ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠳᠥᠷᠪᠡᠳᠦᠭᠡᠷ ᠪᠦᠯᠦᠭ ᠠᠷᠠᠰᠤ ᠰᠢᠷᠢ ᠶ᠋ᠢᠨ ᠡᠳ᠋ᠯᠡᠯ ᠬᠢᠬᠦ ᠤᠷᠠᠯᠠᠯ03ᠠᠷᠠᠰᠤ ᠨᠡᠬᠡᠢ ᠡᠯᠳᠡᠬᠦ
ᠠᠷᠠᠰᠤ ᠨᠡᠬᠡᠢ ᠡᠯᠳᠡᠬᠦ
ᠲᠥᠯᠥᠭᠡ᠂ ᠪᠣᠷᠯᠣᠩ ᠪᠠ ᠲᠡᠭᠦᠨ ᠡᠴᠡ ᠳᠡᠭᠡᠭᠰᠢ ᠨᠠᠰᠤᠨ ᠤ᠋ ᠪᠤᠭ ᠤ᠋ᠨ ᠠᠷᠠᠰᠤ ᠶ᠋ᠢ ᠨᠡᠬᠡᠢ ᠢᠮᠠᠭᠠᠨ ᠤ᠋ ᠠᠷᠠᠰᠤ ᠭᠡᠨ᠎ᠡ᠂ ᠬᠣᠨᠢ᠂ ᠢᠮᠠᠭᠠᠨ ᠤ᠋ ᠠᠷᠠᠰᠤ ᠶ᠋ᠢ ᠡᠯᠳᠡᠬᠦ ᠶ᠋ᠢᠨ ᠡᠮᠦᠨ᠎ᠡ ᠢᠳᠡᠭᠡᠯᠡᠬᠦ ᠪᠤᠶᠤ ᠭᠠᠩᠳᠠᠨ᠎ᠠ᠃ ᠭᠠᠩᠳᠠᠬᠤ ᠳ᠋ᠠᠭᠠᠨ ᠨᠢᠭᠡ ᠠᠷᠠᠰᠤᠨ ᠳ᠋ᠤ᠌ 0.5—0.8kg ᠬᠤᠵᠢᠷ ᠱᠡᠦ ᠬᠢᠵᠦ 7—8 ᠬᠣᠨᠣᠭ ᠪᠠᠢᠯᠭᠠᠨ᠎ᠠ᠃ ᠭᠠᠩᠳᠠᠭᠰᠠᠨ ᠤ᠋ ᠳᠠᠷᠠᠭ᠎ᠠ ᠰᠢᠷ᠎ᠠ ᠬᠠᠯᠢᠰᠤ᠂ ᠬᠠᠯᠢᠮ ᠵᠡᠷᠭᠡ ᠶ᠋ᠢ ᠳᠠᠬᠢᠨ ᠰᠠᠢᠨ ᠴᠡᠪᠡᠷᠯᠡᠨ᠎ᠡ᠃ ᠵᠠᠷᠢᠮ ᠭᠠᠵᠠᠷ ᠠᠷᠠᠰᠤ ᠨᠡᠬᠡᠢ ᠶ᠋ᠢ ᠣᠲᠣᠳᠠᠭ᠃ ᠣᠲᠣᠬᠤ ᠶ᠋ᠢᠨ ᠲᠤᠯᠠᠳᠠ 40—50cm ᠭᠦᠨ ᠨᠦᠬᠡ ᠤᠬᠤᠵᠤ ᠲᠡᠭᠦᠨ ᠳ᠋ᠦ᠍ ᠠᠳᠤᠭᠤᠨ ᠤ᠋ ᠬᠥᠬᠡ ᠬᠣᠮᠣᠯ ᠪᠤᠲᠠᠯᠤᠨ ᠬᠢᠵᠦ ᠭᠠᠯᠯᠠᠨ᠎ᠠ᠃ ᠳᠡᠭᠡᠷ᠎ᠡ ᠡᠴᠡ ᠨᠢ ᠭᠤᠷᠪᠠᠨ ᠰᠢᠭᠤᠷᠭ᠎ᠠ ᠶ᠋ᠢᠨ ᠲᠣᠯᠣᠭᠠᠢ ᠪᠣᠭᠣᠵᠤ ᠲᠡᠭᠦᠨ ᠦ᠌ ᠪᠡᠨ ᠳᠣᠲᠣᠷ᠎ᠠ ᠠᠷᠠᠰᠤ ᠪᠠᠨ ᠵᠡᠭᠦᠵᠦ ᠭᠠᠳᠠᠨ᠎ᠠ ᠠ᠋ᠴᠠ ᠨᠢ ᠰᠠᠢᠨ ᠬᠤᠴᠢᠨ᠎ᠠ᠃ ᠢᠩᠭᠢᠵᠦ ᠣᠳᠤᠭᠰᠠᠨ ᠤ᠋ ᠳᠠᠷᠠᠭ᠎ᠠ ᠠᠷᠠᠰᠤ ᠲᠤᠰ ᠪᠦᠷᠢ ᠶ᠋ᠢᠨ ᠳᠡᠭᠡᠷ᠎ᠡ ᠡᠴᠡ ᠬᠥᠷᠥᠰᠥᠨ ᠳ᠋ᠦ᠍ᠨᠢ ᠪᠠᠭ᠎ᠠ ᠵᠡᠷᠭᠡ ᠲᠠᠷᠠᠭ ᠪᠤᠶᠤ ᠬᠦᠢᠲᠡᠨ ᠴᠠᠭ᠎ᠠ ᠵᠢᠭᠳᠡ ᠲᠦᠷᠬᠢᠵᠦ᠂ ᠡᠪᠬᠡᠭᠡᠳ ᠰᠡᠭᠦᠳᠡᠷ ᠲᠦ᠍ 1—2 ᠬᠣᠨᠣᠭ ᠲᠠᠯᠪᠢᠨ᠎ᠠ᠃ ᠳᠠᠷᠠᠭ᠎ᠠ ᠨᠢ ᠠᠷᠠᠰᠤ ᠪᠠᠨ ᠲᠠᠯᠬᠢᠳᠠᠨ ᠬᠡᠳᠡᠷᠭᠡᠳᠡᠨᠡ᠃ ᠲᠠᠯᠬᠢᠳᠠᠬᠤ ᠳ᠋ᠠᠭᠠᠨ ᠠᠷᠠᠰᠤᠨ ᠤ᠋ ᠬᠥᠷᠥᠰᠥ ᠶ᠋ᠢ ᠬᠥᠳᠡᠯᠲᠡᠯ᠎ᠡ ᠲᠠᠯᠬᠢᠨᠠ᠃ ᠠᠷᠠᠰᠤ ᠶ᠋ᠢ ᠥᠯᠥᠨ ᠴᠡᠭᠡᠭ ᠲᠡᠢ ᠪᠠᠢᠬᠤ ᠳ᠋ᠤᠨᠢ ᠥᠩᠭᠡᠯᠡᠨ᠎ᠡ᠃ ᠬᠤᠷᠠᠭ᠎ᠠ᠂ ᠢᠰᠢᠭᠡ᠂ ᠰᠡᠭᠰᠡᠭᠦᠷᠭᠡ ᠶ᠋ᠢᠨ ᠠᠷᠠᠰᠤ ᠶ᠋ᠢ ᠪᠢᠰᠢᠯᠠᠭ ᠤ᠋ᠨ ᠰᠢᠷ᠎ᠠ ᠤᠰᠤᠨ ᠳ᠋ᠤ᠌ ᠬᠤᠵᠢᠷ ᠦᠭᠡᠢ ᠪᠡᠷ 6 ᠬᠣᠨᠣᠭ ᠢᠳᠡᠭᠡᠯᠡᠨ ᠭᠠᠩᠳᠠᠵᠤ ᠡᠯᠳᠡᠪᠡᠯ ᠬᠥᠷᠥᠰᠥ ᠨᠢ ᠵᠤᠵᠠᠭᠠᠷᠠᠳᠠᠭ᠃
ᠲᠠᠯᠬᠢ ᠬᠢᠬᠦ ᠳ᠋ᠡᠭᠡᠨ ᠬᠣᠶᠠᠷ ᠬᠠᠪᠲᠠᠭᠠᠢ ᠪᠠᠨᠵᠠ ᠶ᠋ᠢ ᠬᠣᠭᠣᠷᠣᠨᠳᠣ ᠨᠢ ᠵᠡᠷᠭᠡᠴᠡᠭᠦᠯᠵᠦ ᠬᠣᠶᠠᠷ ᠬᠥᠨᠳᠡᠯᠡᠪᠴᠢ ᠮᠣᠳᠣ ᠪᠠᠷ ᠦᠵᠦᠭᠦᠷ ᠢ᠋ ᠨᠢ ᠵᠥᠷᠢᠭᠦᠦ ᠬᠣᠯᠪᠣᠨ᠎ᠠ᠃ ᠲᠡᠭᠦᠨ ᠳ᠋ᠡᠭᠡᠨ ᠳᠠᠷᠤᠭᠤᠯᠭ᠎ᠠ ᠮᠡᠲᠦ ᠲᠣᠬᠢᠷᠠᠭᠤᠯᠤᠨ ᠪᠡᠯᠡᠳᠬᠡᠵᠦ ᠠᠷᠠᠰᠤ ᠶ᠋ᠢ ᠨᠠᠷᠢᠬᠠᠨ ᠨᠤᠭᠤᠯᠤᠨ ᠬᠥᠨᠳᠡᠯᠡᠨ ᠪᠠᠷᠢᠭᠠᠳ ᠳᠠᠷᠤᠭᠤᠯᠭ᠎ᠠ ᠮᠣᠳᠣ ᠪᠠᠷ ᠣᠯᠠᠨ ᠳᠠᠬᠢᠨ ᠳᠠᠷᠤᠨ᠎ᠠ᠃ ᠳᠠᠷᠤᠬᠤ ᠪᠦᠷᠢ ᠳ᠋ᠡᠭᠡᠨ ᠠᠷᠠᠰᠤ ᠪᠠᠨ ᠡᠷᠭᠢᠭᠦᠯᠵᠦ ᠴᠠᠰᠢ ᠨᠡᠰᠢ ᠬᠠᠷᠠᠭᠤᠯᠤᠨ ᠡᠯᠳᠡᠨ᠎ᠡ᠃ ᠲᠠᠯᠬᠢᠳᠠᠬᠤ ᠦᠶ᠎ᠡ ᠳ᠋ᠦ᠍ ᠲᠠᠯᠬᠢ ᠶ᠋ᠢ ᠬᠥᠳᠡᠯᠭᠡᠭᠡᠨ ᠦᠭᠡᠢ ᠪᠠᠢᠯᠭᠠᠬᠤ ᠶ᠋ᠢᠨ ᠲᠤᠯᠠᠳᠠ ᠬᠦᠨᠳᠦ ᠴᠢᠯᠠᠭᠤ ᠲᠠᠯᠪᠢᠵᠤ ᠭᠡᠷ ᠦ᠋ᠨ ᠬᠠᠨ᠎ᠠ ᠪᠤᠶᠤ ᠮᠣᠳᠣᠨ ᠬᠠᠰᠢᠶ᠎ᠠ ᠲᠠᠢ ᠪᠡᠬᠢᠯᠡᠨ ᠳᠠᠷᠤᠵᠤ ᠬᠥᠳᠡᠯᠭᠡᠭᠡᠨ ᠦᠭᠡᠢ ᠪᠣᠯᠭᠠᠨ᠎ᠠ᠃
ᠠᠷᠠᠰᠤ ᠶ᠋ᠢ ᠬᠡᠳᠡᠷᠭᠡᠳᠡᠬᠦ ᠶ᠋ᠢᠨ ᠲᠤᠯᠠᠳᠠ ᠤᠷᠢᠳᠴᠢᠯᠠᠨ ᠬᠡᠳᠡᠷᠭᠡ ᠶ᠋ᠢ ᠢᠷᠯᠡᠨ ᠰᠢᠲᠦ ᠲᠡᠢ ᠪᠣᠯᠭᠠᠨ᠎ᠠ᠃ ᠭᠡᠳᠡᠷᠭᠡᠨ ᠦ᠌ ᠰᠢᠲᠦ ᠠᠮᠠᠷᠬᠠᠨ ᠡᠯᠡᠭᠳᠡᠳᠡᠭ ᠤᠴᠢᠷ ᠲᠡᠭᠦᠨ ᠢ᠋ ᠰᠤᠬᠠᠢ᠂ ᠬᠤᠰᠤ ᠮᠡᠲᠦ ᠬᠠᠲᠠᠭᠤ ᠮᠣᠳᠣ ᠪᠠᠷ ᠬᠢᠳᠡᠭ᠃ ᠭᠡᠳᠡᠷᠭᠡᠨ ᠳ᠋ᠦ᠍ ᠲᠣᠳᠣᠷᠬᠠᠢ ᠵᠢᠭᠠᠭᠰᠠᠨ ᠬᠡᠮᠵᠢᠶ᠎ᠡ ᠦᠭᠡᠢ ᠪᠣᠯᠪᠠᠴᠤ ᠠᠷᠠᠰᠤ ᠶ᠋ᠢ ᠬᠡᠳᠡᠷᠭᠡᠳᠡᠬᠦ ᠬᠥᠮᠦᠨ ᠬᠥᠯ ᠢ᠋ᠶ᠋ᠡᠨ ᠵᠢᠭᠢᠵᠦ ᠰᠠᠭᠤᠭᠠᠳ ᠪᠠᠷᠠᠭᠤᠨ ᠭᠠᠷ ᠥᠯᠮᠡᠢ ᠳ᠋ᠦ᠍᠂ ᠵᠡᠭᠦᠨ ᠭᠠᠷ ᠭᠤᠶ᠎ᠠ ᠶ᠋ᠢᠨ ᠵᠤᠵᠠᠭᠠᠨ ᠪᠤᠯᠴᠢᠩ ᠣᠷᠴᠢᠮ ᠳ᠋ᠤ᠌ ᠪᠠᠢᠬᠤ ᠪᠠᠷ ᠤᠷᠲᠤ ᠶ᠋ᠢ ᠲᠣᠬᠢᠷᠠᠭᠤᠯᠤᠨ᠎ᠠ᠃ ᠳᠤᠮᠳᠠᠴᠢ ᠪᠠᠷ1—1.2m ᠣᠷᠴᠢᠮ ᠤᠷᠲᠤ ᠪᠠᠢᠬᠤ ᠪᠠ ᠰᠢᠲᠦ ᠨᠦ᠍ᠭᠦᠳ ᠨᠢ ᠲᠤᠰ ᠪᠦᠷᠢ0.5cm ᠣᠷᠴᠢᠮ ᠵᠤᠵᠠᠭᠠᠨ ᠪᠠᠢᠨ᠎ᠠ᠃ ᠠᠷᠠᠰᠤ ᠬᠤᠰᠤᠬᠤ ᠬᠤᠰᠤᠭᠤᠷ ᠨᠢ ᠦ ᠦᠭᠡᠢ ᠭᠠᠷ ᠲᠤ ᠪᠠᠷᠢᠬᠤ ᠳ᠋ᠤ᠌ ᠲᠣᠬᠢᠷᠠᠮᠵᠢᠲᠠᠢ ᠨᠢᠮᠭᠡᠨ ᠬᠠᠪᠲᠠᠭᠠᠢ ᠲᠡᠮᠦᠷ ᠪᠠᠢᠬᠤ ᠪᠠ ᠲᠡᠭᠦᠨ ᠢ᠋ ᠬᠢᠩᠭᠠᠷ᠎ᠠ ᠭᠡᠵᠦ ᠨᠡᠷᠡᠯᠡᠳᠡᠭ᠃ ᠬᠥᠯ ᠢ᠋ᠶ᠋ᠡᠷ ᠠᠷᠠᠰᠤ ᠬᠤᠰᠤᠳᠠᠭ ᠳᠡᠭᠡᠭᠡᠭᠦᠷ ᠪᠠᠰᠠ ᠪᠠᠢᠳᠠᠭ᠃ ᠬᠤᠰᠤᠭᠤᠷ ᠢ᠋ ᠣᠷᠣᠨ ᠨᠤᠲᠤᠭ ᠲᠤ ᠭᠣᠣᠯᠳᠠᠭᠤ ᠬᠦᠷᠵᠡ ᠶ᠋ᠢᠨ ᠲᠡᠮᠦᠷ ᠢ᠋ ᠵᠠᠰᠠᠵᠤ ᠢᠷᠯᠡᠨ ᠬᠢᠳᠡᠭ᠃ ᠨᠡᠬᠡᠢ ᠶ᠋ᠢ ᠬᠡᠳᠡᠷᠭᠡᠳᠡᠬᠦ ᠶᠠᠪᠤᠴᠠ ᠳᠤᠮᠳᠠ ᠣᠯᠠᠨ ᠳᠠᠬᠢᠨ ᠰᠠᠢᠨ ᠲᠠᠲᠠᠵᠤ ᠭᠤᠲᠤ ᠬᠦᠵᠦᠭᠦᠦ ᠵᠡᠷᠭᠡ ᠶ᠋ᠢ ᠨᠤᠬᠤᠵᠤ ᠬᠤᠰᠤᠨ ᠲᠠᠲᠠᠨ᠎ᠠ᠃ ᠢᠩᠭᠢᠵᠦ ᠡᠯᠳᠡᠬᠦ ᠳ᠋ᠦ᠍ ᠨᠡᠬᠡᠢ ᠲᠡᠨᠢᠭᠡᠷ᠂ ᠵᠥᠭᠡᠯᠡᠨ ᠶᠠᠮᠠᠷ ᠴᠤ ᠡᠳ᠋ᠯᠡᠯ ᠬᠢᠬᠦ ᠳ᠋ᠦ᠍ ᠲᠣᠬᠢᠷᠠᠮᠵᠢᠲᠠᠢ ᠪᠠᠢᠳᠠᠭ᠃ ᠨᠡᠬᠡᠢ ᠶ᠋ᠢᠨ ᠡᠯᠳᠡᠭᠦᠷ ᠭᠦᠢᠴᠡᠭᠰᠡᠨ ᠡᠰᠡᠬᠦ ᠶ᠋ᠢ ᠰᠢᠯᠭᠠᠬᠤ ᠳ᠋ᠠᠭᠠᠨ ᠲᠡᠭᠦᠨ ᠦ᠌ ᠥᠩᠭᠡ ᠴᠠᠭᠠᠨ᠂ ᠴᠢᠭᠢᠭ ᠦᠭᠡᠢ᠂ ᠤᠶᠠᠨ ᠵᠥᠭᠡᠯᠡᠨ ᠪᠥᠰ ᠪᠠᠷᠠᠭ᠎ᠠ ᠰᠢᠭ᠋ ᠪᠣᠯᠤᠭᠰᠠᠨ ᠪᠣᠯ ᠡᠯᠳᠡᠭᠦᠷ ᠭᠦᠢᠴᠡᠭᠰᠡᠨ ᠭᠡᠵᠦ ᠦᠵᠡᠵᠦ ᠡᠳ᠋ᠯᠡᠯ ᠬᠢᠬᠦ ᠳ᠋ᠡᠭᠡᠨ ᠬᠡᠷᠡᠭᠯᠡᠨ᠎ᠡ᠃ ᠨᠡᠬᠡᠢ ᠪᠡᠷ ᠭᠣᠣᠯᠳᠠᠭᠤ ᠳᠡᠪᠡᠯ ᠬᠢᠬᠦ ᠪᠠ ᠳᠡᠪᠡᠯ ᠦ᠋ᠨ ᠨᠡᠬᠡᠢ ᠠᠯᠢ ᠪᠣᠯᠬᠤ ᠡᠯᠳᠡᠭᠦᠷ ᠵᠥᠪ ᠬᠢᠭᠳᠡᠭᠰᠡᠨ ᠬᠥᠷᠥᠰᠥ ᠵᠥᠭᠡᠯᠡᠨ ᠦᠰᠦᠨ ᠦ᠌ ᠥᠩᠭᠡ ᠰᠠᠢᠲᠠᠢ ᠵᠢᠭᠳᠡ ᠪᠠᠢᠬᠤ ᠶ᠋ᠢᠨ ᠳᠡᠭᠡᠷ᠎ᠡ ᠨᠣᠣᠰᠣ ᠥᠳᠬᠡᠨ ᠪᠠᠭ᠎ᠠ ᠵᠡᠷᠭᠡ ᠠᠲᠤᠷᠢᠶ᠎ᠠ ᠲᠠᠢ ᠤᠷᠲᠤ ᠨᠢ2.5cm ᠠ᠋ᠴᠠ ᠪᠣᠭᠣᠨᠢ ᠦᠭᠡᠢ ᠪᠠᠢᠪᠠᠯ ᠳᠤᠯᠠᠭᠠᠨ ᠪᠠᠢᠳᠠᠭ᠃
ᠵᠢᠷᠤᠭ55
(1) ᠬᠠᠯᠬ᠎ᠠ ᠲᠠᠯᠬᠢ
(2) ᠳᠠᠷᠬᠠᠳ ᠲᠠᠯᠬᠢ

ᠮᠣᠩᠭᠣᠯᠴᠤᠳ ᠬᠣᠨᠢᠨ ᠤ᠋ ᠨᠡᠬᠡᠢ ᠪᠡᠷ ᠲᠡᠦᠬᠡ ᠶ᠋ᠢᠨ ᠲᠤᠷᠰᠢᠳᠠ ᠳᠡᠪᠡᠯ ᠬᠢᠵᠦ ᠡᠮᠦᠰᠴᠦ ᠢᠷᠡᠭᠰᠡᠨ᠂ ᠡᠪᠦᠯ᠂ ᠬᠠᠪᠤᠷ᠂ ᠨᠠᠮᠤᠷ ᠤ᠋ᠨ ᠤᠯᠠᠷᠢᠯ ᠤ᠋ᠨ ᠪᠤᠶᠤ ᠭᠣᠶᠣᠯ ᠤ᠋ᠨ ᠳᠡᠪᠡᠯ ᠬᠢᠵᠦ ᠡᠮᠦᠰᠬᠦ ᠠᠵᠢᠯ ᠳ᠋ᠤ᠌ ᠳᠠᠳᠤᠯᠭᠠᠵᠢᠭᠰᠠᠨ ᠬᠥᠮᠦᠰ ᠶᠦᠮ᠃ ᠮᠣᠩᠭᠣᠯ ᠤ᠋ᠨ ᠨᠡᠬᠡᠢ ᠳᠡᠪᠡᠯ ᠲᠤᠰ ᠣᠷᠣᠨ ᠤ᠋ ᠪᠠᠢᠭᠠᠯᠢ᠂ ᠴᠠᠭ ᠠᠭᠤᠷ ᠤ᠋ᠨ ᠨᠥᠬᠥᠴᠡᠯ ᠳ᠋ᠦ᠍ ᠲᠣᠬᠢᠷᠠᠭᠰᠠᠨ ᠠᠭᠤᠵᠢᠮ ᠲᠡᠨᠢᠭᠦᠨ ᠳᠤᠯᠠᠭᠠᠬᠠᠨ ᠬᠣᠯᠠ ᠵᠥᠷᠢᠭᠦᠯᠭᠡ ᠲᠡᠢ ᠳᠤᠮᠳᠠᠭᠤᠷ ᠢ᠋ᠶ᠋ᠠᠨ ᠥᠷᠭᠡᠨ ᠪᠦᠰᠡ ᠲᠡᠢ᠂ ᠥᠨᠳᠥᠷ ᠵᠠᠬ᠎ᠠ ᠲᠠᠢ᠂ ᠵᠠᠬ᠎ᠠ ᠡᠩᠭᠡᠷ ᠬᠠᠭᠠᠯᠲᠠ ᠲᠠᠢ ᠤᠴᠢᠷ ᠶᠠᠮᠠᠷ ᠴᠤ ᠬᠦᠢᠲᠡᠨ ᠳ᠋ᠦ᠍ ᠲᠠᠭᠠᠷᠠᠬᠤ ᠦᠭᠡᠢ᠂ ᠬᠣᠭᠣᠯᠠᠢ ᠶ᠋ᠢᠨ ᠠᠩᠭᠢᠨᠠ᠂ ᠬᠠᠳᠬᠤᠭ᠎ᠠ᠂ ᠤᠭᠤᠴᠠ ᠨᠢᠷᠤᠭᠤᠨ ᠤ᠋ ᠡᠪᠡᠳᠴᠢᠨ ᠲᠣᠰᠳᠠᠭ ᠦᠭᠡᠢ ᠶ᠋ᠢᠨ ᠳᠡᠭᠡᠷ᠎ᠡ ᠮᠣᠷᠢᠨ ᠤ᠋ ᠳᠡᠭᠡᠷ᠎ᠡ ᠡᠪᠦᠳᠦᠭ ᠢ᠋ᠶ᠋ᠡᠨ ᠣᠷᠢᠶᠠᠵᠤ ᠰᠠᠭᠤᠬᠤ ᠳ᠋ᠤ᠌ ᠲᠣᠬᠢᠷᠠᠮᠵᠢᠲᠠᠢ ᠤᠴᠢᠷ ᠦᠶ᠎ᠡ ᠮᠥᠴᠢ ᠶ᠋ᠢᠨ ᠡᠪᠡᠳᠴᠢᠨ ᠲᠤᠰᠬᠤ ᠨᠢ ᠪᠠᠭ᠎ᠠ ᠪᠠᠢᠳᠠᠭ᠃ ᠨᠡᠬᠡᠢ ᠳᠡᠪᠡᠯ ᠢ᠋ ᠮᠣᠩᠭᠣᠯ ᠤ᠋ᠨ ᠨᠤᠲᠤᠭ ᠳᠡᠪᠢᠰᠬᠡᠷ ᠲᠦ᠍ ᠣᠷᠣᠰᠢᠨ ᠰᠠᠭᠤᠭ᠎ᠠ ᠪᠦᠬᠦ ᠦᠨᠳᠦᠰᠦᠲᠡᠨ ᠶᠠᠰᠤᠲᠠᠨ ᠡᠮᠦᠰᠳᠡᠭ᠃ ᠨᠡᠬᠡᠢ ᠳᠡᠪᠡᠯ ᠢ᠋ ᠦᠰᠦᠨ ᠦ᠌ ᠨᠢᠮᠭᠡᠨ ᠵᠤᠵᠠᠭᠠᠨ ᠢ᠋ᠶ᠋ᠠᠷ ᠡᠪᠦᠯ ᠬᠠᠪᠤᠷ ᠤ᠋ᠨ ᠭᠡᠵᠦ ᠢᠯᠭᠠᠨ᠎ᠠ᠃ ᠵᠤᠵᠠᠭᠠᠨ ᠦᠰᠦ ᠲᠡᠢ ᠳᠡᠪᠡᠯ ᠢ᠋ ᠡᠪᠦᠯ ᠡᠮᠦᠰᠬᠦ ᠪᠠ ᠨᠢᠮᠭᠡᠨ ᠦᠵᠦᠭᠦᠷᠰᠦᠨ ᠳᠡᠪᠡᠯ ᠢ᠋ ᠬᠠᠪᠤᠷ ᠨᠠᠮᠤᠷ ᠭᠣᠣᠯᠳᠠᠭᠤ ᠡᠮᠦᠰᠳᠡᠭ᠃ ᠮᠣᠩᠭᠣᠯᠴᠤᠳ ᠨᠡᠬᠡᠢ ᠶ᠋ᠢ ᠡᠯᠳᠡᠭᠡᠳ ᠥᠩᠭᠡᠯᠡᠬᠦ ᠦᠭᠡᠢ ᠪᠡᠷ ᠬᠤᠷᠠᠭᠠᠨ ᠤ᠋ ᠠᠷᠠᠰᠤ ᠪᠤᠶᠤ ᠤᠯᠠᠭᠠᠨ ᠬᠠᠷ᠎ᠠ ᠳᠠᠪᠤᠤ ᠪᠠᠷ ᠬᠣᠣᠰᠯᠠᠨ ᠡᠮᠵᠢᠵᠦ ᠳᠡᠪᠡᠯ ᠬᠢᠬᠦ ᠡᠴᠡ ᠭᠠᠳᠠᠨ᠎ᠠ ᠰᠡᠭᠦᠯ ᠦ᠋ᠨ ᠦᠶ᠎ᠡ ᠳ᠋ᠦ᠍ ᠲᠣᠷᠭ᠎ᠠ᠂ ᠳᠠᠪᠤᠤ᠂ ᠰᠠᠲ᠋ᠢᠨ᠂ ᠵᠢᠭᠦᠨᠢ ᠳᠠᠯᠢᠩᠪᠤ ᠵᠡᠷᠭᠡ ᠪᠠᠷᠠᠭ᠎ᠠ ᠪᠠᠷ ᠥᠩᠭᠡᠯᠡᠵᠦ ᠳᠡᠪᠡᠯ ᠬᠢᠳᠡᠭ ᠪᠣᠯᠤᠯ᠎ᠠ᠃ ᠰᠡᠭᠦᠯ ᠦ᠋ᠨ ᠦᠶ᠎ᠡ ᠳ᠋ᠦ᠍ ᠠᠬ᠎ᠠ ᠳᠡᠭᠦᠦ ᠨᠡᠢᠭᠡᠮ ᠵᠢᠷᠤᠮᠲᠤ ᠣᠷᠣᠨ ᠤ᠋ ᠲᠤᠰᠠᠯᠠᠮᠵᠢ ᠪᠠᠷ ᠨᠡᠬᠡᠢ ᠶ᠋ᠢ ᠦᠢᠯᠡᠳᠪᠦᠷᠢ ᠶ᠋ᠢᠨ ᠠᠷᠭ᠎ᠠ ᠪᠠᠷ ᠪᠣᠯᠪᠠᠰᠤᠷᠠᠭᠤᠯᠵᠤ ᠲᠥᠷᠥᠯ ᠪᠦᠷᠢ ᠶ᠋ᠢᠨ ᠪᠣᠯᠪᠠᠰᠤᠨ ᠬᠤᠪᠴᠠᠰᠤ ᠬᠢᠳᠡᠭ ᠨᠢ ᠲᠤᠰ ᠤᠯᠤᠰ ᠤ᠋ᠨ ᠬᠥᠮᠦᠨ ᠠᠷᠠᠳ ᠤ᠋ᠨ ᠠᠵᠤ ᠠᠮᠢᠳᠤᠷᠠᠯ ᠡᠷᠡᠭᠦᠯ ᠠᠬᠤᠢ ᠳ᠋ᠤ᠌ ᠨᠥᠯᠥᠭᠡ ᠪᠦᠬᠦᠢ ᠬᠦᠴᠦᠷᠬᠡᠭ ᠲᠣᠮᠣ ᠦᠢᠯᠡᠳᠪᠦᠷᠢ ᠲᠡᠢ ᠪᠣᠯᠤᠯ᠎ᠠ᠃
ᠣᠷᠴᠢᠨ ᠦᠶ᠎ᠡ ᠳ᠋ᠦ᠍ ᠣᠷᠣᠨ ᠨᠤᠲᠤᠭ ᠤ᠋ᠨ ᠨᠢᠭᠡᠳᠦᠯ ᠳᠤᠮᠳᠠ ᠶ᠋ᠢᠨ ᠦᠢᠯᠡᠳᠪᠦᠷᠢ ᠨᠦ᠍ᠭᠦᠳ ᠢ᠋ ᠲᠦᠰᠢᠭᠯᠡᠨ ᠣᠷᠣᠨ ᠨᠤᠲᠤᠭ ᠤ᠋ᠨ ᠪᠣᠯᠤᠯᠴᠠᠭ᠎ᠠ ᠶ᠋ᠢ ᠠᠰᠢᠭᠯᠠᠨ ᠮᠠᠯ ᠤ᠋ᠨ ᠠᠷᠠᠰᠤ ᠰᠢᠷᠢ ᠶ᠋ᠢ ᠪᠣᠯᠪᠠᠰᠤᠷᠠᠭᠤᠯᠵᠤ ᠲᠥᠷᠥᠯ ᠪᠦᠷᠢ ᠶ᠋ᠢᠨ ᠳᠡᠪᠡᠯ ᠬᠠᠨᠲᠠᠭᠠᠵᠠ᠂ ᠮᠠᠯᠠᠭᠠᠢ᠂ ᠪᠡᠭᠡᠯᠡᠢ ᠬᠢᠵᠦ ᠪᠠᠢᠨ᠎ᠠ᠃ ᠭᠡᠪᠡᠴᠦ ᠲᠤᠰ ᠣᠷᠣᠨ ᠳ᠋ᠤ᠌ ᠪᠠᠢᠭ᠎ᠠ ᠨᠥᠭᠡᠴᠡ ᠪᠣᠯᠤᠯᠴᠠᠭ᠎ᠠ ᠶ᠋ᠢ ᠠᠰᠢᠭᠯᠠᠨ ᠠᠮᠢᠨ ᠤ᠋ ᠠᠵᠤ ᠠᠬᠤᠢ ᠠ᠋ᠴᠠ ᠭᠠᠷᠤᠭᠰᠠᠨ ᠮᠠᠯ ᠤ᠋ᠨ ᠠᠷᠠᠰᠤ ᠨᠡᠬᠡᠢ ᠶ᠋ᠢ ᠪᠣᠯᠪᠠᠰᠤᠷᠠᠭᠤᠯᠤᠨ ᠡᠯᠳᠡᠵᠦ ᠠᠵᠢᠯ ᠲᠥᠷᠥᠯ ᠦ᠋ᠨ ᠢ᠋ᠶ᠋ᠡᠨ ᠣᠨᠴᠠᠯᠢᠭ ᠲᠤ ᠲᠣᠬᠢᠷᠠᠭᠤᠯᠤᠨ ᠡᠯᠳᠡᠪ ᠬᠤᠪᠴᠠᠰᠤ ᠡᠳ᠋ᠯᠡᠯ ᠬᠢᠬᠦ ᠨᠢ ᠡᠳ᠋ ᠦ᠋ᠨ ᠵᠠᠰᠠᠭ ᠤ᠋ᠨ ᠠᠴᠢ ᠬᠣᠯᠪᠣᠭᠳᠠᠯ ᠲᠠᠢ ᠪᠢᠯᠡ᠃
ᠨᠡᠬᠡᠢ ᠳᠡᠪᠡᠯ ᠢ᠋ ᠥᠩᠭᠡ ᠲᠡᠢ᠂ ᠥᠩᠭᠡ ᠦᠭᠡᠢ ᠬᠣᠶᠠᠷ ᠶᠠᠩᠵᠤ ᠪᠠᠷ ᠬᠢᠨ᠎ᠡ᠃ ᠥᠩᠭᠡ ᠦᠭᠡᠢ ᠨᠡᠬᠡᠢ ᠳᠡᠪᠡᠯ ᠬᠢᠬᠦ ᠶ᠋ᠢᠨ ᠲᠤᠯᠠᠳᠠ ᠠᠷᠠᠰᠤᠨ ᠤ᠋ ᠥᠩᠭᠡ᠂ ᠦᠰᠦ᠂ ᠵᠢᠭᠳᠡ ᠪᠠᠢᠬᠤ ᠶ᠋ᠢᠨ ᠵᠡᠷᠭᠡᠴᠡᠭᠡ ᠰᠤᠭᠤ᠂ ᠴᠠᠪᠢ ᠶ᠋ᠢᠨ ᠨᠢᠮᠭᠡᠨ ᠬᠡᠰᠡᠭ ᠢ᠋ ᠠᠪᠴᠤ ᠦᠰᠦᠨ ᠦ᠌ ᠰᠢᠷᠬᠡᠭ ᠳᠠᠭᠠᠤ ᠥᠭᠡᠷ᠎ᠡ ᠠᠷᠠᠰᠤ ᠣᠷᠣᠭᠤᠯᠤᠨ᠎ᠠ᠃ ᠡᠨᠡ ᠣᠷᠣᠭᠤᠯᠬᠤ ᠠᠷᠠᠰᠤᠨ ᠤ᠋ ᠵᠦᠢᠳᠡᠯ ᠢ᠋ ᠢᠯᠡ ᠭᠠᠷᠭᠠᠵᠤ ᠪᠣᠯᠬᠤ ᠦᠭᠡᠢ᠃ ᠪᠣᠯᠪᠠᠰᠤᠨ ᠳᠡᠪᠡᠯ ᠬᠢᠶ᠎ᠡ ᠭᠡᠪᠡᠯ ᠦᠢᠯᠡᠳᠪᠦᠷᠢ ᠶ᠋ᠢᠨ ᠠᠷᠭ᠎ᠠ ᠪᠠᠷ ᠡᠰᠬᠡᠨ᠎ᠡ᠃ ᠮᠣᠩᠭᠣᠯ ᠳᠡᠪᠡᠯ ᠬᠢᠬᠦ ᠳ᠋ᠦ᠍ ᠤᠷᠢᠳᠠᠪᠡᠷ ᠠᠷᠠᠰᠤ ᠪᠠᠨ ᠭᠤᠲᠤ᠂ ᠬᠦᠵᠦᠭᠦᠦ ᠵᠡᠷᠭᠡ ᠶ᠋ᠢ ᠠᠪᠴᠤ ᠳᠥᠷᠪᠡᠯᠵᠢᠯᠡᠨᠡ᠃ ᠳᠠᠷᠠᠭ᠎ᠠ ᠨᠢ ᠵᠦᠢᠵᠦ ᠣᠶᠤᠨ ᠦ ᠶ᠋ᠢ ᠠᠪᠴᠤ ᠳᠡᠪᠡᠯ ᠦ᠋ᠨ ᠬᠡᠯᠪᠡᠷᠢ ᠵᠠᠭᠪᠤᠷ ᠲᠤ ᠣᠷᠣᠭᠤᠯᠤᠨ᠎ᠠ᠃ ᠬᠠᠲᠠᠭᠤᠪᠲᠤᠷ ᠪᠤᠶᠤ ᠵᠤᠵᠠᠭᠠᠨ ᠦᠰᠦ ᠲᠡᠢ ᠳᠡᠪᠡᠯ ᠦ᠋ᠨ ᠥᠩᠭᠡᠨ ᠳ᠋ᠦ᠍ ᠨᠢᠮᠭᠡᠨ ᠲᠣᠷᠭ᠎ᠠ ᠵᠣᠬᠢᠮᠵᠢ ᠦᠭᠡᠢ᠂ ᠵᠤᠵᠠᠭᠠᠪᠲᠤᠷ ᠮᠠᠲ᠋ᠧᠷᠢᠶᠠᠯ ᠪᠠᠢᠪᠠᠯ ᠦᠷᠴᠢᠢᠬᠦ ᠦᠭᠡᠢ ᠳᠣᠲᠣᠷ ᠲᠠᠢ ᠪᠠᠨ ᠰᠠᠢᠨ ᠵᠣᠬᠢᠴᠠᠨ᠎ᠠ᠃ ᠰᠡᠭᠰᠡᠭᠦᠷᠭᠡ᠂ ᠬᠤᠷᠠᠭ᠎ᠠ᠂ ᠢᠰᠢᠭᠡ ᠶ᠋ᠢᠨ ᠠᠷᠠᠰᠤ ᠪᠠᠷ ᠳᠡᠪᠡᠯ ᠬᠢᠬᠦ ᠳ᠋ᠡᠭᠡᠨ ᠬᠡᠭᠡᠯ᠂ ᠬᠦᠵᠦᠭᠦᠦ ᠭᠣᠳᠣ ᠶ᠋ᠢ ᠠᠪᠴᠤ ᠳᠥᠷᠪᠡᠯᠵᠢᠨ ᠵᠦᠢᠵᠦ ᠣᠶᠣᠭᠠᠳ ᠣᠶᠣᠭᠠᠰᠤ ᠶ᠋ᠢ ᠪᠠᠭ᠎ᠠ ᠵᠡᠷᠭᠡ ᠲᠠᠲᠠᠵᠤ ᠲᠡᠨᠢᠢᠯᠭᠡᠭᠡᠳ ᠥᠩᠭᠡ ᠪᠡᠨ ᠣᠶᠣᠵᠤ ᠬᠠᠪᠰᠤᠷᠤᠨ᠎ᠠ᠃ ᠰᠡᠭᠰᠡᠭᠦᠷᠭᠡ ᠪᠤᠶᠤ ᠬᠤᠷᠠᠭᠠᠨ ᠳᠣᠲᠣᠷ ᠢ᠋ ᠡᠩᠨᠡᠬᠦ ᠳ᠋ᠡᠭᠡᠨ ᠦᠰᠦ ᠬᠥᠷᠥᠰᠥ ᠶ᠋ᠢ ᠲᠡᠩᠴᠡᠭᠦᠯᠬᠦ ᠪᠠ ᠬᠡᠭᠡᠯ ᠢ᠋ ᠤᠬᠤᠵᠤ ᠠᠪᠤᠭᠠᠳ ᠲᠡᠭᠦᠨ ᠳ᠋ᠦ᠍ ᠣᠷᠣᠭᠤᠯᠬᠤ ᠠᠷᠠᠰᠤ ᠪᠠᠨ ᠲᠣᠮᠣ ᠠᠷᠠᠰᠤᠨ ᠤ᠋ ᠪᠠᠨ ᠦᠰᠦ ᠲᠡᠢ ᠶᠠᠭ ᠲᠣᠬᠢᠷᠠᠭᠤᠯᠵᠤ ᠰᠢᠷᠬᠡᠭ ᠦ᠋ᠨ ᠳᠠᠭᠠᠤ ᠣᠷᠣᠭᠤᠯᠤᠨ᠎ᠠ᠃
ᠬᠤᠷᠠᠭ᠎ᠠ᠂ ᠰᠡᠭᠰᠡᠭᠦᠷᠭᠡ ᠶ᠋ᠢ ᠣᠭᠲᠣᠯᠬᠤ ᠳ᠋ᠠᠭᠠᠨ ᠬᠣᠶᠠᠷ ᠬᠤᠷᠤᠭᠤᠨ ᠤ᠋ ᠵᠢᠵᠢᠭ ᠬᠠᠢᠴᠢ ᠪᠠᠷ ᠦᠰᠦᠨ ᠳ᠋ᠦ᠍ ᠬᠦᠷᠭᠡᠯ ᠦᠭᠡᠢ ᠵᠥᠪᠬᠡᠨ ᠬᠥᠷᠥᠰᠥ ᠶ᠋ᠢ ᠵᠦᠰᠦᠨ᠎ᠡ᠃ ᠨᠠᠷᠢᠨ ᠬᠤᠷᠠᠭᠠᠨ ᠳᠣᠲᠣᠷ ᠢ᠋ ᠡᠩᠨᠡᠬᠦ ᠳ᠋ᠡᠭᠡᠨ ᠣᠭᠲᠣᠯᠬᠤ ᠭᠠᠵᠠᠷ ᠢ᠋ᠶ᠋ᠠᠨ ᠱᠤᠭᠤᠮ ᠲᠠᠯᠪᠢᠵᠤ ᠵᠢᠷᠤᠭᠠᠳ ᠵᠢᠷᠤᠭᠠᠰᠤ ᠪᠠᠷ ᠰᠠᠬᠠᠯ ᠤ᠋ᠨ ᠬᠢᠲᠤᠭ᠎ᠠ ᠪᠠᠷ ᠵᠦᠰᠦᠪᠡᠯ ᠦᠰᠦ ᠭᠡᠮᠲᠦᠬᠦ ᠦᠭᠡᠢ᠃ ᠰᠠᠬᠠᠯ ᠤ᠋ᠨ ᠬᠢᠲᠤᠭ᠎ᠠ ᠶ᠋ᠢ ᠭᠠᠷ ᠲᠤ ᠡᠪᠲᠡᠢ ᠪᠣᠯᠭᠠᠬᠤ ᠶ᠋ᠢᠨ ᠲᠤᠯᠠᠳᠠ ᠤᠢᠰᠤᠨ ᠪᠥᠭᠯᠡᠭᠡᠨ ᠳ᠋ᠦ᠍ ᠰᠠᠭᠤᠯᠭᠠᠵᠤ ᠪᠥᠭᠯᠡᠭᠡᠨ ᠡᠴᠡ ᠪᠠᠷᠢᠵᠤ ᠵᠦᠰᠦᠪᠡᠯ ᠭᠠᠷ ᠡᠰᠬᠡᠬᠦ ᠦᠭᠡᠢ ᠪᠥᠭᠡᠳ ᠬᠢᠲᠤᠭ᠎ᠠ ᠲᠤᠶᠠᠯᠵᠠᠬᠤ ᠦᠭᠡᠢ ᠰᠠᠢᠨ ᠵᠦᠰᠦᠨ᠎ᠡ᠃ ᠨᠡᠬᠡᠢ ᠶ᠋ᠢ ᠡᠩᠨᠡᠬᠦ ᠳ᠋ᠡᠭᠡᠨ ᠵᠣᠭᠳᠣᠷ ᠲᠠᠢ ᠬᠣᠯᠢᠵᠤ ᠡᠭᠡᠷᠡᠵᠦ ᠨᠡᠢᠳᠬᠡᠭᠰᠡᠨ( ᠡᠷᠴᠢᠯᠡᠭᠰᠡᠨ) ᠨᠠᠷᠢᠨ ᠲᠡᠮᠡᠭᠡᠨ ᠦ᠌ ᠨᠣᠣᠰᠣᠨ ᠤᠲᠠᠰᠤ ᠪᠠᠷ ᠣᠶᠣᠬᠤ ᠪᠠ ᠬᠠᠷᠢᠨ ᠰᠡᠭᠰᠡᠭᠦᠷᠭᠡ᠂ ᠬᠤᠷᠠᠭ᠎ᠠ᠂ ᠢᠰᠢᠭᠡᠨ ᠦ᠌ ᠠᠷᠠᠰᠤ ᠶ᠋ᠢ ᠪᠣᠯ ᠵᠥᠭᠡᠯᠡᠨ ᠬᠥᠪᠥᠩ ᠴᠠᠭᠠᠨ ᠤᠲᠠᠰᠤ ᠪᠤᠶᠤ ᠲᠣᠷᠭᠠᠨ ᠮᠢᠨᠳᠠᠰᠤᠨ ᠤᠲᠠᠰᠤ ᠪᠠᠷ ᠬᠦᠪᠦᠷᠢᠳᠦᠨ ᠣᠶᠣᠨ᠎ᠠ᠃
ᠦᠰᠦᠭ ᠠᠮᠢᠯᠠᠭᠤᠯᠤᠭᠴᠢ᠄ ᠣᠶᠤᠨᠪᠠᠲᠤ᠂ ᠡᠷᠳᠡᠨᠢᠭᠣᠤ᠎ᠠ᠂ ᠱᠠᠭᠰᠠᠯ᠂ ᠥᠯᠵᠡᠢᠪᠠᠭᠠᠲᠤᠷ
ᠬᠢᠨᠠᠭᠴᠢ᠄ ᠰᠡᠬᠡᠭᠡᠷᠡᠯ᠂ ᠣᠳᠬᠠᠨᠰᠣ᠎ᠠ
