᠦᠨ ᠢ᠋ ᠨᠡᠬᠡᠬᠦ ᠶᠠᠪᠤᠴᠠ ᠳ᠋ᠠᠭᠠᠨ ᠢᠮᠡᠷᠴᠦ ᠵᠡᠭᠦᠦ ᠳ᠋ᠡᠭᠡᠨ ᠲᠣᠬᠢᠷᠠᠭᠤᠯᠤᠨ ᠵᠠᠳᠠᠭᠠᠢ ᠨᠡᠬᠡᠵᠦ ᠰᠡᠢᠷᠡᠭ ᠰᠢᠲᠦ ᠲᠡᠢ ᠰᠠᠮ ᠢ᠋ᠶ᠋ᠠᠷ ᠰᠠᠮᠨᠠᠨ᠎ᠠ᠃ ᠬᠡᠷᠪᠡ ᠦᠰᠦ ᠵᠢᠭᠳᠡ ᠪᠢᠰᠢ ᠪᠤᠶᠤ ᠬᠡᠲᠦᠷᠬᠡᠢ ᠤᠷᠲᠤ ᠪᠣᠯ ᠵᠢᠭᠳᠡ ᠬᠠᠢᠴᠢᠯᠠᠨ ᠲᠣᠬᠢᠷᠠᠭᠤᠯᠤᠨ᠎ᠠ᠃ ᠭᠠᠷ ᠡᠭᠡᠷᠡᠮᠡᠯ ᠤᠲᠠᠰᠤ ᠪᠠᠷ ᠨᠡᠬᠡᠵᠦ ᠪᠠᠢᠭ᠎ᠠ ᠵᠦᠢᠯ ᠢ᠋ ᠬᠡᠳᠦ ᠰᠢᠭᠢᠭᠦᠦ ᠨᠡᠬᠡᠪᠡᠯ ᠤᠬᠢᠶᠠᠬᠤ ᠳ᠋ᠤ᠌ ᠤᠯᠠᠮ ᠨᠢᠭᠲᠠᠷᠠᠨᠬᠡᠯᠪᠡᠷᠢ ᠪᠡᠨᠠᠯᠳᠠᠨᠠ᠃ᠡᠢᠮᠦ ᠳᠦ ᠨᠠᠷᠢᠪᠲᠤᠷᠬᠠᠨ ᠤᠲᠠᠰᠤ ᠪᠠᠷ ᠰᠡᠢᠷᠡᠭᠳᠡᠭᠦᠦ ᠨᠡᠬᠡᠪᠡᠯ ᠲᠣᠬᠢᠷᠠᠮᠵᠢᠲᠠᠢ ᠪᠠᠢᠳᠠᠭ᠃
ᠣᠷᠴᠢᠨ ᠦᠶ᠎ᠡ ᠶ᠋ᠢᠨ ᠬᠤᠪᠴᠠᠰᠤ ᠬᠡᠷᠡᠭᠯᠡᠯ ᠨᠡᠬᠡᠬᠦ ᠲᠠᠯ᠎ᠠ ᠪᠠᠷ ᠨᠣᠮ ᠭᠠᠷᠤᠭᠰᠠᠨ ᠲᠤᠯᠠ ᠡᠨᠳᠡ ᠳᠤᠷᠠᠳᠬᠤ ᠬᠡᠷᠡᠭ ᠦᠭᠡᠢ ᠪᠢᠯᠡ᠃
ᠲᠠᠮᠤᠯᠠᠯ ᠤᠷᠠᠯᠠᠯ ᠮᠠᠨ ᠤ᠋ ᠠᠷᠠᠳ ᠤ᠋ᠨ ᠭᠠᠷ ᠤᠷᠠᠯᠠᠯ ᠳᠤ ᠲᠠᠮᠤᠯᠠᠯ ᠤ᠋ᠨ ᠵᠦᠢᠯ ᠲᠡᠭᠦᠨ ᠦ᠌ ᠲᠥᠷᠥᠯ ᠴᠢᠬᠤᠯᠠ ᠪᠠᠢᠷᠢ ᠡᠵᠡᠯᠡᠳᠡᠭ ᠪᠢᠯᠡ ᠃ ᠲᠡᠮᠡᠦᠯᠡᠯ ᠢ᠋ ᠦᠰᠦ᠂ ᠨᠣᠣᠰᠣ ᠂ ᠳᠠᠪᠤᠤ᠂ ᠰᠤᠷ ᠢ᠋ᠶ᠋ᠠᠷ ᠬᠢᠵᠦ ᠪᠣᠯᠬᠤ ᠪᠠ ᠬᠢᠴᠡ ᠪᠡᠷ ᠨᠢ ᠬᠣᠶᠠᠮᠤᠰᠤᠨ᠂ ᠭᠤᠷᠮᠤᠰᠤᠨ ᠂ᠪᠥᠭᠡᠷᠡᠩᠬᠡᠢ᠂ ᠬᠠᠪᠲᠠᠭᠠᠢ᠂ ᠳᠥᠷᠪᠡᠯᠵᠢᠨ ᠭᠡᠬᠦ ᠮᠡᠲᠦ ᠪᠡᠷ ᠢᠯᠭᠠᠨ᠎ᠠ᠃
ᠪᠥᠭᠡᠷᠡᠩᠬᠡᠢ ᠲᠠᠮᠤᠯᠠᠯ ᠭᠡᠳᠡᠭ ᠵᠥᠪᠬᠡᠨ ᠬᠣᠶᠠᠷ ᠤᠲᠠᠰᠤ ᠪᠤᠶᠤ ᠰᠤᠷ᠂ ᠨᠣᠣᠰᠣ ᠶ᠋ᠢ ᠨᠡᠢᠯᠡᠭᠦᠯᠦᠨ ᠲᠠᠮᠤᠬᠤ ᠶ᠋ᠢ ᠬᠡᠯᠡᠨ᠎ᠡ᠃ ᠡᠨᠡ ᠨᠢ ᠭᠤᠲᠤᠯ ᠤ᠋ᠨ ᠤᠯᠠᠯᠠᠭᠠ᠂ ᠰᠢᠷᠪᠥᠰᠥ᠂ ᠲᠡᠮᠡᠭᠡᠨ ᠦ᠌ ᠪᠤᠷᠠᠨᠲᠠᠭ᠂ ᠭᠠᠷ ᠬᠣᠰᠢᠶ᠎ᠠ᠂ ᠬᠣᠰᠢᠯᠠᠩ ᠤ᠋ᠨ ᠨᠢᠭᠡ ᠳᠠᠩ ᠪᠠᠭᠲᠠᠨ᠎ᠠ᠃ ᠠᠮᠢᠳᠤᠷᠠᠯ ᠳ᠋ᠤ᠌ ᠲᠡᠭᠦᠨ ᠦ᠌ ᠪᠥᠬᠡ ᠪᠠᠲᠤ ᠶ᠋ᠢ ᠲᠣᠭᠠᠴᠢᠪᠠᠯ ᠪᠥᠭᠡᠷᠡᠩᠬᠡᠢ ᠳᠠᠩ ᠲᠠᠮᠤᠯᠠᠯ ᠳᠡᠭᠡᠰᠦ ᠬᠡᠪᠡᠷᠡᠭ᠂ ᠰᠤᠨᠤᠯᠲᠠ ᠶᠡᠬᠡ ᠲᠡᠢ᠂ ᠭᠤᠷᠮᠤᠰᠤᠨ ᠲᠠᠮᠤᠯᠠᠯ ᠠᠷᠠᠢ ᠪᠥᠬᠡ᠂ ᠰᠤᠨᠤᠯᠲᠠ ᠪᠠᠭ᠎ᠠ ᠪᠠᠢᠳᠠᠭ᠃ ᠬᠠᠪᠲᠠᠭᠠᠢ ᠲᠠᠮᠤᠯᠠᠯ ᠭᠡᠳᠡᠭ ᠭᠠᠷ ᠬᠣᠰᠢᠶ᠎ᠠ᠂ ᠭᠡᠷ ᠦ᠋ᠨ ᠬᠣᠰᠢᠯᠠᠩ ᠢ᠋ ᠬᠡᠯᠡᠬᠦ ᠪᠥᠭᠡᠳ ᠡᠨᠡ ᠨᠢ 4—6 ᠰᠢᠷᠬᠡᠭ ᠪᠥᠭᠡᠷᠡᠩᠬᠡᠢ ᠲᠠᠮᠤᠯᠠᠯ ᠢ᠋ ᠨᠡᠢᠯᠡᠭᠦᠯᠦᠨ ᠰᠢᠷᠢᠵᠦ ᠬᠢᠨ᠎ᠡ᠃ ᠳᠥᠷᠪᠡᠯᠵᠢᠨ ᠲᠠᠮᠤᠯᠠᠯ ᠭᠡᠳᠡᠭ ᠨᠢ 4—8 ᠳᠠᠩ ᠪᠥᠭᠡᠷᠡᠩᠬᠡᠢ ᠲᠠᠮᠤᠯᠠᠯ ᠢ᠋ ᠳᠠᠪᠬᠤᠷᠯᠠᠨ ᠳᠥᠷᠪᠡᠯᠵᠢᠨ ᠬᠡᠯᠪᠡᠷᠢ ᠣᠷᠣᠭᠤᠯᠵᠤ ᠰᠢᠷᠢᠬᠦ ᠶ᠋ᠢ ᠬᠡᠯᠡᠬᠦ ᠪᠥᠭᠡᠳ ᠡᠭᠦᠨ ᠢ᠋ᠶ᠋ᠡᠷ ᠬᠦᠨᠳᠦ ᠠᠴᠢᠶᠠᠨ ᠤ᠋ ᠲᠠᠲᠠᠯᠭ᠎ᠠ᠂ ᠪᠡᠬᠢᠯᠡᠭᠡ ᠬᠢᠨ᠎ᠡ᠃ ᠳᠡᠭᠡᠰᠦ ᠲᠠᠮᠤᠬᠤ ᠳ᠋ᠤ᠌ ᠦᠬᠡᠷ᠂ ᠬᠣᠨᠢ ᠭᠡᠬᠦ ᠮᠡᠲᠦ ᠮᠠᠯ ᠤ᠋ᠨ ᠨᠣᠣᠰᠣ ᠶ᠋ᠢ ᠬᠡᠷᠡᠭᠯᠡᠬᠦ ᠪᠥᠭᠡᠳ ᠲᠠᠮᠤᠬᠤ ᠶ᠋ᠢᠨ ᠡᠮᠦᠨ᠎ᠡ ᠰᠠᠪᠠᠵᠤ ᠰᠢᠷᠣᠢ ᠲᠣᠭᠣᠰᠣ ᠶ᠋ᠢ ᠠᠷᠢᠯᠭᠠᠨ 150—240g ᠣᠷᠴᠢᠮ ᠲᠦᠭᠦᠳᠡᠭ ᠬᠢᠵᠦ ᠲᠡᠭᠦᠨ ᠢ᠋ᠶ᠋ᠡᠷ ᠢ᠋ᠶ᠋ᠡᠨ ᠳᠡᠭᠡᠰᠦᠨ ᠦ᠌ ᠪᠡᠨ ᠪᠦᠳᠦᠭᠦᠨ ᠨᠠᠷᠢᠨ ᠳ᠋ᠤ᠌ ᠲᠣᠬᠢᠷᠠᠭᠤᠯᠤᠨ ᠴᠤᠪᠤᠵᠤ ᠲᠠᠮᠤᠨ᠎ᠠ᠃
ᠵᠢᠷᠤᠭ 58
( 1) ᠭᠤᠷᠪᠠᠨ ᠬᠥᠮᠦᠨ ᠲᠡᠢ ᠭᠤᠷᠮᠤᠰᠤᠨ ᠳᠡᠭᠡᠰᠦ ᠡᠷᠴᠢᠯᠡᠵᠦ ᠪᠠᠢᠭ᠎ᠠ ᠪᠠᠢᠳᠠᠯ
( 2 ) ᠲᠡᠩᠴᠡᠭᠦᠦ ᠭᠤᠷᠪᠠᠨ ᠴᠢᠯᠠᠭᠤ ᠲᠠᠢ ᠨᠢᠭᠡ ᠬᠥᠮᠦᠨ ᠳᠡᠭᠡᠰᠦ ᠡᠷᠴᠢᠯᠡᠵᠦ ᠪᠠᠢᠭ᠎ᠠ ᠪᠠᠢᠳᠠᠯ

ᠤᠲᠠᠰᠤᠨ ᠲᠠᠮᠥᠯᠠᠯ ᠢ᠋ᠶ᠋ᠠᠷ ᠮᠠᠯᠠᠭᠠᠢ ᠶ᠋ᠢᠨ ᠵᠠᠯᠠᠭ᠎ᠠ᠂ ᠭᠠᠷ ᠬᠣᠰᠢᠶ᠎ᠠ᠂ ᠲᠥᠷᠥᠯ ᠪᠦᠷᠢ ᠶ᠋ᠢᠨ ᠤᠲᠠᠰᠤᠨ ᠴᠠᠴᠤᠭ ᠬᠢᠬᠦ ᠤᠴᠢᠷ ᠤᠭ ᠬᠢᠬᠦ ᠵᠦᠢᠯ ᠲᠡᠢ ᠤᠶᠠᠯᠳᠤᠭᠤᠯᠵᠤ ᠥᠩᠭᠡ ᠲᠣᠬᠢᠷᠠᠭᠤᠯᠤᠨ ᠤᠲᠠᠰᠤ ᠪᠠᠨ ᠰᠣᠩᠭᠣᠨ᠎ᠠ᠃ ᠲᠠᠮᠤᠭᠰᠠᠨ ᠳᠡᠭᠡᠰᠦ ᠤᠲᠠᠰᠤᠨ ᠤ᠋ ᠦᠵᠦᠭᠦᠷ ᠢ᠋ ᠪᠡᠬᠢᠯᠡᠬᠦ ᠶ᠋ᠢᠨ ᠲᠤᠯᠠᠳᠠ ᠦᠵᠦᠭᠦᠷ ᠢ᠋ ᠳᠠᠪᠤᠤ ᠪᠠᠷ ᠣᠷᠢᠶᠠᠵᠤ ᠰᠢᠷᠢᠨ᠎ᠡ᠃ ᠬᠠᠷᠢᠨ ᠤᠲᠠᠰᠤ ᠶ᠋ᠢ ᠪᠣᠯ ᠰᠢᠷᠪᠦᠰᠦᠨ ᠡᠴᠡ ᠪᠤᠰᠤᠳ ᠢ᠋ ᠵᠠᠩᠭᠢᠳᠬᠤ ᠪᠠ ᠰᠢᠷᠪᠥᠰᠥ ᠶ᠋ᠢ ᠭᠠᠯ ᠢ᠋ᠶ᠋ᠠᠷ ᠲᠦᠯᠡᠵᠦ ᠪᠡᠬᠢᠯᠡᠨ᠎ᠡ᠃
ᠭᠤᠷᠮᠤᠰᠤᠨ ᠳᠡᠭᠡᠰᠦ ᠶ᠋ᠢ ᠡᠷᠴᠢᠯᠡᠬᠦ ᠳ᠋ᠡᠭᠡᠨ ᠲᠤᠰ ᠪᠦᠷᠢ ᠳ᠋ᠦ᠍ᠨᠢ ᠡᠷᠴᠢᠯᠡᠵᠦ ᠡᠷᠴᠢᠨ ᠳ᠋ᠦ᠍ᠨᠢ ᠬᠦᠷᠭᠡᠭᠡᠳ ᠨᠡᠢᠯᠡᠭᠦᠯᠵᠦ ᠨᠢᠭᠡ ᠪᠥᠭᠡᠷᠡᠩᠬᠡᠢ ᠳᠡᠭᠡᠰᠦ ᠪᠣᠯᠭᠠᠨ᠎ᠠ᠃ ᠡᠭᠦᠨ ᠢ᠋ ᠨᠤᠲᠤᠭ ᠪᠦᠷᠢ ᠶᠠᠩᠵᠤ ᠶᠠᠩᠵᠤ ᠪᠠᠷ ᠬᠢᠳᠡᠭ᠃ ᠬᠠᠨ᠎ᠠ ᠶ᠋ᠢᠨ ᠨᠢᠳᠦᠨ ᠦ᠌ ᠬᠣᠶᠠᠷ ᠲᠠᠯ᠎ᠠ ᠪᠤᠶᠤ ᠳᠡᠭᠡᠭᠦᠷ ᠨᠢ ᠭᠤᠷᠪᠠᠨ ᠪᠥᠭᠡᠷᠡᠩᠬᠡᠢ ᠲᠠᠮᠤᠯᠠᠯ ᠢ᠋ᠶ᠋ᠠᠨ ᠭᠠᠷᠭᠠᠭᠠᠳ ᠭᠠᠳᠠᠨ᠎ᠠ ᠪᠠᠨ ᠭᠤᠷᠪᠠᠨ ᠬᠥᠮᠦᠨ ᠲᠤᠰ ᠪᠦᠷᠢ ᠬᠦᠨᠳᠦᠬᠡᠨ ᠰᠠᠪᠠᠭᠠᠨ ᠤ᠋ ᠦᠵᠦᠭᠦᠷ ᠲᠦ᠍ ᠤᠶᠠᠵᠤ ᠳᠠᠯᠠᠯᠤᠨ ᠡᠷᠭᠢᠭᠦᠯᠵᠦ ᠡᠷᠴᠢ ᠶ᠋ᠢ ᠭᠦᠢᠴᠡᠭᠡᠭᠡᠳ ᠳᠣᠲᠣᠷ᠎ᠠ ᠠ᠋ᠴᠠ ᠨᠢᠭᠡ ᠬᠥᠮᠦᠨ ᠡᠷᠴᠢᠯᠡᠭᠰᠡᠨ ᠭᠤᠷᠪᠠᠨ ᠳᠡᠭᠡᠰᠦ ᠶ᠋ᠢ ᠨᠢᠭᠡᠳᠬᠡᠵᠦ ᠨᠢᠭᠡ ᠵᠡᠷᠭᠡ ᠲᠠᠲᠠᠵᠤ ᠨᠢᠭᠡ ᠪᠥᠭᠡᠷᠡᠩᠬᠡᠢ ᠪᠣᠯᠭᠠᠬᠤ ᠨᠢ ᠬᠠᠮᠤᠭ ᠤ᠋ᠨ ᠰᠠᠢᠨ ᠠᠷᠭ᠎ᠠ ᠶᠤᠮ᠃ ᠡᠨᠡ ᠨᠢ ᠳᠥᠷᠪᠡᠨ ᠬᠥᠮᠦᠨ ᠣᠷᠣᠳᠠᠭ ᠤᠴᠢᠷ ᠨᠢᠭᠡ ᠬᠥᠮᠦᠨ ᠡᠭᠦᠨ ᠢ᠋ ᠬᠢᠬᠦ ᠶ᠋ᠢᠨ ᠲᠤᠯᠠᠳᠠ ᠳᠡᠭᠡᠰᠦ ᠲᠤᠰ ᠪᠦᠷᠢ ᠶ᠋ᠢ ᠡᠷᠴᠢᠯᠡᠵᠦ ᠬᠦᠨᠳᠦ ᠬᠥᠩᠭᠡᠨ ᠢ᠋ᠶ᠋ᠡᠷ ᠢᠵᠢᠯ ᠭᠤᠷᠪᠠᠨ ᠴᠢᠯᠠᠭᠤᠨ ᠳ᠋ᠤ᠌ ᠤᠶᠠᠭᠠᠳ ᠨᠢᠭᠡ ᠬᠥᠮᠦᠨ ᠲᠡᠳᠡᠨ ᠨᠢᠭᠡᠳᠬᠡᠨ ᠡᠷᠴᠢᠯᠡᠵᠦ ᠪᠣᠯᠬᠤ ᠪᠥᠭᠡᠳ ᠬᠠᠷᠢᠨ ᠴᠢᠯᠠᠭᠤ ᠲᠡᠩᠴᠡᠪᠦᠷᠢ ᠦᠭᠡᠢ ᠪᠣᠯ ᠬᠥᠩᠭᠡᠨ ᠬᠡᠰᠡᠭ ᠨᠢ ᠤᠨᠵᠢᠷᠠᠳᠠᠭ᠃ ᠮᠥᠨ ᠡᠷᠭᠢᠭᠦᠯᠭᠡ ᠪᠡᠷ ᠡᠷᠴᠢᠯᠡᠳᠡᠭ ᠠᠷᠭ᠎ᠠ ᠪᠠᠢᠳᠠᠭ᠃
ᠦᠰᠦᠭ ᠠᠮᠢᠯᠠᠭᠤᠯᠤᠭᠴᠢ᠄ ᠪᠠᠶᠠᠨᠰᠡᠷᠡᠩ ᠂ ᠲᠣᠭᠳᠠᠭᠤᠨᠪᠠᠶᠠᠷ ᠂ ᠡᠷᠳᠡᠨᠢᠭᠣᠤ᠎ᠠ᠂ ᠱᠠᠭᠰᠠᠯ
ᠬᠢᠨᠠᠭᠴᠢ᠄ ᠰᠡᠬᠡᠭᠡᠷᠡᠯ᠂ ᠣᠳᠬᠠᠨᠰᠣ᠎ᠠ
