ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠳᠥᠷᠪᠡᠳᠦᠭᠡᠷ ᠪᠦᠯᠦᠭ ᠠᠷᠠᠰᠤ ᠰᠢᠷᠢ ᠶ᠋ᠢᠨ ᠡᠳ᠋ᠯᠡᠯ ᠬᠢᠬᠦ ᠤᠷᠠᠯᠠᠯ02ᠮᠣᠩᠭᠣᠯ ᠦᠨᠳᠦᠰᠦᠲᠡᠨ ᠦ᠌ ᠭᠤᠲᠤᠯ
ᠮᠣᠩᠭᠣᠯ ᠦᠨᠳᠦᠰᠦᠲᠡᠨ ᠦ᠌ ᠭᠤᠲᠤᠯ
ᠭᠤᠲᠤᠯ ᠵᠥᠪᠯᠡᠯᠲᠦ ᠬᠣᠯᠪᠣᠭᠠᠲᠤ ᠤᠯᠤᠰ ᠤ᠋ᠨ ᠨᠡᠷᠡᠲᠦ ᠰᠡᠳᠬᠦᠯᠴᠢ ᠵᠣᠬᠢᠶᠠᠯᠴᠢ ᠮ· ᠦ᠋ᠨ· ᠸᠠᠰᠢᠯᠧᠧᠨ《ᠬᠥᠮᠦᠨ ᠪᠠ ᠠᠳᠤᠭᠤᠰᠤ》 ᠭᠡᠳᠡᠭ ᠠᠯᠳᠠᠷᠲᠤ ᠵᠣᠬᠢᠶᠠᠯ ᠳ᠋ᠠᠭᠠᠨ ᠬᠥᠮᠦᠨ ᠬᠤᠪᠴᠠᠰᠤ ᠡᠮᠦᠰᠬᠦ ᠪᠣᠯᠤᠭᠰᠠᠨ ᠴᠠᠭ ᠠ᠋ᠴᠠ ᠪᠠᠨ ᠪᠠᠰᠠ ᠭᠤᠲᠤᠯ ᠠᠩᠬ᠎ᠠ ᠡᠮᠦᠰᠳᠡᠭ ᠪᠣᠯᠵᠠᠢ᠃ ᠲᠡᠷᠡ ᠦᠶ᠎ᠡ ᠶ᠋ᠢᠨ ᠭᠤᠲᠤᠯ ᠠᠩᠬ᠎ᠠ ᠰᠫᠡᠯᠴᠣᠳ ᠲᠠᠢ ᠲᠠᠭᠠᠷᠠᠯᠳᠤᠭᠰᠠᠨ ᠵᠠᠷᠢᠮ ᠣᠪᠣᠭ ᠤ᠋ᠨ ᠬᠢᠨ ᠬᠥᠯ ᠳ᠋ᠡᠭᠡᠨ ᠰᠢᠷᠢ ᠴᠢᠭ ᠢ᠋ᠶ᠋ᠡᠷ ᠨᠢ ᠬᠣᠷᠴᠡᠢᠯᠭᠠᠨ ᠬᠠᠲᠠᠭᠠᠭᠰᠠᠨ ᠲᠠᠢ ᠯᠠ ᠲᠥᠰᠲᠡᠢ ᠪᠠᠢᠭᠰᠠᠨ ᠪᠠᠢᠵᠤ ᠲᠠᠭᠠᠷᠠᠨ᠎ᠠ ᠪᠠᠢᠬ᠎ᠠ᠃ ᠡᠮᠦᠨᠡᠲᠦ ᠠᠮᠧᠷᠢᠺᠠ ᠶ᠋ᠢᠨ ᠬᠢᠨ ᠠᠮᠢᠲᠠᠨ ᠤ᠋ ᠠᠷᠠᠰᠤ ᠶ᠋ᠢ ᠨᠣᠢᠲᠠᠨ ᠢ᠋ᠶ᠋ᠠᠷ ᠨᠢ ᠦᠰᠦ ᠶ᠋ᠢ ᠬᠤᠰᠤᠵᠤ ᠳᠣᠲᠣᠭᠰᠢ ᠬᠠᠷᠠᠭᠤᠯᠤᠨ ᠬᠥᠯ ᠳ᠋ᠡᠭᠡᠨ ᠬᠡᠪᠯᠡᠵᠦ ᠬᠥᠷᠥᠰᠥ ᠶ᠋ᠢ ᠨᠢ ᠭᠠᠯ ᠳ᠋ᠤ᠌ ᠡᠭᠡᠭᠡᠵᠦ ᠬᠠᠲᠠᠭᠠᠳᠠᠭ ᠪᠠᠢᠭᠰᠠᠨ ᠲᠤᠬᠠᠢ ᠳᠤᠷᠠᠳᠴᠠᠢ᠃ ᠳᠡᠭᠡᠷ᠎ᠡ ᠦᠶ᠎ᠡ ᠡᠴᠡ ᠬᠡᠷᠡᠭᠯᠡᠵᠦ ᠢᠷᠡᠭᠰᠡᠨ ᠥᠭᠡᠷ᠎ᠡ ᠨᠢᠭᠡ ᠭᠤᠲᠤᠯ ᠪᠣᠯ ᠢᠰᠡᠭᠡᠢ ᠭᠤᠲᠤᠯ ᠪᠥᠭᠡᠳ ᠡᠭᠦᠨ ᠢ᠋ ᠬᠢᠬᠦ ᠳ᠋ᠡᠭᠡᠨ ᠮᠠᠯ ᠤ᠋ᠨ ᠨᠣᠣᠰᠣ ᠶ᠋ᠢ ᠵᠡᠭᠡᠭᠡᠭᠰᠡᠨ ᠰᠠᠢᠨ ᠰᠢᠷᠢᠯᠳᠦᠭᠦᠯᠵᠦ ᠬᠢᠳᠡᠭ᠃ ᠬᠥᠯ ᠳ᠋ᠦ᠍ ᠳᠤᠯᠠᠭᠠᠨ᠂ ᠲᠣᠬᠢᠷᠠᠮᠵᠢᠲᠠᠢ ᠲᠤᠯᠠ ᠣᠳᠣ ᠴᠤ ᠭᠡᠰᠡᠨ ᠬᠡᠷᠡᠭᠯᠡᠵᠦ ᠪᠠᠢᠨ᠎ᠠ᠃ ᠭᠤᠲᠤᠯ ᠢ᠋ ᠵᠥᠪᠬᠡᠨ ᠮᠠᠯ ᠤ᠋ᠨ ᠠᠷᠠᠰᠤ ᠦᠰᠦ᠂ ᠤᠷᠭᠤᠮᠠᠯ ᠤ᠋ᠨ ᠭᠠᠷᠤᠯ ᠲᠠᠢ ᠵᠦᠢᠯ ᠢ᠋ᠶ᠋ᠡᠷ ᠬᠢᠬᠦ ᠡᠴᠡ ᠭᠠᠳᠠᠨ᠎ᠠ ᠵᠠᠷᠢᠮ ᠣᠷᠣᠨ ᠳ᠋ᠤ᠌ ᠭᠡᠷ ᠦ᠋ᠨ ᠱᠠᠬᠠᠢ ᠶ᠋ᠢ ᠭᠦᠵᠡᠭᠡ᠂ ᠰᠠᠷᠬᠢᠨᠠᠭ ᠢ᠋ᠶ᠋ᠠᠷ ᠬᠦᠷᠲᠡᠯ᠎ᠡ ᠬᠢᠳᠡᠭ᠃ ᠢᠰᠫᠠᠨᠢ ᠶ᠋ᠢᠨ ᠲᠠᠷᠢᠶᠠᠴᠢᠳ ᠣᠳᠣ ᠭᠡᠰᠡᠨ ᠳᠠᠷᠠᠰᠤ ᠪᠠᠷ ᠰᠦᠯᠵᠢᠭᠰᠡᠨ ᠠᠯᠢᠫᠠᠷᠭᠠᠨᠠᠰ ᠭᠡᠳᠡᠭ ᠭᠤᠲᠤᠯ ᠡᠮᠦᠰᠳᠡᠭ᠃ ᠡᠷᠲᠡᠨ ᠦ᠌ ᠭᠷᠧᠭ ᠦ᠋ᠳ ᠮᠣᠳᠣ ᠢᠯᠴᠦᠦ ᠪᠡᠷ ᠭᠤᠲᠤᠯ ᠬᠢᠵᠦ ᠬᠠᠴᠢᠨ ᠴᠠᠮᠢᠨ ᠤᠶᠠᠵᠤ ᠲᠣᠭᠲᠠᠭᠠᠳᠠᠭ ᠪᠠᠢᠵᠠᠢ᠃
ᠳᠡᠯᠡᠬᠡᠢ ᠶ᠋ᠢᠨ ᠬᠥᠮᠦᠨ ᠦ᠌ ᠬᠤᠪᠴᠠᠰᠤ ᠬᠡᠷᠡᠭᠯᠡᠯ ᠥᠭᠡᠷ᠎ᠡ ᠥᠭᠡᠷ᠎ᠡ ᠣᠯᠠᠨ ᠶᠠᠩᠵᠤ ᠶ᠋ᠢᠨ ᠬᠡᠯᠪᠡᠷᠢ ᠲᠡᠢ ᠪᠠᠢᠳᠠᠭ ᠰᠢᠭ᠋ ᠭᠤᠲᠤᠯ ᠮᠥᠨ ᠣᠯᠠᠨ ᠶᠠᠩᠵᠤ ᠶ᠋ᠢᠨ ᠬᠡᠯᠪᠡᠷᠢ ᠲᠡᠢ ᠠᠵᠢ᠃ ᠰᠡᠭᠦᠯ ᠦ᠋ᠨ100 ᠵᠢᠯ ᠳ᠋ᠦ᠍ ᠠᠰᠤᠷᠤ ᠶᠡᠬᠡ ᠥᠭᠡᠷᠡᠴᠢᠯᠡᠭᠳᠡᠵᠡᠢ᠃ ᠶᠠᠫᠣᠨ ᠳ᠋ᠤ᠌ ᠣᠯᠠᠨ ᠳ᠋ᠠᠭᠠᠨ ᠬᠣᠶᠠᠷ ᠵᠢᠵᠢᠭ ᠬᠥᠯ ᠲᠡᠢ ᠰᠢᠷᠡᠭᠡ ᠰᠢᠭ ᠬᠡᠯᠪᠡᠷᠢ ᠲᠡᠢ ᠭᠤᠲᠤᠯ ᠡᠮᠦᠰᠳᠡᠭ ᠪᠠᠢᠭᠰᠠᠨ ᠤ᠋ ᠭᠠᠳᠠᠨ᠎ᠠ ᠭᠤᠲᠤᠯ ᠤ᠋ᠨ ᠬᠣᠩᠰᠢᠶᠠᠷ ᠨᠢᠭᠡ ᠦᠶ᠎ᠡ ᠤᠷᠲᠤ ᠨᠠᠷᠢᠨ ᠪᠣᠯᠵᠤ᠂ ᠲᠤᠰᠬᠠᠢ ᠣᠭᠣᠰᠣᠷ ᠢ᠋ᠶ᠋ᠠᠷ ᠪᠥᠰᠡᠨ ᠳ᠋ᠦ᠍ ᠤᠶᠠᠵᠤ ᠲᠣᠭᠲᠠᠭᠠᠳᠠᠭ᠂ ᠵᠠᠷᠢᠮ ᠦᠶ᠎ᠡ ᠳ᠋ᠦ᠍ ᠴᠠᠪᠴᠢᠵᠤ ᠬᠠᠶᠠᠭᠰᠠᠨ ᠶᠤᠮ ᠰᠢᠭ᠋ ᠳᠥᠷᠪᠡᠯᠵᠢᠨ ᠬᠣᠩᠰᠢᠶᠠᠷ ᠲᠠᠢ᠂ ᠮᠥᠨ ᠰᠤᠪᠤᠳ ᠢ᠋ᠶ᠋ᠠᠷ ᠬᠡ ᠲᠠᠯᠪᠢᠵᠤ ᠭᠤᠶᠤᠳᠠᠭ ᠪᠠᠢᠭᠰᠠᠨ ᠦᠶ᠎ᠡ ᠴᠤ ᠪᠠᠢᠵᠠᠢ᠃ ᠠᠯᠢ ᠨᠢ ᠪᠣᠯᠪᠠᠴᠤ ᠦᠭᠡᠢᠰᠬᠡᠵᠦ ᠠᠯᠠᠭ᠎ᠠ ᠪᠣᠯᠤᠭ᠎ᠠ ᠦᠭᠡᠢ ᠥᠨᠥ ᠬᠢᠷᠢ ᠨᠢ ᠣᠯᠠᠨ ᠶᠠᠩᠵᠤ ᠶ᠋ᠢᠨ ᠬᠡᠯᠪᠡᠷᠢ ᠵᠠᠭᠪᠤᠷ ᠲᠠᠢ ᠬᠡᠪ ᠢ᠋ᠶ᠋ᠡᠷ ᠪᠠᠢᠨ᠎ᠠ᠃
ᠬᠠᠷᠢᠨ ᠢᠷᠡᠭᠡᠳᠦᠢ ᠳ᠋ᠦ᠍ ᠶᠠᠮᠠᠷ ᠭᠤᠲᠤᠯ ᠲᠠᠢ ᠪᠣᠯᠬᠤ ᠶ᠋ᠢ ᠣᠳᠣ ᠪᠦᠷ ᠮᠡᠳᠡᠬᠦ ᠳ᠋ᠦ᠍ ᠪᠡᠷᠬᠡ᠃ ᠶᠠᠭᠤ ᠴᠤ ᠭᠡᠰᠡᠨ ᠡᠨᠡ ᠵᠠᠭᠤᠨ ᠳ᠋ᠤ᠌ ᠮᠢᠨᠦ᠋ᠲ ᠲᠦ᠍ ᠬᠣᠣᠰ ᠭᠤᠲᠤᠯ ᠦᠢᠯᠡᠳᠪᠦᠷᠢᠯᠡᠵᠦ ᠡᠬᠢᠯᠡᠯ᠎ᠡ᠃ ᠬᠥᠮᠦᠨ ᠲᠥᠷᠥᠯᠬᠢᠲᠡᠨ ᠦ᠌ ᠳᠡᠭᠡᠷ᠎ᠡ ᠳᠤᠷᠠᠳᠤᠭᠰᠠᠨ ᠡᠷᠲᠡ ᠦᠶ᠎ᠡ ᠶ᠋ᠢᠨ ᠭᠤᠲᠤᠯ ᠠᠳᠠᠯᠢ ᠪᠣᠯᠪᠠᠰᠤᠷᠠᠩᠭᠤᠢ ᠨᠣᠢᠲᠠᠨ ᠰᠢᠷᠢ ᠬᠡᠷᠡᠭᠯᠡᠵᠦ ᠪᠠᠢᠭᠰᠠᠨ ᠭᠡᠷᠡᠴᠢ ᠮᠣᠩᠭᠣᠯ ᠣᠪᠣᠭᠲᠠᠨ ᠤ᠋ ᠳᠣᠲᠣᠷ᠎ᠠ ᠬᠣᠵᠢᠭᠤ ᠦᠶ᠎ᠡ ᠳ᠋ᠦ᠍ ᠴᠤ ᠪᠠᠢᠵᠠᠢ᠃ ᠡᠨᠡ ᠭᠤᠲᠤᠯ ᠢ᠋ ᠮᠣᠩᠭᠣᠯᠴᠤᠳ ᠫᠠᠭᠠᠷᠲ᠋ᠢᠭ ᠭᠡᠵᠦ ᠨᠡᠷᠡᠯᠡᠳᠡᠭ ᠪᠠᠢᠭᠰᠠᠨ ᠤ᠋ ᠭᠠᠳᠠᠨ᠎ᠠ ᠬᠢᠴᠡ ᠶ᠋ᠢᠨ ᠬᠤᠪᠢ ᠳ᠋ᠤ᠌ ᠨᠠᠭᠠᠬᠤ ᠪᠢᠰᠢ ᠬᠥᠯ ᠢ᠋ᠶ᠋ᠡᠨ ᠲᠠᠭᠠᠷᠠᠭᠤᠯᠤᠨ ᠨᠦᠬᠡᠯᠡᠨ ᠦᠳᠡᠭᠡᠷᠢ ᠪᠡᠷ ᠦᠳᠡᠳᠡᠭ ᠪᠠᠢᠭᠰᠠᠨ ᠨᠢ ᠲᠣᠷᠭᠤᠳ ᠦᠨᠳᠦᠰᠦᠲᠡᠨ ᠦ᠌ ᠲᠣᠣᠬᠦᠦ ᠭᠤᠲᠤᠯ ᠳ᠋ᠤ᠌ ᠬᠠᠳᠠᠭᠠᠯᠠᠭᠳᠠᠵᠤ ᠪᠠᠢᠨ᠎ᠠ᠃
ᠳᠡᠯᠡᠬᠡᠢ ᠶ᠋ᠢᠨ ᠪᠣᠯᠤᠨ ᠮᠠᠨ ᠤ᠋ ᠣᠷᠣᠨ ᠤ᠋ ᠬᠥᠮᠦᠨ ᠦ᠌ ᠭᠤᠲᠤᠯ ᠣᠯᠠᠨ ᠶᠠᠩᠵᠤ ᠶ᠋ᠢᠨ ᠬᠡᠯᠪᠡᠷᠢ ᠳᠦᠷᠰᠦ ᠲᠡᠢ ᠶ᠋ᠢᠨ ᠳᠡᠭᠡᠷ᠎ᠡ ᠲᠤᠰ ᠲᠤᠰ ᠤ᠋ᠨ ᠣᠨᠴᠠᠯᠢᠭ ᠲᠤ ᠲᠣᠬᠢᠷᠠᠭᠰᠠᠨ ᠪᠠᠢᠳᠠᠭ᠃ ᠮᠠᠨ ᠤ᠋ ᠣᠷᠣᠨ ᠳ᠋ᠤ᠌ ᠬᠡᠷᠡᠭᠯᠡᠵᠦ ᠢᠷᠡᠭᠰᠡᠨ ᠭᠤᠲᠤᠯ ᠲᠤᠰ ᠣᠷᠣᠨ ᠤ᠋ ᠪᠠᠢᠭᠠᠯᠢ ᠶ᠋ᠢᠨ ᠴᠠᠭ ᠠᠭᠤᠷ ᠤ᠋ᠨ ᠪᠣᠯᠤᠨ ᠨᠡᠭᠦᠳᠡᠯ ᠦ᠋ᠨ ᠮᠠᠯ ᠠᠵᠤ ᠠᠬᠤᠢ ᠶ᠋ᠢᠨ ᠣᠨᠴᠠᠯᠢᠭ ᠲᠤ ᠲᠣᠬᠢᠷᠠᠭᠰᠠᠨ ᠵᠤᠵᠠᠭᠠᠨ᠂ ᠳᠤᠯᠠᠭᠠᠨ ᠭᠤᠲᠤᠯ ᠪᠥᠭᠡᠳ ᠲᠤᠰ ᠣᠷᠣᠨ ᠳ᠋ᠤ᠌ ᠣᠷᠣᠰᠢᠨ ᠰᠠᠭᠤᠭ᠎ᠠ ᠦᠨᠳᠦᠰᠦᠲᠡᠨ ᠦ᠌ ᠭᠤᠲᠤᠯ ᠬᠢᠬᠦ ᠵᠠᠭᠪᠤᠷ ᠬᠢᠭᠰᠡᠨ ᠡᠳ᠋ ᠢ᠋ᠶ᠋ᠡᠷ ᠬᠠᠷᠢᠯᠴᠠᠨ ᠠᠳᠠᠯᠢ ᠦᠭᠡᠢ ᠪᠠᠢᠳᠠᠭ᠃ ᠵᠢᠱ᠌ᠢᠶ᠎ᠡ ᠨᠢ᠄ ᠬᠠᠯᠬ᠎ᠠ ᠶ᠋ᠢᠨ ᠭᠤᠲᠤᠯ ᠡᠭᠡᠳᠡᠩ ᠬᠣᠰᠢᠭᠤ ᠲᠠᠢ ᠠᠭᠤᠵᠢᠮ ᠲᠦᠷᠡᠢ ᠲᠡᠢ ᠶ᠋ᠢᠨ ᠳᠡᠭᠡᠷ᠎ᠡ ᠭᠣᠶᠣᠯ ᠤ᠋ᠨ ᠲᠠᠯ᠎ᠠ ᠪᠠᠷ ᠡᠷᠡᠭᠲᠡᠢ ᠡᠮᠡᠭᠲᠡᠢ ᠬᠥᠮᠦᠨ ᠦ᠌ ᠭᠤᠲᠤᠯ ᠥᠭᠡᠷ᠎ᠡ ᠪᠢᠯᠡ᠃ ᠬᠠᠯᠬ᠎ᠠ ᠶ᠋ᠢᠨ ᠡᠭᠡᠳᠡᠩ ᠭᠤᠲᠤᠯ ᠢ᠋ ᠣᠳᠣ ᠪᠠᠷ ᠨᠡᠢᠲᠡᠯᠢᠭ ᠡᠮᠦᠰᠳᠡᠭ ᠦᠭᠡᠢ ᠪᠣᠯᠪᠠᠴᠤ ᠮᠠᠨ ᠤ᠋ ᠠᠷᠠᠳ ᠤ᠋ᠨ ᠭᠠᠷ ᠤ᠋ᠨ ᠤᠷ᠎ᠠ ᠰᠢᠩᠭᠡᠭᠰᠡᠨ ᠥᠪᠡᠷᠮᠢᠴᠡ ᠤᠷᠠᠯᠢᠭ ᠪᠥᠭᠡᠳ ᠣᠷᠴᠢᠨ ᠦᠶ᠎ᠡ ᠳ᠋ᠦ᠍ ᠡᠷ᠎ᠡ ᠶ᠋ᠢᠨ ᠭᠤᠷᠪᠠᠨ ᠨᠠᠭᠠᠳᠤᠮ ᠤ᠋ᠨ ᠨᠢᠭᠡ ᠪᠣᠯᠬᠤ ᠦᠨᠳᠦᠰᠦᠲᠡᠨ ᠦ᠌ ᠪᠥᠬᠡ ᠶ᠋ᠢᠨ ᠪᠠᠷᠢᠯᠳᠤᠭᠠᠨ ᠳ᠋ᠤ᠌ ᠴᠢᠬᠤᠯᠠᠴᠢᠯᠠᠵᠤ ᠦᠵᠡᠳᠡᠭ ᠬᠤᠪᠴᠠᠰᠤ ᠶᠤᠮ᠃ ᠡᠭᠡᠳᠡᠩ ᠭᠤᠲᠤᠯ ᠪᠠᠷᠢᠯᠳᠤᠬᠤ ᠳ᠋ᠤ᠌ ᠲᠣᠬᠢᠷᠠᠮᠵᠢᠲᠠᠢ ᠶ᠋ᠢᠨ ᠳᠡᠭᠡᠷ᠎ᠡ ᠬᠥᠯ ᠭᠡᠮᠲᠦᠬᠦ ᠬᠤᠭᠤᠯᠬᠤ ᠶ᠋ᠢ ᠬᠠᠮᠠᠭᠠᠯᠠᠵᠤ ᠬᠤᠯᠤᠰᠤ ᠰᠢᠷᠭᠤᠭᠤᠯᠤᠨ ᠪᠣᠭᠣᠳᠠᠭ ᠪᠠᠢᠵᠠᠢ᠃
ᠮᠣᠩᠭᠣᠯ ᠤ᠋ᠨ ᠡᠭᠡᠳᠡᠩ ᠭᠤᠲᠤᠯ ᠪᠥᠬᠡ ᠪᠠᠲᠤ᠂ ᠬᠠᠳᠠ ᠠᠭᠤᠯᠠᠨ ᠳ᠋ᠤ᠌ ᠶᠠᠪᠠᠭᠠᠨ ᠢ᠋ᠶ᠋ᠠᠷ ᠶᠠᠪᠤᠬᠤ ᠳ᠋ᠤ᠌ ᠬᠢᠯᠪᠠᠷ ᠤᠷᠠᠭᠳᠠᠳᠠᠭ ᠦᠭᠡᠢ ᠳᠤᠯᠠᠭᠠᠨ ᠤᠴᠢᠷ ᠮᠠᠨ ᠤ᠋ ᠮᠠᠯᠴᠢᠳ ᠥᠷᠭᠡᠨ ᠬᠡᠷᠡᠭᠯᠡᠵᠦ ᠪᠠᠢᠨ᠎ᠠ᠃ ᠮᠣᠩᠭᠣᠯ ᠭᠤᠲᠤᠯ ᠢ᠋ ᠬᠠᠲᠠᠭᠤ ᠪᠤᠯᠢᠭᠠᠷᠢ ᠪᠠᠷ ᠬᠢᠬᠦ ᠪᠥᠭᠡᠳ ᠦᠢᠯᠡᠳᠪᠦᠷᠢ ᠳ᠋ᠦ᠍ ᠬᠢᠭᠳᠡᠵᠦ ᠪᠠᠢᠭ᠎ᠠ ᠭᠤᠲᠤᠯ ᠬᠡᠪ ᠮᠠᠶᠢᠭ ᠤ᠋ᠨ ᠬᠤᠪᠢ ᠳ᠋ᠤ᠌ ᠰᠠᠢᠵᠢᠷᠠᠵᠤ ᠠᠷᠠᠳ ᠲᠦᠮᠡᠨ ᠦ᠌ ᠥᠷᠭᠡᠨ ᠪᠠᠷᠠᠭᠠᠨ ᠤ᠋ ᠨᠢᠭᠡ ᠪᠣᠯᠵᠤ ᠪᠠᠢᠨ᠎ᠠ᠃ ᠮᠣᠩᠭᠣᠯᠴᠤᠳ ᠭᠤᠲᠤᠯ ᠢ᠋ ᠨᠠᠭᠠᠮᠠᠯ ᠰᠢᠷᠢᠮᠡᠯ ᠪᠤᠶᠤ ᠢᠰᠡᠭᠡᠢ ᠤᠯᠠ ᠲᠠᠢ ᠬᠢᠵᠦ ᠰᠢᠷᠢᠮᠡᠯ ᠤᠯᠠ ᠲᠠᠢ ᠭᠤᠲᠤᠯ ᠢ᠋ ᠵᠤᠨ᠂ ᠢᠰᠡᠭᠡᠢ ᠤᠯᠠ ᠲᠠᠢ ᠭᠤᠲᠤᠯ ᠢ᠋ ᠡᠪᠦᠯ ᠡᠮᠦᠰᠳᠡᠭ᠃
ᠮᠣᠩᠭᠣᠯ ᠭᠤᠲᠤᠯ ᠢ᠋ ᠡᠰᠬᠡᠬᠦ ᠳ᠋ᠡᠭᠡᠨ ᠡᠬᠢᠯᠡᠭᠡᠳ ᠲᠦᠷᠡᠢ ᠶ᠋ᠢ ᠡᠰᠬᠡᠨ᠎ᠡ᠃ ᠳᠠᠷᠠᠭ᠎ᠠ ᠨᠢ ᠲᠡᠭᠦᠨ ᠳ᠋ᠡᠭᠡᠨ ᠲᠣᠬᠢᠷᠠᠭᠤᠯᠵᠤ ᠵᠤᠯᠤᠭ ᠢ᠋ ᠡᠰᠬᠡᠬᠦ ᠪᠠ ᠬᠡ ᠤᠭᠠᠯᠵᠠ ᠲᠠᠯᠪᠢᠬᠤ ᠳ᠋ᠠᠭᠠᠨ ᠱᠠᠭᠠᠢ( ᠱᠠᠭ᠎ᠠ)᠂ ᠵᠤᠯᠤᠭ᠂ ᠥᠰᠥᠭᠡᠢ᠂ ᠥᠯᠮᠡᠢ ᠶ᠋ᠢᠨ ᠬᠡ ᠶ᠋ᠢ ᠲᠤᠰ ᠲᠤᠰ ᠲᠠᠯᠪᠢᠵᠤ ᠲᠦᠷᠡᠢ ᠶ᠋ᠢ ᠡᠮᠵᠢᠵᠦ 1—3 ᠰᠡᠷᠢᠰᠦ ᠬᠠᠪᠴᠢᠨ ᠪᠢᠲᠡᠭᠦᠯᠡᠵᠦ ᠣᠶᠣᠨ᠎ᠠ᠃ ᠰᠡᠷᠢᠰᠦ ᠶ᠋ᠢ ᠬᠣᠶᠠᠷ᠂ ᠭᠤᠷᠪᠠ ᠪᠠᠷ ᠬᠠᠪᠴᠢᠬᠤ ᠳ᠋ᠠᠭᠠᠨ ᠮᠠᠰᠢ ᠲᠡᠭᠰᠢᠬᠡᠨ ᠵᠦᠰᠦᠭᠰᠡᠨ ᠭᠤᠷᠪᠠᠨ ᠰᠡᠷᠢᠰᠦ ᠶ᠋ᠢ ᠴᠠᠭᠠᠨ᠎ᠠ᠂ ᠨᠠᠭᠠᠨ᠎ᠠ ᠬᠠᠵᠠᠭᠠᠢ ᠮᠤᠷᠤᠢ ᠦᠭᠡᠢ ᠵᠢᠭᠳᠡ ᠴᠤᠬᠤᠢᠯᠭᠠᠨ ᠬᠠᠪᠴᠢᠵᠤ ᠵᠡᠭᠦᠦ ᠶ᠋ᠢᠨ ᠰᠢᠪᠦᠭᠡ ᠪᠡᠷ ᠴᠣᠭᠣᠯᠵᠤ ᠲᠡᠷᠡ ᠨᠦᠬᠡ ᠪᠡᠷ ᠢ᠋ᠶ᠋ᠡᠨ ᠰᠢᠷᠪᠥᠰᠥ ᠪᠡᠷ ᠣᠶᠣᠨ᠎ᠠ᠃ ᠢᠩᠭᠢᠵᠦ ᠪᠡᠶ᠎ᠡ ᠶ᠋ᠢ ᠣᠶᠣᠭᠰᠠᠨ ᠤ᠋ ᠳᠠᠷᠠᠭ᠎ᠠ ᠥᠰᠥᠭᠡᠢ ᠳ᠋ᠦ᠍ᠨᠢ ᠬᠠᠲᠠᠭᠤᠯᠢᠭ ᠵᠠᠤᠵᠠᠢ ᠶ᠋ᠢ ᠬᠠᠳᠠᠨ᠎ᠠ᠃ ᠵᠠᠤᠵᠠᠢ ᠶ᠋ᠢ ᠬᠢᠬᠦ ᠳ᠋ᠡᠭᠡᠨ ᠳᠡᠭᠡᠳᠦ ᠲᠠᠯ᠎ᠠ ᠨᠢ ᠳᠤᠭᠤᠢ᠂ ᠳᠣᠭᠣᠭᠰᠢ ᠪᠠᠨ ᠥᠷᠭᠡᠨ ᠡᠰᠬᠡᠵᠦ ᠬᠡᠳᠦ ᠬᠡᠳᠦᠨ ᠳᠠᠪᠤᠤ ᠳᠠᠪᠬᠤᠷᠯᠠᠨ ᠨᠠᠭᠠᠭᠠᠳ ᠲᠡᠭᠦᠨ ᠢ᠋ᠶ᠋ᠡᠨ ᠰᠢᠷᠢᠵᠦ ᠬᠠᠲᠠᠭᠤᠷᠠᠭᠤᠯᠤᠨ ᠵᠠᠬ᠎ᠠ ᠶ᠋ᠢ ᠨᠠᠷᠢᠨ ᠣᠯᠣᠰᠣ ᠪᠠᠷ ᠬᠦᠪᠦᠷᠢᠳᠴᠦ ᠥᠰᠥᠭᠡᠢ ᠳ᠋ᠦ᠍ ᠬᠠᠳᠠᠨ᠎ᠠ᠃
ᠤᠯᠠ ᠬᠢᠬᠦ ᠭᠤᠲᠤᠯ ᠤ᠋ᠨ ᠤᠯᠠ ᠶ᠋ᠢ ᠬᠢᠬᠦ ᠳ᠋ᠡᠭᠡᠨ ᠶᠡᠬᠡ ᠪᠡᠶ᠎ᠡ ᠪᠤᠶᠤ ᠵᠤᠯᠤᠭ ᠤ᠋ᠨ ᠬᠡᠮᠵᠢᠶ᠎ᠡ ᠶ᠋ᠢ ᠠᠪᠴᠤ ᠲᠡᠭᠦᠨ ᠳ᠋ᠡᠭᠡᠨ ᠲᠣᠬᠢᠷᠠᠭᠤᠯᠤᠨ ᠤᠯᠠ ᠶ᠋ᠢ ᠡᠰᠬᠡᠨ᠎ᠡ᠃ ᠬᠡᠷᠪᠡ ᠢᠰᠡᠭᠡᠢ ᠪᠡᠷ ᠤᠯᠠ ᠬᠢᠬᠦ ᠪᠣᠯ1—2 ᠰᠢᠷᠬᠡᠭ ᠤᠯᠠ ᠶ᠋ᠢᠨ ᠵᠠᠭᠪᠤᠷ ᠢ᠋ᠶ᠋ᠠᠨ ᠬᠠᠢᠴᠢᠯᠠᠵᠤ ᠵᠠᠪᠰᠠᠷ ᠨᠢ ᠵᠢᠵᠢᠭ ᠢᠰᠡᠭᠡᠢ ᠬᠠᠪᠴᠢᠭᠤᠯᠤᠨ ᠬᠡᠳᠦ ᠬᠡᠳᠦ ᠳᠠᠪᠬᠤᠷᠯᠠᠨ ᠰᠢᠷᠢᠬᠦ ᠮᠠᠶᠢᠭ ᠢ᠋ᠶ᠋ᠠᠷ ᠣᠶᠣᠨ᠎ᠠ᠃ ᠡᠭᠦᠨ ᠢ᠋ ᠬᠠᠯᠬᠠᠴᠤᠳ ᠤᠯᠠ ᠭᠦᠶᠦᠯᠭᠡᠬᠦ ᠭᠡᠵᠦ ᠶᠠᠷᠢᠳᠠᠭ᠃ ᠤᠯᠠ ᠪᠠᠨ ᠭᠦᠶᠦᠯᠭᠡᠬᠦ ᠶᠠᠪᠤᠴᠠ ᠳ᠋ᠠᠭᠠᠨ ᠳᠣᠲᠣᠭᠰᠢ ᠨᠢ ᠲᠠᠲᠠᠵᠤ ᠣᠶᠣᠳᠠᠯ ᠢ᠋ᠶ᠋ᠠᠷ ᠴᠢᠩᠭᠠᠯᠠᠵᠤ ᠡᠭᠡᠳᠡᠩ ᠤᠯᠠ ᠪᠣᠯᠭᠠᠨ᠎ᠠ᠃ ᠳᠠᠷᠠᠭ᠎ᠠ ᠨᠢ ᠤᠯᠠ ᠶ᠋ᠢᠨ ᠵᠠᠬ᠎ᠠ ᠶ᠋ᠢᠨ ᠦ ᠶ᠋ᠢ ᠬᠠᠯᠠᠭᠤᠨ ᠲᠡᠮᠦᠷ ᠢ᠋ᠶ᠋ᠡᠷ ᠬᠠᠭᠠᠷᠢᠵᠤ ᠨᠢᠭᠡ ᠵᠢᠭᠳᠡ ᠪᠣᠯᠭᠠᠭᠠᠳ ᠲᠡᠭᠦᠨ ᠳ᠋ᠡᠭᠡᠨ ᠴᠠᠭᠠᠨ ᠳᠠᠪᠤᠤ ᠨᠠᠭᠠᠨ᠎ᠠ᠃ ᠢᠩᠭᠢᠵᠦ ᠨᠠᠭᠠᠭᠰᠠᠨ ᠴᠠᠭᠠᠨ ᠳᠠᠪᠤᠤ ᠶ᠋ᠢᠨ ᠢ᠋ᠶ᠋ᠡᠨ ᠳᠡᠭᠡᠳᠦ ᠵᠠᠬ᠎ᠠ ᠪᠠᠷ ᠰᠠᠪᠢᠬᠢ᠂ ᠰᠡᠷᠢᠰᠦ᠂ ᠢᠯᠭᠢ ᠪᠡᠷ ᠬᠡᠦᠬᠡᠨ ᠤᠯᠠ ᠳᠠᠷᠤᠭᠤᠯᠵᠤ ᠣᠶᠣᠨ᠎ᠠ᠃ ᠡᠭᠦᠨ ᠦ᠌ ᠳᠠᠷᠠᠭ᠎ᠠ ᠡᠮᠵᠢᠭᠰᠡᠨ ᠴᠠᠭᠠᠨ ᠳᠠᠪᠤᠤ ᠶ᠋ᠢᠨ ᠳᠡᠭᠡᠭᠦᠷ ᠢ᠋ᠶ᠋ᠡᠨ ᠬᠡᠯᠡᠬᠦ ᠮᠠᠶᠢᠭ ᠢ᠋ᠶ᠋ᠠᠷ3—4 ᠤᠳᠠᠭ᠎ᠠ ᠬᠣᠣᠰ ᠢ᠋ᠶ᠋ᠠᠷ ᠰᠢᠷᠢᠵᠦ ᠣᠶᠣᠨ᠎ᠠ᠃ ᠡᠭᠦᠨ ᠢ᠋ ᠡᠮᠵᠢᠶᠡᠷᠢ ᠲᠠᠭᠤᠴᠠᠬᠤ ᠭᠡᠵᠦ ᠶᠠᠷᠢᠳᠠᠭ᠃
ᠢᠩᠭᠢᠵᠦ ᠪᠡᠯᠡᠨ ᠪᠣᠯᠤᠭᠰᠠᠨ ᠤᠯᠠ ᠳᠡᠭᠡᠷ᠎ᠡ ᠦᠬᠡᠷ᠂ ᠠᠳᠤᠭᠤᠨ ᠤ᠋ ᠨᠣᠢᠲᠠᠨ ᠰᠢᠷᠢ ᠬᠠᠳᠠᠨ᠎ᠠ᠃ ᠰᠢᠷᠢ ᠶ᠋ᠢ ᠤᠰᠤᠨ ᠳ᠋ᠤ᠌ ᠬᠢᠵᠦ ᠳᠡᠪᠲᠦᠭᠡᠭᠡᠳ ᠤᠯᠠ ᠳ᠋ᠤ᠌1—2 ᠬᠤᠷᠤᠭᠤ ᠢᠯᠡᠭᠦᠦ ᠵᠦᠰᠦᠵᠦ ᠤᠯᠠ ᠶ᠋ᠢᠨ ᠢ᠋ᠶ᠋ᠡᠨ ᠬᠣᠰᠢᠭᠤ ᠠ᠋ᠴᠠ ᠡᠬᠢᠯᠡᠨ ᠣᠶᠣᠨ᠎ᠠ᠃ ᠰᠢᠷᠢ ᠬᠠᠲᠠᠬᠤ ᠶ᠋ᠢᠨ ᠲᠤᠯᠠᠳᠠ ᠰᠢᠪᠦᠭᠡ ᠪᠡᠨ ᠳᠣᠣᠷ᠎ᠠ ᠨᠢ ᠲᠠᠯᠪᠢᠭᠠᠳ ᠳᠡᠭᠡᠷ᠎ᠡ ᠡᠴᠡ ᠨᠢ ᠥᠩᠭᠡᠴᠡᠬᠡᠨ ᠵᠢᠵᠢᠭ ᠵᠦᠰᠦᠭᠡᠳ ᠤᠯᠠ ᠲᠠᠢ ᠪᠠᠨ ᠬᠠᠮᠲᠤ ᠴᠣᠭᠣᠯᠵᠤ ᠰᠢᠪᠦᠭᠡᠳᠡᠭᠡᠳ ᠬᠣᠯᠠᠬᠠᠨ ᠵᠠᠢ ᠲᠠᠢ ᠲᠣᠭᠣᠷᠢᠭᠤᠯᠤᠨ ᠣᠯᠣᠰᠣ᠂ ᠦᠬᠡᠷ ᠦ᠋ᠨ ᠬᠢᠯᠭᠠᠰᠤ ᠬᠣᠯᠢᠵᠤ ᠲᠠᠮᠤᠭᠰᠠᠨ ᠤᠯᠠᠯᠠᠭᠠᠨ ᠤᠲᠠᠰᠤ ᠪᠠᠷ ᠣᠶᠣᠵᠤ ᠬᠠᠳᠠᠨ᠎ᠠ᠃ ᠰᠢᠷᠢ ᠶ᠋ᠢ ᠬᠠᠲᠠᠭᠰᠠᠨ ᠤ᠋ ᠳᠠᠷᠠᠭ᠎ᠠ ᠢᠯᠡᠭᠦᠦ ᠰᠢᠷᠢ ᠶ᠋ᠢ ᠭᠤᠲᠤᠯ ᠤ᠋ᠨ ᠤᠯᠠ ᠠ᠋ᠴᠠ ᠴᠦᠳᠡᠨᠵᠡ ᠶ᠋ᠢᠨ ᠮᠣᠳᠣᠨ ᠤ᠋ ᠬᠢᠷᠢ ᠲᠡᠢ ᠢᠯᠡᠭᠦᠦ ᠦᠯᠡᠳᠡᠭᠡᠵᠦ ᠦᠭᠡᠯᠡᠨ᠎ᠡ᠃ ᠢᠩᠭᠢᠵᠦ ᠤᠯᠠ ᠪᠡᠯᠡᠨ ᠪᠣᠯᠣᠮᠠᠭᠴᠠ ᠭᠤᠲᠤᠯ ᠤ᠋ᠨ ᠶᠡᠬᠡ ᠪᠡᠶ᠎ᠡ ᠶ᠋ᠢ ᠵᠠᠯᠭᠠᠨ ᠣᠶᠣᠨ᠎ᠠ᠃
1. ᠰᠢᠷᠢᠮᠡᠯ ᠤᠯᠠ ᠬᠢᠬᠦ ᠬᠠᠯᠬ᠎ᠠ ᠶ᠋ᠢᠨ ᠰᠢᠷᠢᠮᠡᠯ ᠤᠯᠠ ᠶ᠋ᠢ ᠬᠠᠶᠠᠭᠳᠠᠯ ᠠᠰᠢᠭᠯᠠᠵᠤ ᠬᠢᠳᠡᠭ ᠤᠴᠢᠷ ᠭᠠᠳᠠᠨ᠎ᠠ ᠠ᠋ᠴᠠ ᠮᠠᠲ᠋ᠧᠷᠢᠶᠠᠯ ᠬᠠᠢᠬᠤ ᠦᠭᠡᠢ ᠪᠥᠬᠡ ᠪᠠᠲᠤ ᠬᠠᠮᠤᠭ ᠤ᠋ᠨ ᠰᠠᠢᠨ ᠤᠯᠠ ᠪᠥᠭᠡᠳ ᠦᠨᠳᠦᠰᠦᠲᠡᠨ ᠦ᠌ ᠪᠥᠬᠡ ᠶ᠋ᠢᠨ ᠭᠤᠲᠤᠯ ᠳ᠋ᠤ᠌ ᠨᠡᠩ ᠶᠡᠬᠡ ᠲᠣᠬᠢᠷᠠᠮᠵᠢᠲᠠᠢ ᠪᠢᠯᠡ᠃ ᠰᠢᠷᠢᠮᠡᠯ ᠤᠯᠠ ᠶ᠋ᠢ ᠬᠢᠬᠦ ᠳ᠋ᠡᠭᠡᠨ ᠡᠬᠢᠯᠡᠭᠡᠳ ᠭᠤᠲᠤᠯ ᠤ᠋ᠨ ᠶᠡᠬᠡ ᠪᠡᠶ᠎ᠡ ᠳ᠋ᠦ᠍ ᠲᠠᠭᠠᠷᠠᠭᠤᠯᠤᠨ ᠨᠢᠭᠡ ᠳᠠᠩ ᠤᠯᠠ ᠬᠠᠢᠴᠢᠯᠠᠵᠤ1—2 ᠳᠠᠪᠬᠤᠷᠯᠠᠨ ᠳᠠᠪᠤᠤ ᠶ᠋ᠢᠨ ᠳᠡᠭᠡᠷ᠎ᠡ ᠨᠠᠭᠠᠨ᠎ᠠ᠃
ᠵᠢᠷᠤᠭ52
ᠭᠤᠲᠤᠯ ᠤᠯᠠᠯᠠᠬᠤ ᠠᠵᠢᠯᠯᠠᠭ᠎ᠠ
ᠵᠢᠷᠤᠭ53
(1) ᠬᠡᠦᠬᠡᠨ ᠤᠯᠠ ᠰᠠᠭᠤᠯᠭᠠᠵᠤ ᠪᠠᠢᠭ᠎ᠠ ᠪᠠᠢᠳᠠᠯ
(2) ᠡᠭᠦᠳᠡᠯᠡᠨ ᠰᠢᠷᠢᠵᠦ ᠪᠠᠢᠭ᠎ᠠ ᠪᠠᠢᠳᠠᠯ
ᠵᠢᠷᠤᠭ54
(1) ᠬᠠᠯᠬ᠎ᠠ ᠡᠭᠡᠳᠡᠩ ᠭᠤᠲᠤᠯ(12 ᠬᠣᠰᠢᠶᠠᠨ ᠲᠠᠢ)
(2) ᠳᠣᠷᠭᠣᠨ ᠭᠤᠲᠤᠯ
(3) ᠳᠠᠷᠬᠠᠳ᠂ ᠴᠠ ᠲᠠᠨ ᠤ᠋ ᠭᠤᠲᠤᠯ
(4) ᠪᠤᠷᠢᠶᠠᠳ ᠭᠤᠲᠤᠯ


2. ᠤᠭ ᠨᠠᠭᠠᠭᠰᠠᠨ ᠳᠠᠪᠤᠤ ᠪᠠᠨ ᠶᠠᠭ ᠤᠯᠠ ᠶ᠋ᠢᠨ ᠢ᠋ᠶ᠋ᠡᠨ ᠡᠰᠬᠡᠭᠦᠷ ᠲᠦ᠍ ᠲᠠᠭᠠᠷᠠᠭᠤᠯᠤᠨ ᠢᠯᠡᠭᠦᠦ ᠳᠠᠪᠤᠤ ᠶ᠋ᠢ ᠬᠠᠢᠴᠢᠯᠠᠵᠤ ᠴᠠᠭᠠᠨ ᠳᠠᠪᠤᠤ ᠪᠠᠷ ᠵᠠᠬ᠎ᠠ ᠶ᠋ᠢ ᠡᠮᠵᠢᠵᠦ ᠨᠠᠭᠠᠨ᠎ᠠ᠃
3.ᠤᠯᠠ ᠡᠮᠵᠢᠬᠦ ᠳᠠᠪᠤᠤ ᠶ᠋ᠢ ᠲᠡᠭᠰᠢ ᠨᠠᠷᠢᠬᠠᠨ ᠬᠠᠢᠴᠢᠯᠠᠵᠤ ᠲᠡᠭᠦᠨ ᠦ᠌ ᠪᠡᠨ ᠳᠣᠲᠣᠷ᠎ᠠ ᠨᠢᠭᠡ ᠳᠠᠩ ᠴᠠᠪᠤᠭ ᠪᠠᠷᠢᠬᠤ ᠪᠤᠶᠤ ᠣᠭᠲᠣ ᠪᠠᠷᠢᠯ ᠦᠭᠡᠢ ᠤᠷᠲᠤ ᠡᠮᠵᠢᠶᠡᠷᠢ ᠪᠡᠨ ᠳᠠᠪᠬᠤᠷᠯᠠᠨ ᠨᠠᠭᠠᠨ᠎ᠠ᠃ ᠡᠭᠦᠨ ᠢ᠋ ᠪᠡᠨ ᠤᠯᠠ ᠶ᠋ᠢᠨ ᠢ᠋ᠶ᠋ᠡᠨ ᠠᠩᠬᠠᠨ ᠤ᠋ ᠡᠮᠵᠢᠶᠡᠷᠢ ᠳ᠋ᠦ᠍ ᠵᠠᠭᠪᠤᠷ ᠳᠡᠭᠡᠷ᠎ᠡ ᠲᠡᠭᠰᠢᠬᠡᠨ ᠳᠠᠪᠬᠤᠷᠯᠠᠵᠤ ᠨᠠᠭᠠᠭᠠᠳ ᠳᠣᠲᠣᠷ ᠲᠠᠯ᠎ᠠ ᠪᠣᠯᠤᠨ ᠡᠮᠵᠢᠶᠡᠷᠢ ᠶ᠋ᠢ ᠳᠡᠷᠡᠯᠡᠭᠦᠯᠦᠨ ᠭᠠᠳᠠᠭᠰᠢ ᠨᠢ ᠢᠯᠡᠭᠦᠳᠡᠭᠦᠯᠬᠦ ᠦᠭᠡᠢ ᠪᠡᠷ ᠥᠭᠡᠷ᠎ᠡ ᠬᠠᠭᠤᠴᠢᠨ ᠳᠠᠪᠤᠤ ᠬᠠᠢᠴᠢᠯᠠᠵᠤ ᠨᠠᠭᠠᠨ᠎ᠠ᠃ ᠢᠩᠭᠢᠵᠦ ᠤᠯᠠ ᠪᠠᠨ ᠨᠠᠭᠠᠵᠤ ᠳᠠᠭᠤᠰᠤᠭᠰᠠᠨ ᠤ᠋ ᠳᠠᠷᠠᠭ᠎ᠠ ᠬᠠᠪᠲᠠᠭᠠᠢ1—2 ᠳᠠᠪᠬᠤᠷ ᠳᠠᠪᠤᠤ ᠨᠠᠭᠠᠵᠤ ᠮᠣᠳᠣᠨ ᠳᠡᠭᠡᠷ᠎ᠡ ᠡᠴᠡ ᠪᠡᠨ ᠬᠣᠰᠢᠭᠤ ᠲᠠᠯ᠎ᠠ ᠶ᠋ᠢ ᠬᠠᠭᠤᠯᠵᠤ ᠥᠨᠳᠥᠷᠯᠡᠨ ᠡᠭᠡᠳᠡᠩ ᠤᠯᠠ ᠶ᠋ᠢᠨ ᠬᠡᠯᠪᠡᠷᠢ ᠳ᠋ᠦ᠍ ᠣᠷᠣᠭᠤᠯᠵᠤ ᠬᠤᠰᠢᠭᠤᠨ ᠤ᠋ ᠠᠷᠤ ᠳ᠋ᠤ᠌ ᠳᠠᠪᠤᠤ ᠬᠤᠢᠯᠠᠨ ᠢᠪᠡᠵᠦ ᠥᠭᠭᠦᠨ᠎ᠡ᠃ ᠤᠯᠠ ᠶ᠋ᠢ ᠭᠦᠢᠴᠡᠳ ᠬᠠᠳᠠᠮᠠᠭᠴᠠ ᠠᠷᠤ ᠲᠠᠯ᠎ᠠ ᠳ᠋ᠤᠨᠢ ᠦᠷᠭᠦᠯᠵᠢ ᠴᠠᠭᠠᠨ ᠳᠠᠪᠤᠤ ᠲᠠᠯᠪᠢᠵᠤ ᠨᠠᠭᠠᠭᠠᠳ ᠰᠢᠷᠢᠨ᠎ᠡ᠃ ᠤᠯᠠ ᠰᠢᠷᠢᠬᠦ ᠳ᠋ᠦ᠍ ᠵᠠᠳᠠᠭᠠᠢ ᠣᠯᠣᠰᠣ ᠶ᠋ᠢ ᠨᠠᠷᠢᠬᠠᠨ ᠲᠠᠮᠤᠬᠤ ᠪᠤᠶᠤ ᠦᠢᠯᠡᠳᠪᠦᠷᠢ ᠡᠴᠡ ᠭᠠᠷᠤᠭᠰᠠᠨ ᠪᠡᠯᠡᠨ ᠪᠥᠭᠡᠷᠡᠩᠬᠡᠢ ᠣᠯᠣᠰᠣ ᠪᠠᠷ ᠰᠢᠷᠢᠨ᠎ᠡ᠃ ᠤᠯᠠ ᠶ᠋ᠢ ᠰᠢᠷᠢᠬᠦ ᠶ᠋ᠢᠨ ᠢ᠋ᠶ᠋ᠡᠨ ᠡᠮᠦᠨ᠎ᠡ ᠬᠡᠦᠬᠡᠨ ᠤᠯᠠ ᠶ᠋ᠢ ᠰᠠᠭᠤᠯᠭᠠᠬᠤ ᠪᠠ ᠡᠭᠦᠨ ᠢ᠋ ᠬᠢᠬᠦ ᠳ᠋ᠡᠭᠡᠨ ᠬᠡᠳᠦ ᠬᠡᠳᠦ ᠳᠠᠪᠬᠤᠷᠯᠠᠨ ᠨᠠᠭᠠᠭᠰᠠᠨ ᠤᠯᠠ ᠳᠠᠪᠤᠤ ᠶ᠋ᠢᠨ ᠵᠠᠬ᠎ᠠ ᠶ᠋ᠢ ᠰᠡᠷᠢᠰᠦ᠂ ᠰᠠᠪᠢᠬᠢ ᠪᠠᠷ ᠡᠮᠵᠢᠨ ᠪᠡᠬᠢᠯᠡᠵᠦ ᠰᠢᠷᠢᠨ᠎ᠡ᠃ ᠤᠯᠠ ᠶ᠋ᠢ ᠰᠢᠷᠢᠬᠦ ᠳ᠋ᠡᠭᠡᠨ ᠵᠡᠭᠦᠦ ᠶ᠋ᠢᠨ ᠰᠢᠪᠦᠭᠡ ᠪᠡᠷ ᠰᠢᠪᠦᠭᠡᠳᠡᠵᠦ ᠴᠤᠭᠤᠯᠤᠭᠠᠳ ᠪᠦᠳᠦᠭᠦᠨ ᠤᠷᠲᠤ ᠵᠡᠭᠦᠦ ᠳ᠋ᠦ᠍ ᠣᠯᠣᠰᠣ ᠰᠦᠪᠡᠯᠡᠨ ᠰᠢᠷᠢᠨ᠎ᠡ᠃ ᠤᠯᠠ ᠰᠢᠷᠢᠬᠦ ᠳ᠋ᠦ᠍ ᠰᠢᠷᠢᠭᠡᠰᠦ ᠶ᠋ᠢ ᠵᠡᠷᠭᠡᠴᠡᠭᠦᠯᠦᠨ ᠰᠢᠷᠢᠬᠦ ᠦᠭᠡᠢ ᠡᠭᠦᠳᠡᠯᠡᠨ ᠰᠢᠷᠢᠨ᠎ᠡ᠃ ᠢᠩᠭᠢᠵᠦ ᠰᠢᠷᠢᠵᠦ ᠪᠡᠯᠡᠨ ᠪᠣᠯᠤᠭᠰᠠᠨ ᠤᠯᠠ ᠶ᠋ᠢ ᠰᠢᠷᠢ ᠬᠠᠲᠠᠬᠤ ᠦᠭᠡᠢ ᠰᠢᠭᠤᠳ ᠶᠡᠬᠡ ᠪᠡᠶ᠎ᠡ ᠳ᠋ᠡᠭᠡᠨ ᠵᠠᠯᠭᠠᠨ ᠤᠯᠠᠯᠠᠨᠠ᠃ ᠮᠥᠨ ᠰᠢᠷᠢᠮᠡᠯ ᠤᠯᠠ ᠶ᠋ᠢ ᠨᠢᠮᠭᠡᠨ ᠨᠠᠭᠠᠭᠠᠳ ᠬᠣᠰᠢᠭᠤ ᠶ᠋ᠢ ᠡᠭᠡᠳᠡᠩ ᠪᠣᠯᠭᠠᠯ ᠦᠭᠡᠢ ᠡᠨᠳᠡ ᠲᠡᠨᠳᠡ ᠲᠣᠪᠰᠢᠨ ᠰᠢᠷᠢᠵᠦ ᠭᠡᠷ ᠦ᠋ᠨ ᠱᠠᠬᠠᠢ ᠳ᠋ᠤ᠌ ᠤᠯᠠ ᠬᠢᠬᠦ ᠳ᠋ᠦ᠍ ᠲᠣᠬᠢᠷᠠᠮᠵᠢᠲᠠᠢ ᠪᠥᠭᠡᠳ ᠬᠠᠶᠠᠭᠳᠠᠯ ᠬᠠᠭᠤᠴᠢᠨ ᠳᠠᠪᠤᠤ ᠶ᠋ᠢᠨ ᠥᠭᠡᠳᠡᠰᠦ ᠪᠡᠷ ᠬᠢᠳᠡᠭ ᠤᠴᠢᠷ ᠥᠪᠡᠷ ᠦ᠋ᠨ ᠥᠷᠲᠡᠭ ᠬᠢᠮᠳᠠ ᠪᠥᠬᠡ ᠪᠠᠲᠤ ᠤᠯᠠ ᠪᠣᠯᠤᠨ᠎ᠠ᠃
ᠬᠠᠯᠬ᠎ᠠ ᠶ᠋ᠢᠨ ᠭᠣᠶᠣᠯ ᠤ᠋ᠨ ᠪᠤᠶᠤ ᠪᠥᠬᠡ ᠶ᠋ᠢᠨ ᠭᠤᠲᠤᠯ ᠢ᠋ ᠪᠤᠯᠢᠭᠠᠷᠢ ᠪᠠᠷ ᠬᠢᠬᠦ ᠪᠠ ᠠᠵᠢᠯ ᠤ᠋ᠨ ᠭᠤᠲᠤᠯ ᠢ᠋ ᠭᠤᠷ᠎ᠠ᠂ ᠴᠠ ᠪᠤᠭᠤ ᠶ᠋ᠢᠨ ᠠᠷᠠᠰᠤ᠂ ᠦᠬᠡᠷ᠂ ᠠᠳᠤᠭᠤᠨ ᠤ᠋ ᠰᠢᠷᠢ ᠪᠡᠷ ᠭᠦᠮ ᠦ᠋ᠨ ᠭᠤᠲᠤᠯ ᠬᠢᠵᠦ ᠪᠣᠯᠳᠠᠭ᠃ ᠲᠤᠰ ᠣᠷᠣᠨ ᠳ᠋ᠤ᠌ ᠬᠠᠯᠬ᠎ᠠ ᠶ᠋ᠢᠨ ᠡᠭᠡᠳᠡᠩ ᠭᠤᠲᠤᠯ ᠠ᠋ᠴᠠ ᠭᠠᠳᠠᠨ᠎ᠠ ᠪᠤᠷᠢᠶᠠᠳ᠂ ᠬᠠᠰᠠᠭ᠂ ᠳᠠᠷᠬᠠᠳ᠂ ᠴᠠ ᠲᠠᠨ᠂ ᠲᠣᠷᠭᠤᠳ ᠨᠠᠷ ᠲᠤᠰ ᠲᠤᠰ ᠲᠠᠭᠠᠨ ᠥᠪᠡᠷᠮᠢᠴᠡ ᠤᠷ᠎ᠠ ᠬᠢᠴᠡ ᠲᠡᠢ ᠣᠷᠴᠢᠨ ᠳ᠋ᠠᠭᠠᠨ ᠵᠣᠬᠢᠴᠠᠭᠰᠠᠨ ᠭᠤᠲᠤᠯ ᠬᠢᠳᠡᠭ᠃
ᠰᠢᠷᠢ ᠪᠡᠷ ᠵᠥᠪᠬᠡᠨ ᠭᠤᠲᠤᠯ ᠰᠤᠷ ᠵᠡᠷᠭᠡ ᠶ᠋ᠢ ᠬᠢᠭᠡᠳ ᠵᠣᠭᠰᠣᠬᠤ ᠦᠭᠡᠢ ᠶᠠᠩᠵᠤ ᠪᠦᠷᠢ ᠶ᠋ᠢᠨ ᠰᠠᠪᠠ᠂ ᠠᠪᠳᠠᠷ᠎ᠠ ᠪᠤᠰᠤᠳ ᠭᠣᠶᠣᠯ ᠤ᠋ᠨ ᠵᠦᠢᠯ ᠬᠢᠳᠡᠭ᠃ ᠡᠨᠡ ᠲᠠᠯ᠎ᠠ ᠪᠠᠷ ᠲᠤᠰ ᠣᠷᠣᠨ ᠤ᠋ ᠦᠨᠳᠦᠰᠦᠲᠡᠨ ᠪᠦᠷ ᠬᠠᠷᠢᠯᠴᠠᠨ ᠠᠳᠠᠯᠢ ᠦᠭᠡᠢ ᠥᠪᠡᠷᠮᠢᠴᠡ ᠣᠨᠴᠠᠯᠢᠭ ᠲᠠᠢ ᠬᠢᠳᠡᠭ᠃
ᠤᠭᠰᠠᠭᠠᠲᠠᠨ ᠤ᠋ ᠵᠦᠢ ᠰᠤᠳᠤᠯᠤᠭᠴᠢ ᠴ· ᠭᠣᠴᠣᠣ᠂ ᠰ· ᠪᠠᠳᠮᠠᠬᠠᠳᠠᠨ ᠨᠠᠷ ᠤ᠋ᠨ ᠰᠤᠳᠤᠯᠭᠠᠨ ᠠ᠋ᠴᠠ ᠦᠵᠡᠬᠦ ᠳ᠋ᠦ᠍ ᠳᠠᠷᠬᠠᠳ ᠶᠠᠰᠤᠲᠠᠨ ᠨᠤᠭᠤᠳ ᠮᠠᠯ ᠤ᠋ᠨ ᠠᠷᠠᠰᠤ ᠰᠢᠷᠢ ᠪᠡᠷ ᠡᠯᠳᠡᠪ ᠡᠳ᠋ᠯᠡᠯ ᠬᠢᠬᠦ ᠳ᠋ᠡᠭᠡᠨ ᠭᠠᠷᠮᠠᠭᠠᠢ ᠪᠥᠭᠡᠳ ᠡᠨᠡ ᠨᠢ ᠨᠥᠭᠡᠴᠡ ᠪᠣᠯᠤᠯᠴᠠᠭ᠎ᠠ ᠶ᠋ᠢ ᠠᠰᠢᠭᠯᠠᠨ ᠶᠠᠭᠤᠮᠠᠬᠠᠨ ᠢ᠋ᠶ᠋ᠠᠷ ᠶᠠᠭᠤᠮ᠎ᠠ ᠬᠢᠬᠦ ᠳ᠋ᠦ᠍ ᠠᠪᠴᠤ ᠬᠡᠷᠡᠭᠯᠡᠭᠦᠰᠢᠲᠡᠢ ᠲᠤᠷᠰᠢᠯᠭ᠎ᠠ ᠶᠤᠮ᠃ ᠲᠡᠳᠡ ᠠᠴᠢᠮᠠᠭ᠂ ᠳᠠᠯᠢᠩ᠂ ᠲᠤᠯᠤᠮ᠂ ᠴᠠᠢ᠂ ᠲᠣᠭᠣᠭᠠᠨ ᠤ᠋ ᠭᠡᠷ ᠶᠠᠩᠵᠤ ᠪᠦᠷᠢ ᠶ᠋ᠢᠨ ᠰᠠᠪᠠ ᠬᠢᠬᠦ ᠡᠴᠡ ᠭᠠᠳᠠᠨ᠎ᠠ ᠪᠤᠰᠤᠳ ᠶᠠᠰᠤᠲᠠᠨ ᠤ᠋ ᠠᠳᠠᠯᠢ ᠳᠡᠪᠡᠯ ᠭᠤᠲᠤᠯ᠂ ᠮᠠᠯᠠᠭᠠᠢ᠂ ᠮᠠᠯ ᠤ᠋ᠨ ᠲᠣᠨᠣᠭ ᠬᠡᠷᠡᠭᠰᠡᠯ ᠬᠢᠳᠡᠭ᠃
ᠰᠠᠪᠠ ᠬᠢᠬᠦ ᠳ᠋ᠡᠭᠡᠨ ᠬᠤᠤᠬᠠᠨᠠᠭ ᠤ᠋ᠨ ᠠᠷᠠᠰᠤ ᠶ᠋ᠢ ᠪᠢᠲᠡᠭᠦᠦ ᠠᠪᠴᠤ ᠨᠣᠢᠲᠠᠨ ᠳ᠋ᠤᠨᠢ ᠠᠮᠠ ᠶ᠋ᠢ ᠨᠢ ᠡᠯᠳᠡᠭᠰᠡᠨ ᠰᠢᠷᠢ ᠪᠡᠷ ᠡᠮᠵᠢᠵᠦ ᠡᠯᠡᠰᠦ ᠴᠢᠬᠢᠵᠦ ᠬᠠᠳᠠᠭᠠᠯᠠᠨ᠎ᠠ᠃ ᠴᠠᠢ ᠶ᠋ᠢᠨ ᠤᠭᠤᠲᠠ ᠲᠣᠭᠣᠭᠠᠨ ᠤ᠋ ᠭᠡᠷ ᠠᠪᠳᠠᠷ᠎ᠠ ᠵᠡᠷᠭᠡ ᠶ᠋ᠢ ᠬᠢᠬᠦ ᠳ᠋ᠡᠭᠡᠨ ᠳᠡᠭᠡᠷ᠎ᠡ ᠳᠤᠷᠠᠳᠤᠭᠰᠠᠨ ᠢ᠋ᠶ᠋ᠠᠷ ᠠᠷᠠᠰᠤ ᠪᠠᠨ ᠪᠣᠯᠪᠠᠰᠤᠷᠠᠭᠤᠯᠵᠤ ᠬᠢᠳᠡᠭ᠃ ᠲᠡᠭᠦᠨᠴᠢᠯᠡᠨ ᠤᠨᠠᠭᠠᠨ ᠤ᠋ ᠠᠷᠠᠰᠤ ᠶ᠋ᠢ ᠳᠥᠷᠪᠡᠯᠵᠢᠨ ᠸᠠᠳᠠᠩ ᠬᠢᠳᠡᠭ᠃ ᠠᠷᠠᠰᠤ ᠰᠢᠷᠢ ᠪᠡᠷ ᠬᠢᠭᠰᠡᠨ ᠡᠯᠳᠡᠪ ᠰᠠᠪᠠ᠂ ᠡᠳ᠋ᠯᠡᠯ ᠪᠥᠬᠡ ᠪᠠᠲᠤ᠂ ᠣᠯᠠᠨ ᠵᠢᠯ ᠦ᠋ᠨ ᠡᠳ᠋ᠯᠡᠭᠡ ᠲᠡᠢ ᠪᠠᠢᠳᠠᠭ ᠢ᠋ᠶ᠋ᠠᠷ ᠢ᠋ᠶ᠋ᠠᠨ ᠣᠨᠴᠠᠯᠢᠭ ᠲᠠᠢ᠃ ᠰᠤᠳᠤᠯᠭᠠᠨ ᠠ᠋ᠴᠠ ᠦᠵᠡᠬᠦ ᠳ᠋ᠦ᠍ ᠠᠷᠠᠰᠤ ᠰᠢᠷᠢᠨ ᠰᠠᠪᠠ ᠶ᠋ᠢᠨ ᠡᠳ᠋ᠯᠡᠭᠳᠡᠬᠦ ᠬᠤᠭᠤᠴᠠᠭ᠎ᠠ᠂ ᠪᠠᠭᠲᠠᠭᠠᠮᠵᠢ ᠨᠢ ᠪᠤᠰᠤᠳ ᠡᠳ᠋ᠯᠡᠯ ᠢ᠋ᠶ᠋ᠡᠷ ᠬᠢᠭᠰᠡᠨ ᠵᠦᠢᠯᠡᠰ ᠡᠴᠡ ᠬᠣᠯᠠ ᠳᠠᠪᠠᠭᠤ ᠲᠠᠢ ᠶ᠋ᠢ ᠳᠣᠣᠷᠠᠬᠢ ᠵᠢᠭᠰᠠᠭᠠᠯᠲᠠ ᠠ᠋ᠴᠠ ᠦᠵᠡᠵᠦ ᠪᠣᠯᠤᠨ᠎ᠠ᠃
ᠡᠳᠡᠭᠡᠷ ᠡᠴᠡ ᠦᠵᠡᠬᠦ ᠳ᠋ᠦ᠍ ᠠᠷᠠᠰᠤ ᠰᠢᠷᠢ ᠶ᠋ᠢᠨ ᠡᠳ᠋ ᠦ᠋ᠨ ᠴᠢᠨᠠᠷ ᠲᠠᠢ ᠪᠣᠯᠬᠤ ᠨᠢ ᠲᠣᠳᠣᠷᠬᠠᠢ᠃ ᠠᠷᠠᠰᠤ ᠰᠢᠷᠢᠨ ᠲᠤᠯᠤᠮ ᠤᠭᠤᠲᠠ ᠶ᠋ᠢ ᠬᠢᠬᠦ ᠳ᠋ᠡᠭᠡᠨ ᠮᠠᠯ ᠢ᠋ ᠪᠥᠭᠰᠡᠨ ᠡᠴᠡ ᠴᠡᠭᠡᠵᠢ ᠤᠷᠤᠭᠤ ᠨᠢ ᠪᠢᠲᠡᠭᠦᠦ ᠥᠪᠴᠢᠵᠦ ᠬᠦᠵᠦᠭᠦᠦ ᠪᠡᠷ ᠰᠠᠯᠭᠠᠭᠠᠳ ᠬᠦᠵᠦᠭᠦᠨ ᠦ᠌ ᠳᠠᠭᠠᠷᠢᠭᠰᠠᠨ ᠳᠤᠭᠤᠢ ᠳ᠋ᠤ᠌ ᠠᠷᠠᠰᠤ ᠪᠤᠶᠤ ᠰᠢᠷᠢ ᠲᠠᠯᠪᠢᠵᠤ ᠰᠢᠷᠪᠥᠰᠥ ᠪᠡᠷ ᠣᠶᠣᠨ᠎ᠠ᠃
| ᠡᠳ᠋ᠯᠡᠯ ᠦ᠋ᠨ ᠨᠡᠷ᠎ᠡ | ᠡᠳ᠋ᠯᠡᠭᠳᠡᠬᠦ ᠬᠤᠭᠤᠴᠠᠭ᠎ᠠ( ᠵᠢᠯ ᠢ᠋ᠶ᠋ᠡᠷ) | ᠪᠠᠭᠲᠠᠭᠠᠮᠵᠢ ᠪᠠᠷ(l . kg) |
| 1. ᠬᠦᠳᠡᠷᠢ ᠶ᠋ᠢᠨ ᠲᠤᠯᠤᠮ | 15—20 | 6—8l |
| 2. ᠲᠠᠷᠪᠠᠭ᠎ᠠ ᠶ᠋ᠢᠨ ᠰᠠᠪᠠ | 20 | 4—5l |
| 3. ᠭᠤᠷ᠎ᠠ᠂ ᠵᠦᠷ ᠲᠤᠯᠤᠮ | 10—12 | 20—30l |
| 4. ᠰᠡᠷᠭᠡᠨ ᠲᠤᠯᠤᠮ | 15—20 | 20.30l |
| 5. ᠬᠤᠷᠠᠭᠠᠨ ᠵᠤᠯᠪᠤᠷᠠᠩ | 5—10 | 4—5l |
| 6. ᠢᠰᠢᠭᠡᠨ ᠵᠤᠯᠪᠤᠷᠠᠩ | 7—10 | 3—4l |
| 7. ᠪᠤᠬ᠎ᠠ ᠶ᠋ᠢᠨ ᠬᠤᠤᠬᠠᠨᠠᠭ ᠬᠥᠨᠥᠭ | 10—30 | |
| 8. ᠬᠤᠴᠠ ᠶ᠋ᠢᠨ ᠬᠤᠤᠬᠠᠨᠠᠭ ᠬᠥᠨᠥᠭ | 10—30 | 1kg |
| 9. ᠲᠤᠭᠤᠯ ᠲᠤᠯᠤᠮ | 25—30 | 18l |
| 10. ᠤᠨᠠᠭᠠᠨ ᠸᠠᠳᠠᠩ | 20—30 | |
| 11. ᠰᠢᠷᠢ ᠲᠤᠯᠤᠮ | 70—80 | 150kg |
| 12. ᠲᠡᠮᠡᠭᠡᠨ ᠲᠤᠯᠤᠮ | 70—80 | 200kg |
ᠦᠰᠦᠭ ᠠᠮᠢᠯᠠᠭᠤᠯᠤᠭᠴᠢ᠄ ᠲᠣᠭᠳᠠᠭᠤᠨᠪᠠᠶᠠᠷ᠂ ᠣᠶᠤᠨᠪᠠᠲᠤ᠂ ᠪᠠᠶᠠᠨᠰᠡᠷᠡᠩ᠂ ᠡᠷᠳᠡᠨᠢᠭᠣᠤ᠎ᠠ
ᠦᠰᠦᠭ ᠬᠢᠨᠠᠭᠴᠢ᠄ ᠰᠡᠬᠡᠭᠡᠷᠡᠯ᠂ ᠣᠳᠬᠠᠨᠰᠣ᠎ᠠ
