ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠳᠥᠷᠪᠡᠳᠦᠭᠡᠷ ᠪᠦᠯᠦᠭ ᠠᠷᠠᠰᠤ ᠰᠢᠷᠢ ᠶ᠋ᠢᠨ ᠡᠳ᠋ᠯᠡᠯ ᠬᠢᠬᠦ ᠤᠷᠠᠯᠠᠯ04ᠨᠡᠬᠡᠮᠡᠯ᠂ ᠰᠦᠯᠵᠢᠮᠡᠯ᠂ ᠲᠠᠮᠤᠯᠠᠯ
ᠨᠡᠬᠡᠮᠡᠯ᠂ ᠰᠦᠯᠵᠢᠮᠡᠯ᠂ ᠲᠠᠮᠤᠯᠠᠯ
ᠨᠡᠬᠡᠮᠡᠯ ᠰᠦᠯᠵᠢᠮᠡᠯ ᠭᠠᠷᠤᠯ ᠡᠭᠦᠰᠦᠯ ᠦ᠋ᠨ ᠬᠤᠪᠢ ᠳ᠋ᠤ᠌ ᠡᠷᠲᠡᠨ ᠦ᠌ ᠪᠥᠭᠡᠳ ᠬᠥᠮᠦᠨ ᠬᠤᠪᠴᠠᠰᠤ ᠤᠷᠠᠯᠠᠨ ᠡᠮᠦᠰᠬᠦ ᠡᠴᠡ ᠡᠮᠦᠨ᠎ᠡ ᠰᠦᠯᠵᠢᠮᠡᠯ ᠢ᠋ ᠤᠷᠭᠤᠮᠠᠯ ᠤ᠋ᠨ ᠵᠦᠢᠯ ᠢ᠋ᠶ᠋ᠡᠷ ᠰᠦᠯᠵᠢᠨ ᠬᠡᠷᠡᠭᠯᠡᠵᠦ ᠪᠠᠢᠵᠠᠢ᠃ ᠬᠠᠭᠤᠴᠢᠨ ᠴᠢᠯᠠᠭᠤᠨ ᠵᠡᠪᠰᠡᠭ ᠦ᠋ᠨ ᠦᠶ᠎ᠡ ᠳ᠋ᠦ᠍ ᠳᠠᠩ ᠵᠢᠮᠢᠰ ᠨᠣᠭᠣᠭ᠎ᠠ ᠪᠠᠷ ᠬᠣᠭᠣᠯᠠᠯᠠᠵᠤ ᠪᠠᠢᠬᠤ ᠳ᠋ᠠᠭᠠᠨ ᠬᠦᠨᠡᠰᠦᠨ ᠦ᠌ ᠵᠦᠢᠯ ᠢ᠋ᠶ᠋ᠡᠨ ᠬᠠᠳᠠᠭᠠᠯᠠᠬᠤ ᠶ᠋ᠢᠨ ᠲᠤᠯᠠᠳᠠ ᠤᠷᠭᠤᠮᠠᠯ ᠤ᠋ᠨ ᠡᠰᠢ ᠦᠨᠳᠦᠰᠦ ᠮᠥᠴᠢᠷ ᠦ᠋ᠨ ᠵᠥᠭᠡᠯᠡᠨ ᠬᠡᠰᠡᠭ ᠢ᠋ᠶ᠋ᠡᠷ ᠰᠠᠪᠠ ᠰᠠᠭᠤᠯᠠᠭ᠎ᠠ ᠬᠢᠵᠦ ᠪᠠᠢᠭᠰᠠᠨ ᠤ᠋ ᠭᠠᠳᠠᠨ᠎ᠠ ᠰᠢᠨ᠎ᠡ ᠴᠢᠯᠠᠭᠤᠨ ᠤ᠋ ᠦᠶ᠎ᠡ ᠳ᠋ᠦ᠍ ᠸᠠᠭᠠᠷ ᠰᠠᠪᠠ ᠬᠢᠬᠦ ᠶ᠋ᠢᠨ ᠲᠤᠯᠠᠳᠠ ᠡᠪᠡᠰᠦ ᠤᠷᠭᠤᠮᠠᠯ ᠢ᠋ᠶ᠋ᠠᠷ ᠰᠠᠪᠠ ᠰᠦᠯᠵᠢᠨ ᠰᠢᠪᠠᠷᠳᠠᠵᠤ ᠭᠠᠯ ᠳ᠋ᠤ᠌ ᠰᠢᠲᠠᠭᠠᠳᠠᠭ ᠪᠠᠢᠭᠰᠠᠨ ᠢ᠋ ᠦᠵᠡᠬᠦ ᠳ᠋ᠦ᠍ ᠰᠦᠯᠵᠢᠮᠡᠯ ᠡᠷᠲᠡᠨ ᠦ᠌ ᠭᠠᠷᠤᠯ ᠲᠠᠢ ᠨᠢ ᠲᠣᠳᠣᠷᠬᠠᠢ ᠪᠠᠢᠨ᠎ᠠ᠃
ᠢᠩᠭᠢᠵᠦ ᠰᠦᠯᠵᠢᠮᠡᠯ᠂ ᠨᠡᠬᠡᠮᠡᠯ ᠬᠥᠮᠦᠨ ᠦ᠌ ᠨᠡᠢᠭᠡᠮ ᠦ᠋ᠨ ᠡᠬᠢᠯᠡᠯ ᠲᠡᠢ ᠡᠭᠦᠰᠴᠦ᠂ ᠨᠡᠢᠭᠡᠮ ᠦ᠋ᠨ ᠬᠥᠭᠵᠢᠯ ᠦ᠋ᠨ ᠳᠠᠭᠠᠤ ᠪᠣᠯᠪᠠᠰᠤᠷᠠᠩᠭᠤᠢ ᠬᠥᠭᠵᠢᠵᠦ ᠢᠷᠡᠵᠡᠢ᠃ ᠨᠡᠬᠡᠮᠡᠯ ᠰᠦᠯᠵᠢᠮᠡᠯ ᠦ᠋ᠨ ᠲᠠᠯ᠎ᠠ ᠪᠠᠷ ᠮᠣᠩᠭᠣᠯ ᠣᠷᠣᠨ ᠤᠤᠭᠠᠨ ᠣᠷᠣᠨ ᠤ᠋ ᠨᠢᠭᠡ ᠪᠥᠭᠡᠳ ᠥᠪᠡᠷᠮᠢᠴᠡ ᠣᠨᠴᠠᠯᠢᠭ ᠲᠠᠢ ᠪᠢᠯᠡ᠃
ᠾᠦᠩᠨᠦ ᠤᠯᠤᠰ ᠤ᠋ᠨ ᠦᠶ᠎ᠡ ᠳ᠋ᠦ᠍ ᠮᠣᠩᠭᠣᠯ ᠤ᠋ᠨ ᠣᠯᠠᠨ ᠣᠪᠣᠭ ᠠᠢᠮᠠᠭ ᠤ᠋ᠳ ᠤ᠋ᠨ ᠭᠠᠷ ᠤᠷᠠᠯᠠᠯ ᠳ᠋ᠤ᠌ ᠰᠦᠯᠵᠢᠮᠡᠯ᠂ ᠨᠡᠬᠡᠮᠡᠯ ᠶᠡᠬᠡ ᠬᠥᠭᠵᠢᠵᠦ ᠮᠠᠯ ᠤ᠋ᠨ ᠲᠣᠨᠣᠭ ᠬᠡᠷᠡᠭᠰᠡᠯ᠂ ᠬᠥᠮᠦᠨ ᠦ᠌ ᠡᠮᠦᠰᠴᠦ ᠵᠡᠭᠦᠬᠦ ᠳ᠋ᠦ᠍ ᠶᠡᠬᠡ ᠬᠡᠷᠡᠭᠯᠡᠭᠳᠡᠬᠦ ᠪᠣᠯᠵᠠᠢ᠃ ᠰᠦᠯᠵᠢᠮᠡᠯ᠂ ᠨᠡᠬᠡᠮᠡᠯ ᠦ᠋ᠨ ᠤᠷᠠᠯᠠᠯ ᠮᠠᠯ ᠢ᠋ ᠭᠡᠷ ᠦ᠋ᠨ ᠪᠣᠯᠭᠠᠭᠰᠠᠨ ᠴᠠᠭ ᠠ᠋ᠴᠠ ᠤᠯᠠᠮ ᠪᠣᠯᠪᠠᠰᠤᠷᠠᠩᠭᠤᠢ ᠬᠥᠭᠵᠢᠵᠦ ᠮᠡᠳᠡᠭᠳᠡᠬᠦᠢᠴᠡ ᠡᠭᠦᠷᠭᠡ ᠶ᠋ᠢ ᠭᠦᠢᠴᠡᠳᠬᠡᠵᠦ ᠡᠬᠢᠯᠡᠵᠡᠢ᠃ ᠨᠡᠬᠡᠮᠡᠯ ᠰᠦᠯᠵᠢᠮᠡᠯ ᠮᠠᠨ ᠤ᠋ ᠣᠷᠣᠨ ᠤ᠋ ᠡᠷᠲᠡ ᠦᠶ᠎ᠡ ᠶ᠋ᠢᠨ ᠣᠪᠣᠭ ᠠᠢᠮᠠᠭ ᠤ᠋ᠳ᠂ ᠣᠳᠣ ᠶ᠋ᠢᠨ ᠦᠨᠳᠦᠰᠦᠲᠡᠨ ᠶᠠᠰᠤᠲᠠᠨ ᠤ᠋ ᠳᠤᠮᠳᠠ ᠲᠦᠭᠡᠮᠡᠯ ᠳᠡᠯᠭᠡᠷᠡᠭᠰᠡᠨ ᠤᠷᠠᠯᠠᠯ ᠪᠥᠭᠡᠳ ᠮᠠᠨ ᠤ᠋ ᠣᠷᠣᠨ ᠤ᠋ ᠨᠡᠭᠦᠳᠡᠯ ᠦ᠋ᠨ ᠮᠠᠯ ᠠᠵᠤ ᠠᠬᠤᠢ ᠶ᠋ᠢᠨ ᠣᠨᠴᠠᠯᠢᠭ ᠲᠤ ᠲᠣᠬᠢᠷᠠᠭᠰᠠᠨ ᠥᠪᠡᠷᠮᠢᠴᠡ ᠬᠡᠯᠪᠡᠷᠢ ᠪᠡᠷ ᠬᠥᠭᠵᠢᠵᠦ ᠢᠷᠡᠵᠡᠢ᠃
ᠲᠤᠬᠠᠢᠯᠠᠪᠠᠯ᠂ ᠨᠡᠬᠡᠮᠡᠯ ᠢ᠋ ᠭᠠᠷ ᠢ᠋ᠶ᠋ᠠᠷ ᠬᠢᠬᠦ ᠳ᠋ᠡᠭᠡᠨ ᠲᠡᠭᠦᠨ ᠦ᠌ ᠪᠠᠭᠠᠵᠢ ᠪᠣᠯᠬᠤ ᠨᠡᠬᠡᠮᠡᠯ ᠦ᠋ᠨ ᠵᠡᠭᠦᠦ ᠶ᠋ᠢ ᠮᠠᠯ ᠤ᠋ᠨ ᠶᠠᠰᠤ᠂ ᠮᠣᠳᠣ᠂ ᠡᠪᠡᠷ ᠢ᠋ᠶ᠋ᠡᠷ ᠬᠢᠵᠦ ᠪᠠᠢᠭᠰᠠᠨ ᠤ᠋ ᠳᠡᠭᠡᠷ᠎ᠡ ᠰᠦᠯᠵᠢᠮᠡᠯ ᠨᠡᠬᠡᠮᠡᠯ ᠦ᠋ᠨ ᠮᠠᠲ᠋ᠧᠷᠢᠶᠠᠯ ᠤᠷᠭᠤᠮᠠᠯ ᠤ᠋ᠨ ᠵᠦᠢᠯ᠂ ᠮᠠᠯ ᠤ᠋ᠨ ᠨᠣᠣᠰᠣ᠂ ᠠᠷᠠᠰᠤ ᠨᠡᠬᠡᠢ᠂ ᠰᠢᠷᠢ᠂ ᠲᠣᠷᠭ᠎ᠠ᠂ ᠮᠢᠨᠳᠠᠰᠤ ᠪᠢᠯᠡ᠃
ᠲᠦᠷᠺ ᠤᠯᠤᠰ ᠤ᠋ᠨ ᠦᠶ᠎ᠡ ᠳ᠋ᠦ᠍ ᠨᠡᠬᠡᠮᠡᠯ ᠦᠰᠦᠷᠦᠩᠭᠦᠢ ᠬᠥᠭᠵᠢᠵᠦ ᠪᠠᠢᠭᠰᠠᠨ ᠪᠠᠢᠨ᠎ᠠ᠃ ᠮᠣᠩᠭᠣᠯᠴᠤᠳ ᠨᠡᠬᠡᠮᠡᠯ ᠬᠢᠬᠦ ᠶ᠋ᠢᠨ ᠲᠤᠯᠠᠳᠠ ᠮᠠᠯ ᠤ᠋ᠨ ᠨᠣᠣᠰᠣ ᠶ᠋ᠢ ᠬᠢᠬᠦ ᠵᠦᠢᠯ ᠦ᠋ᠨ ᠢ᠋ᠶ᠋ᠡᠨ ᠣᠨᠴᠠᠯᠢᠭ ᠲᠠᠢ ᠤᠶᠠᠯᠳᠤᠭᠤᠯᠤᠨ ᠪᠣᠯᠪᠠᠰᠤᠷᠠᠩᠭᠤᠢ ᠪᠠᠷ ᠲᠣᠷᠳᠠᠵᠤ᠂ ᠤᠲᠠᠰᠤ ᠶ᠋ᠢ ᠪᠦᠳᠦᠭᠦᠨ᠂ ᠨᠠᠷᠢᠨ ᠬᠡᠯᠪᠡᠷᠢ ᠪᠡᠷ ᠡᠭᠡᠷᠡᠵᠦ᠂ ᠨᠡᠬᠡᠮᠡᠯ᠂ ᠰᠦᠯᠵᠢᠮᠡᠯ ᠬᠢᠵᠦ ᠪᠠᠢᠭᠰᠠᠨ ᠤ᠋ ᠳᠡᠭᠡᠷ᠎ᠡ ᠪᠤᠲᠠ ᠮᠠᠯ ᠤ᠋ᠨ ᠰᠢᠷᠢ ᠶ᠋ᠢ ᠪᠣᠯᠪᠠᠰᠤᠷᠠᠭᠤᠯᠤᠨ ᠰᠤᠷ ᠬᠢᠵᠦ ᠲᠡᠭᠦᠨ ᠢ᠋ ᠪᠡᠨ ᠨᠠᠷᠢᠨ ᠵᠦᠰᠦᠵᠦ ᠰᠦᠯᠵᠢᠮᠡᠯ ᠬᠢᠵᠦ ᠮᠠᠯ ᠤ᠋ᠨ ᠲᠣᠨᠣᠭ ᠬᠡᠷᠡᠭᠰᠡᠯ᠂ ᠡᠮᠡᠭᠡᠯ ᠬᠠᠵᠠᠭᠠᠷ ᠤ᠋ᠨ ᠭᠣᠶᠣᠯ ᠴᠢᠮᠡᠭᠯᠡᠯ᠂ ᠪᠡᠬᠢᠯᠡᠭᠡ ᠣᠯᠣᠩ ᠵᠢᠷᠢᠮ ᠳ᠋ᠦ᠍ ᠬᠡᠷᠡᠭᠯᠡᠵᠦ ᠪᠠᠢᠵᠠᠢ᠃
ᠮᠠᠯ ᠤ᠋ᠨ ᠨᠣᠣᠰᠣ᠂ ᠦᠬᠡᠷ ᠦ᠋ᠨ ᠰᠡᠪᠡᠭ ᠢ᠋ ᠲᠠᠮᠤᠵᠤ ᠳᠡᠭᠡᠰᠦᠨ ᠰᠦᠯᠵᠢᠮᠡᠯ ᠬᠢᠳᠡᠭ ᠪᠠᠢᠭᠰᠠᠨ ᠨᠢ ᠣᠳᠣ ᠴᠤ ᠬᠡᠷᠡᠭᠯᠡᠭᠳᠡᠵᠦ ᠪᠠᠢᠨ᠎ᠠ᠃ ᠰᠦᠯᠵᠢᠮᠡᠯ ᠢ᠋ᠶ᠋ᠡᠷ ᠳᠡᠪᠡᠯ ᠦ᠋ᠨ ᠰᠢᠯᠪᠢ᠂ ᠬᠡᠲᠡ ᠬᠢᠲᠤᠭ᠎ᠠ᠂ ᠪᠡᠭᠡᠯᠡᠢ ᠶ᠋ᠢᠨ ᠴᠢᠮᠡᠭᠯᠡᠯ᠂ ᠳᠠᠪᠤᠤ ᠶ᠋ᠢᠨ ᠰᠦᠯᠵᠢᠮᠡᠯ ᠢ᠋ᠶ᠋ᠡᠷ ᠲᠥᠷᠥᠯ ᠪᠦᠷᠢ ᠶ᠋ᠢᠨ ᠦᠨᠳᠦᠰᠦᠲᠡᠨ ᠦ᠌ ᠬᠡ ᠥᠯᠵᠡᠢ ᠤᠲᠠᠰᠤ ᠰᠦᠯᠵᠢᠬᠦ ᠪᠤᠶᠤ ᠵᠡᠭᠡᠭᠲᠦ ᠨᠠᠭᠠᠮᠠᠯ ᠳ᠋ᠤ᠌ ᠶᠡᠬᠡ ᠬᠡᠷᠡᠭᠯᠡᠵᠦ ᠪᠠᠢᠨ᠎ᠠ᠃ ᠰᠦᠯᠵᠢᠮᠡᠯ ᠳᠠᠩ ᠢ᠋ᠶ᠋ᠠᠷ ᠢ᠋ᠶ᠋ᠠᠨ ᠪᠥᠭᠡᠷᠡᠩᠬᠡᠢ᠂ ᠬᠠᠪᠲᠠᠭᠠᠢ᠂ ᠶᠠᠩᠵᠤ ᠪᠦᠷᠢ ᠶ᠋ᠢᠨ ᠬᠡᠯᠪᠡᠷᠢ ᠲᠡᠢ ᠪᠥᠭᠡᠷᠡᠩᠬᠡᠢ ᠰᠦᠯᠵᠢᠶ᠎ᠡ ᠶ᠋ᠢ ᠡᠮᠡᠭᠡᠯ ᠦ᠋ᠨ ᠲᠣᠨᠣᠭ᠂ ᠲᠠᠰᠢᠭᠤᠷ᠂ ᠭᠡᠷ ᠦ᠋ᠨ ᠴᠢᠭᠲᠠᠭ᠎ᠠ ᠳ᠋ᠤ᠌ ᠬᠡᠷᠡᠭᠯᠡᠬᠦ ᠪᠥᠭᠡᠳ ᠬᠠᠪᠲᠠᠭᠠᠢ ᠰᠦᠯᠵᠢᠶ᠎ᠡ ᠪᠡᠷ ᠭᠠᠷᠠᠬ᠎ᠠ᠂ ᠪᠦᠰᠡ᠂ ᠬᠦᠵᠦᠭᠦᠦ ᠶ᠋ᠢᠨ ᠣᠷᠢᠶᠠᠯᠲᠠ ᠰᠦᠯᠵᠢᠨ᠎ᠡ᠃ ᠰᠦᠯᠵᠢᠮᠡᠯ ᠢ᠋ ᠰᠦᠯᠵᠢᠬᠦ ᠨᠠᠷᠢᠨ ᠣᠷᠣᠭᠰᠠᠨ ᠡᠳ᠋ᠯᠡᠯ ᠦ᠋ᠨ ᠲᠣᠭ᠎ᠠ ᠪᠠᠷ ᠭᠤᠷᠪᠠ᠂ ᠳᠥᠷᠪᠡ᠂ ᠲᠠᠪᠤ ᠪᠠᠷ ᠰᠦᠯᠵᠢᠭᠰᠡᠨ ᠭᠡᠬᠦ ᠮᠡᠲᠦ ᠢᠯᠭᠠᠨ᠎ᠠ᠃ ᠬᠠᠪᠲᠠᠭᠠᠢ ᠰᠦᠯᠵᠢᠶᠡᠰᠦ ᠡᠴᠡ ᠲᠡᠭᠦᠯᠭᠡ ᠪᠤᠶᠤ ᠭᠠᠷᠠᠬ᠎ᠠ᠂ ᠳᠠᠩ᠂ ᠳᠠᠪᠬᠤᠷ ᠰᠦᠯᠵᠢᠶ᠎ᠡ ᠭᠡᠵᠦ ᠢᠯᠭᠠᠨ᠎ᠠ᠃ ᠡᠳᠡᠭᠡᠷ ᠰᠦᠯᠵᠢᠶ᠎ᠡ ᠬᠢᠬᠦ ᠵᠦᠢᠯ ᠦ᠋ᠨ ᠣᠨᠴᠠᠯᠢᠭ ᠠ᠋ᠴᠠ ᠶᠠᠩᠵᠤ ᠪᠦᠷᠢ ᠬᠢᠳᠡᠭ᠃
ᠲᠡᠭᠦᠯᠭᠡ ᠪᠤᠶᠤ ᠭᠠᠷᠠᠬ᠎ᠠ ᠰᠦᠯᠵᠢᠶᠡᠰᠦ ᠬᠢᠬᠦ ᠳ᠋ᠡᠭᠡᠨ ᠬᠢᠬᠦ ᠵᠦᠢᠯ ᠦ᠋ᠨ ᠢ᠋ᠶ᠋ᠡᠨ ᠶᠡᠬᠡ ᠪᠠᠭ᠎ᠠ ᠠ᠋ᠴᠠ ᠬᠠᠷᠢᠯᠴᠠᠨ ᠠᠳᠠᠯᠢ ᠦᠭᠡᠢ ᠥᠷᠭᠡᠨ ᠨᠠᠷᠢᠨ ᠷᠠᠮ ᠵᠠᠩᠭᠢᠳᠤᠨ᠎ᠠ᠃ ᠲᠡᠷᠡ ᠷᠠᠮ ᠳ᠋ᠠᠭᠠᠨ ᠵᠠᠩᠭᠢᠳᠬᠤ ᠤᠲᠠᠰᠤ ᠪᠠᠨ ᠥᠩᠭᠡ ᠠᠯᠠᠭᠯᠠᠬᠤ ᠪᠤᠶᠤ ᠡᠰᠡᠪᠡᠯ ᠨᠢᠭᠡ ᠥᠩᠭᠡ ᠪᠡᠷ ᠪᠠᠢᠷᠢᠯᠠᠭᠤᠯᠵᠤ ᠰᠦᠯᠵᠢᠶ᠎ᠡ ᠲᠤᠰ ᠪᠦᠷᠢ ᠶ᠋ᠢ ᠵᠠᠭᠠᠭᠯᠠᠬᠤ ᠨᠢᠭᠡ ᠤᠷᠲᠤ ᠤᠲᠠᠰᠤ ᠶ᠋ᠢ ᠰᠦᠯᠵᠢᠶ᠎ᠡ ᠶ᠋ᠢᠨ ᠡᠬᠢᠨ ᠦ᠌ ᠭᠣᠭᠴᠣᠭᠠᠨ ᠠ᠋ᠴᠠ ᠪᠡᠬᠢᠯᠡᠨ᠎ᠡ᠃ ᠷᠠᠮ ᠳ᠋ᠠᠭᠠᠨ ᠪᠠᠢᠷᠢᠯᠠᠭᠤᠯᠤᠭᠰᠠᠨ ᠤᠲᠠᠰᠤ ᠶ᠋ᠢᠨ ᠢ᠋ᠶ᠋ᠡᠨ ᠳᠣᠣᠷᠠᠲᠤ ᠲᠠᠯ᠎ᠠ ᠶ᠋ᠢ ᠳᠡᠭᠡᠷ᠎ᠡ᠂ ᠳᠡᠭᠡᠳᠦ ᠲᠠᠯ᠎ᠠ ᠶ᠋ᠢᠨ ᠤᠲᠠᠰᠤ ᠶ᠋ᠢ ᠳᠣᠣᠷ᠎ᠠ ᠨᠢ ᠣᠷᠣᠭᠤᠯᠬᠤ ᠵᠠᠮ ᠢ᠋ᠶ᠋ᠠᠷ ᠤᠲᠠᠰᠤ ᠨᠢᠭᠡ ᠪᠦᠷᠢ ᠶ᠋ᠢ ᠰᠣᠯᠪᠢᠨ ᠡᠬᠢᠨ ᠦ᠌ ᠭᠣᠭᠴᠣᠭᠠᠨ ᠳ᠋ᠠᠬᠢ ᠤᠷᠲᠤ ᠤᠲᠠᠰᠤ ᠪᠠᠷ ᠢ᠋ᠶ᠋ᠠᠨ ᠵᠠᠭᠠᠭᠯᠠᠨ᠎ᠠ᠃ ᠬᠣᠶᠠᠳᠠᠬᠢ ᠰᠦᠯᠵᠢᠶ᠎ᠡ ᠶ᠋ᠢ ᠶᠠᠭ ᠬᠡ ᠮᠠᠶᠢᠭ ᠢ᠋ᠶ᠋ᠠᠷ ᠳᠠᠪᠲᠠᠨ ᠰᠦᠯᠵᠢᠨ᠎ᠡ᠃ ᠬᠠᠪᠲᠠᠭᠠᠢ ᠰᠦᠯᠵᠢᠶ᠎ᠡ ᠭᠡᠳᠡᠭ3 ,5, 10,12 ᠢ᠋ᠶ᠋ᠠᠷ ᠬᠣᠶᠠᠷ ᠲᠠᠯ᠎ᠠ ᠠ᠋ᠴᠠ ᠨᠢ ᠳᠠᠷᠤᠵᠤ ᠰᠦᠯᠵᠢᠨ᠎ᠡ᠃ ᠡᠭᠦᠨ ᠢ᠋ᠶ᠋ᠡᠷ ᠣᠯᠣᠩ᠂ ᠵᠢᠷᠢᠮ ᠪᠤᠰᠤᠳ ᠵᠦᠢᠯ ᠢ᠋ ᠰᠦᠯᠵᠢᠬᠦ ᠪᠠ ᠪᠥᠭᠡᠷᠡᠩᠬᠡᠢ ᠰᠦᠯᠵᠢᠶ᠎ᠡ ᠭᠡᠳᠡᠭ ᠨᠢ ᠳᠣᠲᠣᠷ᠎ᠠ ᠪᠠᠨ ᠬᠡᠳᠦ ᠬᠡᠳᠦᠨ ᠶᠠᠩᠵᠤ ᠪᠠᠢᠳᠠᠭ᠃ ᠡᠭᠦᠨ ᠢ᠋3 ,4 ᠪᠤᠶᠤ6᠂ ᠲᠡᠭᠦᠨ ᠡᠴᠡ ᠣᠯᠠᠨ ᠢ᠋ᠶ᠋ᠠᠷ ᠪᠥᠭᠡᠷᠡᠩᠬᠡᠢᠯᠡᠨ ᠰᠦᠯᠵᠢᠵᠦ ᠪᠣᠯᠤᠨ᠎ᠠ᠃
ᠭᠤᠷᠪᠠ ᠪᠠᠷ ᠪᠥᠭᠡᠷᠡᠩᠬᠡᠢ ᠰᠦᠯᠵᠢᠬᠦ ᠳ᠋ᠦ᠍ ᠰᠦᠯᠵᠢᠶ᠎ᠡ ᠶ᠋ᠢ ᠪᠣᠰᠤᠭ᠎ᠠ ᠬᠡᠯᠪᠡᠷᠢ ᠪᠡᠷ ᠪᠠᠢᠷᠢᠯᠠᠭᠤᠯᠵᠤ ᠰᠦᠯᠵᠢᠵᠦ ᠰᠢᠬᠠᠵᠤ ᠴᠢᠩᠭᠠᠯᠠᠨ᠎ᠠ᠃ ᠡᠨᠡ ᠰᠦᠯᠵᠢᠮᠡᠯ ᠢ᠋ᠶ᠋ᠡᠷ ᠲᠠᠮᠠᠬᠢᠨ ᠤ᠋ ᠬᠠᠪᠲᠠᠭ᠎ᠠ᠂ ᠳᠡᠪᠡᠯ ᠦ᠋ᠨ ᠰᠢᠯᠪᠢ᠂ ᠮᠠᠯᠠᠭᠠᠢ ᠶ᠋ᠢᠨ ᠪᠦᠴᠡ ᠬᠢᠬᠦ ᠳ᠋ᠦ᠍ ᠬᠡᠷᠡᠭᠯᠡᠨ᠎ᠡ᠃ ᠳᠥᠷᠪᠡ ᠪᠡᠷ ᠪᠥᠭᠡᠷᠡᠩᠬᠡᠢ ᠰᠦᠯᠵᠢᠬᠦ ᠳ᠋ᠦ᠍ ᠰᠦᠯᠵᠢᠬᠦ ᠤᠲᠠᠰᠤ ᠪᠤᠶᠤ ᠡᠮᠬᠡᠷᠢᠳᠦᠭᠰᠡᠨ ᠳᠠᠪᠤᠤ᠂ ᠨᠠᠷᠢᠨ ᠰᠤᠷ᠂ ᠢᠯᠭᠢ ᠵᠡᠷᠭᠡ ᠪᠡᠷ ᠳᠥᠷᠪᠡ ᠪᠡᠷ ᠪᠠᠢᠷᠢᠯᠠᠭᠤᠯᠤᠨ ᠲᠡᠭᠦᠨ ᠢ᠋ ᠪᠡᠨ ᠬᠣᠶᠠᠷ ᠬᠣᠶᠠᠷ ᠢ᠋ᠶ᠋ᠠᠷ ᠨᠢ ᠰᠠᠯᠠᠭᠠᠪᠴᠢᠯᠠᠨ2,4 ᠳ᠋ᠦ᠍ᠭᠡᠷ ᠢ᠋ ᠬᠣᠢᠰᠢ ᠣᠷᠣᠭᠰᠢ1,3 ᠳ᠋ᠤᠭᠠᠷ ᠨᠠᠷᠢᠨ ᠢ᠋ ᠪᠠᠷᠠᠭᠤᠨ᠂ ᠵᠡᠭᠦᠨ ᠳᠠᠰᠢ ᠨᠢ ᠳᠠᠷᠤᠵᠤ ᠰᠦᠯᠵᠢᠨ᠎ᠡ᠃ ᠪᠥᠭᠡᠷᠡᠩᠬᠡᠢ ᠰᠦᠯᠵᠢᠶ᠎ᠡ ᠪᠡᠷ ᠲᠠᠰᠢᠭᠤᠷ᠂ ᠭᠡᠷ ᠦ᠋ᠨ ᠴᠢᠭᠲᠠᠭ᠎ᠠ᠂ ᠡᠷᠦᠬᠡ ᠶ᠋ᠢᠨ ᠣᠭᠣᠰᠣᠷ ᠬᠢᠬᠦ ᠳ᠋ᠦ᠍ ᠲᠣᠬᠢᠷᠠᠮᠵᠢᠲᠠᠢ᠃ ᠣᠯᠠᠨ ᠥᠩᠭᠡ ᠶ᠋ᠢᠨ ᠲᠣᠷᠭᠠᠨ ᠤᠲᠠᠰᠤ ᠶ᠋ᠢ ᠰᠦᠯᠵᠢᠨ ᠤᠭᠤᠲᠠ ᠰᠠᠪᠠᠨ ᠤ᠋ ᠠᠮᠠ ᠶ᠋ᠢᠨ ᠪᠡᠬᠢᠯᠡᠭᠡ ᠣᠭᠣᠰᠣᠷ᠂ ᠡᠷᠡᠭᠲᠡᠢ᠂ ᠡᠮᠡᠭᠲᠡᠢ ᠬᠥᠮᠦᠨ ᠦ᠌ ᠪᠡᠭᠡᠯᠡᠢ᠂ ᠳᠡᠪᠡᠯ ᠦ᠋ᠨ ᠭᠣᠶᠣᠯ ᠴᠢᠮᠡᠭ ᠬᠢᠬᠦ ᠡᠴᠡ ᠭᠠᠳᠠᠨ᠎ᠠ ᠦᠵᠦᠭᠦᠷ ᠲᠤᠨᠢ ᠴᠠᠴᠤᠭ ᠭᠠᠷᠭᠠᠵᠤ ᠭᠣᠶᠣᠯ ᠴᠢᠮᠡᠭᠯᠡᠯ ᠳ᠋ᠦ᠍ ᠬᠡᠷᠡᠭᠯᠡᠬᠦ ᠪᠤᠶᠤ ᠣᠷᠴᠢᠨ ᠦᠶ᠎ᠡ ᠶ᠋ᠢᠨ ᠳᠠᠩ ᠳᠡᠪᠡᠯ ᠦ᠋ᠨ ᠪᠦᠰᠡ᠂ ᠮᠠᠯᠠᠭᠠᠢ ᠶ᠋ᠢᠨ ᠲᠣᠨᠣᠭ ᠲᠤ ᠬᠡᠷᠡᠭᠯᠡᠬᠦ ᠳ᠋ᠦ᠍ ᠵᠣᠬᠢᠮᠵᠢᠲᠠᠢ᠃
ᠭᠣᠣᠯ ᠲᠠᠢ ᠰᠦᠯᠵᠢᠶ᠎ᠡ ᠡᠨᠡ ᠨᠢ10,12,14 ᠭᠡᠬᠦ ᠮᠡᠲᠦ ᠪᠡᠷ ᠠᠪᠴᠤ ᠲᠡᠩᠴᠡᠭᠦᠯᠦᠨ ᠬᠤᠪᠢᠶᠠᠵᠤ ᠨᠢᠭᠡ ᠬᠡᠰᠡᠭ ᠢ᠋ ᠪᠠᠷᠠᠭᠤᠨ᠂ ᠨᠥᠭᠦᠭᠡ ᠶ᠋ᠢ ᠨᠢ ᠵᠡᠭᠦᠨ ᠳᠠᠰᠢ ᠲᠣᠭᠣᠷᠢᠭᠤᠯᠤᠨ ᠨᠢᠭᠡ ᠨᠢᠭᠡ ᠪᠡᠷ ᠨᠢ ᠳᠡᠭᠡᠭᠦᠷ ᠳᠣᠭᠤᠤᠷ ᠨᠢ ᠣᠷᠣᠭᠤᠯᠤᠨ ᠰᠦᠯᠵᠢᠬᠦ ᠳ᠋ᠦ᠍ ᠭᠣᠣᠯ ᠢ᠋ᠶ᠋ᠠᠨ ᠲᠣᠭᠣᠷᠢᠨ ᠰᠦᠯᠵᠢᠶ᠎ᠡ ᠭᠠᠷᠭᠠᠨ᠎ᠠ᠃
ᠠᠴᠠ ᠲᠠᠢ ᠪᠥᠭᠡᠷᠡᠩᠬᠡᠢ ᠰᠦᠯᠵᠢᠶ᠎ᠡ ᠡᠨᠡ ᠰᠦᠯᠵᠢᠶ᠎ᠡ ᠶ᠋ᠢ ᠬᠢᠬᠦ ᠶ᠋ᠢᠨ ᠲᠤᠯᠠᠳᠠ ᠮᠣᠳᠣ ᠵᠣᠷᠭᠣᠵᠤ ᠠᠴᠠ ᠭᠠᠷᠭᠠᠨ ᠵᠠᠩᠭᠢᠯᠠᠬᠤ ᠤᠲᠠᠰᠤ᠂ ᠰᠤᠷ ᠵᠡᠷᠭᠡ ᠪᠡᠷ ᠳᠡᠪᠡᠯ ᠦ᠋ᠨ ᠰᠠᠮᠫᠠᠨ ᠵᠠᠩᠭᠢᠳᠬᠤ ᠡᠬᠢᠨ ᠦ᠌ ᠭᠣᠭᠴᠣᠭ᠎ᠠ ᠭᠠᠷᠭᠠᠬᠤ ᠲᠠᠢ ᠠᠳᠠᠯᠢ ᠭᠣᠭᠴᠣᠭ᠎ᠠ ᠭᠠᠷᠭᠠᠵᠤ ᠨᠢᠭᠡ ᠠᠴᠠᠨ ᠳ᠋ᠤ᠌ ᠡᠯᠭᠦᠨ᠎ᠡ᠃ ᠳᠠᠷᠠᠭ᠎ᠠ ᠶ᠋ᠢᠨ ᠵᠠᠩᠭᠢᠯᠠᠭ᠎ᠠ ᠳᠠᠬᠢᠨ ᠭᠣᠭᠴᠣᠭ᠎ᠠ ᠭᠠᠷᠭᠠᠵᠤ ᠨᠥᠭᠦᠭᠡ ᠠᠴᠠᠨ ᠳ᠋ᠤᠨᠢ ᠡᠯᠭᠦᠭᠡᠳ ᠵᠠᠩᠭᠢᠳᠬᠤ᠂ ᠨᠠᠷᠢᠨ ᠤ᠋ ᠪᠠᠨ ᠤᠷᠲᠤ ᠦᠵᠦᠭᠦᠷ ᠢ᠋ ᠨᠠᠷᠠ ᠪᠤᠷᠤᠭᠤ ᠡᠷᠭᠢᠭᠦᠯᠦᠨ ᠥᠩᠭᠡᠨ ᠲᠠᠯ᠎ᠠ ᠳ᠋ᠠᠭᠠᠨ ᠭᠠᠷᠭᠠᠵᠤ᠂ ᠰᠤᠯᠠ ᠠᠴᠠᠨ ᠤ᠋ ᠳᠡᠭᠡᠳᠦ ᠲᠠᠯ᠎ᠠ ᠠ᠋ᠴᠠ ᠨᠢ ᠭᠣᠭᠴᠣᠭ᠎ᠠ ᠶ᠋ᠢᠨ ᠳᠤᠮᠳᠠᠭᠤᠷ ᠭᠠᠷᠭᠠᠵᠤ ᠬᠠᠭᠤᠴᠢᠨ ᠭᠣᠭᠴᠣᠭ᠎ᠠ ᠶ᠋ᠢ ᠮᠤᠯᠲᠤᠯᠤᠨ ᠰᠢᠨ᠎ᠡ ᠪᠡᠷ ᠭᠣᠭᠴᠣᠭᠠᠯᠠᠳᠠᠵᠤ ᠵᠡᠭᠦᠨ ᠲᠠᠯ᠎ᠠ ᠶ᠋ᠢᠨ ᠬᠢ ᠶ᠋ᠢ ᠮᠥᠨ ᠠᠳᠠᠯᠢ ᠳᠡᠭᠡᠭᠦᠷ ᠨᠢ ᠣᠷᠣᠭᠤᠯᠤᠨ ᠭᠣᠭᠴᠣᠭ᠎ᠠ ᠪᠠᠨ ᠮᠤᠯᠲᠤᠯᠤᠨ ᠰᠢᠨ᠎ᠡ ᠭᠣᠭᠴᠣᠭ᠎ᠠ ᠡᠭᠦᠰᠬᠡᠬᠦ ᠵᠠᠮ ᠢ᠋ᠶ᠋ᠠᠷ ᠡᠭᠡᠯᠵᠢᠯᠡᠨ ᠭᠣᠭᠴᠣᠭᠠᠳᠠᠵᠤ ᠰᠦᠯᠵᠢᠬᠦ ᠳ᠋ᠦ᠍ ᠳᠥᠷᠪᠡᠨ ᠲᠠᠯ᠎ᠠ ᠲᠠᠢ ᠵᠠᠩᠭᠢᠯᠠᠭ᠎ᠠ ᠭᠠᠷᠤᠨ᠎ᠠ᠃
ᠲᠡᠭᠦᠨ ᠢ᠋ ᠴᠠᠰᠢ 6, 8 , 10 ᠭᠡᠬᠦ ᠮᠡᠲᠦ ᠬᠡᠳᠦᠨ ᠲᠠᠯ᠎ᠠ ᠲᠠᠢ ᠵᠠᠩᠭᠢᠳᠴᠤ ᠪᠣᠯᠬᠤ ᠪᠠ ᠲᠡᠭᠦᠨ ᠢ᠋ ᠭᠣᠶᠣᠯ ᠴᠢᠮᠡᠭᠯᠡᠯ ᠳ᠋ᠦ᠍ ᠬᠡᠷᠡᠭᠯᠡᠨ᠎ᠡ᠃
ᠵᠢᠷᠤᠭ 56
ᠠᠴᠠ ᠲᠠᠢ ᠰᠦᠯᠵᠢᠶ᠎ᠡ

ᠦᠰᠦᠭ ᠠᠮᠢᠯᠠᠭᠤᠯᠤᠭᠴᠢ᠄ ᠦᠯᠵᠡᠢᠪᠠᠭᠠᠲᠤᠷ᠂ ᠲᠣᠭᠳᠠᠭᠤᠨᠪᠠᠶᠠᠷ᠂ ᠱᠠᠭᠰᠠᠯ᠂ ᠡᠷᠳᠡᠨᠢᠭᠣᠤ᠎ᠠ
ᠬᠢᠨᠠᠭᠴᠢ᠄ ᠰᠡᠬᠡᠭᠡᠷᠡᠯ᠂ ᠣᠳᠬᠠᠨᠰᠣ᠎ᠠ
