ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠳᠥᠷᠪᠡᠳᠦᠭᠡᠷ ᠪᠦᠯᠦᠭ ᠠᠷᠠᠰᠤ ᠰᠢᠷᠢ ᠶ᠋ᠢᠨ ᠡᠳ᠋ᠯᠡᠯ ᠬᠢᠬᠦ ᠤᠷᠠᠯᠠᠯ01-ᠠᠷᠠᠰᠤ ᠰᠢᠷᠢ ᠶ᠋ᠢ ᠲᠣᠷᠳᠠᠵᠤ ᠠᠷᠠᠴᠢᠯᠠᠬᠤ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠳᠥᠷᠪᠡᠳᠦᠭᠡᠷ ᠪᠦᠯᠦᠭ ᠠᠷᠠᠰᠤ ᠰᠢᠷᠢ ᠶ᠋ᠢᠨ ᠡᠳ᠋ᠯᠡᠯ ᠬᠢᠬᠦ ᠤᠷᠠᠯᠠᠯ01-ᠠᠷᠠᠰᠤ ᠰᠢᠷᠢ ᠶ᠋ᠢ ᠲᠣᠷᠳᠠᠵᠤ ᠠᠷᠠᠴᠢᠯᠠᠬᠤ

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠳᠥᠷᠪᠡᠳᠦᠭᠡᠷ ᠪᠦᠯᠦᠭ ᠠᠷᠠᠰᠤ ᠰᠢᠷᠢ ᠶ᠋ᠢᠨ ᠡᠳ᠋ᠯᠡᠯ ᠬᠢᠬᠦ ᠤᠷᠠᠯᠠᠯ01-ᠠᠷᠠᠰᠤ ᠰᠢᠷᠢ ᠶ᠋ᠢ ᠲᠣᠷᠳᠠᠵᠤ ᠠᠷᠠᠴᠢᠯᠠᠬᠤ

ᠠᠩᠭᠢᠯᠠᠯ:ᠵᠠᠩ ᠦᠢᠯᠡ
2024-05-09

370

ᠳᠥᠷᠪᠡᠳᠦᠭᠡᠷ ᠪᠦᠯᠦᠭ ᠠᠷᠠᠰᠤ ᠰᠢᠷᠢ ᠶ᠋ᠢᠨ ᠡᠳ᠋ᠯᠡᠯ ᠬᠢᠬᠦ ᠤᠷᠠᠯᠠᠯ

      ᠬᠥᠮᠦᠨ᠂ ᠮᠠᠯ ᠢ᠋ ᠭᠡᠷ ᠦ᠋ᠨ ᠲᠡᠵᠢᠭᠡᠪᠦᠷᠢ ᠪᠣᠯᠭᠠᠬᠤ ᠠ᠋ᠴᠠ ᠡᠮᠦᠨ᠎ᠡ ᠠᠯᠠᠵᠤ ᠢᠳᠡᠭᠰᠡᠨ ᠠᠩ ᠤ᠋ᠨ ᠢ᠋ᠶ᠋ᠠᠨ ᠠᠷᠠᠰᠤ ᠶ᠋ᠢ ᠨᠥᠮᠥᠷᠬᠦ᠂ ᠳᠡᠪᠢᠰᠬᠦ᠂ ᠭᠡᠷ ᠣᠷᠣᠨ ᠢ᠋ᠶ᠋ᠠᠨ ᠳᠤᠯᠠᠭᠠᠯᠠᠬᠤ ᠵᠡᠷᠭᠡ ᠪᠡᠷ ᠠᠰᠢᠭᠯᠠᠵᠤ ᠢᠷᠡᠵᠡᠢ᠃ ᠬᠦᠢ ᠨᠢᠭᠡᠳᠦᠯ ᠦ᠋ᠨ ᠦᠶ᠎ᠡ ᠳ᠋ᠦ᠍ ᠡᠬᠡ ᠶ᠋ᠢᠨ ᠡᠷᠬᠡᠲᠦ ᠶᠣᠰᠣ ᠨᠣᠶᠠᠷᠬᠠᠵᠤ ᠪᠠᠢᠬᠤ ᠳ᠋ᠤ᠌ ᠡᠮᠡᠭᠲᠡᠢᠴᠦᠳ ᠠᠷᠠᠰᠤ ᠨᠡᠬᠡᠢ ᠡᠯᠳᠡᠵᠦ ᠪᠠᠢᠭᠰᠠᠨ ᠲᠤᠬᠠᠢ ᠲᠡᠦᠬᠡᠨ ᠳ᠋ᠦ᠍ ᠪᠢᠴᠢᠭᠳᠡᠭᠰᠡᠨ ᠪᠠᠢᠳᠠᠭ᠃ ᠲᠡᠷᠡ ᠴᠠᠭ ᠠ᠋ᠴᠠ ᠬᠥᠮᠦᠨ ᠦ᠌ ᠨᠡᠢᠭᠡᠮ ᠬᠥᠭᠵᠢᠨ ᠳᠠᠪᠰᠢᠬᠤ ᠳᠣᠳᠣᠮ ᠠᠷᠠᠰᠤ ᠨᠡᠬᠡᠢ ᠶ᠋ᠢ ᠪᠣᠯᠪᠠᠰᠤᠷᠠᠭᠤᠯᠬᠤ ᠠᠷᠭ᠎ᠠ ᠠᠵᠢᠯᠯᠠᠭ᠎ᠠ ᠪᠣᠯᠪᠠᠰᠤᠷᠠᠩᠭᠤᠢ ᠪᠣᠯᠵᠤ ᠢᠷᠡᠵᠡᠢ᠃
      ᠡᠷᠲᠡ ᠦᠶ᠎ᠡ ᠳ᠋ᠦ᠍ ᠵᠥᠪᠬᠡᠨ ᠬᠦᠢᠲᠡᠨ ᠡᠴᠡ ᠬᠠᠮᠠᠭᠠᠯᠠᠬᠤ ᠳ᠋ᠤ᠌ ᠬᠠᠯᠬᠠᠪᠴᠢ ᠲᠡᠳᠦᠢ ᠬᠡᠷᠡᠭᠯᠡᠵᠦ ᠪᠠᠢᠭᠰᠠᠨ ᠪᠣᠯ ᠮᠠᠯ ᠢ᠋ ᠭᠡᠷ ᠦ᠋ᠨ ᠪᠣᠯᠭᠠᠭᠰᠠᠨ ᠲᠡᠷᠡ ᠴᠠᠭ ᠠ᠋ᠴᠠ ᠠᠵᠢᠯ ᠡᠳ᠋ᠯᠡᠭᠡᠨ ᠦ᠌ ᠮᠠᠯ ᠤ᠋ᠨ ᠲᠣᠨᠣᠭ ᠬᠡᠷᠡᠭᠰᠡᠯ ᠬᠢᠬᠦ ᠳ᠋ᠦ᠍ ᠰᠢᠷᠢ ᠶ᠋ᠢ ᠵᠦᠰᠦᠵᠦ ᠰᠤᠷ᠂ ᠡᠮᠡᠭᠡᠯ ᠬᠠᠵᠠᠭᠠᠷ᠂ ᠴᠢᠳᠥᠷ ᠨᠣᠭᠲᠣ ᠬᠢᠬᠦ ᠵᠡᠷᠭᠡ ᠪᠡᠷ ᠬᠡᠷᠡᠭᠯᠡᠬᠦ ᠪᠣᠯᠵᠠᠢ᠃ ᠮᠠᠯ ᠤ᠋ᠨ ᠠᠷᠠᠰᠤ ᠰᠢᠷᠢ ᠶ᠋ᠢ ᠪᠣᠯᠪᠠᠰᠤᠷᠠᠭᠤᠯᠤᠨ ᠡᠳ᠋ᠯᠡᠯ ᠬᠢᠬᠦ ᠠᠵᠢᠯᠯᠠᠭ᠎ᠠ ᠤᠯᠤᠰ ᠭᠦᠷᠦᠨ ᠪᠦᠷᠢ ᠳ᠋ᠦ᠍ ᠬᠠᠷᠢᠯᠴᠠᠨ ᠠᠳᠠᠯᠢ ᠦᠭᠡᠢ ᠬᠥᠭᠵᠢᠵᠦ ᠢᠷᠡᠵᠡᠢ᠃ ᠠᠷᠠᠰᠤ ᠰᠢᠷᠢ ᠶ᠋ᠢᠨ ᠡᠳ᠋ᠯᠡᠯ ᠪᠣᠯ ᠪᠤᠰᠤᠳ ᠪᠥᠰ ᠪᠠᠷᠠᠭ᠎ᠠ᠂ ᠨᠡᠬᠡᠮᠡᠯ᠂ ᠰᠦᠯᠵᠢᠮᠡᠯ ᠡᠴᠡ ᠪᠠᠲᠤ ᠪᠥᠬᠡ ᠵᠥᠪ ᠠᠷᠠᠴᠢᠯᠠᠵᠤ ᠴᠢᠳᠠᠪᠠᠯ ᠬᠡᠯᠪᠡᠷᠢ ᠳᠦᠷᠰᠦ ᠪᠡᠨ ᠠᠯᠳᠠᠳᠠᠭ ᠦᠭᠡᠢ ᠤᠳᠠᠭᠠᠨ ᠡᠳ᠋ᠯᠡᠭᠡ ᠲᠡᠢ ᠵᠦᠢᠯ ᠶᠦᠮ᠃ ᠠᠷᠠᠰᠤ ᠰᠢᠷᠢ ᠪᠡᠷ ᠡᠯᠳᠡᠪ ᠡᠳ᠋ᠯᠡᠯ ᠬᠢᠬᠦ ᠳ᠋ᠦ᠍ ᠲᠡᠭᠦᠨ ᠦ᠌ ᠦᠨᠳᠦᠰᠦᠨ ᠮᠠᠲ᠋ᠧᠷᠢᠶᠠᠯ ᠪᠣᠯᠬᠤ ᠠᠷᠠᠰᠤ ᠨᠡᠬᠡᠢ ᠶ᠋ᠢ ᠮᠠᠯ ᠤ᠋ᠨ ᠪᠡᠶ᠎ᠡ ᠡᠴᠡ ᠥᠪᠴᠢᠵᠦ ᠠᠪᠬᠤ ᠠ᠋ᠴᠠ ᠡᠬᠢᠯᠡᠨ ᠲᠣᠷᠳᠠᠬᠤ ᠵᠥᠪ ᠠᠵᠢᠯᠯᠠᠭ᠎ᠠ ᠱᠠᠭᠠᠷᠳᠠᠭᠳᠠᠨ᠎ᠠ᠃ ᠠᠷᠠᠰᠤ ᠰᠢᠷᠢ ᠶ᠋ᠢᠨ ᠡᠳ᠋ᠯᠡᠯ ᠲᠤᠰ ᠤᠯᠤᠰ ᠤ᠋ᠨ ᠳᠣᠲᠣᠭᠠᠳᠤ ᠶ᠋ᠢᠨ ᠬᠡᠷᠡᠭᠴᠡᠭᠡ ᠶ᠋ᠢ ᠬᠠᠩᠭᠠᠭᠠᠳ ᠵᠣᠭᠰᠣᠬᠤ ᠦᠭᠡᠢ ᠭᠠᠳᠠᠭᠠᠳᠤ ᠳ᠋ᠤ᠌ ᠭᠠᠷᠭᠠᠳᠠᠭ ᠦᠨᠡᠲᠦ ᠡᠳ᠋ᠯᠡᠯ ᠤᠴᠢᠷ ᠠ᠋ᠴᠠ ᠰᠢᠷᠬᠡᠭ ᠠᠷᠠᠰᠤ ᠶ᠋ᠢ ᠴᠦ᠍ ᠭᠠᠷᠤᠵᠠᠳᠠᠵᠤ ᠪᠣᠯᠬᠤ ᠦᠭᠡᠢ ᠶᠤᠮ᠃ ᠠᠷᠠᠰᠤ ᠰᠢᠷᠢ ᠶ᠋ᠢ ᠪᠦᠷᠢᠨ ᠪᠦᠲᠦᠨ ᠠᠪᠴᠤ ᠠᠰᠢᠬᠯᠠᠬᠤ ᠶ᠋ᠢᠨ ᠲᠤᠯᠠᠳᠠ ᠮᠠᠯ ᠰᠦᠷᠦᠭ ᠊ᠢ ᠡᠯᠳᠡᠪ ᠫᠠᠷᠠᠽᠢᠲ᠋ᠳᠠᠬᠤ ᠡᠪᠡᠳᠴᠢᠨ ᠡᠴᠡ ᠡᠷᠡᠭᠦᠯᠵᠢᠭᠦᠯᠬᠦ᠂ ᠤᠷᠢᠳᠴᠢᠯᠠᠨ ᠰᠡᠷᠭᠡᠶ᠋ᠢᠯᠡᠬᠦ ᠠᠵᠢᠯ ᠊ᠢ ᠰᠠᠶ᠋ᠢᠵᠢᠷᠠᠭᠤᠯᠬᠤ ᠨᠢ ᠴᠢᠬᠤᠯᠠ ᠪᠠᠶ᠋ᠢᠨ᠎ᠠ᠃
       ᠮᠠᠨ ‍ᠤ ᠣᠷᠣᠨ ᠳᠤ ᠦᠬᠡᠷ ᠦ᠋ᠨ ᠠᠷᠠᠰᠤᠨ ‍ᠤ ᠭᠤᠤᠷ᠂ ᠬᠠᠮᠠᠭᠤ᠂ ᠬᠠᠴᠢᠭ ᠶᠡᠬᠡ ᠪᠠᠶ᠋ᠢᠳᠠᠭ ᠤᠴᠢᠷ ᠵᠢᠯ ᠳᠠᠷᠠᠭᠠᠯᠠᠨ ᠣᠯᠠᠨ ᠮᠠᠯ ᠡᠪᠡᠳᠴᠢᠯᠡᠵᠦ ᠡᠳ᠋ ᠦ᠋ᠨ ᠵᠠᠰᠠᠭ ᠲᠤ ᠶᠡᠬᠡᠬᠡᠨ ᠬᠣᠬᠢᠷᠠᠯ ᠤᠴᠠᠷᠠᠭᠤᠯᠵᠤ ᠪᠠᠶ᠋ᠢᠭ᠎ᠠ ᠶᠤᠮ᠃ ᠰᠡᠭᠦᠯ ᠦ᠋ᠨ ᠦᠶ᠎ᠡ ᠳᠤ ᠦᠬᠡᠷ ᠦ᠋ᠨ ᠭᠤᠤᠷ ᠲᠠᠢ ᠲᠡᠮᠡᠴᠡᠬᠦ ᠠᠵᠢᠯ ᠊ᠢ ᠰᠢᠨᠵᠢᠯᠡᠬᠦ ᠤᠬᠠᠭᠠᠨ ‍ᠤ ᠦᠨᠳᠦᠰᠦᠯᠡᠯ ᠲᠡᠢ ᠵᠣᠬᠢᠶᠠᠨ ᠪᠠᠶ᠋ᠢᠭᠤᠯᠤᠭᠰᠠᠨ ‍ᠤ ᠦᠷ᠎ᠡ ᠳ᠋ᠦ᠋ᠩ ᠳᠤ ᠦᠬᠡᠷ ᠦ᠋ᠨ ᠠᠷᠠᠰᠤᠨ ‍ᠤ ᠭᠤᠤᠷ ᠵᠢᠯ ᠡᠴᠡ ᠵᠢᠯ ᠳᠤ ᠪᠠᠭᠠᠰᠴᠤ ᠪᠠᠶ᠋ᠢᠨ᠎ᠠ᠃

ᠳᠥᠷᠪᠡᠳᠦᠭᠡᠷ ᠪᠦᠯᠦᠭ 01 ᠠᠷᠠᠰᠤ ᠰᠢᠷᠢ ᠶ᠋ᠢ ᠲᠣᠷᠳᠠᠵᠤ ᠠᠷᠠᠴᠢᠯᠠᠬᠤ

      ᠠᠷᠠᠰᠤ ᠰᠢᠷᠢ ᠶ᠋ᠢ ᠬᠡᠪ ᠦ᠋ᠨ ᠬᠡᠮᠵᠢᠶᠡᠨ ᠳᠤ ᠪᠠᠶ᠋ᠢᠯᠭᠠᠵᠤ ᠠᠯᠢᠪᠠ ᠡᠲ᠌ᠯᠡᠯ ᠬᠢᠬᠦ ᠶ᠋ᠢᠨ ᠲᠤᠯᠠᠳᠠ ᠮᠠᠯ ᠨᠢᠲᠤᠯᠤᠨ ᠥᠪᠴᠢᠬᠦ ᠡᠴᠡ ᠡᠬᠢᠯᠡᠬᠦ ᠶᠣᠰᠣᠲᠠᠢ᠃ ᠡᠭᠦᠨ ‍ᠦ ᠲᠤᠯᠠᠳᠠ ᠮᠠᠯ ᠨᠢᠲᠤᠯᠭᠠᠨ ‍ᠤ ᠭᠠᠵᠠᠷ ᠪᠤᠰᠤᠳ ᠠᠶ᠋ᠢᠯ ᠡᠷᠦᠬᠡ ᠨᠤᠭᠦᠳ ᠮᠠᠯ ᠨᠢᠲᠤᠯᠬᠤ ᠳ᠋ᠠᠭᠠᠨ ᠳᠥᠷᠪᠡᠨ ᠮᠥᠴᠢ ᠶ᠋ᠢᠨ ᠠᠷᠠᠰᠤ ᠶ᠋ᠢ ᠬᠥᠨᠳᠡᠯᠡᠨ ᠣᠭᠲᠣᠯᠵᠤ ᠬᠠ ᠭᠤᠶ᠎ᠠ ᠶ᠋ᠢᠨ ᠪᠣᠯᠤᠨ ᠰᠤᠭᠤ ᠶ᠋ᠢᠨ ᠬᠡᠰᠡᠭ ᠶ᠋ᠢᠡᠷ ᠢᠷᠡᠵᠦ ᠬᠡᠪᠡᠯᠢ ᠶ᠋ᠢᠨ ᠴᠠᠭᠠᠨ ᠱᠤᠭᠤᠮ ᠲᠠᠢ ᠨᠡᠶ᠋ᠢᠯᠡᠭᠦᠯᠵᠦ ᠢᠷᠠᠭᠠᠳ ᠳᠥᠷᠪᠡᠨ ᠮᠥᠴᠢ ᠡᠴᠡ ᠥᠪᠴᠢᠨ᠎ᠡ᠃ ᠢᠷᠠᠭᠰᠠᠨ ‍ᠤ ᠳᠠᠷᠠᠭ᠎ᠠ ᠴᠡᠭᠡᠵᠢᠨ ᠡᠴᠡ ᠪᠥᠭᠰᠡ ᠤᠷᠤᠭᠤ ᠨᠢ ᠬᠠᠭᠤᠯᠵᠤ ᠥᠪᠴᠢᠳᠡᠭ᠃ ᠮᠠᠯ ᠦ᠋ᠨ ᠠᠷᠠᠰᠤ ᠶ᠋ᠢ ᠤᠷᠠᠬᠤ᠂ ᠴᠣᠭᠣᠯᠬᠤ᠂ ᠰᠢᠷ᠎ᠠ ᠬᠠᠯᠢᠰᠤ᠂ ᠬᠠᠯᠢᠮ ᠳᠠᠭᠠᠭᠤᠯᠬᠤ ᠨᠢ ᠠᠷᠠᠰᠤ ᠰᠢᠷᠢ ᠶ᠋ᠢᠨ ᠴᠢᠨᠠᠷ ᠊ᠢ ᠮᠠᠭᠤᠳᠠᠭᠠᠵᠤ ᠪᠠᠶ᠋ᠢᠭ᠎ᠠ ᠬᠡᠷᠡᠭ ᠶᠤᠮ᠃ ᠡᠶ᠋ᠢᠮᠦ ᠡᠴᠡ ᠥᠪᠴᠢᠭᠰᠡᠨ ‍ᠦ ᠳᠠᠷᠠᠭ᠎ᠠ ᠰᠢᠷ᠎ᠠ ᠬᠠᠯᠢᠰᠤ᠂ ᠬᠠᠯᠢᠮ ᠊ᠢ ᠠᠷᠠᠰᠤᠨ ᠠ᠋ᠴᠠ ᠨᠢᠮᠭᠡᠨ ᠬᠤᠷᠴᠠ ᠨᠠᠷᠢᠬᠠᠨ ᠬᠢᠲᠤᠭ᠎ᠠ ᠪᠠᠷ ᠬᠤᠰᠤᠨ ᠥᠪᠴᠢᠵᠦ ᠠᠪᠤᠨ᠎ᠠ᠃ ᠮᠠᠯ ᠦ᠋ᠨ ᠠᠷᠠᠰᠤ ᠰᠢᠷᠢ ᠶ᠋ᠢᠨ ᠴᠢᠰᠤ ᠶ᠋ᠢ ᠬᠤᠰᠤᠵᠤ ᠴᠡᠪᠡᠷᠯᠡᠭᠡᠳ ᠨᠤᠨᠲᠠᠭ ᠳᠠᠪᠤᠰᠤ ᠵᠢᠭᠳᠡ ᠰᠠᠴᠤᠨ᠎ᠠ᠃ ᠨᠢᠲᠤᠯᠭᠠᠨ ‍ᠤ ᠭᠠᠵᠠᠷ ᠪᠣᠯ ᠳᠠᠪᠤᠰᠤ ᠰᠠᠴᠤᠵᠤ ᠳᠠᠪᠬᠤᠷᠯᠠᠨ ᠬᠤᠷᠢᠶᠠᠵᠤ ᠠᠴᠢᠭᠤᠯᠤᠨ᠎ᠠ᠃
       ᠠᠢᠯ ᠡᠷᠦᠬᠡ ᠨᠦ᠍ᠭᠦᠳ ᠪᠣᠯ ᠡᠷᠲᠡᠨ ᠡᠴᠡ ᠤᠯᠠᠮᠵᠢᠯᠠᠵᠤ ᠢᠷᠡᠭᠰᠡᠨ ᠠᠷᠭ᠎ᠠ ᠠᠵᠢᠯᠯᠠᠭ᠎ᠠ ᠪᠠᠷ ᠢ᠋ᠶ᠋ᠠᠨ ᠠᠷᠠᠰᠤ ᠰᠢᠷᠢ ᠶ᠋ᠢ ᠨᠣᠢᠲᠠᠨ ᠳᠡᠭᠡᠷ᠎ᠡ ᠨᠢ ᠴᠢᠩᠭ᠎ᠠ ᠲᠠᠲᠠᠵᠤ ᠲᠡᠨᠢᠢᠯᠭᠡᠭᠡᠳ ᠵᠠᠬ᠎ᠠ ᠪᠠᠷ ᠨᠢ ᠬᠦᠨᠳᠦᠬᠡᠨ ᠴᠢᠯᠠᠭᠤ ᠲᠠᠯᠪᠢᠵᠤ ᠬᠥᠷᠥᠰᠥ ᠶ᠋ᠢ ᠨᠢ ᠬᠠᠲᠠᠭᠠᠭᠠᠳ ᠭᠣᠣᠯ ᠢ᠋ᠶ᠋ᠠᠷ ᠨᠢ ᠨᠤᠭᠤᠯᠵᠤ ᠬᠠᠳᠠᠭᠠᠯᠠᠨ᠎ᠠ᠃ ᠡᠯᠳᠡᠬᠦ ᠶ᠋ᠢᠨ ᠢ᠋ᠶ᠋ᠡᠨ ᠡᠮᠦᠨ᠎ᠡ ᠦᠰᠦ ᠶ᠋ᠢ ᠤᠬᠢᠶᠠᠵᠤ ᠰᠡᠭᠰᠦᠷᠦᠨ ᠤᠷᠲᠤ ᠮᠣᠳᠣᠨ ᠳᠡᠭᠡᠷ᠎ᠡ ᠲᠣᠬᠣᠵᠤ ᠬᠠᠲᠠᠭᠠᠭᠠᠳ ᠡᠯᠢᠭᠡ᠂ ᠲᠠᠷᠠᠭ᠂ ᠴᠠᠭ᠎ᠠ ᠪᠠᠷ ᠢᠳᠡᠭᠡᠯᠡᠨ ᠡᠯᠳᠡᠬᠦ ᠳ᠋ᠦ᠍ ᠪᠡᠯᠡᠳᠬᠡᠨ᠎ᠡ᠃ ᠠᠷᠠᠰᠤ ᠰᠢᠷᠢ ᠶ᠋ᠢ ᠡᠯᠳᠡᠬᠦ ᠳ᠋ᠡᠭᠡᠨ ᠦᠨᠳᠦᠰᠦᠲᠡᠨ ᠪᠦᠷᠢ ᠥᠪᠡᠷᠮᠢᠴᠡ ᠣᠯᠠᠨ ᠠᠷᠭ᠎ᠠ ᠶ᠋ᠢ ᠬᠡᠷᠡᠭᠯᠡᠳᠡᠭ᠃ ᠮᠣᠩᠭᠣᠯᠴᠤᠳ ᠦᠬᠡᠷ ᠦ᠋ᠨ ᠰᠢᠷᠢ ᠶ᠋ᠢ ᠭᠠᠷ ᠠᠷᠭ᠎ᠠ ᠪᠠᠷ ᠪᠣᠯᠪᠠᠰᠤᠷᠠᠭᠤᠯᠵᠤ ᠣᠯᠠᠨ ᠲᠥᠷᠥᠯ ᠦ᠋ᠨ ᠡᠳ᠋ᠯᠡᠯ ᠬᠢᠵᠦ ᠪᠠᠢᠵᠠᠢ᠃ ᠦᠬᠡᠷ ᠦ᠋ᠨ ᠰᠢᠷᠢ ᠪᠡᠷ ᠭᠦᠮ᠂ ᠡᠮᠡᠭᠡᠯ ᠦ᠋ᠨ ᠭᠥᠯᠢᠮ᠂ ᠭᠤᠲᠤᠯ᠂ ᠠᠢᠷᠠᠭ ᠤ᠋ᠨ ᠬᠥᠬᠦᠦᠷ᠂ ᠰᠢᠷᠢ ᠤᠭᠤᠲᠠ᠂ ᠰᠠᠪᠠ᠂ ᠰᠤᠷ᠂ ᠦᠳᠡᠭᠡᠷᠢ᠂ ᠳᠠᠯᠢᠩ᠂ ᠪᠣᠭᠴᠣ᠂ ᠳᠦᠷᠦᠪᠴᠢ᠂ ᠬᠢᠲᠤᠭᠠᠨ ᠤ᠋ ᠭᠡᠷ ᠵᠡᠷᠭᠡ ᠶ᠋ᠢ ᠬᠢᠨ᠎ᠡ᠃
       ᠭᠦᠮ ᠬᠢᠬᠦ ᠳ᠋ᠡᠭᠡᠨ ᠰᠢᠷᠢ ᠶ᠋ᠢ ᠬᠥᠯᠳᠡᠭᠡᠵᠦ ᠦᠰᠦ ᠶ᠋ᠢ ᠬᠤᠰᠤᠵᠤ ᠵᠣ ᠨᠢᠷᠤᠭᠤ ᠶ᠋ᠢᠨ ᠰᠢᠷᠢ ᠪᠡᠷ ᠬᠢᠳᠡᠭ᠃ 60—70 ᠬᠣᠨᠣᠭ ᠤᠷᠢ ᠳ᠋ᠤ᠌ ᠥᠭᠭᠦᠨ᠎ᠡ᠃ ᠳᠠᠷᠠᠭ᠎ᠠ ᠨᠢ ᠪᠠᠭ᠎ᠠ ᠵᠡᠷᠭᠡ ᠳᠤᠰᠤᠯᠠᠵᠤ ᠣᠳᠤᠨ᠎ᠠ᠃ 50—60cm ᠭᠠᠵᠠᠷ ᠤᠬᠤᠵᠤ ᠳᠡᠭᠡᠷ᠎ᠡ ᠨᠢ 3—4 ᠣᠨᠢ ᠪᠣᠭᠣᠵᠤ ᠪᠣᠰᠬᠠᠭᠠᠳ ᠣᠲᠣᠬᠤ᠂ ᠰᠢᠷᠢ ᠶ᠋ᠢ ᠢᠰᠡᠭᠡᠢ ᠪᠤᠶᠤ ᠳᠠᠪᠤᠤ ᠪᠠᠷ ᠪᠦᠷᠢᠵᠦ ᠵᠡᠭᠦᠭᠡᠳ ᠠᠳᠤᠭᠤᠨ ᠤ᠋ ᠬᠣᠮᠣᠯ ᠮᠣᠳᠣᠨ ᠤ᠋ ᠤᠲᠤᠭ᠎ᠠ ᠪᠠᠷ 4 — 6 ᠴᠠᠭ ᠣᠳᠤᠨ᠎ᠠ᠃ ᠢᠩᠭᠢᠵᠦ ᠣᠳᠤᠭᠰᠠᠨ ᠰᠢᠷᠢ ᠨᠣᠷᠬᠤ ᠳ᠋ᠤ᠌ ᠬᠠᠲᠠᠬᠤ ᠦᠭᠡᠢ᠃ ᠰᠤᠷ ᠵᠦᠰᠦᠬᠦ ᠳ᠋ᠡᠭᠡᠨ ᠰᠢᠷᠢ ᠶ᠋ᠢ ᠨᠣᠢᠲᠠᠨ ᠢ᠋ᠶ᠋ᠠᠷ ᠨᠢ ᠨᠢᠭᠡ ᠬᠥᠮᠦᠨ ᠵᠢᠭᠳᠡ ᠲᠠᠲᠠᠵᠤ᠂ ᠨᠥᠭᠦᠭᠡ ᠬᠥᠮᠦᠨ ᠬᠤᠷᠴᠠ ᠬᠢᠲᠤᠭ᠎ᠠ ᠪᠠᠷ ᠦ ᠲᠤᠭᠤᠯ ᠭᠠᠷᠭᠠᠯ ᠦᠭᠡᠢ ᠵᠦᠰᠦᠨ᠎ᠡ᠃ ᠰᠤᠷ ᠢ᠋ ᠭᠤᠷᠪᠠᠨ ᠬᠤᠷᠤᠭᠤ ᠥᠷᠭᠡᠨ ᠵᠦᠰᠦᠬᠦ ᠳ᠋ᠦ᠍ ᠲᠠᠲᠠᠵᠤ ᠨᠦᠳᠦᠭᠰᠡᠨ ᠦ᠌ ᠳᠠᠷᠠᠭ᠎ᠠ ᠨᠢᠭᠡ ᠬᠤᠷᠤᠭᠤ ᠪᠣᠯᠤᠨ᠎ᠠ᠃ ᠵᠦᠰᠦᠬᠦ ᠳ᠋ᠡᠭᠡᠨ ᠮᠠᠨ ᠤ᠋ ᠵᠠᠷᠢᠮ ᠦᠨᠳᠦᠰᠦᠲᠡᠨ ᠲᠤᠬᠠᠢᠯᠠᠪᠠᠯ ᠳᠠᠷᠬᠠᠳ ᠶᠠᠰᠤᠲᠠᠨ ᠣᠨᠴᠣᠭᠣᠢ ᠰᠠᠢᠨ ᠪᠥᠭᠡᠳ ᠮᠣᠩᠭᠣᠯ ᠤ᠋ᠨ ᠤᠯᠠᠮᠵᠢᠯᠠᠯᠲᠤ ᠠᠷᠠᠰᠤ ᠰᠢᠷᠢ ᠶ᠋ᠢᠨ ᠡᠳ᠋ᠯᠡᠯ ᠬᠢᠬᠦ᠂ ᠬᠡᠷᠡᠭᠯᠡᠬᠦ ᠠᠷᠭ᠎ᠠ ᠶ᠋ᠢ ᠡᠨᠳᠡ ᠬᠠᠳᠠᠭᠠᠯᠠᠨ ᠪᠠᠢᠳᠠᠭ᠃ ᠤᠭᠰᠠᠭᠠᠲᠠᠨ ᠤ᠋ ᠵᠦᠢ ᠰᠤᠳᠤᠯᠤᠭᠴᠢ ᠪᠠᠳᠮᠠᠬᠠᠳᠠᠨ ᠤ᠋ ᠰᠤᠳᠤᠯᠤᠭᠰᠠᠨ ᠠ᠋ᠴᠠ ᠦᠵᠡᠬᠦ ᠳ᠋ᠦ᠍ ᠳᠠᠷᠬᠠᠳ ᠤ᠋ᠳ ᠦᠬᠡᠷ ᠰᠢᠷᠢ ᠶ᠋ᠢ ᠶᠡᠬᠡ ᠪᠡᠶ᠎ᠡ᠂ ᠵᠣ᠂ ᠬᠣᠢᠲᠤ ᠤᠷᠲᠤ ᠭᠣᠳᠣ᠂ ᠳᠤᠬᠤ ᠶ᠋ᠢᠨ ᠠᠷᠠᠰᠤ ᠵᠡᠷᠭᠡ ᠪᠡᠷ ᠣᠯᠠᠨ ᠲᠥᠷᠥᠯ ᠦ᠋ᠨ ᠡᠳ᠋ ᠬᠢᠳᠡᠭ ᠪᠥᠭᠡᠳ ᠲᠡᠭᠦᠨ ᠳ᠋ᠡᠭᠡᠨ ᠵᠣᠷᠢᠭᠤᠯᠵᠤ ᠰᠢᠷᠢ ᠶ᠋ᠢ ᠢᠷᠠᠳᠠᠭ᠃ ᠬᠦᠵᠦᠭᠦᠦ ᠶ᠋ᠢᠨ ᠰᠤᠷ ᠬᠢᠬᠦ ᠠᠷᠠᠰᠤ ᠶ᠋ᠢ ᠬᠣᠶᠠᠷ ᠳᠠᠯᠤ ᠶ᠋ᠢᠨ ᠤᠷᠳᠤᠭᠤᠷ ᠥᠪᠴᠢᠵᠦ ᠢᠷᠡᠵᠦ᠂ ᠬᠠᠷ᠎ᠠ ᠰᠡᠭᠡᠷ ᠦ᠋ᠨ ᠦᠵᠦᠭᠦᠷ ᠲᠦ᠍ ᠨᠡᠢᠯᠡᠭᠦᠯᠦᠨ᠎ᠡ᠃ ᠲᠡᠭᠦᠨᠴᠢᠯᠡᠨ ᠦᠬᠡᠷ ᠪᠣᠯᠤᠨ ᠬᠣᠨᠢ ᠪᠤᠰᠤᠳ ᠮᠠᠯ ᠤ᠋ᠨ ᠬᠤᠤᠬᠠᠨᠠᠭ ᠢ᠋ ᠪᠢᠲᠡᠭᠦᠦ ᠥᠪᠴᠢᠬᠦ ᠤᠭᠤᠲᠠ ᠬᠢᠬᠦ᠂ ᠬᠦᠢᠰᠦ ᠶ᠋ᠢᠨ ᠠᠷᠠᠰᠤ ᠶ᠋ᠢ ᠳᠤᠭᠤᠢᠯᠠᠨ ᠥᠪᠴᠢᠵᠦ ᠪᠤᠭᠤᠢᠯᠢ ᠶ᠋ᠢᠨ ᠭᠣᠭᠴᠣᠭ᠎ᠠ ᠬᠢᠬᠦ ᠵᠡᠷᠭᠡ ᠪᠡᠷ ᠲᠤᠰᠬᠠᠢ ᠵᠣᠷᠢᠭᠤᠯᠤᠯᠲᠠ ᠪᠠᠷ ᠥᠪᠴᠢᠳᠡᠭ᠃
       ᠬᠠᠯᠬᠠᠴᠤᠳ ᠰᠤᠷ ᠵᠦᠰᠦᠬᠦ ᠳ᠋ᠡᠭᠡᠨ ᠨᠣᠭᠲᠣ ᠰᠢᠷᠢ ᠶ᠋ᠢ ᠦᠰᠦ ᠲᠡᠢ ᠨᠢ ᠵᠦᠰᠦᠵᠦ ᠬᠥᠯᠳᠡᠭᠡᠭᠡᠳ ᠬᠥᠯᠳᠡᠭᠦᠦ ᠳ᠋ᠦ᠍ᠨᠢ ᠦᠰᠦ ᠶ᠋ᠢ ᠬᠤᠷᠴᠠ ᠬᠢᠲᠤᠭ᠎ᠠ ᠪᠠᠷ ᠬᠤᠰᠤᠵᠤ ᠬᠠᠶᠠᠭᠠᠳ ᠤᠷᠢ ᠤᠲᠤᠭᠠᠨ ᠳ᠋ᠤ᠌ ᠥᠭᠴᠦ ᠡᠯᠳᠡᠨ᠎ᠡ᠃ ᠡᠯᠳᠡᠬᠦ ᠳ᠋ᠡᠭᠡᠨ ᠲᠤᠰᠬᠠᠢ ᠰᠢᠭᠤᠷᠭ᠎ᠠ ᠶ᠋ᠢᠨ ᠣᠷᠣᠢ ᠶ᠋ᠢ ᠵᠥᠷᠢᠭᠦᠯᠡᠵᠦ ᠪᠣᠭᠣᠵᠤ ᠬᠠᠳᠬᠤᠭᠤᠷ ᠭᠡᠷ ᠬᠡᠯᠪᠡᠷᠢ ᠲᠡᠢ ᠪᠣᠯᠭᠠᠭᠠᠳ ᠲᠡᠭᠦᠨ ᠦ᠌ ᠪᠡᠨ ᠭᠣᠣᠯ ᠳ᠋ᠤ᠌ ᠪᠡᠬᠢᠯᠡᠬᠦ ᠭᠣᠭᠴᠣᠭ᠎ᠠ ᠭᠠᠷᠭᠠᠵᠤ ᠰᠤᠷ ᠢ᠋ᠶ᠋ᠠᠨ ᠣᠯᠠᠨ ᠨᠤᠭᠤᠯᠵᠤ ᠭᠣᠭᠴᠣᠭᠠᠨ ᠳ᠋ᠤᠨᠢ ᠣᠷᠣᠭᠤᠯᠵᠤ ᠭᠠᠵᠠᠷ ᠤᠨᠵᠢᠢᠭᠰᠠᠨ ᠭᠣᠭᠴᠣᠭ᠎ᠠ ᠪᠠᠨ ᠲᠤᠰᠬᠠᠢ ᠬᠦᠯᠢᠵᠦ ᠭᠣᠭᠴᠣᠭ᠎ᠠ ᠭᠠᠷᠭᠠᠭᠰᠠᠨ ᠲᠣᠭᠣᠷᠢᠭ ᠬᠡᠯᠪᠡᠷᠢ ᠲᠡᠢ ᠴᠢᠯᠠᠭᠤᠨ ᠳ᠋ᠤ᠌ ᠪᠡᠬᠢᠯᠡᠨ ᠤᠷᠲᠤ ᠨᠠᠷᠢᠨ ᠳᠠᠷᠤᠯᠭ᠎ᠠ ᠮᠣᠳᠣ ᠣᠷᠣᠭᠤᠯᠵᠤ ᠡᠷᠴᠢᠯᠡᠬᠦ ᠮᠠᠶᠢᠭ ᠢ᠋ᠶ᠋ᠠᠷ ᠳᠡᠭᠡᠭᠰᠢ ᠳᠣᠭᠣᠭᠰᠢ ᠭᠦᠶᠦᠯᠭᠡᠵᠦ ᠡᠷᠴᠢᠯᠡᠵᠦ ᠡᠯᠳᠡᠨ᠎ᠡ᠃ ᠭᠣᠭᠴᠣᠭᠠᠨ ᠳ᠋ᠤ᠌ ᠣᠷᠣᠭᠰᠠᠨ ᠮᠣᠳᠣ ᠳᠣᠭᠣᠭᠰᠢ ᠳᠠᠷᠤᠬᠤ ᠳ᠋ᠤ᠌ ᠡᠷᠴᠢ ᠨᠢ ᠵᠠᠳᠠᠷᠠᠵᠤ ᠳᠡᠭᠡᠭᠰᠢ ᠠᠪᠬᠤ ᠳ᠋ᠤ᠌ ᠴᠢᠯᠠᠭᠤ ᠨᠢ ᠡᠷᠭᠢᠵᠦ ᠡᠷᠴᠢᠯᠡᠭᠳᠡᠨ᠎ᠡ᠃ ᠡᠢᠮᠦ ᠮᠠᠶᠢᠭ ᠢ᠋ᠶ᠋ᠠᠷ ᠡᠯᠳᠡᠨ᠎ᠡ᠃
ᠵᠢᠷᠤᠭ48 
ᠰᠤᠷ ᠡᠭᠡᠷᠡᠵᠦ ᠪᠠᠢᠭ᠎ᠠ ᠪᠠᠢᠳᠠᠯ

      ᠪᠤᠭᠤᠢᠯᠢ᠂ ᠬᠠᠵᠠᠭᠠᠷ᠂ ᠨᠣᠭᠲᠣ ᠬᠢᠬᠦ ᠰᠤᠷ ᠢ᠋5—6cm ᠥᠷᠭᠡᠨ ᠵᠦᠰᠦᠬᠦ ᠳ᠋ᠦ᠍ ᠲᠠᠲᠠᠵᠤ ᠡᠯᠳᠡᠭᠰᠡᠨ ᠦ᠌ ᠳᠠᠷᠠᠭ᠎ᠠ2—3cm ᠪᠣᠯᠤᠨ᠎ᠠ᠃ ᠡᠯᠳᠡᠬᠦ ᠰᠤᠷ ᠢ᠋ ᠴᠢᠭᠢᠭᠯᠡᠨ ᠤᠷᠢ ᠳ᠋ᠤ᠌ ᠥᠭᠬᠦ ᠶ᠋ᠢᠨ ᠲᠤᠯᠠᠳᠠ40 ᠣᠷᠴᠢᠮ ᠬᠣᠨᠣᠭ ᠪᠠᠭᠤᠴᠠᠨ ᠳ᠋ᠤ᠌ ᠪᠤᠯᠠᠵᠤ ᠳᠠᠷᠠᠭ᠎ᠠ ᠨᠢ ᠠᠳᠤᠭᠤᠨ ᠤ᠋ ᠥᠭᠡᠬᠦ᠂ ᠲᠠᠷᠪᠠᠭ᠎ᠠ ᠶ᠋ᠢᠨ ᠲᠣᠰᠣ ᠵᠤᠵᠠᠭᠠᠨ ᠲᠦᠷᠬᠢᠵᠦ ᠳᠤᠰᠤᠯᠠᠨ᠎ᠠ᠃ ᠲᠣᠰᠣ ᠰᠢᠩᠭᠡᠭᠰᠡᠨ ᠦ᠌ ᠳᠠᠷᠠᠭ᠎ᠠ ᠮᠢᠬᠠᠨ ᠲᠠᠯ᠎ᠠ ᠪᠠᠷ ᠨᠢ ᠲᠡᠭᠰᠢ ᠮᠣᠳᠣᠨ ᠳᠡᠭᠡᠷ᠎ᠡ ᠲᠠᠯᠪᠢᠵᠤ ᠠᠯᠤᠬ᠎ᠠ ᠪᠠᠷ ᠬᠥᠩᠭᠡᠨ ᠵᠢᠭᠳᠡ ᠴᠣᠬᠢᠵᠤ ᠡᠯᠳᠡᠨ᠎ᠡ᠃ ᠮᠥᠨ ᠬᠤᠰᠤᠨ ᠤ᠋ ᠬᠣᠵᠤᠤᠯ᠎ᠠ ᠨᠦᠬᠡᠯᠡᠵᠦ ᠨᠦᠬᠡ ᠪᠡᠷ ᠨᠢ ᠰᠤᠷ ᠢ᠋ᠶ᠋ᠠᠨ ᠰᠦᠪᠡᠯᠡᠵᠦ ᠴᠠᠰᠢ ᠨᠠᠰᠢ ᠲᠠᠲᠠᠵᠤ ᠡᠯᠳᠡᠬᠦ ᠪᠠ ᠵᠥᠭᠡᠯᠡᠷᠡᠭᠦᠯᠬᠦ ᠶ᠋ᠢᠨ ᠲᠤᠯᠠᠳᠠ ᠰᠢᠷ᠎ᠠ ᠪᠠᠭᠤᠴᠠᠨ ᠳ᠋ᠤ᠌ ᠡᠳᠦᠷ ᠲᠤᠷᠰᠢ ᠪᠤᠯᠠᠨ᠎ᠠ᠃ ᠡᠭᠦᠨ ᠦ᠌ ᠳᠠᠷᠠᠭ᠎ᠠ ᠡᠭᠡᠷᠡᠦᠯᠳᠡᠨ᠎ᠡ᠃ ᠡᠭᠡᠷᠡᠦᠯᠳᠡᠬᠦ ᠠᠷᠭ᠎ᠠ ᠨᠤᠲᠤᠭ ᠪᠦᠷᠢ ᠶᠡᠷᠦᠩᠬᠡᠢ ᠳ᠋ᠡᠭᠡᠨ ᠠᠳᠠᠯᠢ ᠪᠣᠯᠪᠠᠴᠤ180cm ᠠ᠋ᠴᠠ ᠥᠨᠳᠥᠷ ᠲᠤᠰ ᠪᠦᠷᠢ ᠠᠴᠠ ᠲᠠᠢ ᠬᠣᠶᠠᠷ ᠮᠣᠳᠣ ᠵᠣᠭᠣᠭᠣᠵᠤ ᠳᠡᠭᠡᠭᠦᠷ ᠨᠢ ᠠᠢᠷᠠᠭ ᠳᠡᠭᠦᠵᠢᠯᠡᠬᠦ ᠮᠠᠶᠢᠭ ᠤ᠋ᠨ ᠨᠢᠷᠤᠭᠤ ᠬᠢᠵᠦ ᠠᠴᠠ ᠮᠣᠳᠣ ᠠ᠋ᠴᠠ ᠭᠠᠵᠠᠷ ᠵᠣᠭᠣᠭᠣᠵᠤ ᠪᠡᠬᠢᠯᠡᠨ ᠰᠤᠷ ᠢ᠋ᠶ᠋ᠠᠨ ᠭᠣᠭᠴᠣᠭᠠᠯᠠᠳᠠᠨ ᠪᠡᠬᠢᠯᠡᠵᠦ ᠵᠡᠭᠦᠨ ᠭᠣᠭᠴᠣᠭᠠᠨ ᠤ᠋ ᠵᠠᠪᠰᠠᠷ ᠢ᠋ᠶ᠋ᠠᠷ ᠳᠠᠷᠤᠭᠤᠯᠭ᠎ᠠ ᠮᠣᠳᠣ ᠪᠠᠷ ᠳᠠᠷᠤᠵᠤ ᠡᠭᠡᠷᠡᠦᠯᠳᠡᠨ᠎ᠡ᠃ ᠦᠢᠯᠡᠳᠪᠦᠷᠢ ᠶ᠋ᠢᠨ ᠠᠷᠭ᠎ᠠ ᠪᠠᠷ ᠪᠣᠯᠪᠠᠰᠤᠷᠠᠭᠤᠯᠤᠭᠰᠠᠨ ᠰᠤᠷ ᠡᠳ᠋ᠯᠡᠭᠡᠨ ᠦ᠌ ᠬᠤᠪᠢ ᠳ᠋ᠤ᠌ ᠭᠠᠷ ᠰᠤᠷ ᠢ᠋ ᠭᠦᠢᠴᠡᠳᠡᠭ ᠦᠭᠡᠢ᠃
      ᠳᠠᠷᠬᠠᠴᠤᠳ ᠰᠢᠷᠢ ᠡᠯᠳᠡᠬᠦ ᠳ᠋ᠡᠭᠡᠨ ᠡᠬᠢᠯᠡᠭᠡᠳ ᠤᠷᠢ ᠳ᠋ᠤ᠌ ᠥᠭᠴᠦ ᠳᠠᠷᠠᠭ᠎ᠠ ᠨᠢ ᠮᠣᠳᠣᠨ ᠮᠤᠨᠠ ᠪᠠᠷ ᠨᠦᠳᠦᠵᠦ ᠡᠯᠳᠡᠳᠡᠭ᠃ ᠰᠤᠷ ᠢ᠋ ᠵᠦᠰᠦᠬᠦ ᠳ᠋ᠡᠭᠡᠨ ᠬᠠᠯᠬ᠎ᠠ ᠶ᠋ᠢᠨ ᠰᠤᠷ ᠵᠦᠰᠦᠬᠦ ᠠᠷᠭ᠎ᠠ ᠲᠠᠢ ᠠᠳᠠᠯᠢᠬᠠᠨ᠃ ᠭᠦᠮ ᠬᠢᠬᠦ ᠳ᠋ᠡᠭᠡᠨ2—3 ᠰᠠᠷ᠎ᠠ ᠤᠷᠢ ᠳ᠋ᠤ᠌ ᠥᠭᠭᠦᠨ᠎ᠡ᠃ ᠳᠠᠷᠠᠭ᠎ᠠ ᠨᠢ ᠬᠣᠨᠢᠨ ᠤ᠋ ᠰᠢᠷ᠎ᠠ ᠪᠠᠭᠤᠴᠠᠨ ᠳ᠋ᠤ᠌ ᠥᠷᠯᠥᠭᠡ ᠪᠤᠯᠠᠭᠰᠠᠨ ᠪᠣᠯ ᠣᠷᠣᠢ ᠠᠪᠴᠤ ᠬᠤᠢᠯᠠᠨ ᠨᠦᠳᠦᠨ᠎ᠡ᠃ ᠬᠤᠢᠯᠠᠨ ᠨᠦᠳᠦᠬᠦ ᠳ᠋ᠡᠭᠡᠨ ᠣᠯᠠᠨ ᠳᠠᠬᠢᠨ ᠡᠷᠭᠢᠭᠦᠯᠵᠦ ᠬᠤᠢᠯᠠᠵᠤ ᠨᠦᠳᠦᠨ᠎ᠡ᠃ ᠨᠦᠳᠦᠯᠲᠡ ᠪᠣᠯᠤᠭᠰᠠᠨ ᠡᠰᠡᠬᠦ ᠶ᠋ᠢ ᠰᠢᠯᠭᠠᠬᠤ ᠳ᠋ᠠᠭᠠᠨ ᠰᠢᠷᠢ ᠶ᠋ᠢ ᠠᠳᠬᠤᠵᠤ ᠦᠵᠡᠬᠦ ᠳ᠋ᠦ᠍ ᠠᠳᠬᠤᠭᠰᠠᠨ ᠶᠠᠩᠵᠤ ᠪᠠᠷ ᠨᠣᠢᠲᠠᠨ ᠮᠥᠷ ᠭᠠᠷᠪᠠᠯ ᠳᠤᠲᠠᠭᠤ᠂ ᠠᠳᠬᠤᠭᠰᠠᠨ ᠭᠠᠵᠠᠷ ᠥᠪᠡᠷ ᠢ᠋ᠶ᠋ᠡᠨ ᠲᠡᠨᠢᠢᠨ ᠴᠢᠭᠢᠭ ᠦᠭᠡᠢ ᠪᠠᠢᠪᠠᠯ ᠡᠯᠳᠡᠯᠲᠡ ᠪᠣᠯᠤᠭᠰᠠᠨ ᠭᠡᠵᠦ ᠦᠵᠡᠨ᠎ᠡ᠃
      ᠳᠠᠷᠬᠠᠴᠤᠳ ᠰᠢᠷᠢ ᠶ᠋ᠢ ᠤᠲᠤᠭᠠᠨ ᠳ᠋ᠤ᠌ ᠥᠭᠴᠦ ᠭᠤᠲᠤᠯ ᠤ᠋ᠨ ᠤᠯᠠ ᠬᠢᠳᠡᠭ᠃ ᠡᠨᠡ ᠨᠢ ᠰᠢᠷᠢ ᠲᠠᠲᠠᠵᠤ ᠬᠠᠳᠠᠳᠠᠭ ᠦᠭᠡᠢ ᠰᠠᠢᠨ ᠲᠠᠯ᠎ᠠ ᠲᠠᠢ ᠪᠠᠢᠳᠠᠭ᠃ ᠤᠭᠤᠲᠠ ᠰᠠᠪᠠ ᠬᠢᠬᠦ ᠰᠢᠷᠢ ᠶ᠋ᠢ ᠭᠠᠩᠳᠠᠬᠤ ᠳ᠋ᠠᠭᠠᠨ30—60l   ᠣᠷᠴᠢᠮ ᠰᠢᠩᠭᠡᠨ ᠪᠠᠭᠲᠠᠬᠤ ᠰᠠᠪᠠᠨ ᠳ᠋ᠤ᠌ ᠬᠤᠵᠢᠷ᠂ ᠱᠡᠦ ᠡᠰᠡᠪᠡᠯ ᠴᠠᠭ᠎ᠠ ᠪᠤᠶᠤ ᠰᠢᠷ᠎ᠠ ᠤᠰᠤ ᠬᠢᠵᠦ ᠳᠣᠲᠣᠷ᠎ᠠ ᠨᠢ ᠰᠢᠷᠢ ᠪᠡᠨ ᠬᠢᠵᠦ ᠭᠠᠩᠳᠠᠨ᠎ᠠ᠃ ᠭᠠᠩᠳᠠᠬᠤ ᠰᠢᠷᠢ ᠶ᠋ᠢᠨ ᠦᠰᠦ ᠶ᠋ᠢ ᠶᠡᠬᠡᠪᠴᠢᠯᠡᠨ ᠵᠦᠢᠯᠦᠭᠰᠡᠨ ᠪᠠᠢᠳᠠᠭ᠃ ᠦᠰᠦ ᠶ᠋ᠢ ᠵᠦᠢᠯᠬᠦ( ᠬᠤᠰᠤᠬᠤ) ᠳ᠋ᠠᠭᠠᠨ ᠰᠢᠷᠢ ᠶ᠋ᠢᠨ ᠳᠣᠲᠣᠷ᠎ᠠ ᠲᠠᠯ᠎ᠠ ᠠ᠋ᠴᠠ70cm ᠣᠷᠴᠢᠮ ᠪᠦᠳᠦᠭᠦᠪᠲᠦᠷ ᠮᠣᠳᠣ ᠪᠠᠷ ᠲᠤᠯᠵᠤ᠂ ᠢᠷ ᠲᠡᠢ ᠬᠤᠷᠴᠠ ᠬᠢᠲᠤᠭ᠎ᠠ ᠬᠡᠳᠦ ᠬᠡᠳᠦ ᠣᠷᠣᠨ᠎ᠠ᠃ ᠦᠰᠦ ᠶ᠋ᠢ ᠵᠦᠢᠯᠬᠦ ᠳ᠋ᠡᠭᠡᠨ ᠮᠣᠳᠣ ᠪᠠᠨ ᠨᠠᠯᠠᠤ ᠪᠠᠷᠢᠵᠤ ᠲᠡᠭᠦᠨ ᠦ᠌ ᠳᠠᠭᠠᠤ ᠬᠤᠷᠴᠠ ᠬᠢᠲᠤᠭ᠎ᠠ ᠪᠠᠷ ᠬᠤᠰᠤᠨ᠎ᠠ᠃
      ᠠᠳᠤᠭᠤᠨ ᠤ᠋ ᠰᠢᠷᠢ ᠮᠣᠷᠢᠨ ᠤ᠋ ᠬᠥᠯᠥᠰᠥᠨ ᠳ᠋ᠦ᠍ ᠲᠦᠯᠡᠭᠳᠡᠳᠡᠭ ᠦᠭᠡᠢ ᠰᠠᠢᠨ ᠲᠠᠯ᠎ᠠ ᠲᠠᠢ᠃ ᠠᠳᠤᠭᠤᠨ ᠤ᠋ ᠰᠢᠷᠢ ᠶ᠋ᠢᠨ ᠦᠰᠦ ᠶ᠋ᠢ ᠵᠦᠢᠯᠵᠦ ᠴᠠᠭ᠎ᠠ ᠶ᠋ᠢᠨ ᠰᠢᠷ᠎ᠠ ᠤᠰᠤᠨ ᠳ᠋ᠤ᠌7 ᠬᠣᠨᠣᠭ ᠢᠳᠡᠭᠡᠯᠡᠵᠦ ᠡᠯᠳᠡᠨ ᠭᠥᠯᠢᠮ᠂ ᠴᠢᠳᠥᠷ᠂ ᠨᠣᠭᠲᠣ ᠬᠢᠨ᠎ᠡ᠃ ᠦᠬᠡᠷ ᠦ᠋ᠨ ᠰᠢᠷᠢ ᠶ᠋ᠢ ᠦᠰᠦ ᠶ᠋ᠢ ᠨᠢ ᠵᠦᠢᠯᠵᠦ ᠴᠠᠭ᠎ᠠ ᠶ᠋ᠢᠨ ᠰᠢᠷ᠎ᠠ ᠤᠰᠤ᠂ ᠬᠤᠵᠢᠷ ᠪᠤᠶᠤ ᠱᠡᠦ ᠲᠡᠢ ᠬᠣᠯᠢᠵᠤ ᠢᠳᠡᠭᠡᠯᠡᠨ᠎ᠡ᠃ ᠦᠬᠡᠷ ᠦ᠋ᠨ ᠨᠢᠭᠡ ᠰᠢᠷᠢ ᠳ᠋ᠦ᠍6kg ᠬᠤᠵᠢᠷ ᠪᠤᠶᠤ ᠱᠡᠦ ᠬᠢᠨ᠎ᠡ᠃ ᠳᠡᠪᠢᠰᠬᠡᠷ ᠬᠢᠬᠦ ᠰᠢᠷᠢ ᠶ᠋ᠢ ᠦᠰᠦ ᠲᠡᠢ ᠨᠢ12 ᠬᠣᠨᠣᠭ ᠢᠳᠡᠭᠡᠯᠡᠨ᠎ᠡ᠃ ᠲᠡᠭᠦᠨ ᠢ᠋ᠶ᠋ᠡᠨ ᠮᠣᠳᠣᠨ ᠳᠡᠭᠡᠷ᠎ᠡ ᠲᠠᠯᠪᠢᠵᠤ ᠮᠤᠨᠠ ᠪᠠᠷ ᠨᠦᠳᠦᠵᠦ ᠡᠯᠳᠡᠭᠡᠳ ᠳᠤᠰᠤᠯᠠᠳᠠᠭ᠃ ᠤᠯᠠ ᠶ᠋ᠢᠨ ᠰᠢᠷᠢ ᠶ᠋ᠢ ᠶᠠᠰᠤᠨ ᠤ᠋ ᠨᠡᠷᠡᠮᠡᠯ ᠲᠣᠰᠣ ᠪᠠᠷ ᠳᠤᠰᠤᠯᠠᠨ᠎ᠠ᠃
      ᠨᠡᠷᠡᠮᠡᠯ ᠲᠣᠰᠣ ᠭᠠᠷᠭᠠᠬᠤ ᠶ᠋ᠢᠨ ᠲᠤᠯᠠᠳᠠ ᠭᠠᠵᠠᠷ ᠤᠬᠤᠵᠤ ᠨᠦᠬᠡ ᠭᠠᠷᠭᠠᠭᠠᠳ ᠲᠡᠭᠦᠨ ᠳᠡᠭᠡᠷ᠎ᠡ ᠪᠡᠨ ᠲᠣᠮᠣ ᠬᠤᠪᠢᠩ ᠰᠠᠭᠤᠯᠭᠠᠵᠤ ᠳᠡᠭᠡᠷ᠎ᠡ ᠨᠢ ᠴᠤᠭᠤᠷᠤᠬᠠᠢ ᠲᠣᠭᠣᠭ᠎ᠠ ᠲᠠᠯᠪᠢᠨ᠎ᠠ᠃ ᠴᠣᠭᠣᠷᠣᠬᠠᠢ ᠲᠣᠭᠣᠭᠠᠨ ᠳ᠋ᠠᠭᠠᠨ ᠶᠠᠰᠤ ᠬᠢᠵᠦ ᠪᠦᠲᠦᠨ ᠲᠣᠭᠣᠭ᠎ᠠ ᠪᠠᠷ ᠬᠥᠮᠥᠷᠢᠵᠦ ᠳᠡᠭᠡᠷ᠎ᠡ ᠨᠢ ᠲᠦᠯᠡᠰᠢ ᠣᠪᠣᠭᠠᠯᠠᠵᠤ ᠭᠠᠯᠯᠠᠨ᠎ᠠ᠃ ᠢᠩᠭᠢᠬᠦ ᠳ᠋ᠦ᠍ ᠬᠠᠷ᠎ᠠ ᠲᠣᠰᠣ ᠭᠠᠷᠬᠤ ᠪᠠ ᠲᠡᠭᠦᠨ ᠢ᠋ᠶ᠋ᠡᠷ ᠤᠯᠠ ᠶ᠋ᠢᠨ ᠰᠢᠷᠢ᠂ ᠰᠤᠷ ᠢ᠋ ᠳᠤᠰᠤᠯᠠᠵᠤ ᠮᠣᠷᠢᠨ ᠤ᠋ ᠵᠢᠯᠣᠭᠣ ᠴᠤᠯᠪᠤᠭᠤᠷ᠂ ᠴᠢᠳᠥᠷ ᠨᠣᠭᠲᠣ ᠬᠢᠳᠡᠭ᠃ ᠪᠤᠭᠤᠢᠯᠢ ᠶ᠋ᠢᠨ ᠰᠤᠷ ᠤ᠋ᠨ ᠭᠣᠭᠴᠣᠭ᠎ᠠ ᠬᠢᠬᠦ ᠶ᠋ᠢᠨ ᠲᠤᠯᠠᠳᠠ ᠬᠦᠢᠰᠦᠨ ᠦ᠌ ᠰᠢᠷᠢ ᠶ᠋ᠢ ᠳᠤᠭᠤᠢᠯᠠᠨ ᠬᠠᠲᠠᠭᠠᠭᠠᠳ ᠲᠡᠭᠦᠨ ᠢ᠋ᠶ᠋ᠡᠨ ᠬᠢᠲᠤᠭ᠎ᠠ ᠪᠠᠷ ᠵᠣᠷᠢᠵᠤ ᠡᠯᠲᠡᠯ ᠦᠭᠡᠢ ᠪᠤᠭᠤᠢᠯᠢ ᠶ᠋ᠢᠨ ᠴᠠᠭᠠᠷᠢᠭ ᠭᠣᠭᠴᠣᠭ᠎ᠠ ᠬᠢᠳᠡᠭ᠃ ᠪᠤᠭᠤᠢᠯᠢ ᠶ᠋ᠢᠨ ᠰᠤᠷ ᠤ᠋ᠨ ᠪᠣᠭᠣᠨᠢ8—10 ᠠᠯᠲᠠ(13—16 ᠮᠧᠲ᠋ᠷ)᠂ ᠬᠠᠮᠤᠭ ᠤ᠋ᠨ ᠤᠷᠲᠤ ᠨᠢ12 ᠠᠯᠲᠠ(18 ᠮᠧᠲ᠋ᠷ) ᠪᠠᠢᠳᠠᠭ᠃ ᠦᠬᠡᠷ ᠦ᠋ᠨ ᠰᠢᠷᠢ ᠪᠡᠷ ᠭᠦᠮ ᠦ᠋ᠨ ᠭᠤᠲᠤᠯ᠂ ᠡᠮᠡᠭᠡᠯ ᠦ᠋ᠨ ᠭᠥᠯᠢᠮ᠂ ᠬᠥᠬᠦᠦᠷ᠂ ᠬᠥᠨᠥᠭ ᠬᠢᠬᠦ ᠳ᠋ᠡᠭᠡᠨ ᠣᠶᠣᠳᠠᠯ ᠤ᠋ᠳ ᠤ᠋ᠨ ᠵᠠᠪᠰᠠᠷ ᠵᠠᠪᠠᠯ ᠨᠠᠷᠢᠨ ᠬᠠᠪᠴᠢᠶᠠᠷᠢ ᠪᠠᠷᠢᠵᠤ ᠦᠬᠡᠷ ᠦ᠋ᠨ ᠰᠢᠷᠪᠥᠰᠥ ᠪᠡᠷ ᠣᠶᠣᠨ᠎ᠠ᠃
      ᠰᠢᠷᠪᠥᠰᠥ ᠡᠯᠳᠡᠬᠦ    ᠦᠬᠡᠷ ᠢ᠋ ᠨᠢᠲᠤᠯᠤᠭᠰᠠᠨ ᠤ᠋ ᠳᠠᠷᠠᠭ᠎ᠠ ᠰᠢᠷᠪᠥᠰᠥ ᠶ᠋ᠢ ᠠᠪᠴᠤ ᠤᠰᠤᠨ ᠳ᠋ᠤ᠌ ᠤᠬᠢᠶᠠᠵᠤ ᠴᠢᠰᠤ ᠶ᠋ᠢ ᠠᠷᠢᠯᠭᠠᠨ ᠴᠡᠪᠡᠷᠯᠡᠵᠦ ᠠᠪᠤᠨ᠎ᠠ᠃ ᠬᠠᠲᠠᠭᠰᠠᠨ ᠤ᠋ ᠳᠠᠷᠠᠭ᠎ᠠ ᠨᠢ ᠬᠠᠪᠲᠠᠭᠠᠢ ᠮᠣᠳᠣᠨ ᠳᠡᠭᠡᠷ᠎ᠡ ᠲᠠᠯᠪᠢᠵᠤ ᠮᠣᠳᠣᠨ ᠮᠤᠨᠠ ᠪᠠᠷ ᠵᠥᠭᠡᠯᠡᠨ ᠴᠣᠬᠢᠵᠤ ᠡᠯᠳᠡᠨ᠎ᠡ᠃ ᠡᠯᠳᠡᠬᠦ ᠦᠶ᠎ᠡ ᠳ᠋ᠦ᠍ ᠭᠠᠳᠠᠨ᠎ᠠ ᠲᠠᠯ᠎ᠠ ᠶ᠋ᠢᠨ ᠬᠠᠯᠢᠰᠤ ᠶ᠋ᠢ ᠬᠣᠪᠬᠣᠷᠠᠮᠠᠭᠴᠠ ᠠᠪᠴᠤ ᠬᠠᠶᠠᠭᠠᠳ ᠰᠢᠷᠪᠥᠰᠥ ᠶ᠋ᠢ ᠦᠷᠭᠦᠯᠵᠢᠯᠡᠭᠦᠯᠵᠦ ᠴᠣᠬᠢᠬᠤ ᠳ᠋ᠤ᠌ ᠡᠬᠢᠯᠡᠭᠡᠳ ᠰᠢᠷᠬᠡᠭ ᠢ᠋ᠶ᠋ᠡᠷ ᠢ᠋ᠶ᠋ᠡᠨ ᠵᠠᠳᠠᠷᠠᠵᠤ᠂ ᠳᠠᠷᠠᠭ᠎ᠠ ᠨᠢ ᠳᠠᠪᠤᠤ ᠶ᠋ᠢᠨ ᠤᠲᠠᠰᠤ ᠰᠢᠭ᠋ ᠨᠠᠷᠢᠨ ᠵᠥᠭᠡᠯᠡᠨ ᠤᠲᠠᠰᠤ ᠪᠣᠯᠤᠨ᠎ᠠ᠃ ᠡᠨᠡ ᠦᠶ᠎ᠡ ᠳ᠋ᠦ᠍ᠨᠢ ᠠᠪᠴᠤ ᠲᠠᠮᠤᠵᠤ ᠤᠲᠠᠰᠤ ᠬᠢᠨ᠎ᠡ᠃ ᠰᠢᠷᠪᠥᠰᠥ ᠪᠡᠷ ᠪᠦᠬᠦᠢᠯᠡ ᠰᠢᠷᠢ ᠶ᠋ᠢᠨ ᠡᠳ᠋ᠯᠡᠯ ᠢ᠋ ᠣᠶᠣᠬᠤ ᠪᠥᠭᠡᠳ ᠬᠡᠵᠢᠶ᠎ᠡ ᠴᠦ᠍ ᠲᠠᠰᠤᠷᠠᠬᠤ ᠦᠭᠡᠢ᠃ ᠬᠠᠷᠢᠨ ᠵᠠᠩᠭᠢᠯᠠᠭ᠎ᠠ ᠲᠣᠭᠲᠠᠳᠠᠭ ᠦᠭᠡᠢ ᠤᠴᠢᠷ ᠶᠠᠭᠤᠮ᠎ᠠ ᠣᠶᠣᠭᠰᠠᠨ ᠤ᠋ ᠳᠠᠷᠠᠭ᠎ᠠ ᠬᠢᠲᠤᠭ᠎ᠠ ᠪᠠᠷ ᠣᠭᠲᠣᠯᠤᠨ ᠴᠣᠭ ᠢ᠋ᠶ᠋ᠠᠷ ᠲᠦᠯᠡᠵᠦ ᠪᠥᠭᠡᠷᠡᠩᠬᠡᠢᠯᠡᠨ ᠲᠣᠭᠲᠠᠭᠠᠨ᠎ᠠ᠃ ᠰᠢᠷᠪᠥᠰᠥ ᠪᠡᠷ ᠵᠥᠪᠬᠡᠨ ᠪᠡᠬᠢᠯᠡᠬᠦ ᠣᠶᠣᠳᠠᠯ ᠬᠢᠭᠡᠳ ᠵᠣᠭᠰᠣᠬᠤ ᠦᠭᠡᠢ ᠰᠢᠷᠢ ᠶ᠋ᠢᠨ ᠡᠳ᠋ᠯᠡᠯ ᠳ᠋ᠦ᠍ ᠭᠣᠶᠣᠯ ᠤ᠋ᠨ ᠬᠡ ᠲᠠᠯᠪᠢᠬᠤ ᠳ᠋ᠤ᠌ ᠬᠡᠷᠡᠭᠯᠡᠨ᠎ᠡ᠃ ᠬᠡᠷᠪᠡ ᠬᠥᠬᠦᠦᠷ᠂ ᠪᠣᠷᠪᠢ᠂ ᠬᠥᠨᠥᠭ ᠬᠢᠬᠦ ᠪᠣᠯ ᠦᠬᠡᠷ ᠦ᠋ᠨ ᠬᠢᠯᠭᠠᠰᠤ ᠲᠠᠢ ᠬᠣᠯᠢᠵᠤ ᠲᠠᠮᠤᠨ᠎ᠠ᠃ ᠬᠥᠬᠦᠦᠷ᠂ ᠬᠥᠨᠥᠭ᠂ ᠭᠤᠲᠤᠯ ᠢ᠋ ᠣᠶᠣᠬᠤ ᠳ᠋ᠠᠭᠠᠨ ᠰᠢᠪᠡᠭᠦᠷ ᠪᠤᠶᠤ ᠰᠢᠪᠦᠭᠡ ᠪᠡᠷ ᠬᠠᠳᠬᠤᠨ ᠴᠣᠭᠣᠯᠵᠤ ᠪᠦᠳᠦᠭᠦᠨ ᠵᠡᠭᠦᠦ ᠪᠡᠷ ᠣᠶᠣᠨ᠎ᠠ᠃ ᠰᠢᠷᠢ ᠶ᠋ᠢᠨ ᠡᠳ᠋ᠯᠡᠯ ᠳ᠋ᠦ᠍ ᠬᠡ ᠤᠭᠠᠯᠵᠠ ᠶ᠋ᠢ ᠲᠠᠯᠪᠢᠬᠤ ᠳ᠋ᠠᠭᠠᠨ ᠰᠠᠪᠢᠬᠢ ᠰᠠᠷᠢᠰᠤ ᠪᠠᠷ ᠬᠢᠬᠦ ᠪᠥᠭᠡᠳ ᠲᠡᠭᠦᠨ ᠢ᠋ ᠲᠤᠰᠬᠠᠢ ᠬᠡᠪ ᠲᠦ᠍ ᠰᠢᠬᠠᠵᠤ ᠳᠣᠪᠣᠢᠯᠭᠠᠨ ᠲᠠᠯᠪᠢᠳᠠᠭ᠃ ᠰᠢᠷᠢ ᠶ᠋ᠢᠨ ᠬᠥᠭᠡᠭᠡᠮᠡᠯ ᠤᠭᠠᠯᠵᠠ ᠶ᠋ᠢ ᠣᠯᠠᠨ ᠶᠠᠩᠵᠤ ᠪᠠᠷ ᠤᠷᠠᠯᠠᠬᠤ ᠪᠥᠭᠡᠳ ᠡᠮᠡᠭᠡᠯ ᠦ᠋ᠨ ᠭᠥᠯᠢᠮ᠂ ᠮᠣᠩᠭᠣᠯ ᠭᠤᠲᠤᠯ ᠤ᠋ᠨ ᠱᠠᠭᠠᠢ( ᠱᠠᠭ᠎ᠠ) ᠵᠤᠯᠤᠭ᠂ ᠣᠢᠮᠣᠰᠤᠨ ᠤ᠋ ᠬᠠᠷᠠᠭ᠎ᠠ᠂ ᠳᠥᠷᠦᠭᠡᠨ ᠦ᠌ ᠭᠡᠷ ᠪᠣᠭᠴᠣ᠂ ᠪᠥᠬᠡ ᠶ᠋ᠢᠨ ᠭᠤᠲᠤᠯ ᠤ᠋ᠨ ᠲᠦᠷᠡᠢ ᠶ᠋ᠢᠨ ᠪᠣᠭᠣᠯᠲᠠ᠂ ᠲᠠᠮᠠᠬᠢᠨ ᠤ᠋ ᠤᠭᠤᠲᠠ ᠪᠣᠯᠤᠨ ᠪᠤᠰᠤᠳ ᠬᠠᠪᠲᠠᠭ᠎ᠠ᠂ ᠰᠠᠪᠠᠨ ᠳ᠋ᠤ᠌ ᠬᠡ ᠲᠠᠯᠪᠢᠳᠠᠭ᠃ ᠬᠡ ᠶ᠋ᠢ ᠲᠠᠯᠪᠢᠬᠤ ᠶ᠋ᠢᠨ ᠲᠤᠯᠠᠳᠠ ᠪᠤᠰᠤᠳ ᠬᠠᠳᠬᠤᠮᠠᠯ ᠤ᠋ᠨ ᠠᠳᠠᠯᠢ ᠬᠡ ᠪᠡᠨ ᠰᠣᠩᠭᠣᠨ ᠠᠪᠴᠤ ᠬᠢᠬᠦ ᠵᠦᠢᠯ ᠳ᠋ᠡᠭᠡᠨ ᠲᠣᠬᠢᠷᠠᠭᠤᠯᠤᠨ ᠵᠢᠷᠤᠵᠤ᠂ ᠰᠡᠢᠯᠵᠦ ᠬᠡᠪ ᠲᠦ᠍ ᠰᠢᠬᠠᠵᠤ ᠪᠡᠯᠡᠳᠬᠡᠨ᠎ᠡ᠃ ᠰᠢᠷᠢ ᠶ᠋ᠢᠨ ᠡᠳ᠋ᠯᠡᠯ ᠳ᠋ᠦ᠍ ᠲᠠᠯᠪᠢᠬᠤ᠂ ᠤᠭᠠᠯᠵᠠ ᠬᠢᠬᠦ ᠵᠦᠢᠯ ᠡᠴᠡ ᠪᠡᠨ ᠰᠢᠯᠲᠠᠭᠠᠯᠠᠵᠤ ᠶᠠᠩᠵᠤ ᠪᠦᠷᠢ ᠶ᠋ᠢᠨ ᠪᠠᠢᠳᠠᠭ᠃ ᠵᠢᠱ᠌ᠢᠶ᠎ᠡ ᠨᠢ᠄ ᠭᠥᠯᠢᠮ ᠣᠯᠣᠩᠴᠣᠭ ᠲᠤ ᠲᠦᠮᠡᠨ ᠵᠢᠷᠭᠠᠯᠠᠩ᠂ ᠫᠦᠰᠡ᠂ ᠮᠤᠰᠬᠢᠶ᠎ᠡ᠂ ᠭᠥᠷᠥᠯᠭᠡ᠂ ᠴᠦᠳᠡᠨᠵᠡ ᠶ᠋ᠢᠨ ᠪᠤᠯᠤᠩ᠂ ᠥᠯᠵᠡᠢ ᠤᠲᠠᠰᠤ ᠵᠡᠷᠭᠡ ᠬᠡ᠂ ᠳᠥᠷᠦᠭᠡᠨ ᠦ᠌ ᠰᠤᠷ ᠤ᠋ᠨ ᠭᠡᠷ ᠲᠦ᠍ ᠳᠤᠭᠤᠢ ᠵᠣᠭᠣᠰ᠂ ᠫᠦᠰᠡᠨ ᠬᠡ ᠲᠠᠯᠪᠢᠳᠠᠭ ᠪᠠᠢᠵᠠᠢ᠃
      ᠤᠭᠠᠯᠵᠠᠨ ᠤ᠋ ᠬᠡ ᠪᠡᠯᠡᠳᠬᠡᠬᠦ   ᠰᠡᠢᠯᠪᠦᠷᠢ ᠶ᠋ᠢᠨ ᠪᠠᠭᠠᠵᠢ ᠨᠤᠭᠤᠳ ᠨᠢ ᠭᠠᠳᠠᠨ᠎ᠠ ᠠ᠋ᠴᠠ ᠪᠠᠨ ᠢᠷ ᠲᠡᠢ᠂ ᠨᠢᠮᠭᠡᠨ ᠲᠡᠮᠦᠷ ᠲᠡᠢ ᠣᠯᠠᠨ ᠶᠠᠩᠵᠤ ᠪᠠᠢᠬᠤ ᠪᠣᠯᠪᠠᠴᠤ ᠭᠤᠷᠪᠠᠯᠵᠢᠨ᠂ ᠳᠥᠷᠪᠡᠯᠵᠢᠨ᠂ ᠬᠣᠪᠢᠯ ᠲᠠᠢ ᠣᠬᠣᠮ᠂ ᠮᠣᠩᠭᠣᠯ ᠬᠢᠲᠤᠭ᠎ᠠ ᠵᠡᠷᠭᠡ ᠶ᠋ᠢ ᠬᠡ ᠳ᠋ᠦ᠍ ᠲᠣᠬᠢᠷᠠᠭᠤᠯᠤᠨ ᠬᠡᠷᠡᠭᠯᠡᠨ᠎ᠡ᠃ ᠰᠡᠢᠯᠪᠦᠷᠢ ᠬᠢᠬᠦ ᠮᠣᠳᠣ ᠬᠠᠲᠠᠭᠤ ᠨᠢᠭᠲᠠ ᠰᠢᠷᠬᠡᠭ ᠲᠡᠢ᠂ ᠬᠤᠰᠤ ᠮᠣᠳᠣ ᠪᠠᠷ ᠬᠢᠳᠡᠭ᠃ ᠮᠣᠳᠣ ᠪᠠᠨ ᠲᠡᠭᠰᠢᠯᠡᠨ ᠤᠭᠠᠯᠵᠠ ᠪᠠᠨ ᠴᠠᠭᠠᠰᠤᠨ ᠳᠡᠭᠡᠷ᠎ᠡ ᠵᠢᠷᠤᠵᠤ ᠰᠢᠪᠡᠭᠡᠳ ᠮᠣᠳᠣᠨ ᠳᠡᠭᠡᠷ᠎ᠡ ᠪᠡᠨ ᠪᠤᠷᠤᠭᠤ ᠬᠠᠷᠠᠭᠤᠯᠵᠤ ᠪᠠᠭᠤᠯᠭᠠᠵᠤ ᠤᠬᠤᠵᠤ ᠠᠪᠬᠤ ᠳᠦᠷᠰᠦ ᠪᠡᠨ ᠲᠣᠳᠣᠷᠠᠭᠤᠯᠤᠨ ᠵᠢᠷᠤᠨ᠎ᠠ᠃ ᠬᠡ ᠪᠡᠨ ᠤᠬᠤᠵᠤ ᠰᠡᠢᠯᠬᠦ ᠳ᠋ᠡᠭᠡᠨ ᠬᠡ ᠶ᠋ᠢᠨ ᠢ᠋ᠶ᠋ᠡᠨ ᠥᠷᠭᠡᠨ ᠢ᠋3mm᠂ ᠭᠦᠨ ᠢ᠋2—3mm ᠵᠢᠭᠳᠡ ᠤᠬᠤᠵᠤ ᠢᠷᠮᠡᠭ ᠢ᠋ ᠨᠢ ᠲᠡᠭᠰᠢ ᠰᠠᠢᠨ ᠰᠡᠢᠯᠬᠦ ᠪᠠ ᠤᠭᠠᠯᠵᠠ ᠶ᠋ᠢᠨ ᠰᠦᠯᠵᠢᠶ᠎ᠡ ᠨᠦ᠍ᠭᠦᠳ ᠢ᠋ ᠭᠠᠷᠭᠠᠬᠤ ᠳ᠋ᠠᠭᠠᠨ ᠳᠡᠭᠡᠭᠦᠷ ᠨᠢ ᠣᠷᠣᠭᠰᠠᠨ ᠰᠦᠯᠵᠢᠶ᠎ᠡ ᠦᠷᠭᠦᠯᠵᠢ ᠤᠬᠤᠭᠳᠠᠬᠤ ᠪᠠ ᠳᠣᠭᠤᠤᠷ ᠨᠢ ᠣᠷᠣᠭᠰᠠᠨ ᠰᠦᠯᠵᠢᠶ᠎ᠡ ᠶ᠋ᠢ ᠲᠠᠰᠤᠷᠬᠠᠢ ᠤᠬᠤᠨ᠎ᠠ᠃ ᠭᠥᠯᠢᠮ᠂ ᠣᠯᠣᠩᠴᠣᠭ ᠤ᠋ᠨ ᠭᠠᠳᠠᠨ᠎ᠠ ᠲᠠᠯ᠎ᠠ ᠶ᠋ᠢᠨ ᠡᠮᠵᠢᠶᠡᠷᠢ ᠶ᠋ᠢ ᠬᠥᠭᠡᠭᠡᠬᠦ ᠬᠡᠪ ᠦ᠋ᠨ ᠥᠷᠭᠡᠨ ᠨᠢ6mm ᠭᠦᠨ ᠨᠢ3—4mm ᠪᠠᠢᠨ᠎ᠠ᠃ ᠰᠡᠢᠯᠪᠦᠷᠢ ᠪᠡᠨ ᠪᠥᠬᠡ ᠪᠣᠯᠭᠠᠬᠤ ᠶ᠋ᠢᠨ ᠲᠤᠯᠠᠳᠠ ᠪᠡᠯᠡᠳᠬᠡᠭᠰᠡᠨ ᠬᠡᠪ ᠢ᠋ᠶ᠋ᠡᠨ ᠲᠣᠰᠣᠨ ᠳᠤ ᠬᠠᠨᠲᠠᠯ᠎ᠠ ᠴᠢᠨᠠᠨ᠎ᠠ᠃ ᠡᠢᠮᠦ ᠬᠡᠪ ᠢ᠋ ᠵᠠᠶᠠᠭ᠎ᠠ ᠪᠠᠷ ᠭᠡᠵᠦ ᠨᠡᠷᠡᠯᠡᠳᠡᠭ᠃
       ᠤᠭᠠᠯᠵᠠ ᠬᠡ ᠶ᠋ᠢ ᠳᠣᠪᠣᠢᠯᠭᠠᠨ ᠬᠥᠭᠡᠭᠡᠬᠦ ᠳ᠋ᠦ᠍ ᠪᠡᠯᠡᠳᠬᠡᠭᠰᠡᠨ ᠢ᠋ᠶ᠋ᠡᠷ ᠦ᠋ᠨ ᠳᠡᠭᠡᠷ᠎ᠡ ᠪᠡᠨ ᠬᠡ ᠲᠠᠯᠪᠢᠬᠤ ᠰᠠᠷᠢᠰᠤ᠂ ᠰᠠᠪᠢᠬᠢ ᠵᠡᠷᠭᠡ ᠶ᠋ᠢ ᠨᠣᠷᠭᠠᠨ ᠲᠠᠯᠪᠢᠵᠤ ᠦᠯᠦ ᠮᠡᠳᠡᠭ ᠴᠢᠭᠢᠭ ᠲᠡᠢ ᠪᠠᠢᠬᠤ ᠳ᠋ᠤᠨᠢ ᠥᠩᠭᠡ ᠶ᠋ᠢ ᠨᠢ ᠳᠣᠲᠣᠭᠰᠢ ᠬᠠᠷᠠᠭᠤᠯᠤᠨ ᠲᠠᠯᠪᠢᠵᠤ ᠳᠡᠭᠡᠷ᠎ᠡ ᠡᠴᠡ ᠨᠢ ᠬᠤᠯᠤᠰᠤ᠂ ᠮᠣᠳᠣ᠂ ᠡᠪᠡᠷ ᠬᠥᠭᠡᠭᠡᠴᠡᠯᠳᠦᠭᠦᠷ ᠢ᠋ᠶ᠋ᠡᠷ᠂ ᠭᠠᠷ ᠢ᠋ᠶ᠋ᠠᠷ ᠨᠢᠳᠬᠡᠷᠬᠦ ᠳ᠋ᠦ᠍ ᠤᠭ ᠬᠡ ᠬᠣᠩᠬᠣᠢᠵᠤ ᠥᠩᠭᠡᠨ ᠳ᠋ᠡᠭᠡᠨ ᠲᠥᠪᠥᠭᠡᠷ ᠪᠣᠯᠬᠤ ᠪᠥᠭᠡᠳ ᠬᠣᠩᠬᠣᠷ ᠬᠣᠪᠢᠯ ᠳ᠋ᠤᠨᠢ ᠡᠷᠴᠢᠯᠡᠭᠰᠡᠨ ᠤᠲᠠᠰᠤ᠂ ᠣᠯᠣᠰᠣ᠂ ᠨᠠᠷᠢᠨ ᠵᠦᠰᠦᠭᠰᠡᠨ ᠰᠠᠪᠢᠬᠢ ᠶ᠋ᠢ ᠰᠦᠯᠵᠢᠶ᠎ᠡ ᠶ᠋ᠢ ᠨᠢ ᠲᠠᠭᠠᠷᠠᠭᠤᠯᠤᠨ ᠨᠠᠭᠠᠵᠤ ᠬᠠᠲᠠᠭᠠᠨ᠎ᠠ᠃ ᠬᠠᠲᠠᠭᠰᠠᠨ ᠤ᠋ ᠳᠠᠷᠠᠭ᠎ᠠ ᠬᠡ ᠪᠡᠨ ᠲᠣᠳᠣ ᠪᠣᠯᠭᠠᠬᠤ ᠶ᠋ᠢᠨ ᠲᠤᠯᠠᠳᠠ ᠠᠴᠠ ᠲᠠᠢ ᠬᠥᠭᠡᠭᠡᠴᠡᠯᠳᠦᠭᠦᠷ ᠢ᠋ᠶ᠋ᠡᠷ ᠬᠥᠭᠡᠭᠡᠬᠦ ᠪᠤᠶᠤ ᠡᠰᠡᠪᠡᠯ ᠬᠡᠪ ᠲᠦ᠋ᠨᠢ ᠪᠤᠴᠠᠭᠠᠨ ᠬᠢᠵᠦ ᠵᠥᠭᠡᠯᠡᠨ ᠶᠠᠭᠤᠮ᠎ᠠ ᠪᠠᠷ ᠴᠣᠬᠢᠬᠤ ᠳ᠋ᠤ᠌ ᠬᠡ ᠲᠣᠳᠣᠷᠠᠨ᠎ᠠ᠃ ᠮᠥᠨ ᠰᠢᠷᠢᠨ ᠡᠳ᠋ᠯᠡᠯ ᠦ᠋ᠨ ᠬᠡ ᠤᠭᠠᠯᠵᠠ ᠶ᠋ᠢ ᠳᠣᠪᠣᠢᠯᠭᠠᠨ ᠬᠥᠭᠡᠭᠡᠬᠦ ᠲᠤᠰᠬᠠᠢ ᠬᠥᠩᠭᠡᠨ ᠴᠠᠭᠠᠨ᠂ ᠲᠤᠭᠤᠯᠭ᠎ᠠ ᠶ᠋ᠢᠨ ᠬᠡᠪ ᠦ᠋ᠳ ᠪᠠᠢᠬᠤ ᠪᠠ ᠲᠡᠭᠦᠨ ᠳ᠋ᠦ᠍ ᠬᠡ ᠶ᠋ᠢ ᠰᠢᠬᠠᠬᠤ ᠶ᠋ᠢᠨ ᠲᠤᠯᠠᠳᠠ ᠬᠡᠪ ᠢ᠋ᠶ᠋ᠡᠨ ᠪᠠᠭ᠎ᠠ ᠵᠡᠷᠭᠡ ᠬᠠᠯᠠᠭᠠᠵᠤ ᠬᠡ ᠪᠡᠨ ᠲᠦᠷᠦᠭᠦᠴᠢ ᠶ᠋ᠢᠨ ᠠᠳᠠᠯᠢ ᠬᠣᠩᠬᠣᠷ ᠲᠤᠨᠢ ᠬᠢᠵᠦ ᠥᠭᠭᠦᠨ᠎ᠡ᠃ ᠢᠩᠭᠢᠵᠦ ᠬᠥᠭᠡᠭᠡᠯᠭᠡᠨ ᠰᠢᠬᠠᠭᠰᠠᠨ ᠬᠡ ᠪᠡᠨ ᠬᠡᠯᠡᠬᠦ ᠳᠡᠪᠢᠰᠬᠡᠷ( ᠭᠥᠯᠢᠮ᠂ ᠭᠤᠲᠤᠯ ᠤ᠋ᠨ ᠱᠠᠭ᠎ᠠ᠂ ᠵᠤᠯᠤᠭ) ᠤ᠋ᠨ ᠬᠡ ᠳᠠᠪ ᠤ᠋ᠨ ᠳᠡᠭᠡᠷ᠎ᠡ ᠲᠠᠯᠪᠢᠬᠤ ᠪᠤᠶᠤ ᠳᠠᠪ ᠦᠭᠡᠢ ᠬᠡ ᠶ᠋ᠢ ᠰᠢᠭᠤᠳ ᠬᠡᠯᠡᠬᠦ ᠳᠡᠪᠢᠰᠬᠡᠷ ᠳᠡᠭᠡᠷ᠎ᠡ ᠪᠡᠨ ᠲᠠᠯᠪᠢᠵᠤ ᠳᠣᠪᠣᠭᠣᠷ ᠬᠡ ᠶ᠋ᠢᠨ ᠢ᠋ᠶ᠋ᠡᠨ ᠬᠣᠶᠠᠷ ᠲᠠᠯ᠎ᠠ ᠪᠠᠷ ᠨᠢᠭᠲᠠ ᠰᠢᠬᠠᠵᠤ ᠣᠶᠣᠨ᠎ᠠ᠃ ᠣᠶᠣᠬᠤ ᠳ᠋ᠠᠭᠠᠨ ᠰᠢᠪᠡᠭᠦᠷ ᠪᠤᠶᠤ ᠰᠢᠪᠦᠭᠡ ᠪᠡᠷ ᠰᠢᠪᠠᠨ ᠴᠣᠭᠣᠯᠵᠤ ᠨᠦᠬᠡ ᠭᠠᠷᠭᠠᠭᠠᠳ ᠲᠡᠭᠦᠨ ᠢ᠋ᠶ᠋ᠡᠷ ᠢ᠋ᠶ᠋ᠡᠨ ᠬᠥᠭᠡᠭᠡᠬᠦ ᠬᠡ ᠴᠢᠮᠡᠬᠦ ᠤᠲᠠᠰᠤ ᠲᠠᠢ ᠵᠡᠭᠦᠦ ᠪᠡᠷ ᠣᠶᠣᠨ᠎ᠠ᠃
ᠵᠢᠷᠤᠭ49 
ᠭᠥᠯᠢᠮ ᠳᠡᠪᠢᠰ ᠦ᠋ᠨ ᠬᠡ

ᠵᠢᠷᠤᠭ50 
ᠮᠣᠩᠭᠣᠯ ᠭᠤᠲᠤᠯ ᠤ᠋ᠨ ᠱᠠᠭᠠᠢ᠂ ᠵᠤᠯᠤᠭ ᠥᠰᠥᠭᠡᠢ ᠶ᠋ᠢᠨ ᠬᠡ

       ᠬᠡ ᠶ᠋ᠢ ᠰᠢᠪᠡᠬᠦ ᠰᠢᠪᠡᠭᠦᠷ ᠢ᠋ ᠣᠶᠣᠳᠠᠯ ᠤ᠋ᠨ ᠭᠣᠣᠯ ᠣᠷᠣᠢ ᠠ᠋ᠴᠠ ᠬᠠᠮᠢᠶᠠᠷᠴᠤ ᠬᠡᠳᠦ ᠬᠡᠳᠦᠨ ᠬᠡᠮᠵᠢᠶ᠎ᠡ ᠲᠡᠢ ᠬᠢᠨ᠎ᠡ᠃ ᠵᠢᠱ᠌ᠢᠶ᠎ᠡ ᠨᠢ ᠰᠠᠭᠠᠷᠢ ᠶ᠋ᠢᠨ ᠤᠭᠠᠯᠵᠠ ᠶ᠋ᠢ ᠰᠢᠪᠡᠬᠦ ᠳ᠋ᠦ᠍ ᠭᠠᠭᠴᠠ ᠰᠢᠪᠡᠭᠦᠷ ᠬᠡᠷᠡᠭᠯᠡᠨ᠎ᠡ᠃ ᠬᠣᠣᠰ ᠰᠢᠪᠡᠭᠦᠷ ᠢ᠋ᠶ᠋ᠡᠷ ᠰᠢᠪᠡᠭᠰᠡᠨ ᠬᠡ ᠠᠮᠠᠷᠬᠠᠨ ᠰᠡᠲᠡᠷᠡᠵᠦ ᠬᠡᠪᠡᠷᠡᠭ ᠪᠣᠯᠳᠠᠭ ᠤᠴᠢᠷ ᠨᠢᠭᠡ ᠰᠢᠪᠡᠯᠭᠡ ᠲᠡᠢ ᠠᠷᠤ ᠳ᠋ᠠᠭᠠᠨ ᠮᠥᠷ ᠲᠡᠮᠳᠡᠭᠯᠡᠭᠴᠢ ᠲᠡᠢ ᠰᠢᠪᠡᠭᠦᠷ ᠬᠠᠮᠤᠭ ᠤ᠋ᠨ ᠲᠣᠬᠢᠷᠠᠮᠵᠢᠲᠠᠢ᠃ ᠪᠤᠯᠢᠭᠠᠷᠢ ᠳ᠋ᠤ᠌ ᠰᠢᠪᠡᠭᠰᠡᠨ ᠨᠦᠬᠡ ᠠᠮᠠᠷᠬᠠᠨ ᠠᠨᠢᠳᠠᠭ ᠤᠴᠢᠷ ᠨᠦᠬᠡ ᠪᠡᠨ ᠲᠣᠳᠣ ᠭᠠᠷᠭᠠᠬᠤ ᠶ᠋ᠢᠨ ᠲᠤᠯᠠᠳᠠ ᠠᠷᠤ ᠲᠠᠯ᠎ᠠ ᠶ᠋ᠢ ᠨᠢ ᠴᠠᠪᠠᠤᠳᠠᠬᠤ ᠪᠤᠶᠤ ᠳᠠᠪᠤᠤ ᠳᠠᠪᠬᠤᠷᠯᠠᠨ ᠨᠠᠭᠠᠴᠤ ᠣᠶᠣᠪᠠᠯ ᠠᠰᠢᠭᠲᠠᠢ᠃ ᠳᠡᠭᠡᠷ᠎ᠡ ᠳᠣᠣᠷ᠎ᠠ ᠠ᠋ᠴᠠ ᠨᠢ ᠰᠢᠭᠤᠳ ᠣᠶᠣᠵᠤ ᠪᠣᠯᠳᠠᠭ᠃ ᠬᠡ ᠪᠡᠨ ᠣᠶᠣᠬᠤ ᠳ᠋ᠠᠭᠠᠨ ᠡᠬᠢᠯᠡᠭᠡᠳ ᠭᠠᠳᠠᠨ᠎ᠠ ᠲᠠᠯ᠎ᠠ ᠪᠠᠨ ᠣᠶᠣᠵᠤ᠂ ᠳᠠᠷᠠᠭ᠎ᠠ ᠨᠢ ᠳᠣᠲᠣᠷ ᠲᠠᠯ᠎ᠠ ᠶ᠋ᠢ ᠨᠢ ᠬᠣᠶᠠᠷ ᠡᠩᠨᠡᠭᠡ ᠵᠡᠷᠭᠡᠴᠡᠭᠡ ᠰᠢᠪᠡᠵᠦ ᠣᠶᠣᠨ᠎ᠠ᠃ ᠣᠶᠣᠬᠤ ᠳ᠋ᠠᠭᠠᠨ ᠤᠷᠤᠭᠰᠢ ᠨᠢᠭᠡ ᠬᠠᠳᠬᠤᠭᠠᠳ ᠡᠬᠢᠨ ᠦ᠌ ᠬᠠᠳᠬᠤᠯᠲᠠ ᠶ᠋ᠢᠨ ᠴᠠᠰᠢ ᠭᠠᠷᠤᠭᠰᠠᠨ ᠨᠦᠬᠡ ᠪᠡᠷ ᠳᠡᠭᠡᠭᠰᠢ ᠨᠢ ᠭᠠᠷᠭᠠᠬᠤ ᠳ᠋ᠠᠭᠠᠨ ᠮᠥᠨ ᠨᠢᠭᠡ ᠬᠠᠳᠬᠤᠯᠲᠠ ᠤᠷᠤᠭᠰᠢᠯᠠᠭᠤᠯᠬᠤ ᠳ᠋ᠤ᠌ ᠪᠤᠴᠠᠭᠠᠵᠤ ᠬᠠᠳᠬᠤᠨ ᠳᠠᠬᠢᠨ ᠤᠷᠤᠭᠰᠢᠯᠠᠭᠤᠯᠤᠨ ᠬᠠᠳᠬᠤᠬᠤ ᠮᠠᠶᠢᠭ ᠢ᠋ᠶ᠋ᠠᠷ ᠳᠠᠪᠲᠠᠨ ᠣᠶᠣᠨ᠎ᠠ᠃ ᠢᠩᠭᠢᠵᠦ ᠣᠶᠣᠬᠤ ᠳ᠋ᠤ᠌ ᠠᠷᠤ ᠲᠠᠯ᠎ᠠ ᠨᠢ ᠨᠢᠭᠡ ᠠᠯᠤᠰᠯᠠᠨ ᠬᠣᠶᠠᠷ ᠳᠠᠪᠬᠤᠷᠯᠠᠭᠳᠠᠭᠰᠠᠨ ᠬᠠᠳᠬᠤᠭ᠎ᠠ ᠭᠠᠷᠤᠨ᠎ᠠ᠃ ᠡᠨᠡ ᠬᠣᠶᠠᠷ ᠰᠢᠭᠯᠠᠭᠠᠰᠤ ᠪᠠᠷ ᠶᠠᠮᠠᠷ ᠴᠤ ᠬᠥᠭᠡᠭᠡᠮᠡᠯ ᠬᠡ ᠤᠭᠠᠯᠵᠠ ᠶ᠋ᠢ ᠣᠶᠣᠨ᠎ᠠ᠃ ᠬᠥᠭᠡᠭᠡᠮᠡᠯ ᠤᠭᠠᠯᠵᠠ ᠶ᠋ᠢ ᠦᠵᠦᠭᠦᠷ ᠦᠭᠡᠢ ᠵᠡᠭᠦᠦ ᠪᠡᠷ ᠣᠶᠣᠪᠠᠯ ᠬᠠᠮᠤᠭ ᠤ᠋ᠨ ᠠᠰᠢᠭᠲᠠᠢ ᠶᠤᠮ᠃ ᠤᠴᠢᠷ ᠨᠢ ᠦᠵᠦᠭᠦᠷ ᠲᠡᠢ ᠵᠡᠭᠦᠦ ᠤᠲᠠᠰᠤ ᠪᠠᠨ ᠰᠡᠮᠡᠯᠦᠨ ᠰᠢᠪᠡᠭᠰᠡᠨ ᠨᠦᠬᠡᠨ ᠡᠴᠡ ᠥᠭᠡᠷ᠎ᠡ ᠭᠠᠵᠠᠷ ᠢ᠋ᠶ᠋ᠠᠷ ᠭᠠᠷᠴᠤ ᠢᠷᠡᠳᠡᠭ ᠮᠠᠭᠤ ᠲᠠᠯ᠎ᠠ ᠲᠠᠢ ᠭᠡᠵᠦ ᠮᠠᠨ ᠤ᠋ ᠬᠠᠰᠢᠷ ᠣᠶᠣᠳᠠᠯᠴᠢᠳ ᠶᠠᠷᠢᠵᠤ ᠪᠠᠢᠨ᠎ᠠ᠃
      ᠰᠢᠷᠢᠨ ᠡᠳ᠋ᠯᠡᠯ ᠢ᠋ ᠡᠮᠵᠢᠬᠦ ᠳ᠋ᠡᠭᠡᠨ ᠡᠮᠵᠢᠬᠦ ᠡᠳ᠋ᠯᠡᠯ ᠦ᠋ᠨ ᠵᠠᠬ᠎ᠠ ᠶ᠋ᠢ ᠪᠤᠯᠢᠭᠠᠷᠢ᠂ ᠰᠡᠷᠢᠰᠦ᠂ ᠰᠠᠪᠢᠬᠢ ᠪᠠᠷ ᠨᠢᠭᠡ ᠪᠤᠶᠤ ᠬᠣᠣᠰ ᠢ᠋ᠶ᠋ᠠᠷ ᠥᠷᠭᠡᠨ ᠨᠠᠷᠢᠨ ᠬᠥᠭᠡᠭᠡᠵᠦ ᠵᠤᠵᠠᠭᠠᠨ ᠪᠤᠯᠢᠭᠠᠷᠢ ᠶ᠋ᠢ ᠳᠣᠲᠣᠷ ᠲᠠᠯ᠎ᠠ ᠶ᠋ᠢ ᠬᠠᠪᠢᠯᠳᠤᠵᠤ ᠨᠢᠮᠭᠡᠯᠡᠵᠦ ᠬᠥᠭᠡᠭᠡᠵᠦ ᠡᠮᠵᠢᠨ᠎ᠡ᠃ ᠬᠡ ᠪᠡᠨ ᠣᠶᠣᠵᠤ ᠳᠠᠭᠤᠰᠤᠭᠰᠠᠨ ᠤ᠋ ᠳᠠᠷᠠᠭ᠎ᠠ ᠨᠢᠮᠭᠡᠨ ᠪᠤᠯᠢᠭᠠᠷᠢ ᠰᠠᠪᠢᠬᠢ ᠪᠷᠸᠽᠸᠨ᠋ᠲ᠋ ᠢ᠋ ᠴᠠᠪᠠᠤ ᠲᠠᠢ ᠵᠣᠩᠬᠤ ᠪᠠᠷ ᠠᠷᠤ ᠳ᠋ᠤᠨᠢ ᠨᠠᠭᠠᠭᠠᠳ ᠬᠠᠮᠲᠤ ᠬᠠᠪᠰᠤᠷᠴᠤ ᠡᠮᠵᠢᠨ᠎ᠡ᠃
       ᠰᠢᠷᠢᠨ ᠡᠳ᠋ᠯᠡᠯ ᠳ᠋ᠦ᠍ ᠡᠪᠡᠷ ᠤᠭᠠᠯᠵᠠ ᠪᠠᠷ ᠪᠦᠲᠦᠭᠰᠡᠨ ᠬᠡ ᠭᠣᠶᠣᠯ ᠤ᠋ᠨ ᠬᠤᠪᠢ ᠳ᠋ᠤ᠌ ᠦᠵᠡᠮᠵᠢᠲᠡᠢ ᠪᠠᠢᠳᠠᠭ ᠴᠤ ᠦᠵᠦᠭᠦᠷ ᠨᠢ ᠰᠡᠷᠲᠡᠢᠵᠦ ᠠᠮᠠᠷᠬᠠᠨ ᠡᠯᠡᠭᠳᠡᠳᠡᠭ᠂ ᠤᠴᠢᠷ ᠨᠢ ᠪᠢᠲᠡᠭᠦᠦ ᠰᠦᠯᠵᠢᠶ᠎ᠡ᠂ ᠭᠦᠷᠦᠯᠭᠡ ᠤᠭᠠᠯᠵᠠ ᠪᠠᠲᠤ ᠪᠥᠬᠡ ᠪᠠᠢᠳᠠᠭ᠃ ᠨᠣᠭᠣᠭᠠᠨ᠂ ᠤᠯᠠᠭᠠᠨ᠂ ᠬᠦᠷᠡᠩ ᠳᠡᠪᠢᠰᠬᠡᠷ ᠳᠡᠭᠡᠷ᠎ᠡ ᠬᠠᠷ᠎ᠠ ᠤᠭᠠᠯᠵᠠ᠂ ᠰᠢᠷ᠎ᠠ ᠳᠡᠪᠢᠰᠬᠡᠷ ᠳᠡᠭᠡᠷ᠎ᠡ ᠬᠦᠷᠡᠩ᠂ ᠬᠠᠷ᠎ᠠ ᠤᠭᠠᠯᠵᠠ ᠶ᠋ᠢ ᠤᠷᠠᠯᠠᠪᠠᠯ ᠥᠩᠭᠡ ᠵᠣᠬᠢᠴᠠᠨ᠎ᠠ᠃

ᠵᠢᠷᠤᠭ51 
ᠰᠢᠪᠡᠭᠦᠷ ᠦ᠋ᠳ

   ᠦᠰᠦᠭ ᠠᠮᠢᠯᠠᠭᠤᠯᠤᠭᠴᠢ᠄ ᠲᠣᠭᠳᠠᠭᠤᠨᠪᠠᠶᠠᠷ᠂ ᠪᠠᠶᠠᠨᠰᠡᠷᠡᠩ᠂ ᠡᠷᠳᠡᠨᠢᠭᠣᠤ᠎ᠠ᠂ᠱᠠᠭᠰᠠᠯ᠂ᠣᠶᠤᠨᠪᠠᠲᠤ
   ᠦᠰᠦᠭ ᠬᠢᠨᠠᠭᠴᠢ᠄ ᠰᠡᠬᠡᠭᠡᠷᠡᠯ᠂ ᠣᠳᠬᠠᠨᠰᠣ᠎ᠠ